ᠲᠤᠩᠭᠠᠯᠠᠭ ᠲᠠᠮᠢᠷ3-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-30

1708

《ᠲᠠᠨ ᠤ᠋ ᠳ᠋ᠤ᠌ ᠣᠯᠠᠨ ᠳ᠋ᠤ᠌ ᠭᠠᠢᠬᠠᠭᠳᠠᠭᠰᠠᠨ᠂ ᠣᠷᠴᠢᠯᠠᠩ ᠳ᠋ᠤ᠌ ᠬᠣᠣᠰ ᠦᠭᠡᠢ ᠲᠠᠨ᠎ᠠ ᠰᠤᠪᠤᠳ ᠪᠠᠢᠳᠠᠭ᠃ ᠮᠠᠨ ᠤ᠋ ᠳ᠋ᠤ᠌ ᠬᠣᠯᠢᠴᠠᠭ᠎ᠠ ᠦᠭᠡᠢ ᠬᠣᠩᠭᠣᠷ ᠰᠢᠷ᠎ᠠ ᠰᠢᠵᠢᠷ ᠠᠯᠲᠠ ᠪᠠᠢᠳᠠᠭ ᠪᠢᠯᠡ》 - ᠭᠤᠷᠪᠠᠳᠤᠭᠠᠷ ᠪᠦᠯᠦᠭ ᠠᠷᠪᠠᠨ ᠳᠣᠯᠣᠭ᠎ᠠ

  ᠵᠤᠨ ᠤ᠋ ᠰᠠᠢᠬᠠᠨ ᠴᠠᠭ ᠲᠤ᠌ ᠬᠠᠩᠭᠠᠢ ᠨᠤᠲᠤᠭ ᠲᠤ᠌ ᠢᠰᠡᠭᠡᠢ ᠬᠢᠬᠦ ᠨᠢ ᠨᠢᠭᠡ ᠶᠣᠰᠣᠨ ᠳ᠋ᠠᠭᠠᠨ ᠪᠠᠶᠠᠷ ᠨᠠᠭᠠᠳᠤᠮ ᠪᠠᠢᠳᠠᠭ ᠪᠥᠭᠡᠳ ᠲᠤᠩᠭᠠᠯᠠᠭ ᠲᠠᠮᠢᠷ ᠤ᠋ᠨ ᠬᠥᠨᠳᠡᠢ ᠳ᠋ᠦ᠍ ᠢᠲᠡᠭᠡᠯᠲᠦ ᠶ᠋ᠢᠨ ᠢᠰᠡᠭᠡᠢ ᠬᠢᠬᠦ ᠨᠢ ᠪᠦᠷ ᠴᠦ᠍ ᠥᠷᠭᠡᠨ ᠳᠡᠯᠭᠡᠷ ᠪᠣᠯᠳᠠᠭ ᠠᠵᠢ᠃
  ᠬᠣᠢᠲᠤ ᠲᠠᠮᠢᠷ ᠤ᠋ᠨ ᠥᠷᠭᠡᠨ ᠵᠦᠯᠭᠡᠨ ᠳᠡᠭᠡᠷ᠎ᠡ ᠭᠤᠷᠪᠠᠨ ᠲᠣᠮᠣ ᠮᠠᠢᠬᠠᠨ ᠵᠡᠷᠭᠡᠴᠡᠭᠦᠯᠦᠨ ᠰᠢᠭᠠᠵᠤ᠂ ᠡᠳᠦᠢ ᠲᠡᠳᠦᠢ ᠡᠷ᠎ᠡ᠂ ᠡᠮ᠎ᠡ ᠬᠥᠮᠦᠰ ᠬᠡᠦᠬᠡᠳ ᠪᠠᠭᠠᠴᠤᠤᠯ ᠴᠤᠭᠯᠠᠷᠠᠨ᠂ ᠳᠡᠯᠭᠡᠵᠦ ᠬᠠᠲᠠᠭᠠᠭᠰᠠᠨ ᠢᠰᠡᠭᠡᠢ ᠨᠦ᠍ᠭᠦᠳ ᠨᠣᠭᠣᠭᠠᠨ ᠬᠠᠩᠪᠤᠨ ᠳᠡᠭᠡᠷ᠎ᠡ ᠳᠥᠷᠪᠡᠯᠵᠢᠨ ᠴᠠᠭᠠᠨ ᠬᠡ ᠮᠡᠲᠦ ᠵᠢᠭᠳᠡᠬᠡᠨ ᠢᠷᠠᠢᠨ᠎ᠠ᠃
  ᠮᠠᠢᠬᠠᠨ ᠪᠦᠬᠦᠨ ᠳ᠋ᠦ᠍ ᠢᠰᠡᠭᠡᠢ ᠳᠡᠪᠢᠰᠴᠦ᠂ ᠲᠣᠮᠣ ᠲᠣᠷᠬ᠎ᠠ ᠲᠠᠢ ᠱᠤᠤᠭᠢᠵᠤ ᠪᠤᠴᠠᠯᠤᠭᠰᠠᠨ ᠠᠢᠷᠠᠭ ᠰᠥᠩᠨᠡᠵᠦ᠂ ᠤᠷᠲᠤ ᠰᠢᠷᠡᠭᠡ ᠲᠠᠯᠪᠢᠨ ᠳᠡᠭᠡᠷ᠎ᠡ ᠨᠢ ᠶᠡᠬᠡ ᠭᠠᠷ ᠤ᠋ᠨ ᠴᠠᠷ᠎ᠠ ᠨᠤᠭᠤᠳ ᠲᠤ᠌ ᠴᠢᠨᠠᠭᠰᠠᠨ ᠬᠦᠢᠲᠡᠨ ᠮᠢᠬ᠎ᠠ᠂ ᠥᠷᠥᠮ᠎ᠡ ᠪᠢᠰᠢᠯᠠᠭ ᠣᠪᠣᠭᠠᠯᠠᠨ ᠲᠠᠯᠪᠢᠵᠠᠢ᠃
  ᠭᠠᠳᠠᠨ᠎ᠠ ᠭᠠᠵᠠᠷ ᠤᠬᠤᠵᠤ᠂ ᠵᠤᠤᠬ᠎ᠠ ᠲᠡᠳᠡᠨ ᠳᠥᠷᠪᠡᠨ ᠲᠠᠮᠠᠭ᠎ᠠ ᠲᠠᠢ ᠲᠣᠭᠣᠭ᠎ᠠ ᠨᠤᠭᠤᠳ ᠲᠠᠯᠪᠢᠨ ᠠᠪᠠᠭᠠᠢ ᠨᠠᠷ ᠲᠠᠲᠠᠰᠢ ᠴᠤ᠌ ᠬᠢᠵᠦ᠂ ᠰᠦ ᠠᠮᠲᠠᠭᠳᠠᠭᠰᠠᠨ ᠰᠢᠷᠭᠠᠯ ᠴᠠᠢ ᠴᠢᠨᠠᠨ᠎ᠠ᠃ ᠡᠷᠡᠭᠲᠡᠢᠴᠦᠳ᠂ ᠵᠠᠯᠠᠭᠤ ᠡᠮᠡᠭᠲᠡᠢᠴᠦᠳ ᠦ᠋ᠨ ᠬᠠᠮᠲᠤ ᠤᠩᠭᠠᠰᠤ ᠵᠤᠯᠤᠨ᠎ᠠ᠃ ᠵᠠᠷᠢᠮ ᠨᠢ ᠤᠰᠤᠯᠠᠵᠤ ᠴᠠᠬᠢᠯᠳᠠᠭ ᠰᠠᠴᠤᠨ᠎ᠠ᠃ ᠵᠠᠷᠢᠮ ᠨᠢ ᠢᠰᠡᠭᠡᠢ ᠪᠣᠭᠣᠨ᠎ᠠ᠃ ᠬᠠᠷᠢᠨ ᠪᠦᠭᠦᠳᠡᠭᠡᠷ ᠢ᠋ᠶ᠋ᠡᠨ ᠢᠲᠡᠭᠡᠯᠲᠦ ᠶ᠋ᠢᠨ ᠪᠠᠶᠠᠨ᠂ ᠪᠤᠶᠠᠨ ᠢ᠋ ᠦᠭᠡ ᠬᠠᠢᠷᠠᠯᠠᠯ ᠦᠭᠡᠢ ᠮᠠᠭᠲᠠᠨ ᠬᠦᠴᠦ ᠬᠠᠢᠷᠠᠯᠠᠯ ᠦᠭᠡᠢ ᠠᠵᠢᠯ ᠬᠢᠨ᠎ᠡ᠃
  ᠳᠥᠷᠪᠡ ᠳᠥᠷᠪᠡᠨ ᠮᠣᠷᠢ ᠪᠠᠷ ᠭᠤᠷᠪᠠᠨ ᠵᠡᠷᠭᠡ ᠢᠰᠡᠭᠡᠢ ᠲᠠᠲᠠᠬᠤ ᠪᠥᠭᠡᠳ ᠨᠢᠭᠡᠨ ᠳ᠋ᠦ᠍ᠨᠢ ᠬᠣᠩᠭᠣᠷ᠂ ᠭᠤᠷᠪᠠᠨ ᠵᠠᠯᠠᠭᠤ ᠶ᠋ᠢᠨ ᠬᠠᠮᠲᠤ ᠶᠠᠪᠤᠨ᠎ᠠ᠃ ᠡᠳᠡᠨ ᠦ᠌ ᠢᠰᠡᠭᠡᠢ ᠪᠠᠭᠤᠬᠤ ᠪᠣᠯᠤᠭᠰᠠᠨ ᠪᠣᠯᠤᠯᠲᠠᠢ᠃
