1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-23

1144

《ᠠᠷᠠᠤᠨ ᠲᠦᠮᠡᠨ ᠢ ᠬᠠᠷᠠᠳᠠᠵᠤ ᠪᠠᠢ᠌ᠭ᠎ᠠ》 - ᠲᠦᠷᠪᠡᠳᠦᠭᠡᠷ ᠪᠦᠯᠦᠭ ᠠᠷᠪᠠᠨ ᠭᠤᠷᠪᠠ

   ᠳᠥᠩᠭᠡᠵᠢ ᠬᠠᠪᠤᠷᠵᠢᠶᠠᠨ ᠳ᠋ᠠᠭᠠᠨ ᠪᠠᠭᠤᠭᠰᠠᠨ ᠠᠢᠯ ᠳ᠋ᠤ᠌ ᠴᠥᠮ ᠬᠥᠲᠥᠯᠦᠭᠡ ᠮᠣᠷᠢ ᠲᠠᠢ ᠳᠥᠷᠪᠡᠨ ᠬᠥᠮᠦᠨ ᠢᠷᠡᠵᠦ ᠪᠠᠭᠤᠪᠠ᠃ ᠲᠡᠳᠡᠨ ᠦ᠌ ᠳᠣᠲᠣᠷ᠎ᠠ ᠮᠣᠳᠣᠨ ᠬᠤᠢ ᠲᠠᠢ ᠰᠸᠯᠠᠢ᠌ᠳᠠᠢ ᠫᠤᠤ ᠵᠡᠭᠦᠵᠦ᠂ ᠬᠦᠷᠡᠩ ᠲᠣᠷᠭᠠᠨ ᠳᠡᠪᠡᠯ ᠳᠡᠭᠡᠷ᠎ᠡ ᠰᠢᠷ᠎ᠠ ᠭᠢᠷᠠᠭ ᠣᠷᠢᠶᠠᠭᠰᠠᠨ ᠡᠷ᠎ᠡ ᠪᠠᠢᠭᠰᠠᠨ ᠨᠢ ᠨᠥᠭᠦᠭᠡ ᠲᠦᠭᠵᠢᠯ ᠭᠠᠢᠬᠠᠯ ᠪᠠᠢᠯ᠎ᠠ᠃
   ᠡᠨᠡ ᠪᠣᠯ ᠰᠣᠳᠨᠠᠮ ᠤ᠋ᠨ ᠬᠢ ᠪᠠᠢᠭᠰᠠᠨ ᠪᠥᠭᠡᠳ 《ᠪᠢᠳᠡᠨ ᠢ᠋ ᠬᠠᠮᠪᠤ ᠪᠠᠭᠰᠢ ᠶᠠᠪᠤᠭᠤᠯᠤᠭᠰᠠᠨ》 ᠭᠡᠵᠦ ᠢᠷᠡᠭᠰᠡᠳ ᠦ᠋ᠨ ᠨᠢᠭᠡᠨ ᠦ᠌ ᠬᠡᠯᠡᠭᠰᠡᠨ ᠢ᠋ ᠰᠣᠨᠣᠰᠤᠮᠠᠭᠴᠠ ᠰᠣᠳᠨᠠᠮ ᠬᠥᠯ ᠠᠯᠲᠠᠨ ᠲᠠᠷᠭᠤᠨ ᠮᠢᠬ᠎ᠠ ᠴᠢᠨᠠᠪᠠ᠃
   ᠊᠊᠊᠊᠊᠊᠊᠊᠊᠊᠊᠊᠊᠊᠊ ᠳᠥᠷᠥᠭᠡ ᠴᠢᠩᠭ᠋ᠠᠯᠠᠠᠠᠤ ᠶᠠᠭᠤᠮ᠎ᠠ ᠪᠣᠢ ᠤᠤ? ᠭᠡᠵᠦ ᠢᠷᠡᠭᠰᠡᠳ ᠦ᠋ᠨ ᠨᠢᠭᠡᠨ ᠨᠢ ᠬᠡᠯᠡᠪᠡ᠃
   ᠊᠊᠊᠊᠊᠊᠊᠊᠊᠊᠊᠊᠊᠊᠊ ᠮᠠᠷᠲᠠᠵᠤ ᠣᠷᠬᠢᠵᠠᠢ ᠭᠡᠳ ᠰᠣᠳᠨᠠᠮ ᠠᠪᠳᠠᠷ᠎ᠠ ᠡᠴᠡ ᠪᠡᠨ ᠮᠣᠷᠢᠨ ᠰᠢᠯ ᠠᠷᠠᠵᠠ ᠭᠠᠷᠭᠠᠵᠤ ᠬᠠᠯᠠᠭᠠᠯᠭᠠᠨ ᠥᠭᠪᠡ᠃ ᠮᠣᠷᠢᠨ ᠰᠢᠯ ᠴᠢᠩᠭ᠎ᠠ ᠠᠷᠠᠵᠠ ᠳ᠋ᠤ᠌ ᠬᠠᠯᠠᠵᠤ᠂ ᠠᠮᠠ ᠨᠢ ᠴᠣᠭᠣᠷᠣᠭᠰᠠᠨ ᠬᠥᠮᠦᠰ ᠶᠠᠷᠢᠵᠤ ᠭᠠᠷᠤᠯ᠎ᠠ᠃
   ᠮᠠᠷᠭᠠᠰᠢ ᠥᠷᠯᠥᠭᠡ ᠠᠷᠠᠳ ᠤ᠋ᠨ ᠵᠠᠰᠠᠭ ᠪᠣᠯᠤᠨ ᠬᠠᠮᠲᠤᠷᠠᠯ ᠢ᠋ ᠦᠨᠡᠰᠦᠨ ᠲᠣᠪᠷᠠᠭ ᠪᠣᠯᠭᠠᠠᠠᠤ ᠶᠡᠬᠡ ᠲᠡᠢᠨ ᠪᠦᠬᠦ ᠮᠣᠩᠭᠣᠯ ᠣᠷᠣᠨ ᠳᠠᠶᠠᠭᠠᠷ ᠡᠬᠢᠯᠡᠬᠦ ᠲᠤᠬᠠᠢ ᠲᠡᠳᠡ ᠨᠠᠷ ᠠᠮᠠ ᠪᠤᠯᠢᠶᠠᠯᠳᠤᠨ ᠦᠯᠡᠮᠵᠢ ᠲᠦᠷᠢᠮᠡᠬᠡᠢ ᠶᠠᠷᠢᠯ᠎ᠠ᠃
   ᠊᠊᠊᠊᠊᠊᠊᠊᠊᠊᠊᠊᠊᠊᠊ ᠠᠷᠠᠳ ᠤ᠋ᠨ ᠵᠠᠰᠠᠭ ᠤ᠋ᠨ ᠴᠠᠭ ᠨᠢ ᠭᠦᠢᠴᠡᠭᠰᠡᠨ ᠭᠡᠵᠦ ᠪᠠᠨᠴᠢᠨ ᠪᠣᠭᠳᠠ ᠯᠦᠨᠲᠦᠩ ᠪᠠᠭᠤᠯᠭᠠᠭᠰᠠᠨ ᠭᠡᠵᠦ ᠨᠢᠭᠡ ᠨᠢ ᠬᠡᠯᠡᠬᠦ ᠳ᠋ᠦ᠍ 《ᠪᠢᠳᠡ ᠥᠨᠥ ᠰᠥᠨᠢ ᠬᠠᠮᠪᠤ ᠪᠠᠭᠰᠢ ᠶ᠋ᠢᠨ ᠵᠠᠷᠯᠢᠭ ᠢ᠋ᠶ᠋ᠠᠷ ᠤᠯᠠᠭᠠᠨ ᠤ᠋ ᠬᠢᠨ ᠦ᠌ ᠰᠤᠮᠤ ᠶ᠋ᠢᠨ ᠳᠠᠷᠤᠭ᠎ᠠ ᠳᠣᠷᠵᠢ᠂ ᠬᠠᠮᠲᠤᠷᠠᠯ ᠤ᠋ᠨ ᠨᠢᠭᠲᠠᠯᠠᠨ ᠪᠣᠳᠤᠠᠠᠤ ᠡᠷᠳᠡᠨᠢ᠂ ᠪᠠᠰᠠ ᠪᠤᠰᠤ ᠬᠡᠳᠦᠨ ᠬᠥᠮᠦᠨ ᠦ᠌ ᠪᠣᠳᠢ ᠶ᠋ᠢ ᠬᠥᠲᠥᠯᠦᠨ᠎ᠡ》 ᠭᠡᠵᠦ ᠦᠯᠡᠮᠵᠢ ᠰᠣᠭᠲᠣᠭᠰᠠᠨ ᠲᠦᠭᠵᠢᠯ ᠴᠤᠯᠴᠠᠷᠠᠨ ᠬᠡᠯᠡᠪᠡ᠃
   ᠲᠤᠯᠭᠠᠷ ᠤ᠋ᠨ ᠴᠢᠷᠠᠢ ᠦᠨᠡᠰᠦ ᠰᠢᠭ ᠬᠥᠬᠡ ᠪᠣᠯᠤᠭᠰᠠᠨ ᠢ᠋ᠶ᠋ᠠᠨ ᠡᠷᠡᠰ ᠡᠷᠭᠢᠵᠦ ᠰᠢᠭᠤᠳ ᠭᠠᠷᠤᠭᠠᠳ ᠤᠶᠠᠭᠠᠨ ᠳᠡᠭᠡᠷ᠎ᠡ ᠪᠠᠢᠭᠰᠠᠨ ᠮᠣᠷᠢᠳ ᠠ᠋ᠴᠠ ᠬᠠᠮᠤᠭ ᠤ᠋ᠨ ᠳᠥᠮᠥᠭ ᠢ᠋ ᠨᠢ ᠤᠨᠤᠭᠠᠳ ᠳᠠᠪᠬᠢᠯ᠎ᠠ᠃
   ᠮᠣᠷᠢᠨ ᠲᠦᠪᠡᠷᠭᠡᠨ ᠦ᠌ ᠴᠢᠮᠡᠭᠡ ᠪᠡᠷ ᠬᠡᠷᠡᠭ ᠪᠢᠰᠢ ᠪᠣᠯᠤᠭᠰᠠᠨ ᠤ᠋ ᠰᠡᠵᠢᠭ ᠠᠪᠤᠭᠰᠠᠨ ᠢᠷᠡᠭᠰᠡᠳ ᠭᠡᠷ ᠡᠴᠡ ᠴᠤᠪᠤᠷᠠᠯᠳᠤᠨ ᠭᠦᠶᠦᠵᠦ ᠭᠠᠷᠤᠯ᠎ᠠ᠃ ᠲᠤᠯᠭᠠᠷ ᠮᠣᠷᠢ ᠪᠠᠨ ᠲᠠᠰᠢᠭᠤᠷᠳᠠᠨ ᠪᠠᠷᠠᠭᠤᠨ ᠡᠮᠦᠨ᠎ᠡ ᠵᠦᠭ ᠬᠤᠷᠳᠤᠯᠠᠵᠤ ᠪᠠᠢᠯ᠎ᠠ᠃
