ᠲᠤᠩᠭᠠᠯᠠᠭ ᠲᠠᠮᠢᠷ1-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠠᠮᠢᠳᠤ ᠶᠠᠪᠤᠪᠠᠯ ᠠᠯᠲᠠᠨ ᠠᠶᠠᠭᠠᠨ ᠡᠴᠡ ᠤᠰᠤ ᠤᠤᠭᠤᠨ᠎ᠠ》 - ᠨᠢᠭᠡᠳᠦᠭᠡᠷ ᠪᠦᠯᠦᠭ ᠠᠷᠪᠠ
ᠵᠢᠷᠪᠢᠯᠵᠡᠨ᠂ ᠴᠢᠪᠬᠠᠳᠠᠨ ᠤᠷᠤᠰᠴᠤ ᠪᠠᠢᠭ᠎ᠠ ᠨᠠᠷᠢᠬᠠᠨ ᠭᠣᠣᠯ ᠤ᠋ᠨ ᠵᠡᠭᠦᠨ ᠳᠡᠨᠵᠢ ᠳᠡᠭᠡᠷ᠎ᠡ ᠥᠯᠵᠡᠢ ᠶ᠋ᠢᠨ ᠭᠠᠭᠴᠠ ᠭᠡᠷ ᠲᠣᠷᠣᠢᠨᠠ᠃ ᠡᠷᠬᠡᠯᠡᠭᠦᠯᠦᠭᠰᠡᠨ ᠡᠴᠡ ᠭᠡᠷ ᠲᠡᠷᠭᠡ ᠱᠦᠷᠭᠦᠭᠡᠳᠡᠭ ᠪᠣᠯᠤᠭᠰᠠᠨ ᠢ᠋ᠶ᠋ᠠᠷ ᠪᠠᠷᠠᠬᠤ ᠦᠭᠡᠢ ᠣᠯᠣᠰᠣ᠂ ᠳᠠᠪᠤᠤ ᠦᠯᠡᠳᠡᠭᠡᠳᠡᠭ ᠦᠭᠡᠢ ᠢᠳᠡᠳᠡᠭ ᠬᠡᠳᠦᠨ ᠰᠠᠷᠯᠤᠭ ᠡᠴᠡ ᠪᠡᠨ ᠪᠣᠯᠤᠭᠠᠳ ᠥᠯᠵᠡᠢ ᠶ᠋ᠢᠨ ᠬᠢ ᠢᠩᠭᠢᠵᠦ ᠭᠠᠭᠴᠠ ᠭᠡᠷ ᠶᠠᠪᠤᠳᠠᠭ ᠪᠣᠯᠵᠠᠢ᠃
ᠥᠯᠵᠡᠢ ᠥᠴᠥᠭᠡᠳᠦᠷ ᠶᠠᠪᠤᠭᠠᠳ ᠥᠷᠯᠥᠭᠡ ᠪᠣᠷᠣ ᠭᠥᠷᠥᠭᠡᠰᠦ ᠠᠯᠠᠵᠤ ᠢᠷᠡᠭᠰᠡᠨ ᠢ᠋ᠶ᠋ᠡᠷ ᠭᠤᠷᠪᠠᠨ ᠬᠠᠯᠠᠭᠤᠨ ᠠᠮᠢ ᠲᠤᠷᠤᠭ ᠤ᠋ᠨ ᠱᠥᠯᠥ ᠤᠤᠭᠤᠵᠤ ᠬᠠᠷ᠎ᠠ ᠭᠡᠷ ᠬᠠᠭᠠᠷᠠᠲᠠᠯ᠎ᠠ ᠪᠠᠶᠠᠷ ᠪᠣᠯᠪᠠ᠃
ᠵᠢᠩ ᠦᠳᠡ ᠶ᠋ᠢᠨ ᠬᠢᠷᠢ ᠳ᠋ᠦ᠍ ᠲᠡᠳᠡᠨ ᠦ᠌ ᠳ᠋ᠦ᠍ ᠭᠤᠷᠪᠠᠨ ᠮᠣᠷᠢ ᠲᠠᠢ ᠬᠥᠮᠦᠨ ᠢᠷᠡᠭᠰᠡᠨ ᠨᠢ ᠫᠦᠷᠫᠦ ᠲᠠᠢᠵᠢ᠂ ᠬᠤᠰᠢᠭᠤᠨ ᠤ᠋ ᠪᠢᠴᠢᠭᠡᠴᠢ᠂ ᠬᠢᠶ᠎ᠡ ᠬᠣᠶᠠᠷ ᠤ᠋ᠨ ᠬᠠᠮᠲᠤ ᠪᠠᠢᠯ᠎ᠠ᠃
ᠬᠡᠷᠴᠡᠭᠡᠢ ᠲᠠᠢᠵᠢ ᠬᠠᠷᠢᠭᠤ ᠪᠠᠨ ᠠᠪᠬᠤ ᠪᠠᠷ ᠢᠷᠡᠯ᠎ᠡ ᠭᠡᠵᠦ ᠰᠠᠨᠳᠤᠷᠤᠭᠰᠠᠨ ᠥᠯᠵᠡᠢ ᠡᠭᠦᠳᠡ ᠪᠡᠨ ᠰᠡᠬᠦᠵᠦ ᠲᠠᠢᠵᠢ ᠶ᠋ᠢ ᠳᠠᠭᠠᠯᠳᠤᠭᠰᠠᠳ ᠤ᠋ᠨ ᠬᠠᠮᠲᠤ ᠣᠷᠣᠭᠤᠯᠤᠨ ᠮᠣᠳᠣᠨ ᠲᠠᠪᠰᠢ ᠲᠠᠢ ᠬᠠᠯᠠᠭᠤᠨ ᠮᠢᠬ᠎ᠠ᠂ ᠬᠠᠳᠠᠭᠠᠯᠠᠵᠤ ᠪᠠᠢᠭᠰᠠᠨ ᠭᠠᠭᠴᠠ ᠭᠠᠯᠠᠭᠤᠨ ᠬᠦᠵᠦᠭᠦᠲᠦ ᠠᠷᠢᠬᠢ ᠪᠠᠨ ᠪᠠᠷᠢᠯ᠎ᠠ᠃
ᠪᠢᠴᠢᠭᠡᠴᠢ ᠪᠦᠰᠡᠯᠡᠵᠦ ᠶᠠᠪᠤᠭᠰᠠᠨ ᠰᠢᠷ᠎ᠠ ᠸᠠᠳᠠᠩ ᠢ᠋ᠶ᠋ᠠᠨ ᠵᠠᠳᠠᠯᠵᠤ ᠤᠯᠠᠭᠠᠨ ᠱᠤᠭᠤᠮ ᠲᠠᠢ ᠪᠢᠴᠢᠭ ᠭᠠᠷᠭᠠᠨ 《ᠰᠠᠢᠳ ᠸᠠᠩ ᠤ᠋ᠨ ᠬᠣᠰᠢᠭᠤ ᠲᠠᠮᠠᠭ᠎ᠠ ᠶ᠋ᠢᠨ ᠪᠢᠴᠢᠭ᠃ ᠠᠯᠪᠠᠲᠤ ᠠᠷᠠᠳ ᠤ᠋ᠳ ᠮᠡᠳᠡᠲᠦᠭᠡᠢ ᠭᠡᠵᠦ ᠢᠯᠡᠭᠡᠬᠦ ᠶ᠋ᠢᠨ ᠤᠴᠢᠷ ᠁》 ᠭᠡᠵᠦ ᠡᠬᠢᠯᠡᠨ᠂ ᠨᠢᠭᠡ ᠬᠥᠭ ᠲᠡᠢ ᠤᠨᠵᠢᠷᠠᠭᠰᠠᠨ ᠳᠠᠭᠤ ᠪᠠᠷ ᠤᠩᠰᠢᠪᠠ᠃ ᠡᠨᠡ ᠪᠢᠴᠢᠭ ᠲᠦ᠍ ᠥᠯᠵᠡᠢ ᠶ᠋ᠢᠨ ᠬᠢ ᠪᠣᠭᠳᠠ ᠬᠠᠭᠠᠨ ᠤ᠋ ᠴᠡᠷᠢᠭ ᠦ᠋ᠨ ᠬᠦᠨᠡᠰᠦᠨ ᠳ᠋ᠦ᠍ ᠠᠮᠪᠠᠨ ᠱᠠᠷ ᠨᠢᠭᠡ᠂ ᠣᠨᠣᠯᠭᠠᠨ ᠳ᠋ᠤ᠌ ᠠᠭᠲᠠ ᠮᠣᠷᠢ ᠬᠣᠶᠠᠷ ᠢ᠋ ᠨᠡᠢᠯᠡᠭᠦᠯᠬᠦ ᠪᠡᠷ ᠵᠠᠷᠯᠢᠭᠳᠠᠵᠠᠢ᠃