  ᠲᠡᠳᠡ ᠳᠣᠷᠣᠭᠣ ᠬᠠᠯᠠᠵᠤ ᠬᠥᠯᠥᠷᠡᠭᠰᠡᠨ ᠮᠣᠷᠢᠳ ᠢ᠋ᠶ᠋ᠠᠨ ᠲᠠᠰᠢᠭᠤᠷᠳᠠᠨ ᠴᠣᠬᠢᠨ᠎ᠠ᠃ ᠦᠨᠡᠬᠡᠷ ᠴᠦ᠍ ᠲᠠᠯ᠎ᠠ ᠶ᠋ᠢᠨ ᠠᠷᠪᠠᠨ ᠬᠣᠶᠠᠷ ᠭᠡᠵᠦ ᠬᠣᠩᠭᠣᠷ ᠬᠡᠯᠡᠭᠡᠳ ᠮᠠᠢᠬᠠᠨ ᠤ᠋ ᠵᠦᠭ ᠵᠢᠯᠣᠭᠣ ᠪᠠᠨ ᠡᠷᠭᠢᠭᠦᠯᠪᠡ᠃
  ᠪᠣᠭᠣᠭᠰᠠᠨ ᠢᠰᠡᠭᠡᠢ ᠶ᠋ᠢ ᠣᠯᠠᠨ ᠬᠥᠮᠦᠨ ᠲᠣᠭᠣᠷᠢᠨ ᠵᠠᠳᠠᠯᠵᠤ ᠡᠬᠢᠯᠡᠬᠦ ᠳ᠋ᠦ᠍ ᠬᠣᠩᠭᠣᠷ ᠨᠥᠬᠥᠳ ᠦ᠋ᠨ ᠬᠠᠮᠲᠤ ᠮᠣᠷᠢᠳ ᠢ᠋ᠶ᠋ᠠᠨ ᠤᠶᠠᠭᠠᠳ ᠮᠠᠢᠬᠠᠨ ᠤ᠋ ᠵᠦᠭ ᠬᠥᠭᠵᠢᠯᠳᠦᠨ ᠶᠠᠪᠤᠯ᠎ᠠ᠃
  ᠊᠊᠊᠊᠊᠊᠊᠊᠊᠊᠊᠊᠊᠊᠊ ᠬᠣᠩᠭᠣᠷ ᠠ᠋! ᠭᠡᠵᠦ ᠨᠢᠭᠡ ᠵᠠᠯᠠᠭᠤ ᠤᠩᠭᠠᠰᠤ ᠵᠤᠯᠤᠵᠤ ᠪᠠᠢᠭ᠎ᠠ ᠰᠦᠷᠦᠩ ᠦ᠋ᠨ ᠵᠦᠭ ᠨᠢᠳᠦ ᠢᠷᠮᠡᠨ ᠨᠢᠳᠤᠷᠪᠠ᠃
  ᠬᠣᠩᠭᠣᠷ ᠤ᠋ᠨ ᠬᠥᠯᠥᠷᠡᠭᠰᠡᠨ ᠴᠢᠷᠠᠢ ᠦᠯᠦ ᠮᠡᠳᠡᠭ ᠤᠯᠠᠰᠬᠢᠵᠦ᠂ ᠨᠢᠳᠦ ᠨᠢ ᠥᠪᠡᠷ ᠦ᠋ᠨ ᠡᠷᠬᠡ ᠦᠭᠡᠢ ᠰᠦᠷᠦᠩ ᠦ᠋ᠨ ᠵᠦᠭ ᠬᠠᠷᠠᠯ᠎ᠠ᠃ ᠰᠦᠷᠦᠩ ᠦ᠋ᠨ ᠨᠢᠭᠤᠷ ᠡᠴᠡ ᠪᠠᠶᠠᠷ ᠵᠣᠪᠠᠨᠢᠯ ᠬᠣᠣᠰᠯᠠᠭᠰᠠᠨ ᠳᠤᠯᠠᠭᠠᠨ ᠲᠤᠶᠠᠭ᠎ᠠ ᠰᠠᠴᠤᠷᠠᠨ᠎ᠠ᠃
  ᠬᠣᠩᠭᠣᠷ᠂ ᠰᠦᠷᠦᠩ ᠬᠣᠶᠠᠷ ᠤ᠋ᠨ ᠬᠣᠯᠪᠣᠭ᠎ᠠ᠂ ᠲᠠᠮᠢᠷ ᠤ᠋ᠨ ᠭᠣᠣᠯ ᠤ᠋ᠨ ᠣᠯᠠᠨ ᠳ᠋ᠤ᠌ ᠲᠣᠳᠣᠷᠬᠠᠢ ᠪᠣᠯᠵᠤ ᠵᠠᠷᠢᠮ ᠨᠢ 《ᠨᠢᠮ᠎ᠠ ᠴᠦ᠍ ᠵᠠᠶᠠᠭ᠎ᠠ ᠲᠠᠢ ᠡᠷ᠎ᠡ ᠶᠤᠮ》 ᠭᠡᠨ᠎ᠡ᠃ ᠵᠠᠷᠢᠮ ᠨᠢ 《ᠲᠡᠢᠮᠦ ᠰᠠᠢᠬᠠᠨ ᠠᠮᠢᠲᠠᠨ ᠢ᠋ ᠬᠥᠷᠥᠩᠭᠡ᠂ ᠦᠵᠡᠰᠬᠦᠯᠡᠩ ᠬᠣᠣᠰᠯᠠᠭᠰᠠᠨ ᠲᠡᠢᠮᠦ ᠴᠣᠭ ᠲᠠᠢ ᠡᠷ᠎ᠡ ᠠᠪᠬᠤ ᠦᠭᠡᠢ ᠶᠠᠭᠠᠬᠢᠬᠤᠪ》 ᠭᠡᠯᠴᠡᠨ᠎ᠡ᠃ ᠵᠠᠷᠢᠮ ᠨᠢ ᠨᠢᠮ᠎ᠠ ᠡᠪᠦᠭᠡᠨ ᠦ᠌ ᠠᠵᠠ ᠳ᠋ᠤ᠌ ᠪᠢᠲᠡᠭᠦᠦ ᠠᠲᠠᠭᠠᠷᠬᠠᠨ 《ᠲᠡᠷᠡ ᠬᠥᠷᠥᠩᠭᠡ ᠶ᠋ᠢ ᠪᠠᠷᠤᠭᠲᠠᠢ ᠪᠤᠶᠠᠨ ᠳᠠᠭᠠᠭᠠᠬᠤ ᠦᠭᠡᠢ》 ᠭᠡᠬᠦ ᠪᠤᠶᠤ 《ᠢᠲᠡᠭᠡᠯᠲᠦ ᠭᠠᠭᠴᠠ ᠬᠦᠦ ᠪᠡᠨ ᠲᠡᠢᠮᠦ ᠵᠠᠶᠠᠭ᠎ᠠ ᠦᠭᠡᠢ ᠭᠤᠢᠯᠢᠨᠴᠢᠨ ᠤ᠋ ᠥᠬᠢᠨ ᠲᠡᠢ ᠰᠠᠭᠤᠯᠭᠠᠬᠤ ᠦᠭᠡᠢ》᠂ 《ᠬᠥᠮᠦᠨ ᠦ᠌ ᠪᠤᠶᠠᠨ᠂ ᠬᠥᠮᠦᠨ ᠳ᠋ᠦ᠍ ᠰᠢᠩᠭᠡᠬᠦ ᠦᠭᠡᠢ》 ᠭᠡᠵᠦ ᠶᠠᠷᠢᠨ᠎ᠠ᠃
  ᠳᠤᠯᠵᠢᠨ ᠭᠠᠭᠴᠠ ᠬᠦᠦ ᠪᠡᠨ ᠶᠠᠳᠠᠭᠤ ᠬᠥᠮᠦᠨ ᠦ᠌ ᠥᠬᠢᠨ ᠳ᠋ᠦ᠍ ᠰᠡᠳᠬᠢᠯ ᠲᠡᠢ ᠪᠣᠯᠤᠭᠰᠠᠨ ᠳ᠋ᠤ᠌ ᠪᠤᠬᠢᠨᠢᠳᠤᠪᠠᠴᠤ ᠢᠲᠡᠭᠡᠯᠲᠦ ᠡᠴᠡ ᠠᠶᠤᠳᠠᠭ ᠪᠣᠯᠬᠣᠷ ᠲᠡᠭᠦᠨ ᠦ᠌ ᠠᠮᠠ ᠶ᠋ᠢ ᠰᠢᠷᠳᠡᠨ᠂ ᠦᠭᠡ ᠶ᠋ᠢ ᠬᠦᠯᠢᠶᠡᠨ᠎ᠡ᠃ ᠭᠡᠲᠡᠯ᠎ᠡ ᠢᠲᠡᠭᠡᠯᠲᠦ ᠡᠨᠡ ᠶᠠᠪᠤᠳᠠᠯ ᠳ᠋ᠤ᠌ ᠨᠢᠳᠦᠨ ᠪᠠᠯᠠᠢ᠂ ᠴᠢᠬᠢᠨ ᠳᠦᠯᠡᠢ ᠮᠡᠲᠦ ᠠᠵᠢ᠃
  ᠊᠊᠊᠊᠊᠊᠊᠊᠊᠊᠊᠊᠊᠊᠊ ᠭᠠᠭᠴᠠ ᠬᠦᠦ ᠴᠢᠨᠢ ᠰᠦᠷᠦᠩ ᠡᠴᠡ ᠰᠠᠯᠬᠤ ᠪᠠᠨ ᠪᠣᠯᠢᠵᠤ ᠰᠢᠦ᠃ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠳ᠋ᠠᠭᠠᠨ ᠰᠢᠷᠣᠢ ᠲᠡᠭᠡᠭᠡᠨ᠎ᠡ ᠭᠡᠳᠡᠭ᠃ ᠵᠠᠶᠠᠭ᠎ᠠ ᠪᠤᠶᠠᠨ ᠲᠣᠬᠢᠷᠠᠭᠰᠠᠨ ᠶᠠᠭᠤᠮ᠎ᠠ ᠲᠠᠢ ᠨᠡᠢᠯᠡᠭᠦᠯᠬᠦ ᠶ᠋ᠢ ᠪᠣᠳᠣᠪᠠᠯ ᠳᠡᠭᠡᠷ᠎ᠡ ᠪᠢᠰᠢ ᠤᠤ ᠭᠡᠵᠦ ᠳᠤᠯᠵᠢᠨ ᠨᠢᠭᠡ ᠤᠳᠠᠭ᠎ᠠ ᠵᠣᠷᠢᠭ ᠭᠠᠷᠭᠠᠨ ᠬᠡᠯᠡᠬᠦ ᠳ᠋ᠦ᠍ ᠮᠢᠬ᠎ᠠ ᠢᠳᠡᠵᠦ ᠪᠠᠢᠭᠰᠠᠨ ᠢᠲᠡᠭᠡᠯᠲᠦ ᠡᠬᠡᠨᠡᠷ ᠢ᠋ᠶ᠋ᠡᠨ ᠶᠣᠵᠣᠲᠠᠢ ᠨᠢᠳᠦ ᠪᠡᠷ ᠰᠢᠷᠲᠡᠨ ᠬᠠᠷᠠᠵᠤ ᠪᠠᠢᠭᠰᠠᠨ ᠢ᠋ᠶ᠋ᠠᠨ 《ᠰᠦᠷᠦᠩ ᠵᠠᠶᠠᠭ᠎ᠠ ᠦᠭᠡᠢ ᠬᠥᠮᠦᠨ ᠭᠡᠵᠦ ᠴᠢᠮ᠎ᠠ ᠳ᠋ᠤ᠌ ᠶᠠᠮᠠᠷ ᠰᠢᠮᠨᠤᠰ ᠨᠢ ᠰᠢᠪᠡᠭᠡᠨᠡᠵᠦ ᠣᠷᠬᠢᠪᠠ》 ᠭᠡᠯ᠎ᠡ᠃
  ᠊᠊᠊᠊᠊᠊᠊᠊᠊᠊᠊᠊᠊᠊᠊ ᠰᠦᠷᠦᠩ ᠢ᠋ ᠭᠠᠷᠤᠭᠰᠠᠨ ᠡᠴᠡ ᠬᠣᠢᠰᠢ ᠨᠢᠮ᠎ᠠ ᠶ᠋ᠢᠨ ᠬᠢ ᠥᠭᠡᠷ᠎ᠡ ᠯᠡ ᠪᠣᠯᠤᠭᠰᠠᠨ ᠦᠭᠡᠢ ᠳᠠᠭ᠃
  ᠊᠊᠊᠊᠊᠊᠊᠊᠊᠊᠊᠊᠊᠊᠊ ᠵᠠᠯᠠᠭᠤᠰ ᠤ᠋ᠨ ᠶᠠᠪᠤᠳᠠᠯ ᠪᠢᠳᠡᠨ ᠳ᠋ᠦ᠍ ᠫᠠᠳ ᠦᠭᠡᠢ ᠭᠡᠳ ᠢᠲᠡᠭᠡᠯᠲᠦ ᠬᠢᠲᠤᠭ᠎ᠠ ᠪᠠᠨ ᠠᠷᠴᠢᠵᠤ ᠬᠤᠢᠯᠠᠭᠠᠳ ᠪᠣᠰᠪᠠ᠃ ᠨᠥᠬᠥᠷ ᠦ᠋ᠨ ᠢ᠋ᠶ᠋ᠡᠨ ᠵᠠᠩ ᠢ᠋ ᠨᠡᠪᠲᠡ ᠮᠡᠳᠡᠳᠡᠭ ᠳᠤᠯᠵᠢᠨ ᠴᠢᠨᠠᠭᠰᠢ ᠶᠠᠭᠤᠮ᠎ᠠ ᠬᠡᠯᠡᠭᠰᠡᠨ ᠦᠭᠡᠢ᠃
  ᠬᠡᠳᠦᠨ ᠡᠳᠦᠷ ᠦ᠋ᠨ ᠳᠠᠷᠠᠭ᠎ᠠ ᠠᠳᠤᠭᠤᠨ ᠳ᠋ᠤ᠌ ᠶᠠᠪᠤᠵᠤ ᠢᠷᠡᠭᠡᠳ ᠠᠢᠷᠠᠭ ᠤᠤᠭᠤᠵᠤ ᠰᠠᠭᠤᠭᠰᠠᠨ ᠬᠣᠩᠭᠣᠷ ᠲᠤ᠌ 《ᠬᠦᠦ ᠮᠢᠨᠢ ᠰᠦᠷᠦᠩ ᠴᠢᠮ᠎ᠠ ᠳ᠋ᠤ᠌ ᠬᠠᠨᠢ ᠪᠢᠰᠢ᠃ ᠵᠠᠶᠠᠭ᠎ᠠ ᠪᠤᠶᠠᠨ ᠢ᠋ ᠬᠠᠷᠠᠬᠤ ᠦᠭᠡᠢ ᠪᠣᠯ ᠪᠣᠯᠳᠠᠭ ᠦᠭᠡᠢ ᠶᠤᠮ》 ᠭᠡᠵᠦ ᠳᠤᠯᠵᠢᠨ ᠬᠡᠯᠡᠵᠡᠢ᠃
  ᠬᠣᠩᠭᠣᠷ ᠬᠠᠷᠢᠭᠤ ᠳᠤᠤᠭᠠᠷᠤᠭᠰᠠᠨ ᠦᠭᠡᠢ᠃ ᠭᠡᠪᠡᠴᠦ ᠲᠡᠭᠦᠨ ᠦ᠌ ᠬᠥᠯᠥᠰᠥ ᠲᠠᠭᠠᠪᠤᠷᠢᠯᠠᠭᠰᠠᠨ ᠪᠣᠷᠣ ᠴᠢᠷᠠᠢ 《ᠡᠵᠢ ᠮᠢᠨᠢ ᠡᠢᠮᠦ ᠶᠠᠭᠤᠮ᠎ᠠ ᠶ᠋ᠢ ᠳᠠᠬᠢᠨ ᠨᠠᠳᠠ ᠪᠢᠲᠡᠭᠡᠢ ᠬᠡᠯᠡᠭᠡᠷᠡᠢ》 ᠭᠡᠰᠡᠨ ᠲᠣᠳᠣ ᠦᠭᠡ ᠪᠡᠷ ᠬᠡᠷᠡᠯᠳᠦᠵᠦ ᠪᠠᠢᠯ᠎ᠠ᠃
  ᠢᠲᠡᠭᠡᠯᠲᠦ ᠶ᠋ᠢᠨ ᠳᠦᠯᠡᠢ ᠳᠦᠮᠪᠠᠢ ᠪᠠᠢᠳᠠᠯ ᠢ᠋ ᠬᠥᠮᠦᠰ ᠶᠠᠩᠵᠤ ᠪᠦᠷᠢ ᠪᠡᠷ ᠲᠠᠢᠯᠪᠤᠷᠢᠯᠠᠨ᠎ᠠ᠃ ᠵᠠᠷᠢᠮ ᠨᠢ ᠢᠲᠡᠭᠡᠯᠲᠦ ᠪᠠᠶᠠᠨ ᠬᠥᠮᠦᠨ ᠪᠣᠯᠬᠣᠷ ᠭᠠᠭᠴᠠ ᠬᠦᠦ ᠳ᠋ᠡᠭᠡᠨ ᠬᠥᠷᠥᠩᠭᠡ ᠬᠠᠷᠠᠵᠤ ᠡᠬᠡᠨᠡᠷ ᠠᠪᠬᠤ ᠦᠭᠡᠢ ᠭᠡᠨ᠎ᠡ᠃ ᠵᠠᠷᠢᠮ ᠨᠢ ᠨᠢᠮ᠎ᠠ ᠶ᠋ᠢᠨ ᠥᠬᠢᠨ ᠢ᠋ ᠦᠷᠡᠵᠦ ᠬᠠᠶᠠᠭᠰᠠᠨ ᠤ᠋ ᠳᠠᠷᠠᠭ᠎ᠠ ᠥᠭᠡᠷ᠎ᠡ ᠶᠠᠭᠤᠮ᠎ᠠ ᠠᠪᠴᠤ ᠥᠭᠬᠦ ᠭᠡᠵᠦ ᠪᠠᠢᠭ᠎ᠠ ᠶᠤᠮ ᠭᠡᠨ᠎ᠡ᠃ ᠵᠠᠷᠢᠮ ᠨᠢ ᠭᠠᠭᠴᠠ ᠬᠦᠦ ᠳ᠋ᠡᠭᠡᠨ ᠬᠠᠯᠳᠠᠵᠤ ᠴᠢᠳᠠᠬᠤ ᠦᠭᠡᠢ ᠳᠤᠷ᠎ᠠ ᠪᠠᠷ ᠨᠢ ᠲᠠᠯᠪᠢᠵᠤ ᠪᠠᠢᠭ᠎ᠠ ᠬᠡᠷᠡᠭ ᠭᠡᠨ᠎ᠡ᠃
  ᠡᠨᠡ ᠣᠯᠠᠨ ᠤ᠋ ᠳᠣᠲᠣᠷ᠎ᠠ ᠭᠠᠭᠴᠠ ᠥᠬᠢᠨ ᠢ᠋ᠶ᠋ᠡᠨ ᠬᠣᠩᠭᠣᠷ ᠲᠠᠢ ᠰᠠᠭᠤᠯᠭᠠᠵᠤ ᠢᠲᠡᠭᠡᠯᠲᠦ ᠶ᠋ᠢᠨ ᠶᠡᠬᠡ ᠬᠥᠷᠥᠩᠭᠡ ᠳ᠋ᠦ᠍ ᠬᠤᠷᠤᠭᠤ ᠲᠥᠷᠥᠬᠦ ᠪᠣᠳᠣᠯ ᠲᠠᠢ ᠨᠢᠭᠡ ᠬᠥᠮᠦᠨ ᠪᠠᠢᠯ᠎ᠠ᠃ ᠲᠡᠷᠡ ᠪᠣᠯ ᠪᠠᠳᠠᠷᠴᠢ ᠪᠣᠯᠤᠨ᠎ᠠ᠃ ᠡᠭᠦᠨ ᠢ᠋ ᠪᠡᠨ ᠪᠡᠶᠡᠯᠡᠭᠦᠯᠬᠦ ᠭᠡᠵᠦ ᠰᠡᠭᠦᠯ ᠦ᠋ᠨ ᠬᠣᠶᠠᠷ ᠵᠢᠯ ᠢᠲᠡᠭᠡᠯᠲᠦ ᠶ᠋ᠢᠨ ᠲᠡᠢ ᠰᠠᠭᠠᠬᠠᠯᠲᠠ ᠶᠠᠪᠤᠳᠠᠭ ᠪᠣᠯᠪᠠ᠃ ᠬᠡᠳᠦ ᠬᠡᠳᠦᠨ ᠤᠳᠠᠭ᠎ᠠ ᠡᠬᠡᠨᠡᠷ ᠢ᠋ᠶ᠋ᠡᠨ ᠵᠣᠷᠢᠭᠤᠳᠠ ᠶᠠᠪᠤᠭᠤᠯᠵᠤ ᠳᠤᠯᠵᠢᠨ ᠲᠠᠢ ᠶᠠᠷᠢᠭᠤᠯᠵᠠᠢ᠃ ᠳᠤᠯᠵᠢᠨ ᠡᠨᠡ ᠰᠠᠨᠠᠯ ᠢ᠋ ᠪᠠᠶᠠᠷᠲᠠᠢ ᠳᠡᠮᠵᠢᠵᠦ ᠢᠲᠡᠭᠡᠯᠲᠦ ᠳ᠋ᠦ᠍ ᠬᠡᠯᠡᠭᠰᠡᠨ᠃ ᠭᠡᠲᠡᠯ᠎ᠡ ᠨᠥᠬᠥᠷ ᠨᠢ ᠬᠦᠢᠲᠡᠨ ᠢᠨᠢᠶᠡᠵᠦ 《ᠪᠠᠳᠠᠷᠴᠢ ᠮᠢᠨᠦ ᠬᠥᠷᠥᠩᠭᠡ ᠡᠴᠡ ᠳᠣᠯᠣᠭᠣᠬᠤ ᠠᠵᠠ ᠦᠭᠡᠢ ᠪᠠᠢᠬ᠎ᠠ ᠠ᠋》 ᠭᠡᠵᠡᠢ᠃