   ᠊᠊᠊᠊᠊᠊᠊᠊᠊᠊᠊᠊᠊᠊᠊ ᠰᠤᠮᠤ ᠤᠷᠤᠭᠤ ᠶᠠᠪᠤᠯ᠎ᠠ᠃ ᠫᠤᠤᠳᠠᠭᠠᠴᠢ᠃
   ᠲᠦᠭᠵᠢᠯ ᠰᠸᠯᠠᠢ᠌ᠳᠠᠢ ᠪᠠᠨ ᠠᠪᠴᠤ ᠨᠢᠭᠡ ᠫᠤᠤᠳᠠᠭᠠᠳ ᠳᠠᠬᠢᠵᠤ ᠫᠣᠤᠳᠠᠠᠠᠤ ᠭᠡᠲᠡᠯ᠎ᠡ ᠰᠣᠳᠨᠠᠮ ᠭᠠᠷ ᠠ᠋ᠴᠠ ᠨᠢ ᠪᠠᠷᠢᠵᠤ ᠠᠪᠤᠯ᠎ᠠ᠃
   ᠊᠊᠊᠊᠊᠊᠊᠊᠊᠊᠊᠊᠊᠊᠊ ᠮᠢᠨᠦ ᠡᠬᠡᠨᠡᠷ᠂ ᠪᠢᠲᠡᠭᠡᠢ ᠫᠤᠤᠳᠠᠭᠠᠴᠢ᠃ ᠠᠯᠠᠴᠢᠬᠠᠪᠠᠯ ᠶᠠᠭᠠᠬᠢᠨ᠎ᠠ᠃
   ᠊᠊᠊᠊᠊᠊᠊᠊᠊᠊᠊᠊᠊᠊᠊ ᠪᠤᠰᠢᠭᠤᠬᠠᠨ ᠮᠣᠷᠳᠠᠭᠠᠴᠢ᠂ ᠬᠥᠭᠡᠭᠡᠭᠡᠴᠢ᠃ ᠲᠦᠭᠵᠢᠯ ᠢ᠋ ᠤᠶᠠᠭ᠎ᠠ ᠤᠷᠤᠭᠤ ᠶᠠᠪᠣᠠᠠᠤ ᠭᠡᠬᠦ ᠳ᠋ᠦ᠍ ᠨᠢ ᠰᠣᠳᠨᠠᠮ ᠵᠠᠭᠤᠷᠠᠨ ᠠᠪᠴᠤ ᠨᠣᠴᠣᠯᠳᠤᠨ 《ᠲᠠ ᠨᠠᠷ ᠶᠠᠭᠠᠬᠢᠵᠤ ᠪᠠᠢᠨ᠎ᠠ》 ᠭᠡᠵᠦ ᠠᠮᠢᠰᠬᠤᠭᠠᠳᠠᠨ᠎ᠠ᠃
   ᠊᠊᠊᠊᠊᠊᠊᠊᠊᠊᠊᠊᠊᠊᠊ ᠬᠠᠮᠤᠭ ᠬᠡᠷᠡᠭ ᠨᠤᠷᠠᠯ᠎ᠠ᠃ ᠪᠤᠰᠢᠭᠤᠯᠠ᠃
   ᠲᠦᠭᠵᠢᠯ ᠬᠦᠴᠦᠲᠡᠢ ᠢᠰᠬᠦᠯᠬᠦ ᠳ᠋ᠦ᠍ ᠰᠣᠳᠨᠠᠮ ᠭᠡᠳᠡᠷᠭᠦ ᠪᠡᠨ ᠤᠨᠠᠭᠰᠠᠨ ᠪᠣᠯᠪᠠᠴᠤ ᠳᠠᠬᠢᠨ ᠵᠠᠭᠤᠷᠠᠵᠤ ᠠᠪᠤᠯ᠎ᠠ᠃ ᠭᠡᠲᠡᠯ᠎ᠡ ᠫᠤᠤ ᠪᠠᠨ ᠭᠡᠳᠡᠰᠦᠨ ᠳ᠋ᠦ᠍ ᠨᠢ ᠲᠤᠯᠭᠠᠵᠤ ᠪᠠᠢᠭᠠᠳ ᠫᠤᠤᠳᠠᠵᠤ ᠤᠨᠠᠭᠠᠭᠠᠳ ᠮᠣᠷᠢ ᠪᠠᠨ ᠠᠪᠴᠤ ᠮᠣᠷᠳᠠᠨ ᠲᠤᠯᠭᠠᠷ ᠤ᠋ᠨ ᠬᠣᠢᠨ᠎ᠠ ᠠ᠋ᠴᠠ ᠬᠤᠷᠳᠤᠯᠠᠪᠠ᠃
   ᠡᠨᠡ ᠬᠥᠮᠦᠰ ᠰᠥᠨᠢ ᠶ᠋ᠢᠨ ᠬᠠᠷᠠᠩᠬᠤᠢ ᠪᠠᠷ ᠭᠡᠲᠡᠨ ᠣᠴᠢᠵᠤ ᠳᠣᠷᠵᠢ᠂ ᠡᠷᠳᠡᠨᠢ ᠵᠡᠷᠭᠡ ᠨᠡᠷ᠎ᠡ ᠪᠦᠬᠦᠢ ᠬᠡᠳᠦᠨ ᠬᠥᠮᠦᠰ ᠢ᠋ ᠪᠠᠷᠢᠵᠤ ᠠᠪᠤᠭᠠᠳ ᠰᠢᠭᠤᠳ ᠫᠤᠤᠳᠠᠵᠤ ᠠᠯᠠᠬᠤ ᠵᠠᠷᠯᠢᠭ ᠢ᠋ ᠬᠠᠮᠪᠤ ᠠ᠋ᠴᠠ ᠬᠦᠯᠢᠶᠡᠵᠦ ᠠᠪᠤᠭᠠᠳ ᠶᠠᠪᠤᠵᠤ ᠪᠠᠢᠭ᠎ᠠ ᠶᠤᠮ᠃ ᠭᠡᠲᠡᠯ᠎ᠡ ᠠᠷᠢᠬᠢᠨ ᠤ᠋ ᠬᠠᠯᠠᠭᠤᠨ ᠳ᠋ᠤ᠌ ᠴᠠᠯᠴᠢᠵᠤ ᠣᠷᠬᠢᠪᠠ᠃ ᠮᠠᠷᠭᠠᠰᠢ ᠥᠷᠯᠥᠭᠡᠨ ᠦ᠌ ᠨᠠᠷᠠᠨ ᠢ᠋ᠶ᠋ᠠᠷ ᠠᠷᠠᠳ ᠤ᠋ᠨ ᠵᠠᠰᠠᠭ ᠢ᠋ ᠡᠰᠡᠷᠭᠦᠴᠡᠭᠰᠡᠨ ᠲᠡᠢᠨ ᠬᠠᠮᠪᠤ ᠶ᠋ᠢᠨ ᠬᠡᠯᠡᠭᠰᠡᠨ ᠢ᠋ᠶ᠋ᠡᠷ ᠪᠦᠬᠦ ᠮᠣᠩᠭᠣᠯ ᠳ᠋ᠤ᠌ ᠭᠠᠷᠬᠤ ᠠᠵᠢ᠃ ᠬᠡᠯᠡᠬᠦ ᠦᠭᠡᠢ ᠶᠠᠭᠤᠮ᠎ᠠ ᠪᠠᠨ ᠬᠡᠯᠡᠭᠰᠡᠨ ᠡᠴᠡ ᠪᠣᠯᠵᠤ ᠲᠡᠷᠡ ᠲᠡᠢᠨ ᠦ᠌ ᠡᠮᠦᠨ᠎ᠡ ᠬᠢᠬᠦ ᠶᠣᠰᠣᠲᠠᠢ ᠶᠠᠭᠤᠮ᠎ᠠ ᠪᠠᠨ ᠪᠦᠲᠦᠭᠡᠵᠦ ᠴᠢᠳᠠᠠᠠᠤ ᠦᠭᠡᠢ ᠳ᠋ᠦ᠍ ᠬᠦᠷᠪᠡ᠃
   ᠲᠦᠭᠵᠢᠯ ᠮᠣᠷᠢᠨ ᠤ᠋ ᠳᠡᠯ ᠳ᠋ᠦ᠍ ᠬᠠᠴᠠᠷ ᠢ᠋ᠶ᠋ᠠᠨ ᠨᠠᠭᠠᠵᠤ ᠪᠠᠢᠨ ᠪᠠᠢᠨ ᠲᠠᠰᠢᠭᠤᠷᠳᠠᠨ ᠫᠤᠤ ᠪᠠᠨ ᠪᠡᠯᠡᠬᠡᠨ ᠪᠠᠷᠢᠨ ᠳᠠᠪᠬᠢᠨ᠎ᠠ᠃ ᠲᠤᠯᠭᠠᠷ ᠤᠶᠠᠭᠠᠨ ᠳᠡᠭᠡᠷ᠎ᠡ ᠡᠴᠡ ᠪᠡᠨ ᠣᠪᠣᠭ᠎ᠠ ᠮᠣᠷᠢ ᠠᠪᠴᠠᠢ᠃ ᠭᠡᠪᠡᠴᠦ ᠬᠠᠮᠤᠭ ᠤ᠋ᠨ ᠰᠠᠢᠨ ᠢ᠋ ᠣᠯᠵᠤ ᠴᠢᠳᠠᠭᠰᠠᠨ ᠦᠭᠡᠢ ᠪᠣᠯᠤᠯᠲᠠᠢ᠃ ᠤᠳᠠᠭᠠᠨ ᠪᠣᠯᠪᠠᠴᠤ ᠮᠥᠴᠡ ᠥᠩᠭᠡᠷᠡᠬᠦ ᠳᠣᠳᠣᠮ ᠵᠢᠭᠤᠲᠠᠵᠤ ᠶᠠᠪᠤᠭ᠎ᠠ ᠲᠤᠯᠭᠠᠷ ᠨᠡᠬᠡᠵᠦ ᠪᠠᠢᠭ᠎ᠠ ᠲᠦᠭᠵᠢᠯ ᠬᠣᠶᠠᠷ ᠤ᠋ᠨ ᠵᠠᠢ ᠣᠢᠷᠠᠲᠤᠨ᠎ᠠ᠃
   ᠰᠤᠮᠤ ᠬᠦᠷᠲᠡᠯ᠎ᠡ ᠤᠭ ᠨᠢ ᠶᠠᠭᠤᠮ᠎ᠠ ᠦᠭᠡᠢ ᠰᠠᠨ᠃ ᠬᠠᠭᠠᠰ ᠥᠷᠲᠡᠭᠡ ᠰᠢᠦ ᠳᠡ᠃ ᠲᠦᠭᠵᠢᠯ ᠬᠠᠶᠠ ᠬᠠᠶᠠ ᠫᠤᠤᠳᠠᠵᠤ ᠡᠬᠢᠯᠡᠪᠡ᠃
   《ᠮᠣᠷᠢ ᠮᠢᠨᠢ ᠪᠠᠭ᠎ᠠ ᠭᠠᠵᠠᠷ ᠦᠯᠡᠲᠡᠯ᠎ᠡ ᠰᠢᠦ ᠳᠡ᠃ ᠶᠠᠪᠤᠭᠠᠴᠢ ᠳᠠ》 ᠭᠡᠵᠦ ᠲᠤᠯᠭᠠᠷ ᠥᠭᠡᠯᠡᠨ ᠮᠣᠷᠢ ᠪᠠᠨ ᠲᠠᠰᠢᠭᠤᠷᠳᠠᠨ ᠪᠠᠢᠨ ᠪᠠᠢᠨ ᠡᠷᠭᠢᠵᠦ ᠬᠠᠷᠠᠨ᠎ᠠ᠃ ᠪᠠᠷᠠᠭᠤᠨ ᠳᠠᠯᠤ ᠶ᠋ᠢ ᠬᠠᠪᠰᠤᠷᠤᠨ ᠨᠢᠭᠡ ᠰᠤᠮᠤ ᠣᠨᠤᠠᠠᠤ ᠳ᠋ᠤ᠌ ᠲᠤᠯᠭᠠᠷ ᠵᠣᠯ ᠲᠠᠢ ᠯᠠ ᠮᠣᠷᠢᠨ ᠡᠴᠡ ᠪᠡᠨ ᠤᠨᠠᠭᠰᠠᠨ ᠦᠭᠡᠢ᠃ ᠰᠤᠮᠤ ᠶ᠋ᠢᠨ ᠵᠠᠬᠢᠷᠭᠠᠨ ᠤ᠋ ᠪᠠᠷ᠎ᠠ ᠬᠠᠷᠠᠭᠳᠠᠪᠠ᠃
