ᠲᠤᠩᠭᠠᠯᠠᠭ ᠲᠠᠮᠢᠷ2-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠣᠳᠣ ᠨᠢᠭᠡ ᠪᠣᠯ ᠦᠬᠦᠬᠦ᠂ ᠡᠰᠡᠬᠦᠯ᠎ᠡ ᠰᠡᠬᠡᠬᠦ ᠴᠠᠭ ᠪᠣᠯᠵᠠᠢ》 - ᠬᠣᠶᠠᠳᠤᠭᠠᠷ ᠪᠦᠯᠦᠭ ᠠᠷᠪᠠᠨ ᠭᠤᠷᠪᠠ
ᠭᠠᠮᠢᠩ ᠤ᠋ᠨ ᠵᠠᠮ ᠡᠴᠡ ᠤᠷᠭᠤᠨ ᠵᠠᠢᠯᠠᠭᠰᠠᠨ ᠢᠲᠡᠭᠡᠯᠲᠦ ᠶ᠋ᠢᠨ ᠬᠢᠨ ᠬᠠᠨᠤᠢ ᠭᠣᠣᠯ ᠤ᠋ᠨ ᠡᠮᠦᠨᠡᠬᠢ ᠲᠦᠩᠬᠦᠭᠡᠷ ᠬᠠᠷ᠎ᠠ ᠠᠭᠤᠯᠠ ᠶ᠋ᠢᠨ ᠠᠷᠤ ᠳ᠋ᠤ᠌ ᠨᠤᠲᠤᠭᠯᠠᠵᠤ ᠪᠠᠢᠯ᠎ᠠ᠃ ᠰᠠᠭᠤᠷᠢ ᠮᠠᠯ ᠤ᠋ᠳ ᠢ᠋ᠶ᠋ᠠᠨ ᠵᠠᠢᠯᠠᠭᠤᠯᠵᠤ ᠴᠢᠳᠠᠭᠰᠠᠨ ᠡᠴᠡ ᠭᠠᠮᠢᠩ ᠳ᠋ᠤ᠌ ᠥᠨᠥᠴᠢᠨ ᠢᠰᠢᠭᠡ ᠴᠦ᠍ ᠠᠯᠳᠠᠭᠰᠠᠨ ᠦᠭᠡᠢ᠃
ᠮᠣᠩᠭᠣᠯ ᠳ᠋ᠤ᠌ ᠪᠣᠯᠵᠤ ᠪᠠᠢᠭᠰᠠᠨ ᠦᠢᠮᠡᠭᠡᠨ ᠢᠲᠡᠭᠡᠯᠲᠦ ᠶ᠋ᠢᠨ ᠭᠡᠷ ᠲᠦ᠍ ᠣᠷᠣᠵᠤ ᠢᠷᠡᠭᠡ ᠦᠭᠡᠢ᠂ ᠡᠵᠡᠨ ᠦ᠌ ᠬᠢᠨᠢ ᠰᠡᠳᠬᠢᠯ ᠢ᠋ ᠴᠦ᠍ ᠬᠥᠨᠳᠡᠭᠡ ᠦᠭᠡᠢ ᠪᠠᠢᠵᠠᠢ᠃ ᠭᠠᠮᠢᠩ ᠤ᠋ᠳ ᠯᠤᠤ ᠬᠦᠩ ᠦ᠋ᠨ ᠬᠦᠷᠢᠶᠡᠨ ᠳ᠋ᠦ᠍ ᠣᠷᠣᠵᠤ ᠳᠡᠭᠡᠷᠡᠮ ᠬᠢᠭᠰᠡᠨ ᠪᠣᠯᠪᠠᠴᠤ ᠬᠣᠶᠠᠷ ᠭᠤᠷᠪᠠᠨ ᠨᠠᠪᠲᠠᠷᠬᠠᠢ ᠬᠠᠷ᠎ᠠ ᠭᠡᠷ ᠵᠣᠷᠢᠭᠤᠳᠠ ᠪᠠᠭᠤᠯᠭᠠᠭᠰᠠᠨ ᠢᠲᠡᠭᠡᠯᠲᠦ ᠶ᠋ᠢᠨ ᠬᠠᠰᠢᠶᠠᠨ ᠳ᠋ᠤ᠌ ᠲᠣᠭᠣᠵᠤ ᠣᠷᠣᠭᠰᠠᠨ ᠦᠭᠡᠢ ᠥᠩᠭᠡᠷᠡᠵᠡᠢ᠃
ᠨᠢᠭᠡᠨ ᠡᠳᠦᠷ ᠢᠲᠡᠭᠡᠯᠲᠦ ᠬᠣᠶᠠᠷ ᠮᠣᠷᠢ ᠲᠠᠢ ᠯᠤᠤ ᠬᠦᠩ ᠦ᠋ᠨ ᠬᠦᠷᠢᠶ᠎ᠡ ᠤᠷᠤᠭᠤ ᠫᠡᠪᠯᠦᠧ ᠶ᠋ᠢᠨ ᠭᠡᠷ ᠪᠦᠯᠢ ᠶ᠋ᠢ ᠡᠷᠭᠢᠬᠦ᠂ ᠪᠠᠰᠠ ᠪᠤᠰᠤ ᠠᠵᠢᠯ ᠲᠠᠢ ᠶᠠᠪᠤᠵᠠᠢ᠃
ᠫᠡᠪᠯᠦᠧ ᠶ᠋ᠢᠨ ᠡᠬᠡᠨᠡᠷ ᠬᠡᠦᠬᠡᠳ ᠭᠠᠮᠢᠩ ᠤ᠋ᠨ ᠵᠠᠮ ᠡᠴᠡ ᠳᠦᠷᠪᠡᠵᠦ ᠵᠠᠢᠯᠠᠭᠰᠠᠨ ᠦᠭᠡᠢ᠃ ᠤᠴᠢᠷ ᠨᠢ ᠭᠠᠮᠢᠩ ᠤ᠋ᠳ ᠣᠷᠣᠰ ᠲᠠᠢ ᠡᠪᠳᠡᠷᠡᠯᠴᠡᠬᠦ ᠦᠭᠡᠢ ᠶ᠋ᠢ ᠬᠢᠴᠢᠶᠡᠨ ᠣᠷᠣᠰ ᠤ᠋ᠨ ᠬᠠᠷᠢᠶᠠᠲᠤ ᠨᠠᠷ ᠲᠤ᠌ ᠬᠠᠯᠳᠠᠳᠠᠭ ᠦᠭᠡᠢ ᠪᠠᠢᠵᠠᠢ᠃
