ᠲᠤᠩᠭᠠᠯᠠᠭ ᠲᠠᠮᠢᠷ3-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠡᠰᠡᠭ ᠬᠡᠰᠡᠭ ᠰᠡᠮᠡᠵᠡᠨ ᠴᠠᠭᠠᠨ ᠡᠭᠦᠯᠡ ᠴᠡᠩᠬᠡᠷ ᠲᠡᠭᠷᠢ ᠳ᠋ᠦ᠍ ᠪᠡᠶ᠎ᠡ ᠪᠡᠶ᠎ᠡ ᠪᠡᠨ ᠬᠥᠭᠡᠭᠡᠴᠡᠯᠳᠦᠨ ᠨᠡᠭᠦᠨ᠎ᠡ》 - ᠭᠤᠷᠪᠠᠳᠤᠭᠠᠷ ᠪᠦᠯᠦᠭ ᠠᠷᠪᠠᠨ ᠲᠠᠪᠤ
ᠬᠠᠪᠤᠷ ᠪᠣᠯᠵᠤ ᠴᠠᠰᠤ ᠬᠠᠨᠵᠠᠷᠠᠨ ᠨᠣᠭᠣᠭ᠎ᠠ ᠰᠣᠶᠣᠭᠠᠯᠠᠵᠤ᠂ ᠢᠷᠭᠤᠢ ᠭᠠᠷᠬᠤ ᠦᠶ᠎ᠡ ᠳ᠋ᠦ᠍ ᠬᠠᠩᠭᠠᠢ ᠨᠤᠲᠤᠭ ᠶᠠᠭᠤᠲᠠᠢ ᠰᠠᠢᠬᠠᠨ᠃ ᠬᠠᠪᠤᠷᠵᠢᠶ᠎ᠠ ᠳ᠋ᠠᠭᠠᠨ ᠪᠠᠭᠤᠭᠰᠠᠨ ᠪᠠᠶᠠᠷ ᠡᠪᠦᠭᠡᠨ ᠦ᠌ ᠭᠡᠷ ᠦ᠋ᠨ ᠭᠠᠳᠠᠨ᠎ᠠ ᠡᠴᠡ ᠲᠣᠮᠣ ᠬᠦᠷᠡᠩ ᠬᠠᠢᠨᠤᠭ ᠬᠥᠯᠦᠭᠰᠡᠨ ᠲᠡᠷᠭᠡ ᠡᠮᠦᠨᠡᠬᠢ ᠠᠭᠤᠯᠠ ᠶ᠋ᠢᠨ ᠠᠷᠤ ᠶ᠋ᠢᠨ ᠮᠣᠳᠣᠨ ᠤ᠋ ᠵᠦᠭ ᠬᠥᠳᠡᠯᠪᠡ᠃
ᠬᠡᠰᠡᠭ ᠬᠡᠰᠡᠭ ᠰᠡᠮᠡᠵᠡᠨ ᠴᠠᠭᠠᠨ ᠡᠭᠦᠯᠡ ᠴᠡᠩᠬᠡᠷ ᠲᠡᠭᠷᠢ ᠳ᠋ᠦ᠍ ᠪᠡᠶ᠎ᠡ ᠪᠡᠶ᠎ᠡ ᠪᠡᠨ ᠬᠥᠭᠡᠭᠡᠴᠡᠯᠳᠦᠨ ᠨᠡᠭᠦᠨ᠎ᠡ᠃ ᠠᠭᠤᠯᠠ ᠶ᠋ᠢᠨ ᠨᠤᠭᠤ᠂ ᠵᠢᠯᠠᠭ᠎ᠠ ᠪᠠᠷ ᠦᠯᠡᠳᠡᠭᠰᠡᠨ ᠴᠠᠰᠤ ᠨᠠᠷᠠᠨ ᠤ᠋ ᠭᠡᠷᠡᠯ ᠳ᠋ᠦ᠍ ᠭᠢᠯᠠᠯᠵᠠᠨ᠂ ᠶᠢᠷᠲᠢᠨᠴᠦ ᠵᠥᠭᠡᠯᠡᠨ ᠪᠥᠭᠡᠳ ᠳᠤᠯᠠᠭᠠᠨ ᠥᠩᠭᠡ ᠲᠤᠶᠠᠭᠠᠷᠠᠬᠤ ᠠᠵᠢ᠃
ᠲᠡᠷᠭᠡᠨ ᠳᠡᠭᠡᠷ᠎ᠡ ᠬᠥᠬᠡ ᠳᠡᠪᠡᠯ ᠲᠡᠢ ᠲᠤᠯᠭᠠᠷ ᠬᠥᠯ ᠢ᠋ᠶ᠋ᠡᠨ ᠤᠨᠵᠢᠭᠤᠯᠤᠨ ᠰᠠᠭᠤᠭᠠᠳ ᠬᠠᠢᠨᠤᠭ ᠤ᠋ᠨ ᠵᠢᠭᠳᠡ ᠪᠥᠭᠡᠳ ᠡᠷᠡᠮᠡᠭ ᠠᠯᠬᠤᠯᠲᠠ ᠳ᠋ᠤ᠌ ᠨᠠᠢᠭᠤᠨ᠂ ᠬᠠᠭᠠᠰ ᠬᠣᠭᠣᠯᠠᠢ ᠪᠠᠷ ᠤᠷᠲᠤ ᠪᠥᠭᠡᠳ ᠭᠤᠨᠢᠭ ᠢ᠋ᠶ᠋ᠠᠷ ᠳᠦᠭᠦᠷᠦᠭᠰᠡᠨ ᠠᠶ᠎ᠠ ᠲᠠᠢ ᠳᠠᠭᠤ ᠠᠶᠠᠯᠤᠨ᠎ᠠ᠃ ᠬᠣᠢᠲᠤ ᠡᠬᠡ ᠳ᠋ᠡᠭᠡᠨ ᠠᠯᠢ ᠮᠠᠭᠤ ᠪᠠᠨ ᠳᠠᠭᠤᠳᠠᠭᠤᠯᠤᠭᠰᠠᠨ ᠥᠨᠥᠴᠢᠨ ᠬᠡᠦᠬᠡᠳ ᠦ᠋ᠨ ᠨᠢᠳᠦ ᠶ᠋ᠢ ᠬᠠᠷᠠᠭᠰᠠᠨ ᠪᠣᠯ ᠲᠤᠯᠭᠠᠷ ᠤ᠋ᠨ ᠨᠢᠳᠦ ᠶᠠᠭ ᠯᠠ ᠲᠡᠢᠮᠦ ᠪᠠᠢᠯ᠎ᠠ᠃
ᠬᠣᠷᠸ᠎ᠠ ᠡᠨᠡ ᠬᠥᠮᠦᠨ ᠲᠡᠢ ᠬᠠᠲᠠᠭᠤ ᠲᠣᠭᠯᠠᠵᠠᠢ᠃ ᠵᠠᠷᠢᠮ ᠳ᠋ᠠᠭᠠᠨ ᠶᠠᠭᠠᠬᠢᠬᠤ ᠭᠡᠵᠦ ᠠᠮᠢᠳᠤ ᠶᠠᠪᠤᠭ᠎ᠠ ᠶᠤᠮ ᠪᠣᠢ? ᠭᠡᠵᠦ ᠥᠪᠡᠷ ᠡᠴᠡ ᠪᠡᠨ ᠠᠰᠠᠭᠤᠳᠠᠭ ᠶᠤᠮ᠃ ᠭᠡᠪᠡᠴᠦ ᠡᠨᠡ ᠵᠣᠪᠠᠯᠠᠩᠲᠤ ᠬᠣᠷᠸ᠎ᠠ ᠶ᠋ᠢᠨ ᠠᠯᠢ ᠨᠢᠭᠡᠨ ᠭᠠᠵᠠᠷ ᠬᠠᠨᠢ ᠨᠥᠬᠥᠷ᠂ ᠬᠠᠢᠷᠠᠲᠤ ᠬᠦᠦ ᠨᠢ ᠶᠠᠪᠤᠭ᠎ᠠ ᠪᠣᠯᠬᠣᠷ ᠬᠣᠶᠠᠭᠤᠯᠠ ᠲᠠᠢ ᠨᠢ ᠡᠰᠡ ᠪᠣᠯᠪᠠᠴᠤ ᠨᠢᠭᠡᠨ ᠲᠡᠢ ᠨᠢ ᠠᠭᠤᠯᠵᠠᠨ᠎ᠠ ᠭᠡᠵᠦ ᠪᠣᠳᠣᠨ᠎ᠠ᠃ ᠭᠡᠬᠦ ᠳ᠋ᠡᠭᠡᠨ ᠲᠡᠷᠡ ᠬᠣᠶᠠᠷ ᠢ᠋ ᠡᠷᠢᠭᠡᠳ ᠶᠠᠪᠤᠬᠤ ᠴᠢᠳᠠᠯ ᠲᠤᠯᠭᠠᠷ ᠲᠤ᠌ ᠪᠠᠢᠭᠰᠠᠨ ᠦᠭᠡᠢ᠃ ᠲᠤᠯᠭᠠᠷ ᠬᠠᠲᠠᠭᠤ ᠬᠤᠪᠢ ᠵᠠᠶᠠᠭᠠᠨ ᠳ᠋ᠠᠭᠠᠨ ᠳᠠᠷᠤᠭᠳᠠᠨ ᠴᠥᠬᠥᠷᠥᠭᠰᠡᠨ ᠬᠥᠮᠦᠨ ᠪᠠᠢᠯ᠎ᠠ᠃ ᠨᠢᠯᠪᠤᠰᠤ ᠨᠢ ᠦᠶ᠎ᠡ ᠦᠶ᠎ᠡ ᠥᠪᠡᠷ ᠦ᠋ᠨ ᠡᠷᠬᠡ ᠦᠭᠡᠢ ᠠᠰᠬᠠᠬᠤ ᠪᠥᠭᠡᠳ ᠵᠠᠷᠢᠮ ᠳ᠋ᠠᠭᠠᠨ ᠤᠨᠲᠠᠵᠤ ᠪᠠᠢᠭᠠᠳ ᠬᠠᠰᠬᠢᠷᠤᠨ ᠪᠣᠰᠴᠤ ᠡᠬᠡᠷ ᠲᠡᠳᠡᠨ ᠤᠬᠢᠯᠠᠨ᠎ᠠ᠃
ᠡᠷᠳᠡᠨᠢ ᠡᠳᠦᠢ ᠳ᠋ᠦ᠍ ᠡᠬᠡᠨᠡᠷ ᠲᠡᠢ᠂ ᠪᠠᠰᠠ ᠬᠡᠦᠬᠡᠳ ᠲᠡᠢ ᠪᠣᠯᠤᠭᠰᠠᠨ ᠴᠤ᠌ ᠪᠠᠢᠵᠤ ᠮᠠᠭᠠᠳ᠃ ᠭᠡᠪᠡᠴᠦ ᠬᠦᠦ ᠮᠢᠨᠢ ᠨᠠᠮᠠᠢ ᠡᠷᠢᠵᠦ᠂ ᠨᠠᠳᠠ ᠲᠠᠢ ᠠᠭᠤᠯᠵᠠᠬᠤ ᠯᠠ ᠶᠣᠰᠣᠲᠠᠢ ᠰᠢᠦ ᠳᠡ᠃ ᠪᠢ ᠬᠦᠦ ᠪᠡᠨ ᠭᠣᠮᠣᠳᠠᠭᠠᠭᠠ ᠦᠭᠡᠢ᠃ ᠶᠠᠭᠤ ᠴᠤ᠌ ᠪᠣᠯᠤᠭᠰᠠᠨ ᠪᠢ ᠲᠡᠭᠦᠨ ᠦ᠌ ᠲᠥᠷᠥᠭᠰᠡᠨ ᠡᠬᠡ ᠨᠢ᠃ ᠲᠡᠢᠮᠦ ᠪᠢᠵᠡ ᠳᠡ ᠭᠡᠵᠦ ᠪᠣᠳᠣᠬᠤ ᠳ᠋ᠤ᠌ ᠬᠣᠭᠣᠯᠠᠢ ᠨᠢ ᠵᠠᠩᠭᠢᠷᠠᠨ ᠠᠶᠠᠯᠵᠤ ᠶᠠᠪᠤᠭᠰᠠᠨ ᠳᠠᠭᠤᠤ ᠬᠢᠬᠠᠷᠠᠨ ᠲᠠᠰᠤᠷᠠᠵᠤ ᠨᠢᠯᠪᠤᠰᠤ ᠨᠢ ᠶᠠᠮᠠᠷᠴᠤ ᠰᠠᠭᠠᠳ ᠦᠭᠡᠢ ᠠᠰᠬᠠᠷᠠᠨ᠎ᠠ᠃
ᠬᠠᠵᠠᠭᠤ ᠲᠠᠯ᠎ᠠ ᠡᠴᠡ ᠮᠣᠷᠢᠲᠠᠢ ᠬᠥᠮᠦᠨ ᠭᠠᠷᠴᠤ ᠢᠷᠡᠬᠦ ᠶ᠋ᠢ ᠲᠤᠯᠭᠠᠷ ᠮᠡᠳᠡᠭᠰᠡᠨ ᠦᠭᠡᠢ᠃ ᠲᠡᠷᠡ ᠬᠥᠮᠦᠨ ᠪᠣᠯ ᠲᠤᠯᠭᠠᠷ ᠢ᠋ ᠰᠠᠭᠤᠶ᠎ᠠ ᠭᠡᠵᠦ ᠭᠣᠶᠣᠳᠠᠭ ᠰᠣᠳᠨᠠᠮ ᠪᠠᠢᠯ᠎ᠠ᠃ ᠰᠣᠳᠨᠠᠮ ᠭᠦᠨ ᠭᠠᠰᠢᠭᠤᠳᠠᠯ ᠳ᠋ᠤ᠌ ᠳᠠᠷᠤᠭᠳᠠᠭᠰᠠᠨ ᠲᠤᠯᠭᠠᠷ ᠢ᠋ ᠬᠠᠷᠠᠭᠠᠳ ᠬᠡᠰᠡᠭ ᠳᠠᠭᠤ ᠦᠭᠡᠢ ᠳᠠᠭᠠᠵᠤ ᠶᠠᠪᠤᠯ᠎ᠠ᠃
᠊᠊᠊᠊᠊᠊᠊᠊᠊᠊᠊᠊᠊᠊᠊ ᠲᠤᠯᠭᠠᠷ ᠁ ᠴᠢ ᠬᠠᠮᠢᠭ᠎ᠠ ᠣᠴᠢᠬᠤ ᠨᠢ ᠪᠣᠢ? ᠭᠡᠵᠦ ᠰᠣᠳᠨᠠᠮ ᠲᠦᠯᠡᠭᠡᠨ ᠳ᠋ᠦ᠍ ᠶᠠᠪᠤᠵᠤ ᠪᠠᠢᠭ᠎ᠠ ᠶ᠋ᠢ ᠮᠡᠳᠡᠭᠰᠡᠭᠡᠷ ᠪᠠᠢᠭᠠᠳ ᠠᠰᠠᠭᠤᠪᠠ᠃ ᠲᠤᠯᠭᠠᠷ ᠲᠣᠯᠣᠭᠠᠢ ᠪᠠᠨ ᠭᠡᠨᠡᠳᠲᠡ ᠡᠷᠭᠦᠵᠦ ᠬᠠᠷᠠᠭᠰᠠᠨ ᠢ᠋ᠶ᠋ᠠᠨ ᠣᠭᠵᠣᠮ ᠬᠥᠳᠡᠯᠭᠡᠭᠡᠨ ᠢ᠋ᠶ᠋ᠡᠷ ᠨᠢᠯᠪᠤᠰᠤ ᠪᠠᠨ ᠠᠷᠴᠢᠵᠤ᠂ ᠮᠦᠰᠢᠶᠡᠬᠦ ᠳᠦᠷᠢ ᠦᠵᠡᠭᠦᠯᠦᠨ᠄
᠊᠊᠊᠊᠊᠊᠊᠊᠊᠊᠊᠊᠊᠊᠊ ᠠ᠋ ᠴᠢ ᠢᠷᠡᠭᠰᠡᠨ ᠶᠦ᠍ᠮ ᠤᠤ? ᠭᠡᠯᠡ᠃
᠊᠊᠊᠊᠊᠊᠊᠊᠊᠊᠊᠊᠊᠊᠊ ᠲᠦᠯᠡᠭᠡᠨ ᠳ᠋ᠦ᠍ ᠶᠠᠪᠤᠵᠤ ᠪᠠᠢᠨ᠎ᠠ ᠤᠤ?
᠊᠊᠊᠊᠊᠊᠊᠊᠊᠊᠊᠊᠊᠊᠊ ᠲᠡᠢᠮᠦ ᠠ᠋᠃
᠊᠊᠊᠊᠊᠊᠊᠊᠊᠊᠊᠊᠊᠊᠊ ᠲᠡᠭᠡᠪᠡᠯ ᠴᠢᠮ᠎ᠠ ᠳ᠋ᠤ᠌ ᠲᠤᠰᠠᠯᠠᠶ᠎ᠠ᠃
᠊᠊᠊᠊᠊᠊᠊᠊᠊᠊᠊᠊᠊᠊᠊ ᠳᠤᠷ᠎ᠠ ᠪᠠᠷ ᠢ᠋ᠶ᠋ᠠᠨ ᠯᠠ ᠪᠣᠯ ᠳᠠ ᠭᠡᠳ ᠳᠡᠪᠡᠯ ᠦ᠋ᠨ ᠢ᠋ᠶ᠋ᠡᠨ ᠬᠠᠨᠴᠤᠢ ᠪᠠᠷ ᠨᠢᠭᠤᠷ ᠢ᠋ᠶ᠋ᠠᠨ ᠬᠡᠳᠦ ᠳᠤᠭᠤᠢᠯᠠᠨ ᠠᠷᠴᠢᠭᠠᠳ ᠭᠠᠵᠠᠷ ᠱᠠᠭᠠᠢᠵᠤ ᠶᠠᠪᠤᠭᠰᠠᠨ ᠢ᠋ᠶ᠋ᠠᠨ ᠨᠢᠭᠤᠷ ᠤᠷᠤᠭᠤ ᠪᠠᠨ ᠣᠠᠵᠢ᠌ᠭᠰᠠᠨ ᠱᠠᠩᠬᠤ ᠪᠠᠨ ᠭᠡᠳᠡᠷᠭᠦ ᠢᠯᠢᠪᠡ᠃
᠊᠊᠊᠊᠊᠊᠊᠊᠊᠊᠊᠊᠊᠊᠊ ᠴᠢᠮᠠᠶ᠋ᠢ ᠪᠢ ᠬᠦᠯᠢᠶᠡᠵᠦ ᠯᠡ ᠪᠠᠢᠨ᠎ᠠ ᠰᠢᠦ᠃
᠊᠊᠊᠊᠊᠊᠊᠊᠊᠊᠊᠊᠊᠊᠊ ᠪᠢ ᠴᠢᠮ᠎ᠠ ᠳ᠋ᠤ᠌ ᠬᠡᠯᠡᠭᠰᠡᠨ ᠰᠢᠦ ᠳᠡ᠃ ᠨᠢᠭᠡ ᠪᠣᠯ ᠡᠷᠳᠡᠨᠢ ᠶ᠋ᠢᠨ ᠠᠮᠢᠳᠤ ᠨᠢᠭᠤᠷ ᠢ᠋ ᠬᠠᠷᠠᠬᠤ ᠶᠤᠮᠰᠠᠨ ᠁ ᠡᠰᠡᠬᠦᠯ᠎ᠡ ᠭᠡᠰᠡᠨ ᠢ᠋ᠶ᠋ᠡᠨ ᠲᠤᠯᠭᠠᠷ ᠳᠠᠭᠤ ᠦᠭᠡᠢ ᠪᠣᠯᠪᠠ᠃ 《ᠡᠰᠡᠬᠦᠯ᠎ᠡ ᠡᠷᠳᠡᠨᠢ ᠶ᠋ᠢ ᠡᠬᠡᠨᠡᠷ ᠲᠡᠢ ᠪᠣᠯᠤᠭᠰᠠᠨ ᠭᠡᠳᠡᠭ ᠢ᠋ ᠰᠣᠨᠣᠰᠬᠤ ᠶᠤᠮᠰᠠᠨ》 ᠭᠡᠵᠦ ᠬᠡᠯᠡᠬᠦ ᠭᠡᠰᠡᠨ ᠪᠣᠯᠪᠠᠴᠤ᠂ ᠲᠤᠯᠭᠠᠷ ᠤ᠋ᠨ ᠠᠮᠠᠨ ᠡᠴᠡ ᠭᠠᠷᠴᠤ ᠥᠭᠭᠦᠭᠰᠡᠨ ᠦᠭᠡᠢ ᠬᠣᠭᠣᠯᠠᠢ ᠳ᠋ᠤᠨᠢ ᠲᠡᠭᠡᠭᠯᠡᠵᠡᠢ᠃
᠊᠊᠊᠊᠊᠊᠊᠊᠊᠊᠊᠊᠊᠊᠊ ᠭᠡᠬᠦ ᠳ᠋ᠡᠭᠡᠨ ᠴᠢ ᠮᠢᠨᠦ ᠰᠡᠳᠬᠢᠯ ᠢ᠋ ᠪᠣᠳᠣᠬᠤ ᠯᠠ ᠶᠣᠰᠣᠲᠠᠢ ᠳᠠ᠃
ᠲᠤᠯᠭᠠᠷ ᠬᠠᠷᠢᠭᠤ ᠳᠤᠤᠭᠠᠷᠤᠭᠰᠠᠨ ᠦᠭᠡᠢ᠃ ᠬᠠᠷᠢᠨ ᠲᠡᠭᠦᠨ ᠦ᠌ ᠨᠢᠭᠤᠷ ᠥᠭᠡᠳᠡ ᠵᠥᠭᠡᠯᠡᠨ ᠨᠢᠳᠦ ᠪᠡᠷ ᠬᠠᠷᠠᠵᠤ᠂ ᠲᠦᠮᠡᠨ ᠳᠠᠭᠠᠪᠤᠷᠢ ᠨᠢᠭᠤᠭᠳᠠᠭᠰᠠᠨ ᠤᠷᠤᠭᠤᠯ ᠨᠢ ᠦᠯᠦ ᠮᠡᠳᠡᠭ ᠬᠥᠳᠡᠯᠪᠡ᠃
᠊᠊᠊᠊᠊᠊᠊᠊᠊᠊᠊᠊᠊᠊᠊ ᠡᠵᠢ ᠮᠢᠨᠢ᠂ ᠨᠠᠮᠠᠢ ᠴᠢᠮ᠎ᠠ ᠲᠠᠢ ᠯᠠ ᠰᠠᠭᠤ ᠭᠡᠳᠡᠭ ᠶᠤᠮ᠃ ᠲᠡᠭᠡᠭᠡᠳ ᠨᠠᠮᠠᠢ ᠯᠠ ᠰᠠᠭᠤᠬᠤ ᠦᠭᠡᠢ ᠭᠡᠳ ᠪᠠᠢᠭ᠎ᠠ ᠶᠤᠮ ᠰᠢᠭ᠋᠂ ᠤᠳᠠᠬᠤ ᠦᠭᠡᠢ ᠮᠠᠭᠤ ᠡᠵᠢ ᠨᠢ ᠥᠩᠭᠡᠷᠡᠭᠡᠳ ᠥᠭᠭᠦᠨ᠎ᠡ᠃ ᠬᠦᠦ ᠮᠢᠨᠢ ᠬᠠᠨᠢ ᠢᠵᠢᠯᠢ ᠲᠡᠢ ᠪᠣᠯ᠃ ᠲᠤᠯᠭᠠᠷ ᠪᠣᠯ ᠰᠠᠢᠨ ᠴᠦ᠍ ᠬᠥᠮᠦᠨ᠂ ᠰᠠᠢᠬᠠᠨ ᠴᠤ᠌ ᠬᠥᠮᠦᠨ ᠭᠡᠳᠡᠭ ᠶᠤᠮ ᠭᠡᠳ ᠰᠠᠨᠠᠭ᠎ᠠ ᠠᠯᠲᠠᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠡᠵᠢ ᠴᠢᠨᠢ ᠴᠢᠮ᠎ᠠ ᠳ᠋ᠤ᠌ ᠤᠬᠠᠭᠠᠨ ᠦᠭᠡᠢ ᠪᠠᠢᠬ᠎ᠠ ᠠ᠋᠃
᠊᠊᠊᠊᠊᠊᠊᠊᠊᠊᠊᠊᠊᠊᠊ ᠮᠢᠨᠦ ᠲᠥᠯᠥᠭᠡ ᠦᠬᠦ ᠭᠡᠪᠡᠯ ᠳᠤᠷᠠᠲᠠᠢ ᠦᠬᠦᠬᠦ ᠠᠮᠢᠲᠠᠨ᠃ ᠰᠠᠶᠢᠬᠠᠨ ᠴᠢᠮ᠎ᠠ ᠳ᠋ᠤ᠌ ᠤᠳᠠᠭᠠᠨ ᠶᠠᠷᠢᠭᠰᠠᠨ ᠪᠢᠵᠡ ᠳᠡ᠃
᠊᠊᠊᠊᠊᠊᠊᠊᠊᠊᠊᠊᠊᠊᠊ ᠲᠡᠢᠮᠦ ᠠ᠋ ᠁ ᠤᠳᠠᠭᠠᠨ ᠶᠠᠷᠢᠭᠰᠠᠨ᠃ ᠪᠢ ᠴᠢᠮᠠᠶ᠋ᠢ ᠮᠠᠭᠤ ᠦᠭᠡᠢ ᠬᠥᠮᠦᠨ ᠭᠡᠵᠦ ᠪᠣᠳᠣᠳᠠᠭ ᠶᠤᠮ ᠰᠢᠦ᠃ ᠭᠠᠭᠴᠠᠬᠦ ᠁
᠊᠊᠊᠊᠊᠊᠊᠊᠊᠊᠊᠊᠊᠊᠊ ᠪᠢ ᠣᠢᠯᠠᠭᠠᠳᠠᠭ᠃ ᠲᠡᠭᠡᠭᠡᠳ ᠴᠦ᠍ ᠢᠲᠡᠭᠡᠵᠦ ᠬᠦᠯᠢᠶᠡᠳᠡᠭ᠃ ᠢᠩᠭᠢᠵᠦ ᠶᠠᠷᠢᠭᠰᠠᠭᠠᠷ ᠶᠠᠪᠤᠲᠠᠯ᠎ᠠ ᠮᠣᠳᠣᠨ ᠤ᠋ ᠵᠠᠬ᠎ᠠ ᠳ᠋ᠤ᠌ ᠢᠷᠡᠯ᠎ᠡ᠃ ᠲᠡᠷᠭᠡ ᠪᠡᠨ ᠪᠠᠭᠤᠯᠭᠠᠵᠤ ᠬᠠᠢᠨᠤᠭ᠂ ᠮᠣᠷᠢ ᠪᠠᠨ ᠤᠶᠠᠭᠠᠳ ᠰᠦᠬᠡ ᠠᠪᠴᠤ ᠮᠣᠳᠣ ᠤᠷᠤᠭᠤ ᠬᠡᠳᠦ ᠠᠯᠬᠤᠲᠠᠯ᠎ᠠ ᠲᠤᠯᠭᠠᠷ ᠤ᠋ᠨ ᠡᠮᠦᠨ᠎ᠡ ᠰᠠᠶᠢᠬᠠᠨ ᠭᠠᠷᠤᠭᠰᠠᠨ ᠬᠣᠮᠪᠣᠩ ᠰᠢᠷ᠎ᠠ ᠢᠷᠭᠤᠢ ᠬᠠᠷᠠᠭᠳᠠᠪᠠ᠃ ᠲᠤᠯᠭᠠᠷ ᠰᠥᠬᠥᠷᠡᠨ ᠰᠠᠭᠤᠵᠤ ᠲᠡᠭᠦᠨ ᠢ᠋ ᠲᠠᠰᠤᠯᠤᠯ ᠦᠭᠡᠢ ᠬᠣᠶᠠᠷ ᠭᠠᠷ ᠢ᠋ᠶ᠋ᠠᠷ ᠢ᠋ᠶ᠋ᠠᠨ ᠲᠣᠰᠣᠨ ᠪᠠᠷᠢᠵᠤ ᠡᠩᠬᠦᠷᠡᠢᠯᠡᠪᠡ᠃
᠊᠊᠊᠊᠊᠊᠊᠊᠊᠊᠊᠊᠊᠊᠊ ᠶᠠᠮᠠᠷ ᠰᠠᠢᠬᠠᠨ ᠴᠡᠴᠡᠭ ᠪᠣᠢ?
