ᠲᠤᠩᠭᠠᠯᠠᠭ ᠲᠠᠮᠢᠷ3-26-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠣᠮᠣᠣᠯ ᠢ᠋ᠶ᠋ᠠᠷ ᠮᠣᠷᠢ ᠬᠢᠨ ᠬᠤᠷᠤᠭᠤᠨ ᠤ᠋ ᠰᠠᠯᠠᠭᠠᠨ ᠳ᠋ᠠᠭᠠᠨ ᠬᠠᠪᠴᠢᠨ ᠤᠨᠤᠵᠤ ᠵᠠᠷᠢᠮ ᠳ᠋ᠠᠭᠠᠨ ᠲᠣᠩᠭᠣᠴᠢᠨ ᠪᠤᠯᠭᠢᠭᠤᠯᠵᠤ ᠪᠠᠢᠯ᠎ᠠ》 - ᠭᠤᠷᠪᠠᠳᠤᠭᠠᠷ ᠪᠦᠯᠦᠭ ᠬᠣᠷᠢᠨ ᠵᠢᠷᠭᠤᠭ᠎ᠠ
ᠨᠠᠮᠤᠷ ᠤ᠋ᠨ ᠡᠬᠢᠨ ᠰᠠᠷ᠎ᠠ ᠶ᠋ᠢᠨ ᠬᠦᠷᠢᠶᠡᠨ ᠦ᠌ ᠪᠦᠭᠴᠢᠮ ᠭᠤᠳᠤᠮᠵᠢ ᠪᠠᠷ ᠰᠢᠨᠡᠬᠡᠨ ᠬᠥᠬᠡ ᠴᠢᠰᠴᠦ ᠳᠡᠪᠡᠯ ᠡᠮᠦᠰᠴᠦ᠂ ᠱᠥᠪᠥᠭᠡᠷ ᠬᠠᠷ᠎ᠠ ᠭᠤᠲᠤᠯ ᠢᠰᠬᠦᠯᠦᠭᠰᠡᠨ ᠡᠷᠳᠡᠨᠢ ᠨᠢᠷᠤᠭᠤ ᠪᠠᠨ ᠡᠭᠦᠷᠦᠨ ᠦᠯᠦ ᠮᠡᠳᠡᠭ ᠪᠥᠭᠡᠳ ᠨᠡᠯᠢᠶᠡᠳ ᠶᠠᠭᠤᠮ᠎ᠠ ᠪᠣᠳᠣᠭᠰᠠᠨ ᠪᠣᠯᠤᠯᠲᠠᠢ ᠠᠯᠬᠤᠵᠤ ᠶᠠᠪᠤᠯ᠎ᠠ᠃
ᠥᠴᠥᠭᠡᠳᠦᠷ ᠬᠦᠷᠢᠶᠡᠨ ᠳ᠋ᠦ᠍ ᠣᠷᠣᠵᠤ ᠢᠷᠡᠭᠡᠳ ᠨᠠᠮ ᠤ᠋ᠨ ᠭᠤᠷᠪᠠᠳᠤᠭᠠᠷ ᠶᠡᠬᠡ ᠬᠤᠷᠠᠯ ᠤ᠋ᠨ ᠲᠥᠯᠥᠭᠡᠯᠡᠭᠴᠢᠳ ᠲᠦ᠍ ᠵᠣᠷᠢᠭᠤᠯᠤᠨ ᠳᠤᠮᠳᠠ ᠭᠣᠣᠯ ᠤ᠋ᠨ ᠡᠷᠭᠢ ᠳᠡᠭᠡᠷ᠎ᠡ ᠪᠠᠷᠢᠭᠰᠠᠨ ᠭᠡᠷ ᠦ᠋ᠳ ᠦ᠋ᠨ ᠨᠢᠭᠡ ᠳ᠋ᠦ᠍ ᠪᠠᠭᠤᠵᠤ ᠤᠨᠲᠠᠪᠠ᠃
ᠭᠡᠲᠡᠯ᠎ᠡ ᠥᠷᠯᠥᠭᠡ ᠨᠢᠭᠡ ᠴᠡᠷᠢᠭ ᠦ᠋ᠨ ᠬᠥᠮᠦᠨ ᠢᠷᠡᠵᠦ 《ᠴᠡᠴᠡᠷᠯᠢᠭ ᠮᠠᠨᠳᠤᠯ ᠤ᠋ᠨ ᠠᠢᠮᠠᠭ ᠤ᠋ᠨ ᠲᠥᠯᠥᠭᠡᠯᠡᠭᠴᠢ ᠴᠣᠭᠲᠤ ᠶ᠋ᠢᠨ ᠡᠷᠳᠡᠨᠢ ᠶ᠋ᠢ ᠪᠦᠬᠦ ᠴᠡᠷᠢᠭ ᠦ᠋ᠨ ᠵᠠᠩᠵᠤᠨ ᠳᠠᠨᠵᠠᠨ ᠳᠠᠭᠤᠳᠠᠵᠤ ᠪᠠᠢᠨ᠎ᠠ》 ᠭᠡᠯᠡ᠃
ᠳᠠᠨᠵᠠᠨ ᠰᠠᠢᠰᠢᠶᠠᠬᠤ ᠭᠡᠵᠦ᠂ ᠰᠠᠢᠨ ᠶᠠᠭᠤᠮ᠎ᠠ ᠶᠠᠷᠢᠬᠤ ᠭᠡᠵᠦ ᠳᠠᠭᠤᠳᠠᠭ᠎ᠠ ᠦᠭᠡᠢ ᠶ᠋ᠢ ᠡᠷᠳᠡᠨᠢ ᠮᠡᠳᠡᠵᠦ ᠪᠠᠢᠯ᠎ᠠ᠃ ᠭᠡᠪᠡᠴᠦ ᠳᠠᠨᠵᠠᠨ ᠪᠣᠯ ᠵᠠᠩᠵᠤᠨ᠃ ᠪᠠᠰᠠ ᠶᠡᠷᠦᠩᠬᠡᠢ ᠰᠠᠢᠳ ᠤ᠋ᠨ ᠣᠷᠣᠯᠠᠭᠴᠢ ᠬᠥᠮᠦᠨ ᠪᠣᠯᠬᠣᠷ ᠣᠴᠢᠬᠤ ᠦᠭᠡᠢ ᠪᠠᠢᠵᠤ ᠪᠣᠯᠬᠤ ᠦᠭᠡᠢ᠃
ᠳᠠᠨᠵᠠᠨ ᠡᠷᠬᠡ ᠮᠠᠲᠠᠯ ᠢ᠋ᠶ᠋ᠠᠨ ᠠᠰᠢᠭᠯᠠᠵᠤ᠂ ᠥᠪᠡᠷ ᠲᠡᠢ ᠨᠢ ᠵᠥᠷᠢᠯᠳᠦᠭᠰᠡᠨ ᠬᠡᠳᠦ ᠬᠡᠳᠦᠨ ᠬᠥᠮᠦᠨ ᠢ᠋ ᠬᠠᠲᠠᠭᠤ ᠰᠢᠳᠬᠡᠭᠰᠡᠨ ᠲᠤᠬᠠᠢ ᠡᠷᠳᠡᠨᠢ ᠲᠣᠪᠲᠠᠢ ᠰᠣᠨᠣᠰᠤᠭᠰᠠᠨ ᠪᠢᠯᠡ᠃ ᠬᠣᠶᠠᠷᠬᠠᠨ ᠬᠣᠨᠣᠭ ᠤ᠋ᠨ ᠳᠠᠷᠠᠭ᠎ᠠ ᠶᠡᠬᠡ ᠬᠤᠷᠠᠯ ᠪᠣᠯᠤᠨ᠎ᠠ᠃ ᠭᠡᠪᠡᠴᠦ ᠬᠣᠶᠠᠷ ᠬᠣᠨᠣᠭ ᠲᠤ᠌ ᠳᠠᠨᠵᠠᠨ ᠶᠠᠭᠤ ᠴᠤ᠌ ᠬᠢᠵᠦ ᠮᠠᠭᠠᠳ ᠰᠢᠦ ᠳᠡ᠃
ᠥᠩᠭᠡᠷᠡᠭᠰᠡᠨ ᠵᠤᠨ ᠪᠠᠲᠤ ᠢᠷᠡᠵᠦ ᠰᠣᠳᠨᠠᠮ ᠤ᠋ᠨ ᠳ᠋ᠤ᠌ ᠬᠡᠳᠦ ᠬᠣᠨᠣᠭᠠᠳ ᠳᠠᠷᠠᠭ᠎ᠠ ᠨᠢ ᠡᠴᠢᠭᠡ ᠶ᠋ᠢᠨ ᠳ᠋ᠡᠭᠡᠨ ᠢᠷᠡᠭᠰᠡᠨ ᠪᠥᠭᠡᠳ ᠪᠠᠶᠤᠤ ᠳᠡᠭᠡᠷ᠎ᠡ ᠲᠠᠷᠭᠤᠨ ᠮᠣᠷᠢ ᠤᠨᠤᠭᠠᠳ ᠲᠡᠨᠦᠵᠦ ᠶᠠᠪᠤᠭᠰᠠᠨ ᠬᠣᠩᠭᠣᠷ ᠲᠠᠢ ᠲᠠᠭᠠᠷᠠᠯᠳᠤᠵᠤ ᠶᠠᠭᠤᠨ ᠤ᠋ ᠡᠮᠦᠨ᠎ᠡ ᠪᠤᠯᠠᠭᠠᠨ ᠠᠭᠤᠯᠠ ᠶ᠋ᠢᠨ ᠥᠪᠥᠷ ᠲᠦ᠍ ᠤᠷᠭᠤᠭᠰᠠᠨ ᠬᠣᠶᠠᠷ ᠮᠤᠨᠤᠰᠤᠨ ᠳᠡᠭᠡᠷ᠎ᠡ ᠣᠴᠢᠪᠠ᠃ ᠮᠣᠢᠯ ᠨᠢ ᠠᠷᠠᠢᠬᠠᠨ ᠪᠣᠯᠤᠭ᠎ᠠ ᠦᠭᠡᠢ ᠪᠠᠢᠭᠰᠠᠨ ᠠᠪᠠᠴᠤ ᠥᠪᠡᠷ ᠥᠪᠡᠷ ᠦ᠋ᠨ ᠮᠣᠳᠣᠨ ᠡᠴᠡ ᠠᠪᠴᠤ ᠠᠮᠠ ᠪᠠᠨ ᠵᠠᠪᠠᠭᠠᠷᠠᠲᠠᠯᠠ ᠢᠳᠡᠵᠦ᠂ ᠵᠠᠶ᠎ᠠ ᠶ᠋ᠢᠨ ᠬᠦᠷᠢᠶᠡᠨ ᠳᠡᠭᠡᠷ᠎ᠡ ᠪᠠᠢᠭᠰᠠᠨ ᠠᠮᠢᠳᠤᠷᠠᠯ ᠤ᠋ᠨ ᠢ᠋ᠶ᠋ᠠᠨ ᠠᠯᠢ ᠢᠨᠢᠶᠡᠳᠦ ᠬᠥᠭᠵᠢᠯ ᠲᠡᠢ ᠬᠡᠰᠡᠭ ᠢ᠋ ᠠᠮᠠ ᠪᠤᠯᠢᠶᠠᠯᠳᠤᠨ ᠥᠷᠢᠰᠦᠯᠳᠦᠵᠦ ᠶᠠᠷᠢᠨ ᠢᠨᠢᠶᠡᠯᠳᠦᠪᠡ᠃
᠊᠊᠊᠊᠊᠊᠊᠊᠊᠊᠊᠊᠊᠊᠊ ᠡᠨᠡ ᠮᠣᠳᠣ ᠪᠢᠳᠡ ᠬᠣᠶᠠᠷ ᠤ᠋ᠨ ᠠᠯᠢ ᠨᠢ ᠲᠡᠷᠢᠭᠦᠨ ᠳ᠋ᠦ᠍ ᠦᠬᠦᠬᠦ ᠪᠣᠯ ᠭᠡᠵᠦ ᠪᠠᠲᠤ ᠢᠨᠢᠶᠡᠮᠰᠦᠭᠯᠡᠨ ᠬᠥᠭᠵᠢᠯ ᠲᠡᠢ ᠳᠠᠭᠤ ᠪᠠᠷ ᠠᠰᠠᠭᠤᠪᠠ᠃
᠊᠊᠊᠊᠊᠊᠊᠊᠊᠊᠊᠊᠊᠊᠊ ᠪᠢ ᠯᠡ ᠡᠭᠦᠨ ᠡᠴᠡ ᠲᠦᠷᠦᠭᠦᠦ ᠦᠬᠦᠬᠦ ᠦᠭᠡᠢ᠃
᠊᠊᠊᠊᠊᠊᠊᠊᠊᠊᠊᠊᠊᠊᠊ ᠮᠣᠳᠣ ᠴᠤ᠌ ᠤᠷᠲᠤ ᠨᠠᠰᠤ ᠲᠠᠢ ᠪᠠᠢᠳᠠᠭ ᠶᠤᠮ ᠰᠢᠦ᠃
᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠲᠡᠷᠡ ᠭᠡᠳ ᠬᠣᠩᠭᠣᠷ ᠬᠡᠰᠡᠭ ᠮᠣᠢᠯ ᠰᠢᠪᠲᠤᠷᠠᠨ ᠠᠪᠴᠤ ᠠᠮᠠᠨ ᠳ᠋ᠠᠭᠠᠨ ᠬᠢᠯ᠎ᠡ᠃
ᠮᠠᠷᠭᠠᠰᠢ ᠨᠢ ᠬᠣᠶᠠᠷ ᠵᠠᠯᠠᠭᠤ ᠲᠡᠮᠦᠷ ᠦ᠋ᠨ ᠵᠦᠭ ᠭᠠᠷᠴᠤ ᠲᠡᠨᠳᠡ ᠨᠢᠭᠡ ᠬᠣᠨᠣᠭᠠᠳ ᠢᠲᠡᠭᠡᠯᠲᠦ ᠶ᠋ᠢᠨ ᠬᠣᠲᠠᠨ ᠳ᠋ᠤ᠌ ᠣᠴᠢᠬᠤ ᠳ᠋ᠤ᠌ ᠵᠡᠭᠦᠨ ᠡᠮᠦᠨ᠎ᠡ ᠲᠠᠯ᠎ᠠ ᠶ᠋ᠢᠨ ᠰᠢᠨᠡᠬᠡᠨ ᠲᠣᠮᠣ ᠭᠡᠷ ᠡᠴᠡ ᠰᠦᠷᠦᠩ᠂ ᠰᠣᠯᠣᠩᠭ᠎ᠠ ᠬᠣᠶᠠᠷ ᠭᠠᠷᠴᠤ ᠳᠦᠭᠦᠷᠡᠩ ᠪᠠᠶᠠᠷ ᠬᠥᠷ ᠪᠣᠯᠵᠤ ᠪᠢᠯᠡ᠃ ᠣᠷᠴᠢᠯᠠᠩ ᠳ᠋ᠤ᠌ ᠰᠠᠯᠬᠤ ᠵᠢᠮ᠎ᠡ ᠪᠠᠢᠪᠠᠴᠤ ᠪᠠᠰᠠ ᠤᠴᠠᠷᠠᠬᠤ ᠵᠠᠮ ᠪᠠᠢᠳᠠᠭ ᠠᠵᠢ᠃
ᠬᠣᠩᠭᠣᠷ ᠤ᠋ᠨ ᠳ᠋ᠤ᠌ ᠵᠣᠴᠢᠯᠠᠭᠰᠠᠨ ᠭᠤᠷᠪᠠᠬᠠᠨ ᠬᠣᠨᠣᠭ ᠪᠠᠲᠤ ᠶ᠋ᠢᠨ ᠰᠡᠳᠬᠢᠯ ᠳ᠋ᠦ᠍ ᠴᠠᠬᠢᠯᠤᠨ ᠥᠩᠭᠡᠷᠡᠭᠰᠡᠨ ᠪᠣᠯᠪᠠᠴᠤ ᠠᠮᠢᠳᠤᠷᠠᠯ ᠳ᠋ᠤᠨᠢ ᠦᠯᠡᠮᠵᠢ ᠶᠡᠬᠡ ᠶᠠᠭᠤᠮ᠎ᠠ ᠥᠭᠴᠦ ᠪᠢᠯᠡ᠃