ᠭᠠᠷᠤᠭᠰᠠᠨ ᠤ᠋ ᠪᠠᠨ ᠮᠠᠷᠭᠠᠰᠢ ᠣᠷᠣᠢ ᠨᠠᠷᠠ ᠵᠢᠷᠭᠠᠬᠤ ᠶ᠋ᠢᠨ ᠡᠮᠦᠨ᠎ᠡ ᠫᠡᠪᠯᠦᠧ ᠶ᠋ᠢᠨ ᠰᠠᠭᠤᠷᠢᠨ ᠳ᠋ᠤ᠌ ᠢᠷᠡᠪᠡᠯ ᠬᠠᠰᠢᠶᠠᠨ ᠳ᠋ᠤᠨᠢ ᠠᠷᠪᠠᠨ ᠬᠡᠳᠦᠨ ᠮᠣᠷᠢ ᠤᠶᠠᠭ᠎ᠠ ᠲᠠᠢ ᠪᠠᠢᠯ᠎ᠠ᠃ ᠪᠠᠢᠰᠢᠩ ᠳ᠋ᠤ᠌ ᠡᠳᠦᠢ ᠲᠡᠳᠦᠢ ᠬᠥᠮᠦᠨ ᠱᠤᠤᠭᠢᠯᠳᠤᠨ ᠶᠡᠬᠡᠯ᠎ᠡ ᠬᠥᠭᠵᠢᠯ ᠲᠡᠢ ᠪᠠᠢᠪᠠ᠃
ᠮᠣᠷᠢᠳ ᠢ᠋ᠶ᠋ᠠᠨ ᠤᠶᠠᠭᠠᠳ ᠣᠷᠣᠪᠠᠯ ᠰᠦᠷᠡᠬᠡᠢ ᠰᠣᠭᠲᠣᠭᠰᠠᠨ ᠫᠡᠪᠯᠦᠧ ᠤᠭᠲᠤᠨ ᠲᠡᠪᠡᠷᠢᠨ ᠦᠨᠦᠰᠦᠭᠡᠳ 《ᠮᠢᠨᠦ ᠰᠠᠢᠨ ᠨᠥᠬᠥᠷ ᠪᠠᠶᠠᠨ ᠢᠲᠡᠭᠡᠯᠲᠦ ᠭᠡᠳᠡᠭ ᠬᠥᠮᠦᠨ᠃ ᠡᠳᠡ ᠪᠣᠯ ᠮᠢᠨᠦ ᠨᠢᠭᠡᠨ ᠵᠣᠷᠢᠯᠭᠠᠲᠤ ᠠᠨᠳᠠ ᠨᠠᠷ ᠳᠠᠨᠢᠯᠴᠠᠵᠠᠭᠠ》 ᠭᠡᠵᠦ ᠬᠡᠯᠡᠨ ᠣᠷᠣᠰ ᠬᠡᠯᠡ ᠪᠡᠷ ᠥᠪᠡᠷ ᠢ᠋ᠶ᠋ᠡᠨ ᠣᠷᠴᠢᠭᠤᠯᠪᠠ᠃
ᠫᠡᠪᠯᠦᠧ᠂ ᠠᠩᠭᠠᠷ ᠤ᠋ᠨ ᠬᠣᠲᠠ ᠳ᠋ᠤ᠌ ᠣᠴᠢᠭᠠᠳ ᠴᠠᠭᠠᠨᠲᠠᠨ ᠤ᠋ ᠪᠣᠰᠤᠯᠭ᠎ᠠ ᠳ᠋ᠤ᠌ ᠢᠳᠡᠪᠬᠢ ᠲᠡᠢ ᠣᠷᠣᠯᠴᠠᠵᠤ᠂ ᠣᠮᠰᠺ ᠬᠣᠲᠠ ᠳ᠋ᠤ᠌ ᠭᠠᠳᠠᠭᠠᠳᠤ ᠶ᠋ᠢᠨ ᠵᠡᠪᠰᠡᠭ᠂ ᠳᠡᠮᠵᠢᠯᠭᠡ ᠪᠡᠷ ᠪᠠᠢᠭᠤᠯᠤᠭᠳᠠᠭᠰᠠᠨ ᠺᠤᠯᠴᠠᠺ ᠤ᠋ᠨ ᠴᠡᠷᠢᠭ ᠲᠦ᠍ ᠣᠷᠣᠵᠠᠢ᠃ ᠤᠯᠠᠭᠠᠨ ᠠᠷᠮᠢ ᠶ᠋ᠢᠨ ᠡᠰᠡᠷᠭᠦ ᠭᠠᠷᠮᠠᠭᠠᠢ ᠲᠤᠯᠤᠯᠳᠤᠵᠤ ᠪᠣᠯᠱᠧᠸᠢᠭ ᠦ᠋ᠳ ᠢ᠋ ᠬᠠᠢᠷ᠎ᠠ ᠨᠠᠢᠷ ᠦᠭᠡᠢ ᠬᠢᠳᠤᠭᠰᠠᠨ ᠢ᠋ᠶ᠋ᠠᠷ ᠣᠹᠢᠼᠧᠷ ᠪᠣᠯᠵᠠᠢ᠃
ᠦᠷᠡᠯ ᠢ᠋ ᠥᠩᠭᠡᠷᠡᠨ ᠪᠠᠢᠯᠳᠤᠵᠤ ᠶᠠᠪᠤᠲᠠᠯ᠎ᠠ ᠤᠯᠠᠭᠠᠨ ᠠᠷᠮᠢ ᠶ᠋ᠢᠨ ᠶᠡᠬᠡ ᠬᠦᠴᠦ ᠺᠤᠯᠴᠠᠺ ᠤ᠋ᠨ ᠡᠰᠡᠷᠭᠦ ᠳᠣᠪᠲᠣᠯᠵᠤ᠂ ᠣᠮᠰᠺ ᠤ᠋ᠨ ᠵᠠᠰᠠᠭ ᠤᠰᠠᠳᠴᠤ᠂ ᠠᠷᠮᠢ ᠨᠢ ᠡᠷᠭᠢᠵᠦ ᠬᠠᠷᠠᠯ ᠦᠭᠡᠢ ᠵᠢᠭᠤᠲᠠᠪᠠ᠃ ᠨᠢᠭᠡᠨ ᠲᠠᠯ᠎ᠠ ᠡᠴᠡ ᠤᠯᠠᠭᠠᠨ ᠠᠷᠮᠢ ᠶ᠋ᠢᠨ ᠬᠦᠴᠦᠲᠡᠢ ᠳᠣᠪᠲᠣᠯᠭᠠᠨ ᠤ᠋ ᠪᠤᠴᠠᠯᠤᠨ ᠬᠥᠭᠡᠰᠦᠷᠡᠭᠰᠡᠨ ᠶᠡᠬᠡ ᠦᠶᠡᠷ ᠨᠥᠭᠦᠭᠡ ᠲᠠᠯ᠎ᠠ ᠡᠴᠡ ᠬᠠᠭᠳᠠ ᠡᠪᠡᠰᠦᠨ ᠳ᠋ᠦ᠍ ᠣᠷᠣᠭᠰᠠᠨ ᠲᠦᠢᠮᠡᠷ ᠰᠢᠭ ᠣᠪᠣᠯᠵᠠᠨ ᠭᠠᠷᠤᠭᠰᠠᠨ ᠰᠢᠪᠢᠷᠢ ᠶ᠋ᠢᠨ ᠫᠠᠷᠲ᠋ᠢᠽᠠᠨ ᠳ᠋ᠤ᠌ ᠰᠢᠬᠠᠭᠳᠠᠵᠤ ᠬᠠᠳᠠᠨ ᠳ᠋ᠤ᠌ ᠬᠠᠪᠴᠢᠭᠳᠠᠭᠰᠠᠨ ᠲᠥᠮᠥᠰᠥ ᠰᠢᠭ ᠪᠣᠯᠤᠭᠰᠠᠨ ᠫᠡᠪᠯᠦᠧ ᠨᠥᠬᠥᠳ ᠦ᠋ᠨ ᠬᠠᠮᠲᠤ ᠮᠣᠩᠭᠣᠯ ᠤᠷᠤᠭᠤ ᠤᠷᠭᠤᠨ ᠢᠷᠡᠵᠡᠢ᠃
