ᠲᠤᠩᠭᠠᠯᠠᠭ ᠲᠠᠮᠢᠷ1-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-21

1638

《ᠣᠪᠣᠭᠠᠨ ᠤ᠋ ᠶᠡᠬᠡ ᠲᠠᠨ ᠳ᠋ᠤ᠌ ᠣᠯᠵᠠᠨ ᠤ᠋ ᠶᠡᠬᠡ ᠨᠠᠳᠠ ᠳ᠋ᠤ᠌᠂ ᠥᠯᠢ ᠶ᠋ᠢᠨ ᠶᠡᠬᠡ ᠲᠠᠨ ᠳ᠋ᠤ᠌᠂ ᠥᠯᠵᠡᠢ ᠶ᠋ᠢᠨ ᠶᠡᠬᠡ ᠨᠠᠳᠠ ᠳ᠋ᠤ᠌》 - ᠨᠢᠭᠡᠳᠦᠭᠡᠷ ᠪᠦᠯᠦᠭ ᠬᠣᠷᠢᠨ ᠬᠣᠶᠠᠷ


  ᠴᠠᠰᠤᠨ ᠳ᠋ᠤ᠌ ᠬᠤᠴᠢᠭᠳᠠᠭᠰᠠᠨ ᠰᠢᠷ᠎ᠠ ᠬᠥᠪ ᠦ᠋ᠨ ᠬᠥᠲᠥᠯ ᠥᠭᠡᠳᠡ ᠥᠭᠰᠥᠭᠰᠡᠨ ᠬᠠᠷ᠎ᠠ ᠵᠠᠮ ᠢ᠋ᠶ᠋ᠠᠷ ᠬᠣᠷᠢ ᠬᠣᠷᠢ ᠪᠠᠷ ᠨᠢ ᠪᠠᠭᠠᠵᠢᠯᠠᠭᠰᠠᠨ ᠲᠡᠷᠭᠡᠨ ᠦ᠌ ᠤᠷᠲᠤ ᠴᠤᠪᠤᠭ᠎ᠠ ᠠᠭᠠᠵᠢᠮ ᠪᠥᠭᠡᠳ ᠶᠡᠬᠡᠮᠰᠦᠭ ᠢ᠋ᠶ᠋ᠡᠷ ᠭᠠᠷᠴᠤ ᠢᠷᠡᠯ᠎ᠡ᠃
  ᠰᠤᠪᠤᠷᠭᠠᠨ ᠡᠪᠡᠷ ᠦ᠋ᠳ ᠨᠢ ᠰᠡᠯᠡᠯᠵᠡᠵᠦ ᠡᠨᠳᠡ ᠲᠡᠨᠳᠡ ᠦᠭᠡᠢ ᠴᠠᠳᠠᠷ ᠤ᠋ᠨ ᠪᠦᠷᠢᠶ᠎ᠡ ᠳᠤᠤᠭᠠᠷᠴᠤ ᠪᠠᠢᠭ᠎ᠠ ᠶᠤᠮ ᠰᠢᠭ᠋ ᠬᠠᠢᠨᠤᠭ ᠤ᠋ᠨ ᠳᠠᠭᠤ ᠬᠦᠩᠭᠢᠨᠡᠯᠳᠦᠨ᠂ ᠰᠡᠭᠦᠯᠴᠢ ᠶ᠋ᠢᠨ ᠲᠡᠷᠭᠡᠨ ᠡᠴᠡ ᠵᠡᠭᠦᠭᠰᠡᠨ ᠶᠠᠩᠵᠤ ᠪᠦᠷᠢ ᠶ᠋ᠢᠨ ᠬᠥᠨᠳᠡᠢ ᠭᠤᠷᠪᠠᠨ ᠬᠣᠩᠬᠣ ᠠᠶᠠᠯᠭᠤ ᠨᠡᠢᠯᠡᠭᠦᠯᠦᠨ ᠳᠦᠩᠭᠢᠨᠡᠵᠦ ᠬᠠᠶᠠ ᠬᠠᠶᠠ ᠬᠥᠮᠦᠰ ᠦ᠋ᠨ ᠬᠥᠥᠭᠯᠡᠬᠦ ᠳᠠᠭᠤ ᠤᠶᠠᠩᠭᠠᠯᠠᠬᠤ ᠨᠢ ᠰᠦᠷ ᠲᠡᠢ ᠪᠥᠭᠡᠳ ᠥᠪᠡᠷᠮᠢᠴᠡ ᠭᠤᠸ᠎ᠠ ᠦᠵᠡᠰᠬᠦᠯᠡᠩ ᠲᠡᠢ ᠠᠵᠢ᠃
  ᠡᠨᠡ ᠪᠣᠯ ᠰᠢᠷ᠎ᠠ ᠲᠣᠰᠣ᠂ ᠮᠡᠬᠡᠷ ᠲᠡᠢ ᠲᠣᠰᠣ᠂ ᠰᠠᠷᠯᠤᠭ ᠤ᠋ᠨ ᠵᠤᠵᠠᠭᠠᠨ ᠥᠷᠥᠮ᠎ᠡ᠂ ᠲᠣᠰᠣ ᠳᠠᠭᠠᠪᠤᠷᠢᠯᠠᠭᠰᠠᠨ ᠵᠥᠭᠡᠯᠡᠬᠡᠨ ᠬᠤᠷᠤᠳ ᠮᠡᠲᠦ ᠶ᠋ᠢᠨ ᠴᠠᠭᠠᠨ ᠢᠳᠡᠭᠡ᠂ ᠢᠰᠡᠭᠡᠢ᠂ ᠠᠷᠠᠰᠤ ᠰᠢᠷᠢ ᠲᠡᠭᠡᠭᠡᠪᠦᠷᠢᠯᠡᠭᠰᠡᠨ ᠢᠲᠡᠭᠡᠯᠲᠦ ᠶ᠋ᠢᠨ ᠵᠢᠩ ᠠᠵᠢ᠃ ᠮᠣᠩᠭᠣᠯᠴᠤᠳ ᠴᠠᠭᠠᠨ ᠢᠳᠡᠭᠡ ᠬᠢᠬᠦ ᠳ᠋ᠡᠭᠡᠨ ᠳᠠᠳᠤᠯᠭ᠎ᠠ ᠲᠠᠢ ᠪᠣᠯ ᠲᠠᠮᠢᠷ ᠤ᠋ᠨ ᠬᠢᠨ ᠪᠦᠬᠦᠨ ᠡᠴᠡ ᠭᠠᠷᠮᠠᠭᠠᠢ ᠭᠡᠳᠡᠭ ᠢ᠋ ᠶᠠᠷᠢᠬᠤ ᠶᠠᠭᠤ ᠪᠢᠯᠡ᠃ ᠡᠨᠡ ᠤᠴᠢᠷ ᠰᠠᠢᠳ ᠸᠠᠩ ᠤ᠋ᠨ ᠬᠢ ᠡᠴᠡ ᠢᠷᠡᠭᠰᠡᠨ ᠴᠠᠭᠠᠨ ᠢᠳᠡᠭᠡ ᠬᠦᠷᠢᠶᠡᠨ ᠦ᠌ ᠵᠡᠭᠡᠯᠢ ᠳᠡᠭᠡᠷ᠎ᠡ ᠢᠯᠡᠭᠦᠦ ᠦᠨ᠎ᠡ ᠲᠡᠢ ᠪᠠᠢᠳᠠᠭ᠃
  ᠲᠠᠰᠤ ᠬᠠᠷ᠎ᠠ ᠡᠪᠡᠷ ᠲᠡᠢ᠂ ᠴᠠᠰᠤ ᠰᠢᠭ᠋ ᠴᠠᠭᠠᠨ ᠬᠠᠢᠨᠤᠭ ᠬᠥᠯᠯᠡᠭᠰᠡᠨ ᠲᠦᠭᠦᠴᠡᠭᠡ ᠲᠡᠷᠭᠡᠨ ᠳᠡᠭᠡᠷ᠎ᠡ ᠡᠷᠳᠡᠨᠢ ᠲᠠᠪᠠᠲᠠᠢ ᠭᠡᠭᠴᠢ ᠨᠢ ᠵᠠᠪᠢᠯᠠᠨ ᠰᠠᠭᠤᠵᠠᠢ᠃ ᠠᠷᠪᠠᠨ ᠬᠡᠳᠦᠨ ᠨᠠᠰᠤᠨ ᠡᠴᠡ ᠪᠡᠨ ᠴᠣᠨᠵᠢ᠂ ᠪᠠᠷᠬᠦ᠋ᠯ ᠤᠷᠤᠭᠤ ᠬᠠᠯᠬ᠎ᠠ ᠶᠠᠪᠤᠯᠲᠠ ᠪᠠᠷ ᠠᠶᠠᠯᠠᠵᠤ᠂ ᠮᠡᠴᠢᠳ ᠮᠠᠷᠠᠯ ᠢ᠋ᠶ᠋ᠠᠷ ᠨᠣᠢᠷ ᠢ᠋ᠶ᠋ᠠᠨ ᠬᠡᠮᠵᠢᠵᠦ ᠶᠠᠪᠤᠭᠰᠠᠨ ᠲᠡᠮᠡᠭᠡᠨ ᠵᠢᠩᠴᠢᠨ ᠡᠷᠳᠡᠨᠢ ᠳ᠋ᠦ᠍ ᠡᠬᠢᠨ ᠳ᠋ᠡᠭᠡᠨ ᠦᠬᠡᠷ ᠲᠡᠷᠭᠡᠨ ᠦ᠌ ᠵᠢᠩ ᠭᠠᠵᠠᠷ ᠬᠣᠷᠣᠭᠠᠬᠤ ᠦᠭᠡᠢ᠂ ᠨᠦᠰᠡᠷ ᠲᠦᠪᠡᠭ ᠲᠡᠢ ᠶᠤᠮ ᠰᠢᠭ ᠰᠠᠨᠠᠭᠳᠠᠵᠤ ᠪᠠᠢᠪᠠ᠃ ᠭᠡᠪᠡᠴᠦ ᠶᠠᠪᠤᠭᠠᠨ ᠳ᠋ᠠᠭᠠᠨ ᠲᠡᠰᠴᠦ᠂ ᠠᠴᠢᠶ᠎ᠠ ᠡᠷᠭᠦᠬᠦ᠂ ᠪᠠᠭᠤᠯᠭᠠᠬᠤ ᠮᠡᠲᠦ ᠶ᠋ᠢᠨ ᠬᠦᠨᠳᠦ ᠬᠦᠴᠢᠷ ᠠᠵᠢᠯ ᠦᠭᠡᠢ ᠠᠶᠠᠲᠠᠢᠬᠠᠨ ᠶᠤᠮ ᠰᠢᠭ᠋ ᠪᠣᠯᠪᠠ᠃ ᠰᠡᠭᠦᠯ ᠳ᠋ᠡᠭᠡᠨ ᠲᠦᠭᠦᠴᠡᠭᠡ ᠲᠡᠷᠭᠡ ᠬᠥᠲᠥᠯᠬᠦ ᠳ᠋ᠡᠭᠡᠨ ᠰᠦᠷᠡᠬᠡᠢ ᠳᠠᠳᠤᠭᠠᠳ ᠡᠨᠡ ᠵᠠᠮ ᠢ᠋ ᠬᠣᠷᠢ ᠭᠤᠴᠢᠨ ᠤᠳᠠᠭ᠎ᠠ ᠲᠤᠭᠤᠯᠤᠭᠰᠠᠨ ᠬᠠᠰᠢᠷ ᠬᠥᠮᠦᠰ ᠬᠦᠷᠲᠡᠯ᠎ᠡ ᠮᠠᠭᠲᠠᠳᠠᠭ ᠪᠣᠯᠵᠠᠢ᠃
  ᠡᠷᠳᠡᠨᠢ᠂ ᠤᠷᠢᠳᠤ ᠡᠮᠦᠨ᠎ᠡ ᠪᠣᠭᠳᠠ ᠶ᠋ᠢᠨ ᠬᠦᠷᠢᠶ᠎ᠡ ᠣᠷᠣᠵᠤ ᠪᠠᠢᠭ᠎ᠠ ᠦᠭᠡᠢ ᠪᠣᠯᠪᠠᠴᠤ ᠬᠡᠳᠦᠨ ᠵᠢᠯ ᠦ᠋ᠨ ᠲᠤᠷᠰᠢ ᠵᠤᠯᠠ ᠰᠠᠷ᠎ᠠ ᠪᠦᠬᠦᠨ ᠡᠨᠡ ᠵᠠᠮ ᠢ᠋ ᠲᠤᠭᠤᠯᠵᠤ ᠰᠤᠷᠤᠭᠰᠠᠨ ᠬᠥᠪᠥᠩ ᠴᠠᠭᠠᠨ ᠬᠠᠢᠨᠤᠭ ᠵᠠᠮ ᠤ᠋ᠨ ᠭᠣᠣᠯ ᠢ᠋ ᠪᠠᠷᠢᠨ ᠵᠢᠭᠳᠡ ᠪᠥᠭᠡᠳ ᠨᠠᠮᠪᠠ ᠲᠠᠢ ᠠᠯᠬᠤᠯᠠᠨ᠎ᠠ᠃
  ᠰᠢᠷ᠎ᠠ ᠬᠥᠪ ᠦ᠋ᠨ ᠳᠦᠷᠡᠯᠵᠢ ᠳᠡᠭᠡᠷ᠎ᠡ ᠭᠠᠷᠴᠤ ᠢᠷᠡᠬᠦ ᠳ᠋ᠦ᠍ ᠠᠯᠤᠰ ᠲᠡᠷᠲᠡᠭᠡ ᠤᠨᠢᠶᠠᠷᠲᠤᠨ ᠪᠠᠢᠭ᠎ᠠ ᠬᠥᠬᠡ ᠮᠠᠨᠠᠨ ᠤ᠋ ᠳᠤᠮᠳᠠ ᠥᠨᠳᠥᠷ ᠵᠠᠩᠷᠠᠢ᠌ᠰᠤᠭ ᠲᠦᠩᠬᠦᠢᠨ ᠬᠠᠷᠠᠭᠳᠠᠵᠤ᠂ ᠳᠣᠬᠢᠶ᠎ᠠ ᠥᠭᠭᠦᠭᠡ ᠦᠭᠡᠢ ᠪᠠᠢᠬᠤ ᠳ᠋ᠤ᠌ ᠲᠦᠭᠦᠴᠡᠭᠡ ᠬᠠᠢᠨᠤᠭ ᠰᠢᠲᠦ ᠪᠡᠨ ᠬᠠᠪᠢᠷᠤᠨ ᠵᠣᠭᠰᠣᠯ᠎ᠠ᠃
  ᠡᠷᠳᠡᠨᠢ ᠦᠰᠦᠷᠦᠨ ᠪᠠᠭᠤᠵᠤ ᠳᠥᠷᠪᠡᠨ ᠠᠭᠤᠯᠠ ᠶ᠋ᠢᠨ ᠳᠤᠮᠳᠠ ᠴᠣᠭᠴᠠᠯᠠᠨ ᠪᠣᠰᠤᠭᠰᠠᠨ ᠠᠷᠢᠭᠤᠨ ᠰᠠᠬᠢᠭᠤᠯᠰᠤᠨ ᠤ᠋ ᠣᠷᠣᠨ᠂ ᠪᠣᠭᠳᠠ ᠶ᠋ᠢᠨ ᠬᠦᠷᠢᠶᠡᠨ ᠦ᠌ ᠵᠦᠭ ᠨᠠᠮᠠᠨᠴᠢᠯᠠᠪᠠ᠃
  ᠢᠲᠡᠭᠡᠯᠲᠦ ᠳᠡᠷᠭᠡᠳᠡ ᠨᠢ ᠢᠷᠡᠵᠦ ᠮᠣᠷᠢᠨ ᠡᠴᠡ ᠪᠡᠨ ᠪᠠᠭᠤᠭᠠᠳ 《ᠪᠣᠭᠳᠠ ᠶ᠋ᠢᠨ ᠬᠦᠷᠢᠶ᠎ᠡ》 ᠭᠡᠳ ᠭᠤᠷᠪᠠᠨᠲᠠ ᠮᠥᠷᠭᠥᠵᠦ ᠵᠠᠯᠪᠠᠷᠢᠭᠠᠳ᠂ ᠬᠡᠳᠦᠨ ᠴᠢᠯᠠᠭᠤ ᠠᠪᠴᠤ ᠣᠪᠣᠭ᠎ᠠ ᠤᠷᠤᠭᠤ ᠬᠠᠶᠠᠨ 《ᠣᠪᠣᠭᠠᠨ ᠤ᠋ ᠶᠡᠬᠡ ᠲᠠᠨ ᠳ᠋ᠤ᠌ ᠣᠯᠵᠠᠨ ᠤ᠋ ᠶᠡᠬᠡ ᠨᠠᠳᠠ ᠳ᠋ᠤ᠌᠂ ᠥᠯᠢ ᠶ᠋ᠢᠨ ᠶᠡᠬᠡ ᠲᠠᠨ ᠳ᠋ᠤ᠌᠂ ᠥᠯᠵᠡᠢ ᠶ᠋ᠢᠨ ᠶᠡᠬᠡ ᠨᠠᠳᠠ ᠳ᠋ᠤ᠌》 ᠭᠡᠪᠡ᠃
  ᠵᠢᠩᠴᠢᠳ ᠳᠦᠷᠠᠯᠵᠢ ᠳᠡᠭᠡᠷ᠎ᠡ ᠭᠠᠷᠴᠤ ᠢᠷᠡᠭᠡᠳ ᠵᠠᠷᠢᠮ ᠨᠢ ᠰᠤᠨᠵᠤ ᠮᠥᠷᠭᠥᠨ᠎ᠡ᠃ ᠵᠠᠷᠢᠮ ᠨᠢ ᠠᠮᠠᠨ ᠳ᠋ᠠᠭᠠᠨ ᠪᠦᠪᠦᠲᠦᠨᠡᠨ ᠶᠠᠭᠤᠮ᠎ᠠ ᠬᠡᠯᠡᠵᠦ ᠨᠠᠮᠠᠨᠴᠢᠯᠠᠨ᠎ᠠ᠃
  ᠊᠊᠊᠊᠊᠊᠊᠊᠊᠊᠊᠊᠊᠊᠊ ᠵᠠ ᠪᠢ ᠲᠦᠷᠦᠭᠦᠯᠡᠶ᠎ᠡ᠃ ᠲᠠ ᠨᠠᠷ ᠥᠨᠥ ᠣᠷᠣᠢ ᠬᠠᠮᠪᠤ ᠶ᠋ᠢᠨ ᠣᠪᠣᠭᠠᠨ ᠤ᠋ ᠬᠦᠷᠢᠶ᠎ᠡ ᠳ᠋ᠦ᠍ ᠬᠣᠨᠣᠭᠠᠳ᠂ ᠥᠷᠯᠥᠭᠡ ᠡᠷᠲᠡ ᠬᠥᠳᠡᠯᠦᠨ᠎ᠡ ᠪᠢᠵᠡ᠃ ᠪᠢ ᠣᠭᠳᠤᠭᠤᠯᠤᠶ᠎ᠠ ᠭᠡᠳ ᠢᠲᠡᠭᠡᠯᠲᠦ ᠮᠣᠷᠳᠠᠵᠤ 《ᠡᠷᠳᠡᠨᠢ ᠮᠢᠨᠢ ᠬᠦᠷᠢᠶᠡᠨ ᠦ᠌ ᠬᠤᠯᠠᠭᠠᠢᠴᠢ ᠬᠡᠴᠡᠭᠦᠦ ᠰᠢᠦ᠃ ᠬᠢᠨᠠᠮᠠᠭᠠᠢ ᠬᠣᠨᠣᠭᠠᠷᠠᠢ》 ᠭᠡᠵᠦ ᠬᠡᠯᠡᠭᠰᠡᠨ ᠢ᠋ᠶ᠋ᠡᠨ ᠡᠷᠭᠢᠵᠦ ᠴᠦ᠍ ᠬᠠᠷᠠᠯ ᠦᠭᠡᠢ ᠬᠠᠲᠠᠷᠢᠭᠤᠯᠤᠨ ᠶᠠᠪᠤᠵᠠᠢ᠃
  ᠢᠲᠡᠭᠡᠯᠲᠦ ᠵᠢᠩ ᠡᠴᠡ ᠪᠡᠨ ᠬᠣᠨᠣᠭ ᠤ᠋ᠨ ᠡᠮᠦᠨ᠎ᠡ ᠤᠷᠢᠲᠠᠵᠤ ᠬᠣᠲᠠ ᠣᠷᠣᠭᠠᠳ ᠠᠴᠢᠶ᠎ᠠ ᠪᠠᠷᠠᠭ᠎ᠠ ᠪᠠᠨ ᠬᠤᠳᠠᠯᠳᠤᠬᠤ ᠨᠦᠬᠡ ᠰᠦᠪᠡ ᠶ᠋ᠢ ᠣᠯᠳᠠᠭ ᠢ᠋ᠶ᠋ᠠᠷ ᠪᠠᠷᠠᠬᠤ ᠦᠭᠡᠢ ᠪᠤᠴᠠᠬᠤ ᠳ᠋ᠠᠭᠠᠨ ᠲᠡᠭᠡᠭᠡᠪᠦᠷᠢᠯᠡᠬᠦ ᠠᠴᠢᠶ᠎ᠠ ᠣᠯᠵᠤ ᠠᠪᠤᠭᠠᠳ ᠵᠢᠩ ᠳᠠᠩ ᠪᠣᠯᠭᠠᠳᠠᠭ ᠵᠠᠩᠰᠢᠯ ᠲᠠᠢ ᠠᠵᠢ᠃ ᠪᠠᠰᠠ ᠲᠡᠭᠡᠭᠡᠳ ᠵᠢᠯ ᠪᠦᠬᠦᠨ ᠢᠷᠡᠳᠡᠭ ᠪᠣᠯᠬᠣᠷ ᠲᠠᠨᠢᠯ ᠲᠠᠯ᠎ᠠ ᠣᠯᠠᠨ᠃
  ᠵᠢᠩ ᠦ᠋ᠨ ᠴᠤᠪᠤᠭ᠎ᠠ ᠠᠭᠠᠵᠢᠮ ᠪᠣᠯᠪᠠᠴᠤ ᠠᠯᠬᠤᠬᠤ ᠪᠦᠷᠢ ᠤᠷᠤᠭᠰᠢᠯᠠᠨ ᠠᠬᠢᠭᠰᠠᠭᠠᠷ ᠦᠳᠡᠰᠢ ᠶ᠋ᠢᠨ ᠪᠦᠷᠦᠩᠬᠦᠢ ᠪᠣᠯᠬᠤ ᠳ᠋ᠤ᠌ ᠪᠠᠭᠤᠴᠠ ᠳᠡᠭᠡᠷ᠎ᠡ ᠪᠠᠭᠤᠵᠠᠢ᠃
  ᠡᠷᠳᠡᠨᠢ ᠲᠡᠷᠡ ᠰᠥᠨᠢ ᠬᠣᠶᠠᠷ ᠬᠥᠮᠦᠨ ᠮᠠᠨᠠᠭᠠᠨ ᠳ᠋ᠤ᠌ ᠭᠠᠷᠭᠠᠵᠤ ᠲᠠᠢᠪᠤᠩ ᠰᠠᠢᠬᠠᠨ ᠬᠣᠨᠣᠭᠠᠳ ᠥᠷᠯᠥᠭᠡ ᠨᠢ ᠬᠠᠢᠨᠤᠭ ᠤ᠋ᠳ ᠢ᠋ᠶ᠋ᠠᠨ ᠲᠠᠯᠪᠢᠨ ᠬᠠᠭᠤᠷᠠᠢ ᠴᠠᠬᠢᠯᠳᠠᠭ ᠤ᠋ᠨ ᠦᠵᠦᠭᠦᠷ ᠭᠦᠶᠦᠯᠭᠡᠨ ᠬᠠᠵᠠᠭᠤᠯᠤᠭᠠᠳ ᠬᠥᠳᠡᠯᠬᠦ ᠭᠡᠵᠦ ᠪᠠᠢᠲᠠᠯ᠎ᠠ ᠢᠲᠡᠭᠡᠯᠲᠦ ᠶ᠋ᠢᠨ ᠶᠠᠪᠤᠭᠤᠯᠤᠭᠰᠠᠨ ᠲᠣᠰᠤᠭᠤᠯ ᠢᠷᠡᠪᠡ᠃ ᠡᠨᠡ ᠤᠳᠠᠭ᠎ᠠ ᠴᠤ᠌ ᠢᠲᠡᠭᠡᠯᠲᠦ ᠠᠵᠢᠯ ᠢ᠋ᠶ᠋ᠠᠨ ᠲᠦᠷᠭᠡᠨ ᠪᠦᠲᠦᠭᠡᠵᠦ ᠬᠣᠶᠠᠷ ᠭᠤᠷᠪᠠᠨ ᠬᠣᠨᠣᠭ ᠤ᠋ᠨ ᠳᠣᠲᠣᠷ᠎ᠠ ᠠᠴᠢᠵᠤ ᠢᠷᠡᠭᠰᠡᠨ ᠵᠦᠢᠯ ᠨᠢ ᠡᠵᠡᠨ ᠢ᠋ᠶ᠋ᠡᠨ ᠣᠯᠵᠤ᠂ ᠯᠤᠤ ᠬᠦᠩ ᠦ᠋ᠨ ᠬᠦᠷᠢᠶ᠎ᠡ᠂ ᠬᠠᠨ ᠥᠨᠳᠥᠷ ᠦ᠋ᠨ ᠬᠦᠷᠢᠶ᠎ᠡ ᠬᠦᠷᠭᠡᠬᠦ ᠫᠦᠰᠡᠨ ᠦ᠌ ᠠᠴᠢᠶ᠎ᠠ ᠠᠴᠢᠭᠰᠠᠨ ᠤᠷᠲᠤ ᠵᠢᠩ ᠢᠷᠡᠭᠰᠡᠨ ᠵᠠᠮ ᠢ᠋ᠶ᠋ᠠᠷ ᠢ᠋ᠶ᠋ᠠᠨ ᠰᠤᠷᠤᠭᠰᠠᠨ ᠳᠠᠭᠤᠤ ᠪᠠᠨ ᠳᠠᠭᠤᠯᠠᠨ ᠪᠤᠴᠠᠪᠠ᠃
  ᠬᠠᠷᠢᠨ ᠢᠲᠡᠭᠡᠯᠲᠦ ᠳᠠᠩ ᠮᠣᠷᠢ ᠪᠠᠷ ᠬᠥᠰᠬᠡ ᠪᠡᠨ ᠭᠦᠢᠴᠡᠬᠦ ᠪᠡᠷ ᠡᠷᠳᠡᠨᠢ ᠶ᠋ᠢᠨ ᠬᠠᠮᠲᠤ ᠬᠦᠷᠢᠶᠡᠨ ᠳ᠋ᠦ᠍ ᠦᠯᠡᠳᠡᠪᠡ᠃