ᠨᠢᠭᠡ ᠥᠷᠯᠥᠭᠡ ᠳᠥᠷᠪᠡᠨ ᠵᠠᠯᠠᠭᠤ ᠮᠣᠷᠳᠠᠨ ᠶᠠᠪᠤᠵᠤ ᠤᠷᠢᠳᠤ ᠲᠣᠭᠯᠠᠵᠤ ᠪᠠᠢᠭᠰᠠᠨ ᠴᠢᠯᠠᠭᠤᠨ ᠳᠡᠭᠡᠷ᠎ᠡ ᠪᠡᠨ ᠢᠷᠡᠵᠡᠢ᠃ ᠣᠯᠠᠨ ᠣᠨ ᠥᠩᠭᠡᠷᠡᠭᠰᠡᠨ ᠦ᠌ ᠤᠯᠠ ᠮᠥᠷ ᠪᠣᠯᠵᠤ ᠡᠪᠡᠰᠦ ᠣᠷᠭᠣᠭᠠᠳ ᠵᠠᠷᠢᠮ ᠴᠢᠯᠠᠭᠤ ᠨᠢ ᠪᠠᠷᠤᠭ ᠬᠠᠷᠠᠭᠳᠠᠬᠤ ᠪᠠᠨ ᠪᠣᠯᠢᠭᠰᠠᠨ ᠲᠡᠷᠡ ᠭᠡᠷ ᠦ᠋ᠳ ᠢ᠋ ᠰᠡᠷᠭᠦᠭᠡᠨ ᠪᠠᠷᠢᠵᠤ ᠶᠠᠭᠤ ᠬᠠᠮᠢᠭ᠎ᠠ ᠪᠠᠢᠭᠰᠠᠨ ᠢ᠋ ᠬᠥᠭᠵᠢᠯᠳᠦᠨ ᠰᠠᠨᠠᠵᠤ ᠦᠳᠡ ᠥᠩᠭᠡᠷᠡᠲᠡᠯ᠎ᠡ ᠶᠠᠭ ᠯᠠ ᠪᠠᠭ᠎ᠠ ᠳ᠋ᠠᠭᠠᠨ ᠲᠣᠭᠯᠠᠵᠤ ᠪᠠᠢᠭᠰᠠᠨ ᠰᠢᠭ᠋ ᠪᠡᠶ᠎ᠡ ᠪᠡᠶ᠎ᠡ ᠳ᠋ᠡᠭᠡᠨ ᠠᠢᠯᠴᠢᠯᠠᠨ᠂ ᠬᠣᠮᠣᠣᠯ ᠢ᠋ᠶ᠋ᠠᠷ ᠮᠣᠷᠢ ᠬᠢᠨ ᠬᠤᠷᠤᠭᠤᠨ ᠤ᠋ ᠰᠠᠯᠠᠭᠠᠨ ᠳ᠋ᠠᠭᠠᠨ ᠬᠠᠪᠴᠢᠨ ᠤᠨᠤᠵᠤ ᠵᠠᠷᠢᠮ ᠳ᠋ᠠᠭᠠᠨ ᠲᠣᠩᠭᠣᠴᠢᠨ ᠪᠤᠯᠭᠢᠭᠤᠯᠵᠤ ᠪᠠᠢᠯ᠎ᠠ᠃
ᠪᠠᠢᠨ ᠪᠠᠢᠨ ᠫᠢᠷᠭᠢᠲᠡᠯᠡ ᠬᠥᠭᠵᠢᠯᠳᠦᠨ ᠢᠨᠢᠶᠡᠯᠳᠦᠵᠦ ᠪᠠᠢᠭ᠎ᠠ ᠡᠨᠡ ᠳᠥᠷᠪᠡᠨ ᠵᠠᠯᠠᠭᠤ ᠶ᠋ᠢ ᠬᠠᠷᠠᠭᠰᠠᠨ ᠬᠥᠮᠦᠨ ᠭᠠᠢᠬᠠᠮᠠᠷ ᠠᠵᠢ᠃ ᠰᠡᠭᠦᠯ ᠳ᠋ᠡᠭᠡᠨ ᠪᠠᠭ᠎ᠠ ᠪᠠᠢᠬᠤ ᠳ᠋ᠤᠨᠢ ᠪᠣᠯᠤᠭᠰᠠᠨ ᠨᠢᠭᠡ ᠶᠠᠪᠤᠳᠠᠯ ᠬᠣᠩᠭᠣᠷ ᠤ᠋ᠨ ᠰᠡᠳᠬᠢᠯ ᠳ᠋ᠦ᠍ ᠣᠷᠣᠪᠠ᠃
ᠰᠦᠷᠦᠩ ᠰᠣᠯᠣᠩᠭ᠎ᠠ ᠬᠣᠶᠠᠷ ᠤ᠋ᠨ ᠭᠡᠷ ᠦ᠋ᠨ ᠬᠣᠢᠮᠣᠷ ᠨᠢ ᠪᠤᠷᠬᠠᠨ ᠤ᠋ ᠠᠪᠳᠠᠷ᠎ᠠ ᠭᠡᠵᠦ ᠨᠢᠭᠡ ᠨᠣᠭᠣᠭᠠᠨ ᠴᠢᠯᠠᠭᠤ ᠪᠠᠢᠳᠠᠭ ᠪᠠᠢᠯ᠎ᠠ᠃ ᠲᠡᠷᠡ ᠦᠨᠡᠬᠡᠷ ᠭᠣᠶᠣ ᠴᠢᠯᠠᠭᠤ ᠪᠠᠢᠭᠰᠠᠨ ᠪᠥᠭᠡᠳ ᠬᠡᠴᠢᠨᠡᠨ ᠡᠷᠢᠪᠡᠴᠦ ᠣᠯᠳᠠᠬᠤ ᠦᠭᠡᠢ ᠪᠣᠯᠬᠣᠷ ᠬᠣᠩᠭᠣᠷ ᠰᠢᠭᠤᠳ ᠪᠤᠯᠢᠶᠠᠵᠤ ᠠᠪᠤᠭᠰᠠᠨ ᠡᠴᠡ ᠬᠡᠷᠡᠭ ᠭᠠᠷᠴᠤ ᠰᠦᠷᠦᠩ ᠰᠣᠯᠣᠩᠭ᠎ᠠ ᠬᠣᠶᠠᠷ ᠠᠪᠬᠤ ᠭᠡᠵᠦ ᠣᠷᠣᠯᠳᠣᠭᠠᠳ ᠴᠢᠳᠠᠬᠤ ᠦᠭᠡᠢ ᠪᠣᠯᠬᠣᠷ ᠤᠬᠢᠯᠠᠯᠳᠤᠪᠠ᠃ ᠣᠷᠣᠢ ᠨᠢ ᠬᠣᠩᠭᠣᠷ ᠲᠡᠭᠦᠨ ᠡᠴᠡ ᠪᠣᠯᠵᠤ ᠠᠪᠤ ᠳ᠋ᠠᠭᠠᠨ ᠵᠣᠳᠣᠭᠤᠯᠤᠭᠰᠠᠨ ᠶᠤᠮ᠃ ᠡᠭᠦᠨ ᠢ᠋ᠶ᠋ᠡᠨ ᠰᠠᠨᠠᠭᠰᠠᠨ ᠬᠣᠩᠭᠣᠷ ᠰᠢᠭᠤᠳ ᠣᠴᠢᠵᠤ ᠬᠣᠶᠠᠷ ᠡᠮᠡᠭᠲᠡᠢ ᠶ᠋ᠢᠨ ᠭᠡᠷ ᠦ᠋ᠨ ᠪᠤᠷᠬᠠᠨ ᠤ᠋ ᠠᠪᠳᠠᠷ᠎ᠠ ᠶ᠋ᠢ ᠠᠪᠴᠤ ᠵᠢᠭᠤᠲᠠᠭᠰᠠᠨ ᠳ᠋ᠤ᠌ ᠬᠥᠭᠵᠢᠯᠳᠦᠨ ᠨᠣᠴᠣᠯᠳᠤᠪᠠ᠃ ᠴᠢᠯᠠᠭᠤ ᠶ᠋ᠢ ᠬᠣᠩᠭᠣᠷ ᠰᠢᠲᠠᠵᠤ ᠪᠠᠲᠤ ᠳ᠋ᠤ᠌ ᠳᠠᠮᠵᠢᠭᠤᠯᠬᠤ ᠳ᠋ᠤ᠌ ᠰᠢᠭᠦᠷᠦᠨ ᠡᠷᠭᠢᠵᠦ ᠵᠢᠭᠤᠲᠠᠬᠤ ᠭᠡᠲᠡᠯ᠎ᠡ ᠮᠥᠷᠦᠨ ᠳᠡᠭᠡᠷ᠎ᠡ ᠡᠴᠡ ᠨᠢ ᠰᠣᠯᠣᠩᠭ᠎ᠠ ᠪᠠᠵᠠᠵᠤ ᠠᠪᠤᠯ᠎ᠠ᠃ ᠡᠷᠭᠢᠵᠦ ᠬᠠᠷᠠᠪᠠᠯ ᠶᠡᠷᠦ ᠪᠤᠰᠤ ᠶ᠋ᠢᠨ ᠵᠥᠭᠡᠯᠡᠨ ᠪᠥᠭᠡᠳ ᠰᠡᠭᠦᠯ ᠦ᠋ᠨ ᠦᠶ᠎ᠡ ᠳ᠋ᠦ᠍ ᠰᠡᠳᠬᠢᠯ ᠡᠴᠡ ᠨᠢ ᠬᠣᠯᠠᠳᠴᠤ ᠥᠭᠬᠦ ᠪᠡᠨ ᠪᠣᠯᠢᠭᠰᠠᠨ ᠬᠣᠶᠠᠷ ᠨᠢᠳᠦ ᠲᠡᠢ ᠲᠤᠯᠭᠠᠷᠠᠪᠠ᠃ ᠡᠨᠡ ᠦᠶ᠎ᠡ ᠳ᠋ᠦ᠍ ᠪᠠᠲᠤ ᠴᠤ᠌ ᠭᠠᠷ ᠳᠠᠬᠢ ᠴᠢᠯᠠᠭᠤ ᠪᠠᠨ ᠮᠠᠷᠲᠠᠵᠤ᠂ ᠰᠣᠯᠣᠩᠭ᠎ᠠ ᠴᠤ᠌ ᠶᠠᠭᠠᠬᠢᠬᠤ ᠭᠡᠵᠦ ᠪᠠᠷᠢᠵᠤ ᠠᠪᠤᠭᠰᠠᠨ ᠢ᠋ᠶ᠋ᠠᠨ ᠮᠠᠷᠲᠠᠯ᠎ᠠ᠃
ᠭᠱᠠᠨ ᠵᠠᠭᠤᠷ᠎ᠠ ᠭᠥᠯᠢᠷᠡᠨ ᠰᠢᠷᠲᠡᠯᠴᠡᠭᠰᠡᠨ ᠳᠥᠷᠪᠡᠨ ᠨᠢᠳᠦ ᠨᠢᠭᠡ ᠦᠶ᠎ᠡ ᠰᠠᠯᠵᠤ ᠴᠢᠳᠠᠬᠤ ᠦᠭᠡᠢ ᠵᠢᠭᠤᠷᠠᠯᠳᠤᠭᠰᠠᠨ ᠢ᠋ᠶ᠋ᠠᠨ ᠮᠦᠰᠢᠶᠡᠬᠦ ᠮᠡᠲᠦ ᠡᠪ ᠬᠠᠪᠤ ᠦᠭᠡᠢ ᠳᠦᠷᠰᠦ ᠲᠣᠳᠣᠷᠠᠭᠤᠯᠤᠨ ᠰᠠᠯᠬᠤ ᠳ᠋ᠤ᠌ ᠪᠠᠲᠤ ᠶ᠋ᠢᠨ ᠮᠥᠷᠦᠨ ᠳᠡᠭᠡᠷ᠎ᠡ ᠪᠠᠢᠭᠰᠠᠨ ᠰᠣᠯᠣᠩᠭ᠎ᠠ ᠶ᠋ᠢᠨ ᠭᠠᠷ ᠰᠢᠪᠲᠤᠷᠠᠨ ᠤᠨᠠᠪᠠ᠃ ᠪᠠᠲᠤ ᠠᠳᠬᠤᠭᠰᠠᠨ ᠴᠢᠯᠠᠭᠤ ᠪᠠᠨ ᠨᠢᠳᠦᠨ ᠳ᠋ᠡᠭᠡᠨ ᠲᠤᠯᠭᠠᠨ ᠬᠠᠷᠠᠭᠰᠠᠨ ᠢ᠋ᠶ᠋ᠠᠨ ᠴᠢᠷᠠᠢ ᠨᠢ ᠮᠢᠠᠴᠢ᠌ᠨ ᠤᠯᠠᠢᠵᠤ᠂ ᠰᠣᠯᠣᠩᠭ᠎ᠠ ᠳ᠋ᠤ᠌ ᠰᠡᠷᠪᠡᠢᠨ ᠥᠭᠪᠡ᠃
ᠡᠨᠡ ᠪᠦᠬᠦᠨ ᠢ᠋ ᠬᠠᠷᠠᠭᠰᠠᠨ ᠬᠣᠩᠭᠣᠷ ᠳᠡᠷᠭᠡᠳᠡ ᠪᠡᠨ ᠵᠣᠭᠰᠣᠵᠤ ᠪᠠᠢᠭᠰᠠᠨ ᠰᠦᠷᠦᠩ ᠢ᠋ ᠠᠶᠠᠷᠬᠠᠨ ᠨᠢᠳᠤᠷᠤᠭᠠᠳ 《ᠪᠢᠳᠡ ᠬᠣᠶᠠᠷ ᠬᠠᠷᠢᠭᠠᠳ ᠬᠣᠭᠣᠯᠠ ᠬᠢᠵᠦ ᠪᠠᠢᠶ᠎ᠠ᠃ ᠲᠠ ᠬᠣᠶᠠᠷ ᠵᠢᠭᠠᠬᠠᠨ ᠲᠣᠭᠯᠠᠵᠤ ᠪᠠᠢᠭᠠᠳ ᠣᠴᠢᠭᠠᠷᠠᠢ》 ᠭᠡᠳ ᠡᠬᠡᠨᠡᠷ ᠲᠡᠢ ᠪᠡᠨ ᠮᠣᠷᠳᠠᠨ ᠶᠠᠪᠤᠯ᠎ᠠ᠃
ᠪᠠᠲᠤ᠂ ᠰᠣᠯᠣᠩᠭ᠎ᠠ ᠬᠣᠶᠠᠷ ᠤ᠋ᠨ ᠵᠦᠭ ᠡᠴᠡ ᠶᠠᠮᠠᠷ ᠴᠤ᠌ ᠬᠠᠷᠢᠭᠤ ᠳᠠᠭᠤ ᠭᠠᠷᠤᠭᠰᠠᠨ ᠦᠭᠡᠢ᠃
᠊᠊᠊᠊᠊᠊᠊᠊᠊᠊᠊᠊᠊᠊᠊ ᠲᠡᠷᠡ ᠬᠣᠶᠠᠷ ᠶᠠᠪᠤᠴᠢᠬᠠᠯ᠎ᠠ᠃
᠊᠊᠊᠊᠊᠊᠊᠊᠊᠊᠊᠊᠊᠊᠊ ᠲᠡᠢᠮᠦ ᠠ᠋ ᠶᠠᠪᠤᠴᠢᠬᠠᠯ᠎ᠠ᠃
᠊᠊᠊᠊᠊᠊᠊᠊᠊᠊᠊᠊᠊᠊᠊ ᠴᠢ ᠡᠭᠦᠨ ᠢ᠋ ᠠᠪ ᠯᠠ ᠳᠠ᠃
᠊᠊᠊᠊᠊᠊᠊᠊᠊᠊᠊᠊᠊᠊᠊ ᠵᠠ ᠭᠡᠳ ᠰᠣᠯᠣᠩᠭ᠎ᠠ ᠰᠡᠷᠪᠡᠢᠨ ᠪᠠᠲᠤ ᠶ᠋ᠢᠨ ᠭᠠᠷ ᠳᠠᠬᠢ ᠴᠢᠯᠠᠭᠤ ᠶ᠋ᠢ ᠠᠪᠬᠤ ᠭᠡᠲᠡᠯ᠎ᠡ ᠭᠠᠷ ᠨᠢ ᠪᠠᠲᠤ ᠶ᠋ᠢᠨ ᠭᠠᠷ ᠲᠤ᠌ ᠬᠦᠷᠪᠡ᠃
᠊᠊᠊᠊᠊᠊᠊᠊᠊᠊᠊᠊᠊᠊᠊ ᠬᠣᠶᠠᠭᠤᠯᠠ ᠡᠨᠳᠡ ᠵᠢᠭᠠᠬᠠᠨ ᠰᠠᠭᠤᠬᠤ ᠤᠤ?
᠊᠊᠊᠊᠊᠊᠊᠊᠊᠊᠊᠊᠊᠊᠊ ᠵᠠ ᠭᠡᠳ ᠰᠣᠯᠣᠩᠭ᠎ᠠ ᠴᠢᠯᠠᠭᠤ ᠶ᠋ᠢ ᠠᠪᠤᠯ ᠦᠭᠡᠢ ᠡᠪᠦᠳᠦᠭ ᠨᠤᠭᠤᠯᠤᠨ ᠳᠣᠣᠷ᠎ᠠ ᠪᠠᠨ ᠰᠠᠭᠤᠪᠠ᠃
ᠲᠡᠷᠡ ᠬᠣᠶᠠᠷ ᠦᠭᠡ ᠳᠠᠭᠤ ᠦᠭᠡᠢ ᠨᠡᠯᠢᠶᠡᠳ ᠰᠠᠭᠤᠵᠤ ᠪᠠᠢᠭᠰᠠᠨ ᠢ᠋ᠶ᠋ᠠᠨ ᠪᠠᠲᠤ᠄
᠊᠊᠊᠊᠊᠊᠊᠊᠊᠊᠊᠊᠊᠊᠊ ᠨᠠᠳᠠᠳᠤ ᠰᠤᠷᠭᠠᠭᠤᠯᠢ ᠳᠡᠭᠡᠷ᠎ᠡ ᠭᠡᠷ ᠪᠠᠷᠢᠵᠤ ᠥᠭᠭᠦᠭᠰᠡᠨ᠃ ᠪᠢ ᠲᠡᠷᠡ ᠭᠡᠷ ᠲᠦ᠍ ᠭᠠᠭᠴᠠᠭᠠᠷ ᠢ᠋ᠶ᠋ᠠᠨ ᠯᠠ ᠰᠠᠭᠤᠳᠠᠭ ᠭᠡᠯᠡ᠃
᠊᠊᠊᠊᠊᠊᠊᠊᠊᠊᠊᠊᠊᠊᠊ ᠡᠨ ᠲᠡᠢᠮᠦ ᠤᠤ? ᠲᠡᠷᠡ ᠯᠦᠩ ᠭᠡᠳᠡᠭ ᠭᠠᠵᠠᠷ ᠴᠢᠨᠢ ᠬᠣᠯᠠ ᠤᠤ?