᠊᠊᠊᠊᠊᠊᠊᠊᠊᠊᠊᠊᠊᠊᠊ ᠪᠢᠳᠡ ᠡᠬᠢᠯᠡᠭᠡᠳ ᠤᠯᠠᠭᠠᠨ ᠢ᠋ ᠵᠠᠳᠠ ᠴᠣᠬᠢᠭᠰᠠᠨ᠃ ᠳᠠᠷᠠᠭ᠎ᠠ ᠨᠢ ᠳᠡᠢᠯᠦᠭᠳᠡᠭᠰᠡᠨ᠃ ᠭᠡᠪᠡᠴᠦ ᠪᠠᠭᠤᠵᠤ ᠥᠭᠭᠦᠭᠡ ᠦᠭᠡᠢ ᠬᠦᠴᠦ ᠵᠠᠯᠭᠠᠵᠤ ᠪᠠᠢᠭᠠᠳ ᠦᠵᠡᠯᠴᠡᠨᠡ ᠭᠡᠵᠦ ᠫᠡᠪᠯᠦᠧ ᠤᠷᠲᠤ ᠶᠠᠷᠢᠶ᠎ᠠ ᠪᠠᠨ ᠳᠠᠭᠤᠰᠬᠠᠪᠠ᠃
ᠫᠡᠪᠯᠦᠧ ᠶ᠋ᠢᠨ ᠰᠢᠷ᠎ᠠ ᠰᠠᠬᠠᠯ ᠨᠢ ᠤᠷᠲᠤ ᠤᠷᠭᠤᠵᠤ᠂ ᠴᠢᠷᠠᠢ ᠨᠢ ᠪᠠᠷᠵᠠᠢᠨ᠂ ᠳᠠᠭᠤ ᠨᠢ ᠪᠠᠷᠭᠢᠯ ᠪᠣᠯᠤᠭᠰᠠᠨ ᠢ᠋ ᠢᠲᠡᠭᠡᠯᠲᠦ ᠠᠵᠢᠭᠯᠠᠪᠠ᠃ ᠺᠤᠯᠴᠠᠺ ᠤ᠋ᠨ ᠳᠡᠭᠡᠷᠡᠮᠴᠢᠳ ᠦ᠋ᠨ ᠥᠴᠦᠬᠡᠨ ᠬᠡᠯᠲᠡᠷᠬᠡᠢ ᠪᠣᠯᠤᠭᠰᠠᠨ ᠡᠨᠡ ᠬᠥᠮᠦᠰ ᠢᠯᠠᠭᠳᠠᠯ ᠤ᠋ᠨ ᠬᠣᠷᠣᠰᠤᠯ᠂ ᠭᠠᠰᠠᠯᠠᠩ ᠢ᠋ ᠠᠷᠢᠬᠢᠨ ᠤ᠋ ᠠᠭᠠᠭ ᠢ᠋ᠶ᠋ᠠᠷ ᠳᠠᠷᠤᠵᠤ ᠳᠠᠭᠤᠤ ᠳᠠᠭᠤᠯᠠᠯᠳᠤᠨ ᠬᠠᠰᠬᠢᠷᠤᠯᠳᠤᠬᠤ ᠨᠢ ᠰᠡᠭ ᠪᠤᠯᠢᠶᠠᠯᠳᠤᠭᠰᠠᠨ ᠬᠡᠳᠦᠨ ᠬᠡᠷᠢᠶ᠎ᠡ ᠭᠤᠸᠠᠭᠯᠠᠯᠳᠤᠨ ᠱᠤᠤᠭᠢᠬᠤ ᠮᠡᠲᠦ ᠠᠵᠢ᠃
《ᠬᠣᠵᠢᠭᠳᠠᠭᠰᠠᠨ ᠰᠢᠳᠡᠷ᠎ᠡ ᠶ᠋ᠢᠨ ᠨᠣᠶᠠᠨ ᠢ᠋ ᠥᠷᠥᠭ ᠳᠡᠭᠡᠷ᠎ᠡ ᠬᠡᠴᠢᠨᠡᠨ ᠴᠢᠩᠭ᠎ᠠ ᠲᠠᠯᠪᠢᠪᠠᠴᠤ ᠮᠠᠳ ᠡᠴᠡ ᠠᠪᠤᠷᠠᠵᠤ ᠪᠣᠯᠳᠠᠭ ᠦᠭᠡᠢ ᠶ᠋ᠢᠨ ᠠᠳᠠᠯᠢ᠂ ᠲᠠ ᠨᠠᠷ ᠤ᠋ᠨ ᠠᠵᠢᠯ ᠤ᠋ᠨ ᠬᠥᠭ ᠥᠩᠭᠡᠷᠡᠭᠰᠡᠨ ᠪᠣᠯᠤᠯᠲᠠᠢ》 ᠭᠡᠵᠦ ᠢᠲᠡᠭᠡᠯᠲᠦ ᠪᠣᠳᠣᠪᠠᠴᠤ ᠥᠩᠭᠡᠨ ᠳᠡᠭᠡᠷ᠎ᠡ ᠪᠡᠨ ᠨᠥᠬᠥᠷ ᠦ᠋ᠨ ᠭᠠᠰᠢᠭᠤᠳᠠᠯ ᠵᠣᠪᠠᠯᠠᠩ ᠢ᠋ ᠬᠤᠪᠢᠶᠠᠯᠴᠠᠨ 《ᠡᠷ᠎ᠡ ᠬᠥᠮᠦᠨ ᠳᠣᠯᠣᠭ᠎ᠠ ᠳᠣᠣᠷᠠᠲᠤᠵᠤ᠂ ᠨᠠᠢ᠍ᠮᠠ ᠳᠡᠭᠵᠢᠵᠦ ᠶᠠᠪᠤᠳᠠᠭ ᠶᠤᠮ ᠳᠠ》 ᠭᠡᠵᠦ ᠪᠠᠢᠯ᠎ᠠ᠃
᠊᠊᠊᠊᠊᠊᠊᠊᠊᠊᠊᠊᠊᠊᠊ ᠪᠢᠳᠡ ᠪᠣᠯᠱᠧᠸᠢᠭ ᠦ᠋ᠨ ᠬᠠᠷ᠎ᠠ ᠲᠠᠬᠤᠯ ᠢ᠋ ᠠᠷᠢᠯᠭᠠᠭᠰᠠᠨ ᠴᠠᠭ ᠲᠤ᠌ ᠢᠲᠡᠭᠡᠯᠲᠦ ᠪᠢᠳᠡ ᠬᠣᠶᠠᠷ ᠮᠣᠩᠭᠣᠯ ᠳ᠋ᠤ᠌ ᠠᠷᠠᠰᠤ ᠨᠣᠣᠰᠣᠨ ᠤ᠋ ᠲᠣᠮᠣ ᠲᠣᠮᠣ ᠦᠢᠯᠡᠳᠪᠦᠷᠢ ᠪᠠᠷᠢᠨ᠎ᠠ ᠭᠡᠳ ᠫᠡᠪᠯᠦᠧ ᠳᠡᠷᠭᠡᠳᠡ ᠪᠡᠨ ᠰᠠᠭᠤᠵᠤ ᠪᠠᠢᠭ᠎ᠠ ᠢᠲᠡᠭᠡᠯᠲᠦ ᠶ᠋ᠢᠨ ᠨᠢᠷᠤᠭᠤ ᠤᠷᠤᠭᠤ ᠠᠯᠠᠭᠠᠳᠠᠭᠰᠠᠨ ᠢ᠋ᠶ᠋ᠠᠨ᠂ ᠮᠢᠨᠦ ᠢᠲᠡᠭᠡᠯᠲᠦ ᠪᠣᠯ ᠠᠷᠮᠢ ᠬᠠᠩᠭᠠᠵᠤ ᠴᠢᠳᠠᠬᠤ ᠬᠥᠷᠥᠩᠭᠡ ᠲᠡᠢ᠂ ᠰᠠᠧᠨ ᠮᠦᠷᠦᠽᠦᠧ ᠶ᠋ᠢ ᠬᠣᠵᠢᠵᠤ ᠴᠢᠳᠠᠬᠤ ᠤᠬᠠᠭᠠᠨ ᠲᠠᠢ ᠬᠥᠮᠦᠨ ᠭᠡᠵᠦ ᠨᠥᠬᠥᠳ ᠲᠡᠭᠡᠨ ᠭᠠᠢᠬᠠᠭᠤᠯᠤᠨ ᠬᠡᠯᠡᠪᠡ᠃
᠊᠊᠊᠊᠊᠊᠊᠊᠊᠊᠊᠊᠊᠊᠊ ᠡᠪᠦᠭᠡᠨ ᠴᠢᠨᠢ ᠴᠦ᠍ ᠪᠠᠰᠠ ᠪᠠᠯᠠᠷᠠᠭᠠᠳ ᠪᠠᠢᠨ᠎ᠠ᠃ ᠪᠠᠢᠳᠠᠭ ᠬᠡᠳᠦ ᠶ᠋ᠢ ᠪᠡᠨ ᠭᠠᠮᠢᠩ ᠳ᠋ᠤ᠌ ᠢᠳᠡᠭᠦᠯᠵᠦ ᠣᠷᠬᠢᠭᠰᠠᠨ ᠭᠡᠵᠦ ᠢᠲᠡᠭᠡᠯᠲᠦ ᠭᠠᠰᠢᠭᠤᠳᠠᠯ ᠲᠠᠢ ᠬᠡᠯᠡᠵᠡᠢ᠃
᠊᠊᠊᠊᠊᠊᠊᠊᠊᠊᠊᠊᠊᠊᠊᠊᠊᠊᠊᠊ ᠬᠠᠮᠢᠭ᠎ᠠ ᠪᠠᠢᠨ᠎ᠠ᠃ ᠲᠡᠷᠡ ᠭᠠᠮᠢᠩ ᠤ᠋ᠨ ᠬᠠᠪᠠ ᠨᠤᠭᠤᠳ᠂ ᠪᠢᠳᠡ ᠲᠡᠳᠡᠨ ᠢ᠋ ᠳᠡᠪᠰᠡᠵᠦ ᠤᠷᠭᠢᠶ᠎ᠠ᠃ ᠦᠨᠡᠨ ᠰᠢᠦ ᠢᠲᠡᠭᠡᠯᠲᠦ ᠮᠢᠨᠢ᠃ ᠪᠢᠳᠡ ᠳᠡᠪᠰᠡᠴᠢᠬᠡᠨᠡ ᠭᠡᠵᠦ ᠫᠡᠪᠯᠦᠧ ᠵᠠᠪᠠᠵᠢ ᠪᠠᠷ ᠢ᠋ᠶ᠋ᠠᠨ ᠬᠥᠭᠡᠰᠦ ᠴᠤᠬᠤᠯᠵᠠᠭᠤᠯᠤᠨ ᠠᠭᠰᠤᠷᠪᠠ᠃
ᠲᠡᠷᠡ ᠰᠥᠨᠢ ᠢᠲᠡᠭᠡᠯᠲᠦ ᠫᠡᠪᠯᠦᠧ ᠶ᠋ᠢᠨ ᠪᠠᠢᠰᠢᠩ ᠳ᠋ᠤ᠌ ᠰᠣᠭᠲᠣᠭᠤ ᠣᠷᠣᠰ ᠤ᠋ᠳ ᠲᠠᠢ ᠤᠨᠲᠠᠭᠠᠳ᠂ ᠮᠠᠷᠭᠠᠰᠢ ᠨᠢ ᠪᠠᠰᠠ ᠯᠠ ᠠᠷᠢᠬᠢᠳᠠᠪᠠ᠃ ᠦᠳᠡ ᠶ᠋ᠢᠨ ᠬᠢᠷᠢ ᠳ᠋ᠦ᠍ ᠬᠣᠶᠠᠷ ᠮᠣᠷᠢ ᠲᠠᠢ ᠬᠥᠮᠦᠨ ᠢᠷᠡᠭᠰᠡᠨ ᠨᠢ ᠵᠠᠮᠪᠠᠯ᠂ ᠵᠠᠶ᠎ᠠ ᠭᠡᠭᠡᠨ ᠬᠣᠶᠠᠷ ᠪᠠᠢᠯ᠎ᠠ᠃ ᠫᠡᠪᠯᠦᠧ ᠶ᠋ᠢᠨ ᠡᠬᠡᠨᠡᠷ᠂ ᠥᠬᠢᠨ ᠬᠣᠶᠠᠷ ᠭᠡᠭᠡᠨ ᠢ᠋ ᠬᠥᠯ ᠠᠯᠲᠠᠨ ᠤᠭᠲᠤᠪᠠ᠃
ᠭᠡᠭᠡᠨ ᠬᠠᠷ᠎ᠠ ᠵᠠᠬ᠎ᠠ ᠲᠠᠢ ᠴᠡᠩᠬᠡᠷ ᠲᠣᠷᠭᠠᠨ ᠳᠡᠪᠡᠯ ᠳᠡᠭᠡᠷ᠎ᠡ ᠰᠢᠷ᠎ᠠ ᠳᠤᠷᠳᠤᠩ ᠪᠦᠰᠡ ᠪᠦᠰᠡᠯᠡᠭᠡᠳ ᠣᠷᠣᠰ ᠤ᠋ᠨ ᠤᠯᠠᠭᠠᠨ ᠡᠷᠢᠶᠡᠨ ᠢᠰᠡᠭᠡᠢ ᠭᠤᠲᠤᠯ ᠡᠮᠦᠰᠴᠡᠢ᠃ ᠢᠲᠡᠭᠡᠯᠲᠦ ᠪᠣᠰᠴᠤ ᠠᠳᠢᠰ ᠠᠪᠤᠯ᠎ᠠ᠃ ᠫᠡᠪᠯᠦᠧ ᠶ᠋ᠢᠨ ᠠᠪᠠᠭᠠᠢ ᠬᠡᠳᠦᠨ ᠦᠭᠡ ᠬᠡᠯᠡᠬᠦ ᠳ᠋ᠦ᠍ ᠪᠦᠬᠦ ᠬᠥᠮᠦᠰ ᠪᠣᠰᠪᠠ᠃
