ᠲᠤᠩᠭᠠᠯᠠᠭ ᠲᠠᠮᠢᠷ1-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-03

2238

《ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ᠂ ᠵᠠᠭᠠᠨ ᠤ᠋ ᠬᠦᠵᠦᠭᠦᠦ ᠪᠣᠭᠣᠨᠢ》 - ᠨᠢᠭᠡᠳᠦᠭᠡᠷ ᠪᠦᠯᠦᠭ ᠳᠥᠷᠪᠡ


ᠰᠥᠨᠢ ᠶ᠋ᠢᠨ ᠬᠠᠷᠠᠩᠭᠤᠢ ᠳ᠋ᠤ᠌ ᠲᠠᠮᠢᠷ ᠤ᠋ᠨ ᠭᠣᠣᠯ ᠤ᠋ᠨ ᠬᠥᠨᠳᠡᠢ ᠶ᠋ᠢ ᠥᠭᠰᠥᠵᠦ ᠨᠢᠷᠤᠭᠤ ᠪᠠᠨ ᠡᠭᠦᠷᠦᠭᠰᠡᠨ ᠶᠠᠪᠠᠭᠠᠨ ᠬᠥᠮᠦᠨ ᠠᠯᠬᠤᠯᠠᠨ᠎ᠠ᠃ ᠫᠠᠳ ᠬᠠᠷᠠᠩᠭᠤᠢ ᠰᠥᠨᠢ ᠲᠩᠷᠢ ᠳ᠋ᠦ᠍ ᠣᠳᠣ ᠬᠢᠯᠠᠯᠵᠠᠪᠠᠴᠤ ᠭᠤᠲᠤᠯ ᠤ᠋ᠨ ᠦᠵᠦᠭᠦᠷ ᠴᠦ᠍ ᠬᠠᠷᠠᠭᠳᠠᠬᠤ ᠦᠭᠡᠢ ᠠᠵᠢ᠃ ᠬᠥᠨᠳᠡᠢ ᠳᠠᠭᠠᠵᠤ ᠰᠥᠨᠢ ᠶ᠋ᠢᠨ ᠰᠡᠷᠢᠭᠦᠨ ᠰᠠᠯᠬᠢ ᠪᠦᠬᠦᠨ ᠢ᠋ ᠠᠷᠢᠭᠤᠳᠬᠠᠨ ᠦᠯᠢᠶᠡᠨ᠎ᠡ᠃
ᠲᠡᠷᠡ ᠬᠥᠮᠦᠨ ᠬᠡᠰᠡᠭ ᠶᠠᠪᠤᠭᠠᠳ ᠵᠣᠭᠰᠣᠵᠤ᠂ ᠵᠦᠭ ᠪᠦᠷᠢ ᠴᠢᠬᠢ ᠲᠠᠯᠪᠢᠨ ᠴᠢᠩᠨᠠᠵᠤ ᠪᠠᠢᠭᠰᠠᠨ ᠢ᠋ᠶ᠋ᠠᠨ ᠬᠠᠷᠠᠩᠭᠤᠢ ᠶ᠋ᠢᠨ ᠳᠤᠮᠳᠠ ᠱᠤᠤᠭᠢᠨ ᠤᠷᠤᠰᠴᠤ ᠪᠠᠢᠭ᠎ᠠ ᠭᠣᠣᠯ ᠤ᠋ᠨ ᠡᠷᠭᠢ ᠳᠡᠭᠡᠷ᠎ᠡ ᠣᠴᠢᠵᠤ ᠲᠦᠷᠦᠭᠦᠦ ᠤᠷᠤᠭᠰᠢ ᠪᠠᠨ ᠬᠠᠷᠠᠨ ᠬᠡᠪᠲᠡᠭᠡᠳ ᠭᠦᠳ ᠭᠦᠳ ᠭᠡᠲᠡᠯ᠎ᠡ ᠪᠠᠬᠠᠨ ᠤᠰᠤ ᠵᠠᠯᠭᠢᠯᠠᠪᠠ᠃ ᠳᠠᠷᠠᠭ᠎ᠠ ᠨᠢ ᠨᠢᠭᠤᠷ ᠭᠠᠷ ᠢ᠋ᠶ᠋ᠠᠨ ᠤᠬᠢᠶᠠᠵᠤ ᠡᠮᠦᠰᠦᠭᠰᠡᠨ ᠴᠤᠪᠠ ᠶ᠋ᠢᠨ ᠬᠣᠷᠮᠣᠢ ᠪᠠᠷ ᠠᠷᠴᠢᠪᠠ᠃ ᠡᠨᠡ ᠪᠣᠯ ᠲᠡᠮᠦᠷ ᠪᠠᠢᠵᠠᠢ᠃ ᠤᠰᠤ ᠤᠤᠭᠤᠭᠠᠳ ᠪᠣᠰᠴᠤ ᠬᠡᠳᠦ ᠳᠠᠬᠢᠨ ᠠᠯᠳᠠᠯᠠᠨ ᠰᠤᠨᠢᠶᠠᠭᠠᠳ᠂ ᠲᠦᠮᠡᠨ ᠵᠦᠢᠯ ᠦ᠋ᠨ ᠦᠨᠦᠷ ᠬᠠᠩᠬᠤᠯᠤᠭᠰᠠᠨ ᠬᠥᠨᠳᠡᠢ ᠶ᠋ᠢᠨ ᠰᠠᠯᠬᠢ ᠵᠠᠯᠭᠢᠨ ᠴᠡᠭᠡᠵᠢ ᠳᠦᠭᠦᠷᠡᠩ ᠠᠮᠢᠰᠬᠤᠵᠤ 《ᠣᠷᠣᠬᠤ ᠨᠢᠭᠡᠨ ᠡᠳᠦᠷ ᠪᠠᠢᠬᠤ ᠳ᠋ᠤ᠌᠂ ᠤᠷᠭᠤᠬᠤ ᠨᠢᠭᠡᠨ ᠡᠳᠦᠷ ᠪᠣᠢ》 ᠭᠡᠵᠦ ᠵᠥᠭᠡᠯᠡᠨ ᠬᠣᠭᠣᠯᠠᠢ ᠪᠠᠷ ᠠᠶᠠᠯᠤᠭᠠᠳ ᠬᠡᠰᠡᠭ ᠶᠠᠪᠤᠭᠰᠠᠨ ᠢ᠋ᠶ᠋ᠠᠨ ᠵᠣᠭᠰᠣᠵᠤ ᠨᠣᠭᠣᠭᠠᠨ ᠵᠦᠯᠭᠡᠨ ᠳᠡᠭᠡᠷ᠎ᠡ ᠬᠡᠪᠲᠡᠵᠦ ᠲᠠᠯ᠎ᠠ ᠪᠦᠬᠦᠨ ᠢ᠋ ᠠᠵᠢᠭᠯᠠᠨ ᠴᠢᠩᠨᠠᠭᠰᠠᠨ ᠢ᠋ᠶ᠋ᠠᠨ ᠶᠠᠮᠠᠷ ᠨᠢᠭᠡᠨ ᠴᠢᠮᠡᠭᠡ ᠰᠣᠨᠣᠰᠤᠭᠰᠠᠨ ᠪᠣᠯᠤᠯᠲᠠᠢ ᠲᠦᠷᠭᠡᠨ ᠲᠦᠷᠭᠡᠨ ᠠᠯᠬᠤᠯᠠᠪᠠ᠃ ᠢᠩᠭᠢᠭᠡᠳ ᠤᠳᠠᠯ ᠦᠭᠡᠢ ᠡᠷᠳᠡᠨᠢ ᠶ᠋ᠢᠨ ᠠᠷᠭᠠᠮᠵᠢ ᠲᠠᠢ ᠮᠣᠷᠢᠨ ᠤ᠋ ᠳᠡᠷᠭᠡᠳᠡ ᠣᠴᠢᠪᠠ᠃
《ᠶᠠᠳᠠᠷᠠᠭᠰᠠᠨ ᠬᠥᠮᠦᠨ ᠦ᠌ ᠭᠠᠭᠴᠠ ᠤᠨᠤᠭ᠎ᠠ ᠪᠣᠯᠪᠠ ᠤᠤ᠁》 ᠭᠡᠵᠦ ᠪᠣᠳᠣᠭᠠᠳ ᠬᠡᠰᠡᠭ ᠵᠣᠭᠰᠣᠪᠠ᠃ ᠭᠡᠲᠡᠯ᠎ᠡ ᠡᠨᠡ ᠪᠣᠳᠣᠯ ᠤ᠋ᠨ ᠬᠠᠵᠠᠭᠤ ᠪᠠᠷ ᠪᠠᠳᠠᠷᠴᠢ ᠲᠠᠬᠠᠷ ᠤ᠋ᠨ ᠴᠢᠷᠠᠢ᠂ ᠵᠢᠯ ᠭᠠᠷᠤᠢ ᠰᠢᠷᠢ ᠲᠡᠢ ᠬᠡᠪᠲᠡᠭᠰᠡᠨ ᠵᠣᠪᠠᠭᠤᠷᠢᠲᠤ ᠬᠠᠲᠠᠭᠤ ᠠᠮᠢᠳᠤᠷᠠᠯ ᠰᠡᠳᠬᠢᠯ ᠳ᠋ᠦ᠍ᠨᠢ ᠣᠷᠣᠵᠤ᠂ ᠳᠠᠬᠢᠭᠠᠳ ᠲᠡᠭᠦᠨ ᠦ᠌ ᠭᠠᠷ ᠲᠤ᠌ ᠣᠷᠣᠪᠠᠯ ᠠᠮᠢᠳᠤ ᠭᠠᠷᠬᠤ ᠦᠭᠡᠢ ᠰᠢᠦ ᠳᠡ ᠭᠡᠵᠦ ᠪᠣᠳᠣᠭᠳᠠᠪᠠ᠃
