ᠲᠤᠩᠭᠠᠯᠠᠭ ᠲᠠᠮᠢᠷ4-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠥᠮᠦᠨ ᠦ᠌ ᠪᠤᠶᠠᠨ ᠬᠥᠮᠦᠨ ᠳ᠋ᠦ᠍ ᠰᠢᠩᠭᠡᠳᠡᠭ ᠦᠭᠡᠢ》 - ᠳᠥᠷᠪᠡᠳᠦᠭᠡᠷ ᠪᠦᠯᠦᠭ ᠶᠢᠰᠦ
ᠳᠡᠯᠭᠡᠷᠬᠡᠨ ᠵᠤᠨ ᠤ᠋ ᠲᠠᠯᠪᠢᠭᠤᠨ ᠡᠳᠦᠷ ᠪᠠᠲᠤᠴᠡᠩᠭᠡᠯ ᠦ᠋ᠨ ᠬᠦᠷᠢᠶ᠎ᠡ ᠭᠡᠵᠦ ᠨᠡᠷᠡᠯᠡᠬᠦ ᠪᠣᠯᠤᠭᠰᠠᠨ ᠯᠤᠤ ᠬᠦᠩ ᠦ᠋ᠨ ᠬᠣᠰᠢᠭᠤ ᠬᠦᠷᠢᠶᠡᠨ ᠦ᠌ ᠪᠠᠷᠠᠭᠤᠨ ᠡᠮᠦᠨᠡᠬᠢ ᠥᠷᠭᠡᠨ ᠵᠦᠯᠭᠡᠨ ᠳᠡᠭᠡᠷ᠎ᠡ ᠪᠠᠷᠢᠭᠰᠠᠨ ᠲᠣᠮᠣ ᠭᠡᠷ ᠦ᠋ᠨ ᠡᠭᠦᠳᠡᠨ ᠳ᠋ᠦ᠍ ᠤᠯᠠᠭᠠᠨ ᠣᠳᠣᠨᠴᠤᠤ ᠪᠦᠲᠡᠭᠡᠯᠭᠡ ᠲᠡᠢ ᠰᠢᠷᠡᠭᠡᠨ ᠦ᠌ ᠠᠷᠤ ᠳ᠋ᠤ᠌ 《ᠤᠯᠠᠭᠠᠨ ᠬᠤᠪᠢᠰᠬᠠᠯᠴᠢ》 ᠭᠡᠵᠦ ᠣᠯᠠᠨ ᠳ᠋ᠤ᠌ ᠨᠡᠷᠡᠰᠢᠭᠰᠡᠨ ᠳᠣᠷᠵᠢ ᠵᠣᠭᠰᠣᠭᠠᠳ ᠲᠣᠯᠣᠭᠠᠢ ᠪᠠᠨ ᠭᠡᠳᠡᠷᠭᠦ ᠪᠠᠢᠨ ᠪᠠᠢᠨ ᠬᠠᠶᠠᠯᠠᠨ᠂ ᠮᠠᠩᠨᠠᠢ ᠤᠷᠤᠭᠤ ᠪᠠᠨ ᠤᠨᠠᠭᠰᠠᠨ ᠤᠷᠲᠤ ᠦᠰᠦ ᠪᠡᠨ ᠬᠣᠢᠰᠢ ᠪᠣᠯᠭᠠᠨ ᠥᠨᠳᠥᠷ ᠳᠠᠭᠤ ᠪᠠᠷ ᠶᠠᠷᠢᠨ᠎ᠠ᠃
ᠭᠡᠷ ᠦ᠋ᠨ ᠪᠥᠰᠡᠨ ᠳ᠋ᠦ᠍ ᠬᠠᠪᠴᠢᠭᠤᠯᠤᠭᠰᠠᠨ ᠣᠨᠢ ᠶ᠋ᠢᠨ ᠦᠵᠦᠭᠦᠷ ᠡᠴᠡ ᠡᠭᠦᠳᠡᠨ ᠦ᠌ ᠳᠡᠭᠡᠭᠦᠷ ᠲᠠᠲᠠᠭᠰᠠᠨ ᠤᠯᠠᠭᠠᠨ ᠳᠠᠪᠤᠤ ᠳᠡᠭᠡᠷ᠎ᠡ 《ᠬᠠᠷ᠎ᠠ ᠰᠢᠷ᠎ᠠ ᠹᠧᠣᠳᠠᠯ ᠤ᠋ᠳ ᠢ᠋ ᠰᠥᠨᠥᠭᠡᠵᠦ ᠦᠭᠡᠢᠭᠦᠦ ᠶᠠᠳᠠᠭᠤ ᠠᠷᠠᠳ ᠲᠦᠮᠡᠨ ᠦ᠌ ᠠᠩᠭᠢ ᠶ᠋ᠢᠨ ᠬᠤᠪᠢᠰᠬᠠᠯ ᠢ᠋ ᠥᠷᠨᠢᠭᠦᠯᠦᠶ᠎ᠡ》 ᠭᠡᠵᠦ ᠴᠠᠭᠠᠨ ᠴᠣᠬᠣᠢ ᠪᠠᠷ ᠬᠢᠴᠢᠶᠡᠩᠭᠦᠢᠯᠡᠨ ᠴᠢᠳᠠᠮᠠᠭᠠᠢ ᠪᠢᠴᠢᠭᠰᠡᠨ ᠯᠣᠽᠦ᠋ᠩ ᠵᠥᠭᠡᠯᠡᠨ ᠰᠠᠯᠬᠢᠨ ᠳ᠋ᠤ᠌ ᠦᠯᠦ ᠮᠡᠳᠡᠭ ᠬᠥᠳᠡᠯᠦᠨ ᠨᠠᠷᠠᠨ ᠤ᠋ ᠬᠤᠷᠴᠠ ᠭᠡᠷᠡᠯ ᠳ᠋ᠦ᠍ ᠭᠢᠯᠠᠯᠵᠠᠨ᠎ᠠ᠃
ᠨᠣᠭᠣᠭᠠᠨ ᠳᠡᠭᠡᠷ᠎ᠡ ᠰᠠᠭᠤᠭᠰᠠᠨ ᠣᠯᠠᠨ ᠬᠥᠮᠦᠨ ᠦ᠌ ᠶᠡᠬᠡᠩᠬᠢ ᠨᠢ ᠡᠷᠡᠭᠲᠡᠢᠴᠦᠳ ᠪᠥᠭᠡᠳ ᠴᠥᠭᠡᠪᠲᠦᠷ ᠡᠮᠡᠭᠲᠡᠢᠴᠦᠳ ᠡᠨᠳᠡ ᠲᠡᠨᠳᠡ ᠪᠥᠭᠡᠮᠨᠡᠷᠡᠨ ᠳᠣᠷᠵᠢ ᠶ᠋ᠢᠨ ᠶᠠᠷᠢᠶᠠᠨ ᠤ᠋ ᠬᠠᠵᠠᠭᠤ ᠪᠠᠷ ᠠᠮᠢ ᠬᠤᠪᠢ ᠶ᠋ᠢᠨ ᠶᠠᠪᠤᠳᠠᠯ᠂ ᠰᠤᠮᠤ ᠣᠷᠣᠨ ᠳ᠋ᠤ᠌ ᠪᠣᠯᠤᠭᠰᠠᠨ ᠰᠣᠨᠢᠨ᠂ ᠰᠣᠨᠣᠰᠴᠤ ᠮᠡᠳᠡᠭᠰᠡᠨ ᠬᠣᠪ ᠢ᠋ᠶ᠋ᠠᠨ ᠰᠣᠯᠢᠯᠴᠠᠨ ᠶᠠᠷᠢᠯᠴᠠᠨ᠎ᠠ᠃
ᠭᠠᠷ ᠢ᠋ᠶ᠋ᠠᠨ ᠵᠣᠭᠰᠣᠭ᠎ᠠ ᠵᠢᠯᠣᠭᠣ ᠦᠭᠡᠢ ᠳᠠᠯᠠᠯᠤᠨ ᠹᠧᠣᠳᠠᠯ ᠤ᠋ᠳ ᠪᠠ ᠨᠢᠳᠤᠷᠭᠠᠨ ᠨᠠᠷ ᠢ᠋ ᠠᠯᠢ ᠮᠠᠭᠤᠬᠠᠢ ᠦᠭᠡ ᠪᠡᠷ ᠵᠥᠭᠡᠵᠦ ᠪᠠᠢᠭ᠎ᠠ ᠳᠣᠷᠵᠢ ᠶ᠋ᠢ ᠬᠠᠷᠠᠭᠰᠠᠨ ᠬᠥᠮᠦᠰ ᠦ᠋ᠨ ᠵᠠᠷᠢᠮ ᠨᠢ 《ᠠᠷᠭ᠎ᠠ ᠦᠭᠡᠢ ᠯᠡ ᠤᠯᠠᠭᠠᠨ ᠬᠤᠪᠢᠰᠬᠠᠯᠴᠢ ᠬᠥᠮᠦᠨ ᠶᠤᠮ ᠳᠡ》 ᠭᠡᠯᠴᠡᠨ᠎ᠡ᠃ ᠵᠠᠷᠢᠮ ᠨᠢ 《ᠪᠤᠶᠠᠨ ᠴᠢᠪᠠᠭᠠᠨᠴᠠ ᠶ᠋ᠢᠨ ᠡᠨᠡ ᠬᠠᠷ᠎ᠠ ᠬᠦᠦ ᠮᠥᠨ ᠭᠠᠯᠵᠠᠭᠤᠷᠠᠵᠤ ᠪᠠᠢᠨ᠎ᠠ ᠳᠠ》 ᠭᠡᠵᠦ ᠪᠣᠳᠣᠭᠠᠳ ᠡᠪᠰᠢᠶᠡᠯᠭᠡᠨ᠎ᠡ᠃ ᠳᠣᠷᠵᠢ ᠦᠭᠡ ᠶ᠋ᠢᠨ ᠢ᠋ᠶ᠋ᠡᠨ ᠲᠡᠭᠦᠰᠬᠡᠯ ᠳ᠋ᠦ᠍ ᠨᠢᠭᠡ᠂ ᠬᠣᠶᠠᠷ᠂ ᠭᠤᠷᠪᠠ ᠁ ᠭᠡᠵᠦ ᠳ᠋ᠤᠭᠠᠷᠯᠠᠵᠤ ᠪᠠᠢᠭᠠᠳ ᠯᠣᠽᠦ᠋ᠩ ᠲᠠᠯᠪᠢᠵᠤ ᠳᠠᠷᠤᠢ ᠬᠣᠷᠢᠨ ᠲᠠᠪᠤᠨ ᠤᠳᠠᠭ᠎ᠠ ᠤᠷᠢᠶ᠎ᠠ ᠬᠠᠰᠬᠢᠷᠪᠠ᠃
ᠲᠤᠷᠢ ᠰᠠᠭᠤᠭᠰᠠᠨ ᠢ᠋ᠶ᠋ᠠᠨ ᠳᠠᠬᠢᠨ ᠪᠣᠰᠴᠤ 《ᠣᠳᠣ ᠹᠧᠣᠳᠠᠯ ᠪᠣᠯᠣᠳ ᠨᠢᠳᠤᠷᠭᠠᠨ ᠨᠠᠷ ᠡᠴᠡ ᠬᠤᠷᠢᠶᠠᠭᠰᠠᠨ ᠬᠥᠷᠥᠩᠭᠡ ᠡᠴᠡ ᠵᠠᠷᠢᠮ ᠨᠢᠭᠡᠨ ᠶᠠᠳᠠᠭᠤ ᠪᠠᠭᠤᠷᠠᠢ ᠠᠷᠠᠳ ᠤ᠋ᠳ ᠲᠤ᠌ ᠲᠠᠯᠪᠢᠨ ᠣᠯᠭᠣᠬᠤ ᠮᠠᠯ ᠤ᠋ᠨ ᠬᠤᠪᠢᠶᠠᠷᠢ ᠶ᠋ᠢ ᠤᠩᠰᠢᠨ ᠰᠣᠨᠣᠰᠬᠠᠨ᠎ᠠ》 ᠭᠡᠰᠡᠨ ᠳ᠋ᠦ᠍ ᠴᠤᠭᠯᠠᠷᠠᠭᠰᠠᠨ ᠬᠥᠮᠦᠰ ᠦ᠋ᠨ ᠳᠤᠮᠳᠠ ᠪᠢᠲᠡᠭᠦᠦ ᠱᠤᠤᠭᠢᠶᠠᠨ ᠳᠣᠯᠭᠢᠯᠠᠨ ᠳᠠᠷᠬᠠᠪᠠ᠃
ᠳᠣᠷᠵᠢ ᠶ᠋ᠢᠨ ᠳᠡᠷᠭᠡᠳᠡ ᠰᠠᠭᠤᠵᠤ ᠪᠠᠢᠭᠰᠠᠨ ᠵᠠᠯᠠᠭᠤ ᠪᠣᠰᠴᠤ ᠴᠤᠭᠯᠠᠷᠠᠭᠰᠠᠨ ᠣᠯᠠᠨ ᠢ᠋ ᠡᠷᠭᠢᠭᠦᠯᠦᠨ ᠬᠠᠷᠠᠭᠰᠠᠨ ᠢ᠋ᠶ᠋ᠠᠨ ᠤᠷᠲᠤ ᠴᠠᠭᠠᠰᠤᠨ ᠳᠡᠭᠡᠷ᠎ᠡ ᠪᠢᠴᠢᠭᠰᠡᠨ ᠪᠢᠴᠢᠭ ᠢ᠋ ᠵᠠᠳᠠᠯᠤᠨ 《ᠲᠤᠰ ᠰᠤᠮᠤᠨ ᠤ᠋ ᠭᠣᠮᠪᠣ ᠣᠪᠣᠭ ᠲᠠᠢ ᠨᠢᠮ᠎ᠠ ᠪᠣᠯ ᠶᠠᠳᠠᠭᠤ ᠬᠠᠷᠠᠴᠤ ᠭᠠᠷᠤᠯ ᠲᠠᠢ ᠪᠥᠭᠡᠳ ᠨᠢᠳᠤᠷᠭᠠᠨ ᠢᠲᠡᠭᠡᠯᠲᠦ ᠶ᠋ᠢᠨ ᠳ᠋ᠦ᠍ ᠵᠠᠷᠤᠭᠳᠠᠵᠤ ᠮᠥᠯᠵᠢᠭᠳᠡᠨ ᠪᠠᠢᠭᠰᠠᠨ ᠤᠴᠢᠷ ᠹᠧᠣᠳᠠᠯ ᠪᠣᠯᠤᠨ ᠨᠢᠳᠤᠷᠭᠠᠨ ᠨᠠᠷ ᠡᠴᠡ ᠬᠤᠷᠢᠶᠠᠭᠰᠠᠨ ᠬᠥᠷᠥᠩᠭᠡ ᠡᠴᠡ ᠲᠤᠭᠤᠯ ᠲᠠᠢ ᠦᠨᠢᠶ᠎ᠡ ᠵᠢᠷᠭᠤᠭ᠎ᠠ᠂ ᠤᠨᠤᠬᠤ ᠮᠣᠷᠢ ᠭᠤᠷᠪᠠ ᠶ᠋ᠢ ᠬᠤᠪᠢ ᠳ᠋ᠤᠨᠢ ᠣᠯᠭᠣᠰᠤᠭᠠᠢ》 ᠭᠡᠵᠦ ᠡᠬᠢᠯᠡᠬᠦ ᠳ᠋ᠦ᠍ ᠪᠤᠰᠤᠳ ᠬᠡᠳᠦ ᠬᠡᠳᠦᠨ ᠠᠢᠯ ᠳ᠋ᠤ᠌ ᠣᠯᠭᠣᠬᠤ ᠮᠠᠯ ᠢ᠋ ᠲᠣᠭᠠᠴᠠᠨ ᠤᠩᠰᠢᠯ᠎ᠠ᠃
ᠵᠠᠯᠠᠭᠤ ᠶ᠋ᠢ ᠤᠩᠰᠢᠵᠤ ᠳᠠᠭᠤᠰᠤᠭᠰᠠᠨ ᠤ᠋ ᠳᠠᠷᠠᠭ᠎ᠠ ᠨᠢᠭᠡᠨ ᠬᠡᠰᠡᠭ ᠨᠠᠮ ᠭᠦᠮ ᠪᠣᠯᠤᠭᠰᠠᠨ ᠢ᠋ᠶ᠋ᠠᠨ ᠬᠥᠮᠦᠰ ᠦ᠋ᠨ ᠡᠬᠢ ᠵᠠᠬ᠎ᠠ ᠦᠭᠡᠢ ᠱᠤᠤᠭᠢᠶᠠᠨ ᠡᠬᠢᠯᠡᠪᠡ᠃
ᠣᠯᠠᠨ ᠤ᠋ ᠳᠤᠮᠳᠠ ᠡᠴᠡ ᠨᠢᠮ᠎ᠠ ᠪᠣᠰᠴᠤ 《ᠬᠥᠮᠦᠨ ᠦ᠌ ᠪᠤᠶᠠᠨ ᠬᠥᠮᠦᠨ ᠳ᠋ᠦ᠍ ᠰᠢᠩᠭᠡᠳᠡᠭ ᠦᠭᠡᠢ ᠪᠣᠯᠬᠣᠷ ᠥᠴᠦᠬᠡᠨ ᠮᠠᠭᠤ ᠡᠪᠦᠭᠡᠨ ᠠᠬ᠎ᠠ ᠨᠢ ᠲᠠ ᠪᠦᠬᠦᠨ ᠦ᠌ ᠡᠨᠡ ᠬᠡᠰᠢᠭ ᠢ᠋ ᠠᠪᠴᠤ ᠴᠢᠳᠠᠬᠤ ᠦᠭᠡᠢ᠃ ᠨᠣᠬᠠᠢ ᠶ᠋ᠢᠨ ᠭᠡᠳᠡᠰᠦᠨ ᠳ᠋ᠦ᠍ ᠰᠢᠷ᠎ᠠ ᠲᠣᠰᠣ ᠲᠣᠭᠲᠠᠬᠤ ᠦᠭᠡᠢ ᠭᠡᠵᠦ ᠪᠤᠷᠬᠠᠨ ᠪᠣᠯᠤᠭᠠᠴᠢ ᠠᠪᠤ ᠮᠢᠨᠢ ᠦᠷᠭᠦᠯᠵᠢ ᠬᠡᠯᠡᠳᠡᠭ ᠰᠠᠨ᠃ ᠨᠠᠳᠠ ᠳ᠋ᠤ᠌ ᠪᠢᠲᠡᠭᠡᠢ ᠥᠭᠴᠦ ᠦᠵᠡ》 ᠭᠡᠳ ᠨᠢᠳᠦᠨ ᠡᠴᠡ ᠪᠡᠨ ᠨᠢᠯᠪᠤᠰᠤ ᠳᠤᠰᠤᠯᠠᠭᠤᠯᠪᠠ᠃
ᠨᠢᠮ᠎ᠠ ᠶ᠋ᠢᠨ ᠰᠡᠳᠬᠢᠯ ᠳ᠋ᠦ᠍ ᠪᠠᠶᠠᠷᠯᠠᠬᠤ᠂ ᠠᠶᠤᠬᠤ ᠬᠣᠯᠢᠯᠳᠤᠨ ᠪᠠᠢᠯ᠎ᠠ᠃ ᠬᠥᠮᠦᠨ ᠭᠡᠵᠦ ᠦᠵᠡᠭᠡᠳ ᠡᠢᠮᠦ ᠶᠡᠬᠡ ᠬᠥᠷᠥᠩᠭᠡ ᠥᠭᠴᠦ ᠪᠠᠢᠭ᠎ᠠ ᠶ᠋ᠢ ᠪᠣᠳᠣᠬᠤ ᠳ᠋ᠤ᠌ ᠪᠠᠶᠠᠷᠯᠠᠮᠠᠷ ᠪᠣᠯᠪᠠᠴᠤ ᠬᠥᠮᠦᠨ ᠦ᠌ ᠪᠤᠶᠠᠨ ᠢ᠋ ᠶᠠᠮᠠᠷ ᠴᠤ᠌ ᠦᠨ᠎ᠡ ᠬᠥᠯᠥᠰᠥ ᠦᠭᠡᠢ ᠠᠪᠤᠨ᠎ᠠ ᠭᠡᠳᠡᠭ ᠨᠢᠭᠡ ᠯᠡ ᠤᠬᠠᠭᠠᠨ ᠳ᠋ᠤᠨᠢ ᠪᠠᠭᠲᠠᠬᠤ ᠦᠭᠡᠢ ᠪᠥᠭᠡᠳ ᠬᠣᠭᠣᠯᠠ ᠪᠣᠯᠬᠤ ᠦᠭᠡᠢ ᠬᠣᠣᠷ ᠪᠣᠯᠬᠤ ᠶᠤᠮ ᠰᠢᠭ᠋ ᠪᠣᠳᠣᠭᠳᠠᠨ᠎ᠠ᠃
᠊᠊᠊᠊᠊᠊᠊᠊᠊᠊᠊᠊᠊᠊᠊ ᠪᠢ ᠪᠣᠯ ᠨᠥᠬᠥᠷ ᠨᠢᠮ᠎ᠠ ᠰᠢᠭ᠋ ᠵᠠᠰᠠᠭ ᠲᠥᠷᠥ ᠶ᠋ᠢᠨ ᠬᠡᠰᠢᠭ ᠢ᠋ ᠠᠪᠬᠤ ᠦᠭᠡᠢ ᠭᠡᠵᠦ ᠴᠢᠳᠠᠬᠤ ᠦᠭᠡᠢ᠃ ᠲᠥᠷᠥ ᠶ᠋ᠢᠨ ᠰᠦᠯᠳᠡ ᠳ᠋ᠦ᠍ ᠮᠥᠷᠭᠥᠵᠦ ᠤᠤᠯ ᠬᠡᠰᠢᠭ ᠢ᠋ ᠭᠥᠷᠳᠡᠶ᠎ᠡ ᠭᠡᠵᠦ ᠭᠠᠯᠰᠠᠩ ᠪᠣᠰᠴᠤ ᠠᠯᠠᠭ᠎ᠠ ᠬᠠᠪᠰᠤᠷᠤᠨ ᠬᠡᠯᠡᠪᠡ᠃
ᠭᠠᠯᠰᠠᠩ ᠳ᠋ᠤ᠌ ᠭᠤᠷᠪᠠᠨ ᠲᠤᠭᠤᠯ ᠲᠠᠢ ᠦᠨᠢᠶ᠎ᠡ᠂ ᠲᠠᠪᠤᠨ ᠬᠤᠷᠠᠭ᠎ᠠ ᠲᠠᠢ ᠬᠣᠨᠢ᠂ ᠨᠢᠭᠡ ᠮᠣᠷᠢ ᠣᠨᠣᠭᠳᠠᠵᠠᠢ᠃ ᠨᠢᠮ᠎ᠠ ᠣᠯᠠᠨ ᠢ᠋ ᠰᠢᠷᠳᠡᠨ ᠭᠠᠢᠬᠠᠵᠤ ᠬᠡᠰᠡᠭ ᠪᠣᠯᠤᠭᠰᠠᠨ ᠢ᠋ᠶ᠋ᠠᠨ 《ᠨᠠᠳᠠ ᠳ᠋ᠤ᠌ ᠣᠨᠣᠭᠳᠠᠬᠤ ᠬᠤᠪᠢ ᠶ᠋ᠢ ᠭᠠᠯᠰᠠᠩ ᠬᠦᠦ ᠳ᠋ᠦ᠍ ᠥᠭᠴᠢᠬᠡ᠃ ᠬᠠᠮᠲᠤᠷᠠᠯ ᠳ᠋ᠤ᠌ ᠠᠳᠤᠭᠤᠴᠢᠨ ᠬᠢᠳᠡᠭ᠃ ᠨᠠᠮᠠᠶ᠋ᠢ ᠪᠣᠳᠣᠪᠠᠯ ᠳᠡᠭᠡᠭᠦᠷ ᠠᠯᠪᠠᠨ ᠤ᠋ ᠬᠥᠮᠦᠨ》 ᠭᠡᠯᠡ᠃
᠊᠊᠊᠊᠊᠊᠊᠊᠊᠊᠊᠊᠊᠊᠊ ᠨᠢᠮ᠎ᠠ ᠭᠤᠸᠠᠢ ᠲᠠ ᠴᠢᠨᠢ ᠶᠠᠮᠠᠷ ᠤᠬᠠᠭᠠᠨ ᠳ᠋ᠤ᠌ ᠴᠢᠨᠢ ᠤᠬᠤᠨ᠎ᠠ ᠦᠬᠦᠭᠰᠡᠨ ᠠᠮᠢᠲᠠᠨ ᠪᠣᠢ? ᠠᠷᠠᠳ ᠤ᠋ᠨ ᠵᠠᠰᠠᠭ ᠲᠠᠨ ᠳ᠋ᠤ᠌ ᠦᠨ᠎ᠡ ᠬᠥᠯᠥᠰᠥ ᠦᠭᠡᠢ ᠥᠭᠴᠦ ᠪᠠᠢᠨ᠎ᠠ᠃ ᠣᠢᠯᠠᠭᠠᠵᠤ ᠪᠠᠢᠨ᠎ᠠ ᠤᠤ? ᠭᠡᠵᠦ ᠨᠢᠭᠡ ᠬᠥᠮᠦᠨ ᠬᠡᠯᠡᠪᠡ᠃
᠊᠊᠊᠊᠊᠊᠊᠊᠊᠊᠊᠊᠊᠊᠊ ᠨᠠᠳᠠ ᠮᠠᠯ ᠥᠭᠭᠦᠭᠰᠡᠨ ᠦᠭᠡᠢ ᠭᠡᠵᠦ ᠪᠢ ᠵᠠᠰᠠᠭ ᠲᠠᠭᠠᠨ ᠣᠭᠲᠣ ᠭᠣᠮᠣᠳᠠᠬᠤ ᠦᠭᠡᠢ᠃ ᠪᠢ ᠲᠡᠭᠡᠵᠦ ᠭᠣᠮᠣᠳᠠᠳᠠᠭ ᠬᠥᠮᠦᠨ ᠪᠢᠰᠢ ᠭᠡᠳ ᠨᠢᠮ᠎ᠠ᠂ ᠳᠣᠷᠵᠢ ᠤᠷᠤᠭᠤ ᠬᠠᠷᠠᠬᠤ ᠳ᠋ᠤ᠌ ᠨᠢᠳᠦᠨ ᠳ᠋ᠦ᠍ᠨᠢ ᠠᠯᠢ ᠴᠤ᠌ ᠤᠴᠢᠷ ᠢ᠋ᠶ᠋ᠠᠨ ᠠᠯᠳᠠᠵᠤ ᠠᠶᠤᠭᠰᠠᠨ ᠰᠢᠨᠵᠢ ᠲᠣᠳᠣ ᠪᠠᠢᠯ᠎ᠠ᠃
