ᠲᠤᠩᠭᠠᠯᠠᠭ ᠲᠠᠮᠢᠷ3-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-07

1295

《ᠲᠡᠭᠡᠵᠦ ᠦᠬᠦᠭᠰᠡᠨ ᠡᠴᠡ ᠲᠡᠭᠡᠭᠯᠡᠵᠦ ᠦᠬᠦᠭᠰᠡᠨ ᠮᠢᠨᠢ ᠳᠡᠭᠡᠷ᠎ᠡ》 - ᠭᠤᠷᠪᠠᠳᠤᠭᠠᠷ ᠪᠦᠯᠦᠭ ᠬᠣᠷᠢᠨ ᠳᠥᠷᠪᠡ

  ᠨᠠᠮᠤᠷ ᠤ᠋ᠨ ᠨᠢᠭᠡᠨ ᠵᠡᠪᠡᠷᠡᠭᠦᠨ ᠡᠳᠦᠷ ᠪᠢᠯᠡ᠃ ᠥᠷᠯᠥᠭᠡᠨ ᠡᠴᠡ ᠡᠬᠢᠯᠡᠨ ᠬᠦᠢᠲᠡᠨ ᠰᠠᠯᠬᠢᠨ ᠰᠡᠷᠴᠢᠭᠢᠨᠡᠨ ᠦᠯᠢᠶᠡᠵᠦ ᠨᠢᠭᠡ ᠯᠡ ᠶᠣᠣᠵᠠ ᠦᠭᠡᠢ ᠪᠠᠢᠯ᠎ᠠ᠃ ᠤᠷᠢᠨ ᠴᠠᠭ ᠰᠠᠨ ᠪᠣᠯ ᠬᠥᠮᠦᠨ ᠡᠢᠮᠦ ᠡᠳᠦᠷ ᠢ᠋ ᠲᠣᠭᠣᠬᠤ ᠦᠭᠡᠢ ᠪᠠᠢᠭᠰᠠᠨ᠃ ᠭᠡᠪᠡᠴᠦ ᠬᠠᠷᠢᠵᠤ ᠪᠠᠢᠭ᠎ᠠ ᠦᠶ᠎ᠡ ᠪᠣᠯᠬᠣᠷ 《ᠵᠠ ᠳᠠ ᠬᠦᠢᠲᠡᠷᠡᠬᠦ ᠨᠢ ᠠ᠋》 ᠭᠡᠰᠡᠨ ᠪᠣᠳᠣᠯ ᠲᠥᠭᠡ ᠦᠰᠦᠲᠡᠢ ᠨᠡᠬᠡᠢ ᠳᠡᠪᠡᠯ ᠬᠡᠳᠦ ᠬᠡᠳᠦ ᠲᠡᠢ ᠬᠥᠮᠦᠨ ᠦ᠌ ᠳᠣᠲᠣᠷ᠎ᠠ ᠴᠤ᠌ ᠵᠦᠰᠦᠨ ᠣᠷᠣᠨ᠎ᠠ᠃ ᠶᠣᠯᠲᠣᠭᠣᠷ ᠨᠠᠷᠠ ᠶᠣᠯᠣᠢᠵᠤ ᠭᠤᠳᠤᠮᠵᠢ ᠵᠡᠯᠢᠭᠦᠳ ᠪᠣᠯᠤᠭᠰᠠᠨ ᠣᠷᠣᠢ ᠵᠠᠶ᠎ᠠ ᠶ᠋ᠢᠨ ᠬᠦᠷᠢᠶᠡᠨ ᠦ᠌ ᠰᠢᠪᠲᠦᠷ ᠦᠨᠦᠷᠲᠦᠭᠰᠡᠨ ᠭᠤᠳᠤᠮᠵᠢ ᠪᠠᠷ ᠬᠣᠶᠠᠷ ᠬᠥᠮᠦᠨ ᠵᠡᠷᠭᠡᠴᠡᠨ ᠬᠥᠭᠵᠢᠯᠲᠡᠢ ᠶᠠᠷᠢᠯᠴᠠᠵᠤ ᠬᠠᠶᠠ ᠬᠠᠶᠠ ᠴᠢᠩᠭ᠎ᠠ ᠢᠨᠢᠶᠡᠨ ᠠᠯᠬᠤᠨ᠎ᠠ᠃
  ᠨᠢᠭᠡ ᠨᠢ ᠬᠦᠷᠡᠩ ᠲᠠᠷᠮᠠᠨ ᠳᠡᠪᠡᠯ ᠳᠡᠭᠡᠭᠦᠷ ᠲᠥᠪᠡᠳ ᠭᠢᠷᠠᠭ ᠪᠦᠰᠡᠯᠡᠭᠡᠳ ᠵᠢᠵᠢᠭᠬᠡᠨ ᠴᠠᠮᠪᠠᠨ ᠱᠣᠪᠣᠭᠣᠷ ᠦᠯᠦ ᠮᠡᠳᠡᠭ ᠬᠠᠵᠠᠭᠠᠢ ᠲᠠᠯᠪᠢᠵᠠᠢ᠃ ᠨᠥᠭᠦᠭᠡ ᠨᠢ ᠵᠠᠬᠠᠨ ᠳᠡᠭᠡᠷ᠎ᠡ ᠪᠡᠨ ᠭᠤᠷᠪᠠᠨ ᠳᠥᠷᠪᠡᠯᠵᠢᠨ ᠤᠯᠠᠭᠠᠨ ᠲᠡᠮᠳᠡᠭ ᠲᠡᠢ ᠬᠥᠬᠡ ᠫᠧᠲ᠋ᠯᠢᠼ ᠬᠠᠲᠠᠭᠰᠠᠨ ᠤᠷᠲᠤ ᠰᠠᠷᠠᠯ ᠰᠢᠨᠧᠯ ᠡᠮᠦᠰᠴᠦ ᠨᠡᠯᠢᠶᠡᠳ ᠥᠨᠳᠥᠷ ᠥᠰᠥᠭᠡᠢ ᠲᠡᠢ ᠬᠠᠷ᠎ᠠ ᠰᠠᠪᠢᠬᠢᠨ ᠭᠤᠲᠤᠯ ᠭᠢᠯᠠᠯᠵᠠᠭᠤᠯᠤᠨ ᠪᠠᠷᠠᠭᠤᠨ ᠲᠠᠰᠢᠶᠠᠨ ᠳ᠋ᠠᠭᠠᠨ ᠬᠦᠷᠡᠩ ᠭᠡᠷ ᠲᠡᠢ ᠨᠠᠭᠠᠨ ᠫᠤᠤ ᠵᠡᠭᠦᠵᠡᠢ᠃ ᠡᠭᠦᠨ ᠦ᠌ ᠯᠠᠮᠠ ᠨᠢ ᠴᠡᠮᠪᠡ᠂ ᠳᠠᠷᠤᠭ᠎ᠠ ᠨᠢ ᠵᠠᠮᠪᠠᠯ ᠠᠵᠢ᠃