᠊᠊᠊᠊᠊᠊᠊᠊᠊᠊᠊᠊᠊᠊᠊ ᠣᠢᠷᠠᠬᠠᠨ᠃ ᠠᠷᠪᠠᠭᠠᠳ ᠯᠠ ᠥᠷᠲᠡᠭᠡ᠃
ᠪᠠᠲᠤ ᠭᠠᠵᠠᠷ ᠱᠠᠭᠠᠢᠵᠤ ᠪᠠᠢᠭᠰᠠᠨ ᠬᠠᠷᠠᠴᠠ ᠪᠠᠨ ᠠᠯᠭᠤᠷ ᠡᠷᠭᠢᠭᠦᠯᠪᠡ᠃
ᠰᠣᠯᠣᠩᠭ᠎ᠠ ᠳᠣᠷᠣᠭᠰᠢ ᠬᠠᠷᠠᠨ ᠥᠷᠥᠭᠡᠰᠦᠨ ᠭᠠᠷ ᠢ᠋ᠶ᠋ᠠᠷ ᠢ᠋ᠶ᠋ᠠᠨ ᠭᠠᠵᠠᠷ ᠲᠤᠯᠤᠨ ᠬᠥᠳᠡᠯᠬᠦ ᠦᠭᠡᠢ ᠪᠠᠢᠬᠤ ᠳ᠋ᠤ᠌ ᠱᠠᠩᠬᠤ ᠨᠢ ᠰᠠᠯᠬᠢᠨ ᠳ᠋ᠤ᠌ ᠦᠯᠦ ᠮᠡᠳᠡᠭ ᠬᠡᠢᠰᠦᠨ᠎ᠡ᠃
ᠪᠠᠲᠤ᠂ ᠭᠦᠨ ᠭᠡᠭᠴᠢ ᠨᠢ ᠠᠮᠢᠰᠬᠤᠭ᠎ᠠ ᠪᠠᠨ ᠲᠠᠲᠠᠵᠤ᠂ ᠴᠡᠭᠡᠵᠢ ᠳᠦᠭᠦᠷᠡᠩ ᠠᠭᠠᠷ ᠬᠤᠷᠢᠶᠠᠵᠤ ᠠᠪᠤᠭᠠᠳ ᠪᠤᠴᠠᠭᠠᠵᠤ ᠭᠠᠷᠭᠠᠬᠤ ᠦᠭᠡᠢ ᠬᠡᠰᠡᠭ ᠪᠣᠯᠤᠭᠰᠠᠨ ᠢ᠋ᠶ᠋ᠠᠨ 《ᠪᠢ ᠡᠨᠡ ᠵᠢᠯ ᠬᠣᠷᠢ ᠬᠦᠷᠦᠯ᠎ᠡ᠃ ᠣᠳᠣ ᠢᠵᠢᠯᠢ ᠲᠡᠢ ᠪᠣᠯᠤᠮᠠᠷ ᠪᠠᠢᠨ᠎ᠠ ᠁ ᠴᠢ ᠮᠢᠨᠦ ᠬᠠᠨᠢ ᠪᠣᠯᠬᠤ ᠦᠭᠡᠢ ᠤᠤ᠃ ᠪᠢᠳᠡ ᠬᠣᠶᠠᠷ ᠪᠠᠭ᠎ᠠ ᠡᠴᠡ ᠪᠡᠨ ᠪᠡᠶ᠎ᠡ ᠪᠡᠶ᠎ᠡ ᠪᠡᠨ ᠮᠡᠳᠡᠨ᠎ᠡ》 ᠭᠡᠳ ᠳᠣᠭᠣᠭᠰᠢ ᠬᠠᠷᠠᠵᠤ ᠰᠠᠨᠠᠭ᠎ᠠ ᠠᠯᠳᠠᠪᠠ᠃
ᠶᠡᠬᠡ ᠪᠠᠶᠠᠷᠲᠠᠢ ᠮᠡᠳᠡᠭᠡ ᠰᠣᠨᠣᠰᠤᠭᠠᠳ ᠢᠨᠢᠶᠡᠵᠦ ᠤᠬᠢᠯᠠᠬᠤ ᠶ᠋ᠢᠨ ᠳᠤᠮᠳᠠᠭᠤᠷ ᠪᠠᠬᠠᠷᠳᠠᠨ ᠪᠠᠢᠭ᠎ᠠ ᠬᠥᠮᠦᠨ ᠢ᠋ ᠬᠠᠷᠠᠭᠰᠠᠨ ᠪᠣᠯ ᠡᠨᠡ ᠦᠭᠡ ᠶ᠋ᠢ ᠰᠣᠨᠣᠰᠤᠭᠰᠠᠨ ᠰᠣᠯᠣᠩᠭ᠎ᠠ ᠶᠠᠭ ᠯᠠ ᠲᠡᠢᠮᠦ ᠪᠠᠢᠯ᠎ᠠ᠃ ᠡᠨᠡ ᠦᠭᠡ ᠶ᠋ᠢ ᠰᠣᠨᠣᠰᠬᠤ ᠰᠠᠨ ᠭᠡᠵᠦ ᠰᠣᠯᠣᠩᠭ᠎ᠠ ᠪᠠᠲᠤ ᠶ᠋ᠢ ᠢᠷᠡᠭᠰᠡᠨ ᠡᠳᠦᠷ ᠡᠴᠡ ᠬᠦᠰᠡᠨ ᠬᠦᠯᠢᠶᠡᠵᠦ ᠪᠢᠯᠡ᠃ ᠬᠡᠯᠡᠬᠦ ᠴᠦ᠍ ᠪᠠᠢᠬᠤ ᠭᠡᠵᠦ ᠢᠳᠡᠭᠡᠨ ᠥᠭᠬᠦ ᠬᠠᠷᠢᠭᠤ ᠪᠠᠨ ᠣᠯᠠᠨ ᠶᠠᠩᠵᠤ ᠪᠠᠷ ᠪᠡᠯᠡᠳᠬᠡᠭᠰᠡᠨ ᠶᠤᠮ᠃ ᠭᠡᠲᠡᠯ᠎ᠡ ᠬᠦᠯᠢᠶᠡᠵᠦ ᠪᠠᠢᠭᠰᠠᠨ ᠦᠭᠡ ᠪᠡᠨ ᠰᠣᠨᠣᠰᠬᠤ ᠳᠡᠭᠡᠷ᠎ᠡ ᠨᠥᠭᠦᠭᠡ ᠪᠡᠯᠡᠳᠬᠡᠭᠰᠡᠨ ᠦᠭᠡ ᠨᠢ ᠣᠷᠣ ᠰᠤᠷᠠᠭ ᠦᠭᠡᠢ ᠠᠯᠠᠭ᠎ᠠ ᠪᠣᠯᠤᠭᠰᠠᠨ ᠢ᠋ᠶ᠋ᠠᠷ ᠪᠠᠷᠠᠬᠤ ᠦᠭᠡᠢ ᠳᠠᠭᠤ ᠣᠪᠣᠯᠵᠠᠭᠰᠠᠨ ᠵᠢᠷᠦᠬᠡ ᠵᠣᠭᠰᠣᠬᠤ ᠰᠢᠭ᠋ ᠪᠣᠯᠵᠤ ᠳᠡᠮᠡᠢ ᠯᠡ ᠪᠦᠯᠲᠡᠭᠡᠨᠡᠨ ᠬᠡᠰᠡᠭ ᠪᠣᠯᠪᠠ᠃
᠊᠊᠊᠊᠊᠊᠊᠊᠊᠊᠊᠊᠊᠊᠊ ᠠᠪᠤ ᠯᠠ ᠮᠡᠳᠡᠨ᠎ᠡ ᠳᠠ ᠭᠡᠵᠦ ᠬᠡᠰᠡᠭ ᠲᠦᠭᠳᠡᠷᠡᠨ ᠪᠠᠢᠭᠰᠠᠨ ᠤ᠋ ᠳᠠᠷᠠᠭ᠎ᠠ ᠰᠢᠪᠡᠭᠡᠨᠡᠨ ᠬᠡᠯᠡᠵᠡᠢ᠃
ᠪᠠᠲᠤ ᠳ᠋ᠤ᠌ ᠴᠠᠰᠢ ᠶᠠᠷᠢᠭᠠᠳ ᠪᠠᠢᠬᠤ ᠬᠡᠷᠡᠭ ᠴᠦ᠍ ᠪᠠᠢᠭᠰᠠᠨ ᠦᠭᠡᠢ᠃ ᠴᠢᠳᠠᠯ ᠴᠤ᠌ ᠪᠠᠢᠭᠰᠠᠨ ᠦᠭᠡᠢ᠃ 《ᠠᠪᠤ ᠯᠠ ᠮᠡᠳᠡᠨ᠎ᠡ ᠳᠠ》 ᠭᠡᠰᠡᠨ ᠦᠭᠡᠨ ᠦ᠌ ᠴᠠᠭᠠᠨ᠎ᠠ 《ᠨᠠᠳᠠ ᠡᠴᠡ ᠪᠢᠲᠡᠭᠡᠢ ᠠᠰᠠᠭᠤ᠃ ᠨᠠᠳᠠ ᠲᠡᠭᠦᠨ ᠡᠴᠡ ᠢᠯᠡᠭᠦᠦ ᠵᠢᠷᠭᠠᠯ ᠪᠠᠢᠬᠤ ᠦᠭᠡᠢ》 ᠭᠡᠰᠡᠨ ᠲᠣᠳᠣᠷᠬᠠᠢ ᠦᠭᠡ ᠰᠣᠨᠣᠰᠤᠭᠳᠠᠵᠠᠢ᠃
ᠮᠠᠷᠭᠠᠰᠢ ᠨᠢ ᠪᠠᠲᠤ ᠶᠠᠪᠤᠬᠤ ᠶ᠋ᠢᠨ ᠢ᠋ᠶ᠋ᠡᠨ ᠡᠮᠦᠨ᠎ᠡ ᠵᠣᠷᠢᠭ ᠭᠠᠷᠭᠠᠨ ᠢᠲᠡᠭᠡᠯᠲᠦ ᠳ᠋ᠦ᠍
᠊᠊᠊᠊᠊᠊᠊᠊᠊᠊᠊᠊᠊᠊᠊ ᠰᠣᠯᠣᠩᠭ᠎ᠠ ᠪᠢᠳᠡ ᠬᠣᠶᠠᠷ ᠪᠡᠶ᠎ᠡ ᠪᠡᠶ᠎ᠡ ᠳ᠋ᠡᠭᠡᠨ ᠲᠡᠰᠴᠦ ᠬᠠᠨᠢ ᠢᠵᠢᠯᠢ ᠪᠣᠯᠬᠤ ᠭᠡᠵᠦ ᠶᠠᠷᠢᠯᠴᠠᠭᠰᠠᠨ᠃ ᠭᠡᠪᠡᠴᠦ ᠲᠠ ᠯᠠ ᠮᠡᠳᠡᠨ᠎ᠡ ᠰᠢᠦ ᠳᠡ᠃ ᠪᠢᠳᠡ ᠲᠠᠨ ᠢ᠋ ᠳᠤᠷ᠎ᠠ ᠦᠭᠡᠢᠴᠡᠬᠦ ᠦᠭᠡᠢ ᠪᠣᠯᠪᠠ ᠤᠤ? ᠭᠡᠵᠦ ᠪᠣᠳᠣᠬᠤ ᠶᠤᠮ ᠭᠡᠳ ᠨᠢᠭᠤᠷ ᠥᠭᠡᠳᠡ ᠨᠢ ᠰᠢᠷᠳᠡᠪᠡ᠃
ᠢᠲᠡᠭᠡᠯᠲᠦ ᠨᠢᠳᠦ ᠪᠡᠨ ᠴᠠᠪᠴᠢᠯᠠᠨ᠂ ᠪᠠᠢᠨ ᠪᠠᠢᠨ ᠪᠠᠲᠤ ᠶ᠋ᠢ ᠠᠵᠢᠭᠯᠠᠨ ᠬᠡᠰᠡᠭ ᠪᠣᠳᠣᠯ ᠪᠣᠯᠤᠨ ᠰᠠᠭᠤᠭᠰᠠᠨ ᠢ᠋ᠶ᠋ᠠᠨ ᠠᠶᠠᠭ᠎ᠠ ᠠᠪᠴᠤ ᠵᠦᠬᠡᠭ ᠴᠠᠢ ᠪᠢᠯᠬᠠᠮ᠎ᠠ ᠬᠢᠵᠦ ᠶᠠᠭᠠᠷᠠᠯ ᠦᠭᠡᠢ ᠤᠤᠭᠤᠪᠠ᠃
ᠢᠲᠡᠭᠡᠯᠲᠦ ᠬᠣᠶᠠᠷ ᠵᠠᠯᠠᠭᠤ ᠶ᠋ᠢᠨ ᠬᠠᠷᠢᠯᠴᠠᠨ ᠬᠥᠳᠡᠯᠦᠭᠰᠡᠨ ᠰᠡᠳᠬᠢᠯ ᠢ᠋ ᠪᠠᠷᠤᠭ ᠡᠬᠢᠨ ᠦ᠌ ᠬᠠᠷᠠᠴᠠ ᠡᠴᠡ ᠨᠢ ᠮᠡᠳᠡᠭᠰᠡᠨ ᠪᠥᠭᠡᠳ ᠪᠠᠲᠤ ᠡᠴᠡ ᠡᠢᠮᠦ ᠦᠭᠡ ᠵᠠᠪᠠᠯ ᠰᠣᠨᠣᠰᠤᠨ᠎ᠠ ᠭᠡᠵᠦ ᠬᠦᠯᠢᠶᠡᠨ ᠥᠭᠬᠦ ᠬᠠᠷᠢᠭᠤ ᠪᠠᠨ ᠪᠠᠰᠠ ᠯᠠ ᠪᠡᠯᠡᠬᠡᠨ ᠪᠣᠯᠭᠠᠭᠠᠳ ᠪᠠᠢᠭᠰᠠᠨ ᠶᠤᠮ᠃ ᠢᠩᠭᠢᠵᠦ ᠪᠣᠳᠣᠯᠬᠢᠯᠠᠨ ᠴᠠᠢ ᠤᠤᠭᠤᠵᠤ ᠳᠦᠪᠴᠢᠭᠢᠨᠡᠭᠰᠡᠨ ᠦ᠌ ᠤᠴᠢᠷ ᠪᠣᠯ ᠬᠠᠷᠢᠭᠤ ᠥᠭᠬᠦ ᠶ᠋ᠢ ᠬᠦᠯᠢᠶᠡᠭᠰᠡᠨ ᠪᠠᠲᠤ ᠶ᠋ᠢᠨ ᠪᠠᠢᠳᠠᠯ ᠢ᠋ ᠠᠵᠢᠬᠤ᠂ ᠡᠨᠡ ᠠᠰᠠᠭᠤᠳᠠᠯ ᠳ᠋ᠤ᠌ ᠬᠥᠩᠭᠡᠨ ᠬᠠᠨᠳᠤᠬᠤ ᠦᠭᠡᠢ ᠪᠠᠢᠭ᠎ᠠ ᠪᠠᠨ ᠲᠡᠭᠦᠨ ᠳ᠋ᠦ᠍ ᠣᠢᠯᠠᠭᠠᠭᠤᠯᠬᠤ ᠭᠡᠰᠡᠨ ᠪᠣᠳᠣᠯ ᠡᠴᠡ ᠭᠠᠷᠴᠠᠢ᠃
᠊᠊᠊᠊᠊᠊᠊᠊᠊᠊᠊᠊᠊᠊᠊ ᠬᠦᠦ ᠮᠢᠨᠢ! ᠶᠠᠭᠤ ᠪᠣᠯᠤᠯ᠎ᠠ ᠭᠡᠵᠦ ᠪᠢ ᠳᠤᠷ᠎ᠠ ᠦᠭᠡᠢᠴᠡᠬᠦ ᠪᠣᠢ᠃ ᠲᠠ ᠬᠣᠶᠠᠷ ᠤ᠋ᠨ ᠰᠡᠳᠬᠢᠯ ᠯᠡ ᠮᠡᠳᠡᠬᠦ ᠬᠡᠷᠡᠭ᠃ ᠭᠡᠪᠡᠴᠦ ᠴᠠᠭᠠᠳᠤᠬᠢ ᠴᠢᠨᠢ ᠳᠤᠯᠵᠢᠨ ᠪᠢᠳᠡ ᠬᠣᠶᠠᠷ ᠤ᠋ᠨ ᠰᠡᠳᠬᠢᠯ ᠢ᠋ ᠳᠡᠪᠲᠦᠭᠡᠵᠦ ᠪᠠᠢᠳᠠᠭ ᠭᠠᠭᠴᠠ ᠥᠬᠢᠨ ᠮᠢᠨᠢ ᠪᠣᠯᠬᠣᠷ ᠤᠭ ᠨᠢ ᠴᠢ ᠪᠢᠳᠡᠨ ᠳ᠋ᠡᠭᠡᠨ ᠣᠢᠷᠠᠲᠤᠵᠤ ᠢᠷᠡᠭᠡᠳ ᠶᠣᠰᠣ ᠲᠥᠷᠥ ᠲᠡᠢ ᠨᠡᠢᠯᠡᠪᠡᠯ ᠵᠦᠭᠡᠷ ᠶᠤᠮ ᠳᠡ᠃ ᠪᠠᠰᠠ ᠲᠡᠭᠡᠭᠡᠳ ᠠᠪᠤ ᠴᠢᠨᠢ ᠶᠠᠭᠤ ᠭᠡᠬᠦ ᠪᠣᠯ ᠳᠠ ᠭᠡᠵᠦ ᠢᠲᠡᠭᠡᠯᠲᠦ ᠬᠡᠯᠡᠪᠡ᠃