᠊᠊᠊᠊᠊᠊᠊᠊᠊᠊᠊᠊᠊᠊᠊ ᠨᠥᠬᠥᠷ ᠨᠢᠮ᠎ᠠ ᠲᠠ ᠪᠣᠯ ᠪᠠᠯᠠᠷ ᠤ᠋ᠨ ᠰᠤᠷᠲᠠᠯ ᠢ᠋ ᠪᠠᠷᠢᠮᠲᠠᠯᠠᠵᠤ ᠹᠧᠣᠳᠠᠯ ᠪᠣᠯᠤᠨ ᠨᠢᠳᠤᠷᠭᠠᠨ ᠨᠠᠷ ᠤ᠋ᠨ ᠲᠠᠯ᠎ᠠ ᠳ᠋ᠤ᠌ ᠣᠷᠣᠵᠤ ᠠᠩᠭᠢ ᠶ᠋ᠢᠨ ᠬᠤᠪᠢᠰᠬᠠᠯ ᠤ᠋ᠨ ᠳᠠᠢᠰᠤᠨ ᠪᠣᠯᠬᠤ ᠳ᠋ᠤ᠌ ᠬᠤᠷᠤᠭᠤ ᠳᠤᠲᠠᠭᠤ ᠪᠣᠯᠤᠭᠠᠳ ᠪᠠᠢᠨ᠎ᠠ᠃ ᠡᠭᠦᠨ ᠢ᠋ ᠠᠪᠬᠤ ᠦᠭᠡᠢ ᠪᠣᠯ ᠬᠠᠲᠠᠭᠤ ᠶᠠᠷᠢᠨ᠎ᠠ ᠭᠡᠵᠦ ᠮᠡᠳᠡᠭᠡᠷᠡᠢ ᠭᠡᠮᠡᠨ ᠳᠣᠷᠵᠢ ᠶ᠋ᠢᠨ ᠵᠠᠩᠳᠤᠷᠤᠨ ᠬᠡᠯᠡᠭᠰᠡᠨ ᠦᠭᠡ ᠣᠯᠠᠨ ᠤ᠋ ᠱᠤᠤᠭᠢᠶᠠᠨ ᠢ᠋ ᠨᠢᠭᠡᠮᠦᠰᠦᠨ ᠳᠠᠷᠤᠯ᠎ᠠ᠃
ᠠᠷᠭ᠎ᠠ ᠦᠭᠡᠢ ᠪᠣᠯᠤᠭᠰᠠᠨ ᠨᠢᠮ᠎ᠠ ᠥᠭᠭᠦᠭᠰᠡᠨ ᠮᠠᠯ ᠢ᠋ ᠲᠠᠭᠤᠵᠤ ᠪᠤᠴᠠᠭᠰᠠᠨ ᠪᠢᠯᠡ᠃
ᠬᠣᠲᠠᠨ ᠳ᠋ᠤ᠌ ᠨᠢ ᠪᠠᠢᠭ᠎ᠠ ᠬᠠᠩᠭᠠᠢ ᠶ᠋ᠢᠨ ᠬᠠᠳᠠ ᠰᠢᠭ᠋ ᠲᠤᠭᠤᠯ ᠲᠠᠢ ᠵᠢᠷᠭᠤᠭᠠᠨ ᠦᠨᠢᠶ᠎ᠡ᠂ ᠭᠠᠳᠠᠨ᠎ᠠ ᠨᠢ ᠴᠢᠳᠥᠷ ᠲᠡᠢ ᠪᠠᠢᠭ᠎ᠠ ᠰᠤᠭᠤ ᠰᠢᠭ᠋ ᠭᠤᠷᠪᠠᠨ ᠮᠣᠷᠢ ᠶ᠋ᠢ ᠬᠠᠷᠠᠭᠠᠳ ᠬᠡᠳᠦᠨ ᠡᠳᠦᠷ ᠦ᠋ᠨ ᠲᠤᠷᠰᠢ ᠮᠢᠨᠦᠬᠢ ᠴᠦ᠍ ᠬᠥᠮᠦᠨ ᠦ᠌ ᠬᠢ ᠴᠦ᠍ ᠭᠡᠵᠦ ᠬᠡᠯᠡᠵᠦ ᠴᠢᠳᠠᠬᠤ ᠦᠭᠡᠢ ᠪᠠᠢᠭᠰᠠᠨ ᠨᠢᠮ᠎ᠠ ᠠᠭᠠᠵᠢᠮ ᠳ᠋ᠠᠭᠠᠨ ᠲᠡᠰᠴᠦ ᠮᠢᠨᠦ ᠶᠠᠭᠤᠮ᠎ᠠ ᠭᠡᠳᠡᠭ ᠪᠣᠳᠣᠯ ᠪᠦᠬᠦᠨ ᠢ᠋ ᠢᠯᠠᠵᠠᠢ᠃ ᠡᠨᠡ ᠪᠦᠬᠦᠨ ᠪᠣᠯ ᠨᠠᠳᠠᠳᠤ ᠥᠭᠭᠦᠭᠰᠡᠨ ᠮᠢᠨᠦ ᠶᠠᠭᠤᠮ᠎ᠠ ᠭᠡᠳᠡᠭ ᠪᠣᠳᠣᠯ ᠪᠦᠬᠦ ᠰᠡᠳᠬᠢᠯ ᠢ᠋ ᠨᠢ ᠡᠵᠡᠯᠡᠵᠦ ᠲᠡᠭᠦᠨ ᠢ᠋ᠶ᠋ᠡᠨ ᠬᠠᠢᠷᠠᠯᠠᠬᠤ᠂ ᠠᠷᠠᠴᠢᠯᠠᠬᠤ ᠬᠦᠰᠡᠯ ᠣᠷᠭᠢᠯᠪᠠ᠃
ᠡᠴᠢᠭᠡ ᠨᠢ ᠬᠦᠦ ᠳ᠋ᠡᠭᠡᠨ᠂ ᠠᠬ᠎ᠠ ᠳᠡᠭᠦᠦ ᠤᠯᠤᠰ ᠪᠡᠶ᠎ᠡ ᠪᠡᠶ᠎ᠡ ᠳ᠋ᠡᠭᠡᠨ ᠥᠮᠴᠢ ᠲᠠᠰᠤᠯᠵᠤ ᠥᠭᠳᠡᠭ ᠰᠢᠭ ᠵᠠᠰᠠᠭ ᠲᠥᠷᠥ ᠮᠢᠨᠢ ᠨᠠᠳᠠ ᠳ᠋ᠤ᠌ ᠥᠮᠴᠢ ᠲᠠᠰᠤᠯᠵᠤ ᠥᠭᠭᠦᠭᠰᠡᠨ ᠬᠡᠷᠡᠭ ᠭᠡᠵᠦ ᠪᠣᠳᠣᠵᠤ ᠬᠥᠮᠦᠨ ᠦ᠌ ᠪᠤᠶᠠᠨ ᠬᠥᠮᠦᠨ ᠳ᠋ᠦ᠍ ᠶᠠᠭᠤᠮ᠎ᠠ ᠪᠣᠯᠳᠠᠭ ᠦᠭᠡᠢ ᠭᠡᠳᠡᠭ ᠪᠣᠳᠣᠯ ᠢ᠋ ᠵᠠᠢᠯᠠᠭᠤᠯᠪᠠ᠃
᠊᠊᠊᠊᠊᠊᠊᠊᠊᠊᠊᠊᠊᠊᠊ ᠬᠥᠭᠰᠢᠨ ᠮᠢᠨᠢ ᠦᠨᠢᠶ᠎ᠡ ᠪᠡᠨ ᠰᠠᠭᠠᠶᠠ ᠭᠡᠵᠦ ᠥᠷᠯᠥᠭᠡ ᠠᠪᠠᠭᠠᠢ ᠳ᠋ᠠᠭᠠᠨ ᠬᠡᠯᠡᠬᠦ ᠳ᠋ᠦ᠍ ᠥᠪᠡᠷ ᠢ᠋ᠶ᠋ᠡᠨ ᠢᠪᠢᠯᠭᠡᠵᠦ ᠥᠭᠳᠡᠭ ᠪᠣᠯᠤᠭᠰᠠᠨ ᠪᠥᠭᠡᠳ 《ᠪᠦᠯᠲᠡᠢᠭᠰᠡᠨ ᠭᠠᠢᠬᠠᠯ ᠢ᠋ ᠪᠥᠭᠡᠷᠡᠩᠬᠡᠢ ᠳᠠᠮᠰᠢᠭ》 ᠭᠡᠬᠦ ᠵᠡᠷᠭᠡ ᠦᠭᠡ ᠪᠡᠷ ᠲᠤᠭᠤᠯ ᠢ᠋ᠶ᠋ᠠᠨ ᠥᠬᠥᠭᠡᠷᠳᠡᠨ ᠢᠯᠢᠵᠦ ᠪᠠᠢᠳᠠᠭ ᠪᠣᠯᠪᠠ᠃
ᠨᠢᠭᠡ ᠡᠳᠦᠷ ᠨᠢᠮ᠎ᠠ ᠬᠥᠮᠦᠨ ᠡᠴᠡ ᠴᠣ ᠰᠢᠨ᠎ᠡ ᠪᠦᠷᠬᠦᠬᠡᠷ ᠬᠤᠳᠠᠯᠳᠤᠨ ᠠᠪᠴᠢᠷᠠᠵᠤ 《ᠬᠥᠭᠰᠢᠨ ᠮᠢᠨᠢ ᠥᠪᠡᠷ ᠦ᠋ᠨ ᠢ᠋ᠶ᠋ᠡᠨ ᠲᠣᠭᠣᠭᠠᠨ ᠤ᠋ ᠬᠠᠯᠠᠭᠤᠨ ᠠᠷᠢᠬᠢ ᠤᠤᠭᠤᠳᠠᠭ ᠴᠠᠭ ᠪᠣᠯᠤᠭᠰᠠᠨ》 ᠭᠡᠬᠦ ᠳ᠋ᠦ᠍ ᠬᠡᠰᠢᠭᠲᠦ ᠭᠤᠸᠠᠢ ᠠᠮᠢᠲᠠᠨ ᠱᠣᠣᠯᠠᠵᠤ ᠮᠠᠭᠤ ᠬᠡᠯᠡᠨ᠎ᠡ ᠭᠡᠵᠦ ᠬᠣᠷᠢᠭᠯᠠᠭᠰᠠᠨ ᠪᠣᠯᠪᠠᠴᠤ ᠰᠢᠢᠳᠦᠭᠰᠡᠨ ᠰᠡᠳᠬᠢᠯ ᠢ᠋ ᠡᠷᠭᠢᠭᠦᠯᠵᠦ ᠴᠢᠳᠠᠭᠰᠠᠨ ᠦᠭᠡᠢ᠃
ᠵᠤᠨ ᠤ᠋ ᠰᠠᠢᠬᠠᠨ ᠡᠳᠦᠷ ᠨᠢᠮ᠎ᠠ ᠭᠤᠸᠠᠢ ᠶ᠋ᠢᠨ ᠪᠣᠷᠣ ᠭᠡᠷ ᠦ᠋ᠨ ᠲᠣᠭᠣᠨᠣ ᠪᠠᠷ ᠬᠥᠬᠡ ᠤᠲᠤᠭ᠎ᠠ ᠮᠠᠨᠠᠷᠠᠨ ᠬᠠᠯᠠᠭᠤᠨ ᠴᠠᠭ᠎ᠠ ᠶ᠋ᠢᠨ ᠡᠬᠡᠭᠦᠨ ᠦᠨᠦᠷ ᠭᠡᠷ ᠳᠦᠭᠦᠷᠡᠩ ᠬᠠᠩᠬᠤᠯᠵᠤ ᠪᠠᠢᠯ᠎ᠠ᠃ ᠨᠢᠮ᠎ᠠ ᠶ᠋ᠢᠨ ᠨᠢᠭᠤᠷ ᠲᠤᠨᠢ ᠬᠥᠯᠥᠰᠥ ᠪᠤᠷᠵᠢᠢᠨ ᠳᠤᠰᠤᠯ ᠪᠦᠬᠦᠨ ᠳ᠋ᠦ᠍ᠨᠢ ᠲᠦᠮᠡᠨ ᠪᠠᠶᠠᠷ᠂ ᠴᠠᠭᠯᠠᠰᠢ ᠦᠭᠡᠢ ᠵᠢᠷᠭᠠᠯ ᠬᠥᠪᠴᠦ ᠭᠠᠯ ᠤ᠋ᠨ ᠡᠨᠳᠡ ᠲᠡᠨᠳᠡ ᠨᠢ ᠭᠠᠷᠤᠨ ᠪᠥᠭᠲᠥᠭᠡᠨᠡᠵᠦ ᠪᠠᠢᠯ᠎ᠠ᠃
ᠳᠡᠭᠡᠵᠢ ᠶ᠋ᠢ ᠨᠢ ᠪᠤᠷᠬᠠᠨ ᠳ᠋ᠠᠭᠠᠨ ᠲᠠᠯᠪᠢᠭᠠᠳ ᠳᠣᠩᠬᠣᠷ ᠬᠠᠷ᠎ᠠ ᠮᠣᠳᠣᠨ ᠠᠶᠠᠭ᠎ᠠ ᠳᠦᠭᠦᠷᠡᠩ ᠬᠠᠯᠠᠭᠤᠨ ᠠᠷᠢᠬᠢ ᠠᠪᠠᠭᠠᠢ ᠨᠢ ᠪᠠᠷᠢᠬᠤ ᠳ᠋ᠤ᠌ ᠨᠢᠮ᠎ᠠ ᠡᠴᠢᠭᠡ ᠡᠪᠦᠭᠡ ᠡᠴᠡ ᠳᠠᠮᠵᠢᠨ ᠢᠷᠡᠭᠰᠡᠨ ᠪᠥᠭᠡᠳ ᠴᠠᠭᠠᠨ ᠰᠠᠷ᠎ᠠ ᠪᠠᠷ ᠡᠮᠦᠰᠳᠡᠭ ᠬᠠᠭᠤᠴᠢᠨ ᠬᠢᠯᠢᠩ ᠮᠠᠯᠠᠭᠠᠢ ᠪᠠᠨ ᠦᠯᠦ ᠮᠡᠳᠡᠭ ᠬᠠᠵᠠᠭᠠᠢ ᠲᠠᠯᠪᠢᠨ ᠤᠷᠠᠩᠬᠠᠢ ᠨᠢᠳᠤᠷᠭ᠎ᠠ ᠪᠠᠨ ᠰᠡᠭᠰᠦᠷᠦᠨ ᠡᠷᠭᠢᠭᠦᠯᠵᠦ ᠶᠡᠬᠡ ᠯᠡ ᠨᠠᠮᠪᠠ ᠲᠠᠢ ᠠᠪᠤᠭᠠᠳ ᠬᠣᠰᠢᠭᠤ ᠨᠢ ᠮᠤᠷᠤᠯᠵᠠᠨ ᠨᠢᠰᠦ ᠪᠡᠨ ᠱᠣᠷᠴᠢᠭᠢᠨᠠᠭᠤᠯᠤᠨ ᠲᠠᠲᠠᠵᠤ ᠤᠤᠭᠤᠭᠠᠳ 《ᠰᠠᠢᠬᠠᠨ ᠭᠠᠷᠴᠤ ᠬᠥᠭᠡᠷᠦᠬᠦᠢ ᠮᠢᠨᠢ》 ᠭᠡᠰᠡᠨ ᠢ᠋ᠶ᠋ᠡᠨ 《ᠲᠥᠷᠥ ᠶ᠋ᠢᠨ ᠮᠢᠨᠢ ᠰᠦᠯᠳᠡ ᠁》 ᠭᠡᠳ ᠬᠣᠭᠣᠯᠠᠢ ᠨᠢ ᠴᠡᠴᠡᠷᠡᠨ ᠨᠢᠳᠦᠨ ᠡᠴᠡ ᠨᠢ ᠨᠢᠯᠪᠤᠰᠤ ᠦᠷᠭᠦᠯᠵᠢᠯᠡᠨ ᠤᠷᠤᠰᠪᠠ᠃
ᠭᠤᠷᠪᠠᠨ ᠠᠶᠠᠭ᠎ᠠ ᠬᠠᠯᠠᠭᠤᠨ ᠠᠷᠢᠬᠢᠨ ᠳ᠋ᠤ᠌ ᠰᠣᠭᠲᠣᠭᠰᠠᠨ ᠡᠪᠦᠭᠡᠨ ᠭᠡᠷ ᠦ᠋ᠨ ᠢ᠋ᠶ᠋ᠡᠨ ᠬᠣᠢᠮᠣᠷ ᠵᠠᠪᠢᠯᠠᠨ ᠰᠠᠭᠤᠭᠠᠳ 《ᠨᠢᠮ᠎ᠠ ᠶ᠋ᠢᠨ ᠤᠭᠰᠠᠭ᠎ᠠ ᠨᠡᠷᠡᠵᠦ ᠪᠠᠢᠭ᠎ᠠ ᠦᠭᠡᠢ》 ᠭᠡᠳ ᠲᠠᠰᠢᠶ᠎ᠠ ᠪᠠᠨ ᠲᠤᠯᠤᠨ᠂ ᠳᠠᠯᠤ ᠪᠠᠨ ᠬᠥᠳᠡᠯᠭᠡᠭᠰᠡᠨ ᠢ᠋ᠶ᠋ᠡᠨ 《ᠮᠠᠭᠤ ᠬᠦᠦ ᠨᠢ ᠨᠡᠷᠡᠵᠦ ᠪᠠᠢᠭ᠎ᠠ ᠶ᠋ᠢ ᠪᠤᠷᠬᠠᠨ ᠪᠣᠯᠤᠭᠠᠴᠢ ᠠᠪᠤ ᠮᠢᠨᠢ ᠬᠠᠷᠠᠭᠰᠠᠨ ᠪᠣᠯ ᠶᠠᠭᠤ ᠭᠡᠬᠦ ᠪᠠᠢᠭᠰᠠᠨ ᠪᠣᠯ》 ᠭᠡᠳ ᠶᠡᠩᠭᠢᠨᠡᠭᠦᠯᠦᠨ ᠤᠬᠢᠯᠠᠬᠤ ᠳ᠋ᠤ᠌ ᠠᠪᠠᠭᠠᠢ ᠨᠢ ᠬᠠᠷ᠎ᠠ ᠨᠢᠯᠪᠤᠰᠤ ᠮᠠᠭᠤ᠂ ᠡᠪᠦᠭᠡᠨ ᠮᠢᠨᠢ ᠪᠢᠲᠡᠭᠡᠢ ᠤᠬᠢᠯᠠ ᠭᠡᠰᠡᠨ ᠪᠣᠯᠪᠠᠴᠤ ᠥᠪᠡᠷ ᠢ᠋ᠶ᠋ᠡᠨ ᠲᠡᠰᠬᠡᠯ ᠦᠭᠡᠢ ᠨᠢᠯᠪᠤᠰᠤ ᠪᠠᠨ ᠲᠣᠰᠣᠯᠠᠭᠤᠯᠵᠤ ᠪᠠᠢᠯ᠎ᠠ᠃
ᠦᠳᠡ ᠶ᠋ᠢᠨ ᠦᠶ᠎ᠡ ᠳ᠋ᠦ᠍ ᠰᠦᠷᠡᠬᠡᠢ ᠰᠣᠭᠲᠣᠭᠰᠠᠨ ᠨᠢᠮ᠎ᠠ ᠬᠣᠶᠠᠷ ᠭᠠᠯᠠᠭᠤᠨ ᠬᠦᠵᠦᠭᠦᠲᠦ ᠠᠷᠢᠬᠢ ᠠᠪᠤᠭᠠᠳ ᠮᠣᠷᠳᠠᠵᠤ ᠰᠢᠭᠤᠳ ᠱᠣᠭᠰᠢᠭᠰᠠᠭᠠᠷ ᠬᠣᠰᠢᠭᠤ ᠰᠠᠬᠢᠭᠤᠰᠤᠨ ᠤ᠋ ᠡᠮᠦᠨᠡᠬᠢ ᠮᠥᠩᠭᠥᠨ ᠴᠥᠭᠦᠴᠡᠨ ᠳ᠋ᠦ᠍ ᠬᠢᠵᠦ 《ᠣᠯᠠᠨ ᠵᠢᠯ ᠲᠠᠨ ᠤ᠋ ᠰᠠᠷᠬᠤᠳ ᠢ᠋ ᠬᠦᠷᠲᠡᠭᠰᠡᠨ ᠡᠪᠦᠭᠡᠨ ᠪᠢ ᠲᠠᠨ ᠳ᠋ᠤ᠌ ᠪᠠᠷᠢᠶ᠎ᠠ》 ᠭᠡᠳ ᠵᠠᠯᠪᠠᠷᠢᠪᠠ᠃
ᠲᠡᠨᠳᠡ ᠡᠴᠡ ᠨᠢᠮ᠎ᠠ ᠰᠢᠭᠤᠳ ᠶᠠᠪᠤᠭᠰᠠᠭᠠᠷ ᠢᠲᠡᠭᠡᠯᠲᠦ ᠶ᠋ᠢᠨ ᠳ᠋ᠦ᠍ ᠢᠷᠡᠯ᠎ᠡ᠃ ᠤᠷᠢᠳᠤ ᠠᠳᠤᠭᠤ ᠮᠠᠯ ᠪᠠᠭᠰᠢᠷᠠᠨ ᠦᠢᠮᠡᠵᠦ ᠪᠠᠢᠳᠠᠭ ᠢᠲᠡᠭᠡᠯᠲᠦ ᠶ᠋ᠢᠨ ᠭᠡᠷ ᠦ᠋ᠨ ᠭᠠᠳᠠᠨ᠎ᠠ ᠭᠤᠷᠪᠠ ᠳᠦᠷᠪᠡᠭᠡᠨ ᠰᠠᠷᠯᠤᠭ ᠤ᠋ᠨ ᠳᠣᠷᠣᠢ ᠢᠳᠡᠵᠦ ᠪᠠᠢᠯ᠎ᠠ᠃ ᠭᠡᠷ ᠦ᠋ᠨ ᠴᠠᠭᠠᠳᠤ ᠲᠠᠯ᠎ᠠ ᠶ᠋ᠢᠨ ᠵᠦᠯᠭᠡᠨ ᠳᠡᠭᠡᠷ᠎ᠡ ᠳᠥᠷᠪᠡᠨ ᠤᠨᠠᠭ᠎ᠠ ᠤᠶᠠᠭᠠᠲᠠᠢ ᠪᠠᠢᠬᠤ ᠪᠥᠭᠡᠳ ᠵᠡᠯ᠎ᠡ ᠡᠴᠡ ᠨᠡᠯᠢᠶᠡᠳ ᠵᠠᠢᠲᠠᠢ ᠠᠵᠢᠷᠭ᠎ᠠ ᠣᠷᠴᠢᠮ ᠠᠳᠤᠭᠤ ᠢᠳᠡᠵᠦ ᠪᠠᠢᠯ᠎ᠠ᠃
ᠢᠲᠡᠭᠡᠯᠲᠦ ᠶ᠋ᠢᠨ ᠭᠠᠳᠠᠨ᠎ᠠ ᠤᠭᠰᠠᠷᠠᠭᠠᠲᠠᠢ ᠪᠠᠢᠳᠠᠭ ᠣᠯᠠᠨ ᠲᠡᠷᠭᠡᠨ ᠦ᠌ ᠣᠷᠣᠨ ᠳ᠋ᠤ᠌ ᠲᠠᠪᠤ ᠵᠢᠷᠭᠤᠭᠠᠨ ᠲᠡᠷᠭᠡ ᠬᠠᠷᠠᠭᠳᠠᠨ᠎ᠠ᠃ ᠤᠷᠢᠳᠤ ᠭᠠᠳᠠᠨ᠎ᠠ ᠨᠢ ᠪᠠᠢᠳᠠᠭ ᠠᠢᠯ ᠤ᠋ᠳ ᠦᠭᠡᠢ ᠪᠣᠯᠤᠭᠠᠳ ᠢᠲᠡᠭᠡᠯᠲᠦ ᠶ᠋ᠢᠨ ᠲᠣᠮᠣ ᠭᠡᠷ᠂ ᠢᠯᠡᠭᠦᠦ ᠭᠡᠷ ᠬᠣᠶᠠᠷ ᠪᠠᠢᠯ᠎ᠠ᠃ ᠬᠠᠷᠠᠯᠠᠨ ᠪᠠᠢᠳᠠᠭ ᠬᠣᠨᠢᠨ ᠤ᠋ ᠲᠣᠮᠣ ᠬᠠᠰᠢᠶ᠎ᠠ ᠣᠷᠣ ᠰᠤᠷᠠᠭ ᠦᠭᠡᠢ ᠠᠯᠠᠭ᠎ᠠ ᠪᠣᠯᠵᠠᠢ᠃
ᠡᠨᠡ ᠪᠦᠬᠦᠨ ᠢ᠋ ᠬᠠᠷᠠᠭᠠᠳ 《ᠮᠠᠨ ᠤ᠋ ᠭᠠᠳᠠᠨ᠎ᠠ ᠳᠣᠯᠣᠭ᠎ᠠ᠂ ᠨᠠᠢ᠍ᠮᠠᠨ ᠰᠠᠷᠯᠤᠭ ᠤ᠋ᠨ ᠳᠣᠷᠣᠢ ᠲᠣᠭᠯᠠᠵᠤ ᠪᠠᠢᠬᠤ ᠳ᠋ᠤ᠌ ᠢᠲᠡᠭᠡᠯᠲᠦ ᠶ᠋ᠢᠨ ᠭᠠᠳᠠᠨ᠎ᠠ ᠬᠣᠶᠠᠷ ᠭᠤᠷᠪᠠᠬᠠᠨ ᠪᠠᠢᠳᠠᠭ ᠁ ᠲᠥᠷᠥ ᠥᠭᠡᠷᠡᠴᠢᠯᠡᠭᠳᠡᠨ᠎ᠡ ᠭᠡᠳᠡᠭ ᠡᠭᠦᠨ ᠢ᠋ ᠬᠡᠯᠡᠳᠡᠭ ᠪᠠᠢᠬᠤ ᠳᠠ᠃ ᠬᠥᠭᠡᠷᠦᠬᠦᠢ》 ᠭᠡᠵᠦ ᠪᠣᠳᠣᠭᠠᠳ ᠭᠡᠷ ᠡᠴᠡ ᠬᠣᠯᠠ ᠪᠤᠰᠤ ᠵᠣᠭᠣᠭᠰᠠᠨ ᠮᠣᠳᠣᠨ ᠱᠣᠩ ᠡᠴᠡ ᠮᠣᠷᠢ ᠪᠠᠨ ᠤᠶᠠᠵᠤ ᠭᠡᠷ ᠦ᠋ᠨ ᠵᠦᠭ ᠶᠠᠪᠤᠯ᠎ᠠ᠃
