ᠲᠤᠩᠭᠠᠯᠠᠭ ᠲᠠᠮᠢᠷ1-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠡᠳᠦᠨ ᠠᠳᠠᠰᠬ᠎ᠠ ᠡᠴᠡ ᠪᠣᠯᠵᠤ ᠬᠥᠮᠦᠨ ᠠᠯᠠᠬᠤ ᠨᠢ ᠪᠠᠢᠨ᠎ᠠ ᠰᠢᠦ》 - ᠨᠢᠭᠡᠳᠦᠭᠡᠷ ᠪᠦᠯᠦᠭ ᠠᠷᠪᠠᠨ ᠭᠤᠷᠪᠠ
ᠲᠡᠮᠦᠷ ᠲᠦᠭᠵᠢᠯ ᠢ᠋ ᠳᠠᠭᠠᠭᠤᠯᠤᠨ ᠬᠦᠷᠢᠶ᠎ᠡ ᠣᠷᠣᠵᠤ ᠡᠷᠳᠡᠨᠢ ᠶ᠋ᠢ ᠰᠤᠷᠠᠭᠯᠠᠭᠠᠳ ᠣᠯᠤᠭᠰᠠᠨ ᠦᠭᠡᠢ᠃ ᠬᠠᠷᠢᠨ ᠰᠠᠢᠳ ᠸᠠᠩ ᠤ᠋ᠨ ᠨᠤᠲᠤᠭ᠂ ᠯᠤᠤ ᠬᠦᠩ ᠦ᠋ᠨ ᠨᠤᠲᠤᠭ ᠤ᠋ᠨ ᠵᠠᠬ᠎ᠠ ᠪᠡᠯᠴᠢᠭᠡᠷ ᠲᠦ᠍ ᠵᠠᠰᠠᠭᠲᠤ ᠬᠠᠨ ᠤ᠋ ᠡᠷᠳᠡᠨᠢ ᠭᠡᠳᠡᠭ ᠬᠥᠮᠦᠨ ᠢᠷᠡᠵᠦ ᠰᠠᠭᠤᠷᠢᠰᠢᠭᠰᠠᠨ ᠲᠤᠬᠠᠢ ᠣᠯᠠᠨ ᠬᠥᠮᠦᠨ ᠳᠠᠮᠵᠢᠭᠰᠠᠨ ᠳᠠᠮ ᠲᠣᠮ ᠰᠤᠷᠠᠭ ᠭᠠᠷᠭᠠᠵᠠᠢ᠃ ᠢᠩᠭᠢᠵᠦ ᠶᠠᠪᠤᠲᠠᠯ᠎ᠠ ᠲᠤᠢᠯᠳᠠᠵᠤ ᠶᠠᠳᠠᠷᠠᠭᠰᠠᠨ ᠬᠤᠶᠠᠭ ᠲᠠᠢ ᠲᠠᠭᠠᠷᠠᠯᠳᠤᠵᠤ ᠨᠢᠭᠡ ᠬᠠᠷ᠎ᠠ ᠮᠣᠷᠢ ᠪᠠᠨ ᠥᠭᠴᠦ᠂ ᠬᠥᠯ ᠵᠠᠯᠭᠠᠭᠤᠯᠤᠭᠠᠳ ᠶᠠᠪᠤᠬᠤ ᠳ᠋ᠤᠨᠢ ᠡᠴᠢᠭᠡ ᠥᠯᠵᠡᠢ ᠳ᠋ᠡᠭᠡᠨ ᠠᠬ᠎ᠠ ᠶ᠋ᠢᠨ ᠮᠢᠨᠢ ᠲᠣᠳᠣᠷᠬᠠᠢ ᠰᠤᠷᠠᠭ ᠢ᠋ ᠭᠠᠷᠭᠠᠵᠤ ᠥᠭᠬᠦ ᠶ᠋ᠢ ᠵᠠᠬᠢᠭᠠᠷᠠᠢ ᠭᠡᠵᠦ ᠬᠡᠯᠡᠭᠡᠳ ᠵᠠᠮ ᠰᠢᠭᠤᠳᠤᠷᠴᠤ ᠲᠦᠭᠵᠢᠯ ᠢ᠋ ᠳᠠᠭᠠᠭᠤᠯᠤᠨ ᠬᠣᠣᠰ ᠮᠣᠷᠢ ᠬᠦᠯᠦᠭᠯᠡᠨ ᠵᠡᠭᠦᠨ ᠡᠮᠦᠨ᠎ᠡ ᠵᠦᠭ ᠪᠠᠷᠢᠵᠤ ᠳᠣᠪᠲᠣᠯᠪᠠ᠃ ᠭᠤᠷᠪᠠ ᠬᠣᠨᠣᠭ ᠬᠡᠯᠡᠨ ᠳᠡᠭᠡᠷ᠎ᠡ ᠪᠡᠨ ᠶᠠᠭᠤ ᠴᠤ᠌ ᠲᠠᠯᠪᠢᠯ ᠦᠭᠡᠢ᠂ ᠵᠥᠪᠬᠡᠨ ᠨᠢᠭᠡ ᠤᠳᠠᠭ᠎ᠠ ᠮᠣᠷᠢᠳ ᠢ᠋ᠶ᠋ᠠᠨ ᠤᠰᠤᠯᠠᠬᠤ ᠳ᠋ᠠᠭᠠᠨ ᠤᠰᠤ ᠤᠤᠭᠤᠭᠠᠳ ᠶᠠᠪᠤᠭᠰᠠᠨ ᠳ᠋ᠤ᠌ ᠲᠦᠭᠵᠢᠯ ᠦ᠋ᠨ ᠭᠣᠣᠯ ᠬᠠᠷᠠᠩᠭᠤᠢᠯᠠᠨ᠂ ᠮᠣᠷᠢᠨ ᠤ᠋ ᠬᠠᠲᠠᠷᠢᠯᠲᠠ ᠳ᠋ᠤ᠌ ᠭᠡᠳᠡᠰᠦ ᠳᠣᠲᠣᠷ ᠨᠢ ᠲᠠᠰᠤᠷᠠᠬᠤ ᠮᠡᠲᠦ ᠪᠣᠯᠵᠤ ᠪᠠᠢᠪᠠ᠃ ᠬᠠᠷᠢᠨ ᠲᠡᠮᠦᠷ ᠳᠥᠷᠦᠭᠡᠨ ᠳᠡᠭᠡᠷ᠎ᠡ ᠪᠡᠨ ᠪᠣᠰᠴᠤ ᠵᠣᠭᠰᠣᠭᠠᠳ 《ᠡᠷᠳᠡᠨᠢ ᠵᠠᠰᠠᠭ ᠤ᠋ᠨ ᠤᠨᠠᠭ᠎ᠠ》 ᠪᠠᠨ ᠰᠢᠷᠤᠩᠬᠠᠢᠯᠠᠨ ᠳᠠᠭᠤᠯᠠᠵᠤ ᠶᠠᠪᠤᠬᠤ ᠳ᠋ᠤ᠌ ᠲᠦᠭᠵᠢᠯ ᠦ᠋ᠨ ᠠᠭᠤᠷ ᠬᠦᠷᠴᠦ᠂ ᠪᠠᠴᠢᠮᠳᠠᠪᠠᠴᠤ ᠶᠠᠭᠠᠬᠢᠬᠤ ᠴᠤ᠌ ᠠᠷᠭ᠎ᠠ ᠦᠭᠡᠢ ᠪᠠᠢᠯ᠎ᠠ᠃ ᠭᠤᠷᠪᠠᠳᠠᠬᠢ ᠡᠳᠦᠷ ᠦ᠋ᠨ ᠣᠷᠣᠢ ᠵᠢᠵᠢᠭᠬᠡᠨ ᠵᠠᠳᠠᠭᠠᠢ ᠪᠤᠯᠠᠭ ᠳᠡᠭᠡᠷ᠎ᠡ ᠣᠴᠢᠵᠤ ᠮᠣᠷᠢᠳ ᠢ᠋ᠶ᠋ᠠᠨ ᠤᠰᠤᠯᠠᠪᠠ᠃
ᠲᠡᠮᠦᠷ᠂ ᠵᠠᠬ᠎ᠠ ᠪᠠᠷ ᠢ᠋ᠶ᠋ᠠᠨ ᠮᠥᠰᠥᠲᠦᠭᠰᠡᠨ ᠵᠢᠵᠢᠭᠬᠡᠨ ᠭᠣᠷᠣᠬ᠎ᠠ ᠶ᠋ᠢᠨ ᠬᠣᠶᠠᠷ ᠲᠠᠯ᠎ᠠ ᠳ᠋ᠤ᠌ ᠭᠢᠰᠬᠢᠵᠦ ᠪᠥᠬᠥᠢᠨ ᠤᠰᠤ ᠵᠠᠯᠭᠢᠯᠠᠬᠤ ᠳ᠋ᠤ᠌ ᠬᠣᠶᠠᠷ ᠰᠢᠨ᠎ᠠ ᠶ᠋ᠢᠨ ᠬᠢᠨᠢ ᠪᠤᠯᠴᠢᠩ ᠪᠠᠢᠨ ᠪᠠᠢᠨ ᠵᠠᠩᠭᠢᠷᠠᠵᠤ᠂ ᠲᠥᠪᠥᠩᠬᠡᠢ ᠨᠢ ᠨᠢᠭᠡ ᠲᠣᠮᠣ ᠪᠣᠯᠵᠤ ᠨᠢᠭᠡ ᠠᠭᠰᠢᠵᠤ ᠪᠠᠢᠪᠠ᠃ ᠲᠡᠭᠡᠭᠡᠳ ᠥᠨᠳᠡᠢᠵᠦ ᠨᠢᠭᠤᠷ ᠢ᠋ᠶ᠋ᠠᠨ ᠤᠬᠢᠶᠠᠭᠠᠳ ᠳᠡᠪᠡᠯ ᠦ᠋ᠨ ᠢ᠋ᠶ᠋ᠡᠨ ᠬᠣᠷᠮᠣᠢ ᠪᠠᠷ ᠠᠷᠴᠢᠪᠠ᠃ ᠲᠦᠭᠵᠢᠯ ᠭᠣᠷᠣᠬ᠎ᠠ ᠶ᠋ᠢᠨ ᠵᠠᠬ᠎ᠠ ᠳ᠋ᠤ᠌ ᠡᠯᠢᠭᠡᠯᠡᠨ ᠬᠡᠪᠲᠡᠭᠡᠳ ᠴᠢᠩᠭ᠎ᠠ ᠴᠢᠩᠭ᠎ᠠ ᠰᠣᠷᠣᠬᠤ ᠳ᠋ᠤ᠌ ᠬᠠᠷᠢᠭᠰᠠᠨ ᠤᠰᠤ ᠡᠷᠡᠦ ᠶ᠋ᠢ ᠨᠢ ᠳᠠᠭᠠᠵᠤ ᠤᠷᠤᠰᠤᠭᠠᠳ ᠳᠡᠪᠡᠯ ᠦ᠋ᠨ ᠡᠩᠭᠡᠷ ᠢ᠋ ᠨᠢ ᠨᠡᠪᠲᠡᠯᠵᠦ ᠪᠠᠢᠪᠠ᠃
᠊᠊᠊᠊᠊᠊᠊᠊᠊᠊᠊᠊᠊᠊᠊ ᠣᠳᠣ ᠴᠤ᠌ ᠬᠦᠷᠬᠦ ᠭᠠᠵᠠᠷ ᠲᠠᠭᠠᠨ ᠣᠢᠷᠠᠲᠤᠵᠤ ᠪᠠᠢᠨ᠎ᠠ ᠳᠠ ᠭᠡᠵᠦ ᠲᠡᠮᠦᠷ ᠬᠡᠯᠡᠭᠡᠳ ᠮᠣᠷᠢᠳ ᠢ᠋ᠶ᠋ᠠᠨ ᠰᠠᠢᠨ ᠤᠰᠤᠯᠠᠬᠤ ᠭᠡᠵᠦ ᠢᠰᠬᠡᠷᠪᠡ᠃
᠊᠊᠊᠊᠊᠊᠊᠊᠊᠊᠊᠊᠊᠊᠊ ᠬᠡᠴᠢᠨᠡᠨ ᠥᠷᠲᠡᠭᠡ ᠦᠯᠡᠳᠡᠭᠡᠳ ᠪᠠᠢᠨ᠎ᠠ ᠭᠡᠵᠦ ᠤᠰᠤᠨ ᠤ᠋ ᠡᠷᠭᠢ ᠳᠡᠭᠡᠷ᠎ᠡ ᠬᠡᠪᠲᠡᠵᠦ ᠪᠠᠢᠭᠰᠠᠨ ᠲᠦᠭᠵᠢᠯ ᠨᠠᠢᠷ ᠤ᠋ᠨ ᠡᠬᠢᠨ ᠡᠴᠡ ᠠᠪᠤᠭᠠᠳ ᠬᠤᠨᠳᠠᠭ᠎ᠠ ᠠᠯᠭᠠᠰᠠᠭᠠ ᠦᠭᠡᠢ ᠤᠤᠭᠤᠭᠰᠠᠨ ᠬᠥᠮᠦᠨ ᠨᠠᠢᠷ ᠲᠡᠭᠦᠰᠬᠦ ᠶ᠋ᠢᠨ ᠦᠶ᠎ᠡ ᠳ᠋ᠦ᠍ ᠪᠤᠰᠤᠳ ᠢ᠋ ᠬᠠᠷᠠᠳᠠᠭ ᠨᠢᠳᠦ ᠪᠡᠷ ᠲᠡᠮᠦᠷ ᠢ᠋ ᠬᠠᠷᠠᠵᠤ ᠠᠰᠠᠭᠤᠪᠠ᠃
᠊᠊᠊᠊᠊᠊᠊᠊᠊᠊᠊᠊᠊᠊᠊ ᠬᠣᠶᠠᠷᠬᠠᠨ ᠬᠣᠨᠣᠭ ᠤ᠋ᠨ ᠶᠠᠪᠤᠳᠠᠯ ᠦᠯᠡᠳᠡᠭᠡᠳ ᠪᠠᠢᠨ᠎ᠠ᠃
᠊᠊᠊᠊᠊᠊᠊᠊᠊᠊᠊᠊᠊᠊᠊ ᠲᠡᠮᠦᠷ ᠭᠤᠸᠠᠢ ᠪᠢ ᠲᠡᠰᠬᠦ ᠦᠭᠡᠢ ᠨᠢ᠂ ᠭᠡᠳᠡᠰᠦ ᠲᠠᠰᠤᠷᠠᠵᠤ ᠪᠠᠢᠬᠤ ᠰᠢᠭ᠋ ᠪᠠᠢᠨ᠎ᠠ᠃ ᠠᠮᠠᠷᠠᠵᠤ ᠶᠠᠭᠤᠮ᠎ᠠ ᠢᠳᠡᠶ᠎ᠡ ᠭᠡᠳ ᠬᠠᠴᠠᠷ ᠢ᠋ᠶ᠋ᠠᠨ ᠨᠣᠢᠲᠠᠨ ᠰᠢᠪᠠᠷ ᠲᠤ᠌ ᠨᠠᠭᠠᠵᠤ ᠨᠢᠳᠦ ᠪᠡᠨ ᠠᠨᠢᠪᠠ᠃
᠊᠊᠊᠊᠊᠊᠊᠊᠊᠊᠊᠊᠊᠊᠊ ᠬᠡ ᠁ ᠬᠡ᠂ ᠴᠢᠮᠢ᠋ᠢ ᠴᠢᠨᠢ ᠣᠪᠣᠭ᠎ᠠ ᠡᠷ᠎ᠡ ᠭᠡᠵᠦ ᠪᠣᠳᠣᠭᠰᠠᠨ ᠶᠤᠮᠰᠠᠨ᠃ ᠣᠭᠲᠣ ᠬᠡᠷᠡᠭ ᠦᠭᠡᠢ ᠠᠮᠢᠲᠠᠨ ᠶᠤᠮ ᠠ᠋ ᠭᠡᠳ ᠲᠡᠮᠦᠷ ᠦᠭᠡ ᠶ᠋ᠢᠨ ᠬᠠᠷᠢᠭᠤ ᠴᠤ᠌ ᠦᠭᠡᠢ ᠬᠡᠪᠲᠡᠵᠦ ᠪᠠᠢᠭ᠎ᠠ ᠲᠦᠭᠵᠢᠯ ᠢ᠋ ᠪᠠᠬᠠᠨ ᠠᠵᠢᠭᠯᠠᠵᠤ ᠪᠠᠢᠭᠰᠠᠨ ᠢ᠋ᠶ᠋ᠠᠨ ᠮᠣᠷᠢᠳ ᠢ᠋ᠶ᠋ᠠᠨ ᠴᠢᠳᠥᠷᠯᠡᠨ ᠲᠠᠯᠪᠢᠭᠠᠳ ᠪᠣᠭᠴᠣ ᠪᠠᠨ ᠠᠪᠴᠢᠷᠠᠵᠤ ᠳᠠᠪᠤᠰᠤᠯᠠᠨ ᠴᠢᠨᠠᠭᠰᠠᠨ ᠮᠢᠬ᠎ᠠ ᠭᠠᠷᠭᠠᠵᠤ᠄
᠊᠊᠊᠊᠊᠊᠊᠊᠊᠊᠊᠊᠊᠊᠊ ᠵᠠ ᠢᠳᠡ᠃ ᠶᠠᠮᠠᠷ ᠨᠠᠢᠷᠯᠠᠬᠤ ᠭᠡᠵᠦ ᠶᠠᠪᠤᠭ᠎ᠠ ᠪᠢᠰᠢ ᠭᠡᠵᠦ ᠬᠡᠯᠡᠪᠡ᠃
ᠲᠦᠭᠵᠢᠯ ᠮᠥᠯᠬᠥᠵᠦ ᠢᠷᠡᠭᠡᠳ ᠳᠠᠯᠤ ᠠᠪᠴᠤ ᠲᠣᠮᠣ ᠡᠮᠬᠦᠨ ᠵᠠᠯᠭᠢᠭᠠᠳ ᠵᠣᠭᠢᠰᠪᠠ᠃ ᠲᠡᠮᠦᠷ ᠪᠣᠭᠴᠣ ᠡᠴᠡ ᠪᠡᠨ ᠬᠠᠲᠠᠭᠰᠠᠨ ᠭᠦᠵᠡᠭᠡ ᠭᠠᠷᠭᠠᠵᠤ ᠳᠡᠪᠲᠦᠭᠡᠬᠦ ᠭᠡᠵᠦ ᠤᠰᠤᠨ ᠳ᠋ᠤ᠌ ᠬᠢᠯ᠎ᠡ᠃ ᠮᠢᠬ᠎ᠠ ᠡᠮᠬᠦᠯᠡᠨ ᠵᠣᠭᠢᠰᠴᠤ ᠪᠠᠢᠭ᠎ᠠ ᠲᠦᠭᠵᠢᠯ ᠦ᠋ᠨ ᠳᠡᠷᠭᠡᠳᠡ ᠢᠷᠡᠭᠡᠳ᠄
᠊᠊᠊᠊᠊᠊᠊᠊᠊᠊᠊᠊᠊᠊᠊ ᠠᠷᠪᠠᠨ ᠲᠠᠪᠤᠨ ᠤ᠋ ᠴᠠᠭᠳᠠᠭ᠎ᠠ ᠢᠷᠡᠯ᠎ᠡ ᠭᠡᠰᠡᠨ ᠴᠢᠨᠢ᠂ ᠲᠦᠭᠵᠢᠯ ᠰᠣᠴᠢᠨ ᠥᠨᠳᠡᠢᠵᠦ ᠬᠠᠷᠠᠪᠠᠯ ᠶᠠᠭᠤ ᠴᠤ᠌ ᠪᠠᠢᠭᠰᠠᠨ ᠦᠭᠡᠢ᠃
᠊᠊᠊᠊᠊᠊᠊᠊᠊᠊᠊᠊᠊᠊᠊ ᠬᠠᠮᠢᠭ᠎ᠠ?
᠊᠊᠊᠊᠊᠊᠊᠊᠊᠊᠊᠊᠊᠊᠊ ᠵᠣᠭᠢᠰᠤᠭᠠ ᠶ᠋ᠢ ᠴᠢᠨᠢ ᠵᠣᠭᠰᠣᠭᠠᠬᠤ ᠭᠡᠵᠦ ᠬᠠᠭᠤᠷᠤᠭᠰᠠᠨ ᠶᠤᠮ ᠭᠡᠳ ᠲᠡᠮᠦᠷ ᠪᠦᠳᠦᠭᠦᠨ ᠳᠠᠭᠤ ᠪᠠᠷ ᠬᠥᠭᠵᠢᠯᠲᠡᠢ ᠢᠨᠢᠶᠡᠪᠡ᠃
ᠲᠡᠮᠦᠷ ᠳᠤᠮᠳᠠ ᠴᠢᠮᠥᠭᠡ ᠠᠪᠴᠤ ᠢᠷᠠᠯᠵᠠᠭᠰᠠᠨ ᠴᠠᠭᠠᠨ ᠰᠢᠳᠦ ᠪᠡᠷ ᠢ᠋ᠶ᠋ᠡᠨ ᠰᠢᠷ ᠰᠢᠷ ᠬᠢᠲᠡᠯ᠎ᠡ ᠲᠠᠰᠤᠴᠢᠨ ᠢᠳᠡᠭᠡᠳ ᠶᠠᠰᠤ ᠶ᠋ᠢ ᠨᠢ 《ᠳᠠᠢ᠌ᠰᠢᠷᠢ ᠬᠠᠨ ᠮᠢᠨᠢ》 ᠭᠡᠳ ᠪᠠᠷᠠᠭᠤᠨ ᠵᠦᠭ ᠰᠢᠳᠡᠵᠦ ᠣᠷᠬᠢᠪᠠ᠃ ᠳᠠᠷᠠᠭ᠎ᠠ ᠨᠢ ᠳᠥᠷᠪᠡᠨ ᠥᠨᠳᠥᠷ᠂ ᠰᠡᠭᠦᠵᠢ ᠬᠣᠶᠠᠷ ᠢ᠋ ᠳᠠᠷᠠᠭᠠᠯᠠᠨ ᠢᠳᠡᠵᠦ᠂ ᠶᠠᠰᠤ ᠶ᠋ᠢ ᠨᠢ ᠤᠷᠢᠳᠤᠬᠢ ᠶᠣᠰᠣᠭᠠᠷ 《ᠰᠢᠯᠢ ᠶ᠋ᠢᠨ ᠪᠣᠭᠳᠠ ᠮᠢᠨᠢ》 ᠭᠡᠵᠦ ᠵᠡᠭᠦᠨ ᠤᠷᠲᠤ ᠵᠦᠭ ᠰᠢᠳᠡᠭᠡᠳ ᠬᠦᠢᠲᠡᠨ ᠤᠰᠤ ᠪᠠᠬᠠᠨ ᠤᠤᠭᠤᠵᠤ᠂ ᠬᠠᠢᠷᠭᠤ ᠬᠥᠷᠥᠰᠥᠨ ᠳᠡᠭᠡᠷ᠎ᠡ ᠡᠮᠡᠭᠡᠯ ᠢ᠋ᠶ᠋ᠡᠨ ᠳᠡᠷᠡᠯᠡᠵᠦ ᠤᠨᠲᠠᠪᠠ᠃
ᠲᠦᠭᠵᠢᠯ ᠴᠦ᠍ ᠭᠡᠳᠡᠰᠦ ᠭᠠᠷᠴᠤ ᠤᠬᠠᠭᠠᠨ ᠦᠭᠡᠢ ᠤᠨᠲᠠᠪᠠ᠃ ᠰᠥᠨᠢ ᠳᠤᠮᠳᠠ ᠶ᠋ᠢᠨ ᠦᠶ᠎ᠡ ᠳ᠋ᠦ᠍ ᠲᠡᠮᠦᠷ ᠲᠦᠭᠵᠢᠯ ᠢ᠋ ᠰᠡᠷᠢᠭᠡᠪᠡ᠃ ᠬᠠᠷᠠᠪᠠᠯ ᠮᠣᠷᠢᠳ ᠢ᠋ᠶ᠋ᠠᠨ ᠪᠡᠷᠢᠯᠡᠵᠦ ᠢᠷᠡᠭᠡᠳ ᠡᠮᠡᠭᠡᠯᠯᠡᠴᠢᠬᠡᠭᠰᠡᠨ ᠪᠠᠢᠪᠠ᠃ ᠨᠥᠭᠦᠭᠡ ᠳᠡᠪᠲᠦᠭᠡᠭᠰᠡᠨ ᠭᠦᠵᠡᠭᠡᠨ ᠳ᠋ᠡᠭᠡᠨ ᠤᠰᠤ ᠬᠢᠭᠡᠳ ᠲᠦᠭᠵᠢᠯ ᠳ᠋ᠦ᠍ ᠭᠠᠨᠵᠤᠭᠠᠯᠠᠭᠤᠯᠪᠠ᠃
᠊᠊᠊᠊᠊᠊᠊᠊᠊᠊᠊᠊᠊᠊᠊ ᠡᠭᠦᠨ ᠢ᠋ᠶ᠋ᠡᠷ ᠶᠠᠭᠤ ᠬᠢᠬᠦ ᠶᠦᠮ ᠪᠣᠢ?