   ᠲᠤᠯᠭᠠᠷ ᠤ᠋ᠨ ᠴᠢᠰᠤ ᠶᠠᠮᠠᠷ ᠴᠤ᠌ ᠬᠠᠭᠠᠯᠲᠠ ᠦᠭᠡᠢ ᠤᠷᠤᠰᠤᠨ ᠪᠦᠬᠦ ᠶᠠᠭᠤᠮ᠎ᠠ ᠨᠢ ᠤᠯᠠᠭᠠᠨ ᠪᠣᠯᠪᠠᠴᠤ ᠳᠠᠪᠬᠢᠭᠰᠠᠭᠠᠷ ᠪᠠᠢᠯ᠎ᠠ᠃ ᠳᠠᠬᠢᠨ ᠨᠢᠭᠡ ᠰᠤᠮᠤ ᠪᠦᠰᠡᠯᠡᠬᠦ ᠪᠡᠷ ᠨᠢ ᠣᠨᠣᠪᠠ᠃ ᠤᠬᠠᠭᠠᠨ ᠨᠢ ᠪᠠᠯᠠᠷᠲᠤᠨ ᠤᠷᠢᠳᠤ ᠪᠦᠭᠦᠷᠭᠡ ᠡᠴᠡ ᠪᠡᠨ ᠵᠠᠭᠤᠷᠠᠨ ᠪᠠᠷᠢᠵᠤ ᠠᠪᠤᠯ᠎ᠠ᠃
   ᠡᠨᠡ ᠦᠶ᠎ᠡ ᠳ᠋ᠦ᠍ ᠣᠷᠣᠢ ᠶ᠋ᠢᠨ ᠨᠠᠷᠠ ᠵᠢᠷᠭᠠᠵᠤ᠂ ᠠᠭᠤᠯᠠ ᠶ᠋ᠢᠨ ᠰᠡᠭᠦᠳᠡᠷ ᠬᠡᠦᠰᠢᠯᠡᠨ ᠪᠠᠢᠯ᠎ᠠ᠃ ᠫᠤᠤ ᠶ᠋ᠢᠨ ᠳᠠᠭᠤ ᠪᠠᠷ ᠰᠤᠮᠤ ᠶ᠋ᠢᠨ ᠲᠥᠪ ᠦ᠋ᠨ ᠬᠡᠳᠦᠨ ᠭᠡᠷ ᠡᠴᠡ ᠬᠥᠮᠦᠰ ᠭᠠᠷᠴᠤ ᠬᠥᠭᠡᠭᠡᠴᠡᠯᠳᠦᠨ ᠶᠠᠪᠤᠭ᠎ᠠ ᠬᠣᠶᠠᠷ ᠬᠥᠮᠦᠨ ᠢ᠋ ᠭᠠᠢᠬᠠᠨ ᠬᠠᠷᠠᠯ᠎ᠠ᠃ ᠭᠦᠢᠴᠡᠬᠦ ᠦᠭᠡᠢ ᠪᠣᠯᠤᠭᠰᠠᠨ ᠢ᠋ᠶ᠋ᠠᠨ ᠮᠡᠳᠡᠭᠡᠳ ᠲᠦᠭᠵᠢᠯ ᠤᠷᠮ᠎ᠠ ᠦᠭᠡᠢ ᠪᠡᠷ ᠮᠣᠷᠢᠨ ᠤ᠋ ᠠᠮᠠ ᠶᠢ ᠡᠷᠭᠢᠭᠦᠯᠦᠨ ᠬᠤᠷᠳᠤᠯᠠᠪᠠ᠃
   ᠭᠡᠵᠢᠭᠡ ᠨᠢ ᠵᠠᠳᠠᠷᠠᠨ ᠰᠡᠭᠰᠡᠢᠵᠦ᠂ ᠪᠦᠬᠦ ᠶᠠᠭᠤᠮ᠎ᠠ ᠨᠢ ᠴᠢᠰᠤ ᠪᠣᠯᠤᠭᠰᠠᠨ ᠲᠤᠯᠭᠠᠷ ᠰᠢᠭᠤᠳ ᠶᠠᠪᠤᠭᠰᠠᠭᠠᠷ ᠡᠷᠳᠡᠨᠢ ᠶ᠋ᠢᠨ ᠭᠡᠷ ᠦ᠋ᠨ ᠳᠡᠷᠭᠡᠳᠡ ᠣᠴᠢᠵᠤ ᠵᠣᠭᠰᠣᠪᠠ᠃ ᠭᠠᠳᠠᠨ᠎ᠠ ᠪᠠᠨ ᠵᠣᠭᠰᠣᠨ ᠫᠤᠤᠳᠠᠯᠴᠠᠨ ᠬᠥᠭᠡᠭᠡᠴᠡᠯᠳᠦᠵᠦ ᠶᠠᠪᠤᠭ᠎ᠠ ᠬᠥᠮᠦᠰ ᠢ᠋ ᠭᠠᠢᠬᠠᠨ ᠬᠠᠷᠠᠵᠤ ᠪᠠᠢᠭᠰᠠᠨ ᠡᠷᠳᠡᠨᠢ ᠢᠷᠡᠭᠰᠡᠨ ᠬᠥᠮᠦᠨ ᠪᠣᠯ ᠲᠤᠯᠭᠠᠷ ᠭᠡᠳᠡᠭ ᠢ᠋ ᠠᠷᠠᠢ ᠶᠠᠳᠠᠨ ᠲᠠᠨᠢᠵᠤ ᠮᠣᠷᠢᠨ ᠠ᠋ᠴᠠ ᠨᠢ ᠲᠡᠪᠡᠷᠢᠨ ᠪᠠᠭᠤᠯᠭᠠᠪᠠ᠃
   ᠰᠤᠮᠤ ᠵᠠᠳᠠ ᠲᠡᠳᠡᠨ ᠭᠠᠷᠤᠭᠰᠠᠨ ᠬᠥᠬᠥ ᠪᠡᠨ ᠵᠡᠭᠦᠨ ᠭᠠᠷ ᠤ᠋ᠨ ᠠᠯᠠᠭ᠎ᠠ ᠪᠠᠷ ᠳᠠᠷᠤᠵᠤ ᠪᠠᠢᠭᠠᠳ 《ᠡᠷᠳᠡᠨᠢ ᠮᠢᠨᠢ ᠴᠢᠮᠢ᠋ᠢ ᠥᠨᠥ ᠰᠥᠨᠢ ᠢᠷᠡᠵᠦ ᠠᠯᠠᠬᠤ ᠭᠡᠵᠦ ᠪᠠᠢᠨ᠎ᠠ᠃ ᠬᠣᠰᠢᠭᠤ ᠳᠠᠷᠤᠭ᠎ᠠ ᠶ᠋ᠢ᠁ ᠮᠠᠷᠭᠠᠰᠢ ᠥᠷᠯᠥᠭᠡ ᠫᠤᠤ ᠲᠠᠢ ᠬᠥᠮᠦᠰ ᠠᠷᠠᠳ ᠤ᠋ᠨ ᠵᠠᠰᠠᠭ ᠢ᠋ ᠤᠰᠠᠳᠬᠠᠬᠤ ᠁》 ᠭᠡᠳ ᠦᠭᠡ ᠪᠡᠨ ᠬᠡᠯᠡᠵᠦ ᠳᠠᠭᠤᠰᠤᠯ ᠦᠭᠡᠢ ᠲᠣᠷᠮᠣᠯᠵᠠᠵᠤ ᠪᠠᠢᠳᠠᠭ ᠬᠣᠶᠠᠷ ᠠᠯᠠᠭ ᠨᠢᠳᠦ ᠨᠢ ᠴᠠᠭᠠᠨ ᠢ᠋ᠶ᠋ᠠᠷ ᠡᠷᠭᠢᠯᠳᠦᠨ ᠪᠡᠶ᠎ᠡ ᠨᠢ ᠰᠤᠯᠠᠷᠠᠨ ᠬᠥᠰᠢᠪᠡ᠃
   ᠊᠊᠊᠊᠊᠊᠊᠊᠊᠊᠊᠊᠊᠊᠊ ᠲᠤᠯᠭᠠᠷ ᠮᠢᠨᠢ᠂ ᠲᠤᠯᠭᠠᠷ ᠮᠢᠨᠢ ᠭᠡᠵᠦ ᠡᠷᠳᠡᠨᠢ ᠬᠢᠬᠤᠷᠠᠭᠰᠠᠨ ᠳᠠᠪᠴᠢᠭᠤ ᠳᠠᠭᠤ ᠪᠠᠷ ᠬᠠᠰᠬᠢᠷᠪᠠ᠃ ᠲᠡᠪᠡᠷᠢᠭᠰᠡᠨ ᠭᠠᠷ ᠨᠢ ᠴᠢᠰᠤ ᠪᠣᠯᠵᠤ ᠨᠢᠳᠦᠨ ᠡᠴᠡ ᠨᠢ ᠣᠢᠷ᠎ᠠ ᠶ᠋ᠢᠨ ᠵᠢᠯ ᠭᠠᠷᠤᠭ᠎ᠠ ᠦᠭᠡᠢ ᠭᠠᠰᠢᠭᠤᠨ ᠨᠢᠯᠪᠤᠰᠤ ᠤᠨᠳᠤᠷᠤᠨ ᠭᠠᠷᠤᠯ᠎ᠠ᠃
   ᠬᠠᠴᠠᠷ ᠢ᠋ᠶ᠋ᠠᠨ ᠲᠤᠯᠭᠠᠷ ᠤ᠋ᠨ ᠬᠦᠢᠲᠡᠨ ᠬᠠᠴᠠᠷ ᠲᠤ᠌ ᠨᠠᠭᠠᠨ 《ᠴᠢ ᠮᠢᠨᠢ ᠶᠠᠭᠠᠬᠢᠪᠠ ᠳᠠ》 ᠭᠡᠵᠦ ᠭᠦᠨ ᠰᠠᠨᠠᠭ᠎ᠠ ᠠᠯᠳᠠᠵᠤ ᠬᠡᠯᠡᠭᠰᠡᠨ ᠢ᠋ᠶ᠋ᠡᠨ ᠲᠡᠪᠡᠷᠢᠨ ᠪᠣᠰᠴᠤ ᠭᠡᠷ ᠲᠡᠭᠡᠨ ᠣᠷᠣᠭᠤᠯᠤᠭᠠᠳ ᠣᠷᠣᠨ ᠳᠡᠭᠡᠷ᠎ᠡ ᠪᠡᠨ ᠲᠠᠯᠪᠢᠵᠤ ᠰᠥᠬᠥᠷᠡᠨ ᠰᠠᠭᠤᠭᠠᠳ ᠠᠮᠢᠳᠤᠷᠠᠯ ᠤ᠋ᠨ ᠲᠡᠮᠳᠡᠭ ᠦᠭᠡᠢ ᠪᠣᠯᠤᠭᠰᠠᠨ ᠨᠢᠭᠤᠷ ᠢ᠋ ᠤᠳᠠᠲᠠᠯ᠎ᠠ ᠰᠢᠷᠳᠡᠭᠰᠡᠨ ᠢ᠋ᠶ᠋ᠡᠨ ᠬᠠᠴᠠᠷ ᠲᠤ᠌ ᠨᠢ ᠴᠢᠰᠤ ᠲᠠᠢ ᠨᠠᠭᠠᠯᠳᠤᠭᠰᠠᠨ ᠱᠠᠩᠠᠠᠤ ᠶ᠋ᠢ ᠰᠠᠯᠭᠠᠵᠤ ᠬᠣᠢᠰᠢ ᠨᠢ ᠢᠯᠢᠪᠡ᠃