ᠦᠨᠡᠨ ᠳ᠋ᠡᠭᠡᠨ ᠴᠦ᠍ ᠢᠲᠡᠭᠡᠯᠲᠦ ᠡᠨᠡ ᠬᠣᠶᠠᠷ ᠵᠠᠯᠠᠭᠤ ᠶ᠋ᠢ ᠰᠠᠭᠤᠬᠤ ᠳ᠋ᠤ᠌ ᠳᠤᠷ᠎ᠠ ᠦᠭᠡᠢ ᠪᠢᠰᠢ ᠪᠠᠢᠯ᠎ᠠ᠃ ᠬᠤᠷᠢᠶᠠᠭᠰᠠᠨ ᠬᠥᠷᠥᠩᠭᠡ ᠶ᠋ᠢᠨ ᠬᠢᠨᠢ ᠭᠠᠭᠴᠠ ᠡᠵᠡᠨ ᠬᠣᠩᠭᠣᠷ ᠨᠢ ᠰᠡᠳᠬᠢᠯ ᠳ᠋ᠦ᠍ ᠨᠢᠭᠡ ᠯᠡ ᠬᠦᠷᠬᠦ ᠦᠭᠡᠢ ᠪᠠᠢᠪᠠ᠃ ᠡᠬᠡᠨᠡᠷ ᠠᠪᠤᠭᠠᠳ ᠬᠥᠷᠥᠩᠭᠡ ᠳ᠋ᠡᠭᠡᠨ ᠬᠠᠢᠷ᠎ᠠ ᠪᠠᠬᠠᠳᠤᠯ ᠲᠥᠷᠥᠬᠦ ᠪᠠᠢᠬ᠎ᠠ ᠭᠡᠵᠦ ᠪᠣᠳᠣᠭᠰᠠᠨ ᠨᠢ ᠣᠳᠣᠬᠠᠨ ᠳ᠋ᠠᠭᠠᠨ ᠪᠠᠰᠠ ᠯᠠ ᠪᠡᠶᠡᠯᠡᠭᠰᠡᠨ ᠦᠭᠡᠢ᠃ ᠭᠡᠪᠡᠴᠦ ᠬᠣᠩᠭᠣᠷ ᠤ᠋ᠨ ᠨᠠᠰᠤ ᠪᠠᠭ᠎ᠠ᠂ ᠴᠢᠰᠤ ᠰᠢᠩᠭᠡᠨ ᠪᠣᠯᠬᠣᠷ ᠴᠢᠨᠠᠭᠰᠢᠳᠠ ᠶᠠᠭᠠᠬᠢᠵᠤ ᠴᠤ᠌ ᠬᠤᠪᠢᠷᠠᠵᠤ ᠪᠣᠯᠬᠤ ᠶᠤᠮ᠃ ᠡᠬᠡᠨᠡᠷ ᠲᠡᠭᠡᠨ ᠬᠢᠵᠠᠭᠠᠷ ᠦᠭᠡᠢ ᠬᠠᠢᠷ᠎ᠠ ᠲᠠᠢ ᠪᠥᠭᠡᠳ ᠲᠡᠭᠦᠨ ᠦ᠌ ᠦᠭᠡᠨ ᠡᠴᠡ ᠭᠠᠵᠢᠬᠤ ᠦᠭᠡᠢ ᠪᠠᠢᠬ᠎ᠠ ᠶ᠋ᠢ ᠢᠲᠡᠭᠡᠯᠲᠦ ᠮᠡᠳᠡᠵᠦ ᠪᠠᠢᠯ᠎ᠠ᠃ ᠬᠡᠵᠢᠶ᠎ᠡ ᠨᠢᠭᠡᠨ ᠴᠠᠭ ᠲᠤ᠌ ᠰᠦᠷᠦᠩ ᠦ᠋ᠨ ᠲᠤᠰᠠᠯᠠᠮᠵᠢ ᠪᠠᠷ ᠬᠣᠩᠭᠣᠷ ᠢ᠋ ᠡᠨᠡ ᠬᠥᠷᠥᠩᠭᠡ ᠲᠡᠢ ᠬᠦᠵᠦᠭᠦᠦ ᠪᠡᠷ ᠨᠢ ᠬᠣᠯᠪᠣᠵᠤ ᠴᠢᠳᠠᠨ᠎ᠠ ᠭᠡᠳᠡᠭ ᠲᠦ᠍ ᠢᠲᠡᠭᠡᠯᠲᠦ ᠢᠲᠡᠭᠡᠵᠦ ᠪᠠᠢᠯ᠎ᠠ᠃ ᠰᠦᠷᠦᠩ ᠪᠠᠢᠭᠰᠠᠨ ᠴᠠᠭ ᠲᠤ᠌ ᠬᠣᠩᠭᠣᠷ ᠤ᠋ᠨ ᠬᠤᠪᠢ ᠵᠠᠶᠠᠭᠠᠨ ᠤ᠋ ᠲᠠᠯ᠎ᠠ ᠪᠠᠷ ᠵᠣᠪᠠᠬᠤ ᠬᠡᠷᠡᠭ ᠦᠭᠡᠢ ᠮᠡᠲᠦ᠃ ᠪᠠᠰᠠ ᠲᠡᠭᠡᠭᠡᠳ ᠡᠭᠦᠨ ᠳ᠋ᠦ᠍ ᠶᠠᠭᠠᠷᠠᠬᠤ ᠬᠡᠷᠡᠭ ᠦᠭᠡᠢ ᠮᠡᠲᠦ᠃ ᠤᠴᠢᠷ ᠨᠢ ᠨᠢᠭᠡᠳᠦᠭᠡᠷ ᠲᠦ᠍ ᠬᠣᠩᠭᠣᠷ ᠤ᠋ᠨ ᠨᠠᠰᠤ ᠪᠠᠭ᠎ᠠ᠂ ᠴᠢᠰᠤ ᠰᠢᠩᠭᠡᠨ᠃ ᠬᠣᠶᠠᠳᠤᠭᠠᠷ ᠲᠤ᠌ ᠠᠮᠢᠳᠤᠷᠠᠯ ᠤ᠋ᠨ ᠤᠴᠢᠷ ᠢ᠋ ᠣᠯᠤᠭ᠎ᠠ ᠦᠭᠡᠢ᠃ ᠭᠤᠷᠪᠠᠳᠤᠭᠠᠷ ᠲᠤ᠌ ᠥᠪᠡᠷ ᠢ᠋ᠶ᠋ᠡᠨ ᠣᠳᠣ ᠳ᠋ᠠᠭᠠᠨ ᠠᠨᠤᠬᠠᠨ ᠪᠠᠢᠭ᠎ᠠ ᠪᠢᠯᠡ᠃ ᠬᠠᠷᠢᠨ ᠰᠣᠯᠣᠩᠭ᠎ᠠ ᠶ᠋ᠢᠨ ᠲᠤᠬᠠᠢ ᠪᠣᠯ ᠥᠭᠡᠷ᠎ᠡ ᠬᠡᠷᠡᠭ ᠪᠠᠢᠯ᠎ᠠ᠃ ᠰᠣᠯᠣᠩᠭ᠎ᠠ ᠪᠣᠯ ᠦᠭᠡᠨ ᠡᠴᠡ ᠨᠢ ᠭᠠᠷᠳᠠᠭ ᠦᠭᠡᠢ᠃ ᠬᠥᠮᠦᠨ ᠦ᠌ ᠠᠶᠠᠰ ᠢ᠋ᠶ᠋ᠠᠷ ᠠᠮᠢᠲᠠᠨ ᠪᠣᠯᠬᠣᠷ ᠲᠡᠭᠦᠨ ᠦ᠌ ᠬᠤᠪᠢ ᠵᠠᠶᠠᠭᠠᠨ ᠤ᠋ ᠲᠠᠯ᠎ᠠ ᠪᠠᠷ ᠢᠲᠡᠭᠡᠯᠲᠦ ᠪᠣᠳᠣᠬᠤ ᠦᠭᠡᠢ ᠪᠠᠢᠵᠤ ᠴᠢᠳᠠᠬᠤ ᠦᠭᠡᠢ᠃ ᠬᠥᠮᠦᠨ ᠦ᠌ ᠭᠠᠷ ᠤ᠋ᠨ ᠠᠶᠠᠰ ᠢ᠋ᠶ᠋ᠠᠷ ᠬᠥᠮᠦᠨ ᠬᠡᠵᠢᠶ᠎ᠡ ᠴᠦ᠍ ᠡᠵᠡᠨ ᠪᠠᠢᠵᠤ ᠴᠢᠳᠠᠬᠤ ᠦᠭᠡᠢ᠃ ᠰᠣᠯᠣᠩᠭ᠎ᠠ ᠶ᠋ᠢ ᠵᠠᠯᠢᠲᠠᠢ ᠬᠥᠮᠦᠨ ᠦ᠌ ᠭᠠᠷ ᠲᠤ᠌ ᠥᠭᠴᠦ᠂ ᠢᠳᠡᠰᠢ ᠪᠣᠯᠭᠠᠵᠤ ᠯᠠ ᠪᠣᠯᠬᠤ ᠦᠭᠡᠢ᠃ ᠪᠠᠲᠤ ᠪᠣᠯ ᠥᠬᠢᠨ ᠢ᠋ ᠨᠢ ᠬᠡᠵᠢᠶ᠎ᠡ ᠴᠦ᠍ ᠢᠳᠡᠬᠦ ᠦᠭᠡᠢ ᠬᠥᠮᠦᠨ ᠪᠣᠯᠬᠣᠷ ᠬᠦᠷᠭᠡᠨ ᠨᠢ ᠪᠣᠯᠤᠭᠠᠳ ᠬᠥᠷᠥᠩᠭᠡ ᠳ᠋ᠦ᠍ᠨᠢ ᠣᠢᠷᠠᠲᠤᠵᠤ ᠢᠷᠡᠪᠡᠯ ᠠᠷᠪᠢᠵᠢᠭᠤᠯᠵᠤ ᠴᠢᠳᠠᠬᠤ ᠦᠭᠡᠢ ᠴᠦ᠍ ᠭᠡᠰᠡᠨ᠂ ᠦᠷᠡᠬᠦ ᠦᠭᠡᠢ ᠬᠠᠳᠠᠭᠠᠯᠠᠵᠤ ᠴᠢᠳᠠᠬᠤ ᠬᠥᠮᠦᠨ ᠭᠡᠵᠦ ᠢᠲᠡᠭᠡᠯᠲᠦ ᠮᠡᠳᠡᠵᠦ ᠪᠠᠢᠯ᠎ᠠ᠃ ᠡᠨᠡ ᠪᠦᠬᠦᠨ ᠢ᠋ ᠪᠣᠳᠣᠭᠰᠠᠨ ᠤ᠋ ᠳᠠᠷᠠᠭ᠎ᠠ ᠪᠠᠲᠤ ᠶ᠋ᠢ ᠬᠦᠷᠭᠡᠨ ᠢ᠋ᠶ᠋ᠡᠨ ᠪᠣᠯᠭᠠᠬᠤ ᠡᠴᠡ ᠢᠲᠡᠭᠡᠯᠲᠦ ᠲᠠᠲᠠᠭᠠᠯᠵᠠᠬᠤ ᠦᠭᠡᠢ ᠪᠣᠯᠤᠭᠰᠠᠨ ᠶᠤᠮ᠃
ᠪᠠᠲᠤ ᠢᠩᠭᠢᠵᠦ ᠢᠲᠡᠭᠡᠯᠲᠦ ᠶ᠋ᠢᠨ ᠥᠬᠢᠨ ᠲᠡᠢ ᠠᠮᠢᠳᠤᠷᠠᠯ ᠢ᠋ᠶ᠋ᠠᠨ ᠬᠣᠯᠪᠣᠬᠤ ᠪᠣᠯᠤᠭᠰᠠᠨ ᠢ᠋ᠶ᠋ᠠᠨ ᠡᠬᠡ ᠡᠴᠢᠭᠡ ᠳ᠋ᠡᠭᠡᠨ ᠬᠡᠯᠡᠬᠦ ᠳ᠋ᠦ᠍ ᠡᠷᠳᠡᠨᠢ ᠲᠠᠯᠠᠷᠬᠠᠭᠠ ᠴᠤ᠌ ᠦᠭᠡᠢ᠂ ᠳᠤᠷ᠎ᠠ ᠦᠭᠡᠢᠴᠡᠵᠦ ᠬᠣᠷᠢᠭᠯᠠᠭ᠎ᠠ ᠴᠤ᠌ ᠦᠭᠡᠢ᠃ ᠬᠠᠷᠢᠨ ᠲᠤᠯᠭᠠᠷ᠄
᠊᠊᠊᠊᠊᠊᠊᠊᠊᠊᠊᠊᠊᠊᠊ ᠬᠦᠦ ᠮᠢᠨᠢ ᠬᠡᠷᠡᠭ ᠦᠭᠡᠢ ᠪᠢᠰᠢ ᠤᠤ᠃ ᠢᠲᠡᠭᠡᠯᠲᠦ ᠶ᠋ᠢᠨ ᠪᠢᠳᠡᠨ ᠳ᠋ᠦ᠍ ᠤᠴᠠᠷᠠᠭᠤᠯᠤᠭᠰᠠᠨ ᠵᠣᠪᠠᠯᠠᠩ ᠪᠠᠭ᠎ᠠ ᠪᠢᠰᠢ ᠶᠤᠮ ᠰᠢᠦ ᠭᠡᠬᠦ ᠳ᠋ᠦ᠍᠁
᠊᠊᠊᠊᠊᠊᠊᠊᠊᠊᠊᠊᠊᠊᠊ ᠡᠵᠢ ᠮᠢᠨᠢ ᠰᠣᠯᠣᠩᠭ᠎ᠠ ᠪᠢᠳᠡᠨ ᠳ᠋ᠦ᠍ ᠣᠭᠲᠣᠬᠠᠨ ᠴᠤ᠌ ᠭᠡᠮ ᠬᠢᠭᠡ ᠦᠭᠡᠢ ᠰᠢᠦ ᠳᠡ ᠭᠡᠵᠦ ᠬᠡᠯᠡᠭᠰᠡᠨ᠃
ᠦᠨᠡᠬᠡᠷ ᠴᠦ᠍ ᠰᠣᠯᠣᠩᠭ᠎ᠠ ᠥᠴᠦᠬᠡᠨ ᠴᠦ᠍ ᠭᠡᠮ ᠬᠢᠭᠡ ᠦᠭᠡᠢ ᠪᠥᠭᠡᠳ 《ᠡᠵᠢ ᠮᠢᠨᠢ ᠲᠠ ᠨᠠᠳᠠ ᠬᠠᠢᠷᠠᠲᠠᠢ᠃ ᠪᠢ ᠰᠣᠯᠣᠩᠭ᠎ᠠ ᠡᠴᠡ ᠥᠭᠡᠷ᠎ᠡ ᠬᠥᠮᠦᠨ ᠳ᠋ᠦ᠍ ᠰᠡᠳᠬᠢᠯ ᠲᠡᠢ ᠪᠣᠯᠵᠤ ᠴᠢᠳᠠᠬᠤ ᠦᠭᠡᠢ》 ᠭᠡᠵᠦ ᠪᠠᠢᠭ᠎ᠠ ᠪᠠᠲᠤ ᠶ᠋ᠢᠨ ᠨᠢᠳᠦ᠂ ᠶᠡᠬᠡ ᠬᠠᠢᠷ᠎ᠠ ᠶ᠋ᠢᠨ ᠰᠡᠳᠬᠢᠯ ᠳ᠋ᠦ᠍ ᠥᠪᠡᠷ ᠦ᠋ᠨ ᠡᠷᠬᠡ ᠦᠭᠡᠢ ᠬᠥᠲᠥᠯᠦᠭᠳᠡᠭᠰᠡᠨ ᠰᠢᠢᠳᠮᠡᠭᠡᠢ ᠳᠠᠭᠤ ᠨᠢ ᠲᠣᠪ ᠲᠣᠳᠣᠷᠬᠠᠢ ᠬᠡᠯᠡᠵᠦ ᠪᠠᠢᠯ᠎ᠠ᠃ ᠪᠠᠰᠠ ᠵᠠᠯᠠᠭᠤ ᠰᠠᠢᠬᠠᠨ ᠨᠠᠰᠤᠨ ᠳ᠋ᠠᠭᠠᠨ ᠪᠣᠢ ᠪᠣᠯᠤᠭᠰᠠᠨ ᠠᠷᠢᠭᠤᠨ ᠬᠠᠢᠷ᠎ᠠ ᠶ᠋ᠢᠨ ᠶᠡᠬᠡ ᠬᠦᠴᠦ ᠶ᠋ᠢ ᠲᠤᠯᠭᠠᠷ ᠰᠠᠢᠨ ᠮᠡᠳᠡᠳᠡᠭ ᠬᠥᠮᠦᠨ ᠦ᠌ ᠨᠢᠭᠡ ᠪᠠᠢᠭᠰᠠᠨ ᠪᠣᠯᠬᠣᠷ ᠬᠦᠦ ᠪᠡᠨ ᠬᠦᠴᠦᠯᠡᠨ ᠬᠣᠷᠢᠭᠯᠠᠭᠰᠠᠨ ᠦᠭᠡᠢ᠃
ᠡᠷᠳᠡᠨᠢ ᠶ᠋ᠢᠨ ᠬᠤᠪᠢ ᠳ᠋ᠤ᠌ ᠪᠣᠯ ᠶᠠᠭᠤ ᠴᠤ᠌ ᠭᠡᠰᠡᠨ ᠭᠠᠭᠴᠠ ᠬᠦᠦ ᠨᠢ ᠡᠬᠡᠨᠡᠷ ᠠᠪᠬᠤ ᠪᠣᠯᠤᠭᠰᠠᠨ ᠨᠢ ᠦᠯᠡᠮᠵᠢ ᠪᠠᠶᠠᠷ ᠪᠠᠢᠯ᠎ᠠ᠃ ᠡᠷᠳᠡᠨᠢ ᠬᠤᠷᠠᠯ ᠳ᠋ᠤ᠌ ᠶᠠᠪᠤᠬᠤ ᠳ᠋ᠠᠭᠠᠨ ᠵᠠᠶ᠎ᠠ ᠶ᠋ᠢᠨ ᠬᠦᠷᠢᠶᠡᠨ ᠡᠴᠡ ᠬᠦᠦ ᠲᠡᠢ ᠪᠡᠨ ᠬᠠᠮᠲᠤ ᠭᠠᠷᠴᠤ ᠶᠠᠪᠤᠭᠰᠠᠭᠠᠷ ᠯᠦᠩ ᠳᠡᠭᠡᠷ᠎ᠡ ᠢᠷᠡᠵᠦ ᠪᠠᠲᠤ ᠶ᠋ᠢᠨ ᠭᠡᠷ ᠲᠦ᠍ ᠥᠨᠵᠢᠵᠦ ᠠᠮᠠᠷᠠᠭᠠᠳ ᠬᠦᠷᠢᠶ᠎ᠡ ᠤᠷᠤᠭᠤ ᠭᠠᠷᠴᠠᠢ᠃