ᠠᠪᠬᠤ᠂ ᠠᠪᠬᠤ ᠦᠭᠡᠢ ᠭᠡᠰᠡᠨ ᠠᠴᠠ ᠰᠡᠳᠬᠢᠯ ᠳ᠋ᠦ᠍ ᠳᠠᠷᠤᠭᠳᠠᠨ ᠶᠠᠮᠠᠷ ᠴᠤ᠌ ᠰᠢ᠌ᠤᠠᠪᠣᠷᠢ ᠦᠭᠡᠢ ᠬᠡᠰᠡᠭ ᠵᠣᠭᠰᠣᠪᠠ᠃ 《ᠵᠠ ᠭᠠᠢᠭᠤᠢ ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ᠂ ᠵᠠᠭᠠᠨ ᠤ᠋ ᠬᠦᠵᠦᠭᠦᠦ ᠪᠣᠭᠣᠨᠢ》 ᠭᠡᠵᠦ ᠰᠢᠪᠡᠨᠡᠭᠡᠳ ᠮᠣᠷᠢ ᠶ᠋ᠢ ᠰᠢᠭᠤᠳᠮᠠᠭᠠᠢ ᠬᠠᠵᠠᠭᠠᠷᠯᠠᠨ ᠠᠪᠴᠤ ᠮᠠᠢᠬᠠᠨ ᠡᠴᠡ ᠨᠡᠯᠢᠶᠡᠳ ᠬᠣᠯᠠᠳᠤᠭᠠᠳ ᠮᠣᠷᠳᠠᠵᠤ ᠲᠠᠮᠢᠷ ᠤ᠋ᠨ ᠭᠣᠣᠯ ᠢ᠋ ᠭᠠᠲᠤᠯᠤᠨ ᠳᠠᠪᠬᠢᠯ᠎ᠠ᠃
ᠢᠩᠭᠢᠵᠦ ᠳᠡᠭᠦᠦ ᠨᠢ ᠠᠬ᠎ᠠ ᠶ᠋ᠢᠨ ᠢ᠋ᠶ᠋ᠡᠨ ᠭᠠᠭᠴᠠ ᠮᠣᠷᠢ ᠶ᠋ᠢ ᠠᠪᠴᠤ ᠬᠥᠮᠦᠨ ᠦ᠌ ᠨᠤᠲᠤᠭ ᠬᠦᠩ ᠦ᠋ᠨ ᠭᠠᠵᠠᠷ ᠭᠠᠬᠠᠢ ᠶᠠᠪᠠᠭᠠᠨ ᠪᠣᠯᠭᠠᠵᠠᠢ᠃ ᠲᠡᠮᠦᠷ ᠮᠠᠷᠭᠠᠰᠢ ᠨᠢ ᠡᠳᠦᠷ ᠲᠤᠷᠰᠢ ᠮᠣᠳᠣᠨ ᠳ᠋ᠤ᠌ ᠪᠦᠭᠭᠦᠵᠦ ᠪᠠᠢᠭᠠᠳ ᠰᠥᠨᠢ ᠴᠢᠨᠠᠭᠰᠢ ᠬᠥᠳᠡᠯᠵᠦ ᠠᠢᠯ ᠤ᠋ᠨ ᠭᠠᠳᠠᠨ᠎ᠠ ᠡᠮᠡᠭᠡᠯ ᠲᠡᠢ ᠨᠢ ᠤᠶᠠᠵᠤ ᠬᠣᠨᠣᠭᠰᠠᠨ ᠮᠣᠷᠢ ᠠᠪᠴᠤ ᠬᠣᠣᠰ ᠮᠣᠷᠢ ᠲᠠᠢ ᠪᠣᠯᠤᠭᠠᠳ ᠨᠤᠲᠤᠭ ᠤ᠋ᠨ ᠵᠦᠭ ᠲᠡᠮᠡᠦᠯᠪᠡ᠃
ᠤᠤᠯ ᠡᠴᠡ ᠥᠯᠥᠰᠬᠦᠯᠡᠩ ᠪᠠᠢᠭᠰᠠᠨ ᠲᠡᠮᠦᠷ ᠤᠷᠭᠤᠭᠰᠠᠨ ᠡᠴᠡ ᠬᠣᠢᠰᠢ ᠬᠣᠩᠭᠣᠷ ᠤ᠋ᠨ ᠥᠭᠭᠦᠭᠰᠡᠨ ᠲᠣᠰᠣᠨ ᠡᠴᠡ ᠥᠭᠡᠷ᠎ᠡ ᠶᠠᠭᠤᠮ᠎ᠠ ᠢᠳᠡᠭᠡ ᠦᠭᠡᠢ ᠪᠣᠯᠬᠣᠷ ᠳᠣᠲᠣᠷ᠎ᠠ ᠨᠢ ᠪᠠᠢᠨ ᠪᠠᠢᠨ ᠬᠠᠷᠠᠩᠬᠤᠢᠯᠠᠨ᠂ ᠨᠢᠳᠦ ᠨᠢ ᠡᠷᠢᠶᠡᠯᠵᠢᠯᠡᠨ᠎ᠡ᠃
ᠥᠷᠯᠥᠭᠡ ᠡᠷᠲᠡ ᠨᠢᠭᠡᠨ ᠠᠭᠤᠯᠠᠨ ᠳᠡᠭᠡᠷ᠎ᠡ ᠭᠠᠷᠴᠤ ᠬᠠᠷᠠᠪᠠᠯ ᠲᠡᠷᠡ ᠳᠣᠣᠷ᠎ᠠ ᠠᠮᠠᠨ ᠳ᠋ᠤ᠌ ᠭᠠᠭᠴᠠ ᠪᠣᠷᠣ ᠭᠡᠷ ᠬᠠᠷᠠᠭᠳᠠᠬᠤ ᠳ᠋ᠤᠨᠢ ᠰᠢᠭᠤᠳ ᠣᠴᠢᠪᠠ᠃
᠊᠊᠊᠊᠊᠊᠊᠊᠊᠊᠊᠊᠊᠊᠊ ᠨᠣᠬᠠᠢ ᠬᠣᠷᠢ ᠠ᠋ ᠭᠡᠵᠦ ᠲᠡᠮᠦᠷ ᠪᠦᠳᠦᠭᠦᠨ ᠳᠠᠭᠤ ᠪᠠᠷ ᠬᠡᠯᠡᠬᠦ ᠳ᠋ᠦ᠍ ᠭᠡᠷ ᠡᠴᠡ ᠬᠣᠷᠢ ᠭᠠᠷᠤᠢ ᠨᠠᠰᠤᠨ ᠤ᠋ ᠵᠠᠯᠠᠭᠤ ᠭᠡᠵᠢᠭᠡᠲᠦ ᠭᠠᠷᠴᠤ ᠢᠷᠡᠭᠡᠳ ᠨᠠᠷᠢᠨ ᠰᠤᠷ ᠭᠦᠵᠦᠭᠦᠪᠴᠢᠳᠡᠢ ᠪᠦᠳᠦᠭᠦᠨ ᠬᠠᠷ᠎ᠠ ᠨᠣᠬᠠᠢ ᠶ᠋ᠢ ᠵᠠᠩᠳᠤᠷᠤᠨ ᠪᠠᠷᠢᠪᠠ᠃ ᠭᠡᠷ ᠲᠦ᠍ ᠠᠬᠢᠮᠠᠭ ᠨᠠᠰᠤᠨ ᠤ᠋ ᠬᠠᠷ᠎ᠠ ᠬᠥᠮᠦᠨ ᠰᠤᠷ ᠡᠯᠳᠡᠵᠦ᠂ ᠵᠡᠭᠦᠨ ᠲᠠᠯ᠎ᠠ ᠶ᠋ᠢᠨ ᠣᠷᠣᠨ ᠳᠡᠭᠡᠷ᠎ᠡ ᠭᠤᠷᠪᠠ ᠳᠥᠷᠪᠡᠨ ᠨᠠᠰᠤᠲᠠᠢ ᠬᠡᠦᠬᠡᠳ ᠤᠨᠲᠠᠵᠤ ᠪᠠᠢᠯ᠎ᠠ᠃
᠊᠊᠊᠊᠊᠊᠊᠊᠊᠊᠊᠊᠊᠊᠊ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠰᠠᠢᠨ᠂ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠲᠠᠷᠭᠤᠨ ᠲᠠᠪᠠᠲᠠᠢ ᠵᠤᠰᠠᠯᠠᠵᠤ ᠪᠠᠢᠨ᠎ᠠ ᠤᠤ?
