ᠲᠤᠩᠭᠠᠯᠠᠭ ᠲᠠᠮᠢᠷ2-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠲᠠᠨ ᠤ᠋ ᠴᠠᠭᠠᠨ ᠰᠠᠷ᠎ᠠ ᠶ᠋ᠢ ᠤᠯᠠᠭᠠᠨ ᠰᠠᠷ᠎ᠠ ᠪᠣᠯᠭᠠᠨ᠎ᠠ》 - ᠬᠣᠶᠠᠳᠤᠭᠠᠷ ᠪᠦᠯᠦᠭ ᠠᠷᠪᠠᠨ ᠲᠠᠪᠤ
ᠲᠥᠪᠡᠳ ᠭᠠᠵᠠᠷ ᠤ᠋ᠨ ᠨᠠᠨᠳᠢᠨ ᠬᠦᠵᠢ ᠶ᠋ᠢᠨ ᠠᠩᠬᠢᠯᠤᠭᠤᠨ ᠦᠨᠦᠷ ᠨᠡᠪᠲᠡᠷᠡᠭᠰᠡᠨ ᠲᠣᠮᠣ ᠲᠠᠰᠤᠯᠭᠠᠨ ᠤ᠋ ᠳᠤᠮᠳᠠ ᠲᠠᠯᠪᠢᠭᠰᠠᠨ ᠨᠣᠭᠣᠭᠠᠨ ᠰᠠᠨᠳᠠᠯᠢ ᠳᠡᠭᠡᠷ᠎ᠡ ᠮᠠᠭᠤ ᠬᠢᠴᠡᠲᠡᠢ ᠤᠯᠠᠭᠠᠨ ᠰᠢᠪᠠᠷ ᠪᠤᠷᠬᠠᠨ ᠰᠢᠭ᠋ ᠪᠣᠭᠳᠠ ᠭᠡᠭᠡᠨ ᠮᠣᠷᠢᠯᠠᠨ ᠰᠠᠭᠤᠪᠠ᠃
ᠰᠢᠷᠡᠭᠡᠨ ᠳ᠋ᠦ᠍ᠨᠢ ᠬᠢᠭᠰᠡᠨ ᠪᠠᠶᠠᠨ ᠬᠤᠭᠤᠷ᠂ ᠣᠷᠣᠰ ᠤ᠋ᠨ ᠬᠥᠭᠵᠢᠮ ᠦ᠋ᠨ ᠶᠡᠬᠡ ᠵᠣᠬᠢᠶᠠᠯᠴᠢ ᠴᠠᠢ᠌ᠺᠦᠹᠰᠺᠢ ᠶ᠋ᠢᠨ ᠳᠥᠷᠪᠡᠳᠦᠭᠡᠷ ᠰᠢᠮᠹᠣᠨᠢ ᠶ᠋ᠢᠨ ᠬᠡᠰᠡᠭ ᠢ᠋ ᠡᠭᠡᠰᠢᠭᠯᠡᠪᠡᠴᠦ ᠲᠡᠭᠦᠨ ᠢ᠋ ᠰᠣᠨᠣᠰᠴᠤ ᠪᠠᠢᠭ᠎ᠠ ᠰᠢᠨᠵᠢ ᠪᠠᠢᠭᠰᠠᠨ ᠦᠭᠡᠢ᠃ ᠡᠨᠡ ᠰᠢᠷᠡᠭᠡ ᠶ᠋ᠢ ᠪᠠᠭᠠᠲᠤᠷ ᠴᠠᠭᠠᠨ ᠬᠠᠭᠠᠨ ᠪᠡᠯᠡᠭᠯᠡᠵᠡᠢ᠃
ᠪᠣᠭᠳᠠ ᠶ᠋ᠢᠨ ᠰᠣᠬᠣᠷᠠᠭᠰᠠᠨ ᠬᠣᠶᠠᠷ ᠨᠢᠳᠦ ᠴᠠᠭᠠᠷᠠᠨ ᠭᠥᠯᠢᠷᠡᠵᠦ ᠬᠠᠶᠠ ᠵᠠᠵᠢᠭᠤᠷ ᠨᠢ ᠲᠠᠲᠠᠪᠠᠯᠵᠠᠨᠠ᠃ ᠭᠠᠳᠠᠨ᠎ᠠ ᠡᠴᠡ ᠨᠢᠭᠡ ᠯᠠᠮᠠ ᠣᠷᠣᠵᠤ ᠢᠷᠡᠭᠡᠳ ᠠᠯᠠᠭ᠎ᠠ ᠪᠠᠨ ᠬᠠᠪᠰᠤᠷᠤᠨ ᠰᠥᠬᠥᠷᠡᠵᠦ᠄
᠊᠊᠊᠊᠊᠊᠊᠊᠊᠊᠊᠊᠊᠊᠊ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠲᠠᠨ ᠳ᠋ᠤ᠌ ᠠᠢᠯᠠᠳᠬᠠᠬᠤ ᠶ᠋ᠢᠨ ᠤᠴᠢᠷ᠂ ᠭᠡᠭᠡᠨ ᠦ᠌ ᠠᠪᠤᠷᠠᠯ᠂ ᠲᠠᠪᠤᠳᠤᠭᠠᠷ ᠪᠣᠭᠳᠠ ᠶ᠋ᠢᠨ ᠬᠤᠪᠢᠯᠭᠠᠨ ᠤ᠋ ᠴᠢᠳᠠᠯ ᠢ᠋ᠶ᠋ᠠᠷ ᠬᠦᠷᠢᠶ᠎ᠡ ᠡᠴᠡ ᠬᠥᠭᠡᠭᠡᠭᠳᠡᠭᠰᠡᠨ ᠭᠠᠮᠢᠩ ᠬᠣᠢᠲᠤ ᠵᠦᠭ ᠵᠢᠭᠤᠲᠠᠨ ᠶᠠᠪᠤᠬᠤ ᠳ᠋ᠠᠭᠠᠨ ᠮᠠᠯ ᠬᠥᠷᠥᠩᠭᠡ ᠳᠡᠭᠡᠷᠡᠮᠳᠡᠵᠦ᠂ ᠬᠥᠮᠦᠨ ᠠᠮᠢᠲᠠᠨ ᠰᠦᠢᠳᠬᠡᠵᠦ ᠪᠠᠢᠭ᠎ᠠ ᠮᠡᠳᠡᠭᠡ ᠶ᠋ᠢ ᠠᠪᠤᠯ᠎ᠠ ᠭᠡᠵᠦ ᠤᠶᠠᠩᠭᠠᠯᠠᠭᠤᠯᠤᠨ ᠥᠭᠦᠯᠡᠬᠦ ᠳ᠋ᠦ᠍ ᠪᠣᠭᠳᠠ ᠡᠪᠰᠢᠶᠡᠭᠰᠡᠨ ᠢ᠋ᠶ᠋ᠡᠨ᠄
᠊᠊᠊᠊᠊᠊᠊᠊᠊᠊᠊᠊᠊᠊᠊ ᠵᠠ ᠮᠡᠳᠡᠯ᠎ᠡ᠃ ᠴᠢ ᠡᠨᠡ ᠴᠢᠬᠢᠨ ᠳ᠋ᠦ᠍ ᠴᠢᠬᠢᠷ᠎ᠡ ᠪᠣᠯᠤᠭᠰᠠᠨ ᠶᠠᠭᠤᠮ᠎ᠠ ᠪᠠᠨ ᠵᠣᠭᠰᠣᠭᠠᠭᠠᠴᠢ ᠭᠡᠬᠦ ᠵᠠᠭᠤᠷ᠎ᠠ ᠲᠣᠮᠣ ᠠᠯᠲᠠᠨ ᠪᠥᠭᠡᠵᠢ ᠲᠡᠢ ᠳᠣᠯᠣᠪᠣᠷ ᠬᠤᠷᠤᠭᠤ ᠪᠠᠷ ᠰᠠᠨᠳᠠᠯᠢ ᠪᠠᠨ ᠵᠢᠭᠠᠪᠠ᠃
ᠯᠠᠮᠠ ᠪᠥᠬᠥᠯᠵᠡᠨ ᠣᠴᠢᠵᠤ ᠰᠢᠷᠡᠭᠡᠨ ᠦ᠌ ᠪᠠᠶᠠᠨ ᠬᠤᠭᠤᠷ ᠢ᠋ ᠵᠣᠭᠰᠣᠭᠠᠭᠠᠳ᠂ ᠳᠠᠬᠢᠨ ᠠᠯᠠᠭ᠎ᠠ ᠪᠠᠨ ᠬᠠᠪᠰᠤᠷᠤᠨ ᠰᠥᠬᠥᠷᠡᠵᠦ᠄
᠊᠊᠊᠊᠊᠊᠊᠊᠊᠊᠊᠊᠊᠊᠊ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠲᠠᠨ ᠳ᠋ᠤ᠌ ᠠᠢᠯᠠᠳᠬᠠᠬᠤ ᠶ᠋ᠢᠨ ᠤᠴᠢᠷ᠂ ᠶᠡᠬᠡ ᠲᠥᠷᠥ ᠶ᠋ᠢᠨ ᠰᠠᠢᠳ ᠨᠣᠶᠠᠳ ᠢᠷᠡᠭᠡᠳ ᠲᠠᠨ ᠢ᠋ ᠬᠦᠯᠢᠶᠡᠵᠦ ᠪᠠᠢᠨ᠎ᠠ ᠭᠡᠯᠡ᠃
᠊᠊᠊᠊᠊᠊᠊᠊᠊᠊᠊᠊᠊᠊᠊ ᠪᠢ ᠵᠠᠪ ᠦᠭᠡᠢ᠂ ᠬᠠᠷᠢᠨ ᠴᠢ ᠲᠠᠨᠢᠭ᠎ᠠ ᠰᠣᠢᠪᠣᠨ ᠢ᠋ ᠤᠷᠤᠭᠤᠯ ᠭᠡᠵᠦ ᠠᠮᠠᠨ ᠳ᠋ᠠᠭᠠᠨ ᠪᠦᠪᠦᠳᠦᠨᠡᠪᠡ᠃
ᠤᠳᠠᠭᠰᠠᠨ ᠴᠤ᠌ ᠦᠭᠡᠢ ᠨᠥᠭᠦᠭᠡ ᠰᠢᠳᠠᠷ ᠰᠣᠢᠪᠣᠨ ᠣᠷᠣᠵᠤ ᠢᠷᠡᠭᠡᠳ ᠡᠮᠦᠨ᠎ᠡ ᠨᠢ ᠰᠥᠬᠥᠷᠡᠪᠡ᠃
᠊᠊᠊᠊᠊᠊᠊᠊᠊᠊᠊᠊᠊᠊᠊ ᠲᠠᠨᠢᠭ᠎ᠠ ᠤᠤ?
᠊᠊᠊᠊᠊᠊᠊᠊᠊᠊᠊᠊᠊᠊᠊ ᠵᠠ ᠡᠵᠡᠨᠲᠡᠨ ᠮᠢᠨᠢ ᠪᠢ ᠪᠠᠢᠨ᠎ᠠ᠃
᠊᠊᠊᠊᠊᠊᠊᠊᠊᠊᠊᠊᠊᠊᠊ ᠴᠢ ᠠᠩᠭᠢ ᠷᠢᠨᠴᠢᠨ ᠢ᠋ ᠮᠡᠳᠡᠬᠦ ᠤᠤ?
᠊᠊᠊᠊᠊᠊᠊᠊᠊᠊᠊᠊᠊᠊᠊ ᠵᠠ ᠮᠡᠳᠡᠨ᠎ᠡ᠃ ᠡᠵᠡᠨᠲᠡᠨ ᠮᠢᠨᠢ᠃
᠊᠊᠊᠊᠊᠊᠊᠊᠊᠊᠊᠊᠊᠊᠊ ᠥᠴᠦᠬᠡᠨ ᠲᠡᠷᠡ ᠬᠣᠷᠣᠬᠠᠢ ᠡᠳᠦᠷ ᠰᠥᠨᠢ ᠶ᠋ᠢᠨ ᠬᠣᠷᠢᠨ ᠳᠥᠷᠪᠡᠨ ᠴᠠᠭ ᠲᠤ᠌ ᠨᠠᠮᠠᠶ᠋ᠢ ᠮᠠᠭᠤ ᠬᠡᠯᠡᠵᠦ ᠪᠠᠢᠳᠠᠭ ᠢ᠋ ᠴᠢ ᠮᠡᠳᠡᠬᠦ ᠤᠤ?
᠊᠊᠊᠊᠊᠊᠊᠊᠊᠊᠊᠊᠊᠊᠊ ᠵᠠ ᠮᠡᠳᠡᠬᠦ ᠪᠡᠷ ᠪᠠᠷᠠᠬᠤ ᠤᠤ ᠳᠠ᠂ ᠪᠢ ᠲᠠᠨ ᠳ᠋ᠤ᠌ ᠬᠡᠳᠦᠨ ᠤᠳᠠᠭ᠎ᠠ ᠠᠢᠯᠠᠳᠬᠠᠭᠰᠠᠨ ᠪᠢᠯᠡ᠃
᠊᠊᠊᠊᠊᠊᠊᠊᠊᠊᠊᠊᠊᠊᠊ ᠵᠠ ᠲᠡᠢᠮᠦ ᠪᠢᠯᠢᠤ᠂ ᠲᠡᠭᠦᠨ ᠦ᠌ ᠨᠠᠰᠤᠨ ᠤ᠋ ᠲᠣᠭ᠎ᠠ ᠭᠦᠢᠴᠡᠭᠰᠡᠨ᠃
᠊᠊᠊᠊᠊᠊᠊᠊᠊᠊᠊᠊᠊᠊᠊ ᠵᠠ ᠮᠡᠳᠡᠯ᠎ᠡ ᠭᠡᠳ ᠲᠠᠨᠢᠭ᠎ᠠ ᠭᠠᠷᠴᠤ ᠣᠳᠤᠯ᠎ᠠ᠃
ᠥᠩᠭᠡᠷᠡᠭᠰᠡᠨ ᠡᠪᠦᠯ ᠦ᠋ᠨ ᠡᠬᠢ ᠪᠡᠷ ᠵᠠᠮᠪᠠᠯ ᠴᠡᠮᠪᠡ ᠬᠣᠶᠠᠷ ᠬᠦᠷᠢᠶ᠎ᠡ ᠣᠷᠣᠵᠤ ᠢᠷᠡᠭᠡᠳ ᠪᠠᠷᠤᠨ ᠤ᠋ ᠠᠩᠬᠠᠨ ᠤ᠋ ᠳᠠᠭᠠᠷᠢᠯᠲᠠ ᠡᠴᠡ ᠴᠢᠩᠭᠠᠷᠠᠭᠰᠠᠨ ᠭᠠᠮᠢᠩ ᠳ᠋ᠤ᠌ ᠬᠣᠷᠢᠭᠳᠠᠵᠤ᠂ ᠭᠠᠩᠳᠠᠨ ᠳᠡᠭᠡᠷ᠎ᠡ ᠳᠠᠯᠠᠢ᠌ᠴᠣᠢ᠌ᠩᠬᠤᠷ ᠸᠠᠩ ᠤ᠋ᠨ ᠨᠢᠭᠡ ᠯᠠᠮᠠ ᠶ᠋ᠢᠨ ᠳ᠋ᠦ᠍ ᠰᠠᠭᠤᠵᠤ ᠪᠠᠢᠯ᠎ᠠ᠃
ᠢᠩᠭᠢᠵᠦ ᠪᠠᠢᠬᠤ ᠳ᠋ᠠᠭᠠᠨ ᠮᠥᠷᠥᠢ ᠲᠡᠢ ᠬᠣᠷᠯᠣ ᠲᠠᠯᠪᠢᠵᠤ ᠠᠯᠳᠠᠭᠠᠳ ᠨᠡᠯᠢᠶᠡᠳ ᠥᠷᠢ ᠲᠡᠢ ᠪᠣᠯᠵᠠᠢ᠃ ᠪᠠᠷᠤᠨ ᠣᠷᠣᠵᠤ ᠢᠷᠡᠭᠰᠡᠨ ᠦ᠌ ᠳᠠᠷᠠᠭ᠎ᠠ ᠲᠡᠭᠦᠨ ᠡᠴᠡ ᠠᠶᠤᠵᠤ ᠬᠦᠷᠢᠶᠡᠨ ᠦ᠌ ᠠᠢᠯ ᠤ᠋ᠳ ᠢ᠋ᠶ᠋ᠠᠷ ᠨᠢᠭᠤᠭᠳᠠᠭᠰᠠᠨ ᠡᠩ ᠦ᠋ᠨ ᠬᠤᠳᠠᠯᠳᠤᠭᠠᠨ ᠤ᠋ ᠬᠢᠲᠠᠳ ᠤ᠋ᠳ ᠢ᠋ ᠪᠠᠷᠤᠨ ᠳ᠋ᠤ᠌ ᠪᠠᠷᠢᠵᠤ ᠥᠭᠭᠦᠨ᠎ᠡ ᠭᠡᠵᠦ ᠰᠦᠷᠳᠡᠭᠦᠯᠦᠨ ᠬᠠᠬᠤᠤᠯᠢ ᠠᠪᠴᠤ ᠣᠪᠣᠭ᠎ᠠ ᠶᠠᠭᠤᠮ᠎ᠠ ᠣᠯᠤᠭᠰᠠᠨ ᠪᠣᠯᠪᠠᠴᠤ ᠥᠷᠢ ᠪᠡᠨ ᠳᠠᠷᠤᠵᠤ ᠪᠠᠰᠠ ᠯᠠ ᠴᠢᠳᠠᠭᠰᠠᠨ ᠦᠭᠡᠢ᠃
ᠨᠢᠭᠡ ᠣᠷᠣᠢ ᠵᠡᠭᠦᠨ ᠬᠦᠷᠢᠶᠡᠨ ᠳ᠋ᠦ᠍ ᠠᠢᠯ ᠳ᠋ᠤ᠌ ᠪᠠᠢᠵᠤ ᠪᠠᠢᠲᠠᠯ᠎ᠠ ᠲᠠᠨᠢᠭ᠎ᠠ ᠰᠣᠢᠪᠣᠨ ᠣᠷᠣᠵᠤ ᠢᠷᠡᠭᠡᠳ ᠲᠡᠭᠦᠨ ᠲᠡᠢ ᠲᠠᠨᠢᠯᠴᠠᠵᠤ ᠮᠠᠷᠭᠠᠰᠢ ᠨᠢ ᠲᠡᠳᠡᠨ ᠦ᠌ ᠭᠡᠷ ᠲᠦ᠍ ᠵᠣᠴᠢᠯᠠᠪᠠ᠃
ᠰᠣᠢᠪᠣᠨ᠂ ᠲᠡᠷᠡ ᠬᠣᠶᠠᠷ ᠢ᠋ ᠠᠷᠢᠬᠢ᠂ ᠠᠢᠷᠠᠭ᠂ ᠲᠠᠷᠭᠤᠨ ᠮᠢᠬ᠎ᠠ ᠪᠠᠷ ᠳᠠᠢᠯᠠᠵᠤ ᠤᠳᠠᠲᠠᠯ᠎ᠠ ᠶᠠᠷᠢᠯᠴᠠᠪᠠ᠃
᠊᠊᠊᠊᠊᠊᠊᠊᠊᠊᠊᠊᠊᠊᠊ ᠲᠠ ᠬᠣᠶᠠᠷ ᠪᠣᠭᠳᠠ ᠵᠢᠪᠵᠤᠠᠳᠠᠮᠪᠠ ᠶ᠋ᠢᠨ ᠶᠡᠬᠡ ᠬᠡᠰᠢᠭ ᠢ᠋ ᠬᠦᠷᠲᠡᠬᠦ ᠬᠦᠰᠡᠯ ᠪᠠᠢᠨ᠎ᠠ ᠤᠤ? ᠭᠡᠵᠦ ᠲᠠᠨᠢᠭ᠎ᠠ ᠠᠰᠠᠭᠤᠪᠠ᠃
ᠲᠠᠨᠢᠭ᠎ᠠ᠂ ᠡᠨᠡ ᠬᠣᠶᠠᠷ ᠢ᠋ᠶ᠋ᠠᠷ ᠠᠩᠭᠢ ᠷᠢᠨᠴᠢᠨ ᠢ᠋ ᠲᠣᠨᠢᠯᠭᠠᠭᠤᠯᠬᠤ ᠪᠣᠳᠣᠯ ᠲᠠᠢ ᠪᠠᠢᠭᠰᠠᠨ ᠡᠴᠡ ᠢᠩᠭᠢᠵᠦ ᠰᠠᠢᠬᠠᠨ ᠵᠠᠩ ᠭᠠᠷᠭᠠᠵᠠᠢ᠃
᠊᠊᠊᠊᠊᠊᠊᠊᠊᠊᠊᠊᠊᠊᠊ ᠶᠠᠭᠠᠬᠢᠵᠤ ᠬᠦᠷᠲᠡᠬᠦ ᠪᠣᠢ? ᠭᠡᠵᠦ ᠴᠡᠮᠪᠡ ᠠᠰᠠᠭᠤᠪᠠ᠃
ᠲᠠᠨᠢᠭ᠎ᠠ ᠬᠡᠰᠡᠭ ᠳᠠᠭᠤ ᠦᠭᠡᠢ ᠰᠠᠭᠤᠪᠠ᠃ ᠴᠡᠮᠪᠡ᠂ ᠰᠣᠢᠪᠣᠨ ᠤ᠋ ᠠᠮᠠ ᠶ᠋ᠢ ᠰᠢᠷᠲᠡᠵᠦ ᠪᠠᠢᠯ᠎ᠠ᠃ ᠬᠠᠷᠢᠨ ᠵᠠᠮᠪᠠᠯ ᠬᠤᠯᠤ ᠲᠠᠢ ᠠᠢᠷᠠᠭ ᠢ᠋ ᠠᠪᠴᠤ ᠰᠢᠮᠡᠯᠡ᠃
᠊᠊᠊᠊᠊᠊᠊᠊᠊᠊᠊᠊᠊᠊᠊ ᠭᠠᠩᠳᠠᠨ ᠤ᠋ ᠠᠩᠭᠢ ᠷᠢᠨᠴᠢᠨ ᠢ᠋ ᠲᠠᠨᠢᠬᠤ ᠤᠤ?