᠊᠊᠊᠊᠊᠊᠊᠊᠊᠊᠊᠊᠊᠊᠊ ᠭᠣᠪᠢ ᠣᠭᠲᠣᠯᠵᠤ ᠭᠠᠷᠬᠤ ᠳ᠋ᠠᠭᠠᠨ ᠪᠤᠯᠠᠭᠠᠳ ᠡᠷᠭᠢᠵᠦ ᠢᠷᠡᠬᠦ ᠳ᠋ᠡᠭᠡᠨ ᠤᠤᠭᠤᠨ᠎ᠠ ᠭᠡᠳ ᠮᠣᠷᠳᠠᠬᠤ ᠳ᠋ᠤ᠌ ᠲᠦᠭᠵᠢᠯ ᠳᠤᠷ᠎ᠠ ᠲᠠᠢ ᠳᠤᠷ᠎ᠠ ᠦᠭᠡᠢ ᠮᠣᠷᠳᠠᠯ᠎ᠠ᠃ ᠲᠡᠷᠡ ᠪᠦᠬᠦ ᠪᠡᠶ᠎ᠡ ᠨᠢ ᠨᠢᠴᠠᠷᠠᠨ ᠡᠪᠡᠳᠴᠦ 《ᠶᠠᠭᠤᠨ ᠳ᠋ᠤ᠌ ᠡᠨᠡ ᠵᠣᠯᠢᠭ ᠲᠠᠢ ᠨᠡᠢᠯᠡᠪᠡ ᠳᠡ》 ᠭᠡᠵᠦ ᠪᠣᠳᠣᠨ ᠳᠣᠲᠣᠷ᠎ᠠ ᠪᠠᠨ ᠪᠤᠬᠢᠨᠢᠳᠤᠨ᠎ᠠ᠃ ᠢᠩᠭᠢᠵᠦ ᠬᠡᠩᠬᠡᠭ ᠲᠤᠰᠤᠭᠰᠠᠨ ᠶᠤᠮ ᠰᠢᠭ᠋ ᠳᠠᠪᠬᠢᠵᠤ ᠪᠠᠢᠬᠤ ᠶ᠋ᠢᠨ ᠣᠷᠣᠨ ᠳ᠋ᠤ᠌ ᠵᠣᠪᠠᠯ ᠦᠭᠡᠢ ᠣᠯᠵᠠ ᠣᠯᠵᠤ ᠪᠣᠯᠬᠤ ᠯᠠ ᠪᠠᠢᠭᠰᠠᠨ ᠰᠢᠦ ᠳᠡ! ᠬᠠᠷ᠎ᠠ ᠲᠡᠨᠡᠭ ᠲᠣᠯᠣᠭᠠᠢ! ᠡᠨᠡ ᠮᠠᠩᠭᠠᠷ ᠤ᠋ᠨ ᠭᠠᠷ ᠲᠤ᠌ ᠦᠷᠡᠭᠳᠡᠬᠦ ᠨᠢ ᠪᠣᠯᠤᠯᠲᠠᠢ ᠭᠡᠵᠦ ᠪᠣᠳᠣᠵᠤ ᠶᠠᠪᠤᠯ᠎ᠠ᠃ ᠳᠡᠭᠡᠭᠰᠢ ᠬᠠᠷᠠᠪᠠᠯ ᠡᠭᠦᠯᠡ ᠪᠦᠷᠬᠦᠭᠰᠡᠨ ᠲᠩᠷᠢ ᠳᠠᠷᠤᠵᠤ᠂ ᠤᠷᠤᠭᠰᠢ ᠬᠠᠷᠠᠪᠠᠯ ᠪᠢᠲᠡᠭᠦᠦ ᠬᠠᠷᠠᠩᠭᠤᠢ ᠮᠠᠨᠠᠷᠠᠨ᠂ ᠰᠥᠨᠢ ᠶ᠋ᠢᠨ ᠬᠦᠢᠲᠡᠨ ᠰᠠᠯᠬᠢ ᠨᠡᠪᠲᠡ ᠦᠯᠢᠶᠡᠨ᠂ ᠳᠤᠲᠠᠭᠤ ᠨᠣᠢᠷ ᠲᠠᠢ ᠲᠦᠭᠵᠢᠯ ᠦ᠋ᠨ ᠡᠷᠡᠦ ᠲᠣᠯᠣᠭᠠᠢ ᠨᠢ ᠥᠪᠡᠷ ᠦ᠋ᠨ ᠡᠷᠬᠡ ᠦᠭᠡᠢ ᠵᠣᠳᠣᠯᠳᠤᠨ᠂ ᠦᠮᠡᠬᠡᠢ ᠪᠡᠷ ᠭᠡᠭᠡᠷᠡᠵᠦ ᠴᠣᠬᠣᠮ ᠠᠯᠢ ᠵᠦᠭ ᠶᠠᠪᠤᠵᠤ ᠪᠠᠢᠭ᠎ᠠ ᠶ᠋ᠢ ᠦᠯᠦ ᠮᠡᠳᠡᠨ᠎ᠡ᠃
ᠲᠡᠮᠦᠷ ᠤᠷᠢᠳᠤᠬᠢ ᠬᠡᠪ ᠢ᠋ᠶ᠋ᠡᠷ ᠳᠥᠷᠦᠭᠡᠨ ᠳᠡᠭᠡᠷ᠎ᠡ ᠪᠡᠨ ᠪᠣᠰᠴᠤ ᠦᠯᠦ ᠮᠡᠳᠡᠭ ᠣᠷᠣᠭᠰᠢ ᠪᠠᠨ ᠪᠥᠬᠥᠢᠭᠡᠳ 《ᠡᠷᠳᠡᠨᠢ ᠵᠠᠰᠠᠭ ᠤ᠋ᠨ ᠤᠨᠠᠭ᠎ᠠ》 ᠪᠠᠨ ᠦᠭᠡ ᠶ᠋ᠢ ᠨᠢ ᠬᠡᠯᠡᠯ ᠦᠭᠡᠢ ᠠᠶᠠᠯᠤᠨ ᠳᠠᠪᠬᠢᠨ᠎ᠠ᠃ ᠬᠣᠶᠠᠷᠳᠠᠬᠢ ᠡᠳᠦᠷ ᠦ᠋ᠨ ᠥᠷᠯᠥᠭᠡ ᠵᠢᠵᠢᠭᠬᠡᠨ ᠬᠥᠪᠡᠭᠡᠨ ᠦ᠌ ᠣᠷᠣᠢ ᠳᠡᠭᠡᠷ᠎ᠡ ᠭᠠᠷᠴᠤ ᠮᠣᠷᠢᠨ ᠡᠴᠡ ᠪᠠᠭᠤᠪᠠ᠃
᠊᠊᠊᠊᠊᠊᠊᠊᠊᠊᠊᠊᠊᠊᠊ ᠡᠨᠳᠡ ᠠᠮᠠᠷᠠᠵᠤ ᠣᠷᠣᠢ ᠬᠥᠳᠡᠯᠦᠨ᠎ᠡ᠃ ᠪᠢᠳᠡᠨ ᠦ᠌ ᠲᠤᠭᠤᠯᠵᠤ ᠢᠷᠡᠭᠰᠡᠨ ᠲᠡᠷᠡ ᠭᠣᠪᠢ ᠶ᠋ᠢ ᠬᠠᠷ᠎ᠠ ᠭᠣᠪᠢ ᠭᠡᠳᠡᠭ ᠶᠦᠮ᠃ ᠲᠡᠷᠡ ᠬᠠᠷᠠᠭᠳᠠᠵᠤ ᠪᠠᠢᠭ᠎ᠠ ᠠᠭᠤᠯᠠ ᠶ᠋ᠢ ᠵᠣᠳᠣᠯ ᠬᠠᠨ ᠭᠡᠳᠡᠭ ᠭᠡᠵᠦ ᠲᠡᠮᠦᠷ ᠦ᠋ᠨ ᠶᠠᠷᠢᠵᠤ ᠪᠠᠢᠬᠤ ᠳ᠋ᠤ᠌ ᠲᠦᠭᠵᠢᠯ ᠳ᠋ᠦ᠍ ᠰᠣᠨᠣᠰᠬᠤ ᠴᠢᠳᠠᠯ ᠪᠠᠢᠭᠰᠠᠨ ᠦᠭᠡᠢ᠃ ᠲᠡᠮᠦᠷ ᠮᠣᠷᠢᠳ ᠢ᠋ᠶ᠋ᠠᠨ ᠴᠢᠳᠥᠷᠯᠡᠵᠦ ᠲᠠᠯᠪᠢᠭᠠᠳ᠂ ᠤᠨᠲᠠᠬᠤ ᠪᠠᠷ ᠬᠡᠪᠲᠡᠬᠦ ᠳ᠋ᠦ᠍ ᠡᠮᠡᠭᠡᠯ ᠢ᠋ᠶ᠋ᠡᠨ ᠲᠦᠰᠢᠵᠦ ᠰᠠᠭᠤᠭᠠᠳ ᠬᠥᠳᠡᠯᠬᠦ ᠪᠦᠷᠢ ᠳ᠋ᠦ᠍ᠨᠢ ᠠᠵᠢᠵᠤ ᠪᠠᠢᠭᠰᠠᠨ ᠲᠦᠭᠵᠢᠯ 《ᠲᠡᠮᠦᠷ ᠭᠤᠸᠠᠢ᠂ ᠮᠢᠬ᠎ᠠ ᠢᠳᠡᠶ᠎ᠡ》 ᠭᠡᠵᠡᠢ᠃
᠊᠊᠊᠊᠊᠊᠊᠊᠊᠊᠊᠊᠊᠊᠊ ᠪᠢᠲᠡᠭᠡᠢ ᠳᠡᠮᠡᠢ ᠶᠠᠷᠢ᠃ ᠪᠢᠲᠡᠭᠦᠯᠡᠬᠦ ᠭᠡᠵᠦ ᠢᠷᠡᠭᠰᠡᠨ ᠪᠢᠰᠢ᠂ ᠪᠤᠴᠠᠬᠤ ᠵᠠᠮ ᠭᠡᠵᠦ ᠪᠣᠢ᠃ ᠠᠳᠤᠭᠤ ᠬᠥᠭᠡᠭᠡᠬᠦ ᠳ᠋ᠡᠭᠡᠨ ᠦᠯᠡᠳᠡᠭᠰᠡᠨ ᠢ᠋ ᠨᠢ ᠣᠷᠬᠢᠳᠠᠭ ᠶᠤᠮ ᠰᠢᠦ ᠭᠡᠳ ᠥᠭᠡᠷ᠎ᠡ ᠶᠠᠷᠢᠶ᠎ᠠ ᠦᠭᠡᠢ ᠭᠡᠰᠡᠨ ᠪᠣᠯᠤᠯᠲᠠᠢ ᠤᠨᠲᠠᠪᠠ᠃
ᠲᠦᠭᠵᠢᠯ ᠪᠣᠭᠴᠣ ᠲᠠᠢ ᠮᠢᠬ᠎ᠠ ᠡᠴᠡ ᠬᠤᠯᠠᠭᠠᠢᠯᠠᠵᠤ ᠠᠪᠤᠭᠠᠳ ᠢᠳᠡᠶ᠎ᠡ ᠭᠡᠬᠦ ᠳ᠋ᠦ᠍ ᠲᠡᠮᠦᠷ ᠡᠴᠡ ᠠᠶᠤᠭᠠᠳ ᠴᠢᠳᠠᠭᠰᠠᠨ ᠦᠭᠡᠢ ᠪᠣᠯᠬᠣᠷ ᠠᠷᠭ᠎ᠠ ᠦᠭᠡᠢ ᠬᠡᠪᠲᠡᠪᠡ᠃ ᠭᠡᠪᠡᠴᠦ ᠤᠨᠲᠠᠵᠤ ᠴᠢᠳᠠᠭᠰᠠᠨ ᠦᠭᠡᠢ ᠵᠡᠭᠦᠷᠮᠡᠭᠯᠡᠬᠦ ᠰᠢᠭ ᠪᠣᠯᠬᠤ ᠳ᠋ᠤ᠌ ᠡᠯᠳᠡᠪ ᠶᠠᠩᠵᠤ ᠶ᠋ᠢᠨ ᠶᠠᠭᠤᠮ᠎ᠠ ᠵᠡᠭᠦᠳᠦᠯᠡᠨ ᠬᠠᠷ᠎ᠠ ᠳᠠᠷᠤᠨ᠎ᠠ᠃