  ᠪᠠᠳᠠᠷᠴᠢ ᠶ᠋ᠢᠨ ᠡᠬᠡᠨᠡᠷ᠂ ᠳᠤᠯᠵᠢᠨ ᠬᠣᠶᠠᠷ ᠬᠤᠤᠪᠢᠯᠳᠤᠵᠤ ᠬᠣᠶᠠᠷ ᠵᠠᠯᠠᠭᠤ ᠶ᠋ᠢ ᠠᠷᠭᠠᠯᠠᠵᠤ ᠪᠠᠢᠭᠠᠳ ᠬᠣᠰᠢᠭᠤ ᠴᠠᠮ ᠳ᠋ᠤ᠌ ᠬᠠᠮᠲᠤ ᠶᠠᠪᠤᠭᠤᠯᠤᠭᠰᠠᠨ᠃ ᠭᠡᠲᠡᠯ᠎ᠡ ᠣᠷᠣᠢ ᠨᠢ ᠴᠤᠪᠤᠷᠠᠨ ᠢᠷᠡᠵᠡᠢ᠃
  ᠢᠲᠡᠭᠡᠯᠲᠦ ᠶ᠋ᠢᠨ ᠢᠰᠡᠭᠡᠢ ᠬᠢᠵᠦ ᠪᠠᠢᠬᠤ ᠳ᠋ᠤ᠌ ᠪᠠᠳᠠᠷᠴᠢ ᠶ᠋ᠢᠨ ᠡᠬᠡᠨᠡᠷ ᠥᠬᠢᠨ ᠢ᠋ᠶ᠋ᠡᠨ ᠨᠢᠳᠦ ᠶ᠋ᠢ ᠨᠢ ᠪᠦᠯᠲᠡᠷᠡᠲᠡᠯ᠎ᠡ ᠭᠣᠶᠣᠯᠠᠭᠠᠳ ᠬᠣᠩᠭᠣᠷ ᠤ᠋ᠨ ᠨᠢᠳᠦ ᠶ᠋ᠢ ᠲᠠᠲᠠᠬᠤ ᠭᠡᠵᠦ ᠬᠡᠳᠦ ᠳᠠᠬᠢᠨ ᠢᠷᠡᠭᠰᠡᠨ ᠪᠥᠭᠡᠳ ᠢᠰᠡᠭᠡᠢ ᠬᠢᠬᠦ ᠦᠶ᠎ᠡ ᠳ᠋ᠦ᠍ ᠣᠷᠣᠢ ᠪᠦᠬᠦᠨ ᠪᠣᠯᠳᠠᠭ ᠴᠠᠭᠠᠨ ᠮᠣᠳᠣᠨ ᠤ᠋ ᠲᠣᠭᠯᠠᠭᠠᠮ ᠳ᠋ᠤ᠌ ᠣᠷᠣᠭᠰᠠᠨ ᠪᠣᠯᠪᠠᠴᠤ ᠭᠠᠢᠬᠠᠯ ᠬᠣᠩᠭᠣᠷ ᠤ᠋ᠨ ᠠᠩᠬᠠᠷᠤᠯ ᠢ᠋ ᠲᠠᠲᠠᠵᠤ ᠴᠢᠳᠠᠭᠰᠠᠨ ᠦᠭᠡᠢ᠃
  ᠨᠢᠮ᠎ᠠ ᠡᠪᠦᠭᠡᠨ ᠢᠯᠠᠩᠭᠤᠶ᠎ᠠ ᠠᠪᠠᠭᠠᠢ ᠨᠢ ᠢᠲᠡᠭᠡᠯᠲᠦ ᠨᠢᠭᠡ ᠶᠠᠭᠤᠮ᠎ᠠ ᠬᠡᠯᠡᠬᠦ ᠪᠣᠯᠪᠠ ᠤᠤ ᠭᠡᠵᠦ ᠭᠣᠷᠢᠳᠠᠬᠤ ᠪᠥᠭᠡᠳ ᠲᠣᠬᠢᠶᠠᠯᠳᠤᠬᠤ ᠪᠦᠷᠢ ᠳ᠋ᠡᠭᠡᠨ ᠠᠮᠠ ᠤᠷᠤᠭᠤ ᠨᠢ ᠰᠢᠷᠲᠡᠨ ᠵᠣᠭᠰᠣᠨ᠎ᠠ᠃ ᠭᠡᠲᠡᠯ᠎ᠡ ᠢᠲᠡᠭᠡᠯᠲᠦ ᠡᠴᠡ ᠦᠭᠡ ᠰᠣᠨᠣᠰᠬᠤ ᠶ᠋ᠢ ᠪᠢᠲᠡᠭᠡᠢ ᠬᠡᠯᠡ᠂ ᠬᠣᠶᠠᠷ ᠵᠠᠯᠠᠭᠤ ᠶ᠋ᠢᠨ ᠬᠣᠯᠪᠣᠭ᠎ᠠ ᠶ᠋ᠢ ᠢᠲᠡᠭᠡᠯᠲᠦ ᠵᠢᠮᠡᠯᠡᠵᠦ ᠪᠠᠢᠭ᠎ᠠ ᠶ᠋ᠢ ᠴᠦ᠍᠂ ᠳᠡᠮᠵᠢᠵᠦ ᠪᠠᠢᠭ᠎ᠠ ᠶ᠋ᠢ ᠴᠦ᠍ ᠮᠡᠳᠡᠵᠦ ᠡᠰᠡ ᠴᠢᠳᠠᠨ᠎ᠠ᠃ ᠬᠡᠰᠢᠭᠲᠦ ᠠᠪᠠᠭᠠᠢ ᠥᠷᠯᠥᠭᠡ ᠪᠦᠷᠢ ᠲᠠᠬᠢᠯ ᠡᠷᠭᠦᠬᠦ ᠪᠤᠶᠤ ᠣᠷᠣᠢ ᠪᠤᠷᠬᠠᠨ ᠳ᠋ᠠᠭᠠᠨ ᠵᠤᠯᠠ ᠪᠠᠷᠢᠬᠤ ᠳ᠋ᠠᠭᠠᠨ 《ᠭᠠᠭᠴᠠ ᠥᠬᠢᠨ ᠳ᠋ᠦ᠍ ᠮᠢᠨᠢ ᠵᠠᠶᠠᠭ᠎ᠠ ᠪᠤᠶᠠᠨ ᠬᠠᠢᠷᠠᠯᠠ》 ᠭᠡᠵᠦ ᠦᠷᠭᠦᠯᠵᠢ ᠵᠠᠯᠪᠠᠷᠢᠳᠠᠭ ᠪᠠᠢᠯ᠎ᠠ᠃
  ᠢᠰᠡᠭᠡᠢ ᠬᠢᠬᠦ ᠠᠵᠢᠯ ᠤ᠋ᠨ ᠰᠢᠪᠲᠤᠷᠠᠭ᠎ᠠ ᠪᠣᠯᠵᠤ ᠪᠠᠢᠬᠤ ᠳ᠋ᠤ᠌ ᠨᠡᠯᠢᠶᠡᠳ ᠰᠣᠭᠲᠣᠭᠰᠠᠨ ᠪᠠᠳᠠᠷᠴᠢ᠂ ᠢᠲᠡᠭᠡᠯᠲᠦ ᠶ᠋ᠢᠨ ᠳ᠋ᠦ᠍ ᠢᠷᠡᠯ᠎ᠡ᠃ ᠲᠡᠭᠦᠨ ᠢ᠋ ᠬᠣᠩᠭᠣᠷ ᠤ᠋ᠨ ᠰᠡᠳᠬᠢᠯ ᠢ᠋ ᠲᠠᠲᠠᠵᠤ ᠴᠢᠳᠠᠭ᠎ᠠ ᠦᠭᠡᠢ ᠳ᠋ᠡᠭᠡᠨ ᠪᠤᠬᠢᠨᠢᠳᠤᠭᠰᠠᠨ ᠡᠬᠡᠨᠡᠷ ᠨᠢ 《ᠴᠢ ᠭᠠᠭᠴᠠ ᠥᠬᠢᠨ ᠢ᠋ᠶ᠋ᠡᠨ ᠪᠤᠶᠠᠨ ᠲᠠᠢ ᠠᠢᠯ ᠤ᠋ᠨ ᠬᠣᠭᠣᠯᠠ ᠢᠳᠡᠭᠦᠯᠦᠶ᠎ᠡ ᠭᠡᠵᠦ ᠪᠣᠳᠣᠳᠠᠭ ᠶᠤᠮ ᠪᠣᠯ ᠣᠴᠢᠵᠤ ᠢᠲᠡᠭᠡᠯᠲᠦ ᠲᠡᠢ ᠶᠠᠷᠢ》 ᠭᠡᠵᠦ ᠤᠬᠢᠯᠠᠨ ᠪᠠᠢᠮᠠᠨᠵᠢᠨ ᠶᠠᠪᠤᠭᠤᠯᠵᠠᠢ᠃