ᠭᠡᠷ ᠲᠦ᠍ ᠣᠷᠣᠬᠤ ᠳ᠋ᠤ᠌ ᠢᠲᠡᠭᠡᠯᠲᠦ ᠰᠤᠷ ᠡᠯᠳᠡᠵᠦ ᠪᠠᠢᠯ᠎ᠠ᠃ ᠨᠢᠮ᠎ᠠ ᠢᠲᠡᠭᠡᠯᠲᠦ ᠲᠡᠢ ᠮᠡᠨᠳᠦ ᠠᠮᠤᠷ ᠢ᠋ᠶ᠋ᠠᠨ ᠮᠡᠳᠡᠯᠴᠡᠭᠡᠳ ᠠᠪᠴᠢᠷᠠᠭᠰᠠᠨ ᠭᠠᠯᠠᠭᠤᠨ ᠬᠦᠵᠦᠭᠦᠲᠦ ᠪᠡᠨ ᠵᠢᠵᠢᠭᠬᠡᠨ ᠲᠡᠰᠢ ᠬᠠᠳᠠᠭ ᠳᠡᠭᠡᠷ᠎ᠡ ᠲᠠᠯᠪᠢᠨ 《ᠠᠷᠢᠬᠢᠨ ᠤ᠋ ᠪᠠᠨ ᠳᠡᠭᠡᠵᠢ ᠶ᠋ᠢ ᠴᠢᠮᠠᠲᠤ ᠪᠠᠷᠢᠬᠤ ᠭᠡᠵᠦ ᠢᠷᠡᠯ᠎ᠡ᠃ ᠣᠯᠠᠨ ᠵᠢᠯ ᠴᠢᠨᠦ ᠬᠠᠶᠠᠭ᠎ᠠ ᠶ᠋ᠢ ᠲᠦᠰᠢᠵᠦ ᠰᠠᠢᠨ ᠰᠠᠢᠬᠠᠨ ᠶᠠᠪᠤᠭᠰᠠᠨ ᠢ᠋ ᠪᠢ ᠮᠠᠷᠲᠠᠬᠤ ᠦᠭᠡᠢ᠃ ᠮᠠᠨ ᠤ᠋ ᠠᠷᠢᠬᠢ ᠣᠪᠣᠭ᠎ᠠ ᠭᠠᠷᠤᠭᠰᠠᠨ ᠰᠢᠦ》 ᠭᠡᠯᠡ᠃
ᠢᠲᠡᠭᠡᠯᠲᠦ ᠰᠤᠷ ᠢ᠋ᠶ᠋ᠠᠨ ᠲᠠᠯᠪᠢᠵᠤ ᠪᠠᠶᠠᠷᠲᠠᠢ ᠮᠦᠰᠢᠶᠡᠨ ᠠᠷᠢᠬᠢ ᠬᠠᠳᠠᠭ ᠢ᠋ ᠨᠠᠮᠪᠠ ᠲᠠᠢ ᠬᠦᠨᠳᠦᠯᠡᠨ ᠠᠪᠴᠤ 《ᠵᠠᠷᠢᠮ ᠤᠯᠤᠰ ᠴᠤ᠌ ᠮᠠᠨ ᠤ᠋ ᠬᠢ ᠶ᠋ᠢ ᠬᠢᠵᠢᠭ ᠭᠠᠷᠤᠭᠰᠠᠨ ᠠᠢᠯ ᠰᠢᠭ᠋ ᠯᠡ ᠲᠣᠭᠣᠷᠢᠭᠠᠳ ᠪᠠᠢᠳᠠᠭ ᠪᠣᠯᠵᠤ ᠰᠢᠦ᠃ ᠡᠷ᠎ᠡ ᠬᠥᠮᠦᠨ ᠳ᠋ᠦ᠍ ᠳᠣᠷᠣᠢᠲᠠᠬᠤ ᠨᠢᠭᠡ ᠡᠳᠦᠷ ᠪᠠᠢᠬᠤ ᠳ᠋ᠤ᠌ ᠰᠡᠬᠡᠬᠦ ᠨᠢᠭᠡ ᠡᠳᠦᠷ ᠪᠠᠢᠳᠠᠭ ᠶᠤᠮ ᠳᠠ᠃ ᠪᠢ ᠡᠨᠡ ᠵᠠᠰᠠᠭ ᠲᠤ᠌ ᠮᠠᠭᠤ ᠰᠠᠨᠠᠭ᠎ᠠ ᠦᠭᠡᠢ᠂ ᠰᠠᠨᠠᠬᠤ ᠴᠤ᠌ ᠦᠭᠡᠢ 》 ᠭᠡᠰᠡᠨ ᠢ᠋ᠶ᠋ᠡᠨ ᠪᠣᠰᠴᠤ ᠳᠤᠯᠵᠢᠨ ᠢ᠋ ᠳᠠᠭᠤᠳᠠᠨ ᠨᠢᠮ᠎ᠠ ᠶ᠋ᠢ ᠤᠷᠢᠵᠤ ᠬᠣᠢᠮᠣᠷ ᠢ᠋ᠶ᠋ᠠᠨ ᠵᠡᠷᠭᠡᠴᠡᠨ ᠰᠠᠭᠤᠪᠠ᠃
ᠢᠲᠡᠭᠡᠯᠲᠦ ᠶ᠋ᠢᠨ ᠬᠥᠷᠥᠩᠭᠡ ᠶ᠋ᠢ ᠥᠩᠭᠡᠷᠡᠭᠡᠭᠰᠡᠨ ᠬᠠᠪᠤᠷ ᠬᠤᠷᠢᠶᠠᠵᠠᠢ᠃ ᠬᠣᠣᠷ᠎ᠠ ᠡᠴᠡ ᠪᠤᠰᠤᠳ ᠢ᠋ᠶ᠋ᠠᠷ ᠬᠣᠭᠣᠯᠠ ᠬᠢᠵᠦ᠂ ᠬᠣᠯᠲᠣᠰᠣ ᠡᠴᠡ ᠪᠤᠰᠤᠳ ᠢ᠋ᠶ᠋ᠠᠷ ᠡᠳ᠋ ᠬᠢᠵᠦ᠂ ᠬᠡᠮᠵᠢᠶᠡᠯᠡᠰᠢ ᠦᠭᠡᠢ ᠬᠦᠴᠦ ᠤᠬᠠᠭᠠᠨ ᠵᠠᠷᠤᠴᠠᠭᠤᠯᠤᠨ ᠪᠠᠢᠵᠤ ᠬᠤᠷᠠᠮᠳᠤᠯᠠᠭᠰᠠᠨ ᠬᠥᠷᠥᠩᠭᠡ ᠪᠡᠨ ᠬᠤᠷᠢᠶᠠᠭᠳᠠᠭᠰᠠᠨ ᠳ᠋ᠤ᠌ ᠢᠲᠡᠭᠡᠯᠲᠦ ᠦᠯᠡᠮᠵᠢ ᠪᠤᠬᠢᠨᠢᠳᠤᠨ ᠰᠡᠳᠬᠢᠯ ᠪᠣᠳᠣᠯ ᠨᠢ ᠬᠣᠭᠣᠰᠣᠨ ᠬᠥᠨᠳᠡᠢ ᠪᠣᠯᠤᠭᠠᠳ ᠬᠦᠴᠦ ᠴᠢᠳᠠᠯ ᠨᠢ ᠳᠠᠯᠠᠪᠴᠢ ᠪᠠᠨ ᠣᠭᠲᠣᠯᠤᠭᠤᠯᠤᠭᠰᠠᠨ ᠪᠦᠷᠭᠦᠳ ᠰᠢᠭ ᠪᠣᠯᠵᠠᠢ᠃
ᠥᠷᠯᠥᠭᠡ ᠡᠴᠡ ᠡᠬᠢᠯᠡᠨ ᠦᠳᠡᠰᠢ ᠬᠦᠷᠲᠡᠯ᠎ᠡ ᠶᠠᠮᠠᠷ ᠨᠢᠭᠡᠨ ᠶᠠᠭᠤᠮ᠎ᠠ ᠬᠢᠵᠦ ᠬᠠᠷᠠᠯᠠᠭᠰᠠᠨ ᠰᠡᠳᠬᠢᠯ ᠢ᠋ᠶ᠋ᠡᠨ ᠵᠤᠭᠠᠴᠠᠭᠤᠯᠤᠨ ᠠᠭᠤᠷ ᠪᠤᠬᠢᠨᠢᠳᠤᠯ ᠢ᠋ᠶ᠋ᠠᠨ ᠳᠠᠷᠤᠵᠤ ᠪᠠᠢᠯ᠎ᠠ᠃
ᠨᠣᠶᠠᠳ᠂ ᠲᠠᠢᠵᠢ ᠨᠠᠷ ᠪᠣᠯᠤᠨ ᠵᠢᠰᠠ ᠶ᠋ᠢᠨ ᠬᠥᠷᠥᠩᠭᠡ ᠶ᠋ᠢ ᠬᠤᠷᠢᠶᠠᠭᠰᠠᠨ ᠨᠢ ᠲᠦᠮᠡᠨ ᠵᠥᠪ ᠪᠥᠭᠡᠳ ᠲᠡᠷᠡ ᠬᠥᠷᠥᠩᠭᠡ ᠳ᠋ᠦ᠍ ᠲᠡᠳᠡᠨ ᠦ᠌ ᠨᠢᠭᠡ ᠳᠤᠰᠤᠯ ᠴᠤ᠌ ᠬᠥᠯᠥᠰᠥ ᠦᠭᠡᠢ ᠪᠣᠯᠬᠣᠷ ᠲᠡᠭᠦᠨ ᠢ᠋ ᠡᠵᠡᠮᠰᠢᠬᠦ ᠡᠷᠬᠡ ᠲᠡᠳᠡ ᠨᠠᠷ ᠲᠤ᠌ ᠦᠭᠡᠢ ᠶᠤᠮ᠃ ᠬᠠᠷᠢᠨ ᠪᠢ ᠪᠣᠯ ᠲᠡᠳᠡᠨ ᠲᠡᠢ ᠠᠳᠠᠯᠢ ᠪᠢᠰᠢ᠃ ᠪᠢ ᠪᠣᠯ ᠨᠢᠭᠡᠳᠦᠭᠡᠷ ᠲᠦ᠍ ᠠᠷᠠᠳ ᠬᠥᠮᠦᠨ᠃ ᠬᠣᠶᠠᠳᠤᠭᠠᠷ ᠲᠤ᠌ ᠮᠢᠨᠦ ᠬᠥᠷᠥᠩᠭᠡ ᠪᠣᠯ ᠮᠢᠨᠦ ᠬᠥᠯᠥᠰᠥ᠂ ᠤᠬᠠᠭᠠᠨ ᠤᠴᠢᠷ ᠡᠴᠡ ᠨᠠᠮᠠᠶ᠋ᠢ ᠲᠡᠳᠡᠨ ᠲᠡᠢ ᠠᠳᠠᠯᠢ ᠳ᠋ᠤ᠌ ᠦᠵᠡᠵᠦ ᠪᠣᠯᠬᠤ ᠦᠭᠡᠢ ᠪᠠᠢᠭᠰᠠᠨ ᠰᠢᠦ ᠳᠡ ᠭᠡᠵᠦ ᠪᠣᠳᠣᠭᠠᠳ ᠬᠥᠷᠥᠩᠭᠡ ᠶ᠋ᠢ ᠨᠢ ᠬᠤᠷᠢᠶᠠᠭᠰᠠᠨ ᠵᠠᠰᠠᠭ ᠲᠥᠷᠥ ᠳ᠋ᠦ᠍ ᠭᠣᠮᠣᠳᠠᠵᠤ ᠪᠠᠢᠭᠰᠠᠨ᠃ ᠭᠡᠪᠡᠴᠦ ᠡᠨᠡ ᠭᠣᠮᠣᠳᠠᠯ ᠢ᠋ᠶ᠋ᠠᠨ ᠭᠠᠷᠭᠠᠪᠠᠯ ᠨᠡᠮᠡᠵᠦ ᠬᠣᠬᠢᠷᠠᠨ᠎ᠠ ᠭᠡᠵᠦ ᠪᠣᠳᠣᠭᠠᠳ ᠵᠠᠰᠠᠭ ᠲᠥᠷᠥ ᠶ᠋ᠢ ᠮᠠᠭᠤ ᠬᠡᠯᠡᠳᠡᠭ ᠦᠭᠡᠢ ᠪᠠᠢᠯ᠎ᠠ᠃
ᠶᠠᠪᠤᠭᠠᠨ ᠳ᠋ᠠᠭᠠᠨ ᠰᠢᠨ᠎ᠡ ᠪᠠᠢᠳᠠᠯ ᠳ᠋ᠠᠭᠠᠨ ᠲᠡᠰᠴᠦ᠂ ᠪᠦᠬᠦ ᠭᠤᠨᠢᠭᠯᠠᠯ ᠪᠤᠬᠢᠨᠢᠳᠤᠯ ᠢ᠋ ᠢᠲᠡᠭᠡᠯᠲᠦ᠂ ᠬᠡᠵᠢᠶ᠎ᠡ ᠴᠦ᠍ ᠬᠥᠮᠦᠨ ᠡᠴᠡ ᠳᠣᠣᠷ᠎ᠠ ᠦᠭᠡᠢ ᠠᠮᠢᠳᠤᠷᠠᠵᠤ ᠴᠢᠳᠠᠨ᠎ᠠ ᠭᠡᠳᠡᠭ ᠪᠣᠳᠣᠯ ᠢ᠋ᠶ᠋ᠠᠷ ᠳᠠᠷᠤᠵᠤ ᠪᠠᠢᠵᠠᠢ᠃
ᠢᠲᠡᠭᠡᠯᠲᠦ ᠳ᠋ᠦ᠍ ᠳᠠᠷᠤᠭᠰᠠᠨ ᠬᠥᠷᠥᠩᠭᠡ ᠪᠠᠢᠭᠰᠠᠨ᠃ ᠠᠮᠠᠨ ᠤ᠋ ᠡᠬᠢᠨ ᠦ᠌ ᠮᠣᠳᠣᠨ ᠳ᠋ᠤ᠌ ᠦᠨᠡᠲᠡᠢ ᠵᠦᠢᠯ ᠴᠢᠬᠢᠵᠦ ᠬᠢᠭᠡᠳ ᠪᠤᠯᠠᠭᠰᠠᠨ ᠳᠥᠷᠪᠡᠨ ᠠᠪᠳᠠᠷ᠎ᠠ ᠪᠣᠢ ᠶᠤᠮ᠃ ᠰᠦᠷᠦᠩ ᠪᠣᠯ ᠶᠠᠳᠠᠭᠤ ᠠᠷᠠᠳ ᠤ᠋ᠨ ᠥᠬᠢᠨ ᠭᠡᠳᠡᠭ ᠨᠡᠷ᠎ᠡ ᠪᠡᠷ ᠬᠣᠩᠭᠣᠷ ᠰᠦᠷᠦᠩ ᠬᠣᠶᠠᠷ ᠮᠠᠯ ᠬᠥᠷᠥᠩᠭᠡ ᠨᠡᠯᠢᠶᠡᠳ ᠢ᠋ ᠲᠠᠰᠤᠯᠵᠤ ᠠᠪᠤᠭᠰᠠᠨ᠃ ᠠᠪᠳᠠᠷ᠎ᠠ ᠳ᠋ᠠᠭᠠᠨ ᠪᠣᠯ ᠶᠡᠬᠡ ᠶᠠᠭᠤᠮ᠎ᠠ ᠬᠢᠵᠡᠢ᠃ ᠲᠡᠭᠡᠭᠡᠳ ᠬᠣᠩᠭᠣᠷ ᠤ᠋ᠨ ᠬᠢ ᠰᠠᠯᠵᠤ ᠨᠡᠭᠦᠭᠰᠡᠨ ᠪᠥᠭᠡᠳ ᠢᠲᠡᠭᠡᠯᠲᠦ ᠳᠤᠷᠠᠲᠠᠢ ᠡᠳᠦᠷ ᠢ᠋ᠶ᠋ᠡᠨ ᠬᠦᠦ ᠶ᠋ᠢᠨ ᠢ᠋ᠶ᠋ᠡᠨ ᠬᠣᠲᠠ ᠡᠴᠡ ᠬᠣᠨᠢ ᠰᠢᠯᠢᠵᠦ ᠠᠪᠤᠭᠠᠳ ᠢᠳᠡᠵᠦ ᠪᠣᠯᠬᠤ ᠪᠠᠢᠪᠠ᠃
ᠰᠦᠷᠦᠩ ᠲᠡᠷᠡ ᠬᠥᠷᠥᠩᠭᠡ ᠳ᠋ᠦ᠍ ᠪᠦᠷᠢᠨ ᠪᠡᠶ᠎ᠡ ᠪᠡᠨ ᠳᠠᠭᠠᠭᠠᠵᠤ ᠡᠵᠡᠩᠨᠡᠨ ᠪᠠᠢᠬᠤ ᠨᠢ ᠢᠲᠡᠭᠡᠯᠲᠦ ᠶ᠋ᠢᠨ ᠪᠠᠬᠠᠳᠤᠯ ᠢ᠋ ᠲᠥᠷᠥᠭᠦᠯᠦᠨ᠎ᠡ᠃ ᠢᠩᠭᠢᠭᠡᠳ ᠢᠲᠡᠭᠡᠯᠲᠦ ᠳᠤᠷᠠᠲᠠᠢ ᠴᠠᠭ ᠲᠠᠭᠠᠨ ᠮᠠᠯᠵᠢᠵᠤ ᠴᠢᠳᠠᠬᠤ ᠪᠠᠢᠪᠠ᠃ ᠭᠡᠪᠡᠴᠦ ᠴᠠᠭ ᠤ᠋ᠨ ᠪᠠᠢᠳᠠᠯ ᠶᠠᠭᠤ ᠪᠣᠯᠬᠤ ᠶ᠋ᠢ ᠬᠠᠷᠠᠬᠤ ᠨᠢ ᠴᠢᠬᠤᠯᠠ ᠪᠠᠢᠯ᠎ᠠ᠃
ᠬᠥᠷᠥᠩᠭᠡ ᠮᠠᠯ ᠦᠭᠡᠢ ᠪᠣᠯᠤᠭᠰᠠᠨ ᠡᠴᠡ ᠬᠣᠢᠰᠢ ᠣᠷᠣᠵᠤ ᠭᠠᠷᠳᠠᠭ ᠬᠥᠮᠦᠨ ᠦ᠌ ᠬᠥᠯ ᠲᠠᠲᠠᠷᠠᠵᠤ ᠤᠷᠢᠳᠤ ᠢᠲᠡᠭᠡᠯᠲᠦ ᠭᠤᠸᠠᠢ ᠭᠡᠳ ᠯᠡ ᠰᠦᠢᠳ ᠪᠣᠯᠳᠠᠭ ᠬᠥᠮᠦᠰ ᠪᠠᠷᠤᠭ ᠮᠡᠨᠳᠦ ᠦᠭᠡᠢ ᠵᠥᠷᠢᠳᠡᠭ ᠪᠣᠯᠤᠭᠰᠠᠨ᠃ ᠡᠭᠦᠨ ᠳ᠋ᠦ᠍ ᠢᠲᠡᠭᠡᠯᠲᠦ ᠦᠯᠡᠮᠵᠢ ᠬᠣᠷᠣᠰᠴᠤ ᠣᠯᠠᠨ ᠡᠴᠡ ᠳᠤᠰᠠᠭᠠᠷᠳᠠᠮᠠᠯ ᠪᠠᠢᠳᠠᠯ ᠨᠢ ᠲᠡᠭᠦᠨ ᠦ᠌ ᠰᠡᠳᠬᠢᠯ ᠢ᠋ ᠳᠠᠷᠤᠵᠤ ᠪᠠᠢᠯ᠎ᠠ᠃
ᠭᠡᠲᠡᠯ᠎ᠡ ᠨᠢᠮ᠎ᠠ ᠡᠪᠦᠭᠡᠨ ᠠᠷᠢᠬᠢᠨ ᠤ᠋ ᠪᠠᠨ ᠳᠡᠭᠡᠵᠢ ᠶ᠋ᠢ ᠮᠠᠭᠤ ᠪᠣᠯᠪᠠᠴᠤ ᠬᠠᠳᠠᠭ ᠲᠠᠢ ᠪᠠᠷᠢᠵᠤ ᠢᠷᠡᠭᠰᠡᠨ ᠳ᠋ᠦ᠍ ᠢᠲᠡᠭᠡᠯᠲᠦ ᠬᠠᠭᠠᠷᠠᠲᠠᠯ᠎ᠠ ᠪᠠᠶᠠᠷᠯᠠᠭᠰᠠᠨ ᠪᠢᠯᠡ᠃
᠊᠊᠊᠊᠊᠊᠊᠊᠊᠊᠊᠊᠊᠊᠊ ᠨᠢᠮ᠎ᠠ ᠭᠤᠸᠠᠢ ᠳ᠋ᠤ᠌ ᠢᠳᠡᠭᠡ ᠴᠠᠢ ᠭᠡᠵᠦ ᠣᠷᠣᠵᠤ ᠢᠷᠡᠭᠰᠡᠨ ᠳᠤᠯᠵᠢᠨ ᠳ᠋ᠤ᠌ ᠬᠡᠯᠡᠭᠡᠳ ᠡᠪᠦᠭᠡᠨ ᠦ᠌ ᠢᠷᠡᠭᠰᠡᠨ ᠤᠴᠢᠷ ᠢ᠋ ᠨᠢᠳᠦ ᠪᠡᠨ ᠭᠢᠯᠠᠯᠵᠠᠭᠤᠯᠤᠨ ᠶᠠᠷᠢᠵᠤ ᠠᠷᠢᠬᠢ᠂ ᠬᠠᠳᠠᠭ ᠢ᠋ ᠦᠵᠡᠭᠦᠯᠪᠡ᠃ ᠳᠤᠯᠵᠢᠨ ᠴᠤ᠌ ᠪᠠᠶᠠᠷᠯᠠᠨ ᠨᠢᠮ᠎ᠠ ᠶ᠋ᠢᠨ ᠬᠥᠮᠦᠨ ᠰᠠᠢᠲᠠᠢ ᠶ᠋ᠢ ᠮᠠᠭᠲᠠᠨ᠂ ᠴᠠᠢ ᠢᠳᠡᠭᠡ ᠲᠠᠯᠪᠢᠵᠤ ᠥᠭᠭᠦᠭᠰᠡᠨ ᠪᠠ ᠮᠥᠩᠭᠥᠨ ᠠᠶᠠᠭ᠎ᠠ ᠭᠠᠷᠭᠠᠵᠤ ᠨᠥᠬᠥᠷ ᠲᠡᠭᠡᠨ ᠥᠭᠪᠡ᠃
ᠢᠲᠡᠭᠡᠯᠲᠦ ᠠᠷᠢᠬᠢᠨ ᠡᠴᠡ ᠠᠮᠲᠠᠷᠬᠠᠨ ᠤᠤᠭᠤᠭᠠᠳ 《ᠦᠨᠡᠬᠡᠷ ᠰᠠᠢᠬᠠᠨ ᠭᠠᠷᠴᠤ ᠳᠠ᠃ ᠠᠷᠢᠬᠢ ᠶ᠋ᠢ ᠴᠦ᠍ ᠪᠢ ᠮᠡᠳᠡᠨ᠎ᠡ ᠁ ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ ᠭᠡᠳᠡᠭ ᠶᠤᠮ ᠳᠡ ᠨᠢᠮ᠎ᠠ ᠭᠤᠸᠠᠢ ᠮᠢᠨᠢ᠃ ᠵᠠᠰᠠᠭ ᠲᠥᠷᠥ ᠢᠪᠡᠭᠡᠵᠦ ᠥᠭᠭᠦᠭᠰᠡᠨ ᠬᠥᠷᠥᠩᠭᠡ ᠶ᠋ᠢ ᠰᠠᠢᠬᠠᠨ ᠪᠥᠭᠡᠴᠡᠢᠯᠡᠬᠦ ᠬᠡᠷᠡᠭᠲᠡᠢ》 ᠭᠡᠳ ᠮᠥᠩᠭᠥᠨ ᠠᠶᠠᠭ᠎ᠠ ᠳᠦᠭᠦᠷᠡᠩ ᠠᠷᠢᠬᠢ ᠬᠢᠭᠰᠡᠨ ᠢ᠋ᠶ᠋ᠡᠨ 《ᠢᠳᠡᠭᠡ ᠡᠵᠡᠨ ᠢ᠋ᠶ᠋ᠡᠨ ᠲᠠᠨᠢᠳᠠᠭ ᠦᠭᠡᠢ》 ᠭᠡᠵᠦ ᠬᠡᠯᠡᠭᠡᠳ ᠨᠢᠮ᠎ᠠ ᠳ᠋ᠤ᠌ ᠥᠭᠪᠡ᠃
