ᠲᠤᠩᠭᠠᠯᠠᠭ ᠲᠠᠮᠢᠷ2-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠥᠴᠦᠬᠡᠨ ᠨᠦᠬᠡ ᠲᠡᠢ ᠬᠠᠷ᠎ᠠ ᠲᠣᠭᠣᠭᠠᠨ ᠳ᠋ᠤ᠌ ᠬᠥᠮᠥᠷᠢᠭᠳᠡᠭᠰᠡᠨ ᠶᠤᠮ ᠰᠢᠭ》 - ᠬᠣᠶᠠᠳᠤᠭᠠᠷ ᠪᠦᠯᠦᠭ ᠬᠣᠷᠢ
ᠳᠤᠯᠮ᠎ᠠ ᠬᠡᠳᠦᠨ ᠬᠣᠨᠢ ᠢᠮᠠᠭ᠎ᠠ ᠪᠠᠨ ᠬᠣᠲᠠᠯᠠᠭᠤᠯᠤᠨ ᠭᠡᠷ ᠲᠡᠭᠡᠨ ᠣᠷᠣᠵᠤ ᠬᠣᠶᠠᠷ ᠠᠶᠠᠭ᠎ᠠ ᠲᠠᠷᠠᠭ ᠢᠳᠡᠭᠡᠳ ᠭᠠᠭᠴᠠᠭᠠᠷ ᠢ᠋ᠶ᠋ᠠᠨ ᠲᠤᠯᠭ᠎ᠠ ᠶ᠋ᠢᠨ ᠢ᠋ᠶ᠋ᠡᠨ ᠳᠡᠷᠭᠡᠳᠡ ᠰᠠᠭᠤᠬᠤ ᠳ᠋ᠤ᠌ ᠲᠡᠮᠦᠷ ᠦ᠋ᠨ ᠶᠠᠩᠵᠤ ᠪᠦᠷᠢ ᠶ᠋ᠢᠨ ᠳᠦᠷᠢ ᠨᠢᠳᠦᠨ ᠳ᠋ᠦ᠍ᠨᠢ ᠡᠭᠡᠯᠵᠢᠯᠡᠨ ᠬᠠᠷᠠᠭᠳᠠᠨ᠎ᠠ᠃
ᠤᠳᠠᠬᠤ ᠦᠭᠡᠢ ᠡᠷᠭᠢᠵᠦ ᠢᠷᠡᠨ᠎ᠡ ᠭᠡᠰᠡᠨ ᠲᠡᠮᠦᠷ ᠬᠣᠶᠠᠷ ᠵᠢᠯ ᠭᠠᠷᠤᠢ ᠪᠣᠯᠬᠤ ᠳ᠋ᠤ᠌ ᠢᠷᠡᠬᠦ ᠶ᠋ᠢ ᠪᠠᠢᠲᠤᠭᠠᠢ᠂ ᠬᠡᠯᠡ ᠰᠤᠷᠠᠭ ᠴᠤ᠌ ᠭᠠᠷᠤᠭᠰᠠᠨ ᠦᠭᠡᠢ᠃ ᠠᠩᠬᠠᠨ ᠤ᠋ ᠦᠶ᠎ᠡ ᠳ᠋ᠦ᠍ ᠰᠥᠨᠢ ᠪᠦᠬᠦᠨ ᠴᠢᠩᠨᠠᠵᠤ᠂ ᠨᠣᠬᠠᠢ ᠬᠤᠴᠠᠪᠠᠯ ᠭᠠᠷᠴᠤ ᠬᠠᠷᠠᠭᠠᠳ ᠢᠷᠡᠭᠡ ᠦᠭᠡᠢ ᠪᠠᠢᠬᠤ ᠳ᠋ᠤᠨᠢ ᠰᠢᠬᠢᠷ ᠢ᠋ᠶ᠋ᠡᠷ ᠬᠠᠭᠤᠷᠤᠭᠤᠯᠤᠭᠰᠠᠨ ᠨᠢᠯᠬ᠎ᠠ ᠬᠡᠦᠬᠡᠳ ᠰᠢᠭ ᠶᠠᠩᠭᠢᠨᠠᠲᠠᠯ᠎ᠠ ᠤᠬᠢᠯᠠᠳᠠᠭ ᠪᠠᠢᠵᠠᠢ᠃ ᠰᠡᠭᠦᠯ ᠳ᠋ᠡᠭᠡᠨ ᠤᠬᠢᠯᠠᠬᠤ ᠪᠠᠨ ᠪᠣᠯᠢᠪᠠ᠃ ᠲᠡᠭᠡᠭᠡᠳ 《ᠨᠣᠬᠠᠢ ᠬᠣᠷᠢ》 ᠭᠡᠵᠦ ᠶᠠᠪᠤᠭᠤᠯ ᠤ᠋ᠨ ᠬᠥᠮᠦᠨ ᠦ᠌ ᠳᠠᠭᠤ ᠭᠠᠷᠬᠤ ᠳ᠋ᠤ᠌ ᠳᠤᠷᠠᠲᠠᠢ ᠳᠤᠷ᠎ᠠ ᠦᠭᠡᠢ ᠭᠠᠷᠤᠨ᠎ᠠ᠃
ᠭᠠᠭᠴᠠ ᠡᠮᠡᠭᠲᠡᠢ ᠬᠥᠮᠦᠨ᠂ ᠲᠡᠭᠡᠭᠡᠳ ᠭᠤᠸ᠎ᠠ ᠦᠵᠡᠰᠬᠦᠯᠡᠩ ᠲᠡᠢ ᠪᠣᠯ ᠬᠡᠨ ᠵᠦᠭᠡᠷ ᠪᠠᠢᠯᠭᠠᠬᠤ ᠪᠢᠯᠡ᠃ ᠵᠣᠪᠠᠯᠠᠩ ᠳᠡᠭᠡᠷ᠎ᠡ ᠵᠣᠪᠠᠯᠠᠩ ᠨᠡᠮᠡᠵᠦ ᠳᠣᠷᠣᠮᠵᠢᠯᠠᠯ ᠳᠡᠭᠡᠷ᠎ᠡ ᠳᠣᠷᠣᠮᠵᠢᠯᠠᠯ ᠬᠦᠯᠢᠶᠡᠳᠡᠭ ᠪᠣᠯᠵᠠᠢ᠃ ᠳᠤᠯᠮ᠎ᠠ ᠵᠠᠷᠢᠮ ᠢ᠋ ᠨᠢ ᠦᠭᠡ ᠪᠡᠷ᠂ ᠵᠠᠷᠢᠮ ᠢ᠋ ᠨᠢ ᠮᠣᠳᠣ ᠪᠠᠷ᠂ ᠵᠠᠷᠢᠮ ᠢ᠋ ᠨᠢ ᠬᠢᠲᠤᠭ᠎ᠠ ᠰᠢᠪᠦᠭᠡ ᠪᠡᠷ ᠬᠥᠭᠡᠭᠡᠵᠦ ᠭᠠᠷᠭᠠᠳᠠᠭ ᠪᠠᠢᠯ᠎ᠠ᠃ ᠭᠡᠲᠡᠯ᠎ᠡ ᠵᠠᠷᠢᠮ ᠨᠢ ᠥᠰᠢᠵᠦ ᠬᠥᠮᠦᠨ ᠦ᠌ ᠨᠤᠲᠤᠭ ᠲᠤ᠌ ᠴᠠᠭᠠᠴᠢᠯᠠᠵᠤ ᠪᠠᠢᠭ᠎ᠠ ᠠᠲᠠᠯ᠎ᠠ ᠰᠡᠬᠡᠭᠦᠨ ᠵᠠᠩ ᠲᠠᠢ ᠬᠡᠦᠬᠡᠨ ᠢ᠋ ᠡᠯᠳᠡᠪ ᠢ᠋ᠶ᠋ᠡᠷ ᠬᠠᠪᠴᠢᠳᠠᠭ ᠪᠣᠯᠵᠠᠢ᠃