  ᠵᠠᠮᠪᠠᠯ ᠬᠡᠳᠦᠨ ᠴᠡᠷᠢᠭ ᠦ᠋ᠨ ᠬᠠᠮᠲᠤ ᠪᠠᠷᠠᠭᠤᠨ ᠬᠢᠵᠠᠭᠠᠷ ᠣᠷᠣᠬᠤ ᠪᠠᠷ ᠶᠠᠪᠤᠭ᠎ᠠ ᠪᠥᠭᠡᠳ ᠵᠠᠶ᠎ᠠ ᠶ᠋ᠢᠨ ᠬᠦᠷᠢᠶᠡᠨ ᠳᠡᠭᠡᠷ᠎ᠡ ᠢᠷᠡᠭᠡᠳ ᠬᠠᠭᠤᠴᠢᠨ ᠨᠠᠢᠵᠠ ᠴᠡᠮᠪᠡ ᠲᠡᠢ ᠪᠡᠨ ᠠᠭᠤᠯᠵᠠᠵᠤ ᠬᠡᠳᠦᠨ ᠡᠳᠦᠷ ᠦ᠋ᠨ ᠲᠤᠷᠰᠢ ᠠᠷᠢᠬᠢ᠂ ᠠᠢᠷᠠᠭ᠂ ᠬᠡᠦᠬᠡᠨ ᠡᠷᠭᠢᠭᠦᠯᠦᠨ ᠵᠢᠷᠭᠠᠵᠤ ᠪᠠᠢᠭ᠎ᠠ ᠠᠵᠢ᠃
  ᠶᠠᠪᠤᠬᠤ ᠵᠠᠮ ᠳ᠋ᠠᠭᠠᠨ ᠬᠤᠰᠢᠭᠤᠳ ᠡᠴᠡ ᠪᠠᠷᠠᠭᠤᠨ ᠬᠢᠵᠠᠭᠠᠷ ᠤ᠋ᠨ ᠴᠡᠷᠢᠭ ᠲᠦ᠍ ᠵᠣᠷᠢᠭᠤᠯᠤᠨ ᠵᠠᠭᠤᠨ ᠠᠭᠲᠠ ᠮᠣᠷᠢᠳ ᠬᠤᠳᠠᠯᠳᠤᠨ ᠠᠪᠬᠤ ᠡᠭᠦᠷᠭᠡ ᠠᠪᠤᠭᠠᠳ ᠤᠯᠤᠰ ᠤ᠋ᠨ ᠮᠢᠩᠭ᠎ᠠ ᠭᠠᠷᠤᠢ ᠶᠠᠩᠴᠢᠶᠠᠨ ᠠᠪᠴᠤ ᠶᠠᠪᠤᠭ᠎ᠠ ᠶᠤᠮ᠃ ᠭᠡᠲᠡᠯ᠎ᠡ ᠨᠠᠷᠭᠢᠶᠠᠨ ᠳ᠋ᠠᠭᠠᠨ ᠲᠠᠰᠢᠭᠤᠷᠠᠭᠠᠳ ᠲᠡᠭᠦᠨ ᠡᠴᠡ ᠨᠡᠯᠢᠶᠡᠳ ᠢ᠋ ᠵᠠᠷᠤᠭᠰᠠᠨ ᠨᠢ ᠡᠷᠡᠭᠦᠯ ᠪᠠᠢᠬᠤ ᠳ᠋ᠤ᠌ ᠰᠡᠳᠬᠢᠯ ᠢ᠋ ᠨᠢ ᠲᠡᠮᠦᠯᠡᠨ ᠵᠣᠪᠠᠭᠠᠨ᠎ᠠ᠃
  ᠭᠡᠲᠡᠯ᠎ᠡ ᠥᠨᠥᠳᠥᠷ ᠵᠠᠮᠪᠠᠯ ᠤ᠋ᠨ ᠡᠨᠡ ᠬᠡᠷᠡᠭ ᠡᠴᠡ ᠶᠠᠮᠠᠷ ᠴᠤ᠌ ᠶᠠᠯ᠎ᠠ ᠵᠢᠮᠡᠯᠡᠯ ᠦᠭᠡᠢ ᠮᠤᠯᠲᠤᠷᠠᠨ ᠭᠠᠷᠭᠠᠬᠤ ᠠᠷᠭ᠎ᠠ ᠶ᠋ᠢ ᠴᠡᠮᠪᠡ ᠣᠯᠵᠠᠢ᠃ ᠠᠵᠠ ᠬᠦᠦ ᠪᠠᠢᠪᠠᠯ ᠶᠣᠣᠵᠠ ᠬᠦᠦ ᠪᠡᠷ ᠴᠣᠬᠢᠨ᠎ᠠ ᠭᠡᠭᠴᠢ ᠪᠡᠷ ᠪᠠᠳᠠᠷᠴᠢ ᠲᠠᠢ ᠲᠣᠬᠢᠶᠠᠯᠳᠤᠵᠤ ᠵᠠᠮᠪᠠᠯ ᠳ᠋ᠤ᠌ ᠲᠣᠬᠢᠶᠠᠯᠳᠤᠭᠰᠠᠨ ᠶᠠᠪᠤᠳᠠᠯ ᠢ᠋ ᠶᠠᠷᠢᠭᠰᠠᠨ ᠳ᠋ᠤ᠌ 《ᠪᠢ ᠲᠠᠪᠢ ᠣᠷᠴᠢᠮ ᠮᠣᠷᠢᠳ ᠢ᠋ ᠭᠤᠷᠪᠠ ᠭᠤᠷᠪᠠᠨ ᠶᠠᠩᠴᠢᠶᠠᠨ ᠢ᠋ᠶ᠋ᠠᠷ ᠣᠯᠵᠤ ᠥᠭᠭᠦᠶ᠎ᠡ᠃ ᠬᠠᠷᠢᠨ ᠱᠠᠩᠨᠠᠯ ᠳ᠋ᠤᠨᠢ ᠵᠠᠭᠤᠨ ᠶᠠᠩᠴᠢᠶᠠᠨ ᠥᠭᠭᠦᠨ᠎ᠡ ᠪᠢᠵᠡ》 ᠭᠡᠯ᠎ᠡ᠃
  ᠵᠠᠮᠪᠠᠯ ᠨᠢᠭᠡ ᠮᠣᠷᠢ ᠳᠤᠮᠳᠠᠴᠢ ᠪᠠᠷ ᠠᠷᠪᠠᠨ ᠶᠠᠩᠴᠢᠶᠠᠨ ᠢ᠋ᠶ᠋ᠠᠷ ᠳᠣᠢ᠌ᠵᠤ ᠠᠪᠬᠤ ᠪᠠᠷ ᠰᠠᠩ ᠡᠴᠡ ᠮᠥᠩᠭᠥ ᠠᠪᠤᠭᠰᠠᠨ ᠢ᠋ ᠴᠡᠮᠪᠡ ᠮᠡᠳᠡᠨ᠎ᠡ᠃ ᠭᠡᠲᠡᠯ᠎ᠡ ᠮᠣᠷᠢᠨ ᠳ᠋ᠤᠨᠢ ᠭᠤᠷᠪᠠ᠂ ᠱᠠᠩᠨᠠᠯ ᠳ᠋ᠤᠨᠢ ᠬᠣᠶᠠᠷ ᠨᠡᠢᠲᠡ ᠲᠠᠪᠤᠨ ᠶᠠᠩᠴᠢᠶᠠᠨ ᠢ᠋ᠶ᠋ᠠᠷ ᠠᠪᠤᠨ᠎ᠠ ᠭᠡᠳᠡᠭ ᠪᠣᠯ ᠦᠨᠡᠬᠡᠷ ᠳᠣᠬᠢ ᠬᠡᠷᠡᠭ ᠮᠥᠨ᠃
  ᠊᠊᠊᠊᠊᠊᠊᠊᠊᠊᠊᠊᠊᠊᠊ ᠰᠠᠢᠨ ᠮᠣᠷᠢᠳ ᠰᠢᠦ ᠳᠡ᠃
  ᠊᠊᠊᠊᠊᠊᠊᠊᠊᠊᠊᠊᠊᠊᠊ ᠰᠢᠯᠢᠳᠡᠭ ᠮᠣᠷᠢᠳ᠃
  ᠊᠊᠊᠊᠊᠊᠊᠊᠊᠊᠊᠊᠊᠊᠊ ᠡᠢᠮᠦ ᠬᠢᠮᠳᠠ ᠮᠣᠷᠢᠳ ᠶᠠᠭᠠᠬᠢᠵᠤ ᠣᠯᠬᠤ ᠨᠢ ᠪᠣᠢ?
