ᠲᠤᠩᠭᠠᠯᠠᠭ ᠲᠠᠮᠢᠷ4-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-16

1337

《ᠦᠨᠡᠰᠦᠨ ᠳ᠋ᠦ᠍ ᠬᠠᠶᠠᠭᠰᠠᠨ ᠱᠠᠯᠵᠠ ᠰᠢᠭ᠋ ᠣᠷᠬᠢᠬᠤ》 - ᠳᠥᠷᠪᠡᠳᠦᠭᠡᠷ ᠪᠦᠯᠦᠭ ᠵᠢᠷᠭᠤᠭ᠎ᠠ 

  《ᠠᠷᠠᠳ ᠢ᠋ ᠭᠡᠭᠡᠷᠡᠭᠦᠯᠬᠦ ᠶᠠᠮᠤᠨ》 ᠭᠡᠵᠦ ᠲᠣᠮᠣ ᠴᠠᠭᠠᠨ ᠦᠰᠦᠭ ᠢ᠋ᠶ᠋ᠡᠷ ᠬᠠᠷ᠎ᠠ ᠲᠡᠮᠦᠷ ᠳᠡᠭᠡᠷ᠎ᠡ ᠪᠢᠴᠢᠵᠦ ᠬᠡ ᠲᠠᠯᠪᠢᠨ ᠰᠡᠢᠯᠵᠦ ᠨᠠᠷᠢᠬᠠᠨ ᠳᠥᠷᠪᠡᠯᠵᠢᠨ ᠮᠣᠳᠣ ᠪᠠᠷ ᠵᠢᠶᠠᠵᠠᠯᠠᠭᠰᠠᠨ ᠬᠠᠶᠠᠭ ᠲᠠᠢ ᠭᠠᠭᠴᠠ ᠳᠠᠪᠬᠤᠷ ᠬᠥᠬᠡ ᠪᠠᠢᠰᠢᠩ ᠤ᠋ᠨ ᠥᠨᠳᠥᠷ ᠲᠣᠪᠴᠢᠶ᠎ᠠ ᠲᠠᠢ ᠡᠭᠦᠳᠡ ᠪᠡᠷ ᠬᠥᠬᠡ ᠴᠢᠰᠴᠡᠦ ᠳᠡᠪᠡᠯ ᠳᠡᠭᠡᠷ᠎ᠡ ᠤᠯᠠᠪᠢᠷ ᠰᠢᠷ᠎ᠠ ᠳᠤᠷᠳᠤᠩ ᠪᠦᠰᠡ ᠪᠦᠰᠡᠯᠡᠵᠦ ᠲᠣᠷᠭᠠᠨ ᠰᠠᠪᠢᠬᠢᠨ ᠬᠠᠷ᠎ᠠ ᠭᠤᠲᠤᠯ ᠲᠠᠢ ᠪᠠᠲᠤ ᠭᠠᠷᠴᠤ ᠢᠷᠡᠭᠡᠳ ᠲᠥᠪ ᠳᠤᠮᠳᠠ ᠪᠠᠨ ᠳᠤᠭᠤᠢ ᠮᠣᠳᠣᠨ ᠶᠡᠨᠳᠡᠷ ᠲᠠᠢ ᠶᠡᠬᠡ ᠲᠠᠯᠠᠪᠠᠢ ᠶ᠋ᠢᠨ ᠵᠦᠭ ᠬᠠᠷᠠᠨ ᠵᠣᠭᠰᠣᠪᠠ᠃
  ᠡᠨᠳᠡ ᠲᠡᠨᠳᠡ ᠪᠥᠭᠡᠮ ᠴᠠᠭᠠᠨ ᠡᠭᠦᠯᠡ ᠬᠥᠰᠢᠯᠳᠦᠨ ᠨᠡᠭᠦᠭᠰᠡᠨ ᠴᠡᠩᠬᠡᠷ ᠲᠩᠷᠢ᠂ ᠣᠷᠣᠢ ᠨᠢ ᠮᠠᠨᠠᠨ ᠳ᠋ᠤ᠌ ᠤᠮᠪᠠᠭᠰᠠᠨ ᠪᠣᠭᠳᠠ ᠠᠭᠤᠯᠠ ᠬᠤᠷᠴᠠ ᠪᠢᠰᠢ ᠪᠣᠯᠪᠠᠴᠤ ᠲᠥᠭᠡᠨᠡᠨ ᠰᠢᠷᠠᠭᠰᠠᠨ ᠰᠢᠷ᠎ᠠ ᠨᠠᠷᠠ ᠬᠣᠲᠠ ᠶ᠋ᠢᠨ ᠪᠦᠭᠴᠢᠮ ᠪᠥᠭᠡᠳ ᠡᠬᠡᠭᠦᠨ ᠠᠭᠠᠷ ᠨᠠᠮᠤᠷ ᠣᠢᠷᠠᠲᠤᠵᠤ ᠪᠠᠢᠭ᠎ᠠ ᠶ᠋ᠢ ᠢᠯᠡᠳᠬᠡᠨ᠎ᠡ᠃ ᠪᠠᠲᠤ ᠣᠶᠤᠲᠠᠨ ᠤ᠋ ᠰᠤᠷᠭᠠᠭᠤᠯᠢ ᠶ᠋ᠢᠨ ᠪᠠᠢᠰᠢᠩ ᠤ᠋ᠨ ᠵᠦᠭ ᠪᠠᠶᠠᠷᠲᠠᠢ ᠠᠯᠬᠤᠨ ᠡᠮᠦᠨ᠎ᠡ ᠨᠢ ᠣᠴᠢᠵᠤ ᠵᠣᠭᠰᠣᠭᠠᠳ ᠪᠠᠬᠠᠳᠤᠯᠲᠠᠢ ᠬᠠᠷᠠᠯ᠎ᠠ᠃
  ᠪᠠᠲᠤ ᠶ᠋ᠢ ᠰᠤᠷᠴᠤ ᠪᠠᠢᠬᠤ ᠳ᠋ᠤ᠌ ᠡᠨᠡ ᠬᠠᠩᠬᠠᠢ ᠬᠠᠰᠢᠶᠠᠨ ᠳ᠋ᠤ᠌ ᠬᠡᠳᠦᠨ ᠲᠣᠮᠣ ᠬᠠᠷ᠎ᠠ ᠭᠡᠷ ᠡᠴᠡ ᠲᠣᠮᠣ ᠶᠠᠭᠤᠮ᠎ᠠ ᠪᠠᠷᠤᠭ ᠪᠠᠢᠭ᠎ᠠ ᠦᠭᠡᠢ ᠪᠥᠭᠡᠳ ᠲᠡᠭᠦᠰᠬᠡᠬᠦ ᠵᠢᠯ ᠨᠢ ᠨᠢᠭᠡ ᠲᠣᠮᠣ ᠪᠠᠢᠰᠢᠩ ᠪᠠᠷᠢᠬᠤ ᠲᠤᠬᠠᠢ ᠶᠠᠪᠠᠭᠠᠨ ᠶᠠᠷᠢᠶ᠎ᠠ ᠪᠣᠯᠵᠤ ᠪᠠᠢᠵᠤ ᠪᠢᠯᠡ᠃ ᠭᠡᠲᠡᠯ᠎ᠡ ᠣᠳᠣ ᠲᠡᠷᠡ ᠪᠠᠢᠰᠢᠩ ᠪᠣᠰᠴᠠᠢ᠃ ᠬᠠᠰᠢᠶᠠᠨ ᠤ᠋ ᠲᠣᠮᠣ ᠬᠠᠭᠠᠯᠭ᠎ᠠ ᠪᠠᠷ ᠣᠷᠣᠵᠤ ᠭᠠᠷᠴᠤ ᠪᠠᠢᠭ᠎ᠠ ᠱᠠᠪᠢ ᠨᠠᠷ ᠢ᠋ ᠬᠠᠷᠠᠬᠤ ᠳ᠋ᠤ᠌ ᠲᠠᠨᠢᠬᠤ ᠬᠥᠮᠦᠨ ᠣᠭᠲᠣ ᠪᠠᠢᠭᠰᠠᠨ ᠦᠭᠡᠢ᠃ ᠡᠨᠡ ᠪᠦᠬᠦᠨ ᠢ᠋ ᠪᠣᠳᠣᠬᠤ ᠳ᠋ᠤ᠌ ᠲᠡᠭᠦᠰᠦᠭᠡᠳ ᠤᠳᠠᠭᠰᠠᠨ ᠪᠣᠯᠤᠯᠲᠠᠢ᠃ ᠭᠡᠪᠡᠴᠦ ᠬᠡᠳᠦᠨ ᠵᠢᠯ ᠪᠣᠯᠤᠭᠰᠠᠨ ᠢ᠋ᠶ᠋ᠠᠨ ᠪᠣᠳᠣᠪᠠᠯ ᠳᠥᠷᠪᠡᠨ ᠵᠢᠯ ᠭᠠᠷᠤᠢ ᠪᠣᠯᠵᠠᠢ᠃ ᠡᠨᠡ ᠴᠦ᠍ ᠪᠠᠭ᠎ᠠ ᠬᠤᠭᠤᠴᠠᠭ᠎ᠠ ᠪᠢᠰᠢ᠃
  《ᠴᠠᠭ ᠴᠤ᠌ ᠲᠦᠷᠭᠡᠨ ᠥᠩᠭᠡᠷᠡᠬᠦ ᠶᠤᠮ ᠳᠡ᠃ ᠰᠠᠶᠢᠬᠠᠨ ᠯᠠ ᠡᠨᠡ ᠬᠠᠰᠢᠶᠠᠨ ᠳ᠋ᠤ᠌ ᠪᠠᠷᠢᠯᠳᠤᠵᠤ ᠪᠠᠢᠭᠰᠠᠨ ᠰᠢᠦ ᠳᠡ ᠁》 ᠭᠡᠵᠦ ᠪᠤᠳᠤᠲᠠᠯ᠎ᠠ ᠫᠤᠤ ᠶ᠋ᠢᠨ ᠳᠠᠭᠤ ᠫᠢᠩ ᠬᠢᠨ ᠭᠠᠵᠠᠷ ᠳᠣᠷᠭᠢᠭᠤᠯᠬᠤ ᠳ᠋ᠤ᠌ ᠰᠣᠴᠢᠵᠤ ᠡᠷᠭᠢᠨ ᠬᠠᠷᠠᠭᠰᠠᠨ ᠢ᠋ᠶ᠋ᠠᠨ 《ᠦᠳᠡ ᠶ᠋ᠢᠨ ᠫᠤᠤ》 ᠭᠡᠵᠦ ᠰᠢᠪᠡᠭᠡᠨᠡᠭᠡᠳ ᠢᠨᠢᠶᠡᠮᠰᠦᠭᠯᠡᠪᠡ᠃ ᠤᠷᠢᠳᠤ ᠣᠶᠤᠲᠠᠨ ᠤ᠋ ᠰᠤᠷᠭᠠᠭᠤᠯᠢ ᠳ᠋ᠤ᠌ ᠰᠤᠷᠴᠤ ᠪᠠᠢᠬᠤ ᠳ᠋ᠠᠭᠠᠨ ᠦᠳᠡ ᠶ᠋ᠢᠨ ᠫᠤᠤ ᠲᠠᠯᠪᠢᠳᠠᠭ ᠭᠠᠵᠠᠷ ᠣᠴᠢᠵᠤ᠂ ᠲᠡᠭᠦᠨ ᠢ᠋ ᠲᠠᠯᠪᠢᠳᠠᠭ ᠰᠢᠷᠪᠢᠬᠡᠷ ᠬᠠᠷ᠎ᠠ ᠰᠠᠬᠠᠯ ᠲᠠᠢ ᠬᠠᠷ᠎ᠠ ᠬᠥᠮᠦᠨ ᠳ᠋ᠦ᠍ ᠭᠠᠵᠠᠷ ᠢ᠋ ᠨᠢ ᠣᠬᠤᠯᠴᠠᠨ ᠳᠠᠷᠢ ᠪᠣᠷᠲᠣᠭᠣ ᠶ᠋ᠢ ᠨᠢ ᠪᠤᠯᠠᠵᠤ ᠥᠭᠴᠦ ᠪᠠᠢᠭᠰᠠᠨ ᠢ᠋ᠶ᠋ᠠᠨ ᠰᠠᠨᠠᠪᠠ᠃ ᠮᠥᠨ ᠬᠠᠷ᠎ᠠ ᠬᠥᠮᠦᠨ ᠦ᠌ ᠨᠢᠳᠦ ᠶ᠋ᠢ ᠨᠢ ᠬᠠᠷᠢᠭᠤᠯᠵᠤ ᠪᠠᠢᠭᠠᠳ ᠳᠠᠷᠢ ᠡᠴᠡ ᠨᠢ ᠱᠤᠮᠪᠣᠳᠤᠨ ᠠᠪᠴᠤ ᠪᠢᠷᠳᠠᠩ ᠫᠤᠤ ᠶ᠋ᠢᠨ ᠬᠣᠩᠬᠢᠶ᠎ᠠ ᠪᠠᠷ ᠫᠤᠤ ᠬᠢᠵᠦ ᠰᠤᠷᠭᠠᠭᠤᠯᠢ ᠶ᠋ᠢᠨ ᠣᠪᠣᠭᠠᠨ ᠤ᠋ ᠠᠷᠤ ᠳ᠋ᠤ᠌ ᠣᠴᠢᠵᠤ ᠫᠤᠤᠳᠠᠵᠤ ᠪᠠᠢᠭᠰᠠᠨ ᠨᠢ ᠰᠠᠨᠠᠭᠳᠠᠪᠠ᠃
  ᠲᠡᠭᠡᠭᠡᠳ ᠲᠦᠩᠵᠢᠩᠭᠠᠷᠪᠣ ᠶ᠋ᠢᠨ ᠰᠦᠮ᠎ᠡ ᠶ᠋ᠢᠨ ᠤᠷᠳᠤᠬᠢ ᠭᠣᠣᠯ ᠤ᠋ᠨ ᠵᠦᠯᠭᠡᠨ ᠳᠡᠭᠡᠷ᠎ᠡ ᠪᠠᠢᠳᠠᠭ ᠬᠤᠶᠠᠭ ᠤ᠋ᠨ ᠳ᠋ᠤ᠌ ᠣᠴᠢᠬᠤ ᠪᠠᠷ ᠰᠠᠨᠠᠭ᠎ᠠ ᠰᠢᠯᠤᠭᠤᠳᠤᠨ ᠠᠯᠬᠤᠪᠠ᠃ ᠪᠠᠲᠤ ᠬᠣᠲᠠ ᠳ᠋ᠤ᠌ ᠢᠷᠡᠭᠡᠳ ᠬᠡᠳᠦ ᠬᠣᠨᠣᠵᠠᠢ᠃ ᠥᠨᠥᠳᠥᠷ ᠠᠷᠠᠳ ᠢ᠋ ᠭᠡᠭᠡᠷᠡᠭᠦᠯᠬᠦ ᠶᠠᠮᠤᠨ ᠤ᠋ ᠰᠠᠢᠳ ᠠᠭᠤᠯᠵᠠᠵᠤ ᠲᠠᠷᠢᠶᠠᠲᠤ ᠶ᠋ᠢᠨ ᠲᠠᠩᠬᠢᠮ ᠤ᠋ᠨ ᠳᠠᠷᠤᠭ᠎ᠠ ᠰᠤᠷᠭᠠᠭᠴᠢ ᠪᠠᠷ ᠲᠣᠮᠢᠯᠠᠭᠰᠠᠨ ᠲᠤᠰᠢᠶᠠᠯ ᠥᠭᠭᠦᠯ᠎ᠡ᠃ ᠬᠠᠭᠤᠴᠢᠨ ᠲᠠᠩᠬᠢᠮ ᠳ᠋ᠠᠭᠠᠨ ᠳᠠᠭᠠᠭᠤᠷ ᠰᠤᠷᠭᠠᠭᠴᠢ ᠪᠠᠨ ᠬᠢᠶ᠎ᠡ ᠭᠡᠵᠦ ᠬᠡᠯᠡᠮᠡᠷ ᠪᠠᠢᠭᠰᠠᠨ ᠠᠪᠠᠴᠤ ᠬᠡᠯᠡᠵᠦ ᠴᠢᠳᠠᠭᠰᠠᠨ ᠦᠭᠡᠢ᠃ ᠤᠴᠢᠷ ᠨᠢ 《ᠲᠠᠷᠢᠶᠠᠲᠤ ᠶ᠋ᠢᠨ ᠲᠠᠩᠬᠢᠮ ᠤ᠋ᠨ ᠠᠵᠢᠯ ᠮᠠᠰᠢ ᠮᠠᠭᠤ ᠪᠠᠢᠭ᠎ᠠ ᠶᠤᠮ᠃ ᠲᠡᠭᠦᠨ ᠦ᠌ ᠳᠠᠷᠤᠭ᠎ᠠ ᠰᠤᠷᠭᠠᠭᠴᠢ ᠭᠣᠮᠪᠣ ᠲᠠᠢᠵᠢ ᠦᠯᠦ ᠪᠦᠲᠦᠬᠦ ᠡᠲᠡᠭᠡᠳ ᠪᠠᠢᠭᠰᠠᠨ ᠪᠣᠯᠬᠣᠷ ᠪᠢᠳᠡ ᠬᠠᠯᠠᠭᠰᠠᠨ ᠪᠢᠯᠡ᠃ ᠴᠢ ᠪᠣᠯ ᠠᠷᠠᠳ ᠬᠥᠮᠦᠨ᠃ ᠠᠷᠠᠳ ᠤ᠋ᠨ ᠬᠡᠦᠬᠡᠳ ᠢ᠋ ᠰᠤᠷᠭᠠᠬᠤ ᠲᠠᠩᠬᠢᠮ ᠢ᠋ ᠥᠪᠡᠷ ᠦ᠋ᠨ ᠶᠠᠭᠤᠮ᠎ᠠ ᠭᠡᠵᠦ ᠥᠭᠡᠳᠡ ᠲᠠᠲᠠᠬᠤ ᠬᠡᠷᠡᠭᠲᠡᠢ》 ᠭᠡᠵᠦ ᠰᠠᠢᠳ ᠤ᠋ᠨ ᠬᠡᠯᠡᠭᠰᠡᠨ ᠦᠭᠡ ᠡᠴᠡ ᠪᠣᠯᠤᠭᠠᠳ ᠳᠤᠤᠭᠠᠷᠴᠤ ᠴᠢᠳᠠᠭ᠎ᠠ ᠦᠭᠡᠢ ᠪᠢᠯᠡ᠃