᠊᠊᠊᠊᠊᠊᠊᠊᠊᠊᠊᠊᠊᠊᠊ ᠲᠠᠨᠢᠨ᠎ᠠ ᠭᠡᠵᠦ ᠴᠡᠮᠪᠡ ᠬᠡᠯᠡᠭᠡᠳ ᠵᠠᠮᠪᠠᠯ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠲᠡᠭᠡᠪᠡᠯ ᠪᠣᠭᠳᠠ ᠶ᠋ᠢᠨ ᠲᠠᠭᠠᠯᠠᠯ ᠢ᠋ᠶ᠋ᠠᠷ ᠲᠡᠭᠦᠨ ᠦ᠌ ᠨᠠᠰᠤᠨ ᠤ᠋ ᠲᠣᠭ᠎ᠠ ᠭᠦᠢᠴᠡᠭᠰᠡᠨ ᠭᠡᠵᠦ ᠲᠠᠨᠢᠭ᠎ᠠ ᠶ᠋ᠢᠨ ᠬᠡᠯᠡᠬᠦ ᠳ᠋ᠦ᠍ ᠵᠠᠮᠪᠠᠯ ᠭᠥᠯᠢᠢᠭᠰᠡᠨ ᠬᠦᠢᠲᠡᠨ ᠨᠢᠳᠦ ᠪᠡᠷ ᠠᠵᠢᠭᠯᠠᠨ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠲᠡᠭᠡᠭᠡᠳ ᠪᠢᠳᠡ ᠬᠣᠶᠠᠷ ᠠᠩᠭᠢ ᠷᠢᠨᠴᠢᠨ ᠢ᠋ ᠠᠯᠠᠬᠤ ᠬᠡᠷᠡᠭ ᠤᠤ? ᠭᠡᠵᠦ ᠰᠢᠭᠤᠳ ᠠᠰᠠᠭᠤᠪᠠ᠃
᠊᠊᠊᠊᠊᠊᠊᠊᠊᠊᠊᠊᠊᠊᠊ ᠲᠡᠢᠮᠦ᠃
᠊᠊᠊᠊᠊᠊᠊᠊᠊᠊᠊᠊᠊᠊᠊ ᠪᠢᠳᠡ ᠬᠣᠶᠠᠷ ᠯᠠᠮᠠ ᠤᠯᠤᠰ᠂ ᠬᠣᠢᠲᠤᠬᠢ ᠪᠠᠨ ᠪᠣᠳᠣᠨ᠎ᠠ ᠭᠡᠵᠦ ᠵᠠᠮᠪᠠᠯ ᠬᠡᠯᠡᠵᠡᠢ᠃
ᠲᠠᠨᠢᠭ᠎ᠠ᠂ ᠵᠠᠮᠪᠠᠯ ᠢ᠋ ᠰᠢᠷᠪᠢᠨ ᠬᠠᠷᠠᠯ᠎ᠠ᠃ ᠲᠡᠭᠡᠭᠡᠳ ᠭᠤᠷᠪᠠᠨ ᠮᠥᠩᠭᠥᠨ ᠠᠶᠠᠭᠠᠨ ᠳ᠋ᠤ᠌ ᠠᠷᠢᠬᠢ ᠬᠢᠵᠦ᠂ ᠨᠢᠭᠡ ᠶ᠋ᠢ ᠨᠢ ᠥᠪᠡᠷ ᠢ᠋ᠶ᠋ᠡᠨ ᠠᠪᠤᠭᠠᠳ ᠤᠳᠠᠭᠠᠨ ᠰᠢᠮᠡᠵᠦ ᠤᠤᠭᠤᠪᠠ᠃
᠊᠊᠊᠊᠊᠊᠊᠊᠊᠊᠊᠊᠊᠊᠊ ᠲᠣᠰᠪᠣᠷᠢ ᠳ᠋ᠤ᠌ ᠴᠢᠨᠢ ᠵᠠᠭᠤᠨ ᠠᠯᠲᠠᠨ ᠮᠠᠨᠢᠶᠠᠤᠨ ᠥᠭᠭᠦᠨ᠎ᠡ᠃
ᠴᠡᠮᠪᠡ ᠶ᠋ᠢᠨ ᠨᠢᠳᠦ ᠲᠣᠮᠣ ᠪᠣᠯᠵᠤ ᠨᠢᠭᠤᠷ ᠲᠤᠨᠢ ᠪᠠᠶᠠᠷ ᠤ᠋ᠨ ᠲᠤᠶᠠᠭ᠎ᠠ ᠠᠯᠠᠭᠤᠷ ᠲᠣᠳᠣᠷᠠᠵᠤ 《ᠬᠡᠷᠪᠡ ᠨᠠᠷᠠᠨᠭᠡᠷᠡᠯᠲᠦ ᠁》 ᠭᠡᠳ ᠦᠭᠡ ᠪᠡᠨ ᠡᠬᠢᠯᠡᠬᠦ ᠭᠡᠲᠡᠯ᠎ᠡ ᠵᠠᠮᠪᠠᠯ ᠨᠢᠳᠦ ᠪᠡᠷ ᠢ᠋ᠶ᠋ᠡᠨ ᠳᠣᠬᠢᠶ᠎ᠠ ᠥᠭᠴᠦ ᠵᠣᠭᠰᠣᠭᠠᠪᠠ᠃
᠊᠊᠊᠊᠊᠊᠊᠊᠊᠊᠊᠊᠊᠊᠊ ᠪᠢᠳᠡ ᠰᠦᠨᠡᠰᠦ ᠲᠡᠢ ᠤᠯᠤᠰ᠃ ᠲᠡᠢᠮᠦ ᠲᠣᠮᠣ ᠨᠢᠭᠦᠯ ᠬᠢᠵᠦ ᠴᠢᠳᠠᠬᠤ ᠦᠭᠡᠢ ᠭᠡᠵᠦ ᠵᠠᠮᠪᠠᠯ ᠤ᠋ᠨ ᠬᠡᠯᠡᠬᠦ ᠳ᠋ᠦ᠍ ᠲᠠᠨᠢᠭ᠎ᠠ ᠣᠨᠢᠭᠠᠷ ᠨᠢᠳᠦ ᠪᠡᠨ ᠵᠠᠯᠢ ᠲᠠᠢ ᠴᠠᠪᠴᠢᠯᠠᠨ ᠢᠨᠢᠶᠡᠮᠰᠦᠭᠯᠡᠵᠦ᠄
᠊᠊᠊᠊᠊᠊᠊᠊᠊᠊᠊᠊᠊᠊᠊ ᠭᠤᠷᠪᠠᠨ ᠵᠠᠭᠤᠨ ᠠᠯᠲᠠᠨ ᠮᠠᠨᠢᠶᠠᠤᠨ ᠥᠭᠭᠦᠶ᠎ᠡ ᠭᠡᠵᠦ ᠬᠡᠯᠡᠪᠡ᠃
ᠵᠠᠮᠪᠠᠯ ᠰᠢᠷᠳᠡᠵᠦ ᠪᠠᠢᠭ᠎ᠠ ᠴᠡᠮᠪᠡ ᠶ᠋ᠢᠨ ᠨᠢᠳᠦᠨ ᠳ᠋ᠦ᠍ 《ᠵᠠ ᠪᠣᠯᠤᠯ᠎ᠠ》 ᠭᠡᠰᠡᠨ ᠲᠡᠮᠳᠡᠭ ᠲᠣᠳᠣᠷᠬᠠᠢ ᠪᠠᠢᠪᠠ᠃ ᠭᠡᠪᠡᠴᠦ ᠵᠠᠮᠪᠠᠯ ᠨᠢᠭᠡᠨ ᠤᠳᠠᠭ᠎ᠠ ᠰᠢᠷᠪᠢᠵᠦ ᠬᠠᠷᠠᠭᠰᠠᠨ ᠢ᠋ᠶ᠋ᠠᠨ ᠳᠠᠭᠤ ᠦᠭᠡᠢ ᠬᠡᠰᠡᠭ ᠰᠠᠭᠤᠪᠠ᠃
᠊᠊᠊᠊᠊᠊᠊᠊᠊᠊᠊᠊᠊᠊᠊ ᠪᠢᠳᠡᠨ ᠰᠢᠭ ᠤᠰᠤᠨ ᠨᠢᠳᠦ ᠲᠡᠢ᠂ ᠴᠢᠰᠤᠨ ᠵᠢᠷᠦᠬᠡ ᠲᠡᠢ ᠤᠯᠤᠰ ᠲᠤ᠌ ᠳᠠᠭᠠᠭᠠᠵᠤ ᠪᠣᠯᠤᠮᠵᠢ ᠦᠭᠡᠢ ᠨᠢᠭᠦᠯ ᠪᠠᠢᠨ᠎ᠠ ᠭᠡᠳ ᠵᠠᠮᠪᠠᠯ ᠠᠶᠠᠭ᠎ᠠ ᠲᠠᠢ ᠠᠷᠢᠬᠢ ᠶ᠋ᠢ ᠠᠪᠤᠯ᠎ᠠ᠃
᠊᠊᠊᠊᠊᠊᠊᠊᠊᠊᠊᠊᠊᠊᠊ ᠳᠥᠷᠪᠡᠨ ᠵᠠᠭᠤ ᠪᠣᠯᠭᠠᠶ᠎ᠠ᠃
ᠵᠠᠮᠪᠠᠯ ᠨᠢᠭᠤᠷ ᠢ᠋ᠶ᠋ᠠᠨ ᠠᠯᠠᠭ᠎ᠠ ᠪᠠᠷ ᠢ᠋ᠶ᠋ᠠᠨ ᠠᠷᠴᠢᠵᠤ ᠪᠣᠳᠣᠯᠬᠢᠯᠠᠨ ᠬᠡᠰᠡᠭ ᠰᠠᠭᠤᠭᠰᠠᠨ ᠢ᠋ᠶ᠋ᠠᠨ᠄
᠊᠊᠊᠊᠊᠊᠊᠊᠊᠊᠊᠊᠊᠊᠊ ᠳᠡᠭᠡᠳᠦᠰ ᠦ᠋ᠨ ᠲᠠᠭᠠᠯᠠᠯ ᠲᠡᠢᠮᠦ ᠪᠣᠯ ᠪᠢᠳᠡ ᠳᠠᠭᠠᠶ᠎ᠠ ᠭᠡᠵᠦ ᠬᠡᠯᠡᠭᠡᠳ ᠲᠠᠨᠢᠭ᠎ᠠ ᠶ᠋ᠢ ᠰᠢᠷᠲᠡᠪᠡ᠃
ᠡᠨᠡ ᠶᠠᠷᠢᠶᠠᠨ ᠤ᠋ ᠳᠠᠷᠠᠭᠠᠬᠢ ᠣᠷᠣᠢ ᠷᠢᠨᠴᠢᠨ ᠪᠠᠲᠤ ᠶ᠋ᠢ ᠳᠠᠭᠠᠭᠤᠯᠤᠨ ᠭᠠᠳᠠᠭᠠᠯᠠᠬᠤ ᠪᠠᠷ ᠭᠠᠩᠳᠠᠨ ᠤ᠋ ᠵᠠᠬ᠎ᠠ ᠳ᠋ᠤ᠌ ᠭᠠᠷᠤᠯ᠎ᠠ᠃
ᠬᠣᠲᠠ ᠶ᠋ᠢᠨ ᠣᠯᠠᠨ ᠨᠣᠬᠠᠳ ᠤ᠋ᠨ ᠬᠤᠴᠠᠬᠤ ᠲᠠᠰᠤᠷᠠᠯᠲᠠ ᠦᠭᠡᠢ ᠳᠠᠭᠤ ᠶᠠᠩᠭᠢᠨᠠᠵᠤ᠂ ᠲᠩᠷᠢ ᠳ᠋ᠦ᠍ ᠦᠢ ᠲᠦᠮᠡᠨ ᠣᠳᠣᠨ ᠮᠢᠷᠠᠯᠵᠠᠨ᠂ ᠪᠠᠷᠠᠭᠤᠨ ᠬᠣᠢᠨ᠎ᠠ ᠡᠴᠡ ᠲᠠᠰᠤᠯᠳᠠᠭᠰᠠᠨ ᠬᠦᠢᠲᠡᠨ ᠰᠠᠯᠬᠢ ᠦᠯᠢᠶᠡᠵᠦ ᠪᠠᠢᠯ᠎ᠠ᠃ ᠬᠡᠳᠦᠬᠡᠨ ᠠᠯᠬᠤᠮ ᠤ᠋ᠨ ᠴᠠᠭᠠᠨ᠎ᠠ ᠪᠠᠢᠭ᠎ᠠ ᠶᠠᠭᠤᠮ᠎ᠠ ᠬᠠᠷᠠᠭᠳᠠᠬᠤ ᠦᠭᠡᠢ ᠠᠵᠢ᠃
᠊᠊᠊᠊᠊᠊᠊᠊᠊᠊᠊᠊᠊᠊᠊ ᠬᠡᠪᠰᠢ ᠠ᠋᠂ ᠮᠥᠨ ᠬᠠᠷᠠᠩᠭᠤᠢ ᠰᠥᠨᠢ ᠠ᠋᠃ ᠡᠢᠮᠦ ᠰᠥᠨᠢ ᠴᠢ ᠬᠣᠨᠢ ᠮᠠᠨᠠᠵᠤ ᠦᠵᠡᠭᠰᠡᠨ ᠤᠤ? ᠭᠡᠵᠦ ᠷᠢᠨᠴᠢᠨ ᠦ᠌ ᠠᠰᠠᠭᠤᠬᠤ ᠳ᠋ᠤ᠌ ᠳᠡᠷᠭᠡᠳᠡ ᠨᠢ ᠶᠠᠪᠤᠭᠰᠠᠨ ᠪᠠᠲᠤ᠄
᠊᠊᠊᠊᠊᠊᠊᠊᠊᠊᠊᠊᠊᠊᠊ ᠬᠠᠪᠤᠷ ᠦᠵᠡᠭᠡ ᠦᠭᠡᠢ᠃ ᠵᠤᠨ ᠪᠣᠯ ᠦᠵᠡᠭᠰᠡᠨ ᠭᠡᠪᠡ᠃
᠊᠊᠊᠊᠊᠊᠊᠊᠊᠊᠊᠊᠊᠊᠊ ᠪᠢ ᠡᠢᠮᠦᠷᠬᠦᠦ ᠰᠥᠨᠢ ᠠᠳᠤᠭᠤ ᠴᠤ᠌ ᠮᠠᠨᠠᠵᠤ ᠦᠵᠡᠭᠰᠡᠨ ᠭᠡᠵᠦ ᠬᠡᠯᠡᠭᠡᠳ ᠷᠢᠨᠴᠢᠨ ᠲᠩᠷᠢ ᠤᠷᠤᠭᠤ ᠬᠠᠷᠠᠭᠰᠠᠨ ᠢ᠋ᠶ᠋ᠠᠨ᠄
᠊᠊᠊᠊᠊᠊᠊᠊᠊᠊᠊᠊᠊᠊᠊ ᠪᠠᠯᠳᠠᠨ ᠪᠢᠳᠡ ᠬᠣᠶᠠᠷ ᠪᠠᠭ᠎ᠠ ᠳ᠋ᠠᠭᠠᠨ ᠶᠠᠭ ᠯᠠ ᠡᠢᠮᠦᠷᠬᠦᠦ ᠰᠥᠨᠢ ᠬᠣᠨᠢ ᠮᠠᠨᠠᠵᠤ ᠪᠠᠢᠭᠠᠳ ᠬᠣᠲᠠ ᠤᠷᠤᠭᠤ ᠭᠡᠲᠡᠵᠦ ᠪᠠᠢᠭᠰᠠᠨ ᠨᠢᠭᠡ ᠴᠢᠨᠣ᠎ᠠ ᠶ᠋ᠢ ᠭᠢᠰᠬᠢᠴᠢᠬᠡᠬᠦ ᠰᠢᠭᠠᠵᠤ ᠪᠢᠯᠡ ᠭᠡᠳ ᠢᠨᠢᠶᠡᠮᠰᠦᠭᠯᠡᠪᠡ᠃
ᠷᠢᠨᠴᠢᠨ᠂ ᠰᠡᠭᠦᠯ ᠦ᠋ᠨ ᠦᠶ᠎ᠡ ᠳ᠋ᠦ᠍ ᠪᠠᠭ᠎ᠠ ᠶ᠋ᠢᠨ ᠥᠩᠭᠡᠷᠡᠭᠦᠯᠦᠭᠰᠡᠨ ᠠᠮᠢᠳᠤᠷᠠᠯ ᠢ᠋ᠶ᠋ᠠᠨ ᠶᠠᠷᠢᠬᠤ ᠳᠤᠷᠠᠲᠠᠢ ᠪᠣᠯᠵᠠᠢ᠃ ᠢᠩᠭᠢᠵᠦ ᠶᠠᠷᠢᠬᠤ ᠳ᠋ᠤ᠌ ᠷᠢᠨᠴᠢᠨ ᠳ᠋ᠦ᠍ ᠬᠣᠶᠠᠷ ᠰᠡᠳᠬᠢᠯ ᠲᠥᠷᠥᠳᠡᠭ ᠪᠠᠢᠪᠠ᠃ ᠨᠢᠭᠡᠳᠦᠭᠡᠷ ᠲᠦ᠍ ᠪᠠᠭ᠎ᠠ ᠶ᠋ᠢᠨ ᠲᠡᠷᠡ ᠠᠮᠢᠳᠤᠷᠠᠯ ᠨᠢ ᠲᠡᠭᠦᠨ ᠦ᠌ ᠬᠠᠮᠤᠭ ᠤ᠋ᠨ ᠰᠠᠢᠬᠠᠨ ᠦᠶ᠎ᠡ ᠰᠠᠨᠠᠭᠳᠠᠵᠤ ᠪᠠᠶᠠᠷ ᠵᠢᠷᠭᠠᠯ ᠤ᠋ᠨ ᠰᠡᠳᠬᠢᠯ ᠲᠥᠷᠥᠨ᠎ᠡ᠃ ᠬᠣᠶᠠᠳᠤᠭᠠᠷ ᠲᠤ᠌ ᠲᠡᠢᠮᠦ ᠰᠠᠢᠬᠠᠨ ᠠᠮᠢᠳᠤᠷᠠᠯ ᠢ᠋ᠶ᠋ᠠᠨ ᠡᠴᠦᠰ ᠲᠦ᠋ᠨᠢ ᠢᠲᠡᠭᠡᠯ᠂ ᠤᠳᠬ᠎ᠠ ᠴᠢᠨᠠᠷ ᠢ᠋ᠶ᠋ᠠᠨ ᠠᠯᠳᠠᠭᠰᠠᠨ ᠡᠨᠡ ᠠᠮᠢᠳᠤᠷᠠᠯ ᠢ᠋ᠶ᠋ᠠᠷ ᠰᠣᠯᠢᠭᠰᠠᠨ ᠢ᠋ᠶ᠋ᠠᠨ ᠪᠣᠳᠣᠬᠤ ᠳᠣᠳᠣᠮ ᠭᠣᠮᠣᠳᠠᠭᠠᠳ ᠪᠠᠷᠠᠭᠳᠠᠰᠢ ᠦᠭᠡᠢ ᠭᠤᠨᠢᠭ ᠤ᠋ᠨ ᠰᠡᠳᠬᠢᠯ ᠲᠥᠷᠥᠨ᠎ᠡ᠃ ᠡᠨᠡ ᠤᠳᠠᠭ᠎ᠠ ᠴᠤ᠌ ᠶᠠᠭ ᠡᠨᠡ ᠬᠣᠶᠠᠷ ᠰᠡᠳᠬᠢᠭᠳᠡᠯ ᠵᠡᠷᠭᠡᠴᠡᠨ ᠪᠠᠢᠯ᠎ᠠ᠃
᠊᠊᠊᠊᠊᠊᠊᠊᠊᠊᠊᠊᠊᠊᠊ ᠭᠡᠪᠰᠢ ᠠ᠋᠂ ᠴᠢ ᠬᠥᠮᠦᠨ ᠳ᠋ᠦ᠍ ᠬᠡᠷᠡᠭ ᠲᠡᠢ ᠶᠠᠭᠤᠮ᠎ᠠ ᠬᠢᠭᠰᠡᠨ ᠤᠤ? ᠭᠡᠵᠦ ᠷᠢᠨᠴᠢᠨ ᠠᠰᠠᠭᠤᠭᠰᠠᠨ ᠳ᠋ᠤ᠌᠂ ᠪᠠᠲᠤ ᠤᠴᠢᠷ ᠢ᠋ ᠨᠢ ᠣᠯᠵᠤ ᠬᠠᠷᠢᠭᠤ ᠥᠭᠴᠦ ᠴᠢᠳᠠᠭᠰᠠᠨ ᠦᠭᠡᠢ᠃
᠊᠊᠊᠊᠊᠊᠊᠊᠊᠊᠊᠊᠊᠊᠊ ᠬᠣᠮ ᠤ᠋ᠨ ᠱᠠᠲᠤ ᠶ᠋ᠢ ᠤᠳᠠᠭᠠᠨ ᠡᠳ᠋ᠯᠡᠳᠡᠭ ᠶᠦ᠍ᠮ ᠤᠤ?