᠊᠊᠊᠊᠊᠊᠊᠊᠊᠊᠊᠊᠊᠊᠊ ᠲᠡᠢᠮᠦ᠃ ᠰᠠᠢᠬᠠᠨ ᠴᠡᠴᠡᠭ ᠪᠠᠢᠨ᠎ᠠ ᠭᠡᠳ ᠰᠣᠳᠨᠠᠮ ᠬᠠᠵᠠᠭᠤ ᠳ᠋ᠤᠨᠢ ᠥᠷᠥᠭᠡᠰᠦᠨ ᠡᠪᠦᠳᠦᠭ ᠢ᠋ᠶ᠋ᠡᠨ ᠨᠤᠭᠤᠯᠤᠨ ᠰᠠᠭᠤᠬᠤ ᠳ᠋ᠠᠭᠠᠨ ᠪᠠᠷᠠᠭᠤᠨ ᠭᠠᠷ ᠢ᠋ᠶ᠋ᠠᠷ ᠲᠤᠯᠭᠠᠷ ᠤ᠋ᠨ ᠬᠣᠶᠠᠷ ᠳᠠᠯᠤ ᠶ᠋ᠢ ᠬᠥᠨᠳᠡᠯᠢᠳᠦᠭᠦᠯᠦᠨ ᠲᠠᠯᠪᠢᠯ᠎ᠠ᠃
᠊᠊᠊᠊᠊᠊᠊᠊᠊᠊᠊᠊᠊᠊᠊ ᠴᠢ ᠬᠠᠷᠠᠭᠠᠴᠢ᠃ ᠡᠨᠡ ᠴᠡᠴᠡᠭ ᠲᠦ᠍ ᠶᠠᠮᠠᠷᠴᠤ ᠭᠬᠢᠷ ᠠᠯᠠᠭ᠎ᠠ ᠭᠡᠳ ᠰᠣᠳᠨᠠᠮ ᠤ᠋ᠨ ᠥᠭᠡᠳᠡ ᠡᠴᠡ ᠬᠠᠷᠠᠬᠤ ᠳ᠋ᠤ᠌ ᠨᠢᠳᠦᠨ ᠳ᠋ᠦ᠍ᠨᠢ ᠪᠠᠶᠠᠷ ᠲᠣᠳᠣᠷᠠᠯ᠎ᠠ᠃ ᠰᠣᠳᠨᠠᠮ ᠪᠠᠷᠠᠭᠤᠨ ᠭᠠᠷ ᠤ᠋ᠨ ᠬᠤᠷᠤᠭᠤ ᠨᠤᠭᠤᠳ ᠢ᠋ᠶ᠋ᠠᠨ ᠨᠤᠭᠤᠯᠵᠤ ᠮᠥᠷᠥ ᠡᠴᠡ ᠨᠢ ᠪᠠᠷᠢᠭᠠᠳ ᠵᠥᠭᠡᠯᠡᠬᠡᠨ ᠲᠠᠲᠠᠬᠤ ᠳ᠋ᠤ᠌ ᠲᠤᠯᠭᠠᠷ ᠤ᠋ᠨ ᠲᠣᠯᠣᠭᠠᠢ ᠬᠠᠴᠠᠷ ᠲᠤᠨᠢ ᠨᠠᠭᠠᠯᠳᠤᠪᠠ᠃
ᠲᠤᠯᠭᠠᠷ ᠤᠷᠲᠤ ᠭᠡᠭᠴᠢ ᠨᠢ ᠰᠠᠨᠠᠭ᠎ᠠ ᠠᠯᠲᠠᠨ ᠢᠨᠢᠶᠡᠮᠰᠦᠭᠯᠡᠵᠦ ᠪᠠᠢᠭᠰᠠᠨ ᠢ᠋ᠶ᠋ᠠᠨ ᠡᠬᠢᠯᠡᠭᠡᠳ ᠨᠢᠳᠦᠨ ᠳ᠋ᠦ᠍ᠨᠢ ᠠᠯᠭᠤᠷ ᠢ᠋ᠶ᠋ᠠᠷ ᠭᠤᠨᠢᠭ ᠲᠣᠳᠣᠷᠠᠭᠰᠠᠨ ᠢ᠋ᠶ᠋ᠠᠨ ᠪᠦᠬᠦ ᠨᠢᠭᠤᠷ ᠢ᠋ ᠨᠢ ᠡᠵᠡᠯᠡᠨ ᠰᠣᠴᠢᠭᠰᠠᠨ ᠮᠡᠲᠦ ᠭᠡᠨᠡᠳᠲᠡ ᠬᠥᠳᠡᠯᠵᠦ ᠵᠠᠢᠯᠠᠭᠠᠳ ᠬᠡᠦᠬᠡᠳ ᠰᠢᠭ ᠶᠠᠩᠭᠢᠨᠠᠲᠠᠯ᠎ᠠ ᠤᠬᠢᠯᠠᠪᠠ᠃
ᠰᠣᠳᠨᠠᠮ ᠬᠠᠭᠤᠴᠢᠨ ᠬᠡᠪ ᠢ᠋ᠶ᠋ᠡᠷ ᠢ᠋ᠶ᠋ᠡᠨ ᠬᠡᠰᠡᠭ ᠰᠠᠭᠤᠭᠰᠠᠨ ᠢ᠋ᠶ᠋ᠠᠨ ᠠᠯᠭᠤᠷ ᠪᠣᠰᠴᠤ ᠲᠤᠯᠭᠠᠷ ᠤ᠋ᠨ ᠠᠷᠤ ᠳ᠋ᠤ᠌ ᠣᠴᠢᠭᠠᠳ 《ᠪᠢᠲᠡᠭᠡᠢ ᠤᠬᠢᠯᠠ》 ᠭᠡᠳ ᠮᠥᠷᠦᠨ ᠳ᠋ᠦ᠍ᠨᠢ ᠭᠠᠷ ᠢ᠋ᠶ᠋ᠠᠨ ᠵᠥᠭᠡᠯᠡᠨ ᠬᠦᠷᠭᠡᠪᠡ᠃
ᠲᠤᠯᠭᠠᠷ ᠲᠣᠯᠣᠭᠠᠢ ᠪᠠᠨ ᠰᠡᠭᠰᠦᠷᠦᠨ 《ᠨᠠᠮᠠᠢ ᠲᠠᠯᠪᠢᠭᠠᠴᠢ》 ᠭᠡᠵᠦ ᠨᠠᠮ ᠪᠥᠭᠡᠳ ᠲᠠᠰᠤᠯᠳᠠᠭᠰᠠᠨ ᠳᠠᠭᠤ ᠪᠠᠷ ᠬᠡᠯᠡᠬᠦ ᠳ᠋ᠦ᠍ ᠪᠦᠬᠦ ᠪᠡᠶ᠎ᠡ ᠨᠢ ᠴᠡᠴᠡᠷᠡᠵᠦ ᠪᠠᠢᠯ᠎ᠠ᠃ ᠰᠣᠳᠨᠠᠮ ᠭᠠᠷ ᠢ᠋ᠶ᠋ᠠᠨ ᠠᠯᠭᠤᠷ ᠲᠠᠲᠠᠬᠤ ᠳ᠋ᠤ᠌ ᠬᠣᠶᠠᠷ ᠭᠠᠷ ᠨᠢ ᠶᠠᠮᠠᠷ ᠴᠤ᠌ ᠰᠢᠷᠪᠥᠰᠥ ᠦᠭᠡᠢ ᠶᠠᠭᠤᠮ᠎ᠠ ᠰᠢᠭ᠋ ᠰᠤᠯᠠ ᠰᠤᠨᠵᠤ᠂ ᠮᠥᠷᠥ ᠨᠢ ᠮᠤᠯᠲᠤᠷᠠᠭᠰᠠᠨ ᠮᠡᠲᠦ ᠤᠨᠵᠢᠪᠠ᠃ ᠲᠤᠯᠭᠠᠷ ᠭᠠᠵᠠᠷ ᠱᠠᠭᠠᠢᠨ ᠴᠢᠨᠠᠭᠰᠢ ᠶᠠᠪᠤᠵᠠᠢ᠃
ᠬᠣᠢᠨ᠎ᠠ ᠡᠴᠡ ᠨᠢ ᠰᠣᠳᠨᠠᠮ ᠶᠠᠪᠤᠬᠤ ᠭᠡᠰᠡᠨ ᠢ᠋ᠶ᠋ᠡᠨ ᠪᠣᠯᠢᠵᠤ ᠡᠷᠭᠢᠨ ᠢᠷᠭᠤᠢ ᠶ᠋ᠢᠨ ᠳᠡᠷᠭᠡᠳᠡ ᠣᠷᠬᠢᠭᠰᠠᠨ ᠰᠦᠬᠡ ᠶ᠋ᠢ ᠠᠪᠤᠭᠠᠳ ᠲᠦᠷᠭᠡᠨ ᠠᠯᠬᠤᠵᠤ ᠭᠦᠢᠴᠡᠨ ᠣᠴᠢᠬᠤ ᠳ᠋ᠤ᠌ 《ᠪᠤᠰᠢᠭᠤᠬᠠᠨ ᠬᠡᠳᠦᠨ ᠭᠡᠰᠢᠭᠦᠦ ᠠᠪᠤᠭᠠᠳ ᠪᠤᠴᠠᠶ᠎ᠠ》 ᠭᠡᠵᠦ ᠲᠤᠯᠭᠠᠷ ᠰᠤᠯᠠ ᠪᠥᠭᠡᠳ ᠵᠢᠪᠡᠬᠡᠢ ᠳᠠᠭᠤ ᠪᠠᠷ ᠬᠡᠯᠡᠵᠡᠢ᠃
ᠲᠡᠷᠡ ᠬᠣᠶᠠᠷ ᠤᠳᠠᠭᠰᠠᠨ ᠦᠭᠡᠢ ᠲᠡᠷᠭᠡ ᠳᠦᠭᠦᠷᠡᠩ ᠬᠠᠭᠤᠷᠠᠢ ᠭᠡᠰᠢᠭᠦᠦ ᠠᠴᠢᠵᠤ ᠲᠡᠷᠭᠡ ᠪᠡᠨ ᠬᠥᠯᠥᠨ ᠶᠠᠪᠤᠬᠤ ᠳ᠋ᠤ᠌ ᠦᠳᠡ ᠬᠡᠯᠪᠡᠢᠵᠦ ᠪᠠᠢᠭ᠎ᠠ ᠨᠠᠷᠠ ᠠᠷᠤ ᠡᠴᠡ ᠨᠢ ᠪᠦᠯᠢᠶᠡᠨ ᠢᠯᠴᠢ ᠪᠡᠷ ᠵᠢᠩᠨᠡᠵᠦ ᠦᠯᠦ ᠮᠡᠳᠡᠭ ᠵᠥᠭᠡᠯᠡᠨ ᠰᠠᠯᠬᠢ ᠡᠮᠦᠨ᠎ᠡ ᠡᠴᠡ ᠨᠢ ᠦᠯᠢᠶᠡᠨ᠎ᠡ᠃
᠊᠊᠊᠊᠊᠊᠊᠊᠊᠊᠊᠊᠊᠊᠊ ᠴᠢ ᠴᠦ᠍ ᠬᠠᠲᠠᠭᠤ ᠰᠡᠳᠬᠢᠯ ᠲᠡᠢ ᠬᠥᠮᠦᠨ ᠶᠤᠮ ᠳᠡ ᠭᠡᠵᠦ ᠰᠣᠳᠨᠠᠮ ᠭᠣᠮᠣᠳᠠᠯ ᠲᠠᠢ ᠬᠡᠯᠡᠭᠡᠳ ᠲᠤᠯᠭᠠᠷ ᠢ᠋ ᠠᠷᠭ᠎ᠠ ᠨᠢ ᠪᠠᠷᠠᠭᠳᠠᠵᠤ᠂ ᠭᠠᠢᠬᠠᠭᠰᠠᠨ ᠨᠢᠳᠦ ᠪᠡᠷ ᠬᠠᠷᠠᠯ᠎ᠠ᠃
᠊᠊᠊᠊᠊᠊᠊᠊᠊᠊᠊᠊᠊᠊᠊ ᠶᠠᠭᠤᠨ ᠤ᠋ ᠬᠠᠲᠠᠭᠤ ᠰᠡᠳᠬᠢᠯ ᠪᠠᠢᠬᠤ ᠪᠣᠢ ᠳᠠ᠃
ᠲᠡᠷᠡ ᠬᠣᠶᠠᠷ ᠥᠭᠡᠷ᠎ᠡ ᠶᠠᠭᠤᠮ᠎ᠠ ᠶᠠᠷᠢᠭᠰᠠᠨ ᠦᠭᠡᠢ᠃ ᠭᠡᠪᠡᠴᠦ ᠳᠠᠭᠤ ᠦᠭᠡᠢ ᠶᠠᠪᠤᠬᠤ ᠳ᠋ᠤ᠌ ᠰᠡᠳᠬᠢᠯ ᠬᠠᠮᠤᠭ ᠤ᠋ᠨ ᠴᠢᠩᠭ᠎ᠠ ᠬᠠᠰᠬᠢᠷᠴᠤ ᠪᠠᠢᠳᠠᠭ ᠦᠶ᠎ᠡ ᠠᠮᠢᠳᠤᠷᠠᠯ ᠳ᠋ᠤ᠌ ᠲᠣᠬᠢᠶᠠᠯᠳᠤᠳᠠᠭ ᠪᠥᠭᠡᠳ ᠡᠨᠡ ᠬᠣᠶᠠᠷ ᠤ᠋ᠨ ᠬᠤᠪᠢ ᠳ᠋ᠤ᠌ ᠶᠠᠭ ᠲᠡᠢᠮᠦ ᠦᠶ᠎ᠡ ᠪᠠᠢᠯ᠎ᠠ᠃
ᠲᠤᠯᠭᠠᠷ ᠰᠢ᠌ᠤᠠᠪᠣᠷᠢᠳᠠᠢ ᠦᠭᠡ ᠬᠡᠯᠡᠬᠦ ᠦᠭᠡᠢ ᠤᠳᠠᠬᠤ ᠳᠣᠳᠣᠮ ᠡᠨᠡ ᠬᠥᠮᠦᠨ ᠦ᠌ ᠲᠤᠯᠭᠠᠷ ᠢ᠋ ᠬᠦᠰᠡᠬᠦ ᠰᠡᠳᠬᠢᠯ ᠶᠡᠬᠡ ᠪᠣᠯᠬᠤ ᠠᠵᠢ᠃ ᠡᠭᠦᠨ ᠦ᠌ ᠬᠠᠵᠠᠭᠤ ᠪᠠᠷ 《ᠢᠩᠭᠢᠵᠦ ᠪᠠᠢᠲᠠᠯ᠎ᠠ ᠨᠢᠭᠡ ᠡᠳᠦᠷ ᠡᠷᠳᠡᠨᠢ ᠬᠦᠷᠦᠭᠡᠳ ᠢᠷᠡᠪᠡᠯ ᠪᠢ ᠡᠯᠢᠭᠡ ᠪᠡᠷ ᠢ᠋ᠶ᠋ᠡᠨ ᠭᠠᠵᠠᠷ ᠲᠡᠪᠡᠷᠢᠭᠡᠳ ᠬᠣᠴᠣᠷᠤᠨ᠎ᠠ ᠰᠢᠦ ᠳᠡ》 ᠭᠡᠳᠡᠭ ᠰᠦᠷᠡᠬᠡᠢ ᠶᠠᠭᠤᠮ᠎ᠠ ᠪᠣᠳᠣᠭᠳᠠᠵᠤ ᠲᠤᠯᠭᠠᠷ ᠲᠤ᠌ ᠥᠭᠭᠦᠭᠰᠡᠨ ᠰᠡᠳᠬᠢᠯ ᠢ᠋ᠶ᠋ᠡᠨ ᠬᠤᠷᠴᠠ ᠰᠦᠬᠡ ᠪᠡᠷ ᠨᠢᠭᠡᠮᠦᠰᠦᠨ ᠲᠠᠰᠤᠯᠤᠮᠠᠷ ᠰᠠᠨᠠᠭᠳᠠᠨ᠎ᠠ᠃ 《ᠪᠢ ᠵᠠᠯᠠᠭᠤ ᠬᠥᠮᠦᠨ ᠪᠢᠰᠢ᠃ ᠡᠨᠡ ᠬᠡᠦᠬᠡᠨ ᠢ᠋ ᠭᠣᠷᠢᠳᠠᠵᠤ ᠠᠮᠢᠳᠤᠷᠠᠯ ᠢ᠋ᠶ᠋ᠠᠨ ᠦᠷᠡᠬᠦ ᠪᠡᠨ ᠪᠣᠯᠢᠶ᠎ᠠ》 ᠭᠡᠵᠦ ᠰᠢᠳᠬᠦ ᠭᠡᠲᠡᠯ᠎ᠡ 《ᠬᠠᠷᠢᠨ ᠡᠷᠳᠡᠨᠢ ᠢᠷᠡᠪᠡᠯ ᠵᠦᠭᠡᠷ ᠶᠤᠮ ᠪᠢᠰᠢᠦ᠃ ᠡᠷᠳᠡᠨᠢ ᠲᠤᠯᠭᠠᠷ ᠬᠣᠶᠠᠷ ᠪᠡᠶ᠎ᠡ ᠪᠡᠶ᠎ᠡ ᠪᠡᠨ ᠭᠣᠮᠣᠳᠠᠭᠠᠭᠰᠠᠨ ᠪᠣᠯᠬᠣᠷ ᠠᠭᠤᠯᠵᠠᠬᠤ ᠳ᠋ᠤᠨᠢ ᠣᠯᠠᠨ ᠵᠢᠯ ᠦ᠋ᠨ ᠲᠤᠷᠰᠢ ᠪᠤᠭᠯᠠᠭᠰᠠᠨ ᠭᠣᠮᠣᠳᠠᠯ ᠨᠢ ᠳᠡᠯᠪᠡᠷᠡᠨ ᠭᠠᠷᠤᠨ᠎ᠠ》 ᠭᠡᠵᠦ ᠶᠠᠮᠠᠷ ᠨᠢᠭᠡᠨ ᠳᠠᠭᠤ ᠬᠡᠯᠡᠵᠦ ᠭᠣᠷᠢᠳᠠᠯᠭ᠎ᠠ ᠲᠥᠷᠥᠭᠦᠯᠦᠨ᠎ᠡ᠃ ᠴᠣᠬᠣᠮ ᠡᠨᠡ ᠤᠴᠢᠷ ᠡᠴᠡ ᠰᠣᠳᠨᠠᠮ ᠡᠷᠳᠡᠨᠢ ᠶ᠋ᠢᠨ ᠰᠤᠷᠠᠭ ᠢ᠋ ᠵᠣᠭᠰᠣᠭ᠎ᠠ ᠵᠢᠯᠣᠭᠣ ᠦᠭᠡᠢ ᠲᠠᠯᠪᠢᠵᠤ ᠳᠡᠭᠡᠭᠦᠷ ᠨᠢ ᠨᠢᠰᠦᠭᠰᠡᠨ ᠰᠢᠪᠠᠭᠤᠨ ᠡᠴᠡ ᠴᠦ᠍ ᠡᠷᠳᠡᠨᠢ ᠶ᠋ᠢᠨ ᠲᠤᠬᠠᠢ ᠠᠰᠠᠭᠤᠬᠤ ᠰᠢᠬᠠᠵᠤ ᠪᠠᠢᠯ᠎ᠠ᠃
ᠵᠠᠶ᠎ᠠ ᠶ᠋ᠢᠨ ᠬᠦᠷᠢᠶᠡᠨ ᠦ᠌ ᠮᠡᠷᠭᠡᠯᠡᠳᠡᠭ᠂ ᠲᠦᠷᠭᠡᠯᠡᠳᠡᠭ ᠯᠠᠮᠠ ᠨᠠᠷ᠂ ᠳᠠᠯᠤ ᠲᠦᠯᠡᠳᠡᠭ᠂ ᠵᠣᠭᠣᠰ ᠭᠦᠶᠦᠯᠭᠡᠳᠡᠭ ᠬᠥᠮᠦᠰ ᠡᠴᠡ ᠲᠤᠯᠭᠠᠷ ᠤ᠋ᠨ ᠲᠠᠯ᠎ᠠ᠂ ᠡᠷᠳᠡᠨᠢ ᠶ᠋ᠢᠨ ᠡᠷᠭᠢᠵᠦ ᠢᠷᠡᠬᠦ ᠲᠤᠬᠠᠢ ᠠᠰᠠᠭᠤᠭᠰᠠᠭᠠᠷ ᠪᠠᠢᠭᠠᠳ ᠠᠯᠢ ᠴᠤ᠌ ᠤᠴᠢᠷ ᠢ᠋ᠶ᠋ᠠᠨ ᠣᠯᠬᠤ ᠦᠭᠡᠢ ᠪᠣᠯᠵᠠᠢ᠃ ᠵᠠᠷᠢᠮ ᠨᠢ ᠲᠤᠯᠭᠠᠷ ᠢ᠋ ᠵᠠᠶᠠᠭᠠᠨ ᠤ᠋ ᠬᠠᠨᠢ ᠭᠡᠨ᠎ᠡ᠂ ᠵᠠᠷᠢᠮ ᠨᠢ ᠬᠠᠨᠢ ᠪᠣᠯᠬᠤ ᠥᠬᠡᠢ ᠭᠡᠨ᠎ᠡ᠃ ᠵᠠᠷᠢᠮ ᠨᠢ ᠤᠴᠢᠷ ᠦᠵᠦᠭᠦᠷ ᠨᠢ ᠣᠯᠳᠠᠬᠤ ᠦᠭᠡᠢ ᠶᠠᠭᠤᠮ᠎ᠠ ᠬᠡᠯᠡᠨ᠎ᠡ᠃ ᠵᠠᠷᠢᠮ ᠨᠢ ᠡᠷᠳᠡᠨᠢ ᠶ᠋ᠢ ᠠᠮᠢᠳᠤ ᠭᠡᠨ᠎ᠡ᠃ ᠵᠠᠷᠢᠮ ᠨᠢ ᠦᠬᠦᠭᠰᠡᠨ᠂ ᠢᠷᠡᠬᠦ ᠵᠠᠮ ᠦᠭᠡᠢ ᠪᠣᠯᠵᠠᠢ ᠭᠡᠨ᠎ᠡ᠃ ᠵᠠᠷᠢᠮ ᠨᠢ ᠢᠷᠡᠬᠦ᠂ ᠢᠷᠡᠬᠦ ᠦᠭᠡᠢ ᠶ᠋ᠢᠨ ᠬᠣᠭᠣᠷᠣᠨᠳᠣ ᠦᠭᠡ ᠬᠡᠯᠡᠨ᠎ᠡ᠃
ᠡᠷᠳᠡᠨᠢ ᠶ᠋ᠢ ᠶᠠᠪᠤᠵᠤ ᠡᠷᠢᠵᠦ ᠠᠭᠤᠯᠵᠠᠮᠠᠷ ᠰᠠᠨᠠᠭᠳᠠᠨ᠎ᠠ᠃ ᠭᠡᠪᠡᠴᠦ ᠪᠦᠳᠡᠭᠢ ᠪᠡᠲᠡᠭᠢ ᠴᠦ᠍ ᠰᠤᠷᠠᠭ ᠴᠤ᠌ ᠰᠣᠨᠣᠰᠤᠭ᠎ᠠ ᠦᠭᠡᠢ ᠪᠠᠢᠵᠤ ᠬᠠᠮᠢᠭᠠᠰᠢ ᠪᠠᠨ ᠶᠠᠪᠤᠬᠤ ᠪᠢᠯᠡ᠃ ᠨᠢᠭᠡ ᠤᠳᠠᠭ᠎ᠠ ᠠᠷᠭ᠎ᠠ ᠨᠢ ᠪᠠᠷᠠᠭᠳᠠᠬᠤ ᠳ᠋ᠠᠭᠠᠨ 《ᠴᠢᠮᠠᠶ᠋ᠢ ᠬᠠᠷᠠᠵᠤ ᠭᠣᠷᠢᠳᠠᠭᠠᠳ ᠴᠤ᠌ ᠲᠤᠰᠠ ᠦᠭᠡᠢ ᠰᠢᠪ ᠳᠡ》 ᠭᠡᠵᠦ ᠬᠡᠯᠡᠬᠦ ᠳ᠋ᠦ᠍ᠨᠢ 《ᠲᠡᠢᠮᠦ ᠴᠦ᠍ ᠪᠠᠢᠬ᠎ᠠ ᠳᠠ》 ᠭᠡᠵᠦ ᠲᠤᠯᠭᠠᠷ ᠥᠪᠡᠷ ᠦ᠋ᠨ ᠪᠤᠰᠤ ᠳᠠᠭᠤ ᠪᠠᠷ ᠬᠡᠯᠡᠵᠡᠢ᠃
《ᠲᠡᠢᠮᠦ ᠴᠦ᠍ ᠪᠠᠢᠭ᠎ᠠ ᠳᠠ》 ᠭᠡᠰᠡᠨ ᠦᠭᠡ ᠰᠣᠳᠨᠠᠮ ᠤ᠋ᠨ ᠵᠢᠷᠦᠬᠡ ᠶ᠋ᠢ ᠪᠠᠵᠠᠭᠰᠠᠨ ᠪᠣᠯᠪᠠᠴᠤ ᠡᠨᠡ ᠦᠭᠡ ᠶ᠋ᠢ ᠬᠡᠯᠡᠭᠰᠡᠨ ᠲᠤᠯᠭᠠᠷ ᠤ᠋ᠨ ᠳᠠᠭᠤ ᠰᠡᠳᠬᠢᠯ ᠳ᠋ᠦ᠍ᠨᠢ ᠶᠠᠮᠠᠷ ᠨᠢᠭᠡᠨ ᠨᠠᠢᠳᠠᠪᠤᠷᠢ ᠲᠥᠷᠥᠭᠦᠯᠵᠡᠢ᠃
ᠲᠤᠯᠭᠠᠷ ᠪᠣᠯ ᠰᠣᠳᠨᠠᠮ ᠵᠦᠭᠡᠷ ᠬᠥᠮᠦᠨ᠂ ᠥᠪᠡᠷ ᠲᠤᠨᠢ ᠰᠡᠳᠬᠢᠯ ᠲᠡᠢ ᠬᠥᠮᠦᠨ ᠭᠡᠳᠡᠭ ᠢ᠋ ᠰᠠᠢᠨ ᠣᠢᠯᠠᠭᠠᠵᠤ ᠪᠠᠢᠭᠰᠠᠨ ᠪᠠ ᠥᠪᠡᠷ ᠢ᠋ᠶ᠋ᠡᠨ ᠴᠦ᠍ ᠡᠨᠡ ᠬᠥᠮᠦᠨ ᠳ᠋ᠦ᠍ ᠰᠡᠳᠬᠢᠯ ᠦᠭᠡᠢ ᠪᠢᠰᠢ ᠪᠠᠢᠯ᠎ᠠ᠃ ᠭᠠᠭᠴᠠᠬᠦ 《ᠪᠢ ᠪᠣᠯ ᠡᠷᠳᠡᠨᠢ ᠶ᠋ᠢᠨ ᠶᠣᠰᠣᠯᠠᠵᠤ ᠠᠪᠤᠭᠰᠠᠨ ᠭᠡᠷᠭᠡᠢ᠃ ᠪᠢᠳᠡ ᠬᠣᠶᠠᠷ ᠡᠴᠡ ᠭᠠᠷᠤᠭᠰᠠᠨ ᠬᠦᠦ ᠴᠦ᠍ ᠪᠣᠢ》 ᠭᠡᠳᠡᠭ ᠪᠣᠳᠣᠯ ᠰᠡᠳᠬᠢᠯ ᠢ᠋ ᠨᠢ ᠪᠠᠷᠢᠵᠤ᠂ ᠰᠣᠳᠨᠠᠮ ᠤ᠋ᠨ ᠰᠢᠷᠭᠠᠭᠤ ᠭᠤᠶᠤᠯᠲᠠ ᠡᠴᠡ ᠬᠠᠮᠠᠭᠠᠯᠠᠨ᠎ᠠ᠃