ᠡᠨᠳᠡ ᠡᠴᠡ ᠵᠠᠢᠯᠠᠶ᠎ᠠ ᠭᠡᠵᠦ ᠪᠣᠳᠣᠬᠤ ᠪᠠᠷ ᠲᠡᠮᠦᠷ ᠮᠢᠨᠢ ᠢᠷᠡᠭᠡᠳ ᠬᠡᠨ ᠲᠡᠢ ᠪᠡᠨ ᠠᠭᠤᠯᠵᠠᠬᠤ ᠪᠣᠯ ᠭᠡᠵᠦ ᠪᠣᠳᠣᠭᠠᠳ ᠪᠣᠯᠢᠳᠠᠭ ᠪᠠᠢᠵᠠᠢ᠃ ᠭᠡᠲᠡᠯ᠎ᠡ ᠡᠳᠦᠷ ᠥᠩᠭᠡᠷᠡᠭᠡᠳ ᠯᠡ ᠪᠠᠢᠳᠠᠭ᠂ ᠲᠡᠮᠦᠷ ᠡᠷᠭᠢᠵᠦ ᠢᠷᠡᠬᠦ ᠦᠭᠡᠢ ᠠᠵᠢ᠃
《ᠨᠠᠮᠠᠶ᠋ᠢ ᠠᠳᠠ ᠣᠷᠭᠢᠴᠢᠭᠠᠭᠠᠤᠨ ᠰᠤᠷᠠᠭ ᠴᠢᠮᠡᠭᠡ ᠦᠭᠡᠢ ᠠᠯᠠᠭ᠎ᠠ ᠪᠣᠯᠳᠠᠭ ᠠᠷᠢᠯᠤᠭᠰᠠᠨ ᠳᠣᠲᠣᠷ᠎ᠠ ᠲᠠᠢ ᠠᠮᠢᠲᠠᠨ ᠠ᠋》 ᠭᠡᠵᠦ ᠪᠣᠳᠣᠭᠠᠳ ᠲᠡᠮᠦᠷ ᠲᠡᠭᠡᠨ ᠭᠣᠮᠣᠳᠠᠪᠠᠴᠤ ᠲᠡᠷᠡ ᠰᠡᠳᠬᠢᠯ ᠨᠢ ᠤᠳᠠᠭᠠᠨ ᠲᠣᠭᠲᠠᠵᠤ ᠴᠢᠳᠠᠳᠠᠭ ᠦᠭᠡᠢ ᠪᠠᠢᠯ᠎ᠠ᠃ ᠤᠴᠢᠷ ᠨᠢ 《ᠲᠡᠮᠦᠷ ᠮᠢᠨᠢ ᠶᠠᠮᠠᠷ ᠨᠢᠭᠡᠨ ᠰᠠᠭᠠᠳ ᠲᠣᠬᠢᠶᠠᠯᠳᠤᠭᠰᠠᠨ ᠡᠴᠡ ᠢᠷᠡᠵᠦ ᠴᠢᠳᠠᠬᠤ ᠦᠭᠡᠢ ᠪᠠᠢᠨ᠎ᠠ》 ᠭᠡᠳᠡᠭ ᠰᠡᠳᠬᠢᠯ ᠲᠡᠭᠦᠨ ᠢ᠋ ᠬᠥᠭᠡᠭᠡᠵᠦ ᠭᠠᠷᠭᠠᠳᠠᠭ ᠪᠠᠢᠪᠠ᠃
ᠬᠠᠷᠢᠨ ᠢᠩᠭᠢᠵᠦ ᠪᠣᠳᠣᠬᠤ ᠳᠡᠭᠡᠷ᠎ᠡ ᠲᠡᠮᠦᠷ ᠦ᠋ᠨ ᠢ᠋ᠶ᠋ᠡᠨ ᠲᠤᠬᠠᠢ᠂ ᠲᠡᠭᠦᠨ ᠳ᠋ᠦ᠍ ᠶᠠᠭᠤ ᠤᠴᠠᠷᠠᠭᠰᠠᠨ ᠡᠴᠡ ᠢᠩᠭᠢᠵᠦ ᠢᠷᠡᠬᠦ ᠦᠭᠡᠢ ᠪᠠᠢᠨ᠎ᠠ ᠭᠡᠵᠦ ᠪᠣᠳᠣᠭᠠᠳ ᠰᠡᠳᠬᠢᠯ ᠨᠢ ᠰᠢᠨᠠᠯᠤᠨ᠎ᠠ᠃ ᠭᠡᠪᠡᠴᠦ ᠳᠣᠭᠣᠭᠰᠢ ᠪᠠᠨ ᠣᠷᠣᠶ᠎ᠠ ᠭᠡᠬᠦ ᠳ᠋ᠦ᠍ ᠭᠠᠵᠠᠷ ᠬᠠᠲᠠᠭᠤ᠂ ᠳᠡᠭᠡᠭᠰᠢ ᠪᠡᠨ ᠭᠠᠷᠤᠶ᠎ᠠ ᠭᠡᠬᠦ ᠳ᠋ᠦ᠍ ᠲᠩᠷᠢ ᠬᠣᠯᠠ ᠲᠤᠯᠠ ᠶᠠᠭᠠᠬᠢᠬᠤ ᠪᠢᠯᠡ ᠳᠠ᠃
ᠳᠤᠯᠮ᠎ᠠ ᠠᠯᠭᠤᠷ ᠪᠣᠰᠤᠭᠠᠳ ᠣᠷᠣ ᠪᠠᠨ ᠵᠠᠰᠠᠬᠤ ᠭᠡᠲᠡᠯ᠎ᠡ ᠨᠣᠬᠠᠢ ᠨᠢ ᠬᠤᠴᠠᠪᠠ᠃ ᠬᠡᠳᠦᠨ ᠮᠣᠷᠢ ᠲᠠᠢ ᠬᠥᠮᠦᠨ ᠢᠷᠡᠵᠦ ᠶᠠᠪᠤᠭ᠎ᠠ ᠴᠢᠮᠡᠭᠡ ᠰᠣᠨᠣᠰᠤᠭᠰᠠᠨ ᠪᠣᠯᠪᠠᠴᠤ ᠳᠤᠯᠮ᠎ᠠ ᠭᠠᠷᠤᠭᠰᠠᠨ ᠦᠭᠡᠢ᠃
᠊᠊᠊᠊᠊᠊᠊᠊᠊᠊᠊᠊᠊᠊᠊ ᠨᠣᠬᠠᠢ ᠬᠣᠷᠢ ᠭᠡᠵᠦ ᠰᠢᠬᠠᠮᠠᠯ ᠪᠦᠳᠦᠭᠦᠨ ᠳᠠᠭᠤ ᠪᠠᠷ ᠬᠥᠮᠦᠨ ᠬᠡᠯᠡᠬᠦ ᠳ᠋ᠦ᠍ ᠠᠷᠭ᠎ᠠ ᠦᠭᠡᠢ ᠭᠠᠷᠤᠯ᠎ᠠ᠃
ᠪᠠᠶᠠᠨ ᠤ᠋ ᠬᠦᠦ᠂ ᠬᠣᠶᠠᠷ ᠵᠠᠯᠠᠭᠤ ᠬᠠᠷ᠎ᠠ ᠬᠦᠦ ᠲᠡᠢ ᠣᠷᠣᠵᠤ ᠢᠷᠡᠯ᠎ᠡ᠃
᠊᠊᠊᠊᠊᠊᠊᠊᠊᠊᠊᠊᠊᠊᠊ ᠵᠠ ᠭᠤᠸ᠎ᠠ ᠪᠦᠰᠡᠭᠦᠢ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠰᠠᠢᠨ᠃ ᠲᠠ ᠪᠦᠬᠦᠨ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠨᠥᠬᠥᠷ ᠴᠢᠨᠢ ᠴᠢᠮᠡᠭᠡ ᠦᠭᠡᠢ ᠤᠤ?