ᠣᠷᠣᠢ ᠶ᠋ᠢᠨ ᠨᠠᠷᠠ ᠰᠢᠩᠭᠡᠬᠦ ᠶ᠋ᠢᠨ ᠦᠶ᠎ᠡ ᠳ᠋ᠦ᠍ ᠲᠡᠮᠦᠷ ᠰᠡᠷᠢᠭᠡᠳ ᠪᠣᠰᠤᠯ᠎ᠠ᠃ ᠵᠣᠳᠣᠯ ᠬᠠᠨ ᠤ᠋ ᠣᠷᠣᠢ ᠳᠣᠷᠣᠨ᠎ᠠ ᠲᠠᠯ᠎ᠠ ᠳ᠋ᠠᠭᠠᠨ ᠪᠠᠷᠠᠭᠠᠨᠲᠠᠢ᠂ ᠥᠷᠥᠨ᠎ᠡ ᠲᠠᠯ᠎ᠠ ᠳ᠋ᠠᠭᠠᠨ ᠠᠯᠲᠠᠨ ᠰᠢᠷ᠎ᠠ ᠳᠤᠭᠤᠯᠠᠭ᠎ᠠ ᠪᠠᠨ ᠭᠢᠯᠠᠯᠵᠠᠭᠤᠯᠤᠨ ᠬᠠᠷ᠎ᠠ ᠭᠣᠪᠢ ᠶ᠋ᠢᠨ ᠳᠤᠮᠳᠠ ᠦᠶᠡᠯᠡᠭᠰᠡᠨ ᠵᠡᠷᠭᠡᠯᠭᠡᠨ ᠳᠠᠯᠠᠢ ᠶ᠋ᠢᠨ ᠳᠠᠪᠠᠯᠭ᠎ᠠ ᠶ᠋ᠢ ᠳᠦᠷᠰᠦᠯᠡᠨ ᠲᠣᠭᠯᠠᠵᠤ ᠪᠠᠢᠯ᠎ᠠ᠃
ᠲᠦᠭᠵᠢᠯ ᠪᠢᠷᠢᠳ ᠪᠣᠯᠵᠤ ᠲᠥᠷᠥᠭᠡᠳ ᠡᠮᠦᠨ᠎ᠡ ᠪᠡᠨ ᠲᠠᠯᠪᠢᠭᠰᠠᠨ ᠲᠠᠪᠠᠭ ᠮᠢᠬ᠎ᠠ ᠡᠴᠡ ᠭᠠᠭᠴᠠ ᠣᠭᠲᠣᠯᠤᠮ ᠴᠤ᠌ ᠢᠳᠡᠵᠦ ᠴᠢᠳᠠᠬᠤ ᠦᠭᠡᠢ ᠶᠠᠳᠠᠷᠠᠨ ᠵᠡᠭᠦᠳᠦᠯᠡᠵᠦ ᠪᠠᠢᠲᠠᠯ᠎ᠠ ᠲᠡᠮᠦᠷ ᠤᠭᠵᠠ ᠲᠡᠳᠡᠨ ᠰᠡᠷᠢᠭᠡᠵᠡᠢ᠃
ᠦᠳᠡᠰᠢ ᠶ᠋ᠢᠨ ᠪᠦᠷᠦᠩᠬᠦᠢ ᠪᠣᠯᠬᠤ ᠳ᠋ᠤ᠌ ᠮᠣᠷᠳᠠᠭᠠᠳ ᠴᠢᠨᠠᠭᠰᠢ ᠬᠡᠰᠡᠭ ᠶᠠᠪᠤᠭᠰᠠᠨ ᠢ᠋ᠶ᠋ᠠᠨ᠄ 《ᠲᠠᠰᠤᠳᠠᠵᠤ ᠬᠥᠭᠡᠭᠡᠭᠡᠳ᠂ ᠶᠠᠪᠤᠳᠠᠯ ᠳᠤᠮᠳᠠ ᠪᠠᠨ ᠮᠣᠷᠢᠳ ᠢ᠋ᠶ᠋ᠠᠨ ᠰᠣᠯᠢᠨ᠎ᠠ᠃ ᠪᠢ ᠪᠠᠷᠢᠵᠤ ᠥᠭᠬᠦ ᠳ᠋ᠦ᠍ ᠴᠢ ᠮᠣᠷᠢᠨ ᠳᠡᠭᠡᠷ᠎ᠡ ᠡᠴᠡ ᠪᠡᠨ ᠬᠠᠵᠠᠭᠠᠷᠯᠠᠵᠤ ᠠᠪᠤᠭᠠᠳ ᠵᠠᠢᠳᠠᠩ ᠤᠨᠤᠨ᠎ᠠ᠃ ᠡᠮᠡᠭᠡᠯ ᠲᠡᠢ ᠮᠣᠷᠢᠳ ᠢ᠋ᠶ᠋ᠠᠨ ᠳᠥᠷᠥᠭᠡ ᠶ᠋ᠢ ᠨᠢ ᠵᠥᠷᠢᠭᠦᠯᠡᠵᠦ ᠲᠠᠯᠪᠢᠭᠠᠳ ᠬᠠᠮᠲᠤ ᠲᠠᠭᠤᠨ᠎ᠠ᠃ ᠮᠠᠨᠠᠭ᠎ᠠ ᠲᠠᠢ ᠠᠳᠤᠭᠤ ᠪᠣᠯᠬᠣᠷ ᠬᠣᠢᠨ᠎ᠠ ᠡᠴᠡ ᠬᠥᠭᠡᠭᠡᠨ᠎ᠡ ᠰᠢᠦ᠃ ᠰᠠᠨᠳᠤᠷᠴᠤ ᠣᠭᠲᠣ ᠪᠣᠯᠬᠤ ᠦᠭᠡᠢ》 ᠭᠡᠵᠦ ᠲᠡᠮᠦᠷ ᠬᠡᠯᠡᠵᠡᠢ᠃
ᠲᠦᠭᠵᠢᠯ ᠲᠣᠯᠣᠭᠠᠢ ᠲᠣᠬᠢᠬᠤ ᠡᠴᠡ ᠥᠭᠡᠷ᠎ᠡ ᠬᠠᠷᠢᠭᠤ ᠬᠡᠯᠡᠭᠰᠡᠨ ᠦᠭᠡᠢ᠃ ᠬᠡᠯᠡᠬᠦ ᠴᠢᠳᠠᠯ ᠴᠤ᠌ ᠲᠡᠭᠦᠨ ᠳ᠋ᠦ᠍ ᠪᠠᠢᠭᠰᠠᠨ ᠦᠭᠡᠢ᠃ ᠲᠡᠮᠦᠷ ᠪᠣᠭᠴᠣ ᠡᠴᠡ ᠪᠡᠨ ᠡᠪᠬᠡᠮᠡᠯ ᠤᠷᠭ᠎ᠠ ᠪᠠᠨ ᠭᠠᠷᠭᠠᠵᠤ ᠪᠠᠷᠢᠭᠠᠳ ᠤᠷᠤᠭᠰᠢ ᠬᠡᠯᠲᠦᠷᠢᠨ ᠶᠠᠪᠤᠬᠤ ᠳ᠋ᠤ᠌ ᠬᠣᠢᠨ᠎ᠠ ᠡᠴᠡ ᠨᠢ ᠲᠦᠭᠵᠢᠯ ᠳᠠᠭᠠᠭᠰᠠᠭᠠᠷ ᠳᠠᠷᠬᠠᠨ ᠢᠳᠡᠵᠦ ᠪᠠᠢᠭ᠎ᠠ ᠣᠯᠠᠨ ᠠᠳᠤᠭᠤᠨ ᠳᠤᠮᠳᠠ ᠣᠷᠣᠵᠤ ᠢᠷᠡᠪᠡ᠃ ᠶᠠᠪᠤᠭᠰᠠᠭᠠᠷ ᠨᠥᠭᠦᠭᠡ ᠵᠠᠬ᠎ᠠ ᠳ᠋ᠤᠨᠢ ᠭᠠᠷᠤᠭᠠᠳ ᠪᠤᠴᠠᠵᠤ ᠡᠷᠭᠢᠭᠡᠳ ᠲᠡᠮᠦᠷ ᠢ᠋ ᠵᠣᠭᠰᠣᠬᠤ ᠳ᠋ᠤ᠌ ᠲᠦᠭᠵᠢᠯ ᠳᠡᠷᠭᠡᠳᠡ ᠨᠢ ᠣᠴᠢᠪᠠ᠃
᠊᠊᠊᠊᠊᠊᠊᠊᠊᠊᠊᠊᠊᠊᠊ ᠵᠠ ᠡᠨᠳᠡ ᠬᠡᠳᠦᠨ ᠰᠠᠢᠬᠠᠨ ᠮᠣᠷᠢᠳ ᠲᠠᠢ ᠬᠣᠶᠠᠷ ᠠᠵᠢᠷᠭ᠎ᠠ ᠠᠳᠤᠭᠤ ᠪᠠᠢᠨ᠎ᠠ᠃ ᠳᠣᠲᠣᠷ᠎ᠠ ᠨᠢ ᠰᠢᠪᠬᠠᠷᠠᠭᠰᠠᠨ ᠮᠣᠷᠢᠳ ᠴᠤ᠌ ᠪᠠᠢᠨ᠎ᠠ᠃ ᠵᠡᠷᠭᠡᠴᠡᠭᠡᠳ ᠶᠠᠪᠤ! ᠭᠡᠵᠦ ᠲᠡᠮᠦᠷ ᠰᠢᠪᠡᠭᠡᠨᠡᠨ ᠬᠡᠯᠡᠭᠡᠳ ᠬᠥᠳᠡᠯᠪᠡ᠃
ᠢᠩᠭᠢᠭᠡᠳ ᠲᠠᠪᠢ ᠭᠠᠷᠤᠢ ᠠᠳᠤᠭᠤ ᠲᠠᠰᠤᠯᠤᠨ ᠬᠥᠭᠡᠭᠡᠪᠡ᠃ ᠲᠡᠮᠦᠷ ᠢᠰᠬᠡᠷᠦᠨ ᠠᠳᠤᠭᠤ ᠶ᠋ᠢ ᠬᠠᠢᠷ᠎ᠠ ᠨᠠᠢᠷ ᠦᠭᠡᠢ ᠰᠢᠯᠪᠢᠭᠦᠷᠳᠡᠨ ᠶᠠᠪᠤᠬᠤ ᠳ᠋ᠤ᠌ ᠲᠦᠭᠵᠢᠯ ᠴᠦ᠍ ᠪᠦᠳᠦᠭᠦᠨ ᠳᠠᠩᠰᠠᠨ ᠲᠠᠰᠢᠭᠤᠷ ᠢ᠋ᠶ᠋ᠠᠨ ᠵᠣᠭᠰᠣᠭ᠎ᠠ ᠵᠢᠯᠣᠭᠣ ᠦᠭᠡᠢ ᠳᠠᠯᠠᠯᠤᠨ ᠬᠥᠭᠡᠭᠡᠵᠦ ᠪᠠᠢᠪᠠ᠃
ᠠᠳᠤᠭᠤ ᠬᠥᠭᠡᠭᠡᠬᠦ ᠪᠠᠶᠠᠷ ᠲᠤ᠌ ᠠᠪᠲᠠᠭᠳᠠᠨ ᠦᠯᠦᠰᠤᠯ᠂ ᠶᠠᠳᠠᠷᠠᠯ ᠨᠢ ᠲᠦᠷ ᠮᠠᠷᠲᠠᠭᠳᠠᠵᠤ ᠲᠦᠭᠵᠢᠯ ᠳ᠋ᠦ᠍ ᠴᠦ᠍ ᠶᠢᠷᠲᠢᠨᠴᠦ ᠳᠡᠭᠡᠷ᠎ᠡ ᠡᠭᠦᠨ ᠡᠴᠡ ᠢᠯᠡᠭᠦᠦ ᠰᠠᠢᠬᠠᠨ ᠶᠠᠭᠤᠮ᠎ᠠ ᠪᠠᠢᠬᠤ ᠦᠭᠡᠢ ᠮᠡᠲᠦ ᠪᠣᠳᠣᠭᠳᠠᠵᠤ ᠪᠠᠢᠪᠠ᠃