  ᠬᠣᠲᠠ ᠳ᠋ᠤ᠌ ᠬᠡᠳᠦ ᠬᠣᠨᠣᠭ ᠪᠣᠯᠬᠤ ᠳ᠋ᠠᠭᠠᠨ ᠵᠠᠬ᠎ᠠ ᠵᠡᠭᠡᠯᠢ ᠪᠡᠷ ᠶᠠᠪᠤᠵᠤ ᠰᠣᠯᠣᠩᠭ᠎ᠠ ᠳ᠋ᠠᠭᠠᠨ ᠳᠡᠪᠡᠯ ᠦ᠋ᠨ ᠲᠣᠷᠭ᠎ᠠ᠂ ᠴᠢᠰᠴᠡᠦ ᠵᠡᠷᠭᠡ ᠣᠢᠷ᠎ᠠ ᠣᠷᠴᠢᠮ ᠤ᠋ᠨ ᠬᠥᠮᠦᠰ ᠲᠡᠭᠡᠨ ᠥᠭᠬᠦ ᠪᠡᠯᠡᠭ ᠢ᠋ᠶ᠋ᠡᠨ ᠪᠠᠵᠠᠭᠠᠵᠤ ᠠᠪᠤᠭᠠᠳ ᠲᠣᠮᠣ ᠰᠢᠷᠢᠨ ᠪᠣᠭᠴᠣᠨ ᠳ᠋ᠠᠭᠠᠨ ᠬᠢᠵᠦ ᠠᠪᠤᠭᠰᠠᠨ ᠪᠢᠯᠡ᠃ ᠮᠠᠷᠭᠠᠰᠢ ᠡᠴᠡ ᠡᠬᠢᠯᠡᠨ ᠰᠤᠷᠭᠠᠭᠤᠯᠢ ᠶ᠋ᠢᠨ ᠠᠵᠢᠯ ᠢ᠋ᠶ᠋ᠠᠷ ᠬᠥᠭᠡᠭᠡᠴᠡᠯᠳᠦᠵᠦ᠂ ᠲᠦᠷᠭᠡᠨ ᠪᠦᠲᠦᠭᠡᠭᠡᠳ ᠪᠣᠰᠢᠭᠣ ᠣᠴᠢᠬᠤ ᠨᠢ ᠶᠠᠭᠤ ᠶᠠᠭᠤᠨ ᠡᠴᠡ ᠴᠢᠬᠤᠯᠠ ᠭᠡᠵᠦ ᠪᠣᠳᠣᠪᠠ᠃
  ᠦᠨᠡᠬᠡᠷ ᠴᠦ᠍ ᠬᠡᠳᠦᠨ ᠡᠳᠦᠷ ᠦ᠋ᠨ ᠲᠤᠷᠰᠢ ᠪᠣᠷᠪᠢ ᠪᠣᠬᠢᠰᠬᠢᠬᠦ ᠦᠭᠡᠢ ᠭᠦᠶᠦᠵᠦ ᠪᠠᠢᠮᠠᠨᠵᠢᠨ ᠨᠣᠮ ᠳᠡᠪᠲᠡᠷ᠂ ᠴᠣᠬᠣᠢ᠂ ᠬᠠᠷᠠᠨᠳᠠ᠂ ᠦᠵᠦᠭ ᠵᠡᠷᠭᠡ ᠨᠡᠯᠢᠶᠡᠳ ᠶᠠᠭᠤᠮ᠎ᠠ ᠲᠥᠬᠥᠭᠡᠷᠴᠦ ᠬᠡᠳᠦᠨ ᠦᠬᠡᠷ ᠲᠡᠷᠭᠡ ᠣᠯᠵᠤ ᠬᠥᠯᠥᠰᠥᠯᠡᠨ ᠠᠴᠢᠭᠤᠯᠤᠭᠠᠳ ᠥᠪᠡᠷ ᠢ᠋ᠶ᠋ᠡᠨ ᠥᠷᠲᠡᠭᠡ ᠪᠡᠷ ᠶᠠᠪᠤᠵᠠᠢ᠃
  ᠰᠠᠭᠠᠳᠤᠯ ᠦᠭᠡᠢ ᠶᠠᠪᠤᠵᠤ ᠭᠡᠷ ᠲᠡᠭᠡᠨ ᠬᠠᠷᠢᠭᠠᠳ ᠬᠠᠮᠤᠭ ᠤ᠋ᠨ ᠲᠦᠷᠦᠭᠦᠨ ᠳ᠋ᠦ᠍ ᠰᠣᠯᠣᠩᠭ᠎ᠠ ᠳ᠋ᠠᠭᠠᠨ ᠪᠡᠯᠡᠭ ᠢ᠋ᠶ᠋ᠡᠨ ᠥᠭᠬᠦ ᠳ᠋ᠦ᠍ ᠪᠠᠶᠠᠷᠯᠠᠭᠰᠠᠨ ᠡᠬᠡᠨᠡᠷ ᠨᠢ ᠶᠡᠬᠡ ᠭᠡᠷ ᠲᠦ᠍ ᠣᠷᠣᠵᠤ ᠳᠤᠯᠵᠢᠨ ᠳ᠋ᠤ᠌ ᠦᠵᠡᠭᠦᠯᠪᠡ᠃
  ᠊᠊᠊᠊᠊᠊᠊᠊᠊᠊᠊᠊᠊᠊᠊ ᠨᠣᠬᠠᠢ ᠳᠣᠯᠢᠶᠠᠵᠤ ᠦᠬᠦ᠃ ᠬᠢᠯᠭᠠᠰᠤᠨ ᠲᠣᠷᠭ᠎ᠠ ᠯᠠ ᠪᠠᠢᠨ᠎ᠠ ᠭᠡᠵᠦ ᠳᠤᠯᠵᠢᠨ ᠪᠠᠶᠠᠷᠯᠠᠭᠰᠠᠨ ᠤᠷᠮ᠎ᠠ ᠶ᠋ᠢ ᠨᠢ ᠬᠤᠭᠤᠯᠤᠨ ᠬᠡᠯᠡᠵᠡᠢ᠃
  ᠊᠊᠊᠊᠊᠊᠊᠊᠊᠊᠊᠊᠊᠊᠊ ᠭᠢᠯᠲᠠᠭᠠᠨᠠᠭᠰᠠᠨ ᠡᠢᠮᠦ ᠰᠠᠢᠬᠠᠨ ᠬᠡ ᠲᠡᠢ᠂ ᠥᠩᠭᠡ ᠵᠣᠬᠢᠮᠵᠢᠲᠠᠢ ᠠᠶᠠᠲᠠᠢᠬᠠᠨ ᠯᠠ ᠲᠣᠷᠭ᠎ᠠ ᠪᠠᠢᠨ᠎ᠠ ᠯᠠ ᠰᠢᠦ ᠳᠡ ᠭᠡᠵᠦ ᠰᠣᠯᠣᠩᠭ᠎ᠠ ᠳᠤᠷ᠎ᠠ ᠦᠭᠡᠢ ᠨᠢ ᠬᠦᠷᠦᠭᠰᠡᠨ ᠪᠣᠯᠤᠯᠲᠠᠢ ᠬᠡᠯᠡᠭᠡᠳ ᠭᠠᠷᠤᠯ᠎ᠠ᠃
  ᠡᠬᠡ ᠳ᠋ᠡᠭᠡᠨ ᠨᠥᠬᠥᠷ ᠦ᠋ᠨ ᠢ᠋ᠶ᠋ᠡᠨ ᠥᠭᠭᠦᠭᠰᠡᠨ ᠪᠡᠯᠡᠭ ᠢ᠋ᠶ᠋ᠡᠨ ᠭᠣᠯᠣᠭᠤᠯᠵᠤ ᠪᠠᠶᠠᠷ ᠤ᠋ᠨ ᠰᠡᠳᠬᠢᠯ ᠭᠤᠨᠳᠠᠭᠰᠠᠨ ᠰᠣᠯᠣᠩᠭ᠎ᠠ ᠶ᠋ᠢ ᠣᠷᠣᠵᠤ ᠢᠷᠡᠬᠦ ᠳ᠋ᠦ᠍ 《ᠬᠠᠳᠠᠮ ᠶᠠᠭᠤ ᠭᠡᠵᠦ ᠪᠠᠢᠨ᠎ᠠ》 ᠭᠡᠵᠦ ᠪᠠᠲᠤ ᠪᠠᠶᠠᠷᠲᠠᠢ ᠠᠰᠠᠭᠤᠪᠠ᠃
  ᠊᠊᠊᠊᠊᠊᠊᠊᠊᠊᠊᠊᠊᠊᠊ ᠠᠪᠤ ᠠᠯᠠᠭ᠎ᠠ ᠪᠠᠢᠨ᠎ᠠ᠃ ᠬᠠᠷᠢᠨ ᠡᠵᠢ ᠰᠠᠢᠨ ᠲᠣᠷᠭ᠎ᠠ ᠭᠡᠵᠦ ᠪᠠᠢᠨ᠎ᠠ ᠭᠡᠵᠦ ᠰᠣᠯᠣᠩᠭ᠎ᠠ ᠨᠠᠮ ᠳᠠᠭᠤ ᠪᠠᠷ ᠬᠡᠯᠡᠭᠡᠳ ᠮᠤᠷᠤᠯᠵᠠᠨ ᠮᠦᠰᠢᠶᠡᠪᠡ᠃
  ᠊᠊᠊᠊᠊᠊᠊᠊᠊᠊᠊᠊᠊᠊᠊ ᠪᠢ ᠲᠠᠷᠢᠶᠠᠲᠤ ᠶ᠋ᠢᠨ ᠲᠠᠩᠬᠢᠮ ᠤ᠋ᠨ ᠳᠠᠷᠤᠭ᠎ᠠ ᠰᠤᠷᠭᠠᠭᠴᠢ ᠪᠠᠷ ᠲᠣᠮᠢᠯᠠᠭᠳᠠᠭᠰᠠᠨ᠂ ᠣᠢᠷ᠎ᠠ ᠶ᠋ᠢᠨ ᠡᠳᠦᠷ ᠦ᠋ᠳ ᠲᠦ᠍ ᠨᠡᠭᠦᠳᠡᠭ ᠬᠡᠷᠡᠭ ᠠ᠋᠃
  ᠊᠊᠊᠊᠊᠊᠊᠊᠊᠊᠊᠊᠊᠊᠊ ᠶᠠᠭᠠᠬᠢᠵᠤ ᠪᠣᠯᠳᠠᠭ ᠶᠤᠮ ᠪᠣᠢ?
  ᠊᠊᠊᠊᠊᠊᠊᠊᠊᠊᠊᠊᠊᠊᠊ ᠨᠢᠭᠡᠨᠲᠡ ᠯᠡ ᠲᠣᠮᠢᠯᠠᠭᠳᠠᠭᠰᠠᠨ ᠪᠣᠯᠬᠣᠷ ᠶᠠᠪᠤᠬᠤ ᠡᠴᠡ ᠥᠭᠡᠷ᠎ᠡ ᠶᠠᠮᠠᠷ ᠴᠤ᠌ ᠠᠷᠭ᠎ᠠ ᠦᠭᠡᠢ ᠳᠡ᠃
  ᠊᠊᠊᠊᠊᠊᠊᠊᠊᠊᠊᠊᠊᠊᠊ ᠢᠱ᠌ᠢ ᠪᠠᠲᠤ ᠮᠢᠨᠢ ᠶᠠᠭᠤ ᠪᠣᠯᠬᠤ ᠪᠣᠯ ᠳᠠ᠃ ᠠᠪᠤ ᠵᠥᠪᠰᠢᠶᠡᠷᠡᠬᠦ ᠦᠭᠡᠢ ᠪᠠᠢᠬᠤ ᠳᠠ᠃
  ᠊᠊᠊᠊᠊᠊᠊᠊᠊᠊᠊᠊᠊᠊᠊ ᠴᠢ ᠪᠢᠳᠡ ᠬᠣᠶᠠᠷ ᠯᠠ ᠵᠥᠪᠰᠢᠶᠡᠷᠡᠵᠦ ᠪᠠᠢᠭ᠎ᠠ ᠡᠴᠡ ᠬᠣᠢᠰᠢ ᠬᠠᠮᠢᠶ᠎ᠠ ᠦᠭᠡᠢ ᠪᠢᠰᠢᠦ᠃ ᠲᠡᠭᠡᠭᠡᠳ ᠠᠭᠤᠯᠠ ᠤᠰᠤᠨ ᠤ᠋ ᠣᠢᠷ᠎ᠠ ᠨᠢ ᠤᠷᠤᠭ ᠲᠥᠷᠥᠯ ᠦ᠋ᠨ ᠬᠣᠯᠠ ᠨᠢ ᠭᠡᠳᠡᠭ᠃ ᠬᠣᠶᠠᠭᠤᠯᠠ ᠪᠠᠨ ᠬᠣᠯᠠᠬᠠᠨ ᠶᠠᠪᠤᠵᠤ ᠲᠤᠰᠬᠠᠢ ᠠᠢᠯ ᠪᠣᠯᠤᠭᠰᠠᠨ ᠨᠢ ᠳᠡᠭᠡᠷ᠎ᠡ᠃ ᠢᠩᠭᠢᠭᠡᠳ ᠪᠠᠢᠪᠠᠯ ᠬᠠᠳᠠᠮ ᠤ᠋ᠨ ᠬᠠᠲᠠᠭᠤ ᠦᠭᠡ ᠶ᠋ᠢ ᠣᠯᠠᠨ ᠥᠩᠭᠡᠷᠡᠭᠡᠵᠦ ᠴᠢᠳᠠᠬᠤ ᠦᠭᠡᠢ᠃ ᠪᠢᠳᠡ ᠬᠣᠶᠠᠷ ᠲᠤ᠌ ᠪᠥᠭᠡᠮ ᠵᠣᠪᠠᠯᠠᠩ ᠪᠣᠯᠤᠨ᠎ᠠ᠃ ᠲᠡᠢᠮᠦ ᠪᠢᠵᠡ ᠳᠡ᠃
  ᠊᠊᠊᠊᠊᠊᠊᠊᠊᠊᠊᠊᠊᠊᠊ ᠴᠢᠮᠠᠶ᠋ᠢ ᠳᠠᠭᠠᠭᠠᠳ ᠪᠢ ᠲᠠᠮᠤ ᠳ᠋ᠤ᠌ ᠴᠤ᠌ ᠣᠷᠣᠵᠤ ᠴᠢᠳᠠᠨ᠎ᠠ᠃ ᠬᠠᠷᠢᠨ ᠠᠪᠤ ᠯᠠ ᠬᠡᠴᠡᠭᠦᠦ ᠳᠡ᠃ ᠴᠢ ᠠᠶᠠᠲᠠᠢᠬᠠᠨ ᠯᠠ ᠶᠠᠷᠢᠵᠤ ᠦᠵᠡᠭᠡᠷᠡᠢ᠃
  ᠲᠡᠷᠡ ᠣᠷᠣᠢ ᠢᠲᠡᠭᠡᠯᠲᠦ ᠨᠡᠯᠢᠶᠡᠳ ᠰᠣᠭᠲᠣᠭᠤ ᠢᠷᠡᠬᠦ ᠳ᠋ᠦ᠍ᠨᠢ ᠪᠠᠲᠤ ᠴᠢᠷᠠᠢᠯᠠᠨ ᠤᠭᠲᠤᠵᠤ ᠮᠣᠷᠢᠨ ᠡᠴᠡ ᠨᠢ ᠰᠤᠭᠤᠳᠠᠨ ᠪᠠᠭᠤᠯᠭᠠᠵᠤ ᠭᠡᠷ ᠲᠦ᠋ᠨᠢ ᠣᠷᠣᠭᠤᠯᠤᠭᠠᠳ ᠬᠣᠲᠠ ᠶᠠᠪᠤᠵᠤ ᠢᠷᠡᠭᠰᠡᠨ ᠢ᠋ᠶ᠋ᠡᠨ ᠶᠠᠷᠢᠭᠠᠳ 《ᠠᠪᠤ ᠠ᠋ ᠨᠠᠮᠠᠶ᠋ᠢ ᠲᠠᠷᠢᠶᠠᠲᠤ ᠶ᠋ᠢᠨ ᠲᠢᠩᠬᠢᠮ ᠦ᠋ᠨ ᠳᠠᠷᠤᠭ᠎ᠠ ᠰᠤᠷᠭᠠᠭᠴᠢ ᠪᠠᠷ ᠲᠣᠮᠢᠯᠠᠭᠰᠠᠨ᠃ ᠣᠢᠷ᠎ᠠ ᠶ᠋ᠢᠨ ᠡᠳᠦᠷ ᠦ᠋ᠳ ᠲᠦ᠍ ᠰᠣᠯᠣᠩᠭ᠎ᠠ ᠪᠢᠳᠡ ᠲᠠᠰᠢ ᠪᠠᠨ ᠨᠡᠭᠦᠬᠦ ᠪᠣᠯᠤᠭᠠᠳ ᠪᠠᠢᠨ᠎ᠠ》 ᠭᠡᠵᠦ ᠨᠠᠮ ᠳᠠᠭᠤ ᠪᠠᠷ ᠬᠡᠯᠡᠪᠡ᠃
  ᠢᠲᠡᠭᠡᠯᠲᠦ ᠵᠠᠪᠠᠵᠢ ᠪᠠᠨ ᠵᠠᠭᠤᠵᠤ᠂ ᠪᠠᠲᠤ ᠶ᠋ᠢ ᠠᠷᠢᠬᠢᠨ ᠳ᠋ᠤ᠌ ᠮᠣᠬᠣᠭᠰᠠᠨ ᠪᠣᠯᠪᠠᠴᠤ ᠳᠣᠷᠣᠮᠵᠢᠯᠠᠯ ᠭᠡᠷᠡᠯᠲᠦᠭᠰᠡᠨ ᠨᠢᠳᠦ ᠪᠡᠷ ᠶᠣᠵᠣᠲᠠᠢ ᠰᠢᠷᠲᠡᠨ ᠬᠠᠷᠠᠬᠤ ᠳ᠋ᠤ᠌ 《ᠵᠠᠯᠠᠭᠤ ᠮᠢᠨᠢ ᠮᠥᠨ ᠯᠡ ᠭᠡᠨᠡᠨ ᠪᠠᠢᠨ᠎ᠠ ᠳᠠ᠃ ᠢᠲᠡᠭᠡᠯᠲᠦ ᠭᠠᠭᠴᠠ ᠥᠬᠢᠨ ᠢ᠋ᠶ᠋ᠡᠨ ᠱᠠᠯᠳᠠᠩ ᠭᠤᠢᠷᠠᠨᠴᠢᠨ ᠢ᠋ ᠳᠠᠭᠠᠭᠤᠯᠤᠭᠠᠳ ᠶᠠᠪᠤᠭᠤᠯᠴᠢᠬᠠᠨ᠎ᠠ ᠭᠡᠵᠦ ᠪᠣᠳᠣᠪᠠ ᠤᠤ》 ᠭᠡᠮᠡᠨ ᠬᠣᠶᠠᠷ ᠨᠢᠳᠦ ᠨᠢ ᠬᠡᠯᠡᠵᠦ ᠪᠠᠢᠯ᠎ᠠ᠃