ᠷᠢᠨᠴᠢᠨ ᠤᠷᠢᠳᠤ ᠵᠠᠯᠠᠭᠤ ᠳ᠋ᠠᠭᠠᠨ ᠲᠡᠮᠡᠭᠡᠨ ᠦ᠌ ᠬᠣᠮ ᠤ᠋ᠨ ᠱᠠᠲᠤ ᠬᠡᠳᠦ ᠬᠡᠳᠦ ᠶ᠋ᠢ ᠬᠢᠭᠰᠡᠨ ᠪᠢᠯᠡ᠃ ᠲᠡᠭᠡᠭᠡᠳ ᠣᠳᠣ ᠪᠣᠳᠣᠬᠤ ᠳ᠋ᠤ᠌ ᠬᠥᠮᠦᠨ ᠳ᠋ᠦ᠍ ᠬᠡᠷᠡᠭ ᠪᠣᠯᠬᠤ ᠶᠠᠭᠤᠮ᠎ᠠ ᠲᠡᠭᠦᠨ ᠡᠴᠡ ᠥᠭᠡᠷ᠎ᠡ ᠶᠠᠭᠤ ᠴᠤ᠌ ᠬᠢᠭᠡ ᠦᠭᠡᠢ ᠮᠡᠲᠦ ᠰᠠᠨᠠᠭᠳᠠᠪᠠ᠃ ᠭᠡᠲᠡᠯ᠎ᠡ ᠲᠡᠷᠡ ᠨᠢ ᠣᠳᠣ ᠪᠠᠢᠳᠠᠭ ᠡᠰᠡᠬᠦ ᠶ᠋ᠢ ᠥᠪᠡᠷ ᠢ᠋ᠶ᠋ᠡᠨ ᠮᠡᠳᠡᠬᠦ ᠦᠭᠡᠢ ᠪᠠᠢᠵᠠᠢ᠃
᠊᠊᠊᠊᠊᠊᠊᠊᠊᠊᠊᠊᠊᠊᠊ ᠤᠳᠠᠳᠠᠭ ᠦᠭᠡᠢ ᠶᠠᠭᠤᠮ᠎ᠠ ᠠ᠋ ᠪᠠᠭᠰᠢ ᠮᠢᠨᠢ᠂ ᠡᠪᠳᠡᠷᠡᠬᠦ ᠳᠡᠭᠡᠷ᠎ᠡ ᠨᠢ ᠴᠢᠪᠠᠭᠠᠨᠴᠠ ᠨᠠᠷ ᠪᠢᠴᠠ ᠴᠣᠬᠢᠭᠠᠳ ᠲᠦᠯᠡᠴᠢᠬᠡᠳᠡᠭ ᠶᠤᠮ ᠭᠡᠵᠦ ᠪᠠᠲᠤ ᠰᠦᠷᠡᠬᠡᠢ ᠮᠡᠳᠡᠮᠡᠬᠡᠢ ᠬᠠᠷᠢᠭᠤᠯᠪᠠ᠃
ᠷᠢᠨᠴᠢᠨ ᠭᠣᠮᠣᠳᠠᠯ ᠲᠠᠢ ᠪᠠᠷ ᠰᠠᠨᠠᠭ᠎ᠠ ᠠᠯᠳᠠᠪᠠ᠃ ᠬᠣᠮ ᠤ᠋ᠨ ᠱᠠᠲᠤ ᠤᠳᠠᠭᠠᠨ ᠪᠠᠢᠳᠠᠭ ᠶᠤᠮ ᠭᠡᠵᠦ ᠬᠠᠷᠢᠭᠤᠯᠤᠭᠰᠠᠨ ᠪᠣᠯ ᠬᠢᠵᠠᠭᠠᠷ ᠦᠭᠡᠢ ᠪᠠᠶᠠᠷᠯᠠᠬᠤ ᠪᠠᠢᠵᠤ ᠪᠢᠯᠡ᠃ ᠭᠡᠪᠡᠴᠦ ᠪᠠᠲᠤ ᠲᠡᠭᠦᠨ ᠢ᠋ ᠶᠠᠭᠠᠬᠢᠵᠤ ᠮᠡᠳᠡᠬᠦ ᠪᠢᠯᠡ ᠳᠠ᠃
ᠲᠡᠷᠡ ᠬᠣᠶᠠᠷ ᠴᠢᠨᠠᠭᠰᠢ ᠬᠡᠳᠦ ᠠᠯᠬᠤᠲᠠᠯ᠎ᠠ ᠬᠠᠵᠠᠭᠤ ᠶ᠋ᠢᠨ ᠬᠦᠷᠳᠦ ᠡᠴᠡ ᠬᠣᠶᠠᠷ ᠬᠥᠮᠦᠨ ᠭᠠᠷᠴᠤ ᠰᠢᠭᠤᠳ ᠷᠢᠨᠴᠢᠨ ᠦ᠌ ᠳᠡᠷᠭᠡᠳᠡ ᠣᠴᠢᠮᠠᠭᠴᠠ ᠪᠦᠳᠦᠭᠦᠨ ᠪᠣᠷᠣᠣᠬᠠᠢ ᠪᠠᠷ ᠵᠡᠷᠭᠡ ᠴᠣᠬᠢᠵᠤ ᠤᠨᠠᠭᠠᠪᠠ᠃
ᠳᠠᠬᠢᠨ ᠴᠣᠬᠢᠬᠤ ᠭᠡᠲᠡᠯ᠎ᠡ ᠭᠤᠳᠤᠮᠵᠢᠨ ᠤ᠋ ᠦᠵᠦᠭᠦᠷ ᠲᠦ᠍ ᠬᠡᠳᠦᠨ ᠬᠥᠮᠦᠨ ᠶᠠᠷᠢᠯᠴᠠᠬᠤ ᠳᠠᠭᠤ ᠭᠠᠷᠴᠤ ᠨᠥᠭᠦᠭᠡ ᠬᠣᠶᠠᠷ ᠬᠥᠮᠦᠨ ᠬᠠᠷᠠᠩᠭᠤᠢ ᠳ᠋ᠤ᠌ ᠰᠢᠩᠭᠡᠨ ᠠᠯᠠᠭ᠎ᠠ ᠪᠣᠯᠪᠠ᠃
ᠶᠠᠭᠤ ᠪᠣᠯᠤᠭᠰᠠᠨ ᠢ᠋ ᠥᠩᠭᠡᠷᠡᠭᠰᠡᠨ ᠬᠣᠢᠨ᠎ᠠ ᠨᠢ ᠮᠡᠳᠡᠭᠰᠡᠨ ᠪᠠᠲᠤ ᠪᠠᠭᠰᠢ ᠪᠠᠨ ᠲᠡᠪᠡᠷᠢᠨ ᠠᠪᠴᠤ 《ᠪᠠᠭᠰᠢ ᠠ᠋! ᠪᠠᠭᠰᠢ ᠠ᠋!》 ᠭᠡᠵᠦ ᠬᠠᠰᠬᠢᠷᠪᠠ᠃
ᠪᠠᠲᠤ ᠶ᠋ᠢᠨ ᠴᠢᠷᠠᠯᠠᠵᠤ ᠬᠠᠰᠬᠢᠷᠤᠭᠰᠠᠨ ᠳᠠᠭᠤ ᠪᠠᠷ ᠬᠥᠮᠦᠰ ᠭᠦᠶᠦᠨ ᠢᠷᠡᠪᠡ᠃ ᠡᠳᠡ ᠪᠣᠯ ᠨᠣᠮ ᠤ᠋ᠨ ᠨᠡᠢᠯᠡᠭᠡ ᠬᠢᠭᠡᠳ ᠲᠠᠷᠠᠵᠤ ᠶᠠᠪᠤᠭᠰᠠᠨ ᠷᠢᠨᠴᠢᠨ ᠦ᠌ ᠱᠠᠪᠢ ᠨᠠᠷ ᠪᠠᠢᠵᠠᠢ᠃
ᠵᠠᠷᠢᠮ ᠨᠢ ᠪᠠᠭᠰᠢ ᠪᠠᠨ ᠠᠪᠴᠤ ᠭᠡᠷ ᠤᠷᠤᠭᠤ ᠨᠢ ᠶᠠᠪᠤᠵᠠᠭᠠᠪᠠ᠃ ᠵᠠᠷᠢᠮ ᠨᠢ ᠴᠣᠬᠢᠭᠰᠠᠨ ᠬᠥᠮᠦᠨ ᠢ᠋ ᠣᠯᠬᠤ ᠭᠡᠵᠦ ᠡᠰᠢ ᠳᠠᠰᠢ ᠭᠦᠶᠦᠯᠳᠦᠭᠰᠡᠨ ᠪᠣᠯᠪᠠᠴᠤ ᠬᠠᠷᠠᠩᠭᠤᠢ ᠰᠥᠨᠢ ᠵᠢᠭᠤᠲᠠᠨ ᠠᠯᠠᠭ᠎ᠠ ᠪᠣᠯᠤᠭᠰᠠᠨ ᠲᠡᠳᠡᠨ ᠢ᠋ ᠶᠠᠭᠠᠬᠢᠵᠤ ᠣᠯᠬᠤ ᠪᠢᠯᠡ᠃
ᠥᠷᠯᠥᠭᠡ ᠨᠢ ᠭᠠᠩᠳᠠᠨ ᠢ᠋ᠶ᠋ᠠᠷ ᠠᠩᠭᠢ ᠷᠢᠨᠴᠢᠨ ᠢ᠋ ᠭᠠᠳᠠᠭᠠᠯᠠᠵᠤ ᠶᠠᠪᠤᠬᠤ ᠳ᠋ᠤᠨᠢ ᠬᠣᠶᠠᠷ ᠳᠡᠭᠡᠷᠡᠮᠴᠢᠨ ᠴᠣᠬᠢᠵᠠᠢ ᠭᠡᠳᠡᠭ ᠶᠠᠷᠢᠶ᠎ᠠ ᠪᠦᠷ ᠳᠡᠯᠭᠡᠷᠡᠭᠰᠡᠨ ᠪᠠᠢᠪᠠ᠃
ᠦᠳᠡ ᠥᠩᠭᠡᠷᠡᠬᠦ ᠶ᠋ᠢᠨ ᠦᠶ᠎ᠡ ᠳ᠋ᠦ᠍ ᠷᠢᠨᠴᠢᠨ ᠨᠢᠳᠦ ᠪᠡᠨ ᠠᠯᠭᠤᠷᠬᠠᠨ ᠨᠡᠭᠡᠭᠡᠵᠦ ᠳᠡᠷᠭᠡᠳᠡ ᠨᠢ ᠪᠠᠢᠭᠰᠠᠨ ᠱᠠᠪᠢ ᠨᠠᠷ ᠢ᠋ᠶ᠋ᠠᠨ ᠠᠵᠢᠭᠯᠠᠨ ᠬᠠᠷᠠᠵᠤ᠄
᠊᠊᠊᠊᠊᠊᠊᠊᠊᠊᠊᠊᠊᠊᠊ ᠨᠠᠮᠠᠶ᠋ᠢ ᠪᠢᠲᠡᠭᠡᠢ ᠵᠢᠮᠡᠯᠡᠭᠡᠷᠡᠢ᠂ ᠪᠢ ᠥᠪᠡᠷ ᠢ᠋ᠶ᠋ᠡᠨ ᠲᠥᠭᠡᠷᠢᠵᠦ ᠶᠠᠪᠤᠭᠰᠠᠨ ᠬᠥᠮᠦᠨ ᠰᠢᠦ ᠭᠡᠵᠡᠢ᠃ ᠣᠷᠣᠢ ᠪᠤᠰᠤᠳ ᠱᠠᠪᠢ ᠨᠠᠷ ᠢ᠋ᠶ᠋ᠠᠨ ᠶᠠᠪᠤᠭᠤᠯᠤᠭᠠᠳ ᠭᠠᠭᠴᠠ ᠪᠠᠲᠤ ᠶ᠋ᠢ ᠳᠡᠷᠭᠡᠳᠡ ᠪᠡᠨ ᠦᠯᠡᠳᠡᠭᠡᠵᠡᠢ᠃
᠊᠊᠊᠊᠊᠊᠊᠊᠊᠊᠊᠊᠊᠊᠊ ᠨᠠᠮᠠᠶ᠋ᠢ ᠬᠡᠨ ᠴᠣᠬᠢᠭᠰᠠᠨ ᠪᠣᠢ?
᠊᠊᠊᠊᠊᠊᠊᠊᠊᠊᠊᠊᠊᠊᠊ ᠳᠡᠭᠡᠷᠡᠮᠴᠢᠨ ᠴᠣᠬᠢᠭᠰᠠᠨ᠃
᠊᠊᠊᠊᠊᠊᠊᠊᠊᠊᠊᠊᠊᠊᠊ ᠶᠠᠭᠤ ᠶ᠋ᠢ ᠮᠢᠨᠢ ᠠᠪᠤᠭᠰᠠᠨ ᠪᠣᠢ?
᠊᠊᠊᠊᠊᠊᠊᠊᠊᠊᠊᠊᠊᠊᠊ ᠶᠠᠭᠤ ᠴᠤ᠌ ᠠᠪᠤᠭ᠎ᠠ ᠦᠭᠡᠢ᠃
᠊᠊᠊᠊᠊᠊᠊᠊᠊᠊᠊᠊᠊᠊᠊ ᠶᠠᠭᠤ ᠴᠤ᠌ ᠠᠪᠤᠭ᠎ᠠ ᠦᠭᠡᠢ ᠪᠣᠯᠬᠣᠷ ᠳᠡᠭᠡᠷᠡᠮᠴᠢᠨ ᠪᠢᠰᠢ ᠪᠣᠯᠤᠯᠲᠠᠢ᠃ ᠪᠣᠭᠳᠠ ᠴᠣᠬᠢᠭ᠎ᠠ ᠦᠭᠡᠢ ᠪᠠᠢᠭ᠎ᠠ?
᠊᠊᠊᠊᠊᠊᠊᠊᠊᠊᠊᠊᠊᠊᠊ ᠬᠠᠨᠠᠰᠠ ᠳᠠ᠃ ᠪᠠᠭᠰᠢ ᠮᠢᠨᠢ᠂ ᠪᠣᠭᠳᠠ ᠶᠠᠭᠠᠬᠢᠯ᠎ᠠ ᠭᠡᠵᠦ ᠲᠠᠨ ᠢ᠋ ᠴᠣᠬᠢᠬᠤ ᠪᠣᠢ?
᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠳᠡᠭᠡᠷᠡᠮᠴᠢᠨ ᠪᠢᠰᠢ᠃ ᠴᠢᠨ ᠸᠠᠩ ᠬᠠᠠᠳᠠᠳᠤᠷᠵᠢ᠂ ᠴᠢᠩ ᠰᠦᠰᠦᠭᠲᠦ ᠴᠢᠨ ᠸᠠᠩ ᠳᠠ ᠯᠠᠮᠠ ᠴᠠᠷᠢᠠᠴᠢᠮᠠᠤᠨ ᠢ᠋ ᠬᠡᠨ ᠠᠯᠠᠭᠰᠠᠨ ᠢ᠋ ᠴᠢ ᠮᠡᠳᠡᠬᠦ ᠦᠭᠡᠢ ᠪᠢᠵᠡ ᠳᠡ᠃ ᠪᠣᠭᠳᠠ ᠶ᠋ᠢᠨ ᠭᠠᠷ ᠨᠢ ᠤᠷᠲᠤ ᠶᠤᠮ ᠰᠢᠦ ᠳᠡ᠃ ᠳᠡᠭᠦᠦ ᠮᠢᠨᠢ ᠡᠨᠡ ᠬᠠᠷᠠᠩᠭᠤᠢ ᠨᠦᠬᠡᠨ ᠡᠴᠡ ᠵᠠᠢᠯᠠᠵᠤ ᠦᠵᠡ ᠭᠡᠳ ᠳᠠᠭᠤ ᠦᠭᠡᠢ ᠪᠣᠯᠪᠠ᠃
ᠭᠡᠷ ᠦ᠋ᠨ ᠳᠣᠲᠣᠷ᠎ᠠ ᠨᠠᠮ ᠭᠦᠮ ᠪᠥᠭᠡᠳ ᠲᠣᠮᠣ ᠲᠣᠰᠣᠨ ᠳ᠋ᠧᠩ ᠦ᠋ᠨ ᠭᠡᠷᠡᠯ ᠶᠡᠬᠡ ᠪᠠᠭ᠎ᠠ ᠪᠣᠯᠤᠨ ᠠᠰᠠᠵᠤ ᠷᠢᠨᠴᠢᠨ ᠤᠳᠠᠭᠠᠨ ᠪᠥᠭᠡᠳ ᠲᠠᠰᠤᠯᠳᠠᠨ ᠠᠮᠢᠰᠬᠤᠭᠠᠯᠠᠵᠤ ᠪᠠᠢᠪᠠ᠃
᠊᠊᠊᠊᠊᠊᠊᠊᠊᠊᠊᠊᠊᠊᠊ ᠭᠡᠪᠰᠢ ᠠ᠋᠂ ᠴᠢ ᠤᠬᠠᠭᠠᠨ ᠲᠠᠢ ᠬᠥᠮᠦᠨ᠃ ᠥᠪᠡᠷ ᠦ᠋ᠨ ᠵᠠᠮ ᠢ᠋ ᠪᠣᠳᠣᠬᠤ ᠬᠡᠷᠡᠭᠲᠡᠢ ᠪᠠᠢᠨ᠎ᠠ᠃ ᠨᠠᠳᠠ ᠰᠢᠭ᠋ ᠥᠩᠭᠡᠷᠡᠭᠦᠯᠦᠭᠰᠡᠨ ᠠᠮᠢᠳᠤᠷᠠᠯ ᠢ᠋ᠶ᠋ᠠᠨ ᠡᠷᠭᠢᠨ ᠬᠠᠷᠠᠵᠤ ᠦᠷ᠎ᠡ ᠠᠰᠢᠭ ᠦᠭᠡᠢ ᠭᠠᠰᠠᠯᠬᠤ᠂ ᠦᠵᠡᠭᠰᠡᠨ ᠪᠦᠬᠦ ᠶᠠᠭᠤᠮᠠᠨ ᠳ᠋ᠠᠭᠠᠨ ᠢᠲᠡᠭᠡᠯ ᠠᠯᠳᠠᠬᠤ ᠭᠤᠨᠢᠭ ᠲᠤ᠌ ᠪᠢᠲᠡᠭᠡᠢ ᠭᠥᠷᠥᠭᠡᠷᠡᠢ᠃ ᠮᠢᠨᠦ ᠠᠮᠢᠳᠤᠷᠠᠯ ᠳᠠᠭᠤᠰᠤᠭᠰᠠᠨ ᠭᠠᠵᠠᠷ ᠡᠴᠡ ᠠᠮᠢᠳᠤᠷᠠᠯ ᠢ᠋ᠶ᠋ᠠᠨ ᠡᠬᠢᠯᠡᠬᠦ ᠬᠡᠷᠡᠭᠲᠡᠢ᠃ ᠡᠬᠢᠯᠡᠭᠡᠳ ᠶᠠᠪᠤᠬᠤ ᠳ᠋ᠤ᠌ ᠥᠷᠭᠡᠨ ᠳᠡᠯᠭᠡᠷ ᠵᠠᠮ ᠰᠢᠭ᠋ ᠰᠠᠨᠠᠭᠳᠠᠵᠤ ᠪᠠᠢᠭᠰᠠᠨ᠂ ᠭᠡᠲᠡᠯ᠎ᠡ ᠣᠳᠣ ᠮᠢᠨᠦ ᠡᠮᠦᠨ᠎ᠡ ᠵᠠᠮ ᠴᠦ᠍ ᠦᠭᠡᠢ ᠪᠣᠯᠪᠠ᠃ ᠬᠦᠦ ᠮᠢᠨᠢ ᠴᠢ ᠡᠬᠢᠯᠡᠭᠡᠳ ᠨᠠᠷᠢᠨ ᠪᠣᠯᠪᠠᠴᠤ ᠶᠠᠪᠤᠬᠤ ᠳᠣᠳᠣᠮ ᠥᠷᠭᠡᠨ ᠪᠣᠯᠳᠠᠭ ᠵᠠᠮ ᠢ᠋ ᠣᠯᠵᠤ ᠶᠠᠪᠤ᠃ ᠲᠡᠷᠡ ᠪᠣᠯ ᠡᠩ ᠦ᠋ᠨ ᠬᠠᠷ᠎ᠠ ᠠᠮᠢᠳᠤᠷᠠᠯ ᠤ᠋ᠨ ᠵᠠᠮ ᠪᠣᠯᠤᠯᠲᠠᠢ ᠁ ᠭᠡᠳ ᠪᠠᠬᠠᠨ ᠳᠠᠭᠤ ᠦᠭᠡᠢ ᠪᠣᠯᠤᠭᠰᠠᠨ ᠢ᠋ᠶ᠋ᠠᠨ᠄ 《ᠴᠢ ᠨᠥᠭᠦᠭᠡ ᠬᠠᠳᠠᠭ ᠢ᠋ᠶ᠋ᠠᠨ ᠠᠪᠤᠭᠠᠳ ᠥᠭᠭᠦᠭᠡᠴᠢ》 ᠭᠡᠪᠡ᠃
᠊᠊᠊᠊᠊᠊᠊᠊᠊᠊᠊᠊᠊᠊᠊ ᠰᠣᠨᠣᠮ ᠬᠠᠳᠠᠭ ᠤᠤ?
ᠷᠢᠨᠴᠢᠨ ᠨᠢᠳᠦ ᠪᠡᠷ ᠢ᠋ᠶ᠋ᠡᠨ 《ᠲᠡᠢᠮᠦ᠂ ᠨᠥᠭᠦᠭᠡ ᠬᠠᠳᠠᠭ》 ᠭᠡᠵᠦ ᠳᠣᠬᠢᠶ᠎ᠠ ᠥᠭᠭᠦᠭᠰᠡᠨ ᠳ᠋ᠦ᠍ ᠪᠠᠲᠤ ᠱᠦᠭᠦᠢ ᠡᠴᠡ ᠨᠠᠨᠳᠢᠩᠨᠠᠨ ᠪᠣᠭᠣᠭᠰᠠᠨ ᠵᠠᠪᠵᠠᠨ ᠤ᠋ ᠬᠠᠳᠠᠭ ᠢ᠋ ᠠᠪᠴᠤ ᠥᠭᠭᠦᠯ᠎ᠡ᠃ ᠷᠢᠨᠴᠢᠨ ᠬᠠᠳᠠᠭ ᠢ᠋ ᠴᠢᠩᠭ᠎ᠠ ᠠᠳᠬᠤᠵᠤ ᠨᠢᠳᠦ ᠪᠡᠨ ᠠᠨᠢᠬᠤ ᠳ᠋ᠤ᠌ ᠨᠢᠳᠦᠨ ᠦ᠌ ᠬᠢᠨᠢ ᠪᠦᠯᠦᠩ ᠢ᠋ᠶ᠋ᠡᠷ ᠲᠤᠩᠭᠠᠯᠠᠭ ᠨᠢᠯᠪᠤᠰᠤ ᠪᠤᠯᠲᠠᠢᠪᠠ᠃
ᠲᠡᠭᠦᠰᠬᠡᠯ ᠳ᠋ᠦ᠍ᠨᠢ ᠬᠣᠭᠣᠰᠣᠨ ᠥᠩᠭᠡᠷᠡᠭᠦᠯᠦᠭᠰᠡᠨ ᠢ᠋ᠶ᠋ᠡᠨ ᠮᠡᠳᠡᠭᠰᠡᠨ ᠠᠮᠢᠳᠤᠷᠠᠯ ᠳ᠋ᠤᠨᠢ ᠡᠨᠡ ᠬᠠᠳᠠᠭ ᠡᠴᠡ ᠦᠨ᠎ᠡ ᠲᠡᠢ ᠦᠨᠡᠨᠴᠢ ᠶᠠᠭᠤᠮ᠎ᠠ ᠦᠭᠡᠢ ᠪᠠᠢᠪᠠ᠃ ᠭᠡᠪᠡᠴᠦ ᠬᠣᠢᠲᠤᠬᠢ ᠪᠠᠨ ᠳᠠᠭᠠᠳᠬᠠᠵᠤ ᠥᠭᠭᠦᠭᠰᠡᠨ ᠡᠨᠡ ᠬᠠᠳᠠᠭ ᠤ᠋ᠨ ᠬᠠᠷᠢᠭᠤ ᠳ᠋ᠤ᠌ ᠥᠭᠬᠦ ᠶᠠᠭᠤᠮ᠎ᠠ ᠥᠪᠡᠷ ᠲᠦ᠋ᠨᠢ ᠪᠠᠢᠭᠰᠠᠨ ᠦᠭᠡᠢ᠃ ᠬᠦᠰᠡᠭᠰᠡᠨ ᠭᠤᠶᠤᠭᠰᠠᠨ ᠨᠣᠮ ᠢ᠋ ᠨᠢ ᠤᠩᠰᠢᠨ᠎ᠠ ᠭᠡᠬᠦ ᠳ᠋ᠦ᠍ ᠥᠪᠡᠷ ᠢ᠋ᠶ᠋ᠡᠨ ᠲᠡᠭᠦᠨ ᠳ᠋ᠦ᠍ ᠢᠲᠡᠭᠡᠬᠦ ᠦᠭᠡᠢ ᠪᠣᠯᠵᠠᠢ᠃
᠊᠊᠊᠊᠊᠊᠊᠊᠊᠊᠊᠊᠊᠊᠊ ᠡᠨᠡ ᠬᠠᠳᠠᠭ ᠢ᠋ᠶ᠋ᠠᠷ ᠨᠢᠭᠤᠷ ᠢ᠋ ᠮᠢᠨᠢ ᠪᠦᠲᠡᠭᠡᠭᠡᠷᠡᠢ ᠁ ᠭᠡᠳ ᠷᠢᠨᠴᠢᠨ ᠠᠨᠢᠭᠰᠠᠨ ᠨᠢᠳᠦ ᠪᠡᠨ ᠨᠡᠭᠡᠭᠡᠬᠦ ᠳ᠋ᠦ᠍ ᠬᠣᠶᠠᠷ ᠬᠠᠴᠠᠷ ᠤᠷᠤᠭᠤ ᠨᠢ ᠨᠢᠯᠪᠤᠰᠤ ᠤᠷᠤᠰᠪᠠ᠃ ᠬᠡᠰᠡᠭ ᠳᠠᠭᠤ ᠦᠭᠡᠢ ᠪᠠᠢᠭᠰᠠᠨ ᠢ᠋ᠶ᠋ᠠᠨ ᠶᠠᠭᠤᠮ᠎ᠠ ᠬᠡᠯᠡᠬᠦ ᠪᠣᠯᠤᠯᠲᠠᠢ ᠤᠷᠤᠭᠤᠯ ᠢ᠋ᠶ᠋ᠠᠨ ᠬᠥᠳᠡᠯᠭᠡᠭᠰᠡᠨ ᠢ᠋ᠶ᠋ᠡᠨ ᠬᠡᠳᠦ ᠠᠩᠭᠠᠯᠵᠠᠭᠠᠳ ᠠᠮᠢᠰᠬᠤᠭ᠎ᠠ ᠨᠢ ᠲᠠᠰᠤᠷᠠᠪᠠ᠃
ᠷᠢᠨᠴᠢᠨ ᠢ᠋ ᠱᠠᠪᠢ ᠨᠠᠷ ᠨᠢ ᠣᠷᠣᠰᠢᠭᠤᠯᠬᠤ ᠳ᠋ᠤ᠌ ᠪᠠᠲᠤ ᠬᠡᠳᠦ ᠳᠠᠬᠢᠨ ᠤᠬᠠᠭᠠᠨ ᠠᠯᠳᠠᠵᠠᠢ᠃ ᠳᠠᠯᠠᠨ ᠳᠠᠪᠬᠤᠷ ᠤ᠋ᠨ ᠡᠩᠭᠡᠷ ᠲᠦ᠍ ᠷᠢᠨᠴᠢᠨ ᠢ᠋ ᠣᠷᠣᠰᠢᠭᠤᠯᠵᠤ ᠪᠠᠢᠬᠤ ᠳ᠋ᠤ᠌ ᠪᠣᠭᠳᠠ ᠶ᠋ᠢᠨ ᠣᠷᠳᠣᠨ ᠳ᠋ᠤ᠌ ᠲᠥᠷᠥ ᠶ᠋ᠢᠨ ᠶᠡᠷᠦᠩᠬᠡᠢ ᠰᠠᠢᠳ ᠵᠠᠯᠠᠬᠠᠵᠠ ᠬᠤᠲᠤᠭᠲᠤ ᠲᠦᠷᠦᠭᠦᠦ ᠲᠡᠢ ᠰᠠᠢᠳ ᠨᠣᠶᠠᠳ ᠴᠤᠭᠯᠠᠷᠠᠭᠠᠳ ᠪᠠᠷᠤᠨ ᠵᠠᠩᠵᠤᠨ᠂ ᠪᠣᠭᠳᠠ ᠬᠣᠶᠠᠷ ᠢ᠋ ᠬᠦᠯᠢᠶᠡᠵᠦ ᠪᠠᠢᠪᠠ᠃
ᠪᠣᠭᠳᠠ ᠥᠭᠡᠳᠡᠯᠡᠵᠦ᠂ ᠬᠡᠳᠦᠨ ᠬᠥᠮᠦᠨ ᠢ᠋ᠶ᠋ᠡᠷ ᠬᠤᠪᠴᠠᠰᠤᠯᠠᠭᠤᠯᠤᠭᠠᠳ ᠬᠥᠲᠥᠯᠦᠭᠦᠯᠦᠨ ᠰᠢᠷᠡᠭᠡᠨ ᠳ᠋ᠦ᠍ ᠰᠠᠭᠤᠵᠤ ᠥᠷᠯᠥᠭᠡ ᠶ᠋ᠢᠨ ᠵᠣᠭᠣᠭ ᠢ᠋ᠶ᠋ᠠᠨ ᠪᠠᠷᠢᠵᠤ ᠪᠠᠢᠬᠤ ᠳ᠋ᠤ᠌ ᠲᠠᠨᠢᠭ᠎ᠠ ᠣᠷᠣᠵᠤ ᠢᠷᠡᠯ᠎ᠡ᠃
᠊᠊᠊᠊᠊᠊᠊᠊᠊᠊᠊᠊᠊᠊᠊ ᠠᠩᠭᠢ ᠷᠢᠨᠴᠢᠨ ᠢ᠋ ᠲᠠᠨ ᠤ᠋ ᠲᠠᠭᠠᠯᠠᠯ ᠢ᠋ᠶ᠋ᠠᠷ ᠪᠣᠯᠭᠠᠭᠰᠠᠨ᠂ ᠬᠠᠷᠢᠨ ᠡᠨᠡ ᠬᠡᠷᠡᠭ ᠲᠦ᠍ ᠲᠠᠪᠤᠨ ᠵᠠᠭᠤᠨ ᠠᠯᠲᠠᠨ ᠮᠠᠨᠢᠶᠠᠤᠨ ᠵᠠᠷᠤᠴᠠᠭᠤᠯᠪᠠ᠃
᠊᠊᠊᠊᠊᠊᠊᠊᠊᠊᠊᠊᠊᠊᠊ ᠮᠡᠳᠡᠯ᠎ᠡ ᠭᠡᠳ ᠪᠣᠭᠳᠠ ᠲᠣᠮᠣ ᠭᠡᠭᠴᠢ ᠶ᠋ᠢᠨ ᠮᠢᠬ᠎ᠠ ᠠᠮᠠᠨ ᠳ᠋ᠠᠭᠠᠨ ᠬᠢᠭᠡᠳ ᠤᠳᠠᠭᠠᠨ ᠭᠡᠭᠴᠢ ᠨᠢ ᠵᠠᠵᠢᠯᠪᠠ᠃
ᠭᠠᠳᠠᠨ᠎ᠠ ᠡᠴᠡ ᠨᠢᠭᠡᠨ ᠯᠠᠮᠠ ᠣᠷᠣᠵᠤ ᠢᠷᠡᠭᠡᠳ ᠠᠯᠠᠭ᠎ᠠ ᠪᠠᠨ ᠬᠠᠪᠰᠤᠷᠤᠨ ᠮᠡᠬᠦᠢᠵᠦ᠄ 《ᠲᠠᠪᠤᠳᠤᠭᠠᠷ ᠪᠣᠭᠳᠠ ᠶ᠋ᠢᠨ ᠬᠤᠪᠢᠯᠭᠠᠨ᠂ ᠶᠡᠬᠡ ᠵᠠᠩᠵᠤᠨ ᠪᠠᠷᠤᠨ ᠥᠩᠭᠧᠷᠡᠨ ᠮᠣᠷᠢᠯᠠᠨ ᠢᠷᠡᠭᠡᠳ ᠲᠥᠷᠥ ᠱᠠᠰᠢᠨ ᠢ᠋ ᠬᠣᠣᠰᠯᠠᠨ ᠪᠠᠷᠢᠭᠴᠢ ᠪᠣᠭᠳᠠ ᠵᠢᠪᠵᠤᠠᠳᠠᠮᠪᠠ ᠲᠠᠨ ᠢ᠋ ᠬᠦᠯᠢᠶᠡᠵᠦ ᠪᠠᠢᠨ᠎ᠠ》 ᠭᠡᠬᠦ ᠳ᠋ᠦ᠍ ᠪᠣᠭᠳᠠ ᠪᠣᠰᠴᠤ ᠲᠠᠨᠢᠭ᠎ᠠ ᠪᠠᠷ ᠬᠥᠲᠥᠯᠦᠭᠦᠯᠦᠨ ᠴᠤᠭᠯᠠᠷᠠᠭᠰᠠᠨ ᠨᠣᠶᠠᠳ ᠬᠤᠲᠤᠭᠲᠤ ᠤᠷᠤᠭᠤ ᠶᠠᠪᠤᠵᠠᠢ᠃