   ᠊᠊᠊᠊᠊᠊᠊᠊᠊᠊᠊᠊᠊᠊᠊ ᠪᠢ ᠴᠢᠮᠢ᠋ᠢ ᠢᠷᠡᠨ᠎ᠡ ᠭᠡᠵᠦ ᠦᠷᠭᠦᠯᠵᠢ ᠬᠦᠯᠢᠶᠡᠵᠦ ᠪᠠᠢᠭᠰᠠᠨ ᠶᠤᠮ ᠰᠠᠨ ᠭᠡᠳ ᠥᠷᠭᠡᠨ ᠮᠠᠩᠨᠠᠢ ᠳᠡᠭᠡᠷ᠎ᠡ ᠨᠢ ᠦᠨᠦᠰᠦᠭᠡᠳ ᠪᠣᠰᠴᠤ ᠭᠠᠷ ᠤ᠋ᠨ ᠠᠯᠠᠭ᠎ᠠ ᠪᠠᠷ ᠢ᠋ᠶ᠋ᠠᠨ ᠨᠢᠯᠪᠤᠰᠤ ᠪᠠᠨ ᠠᠷᠴᠢᠭᠠᠳ ᠬᠠᠨ᠎ᠠ ᠶ᠋ᠢᠨ ᠲᠣᠯᠣᠭᠠᠢ ᠳ᠋ᠤ᠌ ᠳᠡᠭᠦᠵᠢᠯᠡᠭᠡᠰᠦᠲᠡᠢ ᠪᠠᠢᠭᠰᠠᠨ ᠪᠢᠷᠳᠠᠩ ᠫᠤᠤ ᠶ᠋ᠢ ᠠᠪᠴᠤ ᠮᠥᠷᠥᠪᠴᠢᠯᠡᠨ ᠠᠪᠳᠠᠷ᠎ᠠ ᠡᠴᠡ ᠪᠡᠨ ᠰᠤᠮᠤ ᠠᠪᠴᠤ ᠡᠪᠦᠷᠲᠦᠯᠡᠭᠡᠳ ᠭᠠᠷᠬᠤ ᠭᠡᠰᠡᠨ ᠢ᠋ᠶ᠋ᠡᠨ ᠵᠣᠭᠰᠣᠵᠤ 《ᠪᠢ ᠪᠤᠴᠠᠵᠤ ᠢᠷᠡᠵᠦ ᠴᠢᠳᠠᠠᠠᠤ ᠦᠭᠡᠢ ᠴᠦ᠍ ᠪᠠᠢᠵᠤ ᠮᠠᠭᠠᠳ》 ᠭᠡᠳ ᠡᠷᠡᠰ ᠡᠷᠭᠢᠵᠦ ᠭᠠᠷᠤᠯ᠎ᠠ᠃
   ᠤᠷᠢᠳᠤ ᠡᠷᠳᠡᠨᠢ ᠳ᠋ᠦ᠍ ᠣᠯᠠᠨ ᠰᠤᠮᠤ ᠲᠠᠢ ᠰᠸᠯᠠᠢ᠌ᠳᠠᠢ ᠫᠤᠤ ᠪᠠᠢᠭᠰᠠᠨ᠃ ᠭᠡᠲᠡᠯ᠎ᠡ ᠪᠠᠷᠠᠭᠤᠨ ᠪᠣᠯᠤᠭᠰᠠᠨ ᠨᠠᠢᠳᠠᠪᠤᠷᠢ ᠦᠭᠡᠢ ᠬᠥᠮᠦᠨ ᠳ᠋ᠦ᠍ ᠬᠤᠷᠳᠤᠨ ᠫᠤᠤ ᠪᠠᠢᠯᠭᠠᠵᠤ ᠪᠣᠯᠠᠠᠤ ᠦᠭᠡᠢ ᠭᠡᠳ ᠲᠡᠭᠦᠨ ᠢ᠋ ᠨᠢ ᠬᠤᠷᠢᠶᠠᠵᠠᠢ᠃ ᠡᠨᠡ ᠪᠢᠷᠳᠠᠩ ᠫᠤᠤ ᠶ᠋ᠢ ᠬᠡᠳᠦᠨ ᠰᠠᠷ᠎ᠠ ᠶ᠋ᠢᠨ ᠡᠮᠦᠨ᠎ᠡ ᠬᠥᠮᠦᠨ ᠡᠴᠡ ᠬᠤᠳᠠᠯᠳᠤᠵᠤ ᠠᠪᠤᠭᠰᠠᠨ ᠶᠤᠮ᠃ ᠰᠢᠭᠤᠳ ᠶᠠᠪᠤᠵᠤ ᠳᠣᠷᠵᠢ ᠶ᠋ᠢᠨ ᠳ᠋ᠦ᠍ ᠣᠷᠣᠪᠠᠯ ᠲᠡᠷᠡ ᠨᠡᠯᠢᠶᠡᠳ ᠬᠠᠯᠠᠮᠰᠠᠭ ᠤᠨᠲᠠᠵᠤ ᠪᠠᠢᠯ᠎ᠠ᠃ ᠡᠷᠳᠡᠨᠢ ᠤᠭᠵᠠᠷᠠᠨ ᠰᠡᠷᠢᠭᠡᠵᠦ ᠡᠬᠡᠨᠡᠷ ᠬᠡᠦᠬᠡᠳ ᠢ᠋ ᠨᠢ ᠵᠤᠪᠠᠭᠠᠴᠢᠠᠠᠤ ᠠ᠋ᠴᠠ ᠪᠣᠯᠭᠣᠮᠵᠢᠯᠠᠨ ᠪᠠᠷᠤᠭ ᠴᠢᠷᠴᠦ ᠭᠠᠷᠭᠠᠭᠠᠳ ᠤᠴᠢᠷ ᠶᠠᠪᠤᠳᠠᠯ ᠢ᠋ ᠬᠡᠯᠡᠪᠡ᠃
   ᠊᠊᠊᠊᠊᠊᠊᠊᠊᠊᠊᠊᠊᠊᠊ ᠴᠢ ᠶᠠᠮᠠᠷ ᠰᠠᠨᠠᠭ᠎ᠠ ᠲᠠᠢ ᠢᠩᠭᠢᠵᠦ ᠶᠠᠷᠢᠳᠠᠭ ᠡᠰᠡᠷᠭᠦᠦ ᠪᠣᠢ? ᠠᠷᠠᠳ ᠲᠦᠮᠡᠨ ᠵᠠᠰᠠᠭ ᠲᠠᠭᠠᠨ ᠲᠡᠷᠰᠯᠡᠬᠦ ᠶᠣᠰᠣ ᠦᠭᠡᠢ᠃ ᠪᠢ ᠰᠤᠮᠤ ᠶ᠋ᠢᠨ ᠳᠠᠷᠤᠭ᠎ᠠ ᠮᠡᠳᠡᠵᠦ ᠪᠠᠢᠨ᠎ᠠ᠃
   ᠊᠊᠊᠊᠊᠊᠊᠊᠊᠊᠊᠊᠊᠊᠊ ᠠᠷᠠᠳ ᠲᠦᠮᠡᠨ ᠪᠢᠰᠢ᠃ ᠡᠰᠡᠷᠭᠦᠦ ᠨᠠᠷ᠃ ᠮᠢᠨᠦ ᠬᠡᠯᠡᠳᠡᠭ ᠦᠨᠡᠨ ᠪᠣᠯᠠᠠᠤ ᠨᠢ᠃
   ᠡᠷᠳᠡᠨᠢ ᠰᠡᠭᠦᠯ ᠦ᠋ᠨ ᠦᠶ᠎ᠡ ᠳ᠋ᠦ᠍ ᠯᠠᠮᠠ ᠨᠠᠷ ᠤ᠋ᠨ ᠵᠠᠩ ᠨᠢᠭᠡ ᠯᠡ ᠪᠢᠰᠢ ᠪᠣᠯᠤᠭᠠᠳ ᠪᠠᠢᠭ᠎ᠠ ᠶ᠋ᠢ ᠲᠣᠳᠣ ᠪᠠᠷᠢᠮᠲᠠ ᠪᠠᠷ ᠪᠢᠰᠢ ᠪᠣᠯᠪᠠᠴᠤ ᠵᠦᠩ ᠠᠵᠢᠭᠯᠠᠯᠲᠠ ᠪᠠᠷ ᠮᠡᠳᠡᠵᠦ ᠪᠠᠢᠪᠠ᠃ ᠡᠮᠦᠨᠡᠬᠢ ᠨᠤᠲᠤᠭ ᠠ᠋ᠴᠠ ᠤᠯᠠᠭᠠᠨ ᠬᠠᠨ ᠰᠤᠮᠤ ᠶ᠋ᠢᠨ ᠨᠤᠲᠤᠭ ᠲᠤ᠌ ᠨᠡᠭᠦᠳᠡᠯᠯᠡᠨ ᠢᠷᠡᠭᠰᠡᠨ ᠠᠢᠯ ᠤ᠋ᠳ ᠤ᠋ᠨ ᠵᠠᠷᠢᠮ ᠲᠠᠢ ᠨᠢ ᠶᠠᠷᠢᠵᠤ ᠦᠵᠡᠬᠦ ᠳ᠋ᠦ᠍ ᠴᠥᠮ ᠯᠡ ᠯᠠᠮᠠ ᠨᠠᠷ ᠤ᠋ᠨ ᠵᠢᠭᠠᠪᠤᠷᠢ ᠪᠠᠷ ᠢᠷᠡᠵᠡᠢ᠃ ᠦᠶ᠎ᠡ ᠤᠯᠠᠷᠢᠨ ᠨᠤᠲᠤᠭᠯᠠᠭᠰᠠᠨ ᠭᠠᠵᠠᠷ ᠨᠢ ᠡᠳᠦᠢ ᠣᠯᠠᠨ ᠬᠥᠮᠦᠨ ᠦ᠌ ᠠᠮᠢᠨ ᠳ᠋ᠤ᠌ ᠵᠡᠷᠭᠡ ᠪᠠᠷᠴᠢᠳ ᠲᠠᠢ ᠪᠣᠯᠤᠨ᠎ᠠ ᠭᠡᠳᠡᠭ ᠦᠯᠡᠮᠵᠢ ᠰᠣᠨᠢᠨ ᠬᠡᠷᠡᠭ ᠪᠠᠢᠯ᠎ᠠ᠃ ᠥᠪᠡᠷ ᠦ᠋ᠨ ᠰᠡᠵᠢᠭᠯᠡᠯᠲᠡ ᠶ᠋ᠢ ᠳᠣᠷᠵᠢ ᠳ᠋ᠤ᠌ ᠬᠡᠯᠡᠬᠦ ᠳ᠋ᠦ᠍ 《ᠡᠷᠳᠡᠨᠢ ᠴᠢ ᠶᠠᠮᠠᠷ ᠰᠠᠨᠠᠭ᠎ᠠ ᠲᠠᠢ ᠬᠥᠮᠦᠨ ᠪᠣᠢ? ᠳᠠᠬᠢᠭᠠᠳ ᠡᠢᠮᠦ ᠶᠠᠷᠢᠶ᠎ᠠ ᠭᠠᠷᠭᠠᠪᠠᠯ ᠵᠦᠭᠡᠷ ᠣᠷᠭᠢᠠᠠᠤ ᠦᠭᠡᠢ ᠰᠢᠦ》 ᠭᠡᠰᠡᠨ ᠶᠦᠮ᠃
