ᠲᠤᠩᠭᠠᠯᠠᠭ ᠲᠠᠮᠢᠷ2-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠮᠣᠭᠠᠢ ᠠᠯᠠᠬᠤ ᠳ᠋ᠤ᠌ ᠮᠣᠳᠣ ᠨᠡᠮᠡᠷᠢ ᠦᠭᠡᠢ》 - ᠬᠣᠶᠠᠳᠤᠭᠠᠷ ᠪᠦᠯᠦᠭ ᠳᠥᠷᠪᠡ
ᠥᠭᠡᠯᠡᠳ ᠪᠡᠢᠰᠡ ① ᠶ᠋ᠢᠨ ᠨᠤᠲᠤᠭ ᠲᠤ᠌ ᠦᠯᠡᠮᠵᠢ ᠴᠠᠰᠤ ᠣᠷᠣᠵᠤ ᠵᠤᠳ ᠪᠣᠯᠤᠭᠠᠳ ᠠᠮᠢᠳᠤ ᠠᠮᠢᠲᠠᠨ ᠲᠣᠭᠲᠠᠬᠤ ᠶ᠋ᠢᠨ ᠠᠷᠭ᠎ᠠ ᠦᠭᠡᠢ ᠪᠣᠯᠬᠤ ᠳ᠋ᠤ᠌ ᠬᠡᠰᠡᠭ ᠠᠢᠯ ᠯᠤᠤ ᠬᠦᠩ ᠦ᠋ᠨ ᠨᠤᠲᠤᠭ ᠤ᠋ᠨ ᠵᠠᠬ᠎ᠠ ᠤᠷᠤᠭᠤ ᠨᠡᠭᠦᠪᠡ᠃
ᠲᠤᠷᠠᠵᠤ ᠡᠴᠡᠭᠰᠡᠨ ᠮᠠᠯ ᠢ᠋ᠶ᠋ᠠᠨ ᠵᠠᠮ ᠢ᠋ᠶ᠋ᠠᠷ ᠨᠢᠭᠡ ᠴᠤᠪᠤᠭᠤᠯᠤᠨ ᠬᠠᠶᠠᠭᠰᠠᠨ ᠨᠡᠭᠦᠳᠡᠯᠴᠢᠳ ᠲᠠᠮᠢᠷ ᠤ᠋ᠨ ᠵᠠᠬ᠎ᠠ ᠶ᠋ᠢᠨ ᠪᠤᠷᠭᠠᠰᠤᠨ ᠳ᠋ᠤ᠌ ᠨᠥᠮᠥᠷᠢ ᠳᠠᠭᠠᠵᠤ ᠬᠠᠳᠬᠤᠭᠤᠷ ᠪᠠᠷᠢᠨ ᠪᠠᠭᠤᠳᠠᠯᠯᠠᠪᠠ᠃
ᠡᠨᠡ ᠵᠢᠯ ᠯᠤᠤ ᠬᠦᠩ ᠦ᠋ᠨ ᠨᠤᠲᠤᠭ ᠥᠩ ᠲᠡᠢ ᠪᠣᠯᠪᠠᠴᠤ ᠪᠡᠯᠴᠢᠵᠦ ᠪᠠᠢᠭ᠎ᠠ ᠲᠠᠷᠭᠤᠨ ᠮᠠᠯ ᠢ᠋ ᠬᠠᠷᠠᠭᠠᠳ ᠨᠡᠭᠦᠳᠡᠯᠴᠢᠳ 《ᠰᠠᠢᠬᠠᠨ ᠠ᠋᠂ ᠲᠥᠯᠥᠭᠡᠨ ᠦ᠌ ᠰᠡᠭᠦᠯ ᠬᠦᠷᠲᠡᠯ᠎ᠡ ᠪᠣᠨᠲᠣᠢᠭᠠᠳ ᠬᠠᠷᠠᠪᠠ ᠤᠤ?》 ᠭᠡᠵᠦ ᠶᠠᠷᠢᠯᠴᠠᠨ ᠥᠪᠡᠷ ᠦ᠋ᠨ ᠨᠤᠮᠤ ᠪᠣᠯᠤᠭᠰᠠᠨ ᠮᠠᠯ ᠢ᠋ᠶ᠋ᠠᠨ ᠬᠠᠷᠠᠭᠠᠳ ᠰᠠᠨᠠᠭ᠎ᠠ ᠠᠯᠳᠠᠨ᠎ᠠ᠃
ᠨᠡᠭᠦᠳᠡᠯᠴᠢᠳ ᠳᠡᠭᠡᠷ᠎ᠡ ᠬᠥᠯᠥᠷᠡᠵᠦ ᠴᠠᠩ ᠪᠣᠯᠤᠭᠰᠠᠨ ᠲᠠᠷᠭᠤᠨ ᠮᠣᠷᠢᠳ ᠤᠨᠤᠭᠰᠠᠨ ᠨᠡᠯᠢᠶᠡᠳ ᠰᠣᠭᠲᠣᠭᠤ ᠬᠣᠶᠠᠷ ᠬᠥᠮᠦᠨ ᠳᠠᠪᠬᠢᠵᠤ ᠢᠷᠡᠯ᠎ᠡ᠃ ᠡᠨᠡ ᠪᠣᠯ ᠢᠲᠡᠭᠡᠯᠲᠦ᠂ ᠪᠠᠳᠠᠷᠴᠢ ᠬᠣᠶᠠᠷ ᠪᠠᠢᠵᠠᠢ᠃
᠊᠊᠊᠊᠊᠊᠊᠊᠊᠊᠊᠊᠊᠊᠊ ᠠᠮᠤᠭᠤᠯᠠᠩ ᠠᠢᠯᠠᠳᠬᠠᠶ᠎ᠠ ᠭᠡᠵᠦ ᠦᠨᠢᠶ᠎ᠡ ᠡᠷᠭᠦᠨ ᠪᠣᠰᠬᠠᠵᠤ ᠪᠠᠢᠭᠰᠠᠨ ᠬᠢᠵᠢᠭᠡᠯ ᠨᠠᠰᠤᠨ ᠤ᠋ ᠬᠠᠷ᠎ᠠ ᠬᠥᠮᠦᠨ ᠬᠡᠯᠡᠪᠡ᠃
ᠬᠠᠷᠢ ᠬᠣᠰᠢᠭᠤ ᠨᠤᠲᠤᠭ ᠲᠤ᠌ ᠠᠷᠭ᠎ᠠ ᠦᠭᠡᠢ ᠶ᠋ᠢᠨ ᠡᠷᠬᠡᠨ ᠳ᠋ᠦ᠍ ᠣᠷᠣᠵᠤ ᠢᠷᠡᠭᠰᠡᠨ ᠨᠡᠭᠦᠳᠡᠯᠴᠢᠨ ᠬᠡᠵᠢᠶ᠎ᠡ᠂ ᠬᠡᠨ ᠢᠷᠡᠵᠦ ᠬᠥᠭᠡᠭᠡᠬᠦ ᠪᠣᠯ ᠭᠡᠵᠦ ᠬᠠᠷᠠᠭᠳᠠᠭᠰᠠᠨ ᠪᠦᠬᠦᠨ ᠡᠴᠡ ᠠᠶᠤᠵᠤ ᠪᠠᠢᠵᠠᠢ᠃ ᠡᠨᠡ ᠤᠴᠢᠷ ᠡᠴᠡ ᠠᠭᠤᠷ ᠰᠠᠪᠰᠠᠵᠤ᠂ ᠲᠣᠯᠣᠭᠠᠢ ᠪᠠᠨ ᠬᠠᠶᠠᠨ᠂ ᠠᠮᠠᠭᠠᠢ ᠪᠠᠷ ᠢ᠋ᠶ᠋ᠠᠨ ᠲᠣᠭᠯᠠᠭᠰᠠᠨ ᠮᠣᠷᠢᠳ ᠲᠠᠢ ᠬᠣᠶᠠᠷ ᠬᠥᠮᠦᠨ ᠢ᠋ ᠴᠢᠷᠠᠢᠴᠢᠯᠠᠵᠤ ᠡᠬᠢᠯᠡᠪᠡ᠃