ᠬᠦᠷᠢᠶᠡᠨ ᠳ᠋ᠦ᠍ ᠡᠷᠳᠡᠨᠢ ᠡᠨᠡ ᠤᠳᠠᠭ᠎ᠠ ᠪᠠᠶᠠᠷᠲᠠᠢ ᠣᠷᠣᠵᠤ ᠢᠷᠡᠭᠰᠡᠨ ᠶᠤᠮ᠃ ᠭᠡᠲᠡᠯ᠎ᠡ ᠳᠠᠨᠵᠠᠨ ᠳᠠᠭᠤᠳᠠᠪᠠ᠃ ᠬᠠᠷᠢᠨ ᠶᠠᠭᠠᠬᠢᠬᠤ ᠭᠡᠵᠦ ᠳᠠᠭᠤᠳᠠᠭᠰᠠᠨ ᠪᠣᠢ? ᠡᠷᠳᠡᠨᠢ ᠠᠷᠠᠳ ᠤ᠋ᠨ ᠵᠠᠰᠠᠭ ᠤ᠋ᠨ ᠡᠮᠦᠨ᠎ᠡ ᠶᠠᠮᠠᠷ ᠴᠤ᠌ ᠶᠠᠯ᠎ᠠ ᠬᠢᠭᠡ ᠦᠭᠡᠢ᠃ ᠳᠠᠨᠵᠠᠨ ᠥᠰᠢᠶ᠎ᠡ ᠰᠠᠨᠠᠳᠠᠭ᠃ ᠳᠣᠲᠣᠭᠤᠷ ᠲᠠᠮᠢᠷ ᠲᠠᠢ ᠬᠥᠮᠦᠨ᠃ ᠭᠡᠪᠡᠴᠦ ᠡᠷᠳᠡᠨᠢ ᠲᠡᠭᠦᠨ ᠡᠴᠡ ᠠᠶᠤᠭᠰᠠᠨ ᠦᠭᠡᠢ᠃ ᠠᠷᠢᠭᠤᠨ ᠰᠠᠨᠠᠭᠠᠲᠤ ᠮᠣᠩᠭᠣᠯ ᠬᠥᠮᠦᠨ ᠪᠦᠬᠦᠨ ᠠᠷᠠᠳ ᠤ᠋ᠨ ᠵᠠᠰᠠᠭ ᠤ᠋ᠨ ᠬᠠᠤᠯᠢ ᠪᠠᠷ ᠲᠡᠭᠰᠢ ᠡᠷᠬᠡ ᠲᠡᠢ᠂ ᠭᠡᠬᠦ ᠳ᠋ᠡᠭᠡᠨ ᠡᠷᠳᠡᠨᠢ ᠰᠡᠳᠬᠢᠯ ᠲᠠᠢᠪᠤᠩ ᠪᠠᠢᠵᠤ ᠴᠢᠳᠠᠭᠰᠠᠨ ᠦᠭᠡᠢ᠃ ᠣᠴᠢᠬᠤ ᠳᠡᠭᠡᠷ᠎ᠡ ᠶᠠᠭᠠᠬᠢᠬᠤ ᠪᠣᠯ? ᠶᠠᠭᠤ ᠭᠡᠬᠦ ᠪᠣᠯ? ᠭᠡᠳᠡᠭ ᠠᠰᠠᠭᠤᠳᠠᠯ ᠤ᠋ᠳ ᠰᠡᠳᠬᠢᠯ ᠳ᠋ᠦ᠍ᠨᠢ ᠡᠷᠭᠢᠯᠳᠦᠨ᠎ᠡ᠃
ᠶᠠᠪᠤᠭᠰᠠᠭᠠᠷ ᠴᠡᠷᠢᠭ ᠦ᠋ᠨ ᠶᠠᠮᠤᠨ ᠤ᠋ ᠡᠭᠦᠳᠡᠨ ᠳ᠋ᠦ᠍ ᠣᠴᠢᠵᠤ ᠬᠡᠨ ᠦ᠌ ᠳᠠᠭᠤᠳᠠᠭᠰᠠᠨ ᠢ᠋ᠶ᠋ᠠᠷ ᠬᠡᠨ ᠭᠡᠭᠴᠢ ᠢᠷᠡᠭᠰᠡᠨ ᠢ᠋ᠶ᠋ᠡᠨ ᠮᠡᠳᠡᠭᠳᠡᠭᠡᠳ ᠰᠢᠭᠤᠳ ᠳᠠᠨᠵᠠᠨ ᠤ᠋ ᠥᠷᠥᠭᠡᠨ ᠳ᠋ᠦ᠍ ᠣᠷᠣᠵᠠᠢ᠃
ᠡᠷᠳᠡᠨᠢ ᠶ᠋ᠢ ᠬᠠᠷᠠᠮᠠᠭᠴᠠ ᠳᠠᠨᠵᠠᠨ ᠶᠡᠬᠡ ᠯᠡ ᠳᠣᠲᠣᠨᠣᠴᠢᠯᠠᠨ ᠢᠨᠢᠶᠡᠮᠰᠦᠭᠯᠡᠵᠦ᠂ ᠤᠭᠲᠤᠨ ᠢᠷᠡᠭᠡᠳ ᠭᠠᠷ ᠢ᠋ ᠨᠢ ᠬᠡᠵᠢᠶᠡᠨ ᠦ᠌ ᠳᠣᠲᠣᠨᠣ ᠶ᠋ᠢᠨ ᠲᠠᠨᠢᠯ ᠬᠥᠮᠦᠨ ᠮᠡᠲᠦ ᠪᠠᠷᠢᠵᠤ ᠤᠷᠢᠨ ᠵᠡᠷᠭᠡᠴᠡᠨ ᠰᠠᠭᠤᠭᠠᠳ ᠶᠠᠮᠠᠷ ᠵᠠᠮ ᠢ᠋ᠶ᠋ᠠᠷ ᠬᠡᠷᠬᠢᠨ ᠶᠠᠪᠤᠵᠤ ᠢᠷᠡᠭᠰᠡᠨ᠃ ᠪᠡᠶ᠎ᠡ ᠯᠠᠭᠱᠠᠨ ᠨᠢ ᠡᠰᠡᠨ ᠮᠡᠨᠳᠦ ᠡᠰᠡᠬᠦ᠂ ᠶᠠᠪᠤᠭᠰᠠᠨ ᠭᠠᠵᠠᠷ ᠢ᠋ᠶ᠋ᠠᠷ ᠰᠣᠨᠢᠨ ᠶᠠᠭᠤ ᠲᠠᠢ ᠵᠡᠷᠭᠡ ᠶ᠋ᠢ ᠠᠰᠠᠭᠤᠵᠤ ᠰᠠᠮᠪᠣᠤᠳᠠᠢ ᠶᠠᠨᠵᠤᠤᠷ ᠢ᠋ᠶ᠋ᠠᠷ ᠳᠠᠢᠯᠠᠪᠠ᠃
ᠳᠠᠷᠠᠭ᠎ᠠ ᠨᠢ ᠲᠥᠷᠥ ᠶ᠋ᠢᠨ ᠪᠣᠳᠣᠯᠭ᠎ᠠ ᠤᠯᠠᠮ ᠨᠠᠷᠢᠨ ᠪᠣᠯᠵᠤ ᠪᠠᠢᠭ᠎ᠠ ᠲᠤᠬᠠᠢ ᠪᠠᠬᠠᠨ ᠶᠠᠭᠤᠮ᠎ᠠ ᠶᠠᠷᠢᠭᠰᠠᠨ ᠢ᠋ᠶ᠋ᠠᠨ
᠊᠊᠊᠊᠊᠊᠊᠊᠊᠊᠊᠊᠊᠊᠊ ᠮᠠᠨ ᠤ᠋ ᠣᠷᠣᠨ ᠤ᠋ ᠡᠳ᠋ ᠦ᠋ᠨ ᠵᠠᠰᠠᠭ ᠳᠣᠷᠣᠢ᠂ ᠬᠥᠮᠦᠨ ᠠᠮᠠ ᠴᠥᠭᠡᠬᠡᠨ ᠪᠣᠯᠬᠣᠷ ᠪᠤᠰᠤᠳ ᠤ᠋ᠨ ᠭᠠᠷ ᠬᠠᠷᠠᠬᠤ ᠦᠭᠡᠢ ᠪᠡᠷ ᠲᠣᠭᠲᠠᠨᠢᠨ ᠪᠠᠢᠵᠤ ᠴᠢᠳᠠᠬᠤ ᠦᠭᠡᠢ᠂ ᠢᠯᠠᠩᠭᠤᠶ᠎ᠠ ᠬᠢᠲᠠᠳ ᠤᠯᠤᠰ ᠤ᠋ᠨ ᠬᠤᠪᠢ ᠳ᠋ᠤ᠌ ᠤᠬᠠᠭᠠᠨ ᠲᠠᠢ ᠪᠣᠳᠣᠯᠭ᠎ᠠ ᠶᠠᠪᠤᠭᠤᠯᠬᠤ ᠦᠭᠡᠢ ᠪᠣᠯ ᠲᠤᠩ ᠬᠡᠴᠡᠭᠦᠦ᠃ ᠬᠢᠲᠠᠳ ᠪᠣᠯ ᠲᠣᠮᠣ ᠴᠤ᠌ ᠤᠯᠤᠰ᠂ ᠴᠢᠳᠠᠯ ᠲᠠᠢ ᠴᠤ᠌ ᠤᠯᠤᠰ᠃ ᠬᠡᠵᠢᠶ᠎ᠡ ᠨᠢᠭᠡᠨ ᠴᠠᠭ ᠲᠤ᠌ ᠭᠠᠮᠢᠩ ᠤ᠋ᠨ ᠭᠤᠨᠢᠭᠲᠤ ᠶᠠᠪᠤᠳᠠᠯ ᠳᠠᠬᠢᠨ ᠨᠥᠮᠥᠷᠦᠨ ᠢᠷᠡᠪᠡᠯ ᠤᠯᠤᠰ ᠭᠡᠷ ᠲᠣᠭᠲᠠᠬᠤ ᠦᠭᠡᠢ ᠳ᠋ᠦ᠍ ᠬᠦᠷᠦᠨ᠎ᠡ᠃ ᠪᠠᠰᠠ ᠮᠠᠨ ᠤ᠋ ᠠᠷᠠᠳ ᠲᠦᠮᠡᠨ ᠣᠯᠠᠨ ᠵᠠᠭᠤᠨ ᠵᠢᠯ ᠦ᠋ᠨ ᠲᠤᠷᠰᠢ ᠬᠢᠲᠠᠳ ᠤ᠋ᠨ ᠪᠠᠷᠠᠭ᠎ᠠ᠂ ᠢᠯᠠᠩᠭᠤᠶ᠎ᠠ ᠴᠠᠢ ᠲᠠᠮᠠᠬᠢᠨ ᠳ᠋ᠤ᠌ ᠳᠡᠩᠳᠡᠭᠦᠦ ᠳᠠᠰᠴᠠᠢ᠃ ᠨᠢᠭᠡ ᠡᠳᠦᠷ ᠡᠨᠡ ᠪᠦᠬᠦᠨ ᠢ᠋ᠶ᠋ᠡᠷ ᠲᠠᠰᠤᠯᠵᠤ ᠣᠷᠬᠢᠪᠠᠯ ᠠᠷᠠᠳ ᠣᠯᠠᠨ ᠮᠠᠨᠢ ᠬᠦᠨᠳᠦ ᠭᠠᠴᠢᠭᠳᠠᠯ᠂ ᠳᠤᠲᠠᠭᠳᠠᠯ ᠠᠮᠰᠠᠵᠤ ᠰᠡᠳᠬᠢᠯ ᠰᠠᠨᠠᠭ᠎ᠠ ᠡᠪᠳᠡᠷᠡᠬᠦ ᠪᠣᠯᠤᠨ᠎ᠠ᠃ ᠵᠠ ᠲᠡᠭᠡᠪᠡᠯ ᠶᠠᠭᠠᠬᠢᠬᠤ ᠪᠣᠢ? ᠶᠠᠳᠠᠬᠤ ᠳ᠋ᠠᠭᠠᠨ ᠯᠠ ᠬᠢᠲᠠᠳ ᠤ᠋ᠨ ᠫᠦᠰᠡᠨ ᠳ᠋ᠦ᠍ ᠲᠠᠯᠪᠢᠭᠰᠠᠨ ᠥᠷᠢ ᠶ᠋ᠢ ᠥᠭᠴᠦ ᠠᠶ᠎ᠠ ᠲᠠᠯ᠎ᠠ ᠵᠠᠰᠠᠵᠤ ᠨᠠᠢᠷ ᠲᠠᠯᠪᠢᠵᠤ ᠴᠠᠭ ᠢ᠋ ᠬᠣᠨᠵᠢᠬᠤ ᠨᠢ ᠴᠢᠬᠤᠯᠠ ᠮᠡᠲᠦ ᠭᠡᠯᠡ᠃
᠊᠊᠊᠊᠊᠊᠊᠊᠊᠊᠊᠊᠊᠊᠊ ᠲᠡᠷᠡ ᠥᠷᠢ ᠶ᠋ᠢ ᠠᠷᠠᠳ ᠲᠦᠮᠡᠨ ᠲᠠᠯᠪᠢᠭ᠎ᠠ ᠦᠭᠡᠢ ᠰᠢᠦ ᠳᠡ᠃
᠊᠊᠊᠊᠊᠊᠊᠊᠊᠊᠊᠊᠊᠊᠊ ᠬᠡᠨ ᠲᠠᠯᠪᠢᠭᠰᠠᠨ ᠨᠢ ᠬᠢᠲᠠᠳ ᠤᠯᠤᠰ ᠲᠤ᠌ ᠬᠠᠮᠢᠶ᠎ᠠ ᠦᠭᠡᠢ ᠪᠢᠰᠢ ᠤᠤ᠃
᠊᠊᠊᠊᠊᠊᠊᠊᠊᠊᠊᠊᠊᠊᠊ ᠪᠢᠳᠡᠨ ᠳ᠋ᠦ᠍ ᠪᠣᠯ ᠲᠤᠩ ᠶᠡᠬᠡ ᠬᠠᠮᠢᠶ᠎ᠠ ᠲᠠᠢ᠂ ᠪᠠᠰᠠ ᠲᠡᠭᠡᠭᠡᠳ ᠬᠢᠲᠠᠳ ᠤ᠋ᠨ ᠫᠦᠰᠡ ᠣᠯᠠᠨ ᠵᠢᠯ ᠦ᠋ᠨ ᠲᠤᠷᠰᠢ ᠮᠣᠩᠭᠣᠯ ᠡᠴᠡ ᠬᠦᠦ ᠠᠪᠴᠤ ᠠᠰᠤᠷᠤ ᠶᠡᠬᠡ ᠬᠣᠨᠵᠢᠶ᠎ᠠ ᠣᠯᠤᠭᠠᠳ ᠠᠩᠬ᠎ᠠ ᠵᠢᠭᠡᠯᠡᠳᠡᠭᠦᠯᠦᠭᠰᠡᠨ ᠬᠥᠷᠥᠩᠭᠡ ᠪᠡᠨ ᠬᠡᠴᠢᠨᠡᠨ ᠳᠠᠬᠢᠨ ᠥᠰᠬᠡᠵᠦ ᠠᠪᠤᠭᠰᠠᠨ᠃ ᠰᠡᠭᠦᠯ ᠳ᠋ᠡᠭᠡᠨ ᠵᠠᠪᠰᠢᠵᠤ ᠣᠯᠤᠭᠰᠠᠨ ᠬᠦᠦ ᠪᠡᠨ ᠵᠢᠭᠡᠯᠡᠳᠡᠭᠦᠯᠵᠤ ᠳᠠᠬᠢᠨ ᠳᠠᠬᠢᠨ ᠬᠦᠦ ᠠᠪᠴᠤ ᠪᠠᠢᠳᠠᠭ ᠪᠣᠯᠵᠠᠢ᠃
ᠳᠠᠨᠵᠠᠨ ᠪᠣᠰᠤᠨ ᠲᠠᠰᠤᠯᠭᠠᠨ ᠳᠣᠲᠣᠭᠤᠷ ᠢ᠋ᠶ᠋ᠠᠨ ᠬᠣᠯᠬᠢᠨ ᠬᠡᠰᠡᠭ ᠶᠠᠪᠤᠭᠰᠠᠨ ᠢ᠋ᠶ᠋ᠠᠨ ᠡᠷᠳᠡᠨᠢ ᠶ᠋ᠢᠨ ᠡᠭᠴᠡ ᠡᠮᠦᠨ᠎ᠡ ᠢᠷᠡᠵᠦ᠂ ᠭᠤᠷᠪᠠᠯᠵᠢᠨ ᠨᠣᠭᠣᠭᠠᠨ ᠨᠢᠳᠦ ᠪᠡᠷ ᠰᠢᠷᠲᠡᠨ 《ᠳᠠᠭᠠᠷᠢᠭᠠᠳ ᠢᠷᠡᠪᠡᠯ ᠴᠦ᠍ ᠶᠠᠭᠠᠬᠢᠬᠤ ᠪᠣᠢ? ᠴᠠᠢ ᠲᠠᠮᠠᠬᠢ ᠪᠠᠷ ᠲᠠᠰᠤᠯᠵᠤ ᠣᠷᠬᠢᠪᠠᠯ ᠶᠠᠭᠠᠬᠢᠬᠤ ᠪᠣᠢ》 ᠭᠡᠵᠦ ᠦᠭᠡ ᠪᠡᠨ ᠣᠭᠵᠣᠮ ᠢ᠋ᠶ᠋ᠠᠷ ᠲᠠᠰᠤᠯᠤᠨ ᠰᠦᠷᠲᠡᠢ ᠠᠰᠠᠭᠤᠪᠠ᠃
ᠮᠣᠩᠭᠣᠯᠴᠤᠳ ᠬᠢᠲᠠᠳ ᠡᠴᠡ ᠴᠠᠢ ᠬᠤᠳᠠᠯᠳᠤᠵᠤ ᠠᠪᠬᠤ ᠭᠡᠵᠦ ᠦᠷᠭᠦᠯᠵᠢ ᠪᠣᠭᠣᠭᠳᠠᠵᠤ ᠪᠠᠢᠭᠰᠠᠨ ᠪᠢᠯᠡ᠃ ᠡᠭᠦᠨ ᠡᠴᠡ ᠪᠣᠯᠵᠤ ᠡᠭᠦᠰᠦᠭᠰᠡᠨ ᠲᠡᠢᠨ ᠡᠴᠡ ᠬᠣᠶᠠᠷ ᠲᠠᠯ᠎ᠠ ᠶ᠋ᠢᠨ ᠡᠳᠦᠢ ᠲᠡᠳᠦᠢ ᠬᠥᠮᠦᠨ ᠦ᠌ ᠠᠮᠢ ᠰᠦᠢᠳᠴᠦ ᠪᠠᠢᠭᠰᠠᠨ ᠢ᠋ ᠲᠡᠦᠬᠡ ᠱᠠᠰᠲᠢᠷ ᠭᠡᠷᠡᠴᠢᠯᠡᠨ᠎ᠡ᠃ ᠴᠠᠢ ᠣᠯᠵᠤ ᠤᠤᠭᠤᠬᠤ ᠶ᠋ᠢᠨ ᠲᠤᠯᠠᠳᠠ ᠮᠣᠩᠭᠣᠯ ᠬᠥᠮᠦᠨ ᠰᠥᠬᠥᠷᠡᠵᠦ ᠦᠵᠡᠭᠰᠡᠨ᠂ ᠵᠡᠪᠰᠡᠭ ᠪᠠᠷᠢᠭᠠᠳ ᠳᠠᠭᠠᠷᠢᠵᠤ ᠦᠵᠡᠭᠰᠡᠨ᠃ ᠴᠠᠢ ᠶ᠋ᠢ ᠶᠠᠮᠠᠷ ᠶᠡᠬᠡ ᠦᠨ᠎ᠡ ᠪᠡᠷ ᠣᠯᠵᠤ ᠤᠤᠭᠤᠵᠤ ᠪᠠᠢᠭᠰᠠᠨ ᠤ᠋ ᠪᠠᠷᠢᠮᠲᠠ ᠮᠣᠩᠭᠣᠯᠴᠤᠳ ᠤ᠋ᠨ ᠠᠮᠢᠳᠤᠷᠠᠯ ᠳ᠋ᠤ᠌ ᠪᠢᠰᠢᠭᠦᠢ ᠪᠠᠢᠳᠠᠭ᠃ ᠪᠦᠲᠦᠨ ᠴᠠᠢ ᠬᠠᠭᠠᠯᠬᠤ ᠳ᠋ᠠᠭᠠᠨ ᠬᠣᠷᠮᠣᠢ ᠪᠠᠨ ᠳᠡᠪᠢᠰᠴᠦ ᠪᠠᠢᠭᠠᠳ ᠠᠳᠢᠰ ᠠᠪᠳᠠᠭ᠃ ᠴᠠᠢ ᠪᠠᠨ ᠭᠠᠰᠢᠯᠭᠠᠭᠠᠳ ᠵᠣᠷᠢᠭᠤᠳᠠ ᠠᠰᠬᠠᠬᠤ ᠳ᠋ᠠᠭᠠᠨ ᠰᠠᠪᠠ ᠪᠠᠨ ᠳᠤᠲᠠᠭᠤ ᠪᠠᠷᠢᠪᠠ ᠭᠡᠵᠦ ᠭᠠᠷ ᠢ᠋ᠶ᠋ᠠᠨ ᠵᠢᠮᠡᠯᠡᠵᠦ ᠭᠠᠰᠠᠯᠳᠠᠭ᠃ ᠴᠠᠢ᠂ ᠮᠥᠩᠭᠥᠨ ᠦ᠌ ᠣᠷᠣᠨ ᠳ᠋ᠤ᠌ ᠭᠦᠶᠦᠵᠦ ᠪᠠᠢᠭᠰᠠᠨ ᠴᠤ᠌ ᠤᠳᠠᠭ᠎ᠠ ᠪᠣᠢ᠃ ᠡᠨᠡ ᠪᠦᠬᠦᠨ ᠡᠴᠡ ᠦᠵᠡᠬᠦ ᠳ᠋ᠦ᠍ ᠮᠣᠩᠭᠣᠯ ᠬᠥᠮᠦᠨ ᠴᠠᠢ ᠶ᠋ᠢ ᠦᠯᠡᠮᠵᠢ ᠵᠦᠳᠡᠷᠡᠵᠦ ᠪᠠᠢᠮᠠᠨᠵᠢᠨ ᠣᠯᠵᠤ ᠠᠪᠴᠤ ᠪᠠᠢᠵᠠᠢ᠃ ᠲᠡᠭᠦᠨ ᠢ᠋ ᠡᠷᠳᠡᠨᠢ ᠮᠡᠳᠡᠨ᠎ᠡ᠃ ᠭᠡᠪᠡᠴᠦ ᠡᠷᠳᠡᠨᠢ ᠣᠯᠠᠨ ᠦᠶ᠎ᠡ ᠶ᠋ᠢᠨ ᠲᠤᠷᠰᠢ ᠳᠡᠮᠵᠢᠵᠦ ᠪᠠᠢᠵᠤ ᠠᠷᠠᠢ ᠭᠡᠵᠦ ᠣᠯᠤᠭᠰᠠᠨ ᠲᠤᠰᠠᠭᠠᠷ ᠤᠯᠤᠰ ᠢ᠋ᠶ᠋ᠠᠨ ᠴᠠᠢ ᠡᠴᠡ ᠪᠣᠯᠵᠤ ᠠᠯᠳᠠᠬᠤ ᠭᠡᠰᠡᠨ ᠳᠠᠨᠵᠠᠨ ᠤ᠋ ᠦᠭᠡ ᠶ᠋ᠢ ᠵᠥᠪᠰᠢᠶᠡᠷᠡᠬᠦ ᠦᠭᠡᠢ ᠪᠠᠢᠯ᠎ᠠ᠃
᠊᠊᠊᠊᠊᠊᠊᠊᠊᠊᠊᠊᠊᠊᠊ ᠳᠠᠭᠠᠷᠢᠭᠠᠳ ᠢᠷᠡᠪᠡᠯ ᠵᠥᠪᠯᠡᠯᠲᠦ ᠤᠯᠤᠰ ᠲᠤᠰᠠᠯᠠᠨ᠎ᠠ᠃ ᠴᠠᠢ ᠶ᠋ᠢᠨ ᠬᠤᠪᠢ ᠳ᠋ᠤ᠌ ᠪᠣᠯ ᠤᠯᠤᠰ ᠲᠥᠷᠥ ᠪᠡᠨ ᠲᠡᠭᠦᠪᠡᠷ ᠬᠤᠳᠠᠯᠳᠤᠬᠤ ᠠᠷᠢᠭᠤᠨ ᠰᠠᠨᠠᠭᠠᠲᠤ ᠮᠣᠩᠭᠣᠯ ᠬᠥᠮᠦᠨ ᠣᠳᠣ ᠪᠠᠢᠬᠤ ᠦᠭᠡᠢ ᠪᠠᠢᠬ᠎ᠠ ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠵᠥᠪᠯᠡᠯᠲᠦ ᠤᠯᠤᠰ᠃ ᠵᠥᠪᠯᠡᠯᠲᠦ ᠤᠯᠤᠰ᠃ ᠥᠪᠡᠷᠰᠡᠳ ᠢ᠋ᠶ᠋ᠡᠨ ᠶᠠᠳᠠᠷᠠᠵᠤ ᠪᠠᠢᠨ᠎ᠠ ᠰᠢᠦ ᠳᠡ᠃
᠊᠊᠊᠊᠊᠊᠊᠊᠊᠊᠊᠊᠊᠊᠊ ᠡᠭᠦᠨ ᠡᠴᠡ ᠶᠠᠳᠠᠷᠠᠵᠤ ᠪᠠᠢᠬᠤ ᠳ᠋ᠠᠭᠠᠨ ᠪᠢᠳᠡᠨ ᠳ᠋ᠦ᠍ ᠲᠤᠰᠠᠯᠠᠭᠰᠠᠨ ᠪᠢᠰᠢ ᠤᠤ᠃ ᠳᠠᠨᠵᠠᠨ ᠥᠮᠥᠳᠥ ᠶ᠋ᠢᠨ ᠬᠠᠯᠠᠭᠠᠰᠤᠨ ᠳ᠋ᠠᠭᠠᠨ ᠥᠷᠥᠭᠡᠰᠦᠨ ᠭᠠᠷ ᠢ᠋ᠶ᠋ᠠᠨ ᠬᠢᠵᠦ ᠡᠷᠳᠡᠨᠢ ᠶ᠋ᠢ ᠰᠢᠷᠲᠡᠨ ᠪᠠᠢᠭᠰᠠᠨ ᠢ᠋ᠶ᠋ᠠᠨ ᠬᠦᠢᠲᠡᠨ ᠢᠨᠢᠶᠡᠮᠰᠦᠭᠯᠡᠪᠡ᠃
ᠳᠠᠨᠵᠠᠨ ᠪᠣᠯ ᠮᠣᠩᠭᠣᠯ ᠣᠷᠣᠨ ᠢ᠋ ᠭᠠᠳᠠᠭᠠᠳᠤ ᠶ᠋ᠢᠨ ᠪᠣᠭᠣᠯᠴᠢᠯᠠᠯ ᠡᠴᠡ ᠴᠢᠯᠥᠭᠡᠯᠡᠬᠦ ᠬᠤᠪᠢᠰᠬᠠᠯ ᠳ᠋ᠤ᠌ ᠢᠳᠡᠪᠬᠢᠲᠡᠢ ᠣᠷᠣᠯᠴᠠᠵᠤ ᠬᠤᠪᠢᠰᠬᠠᠯ ᠢᠯᠠᠭᠰᠠᠨ ᠤ᠋ ᠳᠠᠷᠠᠭ᠎ᠠ ᠥᠨᠳᠥᠷ ᠶᠡᠬᠡ ᠲᠤᠰᠢᠶᠠᠯ ᠲᠠᠢ ᠪᠣᠯᠵᠠᠢ᠃ ᠭᠡᠪᠡᠴᠦ ᠰᠡᠭᠦᠯ ᠦ᠋ᠨ ᠦᠶ᠎ᠡ ᠳ᠋ᠦ᠍ ᠠᠰᠢᠭ ᠣᠯᠵᠤ ᠪᠠᠶᠠᠵᠢᠬᠤ ᠶ᠋ᠢ ᠬᠢᠴᠢᠶᠡᠨ ᠳᠤᠰᠤᠯ ᠳᠤᠰᠤᠯ ᠢ᠋ᠶ᠋ᠠᠷ ᠪᠣᠯᠪᠠᠴᠤ ᠬᠥᠷᠥᠩᠭᠡ ᠬᠤᠷᠠᠮᠳᠤᠭᠤᠯᠬᠤ ᠵᠠᠮ ᠢ᠋ ᠬᠠᠢᠪᠠ᠃ ᠡᠨᠡ ᠪᠣᠳᠣᠯ ᠳ᠋ᠤᠨᠢ ᠬᠤᠪᠢᠰᠬᠠᠯ ᠬᠢᠬᠦ ᠳ᠋ᠦ᠍ ᠲᠤᠰᠠᠯᠠᠭᠰᠠᠨ ᠵᠥᠪᠯᠡᠯᠲᠦ ᠤᠯᠤᠰ ᠲᠤᠰᠠ ᠪᠣᠯᠬᠤ ᠦᠭᠡᠢ ᠶ᠋ᠢ ᠳᠠᠨᠵᠠᠨ ᠣᠢᠯᠠᠭᠠᠭᠰᠠᠨ᠃ ᠪᠠᠰᠠ ᠬᠤᠪᠢᠰᠬᠠᠯ ᠢ᠋ ᠬᠠᠮᠲᠤ ᠬᠢᠯᠴᠡᠭᠰᠡᠨ ᠨᠥᠬᠥᠳ ᠦ᠋ᠨ ᠶᠡᠬᠡᠩᠬᠢ ᠨᠢ ᠤᠤᠯ ᠪᠣᠳᠣᠯᠭ᠎ᠠ ᠶ᠋ᠢ ᠡᠰᠡᠷᠭᠦᠴᠡᠪᠡ᠃ ᠬᠦᠰᠡᠯ ᠮᠥᠷᠥᠭᠡᠳᠦᠯ ᠢ᠋ᠶ᠋ᠡᠨ ᠪᠡᠶᠡᠯᠡᠭᠦᠯᠬᠦ ᠭᠠᠭᠴᠠ ᠵᠠᠮ ᠪᠣᠯ ᠬᠢᠲᠠᠳ ᠤ᠋ᠨ ᠫᠦᠰᠡ ᠨᠦ᠍ᠭᠦᠳ ᠲᠡᠢ ᠬᠣᠯᠪᠣᠭ᠎ᠠ ᠲᠣᠭᠲᠠᠭᠠᠵᠤ ᠲᠡᠳᠡᠨ ᠦ᠌ ᠳᠡᠮᠵᠢᠯᠭᠡ ᠶ᠋ᠢ ᠠᠪᠬᠤ ᠠᠷᠭ᠎ᠠ ᠪᠠᠢᠪᠠ᠃ ᠢᠩᠭᠢᠭᠡᠳ ᠵᠠᠷᠢᠮ ᠫᠦᠰᠡᠨ ᠳ᠋ᠦ᠍ ᠬᠤᠪᠢ ᠨᠡᠢᠯᠡᠭᠦᠯᠦᠨ ᠣᠷᠣᠪᠠ᠃ ᠭᠡᠲᠡᠯ᠎ᠡ ᠮᠣᠩᠭᠣᠯ ᠤ᠋ᠨ ᠨᠣᠶᠠᠳ ᠬᠠᠭᠠᠳ ᠡᠴᠡ ᠲᠠᠯᠪᠢᠭᠰᠠᠨ ᠥᠷᠢ ᠶ᠋ᠢᠨ ᠲᠤᠬᠠᠢ ᠠᠰᠠᠭᠤᠳᠠᠯ ᠪᠣᠰᠴᠤ ᠢᠷᠡᠬᠦ ᠳ᠋ᠦ᠍ ᠲᠡᠭᠦᠨ ᠢ᠋ ᠲᠥᠯᠥᠭᠦᠯᠬᠦ ᠭᠡᠵᠦ ᠣᠷᠣᠯᠳᠣᠭᠠᠳ ᠪᠦᠲᠦᠭᠰᠡᠨ ᠦᠭᠡᠢ᠃ ᠲᠡᠭᠦᠪᠡᠷ ᠴᠦ᠍ ᠪᠠᠷᠠᠬᠤ ᠦᠭᠡᠢ ᠮᠣᠩᠭᠣᠯ ᠤᠯᠤᠰ ᠴᠢᠨᠠᠭᠰᠢᠳᠠ ᠶᠠᠭᠠᠬᠢᠵᠤ᠂ ᠶᠠᠮᠠᠷ ᠶᠠᠩᠵᠤ ᠲᠠᠢ ᠬᠥᠭᠵᠢᠬᠦ ᠪᠣᠢ ᠭᠡᠳᠡᠭ ᠠᠰᠠᠭᠤᠳᠠᠯ ᠪᠣᠰᠴᠤ ᠢᠷᠡᠭᠡᠳ ᠮᠣᠩᠭᠣᠯ ᠠᠷᠠᠳ ᠤ᠋ᠨ ᠬᠤᠪᠢᠰᠬᠠᠯᠲᠤ ᠨᠠᠮ ᠤ᠋ᠨ ᠣᠯᠠᠩᠬᠢ ᠭᠡᠰᠢᠭᠦᠳ ᠬᠥᠷᠥᠩᠭᠡᠲᠦ ᠶᠣᠰᠣᠨ ᠡᠴᠡ ᠥᠭᠡᠷ᠎ᠡ ᠰᠢᠨ᠎ᠡ ᠵᠠᠮ ᠢ᠋ᠶ᠋ᠠᠷ ᠤᠯᠤᠰ ᠣᠷᠣᠨ ᠢ᠋ᠶ᠋ᠠᠨ ᠬᠥᠭᠵᠢᠭᠦᠯᠬᠦ ᠲᠤᠬᠠᠢ ᠶᠠᠷᠢᠵᠤ ᠡᠬᠢᠯᠡᠪᠡ᠃ ᠡᠨᠡ ᠦᠶ᠎ᠡ ᠳ᠋ᠦ᠍ ᠺᠣᠮᠢᠨᠲ᠋ᠧᠷᠠᠨ ᠡᠴᠡ ᠷᠸᠰᠰᠺᠦᠯᠦᠧ ᠶ᠋ᠢ ᠲᠥᠯᠥᠭᠡᠯᠡᠭᠴᠢ ᠪᠡᠷ ᠢᠷᠡᠭᠦᠯᠦᠨ 1920 ᠣᠨ ᠳ᠋ᠤ᠌ ᠶᠡᠬᠡ ᠯᠧᠨᠢᠨ ᠡᠴᠡ ᠵᠢᠭᠠᠭᠰᠠᠨ ᠬᠥᠷᠥᠩᠭᠡᠲᠡᠨ ᠦ᠌ ᠪᠤᠰᠤ ᠬᠥᠭᠵᠢᠯ ᠦ᠋ᠨ ᠵᠠᠮ ᠢ᠋ ᠰᠣᠩᠭᠣᠨ ᠠᠪᠬᠤ ᠳ᠋ᠤ᠌ ᠨᠠᠮ ᠳ᠋ᠤ᠌ ᠲᠤᠰᠠᠯᠠᠪᠠ᠃