᠊᠊᠊᠊᠊᠊᠊᠊᠊᠊᠊᠊᠊᠊᠊ ᠰᠠᠢᠬᠠᠨ ᠵᠤᠰᠠᠵᠤ ᠪᠠᠢᠨ᠎ᠠ᠃ ᠰᠠᠢᠬᠠᠨ ᠵᠤᠰᠠᠵᠤ ᠪᠠᠢᠨ᠎ᠠ ᠤᠤ?
ᠲᠡᠮᠦᠷ ᠵᠡᠭᠦᠨ ᠣᠷᠣᠨ ᠤ᠋ ᠡᠮᠦᠨ᠎ᠡ ᠰᠠᠭᠤᠵᠤ ᠪᠠᠢᠭ᠎ᠠ ᠬᠠᠷ᠎ᠠ ᠬᠥᠮᠦᠨ ᠲᠡᠢ ᠨᠤᠲᠤᠭ ᠤᠰᠤ᠂ ᠠᠯᠳᠠᠷ ᠨᠡᠷ᠎ᠡ ᠪᠡᠨ ᠠᠰᠠᠭᠤᠯᠴᠠᠪᠠ᠃ ᠥᠪᠡᠷ ᠢ᠋ ᠪᠡᠨ ᠳᠠᠰᠢᠳᠤᠤ ᠬᠦᠩ① ᠦ᠋ᠨ ᠬᠤᠰᠢᠭᠤᠨ ᠤ᠋ ᠠᠩᠴᠢᠨ ᠵᠢᠷᠭᠠᠯ ᠭᠡᠳᠡᠭ ᠬᠥᠮᠦᠨ᠃ ᠣᠯᠠᠨ ᠬᠣᠨᠣᠭ ᠠᠭᠤᠯᠠ ᠪᠠᠷ ᠠᠩ ᠬᠦᠷᠦᠭᠡ ᠬᠢᠵᠦ ᠶᠠᠪᠤᠭᠠᠳ ᠮᠣᠷᠢᠨ ᠡᠴᠡ ᠪᠡᠨ ᠤᠨᠠᠵᠤ ᠫᠤᠤ ᠵᠡᠪᠰᠡᠭ᠂ ᠬᠣᠭᠣᠯᠠ ᠬᠦᠨᠡᠰᠦᠨ ᠡᠴᠡ ᠪᠡᠨ ᠰᠠᠯᠵᠤ ᠦᠬᠦᠬᠦ ᠶ᠋ᠢᠨ ᠳᠠᠪᠠᠭᠠᠨ ᠳᠡᠭᠡᠷ᠎ᠡ ᠢᠷᠡᠯ᠎ᠡ ᠭᠡᠵᠦ ᠵᠣᠬᠢᠶᠠᠨ ᠶᠠᠷᠢᠯ᠎ᠠ᠃ ᠭᠡᠪᠡᠴᠦ ᠬᠡᠦᠬᠡᠨ ᠰᠣᠷᠢᠵᠤ ᠦᠵᠡᠬᠦ ᠪᠡᠷ ᠰᠢ᠌ᠤᠠᠴᠤ ᠭᠡᠷ ᠡᠴᠡ ᠪᠡᠨ ᠭᠠᠷᠤᠭᠠᠳ ᠪᠤᠴᠠᠨ ᠣᠷᠣᠵᠤ ᠢᠷᠡᠮᠡᠭᠴᠡ 《ᠡᠨᠡ ᠬᠣᠢᠨ᠎ᠠ ᠡᠴᠡ ᠬᠡᠳᠦᠨ ᠮᠣᠷᠢ ᠲᠠᠢ ᠬᠥᠮᠦᠨ ᠳᠠᠪᠬᠢᠯᠳᠤᠨ ᠠᠢᠰᠤᠢ》 ᠭᠡᠳ ᠲᠡᠮᠦᠷ ᠤᠷᠤᠭᠤ ᠬᠠᠷᠠᠯ᠎ᠠ᠃
ᠬᠡᠦᠬᠡᠨ ᠦ᠌ ᠭᠡᠨᠡᠨ ᠨᠢᠳᠦᠨ ᠡᠴᠡ ᠪᠦᠬᠦ ᠰᠠᠨᠠᠭ᠎ᠠ ᠶ᠋ᠢ ᠨᠢ ᠠᠵᠢᠵᠤ ᠮᠡᠳᠡᠭᠰᠡᠨ ᠲᠡᠮᠦᠷ ᠲᠠᠪᠠᠲᠠᠢ ᠵᠠᠪᠢᠯᠠᠨ ᠰᠠᠭᠤᠬᠤ ᠵᠠᠭᠤᠷ᠎ᠠ 《ᠶᠠᠪᠤᠭᠤᠯ ᠤ᠋ᠨ ᠤᠯᠤᠰ ᠪᠠᠢᠯᠭᠦᠢ᠃ ᠰᠣᠬᠣᠷ ᠠᠵᠠ ᠪᠠᠷ ᠨᠤᠲᠤᠭ ᠤ᠋ᠨ ᠬᠥᠮᠦᠨ ᠲᠡᠢ ᠠᠭᠤᠯᠵᠠᠵᠤ᠂ ᠲᠥᠭᠡᠷᠢᠵᠦ ᠲᠥᠭᠡᠷᠢᠵᠦ ᠲᠥᠷᠥᠯ ᠳ᠋ᠡᠭᠡᠨ ᠭᠡᠭᠴᠢ ᠪᠡᠷ ᠭᠢᠯᠠᠢᠬᠤ ᠶᠤᠮ ᠪᠢᠰᠢ ᠪᠠᠢᠭ᠎ᠠ ᠳᠠ》 ᠭᠡᠳ ᠢᠨᠢᠶᠡᠮᠰᠦᠭᠯᠡᠪᠡ᠃ ᠴᠠᠢ ᠪᠤᠴᠠᠯᠵᠤ ᠬᠡᠦᠬᠡᠨ ᠳᠠᠩᠬᠤ ᠳᠦᠭᠦᠷᠡᠩ ᠴᠠᠢ᠂ ᠬᠦᠷᠡᠩ ᠮᠣᠳᠣᠨ ᠲᠠᠪᠠᠭ ᠣᠪᠣᠭᠠᠯᠠᠩ ᠰᠢᠨ᠎ᠡ ᠠᠭᠠᠷᠤᠤᠯ᠂ ᠥᠷᠥᠨ᠎ᠡ ᠲᠠᠯᠪᠢᠵᠤ ᠥᠭᠪᠡ᠃
ᠮᠣᠩᠭᠣᠯᠴᠤᠳ ᠶᠠᠪᠤᠭᠤᠯ ᠤ᠋ᠨ ᠬᠥᠮᠦᠨ ᠳ᠋ᠦ᠍ 《ᠴᠢᠷᠠᠢ ᠠᠯᠳᠠᠭᠰᠠᠨ ᠭᠠᠵᠠᠷ》 ᠭᠡᠵᠦ ᠬᠣᠰᠢᠭᠤ ᠨᠤᠲᠤᠭ ᠢ᠋ᠶ᠋ᠠᠨ ᠬᠡᠯᠡᠭᠦᠯᠬᠦ ᠦᠭᠡᠢ᠂ ᠬᠠᠷᠢᠨ 《ᠲᠡᠷᠡ ᠬᠤᠰᠢᠭᠤᠨ ᠤ᠋ ᠬᠢᠨ ᠴᠠᠢ ᠲᠠᠢ᠂ ᠴᠢᠷᠠᠢ ᠲᠠᠢ》 ᠭᠡᠵᠦ ᠮᠠᠭᠲᠠᠭᠤᠯᠵᠤ ᠪᠠᠢᠬᠤ ᠶ᠋ᠢ ᠬᠢᠴᠢᠶᠡᠳᠡᠭ᠃ ᠡᠨᠡ ᠤᠴᠢᠷ ᠡᠴᠡ ᠢᠷᠡᠭᠰᠡᠨ ᠵᠣᠴᠢᠨ ᠳ᠋ᠤ᠌ ᠪᠠᠢᠭ᠎ᠠ ᠶᠠᠭᠤᠮ᠎ᠠ ᠶ᠋ᠢᠨ ᠢ᠋ᠶ᠋ᠡᠨ ᠣᠯᠢᠭᠲᠠᠢ ᠶ᠋ᠢ ᠪᠠᠷᠢᠵᠤ ᠲᠠᠢᠯᠠᠳᠠᠭ ᠵᠠᠩᠰᠢᠯ ᠲᠠᠢ᠃ ᠵᠣᠴᠢᠨ ᠳ᠋ᠤ᠌ ᠬᠠᠷᠠᠮᠯᠠᠬᠤ ᠰᠢᠭ᠋ ᠰᠢᠪᠰᠢᠭᠲᠡᠢ ᠶᠠᠭᠤᠮ᠎ᠠ ᠪᠠᠢᠳᠠᠭ ᠦᠭᠡᠢ ᠪᠣᠯᠬᠣᠷ ᠬᠠᠷᠠᠮᠯᠠᠭᠰᠠᠨ ᠬᠥᠮᠦᠨ ᠢ᠋ ᠨᠤᠲᠤᠭ ᠤᠰᠤᠨ ᠤ᠋ ᠪᠠᠨ ᠨᠡᠷ᠎ᠡ ᠶ᠋ᠢ ᠪᠤᠵᠠᠷᠯᠠᠪᠠ ᠭᠡᠵᠦ ᠵᠢᠭᠰᠢᠨ ᠬᠣᠴᠢᠯᠠᠳᠠᠭ᠃ ᠭᠡᠷ ᠦ᠋ᠨ ᠡᠵᠡᠨ ᠨᠡᠷ᠎ᠡ ᠬᠢᠴᠢᠶᠡᠵᠦ᠂ ᠬᠠᠷᠢ ᠬᠤᠰᠢᠭᠤᠨ ᠤ᠋ ᠬᠥᠮᠦᠨ ᠳ᠋ᠦ᠍ ᠪᠣᠷᠴᠠ ᠨᠦᠳᠦᠵᠦ ᠬᠣᠭᠣᠯᠠ ᠬᠢᠵᠦ ᠥᠭᠯ᠎ᠡ᠃ ᠲᠡᠮᠦᠷ ᠡᠨᠡ ᠠᠢᠯ ᠳ᠋ᠤ᠌ ᠨᠠᠷᠠ ᠬᠠᠨ᠎ᠠ ᠶ᠋ᠢᠨ ᠡᠯᠢᠭᠡ ᠥᠩᠭᠡᠷᠡᠲᠡᠯ᠎ᠡ ᠪᠠᠢᠪᠠ᠃ ᠬᠡᠦᠬᠡᠨ ᠢ᠋ᠶ᠋ᠡᠷ ᠭᠡᠵᠢᠭᠡ ᠪᠡᠨ ᠰᠠᠮᠨᠠᠭᠤᠯᠵᠤ᠂ ᠰᠠᠬᠠᠯ ᠡᠴᠡ ᠪᠡᠨ ᠰᠠᠯᠤᠯ᠎ᠠ᠃
ᠬᠠᠷ᠎ᠠ ᠬᠥᠮᠦᠨ ᠦ᠌ ᠨᠡᠷ᠎ᠡ ᠶ᠋ᠢ ᠥᠯᠵᠡᠢ ᠭᠡᠳᠡᠭ᠃ ᠬᠡᠦᠬᠡᠨ ᠦ᠌ ᠨᠡᠷ᠎ᠡ ᠶ᠋ᠢ ᠴᠠᠠᠳᠠ ᠭᠡᠳᠡᠭ ᠠᠵᠢ᠃ ᠥᠯᠵᠡᠢ ᠶ᠋ᠢᠨ ᠬᠦᠦ᠂ ᠴᠠᠠᠳᠠ ᠶ᠋ᠢᠨ ᠨᠥᠬᠥᠷ ᠬᠤᠶᠠᠭ ᠪᠣᠭᠳᠠ ᠬᠠᠭᠠᠨ ᠤ᠋ ᠴᠡᠷᠢᠭ ᠲᠦ᠍ ᠲᠠᠲᠠᠭᠳᠠᠵᠤ ᠶᠠᠪᠤᠭᠠᠳ ᠰᠤᠷᠠᠭ ᠦᠭᠡᠢ ᠪᠣᠯᠵᠠᠢ᠃ ᠡᠴᠢᠭᠡ ᠡᠴᠡ ᠪᠡᠨ ᠬᠣᠶᠠᠷ ᠨᠠᠰᠤᠲᠠᠢ ᠬᠣᠴᠣᠷᠤᠭᠰᠠᠨ ᠬᠦᠦ ᠬᠦᠷᠡᠯ ᠨᠢ ᠲᠡᠮᠦᠷ ᠢ᠋ ᠭᠡᠵᠢᠭᠡ ᠪᠡᠨ ᠰᠠᠮᠨᠠᠭᠤᠯᠵᠤ ᠪᠠᠢᠬᠤ ᠳ᠋ᠤ᠌ ᠡᠨᠳᠡ ᠲᠡᠨᠳᠡ ᠨᠢ ᠭᠠᠷᠴᠤ ᠰᠣᠨᠢᠷᠬᠠᠨ ᠪᠠᠢᠯ᠎ᠠ᠃
ᠭᠡᠳᠡᠰᠦ ᠭᠠᠷᠴᠤ᠂ ᠬᠦᠴᠦ ᠣᠷᠣᠭᠰᠠᠨ ᠲᠡᠮᠦᠷ ᠶᠠᠪᠤᠬᠤ ᠭᠡᠵᠦ ᠪᠠᠢᠲᠠᠯ᠎ᠠ ᠰᠠᠢᠳ ᠸᠠᠩ ᠤ᠋ᠨ ᠳᠣᠭᠰᠢᠨ ᠰᠠᠬᠢᠭᠤᠰᠤ ᠭᠡᠵᠦ ᠠᠯᠳᠠᠷᠰᠢᠭᠰᠠᠨ ᠫᠦᠷᠪᠦ ᠲᠠᠢᠵᠢ ᠢᠷᠡᠯ᠎ᠡ᠃ ᠥᠯᠵᠡᠢ ᠰᠠᠨᠳᠤᠷᠴᠤ 《ᠲᠠᠢᠵᠢ ᠠᠬᠠᠢ ᠲᠠᠨ ᠮᠢᠨᠢ ᠮᠢᠨᠦ ᠪᠣᠷᠣ ᠭᠡᠷ ᠢ᠋ ᠭᠡᠢᠭᠦᠯᠦᠭᠰᠡᠨ ᠶᠡᠬᠡ ᠵᠠᠪᠰᠢᠶᠠᠨ ᠢ᠋ ᠥᠴᠦᠬᠡᠨ ᠪᠣᠭᠣᠯ ᠪᠢᠰᠢᠷᠡᠪᠡᠴᠦ ᠪᠠᠷᠠᠬᠤ ᠦᠭᠡᠢ》 ᠭᠡᠵᠦ ᠣᠯᠪᠣᠭ ᠳᠡᠪᠢᠰᠴᠦ ᠠᠯᠠᠭ᠎ᠠ ᠬᠠᠪᠰᠤᠷᠤᠨ ᠪᠥᠬᠥᠯᠵᠡᠪᠡ᠃
ᠦᠯᠡᠮᠵᠢ ᠬᠠᠯᠠᠮᠰᠠᠭ ᠲᠠᠢᠵᠢ ᠠᠷᠢᠬᠢ ᠨᠡᠬᠡᠭᠡᠳ ᠪᠠᠢᠬᠤ ᠦᠭᠡᠢ ᠪᠣᠯᠬᠣᠷ ᠨᠢ 《ᠴᠢᠷᠠᠢ ᠠᠯᠳᠠᠭᠰᠠᠨ ᠭᠤᠢᠯᠢᠨᠴᠢᠨ》᠂ 《ᠨᠤᠲᠤᠭ ᠪᠤᠵᠠᠷᠯᠠᠭᠰᠠᠨ ᠨᠣᠪᠰᠢ》 ᠭᠡᠵᠦ ᠠᠭᠰᠤᠮᠨᠠᠪᠠ᠃ ᠰᠣᠭᠲᠣᠭᠤ ᠲᠠᠢᠵᠢ ᠶ᠋ᠢᠨ ᠳᠠᠴᠢᠶᠠᠩᠭ᠋ᠤᠢ ᠨᠢᠳᠦ ᠴᠠᠠᠳᠠ ᠬᠡᠦᠬᠡᠨ ᠡᠴᠡ ᠰᠠᠯᠬᠤ ᠪᠠᠨ ᠪᠣᠯᠢᠵᠤ ᠲᠡᠮᠦᠷ ᠢ᠋ ᠪᠠᠢᠨ ᠪᠠᠢᠨ ᠥᠯᠥᠨ ᠴᠢᠨᠣ᠎ᠠ ᠶ᠋ᠢᠨ ᠬᠤᠷᠴᠠ ᠨᠢᠳᠦ ᠪᠡᠷ ᠰᠢᠷᠪᠢᠵᠦ ᠪᠠᠢᠯ᠎ᠠ᠃