ᠭᠤᠴᠢ ᠭᠠᠷᠤᠭᠰᠠᠨ ᠲᠤᠯᠭᠠᠷ᠂ ᠡᠷᠳᠡᠨᠢ ᠢᠷᠡᠬᠦ ᠦᠭᠡᠢ ᠪᠤᠶᠤ ᠡᠬᠡᠨᠡᠷ ᠠᠪᠤᠭᠰᠠᠨ ᠪᠠᠢᠭᠠᠳ ᠡᠨᠡ ᠬᠥᠮᠦᠨ ᠢ᠋ ᠠᠯᠳᠠᠪᠠᠯ ᠬᠣᠷᠸ᠎ᠠ ᠶ᠋ᠢ ᠭᠠᠭᠴᠠ ᠪᠡᠶ᠎ᠡ ᠪᠡᠷ ᠢ᠋ᠶ᠋ᠡᠨ ᠲᠤᠭᠤᠯᠬᠤ ᠳᠠᠷᠳᠠᠩ ᠵᠠᠮ ᠡᠮᠦᠨ᠎ᠡ ᠨᠢ ᠨᠡᠭᠡᠭᠡᠭᠳᠡᠨ᠎ᠡ ᠭᠡᠳᠡᠭ ᠢ᠋ ᠰᠠᠢᠨ ᠣᠢᠯᠠᠭᠠᠵᠤ ᠪᠠᠢᠨ᠎ᠠ᠃
ᠡᠷᠳᠡᠨᠢ ᠬᠦᠷᠦᠭᠡᠳ ᠢᠷᠡᠪᠡᠯ ᠶᠠᠭᠠᠬᠢᠬᠤ ᠪᠣᠢ ᠭᠡᠳᠡᠭ ᠲᠦ᠍ ᠲᠤᠯᠭᠠᠷ ᠰᠢ᠌ᠤᠠᠪᠣᠷᠢᠳᠠᠢ ᠬᠠᠷᠢᠭᠤ ᠥᠭᠴᠦ ᠴᠢᠳᠠᠬᠤ ᠦᠭᠡᠢ ᠪᠠᠢᠯ᠎ᠠ᠃ ᠡᠷᠳᠡᠨᠢ ᠡᠬᠡᠨᠡᠷ ᠠᠪᠤᠭᠰᠠᠨ ᠪᠣᠯ ᠥᠭᠡᠷ᠎ᠡ ᠬᠡᠷᠡᠭ᠃ ᠬᠠᠷᠢᠨ ᠡᠬᠡᠨᠡᠷ ᠦᠭᠡᠢ ᠢᠷᠡᠪᠡᠯ ᠶᠠᠭᠠᠬᠢᠬᠤ ᠪᠣᠢ? ᠪᠢ ᠴᠦ᠍ ᠦᠨᠡᠬᠡᠷ ᠭᠣᠮᠣᠳᠠᠭᠰᠠᠨ᠃ ᠭᠡᠪᠡᠴᠦ ᠡᠷᠳᠡᠨᠢ ᠨᠠᠮᠠᠢ ᠭᠣᠮᠣᠳᠠᠭᠠᠭᠠ ᠦᠭᠡᠢ ᠬᠥᠮᠦᠨ ᠪᠢᠰᠢ᠃ ᠡᠷᠳᠡᠨᠢ ᠡᠬᠡᠨᠡᠷ ᠠᠪᠤᠭ᠎ᠠ ᠦᠭᠡᠢ ᠪᠣᠯ ᠲᠡᠭᠦᠨ ᠲᠡᠢ ᠰᠠᠭᠤᠭᠰᠠᠨ᠂ ᠰᠠᠭᠤᠭ᠎ᠠ ᠦᠭᠡᠢ ᠬᠠᠮᠢᠶ᠎ᠠ ᠦᠭᠡᠢ᠂ ᠬᠣᠷᠸ᠎ᠠ ᠶ᠋ᠢ ᠪᠡᠯᠪᠡᠰᠦᠨ ᠡᠮ᠎ᠡ ᠪᠡᠷ ᠥᠩᠭᠡᠷᠡᠭᠦᠯᠬᠦ ᠳ᠋ᠦ᠍ ᠭᠠᠰᠠᠯᠵᠤ ᠭᠣᠮᠣᠳᠠᠬᠤ ᠶᠠᠭᠤᠮ᠎ᠠ ᠪᠠᠢᠭᠰᠠᠨ ᠦᠭᠡᠢ᠃ ᠬᠠᠷᠢᠨ ᠡᠬᠡᠨᠡᠷ ᠲᠡᠢ ᠪᠣᠯᠤᠭᠰᠠᠨ ᠪᠣᠯ ᠭᠠᠭᠴᠠᠭᠠᠷ ᠬᠣᠬᠢᠷᠠᠬᠤ ᠶᠣᠰᠣ ᠦᠭᠡᠢ ᠮᠡᠲᠦ ᠰᠠᠨᠠᠭᠳᠠᠨ᠎ᠠ᠃
ᠵᠠᠷᠢᠮ ᠳ᠋ᠠᠭᠠᠨ 《ᠴᠢᠩᠭᠢᠭᠡᠳ ᠡᠷᠳᠡᠨᠢ ᠢᠷᠡᠨ᠎ᠡ ᠭᠡᠵᠦ ᠬᠡᠨ ᠨᠠᠳᠠ ᠬᠡᠯᠡᠭᠰᠡᠨ ᠶᠤᠮ ᠪᠣᠢ?》 ᠭᠡᠵᠦ ᠥᠪᠡᠷ ᠡᠴᠡ ᠪᠡᠨ ᠠᠰᠠᠭᠤᠨ᠎ᠠ᠃ ᠬᠡᠨ ᠴᠦ᠍ ᠬᠡᠯᠡᠭᠡ ᠦᠭᠡᠢ᠃ ᠭᠠᠭᠴᠠᠬᠦ ᠰᠡᠳᠬᠢᠯ ᠨᠢ ᠵᠡᠭᠦᠳᠦ ᠨᠢ ᠢᠷᠡᠬᠦ ᠪᠠᠢᠬ᠎ᠠ ᠭᠡᠵᠦ ᠵᠣᠭᠰᠣᠯᠲᠠ ᠦᠭᠡᠢ ᠬᠡᠯᠡᠳᠡᠭ ᠪᠠᠢᠯ᠎ᠠ᠃
ᠡᠷᠳᠡᠨᠢ ᠤᠬᠠᠭᠠᠨ ᠲᠠᠢ ᠰᠠᠢᠨ ᠬᠥᠮᠦᠨ᠃ ᠨᠢᠭᠡ ᠡᠳᠦᠷ ᠲᠠᠯ᠎ᠠ ᠳ᠋ᠤ᠌ ᠣᠷᠬᠢᠭᠰᠠᠨ ᠨᠠᠮᠠᠢ ᠡᠷᠭᠢᠵᠦ ᠵᠠᠪᠠᠯ ᠢᠷᠡᠨ᠎ᠡ ᠪᠠᠢᠬ᠎ᠠ ᠭᠡᠵᠦ ᠭᠣᠷᠢᠳᠠᠬᠤ ᠰᠡᠳᠬᠢᠯ ᠲᠤᠯᠭᠠᠷ ᠢ᠋ ᠲᠡᠵᠢᠭᠡᠵᠦ ᠪᠠᠢᠯ᠎ᠠ᠃
᠊᠊᠊᠊᠊᠊᠊᠊᠊᠊᠊᠊᠊᠊᠊ ᠡᠷᠳᠡᠨᠢ ᠲᠡᠢ ᠠᠭᠤᠯᠵᠠᠭ᠎ᠠ ᠦᠭᠡᠢ ᠴᠠᠭ ᠲᠤ᠌ ᠪᠢ ᠲᠡᠭᠦᠨ ᠦ᠌ ᠡᠬᠡᠨᠡᠷ᠂ ᠲᠡᠷᠡ ᠪᠣᠯ ᠮᠢᠨᠦ ᠬᠠᠷ᠎ᠠ ᠦᠰᠦ ᠶ᠋ᠢ ᠬᠠᠭᠠᠯᠤᠭᠰᠠᠨ ᠨᠥᠬᠥᠷ ᠮᠥᠨ᠃ ᠲᠡᠭᠦᠨ ᠲᠡᠢ ᠠᠭᠤᠯᠵᠠᠯ ᠦᠭᠡᠢ ᠬᠥᠮᠦᠨ ᠲᠡᠢ ᠰᠠᠭᠤᠭᠠᠳ᠂ ᠡᠴᠦᠰ ᠲᠦ᠋ᠨᠢ ᠡᠷᠯᠢᠭ ᠦ᠋ᠨ ᠳ᠋ᠦ᠍ ᠣᠴᠢᠬᠤ ᠳ᠋ᠤ᠌ ᠨᠠᠳᠠ ᠬᠡᠯᠡᠬᠦ ᠦᠭᠡ ᠪᠠᠢᠬᠤ ᠦᠭᠡᠢ ᠭᠡᠵᠦ ᠬᠡᠰᠡᠭ ᠳᠠᠭᠤ ᠦᠭᠡᠢ ᠶᠠᠪᠤᠭᠰᠠᠨ ᠤ᠋ ᠳᠠᠷᠠᠭ᠎ᠠ ᠬᠡᠯᠡᠪᠡ᠃
᠊᠊᠊᠊᠊᠊᠊᠊᠊᠊᠊᠊᠊᠊᠊ ᠲᠡᠢᠮᠦ ᠴᠦ᠍ ᠠᠲᠤᠭᠠᠢ ᠡᠷᠳᠡᠨᠢ ᠴᠢᠮᠠᠶ᠋ᠢ ᠦᠨᠡᠰᠦᠨ ᠳ᠋ᠦ᠍ ᠬᠠᠶᠠᠭᠰᠠᠨ ᠱᠠᠯᠵᠠ ᠰᠢᠭ᠋ ᠣᠷᠬᠢᠭᠰᠠᠨ ᠰᠢᠦ ᠳᠡ᠃
᠊᠊᠊᠊᠊᠊᠊᠊᠊᠊᠊᠊᠊᠊᠊ ᠪᠢ ᠭᠣᠮᠣᠳᠠᠭᠰᠠᠨ᠃
ᠢᠩᠭᠢᠵᠦ ᠶᠠᠷᠢᠭᠰᠠᠭᠠᠷ ᠶᠠᠪᠤᠲᠠᠯ᠎ᠠ ᠬᠠᠢᠨᠤᠭ ᠲᠡᠷᠭᠡ ᠭᠡᠷ ᠦ᠋ᠨ ᠢ᠋ᠶ᠋ᠡᠨ ᠭᠠᠳᠠᠨ᠎ᠠ ᠢᠷᠡᠵᠦ ᠵᠣᠭᠰᠣᠪᠠ᠃
ᠡᠭᠦᠨ ᠡᠴᠡ ᠬᠡᠳᠦᠨ ᠬᠣᠨᠣᠭ ᠤ᠋ᠨ ᠳᠠᠷᠠᠭ᠎ᠠ ᠲᠤᠯᠭᠠᠷ ᠲᠠᠮᠢᠷ ᠤ᠋ᠨ ᠲᠤᠩᠭᠠᠯᠠᠭ ᠤᠰᠤᠨ ᠡᠴᠡ ᠬᠡᠳᠦᠨ ᠬᠣᠨᠢ ᠢᠮᠠᠭ᠎ᠠ ᠪᠠᠨ ᠤᠰᠤᠯᠠᠭᠠᠳ ᠪᠤᠴᠠᠵᠤ ᠶᠠᠪᠤᠲᠠᠯ᠎ᠠ ᠳᠣᠣᠷ᠎ᠠ ᠡᠴᠡ ᠰᠠᠢᠬᠠᠨ ᠰᠠᠢᠪᠤᠷ ᠪᠤᠭᠤᠷᠤᠯ ᠮᠣᠷᠢ ᠲᠠᠢ ᠡᠮᠡᠭᠲᠡᠢ ᠬᠥᠮᠦᠨ ᠲᠠᠮᠢᠷ ᠢ᠋ ᠣᠭᠲᠣᠯᠤᠨ ᠭᠠᠷᠤᠭᠠᠳ ᠢᠷᠡᠵᠦ ᠠᠮᠤᠷ ᠮᠡᠨᠳᠦ ᠶ᠋ᠢ ᠨᠢ ᠮᠡᠳᠡᠯ᠎ᠡ᠃ ᠴᠡᠩᠬᠡᠷ ᠲᠣᠷᠭᠠᠨ ᠳᠡᠪᠡᠯ ᠳᠡᠭᠡᠷ᠎ᠡ ᠨᠣᠭᠣᠭᠠᠨ ᠳᠤᠷᠳᠤᠩ ᠪᠦᠰᠡ ᠪᠦᠰᠡᠯᠡᠵᠦ᠂ ᠲᠣᠯᠣᠭᠠᠢ ᠳ᠋ᠠᠭᠠᠨ ᠮᠥᠩᠭᠥᠨ ᠬᠣᠷᠭᠣᠢ ᠣᠷᠣᠢ ᠲᠠᠢ᠂ ᠤᠯᠠᠭᠠᠨ ᠬᠢᠯᠢᠩ ᠡᠮᠵᠢᠶᠡᠷᠢ ᠲᠡᠢ ᠲᠣᠭᠣᠷᠴᠣᠭ ᠡᠮᠦᠰᠦᠭᠰᠡᠨ ᠨᠢᠮᠭᠡᠨ ᠴᠠᠭᠠᠨ ᠴᠢᠷᠠᠢ ᠲᠠᠢ ᠭᠤᠴᠢ ᠳᠣᠲᠣᠷ᠎ᠠ ᠨᠠᠰᠤᠨ ᠤ᠋ ᠬᠣᠲᠠ ᠮᠠᠶᠢᠭ ᠤ᠋ᠨ ᠬᠡᠭᠡᠨᠴᠢᠷ ᠡᠨᠡ ᠬᠡᠦᠬᠡᠨ ᠪᠣᠯ ᠲᠠᠨᠢᠳᠠᠭ ᠠᠢᠯ ᠳᠡᠭᠡᠷ᠎ᠡ ᠪᠡᠨ ᠬᠡᠳᠦ ᠬᠣᠨᠣᠭ ᠬᠥᠳᠡᠭᠡᠯᠡᠬᠦ ᠭᠡᠵᠦ ᠶᠠᠪᠤᠭ᠎ᠠ ᠴᠡᠴᠡᠭ ᠶᠤᠮ᠃
᠊᠊᠊᠊᠊᠊᠊᠊᠊᠊᠊᠊᠊᠊᠊ ᠰᠠᠢᠨ᠂ ᠲᠠ ᠰᠠᠢᠨ ᠶᠠᠪᠤᠵᠤ ᠪᠠᠢᠨ᠎ᠠ ᠤᠤ? ᠭᠡᠵᠦ ᠲᠤᠯᠭᠠᠷ ᠢᠷᠡᠭᠰᠡᠨ ᠭᠤᠸ᠎ᠠ ᠪᠥᠭᠡᠳ ᠳᠡᠭᠵᠢᠨ ᠬᠡᠦᠬᠡᠨ ᠦ᠌ ᠮᠡᠨᠳᠦ ᠶ᠋ᠢ ᠬᠠᠷᠢᠭᠤᠯᠪᠠ᠃
ᠴᠡᠴᠡᠭ ᠦ᠋ᠨ ᠣᠴᠢᠬᠤ ᠠᠢᠯ ᠪᠣᠯ ᠥᠩᠭᠡᠷᠡᠭᠰᠡᠨ ᠡᠪᠦᠯ ᠪᠠᠶᠠᠷ ᠡᠪᠦᠭᠡᠨ ᠦ᠌ ᠲᠡᠢ ᠬᠠᠮᠲᠤ ᠡᠪᠦᠯᠵᠢᠭᠰᠡᠨ ᠪᠥᠭᠡᠳ ᠣᠳᠣ ᠰᠠᠭᠠᠬᠠᠯᠲᠠ ᠪᠠᠷ ᠪᠠᠷᠠᠬᠤ ᠦᠭᠡᠢ ᠬᠤᠷᠠᠭ᠎ᠠ ᠪᠠᠨ ᠲᠠᠯᠪᠢᠳᠠᠭ ᠠᠢᠯ ᠪᠠᠢᠭᠰᠠᠨ ᠪᠣᠯᠬᠣᠷ ᠲᠤᠯᠭᠠᠷ ᠰᠠᠢᠨ ᠵᠢᠭᠠᠵᠤ ᠥᠭᠪᠡ᠃
ᠪᠤᠭᠤᠷᠤᠯ ᠮᠣᠷᠢ ᠪᠠᠨ ᠰᠠᠢ᠌ᠪᠣᠷᠢᠯᠠᠭᠤᠯᠤᠨ ᠬᠣᠯᠠᠳᠴᠤ ᠪᠠᠢᠭ᠎ᠠ ᠴᠡᠴᠡᠭ ᠦ᠋ᠨ ᠬᠣᠢᠨ᠎ᠠ ᠡᠴᠡ ᠬᠠᠷᠠᠭᠰᠠᠭᠠᠷ ᠬᠣᠴᠣᠷᠬᠤ ᠳ᠋ᠠᠭᠠᠨ 《ᠨᠢᠭᠤᠷ ᠲᠤᠨᠢ ᠬᠠᠷ᠎ᠠ ᠭᠤᠨᠢᠭ ᠰᠢᠩᠭᠡᠭᠰᠡᠨ ᠶᠠᠮᠠᠷ ᠬᠠᠴᠢᠨ ᠬᠡᠦᠬᠡᠨ ᠪᠣᠢ? ᠠᠯᠢ ᠨᠠᠳᠠ ᠰᠢᠭ᠋ ᠲᠦᠮᠡᠨ ᠵᠣᠪᠠᠯᠠᠩ ᠲᠤᠭᠤᠯᠤᠭᠰᠠᠨ ᠠᠮᠢᠲᠠᠨ ᠶᠤᠮ ᠪᠣᠯᠪᠠ ᠤᠤ?》 ᠭᠡᠵᠦ ᠪᠣᠳᠣᠵᠤ ᠪᠠᠢᠯ᠎ᠠ᠃
ᠬᠥᠳᠡᠭᠡ ᠭᠠᠵᠠᠷ ᠨᠢᠭᠡ ᠬᠥᠮᠦᠨ ᠢᠷᠡᠨ᠎ᠡ ᠭᠡᠳᠡᠭ ᠪᠣᠯ ᠣᠢᠷ᠎ᠠ ᠣᠷᠴᠢᠮ ᠤ᠋ᠨ ᠠᠢᠯ ᠤ᠋ᠳ ᠲᠤ᠌ ᠪᠥᠭᠡᠮ ᠰᠣᠨᠢᠨ ᠶᠠᠪᠤᠳᠠᠯ ᠪᠣᠯᠳᠠᠭ ᠪᠢᠯᠡ᠃ ᠢᠷᠡᠭᠰᠡᠨ ᠵᠣᠴᠢᠨ ᠤ᠋ ᠠᠪᠴᠢᠷᠠᠭᠰᠠᠨ ᠪᠣᠣᠪᠣ ᠠ᠋ᠴᠠ ᠬᠤᠪᠢ ᠬᠦᠷᠲᠡᠬᠦ᠂ ᠠᠭᠤᠯᠵᠠᠵᠤ ᠲᠠᠨᠢᠯᠴᠠᠬᠤ ᠭᠡᠳ ᠯᠡ ᠰᠣᠨᠢᠨ ᠰᠠᠢᠬᠠᠨ ᠶᠠᠭᠤᠮ᠎ᠠ ᠣᠯᠠᠨ ᠭᠠᠷᠳᠠᠭ᠃
ᠲᠤᠭᠤᠯᠵᠤ ᠭᠠᠷᠤᠭᠰᠠᠨ ᠠᠮᠢᠳᠤᠷᠠᠯ ᠡᠴᠡ ᠭᠤᠨᠢᠭ ᠵᠣᠪᠠᠯᠠᠩ ᠡᠴᠡ ᠥᠭᠡᠷ᠎ᠡ ᠶᠠᠭᠤ ᠴᠤ᠌ ᠣᠯᠵᠤ ᠠᠪᠤᠭ᠎ᠠ ᠦᠭᠡᠢ ᠮᠡᠲᠦ ᠪᠣᠯᠤᠭᠰᠠᠨ ᠲᠤᠯᠭᠠᠷ᠂ ᠴᠡᠴᠡᠭ ᠬᠣᠶᠠᠷ ᠬᠡᠯᠡ ᠦᠭᠡ ᠪᠡᠨ ᠲᠦᠷᠭᠡᠨ ᠣᠢᠯᠠᠭᠠᠯᠴᠠᠵᠤ ᠬᠡᠳᠦᠨ ᠡᠳᠦᠷ ᠦ᠋ᠨ ᠳᠠᠷᠠᠭ᠎ᠠ ᠵᠠᠪ ᠯᠠ ᠭᠠᠷᠪᠠᠯ ᠶᠠᠷᠢᠵᠤ ᠰᠠᠭᠤᠳᠠᠭ ᠪᠠᠢᠯ᠎ᠠ᠃
᠊᠊᠊᠊᠊᠊᠊᠊᠊᠊᠊᠊᠊᠊᠊ ᠲᠠ ᠬᠣᠶᠠᠷ ᠤ᠋ᠨ ᠶᠠᠷᠢᠶ᠎ᠠ ᠳᠠᠭᠤᠰᠤᠭ᠎ᠠ ᠦᠭᠡᠢ ᠯᠡ ᠪᠠᠢᠨ᠎ᠠ ᠤᠤ? ᠵᠠᠯᠠᠭᠤ ᠪᠠᠢᠬᠤ ᠳ᠋ᠤ᠌ ᠡᠢᠮᠦ ᠯᠡ ᠪᠠᠢᠳᠠᠭ ᠰᠠᠨ ᠳᠠ ᠭᠡᠵᠦ ᠰᠠᠭᠠᠬᠠᠯᠲᠠ ᠶ᠋ᠢᠨ ᠠᠢᠯ ᠳ᠋ᠤᠨᠢ ᠢᠷᠡᠭᠰᠡᠨ ᠭᠣᠶᠣ ᠬᠡᠦᠬᠡᠨ ᠲᠡᠢ ᠶᠠᠷᠢᠵᠤ ᠪᠠᠢᠭ᠎ᠠ ᠲᠤᠯᠭᠠᠷ ᠢ᠋ᠶ᠋ᠠᠨ ᠬᠠᠷᠠᠭᠰᠠᠨ ᠳᠠᠵᠢᠳ ᠭᠤᠸᠠᠢ ᠬᠡᠯᠡᠨ᠎ᠡ᠃
ᠨᠢᠭᠡ ᠡᠳᠦᠷ ᠲᠤᠯᠭᠠᠷ ᠥᠪᠡᠷ ᠦ᠋ᠨ ᠵᠣᠪᠠᠯᠠᠩ᠂ ᠭᠤᠨᠢᠭ ᠢ᠋ᠶ᠋ᠠᠷ ᠳᠦᠭᠦᠷᠦᠭᠰᠡᠨ ᠠᠮᠢᠳᠤᠷᠠᠯ ᠢ᠋ ᠴᠡᠴᠡᠭ ᠬᠡᠦᠬᠡᠨ ᠳ᠋ᠦ᠍ ᠶᠠᠷᠢᠵᠤ ᠥᠭᠪᠡ᠃ ᠭᠡᠬᠦ ᠳ᠋ᠡᠭᠡᠨ ᠡᠷᠳᠡᠨᠢ ᠭᠡᠵᠦ ᠨᠡᠷᠡᠯᠡᠭᠰᠡᠨ ᠦᠭᠡᠢ ᠲᠡᠭᠦᠨ ᠢ᠋ ᠮᠢᠨᠦ ᠨᠥᠬᠥᠷ ᠭᠡᠳᠡᠭ ᠨᠡᠷ᠎ᠡ ᠶ᠋ᠢᠨ ᠳᠣᠣᠷ᠎ᠠ ᠶᠠᠷᠢᠵᠠᠢ᠃ ᠴᠡᠴᠡᠭ ᠬᠡᠦᠬᠡᠨ ᠦᠭᠡ ᠳᠤᠤᠭᠠᠷᠤᠯ ᠦᠭᠡᠢ ᠰᠣᠨᠣᠰᠴᠤ ᠪᠠᠢᠭᠰᠠᠨ ᠢ᠋ᠶ᠋ᠠᠨ 《ᠨᠥᠬᠥᠷ ᠴᠢᠨᠢ ᠬᠡᠨ ᠭᠡᠳᠡᠭ ᠪᠠᠢᠭᠰᠠᠨ ᠪᠣᠢ?》 ᠭᠡᠵᠦ ᠠᠰᠠᠭᠤᠪᠠ᠃
᠊᠊᠊᠊᠊᠊᠊᠊᠊᠊᠊᠊᠊᠊᠊ ᠴᠢ ᠲᠠᠨᠢᠬᠤ ᠦᠭᠡᠢ᠃ ᠡᠷᠳᠡᠨᠢ ᠭᠡᠳᠡᠭ ᠶᠤᠮ᠃ ᠬᠠᠷᠢᠨ ᠴᠢ ᠵᠠᠶ᠎ᠠ ᠶ᠋ᠢᠨ ᠬᠦᠷᠢᠶᠡᠨ ᠦ᠌ ᠬᠥᠮᠦᠨ ᠪᠠᠢᠨ᠎ᠠ᠃ ᠮᠢᠨᠦ ᠬᠦᠦ ᠶ᠋ᠢ ᠲᠠᠨᠢᠵᠤ ᠮᠠᠭᠠᠳ᠃ ᠭᠡᠪᠰᠢ ᠯᠠᠮᠠ ᠶ᠋ᠢᠨ ᠳ᠋ᠦ᠍ ᠪᠠᠶᠠᠨ ᠢᠲᠡᠭᠡᠯᠲᠦ ᠶ᠋ᠢᠨ ᠬᠦᠦ ᠬᠣᠩᠭᠣᠷ ᠤ᠋ᠨ ᠬᠠᠮᠲᠤ ᠨᠣᠮ ᠦᠵᠡᠵᠦ ᠪᠠᠢᠭᠰᠠᠨ ᠪᠠᠲᠤ ᠭᠡᠵᠦ ᠨᠢᠭᠡ ᠪᠣᠷᠣ ᠬᠦᠦ᠃ ᠴᠡᠴᠡᠭ ᠦ᠋ᠨ ᠴᠢᠷᠠᠢ ᠬᠤᠪᠢᠷᠠᠵᠤ᠂ ᠵᠡᠷᠭᠡᠴᠡᠨ ᠰᠠᠭᠤᠵᠤ ᠪᠠᠢᠭᠰᠠᠨ ᠲᠤᠯᠭᠠᠷ ᠡᠴᠡ ᠪᠡᠶ᠎ᠡ ᠪᠡᠨ ᠵᠠᠢᠯᠠᠭᠤᠯᠤᠭᠰᠠᠨ ᠪᠣᠯᠪᠠᠴᠤ ᠭᠤᠨᠢᠭ᠂ ᠭᠠᠰᠢᠭᠤᠳᠠᠯ ᠳ᠋ᠤ᠌ ᠳᠠᠷᠤᠭᠳᠠᠭᠰᠠᠨ ᠲᠤᠯᠭᠠᠷ ᠠᠵᠢᠵᠤ ᠶᠠᠭᠠᠬᠢᠵᠤ ᠴᠢᠳᠠᠬᠤ ᠪᠢᠯᠡ᠃
᠊᠊᠊᠊᠊᠊᠊᠊᠊᠊᠊᠊᠊᠊᠊ ᠡᠷᠳᠡᠨᠢ ᠴᠦ᠍ ᠢᠷᠡᠬᠦ ᠦᠭᠡᠢ ᠪᠠᠢᠬ᠎ᠠ ᠳᠠ ᠭᠡᠵᠦ ᠴᠡᠴᠡᠭ ᠭᠡᠨᠡᠳᠲᠡ ᠬᠡᠯᠡᠪᠡ᠃