ᠡᠨᠡ ᠪᠦᠬᠦᠨ ᠡᠴᠡ ᠪᠣᠯᠵᠤ ᠳᠠᠨᠵᠠᠨ ᠲᠡᠮᠡᠴᠡᠯ ᠢ᠋ᠶ᠋ᠡᠨ ᠢᠳᠡᠪᠬᠢᠵᠢᠭᠦᠯᠦᠨ ᠨᠠᠮ ᠤ᠋ᠨ ᠭᠤᠷᠪᠠᠳᠤᠭᠠᠷ ᠶᠡᠬᠡ ᠬᠤᠷᠠᠯ ᠢ᠋ᠶ᠋ᠠᠷ ᠥᠪᠡᠷ ᠦ᠋ᠨ ᠪᠣᠳᠣᠯᠭ᠎ᠠ ᠪᠠᠨ ᠳᠡᠮᠵᠢᠭᠦᠯᠬᠦ᠂ ᠡᠰᠡ ᠴᠢᠳᠠᠪᠠᠯ ᠪᠦᠬᠦ ᠴᠡᠷᠢᠭ ᠦ᠋ᠨ ᠵᠠᠩᠵᠤᠨ ᠤ᠋ ᠲᠤᠰᠢᠶᠠᠯ ᠢ᠋ᠶ᠋ᠠᠨ ᠠᠰᠢᠭᠯᠠᠨ ᠴᠡᠷᠢᠭ ᠢ᠋ ᠬᠥᠳᠡᠯᠭᠡᠨ ᠵᠠᠰᠠᠭ ᠲᠥᠷᠥ ᠶ᠋ᠢ ᠬᠦᠴᠦ ᠪᠡᠷ ᠪᠤᠯᠢᠶᠠᠨ ᠠᠪᠬᠤ ᠶ᠋ᠢ ᠨᠢᠭᠤᠴᠠ ᠪᠠᠷ ᠪᠡᠯᠡᠳᠬᠡᠵᠦ ᠲᠡᠭᠦᠨ ᠳ᠋ᠡᠭᠡᠨ ᠬᠠᠨᠢ ᠣᠯᠵᠤ ᠠᠪᠬᠤ ᠶ᠋ᠢ ᠬᠢᠴᠢᠶᠡᠵᠦ ᠪᠠᠢᠯ᠎ᠠ᠃ ᠡᠨᠡ ᠴᠦ᠍ ᠤᠴᠢᠷ ᠡᠴᠡ ᠡᠷᠳᠡᠨᠢ ᠶ᠋ᠢ ᠤᠷᠢᠵᠤ ᠢᠷᠡᠭᠦᠯᠦᠭᠰᠡᠨ ᠪᠢᠯᠡ᠃ ᠭᠡᠲᠡᠯ᠎ᠡ ᠡᠷᠳᠡᠨᠢ ᠬᠢᠲᠠᠳ ᠤ᠋ᠨ ᠫᠦᠰᠡᠨ ᠦ᠌ ᠥᠷᠢ ᠶ᠋ᠢ ᠲᠥᠯᠥᠬᠦ ᠪᠣᠳᠣᠯᠭ᠎ᠠ ᠶ᠋ᠢ ᠨᠢ ᠳᠡᠮᠵᠢᠵᠦ ᠥᠭᠭᠦᠭᠰᠡᠨ ᠦᠭᠡᠢ᠃
《ᠡᠭᠦᠨ ᠲᠡᠢ ᠴᠠᠰᠢ ᠶᠠᠷᠢᠬᠤ ᠬᠡᠷᠡᠭ ᠪᠠᠢᠨ᠎ᠠ ᠤᠤ?ᠦᠭᠡᠢ ᠤᠤ?》 ᠭᠡᠵᠦ ᠳᠠᠨᠵᠠᠨ ᠪᠣᠳᠣᠬᠤ ᠵᠠᠭᠤᠷ᠎ᠠ ᠡᠷᠳᠡᠨᠢ ᠶ᠋ᠢ ᠪᠠᠢᠨ ᠪᠠᠢᠨ ᠬᠤᠯᠠᠭᠠᠢ ᠨᠢᠳᠦ ᠪᠡᠷ ᠠᠵᠢᠭᠯᠠᠵᠤ ᠪᠠᠢᠪᠠ᠃
ᠡᠷᠳᠡᠨᠢ ᠲᠠᠢᠪᠤᠩ ᠰᠠᠭᠤᠬᠤ ᠪᠥᠭᠡᠳ ᠪᠠᠢᠰᠢᠩ ᠤ᠋ᠨ ᠳᠣᠲᠣᠭᠠᠳᠤ ᠪᠠᠢᠳᠠᠯ ᠢ᠋ ᠠᠵᠢᠭᠯᠠᠨ᠎ᠠ᠃ ᠬᠡᠨ ᠶᠠᠭᠤ ᠭᠡᠵᠦ ᠬᠡᠯᠡᠭᠰᠡᠨ ᠴᠦ᠍ ᠬᠢᠲᠠᠳ ᠤ᠋ᠨ ᠫᠦᠰᠡᠨ ᠳ᠋ᠦ᠍ ᠥᠷᠢ ᠲᠥᠯᠥᠬᠦ ᠦᠭᠡᠢ ᠭᠡᠵᠦ ᠵᠠᠶ᠎ᠠ ᠶ᠋ᠢᠨ ᠬᠦᠷᠢᠶᠡᠨ ᠳᠡᠭᠡᠷ᠎ᠡ᠂ ᠯᠡ ᠶ᠋ᠢᠨ ᠭᠡᠷᠡᠯ ᠳ᠋ᠦ᠍ ᠳᠠᠨᠵᠠᠨ ᠤ᠋ ᠪᠢᠴᠢᠭ ᠦ᠋ᠨ ᠬᠠᠷᠢᠭᠤ ᠶ᠋ᠢ ᠪᠢᠴᠢᠵᠦ ᠪᠠᠢᠬᠤ ᠳ᠋ᠠᠭᠠᠨ ᠰᠢᠲᠦᠭᠰᠡᠨ ᠪᠣᠯᠬᠣᠷ ᠳᠠᠨᠵᠠᠨ ᠤ᠋ ᠰᠠᠶᠢ ᠶ᠋ᠢᠨ ᠶᠠᠷᠢᠭᠰᠠᠨ ᠵᠦᠢᠯ ᠢ᠋ ᠪᠤᠷᠤᠭᠤ ᠣᠢᠯᠠᠭᠠᠯᠲᠠ ᠡᠴᠡ ᠭᠠᠷᠤᠭᠰᠠᠨ ᠲᠥᠭᠡᠷᠢᠭᠳᠡᠯ ᠭᠡᠵᠦ ᠪᠣᠳᠣᠭᠰᠠᠨ ᠡᠴᠡ ᠪᠢᠰᠢ ᠪᠤᠷᠤᠭᠤ ᠦᠵᠡᠯ ᠦ᠋ᠨ ᠬᠣᠣᠷᠲᠤ ᠤᠷᠰᠢᠭ ᠭᠡᠵᠦ ᠰᠠᠨᠠᠭ᠎ᠠ ᠦᠭᠡᠢ ᠪᠢᠯᠡ᠃
ᠳᠠᠨᠵᠠᠨ ᠵᠡᠷᠭᠡᠴᠡᠵᠦ ᠰᠠᠭᠤᠭᠠᠳ ᠮᠦᠰᠢᠶᠡᠬᠦ ᠮᠡᠲᠦ ᠪᠣᠯᠤᠭᠰᠠᠨ ᠢ᠋ᠶ᠋ᠠᠨ 《ᠬᠢᠲᠠᠳ ᠤ᠋ᠨ ᠥᠷᠢ ᠶ᠋ᠢ ᠴᠦ᠍ ᠲᠥᠯᠥᠬᠦ ᠪᠡᠨ ᠪᠣᠯᠢᠶ᠎ᠠ᠃ ᠮᠠᠭᠠᠳ ᠦᠭᠡᠢ ᠲᠠᠨ ᠤ᠋ ᠬᠡᠯᠡᠳᠡᠭ ᠵᠥᠪ ᠴᠦ᠍ ᠪᠠᠢᠵᠤ ᠪᠣᠯᠤᠨ᠎ᠠ᠃ ᠶᠡᠷᠦ ᠨᠢ ᠬᠤᠪᠢᠰᠬᠠᠯ ᠤ᠋ᠨ ᠬᠡᠷᠡᠭ ᠲᠦ᠍ ᠭᠠᠩ ᠵᠣᠷᠢᠭ ᠲᠠᠢ ᠪᠠᠢᠬᠤ ᠨᠢ ᠳᠡᠭᠡᠷ᠎ᠡ ᠭᠡᠵᠦ ᠳᠡᠯᠢᠭᠴᠢ ᠬᠡᠯᠡᠳᠡᠭ ᠰᠠᠨ》 ᠭᠡᠳ ᠰᠠᠨᠠᠭ᠎ᠠ ᠠᠯᠳᠠᠭᠰᠠᠨ ᠢ᠋ᠶ᠋ᠠᠨ ᠨᠠᠮ ᠳᠠᠭᠤ ᠪᠠᠷ
᠊᠊᠊᠊᠊᠊᠊᠊᠊᠊᠊᠊᠊᠊᠊ ᠮᠠᠨ ᠤ᠋ ᠨᠠᠮ ᠤ᠋ᠨ ᠭᠤᠷᠪᠠᠳᠤᠭᠠᠷ ᠶᠡᠬᠡ ᠬᠤᠷᠠᠯ ᠮᠣᠩᠭᠣᠯ ᠤᠯᠤᠰ ᠤ᠋ᠨ ᠬᠥᠭᠵᠢᠯ ᠦ᠋ᠨ ᠲᠤᠬᠠᠢ ᠠᠰᠠᠭᠤᠳᠠᠯ ᠢ᠋ ᠶᠠᠷᠢᠬᠤ ᠪᠠᠢᠬ᠎ᠠ᠃ ᠲᠡᠭᠦᠨ ᠢ᠋ ᠲᠠ ᠶᠠᠭᠤ ᠭᠡᠵᠦ ᠦᠵᠡᠵᠦ ᠪᠠᠢᠨ᠎ᠠ᠃ ᠡᠨᠡ ᠪᠣᠯ ᠲᠤᠩ ᠴᠢᠬᠤᠯᠠ ᠵᠦᠢᠯ ᠪᠢᠵᠡ ᠳᠡ? ᠭᠡᠵᠦ ᠠᠰᠠᠭᠤᠪᠠ᠃
ᠡᠨᠡ ᠠᠰᠠᠭᠤᠳᠠᠯ ᠢ᠋ ᠰᠣᠨᠣᠰᠤᠭᠰᠠᠨ ᠡᠷᠳᠡᠨᠢ ᠶ᠋ᠢᠨ ᠨᠢᠳᠦ ᠰᠡᠷᠭᠦᠵᠦ ᠨᠢᠭᠤᠷ ᠳᠦᠭᠦᠷᠡᠩ ᠮᠦᠰᠢᠶᠡᠭᠰᠡᠨ ᠢ᠋ᠶ᠋ᠡᠨ 《ᠪᠢ ᠣᠯᠠᠨ᠎ᠠ ᠡᠷᠭᠦᠭᠳᠡᠭᠰᠡᠨ ᠦ᠌ ᠳᠥᠷᠪᠡᠳᠦᠭᠡᠷ ᠣᠨ ᠳ᠋ᠤ᠌ ᠯᠤᠤ ᠬᠦᠩ ᠦ᠋ᠨ ᠨᠤᠲᠤᠭ ᠲᠤ᠌ ᠨᠢᠭᠡ ᠣᠷᠣᠰ ᠲᠠᠢ ᠲᠠᠨᠢᠯᠴᠠᠭᠰᠠᠨ᠃ ᠲᠡᠷᠡ ᠪᠣᠯ ᠪᠣᠯᠱᠸᠸᠩ ᠨᠠᠮ ᠤ᠋ᠨ ᠭᠡᠰᠢᠭᠦᠨ ᠬᠥᠮᠦᠨ ᠪᠠᠢᠭᠰᠠᠨ᠃ ᠬᠣᠵᠢᠮ ᠠᠷᠪᠠᠨ ᠨᠢᠭᠡᠨ ᠣᠨ ᠳ᠋ᠤ᠌ ᠮᠠᠨ ᠤ᠋ ᠳ᠋ᠤ᠌ ᠲᠤᠰᠠᠯᠠᠬᠤ ᠭᠡᠵᠦ ᠢᠷᠡᠭᠰᠡᠨ ᠵᠥᠪᠯᠡᠯᠲᠦ ᠶ᠋ᠢᠨ ᠤᠯᠠᠭᠠᠨ ᠴᠡᠷᠢᠭ ᠦ᠋ᠨ ᠨᠢᠭᠡ ᠠᠩᠭᠢ ᠶ᠋ᠢᠨ ᠺᠣᠮᠢᠰᠰᠠᠷ ᠪᠠᠢᠭᠰᠠᠨ᠃ ᠲᠠ ᠲᠠᠨᠢᠬᠤ ᠴᠤ᠌ ᠪᠠᠢᠬ᠎ᠠ᠃ ᠫᠧᠲ᠋ᠷ ᠭᠡᠳᠡᠭ᠃ ᠲᠡᠭᠡᠭᠡᠳ ᠵᠡᠭᠦᠨ ᠠᠢᠮᠠᠭ ᠲᠤ᠌ ᠪᠢᠳᠡᠨ ᠲᠡᠢ ᠬᠠᠮᠲᠤ ᠴᠠᠭᠠᠨᠲᠠᠨ ᠤ᠋ ᠡᠰᠡᠷᠭᠦ ᠳᠠᠢᠳᠤᠵᠤ ᠶᠠᠪᠤᠭᠠᠳ ᠣᠰᠣᠯᠳᠠᠭᠰᠠᠨ ᠶᠤᠮᠰᠠᠨ ᠭᠡᠳ ᠨᠢᠳᠦ ᠨᠢ ᠭᠥᠯᠢᠷᠡᠨ ᠭᠦᠨ ᠭᠡᠭᠴᠢ ᠨᠢ ᠰᠠᠨᠠᠭ᠎ᠠ ᠠᠯᠳᠠᠭᠰᠠᠨ ᠢ᠋ᠶ᠋ᠠᠨ ᠲᠡᠷᠡ ᠬᠥᠮᠦᠨ ᠲᠠᠨ ᠤ᠋ ᠮᠣᠩᠭᠣᠯ ᠳ᠋ᠤ᠌ ᠬᠥᠮᠦᠨ ᠬᠥᠮᠦᠨ ᠢ᠋ᠶ᠋ᠡᠨ ᠳᠠᠷᠤᠯᠠᠨ ᠮᠥᠯᠵᠢᠬᠦ ᠦᠭᠡᠢ ᠰᠢᠨ᠎ᠡ ᠵᠠᠮ ᠬᠡᠷᠡᠭᠲᠡᠢ᠃ ᠲᠡᠭᠦᠨ ᠳ᠋ᠦ᠍ ᠴᠢᠨᠢ ᠪᠢᠳᠡ ᠲᠤᠰᠠᠯᠠᠨ᠎ᠠ ᠭᠡᠵᠦ ᠬᠡᠯᠡᠭᠰᠡᠨ᠃ ᠪᠢ ᠲᠡᠭᠦᠨ ᠢ᠋ ᠶᠣᠰᠣᠲᠠᠢ ᠪᠢᠳᠡᠨ ᠦ᠌ ᠭᠠᠭᠴᠠ ᠵᠥᠪ ᠵᠠᠮ ᠭᠡᠵᠦ ᠪᠣᠳᠣᠳᠠᠭ᠃ ᠬᠥᠮᠦᠨ ᠪᠦᠷᠢ ᠠᠷᠢᠭᠤᠨ ᠰᠢᠳᠤᠷᠭᠤ ᠪᠠᠷ ᠠᠵᠢᠯ ᠬᠢᠵᠦ᠂ ᠤᠯᠤᠰ ᠣᠷᠣᠨ ᠢ᠋ᠶ᠋ᠠᠨ ᠡᠷᠳᠡᠮ ᠪᠣᠯᠪᠠᠰᠤᠷᠠᠯ᠂ ᠡᠳ᠋ ᠦ᠋ᠨ ᠵᠠᠰᠠᠭ ᠥᠨᠳᠥᠷ ᠲᠡᠢ ᠪᠣᠯᠭᠠᠬᠤ ᠨᠢ ᠶᠠᠭᠤ ᠶᠠᠭᠤᠨ ᠡᠴᠡ ᠴᠢᠬᠤᠯᠠ ᠭᠡᠮᠡᠨ ᠪᠣᠳᠣᠳᠠᠭ》 ᠭᠡᠵᠦ ᠬᠡᠯᠡᠭᠡᠳ ᠡᠷᠳᠡᠨᠢ ᠮᠣᠩᠭᠣᠯ ᠣᠷᠣᠨ ᠤ᠋ ᠬᠥᠭᠵᠢᠯ ᠦ᠋ᠨ ᠲᠤᠬᠠᠢ ᠪᠣᠳᠣᠵᠤ ᠶᠠᠪᠤᠳᠠᠭ ᠵᠦᠢᠯ ᠢ᠋ᠶ᠋ᠡᠨ ᠶᠠᠷᠢᠯ᠎ᠠ᠃
ᠳᠠᠨᠵᠠᠨ ᠡᠨᠡ ᠶᠠᠷᠢᠶ᠎ᠠ ᠶ᠋ᠢ ᠠᠷᠠᠢ ᠶᠠᠳᠠᠨ ᠰᠣᠨᠣᠰᠪᠠ᠃ ᠭᠡᠪᠡᠴᠦ ᠶᠠᠷᠢᠶᠠᠨ ᠳ᠋ᠠᠭᠠᠨ ᠪᠠᠶᠠᠷᠯᠠᠭᠰᠠᠨ ᠡᠷᠳᠡᠨᠢ ᠲᠡᠭᠦᠨ ᠦ᠌ ᠵᠠᠯᠬᠠᠭᠤ ᠨᠢ ᠬᠦᠷᠴᠦ᠂ ᠵᠢᠪᠡᠭᠦᠴᠡᠭᠰᠡᠨ ᠪᠠᠢᠳᠠᠯ ᠢ᠋ ᠠᠵᠢᠭᠯᠠᠭᠰᠠᠨ ᠦᠭᠡᠢ᠃ ᠳᠠᠨᠵᠠᠨ ᠴᠠᠮᠴᠠ ᠶ᠋ᠢᠨ ᠬᠠᠯᠠᠭᠠᠰᠤᠨ ᠡᠴᠡ ᠠᠯᠲᠠᠨ ᠴᠠᠭ ᠭᠠᠷᠭᠠᠵᠤ ᠬᠠᠷᠠᠭᠰᠠᠨ ᠢ᠋ᠶ᠋ᠠᠨ 《ᠵᠠ ᠲᠠᠨ ᠲᠠᠢ ᠰᠠᠢᠬᠠᠨ ᠶᠠᠷᠢᠯ᠎ᠠ᠃ ᠪᠢ ᠢᠩᠭᠢᠭᠡᠳ ᠥᠭᠡᠷ᠎ᠡ ᠠᠵᠢᠯ ᠲᠠᠢ ᠪᠣᠯᠬᠣᠷ ᠤᠳᠠᠭᠠᠨ ᠶᠠᠷᠢᠵᠤ ᠴᠢᠳᠠᠬᠤ ᠦᠭᠡᠢ ᠨᠢ》 ᠭᠡᠳ ᠪᠣᠰᠪᠠ᠃