  ᠪᠠᠲᠤ ᠬᠡᠰᠡᠭ ᠳᠠᠭᠤ ᠦᠭᠡᠢ ᠪᠠᠢᠭᠰᠠᠨ ᠢ᠋ᠶ᠋ᠠᠨ ᠦᠷᠭᠦᠯᠵᠢᠯᠡᠭᠦᠯᠦᠨ 《ᠰᠣᠯᠣᠩᠭ᠎ᠠ ᠪᠢᠳᠡ ᠬᠣᠶᠠᠷ ᠤ᠋ᠨ ᠵᠢᠷᠭᠠᠯ ᠲᠠᠨ ᠤ᠋ ᠭᠠᠷ ᠲᠤ᠌ ᠯᠠ ᠪᠠᠢᠨ᠎ᠠ᠃ ᠰᠣᠯᠣᠩᠭ᠎ᠠ ᠲᠠᠨ ᠡᠴᠡ ᠠᠶᠤᠳᠠᠭ᠃ ᠥᠪᠡᠷ ᠦ᠋ᠨ ᠮᠠᠲᠠᠯ ᠦᠭᠡᠢ ᠬᠥᠮᠦᠨ᠃ ᠮᠢᠨᠦ ᠬᠤᠪᠢ ᠳ᠋ᠤ᠌ ᠪᠣᠯ ᠪᠢ ᠴᠦ᠍ ᠲᠠᠨ ᠢ᠋ᠶ᠋ᠠᠷ ᠳᠤᠲᠠᠭᠳᠠᠬᠤ ᠦᠭᠡᠢ᠂ ᠲᠠ ᠴᠦ᠍ ᠨᠠᠳᠠ ᠪᠠᠷ ᠳᠤᠲᠠᠭᠳᠠᠬᠤ ᠦᠭᠡᠢ᠃ ᠥᠨᠥᠳᠥᠷ ᠲᠠᠨ ᠢ᠋ ᠴᠢᠷᠠᠢᠴᠢᠯᠠᠵᠤ ᠪᠠᠢᠭ᠎ᠠ ᠮᠢᠨᠢ ᠰᠣᠯᠣᠩᠭ᠎ᠠ ᠳ᠋ᠤ᠌ ᠰᠡᠳᠬᠢᠯ ᠲᠡᠢ ᠡᠴᠡ ᠪᠣᠯᠤᠭᠰᠠᠨ ᠬᠡᠷᠡᠭ》 ᠭᠡᠯ᠎ᠡ᠃
  ᠪᠠᠲᠤ ᠶ᠋ᠢᠨ ᠡᠨᠡ ᠦᠭᠡ ᠢᠲᠡᠭᠡᠯᠲᠦ ᠶ᠋ᠢᠨ ᠰᠡᠳᠬᠢᠯ ᠳ᠋ᠦ᠍ ᠲᠣᠬᠢᠷᠠᠭᠰᠠᠨ ᠦᠭᠡᠢ᠃ ᠵᠠᠪᠠᠵᠢ ᠨᠢ ᠳᠠᠳᠠᠭᠠᠨᠠᠨ᠂ ᠨᠢᠳᠦ ᠨᠢ ᠬᠤᠷᠴᠠ ᠪᠣᠯᠤᠨ ᠰᠡᠳᠬᠢᠯ ᠨᠢ ᠣᠪᠣᠯᠵᠠᠨ᠎ᠠ᠃
  ᠊᠊᠊᠊᠊᠊᠊᠊᠊᠊᠊᠊᠊᠊᠊ ᠡᠨᠡ ᠬᠡᠳᠦᠨ ᠮᠠᠯ ᠪᠣᠯ ᠨᠠᠭᠠᠨᠠᠳᠠᠵᠤ ᠮᠢᠨᠦ ᠬᠥᠷᠥᠩᠭᠡ᠂ ᠦᠷ᠎ᠡ ᠬᠡᠦᠬᠡᠳ ᠦ᠋ᠨ ᠮᠢᠨᠢ ᠬᠥᠷᠥᠩᠭᠡ᠂ ᠴᠠᠭᠠᠨᠠᠳᠠᠵᠤ ᠤᠯᠤᠰ ᠤ᠋ᠨ ᠬᠥᠷᠥᠩᠭᠡ ᠣᠯᠠᠨ ᠤ᠋ ᠪᠤᠶᠠᠨ᠃ ᠰᠣᠯᠣᠩᠭ᠎ᠠ ᠡᠨᠡ ᠬᠡᠳᠦ ᠶ᠋ᠢ ᠪᠡᠨ ᠬᠠᠷᠠᠵᠤ ᠪᠠᠢᠪᠠᠯ ᠥᠪᠡᠷ ᠲᠦ᠍ ᠨᠢ ᠴᠦ᠍᠂ ᠣᠯᠠᠨ ᠳ᠋ᠤ᠌ ᠴᠤ᠌ ᠬᠡᠷᠡᠭ ᠲᠡᠢ᠃ ᠶᠡᠷᠦ ᠨᠢ ᠲᠡᠭᠡᠭᠡᠳ ᠰᠢᠭᠤᠳ ᠬᠡᠯᠡᠵᠦ ᠣᠷᠬᠢᠬᠤ ᠳ᠋ᠤ᠌ ᠲᠠ ᠬᠣᠶᠠᠷ ᠤ᠋ᠨ ᠵᠠᠮ ᠨᠡᠢᠯᠡᠬᠦ ᠦᠭᠡᠢ ᠪᠣᠯᠤᠯᠲᠠᠢ᠃ ᠰᠣᠯᠣᠩᠭ᠎ᠠ ᠪᠣᠯ ᠮᠠᠯ ᠤ᠋ᠨ ᠵᠠᠬ᠎ᠠ ᠳ᠋ᠤ᠌ ᠲᠥᠷᠥᠵᠦ ᠥᠰᠦᠭᠰᠡᠨ᠂ ᠮᠠᠯ ᠤ᠋ᠨ ᠰᠢᠮ᠎ᠡ ᠶ᠋ᠢ ᠮᠡᠳᠡᠬᠦ ᠬᠥᠮᠦᠨ᠃ ᠴᠢ ᠪᠣᠯ ᠮᠠᠯ ᠡᠴᠡ ᠠᠶᠤᠳᠠᠭ ᠬᠥᠮᠦᠨ᠃ ᠪᠢᠴᠢᠭ ᠦ᠋ᠨ ᠬᠥᠮᠦᠨ᠂ ᠮᠢᠨᠦ ᠤᠭᠰᠠᠭᠠᠨ ᠳ᠋ᠤ᠌ ᠲᠠᠷᠪᠠᠭᠠᠴᠢᠨ ᠬᠥᠮᠦᠨ ᠪᠠᠢᠭᠰᠠᠨ᠃ ᠭᠤᠢᠷᠠᠨᠴᠢᠨ ᠬᠥᠮᠦᠨ ᠪᠠᠢᠭᠰᠠᠨ᠃ ᠮᠠᠯᠴᠢᠨ ᠬᠥᠮᠦᠨ ᠪᠠᠢᠭᠰᠠᠨ᠃ ᠬᠠᠷᠢᠨ ᠪᠢᠴᠢᠭᠡᠴᠢ ᠬᠥᠮᠦᠨ ᠪᠠᠢᠭ᠎ᠠ ᠦᠭᠡᠢ᠂ ᠲᠠ ᠬᠣᠶᠠᠷ ᠤ᠋ᠨ ᠵᠠᠶᠠᠭᠠᠨ ᠤ᠋ ᠠᠮᠢᠳᠤᠷᠠᠯ ᠥᠭᠡᠷ᠎ᠡ ᠭᠡᠳ ᠪᠠᠲᠤ ᠡᠴᠡ ᠨᠢᠳᠦ ᠰᠠᠯᠭᠠᠯ ᠦᠭᠡᠢ ᠰᠢᠷᠲᠡᠪᠡ᠃
  ᠊᠊᠊᠊᠊᠊᠊᠊᠊᠊᠊᠊᠊᠊᠊ ᠰᠣᠯᠣᠩᠭ᠎ᠠ ᠪᠣᠯ ᠮᠢᠨᠦ ᠶᠣᠰᠣᠯᠠᠵᠤ ᠠᠪᠤᠭᠰᠠᠨ ᠡᠬᠡᠨᠡᠷ ᠪᠣᠯᠬᠣᠷ ᠨᠠᠮᠠᠶ᠋ᠢ ᠳᠠᠭᠠᠬᠤ ᠯᠠ ᠶᠣᠰᠣᠲᠠᠢ ᠳᠠ᠃ ᠬᠡᠪᠡᠯᠢ ᠳ᠋ᠦ᠍ᠨᠢ ᠮᠢᠨᠦ ᠬᠡᠦᠬᠡᠳ ᠪᠣᠢ᠃
  ᠊᠊᠊᠊᠊᠊᠊᠊᠊᠊᠊᠊᠊᠊᠊ ᠡᠵᠡᠷᠬᠡᠭ ᠵᠠᠰᠠᠭ ᠤ᠋ᠨ ᠦᠶ᠎ᠡ ᠰᠢᠭ ᠭᠡᠷ ᠦ᠋ᠨ ᠮᠢᠨᠢ ᠵᠠᠷᠤᠴᠠ ᠭᠡᠬᠦ ᠨᠢ ᠤᠤ? ᠲᠡᠭᠡᠵᠦ ᠴᠦ᠍ ᠶᠠᠷᠢᠬᠤ ᠦᠭᠡᠢ ᠰᠢᠦ᠃
  ᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠮᠢᠨᠦ ᠡᠬᠡᠨᠡᠷ᠂ ᠤᠳᠠᠬᠤ ᠦᠭᠡᠢ ᠮᠢᠨᠦ ᠬᠡᠦᠬᠡᠳ ᠦ᠋ᠨ ᠡᠬᠡ ᠪᠣᠯᠤᠨ᠎ᠠ᠃
  ᠊᠊᠊᠊᠊᠊᠊᠊᠊᠊᠊᠊᠊᠊᠊ ᠭᠠᠭᠴᠠ ᠥᠬᠢᠨ ᠦ᠌ ᠪᠡᠨ ᠲᠣᠯᠣᠭᠠᠢ ᠶ᠋ᠢ ᠪᠢ ᠮᠡᠳᠡᠨ᠎ᠡ᠃
  ᠊᠊᠊᠊᠊᠊᠊᠊᠊᠊᠊᠊᠊᠊᠊ ᠡᠮᠡᠭᠲᠡᠢ ᠬᠥᠮᠦᠨ ᠲᠣᠯᠣᠭᠠᠢ ᠪᠠᠨ ᠮᠡᠳᠡᠬᠦ ᠡᠷᠬᠡ ᠲᠡᠢ ᠪᠣᠯᠤᠭᠰᠠᠨ᠃
  ᠢᠲᠡᠭᠡᠯᠲᠦ ᠬᠦᠢᠲᠡᠨ ᠢ᠋ᠶ᠋ᠡᠷ ᠢᠨᠢᠶᠡᠭᠰᠡᠨ ᠢ᠋ᠶ᠋ᠡᠨ 《ᠰᠣᠯᠣᠩᠭ᠎ᠠ ᠠ᠋ ᠬᠦᠷᠦᠭᠡᠳ ᠢᠷ᠎ᠡ》 ᠭᠡᠵᠦ ᠬᠠᠬᠢᠷ ᠳᠠᠭᠤ ᠪᠠᠷ ᠬᠠᠰᠬᠢᠷᠪᠠ᠃ ᠤᠳᠠᠯ ᠦᠭᠡᠢ ᠰᠣᠯᠣᠩᠭ᠎ᠠ ᠣᠷᠣᠵᠤ ᠢᠷᠡᠭᠡᠳ ᠴᠢᠷᠠᠢ ᠨᠢ ᠴᠢᠨᠦᠷᠡᠨ ᠨᠢᠳᠦ ᠨᠢ ᠭᠢᠯᠠᠯᠵᠠᠵᠤ᠂ ᠵᠠᠪᠠᠵᠢ ᠨᠢ ᠲᠠᠲᠠᠭᠠᠨᠠᠵᠤ ᠪᠠᠢᠭ᠎ᠠ ᠡᠴᠢᠭᠡ ᠪᠡᠨ ᠬᠠᠷᠠᠭᠠᠳ ᠬᠡᠷᠡᠭ ᠪᠤᠷᠤᠭᠤ ᠲᠡᠰᠢ ᠪᠡᠨ ᠡᠷᠭᠢᠵᠦ᠂ ᠬᠡᠷᠡᠮ ᠪᠤᠲᠠᠷᠠᠵᠤ ᠡᠬᠢᠯᠡᠭᠰᠡᠨ ᠢ᠋ ᠣᠢᠯᠠᠭᠠᠪᠠ᠃
  ᠊᠊᠊᠊᠊᠊᠊᠊᠊᠊᠊᠊᠊᠊᠊ ᠵᠠ ᠮᠢᠨᠦ ᠥᠬᠢᠨ ᠰᠠᠭᠤ ᠭᠡᠵᠦ ᠢᠲᠡᠭᠡᠯᠲᠦ ᠶᠡᠷᠦ ᠪᠤᠰᠤ ᠶ᠋ᠢᠨ ᠵᠥᠭᠡᠯᠡᠬᠡᠨ ᠳᠠᠭᠤ ᠪᠠᠷ ᠬᠡᠯᠡᠪᠡ᠃
  ᠪᠠᠲᠤ ᠶ᠋ᠢ ᠳᠠᠭᠠᠵᠤ ᠶᠠᠪᠤᠬᠤ ᠦᠭᠡᠢ᠂ ᠡᠬᠡ ᠡᠴᠢᠭᠡ᠂ ᠮᠠᠯ ᠬᠥᠷᠥᠩᠭᠡ ᠡᠴᠡ ᠪᠡᠨ ᠰᠠᠯᠬᠤ ᠦᠭᠡᠢ ᠭᠡᠳᠡᠭ ᠦᠭᠡ ᠶ᠋ᠢ ᠰᠣᠯᠣᠩᠭ᠎ᠠ ᠡᠴᠡ ᠭᠠᠷᠭᠠᠭᠤᠯᠬᠤ ᠶ᠋ᠢᠨ ᠲᠤᠯᠠ ᠢᠲᠡᠭᠡᠯᠲᠦ ᠶᠠᠭᠤ ᠴᠤ᠌ ᠬᠡᠯᠡᠬᠦ ᠡᠴᠡ ᠪᠤᠴᠠᠬᠤ ᠦᠭᠡᠢ ᠪᠠᠢᠯ᠎ᠠ᠃ ᠰᠠᠶᠢ ᠪᠣᠯᠲᠠᠯ᠎ᠠ ᠰᠣᠯᠣᠩᠭ᠎ᠠ ᠶ᠋ᠢ ᠦᠷᠭᠦᠯᠵᠢ ᠳᠣᠷᠣᠮᠵᠢᠯᠠᠨ ᠵᠠᠩᠨᠠᠵᠤ ᠵᠠᠷᠢᠮ ᠳ᠋ᠠᠭᠠᠨ ᠨᠢᠳᠤᠷᠤᠭᠠᠳ ᠠᠪᠳᠠᠭ ᠪᠠᠢᠭᠰᠠᠨ᠃ ᠬᠠᠷᠢᠨ ᠡᠨᠡ ᠤᠳᠠᠭ᠎ᠠ ᠡᠬᠢᠯᠡᠭᠡᠳ ᠵᠥᠭᠡᠯᠡᠨ ᠢ᠋ᠶ᠋ᠡᠷ ᠦᠵᠡᠶ᠎ᠡ ᠭᠡᠵᠦ ᠰᠢᠢᠳᠪᠡ᠃
  ᠠᠬ᠎ᠠ ᠴᠢᠨᠢ ᠲᠤᠰᠬᠠᠢ ᠠᠢᠯ ᠪᠣᠯᠤᠭᠰᠠᠨ᠃ ᠪᠠᠰᠠ ᠲᠡᠭᠡᠭᠡᠳ ᠡᠬᠡ ᠪᠢᠳᠡ ᠬᠣᠶᠠᠷ ᠢ᠋ ᠴᠢᠨᠢ ᠬᠠᠷᠠᠵᠤ ᠬᠠᠨᠳᠤᠬᠤ ᠦᠭᠡᠢ ᠪᠣᠯᠤᠯᠲᠠᠢ᠃ ᠤᠬᠠᠭᠠᠨ ᠣᠷᠣᠵᠤ ᠡᠷᠭᠢᠬᠦ ᠦᠭᠡᠢ ᠪᠣᠯ ᠥᠭᠡᠳᠡ ᠲᠡᠢ ᠬᠥᠮᠦᠨ ᠪᠣᠯᠤᠨ᠎ᠠ ᠭᠡᠬᠦ ᠳ᠋ᠦ᠍ ᠬᠡᠴᠡᠭᠦᠦ ᠪᠣᠯᠵᠠᠢ᠃ ᠪᠢᠳᠡ ᠬᠣᠶᠠᠷ ᠤ᠋ᠨ ᠲᠦᠰᠢᠬᠦ ᠲᠤᠯᠬᠤ ᠭᠠᠭᠴᠠ ᠬᠥᠮᠦᠨ ᠪᠣᠯ ᠴᠢ᠃ ᠭᠡᠲᠡᠯ᠎ᠡ ᠴᠢ ᠮᠠᠨᠢ ᠡᠭᠦᠨ ᠢ᠋ ᠳᠠᠭᠠᠭᠠᠳ ᠶᠠᠪᠤᠬᠤ ᠬᠡᠷᠡᠭ ᠤᠤ? ᠬᠣᠩᠭᠣᠷ ᠲᠠ ᠬᠣᠶᠠᠷ ᠤ᠋ᠨ ᠲᠥᠯᠥᠭᠡ ᠲᠠᠮᠢᠷ ᠤ᠋ᠨ ᠮᠥᠰᠥ ᠶ᠋ᠢ ᠳᠣᠯᠢᠶᠠᠬᠤ ᠰᠢᠬᠠᠵᠤ ᠪᠠᠢᠮᠠᠨᠵᠢᠨ ᠬᠤᠷᠠᠮᠳᠤᠭᠤᠯᠤᠭᠰᠠᠨ ᠡᠨᠡ ᠬᠥᠷᠥᠩᠭᠡ ᠪᠡᠨ ᠶᠠᠭᠠᠬᠢᠬᠤ ᠪᠣᠢ?