᠊᠊᠊᠊᠊᠊᠊᠊᠊᠊᠊᠊᠊᠊᠊ ᠴᠢᠮᠡᠭᠡ ᠦᠭᠡᠢ᠃
᠊᠊᠊᠊᠊᠊᠊᠊᠊᠊᠊᠊᠊᠊᠊ ᠨᠥᠬᠥᠷ ᠦᠭᠡᠢ ᠵᠠᠯᠠᠭᠤ ᠪᠦᠰᠡᠭᠦᠢ ᠶ᠋ᠢᠨ ᠴᠠᠩᠭᠠᠭ᠎ᠠ ᠶ᠋ᠢ ᠭᠠᠷᠭᠠᠵᠤ ᠥᠭᠬᠦ ᠭᠡᠵᠦ ᠪᠢᠳᠡ ᠭᠤᠷᠪᠠ ᠢᠷᠡᠯ᠎ᠡ ᠭᠡᠳ ᠪᠠᠶᠠᠨ ᠤ᠋ ᠬᠦᠦ ᠳᠤᠯᠮ᠎ᠠ ᠶ᠋ᠢ ᠰᠢᠭᠤᠳ ᠪᠠᠷᠢᠵᠤ ᠠᠪᠤᠯ᠎ᠠ᠃
ᠳᠤᠯᠮ᠎ᠠ ᠴᠢᠳᠠᠯ ᠮᠡᠳᠡᠨ ᠨᠣᠴᠣᠯᠳᠤᠪᠠ᠃ ᠭᠡᠪᠡᠴᠦ ᠭᠤᠷᠪᠠᠨ ᠵᠠᠯᠠᠭᠤ ᠡᠷ᠎ᠡ ᠶ᠋ᠢ ᠶᠠᠭᠠᠬᠢᠵᠤ ᠭᠡᠲᠦᠯᠬᠦ ᠪᠢᠯᠡ᠃ ᠳᠤᠯᠮ᠎ᠠ ᠶ᠋ᠢᠨ ᠬᠠᠰᠬᠢᠷᠤᠭᠰᠠᠨ ᠳᠠᠭᠤ ᠪᠠᠷ ᠠᠢᠯ ᠤ᠋ᠨ ᠬᠢᠨᠢ ᠬᠣᠶᠠᠷ ᠬᠥᠭᠰᠢᠨ ᠣᠷᠣᠵᠤ ᠢᠷᠡᠭᠰᠡᠨ ᠢ᠋ ᠭᠤᠷᠪᠠᠨ ᠵᠠᠯᠠᠭᠤ ᠬᠦᠴᠦ ᠪᠡᠷ ᠬᠥᠭᠡᠭᠡᠵᠦ ᠭᠠᠷᠭᠠᠯ᠎ᠠ᠃
ᠢᠩᠭᠢᠭᠡᠳ ᠳᠤᠯᠮ᠎ᠠ ᠶ᠋ᠢ ᠬᠦᠰᠡᠯ ᠢ᠋ᠶ᠋ᠡᠷ ᠢ᠋ᠶ᠋ᠡᠨ ᠳᠣᠷᠣᠮᠵᠢᠯᠠᠭᠠᠳ ᠶᠠᠪᠤᠬᠤ ᠳ᠋ᠠᠭᠠᠨ 《ᠳᠠᠬᠢᠭᠠᠳ ᠣᠯᠠᠨ ᠢᠷᠡᠨ᠎ᠡ ᠰᠢᠦ᠂ ᠭᠤᠷᠪᠠ ᠪᠠᠭᠠᠳᠠᠭᠠᠳ ᠪᠠᠢᠪᠠᠯ ᠳᠥᠷᠪᠡᠭᠦᠯᠡ ᠢᠷᠡᠵᠦ ᠪᠣᠯᠤᠨ᠎ᠠ》 ᠭᠡᠳ ᠳᠣᠷᠣᠮᠵᠢᠯᠠᠨ ᠢᠨᠢᠶᠡᠮᠰᠦᠭᠯᠡᠪᠡ᠃
ᠳᠤᠯᠮ᠎ᠠ ᠳ᠋ᠤ᠌ ᠡᠨᠳᠡ ᠡᠴᠡ ᠵᠠᠢᠯᠠᠬᠤ ᠡᠴᠡ ᠥᠭᠡᠷ᠎ᠡ ᠠᠷᠭ᠎ᠠ ᠦᠭᠡᠢ ᠪᠣᠯᠪᠠ᠃ ᠬᠡᠳᠦᠨ ᠮᠠᠯ ᠢ᠋ᠶ᠋ᠠᠨ ᠬᠣᠶᠠᠷ ᠬᠥᠭᠰᠢᠨ ᠳ᠋ᠦ᠍ ᠵᠠᠬᠢᠵᠤ ᠣᠷᠬᠢᠭᠠᠳ ᠬᠣᠶᠠᠷ ᠮᠣᠷᠢ ᠲᠠᠢ ᠬᠥᠳᠡᠯᠪᠡ᠃
ᠬᠠᠮᠢᠭ᠎ᠠ ᠣᠴᠢᠬᠤ ᠪᠣᠢ ᠭᠡᠳᠡᠭ ᠠᠰᠠᠭᠤᠯᠲᠠ ᠳ᠋ᠤ᠌ ᠠᠩᠬᠠᠨ ᠳ᠋ᠠᠭᠠᠨ ᠬᠠᠷᠢᠭᠤ ᠪᠠᠢᠭᠰᠠᠨ ᠦᠭᠡᠢ᠃ ᠬᠣᠶᠠᠷ ᠡᠳᠦᠷ ᠶᠠᠪᠤᠭᠰᠠᠨ ᠤ᠋ ᠳᠠᠷᠠᠭ᠎ᠠ ᠶᠠᠭᠤ ᠴᠤ᠌ ᠭᠡᠰᠡᠨ ᠲᠡᠮᠦᠷ ᠦ᠋ᠨ ᠨᠤᠲᠤᠭ ᠵᠠᠰᠠᠭᠲᠤ ᠬᠠᠨ ᠤ᠋ ᠬᠣᠰᠢᠭᠤ ᠣᠷᠣᠬᠤ ᠪᠠᠷ ᠰᠢ᠌ᠤᠠᠴᠠᠢ᠃
ᠭᠡᠲᠡᠯ᠎ᠡ ᠨᠢᠭᠡ ᠮᠣᠷᠢ ᠨᠢ ᠡᠴᠡᠵᠦ ᠠᠷᠭ᠎ᠠ ᠦᠭᠡᠢ ᠪᠣᠯᠤᠭᠠᠳ ᠠᠢᠯ ᠤ᠋ᠨ ᠭᠠᠳᠠᠨ᠎ᠠ ᠣᠷᠬᠢᠵᠤ ᠴᠢᠨᠠᠭᠰᠢ ᠶᠠᠪᠤᠯ᠎ᠠ᠃ ᠪᠠᠬᠠᠨ ᠶᠠᠪᠤᠵᠤ ᠪᠠᠢᠲᠠᠯ᠎ᠠ ᠦᠯᠡᠳᠡᠭᠰᠡᠨ ᠭᠠᠭᠴᠠ ᠮᠣᠷᠢ ᠨᠢ ᠡᠴᠡᠵᠦ ᠲᠠᠨᠢᠬᠤ ᠦᠭᠡᠢ ᠭᠠᠵᠠᠷ ᠶᠠᠪᠠᠭᠠᠷᠠᠬᠤ ᠪᠣᠯᠪᠠ᠃
ᠬᠡᠭᠡᠷ᠎ᠡ ᠰᠠᠭᠤᠵᠤ ᠪᠠᠢᠭᠠᠳ ᠬᠠᠰᠬᠢᠷᠤᠨ ᠤᠬᠢᠯᠠᠪᠠ᠃ ᠡᠴᠡᠭᠰᠡᠨ ᠮᠣᠷᠢ ᠨᠢ ᠬᠠᠪᠤᠷ ᠤ᠋ᠨ ᠥᠯᠥᠩ ᠴᠠᠭᠠᠨ ᠡᠪᠡᠰᠦ ᠬᠠᠵᠠᠯᠠᠬᠤ ᠡᠴᠡ ᠥᠭᠡᠷ᠎ᠡ ᠶᠠᠮᠠᠷ ᠴᠤ᠌ ᠬᠠᠷᠢᠭᠤ ᠦᠭᠡᠢ ᠠᠵᠢ᠃ ᠤᠬᠢᠯᠠᠭᠰᠠᠭᠠᠷ ᠮᠣᠷᠢ ᠪᠠᠨ ᠬᠥᠲᠥᠯᠦᠨ ᠥᠷᠭᠡᠨ ᠬᠥᠨᠳᠡᠢ ᠶ᠋ᠢ ᠳᠤᠭᠤᠯᠪᠠ᠃ ᠬᠦᠢᠲᠡᠨ ᠰᠥᠨᠢ ᠠᠢᠯ ᠦᠭᠡᠢ ᠭᠠᠵᠠᠷ ᠮᠣᠷᠢ ᠪᠠᠨ ᠢᠳᠡᠭᠦᠯᠦᠨ ᠴᠡᠴᠡᠷᠡᠨ ᠳᠠᠭᠵᠢᠨ ᠬᠣᠨᠣᠭᠠᠳ ᠥᠷᠯᠥᠭᠡ ᠨᠢ ᠴᠠᠰᠢ ᠶᠠᠪᠤᠬᠤ ᠳ᠋ᠤ᠌ ᠡᠴᠡᠭᠰᠡᠨ ᠮᠣᠷᠢ ᠨᠢ ᠤᠯᠠᠮ ᠶᠠᠳᠠᠷᠠᠭᠰᠠᠨ ᠪᠠᠢᠬᠤ ᠳ᠋ᠤ᠌᠂ ᠴᠢᠷᠴᠦ ᠭᠤᠯᠳᠤᠷᠢᠭᠰᠠᠭᠠᠷ ᠠᠷᠠᠢ ᠶᠠᠳᠠᠨ ᠶᠠᠪᠤᠵᠤ ᠨᠢᠭᠡ ᠠᠢᠯ ᠳᠡᠭᠡᠷ᠎ᠡ ᠢᠷᠡᠯ᠎ᠡ᠃