᠊᠊᠊᠊᠊᠊᠊᠊᠊᠊᠊᠊᠊᠊᠊ ᠵᠦᠭᠡᠷ᠂ ᠰᠠᠭᠤᠵᠠᠭ᠎ᠠ ᠭᠡᠳ ᠭᠡᠭᠡᠨ ᠪᠠᠶᠠᠰᠬᠤᠯᠠᠩ ᠲᠠᠢ ᠢᠨᠢᠶᠡᠮᠰᠦᠭᠯᠡᠪᠡ᠃ ᠫᠡᠪᠯᠦᠧ ᠶ᠋ᠢᠨ ᠡᠬᠡᠨᠡᠷ᠂ ᠥᠬᠢᠨ ᠬᠣᠶᠠᠷ ᠭᠡᠭᠡᠨ ᠢ᠋ ᠬᠠᠭᠤᠴᠢᠨ᠂ ᠳᠣᠲᠣᠨᠣ ᠲᠠᠨᠢᠯ ᠤ᠋ᠨ ᠶᠣᠰᠣ ᠪᠠᠷ ᠦᠯᠡᠮᠵᠢ ᠬᠦᠨᠳᠦᠳᠬᠡᠨ ᠵᠣᠴᠢᠯᠠᠵᠤ ᠪᠠᠢᠭ᠎ᠠ ᠶ᠋ᠢ ᠬᠠᠷᠠᠭᠠᠳ 《ᠡᠳᠡ ᠬᠡᠳᠦᠢ ᠳ᠋ᠦ᠍ ᠡᠢᠮᠦ ᠰᠦᠷᠡᠬᠡᠢ ᠲᠠᠨᠢᠯᠴᠠᠭᠰᠠᠨ ᠶᠤᠮ ᠪᠣᠯ!》 ᠭᠡᠵᠦ ᠢᠲᠡᠭᠡᠯᠲᠦ ᠭᠠᠢᠬᠠᠪᠠ᠃
ᠡᠭᠦᠨ ᠡᠴᠡ ᠡᠮᠦᠨ᠎ᠡ ᠬᠡᠴᠢᠨᠡᠨ ᠬᠥᠮᠦᠨ ᠴᠤᠭᠯᠠᠷᠠᠪᠠᠴᠤ ᠫᠡᠪᠯᠦᠧ ᠶ᠋ᠢᠨ ᠪᠠᠢᠰᠢᠩ ᠤ᠋ᠨ ᠬᠠᠮᠤᠭ ᠤ᠋ᠨ ᠬᠦᠨᠳᠦᠲᠦ ᠵᠣᠴᠢᠨ ᠨᠢ ᠢᠲᠡᠭᠡᠯᠲᠦ ᠪᠠᠢᠳᠠᠭ ᠪᠢᠯᠡ᠃ ᠭᠡᠲᠡᠯ᠎ᠡ ᠡᠨᠡ ᠤᠳᠠᠭ᠎ᠠ ᠵᠠᠶ᠎ᠠ ᠶ᠋ᠢᠨ ᠭᠡᠭᠡᠨ ᠬᠠᠮᠤᠭ ᠡᠴᠡ ᠢᠯᠡᠭᠦᠦ ᠬᠦᠨᠳᠦᠳᠬᠡᠭᠳᠡᠵᠦ ᠪᠦᠬᠦᠨ ᠦ᠌ ᠠᠩᠬᠠᠷᠤᠯ ᠢ᠋ ᠲᠠᠲᠠᠵᠤ ᠪᠠᠢᠭ᠎ᠠ ᠶ᠋ᠢ ᠬᠠᠷᠠᠭᠠᠳ ᠢᠲᠡᠭᠡᠯᠲᠦ ᠳ᠋ᠦ᠍ ᠠᠲᠠᠭᠠᠷᠬᠠᠬᠤ ᠰᠡᠳᠬᠢᠯ ᠲᠥᠷᠥᠯ᠎ᠡ᠃
ᠵᠠᠶ᠎ᠠ ᠶ᠋ᠢᠨ ᠭᠡᠭᠡᠨ ᠥᠩᠭᠡᠷᠡᠭᠰᠡᠨ ᠨᠠᠮᠤᠷ ᠯᠤᠤ ᠬᠦᠩ ᠦ᠋ᠨ ᠬᠦᠷᠢᠶᠡᠨ ᠳ᠋ᠦ᠍ ᠵᠠᠯᠠᠷᠠᠵᠤ ᠢᠷᠡᠬᠦ ᠳ᠋ᠡᠭᠡᠨ ᠫᠡᠪᠯᠦᠧ ᠶ᠋ᠢᠨ ᠥᠬᠢᠨ ᠢ᠋ ᠬᠠᠷᠠᠵᠤ ᠲᠡᠭᠦᠨ ᠢ᠋ ᠱᠣᠬᠣᠭᠣᠷᠬᠠᠨ᠂ ᠵᠠᠮᠪᠠᠯ ᠢ᠋ᠶ᠋ᠠᠷ ᠳᠠᠮᠵᠢᠭᠤᠯᠤᠨ ᠲᠠᠨᠢᠯᠴᠠᠭᠠᠳ ᠲᠣᠭᠲᠠᠮᠠᠯ ᠢᠷᠡᠳᠡᠭ ᠵᠣᠴᠢᠨ ᠪᠣᠯᠵᠠᠢ᠃
ᠭᠡᠭᠡᠨ᠂ ᠰᠢᠷᠡᠭᠡᠨ ᠦ᠌ ᠡᠬᠢᠨ ᠳ᠋ᠦ᠍ ᠰᠠᠭᠤᠵᠤ᠂ ᠠᠪᠠᠭᠠᠢ ᠶ᠋ᠢᠨ ᠬᠢᠵᠦ ᠥᠭᠭᠦᠭᠰᠡᠨ ᠠᠷᠢᠬᠢ ᠶ᠋ᠢ ᠤᠤᠭᠤᠭᠰᠠᠨ ᠢ᠋ᠶ᠋ᠠᠷ 《ᠲᠠ ᠪᠦᠬᠦᠨ ᠳ᠋ᠦ᠍ ᠴᠢᠬᠢ ᠪᠠᠶᠠᠷᠯᠠᠭᠤᠯᠤᠭᠰᠠᠨ ᠰᠢᠬᠢᠷ ᠰᠢᠭ ᠦᠭᠡ ᠬᠡᠯᠡᠶ᠎ᠡ᠃ ᠰᠠᠶᠢᠬᠠᠨ ᠪᠤᠷᠬᠠᠨ ᠤ᠋ ᠠᠪᠤᠷᠠᠯ ᠢ᠋ᠶ᠋ᠠᠷ ᠪᠠᠭᠠᠲᠤᠷ ᠴᠠᠭᠠᠨ ᠬᠠᠭᠠᠨ ᠤ᠋ ᠶᠡᠬᠡ ᠵᠠᠩᠵᠤᠨ ᠲᠠᠪᠤᠳᠤᠭᠠᠷ ᠪᠣᠭᠳᠠ ᠶ᠋ᠢᠨ ᠬᠤᠪᠢᠯᠭᠠᠨ ᠪᠠᠷᠤᠨ ᠤᠩᠭᠧᠷᠡᠨ ᠭᠠᠮᠢᠩ ᠢ᠋ ᠲᠠᠮᠤ ᠶ᠋ᠢᠨ ᠵᠠᠮ ᠢ᠋ᠶ᠋ᠠᠷ ᠲᠣᠨᠢᠯᠭᠠᠵᠤ ᠬᠦᠷᠢᠶ᠎ᠡ ᠶ᠋ᠢ ᠡᠵᠡᠯᠡᠨ᠂ ᠪᠣᠭᠳᠠ ᠬᠠᠭᠠᠨ ᠢ᠋ ᠰᠢᠷᠡᠭᠡᠨ ᠳ᠋ᠦ᠍ᠨᠢ ᠰᠠᠭᠤᠯᠭᠠᠪᠠ᠃ ᠣᠳᠣ ᠤᠯᠠᠭᠠᠨ ᠨᠠᠮ ᠤ᠋ᠨ ᠬᠤᠯᠠᠭᠠᠢ ᠶ᠋ᠢ ᠦᠨᠡᠰᠦᠨ ᠲᠣᠪᠷᠠᠭ ᠬᠢᠬᠦ ᠱᠠᠮᠪᠠᠯ ᠤ᠋ᠨ ᠲᠡᠢᠨ ᠳ᠋ᠦ᠍ ᠪᠡᠯᠡᠳᠬᠡᠵᠦ ᠪᠠᠢᠨ᠎ᠠ ᠭᠡᠵᠦ》 ᠭᠡᠵᠦ ᠬᠡᠯᠡᠬᠦ ᠳ᠋ᠦ᠍ ᠢᠲᠡᠭᠡᠯᠲᠦ ᠡᠴᠡ ᠪᠤᠰᠤᠳ ᠬᠥᠮᠦᠰ ᠪᠠᠶᠠᠷᠯᠠᠯᠳᠤᠨ ᠱᠤᠤᠭᠢᠯᠳᠤᠪᠠ᠃
᠊᠊᠊᠊᠊᠊᠊᠊᠊᠊᠊᠊᠊᠊᠊ ᠡᠢᠮᠦ ᠰᠠᠢᠬᠠᠨ ᠪᠠᠶᠠᠷ ᠪᠣᠯᠤᠭᠰᠠᠨ ᠤ᠋ ᠲᠥᠯᠥᠭᠡ ᠨᠢᠭᠡ ᠨᠢᠭᠡ ᠬᠤᠨᠳᠠᠭ᠎ᠠ ᠳᠡᠪᠰᠢᠭᠦᠯᠦᠶ᠎ᠡ ᠭᠡᠳ ᠫᠡᠪᠯᠦᠧ ᠪᠦᠬᠦᠨ ᠦ᠌ ᠡᠮᠦᠨᠡᠬᠢ ᠬᠤᠨᠳᠠᠭᠠᠨ ᠳ᠋ᠤ᠌ ᠠᠷᠢᠬᠢ ᠬᠢᠬᠦ ᠳ᠋ᠡᠭᠡᠨ 《ᠮᠢᠨᠦ ᠥᠴᠥᠭᠡᠳᠦᠷ ᠦ᠋ᠨ ᠶᠠᠷᠢᠵᠤ ᠪᠠᠢᠭᠰᠠᠨ ᠦᠭᠡ ᠬᠣᠭᠣᠰᠣᠨ ᠦᠭᠡ ᠪᠢᠰᠢ ᠪᠢᠵᠡ》 ᠭᠡᠵᠦ ᠢᠲᠡᠭᠡᠯᠲᠦ ᠡᠴᠡ ᠠᠰᠠᠭᠤᠬᠤ ᠳ᠋ᠤ᠌᠂ ᠲᠡᠷᠡ ᠬᠦᠴᠦᠯᠡᠨ ᠢᠨᠢᠶᠡᠭᠰᠡᠨ ᠢ᠋ᠶ᠋ᠡᠨ 《ᠲᠡᠢᠮᠦ᠂ ᠴᠢᠨᠦ ᠦᠭᠡ ᠬᠡᠵᠢᠶ᠎ᠡ ᠴᠦ᠍ ᠬᠣᠭᠣᠰᠣᠨ ᠦᠭᠡ ᠪᠠᠢᠭ᠎ᠠ ᠦᠭᠡᠢ》 ᠭᠡᠯᠡ᠃
ᠬᠥᠮᠦᠰ ᠬᠤᠨᠳᠠᠭ᠎ᠠ ᠲᠠᠢ ᠠᠷᠢᠬᠢ ᠪᠠᠨ ᠲᠤᠯᠭᠠᠭᠠᠳ ᠬᠥᠨᠳᠡᠷᠬᠦ ᠳ᠋ᠦ᠍ ᠢᠲᠡᠭᠡᠯᠲᠦ ᠪᠤᠰᠤᠳ ᠤ᠋ᠨ ᠨᠢᠳᠦ ᠶ᠋ᠢ ᠬᠠᠷᠢᠭᠤᠯᠵᠤ ᠪᠠᠢᠭᠠᠳ ᠰᠠᠴᠤᠵᠤ ᠣᠷᠬᠢᠯ᠎ᠠ᠃
ᠵᠠᠮᠪᠠᠯ᠂ ᠭᠡᠭᠡᠨ ᠦ᠌ ᠬᠠᠵᠠᠭᠤ ᠳ᠋ᠤ᠌ ᠰᠠᠭᠤᠨ ᠬᠡᠯᠡᠬᠦ ᠦᠭᠡ ᠶ᠋ᠢ ᠨᠢ ᠵᠢᠭᠠᠨ᠎ᠠ᠃ ᠨᠢᠭᠤᠷ ᠨᠢ ᠨᠡᠯᠢᠶᠡᠳ ᠣᠯᠠᠢ᠌ᠭᠰᠠᠨ ᠭᠡᠭᠡᠨ᠂ ᠠᠮᠠ ᠬᠠᠯᠠᠨ ᠶᠠᠷᠢᠵᠤ ᠪᠠᠢᠬᠤ ᠳ᠋ᠤ᠌ ᠰᠣᠭᠲᠣᠭᠰᠠᠨ ᠬᠥᠮᠦᠰ ᠡᠪᠰᠢᠶᠡᠪᠡᠴᠦ ᠰᠣᠨᠢᠷᠬᠠᠨ ᠰᠣᠨᠣᠰᠴᠤ ᠪᠠᠢᠭ᠎ᠠ ᠳᠦᠷᠰᠦ ᠦᠵᠡᠭᠦᠯᠦᠨ᠎ᠡ᠃
᠊᠊᠊᠊᠊᠊᠊᠊᠊᠊᠊᠊᠊᠊᠊ ᠬᠠᠲᠤᠨ᠂ ᠠᠪᠠᠬᠠᠢ ᠬᠣᠶᠠᠷ ᠲᠤ᠌ ᠮᠠᠨ ᠤ᠋ ᠭᠡᠭᠡᠨ ᠥᠴᠦᠬᠡᠨ ᠪᠡᠯᠡᠭ ᠠᠪᠴᠢᠷᠠᠭᠰᠠᠨ ᠶᠤᠮ ᠭᠡᠳ ᠵᠠᠮᠪᠠᠯ ᠡᠪᠦᠷ ᠡᠴᠡ ᠪᠡᠨ ᠬᠠᠳᠠᠭ ᠲᠤ᠌ ᠪᠣᠭᠣᠭᠰᠠᠨ ᠸᠴᠢᠷ ᠲᠡᠢ ᠠᠯᠲᠠᠨ ᠪᠥᠭᠡᠵᠢ᠂ ᠡᠷᠡᠬᠡᠢ ᠳᠠᠷᠤᠮ᠎ᠠ ᠰᠤᠪᠤᠳ ᠲᠠᠢ ᠡᠭᠡᠮᠦᠭ ᠬᠣᠣᠰ ᠢ᠋ ᠭᠠᠷᠭᠠᠵᠤ ᠥᠭᠬᠦ ᠳ᠋ᠦ᠍ ᠪᠦᠬᠦ ᠴᠤᠭᠯᠠᠷᠠᠭᠰᠠᠤᠨ ᠰᠢᠵᠢᠷ ᠠᠯᠲᠠᠨ ᠤ᠋ ᠴᠢᠨᠠᠷ ᠢ᠋ ᠭᠠᠢᠬᠠᠨ ᠱᠠᠭᠰᠢᠷᠠᠪᠠ᠃