ᠬᠥᠭᠡᠭᠡᠭᠳᠡᠭᠰᠡᠨ ᠠᠳᠤᠭᠤᠨ ᠤ᠋ ᠴᠢᠮᠡᠭᠡ ᠪᠠᠷᠤᠭ ᠲᠠᠰᠤᠷᠠᠵᠤ ᠪᠠᠢᠬᠤ ᠳ᠋ᠤ᠌ ᠰᠡᠭᠡᠭᠡ ᠣᠷᠣᠵᠤ ᠶᠠᠭᠤ ᠪᠣᠯᠤᠭᠰᠠᠨ ᠢ᠋ ᠣᠢᠯᠭᠠᠭᠰᠠᠨ ᠳᠥᠷᠪᠡᠨ ᠠᠳᠤᠭᠤᠴᠢᠨ ᠬᠣᠢᠨ᠎ᠠ ᠡᠴᠡ ᠨᠢ ᠨᠡᠬᠡᠵᠦ ᠡᠬᠢᠯᠡᠪᠡ᠃ ᠭᠡᠪᠡᠴᠦ ᠮᠣᠷᠢ ᠪᠠᠨ ᠰᠣᠯᠢᠵᠤ ᠠᠮᠵᠢᠭᠰᠠᠨ ᠲᠡᠮᠦᠷ ᠲᠦᠭᠵᠢᠯ ᠬᠣᠶᠠᠷ ᠤᠯᠠᠮ ᠰᠢᠷᠦᠭᠦᠨ ᠬᠥᠭᠡᠭᠡᠵᠦ ᠶᠠᠪᠤᠲᠠᠯ᠎ᠠ ᠮᠣᠷᠢ ᠨᠢ ᠪᠦᠳᠦᠷᠢᠬᠦ ᠳ᠋ᠦ᠍ ᠲᠦᠭᠵᠢᠯ ᠵᠠᠢᠳᠠᠩ ᠮᠣᠷᠢᠨ ᠡᠴᠡ ᠪᠡᠨ ᠰᠠᠯᠵᠤ ᠲᠣᠩᠭᠣᠷᠴᠣᠭᠯᠠᠨ ᠤᠨᠠᠪᠠ᠃
ᠠᠳᠤᠭᠤ ᠬᠥᠭᠡᠭᠡᠵᠦ ᠶᠠᠪᠤᠭᠰᠠᠨ ᠲᠡᠮᠦᠷ ᠮᠡᠳᠡᠭᠰᠡᠨ ᠦᠭᠡᠢ ᠳ᠋ᠦ᠍ ᠲᠦᠭᠵᠢᠯ ᠪᠣᠰᠴᠤ 《ᠲᠡᠮᠦᠷ ᠭᠤᠸᠠᠢ ᠠᠪᠤᠷᠠᠭᠠᠷᠠᠢ》 ᠭᠡᠵᠦ ᠬᠠᠷ᠎ᠠ ᠲᠡᠩᠬᠡᠭᠡ ᠪᠡᠷ ᠢ᠋ᠶ᠋ᠡᠨ ᠬᠠᠰᠬᠢᠷᠴᠤ ᠭᠦᠶᠦᠪᠡ᠃ ᠡᠨᠡ ᠦᠶ᠎ᠡ ᠳ᠋ᠦ᠍ ᠠᠳᠤᠭᠤᠴᠢᠨ ᠤ᠋ ᠬᠠᠰᠬᠢᠷᠤᠯᠳᠤᠬᠤ ᠳᠠᠭᠤ ᠤᠯᠠᠮ ᠣᠢᠷᠠᠲᠤᠪᠠ᠃ ᠲᠡᠮᠦᠷ ᠮᠣᠷᠢᠨ ᠤ᠋ ᠠᠮᠠ ᠶ᠋ᠢ ᠡᠷᠭᠢᠭᠦᠯᠵᠦ᠂ ᠲᠦᠭᠵᠢᠯ ᠦ᠋ᠨ ᠳᠡᠷᠭᠡᠳᠡ ᠣᠴᠢᠭᠠᠳ ᠶᠠᠪᠤᠭᠤᠲᠠ ᠰᠤᠨᠳᠠᠯᠠᠭᠤᠯᠵᠤ ᠠᠳᠤᠭᠤᠨ ᠤ᠋ ᠬᠣᠢᠨ᠎ᠠ ᠡᠴᠡ ᠢᠷᠡᠵᠦ ᠮᠣᠷᠢ ᠶ᠋ᠢ ᠨᠢ ᠪᠠᠷᠢᠵᠤ ᠤᠨᠤᠭᠤᠯᠪᠠ᠃ ᠢᠩᠭᠢᠭᠰᠡᠭᠡᠷ ᠪᠠᠢᠲᠠᠯ᠎ᠠ ᠨᠡᠬᠡᠭᠴᠢᠳ ᠪᠦᠷ ᠣᠢᠷᠠᠬᠠᠨ ᠪᠣᠯᠤᠯ᠎ᠠ᠃
᠊᠊᠊᠊᠊᠊᠊᠊᠊᠊᠊᠊᠊᠊᠊ ᠣᠳᠣ ᠪᠣᠯᠬᠤ ᠪᠠᠨ ᠪᠠᠢᠯ᠎ᠠ ᠰᠢᠦ! ᠴᠢ ᠢᠩᠭᠢᠭᠡᠳ ᠠᠯᠲᠠᠨ ᠭᠠᠳᠠᠰᠤ ᠴᠢᠭᠯᠡᠨ ᠶᠠᠪᠤᠵᠤ ᠪᠠᠢ᠃ ᠪᠢ ᠭᠡᠳ ᠠᠳᠤᠭᠤᠨ ᠡᠴᠡ ᠬᠡᠰᠡᠭ ᠢ᠋ ᠲᠠᠰᠤᠯᠤᠨ ᠦᠯᠡᠳᠡᠪᠡ᠃ ᠶᠠᠭᠤᠨ ᠤ᠋ ᠴᠤ᠌ ᠤᠴᠢᠷ ᠢ᠋ ᠣᠯᠤᠭ᠎ᠠ ᠦᠭᠡᠢ ᠲᠦᠭᠵᠢᠯ ᠦᠯᠡᠳᠡᠭᠰᠡᠨ ᠠᠳᠤᠭᠤ ᠶ᠋ᠢ ᠬᠥᠭᠡᠭᠡᠭᠰᠡᠭᠡᠷ ᠶᠠᠭᠤ ᠤᠷᠤᠭᠤ ᠬᠠᠮᠢᠭᠠᠰᠢ ᠪᠠᠨ ᠶᠠᠪᠤᠵᠤ ᠪᠠᠢᠭ᠎ᠠ ᠪᠠᠨ ᠦᠯᠦ ᠮᠡᠳᠡᠨ ᠳᠠᠪᠬᠢᠪᠠ᠃
ᠲᠡᠮᠦᠷ ᠬᠡᠰᠡᠭ ᠠᠳᠤᠭᠤ ᠪᠠᠨ ᠬᠣᠢᠨ᠎ᠠ ᠡᠴᠡ ᠨᠢ ᠠᠯᠭᠤᠷᠬᠠᠨ ᠬᠥᠭᠡᠭᠡᠵᠦ ᠶᠠᠪᠤᠲᠠᠯ᠎ᠠ 《ᠡᠨᠡ ᠶᠠᠪᠤᠵᠤ ᠪᠠᠢᠨ᠎ᠠ᠂ ᠭᠦᠢᠴᠡᠯ᠎ᠡ᠂ ᠪᠠᠷᠢᠭᠠᠳ ᠠᠪᠤᠭᠠᠷᠠᠢ》 ᠭᠡᠵᠦ ᠬᠠᠰᠬᠢᠷᠤᠭᠰᠠᠭᠠᠷ ᠠᠳᠤᠭᠤᠴᠢᠳ ᠢᠷᠡᠯ᠎ᠡ᠃
ᠲᠡᠮᠦᠷ ᠬᠥᠭᠡᠭᠡᠵᠦ ᠶᠠᠪᠤᠭᠰᠠᠨ ᠬᠡᠰᠡᠭ ᠠᠳᠤᠭᠤ ᠪᠠᠨ ᠣᠷᠬᠢᠵᠤ ᠥᠭᠡᠷ᠎ᠡ ᠵᠦᠭ ᠵᠢᠭᠤᠲᠠᠪᠠ᠃ ᠨᠢᠭᠡ ᠨᠢ ᠠᠳᠤᠭᠤᠨ ᠳᠡᠭᠡᠷ᠎ᠡ ᠦᠯᠡᠳᠡᠵᠦ ᠭᠤᠷᠪᠠ ᠨᠢ ᠬᠥᠭᠡᠭᠡᠭᠰᠡᠨ ᠪᠣᠯᠪᠠᠴᠤ ᠲᠡᠮᠦᠷ ᠦ᠋ᠨ ᠪᠡᠶ᠎ᠡ ᠲᠠᠰᠤᠷᠠᠵᠤ ᠠᠯᠳᠠᠪᠠ᠃
ᠠᠳᠤᠭᠤ ᠬᠥᠭᠡᠭᠡᠭᠰᠡᠨ ᠬᠤᠯᠠᠭᠠᠢᠴᠢ ᠶ᠋ᠢ ᠪᠠᠷᠢᠵᠤ ᠴᠢᠳᠠᠭ᠎ᠠ ᠦᠭᠡᠢ ᠪᠣᠯᠪᠠᠴᠤ ᠬᠥᠭᠡᠭᠡᠯᠭᠡᠭᠰᠡᠨ ᠠᠳᠤᠭᠤ ᠪᠠᠨ ᠪᠦᠷᠢᠨ ᠠᠪᠤᠯ᠎ᠠ ᠭᠡᠵᠦ ᠪᠠᠶᠠᠷᠯᠠᠭᠰᠠᠨ ᠠᠳᠤᠭᠤᠴᠢᠨ ᠡᠷᠭᠢᠪᠡ᠃ ᠥᠷᠯᠥᠭᠡ ᠨᠠᠷᠠ ᠮᠠᠨᠳᠤᠬᠤ ᠶ᠋ᠢᠨ ᠦᠶ᠎ᠡ ᠳ᠋ᠦ᠍ ᠲᠡᠮᠦᠷ ᠲᠦᠭᠵᠢᠯ ᠢ᠋ ᠭᠦᠢᠴᠡᠵᠦ ᠢᠷᠡᠯ᠎ᠡ᠃ ᠰᠤᠭᠤ ᠰᠢᠭ᠋ ᠬᠣᠷᠢ ᠭᠠᠷᠤᠢ ᠮᠣᠷᠢᠳ ᠲᠠᠢ ᠭᠤᠴᠢ ᠰᠢᠬᠠᠮ ᠠᠳᠤᠭᠤ ᠠᠵᠢ᠃ ᠡᠭᠦᠨ ᠢ᠋ ᠬᠠᠷᠠᠭᠠᠳ ᠭᠠᠭᠴᠠ ᠬᠣᠶᠠᠷ ᠴᠢᠳᠥᠷ ᠦ᠋ᠨ ᠮᠣᠷᠢ᠂ ᠢᠳᠡᠰᠢᠨ ᠦ᠌ ᠱᠠᠷ ᠡᠴᠡ ᠬᠡᠲᠦᠷᠡᠵᠦ ᠶᠠᠪᠤᠭ᠎ᠠ ᠦᠭᠡᠢ ᠲᠦᠭᠵᠢᠯ ᠶᠠᠳᠠᠷᠠᠯ ᠢ᠋ᠶ᠋ᠠᠨ ᠮᠠᠷᠲᠠᠵᠤ ᠰᠡᠳᠬᠢᠯ ᠨᠢ ᠣᠯᠵᠠᠨ ᠤ᠋ ᠪᠠᠶᠠᠷ ᠢ᠋ᠶ᠋ᠠᠷ ᠪᠢᠯᠬᠠᠪᠠ᠃