᠊᠊᠊᠊᠊᠊᠊᠊᠊᠊᠊᠊᠊᠊᠊ ᠬᠥᠮᠦᠨ ᠦ᠌ ᠨᠤᠲᠤᠭ ᠲᠤ᠌ ᠵᠡᠭᠡᠷ᠎ᠡ ᠰᠢᠭ ᠳᠤᠷ᠎ᠠ ᠪᠠᠷ ᠢ᠋ᠶ᠋ᠠᠨ ᠰᠡᠯᠡᠭᠦᠴᠡᠵᠦ ᠶᠠᠪᠤᠳᠠᠭ ᠠᠯᠢ ᠭᠠᠵᠠᠷ ᠤ᠋ᠨ ᠴᠠᠭᠠᠴᠢ ᠪᠣᠢ? ᠭᠡᠵᠦ ᠪᠠᠳᠠᠷᠴᠢ ᠪᠦᠳᠦᠭᠦᠨ ᠳᠠᠭᠤ ᠪᠠᠷ ᠵᠠᠩᠳᠤᠷᠤᠨ ᠬᠡᠯᠡᠪᠡ᠃
ᠪᠢᠳᠡ ᠥᠭᠡᠯᠡᠳ ᠪᠠᠢᠰᠠ ᠶ᠋ᠢᠨ ᠠᠯᠪᠠᠲᠤ ᠨᠠᠷ᠂ ᠵᠤᠳ ᠲᠤ᠌ ᠬᠥᠭᠡᠭᠡᠭᠳᠡᠭᠡᠳ ᠶᠠᠪᠤᠭ᠎ᠠ ᠪᠠᠢᠨ᠎ᠠ ᠭᠡᠵᠦ ᠬᠦᠢᠲᠡᠨ᠂ ᠨᠠᠰᠤ ᠬᠣᠶᠠᠷ ᠲᠤ᠌ ᠳᠠᠷᠤᠭᠳᠠᠭᠰᠠᠨ ᠴᠢᠪᠠᠭᠠᠨᠴᠠ ᠳᠣᠷᠣᠢ ᠳᠠᠭᠤ ᠪᠠᠷ ᠬᠠᠷᠢᠭᠤᠯᠪᠠ᠃
᠊᠊᠊᠊᠊᠊᠊᠊᠊᠊᠊᠊᠊᠊᠊ ᠭᠡᠢᠴᠢᠳ ᠪᠢᠳᠡᠨ ᠦ᠌ ᠬᠠᠷ᠎ᠠ ᠬᠠᠳᠬᠤᠭᠤᠷ ᠲᠤ᠌ ᠵᠠᠯᠠᠷᠠᠨ ᠣᠷᠣᠵᠤ ᠰᠠᠷᠬᠤᠳ ᠲᠣᠭᠲᠠᠭᠠᠬᠤ ᠶ᠋ᠢ ᠬᠦᠰᠡᠶ᠎ᠡ ᠭᠡᠵᠦ ᠨᠢᠭᠡ ᠬᠠᠷ᠎ᠠ ᠬᠥᠮᠦᠨ ᠬᠡᠯᠡᠭᠡᠳ ᠵᠣᠭᠰᠣᠵᠤ ᠪᠠᠢᠭᠰᠠᠨ ᠬᠣᠶᠠᠷ ᠵᠠᠯᠠᠭᠤ ᠤᠷᠤᠭᠤ ᠬᠠᠨᠳᠤᠵᠤ᠄
᠊᠊᠊᠊᠊᠊᠊᠊᠊᠊᠊᠊᠊᠊᠊ ᠭᠡᠢᠴᠢᠳ ᠦ᠋ᠨ ᠮᠣᠷᠢ ᠶ᠋ᠢ ᠤᠶᠠ ᠭᠡᠯᠡ᠃
᠊᠊᠊᠊᠊᠊᠊᠊᠊᠊᠊᠊᠊᠊᠊ ᠣᠷᠣᠭᠠᠳ ᠮᠣᠷᠳᠠᠬᠤ ᠤᠤ ᠳᠠ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠪᠠᠳᠠᠷᠴᠢ ᠳᠤᠷᠠᠲᠠᠢ ᠳᠤᠷ᠎ᠠ ᠦᠭᠡᠢ ᠪᠠᠭᠤᠪᠠ᠃
ᠨᠠᠮᠤᠷ ᠠᠯᠠᠭᠰᠠᠨ ᠲᠠᠷᠭᠤᠨ ᠬᠣᠨᠢᠨ ᠤ᠋ ᠮᠢᠬ᠎ᠠ ᠴᠢᠨᠠᠵᠤ᠂ ᠨᠡᠷᠡᠮᠡᠯ ᠠᠷᠢᠬᠢ ᠬᠠᠯᠠᠭᠤᠯᠵᠤ ᠬᠣᠶᠠᠷ ᠵᠣᠴᠢᠨ ᠢ᠋ ᠳᠠᠢᠯᠠᠪᠠ᠃
᠊᠊᠊᠊᠊᠊᠊᠊᠊᠊᠊᠊᠊᠊᠊ ᠬᠡᠳᠦᠨ ᠮᠠᠯ ᠡᠴᠡ ᠪᠡᠨ ᠰᠠᠯᠤᠭᠠᠳ ᠶᠠᠳᠠᠷᠠᠬᠤ ᠳ᠋ᠠᠭᠠᠨ ᠯᠠ ᠢᠩᠭᠢᠵᠦ ᠬᠠᠷᠢ ᠨᠤᠲᠤᠭ ᠤ᠋ᠨ ᠵᠠᠬ᠎ᠠ ᠤᠷᠤᠭᠤ ᠨᠡᠭᠦᠳᠡᠯᠯᠡᠨ ᠶᠠᠪᠤᠨ᠎ᠠ᠃ ᠮᠣᠩᠭᠣᠯ ᠠᠬ᠎ᠠ ᠳᠡᠭᠦᠦ ᠪᠣᠯᠬᠣᠷ ᠲᠤᠰᠠᠯᠠᠬᠤ ᠯᠠ ᠪᠠᠢᠬ᠎ᠠ ᠭᠡᠵᠦ ᠨᠥᠭᠦᠭᠡ ᠬᠠᠷ᠎ᠠ ᠬᠥᠮᠦᠨ ᠮᠥᠩᠭᠥᠨ ᠠᠶᠠᠭᠠᠨ ᠳ᠋ᠤ᠌ ᠬᠠᠯᠠᠭᠤᠨ ᠠᠷᠢᠬᠢ ᠬᠢᠵᠦ ᠢᠲᠡᠭᠡᠯᠲᠦ ᠳ᠋ᠦ᠍ ᠪᠠᠷᠢᠬᠤ ᠵᠠᠭᠤᠷ᠎ᠠ ᠬᠡᠯᠡᠪᠡ᠃
᠊᠊᠊᠊᠊᠊᠊᠊᠊᠊᠊᠊᠊᠊᠊ ᠪᠢᠳᠡ ᠴᠦ᠍ ᠬᠥᠭᠡᠭᠡᠬᠦ ᠦᠭᠡᠢ᠃ ᠪᠠᠰᠠ ᠪᠤᠰᠤᠳ ᠢ᠋ ᠢᠳᠬᠠᠬᠤ ᠶ᠋ᠢ ᠣᠷᠣᠯᠳᠣᠶ᠎ᠠ᠃ ᠭᠡᠪᠡᠴᠦ ᠯᠤᠤ ᠬᠦᠩ ᠦ᠋ᠨ ᠠᠯᠪᠠᠲᠤ ᠣᠯᠠᠨ᠂ ᠣᠯᠠᠨ ᠬᠥᠮᠦᠨ ᠰᠠᠢᠨᠲᠠᠢ ᠮᠠᠭᠤᠲᠠᠢ ᠪᠠᠢᠳᠠᠭ ᠰᠢᠦ ᠳᠡ᠃ ᠡᠨᠡ ᠬᠥᠮᠦᠨ ᠢ᠋ ᠲᠠ ᠪᠦᠬᠦᠨ ᠲᠠᠨᠢᠬᠤ ᠤᠤ? ᠯᠤᠤ ᠬᠦᠩ ᠦ᠋ᠨ ᠪᠠᠶᠠᠨ ᠢᠲᠡᠭᠡᠯᠲᠦ ᠭᠡᠳᠡᠭ ᠬᠥᠮᠦᠨ ᠳᠡ᠃ ᠨᠤᠲᠤᠭ ᠣᠯᠠᠨ ᠳ᠋ᠠᠭᠠᠨ ᠬᠦᠨᠳᠦ ᠲᠡᠢ᠂ ᠦᠭᠡ ᠨᠢ ᠵᠢᠩᠲᠡᠢ ᠭᠡᠳ ᠪᠠᠳᠠᠷᠴᠢ ᠬᠠᠷ᠎ᠠ ᠬᠥᠮᠦᠨ ᠤᠷᠤᠭᠤ ᠨᠢᠳᠦ ᠢᠷᠮᠡᠯᠡ᠃