  ᠪᠠᠳᠠᠷᠴᠢ ᠶ᠋ᠢ ᠢᠷᠡᠭᠰᠡᠨ ᠳ᠋ᠦ᠍ ᠪᠠᠶᠠᠷᠯᠠᠭᠰᠠᠨ ᠳᠤᠯᠵᠢᠨ ᠠᠷᠠᠵᠠ ᠭᠠᠷᠭᠠᠵᠤ ᠮᠥᠩᠭᠥᠨ ᠠᠶᠠᠭᠠᠨ ᠳ᠋ᠤ᠌ ᠬᠢᠨ ᠪᠠᠷᠢᠯ᠎ᠠ᠃ ᠨᠤᠲᠤᠭ ᠣᠷᠣᠨ᠂ ᠮᠠᠯ ᠠᠬᠤᠢ᠂ ᠬᠤᠷᠳᠤᠨ ᠮᠣᠷᠢ᠂ ᠬᠦᠴᠦᠲᠦ ᠪᠥᠬᠡ ᠶ᠋ᠢᠨ ᠲᠤᠬᠠᠢ ᠢᠲᠡᠭᠡᠯᠲᠦ ᠲᠡᠢ ᠤᠳᠠᠲᠠᠯ᠎ᠠ ᠶᠠᠷᠢᠵᠤ ᠪᠠᠢᠭᠰᠠᠨ ᠢ᠋ᠶ᠋ᠠᠨ 《ᠢᠲᠡᠭᠡᠯᠲᠦ ᠮᠢᠨᠢ ᠪᠢᠳᠡ ᠬᠣᠶᠠᠷ ᠡᠴᠢᠭᠡ ᠡᠪᠦᠭᠡᠳ ᠡᠴᠡ ᠪᠡᠨ ᠡᠨᠡ ᠨᠤᠲᠤᠭ ᠲᠤ᠌ ᠬᠠᠶᠠᠭ᠎ᠠ ᠨᠡᠢᠯᠡᠭᠦᠯᠦᠨ ᠨᠤᠲᠤᠭᠯᠠᠵᠤ ᠭᠡᠮ ᠦᠭᠡᠢ ᠶᠠᠪᠤᠯ᠎ᠠ᠃ ᠣᠳᠣ ᠴᠢᠨᠦ ᠬᠦᠦ ᠡᠷ᠎ᠡ ᠪᠣᠯᠵᠤ᠂ ᠮᠢᠨᠦ ᠥᠬᠢᠨ ᠨᠠᠰᠤ ᠪᠡᠶ᠎ᠡ ᠭᠦᠢᠴᠡᠯ᠎ᠡ᠃ ᠡᠨᠡ ᠬᠣᠶᠠᠷ ᠢ᠋ᠶ᠋ᠠᠨ ᠬᠣᠯᠪᠣᠵᠤ᠂ ᠠᠢᠯ ᠭᠡᠷ ᠪᠣᠯᠭᠠᠪᠠᠯ ᠪᠣᠯᠬᠤ ᠦᠭᠡᠢ ᠭᠠᠵᠠᠷ ᠦᠭᠡᠢ ᠮᠡᠲᠦ᠃ ᠮᠢᠨᠦ ᠥᠴᠦᠬᠡᠨ ᠬᠥᠷᠥᠩᠭᠡ᠂ ᠴᠢᠨᠦᠬᠢ ᠲᠡᠢ ᠵᠦᠢᠷᠯᠡᠬᠦ ᠳ᠋ᠦ᠍ ᠶᠠᠭᠤ ᠪᠣᠯᠬᠤ ᠪᠣᠢ᠃ ᠭᠡᠬᠦ ᠳ᠋ᠡᠭᠡᠨ ᠪᠢ ᠭᠠᠭᠴᠠ ᠥᠬᠢᠨ ᠢ᠋ᠶ᠋ᠡᠨ ᠬᠡᠨ ᠴᠦ᠍ ᠴᠢᠮᠠᠯᠠᠬᠤ ᠦᠭᠡᠢ ᠢᠨᠵᠢ ᠲᠡᠢ ᠪᠠᠭᠤᠯᠭᠠᠨ᠎ᠠ ᠭᠡᠵᠦ ᠪᠣᠳᠣᠳᠠᠭ ᠶᠤᠮ ᠰᠢᠦ》 ᠭᠡᠯ᠎ᠡ᠃
  ᠢᠲᠡᠭᠡᠯᠲᠦ ᠳᠦᠯᠡᠢ ᠲᠠᠮᠪᠠ ᠣᠷᠬᠢᠨ ᠬᠠᠷᠢᠭᠤ ᠳᠤᠤᠭᠠᠷᠤᠭᠰᠠᠨ ᠦᠭᠡᠢ ᠳ᠋ᠦ᠍ ᠳᠤᠯᠵᠢᠨ 《ᠡᠪᠦᠭᠡᠨ ᠮᠢᠨᠢ᠂ ᠪᠠᠳᠠᠷᠴᠢ ᠴᠢᠮᠠᠲᠤ ᠰᠠᠢᠬᠠᠨ ᠦᠭᠡ ᠬᠡᠯᠡᠵᠦ ᠪᠠᠢᠨ᠎ᠠ》 ᠭᠡᠯ᠎ᠡ᠃
  ᠢᠲᠡᠭᠡᠯᠲᠦ ᠳᠠᠯᠤ ᠪᠠᠨ ᠬᠥᠳᠡᠯᠭᠡᠨ ᠰᠤᠨᠢᠶᠠᠭᠰᠠᠨ ᠢ᠋ᠶ᠋ᠠᠨ ᠡᠮᠦᠨ᠎ᠡ ᠪᠡᠨ ᠪᠠᠢᠭᠰᠠᠨ ᠮᠥᠩᠭᠥᠨ ᠠᠶᠠᠭᠠᠨ ᠳ᠋ᠤ᠌ ᠠᠷᠢᠬᠢ ᠬᠢᠵᠦ ᠤᠳᠠᠭᠠᠨ ᠭᠡᠭᠴᠢ ᠨᠢ ᠰᠢᠮᠡᠵᠦ ᠤᠤᠭᠤᠯ᠎ᠠ᠃ ᠭᠡᠷ ᠦ᠋ᠨ ᠳᠣᠲᠣᠷ᠎ᠠ ᠶᠠᠮᠠᠷᠴᠤ ᠴᠢᠮᠡᠭᠡ ᠦᠭᠡᠢ ᠪᠥᠭᠡᠳ ᠳᠤᠯᠵᠢᠨ ᠤ᠋ ᠬᠣᠶᠠᠷ ᠨᠢᠳᠦ ᠢᠲᠡᠭᠡᠯᠲᠦ ᠡᠴᠡ ᠦᠯᠦ ᠰᠠᠯᠤᠨ᠎ᠠ᠃
  ᠊᠊᠊᠊᠊᠊᠊᠊᠊᠊᠊᠊᠊᠊᠊ ᠮᠢᠨᠦ ᠥᠬᠢᠨ ᠵᠠᠶᠠᠭ᠎ᠠ ᠲᠠᠢ ᠬᠥᠮᠦᠨ ᠶᠤᠮ ᠰᠢᠦ᠃ ᠴᠢ ᠪᠢᠳᠡᠨ ᠦ᠌ ᠮᠡᠷᠭᠡᠨ ᠪᠠᠭᠰᠢ ᠪᠤᠶᠠᠨ ᠪᠠᠶᠠᠨ ᠬᠣᠣᠰᠯᠠᠭᠰᠠᠨ ᠣᠳᠣᠨ ᠳ᠋ᠤ᠌ ᠲᠥᠷᠥᠭᠰᠡᠨ ᠬᠥᠮᠦᠨ ᠭᠡᠵᠦ ᠠᠢᠯᠠᠳᠤᠭᠰᠠᠨ ᠶᠤᠮ ᠭᠡᠵᠦ ᠪᠠᠳᠠᠷᠴᠢ ᠶ᠋ᠢᠨ ᠬᠡᠯᠡᠬᠦ ᠳ᠋ᠦ᠍ ᠳᠤᠯᠵᠢᠨ ᠤᠭᠲᠤᠨ ᠠᠪᠴᠤ
  ᠊᠊᠊᠊᠊᠊᠊᠊᠊᠊᠊᠊᠊᠊᠊ ᠲᠠᠨ ᠤ᠋ ᠥᠬᠢᠨ ᠦ᠌ ᠴᠢᠬᠢᠨ ᠦ᠌ ᠬᠢᠨᠢ ᠭᠡᠳᠡᠰᠦ ᠴᠦ᠍ ᠣᠯᠠᠨ ᠬᠥᠮᠦᠨ ᠳ᠋ᠦ᠍ ᠪᠠᠢᠬᠤ ᠦᠭᠡᠢ ᠵᠠᠶᠠᠭ᠎ᠠ ᠲᠠᠢ ᠬᠥᠮᠦᠨ ᠶᠤᠮ ᠰᠢᠦ᠃ ᠮᠡᠷᠭᠡᠨ ᠪᠠᠭᠰᠢ ᠡᠴᠡ ᠲᠠᠯ᠎ᠠ ᠠᠰᠠᠭᠤᠬᠤ ᠳ᠋ᠤ᠌ ᠨᠠᠢ᠍ᠮᠠᠨ ᠨᠠᠮᠰᠠᠷᠠᠢ ᠰᠢᠭ᠋ ᠡᠯᠪᠡᠭ ᠳᠡᠯᠪᠡᠭ ᠠᠢᠯ ᠪᠣᠯᠤᠨ᠎ᠠ ᠭᠡᠰᠡᠨ ᠭᠡᠯ᠎ᠡ᠃
  ᠢᠲᠡᠭᠡᠯᠲᠦ ᠡᠬᠡᠨᠡᠷ ᠤᠷᠤᠭᠤ ᠪᠠᠨ ᠬᠠᠷᠠᠵᠤ᠂ ᠵᠠᠪᠠᠵᠢᠨ ᠳ᠋ᠠᠭᠠᠨ ᠶᠣᠵᠣᠲᠠᠢ ᠪᠥᠭᠡᠳ ᠨᠢᠭᠤᠴᠠ ᠢᠨᠢᠶᠡᠮᠰᠦᠭᠯᠡᠭᠰᠡᠨ ᠢ᠋ᠶ᠋ᠡᠨ᠄
  ᠊᠊᠊᠊᠊᠊᠊᠊᠊᠊᠊᠊᠊᠊᠊ ᠴᠢ ᠨᠥᠭᠦᠭᠡ ᠬᠠᠳᠠᠭ ᠢ᠋ ᠠᠪᠤᠭᠠᠳ ᠥᠭᠭᠦᠭᠡᠴᠢ ᠭᠡᠯ᠎ᠡ᠃
  ᠊᠊᠊᠊᠊᠊᠊᠊᠊᠊᠊᠊᠊᠊᠊ ᠶᠠᠮᠠᠷ ᠬᠠᠳᠠᠭ ᠪᠣᠢ?