   ᠭᠡᠪᠡᠴᠦ ᠡᠷᠳᠡᠨᠢ ᠰᠠᠨᠠᠭ᠎ᠠ ᠠᠮᠤᠷᠤᠭ᠎ᠠ ᠦᠭᠡᠢ᠃ ᠢᠯᠠᠩᠭᠤᠶ᠎ᠠ ᠬᠤᠷᠰᠢᠶ᠎ᠠ ᠠ᠋ᠴᠠ ᠪᠢᠷᠳᠠᠩ ᠫᠤᠤ ᠶ᠋ᠢᠨ ᠰᠤᠮᠤ ᠬᠠᠢᠷᠴᠠᠭ ᠢ᠋ᠶ᠋ᠠᠷ ᠠᠪᠤᠭᠰᠠᠨ ᠨᠢᠭᠡ ᠬᠥᠮᠦᠨ ᠰᠠᠶᠢᠬᠠᠨ ᠬᠠᠷ᠎ᠠ ᠪᠣᠯᠤᠭᠰᠠᠨ ᠯᠠᠮᠠ ᠪᠠᠢᠭᠰᠠᠨ ᠢ᠋ ᠮᠡᠳᠡᠭᠰᠡᠨ ᠡᠴᠡ ᠬᠣᠢᠰᠢ ᠲᠤᠩ ᠰᠡᠷᠡᠮᠵᠢᠲᠡᠢ ᠪᠣᠯᠵᠤ᠂ ᠬᠡᠨ ᠨᠢᠭᠡᠨ ᠬᠥᠮᠦᠨ ᠳ᠋ᠦ᠍ ᠰᠤᠮᠤ᠂ ᠳᠠᠷᠢ ᠶ᠋ᠢ ᠶᠡᠬᠡ ᠬᠡᠮᠵᠢᠶ᠎ᠡ ᠪᠡᠷ ᠬᠠᠮᠢᠶ᠎ᠠ ᠦᠭᠡᠢ ᠬᠤᠳᠠᠯᠳᠤᠬᠤ ᠪᠠᠨ ᠵᠤᠠᠠᠰᠤᠠᠠᠤ ᠶ᠋ᠢ ᠬᠤᠳᠠᠯᠳᠤᠭᠴᠢ ᠳ᠋ᠤ᠌ ᠨᠢ ᠵᠥᠪᠯᠡᠵᠡᠢ᠃ ᠭᠡᠲᠡᠯ᠎ᠡ ᠡᠭᠦᠨ ᠢ᠋ ᠨᠢ ᠳᠣᠷᠵᠢ ᠮᠡᠳᠡᠭᠡᠳ ᠤᠴᠢᠷ ᠦᠭᠡᠢ ᠠᠭᠤᠷᠯᠠᠨ 《ᠠᠷᠠᠳ ᠲᠦᠮᠡᠨ ᠢ᠋ ᠬᠠᠷᠠᠳᠠᠵᠤ ᠪᠠᠢᠭ᠎ᠠ》 ᠡᠷᠳᠡᠨᠢ ᠶ᠋ᠢᠨ ᠵᠠᠩ ᠪᠠᠢᠳᠠᠯ ᠢ᠋ ᠨᠠᠮ ᠤ᠋ᠨ ᠡᠭᠦᠷ ᠦ᠋ᠨ ᠣᠢᠷ᠎ᠠ ᠶ᠋ᠢᠨ ᠬᠤᠷᠠᠯ ᠢ᠋ᠶ᠋ᠠᠷ ᠠᠪᠴᠤ ᠬᠡᠯᠡᠯᠴᠡᠬᠦ ᠪᠣᠯᠤᠭᠰᠠᠨ ᠶᠤᠮ᠃
   ᠳᠣᠷᠵᠢ ᠶ᠋ᠢᠨ ᠰᠣᠭᠲᠣᠭᠤ ᠨᠢᠳᠦ ᠭᠥᠯᠢᠷᠡᠨ ᠪᠠᠢᠭᠰᠠᠨ ᠢ᠋ᠶ᠋ᠠᠨ 《ᠴᠢ ᠥᠪᠡᠷ ᠢ᠋ᠶ᠋ᠡᠨ ᠡᠰᠡᠷᠭᠦᠦ᠂ ᠮᠡᠳᠡᠪᠡ ᠤᠤ》 ᠭᠡᠵᠦ ᠬᠠᠰᠬᠢᠷᠪᠠ᠃
   ᠊᠊᠊᠊᠊᠊᠊᠊᠊᠊᠊᠊᠊᠊᠊ ᠴᠢ ᠰᠠᠶᠢ ᠶ᠋ᠢᠨ ᠫᠤᠤ ᠶ᠋ᠢᠨ ᠳᠠᠭᠤ ᠶ᠋ᠢ ᠰᠣᠨᠣᠰᠤᠭ᠎ᠠ ᠦᠭᠡᠢ ᠭᠡᠵᠢ ᠤᠤ? ᠥᠨᠥ ᠰᠥᠨᠢ ᠪᠢᠳᠡ ᠬᠣᠶᠠᠷ ᠢ᠋ ᠠᠯᠠᠬᠤ ᠭᠡᠵᠦ ᠪᠠᠢᠨ᠎ᠠ᠃ ᠮᠠᠷᠭᠠᠰᠢ ᠥᠷᠯᠥᠭᠡ ᠫᠤᠤ ᠲᠠᠢ ᠬᠥᠮᠦᠰ ᠠᠷᠠᠳ ᠤ᠋ᠨ ᠵᠠᠰᠠᠭ ᠢ᠋ ᠤᠰᠠᠳᠬᠠᠬᠤ ᠪᠠᠷ ᠪᠣᠰᠠᠠᠤ ᠭᠡᠵᠦ ᠪᠠᠢᠨ᠎ᠠ᠃ ᠲᠦᠷᠭᠡᠨ ᠬᠥᠳᠡᠯᠬᠦ ᠦᠭᠡᠢ ᠪᠣᠯ ᠪᠣᠯᠠᠠᠤ ᠦᠭᠡᠢ ᠭᠡᠵᠦ ᠡᠷᠳᠡᠨᠢ ᠨᠠᠮ ᠪᠣᠯᠪᠠᠴᠤ ᠲᠦᠷᠭᠡᠨ ᠪᠥᠭᠡᠳ ᠲᠣᠳᠣ ᠬᠡᠯᠡᠪᠡ᠃
   ᠊᠊᠊᠊᠊᠊᠊᠊᠊᠊᠊᠊᠊᠊᠊ ᠶᠠᠭᠤ᠂ ᠨᠠᠮᠢ᠋ᠢ ᠠᠯᠠᠬᠤ ᠭᠡᠨ᠎ᠡ ᠠ᠋? ᠬᠡᠨ?
   ᠊᠊᠊᠊᠊᠊᠊᠊᠊᠊᠊᠊᠊᠊᠊ ᠫᠤᠤ ᠲᠠᠢ ᠡᠰᠡᠷᠭᠦᠦ ᠨᠠᠷ ᠭᠡᠳ ᠡᠷᠳᠡᠨᠢ ᠳᠣᠷᠵᠢ ᠶ᠋ᠢ ᠣᠷᠬᠢᠵᠤ ᠰᠤᠮᠤ ᠶ᠋ᠢᠨ ᠲᠥᠪ ᠦ᠋ᠨ ᠪᠦᠬᠦ ᠡᠷᠡᠭᠲᠡᠢᠴᠦᠳ ᠢ᠋ ᠴᠤᠭᠯᠠᠭᠤᠯᠪᠠᠯ ᠳᠣᠷᠵᠢ ᠲᠠᠢ ᠠᠷᠪᠠ ᠪᠣᠯᠪᠠ᠃ ᠳᠣᠣᠷ᠎ᠠ ᠨᠢ ᠬᠡᠳᠦᠨ ᠬᠥᠮᠦᠨ ᠶᠠᠪᠤᠭᠤᠯᠵᠤ᠂ ᠬᠠᠮᠲᠤᠷᠠᠯ ᠤ᠋ᠨ ᠣᠢᠷ᠎ᠠ ᠪᠠᠢᠭᠰᠠᠨ ᠠᠳᠤᠭᠤᠨ ᠠ᠋ᠴᠠ ᠳᠥᠴᠢ ᠰᠢᠬᠠᠮ ᠮᠣᠷᠢ ᠠᠪᠴᠢᠷᠠᠭᠤᠯᠪᠠ᠃ ᠢᠩᠭᠢᠭᠡᠳ ᠬᠠᠮᠲᠤᠷᠠᠯ ᠤ᠋ᠨ ᠳᠠᠷᠤᠭ᠎ᠠ ᠲᠣᠯᠣᠭᠠᠢᠲᠠᠢ ᠳᠥᠷᠪᠡᠨ ᠬᠥᠮᠦᠨ ᠳ᠋ᠦ᠍ ᠬᠣᠶᠠᠷ ᠪᠢᠷᠳᠠᠩ᠂ ᠵᠡᠰ ᠮᠠᠯᠠᠭᠠᠢᠲᠤ᠂ ᠴᠠᠬᠢᠭᠤᠷ ᠫᠤᠤ ᠲᠤᠰ ᠪᠦᠷᠢ ᠨᠢᠭᠡ ᠶ᠋ᠢ ᠥᠭᠴᠦ ᠪᠦᠬᠦ ᠡᠬᠡᠨᠡᠷ ᠬᠡᠦᠬᠡᠳ ᠢ᠋ ᠠᠪᠠᠠᠠᠭᠤᠯᠤᠨ ᠠᠢᠮᠠᠭ ᠤᠷᠤᠭᠤ ᠪᠥᠭᠯᠡᠭᠦᠦ ᠵᠠᠮ ᠢ᠋ᠶ᠋ᠠᠷ ᠶᠠᠪᠤᠭᠤᠯᠪᠠ᠃
   ᠬᠣᠶᠠᠷ ᠪᠢᠷᠳᠠᠩ᠂ ᠨᠢᠭᠡ ᠵᠡᠰ ᠮᠠᠯᠠᠭᠠᠢᠲᠤ᠂ ᠬᠣᠶᠠᠷ ᠴᠠᠬᠢᠭᠤᠷ ᠫᠤᠤ ᠲᠠᠢ ᠦᠯᠡᠳᠡᠭᠰᠡᠨ ᠬᠥᠮᠦᠰ ᠰᠤᠮᠤ ᠶ᠋ᠢᠨ ᠲᠥᠪ ᠢ᠋ᠶ᠋ᠡᠨ ᠬᠠᠮᠠᠭᠠᠯᠠᠬᠤ ᠪᠣᠯᠪᠠ᠃ ᠬᠠᠷᠢᠨ ᠳᠣᠷᠵᠢ ᠪᠣᠯ ᠭᠧᠷᠮᠠᠨ ᠬᠢᠴᠡ ᠲᠡᠢ ᠬᠤᠷᠳᠤᠨ ᠫᠤᠤ ᠲᠠᠢ ᠪᠠᠢᠯ᠎ᠠ᠃ ᠡᠬᠢᠯᠡᠭᠡᠳ ᠳᠣᠷᠵᠢ ᠨᠢᠭᠡ ᠯᠡ ᠢᠲᠡᠭᠡᠵᠦ ᠥᠭᠬᠦ ᠦᠭᠡᠢ ᠪᠠᠢᠭᠰᠠᠨ ᠪᠣᠯᠪᠠᠴᠤ ᠪᠤᠰᠤᠳ ᠤ᠋ᠨ ᠡᠬᠡᠨᠡᠷ ᠬᠡᠦᠬᠡᠳ ᠶᠠᠪᠣᠠᠠᠤ ᠳ᠋ᠤ᠌ ᠡᠬᠡᠨᠡᠷ ᠬᠡᠦᠬᠡᠳ ᠢ᠋ᠶ᠋ᠡᠨ ᠶᠠᠪᠤᠭᠤᠯᠵᠠᠢ᠃ ᠭᠡᠪᠡᠴᠦ ᠮᠠᠷᠭᠠᠰᠢ ᠥᠷᠯᠥᠭᠡ ᠨᠢ ᠯᠠᠮᠠ ᠨᠠᠷ ᠤ᠋ᠨ ᠵᠡᠪᠰᠡᠭᠲᠦ ᠪᠣᠰᠤᠯᠭ᠎ᠠ ᠡᠬᠢᠯᠡᠭᠰᠡᠨ ᠢ᠋ ᠰᠣᠨᠣᠰᠤᠭᠠᠳ ᠡᠷᠳᠡᠨᠢ ᠶ᠋ᠢᠨ ᠡᠷᠬᠡᠨ ᠳ᠋ᠦ᠍ ᠣᠷᠣᠯ᠎ᠠ᠃