  ᠰᠣᠯᠣᠩᠭ᠎ᠠ ᠦᠨᠡᠨ ᠬᠦᠰᠡᠯ ᠢ᠋ᠶ᠋ᠡᠨ ᠢᠯᠡ ᠭᠠᠷᠭᠠᠵᠤ 《ᠪᠢ ᠪᠠᠲᠤ ᠲᠠᠢ ᠬᠠᠮᠲᠤ ᠶᠠᠪᠤᠨ᠎ᠠ》 ᠭᠡᠰᠡᠨ ᠪᠣᠯ ᠢᠲᠡᠭᠡᠯᠲᠦ ᠶᠠᠭᠠᠬᠢᠬᠤ ᠪᠠᠢᠭᠰᠠᠨ ᠢ᠋ ᠳᠠᠭᠠᠬᠤ ᠳ᠋ᠤ᠌ ᠬᠡᠴᠡᠭᠦᠦ᠃ ᠢᠲᠡᠭᠡᠯᠲᠦ ᠪᠣᠰᠴᠤ ᠰᠣᠯᠣᠩᠭ᠎ᠠ ᠶ᠋ᠢᠨ ᠡᠮᠦᠨ᠎ᠡ ᠣᠴᠢᠭᠠᠳ ᠨᠢᠳᠦ ᠪᠡᠨ ᠨᠢᠳᠦ ᠡᠴᠡ ᠨᠢ ᠰᠠᠯᠭᠠᠬᠤ ᠦᠭᠡᠢ ᠰᠢᠷᠲᠡᠨ᠎ᠡ᠃
  ᠰᠣᠯᠣᠩᠭ᠎ᠠ ᠶ᠋ᠢᠨ ᠬᠣᠶᠠᠷ ᠨᠢᠳᠦ ᠡᠴᠡ ᠲᠤᠩᠭᠠᠯᠠᠭ ᠨᠢᠯᠪᠤᠰᠤ ᠤᠷᠤᠰᠤᠨ ᠭᠠᠷᠤᠯ᠎ᠠ᠃ ᠲᠡᠷᠡ ᠨᠢᠯᠪᠤᠰᠤ 《ᠪᠢ ᠶᠠᠮᠠᠷ ᠨᠢᠭᠦᠯ ᠬᠢᠭᠰᠡᠨ ᠡᠴᠡ ᠢᠩᠭᠢᠵᠦ ᠵᠣᠪᠠᠬᠤ ᠶᠣᠰᠣᠲᠠᠢ ᠪᠣᠯᠤᠭᠰᠠᠨ ᠬᠥᠮᠦᠨ ᠪᠣᠢ?》 ᠭᠡᠵᠦ ᠥᠪᠡᠷ ᠢ᠋ᠶ᠋ᠡᠨ ᠥᠪᠡᠷ ᠡᠴᠡ ᠪᠡᠨ ᠠᠰᠠᠭᠤᠵᠤ ᠪᠠᠢᠯ᠎ᠠ᠃
  ᠊᠊᠊᠊᠊᠊᠊᠊᠊᠊᠊᠊᠊᠊᠊ ᠴᠢ ᠡᠭᠦᠨ ᠢ᠋ ᠳᠠᠭᠠᠭᠠᠳ ᠪᠢᠳᠡ ᠬᠣᠶᠠᠷ ᠢ᠋ ᠦᠨᠡᠰᠦᠨ ᠳ᠋ᠦ᠍ ᠬᠠᠶᠠᠭᠰᠠᠨ ᠱᠠᠯᠵᠠ ᠰᠢᠭ᠋ ᠣᠷᠬᠢᠬᠤ ᠴᠡᠪᠳᠡᠭ ᠰᠡᠳᠬᠢᠯ ᠲᠡᠢ ᠦᠷ᠎ᠡ ᠶᠤᠮ ᠪᠣᠯ ᠲᠡᠭᠦᠨ ᠢ᠋ᠶ᠋ᠡᠨ ᠲᠦᠷᠭᠡᠨ ᠬᠡᠯᠡᠭᠡᠳ ᠠᠯᠢ ᠭᠡᠵᠦ ᠢᠲᠡᠭᠡᠯᠲᠦ ᠦᠷᠭᠦᠯᠵᠢᠯᠡᠭᠦᠯᠦᠨ ᠬᠡᠯᠡᠪᠡ᠃
  ᠊᠊᠊᠊᠊᠊᠊᠊᠊᠊᠊᠊᠊᠊᠊ ᠦᠭᠡᠢ᠂ ᠠᠪᠤ ᠮᠢᠨᠢ ᠭᠡᠵᠦ ᠰᠣᠯᠣᠩᠭ᠎ᠠ ᠰᠢᠪᠡᠭᠡᠨᠡᠪᠡ᠃
  ᠊᠊᠊᠊᠊᠊᠊᠊᠊᠊᠊᠊᠊᠊᠊ ᠬᠦᠦ ᠮᠢᠨᠢ᠂ ᠴᠢᠩᠭ᠎ᠠ ᠬᠡᠯᠡᠵᠦ ᠣᠷᠭᠢ᠃
  ᠰᠣᠯᠣᠩᠭ᠎ᠠ ᠶ᠋ᠢᠨ ᠦᠭᠡ ᠶ᠋ᠢ ᠰᠣᠨᠣᠰᠤᠭᠰᠠᠨ ᠪᠠᠲᠤ ᠪᠣᠰᠴᠤ ᠨᠢᠳᠦ ᠨᠢ ᠭᠥᠯᠢᠷᠡᠨ ᠲᠣᠮᠣ ᠪᠣᠯᠤᠭᠠᠳ ᠰᠣᠯᠣᠩᠭ᠎ᠠ ᠳ᠋ᠤ᠌ ᠣᠢᠷᠠᠲᠤᠨ ᠣᠴᠢᠪᠠᠯ ᠢᠲᠡᠭᠡᠯᠲᠦ ᠬᠣᠶᠠᠷ ᠵᠠᠯᠠᠭᠤ ᠶ᠋ᠢᠨ ᠳᠤᠮᠳᠠᠭᠤᠷ ᠣᠷᠣᠪᠠ᠃
  ᠊᠊᠊᠊᠊᠊᠊᠊᠊᠊᠊᠊᠊᠊᠊ ᠬᠠᠮᠢᠭ᠎ᠠ ᠡᠴᠡ ᠲᠠ ᠬᠣᠶᠠᠷ ᠢ᠋ ᠣᠷᠬᠢᠬᠤ ᠪᠢᠯᠡ ᠳᠠ᠃
  ᠢᠲᠡᠭᠡᠯᠲᠦ ᠢᠯᠠᠯᠲᠠ ᠶ᠋ᠢᠨ ᠪᠠᠶᠠᠷ ᠨᠢ ᠪᠠᠭᠲᠠᠵᠤ ᠶᠠᠳᠠᠭᠰᠠᠨ ᠳᠡᠭᠡᠷᠡᠩᠭᠦᠢ ᠪᠠᠷᠳᠠᠮ ᠨᠢᠳᠦ ᠪᠡᠷ ᠪᠠᠲᠤ ᠶ᠋ᠢ ᠳᠣᠷᠣᠮᠵᠢᠯᠠᠨ ᠬᠠᠷᠠᠵᠤ 《ᠡᠢᠮᠦ ᠯᠡ ᠪᠠᠢᠨ᠎ᠠ ᠳᠠ᠃ ᠵᠠᠯᠠᠭᠤ ᠮᠢᠨᠢ᠂ ᠳᠠᠷᠤᠭ᠎ᠠ ᠰᠤᠷᠭᠠᠭᠴᠢ ᠪᠠᠨ ᠭᠠᠭᠴᠠ ᠪᠠᠷ ᠢ᠋ᠶ᠋ᠠᠨ ᠶᠠᠪᠤᠵᠤ ᠬᠢᠪᠡᠯ ᠳᠡᠭᠡᠷ᠎ᠡ ᠪᠠᠢᠬᠤ ᠳᠠ》 ᠭᠡᠯ᠎ᠡ᠃
  ᠪᠠᠲᠤ ᠡᠭᠦᠳᠡ ᠤᠷᠤᠭᠤ ᠬᠡᠳᠦ ᠠᠯᠬᠤᠭᠰᠠᠨ ᠢ᠋ᠶ᠋ᠠᠨ ᠵᠣᠭ ᠲᠣᠰᠣᠨ ᠵᠣᠭᠰᠣᠵᠤ ᠰᠣᠯᠣᠩᠭ᠎ᠠ ᠶ᠋ᠢ ᠬᠠᠷᠠᠬᠤ ᠳ᠋ᠤ᠌ ᠲᠡᠭᠦᠨ ᠦ᠌ ᠤᠰᠤ ᠪᠣᠯᠤᠭᠰᠠᠨ ᠬᠣᠶᠠᠷ ᠨᠢᠳᠦᠨ ᠳ᠋ᠦ᠍ 《ᠪᠢ ᠠᠷᠭ᠎ᠠ ᠦᠭᠡᠢ ᠪᠣᠯᠤᠯ᠎ᠠ ᠰᠢᠦ ᠳᠡ》 ᠭᠡᠵᠦ ᠬᠡᠯᠡᠬᠦ ᠠᠪᠠᠴᠤ ᠪᠠᠲᠤ ᠭᠣᠮᠣᠳᠠᠭᠰᠠᠨ ᠰᠡᠳᠬᠢᠯ ᠳ᠋ᠡᠭᠡᠨ ᠠᠪᠲᠠᠭᠳᠠᠨ ᠣᠢᠯᠠᠭᠠᠭᠰᠠᠨ ᠦᠭᠡᠢ᠃
  ᠪᠠᠲᠤ ᠲᠡᠷᠡ ᠣᠷᠣᠢ ᠳ᠋ᠠᠭᠠᠨ ᠬᠦᠷᠡᠩ ᠮᠣᠷᠢ ᠪᠠᠨ ᠤᠨᠤᠭᠠᠳ ᠲᠠᠷᠢᠶᠠᠲᠤ ᠶ᠋ᠢᠨ ᠵᠦᠭ ᠬᠥᠳᠡᠯᠵᠡᠢ᠃ ᠶᠠᠪᠤᠬᠤ ᠳ᠋ᠤᠨᠢ ᠰᠣᠯᠣᠩᠭ᠎ᠠ ᠶᠠᠭᠤᠮ᠎ᠠ ᠶᠠᠷᠢᠬᠤ ᠭᠡᠵᠦ ᠣᠷᠣᠯᠳᠣᠭᠰᠠᠨ ᠪᠣᠯᠪᠠᠴᠤ ᠢᠲᠡᠭᠡᠯᠲᠦ᠂ ᠳᠤᠯᠵᠢᠨ ᠬᠣᠶᠠᠷ ᠪᠣᠯᠤᠮᠵᠢ ᠣᠯᠭᠣᠭᠰᠠᠨ ᠦᠭᠡᠢ᠃
  ᠲᠠᠷᠢᠶᠠᠲᠤ ᠶ᠋ᠢᠨ ᠰᠤᠷᠭᠠᠭᠤᠯᠢ ᠭᠡᠵᠦ ᠶᠣᠰᠣᠲᠠᠢ ᠯᠠ ᠪᠠᠯᠠᠷᠠᠭᠰᠠᠨ ᠭᠠᠵᠠᠷ ᠪᠠᠢᠯ᠎ᠠ᠃ ᠬᠡᠳᠦᠨ ᠡᠪᠳᠡᠷᠬᠡᠢ ᠬᠠᠷ᠎ᠠ ᠰᠢᠷᠡᠭᠡ᠂ ᠪᠦᠷᠢᠶᠡᠰᠦ ᠨᠢ ᠤᠷᠠᠭᠳᠠᠭᠰᠠᠨ ᠰᠢᠷᠦᠭᠦᠨ ᠰᠠᠯᠬᠢ ᠦᠯᠢᠶᠡᠪᠡᠯ ᠶᠠᠢᠷᠠᠨ ᠤᠨᠠᠬᠤ ᠪᠣᠯᠤᠭᠰᠠᠨ ᠲᠣᠮᠣ᠂ ᠪᠠᠭ᠎ᠠ ᠳᠥᠷᠪᠡᠨ ᠭᠡᠷ ᠣᠯᠬᠢᠶ᠎ᠠ ᠦᠭᠡᠢ ᠠᠢᠯ ᠤ᠋ᠨ ᠰᠠᠪᠠᠷ ᠤ᠋ᠨ ᠰᠢᠳᠦ ᠰᠢᠭ ᠡᠰᠢ ᠳᠠᠰᠢ ᠶᠠᠢ᠌ᠵᠢᠭᠰᠠᠨ ᠲᠣᠮᠣ ᠬᠠᠰᠢᠶ᠎ᠠ᠂ ᠬᠡᠳᠦᠨ ᠮᠣᠳᠣᠨ ᠣᠷᠣ ᠡᠨᠡ ᠪᠦᠬᠦᠨ ᠢ᠋ ᠬᠠᠷᠠᠭᠰᠠᠨ ᠨᠢᠭᠡᠨ ᠡᠪᠦᠭᠡᠨ ᠭᠠᠯᠴᠢ ᠡᠴᠡ ᠥᠭᠡᠷ᠎ᠡ ᠶᠠᠭᠤᠮ᠎ᠠ ᠪᠠᠢᠭᠰᠠᠨ ᠦᠭᠡᠢ᠃
  ᠣᠷᠣᠢ ᠣᠴᠢᠭᠰᠠᠨ ᠲᠤᠯᠠ ᠵᠢᠵᠢᠭ ᠭᠡᠷ ᠲᠦ᠋ᠨᠢ ᠣᠷᠣᠵᠤ ᠭᠠᠵᠠᠷ ᠳᠡᠪᠢᠰᠬᠡᠷ ᠵᠠᠰᠠᠨ ᠤᠨᠲᠠᠵᠤ ᠥᠷᠯᠥᠭᠡ ᠨᠢ ᠡᠷᠲᠡ ᠪᠣᠰᠤᠭᠠᠳ ᠨᠢᠭᠤᠷ ᠭᠠᠷ ᠢ᠋ᠶ᠋ᠠᠨ ᠤᠬᠢᠶᠠᠵᠤ ᠪᠠᠢᠲᠠᠯ᠎ᠠ ᠤᠭ ᠰᠤᠷᠭᠠᠭᠤᠯᠢ ᠶ᠋ᠢᠨ ᠳᠠᠭᠠᠭᠤᠷ ᠰᠤᠷᠭᠠᠭᠴᠢ ᠵᠢᠷᠭᠠᠯ ᠬᠠᠪᠤᠩ ᠨᠢᠳᠦᠯᠡᠴᠢᠬᠡᠭᠰᠡᠨ ᠳᠠᠪᠬᠢᠵᠤ ᠢᠷᠡᠯ᠎ᠡ᠃
  ᠊᠊᠊᠊᠊᠊᠊᠊᠊᠊᠊᠊᠊᠊᠊ ᠡᠪᠦᠭᠡᠨ ᠴᠢᠨᠢ ᠴᠢᠮᠠᠶ᠋ᠢ ᠢᠷᠡᠭᠰᠡᠨ ᠭᠡᠵᠦ ᠰᠣᠨᠣᠰᠤᠭᠠᠳ ᠶᠣᠰᠣᠲᠠᠢ ᠯᠠ ᠣᠮ ᠬᠣᠮ ᠦᠭᠡᠢ ᠳᠠᠪᠬᠢᠵᠤ ᠢᠷᠡᠯ᠎ᠡ᠃ ᠵᠠ ᠬᠣᠶᠠᠭᠤᠯᠠ ᠪᠠᠨ ᠶᠠᠪᠤᠶ᠎ᠠ᠃ ᠡᠨᠡᠦᠬᠡᠨ ᠠᠮᠠᠨ ᠳ᠋ᠤ᠌ ᠭᠣᠮᠪᠣ ᠭᠤᠸᠠᠢ ᠶ᠋ᠢᠨ ᠳ᠋ᠦ᠍ ᠨᠠᠢᠷ ᠪᠣᠯᠵᠤ ᠪᠠᠢᠭ᠎ᠠ ᠭᠡᠳ ᠵᠢᠷᠭᠠᠯ ᠪᠠᠲᠤ ᠶ᠋ᠢ ᠲᠡᠪᠡᠷᠢᠵᠦ ᠠᠪᠬᠤ ᠳ᠋ᠤ᠌ ᠠᠮᠠᠨ ᠡᠴᠡ ᠨᠢ ᠠᠷᠢᠬᠢᠨ ᠤ᠋ ᠬᠤᠷᠴᠠ ᠦᠨᠦᠷ ᠬᠠᠩᠬᠤᠯᠪᠠ᠃
  ᠊᠊᠊᠊᠊᠊᠊᠊᠊᠊᠊᠊᠊᠊᠊ ᠶᠠᠮᠠᠷ ᠭᠣᠮᠪᠣ ᠪᠣᠢ? ᠡᠨᠡ ᠰᠤᠷᠭᠠᠭᠤᠯᠢ ᠳ᠋ᠤ᠌ ᠠᠵᠢᠯᠯᠠᠵᠤ ᠪᠠᠢᠭᠰᠠᠨ ᠤᠤ?