  ᠊᠊᠊᠊᠊᠊᠊᠊᠊᠊᠊᠊᠊᠊᠊ ᠨᠥᠭᠦᠭᠡ ᠤᠷᠲᠤ ᠠᠶᠤᠰᠢ᠃
  ᠪᠠᠶᠠᠷ ᠨᠢ ᠪᠠᠭᠲᠠᠵᠤ ᠶᠠᠳᠠᠭᠰᠠᠨ ᠳᠤᠯᠵᠢᠨ ᠭᠢᠯᠠᠯᠵᠠᠨ ᠡᠷᠭᠢᠵᠦ ᠠᠪᠳᠠᠷ᠎ᠠ ᠡᠴᠡ ᠪᠡᠨ ᠥᠨᠳᠥᠷ ᠬᠥᠮᠦᠨ ᠪᠣᠯᠪᠠᠴᠤ ᠬᠣᠶᠠᠷ ᠦᠵᠦᠭᠦᠷ ᠢ᠋ ᠨᠢ ᠭᠠᠵᠠᠷ ᠡᠴᠡ ᠰᠠᠯᠭᠠᠵᠤ ᠴᠢᠳᠠᠬᠤ ᠦᠭᠡᠢ᠂ ᠴᠡᠩᠬᠡᠷ ᠲᠡᠭᠷᠢ ᠰᠢᠭ ᠠᠶᠤᠰᠢ ᠬᠠᠳᠠᠭ ᠠᠪᠴᠤ ᠢᠲᠡᠭᠡᠯᠲᠦ ᠳ᠋ᠦ᠍ ᠥᠭᠪᠡ᠃
  ᠪᠠᠳᠠᠷᠴᠢ ᠬᠠᠨᠴᠤᠢ ᠪᠠᠨ ᠵᠠᠰᠠᠭᠠᠳ᠂ ᠣᠷᠣᠨ ᠳᠡᠭᠡᠷ᠎ᠡ ᠲᠠᠯᠪᠢᠭᠰᠠᠨ ᠢᠯᠪᠠᠭᠠᠷ ᠬᠢᠯᠢᠩ ᠮᠠᠯᠠᠭᠠᠢ ᠪᠠᠨ ᠨᠢᠳᠦᠨ ᠦ᠌ ᠪᠤᠯᠤᠩ ᠢ᠋ᠶ᠋ᠠᠷ ᠬᠠᠷᠠᠯ᠎ᠠ᠃
  ᠢᠲᠡᠭᠡᠯᠲᠦ ᠬᠠᠳᠠᠭ ᠢ᠋ ᠬᠡᠰᠡᠭ ᠦᠵᠡᠭᠰᠡᠨ ᠢ᠋ᠶ᠋ᠡᠨ ᠬᠡᠳᠦ ᠨᠤᠭᠤᠯᠵᠤ ᠪᠠᠷᠢᠭᠠᠳ ᠵᠤᠨ ᠤ᠋ ᠴᠠᠭ ᠲᠤ᠌ ᠬᠠᠨ᠎ᠠ ᠶ᠋ᠢᠨ ᠲᠣᠯᠣᠭᠠᠢ ᠡᠴᠡ ᠡᠯᠭᠦᠭᠡᠰᠦ ᠲᠡᠢ ᠪᠠᠢᠳᠠᠭ ᠬᠠᠭᠤᠴᠢᠨ ᠬᠢᠯᠢᠩ ᠮᠠᠯᠠᠭᠠᠢ ᠪᠠᠨ ᠡᠮᠦᠰᠦᠭᠡᠳ ᠡᠷᠭᠢᠬᠦ ᠳ᠋ᠦ᠍ᠨᠢ 《ᠶᠣᠰᠣ ᠲᠥᠷᠥ ᠲᠡᠢ ᠶᠤᠮ᠂ ᠭᠡᠷ ᠲᠦ᠋ᠨᠢ ᠣᠴᠢᠭᠠᠳ ᠪᠠᠷᠢᠪᠠᠯ ᠳᠡᠭᠡᠷ᠎ᠡ ᠪᠢᠰᠢ ᠤᠤ?》 ᠭᠡᠵᠦ ᠳᠤᠯᠵᠢᠨ ᠰᠢᠪᠡᠭᠡᠨᠡᠪᠡ᠃
  ᠭᠡᠲᠡᠯ᠎ᠡ ᠰᠣᠨᠣᠰᠤᠭ᠎ᠠ ᠦᠭᠡᠢ ᠳᠦᠷᠢ ᠦᠵᠡᠭᠦᠯᠦᠨ ᠬᠠᠳᠠᠭ ᠢ᠋ᠶ᠋ᠠᠨ ᠠᠯᠭᠤᠷ ᠡᠪᠬᠡᠵᠦ ᠡᠪᠦᠷᠲᠦᠯᠡᠭᠡᠳ ᠰᠢᠭᠤᠳ ᠭᠡᠷ ᠡᠴᠡ ᠭᠠᠷᠴᠤ ᠢᠰᠡᠭᠡᠢ ᠬᠢᠵᠦ ᠪᠠᠢᠭ᠎ᠠ ᠭᠠᠵᠠᠷ ᠤᠷᠤᠭᠤ ᠳᠡᠪᠬᠡᠷᠦᠨ ᠠᠯᠬᠤᠪᠠ᠃
  ᠠᠷᠭ᠎ᠠ ᠪᠠᠷᠠᠭᠳᠠᠵᠤ᠂ ᠭᠣᠩᠰᠣᠢᠭᠰᠠᠨ ᠪᠠᠳᠠᠷᠴᠢ᠂ ᠳᠤᠯᠵᠢᠨ ᠬᠣᠶᠠᠷ ᠪᠡᠶ᠎ᠡ ᠪᠡᠶ᠎ᠡ ᠪᠡᠨ ᠰᠢᠷᠳᠡᠭᠰᠡᠨ ᠢ᠋ᠶ᠋ᠡᠨ ᠳᠤᠯᠵᠢᠨ ᠭᠠᠷᠴᠤ ᠢᠲᠡᠭᠡᠯᠲᠦ ᠶ᠋ᠢᠨ ᠬᠣᠢᠨ᠎ᠠ ᠡᠴᠡ ᠶᠠᠪᠤᠪᠠ᠃
  ᠢᠲᠡᠭᠡᠯᠲᠦ ᠵᠣᠭᠰᠣᠯᠲᠠ ᠦᠭᠡᠢ ᠶᠠᠪᠤᠭᠰᠠᠭᠠᠷ ᠢᠰᠡᠭᠡᠢ ᠬᠢᠵᠦ ᠪᠠᠢᠭᠰᠠᠨ ᠣᠯᠠᠨ ᠤ᠋ ᠳᠡᠷᠭᠡᠳᠡ ᠣᠴᠢᠭᠠᠳ 《ᠨᠠᠰᠤᠲᠠᠢᠴᠤᠳ ᠢ᠋ ᠳᠤᠮᠳᠠ ᠮᠠᠢᠬᠠᠨ ᠳ᠋ᠤ᠌ ᠮᠣᠷᠢᠯᠠᠨ ᠣᠷᠣᠬᠤ ᠶ᠋ᠢ ᠤᠷᠢᠶ᠎ᠠ》 ᠭᠡᠵᠦ ᠴᠢᠩᠭ᠎ᠠ ᠳᠠᠭᠤ ᠪᠠᠷ ᠬᠡᠯᠡᠭᠡᠳ ᠲᠦᠷᠭᠡᠨ ᠭᠡᠭᠴᠢ ᠨᠢ ᠬᠠᠭᠠᠰ ᠡᠷᠭᠢᠵᠦ ᠭᠣᠣᠯ ᠤ᠋ᠨ ᠲᠣᠮᠣ ᠡᠷᠢᠶᠡᠨ ᠮᠠᠢᠬᠠᠨ ᠤᠷᠤᠭᠤ ᠬᠡᠳᠦ ᠠᠯᠬᠤᠭᠰᠠᠨ ᠢ᠋ᠶ᠋ᠠᠨ ᠵᠣᠭᠰᠣᠵᠤ ᠣᠢᠷᠠᠬᠠᠨ ᠪᠠᠢᠭᠰᠠᠨ ᠭᠠᠯᠰᠠᠩ ᠢ᠋ ᠳᠠᠭᠤᠳᠠᠵᠤ ᠴᠢᠬᠢᠨ ᠳ᠋ᠦ᠍ᠨᠢ ᠦᠭᠡ ᠬᠡᠯᠡᠪᠡ᠃
  ᠤᠳᠠᠯ ᠦᠭᠡᠢ ᠲᠣᠮᠣ ᠮᠠᠢᠬᠠᠨ ᠳ᠋ᠤ᠌ ᠣᠯᠠᠨ ᠬᠥᠮᠦᠨ ᠴᠤᠭᠯᠠᠷᠠᠪᠠ᠃ ᠬᠡᠳᠦᠨ ᠡᠳᠦᠷ ᠦ᠋ᠨ ᠢᠰᠡᠭᠡᠢ ᠬᠢᠬᠦ ᠠᠵᠢᠯ ᠳ᠋ᠤ᠌ ᠶᠠᠳᠠᠷᠠᠭᠰᠠᠨ ᠨᠢᠮ᠎ᠠ ᠬᠠᠨᠴᠤᠢ ᠪᠠᠷ ᠢ᠋ᠶ᠋ᠠᠨ ᠬᠥᠯᠥᠰᠥ ᠪᠡᠨ ᠠᠷᠴᠢᠵᠤ᠂ ᠲᠣᠮᠣ ᠬᠤᠯᠤ ᠲᠠᠢ ᠠᠢᠷᠠᠭ ᠬᠢᠵᠦ ᠠᠪᠤᠭᠠᠳ ᠲᠠᠪᠠᠲᠠᠢ ᠵᠠᠪᠢᠯᠠᠨ ᠰᠢᠮᠡᠨ᠎ᠡ᠃