ᠪᠢᠴᠢᠭᠡᠴᠢ ᠶ᠋ᠢ ᠤᠩᠰᠢᠵᠤ ᠳᠠᠭᠤᠰᠬᠤ ᠳ᠋ᠤ᠌ ᠫᠦᠷᠫᠦ ᠲᠠᠢᠵᠢ ᠵᠣᠷᠢᠭᠤᠳᠠ ᠰᠢᠬᠠᠭᠰᠠᠨ ᠪᠦᠳᠦᠭᠦᠨ ᠳᠠᠭᠤ ᠪᠠᠷ 《ᠡᠨᠡ ᠪᠦᠬᠦᠨ ᠢ᠋ ᠠᠷᠪᠠ ᠬᠣᠨᠣᠭ ᠤ᠋ᠨ ᠳᠣᠲᠣᠷ᠎ᠠ ᠨᠡᠢᠯᠡᠭᠦᠯᠬᠦ ᠦᠭᠡᠢ ᠪᠣᠯ ᠥᠴᠦᠬᠡᠨ ᠪᠣᠭᠣᠯ ᠴᠢ ᠬᠣᠢᠴᠢ ᠶ᠋ᠢᠨ ᠡᠳᠦᠷ ᠬᠣᠵᠢᠮ ᠤ᠋ᠨ ᠴᠠᠭ ᠲᠤ᠌ ᠭᠣᠮᠣᠳᠠᠪᠠᠴᠤ ᠪᠠᠷᠠᠬᠤ ᠦᠭᠡᠢ ᠭᠡᠵᠦ ᠮᠡᠳᠡᠪᠡᠯ ᠵᠣᠬᠢᠨ᠎ᠠ》 ᠭᠡᠮᠡᠨ ᠰᠦᠷᠵᠢᠩ ᠨᠡᠮᠡᠵᠦ ᠬᠡᠯᠡᠯ᠎ᠡ᠃
ᠭᠠᠳᠠᠨ᠎ᠠ ᠡᠴᠡ ᠣᠷᠣᠵᠤ ᠢᠷᠡᠭᠡᠳ ᠶᠠᠭᠤ ᠪᠣᠯᠵᠤ ᠪᠠᠢᠭ᠎ᠠ ᠶ᠋ᠢ ᠨᠢᠭᠡ ᠳ᠋ᠦ᠍ ᠨᠢᠭᠡ ᠦᠭᠡᠢ ᠮᠡᠳᠡᠭᠰᠡᠨ ᠴᠠᠨᠳᠠ᠂ ᠲᠠᠢᠵᠢ ᠶ᠋ᠢᠨ ᠡᠮᠦᠨ᠎ᠡ ᠬᠣᠷᠮᠣᠢ ᠳᠡᠪᠢᠰᠦᠨ ᠰᠥᠬᠥᠷᠡᠵᠦ ᠨᠠᠮᠪᠠ ᠲᠠᠢ ᠪᠥᠭᠡᠳ ᠵᠥᠭᠡᠯᠡᠨ ᠳᠠᠭᠤ ᠪᠠᠷ᠄
᠊᠊᠊᠊᠊᠊᠊᠊᠊᠊᠊᠊ ᠵᠠᠰᠠᠭᠲᠤ ᠬᠠᠨ ᠤ᠋ ᠳᠠ᠊ ᠲᠤᠰᠠᠯᠠᠭᠴᠢ ① ᠭᠤᠸᠠᠢ ᠤᠷᠢᠳᠤ ᠰᠥᠨᠢ ᠮᠠᠨ ᠤ᠋ ᠳ᠋ᠤ᠌ ᠠᠯᠵᠢᠶᠠᠨ ᠨᠣᠢᠷᠰᠤᠬᠤ ᠳ᠋ᠠᠭᠠᠨ ᠡᠷᠬᠢᠮ ᠲᠠᠢᠵᠢ ᠲᠠᠨ ᠳ᠋ᠤ᠌ ᠮᠡᠨᠳᠦ ᠠᠢᠯᠠᠳᠬᠠᠭᠠᠷᠠᠢ ᠭᠡᠵᠦ ᠬᠡᠯᠡᠭᠰᠡᠨ ᠶᠤᠮᠰᠠᠨ ᠭᠡᠯᠡ᠃
ᠡᠮᠦᠨ᠎ᠡ ᠨᠢ ᠦᠵᠡᠰᠬᠦᠯᠡᠩᠲᠡᠢ ᠵᠠᠯᠠᠭᠤ ᠬᠡᠦᠬᠡᠨ ᠰᠥᠬᠥᠷᠡᠬᠦ ᠳ᠋ᠦ᠍ ᠲᠠᠢᠵᠢ ᠶ᠋ᠢᠨ ᠨᠢᠳᠦᠨ ᠳ᠋ᠦ᠍ ᠦᠵᠡᠭᠳᠡᠵᠦ ᠪᠠᠢᠭᠰᠠᠨ ᠰᠢᠨᠤᠯ ᠲᠠᠴᠢᠶᠠᠯ ᠤ᠋ᠨ ᠭᠠᠯ ᠰᠠᠯᠬᠢᠨ ᠳ᠋ᠤ᠌ ᠦᠯᠢᠶᠡᠯᠭᠡᠭᠰᠡᠨ ᠵᠤᠯᠠ ᠰᠢᠭ᠋ ᠤᠨᠲᠠᠷᠠᠵᠤ ᠴᠢᠷᠠᠢ ᠨᠢ ᠵᠢᠪᠡᠬᠡᠢ ᠴᠠᠭᠠᠨ ᠪᠣᠯᠤᠭᠠᠳ᠂ ᠬᠣᠭᠣᠯᠠᠢ ᠨᠢ ᠴᠡᠴᠡᠷᠡᠪᠡᠴᠦ᠂ ᠬᠠᠭᠤᠷᠮᠠᠭ ᠢᠨᠢᠶᠡᠮᠰᠦᠭᠯᠡᠨ ᠰᠢᠲᠦ ᠪᠡᠨ ᠢᠷᠵᠠᠢᠯᠭᠠᠪᠠ᠃
᠊᠊᠊᠊᠊᠊᠊᠊᠊᠊᠊᠊ ᠡᠷᠬᠢᠮ ᠲᠤᠰᠠᠯᠠᠭᠴᠢ ᠭᠤᠸᠠᠢ ᠠᠯᠵᠢᠶᠠᠵᠤ ᠢᠷᠡᠬᠦ ᠳ᠋ᠦ᠍ᠨᠢ ᠥᠴᠦᠬᠡᠨ ᠬᠥᠮᠦᠨ ᠠᠶᠤᠮᠰᠢᠭ ᠦᠭᠡᠢ ᠪᠡᠷ ᠬᠠᠷᠢᠭᠤ ᠮᠡᠨᠳᠦ ᠠᠢᠯᠠᠳᠬᠠᠭᠰᠠᠨ ᠭᠡᠵᠦ ᠳᠠᠮᠵᠢᠭᠤᠯᠤᠭᠠᠷᠠᠢ ᠭᠡᠳ ᠨᠡᠮᠡᠰᠬᠢᠨ ᠪᠥᠬᠥᠯᠵᠡᠭᠰᠡᠨ ᠢ᠋ᠶ᠋ᠡᠨ 《ᠡᠳᠡᠨ ᠦ᠌ ᠬᠦᠦ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠡᠵᠡᠨ ᠦ᠌ ᠲᠣᠷᠭᠠᠨ ᠴᠡᠷᠢᠭ ᠲᠦ᠍ ᠪᠠᠢᠭ᠎ᠠ ᠪᠣᠯᠬᠣᠷ ᠳᠡᠭᠡᠷᠡᠬᠢ ᠵᠦᠢᠯ ᠢ᠋ ᠠᠪᠬᠤ ᠦᠭᠡᠢ》 ᠭᠡᠯᠡ᠃
ᠫᠦᠷᠫᠦ ᠲᠠᠢᠵᠢ ᠲᠡᠮᠦᠷ ᠲᠡᠢ ᠲᠣᠬᠢᠶᠠᠯᠳᠤᠵᠤ ᠠᠶᠤᠩᠭ᠎ᠠ ᠮᠡᠲᠦ ᠠᠢᠬᠤᠪᠲᠤᠷ ᠦᠭᠡ ᠶ᠋ᠢ ᠰᠣᠨᠣᠰᠤᠭᠰᠠᠨ ᠡᠴᠡ ᠬᠣᠢᠰᠢ ᠬᠡᠳᠦᠨ ᠬᠣᠨᠣᠭ ᠤᠨᠲᠠᠵᠤ ᠴᠢᠳᠠᠬᠤ ᠦᠭᠡᠢ ᠬᠠᠷ᠎ᠠ ᠳᠠᠷᠤᠵᠤ ᠲᠡᠮᠦᠷ ᠦ᠋ᠨ ᠬᠦᠴᠦᠲᠡᠢ ᠭᠠᠷ ᠲᠤ᠌ ᠬᠣᠭᠣᠯᠠᠢ ᠪᠠᠨ ᠰᠢᠬᠠᠭᠤᠯᠤᠨ ᠬᠠᠰᠬᠢᠷᠤᠨ ᠪᠣᠰᠴᠤ ᠪᠠᠢᠯ᠎ᠠ᠃ ᠲᠡᠷᠡ ᠮᠠᠭᠤ ᠢᠷᠣ᠎ᠠ ᠶ᠋ᠢᠨ ᠵᠡᠭᠦᠳᠦᠨ ᠡᠴᠡ ᠰᠠᠯᠬᠤ ᠭᠡᠵᠦ ᠭᠦᠷᠢᠮ ᠴᠦ᠍ ᠤᠩᠰᠢᠭᠤᠯᠵᠠᠢ᠃