  ᠤᠷᠢᠳᠤ ᠡᠮᠦᠨ᠎ᠡ ᠮᠠᠢᠮᠠᠢ ᠠᠷᠠᠯᠵᠢᠶ᠎ᠠ ᠬᠢᠬᠦ ᠳ᠋ᠡᠭᠡᠨ ᠢᠲᠡᠭᠡᠯᠲᠦ ᠨᠢᠳᠦ ᠪᠡᠨ ᠡᠷᠭᠢᠯᠳᠦᠭᠦᠯᠦᠨ ᠲᠣᠭ᠎ᠠ ᠪᠣᠳᠣᠵᠤ᠂ ᠴᠠᠭᠠᠰᠤᠨ ᠳᠡᠭᠡᠷ᠎ᠡ ᠡᠯᠳᠡᠪ ᠶᠠᠭᠤᠮᠠᠰ ᠤ᠋ᠨ ᠳᠦᠷᠰᠦ ᠵᠢᠷᠤᠨ ᠬᠥᠮᠦᠨ ᠠᠮᠢᠲᠠᠨ ᠤ᠋ ᠳᠣᠭᠣᠭᠢ ᠪᠣᠯᠤᠨ ᠶᠠᠪᠤᠳᠠᠭ ᠪᠠᠢᠭᠰᠠᠨ ᠪᠣᠯ ᠡᠨᠡ ᠤᠳᠠᠭ᠎ᠠ ᠡᠷᠳᠡᠨᠢ ᠶ᠋ᠢ ᠳᠠᠭᠠᠭᠤᠯᠤᠨ ᠵᠤᠵᠠᠭᠠᠨ ᠮᠣᠣᠲᠤᠤ ᠳᠡᠪᠲᠡᠷ ᠳᠡᠭᠡᠷ᠎ᠡ ᠳᠠᠩᠰᠠ ᠪᠢᠴᠢᠭᠦᠯᠦᠨ᠂ ᠰᠢᠨ᠎ᠡ ᠬᠦᠷᠡᠩ ᠰᠤᠮᠤᠨ ᠰᠤᠸᠠᠮᠫᠠᠨ ᠳᠡᠭᠡᠷ᠎ᠡ ᠱᠠᠵᠢᠭᠢᠨᠠᠭᠤᠯᠤᠨ ᠲᠣᠭ᠎ᠠ ᠪᠤᠳᠤᠭᠤᠯᠵᠤ᠂ ᠲᠡᠷᠡ ᠪᠦᠬᠦᠨ ᠢ᠋ ᠨᠢ ᠬᠡᠵᠢᠶ᠎ᠡ ᠶᠠᠵᠢᠶᠠᠨ ᠤ᠋ ᠪᠢᠴᠢᠭ ᠮᠡᠳᠡᠳᠡᠭ ᠬᠥᠮᠦᠨ ᠰᠢᠭ ᠰᠢᠷᠪᠢᠨ ᠬᠠᠷᠠᠵᠤ ᠪᠠᠢᠳᠠᠭ ᠪᠠᠢᠪᠠ᠃ ᠵᠠᠷᠢᠮ ᠬᠥᠮᠦᠨ ᠢᠲᠡᠭᠡᠯᠲᠦ ᠶ᠋ᠢ ᠪᠢᠴᠢᠭ ᠦᠰᠦᠭ ᠲᠡᠢ ᠪᠣᠯᠴᠢᠬᠠᠵᠤ ᠭᠡᠵᠦ ᠬᠦᠷᠲᠡᠯ᠎ᠡ ᠵᠢᠪ ᠵᠢᠪ ᠶᠠᠷᠢᠯᠴᠠᠵᠤ ᠪᠠᠢᠪᠠ᠃
  ᠵᠢᠩ ᠬᠦᠷᠢᠶᠡᠨ ᠳ᠋ᠦ᠍ ᠣᠷᠣᠵᠤ ᠢᠷᠡᠭᠰᠡᠨ ᠦ᠌ ᠮᠠᠷᠭᠠᠰᠢ ᠢᠲᠡᠭᠡᠯᠲᠦ ᠡᠷᠳᠡᠨᠢ ᠬᠣᠶᠠᠷ ᠳᠠᠯᠠᠢ ᠬᠢᠲᠠᠳ ᠤ᠋ᠨ ᠫᠦᠰᠡᠨ ᠳ᠋ᠦ᠍ ᠣᠴᠢᠵᠤ ᠮᠠᠢᠮᠠᠢ ᠬᠢᠯ᠎ᠡ᠃ ᠭᠡᠬᠦ ᠳ᠋ᠡᠭᠡᠨ ᠢᠲᠡᠭᠡᠯᠲᠦ ᠡᠵᠡᠨ ᠦ᠌ ᠪᠠᠢᠰᠢᠩ ᠳ᠋ᠤ᠌ ᠠᠷᠢᠬᠢ ᠠᠮᠲᠠᠲᠠᠨ ᠢ᠋ᠶ᠋ᠠᠷ ᠲᠠᠢᠯᠠᠭᠤᠯᠤᠨ ᠡᠷᠳᠡᠨᠢ ᠬᠠᠰᠢᠶᠠᠨ ᠳᠣᠲᠣᠷ᠎ᠠ ᠱᠤᠰᠢᠮ ᠭᠡᠭᠴᠢ ᠵᠠᠯᠠᠭᠤ ᠬᠢᠲᠠᠳ ᠲᠤ᠌ ᠠᠷᠠᠰᠤ ᠰᠢᠷᠢ ᠲᠣᠭᠠᠯᠠᠨ ᠥᠭᠴᠦ ᠪᠠᠢᠯ᠎ᠠ᠃ ᠱᠤᠰᠢᠮ ᠮᠣᠩᠭᠣᠯ ᠦᠭᠡ ᠶ᠋ᠢ ᠭᠠᠵᠢᠭᠤ ᠪᠤᠷᠤᠭᠤ ᠳᠠᠭᠤᠳᠠᠨ᠎ᠠ᠃ ᠵᠠᠷᠢᠮ ᠦᠭᠡ ᠶ᠋ᠢ ᠬᠡᠯᠡᠬᠦ ᠳ᠋ᠡᠭᠡᠨ ᠠᠮᠠ ᠨᠢ ᠮᠤᠷᠤᠯᠵᠠᠨ ᠴᠢᠷᠠᠢ ᠨᠢ ᠦᠷᠴᠢᠨ᠎ᠡ᠃ ᠵᠠᠷᠢᠮ ᠦᠭᠡ ᠶ᠋ᠢ ᠬᠡᠯᠡᠬᠦ ᠳ᠋ᠡᠭᠡᠨ ᠡᠷᠡᠦ ᠨᠢ ᠴᠡᠴᠡᠷᠡᠨ ᠨᠢᠳᠦ ᠨᠢ ᠲᠣᠮᠣ ᠪᠠᠭ᠎ᠠ ᠪᠣᠯᠤᠨ᠎ᠠ᠃ ᠠᠮᠢᠳᠤᠷᠠᠯ ᠤ᠋ᠨ ᠥᠷᠭᠡᠨ ᠬᠡᠷᠡᠭᠴᠡᠭᠡᠨ ᠦ᠌ ᠦᠭᠡ᠂ ᠣᠯᠠᠨ ᠤ᠋ ᠳᠤᠮᠳᠠ ᠬᠡᠯᠡᠮ᠎ᠡ ᠦᠭᠡᠢ ᠦᠭᠡ ᠪᠣᠯᠤᠨ ᠬᠤᠪᠢᠷᠠᠬᠤ ᠨᠢ ᠶᠡᠬᠡ ᠯᠡ ᠢᠨᠢᠶᠡᠳᠦᠮ ᠲᠡᠢ᠃ ᠡᠨᠡ ᠪᠦᠬᠦᠨ ᠪᠣᠯ ᠦᠨᠡᠨ ᠳ᠋ᠡᠭᠡᠨ ᠱᠤᠰᠢᠮ ᠤ᠋ᠨ ᠠᠷᠴᠠᠭ᠎ᠠ ᠦᠭᠡᠢ ᠳᠠᠭᠤᠳᠠᠯᠭ᠎ᠠ ᠶ᠋ᠢᠨ ᠪᠦᠲᠦᠭᠡᠯ ᠪᠢᠰᠢ᠂ ᠬᠠᠷᠢᠨ ᠭᠡᠨᠡᠨ ᠴᠠᠭᠠᠨ ᠰᠡᠳᠬᠢᠯ ᠲᠡᠢ ᠮᠣᠩᠭᠣᠯᠴᠤᠳ ᠢ᠋ ᠵᠣᠷᠢᠭᠤᠳᠠ ᠬᠡᠯᠡᠭᠰᠡᠨ ᠡᠯᠳᠡᠪ ᠪᠤᠷᠤᠭᠤ ᠦᠭᠡ ᠪᠡᠷ ᠬᠥᠭᠵᠢᠭᠡᠵᠦ ᠠᠩᠬᠠᠷᠤᠯ ᠢ᠋ ᠨᠢ ᠬᠣᠶᠠᠷᠳᠠᠭᠤᠯᠵᠤ ᠪᠠᠢᠭᠠᠳ ᠬᠡᠷᠡᠭ ᠲᠡᠢ ᠴᠠᠭ ᠲᠤ᠌ ᠲᠣᠭ᠎ᠠ ᠳᠠᠷᠤᠬᠤ ᠪᠤᠶᠤ ᠠᠬᠢᠭᠤᠯᠬᠤ᠂ ᠮᠠᠭᠤ ᠡᠳ᠋ ᠢ᠋ᠶ᠋ᠡᠨ ᠦᠨᠡᠲᠡᠢ ᠥᠭᠬᠦ ᠵᠡᠷᠭᠡ ᠪᠡᠷ ᠠᠰᠢᠭ ᠭᠠᠷᠭᠠᠵᠤ ᠠᠪᠳᠠᠭ ᠭᠠᠭᠴᠠ ᠮᠡᠬᠡ ᠨᠢ ᠪᠠᠢᠯ᠎ᠠ᠃
  ᠡᠷᠳᠡᠨᠢ ᠶ᠋ᠢᠨ ᠬᠤᠪᠢ ᠳ᠋ᠤ᠌ ᠭᠡᠪᠡᠯ ᠱᠤᠰᠢᠮ ᠤ᠋ᠨ ᠠᠷᠭ᠎ᠠ ᠣᠭᠲᠣ ᠶᠠᠪᠤᠴᠠ ᠦᠭᠡᠢ ᠠᠵᠢ᠃ ᠭᠡᠬᠦ ᠳ᠋ᠡᠭᠡᠨ ᠡᠷᠳᠡᠨᠢ ᠤᠭ ᠵᠠᠯᠢ ᠶ᠋ᠢ ᠮᠡᠳᠡᠭᠰᠡᠨ ᠡᠴᠡ ᠪᠢᠰᠢ᠂ ᠬᠠᠷᠢᠨ 《ᠬᠢᠲᠠᠳ ᠢ᠋ᠶ᠋ᠠᠷ ᠭᠠᠭᠴᠠ ᠦᠭᠡ ᠬᠡᠯᠡᠵᠦ ᠴᠢᠳᠠᠬᠤ ᠦᠭᠡᠢ ᠨᠠᠮᠢ᠋ᠢ ᠪᠣᠳᠣᠪᠠᠯ ᠮᠠᠭᠤ ᠮᠠᠭᠤᠬᠠᠢ ᠴᠤ᠌ ᠭᠡᠰᠡᠨ ᠶᠠᠷᠢᠭᠠᠳ ᠯᠠ ᠪᠠᠢᠨ᠎ᠠ ᠳᠠ》 ᠭᠡᠵᠦ ᠪᠣᠳᠣᠭᠠᠳ ᠦᠭᠡ ᠨᠦ᠍ᠭᠦᠳ ᠢ᠋ ᠠᠵᠢᠭ ᠦᠭᠡᠢ ᠰᠣᠨᠣᠰᠤᠨ᠂ ᠵᠠᠷᠢᠮ ᠳᠡᠩᠳᠡᠭᠦᠦ ᠪᠤᠷᠤᠭᠤ ᠬᠡᠯᠡᠭᠰᠡᠨ ᠢ᠋ ᠨᠢ ᠵᠠᠰᠠᠵᠤ ᠥᠭᠭᠦᠨ᠎ᠡ᠃
  ᠲᠡᠳᠡᠨ ᠦ᠌ ᠬᠠᠭᠠᠯᠭ᠎ᠠ ᠪᠠᠷ ᠲᠣᠪᠴᠢᠨ ᠪᠡᠢᠰᠡ ᠶᠣᠰᠣᠲᠠᠢ ᠯᠠ ᠨᠢᠳᠦ ᠶ᠋ᠢ ᠨᠢ ᠪᠦᠯᠲᠡᠷᠡᠲᠡᠯ᠎ᠡ ᠭᠣᠶᠣᠯᠠᠭᠰᠠᠨ ᠵᠠᠯᠠᠭᠤ ᠡᠬᠡᠨᠡᠷ ᠭᠡᠷᠡᠯ ᠦ᠋ᠨ ᠢ᠋ᠶ᠋ᠡᠨ ᠬᠠᠮᠲᠤ ᠣᠷᠣᠵᠤ ᠢᠷᠡᠯ᠎ᠡ᠃ ᠬᠠᠰᠢᠶᠠᠨ ᠳ᠋ᠤᠨᠢ ᠶᠠᠭᠤᠮ᠎ᠠ ᠬᠢᠵᠦ ᠪᠠᠢᠭ᠎ᠠ ᠡᠷᠳᠡᠨᠢ ᠱᠤᠰᠢᠮ ᠬᠣᠶᠠᠷ ᠪᠠᠢᠰᠠ᠂ ᠬᠠᠲᠤᠨ ᠤ᠋ ᠠᠩᠬᠠᠷᠤᠯ ᠢ᠋ ᠥᠴᠦᠬᠡᠨ ᠴᠦ᠍ ᠲᠠᠲᠠᠵᠤ ᠴᠢᠳᠠᠭᠰᠠᠨ ᠦᠭᠡᠢ᠃ ᠲᠡᠳᠡ ᠰᠢᠭᠤᠳ ᠯᠠ ᠫᠦᠰᠡᠨ ᠦ᠌ ᠡᠵᠡᠨ ᠦ᠌ ᠪᠠᠢᠰᠢᠩ ᠤ᠋ᠨ ᠬᠠᠭᠠᠯᠭ᠎ᠠ ᠴᠢᠭᠯᠡᠨ ᠠᠯᠬᠤᠵᠤ ᠪᠠᠢᠯ᠎ᠠ᠃
  ᠱᠤᠰᠢᠮ ᠮᠢᠨᠢ ᠢᠩᠭᠢᠵᠦ ᠬᠡᠯᠡᠵᠦ ᠪᠣᠯᠬᠤ ᠦᠭᠡᠢ 《ᠠᠯᠠᠭ》 ᠭᠡᠳᠡᠭ ᠶᠤᠮ᠃ ᠡᠷᠢᠶᠡᠨ᠂ ᠴᠣᠬᠣᠷ ᠣᠯᠠᠨ ᠥᠩᠭᠡ ᠶ᠋ᠢᠨ ᠭᠡᠵᠦ ᠪᠠᠢᠭ᠎ᠠ ᠦᠭᠡ ᠰᠢᠦ ᠳᠡ ᠭᠡᠵᠦ ᠡᠷᠳᠡᠨᠢ ᠶ᠋ᠢᠨ ᠬᠡᠯᠡᠭᠰᠡᠨ ᠦᠭᠡ ᠶᠠᠭ ᠳᠡᠷᠭᠡᠳᠡᠭᠦᠷ ᠨᠢ ᠥᠩᠭᠡᠷᠡᠵᠦ ᠪᠠᠢᠭ᠎ᠠ ᠭᠡᠷᠡᠯ ᠳ᠋ᠦ᠍ ᠰᠣᠨᠣᠰᠳᠠᠪᠠ᠃
  《ᠶᠠᠮᠠᠷ ᠰᠠᠢᠬᠠᠨ ᠳᠠᠭᠤ ᠲᠠᠢ ᠬᠥᠮᠦᠨ ᠪᠣᠢ》 ᠭᠡᠵᠦ ᠭᠡᠷᠡᠯ ᠳ᠋ᠦ᠍ ᠪᠣᠳᠣᠭᠳᠠᠭᠠᠳ ᠡᠷᠭᠢᠵᠦ ᠬᠠᠷᠠᠯ᠎ᠠ᠃ ᠶᠡᠷᠦ ᠪᠤᠰᠤ ᠶ᠋ᠢᠨ ᠵᠥᠭᠡᠯᠡᠨ ᠪᠥᠭᠡᠳ ᠨᠤᠷᠭᠢᠭᠰᠠᠨ ᠪᠦᠳᠦᠭᠦᠨ ᠳᠠᠭᠤᠨ ᠤ᠋ ᠡᠵᠡᠨ ᠪᠣᠯ ᠬᠠᠭᠤᠴᠢᠨ ᠨᠡᠬᠡᠢ ᠳᠡᠪᠡᠯ ᠲᠡᠢ᠂ ᠭᠤᠸᠠᠯᠢᠭ ᠪᠡᠶ᠎ᠡ ᠲᠡᠢ᠂ ᠥᠳᠬᠡᠨ ᠬᠠᠷ᠎ᠠ ᠬᠥᠮᠥᠰᠬᠡ ᠲᠡᠢ ᠡᠷ᠎ᠡ ᠠᠵᠢ᠃ ᠬᠡᠦᠬᠡᠨ ᠦ᠌ ᠨᠢᠳᠦ ᠡᠷᠳᠡᠨᠢ ᠡᠴᠡ ᠬᠡᠰᠡᠭ ᠵᠠᠭᠤᠷ᠎ᠠ ᠰᠠᠯᠵᠤ ᠴᠢᠳᠠᠭᠰᠠᠨ ᠦᠭᠡᠢ᠃
  ᠫᠦᠰᠡᠨ ᠦ᠌ ᠪᠠᠢᠰᠢᠩ ᠤ᠋ᠨ ᠬᠠᠭᠠᠯᠭᠠᠨ ᠳ᠋ᠤ᠌ ᠲᠤᠯᠵᠤ ᠣᠴᠢᠭᠠᠳ ᠡᠬᠡᠨᠡᠷ ᠢ᠋ᠶ᠋ᠡᠨ ᠬᠣᠴᠣᠷᠤᠭᠰᠠᠨ ᠢ᠋ ᠮᠡᠳᠡᠭᠰᠡᠨ ᠲᠣᠪᠴᠢᠨ 《ᠡᠬᠡᠨᠡᠷ ᠠ᠋᠂ ᠡᠢᠰᠢ ᠪᠡᠨ ᠣᠷᠣᠶ᠎ᠠ》 ᠭᠡᠬᠦ ᠳ᠋ᠦ᠍ᠨᠢ ᠲᠠᠨᠢᠬᠤ ᠦᠭᠡᠢ ᠬᠥᠮᠦᠨ ᠢ᠋ ᠥᠪᠡᠷ ᠦ᠋ᠨ ᠡᠷᠬᠡ ᠦᠭᠡᠢ ᠰᠢᠷᠲᠡᠵᠦ ᠪᠠᠢᠭᠰᠠᠨ ᠢ᠋ᠶ᠋ᠠᠨ ᠮᠡᠳᠡᠭᠰᠡᠨ ᠪᠦᠰᠡᠭᠦᠢ ᠶ᠋ᠢᠨ ᠴᠢᠷᠠᠢ ᠤᠯᠠᠰᠬᠢᠨ ᠣᠭᠵᠣᠮ ᠡᠷᠭᠢᠵᠦ ᠲᠦᠷᠭᠡᠨ ᠲᠦᠷᠭᠡᠨ ᠬᠡᠳᠦ ᠠᠯᠬᠤᠪᠠ᠃
  ᠭᠡᠪᠡᠴᠦ ᠬᠣᠯᠠᠳᠴᠤ ᠴᠢᠳᠠᠭᠰᠠᠨ ᠦᠭᠡᠢ ᠵᠣᠭᠰᠣᠭᠠᠳ 《ᠲᠠ ᠣᠷᠣᠵᠤ ᠯᠠ ᠪᠠᠢ ᠳᠠ᠃ ᠪᠢ ᠡᠨᠡ ᠠᠷᠠᠰᠤ ᠰᠢᠷᠢ ᠶ᠋ᠢ ᠦᠵᠡᠶ᠎ᠡ》 ᠭᠡᠳ ᠡᠷᠭᠢᠪᠡ᠃
  ᠥᠪᠡᠷ ᠢ᠋ ᠨᠢ ᠰᠡᠳᠬᠢᠯ ᠳ᠋ᠡᠭᠡᠨ ᠪᠣᠳᠣᠵᠤ ᠶᠠᠪᠤᠳᠠᠭ ᠭᠣᠶᠣ ᠰᠠᠢᠬᠠᠨ ᠡᠷᠡᠴᠦᠦᠯ ᠣᠯᠠᠨ ᠪᠠᠢᠳᠠᠭ ᠢ᠋ ᠭᠡᠷᠡᠯ ᠰᠠᠢᠨ ᠮᠡᠳᠡᠨ᠎ᠡ᠃ ᠲᠡᠳᠡᠨ ᠦ᠌ ᠶᠡᠬᠡᠩᠬᠢ ᠨᠢ ᠲᠣᠪᠴᠢᠨ ᠤ᠋ ᠰᠦᠷ ᠡᠴᠡ ᠠᠶᠤᠭᠠᠳ ᠭᠡᠷᠡᠯ ᠳ᠋ᠦ᠍ ᠬᠠᠯᠳᠠᠵᠤ ᠦᠯᠦ ᠴᠢᠳᠠᠨ᠎ᠠ᠃
  ᠵᠠᠷᠢᠮ ᠨᠢ ᠵᠣᠷᠢᠭ ᠭᠠᠷᠭᠠᠵᠤ ᠬᠠᠯᠳᠠᠬᠤ ᠭᠡᠵᠦ ᠣᠷᠣᠯᠳᠣᠭᠰᠠᠨ ᠤᠳᠠᠭ᠎ᠠ ᠪᠣᠢ᠃ ᠭᠡᠪᠡᠴᠦ ᠭᠡᠷᠡᠯ ᠡᠴᠡ ᠠᠯᠠᠭᠠᠨ ᠤ᠋ ᠠᠮᠲᠠ᠂ ᠭᠠᠰᠢᠭᠤᠨ ᠦᠭᠡ ᠬᠦᠷᠲᠡᠭᠡᠳ ᠰᠦᠷᠲᠡᠢ ᠪᠡᠷ ᠱᠤᠤᠭᠢᠨ ᠢᠷᠡᠭᠡᠳ ᠰᠡᠯᠡᠮ ᠴᠣᠬᠢᠭᠤᠯᠤᠭᠠᠳ ᠰᠡᠭᠦᠯ ᠢ᠋ᠶ᠋ᠡᠨ ᠬᠠᠪᠴᠢᠨ ᠵᠢᠭᠤᠲᠠᠵᠤ ᠪᠠᠢᠭ᠎ᠠ ᠨᠣᠬᠠᠢ ᠰᠢᠭ᠋ ᠪᠣᠠᠴᠠᠳᠠᠭ ᠪᠠᠢᠵᠠᠢ᠃
  ᠲᠣᠪᠴᠢᠨ ᠤ᠋ ᠶᠡᠬᠡ ᠨᠡᠷ᠎ᠡ᠂ ᠥᠨᠳᠥᠷ ᠰᠦᠷ᠂ ᠪᠠᠶᠠᠨ ᠬᠥᠷᠥᠩᠭᠡ᠂ ᠲᠡᠷᠡ ᠪᠦᠬᠦᠨ ᠦ᠌ ᠪᠦᠷᠢᠨ ᠡᠷᠬᠡᠲᠦ ᠡᠵᠡᠨ ᠪᠣᠯᠤᠭᠰᠠᠨ ᠭᠡᠷᠡᠯ ᠦ᠋ᠨ ᠶᠡᠬᠡᠮᠰᠦᠭ ᠰᠡᠳᠬᠢᠯ ᠪᠣᠯ ᠡᠨᠡ ᠪᠦᠰᠡᠭᠦᠢ ᠶ᠋ᠢ ᠬᠦᠷᠢᠶᠡᠯᠡᠭᠰᠡᠨ ᠪᠠᠲᠤ᠂ ᠥᠨᠳᠥᠷ ᠬᠡᠷᠡᠮ ᠪᠠᠢᠭᠰᠠᠨ ᠪᠥᠭᠡᠳ ᠲᠡᠭᠦᠨ ᠢ᠋ ᠳᠠᠪᠠᠵᠤ ᠴᠢᠳᠠᠭᠰᠠᠨ ᠡᠷ᠎ᠡ ᠦᠭᠡᠢ ᠪᠢᠯᠡ᠃ ᠭᠡᠷᠡᠯ ᠡᠷᠡᠭᠲᠡᠢᠴᠦᠳ ᠢ᠋ ᠬᠠᠷᠠᠭᠠᠳ ᠥᠪᠡᠷ ᠦ᠋ᠨ ᠪᠠᠶᠠᠨ ᠴᠢᠨᠡᠭᠡᠯᠢᠭ ᠭᠣᠶᠣ ᠭᠠᠩᠭᠠᠩ᠂ ᠭᠤᠸ᠎ᠠ ᠰᠠᠢᠬᠠᠨ ᠢ᠋ ᠪᠣᠳᠣᠨ ᠪᠠᠬᠠᠷᠳᠠᠭ᠃ ᠭᠡᠲᠡᠯ᠎ᠡ ᠡᠨᠡ ᠤᠳᠠᠭ᠎ᠠ ᠤᠷᠢᠳᠤ ᠡᠮᠦᠨ᠎ᠡ ᠪᠠᠢᠭ᠎ᠠ ᠦᠭᠡᠢ ᠰᠡᠳᠬᠢᠯ ᠲᠡᠭᠦᠨ ᠢ᠋ ᠡᠵᠡᠮᠳᠡᠪᠡ᠃ ᠡᠷᠳᠡᠨᠢ ᠶ᠋ᠢ ᠬᠠᠷᠠᠭᠠᠳ ᠥᠪᠡᠷ ᠦ᠋ᠨ ᠰᠠᠢᠨ ᠰᠠᠢᠬᠠᠨ ᠢ᠋ ᠮᠠᠷᠲᠠᠨ᠂ ᠪᠠᠬᠠᠷᠬᠠᠵᠤ ᠶᠠᠪᠤᠳᠠᠭ ᠵᠦᠢᠯ ᠨᠢ ᠭᠱᠠᠨ᠎ᠠ ᠠᠯᠠᠭ᠎ᠠ ᠪᠣᠯᠵᠤ ᠰᠡᠳᠬᠢᠯ ᠨᠢ ᠬᠠᠴᠢᠨ ᠥᠭᠡᠷ᠎ᠡ᠂ ᠵᠢᠭᠲᠡᠢ ᠲᠠᠢᠪᠤᠩ ᠳᠡᠯᠭᠡᠷ ᠪᠣᠯᠪᠠ᠃ ᠭᠡᠷᠡᠯ ᠦ᠋ᠨ ᠪᠠᠶᠠᠨ ᠴᠢᠨᠡᠭᠡᠯᠢᠭ ᠪᠠᠷᠳᠠᠮ ᠰᠡᠳᠬᠢᠯ ᠪᠠᠯᠠᠷᠠᠨ ᠬᠣᠯᠠᠳᠬᠤ ᠳᠣᠳᠣᠮ ᠨᠥᠭᠦᠭᠡ ᠬᠦᠷᠢᠶᠡᠯᠡᠵᠦ ᠪᠠᠢᠳᠠᠭ ᠪᠠᠲᠤ ᠥᠨᠳᠥᠷ ᠬᠡᠷᠡᠮ ᠰᠠᠷᠨᠢᠵᠤ ᠡᠬᠢᠯᠡᠪᠡ᠃ ᠭᠡᠪᠡᠴᠦ ᠭᠡᠷᠡᠯ ᠲᠡᠭᠦᠨ ᠢ᠋ ᠡᠬᠢᠯᠡᠭᠡᠳ ᠣᠢᠯᠭᠠᠭᠰᠠᠨ ᠦᠭᠡᠢ᠂ ᠵᠥᠪᠬᠡᠨ ᠯᠡ ᠡᠷᠳᠡᠨᠢ ᠶ᠋ᠢ ᠬᠠᠷᠠᠭᠠᠳ ᠪᠠᠢᠮᠠᠷ ᠪᠠᠢᠵᠠᠢ᠃ ᠪᠦᠷ ᠰᠡᠭᠦᠯ ᠳ᠋ᠡᠭᠡᠨ ᠡᠨᠡ ᠬᠥᠮᠦᠨ ᠲᠡᠢ ᠶᠠᠮᠠᠷ ᠨᠢᠭᠡᠨ ᠴᠢᠬᠤᠯᠠ ᠶᠠᠭᠤᠮ᠎ᠠ ᠶᠠᠷᠢᠬᠤ ᠭᠡᠵᠦ ᠡᠨᠳᠡ ᠢᠷᠡᠭᠰᠡᠨ ᠮᠡᠲᠦ ᠪᠣᠳᠣᠭᠳᠠᠭᠠᠳ ᠶᠠᠭᠤ ᠶᠠᠷᠢᠬᠤ ᠪᠠᠨ ᠪᠣᠳᠣᠵᠤ ᠣᠯᠬᠤ ᠭᠡᠵᠦ ᠪᠠᠬᠠᠨ ᠰᠠᠨᠳᠤᠷᠪᠠ᠃
  ᠊᠊᠊᠊᠊᠊᠊᠊᠊᠊᠊᠊᠊᠊᠊ ᠨᠢᠭᠡ ᠠᠷᠠᠰᠤ ᠶᠠᠮᠠᠷ ᠦᠨᠡᠲᠡᠢ ᠪᠠᠢᠳᠠᠭ ᠶᠤᠮ ᠪᠣᠢ?