  ᠊᠊᠊᠊᠊᠊᠊᠊᠊᠊᠊᠊᠊᠊᠊ ᠶᠠᠭᠠᠬᠢᠵᠤ ᠣᠯᠬᠤ ᠨᠢ ᠮᠢᠨᠦ ᠬᠡᠷᠡᠭ᠃ ᠬᠠᠷᠢᠨ ᠵᠠᠮᠪᠠᠯ ᠲᠠ ᠬᠣᠶᠠᠷ ᠬᠡᠨ ᠳ᠋ᠦ᠍ ᠴᠦ᠍ ᠠᠮᠠ ᠠᠯᠳᠠᠵᠤ ᠪᠣᠯᠬᠤ ᠦᠭᠡᠢ ᠰᠢᠦ᠃
  ᠊᠊᠊᠊᠊᠊᠊᠊᠊᠊᠊᠊᠊᠊᠊ ᠲᠡᠷᠡ ᠪᠣᠯᠤᠨ᠎ᠠ᠃
  ᠊᠊᠊᠊᠊᠊᠊᠊᠊᠊᠊᠊᠊᠊᠊ ᠮᠣᠷᠢᠳ ᠢ᠋ ᠴᠢᠨᠢ ᠵᠠᠮᠢᠶᠠᠨ ᠸᠠᠩ ᠤ᠋ᠨ ᠨᠤᠲᠤᠭ ᠥᠩᠭᠡᠷᠡᠭᠦᠯᠵᠦ ᠥᠭᠭᠦᠨ᠎ᠡ᠃ ᠳᠡᠨᠴᠢᠩ ᠢ᠋ᠶ᠋ᠡᠨ ᠤᠷᠢᠲᠠᠵᠤ ᠠᠪᠤᠨ᠎ᠠ᠃ ᠮᠣᠷᠢᠳ ᠢ᠋ᠶ᠋ᠠᠨ ᠲᠤᠰᠢᠶᠠᠭᠠᠳ ᠪᠤᠰᠤᠳ ᠮᠥᠩᠭᠥ ᠪᠡᠨ ᠠᠪᠤᠨ᠎ᠠ᠃
  ᠊᠊᠊᠊᠊᠊᠊᠊᠊᠊᠊᠊᠊᠊᠊ ᠲᠡᠷᠡ ᠴᠦ᠍ ᠪᠣᠯᠤᠨ᠎ᠠ᠃
  ᠊᠊᠊᠊᠊᠊᠊᠊᠊᠊᠊᠊᠊᠊᠊ ᠵᠠ ᠢᠩᠭᠢᠵᠦ ᠲᠣᠬᠢᠷᠠᠪᠠᠯ ᠥᠨᠥ ᠣᠷᠣᠢ ᠳᠠ ᠴᠢᠪᠠᠭᠠᠨᠴᠠ ᠶ᠋ᠢᠨ ᠳ᠋ᠦ᠍ ᠣᠷᠣᠭᠠᠷᠠᠢ᠃ ᠲᠡᠨᠳᠡ ᠲᠠ ᠬᠣᠶᠠᠷ ᠢ᠋ ᠨᠢᠭᠡ ᠬᠥᠮᠦᠨ ᠲᠡᠢ ᠲᠠᠨᠢᠯᠴᠠᠭᠤᠯᠵᠤ ᠥᠭᠭᠦᠨ᠎ᠡ ᠭᠡᠵᠦ ᠪᠠᠳᠠᠷᠴᠢ ᠬᠡᠯᠡᠭᠰᠡᠨ ᠶᠤᠮ᠃
  ᠪᠠᠳᠠᠷᠴᠢ ᠡᠢᠮᠦ ᠬᠢᠮᠳᠠᠬᠠᠨ ᠮᠣᠷᠢᠳ ᠢ᠋ ᠬᠠᠮᠢᠭ᠎ᠠ ᠡᠴᠡ᠂ ᠬᠡᠷᠬᠢᠨ ᠣᠯᠬᠤ ᠬᠥᠮᠦᠨ ᠪᠣᠢ? ᠲᠠᠪᠢᠨ ᠰᠠᠢᠨ ᠮᠣᠷᠢ ᠣᠯᠤᠨ᠎ᠠ ᠭᠡᠳᠡᠭ ᠲᠠᠪᠢᠨ ᠠᠳᠬᠤ ᠰᠢᠷᠣᠢ ᠣᠯᠬᠤ ᠶ᠋ᠢᠨ ᠨᠡᠷ᠎ᠡ ᠪᠢᠰᠢ᠃ ᠭᠡᠪᠡᠴᠦ ᠥᠴᠥᠭᠡᠳᠦᠷ ᠣᠷᠣᠢ ᠲᠦᠭᠵᠢᠯ ᠲᠡᠢ ᠲᠣᠬᠢᠶᠠᠯᠳᠤᠵᠤ ᠶᠠᠷᠢᠯᠴᠠᠨ ᠲᠣᠬᠢᠷᠠᠭᠰᠠᠨ ᠨᠢᠭᠡ ᠵᠦᠢᠯ ᠪᠣᠢ᠃ ᠲᠡᠷᠡ ᠪᠣᠯ ᠥᠩᠭᠡᠷᠡᠭᠰᠡᠨ ᠵᠢᠯ ᠬᠠᠨ ᠥᠨᠳᠥᠷ ᠦ᠋ᠨ ᠨᠠᠭᠠᠳᠤᠮ ᠳ᠋ᠤ᠌ ᠨᠣᠭᠲᠣ ᠭᠠᠨᠵᠤᠭᠠᠯᠠᠵᠤ ᠣᠴᠢᠭᠠᠳ ᠰᠢᠪᠰᠢᠭ ᠢ᠋ᠶ᠋ᠡᠨ ᠬᠣᠯᠢᠨ ᠬᠠᠳᠬᠤᠵᠤ ᠪᠤᠴᠠᠭᠰᠠᠨ ᠥᠰᠢᠶ᠎ᠡ ᠪᠡᠨ ᠠᠪᠬᠤ ᠲᠤᠬᠠᠢ ᠶᠠᠷᠢᠶ᠎ᠠ ᠶᠤᠮ᠃
  ᠲᠦᠭᠵᠢᠯ ᠲᠡᠢ ᠠᠭᠤᠯᠵᠠᠵᠤ ᠠᠷᠢᠬᠢᠳᠠᠵᠤ ᠪᠠᠢᠭᠠᠳ ᠲᠡᠮᠦᠷ ᠦ᠋ᠨ ᠠᠳᠤᠭᠤᠨ ᠤ᠋ ᠪᠠᠬᠠᠳᠤᠯ ᠪᠣᠯᠤᠭᠰᠠᠨ ᠰᠤᠭᠤ ᠰᠢᠭ᠋ ᠮᠣᠷᠢᠳ ᠢ᠋ ᠬᠥᠭᠡᠭᠡᠵᠦ ᠠᠯᠤᠰ ᠨᠤᠲᠤᠭ ᠲᠤ᠌ ᠠᠪᠠᠴᠢᠨ ᠬᠢᠮᠳᠠ ᠦᠨ᠎ᠡ ᠪᠡᠷ ᠲᠠᠭᠤᠵᠤ ᠣᠷᠬᠢᠬᠤ ᠶ᠋ᠢ ᠭᠤᠶᠤᠵᠠᠢ᠃