ᠣᠪᠣᠭ᠎ᠠ ᠮᠠᠯ ᠲᠠᠢ ᠡᠨᠡ ᠠᠢᠯ ᠤ᠋ᠨ ᠡᠵᠡᠨ ᠨᠢ ᠳᠤᠯᠮ᠎ᠠ ᠶ᠋ᠢᠨ ᠶᠠᠷᠢᠶ᠎ᠠ ᠶ᠋ᠢ ᠰᠣᠨᠣᠰᠤᠭᠠᠳ ᠭᠠᠭᠴᠠ ᠡᠮᠡᠭᠲᠡᠢ ᠬᠥᠮᠦᠨ ᠦ᠌ ᠵᠣᠪᠠᠯᠠᠩ ᠵᠦᠳᠡᠭᠦᠷᠢ ᠶ᠋ᠢ ᠬᠤᠪᠢᠶᠠᠯᠴᠠᠨ᠂ ᠰᠡᠳᠬᠢᠯ ᠨᠢ ᠶᠡᠬᠡ ᠯᠡ ᠬᠥᠳᠡᠯᠦᠭᠰᠡᠨ ᠪᠠᠢᠳᠠᠯ ᠲᠠᠢ ᠪᠠᠢᠯ᠎ᠠ᠃
ᠶᠠᠳᠠᠷᠠᠵᠤ ᠶᠠᠪᠤᠭ᠎ᠠ ᠬᠥᠮᠦᠨ᠂ ᠨᠢᠭᠤᠷ ᠥᠭᠭᠦᠭᠰᠡᠨ ᠬᠥᠮᠦᠨ ᠳ᠋ᠦ᠍ ᠢᠲᠡᠭᠡᠬᠦ ᠳ᠋ᠡᠭᠡᠨ ᠠᠮᠠᠷᠬᠠᠨ ᠪᠠᠢᠳᠠᠭ ᠪᠣᠯᠪᠠᠴᠤ ᠶᠠᠪᠤᠬᠤ ᠭᠠᠵᠠᠷ ᠦᠭᠡᠢ ᠪᠣᠯᠤᠭᠰᠠᠨ ᠳᠤᠯᠮ᠎ᠠ ᠲᠡᠷᠡ ᠠᠢᠯ ᠳ᠋ᠤ᠌ ᠪᠠᠢᠬᠤ ᠪᠣᠯᠵᠠᠢ᠃ ᠶᠠᠭᠠᠬᠢᠭᠠᠳ ᠭᠡᠷ ᠦ᠋ᠨ ᠡᠵᠡᠨ᠂ ᠳᠤᠯᠮ᠎ᠠ ᠳ᠋ᠤ᠌ ᠠᠢᠮᠤ ᠰᠠᠢᠨ ᠵᠠᠩ ᠭᠠᠷᠭᠠᠪᠠ? ᠦᠨᠡᠬᠡᠷ ᠳᠤᠯᠮ᠎ᠠ ᠶ᠋ᠢ ᠦᠷᠦ ᠡᠪᠡᠳᠪᠡ ᠤᠤ?ᠦᠭᠡᠢ᠂ ᠰᠠᠶᠢᠬᠠᠨ ᠡᠬᠡᠨᠡᠷ ᠨᠢ ᠳᠠᠯᠠᠢᠭᠴᠢ ᠪᠣᠯᠤᠭᠰᠠᠨ ᠳᠡᠭᠦᠦ ᠳ᠋ᠡᠭᠡᠨ ᠲᠠᠲᠠᠯᠠᠭ᠎ᠠ ᠲᠦᠯᠬᠢᠯᠡᠭᠡ ᠦᠭᠡᠢ ᠭᠠᠭᠴᠠ ᠪᠡᠶ᠎ᠡ᠂ ᠦᠵᠡᠰᠬᠦᠯᠡᠩ ᠲᠡᠢ ᠬᠡᠦᠬᠡᠨ ᠢ᠋ ᠡᠬᠡᠨᠡᠷ ᠪᠣᠯᠭᠠᠨ ᠠᠪᠴᠤ ᠥᠭᠬᠦ ᠭᠡᠵᠦ ᠪᠣᠳᠣᠵᠠᠢ᠃ ᠭᠡᠪᠡᠴᠦ ᠶᠠᠭᠤᠨ ᠤ᠋ ᠡᠮᠦᠨ᠎ᠡ ᠶᠠᠮᠠᠷ ᠵᠠᠩ ᠠᠭᠠᠰᠢ ᠲᠠᠢ ᠬᠥᠮᠦᠨ ᠭᠡᠭᠴᠢ ᠶ᠋ᠢ ᠨᠢ ᠮᠡᠳᠡᠬᠦ ᠬᠡᠷᠡᠭ ᠲᠡᠢ ᠪᠣᠯᠬᠣᠷ ᠬᠣᠨᠢ ᠪᠠᠨ ᠬᠠᠷᠢᠭᠤᠯᠤᠭᠤᠯᠪᠠ᠃
ᠬᠥᠮᠦᠨ ᠦ᠌ ᠬᠣᠭᠣᠯᠠ ᠢᠳᠡᠵᠦ ᠪᠠᠢᠭ᠎ᠠ ᠬᠥᠮᠦᠨ᠂ ᠰᠠᠢᠨ ᠬᠥᠮᠦᠨ ᠪᠣᠯᠵᠤ ᠦᠵᠡᠭᠳᠡᠬᠦ ᠶ᠋ᠢ ᠬᠢᠴᠢᠶᠡᠳᠡᠭ ᠪᠣᠯᠬᠣᠷ ᠳᠤᠯᠮ᠎ᠠ ᠠᠵᠢᠯ ᠳ᠋ᠤ᠌ ᠰᠡᠳᠬᠢᠯ ᠡᠴᠡ ᠪᠡᠨ ᠬᠢᠴᠢᠶᠡᠨ ᠵᠢᠳᠬᠦᠪᠡ᠃ ᠳᠤᠯᠮ᠎ᠠ ᠶ᠋ᠢᠨ ᠠᠵᠢᠯᠰᠠᠭ ᠨᠢ ᠭᠡᠷ ᠦ᠋ᠨ ᠡᠵᠡᠨ ᠦ᠌ ᠰᠡᠳᠬᠢᠯ ᠳ᠋ᠦ᠍ ᠲᠠᠭᠠᠯᠠᠭᠳᠠᠵᠤ᠂ ᠠᠭᠠᠵᠢᠮ ᠢ᠋ᠶ᠋ᠠᠷ ᠳᠡᠭᠦᠦ ᠪᠡᠨ ᠳᠤᠯᠮ᠎ᠠ ᠲᠠᠢ ᠳᠠᠰᠬᠠᠵᠤ ᠡᠬᠢᠯᠡᠪᠡ᠃
ᠢᠩᠭᠢᠵᠦ ᠪᠠᠢᠭᠰᠠᠭᠠᠷ ᠨᠢᠭᠡ ᠡᠪᠦᠯ ᠥᠩᠭᠡᠷᠡᠬᠦ ᠳ᠋ᠦ᠍ ᠳᠤᠯᠮ᠎ᠠ ᠭᠡᠷ ᠦ᠋ᠨ ᠡᠵᠡᠨ ᠦ᠌ ᠳᠡᠭᠦᠦ ᠲᠡᠢ ᠰᠠᠭᠤᠴᠢᠬᠠᠭᠰᠠᠨ ᠪᠠᠢᠯ᠎ᠠ᠃ ᠳᠤᠯᠮ᠎ᠠ ᠶ᠋ᠢᠨ ᠰᠢᠨ᠎ᠡ ᠨᠥᠬᠥᠷ ᠪᠣᠯ ᠣᠯᠠᠨ ᠲᠠᠪᠤᠨ ᠦᠭᠡ ᠦᠭᠡᠢ᠂ ᠪᠡᠶ᠎ᠡ ᠳ᠋ᠦ᠍ ᠬᠠᠯᠠᠮᠵᠢ ᠲᠠᠢ ᠬᠥᠮᠦᠨ ᠪᠠᠢᠭᠰᠠᠨ ᠪᠥᠭᠡᠳ ᠠᠬ᠎ᠠ ᠡᠴᠡ ᠪᠡᠨ ᠤᠴᠢᠷ ᠲᠣᠢᠮᠣ ᠦᠭᠡᠢ ᠠᠶᠤᠳᠠᠭ᠂ ᠦᠭᠡ ᠡᠴᠡ ᠨᠢ ᠣᠭᠲᠣ ᠭᠠᠷᠳᠠᠭ ᠦᠭᠡᠢ ᠪᠠᠢᠯ᠎ᠠ᠃ ᠲᠡᠷᠡ ᠪᠣᠯ ᠦᠨᠡᠨ ᠳ᠋ᠡᠭᠡᠨ ᠠᠬ᠎ᠠ ᠶ᠋ᠢᠨ ᠢ᠋ᠶ᠋ᠡᠨ ᠬᠥᠯᠥᠰᠥ ᠦᠭᠡᠢ ᠦᠨᠡᠨᠴᠢ ᠵᠠᠷᠤᠴᠠ ᠨᠢ ᠪᠠᠢᠵᠤ ᠪᠢᠯᠡ᠃