  ᠊᠊᠊᠊᠊᠊᠊᠊᠊᠊᠊᠊᠊᠊᠊ ᠶᠠᠩᠵᠤ ᠪᠦᠷᠢ ᠯᠡ ᠪᠠᠢᠨ᠎ᠠ ᠳᠠ ᠭᠡᠳ ᠡᠷᠳᠡᠨᠢ ᠳᠦᠷᠯᠡᠭᠡᠷ ᠨᠢᠳᠦ ᠪᠡᠷ ᠬᠠᠷᠠᠬᠤ ᠳ᠋ᠤ᠌ ᠭᠡᠷᠡᠯ ᠥᠪᠡᠷ ᠦ᠋ᠨ ᠡᠷᠬᠡ ᠦᠭᠡᠢ ᠢᠨᠢᠶᠡᠮᠰᠦᠭᠯᠡᠪᠡ᠃
  ᠴᠣᠬᠣᠮ ᠡᠨᠡ ᠦᠶ᠎ᠡ ᠳ᠋ᠡᠭᠡᠨ ᠭᠡᠷᠡᠯ ᠥᠪᠡᠷ ᠦ᠋ᠨ ᠪᠠᠢᠳᠠᠯ ᠢ᠋ ᠣᠢᠯᠠᠭᠠᠨ ᠵᠢᠯᠣᠭᠣ ᠦᠭᠡᠢ ᠪᠣᠯᠤᠭᠰᠠᠨ ᠰᠡᠳᠬᠢᠯ ᠢ᠋ᠶ᠋ᠡᠨ ᠬᠢᠮᠠᠭᠠᠳᠠᠨ ᠡᠷᠭᠢᠵᠦ ᠲᠣᠪᠴᠢᠨ ᠤ᠋ ᠣᠷᠣᠭᠰᠠᠨ ᠡᠭᠦᠳᠡ ᠤᠷᠤᠭᠤ ᠶᠠᠪᠤᠯ᠎ᠠ᠃ ᠶᠠᠪᠤᠵᠤ ᠪᠠᠢᠬᠤ ᠳ᠋ᠤᠨᠢ ᠠᠷᠤ ᠡᠴᠡ ᠨᠢ ᠦᠯᠡᠮᠵᠢ ᠶᠡᠬᠡ ᠬᠦᠴᠦ ᠤᠭᠵᠠᠷᠠᠨ ᠡᠭᠦᠳᠡ ᠪᠡᠷ ᠣᠷᠣᠬᠤ ᠳ᠋ᠠᠭᠠᠨ ᠡᠷᠭᠢᠵᠦ ᠬᠠᠷᠠᠭᠰᠠᠨ ᠢ᠋ᠶ᠋ᠠᠷ ᠪᠠᠷᠠᠬᠤ ᠦᠭᠡᠢ᠂ ᠢᠨᠢᠶᠡᠮᠰᠦᠭᠯᠡᠪᠡ᠃ ᠭᠡᠲᠡᠯ᠎ᠡ ᠡᠷᠳᠡᠨᠢ ᠣᠭᠲᠣ ᠠᠵᠢᠭ ᠦᠭᠡᠢ ᠠᠵᠢᠯ ᠢ᠋ᠶ᠋ᠠᠨ ᠬᠢᠵᠦ ᠪᠠᠢᠭᠰᠠᠨ ᠨᠢ ᠭᠡᠷᠡᠯ ᠦ᠋ᠨ ᠰᠡᠳᠬᠢᠯ ᠢ᠋ ᠭᠣᠮᠣᠳᠠᠭᠠᠪᠠᠴᠤ᠂ ᠳᠠᠬᠢᠨ ᠬᠠᠷᠠᠬᠤ ᠰᠠᠨ᠂ ᠶᠠᠷᠢᠬᠤ ᠰᠠᠨ ᠭᠡᠳᠡᠭ ᠰᠡᠳᠬᠢᠯ ᠤᠯᠠᠮ ᠣᠷᠭᠢᠯᠤᠭᠤᠯᠪᠠ᠃
  ᠭᠡᠷᠡᠯ ᠢ᠋ ᠪᠠᠢᠰᠢᠩ ᠳ᠋ᠤ᠌ ᠣᠷᠣᠬᠤ ᠳ᠋ᠤ᠌ ᠰᠢᠷᠡᠭᠡᠨ ᠦ᠌ ᠬᠣᠶᠠᠷ ᠲᠠᠯ᠎ᠠ ᠳ᠋ᠤ᠌ ᠰᠠᠭᠤᠭᠰᠠᠨ ᠲᠣᠪᠴᠢᠨ ᠢᠲᠡᠭᠡᠯᠲᠦ ᠬᠣᠶᠠᠷ ᠶᠠᠷᠢᠵᠤ ᠪᠠᠢᠯ᠎ᠠ᠃
  ᠊᠊᠊᠊᠊᠊᠊᠊᠊᠊᠊᠊᠊᠊᠊ ᠪᠢ ᠮᠥᠨ ᠲᠠᠨ ᠤ᠋ ᠠᠯᠳᠠᠷ ᠢ᠋ ᠰᠣᠨᠣᠰᠴᠤ ᠯᠠ ᠪᠠᠢᠭᠰᠠᠨ ᠭᠡᠵᠦ ᠲᠣᠪᠴᠢᠨ ᠬᠡᠯᠡᠪᠡ᠃
  ᠊᠊᠊᠊᠊᠊᠊᠊᠊᠊᠊᠊᠊᠊᠊ ᠢᠲᠡᠭᠡᠯᠲᠦ ᠪᠢᠳᠡ ᠬᠣᠶᠠᠷ ᠬᠠᠭᠤᠴᠢᠨ ᠲᠦᠩᠰᠢ᠃ ᠳᠥᠷᠪᠡᠨ ᠵᠢᠯ ᠠᠷᠠᠰᠤ ᠰᠢᠷᠢᠨ ᠦ᠌ ᠲᠣᠮᠣ ᠮᠠᠢᠮᠠᠢ ᠬᠢᠵᠦ ᠪᠠᠢᠭ᠎ᠠ ᠶᠤᠮ ᠳᠠ᠃ ᠬᠠᠲᠠᠭᠤ ᠭᠠᠷ ᠲᠠᠢ ᠪᠣᠯᠪᠠᠴᠤ ᠪᠤᠶᠠᠨ ᠲᠠᠢ ᠬᠥᠮᠦᠨ ᠭᠡᠵᠦ ᠳᠠᠯᠠᠢ ᠬᠡᠯᠡᠭᠡᠳ ᠵᠠᠯᠢᠲᠠᠢ ᠨᠢᠳᠦ ᠪᠡᠨ ᠠᠨᠢᠯᠭᠠᠨ ᠬᠣᠭᠣᠯᠠᠢ ᠳ᠋ᠠᠭᠠᠨ ᠲᠤᠭ ᠲᠤᠭ ᠢᠨᠢᠶᠡᠪᠡ᠃
  ᠊᠊᠊᠊᠊᠊᠊᠊᠊᠊᠊᠊᠊᠊᠊ ᠳᠥᠷᠪᠡᠨ ᠵᠢᠯ ᠡᠨᠡ ᠳᠠᠯᠠᠢ ᠳ᠋ᠤ᠌ ᠢᠳᠡᠭᠦᠯᠵᠦ ᠪᠠᠢᠭ᠎ᠠ ᠬᠥᠮᠦᠨ ᠳᠡ ᠭᠡᠳ ᠢᠲᠡᠭᠡᠯᠲᠦ ᠥᠷᠭᠡᠨ ᠲᠠᠢᠪᠤᠩ ᠪᠥᠭᠡᠳ ᠳᠣᠲᠣᠭᠤᠷ ᠶᠣᠵᠣᠲᠠᠢ ᠢᠨᠢᠶᠡᠪᠡ᠃
  ᠊᠊᠊᠊᠊᠊᠊᠊᠊᠊᠊᠊᠊᠊᠊ ᠬᠠᠢ᠂ ᠲᠠᠨᠢᠭᠰᠠᠨ ᠬᠥᠮᠦᠨ ᠶᠠᠭᠠᠬᠢᠵᠤ ᠲᠡᠭᠡᠵᠦ ᠶᠠᠷᠢᠵᠤ ᠪᠣᠯᠤᠨ᠎ᠠ! ᠭᠡᠳ ᠰᠢᠷᠡᠭᠡᠨ ᠳᠡᠭᠡᠷᠡᠬᠢ ᠬᠤᠨᠳᠠᠭᠠᠨ ᠳ᠋ᠤ᠌ ᠠᠷᠢᠬᠢ ᠠᠶᠠᠭᠠᠯᠠᠨ 《ᠡᠨᠡ ᠠᠷᠢᠬᠢ ᠡᠮᠦᠨ᠎ᠡ ᠭᠠᠵᠠᠷ ᠤ᠋ᠨ ᠰᠠᠢᠨ ᠠᠷᠢᠬᠢ ᠰᠢᠦ》 ᠭᠡᠪᠡ᠃
  ᠊᠊᠊᠊᠊᠊᠊᠊᠊᠊᠊᠊᠊᠊᠊ ᠬᠣᠢᠲᠤ ᠭᠠᠵᠠᠷ ᠤ᠋ᠨ ᠤᠰᠤ ᠭᠣᠮᠣᠳᠠᠯ ᠦᠭᠡᠢ ᠨᠡᠮᠡᠭᠰᠡᠨ ᠪᠢᠵᠡ ᠳᠡ? ᠭᠡᠳ ᠢᠲᠡᠭᠡᠯᠲᠦ ᠡᠮᠦᠨᠡᠬᠢ ᠬᠣᠭᠣᠯᠠ ᠡᠴᠡ ᠰᠠᠪᠬᠠᠳᠠᠨ ᠢᠳᠡᠪᠡ᠃
  ᠊᠊᠊᠊᠊᠊᠊᠊᠊᠊᠊᠊᠊᠊᠊ ᠪᠢᠳᠡ ᠬᠣᠶᠠᠷ ᠲᠤ᠌ ᠠᠷᠠᠢ ᠴᠤ᠌ ᠦᠭᠡᠢ ᠪᠠᠢᠯᠭᠦᠢ ᠳᠡ ᠭᠡᠵᠦ ᠲᠣᠪᠴᠢᠨ ᠪᠠᠷᠳᠠᠮ ᠪᠥᠭᠡᠳ ᠶᠡᠬᠡᠮᠰᠦᠭ ᠬᠡᠯᠡᠪᠡ᠃
  ᠊᠊᠊᠊᠊᠊᠊᠊᠊᠊᠊᠊᠊᠊᠊ ᠲᠡᠷᠡ ᠶᠣᠰᠣᠭᠠᠷ ᠦᠨᠡᠨ᠃ ᠪᠤᠶᠠᠨ ᠲᠠᠢ ᠬᠥᠮᠦᠨ ᠢ᠋ ᠬᠠᠭᠤᠷᠪᠠᠯ ᠪᠤᠶᠠᠨ ᠪᠠᠢᠬᠤ ᠦᠭᠡᠢ ᠪᠣᠯᠤᠨ᠎ᠠ ᠰᠢᠦ ᠭᠡᠵᠦ ᠳᠠᠯᠠᠢ ᠬᠣᠰᠢᠭᠤ ᠪᠠᠨ ᠴᠣᠷᠪᠣᠢᠯᠭᠠᠨ᠂ ᠲᠣᠯᠣᠭᠠᠢ ᠪᠠᠨ ᠰᠠᠨᠵᠢᠭᠢᠨᠠᠭᠤᠯᠤᠨ ᠦᠯᠡᠮᠵᠢ ᠢᠲᠡᠭᠡᠯ ᠲᠡᠢ ᠬᠡᠯᠡᠪᠡ᠃
  ᠊᠊᠊᠊᠊᠊᠊᠊᠊᠊᠊᠊᠊᠊᠊ ᠵᠠᠭᠠᠨ ᠢ᠋ ᠬᠠᠶᠠᠵᠤ ᠵᠠᠭᠠᠨ ᠪᠣᠯᠳᠠᠭ ᠭᠡᠭᠴᠢ ᠪᠡᠷ ᠬᠠᠷᠢᠨ ᠶᠡᠬᠡ ᠪᠣᠯᠬᠤ ᠶᠤᠮ ᠪᠢᠰᠢ ᠤᠤ ᠭᠡᠵᠦ ᠢᠲᠡᠭᠡᠯᠲᠦ ᠶ᠋ᠢᠨ ᠬᠡᠯᠡᠭᠰᠡᠨ ᠢ᠋ ᠳᠠᠯᠠᠢ ᠣᠢᠯᠠᠭᠠᠭᠰᠠᠨ ᠦᠭᠡᠢ ᠪᠣᠯᠤᠯᠲᠠᠢ᠂ 《ᠲᠡᠢᠮᠦ ᠠ᠋᠂ ᠲᠡᠢᠮᠦ ᠠ᠋》 ᠭᠡᠵᠦ ᠪᠥᠬᠥᠯᠵᠡᠪᠡ᠃
  ᠭᠡᠷᠡᠯ ᠲᠣᠷᠭ᠎ᠠ ᠠᠪᠴᠢᠷᠠᠭᠤᠯᠤᠨ ᠦᠵᠡᠪᠡ᠃ ᠭᠡᠪᠡᠴᠦ ᠲᠡᠭᠦᠨ ᠦ᠌ ᠰᠡᠳᠬᠢᠯ ᠳ᠋ᠦ᠍ ᠭᠠᠳᠠᠭ᠎ᠠ ᠠᠵᠢᠯ ᠬᠢᠵᠦ ᠪᠠᠢᠭ᠎ᠠ ᠬᠠᠩᠬᠠᠭᠠᠷ ᠡᠷ᠎ᠡ ᠶ᠋ᠢᠨ ᠳᠦᠷᠢ ᠤᠯᠠᠮ ᠪᠦᠷ ᠲᠣᠳᠣᠷᠠᠨ ᠲᠣᠷᠭᠠᠨ ᠳ᠋ᠤ᠌ ᠶᠠᠮᠠᠷ ᠴᠤ᠌ ᠰᠣᠨᠢᠷᠬᠠᠯ ᠪᠠᠢᠭᠰᠠᠨ ᠦᠭᠡᠢ᠃ ᠡᠬᠢᠯᠡᠭᠡᠳ ᠬᠡᠦᠬᠡᠨ ᠲᠡᠷᠡ ᠡᠷ᠎ᠡ ᠶ᠋ᠢ ᠪᠣᠳᠣᠯ ᠡᠴᠡ ᠪᠡᠨ ᠵᠠᠢᠯᠠᠭᠤᠯᠬᠤ ᠭᠡᠵᠦ ᠬᠢᠴᠢᠶᠡᠭᠰᠡᠨ ᠪᠣᠯᠪᠠᠴᠤ ᠴᠢᠳᠠᠭᠰᠠᠨ ᠦᠭᠡᠢ᠃ ᠡᠨᠡ ᠰᠡᠳᠬᠢᠯ ᠢ᠋ ᠰᠥᠷᠴᠦ ᠡᠰᠡᠷᠭᠦᠴᠡᠵᠦ ᠪᠣᠯᠬᠤ ᠴᠤ᠌ ᠦᠭᠡᠢ᠂ ᠴᠢᠳᠠᠬᠤ ᠴᠤ᠌ ᠦᠭᠡᠢ ᠭᠡᠳᠡᠭ ᠢ᠋ ᠮᠥᠴᠡ ᠥᠩᠭᠡᠷᠡᠬᠦ ᠳᠣᠳᠣᠮ ᠶᠡᠬᠡ ᠪᠣᠯᠬᠤ ᠪᠣᠯᠪᠠᠴᠤ ᠣᠳᠣᠬᠠᠨ ᠳ᠋ᠠᠭᠠᠨ ᠬᠠᠷᠠᠬᠠᠨ ᠪᠠᠭᠤᠵᠤ ᠥᠭᠬᠦ ᠦᠭᠡᠢ ᠯᠡ ᠪᠠᠢᠯ᠎ᠠ᠃
  ᠳᠠᠯᠠᠢ 《ᠡᠮᠦᠨ᠎ᠡ ᠭᠠᠵᠠᠷ ᠤ᠋ᠨ ᠮᠢᠨᠳᠠᠰᠤ》᠂ 《ᠲᠤᠰᠬᠠᠢ ᠨᠡᠬᠡᠭᠰᠡᠨ ᠬᠡ》᠂ 《ᠥᠭᠡᠷ᠎ᠡ ᠫᠦᠰᠡᠨ ᠳ᠋ᠦ᠍ ᠪᠠᠢᠬᠤ ᠦᠭᠡᠢ》 ᠭᠡᠬᠦ ᠵᠡᠷᠭᠡ ᠪᠡᠷ ᠦᠭᠡ ᠰᠢᠯᠢᠨ ᠮᠠᠭᠲᠠᠪᠠᠴᠤ ᠭᠡᠷᠡᠯ ᠦ᠋ᠨ ᠰᠡᠳᠬᠢᠯ ᠳ᠋ᠦ᠍ ᠲᠠᠭᠠᠷᠠᠵᠤ ᠲᠣᠬᠢᠷᠠᠬᠤ ᠲᠣᠷᠭ᠎ᠠ ᠪᠠᠢᠭᠰᠠᠨ ᠦᠭᠡᠢ᠃
  ᠊᠊᠊᠊᠊᠊᠊᠊᠊᠊᠊᠊᠊᠊᠊ ᠱᠤᠰᠢᠮ ᠴᠢ ᠪᠢᠲᠡᠭᠡᠢ ᠳᠦᠷᠰᠦ ᠦᠭᠡᠢᠳᠡᠭᠡᠳ ᠪᠠᠢ᠃ ᠬᠡᠦᠬᠡᠳ ᠪᠣᠯᠪᠠᠴᠤ ᠡᠭᠦᠨ ᠢ᠋ ᠪᠣᠳᠣᠵᠤ ᠴᠢᠳᠠᠨ᠎ᠠ ᠭᠡᠳ ᠡᠷᠳᠡᠨᠢ ᠱᠤᠰᠢᠮ ᠢ᠋ ᠳᠠᠭᠠᠭᠤᠯᠤᠨ ᠣᠷᠣᠵᠤ ᠢᠷᠡᠭᠡᠳ ᠰᠢᠭᠤᠳ ᠰᠤᠸᠠᠮᠫᠠᠨ ᠠᠪᠴᠤ ᠴᠣᠬᠢᠪᠠ᠃ ᠲᠡᠭᠦᠨ ᠦ᠌ ᠲᠠᠪᠤᠨ ᠬᠤᠷᠤᠭᠤ ᠬᠥᠳᠡᠯᠵᠦ ᠪᠠᠢᠬᠤ ᠨᠢ ᠦᠨᠡᠬᠡᠷ ᠪᠠᠬᠠᠳᠤᠮ᠎ᠠ ᠪᠥᠭᠡᠳ ᠭᠠᠢᠬᠠᠮᠰᠢᠭ ᠠᠵᠢ᠃
  ᠊᠊᠊᠊᠊᠊᠊᠊᠊᠊᠊᠊᠊᠊᠊ ᠶᠣᠰᠣᠲᠠᠢ ᠯᠠ ᠵᠠᠮᠢᠶᠠᠨ ᠬᠦᠩ ᠦ᠋ᠨ ᠰᠤᠸᠠᠮᠫᠠᠨ ᠪᠠᠢᠨ᠎ᠠ ᠳᠠ᠃ ᠲᠡᠷᠡ ᠬᠤᠷᠤᠭᠤ ᠶ᠋ᠢ ᠨᠢ ᠭᠡᠵᠦ ᠲᠣᠪᠴᠢᠨ ᠮᠡᠳᠡᠮᠡᠬᠡᠢᠷᠡᠨ ᠮᠠᠭᠲᠠᠪᠠ᠃
  ᠊᠊᠊᠊᠊᠊᠊᠊᠊᠊᠊᠊᠊᠊᠊ ᠮᠢᠨᠦ ᠪᠠᠷᠠᠭᠤᠨ ᠭᠠᠷ ᠳᠠ ᠭᠡᠵᠦ ᠢᠲᠡᠭᠡᠯᠲᠦ ᠬᠥᠨᠳᠡᠢ ᠳᠠᠭᠤ ᠪᠠᠷ ᠠᠮᠠ ᠨᠡᠢᠯᠡᠨ ᠣᠩᠭᠢᠷᠠᠨ ᠬᠡᠯᠡᠪᠡ᠃
  ᠊᠊᠊᠊᠊᠊᠊᠊᠊᠊᠊᠊᠊᠊᠊ ᠡᠢᠮᠦ ᠯᠡ ᠪᠠᠢᠨ᠎ᠠ ᠳᠠ᠃ ᠱᠤᠰᠢᠮ ᠮᠢᠨᠢ ᠭᠡᠳ ᠡᠷᠳᠡᠨᠢ ᠰᠤᠸᠠᠮᠫᠠᠨ ᠢ᠋ᠶ᠋ᠠᠨ ᠲᠠᠯᠪᠢᠪᠠ᠃
  ᠊᠊᠊᠊᠊᠊᠊᠊᠊᠊᠊᠊᠊᠊᠊ ᠲᠡᠢᠮᠦ ᠠ᠋᠂ ᠲᠡᠢᠮᠦ ᠠ᠋ ᠭᠡᠵᠦ ᠱᠤᠰᠢᠮ ᠤᠴᠠᠭᠠᠷᠯᠠᠩᠭᠤᠢ ᠬᠡᠯᠡᠪᠡ᠃
  ᠊᠊᠊᠊᠊᠊᠊᠊᠊᠊᠊᠊᠊᠊᠊ ᠵᠠ ᠡᠷᠳᠡᠨᠢ ᠶᠠᠭᠤ ᠪᠣᠯᠪᠠ?
  ᠊᠊᠊᠊᠊᠊᠊᠊᠊᠊᠊᠊᠊᠊᠊ ᠥᠭᠴᠦ ᠠᠪᠤᠭᠠᠳ ᠭᠦᠢᠴᠡᠯ᠎ᠡ᠃ ᠬᠠᠷᠢᠨ ᠡᠨᠡ ᠱᠤᠰᠢᠮ ᠭᠤᠷᠪᠠᠨ ᠶᠠᠩᠴᠢᠶᠠᠨ ᠬᠡᠳᠦᠨ ᠮᠥᠩᠭᠥ ᠱᠣᠮᠪᠣᠳᠠᠬᠤ ᠭᠡᠵᠦ ᠪᠠᠢᠬᠤ ᠦᠭᠡᠢ ᠤᠤ ᠭᠡᠳ ᠡᠷᠳᠡᠨᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠱᠤᠰᠢᠮ ᠮᠢᠨᠢ ᠬᠥᠮᠦᠨ ᠢ᠋ᠶ᠋ᠡᠨ ᠣᠯᠤᠭᠰᠠᠨ ᠦᠭᠡᠢ ᠳᠡ ᠭᠡᠵᠦ ᠢᠲᠡᠭᠡᠯᠲᠦ ᠬᠡᠯᠡᠭᠡᠳ ᠮᠠᠰᠢ ᠪᠠᠶᠠᠷᠲᠠᠢ ᠬᠠᠩᠭᠠᠯᠤᠭᠤᠨ ᠳᠡᠰ ᠳᠡᠰ ᠢᠨᠢᠶᠡᠪᠡ᠃
  ᠭᠡᠷᠡᠯ ᠬᠤᠯᠠᠭᠠᠢ ᠨᠢᠳᠦ ᠪᠡᠷ ᠪᠠᠢᠨ ᠪᠠᠢᠨ ᠡᠷᠳᠡᠨᠢ ᠶ᠋ᠢ ᠬᠠᠷᠠᠨ᠂ ᠭᠠᠷ ᠲᠠᠭᠠᠨ ᠪᠠᠢᠭ᠎ᠠ ᠲᠣᠷᠭᠠᠨ ᠳ᠋ᠤ᠌ ᠶᠠᠮᠠᠷ ᠴᠤ᠌ ᠠᠩᠬᠠᠷᠤᠯ ᠲᠠᠯᠪᠢᠵᠤ ᠴᠢᠳᠠᠬᠤ ᠦᠭᠡᠢ ᠠᠵᠢ᠃
  ᠊᠊᠊᠊᠊᠊᠊᠊᠊᠊᠊᠊᠊᠊᠊ ᠡᠬᠡᠨᠡᠷ! ᠰᠡᠳᠬᠢᠯ ᠳ᠋ᠦ᠍ ᠴᠢᠨᠢ ᠲᠣᠬᠢᠷᠠᠬᠤ ᠶᠠᠭᠤᠮ᠎ᠠ ᠪᠠᠢᠨ᠎ᠠ ᠤᠤ?