᠊᠊᠊᠊᠊᠊᠊᠊᠊᠊᠊᠊᠊᠊᠊ ᠨᠠᠳᠠ ᠳ᠋ᠤ᠌ ᠰᠢᠷᠦᠭᠦᠨ ᠦᠭᠡ ᠬᠡᠯᠡᠵᠦ ᠪᠠᠢᠭ᠎ᠠ ᠦᠭᠡᠢ ᠶᠤᠮᠰᠠᠨ᠃ ᠲᠡᠢᠮᠦ ᠬᠥᠮᠦᠨ ᠨᠢᠭᠡ ᠡᠷᠭᠢᠪᠡᠯ ᠪᠤᠴᠠᠵᠤ ᠬᠠᠷᠢᠬᠤ ᠨᠢ ᠬᠡᠴᠡᠭᠦᠦ᠃ ᠭᠡᠪᠡᠴᠦ ᠢᠷᠡᠬᠦ ᠪᠠᠢᠬ᠎ᠠ ᠭᠡᠵᠦ ᠪᠢ ᠢᠲᠡᠭᠡᠭᠡᠳ ᠪᠠᠢᠬᠤ ᠶᠤᠮ ᠳᠠ᠃ ᠪᠢᠳᠡ ᠬᠣᠶᠠᠷ ᠳᠠᠬᠢᠭᠠᠳ ᠰᠠᠭᠤᠬᠤ ᠦᠭᠡᠢ ᠴᠦ᠍ ᠭᠡᠰᠡᠨ ᠠᠮᠢᠳᠤ ᠶᠠᠪᠤᠭ᠎ᠠ ᠶ᠋ᠢ ᠨᠢ ᠬᠠᠷᠠᠬᠤ ᠶᠤᠮᠰᠠᠨ᠃
᠊᠊᠊᠊᠊᠊᠊᠊᠊᠊᠊᠊᠊᠊᠊ ᠠᠢ ᠳᠠ᠃ ᠡᠷ᠎ᠡ ᠬᠥᠮᠦᠨ ᠢ᠋ ᠢᠲᠡᠭᠡᠭᠰᠡᠨ ᠡᠴᠡ ᠡᠷᠡᠬᠡᠢ ᠬᠤᠷᠤᠭᠤ ᠪᠠᠨ ᠢᠳᠡᠭᠡ ᠭᠡᠳᠡᠭ ᠴᠢᠨᠢ ᠦᠨᠡᠨ ᠶᠤᠮ ᠰᠢᠦ᠃ ᠡᠳᠦᠢ ᠳ᠋ᠦ᠍ ᠴᠢᠮᠠᠶ᠋ᠢ ᠮᠠᠷᠲᠠᠴᠢᠬᠠᠭᠰᠠᠨ ᠪᠠᠢᠵᠤ ᠮᠠᠭᠠᠳ᠃
᠊᠊᠊᠊᠊᠊᠊᠊᠊᠊᠊᠊᠊᠊᠊ ᠪᠢ ᠴᠦ᠍ ᠭᠣᠮᠣᠳᠠᠭᠠᠭᠰᠠᠨ ᠁ ᠭᠡᠬᠦ ᠳ᠋ᠡᠭᠡᠨ ᠡᠷᠳᠡᠨᠢ ᠤᠤᠯ ᠨᠢ ᠰᠠᠢᠨ ᠬᠥᠮᠦᠨ᠃ ᠤᠬᠠᠭᠠᠨ ᠲᠠᠢ ᠴᠤ᠌ ᠬᠥᠮᠦᠨ ᠁
ᠨᠥᠬᠥᠷ ᠲᠡᠢ᠂ ᠬᠡᠦᠬᠡᠳ ᠲᠡᠢ ᠪᠣᠯᠬᠤ ᠰᠠᠨ ᠭᠡᠳᠡᠭ ᠪᠣᠯ ᠴᠡᠴᠡᠭ ᠦ᠋ᠨ ᠭᠠᠭᠴᠠ ᠮᠥᠷᠥᠭᠡᠳᠦᠯ ᠪᠠᠢᠵᠤ ᠪᠢᠯᠡ᠃ ᠡᠨᠡ ᠲᠤᠬᠠᠢ ᠪᠠᠨ ᠴᠢᠮᠡᠭ ᠲᠦ᠍ ᠶᠠᠷᠢᠬᠤ ᠳ᠋ᠤ᠌ 《ᠲᠡᠨᠡᠭ ᠮᠢᠨᠢ᠂ ᠲᠡᠭᠦᠨ ᠢ᠋ᠶ᠋ᠡᠷ ᠶᠠᠭᠠᠬᠢᠬᠤ ᠶᠤᠮ ᠪᠣᠢ? ᠮᠠᠭᠤ ᠵᠥᠨᠥᠭ ᠪᠣᠶᠠᠠᠳᠠᠯᠠᠢ ᠶ᠋ᠢ ᠴᠢ ᠬᠠᠷ᠎ᠠ ᠯᠠ ᠳᠠ᠃ ᠨᠤᠲᠤᠭ ᠲᠠᠭᠠᠨ ᠡᠬᠡᠨᠡᠷ ᠲᠡᠢ ᠪᠠᠰᠠ ᠲᠠᠪᠤᠨ ᠬᠡᠦᠬᠡᠳ ᠲᠡᠢ ᠵᠣᠯᠢᠭ ᠭᠡᠳᠡᠭ ᠰᠢᠦ᠃ ᠳ᠋ᠤ᠋ ᠵᠠᠬᠢᠷᠤᠭᠴᠢ ᠶ᠋ᠢᠨ ᠡᠬᠡᠨᠡᠷ ᠮᠠᠨ ᠤ᠋ ᠳ᠋ᠤ᠌ ᠭᠠᠯᠵᠠᠭᠤ ᠶᠤᠮ ᠰᠢᠭ᠋ ᠣᠷᠣᠵᠤ ᠢᠷᠡᠭᠡᠳ ᠨᠠᠳᠠ ᠳ᠋ᠤ᠌ ᠳᠣᠷᠣᠮᠵᠢᠯᠠᠭᠤᠯᠤᠭᠠᠳ᠂ ᠨᠥᠬᠥᠷ ᠲᠡᠭᠡᠨ ᠠᠯᠢ ᠮᠠᠭᠤᠬᠠᠢ ᠪᠠᠨ ᠳᠠᠭᠤᠳᠠᠭᠤᠯᠤᠭᠠᠳ ᠶᠠᠪᠤᠵᠤ ᠪᠠᠢᠭᠰᠠᠨ ᠢ᠋ ᠬᠠᠷᠠᠭᠰᠠᠨ ᠰᠢᠦ ᠳᠡ᠃ ᠠᠷᠢᠭᠤᠨ ᠪᠤᠷᠬᠠᠨ ᠭᠡᠭᠳᠡᠵᠦ ᠪᠠᠢᠭ᠎ᠠ ᠵᠠᠶ᠎ᠠ ᠶ᠋ᠢᠨ ᠭᠡᠭᠡᠨ᠂ ᠣᠷᠣᠰ ᠡᠬᠡᠨᠡᠷ ᠢ᠋ᠶ᠋ᠡᠨ ᠶᠠᠭᠠᠬᠢᠵᠤ ᠳᠠᠷᠤᠯᠠᠵᠤ ᠪᠠᠢᠨ᠎ᠠ᠃ ᠤᠳᠠᠬᠤ ᠦᠭᠡᠢ ᠬᠠᠭᠤᠴᠢᠨ ᠣᠢᠮᠣᠰᠤ ᠰᠣᠯᠢᠵᠤ ᠪᠠᠢᠭ᠎ᠠ ᠶᠤᠮ ᠰᠢᠭ᠋ ᠬᠠᠶᠠᠨ᠎ᠠ ᠳᠠ》 ᠭᠡᠬᠦ ᠵᠡᠷᠭᠡ ᠵᠠᠪᠬᠠᠢ ᠡᠷᠡᠭᠲᠡᠢᠴᠦᠳ ᠦ᠋ᠨ ᠲᠤᠬᠠᠢ ᠵᠢᠰᠢᠶ᠎ᠠ ᠲᠡᠳᠡᠨ ᠶᠠᠷᠢᠳᠠᠭ ᠪᠠᠢᠯ᠎ᠠ᠃
ᠶᠡᠷᠦ ᠨᠢ ᠶᠠᠪᠤᠭᠠᠨ ᠳ᠋ᠠᠭᠠᠨ ᠴᠡᠴᠡᠭ ᠦ᠋ᠨ ᠮᠥᠷᠥᠭᠡᠳᠦᠯ ᠨᠢ ᠠᠮᠢᠳᠤᠷᠠᠯ ᠤ᠋ᠨ ᠬᠠᠲᠠᠭᠤ ᠨᠢᠳᠤᠷᠤᠯᠲᠠ ᠳ᠋ᠤ᠌ ᠡᠪᠳᠡᠷᠡᠵᠡᠢ᠃ ᠨᠥᠬᠥᠷ ᠢ᠋ᠶ᠋ᠡᠨ ᠬᠠᠷᠠᠳᠠᠭᠰᠠᠨ ᠡᠬᠡᠨᠡᠷ ᠦ᠋ᠳ ᠲᠡᠢ ᠴᠡᠴᠡᠭ ᠣᠯᠠᠨ ᠲᠣᠬᠢᠶᠠᠯᠳᠤᠭᠰᠠᠨ᠂ ᠵᠠᠷᠢᠮ ᠳ᠋ᠤᠨᠢ ᠲᠤᠭ ᠦᠰᠦ ᠪᠡᠨ ᠪᠡᠯᠡᠭᠯᠡᠵᠦ᠂ ᠨᠢᠭᠤᠷ ᠲᠠᠭᠠᠨ ᠬᠢᠮᠤᠰᠤ ᠶ᠋ᠢᠨ ᠬᠡᠪ ᠦᠯᠡᠳᠡᠭᠡᠯᠬᠡᠵᠦ ᠥᠯᠡᠳᠡᠭᠡᠯᠭᠡᠵᠤ ᠦᠵᠡᠭᠰᠡᠨ᠃ ᠡᠨᠡ ᠪᠦᠬᠦᠨ ᠦ᠌ ᠡᠴᠦᠰ ᠲᠦ᠍ ᠬᠣᠷᠸ᠎ᠠ ᠶ᠋ᠢᠨ ᠬᠠᠮᠤᠭ ᠤ᠋ᠨ ᠬᠠᠭᠤᠷᠮᠠᠴᠢ ᠠᠮᠢᠲᠠᠨ ᠪᠣᠯ ᠡᠷ᠎ᠡ ᠬᠥᠮᠦᠨ ᠭᠡᠵᠦ ᠪᠣᠳᠣᠬᠤ ᠳ᠋ᠤ᠌ ᠬᠦᠷᠦᠭᠰᠡᠨ᠃
ᠲᠤᠯᠭᠠᠷ ᠤ᠋ᠨ ᠵᠣᠪᠠᠯᠠᠩ ᠢ᠋ ᠰᠣᠨᠣᠰᠴᠤ ᠡᠷᠳᠡᠨᠢ ᠶ᠋ᠢ ᠬᠦᠯᠢᠶᠡᠭᠰᠡᠨ ᠭᠡᠨᠡᠨ ᠨᠢᠯᠬ᠎ᠠ ᠰᠡᠳᠬᠢᠯ ᠢ᠋ ᠨᠢ ᠣᠢᠯᠠᠭᠠᠬᠤ ᠪᠦᠷᠢ ᠴᠡᠴᠡᠭ ᠦ᠋ᠨ ᠡᠷ᠎ᠡ ᠬᠥᠮᠦᠨ ᠦ᠌ ᠲᠤᠬᠠᠢ ᠪᠣᠳᠣᠯ ᠪᠠᠲᠤᠵᠢᠨ᠎ᠠ᠃ ᠲᠤᠯᠭᠠᠷ ᠢ᠋ ᠣᠷᠬᠢᠭᠠᠳ ᠬᠣᠶᠠᠷ ᠬᠣᠨᠣᠭ᠎ᠠ ᠦᠭᠡᠢ ᠪᠠᠢᠬᠤ ᠳ᠋ᠠᠭᠠᠨ ᠡᠷᠳᠡᠨᠢ ᠥᠪᠡᠷ ᠲᠡᠢ ᠨᠢ ᠶᠠᠭᠠᠬᠢᠵᠤ ᠪᠠᠢᠭᠰᠠᠨ ᠢ᠋ ᠪᠣᠳᠣᠬᠤ ᠳ᠋ᠤ᠌ 《ᠡᠷᠳᠡᠨᠢ ᠢᠷᠡᠬᠦ ᠦᠭᠡᠢ᠃ ᠴᠢᠨᠦ ᠰᠡᠳᠬᠢᠯ ᠦ᠋ᠨ ᠭᠠᠷᠤᠵᠠ᠃ ᠪᠢ ᠰᠠᠢᠨ ᠮᠡᠳᠡᠵᠦ ᠪᠠᠢᠨ᠎ᠠ ᠁》 ᠭᠡᠳ ᠪᠣᠯᠤᠭᠰᠠᠨ ᠶᠠᠪᠤᠳᠠᠯ ᠢ᠋ ᠨᠢᠭᠡ ᠳ᠋ᠦ᠍ ᠨᠢᠭᠡ ᠦᠭᠡᠢ ᠲᠣᠭᠠᠴᠢᠮᠠᠷ ᠰᠠᠨᠠᠭᠳᠠᠨ᠎ᠠ᠃ ᠭᠡᠲᠡᠯ᠎ᠡ ᠲᠤᠯᠭᠠᠷ ᠪᠣᠯ ᠡᠷᠳᠡᠨᠢ ᠢᠷᠡᠨ᠎ᠡ ᠭᠡᠳᠡᠭ ᠭᠣᠷᠢᠳᠠᠯᠭ᠎ᠠ ᠪᠠᠷ ᠰᠡᠳᠬᠢᠯ ᠢ᠋ᠶ᠋ᠡᠨ ᠰᠠᠭᠠᠲᠠᠭᠤᠯᠵᠤ ᠪᠠᠢᠭ᠎ᠠ ᠶ᠋ᠢ ᠣᠢᠯᠠᠭᠠᠭᠰᠠᠨ ᠤᠴᠢᠷ ᠲᠡᠷᠡ ᠭᠣᠷᠢᠳᠠᠯᠭ᠎ᠠ ᠶ᠋ᠢ ᠨᠢ ᠲᠠᠰᠤᠯᠤᠨ᠎ᠠ ᠭᠡᠳᠡᠭ ᠪᠣᠯ ᠳᠣᠭᠣᠯᠠᠩ ᠬᠥᠮᠦᠨ ᠦ᠌ ᠲᠠᠶᠠᠭ᠂ ᠰᠣᠬᠣᠷ ᠬᠥᠮᠦᠨ ᠦ᠌ ᠲᠡᠮᠲᠡᠷᠢᠭᠴᠢ ᠮᠣᠳᠣ ᠶ᠋ᠢ ᠪᠤᠯᠢᠶᠠᠨ ᠠᠪᠴᠤ ᠬᠠᠶᠠᠬᠤ ᠲᠠᠢ ᠠᠳᠠᠯᠢ ᠪᠣᠯᠬᠣᠷ 《ᠡᠷᠳᠡᠨᠢ ᠪᠣᠯ ᠪᠤᠰᠤᠳ ᠡᠷ᠎ᠡ ᠬᠥᠮᠦᠨ ᠦ᠌ ᠨᠢᠭᠡ ᠠᠳᠠᠯᠢ ᠬᠠᠭᠤᠷᠮᠠᠴᠢ ᠬᠥᠮᠦᠨ᠃ ᠢᠷᠡᠬᠦ ᠦᠭᠡᠢ》 ᠭᠡᠵᠦ ᠬᠡᠯᠡᠵᠦ ᠴᠢᠳᠠᠬᠤ ᠦᠭᠡᠢ ᠪᠠᠢᠯ᠎ᠠ᠃ ᠭᠡᠪᠡᠴᠦ 《ᠡᠷᠳᠡᠨᠢ ᠢᠷᠡᠨ᠎ᠡ᠂ ᠴᠢ ᠬᠦᠯᠢᠶᠡᠬᠦ ᠨᠢ ᠵᠥᠪ》 ᠭᠡᠵᠦ ᠡᠨᠡ ᠵᠣᠪᠠᠭᠰᠠᠨ ᠡᠮᠡᠭᠲᠡᠢ ᠶ᠋ᠢ ᠮᠡᠳᠡᠭᠰᠡᠭᠡᠷ ᠪᠠᠢᠭᠠᠳ ᠬᠠᠭᠤᠷᠬᠤ ᠰᠡᠳᠬᠢᠯ ᠪᠠᠢᠭᠰᠠᠨ ᠦᠭᠡᠢ᠃ ᠡᠨᠡ ᠴᠦ᠍ ᠤᠴᠢᠷ ᠡᠴᠡ ᠡᠷ᠎ᠡ ᠤᠯᠤᠰ ᠤ᠋ᠨ ᠬᠠᠭᠤᠷᠮᠠᠴᠢ ᠴᠢᠨᠠᠷ ᠢ᠋ ᠳᠠᠬᠢᠨ ᠳᠠᠬᠢᠨ ᠶᠠᠷᠢᠵᠤ᠂ ᠡᠷᠳᠡᠨᠢ ᠶ᠋ᠢ ᠬᠦᠯᠢᠶᠡᠵᠦ ᠰᠡᠳᠬᠢᠯ ᠢ᠋ᠶ᠋ᠡᠨ ᠳᠡᠮᠡᠢ ᠵᠣᠪᠠᠭᠠᠭᠰᠠᠨ ᠤ᠋ ᠬᠡᠷᠡᠭ ᠦᠭᠡᠢ ᠭᠡᠵᠦ ᠵᠥᠪᠯᠡᠨ᠎ᠡ᠃
ᠬᠠᠷᠢᠨ ᠪᠠᠲᠤ ᠶ᠋ᠢᠨ ᠲᠤᠬᠠᠢ ᠪᠣᠯ ᠥᠭᠡᠷ᠎ᠡ ᠬᠡᠷᠡᠭ ᠪᠠᠢᠯ᠎ᠠ᠃ 《ᠪᠠᠲᠤ ᠰᠠᠢᠨ ᠬᠡᠦᠬᠡᠳ᠃ ᠡᠬᠡ ᠪᠡᠨ ᠭᠡᠵᠦ ᠴᠢᠮ᠎ᠠ ᠳᠡᠭᠡᠷ᠎ᠡ ᠵᠠᠪᠠᠯ ᠢᠷᠡᠨ᠎ᠡ᠃ ᠪᠣᠯᠤᠮᠵᠢ ᠯᠠ ᠣᠯᠳᠠᠬᠤ ᠦᠭᠡᠢ ᠪᠠᠢᠭ᠎ᠠ ᠪᠠᠢᠬ᠎ᠠ》 ᠭᠡᠵᠦ ᠦᠷ᠎ᠡ ᠪᠡᠨ ᠬᠦᠯᠢᠶᠡᠭᠰᠡᠨ ᠡᠬᠡ ᠶ᠋ᠢᠨ ᠢᠲᠡᠭᠡᠮᠡᠲᠡᠭᠡᠢ ᠰᠡᠳᠬᠢᠯ ᠢ᠋ ᠠᠭᠤᠯᠵᠠᠯᠲᠠ ᠶ᠋ᠢᠨ ᠪᠠᠶᠠᠷ ᠢ᠋ᠶ᠋ᠠᠷ ᠳᠦᠭᠦᠷᠭᠡᠨ᠎ᠡ᠃
ᠨᠢᠭᠡ ᠡᠳᠦᠷ ᠪᠠᠶᠠᠷ ᠭᠤᠸᠠᠢ ᠶ᠋ᠢᠨ ᠠᠷᠤᠭ ᠪᠣᠭᠣᠬᠤ ᠭᠡᠵᠦ ᠳᠡᠪᠲᠦᠭᠡᠭᠰᠡᠨ ᠰᠢᠷᠢ ᠶ᠋ᠢ ᠵᠦᠰᠦᠵᠦ ᠨᠠᠷᠢᠯᠠᠬᠤ ᠠᠵᠢᠯ ᠬᠣᠶᠠᠷ ᠬᠡᠦᠬᠡᠨ ᠳ᠋ᠦ᠍ ᠣᠨᠣᠭᠳᠠᠵᠤ ᠭᠡᠷ ᠦ᠋ᠨ ᠰᠡᠭᠦᠳᠡᠷ ᠲᠦ᠍ ᠰᠠᠭᠤᠨ ᠤᠳᠠᠲᠠᠯ᠎ᠠ ᠶᠠᠷᠢᠯ᠎ᠠ᠃
᠊᠊᠊᠊᠊᠊᠊᠊᠊᠊᠊᠊᠊᠊᠊ ᠴᠢ ᠪᠣᠯ ᠨᠠᠳᠠ ᠰᠢᠭ᠋ ᠬᠦᠯᠢᠶᠡᠭᠰᠡᠨ ᠬᠥᠮᠦᠨ ᠪᠠᠢᠬᠤ ᠦᠭᠡᠢ ᠪᠣᠯᠬᠣᠷ ᠨᠢᠭᠡ ᠰᠡᠳᠬᠢᠯ ᠨᠡᠢᠯᠡᠭᠰᠡᠨ ᠬᠠᠨᠢ ᠲᠠᠢ ᠪᠣᠯᠪᠠᠯ ᠳᠡᠭᠡᠷ᠎ᠡ ᠶᠤᠮ ᠳᠡ ᠭᠡᠵᠦ ᠲᠤᠯᠭᠠᠷ ᠵᠥᠪᠯᠡᠪᠡ᠃
᠊᠊᠊᠊᠊᠊᠊᠊᠊᠊᠊᠊᠊᠊᠊ ᠡᠷ᠎ᠡ ᠬᠥᠮᠦᠨ ᠭᠡᠳᠡᠭ ᠴᠢᠨᠢ ᠪᠡᠶ᠎ᠡ ᠳᠠᠯᠳᠠᠯᠠᠵᠤ᠂ ᠭᠡᠳᠡᠰᠦ ᠴᠠᠳᠬᠠᠪᠠᠴᠤ᠂ ᠰᠡᠳᠬᠢᠯ ᠢ᠋ ᠢᠮᠠᠭᠲᠠ ᠵᠣᠪᠠᠭᠠᠵᠤ ᠪᠠᠢᠳᠠᠭ ᠶᠤᠮ ᠰᠢᠪ ᠳᠡ᠃ ᠪᠢ ᠡᠷᠡᠴᠦᠳ ᠦ᠋ᠨ ᠮᠠᠭᠤ ᠮᠠᠭᠤᠬᠠᠢ ᠶ᠋ᠢ ᠳᠡᠩᠳᠡᠭᠦᠦ ᠰᠠᠢᠨ ᠮᠡᠳᠡᠨ᠎ᠡ᠃
᠊᠊᠊᠊᠊᠊᠊᠊᠊᠊᠊᠊᠊᠊᠊ ᠦᠭᠡᠢ ᠰᠢᠦ᠃ ᠪᠢ ᠡᠷᠳᠡᠨᠢ ᠪᠡᠨ ᠭᠣᠮᠣᠳᠠᠭᠠᠭᠠ ᠦᠭᠡᠢ ᠪᠣᠯ ᠪᠢᠳᠡ ᠬᠣᠶᠠᠷ ᠵᠣᠪᠠᠪᠠᠯ ᠴᠤ᠌ ᠬᠠᠮᠲᠤ᠂ ᠵᠢᠷᠭᠠᠪᠠᠯ ᠴᠤ᠌ ᠬᠠᠮᠲᠤ ᠪᠠᠢᠭᠰᠠᠨ ᠶᠤᠮ᠃ ᠰᠠᠢᠨ ᠨᠥᠬᠥᠷ ᠭᠡᠳᠡᠭ ᠴᠢᠨᠢ ᠠᠮᠢᠳᠤᠷᠠᠯ ᠤ᠋ᠨ ᠲᠦᠰᠢᠭ᠂ ᠠᠮᠢᠳᠤ ᠶᠠᠪᠤᠬᠤ ᠶ᠋ᠢᠨ ᠪᠠᠶᠠᠰᠬᠤᠯᠠᠩ᠃ ᠨᠢᠭᠡ ᠡᠳᠦᠷ᠂ ᠬᠣᠶᠠᠷ ᠥᠷᠲᠡᠭᠡ ᠶᠠᠪᠠᠭᠠᠨ ᠶᠠᠪᠤᠵᠤ ᠣᠷᠬᠢᠭᠠᠳ᠂ ᠡᠷᠳᠡᠨᠢ ᠶ᠋ᠢᠨ ᠢ᠋ᠶ᠋ᠡᠨ ᠲᠦᠮᠡᠨ ᠬᠠᠢᠷ᠎ᠠ ᠭᠡᠷᠡᠯᠲᠦᠭᠰᠡᠨ ᠨᠢᠳᠦ ᠶ᠋ᠢ ᠬᠠᠷᠠᠮᠠᠭᠴᠠ ᠪᠡᠶ᠎ᠡ ᠮᠢᠨᠢ ᠰᠡᠷᠭᠦᠵᠦ ᠬᠥᠩᠭᠡᠷᠡᠳᠡᠭ ᠪᠠᠢᠭᠰᠠᠨ᠃ ᠡᠷᠳᠡᠨᠢ ᠮᠢᠨᠢ ᠮᠢᠨᠦ ᠲᠥᠯᠥᠭᠡ ᠠᠮᠢᠰᠬᠤᠭᠠᠯᠠᠵᠤ ᠠᠮᠢᠳᠤᠷᠠᠵᠤ ᠪᠠᠢᠭᠰᠠᠨ ᠬᠥᠮᠦᠨ ᠳᠡ᠃