ᠠᠳᠤᠭᠤ ᠬᠥᠭᠡᠭᠡᠨ ᠦᠷᠭᠦᠯᠵᠢ ᠬᠣᠯᠬᠢᠨ ᠥᠷᠭᠡᠨ ᠭᠣᠪᠢ ᠶ᠋ᠢ ᠣᠭᠲᠣᠯᠬᠤ ᠲᠡᠢᠮᠦ ᠠᠮᠠᠷ ᠬᠡᠷᠡᠭ ᠪᠢᠰᠢ᠃ ᠠᠭᠠᠵᠢᠮ ᠢ᠋ᠶ᠋ᠠᠷ ᠲᠦᠭᠵᠢᠯ ᠦ᠋ᠨ ᠪᠠᠶᠠᠷ ᠦᠭᠡᠢ ᠪᠣᠯᠵᠤ ᠥᠯᠥᠰᠬᠦ ᠴᠠᠩᠭᠠᠬᠤ᠂ ᠶᠠᠳᠠᠷᠠᠬᠤ ᠶ᠋ᠢᠨ ᠲᠤᠢᠯ ᠳ᠋ᠤ᠌ ᠬᠦᠷᠴᠦ᠂ ᠵᠣᠭᠰᠣᠵᠤ ᠠᠮᠠᠷᠠᠬᠤ ᠲᠤᠬᠠᠢ ᠲᠡᠮᠦᠷ ᠲᠦ᠍ ᠬᠡᠯᠡᠭᠰᠡᠨ ᠳ᠋ᠦ᠍ 《ᠪᠠᠯᠠᠭ ᠪᠣᠯᠵᠤ ᠠᠳᠤᠭᠤᠨ ᠤ᠋ ᠬᠠᠭᠠᠰ ᠢ᠋ ᠣᠷᠭᠢᠭᠤᠯᠴᠢᠬᠠᠭᠠᠳ ᠪᠠᠰᠠ ᠠᠮᠠᠷᠠᠬᠤ ᠰᠠᠨᠠᠭ᠎ᠠ ᠲᠠᠢ᠂ ᠶᠠᠮᠠᠷ ᠳᠦᠭᠦᠷᠴᠢᠬᠡᠭᠰᠡᠨ ᠡᠷ᠎ᠡ ᠪᠣᠢ》 ᠭᠡᠵᠦ ᠬᠥᠮᠥᠰᠬᠡ ᠪᠡᠨ ᠵᠠᠩᠭᠢᠳᠤᠨ ᠠᠭᠤᠷᠯᠠᠵᠠᠢ᠃ ᠲᠦᠭᠵᠢᠯ ᠳ᠋ᠦ᠍ ᠳᠠᠬᠢᠭᠠᠳ ᠬᠡᠯᠡᠬᠦ ᠵᠢᠷᠦᠬᠡ ᠪᠠᠢᠭᠰᠠᠨ ᠦᠭᠡᠢ᠃ ᠦᠬᠦᠭᠰᠡᠨ ᠠᠮᠢᠳᠤ ᠪᠠᠨ ᠪᠠᠷᠤᠭ ᠯᠠ ᠥᠪᠡᠷ ᠢ᠋ᠶ᠋ᠡᠨ ᠮᠡᠳᠡᠬᠦ ᠪᠡᠨ ᠪᠣᠯᠢᠵᠤ᠂ ᠤᠨᠤᠭᠰᠠᠨ ᠮᠣᠷᠢᠨ ᠳ᠋ᠠᠭᠠᠨ ᠪᠦᠷᠢᠨ ᠵᠠᠬᠢᠷᠤᠭᠳᠠᠨ ᠵᠠᠷᠢᠮ ᠳ᠋ᠠᠭᠠᠨ ᠠᠳᠤᠭᠤᠨ ᠤ᠋ ᠳᠤᠮᠳᠠ ᠣᠷᠣᠨ ᠲᠠᠭᠤᠭᠳᠠᠵᠤ ᠶᠠᠪᠤᠵᠠᠢ᠃
ᠨᠠᠷᠠ ᠰᠢᠩᠭᠡᠬᠦ ᠶ᠋ᠢᠨ ᠦᠶ᠎ᠡ ᠳ᠋ᠦ᠍ ᠲᠡᠮᠦᠷ ᠠᠳᠤᠭᠤ ᠪᠠᠨ ᠵᠣᠭᠰᠣᠭᠠᠪᠠ᠃
᠊᠊᠊᠊᠊᠊᠊᠊᠊᠊᠊᠊᠊᠊᠊ ᠪᠠᠭᠤᠵᠤ ᠪᠤᠯᠠᠭᠰᠠᠨ ᠤᠰᠤ ᠪᠠᠨ ᠣᠯ ᠭᠡᠵᠦ ᠲᠡᠮᠦᠷ ᠦ᠋ᠨ ᠬᠡᠯᠡᠬᠦ ᠳ᠋ᠦ᠍ ᠲᠦᠭᠵᠢᠯ ᠠᠷᠠᠢ ᠴᠢᠷᠠᠢ ᠮᠣᠷᠢᠨ ᠡᠴᠡ ᠪᠠᠭᠤᠵᠤ᠂ ᠭᠦᠵᠡᠭᠡ ᠲᠡᠢ ᠤᠰᠤ ᠪᠠᠨ ᠡᠷᠢᠵᠡᠢ᠃ ᠲᠦᠭᠵᠢᠯ ᠦ᠋ᠨ ᠨᠢᠳᠦᠨ ᠳ᠋ᠦ᠍ ᠥᠷᠭᠡᠨ ᠭᠣᠪᠢ ᠳ᠋ᠤ᠌ ᠴᠠᠩᠭᠠᠵᠤ ᠦᠬᠦᠬᠦ ᠠᠶᠤᠯ ᠲᠣᠳᠣᠷᠠᠨ ᠪᠦᠬᠦ ᠪᠡᠶ᠎ᠡ ᠨᠢ ᠰᠤᠯᠠᠷᠠᠵᠤ᠂ ᠴᠣᠭ ᠨᠢ ᠪᠠᠭᠤᠷᠠᠭᠰᠠᠨ ᠬᠠᠷᠠᠴᠠ ᠪᠠᠷ ᠲᠡᠮᠦᠷ ᠥᠭᠡᠳᠡ ᠭᠥᠯᠢᠷᠡᠨ᠄
᠊᠊᠊᠊᠊᠊᠊᠊᠊᠊᠊᠊᠊᠊᠊ ᠥᠩᠭᠡᠷᠡᠭᠰᠡᠨ ᠪᠣᠯᠤᠯᠲᠠᠢ᠃ ᠭᠠᠵᠠᠷ ᠮᠠᠨᠢ ᠪᠢᠰᠢ ᠰᠢᠭ ᠪᠠᠢᠨ᠎ᠠ᠃ ᠶᠠᠭᠠᠬᠢᠳᠠᠭ ᠪᠢᠯᠡ! ᠭᠡᠲᠡᠯ᠎ᠡ ᠲᠡᠮᠦᠷ ᠥᠷᠭᠡᠨ ᠭᠣᠪᠢ ᠶ᠋ᠢ ᠰᠣᠴᠢᠭᠠᠭᠰᠠᠨ ᠪᠦᠳᠦᠭᠦᠨ ᠪᠠᠷᠭᠢᠯ ᠳᠠᠭᠤ ᠪᠠᠷ ᠫᠠᠷᠴᠢᠭᠢᠨᠠᠭᠤᠯᠤᠨ ᠢᠨᠢᠶᠡᠵᠦ᠄
᠊᠊᠊᠊᠊᠊᠊᠊᠊᠊᠊᠊᠊᠊᠊ ᠮᠢᠨᠦ ᠡᠮᠡᠭᠡᠯ ᠦ᠋ᠨ ᠳᠣᠣᠷ᠎ᠠ ᠪᠣᠢ ᠭᠡᠵᠦ ᠠᠪᠴᠤ ᠲᠠᠯᠪᠢᠭᠰᠠᠨ ᠡᠮᠡᠭᠡᠯ ᠢ᠋ᠶ᠋ᠡᠨ ᠵᠢᠭᠠᠵᠠᠢ᠃
ᠡᠨᠡ ᠬᠣᠶᠠᠷ ᠠᠮᠠᠷᠠᠵᠤ᠂ ᠮᠢᠬ᠎ᠠ ᠢᠳᠡᠵᠦ᠂ ᠤᠰᠤ ᠤᠤᠭᠤᠵᠤ ᠠᠪᠤᠭᠠᠳ ᠰᠥᠨᠢ ᠳᠤᠮᠳᠠ ᠶ᠋ᠢᠨ ᠦᠶ᠎ᠡ ᠳ᠋ᠦ᠍ ᠬᠥᠳᠡᠯᠵᠦ ᠶᠠᠪᠤᠭᠰᠠᠭᠠᠷ ᠥᠷᠯᠥᠭᠡ ᠨᠢᠭᠡᠨ ᠬᠤᠳᠳᠤᠭ ᠳᠡᠭᠡᠷ᠎ᠡ ᠣᠴᠢᠵᠤ ᠠᠳᠤᠭᠤ ᠪᠠᠨ ᠤᠰᠤᠯᠠᠭᠠᠳ ᠴᠢᠨᠠᠭᠰᠢ ᠬᠥᠳᠡᠯᠪᠡ᠃ ᠡᠷ᠎ᠡ ᠥᠬᠢᠨ ᠨᠡᠢᠯᠡᠭᠰᠡᠨ ᠳᠣᠯᠣᠭᠠᠨ ᠠᠳᠤᠭᠤ ᠵᠠᠮ ᠳ᠋ᠠᠭᠠᠨ ᠬᠠᠶᠠᠵᠤ ᠳᠣᠪᠲᠣᠯᠤᠭᠰᠠᠭᠠᠷ ᠭᠤᠷᠪᠠ ᠬᠣᠨᠣᠭ ᠶᠠᠪᠤᠭᠠᠳ ᠳᠥᠷᠪᠡᠳᠡᠬᠢ ᠡᠳᠦᠷ ᠢ᠋ᠶ᠋ᠡᠨ ᠠᠯᠭᠤᠷ ᠠᠶᠠᠨ ᠳ᠋ᠤ᠌ ᠣᠷᠣᠵᠤ ᠵᠠᠷᠢᠮ ᠳ᠋ᠠᠭᠠᠨ ᠵᠠᠮ ᠤ᠋ᠨ ᠠᠢᠯ ᠳ᠋ᠤ᠌ ᠣᠷᠣᠵᠤ ᠠᠢᠷᠠᠭ ᠲᠠᠷᠠᠭ ᠡᠷᠭᠢᠭᠦᠯᠵᠦ ᠶᠠᠪᠤᠵᠠᠢ᠃
ᠲᠦᠭᠵᠢᠯ ᠬᠦᠴᠦ ᠲᠡᠩᠬᠡᠭᠡ ᠣᠷᠣᠵᠤ᠂ ᠲᠡᠮᠦᠷ ᠡᠴᠡ ᠨᠢᠭᠤᠵᠤ ᠭᠤᠷᠪᠠᠨ ᠮᠣᠷᠢ ᠬᠤᠳᠠᠯᠳᠤᠭᠠᠳ ᠥᠷᠲᠡᠭ ᠢ᠋ ᠨᠢ ᠠᠮᠢᠨ ᠳ᠋ᠠᠭᠠᠨ ᠵᠠᠪᠰᠢᠪᠠ᠃ ᠠᠩᠬᠠᠨ ᠳ᠋ᠭᠠᠠᠨ ᠲᠡᠮᠦᠷ ᠮᠡᠳᠡᠪᠡᠯ ᠶᠠᠭᠠᠬᠢᠨ᠎ᠠ ᠭᠡᠵᠦ ᠠᠶᠤᠨ ᠬᠡᠯᠡᠬᠦ ᠦᠭᠡ ᠪᠣᠳᠣᠵᠤ ᠶᠠᠪᠤᠭᠰᠠᠨ ᠪᠣᠯᠪᠠᠴᠤ ᠲᠡᠮᠦᠷ ᠶᠠᠭᠤ ᠴᠤ᠌ ᠬᠡᠯᠡᠭᠰᠡᠨ ᠦᠭᠡᠢ ᠳ᠋ᠦ᠍ ᠯᠠᠪ ᠮᠡᠳᠡᠭᠰᠡᠨ ᠦᠭᠡᠢ ᠭᠡᠵᠦ ᠪᠠᠶᠠᠷᠯᠠᠪᠠ᠃ ᠭᠡᠲᠡᠯ᠎ᠡ ᠨᠢᠭᠡ ᠣᠷᠣᠢ ᠲᠡᠮᠦᠷ ᠠᠢᠯ ᠳ᠋ᠤ᠌ ᠠᠢᠷᠠᠭ ᠤᠤᠭᠤᠬᠤ ᠪᠠᠷ ᠶᠠᠪᠤᠬᠤ ᠳ᠋ᠠᠭᠠᠨ ᠠᠳᠤᠭᠤᠨ ᠤ᠋ ᠲᠦᠷᠦᠭᠦᠨ ᠳ᠋ᠦ᠍ ᠶᠠᠪᠤᠭ᠎ᠠ ᠮᠣᠷᠢ ᠶ᠋ᠢ ᠵᠢᠭᠠᠵᠤ᠄