  ᠊᠊᠊᠊᠊᠊᠊᠊᠊᠊᠊᠊᠊᠊᠊ ᠲᠡᠮᠦᠷ ᠦ᠋ᠨ ᠮᠣᠷᠢᠳ ᠢ᠋ ᠭᠡᠨ᠎ᠡ᠃ ᠲᠡᠭᠡᠵᠦ ᠦᠬᠦᠭᠰᠡᠨ ᠡᠴᠡ ᠲᠡᠭᠡᠭᠯᠡᠵᠦ ᠦᠬᠦᠭᠰᠡᠨ ᠮᠢᠨᠢ ᠳᠡᠭᠡᠷ᠎ᠡ᠃ ᠶᠠᠷᠢᠬᠤ ᠦᠭᠡᠢ᠃
  ᠲᠡᠮᠦᠷ ᠬᠣᠢᠲᠤ ᠲᠠᠮᠢᠷ ᠤ᠋ᠨ ᠬᠥᠨᠳᠡᠢ ᠳ᠋ᠦ᠍ ᠢᠷᠡᠭᠡᠳ ᠨᠤᠲᠤᠭᠯᠠᠵᠤ ᠪᠠᠢᠨ᠎ᠠ ᠭᠡᠳᠡᠭ ᠲᠣᠪᠲᠠᠢ ᠰᠤᠷᠠᠭ ᠢ᠋ ᠰᠣᠨᠣᠰᠤᠭᠠᠳ ᠲᠦᠭᠵᠢᠯ ᠬᠡᠳᠦ ᠬᠣᠨᠣᠭ ᠲᠠᠪᠠᠲᠠᠢ ᠴᠤ᠌ ᠤᠨᠲᠠᠵᠤ ᠴᠢᠳᠠᠭ᠎ᠠ ᠦᠭᠡᠢ᠃ ᠠᠭᠯᠠᠭ ᠠᠭᠤᠯᠠ ᠶ᠋ᠢᠨ ᠲᠠᠭ ᠲᠤ᠌ ᠬᠠᠳᠠᠭᠤᠯᠤᠨ ᠦᠬᠦᠭᠰᠡᠨ ᠭᠡᠵᠦ ᠪᠠᠲᠤᠲᠠᠢ ᠢᠲᠡᠭᠡᠵᠦ ᠪᠠᠢᠭᠰᠠᠨ ᠲᠡᠷᠡ ᠭᠠᠢᠬᠠᠯ ᠠᠮᠢᠳᠤ ᠠᠵᠢ᠃ ᠲᠡᠭᠦᠨ ᠲᠡᠢ ᠡᠨᠡ ᠣᠷᠴᠢᠯᠠᠩ ᠳᠡᠭᠡᠷ᠎ᠡ ᠳᠠᠬᠢᠨ ᠤᠴᠠᠷᠠᠪᠠᠯ ᠠᠮᠢᠳᠤ ᠭᠠᠷᠬᠤ ᠦᠭᠡᠢ᠃ ᠭᠡᠲᠡᠯ᠎ᠡ ᠡᠨᠡ ᠪᠠᠳᠠᠷᠴᠢ ᠮᠣᠷᠢᠳ ᠢ᠋ ᠨᠢ ᠬᠥᠭᠡᠭᠡᠵᠦ ᠥᠭᠬᠦ ᠶ᠋ᠢ ᠭᠤᠶᠤᠨ᠎ᠠ ᠭᠡᠨ᠎ᠡ᠃ ᠲᠡᠷᠡ ᠮᠣᠷᠢᠳ ᠤ᠋ᠨ ᠲᠣᠭ᠎ᠠ ᠪᠠᠷ ᠵᠢᠩ ᠠᠯᠲᠠ ᠥᠭᠭᠦᠶ᠎ᠡ ᠭᠡᠰᠡᠨ ᠴᠦ᠍ ᠠᠮᠢᠨ ᠡᠴᠡ ᠪᠡᠨ ᠤᠢᠳᠤᠭ᠎ᠠ ᠦᠭᠡᠢ ᠴᠠᠭ ᠲᠤ᠌ ᠡᠭᠦᠨ ᠢ᠋ ᠬᠢᠬᠦ ᠦᠭᠡᠢ᠃
  ᠊᠊᠊᠊᠊᠊᠊᠊᠊᠊᠊᠊᠊᠊᠊ ᠨᠢᠭᠡ ᠰᠥᠨᠢ ᠯᠡ ᠬᠥᠭᠡᠭᠡᠵᠦ ᠣᠷᠬᠢᠬᠤ ᠦᠭᠡᠢ ᠤᠤ᠂ ᠬᠡᠨ ᠴᠦ᠍ ᠮᠡᠳᠡᠬᠦ ᠦᠭᠡᠢ᠃
  ᠊᠊᠊᠊᠊᠊᠊᠊᠊᠊᠊᠊᠊᠊᠊ ᠲᠡᠷᠡ ᠴᠢᠨᠢ ᠴᠠᠬᠢᠭᠤᠷ ᠲᠡᠮᠦᠷ ᠰᠢᠦ ᠳᠡ᠃ ᠮᠥᠷ ᠢ᠋ᠶ᠋ᠡᠷ ᠴᠢᠨᠢ ᠶᠠᠭ ᠮᠥᠰᠬᠢᠵᠦ ᠣᠴᠢᠭᠠᠳ ᠫᠠᠨᠲᠠᠢᠲᠠᠯ᠎ᠠ ᠴᠢᠨᠢ ᠬᠦᠯᠢᠵᠦ ᠮᠣᠳᠣᠨ ᠤ᠋ ᠮᠥᠴᠢᠷ ᠡᠴᠡ ᠳᠡᠭᠦᠵᠢᠯᠡᠵᠦ ᠪᠠᠢᠭᠠᠳ ᠬᠤᠤᠱᠤᠤᠷ ᠬᠢᠵᠦ ᠣᠷᠬᠢᠨ᠎ᠠ᠃ ᠪᠢ ᠯᠡ ᠴᠢᠳᠠᠬᠤ ᠦᠭᠡᠢ᠃