   ᠪᠠᠭ᠎ᠠ ᠦᠳᠡ ᠶ᠋ᠢᠨ ᠦᠶ᠎ᠡ ᠳ᠋ᠦ᠍ ᠵᠡᠷᠭᠡᠯᠡᠳᠡᠭᠡ ᠬᠣᠢᠲᠤ ᠰᠤᠮᠤ ᠶ᠋ᠢᠨ ᠬᠠᠮᠲᠤᠷᠠᠯ᠂ ᠬᠣᠷᠰᠢᠶ᠎ᠠ ᠶ᠋ᠢ ᠵᠡᠪᠰᠡᠭ ᠲᠡᠢ ᠯᠠᠮᠠ ᠭᠣᠣᠯᠳᠠᠭᠤ ᠬᠥᠮᠦᠰ ᠲᠡᠯᠡᠵᠦ᠂ ᠦᠯᠡᠳᠡᠭᠰᠡᠨ ᠢ᠋ ᠨᠢ ᠰᠢᠲᠠᠭᠠᠭᠰᠠᠨ ᠲᠤᠬᠠᠢ ᠴᠢᠮᠡᠭᠡ ᠢᠷᠡᠯ᠎ᠡ᠃
   ᠣᠷᠣᠢ ᠨᠠᠷᠠ ᠬᠠᠨ᠎ᠠ ᠶ᠋ᠢᠨ ᠡᠯᠢᠭᠡ ᠥᠭᠡᠳᠡ ᠠᠪᠠᠷᠢᠬᠤ ᠶ᠋ᠢᠨ ᠦᠶ᠎ᠡ ᠳ᠋ᠦ᠍ ᠰᠤᠮᠤ ᠶ᠋ᠢᠨ ᠬᠣᠢᠲᠤ ᠳᠠᠪᠠᠭ᠎ᠠ ᠪᠠᠷ ᠪᠠᠳᠠᠷᠴᠢ᠂ ᠲᠦᠭᠵᠢᠯ ᠬᠣᠶᠠᠷ ᠤᠳᠤᠷᠢᠳᠤᠭᠰᠠᠨ ᠭᠤᠴᠢ ᠭᠠᠷᠤᠢ ᠮᠣᠷᠢ ᠲᠠᠢ ᠬᠥᠮᠦᠰ ᠣᠷᠣᠵᠤ ᠢᠷᠡᠬᠦ ᠳ᠋ᠦ᠍ ᠬᠠᠷᠠᠪᠠᠯ ᠪᠠᠷᠤᠭ ᠯᠠ ᠫᠤᠤ ᠲᠠᠢ ᠠᠵᠠᠢ᠃
   ᠡᠷᠳᠡᠨᠢ ᠬᠥᠮᠦᠰ ᠢ᠋ᠶ᠋ᠡᠨ ᠨᠢᠭᠤᠴᠠᠯᠠᠨ ᠬᠡᠪᠲᠡᠭᠦᠯᠵᠦ 《ᠳᠣᠬᠢᠶ᠎ᠠ ᠥᠭᠬᠦ ᠡᠴᠡ ᠨᠠᠰᠢ ᠫᠤᠤᠳᠠᠵᠤ ᠣᠭᠲᠣ ᠪᠣᠯᠠᠠᠤ ᠦᠭᠡᠢ!》 ᠭᠡᠵᠦ ᠲᠤᠰᠢᠶᠠᠪᠠ᠃ ᠬᠥᠮᠦᠰ ᠣᠢᠷᠠᠲᠤᠵᠤ ᠢᠷᠡᠬᠦ ᠳ᠋ᠦ᠍ ᠡᠷᠳᠡᠨᠢ ᠥᠨᠳᠥᠷ ᠳᠠᠭᠤ ᠪᠠᠷ 《ᠲᠠ ᠨᠠᠷ ᠪᠤᠴᠠ᠃ ᠨᠡᠰᠢ ᠨᠢᠭᠡ ᠯᠡ ᠠᠯᠬᠤᠪᠠᠯ ᠫᠤᠤᠳᠠᠨ᠎ᠠ ᠰᠢᠦ》 ᠭᠡᠵᠦ ᠬᠠᠰᠬᠢᠷᠪᠠ᠃
   ᠲᠡᠳᠡ ᠲᠦᠷ ᠵᠣᠭᠰᠣᠭᠰᠠᠨ ᠢ᠋ᠶ᠋ᠠᠨ ᠮᠣᠷᠢᠨ ᠳ᠋ᠠᠭᠠᠨ ᠲᠠᠰᠢᠭᠤᠷ ᠥᠭᠴᠦ ᠳᠠᠭᠠᠷᠢᠬᠤ ᠳ᠋ᠤ᠌ ᠡᠷᠳᠡᠨᠢ ᠫᠣᠤᠳᠠᠠᠠᠤ ᠲᠤᠰᠢᠶᠠᠯ ᠥᠭᠪᠡ᠃ ᠵᠢᠷᠭᠤᠭᠠᠨ ᠫᠤᠤ ᠰᠦᠷᠲᠡᠢ ᠨᠢᠵᠢᠭᠢᠨᠡᠨ ᠳᠤᠤᠭᠠᠷᠪᠠ᠃
   ᠡᠰᠡᠷᠭᠦᠦ ᠨᠦ᠍ᠭᠦᠳ ᠮᠣᠷᠢᠳ ᠤ᠋ᠨ ᠠᠮᠠ ᠶᠢ ᠡᠷᠭᠢᠭᠦᠯᠦᠨ ᠵᠢᠭᠤᠲᠠᠪᠠ᠃ ᠭᠡᠲᠡᠯ᠎ᠡ ᠨᠢᠭᠡ ᠬᠥᠮᠦᠨ ᠮᠣᠷᠢᠨ ᠡᠴᠡ ᠪᠡᠨ ᠤᠨᠠᠭᠰᠠᠨ ᠢ᠋ᠶ᠋ᠠᠨ ᠪᠣᠰᠤᠭᠠᠳ ᠪᠤᠰᠤᠳ ᠤ᠋ᠨ ᠢ᠋ᠶ᠋ᠠᠨ ᠬᠣᠢᠨ᠎ᠠ ᠠ᠋ᠴᠠ ᠭᠦᠶᠦᠪᠡ᠃ ᠡᠷᠳᠡᠨᠢ ᠳᠣᠷᠵᠢ ᠶ᠋ᠢᠨ ᠫᠤᠤ ᠶ᠋ᠢ ᠰᠢᠭᠦᠷᠡᠨ ᠠᠪᠤᠭᠠᠳ ᠫᠤᠤᠳᠠᠪᠠ᠃ ᠭᠦᠶᠦᠵᠦ ᠪᠠᠢᠭᠰᠠᠨ ᠬᠥᠮᠦᠨ ᠲᠦᠷᠦᠭᠦᠦ ᠣᠷᠣᠭᠰᠢ ᠪᠠᠨ ᠤᠨᠠᠪᠠ᠃ ᠤᠳᠠᠯ ᠦᠭᠡᠢ ᠮᠣᠷᠢ ᠲᠠᠢ ᠬᠥᠮᠦᠰ ᠬᠣᠢᠲᠤ ᠳᠠᠪᠠᠭ᠎ᠠ ᠪᠠᠷ ᠳᠠᠪᠠᠨ ᠠᠯᠠᠭ᠎ᠠ ᠪᠣᠯᠪᠠ᠃
   ᠲᠡᠷᠡ ᠤᠨᠠᠭᠰᠠᠨ ᠬᠥᠮᠦᠨ ᠪᠣᠯ ᠪᠠᠳᠠᠷᠴᠢ ᠪᠠᠢᠭᠰᠠᠨ ᠪᠥᠭᠡᠳ ᠲᠦᠷᠦᠭᠦᠴᠢ ᠶ᠋ᠢᠨ ᠰᠤᠮᠤ ᠮᠥᠷᠥ ᠶ᠋ᠢ ᠨᠢ ᠬᠠᠯᠲᠤ ᠰᠢᠷᠠᠭᠳᠤᠭᠤᠯᠤᠭᠰᠠᠨ ᠪᠥᠭᠡᠳ ᠳᠣᠷᠵᠢ ᠶ᠋ᠢᠨ ᠫᠤᠤ ᠪᠠᠷ ᠫᠤᠤᠳᠠᠭᠰᠠᠨ ᠡᠷᠳᠡᠨᠢ ᠶ᠋ᠢᠨ ᠰᠤᠮᠤ ᠵᠤᠵᠠᠭᠠᠨ ᠭᠤᠶ᠎ᠠ ᠪᠠᠷ ᠨᠢ ᠣᠷᠣᠵᠠᠢ᠃
   ᠡᠷᠳᠡᠨᠢ᠂ ᠳᠣᠷᠵᠢ ᠬᠣᠶᠠᠷ ᠫᠤᠤ ᠣᠨᠢᠯᠠᠨ ᠪᠠᠷᠢᠭᠰᠠᠭᠠᠷ ᠣᠢᠷᠠᠲᠤᠨ ᠣᠴᠢᠠᠠᠤ ᠳ᠋ᠤ᠌ ᠪᠠᠳᠠᠷᠴᠢ ᠤᠬᠢᠯᠠᠨ ᠵᠠᠯᠪᠠᠷᠢᠵᠤ ᠠᠮᠢ ᠭᠤᠶᠤᠪᠠ᠃ ᠡᠷᠳᠡᠨᠢ ᠡᠰᠡᠷᠭᠦᠦ ᠨᠠᠷ ᠤ᠋ᠨ ᠲᠤᠬᠠᠢ ᠮᠡᠳᠡᠭᠡ ᠠᠰᠠᠭᠤᠬᠤ ᠳ᠋ᠤ᠌ ᠪᠠᠳᠠᠷᠴᠢ ᠶ᠋ᠢᠨ ᠨᠢᠭᠤᠷ ᠨᠢ ᠳᠠᠳᠠᠭᠠᠨᠠᠨ᠂ ᠠᠮᠢᠰᠬᠤᠭ᠎ᠠ ᠨᠢ ᠳᠠᠪᠠᠠᠤᠴᠠᠨ ᠬᠠᠷᠢᠭᠤᠯᠵᠤ ᠪᠠᠢᠯ᠎ᠠ᠃
   ᠊᠊᠊᠊᠊᠊᠊᠊᠊᠊᠊᠊᠊᠊᠊ ᠡᠭᠦᠨ ᠢ᠋ ᠶᠠᠭᠠᠬᠢᠬᠤ ᠪᠣᠢ?