ᠪᠣᠭᠳᠠ ᠶ᠋ᠢ ᠲᠠᠰᠤᠯᠭᠠᠨ ᠳ᠋ᠤ᠌ ᠣᠷᠣᠬᠤ ᠳ᠋ᠤ᠌ ᠨᠡᠯᠢᠶᠡᠳ ᠪᠣᠭᠣᠨᠢᠳᠠᠭᠰᠠᠨ ᠬᠦᠷᠡᠩ ᠳᠣᠷᠭᠣᠨ ᠳᠡᠪᠡᠯ ᠳᠡᠭᠡᠷ᠎ᠡ ᠰᠡᠯᠡᠮ᠎ᠡ᠂ ᠭᠠᠷ ᠫᠤᠤ ᠵᠡᠭᠦᠭᠰᠡᠨ ᠪᠠᠷᠤᠨ ᠵᠠᠩᠵᠤᠨ ᠤᠭᠲᠤᠨ ᠣᠴᠢᠵᠤ᠄
᠊᠊᠊᠊᠊᠊᠊᠊᠊᠊᠊᠊᠊᠊᠊ ᠲᠥᠷᠥ ᠱᠠᠰᠢᠨ ᠢ᠋ ᠬᠣᠣᠰᠯᠠᠨ ᠪᠠᠷᠢᠭᠴᠢ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠲᠠᠨ ᠤ᠋ ᠥᠯᠮᠡᠢ ᠪᠠᠲᠤ ᠣᠷᠣᠰᠢᠬᠤ ᠪᠣᠯᠲᠤᠭᠠᠢ᠃ ᠪᠢ ᠪᠣᠯ ᠴᠠᠭ ᠤ᠋ᠨ ᠵᠢᠭᠠᠯᠲᠠ᠂ ᠪᠤᠷᠬᠠᠨ ᠤ᠋ ᠠᠪᠤᠷᠠᠯ ᠢ᠋ᠶ᠋ᠠᠷ ᠦᠢᠮᠡᠭᠡᠨ ᠡᠴᠡ ᠪᠣᠯᠵᠤ ᠵᠣᠪᠠᠯᠠᠩ ᠳ᠋ᠤ᠌ ᠤᠴᠠᠷᠠᠭᠰᠠᠨ ᠭᠤᠷᠪᠠᠨ ᠬᠠᠭᠠᠨ ᠢ᠋ ᠰᠢᠷᠡᠭᠡᠨ ᠳ᠋ᠦ᠍ᠨᠢ ᠪᠤᠴᠠᠭᠠᠨ ᠮᠠᠨᠳᠤᠭᠤᠯᠬᠤ ᠬᠤᠪᠢ ᠶ᠋ᠢ ᠣᠯᠵᠠᠢ᠃ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠲᠠᠨ ᠢ᠋ ᠰᠢᠷᠡᠭᠡᠨ ᠳ᠋ᠦ᠍ ᠴᠢᠨᠢ ᠵᠠᠯᠠᠪᠠ᠃ ᠣᠳᠣ ᠤᠯᠠᠭᠠᠨ ᠢ᠋ ᠪᠤᠲᠠ ᠴᠣᠬᠢᠵᠤ᠂ ᠪᠠᠭᠠᠲᠤᠷ ᠴᠠᠭᠠᠨ ᠬᠠᠭᠠᠨ ᠢ᠋ ᠰᠢᠷᠡᠭᠡᠨ ᠳ᠋ᠦ᠍ᠨᠢ ᠵᠠᠯᠠᠨ᠎ᠠ᠃ ᠲᠡᠭᠦᠨ ᠦ᠌ ᠳᠠᠷᠠᠭ᠎ᠠ ᠮᠠᠨᠵᠤ ᠶᠡᠬᠡ ᠭᠦᠷᠦᠨ ᠦ᠌ ᠡᠵᠡᠨ ᠬᠠᠭᠠᠨ ᠶᠡᠬᠡ ᠬᠤᠸᠠᠩᠳᠠᠢ ᠶ᠋ᠢ ᠰᠢᠷᠡᠭᠡᠨ ᠳ᠋ᠦ᠍ ᠵᠠᠯᠠᠬᠤ ᠪᠢᠯᠡ ᠭᠡᠵᠦ ᠡᠬᠢᠯᠡᠭᠡᠳ ᠡᠨᠡ ᠭᠤᠷᠪᠠᠨ ᠵᠦᠢᠯ ᠢ᠋ᠶ᠋ᠡᠨ ᠭᠦᠢᠴᠡᠳᠬᠡᠬᠦ ᠶ᠋ᠢᠨ ᠲᠤᠯᠠ ᠶᠠᠭᠤᠨ ᠤ᠋ ᠡᠮᠦᠨ᠎ᠡ ᠤᠯᠠᠭᠠᠨ ᠤ᠋ ᠬᠠᠯᠳᠠᠪᠤᠷᠢ ᠶ᠋ᠢ ᠡᠭᠦᠷ ᠲᠤᠨᠢ ᠤᠰᠠᠳᠬᠠᠬᠤ ᠬᠡᠷᠡᠭᠲᠡᠢ᠃ ᠡᠨᠡ ᠡᠷᠬᠢᠮ ᠦᠢᠯᠡ ᠶ᠋ᠢ ᠲᠦᠷᠭᠡᠨ ᠵᠠᠭᠤᠷ᠎ᠠ ᠪᠦᠲᠦᠭᠡᠬᠦ ᠳ᠋ᠦ᠍ ᠲᠥᠷᠥ ᠱᠠᠰᠢᠨ ᠢ᠋ ᠬᠣᠣᠰᠯᠠᠨ ᠪᠠᠷᠢᠭᠴᠢ᠂ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠲᠠ ᠲᠤᠰᠠᠯᠠᠬᠤ ᠶᠣᠰᠣᠲᠠᠢ᠃ ᠨᠠᠳᠠ ᠳ᠋ᠤ᠌ ᠴᠡᠷᠢᠭ ᠬᠡᠷᠡᠭᠲᠡᠢ᠂ ᠬᠡᠴᠢᠨᠡᠨ ᠣᠯᠠᠨ ᠪᠣᠯ ᠳᠠᠳᠣᠢ᠌ᠴᠢᠨᠠᠨ ᠰᠠᠢᠨ᠃ ᠬᠠᠯᠬ᠎ᠠ ᠳᠥᠷᠪᠡᠨ ᠠᠢᠮᠠᠭ᠂ ᠱᠠᠪᠢ ᠲᠠᠪᠤ ᠡᠴᠡ ᠵᠡᠪᠰᠡᠭ ᠪᠠᠷᠢᠵᠤ ᠴᠢᠳᠠᠬᠤ ᠪᠦᠬᠦᠨ ᠢ᠋ ᠮᠣᠷᠢᠳ ᠤ᠋ᠨ ᠬᠠᠮᠲᠤ ᠳᠠᠢᠴᠢᠯᠠᠬᠤ ᠯᠥᠡᠲᠤᠩ ᠲᠠ ᠪᠠᠭᠤᠯᠭᠠᠬᠤ ᠠᠵᠢᠶᠠᠮᠤ᠃ ᠪᠣᠭᠳᠠ ᠶ᠋ᠢᠨ ᠡᠨᠡ ᠯᠦᠠᠳᠦᠩ ᠢ᠋ ᠨᠣᠶᠠᠳ ᠬᠤᠲᠤᠭᠲᠤ ᠲᠠ ᠪᠦᠬᠦᠨ ᠳᠠᠭᠠᠵᠤ ᠪᠡᠶᠡᠯᠡᠭᠦᠯᠦᠨ᠎ᠡ ᠭᠡᠳᠡᠭ ᠲᠦ᠍ ᠪᠢ ᠭᠦᠨ ᠢᠲᠡᠭᠡᠨᠡᠮ᠃ ᠪᠢᠳᠡᠨ ᠦ᠌ ᠬᠣᠭᠣᠷᠣᠨᠳᠣ ᠪᠣᠢ ᠪᠣᠯᠤᠭᠰᠠᠨ ᠬᠣᠯᠪᠣᠭ᠎ᠠ ᠶ᠋ᠢ ᠡᠷᠬᠢᠮ ᠲᠠ ᠪᠦᠬᠦᠨ ᠬᠦᠨᠳᠦᠳᠬᠡᠨ ᠦᠵᠡᠬᠦ ᠪᠣᠢ ᠊ᠶ᠎ᠠ ᠭᠡᠳ ᠰᠢᠭᠤᠳ ᠡᠷᠭᠢᠵᠦ ᠭᠠᠷᠤᠯ᠎ᠠ᠃
ᠨᠣᠶᠠᠳ ᠬᠤᠲᠤᠭᠲᠤ ᠨᠠᠷ ᠪᠣᠭᠳᠠ ᠤᠷᠤᠭᠤ ᠬᠠᠷᠠᠬᠤ ᠳ᠋ᠤ᠌ ᠪᠠᠢᠰᠢᠩ ᠤ᠋ᠨ ᠪᠤᠯᠤᠩ ᠤᠷᠤᠭᠤ ᠴᠢᠭᠯᠡᠭᠰᠡᠨ ᠲᠡᠭᠦᠨ ᠦ᠌ ᠴᠠᠭᠠᠨ ᠨᠢᠳᠦ᠂ ᠦᠵᠦᠭᠦᠷ ᠨᠢ ᠲᠣᠪᠴᠢᠯᠠᠨ ᠤᠯᠠᠢᠵᠤ ᠪᠠᠢᠭ᠎ᠠ ᠬᠠᠮᠠᠷ ᠨᠢ ᠶᠠᠮᠠᠷ ᠴᠤ᠌ ᠬᠥᠳᠡᠯᠭᠡᠭᠡᠨ ᠦᠭᠡᠢ ᠬᠦᠯᠢᠵᠦ ᠪᠠᠢᠯ᠎ᠠ᠃
ᠪᠠᠷᠤᠨ᠂ ᠪᠣᠭᠳᠠ ᠶ᠋ᠢᠨ ᠣᠷᠳᠣᠨ ᠡᠴᠡ ᠭᠠᠷᠴᠤ ᠮᠣᠷᠢᠨ ᠳ᠋ᠠᠭᠠᠨ ᠮᠣᠷᠳᠠᠨ ᠳᠠᠪᠬᠢᠭᠰᠠᠭᠠᠷ ᠰᠠᠶᠢᠬᠠᠨ ᠰᠧᠯᠢᠩᠪᠦ ᠶ᠋ᠢᠨ ᠶᠠᠮᠤᠨ ᠪᠠᠢᠭᠰᠠᠨ ᠪᠠᠢᠰᠢᠩ ᠳ᠋ᠤ᠌ ᠢᠷᠡᠵᠦ ᠪᠠᠭᠤᠪᠠ᠃ ᠲᠡᠭᠦᠨ ᠢ᠋ ᠤᠭᠲᠤᠵᠤ ᠬᠤᠷᠠᠩᠳᠠ ᠰᠠᠫᠣᠢ᠌ᠯᠯᠤ᠋ ᠠᠭᠤᠯᠵᠠᠪᠠ᠃
᠊᠊᠊᠊᠊᠊᠊᠊᠊᠊᠊᠊᠊᠊᠊ ᠱᠣᠷᠣᠩ ᠳ᠋ᠤ᠌ ᠪᠠᠢᠭᠰᠠᠨ ᠤᠯᠤᠰ ᠢ᠋ ᠭᠠᠷᠭᠠᠭᠰᠠᠨ ᠤᠤ?
᠊᠊᠊᠊᠊᠊᠊᠊᠊᠊᠊᠊᠊᠊᠊ ᠭᠠᠷᠭᠠᠭᠰᠠᠨ᠃
᠊᠊᠊᠊᠊᠊᠊᠊᠊᠊᠊᠊᠊᠊᠊ ᠮᠠᠭᠰᠤᠷᠵᠠᠪ ᠢ᠋ ᠨᠠᠳᠠ ᠲᠠᠢ ᠠᠭᠤᠯᠵᠠᠭᠤᠯ᠃
᠊᠊᠊᠊᠊᠊᠊᠊᠊᠊᠊᠊᠊᠊᠊ ᠵᠠ ᠮᠡᠳᠡᠯ᠎ᠡ ᠭᠡᠳ ᠰᠠᠫᠣᠢ᠌ᠯᠯᠤ᠋ ᠡᠷᠭᠢᠬᠦ ᠳ᠋ᠦ᠍ᠨᠢ ᠪᠠᠷᠤᠨ ᠵᠣᠭᠰᠣᠭᠠᠵᠤ᠂ 《ᠪᠠᠷᠢᠵᠤ ᠢᠷᠡᠵᠦ ᠪᠣᠯᠬᠤ ᠦᠭᠡᠢ᠂ ᠤᠷᠢᠵᠤ ᠢᠷᠡᠬᠦ ᠬᠡᠷᠡᠭᠲᠡᠢ᠃ ᠣᠢᠯᠠᠭᠠᠪᠠ ᠤᠤ?》 ᠭᠡᠯᠡ᠃
᠊᠊᠊᠊᠊᠊᠊᠊᠊᠊᠊᠊᠊᠊᠊ ᠮᠡᠳᠡᠯ᠎ᠡ᠃ ᠤᠷᠢᠵᠤ ᠢᠷᠡᠬᠦ ᠬᠡᠷᠡᠭᠲᠡᠢ ᠭᠡᠳ ᠰᠠᠫᠣᠢ᠌ᠯᠯᠤ᠋ ᠶᠠᠪᠤᠵᠠᠢ᠃
ᠮᠠᠭᠰᠤᠷᠵᠠᠪ ᠭᠠᠮᠢᠩ ᠳ᠋ᠤ᠌ ᠪᠠᠷᠢᠭᠳᠠᠵᠤ ᠭᠢᠨᠳᠠᠨ ᠳ᠋ᠤ᠌ ᠬᠣᠶᠠᠷ ᠰᠠᠷ᠎ᠠ ᠭᠠᠷᠤᠢ ᠰᠠᠭᠤᠵᠠᠢ᠃ ᠡᠬᠢᠯᠡᠭᠡᠳ ᠭᠠᠮᠢᠩ ᠤ᠋ᠳ ᠪᠠᠷᠢᠵᠤ ᠠᠪᠤᠭᠰᠠᠨ ᠬᠥᠮᠦᠰ ᠢ᠋ᠶ᠋ᠡᠨ ᠰᠢᠷᠦᠭᠦᠯᠡᠨ ᠡᠷᠡᠭᠦᠳᠡᠪᠡ᠃ ᠬᠠᠳᠠᠨ ᠪᠠᠭᠠᠲᠤᠷ ᠢ᠋ ᠬᠣᠷᠢᠨ ᠤᠳᠠᠭ᠎ᠠ ᠪᠠᠩᠵᠠᠳᠠᠵᠠᠢ᠃ ᠭᠡᠲᠡᠯ᠎ᠡ ᠪᠠᠷᠢᠭᠳᠠᠭᠰᠠᠨ ᠮᠣᠩᠭᠣᠯᠴᠤᠳ ᠵᠣᠳᠣᠭᠤᠯᠬᠤ ᠳᠣᠳᠣᠮ ᠳᠣᠭᠰᠢᠷᠠᠬᠤ᠂ ᠬᠣᠷᠣᠰᠬᠤ ᠵᠠᠨᠤᠬᠤ ᠨᠢ ᠦᠯᠡᠮᠵᠢ ᠪᠣᠯᠪᠠ᠃ ᠢᠯᠠᠩᠭᠤᠶ᠎ᠠ ᠬᠡᠳᠦᠨ ᠡᠳᠦᠷ ᠬᠦᠨᠳᠦ ᠪᠡᠷ ᠡᠷᠡᠭᠦᠳᠡᠭᠦᠯᠦᠭᠰᠡᠨ ᠮᠠᠩᠯᠠᠢ ᠸᠠᠩ ᠳᠠᠮᠳᠢᠨᠰᠦ᠋ᠷᠦᠩ ᠵᠢᠭᠵᠢᠳ ᠬᠦᠩ ᠰᠢᠷᠬ᠎ᠠ ᠶ᠋ᠢᠨ ᠬᠠᠯᠠᠭᠤᠨ ᠢ᠋ᠶ᠋ᠠᠷ ᠦᠬᠦᠬᠦ ᠳ᠋ᠡᠭᠡᠨ 《ᠡᠨᠡ ᠮᠤᠤᠰᠠᠢᠨ ᠳᠡᠭᠡᠷᠡᠮᠴᠢᠳ ᠲᠦ᠍ ᠬᠡᠪᠲᠡᠵᠦ ᠥᠭᠬᠦ ᠦᠭᠡᠢ》 ᠭᠡᠳ ᠭᠢᠨᠳᠠᠨ ᠤ᠋ ᠬᠠᠨ᠎ᠠ ᠳᠥᠰᠢᠨ ᠪᠣᠰᠤᠭ᠎ᠠ ᠪᠠᠷ ᠦᠬᠦᠭᠰᠡᠨ ᠡᠴᠡ ᠬᠣᠢᠰᠢ ᠮᠣᠩᠭᠣᠯᠴᠤᠳ ᠢ᠋ ᠵᠣᠳᠣᠬᠤ ᠪᠦᠷᠢ ᠬᠠᠷᠢᠶᠠᠯ ᠵᠦᠬᠡᠯ ᠨᠢ ᠠᠷᠪᠢᠨ ᠪᠣᠯᠪᠠ᠃ ᠡᠨᠡ ᠤᠴᠢᠷ ᠡᠴᠡ ᠭᠠᠮᠢᠩ ᠤ᠋ᠳ ᠰᠢᠷᠦᠭᠦᠯᠡᠨ ᠵᠣᠳᠣᠬᠤ ᠪᠠᠨ ᠪᠣᠯᠢᠵᠤ ᠡᠯᠳᠡᠪ ᠨᠠᠷᠢᠨ᠂ ᠪᠦᠷ ᠨᠢᠯᠤᠭᠤᠨ ᠠᠷᠭ᠎ᠠ ᠬᠡᠷᠡᠭᠯᠡᠬᠦ ᠪᠣᠯᠪᠠ᠃ ᠨᠢᠭᠡᠨ ᠤᠳᠠᠭ᠎ᠠ ᠭᠣᠣ ᠰᠸᠯᠢᠩ ① ᠥᠪᠡᠷ ᠢ᠋ᠶ᠋ᠡᠨ ᠮᠠᠭᠰᠤᠷᠵᠠᠪ ᠲᠠᠢ ᠠᠭᠤᠯᠵᠠᠵᠠᠢ᠃ ᠮᠠᠭᠰᠤᠷᠵᠠᠪ ᠢ᠋ ᠲᠠᠰᠤᠯᠭᠠᠨ ᠳ᠋ᠤ᠌ ᠣᠷᠣᠬᠤ ᠳ᠋ᠤ᠌ ᠭᠣᠣ ᠰᠸᠯᠢᠩ ᠬᠠᠷ᠎ᠠ ᠲᠠᠮᠠᠬᠢᠨ ᠳ᠋ᠤ᠌ ᠰᠢᠷᠠᠯᠠᠭᠰᠠᠨ ᠰᠢᠲᠦ ᠪᠡᠨ ᠢᠷᠵᠠᠢᠯᠭᠠᠨ ᠢᠨᠢᠶᠡᠵᠦ ᠪᠣᠰᠤᠭᠠᠳ 《ᠳᠤᠮᠳᠠᠳᠤ ᠮᠣᠩᠭᠣᠯ ᠤ᠋ᠨ ᠣᠯᠠᠨ ᠲᠦᠮᠡᠨ ᠳ᠋ᠦ᠍ ᠠᠯᠳᠠᠷ ᠨᠡᠷ᠎ᠡ ᠪᠡᠨ ᠮᠠᠨᠳᠤᠭᠤᠯᠤᠭᠰᠠᠨ ᠶᠡᠬᠡ ᠬᠥᠮᠦᠨ ᠲᠠᠨ ᠲᠠᠢ ᠠᠭᠤᠯᠵᠠᠬᠤ ᠵᠠᠪᠰᠢᠶᠠᠨ ᠣᠯᠳᠠᠭᠰᠠᠨ ᠳ᠋ᠤ᠌ ᠥᠴᠦᠬᠡᠨ ᠪᠢ ᠦᠯᠡᠮᠵᠢ ᠪᠠᠶᠠᠷᠯᠠᠨ᠎ᠠ》 ᠭᠡᠳ ᠨᠡᠮᠦᠯᠵᠡᠨ ᠬᠣᠶᠠᠷ ᠭᠠᠷ ᠢ᠋ᠶ᠋ᠠᠷ ᠳᠡᠭᠡᠭᠰᠢ ᠰᠠᠭᠤᠬᠤ ᠶ᠋ᠢ ᠤᠷᠢᠪᠠ᠃