ᠢᠲᠡᠭᠡᠯᠲᠦ ᠳ᠋ᠦ᠍ ᠬᠠᠬᠤᠤᠯᠢ ᠥᠭ ᠭᠡᠰᠡᠨ ᠪᠠᠳᠠᠷᠴᠢ ᠶ᠋ᠢᠨ ᠰᠠᠨᠠᠭ᠎ᠠ ᠶ᠋ᠢ ᠬᠠᠷ᠎ᠠ ᠬᠥᠮᠦᠨ ᠣᠢᠯᠠᠭᠠᠵᠤ ᠮᠡᠳᠡᠭᠡᠳ ᠠᠪᠳᠠᠷ᠎ᠠ ᠤᠷᠤᠭᠤ ᠪᠠᠨ ᠡᠷᠭᠢᠵᠦ ᠬᠡᠰᠡᠭ ᠱᠤᠤᠬᠢᠲᠤᠨᠠᠭᠰᠠᠨ ᠢ᠋ᠶ᠋ᠠᠨ ᠡᠷᠭᠢᠪᠡ᠃
᠊᠊᠊᠊᠊᠊᠊᠊᠊᠊᠊᠊᠊᠊᠊ ᠢᠲᠡᠭᠡᠯᠲᠦ ᠲᠠᠨ ᠤ᠋ ᠠᠯᠳᠠᠷ ᠢ᠋ ᠡᠷᠲᠡ ᠳᠡᠭᠡᠷ᠎ᠡ ᠰᠣᠨᠣᠰᠤᠭᠰᠠᠨ ᠪᠣᠯᠪᠠᠴᠤ ᠲᠠᠨᠢᠯᠴᠠᠬᠤ ᠵᠠᠪᠰᠢᠶᠠᠨ ᠣᠯᠤᠭᠰᠠᠨ ᠦᠭᠡᠢ᠃ ᠥᠨᠥᠳᠥᠷ ᠮᠢᠨᠦ ᠪᠣᠷᠣ ᠣᠪᠣᠬᠠᠢ ᠳ᠋ᠤ᠌ ᠨᠠᠷᠠ ᠭᠡᠢᠭᠦᠯᠦᠨ ᠮᠣᠷᠢᠯᠠᠵᠤ ᠢᠷᠡᠭᠰᠡᠨ ᠳ᠋ᠦ᠍ ᠥᠴᠦᠬᠡᠨ ᠪᠢ ᠪᠠᠶᠠᠷᠯᠠᠪᠠᠴᠤ ᠪᠠᠷᠠᠬᠤ ᠦᠭᠡᠢ᠃ ᠲᠠᠨ ᠲᠠᠢ ᠲᠠᠨᠢᠯᠴᠠᠭᠰᠠᠨ ᠤ᠋ ᠥᠴᠦᠬᠡᠨ ᠪᠡᠯᠡᠭ ᠪᠠᠷᠢᠶ᠎ᠠ᠃ ᠲᠣᠭᠲᠠᠭᠠᠵᠤ ᠬᠠᠢᠷᠠᠯᠠ ᠭᠡᠵᠦ ᠬᠠᠭᠤᠴᠢᠷᠠᠭᠰᠠᠨ ᠠᠶᠤᠰᠢ ᠬᠠᠳᠠᠭ ᠤ᠋ᠨ ᠳᠡᠭᠡᠷ᠎ᠡ ᠵᠢᠵᠢᠭᠬᠡᠨ ᠳᠣᠢ᠌ᠭ ᠤ᠋ᠨ ᠶᠤᠸᠠᠮᠪᠤᠤ ᠲᠠᠯᠪᠢᠵᠤ ᠪᠠᠷᠢᠪᠠ᠃
ᠢᠲᠡᠭᠡᠯᠲᠦ ᠲᠣᠭᠣᠮᠵᠢᠷ ᠦᠭᠡᠢ ᠬᠤᠮᠬᠢᠨ ᠠᠪᠴᠤ ᠰᠢᠭᠤᠳ ᠡᠪᠦᠷᠲᠦᠯᠡᠪᠡ᠃ ᠡᠪᠦᠭᠡᠨ ᠪᠠᠰᠠ ᠨᠢᠭᠡ ᠰᠣᠨᠣᠮ ᠬᠠᠳᠠᠭ ᠭᠠᠷᠭᠠᠵᠤ ᠪᠠᠳᠠᠷᠴᠢ ᠳ᠋ᠤ᠌ ᠪᠠᠷᠢᠪᠠ᠃
ᠬᠣᠰᠢᠭᠤ ᠲᠦᠷᠦᠭᠦᠯᠡᠭᠰᠡᠨ ᠪᠠᠶᠠᠨ᠂ ᠬᠦᠩ ᠦ᠋ᠨ ᠰᠢᠳᠠᠷ ᠲᠠᠬᠠᠷ ᠬᠣᠶᠠᠷ ᠲᠤ᠌ ᠲᠠᠯ᠎ᠠ ᠵᠠᠰᠠᠭᠰᠠᠨ ᠢ᠋ᠶ᠋ᠠᠷ ᠯᠤᠤ ᠬᠦᠩ ᠦ᠋ᠨ ᠨᠤᠲᠤᠭ ᠲᠤ᠌ ᠬᠡᠳᠦ ᠬᠣᠨᠣᠬᠤ ᠪᠣᠯᠣᠮᠵᠢᠲᠠᠢ ᠪᠣᠯᠪᠠ ᠭᠡᠵᠦ ᠰᠡᠳᠬᠢᠯ ᠨᠢ ᠲᠠᠢᠪᠤᠰᠢᠷᠠᠭᠰᠠᠨ ᠬᠠᠷ᠎ᠠ ᠬᠥᠮᠦᠨ ᠨᠤᠲᠤᠭ ᠲᠠᠭᠠᠨ ᠪᠣᠯᠤᠭᠰᠠᠨ ᠨᠢᠩᠵᠢᠨ ᠰᠡᠳᠬᠢᠯ ᠦᠭᠡᠢ ᠵᠤᠳ ᠤ᠋ᠨ ᠲᠤᠬᠠᠢ ᠲᠣᠯᠣᠭᠠᠢ ᠰᠡᠭᠰᠦᠷᠦᠨ ᠶᠠᠷᠢᠪᠠ᠃
ᠲᠡᠨᠳᠡ ᠡᠴᠡ ᠢᠲᠡᠭᠡᠯᠲᠦ ᠪᠠᠳᠠᠷᠴᠢ ᠬᠣᠶᠠᠷ ᠨᠡᠯᠢᠶᠡᠳ ᠠᠷᠢᠬᠢ ᠤᠤᠭᠤᠵᠤ ᠠᠪᠤᠭᠠᠳ ᠮᠣᠷᠳᠠᠵᠤ᠂ ᠵᠠᠮ ᠳ᠋ᠠᠭᠠᠨ ᠪᠠᠳᠠᠷᠴᠢ ᠪᠠᠢᠨ ᠪᠠᠢᠨ ᠢᠲᠡᠭᠡᠯᠲᠦ ᠤᠷᠤᠭᠤ ᠬᠠᠷᠠᠵᠤ᠂ ᠵᠠᠷᠢᠮ ᠳ᠋ᠠᠭᠠᠨ ᠤᠷᠤᠭᠤᠯ ᠳ᠋ᠤᠨᠢ ᠢᠨᠢᠶᠡᠮᠰᠦᠭᠯᠡᠨ᠂ ᠵᠠᠷᠢᠮ ᠳ᠋ᠠᠭᠠᠨ ᠨᠢᠳᠦᠨ ᠳ᠋ᠦ᠍ᠨᠢ ᠭᠦᠨ ᠪᠣᠳᠣᠯ ᠲᠣᠳᠣᠷᠠᠵᠤ ᠶᠠᠪᠤᠪᠠ᠃ ᠪᠠᠳᠠᠷᠴᠢ ᠣᠯᠠᠨ ᠶᠠᠭᠤᠮ᠎ᠠ ᠪᠣᠳᠣᠭᠰᠠᠨ ᠦᠭᠡᠢ᠃ ᠵᠥᠪᠬᠡᠨ ᠯᠡ ᠢᠲᠡᠭᠡᠯᠲᠦ ᠶ᠋ᠢᠨ ᠠᠪᠤᠭᠰᠠᠨ ᠳᠣᠢ᠌ᠭ ᠤ᠋ᠨ ᠶᠤᠸᠠᠮᠪᠤᠤ ᠶ᠋ᠢᠨ ᠬᠠᠭᠠᠰ ᠢ᠋ ᠶᠠᠮᠠᠷ ᠠᠷᠭ᠎ᠠ ᠪᠠᠷ ᠰᠠᠯᠭᠠᠬᠤ ᠪᠣᠢ ᠭᠡᠵᠦ ᠪᠣᠳᠣᠵᠤ ᠶᠠᠪᠤᠯ᠎ᠠ᠃