  ᠪᠠᠳᠠᠷᠴᠢ ᠬᠡᠰᠡᠭ ᠵᠠᠭᠤᠷ᠎ᠠ ᠪᠣᠳᠣᠯ ᠪᠣᠯᠤᠨ ᠳᠠᠭᠤ ᠦᠭᠡᠢ ᠰᠠᠭᠤᠪᠠ᠃ ᠦᠨᠡᠬᠡᠷ ᠴᠦ᠍ ᠲᠡᠮᠦᠷ ᠦ᠋ᠨ ᠮᠣᠷᠢᠳ ᠢ᠋ ᠠᠪᠤᠨ᠎ᠠ ᠭᠡᠳᠡᠭ ᠪᠣᠯ ᠥᠯᠥᠰᠬᠦᠯᠡᠩ ᠠᠷᠰᠯᠠᠨ ᠤ᠋ ᠠᠮᠠᠨ ᠡᠴᠡ ᠬᠡᠰᠡᠭ ᠮᠢᠬ᠎ᠠ ᠪᠤᠯᠢᠶᠠᠵᠤ ᠠᠪᠬᠤ ᠲᠠᠢ ᠠᠳᠠᠯᠢ ᠬᠡᠷᠡᠭ᠃ ᠲᠡᠮᠦᠷ ᠮᠡᠳᠡᠮᠡᠭᠴᠡ ᠠᠯᠳᠠᠯ ᠦᠭᠡᠢ ᠮᠥᠷᠳᠡᠨ ᠣᠴᠢᠨ᠎ᠠ᠃ ᠲᠡᠷᠡ ᠦᠶ᠎ᠡ ᠳ᠋ᠦ᠍ ᠠᠮᠢᠳᠤ ᠭᠠᠷᠤᠨ᠎ᠠ ᠭᠡᠬᠦ ᠳ᠋ᠦ᠍ ᠬᠡᠴᠡᠭᠦᠦ᠃ ᠭᠡᠪᠡᠴᠦ ᠬᠡᠴᠡᠭᠦᠦ ᠶ᠋ᠢ ᠪᠣᠳᠣᠭᠠᠳ ᠪᠠᠢᠪᠠᠯ ᠳᠣᠷᠣᠮᠵᠢᠯᠠᠭᠳᠠᠭᠰᠠᠨ ᠤ᠋ ᠪᠠᠨ ᠥᠰᠢᠶ᠎ᠡ ᠶ᠋ᠢ ᠶᠠᠭᠠᠬᠢᠵᠤ ᠠᠪᠴᠤ ᠴᠢᠳᠠᠬᠤ ᠪᠢᠯᠡ᠃
  ᠊᠊᠊᠊᠊᠊᠊᠊᠊᠊᠊᠊᠊᠊᠊ ᠪᠢ ᠡᠵᠡᠭᠦᠢ ᠭᠠᠵᠠᠷ ᠴᠢᠨᠦ ᠮᠥᠷ ᠳᠡᠭᠡᠷ᠎ᠡ ᠤᠲᠤᠵᠤ ᠪᠠᠢᠭᠠᠳ ᠬᠤᠷᠳᠤᠨ ᠫᠤᠤ ᠪᠠᠷ ᠪᠣᠳᠢ ᠶ᠋ᠢ ᠨᠢ ᠬᠥᠲᠥᠯᠴᠢᠬᠡᠶ᠎ᠡ᠃
  ᠲᠦᠭᠵᠢᠯ ᠨᠢᠳᠦ ᠪᠡᠨ ᠠᠯᠭᠤᠷ ᠡᠷᠭᠢᠭᠦᠯᠵᠦ ᠪᠠᠳᠠᠷᠴᠢ ᠶ᠋ᠢ ᠰᠢᠯᠭᠠᠨ ᠤᠳᠠᠲᠠᠯ᠎ᠠ ᠰᠢᠷᠳᠡᠪᠡ᠃ ᠬᠡᠷᠪᠡ ᠢᠩᠭᠢᠵᠦ ᠴᠢᠳᠠᠪᠠᠯ ᠶᠠᠷᠢᠬᠤ ᠦᠭᠡᠢ ᠰᠠᠢᠬᠠᠨ ᠬᠡᠷᠡᠭ ᠠᠵᠢ᠃ ᠭᠡᠪᠡᠴᠦ ᠲᠡᠷᠡ ᠪᠣᠯ ᠪᠦᠳᠦᠭᠦᠨ ᠰᠤᠮᠤᠨ ᠲᠠᠰᠢᠭᠤᠷ ᠢ᠋ᠶ᠋ᠠᠷ ᠤᠯᠠᠭᠠᠨ ᠰᠤᠭᠤ ᠤᠷᠤᠭᠤ ᠨᠢ ᠶᠣᠪᠣᠷᠴᠤ ᠮᠠᠩᠨᠠᠢ ᠳᠤᠮᠳᠠᠭᠤᠷ ᠨᠢ ᠪᠠᠢᠳᠠᠭ ᠬᠦᠴᠦ ᠪᠡᠷ ᠢ᠋ᠶ᠋ᠡᠨ ᠴᠣᠬᠢᠨ᠂ ᠲᠣᠬᠣᠢ ᠬᠢᠲᠤᠭ᠎ᠠ ᠪᠠᠷᠤᠭ ᠳᠠᠯᠳᠠ ᠣᠷᠣᠲᠠᠯ᠎ᠠ ᠰᠢᠭᠠᠭᠠᠳ ᠦᠬᠦᠭᠡ ᠦᠭᠡᠢ ᠲᠡᠮᠦᠷ ᠰᠢᠦ ᠳᠡ᠃
  ᠊᠊᠊᠊᠊᠊᠊᠊᠊᠊᠊᠊᠊᠊᠊ ᠠ᠋ ᠳᠠ᠃ ᠡᠪᠦᠭᠡᠨ ᠴᠢᠨᠢ ᠪᠣᠯᠢᠶ᠎ᠠ ᠭᠡᠵᠦ ᠲᠦᠭᠵᠢᠯ ᠬᠡᠯᠡᠪᠡ᠃
  ᠪᠠᠳᠠᠷᠴᠢ ᠡᠯᠳᠡᠪ ᠶᠠᠩᠵᠤ ᠪᠠᠷ ᠭᠤᠶᠤᠵᠤ᠂ ᠵᠠᠭᠤᠨ ᠰᠤᠮᠤ ᠲᠠᠢ ᠯᠢᠶᠠᠠᠵᠤ ᠫᠤᠤ ᠥᠭᠬᠦ ᠪᠣᠯᠪᠠ᠃ ᠲᠦᠭᠵᠢᠯ ᠤᠳᠠᠭᠠᠨ ᠪᠣᠳᠣᠯ ᠪᠣᠯᠤᠨ ᠳᠣᠣᠷᠠᠲᠤ ᠤᠷᠤᠭᠤᠯ ᠢ᠋ᠶ᠋ᠠᠨ ᠬᠠᠵᠠᠯᠠᠨ ᠪᠠᠢᠭᠰᠠᠨ ᠢ᠋ᠶ᠋ᠠᠨ ᠮᠥᠩᠭᠥᠨ ᠠᠶᠠᠭ᠎ᠠ ᠲᠠᠢ ᠠᠷᠢᠬᠢ ᠠᠪᠴᠤ ᠭᠦᠳ ᠭᠦᠳ ᠤᠤᠭᠤᠭᠠᠳ᠄
  ᠊᠊᠊᠊᠊᠊᠊᠊᠊᠊᠊᠊᠊᠊᠊ ᠴᠢ ᠮᠢᠨᠦ ᠮᠥᠷ ᠳᠡᠭᠡᠷ᠎ᠡ ᠲᠡᠮᠦᠷ ᠢ᠋ ᠤᠭᠲᠤᠵᠤ ᠬᠦᠯᠢᠶᠡᠬᠦ ᠬᠡᠷᠡᠭ ᠤᠤ ᠭᠡᠵᠦ ᠠᠰᠠᠭᠤᠪᠠ᠃