  ᠊᠊᠊᠊᠊᠊᠊᠊᠊᠊᠊᠊᠊᠊᠊ ᠪᠢᠰᠢ ᠴᠠᠰᠢ᠂ ᠲᠡᠷᠡ ᠮᠠᠭᠤ ᠹᠧᠣᠳᠠᠯ ᠲᠠᠢ ᠨᠡᠢᠯᠡᠵᠦ ᠠᠷᠢᠬᠢᠳᠠᠬᠤ ᠴᠤ᠌ ᠠᠷᠠᠢ ᠬᠦᠷᠦᠭᠡ ᠦᠭᠡᠢ᠃ ᠬᠤᠰᠢᠭᠤᠨ ᠤ᠋ ᠬᠣᠷᠰᠢᠶᠠᠨ ᠳᠠᠷᠤᠭ᠎ᠠ᠂ ᠬᠠᠷᠠᠯᠢᠭ ᠭᠣᠮᠪᠣ ᠭᠡᠳᠡᠭ ᠬᠥᠮᠦᠨ᠃
  ᠊᠊᠊᠊᠊᠊᠊᠊᠊᠊᠊᠊᠊᠊᠊ ᠰᠤᠷᠭᠠᠭᠤᠯᠢ ᠴᠢᠨᠢ ᠡᠢᠮᠦ ᠪᠠᠢᠬᠤ ᠳ᠋ᠤ᠌ ᠠᠷᠢᠬᠢ ᠤᠤᠭᠤᠵᠤ ᠨᠠᠢᠷᠯᠠᠵᠤ ᠶᠠᠪᠤᠬᠤ ᠳ᠋ᠠᠭᠠᠨ ᠰᠡᠳᠬᠢᠯ ᠴᠢᠨᠢ ᠵᠣᠪᠠᠬᠤ ᠦᠭᠡᠢ ᠪᠠᠢᠨ᠎ᠠ ᠤᠤ?
  ᠊᠊᠊᠊᠊᠊᠊᠊᠊᠊᠊᠊᠊᠊᠊ ᠪᠢ ᠶᠠᠭᠠᠬᠢᠬᠤ ᠶᠤᠮ ᠪᠣᠢ? ᠲᠡᠮᠡᠴᠡᠭᠡᠳ ᠳᠡᠢᠯᠦᠭᠡ ᠦᠭᠡᠢ ᠶᠤᠮ᠃ ᠣᠳᠣ ᠯᠠ ᠬᠣᠶᠠᠭᠤᠯᠠ ᠪᠠᠨ ᠨᠡᠢᠯᠡᠵᠦ ᠪᠠᠢᠭᠠᠳ ᠨᠢᠭᠡ ᠥᠭᠡᠳᠡ ᠲᠠᠲᠠᠶ᠎ᠠ᠃ ᠶᠠᠭ ᠦᠭᠡᠢ ᠭᠠᠵᠠᠷ ᠰᠢᠦ ᠭᠡᠯ᠎ᠡ᠃
  ᠵᠢᠷᠭᠠᠯ ᠥᠩᠭᠡᠷᠡᠭᠰᠡᠨ ᠵᠢᠯ ᠢᠷᠡᠭᠡᠳ ᠰᠤᠷᠭᠠᠭᠤᠯᠢ ᠪᠠᠨ ᠰᠠᠢᠵᠢᠷᠠᠭᠤᠯᠬᠤ ᠭᠡᠵᠦ ᠦᠨᠡᠬᠡᠷ ᠲᠡᠮᠡᠴᠡᠭᠰᠡᠨ ᠶᠤᠮ᠃ ᠭᠡᠲᠡᠯ᠎ᠡ ᠳᠠᠷᠤᠭ᠎ᠠ ᠰᠤᠷᠭᠠᠭᠴᠢ ᠪᠠᠢᠭᠰᠠᠨ ᠭᠣᠮᠪᠣ ᠲᠠᠢᠵᠢ ᠬᠡᠯᠡᠭᠰᠡᠨ ᠪᠦᠬᠦᠨ ᠢ᠋ ᠨᠢ ᠡᠰᠡᠷᠭᠦᠴᠡᠨ ᠬᠣᠰᠢᠭᠤ ᠳᠠᠷᠤᠭ᠎ᠠ ᠶ᠋ᠢᠨ ᠳᠡᠮᠵᠢᠯᠭᠡ ᠲᠡᠢ ᠪᠡᠷ ᠵᠣᠯ ᠲᠠᠢ ᠯᠠ ᠬᠥᠭᠡᠭᠡᠵᠦ ᠣᠷᠬᠢᠭ᠎ᠠ ᠦᠭᠡᠢ ᠪᠢᠯᠡ᠃ ᠬᠣᠶᠠᠷ ᠴᠤ᠌ ᠤᠳᠠᠭ᠎ᠠ ᠭᠣᠮᠪᠣ ᠲᠠᠢ ᠪᠠᠷᠢᠯᠳᠤᠵᠤ ᠠᠪᠤᠭᠰᠠᠨ᠃ ᠡᠬᠢᠨ ᠤᠳᠠᠭ᠎ᠠ ᠨᠢ ᠰᠤᠷᠭᠠᠭᠤᠯᠢ ᠶ᠋ᠢᠨ ᠬᠡᠦᠬᠡᠳ ᠦ᠋ᠳ ᠲᠦ᠍ ᠬᠠᠨᠢᠶᠠᠳᠤ ᠬᠦᠷᠦᠭᠡᠳ ᠭᠣᠮᠪᠣ ᠣᠯᠠᠨ ᠯᠠᠮᠠ ᠵᠠᠯᠠᠨ ᠢᠷᠡᠵᠦ ᠰᠦᠷᠲᠡᠢ ᠭᠦᠷᠢᠮ ᠬᠢᠯᠭᠡᠨ᠂ ᠰᠠᠩ ᠤ᠋ᠨ ᠮᠥᠩᠭᠥᠨ ᠡᠴᠡ ᠦᠯᠡᠮᠵᠢ ᠪᠠᠷᠢᠴᠠ ᠪᠠᠷᠢᠬᠤ ᠳ᠋ᠤᠨᠢ ᠬᠡᠯᠡᠭᠡᠳ ᠪᠣᠯᠬᠤ ᠦᠭᠡᠢ ᠪᠣᠯᠬᠣᠷ ᠨᠢ ᠵᠠᠳᠠ ᠭᠡᠷᠡᠯᠲᠦᠨ ᠪᠠᠷᠢᠵᠤ ᠠᠪᠤᠭᠠᠳ ᠬᠦᠷᠡᠩ ᠲᠣᠷᠭᠠᠨ ᠳᠡᠪᠡᠯ ᠦ᠋ᠨ ᠬᠢᠨᠢ ᠵᠠᠭᠠᠮ᠎ᠠ ᠶ᠋ᠢ ᠤᠷᠠᠵᠤ ᠣᠷᠬᠢᠪᠠ᠃
  ᠭᠡᠲᠡᠯ᠎ᠡ ᠬᠣᠰᠢᠭᠤ ᠳᠠᠷᠤᠭ᠎ᠠ ᠴᠤᠭᠰᠤᠮ ᠭᠡᠳᠡᠭ ᠬᠥᠮᠦᠨ ᠬᠡᠳᠦᠨ ᠬᠥᠮᠦᠨ ᠳᠠᠭᠤᠳᠠᠵᠤ ᠠᠪᠴᠢᠷᠠᠭᠠᠳ ᠬᠥᠮᠦᠨ ᠵᠣᠳᠣᠭᠰᠠᠨ ᠬᠡᠷᠡᠭ ᠦ᠋ᠨ ᠤᠴᠢᠷ ᠬᠠᠷ᠎ᠠ ᠭᠡᠷ ᠲᠦ᠍ ᠬᠢᠬᠦ ᠰᠢᠬᠠᠭᠰᠠᠨ ᠪᠢᠯᠡ᠃
  ᠊᠊᠊᠊᠊᠊᠊᠊᠊᠊᠊᠊᠊᠊᠊ ᠮᠠᠨ ᠤ᠋ ᠣᠷᠣᠨ ᠳ᠋ᠤ᠌ ᠰᠢᠷ᠎ᠠ ᠶ᠋ᠢᠨ ᠱᠠᠰᠢᠨ ᠭᠦᠨ ᠳᠡᠯᠭᠡᠷᠡᠭᠰᠡᠨ᠃ ᠡᠨᠡ ᠤᠴᠢᠷ ᠡᠴᠡ ᠬᠡᠦᠬᠡᠳ ᠦ᠋ᠨ ᠳᠣᠲᠣᠷ᠎ᠠ ᠬᠠᠨᠢᠶᠠᠳᠤ ᠳᠡᠯᠭᠡᠷᠡᠭᠡᠳ ᠪᠠᠢᠬᠤ ᠳ᠋ᠤ᠌ ᠭᠦᠷᠢᠮ ᠬᠢᠯᠭᠡᠬᠦ ᠦᠭᠡᠢ ᠪᠣᠯ ᠠᠷᠠᠳ ᠲᠦᠮᠡᠨ ᠦ᠌ ᠰᠡᠳᠬᠢᠯ ᠰᠠᠨᠠᠭ᠎ᠠ ᠡᠪᠳᠡᠷᠡᠬᠦ ᠳ᠋ᠦ᠍ ᠬᠦᠷᠦᠨ᠎ᠡ᠃ ᠪᠠᠰᠠ ᠲᠡᠭᠡᠭᠡᠳ ᠭᠣᠮᠪᠣ ᠪᠣᠯ ᠡᠨᠡ ᠲᠠᠩᠬᠢᠮ ᠤ᠋ᠨ ᠳᠠᠷᠤᠭ᠎ᠠ ᠰᠤᠷᠭᠠᠭᠴᠢ ᠭᠡᠵᠦ ᠬᠣᠰᠢᠭᠤ ᠳᠠᠷᠤᠭ᠎ᠠ ᠵᠢᠮᠡᠯᠡᠵᠡᠢ᠃
  ᠲᠡᠭᠡᠭᠡᠳ ᠪᠠᠰᠠ ᠥᠩᠭᠡᠷᠡᠭᠰᠡᠨ ᠡᠪᠦᠯ ᠬᠣᠶᠠᠷ ᠬᠡᠦᠬᠡᠳ ᠬᠤᠪᠴᠠᠰᠤ ᠮᠠᠭᠤᠲᠠᠢ ᠡᠴᠡ ᠬᠥᠯ ᠢ᠋ᠶ᠋ᠡᠨ ᠬᠥᠯᠳᠡᠭᠡᠵᠦ ᠪᠠᠰᠠ ᠡᠳᠦᠢ ᠲᠡᠳᠦᠢ ᠬᠡᠦᠬᠡᠳ ᠦ᠋ᠳ ᠪᠥᠭᠡᠰᠦᠳᠦᠵᠦ ᠨᠢᠳᠦᠨ ᠡᠴᠡ ᠭᠠᠷᠬᠤ ᠳ᠋ᠤᠨᠢ 《ᠴᠢ ᠤᠯᠤᠰ ᠡᠴᠡ ᠥᠭᠭᠦᠭᠰᠡᠨ ᠮᠥᠩᠭᠥ ᠶ᠋ᠢ ᠨᠢ ᠭᠦᠷᠢᠮ ᠬᠢᠯᠭᠡᠵᠦ᠂ ᠵᠢᠰᠢᠶ᠎ᠠ ᠤᠩᠰᠢᠭᠤᠯᠵᠤ ᠪᠠᠷᠠᠴᠢᠬᠠᠭᠠᠳ ᠬᠡᠦᠬᠡᠳ ᠢ᠋ ᠡᠢᠮᠦ ᠪᠣᠯᠭᠠᠵᠤ ᠣᠷᠬᠢᠯ᠎ᠠ᠃ ᠶᠠᠮᠠᠷ ᠰᠠᠨᠠᠭᠠᠲᠠᠢ ᠡᠲᠡᠭᠡᠳ ᠪᠣᠢ?》 ᠭᠡᠵᠦ ᠬᠡᠯᠡᠭᠰᠡᠨ ᠴᠢᠨᠢ ᠭᠣᠮᠪᠣ ᠬᠠᠷᠢ ᠨᠤᠲᠤᠭ ᠤ᠋ᠨ ᠴᠠᠭᠠᠴᠢ ᠭᠥᠯᠥᠭᠡ ᠭᠡᠬᠦ ᠵᠡᠷᠭᠡ ᠪᠡᠷ ᠳᠣᠷᠣᠮᠵᠢᠯᠠᠬᠤ ᠳ᠋ᠤᠨᠢ ᠪᠠᠷᠢᠯᠴᠠᠵᠤ ᠠᠪᠤᠭᠠᠳ ᠲᠣᠩᠭᠣᠷᠴᠤ ᠣᠷᠬᠢᠭᠰᠠᠨ ᠴᠢᠨᠢ ᠪᠠᠭᠠᠰᠢᠯᠠᠨ ᠤᠬᠠᠭᠠᠨ ᠠᠯᠲᠠᠨ ᠤᠨᠠᠵᠤ ᠪᠢᠯᠡ᠃
  ᠬᠣᠰᠢᠭᠤ ᠳᠠᠷᠤᠭ᠎ᠠ ᠲᠠᠬᠠᠷ ᠭᠠᠷᠭᠠᠵᠤ ᠵᠢᠷᠭᠠᠯ ᠢ᠋ ᠪᠠᠷᠢᠭᠤᠯᠤᠨ ᠬᠣᠶᠠᠷ ᠬᠣᠨᠣᠭ ᠬᠠᠷ᠎ᠠ ᠭᠡᠷ ᠲᠦ᠍ ᠬᠢᠯᠭᠡᠭᠡᠳ ᠰᠤᠯᠠᠯᠠᠵᠠᠢ᠃ ᠡᠭᠦᠨ ᠡᠴᠡ ᠬᠣᠢᠰᠢ ᠵᠢᠷᠭᠠᠯ ᠨᠣᠮᠣᠭᠠᠷᠠᠵᠤ᠂ ᠣᠨᠣᠭᠳᠠᠭᠰᠠᠨ ᠬᠢᠴᠢᠶᠡᠯ ᠢ᠋ᠶ᠋ᠡᠨ ᠵᠢᠭᠠᠭᠠᠳ ᠵᠠᠪ ᠯᠠ ᠭᠠᠷᠪᠠᠯ ᠨᠤᠲᠤᠭ ᠤ᠋ᠨ ᠤᠯᠤᠰ ᠲᠠᠢ ᠨᠡᠢᠯᠡᠨ ᠠᠷᠢᠬᠢᠳᠠᠵᠤ᠂ ᠨᠠᠢᠷ ᠡᠷᠭᠢᠭᠦᠯᠳᠡᠭ ᠪᠣᠯᠤᠭᠰᠠᠨ ᠠᠵᠢ᠃
  ᠭᠡᠲᠡᠯ᠎ᠡ ᠡᠨᠡ ᠵᠤᠨ ᠠᠷᠠᠳ ᠢ᠋ ᠭᠡᠭᠡᠷᠡᠭᠦᠯᠬᠦ ᠶᠠᠮᠤᠨ ᠤ᠋ ᠰᠢᠯᠭᠠᠯᠲᠠ ᠢᠷᠡᠵᠦ ᠳᠠᠷᠤᠭ᠎ᠠ ᠰᠤᠷᠭᠠᠭᠴᠢ ᠶ᠋ᠢ ᠰᠣᠯᠢᠭᠰᠠᠨ ᠪᠥᠭᠡᠳ ᠤᠳᠠᠭᠰᠠᠨ ᠴᠤ᠌ ᠦᠭᠡᠢ ᠬᠣᠰᠢᠭᠤ ᠳᠠᠷᠤᠭ᠎ᠠ ᠶ᠋ᠢ ᠰᠣᠯᠢᠵᠤ ᠪᠢᠯᠡ᠃ ᠬᠠᠷᠢᠨ ᠵᠢᠷᠭᠠᠯ ᠰᠢᠨ᠎ᠡ ᠳᠠᠷᠤᠭ᠎ᠠ ᠰᠤᠷᠭᠠᠭᠴᠢ ᠢᠷᠡᠲᠡᠯ᠎ᠡ ᠵᠤᠨ ᠤ᠋ ᠳᠡᠯᠭᠡᠷ ᠴᠠᠭ ᠲᠤ᠌ ᠲᠠᠷᠭᠤᠨ ᠮᠣᠷᠢ ᠤᠨᠤᠨ ᠰᠢᠮ᠎ᠡ ᠶ᠋ᠢᠨ ᠠᠷᠢᠬᠢ ᠪᠠᠯᠭᠤᠵᠤ ᠲᠦᠮᠡᠨ ᠰᠢᠯᠳᠠᠠᠠᠳᠤ ᠨᠠᠢᠷ ᠡᠷᠭᠢᠭᠦᠯᠳᠡᠭ ᠪᠠᠢᠯ᠎ᠠ᠃
  ᠪᠠᠲᠤ ᠥᠪᠡᠷ ᠢ᠋ᠶ᠋ᠡᠨ ᠴᠦ᠍ ᠨᠠᠢᠷ ᠲᠤ᠌ ᠶᠠᠪᠤᠭᠰᠠᠨ ᠦᠭᠡᠢ᠃ ᠵᠢᠷᠭᠠᠯ ᠢ᠋ ᠴᠦ᠍ ᠶᠠᠪᠤᠭᠤᠯᠤᠭᠰᠠᠨ ᠦᠭᠡᠢ᠂ ᠬᠠᠷᠢᠨ ᠪᠠᠭ᠎ᠠ ᠭᠡᠷ ᠢ᠋ ᠵᠠᠰᠠᠨ ᠪᠠᠷᠢᠵᠤ ᠪᠠᠭᠰᠢ ᠨᠠᠷ ᠤ᠋ᠨ ᠭᠡᠷ ᠪᠣᠯᠭᠠᠨ ᠬᠣᠶᠠᠷ ᠣᠷᠣ ᠲᠠᠯᠪᠢᠵᠤ ᠲᠣᠬᠢᠷᠠᠭᠤᠯᠪᠠ᠃