  ᠊᠊᠊᠊᠊᠊᠊᠊᠊᠊᠊᠊᠊᠊᠊ ᠡᠭᠦᠨ ᠢ᠋ ᠯᠡ ᠠᠪᠳᠠᠭ ᠶᠤᠮ ᠪᠢᠯᠢᠤ ᠳᠠ ᠭᠡᠳ ᠭᠡᠷᠡᠯ ᠪᠠᠷᠢᠵᠤ ᠪᠠᠢᠭ᠎ᠠ ᠲᠣᠷᠭ᠎ᠠ ᠳᠡᠭᠡᠷ᠎ᠡ ᠪᠡᠨ ᠲᠣᠭᠲᠠᠪᠠ᠃
  ᠊᠊᠊᠊᠊᠊᠊᠊᠊᠊᠊᠊᠊᠊᠊ ᠳᠠᠯᠠᠢ᠂ ᠨᠢᠭᠡ ᠠᠪᠳᠠᠷ᠎ᠠ ᠳᠠᠩᠴᠦ᠋ᠷ ᠠᠪᠤᠨ᠎ᠠ ᠰᠢᠦ᠃ ᠠᠪᠴᠢᠷᠠᠭᠤᠯ ᠭᠡᠵᠦ ᠢᠲᠡᠭᠡᠯᠲᠦ ᠬᠡᠯᠡᠭᠡᠳ ᠡᠷᠳᠡᠨᠢ ᠳ᠋ᠦ᠍ ᠬᠠᠨᠳᠤᠵᠤ᠂
  ᠊᠊᠊᠊᠊᠊᠊᠊᠊᠊᠊᠊᠊᠊᠊ ᠵᠠ ᠨᠡᠰᠢ ᠪᠡᠨ ᠰᠠᠭᠤᠵᠤ ᠤᠤᠭᠤ᠂ ᠢᠳᠡ ᠭᠡᠪᠡ᠃
  ᠊᠊᠊᠊᠊᠊᠊᠊᠊᠊᠊᠊᠊᠊᠊ ᠭᠡᠷᠡᠯ ᠨᠥᠬᠥᠷ ᠲᠡᠭᠡᠨ ᠣᠢᠷᠠᠲᠤᠨ ᠰᠠᠭᠤᠵᠤ ᠢᠲᠡᠭᠡᠯᠲᠦ ᠡᠷᠳᠡᠨᠢ ᠬᠣᠶᠠᠷ ᠢ᠋ ᠭᠡᠷ ᠲᠡᠭᠡᠨ ᠤᠷᠢ ᠭᠡᠵᠦ ᠰᠢᠪᠡᠭᠡᠨᠡᠪᠡ᠃
  ᠊᠊᠊᠊᠊᠊᠊᠊᠊᠊᠊᠊᠊᠊᠊ ᠲᠠ ᠮᠢᠨᠢ ᠥᠴᠦᠬᠡᠨ ᠭᠡᠷ ᠲᠦ᠍ ᠮᠠᠷᠭᠠᠰᠢ ᠣᠷᠣᠢ ᠮᠣᠷᠢᠯᠠᠨ ᠭᠡᠢᠭᠦᠯᠬᠦ ᠠᠵᠢᠶᠠᠮᠤ ᠭᠡᠬᠦ ᠳ᠋ᠦ᠍ᠨᠢ᠂
  ᠊᠊᠊᠊᠊᠊᠊᠊᠊᠊᠊᠊᠊᠊᠊ ᠪᠠᠰᠠ ᠲᠠᠨ ᠤ᠋ ᠪᠠᠷᠠᠭᠤᠨ ᠭᠠᠷ ᠢ᠋ ᠭᠡᠳ ᠭᠡᠷᠡᠯ ᠵᠣᠪᠠᠮᠠᠲᠠᠭᠠᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠪᠢᠳᠡ ᠬᠣᠶᠠᠷ ᠮᠠᠷᠭᠠᠰᠢ ᠬᠦᠷᠢᠶ᠎ᠡ ᠶᠤᠠᠳᠤᠨ ᠤ᠋ ᠳ᠋ᠤ᠌ ᠤᠷᠢᠭᠳᠠᠭᠰᠠᠨ ᠪᠢᠯᠡ ᠁
  ᠊᠊᠊᠊᠊᠊᠊᠊᠊᠊᠊᠊᠊᠊᠊ ᠪᠢᠳᠡᠨ ᠢ᠋ ᠪᠠᠰᠠ ᠤᠷᠢᠯ᠎ᠠ ᠭᠡᠰᠡᠨ ᠪᠢᠵᠡ ᠳᠡ? ᠭᠡᠵᠦ ᠭᠡᠷᠡᠯ ᠣᠭᠵᠣᠮ ᠪᠥᠭᠡᠳ ᠪᠠᠶᠠᠷᠲᠠᠢ ᠠᠰᠠᠭᠤᠪᠠ᠃
  ᠊᠊᠊᠊᠊᠊᠊᠊᠊᠊᠊᠊᠊᠊᠊ ᠲᠡᠢᠮᠦ ᠠ᠋᠂ ᠡᠬᠡᠨᠡᠷ ᠠ᠋᠃
  ᠊᠊᠊᠊᠊᠊᠊᠊᠊᠊᠊᠊᠊᠊᠊ ᠵᠠ ᠲᠡᠭᠡᠪᠡᠯ ᠮᠠᠷᠭᠠᠰᠢ ᠠᠭᠤᠯᠵᠠᠨ᠎ᠠ ᠭᠡᠵᠦ ᠲᠣᠪᠴᠢᠨ ᠬᠡᠯᠡᠭᠡᠳ ᠪᠣᠰᠪᠠ᠃ ᠲᠣᠪᠴᠢᠨ᠂ ᠡᠬᠡᠨᠡᠷ ᠦ᠋ᠨ ᠬᠠᠮᠲᠤ ᠶᠠᠪᠤᠬᠤ ᠳ᠋ᠠᠭᠠᠨ᠂ 《ᠳᠠᠯᠠᠢ ᠴᠢ ᠡᠨᠡ ᠲᠣᠷᠭ᠎ᠠ᠂ ᠪᠠᠰᠠ ᠳᠥᠷᠪᠡᠨ ᠵᠢᠩ ᠮᠡᠭᠯᠤ᠂ ᠭᠤᠷᠪᠠᠨ ᠵᠢᠩ ᠦᠵᠢᠶᠠᠫᠢ᠂ ᠬᠣᠶᠠᠷ ᠵᠢᠩ ᠭᠠᠠᠵᠠ ᠠᠪᠠᠴᠢᠭᠠᠳ ᠥᠭᠭᠦᠭᠡᠷᠡᠢ》 ᠭᠡᠪᠡ᠃
  ᠲᠡᠳᠡᠨ ᠢ᠋ ᠭᠠᠷᠤᠭᠰᠠᠨ ᠡᠴᠡ ᠬᠣᠢᠰᠢ ᠢᠲᠡᠭᠡᠯᠲᠦ ᠬᠡᠰᠡᠭ ᠵᠠᠭᠤᠷ᠎ᠠ ᠳᠠᠭᠤ ᠦᠭᠡᠢ ᠰᠠᠭᠤᠭᠰᠠᠨ ᠢ᠋ᠶ᠋ᠠᠨ ᠡᠷᠳᠡᠨᠢ ᠳ᠋ᠦ᠍ ᠬᠠᠨᠳᠤᠨ 《ᠬᠠᠲᠤᠨ ᠤ᠋ ᠮᠡᠯᠮᠡᠢ ᠴᠢᠮ᠎ᠠ ᠡᠴᠡ ᠭᠠᠯᠰᠠᠩ ᠤ᠋ᠨ ᠤᠷᠭ᠎ᠠ ᠶ᠋ᠢᠨ ᠬᠡᠭᠡᠷ ᠮᠣᠷᠢ ᠬᠥᠭᠡᠭᠡᠵᠦ ᠪᠠᠢᠭ᠎ᠠ ᠶᠤᠮ ᠰᠢᠭ᠋ ᠣᠭᠲᠣ ᠰᠠᠯᠬᠤ ᠦᠭᠡᠢ ᠪᠠᠢᠬᠤ ᠶ᠋ᠢ ᠠᠵᠢᠪᠠ ᠤᠤ? 》 ᠭᠡᠵᠦ ᠳᠠᠯᠠᠢ ᠳ᠋ᠤ᠌ ᠣᠢ᠌ᠯᠭᠠᠭᠤᠯᠬᠤ ᠦᠭᠡᠢ ᠭᠡᠮᠡᠨ ᠲᠦᠷᠭᠡᠨ ᠬᠡᠯᠡᠪᠡ᠃
  ᠊᠊᠊᠊᠊᠊᠊᠊᠊᠊᠊᠊᠊᠊᠊ ᠪᠤᠤ ᠮᠡᠳᠡ᠂ ᠣᠭᠲᠣ ᠠᠵᠢᠭᠯᠠᠭᠰᠠᠨ ᠦᠭᠡᠢ ᠭᠡᠵᠦ ᠡᠷᠳᠡᠨᠢ ᠶᠠᠭᠤᠮ᠎ᠠ ᠢᠳᠡᠬᠦ ᠵᠠᠭᠤᠷ᠎ᠠ ᠪᠠᠨ ᠠᠵᠢᠭ ᠦᠭᠡᠢ ᠬᠡᠯᠡᠪᠡ᠃
  ᠊᠊᠊᠊᠊᠊᠊᠊᠊᠊᠊᠊᠊᠊᠊ ᠠᠶᠠᠲᠠᠢᠬᠠᠨ ᠰᠤᠭᠤ ᠪᠠᠢᠨ᠎ᠠ ᠰᠢᠦ᠂ ᠳᠠᠮᠰᠢᠭ ᠴᠢᠨᠢ ᠭᠡᠳ ᠢᠲᠡᠭᠡᠯᠲᠦ ᠵᠣᠭᠣᠭᠲᠠᠢ ᠪᠥᠭᠡᠳ ᠭᠡᠵᠢᠭᠡ ᠨᠢ ᠬᠦᠷᠦᠭᠰᠡᠨ ᠪᠣᠯᠤᠯᠲᠠᠢ ᠢᠨᠢᠶᠡᠪᠡ᠃
  ᠨᠢᠭᠡ ᠠᠪᠳᠠᠷ᠎ᠠ ᠳᠠᠩᠴᠦ᠋ᠷ ᠣᠷᠣᠭᠤᠯᠵᠤ ᠢᠷᠡᠭᠡᠳ ᠲᠠᠯᠪᠢᠬᠤ ᠳ᠋ᠤ᠌ ᠢᠲᠡᠭᠡᠯᠲᠦ ᠨᠢᠭᠡ ᠶ᠋ᠢ ᠠᠪᠴᠤ ᠦᠵᠡᠭᠰᠡᠨ ᠢ᠋ᠶ᠋ᠡᠨ 《ᠴᠢᠯᠠᠭᠤ ᠰᠢᠭ᠋ ᠬᠠᠲᠠᠭᠰᠠᠨ ᠵᠣᠯᠢᠭ ᠰᠢᠪ ᠳᠡ》 ᠭᠡᠳ ᠳᠠᠯᠠᠢ ᠤᠷᠤᠭᠤ ᠬᠠᠷᠠᠪᠠ᠃
  ᠊᠊᠊᠊᠊᠊᠊᠊᠊᠊᠊᠊᠊᠊᠊ ᠬᠠᠲᠠᠭ᠎ᠠ ᠦᠭᠡᠢ᠂ ᠲᠡᠢᠮᠦ ᠶᠣᠰᠣ ᠬᠠᠮᠢᠭ᠎ᠠ ᠪᠠᠢᠨ᠎ᠠ᠃
  ᠊᠊᠊᠊᠊᠊᠊᠊᠊᠊᠊᠊᠊᠊᠊ ᠦᠵᠡᠬᠦ ᠦᠭᠡᠢ ᠤᠤ?
  ᠬᠢᠲᠠᠳ ᠠᠪᠴᠤ ᠦᠵᠡᠭᠡᠳ ᠤᠭ ᠳᠠᠩᠴᠦ᠋ᠷ ᠪᠣᠯ ᠬᠠᠲᠠᠭᠰᠠᠨ ᠪᠢᠰᠢ᠂ ᠬᠠᠷᠢᠨ ᠱᠣᠣᠶᠢᠦ ᠲᠣᠰᠣᠨ ᠤ᠋ ᠣᠨᠴᠣᠭᠣᠢ ᠴᠢᠨᠠᠷ ᠭᠡᠬᠦ ᠵᠡᠷᠭᠡ ᠲᠦᠮᠡᠨ ᠶᠠᠭᠤᠮ᠎ᠠ ᠶᠠᠷᠢᠵᠤ ᠲᠠᠢᠯᠪᠤᠷᠢᠯᠠᠬᠤ ᠭᠡᠰᠡᠨ ᠪᠣᠯᠪᠠᠴᠤ ᠲᠡᠭᠦᠨ ᠢ᠋ ᠰᠣᠨᠣᠰᠬᠤ ᠬᠥᠮᠦᠨ᠂ ᠲᠡᠷᠡ ᠳᠤᠰᠤᠮ᠎ᠠ ᠦᠨᠡᠮᠰᠢᠬᠦ ᠬᠥᠮᠦᠨ ᠪᠠᠢᠭᠰᠠᠨ ᠦᠭᠡᠢ᠃
  ᠊᠊᠊᠊᠊᠊᠊᠊᠊᠊᠊᠊᠊᠊᠊ ᠴᠢ ᠡᠨᠡ ᠴᠢᠯᠠᠭᠤ ᠰᠢᠭ᠋ ᠡᠳ᠋ ᠢ᠋ᠶ᠋ᠡᠷ ᠢ᠋ᠶ᠋ᠡᠨ ᠵᠢᠩᠰᠡ ᠬᠢᠭᠡᠳ ᠵᠠᠷᠤᠪᠠᠯ ᠣᠳᠣ ᠦᠶ᠎ᠡ ᠳ᠋ᠦ᠍ ᠬᠠᠷ᠎ᠠ ᠢᠯᠠᠭ᠎ᠠ ᠰᠢᠭ᠋ ᠣᠯᠠᠨ ᠪᠣᠯᠵᠤ ᠪᠠᠢᠭ᠎ᠠ ᠸᠠᠩ᠂ ᠪᠡᠢᠯᠡ᠂ ᠬᠦᠩ ᠦ᠋ᠳ ᠦᠨᠡᠲᠡᠢ ᠠᠪᠬᠤ ᠪᠠᠢᠭᠰᠠᠨ ᠳᠠ ᠭᠡᠳ ᠢᠲᠡᠭᠡᠯᠲᠦ ᠬᠠ ᠬᠠ ᠭᠡᠮᠡᠨ ᠶᠡᠬᠡ ᠯᠡ ᠬᠥᠭᠵᠢᠯᠲᠡᠢ ᠢᠨᠢᠶᠡᠬᠦ ᠳ᠋ᠦ᠍ ᠡᠷᠳᠡᠨᠢ ᠴᠦ᠍ ᠢᠨᠢᠶᠡᠪᠡ᠃
  ᠢᠲᠡᠭᠡᠯᠲᠦ ᠳᠠᠩᠴᠦ᠋ᠷ ᠢ᠋ ᠬᠢᠮᠳᠠ ᠦᠨ᠎ᠡ ᠪᠡᠷ ᠠᠪᠤᠯ᠎ᠠ᠃ ᠢᠩᠭᠢᠭᠡᠳ ᠲᠡᠷᠡ ᠬᠣᠶᠠᠷ ᠶᠠᠪᠤᠵᠠᠢ᠃ ᠮᠠᠷᠭᠠᠰᠢ ᠥᠷᠯᠥᠭᠡ ᠨᠢ ᠢᠲᠡᠭᠡᠯᠲᠦ ᠡᠷᠳᠡᠨᠢ ᠶ᠋ᠢ ᠳᠠᠭᠠᠭᠤᠯᠤᠨ ᠪᠣᠭᠳᠠ ᠳ᠋ᠤ᠌ ᠮᠥᠷᠭᠥᠬᠦ ᠪᠡᠷ ᠶᠠᠪᠤᠪᠠ᠃ ᠲᠡᠷᠡ ᠬᠣᠶᠠᠷ ᠶᠠᠪᠤᠭᠰᠠᠭᠠᠷ ᠪᠣᠭᠳᠠ ᠶ᠋ᠢᠨ ᠭᠣᠣᠯ ᠤ᠋ᠨ ᠯᠠᠪᠷᠤᠩ ᠳ᠋ᠤ᠌ ᠣᠴᠢᠪᠠᠯ ᠡᠳᠦᠢ ᠲᠡᠳᠦᠢ ᠮᠥᠷᠭᠥᠯᠴᠢᠨ ᠪᠠᠢᠪᠠ᠃
  ᠊᠊᠊᠊᠊᠊᠊᠊᠊᠊᠊᠊᠊᠊᠊ ᠥᠨᠥᠳᠥᠷ ᠳᠡᠭᠡᠳᠦᠰ ᠲᠥᠷᠥ ᠶ᠋ᠢᠨ ᠴᠢᠬᠤᠯᠠ ᠠᠯᠪᠠ ᠲᠠᠢ ᠤᠴᠢᠷ ᠡᠴᠡ ᠮᠣᠳᠣᠷ ᠤ᠋ᠨ ᠠᠳᠢᠰ ᠥᠭᠬᠦ ᠦᠭᠡᠢ᠂ ᠰᠤᠨᠳᠠᠭ ᠢ᠋ᠶ᠋ᠠᠷ ᠥᠭᠭᠦᠨ᠎ᠡ᠃ ᠲᠠᠪᠢᠨ ᠯᠠᠩ ᠡᠴᠡ ᠳᠡᠭᠡᠭᠰᠢ ᠵᠢᠠᠳᠠᠭ᠎ᠠ ᠡᠷᠭᠦᠵᠦ ᠮᠣᠳᠣᠷ ᠡᠴᠡ ᠠᠳᠢᠰ ᠬᠦᠷᠲᠡᠬᠦ ᠮᠥᠷᠭᠥᠯᠴᠢᠳ ᠮᠠᠷᠭᠠᠰᠢ ᠢᠷᠡᠵᠡᠭᠡ ᠭᠡᠵᠦ ᠳᠠᠪᠬᠤᠷ ᠬᠢᠶᠠᠵᠠ ᠲᠠᠢ ᠤᠯᠠᠭᠠᠨ ᠲᠣᠷᠭᠠᠨ ᠳᠡᠪᠡᠯ ᠲᠡᠢ ᠪᠦᠳᠦᠭᠦᠨ ᠲᠠᠷᠭᠤᠨ ᠯᠠᠮᠠ ᠤᠨᠵᠢᠷᠠᠭᠰᠠᠨ ᠳᠠᠭᠤ ᠪᠠᠷ ᠵᠠᠷᠯᠠᠪᠠ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ ᠲᠠ ᠮᠣᠳᠣᠷ ᠡᠴᠡ ᠠᠳᠢᠰ ᠬᠦᠷᠲᠡᠨ᠎ᠡ ᠪᠢᠵᠡ ᠳᠡ ᠭᠡᠵᠦ ᠡᠷᠳᠡᠨᠢ ᠰᠢᠪᠡᠨᠡᠨ ᠠᠰᠠᠭᠤᠬᠤ ᠳ᠋ᠤ᠌ ᠢᠲᠡᠭᠡᠯᠲᠦ ᠨᠢᠳᠦ ᠪᠡᠨ ᠵᠢᠷᠲᠠᠢᠯᠭᠠᠨ ᠯᠠᠮᠠ ᠤᠷᠤᠭᠤ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠰᠦᠰᠦᠭᠯᠡᠵᠦ ᠴᠢᠳᠠᠪᠠᠯ ᠠᠳᠠᠯᠢᠬᠠᠨ᠃ ᠬᠣᠶᠠᠭᠤᠯᠠ ᠰᠤᠨᠳᠠᠭ ᠡᠴᠡ ᠯᠡ ᠬᠦᠷᠲᠡᠵᠦ ᠤᠷᠭᠢᠶ᠎ᠠ ᠭᠡᠳ ᠬᠢᠲᠠᠳ ᠶᠠᠩᠴᠢᠶᠠᠨ᠂ ᠣᠷᠣᠰ ᠮᠠᠨᠢᠶᠠᠤᠨ᠂ ᠴᠠᠭᠠᠰᠤ ᠬᠠᠭᠠᠷᠠᠲᠠᠯ᠎ᠠ ᠨᠢ ᠴᠢᠬᠢᠭᠰᠡᠨ ᠲᠦᠷᠡᠢᠪᠴᠢ ᠪᠡᠨ ᠭᠠᠷᠭᠠᠵᠤ ᠯᠤᠤ ᠲᠠᠢ ᠶᠠᠩᠴᠢᠶᠠᠨ ᠨᠢᠭᠡ ᠶ᠋ᠢ ᠠᠪᠤᠭᠠᠳ ᠪᠤᠰᠤᠳ ᠢ᠋ ᠨᠢ ᠰᠤᠭᠤ ᠤᠷᠤᠭᠤ ᠪᠠᠨ ᠡᠪᠦᠷᠲᠦᠯᠡᠨ ᠭᠠᠳᠠᠨ᠎ᠠ ᠡᠴᠡ ᠨᠢ ᠬᠡᠳᠦ ᠳᠠᠬᠢᠨ ᠵᠥᠭᠡᠯᠡᠨ ᠳᠠᠷᠤᠯ᠎ᠠ᠃ ᠡᠷᠳᠡᠨᠢ ᠡᠪᠦᠷ ᠢ᠋ᠶ᠋ᠡᠨ ᠠᠭᠤᠳᠠᠯᠵᠤ ᠢᠲᠡᠭᠡᠯᠲᠦ ᠶ᠋ᠢᠨ ᠥᠭᠭᠦᠭᠰᠡᠨ ᠵᠢᠷᠭᠤᠭᠠᠨ ᠶᠠᠩᠴᠢᠶᠠᠨ ᠤ᠋ ᠨᠢᠭᠡ ᠶ᠋ᠢ ᠠᠪᠴᠤ ᠴᠢᠩᠭ᠎ᠠ ᠠᠳᠬᠤᠭᠠᠳ ᠤᠷᠤᠭᠰᠢᠯᠠᠪᠠ᠃
  ᠰᠤᠨᠳᠠᠭ ᠤ᠋ᠨ ᠦᠵᠦᠭᠦᠷ ᠪᠠᠷᠢᠭᠰᠠᠨ ᠬᠥᠭᠰᠢᠨ ᠯᠠᠮᠠ᠂ ᠮᠥᠩᠭᠥ ᠬᠠᠳᠠᠭ ᠴᠤᠭᠯᠠᠭᠤᠯᠬᠤ ᠭᠠᠤᠯᠢ ᠶ᠋ᠢᠨ ᠴᠠᠷ᠎ᠠ ᠪᠠᠷᠢᠭᠰᠠᠨ ᠵᠠᠯᠠᠭᠤ ᠯᠠᠮᠠ ᠶ᠋ᠢ ᠳᠠᠭᠠᠭᠤᠯᠤᠨ ᠭᠠᠷᠴᠤ ᠢᠷᠡᠬᠦ ᠳ᠋ᠦ᠍ ᠮᠥᠷᠭᠥᠯᠴᠢᠳ ᠲᠡᠷᠡ ᠵᠦᠭ ᠲᠡᠮᠡᠦᠯᠪᠡ᠃ ᠮᠠᠨᠠᠢ ᠬᠣᠶᠠᠷ ᠬᠡᠰᠡᠭ ᠵᠣᠭᠰᠣᠵᠤ ᠪᠠᠢᠭᠰᠠᠨ ᠢ᠋ᠶ᠋ᠠᠨ ᠣᠷᠣᠭᠰᠢ ᠴᠢᠬᠢᠯᠳᠦᠨ ᠬᠥᠳᠡᠯᠪᠡ᠃ ᠢᠲᠡᠭᠡᠯᠲᠦ ᠶᠠᠩᠴᠢᠶᠠᠨ ᠢ᠋ᠶ᠋ᠠᠨ ᠮᠥᠩᠭᠥ ᠣᠪᠣᠭᠠᠯᠠᠭᠰᠠᠨ ᠴᠠᠷ᠎ᠠ ᠳᠡᠭᠡᠷ᠎ᠡ ᠲᠠᠯᠪᠢᠭᠠᠳ ᠰᠤᠨᠳᠠᠭ ᠤ᠋ᠨ ᠦᠵᠦᠭᠦᠷ ᠡᠴᠡ ᠠᠳᠢᠰ ᠠᠪᠤᠯ᠎ᠠ᠃ ᠡᠷᠳᠡᠨᠢ ᠭᠠᠷ ᠲᠠᠭᠠᠨ ᠠᠳᠬᠤᠭᠰᠠᠨ ᠶᠠᠩᠴᠢᠶᠠᠨ ᠢ᠋ᠶ᠋ᠠᠨ ᠴᠠᠷ᠎ᠠ ᠳᠡᠭᠡᠷ᠎ᠡ ᠲᠠᠯᠪᠢᠬᠤ ᠭᠡᠳ ᠠᠯᠠᠭ᠎ᠠ ᠪᠠᠨ ᠳᠡᠯᠭᠡᠲᠡᠯ᠎ᠡ ᠭᠠᠷ ᠲᠤᠨᠢ ᠨᠠᠭᠠᠯᠳᠤᠭᠰᠠᠨ ᠶᠠᠩᠴᠢᠶᠠᠨ ᠨᠢ ᠤᠨᠠᠭᠰᠠᠨ ᠦᠭᠡᠢ ᠳ᠋ᠦ᠍ ᠯᠠᠮᠠ ᠡᠷᠭᠦᠯ ᠪᠠᠷᠢᠴᠠ ᠡᠴᠡ ᠨᠢ ᠠᠪᠴᠢᠬᠠᠨ᠎ᠠ ᠭᠡᠵᠦ ᠰᠡᠵᠢᠭᠯᠡᠭᠰᠡᠨ ᠪᠣᠯᠤᠯᠲᠠᠢ ᠲᠠᠪᠠᠭ ᠢ᠋ᠶ᠋ᠠᠨ ᠲᠦᠷᠭᠡᠨ ᠵᠠᠢᠯᠠᠭᠤᠯᠪᠠ᠃ ᠭᠡᠲᠡᠯ᠎ᠡ ᠡᠷᠳᠡᠨᠢ ᠶ᠋ᠢᠨ ᠶᠠᠩᠴᠢᠶᠠᠨ ᠭᠠᠵᠠᠷ ᠬᠠᠩᠭᠢᠨᠠᠨ ᠤᠨᠠᠬᠤ ᠳ᠋ᠤ᠌ ᠲᠦᠮᠡᠨ ᠨᠥᠬᠥᠭᠡᠰᠦ ᠪᠣᠯᠤᠭᠰᠠᠨ ᠤᠷᠠᠩᠬᠠᠢ ᠬᠤᠪᠴᠠᠰᠤ ᠲᠠᠢ᠂ ᠬᠦ ᠰᠢᠭ ᠬᠠᠷ᠎ᠠ ᠴᠢᠷᠠᠢ ᠲᠠᠢ ᠬᠡᠦᠬᠡᠳ ᠰᠢᠭᠦᠷᠡᠨ ᠠᠪᠤᠭᠠᠳ ᠣᠯᠠᠨ ᠤ᠋ ᠳᠤᠮᠳᠠᠭᠤᠷ ᠤᠰᠤᠨ ᠳ᠋ᠤ᠌ ᠶᠠᠪᠤᠭ᠎ᠠ ᠵᠢᠭᠠᠰᠤ ᠰᠢᠭ᠋ ᠮᠤᠷᠤᠯᠵᠠᠨ ᠠᠯᠠᠭ᠎ᠠ ᠪᠣᠯᠵᠠᠢ᠃
  ᠡᠷᠳᠡᠨᠢ ᠡᠪᠦᠷ ᠡᠴᠡ ᠪᠡᠨ ᠳᠠᠬᠢᠨ ᠨᠢᠭᠡ ᠶᠠᠩᠴᠢᠶᠠᠨ ᠠᠪᠴᠤ ᠲᠠᠪᠠᠭ ᠳᠡᠭᠡᠷ᠎ᠡ ᠲᠠᠯᠪᠢᠬᠤ ᠳ᠋ᠤ᠌ ᠯᠠᠮᠠ ᠭᠠᠷ ᠡᠴᠡ ᠨᠢ ᠰᠠᠯᠬᠤ ᠦᠭᠡᠢ ᠰᠢᠷᠳᠡᠵᠦ ᠪᠠᠢᠪᠠ᠃ ᠢᠩᠭᠢᠭᠡᠳ ᠲᠡᠷᠡ ᠬᠣᠶᠠᠷ ᠮᠣᠷᠳᠠᠭᠠᠳ ᠪᠤᠴᠠᠵᠤ ᠶᠠᠪᠤᠲᠠᠯ᠎ᠠ ᠡᠮᠦᠨ᠎ᠡ ᠨᠢ ᠶᠠᠪᠤᠭᠰᠠᠨ ᠬᠣᠶᠠᠷ ᠮᠣᠷᠢ ᠲᠠᠢ ᠬᠥᠮᠦᠨ ᠦ᠌ ᠨᠢᠭᠡ ᠨᠢ᠄