ᠰᠡᠭᠦᠯ ᠦ᠋ᠨ ᠦᠶ᠎ᠡ ᠳ᠋ᠦ᠍ ᠲᠡᠮᠦᠷ ᠦ᠋ᠨ ᠲᠣᠭᠰᠢᠨ ᠳᠦᠷᠢ ᠶ᠋ᠢ ᠮᠠᠷᠲᠠᠵᠤ ᠡᠬᠢᠯᠡᠪᠡ᠃ ᠭᠡᠲᠡᠯ᠎ᠡ ᠴᠠᠨᠳᠠ ᠶ᠋ᠢᠨ ᠦᠭᠡ ᠶ᠋ᠢ ᠰᠣᠨᠣᠰᠤᠭᠠᠳ ᠰᠡᠳᠬᠢᠯ ᠳ᠋ᠦ᠍ᠨᠢ ᠳᠠᠬᠢᠨ ᠨᠥᠭᠦᠭᠡ ᠭᠠᠢᠬᠠᠯ ᠲᠡᠮᠦᠷ ᠦ᠋ᠨ ᠳᠦᠷᠢ ᠪᠣᠰᠴᠤ ᠥᠪᠡᠷ ᠦ᠋ᠨ ᠡᠷᠬᠡ ᠦᠭᠡᠢ ᠴᠡᠴᠡᠷᠡᠨ᠂ ᠦᠭᠡ ᠬᠡᠯᠡᠬᠦ ᠭᠡᠬᠦ ᠪᠡᠷ ᠬᠣᠭᠣᠯᠠᠢ ᠨᠢ ᠵᠠᠩᠭᠢᠷᠠᠭᠠᠳ ᠪᠠᠢᠪᠠ᠃
ᠢᠩᠭᠢᠭᠡᠳ ᠪᠠᠷᠤᠭ ᠯᠠ ᠳᠣᠬᠢᠶ᠎ᠠ ᠪᠠᠷ ᠪᠢᠴᠢᠭᠡᠴᠢ᠂ ᠬᠢᠶ᠎ᠡ ᠬᠣᠶᠠᠷ ᠢ᠋ᠶ᠋ᠠᠨ ᠳᠠᠭᠠᠭᠤᠯᠤᠨ ᠶᠠᠪᠤᠬᠤ ᠳ᠋ᠠᠭᠠᠨ ᠣᠯᠠᠨ ᠨᠣᠬᠠᠢ ᠳ᠋ᠤ᠌ ᠬᠥᠭᠡᠭᠡᠭᠳᠡᠭᠰᠡᠨ ᠴᠢᠨᠣ᠎ᠠ ᠰᠢᠭ᠋ ᠪᠠᠢᠨ ᠪᠠᠢᠨ ᠡᠷᠭᠢᠨ ᠭᠢᠯᠤᠢᠨ ᠬᠠᠷᠠᠵᠤ᠂ ᠬᠠᠷᠠᠬᠤ ᠪᠦᠷᠢ ᠳ᠋ᠡᠭᠡᠨ ᠮᠣᠷᠢ ᠪᠠᠨ ᠳᠠᠪᠢᠷᠠᠨ ᠭᠤᠶᠠᠳᠠᠨᠠ᠃
ᠥᠯᠵᠡᠢ ᠪᠡᠷᠢ ᠶ᠋ᠢᠨ ᠢ᠋ᠶ᠋ᠡᠨ ᠤᠬᠠᠭᠠᠨ᠂ ᠲᠡᠮᠦᠷ ᠦ᠋ᠨ ᠠᠴᠢ ᠶ᠋ᠢ ᠮᠠᠭᠲᠠᠨ᠂ ᠬᠠᠳᠠᠮ ᠪᠡᠷᠢ ᠬᠣᠶᠠᠷ᠂ ᠲᠡᠮᠦᠷ ᠦ᠋ᠨ ᠨᠡᠷ᠎ᠡ ᠶ᠋ᠢ ᠰᠣᠨᠣᠰᠤᠭᠠᠳ ᠱᠠᠯᠠᠢ ᠪᠠᠭᠤᠭᠰᠠᠨ ᠲᠠᠢᠵᠢ ᠶ᠋ᠢ ᠱᠣᠣᠯᠠᠨ ᠡᠯᠢᠭᠡ ᠪᠡᠨ ᠬᠥᠰᠢᠲᠡᠯ᠎ᠡ ᠢᠨᠢᠶᠡᠪᠡ᠃
ᠡᠨᠡ ᠶᠠᠪᠤᠳᠠᠯ ᠡᠴᠡ ᠬᠣᠢᠰᠢ ᠬᠣᠶᠠᠷ ᠬᠣᠨᠣᠭ ᠤ᠋ᠨ ᠳᠠᠷᠠᠭ᠎ᠠ ᠴᠠᠨᠳᠠ ᠦᠨᠢᠶ᠎ᠡ ᠪᠡᠨ ᠰᠠᠭᠠᠵᠤ ᠪᠠᠢᠬᠤ ᠳ᠋ᠤ᠌ ᠳᠣᠷᠣᠨ᠎ᠠ ᠡᠴᠡ ᠪᠠᠷᠠᠭᠠᠨ ᠮᠣᠷᠢ ᠲᠠᠢ ᠬᠥᠮᠦᠨ ᠬᠠᠲᠠᠷᠢᠭᠤᠯᠤᠨ ᠢᠷᠡᠵᠦ ᠶᠠᠪᠤᠭ᠎ᠠ ᠬᠠᠷᠠᠭᠳᠠᠬᠤ ᠳ᠋ᠤ᠌ 《ᠮᠠᠨ ᠤ᠋ ᠤᠷᠤᠭᠤ ᠰᠢᠭᠤᠳ ᠢᠷᠡᠵᠦ ᠶᠠᠪᠤᠬᠤ ᠴᠢᠨᠢ ᠶᠠᠭᠤᠨ ᠬᠥᠮᠦᠨ ᠶᠤᠮ ᠪᠣᠯ ᠳᠠ》 ᠭᠡᠵᠦ ᠪᠣᠳᠣᠪᠠ᠃
ᠥᠯᠵᠡᠢ ᠲᠡᠷᠭᠡᠨ ᠳ᠋ᠡᠭᠡᠨ ᠮᠥᠭᠡᠷ ᠰᠢᠭᠠᠬᠤ ᠵᠠᠭᠤᠷ᠎ᠠ ᠢᠷᠡᠵᠦ ᠶᠠᠪᠤᠭ᠎ᠠ ᠬᠥᠮᠦᠨ ᠢ᠋ ᠠᠵᠢᠭᠯᠠᠨ ᠬᠠᠷᠠᠵᠤ ᠪᠠᠢᠭᠰᠠᠨ ᠢ᠋ᠶ᠋ᠠᠨ ᠰᠦᠬᠡ ᠪᠡᠨ ᠲᠠᠯᠪᠢᠭᠠᠳ ᠪᠣᠰᠴᠤ 《ᠴᠠᠨᠳᠠ ᠮᠢᠨᠢ᠂ ᠬᠦᠦ ᠢᠷᠡᠪᠡ ᠪᠣᠯᠤᠯᠲᠠᠢ᠂ ᠰᠠᠭᠤᠳᠠᠯ ᠨᠢ ᠮᠥᠨ ᠪᠠᠢᠨ᠎ᠠ》 ᠭᠡᠯᠡ᠃
ᠡᠨᠡ ᠦᠭᠡᠨ ᠳ᠋ᠦ᠍ ᠴᠠᠨᠳᠠ ᠪᠣᠰᠴᠤ ᠤᠯᠠᠮ ᠪᠦᠷ ᠣᠢᠷᠠᠲᠤᠵᠤ ᠪᠠᠢᠭ᠎ᠠ ᠬᠥᠮᠦᠨ ᠢ᠋ ᠠᠵᠢᠭᠯᠠᠪᠠ᠃ ᠥᠨᠳᠥᠷ ᠬᠠᠷ᠎ᠠ ᠮᠣᠷᠢ ᠲᠠᠢ ᠬᠥᠮᠦᠨ ᠡᠮᠡᠭᠡᠯ ᠳᠡᠭᠡᠷ᠎ᠡ ᠦᠯᠦ ᠮᠡᠳᠡᠭ ᠲᠠᠰᠢᠭᠤ ᠰᠠᠭᠤᠭᠠᠳ ᠣᠷᠣᠭᠰᠢ ᠪᠥᠬᠥᠢᠨ ᠬᠠᠲᠠᠷᠢᠭᠤᠯᠤᠨ᠎ᠠ᠃
᠊᠊᠊᠊᠊᠊᠊᠊᠊᠊᠊᠊ ᠠᠪᠤ ᠠ᠋᠂ ᠮᠥᠨ ᠪᠠᠢᠨ᠎ᠠ ᠭᠡᠳ ᠴᠠᠨᠳᠠ ᠭᠦᠶᠦᠬᠦ ᠭᠡᠰᠡᠨ ᠢ᠋ᠶ᠋ᠡᠨ ᠶᠠᠭ ᠳᠣᠣᠷ᠎ᠠ ᠪᠠᠨ ᠵᠣᠭᠰᠣᠬᠤ ᠳ᠋ᠤ᠌ ᠨᠢᠳᠦᠨ ᠡᠴᠡ ᠨᠢ ᠪᠠᠶᠠᠷ ᠤ᠋ᠨ ᠪᠦᠯᠢᠶᠡᠨ ᠨᠢᠯᠪᠤᠰᠤ ᠥᠪᠡᠷ ᠦ᠋ᠨ ᠡᠷᠬᠡ ᠦᠭᠡᠢ ᠠᠰᠬᠠᠷᠠᠪᠠ᠃