ᠡᠷᠳᠡᠨᠢ ᠴᠦ᠍ ᠪᠣᠰᠴᠤ ᠭᠠᠷᠬᠤ ᠭᠡᠬᠦ ᠳ᠋ᠦ᠍ᠨᠢ 《ᠳᠠᠷᠠᠭ᠎ᠠ ᠠᠭᠤᠯᠵᠠᠵᠤ ᠲᠠᠪᠠᠲᠠᠢ ᠶᠠᠷᠢᠶ᠎ᠠ》 ᠭᠡᠵᠦ ᠬᠡᠯᠡᠪᠡ᠃
ᠡᠷᠳᠡᠨᠢ ᠶ᠋ᠢ ᠭᠠᠷᠤᠭᠰᠠᠨ ᠤ᠋ ᠬᠣᠢᠨ᠎ᠠ ᠳᠠᠨᠵᠠᠨ ᠬᠠᠭᠠᠯᠭ᠎ᠠ ᠤᠷᠤᠭᠤ ᠬᠤᠷᠴᠠ ᠨᠣᠭᠣᠭᠠᠨ ᠨᠢᠳᠦ ᠪᠡᠷ ᠰᠢᠷᠲᠡᠵᠦ ᠬᠡᠰᠡᠭ ᠪᠠᠢᠭᠰᠠᠨ ᠢ᠋ᠶ᠋ᠠᠨ 《ᠬᠢ》 ᠭᠡᠵᠦ ᠰᠢᠲᠦ ᠵᠠᠭᠤᠨ ᠳᠤᠤᠭᠠᠷᠤᠭᠠᠳ ᠵᠢᠵᠢᠭᠬᠡᠨ ᠳᠡᠪᠲᠡᠷ ᠭᠠᠷᠭᠠᠵᠤ ᠬᠡᠰᠡᠭ ᠨᠡᠷᠡᠰ ᠦ᠋ᠨ ᠳᠣᠲᠣᠷ᠎ᠠ 《ᠴᠡᠴᠡᠷᠯᠢᠭ ᠮᠠᠨᠳᠤᠯ᠂ ᠴᠣᠭᠲᠤ ᠶ᠋ᠢᠨ ᠡᠷᠳᠡᠨᠢ》 ᠭᠡᠵᠦ ᠪᠢᠴᠢᠪᠡ᠃ ᠡᠨᠡ ᠨᠡᠷᠡᠰ ᠪᠣᠯ ᠵᠡᠪᠰᠡᠭ ᠦ᠋ᠨ ᠬᠦᠴᠦ ᠪᠡᠷ ᠵᠠᠰᠠᠭ ᠲᠥᠷᠥ ᠶ᠋ᠢ ᠠᠪᠤᠮᠠᠭᠴᠠ ᠪᠠᠷᠢᠵᠤ ᠳᠠᠯᠳᠠ ᠣᠷᠣᠭᠤᠯᠬᠤ ᠬᠥᠮᠦᠰ ᠦ᠋ᠨ ᠵᠢᠭᠰᠠᠭᠠᠯᠲᠠ ᠪᠠᠢᠯ᠎ᠠ᠃ ᠨᠠᠮ ᠤ᠋ᠨ ᠭᠤᠷᠪᠠᠳᠤᠭᠠᠷ ᠶᠡᠬᠡ ᠬᠤᠷᠠᠯ ᠪᠣᠯᠵᠤ᠂ ᠳᠠᠨᠵᠠᠨ ᠪᠠ ᠲᠡᠭᠦᠨ ᠦ᠌ ᠨᠥᠬᠥᠳ ᠨᠠᠮ ᠳ᠋ᠤ᠌ ᠬᠣᠣᠷᠲᠤ ᠪᠣᠳᠣᠯᠭ᠎ᠠ ᠲᠤᠯᠭᠠᠬᠤ ᠭᠡᠵᠦ ᠦᠬᠦᠯᠳᠦᠨ ᠣᠷᠣᠯᠳᠣᠬᠤ ᠳ᠋ᠤ᠌ ᠡᠷᠳᠡᠨᠢ ᠢᠳᠡᠪᠬᠢᠲᠡᠢ ᠡᠰᠡᠷᠭᠦᠴᠡᠵᠦ ᠬᠡᠳᠦ ᠬᠡᠳᠦᠨ ᠤᠳᠠᠭ᠎ᠠ ᠦᠭᠡ ᠬᠡᠯᠡᠪᠡ᠃
ᠨᠢᠭᠡ ᠣᠷᠣᠢ ᠬᠤᠷᠠᠯ ᠤ᠋ᠨ ᠵᠠᠪᠰᠠᠷᠯᠠᠭ᠎ᠠ ᠪᠠᠷ ᠲᠠᠨᠢᠬᠤ ᠬᠥᠮᠦᠨ ᠡᠴᠡ ᠮᠣᠷᠢ ᠭᠤᠶᠤᠵᠤ ᠬᠤᠵᠢᠷ ᠪᠤᠯᠤᠩ ᠳ᠋ᠤ᠌ ᠪᠠᠢᠭᠰᠠᠨ ᠬᠤᠶᠠᠭ ᠤ᠋ᠨ ᠳ᠋ᠤ᠌ ᠣᠴᠢᠬᠤ ᠳ᠋ᠤ᠌ ᠬᠤᠶᠠᠭ᠂ ᠴᠠᠨᠳᠠ ᠬᠣᠶᠠᠷ ᠬᠥᠯ ᠠᠯᠲᠠᠨ ᠪᠠᠶᠠᠷᠯᠠᠵᠤ ᠨᠠᠷᠢᠨ ᠬᠣᠭᠣᠯᠠ ᠬᠢᠵᠦ ᠠᠷᠢᠬᠢ ᠭᠠᠷᠭᠠᠨ ᠳᠠᠢᠯᠠᠪᠠ᠃
ᠬᠤᠶᠠᠭ ᠲᠠᠢ ᠬᠤᠷᠠᠯ ᠳᠡᠭᠡᠷ᠎ᠡ ᠪᠣᠯᠵᠤ ᠪᠣᠢ ᠲᠡᠮᠡᠴᠡᠯ ᠦ᠋ᠨ ᠲᠤᠬᠠᠢ ᠰᠢᠭᠦᠨ ᠬᠡᠯᠡᠯᠴᠡᠵᠦ ᠪᠠᠢᠲᠠᠯ᠎ᠠ ᠲᠦᠷᠭᠡᠨ ᠵᠢᠭᠰᠠᠭᠠᠯ ᠤ᠋ᠨ ᠪᠦᠷᠢᠶ᠎ᠡ ᠳᠤᠤᠭᠠᠷᠴᠤ ᠬᠤᠶᠠᠭ ᠬᠤᠪᠴᠠᠰᠤᠯᠠᠨ ᠶᠠᠪᠤᠯ᠎ᠠ᠃
ᠡᠷᠳᠡᠨᠢ᠂ ᠨᠥᠬᠥᠷ ᠬᠣᠶᠠᠷ ᠤ᠋ᠨ ᠬᠢᠨᠢ ᠤᠯᠤᠰ ᠲᠥᠷᠥ ᠶ᠋ᠢᠨ ᠥᠨᠳᠥᠷ ᠶᠠᠷᠢᠶ᠎ᠠ ᠵᠠᠪᠰᠠᠷᠯᠠᠭᠰᠠᠨ ᠢ᠋ ᠠᠰᠢᠭᠯᠠᠵᠤ ᠴᠠᠨᠳᠠ ᠥᠯᠵᠡᠢ ᠭᠤᠸᠠᠢ ᠶ᠋ᠢᠨ ᠲᠤᠬᠠᠢ ᠪᠠᠢᠴᠠᠵᠤ ᠭᠠᠷᠤᠯ᠎ᠠ᠃ ᠭᠡᠲᠡᠯ᠎ᠡ ᠣᠯᠠᠨ ᠬᠥᠮᠦᠰ ᠱᠤᠤᠭᠢᠯᠳᠤᠨ ᠪᠠᠢᠨ ᠪᠠᠢᠨ ᠬᠠᠰᠬᠢᠷᠤᠯᠳᠤᠵᠤ ᠡᠬᠢᠯᠡᠬᠦ ᠳ᠋ᠦ᠍ ᠡᠷᠳᠡᠨᠢ ᠲᠡᠰᠬᠡᠯ ᠦᠭᠡᠢ ᠭᠠᠷᠪᠠᠯ ᠭᠡᠷ ᠡᠴᠡ ᠲᠡᠳᠦᠢ ᠯᠡ ᠬᠣᠯᠠ ᠪᠢᠰᠢ ᠭᠠᠵᠠᠷ ᠳᠠᠨᠵᠠᠨ ᠥᠨᠳᠥᠷ ᠲᠠᠪᠴᠠᠩ ᠳᠡᠭᠡᠷ᠎ᠡ ᠭᠠᠷᠴᠤ ᠵᠣᠭᠰᠣᠭᠠᠳ ᠦᠭᠡ ᠬᠡᠯᠡᠬᠦ ᠪᠥᠭᠡᠳ ᠰᠣᠨᠣᠰᠤᠭᠴᠢᠳ ᠨᠢ ᠱᠤᠤᠭᠢᠯᠳᠤᠨ᠎ᠠ᠃
ᠶᠠᠭᠤ ᠪᠣᠯᠵᠤ ᠪᠠᠢᠭ᠎ᠠ ᠨᠢ ᠮᠡᠳᠡᠭᠳᠡᠬᠦ ᠦᠭᠡᠢ ᠪᠣᠯᠬᠣᠷ ᠡᠷᠳᠡᠨᠢ ᠶᠠᠪᠤᠵᠤ ᠣᠴᠢᠪᠠᠯ ᠳᠠᠨᠵᠠᠨ ᠨᠠᠮ ᠤ᠋ᠨ ᠭᠤᠷᠪᠠᠳᠤᠭᠠᠷ ᠬᠤᠷᠠᠯ ᠢ᠋ ᠭᠦᠳᠬᠡᠨ᠂ ᠳᠠᠷᠤᠢ ᠣᠴᠢᠵᠤ ᠲᠡᠷᠡ ᠬᠤᠷᠠᠯ ᠢ᠋ ᠬᠥᠭᠡᠭᠡᠨ ᠲᠠᠷᠬᠠᠭᠠᠵᠤ᠂ ᠲᠥᠯᠥᠭᠡᠯᠡᠭᠴᠢᠳ ᠢ᠋ ᠪᠠᠷᠢᠵᠤ ᠮᠣᠩᠭᠣᠯ ᠣᠷᠣᠨ ᠢ᠋ᠶ᠋ᠠᠨ ᠠᠪᠤᠷᠠᠬᠤ ᠲᠤᠬᠠᠢ ᠴᠡᠷᠢᠭ ᠦ᠋ᠳ ᠢ᠋ ᠤᠷᠢᠶᠠᠯᠠᠵᠤ ᠪᠠᠢᠯ᠎ᠠ᠃
ᠣᠯᠠᠨ ᠤ᠋ ᠳᠤᠮᠳᠠ ᠡᠴᠡ ᠬᠤᠶᠠᠭ ᠭᠠᠷᠴᠤ ᠰᠢᠭᠤᠳ ᠶᠠᠪᠤᠵᠤ ᠳᠠᠨᠵᠠᠨ ᠤ᠋ ᠵᠣᠭᠰᠣᠵᠤ ᠪᠠᠢᠭ᠎ᠠ ᠲᠠᠪᠴᠠᠩ ᠳᠡᠭᠡᠷ᠎ᠡ ᠭᠠᠷᠤᠭᠠᠳ ᠳᠠᠨᠵᠠᠨ ᠤ᠋ ᠶᠠᠷᠢᠭᠰᠠᠨ ᠵᠦᠢᠯ ᠢ᠋ ᠡᠰᠡᠷᠭᠦᠴᠡᠨ ᠬᠠᠷᠢᠨ ᠥᠪᠡᠷᠰᠡᠳ ᠢ᠋ ᠨᠢ ᠳᠠᠷᠤᠢ ᠪᠠᠷᠢᠵᠤ ᠠᠪᠴᠤ ᠵᠠᠰᠠᠭ ᠲᠠᠭᠠᠨ ᠲᠤᠰᠢᠶᠠᠬᠤ ᠶ᠋ᠢ ᠤᠷᠢᠶᠠᠯᠠᠪᠠ᠃
ᠳᠠᠨᠵᠠᠨ ᠤ᠋ ᠳᠣᠬᠢᠶ᠎ᠠ ᠪᠠᠷ ᠨᠢᠭᠡ ᠬᠥᠮᠦᠨ ᠫᠤᠤ ᠭᠠᠷᠭᠠᠵᠤ ᠶᠠᠷᠢᠵᠤ ᠪᠠᠢᠭ᠎ᠠ ᠬᠤᠶᠠᠭ ᠤᠷᠤᠭᠤ ᠴᠢᠭᠯᠡᠭᠦᠯᠲᠡᠯᠡ ᠠᠷᠤ ᠡᠴᠡ ᠨᠢ ᠬᠦᠴᠦᠲᠡᠢ ᠭᠠᠷ᠂ ᠫᠤᠤ ᠳᠡᠭᠡᠷ᠎ᠡ ᠡᠴᠡ ᠨᠢ ᠰᠢᠭᠦᠷᠡᠨ ᠠᠪᠴᠤ ᠨᠢᠳᠤᠷᠪᠠ᠃ ᠡᠨᠡ ᠪᠣᠯ ᠡᠷᠳᠡᠨᠢ ᠶ᠋ᠢᠨ ᠭᠠᠷ ᠪᠠᠢᠵᠤ ᠪᠢᠯᠡ᠃
᠊᠊᠊᠊᠊᠊᠊᠊᠊᠊᠊᠊᠊᠊᠊ ᠡᠳᠡ ᠲᠥᠷᠥ ᠳ᠋ᠦ᠍ ᠲᠡᠷᠰᠯᠡᠵᠦ ᠨᠠᠮ ᠳ᠋ᠤ᠌ ᠬᠠᠷᠰᠢᠯᠠᠵᠤ ᠪᠠᠢᠨ᠎ᠠ᠃ ᠣᠯᠠᠨ ᠴᠡᠷᠢᠭ ᠲᠠ ᠪᠦᠬᠦᠨ ᠡᠳᠡᠨ ᠢ᠋ ᠳᠠᠷᠤᠢ ᠪᠠᠷᠢᠵᠤ ᠠᠪ᠃ ᠪᠢ ᠨᠠᠮ ᠤ᠋ᠨ ᠬᠤᠷᠠᠯ ᠤ᠋ᠨ ᠲᠥᠯᠥᠭᠡᠯᠡᠭᠴᠢ ᠬᠥᠮᠦᠨ ᠭᠡᠵᠦ ᠬᠡᠯᠡᠭᠡᠳ ᠪᠤᠯᠢᠶᠠᠵᠤ ᠠᠪᠤᠭᠰᠠᠨ ᠫᠤᠤ ᠪᠠᠨ ᠪᠠᠷᠢᠨ ᠲᠠᠪᠴᠠᠩ ᠤᠷᠤᠭᠤ ᠣᠢᠷᠠᠲᠤᠬᠤ ᠦᠶ᠎ᠡ ᠳ᠋ᠦ᠍ ᠳᠠᠨᠵᠠᠨ ᠴᠢᠴᠧ ᠳ᠋ᠡᠭᠡᠨ ᠰᠠᠭᠤᠵᠤ ᠬᠣᠲᠠ ᠶ᠋ᠢᠨ ᠵᠦᠭ ᠠᠯᠠᠭ᠎ᠠ ᠪᠣᠯᠪᠠ᠃
ᠡᠷᠳᠡᠨᠢ᠂ ᠬᠤᠶᠠᠭ ᠬᠣᠶᠠᠷ ᠲᠣᠯᠣᠭᠠᠢᠯᠠᠨ ᠳᠠᠨᠵᠠᠨ ᠤ᠋ ᠲᠠᠯ᠎ᠠ ᠶ᠋ᠢᠨ ᠴᠥᠭᠡᠨ ᠬᠥᠮᠦᠰ ᠢ᠋ ᠪᠠᠷᠢᠵᠤ ᠠᠪᠤᠯ᠎ᠠ᠃
ᠬᠣᠲᠠ ᠳ᠋ᠤ᠌ ᠣᠴᠢᠵᠤ ᠵᠡᠪᠰᠡᠭᠯᠡᠭᠰᠡᠨ ᠬᠢᠲᠠᠳ ᠵᠢᠯᠣᠭᠣᠴᠢ ᠨᠠᠷ ᠢ᠋ ᠬᠥᠳᠡᠯᠭᠡᠨ ᠦᠢᠮᠡᠭᠡᠨ ᠳᠡᠭᠳᠡᠭᠡᠬᠦ ᠭᠡᠰᠡᠨ ᠳᠠᠨᠵᠠᠨ ᠤ᠋ ᠪᠣᠳᠣᠯ ᠴᠤ᠌ ᠪᠡᠶᠡᠯᠡᠭᠳᠡᠭᠰᠡᠨ ᠥᠬᠡᠢ ᠪᠠᠷᠢᠭᠳᠠᠵᠤ ᠨᠠᠮ ᠤ᠋ᠨ ᠭᠤᠷᠪᠠᠳᠤᠭᠠᠷ ᠶᠡᠬᠡ ᠬᠤᠷᠠᠯ ᠮᠣᠩᠭᠣᠯ ᠤᠯᠤᠰ ᠰᠢᠨ᠎ᠡ ᠵᠠᠮ ᠢ᠋ᠶ᠋ᠠᠷ᠂ ᠶᠡᠬᠡ ᠯᠧᠨᠢᠨ ᠦ᠌ ᠵᠢᠭᠠᠯᠲᠠ ᠪᠠᠷ ᠬᠥᠭᠵᠢᠬᠦ ᠲᠡᠦᠬᠡᠲᠦ ᠲᠣᠭᠲᠠᠭᠠᠯ ᠢ᠋ ᠪᠠᠲᠤᠯᠠᠪᠠ᠃
ᠨᠠᠮᠤᠷ ᠤ᠋ᠨ ᠰᠡᠭᠦᠯ᠂ ᠡᠪᠦᠯ ᠦ᠋ᠨ ᠡᠬᠢ ᠪᠡᠷ ᠡᠷᠳᠡᠨᠢ ᠴᠡᠴᠡᠷᠯᠢᠭ ᠮᠠᠨᠳᠤᠯ ᠤ᠋ᠨ ᠠᠢᠮᠠᠭ ᠤᠷᠤᠭᠤ ᠭᠠᠷᠴᠤ ᠪᠢᠯᠡ᠃