᠊᠊᠊᠊᠊᠊᠊᠊᠊᠊᠊᠊᠊᠊᠊ ᠴᠢ ᠲᠡᠷᠡ ᠬᠡᠭᠡᠷ ᠮᠣᠷᠢ ᠶ᠋ᠢ ᠪᠢᠲᠡᠭᠡᠢ ᠥᠭᠡᠢᠬᠢᠴᠢᠬᠡᠭᠡᠷᠡᠢ᠃ ᠲᠡᠷᠡ ᠭᠤᠷᠪᠠ ᠪᠠᠷ ᠴᠢᠨᠢ ᠪᠢᠲᠡᠭᠡᠢ ᠬᠡᠯᠡ᠂ ᠲᠡᠢᠮᠦ ᠠᠷᠪᠠ ᠪᠠᠷ ᠰᠣᠯᠢᠬᠤ ᠦᠭᠡᠢ ᠮᠣᠷᠢ ᠰᠢᠦ ᠭᠡᠳ ᠳᠠᠪᠬᠢᠵᠠᠢ᠃
ᠳᠠᠷᠠᠭ᠎ᠠ ᠡᠳᠦᠷ ᠨᠢ ᠲᠡᠮᠦᠷ ᠥᠨᠥᠴᠢᠨ ᠬᠣᠶᠠᠷ ᠬᠡᠦᠬᠡᠳ ᠢ᠋ᠶ᠋ᠡᠨ ᠬᠥᠲᠥᠯᠦᠭᠡᠳ ᠭᠣᠶᠣᠯᠭ᠎ᠠ ᠭᠤᠶᠤᠵᠤ ᠶᠠᠪᠤᠭᠰᠠᠨ ᠨᠢᠭᠡ ᠬᠥᠮᠦᠨ ᠳ᠋ᠦ᠍ ᠰᠤᠪᠠᠢ ᠭᠡᠭᠦᠦ ᠪᠠᠷᠢᠵᠤ ᠥᠭᠭᠦᠭᠡᠳ ᠰᠡᠲᠡᠷᠬᠡᠢ ᠲᠡᠪᠡᠨᠡ ᠴᠦ᠍ ᠠᠪᠤᠭᠰᠠᠨ ᠦᠭᠡᠢ ᠳ᠋ᠦ᠍᠂ 《ᠬᠠᠢᠷᠠᠨ ᠭᠡᠭᠦᠦ᠂ ᠢᠩᠭᠢᠵᠦ ᠰᠣᠬᠣᠷ ᠵᠣᠭᠣᠰ ᠦᠭᠡᠢ ᠦᠷᠡᠨ ᠳᠡᠷᠡᠨ ᠬᠢᠬᠦ ᠭᠡᠵᠦ ᠪᠢ ᠶᠠᠪᠤᠭ᠎ᠠ ᠦᠭᠡᠢ ᠶᠤᠮᠰᠠᠨ᠃ ᠬᠠᠯᠬ᠎ᠠ ᠶ᠋ᠢᠨ ᠭᠤᠢᠯᠢᠨᠴᠢᠨ ᠢ᠋ ᠲᠡᠵᠢᠭᠡᠵᠦ ᠪᠠᠷᠠᠬᠤ ᠶᠤᠮ ᠤᠤ? 》 ᠭᠡᠵᠦ ᠲᠦᠭᠵᠢᠯ ᠪᠣᠳᠣᠭᠠᠳ ᠪᠤᠬᠢᠨᠢᠳᠤᠨ ᠠᠭᠤᠷ ᠨᠢ ᠬᠦᠷᠦᠭᠰᠡᠨ ᠪᠣᠯᠪᠠᠴᠤ ᠲᠡᠮᠦᠷ ᠲᠦ᠍ ᠬᠡᠯᠡᠵᠦ ᠶᠠᠭᠠᠬᠢᠨ ᠴᠢᠳᠠᠬᠤ ᠪᠢᠯᠡ᠃
ᠢᠩᠭᠢᠵᠦ ᠶᠠᠪᠤᠭᠰᠠᠭᠠᠷ ᠨᠢᠭᠡ ᠮᠡᠳᠡᠬᠦ ᠳ᠋ᠦ᠍ ᠰᠠᠢᠳ ᠸᠠᠩ ᠤ᠋ᠨ ᠨᠤᠲᠤᠭ ᠲᠤ᠌ ᠣᠷᠣᠵᠤ ᠢᠷᠡᠭᠡᠳ ᠥᠯᠵᠡᠢ ᠶ᠋ᠢᠨ ᠳ᠋ᠦ᠍ ᠣᠴᠢᠪᠠ᠃ ᠭᠡᠲᠡᠯ᠎ᠡ ᠡᠷᠳᠡᠨᠢ ᠶ᠋ᠢᠨ ᠰᠤᠷᠠᠭ ᠭᠠᠷᠭᠠᠬᠤ ᠪᠠᠷ ᠶᠠᠪᠤᠭᠰᠠᠨ ᠥᠯᠵᠡᠢ ᠪᠤᠴᠠᠵᠤ ᠢᠷᠡᠭᠡ ᠦᠭᠡᠢ ᠪᠠᠢᠵᠠᠢ᠃
ᠬᠤᠶᠠᠭ᠂ ᠴᠠᠠᠳᠠ ᠬᠣᠶᠠᠷ ᠲᠡᠮᠦᠷ ᠢ᠋ ᠢᠷᠡᠭᠰᠡᠨ ᠳ᠋ᠦ᠍ ᠬᠢᠵᠠᠭᠠᠯᠠᠰᠢ ᠦᠭᠡᠢ ᠪᠠᠶᠠᠷᠯᠠᠨ ᠰᠠᠶᠢᠬᠠᠨ ᠠᠯᠠᠭᠰᠠᠨ ᠰᠠᠷᠯᠤᠭ ᠤ᠋ᠨ ᠪᠣᠷᠣ ᠮᠢᠬ᠎ᠠ ᠪᠠᠷ ᠳᠠᠢᠯᠠᠪᠠ᠃ ᠪᠠᠰᠠ ᠫᠦᠷᠪᠦ ᠲᠠᠢᠵᠢ ᠶ᠋ᠢᠨ ᠲᠤᠬᠠᠢ ᠶᠠᠷᠢᠵᠤ ᠪᠥᠭᠡᠮ ᠢᠨᠢᠶᠡᠳᠦᠮ ᠪᠤᠯᠵᠠᠭᠠᠪᠠ᠃
ᠣᠷᠣᠢ ᠶ᠋ᠢᠨ ᠨᠠᠷᠠ ᠣᠨᠢ ᠥᠭᠡᠳᠡ ᠭᠠᠷᠬᠤ ᠶ᠋ᠢᠨ ᠦᠶ᠎ᠡ ᠳ᠋ᠦ᠍ ᠲᠡᠮᠦᠷ ᠲᠦᠭᠵᠢᠯ ᠬᠣᠶᠠᠷ ᠶᠠᠪᠤᠬᠤ ᠪᠣᠯᠵᠠᠢ᠃
ᠡᠷ᠎ᠡ ᠡᠮ᠎ᠡ ᠬᠣᠶᠠᠷ ᠬᠣᠨᠣᠵᠤ ᠥᠨᠵᠢᠭᠡᠳ ᠶᠠᠪᠤᠬᠤ ᠶ᠋ᠢ ᠭᠤᠶᠤᠭᠰᠠᠨ ᠳ᠋ᠤ᠌ ᠲᠡᠮᠦᠷ ᠮᠣᠷᠢᠨ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠮᠰᠦᠭᠯᠡᠵᠦ᠄
᠊᠊᠊᠊᠊᠊᠊᠊᠊᠊᠊᠊᠊᠊᠊ ᠭᠡᠷ ᠲᠦ᠍ ᠣᠷᠣᠬᠤ᠂ ᠭᠡᠭᠡᠨ ᠳ᠋ᠦ᠍ ᠮᠥᠷᠭᠥᠬᠦ ᠶ᠋ᠢ ᠴᠡᠭᠡᠷᠯᠡᠭᠰᠡᠨ ᠬᠥᠮᠦᠰ ᠰᠢᠦ ᠳᠡ᠃ ᠬᠠᠷᠢᠨ ᠥᠯᠵᠡᠢ ᠭᠤᠸᠠᠢ ᠶ᠋ᠢ ᠢᠷᠡᠬᠦ ᠳ᠋ᠦ᠍ ᠤᠳᠠᠬᠤ ᠦᠭᠡᠢ ᠠᠭᠤᠯᠵᠠᠨ᠎ᠠ ᠭᠡᠵᠦ ᠬᠡᠯᠡᠭᠡᠷᠡᠢ ᠭᠡᠳ ᠭᠠᠷᠴᠤ ᠥᠯᠵᠡᠢ ᠳ᠋ᠦ᠍ ᠥᠭᠭᠦᠭᠡᠷᠡᠢ ᠭᠡᠵᠦ ᠪᠠᠰᠠ ᠨᠢᠭᠡ ᠲᠠᠷᠭᠤᠨ ᠭᠡᠭᠦᠦ ᠪᠡᠨ ᠣᠷᠬᠢᠭᠠᠳ᠂ 《ᠪᠢᠲᠡᠭᠡᠢ ᠵᠣᠪᠠ ᠭᠡᠵᠦ ᠬᠡᠯᠡᠭᠡᠷᠡᠢ᠃ ᠬᠠᠯᠬ᠎ᠠ ᠶ᠋ᠢᠨ ᠨᠥᠭᠦᠭᠡ ᠵᠠᠬ᠎ᠠ ᠡᠴᠡ ᠠᠪᠤᠭᠰᠠᠨ ᠶᠤᠮ ᠰᠢᠦ》ᠭᠡᠵᠡᠢ᠃
ᠲᠡᠮᠦᠷ ᠲᠦᠭᠵᠢᠯ ᠬᠣᠶᠠᠷ ᠶᠠᠪᠤᠭᠰᠠᠭᠠᠷ ᠨᠢᠭᠡᠨ ᠠᠭᠤᠯᠠᠨ ᠳ᠋ᠤ᠌ ᠪᠠᠭᠤᠵᠤ ᠠᠳᠤᠭᠤ ᠪᠠᠨ ᠬᠠᠳᠠᠨ ᠳ᠋ᠤ᠌ ᠬᠠᠰᠢᠭᠠᠳ ᠤᠨᠲᠠᠬᠤ ᠪᠠᠷ ᠬᠡᠪᠲᠡᠪᠡ᠃
᠊᠊᠊᠊᠊᠊᠊᠊᠊᠊᠊᠊᠊᠊᠊ ᠡᠨᠡ ᠠᠳᠤᠭᠤ ᠪᠠᠨ ᠶᠠᠭᠠᠬᠢᠬᠤ ᠪᠣᠢ?