᠊᠊᠊᠊᠊᠊᠊᠊᠊᠊᠊᠊ ᠢᠷᠡᠭᠰᠡᠨ ᠰᠢᠪᠠᠭᠤ ᠪᠤᠴᠠᠳᠠᠭ᠂ ᠶᠠᠪᠤᠭᠰᠠᠨ ᠬᠥᠮᠦᠨ ᠢᠷᠡᠳᠡᠭ ᠭᠡᠵᠦ ᠡᠨᠡ ᠳᠡ ᠭᠡᠳ ᠥᠯᠵᠡᠢ ᠲᠤᠨᠤᠷᠠᠨ ᠭᠠᠷᠤᠭᠰᠠᠨ ᠨᠢᠯᠪᠤᠰᠤ ᠪᠠᠨ ᠬᠠᠨᠴᠤᠢ ᠪᠠᠷ ᠢ᠋ᠶ᠋ᠠᠨ ᠱᠤᠳᠤᠷᠤᠨ ᠠᠷᠴᠢᠵᠤ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ
᠊᠊᠊᠊᠊᠊᠊᠊᠊᠊᠊᠊ ᠪᠢ ᠴᠠᠢ ᠴᠢᠨᠠᠶᠠ᠂ ᠴᠢ ᠪᠠᠭᠤᠯᠭᠠᠵᠤ ᠠᠪ ᠭᠡᠳ ᠲᠦᠯᠡᠭᠡ ᠬᠣᠷᠮᠣᠢᠯᠠᠨ ᠣᠷᠣᠯ᠎ᠠ᠃
ᠬᠤᠶᠠᠭ ᠢ᠋ ᠭᠡᠷ ᠦ᠋ᠨ ᠭᠠᠳᠠᠨ᠎ᠠ ᠢᠷᠡᠬᠦ ᠳ᠋ᠦ᠍ ᠴᠠᠨᠳᠠ ᠮᠣᠷᠢᠨ ᠤ᠋ ᠬᠢᠨᠢ ᠴᠤᠯᠪᠤᠭᠤᠷ ᠡᠴᠡ ᠪᠠᠷᠢᠵᠤ ᠪᠠᠭᠤᠯᠭᠠᠪᠠ᠃
᠊᠊᠊᠊᠊᠊᠊᠊᠊᠊᠊᠊ ᠲᠠ ᠨᠠᠷ ᠮᠢᠨᠢ ᠰᠠᠢᠨ ᠤᠤ? ᠭᠡᠳ ᠬᠤᠶᠠᠭ ᠡᠬᠡᠨᠡᠷ ᠦ᠋ᠨ ᠢ᠋ᠶ᠋ᠡᠨ ᠲᠣᠯᠣᠭᠠᠢ ᠶ᠋ᠢ ᠲᠡᠪᠡᠷᠢᠨ ᠡᠯᠢᠭᠡᠨ ᠳ᠋ᠡᠭᠡᠨ ᠨᠠᠭᠠᠪᠠ᠃ ᠴᠠᠨᠳᠠ ᠳ᠋ᠤ᠌ ᠬᠠᠷᠢᠭᠤ ᠳᠤᠤᠭᠠᠷᠬᠤ ᠴᠢᠳᠠᠯ ᠪᠠᠢᠭᠰᠠᠨ ᠦᠭᠡᠢ᠂ ᠤᠬᠢᠯᠠᠭᠰᠠᠭᠠᠷ ᠪᠠᠢᠯ᠎ᠠ᠃
᠊᠊᠊᠊᠊᠊᠊᠊᠊᠊᠊᠊ ᠡᠯᠢᠭᠡ ᠪᠦᠲᠦᠨ ᠠᠭᠤᠯᠵᠠᠭᠰᠠᠨ ᠬᠣᠢᠨ᠎ᠠ ᠤᠬᠢᠯᠠᠭᠠᠳ ᠶᠠᠭᠠᠬᠢᠬᠤᠪ ᠭᠡᠳ ᠬᠤᠶᠠᠭ ᠢᠨᠢᠶᠡᠮᠰᠦᠭᠯᠡᠨ ᠴᠠᠨᠳᠠ ᠶ᠋ᠢᠨ ᠨᠢᠯᠪᠤᠰᠤ ᠶ᠋ᠢ ᠠᠯᠠᠭ᠎ᠠ ᠪᠠᠷ ᠢ᠋ᠶ᠋ᠠᠨ ᠠᠷᠴᠢᠪᠠ᠃ ᠡᠨᠡ ᠦᠶ᠎ᠡ ᠳ᠋ᠦ᠍ ᠭᠡᠷ ᠦ᠋ᠨ ᠴᠠᠭᠠᠨ᠎ᠠ ᠲᠣᠭᠯᠠᠵᠤ ᠪᠠᠢᠭᠰᠠᠨ ᠬᠦᠦ ᠭᠠᠷᠴᠤ ᠢᠷᠡᠭᠡᠳ ᠡᠵᠢ ᠲᠡᠢ ᠨᠢ ᠵᠣᠭᠰᠣᠵᠤ ᠪᠠᠢᠭ᠎ᠠ ᠲᠠᠨᠢᠬᠤ ᠦᠭᠡᠢ ᠬᠥᠮᠦᠨ ᠢ᠋ ᠭᠠᠢᠬᠠᠨ ᠬᠠᠷᠠᠵᠤ ᠪᠠᠢᠪᠠ᠃
᠊᠊᠊᠊᠊᠊᠊᠊᠊᠊᠊᠊ ᠮᠢᠨᠦ ᠬᠦᠦ! ᠠᠪᠤ ᠨᠢ ᠢᠷᠡᠭᠡᠳ ᠪᠠᠢᠨ᠎ᠠ ᠭᠡᠵᠦ ᠴᠠᠨᠳᠠ ᠬᠡᠯᠡᠪᠡ᠃ ᠬᠤᠶᠠᠭ ᠬᠦᠦ ᠪᠡᠨ ᠡᠷᠭᠦᠨ ᠤᠴᠢᠷ ᠲᠣᠢᠮᠣ ᠦᠭᠡᠢ ᠦᠨᠦᠰᠪᠡ᠃ ᠴᠠᠨᠳᠠ ᠶ᠋ᠢᠨ ᠨᠢᠭᠤᠷ ᠲᠤ᠌ ᠠᠯᠭᠤᠷᠬᠠᠨ ᠢ᠋ᠶ᠋ᠠᠷ ᠢᠨᠢᠶᠡᠮᠰᠦᠭᠯᠡᠯ ᠲᠣᠳᠣᠷᠠᠪᠠ᠃
᠊᠊᠊᠊᠊᠊᠊᠊᠊᠊᠊᠊ ᠪᠡᠷᠢ ᠠ᠋᠂ ᠮᠣᠷᠢ ᠶ᠋ᠢ ᠨᠢ ᠴᠢᠳᠥᠷᠯᠡᠭᠡᠳ ᠲᠠᠯᠪᠢᠵᠤ ᠣᠷᠭᠢ ᠭᠡᠵᠦ ᠥᠯᠵᠡᠢ ᠭᠡᠷ ᠡᠴᠡ ᠬᠡᠯᠡᠪᠡ᠃
ᠴᠠᠨᠳᠠ᠂ ᠠᠯᠤᠰ ᠤ᠋ᠨ ᠵᠠᠮ ᠳ᠋ᠤ᠌ ᠰᠦᠷᠡᠬᠡᠢ ᠭᠤᠨᠳᠠᠭᠰᠠᠨ ᠰᠠᠢᠬᠠᠨ ᠬᠠᠷ᠎ᠠ ᠮᠣᠷᠢᠨ ᠤ᠋ ᠲᠣᠬᠣᠭᠰᠠᠨ ᠶᠠᠩᠭᠢᠶ᠎ᠠ ᠶ᠋ᠢ ᠠᠪᠴᠤ ᠴᠢᠳᠦᠷᠯᠡᠨ ᠲᠠᠯᠪᠢᠭᠠᠳ ᠣᠷᠣᠯ᠎ᠠ᠃
ᠬᠦᠦ ᠪᠡᠨ ᠣᠷᠣᠬᠤ ᠳ᠋ᠤ᠌ ᠥᠯᠵᠡᠢ ᠮᠠᠯᠠᠭᠠᠢ ᠪᠠᠨ ᠡᠮᠦᠰᠴᠦ ᠵᠣᠯᠭᠠᠭᠠᠳ ᠪᠠᠷᠠᠭᠤᠨ ᠬᠠᠴᠠᠷ ᠳᠡᠭᠡᠷ᠎ᠡ ᠨᠢ ᠦᠨᠦᠰᠴᠦ 《ᠰᠠᠢᠨ ᠶᠠᠪᠤᠵᠤ ᠢᠷᠡᠪᠡ ᠤᠤ?》 ᠭᠡᠯᠡ᠃
᠊᠊᠊᠊᠊᠊᠊᠊᠊᠊᠊᠊ ᠰᠠᠢᠨ ᠶᠠᠪᠤᠵᠤ ᠢᠷᠡᠯ᠎ᠡ᠃ ᠲᠠ ᠨᠠᠷ ᠰᠠᠢᠨ ᠰᠠᠭᠤᠵᠤ ᠪᠠᠢᠪᠠ ᠤᠤ?