1921 ᠣᠨ ᠤ᠋ ᠵᠤᠨ ᠳᠤᠯᠮ᠎ᠠ ᠶ᠋ᠢᠨ ᠨᠥᠬᠥᠷ ᠦ᠋ᠨ ᠠᠬ᠎ᠠ ᠶ᠋ᠢᠨ ᠬᠢ ᠥᠷᠲᠡᠭᠡᠨ ᠳ᠋ᠦ᠍ ᠣᠨᠣᠭᠳᠠᠬᠤ ᠳ᠋ᠤ᠌ ᠳᠤᠯᠮ᠎ᠠ ᠨᠥᠬᠥᠷ ᠲᠡᠢ ᠪᠡᠨ ᠬᠠᠮᠲᠤ ᠣᠴᠢᠵᠠᠢ᠃ ᠳᠤᠯᠮ᠎ᠠ ᠡᠯᠴᠢ ᠳ᠋ᠦ᠍ ᠬᠣᠭᠣᠯᠠ ᠬᠢᠬᠦ᠂ ᠮᠣᠷᠢ ᠡᠮᠡᠭᠡᠯᠯᠡᠬᠦ᠂ ᠵᠠᠷᠢᠮ ᠳ᠋ᠠᠭᠠᠨ ᠤᠯᠠᠭ᠎ᠠ ᠨᠡᠬᠡᠬᠦ ᠵᠡᠷᠭᠡ ᠠᠵᠢᠯ ᠬᠢᠵᠦ ᠪᠠᠢᠯ᠎ᠠ᠂ ᠦᠶ᠎ᠡ ᠦᠶ᠎ᠡ ᠲᠡᠮᠦᠷ ᠨᠢ ᠪᠣᠳᠣᠭᠳᠠᠵᠤ ᠵᠡᠭᠦᠳᠦ ᠰᠢᠭ ᠥᠩᠭᠡᠷᠡᠭᠰᠡᠨ ᠵᠢᠷᠭᠠᠯ ᠤ᠋ᠨ ᠢ᠋ᠶ᠋ᠠᠨ ᠲᠤᠬᠠᠢ ᠬᠠᠷᠠᠮᠰᠠᠨ ᠰᠠᠭᠤᠳᠠᠭ ᠪᠠᠢᠯ᠎ᠠ᠃ ᠵᠠᠷᠢᠮ ᠳ᠋ᠠᠭᠠᠨ ᠲᠡᠮᠦᠷ ᠦ᠋ᠨ ᠢ᠋ᠶ᠋ᠡᠨ ᠲᠤᠬᠠᠢ ᠵᠡᠭᠦᠳᠦᠯᠡᠨ ᠪᠣᠰᠤᠨ ᠬᠠᠷᠠᠢᠨ᠎ᠠ᠃ ᠨᠥᠬᠥᠷ ᠨᠢ ᠶᠠᠭᠤ ᠪᠣᠯᠤᠭᠰᠠᠨ ᠢ᠋ ᠠᠰᠠᠭᠤᠬᠤ ᠳ᠋ᠤ᠌ 《ᠲᠡᠮᠦᠷ ᠰᠢᠭ᠋ ᠡᠷ᠎ᠡ ᠨᠠᠳᠠ ᠳᠠᠬᠢᠭᠠᠳ ᠣᠯᠳᠠᠬᠤ ᠦᠭᠡᠢ᠃ ᠵᠠᠶᠠᠭ᠎ᠠ ᠮᠢᠨᠢ ᠶᠠᠭᠠᠬᠢᠭᠰᠠᠨ ᠴᠤ᠌ ᠮᠠᠭᠤ ᠶᠤᠮ ᠪᠣᠢ! ᠨᠢᠭᠦᠯ ᠮᠢᠨᠢ ᠶᠠᠭᠠᠬᠢᠭᠰᠠᠨ ᠴᠤ᠌ ᠶᠡᠬᠡ ᠶᠤᠮ ᠪᠣᠢ?》 ᠭᠡᠵᠦ ᠰᠢᠭᠤᠳ ᠬᠡᠯᠡᠨ᠎ᠡ᠃
ᠬᠠᠷᠢᠨ ᠢᠩᠭᠢᠵᠦ ᠬᠡᠯᠡᠬᠦ ᠳ᠋ᠦ᠍ᠨᠢ ᠨᠥᠬᠥᠷ ᠨᠢ ᠭᠣᠮᠣᠳᠠᠯ ᠲᠠᠢ ᠪᠠᠷ ᠰᠢᠷᠳᠡᠨ᠂ ᠶᠠᠭᠤ ᠴᠤ᠌ ᠳᠤᠤᠭᠠᠷᠳᠠᠭ ᠦᠭᠡᠢ ᠪᠠᠢᠯ᠎ᠠ᠃
ᠨᠢᠭᠡ ᠡᠳᠦᠷ ᠪᠠᠷᠠᠭᠤᠨ ᠵᠦᠭ ᠡᠴᠡ ᠣᠯᠠᠨ ᠴᠡᠷᠢᠭ ᠦ᠋ᠳ ᠢᠷᠡᠯ᠎ᠡ᠃ ᠡᠨᠡ ᠪᠣᠯ ᠪᠠᠷᠠᠭᠤᠨ ᠬᠢᠵᠠᠭᠠᠷ ᠳᠠᠬᠢ ᠴᠠᠭᠠᠨᠲᠠᠨ ᠲᠠᠢ ᠪᠠᠢᠯᠳᠤᠵᠤ ᠶᠠᠪᠤᠭ᠎ᠠ ᠬᠠᠳᠠᠨ ᠪᠠᠭᠠᠲᠤᠷ ᠮᠠᠭᠰᠤᠷᠵᠠᠪ ᠤ᠋ᠨ ᠴᠡᠷᠢᠭ ᠦ᠋ᠨ ᠲᠦᠷᠦᠭᠦᠴᠢ ᠪᠠᠢᠯ᠎ᠠ᠃ ᠬᠠᠳᠠᠨ ᠪᠠᠭᠠᠲᠤᠷ ᠮᠠᠭᠰᠤᠷᠵᠠᠪ ᠢᠷᠡᠵᠦ ᠶᠠᠪᠤᠭ᠎ᠠ ᠶ᠋ᠢ ᠰᠣᠨᠣᠰᠤᠭᠰᠠᠨ ᠥᠷᠲᠡᠭᠡᠨ ᠦ᠌ ᠬᠢᠨ ᠰᠠᠨᠳᠤᠷᠴᠤ᠂ ᠬᠣᠭᠣᠯᠠ ᠤᠮᠳᠠ᠂ ᠠᠭᠲᠠ ᠮᠣᠷᠢᠳ ᠤᠷᠢᠳᠴᠢᠯᠠᠨ ᠪᠡᠯᠡᠳᠬᠡᠪᠡ᠃
ᠣᠷᠣᠢ ᠶ᠋ᠢᠨ ᠨᠠᠷᠠ ᠵᠢᠷᠭᠠᠬᠤ ᠶ᠋ᠢᠨ ᠦᠶ᠎ᠡ ᠳ᠋ᠦ᠍ ᠴᠡᠷᠢᠭ ᠦ᠋ᠨ ᠭᠣᠣᠯ ᠠᠩᠭᠢ ᠬᠦᠷᠦᠯᠴᠡᠨ ᠢᠷᠡᠪᠡ᠃ ᠴᠡᠷᠢᠭ ᠦ᠋ᠨ ᠡᠮᠦᠨ᠎ᠡ ᠵᠡᠷᠭᠡᠴᠡᠨ ᠶᠠᠪᠤᠭ᠎ᠠ ᠬᠣᠶᠠᠷ ᠴᠠᠭᠠᠨ ᠮᠣᠷᠢ ᠲᠠᠢ ᠬᠥᠮᠦᠨ ᠤᠯᠠᠭᠠᠨ᠂ ᠰᠢᠷ᠎ᠠ ᠲᠤᠭ ᠨᠠᠮᠢᠷᠠᠭᠤᠯᠤᠨ ᠪᠠᠷᠢᠵᠠᠢ᠃ ᠲᠡᠭᠦᠨ ᠦ᠌ ᠬᠣᠢᠨ᠎ᠠ ᠵᠢᠷᠭᠤᠭᠠᠨ ᠢᠵᠢᠯ ᠬᠠᠷ᠎ᠠ ᠮᠣᠷᠢ ᠲᠠᠢ ᠬᠥᠮᠦᠰ ᠰᠡᠯᠡᠮ᠎ᠡ ᠣᠭᠰᠢᠨ ᠶᠠᠪᠤᠨ᠎ᠠ᠃ ᠡᠨᠡ ᠡᠩᠨᠡᠭᠰᠡᠨ ᠵᠢᠷᠭᠤᠭᠠᠨ ᠬᠥᠮᠦᠨ ᠦ᠌ ᠠᠷᠤ ᠳ᠋ᠤ᠌ ᠤᠯᠠᠭᠠᠨ ᠵᠡᠭᠡᠷᠳᠡ ᠮᠣᠷᠢ ᠤᠨᠤᠭᠰᠠᠨ ᠬᠠᠳᠠᠨ ᠪᠠᠭᠠᠲᠤᠷ ᠸᠠᠩ ᠮᠠᠭᠰᠤᠷᠵᠠᠪ ᠶᠠᠪᠤᠨ᠎ᠠ᠃ ᠥᠷᠲᠡᠭᠡᠨ ᠦ᠌ ᠡᠮᠦᠨ᠎ᠡ ᠢᠷᠡᠭᠡᠳ ᠬᠠᠳᠠᠨ ᠪᠠᠭᠠᠲᠤᠷ ᠤ᠋ᠨ ᠳᠣᠬᠢᠶ᠎ᠠ ᠥᠭᠬᠦ ᠳ᠋ᠦ᠍ ᠣᠯᠠᠨ ᠴᠡᠷᠢᠭ ᠦ᠋ᠨ ᠳᠤᠮᠳᠠ ᠡᠴᠡ ᠰᠠᠢᠪᠤᠷ ᠪᠣᠷᠣ ᠮᠣᠷᠢ ᠲᠠᠢ ᠬᠥᠮᠦᠨ ᠭᠠᠷᠴᠤ ᠢᠷᠡᠭᠡᠳ ᠬᠠᠳᠠᠭ ᠶᠡᠨᠳᠡᠷ ᠪᠣᠯᠤᠭᠰᠠᠨ ᠲᠣᠮᠣ ᠴᠠᠭᠠᠨ ᠲᠤᠩ ᠢ᠋ ᠤᠶᠠᠩᠭᠠᠯᠠᠭᠤᠯᠤᠨ ᠲᠠᠲᠠᠪᠠ᠃
ᠴᠡᠷᠢᠭ ᠦ᠋ᠳ ᠵᠣᠭᠰᠣᠵᠤ ᠮᠣᠷᠢᠳ ᠡᠴᠡ ᠪᠠᠭᠤᠵᠠᠭᠠᠪᠠ᠃ ᠥᠷᠲᠡᠭᠡᠨ ᠦ᠌ ᠵᠠᠩᠭᠢ ᠶᠣᠰᠣᠯᠠᠯ ᠤ᠋ᠨ ᠬᠤᠪᠴᠠᠰᠤ ᠪᠠᠨ ᠡᠮᠦᠰᠦᠨ ᠮᠠᠭᠰᠤᠷᠵᠠᠪ ᠤ᠋ᠨ ᠳᠡᠷᠭᠡᠳᠡ ᠢᠷᠡᠵᠦ ᠲᠤᠰᠬᠠᠢ ᠪᠡᠯᠡᠳᠬᠡᠭᠰᠡᠨ ᠤᠯᠠᠭᠠᠨ ᠬᠠᠯᠵᠠᠨ ᠦᠷᠭᠦᠭᠡᠨ ᠳ᠋ᠦ᠍ ᠮᠣᠷᠢᠯᠠᠨ ᠣᠷᠣᠬᠤ ᠶ᠋ᠢ ᠤᠷᠢᠪᠠ᠃
ᠬᠡᠳᠦᠨ ᠮᠥᠴᠡ ᠶ᠋ᠢᠨ ᠳᠠᠷᠠᠭ᠎ᠠ᠂ ᠤᠯᠠᠭᠠᠨ ᠬᠠᠯᠵᠠᠨ ᠦᠷᠭᠦᠭᠡᠨ ᠦ᠌ ᠡᠮᠦᠨ᠎ᠡ ᠤᠯᠠᠭᠠᠨ᠂ ᠰᠢᠷ᠎ᠠ ᠬᠣᠶᠠᠷ ᠲᠤᠭ ᠢ᠋ ᠪᠤᠰᠬᠠᠵᠤ ᠲᠣᠰᠪᠣᠷᠢ ᠴᠡᠷᠢᠭ ᠮᠠᠨᠠᠨ ᠵᠣᠭᠰᠣᠪᠠ᠃ ᠴᠡᠷᠢᠭ ᠦ᠋ᠳ ᠲᠠᠪᠢᠲᠤ ᠲᠠᠪᠢᠲᠤ ᠪᠠᠷ ᠬᠤᠪᠢᠶᠠᠭᠳᠠᠨ ᠪᠠᠢᠷᠢᠯᠠᠪᠠ᠃ ᠬᠤᠶᠠᠭ ᠤ᠋ᠨ ᠲᠠᠪᠢᠲᠤ ᠭᠡᠷ ᠮᠠᠢᠬᠠᠨ ᠬᠣᠶᠠᠷ ᠲᠤ᠌ ᠣᠷᠣᠵᠠᠢ᠃
᠊᠊᠊᠊᠊᠊᠊᠊᠊᠊᠊᠊᠊᠊᠊ ᠪᠤᠵᠠᠷ ᠴᠠᠩᠭᠠᠵᠤ ᠣᠷᠬᠢᠯ᠎ᠠ᠃ ᠤᠤᠭᠤᠬᠤ ᠶᠠᠭᠤᠮ᠎ᠠ ᠣᠯᠵᠤ ᠢᠷᠡᠶ᠎ᠡ ᠭᠡᠳ ᠲᠡᠮᠦᠷ᠂ ᠠᠯᠠᠭᠰᠠᠨ ᠴᠠᠭᠠᠨ ᠡᠴᠡ ᠣᠯᠵᠠᠯᠠᠨ ᠠᠪᠤᠭᠰᠠᠨ ᠵᠢᠵᠢᠭ ᠰᠠᠪᠠ ᠪᠠᠨ ᠪᠠᠷᠢᠭᠰᠠᠭᠠᠷ ᠮᠠᠢᠬᠠᠨ ᠡᠴᠡ ᠭᠠᠷᠴᠤ ᠡᠰᠢ ᠲᠡᠰᠢ ᠬᠠᠷᠠᠬᠤ ᠳ᠋ᠤ᠌ ᠲᠡᠷᠲᠡᠭᠡ ᠬᠣᠢᠨ᠎ᠠ ᠲᠣᠮᠣ ᠭᠡᠷ ᠦ᠋ᠨ ᠭᠠᠳᠠᠨ᠎ᠠ ᠵᠤᠤᠬ᠎ᠠ ᠲᠠᠲᠠᠵᠤ ᠭᠠᠯᠯᠠᠭᠰᠠᠨ ᠡᠴᠡ ᠪᠠᠭᠰᠢᠷᠠᠭᠰᠠᠨ ᠬᠥᠬᠡ ᠤᠲᠤᠭ᠎ᠠ ᠮᠠᠨᠠᠷᠠᠨ ᠬᠠᠷᠠᠭᠳᠠᠪᠠ᠃
ᠳᠡᠷᠭᠡᠳᠡ ᠨᠢ ᠬᠦᠷᠡᠩ ᠳᠡᠪᠡᠯ ᠲᠡᠢ ᠡᠮᠡᠭᠲᠡᠢ ᠬᠥᠮᠦᠨ ᠲᠦᠯᠡᠭᠡ ᠬᠠᠭᠠᠯᠵᠤ ᠪᠠᠢᠯ᠎ᠠ᠃ 《ᠭᠠᠯ ᠪᠠᠢᠭᠰᠠᠨ ᠭᠠᠵᠠᠷ ᠤᠰᠤ ᠪᠠᠢᠬᠤ ᠪᠢᠵᠡ》 ᠭᠡᠵᠦ ᠪᠣᠳᠣᠭᠠᠳ ᠲᠡᠮᠦᠷ ᠲᠣᠮᠣ ᠲᠣᠮᠣ ᠠᠯᠬᠤᠯᠠᠪᠠ᠃
ᠰᠠᠪᠠ ᠪᠠᠷᠢᠭᠠᠳ ᠴᠡᠭᠡᠵᠢ ᠪᠡᠨ ᠦᠯᠦ ᠮᠡᠳᠡᠭ ᠪᠥᠬᠥᠢᠨ ᠢᠷᠡᠵᠦ ᠪᠠᠢᠭ᠎ᠠ ᠮᠤᠨᠳᠠᠭ ᠡᠷ᠎ᠡ ᠶ᠋ᠢ ᠠᠵᠢᠭᠯᠠᠨ ᠬᠠᠷᠠᠵᠤ ᠪᠠᠢᠭᠰᠠᠨ ᠳᠤᠯᠮ᠎ᠠ ᠭᠡᠨᠡᠳᠲᠡ 《ᠲᠡᠮᠦᠷ᠂ ᠲᠡᠮᠦᠷ ᠮᠢᠨᠢ》 ᠭᠡᠵᠦ ᠬᠠᠰᠬᠢᠷᠤᠭᠠᠳ ᠭᠦᠶᠦᠬᠦ ᠭᠡᠰᠡᠨ ᠢ᠋ᠶ᠋ᠡᠨ ᠰᠢᠷᠭᠤᠴᠢᠵᠤ ᠤᠨᠠᠪᠠ᠃