   ᠊᠊᠊᠊᠊᠊᠊᠊᠊᠊᠊᠊᠊᠊᠊ ᠲᠠᠨ ᠤ᠋ ᠬᠡᠯᠡᠳᠡᠭ ᠢ᠋ᠶ᠋ᠡᠷ ᠠᠩᠭᠢ ᠶ᠋ᠢᠨ ᠲᠡᠮᠡᠴᠡᠯ ᠰᠢᠷᠦᠭᠦᠰᠴᠦ ᠪᠠᠢᠭ᠎ᠠ ᠦᠶ᠎ᠡ ᠳ᠋ᠦ᠍ ᠭᠡᠳ ᠡᠷᠳᠡᠨᠢ ᠪᠠᠳᠠᠷᠴᠢ ᠶ᠋ᠢ ᠫᠤᠤᠳᠠᠵᠤ ᠣᠷᠬᠢᠪᠠ᠃ ᠮᠠᠷᠭᠠᠰᠢ ᠨᠢ ᠦᠷ ᠦ᠋ᠨ ᠭᠡᠭᠡ ᠬᠠᠶᠠᠭᠠᠷᠠᠬᠤ ᠶ᠋ᠢᠨ ᠦᠶ᠎ᠡ ᠳ᠋ᠦ᠍ ᠡᠰᠡᠷᠭᠦᠦ ᠨᠠᠷ ᠨᠡᠯᠢᠶᠡᠳ ᠶᠡᠬᠡ ᠬᠦᠴᠦ ᠪᠡᠷ ᠤᠯᠠᠭᠠᠨ ᠬᠠᠨ ᠰᠤᠮᠤ ᠶ᠋ᠢᠨ ᠲᠥᠪ ᠤᠷᠤᠭᠤ ᠳᠠᠭᠠᠷᠢᠵᠤ ᠬᠣᠶᠠᠷ ᠴᠠᠭ ᠭᠠᠷᠤᠢ ᠪᠠᠢᠯᠳᠤᠭᠰᠠᠨ ᠤ᠋ ᠳᠠᠷᠠᠭ᠎ᠠ ᠡᠷᠳᠡᠨᠢ ᠶ᠋ᠢᠨ ᠳᠥᠷᠪᠡᠨ ᠨᠥᠬᠥᠳ ᠠᠯᠠᠭᠳᠠᠵᠤ᠂ ᠳᠣᠷᠵᠢ ᠪᠠᠷᠠᠭᠤᠨ ᠮᠥᠷᠦᠨ ᠳ᠋ᠡᠭᠡᠨ ᠬᠦᠨᠳᠦ ᠰᠢᠷᠬ᠎ᠠ ᠠᠪᠤᠯ᠎ᠠ᠃
   ᠊᠊᠊᠊᠊᠊᠊᠊᠊᠊᠊᠊᠊᠊᠊ ᠣᠳᠣ ᠪᠢᠳᠡ ᠲᠣᠭᠲᠠᠭᠠᠬᠤ ᠦᠭᠡᠢ᠃ ᠪᠢ ᠲᠦᠷ ᠴᠦ᠍ ᠭᠡᠰᠡᠨ ᠲᠣᠭᠲᠠᠭᠠᠵᠤ ᠪᠠᠢᠶ᠎ᠠ᠂ ᠴᠢ ᠤᠷᠢᠳᠤ ᠭᠦᠳᠦᠭᠦᠷ ᠲᠦ᠍ ᠪᠠᠢᠭ᠎ᠠ ᠮᠣᠷᠢᠳ ᠠ᠋ᠴᠠ ᠨᠢᠭᠡ ᠶ᠋ᠢ ᠤᠨᠤᠭᠠᠳ ᠪᠣᠰᠢᠭᠣ ᠵᠠᠢᠯᠠᠵᠤ᠂ ᠠᠢᠮᠠᠭ ᠲᠤ᠌ ᠶᠠᠭᠤ ᠪᠣᠯᠤᠭᠰᠠᠨ ᠤ᠋ ᠮᠡᠳᠡᠭᠡ ᠬᠦᠷᠭᠡ ᠭᠡᠵᠦ ᠡᠷᠳᠡᠨᠢ ᠫᠣᠤᠳᠠᠠᠠᠤ ᠵᠠᠭᠤᠷ᠎ᠠ ᠬᠡᠯᠡᠪᠡ᠃
   ᠊᠊᠊᠊᠊᠊᠊᠊᠊᠊᠊᠊᠊᠊᠊ ᠦᠭᠡᠢ ᠬᠣᠶᠠᠭᠤᠯᠠ ᠪᠠᠨ ᠬᠠᠮᠲᠤ ᠵᠠᠢᠯᠠᠶ᠎ᠠ᠃
   ᠊᠊᠊᠊᠊᠊᠊᠊᠊᠊᠊᠊᠊᠊᠊ ᠪᠣᠰᠢᠭᠣ ᠶᠠᠪᠤ᠃
   ᠊᠊᠊᠊᠊᠊᠊᠊᠊᠊᠊᠊᠊᠊᠊ ᠡᠷᠳᠡᠨᠢ ᠮᠢᠨᠢ᠃ ᠴᠢᠮᠢ᠋ᠢ ᠲᠠᠨᠢᠭ᠎ᠠ ᠦᠭᠡᠢ ᠮᠢᠨᠦ ᠰᠣᠬᠣᠷ ᠨᠢᠳᠦ ᠶ᠋ᠢ ᠥᠷᠥᠰᠢᠶᠡᠭᠡᠷᠡᠢ᠃
   ᠊᠊᠊᠊᠊᠊᠊᠊᠊᠊᠊᠊᠊᠊᠊ ᠪᠣᠰᠢᠭᠣ ᠶᠠᠪᠤ᠃ ᠬᠣᠵᠢᠮᠳᠠᠪᠠᠯ ᠪᠣᠯᠠᠠᠤ ᠦᠭᠡᠢ᠃
   ᠊᠊᠊᠊᠊᠊᠊᠊᠊᠊᠊᠊᠊᠊᠊ ᠬᠠᠮᠲᠤ ᠶᠠᠪᠤᠶ᠎ᠠ᠃
   ᠊᠊᠊᠊᠊᠊᠊᠊᠊᠊᠊᠊᠊᠊᠊ ᠣᠳᠣ ᠶᠠᠪᠣᠠᠠᠤ ᠦᠭᠡᠢ ᠪᠣᠯ ᠴᠢᠮᠢ᠋ᠢ ᠫᠤᠤᠳᠠᠨ᠎ᠠ ᠰᠢᠦ᠃
   ᠊᠊᠊᠊᠊᠊᠊᠊᠊᠊᠊᠊᠊᠊᠊ ᠴᠢ ᠡᠭᠦᠨ ᠢ᠋ ᠠᠪ ᠭᠡᠳ ᠳᠣᠷᠵᠢ ᠫᠤᠤ ᠰᠤᠮᠤ ᠪᠠᠨ ᠡᠷᠳᠡᠨᠢ ᠶ᠋ᠢᠨ ᠳᠡᠷᠭᠡᠳᠡ ᠲᠠᠯᠪᠢᠭᠠᠳ ᠴᠠᠰᠢ ᠭᠦᠶᠦᠪᠡ᠃
   ᠊᠊᠊᠊᠊᠊᠊᠊᠊᠊᠊᠊᠊᠊᠊ ᠭᠦᠳᠦᠭᠦᠷ ᠢ᠋ᠶ᠋ᠡᠨ ᠳᠠᠭᠠᠵᠤ ᠶᠠᠪᠤᠭᠠᠳ ᠡᠮᠦᠨᠡᠬᠢ ᠮᠣᠳᠣᠨ ᠳ᠋ᠤ᠌ ᠣᠷᠣᠭᠠᠷᠠᠢ ᠭᠡᠵᠦ ᠳᠣᠷᠵᠢ ᠶ᠋ᠢᠨ ᠬᠣᠢᠨ᠎ᠠ ᠠ᠋ᠴᠠ ᠡᠷᠳᠡᠨᠢ ᠬᠠᠰᠬᠢᠷᠪᠠ᠃
   ᠥᠷᠯᠥᠭᠡ ᠶ᠋ᠢᠨ ᠨᠠᠷᠠ ᠳᠡᠭᠡᠷ᠎ᠡ ᠮᠠᠨᠳᠤᠭᠰᠠᠨ ᠬᠣᠢᠨ᠎ᠠ ᠡᠰᠡᠷᠭᠦᠦ ᠨᠠᠷ ᠰᠤᠮᠤ ᠶ᠋ᠢᠨ ᠲᠥᠪ ᠢ᠋ ᠡᠵᠡᠯᠡᠵᠦ ᠶᠠᠭᠤᠨ ᠤ᠋ ᠡᠮᠦᠨ᠎ᠡ ᠬᠣᠷᠰᠢᠶ᠎ᠠ᠂ ᠬᠠᠮᠲᠤᠷᠠᠯ ᠤ᠋ᠨ ᠶᠠᠭᠤᠮ᠎ᠠ ᠶ᠋ᠢ ᠴᠥᠯᠮᠥᠨ ᠬᠤᠪᠢᠶᠠᠵᠤ ᠦᠯᠡᠳᠡᠭᠰᠡᠨ ᠢ᠋ ᠰᠢᠲᠠᠭᠠᠪᠠ᠃
   ᠬᠦᠯᠢᠭᠡᠰᠦᠲᠡᠢ ᠡᠷᠳᠡᠨᠢ ᠶ᠋ᠢ ᠲᠦᠭᠵᠢᠯ ᠦ᠋ᠨ ᠡᠮᠦᠨ᠎ᠡ ᠠᠪᠴᠢᠷᠠᠪᠠ᠃ ᠡᠷᠳᠡᠨᠢ ᠶ᠋ᠢᠨ ᠬᠠᠯᠢᠮᠠᠭ ᠦᠰᠦ ᠶ᠋ᠢ ᠲᠦᠭᠵᠢᠯ ᠶᠡᠬᠡ ᠯᠡ ᠱᠣᠭᠲᠠᠢ ᠬᠠᠷᠠᠵᠤ ᠪᠠᠢᠭᠰᠠᠨ ᠢ᠋ᠶ᠋ᠠᠨ 《ᠠᠯᠢ ᠪᠣᠢ᠂ ᠲᠡᠷᠡ ᠰᠠᠢᠬᠠᠨ ᠦᠰᠦ ᠡᠴᠡ ᠨᠠᠳᠠ ᠳ᠋ᠤ᠌ ᠨᠢᠭᠡ ᠲᠤᠭ ᠢ᠋ ᠠᠪᠤᠭᠠᠳ ᠥᠭᠭᠦᠭᠡᠴᠢ》 ᠭᠡᠵᠦ ᠨᠢᠭᠡ ᠬᠥᠮᠦᠨ ᠳ᠋ᠦ᠍ ᠬᠡᠯᠡᠪᠡ᠃