᠊᠊᠊᠊᠊᠊᠊᠊᠊᠊᠊᠊᠊᠊᠊ ᠨᠢᠮ᠎ᠠ ᠭᠤᠸᠠᠢ ᠴᠤ᠌ ᠠᠵᠢᠯᠴᠢ᠂ ᠮᠠᠯᠴᠢ ᠬᠥᠮᠦᠨ ᠳᠡ᠃ ᠥᠭᠭᠦᠭᠰᠡᠨ ᠶᠠᠭᠤᠮ᠎ᠠ ᠶ᠋ᠢ ᠥᠭᠡᠳᠡ ᠨᠢ ᠲᠠᠲᠠᠭᠠᠳ ᠠᠪᠴᠤ ᠴᠢᠳᠠᠬᠤ ᠪᠠᠢᠬᠤ ᠭᠡᠳ ᠢᠲᠡᠭᠡᠯᠲᠦ ᠳᠠᠭᠤ ᠦᠭᠡᠢ ᠪᠣᠯᠵᠤ ᠠᠷᠢᠬᠢ ᠶ᠋ᠢ ᠠᠶᠠᠭᠠᠨ ᠳ᠋ᠤ᠌ ᠬᠢᠯ᠎ᠡ᠃
ᠢᠲᠡᠭᠡᠯᠲᠦ ᠬᠠᠮᠲᠤᠷᠠᠯ ᠺᠣᠮᠮᠤᠢᠨ ᠤ᠋ ᠬᠢᠨ ᠦ᠌ ᠠᠵᠢᠯ ᠨᠢ ᠪᠦᠲᠦᠮᠵᠢ ᠦᠭᠡᠢ᠃ ᠮᠠᠯ ᠨᠢ ᠦᠬᠦᠵᠦ ᠦᠷᠡᠭᠳᠡᠵᠦ ᠪᠠᠢᠭ᠎ᠠ ᠶ᠋ᠢ ᠬᠠᠷᠠᠭᠠᠳ 《ᠠ᠋ ᠴᠠᠪᠠᠰᠤ ᠳᠠ᠃ ᠮᠢᠨᠦ ᠭᠠᠷ ᠲᠤ᠌ ᠥᠭᠭᠦᠭᠡᠰᠡᠢ ᠬᠠᠢᠷᠠᠨ ᠮᠠᠯ》 ᠭᠡᠵᠦ ᠪᠣᠳᠣᠵᠤ ᠪᠠᠢᠭᠰᠠᠨ᠃ ᠡᠨᠡ ᠴᠦ᠍ ᠤᠴᠢᠷ ᠡᠴᠡ ᠨᠢᠮ᠎ᠠ ᠳ᠋ᠤ᠌ 《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ》 ᠭᠡᠵᠦ ᠬᠡᠯᠡᠭᠰᠡᠨ ᠪᠢᠯᠡ᠃
᠊᠊᠊᠊᠊᠊᠊᠊᠊᠊᠊᠊᠊᠊᠊ ᠮᠠᠨ ᠤ᠋ ᠢᠲᠡᠭᠡᠯᠲᠦ ᠴᠦ᠍ ᠤᠬᠠᠭᠠᠨᠲᠠᠢ ᠬᠥᠮᠦᠨ ᠶᠤᠮ ᠳᠡ᠃ ᠨᠥᠬᠥᠷ ᠭᠤ ᠲᠤᠰᠠᠯᠠᠭᠴᠢ ᠬᠥᠷᠥᠩᠭᠡ ᠪᠡᠨ ᠠᠪᠬᠠᠭᠤᠯᠤᠭᠰᠠᠨ ᠤ᠋ ᠮᠠᠷᠭᠠᠰᠢ ᠨᠢ ᠬᠠᠷ᠎ᠠ ᠦᠵᠦᠭᠦᠷ ᠦ᠋ᠨ ᠤᠯᠢᠶᠠᠰᠤᠨ ᠳ᠋ᠤ᠌ ᠪᠣᠭᠣᠵᠤ ᠳᠠᠯᠢᠢᠭᠰᠠᠨ ᠭᠡᠳᠡᠭ ᠰᠢᠦ᠃ ᠣᠮ ᠮᠠᠨᠢ ᠪᠠᠳ ᠮᠢ ᠬᠣᠮ ᠭᠡᠵᠦ ᠨᠢᠮ᠎ᠠ ᠬᠡᠯᠡᠭᠡᠳ ᠵᠠᠯᠪᠠᠷᠢᠪᠠ᠃
᠊᠊᠊᠊᠊᠊᠊᠊᠊᠊᠊᠊᠊᠊᠊ ᠪᠢ ᠴᠦ᠍ ᠦᠬᠦᠬᠦ ᠦᠭᠡᠢ᠁ ᠮᠠᠨ ᠤ᠋ ᠮᠠᠯ ᠰᠠᠢᠬᠠᠨ ᠮᠠᠯ ᠪᠠᠢᠭᠰᠠᠨ ᠰᠢᠦ᠃
᠊᠊᠊᠊᠊᠊᠊᠊᠊᠊᠊᠊᠊᠊᠊ ᠶᠠᠷᠢᠶ᠎ᠠ ᠶᠠᠭᠤ ᠪᠠᠢᠬᠤ ᠪᠣᠢ ᠳᠠ᠃ ᠴᠥᠪᠥᠷᠢᠭᠦᠦ ᠰᠢᠭ ᠯᠡ ᠠᠮᠢᠲᠠᠨ ᠪᠠᠢᠵᠤ ᠪᠢᠯᠡ᠃ ᠨᠥᠭᠦᠭᠡ ᠲᠠᠨ ᠤ᠋ ᠵᠢᠷᠣᠭ᠎ᠠ ᠬᠡᠭᠡᠷ ᠢ᠋ ᠬᠠᠮᠲᠤᠷᠠᠯ ᠤ᠋ᠨ ᠠᠳᠤᠭᠤᠴᠢᠨ ᠤᠨᠤᠭᠠᠳ ᠶᠠᠪᠤᠵᠤ ᠪᠠᠢᠬᠤ ᠶ᠋ᠢ ᠬᠠᠷᠠᠭᠰᠠᠨ᠃ ᠶᠠᠰᠤᠨ ᠶᠠᠨᠳᠠᠩ ᠪᠣᠯᠴᠢᠬᠠᠭᠰᠠᠨ ᠪᠠᠢᠨ᠎ᠠ ᠪᠢᠯᠡ ᠭᠡᠵᠦ ᠨᠢᠮ᠎ᠠ ᠶ᠋ᠢᠨ ᠬᠡᠯᠡᠬᠦ ᠳ᠋ᠦ᠍ ᠢᠲᠡᠭᠡᠯᠲᠦ ᠰᠠᠨᠠᠭ᠎ᠠ ᠠᠯᠲᠠᠨ ᠭᠣᠮᠣᠳᠠᠯᠲᠠᠢ ᠮᠦᠰᠢᠶᠡᠭᠰᠡᠨ ᠢ᠋ᠶ᠋ᠡᠨ 《ᠵᠠ ᠲᠡᠷᠡ ᠴᠦ᠍ ᠶᠠᠭᠠᠬᠢᠬᠤ ᠪᠣᠢ》 ᠭᠡᠯᠡ᠃
᠊᠊᠊᠊᠊᠊᠊᠊᠊᠊᠊᠊᠊᠊᠊ ᠡᠨᠡ ᠬᠣᠶᠠᠷ ᠠᠷᠢᠬᠢ ᠤᠤᠭᠤᠨ ᠶᠠᠷᠢᠵᠤ ᠪᠠᠢᠲᠠᠯ᠎ᠠ ᠮᠣᠷᠢᠨ ᠲᠦᠪᠡᠷᠭᠡᠨ ᠰᠣᠨᠣᠰᠤᠭᠳᠠᠵᠤ ᠤᠳᠠᠯ ᠦᠭᠡᠢ ᠰᠦᠷᠡᠬᠡᠢ ᠰᠣᠭᠲᠣᠭᠰᠠᠨ ᠭᠠᠯᠰᠠᠩ ᠣᠷᠣᠵᠤ ᠢᠷᠡᠯ᠎ᠡ᠃ ᠪᠦᠭᠦᠳᠡ ᠲᠡᠢ ᠮᠡᠨᠳᠦ ᠠᠮᠤᠷ ᠢ᠋ᠶ᠋ᠠᠨ ᠮᠡᠳᠡᠭᠡᠳ ᠰᠠᠭᠤᠬᠤ ᠳ᠋ᠤᠨᠢ ᠳᠤᠯᠵᠢᠨ ᠴᠠᠢ ᠠᠶᠠᠭᠠᠯᠠᠵᠤ ᠥᠭᠬᠦ ᠳ᠋ᠦ᠍ ᠤᠤᠭᠤᠭᠰᠠᠨ ᠦᠭᠡᠢ ᠡᠮᠦᠨ᠎ᠡ ᠪᠡᠨ ᠲᠠᠯᠪᠢᠭᠠᠳ 《ᠪᠢ ᠠᠷᠠᠳ ᠤ᠋ᠨ ᠵᠠᠰᠠᠭ ᠤ᠋ᠨ ᠠᠴᠢ ᠪᠠᠷ ᠰᠠᠭᠠᠬᠤ ᠦᠨᠢᠶ᠎ᠡ ᠲᠡᠢ᠂ ᠤᠨᠤᠬᠤ ᠮᠣᠷᠢ ᠲᠠᠢ᠂ ᠢᠳᠡᠬᠦ ᠬᠣᠨᠢ ᠲᠠᠢ ᠪᠣᠯᠤᠭᠰᠠᠨ》 ᠭᠡᠳ ᠬᠡᠯᠡ ᠨᠢ ᠴᠤᠯᠴᠠᠷᠠᠨ ᠶᠡᠬᠡ ᠯᠡ ᠪᠠᠷᠳᠠᠮᠨᠠᠨ ᠬᠡᠯᠡᠪᠡ᠃
᠊᠊᠊᠊᠊᠊᠊᠊᠊᠊᠊᠊᠊᠊᠊ ᠠᠰᠢᠲᠠᠢ ᠤᠤ ᠳᠠ ᠭᠡᠵᠦ ᠢᠲᠡᠭᠡᠯᠲᠦ ᠲᠣᠭᠣᠮᠵᠢᠷ ᠦᠭᠡᠢ ᠬᠡᠯᠡᠭᠡᠳ ᠭᠠᠩᠰᠠ ᠪᠠᠨ ᠭᠠᠷᠭᠠᠵᠤ ᠲᠠᠮᠠᠬᠢ ᠲᠠᠲᠠᠯ᠎ᠠ᠃
᠊᠊᠊᠊᠊᠊᠊᠊᠊᠊᠊᠊᠊᠊᠊ ᠲᠠ ᠠᠰᠢᠲᠠᠢ ᠤᠤ ᠳᠠ ᠭᠡᠨ᠎ᠡ᠃ ᠨᠢᠳᠤᠷᠭᠠᠨ ᠢᠲᠡᠭᠡᠯᠲᠦ ᠪᠣᠯ ᠴᠢᠮᠠᠶ᠋ᠢ ᠮᠥᠯᠵᠢᠵᠦ ᠳᠠᠷᠤᠯᠠᠵᠤ ᠪᠠᠢᠭᠰᠠᠨ ᠬᠠᠷᠭᠢᠰ ᠡᠲᠡᠭᠡᠳ ᠭᠡᠵᠦ ᠳᠣᠷᠵᠢ ᠭᠤᠸᠠᠢ ᠬᠡᠯᠡᠭᠰᠡᠨ᠃ ᠡᠨᠡ ᠪᠣᠯ ᠠᠷᠭ᠎ᠠ ᠦᠭᠡᠢ ᠦᠨᠡᠨ ᠦᠭᠡ᠃ ᠴᠢ ᠨᠠᠮᠠᠶ᠋ᠢ ᠵᠠᠩᠨᠠᠳᠠᠭ ᠪᠠᠢᠭᠰᠠᠨ ᠲᠡᠢᠮᠦ ᠤᠤ? ᠣᠳᠣ ᠵᠠᠩᠨᠠᠵᠤ ᠴᠢᠳᠠᠬᠤ ᠦᠭᠡᠢ᠃ ᠬᠡᠷᠪᠡ ᠴᠢ ᠵᠠᠩᠨᠠᠪᠠᠯ ᠪᠢ ᠳᠣᠷᠵᠢ ᠭᠤᠸᠠᠢ ᠳ᠋ᠤ᠌ ᠬᠡᠯᠡᠵᠦ ᠣᠷᠬᠢᠨ᠎ᠠ ᠁ ᠭᠡᠵᠦ ᠭᠠᠯᠰᠠᠩ ᠠᠭᠰᠤᠮᠨᠠᠨ ᠬᠥᠨᠳᠡᠯᠢᠳᠬᠦ ᠳ᠋ᠦ᠍ ᠨᠢᠮ᠎ᠠ ᠲᠠᠰᠤᠯᠵᠤ᠂
᠊᠊᠊᠊᠊᠊᠊᠊᠊᠊᠊᠊᠊᠊᠊ ᠭᠠᠯᠰᠠᠩ ᠮᠢᠨᠢ ᠳᠡᠮᠡᠢ ᠣᠯᠠᠨ ᠦᠭᠡ ᠬᠡᠷᠡᠭ ᠦᠭᠡᠢ᠃ ᠴᠢ ᠪᠢᠳᠡ ᠬᠣᠶᠠᠷ ᠢᠲᠡᠭᠡᠯᠲᠦ ᠡᠴᠡ ᠢᠳᠡᠬᠦ ᠪᠡᠷ ᠢ᠋ᠶ᠋ᠡᠨ ᠪᠣᠯᠤᠭᠰᠠᠨ! ᠭᠡᠯᠡ᠃
᠊᠊᠊᠊᠊᠊᠊᠊᠊᠊᠊᠊᠊᠊᠊ ᠬᠤᠷᠠᠭ᠎ᠠ ᠲᠡᠵᠢᠭᠡᠪᠡᠯ ᠲᠣᠰᠣᠳᠠᠨᠠ᠃ ᠪᠡᠯᠲᠡᠷᠭᠡ ᠲᠡᠵᠢᠭᠡᠪᠡᠯ ᠤᠰᠠᠳᠤᠨ᠎ᠠ ᠭᠡᠳᠡᠭ ᠯᠡ ᠪᠣᠯᠵᠤ ᠪᠠᠢᠨ᠎ᠠ ᠭᠡᠳ ᠳᠤᠯᠵᠢᠨ ᠰᠢᠷᠪᠢ ᠲᠠᠲᠠᠯ᠎ᠠ᠃
᠊᠊᠊᠊᠊᠊᠊᠊᠊᠊᠊᠊᠊᠊᠊ ᠳᠤᠯᠵᠢᠨ ᠠ᠋! ᠭᠠᠯᠰᠠᠩ ᠳ᠋ᠤ᠌ ᠠᠷᠢᠬᠢ ᠬᠢᠵᠦ ᠥᠭ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠨᠢᠳᠦᠨ ᠳ᠋ᠦ᠍ᠨᠢ ᠬᠢᠵᠠᠭᠠᠷ ᠦᠭᠡᠢ ᠬᠣᠷᠣᠰᠤᠯ ᠲᠣᠳᠣᠷᠠᠵᠤ ᠪᠠᠢᠯ᠎ᠠ᠃ ᠢᠲᠡᠭᠡᠯᠲᠦ ᠶ᠋ᠢᠨ ᠠᠭᠤᠷ ᠪᠠᠭᠲᠠᠨ ᠶᠠᠳᠠᠨ ᠪᠠᠳᠠᠷᠠᠵᠤ ᠭᠠᠯᠰᠠᠩ ᠢ᠋ ᠣᠳᠣᠬᠠᠨ ᠢᠰᠬᠦᠯᠦᠭᠡᠳ ᠬᠥᠭᠡᠭᠡᠵᠦ ᠭᠠᠷᠭᠠᠮᠠᠷ ᠪᠠᠢᠭᠰᠠᠨ ᠠᠪᠠᠴᠤ ᠰᠡᠳᠬᠢᠯ ᠦ᠋ᠨ ᠭᠦᠨ ᠳ᠋ᠦ᠍ ᠲᠡᠭᠡᠵᠦ ᠪᠣᠯᠬᠤ ᠦᠭᠡᠢ᠂ ᠥᠨᠥᠳᠥᠷ ᠭᠠᠯᠰᠠᠩ ᠦᠨᠡᠲᠡᠢ ᠪᠣᠯᠬᠣᠷ ᠬᠡᠷᠡᠭ ᠲᠦ᠍ ᠠᠮᠠᠷᠬᠠᠨ ᠣᠷᠣᠨ᠎ᠠ᠃
ᠭᠡᠪᠡᠴᠦ ᠴᠢ ᠤᠬᠠᠭᠠᠨᠲᠠᠢ ᠬᠥᠮᠦᠨ ᠰᠢᠦ ᠭᠡᠵᠦ ᠨᠢᠭᠡ ᠬᠥᠮᠦᠨ ᠬᠡᠯᠡᠭᠡᠳ ᠪᠠᠢᠬᠤ ᠰᠢᠭ᠋ ᠪᠠᠢᠯ᠎ᠠ᠃ ᠢᠲᠡᠭᠡᠯᠲᠦ ᠲᠡᠪᠴᠢᠨ᠄
᠊᠊᠊᠊᠊᠊᠊᠊᠊᠊᠊᠊᠊᠊᠊ ᠭᠠᠯᠰᠠᠩ ᠴᠢ ᠰᠣᠭᠲᠣᠵᠤ ᠰᠢᠦ ᠭᠡᠵᠦ ᠳᠠᠪᠲᠠᠵᠤ ᠪᠠᠢᠯ᠎ᠠ᠃
ᠬᠡᠰᠡᠭ ᠳᠠᠭᠤᠨ ᠦᠭᠡᠢ ᠭᠠᠩᠬᠤᠵᠤ ᠪᠠᠢᠭᠰᠠᠨ ᠭᠠᠯᠰᠠᠩ᠄
᠊᠊᠊᠊᠊᠊᠊᠊᠊᠊᠊᠊᠊᠊᠊ ᠢᠲᠡᠭᠡᠯᠲᠦ ᠴᠢᠮ᠎ᠠ ᠡᠴᠡ ᠪᠣᠯᠵᠤ ᠳᠤᠯᠮ᠎ᠠ ᠨᠠᠳᠠ ᠡᠴᠡ ᠵᠢᠭᠤᠲᠠᠭᠰᠠᠨ᠃ ᠴᠢ ᠨᠠᠮᠠᠶ᠋ᠢ ᠶᠠᠮᠠᠷ ᠬᠥᠮᠦᠨ ᠪᠣᠯᠭᠠᠭᠰᠠᠨ ᠢ᠋ᠶ᠋ᠠᠨ ᠮᠡᠳᠡᠵᠦ ᠪᠠᠢᠨ᠎ᠠ ᠤᠤ? ᠭᠡᠵᠦ ᠬᠠᠰᠬᠢᠷᠪᠠ᠃
᠊᠊᠊᠊᠊᠊᠊᠊᠊᠊᠊᠊᠊᠊᠊ ᠬᠠᠷᠢᠨ ᠮᠢᠨᠦ ᠬᠦᠴᠦ ᠪᠡᠷ ᠴᠢ ᠳᠤᠯᠮ᠎ᠠ ᠶ᠋ᠢ ᠬᠡᠳᠦ ᠬᠣᠨᠣᠭ ᠲᠡᠪᠡᠷᠢᠭᠰᠡᠨ ᠪᠢᠰᠢ ᠤᠤ᠃ ᠴᠢ ᠠᠷᠢᠬᠢᠨ ᠤ᠋ ᠬᠠᠯᠠᠭᠤᠨ ᠳ᠋ᠤ᠌ ᠪᠢᠲᠡᠭᠡᠢ ᠣᠯᠠᠨ ᠦᠭᠡ ᠬᠡᠯᠡᠭᠡᠳ ᠪᠠᠢ ᠭᠡᠳ ᠢᠲᠡᠭᠡᠯᠲᠦ ᠥᠨᠳᠡᠢᠭᠰᠡᠨ ᠢ᠋ᠶ᠋ᠡᠨ ᠪᠤᠴᠠᠵᠤ ᠰᠠᠭᠤᠪᠠ᠃
ᠢᠲᠡᠭᠡᠯᠲᠦ ᠶ᠋ᠢᠨ ᠭᠦᠷᠡᠭᠡ ᠣᠪᠣᠯᠵᠠᠨ ᠮᠠᠩᠨᠠᠢ ᠳ᠋ᠤ᠌ ᠨᠢ ᠬᠥᠯᠥᠰᠥ ᠪᠣᠷᠵᠢᠨ ᠴᠢᠷᠠᠢ ᠨᠢ ᠮᠢᠠᠴᠢ᠌ᠨ᠂ ᠬᠦᠷᠡᠩ ᠬᠠᠷ᠎ᠠ ᠪᠣᠯᠤᠨ ᠭᠥᠯᠢᠯᠵᠡᠵᠦ ᠪᠠᠢᠯ᠎ᠠ᠃
᠊᠊᠊᠊᠊᠊᠊᠊᠊᠊᠊᠊᠊᠊᠊ ᠪᠢ ᠴᠢᠮᠠᠶ᠋ᠢ ᠪᠤᠰᠢᠭᠤᠬᠠᠨ ᠵᠠᠢᠯᠠᠬᠤ ᠦᠭᠡᠢ ᠪᠣᠯ ᠡᠭᠦᠪᠡᠷ ᠴᠣᠬᠢᠵᠤ ᠣᠷᠬᠢᠨ᠎ᠠ ᠰᠢᠦ ᠭᠡᠳ ᠳᠤᠯᠵᠢᠨ ᠦᠨᠡᠰᠦᠨ ᠦ᠌ ᠪᠡᠨ ᠲᠡᠮᠦᠷ ᠮᠠᠯᠲᠠᠭᠤᠷ ᠢ᠋ᠶ᠋ᠠᠨ ᠪᠠᠷᠢᠯ᠎ᠠ᠃
᠊᠊᠊᠊᠊᠊᠊᠊᠊᠊᠊᠊᠊᠊᠊ ᠵᠠ ᠶᠠᠭᠠᠬᠢᠬᠤᠪ᠃ ᠮᠤᠤᠰᠠᠢᠨ ᠨᠢᠳᠤᠷᠭᠠᠨ ᠨᠠᠷ ᠰᠥᠨᠥᠲᠦᠭᠡᠢ ᠭᠡᠳ ᠭᠠᠯᠰᠠᠩ ᠪᠣᠰᠴᠤ ᠨᠠᠢᠭᠤᠭᠰᠠᠭᠠᠷ ᠭᠡᠷ ᠦ᠋ᠨ ᠡᠭᠦᠳᠡ ᠪᠡᠷ ᠭᠠᠷᠤᠯ᠎ᠠ᠃
ᠲᠣᠮᠣ ᠭᠡᠷ ᠦ᠋ᠨ ᠳᠣᠲᠣᠷ᠎ᠠ ᠶᠠᠮᠠᠷ ᠴᠤ᠌ ᠠᠨᠢᠷ ᠴᠢᠮᠡᠭᠡ ᠦᠭᠡᠢ ᠪᠥᠭᠡᠳ ᠬᠡᠨ ᠴᠦ᠍ ᠡᠨᠡ ᠨᠠᠮ ᠭᠦᠮ ᠪᠠᠢᠳᠠᠯ ᠢ᠋ ᠡᠪᠳᠡᠬᠦ ᠶ᠋ᠢ ᠬᠦᠰᠡᠭᠰᠡᠨ ᠦᠭᠡᠢ᠃ ᠢᠲᠡᠭᠡᠯᠲᠦ ᠶ᠋ᠢᠨ ᠰᠢᠨ᠎ᠡ ᠶ᠋ᠢᠨ ᠪᠤᠯᠴᠢᠩ ᠵᠠᠩᠭᠢᠷᠠᠨ ᠳᠡᠯᠪᠡᠷᠡᠵᠦ ᠨᠢᠳᠦ ᠨᠢ ᠲᠤᠯᠭ᠎ᠠ ᠤᠷᠤᠭᠤ ᠰᠢᠷᠳᠡᠨ ᠭᠥᠯᠢᠷᠡᠵᠦ ᠪᠠᠢᠯ᠎ᠠ᠃ ᠳᠤᠯᠵᠢᠨ ᠨᠥᠬᠥᠷ ᠢ᠋ᠶ᠋ᠡᠨ ᠰᠢᠷᠳᠡᠨ ᠨᠢᠳᠦᠨ ᠳ᠋ᠦ᠍ ᠨᠢ ᠨᠢᠯᠪᠤᠰᠤ ᠲᠤᠨᠤᠷᠠᠨ ᠤᠷᠤᠭᠤᠯ ᠢ᠋ᠶ᠋ᠠᠨ ᠦᠯᠦ ᠮᠡᠳᠡᠭ ᠲᠠᠲᠠᠪᠠᠯᠵᠠᠭᠤᠯᠤᠨᠠ᠃
ᠨᠢᠮ᠎ᠠ᠂ ᠬᠠᠳᠠᠮ ᠡᠬᠡ᠂ ᠲᠥᠷᠥᠭᠰᠡᠨ ᠡᠬᠡ ᠬᠣᠶᠠᠷ ᠤ᠋ᠨ ᠢ᠋ᠶ᠋ᠠᠨ ᠬᠡᠷᠡᠭᠦᠯ ᠢ᠋ ᠰᠣᠨᠣᠰᠤᠨ ᠶᠠᠭᠤᠮ᠎ᠠ ᠯᠠ ᠳᠤᠤᠭᠠᠷᠪᠠᠯ ᠴᠠᠰᠢ ᠰᠢᠲᠠᠭᠠᠬᠤ ᠡᠴᠡ ᠥᠭᠡᠷ᠎ᠡ ᠲᠤᠰᠠ ᠪᠣᠯᠬᠤ ᠦᠭᠡᠢ ᠶ᠋ᠢ ᠮᠡᠳᠡᠭᠡᠳ ᠠᠷᠭ᠎ᠠ ᠪᠠᠷᠠᠭᠳᠠᠨ ᠪᠠᠢᠭ᠎ᠠ ᠵᠠᠯᠠᠭᠤ ᠬᠠᠷ᠎ᠠ ᠬᠦᠦ ᠶ᠋ᠢᠨ ᠴᠢᠷᠠᠢ ᠭᠠᠷᠭᠠᠨ ᠪᠦᠯᠲᠡᠯᠵᠡᠵᠦ ᠪᠠᠢᠯ᠎ᠠ᠃