᠊᠊᠊᠊᠊᠊᠊᠊᠊᠊᠊᠊᠊᠊᠊ ᠢᠲᠡᠭᠡᠯᠲᠦ ᠠ᠋ ᠣᠯᠵᠠ ᠶ᠋ᠢ ᠣᠯᠠᠭᠤᠯᠠ ᠪᠠᠨ ᠭᠡᠳᠡᠭ ᠪᠢᠰᠢ ᠪᠢᠯᠢᠤ ᠭᠡᠳ ᠬᠣᠭᠣᠯᠠᠢ ᠪᠠᠨ ᠫᠠᠷᠴᠢᠭᠢᠨᠠᠭᠤᠯᠤᠨ ᠬᠤᠳᠠᠯ ᠢᠨᠢᠶᠡᠪᠡ᠃
᠊᠊᠊᠊᠊᠊᠊᠊᠊᠊᠊᠊᠊᠊᠊ ᠱᠠᠭ᠎ᠠ ᠰᠢᠭ᠋ ᠶᠠᠭᠤᠮ᠎ᠠ ᠶ᠋ᠢ ᠬᠤᠪᠢᠶᠠᠬᠤ ᠶᠠᠭᠤ ᠪᠠᠢᠬᠤᠪ? ᠨᠠᠳᠠ ᠡᠴᠡ ᠨᠢᠭᠡ ᠡᠮ᠎ᠡ ᠬᠣᠨᠢ ᠠᠪᠤᠭᠠᠷᠠᠢ ᠭᠡᠳ ᠢᠲᠡᠭᠡᠯᠲᠦ ᠮᠣᠷᠢ ᠪᠠᠨ ᠵᠥᠭᠡᠯᠡᠨ ᠭᠤᠶᠠᠳᠠᠪᠠ᠃
ᠠᠵᠠ ᠬᠦᠦ ᠪᠠᠢᠪᠠᠯ ᠶᠣᠣᠵᠠ ᠬᠦᠦ ᠪᠡᠷ ᠬᠣᠵᠢᠨ᠎ᠠ ᠭᠡᠭᠴᠢ ᠪᠡᠷ ᠠᠮᠠᠨ ᠳ᠋ᠤ᠌ ᠰᠤᠯᠠ ᠣᠷᠣᠵᠤ ᠪᠠᠢᠭ᠎ᠠ ᠶᠠᠭᠤᠮᠠᠨ ᠳ᠋ᠤ᠌ ᠭᠠᠭᠴᠠ ᠡᠮ᠎ᠡ ᠬᠣᠨᠢ ᠴᠤ᠌ ᠬᠠᠮᠢᠭ᠎ᠠ ᠶᠤᠮ ᠪᠣᠢ ᠭᠡᠵᠦ ᠪᠠᠳᠠᠷᠴᠢ ᠳᠣᠲᠣᠷ᠎ᠠ ᠪᠠᠨ ᠪᠠᠶᠠᠷᠯᠠᠨ ᠶᠠᠪᠤᠵᠠᠢ᠃
᠊᠊᠊᠊᠊᠊᠊᠊᠊᠊᠊᠊᠊᠊᠊ ᠪᠠᠳᠠᠷᠴᠢ ᠠ᠋ ᠣᠯᠵᠠ ᠦᠨᠦᠷᠲᠦᠭᠡᠳ ᠪᠠᠢᠨ᠎ᠠ᠃
᠊᠊᠊᠊᠊᠊᠊᠊᠊᠊᠊᠊᠊᠊᠊ ᠬᠠᠮᠢᠭ᠎ᠠ ᠡᠴᠡ?
᠊᠊᠊᠊᠊᠊᠊᠊᠊᠊᠊᠊᠊᠊᠊ ᠮᠠᠷᠭᠠᠰᠢ ᠣᠷᠣᠢ ᠬᠡᠳᠦᠨ ᠬᠥᠮᠦᠨ ᠲᠡᠢ ᠮᠣᠷᠳᠠᠭᠠᠳ ᠡᠳᠡᠨ ᠢ᠋ ᠢᠳᠡᠵᠦ ᠤᠷᠭᠢᠶ᠎ᠠ᠃
᠊᠊᠊᠊᠊᠊᠊᠊᠊᠊᠊᠊᠊᠊᠊ ᠬᠡᠨ ᠢ᠋?
᠊᠊᠊᠊᠊᠊᠊᠊᠊᠊᠊᠊᠊᠊᠊ ᠬᠡᠨ ᠢ᠋ ᠪᠠᠢᠬᠤᠪ ᠳᠠ᠃ ᠡᠨᠡ ᠨᠡᠭᠦᠳᠡᠯᠴᠢᠳ ᠢ᠋᠃
ᠪᠠᠳᠠᠷᠴᠢ ᠶ᠋ᠢᠨ ᠪᠠᠷᠵᠠᠭᠠᠷ ᠨᠢᠭᠤᠷ ᠲᠤᠨᠢ ᠰᠢᠨᠤᠯ ᠤ᠋ᠨ ᠭᠠᠯ ᠮᠠᠨᠠᠷᠠᠨ ᠣᠪᠣᠯᠵᠠᠵᠤ ᠰᠠᠷᠠᠨ ᠬᠠᠢᠨᠤᠭ ᠤ᠋ᠨ ᠪᠦᠳᠦᠭᠦᠨ ᠳᠠᠭᠤ ᠪᠠᠷ ᠣᠷᠴᠢᠮ ᠤ᠋ᠨ ᠪᠤᠷᠭᠠᠰᠤ ᠶ᠋ᠢ ᠳᠣᠩᠰᠣᠯᠤᠭᠤᠯᠤᠨ ᠢᠨᠢᠶᠡᠪᠡ᠃
᠊᠊᠊᠊᠊᠊᠊᠊᠊᠊᠊᠊᠊᠊᠊ ᠪᠤᠶᠠᠨ ᠲᠠᠢ ᠬᠥᠮᠦᠨ ᠦ᠌ ᠤᠬᠠᠭᠠᠨ ᠪᠤᠯᠠᠭ ᠰᠢᠭ᠋ ᠯᠡ ᠪᠠᠢᠳᠠᠭ ᠪᠠᠢᠨ᠎ᠠ᠃ ᠦᠨᠡᠬᠡᠷ ᠶᠠᠭᠤᠮ᠎ᠠ ᠣᠯᠵᠤ ᠪᠣᠯᠬᠤ ᠨᠢ ᠪᠠᠢᠨ᠎ᠠ ᠰᠢᠦ ᠭᠡᠳ ᠳᠠᠪᠢᠷᠠᠬᠤ ᠳ᠋ᠤ᠌ ᠮᠣᠷᠢᠳ ᠤᠯᠠᠮ ᠬᠤᠷᠳᠤᠯᠠᠪᠠ᠃
ᠡᠮᠦᠨ᠎ᠡ ᠡᠴᠡ ᠬᠦᠢᠲᠡᠨ ᠰᠠᠯᠬᠢ ᠦᠯᠢᠶᠡᠪᠡᠴᠦ᠂ ᠳᠣᠲᠣᠷ᠎ᠠ ᠡᠴᠡ ᠨᠢ ᠬᠠᠯᠠᠭᠤᠨ ᠠᠷᠢᠬᠢ᠂ ᠲᠠᠷᠭᠤᠨ ᠮᠢᠬ᠎ᠠ ᠵᠢᠩᠨᠡᠵᠦ ᠮᠣᠷᠢᠳ ᠤ᠋ᠨ ᠬᠥᠯ ᠢ᠋ᠶ᠋ᠡᠷ ᠨᠢ ᠪᠥᠭᠡᠮ ᠪᠥᠭᠡᠮ ᠴᠠᠰᠤ ᠰᠢᠳᠡᠭᠳᠡᠨ ᠶᠠᠪᠤᠬᠤ ᠳ᠋ᠤ᠌ ᠰᠡᠳᠬᠢᠯ ᠳ᠋ᠦ᠍ᠨᠢ ᠶᠠᠳᠠᠷᠠᠭᠰᠠᠨ ᠨᠡᠭᠦᠳᠡᠯᠴᠢᠨ ᠡᠴᠡ ᠳᠡᠭᠡᠷᠡᠮᠳᠡᠨ ᠠᠪᠬᠤ ᠶᠡᠬᠡ ᠣᠯᠵᠠ ᠶ᠋ᠢᠨ ᠵᠡᠷᠭᠡᠯᠭᠡ ᠬᠠᠷᠠᠭᠳᠠᠨ᠂ ᠮᠣᠷᠢᠳ ᠤᠯᠠᠮ ᠬᠤᠷᠳᠤᠯᠠᠬᠤ ᠪᠦᠷᠢ ᠲᠣᠳᠣᠷᠠᠵᠤ ᠪᠠᠢᠯ᠎ᠠ᠃