᠊᠊᠊᠊᠊᠊᠊᠊᠊᠊᠊᠊ ᠠᠮᠢᠳᠤ ᠶᠠᠪᠤᠪᠠᠯ ᠠᠯᠲᠠᠨ ᠠᠶᠠᠭᠠᠨ ᠡᠴᠡ ᠤᠰᠤ ᠤᠤᠭᠤᠨ᠎ᠠ ᠭᠡᠳᠡᠭ ᠦᠨᠡᠨ ᠶᠤᠮ ᠰᠢᠦ ᠭᠡᠳ ᠥᠯᠵᠡᠢ ᠬᠢᠴᠢᠶᠡᠪᠡᠴᠦ ᠲᠣᠭᠲᠠᠬᠤ ᠦᠭᠡᠢ ᠭᠠᠷᠴᠤ ᠪᠠᠢᠭ᠎ᠠ ᠨᠢᠯᠪᠤᠰᠤ ᠪᠠᠨ ᠠᠷᠴᠢᠵᠤ᠂ ᠡᠨᠡ ᠮᠠᠭᠤ ᠬᠠᠷ᠎ᠠ ᠨᠢᠯᠪᠤᠰᠤ ᠴᠢᠨᠢ ᠰᠢᠷᠭᠢᠬᠦ ᠪᠣᠯᠤᠭ᠎ᠠ ᠦᠭᠡᠢ ᠶᠤᠮ ᠪᠠᠢᠬ᠎ᠠ ᠳᠠ ᠭᠡᠯᠡ᠃
ᠡᠩ ᠶᠢᠷᠲᠢᠨᠴᠦ ᠵᠣᠪᠠᠯᠠᠩ ᠤ᠋ᠨ ᠬᠠᠵᠠᠭᠤ ᠪᠠᠷ ᠵᠢᠷᠭᠠᠯ ᠢ᠋ᠶ᠋ᠠᠷ ᠳᠦᠭᠦᠷᠡᠩ ᠪᠠᠢᠳᠠᠭ ᠪᠥᠭᠡᠳ ᠪᠠᠶᠠᠷ ᠵᠢᠷᠭᠠᠯ ᠤ᠋ᠨ ᠳᠤᠮᠳᠠ ᠡᠴᠡ ᠰᠠᠯᠵᠤ ᠰᠠᠷᠨᠢᠭᠰᠠᠨ ᠠᠬ᠎ᠠ ᠳᠡᠭᠦᠦ᠂ ᠠᠮᠠᠷᠠᠭ ᠰᠠᠳᠤᠨ ᠠᠮᠢᠳᠤ ᠮᠡᠨᠳᠦ ᠠᠭᠤᠯᠵᠠᠬᠤ ᠶ᠋ᠢᠨ ᠪᠠᠶᠠᠷ ᠭᠣᠴᠣ ᠰᠠᠢᠬᠠᠨ ᠪᠠᠢᠳᠠᠭ ᠪᠢᠯᠡ᠃ ᠥᠯᠵᠡᠢ ᠶ᠋ᠢᠨ ᠪᠣᠷᠣ ᠭᠡᠷ ᠠᠮᠢᠳᠤ ᠠᠭᠤᠯᠵᠠᠭᠰᠠᠨ ᠤ᠋ ᠪᠠᠶᠠᠷ ᠢ᠋ᠶ᠋ᠠᠷ ᠳᠦᠭᠦᠷᠴᠦ᠂ ᠬᠥᠮᠦᠨ ᠪᠦᠬᠦᠨ ᠦ᠌ ᠬᠥᠯ ᠬᠥᠩᠭᠡᠷᠡᠨ᠂ ᠨᠢᠳᠦ ᠰᠡᠷᠭᠦᠵᠦ ᠬᠡᠯᠡᠭᠰᠡᠨ ᠦᠭᠡ ᠪᠡᠨ ᠳᠠᠬᠢᠨ ᠳᠠᠬᠢᠨ ᠳᠠᠪᠲᠠᠵᠤ ᠪᠠᠢᠯ᠎ᠠ᠃
ᠴᠠᠢ ᠤᠤᠭᠤᠵᠤ᠂ ᠬᠣᠭᠣᠯᠠ ᠢᠳᠡᠬᠦ ᠵᠠᠭᠤᠷ᠎ᠠ ᠬᠤᠶᠠᠭ ᠴᠡᠷᠢᠭ ᠲᠦ᠍ ᠮᠣᠷᠳᠠᠭᠰᠠᠨ ᠡᠴᠡ ᠬᠣᠢᠰᠢ ᠥᠩᠭᠡᠷᠡᠭᠦᠯᠦᠭᠰᠡᠨ ᠠᠮᠢᠳᠤᠷᠠᠯ ᠢ᠋ᠶ᠋ᠠᠨ ᠨᠢᠭᠡᠳ ᠨᠢᠭᠡ ᠦᠭᠡᠢ ᠶᠠᠷᠢᠯ᠎ᠠ᠃ ᠬᠠᠳᠠᠨ ᠪᠠᠭᠠᠲᠤᠷ ᠮᠠᠭᠰᠤᠷᠵᠠᠪ ᠤ᠋ᠨ ᠴᠡᠷᠢᠭ ᠲᠦ᠍ ᠶᠠᠪᠤᠵᠤ ᠪᠠᠢᠭᠰᠠᠨ ᠢ᠋ ᠰᠣᠨᠣᠰᠤᠭᠠᠳ ᠥᠯᠵᠡᠢ ᠪᠣᠰᠴᠤ ᠪᠤᠷᠬᠠᠨ ᠳ᠋ᠠᠭᠠᠨ ᠵᠤᠯᠠ ᠪᠠᠷᠢᠵᠤ 《ᠬᠠᠳᠠᠨ ᠪᠠᠭᠠᠲᠤᠷ᠂ ᠤᠯᠠᠭᠠᠨ ᠰᠠᠬᠢᠭᠤᠯᠰᠤᠨ ᠤ᠋ ᠬᠤᠪᠢᠯᠭᠠᠨ ᠶᠤᠮ ᠭᠡᠳᠡᠭ ᠰᠢᠦ ᠬᠥᠭᠡᠷᠦᠬᠦᠢ》 ᠭᠡᠯᠡ᠃
᠊᠊᠊᠊᠊᠊᠊᠊᠊᠊᠊᠊ ᠲᠡᠢᠮᠦ ᠪᠠᠢᠬ᠎ᠠ ᠠ᠋᠃ ᠪᠠᠭᠰᠢ ᠴᠤ᠌ ᠮᠥᠨ ᠯᠤᠲᠤ ᠴᠣᠢᠵᠣᠩ ᠳᠠ᠃ ᠰᠠᠬᠢᠭᠤᠰᠤ ᠪᠠᠨ ᠵᠠᠯᠠᠭᠰᠠᠨ ᠤ᠋ ᠮᠠᠷᠭᠠᠰᠢ ᠬᠠᠷ᠎ᠠ ᠴᠡᠷᠢᠭ ᠪᠢᠳᠡᠨ ᠦ᠌ ᠤᠤᠬᠠᠢ ᠶ᠋ᠢ ᠰᠣᠨᠣᠰᠤᠭᠠᠳ ᠰᠦᠷ ᠰᠦᠯᠳᠡ ᠦᠭᠡᠢ ᠪᠣᠯᠵᠤ᠂ ᠰᠦᠨᠡᠰᠦ ᠨᠢ ᠵᠠᠢᠯᠠᠳᠠᠭ ᠶᠤᠮ ᠭᠡᠵᠦ ᠬᠤᠶᠠᠭ ᠤ᠋ᠨ ᠬᠡᠯᠡᠬᠦ ᠳ᠋ᠦ᠍᠂