᠊᠊᠊᠊᠊᠊᠊᠊᠊᠊᠊᠊᠊᠊᠊ ᠲᠡᠵᠢᠭᠡᠭᠰᠡᠨ ᠪᠢᠷᠠᠭᠤ ᠲᠡᠷᠭᠡ ᠡᠪᠳᠡᠨ᠎ᠡ ᠭᠡᠳᠡᠭ ᠪᠣᠯᠵᠤ ᠪᠠᠢᠨ᠎ᠠ ᠭᠡᠵᠦ ᠳᠤᠯᠵᠢᠨ ᠬᠡᠯᠡᠪᠡ᠃
ᠮᠠᠷᠭᠠᠰᠢ ᠨᠢ ᠨᠢᠮ᠎ᠠ ᠭᠤᠸᠠᠢ ᠶ᠋ᠢᠨ ᠳ᠋ᠦ᠍ ᠡᠷᠳᠡᠨᠢ ᠢᠷᠡᠯ᠎ᠡ᠃ ᠡᠪᠦᠭᠡᠨ ᠡᠮᠡᠭᠡᠨ ᠬᠣᠶᠠᠷ ᠶᠡᠬᠡ ᠯᠡ ᠬᠥᠯ ᠪᠣᠯᠵᠤ ᠲᠣᠭᠣᠭ᠎ᠠ ᠨᠡᠷᠡᠵᠦ ᠳᠣᠩᠬᠣᠷ ᠮᠣᠳᠣᠨ ᠠᠶᠠᠭ᠎ᠠ ᠳᠦᠭᠦᠷᠡᠩ ᠬᠠᠯᠠᠭᠤᠨ ᠠᠷᠢᠬᠢ ᠬᠠᠳᠠᠭ ᠤ᠋ᠨ ᠬᠠᠮᠲᠤ ᠪᠠᠷᠢᠬᠤ ᠳ᠋ᠤ᠌ ᠡᠷᠳᠡᠨᠢ ᠡᠩᠭᠡᠷ ᠦ᠋ᠨ ᠢ᠋ᠶ᠋ᠡᠨ ᠲᠣᠪᠴᠢ ᠶ᠋ᠢ ᠲᠣᠪᠴᠢᠯᠠᠨ᠂ ᠮᠠᠯᠠᠭᠠᠢ ᠪᠠᠨ ᠡᠮᠦᠰᠴᠦ ᠰᠥᠬᠥᠷᠡᠨ ᠰᠠᠭᠤᠵᠤ ᠠᠪᠤᠭᠠᠳ᠄
《ᠵᠠ᠂ ᠠᠷᠢᠬᠢ ᠨᠡᠷᠡᠲᠡᠢ ᠠᠮᠲᠠᠲᠤ ᠢᠳᠡᠭᠡ ᠪᠡᠨ
ᠠᠯᠲᠠᠨ ᠠᠮᠠᠰᠠᠷᠲᠠᠢ ᠠᠭᠠᠷᠤ ᠠᠶᠠᠭᠠᠨ ᠳ᠋ᠤ᠌
ᠠᠮᠠᠰᠠᠷ ᠳᠦᠭᠦᠷᠡᠩ ᠪᠢᠯᠬᠠᠭᠤᠯᠵᠤ ᠪᠠᠷᠢᠭᠰᠠᠨ
ᠠᠰᠢᠳᠠ ᠶ᠋ᠢᠨ ᠪᠠᠶᠠᠷᠲᠤ᠂ ᠦᠯᠡᠮᠵᠢ ᠶ᠋ᠢᠨ ᠤᠴᠠᠷᠠᠯᠲᠤ ᠡᠨᠡ ᠰᠠᠢᠬᠠᠨ ᠡᠳᠦᠷ ᠠ᠋
ᠵᠠ᠂ ᠢᠳᠡᠭᠡ ᠪᠦᠬᠦᠨ ᠴᠢᠨᠢ ᠠᠮᠲᠠᠲᠠᠢ ᠪᠣᠯᠲᠤᠭᠠᠢ
ᠡᠵᠡᠨ ᠬᠥᠮᠦᠨ ᠨᠢ ᠵᠢᠷᠭᠠᠯᠲᠠᠢ ᠪᠣᠯᠲᠤᠭᠠᠢ
ᠥᠯᠵᠡᠢ ᠪᠤᠶᠠᠨ ᠴᠢᠨᠢ ᠰᠠᠴᠤᠷᠠᠨ ᠳᠡᠯᠭᠡᠷᠡᠲᠦᠭᠡᠢ
ᠡᠮᠦᠨ᠎ᠡ ᠵᠠᠮ ᠴᠢᠨᠢ ᠰᠠᠷᠠᠭᠤᠯ ᠪᠠᠢᠲᠤᠭᠠᠢ᠃
ᠬᠦᠰᠡᠯ ᠪᠦᠬᠦᠨ ᠴᠢᠨᠢ ᠪᠡᠶᠡᠯᠡᠵᠦ ᠪᠠᠢᠲᠤᠭᠠᠢ
ᠬᠣᠢᠴᠢ ᠶ᠋ᠢᠨ ᠡᠳᠦᠷ ᠴᠢᠨᠢ ᠭᠡᠭᠡᠨ ᠪᠠᠢᠲᠤᠭᠠᠢ
ᠬᠣᠲᠠ ᠪᠡᠯᠴᠢᠭᠡᠷ ᠴᠢᠨᠢ ᠮᠠᠯ ᠢ᠋ᠶ᠋ᠠᠷ ᠳᠦᠭᠦᠷᠲᠦᠭᠡᠢ
ᠬᠤᠪᠢᠩ ᠰᠠᠪᠠ ᠴᠢᠨᠢ ᠰᠦ ᠪᠡᠷ ᠪᠢᠯᠬᠠᠲᠤᠭᠠᠢ᠃
ᠤᠷᠲᠤ ᠤᠳᠠᠭᠠᠨ ᠨᠠᠰᠤᠯᠠᠵᠤ
ᠤᠯᠠᠮ ᠤᠯᠠᠮ ᠵᠢᠷᠭᠠᠬᠤ ᠶ᠋ᠢᠨ
ᠥᠯᠵᠡᠢᠲᠦ ᠰᠠᠢᠬᠠᠨ ᠢᠷᠦᠭᠡᠯ ᠢ᠋
ᠥᠭᠡᠳᠡ ᠨᠢ ᠳᠡᠪᠰᠢᠭᠦᠯᠦᠨ ᠪᠠᠷᠢᠶ᠎ᠠ》
ᠭᠡᠬᠦ ᠳ᠋ᠦ᠍ ᠨᠢᠮ᠎ᠠ 《ᠲᠡᠷᠡ ᠢᠷᠦᠭᠡᠯ ᠪᠠᠲᠤ ᠣᠷᠣᠰᠢᠲᠤᠭᠠᠢ》 ᠭᠡᠳ ᠥᠪᠡᠷ ᠦ᠋ᠨ ᠡᠷᠬᠡ ᠦᠭᠡᠢ ᠪᠥᠮᠪᠥᠷᠢᠨ ᠭᠠᠷᠤᠭᠰᠠᠨ ᠨᠢᠯᠪᠤᠰᠤ ᠪᠠᠨ ᠠᠷᠴᠢᠪᠠ᠃
ᠡᠷᠳᠡᠨᠢ ᠲᠣᠮᠣ ᠪᠠᠯᠭᠤᠵᠤ ᠵᠠᠯᠭᠢᠭᠰᠠᠨ ᠢ᠋ᠶ᠋ᠠᠨ 《ᠰᠠᠢᠨ ᠭᠠᠷᠴᠤ ᠰᠢᠦ》 ᠭᠡᠵᠦ ᠮᠠᠭᠲᠠᠪᠠ᠃ ᠡᠷᠳᠡᠨᠢ ᠶ᠋ᠢᠨ ᠲᠠᠯᠪᠢᠭᠰᠠᠨ ᠠᠶᠠᠭᠠᠨ ᠳ᠋ᠤ᠌ ᠨᠢᠮ᠎ᠠ ᠳᠠᠬᠢᠨ ᠠᠷᠢᠬᠢ ᠬᠢᠬᠦ ᠵᠠᠭᠤᠷ᠎ᠠ 《ᠮᠢᠨᠦ ᠡᠪᠦᠭᠡᠳ ᠴᠦ᠍ ᠨᠡᠷᠡᠵᠦ ᠪᠠᠢᠭᠰᠠᠨ ᠬᠥᠮᠦᠨ ᠦᠭᠡᠢ᠃ ᠮᠠᠭᠤ ᠨᠢᠮ᠎ᠠ ᠶ᠋ᠢᠨ ᠦᠶ᠎ᠡ ᠳ᠋ᠦ᠍ ᠨᠢ ᠲᠣᠭᠣᠭ᠎ᠠ᠂ ᠪᠦᠷᠬᠦᠭᠡᠷ ᠨᠡᠢᠯᠡᠭᠦᠯᠬᠦ ᠤᠴᠠᠷᠠᠯᠲᠠᠢ ᠪᠠᠢᠭᠰᠠᠨ ᠶᠤᠮ ᠪᠠᠢᠬᠤ ᠳᠠ᠂ ᠬᠥᠭᠡᠷᠦᠬᠦᠢ ᠮᠢᠨᠢ᠃ ᠠᠬ᠎ᠠ ᠴᠢᠨᠢ ᠰᠢᠪᠬᠠᠷᠤᠤ ᠯᠠ ᠭᠣᠷᠢᠳᠠᠵᠤ ᠪᠠᠢᠭᠰᠠᠨ ᠪᠣᠯᠬᠤ ᠡᠴᠡ ᠥᠪᠡᠷ ᠢ᠋ᠶ᠋ᠡᠨ ᠨᠡᠷᠡᠭᠡᠳ ᠤᠤᠭᠤᠵᠤ ᠪᠠᠢᠨ᠎ᠠ ᠭᠡᠵᠦ ᠵᠡᠭᠦᠳᠦᠯᠡᠭᠡ ᠦᠭᠡᠢ ᠶᠠᠪᠤᠯ᠎ᠠ᠃ ᠣᠳᠣ ᠴᠤ᠌ ᠨᠡᠷᠡᠭᠡᠳ ᠯᠡ ᠰᠥᠩᠨᠡᠭᠡᠳ ᠯᠡ ᠪᠠᠢᠳᠠᠭ ᠬᠡᠷᠡᠭ ᠠ᠋᠃ ᠢᠷᠡᠵᠦ ᠬᠠᠯᠠᠭᠤᠨ ᠠᠷᠢᠬᠢ ᠤᠤᠭᠤᠵᠤ ᠪᠠᠢᠭᠠᠷᠠᠢ》 ᠭᠡᠯᠡ᠃
᠊᠊᠊᠊᠊᠊᠊᠊᠊᠊᠊᠊᠊᠊᠊ ᠲᠥᠷᠥ ᠥᠭᠡᠷᠡᠴᠢᠯᠡᠭᠳᠡᠨ᠎ᠡ ᠭᠡᠳᠡᠭ ᠡᠨᠡ ᠳᠡ ᠨᠢᠮ᠎ᠠ ᠭᠤᠸᠠᠢ ᠮᠢᠨᠢ᠃
᠊᠊᠊᠊᠊᠊᠊᠊᠊᠊᠊᠊᠊᠊᠊ ᠶᠣᠰᠣᠲᠠᠢ ᠳᠠ᠃ ᠢᠲᠡᠭᠡᠯᠲᠦ ᠶ᠋ᠢᠨ ᠪᠤᠶᠠᠨ᠃ ᠲᠡᠷᠡ ᠬᠥᠮᠦᠨ ᠡᠴᠡ ᠮᠥᠨ ᠴᠦ᠍ ᠶᠡᠬᠡ ᠬᠦᠷᠲᠡᠯ᠎ᠡ᠃ ᠨᠠᠳᠠ ᠳ᠋ᠤ᠌ ᠥᠭᠭᠦᠭᠰᠡᠨ ᠡᠨᠡ ᠬᠡᠳᠦᠨ ᠮᠠᠯ ᠴᠢᠨᠢ ᠤᠤᠯ ᠨᠢ ᠢᠲᠡᠭᠡᠯᠲᠦ ᠶ᠋ᠢᠨ ᠮᠠᠯ ᠶᠤᠮ ᠰᠢᠦ᠃ ᠣᠯᠠᠨ ᠬᠥᠮᠦᠨ ᠬᠦᠷᠲᠡᠯ᠎ᠡ ᠳᠡ᠃
᠊᠊᠊᠊᠊᠊᠊᠊᠊᠊᠊᠊᠊᠊᠊ ᠢᠲᠡᠭᠡᠯᠲᠦ ᠶ᠋ᠢᠨ ᠠᠴᠢ ᠪᠠᠷ ᠨᠡᠷᠡᠵᠦ ᠪᠠᠢᠭ᠎ᠠ ᠶᠤᠮ ᠪᠣᠯ ᠲᠠ ᠣᠯᠠᠨ ᠵᠢᠯ ᠬᠣᠨᠢ ᠶ᠋ᠢ ᠨᠢ ᠬᠠᠷᠢᠭᠤᠯᠵᠤ ᠪᠠᠢᠬᠤ ᠳ᠋ᠠᠭᠠᠨ ᠯᠠ ᠨᠡᠷᠡᠵᠦ ᠪᠠᠢᠬᠤ ᠦᠭᠡᠢ ᠶᠠᠭᠠᠬᠢᠭᠰᠠᠨ ᠶᠤᠮ ᠪᠣᠢ? ᠭᠡᠳ ᠡᠷᠳᠡᠨᠢ ᠡᠪᠦᠭᠡᠨ ᠢ᠋ ᠵᠠᠯᠢᠲᠠᠢ ᠨᠢᠳᠦ ᠪᠡᠷ ᠬᠠᠷᠠᠯ᠎ᠠ᠃
᠊᠊᠊᠊᠊᠊᠊᠊᠊᠊᠊᠊᠊᠊᠊ ᠬᠣᠶᠠᠷ ᠡᠴᠡ ᠳᠡᠭᠡᠭᠰᠢ ᠰᠢᠪᠳᠤᠷᠬᠤ ᠶᠠᠭᠤᠮ᠎ᠠ ᠲᠠᠢ ᠪᠠᠢᠵᠤ ᠦᠵᠡᠭᠰᠡᠨ ᠦᠭᠡᠢ ᠰᠢᠦ ᠳᠡ᠃ ᠵᠠᠷᠢᠮ ᠵᠢᠯ ᠭᠠᠭᠴᠠ ᠯᠠ ᠦᠨᠢᠶ᠎ᠡ ᠰᠠᠭᠠᠵᠤ ᠪᠠᠢᠯ᠎ᠠ᠃ ᠬᠣᠨᠣᠭ ᠤ᠋ᠨ ᠲᠠᠷᠠᠭ ᠯᠠ ᠵᠠᠯᠭᠠᠭᠤᠯᠵᠤ ᠪᠠᠢᠭᠰᠠᠨ ᠬᠡᠷᠡᠭ᠃
᠊᠊᠊᠊᠊᠊᠊᠊᠊᠊᠊᠊᠊᠊᠊ ᠲᠡᠭᠡᠪᠡᠯ ᠠᠷᠠᠳ ᠤ᠋ᠨ ᠵᠠᠰᠠᠭ ᠯᠠ ᠵᠢᠷᠭᠤᠭᠠᠨ ᠦᠨᠢᠶ᠎ᠡ ᠲᠡᠢ ᠪᠣᠯᠭᠠᠵᠤ ᠥᠭᠭᠦᠭᠡᠳ ᠨᠡᠷᠡᠵᠦ ᠪᠠᠢᠭ᠎ᠠ ᠬᠡᠷᠡᠭ ᠪᠠᠢᠨ᠎ᠠ ᠰᠢᠦ ᠳᠡ᠃
᠊᠊᠊᠊᠊᠊᠊᠊᠊᠊᠊᠊᠊᠊᠊ ᠲᠡᠢᠮᠦ ᠳᠡ᠃ ᠭᠡᠬᠦ ᠳ᠋ᠡᠭᠡᠨ ᠨᠠᠳᠠ ᠥᠭᠭᠦᠭᠰᠡᠨ ᠮᠠᠯ ᠴᠢᠨᠢ ᠢᠲᠡᠭᠡᠯᠲᠦ ᠶ᠋ᠢᠨ ᠬᠤᠷᠢᠶᠠᠯᠭᠠᠭᠰᠠᠨ ᠮᠠᠯ ᠶᠤᠮ᠃
᠊᠊᠊᠊᠊᠊᠊᠊᠊᠊᠊᠊᠊᠊᠊ ᠨᠢᠮ᠎ᠠ ᠭᠤᠸᠠᠢ ᠮᠢᠨᠢ᠂ ᠢᠲᠡᠭᠡᠯᠲᠦ ᠲᠠᠨ ᠢ᠋ ᠵᠠᠷᠤᠭᠠᠳ ᠥᠭᠭᠦᠭᠡ ᠦᠭᠡᠢ ᠪᠠᠢᠭᠰᠠᠨ ᠮᠠᠯ ᠢ᠋ ᠠᠷᠠᠳ ᠤ᠋ᠨ ᠵᠠᠰᠠᠭ ᠠᠪᠴᠤ ᠥᠭᠭᠦᠭᠰᠡᠨ ᠬᠡᠷᠡᠭ ᠰᠢᠦ ᠳᠡ᠃
ᠨᠢᠮ᠎ᠠ ᠭᠤᠸᠠᠢ ᠬᠡᠰᠡᠭ ᠵᠠᠭᠤᠷ᠎ᠠ ᠭᠥᠯᠢᠷᠡᠨ ᠪᠣᠳᠣᠯᠬᠢᠯᠠᠭᠰᠠᠨ ᠢ᠋ᠶ᠋ᠠᠨ ᠡᠷᠡᠦ ᠶ᠋ᠢᠨ ᠰᠠᠬᠠᠯ ᠢ᠋ᠶ᠋ᠠᠨ ᠰᠢᠪᠳᠤᠷᠴᠤ᠄
᠊᠊᠊᠊᠊᠊᠊᠊᠊᠊᠊᠊᠊᠊᠊ ᠮᠠᠨ ᠤ᠋ ᠢᠲᠡᠭᠡᠯᠲᠦ ᠴᠦ᠍ ᠤᠪ ᠲᠠᠢ ᠨᠢ ᠴᠦ᠍ ᠤᠪ ᠲᠠᠢ ᠬᠥᠮᠦᠨ᠃ ᠭᠡᠬᠦ ᠳ᠋ᠡᠭᠡᠨ ᠪᠢ ᠪᠤᠷᠤᠭᠤ ᠰᠠᠨᠠᠬᠤ ᠦᠭᠡᠢ᠃ ᠠᠯᠳᠠᠰ ᠪᠣᠯᠤᠨ᠎ᠠ ᠭᠡᠯᠡ᠃
ᠡᠷᠳᠡᠨᠢ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠪᠠ᠃ ᠡᠨᠡ ᠡᠪᠦᠭᠡᠨ ᠢᠲᠡᠭᠡᠯᠲᠦ ᠶ᠋ᠢᠨ ᠬᠣᠨᠢ ᠶ᠋ᠢ ᠣᠯᠠᠨ ᠵᠢᠯ ᠪᠠᠷᠤᠭ ᠬᠥᠯᠥᠰᠥ ᠦᠭᠡᠢ ᠬᠠᠷᠢᠭᠤᠯᠵᠤ ᠬᠦᠴᠦ ᠪᠡᠨ ᠬᠠᠢᠷᠠᠯᠠᠯ ᠦᠭᠡᠢ ᠥᠭᠴᠡᠢ᠃ ᠪᠠᠰᠠ ᠥᠬᠢᠨ ᠨᠢ ᠲᠡᠭᠦᠨ ᠦ᠌ ᠪᠡᠷᠢ ᠪᠣᠯᠪᠠ᠃ ᠲᠡᠭᠡᠭᠡᠳ ᠠᠷᠠᠳ ᠤ᠋ᠨ ᠵᠠᠰᠠᠭ ᠤ᠋ᠨ ᠬᠦᠴᠦ ᠪᠡᠷ ᠬᠡᠳᠦᠨ ᠦᠨᠢᠶ᠎ᠡ ᠲᠡᠢ ᠪᠣᠯᠤᠭᠰᠠᠨ ᠢ᠋ᠶ᠋ᠠᠨ ᠢᠲᠡᠭᠡᠯᠲᠦ ᠶ᠋ᠢᠨ ᠠᠴᠢ ᠭᠡᠵᠦ ᠪᠣᠳᠣᠵᠤ ᠪᠠᠢᠨ᠎ᠠ᠃ ᠡᠷᠳᠡᠨᠢ ᠴᠦ᠍ ᠢᠩᠭᠢᠵᠦ ᠪᠣᠳᠣᠵᠤ ᠪᠠᠢᠭᠰᠠᠨ᠃ ᠴᠢᠮᠠᠶ᠋ᠢ ᠢᠲᠡᠭᠡᠯᠲᠦ ᠮᠥᠯᠵᠢᠵᠦ ᠪᠠᠢᠨ᠎ᠠ ᠭᠡᠵᠦ ᠫᠧᠲ᠋ᠷ ᠦ᠋ᠨ ᠬᠡᠯᠡᠬᠦ ᠳ᠋ᠦ᠍ ᠣᠭᠲᠣ ᠬᠦᠯᠢᠶᠡᠬᠦ ᠦᠭᠡᠢ ᠮᠠᠷᠭᠤᠵᠤ ᠶᠠᠪᠤᠭᠰᠠᠨ᠃ ᠭᠡᠪᠡᠴᠦ ᠬᠣᠵᠢᠮ ᠫᠧᠲ᠋ᠷ ᠦ᠋ᠨ ᠦᠭᠡ ᠶ᠋ᠢᠨ ᠦᠨᠡᠨ ᠢ᠋ ᠣᠢᠯᠠᠭᠠᠭᠰᠠᠨ᠃ ᠬᠠᠷᠢᠮ ᠨᠢᠮ᠎ᠠ ᠭᠤᠸᠠᠢ ᠪᠣᠯ ᠲᠡᠭᠦᠨ ᠢ᠋ ᠣᠢᠯᠠᠭᠠᠭ᠎ᠠ ᠦᠭᠡᠢ᠃ ᠣᠳᠣ ᠳ᠋ᠠᠭᠠᠨ ᠣᠢᠯᠠᠭᠠᠬᠤ ᠴᠤ᠌ ᠦᠭᠡᠢ ᠃ ᠣᠢᠯᠠᠭᠠᠭᠰᠠᠨ ᠴᠤ᠌ ᠠᠯᠳᠠᠰ ᠪᠣᠯᠤᠨ᠎ᠠ ᠭᠡᠳ ᠵᠥᠪᠰᠢᠶᠡᠷᠡᠨ ᠬᠦᠯᠢᠶᠡᠬᠦ ᠦᠭᠡᠢ ᠶᠤᠮ᠃
᠊᠊᠊᠊᠊᠊᠊᠊᠊᠊᠊᠊᠊᠊᠊ ᠡᠷᠳᠡᠨᠢ ᠮᠢᠨᠢ ᠠᠷᠠᠳ ᠤ᠋ᠨ ᠵᠠᠰᠠᠭ ᠮᠠᠨᠢ ᠲᠡᠭᠡᠭᠡᠳ ᠴᠠᠰᠢᠳᠠ ᠣᠯᠠᠨ ᠮᠠᠯ ᠲᠠᠢ ᠪᠣᠯᠤᠭᠰᠠᠨ ᠬᠥᠮᠦᠨ ᠦ᠌ ᠬᠥᠷᠥᠩᠭᠡ ᠮᠠᠯ ᠢ᠋ ᠬᠤᠷᠢᠶᠠᠭᠠᠳ ᠯᠠ ᠪᠠᠢᠬᠤ ᠬᠡᠷᠡᠭ ᠤᠤ? ᠭᠡᠵᠦ ᠨᠢᠮ᠎ᠠ ᠭᠤᠸᠠᠢ ᠬᠡᠰᠡᠭ ᠳᠠᠭᠤᠨ ᠦᠭᠡᠢ ᠪᠠᠢᠭᠰᠠᠨ ᠤ᠋ ᠳᠠᠷᠠᠭ᠎ᠠ ᠠᠰᠠᠭᠤᠪᠠ᠃
᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠲᠠᠨ ᠤ᠋ ᠬᠥᠷᠥᠩᠭᠡ ᠶ᠋ᠢ ᠬᠤᠷᠢᠶᠠᠬᠤ ᠦᠭᠡᠢ ᠭᠡᠳ ᠡᠷᠳᠡᠨᠢ ᠬᠥᠭᠵᠢᠯᠲᠡᠢ ᠢᠨᠢᠶᠡᠪᠡ᠃
ᠡᠷᠳᠡᠨᠢ ᠡᠨᠳᠡ ᠬᠠᠮᠢᠭ᠎ᠠ ᠡᠴᠡ ᠢᠷᠡᠭᠰᠡᠨ ᠪᠣᠢ? ᠬᠣᠷᠰᠢᠶᠠᠨ ᠤ᠋ ᠣᠷᠣᠯᠠᠭᠴᠢ ᠰᠤᠷᠭᠠᠭᠴᠢ ᠪᠠᠷ ᠠᠵᠢᠯᠯᠠᠭᠰᠠᠨ ᠡᠴᠡ ᠬᠣᠢᠰᠢ ᠶᠠᠭᠤ ᠪᠣᠯᠤᠭᠰᠠᠨ ᠪᠣᠢ?