᠊᠊᠊᠊᠊᠊᠊᠊᠊᠊᠊᠊᠊᠊᠊ ᠡᠨᠡ ᠪᠥᠭᠡᠵᠢ᠂ ᠡᠭᠡᠮᠦᠭ ᠢ᠋ ᠴᠣᠭᠲᠤ ᠪᠡᠢᠰᠡ ᠶ᠋ᠢᠨ ᠬᠦᠷᠡᠩ ᠳᠠᠷᠬᠠᠨ ᠭᠡᠳᠡᠭ ᠬᠥᠮᠦᠨ ᠬᠢᠭᠰᠡᠨ ᠶᠤᠮ ᠭᠡᠵᠦ ᠪᠡᠯᠡᠭᠯᠡᠭᠰᠡᠨ ᠶᠠᠭᠤᠮ᠎ᠠ ᠨᠢ ᠣᠯᠠᠨ ᠤ᠋ ᠠᠩᠬᠠᠷᠤᠯ ᠢ᠋ ᠲᠠᠲᠠᠵᠤ ᠪᠠᠢᠭ᠎ᠠ ᠳ᠋ᠤ᠌ ᠪᠠᠶᠠᠷᠯᠠᠭᠰᠠᠨ ᠭᠡᠭᠡᠨ ᠬᠡᠯᠡᠪᠡ᠃
᠊᠊᠊᠊᠊᠊᠊᠊᠊᠊᠊᠊᠊᠊᠊ ᠠᠯᠲᠠ᠂ ᠲᠠ ᠨᠠᠷ ᠬᠠᠷᠠᠭᠠᠴᠢ ᠭᠡᠳ ᠫᠡᠪᠯᠦᠧ ᠪᠥᠭᠡᠵᠢ ᠶ᠋ᠢ ᠭᠡᠭᠡᠪᠴᠢ ᠪᠡᠷ ᠣᠷᠣᠭᠰᠠᠨ ᠨᠠᠷᠠᠨ ᠤ᠋ ᠭᠡᠷᠡᠯ ᠳ᠋ᠦ᠍ ᠪᠠᠷᠢᠭᠰᠠᠨ ᠢ᠋ᠶ᠋ᠠᠨ᠄ ᠨᠠᠷᠠᠨ ᠤ᠋ ᠭᠡᠷᠡᠯ ᠬᠦᠷᠲᠡᠯ᠎ᠡ ᠰᠢᠨᠤᠭ ᠭᠡᠭᠴᠢ ᠨᠢ ᠰᠢᠩᠭᠡᠵᠦ ᠪᠠᠢᠨ᠎ᠠ! ᠭᠡᠯᠡ᠃
᠊᠊᠊᠊᠊᠊᠊᠊᠊᠊᠊᠊᠊᠊᠊ ᠠᠯᠲᠠ ᠰᠢᠭ᠋ ᠰᠠᠢᠬᠠᠨ ᠶᠠᠭᠤᠮ᠎ᠠ ᠬᠠᠮᠢᠭ᠎ᠠ ᠪᠠᠢᠬᠤ ᠪᠣᠢ? ᠣᠳᠣ ᠠᠷᠪᠠᠨ ᠫᠦ ᠠᠯᠲᠠ ᠲᠠᠢ ᠪᠣᠯ ᠪᠦᠯᠱᠸᠸᠢᠭ᠌ ᠦ᠋ᠳ ᠢ᠋ ᠪᠤᠲᠠ ᠨᠢᠷᠭᠡᠬᠦ ᠳ᠋ᠦ᠍ ᠲᠤᠩ ᠠᠮᠠᠷᠬᠠᠨ ᠪᠠᠢᠨ᠎ᠠ! ᠭᠡᠵᠦ ᠨᠢᠭᠡ ᠬᠥᠮᠦᠨ ᠬᠡᠯᠡᠪᠡ᠃
᠊᠊᠊᠊᠊᠊᠊᠊᠊᠊᠊᠊᠊᠊᠊ ᠮᠠᠨ ᠤ᠋ ᠬᠠᠭᠠᠨ ᠤ᠋ ᠠᠯᠲᠠ ᠠᠷᠪᠠᠨ ᠫᠦ ᠯᠠᠪ ᠪᠠᠢᠭᠰᠠᠨ᠃ ᠲᠡᠭᠡᠭᠡᠳ ᠲᠤᠰᠠ ᠪᠣᠯᠤᠭᠰᠠᠨ ᠦᠭᠡᠢ᠃ ᠦᠨᠡᠨᠴᠢ ᠠᠯᠪᠠᠲᠤ ᠪᠢᠳᠡ ᠨᠢ ᠡᠨᠳᠡ ᠠᠭᠯᠠᠭ ᠣᠢ ᠳ᠋ᠤ᠌ ᠵᠡᠷᠯᠢᠭ ᠠᠷᠢᠶᠠᠲᠠᠨ ᠤ᠋ ᠳᠤᠮᠳᠠ ᠠᠷᠢᠬᠢ ᠤᠤᠭᠤᠭᠠᠳ ᠪᠠᠯᠠᠷᠠᠵᠤ ᠪᠠᠢᠨ᠎ᠠ ᠭᠡᠵᠦ ᠪᠠᠰᠠ ᠨᠢᠭᠡ ᠨᠢ ᠰᠣᠭᠲᠣᠭᠤ ᠬᠥᠮᠦᠨ ᠦ᠌ ᠣᠢᠪᠣᠷᠭᠠᠨ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠠᠯᠲᠠ ᠶ᠋ᠢ ᠴᠡᠩᠨᠡᠵᠦ ᠴᠢᠳᠠᠳᠠᠭ ᠪᠠᠢᠬᠤ ᠬᠡᠷᠡᠭᠲᠡᠢ᠃ ᠲᠡᠭᠡᠪᠡᠯ ᠲᠡᠭᠦᠨ ᠦ᠌ ᠬᠦᠴᠦ ᠬᠢᠵᠠᠭᠠᠷ ᠦᠭᠡᠢ ᠶᠡᠬᠡ᠃ ᠣᠳᠣ ᠠᠷᠪᠠᠨ ᠫᠦ ᠠᠯᠲᠠ ᠲᠠᠢ ᠪᠣᠯ ᠠᠮᠧᠷᠢᠺᠠ ᠳ᠋ᠤ᠌ ᠣᠴᠢᠭᠠᠳ ᠶᠠᠭᠤ ᠴᠤ᠌ ᠬᠢᠵᠦ ᠪᠣᠯᠤᠨ᠎ᠠ ᠭᠡᠳ ᠫᠡᠪᠯᠦᠧ ᠪᠥᠭᠡᠵᠢ ᠶ᠋ᠢ ᠡᠬᠡᠨᠡᠷ ᠲᠡᠭᠡᠨ ᠪᠤᠴᠠᠭᠠᠵᠤ ᠥᠭᠪᠡ᠃