ᠮᠠᠷᠭᠠᠰᠢ ᠣᠷᠣᠢ ᠨᠢ ᠢᠲᠡᠭᠡᠯᠲᠦ ᠶ᠋ᠢᠨ ᠭᠠᠳᠠᠨ᠎ᠠ ᠡᠴᠡ ᠤᠷᠲᠤ ᠤᠷᠲᠤ ᠲᠠᠰᠢᠭᠤᠷ ᠪᠠᠷᠢᠭᠰᠠᠨ ᠬᠣᠷᠢ ᠭᠠᠷᠤᠢ ᠮᠣᠷᠢ ᠲᠠᠢ ᠬᠥᠮᠦᠨ ᠨᠡᠭᠦᠳᠡᠯᠴᠢᠳ ᠢ᠋ ᠬᠥᠭᠡᠭᠡᠬᠦ ᠪᠡᠷ ᠬᠥᠳᠡᠯᠬᠦ ᠪᠣᠯᠪᠠ᠃ ᠲᠡᠳᠡᠨ ᠢ᠋ ᠢᠲᠡᠭᠡᠯᠲᠦ᠂ ᠪᠠᠳᠠᠷᠴᠢ ᠬᠣᠶᠠᠷ ᠲᠣᠯᠣᠭᠠᠢᠯᠠᠵᠠᠢ᠃
᠊᠊᠊᠊᠊᠊᠊᠊᠊᠊᠊᠊᠊᠊᠊ ᠨᠥᠬᠥᠳ ᠮᠢᠨᠢ ᠬᠡᠷᠡᠭ ᠦᠭᠡᠢ᠃ ᠬᠡᠨ ᠦ᠌ ᠴᠦ᠍ ᠨᠤᠲᠤᠭ ᠲᠤ᠌ ᠵᠤᠳ ᠪᠣᠯᠵᠤ ᠮᠠᠭᠠᠳ ᠭᠡᠵᠦ ᠨᠢᠮ᠎ᠠ ᠬᠣᠷᠢᠭᠯᠠᠪᠠ ᠃
᠊᠊᠊᠊᠊᠊᠊᠊᠊᠊᠊᠊᠊᠊᠊ ᠥᠭᠯᠢᠭᠡᠴᠢ ᠬᠥᠮᠦᠨ ᠥᠪᠡᠷ ᠢ᠋ᠶ᠋ᠡᠨ ᠬᠣᠭᠣᠰᠣᠨ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠬᠥᠮᠦᠰ ᠢᠨᠢᠶᠡᠯᠳᠦᠪᠡ᠃
᠊᠊᠊᠊᠊᠊᠊᠊᠊᠊᠊᠊᠊᠊᠊ ᠴᠠᠭᠠᠨ᠎ᠠ ᠴᠢᠨᠢ ᠶᠠᠳᠠᠷᠠᠭᠰᠠᠨ ᠮᠣᠩᠭᠣᠯ ᠠᠬ᠎ᠠ ᠳᠡᠭᠦᠦ ᠨᠠᠷ ᠪᠠᠢᠬᠤ ᠳ᠋ᠤ᠌ ᠬᠤᠪᠢᠶᠠᠭᠠᠳ ᠢᠳᠡᠵᠦ ᠪᠣᠯᠬᠤ ᠨᠤᠲᠤᠭ ᠢ᠋ ᠬᠠᠷᠠᠮᠯᠠᠬᠤ ᠬᠡᠷᠡᠭ ᠦᠭᠡᠢ ᠶᠤᠮ ᠪᠢᠰᠢᠦ! ᠢᠲᠡᠭᠡᠯᠲᠦ ᠮᠢᠨᠢ ᠭᠡᠵᠦ ᠨᠢᠮ᠎ᠠ ᠬᠡᠯᠡᠪᠡ᠃
᠊᠊᠊᠊᠊᠊᠊᠊᠊᠊᠊᠊᠊᠊᠊ ᠲᠡᠷᠡ ᠦᠨᠡᠨ ᠪᠣᠯᠪᠠᠴᠤ ᠥᠭᠡᠯᠦᠨ ᠪᠡᠢᠰᠡ ᠶ᠋ᠢᠨ ᠬᠢᠨ ᠬᠥᠮᠦᠨ ᠦ᠌ ᠨᠦᠮᠵᠦᠭ ᠦᠭᠡᠢ ᠠᠮᠢᠲᠠᠨ᠃ ᠬᠠᠯᠬ᠎ᠠ ᠶ᠋ᠢ ᠬᠦᠢᠰᠦ ᠲᠡᠮᠲᠡᠷᠢᠬᠦ ᠭᠡᠰᠡᠨ ᠭᠠᠯᠳᠠᠨ ᠪᠣᠱᠣᠭᠲᠤ ᠶ᠋ᠢᠨ ᠰᠢᠪᠬᠠᠷᠤᠤ ᠨᠤᠭᠤᠳ ᠭᠡᠵᠦ ᠢᠲᠡᠭᠡᠯᠲᠦ ᠶᠡᠬᠡ ᠯᠡ ᠮᠡᠳᠡᠮᠡᠬᠡᠢ ᠬᠡᠯᠡᠪᠡ᠃
᠊᠊᠊᠊᠊᠊᠊᠊᠊᠊᠊᠊᠊᠊᠊ ᠪᠣᠱᠣᠭᠲᠤ ᠬᠠᠨ ᠴᠢᠨᠢ ᠶᠡᠬᠡᠯ᠎ᠡ ᠤᠬᠠᠭᠠᠨ ᠲᠠᠢ ᠬᠥᠮᠦᠨ ᠪᠠᠢᠭᠰᠠᠨ ᠬᠥᠮᠦᠨ ᠭᠡᠳᠡᠭ ᠰᠢᠦ ᠭᠡᠵᠦ ᠭᠡᠰᠢᠭᠳᠤ ᠠᠪᠠᠭᠠᠢ ᠬᠡᠯᠡᠪᠡ᠃
᠊᠊᠊᠊᠊᠊᠊᠊᠊᠊᠊᠊᠊᠊᠊ ᠡᠮ᠎ᠡ ᠬᠥᠮᠦᠨ ᠦ᠌ ᠦᠭᠡ᠂ ᠲᠤᠷᠠᠩᠬᠠᠢ ᠢᠮᠠᠭ᠎ᠠ ᠶ᠋ᠢᠨ ᠱᠥᠯᠥ ᠶᠠᠭ ᠢᠵᠢᠯ ᠭᠡᠵᠦ ᠪᠠᠳᠠᠷᠴᠢ ᠬᠡᠯᠡᠭᠡᠳ ᠥᠪᠡᠷ ᠢ᠋ᠶ᠋ᠡᠨ ᠴᠢᠩᠭ᠎ᠠ ᠢᠨᠢᠶᠡᠪᠡ᠃
᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠪᠢ ᠡᠨᠡ ᠬᠡᠷᠡᠭ ᠲᠦ᠍ ᠴᠢᠨᠢ ᠣᠷᠣᠯᠴᠠᠬᠤ ᠦᠭᠡᠢ᠃ ᠶᠡᠷᠦᠨᠢ ᠴᠦ᠍ ᠥᠨᠥ ᠰᠥᠨᠢ ᠠᠵᠢᠯ ᠲᠠᠢ ᠭᠡᠳ ᠨᠢᠮ᠎ᠠ ᠳᠠᠭᠤᠳᠠᠬᠤ ᠪᠣᠢ ᠭᠡᠰᠡᠨ ᠪᠣᠯᠤᠯᠲᠠᠢ ᠡᠷᠭᠢᠵᠦ ᠲᠦᠷᠭᠡᠨ ᠠᠯᠬᠤᠪᠠ᠃ ᠵᠢᠭᠤᠲᠠᠵᠤ ᠪᠠᠢᠭ᠎ᠠ ᠨᠢᠮ᠎ᠠ ᠶ᠋ᠢ ᠬᠠᠷᠠᠭᠠᠳ 《ᠮᠣᠭᠠᠢ ᠠᠯᠠᠬᠤ ᠳ᠋ᠤ᠌ ᠮᠣᠳᠣ ᠨᠡᠮᠡᠷᠢ ᠦᠭᠡᠢ》 ᠭᠡᠵᠦ ᠢᠲᠡᠭᠡᠯᠲᠦ ᠪᠣᠳᠣᠪᠠ᠃