  ᠊᠊᠊᠊᠊᠊᠊᠊᠊᠊᠊᠊᠊᠊᠊ ᠰᠤᠨᠳᠠᠭ ᠤ᠋ᠨ ᠨᠥᠭᠦᠭᠡ ᠦᠵᠦᠭᠦᠷ ᠪᠣᠭᠳᠠ ᠶ᠋ᠢᠨ ᠡᠷᠬᠡ ᠲᠣᠭᠣᠷᠤᠤ ᠶ᠋ᠢᠨ ᠬᠥᠯ ᠡᠴᠡ ᠤᠶᠠᠭᠠᠲᠠᠢ ᠪᠠᠢᠳᠠᠭ ᠶᠤᠮ ᠭᠡᠳᠡᠭ ᠦᠨᠡᠨ ᠪᠣᠯᠪᠠ ᠤᠤ ᠭᠡᠬᠦ ᠳ᠋ᠦ᠍ᠨᠢ ᠨᠥᠭᠥᠭᠡᠳᠡᠬᠢ ᠨᠢ᠄
  ᠊᠊᠊᠊᠊᠊᠊᠊᠊᠊᠊᠊᠊᠊᠊ ᠪᠢᠲᠡᠭᠡᠢ ᠲᠣᠩᠭᠣᠰ᠂ ᠳᠡᠭᠡᠳᠦᠰ ᠦ᠋ᠨ ᠮᠣᠳᠣᠷ ᠲᠤ᠌ ᠪᠠᠢᠳᠠᠭ ᠶᠤᠮ ᠭᠡᠨ᠎ᠡ ᠪᠢᠯᠡ᠂ ᠠᠯᠳᠠᠰ ᠪᠣᠯᠤᠨ᠎ᠠ ᠭᠡᠯ᠎ᠡ᠃
  ᠊᠊᠊᠊᠊᠊᠊᠊᠊᠊᠊᠊᠊᠊᠊ ᠲᠠ ᠦᠵᠡᠭᠡ ᠦᠭᠡᠢ ᠰᠢᠦ ᠳᠡ ᠭᠡᠳ ᠨᠢᠭᠡ ᠨᠢ ᠴᠢᠩᠭ᠎ᠠ ᠢᠨᠢᠶᠡᠪᠡ᠃ ᠢᠲᠡᠭᠡᠯᠲᠦ ᠡᠨᠡ ᠪᠦᠬᠦ ᠶᠠᠷᠢᠶ᠎ᠠ ᠶ᠋ᠢ ᠣᠭᠲᠣ ᠰᠣᠨᠣᠰᠤᠭ᠎ᠠ ᠦᠭᠡᠢ ᠶᠤᠮ ᠰᠢᠭ ᠬᠠᠵᠠᠭᠤ ᠲᠠᠰᠢ ᠪᠠᠨ ᠠᠯᠤᠰ ᠢ᠋ ᠬᠠᠷᠠᠨ ᠶᠠᠪᠤᠵᠠᠢ᠃
  ᠊᠊᠊᠊᠊᠊᠊᠊᠊᠊᠊᠊᠊᠊᠊ ᠵᠠ ᠢᠩᠭᠢᠭᠡᠳ ᠪᠣᠭᠳᠠ ᠭᠡᠭᠡᠨ ᠦ᠌ ᠠᠯᠲᠠᠨ ᠮᠣᠳᠣᠷ ᠡᠴᠡ ᠠᠷᠪᠠᠨ ᠬᠣᠶᠠᠷ ᠲᠠᠬᠢ ᠤᠳᠠᠭ᠎ᠠ ᠪᠠᠨ ᠠᠳᠢᠰ ᠬᠦᠷᠲᠡᠯ᠎ᠡ ᠭᠡᠵᠦ ᠢᠲᠡᠭᠡᠯᠲᠦ ᠬᠡᠯᠡᠪᠡ᠃
  ᠡᠷᠳᠡᠨᠢ ᠴᠦ᠍ ᠪᠡᠶᠡᠯᠡᠭᠰᠡᠨ ᠪᠤᠷᠬᠠᠨ ᠪᠣᠭᠳᠠ ᠵᠢᠪᠵᠤᠠᠳᠠᠮᠪᠠ ᠬᠤᠲᠤᠭᠲᠤ ᠡᠴᠡ ᠠᠳᠢᠰ ᠬᠦᠷᠲᠡᠭᠰᠡᠨ ᠳ᠋ᠡᠭᠡᠨ ᠴᠠᠭᠯᠠᠰᠢ ᠦᠭᠡᠢ ᠪᠠᠶᠠᠷᠯᠠᠵᠤ ᠶᠠᠪᠤᠭᠰᠠᠨ ᠪᠣᠯᠬᠣᠷ ᠲᠡᠷᠡ ᠬᠣᠶᠠᠷ ᠬᠥᠮᠦᠨ ᠦ᠌ ᠶᠠᠷᠢᠶ᠎ᠠ ᠶ᠋ᠢ ᠰᠡᠳᠬᠢᠯ ᠳ᠋ᠡᠭᠡᠨ ᠵᠢᠭᠰᠢᠨ ᠵᠢᠮᠡᠯᠡᠵᠦ ᠶᠠᠪᠤᠯ᠎ᠠ᠃
  ᠲᠡᠷᠡ ᠣᠷᠣᠢ ᠢᠲᠡᠭᠡᠯᠲᠦ ᠡᠷᠳᠡᠨᠢ ᠬᠣᠶᠠᠷ ᠬᠣᠲᠠ ᠶ᠋ᠢᠨ ᠨᠡᠷᠡᠲᠡᠢ ᠪᠠᠶᠠᠨ ᠬᠦᠷᠢᠶ᠎ᠡ ᠶᠤᠠᠳᠤᠨ ᠭᠡᠭᠴᠢ ᠠᠢᠯ ᠳ᠋ᠤ᠌ ᠣᠴᠢᠪᠠ᠃ ᠢᠲᠡᠭᠡᠯᠲᠦ ᠶ᠋ᠢ ᠵᠣᠷᠢᠭᠤᠳᠠ ᠤᠷᠢᠬᠤ ᠳ᠋ᠠᠭᠠᠨ ᠶᠤᠠᠳᠤᠨ ᠣᠯᠠᠨ ᠵᠢᠯ ᠮᠠᠢᠮᠠᠢ ᠠᠷᠠᠯᠵᠢᠶ᠎ᠠ ᠬᠢᠵᠦ ᠲᠠᠨᠢᠯᠴᠠᠭᠰᠠᠨ ᠯᠤᠤ ᠬᠦᠩ ᠦ᠋ᠨ ᠪᠠᠶᠠᠨ ᠳ᠋ᠤ᠌ ᠭᠠᠢᠬᠠᠭᠤᠯᠬᠤ ᠭᠡᠵᠦ ᠬᠢᠲᠠᠳ ᠲᠣᠭᠣᠭᠠᠴᠢ ᠬᠥᠯᠥᠰᠥᠯᠡᠨ ᠨᠠᠷᠢᠨ ᠬᠣᠭᠣᠯᠠ ᠬᠢᠵᠦ ᠶᠡᠬᠡ ᠯᠡ ᠬᠥᠯ ᠪᠣᠯᠵᠠᠢ᠃
  ᠊᠊᠊᠊᠊᠊᠊᠊᠊᠊᠊᠊᠊᠊᠊ ᠡᠷᠳᠡᠨᠢ ᠮᠢᠨᠢ ᠬᠦᠷᠢᠶᠡᠨ ᠦ᠌ ᠬᠢᠨ ᠠᠢᠬᠤᠪᠲᠤᠷ ᠱᠣᠣᠴᠢ ᠰᠢᠦ᠃ ᠨᠡᠷ᠎ᠡ ᠪᠣᠳᠣᠵᠤ᠂ ᠶᠠᠭᠤᠮ᠎ᠠ ᠪᠦᠬᠦᠨ ᠢ᠋ ᠨᠢ ᠬᠡᠵᠢᠶ᠎ᠡ ᠶᠠᠵᠢᠶᠠᠨ ᠤ᠋ ᠦᠵᠡᠵᠦ ᠮᠡᠳᠡᠭᠰᠡᠨ ᠶᠤᠮ ᠰᠢᠭ ᠪᠠᠢᠨ᠎ᠠ᠃ ᠮᠢᠨᠦ ᠬᠡᠯᠡᠭᠰᠡᠨ ᠪᠦᠬᠦᠨ ᠢ᠋ ᠠᠩᠬᠠᠷᠴᠤ᠂ ᠡᠷᠴᠢ ᠶ᠋ᠢ ᠨᠢ ᠴᠢᠩᠭᠠᠯᠠᠵᠤ ᠪᠠᠢᠭᠠᠷᠠᠢ ᠭᠡᠵᠦ ᠵᠠᠮ ᠳ᠋ᠠᠭᠠᠨ ᠢᠲᠡᠭᠡᠯᠲᠦ ᠵᠠᠬᠢᠯ᠎ᠠ᠃
  ᠊᠊᠊᠊᠊᠊᠊᠊᠊᠊᠊᠊᠊᠊᠊ ᠲᠡᠷᠡ ᠶᠤᠠᠳᠤᠨ ᠴᠢᠨᠢ ᠪᠠᠶᠠᠨ ᠬᠥᠮᠦᠨ ᠤᠤ? ᠭᠡᠵᠦ ᠡᠷᠳᠡᠨᠢ ᠰᠣᠨᠢᠷᠬᠠᠨ ᠠᠰᠠᠭᠤᠪᠠ᠃
  ᠊᠊᠊᠊᠊᠊᠊᠊᠊᠊᠊᠊᠊᠊᠊ ᠶᠠᠭᠤ ᠱᠠᠯᠢᠬᠤ ᠪᠣᠢ! ᠨᠢᠭᠡ ᠮᠠᠭᠤ ᠳᠠᠮ ᠤ᠋ᠨ ᠫᠠᠨᠽᠠᠴᠢᠨ᠃
  ᠢᠲᠡᠭᠡᠯᠲᠦ ᠥᠩᠭᠡᠷᠡᠭᠰᠡᠨ ᠵᠢᠯ ᠶᠤᠠᠳᠤᠨ ᠲᠠᠢ ᠲᠠᠨᠢᠯᠴᠠᠨ ᠮᠠᠢᠮᠠᠢ ᠬᠢᠭᠰᠡᠨ᠃ ᠭᠡᠬᠦ ᠳ᠋ᠡᠭᠡᠨ ᠲᠡᠭᠦᠨ ᠢ᠋ ᠪᠤᠰᠤᠳ ᠤ᠋ᠨ ᠭᠠᠷ ᠬᠠᠷᠠᠵᠤ ᠬᠢᠭᠰᠡᠨ ᠡᠵᠡᠨ᠂ ᠬᠡᠷᠡᠭᠯᠡᠬᠦ ᠬᠥᠮᠦᠨ ᠬᠣᠶᠠᠷ ᠤ᠋ᠨ ᠬᠣᠭᠣᠷᠣᠨᠳᠣ ᠵᠢᠰᠤᠷᠳᠠᠨ ᠳᠣᠯᠳᠣᠢᠳᠠᠭᠰᠠᠨ ᠮᠠᠢᠮᠠᠢᠴᠢᠨ ᠭᠡᠵᠦ ᠦᠵᠡᠭᠡᠳ ᠲᠣᠭᠣᠳᠠᠭ ᠦᠭᠡᠢ ᠤᠴᠢᠷ ᠡᠴᠡ 《᠁ ᠨᠢᠭᠡ ᠮᠠᠭᠤ ᠳᠠᠮ ᠤ᠋ᠨ ᠫᠠᠨᠽᠠᠴᠢᠨ》 ᠭᠡᠰᠡᠨ ᠢᠲᠡᠭᠡᠯᠲᠦ ᠶ᠋ᠢᠨ ᠦᠭᠡᠨ ᠳ᠋ᠦ᠍ᠨᠢ ᠶᠠᠭᠤᠮ᠎ᠠ ᠦᠵᠡᠭᠰᠡᠨ ᠢ᠋ᠶ᠋ᠡᠨ ᠭᠠᠢᠬᠠᠭᠤᠯᠤᠭᠰᠠᠨ ᠥᠩᠭᠡ᠂ ᠶᠤᠠᠳᠤᠨ ᠢ᠋ ᠳᠣᠷᠣᠮᠵᠢᠯᠠᠭᠰᠠᠨ ᠥᠩᠭᠡ ᠲᠡᠢ ᠬᠣᠯᠢᠯᠳᠤᠨ ᠭᠠᠷᠤᠯ᠎ᠠ᠃
  ᠮᠠᠨᠠᠢ ᠬᠣᠶᠠᠷ ᠢ᠋ ᠣᠷᠣᠬᠤ ᠳ᠋ᠤ᠌ ᠪᠠᠷᠤᠭ ᠯᠠ ᠪᠦᠬᠦ ᠵᠣᠴᠢᠳ ᠴᠤᠭᠯᠠᠷᠠᠭᠠᠳ ᠬᠦᠯᠢᠶᠡᠵᠦ ᠪᠠᠢᠪᠠ᠃ ᠵᠢᠷᠭᠤᠭᠠᠨ ᠬᠠᠨ᠎ᠠ ᠲᠠᠢ ᠭᠡᠷ ᠲᠦ᠍ ᠪᠢᠲᠡᠭᠦᠦ ᠬᠡᠪᠢᠰ ᠳᠡᠪᠢᠰᠦᠭᠡᠳ ᠬᠠᠰ ᠤ᠋ᠨ ᠥᠩᠭᠡ ᠲᠡᠢ ᠬᠦᠷᠡᠩ ᠰᠢᠷᠡᠭᠡ ᠨᠦ᠍ᠭᠦᠳ ᠢ᠋ ᠬᠣᠶᠠᠷ ᠲᠠᠯ᠎ᠠ ᠪᠠᠷ ᠨᠢ ᠲᠠᠯᠪᠢᠵᠠᠢ᠃ ᠣᠷᠣᠬᠤ ᠳ᠋ᠤ᠌ ᠬᠠᠯᠠᠭᠤᠨ ᠭᠠᠨᠵᠠ ᠶ᠋ᠢᠨ ᠬᠤᠷᠴᠠ ᠦᠨᠦᠷ᠂ ᠠᠢᠷᠠᠭ ᠤ᠋ᠨ ᠢᠰᠬᠦᠯᠡᠩ ᠦᠨᠦᠷ᠂ ᠬᠢᠲᠠᠳ ᠲᠦᠩᠰᠡᠨ ᠲᠠᠮᠠᠬᠢᠨ ᠤ᠋ ᠨᠢᠯᠤᠭᠤᠨ ᠦᠨᠦᠷ ᠬᠣᠯᠢᠯᠳᠤᠨ ᠬᠠᠩᠬᠤᠯᠵᠤ ᠪᠠᠢᠯ᠎ᠠ᠃
  ᠢᠲᠡᠭᠡᠯᠲᠦ ᠬᠢᠮᠡᠯ ᠶᠡᠬᠡᠮᠰᠦᠭ ᠪᠠᠢᠳᠠᠯ ᠢ᠋ᠶ᠋ᠠᠷ ᠪᠦᠭᠦᠳᠡ ᠲᠡᠢ ᠮᠡᠨᠳᠦᠯᠡᠵᠦ ᠪᠠᠷᠠᠭᠤᠨ ᠲᠠᠯ᠎ᠠ ᠶ᠋ᠢᠨ ᠡᠬᠢᠨ ᠦ᠌ ᠰᠠᠭᠤᠳᠠᠯ ᠳᠡᠭᠡᠷ᠎ᠡ ᠰᠠᠭᠤᠬᠤ ᠳ᠋ᠤ᠌ ᠡᠮᠦᠨ᠎ᠡ ᠨᠢ ᠬᠥᠯ ᠬᠦᠷᠭᠡᠬᠦ ᠦᠭᠡᠢ ᠪᠥᠭᠲᠥᠷ ᠢᠷᠭᠡ ᠶ᠋ᠢᠨ ᠤᠭᠤᠴᠠ ᠲᠠᠯᠪᠢᠪᠠ᠃
  ᠢᠲᠡᠭᠡᠯᠲᠦ ᠶ᠋ᠢᠨ ᠳᠣᠣᠷᠠᠲᠤ ᠲᠠᠯ᠎ᠠ ᠳ᠋ᠤ᠌ ᠴᠡᠷᠢᠭ ᠦ᠋ᠨ ᠶᠠᠮᠤᠨ ᠤ᠋ ᠲᠦᠰᠢᠮᠡᠯ ᠴᠢᠯᠠᠭᠤᠨ ᠭᠡᠭᠴᠢ ᠰᠡᠷᠪᠡᠭᠡᠷ ᠬᠠᠷ᠎ᠠ ᠰᠠᠬᠠᠯ ᠲᠠᠢ ᠬᠥᠮᠦᠨ ᠡᠬᠡᠨᠡᠷ ᠦ᠋ᠨ ᠬᠠᠮᠲᠤ ᠰᠠᠭᠤᠵᠠᠢ᠃ ᠲᠡᠭᠦᠨ ᠦ᠌ ᠳᠣᠣᠷᠠᠲᠤ ᠲᠠᠯ᠎ᠠ ᠳ᠋ᠤ᠌ ᠵᠡᠭᠦᠨ ᠬᠦᠷᠢᠶᠡᠨ ᠦ᠌ ᠯᠠᠮᠠ ᠠᠶᠤᠰᠢ ᠭᠡᠭᠴᠢ ᠵᠢᠩ ᠠᠷᠠᠯᠵᠢᠶ᠎ᠠ ᠬᠣᠣᠰᠯᠠᠭᠤᠯᠤᠨ ᠬᠢᠳᠡᠭ ᠬᠥᠮᠦᠨ ᠰᠠᠭᠤᠵᠠᠢ᠃ ᠳᠠᠷᠠᠭ᠎ᠠ ᠨᠢ ᠡᠷᠳᠡᠨᠢ ᠰᠠᠭᠤᠵᠠᠢ᠃
  ᠵᠡᠭᠦᠨ ᠲᠠᠯ᠎ᠠ ᠶ᠋ᠢᠨ ᠡᠬᠢᠨ ᠳ᠋ᠦ᠍ ᠳᠣᠲᠣᠭᠠᠳᠤ ᠶᠠᠮᠤᠨ ᠤ᠋ ᠲᠦᠰᠢᠮᠡᠯ ᠲᠣᠪᠴᠢᠨ ᠪᠠᠢᠰᠠ᠂ ᠲᠡᠭᠦᠨ ᠦ᠌ ᠳᠣᠣᠷ᠎ᠠ ᠥᠨᠳᠥᠷ ᠶᠠᠩᠬᠢᠭᠠᠷ ᠪᠡᠶ᠎ᠡ ᠲᠡᠢ᠂ ᠬᠤᠷᠴᠠ ᠲᠣᠳᠣ ᠨᠢᠳᠦ ᠲᠡᠢ ᠲᠠᠷᠵᠠ ᠪᠠᠭᠠᠲᠤᠷ᠂ ᠠᠯᠲᠠᠨ ᠳ᠋ᠤ᠌ ᠳᠠᠷᠤᠭᠳᠠᠭᠰᠠᠨ ᠭᠡᠷᠡᠯ ᠨᠠᠷ ᠰᠠᠭᠤᠵᠠᠢ᠃ ᠶᠠᠭᠤᠨ ᠤ᠋ ᠡᠮᠦᠨ᠎ᠡ ᠲᠠᠨᠢᠯᠴᠠᠵᠤ᠂ ᠲᠠᠮᠠᠬᠢ ᠰᠣᠯᠢᠯᠴᠠᠨ ᠴᠠᠢ ᠤᠤᠭᠤᠵᠠᠭᠠᠪᠠ᠃ ᠳᠠᠷᠠᠭ᠎ᠠ ᠨᠢ ᠠᠷᠢᠬᠢ ᠪᠠᠷᠢᠵᠤ ᠢᠲᠡᠭᠡᠯᠲᠦ ᠤᠭᠤᠴᠠ ᠲᠠᠯᠠᠯᠠᠪᠠ᠃ ᠡᠨᠡ ᠪᠦᠬᠦᠨ ᠨᠢ ᠢᠲᠡᠭᠡᠯᠲᠦ ᠶ᠋ᠢᠨ ᠮᠡᠳᠡᠬᠦ ᠶᠠᠭᠤᠮ᠎ᠠ ᠪᠠᠢᠭᠰᠠᠨ ᠪᠣᠯᠬᠣᠷ ᠶᠠᠮᠠᠷ ᠴᠤ᠌ ᠥ ᠭᠠᠷᠭᠠᠭᠰᠠᠨ ᠦᠭᠡᠢ᠃
  ᠭᠡᠲᠡᠯ᠎ᠡ ᠶᠠᠩᠵᠤ ᠪᠦᠷᠢ ᠶ᠋ᠢᠨ ᠬᠦᠢᠲᠡᠨ ᠵᠠᠭᠤᠰᠢ᠂ ᠳᠠᠯᠠᠢ ᠶ᠋ᠢᠨ ᠨᠣᠭᠣᠭ᠎ᠠ᠂ ᠳ᠋ᠧᠦᠹᠦ᠋᠂ ᠮᠥᠭᠥ ᠵᠡᠷᠭᠡ ᠣᠯᠠᠨ ᠬᠠᠴᠢᠷ ᠲᠠᠢ ᠬᠠᠭᠤᠷᠭ᠎ᠠ᠂ ᠱᠥᠯᠥ ᠴᠤᠪᠤᠷᠠᠨ ᠢᠷᠡᠯ᠎ᠡ᠃
  ᠣᠭᠲᠣᠯᠤᠭᠰᠠᠨ ᠬᠤᠷᠤᠳ ᠰᠢᠭ᠋ ᠳᠥᠷᠪᠡᠯᠵᠢᠨ ᠴᠠᠭᠠᠨ ᠶᠠᠭᠤᠮ᠎ᠠ ᠲᠠᠢ ᠲᠠᠪᠠᠭ ᠬᠣᠭᠣᠯᠠ ᠡᠮᠦᠨ᠎ᠡ ᠨᠢ ᠲᠠᠯᠪᠢᠬᠤ ᠳ᠋ᠤ᠌ ᠢᠲᠡᠭᠡᠯᠲᠦ ᠲᠡᠭᠦᠨ ᠢ᠋ ᠠᠵᠢᠭᠯᠠᠨ ᠬᠠᠷᠠᠭᠰᠠᠨ ᠢ᠋ᠶ᠋ᠠᠨ 《ᠡᠷᠳᠡᠨᠢ᠂ ᠨᠥᠭᠦᠭᠡ ᠪᠡᠭᠡᠵᠢᠩ ᠦ᠋ᠨ ᠥᠨᠳᠥᠷ ᠳ᠋ᠧᠩ ᠳ᠋ᠦ᠍ ᠪᠢᠳᠡ ᠬᠣᠶᠠᠷ ᠤ᠋ᠨ ᠢᠳᠡᠳᠡᠭ ᠬᠣᠭᠣᠯᠠ ᠮᠥᠨ ᠪᠠᠢᠬ᠎ᠠ ᠠ᠋》 ᠭᠡᠵᠦ ᠠᠰᠠᠭᠤᠪᠠ᠃
  ᠊᠊᠊᠊᠊᠊᠊᠊᠊᠊᠊᠊᠊᠊᠊ ᠠᠳᠠᠯᠢᠬᠠᠨ ᠯᠠ ᠶᠤᠮ ᠪᠠᠢᠨ᠎ᠠ ᠭᠡᠵᠦ ᠡᠷᠳᠡᠨᠢ ᠢᠨᠢᠶᠡᠮᠰᠦᠭᠯᠡᠪᠡ᠃
  ᠪᠡᠭᠡᠵᠢᠩ ᠮᠡᠭᠡᠵᠢᠩ ᠦᠭᠡᠢ ᠲᠡᠨᠦᠴᠢᠬᠡᠭᠰᠡᠨ ᠡᠳ᠋ ᠪᠠᠢᠨ᠎ᠠ ᠭᠡᠵᠦ ᠭᠡᠷ ᠦ᠋ᠨ ᠡᠵᠡᠨ ᠤᠷᠮ᠎ᠠ ᠨᠢ ᠬᠤᠭᠤᠷᠠᠨ ᠪᠣᠳᠣᠪᠠ᠃
  ᠊᠊᠊᠊᠊᠊᠊᠊᠊᠊᠊᠊᠊᠊᠊ ᠡᠭᠦᠨ ᠢ᠋ ᠴᠢᠨᠢ ᠨᠠᠠᠵᠢᠩ ᠬᠣᠲᠠ ᠶ᠋ᠢᠨ ᠵᠡᠭᠡᠯᠢ ᠶ᠋ᠢᠨ ᠭᠤᠸᠠᠨᠵᠠᠨ ᠳ᠋ᠤ᠌ ᠢᠳᠡᠭᠰᠡᠨ ᠪᠠᠢᠬ᠎ᠠ ᠭᠡᠵᠦ ᠪᠠᠰᠠ ᠨᠢᠭᠡ ᠬᠣᠭᠣᠯᠠ ᠶ᠋ᠢ ᠠᠮᠰᠠᠵᠤ ᠦᠵᠡᠮᠡᠭᠴᠡ ᠢᠲᠡᠭᠡᠯᠲᠦ ᠶ᠋ᠢᠨ ᠬᠡᠯᠡᠬᠦ ᠳ᠋ᠦ᠍ ᠡᠷᠳᠡᠨᠢ 《ᠲᠡᠢᠮᠦ ᠪᠠᠢᠬ᠎ᠠ ᠠ᠋》 ᠭᠡᠵᠦ ᠨᠠᠮ ᠳᠠᠭᠤ ᠪᠠᠷ ᠬᠠᠷᠢᠭᠤᠯᠪᠠ᠃
  ᠪᠠᠰᠠ ᠨᠠᠠᠵᠢᠩ ᠣᠷᠣᠴᠢᠬᠠᠭᠰᠠᠨ ᠪᠠᠢᠬᠤ ᠨᠢ ᠭᠡᠵᠦ ᠪᠣᠳᠣᠭᠠᠳ ᠭᠡᠷ ᠦ᠋ᠨ ᠡᠵᠡᠨ ᠳ᠋ᠦ᠍ ᠠᠲᠠᠭᠠᠷᠬᠠᠬᠤ ᠰᠡᠳᠬᠢᠯ ᠲᠥᠷᠥᠪᠡ᠃
  ᠤᠳᠠᠭᠰᠠᠨ ᠦᠭᠡᠢ ᠬᠥᠮᠦᠰ ᠰᠠᠢᠬᠠᠨ ᠤᠯᠠᠭᠠᠨ ᠵᠡᠷᠭᠡᠳᠡ ᠪᠣᠯᠵᠤ᠂ ᠳᠠᠭᠤᠤ ᠬᠤᠭᠤᠷ ᠳᠠᠷᠠᠭᠠᠯᠠᠨ ᠢᠷᠡᠬᠦ ᠳ᠋ᠦ᠍ 《ᠤᠶᠠᠬᠠᠨ ᠽᠠᠮᠪᠤᠲᠢᠪ ᠤ᠋ᠨ ᠨᠠᠷᠠ》 ᠶ᠋ᠢ ᠡᠷᠳᠡᠨᠢ ᠳᠥᠷᠪᠡᠨ ᠳᠠᠪᠬᠤᠷ ᠰᠢᠷᠤᠩᠬᠠᠢᠯᠠᠵᠤ ᠪᠠᠢᠭᠠᠳ ᠳᠠᠭᠤᠯᠠᠭᠰᠠᠨ ᠴᠢᠨᠢ ᠪᠦᠭᠦᠳᠡ ᠮᠠᠭᠲᠠᠨ ᠱᠠᠭᠰᠢᠪᠠ᠃
  ᠊᠊᠊᠊᠊᠊᠊᠊᠊᠊᠊᠊᠊᠊᠊ ᠵᠠᠩ ᠮᠢᠩ ① ᠦ᠋ᠨ ᠯᠢᠩᠪᠦ ᠰᠢᠭ ᠬᠣᠭᠣᠯᠠᠢ ᠲᠠᠢ ᠬᠥᠮᠦᠨ ᠶᠤᠮ ᠭᠡᠵᠦ ᠴᠢᠯᠠᠭᠤᠨ ᠢ᠋ ᠬᠡᠯᠡᠬᠦ ᠳ᠋ᠦ᠍ ᠢᠲᠡᠭᠡᠯᠲᠦ ᠵᠠᠩ ᠮᠢᠩ ᠭᠡᠵᠦ ᠶᠠᠭᠤ ᠪᠠᠢᠳᠠᠭ ᠢ᠋ ᠣᠭᠲᠣ ᠰᠣᠨᠣᠰᠤᠭ᠎ᠠ ᠦᠭᠡᠢ ᠪᠣᠯᠪᠠᠴᠤ 《ᠶᠠᠭ ᠲᠡᠢᠮᠦ ᠰᠢᠦ᠃ ᠲᠠ ᠶᠣᠰᠣᠲᠠᠢ ᠨᠢᠭᠡ ᠤᠨᠤᠵᠤ ᠬᠡᠯᠡᠯ᠎ᠡ》 ᠭᠡᠳ ᠨᠠᠷᠢᠬᠠᠨ ᠳᠠᠭᠤ ᠪᠠᠷ ᠢᠨᠢᠶᠡᠪᠡ᠃
  ᠊᠊᠊᠊᠊᠊᠊᠊᠊᠊᠊᠊᠊᠊᠊ ᠴᠡᠭᠡᠯᠬᠡᠨ ᠢᠷᠠᠭᠤ ᠬᠣᠭᠣᠯᠠᠢ ᠲᠠᠢ ᠬᠥᠮᠦᠨ ᠪᠠᠢᠨ᠎ᠠ ᠭᠡᠵᠦ ᠲᠠᠷᠵᠠ ᠪᠠᠭᠠᠲᠤᠷ ᠬᠡᠯᠡᠪᠡ᠃