ᠲᠡᠮᠦᠷ ᠵᠣᠭᠰᠣᠵᠤ ᠠᠵᠢᠭᠯᠠᠨ ᠬᠠᠷᠠᠭᠰᠠᠨ ᠢ᠋ᠶ᠋ᠠᠨ 《ᠳᠤᠯᠮ᠎ᠠ ᠮᠢᠨᠢ ᠶᠠᠮᠠᠷ ᠰᠠᠢᠬᠠᠨ ᠤᠴᠠᠷᠠᠯ ᠪᠣᠢ》 ᠭᠡᠳ ᠭᠦᠶᠦᠨ ᠣᠴᠢᠵᠤ ᠤᠬᠠᠭᠠᠨ ᠦᠭᠡᠢ ᠬᠡᠪᠲᠡᠵᠦ ᠪᠠᠢᠭ᠎ᠠ ᠳᠤᠯᠮ᠎ᠠ ᠶ᠋ᠢ ᠲᠡᠪᠡᠷᠢᠨ ᠠᠪᠤᠯ᠎ᠠ᠃
ᠬᠥᠮᠦᠰ ᠴᠤᠭᠯᠠᠷᠠᠨ ᠢᠷᠡᠬᠦ ᠳ᠋ᠦ᠍ ᠲᠡᠳᠡᠨ ᠦ᠌ ᠳᠣᠲᠣᠷ᠎ᠠ ᠳᠤᠯᠮ᠎ᠠ ᠶ᠋ᠢᠨ ᠨᠥᠬᠥᠷ 《ᠶᠠᠭᠤ ᠪᠣᠯᠪᠠ᠂ ᠶᠠᠭᠤ ᠪᠣᠯᠪᠠ》 ᠭᠡᠭᠰᠡᠭᠡᠷ ᠭᠦᠶᠦᠨ ᠣᠴᠢᠯ᠎ᠠ᠃ ᠬᠡᠨ ᠨᠢᠭᠡ ᠨᠢ ᠤᠰᠤ ᠪᠠᠷ ᠲᠤᠷᠭᠢᠭᠰᠠᠨ ᠤ᠋ ᠳᠠᠷᠠᠭ᠎ᠠ ᠳᠤᠯᠮ᠎ᠠ ᠤᠬᠠᠭᠠᠨ ᠣᠷᠣᠯ᠎ᠠ᠃ ᠪᠦᠭᠦᠳᠡ ᠶ᠋ᠢ ᠲᠣᠭᠣᠷᠢᠭᠤᠯᠤᠨ ᠬᠠᠷᠠᠭᠠᠳ 《ᠲᠡᠮᠦᠷ ᠮᠢᠨᠢ》 ᠭᠡᠳ ᠨᠢᠳᠦᠨ ᠡᠴᠡ ᠨᠢ ᠨᠢᠯᠪᠤᠰᠤ ᠤᠷᠤᠰᠪᠠ᠃
᠊᠊᠊᠊᠊᠊᠊᠊᠊᠊᠊᠊᠊᠊᠊ ᠠᠮᠢᠳᠤ ᠠᠭᠤᠯᠵᠠᠭᠰᠠᠨ ᠡᠴᠡ ᠬᠣᠢᠰᠢ ᠤᠬᠢᠯᠠᠭᠠᠳ ᠬᠡᠷᠡᠭ ᠦᠭᠡᠢ ᠭᠡᠵᠦ ᠲᠡᠮᠦᠷ ᠴᠡᠭᠡᠵᠢᠨ ᠦ᠌ ᠭᠦᠨ ᠡᠴᠡ ᠭᠠᠷᠤᠭᠰᠠᠨ ᠨᠠᠮᠤᠭᠤᠨ ᠳᠠᠭᠤᠨ ᠢ᠋ᠶ᠋ᠠᠷ ᠬᠡᠯᠡᠪᠡ᠃
᠊᠊᠊᠊᠊᠊᠊᠊᠊᠊᠊᠊᠊᠊᠊ ᠲᠠ ᠬᠣᠭᠣᠯᠠᠢ ᠶ᠋ᠢᠨ ᠬᠢᠨᠢ ᠲᠣᠪᠴᠢ ᠶ᠋ᠢ ᠲᠠᠢᠯᠤᠭᠠᠴᠢ ᠭᠡᠵᠦ ᠳᠤᠯᠮ᠎ᠠ ᠶ᠋ᠢᠨ ᠬᠠᠷ᠎ᠠ ᠬᠥᠮᠦᠨ ᠲᠡᠮᠦᠷ ᠲᠦ᠍ ᠬᠠᠨᠳᠤᠵᠤ ᠬᠡᠯᠡᠪᠡ᠃
ᠲᠡᠮᠦᠷ ᠲᠡᠷᠡ ᠬᠥᠮᠦᠨ ᠢ᠋ ᠭᠡᠨᠡᠨ ᠴᠠᠭᠠᠨ ᠨᠢᠳᠦ ᠪᠡᠷ ᠬᠠᠷᠠᠭᠰᠠᠨ ᠢ᠋ᠶ᠋ᠠᠨ ᠦᠯᠦ ᠮᠡᠳᠡᠭ ᠮᠦᠰᠢᠶᠡᠭᠡᠳ ᠳᠤᠯᠮ᠎ᠠ ᠶ᠋ᠢᠨ ᠵᠠᠬ᠎ᠠ ᠶ᠋ᠢᠨ ᠲᠣᠪᠴᠢ ᠶ᠋ᠢ ᠲᠠᠢᠯᠪᠠ᠃ ᠳᠤᠯᠮ᠎ᠠ ᠥᠷᠥᠭᠡᠰᠦᠨ ᠭᠠᠷ ᠢ᠋ᠶ᠋ᠠᠷ ᠢ᠋ᠶ᠋ᠠᠨ ᠲᠡᠮᠦᠷ ᠦ᠋ᠨ ᠳᠡᠪᠡᠯ ᠡᠴᠡ ᠳᠠᠬᠢᠨ ᠠᠯᠳᠠᠴᠢᠭᠠᠬᠤ ᠪᠣᠢ ᠭᠡᠰᠡᠨ ᠪᠣᠯᠤᠯᠲᠠᠢ ᠪᠠᠵᠠᠭᠠᠳ ᠡᠯᠢᠭᠡᠨ ᠳ᠋ᠦ᠍ᠨᠢ ᠲᠣᠯᠣᠭᠠᠢ ᠪᠠᠨ ᠨᠠᠭᠠᠵᠤ ᠪᠠᠢᠬᠤ ᠳ᠋ᠠᠭᠠᠨ ᠬᠡᠳᠦᠬᠡᠨ ᠮᠥᠴᠡ ᠶ᠋ᠢᠨ ᠳᠠᠷᠠᠭ᠎ᠠ ᠶᠠᠭᠤ ᠪᠣᠯᠵᠤ ᠶᠠᠮᠠᠷ ᠵᠣᠪᠠᠯᠠᠩ ᠳ᠋ᠤ᠌ ᠤᠴᠠᠷᠠᠬᠤ ᠪᠣᠯ ᠭᠡᠵᠦ ᠠᠶᠤᠨ ᠡᠮᠢᠶᠡᠭᠰᠡᠨ ᠰᠡᠳᠬᠢᠯ ᠳ᠋ᠡᠭᠡᠨ ᠳᠠᠷᠤᠭᠳᠠᠵᠤ ᠵᠢᠷᠦᠬᠡ ᠨᠢ ᠯᠣᠭ ᠯᠣᠭ ᠴᠣᠬᠢᠯᠠᠯᠠ᠃