᠊᠊᠊᠊᠊᠊᠊᠊᠊᠊᠊᠊᠊᠊᠊ ᠴᠢ ᠴᠦ᠍ ᠮᠥᠨ ᠭᠡᠨᠡᠨ ᠶᠤᠮ ᠳᠡ᠃ ᠪᠠᠶᠤᠤ ᠳᠡᠭᠡᠷ᠎ᠡ ᠢᠷᠡᠬᠦ ᠪᠦᠷᠢ ᠳ᠋ᠡᠭᠡᠨ ᠮᠠᠨ ᠤ᠋ ᠴᠢᠮᠡᠭ ᠲᠡᠢ ᠠᠭᠤᠯᠵᠠᠳᠠᠭ ᠨᠢᠭᠡ ᠬᠥᠮᠦᠨ ᠪᠠᠢᠭᠰᠠᠨ ᠶᠤᠮ᠃ ᠰᠣᠭᠲᠣᠭᠤ ᠳᠡᠭᠡᠷ᠎ᠡ ᠪᠡᠨ ᠡᠬᠡᠨᠡᠷ ᠢ᠋ᠶ᠋ᠡᠨ ᠮᠠᠭᠤ ᠮᠠᠭᠤᠬᠠᠢ᠂ ᠶᠣᠰᠣᠯᠠᠵᠤ ᠠᠪᠤᠭᠰᠠᠨ ᠪᠣᠯᠬᠣᠷ ᠨᠢ ᠯᠡ ᠰᠠᠯᠵᠤ ᠴᠢᠳᠠᠬᠤ ᠦᠭᠡᠢ ᠪᠠᠢᠨ᠎ᠠ᠃ ᠲᠡᠭᠦᠨ ᠡᠴᠡ ᠲᠡᠷᠡ ᠬᠠᠷ᠎ᠠ ᠭᠢᠴᠢᠢ ᠪᠡᠷ ᠪᠢ ᠶᠠᠭᠠᠬᠢᠬᠤ ᠶᠤᠮ ᠪᠣᠢ ᠭᠡᠳ ᠯᠡ ᠲᠦᠮᠡᠨ ᠵᠦᠢᠯ ᠦ᠋ᠨ ᠶᠠᠭᠤᠮ᠎ᠠ ᠶᠠᠷᠢᠳᠠᠭ ᠪᠠᠢᠯ᠎ᠠ᠃ ᠨᠢᠭᠡ ᠡᠳᠦᠷ ᠴᠠᠮ ᠳᠡᠭᠡᠷ᠎ᠡ ᠨᠥᠭᠥᠭᠡᠬᠢ ᠴᠢᠨᠢ ᠡᠬᠡᠨᠡᠷ ᠲᠡᠢ ᠪᠡᠨ ᠢᠵᠢᠯᠬᠡᠨ ᠪᠣᠷᠣ ᠮᠣᠷᠢ ᠣᠨᠣᠴᠢᠬᠠᠭᠰᠠᠨ ᠭᠤᠩᠬᠠᠨ ᠶᠠᠪᠤᠵᠤ ᠪᠠᠢᠨ᠎ᠠ᠃ ᠲᠡᠭᠡᠭᠡᠳ ᠪᠢᠳᠡᠨ ᠦ᠌ ᠬᠠᠵᠠᠭᠤ ᠪᠠᠷ ᠭᠠᠷᠬᠤ ᠳ᠋ᠠᠭᠠᠨ ᠲᠠᠨᠢᠬᠤ ᠦᠭᠡᠢ ᠬᠥᠮᠦᠨ ᠰᠢᠭ ᠶᠠᠪᠤᠭᠰᠠᠨ᠃ ᠪᠠᠰᠠ ᠨᠥᠭᠦᠭᠡ ᠮᠠᠭᠤ ᠮᠠᠭᠤᠬᠠᠢ ᠶ᠋ᠢ ᠨᠢ ᠳᠠᠭᠤᠳᠠᠳᠠᠭ ᠡᠬᠡᠨᠡᠷ ᠢ᠋ᠶ᠋ᠡᠨ ᠮᠣᠷᠢᠨ ᠡᠴᠡ ᠨᠢ ᠰᠤᠭᠤᠳᠠᠨ ᠪᠠᠭᠤᠯᠭᠠᠵᠤ ᠪᠠᠢᠭᠰᠠᠨ ᠢ᠋ ᠶᠠᠭᠠᠬᠢᠨ᠎ᠠ ᠭᠡᠨ᠎ᠡ᠃ ᠣᠷᠣᠢ ᠨᠢ ᠵᠠᠪ ᠴᠢᠯᠥᠭᠡ ᠣᠯᠵᠤ ᠮᠠᠨ ᠤ᠋ ᠳ᠋ᠤ᠌ ᠢᠷᠡᠭᠰᠡᠨ᠃ ᠪᠢ ᠵᠠᠳᠠ ᠵᠠᠩᠨᠠᠶᠠ ᠭᠡᠰᠡᠨ ᠳ᠋ᠦ᠍ ᠴᠢᠮᠡᠭ ᠬᠣᠷᠢᠵᠤ 《ᠶᠠᠭᠠᠬᠢᠬᠤ ᠶᠤᠮ ᠪᠣᠢ᠃ ᠪᠢ ᠠᠪᠳᠠᠭ ᠢ᠋ᠶ᠋ᠠᠨ ᠯᠠ ᠠᠪᠴᠤ ᠪᠠᠢᠪᠠᠯ ᠪᠣᠯᠤᠯ᠎ᠠ》 ᠭᠡᠰᠡᠨ᠃ ᠡᠷᠡᠴᠦᠳ ᠭᠡᠳᠡᠭ ᠴᠢᠨᠢ ᠡᠢᠮᠦ ᠯᠡ ᠪᠠᠢᠳᠠᠭ ᠶᠤᠮ ᠳᠠ᠃
᠊᠊᠊᠊᠊᠊᠊᠊᠊᠊᠊᠊᠊᠊᠊ ᠡᠷᠳᠡᠨᠢ ᠮᠢᠨᠢ ᠴᠦ᠍ ᠲᠡᠢᠮᠦ ᠬᠥᠮᠦᠨ ᠪᠢᠰᠢ ᠠ᠋᠃
᠊᠊᠊᠊᠊᠊᠊᠊᠊᠊᠊᠊᠊᠊᠊ ᠴᠢ ᠠᠯᠬᠤᠮ ᠪᠦᠬᠦᠨ ᠳ᠋ᠦ᠍ᠨᠢ ᠳᠠᠭᠠᠵᠤ ᠶᠠᠪᠤᠭ᠎ᠠ ᠦᠭᠡᠢ ᠰᠢᠦ ᠳᠡ᠃ ᠴᠢᠮᠠᠶ᠋ᠢ ᠱᠠᠯᠵᠠ ᠰᠢᠭ᠋ ᠬᠠᠶᠠᠵᠤ ᠣᠷᠬᠢᠭᠠᠳ ᠶᠠᠪᠤᠭᠰᠠᠨ ᠡᠴᠡ ᠬᠣᠢᠰᠢ ᠶᠠᠭᠤ ᠬᠢᠵᠦ ᠶᠠᠪᠤᠭ᠎ᠠ ᠶ᠋ᠢ ᠬᠡᠨ ᠮᠡᠳᠡᠬᠦ ᠪᠣᠢ ᠳᠠ᠃
ᠡᠨᠡ ᠬᠣᠶᠠᠷ ᠬᠡᠴᠢᠨᠡᠨ ᠶᠠᠷᠢᠪᠠᠴᠤ ᠴᠡᠴᠡᠭ ᠬᠡᠦᠬᠡᠨ ᠡᠷ᠎ᠡ ᠬᠥᠮᠦᠨ ᠦ᠌ ᠰᠢᠪᠰᠢᠭᠲᠦ ᠶᠠᠪᠤᠳᠠᠯ ᠢ᠋ ᠪᠠᠷᠢᠮᠲᠠ ᠪᠠᠷ ᠨᠤᠲᠠᠯᠠᠪᠠᠴᠤ ᠡᠷᠳᠡᠨᠢ ᠶ᠋ᠢᠨ ᠲᠤᠬᠠᠢ ᠲᠤᠯᠭᠠᠷ ᠤ᠋ᠨ ᠪᠣᠳᠣᠯ ᠢ᠋ ᠥᠭᠡᠷᠡᠴᠢᠯᠡᠵᠦ ᠡᠰᠡ ᠴᠢᠳᠠᠯ᠎ᠠ᠃ ᠡᠷᠳᠡᠨᠢ ᠶ᠋ᠢᠨ ᠲᠤᠬᠠᠢ ᠲᠤᠯᠭᠠᠷ ᠤ᠋ᠨ ᠪᠣᠳᠣᠯ ᠢ᠋ ᠠᠮᠢᠳᠤᠷᠠᠯ ᠮᠡᠳᠡᠬᠦ ᠦᠭᠡᠢ᠂ ᠭᠡᠨᠡᠨ ᠴᠠᠭᠠᠨ ᠰᠡᠳᠬᠢᠯ ᠭᠡᠵᠦ ᠴᠡᠴᠡᠭ ᠰᠠᠨᠠᠳᠠᠭ ᠪᠣᠯ ᠡᠷ᠎ᠡ ᠬᠥᠮᠦᠨ ᠦ᠌ ᠲᠤᠬᠠᠢ᠂ ᠴᠡᠴᠡᠭ ᠦ᠋ᠨ ᠪᠣᠳᠣᠯ ᠢ᠋ ᠣᠯᠠᠨ ᠬᠥᠮᠦᠨ ᠳ᠋ᠦ᠍ ᠬᠠᠭᠤᠷᠲᠠᠭᠰᠠᠨ ᠰᠡᠳᠬᠢᠯ ᠦ᠋ᠨ ᠪᠤᠬᠢᠨᠢᠳᠤᠯ ᠭᠡᠵᠦ ᠲᠤᠯᠭᠠᠷ ᠰᠠᠨᠠᠳᠠᠭ ᠪᠠᠢᠨ᠎ᠠ᠃ ᠬᠠᠢᠷ᠎ᠠ ᠰᠡᠳᠬᠢᠯ ᠬᠠᠯᠠᠮᠵᠢᠲᠠᠢ ᠨᠥᠬᠥᠷ ᠭᠡᠵᠦ ᠶᠠᠭᠤ ᠪᠠᠢᠳᠠᠭ ᠢ᠋ ᠦᠵᠡᠭᠡ ᠦᠭᠡᠢ ᠴᠡᠴᠡᠭ ᠥᠪᠡᠷ ᠡᠴᠡ ᠨᠢ ᠢᠯᠡᠭᠦᠦ ᠵᠣᠪᠠᠭᠰᠠᠨ ᠬᠥᠮᠦᠨ ᠭᠡᠵᠦ ᠲᠤᠯᠭᠠᠷ ᠦᠷᠦ ᠡᠪᠡᠳᠦᠨ᠎ᠡ᠃ ᠲᠤᠯᠭᠠᠷ ᠪᠣᠯ ᠬᠠᠢᠷ᠎ᠠ ᠰᠡᠳᠬᠢᠯ ᠢ᠋ ᠰᠠᠢᠨ ᠮᠡᠳᠡᠨ᠎ᠡ᠃ ᠡᠷᠳᠡᠨᠢ ᠲᠡᠢ ᠪᠡᠨ ᠪᠠᠢᠬᠤ ᠳ᠋ᠠᠭᠠᠨ ᠵᠣᠪᠠᠯᠠᠩ ᠤ᠋ᠨ ᠳᠤᠮᠳᠠ ᠡᠴᠡ ᠵᠢᠷᠭᠠᠯ ᠣᠯᠵᠤ ᠴᠢᠳᠠᠳᠠᠭ ᠪᠠᠢᠭᠰᠠᠨ᠃ ᠦᠨᠡᠨ ᠰᠡᠳᠬᠢᠯ ᠢ᠋ᠶ᠋ᠡᠷ ᠬᠥᠮᠦᠨ ᠳ᠋ᠦ᠍ ᠬᠠᠢᠷᠠᠯᠠᠭᠳᠠᠬᠤ᠂ ᠬᠥᠮᠦᠨ ᠢ᠋ ᠬᠠᠢᠷᠠᠯᠠᠬᠤ ᠶ᠋ᠢᠨ ᠵᠢᠷᠭᠠᠯ ᠢ᠋ ᠲᠤᠯᠭᠠᠷ ᠮᠡᠳᠡᠳᠡᠭ ᠤᠴᠢᠷ ᠡᠴᠡ ᠲᠡᠭᠦᠨ ᠦ᠌ ᠰᠠᠢᠨ ᠰᠠᠢᠬᠠᠨ ᠤ᠋ ᠠᠮᠲᠠ ᠶ᠋ᠢ ᠦᠵᠡᠭᠡ ᠦᠭᠡᠢ ᠴᠡᠴᠡᠭ ᠢ᠋ ᠬᠣᠷᠸ᠎ᠠ ᠶ᠋ᠢᠨ ᠬᠢᠷᠢ ᠬᠡᠮᠵᠢᠶᠡᠨ ᠡᠴᠡ ᠬᠡᠲᠦᠷᠡᠭᠰᠡᠨ ᠵᠣᠪᠠᠯᠠᠩ ᠲᠠᠢ ᠭᠤᠨᠢᠭ ᠳᠦᠭᠦᠷᠡᠩ ᠠᠮᠢᠳᠤᠷᠠᠵᠤ ᠶᠠᠪᠤᠭ᠎ᠠ ᠬᠥᠮᠦᠨ ᠭᠡᠵᠦ ᠬᠠᠢᠷᠠᠯᠠᠨ᠎ᠠ᠃
᠊᠊᠊᠊᠊᠊᠊᠊᠊᠊᠊᠊᠊᠊᠊ ᠴᠢ ᠬᠥᠮᠦᠨ ᠳ᠋ᠦ᠍ ᠰᠡᠳᠬᠢᠯ ᠲᠡᠢ ᠪᠣᠯᠵᠤ ᠦᠵᠡᠭᠰᠡᠨ ᠤᠤ? ᠭᠡᠵᠦ ᠲᠤᠯᠭᠠᠷ ᠠᠰᠠᠭᠤᠪᠠ᠃
ᠴᠡᠴᠡᠭ ᠴᠣᠴᠢᠮᠠᠭ ᠢ᠋ᠶ᠋ᠠᠷ ᠲᠤᠯᠭᠠᠷ ᠢ᠋ ᠬᠠᠷᠠᠭᠰᠠᠨ ᠢ᠋ᠶ᠋ᠠᠨ ᠬᠠᠷᠠᠴᠠ ᠪᠠᠨ ᠪᠤᠷᠤᠭᠤᠯᠠᠵᠤ ᠭᠠᠵᠠᠷ ᠱᠠᠭᠠᠢᠨ ᠨᠠᠮ ᠪᠥᠭᠡᠳ ᠭᠡᠮᠰᠢᠯ ᠲᠡᠢ ᠳᠠᠭᠤ ᠪᠠᠷ᠄
᠊᠊᠊᠊᠊᠊᠊᠊᠊᠊᠊᠊᠊᠊᠊ ᠦᠵᠡᠭᠰᠡᠨ ᠁ ᠲᠡᠷᠡ ᠨᠠᠮᠠᠢ ᠨᠢᠭᠡᠨ ᠴᠠᠭ ᠤ᠋ᠨ ᠵᠤᠭ᠎ᠠ ᠬᠢᠵᠦ ᠦᠵᠡᠭᠰᠡᠨ᠃ ᠶᠠᠪᠤᠬᠤ ᠳ᠋ᠤᠨᠢ ᠪᠢ ᠠᠷᠭ᠎ᠠ ᠪᠠᠷᠠᠭᠳᠠᠵᠤ ᠪᠥᠭᠡᠵᠢ ᠪᠡᠨ ᠲᠠᠢᠯᠵᠤ ᠥᠭᠬᠦ ᠳ᠋ᠦ᠍ ᠠᠪᠤᠭ᠎ᠠ ᠦᠭᠡᠢ᠃ ᠣᠳᠣ ᠪᠣᠳᠣᠬᠤ ᠳ᠋ᠤ᠌ ᠪᠢ ᠮᠥᠨ ᠴᠦ᠍ ᠲᠡᠨᠡᠭ ᠪᠠᠢᠵᠠᠢ ᠳᠠ ᠭᠡᠳ ᠰᠠᠨᠠᠭ᠎ᠠ ᠠᠯᠳᠠᠵᠠᠢ᠃
ᠦᠳᠡ ᠶ᠋ᠢᠨ ᠨᠠᠷᠠ ᠬᠡᠯᠪᠡᠢᠵᠦ᠂ ᠲᠡᠭᠷᠢ ᠶᠡᠷᠦ ᠪᠤᠰᠤ ᠶ᠋ᠢᠨ ᠵᠥᠭᠡᠯᠡᠬᠡᠨ ᠪᠥᠭᠡᠳ ᠪᠦᠯᠢᠶᠡᠨ ᠥᠩᠭᠡ ᠪᠡᠷ ᠭᠡᠢᠭᠦᠯᠦᠨ᠂ ᠨᠢᠯᠬ᠎ᠠ ᠨᠣᠭᠣᠭᠠᠨ ᠤ᠋ ᠬᠤᠷᠴᠠ ᠦᠨᠦᠷ ᠦᠯᠦ ᠮᠡᠳᠡᠭ ᠰᠠᠯᠬᠢᠨ ᠤ᠋ ᠠᠶᠠᠰ ᠢ᠋ᠶ᠋ᠠᠷ ᠬᠠᠩᠬᠤᠯᠤᠨ᠎ᠠ᠃ ᠬᠠᠵᠠᠭᠤ ᠶ᠋ᠢᠨ ᠠᠭᠤᠯᠠᠨ ᠳ᠋ᠤ᠌ ᠬᠥᠬᠥᠭᠡ ᠶ᠋ᠢᠨ ᠳᠠᠭᠤ ᠴᠢᠬᠢ ᠶ᠋ᠢᠨ ᠦᠵᠦᠭᠦᠷ ᠲᠦ᠍ ᠰᠣᠨᠣᠰᠤᠭᠳᠠᠨ᠂ ᠡᠮᠦᠨᠡᠬᠢ ᠠᠭᠤᠯᠠ ᠶ᠋ᠢ ᠳᠠᠪᠠᠵᠤ ᠢᠷᠡᠭᠰᠡᠨ ᠨᠡᠭᠦᠳᠡᠯ ᠦ᠋ᠨ ᠰᠢᠪᠠᠭᠤᠨ ᠤ᠋ ᠵᠢᠷᠤᠮ ᠲᠠᠢ ᠴᠤᠪᠤᠭ᠎ᠠ ᠲᠠᠮᠢᠷ ᠤ᠋ᠨ ᠭᠣᠣᠯ ᠤ᠋ᠨ ᠪᠠᠷ᠎ᠠ ᠪᠠᠷ ᠭᠣᠳᠣᠢᠨ ᠴᠠᠭᠠᠳᠤᠬᠢ ᠬᠠᠷ᠎ᠠ ᠡᠩᠭᠡᠷ ᠲᠦ᠍ ᠰᠢᠩᠭᠡᠨ᠎ᠡ᠃
ᠲᠠᠮᠢᠷ ᠤ᠋ᠨ ᠭᠣᠣᠯ ᠤ᠋ᠨ ᠵᠦᠭ ᠡᠴᠡ ᠪᠠᠷᠠᠭᠠᠨ ᠮᠣᠷᠢ ᠲᠠᠢ ᠬᠣᠶᠠᠷ ᠬᠥᠮᠦᠨ ᠪᠠᠶᠠᠷ ᠤ᠋ᠨ ᠭᠡᠷ ᠦ᠋ᠨ ᠵᠦᠭ ᠶᠠᠭᠤᠮᠠᠨ ᠳ᠋ᠤ᠌ ᠬᠥᠭᠡᠭᠡᠭᠳᠡᠭᠰᠡᠨ ᠮᠡᠲᠦ ᠬᠤᠷᠳᠤᠯᠠᠨ ᠳᠠᠪᠬᠢᠭᠰᠠᠭᠠᠷ ᠨᠠᠷᠢᠬᠠᠨ ᠭᠣᠣᠯ ᠤ᠋ᠨ ᠵᠦᠯᠭᠡᠨ ᠳᠡᠭᠡᠷ᠎ᠡ ᠰᠠᠭᠤᠭᠠᠳ ᠰᠢᠷᠢ ᠵᠦᠰᠦᠵᠦ ᠰᠠᠭᠤᠭᠰᠠᠨ ᠬᠣᠶᠠᠷ ᠬᠡᠦᠬᠡᠨ ᠦ᠌ ᠳᠡᠷᠭᠡᠳᠡᠭᠦᠷ ᠭᠠᠷᠬᠤ ᠭᠡᠰᠡᠨ ᠢ᠋ᠶ᠋ᠡᠨ ᠨᠢᠭᠡ ᠨᠢ 《ᠲᠡᠷᠡ ᠪᠠᠢᠨ᠎ᠠ》 ᠭᠡᠯᠡ᠃
ᠲᠤᠯᠭᠠᠷ ᠰᠢᠷᠢ ᠵᠦᠰᠦᠵᠦ ᠪᠠᠢᠭᠰᠠᠨ ᠬᠢᠲᠤᠭ᠎ᠠ ᠪᠠᠨ ᠰᠢᠳᠡᠭᠡᠳ᠂ ᠬᠢᠬᠤᠷᠠᠭᠰᠠᠨ ᠳᠠᠭᠤ ᠪᠠᠷ᠄
᠊᠊᠊᠊᠊᠊᠊᠊᠊᠊᠊᠊᠊᠊᠊ ᠡᠷᠳᠡᠨᠢ ᠮᠢᠨᠢ᠂ ᠬᠡᠯᠡᠭᠡ ᠦᠭᠡᠢ ᠤᠤ? ᠭᠡᠵᠦ ᠬᠠᠰᠬᠢᠷᠤᠭᠠᠳ ᠭᠦᠶᠦᠭᠰᠡᠨ ᠢ᠋ᠶ᠋ᠡᠨ ᠵᠣᠭ ᠲᠣᠰᠣᠨ ᠵᠣᠭᠰᠣᠪᠠ᠃
ᠡᠷᠳᠡᠨᠢ ᠮᠣᠷᠢᠨ ᠡᠴᠡ ᠦᠰᠦᠷᠦᠨ ᠪᠠᠭᠤᠭᠠᠳ ᠲᠤᠯᠭᠠᠷ ᠤ᠋ᠨ ᠡᠮᠦᠨ᠎ᠡ ᠡᠴᠡ ᠲᠣᠮᠣ ᠲᠣᠮᠣ ᠠᠯᠬᠤᠭᠠᠳ ᠣᠴᠢᠬᠤ ᠳ᠋ᠤ᠌ ᠲᠤᠯᠭᠠᠷ ᠤ᠋ᠨ ᠨᠢᠳᠦᠨ ᠡᠴᠡ ᠨᠢᠯᠪᠤᠰᠤ ᠠᠰᠬᠠᠷᠠᠨ ᠭᠡᠳᠡᠷᠭᠦ ᠪᠡᠨ ᠥᠪᠡᠷ ᠦ᠋ᠨ ᠮᠠᠲᠠᠯ ᠦᠭᠡᠢ ᠤᠨᠠᠪᠠ᠃ ᠡᠮᠦᠨ᠎ᠡ ᠡᠴᠡ ᠨᠢ ᠢᠷᠡᠵᠦ ᠶᠠᠪᠤᠭ᠎ᠠ ᠬᠥᠮᠦᠨ ᠶᠠᠭᠠᠬᠢᠬᠤ ᠶ᠋ᠢᠨ ᠠᠷᠭ᠎ᠠ ᠦᠭᠡᠢ ᠡᠷᠳᠡᠨᠢ ᠮᠥᠨ ᠪᠣᠯᠪᠠᠴᠤ ᠪᠢᠰᠢᠭᠦᠷᠬᠡᠬᠦ ᠡᠪ ᠦᠭᠡᠢᠴᠡᠬᠦ ᠰᠡᠳᠬᠢᠯ ᠪᠠᠳᠠᠷᠠᠵᠠᠢ᠃ ᠡᠨᠡ ᠰᠠᠢᠬᠠᠨ ᠠᠭᠤᠯᠵᠠᠯᠲᠠ ᠡᠴᠡ ᠬᠣᠢᠰᠢ ᠬᠡᠳᠦ ᠬᠣᠨᠣᠪᠠ᠃
ᠬᠠᠪᠤᠷ ᠤ᠋ᠨ ᠠᠳᠠᠭ ᠰᠠᠷ᠎ᠠ ᠶ᠋ᠢᠨ ᠴᠡᠯᠮᠡᠭ ᠡᠳᠦᠷ ᠴᠢᠭᠢᠭᠲᠡᠢ ᠬᠣᠷᠸ᠎ᠠ ᠡᠴᠡ ᠳᠡᠭᠳᠡᠭᠰᠡᠨ ᠪᠤᠳᠠᠩ ᠳ᠋ᠤ᠌ ᠭᠠᠩᠳᠠᠭᠰᠠᠨ ᠬᠠᠭᠤᠴᠢᠨ ᠴᠡᠩᠬᠡᠷ ᠲᠣᠷᠭᠠᠨ ᠤ᠋ ᠥᠩᠭᠡ ᠲᠡᠢ ᠪᠣᠯᠤᠭᠰᠠᠨ ᠲᠡᠭᠷᠢ ᠳ᠋ᠦ᠍ ᠮᠠᠨᠳᠤᠭᠰᠠᠨ ᠨᠠᠷᠠ ᠶᠢᠷᠲᠢᠨᠴᠦ ᠶ᠋ᠢ ᠰᠢᠷᠠᠵᠤ ᠲᠦᠯᠡᠬᠦ ᠦᠭᠡᠢ ᠪᠣᠯᠪᠠᠴᠤ ᠲᠠᠭᠠᠲᠠᠢ ᠳᠤᠯᠠᠭᠠᠨ ᠢᠯᠴᠢ ᠪᠡᠷ ᠵᠢᠩᠨᠡᠬᠦ ᠨᠢ ᠶᠠᠭᠤᠲᠠᠢ ᠰᠠᠢᠬᠠᠨ ᠪᠢᠯᠡ᠃ ᠡᠢᠮᠦ ᠡᠳᠦᠷ ᠨᠢᠷᠤᠭᠤ ᠪᠠᠨ ᠨᠠᠷᠠᠨ ᠳ᠋ᠤ᠌ ᠡᠭᠡᠭᠡᠵᠦ᠂ ᠤᠳᠠᠭᠠᠨ ᠰᠠᠭᠤᠬᠤ ᠳ᠋ᠤ᠌ ᠨᠠᠷᠠᠨ ᠤ᠋ ᠢᠯᠴᠢ ᠪᠡᠶ᠎ᠡ ᠶ᠋ᠢᠨ ᠰᠢᠷᠬᠡᠭ ᠪᠦᠬᠦᠨ ᠳ᠋ᠦ᠍ ᠰᠢᠩᠭᠡᠨ ᠣᠷᠣᠳᠠᠭ ᠪᠥᠭᠡᠳ ᠪᠡᠶ᠎ᠡ ᠲᠡᠨᠢᠢᠳᠡᠭ ᠪᠢᠯᠡ᠃ ᠭᠡᠪᠡᠴᠦ ᠬᠠᠢᠷ᠎ᠠ ᠨᠢ ᠬᠦᠷᠦᠵᠦ ᠴᠠᠪᠳᠠᠭ ᠪᠣᠯᠤᠭᠰᠠᠨ ᠰᠡᠳᠬᠢᠯ ᠢ᠋ ᠡᠢᠮᠦ ᠨᠠᠷᠠ ᠬᠡᠴᠢᠨᠡᠨ ᠵᠢᠩᠨᠡᠪᠡᠴᠦ ᠪᠦᠯᠢᠶᠡᠴᠡᠭᠦᠯᠵᠦ ᠦᠯᠦ ᠴᠢᠳᠠᠨ᠎ᠠ᠃
ᠪᠠᠶᠠᠷ ᠭᠤᠸᠠᠢ ᠶ᠋ᠢᠨ ᠪᠣᠷᠣ ᠭᠡᠷ ᠡᠴᠡ ᠮᠣᠷᠢᠨ ᠤ᠋ ᠠᠷᠭᠠᠮᠵᠢᠶ᠎ᠠ ᠶ᠋ᠢᠨ ᠵᠠᠢᠲᠠᠢ ᠭᠠᠵᠠᠷ ᠲᠤᠯᠭᠠᠷ᠂ ᠡᠷᠳᠡᠨᠢ ᠬᠣᠶᠠᠷ ᠵᠡᠷᠭᠡᠴᠡᠨ ᠰᠠᠭᠤᠭᠠᠳ ᠶᠠᠷᠢᠯᠴᠠᠨ᠎ᠠ᠃ ᠭᠡᠷ ᠡᠴᠡ ᠳᠠᠵᠢᠳ ᠠᠪᠠᠭᠠᠢ ᠪᠠᠢᠨ ᠪᠠᠢᠨ ᠱᠠᠭᠠᠢᠵᠤ ᠲᠡᠷᠡ ᠵᠦᠭ ᠬᠠᠷᠠᠭᠠᠳ ᠭᠦᠨ ᠰᠠᠨᠠᠭ᠎ᠠ ᠠᠯᠳᠠᠨ᠎ᠠ᠃ ᠣᠯᠠᠨ ᠵᠢᠯ ᠦ᠋ᠨ ᠲᠤᠷᠰᠢ ᠬᠦᠯᠢᠶᠡᠭᠰᠡᠨ ᠬᠥᠮᠦᠨ ᠲᠡᠢ ᠪᠡᠨ ᠠᠭᠤᠯᠵᠠᠭᠰᠠᠨ ᠲᠤᠯᠭᠠᠷ ᠤ᠋ᠨ ᠴᠢᠷᠠᠢ ᠡᠳᠦᠷ ᠥᠩᠭᠡᠷᠡᠬᠦ ᠳᠣᠳᠣᠮ ᠪᠠᠶᠠᠷ᠂ ᠵᠢᠷᠭᠠᠯ ᠢ᠋ᠶ᠋ᠠᠷ ᠪᠢᠰᠢ᠂ ᠤᠢᠳᠬᠠᠷ ᠭᠤᠨᠢᠭ ᠢ᠋ᠶ᠋ᠠᠷ ᠳᠦᠭᠦᠷᠬᠦ ᠪᠣᠯᠤᠭᠰᠠᠨ ᠢ᠋ ᠲᠠᠭᠠᠪᠤᠷᠢᠯᠠᠭᠰᠠᠨ ᠳᠠᠵᠢᠳ ᠭᠤᠸᠠᠢ ᠶ᠋ᠢᠨ ᠰᠡᠳᠬᠢᠯ ᠰᠢᠨᠠᠯᠵᠤ ᠡᠬᠢᠯᠡᠪᠡ᠃ ᠭᠡᠬᠦ ᠳ᠋ᠡᠭᠡᠨ ᠵᠢᠷᠭᠠᠯ ᠵᠠᠪᠠᠯ ᠠᠪᠴᠢᠷᠠᠪᠠᠯ ᠵᠣᠬᠢᠬᠤ ᠡᠨᠡ ᠤᠴᠠᠷᠠᠯ᠂ ᠶᠠᠭᠠᠬᠢᠭᠠᠳ ᠭᠤᠨᠢᠭ ᠠᠪᠴᠢᠷᠠᠭᠰᠠᠨ ᠨᠢ ᠳᠠᠯᠠᠨ ᠠᠭᠤᠯᠠ ᠶ᠋ᠢᠨ ᠴᠠᠭᠠᠳᠤᠬᠢ ᠨᠢᠭᠤᠴᠠ ᠪᠣᠯᠬᠣᠷ ᠡᠨᠡ ᠬᠣᠶᠠᠷ ᠤ᠋ᠨ ᠬᠡᠷᠡᠭ ᠲᠦ᠍ ᠪᠠᠷᠢᠨ ᠲᠠᠯᠪᠢᠨ ᠣᠷᠣᠯᠴᠠᠵᠤ ᠦᠯᠦ ᠴᠢᠳᠠᠨ᠎ᠠ᠃
᠊᠊᠊᠊᠊᠊᠊᠊᠊᠊᠊᠊᠊᠊᠊ ᠬᠦᠦ ᠮᠢᠨᠢ ᠲᠠ ᠬᠣᠶᠠᠷ ᠶᠠᠭᠤ ᠪᠣᠯᠤᠭᠠᠳ ᠪᠠᠢᠨ᠎ᠠ ᠳᠠ? ᠭᠡᠵᠦ ᠥᠩᠭᠡᠷᠡᠭᠰᠡᠨ ᠣᠷᠣᠢ ᠬᠤᠷᠠᠭ᠎ᠠ ᠬᠠᠰᠢᠵᠤ ᠪᠠᠢᠬᠤ ᠳ᠋ᠠᠭᠠᠨ ᠲᠤᠯᠭᠠᠷ ᠡᠴᠡ ᠠᠰᠠᠭᠤᠵᠠᠢ᠃
᠊᠊᠊᠊᠊᠊᠊᠊᠊᠊᠊᠊᠊᠊᠊ ᠶᠠᠭᠤ ᠴᠤ᠌ ᠪᠣᠯᠤᠭ᠎ᠠ ᠦᠭᠡᠢ᠂ ᠡᠵᠢ ᠮᠢᠨᠢ ᠭᠡᠵᠦ ᠲᠤᠯᠭᠠᠷ ᠬᠡᠯᠡᠭᠡᠳ ᠳᠠᠬᠢᠨ ᠳᠤᠤᠭᠠᠷᠤᠭᠰᠠᠨ ᠦᠭᠡᠢ᠃
ᠡᠷᠳᠡᠨᠢ ᠶ᠋ᠢ ᠢᠷᠡᠭᠰᠡᠨ ᠡᠳᠦᠷ ᠲᠤᠯᠭᠠᠷ ᠬᠢᠵᠠᠭᠠᠷ ᠦᠭᠡᠢ ᠪᠠᠶᠠᠷᠯᠠᠵᠤ ᠪᠠᠢᠬᠤ ᠰᠢᠭ᠋ ᠬᠣᠶᠠᠷ ᠬᠥᠭᠰᠢᠨ ᠳ᠋ᠦ᠍ ᠰᠠᠨᠠᠭᠳᠠᠭᠰᠠᠨ ᠪᠢᠯᠡ᠃ ᠢᠷᠡᠭᠰᠡᠨ ᠣᠷᠣᠢ ᠪᠠᠨ ᠪᠤᠴᠠᠭᠰᠠᠨ ᠢᠲᠡᠭᠡᠯᠲᠦ ᠶᠠᠪᠤᠬᠤ ᠳ᠋ᠠᠭᠠᠨ 《ᠰᠠᠢᠬᠠᠨ ᠦᠶ᠎ᠡ ᠳ᠋ᠦ᠍ ᠮᠠᠭᠤᠬᠠᠢ ᠪᠦᠬᠦᠨ ᠢ᠋ ᠮᠠᠷᠲᠠᠬᠤ ᠶᠣᠰᠣᠲᠠᠢ ᠶᠤᠮ ᠰᠢᠦ》 ᠭᠡᠬᠦ ᠳ᠋ᠦ᠍ 《ᠶᠣᠰᠣᠲᠠᠢ ᠳᠠ᠃ ᠬᠦᠦ ᠮᠢᠨᠢ᠃ ᠠᠮᠢᠳᠤ ᠶᠠᠪᠤᠭᠰᠠᠨ ᠬᠥᠮᠦᠨ ᠠᠯᠲᠠᠨ ᠠᠶᠠᠭᠠᠨ ᠡᠴᠡ ᠤᠰᠤ ᠤᠤᠭᠤᠨ᠎ᠠ ᠭᠡᠳᠡᠭ ᠡᠨᠡ ᠰᠢᠦ ᠳᠡ》 ᠭᠡᠵᠦ ᠳᠠᠵᠢᠳ ᠭᠤᠸᠠᠢ ᠬᠡᠯᠡᠵᠡᠢ᠃
ᠲᠡᠭᠦᠨ ᠡᠴᠡ ᠬᠣᠢᠰᠢ ᠲᠠᠪᠤᠨ ᠡᠳᠦᠷ ᠥᠩᠭᠡᠷᠡᠪᠡ᠃ ᠭᠡᠲᠡᠯ᠎ᠡ ᠲᠤᠯᠭᠠᠷ᠂ ᠡᠷᠳᠡᠨᠢ ᠬᠣᠶᠠᠷ ᠤ᠋ᠨ ᠬᠠᠷᠢᠴᠠᠭᠠᠨ ᠳ᠋ᠤ᠌ ᠦᠯᠡᠮᠵᠢ ᠥᠭᠡᠷᠡᠴᠢᠯᠡᠯᠲᠡ ᠪᠣᠢ ᠪᠣᠯᠵᠠᠢ᠃
᠊᠊᠊᠊᠊᠊᠊᠊᠊᠊᠊᠊᠊᠊᠊ ᠡᠪᠦᠭᠡᠨ ᠮᠢᠨᠢ᠃ ᠡᠨᠡ ᠬᠣᠶᠠᠷ ᠨᠢᠭᠡ ᠯᠡ ᠪᠢᠰᠢ᠃ ᠪᠡᠶ᠎ᠡ ᠪᠡᠶ᠎ᠡ ᠳ᠋ᠡᠭᠡᠨ ᠭᠣᠮᠣᠳᠠᠭᠰᠠᠨ ᠰᠡᠳᠬᠢᠯ ᠨᠢ ᠡᠪᠯᠡᠷᠡᠵᠦ ᠥᠭᠬᠦ ᠦᠭᠡᠢ ᠪᠠᠢᠭ᠎ᠠ ᠪᠣᠯᠤᠯᠲᠠᠢ᠃ ᠶᠠᠷᠢᠵᠤ ᠰᠤᠷᠭᠠᠵᠤ ᠥᠭᠭᠦᠶ᠎ᠡ ᠭᠡᠵᠦ ᠳᠠᠵᠢᠳ ᠭᠤᠸᠠᠢ ᠡᠪᠦᠭᠡᠨ ᠳ᠋ᠡᠭᠡᠨ ᠬᠡᠯᠡᠵᠡᠢ᠃
᠊᠊᠊᠊᠊᠊᠊᠊᠊᠊᠊᠊᠊᠊᠊ ᠶᠠᠭᠠᠷᠠᠪᠠᠯ ᠲᠠᠭᠠᠷᠠᠨ᠎ᠠ ᠭᠡᠳᠡᠭ᠃ ᠪᠣᠯᠬᠤ ᠦᠭᠡᠢ ᠬᠠᠷᠠᠵᠤ ᠪᠠᠢᠵᠤ ᠪᠠᠭᠤᠷᠢ ᠲᠠᠢ ᠬᠥᠳᠡᠯᠦᠨ᠎ᠡ ᠰᠢᠦ᠃ ᠡᠮᠵᠡᠭ ᠶᠠᠭᠤᠮᠠᠨ ᠳ᠋ᠤ᠌ ᠡᠪ ᠦᠭᠡᠢ ᠬᠦᠷᠪᠡᠯ ᠲᠠᠰᠤᠯᠵᠤ ᠣᠷᠬᠢᠨ᠎ᠠ᠃ ᠲᠡᠭᠡᠪᠡᠯ ᠶᠣᠰᠣᠲᠠᠢ ᠯᠠ ᠯᠤᠤᠬ᠎ᠠ ᠶ᠋ᠢ ᠨᠢ ᠠᠪᠬᠤ ᠭᠡᠳ ᠨᠢᠳᠦ ᠶ᠋ᠢ ᠨᠢ ᠰᠣᠬᠣᠯᠤᠨᠠ ᠭᠡᠳᠡᠭ ᠪᠣᠯᠤᠨ᠎ᠠ ᠭᠡᠵᠦ ᠪᠠᠶᠠᠷ ᠭᠤᠸᠠᠢ ᠬᠠᠰᠢᠷᠯᠠᠵᠠᠢ᠃
᠊᠊᠊᠊᠊᠊᠊᠊᠊᠊᠊᠊᠊᠊᠊ ᠶᠠᠭᠠᠬᠢᠳᠠᠭ ᠪᠢᠯᠡ ᠳᠠ᠃ ᠡᠳᠡᠨ ᠦ᠌ ᠬᠣᠭᠣᠷᠣᠨᠳᠣ ᠨᠢᠭᠡ ᠯᠡ ᠮᠠᠭᠤ ᠵᠠᠢ ᠭᠠᠷᠴᠤ ᠣᠷᠬᠢᠯ᠎ᠠ ᠭᠡᠳ ᠠᠪᠠᠭᠠᠢ ᠨᠢᠯᠪᠤᠰᠤ ᠪᠠᠨ ᠰᠠᠯᠪᠠᠩ ᠬᠠᠨᠴᠤᠢ ᠪᠠᠷ ᠨᠤᠬᠤᠯᠠᠨ ᠠᠷᠴᠢᠪᠠ᠃
ᠦᠨᠡᠬᠡᠷ ᠴᠦ᠍ ᠲᠤᠯᠭᠠᠷ ᠡᠷᠳᠡᠨᠢ ᠬᠣᠶᠠᠷ ᠤ᠋ᠨ ᠳᠤᠮᠳᠠ ᠳᠠᠵᠢᠳ ᠭᠤᠸᠠᠢ ᠶ᠋ᠢᠨ ᠬᠡᠯᠡᠳᠡᠭ ᠢ᠋ᠶ᠋ᠡᠷ ᠮᠠᠭᠤ ᠵᠠᠢ ᠪᠣᠢ ᠪᠣᠯᠤᠭᠠᠳ ᠮᠥᠴᠡ ᠥᠩᠭᠡᠷᠡᠬᠦ ᠳᠣᠳᠣᠮ ᠭᠦᠨ ᠪᠣᠯᠵᠤ ᠪᠠᠢᠯ᠎ᠠ᠃ ᠲᠤᠯᠭᠠᠷ ᠣᠷᠬᠢᠭᠠᠳ ᠶᠠᠪᠤᠭᠰᠠᠨ ᠮᠥᠴᠡ ᠡᠴᠡ ᠨᠢ ᠡᠷᠳᠡᠨᠢ ᠶ᠋ᠢ ᠬᠦᠯᠢᠶᠡᠭᠰᠡᠨ᠃ ᠰᠠᠢᠨ ᠴᠦ᠍ ᠬᠦᠯᠢᠶᠡᠭᠰᠡᠨ᠃ ᠦᠨᠡᠨᠴᠢ ᠬᠦᠯᠢᠶᠡᠭᠰᠡᠨ᠃ ᠠᠩᠬ᠎ᠠ ᠠᠭᠤᠯᠵᠠᠭᠠᠳ ᠴᠤ᠌ ᠬᠢᠵᠠᠭᠠᠷ ᠦᠭᠡᠢ ᠪᠠᠶᠠᠷᠯᠠᠭᠰᠠᠨ ᠪᠠᠶᠠᠷ ᠡᠴᠡ ᠬᠥᠮᠦᠨ ᠬᠠᠭᠠᠷᠠᠳᠠᠭ ᠪᠣᠯ ᠲᠤᠯᠭᠠᠷ ᠬᠠᠭᠠᠷᠠᠬᠤ ᠪᠠᠢᠭᠰᠠᠨ᠃ ᠭᠡᠲᠡᠯ᠎ᠡ ᠣᠪᠣᠯᠵᠠᠭᠰᠠᠨ ᠪᠠᠶᠠᠷ ᠨᠢ ᠣᠷᠭᠢᠯᠵᠤ ᠪᠠᠢᠬᠤ ᠳ᠋ᠤ᠌ ᠭᠣᠮᠣᠳᠠᠯ ᠤ᠋ᠨ ᠰᠡᠳᠬᠢᠯ ᠡᠭᠦᠰᠦᠨ ᠭᠠᠷᠴᠤ ᠶᠠᠪᠤᠭᠠᠨ ᠳ᠋ᠠᠭᠠᠨ ᠡᠷᠳᠡᠨᠢ ᠪᠣᠯ ᠬᠦᠯᠢᠶᠡᠵᠦ ᠪᠠᠢᠭᠰᠠᠨ ᠬᠥᠮᠦᠨ ᠨᠢ ᠪᠢᠰᠢ ᠶᠤᠮ ᠰᠢᠭ ᠰᠠᠨᠠᠭᠳᠠᠵᠤ ᠡᠬᠢᠯᠡᠭᠰᠡᠨ᠃ ᠠᠩᠬᠠᠨ ᠳ᠋ᠠᠭᠠᠨ ᠲᠤᠯᠭᠠᠷ ᠡᠨᠡ ᠰᠡᠳᠬᠢᠯ ᠢ᠋ᠶ᠋ᠡᠨ ᠬᠦᠴᠦᠯᠡᠨ ᠳᠠᠷᠤᠬᠤ ᠭᠡᠵᠦ ᠣᠷᠣᠯᠳᠣᠭᠰᠠᠨ᠃ ᠭᠡᠲᠡᠯ᠎ᠡ ᠬᠦᠴᠦᠯᠡᠬᠦ ᠳᠣᠳᠣᠮ ᠡᠷᠳᠡᠨᠢ ᠠᠩᠭᠢᠳᠠ ᠬᠦᠢᠲᠡᠨ ᠪᠣᠯᠵᠤ ᠪᠠᠢᠯ᠎ᠠ᠃
᠊᠊᠊᠊᠊᠊᠊᠊᠊᠊᠊᠊᠊᠊᠊ ᠪᠢ ᠴᠦ᠍ ᠴᠢᠮ᠎ᠠ ᠳ᠋ᠤ᠌ ᠡᠷᠲᠡᠨ ᠦ᠌ ᠲᠤᠯᠭᠠᠷ ᠪᠢᠰᠢ᠂ ᠴᠢ ᠴᠦ᠍ ᠨᠠᠳᠠ ᠳ᠋ᠤ᠌ ᠡᠷᠲᠡᠨ ᠦ᠌ ᠡᠷᠳᠡᠨᠢ ᠪᠢᠰᠢ ᠪᠣᠯᠵᠤ ᠳᠠ᠃ ᠣᠳᠣ ᠴᠤ᠌ ᠴᠢ ᠪᠢᠳᠡ ᠬᠣᠶᠠᠷ ᠤ᠋ᠨ ᠬᠠᠮᠲᠤ ᠠᠮᠢᠳᠤᠷᠠᠳᠠᠭ ᠬᠥᠭ ᠥᠩᠭᠡᠷᠡᠭᠰᠡᠨ ᠪᠣᠯᠤᠯᠲᠠᠢ ᠭᠡᠵᠦ ᠡᠴᠦᠰ ᠲᠦ᠋ᠨᠢ ᠲᠤᠯᠭᠠᠷ ᠬᠡᠯᠡᠵᠡᠢ᠃
᠊᠊᠊᠊᠊᠊᠊᠊᠊᠊᠊᠊᠊᠊᠊ ᠲᠤᠯᠭᠠᠷ ᠮᠢᠨᠢ᠃ ᠪᠢ ᠴᠢᠮᠠᠶ᠋ᠢ ᠭᠣᠮᠣᠳᠠᠭᠠᠭᠰᠠᠨ ᠦᠨᠡᠨ᠃ ᠭᠡᠬᠦ ᠳ᠋ᠡᠭᠡᠨ ᠣᠪᠣᠭ᠎ᠠ ᠪᠣᠰᠠᠭᠭᠠ ᠦᠭᠡᠢ ᠪᠣᠯ ᠱᠠᠭᠠᠵᠠᠭᠠᠢ ᠬᠠᠮᠢᠭ᠎ᠠ ᠡᠴᠡ ᠪᠠᠭᠤᠬᠤ ᠪᠣᠢ ᠭᠡᠵᠦ ᠦᠭᠡ ᠪᠠᠢᠳᠠᠭ᠃ ᠴᠢ ᠪᠣᠳᠣᠭᠠᠴᠢ᠂ ᠪᠢᠳᠡ ᠥᠩᠭᠡᠷᠡᠭᠰᠡᠨ ᠢ᠋ ᠮᠠᠷᠲᠠᠵᠤ᠂ ᠢᠷᠡᠭᠡᠳᠦᠢ ᠪᠡᠨ ᠪᠣᠳᠣᠵᠤ ᠠᠮᠢᠳᠤᠷᠠᠶ᠎ᠠ᠃ ᠪᠢᠳᠡ ᠬᠦᠦ ᠲᠡᠢ ᠰᠢᠦ᠃
᠊᠊᠊᠊᠊᠊᠊᠊᠊᠊᠊᠊᠊᠊᠊ ᠲᠡᠢᠮᠦ ᠠ᠋᠃ ᠬᠦᠦ ᠲᠡᠢ ᠭᠡᠳ ᠲᠤᠯᠭᠠᠷ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ ᠨᠠᠮ ᠲᠠᠯᠪᠢᠭᠤᠨ ᠳᠠᠭᠤ ᠪᠠᠷ᠄
᠊᠊᠊᠊᠊᠊᠊᠊᠊᠊᠊᠊᠊᠊᠊ ᠭᠡᠪᠡᠴᠦ ᠭᠣᠮᠣᠳᠠᠵᠤ ᠬᠦᠢᠲᠡᠷᠡᠭᠰᠡᠨ ᠰᠡᠳᠬᠢᠯ ᠢ᠋ ᠬᠦᠴᠦᠯᠡᠵᠦ ᠪᠣᠯᠳᠠᠭ ᠦᠭᠡᠢ ᠪᠣᠯᠤᠯᠲᠠᠢ᠃ ᠬᠦᠴᠦᠯᠡᠬᠦ ᠭᠡᠪᠡᠯ ᠳᠡᠯᠪᠡᠷᠡᠵᠦ ᠮᠠᠭᠠᠳ ᠪᠠᠢᠨ᠎ᠠ᠃ ᠮᠢᠨᠦ ᠲᠤᠭᠤᠯᠤᠭᠰᠠᠨ ᠵᠣᠪᠠᠯᠠᠩ ᠢ᠋ ᠴᠢ ᠰᠣᠨᠣᠰᠤᠭᠰᠠᠨ᠂ ᠭᠡᠪᠡᠴᠦ ᠦᠵᠡᠭᠡ ᠦᠭᠡᠢ᠁
᠊᠊᠊᠊᠊᠊᠊᠊᠊᠊᠊᠊᠊᠊᠊ ᠵᠣᠪᠠᠯᠠᠩ ᠲᠤᠭᠤᠯᠤᠭᠰᠠᠨ ᠪᠢᠳᠡᠨ ᠦ᠌ ᠰᠡᠳᠬᠢᠯ ᠢᠩᠭᠢᠵᠦ ᠵᠢᠷᠭᠠᠯ ᠤ᠋ᠨ ᠡᠮᠦᠨ᠎ᠡ ᠰᠠᠷᠨᠢᠬᠤ ᠶᠣᠰᠣ ᠦᠭᠡᠢ᠃
᠊᠊᠊᠊᠊᠊᠊᠊᠊᠊᠊᠊᠊᠊᠊ ᠪᠢ ᠶᠠᠮᠠᠷ ᠨᠢᠭᠦᠯ ᠬᠢᠭᠰᠡᠨ ᠬᠥᠮᠦᠨ ᠪᠣᠢ᠃ ᠶᠠᠭᠤᠨ ᠳ᠋ᠤ᠌ ᠲᠡᠷᠡ ᠡᠪᠦᠯ ᠦᠬᠦᠭᠰᠡᠨ ᠦᠭᠡᠢ ᠪᠣᠢ᠃ ᠪᠢ ᠲᠡᠷᠡ ᠡᠪᠦᠯ ᠦᠬᠦᠭᠰᠡᠨ ᠪᠣᠯ ᠴᠢ ᠬᠡᠨ ᠲᠡᠢ ᠠᠭᠤᠯᠵᠠᠵᠤ᠂ ᠬᠡᠨ ᠲᠡᠢ ᠶᠠᠷᠢᠬᠤ ᠪᠠᠢᠭᠰᠠᠨ ᠪᠣᠢ ᠭᠡᠳ ᠤᠬᠢᠯᠠᠬᠤ ᠳ᠋ᠤᠨᠢ ᠡᠷᠳᠡᠨᠢ ᠠᠷᠭᠠᠳᠠᠵᠤ ᠮᠥᠷᠦᠨ ᠳᠡᠭᠡᠷ᠎ᠡ ᠨᠢ ᠭᠠᠷ ᠢ᠋ᠶ᠋ᠠᠨ ᠲᠠᠯᠪᠢᠲᠠᠯ᠎ᠠ ᠡᠷᠡᠰ ᠬᠥᠳᠡᠯᠭᠡᠭᠡᠨ ᠢ᠋ᠶ᠋ᠡᠷ ᠲᠦᠯᠬᠢᠵᠦ ᠵᠠᠢᠯᠠᠭᠤᠯᠪᠠ᠃
᠊᠊᠊᠊᠊᠊᠊᠊᠊᠊᠊᠊᠊᠊᠊ ᠲᠤᠯᠭᠠᠷ ᠮᠢᠨᠢ ᠴᠢᠮᠠᠶ᠋ᠢ ᠪᠡᠨ ᠬᠥᠮᠦᠨ ᠦ᠌ ᠭᠠᠵᠠᠷ ᠥᠨᠥᠴᠢᠨ ᠢᠰᠢᠭᠡ ᠰᠢᠭ ᠣᠷᠬᠢᠵᠤ ᠬᠠᠲᠠᠭᠤ ᠰᠡᠳᠬᠢᠯ ᠭᠠᠷᠭᠠᠭᠰᠠᠨ ᠮᠢᠨᠦ ᠪᠤᠷᠤᠭᠤ᠃ ᠨᠠᠮᠠᠢ ᠪᠣᠳᠣᠬᠤ ᠦᠭᠡᠢ ᠭᠡᠬᠦ ᠳ᠋ᠦ᠍ ᠴᠢ ᠬᠦᠦ ᠪᠡᠨ ᠪᠣᠳᠣ᠃
᠊᠊᠊᠊᠊᠊᠊᠊᠊᠊᠊᠊᠊᠊᠊ ᠡᠷᠳᠡᠨᠢ ᠴᠢ ᠪᠢᠲᠡᠭᠡᠢ ᠳᠤᠤᠭᠠᠷᠤᠭᠠᠴᠢ ᠭᠡᠳ ᠲᠤᠯᠭᠠᠷ ᠴᠠᠰᠢ ᠬᠠᠷᠠᠨ ᠲᠣᠯᠣᠭᠠᠢ ᠪᠠᠨ ᠰᠡᠭᠰᠦᠷᠬᠦ ᠳ᠋ᠦ᠍ ᠪᠦᠬᠦ ᠪᠡᠶ᠎ᠡ ᠨᠢ ᠬᠠᠯᠠᠭᠤᠨ ᠬᠢᠵᠢᠭ ᠲᠤᠰᠤᠭᠰᠠᠨ ᠬᠥᠮᠦᠨ ᠰᠢᠭ ᠴᠡᠴᠡᠷᠡᠵᠦ ᠪᠠᠢᠯ᠎ᠠ᠃
ᠲᠤᠯᠭᠠᠷ ᠤ᠋ᠨ ᠰᠡᠳᠬᠢᠯ ᠳ᠋ᠦ᠍ 《ᠪᠤᠵᠠᠷ ᠶᠠᠩᠬᠠᠨ》 ᠭᠡᠵᠦ ᠦᠰᠦᠷᠲᠡᠯ᠎ᠡ ᠨᠢ ᠠᠯᠠᠭᠠᠳᠠᠭᠠᠳ ᠡᠷᠭᠢᠵᠦ ᠴᠦ᠍ ᠬᠠᠷᠠᠯ ᠦᠭᠡᠢ ᠳᠠᠪᠬᠢᠨ ᠠᠯᠠᠭ᠎ᠠ ᠪᠣᠯᠵᠤ ᠪᠠᠢᠭ᠎ᠠ ᠡᠷᠳᠡᠨᠢ ᠪᠣᠳᠣᠭᠳᠠᠨ᠎ᠠ᠃ ᠲᠡᠭᠦᠨ ᠡᠴᠡ ᠬᠣᠢᠰᠢ ᠲᠤᠯᠭᠠᠷ ᠤ᠋ᠨ ᠦᠵᠡᠭᠰᠡᠨ ᠵᠣᠪᠠᠯᠠᠩ ᠢ᠋ ᠵᠥᠪᠬᠡᠨ ᠲᠤᠯᠭᠠᠷ ᠯᠠ ᠮᠡᠳᠡᠨ᠎ᠡ᠃ ᠰᠠᠢᠬᠠᠨ ᠰᠡᠳᠬᠢᠯᠲᠦ ᠬᠣᠶᠠᠷ ᠬᠥᠭᠰᠢᠨ ᠲᠣᠬᠢᠶᠠᠯᠳᠤᠭ᠎ᠠ ᠦᠭᠡᠢ ᠪᠣᠯ ᠶᠠᠭᠤ ᠪᠣᠯᠬᠤ ᠪᠠᠢᠭᠰᠠᠨ ᠪᠣᠢ? ᠠᠮᠢᠳᠤ ᠭᠠᠷᠤᠭᠰᠠᠨ ᠨᠢ ᠦᠨᠡᠨ᠃ ᠭᠡᠪᠡᠴᠦ ᠬᠤᠪᠠᠬᠠᠢᠷᠠᠵᠤ ᠦᠬᠦᠭᠰᠡᠨ ᠰᠡᠳᠬᠢᠯ ᠨᠢ ᠲᠠᠮᠤ ᠶ᠋ᠢᠨ ᠵᠣᠪᠠᠯᠠᠩ ᠢ᠋ ᠡᠳ᠋ᠯᠡᠭᠰᠡᠨ ᠰᠢᠦ ᠳᠡ᠃ ᠲᠡᠭᠦᠨ ᠡᠴᠡ ᠬᠦᠨᠳᠦ᠂ ᠲᠡᠭᠦᠨ ᠡᠴᠡ ᠭᠠᠰᠢᠭᠤᠨ᠂ ᠲᠡᠭᠦᠨ ᠡᠴᠡ ᠲᠠᠷᠴᠢᠯᠠᠭᠠ ᠲᠠᠢ ᠵᠣᠪᠠᠯᠠᠩ ᠡᠨᠡ ᠬᠣᠷᠸ᠎ᠠ ᠳ᠋ᠤ᠌ ᠪᠠᠢᠬᠤ ᠦᠭᠡᠢ᠃