᠊᠊᠊᠊᠊᠊᠊᠊᠊᠊᠊᠊᠊᠊᠊ ᠣᠳᠣ ᠳ᠋ᠠᠭᠠᠨ ᠪᠢ ᠲᠠᠨ ᠤ᠋ ᠭᠢᠨᠵᠢᠨ ᠳ᠋ᠦ᠍ ᠪᠠᠢᠭ᠎ᠠ ᠪᠣᠯᠬᠣᠷ ᠨᠠᠳᠠ ᠲᠠᠢ ᠠᠭᠤᠯᠵᠠᠬᠤ ᠨᠢ ᠶᠠᠭᠤᠨ ᠵᠠᠪᠰᠢᠶᠠᠨ ᠪᠠᠢᠬᠤ ᠪᠢᠯᠡ᠃ ᠡᠷᠬᠢᠮ ᠲᠠ ᠠᠨᠳᠠᠭᠤᠷᠠᠵᠤ ᠪᠠᠢᠭ᠎ᠠ ᠪᠣᠯᠤᠯᠲᠠᠢ ᠭᠡᠳ ᠮᠠᠭᠰᠤᠷᠵᠠᠪ ᠬᠦᠢᠲᠡᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠲᠥᠷᠥ ᠶ᠋ᠢᠨ ᠶᠡᠬᠡ ᠶᠠᠪᠤᠳᠠᠯ ᠢ᠋ ᠡᠭᠦᠰᠬᠡᠵᠦ ᠪᠠᠢᠭ᠎ᠠ ᠳ᠋ᠤ᠌ ᠬᠦᠨᠳᠦᠲᠦ ᠨᠥᠬᠥᠷ ᠢ᠋ ᠬᠦᠷᠲᠡᠯ᠎ᠡ ᠴᠢᠯᠡᠭᠡᠬᠦ ᠠᠷᠭ᠎ᠠ ᠦᠭᠡᠢ ᠴᠠᠭ ᠪᠠᠢᠳᠠᠭ ᠢ᠋ ᠲᠠ ᠶᠠᠭᠤᠨ ᠠᠨᠳᠤᠬᠤ ᠪᠢᠯᠡ ᠭᠡᠳ ᠭᠣᠣ ᠰᠸᠯᠢᠩ ᠵᠤᠵᠠᠭᠠᠨ ᠰᠢᠯ ᠦ᠋ᠨ ᠴᠢᠨᠠᠳᠤᠬᠢ ᠤᠯᠠᠭᠠᠨ ᠵᠣᠪᠬᠢ ᠲᠠᠢ ᠨᠢᠳᠦ ᠪᠡᠨ ᠠᠨᠢᠪᠴᠢᠨ᠂ ᠨᠢᠭᠤᠷ ᠤ᠋ᠨ ᠢ᠋ᠶ᠋ᠠᠨ ᠪᠦᠬᠦ ᠠᠷᠠᠰᠤ ᠶ᠋ᠢ ᠦᠷᠴᠢᠯᠭᠡᠨ ᠢᠨᠢᠶᠡᠪᠡ᠃
᠊᠊᠊᠊᠊᠊᠊᠊᠊᠊᠊᠊᠊᠊᠊ ᠶᠡᠬᠡ ᠶᠠᠪᠤᠳᠠᠯ᠂ ᠪᠤᠵᠠᠷ ᠬᠡᠷᠡᠭ ᠬᠣᠶᠠᠷ ᠤ᠋ᠨ ᠵᠠᠢ ᠣᠯᠠᠨ ᠥᠷᠲᠡᠭᠡ ᠭᠡᠳᠡᠭ ᠢ᠋ ᠭᠧᠨᠧᠷᠠᠯ ᠲᠠ ᠶᠠᠭᠤᠨ ᠠᠨᠳᠤᠬᠤ ᠪᠢᠯᠡ᠃
᠊᠊᠊᠊᠊᠊᠊᠊᠊᠊᠊᠊᠊᠊᠊ ᠲᠠ ᠳᠡᠭᠡᠭᠰᠢ ᠮᠣᠷᠢᠯᠠ ᠭᠡᠳ ᠭᠧᠨᠧᠷᠠᠯ ᠬᠠᠳᠠᠨ ᠪᠠᠭᠠᠲᠤᠷ ᠢ᠋ ᠬᠠᠷᠠᠬᠤ ᠳ᠋ᠤ᠌ ᠨᠢᠳᠦᠨ ᠳ᠋ᠦ᠍ᠨᠢ ᠬᠣᠷᠣᠰᠤᠯ᠂ ᠨᠢᠭᠤᠷ ᠲᠤᠨᠢ ᠢᠨᠢᠶᠡᠮᠰᠦᠭᠯᠡᠯ ᠲᠣᠳᠣᠷᠠᠪᠠ᠃
ᠮᠠᠭᠰᠤᠷᠵᠠᠪ᠂ ᠨᠠᠮᠪᠠ ᠲᠠᠢ ᠠᠯᠬᠤᠵᠤ ᠤᠷᠢᠭᠰᠠᠨ ᠪᠠᠢᠷᠢᠨ ᠳ᠋ᠤᠨᠢ ᠰᠠᠭᠤᠪᠠ᠃ ᠨᠠᠮᠠᠶ᠋ᠢ ᠡᠳᠡᠨ ᠳ᠋ᠦ᠍ ᠤᠷᠪᠠᠨ ᠪᠠᠭᠤᠵᠤ ᠥᠭᠬᠦ ᠦᠭᠡᠢ ᠶ᠋ᠢ ᠮᠡᠳᠡᠭᠰᠡᠭᠡᠷ ᠠᠲᠠᠯ᠎ᠠ ᠢᠩᠭᠢᠵᠦ ᠶᠣᠰᠣᠷᠬᠠᠳᠠᠭ ᠤ᠋ᠨ ᠤᠴᠢᠷ ᠶᠠᠭᠤ ᠪᠢᠯᠡ᠃ ᠠᠯᠢ ᠬᠣᠣᠷ᠎ᠠ ᠥᠭᠬᠦ ᠭᠡᠵᠦ ᠪᠠᠢᠨ᠎ᠠ ᠤᠤ? ᠭᠡᠬᠦ ᠵᠡᠷᠭᠡ ᠡᠯᠳᠡᠪ ᠢ᠋ ᠪᠣᠳᠣᠵᠤ ᠪᠠᠢᠯ᠎ᠠ᠃ ᠭᠡᠲᠡᠯ᠎ᠡ ᠭᠧᠨᠧᠷᠠᠯ ᠳᠡᠢᠯᠦᠭᠳᠡᠵᠦ ᠳᠣᠷᠣᠢᠲᠠᠭᠰᠠᠨ ᠣᠷᠣᠨ ᠤ᠋ ᠡᠨᠡ ᠬᠥᠮᠦᠨ ᠲᠡᠢ ᠵᠥᠭᠡᠯᠡᠨ ᠠᠷᠭ᠎ᠠ ᠪᠠᠷ ᠶᠠᠷᠢᠪᠠᠯ ᠪᠠᠰᠠ ᠴᠤ᠌ ᠤᠴᠢᠷ ᠪᠣᠢ᠃ ᠦᠬᠦᠬᠦ ᠶ᠋ᠢᠨ ᠡᠮᠦᠨ᠎ᠡ ᠠᠮᠢᠳᠤᠷᠠᠯ ᠢ᠋ ᠬᠠᠢᠷᠠᠯᠠᠬᠤ ᠨᠢ ᠬᠥᠮᠦᠨ ᠪᠦᠬᠦᠨ ᠦ᠌ ᠵᠠᠩ ᠭᠡᠵᠦ ᠪᠣᠳᠣᠵᠤ ᠪᠠᠢᠯ᠎ᠠ᠃
ᠭᠧᠨᠧᠷᠠᠯ ᠬᠣᠩᠬᠣ ᠳᠤᠤᠭᠠᠷᠭᠠᠬᠤ ᠳ᠋ᠤ᠌ ᠭᠠᠮᠢᠩ ᠢᠷᠡᠭᠡᠳ ᠬᠦᠷᠢᠶᠡᠨ ᠳ᠋ᠦ᠍ ᠪᠠᠢᠭᠤᠯᠤᠭᠳᠠᠭᠰᠠᠨ ᠶᠠᠩᠬᠠᠨ ᠤ᠋ ᠭᠠᠵᠠᠷ ᠡᠴᠡ ᠰᠢᠯᠢᠵᠦ ᠠᠪᠴᠢᠷᠠᠭᠰᠠᠨ ᠦᠵᠡᠰᠬᠦᠯᠡᠩ ᠲᠡᠢ ᠬᠣᠶᠠᠷ ᠬᠢᠲᠠᠳ ᠬᠡᠦᠬᠡᠨ᠂ ᠡᠯᠳᠡᠪ ᠦ᠋ᠨ ᠵᠠᠭᠤᠰᠢ᠂ ᠳᠠᠷᠠᠰᠤ ᠠᠪᠴᠢᠷᠠᠵᠤ ᠰᠢᠷᠡᠭᠡᠨ ᠳᠡᠭᠡᠷ᠎ᠡ ᠲᠠᠯᠪᠢᠪᠠ᠃
ᠭᠣᠣ ᠰᠸᠯᠢᠩ ᠤᠷᠤᠭᠤᠯ ᠢ᠋ᠶ᠋ᠠᠨ ᠲᠠᠲᠠᠪᠠᠯᠵᠠᠭᠤᠯᠤᠨ ᠵᠠᠯᠢ ᠲᠠᠢ ᠢᠨᠢᠶᠡᠮᠰᠦᠭᠯᠡᠭᠰᠡᠨ ᠢ᠋ᠶ᠋ᠡᠨ᠄ 《ᠡᠨᠡ ᠬᠣᠭᠣᠯᠠ ᠶ᠋ᠢ ᠪᠡᠭᠡᠵᠢᠩ ᠡᠴᠡ ᠢᠷᠡᠭᠰᠡᠨ ᠲᠣᠭᠣᠭᠠᠴᠢ ᠲᠠᠨ ᠳ᠋ᠤ᠌ ᠵᠣᠷᠢᠭᠤᠯᠤᠨ ᠬᠢᠭᠰᠡᠨ ᠶᠤᠮ᠃ ᠵᠣᠭᠣᠭᠯᠠᠵᠤ ᠦᠵᠡᠭᠡᠳ ᠳᠠᠭᠠᠯᠠᠪᠠᠯ ᠲᠠᠨ ᠳ᠋ᠤ᠌ ᠡᠢᠮᠦ ᠲᠣᠭᠣᠭᠠᠴᠢ ᠣᠯᠵᠤ ᠥᠭᠴᠦ ᠥᠴᠦᠬᠡᠨ ᠪᠢ ᠯᠠᠪᠲᠠᠢ ᠴᠢᠳᠠᠨ᠎ᠠ》 ᠭᠡᠳ ᠤᠷᠲᠤ ᠴᠠᠭᠠᠨ ᠶᠠᠰᠤᠨ ᠰᠠᠪᠬ᠎ᠠ ᠪᠠᠷ ᠳ᠋ᠢᠶᠸᠽᠢ ᠲᠡᠢ ᠬᠣᠭᠣᠯᠠᠨ ᠡᠴᠡ ᠠᠪᠴᠤ ᠡᠮᠬᠦᠪᠡ᠃
᠊᠊᠊᠊᠊᠊᠊᠊᠊᠊᠊᠊᠊᠊᠊ ᠪᠢᠳᠡᠨ ᠦ᠌ ᠬᠦᠰᠡᠯ᠂ ᠵᠠᠩ ᠰᠤᠷᠲᠠᠬᠤᠨ ᠥᠭᠡᠷ᠎ᠡ ᠪᠣᠯᠬᠣᠷ ᠲᠠᠨ ᠳ᠋ᠤ᠌ ᠲᠠᠭᠠᠯᠠᠭᠳᠠᠭᠰᠠᠨ ᠬᠣᠭᠣᠯᠠ ᠶ᠋ᠢ ᠠᠮᠲᠠᠷᠬᠠᠨ ᠢᠳᠡᠵᠦ ᠴᠢᠳᠠᠬᠤ ᠦᠭᠡᠢ ᠪᠠᠢᠬ᠎ᠠ ᠭᠡᠵᠦ ᠠᠶᠤᠵᠤ ᠪᠠᠢᠨ᠎ᠠ ᠭᠡᠳ ᠮᠠᠭᠰᠤᠷᠵᠠᠪ ᠶᠣᠵᠣᠲᠠᠢ ᠢᠨᠢᠶᠡᠮᠰᠦᠭᠯᠡᠪᠡ᠃
ᠭᠣᠣ ᠰᠸᠯᠢᠩ ᠨᠢᠳᠦ ᠪᠡᠷ ᠲᠣᠬᠢᠬᠤ ᠳ᠋ᠤ᠌ ᠬᠣᠶᠠᠷ ᠬᠡᠦᠬᠡᠨ ᠨᠢᠳᠦ᠂ ᠬᠣᠰᠢᠭᠤ ᠪᠠᠷ ᠲᠣᠭᠯᠠᠨ ᠮᠠᠭᠰᠤᠷᠵᠠᠪ ᠤ᠋ᠨ ᠬᠣᠶᠠᠷ ᠲᠠᠯ᠎ᠠ ᠳ᠋ᠤ᠌ ᠰᠠᠭᠤᠵᠤ ᠠᠷᠢᠬᠢ ᠠᠶᠠᠭᠠᠯᠠᠨ ᠪᠠᠷᠢᠭᠠᠳ᠂ ᠬᠠᠴᠠᠷ ᠢ᠋ᠶ᠋ᠠᠨ ᠮᠥᠷᠦᠨ ᠳ᠋ᠦ᠍ᠨᠢ ᠱᠠᠯᠢᠭᠯᠠᠨ ᠨᠠᠭᠠᠪᠠ᠃
᠊᠊᠊᠊᠊᠊᠊᠊᠊᠊᠊᠊᠊᠊᠊ ᠡᠳᠡᠨ ᠢ᠋ ᠭᠠᠷᠭᠠᠬᠤ ᠦᠭᠡᠢ ᠪᠣᠯ ᠪᠢ ᠲᠠᠨ ᠲᠠᠢ ᠨᠢᠭᠡ ᠴᠦ᠍ ᠦᠭᠡ ᠰᠣᠯᠢᠬᠤ ᠦᠭᠡᠢ ᠭᠡᠵᠦ ᠮᠠᠭᠰᠤᠷᠵᠠᠪ ᠠᠭᠤᠷᠲᠠᠢ ᠬᠡᠯᠡᠪᠡ᠃
᠊᠊᠊᠊᠊᠊᠊᠊᠊᠊᠊᠊᠊᠊᠊ ᠤᠤᠯ ᠨᠢ ᠪᠢᠳᠡᠨ ᠰᠢᠭ᠋ ᠴᠡᠷᠢᠭ ᠦ᠋ᠨ ᠬᠥᠮᠦᠨ ᠭᠤᠸ᠎ᠠ ᠥᠬᠢᠳ ᠡᠴᠡ ᠵᠢᠭᠤᠲᠠᠬᠤ ᠬᠡᠷᠡᠭ ᠦᠭᠡᠢ ᠶᠤᠮ᠃ ᠭᠡᠪᠡᠴᠦ ᠲᠠᠨ ᠳ᠋ᠤ᠌ ᠲᠠᠭᠠᠯᠠᠮᠵᠢ ᠦᠭᠡᠢ ᠪᠠᠢᠭ᠎ᠠ ᠪᠣᠯ ᠁ ᠭᠡᠳ ᠬᠥᠮᠥᠰᠬᠡ ᠪᠡᠨ ᠵᠠᠩᠭᠢᠳᠤᠨ ᠰᠢᠷᠪᠢᠬᠦ ᠳ᠋ᠦ᠍ ᠬᠣᠶᠠᠷ ᠬᠡᠦᠬᠡᠨ ᠭᠱᠠᠨ ᠵᠠᠭᠤᠷ᠎ᠠ ᠭᠠᠷᠤᠯ᠎ᠠ᠃
ᠮᠠᠭᠰᠤᠷᠵᠠᠪ ᠬᠣᠭᠣᠯᠠ ᠡᠴᠡ ᠲᠠᠢᠪᠤᠩ ᠢᠳᠡᠵᠦ ᠭᠤᠷᠪᠠᠨ ᠬᠤᠨᠳᠠᠭ᠎ᠠ ᠠᠷᠢᠬᠢ ᠤᠤᠭᠤᠵᠠᠢ᠃ ᠭᠣᠣ ᠰᠸᠯᠢᠩ ᠬᠣᠭᠣᠯᠠ ᠢᠳᠡᠵᠦ᠂ ᠠᠷᠢᠬᠢ ᠤᠤᠭᠤᠬᠤ ᠵᠠᠭᠤᠷ᠎ᠠ ᠬᠤᠯᠠᠭᠠᠢ ᠨᠢᠳᠦ ᠪᠡᠷ ᠪᠠᠢᠨ ᠪᠠᠢᠨ ᠠᠵᠢᠭᠯᠠᠪᠠ᠃