ᠲᠠᠷᠭᠤᠨ ᠪᠥᠭᠡᠳ ᠣᠮᠣᠭᠯᠠᠩ ᠮᠣᠷᠢᠳ ᠲᠠᠢ ᠬᠥᠮᠦᠰ ᠨᠡᠭᠦᠳᠡᠯᠴᠢᠳ ᠦ᠋ᠨ ᠣᠢᠷᠠᠯᠴᠠᠭ᠎ᠠ ᠪᠠᠢᠭ᠎ᠠ ᠪᠤᠷᠭᠠᠰᠤᠨ ᠳ᠋ᠤ᠌ ᠣᠷᠣᠵᠤ ᠢᠷᠡᠬᠦ ᠳ᠋ᠦ᠍ ᠦᠳᠡᠰᠢ ᠶ᠋ᠢᠨ ᠪᠦᠷᠦᠩᠬᠦᠢ ᠡᠬᠢᠯᠡᠪᠡ᠃ ᠬᠥᠯᠥᠷᠡᠭᠰᠡᠨ ᠮᠣᠷᠢᠳ ᠨᠢ ᠴᠠᠩ ᠢ᠋ᠶ᠋ᠠᠷ ᠪᠦᠷᠬᠦᠭᠳᠡᠨ ᠢᠲᠡᠭᠡᠯᠲᠦ ᠶ᠋ᠢᠨ ᠤᠨᠤᠭᠰᠠᠨ ᠬᠢᠯᠢᠩ ᠬᠠᠷ᠎ᠠ ᠮᠣᠷᠢ ᠬᠦᠷᠲᠡᠯ᠎ᠡ ᠪᠤᠭᠤᠷᠤᠯ ᠪᠣᠯᠵᠠᠢ᠃
᠊᠊᠊᠊᠊᠊᠊᠊᠊᠊᠊᠊᠊᠊᠊ ᠪᠠᠭᠤᠵᠠᠭᠠᠵᠤ ᠣᠯᠣᠩ ᠢ᠋ᠶ᠋ᠠᠨ ᠴᠢᠩᠭᠠᠯᠠ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠪᠦᠭᠦᠳᠡ ᠮᠣᠷᠢᠨ ᠡᠴᠡ ᠪᠠᠭᠤᠵᠠᠭᠠᠪᠠ᠃
ᠬᠥᠮᠦᠰ ᠦ᠋ᠨ ᠰᠡᠳᠬᠢᠯ ᠬᠥᠭᠡᠷᠦᠨ ᠵᠢᠷᠦᠬᠡ ᠨᠢ ᠴᠣᠬᠢᠯᠠᠨ᠎ᠠ᠃ ᠪᠤᠷᠭᠠᠰᠤ ᠪᠢᠲᠡᠭᠦᠦ ᠳᠠᠭᠤ ᠪᠠᠷ ᠱᠤᠤᠭᠢᠨ᠂ ᠲᠠᠮᠢᠷ ᠤ᠋ᠨ ᠮᠥᠰᠥ ᠳᠡᠰ ᠳᠡᠰ ᠬᠠᠭᠠᠷᠠᠨ᠎ᠠ᠃ ᠮᠣᠷᠢᠳ ᠤ᠋ᠨ ᠲᠣᠭᠲᠠᠨ ᠶᠠᠳᠠᠨ ᠬᠥᠳᠡᠯᠬᠦ ᠬᠥᠯ ᠢ᠋ᠶ᠋ᠡᠷ ᠴᠠᠰᠤᠨ ᠤ᠋ ᠰᠢᠷᠬᠡᠭ ᠬᠢᠬᠤᠲᠤᠨᠠᠨ ᠱᠠᠵᠢᠭᠢᠨᠠᠵᠤ ᠬᠦᠢᠲᠡᠨ ᠴᠠᠭ ᠤ᠋ᠨ ᠭᠦᠨ ᠬᠥᠬᠡ ᠲᠩᠷᠢ ᠳ᠋ᠦ᠍ ᠣᠳᠣᠨ ᠮᠡᠴᠢᠳ ᠭᠢᠯᠠᠯᠵᠠᠨ᠎ᠠ᠃
᠊᠊᠊᠊᠊᠊᠊᠊᠊᠊᠊᠊᠊᠊᠊ ᠵᠠ ᠲᠠ ᠮᠢᠨᠢ ᠡᠰᠡᠷᠭᠦᠴᠡᠪᠡᠯ ᠴᠣᠬᠢᠯᠠᠨ᠎ᠠ ᠰᠢᠦ ᠭᠡᠵᠦ ᠪᠠᠳᠠᠷᠴᠢ ᠲᠦᠮᠡᠨ ᠴᠡᠷᠢᠭ ᠦ᠋ᠨ ᠵᠠᠩᠵᠤᠨ ᠶᠡᠬᠡ ᠲᠤᠯᠤᠯᠳᠤᠭᠠᠨ ᠳ᠋ᠤ᠌ ᠣᠷᠣᠬᠤ ᠶ᠋ᠢᠨ ᠡᠮᠦᠨ᠎ᠡ ᠴᠡᠷᠢᠭ ᠲᠡᠭᠡᠨ ᠲᠤᠰᠢᠶᠠᠯ ᠥᠭᠴᠦ ᠪᠠᠢᠭ᠎ᠠ ᠳᠠᠭᠤ ᠪᠠᠷ ᠬᠡᠯᠡᠭᠡᠳ ᠮᠣᠷᠢᠨ ᠳ᠋ᠠᠭᠠᠨ ᠮᠣᠷᠳᠠᠪᠠ᠃
ᠬᠥᠮᠦᠰ ᠶᠠᠪᠤᠭᠰᠠᠭᠠᠷ ᠨᠡᠭᠦᠳᠡᠯᠴᠢᠳ ᠦ᠋ᠨ ᠭᠡᠷ ᠲᠦ᠍ ᠲᠤᠯᠤᠨ ᠣᠴᠢᠵᠤ ᠵᠣᠭᠰᠣᠪᠠ᠃ ᠣᠯᠠᠨ ᠮᠣᠷᠢᠳ ᠤ᠋ᠨ ᠬᠥᠯ ᠦ᠋ᠨ ᠴᠢᠮᠡᠭᠡ ᠪᠡᠷ ᠭᠡᠷ ᠡᠴᠡ ᠬᠥᠮᠦᠰ ᠭᠠᠷᠴᠤ ᠢᠷᠡᠵᠡᠭᠡᠪᠡ᠃
᠊᠊᠊᠊᠊᠊᠊᠊᠊᠊᠊᠊᠊᠊᠊ ᠯᠤᠤ ᠬᠦᠩ ᠦ᠋ᠨ ᠠᠯᠪᠠᠲᠤ ᠨᠠᠷ᠂ ᠨᠤᠲᠤᠭ ᠡᠴᠡ ᠪᠡᠨ ᠲᠠ ᠨᠠᠷ ᠢ᠋ ᠬᠥᠭᠡᠭᠡᠬᠦ ᠭᠡᠵᠦ ᠢᠷᠡᠯ᠎ᠡ᠃ ᠥᠭᠡᠯᠡᠳ ᠪᠡᠢᠰᠡ ᠶ᠋ᠢᠨ ᠭᠤᠢᠯᠢᠨᠴᠢᠳ ᠲᠦᠷᠭᠡᠨ ᠵᠠᠢᠯᠠᠵᠠᠭᠠ᠃ ᠣᠳᠣ ᠠᠴᠢᠶᠠᠯᠠᠬᠤ ᠦᠭᠡᠢ ᠪᠣᠯ ᠬᠡᠷᠡᠭ ᠲᠦᠪᠡᠭ ᠭᠠᠷᠭᠠᠨ᠎ᠠ ᠭᠡᠵᠦ ᠪᠠᠳᠠᠷᠴᠢ ᠶ᠋ᠢᠨ ᠪᠦᠳᠦᠭᠦᠨ ᠳᠠᠭᠤ ᠬᠠᠷᠠᠩᠭᠤᠢ ᠶ᠋ᠢᠨ ᠳᠤᠮᠳᠠ ᠲᠩᠷᠢ ᠶ᠋ᠢᠨ ᠠᠶᠤᠩᠭ᠎ᠠ ᠰᠢᠭ᠋ ᠴᠤᠤᠷᠢᠶᠠᠲᠤᠪᠠ᠃