᠊᠊᠊᠊᠊᠊᠊᠊᠊᠊᠊᠊᠊᠊᠊ ᠮᠢᠨᠦ ᠪᠡᠶ᠎ᠡ ᠪᠠᠬᠠᠨ ᠰᠣᠭᠲᠣᠭᠤ ᠪᠠᠢᠭ᠎ᠠ ᠤᠴᠢᠷ ᠡᠨᠡ ᠪᠦᠰᠡᠭᠦᠢ ᠪᠡᠷ ᠬᠦᠷᠭᠡᠭᠦᠯᠦᠨ᠎ᠡ᠃ ᠳᠠᠷᠤᠢ ᠮᠣᠷᠢ ᠪᠠᠨ ᠡᠮᠡᠭᠡᠯᠯᠡᠭᠡᠳ ᠨᠠᠮᠢ᠋ᠢ ᠪᠠᠷᠠᠭ᠎ᠠ ᠪᠣᠯᠵᠤ ᠶᠠᠪᠤ ᠭᠡᠵᠦ ᠲᠠᠢᠵᠢ ᠴᠠᠠᠳᠠ ᠳ᠋ᠤ᠌ ᠬᠠᠨᠳᠤᠵᠤ ᠬᠡᠯᠡᠭᠡᠳ ᠰᠢᠭᠤᠳ ᠭᠠᠷᠤᠯ᠎ᠠ᠃
ᠥᠩᠭᠡ ᠵᠢᠰᠦᠲᠡᠢ ᠵᠠᠯᠠᠭᠤ ᠪᠦᠰᠡᠭᠦᠢᠴᠦᠳ ᠢ᠋ ᠪᠤᠵᠠᠷᠯᠠᠵᠤ ᠨᠡᠷ᠎ᠡ ᠭᠠᠷᠤᠭᠰᠠᠨ ᠳᠠᠴᠢᠶᠠᠩᠭ᠋ᠤᠢ ᠲᠠᠢᠵᠢ ᠶ᠋ᠢᠨ ᠳᠠᠯᠳᠠ ᠰᠠᠨᠠᠭ᠎ᠠ ᠶ᠋ᠢ ᠣᠢᠯᠭᠠᠭᠰᠠᠨ ᠥᠯᠵᠡᠢ ᠰᠠᠨᠳᠤᠷᠤᠨ ᠳᠠᠭᠠᠵᠤ ᠭᠠᠷᠤᠯ᠎ᠠ᠃
᠊᠊᠊᠊᠊᠊᠊᠊᠊᠊᠊᠊᠊᠊᠊ ᠲᠩᠷᠢ ᠢᠵᠠᠭᠤᠷᠲᠤ ᠲᠠᠢᠵᠢ ᠠᠬᠠᠢ ᠲᠠᠨ ᠢ᠋ ᠥᠴᠦᠬᠡᠨ ᠪᠣᠭᠣᠯ ᠥᠪᠡᠷ ᠦ᠋ᠨ ᠪᠡᠶ᠎ᠡ ᠪᠡᠷ ᠬᠦᠷᠭᠡᠵᠦ ᠦᠭᠶ᠎ᠡ ᠭᠡᠰᠡᠨ ᠳ᠋ᠦ᠍ ᠲᠠᠢᠵᠢ ᠠᠭᠤᠷᠯᠠᠨ ᠳᠣᠭᠰᠢᠷᠠᠵᠤ 《ᠭᠤᠶ᠎ᠠ ᠴᠢᠨᠢ ᠵᠠᠭᠠᠲᠤᠨᠠᠭ᠎ᠠ ᠦᠭᠡᠢ ᠶᠦᠮ ᠪᠣᠯ ᠬᠡᠯᠡᠭᠰᠡᠨ ᠢ᠋ᠶ᠋ᠡᠷ ᠶᠠᠪᠤᠭᠤᠯ》 ᠭᠡᠵᠦ ᠬᠠᠰᠬᠢᠷᠬᠤ ᠳ᠋ᠤᠨᠢ ᠥᠯᠵᠡᠢ ᠡᠮᠦᠨ᠎ᠡ ᠨᠢ ᠰᠥᠬᠥᠷᠡᠨ ᠤᠨᠠᠵᠤ ᠭᠤᠶᠤᠪᠠ᠃ ᠲᠠᠢᠵᠢ ᠶ᠋ᠢᠨ ᠨᠢᠭᠤᠷ ᠨᠢᠳᠦ ᠨᠢ ᠲᠠᠲᠠᠯᠳᠤᠨ ᠠᠭᠤᠷᠯᠠᠵᠤ ᠪᠦᠳᠦᠭᠦᠨ ᠳᠠᠩᠰᠠᠨ ᠲᠠᠰᠢᠭᠤᠷ ᠢ᠋ᠶ᠋ᠠᠷ ᠪᠠᠯᠪᠠᠪᠠ᠃
ᠡᠨᠡ ᠪᠦᠬᠦᠨ ᠢ᠋ ᠬᠠᠷᠠᠭᠰᠠᠨ ᠲᠡᠮᠦᠷ ᠲᠡᠰᠴᠦ ᠴᠢᠳᠠᠭᠰᠠᠨ ᠦᠭᠡᠢ ᠱᠤᠤᠭᠢᠨ ᠣᠴᠢᠵᠤ 《ᠬᠠᠮᠵᠢᠯᠭ᠎ᠠ ᠪᠠᠨ ᠬᠠᠵᠠᠭᠰᠠᠨ ᠲᠠᠢᠵᠢ᠂ ᠬᠠᠶᠠᠭ᠎ᠠ ᠪᠠᠨ ᠬᠠᠳᠤᠷᠤᠭᠰᠠᠨ ᠯᠤᠢᠪᠠᠷᠴᠢᠨ ᠭᠡᠭᠴᠢ ᠪᠡᠷ᠂ ᠡᠨᠡ ᠬᠥᠮᠦᠨ ᠥᠴᠦᠬᠡᠨ ᠴᠦ᠍ ᠭᠡᠮ ᠬᠢᠭᠡ ᠦᠭᠡᠢ ᠪᠠᠢᠬᠤ ᠳ᠋ᠤ᠌ ᠲᠠ ᠳᠡᠩᠳᠡᠭᠦᠦ ᠬᠡᠷᠴᠡᠭᠡᠢ ᠪᠠᠢᠨ᠎ᠠ》 ᠭᠡᠰᠡᠨ ᠴᠢᠨᠢ ᠲᠠᠢᠵᠢ ᠶ᠋ᠢᠨ ᠠᠭᠤᠷ ᠣᠮᠣᠭ ᠭᠠᠯ ᠳ᠋ᠤ᠌ ᠣᠷᠣᠭᠰᠠᠨ ᠳᠠᠷᠢ ᠰᠢᠭ ᠣᠪᠣᠯᠵᠠᠨ ᠠᠰᠠᠵᠤ 《ᠴᠢ ᠬᠠᠮᠢᠭ᠎ᠠ ᠭᠠᠵᠠᠷ ᠤ᠋ᠨ ᠭᠤᠢᠯᠢᠨᠴᠢᠨ ᠪᠣᠢ? ᠰᠠᠢᠳ ᠸᠠᠩ ᠤ᠋ᠨ ᠫᠦᠷᠪᠦ ᠲᠠᠢᠵᠢ ᠠᠪᠠᠭ᠎ᠠ ᠪᠠᠨ ᠲᠠᠨᠢᠬᠤ ᠦᠭᠡᠢ ᠪᠠᠢᠨ᠎ᠠ ᠤᠤ?》 ᠭᠡᠳ ᠲᠠᠰᠢᠭᠤᠷ ᠳᠠᠯᠠᠢᠨ ᠢᠷᠡᠯ᠎ᠡ᠃