᠊᠊᠊᠊᠊᠊᠊᠊᠊᠊᠊᠊᠊᠊᠊ ᠴᠢ ᠲᠦᠷᠭᠡᠨ ᠶᠠᠪᠤᠭᠠᠴᠢ᠃ ᠪᠢ ᠬᠡᠳᠦ ᠬᠣᠨᠣᠭ ᠪᠣᠳᠣᠶ᠎ᠠ᠃ ᠢᠩᠭᠢᠭᠡᠳ ᠴᠢ ᠳᠡᠷᠭᠡᠳᠡ ᠮᠢᠨᠢ ᠪᠠᠢᠪᠠᠯ ᠴᠢᠮ᠎ᠠ ᠡᠴᠡ ᠪᠦᠷᠢᠮᠦᠰᠦᠨ ᠬᠣᠯᠠᠳᠴᠤ᠂ ᠴᠢᠮᠠᠶ᠋ᠢ ᠵᠢᠭᠰᠢᠵᠦ ᠮᠠᠭᠠᠳ ᠪᠠᠢᠨ᠎ᠠ᠃ ᠬᠦᠦ ᠪᠡᠨ ᠪᠣᠳᠣᠭᠠᠳ ᠴᠢ ᠵᠠᠢᠯᠠᠭᠠᠴᠢ ᠭᠡᠵᠦ ᠭᠥᠯᠢᠷᠡᠭᠰᠡᠨ ᠨᠢᠳᠦᠨ ᠡᠴᠡ ᠪᠡᠨ ᠲᠤᠩᠭᠠᠯᠠᠭ ᠨᠢᠯᠪᠤᠰᠤ ᠴᠤᠪᠤᠷᠠᠭᠤᠯᠤᠨ ᠪᠠᠢᠵᠤ ᠲᠤᠯᠭᠠᠷ ᠭᠤᠶᠤᠪᠠ᠃
ᠲᠡᠷᠡ ᠨᠢᠳᠦᠨ ᠳ᠋ᠦ᠍ ᠭᠤᠶᠤᠯᠲᠠ ᠶ᠋ᠢᠨ ᠬᠠᠵᠠᠭᠤ ᠪᠠᠷ ᠰᠢᠲᠦᠭᠰᠡᠨ ᠵᠣᠷᠢᠭ ᠲᠣᠳᠣᠷᠬᠠᠢ ᠬᠠᠷᠠᠭᠳᠠᠪᠠ᠃ ᠲᠡᠷᠡ ᠨᠢᠳᠦᠨ ᠳ᠋ᠦ᠍ ᠠᠶᠤᠬᠤ ᠡᠮᠢᠶᠡᠬᠦ ᠶ᠋ᠢᠨ ᠵᠡᠷᠭᠡᠴᠡᠭᠡ ᠬᠢᠵᠠᠭᠠᠷ ᠦᠭᠡᠢ ᠭᠣᠮᠣᠳᠠᠯ ᠡᠴᠡ ᠪᠣᠢ ᠪᠣᠯᠤᠭᠰᠠᠨ ᠵᠢᠭᠰᠢᠯ ᠲᠣᠳᠣ ᠠᠵᠢ᠃
ᠮᠠᠷᠭᠠᠰᠢ ᠨᠢ ᠠᠷᠭ᠎ᠠ ᠦᠭᠡᠢ ᠪᠣᠯᠤᠭᠰᠠᠨ ᠡᠷᠳᠡᠨᠢ ᠶᠠᠪᠤᠯ᠎ᠠ᠃ ᠬᠣᠶᠠᠷ ᠬᠥᠭᠰᠢᠨ ᠤᠴᠢᠷ ᠵᠦᠢ ᠶ᠋ᠢ ᠨᠢ ᠣᠯᠬᠤ᠂ ᠡᠪᠳᠡᠷᠡᠭᠰᠡᠨ ᠰᠡᠳᠬᠢᠯ ᠢ᠋ ᠡᠪᠯᠡᠭᠦᠯᠬᠦ ᠭᠡᠵᠦ ᠤᠷᠠᠨ ᠰᠡᠴᠡᠨ ᠦᠭᠡ ᠪᠡᠨ᠂ ᠤᠰᠤᠨ ᠨᠢᠯᠪᠤᠰᠤ ᠲᠠᠢ ᠪᠠᠨ ᠬᠣᠯᠢᠨ ᠪᠠᠢᠵᠤ ᠠᠷᠭᠠᠳᠠᠵᠤ᠂ ᠵᠠᠩᠨᠠᠵᠤ ᠦᠵᠡᠭᠰᠡᠨ ᠪᠣᠯᠪᠠᠴᠤ ᠲᠤᠰᠠ ᠪᠣᠯᠤᠭᠰᠠᠨ ᠦᠭᠡᠢ᠃
ᠬᠦᠴᠦᠲᠡᠢ ᠭᠠᠵᠠᠷ ᠬᠥᠳᠡᠯᠦᠯᠲᠡ ᠡᠴᠡ ᠬᠠᠭᠠᠷᠠᠭᠰᠠᠨ ᠠᠭᠤᠯᠠ ᠪᠣᠯᠪᠠᠴᠤ ᠣᠨ ᠵᠢᠯ ᠥᠩᠭᠡᠷᠡᠬᠦ ᠳᠣᠳᠣᠮ ᠡᠷᠡᠭᠦᠯᠵᠢᠨ ᠡᠳᠡᠭᠡᠷᠡᠳᠡᠭ ᠪᠢᠯᠡ᠃ ᠬᠠᠷᠢᠨ ᠬᠦᠨᠳᠦ ᠰᠢᠷᠬ᠎ᠠ ᠣᠯᠤᠭᠰᠠᠨ ᠰᠡᠳᠬᠢᠯ ᠪᠣᠯ ᠡᠳᠡᠭᠡᠷᠡᠬᠦ ᠨᠢ ᠬᠡᠴᠡᠭᠦᠦ ᠠᠵᠢ᠃ ᠡᠳᠡᠭᠡᠷᠡᠪᠡᠴᠦ ᠰᠢᠷᠠᠭᠳᠤᠭᠰᠠᠨ ᠤᠴᠠᠷᠠᠭ᠎ᠠ ᠲᠠᠢ ᠪᠠᠨ ᠠᠭᠤᠯᠵᠠᠬᠤ ᠳ᠋ᠠᠭᠠᠨ ᠰᠡᠳᠡᠷᠡᠬᠦ ᠨᠢ ᠦᠯᠡᠮᠵᠢ ᠲᠦᠷᠭᠡᠨ ᠪᠥᠭᠡᠳ ᠲᠡᠷᠡ ᠴᠠᠭ ᠲᠠᠭᠠᠨ ᠤᠯᠠᠮ ᠴᠤ᠌ ᠠᠶᠤᠯᠲᠠᠢ᠃ ᠬᠥᠮᠦᠨ ᠦ᠌ ᠬᠠᠢᠷ᠎ᠠ ᠶ᠋ᠢᠨ ᠰᠡᠳᠬᠢᠯ᠂ ᠬᠠᠢᠷ᠎ᠠ ᠨᠢ ᠬᠠᠵᠠᠢᠭᠰᠠᠨ ᠡᠴᠡ ᠡᠭᠦᠰᠦᠭᠰᠡᠨ ᠭᠣᠮᠣᠳᠠᠯ᠂ ᠮᠣᠷᠢᠨ ᠤ᠋ ᠪᠦᠳᠦᠷᠢᠯᠲᠡ ᠬᠣᠶᠠᠷ ᠲᠥᠰᠦᠭᠡ ᠲᠡᠢ ᠮᠡᠲᠦ᠃ ᠬᠤᠷᠳᠤᠨ ᠶᠠᠪᠤᠭᠰᠠᠨ ᠴᠢᠳᠠᠯ ᠲᠠᠢ ᠮᠣᠷᠢ ᠨᠢᠭᠡ ᠪᠦᠳᠦᠷᠢᠪᠡᠯ ᠪᠣᠰᠬᠤ ᠨᠢ ᠬᠡᠴᠡᠭᠦᠦ ᠪᠠᠢᠳᠠᠭ ᠤ᠋ᠨ ᠠᠳᠠᠯᠢ ᠶᠡᠬᠡ ᠬᠠᠢᠷ᠎ᠠ ᠶ᠋ᠢᠨ ᠰᠡᠳᠬᠢᠯ ᠨᠢᠭᠡ ᠭᠣᠮᠣᠳᠠᠪᠠᠯ ᠡᠪᠯᠡᠷᠡᠬᠦ ᠨᠢ ᠬᠡᠴᠡᠭᠦᠦ ᠪᠠᠢᠳᠠᠭ ᠠᠵᠢ᠃
ᠰᠠᠨᠠᠭ᠎ᠠ ᠰᠡᠳᠬᠢᠯ ᠨᠢ ᠬᠣᠭᠣᠰᠣᠨ ᠪᠣᠯᠤᠭᠰᠠᠨ ᠡᠷᠳᠡᠨᠢ ᠲᠠᠮᠢᠷ ᠤ᠋ᠨ ᠭᠣᠣᠯ ᠤ᠋ᠨ ᠵᠦᠭ ᠬᠡᠯᠲᠦᠷᠢᠨ ᠶᠠᠪᠤᠬᠤ ᠳ᠋ᠤ᠌ ᠠᠷᠤ ᠳ᠋ᠤᠨᠢ ᠨᠢᠭᠡ ᠳᠠᠭᠤ ᠭᠠᠷᠬᠤ ᠶᠣᠰᠣᠲᠠᠢ᠃ ᠲᠡᠷᠡ ᠳᠠᠭᠤ ᠶ᠋ᠢ ᠰᠣᠨᠣᠰᠬᠤ ᠦᠭᠡᠢ ᠪᠣᠯ ᠠᠮᠢᠳᠤᠷᠠᠯ ᠤ᠋ᠨ ᠵᠢᠷᠭᠠᠯ ᠨᠢ ᠠᠯᠠᠭ᠎ᠠ ᠪᠣᠯᠬᠤ ᠶᠤᠮ ᠰᠢᠭ᠋ ᠪᠤᠳᠤᠭᠳᠠᠨ ᠴᠢᠬᠢ ᠲᠠᠯᠪᠢᠨ᠎ᠠ᠃ ᠭᠡᠪᠡᠴᠦ ᠲᠡᠷᠡ ᠳᠠᠭᠤ ᠭᠠᠷᠤᠭᠰᠠᠨ ᠦᠭᠡᠢ᠃ ᠬᠠᠷᠢᠨ ᠨᠢᠭᠡ ᠮᠡᠳᠡᠬᠦ ᠳ᠋ᠦ᠍ ᠭᠣᠣᠯ ᠤ᠋ᠨ ᠡᠷᠭᠢ ᠳᠡᠭᠡᠷ᠎ᠡ ᠢᠷᠡᠭᠰᠡᠨ ᠪᠠᠢᠵᠠᠢ᠃
ᠡᠷᠭᠢᠵᠦ ᠬᠠᠷᠠᠪᠠᠯ ᠲᠡᠷᠲᠡᠭᠡ ᠠᠮᠠᠨ ᠳ᠋ᠤ᠌ ᠪᠠᠢᠭ᠎ᠠ ᠪᠠᠶᠠᠷ ᠡᠪᠦᠭᠡᠨ ᠦ᠌ ᠵᠢᠵᠢᠭᠬᠡᠨ ᠪᠣᠷᠣ ᠭᠡᠷ ᠵᠡᠷᠭᠡᠯᠭᠡᠨ ᠳᠤᠮᠳᠠ ᠬᠠᠷᠠᠯᠠᠨ ᠲᠣᠭᠯᠠᠵᠤ ᠪᠠᠢᠯ᠎ᠠ᠃ ᠠᠮᠢᠳᠤᠷᠠᠯ ᠭᠡᠵᠦ ᠬᠡᠴᠡᠭᠦᠦ ᠶᠤᠮ ᠳᠡ᠃ ᠬᠡᠷᠪᠡ ᠡᠷᠳᠡᠨᠢ 《ᠴᠢ ᠪᠢᠳᠡ ᠬᠣᠶᠠᠷ ᠬᠠᠮᠲᠤ ᠠᠮᠢᠳᠤᠷᠠᠳᠠᠭ ᠬᠥᠭ ᠥᠩᠭᠡᠷᠡᠭᠰᠡᠨ ᠪᠣᠯᠤᠯᠲᠠᠢ》 ᠭᠡᠵᠦ ᠲᠡᠷᠢᠭᠦᠯᠡᠨ ᠬᠡᠯᠡᠭᠰᠡᠨ ᠪᠣᠯ᠂ ᠡᠷᠳᠡᠨᠢ ᠶ᠋ᠢᠨ ᠭᠣᠮᠣᠳᠠᠯ ᠡᠬᠢᠯᠡᠭᠡᠳ ᠳᠡᠯᠪᠡᠷᠡᠭᠰᠡᠨ ᠪᠣᠯ ᠲᠤᠯᠭᠠᠷ ᠤ᠋ᠨ ᠭᠣᠮᠣᠳᠠᠯ᠂ ᠭᠣᠮᠣᠳᠠᠯ ᠡᠴᠡ ᠭᠠᠷᠤᠭᠰᠠᠨ ᠵᠢᠭᠰᠢᠯ ᠣᠷᠭᠢᠯᠬᠤ ᠦᠭᠡᠢ ᠪᠠᠢᠵᠤ ᠪᠣᠯᠬᠤ ᠪᠠᠢᠭᠰᠠᠨ ᠪᠣᠯᠪᠠ ᠤᠤ? ᠠᠯᠢ ᠲᠦᠢᠮᠡᠷ ᠦ᠋ᠨ ᠬᠣᠶᠠᠷ ᠦᠵᠦᠭᠦᠷ ᠨᠡᠢᠯᠡᠭᠡᠳ ᠣᠪᠣᠯᠵᠠᠳᠠᠭ ᠰᠢᠭ᠋ ᠪᠣᠯᠬᠤ ᠪᠣᠯᠪᠠ ᠤᠤ? ᠡᠭᠦᠨ ᠢ᠋ ᠬᠡᠨ ᠴᠦ᠍ ᠲᠣᠭᠲᠠᠭᠠᠵᠤ ᠴᠢᠳᠠᠬᠤ ᠦᠭᠡᠢ᠃ ᠵᠥᠪᠬᠡᠨ ᠯᠡ ᠳᠠᠭᠠᠵᠤ ᠯᠠ ᠴᠢᠳᠠᠨ᠎ᠠ᠃ ᠬᠠᠷᠢᠨ ᠳᠠᠭᠠᠭᠰᠠᠨ ᠲᠡᠷᠡ ᠨᠢ ᠵᠥᠪ ᠪᠤᠶᠤ ᠪᠤᠷᠤᠭᠤ ᠪᠠᠢᠭᠰᠠᠨ ᠢ᠋ ᠪᠠᠲᠤᠯᠠᠵᠤ ᠪᠣᠯᠬᠤ ᠦᠭᠡᠢ᠃ ᠠᠮᠢᠳᠤᠷᠠᠯ ᠳ᠋ᠤ᠌ ᠡᠢᠮᠦ ᠣᠯᠠᠨ ᠨᠢᠭᠤᠴᠠ ᠪᠠᠢᠳᠠᠭ ᠪᠣᠯᠬᠣᠷ ᠲᠡᠭᠡᠭᠰᠡᠨ ᠪᠣᠯ ᠶᠠᠭᠠᠬᠢᠬᠤ ᠪᠠᠢᠭᠰᠠᠨ ᠪᠣᠯ᠂ ᠢᠩᠭᠢᠭᠰᠡᠨ ᠪᠣᠯ ᠶᠠᠭᠠᠬᠢᠬᠤ ᠪᠠᠢᠭᠰᠠᠨ ᠪᠣᠯ ᠭᠡᠰᠡᠨ ᠮᠤᠬᠤᠷᠳᠠᠮᠠᠯ ᠡᠳᠦᠢ ᠲᠡᠳᠦᠢ ᠳᠠᠭᠠᠪᠤᠷᠢ ᠥᠩᠭᠡᠷᠡᠭᠰᠡᠨ ᠶᠠᠭᠤᠮᠠᠨ ᠤ᠋ ᠬᠣᠢᠨ᠎ᠠ ᠡᠴᠡ ᠰᠡᠭᠦᠳᠡᠷ ᠰᠢᠭ ᠳᠠᠭᠠᠵᠤ ᠶᠠᠪᠤᠳᠠᠭ ᠪᠥᠭᠡᠳ ᠭᠣᠮᠣᠳᠠᠯ᠂ ᠬᠠᠷᠠᠮᠰᠠᠯ ᠤ᠋ᠨ ᠡᠬᠢ ᠪᠤᠯᠠᠭ ᠪᠣᠯᠳᠠᠭ ᠵᠢᠮ᠎ᠡ ᠲᠡᠢ᠃
ᠮᠣᠷᠳᠠᠭᠠᠳ ᠠᠯᠭᠤᠷᠬᠠᠨ ᠬᠣᠯᠠᠳᠴᠤ ᠪᠠᠢᠭ᠎ᠠ ᠡᠷᠳᠡᠨᠢ ᠶ᠋ᠢᠨ ᠬᠣᠢᠨ᠎ᠠ ᠡᠴᠡ ᠬᠠᠶᠠᠭ᠎ᠠ ᠶ᠋ᠢ ᠨᠢ ᠰᠢᠭᠤᠭᠰᠠᠨ ᠭᠡᠷ ᠦ᠋ᠨ ᠬᠠᠨ᠎ᠠ ᠶ᠋ᠢᠨ ᠨᠢᠳᠦ ᠪᠡᠷ ᠬᠠᠷᠠᠵᠤ ᠨᠢᠯᠪᠤᠰᠤ ᠪᠠᠨ ᠠᠰᠬᠠᠷᠠᠭᠤᠯᠤᠨ ᠪᠠᠢᠭᠰᠠᠨ ᠲᠤᠯᠭᠠᠷ 《ᠡᠷᠳᠡᠨᠢ ᠮᠢᠨᠦ ᠨᠥᠬᠥᠷ᠂ ᠪᠢ ᠥᠪᠡᠷ ᠢ᠋ᠶ᠋ᠡᠨ ᠲᠦᠮᠡᠨ ᠪᠤᠷᠤᠭᠤ ᠲᠠᠢ ᠬᠥᠮᠦᠨ᠃ ᠨᠠᠮᠠᠢ ᠭᠡᠳ ᠢᠷᠡᠵᠦ ᠪᠠᠢᠬᠤ ᠳ᠋ᠤᠨᠢ ᠪᠢ ᠬᠤᠩᠰᠢ ᠦᠭᠡᠢ ᠵᠠᠩ ᠭᠠᠷᠭᠠᠵᠤ ᠪᠠᠢᠨ᠎ᠠ》 ᠭᠡᠵᠦ ᠨᠢᠭᠡ ᠪᠣᠳᠣᠪᠠᠴᠤ ᠨᠥᠭᠦᠭᠡ ᠨᠢᠭᠡ ᠰᠡᠳᠬᠢᠯ ᠨᠢ 《ᠡᠨᠡ ᠪᠣᠯ ᠴᠢᠨᠦ ᠡᠷᠳᠡᠨᠢ ᠪᠢᠰᠢ᠃ ᠴᠢᠮᠠᠶ᠋ᠢ ᠬᠠᠷᠢ ᠶ᠋ᠢᠨ ᠨᠤᠲᠤᠭ ᠲᠤ᠌ ᠭᠠᠷ ᠤ᠋ᠨ ᠤᠭᠠᠳᠠᠰᠤ ᠮᠡᠲᠦ ᠬᠠᠶᠠᠭᠰᠠᠨ ᠬᠥᠮᠦᠨ᠃ ᠴᠢᠮᠠᠶ᠋ᠢ ᠣᠷᠬᠢᠵᠤ ᠶᠠᠪᠤᠭᠰᠠᠨ ᠡᠴᠡ ᠭᠠᠷᠤᠭᠰᠠᠨ ᠵᠣᠪᠠᠯᠠᠩ ᠢ᠋ᠶ᠋ᠠᠨ ᠴᠢ ᠮᠠᠷᠲᠠᠭ᠎ᠠ ᠦᠭᠡᠢ ᠤᠤ᠃ ᠴᠢ ᠦᠬᠦᠵᠦ ᠪᠣᠯᠬᠤ ᠯᠠ ᠪᠠᠢᠭᠰᠠᠨ᠃ ᠦᠬᠦᠭᠰᠡᠨ ᠪᠣᠯ ᠡᠷᠳᠡᠨᠢ ᠬᠡᠨ ᠲᠡᠢ ᠠᠭᠤᠯᠵᠠᠬᠤ ᠪᠠᠢᠭᠰᠠᠨ ᠪᠣᠯ?》 ᠭᠡᠵᠦ ᠦᠭᠡᠯᠡᠭᠡᠳ 《ᠡᠷᠳᠡᠨᠢ ᠮᠢᠨᠢ ᠵᠣᠭᠰᠣᠭᠠᠴᠢ》 ᠭᠡᠮᠡᠨ ᠬᠠᠰᠬᠢᠷᠬᠤ ᠳᠠᠭᠤ ᠶ᠋ᠢ ᠬᠣᠭᠣᠯᠠᠢ ᠳᠡᠭᠡᠷ᠎ᠡ ᠨᠢ ᠲᠠᠭᠯᠠᠵᠤ ᠪᠠᠢᠯ᠎ᠠ᠃
ᠡᠷᠳᠡᠨᠢ ᠶ᠋ᠢ ᠶᠠᠪᠤᠭᠰᠠᠨ ᠣᠷᠣᠢ ᠰᠣᠳᠨᠠᠮ ᠢᠷᠡᠵᠦ ᠪᠢᠯᠡ᠃ ᠲᠦᠮᠡᠨ ᠪᠣᠳᠣᠯ ᠳ᠋ᠤ᠌ ᠳᠠᠷᠤᠭᠳᠠᠨ ᠬᠢᠭᠰᠡᠨ ᠠᠵᠢᠯ᠂ ᠭᠠᠷᠭᠠᠭᠰᠠᠨ ᠵᠠᠩ ᠤ᠋ᠨ ᠢ᠋ᠶ᠋ᠠᠨ ᠵᠥᠪ ᠪᠤᠷᠤᠭᠤ ᠶ᠋ᠢᠨ ᠠᠯᠢᠨ ᠪᠣᠯᠬᠤ ᠶ᠋ᠢ ᠪᠣᠳᠣᠵᠤ ᠣᠯᠬᠤ ᠦᠭᠡᠢ ᠤᠢᠮᠤᠷᠠᠨ ᠪᠠᠢᠭᠰᠠᠨ ᠲᠤᠯᠭᠠᠷ ᠤ᠋ᠨ ᠳᠡᠷᠭᠡᠳᠡ ᠤᠳᠠᠲᠠᠯ᠎ᠠ ᠳᠠᠭᠤ ᠦᠭᠡᠢ ᠰᠠᠭᠤᠵᠤ ᠪᠢᠯᠡ᠃
ᠲᠤᠯᠭᠠᠷ ᠤ᠋ᠨ ᠴᠢᠷᠠᠢ ᠳ᠋ᠤ᠌ ᠭᠣᠮᠣᠳᠠᠯ᠂ ᠳᠠᠭᠠᠪᠤᠷᠢ ᠬᠣᠯᠢᠯᠳᠤᠨ᠂ ᠬᠡᠳᠦᠨ ᠡᠳᠦᠷ ᠦ᠋ᠨ ᠲᠤᠷᠰᠢ ᠤᠬᠢᠯᠠᠭᠰᠠᠨ ᠪᠡᠯᠴᠡᠭᠡᠷ ᠨᠢᠳᠦᠨ ᠳ᠋ᠦ᠍ᠨᠢ ᠶᠠᠮᠠᠷ ᠨᠢᠭᠡᠨ ᠰᠢ᠌ᠤᠠᠪᠣᠷᠢ ᠲᠠᠢ ᠰᠡᠳᠬᠢᠯ ᠲᠣᠳᠣᠷᠠᠪᠠᠴᠤ ᠳᠣᠣᠷ᠎ᠠ ᠪᠠᠨ ᠡᠷᠡᠭᠡᠯᠵᠡᠬᠦ ᠰᠢ᠌ᠤᠠᠪᠣᠷᠢ ᠳ᠋ᠤ᠌ ᠳᠠᠷᠤᠭᠳᠠᠨ ᠰᠠᠷᠨᠢᠵᠤ ᠪᠠᠢᠯ᠎ᠠ᠃ ᠲᠤᠯᠭᠠᠷ ᠰᠦ ᠬᠥᠭᠡᠷᠦᠭᠦᠯᠵᠦ ᠪᠠᠢᠭ᠎ᠠ ᠲᠣᠭᠣᠭ᠎ᠠ ᠤᠷᠤᠭᠤ ᠬᠡᠰᠡᠭ ᠬᠠᠷᠠᠵᠤ ᠪᠠᠢᠭᠰᠠᠨ ᠢ᠋ᠶ᠋ᠠᠨ ᠪᠣᠰᠴᠤ 《ᠬᠣᠶᠠᠭᠤᠯᠠ ᠪᠠᠨ ᠭᠠᠷᠤᠶ᠎ᠠ》 ᠭᠡᠵᠦ ᠡᠷᠡᠰ ᠳᠠᠭᠤ ᠪᠠᠷ ᠬᠡᠯᠡᠭᠰᠡᠨ ᠳ᠋ᠦ᠍ ᠰᠣᠳᠨᠠᠮ ᠳᠠᠭᠤ ᠦᠭᠡᠢ ᠪᠣᠰᠴᠤ ᠳᠠᠭᠠᠵᠤ ᠭᠡᠷ ᠡᠴᠡ ᠭᠠᠷᠤᠯ᠎ᠠ᠃ ᠲᠤᠯᠭᠠᠷ ᠰᠢᠭᠤᠳ ᠶᠠᠪᠤᠭᠰᠠᠭᠠᠷ ᠮᠣᠷᠢᠨ ᠤ᠋ ᠤᠶᠠᠭᠠᠨ ᠤ᠋ ᠳᠡᠷᠭᠡᠳᠡ ᠣᠴᠢᠵᠤ ᠵᠣᠭᠰᠣᠭᠠᠳ᠂ ᠭᠦᠢᠴᠡᠵᠦ ᠣᠴᠢᠭᠰᠠᠨ ᠰᠣᠳᠨᠠᠮ ᠤ᠋ᠨ ᠨᠢᠳᠦ ᠤᠷᠤᠭᠤ ᠡᠭᠴᠡᠯᠡᠨ ᠬᠠᠷᠠᠵᠤ 《ᠴᠢ ᠶᠠᠪᠤ᠃ ᠪᠢ ᠪᠦᠷ ᠡᠷᠭᠢᠵᠦ ᠣᠷᠬᠢᠯ᠎ᠠ》 ᠭᠡᠳ ᠮᠣᠷᠢᠨ ᠤ᠋ ᠬᠢᠨᠢ ᠴᠤᠯᠪᠤᠭᠤᠷ ᠢ᠋ ᠲᠠᠢᠯᠵᠤ ᠥᠭᠭᠦᠭᠡᠳ 《ᠣᠳᠣ ᠮᠢᠨᠦ ᠰᠡᠳᠬᠢᠯ ᠳ᠋ᠦ᠍ ᠬᠡᠨ ᠴᠦ᠍ ᠪᠠᠭᠲᠠᠬᠤ ᠦᠭᠡᠢ ᠪᠠᠢᠨ᠎ᠠ》 ᠭᠡᠯᠡ᠃
᠊᠊᠊᠊᠊᠊᠊᠊᠊᠊᠊᠊᠊᠊᠊ ᠴᠢ ᠲᠣᠭᠯᠠᠵᠤ ᠪᠠᠢᠨ᠎ᠠ ᠤᠤ?