  ᠭᠡᠷ ᠵᠠᠰᠠᠯᠴᠠᠵᠤ ᠪᠠᠢᠭᠰᠠᠨ ᠭᠠᠯᠴᠢ ᠡᠪᠦᠭᠡᠨ ᠮᠢᠭᠮᠠᠷ᠄ 《ᠬᠦᠦ ᠮᠢᠨᠢ ᠮᠠᠨ ᠤ᠋ ᠡᠨᠳᠡ ᠴᠢᠨᠢ ᠬᠠᠷᠢ ᠨᠤᠲᠤᠭ ᠤ᠋ᠨ ᠬᠥᠮᠦᠨ ᠢ᠋ ᠰᠦᠷᠡᠬᠡᠢ ᠭᠠᠳᠠᠭᠤᠷᠬᠠᠳᠠᠭ ᠭᠠᠵᠠᠷ᠃ ᠨᠤᠲᠤᠭ ᠤ᠋ᠨ ᠤᠯᠤᠰ ᠲᠠᠢ ᠰᠠᠢᠨ ᠲᠠᠨᠢᠯᠴᠠᠵᠤ ᠠᠪᠬᠤ ᠦᠭᠡᠢ ᠪᠣᠯ ᠬᠡᠴᠡᠭᠦᠦ ᠳᠡ》 ᠭᠡᠯ᠎ᠡ᠃
  ᠊᠊᠊᠊᠊᠊᠊᠊᠊᠊᠊᠊᠊᠊᠊ ᠶᠠᠷᠪᠢᠭ ᠲᠠᠢ ᠭᠠᠵᠠᠷ ᠳᠠ᠃ ᠴᠢ ᠤᠳᠠᠬᠤ ᠦᠭᠡᠢ ᠮᠡᠳᠡᠨ᠎ᠡ ᠭᠡᠵᠦ ᠵᠢᠷᠭᠠᠯ ᠡᠪᠦᠭᠡᠨ ᠦ᠌ ᠦᠭᠡ ᠶ᠋ᠢ ᠯᠠᠪᠰᠢᠷᠠᠭᠤᠯᠵᠤ ᠪᠢᠯᠡ᠃
  ᠪᠠᠲᠤ ᠰᠤᠷᠭᠠᠭᠤᠯᠢ ᠶ᠋ᠢ ᠰᠢᠨ᠎ᠡ ᠬᠢᠴᠢᠶᠡᠯ ᠦ᠋ᠨ ᠵᠢᠯ ᠳ᠋ᠦ᠍ ᠪᠡᠯᠡᠳᠬᠡᠬᠦ ᠠᠵᠢᠯ ᠳ᠋ᠠᠭᠠᠨ ᠣᠷᠣᠯ᠎ᠠ᠃ ᠶᠠᠭᠤᠨ ᠤ᠋ ᠡᠮᠦᠨ᠎ᠡ ᠬᠡᠳᠦᠨ ᠭᠡᠷ ᠢ᠋ ᠨᠢ ᠬᠥᠮᠦᠨ ᠰᠠᠭᠤᠵᠤ ᠬᠢᠴᠢᠶᠡᠯ ᠬᠢᠵᠦ ᠪᠣᠯᠬᠤ ᠶᠠᠭᠤᠮ᠎ᠠ ᠪᠣᠯᠭᠠᠬᠤ᠃ ᠳᠠᠷᠠᠭ᠎ᠠ ᠨᠢ ᠰᠢᠷᠡᠭᠡ ᠰᠠᠨᠳᠠᠯᠢ ᠶ᠋ᠢ ᠨᠢ ᠵᠠᠰᠠᠬᠤ᠂ ᠰᠤᠷᠤᠭᠴᠢᠳ ᠤ᠋ᠨ ᠬᠣᠭᠣᠯᠠ ᠪᠡᠯᠡᠳᠬᠡᠬᠦ ᠠᠵᠢᠯ ᠪᠠᠢᠵᠠᠢ᠃
  ᠣᠢᠷ᠎ᠠ ᠬᠠᠪᠢ ᠶ᠋ᠢᠨ ᠡᠮᠡᠭᠲᠡᠢᠴᠦᠳ ᠢ᠋ ᠴᠤᠭᠯᠠᠷᠠᠭᠤᠯᠤᠨ ᠭᠡᠷ ᠦ᠋ᠨ ᠪᠦᠷᠢᠶᠡᠰᠦ ᠣᠶᠣᠭᠤᠯᠪᠠ᠃ ᠪᠠᠰᠠ ᠨᠡᠯᠢᠶᠡᠳ ᠳᠡᠯ ᠬᠤᠳᠠᠯᠳᠤᠵᠤ ᠠᠪᠤᠭᠠᠳ ᠣᠨᠢ ᠶ᠋ᠢᠨ ᠣᠭᠣᠰᠣᠷ᠂ ᠪᠦᠰᠡᠯᠡᠭᠦᠷ ᠵᠡᠷᠭᠡ ᠶ᠋ᠢ ᠲᠣᠮᠣᠭᠣᠯᠵᠤ ᠠᠪᠤᠯ᠎ᠠ᠃ ᠢᠩᠭᠢᠭᠡᠳ ᠬᠡᠳᠦᠨ ᠭᠡᠷ ᠨᠢ ᠣᠪᠣᠭ᠎ᠠ ᠶᠠᠭᠤᠮ᠎ᠠ ᠪᠣᠯᠪᠠ᠃ ᠰᠢᠷᠡᠭᠡ ᠰᠠᠨᠳᠠᠯᠢ ᠶ᠋ᠢ ᠵᠠᠰᠠᠶ᠎ᠠ ᠭᠡᠲᠡᠯ᠎ᠡ ᠮᠤᠵᠢᠶᠠᠩ ᠣᠯᠳᠠᠬᠤ ᠦᠭᠡᠢ ᠰᠠᠨᠳᠤᠷᠪᠠ᠃ ᠭᠡᠲᠡᠯ᠎ᠡ ᠠᠵᠠ ᠪᠣᠯᠵᠤ ᠲᠠᠷᠢᠶᠠᠲᠤ ᠶ᠋ᠢᠨ ᠲᠡᠮᠦᠷ ᠤᠲᠠᠰᠤᠨ ᠤ᠋ ᠭᠠᠵᠠᠷ ᠠᠵᠢᠯᠯᠠᠬᠤ ᠭᠡᠵᠦ ᠨᠢᠭᠡ ᠣᠷᠣᠰ ᠬᠥᠮᠦᠨ ᠢᠷᠡᠭᠰᠡᠨ ᠨᠢ ᠮᠤᠵᠢᠶᠠᠩ ᠤ᠋ᠨ ᠠᠵᠢᠯ ᠳ᠋ᠤ᠌ ᠰᠦᠷᠡᠬᠡᠢ ᠭᠠᠷ ᠤ᠋ᠨ ᠳᠦᠢᠲᠡᠢ ᠤᠴᠢᠷ ᠡᠴᠡ ᠵᠢᠷᠭᠠᠯ᠂ ᠱᠠᠭᠳᠠᠷ ᠬᠣᠷᠰᠢᠶᠠᠨ ᠤ᠋ ᠨᠢᠭᠲᠠᠯᠠᠨ ᠪᠣᠳᠣᠭᠴᠢ ᠵᠠᠯᠠᠭᠤ ᠳᠠᠰᠢ ᠵᠡᠷᠭᠡ ᠶ᠋ᠢᠨ ᠬᠡᠳᠦᠨ ᠬᠥᠮᠦᠨ ᠲᠡᠢ ᠬᠠᠪᠰᠤᠷᠤᠨ ᠵᠠᠰᠠᠯ᠎ᠠ᠃
  ᠢᠩᠭᠢᠭᠡᠳ ᠬᠡᠦᠬᠡᠳ ᠠᠪᠬᠤ ᠪᠣᠯᠪᠠ᠃ ᠠᠷᠠᠳ ᠢ᠋ ᠭᠡᠭᠡᠷᠡᠭᠦᠯᠬᠦ ᠶᠠᠮᠤᠨ ᠲᠠᠪᠢᠨ ᠬᠡᠦᠬᠡᠳ ᠦ᠋ᠨ ᠣᠷᠣᠨ ᠲᠣᠭ᠎ᠠ ᠥᠭᠭᠦᠭᠰᠡᠨ ᠪᠢᠯᠡ᠃ ᠥᠩᠭᠡᠷᠡᠭᠰᠡᠨ ᠵᠢᠯ ᠳᠥᠩᠭᠡᠵᠢ ᠭᠤᠴᠢᠨ ᠬᠣᠶᠠᠷ ᠬᠡᠦᠬᠡᠳ ᠲᠡᠢ ᠪᠠᠢᠭᠰᠠᠨ ᠠᠷᠪᠠ ᠨᠢ ᠤᠷᠭᠤᠵᠤ ᠬᠠᠷᠢᠭᠠᠳ ᠢᠷᠡᠭᠡ ᠦᠭᠡᠢ᠃ ᠶᠢᠰᠦ ᠨᠢ ᠲᠡᠭᠦᠰᠬᠡᠵᠡᠢ᠃ ᠲᠡᠭᠦᠰᠬᠡᠭᠰᠡᠨ ᠬᠡᠦᠬᠡᠳ ᠦ᠋ᠨ ᠨᠢᠭᠡ ᠨᠢ ᠬᠣᠰᠢᠭᠤ ᠵᠠᠬᠢᠷᠭᠠᠨ ᠳ᠋ᠤ᠌ ᠲᠠᠯ᠎ᠠ ᠪᠢᠴᠢᠭᠡᠴᠢ ᠪᠣᠯᠤᠭᠰᠠᠨ᠃ ᠬᠣᠶᠠᠷ ᠨᠢ ᠨᠤᠲᠤᠭ ᠲᠠᠭᠠᠨ ᠰᠤᠮᠤᠨ ᠪᠢᠴᠢᠭᠡᠴᠢ ᠪᠣᠯᠤᠭᠰᠠᠨ᠃ ᠳᠥᠷᠪᠡ ᠨᠢ ᠤᠯᠠᠭᠠᠨᠪᠠᠭᠠᠲᠤᠷ ᠲᠤ᠌ ᠰᠤᠷᠭᠠᠭᠤᠯᠢ ᠳ᠋ᠤ᠌ ᠶᠠᠪᠤᠭᠰᠠᠨ᠃ ᠬᠣᠶᠠᠷ ᠨᠢ ᠮᠠᠯ ᠳᠡᠭᠡᠷ᠎ᠡ ᠪᠡᠨ ᠡᠷᠭᠢᠵᠦ ᠣᠴᠢᠭᠰᠠᠨ ᠪᠢᠯᠡ᠃
  ᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠬᠣᠶᠠᠭᠤᠯᠠ ᠪᠠᠨ ᠲᠠᠪᠢᠨ ᠬᠡᠦᠬᠡᠳ ᠲᠡᠢ ᠬᠢᠴᠢᠶᠡᠯᠯᠡᠨ᠎ᠡ ᠳᠡ᠃ ᠵᠠᠪᠠᠯ ᠰᠢᠦ ᠭᠡᠵᠦ ᠪᠠᠲᠤ ᠬᠡᠯᠡᠪᠡ᠃
  ᠊᠊᠊᠊᠊᠊᠊᠊᠊᠊᠊᠊᠊᠊᠊ ᠶᠠᠷᠢᠳᠠᠭ ᠦᠭᠡᠢ ᠬᠡᠷᠡᠭ ᠠ᠋᠃ ᠰᠠᠢᠨ ᠳᠤᠷ᠎ᠠ ᠪᠠᠷ ᠥᠭᠳᠡᠭ ᠠᠢᠯ ᠭᠡᠵᠦ ᠡᠳᠦᠷ ᠦ᠋ᠨ ᠣᠳᠣᠨ ᠰᠢᠭ᠋ ᠪᠠᠢᠳᠠᠭ ᠶᠤᠮ᠃ ᠲᠡᠭᠡᠬᠦ ᠳᠡᠭᠡᠷ᠎ᠡ ᠠᠯᠪᠠᠳᠠᠭᠤᠯᠬᠤ ᠬᠡᠷᠡᠭᠲᠡᠢ᠃ ᠭᠡᠲᠡᠯ᠎ᠡ ᠠᠯᠪᠠᠳᠠᠭᠤᠯᠵᠤ ᠪᠠᠢᠮᠠᠨᠵᠢᠨ ᠠᠪᠴᠢᠷᠠᠭᠰᠠᠨ ᠬᠡᠳᠦᠨ ᠬᠡᠦᠬᠡᠳ ᠨᠢ ᠤᠷᠭᠤᠵᠤ᠂ ᠠᠯᠠᠭ᠎ᠠ ᠪᠣᠯᠴᠢᠬᠠᠬᠤ ᠭᠡᠳ ᠮᠥᠨ ᠬᠡᠴᠡᠭᠦᠦ ᠬᠣᠭᠣᠯᠠ ᠳᠠ ᠭᠡᠵᠦ ᠵᠢᠷᠭᠠᠯ ᠤᠷᠮ᠎ᠠ ᠦᠭᠡᠢ ᠬᠡᠯᠡᠪᠡ᠃
  ᠵᠢᠷᠭᠠᠯ ᠲᠠᠢ ᠪᠠᠨ ᠰᠤᠮᠤ ᠬᠤᠪᠢᠶᠠᠷᠢᠯᠠᠨ ᠬᠣᠰᠢᠭᠤ ᠵᠠᠬᠢᠷᠭ᠎ᠠ ᠡᠴᠡ ᠪᠢᠴᠢᠭ ᠰᠢᠳᠬᠡᠭᠦᠯᠦᠨ ᠠᠪᠴᠤ ᠬᠣᠶᠠᠷ ᠳᠠᠰᠢ ᠪᠠᠨ ᠬᠠᠭᠤᠴᠢᠨ ᠬᠡᠦᠬᠡᠳ ᠢ᠋ ᠳᠠᠭᠤᠳᠠᠬᠤ᠂ ᠰᠢᠨ᠎ᠡ ᠬᠡᠦᠬᠡᠳ ᠢ᠋ ᠬᠤᠪᠢᠶᠠᠷᠢ ᠶᠣᠰᠣᠭᠠᠷ ᠰᠤᠮᠤ ᠨᠤᠭᠤᠳ ᠡᠴᠡ ᠭᠠᠷᠭᠠᠭᠤᠯᠬᠤ ᠪᠠᠷ ᠶᠠᠪᠤᠯ᠎ᠠ᠃
  ᠬᠡᠦᠬᠡᠳ ᠢ᠋ᠶ᠋ᠡᠨ ᠰᠠᠢᠨ ᠳᠤᠷ᠎ᠠ ᠪᠠᠷ ᠶᠠᠪᠤᠭᠤᠯᠬᠤ ᠠᠢᠯ ᠵᠢᠷᠭᠠᠯ ᠤ᠋ᠨ ᠬᠡᠯᠡᠳᠡᠭ ᠢ᠋ᠶ᠋ᠡᠷ ᠡᠳᠦᠷ ᠦ᠋ᠨ ᠣᠳᠣ ᠰᠢᠭ᠋ ᠴᠥᠭᠡᠨ ᠪᠥᠭᠡᠳ ᠶᠡᠬᠡᠩᠬᠢ ᠨᠢ ᠲᠦᠮᠡᠨ ᠵᠦᠢᠯ ᠦ᠋ᠨ ᠰᠢᠯᠲᠠᠭᠠᠨ ᠲᠣᠭᠠᠴᠢᠨ ᠥᠭᠬᠦ ᠦᠭᠡᠢ ᠶ᠋ᠢ ᠬᠢᠴᠢᠶᠡᠨ᠎ᠡ᠃
  ᠊᠊᠊᠊᠊᠊᠊᠊᠊᠊᠊᠊᠊᠊᠊ ᠨᠢᠭᠡᠨᠲᠡ ᠰᠤᠮᠤᠨ ᠤ᠋ ᠵᠠᠬᠢᠷᠭ᠎ᠠ ᠡᠴᠡ ᠣᠨᠣᠭᠳᠠᠭᠰᠠᠨ ᠬᠡᠦᠬᠡᠳ ᠢ᠋ᠶ᠋ᠡᠨ ᠲᠠᠩᠬᠢᠮ ᠳ᠋ᠤ᠌ ᠶᠠᠪᠤᠭᠤᠯᠬᠤ ᠦᠭᠡᠢ ᠶᠤᠮ ᠪᠣᠯ ᠵᠠᠰᠠᠭ ᠤ᠋ᠨ ᠰᠢ᠌ᠤᠠᠪᠣᠷᠢ ᠶ᠋ᠢ ᠡᠰᠡᠷᠭᠦᠴᠡᠭᠰᠡᠨ ᠳ᠋ᠦ᠍ ᠲᠣᠭᠠᠴᠢᠨ ᠶᠠᠯ᠎ᠠ ᠬᠡᠯᠡᠯᠴᠡᠨ᠎ᠡ ᠭᠡᠵᠦ ᠰᠦᠷᠳᠡᠭᠦᠯᠦᠨ ᠪᠠᠢᠵᠤ ᠵᠠᠷᠢᠮ ᠬᠡᠦᠬᠡᠳ ᠢ᠋ ᠮᠣᠷᠳᠠᠭᠤᠯᠵᠤ ᠪᠠᠢᠯ᠎ᠠ᠃