ᠨᠠᠮ ᠤ᠋ᠨ ᠳᠣᠯᠣᠳᠤᠭᠠᠷ ᠬᠤᠷᠠᠯ ᠳ᠋ᠤ᠌ ᠡᠷᠳᠡᠨᠢ ᠴᠡᠴᠡᠷᠯᠢᠭ ᠮᠠᠨᠳᠤᠯ ᠤ᠋ᠨ ᠠᠢᠮᠠᠭ ᠤ᠋ᠨ ᠲᠥᠯᠥᠭᠡᠯᠡᠭᠴᠢ ᠪᠡᠷ ᠰᠣᠩᠭᠣᠭᠳᠠᠨ ᠣᠴᠢᠵᠤ ᠬᠣᠶᠠᠷ ᠰᠠᠷ᠎ᠠ ᠭᠠᠷᠤᠢ ᠬᠤᠷᠠᠯᠳᠤᠪᠠ᠃ ᠡᠨᠡ ᠬᠤᠷᠠᠯ ᠳ᠋ᠤ᠌ ᠣᠷᠣᠯᠴᠠᠬᠤ ᠵᠠᠭᠤᠷ᠎ᠠ ᠲᠤᠩ ᠶᠡᠬᠡ ᠶᠠᠭᠤᠮ᠎ᠠ ᠶ᠋ᠢ ᠣᠢᠯᠠᠭᠠᠵᠤ ᠠᠪᠤᠯ᠎ᠠ᠃
ᠮᠣᠩᠭᠣᠯ ᠣᠷᠣᠨ ᠪᠣᠯ ᠥᠪᠡᠷᠮᠢᠴᠡ ᠰᠢᠷ᠎ᠠ ᠶ᠋ᠢᠨ ᠱᠠᠰᠢᠨ ᠭᠦᠨ ᠨᠡᠪᠲᠡᠷᠡᠭᠰᠡᠨ ᠣᠷᠣᠨ ᠪᠣᠯᠬᠣᠷ ᠹᠧᠣᠳᠠᠯ ᠢ᠋ ᠢᠯᠠᠩᠭᠤᠶ᠎ᠠ ᠵᠢᠰᠠ ᠶ᠋ᠢᠨ ᠬᠥᠷᠥᠩᠭᠡ ᠶ᠋ᠢ ᠰᠢᠭᠤᠳ ᠬᠤᠷᠢᠶᠠᠵᠤ ᠪᠣᠯᠬᠤ ᠦᠭᠡᠢ ᠭᠡᠰᠡᠨ ᠳᠠᠮᠪᠠᠳᠣᠷᠵᠢ᠂ ᠵᠠᠳᠠᠮᠪᠠ ᠨᠠᠷ ᠤ᠋ᠨ ᠪᠦᠯᠦᠭ ᠦ᠋ᠨ ᠪᠣᠳᠣᠯᠭ᠎ᠠ ᠶ᠋ᠢ ᠣᠯᠠᠩᠬᠢ ᠲᠥᠯᠥᠭᠡᠯᠡᠭᠴᠢᠳ ᠰᠢᠭᠦᠮᠵᠢᠯᠡᠨ ᠪᠤᠷᠤᠭᠤᠰᠢᠶᠠᠪᠠ᠃
᠊᠊᠊᠊᠊᠊᠊᠊᠊᠊᠊᠊᠊᠊᠊ ᠠᠷᠠᠳ ᠲᠦᠮᠡᠨ ᠦ᠌ ᠠᠵᠤ ᠠᠮᠢᠳᠤᠷᠠᠯ ᠢ᠋ ᠰᠠᠢᠵᠢᠷᠠᠭᠤᠯᠬᠤ ᠳ᠋ᠤ᠌ ᠲᠡᠭᠦᠨ ᠳ᠋ᠦ᠍ ᠣᠯᠭᠣᠭᠰᠠᠨ ᠡᠷᠬᠡ ᠴᠢᠯᠥᠭᠡ ᠶ᠋ᠢ ᠪᠠᠲᠤᠲᠠᠢ ᠪᠣᠯᠭᠠᠬᠤ ᠭᠡᠪᠡᠯ ᠰᠢᠷ᠎ᠠ ᠬᠠᠷ᠎ᠠ ᠹᠧᠣᠳᠠᠯ ᠤ᠋ᠳ᠂ ᠵᠠᠷᠢᠮ ᠪᠠᠶᠠᠨ ᠴᠢᠨᠡᠭᠡᠯᠢᠭ ᠰᠤᠮᠤᠨ ᠡᠷ᠎ᠡ ᠶ᠋ᠢᠨ ᠬᠥᠷᠥᠩᠭᠡ ᠶ᠋ᠢ ᠳᠠᠷᠤᠢ ᠬᠤᠷᠢᠶᠠᠬᠤ ᠨᠢ ᠵᠥᠪ ᠪᠢᠯᠡ᠃ ᠰᠢᠷ᠎ᠠ ᠶ᠋ᠢᠨ ᠱᠠᠰᠢᠨ ᠬᠦᠴᠦᠲᠡᠢ ᠨᠢ ᠦᠨᠡᠨ᠃ ᠭᠡᠪᠡᠴᠦ ᠪᠢᠳᠡ ᠲᠡᠭᠦᠨ ᠡᠴᠡ ᠠᠶᠤᠭᠠᠳ ᠵᠣᠷᠢᠯᠭ᠎ᠠ ᠡᠴᠡ ᠪᠡᠨ ᠨᠢᠴᠤᠵᠤ ᠪᠣᠯᠬᠤ ᠦᠭᠡᠢ ᠭᠡᠳ ᠡᠷᠳᠡᠨᠢ ᠶ᠋ᠢ ᠦᠭᠡ ᠪᠡᠨ ᠲᠡᠭᠦᠰᠬᠡᠬᠦ ᠳ᠋ᠦ᠍ ᠬᠡᠰᠡᠭ ᠲᠥᠯᠥᠭᠡᠯᠡᠭᠴᠢᠳ ᠠᠯᠠᠭ᠎ᠠ ᠲᠡᠰᠢᠵᠦ ᠪᠠᠶᠠᠷ ᠬᠦᠷᠭᠡᠪᠡ᠃
ᠲᠡᠮᠡᠴᠡᠯ ᠬᠦᠴᠦᠲᠡᠢ ᠥᠷᠨᠢᠨ ᠲᠠᠨᠢᠳᠠᠭ ᠬᠥᠮᠦᠰ ᠴᠦ᠍ ᠮᠡᠨᠳᠦ ᠦᠭᠡᠢ ᠵᠥᠷᠢᠳᠡᠭ ᠪᠣᠯᠪᠠ᠃ ᠡᠷᠳᠡᠨᠢ ᠣᠯᠠᠨ ᠳᠠᠬᠢᠨ ᠪᠣᠰᠴᠤ ᠦᠭᠡ ᠬᠡᠯᠡᠭᠰᠡᠨ ᠪᠥᠭᠡᠳ ᠲᠡᠭᠦᠨ ᠦ᠌ ᠦᠭᠡᠨ ᠳ᠋ᠦ᠍ ᠣᠨᠣᠯ ᠤ᠋ᠨ ᠳᠡᠯᠭᠡᠷ ᠰᠠᠨᠠᠭ᠎ᠠ ᠬᠣᠮᠰᠠ ᠠᠪᠠᠴᠤ᠂ ᠠᠮᠢᠳᠤᠷᠠᠯ ᠤ᠋ᠨ ᠵᠠᠢᠯᠠᠰᠢ ᠦᠭᠡᠢ ᠪᠠᠷᠢᠮᠲᠠ ᠠᠷᠪᠢᠨ ᠪᠣᠯᠬᠣᠷ ᠬᠥᠮᠦᠰ ᠴᠦ᠍ ᠰᠣᠨᠣᠰᠬᠤ ᠳᠤᠷ᠎ᠠ ᠲᠠᠢ ᠪᠠᠢᠳᠠᠭ ᠪᠠᠢᠯ᠎ᠠ᠃
ᠬᠤᠷᠠᠯ ᠤ᠋ᠨ ᠵᠠᠪᠰᠠᠷᠯᠠᠭ᠎ᠠ ᠪᠠᠷ ᠲᠠᠮᠠᠬᠢ ᠲᠠᠲᠠᠵᠤ ᠰᠠᠭᠤᠭᠰᠠᠨ ᠡᠷᠳᠡᠨᠢ ᠶ᠋ᠢᠨ ᠳᠡᠷᠭᠡᠳᠡ ᠵᠠᠳᠠᠮᠪᠠ ᠪᠠᠰᠠ ᠨᠢᠭᠡ ᠥᠷᠭᠡᠨ ᠰᠢᠨ᠎ᠠ ᠲᠠᠢ ᠲᠠᠷᠭᠤᠨ ᠬᠥᠮᠦᠨ ᠦ᠌ ᠬᠠᠮᠲᠤ ᠢᠷᠡᠯ᠎ᠡ᠃
ᠡᠨᠡ ᠲᠠᠷᠭᠤᠨ ᠬᠥᠮᠦᠨ ᠢ᠋ ᠬᠡᠳᠦᠨ ᠤᠯᠤᠰ ᠤ᠋ᠨ ᠬᠡᠯᠡ ᠮᠡᠳᠡᠳᠡᠭ᠂ ᠥᠨᠳᠥᠷ ᠪᠣᠯᠪᠠᠰᠤᠷᠠᠯ ᠲᠠᠢ ᠭᠡᠵᠦ ᠶᠠᠷᠢᠯᠴᠠᠬᠤ ᠶ᠋ᠢ ᠡᠷᠳᠡᠨᠢ ᠰᠣᠨᠣᠰᠤᠭᠰᠠᠨ ᠪᠢᠯᠡ᠃
᠊᠊᠊᠊᠊᠊᠊᠊᠊᠊᠊᠊᠊᠊᠊ ᠲᠠ ᠡᠨᠡ ᠣᠷᠣᠨ ᠤ᠋ ᠬᠡᠳᠦᠨ ᠮᠠᠯ ᠳ᠋ᠤ᠌ ᠲᠤᠩ ᠶᠡᠬᠡ ᠥᠰᠢᠶ᠎ᠡ ᠲᠡᠢ ᠬᠥᠮᠦᠨ ᠶᠤᠮ ᠠ᠋᠃ ᠮᠣᠩᠭᠣᠯ ᠤᠯᠤᠰ ᠮᠠᠯ ᠦᠭᠡᠢ ᠪᠣᠯᠪᠠᠯ ᠶᠠᠭᠠᠬᠢᠬᠤ ᠶ᠋ᠢ ᠪᠣᠳᠣᠭᠰᠠᠨ ᠤᠤ? ᠭᠡᠵᠦ ᠵᠠᠳᠠᠮᠪᠠ ᠠᠰᠠᠭᠤᠪᠠ᠃
᠊᠊᠊᠊᠊᠊᠊᠊᠊᠊᠊᠊᠊᠊᠊ ᠮᠣᠩᠭᠣᠯ ᠤᠯᠤᠰ ᠢ᠋ ᠮᠠᠯ ᠦᠭᠡᠢ ᠪᠣᠯᠭᠠᠬᠤ ᠭᠡᠵᠦ ᠡᠨᠡ ᠣᠷᠣᠨ ᠤ᠋ ᠬᠣᠭᠣᠯᠠ ᠶ᠋ᠢ ᠢᠳᠡᠵᠦ ᠪᠠᠢᠭ᠎ᠠ ᠬᠡᠨ ᠪᠦᠬᠦᠨ ᠪᠣᠳᠣᠬᠤ ᠦᠭᠡᠢ ᠪᠠᠢᠬᠤ ᠭᠡᠵᠦ ᠢᠲᠡᠭᠡᠵᠦ ᠪᠠᠢᠭ᠎ᠠ ᠭᠡᠵᠦ ᠲᠠᠢᠪᠤᠩ ᠬᠡᠯᠡᠪᠡ᠃
᠊᠊᠊᠊᠊᠊᠊᠊᠊᠊᠊᠊᠊᠊᠊ ᠲᠠ ᠪᠣᠳᠣ ᠯᠠ ᠳᠠ᠃ ᠴᠥᠭᠡᠨ ᠮᠠᠯ ᠲᠠᠢ᠂ ᠣᠯᠠᠨ ᠠᠮᠠ ᠪᠦᠯᠢ ᠲᠡᠢ ᠨᠢᠭᠡ ᠠᠢᠯ ᠪᠠᠢᠨ᠎ᠠ᠃ ᠲᠡᠷᠡ ᠠᠢᠯ ᠴᠥᠭᠡᠨ ᠮᠠᠯ ᠲᠠᠢ ᠪᠣᠯᠬᠣᠷ ᠢᠳᠡᠬᠦ ᠳ᠋ᠡᠭᠡᠨ ᠬᠠᠢᠷᠠᠯᠠᠨ᠎ᠠ᠃ ᠭᠡᠲᠡᠯ᠎ᠡ ᠲᠡᠭᠦᠨ ᠳ᠋ᠦ᠍ ᠬᠥᠮᠦᠨ ᠦ᠌ ᠮᠠᠯ ᠢ᠋ ᠬᠤᠷᠢᠶᠠᠵᠤ ᠠᠪᠤᠭᠠᠳ ᠥᠭᠴᠦ ᠤᠷᠭᠢᠶ᠎ᠠ᠃ ᠢᠳᠡᠵᠦ ᠣᠷᠬᠢᠨ᠎ᠠ ᠰᠢᠦ ᠳᠡ ᠭᠡᠵᠦ ᠲᠠᠷᠭᠤᠨ ᠬᠥᠮᠦᠨ ᠬᠡᠯᠡᠪᠡ᠃
᠊᠊᠊᠊᠊᠊᠊᠊᠊᠊᠊᠊᠊᠊᠊ ᠲᠡᠷᠡ ᠠᠢᠯ ᠦᠷᠭᠦᠯᠵᠢ ᠥᠯᠥᠰᠴᠦ ᠪᠠᠢᠬᠤ ᠬᠡᠷᠡᠭ ᠤᠤ?