᠊᠊᠊᠊᠊᠊᠊᠊᠊᠊᠊᠊ ᠳᠡᠭᠡᠯ ᠦᠭᠡᠢ ᠶᠠᠭᠠᠬᠢᠬᠤᠪ᠃ ᠠᠷᠤ ᠳ᠋ᠤᠨᠢ ᠪᠣᠭᠳᠠ ᠭᠡᠭᠡᠨ᠂ ᠳᠡᠷᠭᠡᠳᠡ ᠨᠢ ᠤᠯᠠᠭᠠᠨ ᠰᠠᠬᠢᠭᠤᠯᠰᠤᠨ ᠤ᠋ ᠬᠤᠪᠢᠯᠭᠠᠨ ᠬᠠᠷᠠᠵᠤ ᠶᠠᠪᠤᠭ᠎ᠠ ᠴᠡᠷᠢᠭ ᠦ᠋ᠨ ᠰᠦᠷ ᠲᠦ᠍ ᠶᠠᠭᠤ ᠲᠡᠰᠬᠦ ᠪᠣᠢ ᠭᠡᠵᠦ ᠥᠯᠵᠡᠢ ᠮᠡᠳᠡᠮᠡᠬᠡᠢ ᠪᠥᠭᠡᠳ ᠢᠲᠡᠭᠡᠯ ᠲᠡᠢ ᠬᠡᠯᠡᠭᠡᠳ ᠲᠠᠮᠠᠬᠢ ᠪᠠᠨ ᠲᠠᠲᠠᠯ᠎ᠠ᠃ ᠬᠤᠶᠠᠭ ᠰᠢᠷᠠᠭᠳᠤᠵᠤ ᠥᠪᠥᠷ ᠮᠣᠩᠭᠣᠯ ᠳ᠋ᠤ᠌ ᠵᠢᠯ ᠬᠡᠪᠲᠡᠭᠰᠡᠨ᠂ ᠵᠢᠩᠴᠢᠨ ᠳ᠋ᠦ᠍ ᠳᠠᠢᠭᠳᠠᠵᠤ ᠬᠦᠷᠢᠶᠡᠨ ᠳ᠋ᠦ᠍ ᠢᠷᠡᠭᠰᠡᠨ ᠢ᠋ᠶ᠋ᠡᠨ ᠶᠠᠷᠢᠯ᠎ᠠ᠃
᠊᠊᠊᠊᠊᠊᠊᠊᠊᠊᠊᠊ ᠬᠦᠦ ᠳ᠋ᠦ᠍ ᠮᠢᠨᠢ ᠰᠦᠷᠡᠬᠡᠢ ᠪᠠᠷᠴᠢᠳ ᠲᠠᠢ ᠪᠠᠢᠭᠰᠠᠨ ᠡᠴᠡ ᠰᠤᠮᠤ ᠳᠡᠢᠯᠵᠡᠢ᠃ ᠠᠮᠢᠳᠤ ᠭᠠᠷᠤᠭᠰᠠᠨ ᠬᠣᠢᠨ᠎ᠠ ᠤᠬᠠᠭᠠᠨ ᠪᠣᠢ᠃
᠊᠊᠊᠊᠊᠊᠊᠊᠊᠊᠊᠊ ᠨᠥᠬᠥᠷ ᠦ᠋ᠨ ᠢ᠋ᠶ᠋ᠡᠨ ᠬᠡᠯᠡᠭᠰᠡᠨ ᠢ᠋ᠶ᠋ᠡᠷ ᠨᠢᠭᠡ ᠪᠢᠴᠢᠭᠡᠴᠢ ᠬᠥᠮᠦᠨ ᠳ᠋ᠦ᠍ ᠬᠡᠳᠦᠨ ᠶᠠᠩᠴᠢᠶᠠᠨ ᠬᠠᠳᠠᠭ ᠲᠠᠢ ᠪᠠᠨ ᠪᠠᠷᠢᠵᠤ ᠪᠢᠴᠢᠭ ᠬᠢᠯᠭᠡᠭᠡᠳ ᠳᠡᠭᠡᠳᠦᠰ ᠲᠦ᠍ ᠭᠠᠪᠢᠶ᠎ᠠ ᠮᠡᠳᠡᠭᠦᠯᠦᠭᠰᠡᠨ᠃ ᠪᠢ ᠮᠠᠭᠤ ᠦᠭᠡᠢ ᠳᠠᠢᠳᠤᠭᠰᠠᠨ᠂ ᠨᠠᠳᠠ ᠰᠢᠭ᠋ ᠬᠥᠮᠦᠨ ᠪᠠᠭᠠᠲᠤᠷ ᠪᠣᠯᠤᠭᠰᠠᠨ ᠴᠤ᠌ ᠪᠣᠢ᠃ ᠭᠡᠲᠡᠯ᠎ᠡ ᠬᠡᠳᠦ ᠬᠣᠨᠣᠭ ᠤ᠋ᠨ ᠳᠠᠷᠠᠭ᠎ᠠ ᠬᠣᠶᠠᠷ ᠪᠣᠣᠪᠣ᠂ ᠨᠢᠭᠡ ᠠᠶᠤᠰᠢ ᠬᠠᠳᠠᠭ ᠬᠠᠢᠷᠠᠯᠠᠭᠰᠠᠨ ᠪᠠᠢᠨ᠎ᠠ ᠪᠢᠯᠡ᠃ ᠮᠢᠨᠦ ᠯᠡ ᠵᠠᠶᠠᠭ᠎ᠠ ᠳᠤᠲᠠᠭᠰᠠᠨ ᠶᠤᠮ ᠪᠠᠢᠯᠭᠦᠢ ᠳᠡ ᠭᠡᠵᠦ ᠬᠤᠶᠠᠭ ᠭᠣᠮᠣᠳᠠᠯ ᠲᠠᠢ ᠶᠠᠷᠢᠪᠠ᠃
᠊᠊᠊᠊᠊᠊᠊᠊᠊᠊᠊᠊ ᠢᠱ᠌ᠢ ᠬᠦᠦ ᠮᠢᠨᠢ᠂ ᠶᠠᠮᠠᠷ ᠲᠣᠮᠣᠭ᠎ᠠ ᠦᠭᠡᠢ ᠶᠠᠭᠤᠮ᠎ᠠ ᠶᠠᠷᠢᠨ᠎ᠠ ᠪᠣᠢ᠃ ᠪᠢᠳᠡ ᠨᠠᠷ ᠰᠢᠭ᠋ ᠡᠭᠡᠯ ᠬᠥᠮᠦᠨ ᠬᠠᠮᠢᠭ᠎ᠠ ᠡᠴᠡ ᠪᠠᠭᠠᠲᠤᠷ ᠪᠣᠯᠬᠤ ᠪᠣᠢ᠃ ᠪᠠᠰᠠ ᠲᠡᠭᠡᠭᠡᠳ ᠮᠠᠨ ᠤ᠋ ᠬᠤᠰᠢᠭᠤᠨ ᠤ᠋ ᠬᠢᠨ ᠢ᠋ ᠮᠣᠩᠭᠣᠯ ᠳᠠᠶᠠᠭᠠᠷ ᠢᠲᠡᠭᠡᠬᠦ ᠪᠡᠨ ᠪᠠᠢᠭᠰᠠᠨ ᠶᠤᠮ ᠭᠡᠳᠡᠭ ᠰᠢᠦ᠃
᠊᠊᠊᠊᠊᠊᠊᠊᠊᠊᠊᠊ ᠶᠠᠭᠠᠬᠢᠭᠠᠳ ᠲᠡᠷᠡ ᠪᠢᠯᠡ ᠭᠡᠵᠦ ᠪᠡᠷᠢ ᠨᠢ ᠰᠣᠨᠢᠷᠬᠠᠨ ᠠᠰᠠᠭᠤᠪᠠ᠃