᠊᠊᠊᠊᠊᠊᠊᠊᠊᠊᠊᠊᠊᠊᠊ ᠲᠠ ᠪᠢᠳᠡ ᠬᠣᠶᠠᠷ ᠴᠡᠷᠢᠭ ᠦ᠋ᠨ ᠡᠷ᠎ᠡ ᠪᠣᠯᠬᠣᠷ ᠰᠢᠭᠤᠳ ᠶᠠᠷᠢᠬᠤ ᠰᠠᠢᠬᠠᠨ ᠭᠡᠵᠦ ᠪᠢ ᠪᠣᠳᠣᠵᠤ ᠪᠠᠢᠨ᠎ᠠ᠃ ᠮᠣᠩᠭᠣᠯ ᠬᠢᠲᠠᠳ ᠬᠣᠶᠠᠷ ᠬᠡᠵᠢᠶᠡᠨ ᠡᠴᠡ ᠲᠥᠷᠥ ᠤᠯᠤᠰ ᠢ᠋ᠶ᠋ᠠᠨ ᠬᠠᠮᠲᠤᠷᠠᠨ ᠪᠠᠢᠭᠤᠯᠵᠤ᠂ ᠡᠭᠡᠯᠵᠢᠯᠡᠨ ᠪᠠᠷᠢᠵᠤ ᠢᠷᠡᠭᠰᠡᠨ ᠪᠢᠯᠡ᠃ ᠭᠡᠲᠡᠯ᠎ᠡ ᠰᠡᠭᠦᠯ ᠦ᠋ᠨ ᠦᠶ᠎ᠡ ᠳ᠋ᠦ᠍ ᠵᠠᠷᠢᠮ ᠨᠢᠭᠡᠨ ᠣᠭᠠᠪᠣᠷᠢ ᠮᠥᠴᠢᠳ ᠬᠥᠮᠦᠰ ᠭᠠᠳᠠᠭᠠᠳᠤ ᠣᠷᠣᠨ ᠤ᠋ ᠳᠡᠮᠡᠢ ᠪᠠᠯᠠᠢ ᠦᠭᠡᠨ ᠳ᠋ᠦ᠍ ᠣᠷᠣᠵᠤ ᠨᠢᠭᠡᠨ ᠭᠡᠷ ᠪᠦᠯᠢ ᠶ᠋ᠢ ᠲᠠᠰᠤᠯᠵᠤ᠂ ᠲᠦᠮᠡᠨ ᠢ᠋ ᠦᠢᠮᠡᠭᠦᠯᠦᠨ ᠵᠣᠪᠠᠯᠠᠩ ᠳ᠋ᠤ᠌ ᠤᠴᠠᠷᠠᠭᠤᠯᠬᠤ ᠳ᠋ᠤ᠌ ᠬᠦᠷᠦᠯ᠎ᠡ᠃ ᠵᠦᠢ ᠶᠣᠰᠣ ᠶ᠋ᠢ ᠲᠣᠭᠲᠠᠭᠠᠨ᠂ ᠨᠢᠭᠡᠨ ᠭᠡᠷ ᠪᠦᠯᠢ ᠶ᠋ᠢᠨ ᠰᠠᠢᠬᠠᠨ ᠶᠣᠰᠣ ᠶ᠋ᠢ ᠰᠠᠬᠢᠬᠤ ᠶᠡᠬᠡ ᠦᠢᠯᠡ ᠬᠡᠷᠡᠭ ᠲᠦ᠍ ᠡᠷᠬᠢᠮ ᠶᠡᠬᠡ ᠵᠠᠩᠵᠤᠨ ᠨᠢᠭᠡᠨ ᠮᠥᠷᠥ ᠶ᠋ᠢᠨ ᠬᠦᠴᠦ ᠲᠤᠰᠠᠯᠠᠪᠠᠯ ᠮᠠᠨ ᠤ᠋ ᠤᠯᠤᠰ ᠤ᠋ᠨ ᠵᠠᠰᠠᠭ ᠤ᠋ᠨ ᠭᠠᠵᠠᠷ ᠲᠠᠨ ᠤ᠋ ᠭᠠᠪᠢᠶ᠎ᠠ ᠶ᠋ᠢ ᠶᠠᠭᠠᠬᠢᠵᠤ ᠮᠠᠷᠲᠠᠬᠤ ᠪᠣᠢ ᠊ᠶ᠎ᠠ᠃ ᠬᠠᠷᠢᠨ ᠳᠡᠮᠡᠢ ᠡᠰᠡᠷᠭᠦᠴᠡᠵᠦ ᠬᠦᠴᠦᠨ ᠳ᠋ᠦ᠍ ᠳᠠᠷᠤᠭᠳᠠᠪᠠᠯ ᠬᠣᠢᠴᠢ ᠡᠳᠦᠷ ᠭᠡᠮᠰᠢᠵᠦ ᠪᠠᠷᠠᠬᠤ ᠦᠭᠡᠢ ᠬᠡᠷᠡᠭ ᠪᠣᠯᠤᠨ᠎ᠠ ᠭᠡᠳᠡᠭ ᠢ᠋ ᠲᠠ ᠶᠠᠭᠤᠨ ᠠᠨᠳᠤᠬᠤ ᠪᠢᠯᠡ ᠭᠡᠳ ᠭᠣᠣ ᠰᠸᠯᠢᠩ ᠬᠠᠳᠠᠨ ᠪᠠᠭᠠᠲᠤᠷ ᠥᠭᠡᠳᠡ ᠬᠠᠷᠠᠯ᠎ᠠ᠃
᠊᠊᠊᠊᠊᠊᠊᠊᠊᠊᠊᠊᠊᠊᠊ ᠲᠠ ᠪᠠᠬᠠᠨ ᠰᠠᠷᠬᠤᠳ ᠵᠣᠭᠣᠭᠯᠠᠭᠰᠠᠨ ᠡᠴᠡ ᠪᠣᠯᠵᠤ ᠲᠡᠦᠬᠡ ᠰᠤᠳᠤᠷ ᠢ᠋ ᠮᠠᠷᠲᠠᠵᠤ ᠪᠠᠢᠭ᠎ᠠ ᠪᠣᠯᠤᠯᠲᠠᠢ᠃ ᠪᠢᠳᠡ ᠲᠥᠷᠥ ᠬᠠᠮᠲᠤᠷᠠᠨ ᠪᠠᠢᠭᠤᠯᠵᠤ ᠪᠠᠢᠭᠰᠠᠨ ᠤᠳᠠᠭ᠎ᠠ ᠦᠭᠡᠢ᠃ ᠬᠠᠷᠢᠨ ᠨᠢᠭᠡᠨ ᠨᠢ ᠬᠦᠴᠦᠷᠬᠡᠭᠯᠡᠵᠦ᠂ ᠨᠥᠭᠦᠭᠡ ᠨᠢ ᠳᠠᠷᠤᠭᠳᠠᠨ ᠵᠠᠬᠢᠷᠤᠭᠳᠠᠵᠤ ᠪᠠᠢᠭᠰᠠᠨ᠃ ᠰᠡᠭᠦᠯ ᠳ᠋ᠦ᠍ᠨᠢ ᠬᠣᠶᠠᠭᠤᠯᠠ ᠮᠠᠨᠵᠤ ᠶ᠋ᠢᠨ ᠡᠷᠬᠡᠨ ᠳ᠋ᠦ᠍ ᠣᠷᠣᠵᠤ ᠳᠠᠷᠤᠯᠠᠭᠳᠠᠨ ᠪᠠᠢᠭᠰᠠᠭᠠᠷ ᠡᠴᠦᠰ ᠲᠦ᠋ᠨᠢ ᠬᠣᠶᠠᠭᠤᠯᠠ ᠲᠤᠰᠠᠭᠠᠷ ᠤᠯᠤᠰ ᠪᠣᠯᠤᠭᠰᠠᠨ᠃
ᠭᠡᠲᠡᠯ᠎ᠡ ᠲᠠ ᠨᠠᠷ ᠴᠡᠷᠢᠭ ᠦ᠋ᠨ ᠬᠦᠴᠦ ᠪᠡᠷ ᠲᠦᠷᠢᠵᠦ ᠪᠢᠳᠡᠨ ᠢ᠋ ᠡᠵᠡᠯᠡᠭᠰᠡᠨ ᠪᠢᠯᠡ᠃ ᠭᠡᠪᠡᠴᠦ ᠡᠵᠡᠯᠡᠭᠳᠡᠬᠦ᠂ ᠳᠠᠷᠤᠭᠳᠠᠬᠤ ᠬᠣᠶᠠᠷ ᠱᠠᠯ ᠥᠭᠡᠷ᠎ᠡ ᠵᠦᠢᠯ ᠪᠣᠯᠬᠣᠷ ᠪᠢᠳᠡ ᠡᠵᠡᠯᠡᠭᠳᠡᠭᠰᠡᠨ ᠪᠣᠯᠪᠠᠴᠤ ᠳᠠᠷᠤᠭᠳᠠᠭ᠎ᠠ ᠦᠭᠡᠢ ᠪᠠᠢᠭ᠎ᠠ ᠶ᠋ᠢ ᠡᠷᠬᠢᠮ ᠵᠠᠩᠵᠤᠨ ᠣᠢᠯᠠᠭᠠᠪᠠᠯ ᠵᠦᠭᠡᠷ ᠶᠤᠮ ᠳᠡ ᠭᠡᠳ ᠮᠠᠭᠰᠤᠷᠵᠠᠪ ᠰᠠᠪᠬ᠎ᠠ ᠪᠠᠨ ᠡᠮᠦᠨᠡᠬᠢ ᠰᠢᠷᠡᠭᠡᠨ ᠳᠡᠭᠡᠷ᠎ᠡ ᠲᠠᠰᠬᠢᠲᠡᠯ᠎ᠡ ᠲᠠᠯᠪᠢᠪᠠ᠃
᠊᠊᠊᠊᠊᠊᠊᠊᠊᠊᠊᠊᠊᠊᠊ ᠲᠠ ᠮᠠᠨ ᠤ᠋ ᠤᠯᠤᠰ᠂ ᠲᠠᠨ ᠤ᠋ ᠡᠨᠡ ᠥᠴᠦᠬᠡᠨ ᠣᠷᠣᠨ ᠡᠴᠡ ᠬᠡᠳᠦᠨ ᠳᠠᠪᠬᠤᠷ ᠢᠯᠡᠭᠦᠦ ᠬᠦᠴᠦ ᠲᠡᠢ ᠭᠡᠳᠡᠭ ᠢ᠋ ᠣᠢᠯᠠᠭᠠᠳᠠᠭ ᠪᠢᠵᠡ? ᠭᠡᠵᠦ ᠭᠣᠣ ᠰᠸᠯᠢᠩ ᠬᠡᠯᠡᠬᠦ ᠳ᠋ᠦ᠍ᠨᠢ ᠨᠢᠭᠤᠷ ᠨᠢ ᠤᠯᠠᠰᠬᠢᠵᠦ ᠵᠠᠵᠢᠭᠤᠷ ᠨᠢ ᠲᠠᠲᠠᠪᠠᠯᠵᠠᠪᠠ᠃
᠊᠊᠊᠊᠊᠊᠊᠊᠊᠊᠊᠊᠊᠊᠊ ᠭᠡᠪᠡᠴᠦ ᠥᠨᠳᠡᠭᠡ ᠪᠡᠨ ᠬᠠᠮᠠᠭᠠᠯᠠᠭᠰᠠᠨ ᠰᠢᠪᠠᠭᠤ᠂ ᠴᠢᠨᠣ᠎ᠠ ᠶ᠋ᠢᠨ ᠨᠢᠳᠦ ᠶ᠋ᠢ ᠰᠣᠬᠣᠯᠵᠤ ᠳᠡᠢᠯᠦᠭᠰᠡᠨ ᠦᠯᠢᠭᠡᠷ ᠪᠠᠢᠳᠠᠭ ᠶᠤᠮ ᠰᠢᠦ ᠭᠡᠵᠦ ᠮᠠᠭᠰᠤᠷᠵᠠᠪ ᠲᠠᠢᠪᠤᠩ ᠪᠥᠭᠡᠳ ᠬᠡᠭᠵᠢᠭᠦᠨ ᠬᠡᠯᠡᠪᠡ᠃
ᠭᠣᠣ ᠰᠸᠯᠢᠩ ᠦ᠋ᠨ ᠮᠠᠶᠢᠭᠯᠠᠯ ᠳᠠᠭᠤᠰᠴᠤ ᠴᠢᠷᠠᠢ ᠨᠢ ᠤᠯᠠᠢᠵᠤ᠂ ᠨᠢᠭᠤᠷ ᠨᠢ ᠮᠢᠠᠴᠢ᠌ᠵᠤ ᠦᠷᠴᠢᠯᠡᠭᠡᠳᠡᠨ ᠱᠠᠯᠠ ᠳᠡᠪᠰᠡᠯᠡᠵᠦ 《ᠦᠬᠡᠷ ᠮᠣᠩᠭᠣᠯ》᠂ 《ᠲᠡᠨᠡᠭ ᠮᠣᠩᠭᠣᠯ》᠂ 《ᠲᠠᠨ ᠤ᠋ ᠴᠠᠭᠠᠨ ᠰᠠᠷ᠎ᠠ ᠶ᠋ᠢ ᠪᠢ ᠤᠯᠠᠭᠠᠨ ᠰᠠᠷ᠎ᠠ ᠪᠣᠯᠭᠠᠭᠠᠳ ᠲᠠ ᠨᠠᠷ ᠥᠨᠳᠡᠭᠡ ᠪᠡᠨ ᠶᠠᠭᠠᠬᠢᠵᠤ ᠬᠠᠮᠠᠭᠠᠯᠠᠬᠤ ᠶ᠋ᠢ ᠦᠵᠡᠨ᠎ᠡ》 ᠭᠡᠬᠦ ᠵᠡᠷᠭᠡ ᠪᠡᠷ ᠬᠠᠰᠬᠢᠷᠤᠨ ᠳᠣᠭᠰᠢᠷᠠᠵᠤ ᠬᠣᠶᠠᠷ ᠴᠡᠷᠢᠭ ᠳᠠᠭᠤᠳᠠᠵᠤ ᠮᠠᠭᠰᠤᠷᠵᠠᠪ ᠢ᠋ ᠭᠠᠷᠭᠠᠵᠠᠢ᠃
ᠲᠡᠷᠡ ᠡᠳᠦᠷ ᠮᠠᠭᠰᠤᠷᠵᠠᠪ ᠢ᠋ ᠳᠥᠴᠢ ᠪᠠᠩᠵᠠᠳᠠᠭᠠᠤᠨ ᠭᠢᠨᠳᠠᠨ ᠳ᠋ᠤ᠌ ᠬᠢᠵᠡᠢ᠃
ᠭᠡᠲᠡᠯ᠎ᠡ ᠬᠦᠷᠢᠶ᠎ᠡ ᠤᠷᠤᠭᠤ ᠪᠠᠷᠤᠨ ᠳᠣᠪᠲᠣᠯᠵᠤ᠂ ᠭᠠᠮᠢᠩ ᠬᠥᠭᠡᠭᠡᠭᠳᠡᠭᠡᠳ ᠮᠠᠭᠰᠤᠷᠵᠠᠪ ᠰᠤᠯᠠᠯᠠᠭᠳᠠᠨ ᠭᠡᠷ ᠲᠡᠭᠡᠨ ᠬᠠᠷᠢᠭᠠᠳ ᠪᠠᠢᠬᠤ ᠪᠠᠢᠲᠠᠯ᠎ᠠ ᠪᠠᠷᠤᠨ ᠤ᠋ ᠶᠠᠪᠤᠭᠤᠯᠤᠭᠰᠠᠨ ᠬᠤᠷᠠᠩᠳᠠ ᠰᠠᠫᠣᠢ᠌ᠯᠯᠤ᠋ ᠢᠷᠡᠵᠦ 《ᠴᠢᠩᠭᠢᠰ ᠬᠠᠭᠠᠨ ᠤ᠋ ᠲᠥᠷᠥ ᠶ᠋ᠢ ᠳᠠᠬᠢᠨ ᠪᠠᠢᠭᠤᠯᠬᠤ ᠪᠠᠷ ᠪᠤᠷᠬᠠᠨ ᠡᠴᠡ ᠵᠠᠶᠠᠭᠠᠭᠳᠠᠭᠰᠠᠨ ᠲᠠᠪᠤᠳᠤᠭᠠᠷ ᠪᠣᠭᠳᠠ ᠶ᠋ᠢᠨ ᠬᠤᠪᠢᠯᠭᠠᠨ ᠶᠡᠬᠡ ᠵᠠᠩᠵᠤᠨ ᠪᠠᠷᠤᠨ ᠤᠩᠭᠧᠷᠡᠨ᠂ ᠬᠠᠯᠬ᠎ᠠ ᠮᠣᠩᠭᠣᠯ ᠤ᠋ᠨ ᠳᠠᠢᠴᠢᠨ ᠪᠠᠭᠠᠲᠤᠷ ᠲᠠᠨ ᠢ᠋ ᠮᠣᠷᠢᠯᠠᠨ ᠢᠷᠡᠨ᠎ᠡ ᠤᠤ? ᠭᠡᠵᠦ ᠤᠷᠢᠪᠠ》 ᠭᠡᠬᠦ ᠳ᠋ᠦ᠍ᠨᠢ ᠬᠠᠳᠠᠨ ᠪᠠᠭᠠᠲᠤᠷ ᠲᠠᠲᠠᠭᠠᠯᠵᠠᠯ ᠦᠭᠡᠢ ᠶᠠᠪᠤᠵᠠᠢ᠃
ᠪᠠᠷᠤᠨ ᠥᠩᠭᠧᠷᠡᠨ ᠮᠣᠩᠭᠣᠯ ᠳ᠋ᠤ᠌ ᠰᠠᠢᠨ ᠢ᠋ ᠬᠢᠬᠦ ᠦᠭᠡᠢ ᠭᠡᠳᠡᠭ ᠢ᠋ ᠮᠠᠭᠰᠤᠷᠵᠠᠪ ᠮᠡᠳᠡᠵᠦ ᠪᠠᠢᠭᠰᠠᠨ᠃ ᠭᠡᠪᠡᠴᠦ ᠮᠣᠩᠭᠣᠯ ᠣᠷᠣᠨ ᠳ᠋ᠤ᠌ ᠬᠦᠨᠳᠦ ᠪᠡᠷᠬᠡ ᠡᠨᠡ ᠦᠶ᠎ᠡ ᠨᠡᠢᠰᠯᠡᠯ ᠬᠦᠷᠢᠶ᠎ᠡ ᠡᠴᠡ ᠭᠠᠮᠢᠩ ᠢ᠋ ᠬᠥᠭᠡᠭᠡᠭᠰᠡᠨ ᠡᠨᠡ ᠬᠥᠮᠦᠨ ᠨᠡᠷ᠎ᠡ ᠣᠯᠵᠤ ᠠᠪᠤᠭᠰᠠᠨ ᠲᠤᠯᠠ ᠲᠡᠭᠦᠨ ᠲᠡᠢ ᠬᠥᠩᠭᠡᠨ ᠬᠠᠷᠢᠴᠠᠵᠤ ᠪᠣᠯᠬᠤ ᠦᠭᠡᠢ ᠪᠠᠢᠯ᠎ᠠ᠃
ᠬᠠᠳᠠᠨ ᠪᠠᠭᠠᠲᠤᠷ ᠮᠠᠭᠰᠤᠷᠵᠠᠪ ᠵᠥᠪᠯᠡᠯᠲᠦ ᠣᠷᠣᠰ ᠤᠯᠤᠰ ᠡᠴᠡ ᠲᠤᠰᠠᠯᠠᠮᠵᠢ ᠭᠤᠶᠤᠬᠤ ᠪᠠᠷ ᠶᠠᠪᠤᠭᠰᠠᠨ ᠰᠦᠬᠡᠪᠠᠭᠠᠲᠤᠷ ᠨᠠᠷ ᠤ᠋ᠨ ᠬᠡᠷᠡᠭ ᠦᠢᠯᠡ ᠶ᠋ᠢᠨ ᠲᠤᠬᠠᠢ ᠰᠠᠢᠨ ᠮᠡᠳᠡᠵᠦ ᠪᠠᠢᠭᠰᠠᠨ ᠪᠣᠯᠬᠣᠷ ᠲᠡᠳᠡᠨ ᠢ᠋ ᠴᠠᠭ ᠬᠣᠵᠢᠭᠤᠯᠬᠤ ᠶ᠋ᠢᠨ ᠲᠤᠯᠠᠳᠠ ᠪᠣᠯᠤᠯᠴᠠᠭ᠎ᠠ ᠲᠠᠢ ᠪᠦᠬᠦ ᠠᠷᠭ᠎ᠠ ᠶ᠋ᠢ ᠬᠡᠷᠡᠭᠯᠡᠵᠦ ᠪᠠᠷᠤᠨ ᠢ᠋ ᠰᠠᠭᠠᠲᠠᠭᠤᠯᠬᠤ ᠨᠢ ᠣᠳᠣ ᠴᠠᠭ ᠤ᠋ᠨ ᠬᠠᠮᠤᠭ ᠤ᠋ᠨ ᠵᠥᠪ ᠠᠷᠭ᠎ᠠ ᠭᠡᠵᠦ ᠪᠣᠳᠣᠵᠠᠢ᠃