  ᠊᠊᠊᠊᠊᠊᠊᠊᠊᠊᠊᠊᠊᠊᠊ ᠡᠵᠡᠭᠦᠢ ᠭᠠᠵᠠᠷ ᠮᠥᠷ ᠳᠡᠭᠡᠷ᠎ᠡ ᠴᠢᠨᠢ ᠬᠣᠴᠣᠷᠤᠨ᠎ᠠ᠃ ᠲᠡᠭᠡᠭᠡᠳ ᠲᠡᠷᠡ ᠭᠠᠢᠬᠠᠯ ᠢ᠋ ᠢᠷᠡᠬᠦ ᠳᠡᠭᠡᠷ᠎ᠡ ᠨᠢ ᠰᠤᠮᠤ ᠵᠤᠭᠤᠵᠤ ᠣᠷᠬᠢᠨ᠎ᠠ᠃
  ᠊᠊᠊᠊᠊᠊᠊᠊᠊᠊᠊᠊᠊᠊᠊ ᠠᠯᠳᠠᠵᠤ ᠣᠷᠬᠢᠬᠤ ᠶᠤᠮ ᠤᠤ᠂ ᠲᠣᠨᠢᠯᠭᠠᠭᠠᠳ ᠪᠠᠷᠢᠭᠳᠠᠪᠠᠯ ᠪᠠᠯᠠᠷᠠᠨ᠎ᠠ ᠰᠢᠦ ᠳᠡ᠃ ᠲᠡᠮᠦᠷ ᠴᠢᠨᠢ ᠠᠷᠠᠳ ᠤ᠋ᠨ ᠵᠠᠰᠠᠭ ᠲᠤ᠌ ᠨᠡᠷ᠎ᠡ ᠲᠡᠢ ᠬᠥᠮᠦᠨ᠃
  ᠊᠊᠊᠊᠊᠊᠊᠊᠊᠊᠊᠊᠊᠊᠊ ᠡᠨᠡ ᠥᠷᠭᠡᠨ ᠨᠤᠲᠤᠭ ᠲᠤ᠌ ᠪᠣᠯᠣᠯᠭᠦᠢ ᠳᠡ᠃ ᠲᠡᠢᠮᠦ ᠵᠠᠶᠠᠭ᠎ᠠ ᠨᠢ ᠣᠷᠬᠢᠭᠰᠠᠨ ᠶᠠᠭᠤᠮ᠎ᠠ ᠬᠠᠮᠢᠭ᠎ᠠ ᠪᠠᠢᠳᠠᠭ ᠶᠤᠮ ᠪᠣᠢ?
  ᠊᠊᠊᠊᠊᠊᠊᠊᠊᠊᠊᠊᠊᠊᠊ ᠮᠣᠷᠢᠳ ᠵᠠᠮᠪᠠᠯ ᠤ᠋ᠨ ᠭᠠᠷ ᠲᠤ᠌ ᠣᠷᠣᠬᠤ ᠳ᠋ᠤ᠌ ᠫᠤᠤ ᠴᠢᠨᠦ ᠮᠥᠷᠦᠨ ᠳ᠋ᠦ᠍ ᠣᠭᠯᠠᠭᠳᠠᠨ᠎ᠠ᠃
  ᠡᠨᠡ ᠬᠣᠶᠠᠷ ᠲᠡᠮᠦᠷ ᠦ᠋ᠨ ᠮᠣᠷᠢᠳ ᠢ᠋ ᠠᠪᠬᠤ᠂ ᠪᠠᠰᠠ ᠲᠡᠭᠦᠨ ᠢ᠋ ᠲᠣᠨᠢᠯᠭᠠᠬᠤ ᠲᠤᠬᠠᠢ ᠢᠩᠭᠢᠵᠦ ᠶᠠᠷᠢᠯᠴᠠᠨ ᠲᠣᠬᠢᠷᠠᠵᠠᠢ᠃ ᠭᠡᠲᠡᠯ᠎ᠡ ᠥᠨᠥᠳᠥᠷ ᠪᠠᠳᠠᠷᠴᠢ ᠲᠡᠷᠡ ᠮᠣᠷᠢᠳ ᠢ᠋ ᠵᠠᠮᠪᠠᠯ ᠳ᠋ᠤ᠌ ᠳᠠᠮᠵᠢᠭᠤᠯᠤᠨ ᠠᠮᠠᠷᠬᠠᠨ ᠳᠠᠯᠳᠠ ᠣᠷᠣᠭᠤᠯᠬᠤ ᠠᠶᠠᠲᠠᠢᠬᠠᠨ ᠨᠦᠬᠡ ᠣᠯᠪᠠ᠃ ᠲᠡᠮᠦᠷ ᠲᠦ᠍ ᠲᠠᠪᠢᠨ ᠮᠣᠷᠢᠳ ᠪᠠᠢᠬᠤ ᠦᠭᠡᠢ᠃ ᠭᠡᠪᠡᠴᠦ ᠲᠡᠭᠦᠨ ᠦ᠌ ᠠᠷᠪᠠᠨ ᠬᠡᠳᠦᠨ ᠮᠣᠷᠢ ᠪᠣᠯ ᠴᠥᠮ ᠠᠷᠭᠤᠮᠠᠭ ᠤ᠋ᠨ ᠳᠡᠭᠡᠳᠦ ᠪᠢᠯᠡ᠃ ᠪᠤᠰᠤᠳ ᠮᠣᠷᠢᠳ ᠤ᠋ᠨ ᠲᠤᠬᠠᠢ ᠳ᠋ᠤ᠌ ᠲᠦᠭᠵᠢᠯ ᠣᠢᠷ᠎ᠠ ᠶ᠋ᠢᠨ ᠬᠤᠰᠢᠭᠤᠨ ᠡᠴᠡ ᠰᠣᠬᠣᠷ ᠵᠣᠭᠣᠰ ᠤ᠋ᠨ ᠦᠨ᠎ᠡ ᠦᠭᠡᠢ ᠠᠮᠠᠷᠬᠠᠨ ᠣᠯᠵᠤ ᠴᠢᠳᠠᠬᠤ ᠪᠠᠢᠯ᠎ᠠ᠃
  ᠴᠡᠮᠪᠡ ᠵᠠᠮᠪᠠᠯ ᠬᠣᠶᠠᠷ ᠪᠠᠶᠤᠤ ᠶ᠋ᠢᠨ ᠭᠤᠳᠤᠮᠵᠢ ᠪᠠᠷ ᠶᠠᠪᠤᠭᠰᠠᠭᠠᠷ ᠴᠢᠮᠡᠭ ᠦ᠋ᠨ ᠬᠠᠰᠢᠶᠠᠨ ᠤ᠋ ᠡᠮᠦᠨᠡᠭᠦᠷ ᠭᠠᠷᠬᠤ ᠳ᠋ᠤ᠌ 《ᠡᠳᠡ ᠪᠣᠢ ᠤᠤ?》 ᠭᠡᠵᠦ ᠵᠠᠮᠪᠠᠯ ᠠᠰᠠᠭᠤᠪᠠ᠃