᠊᠊᠊᠊᠊᠊᠊᠊᠊᠊᠊᠊ ᠮᠠᠨ ᠤ᠋ ᠨᠣᠶᠠᠨ᠂ ᠥᠭᠡᠯᠡᠳ ᠦ᠋ᠨ ᠠᠮᠤᠷᠰᠠᠨᠠᠭ᠎ᠠ᠂ ᠰᠢᠳᠠᠷ ᠪᠠᠢᠰᠠ ᠴᠢᠩᠭᠦᠡᠵᠡᠪ ᠲᠡᠢ ᠨᠠᠮ ᠨᠡᠢᠯᠡᠵᠦ ᠰᠠᠮ ᠰᠦᠯᠪᠡᠭᠡᠯᠳᠦᠵᠦ ᠮᠣᠩᠭᠣᠯ ᠢ᠋ᠶ᠋ᠠᠨ ᠮᠠᠨᠵᠤ ᠡᠴᠡ ᠰᠠᠯᠭᠠᠵᠤ ᠠᠪᠤᠶ᠎ᠠ ᠭᠡᠵᠦ ᠲᠠᠩᠭᠠᠷᠢᠭᠯᠠᠨ ᠶᠠᠷᠢᠯᠴᠠᠭᠠᠳ᠂ ᠠᠳᠠᠭ ᠰᠡᠭᠦᠯ ᠳ᠋ᠦ᠍ᠨᠢ ᠪᠣᠯᠬᠤ ᠪᠠᠷ ᠮᠠᠨᠵᠤ ᠶ᠋ᠢᠨ ᠬᠠᠭᠠᠨ ᠳ᠋ᠤ᠌ ᠬᠣᠪᠯᠠᠴᠢᠬᠠᠭᠰᠠᠨ ᠶᠤᠮ ᠭᠡᠨ᠎ᠡ ᠪᠢᠯᠡ᠂ ᠲᠡᠭᠡᠭᠡᠳ ᠱᠠᠩᠨᠠᠯ ᠳ᠋ᠤᠨᠢ ᠬᠠᠭᠠᠨ ᠤ᠋ ᠭᠦᠩᠵᠦ ᠶ᠋ᠢ ᠠᠪᠴᠤ ᠰᠠᠢᠳ ᠸᠠᠩ ᠪᠣᠯᠤᠭᠠᠳ ᠪᠡᠭᠡᠵᠢᠩ ᠳ᠋ᠦ᠍ ᠰᠠᠭᠤᠳᠠᠭ ᠪᠣᠯᠤᠭᠰᠠᠨ᠃ ᠡᠭᠦᠨ ᠡᠴᠡ ᠪᠣᠯᠵᠤ ᠮᠣᠩᠭᠣᠯᠴᠤᠳ ᠮᠠᠨ ᠤ᠋ ᠬᠢᠨ ᠢ᠋ ᠤᠷᠪᠠᠮᠠᠲᠠᠭᠠᠢ ᠭᠡᠳᠡᠭ ᠪᠣᠯᠴᠢᠬᠠᠭᠰᠠᠨ ᠬᠡᠷᠡᠭ ᠭᠡᠨ᠎ᠡ ᠪᠢᠯᠡ᠃
᠊᠊᠊᠊᠊᠊᠊᠊᠊᠊᠊᠊ ᠠᠯᠢ ᠳ᠋ᠢᠪᠠᠩᠭᠠᠷ ᠤ᠋ᠨ ᠡᠯᠡᠢ ᠪᠠᠯᠠᠢ ᠨᠣᠶᠠᠨ ᠤ᠋ ᠬᠡᠷᠡᠭ ᠪᠢᠳᠡᠨ ᠳ᠋ᠦ᠍ ᠶᠠᠮᠠᠷ ᠬᠠᠮᠢᠭ᠎ᠠ ᠪᠠᠢᠬᠤ ᠪᠣᠢ ᠁ ᠶᠠᠭ ᠯᠠ ᠨᠠᠳᠠ ᠰᠢᠭ᠋ ᠬᠥᠮᠦᠨ ᠪᠠᠭᠠᠲᠤᠷ ᠪᠣᠯᠤᠭᠰᠠᠨ ᠶᠤᠮ ᠳᠠ ᠭᠡᠵᠦ ᠬᠤᠶᠠᠭ ᠭᠣᠮᠣᠳᠠᠯ ᠲᠠᠢ ᠳᠠᠪᠲᠠᠯ᠎ᠠ᠃
᠊᠊᠊᠊᠊᠊᠊᠊᠊᠊᠊᠊ ᠪᠤᠷᠬᠠᠨ ᠶᠠᠭᠠᠬᠢᠵᠤ ᠬᠤᠪᠢᠷᠠᠨ ᠶᠠᠪᠤᠬᠤ ᠶ᠋ᠢ ᠬᠡᠨ ᠮᠡᠳᠡᠬᠦ ᠪᠢᠯᠡ ᠳᠠ᠃ ᠪᠢᠳᠡ ᠨᠠᠷ ᠰᠢᠭ᠋ ᠤᠰᠤᠨ ᠨᠢᠳᠦ ᠲᠡᠢ᠂ ᠴᠢᠰᠤᠨ ᠵᠢᠷᠦᠬᠡ ᠲᠡᠢ ᠬᠥᠮᠦᠰ ᠲᠦ᠍ ᠡᠭᠡᠯ ᠶᠠᠭᠤᠮ᠎ᠠ ᠰᠢᠭ᠋ ᠬᠠᠷᠠᠭᠳᠠᠵᠤ ᠪᠠᠢᠪᠠᠴᠤ ᠴᠢᠨᠠᠳᠤ ᠲᠠᠯ᠎ᠠ ᠳ᠋ᠤᠨᠢ ᠪᠤᠷᠬᠠᠨ ᠪᠠᠢᠨ᠎ᠠ ᠰᠢᠦ ᠳᠡ ᠭᠡᠳ ᠥᠯᠵᠡᠢ ᠵᠠᠯᠪᠠᠷᠢᠪᠠ᠃
ᠬᠤᠶᠠᠭ᠂ ᠳᠣᠷᠵᠢ ᠶ᠋ᠢᠨ ᠬᠡᠯᠡᠭᠰᠡᠨ ᠢ᠋ᠶ᠋ᠡᠷ ᠪᠣᠭᠳᠠ ᠡᠵᠡᠨ ᠳ᠋ᠦ᠍ ᠭᠠᠪᠢᠶ᠎ᠠ ᠮᠡᠳᠡᠭᠦᠯᠦᠨ ᠪᠢᠴᠢᠭ ᠡᠷᠭᠦᠭᠡᠳ ᠶᠠᠭᠤ ᠴᠤ᠌ ᠣᠯᠤᠭ᠎ᠠ ᠦᠭᠡᠢ ᠪᠢᠯᠡ᠃ ᠲᠡᠭᠡᠭᠡᠳ ᠬᠦᠷᠢᠶᠡᠨ ᠳ᠋ᠦ᠍ ᠭᠣᠶᠣᠯᠭ᠎ᠠ ᠭᠤᠶᠤᠬᠤ᠂ ᠲᠦᠯᠡᠭᠡ ᠬᠢᠷᠥᠭᠡᠳᠡᠬᠦ ᠵᠡᠷᠭᠡ ᠪᠡᠷ ᠠᠮᠢᠳᠤᠷᠠᠵᠤ ᠪᠠᠢᠯ᠎ᠠ᠃
ᠵᠠᠰᠠᠭᠲᠤ ᠬᠠᠨ ᠤ᠋ ᠬᠤᠰᠢᠭᠤᠨ ᠤ᠋ ᠨᠢᠭᠡ ᠠᠢᠯ ᠳ᠋ᠤ᠌ ᠲᠦᠯᠡᠭᠡ ᠬᠢᠷᠥᠭᠡᠳᠡᠵᠦ ᠪᠠᠢᠭᠠᠳ ᠲᠡᠮᠦᠷ ᠲᠦᠭᠵᠢᠯ ᠬᠣᠶᠠᠷ ᠲᠠᠢ ᠲᠠᠭᠠᠷᠠᠯᠳᠤᠵᠤ ᠵᠣᠪᠠᠯᠠᠩ ᠵᠦᠳᠡᠭᠦᠷᠢ ᠪᠡᠨ ᠶᠠᠷᠢᠭᠰᠠᠨ ᠳ᠋ᠤ᠌ ᠲᠡᠮᠦᠷ ᠨᠢᠭᠡ ᠬᠠᠷ᠎ᠠ ᠮᠣᠷᠢ ᠪᠠᠨ ᠥᠭᠴᠡᠢ᠃