᠊᠊᠊᠊᠊᠊᠊᠊᠊᠊᠊᠊᠊᠊᠊ ᠲᠠᠷᠭᠤᠨ ᠪᠠᠭᠠᠲᠤᠷ ᠸᠠᠩ ᠤ᠋ᠨ ᠶᠠᠳᠠᠭᠤᠴᠤᠳ ᠲᠤ᠌ ᠲᠠᠷᠬᠠᠭᠠᠵᠤ ᠥᠭᠭᠦᠭᠡᠳ ᠡᠷᠭᠢᠨ᠎ᠡ᠃
᠊᠊᠊᠊᠊᠊᠊᠊᠊᠊᠊᠊᠊᠊᠊ ᠦᠨ᠎ᠡ ᠥᠷᠲᠡᠭ ᠦᠭᠡᠢ ᠤᠤ?
᠊᠊᠊᠊᠊᠊᠊᠊᠊᠊᠊᠊᠊᠊᠊ ᠲᠡᠳᠡᠨ ᠡᠴᠡ ᠶᠠᠮᠠᠷ ᠶᠠᠭᠤᠮ᠎ᠠ ᠶ᠋ᠢ ᠨᠢ ᠠᠪᠳᠠᠭ ᠶᠤᠮ᠃
ᠲᠡᠮᠦᠷ ᠦ᠋ᠨ ᠡᠨᠡ ᠦᠭᠡᠨ ᠳ᠋ᠦ᠍ ᠲᠦᠭᠵᠢᠯ ᠦ᠋ᠨ ᠭᠣᠣᠯ ᠬᠠᠷᠠᠯᠠᠨ 《ᠡᠳᠦᠢ ᠭᠠᠵᠠᠷ ᠪᠡᠶ᠎ᠡ ᠪᠡᠨ ᠵᠣᠪᠠᠭᠠᠨ ᠶᠠᠪᠤᠵᠤ ᠣᠯᠤᠭᠰᠠᠨ ᠡᠨᠡ ᠰᠠᠢᠬᠠᠨ ᠠᠮᠢᠲᠠᠳ ᠢ᠋ ᠰᠡᠮᠡᠷᠬᠡᠢ ᠰᠠᠮᠪᠠᠢ ᠶ᠋ᠢᠨ ᠠᠰᠢᠭ ᠦᠭᠡᠢ ᠥᠭᠭᠦᠨ᠎ᠡ ᠭᠡᠵᠦ ᠤᠤ᠃ ᠶᠠᠭᠠᠬᠢᠵᠤ ᠪᠣᠯᠳᠠᠭ ᠪᠣᠢ》ᠭᠡᠵᠦ ᠬᠠᠷᠠᠮᠰᠠᠨ᠂ ᠡᠰᠡᠬᠦᠯ᠎ᠡ ᠡᠨᠡ ᠠᠳᠤᠭᠤ ᠶ᠋ᠢ ᠲᠠᠭᠤᠵᠤ ᠲᠡᠮᠦᠷ ᠡᠴᠡ ᠵᠢᠭᠤᠲᠠᠬᠤ᠂ ᠡᠰᠡᠬᠦᠯ᠎ᠡ ᠶᠠᠮᠠᠷ ᠨᠢᠭᠡᠨ ᠠᠷᠭ᠎ᠠ ᠪᠠᠷ ᠲᠡᠭᠦᠨ ᠢ᠋ ᠪᠠᠷᠢᠵᠤ ᠯᠤᠤ ᠬᠦᠩ ᠦ᠋ᠨ ᠲᠠᠮᠠᠭᠠᠨ ᠳ᠋ᠤ᠌ ᠲᠤᠰᠢᠶᠠᠵᠤ ᠱᠠᠩᠨᠠᠯ ᠠᠪᠤᠭᠠᠳ᠂ ᠪᠠᠰᠠ ᠠᠳᠤᠭᠤ ᠶ᠋ᠢ ᠵᠠᠪᠰᠢᠬᠤ ᠪᠣᠳᠣᠯ ᠲᠥᠷᠥᠵᠡᠢ᠃ ᠭᠡᠪᠡᠴᠦ ᠡᠨᠡ ᠪᠣᠳᠣᠯ ᠢ᠋ᠶ᠋ᠠᠨ ᠶᠠᠭᠠᠬᠢᠵᠤ ᠪᠡᠶᠡᠯᠡᠭᠦᠯᠬᠦ ᠠᠷᠭ᠎ᠠ ᠣᠯᠳᠠᠬᠤ ᠦᠭᠡᠢ ᠲᠦᠮᠡᠨ ᠪᠣᠳᠣᠯ ᠳ᠋ᠤ᠌ ᠳᠠᠷᠤᠭᠳᠠᠨ ᠪᠠᠢᠲᠠᠯ᠎ᠠ ᠶᠠᠳᠠᠷᠠᠭᠰᠠᠨ ᠪᠡᠶ᠎ᠡ ᠨᠢ ᠲᠠᠢᠯᠵᠤ ᠨᠠᠮ ᠤᠨᠲᠠᠵᠠᠢ᠃
ᠨᠢᠭᠡ ᠰᠡᠷᠢᠪᠡᠯ ᠦᠷ ᠬᠠᠶᠠᠭᠠᠷᠠᠵᠤ ᠴᠢᠭᠢᠭ ᠦᠨᠦᠷᠲᠦᠭᠰᠡᠨ ᠬᠦᠢᠲᠡᠨ ᠰᠠᠯᠬᠢ ᠪᠠᠷᠠᠭᠤᠨ ᠬᠣᠢᠨ᠎ᠠ ᠡᠴᠡ ᠦᠯᠢᠶᠡᠵᠦ ᠪᠠᠢᠪᠠ᠃ ᠲᠡᠮᠦᠷ ᠢ᠋ ᠬᠠᠷᠠᠪᠠᠯ ᠳᠥᠷᠪᠡᠨ ᠮᠥᠴᠢ ᠪᠡᠨ ᠳᠡᠯᠢᠭᠡᠳ ᠲᠠᠢᠪᠤᠩ ᠤᠨᠲᠠᠵᠤ ᠪᠠᠢᠬᠤ ᠳ᠋ᠤᠨᠢ ᠰᠠᠮ ᠪᠣᠰᠴᠤ ᠪᠦᠳᠦᠭᠦᠨ ᠳᠠᠩᠰᠠᠨ ᠲᠠᠰᠢᠭᠤᠷ ᠢ᠋ᠶ᠋ᠠᠨ ᠠᠪᠤᠭᠠᠳ ᠪᠠᠢᠳᠠᠭ ᠬᠦᠴᠦ ᠪᠡᠷ ᠢ᠋ᠶ᠋ᠡᠨ ᠤᠯᠠᠭᠠᠨ ᠰᠤᠭᠤ ᠤᠷᠤᠭᠤ ᠨᠢ ᠶᠣᠪᠣᠷᠴᠤ᠂ ᠲᠣᠯᠣᠭᠠᠢ ᠤᠷᠤᠭᠤ ᠨᠢ ᠴᠢᠩᠭ᠎ᠠ ᠴᠣᠬᠢᠭᠰᠠᠨ ᠳ᠋ᠤ᠌ ᠲᠡᠮᠦᠷ ᠥᠨᠳᠡᠢᠨ ᠢᠷᠡᠬᠦ ᠳ᠋ᠦ᠍ ᠬᠢᠲᠤᠭ᠎ᠠ ᠪᠠᠨ ᠰᠤᠭᠤᠯᠤᠨ ᠨᠢᠭᠡ ᠪᠦᠯᠢᠭᠡᠳ ᠡᠷᠭᠢᠵᠦ ᠵᠢᠭᠤᠲᠠᠨ ᠮᠣᠷᠳᠠᠵᠤ ᠠᠳᠤᠭᠤ ᠶ᠋ᠢ ᠬᠥᠭᠡᠭᠡᠵᠡᠢ᠃ ᠬᠡᠰᠡᠭ ᠶᠠᠪᠤᠭᠠᠳ ᠭᠡᠡᠨᠦᠡᠳᠡ ᠯᠤᠤ ᠬᠦᠩ ᠦ᠋ᠨ ᠳᠠᠮᠭᠠᠨ ᠡᠴᠡ ᠱᠠᠩᠨᠠᠯ ᠠᠪᠬᠤ ᠲᠤᠬᠠᠢ ᠪᠤᠳᠤᠭᠳᠠᠨ ᠡᠷᠭᠢᠵᠦ ᠬᠠᠷᠠᠪᠠᠯ ᠲᠡᠮᠦᠷ ᠵᠣᠭᠰᠣᠭᠠᠳ ᠨᠠᠢᠭᠤᠵᠤ ᠪᠠᠢᠯ᠎ᠠ᠃ 《ᠶᠠᠭᠠᠬᠢᠵᠤ ᠴᠤ᠌ ᠮᠠᠭᠠᠳ᠃ ᠠᠮᠢᠳᠤ ᠳᠡᠭᠡᠷ᠎ᠡ ᠪᠡᠨ ᠰᠠᠯᠤᠶ᠎ᠠ》 ᠭᠡᠳ ᠲᠦᠭᠵᠢᠯ ᠤᠯᠠᠮ ᠬᠤᠷᠳᠤᠯᠠᠪᠠ᠃
ᠲᠡᠮᠦᠷ ᠰᠦᠪᠡᠭᠡ ᠪᠡᠨ ᠬᠣᠶᠠᠷ ᠭᠠᠷ ᠢ᠋ᠶ᠋ᠠᠷ ᠢ᠋ᠶ᠋ᠠᠨ ᠳᠠᠷᠤᠨ ᠲᠣᠭᠲᠠᠵᠤ ᠶᠠᠳᠠᠨ ᠪᠠᠢᠬᠤ ᠵᠠᠭᠤᠷ᠎ᠠ 《ᠬᠡᠳᠦᠨ ᠠᠳᠠᠰᠬ᠎ᠠ ᠡᠴᠡ ᠪᠣᠯᠵᠤ ᠬᠥᠮᠦᠨ ᠠᠯᠠᠬᠤ ᠨᠢ ᠪᠠᠢᠨ᠎ᠠ ᠰᠢᠦ》 ᠭᠡᠵᠦ ᠰᠢᠪᠡᠭᠡᠨᠡᠭᠡᠳ ᠨᠢᠳᠦ ᠨᠢ ᠡᠷᠢᠶᠡᠯᠵᠡᠨ ᠲᠦᠰᠬᠢᠲᠡᠯ᠎ᠡ ᠭᠠᠵᠠᠷ ᠤᠨᠠᠭᠠᠳ ᠤᠬᠠᠭᠠᠨ ᠨᠢ ᠪᠠᠯᠠᠷᠳᠠᠪᠠ᠃