ᠳᠤᠯᠮ᠎ᠠ ᠶ᠋ᠢ ᠲᠡᠪᠡᠷᠢᠨ ᠰᠠᠭᠤᠵᠤ ᠪᠠᠢᠭ᠎ᠠ ᠠᠪᠤᠷᠭᠤ ᠡᠷ᠎ᠡ ᠬᠡᠨ ᠭᠡᠳᠡᠭ ᠢ᠋ ᠨᠥᠬᠥᠷ ᠨᠢ ᠰᠠᠢᠨ ᠮᠡᠳᠡᠵᠦ ᠪᠠᠢᠪᠠ᠃ ᠡᠨᠡ ᠤᠴᠢᠷ ᠡᠴᠡ 《ᠪᠤᠰᠢᠭᠤᠬᠠᠨ ᠳᠤᠯᠮ᠎ᠠ ᠶ᠋ᠢ ᠲᠡᠮᠦᠷ ᠡᠴᠡ ᠰᠠᠯᠭᠠᠵᠤ ᠠᠪᠬᠤ ᠦᠭᠡᠢ ᠪᠣᠯ ᠡᠨᠡ ᠰᠠᠢᠬᠠᠨ ᠬᠡᠦᠬᠡᠨ ᠳᠠᠬᠢᠭᠠᠳ ᠴᠢᠮ᠎ᠠ ᠳ᠋ᠤ᠌ ᠣᠯᠳᠠᠬᠤ ᠦᠭᠡᠢ》 ᠭᠡᠵᠦ ᠶᠠᠮᠠᠷ ᠨᠢᠭᠡᠨ ᠳᠠᠭᠤ ᠰᠢᠪᠡᠭᠡᠨᠡᠭᠡᠳ ᠪᠠᠢᠬᠤ ᠳ᠋ᠤᠨᠢ ᠥᠪᠡᠷ ᠦ᠋ᠨ ᠡᠷᠬᠡ ᠦᠭᠡᠢ ᠣᠴᠢᠵᠤ 《ᠡᠬᠡᠨᠡᠷ ᠢ᠋ ᠭᠡᠷ ᠲᠦ᠍ ᠣᠷᠣᠭᠤᠯᠤᠶ᠎ᠠ》 ᠭᠡᠳ ᠳᠤᠯᠮ᠎ᠠ ᠶ᠋ᠢ ᠠᠪᠬᠤ ᠭᠡᠬᠦ ᠳ᠋ᠦ᠍ᠨᠢ ᠲᠡᠮᠦᠷ ᠭᠠᠷ ᠤ᠋ᠨ ᠢ᠋ᠶ᠋ᠠᠨ ᠦᠵᠦᠭᠦᠷ ᠡᠴᠡ ᠵᠠᠢᠯᠠᠭᠤᠯᠵᠤ 《ᠶᠠᠭᠤ? ᠡᠬᠡᠨᠡᠷ ᠠ᠋! ᠬᠡᠨ ᠦ᠌ ᠡᠬᠡᠨᠡᠷ?》 ᠭᠡᠵᠦ ᠣᠭᠵᠣᠮ ᠠᠰᠠᠭᠤᠪᠠ᠃
ᠳᠤᠯᠮ᠎ᠠ ᠲᠡᠮᠦᠷ ᠦ᠋ᠨ ᠡᠪᠦᠷ ᠳᠡᠭᠡᠷ᠎ᠡ ᠡᠴᠡ ᠪᠣᠰᠴᠤ ᠵᠣᠭᠰᠣᠭᠠᠳ 《ᠲᠡᠮᠦᠷ ᠮᠢᠨᠢ᠂ ᠪᠢ ᠠᠷᠭ᠎ᠠ ᠦᠭᠡᠢ ᠪᠣᠯᠤᠭᠰᠠᠨ ᠰᠢᠦ᠂ ᠨᠠᠮᠠᠶ᠋ᠢ ᠶᠠᠭᠤᠨ ᠳ᠋ᠤ᠌ ᠮᠠᠷᠲᠠᠵᠤ ᠣᠷᠬᠢᠪᠠ》 ᠭᠡᠬᠦ ᠳ᠋ᠦ᠍ᠨᠢ ᠨᠢᠳᠦᠨ ᠳ᠋ᠦ᠍ᠨᠢ ᠭᠣᠮᠣᠳᠠᠯ᠂ ᠭᠡᠮᠰᠢᠯ ᠬᠣᠣᠰᠯᠠᠵᠤ ᠨᠢᠯᠪᠤᠰᠤ ᠬᠠᠴᠠᠷ ᠢ᠋ ᠨᠢ ᠳᠠᠭᠠᠵᠤ ᠵᠢᠷᠢᠯᠵᠡᠨ ᠤᠷᠤᠰᠪᠠ᠃
ᠲᠡᠮᠦᠷ ᠠᠯᠭᠤᠷ ᠪᠣᠰᠴᠤ ᠰᠣᠭᠲᠣᠭᠤ ᠬᠥᠮᠦᠨ ᠰᠢᠭ ᠭᠥᠯᠢᠷᠡᠨ ᠨᠠᠢᠭᠤᠵᠤ ᠪᠠᠢᠭᠰᠠᠨ ᠢ᠋ᠶ᠋ᠠᠨ᠂
᠊᠊᠊᠊᠊᠊᠊᠊᠊᠊᠊᠊᠊᠊᠊ ᠬᠦᠦ ᠮᠢᠨᠢ ᠬᠠᠮᠢᠭ᠎ᠠ ᠪᠠᠢᠨ᠎ᠠ? ᠭᠡᠵᠦ ᠬᠥᠨᠳᠡᠢ ᠳᠠᠭᠤ ᠪᠠᠷ ᠠᠰᠠᠭᠤᠪᠠ᠃
᠊᠊᠊᠊᠊᠊᠊᠊᠊᠊᠊᠊᠊᠊᠊ ᠲᠡᠮᠦᠷ ᠮᠢᠨᠢ᠂ ᠴᠢᠮᠠᠶ᠋ᠢ ᠣᠷᠭᠣᠭᠠᠳ ᠶᠠᠪᠤᠬᠤ ᠳ᠋ᠤ᠌ ᠪᠢ ᠴᠢᠨᠢ ᠬᠦᠦ ᠪᠡᠨ ᠠᠯᠳᠠᠴᠢᠭᠠᠭᠠᠤᠨ ᠪᠠᠢᠭᠰᠠᠨ᠃ ᠲᠡᠭᠡᠭᠡᠳ ᠴᠢᠮᠠᠶ᠋ᠢ ᠪᠡᠨ ᠵᠣᠪᠠᠭᠠᠬᠤ ᠦᠭᠡᠢ ᠭᠡᠵᠦ ᠬᠤᠳᠠᠯ ᠬᠡᠯᠡᠭᠰᠡᠨ᠃ ᠪᠢ ᠶᠠᠭᠠᠬᠢᠭᠰᠠᠨ ᠵᠠᠶᠠᠭ᠎ᠠ ᠦᠭᠡᠢ ᠠᠮᠢᠲᠠᠨ ᠪᠣᠢ?
ᠶᠢᠷᠲᠢᠨᠴᠦ ᠲᠡᠷᠡ ᠴᠢᠭ ᠢ᠋ᠶ᠋ᠡᠷ ᠢ᠋ᠶ᠋ᠡᠨ ᠡᠷᠭᠢᠯᠳᠦᠨ ᠲᠡᠮᠦᠷ ᠦ᠋ᠨ ᠨᠢᠳᠦᠨ ᠳ᠋ᠦ᠍ ᠡᠳᠦᠷ ᠦ᠋ᠨ ᠬᠤᠷᠴᠠ ᠨᠠᠷᠠ ᠮᠠᠨᠠᠷᠠᠨ ᠬᠠᠷᠠᠯᠠᠵᠤ ᠳᠤᠮᠳᠠ ᠪᠠᠨ ᠥᠴᠦᠬᠡᠨ ᠨᠦᠬᠡ ᠲᠡᠢ ᠬᠠᠷ᠎ᠠ ᠲᠣᠭᠣᠭᠠᠨ ᠳ᠋ᠤ᠌ ᠬᠥᠮᠥᠷᠢᠭᠳᠡᠭᠰᠡᠨ ᠶᠤᠮ ᠰᠢᠭ ᠪᠣᠯᠪᠠ᠃ ᠪᠠᠷᠭᠢᠯ ᠭᠠᠷ ᠢ᠋ᠶ᠋ᠠᠷ ᠢ᠋ᠶ᠋ᠠᠨ ᠮᠠᠩᠨᠠᠢ ᠪᠠᠨ ᠲᠤᠯᠵᠤ ᠳᠣᠭᠣᠭᠰᠢ ᠬᠠᠷᠠᠨ ᠵᠣᠭᠰᠣᠬᠤ ᠵᠠᠭᠤᠷ᠎ᠠ 《ᠡᠷ᠎ᠡ ᠬᠥᠮᠦᠨ ᠳᠡ ᠬᠦ》 ᠭᠡᠵᠦ ᠰᠢᠪᠡᠭᠡᠨᠡᠨ ᠬᠡᠳᠦ ᠳᠠᠪᠲᠠᠵᠤ ᠬᠣᠭᠣᠯᠠᠢ ᠶ᠋ᠢᠨ ᠢ᠋ᠶ᠋ᠡᠨ ᠲᠣᠪᠴᠢ ᠶ᠋ᠢ ᠲᠠᠢᠯᠵᠤ ᠤᠷᠲᠤ ᠭᠡᠭᠴᠢ ᠨᠢ ᠰᠠᠨᠠᠭ᠎ᠠ ᠠᠯᠳᠠᠭᠠᠳ ᠭᠠᠵᠠᠷ ᠲᠠᠯᠪᠢᠭᠰᠠᠨ ᠰᠠᠪᠠ ᠪᠠᠨ ᠠᠪᠴᠤ ᠳᠤᠯᠮ᠎ᠠ ᠤᠷᠤᠭᠤ ᠬᠠᠷᠠᠭᠠᠳ᠄
᠊᠊᠊᠊᠊᠊᠊᠊᠊᠊᠊᠊᠊᠊᠊ ᠡᠮᠡᠭᠡᠯ ᠲᠡᠢ ᠤᠤ ᠴᠢ ᠭᠡᠵᠦ ᠠᠰᠠᠭᠤᠪᠠ᠃