ᠨᠥᠬᠥᠳ ᠡᠴᠡ ᠪᠡᠨ ᠶᠠᠩᠭᠢᠶ᠎ᠠ ᠣᠯᠵᠤ ᠲᠣᠬᠣᠭᠠᠳ ᠨᠤᠲᠤᠭ ᠤᠷᠤᠭᠤ ᠪᠠᠨ ᠭᠠᠷᠬᠤ ᠳ᠋ᠤ᠌ 《ᠮᠢᠨᠦ ᠠᠬ᠎ᠠ ᠡᠷᠳᠡᠨᠢ ᠭᠡᠳᠡᠭ ᠬᠥᠮᠦᠨ᠂ ᠰᠠᠢᠳ ᠸᠠᠩ ᠤ᠋ᠨ ᠶᠤᠮ ᠤᠤ᠂ ᠯᠤᠤ ᠬᠦᠩ ᠦ᠋ᠨ ᠨᠤᠲᠤᠭ ᠲᠤ᠌ ᠪᠠᠢᠭ᠎ᠠ ᠪᠣᠯᠤᠯᠲᠠᠢ᠃ ᠵᠠᠪ ᠭᠠᠷᠪᠠᠯ ᠣᠯᠵᠤ ᠰᠤᠷᠠᠭ ᠭᠠᠷᠭᠠᠭᠠᠳ ᠪᠠᠢᠪᠠᠯ ᠵᠦᠭᠡᠷ ᠪᠠᠢᠨ᠎ᠠ᠃ ᠵᠠ ᠲᠡᠭᠡᠭᠡᠳ ᠥᠯᠵᠡᠢ ᠭᠤᠸᠠᠢ ᠳ᠋ᠤ᠌ ᠮᠡᠨᠳᠦ ᠬᠦᠷᠭᠡᠭᠡᠷᠡᠢ》 ᠭᠡᠵᠦ ᠲᠡᠮᠦᠷ ᠬᠡᠯᠡᠵᠡᠢ᠃
᠊᠊᠊᠊᠊᠊᠊᠊᠊᠊᠊᠊ ᠨᠠᠳᠠ ᠳ᠋ᠤ᠌ ᠬᠥᠯ ᠵᠠᠯᠭᠠᠭᠤᠯᠵᠤ ᠥᠭᠭᠦᠭᠰᠡᠨ ᠲᠡᠷᠡ ᠬᠥᠮᠦᠨ ᠲᠠ ᠨᠠᠷ ᠢ᠋ ᠲᠠᠨᠢᠳᠠᠭ ᠪᠣᠯᠤᠯᠲᠠᠢ᠃ ᠠᠪᠤ ᠲᠠᠨ ᠳ᠋ᠤ᠌ ᠮᠡᠨᠳᠦ ᠬᠦᠷᠭᠡᠭᠡᠷᠡᠢ ᠭᠡᠰᠡᠨ ᠭᠡᠵᠦ ᠬᠤᠶᠠᠭ ᠬᠡᠯᠡᠪᠡ᠃
᠊᠊᠊᠊᠊᠊᠊᠊᠊᠊᠊᠊ ᠠᠯᠳᠠᠷ ᠢ᠋ ᠨᠢ ᠬᠡᠨ ᠭᠡᠳᠡᠭ ᠪᠣᠯ?
᠊᠊᠊᠊᠊᠊᠊᠊᠊᠊᠊᠊ ᠵᠠᠰᠠᠭᠲᠤ ᠬᠠᠨ ᠤ᠋ ᠴᠠᠬᠢᠭᠤᠷ ᠲᠡᠮᠦᠷ ᠴᠤᠤᠲᠠᠢ ᠡᠷ᠎ᠡ ᠳᠡ ᠭᠡᠵᠦ ᠬᠤᠶᠠᠭ ᠬᠡᠯᠡᠭᠰᠡᠨ ᠴᠢᠨᠢ ᠠᠪᠤ ᠶ᠋ᠢᠨ ᠬᠢᠨᠢ ᠨᠢᠭᠤᠷ ᠲᠤ᠌ ᠲᠦᠮᠡᠨ ᠪᠠᠶᠠᠷ ᠤ᠋ᠨ ᠣᠴᠢ ᠭᠢᠯᠠᠯᠵᠠᠨ 《ᠴᠠᠨᠳᠠ ᠮᠢᠨᠢ ᠰᠣᠨᠣᠰᠴᠤ ᠪᠠᠢᠨ᠎ᠠ ᠤᠤ᠂ ᠲᠡᠷᠡ ᠡᠭᠡᠯ ᠬᠥᠮᠦᠨ ᠪᠢᠰᠢ ᠰᠢᠦ》 ᠭᠡᠳ ᠲᠡᠮᠦᠷ ᠶᠠᠭᠠᠬᠢᠵᠤ ᠢᠷᠡᠭᠰᠡᠨ᠂ ᠶᠠᠭᠠᠬᠢᠵᠤ ᠲᠤᠰᠠᠯᠠᠭᠰᠠᠨ ᠵᠡᠷᠭᠡ ᠪᠦᠬᠦ ᠶᠠᠪᠤᠳᠠᠯ ᠢ᠋ ᠶᠠᠷᠢᠭᠠᠳ 《ᠲᠡᠷᠡ ᠭᠠᠢᠬᠠᠮᠰᠢᠭᠲᠤ ᠬᠥᠮᠦᠨ ᠦ᠌ ᠬᠡᠰᠢᠭ ᠢ᠋ ᠬᠦᠷᠲᠡᠬᠦ ᠪᠤᠶᠠᠨ ᠢ᠋ ᠪᠢᠳᠡ ᠤᠷᠢᠳᠤ ᠨᠠᠰᠤᠨ ᠳ᠋ᠠᠭᠠᠨ ᠬᠢᠭᠰᠡᠨ ᠶᠤᠮ ᠪᠠᠢᠬ᠎ᠠ ᠳᠠ》 ᠭᠡᠵᠦ ᠦᠭᠡ ᠪᠡᠨ ᠲᠡᠭᠦᠰᠬᠡᠪᠡ᠃
ᠲᠡᠷᠡ ᠰᠥᠨᠢ ᠥᠯᠵᠡᠢ᠂ ᠬᠤᠶᠠᠭ᠂ ᠴᠠᠨᠳᠠ ᠭᠤᠷᠪᠠ ᠲᠡᠮᠦᠷ ᠢ᠋ ᠮᠠᠭᠲᠠᠨ᠂ ᠲᠡᠭᠦᠨ ᠦ᠌ ᠲᠤᠬᠠᠢ ᠪᠤᠰᠤᠳ ᠡᠴᠡ ᠨᠡᠮᠡᠭᠦᠷᠢ᠂ ᠬᠠᠴᠢᠷ ᠲᠠᠢ ᠰᠣᠨᠣᠰᠤᠭᠰᠠᠨ ᠳᠣᠮᠣᠭ ᠰᠢᠭ᠋ ᠶᠠᠭᠤᠮ᠎ᠠ ᠪᠠᠨ ᠳᠠᠪᠤᠰᠤᠯᠠᠨ ᠨᠡᠮᠡᠵᠦ ᠶᠠᠷᠢᠯ᠎ᠠ᠃
ᠮᠠᠷᠭᠠᠰᠢ ᠥᠷᠯᠥᠭᠡ ᠨᠢ ᠥᠯᠵᠡᠢ ᠡᠪᠦᠭᠡᠨ ᠠᠩ ᠳ᠋ᠤ᠌ ᠤᠨᠤᠳᠠᠭ ᠬᠦᠷᠡᠩ ᠮᠣᠷᠢ ᠪᠠᠨ ᠤᠨᠤᠭᠠᠳ ᠰᠠᠢᠳ ᠸᠠᠩ᠂ ᠳᠠᠯᠠᠢ᠌ᠴᠣᠢ᠌ᠩᠬᠤᠷ ᠸᠠᠩ᠂ ᠵᠠᠶ᠎ᠠ ᠶ᠋ᠢᠨ ᠭᠡᠭᠡᠨ᠂ ᠯᠤᠤ ᠬᠦᠩ ᠦ᠋ᠨ ᠬᠢᠯᠢ ᠨᠡᠢᠯᠡᠭᠰᠡᠨ ᠰᠠᠪᠠ ᠨᠤᠲᠤᠭ ᠢ᠋ᠶ᠋ᠠᠷ ᠡᠷᠳᠡᠨᠢ ᠶ᠋ᠢᠨ ᠰᠤᠷᠠᠭ ᠢ᠋ ᠭᠠᠷᠭᠠᠬᠤ ᠪᠠᠷ ᠮᠣᠷᠳᠠᠪᠠ᠃
ᠲᠠᠢᠯᠪᠤᠷᠢ᠄
① ᠳᠠ᠊ ᠲᠤᠰᠠᠯᠠᠭᠴᠢ ᠊᠊᠊᠊᠊᠊᠊᠊᠊᠊᠊᠊᠊᠊᠊ ᠲᠡᠮᠦᠷ ᠢ᠋ ᠵᠢᠭᠠᠵᠤ ᠪᠣᠢ᠃