᠊᠊᠊᠊᠊᠊᠊᠊᠊᠊᠊᠊᠊᠊᠊ ᠪᠢᠳᠡ ᠲᠡᠭᠦᠨ ᠢ᠋ ᠴᠠᠳᠬᠠᠬᠤ ᠶ᠋ᠢᠨ ᠲᠤᠯᠠ ᠥᠭᠡᠷ᠎ᠡ ᠦᠢᠯᠡ ᠪᠣᠳᠣᠬᠤ ᠨᠢ ᠴᠢᠬᠤᠯᠠ᠃ ᠤᠯᠤᠰ ᠤ᠋ᠨ ᠡᠳ᠋ ᠦ᠋ᠨ ᠵᠠᠰᠠᠭ ᠲᠤ᠌ ᠬᠣᠣᠷ ᠪᠣᠯᠬᠤ ᠦᠭᠡᠢ ᠶᠠᠭᠤᠮ᠎ᠠ ᠪᠣᠳᠣᠵᠤ ᠣᠯᠪᠠᠯ ᠰᠠᠢᠨ ᠪᠠᠢᠨ᠎ᠠ᠃
᠊᠊᠊᠊᠊᠊᠊᠊᠊᠊᠊᠊᠊᠊᠊ ᠪᠢ ᠲᠠ ᠪᠦᠬᠦᠨ ᠰᠢᠭ ᠲᠩᠷᠢ ᠶ᠋ᠢᠨ ᠮᠡᠷᠭᠡᠨ ᠪᠣᠳᠣᠯ ᠲᠠᠢ ᠬᠥᠮᠦᠨ ᠪᠢᠰᠢ᠃ ᠭᠡᠪᠡᠴᠦ ᠪᠢ ᠥᠯᠥᠰᠬᠦᠯᠡᠩ ᠳ᠋ᠦ᠍ ᠨᠡᠷᠪᠡᠭᠳᠡᠭᠰᠡᠨ ᠬᠥᠮᠦᠰ ᠦ᠋ᠨ ᠬᠤᠷᠴᠠ ᠨᠢᠳᠦ ᠶ᠋ᠢ ᠦᠵᠡᠭᠰᠡᠨ ᠬᠥᠮᠦᠨ᠃ ᠲᠡᠷᠡ ᠨᠢᠳᠦᠨ ᠦ᠌ ᠡᠮᠦᠨ᠎ᠡ ᠲᠣᠮᠣ ᠭᠡᠭᠴᠢ ᠶ᠋ᠢᠨ ᠬᠠᠷ᠎ᠠ ᠴᠣᠣᠵᠢ ᠲᠠᠢ ᠪᠠᠢᠰᠢᠩ ᠳ᠋ᠤ᠌ ᠭᠤᠯᠢᠷ ᠪᠤᠳᠠᠭ᠎ᠠ ᠳᠦᠭᠦᠷᠡᠩ ᠪᠠᠢᠭᠰᠠᠨ ᠶᠤᠮ ᠰᠢᠦ᠃
᠊᠊᠊᠊᠊᠊᠊᠊᠊᠊᠊᠊᠊᠊᠊ ᠤᠷᠢᠳᠠ ᠪᠠᠷ ᠡᠳ᠋ ᠦ᠋ᠨ ᠵᠠᠰᠠᠭ ᠢ᠋ᠶ᠋ᠠᠨ ᠬᠦᠴᠦᠲᠡᠢ ᠪᠣᠯᠭᠠᠵᠤ ᠠᠪᠬᠤ ᠴᠤ᠌ ᠠᠯᠤᠰ ᠤ᠋ᠨ ᠪᠣᠳᠣᠯ᠃ ᠲᠠ ᠪᠣᠯ ᠬᠡᠭᠡᠯ ᠲᠡᠢ ᠦᠨᠢᠶ᠎ᠡ ᠪᠡᠨ ᠢᠳᠡᠵᠦ ᠤᠷᠭᠢᠶ᠎ᠠ ᠭᠡᠵᠦ ᠪᠣᠳᠣᠵᠤ ᠪᠠᠢᠨ᠎ᠠ᠃ ᠪᠢᠳᠡ ᠪᠣᠯ ᠲᠡᠰᠪᠦᠷᠢᠯᠡᠵᠦ ᠪᠠᠢᠭᠠᠳ ᠲᠤᠭᠤᠯ ᠢ᠋ ᠨᠢ ᠭᠠᠷᠭᠠᠵᠤ ᠠᠪᠤᠶ᠎ᠠ ᠭᠡᠵᠦ ᠪᠣᠳᠣᠵᠤ ᠪᠠᠢᠨ᠎ᠠ᠃
᠊᠊᠊᠊᠊᠊᠊᠊᠊᠊᠊᠊᠊᠊᠊ ᠣᠯᠠᠨ ᠵᠢᠯ ᠲᠡᠰᠪᠦᠷᠢᠯᠡᠵᠦ᠂ ᠣᠯᠠᠨ ᠳᠠᠬᠢᠨ ᠳᠤᠭᠤᠯᠯᠠᠭᠤᠯᠤᠭᠰᠠᠨ ᠪᠣᠯᠪᠠᠴᠤ ᠨᠥᠭᠦᠭᠡ ᠥᠯᠥᠰᠦᠭᠰᠡᠨ ᠬᠤᠷᠴᠠ ᠨᠢᠳᠦ ᠠᠷᠢᠯᠤᠭ᠎ᠠ ᠦᠭᠡᠢ ᠰᠢᠦ ᠳᠡ᠃ ᠴᠥᠭᠡᠨ ᠬᠥᠮᠦᠨ ᠦ᠌ ᠭᠠᠷ ᠲᠤ᠌ ᠶᠡᠬᠡ ᠬᠥᠷᠥᠩᠭᠡ ᠪᠠᠢᠭᠰᠠᠨ ᠴᠠᠭ ᠲᠤ᠌ ᠣᠯᠠᠨ ᠤ᠋ ᠠᠮᠢᠳᠤᠷᠠᠯ ᠰᠠᠢᠵᠢᠷᠠᠬᠤ ᠦᠭᠡᠢ ᠭᠡᠳᠡᠭ ᠲᠦ᠍ ᠯᠡ ᠪᠢ ᠢᠲᠡᠭᠡᠵᠦ ᠪᠠᠢᠨ᠎ᠠ ᠭᠡᠳ ᠡᠷᠳᠡᠨᠢ ᠬᠤᠷᠠᠯ ᠳ᠋ᠤ᠌ ᠣᠷᠣᠵᠤ ᠪᠢᠯᠡ᠃
ᠡᠴᠦᠰ ᠲᠡᠭᠡᠨ ᠳᠠᠮᠪᠠᠳᠣᠷᠵᠢ᠂ ᠵᠠᠳᠠᠮᠪᠠ ᠨᠠᠷ ᠤ᠋ᠨ ᠪᠦᠯᠦᠭ ᠢᠯᠠᠭᠳᠠᠵᠤ ᠲᠡᠳᠡ ᠲᠥᠪ ᠬᠣᠷᠢᠶᠠᠨ ᠤ᠋ ᠤᠳᠤᠷᠢᠳᠤᠯᠭ᠎ᠠ ᠡᠴᠡ ᠵᠠᠢᠯᠠᠭᠤᠯᠤᠭᠳᠠᠪᠠ᠃ ᠬᠤᠷᠠᠯ ᠳᠠᠭᠤᠰᠤᠭᠰᠠᠨ ᠤ᠋ ᠳᠠᠷᠠᠭ᠎ᠠ ᠡᠷᠳᠡᠨᠢ ᠨᠠᠮ ᠤ᠋ᠨ ᠲᠥᠪ ᠬᠣᠷᠢᠶᠠᠨ ᠳ᠋ᠤ᠌ ᠠᠵᠢᠯᠯᠠᠵᠤ ᠪᠠᠢᠭᠠᠳ ᠹᠧᠣᠳᠠᠯ ᠤ᠋ᠨ ᠬᠥᠷᠥᠩᠭᠡ ᠬᠤᠷᠢᠶᠠᠬᠤ ᠠᠵᠢᠯ ᠢ᠋ᠶ᠋ᠠᠷ ᠴᠡᠴᠡᠷᠯᠢᠭ ᠮᠠᠨᠳᠤᠯ ᠤ᠋ᠨ ᠠᠢᠮᠠᠭ ᠲᠤ᠌ ᠲᠣᠮᠢᠯᠠᠭᠳᠠᠨ ᠶᠠᠪᠤᠵᠤ ᠪᠢᠯᠡ᠃
ᠠᠢᠮᠠᠭ ᠲᠤ᠌ ᠣᠴᠢᠮᠠᠭᠴᠠ ᠡᠷᠳᠡᠨᠢ ᠰᠠᠯᠪᠤᠷᠢ ᠺᠣᠮᠢᠰ ᠤ᠋ᠳ ᠢ᠋ ᠪᠠᠢᠭᠤᠯᠤᠨ ᠠᠵᠢᠯ ᠳ᠋ᠠᠭᠠᠨ ᠣᠷᠣᠭᠰᠠᠨ ᠪᠥᠭᠡᠳ ᠥᠪᠡᠷ ᠦ᠋ᠨ ᠪᠡᠶ᠎ᠡ ᠪᠡᠷ ᠵᠠᠶ᠎ᠠ ᠶ᠋ᠢᠨ ᠭᠡᠭᠡᠨ ᠦ᠌ ᠰᠠᠩ ᠤ᠋ᠨ ᠬᠥᠷᠥᠩᠭᠡ ᠶ᠋ᠢ ᠬᠤᠷᠢᠶᠠᠭᠰᠠᠨ᠃ ᠠᠵᠢᠯ ᠤ᠋ᠨ ᠢ᠋ᠶ᠋ᠠᠨ ᠭᠣᠣᠯ ᠢ᠋ ᠨᠢ ᠠᠮᠵᠢᠯᠲᠠ ᠲᠠᠢ ᠨᠤᠭᠤᠯᠵᠤ ᠪᠠᠢᠲᠠᠯ᠎ᠠ ᠤᠯᠠᠭᠠᠨ ᠠᠭᠤᠯᠠ ᠶ᠋ᠢᠨ ᠬᠤᠰᠢᠭᠤᠨ ᠤ᠋ ᠨᠠᠮ ᠤ᠋ᠨ ᠬᠣᠷᠢᠶᠠᠨ ᠤ᠋ ᠳᠠᠷᠤᠭ᠎ᠠ ᠪᠠᠷ ᠲᠣᠮᠢᠯᠠᠭᠳᠠᠪᠠ᠃ ᠡᠨᠡ ᠦᠶ᠎ᠡ ᠳ᠋ᠦ᠍ ᠤᠤᠯ ᠬᠤᠰᠢᠭᠤᠨ ᠳ᠋ᠤ᠌ ᠬᠠᠮᠲᠤᠷᠠᠯ ᠪᠠᠢᠭᠤᠯᠬᠤ ᠠᠵᠢᠯ ᠡᠬᠢᠯᠡᠵᠦ ᠪᠠᠢᠯ᠎ᠠ᠃ ᠬᠠᠮᠲᠤᠷᠠᠯ ᠳ᠋ᠤ᠌ ᠵᠥᠪᠬᠡᠨ ᠰᠠᠢᠨ ᠳᠤᠷ᠎ᠠ ᠪᠠᠷ ᠣᠷᠣᠭᠤᠯᠬᠤ ᠶᠣᠰᠣᠲᠠᠢ ᠭᠡᠰᠡᠨ ᠨᠠᠮ ᠤ᠋ᠨ ᠱᠤᠭᠤᠮ ᠢ᠋ ᠡᠷᠳᠡᠨᠢ ᠬᠠᠲᠠᠭᠤ ᠪᠠᠷᠢᠮᠲᠠᠯᠠᠨ ᠠᠵᠢᠯᠯᠠᠪᠠ᠃
ᠬᠤᠪᠢᠰᠬᠠᠯ ᠤ᠋ᠨ ᠵᠢᠯ ᠬᠡᠳᠦᠨ ᠮᠠᠯ ᠲᠠᠢ ᠪᠣᠯᠤᠨ ᠡᠬᠢᠯᠡᠵᠦ ᠪᠠᠢᠭ᠎ᠠ ᠬᠥᠮᠦᠰ ᠪᠣᠯ ᠬᠠᠮᠲᠤᠷᠠᠯ ᠳ᠋ᠤ᠌ ᠣᠷᠣᠬᠤ ᠳ᠋ᠠᠭᠠᠨ ᠲᠤᠩ ᠬᠣᠢᠷᠭᠣ ᠪᠠᠢᠯ᠎ᠠ᠃ ᠭᠡᠲᠡᠯ᠎ᠡ ᠤᠯᠠᠭᠠᠨ ᠠᠭᠤᠯᠠ ᠶ᠋ᠢᠨ ᠬᠤᠰᠢᠭᠤᠨ ᠳ᠋ᠤ᠌ ᠬᠠᠮᠲᠤᠷᠠᠯ ᠪᠠᠢᠭᠤᠯᠬᠤ ᠠᠵᠢᠯ ᠤᠳᠠᠭᠠᠨ ᠶᠠᠪᠤᠵᠤ ᠪᠠᠢᠭ᠎ᠠ ᠶ᠋ᠢ ᠠᠢᠮᠠᠭ ᠤ᠋ᠨ ᠨᠠᠮ ᠤ᠋ᠨ ᠬᠣᠷᠢᠶ᠎ᠠ ᠵᠢᠮᠡᠯᠡᠨ ᠪᠤᠷᠤᠭᠤᠰᠢᠶᠠᠭᠠᠳ ᠤᠭ ᠠᠵᠢᠯ ᠢ᠋ ᠲᠦᠷᠭᠡᠨ ᠪᠣᠯᠭᠠᠬᠤ ᠪᠠᠷ ᠡᠷᠳᠡᠨᠢ ᠶ᠋ᠢᠨ ᠬᠠᠭᠤᠴᠢᠨ ᠲᠠᠨᠢᠯ ᠳᠣᠷᠵᠢ ᠶ᠋ᠢ ᠢᠷᠡᠭᠦᠯᠵᠡᠢ᠃
ᠳᠣᠷᠵᠢ ᠢᠷᠡᠮᠡᠭᠴᠡ ᠠᠷᠠᠳ ᠤ᠋ᠳ ᠢ᠋ ᠰᠢᠬᠠᠵᠤ ᠬᠡᠳᠦᠨ ᠡᠳᠦᠷ ᠢ᠋ᠶ᠋ᠡᠷ ᠬᠣᠷᠢᠵᠤ ᠬᠤᠷᠠᠯᠳᠤᠭᠤᠯᠤᠨ ᠣᠷᠣᠬᠤ ᠦᠭᠡᠢ ᠪᠠᠢᠭᠰᠠᠨ ᠬᠥᠮᠦᠰ ᠢ᠋ ᠡᠯᠳᠡᠪ ᠢ᠋ᠶ᠋ᠡᠷ ᠬᠠᠪᠴᠢᠵᠤ ᠨᠤᠭᠤᠯᠤᠭ᠎ᠠ ᠬᠢᠭᠰᠡᠨ ᠢ᠋ᠶ᠋ᠡᠷ ᠪᠠᠷᠠᠬᠤ ᠦᠭᠡᠢ ᠺᠣᠮᠮᠤᠢᠨ ᠭᠡᠭᠴᠢ ᠶ᠋ᠢ ᠪᠠᠢᠭᠤᠯᠵᠤ ᠡᠬᠢᠯᠡᠬᠦ ᠳ᠋ᠦ᠍ ᠡᠷᠳᠡᠨᠢ ᠡᠰᠡᠷᠭᠦᠴᠡᠪᠡ᠃
ᠳᠣᠷᠵᠢ ᠲᠠᠢ ᠬᠡᠳᠦᠨ ᠤᠳᠠᠭ᠎ᠠ ᠤᠴᠠᠷᠠᠨ ᠶᠠᠷᠢᠯᠴᠠᠬᠤ ᠳ᠋ᠤ᠌ ᠲᠡᠷᠡ ᠨᠢ ᠥᠪᠡᠷ ᠦ᠋ᠨ ᠬᠢᠵᠦ ᠪᠠᠢᠭ᠎ᠠ ᠶ᠋ᠢ ᠵᠥᠪ ᠭᠡᠵᠦ ᠵᠢᠳᠬᠦᠭᠡᠳ ᠡᠷᠳᠡᠨᠢ ᠶ᠋ᠢ ᠠᠩᠭᠢ ᠶ᠋ᠢᠨ ᠬᠤᠪᠢᠰᠬᠠᠯ ᠤ᠋ᠨ ᠵᠣᠷᠢᠯᠭ᠎ᠠ ᠶ᠋ᠢ ᠣᠢᠯᠠᠭᠠᠬᠤ ᠦᠭᠡᠢ ᠬᠣᠴᠣᠷᠤᠭᠰᠠᠨ ᠡᠲᠡᠭᠡᠳ ᠭᠡᠵᠦ ᠳᠣᠷᠣᠮᠵᠢᠯᠠᠬᠤ ᠳ᠋ᠤ᠌ ᠨᠢ 《ᠣᠳᠣᠬᠠᠨ ᠳ᠋ᠠᠭᠠᠨ ᠪᠢ ᠡᠨᠡ ᠬᠤᠰᠢᠭᠤᠨ ᠤ᠋ ᠨᠠᠮ ᠤ᠋ᠨ ᠬᠣᠷᠢᠶᠠᠨ ᠤ᠋ ᠳᠠᠷᠤᠭ᠎ᠠ᠃ ᠴᠢ ᠵᠠᠢᠯᠠ! ᠶᠠᠪᠤᠬᠤ ᠦᠭᠡᠢ ᠪᠣᠯ ᠬᠦᠴᠦ ᠪᠡᠷ ᠪᠠᠷᠢᠵᠤ ᠠᠪᠤᠭᠠᠳ ᠬᠦᠷᠭᠡᠵᠦ ᠥᠭᠭᠦᠨ᠎ᠡ》 ᠭᠡᠵᠦ ᠵᠠᠨᠤᠯᠬᠢᠯᠠᠪᠠ᠃
ᠳᠣᠷᠵᠢ ᠠᠢᠮᠠᠭ ᠤᠷᠤᠭᠤ ᠶᠠᠪᠤᠭᠰᠠᠨ ᠪᠣᠯᠪᠠᠴᠤ ᠠᠢᠮᠠᠭ ᠤ᠋ᠨ ᠨᠠᠮ ᠤ᠋ᠨ ᠬᠣᠷᠢᠶᠠᠨ ᠤ᠋ ᠳᠡᠮᠵᠢᠯᠭᠡ ᠶ᠋ᠢ ᠠᠪᠴᠤ ᠡᠷᠭᠢᠵᠦ ᠢᠷᠡᠭᠡᠳ ᠬᠤᠰᠢᠭᠤᠨ ᠤ᠋ ᠨᠠᠮ ᠤ᠋ᠨ ᠬᠤᠷᠠᠯ ᠬᠢᠯᠭᠡᠵᠦ᠂ ᠡᠷᠳᠡᠨᠢ ᠶ᠋ᠢ ᠲᠣᠪᠴᠢᠨ ᠪᠡᠢᠰᠡ ᠶ᠋ᠢᠨ ᠡᠬᠡᠨᠡᠷ ᠦ᠋ᠨ ᠨᠢᠭᠤᠴᠠ ᠠᠮᠠᠷᠠᠭ᠂ ᠴᠠᠭᠠᠨ ᠤ᠋ ᠴᠡᠷᠢᠭ ᠦ᠋ᠨ ᠳᠠᠷᠤᠭ᠎ᠠ ᠪᠠᠢᠭᠰᠠᠨ ᠬᠥᠮᠦᠨ᠃ ᠭᠠᠭᠴᠠ ᠬᠦᠦ ᠨᠢ ᠨᠢᠳᠤᠷᠭᠠᠨ ᠢᠲᠡᠭᠡᠯᠲᠦ ᠶ᠋ᠢᠨ ᠬᠦᠷᠭᠡᠨ ᠭᠡᠬᠦ ᠵᠡᠷᠭᠡ ᠪᠡᠷ ᠬᠠᠲᠠᠭᠤ ᠰᠢᠭᠦᠮᠵᠢᠯᠡᠨ ᠪᠠᠷᠠᠭᠤᠨ ᠤ᠋ ᠡᠲᠡᠭᠡᠳ ᠨᠡᠷ᠎ᠡ ᠵᠡᠭᠦᠯᠭᠡᠨ ᠠᠵᠢᠯ ᠡᠴᠡ ᠨᠢ ᠬᠠᠯᠠᠭᠰᠠᠨ ᠪᠥᠭᠡᠳ ᠡᠴᠦᠰ ᠲᠦ᠍ ᠨᠢ ᠬᠤᠰᠢᠭᠤᠨ ᠳ᠋ᠤ᠌ ᠪᠠᠢᠭᠤᠯᠤᠭᠳᠠᠭᠰᠠᠨ ᠬᠠᠮᠲᠤᠷᠠᠯ ᠤ᠋ᠨ ᠨᠢᠭᠲᠠᠯᠠᠨ ᠪᠣᠳᠣᠬᠤ ᠪᠣᠯᠭᠠᠵᠠᠢ᠃
ᠲᠡᠭᠡᠭᠡᠳ ᠬᠣᠲᠠ ᠣᠷᠣᠵᠤ ᠬᠠᠮᠲᠤᠷᠠᠯ ᠳ᠋ᠠᠭᠠᠨ ᠮᠥᠩᠭᠥᠨ ᠵᠢᠭᠡᠯᠡᠯᠭᠡ ᠣᠯᠵᠤ ᠠᠪᠤᠭᠠᠳ ᠪᠤᠴᠠᠵᠤ ᠶᠠᠪᠤᠬᠤ ᠵᠠᠮ ᠳ᠋ᠠᠭᠠᠨ ᠨᠢᠮ᠎ᠠ ᠶ᠋ᠢᠨ ᠳ᠋ᠦ᠍ ᠠᠢᠯᠴᠢᠯᠠᠨ ᠢᠷᠡᠭᠰᠡᠨ ᠶᠤᠮ᠃ ᠨᠢᠮ᠎ᠠ ᠶ᠋ᠢᠨ ᠳ᠋ᠦ᠍ ᠨᠠᠷᠢᠨ ᠬᠣᠭᠣᠯᠠ ᠬᠢᠯᠭᠡᠭᠦᠯᠦᠨ ᠢᠳᠡᠵᠦ ᠬᠣᠨᠣᠭᠠᠳ ᠮᠠᠷᠭᠠᠰᠢ ᠨᠢ ᠡᠷᠲᠡ ᠮᠣᠷᠳᠠᠵᠤ ᠶᠠᠪᠤᠭᠰᠠᠭᠠᠷ ᠬᠠᠨᠤᠢ ᠭᠣᠣᠯ ᠤ᠋ᠨ ᠡᠮᠦᠨ᠎ᠡ ᠡᠷᠭᠢ ᠳᠡᠭᠡᠷ᠎ᠡ ᠬᠠᠷᠤᠢ ᠪᠦᠷᠦᠢ ᠪᠣᠯᠬᠤ ᠦᠶ᠎ᠡ ᠳ᠋ᠦ᠍ ᠨᠢᠭᠡ ᠠᠢᠯ ᠳ᠋ᠤ᠌ ᠢᠷᠡᠵᠦ ᠬᠣᠨᠣᠪᠠᠯ ᠰᠣᠳᠨᠠᠮ ᠭᠡᠳᠡᠭ ᠠᠢᠯ ᠨᠡᠭᠦᠳᠡᠯᠯᠡᠨ ᠢᠷᠡᠭᠰᠡᠨ ᠲᠤᠬᠠᠢ ᠰᠣᠨᠣᠰᠴᠤ ᠥᠷᠯᠥᠭᠡ ᠨᠢ ᠣᠴᠢᠪᠠ᠃
᠊᠊᠊᠊᠊᠊᠊᠊᠊᠊᠊᠊᠊᠊᠊ ᠡᠨᠡ ᠵᠢᠯ ᠨᠤᠲᠤᠭ ᠤ᠋ᠨ ᠲᠠᠯ᠎ᠠ ᠠᠰᠠᠭᠤᠪᠠᠯ ᠪᠠᠭᠰᠢ ᠬᠠᠨᠤᠢ ᠳ᠋ᠤ᠌ ᠨᠤᠲᠤᠭᠯᠠ᠃ ᠨᠡᠭᠦᠬᠦ ᠦᠭᠡᠢ ᠪᠠᠢᠪᠠᠯ ᠮᠣᠳᠣ ᠪᠠᠨ ᠪᠠᠷᠢᠨ᠎ᠠ ᠭᠡᠰᠡᠨ᠃ ᠲᠡᠭᠡᠭᠡᠳ ᠯᠡ ᠡᠨᠳᠡ ᠨᠡᠭᠦᠵᠦ ᠢᠷᠡᠭᠡᠳ ᠪᠠᠢᠨ᠎ᠠ ᠭᠡᠵᠦ ᠰᠣᠳᠨᠠᠮ ᠨᠤᠲᠤᠭ ᠲᠤ᠌ ᠨᠡᠭᠦᠳᠡᠯᠯᠡᠨ ᠢᠷᠡᠭᠰᠡᠨ ᠢ᠋ᠶ᠋ᠡᠨ ᠲᠠᠢᠯᠪᠤᠷᠢᠯᠠᠨ ᠶᠠᠷᠢᠯ᠎ᠠ᠃
ᠡᠷᠳᠡᠨᠢ ᠵᠠᠮ ᠤ᠋ᠨ ᠳᠠᠭᠠᠤ ᠨᠡᠭᠦᠳᠡᠯᠯᠡᠵᠦ ᠶᠠᠪᠤᠭ᠎ᠠ ᠬᠡᠳᠦ ᠬᠡᠳᠦᠨ ᠠᠢᠯ ᠡᠴᠡ 《ᠲᠠᠯ᠎ᠠ ᠮᠠᠭᠤ》 ᠭᠡᠰᠡᠨ ᠡᠴᠡ ᠬᠣᠢᠰᠢᠯᠠᠵᠤ ᠶᠠᠪᠤᠭ᠎ᠠ ᠲᠤᠬᠠᠢ ᠰᠣᠨᠣᠰᠤᠭᠰᠠᠨ ᠪᠢᠯᠡ᠃ 《ᠯᠠᠮᠠ ᠨᠠᠷ ᠶᠠᠭᠤ ᠪᠣᠯᠤᠭᠠᠳ ᠢᠩᠭᠢᠵᠦ ᠠᠢᠯ ᠤ᠋ᠳ ᠢ᠋ ᠬᠣᠢᠲᠤ ᠵᠦᠭ ᠨᠡᠭᠦᠯᠭᠡᠵᠦ ᠪᠠᠢᠭ᠎ᠠ ᠶᠤᠮ ᠪᠣᠯ? ᠡᠨᠡ ᠵᠢᠯ ᠤᠷᠢᠳᠤ ᠨᠤᠲᠤᠭ ᠢ᠋ᠶ᠋ᠠᠷ ᠵᠤᠳ ᠪᠣᠯᠬᠤ ᠶᠠᠮᠠᠷ ᠨᠢᠭᠡᠨ ᠰᠢᠨᠵᠢ ᠲᠡᠮᠳᠡᠭ ᠣᠯᠵᠤ ᠮᠡᠳᠡᠭᠡᠳ᠂ ᠮᠡᠷᠭᠡᠨ ᠪᠣᠯᠬᠤ ᠭᠡᠵᠦ ᠪᠠᠢᠨ᠎ᠠ ᠤᠤ? ᠨᠢᠭᠡ ᠯᠡ ᠤᠴᠢᠷ ᠲᠠᠢ ᠳᠠ》 ᠭᠡᠵᠦ ᠡᠷᠳᠡᠨᠢ ᠪᠣᠳᠣᠪᠠ᠃
ᠰᠣᠳᠨᠠᠮ ᠪᠣᠯ ᠶᠡᠬᠡ ᠰᠢᠲᠦᠯᠭᠡ ᠲᠡᠢ ᠬᠥᠮᠦᠨ ᠪᠥᠭᠡᠳ ᠯᠠᠮᠠ ᠪᠠᠭᠰᠢ ᠡᠴᠡ ᠲᠠᠯ᠎ᠠ ᠠᠰᠠᠭᠤᠯ ᠦᠭᠡᠢ ᠨᠤᠲᠤᠭ ᠴᠤ᠌ ᠰᠣᠯᠢᠳᠠᠭ ᠦᠭᠡᠢ ᠬᠥᠮᠦᠨ ᠶᠤᠮ᠃