  ᠊᠊᠊᠊᠊᠊᠊᠊᠊᠊᠊᠊᠊᠊᠊ ᠴᠢᠮᠡᠭ ᠠᠷᠠᠳ ᠤ᠋ᠨ ᠨᠠᠮ ᠤ᠋ᠨ ᠭᠡᠰᠢᠭᠦᠨ ᠪᠣᠯᠤᠭᠠᠳ ᠬᠦᠷᠢᠶ᠎ᠡ ᠣᠷᠣᠵᠤ ᠨᠣᠮ ᠰᠤᠷᠬᠤ ᠭᠡᠵᠦ ᠶᠠᠪᠤᠭᠰᠠᠨ᠃ ᠴᠡᠴᠡᠭ ᠬᠡᠳᠦᠨ ᠮᠠᠯ ᠲᠠᠢ ᠪᠣᠯᠤᠭᠠᠳ ᠡᠨᠡ ᠴᠠᠭᠠᠨ ᠳᠠᠪᠠᠭᠠᠨ ᠤ᠋ ᠠᠷᠤ ᠳ᠋ᠤ᠌ ᠨᠤᠲᠤᠭᠯᠠᠵᠤ ᠪᠠᠢᠭ᠎ᠠ᠃ ᠡᠷᠳᠡᠭᠦᠳᠡ ᠪᠢ ᠨᠢᠭᠡ ᠬᠦᠷᠲᠡᠬᠦ ᠰᠠᠨᠠᠭ᠎ᠠ ᠲᠠᠢ ᠣᠴᠢᠭᠰᠠᠨ ᠴᠢᠨᠢ ᠬᠠᠪᠢᠳᠠᠭᠤᠯᠬᠤ ᠦᠭᠡᠢ ᠪᠠᠢᠳᠠᠭ ᠰᠢᠦ᠃
  ᠊᠊᠊᠊᠊᠊᠊᠊᠊᠊᠊᠊᠊᠊᠊ ᠦᠨ᠎ᠡ ᠶ᠋ᠢ ᠨᠢ ᠬᠠᠩᠭᠠᠵᠤ ᠥᠭᠭᠦᠶ᠎ᠡ ᠭᠡᠵᠦ ᠬᠡᠯᠡᠬᠦ ᠦᠭᠡᠢ ᠤᠤ ᠳᠠ ᠭᠡᠳ ᠵᠠᠮᠪᠠᠯ ᠴᠢᠩᠭ᠎ᠠ ᠢᠨᠢᠶᠡᠪᠡ᠃
  ᠲᠡᠷᠡ ᠬᠣᠶᠠᠷ ᠳᠠ ᠴᠢᠪᠠᠭᠠᠨᠴᠠ ᠶ᠋ᠢᠨ ᠬᠠᠰᠢᠶᠠᠨ ᠳ᠋ᠤ᠌ ᠣᠷᠣᠬᠤ ᠳ᠋ᠤ᠌ ᠪᠠᠳᠠᠷᠴᠢ ᠶ᠋ᠢᠨ ᠲᠣᠬᠣᠮ ᠲᠠᠲᠠᠭᠠᠰᠤ ᠲᠠᠢ ᠮᠣᠷᠢ ᠨᠣᠭᠣᠭᠠᠨ ᠡᠪᠡᠰᠦ ᠢᠳᠡᠨ ᠲᠠᠪᠠᠲᠠᠢ ᠪᠠᠢᠯ᠎ᠠ᠃ ᠡᠭᠦᠳᠡ ᠬᠢᠬᠤᠲᠤᠨᠠᠨ ᠳᠤᠤᠭᠠᠷᠬᠤ ᠳ᠋ᠤ᠌ ᠮᠣᠷᠢᠨ ᠤ᠋ ᠴᠢᠬᠢ ᠰᠡᠷᠳᠡᠰᠬᠢᠭᠰᠡᠨ ᠢ᠋ᠶ᠋ᠡᠨ ᠴᠢᠨᠣ᠎ᠠ ᠪᠢᠰᠢ ᠬᠥᠮᠦᠨ ᠢᠷᠡᠭᠰᠡᠨ ᠢ᠋ ᠮᠡᠳᠡᠭᠰᠡᠨ ᠪᠣᠯᠤᠯᠲᠠᠢ ᠲᠠᠢᠪᠤᠰᠢᠷᠠᠨ ᠡᠪᠡᠰᠦ ᠪᠡᠨ ᠢᠳᠡᠯ᠎ᠡ᠃
  ᠊᠊᠊᠊᠊᠊᠊᠊᠊᠊᠊᠊᠊᠊᠊ ᠰᠠᠢᠨ ᠪᠠᠢᠵᠠᠭᠠᠨ᠎ᠠ ᠤᠤ? ᠭᠡᠵᠦ ᠭᠡᠷ ᠲᠦ᠍ ᠣᠷᠣᠭᠰᠠᠨ ᠵᠠᠮᠪᠠᠯ ᠶᠡᠬᠡᠮᠰᠦᠭ ᠪᠥᠭᠡᠳ ᠬᠥᠨᠳᠡᠢ ᠳᠠᠭᠤ ᠪᠠᠷ ᠮᠡᠨᠳᠦᠯᠡᠪᠡ᠃
  ᠊᠊᠊᠊᠊᠊᠊᠊᠊᠊᠊᠊᠊᠊᠊ ᠰᠠᠢᠨ᠃ ᠰᠠᠢᠨ ᠪᠠᠢᠨ᠎ᠠ ᠤᠤ?
  ᠪᠠᠳᠠᠷᠴᠢ᠂ ᠴᠡᠮᠪᠡ᠂ ᠵᠠᠮᠪᠠᠯ ᠭᠤᠷᠪᠠ ᠬᠢᠲᠠᠳ ᠠᠷᠢᠬᠢ ᠬᠠᠯᠠᠭᠠᠯᠭᠠᠨ ᠤᠤᠭᠤᠵᠤ᠂ ᠮᠣᠷᠢᠳ ᠥᠭᠭᠦᠯᠴᠡᠵᠦ ᠠᠪᠤᠯᠴᠠᠬᠤ ᠪᠠᠨ ᠶᠠᠷᠢᠯᠴᠠᠨ ᠳᠡᠨᠴᠢᠩ ᠢ᠋ᠶ᠋ᠡᠨ ᠲᠠᠯᠪᠢᠯᠴᠠᠪᠠ᠃ ᠳᠠᠷᠠᠭ᠎ᠠ ᠨᠢ ᠳᠠᠯᠤᠤ ᠭᠠᠷᠭᠠᠵᠤ ᠲᠠᠯᠪᠢᠯ᠎ᠠ᠃
  ᠊᠊᠊᠊᠊᠊᠊᠊᠊᠊᠊᠊᠊᠊᠊ ᠲᠠᠨ ᠤ᠋ ᠡᠨᠳᠡ ᠠᠷᠠᠳ ᠤ᠋ᠨ ᠵᠠᠰᠠᠭ ᠤ᠋ᠨ ᠲᠥᠯᠥᠭᠡᠯᠡᠭᠴᠢ ᠬᠡᠨ ᠪᠣᠢ?