  ᠡᠨᠡ ᠬᠥᠮᠦᠨ ᠬᠠᠷ᠎ᠠ ᠴᠡᠷᠢᠭ ᠲᠡᠢ ᠭᠠᠷᠮᠠᠭᠠᠢ ᠪᠠᠢᠯᠳᠤᠵᠤ ᠪᠠᠭᠠᠲᠤᠷ ᠴᠣᠯᠠ᠂ ᠬᠦᠩ ᠵᠡᠷᠭᠡ ᠱᠠᠩᠨᠠᠭᠳᠠᠭᠠᠳ ᠣᠳᠣ ᠪᠣᠭᠳᠠ ᠶ᠋ᠢᠨ ᠲᠣᠷᠭᠠᠨ ᠴᠡᠷᠢᠭ ᠦ᠋ᠨ ᠰᠤᠮᠤᠨ ᠳᠠᠷᠤᠭ᠎ᠠ ᠶ᠋ᠢᠨ ᠠᠯᠪᠠ ᠬᠠᠭᠠᠵᠤ ᠪᠠᠢᠭ᠎ᠠ ᠶᠤᠮ᠃ ᠲᠠᠷᠵᠠ ᠪᠠᠭᠠᠲᠤᠷ ᠪᠠᠢᠯᠳᠤᠵᠤ ᠶᠠᠪᠤᠭᠰᠠᠨ ᠢ᠋ᠶ᠋ᠠᠨ ᠶᠠᠷᠢᠬᠤ ᠳᠤᠷ᠎ᠠ ᠲᠠᠢ᠂ ᠵᠠᠢ ᠯᠠ ᠭᠠᠷᠪᠠᠯ 《ᠪᠢᠳᠡ ᠪᠣᠭᠳᠠ ᠶ᠋ᠢᠨ ᠠᠪᠤᠷᠠᠯ ᠢ᠋ᠶ᠋ᠠᠷ》 ᠭᠡᠳ ᠡᠬᠢᠯᠡᠳᠡᠭ ᠶᠤᠮ᠃
  ᠊᠊᠊᠊᠊᠊᠊᠊᠊᠊᠊᠊᠊᠊᠊ ᠪᠢᠳᠡ ᠪᠣᠭᠳᠠ ᠶ᠋ᠢᠨ ᠠᠪᠤᠷᠠᠯ ᠢ᠋ᠶ᠋ᠠᠷ ᠬᠠᠷ᠎ᠠ ᠴᠡᠷᠢᠭ ᠴᠠᠪᠴᠢᠯᠠᠭᠠᠳ ᠣᠷᠣᠬᠤ ᠳ᠋ᠤ᠌ ᠶᠣᠰᠣᠲᠠᠢ ᠯᠠ ᠰᠡᠯᠡᠮ᠎ᠡ ᠭᠢᠯᠠᠰ᠂ ᠲᠣᠯᠣᠭᠠᠢ ᠪᠦᠨᠳᠡᠰᠭᠢᠵᠦ ᠪᠠᠢᠵᠤ ᠪᠢᠯᠡ᠃ ᠪᠢ ᠫᠤᠤᠳᠠᠭᠠᠳ ᠪᠠᠢᠭᠰᠠᠨ ᠵᠢᠷᠭᠤᠭᠠᠨ ᠬᠠᠷ᠎ᠠ ᠴᠡᠷᠢᠭ ᠤᠷᠤᠭᠤ ᠳᠠᠭᠠᠷᠢᠵᠤ ᠣᠷᠣᠭᠠᠳ ᠪᠦᠭᠦᠳᠡ ᠶ᠋ᠢ ᠨᠢ ᠬᠢᠳᠤᠭᠠᠳ ᠵᠠᠷ ᠵᠡᠪᠰᠡᠭ ᠢ᠋ ᠨᠢ ᠮᠣᠷᠢᠨ ᠳ᠋ᠠᠭᠠᠨ ᠠᠴᠢᠵᠤ ᠠᠪᠤᠭᠠᠳ ᠯᠠ ᠢᠷᠡᠵᠦ ᠪᠠᠢᠭᠰᠠᠨ ᠶᠤᠮ ᠳᠠ᠃ ᠭᠤᠷᠪᠠᠨ ᠤᠯᠤᠰ ᠤ᠋ᠨ ᠭᠡᠷ᠎ᠡ ᠪᠠᠢᠭᠤᠯᠤᠭᠳᠠᠭ᠎ᠠ ᠦᠭᠡᠢ ᠪᠣᠯ ᠪᠢᠳᠡ ᠪᠣᠭᠳᠠ ᠶ᠋ᠢᠨ ᠠᠪᠤᠷᠠᠯ ᠢ᠋ᠶ᠋ᠠᠷ ᠡᠳᠦᠢ ᠳ᠋ᠦ᠍ ᠥᠪᠥᠷ ᠮᠣᠩᠭᠣᠯ ᠢ᠋ ᠥᠩᠭᠡᠷᠡᠭᠡᠳ᠂ ᠬᠡᠷᠡᠮ ᠦ᠋ᠨ ᠴᠠᠭᠠᠨ᠎ᠠ ᠴᠠᠪᠴᠢᠯᠳᠤᠵᠤ ᠪᠠᠢᠬᠤ ᠶᠤᠮᠰᠠᠨ ᠭᠡᠵᠦ ᠲᠠᠷᠵᠠ ᠶ᠋ᠢᠨ ᠬᠡᠯᠡᠬᠦ ᠳ᠋ᠦ᠍ ᠲᠣᠪᠴᠢᠨ ᠦᠯᠡᠮᠵᠢ ᠬᠡᠭᠵᠢᠭᠦᠨ ᠢᠨᠢᠶᠡᠮᠰᠦᠭᠯᠡᠭᠰᠡᠨ ᠢ᠋ᠶ᠋ᠡᠨ᠄
  ᠊᠊᠊᠊᠊᠊᠊᠊᠊᠊᠊᠊᠊᠊᠊ ᠳᠡᠮᠡᠢ ᠶᠠᠭᠤᠮ᠎ᠠ ᠶᠠᠷᠢᠬᠤ ᠲᠤᠰᠠ ᠦᠭᠡᠢ᠃ ᠭᠡᠷ᠎ᠡ ᠪᠠᠢᠭᠤᠯᠤᠭ᠎ᠠ ᠦᠭᠡᠢ ᠪᠣᠯ ᠪᠠᠭᠠᠲᠤᠷ ᠴᠠᠭᠠᠨ ᠬᠠᠭᠠᠨ ᠪᠢᠳᠡᠨ ᠳ᠋ᠦ᠍ ᠵᠡᠪᠰᠡᠭ ᠥᠭᠬᠦ ᠪᠡᠨ ᠪᠣᠯᠢᠭᠠᠳ ᠪᠢᠳᠡᠨ ᠳᠠᠷᠤᠭᠳᠠᠵᠤ ᠤᠯᠤᠰ ᠭᠡᠷ ᠰᠥᠨᠥᠬᠦ ᠳ᠋ᠦ᠍ ᠬᠦᠷᠦᠨ᠎ᠡ ᠭᠡᠯ᠎ᠡ᠃
  ᠊᠊᠊᠊᠊᠊᠊᠊᠊᠊᠊᠊᠊᠊᠊ ᠲᠡᠢᠮᠦ ᠪᠢᠰᠢ᠃ ᠪᠢᠳᠡᠨ ᠦ᠌ ᠪᠢᠴᠢᠭ ᠴᠡᠷᠢᠭ ᠦ᠋ᠨ ᠲᠦᠰᠢᠮᠡᠳ ᠦ᠋ᠨ ᠣᠯᠠᠩᠬᠢ ᠨᠢ ᠲᠡᠭᠡᠵᠦ ᠪᠣᠳᠣᠬᠤ ᠦᠭᠡᠢ ᠪᠠᠢᠬ᠎ᠠ᠃ ᠲᠠ ᠨᠠᠷ ᠪᠣᠳᠣ᠂ ᠪᠢᠳᠡᠨ ᠦ᠌ ᠮᠣᠩᠭᠣᠯ ᠣᠯᠠᠨ ᠠᠢᠮᠠᠭ ᠪᠦᠭᠦᠳᠡᠭᠡᠷ ᠨᠢᠭᠡᠳᠴᠦ ᠪᠦᠷᠢᠨ ᠡᠷᠬᠡ ᠪᠦᠬᠦᠢ ᠤᠯᠤᠰ ᠲᠥᠷᠥ ᠶ᠋ᠢ ᠪᠠᠢᠭᠤᠯᠤᠨ ᠲᠣᠭᠲᠠᠭᠠᠵᠤ᠂ ᠡᠳ᠋ ᠬᠥᠷᠥᠩᠭᠡ ᠬᠦᠴᠦᠨ ᠴᠢᠳᠠᠯ ᠬᠦᠷᠦᠯᠴᠡᠬᠦ ᠦᠭᠡᠢ ᠭᠠᠴᠢᠭᠳᠠᠨ ᠳᠤᠲᠠᠭᠳᠠᠵᠤ ᠮᠣᠬᠣᠭᠰᠠᠨ ᠵᠦᠢᠯ ᠣᠭᠲᠣ ᠦᠭᠡᠢ᠂ ᠬᠠᠷᠢᠨ ᠬᠠᠷ᠎ᠠ ᠴᠡᠷᠢᠭ ᠲᠡᠢ ᠡᠰᠡᠷᠭᠦᠴᠡᠨ ᠲᠤᠯᠵᠤ ᠬᠦᠴᠦᠷᠬᠡᠨ ᠲᠠᠢᠯᠵᠤ ᠬᠠᠷᠢᠶᠠᠲᠤ ᠭᠠᠵᠠᠷ ᠣᠷᠣᠨ ᠢ᠋ ᠪᠦᠷᠢᠨ ᠬᠠᠮᠠᠭᠠᠯᠠᠵᠤ ᠴᠢᠳᠠᠭᠰᠠᠭᠠᠷ ᠪᠠᠢᠨ᠎ᠠ᠃ ᠭᠡᠲᠡᠯ᠎ᠡ ᠨᠢᠭᠡᠨ ᠤᠭᠰᠠᠭ᠎ᠠ ᠲᠥᠷᠥᠯ ᠦ᠋ᠨ ᠥᠪᠥᠷ ᠮᠣᠩᠭᠣᠯ ᠣᠯᠠᠨ ᠴᠢᠭᠤᠯᠭᠠᠨ ᠬᠣᠰᠢᠭᠤ ᠶ᠋ᠢ ᠭᠠᠳᠠᠭᠠᠳᠤ ᠶ᠋ᠢᠨ ᠤᠯᠤᠰ ᠤ᠋ᠨ ᠬᠠᠷᠢᠶᠠᠲᠤ ᠠᠢᠮᠠᠭ ᠮᠣᠵᠢ ᠠᠯᠪᠠᠲᠤ ᠪᠣᠭᠣᠯ ᠪᠣᠯᠭᠠᠨ ᠥᠭᠴᠦ ᠶᠠᠭᠠᠬᠢᠵᠤ ᠪᠣᠯᠬᠤ ᠪᠢᠯᠡ ᠳᠠ ᠭᠡᠵᠦ ᠴᠢᠯᠠᠭᠤᠨ ᠬᠡᠯᠡᠪᠡ᠁
  ᠊᠊᠊᠊᠊᠊᠊᠊᠊᠊᠊᠊᠊᠊᠊ ᠴᠣᠬᠣᠮ ᠦᠨᠡᠨ᠃ ᠡᠪᠦᠭᠡᠳ ᠳᠡᠭᠡᠳᠦᠰ ᠦ᠋ᠨ ᠣᠩᠭᠣᠨ ᠨᠤᠲᠤᠭ ᠢ᠋ ᠬᠥᠮᠦᠨ ᠦ᠌ ᠭᠠᠵᠠᠷ ᠭᠡᠰᠡᠨ ᠪᠣᠯᠠᠢ ᠪᠢᠴᠢᠭ ᠲᠦ᠍ ᠭᠠᠷ ᠤ᠋ᠨ ᠦᠰᠦᠭ ᠵᠢᠷᠤᠭᠰᠠᠨ ᠬᠥᠮᠦᠨ ᠪᠣᠯ ᠥᠴᠦᠬᠡᠨ ᠬᠡᠷᠬᠡᠮ ᠡᠴᠡ ᠦᠶ᠎ᠡ ᠤᠯᠠᠷᠢᠬᠤ ᠨᠡᠷ᠎ᠡ ᠪᠡᠨ ᠬᠤᠳᠠᠯᠳᠤᠭᠰᠠᠨ ᠳᠠᠮᠰᠢᠭ ᠭᠡᠵᠦ ᠲᠠᠷᠵᠠ ᠪᠠᠭᠠᠲᠤᠷ ᠬᠣᠷᠣᠰᠤᠯ ᠲᠠᠢ ᠬᠡᠯᠡᠪᠡ᠃
  ᠊᠊᠊᠊᠊᠊᠊᠊᠊᠊᠊᠊᠊᠊᠊ ᠲᠠ ᠨᠠᠷ ᠲᠥᠷᠥ ᠶ᠋ᠢᠨ ᠪᠣᠳᠣᠯᠭ᠎ᠠ ᠶ᠋ᠢᠨ ᠨᠠᠷᠢᠨ ᠤᠴᠢᠷ ᠢ᠋ ᠮᠡᠳᠡᠬᠦ ᠦᠭᠡᠢ ᠪᠠᠢᠨ᠎ᠠ᠃ ᠭᠡᠷ᠎ᠡ ᠪᠠᠢᠭᠤᠯᠬᠤ ᠨᠢ ᠲᠦᠮᠡᠨ ᠵᠥᠪ ᠭᠡᠵᠦ ᠳᠡᠭᠡᠳᠦᠰ ᠪᠣᠯᠭᠣᠭᠠᠨ ᠲᠠᠭᠠᠯᠠᠭᠰᠠᠨ ᠶᠤᠮ ᠰᠢᠦ᠃ ᠲᠠ ᠨᠠᠷ ᠲᠤ᠌ ᠳᠡᠭᠡᠳᠦᠰ ᠢ᠋ ᠰᠢᠭᠦᠮᠵᠢᠯᠡᠨ ᠬᠡᠯᠡᠯᠴᠡᠬᠦ ᠶᠣᠰᠣ ᠪᠠᠢᠬᠤ ᠦᠭᠡᠢ ᠭᠡᠵᠦ ᠲᠣᠪᠴᠢᠨ ᠰᠢᠷᠪᠢ ᠲᠠᠲᠠᠪᠠ᠃
  ᠊᠊᠊᠊᠊᠊᠊᠊᠊᠊᠊᠊᠊᠊᠊ ᠲᠠ ᠨᠠᠷ ᠰᠢᠭ᠋ ᠥᠨᠥᠳᠥᠷ ᠦ᠋ᠨ ᠥᠭᠡᠬᠦᠨ ᠡᠴᠡ ᠤᠯᠤᠰ ᠲᠥᠷᠥ ᠶ᠋ᠢ ᠬᠤᠳᠠᠯᠳᠤᠬᠤ ᠡᠴᠡ ᠪᠤᠴᠠᠬᠤ ᠦᠭᠡᠢ ᠠᠮᠢᠲᠠᠳ ᠯᠠ ᠳᠡᠭᠡᠳᠦᠰ ᠦ᠋ᠨ ᠲᠣᠯᠣᠭᠠᠢ ᠶ᠋ᠢ ᠡᠷᠭᠢᠭᠦᠯᠵᠦ ᠪᠠᠢᠭᠠᠳ ᠲᠡᠷᠡ ᠨᠣᠪᠰᠢ ᠶ᠋ᠢᠨ ᠭᠡᠷ᠎ᠡ ᠶ᠋ᠢ ᠪᠠᠢᠭᠤᠯᠵᠤ᠂ ᠲᠦᠮᠡᠨ ᠪᠠᠯᠠᠭ ᠲᠠᠷᠢᠭᠰᠠᠨ ᠬᠡᠷᠡᠭ ᠭᠡᠵᠦ ᠲᠠᠷᠵᠠ ᠪᠠᠭᠠᠲᠤᠷ ᠬᠡᠯᠡᠭᠡᠳ ᠲᠣᠪᠴᠢᠨ ᠤᠷᠤᠭᠤ ᠭᠠᠭᠴᠠ ᠬᠤᠷᠤᠭᠤ ᠪᠠᠷ ᠴᠢᠴᠢᠨ ᠵᠠᠨᠤᠪᠠ᠃
  ᠊᠊᠊᠊᠊᠊᠊᠊᠊᠊᠊᠊᠊᠊᠊ ᠲᠠᠷᠵᠠ ᠴᠢ ᠥᠴᠦᠬᠡᠨ ᠭᠠᠪᠢᠶ᠎ᠠ ᠳ᠋ᠠᠭᠠᠨ ᠡᠷᠳᠦᠭᠡᠳ ᠳᠡᠩᠳᠡᠵᠦ ᠪᠠᠢᠨ᠎ᠠ᠃ ᠡᠷᠲᠡ ᠪᠠᠭᠠᠲᠤᠷ ᠭᠠᠩ ᠵᠢᠳᠠ ᠪᠠᠷ ᠳᠡᠢᠯᠦᠭᠡ ᠦᠭᠡᠢ ᠶᠠᠭᠤᠮ᠎ᠠ ᠶ᠋ᠢ ᠡᠷᠳᠡᠮ ᠲᠡᠢ ᠮᠡᠷᠭᠡᠳ ᠬᠤᠯᠤᠰᠤᠨ ᠪᠢᠷ ᠢ᠋ᠶ᠋ᠡᠷ ᠳᠡᠢᠯᠦᠨ᠎ᠡ ᠭᠡᠰᠡᠨ ᠶᠤᠮ ᠰᠢᠦ ᠭᠡᠵᠦ ᠲᠣᠪᠴᠢᠨ ᠬᠡᠳᠦᠨ ᠵᠢᠯ ᠦ᠋ᠨ ᠡᠮᠦᠨ᠎ᠡ ᠴᠠᠬᠠᠷ ᠬᠤᠭᠤᠷᠴᠢ ᠡᠴᠡ ᠰᠣᠨᠣᠰᠤᠭᠰᠠᠨ ᠦᠭᠡ ᠪᠡᠨ ᠬᠡᠯᠡᠵᠦ ᠣᠷᠬᠢᠪᠠ᠃
  ᠊᠊᠊᠊᠊᠊᠊᠊᠊᠊᠊᠊᠊᠊᠊ ᠮᠤᠤᠰᠠᠢᠨ ᠲᠥᠷᠥ ᠶ᠋ᠢ ᠬᠤᠳᠠᠯᠳᠤᠭᠴᠢᠳ ᠭᠡᠵᠦ ᠬᠠᠰᠬᠢᠷᠤᠭᠠᠳ ᠰᠦᠷᠡᠬᠡᠢ ᠰᠣᠭᠲᠣᠭᠰᠠᠨ ᠲᠠᠷᠵᠠ ᠨᠢᠳᠤᠷᠭ᠎ᠠ ᠪᠠᠨ ᠰᠢᠮᠠᠯᠠᠪᠠ᠃
  ᠊᠊᠊᠊᠊᠊᠊᠊᠊᠊᠊᠊᠊᠊᠊ ᠲᠥᠷᠥ ᠶ᠋ᠢᠨ ᠲᠥᠯᠥᠭᠡ ᠣᠭᠣᠲᠣᠨ᠎ᠠ ᠭᠡᠵᠦ ᠲᠠ ᠨᠠᠷ ᠶᠠᠭᠠᠬᠢᠬᠤ ᠨᠢ ᠪᠣᠢ᠃ ᠵᠠ ᠣᠳᠣ ᠳᠠᠭᠤᠤ ᠪᠠᠷᠢᠵᠠᠭᠠᠶ᠎ᠠ ᠭᠡᠳ ᠭᠡᠷᠡᠯ ᠬᠥᠭᠵᠢᠯᠲᠡᠢ ᠢᠨᠢᠶᠡᠭᠰᠡᠨ ᠢ᠋ᠶ᠋ᠡᠨ᠂ 《ᠡᠷᠳᠡᠨᠢ ᠶ᠋ᠢᠨ ᠳᠠᠭᠤᠤ ᠶ᠋ᠢ ᠰᠣᠨᠣᠰᠤᠮᠠᠷ ᠪᠠᠢᠨ᠎ᠠ》 ᠭᠡᠵᠦ ᠡᠷᠳᠡᠨᠢ ᠤᠷᠤᠭᠤ ᠬᠠᠷᠠᠨ ᠤᠷᠲᠤ ᠰᠣᠷᠮᠤᠤᠰᠤᠲᠠᠢ ᠨᠢᠳᠦ ᠪᠡᠨ ᠴᠠᠪᠴᠢᠯᠠᠪᠠ᠃
  ᠲᠣᠪᠴᠢᠨ᠂ ᠲᠠᠷᠵᠠ ᠬᠣᠶᠠᠷ ᠤ᠋ᠨ ᠬᠡᠷᠡᠭᠦᠯ ᠵᠣᠭᠰᠣᠵᠤ ᠡᠷᠳᠡᠨᠢ᠂ 《ᠡᠪᠦᠭᠡᠨ ᠰᠢᠪᠠᠭᠤ》 ᠭᠡᠳᠡᠭ ᠳᠠᠭᠤᠤ ᠶ᠋ᠢ ᠳᠠᠭᠤᠯᠠᠪᠠ᠃
  ᠳᠠᠬᠢᠨ ᠨᠢᠭᠡ ᠲᠠᠪᠠᠭ ᠬᠣᠭᠣᠯᠠ ᠠᠪᠴᠢᠷᠠᠵᠤ ᠥᠭᠬᠦ ᠳ᠋ᠦ᠍ ᠢᠲᠡᠭᠡᠯᠲᠦ ᠠᠮᠰᠠᠵᠤ ᠦᠵᠡᠭᠰᠡᠨ ᠢ᠋ᠶ᠋ᠡᠨ 《ᠡᠷᠳᠡᠨᠢ᠂ ᠨᠥᠭᠦᠭᠡ ᠵᠢᠨᠠᠨ ᠬᠣᠲᠠ ᠶ᠋ᠢᠨ ᠶᠡᠬᠡ ᠠᠰᠠᠷ ᠲᠤ᠌ ᠢᠳᠡᠭᠰᠡᠨ ᠬᠣᠭᠣᠯᠠ ᠮᠥᠨ ᠪᠠᠢᠨ᠎ᠠ》 ᠭᠡᠯ᠎ᠡ᠃
  ᠡᠨᠡ ᠢᠲᠡᠭᠡᠯᠲᠦ ᠰᠠᠶᠢᠬᠠᠨ ᠪᠠᠶᠠᠵᠢᠭᠰᠠᠨ ᠶᠤᠮ ᠭᠡᠳᠡᠭ᠃ ᠯᠠᠪ ᠨᠠᠮᠢ᠋ᠢ ᠳᠠᠪᠠᠵᠤ ᠪᠠᠢᠬᠤ ᠰᠢᠭ᠋᠃ ᠬᠡᠳᠦᠢ ᠳ᠋ᠡᠭᠡᠨ ᠡᠢᠮᠦ ᠶᠡᠬᠡ ᠭᠠᠵᠠᠷ ᠶᠠᠪᠤᠪᠠ ᠭᠡᠵᠦ ᠳᠡ᠃ ᠶᠠᠭᠤ ᠴᠤ᠌ ᠭᠡᠰᠡᠨ ᠰᠣᠷᠢᠵᠤ ᠦᠵᠡᠶ᠎ᠡ ᠭᠡᠵᠦ ᠪᠣᠳᠣᠭᠠᠳ ᠭᠡᠷ ᠦ᠋ᠨ ᠡᠵᠡᠨ ᠭᠠᠷᠤᠯ᠎ᠠ᠃
  ᠭᠡᠷᠡᠯ ᠭᠤᠶᠤᠵᠤ ᠡᠷᠳᠡᠨᠢ ᠶ᠋ᠢ ᠳᠠᠭᠤᠯᠠᠭᠤᠯᠤᠭᠰᠠᠨ ᠨᠢ ᠵᠥᠪᠬᠡᠨ ᠲᠡᠭᠦᠨ ᠦ᠌ ᠰᠠᠢᠬᠠᠨ ᠬᠣᠭᠣᠯᠠᠢ ᠶ᠋ᠢ ᠰᠣᠨᠣᠰᠤᠶ᠎ᠠ ᠭᠡᠰᠡᠨ ᠬᠦᠰᠡᠯ ᠪᠢᠰᠢ ᠪᠢᠯᠡ᠃ ᠡᠨᠡ ᠪᠦᠳᠦᠭᠦᠨ ᠭᠡᠵᠢᠭᠡ ᠲᠡᠢ ᠥᠳᠬᠡᠨ ᠬᠥᠮᠥᠰᠬᠡ᠂ ᠥᠷᠭᠡᠨ ᠮᠠᠩᠨᠠᠢ ᠲᠠᠢ ᠪᠣᠷᠣ ᠬᠠᠷ᠎ᠠ ᠬᠥᠮᠦᠨ ᠨᠢᠳᠦᠨ ᠳ᠋ᠦ᠍ᠨᠢ ᠲᠤᠰᠤᠭᠰᠠᠨ ᠡᠴᠡ ᠬᠣᠢᠰᠢ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠨᠢ ᠪᠣᠯᠵᠠᠢ᠃ ᠡᠬᠡᠨᠡᠷ ᠬᠥᠮᠦᠨ ᠦ᠌ ᠬᠤᠪᠢ ᠳ᠋ᠤ᠌ ᠬᠦᠨᠳᠦ ᠴᠢᠮᠡᠭᠯᠡᠯ ᠨᠠᠢᠷ ᠲᠤ᠌ ᠤᠳᠠᠭᠠᠨ ᠰᠠᠭᠤᠬᠤ ᠳ᠋ᠤ᠌ ᠬᠠᠮᠤᠭ ᠤ᠋ᠨ ᠠᠳᠠᠭ ᠤ᠋ᠨ ᠲᠠᠮᠤ ᠪᠠᠢᠳᠠᠭ᠃ ᠭᠡᠲᠡᠯ᠎ᠡ ᠥᠨᠥᠳᠥᠷ ᠭᠡᠷᠡᠯ ᠳ᠋ᠦ᠍ ᠲᠡᠢᠮᠦ ᠪᠢᠰᠢ ᠪᠠᠢᠪᠠ᠃ ᠡᠷᠳᠡᠨᠢ ᠶ᠋ᠢ ᠬᠠᠷᠠᠬᠤ ᠪᠦᠷᠢ ᠰᠢᠨ᠎ᠡ ᠰᠢᠨ᠎ᠡ ᠭᠣᠶᠣ ᠵᠦᠢᠯ ᠨᠢᠳᠦᠨ ᠳ᠋ᠦ᠍ᠨᠢ ᠲᠤᠰᠬᠤ ᠠᠵᠢ᠃
  ᠭᠡᠷᠡᠯ ᠪᠣᠰᠴᠤ ᠡᠷᠳᠡᠨᠢ ᠶ᠋ᠢᠨ ᠳᠡᠷᠭᠡᠳᠡ ᠢᠷᠡᠵᠦ ᠰᠠᠭᠤᠭᠠᠳ 《ᠲᠠ ᠳᠠᠭᠤᠯᠠ ᠯᠠ ᠳᠠ᠃ ᠭᠠᠢᠭᠤᠢ ᠰᠢᠦ ᠳᠡ》 ᠭᠡᠵᠦ ᠱᠠᠯᠠᠭᠰᠠᠭᠠᠷ ᠳᠠᠬᠢᠨ ᠬᠣᠶᠠᠷ ᠤᠳᠠᠭ᠎ᠠ ᠳᠠᠭᠤᠯᠠᠭᠤᠯᠪᠠ᠃
  ᠊᠊᠊᠊᠊᠊᠊᠊᠊᠊᠊᠊᠊᠊᠊᠊᠊᠊᠊᠊᠊ ᠪᠢ ᠰᠦᠷᠡᠬᠡᠢ ᠰᠣᠭᠲᠣᠯ᠎ᠠ᠃ ᠪᠠᠰᠠ ᠲᠣᠯᠣᠭᠠᠢ ᠪᠠᠬᠠᠨ ᠡᠪᠡᠳᠴᠦ ᠪᠠᠢᠨ᠎ᠠ ᠭᠡᠳ ᠭᠡᠷᠡᠯ ᠪᠣᠰᠪᠠ᠃
  ᠊᠊᠊᠊᠊᠊᠊᠊᠊᠊᠊᠊᠊᠊᠊᠊᠊᠊᠊᠊᠊᠊᠊ ᠪᠢ ᠬᠠᠮᠲᠤ ᠭᠠᠷᠤᠶ᠎ᠠ ᠭᠡᠳ ᠲᠣᠪᠴᠢᠨ ᠪᠣᠰᠪᠠ᠃
  ᠊᠊᠊᠊᠊᠊᠊᠊᠊᠊᠊᠊᠊᠊᠊᠊᠊᠊᠊᠊᠊᠊᠊ ᠴᠢ ᠰᠠᠭᠤᠵᠤ ᠪᠠᠢ ᠭᠡᠳ ᠲᠣᠪᠴᠢᠨ ᠢ᠋ ᠬᠦᠢᠲᠡᠨ ᠨᠢᠳᠦ ᠪᠡᠷ ᠰᠢᠷᠪᠢᠭᠰᠡᠨ ᠢ᠋ᠶ᠋ᠡᠨ ᠡᠷᠳᠡᠨᠢ ᠳ᠋ᠦ᠍ ᠬᠠᠨᠳᠤᠵᠤ 《ᠲᠠ ᠨᠠᠮᠢ᠋ᠢ ᠰᠠᠯᠬᠢᠨ ᠳ᠋ᠤ᠌ ᠭᠠᠷᠭᠠᠭᠠᠳ ᠦᠭᠭᠦᠭᠡᠴᠢ》 ᠭᠡᠵᠦ ᠨᠢᠳᠦ ᠪᠡᠷ ᠢ᠋ᠶ᠋ᠡᠨ ᠲᠣᠭᠯᠠᠨ ᠢᠨᠢᠶᠡᠮᠰᠦᠭᠯᠡᠵᠦ ᠬᠡᠯᠡᠪᠡ᠃