ᠲᠡᠮᠦᠷ ᠲᠠᠰᠢᠭᠤᠷ ᠢ᠋ ᠨᠢ ᠪᠤᠯᠢᠶᠠᠵᠤ ᠠᠪᠤᠭᠠᠳ ᠲᠦᠯᠬᠢᠵᠦ ᠣᠷᠬᠢᠭᠰᠠᠨ ᠴᠢᠨᠢ ᠣᠮᠣᠭ ᠲᠠᠢ ᠲᠠᠢᠵᠢ ᠠᠷᠤ ᠳ᠋ᠠᠭᠠᠨ ᠪᠠᠢᠭᠰᠠᠨ ᠱᠡᠵᠢᠭᠡᠢ ᠳᠡᠭᠡᠭᠦᠷ ᠳᠠᠪᠠᠵᠤ ᠦᠰᠦᠷᠦᠨ ᠤᠨᠠᠪᠠ᠃ ᠲᠠᠢᠵᠢ ᠪᠣᠰᠤᠭᠠᠳ ᠥᠯᠵᠡᠢ ᠤᠷᠤᠭᠤ 《ᠥᠴᠦᠬᠡᠨ ᠪᠣᠭᠣᠯ ᠴᠢ ᠴᠡᠳᠢᠭ᠌ ᠦᠭᠡᠢ ᠠᠮᠢᠲᠠᠨ ᠢ᠋ ᠣᠷᠣᠩᠨᠠᠭᠤᠯᠵᠤ ᠡᠵᠡᠨ ᠴᠢᠩᠭᠢᠰ ᠬᠠᠭᠠᠨ ᠤ᠋ ᠤᠭᠰᠠᠭ᠎ᠠ ᠶ᠋ᠢ ᠠᠶᠤᠮᠰᠢᠭ ᠦᠭᠡᠢ ᠳᠣᠷᠣᠮᠵᠢᠯᠠᠨ᠎ᠠ ᠭᠡᠨ᠎ᠡ᠃ ᠬᠣᠢᠲᠤ ᠡᠳᠦᠷ ᠬᠣᠩᠬᠣᠨ ᠳᠡᠭᠡᠷ᠎ᠡ ᠴᠢᠨᠢ ᠬᠤᠯᠤᠰᠤᠨ ᠪᠠᠩᠵᠠ ᠪᠠᠭᠤᠭᠰᠠᠨ ᠴᠠᠭ ᠲᠤ᠌ ᠶᠠᠮᠠᠷ ᠶᠠᠯ᠎ᠠ ᠬᠢᠭᠰᠡᠨ ᠳ᠋ᠡᠭᠡᠨ ᠭᠡᠮᠰᠢᠨ᠎ᠡ》 ᠭᠡᠳ ᠭᠡᠷ ᠦ᠋ᠨ ᠪᠦᠰᠡᠯᠡᠭᠦᠷ ᠡᠴᠡ ᠮᠣᠷᠢᠨ ᠤ᠋ ᠪᠠᠨ ᠴᠤᠯᠪᠤᠭᠤᠷ ᠢ᠋ ᠲᠠᠢᠯᠬᠤ ᠭᠡᠲᠡᠯ᠎ᠡ ᠲᠡᠮᠦᠷ ᠰᠢᠯᠢᠨ ᠳᠡᠭᠡᠷ᠎ᠡ ᠡᠴᠡ ᠨᠢ ᠪᠠᠵᠠᠨ ᠠᠪᠴᠤ ᠰᠠᠷᠪᠠᠯᠵᠠᠭᠤᠯᠤᠨ ᠡᠷᠭᠦᠪᠡ᠃
᠊᠊᠊᠊᠊᠊᠊᠊᠊᠊᠊᠊᠊᠊᠊ ᠠᠭᠤᠯᠠ ᠬᠠᠷᠠᠬᠤ ᠨᠢᠳᠦ ᠦᠭᠡᠢ᠂ ᠠᠭᠤᠰᠬᠢ ᠳᠠᠭᠠᠭᠠᠬᠤ ᠰᠢᠲᠦ ᠦᠭᠡᠢ ᠪᠣᠯᠤᠭᠰᠠᠨ ᠪᠠᠢᠵᠤ ᠶᠠᠭᠠᠬᠢᠭᠰᠠᠨ ᠰᠡᠬᠡᠷᠡᠭᠦᠨ ᠵᠣᠯᠢᠭ ᠪᠣᠢ? ᠮᠠᠭᠤ ᠵᠥᠨᠥᠭ ᠴᠢ ᠡᠳᠡᠨ ᠢ᠋ ᠤᠷᠤᠯᠳᠤᠵᠤ᠂ ᠥᠰᠢᠶ᠎ᠡ ᠬᠣᠨᠵᠢᠩ ᠡᠪᠦᠷᠯᠡᠪᠡᠯ ᠪᠠᠭᠠᠯᠵᠤᠷ ᠢ᠋ ᠴᠢᠨᠢ ᠰᠢᠬᠠᠵᠤ ᠪᠣᠳᠢ ᠶ᠋ᠢ ᠴᠢᠨᠢ ᠬᠥᠲᠥᠯᠦᠨ᠎ᠡ᠂ ᠮᠡᠳᠡᠪᠡ ᠤᠤ ᠭᠡᠬᠦ ᠳ᠋ᠦ᠍ ᠥᠯᠵᠡᠢ ᠶ᠋ᠢᠨ ᠳᠥᠷᠪᠡᠨ ᠬᠠᠨ᠎ᠠ ᠲᠠᠢ ᠭᠡᠷ ᠲᠤᠷᠭᠢᠬᠤ ᠰᠢᠭ᠋ ᠪᠣᠯᠪᠠ᠃
ᠲᠠᠢᠵᠢ ᠶ᠋ᠢᠨ ᠤᠤᠭᠤᠭᠰᠠᠨ ᠠᠷᠢᠬᠢ᠂ ᠠᠭᠤᠷᠯᠠᠭᠰᠠᠨ ᠠᠭᠤᠷ ᠣᠷᠣ ᠰᠤᠷᠠᠭ ᠦᠭᠡᠢ ᠠᠯᠠᠭ᠎ᠠ ᠪᠣᠯᠵᠤ ᠪᠦᠬᠦ ᠪᠡᠶ᠎ᠡ ᠨᠢ ᠴᠡᠴᠡᠷᠡᠨ ᠠᠮᠠ ᠨᠢ ᠡᠪᠯᠡᠵᠦ ᠶᠠᠳᠠᠨ ᠪᠠᠢᠬᠤ ᠶ᠋ᠢ ᠬᠠᠷᠠᠭᠰᠠᠨ ᠴᠠᠠᠳᠠ ᠥᠪᠡᠷ ᠦ᠋ᠨ ᠡᠷᠬᠡ ᠦᠭᠡᠢ ᠢᠨᠢᠶᠡᠳᠦ ᠠᠯᠳᠠᠪᠠ᠃ ᠬᠠᠷᠢᠨ ᠬᠡᠷᠴᠡᠭᠡᠢ ᠲᠠᠢᠵᠢ ᠶ᠋ᠢᠨ ᠬᠣᠢᠲᠤ ᠡᠳᠦᠷ ᠦ᠋ᠨ ᠪᠠᠯᠠᠭ ᠡᠴᠡ ᠤᠬᠠᠭᠠᠨ ᠠᠯᠲᠠᠨ ᠠᠶᠤᠭᠰᠠᠨ ᠥᠯᠵᠡᠢ 《ᠳᠡᠭᠦᠦ ᠮᠢᠨᠢ ᠪᠣᠯᠢᠭᠠᠴᠢ᠃ ᠶᠠᠳᠠᠷᠠᠭᠰᠠᠨ ᠨᠠᠮᠢ᠋ᠢ ᠬᠡᠷᠡᠭ ᠲᠦ᠍ ᠬᠢᠯ᠎ᠡ》 ᠭᠡᠵᠦ ᠦᠭᠡᠯᠡᠪᠡ᠃ ᠲᠡᠮᠦᠷ ᠬᠣᠶᠠᠷ ᠳᠠᠬᠢᠨ ᠬᠦᠴᠦᠲᠡᠢ ᠰᠡᠭᠰᠦᠷᠦᠭᠡᠳ ᠭᠠᠵᠠᠷ ᠲᠠᠯᠪᠢᠬᠤ ᠳ᠋ᠤᠨᠢ ᠲᠠᠢᠵᠢ ᠪᠥᠭᠰᠡ ᠪᠡᠷ ᠢ᠋ᠶ᠋ᠡᠨ ᠯᠠᠭᠬᠢᠲᠠᠯ᠎ᠠ ᠰᠠᠭᠤᠪᠠ᠃