  ᠶᠠᠭᠤ ᠪᠣᠯᠬᠤ ᠭᠡᠵᠦ ᠪᠠᠢᠭ᠎ᠠ ᠶ᠋ᠢ ᠲᠠᠭᠠᠪᠤᠷᠢᠯᠠᠵᠤ ᠭᠠᠢᠬᠠᠭᠰᠠᠨ ᠣᠯᠠᠨ ᠮᠠᠢᠬᠠᠨ ᠤ᠋ ᠤᠷᠲᠤ ᠪᠠᠭᠠᠨ᠎ᠠ ᠶ᠋ᠢᠨ ᠡᠮᠦᠨ᠎ᠡ ᠵᠣᠭᠰᠣᠵᠤ ᠪᠠᠢᠭ᠎ᠠ ᠢᠲᠡᠭᠡᠯᠲᠦ ᠶ᠋ᠢ ᠰᠢᠷᠲᠡᠨ᠎ᠡ᠃ ᠭᠠᠯᠰᠠᠩ ᠪᠣᠭᠣᠭᠰᠠᠨ ᠢᠰᠡᠭᠡᠢ ᠲᠠᠲᠠᠬᠤ ᠪᠠᠷ ᠮᠣᠷᠳᠠᠬᠤ ᠭᠡᠵᠦ ᠪᠠᠢᠭᠰᠠᠨ ᠬᠣᠩᠭᠣᠷ ᠤ᠋ᠨ ᠣᠷᠣᠨ ᠳ᠋ᠤ᠌ ᠬᠥᠮᠦᠨ ᠶᠠᠪᠤᠭᠤᠯᠤᠭᠠᠳ ᠲᠡᠭᠦᠨ ᠢ᠋ ᠳᠠᠭᠠᠭᠤᠯᠤᠨ ᠣᠷᠣᠵᠤ ᠢᠷᠡᠬᠦ ᠳ᠋ᠦ᠍᠂ 《ᠮᠢᠨᠦ ᠬᠦᠦ ᠨᠠᠰᠢ ᠢᠷ᠎ᠡ》 ᠭᠡᠵᠦ ᠢᠲᠡᠭᠡᠯᠲᠦ ᠵᠠᠬᠢᠷᠤᠩᠭᠤᠢ ᠪᠥᠭᠡᠳ ᠶᠡᠬᠡᠮᠰᠦᠭ ᠳᠠᠭᠤ ᠪᠠᠷ ᠳᠠᠭᠤᠳᠠᠵᠤ ᠳᠡᠷᠭᠡᠳᠡ ᠪᠡᠨ ᠵᠣᠭᠰᠣᠭᠠᠭᠠᠳ ᠡᠪᠦᠷ ᠡᠴᠡ ᠪᠡᠨ ᠠᠶᠤᠰᠢ ᠬᠠᠳᠠᠭ ᠢ᠋ᠶ᠋ᠠᠨ ᠭᠠᠷᠭᠠᠵᠤ ᠳᠡᠯᠭᠡᠨ ᠪᠠᠷᠢᠭᠠᠳ ᠨᠢᠮ᠎ᠠ ᠶ᠋ᠢᠨ ᠡᠮᠦᠨ᠎ᠡ ᠣᠴᠢᠵᠤ 《ᠲᠠᠨ ᠤ᠋ ᠳ᠋ᠤ᠌ ᠣᠯᠠᠨ ᠳ᠋ᠤ᠌ ᠭᠠᠢᠬᠠᠭᠳᠠᠭᠰᠠᠨ᠂ ᠣᠷᠴᠢᠯᠠᠩ ᠳ᠋ᠤ᠌ ᠬᠣᠣᠰ ᠦᠭᠡᠢ ᠲᠠᠨ᠎ᠠ ᠰᠤᠪᠤᠳ ᠪᠠᠢᠳᠠᠭ᠃ ᠮᠠᠨ ᠤ᠋ ᠳ᠋ᠤ᠌ ᠬᠣᠯᠢᠴᠠᠭ᠎ᠠ ᠦᠭᠡᠢ ᠬᠣᠩᠭᠣᠷ ᠰᠢᠷ᠎ᠠ ᠰᠢᠵᠢᠷ ᠠᠯᠲᠠ ᠪᠠᠢᠳᠠᠭ ᠪᠢᠯᠡ》 ᠭᠡᠵᠦ ᠬᠡᠯᠡᠵᠦ ᠡᠬᠢᠯᠡᠲᠡᠯ᠎ᠡ ᠮᠠᠢᠬᠠᠨ ᠳ᠋ᠤ᠌ ᠣᠷᠣᠵᠤ ᠢᠷᠡᠭᠰᠡᠨ ᠳᠤᠯᠵᠢᠨ 《ᠬᠥᠶᠢ ᠢᠲᠡᠭᠡᠯᠲᠦ ᠠ᠋ ᠪᠣᠳᠣᠭᠠᠴᠢ᠂ ᠤᠬᠠᠭᠠᠷᠠᠭᠠᠴᠢ》 ᠭᠡᠵᠦ ᠬᠠᠰᠬᠢᠷᠪᠠ᠃ ᠢᠲᠡᠭᠡᠯᠲᠦ ᠶᠠᠭᠤ ᠴᠤ᠌ ᠰᠣᠨᠣᠰᠤᠭ᠎ᠠ ᠦᠭᠡᠢ ᠶᠤᠮ ᠰᠢᠭ ᠬᠣᠭᠣᠯᠠᠢ ᠪᠠᠨ ᠵᠠᠰᠠᠭᠠᠳ ᠦᠷᠭᠦᠯᠵᠢᠯᠡᠭᠦᠯᠦᠨ᠄ 《᠁ ᠡᠨᠡ ᠬᠣᠶᠠᠷ ᠦᠨᠡᠲᠦ ᠡᠷᠳᠡᠨᠢ ᠶ᠋ᠢ ᠨᠡᠢᠯᠡᠭᠦᠯᠵᠦ ᠪᠥᠭᠡᠵᠢ ᠴᠣᠬᠢᠭᠤᠯᠪᠠᠯ ᠯᠤᠤᠰ ᠪᠠᠶᠠᠷᠯᠠᠵᠤ᠂ ᠤᠰᠤ ᠳᠣᠯᠭᠢᠯᠠᠬᠤ ᠭᠠᠢᠬᠠᠮᠰᠢᠭᠲᠤ ᠡᠳ᠋ ᠪᠣᠯᠬᠤ ᠶ᠋ᠢᠨ ᠤᠴᠢᠷ ᠠᠷᠢᠭᠤᠨ ᠬᠠᠳᠠᠭ ᠪᠠᠷᠢᠵᠤ ᠲᠠᠨ ᠤ᠋ ᠡᠷᠳᠡᠨᠢ ᠶ᠋ᠢ ᠲᠠᠯ᠎ᠠ ᠵᠠᠰᠠᠨ ᠭᠤᠶᠤᠵᠤ ᠪᠠᠢᠭ᠎ᠠ ᠶ᠋ᠢ ᠲᠣᠭᠲᠠᠭᠠᠨ ᠰᠣᠶᠣᠷᠬᠠᠨ᠎ᠠ ᠤᠤ》 ᠭᠡᠯ᠎ᠡ᠃
  ᠣᠯᠠᠨ ᠤ᠋ ᠠᠷᠤ ᠳ᠋ᠤ᠌ ᠪᠠᠢᠭᠰᠠᠨ ᠬᠡᠰᠢᠭᠲᠦ ᠠᠪᠠᠭᠠᠢ ᠳᠠᠭᠤ ᠠᠯᠲᠠᠨ ᠤᠬᠤᠰᠬᠢᠵᠦ 《ᠨᠢᠮ᠎ᠠ ᠮᠢᠨᠢ ᠴᠢ ᠲᠣᠯᠣᠭᠠᠢ ᠨᠢᠴᠦᠭᠦᠨ ᠪᠠᠢᠨ᠎ᠠ》 ᠭᠡᠳ ᠣᠢᠷᠠᠯᠴᠠᠭ᠎ᠠ ᠪᠠᠢᠭᠰᠠᠨ ᠨᠢᠭᠡ ᠡᠪᠦᠭᠡᠨ ᠦ᠌ ᠶᠡᠦᠳᠡᠨ ᠢ᠋ ᠮᠤᠯᠲᠤ ᠲᠡᠳᠡᠨ ᠠᠪᠴᠤ ᠡᠪᠦᠭᠡᠨ ᠦ᠌ ᠪᠡᠨ ᠲᠣᠯᠣᠭᠠᠢ ᠳᠡᠭᠡᠷ᠎ᠡ ᠲᠠᠯᠪᠢᠵᠤ 《ᠠᠪᠤᠭᠠᠴᠢ》 ᠭᠡᠵᠦ ᠬᠢᠬᠤᠷᠠᠭᠰᠠᠨ ᠳᠠᠭᠤ ᠪᠠᠷ ᠬᠡᠯᠡᠭᠡᠳ ᠪᠦᠯᠢᠶᠡᠨ ᠨᠢᠯᠪᠤᠰᠤ ᠪᠠᠨ ᠶᠠᠮᠠᠷ ᠴᠤ᠌ ᠬᠠᠭᠠᠯᠲᠠ ᠦᠭᠡᠢ ᠠᠰᠬᠠᠷᠠᠭᠤᠯᠪᠠ᠃
  ᠡᠨᠡ ᠪᠦᠬᠦᠨ ᠢ᠋ ᠬᠠᠷᠠᠭᠰᠠᠨ ᠪᠠᠳᠠᠷᠴᠢ ᠶ᠋ᠢᠨ ᠴᠢᠷᠠᠢ ᠬᠠᠷ᠎ᠠ ᠬᠦᠷᠡᠩ ᠪᠣᠯᠤᠭᠰᠠᠨ ᠢ᠋ᠶ᠋ᠠᠨ ᠵᠠᠵᠢᠭᠤᠷ ᠢ᠋ᠶ᠋ᠠᠨ ᠵᠠᠭᠤᠭᠠᠳ ᠡᠷᠭᠢᠵᠦ ᠶᠠᠪᠤᠯ᠎ᠠ᠃
  ᠢᠲᠡᠭᠡᠯᠲᠦ ᠨᠢᠳᠦ ᠪᠡᠨ ᠣᠨᠢ᠌ᠯᠭᠠᠨ᠂ ᠡᠪ ᠬᠠᠪᠤ ᠦᠭᠡᠢ ᠢᠨᠢᠶᠡᠮᠰᠦᠭᠯᠡᠭᠰᠡᠨ ᠢ᠋ᠶ᠋ᠡᠨ 《ᠪᠢ ᠴᠦ᠍ ᠪᠡᠷᠢ ᠭᠤᠶᠤᠵᠤ ᠶᠠᠪᠤᠭ᠎ᠠ ᠦᠭᠡᠢ᠂ ᠪᠠᠰᠠ ᠲᠡᠭᠡᠭᠡᠳ ᠤᠷᠠᠨ ᠰᠡᠴᠡᠨ ᠦᠭᠡ ᠦᠭᠡᠢ ᠪᠣᠯᠬᠣᠷ ᠣᠯᠢᠭᠲᠠᠢ ᠶᠠᠭᠤᠮ᠎ᠠ ᠬᠡᠯᠡᠵᠦ ᠴᠢᠳᠠᠬᠤ ᠦᠭᠡᠢ ᠶᠤᠮ》 ᠭᠡᠯ᠎ᠡ᠃
  ᠬᠣᠩᠭᠣᠷ ᠤ᠋ᠨ ᠮᠢᠠᠴᠢ᠌ᠵᠤ ᠣᠯᠠᠢ᠌ᠭᠰᠠᠨ ᠴᠢᠷᠠᠢ ᠳ᠋ᠤᠨᠢ ᠪᠠᠭᠲᠠᠵᠤ ᠶᠠᠳᠠᠭᠰᠠᠨ ᠢᠯᠡᠷᠬᠡᠢ ᠪᠠᠶᠠᠷ ᠰᠢᠲᠠᠨ ᠣᠪᠣᠯᠵᠠᠵᠤ ᠠᠮᠢᠰᠬᠤᠭ᠎ᠠ ᠪᠠᠴᠢᠮᠳᠠᠨ᠂ ᠵᠢᠷᠦᠬᠡ ᠴᠣᠬᠢᠯᠠᠨ᠂ ᠪᠡᠶ᠎ᠡ ᠨᠢ ᠴᠡᠴᠡᠷᠡᠬᠦ ᠮᠡᠲᠦ ᠪᠣᠯᠪᠠ᠃