  《ᠴᠢ ᠰᠠᠭᠤᠵᠤ ᠪᠠᠢ》 ᠭᠡᠵᠦ ᠲᠣᠪᠴᠢᠨ ᠳ᠋ᠤ᠌ ᠬᠡᠯᠡᠬᠦ ᠳ᠋ᠦ᠍ ᠭᠡᠷᠡᠯ ᠢ᠋ ᠬᠠᠷᠠᠭᠰᠠᠨ ᠬᠥᠮᠦᠨ ᠪᠠᠷᠰ ᠰᠢᠭ᠋ ᠲᠣᠭᠰᠢᠨ ᠬᠡᠦᠬᠡᠨ ᠪᠣᠯᠤᠯᠲᠠᠢ ᠭᠡᠵᠦ ᠪᠣᠳᠣᠵᠤ ᠪᠠᠢᠭᠰᠠᠨ ᠪᠣᠯ 《ᠲᠠ ᠨᠠᠮᠢ᠋ᠢ ᠰᠠᠯᠬᠢᠨ ᠳ᠋ᠤ᠌ ᠭᠠᠷᠭᠠᠭᠠᠳ ᠦᠭᠭᠦᠭᠡᠴᠢ》 ᠭᠡᠵᠦ ᠡᠷᠳᠡᠨᠢ ᠡᠴᠡ ᠭᠤᠶᠤᠬᠤ ᠳ᠋ᠤᠨᠢ ᠭᠡᠷᠡᠯ ᠦ᠋ᠨ ᠨᠢᠭᠤᠷ ᠲᠤ᠌ ᠠᠷᠴᠠᠭ᠎ᠠ ᠦᠭᠡᠢ ᠡᠮᠡᠭᠲᠡᠢ ᠬᠥᠮᠦᠨ ᠦ᠌ ᠵᠥᠭᠡᠯᠡᠨ ᠰᠡᠳᠬᠢᠯ ᠲᠣᠳᠣᠷᠠᠵᠤ ᠪᠠᠢᠯ᠎ᠠ᠃
  ᠡᠷᠳᠡᠨᠢ ᠶᠠᠭᠠᠬᠢᠬᠤ ᠪᠠᠨ ᠮᠠᠲᠠᠯ ᠦᠭᠡᠢ ᠭᠠᠢᠬᠠᠨ ᠪᠠᠢᠲᠠᠯ᠎ᠠ ᠢᠲᠡᠭᠡᠯᠲᠦ ᠨᠢᠳᠦ ᠪᠡᠷ ᠢ᠋ᠶ᠋ᠡᠨ ᠭᠠᠷᠬᠤ ᠳᠣᠬᠢᠶ᠎ᠠ ᠥᠭᠪᠡ᠃ ᠵᠠᠯᠠᠭᠤ ᠡᠬᠡᠨᠡᠷ ᠦ᠋ᠨ ᠢ᠋ᠶ᠋ᠡᠨ ᠬᠡᠯᠡᠭᠰᠡᠨ ᠢ᠋ ᠲᠩᠷᠢ ᠶ᠋ᠢᠨ ᠵᠠᠷᠯᠢᠭ ᠭᠡᠵᠦ ᠪᠣᠳᠣᠳᠠᠭ ᠲᠣᠪᠴᠢᠨ ᠴᠤ᠌ ᠡᠬᠡᠨᠡᠷ ᠢ᠋ ᠨᠢ ᠰᠠᠯᠬᠢᠨ ᠳ᠋ᠤ᠌ ᠭᠠᠷᠭᠠᠵᠤ ᠥᠭᠬᠦ ᠶ᠋ᠢ ᠬᠦᠰᠡᠪᠡ᠃
  ᠡᠷᠳᠡᠨᠢ ᠳᠠᠭᠤ ᠦᠭᠡᠢ ᠪᠣᠰᠤᠭᠠᠳ ᠭᠠᠷᠬᠤ ᠳ᠋ᠤ᠌ ᠭᠡᠷᠡᠯ ᠬᠡᠦᠬᠡᠨ ᠳᠠᠭᠠᠵᠤ ᠭᠠᠷᠤᠯ᠎ᠠ᠃
  ᠊᠊᠊᠊᠊᠊᠊᠊᠊᠊᠊᠊᠊᠊᠊᠊᠊᠊᠊᠊᠊᠊᠊᠊᠊᠊ ᠰᠠᠢᠬᠠᠨ ᠰᠥᠨᠢ ᠠ᠋ ᠭᠡᠵᠦ ᠭᠡᠷᠡᠯ ᠬᠡᠯᠡᠭᠡᠳ ᠡᠷᠳᠡᠨᠢ ᠥᠭᠡᠳᠡ ᠬᠠᠷᠠᠯ᠎ᠠ᠃
  ᠊᠊᠊᠊᠊᠊᠊᠊᠊᠊᠊᠊᠊᠊᠊᠊᠊᠊᠊᠊᠊᠊᠊᠊᠊᠊᠊ ᠤᠲᠤᠭ᠎ᠠ ᠨᠢ ᠬᠠᠮᠠᠷ ᠬᠣᠷᠣᠰᠬᠠᠭᠠᠳ ᠣᠯᠢᠭ ᠲᠠᠢ ᠶᠠᠭᠤᠮ᠎ᠠ ᠠᠯᠠᠭ᠎ᠠ᠃
  ᠊᠊᠊᠊᠊᠊᠊᠊᠊᠊᠊᠊᠊᠊᠊᠊᠊᠊᠊᠊᠊᠊᠊᠊᠊᠊᠊ ᠲᠡᠷᠡ ᠴᠤ᠌ ᠲᠡᠭᠷᠢ ᠶ᠋ᠢᠨ ᠪᠤᠷᠤᠭᠤ ᠪᠢᠰᠢ᠃ ᠬᠦᠷᠢᠶᠡᠨ ᠦ᠌ ᠪᠤᠷᠤᠭᠤ ᠰᠢᠦ ᠳᠡ ᠭᠡᠳ ᠭᠡᠷᠡᠯ ᠢᠨᠢᠶᠡᠪᠡ᠃
  ᠶᠠᠮᠠᠷ ᠠᠢᠬᠤᠪᠲᠤᠷ ᠦᠭᠡ ᠲᠡᠢ ᠬᠡᠦᠬᠡᠨ ᠪᠣᠢ᠃ ᠴᠡᠴᠡ ᠪᠤᠯᠢᠶᠠᠯᠳᠤᠬᠤ ᠶᠤᠮ ᠪᠣᠯ ᠪᠢ ᠰᠠᠪᠠ ᠶ᠋ᠢ ᠴᠢᠨᠢ ᠬᠣᠭᠣᠰᠣᠨ ᠪᠤᠴᠠᠭᠠᠬᠤ ᠦᠭᠡᠢ ᠰᠢᠦ ᠭᠡᠵᠦ ᠡᠷᠳᠡᠨᠢ ᠪᠣᠳᠣᠭᠠᠳ ᠶᠣᠵᠣᠲᠠᠢ ᠢᠨᠢᠶᠡᠮᠰᠦᠭᠯᠡᠭᠰᠡᠨ ᠢ᠋ᠶ᠋ᠡᠨ 《ᠲᠠᠨ ᠢ᠋ ᠤᠲᠤᠭᠠᠨ ᠳᠡᠭᠡᠷ᠎ᠡ ᠨᠢ ᠰᠠᠭᠤᠵᠤ ᠪᠠᠢᠭᠠᠳ ᠰᠥᠨᠢ ᠶ᠋ᠢ ᠨᠢ ᠭᠠᠢᠬᠠᠵᠤ ᠪᠠᠢᠭ᠎ᠠ ᠶ᠋ᠢ ᠮᠡᠳᠡᠭᠰᠡᠨ ᠦᠭᠡᠢ》 ᠭᠡᠯ᠎ᠡ᠃
  ᠭᠡᠷᠡᠯ ᠣᠢᠷᠠᠲᠤᠵᠤ ᠣᠴᠢᠭᠠᠳ ᠵᠣᠭᠰᠣᠬᠤ ᠳ᠋ᠤᠨᠢ ᠡᠷᠳᠡᠨᠢ ᠦᠯᠦ ᠮᠡᠳᠡᠭ ᠵᠠᠢᠯᠠᠪᠠ᠃
  ᠊᠊᠊᠊᠊᠊᠊᠊᠊᠊᠊᠊᠊᠊᠊᠊᠊᠊᠊᠊᠊᠊᠊᠊᠊᠊᠊ ᠲᠣᠯᠣᠭᠠᠢ ᠡᠷᠭᠢᠭᠡᠳ ᠪᠠᠢᠨ᠎ᠠ᠃ ᠪᠢ ᠪᠤᠰᠤᠳ ᠬᠥᠮᠦᠨ ᠲᠡᠢ ᠠᠳᠠᠯᠢ ᠬᠥᠮᠦᠨ ᠬᠠᠵᠠᠳᠠᠭ ᠦᠭᠡᠢ᠃ ᠪᠢᠲᠡᠭᠡᠢ ᠠᠶᠤ ᠭᠡᠳ ᠭᠡᠷᠡᠯ ᠨᠠᠢᠭᠤᠨ ᠡᠷᠳᠡᠨᠢ ᠡᠴᠡ ᠲᠦᠰᠢᠵᠦ ᠠᠪᠤᠯ᠎ᠠ᠃
  ᠶᠠᠮᠠᠷ ᠭᠠᠯᠵᠠᠭᠤ ᠬᠡᠦᠬᠡᠨ ᠪᠣᠢ᠃ ᠠᠯᠢ ᠡᠰᠡᠬᠦᠯ᠎ᠡ ᠡᠢᠮᠦ ᠶᠡᠬᠡ ᠰᠣᠭᠲᠣᠭᠰᠠᠨ ᠶᠤᠮ ᠤᠤ ᠭᠡᠵᠦ ᠡᠷᠳᠡᠨᠢ ᠪᠣᠳᠣᠪᠠ᠃ ᠭᠡᠷᠡᠯ ᠲᠣᠯᠣᠭᠠᠢ ᠶ᠋ᠢᠨ ᠢ᠋ᠶ᠋ᠡᠨ ᠬᠡᠷᠡᠭᠯᠡᠯ ᠢ᠋ᠶ᠋ᠡᠷ ᠡᠷᠳᠡᠨᠢ ᠶ᠋ᠢ ᠤᠯᠠᠮ ᠰᠢᠬᠠᠨ ᠨᠠᠯᠠᠪᠠ᠃
  ᠊᠊᠊᠊᠊᠊᠊᠊᠊᠊᠊᠊᠊᠊᠊᠊᠊᠊᠊᠊᠊᠊᠊᠊᠊᠊ ᠲᠠ ᠶᠡᠬᠡ ᠰᠣᠭᠲᠣᠵᠤ ᠰᠢᠦ᠃
  ᠊᠊᠊᠊᠊᠊᠊᠊᠊᠊᠊᠊᠊᠊᠊᠊᠊᠊᠊᠊᠊᠊᠊᠊᠊᠊ ᠪᠢ ᠰᠣᠭᠲᠣᠵᠤ ᠭᠡᠵᠦ ᠤᠤ? ᠬᠠᠴᠠᠷ ᠠ᠋ᠴᠠ ᠮᠢᠨᠢ ᠭᠠᠯ ᠪᠤᠲᠠᠷᠠᠭᠠᠳ ᠪᠠᠢᠨ᠎ᠠ᠃ ᠲᠠ ᠪᠠᠷᠢᠭᠠᠳ ᠦᠵᠡ ᠯᠡ ᠳᠡ᠃
  ᠊᠊᠊᠊᠊᠊᠊᠊᠊᠊᠊᠊᠊᠊᠊᠊᠊᠊᠊᠊᠊᠊᠊᠊᠊᠊ ᠵᠦᠭᠡᠷ ᠵᠦᠭᠡᠷ᠃
  ᠊᠊᠊᠊᠊᠊᠊᠊᠊᠊᠊᠊᠊᠊᠊᠊᠊᠊᠊᠊᠊᠊᠊᠊᠊᠊᠊ ᠭᠠᠷ ᠴᠢᠨᠢ ᠬᠦᠢᠲᠡᠨ ᠪᠠᠢᠬ᠎ᠠ᠂ ᠪᠠᠷᠢᠭᠠᠳ ᠦᠭᠭᠦᠭᠡᠴᠢ ᠭᠡᠵᠦ ᠭᠡᠷᠡᠯ ᠬᠡᠯᠡᠬᠦ ᠳ᠋ᠦ᠍ ᠲᠡᠭᠦᠨ ᠦ᠌ ᠳᠠᠭᠤᠨ ᠳ᠋ᠤ᠌ ᠦᠨᠡᠨ ᠰᠡᠳᠬᠢᠯ ᠦ᠋ᠨ ᠠᠷᠴᠠᠭ᠎ᠠ ᠦᠭᠡᠢ ᠭᠤᠶᠤᠯᠲᠠ ᠶ᠋ᠢᠨ ᠥᠩᠭᠡ ᠢᠯᠡ ᠪᠠᠢᠪᠠ᠃
  ᠡᠷᠳᠡᠨᠢ ᠥᠪᠡᠷ ᠢ᠋ᠶ᠋ᠡᠨ ᠪᠦᠷᠢᠨ ᠤᠬᠠᠮᠰᠠᠷᠠᠭ᠎ᠠ ᠦᠭᠡᠢ ᠪᠥᠭᠡᠳ ᠡᠷᠡᠰ ᠰᠣᠴᠢᠮᠠᠭ ᠢ᠋ᠶ᠋ᠠᠷ ᠭᠡᠷᠡᠯ ᠦ᠋ᠨ ᠬᠠᠴᠠᠷ ᠢ᠋ ᠪᠠᠷᠢᠯ᠎ᠠ᠃
  ᠭᠡᠷᠡᠯ ᠦ᠋ᠨ ᠰᠡᠳᠬᠢᠯ ᠳᠠᠭᠤᠯᠠᠵᠤ᠂ ᠲᠡᠷᠡ ᠠᠶᠠᠯᠭᠤ ᠨᠢ ᠨᠢᠭᠤᠷ ᠲᠤᠨᠢ ᠪᠠᠳᠠᠷᠠᠨ ᠪᠠᠶᠠᠷ ᠲᠠᠭᠠᠨ ᠰᠣᠭᠲᠣᠭᠤᠷᠠᠵᠤ ᠪᠠᠢᠯ᠎ᠠ᠃ ᠭᠡᠷᠡᠯ ᠤᠭ ᠠ᠋ᠴᠠ ᠠᠷᠢᠬᠢ ᠤᠤᠭᠤᠳᠠᠭ ᠪᠣᠯᠪᠠᠴᠤ ᠥᠨᠥ ᠣᠷᠣᠢ ᠬᠣᠶᠠᠷ ᠬᠤᠨᠳᠠᠭ᠎ᠠ ᠠᠷᠢᠬᠢ ᠤᠤᠭᠤᠵᠤ ᠦᠨᠡᠬᠡᠷ ᠴᠦ ᠰᠦᠷᠡᠬᠡᠢ ᠰᠣᠭᠲᠣᠵᠠᠢ᠃
  ᠡᠷᠳᠡᠨᠢ ᠶ᠋ᠢᠨ ᠭᠠᠷ ᠬᠠᠴᠠᠷ ᠳᠡᠭᠡᠷ᠎ᠡ ᠨᠢ ᠪᠠᠢᠬᠤ ᠳ᠋ᠤ᠌ ᠴᠢᠩᠭ᠎ᠠ ᠴᠤ᠌ ᠠᠮᠢᠰᠬᠤᠭᠠᠯᠠᠵᠤ ᠴᠢᠳᠠᠬᠤ ᠦᠭᠡᠢ ᠪᠠᠢᠪᠠ᠃ ᠢᠩᠭᠢᠭᠡᠳ ᠬᠡᠳᠦᠨ ᠵᠢᠯ ᠴᠤ᠌ ᠵᠣᠭᠰᠣᠵᠤ ᠪᠣᠯᠤᠮᠠᠷ ᠰᠠᠨᠠᠭᠳᠠᠵᠤ ᠪᠠᠢᠲᠠᠯ᠎ᠠ ᠭᠠᠷ ᠬᠠᠴᠠᠷ ᠠ᠋ᠴᠠ ᠨᠢ ᠰᠠᠯᠬᠤ ᠳ᠋ᠤ᠌ ᠤᠷᠲᠤ ᠭᠡᠭᠴᠢ ᠶ᠋ᠢᠨ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊᠊᠊᠊᠊᠊᠊᠊᠊᠊᠊᠊᠊ ᠵᠠ ᠣᠷᠣᠶ᠎ᠠ ᠭᠡᠵᠦ ᠡᠷᠳᠡᠨᠢ ᠣᠭᠵᠣᠮ ᠬᠥᠨᠳᠡᠢ ᠳᠠᠭᠤ ᠪᠠᠷ ᠬᠡᠯᠡᠬᠦ ᠳ᠋ᠦ᠍ ᠭᠡᠷᠡᠯ ᠲᠣᠯᠣᠭᠠᠢ ᠰᠡᠭᠰᠦᠷᠪᠡ᠃
  ᠭᠡᠷᠡᠯ ᠡᠮᠡᠭᠲᠡᠢ ᠬᠥᠮᠦᠨ ᠦ᠌ ᠬᠢᠵᠦ ᠴᠢᠳᠠᠬᠤ ᠪᠦᠬᠦᠨ ᠢ᠋ ᠬᠢᠷᠢ ᠬᠡᠮᠵᠢᠶ᠎ᠡ ᠡᠴᠡ ᠨᠢ ᠬᠡᠲᠦᠷᠡᠭᠦᠯᠵᠦ ᠪᠠᠢᠭᠠᠳ ᠬᠢᠭᠰᠡᠨ ᠪᠢᠯᠡ᠃ ᠭᠡᠪᠡᠴᠦ ᠡᠷᠳᠡᠨᠢ ᠶ᠋ᠢᠨ ᠬᠠᠲᠠᠭᠤ ᠬᠠᠳᠠᠨ ᠰᠡᠳᠬᠢᠯ ᠢ᠋ ᠡᠪᠳᠡᠵᠦ ᠵᠢᠷᠦᠬᠡᠨ ᠳ᠋ᠦ᠍ᠨᠢ ᠣᠷᠣᠵᠤ ᠴᠢᠳᠠᠭᠰᠠᠨ ᠦᠭᠡᠢ ᠳ᠋ᠡᠭᠡᠨ ᠭᠣᠮᠣᠳᠠᠵᠤ ᠳᠠᠬᠢᠭᠠᠳ ᠶᠠᠭᠠᠬᠢᠬᠤ ᠪᠠᠨ ᠴᠤ᠌ ᠮᠡᠳᠡᠬᠦ ᠦᠭᠡᠢ ᠳᠡᠮᠡᠢ ᠯᠡ ᠭᠠᠵᠠᠷ ᠱᠠᠭᠠᠢᠨ ᠰᠠᠨᠠᠭ᠎ᠠ ᠠᠯᠳᠠᠪᠠ᠃
  ᠡᠨᠡ ᠦᠶ᠎ᠡ ᠳ᠋ᠦ᠍ ᠭᠠᠯ ᠤ᠋ᠨ ᠭᠡᠷ ᠡᠴᠡ ᠭᠡᠷ ᠦ᠋ᠨ ᠡᠵᠡᠨ ᠦ᠌ ᠶᠠᠷᠢᠬᠤ ᠳᠠᠭᠤᠨ ᠰᠣᠨᠣᠰᠤᠭᠳᠠᠪᠠ᠃
  ᠲᠡᠷᠡ ᠠᠭᠤᠰᠬᠢ ᠡᠴᠡ ᠬᠦᠷᠲᠡᠯ᠎ᠡ ᠬᠢᠵᠦ ᠣᠷᠭᠢ᠂ ᠲᠡᠭᠡᠭᠡᠳ ᠬᠠᠮᠢᠭ᠎ᠠ ᠢᠳᠡᠭᠰᠡᠨ ᠭᠡᠵᠦ ᠵᠠᠯᠠᠬᠤ ᠶ᠋ᠢ ᠨᠢ ᠰᠣᠨᠣᠰᠤᠶ᠎ᠠ ᠭᠡᠳ ᠢᠨᠢᠶᠡᠬᠦ ᠳ᠋ᠦ᠍ 《ᠪᠣᠯᠤᠨ᠎ᠠ᠂ ᠪᠣᠯᠤᠨ᠎ᠠ》 ᠭᠡᠵᠦ ᠮᠠᠭᠤ ᠮᠣᠩᠭᠣᠯ ᠬᠡᠯᠡ ᠲᠡᠢ ᠬᠢᠲᠠᠳ ᠬᠥᠮᠦᠨ ᠬᠠᠷᠢᠭᠤᠯᠪᠠ᠃
  ᠡᠷᠳᠡᠨᠢ ᠡᠨᠡ ᠦᠭᠡ ᠶ᠋ᠢ ᠲᠣᠳᠣᠷᠬᠠᠢ ᠰᠣᠨᠣᠰᠴᠤ ᠪᠦᠬᠦ ᠤᠴᠢᠷ ᠢ᠋ ᠮᠡᠳᠡᠯ᠎ᠡ᠃ ᠬᠠᠷᠢᠨ ᠭᠡᠷᠡᠯ ᠦ᠋ᠨ ᠴᠢᠬᠢᠨ ᠳ᠋ᠦ᠍ ᠬᠡᠳᠡᠭᠡᠨ᠎ᠡ ᠶ᠋ᠢᠨ ᠳᠠᠭᠤ ᠰᠢᠭ᠋ ᠳᠦᠩᠭᠢᠨᠡᠨ ᠰᠣᠨᠣᠰᠳᠠᠵᠠᠢ᠃
   ᠊᠊᠊᠊᠊᠊᠊᠊᠊᠊᠊᠊᠊᠊᠊᠊᠊᠊᠊᠊᠊᠊᠊᠊᠊᠊᠊ ᠣᠷᠣᠶ᠎ᠠ ᠭᠡᠳ ᠡᠷᠳᠡᠨᠢ ᠭᠡᠷ ᠦ᠋ᠨ ᠵᠦᠭ ᠶᠠᠪᠤᠬᠤ ᠳ᠋ᠤ᠌ ᠭᠡᠷᠡᠯ ᠬᠣᠢᠨ᠎ᠠ ᠠ᠋ᠴᠠ ᠨᠢ ᠰᠠᠨᠠᠭ᠎ᠠ ᠠᠯᠲᠠᠨ ᠭᠣᠮᠣᠳᠠᠯ ᠲᠠᠢ ᠬᠠᠷᠠᠭᠰᠠᠭᠠᠷ ᠬᠡᠯᠲᠦᠷᠢᠪᠡ᠃
  ᠡᠷᠳᠡᠨᠢ ᠭᠡᠷᠡᠯ ᠬᠣᠶᠠᠷ ᠢ᠋ ᠣᠷᠣᠭᠰᠠᠨ ᠠ᠋ᠴᠠ ᠬᠣᠢᠰᠢ ᠤᠳᠠᠭᠰᠠᠨ ᠴᠤ᠌ ᠦᠭᠡᠢ ᠰᠢᠨ᠎ᠡ ᠬᠣᠭᠣᠯᠠ ᠣᠷᠣᠵᠤ ᠢᠷᠡᠯ᠎ᠡ᠃
   ᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠣᠭᠣᠯᠠ ᠶ᠋ᠢ ᠮᠠᠨᠵᠤ ᠶ᠋ᠢᠨ ᠬᠠᠭᠠᠨ ᠶᠡᠬᠡ ᠲᠠᠭᠠᠯᠠᠵᠤ ᠪᠠᠢᠭᠰᠠᠨ ᠭᠡᠳᠡᠭ᠃ ᠡᠨᠡ ᠪᠣᠯ ᠭᠣᠢᠳᠠ ᠠᠮᠲᠠᠲᠠᠢ ᠶᠠᠭᠤᠮ᠎ᠠ ᠪᠢᠰᠢ ᠰᠢᠭ ᠰᠠᠨᠠᠭᠳᠠᠳᠠᠭ᠃ ᠪᠣᠳᠣᠪᠠᠯ ᠨᠥᠭᠦᠭᠡ ᠦᠬᠡᠷ ᠰᠢᠬᠢᠷ ᠦ᠋ᠨ ᠠᠮᠲᠠ ᠮᠡᠳᠡᠳᠡᠭ ᠦᠭᠡᠢ ᠭᠡᠳᠡᠭ ᠪᠣᠯᠵᠤ ᠪᠠᠢᠬ᠎ᠠ ᠳᠠ ᠭᠡᠵᠦ ᠭᠡᠷ ᠦ᠋ᠨ ᠡᠵᠡᠨ ᠬᠡᠯᠡᠭᠡᠳ ᠬᠣᠰᠢᠭᠤ ᠪᠠᠨ ᠮᠤᠷᠤᠯᠵᠠᠭᠠᠳ ᠢᠨᠢᠶᠡᠵᠦ ᠢᠲᠡᠭᠡᠯᠲᠦ ᠥᠭᠡᠳᠡ ᠬᠠᠷᠠᠯ᠎ᠠ᠃ ᠲᠡᠭᠦᠨ ᠦ᠌ ᠵᠠᠯᠢᠲᠠᠢ ᠪᠥᠭᠡᠳ ᠳᠡᠭᠡᠷᠡᠩᠭᠦᠢ ᠨᠢᠳᠦᠨ ᠳ᠋ᠦ᠍ 《ᠣᠳᠣ ᠶᠠᠭᠤ ᠭᠡᠵᠦ ᠭᠠᠯᠯᠠᠳᠠᠭ ᠪᠣᠯ? ᠭᠠᠤᠯᠢ ᠴᠢᠨᠢ ᠴᠤᠬᠤᠢᠬᠤ ᠴᠠᠭ ᠪᠣᠯᠤᠭᠰᠠᠨ》 ᠭᠡᠰᠡᠨ ᠱᠣᠣᠯᠠᠯ ᠳᠣᠷᠣᠮᠵᠢᠯᠠᠯ ᠤ᠋ᠨ ᠲᠣᠳᠣᠷᠬᠠᠢ ᠲᠤᠶᠠᠭ᠎ᠠ ᠪᠠᠭᠲᠠᠨ ᠶᠠᠳᠠᠨ ᠪᠠᠢᠭ᠎ᠠ ᠶ᠋ᠢ ᠡᠷᠳᠡᠨᠢ ᠬᠠᠷᠠᠵᠠᠢ᠃
  ᠢᠲᠡᠭᠡᠯᠲᠦ ᠶᠡᠬᠡᠮᠰᠦᠭ ᠢ᠋ᠶ᠋ᠡᠷ ᠰᠠᠪᠬ᠎ᠠ ᠠᠪᠴᠤ ᠬᠣᠭᠣᠯᠠᠨ ᠠ᠋ᠴᠠ ᠠᠮᠠᠨ ᠳ᠋ᠠᠭᠠᠨ ᠬᠢᠵᠦ ᠤᠳᠠᠭᠠᠨ ᠵᠠᠵᠢᠯᠤᠭᠰᠠᠨ ᠢ᠋ᠶ᠋ᠠᠨ 《ᠪᠡᠭᠡᠵᠢᠩ ᠦ᠋ᠨ ᠪᠤᠶᠠᠨᠲᠤ ᠶ᠋ᠢᠨ ᠫᠦᠰᠡᠨ ᠳ᠋ᠦ᠍ ᠢᠳᠡᠭᠰᠡᠨ ᠰᠢᠪ ᠳᠡ》 ᠭᠡᠳ ᠡᠷᠳᠡᠨᠢ ᠤᠷᠤᠭᠤ ᠬᠠᠷᠠᠯ᠎ᠠ᠃
  ᠶᠤᠨᠳᠤᠨ ᠤ᠋ ᠬᠥᠬᠡ ᠢᠨᠢᠶᠡᠳᠦ ᠬᠦᠷᠴᠦ᠂ ᠡᠬᠡᠨᠡᠷ ᠤᠷᠤᠭᠤ ᠪᠠᠨ ᠬᠠᠷᠠᠭᠠᠳ 《ᠢᠲᠡᠭᠡᠯᠲᠦ ᠴᠤ᠌ ᠣᠯᠠᠨ ᠭᠠᠵᠠᠷ ᠶᠠᠪᠤᠭᠰᠠᠨ ᠬᠥᠮᠦᠨ ᠶᠤᠮ ᠠ᠋》ᠭᠡᠯ᠎ᠡ᠃
  ᠊᠊᠊᠊᠊᠊᠊᠊᠊᠊᠊᠊᠊᠊᠊᠊᠊᠊᠊᠊᠊᠊᠊᠊᠊᠊ ᠢᠲᠡᠭᠡᠯᠲᠦ ᠠ᠋᠂ ᠴᠢ ᠰᠣᠭᠲᠣᠭᠠᠳ ᠠᠨᠳᠤᠭᠤᠷᠠᠵᠤ ᠪᠠᠢᠨ᠎ᠠ᠃ ᠴᠢ ᠪᠢᠳᠡ ᠬᠣᠶᠠᠷ ᠣᠭᠲᠣ ᠢᠳᠡᠵᠦ ᠦᠵᠡᠭᠡ ᠦᠭᠡᠢ ᠬᠣᠭᠣᠯᠠ ᠪᠠᠢᠨ᠎ᠠ ᠭᠡᠵᠦ ᠡᠷᠳᠡᠨᠢ ᠶ᠋ᠢ ᠬᠡᠯᠡᠬᠦ ᠳ᠋ᠦ᠍ ᠢᠲᠡᠭᠡᠯᠲᠦ ᠵᠠᠷᠤᠴᠠ ᠤᠷᠤᠭᠤ ᠪᠠᠨ ᠭᠠᠢᠬᠠᠨ ᠬᠠᠷᠠᠯ᠎ᠠ᠃