  ᠊᠊᠊᠊᠊᠊᠊᠊᠊᠊᠊᠊᠊᠊᠊ ᠨᠥᠭᠦᠭᠡ ᠡᠷᠳᠡᠨᠢ᠃ ᠬᠠᠨᠠᠨ ᠬᠡ ᠲᠡᠢ ᠴᠢᠨᠰᠡ᠂ ᠬᠠᠮᠪᠤᠨ ᠬᠡ ᠲᠡᠢ ᠵᠢᠷᠭᠤᠭ᠎ᠠ ᠭᠡᠵᠦ ᠪᠠᠳᠠᠷᠴᠢ ᠲᠣᠭᠣᠮᠵᠢᠷ ᠦᠭᠡᠢ ᠬᠡᠯᠡᠭᠡᠳ ᠴᠢᠨᠰᠡ ᠴᠢᠯᠠᠭᠤᠳᠠᠪᠠ᠃
  ᠊᠊᠊᠊᠊᠊᠊᠊᠊᠊᠊᠊᠊᠊᠊ ᠶᠠᠮᠠᠷ ᠡᠷᠳᠡᠨᠢ ᠪᠣᠢ?
  ᠊᠊᠊᠊᠊᠊᠊᠊᠊᠊᠊᠊᠊᠊᠊ ᠶᠠᠭᠠᠬᠢᠬᠤᠪ ᠳᠠ᠃ ᠨᠥᠭᠦᠭᠡ ᠳᠡᠪᠬᠡᠷᠭᠡ ᠢᠲᠡᠭᠡᠯᠲᠦ ᠶ᠋ᠢᠨ ᠳ᠋ᠦ᠍ ᠵᠠᠷᠤᠭᠳᠠᠵᠤ ᠪᠠᠢᠭᠰᠠᠨ ᠡᠷᠳᠡᠨᠢ᠃ ᠲᠡᠷᠡ ᠴᠢᠨᠢ ᠠᠷᠠᠳ ᠤ᠋ᠨ ᠵᠠᠰᠠᠭ ᠤ᠋ᠨ ᠲᠥᠯᠥᠭᠡᠨ ᠦ᠌ ᠲᠦᠰᠢᠮᠡᠯ ᠪᠣᠯᠴᠢᠬᠠᠭᠠᠳ ᠮᠠᠨᠳᠤᠵᠤ ᠪᠠᠢᠭ᠎ᠠ ᠳᠠ ᠭᠡᠵᠦ ᠴᠡᠮᠪᠡ ᠬᠡᠯᠡᠪᠡ᠃
  ᠊᠊᠊᠊᠊᠊᠊᠊᠊᠊᠊᠊᠊᠊᠊ ᠠᠯᠢ ᠲᠡᠢᠮᠦ ᠨᠣᠪᠰᠢ ᠨᠤᠭᠤᠳ ᠮᠠᠨᠳᠤᠬᠤ ᠶ᠋ᠢ ᠬᠡᠯᠡᠬᠦ ᠪᠣᠢ? ᠭᠡᠵᠦ ᠪᠠᠳᠠᠷᠴᠢ ᠬᠡᠭᠵᠢᠭᠦᠨ ᠪᠥᠭᠡᠳ ᠬᠦᠢᠲᠡᠨ ᠬᠡᠯᠡᠪᠡ᠃
  ᠊᠊᠊᠊᠊᠊᠊᠊᠊᠊᠊᠊᠊᠊᠊ ᠶᠠᠭᠤ ᠭᠡᠨ᠎ᠡ᠃ ᠴᠢ ᠪᠠᠷᠤᠭ ᠲᠠᠢ ᠬᠣᠯᠢᠶᠠᠭᠠᠴᠢ ᠭᠡᠵᠦ ᠵᠠᠮᠪᠠᠯ ᠬᠡᠯᠡᠭᠡᠳ ᠪᠠᠳᠠᠷᠴᠢ ᠶ᠋ᠢ ᠭᠢᠯᠤᠢᠨ ᠬᠠᠷᠠᠯ᠎ᠠ᠃
  ᠨᠢᠭᠡᠳᠦᠭᠡᠷ ᠲᠦ᠍ ᠠᠷᠠᠳ ᠤ᠋ᠨ ᠵᠠᠰᠠᠭ ᠤ᠋ᠨ ᠠᠯᠪᠠᠨ ᠳ᠋ᠤ᠌ ᠵᠠᠷᠤᠭᠳᠠᠵᠤ ᠶᠠᠪᠤᠭ᠎ᠠ ᠪᠠᠰᠠ ᠨᠢᠭᠡ ᠨᠣᠪᠰᠢᠨ ᠤ᠋ ᠳᠡᠷᠭᠡᠳᠡ ᠡᠡᠶᠡᠭᠦᠢ ᠦᠭᠡ ᠬᠡᠯᠡᠭᠰᠡᠨ᠂ ᠬᠣᠶᠠᠳᠤᠭᠠᠷ ᠲᠤ᠌ ᠳᠣᠣᠷ᠎ᠠ ᠪᠠᠨ ᠪᠠᠢᠭᠰᠠᠨ ᠪᠠᠵᠠᠭᠠᠷ ᠢ᠋ ᠨᠢᠳᠦ ᠬᠠᠷᠢᠭᠤᠯᠤᠨ ᠰᠣᠯᠢᠵᠤ ᠣᠷᠬᠢᠭᠰᠠᠨ ᠳ᠋ᠠᠭᠠᠨ ᠪᠠᠨᠳᠠᠭᠰᠠᠨ ᠪᠠᠳᠠᠷᠴᠢ 《ᠪᠠᠰᠠ ᠲᠡᠭᠡᠭᠡᠳ ᠲᠡᠷᠡ ᠴᠢᠨᠢ ᠪᠢᠴᠢᠭ ᠡᠷᠳᠡᠮ ᠲᠡᠢ ᠰᠦᠷᠡᠬᠡᠢ ᠨᠣᠪᠰᠢ ᠭᠡᠨ᠎ᠡ ᠪᠢᠯᠡ》 ᠭᠡᠯ᠎ᠡ᠃
  ᠭᠡᠷ ᠦ᠋ᠨ ᠳᠣᠲᠣᠷ᠎ᠠ ᠨᠢᠭᠡ ᠬᠡᠰᠡᠭ ᠨᠠᠮ ᠭᠦᠮ ᠪᠣᠯᠵᠤ ᠵᠤᠤᠬᠠᠨ ᠳ᠋ᠤ᠌ ᠰᠢᠳᠡᠵᠦ ᠪᠠᠢᠭ᠎ᠠ ᠬᠠᠷ᠎ᠠ ᠮᠣᠳᠣ ᠬᠠᠶᠠ ᠬᠠᠶᠠ ᠳᠡᠰ ᠳᠡᠰ ᠳᠤᠤᠭᠠᠷᠬᠤ ᠨᠢ ᠦᠯᠡᠮᠵᠢ ᠶᠡᠬᠡ ᠴᠢᠮᠡᠭᠡ ᠰᠢᠭ ᠰᠣᠨᠣᠰᠤᠭᠳᠠᠵᠤ ᠪᠠᠢᠯ᠎ᠠ᠃