  ᠨᠢᠮ᠎ᠠ ᠳᠡᠪᠡᠯ ᠳ᠋ᠡᠭᠡᠨ ᠭᠠᠷ ᠢ᠋ᠶ᠋ᠠᠨ ᠠᠷᠴᠢᠵᠤ 《ᠬᠠᠰ ᠤ᠋ᠨ ᠥᠩᠭᠡ ᠲᠡᠢ ᠲᠠᠨ᠎ᠠ ᠶ᠋ᠢ ᠮᠢᠨᠢ ᠬᠠᠢᠷᠠᠯᠠᠵᠤ ᠶᠠᠪᠤᠭᠠᠷᠠᠢ᠃ ᠬᠠᠷᠠᠬᠤ ᠨᠢᠳᠦᠨ ᠦ᠌ ᠴᠡᠴᠡᠭᠡᠢ ᠮᠡᠲᠦ ᠡᠩᠬᠦᠷᠡᠢᠯᠡᠵᠦ ᠶᠠᠪᠤᠭᠠᠷᠠᠢ᠂ ᠤᠷᠤᠭ ᠲᠥᠷᠥᠯ ᠦ᠋ᠨ ᠪᠠᠷᠢᠯᠳᠤᠯᠭ᠎ᠠ ᠶ᠋ᠢ ᠮᠢᠨᠦ ᠲᠠᠨ᠎ᠠ ᠭᠤᠲᠤᠭᠠᠬᠤ ᠦᠭᠡᠢ᠂ ᠦᠷᠭᠦᠯᠵᠢ ᠲᠠᠨ ᠤ᠋ ᠭᠡᠷ ᠲᠦ᠍ ᠪᠤᠶᠠᠨ ᠬᠡᠰᠢᠭ ᠳᠡᠯᠭᠡᠷᠡᠬᠦ ᠪᠣᠯᠲᠤᠭᠠᠢ》 ᠭᠡᠳ ᠬᠠᠳᠠᠭ ᠢ᠋ ᠬᠦᠨᠳᠦᠳᠬᠡᠨ ᠠᠪᠤᠯ᠎ᠠ᠃
  ᠊᠊᠊᠊᠊᠊᠊᠊᠊᠊᠊᠊᠊᠊᠊ ᠵᠠ ᠣᠳᠣ ᠶᠠᠭᠤ ᠭᠡᠵᠦ ᠬᠡᠯᠡᠶ᠎ᠡ ᠳᠡ ᠭᠡᠳ ᠢᠲᠡᠭᠡᠯᠲᠦ ᠣᠯᠠᠨ ᠢ᠋ ᠲᠣᠭᠣᠷᠢᠭᠤᠯᠤᠨ ᠬᠠᠷᠠᠵᠤ ᠮᠠᠷᠰᠠᠢᠨ ᠢᠨᠢᠶᠡᠮᠰᠦᠭᠯᠡᠭᠰᠡᠨ ᠢ᠋ᠶ᠋ᠡᠨ 《ᠯᠠᠪ ᠪᠣᠯᠤᠭᠰᠠᠨ ᠪᠠᠢᠬ᠎ᠠ ᠠ᠋᠃ ᠦᠯᠡᠳᠡᠭᠰᠡᠨ ᠢᠰᠡᠭᠡᠢ ᠪᠡᠨ ᠲᠦᠷᠭᠡᠨ ᠬᠢᠭᠡᠳ ᠳᠠᠭᠤᠰᠬᠠᠶ᠎ᠠ᠃ ᠥᠨᠥ ᠣᠷᠣᠢ ᠰᠣᠢ ᠲᠠᠯᠪᠢᠭᠰᠠᠨ ᠤ᠋ ᠨᠠᠢᠷ ᠬᠢᠨ᠎ᠡ》 ᠭᠡᠳ ᠶᠠᠭᠤ ᠴᠤ᠌ ᠪᠣᠯᠤᠭ᠎ᠠ ᠦᠭᠡᠢ ᠶᠤᠮ ᠰᠢᠭ ᠡᠷᠭᠢᠵᠦ ᠭᠡᠷ ᠦ᠋ᠨ ᠵᠦᠭ ᠶᠠᠪᠤᠯ᠎ᠠ᠃
  ᠭᠠᠭᠴᠠ ᠥᠬᠢᠨ ᠦ᠌ ᠬᠢᠨᠢ ᠵᠠᠶᠠᠭ᠎ᠠ ᠪᠤᠶᠠᠨ ᠳᠡᠯᠭᠡᠷᠡᠭᠰᠡᠨ ᠳ᠋ᠦ᠍ ᠪᠠᠬᠠᠷᠳᠠᠨ ᠪᠠᠶᠠᠷᠯᠠᠭᠰᠠᠨ ᠬᠡᠰᠢᠭᠲᠦ ᠮᠠᠢᠬᠠᠨ ᠤ᠋ ᠸᠠᠳᠠᠩ ᠳ᠋ᠤ᠌ ᠨᠢᠭᠤᠷ ᠢ᠋ᠶ᠋ᠠᠨ ᠨᠠᠭᠠᠨ ᠤᠬᠢᠯᠠᠨ᠎ᠠ᠃ ᠭᠡᠨᠡᠳᠲᠡ ᠪᠣᠯᠤᠭᠰᠠᠨ ᠡᠨᠡ ᠶᠠᠪᠤᠳᠠᠯ ᠤ᠋ᠨ ᠤᠴᠢᠷ ᠢ᠋ ᠣᠢᠯᠠᠭᠠᠵᠤ ᠶᠠᠳᠠᠭᠰᠠᠨ ᠣᠯᠠᠨ ᠳᠠᠭᠤ ᠦᠭᠡᠢ ᠬᠡᠳᠦᠨ ᠮᠥᠴᠡ ᠪᠣᠯᠤᠭᠰᠠᠨ ᠢ᠋ᠶ᠋ᠠᠨ ᠬᠣᠷᠸ᠎ᠠ ᠶ᠋ᠢᠨ ᠨᠢᠭᠡ ᠲᠣᠮᠣ ᠶᠠᠪᠤᠳᠠᠯ ᠤ᠋ᠨ ᠭᠡᠷᠡᠴᠢ ᠪᠣᠯᠤᠭᠰᠠᠨ ᠢ᠋ᠶ᠋ᠠᠨ ᠮᠡᠳᠡᠮᠡᠭᠴᠡ ᠳᠤᠷ᠎ᠠ ᠮᠡᠳᠡᠨ ᠱᠤᠤᠭᠢᠵᠤ ᠭᠠᠷᠤᠯ᠎ᠠ᠃
  《ᠮᠢᠨᠦ ᠬᠦᠦ ᠨᠠᠳᠠ ᠰᠢᠭ᠋ ᠬᠥᠷᠥᠩᠭᠡ ᠬᠠᠷᠠᠵᠤ ᠡᠬᠡᠨᠡᠷ ᠠᠪᠬᠤ ᠦᠭᠡᠢ᠃ ᠰᠦᠷᠦᠩ ᠰᠢᠭ ᠰᠠᠢᠬᠠᠨ ᠬᠡᠦᠬᠡᠨ ᠢ᠋ ᠮᠢᠨᠦ ᠬᠦᠦ ᠡᠰᠡ ᠠᠪᠪᠠᠯ ᠬᠡᠨ ᠠᠪᠬᠤ ᠪᠣᠢ》 ᠭᠡᠵᠦ ᠪᠣᠳᠣᠭᠠᠳ ᠢᠲᠡᠭᠡᠯᠲᠦ ᠠᠯᠬᠤᠵᠤ ᠶᠠᠪᠤᠬᠤ ᠳ᠋ᠠᠭᠠᠨ ᠬᠣᠪᠳᠣᠭ ᠪᠠᠳᠠᠷᠴᠢ ᠶ᠋ᠢᠨ ᠬᠣᠰᠢᠭᠤ ᠶ᠋ᠢ ᠲᠠᠰᠤ ᠴᠣᠬᠢᠭᠰᠠᠨ ᠪᠠᠬᠠᠳᠤᠯ᠂ ᠭᠠᠭᠴᠠ ᠬᠦᠦ ᠳ᠋ᠡᠭᠡᠨ ᠰᠡᠳᠬᠢᠯ ᠲᠡᠢ ᠬᠠᠨᠢ ᠶ᠋ᠢ ᠨᠢ ᠭᠤᠶᠤᠵᠤ ᠥᠭᠭᠦᠭᠰᠡᠨ ᠪᠠᠶᠠᠷ ᠲᠤ᠌ ᠳᠠᠷᠤᠭᠳᠠᠨ᠂ ᠥᠪᠡᠷ ᠦ᠋ᠨ ᠰᠢ᠌ᠤᠠᠪᠣᠷᠢ ᠶ᠋ᠢᠨ ᠮᠡᠷᠭᠡᠨ ᠢ᠋ ᠮᠠᠭᠲᠠᠨ ᠶᠠᠪᠤᠯ᠎ᠠ᠃
  ᠢᠰᠡᠭᠡᠢ ᠬᠢᠵᠦ ᠳᠠᠭᠤᠰᠤᠭᠰᠠᠨ ᠤ᠋ ᠨᠢᠭᠡ ᠪᠠᠶᠠᠷ᠂ ᠰᠣᠢ ᠲᠠᠯᠪᠢᠭᠰᠠᠨ ᠤ᠋ ᠬᠣᠣᠰ ᠪᠠᠶᠠᠷ ᠤ᠋ᠨ ᠶᠡᠬᠡ ᠨᠠᠢᠷ ᠡᠴᠡ ᠪᠤᠴᠠᠵᠤ ᠶᠠᠪᠤᠭ᠎ᠠ ᠬᠥᠮᠦᠰ ᠤᠳᠠᠬᠤ ᠦᠭᠡᠢ ᠪᠣᠯᠬᠤ ᠶᠡᠬᠡ ᠬᠤᠷᠢᠮ ᠤ᠋ᠨ ᠲᠤᠬᠠᠢ ᠶᠠᠷᠢᠯᠴᠠᠨ᠎ᠠ᠃
  ᠪᠠᠶᠠᠨ ᠢᠲᠡᠭᠡᠯᠲᠦ ᠶ᠋ᠢᠨ ᠭᠠᠭᠴᠠ ᠬᠦᠦ ᠶ᠋ᠢᠨ ᠬᠤᠷᠢᠮ ᠪᠣᠯᠤᠨ᠎ᠠ ᠭᠡᠵᠦ ᠪᠣᠳᠣᠬᠤ ᠳ᠋ᠤ᠌ ᠲᠠᠮᠢᠷ ᠤ᠋ᠨ ᠭᠣᠣᠯ ᠤ᠋ᠨ ᠰᠠᠷᠬᠤᠳ ᠲᠤ᠌ ᠲᠠᠭᠠᠯᠠᠮᠵᠢᠲᠠᠢ ᠡᠪᠦᠭᠡᠴᠦᠳ ᠲᠦ᠍ ᠡᠨᠡ ᠵᠢᠯ ᠦ᠋ᠨ ᠡᠳᠦᠷ ᠦᠯᠡᠮᠵᠢ ᠤᠷᠲᠤ ᠪᠣᠯᠤᠭᠠᠳ ᠬᠣᠨᠣᠭ ᠶᠠᠪᠤᠬᠤ ᠦᠭᠡᠢ ᠶᠤᠮ ᠰᠢᠭ ᠰᠠᠨᠠᠭᠳᠠᠵᠤ ᠪᠠᠢᠯ᠎ᠠ᠃