   ᠲᠡᠷᠡ ᠬᠥᠮᠦᠨ ᠢᠷᠡᠵᠦ ᠡᠷᠳᠡᠨᠢ ᠶ᠋ᠢᠨ ᠦᠰᠦ ᠡᠴᠡ ᠴᠢᠩᠭ᠋ᠠᠭᠠᠵᠤ ᠨᠡᠯᠢᠶᠡᠳ ᠨᠤᠴᠤᠯᠳᠤᠠᠠᠤ ᠳ᠋ᠤ᠌ 《ᠪᠢᠰᠢ ᠠ᠋᠃ ᠢᠩᠭᠢᠭᠡᠳ ᠠᠪᠬᠤ ᠦᠭᠡᠢ ᠤᠤ》 ᠭᠡᠳ ᠲᠦᠭᠵᠢᠯ ᠥᠪᠡᠷ ᠢ᠋ᠶ᠋ᠡᠨ ᠣᠴᠢᠵᠤ 《ᠢᠩᠭᠢᠭᠡᠳ᠂ ᠢᠩᠭᠢᠭᠡᠳ》 ᠭᠡᠵᠦ ᠭᠤᠷᠪᠠ ᠳᠥᠷᠪᠡᠨ ᠲᠤᠭ ᠦᠰᠦ ᠠᠪᠴᠤ ᠬᠠᠶᠠᠯ᠎ᠠ᠃
   ᠡᠷᠳᠡᠨᠢ ᠶ᠋ᠢᠨ ᠲᠣᠯᠣᠭᠠᠢ ᠶ᠋ᠢᠨ ᠬᠤᠢᠬ᠎ᠠ ᠬᠠᠯᠠᠭᠤ ᠣᠷᠬᠢᠨ᠎ᠠ᠃ ᠭᠡᠪᠡᠴᠦ ᠴᠠᠰᠢ ᠶᠠᠭᠤ ᠦᠵᠡᠬᠦ ᠶ᠋ᠢ ᠪᠣᠳᠤᠠᠠᠤ ᠳ᠋ᠤ᠌ ᠦᠰᠦ ᠵᠤᠯᠭᠠᠭᠠᠠᠠᠤ ᠨᠢ ᠶᠠᠭᠤ ᠴᠤ᠌ ᠪᠢᠰᠢ ᠪᠠᠢᠯ᠎ᠠ᠃
   ᠊᠊᠊᠊᠊᠊᠊᠊᠊᠊᠊᠊᠊᠊᠊ ᠪᠢᠳᠡᠨ ᠦ᠌ ᠡᠮᠦᠨ᠎ᠡ ᠡᠴᠡ ᠫᠤᠤᠳᠠᠭᠠᠳ ᠪᠠᠢᠳᠠᠭ ᠴᠢᠨᠢ ᠴᠢ ᠪᠢᠵᠡ ᠳᠡ᠃
   ᠊᠊᠊᠊᠊᠊᠊᠊᠊᠊᠊᠊᠊᠊᠊ ᠪᠢᠳᠡ ᠫᠤᠤᠳᠠᠭᠰᠠᠨ᠃
   ᠊᠊᠊᠊᠊᠊᠊᠊᠊᠊᠊᠊᠊᠊᠊ ᠵᠠ ᠡᠭᠦᠨ ᠢ᠋ ᠬᠠᠳᠠᠭᠠᠯᠠᠵᠤ ᠪᠠᠢ᠃ ᠳᠦᠪᠴᠢᠨ ᠭᠡᠭᠡᠨ ᠢᠷᠡᠭᠡᠳ ᠶᠠᠮᠠᠷ ᠶᠠᠩᠵᠤ ᠪᠠᠷ ᠲᠠᠮᠤ ᠳ᠋ᠤ᠌ ᠬᠦᠷᠭᠡᠵᠦ ᠥᠭᠬᠦ ᠶ᠋ᠢ ᠵᠢᠭᠠᠵᠤ ᠥᠭᠭᠦᠨ᠎ᠡ ᠭᠡᠳ ᠲᠦᠭᠵᠢᠯ ᠡᠵᠡᠨ ᠦᠭᠡᠢ ᠣᠷᠬᠢᠭᠰᠠᠨ ᠭᠡᠷ ᠦ᠋ᠳ ᠦ᠋ᠨ ᠵᠦᠭ ᠶᠠᠪᠤᠯ᠎ᠠ᠃
   ᠣᠷᠣᠢ ᠨᠠᠷᠠ ᠵᠢᠷᠭᠠᠭᠰᠠᠨ ᠬᠣᠢᠨ᠎ᠠ ᠴᠡᠮᠪᠡ ᠢᠷᠡᠯ᠎ᠡ᠃ ᠬᠥᠮᠦᠰ ᠲᠡᠭᠦᠨ ᠢ᠋ ᠳᠦᠪᠴᠢᠨ ᠭᠡᠵᠦ ᠮᠥᠷᠭᠥᠨ᠎ᠡ᠃ ᠡᠷᠳᠡᠨᠢ ᠶ᠋ᠢ ᠴᠡᠮᠪᠡ ᠶ᠋ᠢᠨ ᠪᠠᠭᠤᠭᠰᠠᠨ ᠭᠡᠷ ᠲᠦ᠍ ᠣᠷᠤᠭᠤᠯᠠᠠᠤ ᠳ᠋ᠤ᠌ ᠲᠦᠭᠵᠢᠯ ᠲᠡᠢ ᠬᠠᠮᠲᠤ ᠠᠷᠢᠬᠢ ᠤᠤᠭᠤᠨ ᠰᠠᠭᠤᠵᠤ ᠪᠠᠢᠯ᠎ᠠ᠃
   ᠊᠊᠊᠊᠊᠊᠊᠊᠊᠊᠊᠊᠊᠊᠊ ᠤᠤᠬᠠᠢ᠂ ᠬᠠᠭᠤᠴᠢᠨ ᠲᠠᠨᠢᠯ ᠬᠥᠮᠦᠨ ᠪᠠᠢᠨ᠎ᠠ᠃
   ᠊᠊᠊᠊᠊᠊᠊᠊᠊᠊᠊᠊᠊᠊᠊ ᠰᠣᠳᠨᠠᠮ ᠤ᠋ᠨ ᠡᠬᠡᠨᠡᠷ ᠢ᠋ ᠣᠷᠣᠨ ᠳᠡᠭᠡᠷ᠎ᠡ ᠪᠡᠨ ᠠᠯᠠᠭᠠᠳ ᠣᠷᠬᠢᠭᠰᠠᠨ ᠬᠥᠮᠦᠨ ᠳᠡ᠃
   ᠊᠊᠊᠊᠊᠊᠊᠊᠊᠊᠊᠊᠊᠊᠊ ᠪᠢ ᠠᠯᠠᠭ᠎ᠠ ᠦᠭᠡᠢ᠃
   ᠊᠊᠊᠊᠊᠊᠊᠊᠊᠊᠊᠊᠊᠊᠊ ᠲᠡᠢᠮᠦ ᠪᠣᠢ? ᠤᠷᠢᠳᠤ ᠯᠤᠤ ᠬᠦᠩ ᠦ᠋ᠨ ᠬᠣᠰᠢᠭᠤ ᠨᠠᠭᠠᠳᠤᠮ ᠢ᠋ᠶ᠋ᠠᠷ ᠪᠢᠳᠡ ᠬᠣᠶᠠᠷ ᠨᠢᠭᠡ ᠣᠭᠣᠰᠣᠷ ᠵᠠᠩᠭᠢᠯᠠᠭᠰᠠᠨ ᠶᠤᠮ ᠰᠠᠨ᠃ ᠪᠢ ᠲᠡᠭᠦᠨ ᠢ᠋ ᠣᠳᠣ ᠳᠡᠢᠯᠦᠨ᠎ᠡ᠃ ᠴᠢᠮ᠎ᠠ ᠪᠠᠷ ᠨᠠᠷᠠ ᠳᠠᠬᠢᠨ᠎ᠠ᠃ ᠥᠷᠯᠥᠭᠡ ᠶᠠᠭ ᠮᠠᠨᠳᠤᠬᠤ ᠳ᠋ᠤ᠌ ᠨᠢ᠃ ᠵᠢᠷᠦᠬᠡ ᠶ᠋ᠢ ᠴᠢᠨᠢ ᠠᠮᠢᠳᠤ ᠪᠠᠷ ᠴᠢᠨᠢ ᠰᠤᠭᠤᠯᠵᠤ ᠰᠢᠦ ᠳᠡ ᠭᠡᠳ ᠨᠢᠭᠡ ᠬᠥᠮᠦᠨ ᠢ᠋ ᠳᠠᠭᠤᠳᠠᠵᠤ ᠡᠷᠳᠡᠨᠢ ᠶ᠋ᠢ ᠬᠠᠷᠠᠵᠤ ᠬᠣᠨᠣᠬᠤ ᠵᠠᠷᠯᠢᠭ ᠪᠠᠭᠤᠯᠭᠠᠪᠠ᠃
   ᠴᠡᠮᠪᠡ ᠲᠦᠭᠵᠢᠯ ᠬᠣᠶᠠᠷ ᠣᠢᠷ᠎ᠠ ᠣᠷᠴᠢᠮ ᠠ᠋ᠴᠠ ᠵᠠᠯᠠᠭᠤ ᠪᠦᠰᠡᠭᠦᠢᠴᠦᠦᠯ ᠠᠪᠴᠢᠷᠠᠭᠤᠯᠤᠨ ᠠᠷᠢᠬᠢᠳᠠᠨ ᠵᠠᠪᠬᠠᠢᠷᠠᠪᠠ᠃ ᠡᠰᠡᠷᠭᠦᠦ ᠨᠠᠷ ᠴᠥᠮ ᠬᠡᠨ ᠶᠠᠭᠤ ᠣᠯᠤᠭᠰᠠᠨ ᠢ᠋ᠶ᠋ᠠᠨ ᠤᠤᠭᠤᠵᠤ ᠱᠤᠤᠭᠢᠯᠳᠤᠨ ᠬᠠᠰᠬᠢᠷᠤᠯᠳᠤᠭᠰᠠᠭᠠᠷ ᠨᠠᠮ ᠪᠣᠯᠪᠠ᠃
   ᠰᠥᠨᠢ ᠳᠤᠮᠳᠠ ᠨᠡᠯᠢᠶᠡᠳ ᠥᠩᠭᠡᠷᠡᠭᠰᠡᠨ ᠬᠣᠢᠨ᠎ᠠ ᠳᠠᠯᠠᠢ ᠸᠠᠩ ᠤ᠋ᠨ ᠬᠤᠰᠢᠭᠤᠨ ᠳ᠋ᠤ᠌ ᠠᠷᠠᠳ ᠤ᠋ᠨ ᠵᠠᠰᠠᠭ ᠤ᠋ᠨ ᠲᠥᠯᠥᠭᠡᠯᠡᠭᠴᠢ ᠪᠡᠷ ᠣᠴᠢᠵᠤ ᠪᠠᠢᠬᠤ ᠳ᠋ᠤ᠌ ᠨᠢ ᠭᠠᠯᠴᠢ ᠨᠢ ᠪᠠᠢᠭᠰᠠᠨ ᠨᠢᠭᠡ ᠬᠥᠮᠦᠨ ᠡᠷᠳᠡᠨᠢ ᠶ᠋ᠢ ᠲᠠᠯᠪᠢᠵᠤ ᠮᠣᠷᠢ ᠥᠭᠭᠦᠭᠡᠳ ᠠᠢᠮᠠᠭ ᠤ᠋ᠨ ᠵᠦᠭ ᠳᠣᠪᠲᠣᠯᠭᠠᠪᠠ᠃