᠊᠊᠊᠊᠊᠊᠊᠊᠊᠊᠊᠊᠊᠊᠊ ᠥᠴᠦᠬᠡᠨ ᠠᠮᠢ ᠥᠷᠥᠰᠢᠶᠡ᠃ ᠶᠡᠬᠡ ᠡᠷ᠎ᠡ ᠶ᠋ᠢᠨ ᠠᠯᠳᠠᠷ ᠢ᠋ ᠬᠡᠨ ᠭᠡᠳᠡᠭ ᠪᠣᠯ ᠭᠡᠵᠦ ᠲᠠᠢᠵᠢ ᠪᠠᠴᠢᠮᠳᠠᠨ ᠲᠠᠰᠤᠯᠳᠠᠭᠰᠠᠨ ᠳᠠᠭᠤ ᠪᠠᠷ ᠠᠰᠠᠭᠤᠪᠠ᠃
᠊᠊᠊᠊᠊᠊᠊᠊᠊᠊᠊᠊᠊᠊᠊ ᠵᠠᠰᠠᠭᠲᠤ ᠬᠠᠨ ᠤ᠋ ᠴᠠᠬᠢᠭᠤᠷ ᠲᠡᠮᠦᠷ ᠭᠡᠭᠴᠢ ᠶ᠋ᠢ ᠰᠣᠨᠣᠰᠤᠭᠰᠠᠨ ᠤᠤ? ᠭᠡᠵᠦ ᠵᠠᠭᠤᠭᠰᠠᠨ ᠰᠢᠳᠦᠨ ᠦ᠌ ᠪᠡᠨ ᠵᠠᠪᠰᠠᠷ ᠢ᠋ᠶ᠋ᠠᠷ ᠠᠰᠠᠭᠤᠪᠠ᠃
ᠡᠨᠡ ᠠᠯᠳᠠᠷᠰᠢᠭᠰᠠᠨ ᠰᠢᠯᠢ ᠶ᠋ᠢᠨ ᠣᠷᠭᠤᠳᠤᠤᠯ ᠤ᠋ᠨ ᠨᠡᠷ᠎ᠡ ᠶ᠋ᠢ ᠫᠦᠷᠪᠦ ᠣᠯᠠᠨᠲᠠ ᠰᠣᠨᠣᠰᠤᠭᠰᠠᠨ ᠢ᠋ᠶ᠋ᠠᠷ ᠪᠠᠷᠠᠬᠤ ᠦᠭᠡᠢ᠂ ᠯᠤᠤ ᠬᠦᠩ ᠦ᠋ᠨ ᠲᠠᠮᠠᠭ᠎ᠠ ᠡᠴᠡ ᠤᠷᠭᠤᠭᠰᠠᠨ ᠲᠤᠬᠠᠢ ᠥᠨᠥ ᠥᠷᠯᠥᠭᠡ ᠳᠣᠭᠣᠯᠵᠠᠢ᠃ ᠡᠨᠡ ᠨᠡᠷ᠎ᠡ ᠶ᠋ᠢ ᠰᠣᠨᠣᠰᠤᠮᠠᠭᠴᠠ ᠲᠠᠢᠵᠢ ᠡᠪᠦᠳᠦᠭ ᠳᠡᠭᠡᠷ᠎ᠡ ᠪᠡᠨ ᠰᠥᠬᠥᠷᠡᠨ᠂ ᠨᠢᠭᠤᠷ ᠨᠢ ᠦᠷᠴᠢᠨ ᠤᠬᠢᠯᠠᠬᠤ ᠢᠨᠢᠶᠡᠬᠦ ᠬᠣᠣᠰᠯᠠᠭᠰᠠᠨ ᠨᠢᠳᠦ ᠪᠡᠷ ᠲᠡᠮᠦᠷ ᠦ᠋ᠨ ᠳᠣᠣᠷ᠎ᠠ ᠡᠴᠡ ᠨᠢ ᠭᠥᠯᠢᠯᠵᠡᠨ ᠬᠠᠷᠠᠵᠤ 《ᠥᠴᠦᠬᠡᠨ ᠪᠢ ᠶᠡᠬᠡ ᠡᠷ᠎ᠡ ᠶ᠋ᠢ ᠲᠠᠨᠢᠭᠰᠠᠨ ᠦᠭᠡᠢ᠃ ᠠᠮᠢ ᠥᠷᠥᠰᠢᠶᠡ》 ᠭᠡᠵᠦ ᠳᠠᠬᠢᠨ ᠳᠠᠪᠲᠠᠨ ᠭᠤᠶᠤᠬᠤ ᠳ᠋ᠤ᠌ ᠮᠠᠩᠨᠠᠢ ᠳ᠋ᠤᠨᠢ ᠬᠦᠢᠲᠡᠨ ᠬᠥᠯᠥᠰᠥ ᠪᠤᠷᠵᠢᠢᠨ ᠪᠠᠢᠯ᠎ᠠ᠃
ᠥᠯᠵᠡᠢ ᠴᠦ᠍ ᠡᠨᠡ ᠠᠯᠳᠠᠷᠲᠤ ᠡᠷ᠎ᠡ ᠶ᠋ᠢᠨ ᠲᠤᠬᠠᠢ ᠶᠠᠷᠢᠶ᠎ᠠ ᠶ᠋ᠢ ᠪᠢᠰᠢᠭᠦᠢ ᠰᠣᠨᠣᠰᠴᠤ ᠪᠠᠢᠭᠰᠠᠨ ᠪᠣᠯᠬᠣᠷ ᠦᠭᠡ ᠴᠦ᠍ ᠳᠤᠤᠭᠠᠷᠴᠤ ᠴᠢᠳᠠᠬᠤ ᠦᠭᠡᠢ ᠳᠡᠮᠡᠢ ᠯᠡ ᠠᠮᠠ ᠪᠠᠨ ᠠᠩᠭᠠᠢᠨ ᠭᠠᠢᠬᠠᠪᠠ᠃