《ᠡᠪᠦᠭᠡᠨ᠂ ᠪᠠᠭᠰᠢ ᠫᠦᠷᠪᠦ ᠭᠠᠷᠠᠭ ᠲᠤ᠌ ᠨᠡᠭᠦᠭᠡᠳ ᠬᠡᠷᠡᠭ ᠦᠭᠡᠢ ᠭᠡᠵᠦ ᠪᠠᠢᠨ᠎ᠠ》᠂ 《ᠡᠪᠦᠭᠡᠨ᠂ ᠬᠣᠨᠢ ᠪᠠᠨ ᠳᠠᠧᠨ ᠭᠠᠷᠠᠭ ᠲᠤ᠌ ᠬᠢᠷᠭᠠᠵᠤ ᠡᠬᠢᠯᠡᠪᠡᠯ ᠰᠠᠢᠨ ᠭᠡᠵᠦ ᠪᠠᠭᠰᠢ ᠠᠢᠯᠠᠳᠴᠤ ᠪᠠᠢᠨ᠎ᠠ》᠂ 《ᠡᠪᠦᠭᠡᠨ᠂ ᠢᠰᠡᠭᠡᠢ ᠪᠡᠨ ᠮᠢᠭᠮᠠᠷ ᠭᠠᠷᠠᠭ ᠲᠤ᠌ ᠵᠡᠭᠡᠷᠳᠡ ᠵᠢᠰᠦᠮ ᠦ᠋ᠨ ᠮᠣᠷᠢ ᠪᠠᠷ ᠡᠬᠢᠯᠡᠵᠦ ᠲᠠᠲᠠᠪᠠᠯ ᠰᠠᠢᠨ ᠭᠡᠵᠦ ᠪᠠᠭᠰᠢ ᠠᠢᠯᠠᠳᠪᠠ》 ᠭᠡᠬᠦ ᠵᠡᠷᠭᠡ ᠶᠠᠭᠤᠮ᠎ᠠ ᠶ᠋ᠢ ᠲᠤᠯᠭᠠᠷ ᠲᠤ᠌ ᠦᠷᠭᠦᠯᠵᠢ ᠬᠡᠯᠡᠳᠡᠭ ᠪᠥᠭᠡᠳ ᠬᠣᠶᠠᠷ ᠪᠡᠶ᠎ᠡ ᠶ᠋ᠢᠨ ᠴᠠᠰ ᠡᠳᠦᠷ᠂ ᠡᠵᠢ ᠶ᠋ᠢᠨ ᠪᠤᠷᠬᠠᠨ ᠪᠣᠯᠤᠭᠰᠠᠨ ᠡᠳᠦᠷ ᠭᠡᠵᠦ ᠬᠡᠰᠡᠭ ᠡᠳᠦᠷ ᠢ᠋ ᠬᠦᠨᠳᠦᠳᠬᠡᠨ ᠴᠡᠭᠡᠷᠯᠡᠨ᠎ᠡ᠃ ᠶᠡᠷᠦ ᠨᠢ ᠯᠡ ᠠᠯᠬᠤᠮ ᠪᠦᠬᠦᠨ ᠢ᠋ᠶ᠋ᠡᠨ ᠯᠠᠮᠠ ᠪᠠᠭᠰᠢ ᠪᠠᠷ ᠮᠡᠳᠡᠭᠦᠯᠦᠭᠰᠡᠨ ᠬᠥᠮᠦᠨ ᠪᠠᠢᠯ᠎ᠠ᠃ ᠲᠡᠭᠡᠭᠡᠳ ᠥᠩᠭᠡᠷᠡᠭᠰᠡᠨ ᠬᠠᠪᠤᠷ ᠵᠠᠶ᠎ᠠ ᠶ᠋ᠢᠨ ᠬᠦᠷᠢᠶᠡᠨ ᠦ᠌ ᠬᠠᠮᠪᠤ ᠡᠴᠡ ᠨᠤᠲᠤᠭ ᠤ᠋ᠨ ᠲᠠᠯ᠎ᠠ ᠠᠰᠠᠭᠤᠪᠠᠯ ᠬᠠᠨᠤᠢ ᠭᠣᠣᠯ ᠥᠩᠭᠡᠷᠡᠵᠦ ᠨᠤᠲᠤᠭᠯᠠᠪᠠᠯ ᠪᠡᠶ᠎ᠡ ᠳ᠋ᠦ᠍ ᠪᠠᠷᠴᠢᠳ᠂ ᠬᠥᠷᠥᠩᠭᠡ ᠳ᠋ᠦ᠍ ᠭᠠᠷᠤᠵᠠ ᠦᠭᠡᠢ ᠭᠡᠰᠡᠨ ᠠᠵᠠᠢ᠃
ᠴᠣᠬᠣᠮ ᠶᠠᠭᠤ ᠪᠣᠯᠤᠭᠠᠳ ᠢᠩᠭᠢᠵᠦ ᠣᠯᠠᠨ ᠠᠢᠯ ᠢ᠋ ᠬᠣᠢᠰᠢ ᠨᠢ ᠨᠡᠭᠦᠯᠭᠡᠵᠦ ᠪᠠᠢᠭ᠎ᠠ ᠶᠤᠮ ᠪᠣᠢ? ᠭᠡᠪᠡᠯ ᠠᠷᠠᠳ ᠤ᠋ᠨ ᠬᠤᠪᠢᠰᠬᠠᠯ ᠢ᠋ ᠡᠰᠡᠷᠭᠦᠴᠡᠭᠰᠡᠨ ᠯᠠᠮᠠ ᠭᠣᠣᠯᠳᠠᠭᠤ ᠬᠦᠴᠦᠨ ᠶᠡᠬᠡ ᠲᠡᠮᠡᠴᠡᠯ ᠳ᠋ᠦ᠍ ᠪᠡᠯᠡᠳᠬᠡᠵᠦ ᠪᠠᠢᠯ᠎ᠠ᠃ ᠲᠡᠳᠡ ᠡᠨᠡ ᠦᠶ᠎ᠡ ᠳ᠋ᠦ᠍ ᠠᠷᠤ ᠬᠠᠩᠭᠠᠢ ᠭᠡᠵᠦ ᠨᠡᠷᠡᠲᠡᠢ ᠪᠣᠯᠤᠭᠰᠠᠨ ᠠᠢᠮᠠᠭ ᠤ᠋ᠨ ᠬᠣᠢᠲᠤ ᠬᠡᠰᠡᠭ ᠲᠦ᠍ ᠪᠤᠶᠤ ᠬᠥᠪᠰᠥᠭᠥᠯ ᠠᠢᠮᠠᠭ ᠤ᠋ᠨ ᠡᠮᠦᠨᠡᠲᠦ ᠬᠡᠰᠡᠭ ᠪᠥᠭᠯᠡᠭᠦᠦ ᠨᠤᠲᠤᠭ ᠲᠤ᠌ ᠬᠤᠪᠢᠰᠬᠠᠯ ᠤ᠋ᠨ ᠡᠰᠡᠷᠭᠦᠦ ᠵᠡᠪᠰᠡᠭᠲᠦ ᠪᠣᠰᠤᠯᠭ᠎ᠠ ᠭᠠᠷᠭᠠᠬᠤ ᠶ᠋ᠢᠨ ᠲᠤᠯᠠ ᠬᠥᠮᠦᠰ ᠬᠤᠷᠠᠯᠳᠤᠭᠤᠯᠵᠤ ᠪᠠᠢᠪᠠ᠃ ᠭᠡᠪᠡᠴᠦ ᠲᠡᠭᠦᠨ ᠢ᠋ ᠡᠷᠳᠡᠨᠢ ᠴᠦ᠍᠂ ᠰᠣᠳᠨᠠᠮ ᠴᠤ᠌ ᠬᠡᠷᠬᠢᠨ ᠮᠡᠳᠡᠬᠦ ᠪᠢᠯᠡ᠃
ᠡᠷᠳᠡᠨᠢ ᠶ᠋ᠢ ᠢᠷᠡᠬᠦ ᠳ᠋ᠦ᠍ ᠲᠤᠯᠭᠠᠷ ᠦᠨᠢᠶ᠎ᠡ ᠪᠡᠨ ᠪᠡᠯᠴᠢᠭᠡᠷ ᠲᠦ᠍ ᠭᠠᠷᠭᠠᠵᠤ ᠵᠠᠯᠠᠵᠤ ᠶᠠᠪᠤᠭᠰᠠᠨ ᠪᠢᠯᠡ᠃ ᠭᠡᠷ ᠲᠦ᠍ ᠨᠢ ᠮᠣᠷᠢᠲᠠᠢ ᠬᠥᠮᠦᠨ ᠢᠷᠡᠬᠦ ᠶ᠋ᠢ ᠲᠠᠨᠢᠬᠤ ᠶ᠋ᠢᠨ ᠠᠷᠭ᠎ᠠ ᠦᠭᠡᠢ ᠬᠣᠯᠠ ᠡᠴᠡ ᠬᠠᠷᠠᠭᠰᠠᠨ᠃ ᠭᠡᠪᠡᠴᠦ ᠰᠡᠳᠬᠢᠯ ᠳ᠋ᠦ᠍ ᠨᠢ 《ᠡᠷᠳᠡᠨᠢ ᠢᠷᠡᠪᠡ ᠤᠤ ᠳᠠ》 ᠭᠡᠵᠦ ᠨᠢᠭᠡ ᠳᠠᠭᠤ ᠰᠢᠪᠡᠭᠡᠨᠡᠬᠦ ᠰᠢᠭ ᠪᠣᠯᠬᠤ ᠳ᠋ᠤ᠌ ᠡᠬᠢᠯᠡᠭᠡᠳ ᠪᠤᠰᠢᠭᠤᠬᠠᠨ ᠣᠴᠢᠵᠤ ᠠᠭᠤᠯᠵᠠᠮᠠᠷ ᠰᠠᠨᠠᠭᠳᠠᠭᠠᠳ ᠭᠡᠷ ᠦ᠋ᠨ ᠵᠦᠭ ᠲᠦᠷᠭᠡᠨ ᠶᠠᠪᠤᠭᠰᠠᠨ ᠢ᠋ᠶ᠋ᠠᠨ ᠠᠯᠬᠤᠯᠲᠠ ᠨᠢ ᠠᠭᠠᠵᠢᠮ ᠪᠣᠯᠪᠠ᠃ ᠭᠡᠬᠦ ᠳ᠋ᠡᠭᠡᠨ ᠪᠤᠴᠠᠵᠤ ᠡᠷᠭᠢᠭᠰᠡᠨ ᠦᠭᠡᠢ ᠶᠠᠪᠤᠭᠰᠠᠭᠠᠷ ᠭᠡᠷ ᠲᠡᠭᠡᠨ ᠣᠷᠣᠪᠠᠯ ᠭᠡᠷ ᠦ᠋ᠨ ᠪᠠᠷᠠᠭᠤᠨ ᠲᠠᠯ᠎ᠠ ᠳ᠋ᠤ᠌ ᠨᠢ ᠡᠷᠳᠡᠨᠢ ᠳᠤᠪᠰᠢᠷᠠᠭᠳᠠᠨ ᠰᠠᠭᠤᠭᠠᠳ ᠴᠠᠢ ᠤᠤᠭᠤᠵᠤ ᠪᠠᠢᠯ᠎ᠠ᠃
ᠲᠤᠯᠭᠠᠷ ᠢ᠋ ᠬᠠᠷᠠᠮᠠᠭᠴᠠ ᠡᠷᠳᠡᠨᠢ ᠠᠶᠠᠭ᠎ᠠ ᠲᠠᠢ ᠴᠠᠢ ᠪᠠᠨ ᠲᠠᠯᠪᠢᠵᠤ ᠬᠠᠨᠴᠤᠢ ᠪᠠᠨ ᠰᠡᠭᠰᠦᠷᠦᠨ ᠪᠣᠰᠤᠭᠠᠳ 《ᠵᠣᠯᠭᠠᠬᠤ ᠤᠤ?》 ᠭᠡᠬᠦ ᠳ᠋ᠦ᠍ ᠲᠤᠯᠭᠠᠷ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ ᠰᠢᠭᠤᠳ ᠣᠴᠢᠵᠤ ᠡᠷᠳᠡᠨᠢ ᠲᠡᠢ ᠵᠣᠯᠭᠠᠭᠠᠳ ᠰᠣᠳᠨᠠᠮ ᠥᠭᠡᠳᠡ ᠰᠡᠳᠬᠢᠯ ᠨᠢ ᠵᠣᠪᠠᠭᠰᠠᠨ ᠪᠣᠯᠤᠯᠲᠠᠢ ᠬᠠᠷᠠᠯ᠎ᠠ᠃
ᠵᠥᠪᠬᠡᠨ ᠡᠨᠡ ᠵᠣᠪᠠᠭᠰᠠᠨ ᠬᠠᠷᠠᠴᠠ ᠳ᠋ᠤ᠌ ᠶᠡᠬᠡ ᠤᠴᠢᠷ ᠪᠠᠢᠯ᠎ᠠ᠃ ᠭᠡᠮᠲᠦ ᠬᠥᠮᠦᠨ ᠭᠢᠯᠪᠠᠯᠵᠠᠨ᠎ᠠ ᠭᠡᠵᠦ ᠦᠭᠡ ᠪᠠᠢᠳᠠᠭ᠃ ᠡᠷᠳᠡᠨᠢ ᠰᠡᠳᠬᠢᠯ ᠳ᠋ᠦ᠍ᠨᠢ ᠶᠡᠷᠦ ᠪᠤᠰᠤ ᠶ᠋ᠢᠨ ᠳᠣᠲᠣᠨᠣ ᠰᠠᠨᠠᠭᠳᠠᠭᠰᠠᠨ ᠤᠴᠢᠷ ᠡᠴᠡ ᠯᠡ ᠰᠣᠳᠨᠠᠮ ᠳ᠋ᠤ᠌ ᠶᠠᠮᠠᠷ ᠨᠢᠭᠡᠨ ᠭᠡᠮ ᠬᠢᠭᠰᠡᠨ ᠮᠡᠲᠦ ᠲᠤᠯᠭᠠᠷ ᠲᠤ᠌ ᠪᠣᠳᠣᠭᠳᠠᠭᠰᠠᠨ ᠪᠥᠯᠥᠭᠡ᠃
ᠬᠠᠯᠢᠮᠠᠭ ᠨᠢ ᠰᠢᠨ᠎ᠡ ᠡᠴᠡ ᠪᠡᠨ ᠪᠤᠭᠤᠷᠤᠯᠲᠤᠵᠤ ᠡᠬᠢᠯᠡᠭᠰᠡᠨ ᠡᠷᠳᠡᠨᠢ᠂ ᠲᠡᠭᠦᠨ ᠦ᠌ ᠳᠠᠰᠤᠯ ᠪᠣᠯᠤᠭᠰᠠᠨ ᠪᠥᠭᠡᠳ ᠰᠡᠭᠦᠯ ᠦ᠋ᠨ ᠦᠶ᠎ᠡ ᠳ᠋ᠦ᠍ ᠵᠡᠭᠦᠳᠦᠨ ᠳ᠋ᠦ᠍ᠨᠢ ᠪᠠᠢᠨ ᠪᠠᠢᠨ ᠦᠵᠡᠭᠳᠡᠬᠦ ᠪᠣᠯᠤᠭᠰᠠᠨ ᠵᠥᠭᠡᠯᠡᠨ ᠲᠣᠮᠣ ᠨᠢᠳᠦ ᠶ᠋ᠢ ᠬᠠᠷᠠᠮᠠᠭᠴᠠ ᠲᠤᠯᠭᠠᠷ ᠤ᠋ᠨ ᠬᠠᠴᠠᠷ ᠲᠤ᠌ ᠤᠯᠠᠭᠠᠨ ᠲᠤᠶᠠᠭ᠎ᠠ ᠭᠡᠷᠡᠯᠲᠦᠨ᠂ ᠡᠳᠦᠷ ᠰᠥᠨᠢ ᠦᠭᠡᠢ ᠡᠷᠢᠵᠦ ᠪᠠᠢᠵᠤ ᠠᠷᠠᠢ ᠭᠡᠵᠦ ᠣᠯᠤᠭᠰᠠᠨ ᠦᠨᠡᠲᠦ ᠶᠠᠭᠤᠮ᠎ᠠ ᠪᠠᠨ ᠬᠠᠷᠠᠵᠤ ᠪᠠᠢᠭ᠎ᠠ ᠬᠥᠮᠦᠨ ᠦ᠌ ᠳᠤᠭᠳᠤᠯᠤᠮᠠᠯ ᠪᠣᠯᠪᠠᠴᠤ ᠥᠷᠨᠢᠭᠦᠨ ᠭᠡᠷᠡᠯᠲᠡᠢ ᠰᠡᠳᠬᠢᠯ ᠲᠡᠭᠦᠨ ᠢ᠋ ᠡᠵᠡᠮᠳᠡᠪᠡ᠃ ᠲᠡᠭᠦᠨ ᠢ᠋ᠶ᠋ᠡᠷ ᠴᠦ᠍ ᠪᠠᠷᠠᠬᠤ ᠦᠭᠡᠢ ᠡᠷᠳᠡᠨᠢ ᠳ᠋ᠦ᠍ ᠳᠣᠲᠣᠨᠣ ᠶ᠋ᠢᠨ ᠰᠠᠢᠬᠠᠨ ᠦᠭᠡ ᠬᠡᠯᠡᠮᠡᠷ ᠪᠣᠳᠣᠭᠳᠠᠪᠠ᠃
᠊᠊᠊᠊᠊᠊᠊᠊᠊᠊᠊᠊᠊᠊᠊ ᠬᠠᠪᠢ ᠳ᠋ᠠᠭᠠᠨ ᠴᠢ ᠬᠦᠦ ᠲᠡᠢ ᠪᠡᠨ ᠠᠭᠤᠯᠵᠠᠭᠰᠠᠨ ᠤᠤ?
᠊᠊᠊᠊᠊᠊᠊᠊᠊᠊᠊᠊᠊᠊᠊ ᠬᠠᠪᠤᠷ ᠰᠣᠯᠣᠩᠭ᠎ᠠ ᠲᠠᠢ ᠪᠠᠨ ᠢᠷᠡᠵᠦ ᠠᠭᠤᠯᠵᠠᠭᠠᠳ ᠶᠠᠪᠤᠭᠰᠠᠨ᠃ ᠣᠳᠣ ᠰᠣᠯᠣᠩᠭ᠎ᠠ ᠶ᠋ᠢᠨ ᠬᠡᠦᠬᠡᠳ ᠯᠠᠪ ᠭᠠᠷᠤᠭᠰᠠᠨ ᠪᠠᠢᠬᠤ᠃
᠊᠊᠊᠊᠊᠊᠊᠊᠊᠊᠊᠊᠊᠊᠊ ᠭᠠᠷᠤᠭᠰᠠᠨ ᠪᠣᠯ ᠬᠠᠷᠠᠬᠤ ᠶᠤᠮᠰᠠᠨ᠃ ᠲᠦᠷᠦᠭᠦᠴᠢ ᠶ᠋ᠢᠨ ᠬᠢᠨᠢ ᠬᠦᠦ ᠪᠠᠢᠭᠰᠠᠨ ᠶᠤᠮ ᠭᠡᠨ᠎ᠡ ᠪᠢᠯᠡ ᠭᠡᠳ ᠲᠤᠯᠭᠠᠷ ᠬᠦᠪᠦᠷᠡᠨ ᠭᠠᠷᠤᠭᠰᠠᠨ ᠨᠢᠯᠪᠤᠰᠤ ᠪᠠᠨ ᠬᠠᠨᠴᠤᠢ ᠪᠠᠷ ᠢ᠋ᠶ᠋ᠠᠨ ᠠᠷᠴᠢᠪᠠ᠃
᠊᠊᠊᠊᠊᠊᠊᠊᠊᠊᠊᠊᠊᠊᠊ ᠲᠡᠷᠡ ᠬᠣᠶᠠᠷ ᠴᠤ᠌ ᠢᠲᠡᠭᠡᠯᠲᠦ ᠡᠴᠡ ᠪᠣᠯᠵᠤ ᠨᠡᠯᠢᠶᠡᠳ ᠶᠠᠭᠤᠮ᠎ᠠ ᠦᠵᠡᠭᠰᠡᠨ ᠪᠠᠢᠬᠤ ᠠ᠋᠃ ᠣᠳᠣ ᠴᠤ᠌ ᠨᠢᠭᠡ ᠪᠣᠯᠬᠤ ᠪᠠᠢᠯᠭᠦᠢ ᠳᠡ᠃
᠊᠊᠊᠊᠊᠊᠊᠊᠊᠊᠊᠊᠊᠊᠊ ᠤᠷᠵᠢᠨᠤᠨ ᠵᠢᠯ ᠠᠢᠮᠠᠭ ᠤ᠋ᠨ ᠨᠠᠭᠠᠳᠤᠮ ᠳᠡᠭᠡᠷ᠎ᠡ ᠲᠡᠮᠦᠷ᠂ ᠳᠤᠯᠮ᠎ᠠ ᠬᠣᠶᠠᠷ ᠲᠠᠢ ᠲᠠᠭᠠᠷᠠᠯᠳᠤᠭᠰᠠᠨ᠃ ᠳᠤᠯᠮ᠎ᠠ ᠰᠠᠢᠬᠠᠨ ᠡᠬᠡᠨᠡᠷ ᠪᠣᠯᠤᠭᠰᠠᠨ ᠪᠠᠢᠭ᠎ᠠ ᠪᠢᠯᠡ᠃ ᠬᠦᠦ ᠨᠢ ᠶᠣᠰᠣᠲᠠᠢ ᠯᠠ ᠲᠣᠭᠣᠰᠣᠲᠠᠢ ᠭᠠᠷ ᠢ᠋ᠶ᠋ᠠᠷ ᠪᠠᠷᠢᠰᠢ ᠦᠭᠡᠢ ᠠᠮᠢᠲᠠᠨ ᠪᠠᠢᠳᠠᠭ ᠭᠡᠳ ᠲᠤᠯᠭᠠᠷ ᠦᠯᠦ ᠮᠡᠳᠡᠭ ᠮᠦᠰᠢᠶᠡᠪᠡ᠃
ᠡᠷᠳᠡᠨᠢ ᠲᠡᠷᠡ ᠡᠳᠦᠷ ᠢ᠋ᠶ᠋ᠡᠨ ᠶᠠᠪᠤᠭᠰᠠᠨ ᠪᠥᠭᠡᠳ ᠬᠤᠯᠠᠳᠤᠯ ᠦᠭᠡᠢ ᠵᠢᠰᠦ ᠲᠠᠨᠢᠬᠤ ᠠᠢᠯ ᠳ᠋ᠤ᠌ ᠣᠴᠢᠵᠤ ᠤᠨᠲᠠᠪᠠ᠃
ᠲᠡᠭᠦᠨ ᠦ᠌ ᠪᠣᠳᠣᠯ ᠢ᠋ ᠲᠤᠯᠭᠠᠷ ᠡᠵᠡᠮᠳᠡᠵᠦ ᠪᠠᠢᠯ᠎ᠠ᠃ ᠲᠤᠯᠭᠠᠷ ᠢ᠋ ᠪᠣᠳᠣᠬᠤ ᠲᠣᠰᠤᠮ ᠥᠪᠡᠷ ᠦ᠋ᠨ ᠲᠦᠷᠭᠡᠨ ᠵᠠᠩ ᠢ᠋ ᠵᠢᠮᠡᠯᠡᠵᠦ ᠬᠣᠷᠸ᠎ᠠ ᠳᠡᠭᠡᠷ᠎ᠡ ᠳᠠᠬᠢᠨ ᠣᠯᠳᠠᠬᠤ ᠦᠭᠡᠢ ᠬᠥᠮᠦᠨ ᠢ᠋ᠶ᠋ᠡᠨ ᠵᠠᠰᠠᠭᠳᠠᠰᠢ ᠦᠭᠡᠢ ᠭᠣᠮᠣᠳᠠᠭᠠᠭᠰᠠᠨ ᠳ᠋ᠠᠭᠠᠨ ᠬᠠᠷᠠᠮᠰᠠᠨ᠎ᠠ᠃
ᠡᠷᠳᠡᠨᠢ ᠨᠢ ᠲᠤᠯᠭᠠᠷ ᠲᠤ᠌ ᠬᠣᠯᠠ ᠶ᠋ᠢᠨ ᠠᠩᠭᠢᠳᠠ ᠪᠠᠢᠭᠰᠠᠨ ᠪᠣᠯ ᠡᠨᠡ ᠡᠳᠦᠷ ᠡᠴᠡ ᠡᠬᠢᠯᠡᠨ ᠤᠷᠢᠳᠤ ᠶ᠋ᠢᠨ ᠳᠣᠲᠣᠨᠣ ᠡᠷᠳᠡᠨᠢ ᠰᠡᠳᠬᠢᠯ ᠡᠴᠡ ᠨᠢ ᠰᠠᠯᠬᠤ ᠦᠭᠡᠢ ᠪᠣᠯᠪᠠ᠃ ᠶᠡᠬᠡ ᠬᠠᠢᠷ᠎ᠠ ᠶ᠋ᠢ ᠣᠢᠷᠠᠲᠤᠭᠤᠯᠬᠤ ᠬᠦᠴᠦᠲᠡᠢ ᠵᠦᠢᠯ ᠪᠣᠯ ᠰᠠᠯᠤᠯᠲᠠ ᠭᠡᠵᠦ ᠬᠡᠯᠡᠳᠡᠭ ᠨᠢ ᠦᠨᠡᠨ ᠪᠣᠯᠤᠯᠲᠠᠢ᠃
ᠵᠣᠪᠠᠯᠠᠩ ᠰᠠᠯᠤᠯᠲᠠ ᠬᠣᠶᠠᠷ ᠢ᠋ ᠳᠠᠪᠠᠵᠤ ᠭᠠᠷᠤᠭᠰᠠᠨ ᠡᠨᠡᠬᠡᠨ ᠬᠣᠶᠠᠷ ᠰᠡᠳᠬᠢᠯ ᠭᠣᠮᠣᠳᠠᠯ ᠤ᠋ᠨ ᠬᠡᠷᠡᠮ ᠢ᠋ ᠡᠪᠳᠡᠵᠦ ᠡᠬᠢᠯᠡᠪᠡ᠃ ᠤᠷᠢᠳᠤ ᠡᠷᠳᠡᠨᠢ ᠶ᠋ᠢᠨ ᠲᠤᠬᠠᠢ ᠪᠣᠳᠣᠬᠤ ᠳ᠋ᠠᠭᠠᠨ ᠥᠪᠡᠷ ᠢ᠋ ᠪᠡᠨ ᠵᠦᠪᠳᠡᠭᠡᠬᠦ ᠶ᠋ᠢ ᠬᠢᠴᠢᠶᠡᠳᠡᠭ ᠪᠠᠢᠭᠰᠠᠨ ᠲᠤᠯᠭᠠᠷ ᠡᠷᠳᠡᠨᠢ ᠶ᠋ᠢ ᠢᠷᠡᠭᠡᠳ ᠶᠠᠪᠤᠭᠰᠠᠨ ᠡᠴᠡ ᠬᠣᠢᠰᠢ 《ᠡᠷᠳᠡᠨᠢ ᠮᠢᠨᠢ ᠨᠠᠮᠠᠶ᠋ᠢ ᠭᠤᠶᠤᠭᠰᠠᠨ ᠰᠢᠦ ᠳᠡ! ᠪᠢ ᠯᠡ᠂ ᠮᠤᠩᠬᠠᠭ ᠡᠮ᠎ᠡ᠂ ᠪᠣᠯᠤᠭ᠎ᠠ ᠦᠭᠡᠢ》 ᠭᠡᠵᠦ ᠪᠣᠳᠣᠵᠤ ᠪᠠᠢᠯ᠎ᠠ᠃
ᠡᠷᠳᠡᠨᠢ ᠶ᠋ᠢᠨ ᠶᠠᠪᠤᠭᠰᠠᠨ ᠣᠷᠣᠢ ᠦᠨᠢᠶ᠎ᠡ ᠰᠠᠭᠠᠵᠤ ᠪᠠᠢᠬᠤ ᠳ᠋ᠠᠭᠠᠨ ᠲᠤᠯᠭᠠᠷ ᠪᠠᠷᠤᠭ ᠯᠠ ᠥᠪᠡᠷ ᠢ᠋ᠶ᠋ᠡᠨ ᠮᠠᠲᠠᠯ ᠦᠭᠡᠢ ᠠᠮᠠᠨ ᠳ᠋ᠠᠭᠠᠨ ᠳᠠᠭᠤᠤ ᠠᠶᠠᠯᠵᠤ ᠪᠠᠢᠯ᠎ᠠ᠃