《ᠮᠢᠨᠦ ᠳᠠᠭᠤ ᠴᠤ᠌ ᠶᠣᠰᠣᠲᠠᠢ ᠨᠢᠭᠡ ᠡᠷ᠎ᠡ ᠬᠥᠮᠦᠨ ᠦ᠌ ᠳᠠᠭᠤ ᠰᠢᠦ᠃ ᠡᠨᠡ ᠭᠤᠢᠯᠢᠨᠴᠢᠨ ᠨᠠᠷ ᠤ᠋ᠨ ᠰᠦᠨᠡᠰᠦ ᠯᠠᠪ ᠵᠠᠢᠯᠠᠭᠰᠠᠨ ᠪᠠᠢᠬ᠎ᠠ》 ᠭᠡᠵᠦ ᠪᠣᠳᠣᠭᠠᠳ ᠳᠣᠲᠣᠷ᠎ᠠ ᠪᠠᠨ ᠢᠨᠢᠶᠡᠪᠡ᠃
᠊᠊᠊᠊᠊᠊᠊᠊᠊᠊᠊᠊᠊᠊᠊ ᠲᠠ ᠮᠢᠨᠢ᠂ ᠪᠢᠳᠡ ᠵᠤᠳ ᠲᠤ᠌ ᠶᠠᠳᠠᠷᠠᠭᠰᠠᠨ ᠤᠯᠤᠰ ᠭᠡᠵᠦ ᠨᠡᠭᠦᠳᠡᠯᠴᠢᠳ ᠦ᠋ᠨ ᠨᠢᠭᠡ ᠬᠠᠷᠢᠭᠤᠯᠪᠠ᠃
᠊᠊᠊᠊᠊᠊᠊᠊᠊᠊᠊᠊᠊᠊᠊ ᠵᠤᠳ ᠪᠣᠯᠭᠠᠭᠰᠠᠨ ᠨᠤᠲᠤᠭ ᠤ᠋ᠨ ᠰᠠᠬᠢᠭᠤᠰᠤ ᠳ᠋ᠠᠭᠠᠨ ᠭᠣᠮᠣᠳᠠ ᠭᠡᠵᠦ ᠯᠤᠤ ᠬᠦᠩ ᠦ᠋ᠨ ᠬᠢᠨ ᠦ᠌ ᠠᠷᠤ ᠡᠴᠡ ᠨᠢᠭᠡ ᠬᠥᠮᠦᠨ ᠰᠢᠩᠭᠡᠨ ᠳᠠᠭᠤ ᠪᠠᠷ ᠬᠡᠯᠡᠭᠰᠡᠨ ᠨᠢ ᠢᠲᠡᠭᠡᠯᠲᠦ ᠪᠠᠢᠪᠠ᠃
ᠬᠥᠮᠦᠨ ᠦ᠌ ᠨᠤᠲᠤᠭ ᠲᠤ᠌ ᠣᠷᠣᠵᠤ ᠢᠷᠡᠭᠰᠡᠨ ᠨᠡᠭᠦᠳᠡᠯᠴᠢᠳ ᠬᠡᠰᠡᠭ ᠳᠠᠭᠤ ᠦᠭᠡᠢ ᠨᠠᠮ ᠪᠣᠯᠪᠠ᠃
᠊᠊᠊᠊᠊᠊᠊᠊᠊᠊᠊᠊᠊᠊᠊ ᠨᠡᠭᠦᠵᠦ ᠴᠢᠳᠬᠤ ᠦᠭᠡᠢ᠃ ᠬᠠᠷᠠᠭᠰᠠᠭᠠᠷ ᠪᠠᠢᠲᠠᠯ᠎ᠠ ᠴᠢᠨᠢ ᠠᠷᠭ᠎ᠠ ᠦᠭᠡᠢ ᠪᠣᠯᠤᠭᠰᠠᠨ ᠤᠯᠤᠰ ᠪᠠᠢᠨ᠎ᠠ ᠭᠡᠵᠦ ᠨᠡᠭᠦᠳᠡᠯᠴᠢᠳ ᠦ᠋ᠨ ᠳᠣᠲᠣᠷ᠎ᠠ ᠡᠴᠡ ᠨᠢᠭᠡ ᠬᠥᠮᠦᠨ ᠰᠢᠢᠳᠮᠡᠭᠡᠢ ᠬᠡᠯᠡᠭᠡᠳ ᠪᠠᠳᠠᠷᠴᠢ ᠳ᠋ᠤ᠌ ᠣᠢᠷᠠᠲᠤᠪᠠ᠃
ᠪᠠᠳᠠᠷᠴᠢ ᠪᠦᠳᠦᠭᠦᠨ ᠰᠤᠮᠤᠨ ᠲᠠᠰᠢᠭᠤᠷ ᠢ᠋ᠶ᠋ᠠᠨ ᠳᠠᠯᠠᠢᠨ ᠲᠣᠯᠣᠭᠠᠢ ᠤᠷᠤᠭᠤ ᠨᠢ ᠴᠣᠬᠢᠭᠰᠠᠨ ᠳ᠋ᠤ᠌ ᠲᠡᠷᠡ ᠬᠥᠮᠦᠨ ᠬᠥᠯᠳᠡᠭᠦᠦ ᠭᠠᠵᠠᠷ ᠫᠠᠯ ᠬᠢᠨ ᠤᠨᠠᠪᠠ᠃
᠊᠊᠊᠊᠊᠊᠊᠊᠊᠊᠊᠊᠊᠊᠊ ᠵᠠᠳᠠᠷᠠᠭᠰᠠᠨ ᠭᠤᠢᠯᠢᠨᠴᠢ ᠨᠤᠭᠤᠳ ᠢ᠋ ᠳᠡᠯᠡᠰᠦᠭᠡᠳ ᠪᠠᠢ ᠭᠡᠵᠦ ᠪᠠᠳᠠᠷᠴᠢ ᠴᠠᠷᠭᠢᠯ ᠳᠠᠭᠤ ᠪᠠᠷ ᠬᠠᠰᠬᠢᠷᠤᠨ ᠬᠥᠳᠡᠯᠪᠡ᠃
ᠨᠡᠭᠦᠳᠡᠯᠴᠢᠳ ᠣᠯᠳᠠᠭᠰᠠᠨ ᠶᠠᠭᠤᠮ᠎ᠠ ᠪᠠᠨ ᠪᠠᠷᠢᠨ ᠬᠠᠮᠠᠭᠠᠯᠠᠵᠤ ᠡᠬᠢᠯᠡᠪᠡ᠃ ᠡᠬᠡᠨᠡᠷ ᠬᠡᠦᠬᠡᠳ ᠬᠠᠰᠬᠢᠷᠤᠨ ᠤᠬᠢᠯᠠᠵᠤ᠂ ᠵᠤᠳ ᠲᠤ᠌ ᠴᠠᠳᠤᠭᠰᠠᠨ ᠲᠠᠷᠭᠤᠨ ᠨᠣᠬᠠᠳ ᠬᠤᠴᠠᠯᠳᠤᠨ᠂ ᠴᠣᠬᠢᠭᠤᠯᠤᠭᠰᠠᠨ ᠬᠥᠮᠦᠰ ᠦ᠋ᠨ ᠶᠣᠣᠯᠠᠬᠤ ᠳᠠᠭᠤ ᠲᠠᠢ ᠨᠡᠢᠯᠡᠵᠦ ᠵᠢᠷᠦᠬᠡ ᠵᠦᠰᠦᠭᠰᠡᠨ ᠠᠪᠢᠶ᠎ᠠ ᠡᠭᠦᠰᠪᠡ᠃ ᠭᠡᠪᠡᠴᠦ ᠣᠯᠠᠢ᠌ᠭᠰᠠᠨ ᠬᠥᠮᠦᠰ ᠬᠠᠰᠬᠢᠷᠤᠯᠳᠤᠨ ᠪᠡᠶ᠎ᠡ ᠪᠡᠶᠡᠰ ᠢ᠋ ᠬᠠᠢᠷ᠎ᠠ ᠨᠠᠢᠷ ᠦᠭᠡᠢ ᠴᠣᠬᠢᠵᠤ ᠪᠠᠢᠪᠠ᠃