ᠬᠠᠳᠠᠨ ᠪᠠᠭᠠᠲᠤᠷ ᠢ᠋ ᠪᠠᠷᠤᠨ ᠶᠡᠬᠡ ᠯᠡ ᠬᠦᠨᠳᠦᠳᠬᠡᠨ ᠬᠦᠯᠢᠶᠡᠵᠦ ᠠᠪᠤᠯ᠎ᠠ᠃ ᠭᠤᠷᠪᠠᠨ ᠬᠠᠭᠠᠨ ᠢ᠋ ᠰᠢᠷᠡᠭᠡᠨ ᠳ᠋ᠦ᠍ᠨᠢ ᠰᠠᠭᠤᠯᠭᠠᠵᠤ᠂ ᠣᠷᠣᠰ ᠤ᠋ᠨ ᠤᠯᠠᠭᠠᠨ ᠨᠠᠮ ᠢ᠋ ᠤᠰᠠᠳᠬᠠᠬᠤ ᠵᠣᠷᠢᠯᠭ᠎ᠠ ᠪᠠᠨ ᠶᠠᠷᠢᠭᠠᠳ 《ᠡᠨᠡ ᠬᠡᠷᠡᠭ ᠲᠦ᠍ ᠮᠢᠨᠢ ᠪᠠᠭᠠᠲᠤᠷ ᠲᠠ ᠲᠤᠰᠠᠯᠠᠨ᠎ᠠ ᠭᠡᠵᠦ ᠪᠢ ᠭᠦᠨ ᠢᠲᠡᠭᠡᠵᠦ ᠪᠠᠢᠨ᠎ᠠ》 ᠭᠡᠯᠡ᠃
᠊᠊᠊᠊᠊᠊᠊᠊᠊᠊᠊᠊᠊᠊᠊ ᠭᠠᠨᠵᠤᠭᠠᠨ ᠤ᠋ ᠰᠤᠮᠤ ᠲᠠᠢ ᠲᠠ ᠨᠠᠷ᠂ ᠭᠠᠵᠠᠷ ᠨᠤᠲᠤᠭ ᠳᠡᠭᠡᠷ᠎ᠡ ᠪᠡᠨ ᠪᠠᠢᠭ᠎ᠠ ᠤᠯᠠᠭᠠᠨ ᠨᠠᠮ ᠢ᠋ ᠶᠠᠭᠠᠬᠢᠵᠤ ᠳᠡᠢᠯᠬᠦ ᠪᠢᠯᠡ ᠭᠡᠳ ᠬᠠᠳᠠᠨ ᠪᠠᠭᠠᠲᠤᠷ ᠰᠢᠷᠳᠡᠨ ᠬᠠᠷᠠᠯ᠎ᠠ᠃
᠊᠊᠊᠊᠊᠊᠊᠊᠊᠊᠊᠊᠊᠊᠊ ᠪᠢᠳᠡᠨ ᠳ᠋ᠦ᠍ ᠬᠦᠴᠦᠷᠬᠡᠭ ᠲᠣᠮᠣ ᠭᠦᠷᠦᠨ ᠲᠤᠰᠠᠯᠠᠨ᠎ᠠ ᠭᠡᠵᠦ ᠪᠠᠷᠤᠨ ᠬᠡᠯᠡᠭᠡᠳ ᠪᠣᠰᠴᠤ ᠮᠣᠳᠣᠨ ᠭᠠᠩᠰᠠᠨ ᠳ᠋ᠠᠭᠠᠨ ᠲᠠᠮᠠᠬᠢ ᠨᠡᠷᠡᠵᠦ ᠲᠠᠲᠠᠬᠤ ᠵᠠᠭᠤᠷ᠎ᠠ ᠬᠠᠳᠠᠨ ᠪᠠᠭᠠᠲᠤᠷ ᠢ᠋ ᠠᠵᠢᠭᠯᠠᠪᠠ᠃
ᠬᠠᠳᠠᠨ ᠪᠠᠭᠠᠲᠤᠷ ᠠᠵᠢᠭ ᠦᠭᠡᠢ ᠪᠠᠢᠰᠢᠩ ᠤ᠋ᠨ ᠳᠣᠲᠣᠷᠠᠬᠢ ᠶ᠋ᠢ ᠠᠵᠢᠭᠯᠠᠨ ᠬᠠᠷᠠᠵᠤ ᠪᠠᠢᠪᠠ᠃ ᠪᠠᠷᠤᠨ ᠬᠠᠮᠠᠷ ᠠᠮᠠ ᠪᠠᠷ ᠢ᠋ᠶ᠋ᠠᠨ ᠤᠲᠤᠭ᠎ᠠ ᠵᠡᠷᠭᠡᠴᠡᠭᠦᠯᠦᠨ ᠰᠠᠪᠰᠠᠭᠤᠯᠵᠤ ᠬᠡᠰᠡᠭ ᠵᠣᠭᠰᠣᠭᠰᠠᠨ ᠢ᠋ᠶ᠋ᠠᠨ 《ᠤᠯᠠᠭᠠᠨ ᠢ᠋ ᠳᠠᠷᠤᠬᠤ ᠵᠡᠪᠰᠡᠭ ᠢ᠋ ᠪᠢᠳᠡ ᠭᠠᠳᠠᠭᠠᠳᠤ ᠬᠦᠴᠦᠷᠬᠡᠭ ᠭᠦᠷᠦᠨ ᠡᠴᠡ ᠬᠤᠳᠠᠯᠳᠤᠵᠤ ᠠᠪᠤᠨ᠎ᠠ》 ᠭᠡᠯᠡ᠃
᠊᠊᠊᠊᠊᠊᠊᠊᠊᠊᠊᠊᠊᠊᠊ ᠶᠠᠭᠤ ᠪᠠᠷ? ᠭᠡᠳ ᠮᠠᠭᠰᠤᠷᠵᠠᠪ ᠠᠮᠠ ᠪᠠᠨ ᠮᠤᠷᠤᠢᠯᠭᠠᠨ ᠶᠣᠵᠣᠲᠠᠢ ᠢᠨᠢᠶᠡᠮᠰᠦᠭᠯᠡᠪᠡ᠃
ᠪᠠᠷᠤᠨ ᠰᠢᠭᠤᠳ ᠬᠠᠷᠢᠭᠤ ᠥᠭᠭᠦᠭᠰᠡᠨ ᠦᠭᠡᠢ᠃ ᠲᠠᠮᠠᠬᠢ ᠪᠠᠨ ᠲᠠᠲᠠᠭᠰᠠᠭᠠᠷ ᠲᠠᠰᠤᠯᠭᠠᠨ ᠳᠤᠮᠳᠠᠭᠤᠷ ᠡᠰᠢ ᠲᠡᠰᠢ ᠬᠢᠷᠥᠭᠡᠳᠡᠨ ᠬᠡᠰᠡᠭ ᠶᠠᠪᠤᠯ᠎ᠠ᠃
᠊᠊᠊᠊᠊᠊᠊᠊᠊᠊᠊᠊᠊᠊᠊ ᠡᠨᠡ ᠲᠤᠬᠠᠢ ᠪᠢᠳᠡ ᠰᠡᠭᠦᠯ ᠳ᠋ᠦ᠍ ᠶᠠᠷᠢᠶ᠎ᠠ᠃ ᠨᠢᠭᠡᠨᠲᠡ ᠪᠣᠭᠳᠠ ᠭᠡᠭᠡᠨ ᠪᠢᠳᠡᠨ ᠳ᠋ᠦ᠍ ᠲᠤᠰᠠᠯᠠᠨ᠎ᠠ ᠭᠡᠰᠡᠨ ᠪᠣᠯᠬᠣᠷ ᠲᠠ ᠪᠢᠳᠡᠨ ᠳ᠋ᠦ᠍ ᠲᠤᠰᠠᠯᠠᠨ᠎ᠠ ᠪᠠᠢᠬ᠎ᠠ ᠭᠡᠵᠦ ᠪᠢ ᠪᠦᠷᠢᠨ ᠢᠲᠡᠭᠡᠵᠦ ᠪᠠᠢᠨ᠎ᠠ ᠭᠡᠳ ᠰᠢᠭᠤᠳ ᠢᠷᠡᠵᠦ ᠰᠠᠨᠳᠠᠯᠢ ᠳᠡᠭᠡᠷ᠎ᠡ ᠰᠠᠭᠤᠭᠠᠳ ᠮᠠᠭᠰᠤᠷᠵᠠᠪ ᠤ᠋ᠨ ᠡᠮᠦᠨ᠎ᠡ ᠡᠴᠡ ᠬᠥᠩᠬᠥᠷ ᠨᠣᠭᠣᠭᠠᠨ ᠨᠢᠳᠦ ᠪᠡᠨ ᠴᠠᠪᠴᠢᠯ ᠦᠭᠡᠢ ᠬᠠᠷᠠᠯ᠎ᠠ᠃
᠊᠊᠊᠊᠊᠊᠊᠊᠊᠊᠊᠊᠊᠊᠊ ᠮᠣᠩᠭᠣᠯ ᠤ᠋ᠨ ᠲᠤᠰᠠᠭᠠᠷ ᠲᠣᠭᠲᠠᠨᠢᠯ ᠤ᠋ᠨ ᠲᠥᠯᠥᠭᠡ ᠪᠡᠶ᠎ᠡ ᠪᠡᠨ ᠬᠠᠢᠷᠠᠯᠠᠬᠤ ᠦᠭᠡᠢ ᠵᠢᠳᠬᠦᠬᠦ ᠲᠠᠩᠭᠠᠷᠢᠭ ᠢ᠋ ᠪᠢ ᠥᠭᠭᠦᠭᠰᠡᠨ ᠬᠥᠮᠦᠨ᠃ ᠭᠡᠬᠦ ᠳ᠋ᠡᠭᠡᠨ ᠠᠭᠤᠯᠠ ᠦᠵᠡᠭᠡ ᠦᠭᠡᠢ ᠬᠣᠷᠮᠣᠢ ᠰᠢᠭᠤᠬᠤ᠂ ᠤᠰᠤ ᠦᠵᠡᠭᠡ ᠦᠭᠡᠢ ᠭᠤᠲᠤᠯ ᠲᠠᠢᠯᠬᠤ ᠭᠡᠭᠴᠢ ᠪᠡᠷ ᠶᠠᠭᠤ ᠪᠣᠯᠬᠤ ᠶ᠋ᠢ ᠮᠡᠳᠡᠭᠡ ᠦᠭᠡᠢ ᠪᠠᠢᠵᠤ ᠲᠠᠨ ᠤ᠋ ᠦᠭᠡᠨ ᠳ᠋ᠦ᠍ ᠢᠲᠡᠭᠡᠬᠦ ᠳ᠋ᠦ᠍ ᠬᠡᠴᠡᠭᠦᠦ᠃ ᠪᠠᠰᠠ ᠲᠡᠭᠡᠭᠡᠳ ᠭᠠᠮᠢᠩ ᠤ᠋ᠨ ᠭᠢᠨᠳᠠᠨ ᠳ᠋ᠤ᠌ ᠰᠠᠭᠤᠭᠰᠠᠨ ᠤᠴᠢᠷ ᠪᠡᠶ᠎ᠡ ᠪᠠᠬᠠᠨ ᠳᠣᠷᠣᠢᠲᠠᠭᠰᠠᠨ ᠪᠣᠯᠬᠣᠷ ᠣᠳᠣᠬᠠᠨ ᠳ᠋ᠠᠭᠠᠨ ᠲᠥᠷᠥ ᠶ᠋ᠢᠨ ᠶᠠᠪᠤᠳᠠᠯ ᠳ᠋ᠤ᠌ ᠬᠦᠴᠦᠯᠡᠨ ᠵᠢᠳᠬᠦᠬᠦ ᠴᠢᠳᠠᠯ ᠮᠡᠬᠦᠰ ᠪᠠᠢᠨ᠎ᠠ ᠭᠡᠵᠦ ᠬᠠᠳᠠᠨ ᠪᠠᠭᠠᠲᠤᠷ ᠬᠠᠷᠢᠭᠤᠯᠪᠠ᠃
᠊᠊᠊᠊᠊᠊᠊᠊᠊᠊᠊᠊᠊᠊᠊ ᠲᠠ ᠤᠯᠠᠭᠠᠨ ᠣᠷᠣᠰ ᠡᠴᠡ ᠲᠤᠰᠠᠯᠠᠮᠵᠢ ᠭᠤᠶᠤᠬᠤ ᠪᠠᠷ ᠶᠠᠪᠤᠭᠰᠠᠨ ᠰᠦᠬᠡᠪᠠᠭᠠᠲᠤᠷ᠂ ᠲᠡᠭᠦᠨ ᠦ᠌ ᠨᠥᠬᠥᠳ ᠢ᠋ ᠲᠠᠨᠢᠬᠤ ᠤᠤ? ᠭᠡᠵᠦ ᠪᠠᠷᠤᠨ ᠰᠢᠭᠤᠳ ᠠᠰᠠᠭᠤᠪᠠ᠃
᠊᠊᠊᠊᠊᠊᠊᠊᠊᠊᠊᠊᠊᠊᠊ ᠲᠠᠨᠢᠨ᠎ᠠ ᠭᠡᠵᠦ ᠬᠠᠳᠠᠨ ᠪᠠᠭᠠᠲᠤᠷ ᠠᠵᠢᠭ ᠦᠭᠡᠢ ᠬᠠᠷᠢᠭᠤᠯᠪᠠ᠃
᠊᠊᠊᠊᠊᠊᠊᠊᠊᠊᠊᠊᠊᠊᠊ ᠤᠯᠠᠭᠠᠨ ᠣᠷᠣᠰ ᠪᠣᠯ ᠭᠤᠢᠯᠢᠨᠴᠢᠨ ᠨᠤᠭᠤᠳ᠂ ᠲᠡᠳᠡ ᠲᠠ ᠪᠢᠳᠡ ᠰᠢᠭ᠋ ᠲᠩᠷᠢ ᠢᠵᠠᠭᠤᠷᠲᠠᠨ ᠢ᠋ ᠳᠡᠭᠦᠵᠢᠯᠡᠨ ᠠᠯᠠᠬᠤ ᠪᠣᠳᠣᠯᠭ᠎ᠠ ᠲᠠᠢ ᠤᠯᠤᠰ᠃ ᠡᠨᠡ ᠤᠴᠢᠷ ᠡᠴᠡ ᠪᠢᠳᠡ ᠬᠦᠴᠦᠨ ᠬᠠᠪᠰᠤᠷᠴᠤ ᠳᠠᠷᠤᠬᠤ ᠦᠭᠡᠢ ᠪᠣᠯ ᠳᠡᠯᠡᠬᠡᠢ ᠳ᠋ᠠᠬᠢᠨ ᠳ᠋ᠤ᠌ ᠦᠯᠡᠮᠵᠢ ᠠᠶᠤᠯ ᠪᠣᠯᠤᠨ᠎ᠠ᠃ ᠲᠠ ᠡᠭᠦᠨ ᠢ᠋ ᠰᠠᠢᠨ ᠣᠢᠯᠠᠭᠠᠵᠤ ᠪᠠᠢᠭ᠎ᠠ ᠭᠡᠵᠦ ᠪᠢ ᠢᠲᠡᠭᠡᠵᠦ ᠪᠠᠢᠨ᠎ᠠ ᠭᠡᠬᠦ ᠳ᠋ᠦ᠍ ᠪᠠᠷᠤᠨ ᠤ᠋ ᠨᠢᠳᠦ ᠬᠤᠷᠴᠠ ᠨᠠᠷᠠ ᠲᠤᠰᠤᠭᠰᠠᠨ ᠰᠢᠷ᠎ᠠ ᠰᠢᠪᠠᠭᠤᠨ ᠤ᠋ ᠨᠢᠳᠦ ᠰᠢᠭ ᠭᠥᠯᠢᠯᠵᠡᠵᠦ ᠪᠠᠢᠯ᠎ᠠ᠃
᠊᠊᠊᠊᠊᠊᠊᠊᠊᠊᠊᠊᠊᠊᠊ ᠪᠢ ᠤᠯᠠᠭᠠᠨ ᠣᠷᠣᠰ ᠤ᠋ᠨ ᠵᠣᠷᠢᠯᠭ᠎ᠠ ᠶ᠋ᠢ ᠰᠠᠢᠨ ᠮᠡᠳᠡᠨ᠎ᠡ ᠭᠡᠵᠦ ᠬᠠᠳᠠᠨ ᠪᠠᠭᠠᠲᠤᠷ ᠬᠠᠷᠢᠭᠤᠯᠪᠠ᠃
ᠢᠩᠭᠢᠭᠡᠳ ᠪᠠᠷᠤᠨ ᠮᠠᠭᠰᠤᠷᠵᠠᠪ ᠬᠣᠶᠠᠷ ᠤ᠋ᠨ ᠶᠠᠷᠢᠶ᠎ᠠ ᠳᠠᠭᠤᠰᠤᠭᠰᠠᠨ ᠪᠥᠭᠡᠳ ᠬᠡᠳᠦᠨ ᠡᠳᠦᠷ ᠦ᠋ᠨ ᠳᠠᠷᠠᠭ᠎ᠠ ᠪᠠᠷᠤᠨ ᠤ᠋ ᠬᠡᠯᠡᠭᠰᠡᠨ ᠢ᠋ᠶ᠋ᠡᠷ ᠪᠣᠭᠳᠠ᠂ ᠬᠠᠳᠠᠨ ᠪᠠᠭᠠᠲᠤᠷ ᠮᠠᠭᠰᠤᠷᠵᠠᠪ ᠢ᠋ ᠴᠡᠷᠢᠭ ᠦ᠋ᠨ ᠶᠠᠮᠤᠨ ᠤ᠋ ᠰᠠᠢᠳ ᠪᠣᠯᠭᠠᠵᠠᠢ᠃
ᠭᠡᠲᠡᠯ᠎ᠡ ᠮᠠᠭᠰᠤᠷᠵᠠᠪ ᠮᠣᠩᠭᠣᠯ ᠡᠴᠡ ᠴᠡᠷᠢᠭ ᠲᠠᠲᠠᠬᠤ ᠪᠠᠷᠤᠨ ᠤ᠋ ᠠᠵᠢᠯ ᠳ᠋ᠤ᠌ ᠡᠯᠳᠡᠪ ᠢ᠋ᠶ᠋ᠡᠷ ᠰᠠᠭᠠᠳ ᠬᠢᠭᠡᠳ ᠪᠠᠢᠬᠤ ᠳ᠋ᠤᠨᠢ ᠪᠠᠷᠠᠭᠤᠨ ᠬᠢᠵᠠᠭᠠᠷ ᠢ᠋ ᠲᠣᠭᠲᠠᠨᠢᠭᠤᠯᠬᠤ ᠪᠦᠷᠢᠨ ᠡᠷᠬᠡᠲᠦ ᠰᠠᠢᠳ ᠤ᠋ᠨ ᠲᠤᠰᠢᠶᠠᠯ ᠳ᠋ᠤ᠌ ᠲᠣᠮᠢᠯᠠᠵᠤ ᠨᠡᠢᠰᠯᠡᠯ ᠬᠦᠷᠢᠶᠡᠨ ᠡᠴᠡ ᠵᠠᠢᠯᠠᠭᠤᠯᠵᠠᠢ᠃
ᠲᠠᠢᠯᠪᠤᠷᠢ
① ᠰᠢᠦᠢ ᠱᠤ᠌ ᠵᠧᠩ ᠢ᠋ ᠪᠡᠭᠡᠵᠢᠩ ᠡᠴᠡ ᠳᠠᠭᠤᠳᠠᠭᠰᠠᠨ ᠤ᠋ ᠳᠠᠷᠠᠭ᠎ᠠ ᠣᠷᠣᠨ ᠳ᠋ᠤᠨᠢ ᠢᠷᠡᠭᠰᠡᠨ ᠭᠧᠨᠧᠷᠠᠯ᠃