ᠲᠡᠮᠦᠷ ᠥᠳᠬᠡᠨ ᠬᠠᠷ᠎ᠠ ᠬᠥᠮᠥᠰᠬᠡ ᠲᠡᠢ᠂ ᠲᠣᠮᠣ ᠠᠯᠠᠭ ᠨᠢᠳᠦ ᠪᠡᠨ ᠡᠷᠭᠢᠯᠳᠦᠭᠦᠯᠦᠨ ᠢᠨᠢᠶᠡᠮᠰᠦᠭᠯᠡᠵᠦ 《ᠥᠯᠵᠡᠢ ᠭᠤᠸᠠᠢ ᠰᠠᠢᠨ ᠰᠠᠭᠤᠵᠤ ᠪᠠᠢᠭᠠᠷᠠᠢ᠃ ᠪᠢ ᠡᠷᠭᠢᠵᠦ ᠢᠷᠡᠨ᠎ᠡ》 ᠭᠡᠳ ᠴᠢᠷᠠᠢ ᠨᠢ ᠬᠤᠪᠢᠷᠠᠵᠤ᠂ ᠬᠥᠮᠥᠰᠬᠡ ᠨᠢ ᠠᠲᠤᠷᠢᠨ ᠰᠢᠲᠦ ᠪᠡᠨ ᠵᠠᠭᠤᠵᠤ᠂ ᠲᠠᠢᠵᠢ ᠶ᠋ᠢ ᠳᠣᠯᠣᠪᠣᠷ ᠬᠤᠷᠤᠭᠤ ᠪᠠᠷ ᠢ᠋ᠶ᠋ᠠᠨ ᠴᠢᠴᠢᠵᠦ᠂ 《ᠲᠡᠭᠡᠭᠡᠳ ᠬᠠᠷᠢᠨ ᠤᠤ᠁ ᠲᠡᠮᠦᠷ ᠬᠡᠯᠡᠭᠰᠡᠨ ᠳ᠋ᠡᠭᠡᠨ ᠬᠦᠷᠦᠨ᠎ᠡ ᠰᠢᠦ》 ᠭᠡᠬᠦ ᠳ᠋ᠦ᠍ᠨᠢ ᠲᠠᠢᠵᠢ ᠶ᠋ᠢᠨ ᠴᠢᠷᠠᠢ ᠭᠠᠯ ᠳ᠋ᠤ᠌ ᠬᠢᠭᠰᠡᠨ ᠰᠢᠷ᠎ᠠ ᠲᠣᠰᠣᠨ ᠤ᠋ ᠭᠦᠵᠡᠭᠡ ᠰᠢᠭ ᠬᠤᠨᠢᠷᠢᠨ 《ᠵᠠ》 ᠭᠡᠳ ᠠᠯᠠᠭ᠎ᠠ ᠪᠠᠨ ᠬᠠᠪᠰᠤᠷᠪᠠ᠃
ᠲᠡᠮᠦᠷ᠂ ᠮᠣᠷᠢᠨ ᠳ᠋ᠠᠭᠠᠨ ᠮᠣᠷᠳᠠᠵᠤ ᠳᠥᠷᠦᠭᠡᠨ ᠳᠡᠭᠡᠷ᠎ᠡ ᠪᠡᠨ ᠪᠣᠰᠤᠭᠠᠳ ᠪᠠᠷᠠᠭᠤᠨ ᠵᠦᠭ ᠬᠠᠲᠠᠷᠢᠭᠤᠯᠤᠨ ᠬᠣᠯᠠᠳᠬᠤ ᠳ᠋ᠤ᠌ ᠪᠠᠬᠠᠳᠤᠨ ᠬᠠᠷᠠᠵᠤ ᠪᠠᠢᠭᠰᠠᠨ ᠥᠯᠵᠡᠢ ᠭᠡᠨᠡᠳᠲᠡ ᠤᠬᠠᠭᠠᠨ ᠣᠷᠣᠭᠰᠠᠨ ᠪᠣᠯᠤᠯᠲᠠᠢ ᠡᠷᠭᠢᠵᠦ 《ᠴᠠᠠᠳᠠ ᠮᠢᠨᠢ ᠲᠠᠬᠢᠯ ᠡᠷᠭᠦ》 ᠭᠡᠬᠦ ᠳ᠋ᠦ᠍ ᠨᠢᠳᠦᠨ ᠦ᠌ ᠬᠢᠨᠢ ᠡᠮᠦᠨ᠎ᠡ ᠪᠣᠯᠵᠤ ᠥᠩᠭᠡᠷᠡᠭᠰᠡᠨ ᠦᠯᠢᠭᠡᠷ ᠰᠢᠭ ᠶᠠᠭᠤᠮ᠎ᠠ ᠶ᠋ᠢᠨ ᠤᠴᠢᠷ ᠢ᠋ ᠣᠯᠵᠤ ᠶᠠᠳᠠᠨ ᠭᠠᠢᠬᠠᠵᠤ ᠪᠠᠢᠭᠰᠠᠨ ᠬᠡᠦᠬᠡᠨ ᠭᠡᠷ ᠲᠦ᠍ ᠣᠷᠣᠵᠤ ᠬᠤᠪᠢᠩ ᠲᠠᠢ ᠰᠦ ᠰᠠᠴᠤᠯᠢ ᠪᠠᠨ ᠠᠪᠴᠢᠷᠠᠭᠠᠳ ᠶᠢᠰᠦᠨᠲᠡ ᠲᠠᠬᠢᠯ ᠡᠷᠭᠦᠪᠡ᠃
ᠳᠣᠣᠷᠠᠲᠤ ᠬᠦᠴᠦᠲᠡᠨ ᠲᠡᠢ ᠲᠣᠬᠢᠶᠠᠯᠳᠤᠬᠤ ᠳ᠋ᠠᠭᠠᠨ ᠶᠠᠮᠠᠷ ᠴᠤ᠌ ᠪᠤᠵᠠᠷ ᠬᠡᠷᠡᠭ ᠬᠢᠬᠦ ᠡᠴᠡ ᠪᠤᠴᠠᠳᠠᠭ ᠦᠭᠡᠢ ᠪᠣᠯᠪᠠᠴᠤ ᠬᠦᠴᠦᠲᠡᠨ ᠲᠡᠢ ᠠᠭᠤᠯᠵᠠᠭᠰᠠᠨ ᠴᠠᠭ ᠲᠠᠭᠠᠨ ᠶᠠᠮᠠᠷ ᠴᠤ᠌ ᠳᠣᠷᠣᠮᠵᠢᠯᠠᠯ ᠢ᠋ ᠲᠡᠰᠪᠦᠷᠢᠯᠡᠨ ᠬᠦᠯᠢᠶᠡᠵᠦ ᠴᠢᠳᠠᠳᠠᠭ ᠬᠥᠮᠦᠰ ᠦ᠋ᠨ ᠨᠢᠭᠡ ᠪᠣᠯ ᠫᠦᠷᠪᠦ ᠲᠠᠢᠵᠢ ᠪᠠᠢᠵᠠᠢ᠃ ᠬᠠᠯᠬ᠎ᠠ ᠳᠠᠶᠠᠭᠠᠷ ᠨᠡᠷ᠎ᠡ ᠭᠠᠷᠤᠭᠰᠠᠨ ᠴᠠᠬᠢᠭᠤᠷ ᠲᠡᠮᠦᠷ ᠬᠡᠯᠡᠭᠰᠡᠨ ᠳ᠋ᠡᠭᠡᠨ ᠡᠷᠬᠡᠪᠰᠢ ᠬᠦᠷᠦᠨ᠎ᠡ ᠭᠡᠵᠦ ᠪᠣᠳᠣᠭᠰᠠᠨ ᠫᠦᠷᠪᠦ ᠲᠠᠢᠵᠢ ᠪᠣᠰᠴᠤ ᠥᠯᠵᠡᠢ ᠥᠭᠡᠳᠡ ᠶᠡᠬᠡᠩᠬᠢ ᠨᠢ ᠤᠨᠠᠭᠰᠠᠨ ᠡᠭᠦᠳᠡᠨ ᠰᠢᠳᠦ ᠪᠡᠨ ᠢᠷᠵᠠᠢᠯᠭᠠᠨ ᠢᠨᠢᠶᠡᠮᠰᠦᠭᠯᠡᠭᠰᠡᠨ ᠪᠣᠯᠤᠭᠠᠳ ᠮᠣᠷᠳᠠᠵᠤ ᠣᠮ ᠬᠣᠮ ᠦᠭᠡᠢ ᠳᠠᠪᠬᠢᠯ᠎ᠠ᠃
ᠲᠠᠢᠯᠪᠤᠷᠢ᠄
① ᠳᠠᠰᠢᠳᠤᠤ ᠬᠦᠩ ᠦ᠋ᠨ ᠬᠣᠰᠢᠭᠤ ᠨᠢ ᠣᠳᠣ ᠶ᠋ᠢᠨ ᠪᠠᠶᠠᠠᠬᠣᠩᠭᠣᠷ ᠠᠢᠮᠠᠭ ᠤ᠋ᠨ ᠭᠠᠯᠠᠭᠤᠲᠤ ᠵᠡᠷᠭᠡ ᠰᠤᠮᠤ ᠶ᠋ᠢᠨ ᠨᠤᠲᠤᠭ᠃