ᠡᠮᠡᠰ᠂ ᠬᠥᠭᠰᠢᠳ ᠬᠡᠦᠬᠡᠳ ᠢ᠋ᠶ᠋ᠡᠨ ᠲᠡᠪᠡᠷᠢᠨ ᠪᠤᠷᠭᠠᠰᠤ ᠤᠷᠤᠭᠤ ᠵᠢᠭᠤᠲᠠᠪᠠ᠃ ᠨᠡᠭᠦᠳᠡᠯᠴᠢᠳ ᠬᠡᠳᠦᠢᠪᠡᠷ ᠵᠣᠷᠢᠭ ᠲᠠᠢ ᠲᠡᠮᠡᠴᠡᠯᠳᠦᠭᠰᠡᠨ ᠪᠣᠯᠪᠠᠴᠤ ᠲᠠᠷᠭᠤᠨ ᠮᠣᠷᠢ ᠲᠠᠢ ᠪᠦᠳᠦᠭᠦᠨ ᠲᠠᠰᠢᠭᠤᠷ ᠪᠠᠷᠢᠵᠤ ᠪᠡᠯᠡᠳᠬᠡᠭᠰᠡᠨ ᠬᠣᠷᠢᠨ ᠬᠡᠳᠦᠨ ᠳᠡᠭᠡᠷᠡᠮᠴᠢᠳ ᠲᠦ᠍ ᠲᠠᠢᠯᠳᠠᠨ ᠵᠠᠷᠢᠮ ᠨᠢ ᠴᠢᠰᠤ ᠨᠥᠵᠢ ᠪᠡᠨ ᠴᠤᠪᠤᠷᠠᠭᠤᠯᠤᠨ ᠭᠡᠷ ᠣᠷᠣᠨ ᠢ᠋ᠶ᠋ᠠᠨ ᠬᠠᠶᠠᠵᠤ ᠪᠤᠷᠭᠠᠰᠤ ᠤᠷᠤᠭᠤ ᠤᠬᠤᠷᠢᠵᠠᠭᠠᠪᠠ᠃
ᠬᠥᠮᠦᠰ ᠴᠣᠬᠢᠯᠳᠤᠵᠤ ᠪᠠᠢᠬᠤ ᠳ᠋ᠤ᠌ ᠢᠲᠡᠭᠡᠯᠲᠦ ᠪᠠᠳᠠᠷᠴᠢ ᠬᠣᠶᠠᠷ ᠡᠵᠡᠭᠦᠢ ᠭᠡᠷ ᠦ᠋ᠳ ᠢ᠋ᠶ᠋ᠡᠷ ᠣᠷᠣᠵᠤ ᠥᠩᠭᠡ ᠲᠡᠢ᠂ ᠥᠭᠡᠳᠡ ᠲᠡᠢ ᠪᠦᠬᠦᠨ ᠢ᠋ ᠴᠥᠯᠪᠡᠪᠡ᠃ ᠯᠤᠤ ᠬᠦᠩ ᠦ᠋ᠨ ᠬᠢᠨ ᠠᠷᠭᠠᠮᠵᠢ ᠰᠤᠷ᠂ ᠭᠡᠷ ᠦ᠋ᠨ ᠪᠦᠰᠡᠯᠡᠭᠦᠷ᠂ ᠬᠤᠷᠠᠭᠠᠨ ᠳᠣᠲᠣᠷ ᠲᠠᠢ ᠳᠡᠪᠡᠯ ᠵᠡᠷᠭᠡ ᠶᠠᠭᠤᠮ᠎ᠠ ᠠᠪᠤᠭᠰᠠᠨ ᠪᠣᠯᠪᠠᠴᠤ ᠢᠲᠡᠭᠡᠯᠲᠦ ᠪᠠᠳᠠᠷᠴᠢ ᠬᠣᠶᠠᠷ ᠰᠢᠭ᠋ ᠠᠯᠲᠠᠨ ᠪᠥᠭᠡᠵᠢ᠂ ᠡᠬᠡᠨᠡᠷ ᠬᠥᠮᠦᠨ ᠦ᠌ ᠲᠣᠯᠣᠭᠠᠢ ᠶ᠋ᠢᠨ ᠬᠡᠷᠡᠭᠯᠡᠯ᠂ ᠶᠤᠸᠠᠮᠪᠤᠤ ᠮᠡᠲᠦ ᠴᠢᠨᠠᠷᠲᠠᠢ ᠶᠠᠭᠤᠮ᠎ᠠ ᠣᠯᠵᠤ ᠠᠪᠤᠭᠰᠠᠨ ᠦᠭᠡᠢ ᠪᠥᠭᠡᠳ ᠬᠣᠶᠠᠷ ᠭᠠᠢᠬᠠᠯ ᠤ᠋ᠨ ᠶᠠᠭᠤ ᠠᠪᠤᠭᠰᠠᠨ ᠢ᠋ ᠬᠡᠨ ᠴᠦ᠍ ᠮᠡᠳᠡᠭᠰᠡᠨ ᠦᠭᠡᠢ᠃
ᠡᠨᠡ ᠵᠣᠳᠣᠭᠠᠨ ᠡᠴᠡ ᠪᠣᠯᠵᠤ ᠬᠡᠳᠦᠨ ᠬᠥᠮᠦᠨ ᠬᠦᠨᠳᠦ ᠰᠢᠷᠬᠠᠲᠤᠪᠠ᠃ ᠬᠠᠷᠢᠨ ᠠᠵᠠ ᠪᠣᠯᠵᠤ ᠬᠥᠮᠦᠨ ᠦ᠌ ᠠᠮᠢᠨ ᠬᠡᠷᠡᠭ ᠭᠠᠷᠤᠭᠰᠠᠨ ᠦᠭᠡᠢ᠃
ᠯᠤᠤ ᠬᠦᠩ ᠦ᠋ᠨ᠂ ᠥᠭᠡᠯᠡᠳ ᠪᠡᠢᠰᠡ ᠶ᠋ᠢᠨ ᠬᠣᠶᠠᠷ ᠬᠣᠰᠢᠭᠤ ᠨᠡᠢᠯᠡᠵᠦ ᠵᠠᠷᠭᠤ ᠬᠡᠯᠡᠯᠴᠡᠭᠰᠡᠨ ᠪᠣᠯᠪᠠᠴᠤ ᠬᠣᠬᠢᠷᠠᠭᠰᠠᠨ ᠤᠯᠤᠰ ᠤ᠋ᠨ ᠶᠠᠭᠤᠮ᠎ᠠ ᠶ᠋ᠢ ᠡᠷᠭᠢᠭᠦᠯᠵᠦ ᠥᠭᠭᠦᠭᠰᠡᠨ ᠦᠭᠡᠢ᠃ ᠢᠳᠡᠭᠰᠡᠨ ᠤᠯᠤᠰ ᠤ᠋ᠨ ᠵᠠᠪᠰᠢᠶᠠᠨ ᠪᠣᠯᠵᠤ ᠬᠣᠶᠠᠷ ᠬᠤᠰᠢᠭᠤᠨ ᠤ᠋ ᠲᠦᠰᠢᠮᠡᠳ ᠬᠡᠷᠡᠭ ᠨᠡᠢᠯᠡᠬᠦ ᠨᠡᠷ᠎ᠡ ᠪᠡᠷ ᠬᠡᠳᠦ ᠬᠣᠨᠣᠭ ᠲᠠᠷᠭᠤᠨ ᠬᠣᠨᠢᠨ ᠤ᠋ ᠮᠢᠬ᠎ᠠ ᠢᠳᠡᠵᠦ᠂ ᠴᠡᠴᠡ ᠪᠤᠯᠢᠶᠠᠯᠳᠤᠨ᠂ ᠠᠢᠷᠠᠭ ᠤᠤᠭᠤᠵᠤ ᠪᠠᠢᠭᠠᠳ ᠲᠠᠷᠬᠠᠵᠠᠢ᠃
ᠲᠠᠢᠯᠪᠤᠷᠢ᠄
① ᠣᠳᠣ ᠶ᠋ᠢᠨ ᠠᠷᠤ ᠬᠠᠩᠭᠠᠢ ᠠᠢᠮᠠᠭ ᠤ᠋ᠨ ᠬᠤᠳᠤᠩᠳᠤ ᠰᠤᠮᠤ ᠣᠷᠴᠢᠮ ᠤ᠋ᠨ ᠨᠤᠲᠤᠭ᠃