  ᠢᠲᠡᠭᠡᠯᠲᠦ ᠬᠡᠷᠡᠭ ᠪᠢᠰᠢ ᠪᠣᠯᠤᠭᠠᠳ ᠳᠠᠪᠤᠰᠤᠯᠠᠯᠲᠠ ᠨᠢ ᠬᠡᠲᠦᠷᠡᠭᠰᠡᠨ ᠢ᠋ ᠡᠷᠳᠡᠨᠢ ᠶ᠋ᠢᠨ ᠬᠠᠷᠠᠴᠠ ᠠ᠋ᠴᠠ ᠣᠯᠵᠤ ᠬᠠᠷᠠᠭᠰᠠᠨ ᠢ᠋ᠶ᠋ᠠᠷ ᠪᠠᠷᠠᠬᠤ ᠦᠭᠡᠢ ᠭᠡᠷ ᠦ᠋ᠨ ᠡᠵᠡᠨ ᠥᠪᠡᠷ ᠢ᠋ ᠨᠢ ᠤᠷᠬᠠᠳᠠᠨ ᠠᠪᠤᠭᠠᠳ ᠪᠠᠬᠠᠷᠬᠠᠨ ᠪᠠᠶᠠᠷᠯᠠᠵᠤ ᠪᠠᠢᠭ᠎ᠠ ᠶ᠋ᠢ ᠮᠡᠳᠡᠵᠡᠢ᠃
  ᠊᠊᠊᠊᠊᠊᠊᠊᠊᠊᠊᠊᠊᠊᠊᠊᠊᠊᠊᠊᠊᠊᠊᠊ ᠦᠨᠡᠬᠡᠷ ᠴᠦ ᠲᠡᠢᠮᠦ ᠪᠣᠯᠤᠯᠲᠠᠢ᠃ ᠰᠣᠭᠲᠣᠵᠤ ᠣᠷᠬᠢᠭᠠᠳ ᠠᠯᠲᠠ ᠭᠠᠤᠯᠢ ᠬᠣᠶᠠᠷ ᠢ᠋ ᠢᠯᠭᠠᠬᠤ ᠪᠠᠨ ᠪᠣᠯᠢᠵᠤ ᠪᠠᠢᠨ᠎ᠠ ᠭᠡᠯ᠎ᠡ᠃
   ᠊᠊᠊᠊᠊᠊᠊᠊᠊᠊᠊᠊᠊᠊᠊᠊᠊᠊᠊᠊᠊᠊᠊ ᠮᠠᠨᠵᠤ ᠶ᠋ᠢᠨ ᠬᠠᠭᠠᠨ ᠤ᠋ ᠯᠠ ᠳᠤᠷ᠎ᠠ ᠲᠠᠢ ᠬᠣᠭᠣᠯᠠ ᠭᠡᠳᠡᠭ ᠶᠤᠮ ᠭᠡᠵᠦ ᠭᠡᠷ ᠦ᠋ᠨ ᠡᠵᠡᠨ ᠳᠠᠪᠲᠠᠨ ᠬᠡᠯᠡᠪᠡ᠃
  ᠊᠊᠊᠊᠊᠊᠊᠊᠊᠊᠊᠊᠊᠊᠊᠊᠊᠊᠊᠊᠊᠊᠊ ᠬᠢᠲᠠᠳ ᠲᠣᠭᠣᠭᠠᠴᠢ ᠭᠡᠨᠡᠨ ᠬᠥᠮᠦᠨ ᠢ᠋ ᠶᠠᠭᠤ ᠪᠠᠷ ᠴᠦ᠍ ᠬᠠᠭᠤᠷᠴᠤ ᠴᠢᠳᠠᠨ᠎ᠠ ᠭᠡᠵᠦ ᠡᠷᠳᠡᠨᠢ ᠬᠡᠯᠡᠭᠡᠳ ᠡᠮᠦᠨᠡᠬᠢ ᠲᠠᠪᠠᠭ ᠲᠠᠢ ᠬᠣᠭᠣᠯᠠ ᠶ᠋ᠢ ᠲᠦᠯᠬᠢᠵᠦ ᠣᠷᠬᠢᠪᠠ᠃ ᠭᠡᠷ ᠦ᠋ᠨ ᠡᠵᠡᠨ ᠦ᠌ ᠤᠷᠮ᠎ᠠ ᠨᠢ ᠬᠤᠭᠤᠷᠠᠭᠰᠠᠨ ᠢ᠋ᠶ᠋ᠠᠷ ᠪᠠᠷᠠᠬᠤ ᠦᠭᠡᠢ ᠴᠢᠷᠠᠢ ᠨᠢ ᠤᠯᠠᠢᠪᠠ᠃ ᠡᠨᠡ ᠪᠦᠬᠦᠨ ᠢ᠋ ᠬᠠᠷᠠᠭᠠᠳ ᠢᠲᠡᠭᠡᠯᠲᠦ ᠤᠴᠢᠷ ᠢ᠋ ᠣᠢᠯᠠᠭᠠᠵᠤ᠂ ᠤᠬᠠᠭᠠᠨ ᠲᠠᠢ ᠰᠡᠷᠭᠦᠯᠡᠩ ᠵᠠᠷᠤᠴᠠ ᠳ᠋ᠠᠭᠠᠨ ᠪᠠᠬᠠᠷᠬᠠᠵᠤ ᠲᠡᠰᠬᠡᠯ ᠦᠭᠡᠢ ᠪᠠᠶᠠᠷᠯᠠᠪᠠ᠃ ᠲᠡᠭᠡᠭᠡᠳ ᠳᠠᠪᠠᠯᠲᠠ ᠪᠠᠨ ᠤᠯᠠᠮ ᠳᠠᠪᠤᠰᠤᠯᠠᠵᠤ᠂ ᠠᠮᠲᠠ ᠲᠠᠢ ᠪᠣᠯᠭᠠᠬᠤ ᠭᠡᠵᠦ 《ᠲᠡᠷᠡ ᠲᠣᠭᠣᠭᠠᠴᠢ ᠣᠯᠠᠨ ᠬᠣᠭᠣᠯᠠ ᠬᠢᠳᠡᠭ ᠬᠥᠮᠦᠨ ᠪᠣᠯᠬᠤ ᠭᠡᠵᠦ ᠯᠡ ᠲᠠᠨ ᠢ᠋ ᠳᠠᠪᠠᠵᠤ ᠣᠷᠬᠢᠭᠰᠠᠨ ᠪᠣᠯᠤᠯᠲᠠᠢ》 ᠭᠡᠳ ᠰᠠᠪᠬ᠎ᠠ ᠪᠠᠨ ᠰᠢᠷᠡᠭᠡᠨ ᠳᠡᠭᠡᠷ᠎ᠡ ᠲᠠᠯᠪᠢᠵᠠᠢ᠃
  ᠬᠠᠭ᠎ᠠ ᠪᠠᠵᠠᠭᠤᠯᠤᠭᠰᠠᠨ ᠶᠤᠨᠳᠤᠨ ᠬᠠᠷᠢᠭᠤ ᠶᠠᠭᠤ ᠴᠤ᠌ ᠳᠤᠤᠭᠠᠷᠴᠤ ᠴᠢᠳᠠᠭᠰᠠᠨ ᠦᠭᠡᠢ ᠮᠢᠨᠴᠢᠢᠲᠡᠯ᠎ᠡ ᠤᠯᠠᠢᠭᠠᠳ ᠬᠣᠭᠣᠯᠠᠢ ᠶ᠋ᠢᠨ ᠢ᠋ᠶ᠋ᠡᠨ ᠲᠣᠪᠴᠢ ᠶ᠋ᠢ ᠲᠠᠢᠯᠪᠠ᠃
  ᠭᠡᠷ ᠦ᠋ᠨ ᠳᠣᠲᠣᠷ᠎ᠠ ᠬᠡᠰᠡᠭ ᠵᠠᠭᠤᠷ᠎ᠠ ᠨᠠᠮ ᠭᠦᠮ ᠪᠣᠯᠪᠠ᠃ ᠡᠨᠡ ᠨᠠᠮ ᠭᠦᠮ ᠦ᠋ᠨ ᠳᠣᠲᠣᠷ᠎ᠠ ᠢᠲᠡᠭᠡᠯᠲᠦ ᠰᠢᠭ ᠪᠠᠶᠠᠷᠯᠠᠭᠰᠠᠨ᠂ ᠭᠡᠷᠡᠯ ᠰᠢᠭ ᠭᠣᠮᠣᠳᠠᠭᠰᠠᠨ᠂ ᠲᠠᠷᠵᠠ ᠰᠢᠭ᠋ ᠠᠭᠤᠷᠯᠠᠭᠰᠠᠨ᠂ ᠭᠡᠷ ᠦ᠋ᠨ ᠡᠵᠡᠨ ᠰᠢᠭ ᠢᠴᠢᠭᠰᠡᠨ ᠬᠥᠮᠦᠨ ᠪᠠᠢᠭᠰᠠᠨ ᠦᠭᠡᠢ᠃
  ᠊᠊᠊᠊᠊᠊᠊᠊᠊᠊᠊᠊᠊᠊᠊᠊᠊᠊᠊᠊᠊᠊᠊᠊᠊᠊᠊ ᠶᠡᠷᠦᠨᠢ ᠲᠠ ᠨᠠᠷ ᠣᠯᠠᠨ ᠠᠪᠤ ᠶ᠋ᠢᠨ ᠬᠦᠦ ᠴᠢᠰᠤ ᠤᠷᠤᠰᠬᠠᠵᠤ ᠪᠠᠢᠮᠠᠨᠵᠢᠨ ᠪᠠᠢᠭᠤᠯᠤᠭᠰᠠᠨ ᠤᠯᠤᠰ ᠲᠥᠷᠥ ᠶ᠋ᠢ ᠮᠢᠨᠢ ᠬᠤᠳᠠᠯᠳᠤᠵᠤ ᠣᠷᠬᠢᠭᠠᠳ ᠭᠡᠮ ᠦᠭᠡᠢ ᠬᠥᠮᠦᠨ ᠰᠢᠭ ᠬᠡᠯᠪᠡᠯᠵᠡᠵᠦ ᠪᠠᠢᠨ᠎ᠠ ᠭᠡᠵᠦ ᠲᠠᠷᠵᠠ ᠪᠦᠳᠦᠭᠦᠨ ᠪᠠᠷᠭᠢᠯ ᠳᠠᠭᠤ ᠪᠠᠷ ᠭᠡᠨᠡᠳᠲᠡ ᠬᠠᠰᠬᠢᠷᠪᠠ᠃
  ᠊᠊᠊᠊᠊᠊᠊᠊᠊᠊᠊᠊᠊᠊᠊᠊᠊᠊᠊᠊᠊᠊᠊᠊᠊᠊ ᠮᠡᠷᠭᠡᠳ ᠦ᠋ᠨ ᠶᠠᠪᠤᠳᠠᠯ ᠢ᠋ ᠮᠡᠷᠭᠡᠳ ᠬᠡᠯᠡᠯᠴᠡᠨ᠎ᠡ᠃ ᠪᠢᠳᠡ ᠪᠢᠴᠢᠭ ᠴᠡᠷᠢᠭ ᠦ᠋ᠨ ᠲᠦᠰᠢᠮᠡᠳ᠂ ᠠᠮᠢᠲᠠᠨ ᠢ᠋ ᠵᠢᠷᠭᠠᠭᠤᠯᠤᠭᠴᠢ ᠪᠤᠷᠬᠠᠨ ᠤ᠋ ᠬᠤᠪᠢᠯᠭᠠᠨ᠂ ᠲᠦᠮᠡᠨ ᠨᠠᠰᠤᠲᠤ ᠪᠣᠭᠳᠠ ᠵᠢᠪᠵᠦᠨᠳᠠᠮᠪᠠ ᠨᠢᠭᠡᠨᠲᠡ ᠬᠠᠮᠲᠤ ᠰᠢᠢᠳᠦᠭᠰᠡᠨ ᠬᠡᠷᠡᠭ ᠢ᠋᠁ ᠭᠡᠵᠦ ᠲᠣᠪᠴᠢᠨ ᠬᠦᠢᠲᠡᠨ ᠪᠥᠭᠡᠳ ᠲᠠᠢᠪᠤᠩ ᠳᠠᠭᠤ ᠪᠠᠷ ᠡᠬᠢᠯᠡᠲᠡᠯ᠎ᠡ ᠲᠡᠪᠴᠢᠶᠡᠷᠢ ᠨᠢ ᠳᠠᠭᠤᠰᠤᠭᠰᠠᠨ ᠲᠠᠷᠵᠠ 《ᠳᠠᠭᠤ ᠪᠠᠨ ᠠᠶᠠᠳᠠ᠃ ᠪᠢᠲᠡᠭᠡᠢ ᠲᠣᠩᠭᠣᠰ》 ᠭᠡᠳ ᠴᠢᠷᠠᠢ ᠨᠢ ᠬᠦᠷᠡᠩ ᠪᠣᠯᠤᠨ ᠪᠣᠰᠪᠠ᠃ ᠬᠡᠷᠪᠡ ᠭᠠᠳᠠᠨ᠎ᠠ ᠠ᠋ᠴᠠ ᠪᠣᠭᠳᠠ ᠶ᠋ᠢᠨ ᠰᠢᠳᠠᠷ ᠰᠣᠢᠪᠣᠨ ᠲᠠᠨᠢᠭ᠎ᠠ ᠣᠷᠣᠵᠤ ᠢᠷᠡᠭᠡ ᠦᠭᠡᠢ ᠪᠣᠯ ᠲᠠᠷᠵᠠ ᠪᠠᠭᠠᠲᠤᠷ ᠲᠣᠪᠴᠢᠨ ᠢ᠋ ᠰᠠᠯᠤᠮ ᠪᠣᠯᠲᠠᠯ᠎ᠠ ᠨᠦᠳᠦᠵᠦ ᠣᠷᠬᠢᠬᠤ ᠪᠠᠢᠭᠰᠠᠨ ᠨᠢ ᠳᠠᠮᠵᠢᠭ ᠦᠭᠡᠢ᠃
  ᠊᠊᠊᠊᠊᠊᠊᠊᠊᠊᠊᠊᠊᠊᠊᠊᠊᠊᠊᠊᠊᠊᠊᠊᠊᠊ ᠳᠡᠭᠡᠳᠦᠰ ᠥᠨᠥᠳᠥᠷ ᠰᠢᠷᠨᠠᠩ ᠵᠢᠨᠦᠩ ᠸᠠᠩ ᠲᠠᠢ ᠰᠠᠷᠬᠤᠳ ᠵᠣᠭᠣᠭᠯᠠᠵᠤ᠂ ᠪᠢ ᠴᠦ᠍ ᠪᠠᠰᠠ ᠬᠠᠮᠲᠤ ᠰᠠᠭᠤᠭᠰᠠᠭᠠᠷ ᠣᠷᠣᠢᠲᠠᠵᠤ ᠣᠷᠬᠢᠯ᠎ᠠ ᠭᠡᠳ ᠰᠣᠢᠪᠣᠨ ᠪᠦᠭᠦᠳᠡ ᠲᠡᠢ ᠶᠡᠬᠡᠮᠰᠦᠭ ᠢ᠋ᠶ᠋ᠡᠷ ᠮᠡᠨᠳᠦᠯᠡᠭᠡᠳ ᠰᠠᠭᠤᠪᠠ᠃
  ᠲᠥᠷᠥ ᠶ᠋ᠢᠨ ᠴᠢᠬᠤᠯᠠ ᠠᠯᠪᠠ ᠲᠠᠢ ᠭᠡᠰᠡᠨ ᠪᠢᠰᠢ ᠪᠢᠯᠢᠤ ᠭᠡᠵᠦ ᠡᠷᠳᠡᠨᠢ ᠶ᠋ᠢᠨ ᠳᠣᠲᠣᠷ᠎ᠠ ᠰᠠᠨᠠᠭᠳᠠᠭᠠᠳ ᠰᠤᠨᠳᠠᠭ ᠠ᠋ᠴᠠ ᠠᠳᠢᠰ ᠠᠪᠤᠭᠰᠠᠨ ᠨᠢ ᠪᠣᠳᠣᠭᠳᠠᠪᠠ᠃
  ᠰᠣᠢᠪᠣᠨ ᠠᠷᠢᠬᠢ ᠤᠤᠭᠤᠬᠤ ᠵᠠᠭᠤᠷ᠎ᠠ ᠳᠡᠭᠡᠳᠦᠰ ᠲᠡᠷᠡ ᠨᠣᠶᠠᠨ ᠢ᠋ ᠬᠠᠲᠤᠨ ᠢ᠋ᠶ᠋ᠠᠨ ᠰᠣᠯᠢ᠂ ᠲᠡᠷᠡ ᠸᠠᠩ ᠳ᠋ᠤ᠌ ᠲᠡᠭᠦᠨ ᠦ᠌ ᠬᠡᠦᠬᠡᠳ ᠢ᠋ ᠠᠪᠴᠤ ᠥᠭ᠂ ᠲᠡᠷᠡ ᠬᠦᠩ ᠢ᠋ ᠲᠡᠭᠦᠨ ᠢ᠋ ᠬᠠᠲᠤᠨ ᠢ᠋ᠶ᠋ᠠᠨ ᠪᠣᠯᠭᠠᠵᠤ ᠠᠪ ᠭᠡᠵᠦ ᠵᠠᠷᠯᠢᠭ ᠪᠣᠯᠤᠭᠰᠠᠨ᠂ ᠲᠡᠭᠦᠨ ᠳ᠋ᠦ᠍ ᠲᠡᠢᠮᠦ ᠶᠡᠬᠡ ᠱᠠᠩᠨᠠᠭᠰᠠᠨ ᠭᠡᠳ ᠯᠡ ᠪᠣᠭᠳᠠ ᠶ᠋ᠢᠨ ᠣᠷᠳᠣᠨ ᠳ᠋ᠤ᠌ ᠪᠣᠯᠤᠭᠰᠠᠨ ᠰᠡᠭᠦᠯ ᠦ᠋ᠨ ᠰᠢᠨ᠎ᠡ ᠰᠣᠨᠢᠨ ᠢ᠋ ᠶᠠᠷᠢᠯ᠎ᠠ᠃
  ᠰᠥᠨᠢ ᠣᠷᠣᠢ ᠪᠣᠯᠤᠭᠰᠠᠨ ᠬᠣᠢᠨ᠎ᠠ ᠢᠲᠡᠭᠡᠯᠲᠦ ᠡᠷᠳᠡᠨᠢ ᠬᠣᠶᠠᠷ ᠢ᠋ ᠶᠠᠪᠤᠬᠤ ᠳ᠋ᠤ᠌ ᠭᠡᠷᠡᠯ ᠨᠥᠬᠥᠷ ᠦ᠋ᠨ ᠢ᠋ᠶ᠋ᠡᠨ ᠴᠢᠬᠢᠨ ᠳ᠋ᠦ᠍ ᠦᠭᠡ ᠬᠡᠯᠡᠪᠡ᠃
  ᠊᠊᠊᠊᠊᠊᠊᠊᠊᠊᠊᠊᠊᠊᠊᠊᠊᠊᠊᠊᠊᠊᠊᠊ ᠲᠠ ᠬᠣᠶᠠᠷ ᠮᠠᠷᠭᠠᠰᠢ ᠮᠢᠨᠦ ᠭᠡᠷ ᠲᠦ᠍ ᠭᠡᠢᠭᠦᠯᠦᠨ ᠣᠴᠢᠬᠤ ᠶ᠋ᠢ ᠤᠷᠢᠵᠤ ᠪᠠᠢᠨ᠎ᠠ ᠭᠡᠵᠦ ᠲᠣᠪᠴᠢᠨ ᠬᠤᠳᠠᠯ ᠢᠨᠢᠶᠡᠪᠡ᠃
  ᠊᠊᠊᠊᠊᠊᠊᠊᠊᠊᠊᠊᠊᠊᠊᠊᠊᠊᠊᠊᠊᠊᠊᠊ ᠪᠢᠳᠡ ᠥᠷᠯᠥᠭᠡ ᠡᠷᠲᠡ ᠪᠤᠴᠠᠬᠤ ᠪᠣᠯᠬᠣᠷ ᠡᠨᠡ ᠤᠳᠠᠭ᠎ᠠ ᠴᠢᠳᠠᠬᠤ ᠦᠭᠡᠢ ᠪᠣᠯᠬᠤ ᠪᠠᠢᠬ᠎ᠠ᠃ ᠭᠡᠪᠡᠴᠦ ᠠᠭᠤᠯᠵᠠᠬᠤ ᠤᠳᠠᠭ᠎ᠠ ᠨᠢᠭᠡ ᠪᠢᠰᠢ ᠭᠡᠵᠦ ᠪᠢ ᠢᠲᠡᠭᠡᠵᠦ ᠪᠠᠢᠨ᠎ᠠ ᠭᠡᠵᠦ ᠢᠲᠡᠭᠡᠯᠲᠦ ᠪᠥᠬᠥᠯᠵᠡᠨ ᠳᠣᠬᠢᠯᠵᠠᠨ ᠬᠡᠯᠡᠪᠡ᠃
  ᠠᠷᠭ᠎ᠠ ᠨᠢ ᠪᠠᠷᠠᠭᠳᠠᠭᠰᠠᠨ ᠭᠡᠷᠡᠯ ᠦ᠋ᠨ ᠨᠢᠳᠦᠨ ᠳ᠋ᠦ᠍ ᠨᠢᠯᠪᠤᠰᠤ ᠪᠦᠷᠬᠦᠨ ᠬᠣᠴᠣᠷᠪᠠ᠃ ᠭᠡᠷᠡᠯ ᠦ᠋ᠨ ᠰᠡᠳᠬᠢᠯ ᠳ᠋ᠦ᠍ ᠠᠷᠪᠠᠨ ᠲᠠᠪᠤᠨ ᠤ᠋ ᠰᠠᠷᠠ ᠰᠢᠭ᠋ ᠲᠣᠳᠣᠷᠠᠭᠰᠠᠨ ᠡᠷᠳᠡᠨᠢ ᠣᠳᠣ ᠰᠢᠭ᠋ ᠬᠠᠷᠪᠤᠭᠠᠳ ᠥᠩᠭᠡᠷᠡᠭᠰᠡᠨ ᠳ᠋ᠦ᠍ ᠳᠣᠲᠣᠷ᠎ᠠ ᠨᠢ ᠬᠠᠷ᠎ᠠ ᠮᠠᠨᠠᠨ ᠢ᠋ᠶ᠋ᠠᠷ ᠪᠦᠷᠬᠦᠭᠳᠡᠨ ᠨᠢᠳᠦᠨ ᠳ᠋ᠡᠭᠡᠨ ᠬᠠᠷᠠᠭᠳᠠᠭᠰᠠᠨ ᠪᠦᠬᠦᠨ ᠢ᠋᠂ ᠢᠯᠠᠩᠭᠤᠶ᠎ᠠ ᠲᠣᠪᠴᠢᠨ ᠢ᠋ ᠦᠨᠡᠰᠦᠨ ᠲᠣᠪᠷᠠᠭ ᠪᠣᠯᠭᠠᠮᠠᠷ ᠰᠠᠨᠠᠭᠳᠠᠵᠤ ᠪᠠᠢᠪᠠ᠃ ᠡᠷᠳᠡᠨᠢ ᠡᠨᠡ ᠬᠡᠦᠬᠡᠨ ᠦ᠌ ᠡᠳᠦᠷ ᠦ᠋ᠨ ᠪᠣᠳᠣᠯ᠂ ᠰᠥᠨᠢ ᠶ᠋ᠢᠨ ᠵᠡᠭᠦᠳᠦ ᠶ᠋ᠢ ᠡᠵᠡᠯᠡᠵᠦ ᠬᠣᠷᠸ᠎ᠠ ᠳᠡᠭᠡᠷ᠎ᠡ ᠡᠷᠳᠡᠨᠢ ᠭᠡᠳᠡᠭ ᠬᠥᠮᠦᠨ ᠪᠠᠢᠭ᠎ᠠ ᠰᠢᠦ ᠳᠡ ᠭᠡᠵᠦ ᠪᠣᠳᠣᠨ ᠰᠡᠳᠬᠢᠯ ᠢ᠋ᠶ᠋ᠡᠨ ᠪᠠᠶᠠᠰᠬᠠᠵᠤ ᠪᠠᠢᠪᠠ᠃ ᠭᠡᠪᠡᠴᠦ ᠬᠡᠳᠦᠬᠡᠨ ᠰᠠᠷ᠎ᠠ ᠶ᠋ᠢᠨ ᠳᠠᠷᠠᠭ᠎ᠠ ᠡᠷᠳᠡᠨᠢ ᠥᠪᠡᠷ ᠢ᠋ᠶ᠋ᠡᠨ ᠬᠦᠷᠦᠭᠡᠳ ᠢᠷᠡᠬᠦ ᠶ᠋ᠢ ᠭᠡᠷᠡᠯ ᠬᠡᠦᠬᠡᠨ ᠶᠠᠭᠠᠬᠢᠵᠤ ᠮᠡᠳᠡᠬᠦ ᠪᠢᠯᠡ᠃
  ᠵᠠᠮ ᠳ᠋ᠠᠭᠠᠨ ᠢᠲᠡᠭᠡᠯᠲᠦ ᠡᠷᠳᠡᠨᠢ ᠳ᠋ᠦ᠍ ᠬᠣᠲᠠ ᠶ᠋ᠢᠨ ᠣᠩᠭᠢᠷᠠᠭᠠᠨ ᠪᠠᠶᠠᠨ ᠢ᠋ ᠴᠢᠳᠠᠭᠰᠠᠨ ᠢ᠋ᠶ᠋ᠠᠨ ᠪᠠᠬᠠᠷᠬᠠᠨ ᠶᠠᠷᠢᠭᠠᠳ 《ᠴᠢᠮ᠎ᠠ ᠦᠭᠡᠢ ᠪᠣᠯ ᠪᠢ ᠴᠤ᠌ ᠨᠢᠷᠤᠭᠤ ᠪᠠᠷ ᠢ᠋ᠶ᠋ᠠᠨ ᠲᠠᠯᠪᠢᠭᠤᠯᠬᠤ ᠪᠠᠢᠭᠰᠠᠨ ᠰᠢᠦ᠂ ᠰᠦᠷᠡᠬᠡᠢ ᠳᠠᠮᠰᠢᠭ ᠶᠤᠮ ᠳᠠ》 ᠭᠡᠵᠦ ᠬᠡᠯᠡᠵᠡᠢ᠃
  ᠭᠤᠷᠪᠠᠨ ᠤᠯᠤᠰ ᠤ᠋ᠨ ᠭᠡᠷ᠎ᠡ ᠶ᠋ᠢᠨ ᠲᠤᠬᠠᠢ ᠳ᠋ᠤ᠌ ᠪᠣᠯ ᠡᠨᠡ ᠬᠣᠶᠠᠷ ᠤ᠋ᠨ ᠰᠠᠨᠠᠯ ᠵᠥᠷᠢᠵᠦ ᠪᠠᠢᠪᠠ᠃
  ᠶᠠᠭᠤ ᠴᠤ᠌ ᠭᠡᠰᠡᠨ ᠡᠨᠡ ᠭᠡᠷ᠎ᠡ ᠬᠢᠲᠠᠳ ᠠ᠋ᠴᠠ ᠬᠣᠯᠠᠳᠴᠤ᠂ ᠣᠷᠣᠰ ᠲᠠᠢ ᠣᠢᠷᠠᠲᠤᠬᠤ ᠳ᠋ᠤ᠌ ᠲᠤᠰᠠ ᠪᠣᠯᠤᠨ᠎ᠠ ᠭᠡᠵᠦ ᠢᠲᠡᠭᠡᠯᠲᠦ ᠦᠵᠡᠵᠦ ᠪᠠᠢᠭᠰᠠᠨ ᠪᠣᠯ ᠡᠷᠳᠡᠨᠢ ᠶ᠋ᠢᠨ ᠰᠡᠳᠬᠢᠯ ᠳ᠋ᠦ᠍ 《ᠲᠠᠨ ᠤ᠋ ᠤᠯᠤᠰ ᠴᠢᠨᠢ ᠤᠯᠤᠰ ᠪᠢᠰᠢ᠃ ᠴᠠᠭᠠᠨ ᠬᠠᠭᠠᠨ ᠲᠠᠨ ᠤ᠋ ᠳ᠋ᠤ᠌ ᠲᠣᠭᠯᠠᠭᠠᠮ ᠤ᠋ᠨ ᠤᠯᠤᠰ ᠪᠠᠢᠭᠤᠯᠤᠭᠠᠳ᠂ ᠣᠳᠣ ᠲᠡᠭᠦᠨ ᠢ᠋ᠶ᠋ᠡᠨ ᠬᠢᠲᠠᠳ ᠲᠠᠢ ᠬᠤᠪᠢᠶᠠᠨ ᠢᠳᠡᠬᠦ ᠭᠡᠵᠦ ᠪᠠᠢᠨ᠎ᠠ》 ᠭᠡᠵᠦ ᠬᠡᠯᠡᠭᠰᠡᠨ ᠫᠧᠲ᠋ᠷ ᠦ᠋ᠨ ᠦᠭᠡ ᠰᠠᠨᠠᠭᠳᠠᠨ ᠭᠤᠷᠪᠠᠨ ᠤᠯᠤᠰ ᠤ᠋ᠨ ᠭᠡᠷ᠎ᠡ ᠪᠣᠯ ᠮᠣᠩᠭᠣᠯ ᠢ᠋ ᠬᠤᠪᠢᠶᠠᠬᠤ ᠭᠡᠰᠡᠨ ᠬᠠᠷ᠎ᠠ ᠪᠣᠳᠣᠯ ᠤ᠋ᠨ ᠪᠠᠲᠤᠯᠠᠭ᠎ᠠ ᠭᠡᠵᠦ ᠪᠣᠳᠣᠵᠠᠢ᠃