  ᠵᠠᠷᠢᠮ ᠡᠬᠡ ᠡᠴᠢᠭᠡ ᠡᠴᠡ ᠰᠠᠯᠬᠤ ᠦᠭᠡᠢ ᠡᠳᠦᠷᠵᠢᠨ ᠭᠤᠶᠤᠬᠤ ᠳ᠋ᠤ᠌ 《ᠢᠱ᠌ᠢ ᠬᠦᠦ ᠮᠢᠨᠢ ᠴᠢ ᠴᠢᠨᠢ ᠤᠲᠠᠢ ᠶ᠋ᠢᠨ ᠬᠤᠤᠱᠠᠩ ᠰᠢᠭ᠋ ᠶᠠᠭᠠᠬᠢᠭᠰᠠᠨ ᠰᠠᠯᠳᠠᠭ ᠦᠭᠡᠢ ᠬᠥᠮᠦᠨ ᠪᠣᠢ ᠳᠠ》 ᠭᠡᠳ ᠮᠣᠷᠳᠠᠭᠤᠯᠪᠠ᠃
  ᠬᠡᠦᠬᠡᠳ ᠨᠢ ᠲᠠᠩᠬᠢᠮ ᠳ᠋ᠤ᠌ ᠣᠴᠢᠬᠤ ᠬᠦᠰᠡᠯ ᠲᠡᠢ ᠪᠠᠢᠬᠤ ᠳ᠋ᠤ᠌ ᠡᠴᠢᠭᠡ ᠡᠬᠡ ᠨᠢ ᠶᠠᠪᠤᠭᠤᠯᠬᠤ ᠦᠭᠡᠢ ᠪᠠᠢᠭᠰᠠᠨ ᠨᠢᠭᠡ ᠠᠢᠯ ᠤ᠋ᠨ ᠬᠡᠦᠬᠡᠳ ᠢ᠋ ᠤᠷᠭᠤᠭᠤᠯᠤᠨ ᠠᠪᠴᠠᠢ᠃
  ᠢᠩᠭᠢᠭᠡᠳ ᠶᠢᠰᠦᠳᠦᠭᠡᠷ ᠰᠠᠷ᠎ᠠ ᠶ᠋ᠢᠨ ᠠᠷᠪᠠᠨ ᠲᠠᠪᠤᠨ ᠤ᠋ ᠦᠶ᠎ᠡ ᠳ᠋ᠦ᠍ ᠠᠷᠠᠢ ᠭᠡᠵᠦ ᠭᠤᠴᠢᠨ ᠵᠢᠷᠭᠤᠭᠠᠨ ᠬᠡᠦᠬᠡᠳ ᠲᠡᠢ ᠪᠣᠯᠤᠭᠠᠳ ᠬᠠᠭᠤᠴᠢᠨ ᠰᠢᠨ᠎ᠡ ᠬᠡᠦᠬᠡᠳ ᠢ᠋ᠶ᠋ᠡᠷ ᠲᠤᠰ ᠪᠦᠷᠢ ᠨᠢᠭᠡ ᠠᠩᠭᠢ ᠪᠠᠢᠭᠤᠯᠵᠤ ᠬᠢᠴᠢᠶᠡᠯ ᠢ᠋ᠶ᠋ᠡᠨ ᠡᠬᠢᠯᠡᠪᠡ᠃
  ᠊᠊᠊᠊᠊᠊᠊᠊᠊᠊᠊᠊᠊᠊᠊ ᠵᠠ ᠡᠢᠮᠦ ᠯᠡ ᠪᠠᠢᠳᠠᠭ ᠶᠤᠮ ᠳᠠ᠃ ᠪᠠᠰᠠ ᠲᠡᠭᠡᠭᠡᠳ ᠤᠳᠠᠬᠤ ᠦᠭᠡᠢ ᠡᠨᠡ ᠵᠣᠯᠢᠭ ᠤ᠋ᠳ ᠴᠢᠨᠢ ᠤᠷᠭᠤᠵᠤ ᠡᠬᠢᠯᠡᠨ᠎ᠡ ᠭᠡᠵᠦ ᠵᠢᠷᠭᠠᠯ ᠤ᠋ᠨ ᠬᠡᠯᠡᠬᠦ ᠳ᠋ᠦ᠍ 《ᠦᠯᠡᠳᠡᠭᠰᠡᠨ ᠠᠷᠪᠠᠨ ᠳᠥᠷᠪᠡᠨ ᠬᠡᠦᠬᠡᠳ ᠢ᠋ᠶ᠋ᠡᠨ ᠲᠠᠷᠢᠶᠠᠲᠤ ᠶ᠋ᠢᠨ ᠬᠦᠷᠢᠶᠡᠨ ᠦ᠌ ᠪᠠᠨᠳᠢ ᠨᠠᠷ ᠡᠴᠡ ᠤᠷᠪᠠᠭᠤᠯᠤᠨ ᠨᠥᠬᠥᠵᠦ ᠠᠪᠤᠨ᠎ᠠ》 ᠭᠡᠵᠦ ᠪᠠᠲᠤ ᠬᠡᠯᠡᠵᠡᠢ᠃
  ᠪᠠᠲᠤ ᠤᠷᠢᠳᠤ ᠠᠵᠢᠯᠯᠠᠵᠤ ᠪᠠᠢᠭᠰᠠᠨ ᠰᠤᠷᠭᠠᠭᠤᠯᠢ ᠨᠤᠭᠤᠳ ᠲᠠᠭᠠᠨ ᠬᠦᠷᠢᠶᠡᠨ ᠦ᠌ ᠪᠠᠨᠳᠢ ᠨᠠᠷ ᠡᠴᠡ ᠤᠷᠪᠠᠭᠤᠯᠤᠨ ᠣᠯᠠᠨ ᠬᠡᠦᠬᠡᠳ ᠠᠪᠴᠤ ᠪᠠᠢᠭᠰᠠᠨ ᠠᠪᠠᠴᠤ ᠲᠠᠷᠢᠶᠠᠲᠤ ᠶ᠋ᠢᠨ ᠬᠦᠷᠢᠶ᠎ᠡ ᠥᠭᠡᠷ᠎ᠡ ᠪᠠᠢᠯ᠎ᠠ᠃ ᠡᠨᠳᠡᠬᠢ ᠶ᠋ᠢᠨ ᠯᠠᠮᠠ ᠨᠠᠷ ᠰᠤᠷᠭᠠᠭᠤᠯᠢ ᠳ᠋ᠤ᠌ ᠪᠠᠨᠳᠢ ᠨᠠᠷ ᠢ᠋ᠶ᠋ᠠᠨ ᠥᠭᠬᠦ ᠨᠢ ᠪᠢᠲᠡᠭᠡᠢ ᠬᠡᠯᠡ᠂ ᠰᠤᠷᠭᠠᠭᠤᠯᠢ ᠶ᠋ᠢᠨ ᠬᠡᠦᠬᠡᠳ ᠦ᠋ᠳ ᠢ᠋ ᠲᠠᠷᠠᠭᠠᠬᠤ ᠶᠡᠬᠡ ᠠᠵᠢᠯ ᠬᠢᠵᠦ ᠪᠠᠢᠭᠰᠠᠨ ᠶᠤᠮ᠃
  ᠬᠡᠳᠦ ᠬᠣᠨᠣᠭᠰᠠᠨ ᠤ᠋ ᠳᠠᠷᠠᠭ᠎ᠠ ᠨᠠᠢᠳᠠᠯᠭ᠎ᠠ ᠲᠠᠢ ᠲᠣᠮᠣ ᠬᠡᠦᠬᠡᠳ ᠢ᠋ᠶ᠋ᠡᠨ ᠴᠤᠭᠯᠠᠷᠠᠭᠤᠯᠤᠨ ᠬᠦᠷᠢᠶᠡᠨ ᠦ᠌ ᠪᠠᠨᠲᠠᠢ ᠨᠠᠷ ᠲᠠᠢ ᠲᠠᠨᠢᠯᠴᠠᠭᠤᠯᠤᠨ ᠨᠠᠢᠵᠠᠯᠠᠭᠤᠯᠬᠤ ᠪᠠᠷ ᠶᠠᠪᠤᠭᠤᠯᠬᠤ ᠳ᠋ᠠᠭᠠᠨ 《ᠲᠠ ᠨᠠᠷ ᠤᠷᠢᠳᠠᠪᠡᠷ ᠰᠠᠢᠬᠠᠨ ᠲᠠᠨᠢᠯᠴᠠ᠂ ᠰᠤᠷᠭᠠᠭᠤᠯᠢ ᠳᠡᠭᠡᠭᠦᠷ ᠢ᠋ᠶ᠋ᠡᠨ ᠠᠪᠴᠢᠷᠠᠵᠤ ᠲᠣᠭᠯᠠᠵᠤ ᠪᠠᠢ᠃ ᠬᠣᠭᠣᠯᠠ ᠢᠳᠡᠭᠦᠯᠵᠦ ᠳᠠᠢᠯᠠᠵᠤ ᠪᠣᠯᠤᠨ᠎ᠠ᠃ ᠨᠠᠳᠠ ᠲᠠᠢ ᠠᠭᠤᠯᠵᠠᠭᠤᠯ》 ᠭᠡᠵᠦ ᠵᠢᠭᠠᠪᠤᠷᠢᠯᠠᠪᠠ᠃
  ᠣᠷᠣᠢ ᠨᠢ ᠶᠠᠪᠤᠭᠰᠠᠨ ᠬᠡᠦᠬᠡᠳ ᠦ᠋ᠳ ᠦ᠋ᠨ ᠶᠡᠬᠡᠩᠬᠢ ᠨᠢ ᠪᠠᠨᠳᠢ ᠨᠠᠷ ᠲᠤ᠌ ᠬᠠᠪᠰᠠᠢᠳᠠᠭᠤᠯᠤᠨ ᠪᠠᠯᠪᠠᠭᠤᠯᠤᠭᠠᠳ ᠡᠨᠳᠡ ᠲᠡᠨᠳᠡ ᠪᠡᠨ ᠬᠥᠬᠡ ᠨᠢᠴᠠ ᠪᠣᠯᠤᠨ ᠢᠷᠡᠵᠡᠢ᠃ ᠬᠠᠷᠢᠨ ᠳᠥᠷᠪᠡᠨ ᠬᠡᠦᠬᠡᠳ ᠨᠤᠲᠤᠭ ᠤ᠋ᠨ ᠢ᠋ᠶ᠋ᠠᠨ ᠬᠡᠦᠬᠡᠳ ᠢ᠋ ᠣᠯᠵᠤ ᠠᠭᠤᠯᠵᠠᠭᠠᠳ ᠬᠡᠵᠢᠶ᠎ᠡ ᠨᠢᠭᠡᠨ ᠴᠠᠭ ᠲᠤ᠌ ᠰᠤᠷᠭᠠᠭᠤᠯᠢ ᠳᠡᠭᠡᠷ᠎ᠡ ᠣᠴᠢᠵᠤ ᠬᠣᠭᠣᠯᠠ ᠢᠳᠡᠬᠦ ᠶ᠋ᠢ ᠤᠷᠢᠭᠰᠠᠨ ᠪᠠᠢᠯ᠎ᠠ᠃
  ᠵᠣᠳᠣᠭᠤᠯᠤᠭᠰᠠᠨ ᠬᠡᠦᠬᠡᠳ ᠦ᠋ᠨ ᠨᠢᠭᠡ ᠨᠢ᠄ 《ᠪᠢ ᠨᠢᠭᠡ ᠬᠡᠦᠬᠡᠳ ᠲᠡᠢ ᠠᠭᠤᠯᠵᠠᠭᠠᠳ ᠠᠶᠠᠲᠠᠢᠬᠠᠨ ᠲᠣᠭᠯᠠᠵᠤ ᠪᠠᠢᠲᠠᠯ᠎ᠠ ᠨᠢᠭᠡ ᠲᠣᠮᠣ ᠯᠠᠮᠠ ᠢᠷᠡᠭᠡᠳ 〈ᠴᠢ ᠡᠨᠳᠡ ᠶᠠᠭᠤ ᠬᠢᠵᠦ ᠪᠠᠢᠭ᠎ᠠ ᠶᠤᠮ ᠪᠣᠢ᠃ ᠬᠠᠷᠢᠵᠤ ᠨᠣᠮ ᠢ᠋ᠶ᠋ᠠᠨ ᠦᠵᠡ〉 ᠭᠡᠳ ᠨᠥᠭᠦᠭᠡ ᠪᠠᠨᠳᠢ ᠶ᠋ᠢ ᠰᠢᠭᠤᠳ ᠪᠠᠷᠢᠵᠤ ᠠᠪᠤᠭᠠᠳ ᠴᠢᠷᠪᠡ᠃ ᠬᠥᠮᠦᠨ ᠵᠣᠳᠣᠬᠤ ᠪᠣᠯ ᠬᠠᠷᠭᠢᠰ ᠵᠠᠰᠠᠭ ᠤ᠋ᠨ ᠶᠣᠰᠣ᠂ ᠲᠠ ᠶᠠᠭᠠᠬᠢᠭᠰᠠᠨ ᠵᠠᠳᠠᠷᠠᠭᠰᠠᠨ ᠯᠠᠮᠠ ᠪᠣᠢ᠃ ᠱᠣᠷᠣᠩ ᠳ᠋ᠤ᠌ ᠬᠢᠨ᠎ᠡ ᠰᠢᠦ ᠭᠡᠵᠦ ᠪᠢ ᠬᠡᠯᠡᠪᠡ᠃ ᠯᠠᠮᠠ ᠶᠠᠭᠤ ᠴᠤ᠌ ᠳᠤᠤᠭᠠᠷᠤᠯ ᠦᠭᠡᠢ ᠴᠢᠷᠴᠦ ᠶᠠᠪᠤᠭᠰᠠᠨ ᠪᠠᠨᠳᠢ ᠪᠠᠨ ᠣᠷᠬᠢᠭᠠᠳ ᠶᠠᠪᠤᠯ᠎ᠠ᠃ ᠭᠡᠲᠡᠯ᠎ᠡ ᠤᠳᠠᠯ ᠦᠭᠡᠢ ᠳᠥᠷᠪᠡᠨ ᠲᠣᠮᠣ ᠪᠠᠨᠲᠠᠢ ᠢᠷᠡᠭᠡᠳ ᠨᠠᠮᠠᠶ᠋ᠢ ᠵᠣᠯ ᠲᠠᠢ ᠯᠠ ᠠᠯᠠᠴᠢᠬᠠᠭᠰᠠᠨ ᠦᠭᠡᠢ᠃ ᠪᠢ ᠯᠡ ᠳᠠᠭᠢᠵᠤ ᠣᠴᠢᠬᠤ ᠦᠭᠡᠢ》 ᠭᠡᠳ ᠤᠬᠢᠯᠠᠵᠤ ᠪᠠᠢᠪᠠ᠃
  《ᠪᠠᠨᠳᠢ ᠨᠠᠷ ᠢ᠋ ᠬᠠᠷ᠎ᠠ ᠪᠣᠯᠭᠠᠵᠤ ᠰᠤᠷᠭᠠᠭᠤᠯᠢ ᠳ᠋ᠤ᠌ ᠣᠷᠣᠭᠤᠯᠬᠤ ᠭᠡᠳᠡᠭ ᠪᠣᠯ ᠬᠤᠪᠢᠰᠬᠠᠯ ᠤ᠋ᠨ ᠴᠢᠬᠤᠯᠠ ᠠᠵᠢᠯ᠃ ᠲᠠ ᠨᠠᠷ ᠴᠥᠬᠥᠷᠡᠬᠦ ᠦᠭᠡᠢ ᠶᠠᠪᠤᠬᠤ ᠪᠣᠯᠤᠨ᠎ᠠ᠃ ᠠᠩᠭᠢ ᠶ᠋ᠢᠨ ᠲᠡᠮᠡᠴᠡᠯ ᠪᠣᠯ ᠵᠣᠷᠢᠭ᠂ ᠲᠡᠪᠴᠢᠶᠡᠷᠢ ᠬᠡᠷᠡᠭ ᠲᠡᠢ ᠶᠠᠭ ᠦᠭᠡᠢ ᠠᠵᠢᠯ》 ᠭᠡᠵᠦ ᠪᠠᠲᠤ ᠶ᠋ᠢᠨ ᠶᠠᠷᠢᠬᠤ ᠳ᠋ᠤ᠌ ᠨᠢᠭᠡ ᠱᠠᠪᠢ ᠨᠢ ᠠᠩᠭᠢ ᠶ᠋ᠢᠨ ᠲᠡᠮᠡᠴᠡᠯ ᠦ᠋ᠨ ᠲᠤᠬᠠᠢ ᠠᠰᠠᠭᠤᠵᠤ ᠪᠢᠯᠡ᠃
  ᠊᠊᠊᠊᠊᠊᠊᠊᠊᠊᠊᠊᠊᠊᠊ ᠨᠢᠭᠡᠨ ᠲᠠᠯ᠎ᠠ ᠡᠴᠡ ᠠᠷᠠᠳ ᠲᠦᠮᠡᠨ ᠪᠢᠳᠡ ᠨᠠᠷ ᠨᠥᠭᠦᠭᠡ ᠲᠠᠯ᠎ᠠ ᠡᠴᠡ ᠨᠣᠶᠠᠳ᠂ ᠲᠠᠢᠵᠢ ᠯᠠᠮᠠ ᠨᠠᠷ ᠲᠡᠮᠡᠴᠡᠵᠦ ᠪᠠᠢᠭ᠎ᠠ ᠶ᠋ᠢ ᠠᠩᠭᠢ ᠶ᠋ᠢᠨ ᠲᠡᠮᠡᠴᠡᠯ ᠭᠡᠳᠡᠭ ᠶᠤᠮ ᠭᠡᠵᠦ ᠪᠠᠲᠤ ᠬᠡᠯᠡᠪᠡ᠃