᠊᠊᠊᠊᠊᠊᠊᠊᠊᠊᠊᠊᠊᠊᠊ ᠲᠣᠭᠯᠠᠬᠤ ᠴᠢᠳᠠᠯ ᠨᠠᠳᠠ ᠠᠯᠠᠭ᠎ᠠ ᠭᠡᠳ ᠡᠷᠭᠢᠵᠦ ᠭᠡᠷ ᠦ᠋ᠨ ᠵᠦᠭ ᠶᠠᠪᠤᠯ᠎ᠠ᠃
ᠰᠣᠳᠨᠠᠮ ᠬᠡᠭᠡᠷ᠎ᠡ ᠲᠠᠯ᠎ᠠ ᠶ᠋ᠢᠨ ᠴᠢᠯᠠᠭᠤᠨ ᠬᠥᠮᠦᠨ ᠰᠢᠭ ᠬᠥᠳᠡᠯᠦᠯ ᠦᠭᠡᠢ ᠭᠥᠯᠢᠷᠡᠨ ᠪᠠᠬᠠᠨ ᠵᠣᠭᠰᠣᠭᠰᠠᠨ ᠢ᠋ᠶ᠋ᠠᠨ ᠰᠣᠴᠢᠭᠰᠠᠨ ᠮᠡᠲᠦ ᠤᠬᠤᠰᠬᠢᠨ ᠮᠣᠷᠢᠨ ᠳ᠋ᠠᠭᠠᠨ ᠮᠣᠷᠳᠠᠭᠠᠳ ᠳᠠᠪᠬᠢᠨ ᠠᠯᠠᠭ᠎ᠠ ᠪᠣᠯᠵᠠᠢ᠃
ᠡᠷᠳᠡᠨᠢ ᠶ᠋ᠢ ᠢᠷᠡᠭᠡᠳ ᠪᠠᠢᠬᠤ ᠳ᠋ᠤ᠌ ᠨᠢᠭᠡ ᠤᠳᠠᠭ᠎ᠠ ᠰᠣᠳᠨᠠᠮ ᠢᠷᠡᠭᠰᠡᠨ ᠪᠥᠭᠡᠳ ᠬᠡᠨ ᠢᠷᠡᠭᠰᠡᠨ ᠢ᠋ ᠮᠡᠳᠡᠭᠡᠳ ᠵᠣᠭᠰᠣᠭ᠎ᠠ ᠦᠭᠡᠢ᠂ ᠶᠠᠭᠤ ᠪᠣᠯᠵᠤ ᠪᠠᠢᠭ᠎ᠠ ᠶ᠋ᠢ ᠲᠠᠭᠠᠪᠤᠷᠢᠯᠠᠵᠤ ᠲᠤᠯᠭᠠᠷ ᠤ᠋ᠨ ᠬᠢᠵᠦ ᠥᠭᠭᠦᠭᠰᠡᠨ ᠠᠶᠠᠭ᠎ᠠ ᠳᠦᠭᠦᠷᠡᠩ ᠴᠠᠢ ᠶ᠋ᠢ ᠶᠡᠬᠡ ᠯᠡ ᠪᠡᠯᠡᠭᠰᠢᠶᠡᠨ ᠠᠮᠲᠠᠷᠬᠠᠨ ᠤᠤᠭᠤᠭᠠᠳ ᠪᠤᠴᠠᠭᠰᠠᠨ ᠪᠢᠯᠡ᠃
᠊᠊᠊᠊᠊᠊᠊᠊᠊᠊᠊᠊᠊᠊᠊ ᠡᠨᠡ ᠶᠠᠭᠤᠨ ᠬᠥᠮᠦᠨ ᠪᠣᠢ? ᠭᠡᠵᠦ ᠰᠣᠳᠨᠠᠮ ᠢ᠋ ᠤᠶᠠᠭᠠᠨ ᠡᠴᠡ ᠲᠡᠳᠦᠢ ᠯᠡ ᠬᠣᠯᠠᠳᠠᠭ᠎ᠠ ᠦᠭᠡᠢ ᠪᠠᠢᠬᠤ ᠳ᠋ᠤ᠌ ᠡᠷᠳᠡᠨᠢ ᠣᠭᠵᠣᠮ ᠰᠢᠷᠦᠭᠦᠨ ᠠᠰᠠᠭᠤᠵᠤ ᠪᠢᠯᠡ᠃
᠊᠊᠊᠊᠊᠊᠊᠊᠊᠊᠊᠊᠊᠊᠊ ᠨᠡᠷ᠎ᠡ ᠶ᠋ᠢ ᠰᠣᠳᠨᠠᠮ ᠭᠡᠳᠡᠭ᠃ ᠶᠡᠬᠡ ᠰᠠᠢᠨ ᠬᠥᠮᠦᠨ ᠭᠡᠵᠦ ᠲᠤᠯᠭᠠᠷ ᠶᠠᠮᠠᠷ ᠴᠤ᠌ ᠵᠣᠪᠠᠭᠰᠠᠨ ᠰᠢᠨᠵᠢ ᠦᠭᠡᠢ ᠬᠠᠷᠢᠭᠤᠯᠵᠠᠢ᠃
᠊᠊᠊᠊᠊᠊᠊᠊᠊᠊᠊᠊᠊᠊᠊ ᠰᠠᠢᠨ ᠬᠥᠮᠦᠨ ᠭᠡᠨ᠎ᠡ? ᠬᠣᠷᠸ᠎ᠠ ᠳᠡᠭᠡᠷ᠎ᠡ ᠰᠠᠢᠨ ᠬᠥᠮᠦᠨ ᠠᠯᠢ ᠶ᠋ᠢ ᠲᠡᠷᠡ ᠭᠡᠬᠦ ᠪᠣᠢ?
᠊᠊᠊᠊᠊᠊᠊᠊᠊᠊᠊᠊᠊᠊᠊ ᠡᠨᠡ ᠪᠣᠯ ᠰᠠᠢᠨ ᠤ᠋ ᠳᠣᠲᠣᠷ᠎ᠠ ᠡᠴᠡ ᠣᠨᠴᠠ ᠰᠠᠢᠨ ᠬᠥᠮᠦᠨ ᠶᠤᠮ ᠰᠢᠦ᠃
ᠲᠤᠯᠭᠠᠷ ᠤ᠋ᠨ ᠡᠨᠡ ᠦᠭᠡ ᠶ᠋ᠢ ᠰᠣᠨᠣᠰᠤᠭᠠᠳ ᠡᠷᠳᠡᠨᠢ ᠶ᠋ᠢᠨ ᠰᠡᠳᠬᠢᠯ ᠳ᠋ᠦ᠍ ᠬᠠᠷᠠᠳᠠᠬᠤ ᠬᠠᠷᠠᠮᠨᠠᠬᠤ ᠶ᠋ᠢᠨ ᠣᠴᠢ ᠦᠰᠦᠷᠴᠦ ᠪᠢᠯᠡ᠃ ᠭᠡᠪᠡᠴᠦ ᠪᠢ ᠡᠨᠡ ᠭᠠᠭᠴᠠ ᠪᠡᠶ᠎ᠡ ᠡᠮᠡᠭᠲᠡᠢ ᠶ᠋ᠢ ᠬᠥᠮᠦᠨ ᠦ᠌ ᠨᠤᠲᠤᠭ ᠲᠤ᠌ ᠬᠠᠶᠠᠵᠤ ᠣᠷᠬᠢᠭᠠᠳ ᠶᠠᠭᠤ ᠪᠣᠯᠤᠯ᠎ᠠ ᠭᠡᠵᠦ ᠬᠠᠷᠠᠳᠠᠵᠤ ᠬᠠᠷᠠᠮᠨᠠᠬᠤ ᠪᠣᠢ᠃ ᠠᠮᠢᠳᠤ ᠪᠠᠢᠭ᠎ᠠ ᠨᠢ ᠪᠣᠯᠤᠯ᠎ᠠ ᠰᠢᠦ ᠳᠡ ᠬᠥᠭᠡᠷᠦᠬᠦᠢ ᠭᠡᠰᠡᠨ ᠪᠣᠳᠣᠯ ᠢ᠋ᠶ᠋ᠠᠷ ᠬᠠᠷᠠᠳᠠᠯᠭ᠎ᠠ ᠶ᠋ᠢᠨ ᠣᠴᠢ ᠡᠴᠡ ᠭᠠᠯ ᠣᠪᠣᠯᠵᠠᠬᠤ ᠠᠶᠤᠯ ᠢ᠋ ᠳᠠᠷᠤᠵᠤ ᠪᠢᠯᠡ᠃
ᠬᠡᠰᠡᠭ ᠳᠠᠭᠤ ᠦᠭᠡᠢ ᠰᠠᠭᠤᠭᠰᠠᠨ ᠲᠤᠯᠭᠠᠷ ᠭᠡᠨᠡᠳᠲᠡ ᠡᠷᠡᠰ᠂ ᠰᠢᠢᠳᠮᠡᠭᠡᠢ ᠪᠡᠷ ᠰᠣᠳᠨᠠᠮ ᠤ᠋ᠨ ᠲᠤᠬᠠᠢ᠂ ᠥᠪᠡᠷ ᠲᠡᠢ ᠨᠢ ᠰᠠᠭᠤᠶ᠎ᠠ ᠭᠡᠳᠡᠭ ᠲᠤᠬᠠᠢ ᠨᠢᠭᠡ ᠳ᠋ᠦ᠍ ᠨᠢᠭᠡ ᠦᠭᠡᠢ ᠬᠠᠴᠢᠨ ᠲᠠᠢᠪᠤᠩ ᠶᠠᠷᠢᠵᠤ ᠪᠢᠯᠡ᠃
᠊᠊᠊᠊᠊᠊᠊᠊᠊᠊᠊᠊᠊᠊᠊ ᠲᠡᠭᠡᠭᠡᠳ ᠴᠢ ᠡᠭᠦᠨ ᠲᠡᠢ ᠰᠠᠭᠤᠬᠤ ᠬᠡᠷᠡᠭ ᠲᠡᠢ ᠤᠤ?
᠊᠊᠊᠊᠊᠊᠊᠊᠊᠊᠊᠊᠊᠊᠊ ᠮᠡᠳᠡᠬᠦ ᠦᠭᠡᠢ᠃ ᠪᠢ ᠴᠢᠮᠠᠶ᠋ᠢ ᠢᠷᠡᠲᠡᠯ᠎ᠡ ᠰᠣᠳᠨᠠᠮ ᠲᠠᠢ ᠰᠠᠭᠤᠬᠤ ᠦᠭᠡᠢ ᠭᠡᠵᠦ ᠬᠠᠲᠠᠭᠤ ᠪᠣᠳᠣᠵᠤ ᠪᠠᠢᠭᠰᠠᠨ᠃ ᠪᠤᠷᠬᠠᠨ ᠮᠢᠨᠢ ᠡᠨᠡ ᠪᠣᠯ ᠦᠨᠡᠨ ᠶᠤᠮ ᠰᠢᠦ᠃
᠊᠊᠊᠊᠊᠊᠊᠊᠊᠊᠊᠊᠊᠊᠊ ᠣᠳᠣ ᠶᠠᠭᠤ ᠭᠡᠵᠦ ᠪᠣᠳᠣᠵᠤ ᠪᠠᠢᠨ᠎ᠠ?
᠊᠊᠊᠊᠊᠊᠊᠊᠊᠊᠊᠊᠊᠊᠊ ᠣᠳᠣ ᠪᠣᠯ ᠮᠡᠳᠡᠬᠦ ᠦᠭᠡᠢ᠃
ᠲᠤᠯᠭᠠᠷ ᠲᠡᠷᠡ ᠨᠢᠭᠡᠨ ᠴᠠᠭ ᠲᠤ᠌ ᠶᠢᠷᠲᠢᠨᠴᠦ ᠶ᠋ᠢᠨ ᠶᠠᠮᠠᠷ ᠴᠤ᠌ ᠵᠢᠷᠭᠠᠯ ᠡᠴᠡ ᠰᠣᠯᠢᠬᠤ ᠦᠭᠡᠢ ᠭᠡᠵᠦ ᠪᠠᠢᠭᠰᠠᠨ ᠨᠥᠬᠥᠷ ᠲᠡᠭᠡᠨ ᠡᠷᠳᠡᠨᠢ ᠳ᠋ᠡᠭᠡᠨ ᠬᠦᠢᠲᠡᠷᠡᠵᠦ᠂ ᠲᠡᠭᠦᠨ ᠡᠴᠡ ᠬᠥᠨᠳᠡᠢᠷᠡᠵᠦ ᠪᠠᠢᠭ᠎ᠠ ᠰᠡᠳᠬᠢᠯ ᠢ᠋ ᠵᠣᠭᠰᠣᠭᠠᠬᠤ ᠭᠡᠵᠦ ᠥᠩᠭᠡᠷᠡᠭᠰᠡᠨ ᠬᠡᠳᠦᠨ ᠡᠳᠦᠷ ᠦ᠋ᠨ ᠲᠤᠷᠰᠢ ᠮᠡᠳᠡᠳᠡᠭ ᠤᠩᠰᠢᠯᠭ᠎ᠠ ᠪᠠᠨ ᠴᠤ᠌ ᠤᠩᠰᠢᠭᠰᠠᠨ᠃ ᠪᠤᠷᠬᠠᠨ ᠰᠠᠬᠢᠭᠤᠯᠰᠤᠨ ᠳ᠋ᠠᠭᠠᠨ ᠴᠤ᠌ ᠲᠣᠭᠠᠴᠢᠨ ᠠᠪᠤᠷᠠᠯ ᠭᠤᠶᠤᠭᠰᠠᠨ ᠪᠢᠯᠡ᠃ ᠭᠡᠪᠡᠴᠦ ᠲᠤᠰᠠ ᠪᠣᠯᠤᠭᠰᠠᠨ ᠵᠦᠢᠯ ᠦᠭᠡᠢ ᠪᠢᠯᠡ᠃
ᠡᠷᠳᠡᠨᠢ ᠤᠷᠢᠳᠤ ᠲᠠᠮᠢᠷ ᠤ᠋ᠨ ᠭᠣᠣᠯ ᠢ᠋ ᠭᠠᠲᠤᠯᠵᠤ᠂ ᠯᠤᠤ ᠬᠦᠩ ᠦ᠋ᠨ ᠬᠦᠷᠢᠶ᠎ᠡ ᠶ᠋ᠢ ᠴᠢᠭᠯᠡᠨ ᠶᠠᠪᠤᠵᠤ ᠪᠠᠢᠬᠤ ᠳ᠋ᠤ᠌ ᠲᠤᠯᠭᠠᠷ ᠢ᠋ ᠲᠣᠭᠣᠷᠢᠭᠰᠠᠨ ᠲᠦᠮᠡᠨ ᠵᠦᠢᠯ ᠦ᠋ᠨ ᠪᠣᠳᠣᠯ ᠳᠣᠲᠣᠷ᠎ᠠ ᠨᠢ ᠡᠷᠭᠢᠯᠳᠦᠨ᠎ᠡ᠃ ᠭᠡᠪᠡᠴᠦ ᠲᠤᠯᠭᠠᠷ ᠢ᠋ ᠪᠤᠷᠤᠭᠤᠰᠢᠶᠠᠬᠤ ᠰᠡᠳᠬᠢᠯ ᠲᠡᠭᠦᠨ ᠳ᠋ᠦ᠍ ᠬᠠᠷᠠᠬᠠᠨ ᠪᠠᠢᠭᠰᠠᠨ ᠦᠭᠡᠢ᠃ ᠰᠣᠳᠨᠠᠮ ᠤ᠋ᠨ ᠲᠤᠬᠠᠢ ᠪᠣᠳᠣᠬᠤ ᠳ᠋ᠤ᠌ ᠳᠣᠲᠣᠷ᠎ᠠ ᠨᠢ ᠬᠠᠷᠠᠯᠠᠨ᠂ ᠦᠨᠡᠲᠡᠢ ᠡᠷᠳᠡᠨᠢ ᠪᠡᠨ ᠥᠪᠡᠷ ᠦ᠋ᠨ ᠮᠠᠭᠤ ᠳ᠋ᠤ᠌ ᠥᠪᠡᠷ ᠢ᠋ᠶ᠋ᠡᠨ ᠯᠡ ᠪᠤᠰᠤᠳ ᠲᠤ᠌ ᠠᠯᠳᠠᠭᠰᠠᠨ ᠶᠤᠮ ᠰᠢᠭ᠋ ᠰᠠᠨᠠᠭᠳᠠᠨ᠎ᠠ᠃ ᠭᠡᠪᠡᠴᠦ ᠲᠤᠯᠭᠠᠷ ᠨᠢ ᠡᠭᠦᠷᠢᠳᠡ ᠥᠭᠡᠷ᠎ᠡ ᠬᠥᠮᠦᠨ ᠦ᠌ ᠲᠤᠯᠭᠠᠷ ᠪᠣᠯᠤᠭᠰᠠᠨ ᠭᠡᠳᠡᠭ ᠰᠡᠳᠬᠢᠯ ᠲᠡᠢ ᠡᠪᠯᠡᠷᠡᠵᠦ ᠪᠠᠰᠠ ᠯᠠ ᠴᠢᠳᠠᠬᠤ ᠦᠭᠡᠢ ᠪᠠᠢᠯ᠎ᠠ᠃
《ᠡᠭᠦᠨ ᠡᠴᠡ ᠭᠠᠰᠢᠭᠤᠨ ᠶᠠᠭᠤᠮ᠎ᠠ ᠪᠣᠯᠵᠤ ᠪᠣᠯᠬᠤ ᠯᠠ ᠪᠠᠢᠭᠰᠠᠨ ᠰᠢᠦ ᠳᠡ᠃ ᠠᠮᠢᠳᠤ ᠪᠠᠢᠭ᠎ᠠ ᠨᠢ ᠶᠡᠬᠡ ᠶᠤᠮ᠃ ᠲᠤᠯᠭᠠᠷ ᠮᠢᠨᠢ ᠤᠬᠠᠭᠠᠨ ᠲᠠᠢ ᠰᠠᠨ᠃ ᠪᠠᠲᠤ ᠶ᠋ᠢ ᠦᠵᠡᠭᠰᠡᠨ ᠴᠠᠭ ᠲᠤ᠌ ᠰᠡᠳᠬᠢᠯ ᠨᠢ ᠥᠭᠡᠷ᠎ᠡ ᠪᠣᠯᠬᠤ ᠯᠠ ᠶᠣᠰᠣᠲᠠᠢ》 ᠭᠡᠰᠡᠨ ᠪᠣᠳᠣᠯ ᠰᠡᠳᠬᠢᠯ ᠢ᠋ ᠨᠢ ᠲᠡᠵᠢᠭᠡᠨ᠎ᠡ᠃
ᠬᠠᠪᠤᠷ ᠤ᠋ᠨ ᠨᠠᠷᠠ ᠠᠷᠤ ᠡᠴᠡ ᠵᠢᠩᠨᠡᠨ ᠨᠤᠲᠤᠭ ᠤ᠋ᠨ ᠵᠦᠭ ᠲᠡᠮᠡᠦᠯᠦᠭᠰᠡᠨ ᠮᠣᠷᠢ ᠬᠣᠷᠭᠣᠳᠠᠭᠰᠠᠨ ᠰᠡᠳᠬᠢᠯ ᠢ᠋ ᠨᠢ ᠪᠤᠰᠢᠭᠤᠬᠠᠨ ᠵᠠᠢᠯᠠᠭᠤᠯᠬᠤ ᠭᠡᠰᠡᠨ ᠮᠡᠲᠦ ᠲᠣᠯᠣᠭᠠᠢ ᠬᠠᠶᠠᠯᠠᠨ ᠭᠦᠶᠦᠨ ᠬᠠᠷ᠎ᠠ ᠠᠯᠬᠤᠯᠠᠨ᠎ᠠ᠃
ᠭᠣᠣᠯ ᠤ᠋ᠨ ᠬᠥᠨᠳᠡᠢ ᠳ᠋ᠦ᠍ ᠤᠷᠢᠬᠠᠨ ᠬᠠᠪᠤᠷ ᠤ᠋ᠨ ᠢᠷᠠᠭᠤ ᠳᠡᠯᠡᠬᠡᠢ ᠶ᠋ᠢᠨ ᠰᠢᠮ᠎ᠡ ᠲᠡᠢ ᠵᠣᠯᠭᠠᠭᠰᠠᠨ ᠮᠠᠯ ᠨᠠᠯᠠᠢᠨ ᠪᠡᠯᠴᠢᠵᠦ᠂ ᠡᠨᠳᠡ ᠲᠡᠨᠳᠡ ᠦᠭᠡᠢ ᠨᠡᠭᠦᠳᠡᠯ ᠦ᠋ᠨ ᠰᠢᠪᠠᠭᠤᠨ ᠤ᠋ ᠭᠠᠩᠭᠠᠷ ᠭᠤᠩᠭᠠᠷ ᠳᠠᠭᠤ ᠢᠷᠡᠬᠦ ᠴᠠᠭ ᠤ᠋ᠨ ᠤᠶᠠᠬᠠᠨ ᠬᠥᠭ ᠢ᠋ ᠴᠢᠬᠢ ᠲᠠᠭᠠᠯᠠᠨ ᠡᠭᠦᠰᠬᠡᠨ᠎ᠡ᠃
ᠭᠡᠪᠡᠴᠦ ᠥᠪᠡᠷ ᠦ᠋ᠨ ᠪᠣᠳᠣᠯ ᠳ᠋ᠤ᠌ ᠳᠠᠷᠤᠭᠳᠠᠭᠰᠠᠨ ᠡᠷᠳᠡᠨᠢ ᠶ᠋ᠢᠨ ᠰᠡᠳᠬᠢᠯ ᠦ᠋ᠨ ᠰᠠᠴᠤᠷᠠᠭᠰᠠᠨ ᠤᠲᠠᠰᠤ ᠡᠨᠡ ᠪᠦᠬᠦᠨ ᠲᠡᠢ ᠬᠥᠭ ᠣᠭᠲᠣ ᠨᠡᠢᠯᠡᠬᠦ ᠦᠭᠡᠢ ᠵᠥᠷᠢᠵᠦ ᠪᠠᠢᠯ᠎ᠠ᠃