  ᠊᠊᠊᠊᠊᠊᠊᠊᠊᠊᠊᠊᠊᠊᠊ ᠥᠩᠭᠡᠷᠡᠭᠰᠡᠨ ᠵᠢᠯ ᠬᠦᠷᠢᠶᠡᠨ ᠦ᠌ ᠳᠤᠭᠠᠩᠴᠢ ᠮᠠᠢᠳᠠᠷ᠂ ᠮᠠᠨ ᠤ᠋ ᠨᠤᠲᠤᠭ ᠤ᠋ᠨ ᠭᠣᠨᠴᠣᠭ ᠵᠠᠭᠠᠨ ᠬᠣᠶᠠᠷ ᠪᠠᠷᠢᠯᠳᠤᠭᠰᠠᠨ ᠪᠣᠯ ᠠᠩᠭᠢ ᠶ᠋ᠢᠨ ᠲᠡᠮᠡᠴᠡᠯ ᠲᠡᠢᠮᠦ ᠤᠤ? ᠭᠣᠨᠴᠣᠭ ᠭᠤᠸᠠᠢ ᠴᠤ᠌ ᠬᠠᠷᠢᠨ ᠰᠠᠢᠬᠠᠨ ᠲᠣᠩᠭᠣᠷᠠᠭᠰᠠᠨ ᠳᠠ ᠭᠡᠵᠦ ᠨᠢᠭᠡ ᠬᠡᠦᠬᠡᠳ ᠬᠡᠯᠡᠪᠡ᠃
  ᠨᠡᠯᠢᠶᠡᠳ ᠶᠠᠷᠢᠯᠴᠠᠭᠰᠠᠨ ᠤ᠋ ᠡᠴᠦᠰ ᠲᠦ᠍ ᠠᠩᠭᠢ ᠶ᠋ᠢᠨ ᠲᠡᠮᠡᠴᠡᠯ ᠪᠣᠯ ᠨᠢᠭᠡ ᠲᠠᠯ᠎ᠠ ᠡᠴᠡ ᠨᠣᠶᠠᠳ᠂ ᠲᠠᠢᠵᠢ᠂ ᠯᠠᠮᠠ ᠨᠠᠷ ᠢ᠋ ᠨᠥᠭᠦᠭᠡ ᠲᠠᠯ᠎ᠠ ᠡᠴᠡ ᠠᠷᠠᠳ ᠬᠠᠷᠠᠴᠤᠤᠯ ᠵᠣᠳᠣᠯᠳᠤᠬᠤ᠂ ᠬᠡᠷᠡᠯᠳᠦᠬᠦ᠂ ᠪᠠᠷᠢᠯᠳᠤᠬᠤ᠂ ᠪᠠᠰᠠ ᠬᠡᠦᠬᠡᠳ ᠪᠤᠯᠢᠶᠠᠯᠳᠤᠬᠤ ᠵᠡᠷᠭᠡ ᠶ᠋ᠢ ᠬᠡᠯᠡᠳᠡᠭ ᠭᠡᠵᠦ ᠬᠡᠦᠬᠡᠳ ᠦ᠋ᠳ ᠣᠢᠯᠠᠭᠠᠵᠤ ᠪᠢᠯᠡ᠃
  ᠬᠣᠶᠠᠷ ᠡᠳᠦᠷ ᠦ᠋ᠨ ᠳᠠᠷᠠᠭ᠎ᠠ ᠰᠤᠷᠭᠠᠭᠤᠯᠢ ᠳᠡᠭᠡᠷ᠎ᠡ ᠨᠢᠭᠡ ᠪᠠᠨᠳᠢ ᠢᠷᠡᠭᠰᠡᠨ ᠢ᠋ ᠬᠥᠯ ᠪᠣᠯᠤᠨ ᠳᠠᠢᠯᠠᠵᠤ᠂ ᠪᠠᠲᠤ ᠥᠪᠡᠷ ᠢ᠋ᠶ᠋ᠡᠨ ᠠᠭᠤᠯᠵᠠᠨ ᠶᠠᠷᠢᠯᠴᠠᠵᠤ ᠰᠤᠷᠭᠠᠭᠤᠯᠢ ᠳ᠋ᠤ᠌ ᠣᠷᠣᠬᠤ ᠶ᠋ᠢ ᠵᠥᠪᠯᠡᠪᠡ᠃
  ᠊᠊᠊᠊᠊᠊᠊᠊᠊᠊᠊᠊᠊᠊᠊ ᠪᠢ ᠴᠦ᠍ ᠣᠷᠣᠮᠠᠷ ᠯᠠ ᠪᠠᠢᠨ᠎ᠠ᠃ ᠭᠠᠭᠴᠠ ᠬᠦ᠌ ᠠᠪᠤ ᠡᠴᠡ ᠪᠡᠨ ᠠᠶᠤᠵᠤ ᠪᠠᠢᠨ᠎ᠠ ᠭᠡᠵᠦ ᠲᠡᠷᠡ ᠪᠠᠨᠳᠢ ᠬᠡᠯᠡᠵᠡᠢ᠃
  ᠊᠊᠊᠊᠊᠊᠊᠊᠊᠊᠊᠊᠊᠊᠊ ᠴᠢ ᠲᠡᠭᠡᠪᠡᠯ ᠮᠠᠨ ᠤ᠋ ᠰᠤᠷᠭᠠᠭᠤᠯᠢ ᠳ᠋ᠤ᠌ ᠣᠷᠣ᠂ ᠪᠢ ᠠᠪᠤ ᠲᠠᠢ ᠴᠢᠨᠢ ᠶᠠᠷᠢᠭᠠᠳ ᠢᠷᠡᠶ᠎ᠡ ᠭᠡᠵᠦ ᠪᠠᠲᠤ ᠮᠣᠷᠳᠠᠵᠠᠢ᠃
  ᠲᠡᠷᠡ ᠪᠠᠨᠳᠢ ᠶ᠋ᠢᠨ ᠭᠡᠷ ᠲᠡᠳᠦᠢ ᠯᠡ ᠬᠣᠯᠠ ᠪᠢᠰᠢ ᠬᠣᠢᠲᠤ ᠳᠡᠷᠡᠭᠡ ᠶ᠋ᠢᠨ ᠭᠣᠣᠯ ᠳ᠋ᠤ᠌ ᠪᠠᠢᠭᠰᠠᠨ ᠪᠣᠯᠬᠣᠷ ᠨᠠᠷᠠ ᠵᠢᠷᠭᠠᠬᠤ ᠶ᠋ᠢᠨ ᠡᠮᠦᠨ᠎ᠡ ᠪᠠᠲᠤ ᠣᠴᠢᠵᠤ ᠡᠴᠢᠭᠡ ᠲᠡᠢ ᠨᠢ ᠠᠭᠤᠯᠵᠠᠪᠠ᠃
  ᠪᠠᠨᠳᠢ ᠶ᠋ᠢᠨ ᠡᠴᠢᠭᠡ ᠳᠥᠴᠢ ᠡᠷᠬᠢᠮ ᠨᠠᠰᠤᠲᠠᠢ᠂ ᠰᠠᠷᠯᠤᠭ ᠭᠣᠣᠯᠳᠠᠭᠤ ᠴᠥᠭᠡᠨ ᠮᠠᠯ ᠲᠠᠢ ᠳ᠋ᠠᠠᠳᠠᠷ ᠭᠡᠭᠴᠢ ᠬᠥᠮᠦᠨ ᠪᠠᠢᠯ᠎ᠠ᠃ ᠪᠠᠨᠳᠢ ᠪᠣᠯ ᠭᠠᠭᠴᠠ ᠬᠦᠦ ᠨᠢ ᠪᠥᠭᠡᠳ ᠳᠡᠭᠦᠦ ᠨᠢ ᠳᠣᠯᠣᠭᠠᠨ ᠨᠠᠰᠤᠲᠠᠢ ᠥᠬᠢᠨ ᠪᠠᠢᠯ᠎ᠠ᠃
  ᠡᠬᠢᠯᠡᠭᠡᠳ ᠶᠠᠷᠢᠬᠤ ᠳ᠋ᠤ᠌ ᠦᠬᠦᠬᠦ ᠳ᠋ᠡᠭᠡᠨ ᠲᠣᠯᠣᠭᠠᠢ ᠳᠡᠭᠡᠷ᠎ᠡ ᠪᠡᠨ ᠢᠷᠦᠭᠡᠯ ᠤᠩᠰᠢᠭᠤᠯᠵᠤ ᠬᠤᠩᠬ᠎ᠠ ᠶ᠋ᠢᠨ ᠳᠠᠭᠤ ᠰᠣᠨᠣᠰᠬᠤ ᠭᠡᠵᠦ ᠯᠠᠮᠠ ᠪᠣᠯᠭᠠᠭᠰᠠᠨ ᠬᠦᠦ ᠪᠡᠨ ᠰᠤᠷᠭᠠᠭᠤᠯᠢ ᠳ᠋ᠤ᠌ ᠥᠭᠬᠦ ᠳᠤᠷ᠎ᠠ ᠦᠭᠡᠢ ᠭᠡᠳᠡᠭ ᠢ᠋ᠶ᠋ᠡᠨ ᠰᠢᠭᠤᠳ ᠬᠡᠯᠡᠵᠡᠢ᠃
  ᠊᠊᠊᠊᠊᠊᠊᠊᠊᠊᠊᠊᠊᠊᠊ ᠲᠠ ᠠᠷᠠᠳ ᠤ᠋ᠨ ᠵᠠᠰᠠᠭ ᠲᠤ᠌ ᠳᠤᠷ᠎ᠠ ᠦᠭᠡᠢ ᠬᠥᠮᠦᠨ ᠶᠤᠮ ᠳᠡ᠃
  ᠊᠊᠊᠊᠊᠊᠊᠊᠊᠊᠊᠊᠊᠊᠊ ᠲᠡᠷᠡ ᠶᠠᠷᠢᠬᠤ ᠦᠭᠡᠢ᠃ ᠪᠢ ᠬᠠᠮᠵᠢᠯᠭ᠎ᠠ ᠪᠠᠢᠭᠰᠠᠨ ᠬᠥᠮᠦᠨ᠃ ᠮᠠᠨ ᠤ᠋ ᠲᠠᠢᠵᠢ ᠭᠡᠵᠦ ᠠᠷᠢᠬᠢ᠂ ᠬᠡᠦᠬᠡᠨ᠂ ᠳᠠᠯᠤᠤ ᠭᠤᠷᠪᠠ ᠡᠴᠡ ᠪᠣᠯᠤᠭᠰᠠᠨ ᠨᠢᠭᠡ ᠵᠣᠯᠢᠭ ᠰᠢᠭ᠋ ᠠᠮᠢᠲᠠᠨ ᠪᠠᠢᠭᠰᠠᠨ᠃ ᠪᠠᠢᠭᠰᠠᠨ ᠴᠤ᠌ ᠭᠡᠵᠦ ᠳᠡ᠃ ᠣᠳᠣ ᠡᠨᠡ ᠳᠡᠭᠡᠷ᠎ᠡ ᠭᠣᠶᠣᠯᠭ᠎ᠠ ᠰᠢᠬᠠᠭᠠᠳ ᠪᠠᠢᠵᠤ ᠪᠠᠢᠬ᠎ᠠ᠃ ᠲᠡᠭᠦᠨ ᠦ᠌ ᠥᠷᠢ ᠶ᠋ᠢ ᠲᠥᠯᠥᠬᠦ ᠭᠡᠵᠦ ᠮᠣᠳᠣ ᠪᠠᠨ ᠪᠠᠷᠢᠭᠰᠠᠨ ᠤᠯᠤᠰ ᠳᠠ᠃ ᠠᠷᠠᠳ ᠤ᠋ᠨ ᠵᠠᠰᠠᠭ ᠤ᠋ᠨ ᠠᠴᠢ ᠪᠠᠷ ᠲᠡᠭᠦᠨ ᠦ᠌ ᠭᠠᠷ ᠡᠴᠡ ᠰᠠᠯᠵᠤ ᠣᠳᠣ ᠬᠡᠳᠦᠨ ᠰᠠᠷᠯᠤᠭ ᠲᠠᠢ ᠪᠣᠯᠤᠭᠠᠳ ᠶᠠᠭᠤ ᠴᠤ᠌ ᠭᠡᠰᠡᠨ ᠲᠠᠷᠠᠭ᠂ ᠥᠷᠥᠮ᠎ᠡ ᠭᠤᠶᠤᠬᠤ ᠦᠭᠡᠢ ᠪᠣᠯᠤᠭᠠᠳ ᠪᠠᠢᠨ᠎ᠠ᠃ ᠡᠨᠡ ᠪᠣᠯ ᠲᠥᠷᠥ ᠶ᠋ᠢᠨ ᠮᠢᠨᠢ ᠰᠦᠯᠳᠡ᠃
  ᠊᠊᠊᠊᠊᠊᠊᠊᠊᠊᠊᠊᠊᠊᠊ ᠲᠡᠭᠡᠪᠡᠯ ᠲᠠᠨ ᠡᠴᠡ ᠠᠷᠠᠳ ᠤ᠋ᠨ ᠵᠠᠰᠠᠭ ᠬᠦᠦ ᠶ᠋ᠢ ᠴᠢᠨᠢ ᠭᠤᠶᠤᠵᠤ ᠪᠠᠢᠨ᠎ᠠ᠃ ᠨᠣᠮ ᠡᠷᠳᠡᠮ ᠳ᠋ᠦ᠍ ᠰᠤᠷᠭᠠᠵᠤ ᠥᠭᠭᠦᠶ᠎ᠡ ᠭᠡᠵᠦ ᠪᠠᠢᠨ᠎ᠠ᠃
  ᠊᠊᠊᠊᠊᠊᠊᠊᠊᠊᠊᠊᠊᠊᠊ ᠪᠢ ᠡᠨᠡ ᠵᠠᠰᠠᠭ ᠲᠤ᠌ ᠭᠠᠭᠴᠠ ᠬᠦᠦ ᠪᠡᠨ ᠬᠠᠷᠠᠮᠨᠠᠬᠤ ᠦᠭᠡᠢ᠂ ᠵᠦᠭᠡᠷ ᠨᠢᠳᠦ ᠠᠨᠢᠬᠤ ᠳ᠋ᠠᠭᠠᠨ ᠬᠤᠩᠬ᠎ᠠ ᠶ᠋ᠢᠨ ᠳᠠᠭᠤ ᠰᠣᠨᠣᠰᠬᠤ ᠭᠡᠰᠡᠨ ᠶᠤᠮ ᠰᠠᠨ᠃
  ᠊᠊᠊᠊᠊᠊᠊᠊᠊᠊᠊᠊᠊᠊᠊ ᠲᠠ ᠨᠢᠳᠦ ᠠᠨᠢᠲᠠᠯ᠎ᠠ ᠬᠠᠮᠢᠭ᠎ᠠ ᠪᠠᠢᠭᠰᠠᠨ ᠶᠤᠮ ᠪᠣᠢ᠃ ᠬᠠᠷᠢᠨ ᠮᠠᠨ ᠤ᠋ ᠵᠠᠰᠠᠭ ᠲᠤ᠌ ᠡᠷᠳᠡᠮ ᠨᠣᠮ ᠲᠠᠢ ᠬᠥᠮᠦᠨ ᠲᠤᠩ ᠬᠡᠷᠡᠭ ᠲᠡᠢ ᠪᠠᠢᠨ᠎ᠠ᠃ ᠵᠠ ᠶᠠᠭᠤ ᠴᠤ᠌ ᠭᠡᠰᠡᠨ ᠪᠢ ᠬᠦᠦ ᠶ᠋ᠢ ᠴᠢᠨᠢ ᠰᠤᠷᠭᠠᠭᠤᠯᠢ ᠳ᠋ᠤ᠌ ᠠᠪᠤᠯ᠎ᠠ ᠭᠡᠳ ᠪᠠᠲᠤ ᠰᠢᠭᠤᠳ ᠪᠤᠴᠠᠭᠰᠠᠨ ᠪᠢᠯᠡ᠃
  ᠡᠨᠡ ᠮᠡᠲᠦ ᠪᠡᠷ ᠴᠤᠭᠯᠠᠭᠤᠯᠤᠭᠰᠠᠭᠠᠷ ᠪᠠᠢᠭᠠᠳ ᠳᠥᠴᠢᠨ ᠬᠣᠶᠠᠷ ᠬᠡᠦᠬᠡᠳ ᠲᠡᠢ ᠪᠣᠯᠵᠠᠢ᠃ ᠭᠡᠲᠡᠯ᠎ᠡ ᠬᠦᠷᠢᠶᠡᠨ ᠦ᠌ ᠯᠠᠮᠠ ᠨᠠᠷ ᠢ᠋ᠶ᠋ᠠᠨ ᠰᠤᠷᠭᠠᠭᠤᠯᠢ ᠶ᠋ᠢᠨ ᠬᠡᠦᠬᠡᠳ ᠲᠡᠢ ᠠᠭᠤᠯᠵᠠᠭᠤᠯᠬᠤ ᠦᠭᠡᠢ ᠪᠣᠯᠤᠭᠰᠠᠨ ᠢ᠋ᠶ᠋ᠠᠷ ᠪᠠᠷᠠᠬᠤ ᠦᠭᠡᠢ ᠰᠤᠷᠭᠠᠭᠤᠯᠢ ᠳ᠋ᠤ᠌ ᠬᠡᠳᠦᠨ ᠪᠠᠨᠳᠢ ᠨᠠᠷ ᠢ᠋ᠶ᠋ᠠᠨ ᠠᠯᠳᠠᠭᠰᠠᠨ ᠤ᠋ ᠬᠠᠷᠢᠭᠤ ᠶ᠋ᠢ ᠠᠪᠬᠤ ᠭᠡᠵᠦ ᠪᠠᠲᠤ ᠵᠢᠷᠭᠠᠯ ᠬᠣᠶᠠᠷ ᠲᠤ᠌ ᠦᠯᠡᠮᠵᠢ ᠭᠠᠢ ᠲᠠᠷᠢᠭᠰᠠᠨ ᠪᠢᠯᠡ᠃