ᠬᠦᠷᠢᠶᠡᠨ ᠳ᠋ᠦ᠍ ᠭᠠᠮᠢᠩ ᠢᠯᠠᠭᠳᠠᠭᠰᠠᠨ ᠮᠡᠳᠡᠭᠡ ᠶ᠋ᠢ ᠠᠯᠢ ᠬᠡᠳᠦᠢᠨᠡᠢ ᠰᠣᠨᠣᠰᠴᠤ ᠵᠢᠷᠦᠬᠡ ᠨᠢ ᠴᠡᠴᠡᠷᠡᠵᠦ᠂ ᠰᠦᠨᠡᠰᠦ ᠨᠢ ᠵᠠᠢᠯᠠᠭᠰᠠᠨ ᠬᠢᠲᠠᠳ ᠫᠦᠰᠡ ᠨᠦ᠍ᠭᠦᠳ ᠡᠴᠡ ᠠᠷᠢᠬᠢ ᠵᠢᠭᠡᠯᠡᠭᠡ ᠪᠡᠷ ᠠᠪᠴᠢᠷᠠᠭᠤᠯᠤᠨ ᠬᠣᠨᠣᠭ ᠭᠠᠷᠤᠢ ᠨᠠᠢᠷᠯᠠᠭᠠᠳ ᠭᠡᠭᠡᠨ ᠪᠤᠴᠠᠬᠤ ᠳ᠋ᠠᠭᠠᠨ 《ᠲᠠ ᠪᠦᠬᠦᠨ ᠮᠢᠨᠦ ᠥᠴᠦᠬᠡᠨ ᠭᠡᠷ ᠲᠦ᠍ ᠵᠣᠴᠢᠯᠠᠨ ᠣᠴᠢᠬᠤ ᠶ᠋ᠢ ᠬᠦᠰᠡᠶ᠎ᠡ》 ᠭᠡᠯᠡ᠃
ᠲᠡᠷᠡ ᠣᠷᠣᠢ ᠢᠲᠡᠭᠡᠯᠲᠦ ᠪᠤᠴᠠᠬᠤ ᠳ᠋ᠠᠭᠠᠨ᠂ 《ᠫᠡᠪᠯᠦᠧ ᠮᠢᠨᠢ᠃ ᠪᠢ ᠤᠳᠠᠬᠤ ᠦᠭᠡᠢ ᠨᠡᠭᠦᠵᠦ ᠢᠷᠡᠨ᠎ᠡ᠃ ᠲᠡᠭᠡᠭᠡᠳ ᠭᠠᠵᠠᠷ ᠤ᠋ᠨ ᠬᠥᠷᠥᠰᠥ ᠶ᠋ᠢ ᠡᠷᠭᠢᠭᠦᠯᠦᠨ᠎ᠡ》 ᠭᠡᠵᠡᠢ᠃
ᠪᠠᠳᠠᠷᠴᠢ ᠬᠦᠷᠢᠶᠡᠨ ᠳ᠋ᠦ᠍ ᠭᠠᠮᠢᠩ ᠳᠠᠷᠤᠭᠳᠠᠭᠰᠠᠨ ᠢ᠋ ᠰᠣᠨᠣᠰᠤᠮᠠᠭᠴᠠ ᠲᠡᠮᠦᠷ ᠲᠡᠢ ᠬᠠᠮᠲᠤᠷᠠᠵᠤ ᠣᠯᠤᠭᠰᠠᠨ ᠫᠤᠤ ᠵᠡᠪᠰᠡᠭ ᠢ᠋ᠶ᠋ᠡᠨ ᠬᠡᠷᠡᠭᠯᠡᠨ ᠬᠡᠳᠦᠨ ᠬᠥᠮᠦᠨ ᠦ᠌ ᠬᠠᠮᠲᠤ ᠮᠣᠷᠳᠠᠵᠤ ᠯᠤᠤ ᠬᠦᠩ ᠦ᠋ᠨ ᠬᠦᠷᠢᠶ᠎ᠡ ᠶ᠋ᠢᠨ ᠬᠡᠳᠦ ᠬᠡᠳᠦᠨ ᠬᠢᠲᠠᠳ ᠳᠡᠯᠭᠡᠭᠦᠷ ᠦ᠋ᠳ ᠦ᠋ᠨ ᠥᠩᠭᠡ ᠲᠡᠢ ᠥᠭᠡᠳᠡ ᠲᠡᠢ ᠪᠦᠬᠦᠨ ᠢ᠋ ᠴᠥᠯᠮᠥᠵᠦ ᠠᠪᠴᠠᠢ᠃
ᠡᠨᠡ ᠦᠶ᠎ᠡ ᠳ᠋ᠦ᠍ ᠤᠯᠠᠭᠠᠨ ᠠᠷᠮᠢ ᠳ᠋ᠤ᠌ ᠪᠤᠲᠠ ᠴᠣᠬᠢᠭᠳᠠᠭᠰᠠᠨ ᠴᠠᠭᠠᠨ ᠴᠡᠷᠢᠭ ᠦ᠋ᠨ ᠬᠡᠰᠡᠭ ᠦ᠋ᠳ ᠳᠥᠩᠭᠡᠨ ᠢ᠋ᠶ᠋ᠡᠷ ᠳᠠᠮᠵᠢᠨ ᠮᠣᠩᠭᠣᠯ ᠤ᠋ᠨ ᠨᠤᠲᠤᠭ ᠲᠤ᠌ ᠣᠷᠣᠵᠤ ᠫᠡᠪᠯᠦᠧ ᠶ᠋ᠢᠨ ᠤᠳᠤᠷᠢᠳᠤᠯᠭ᠎ᠠ ᠶ᠋ᠢᠨ ᠳᠣᠣᠷ᠎ᠠ ᠨᠢᠭᠡᠳᠦᠨ ᠪᠠᠷᠤᠨ ᠲᠠᠢ ᠬᠣᠯᠪᠣᠭ᠎ᠠ ᠪᠠᠷᠢᠵᠠᠢ᠃
ᠴᠢᠩᠭᠢᠰ ᠦ᠋ᠨ ᠶᠡᠬᠡ ᠲᠤᠯᠭᠤᠷ ᠲᠥᠷᠥ ᠶ᠋ᠢ ᠪᠤᠰᠬᠠᠵᠤ᠂ ᠶᠡᠬᠡ ᠮᠣᠩᠭᠣᠯ ᠤᠯᠤᠰ ᠢ᠋ ᠪᠠᠢᠭᠤᠯᠤᠨ᠎ᠠ ᠭᠡᠰᠡᠨ ᠪᠠᠷᠤᠨ ᠤ᠋ ᠬᠠᠭᠤᠷᠮᠠᠴᠢ ᠦᠭᠡᠨ ᠳ᠋ᠦ᠍ ᠢᠲᠡᠭᠡᠭᠰᠡᠨ ᠮᠣᠩᠭᠣᠯ ᠤ᠋ᠨ ᠹᠧᠣᠳᠠᠯ ᠤ᠋ᠳ ᠤ᠋ᠨ ᠢᠳᠡᠪᠬᠢ ᠰᠡᠷᠭᠦᠵᠦ ᠪᠣᠭᠳᠠ ᠶ᠋ᠢᠨ ᠯᠦᠨᠳᠦᠩ ᠢ᠋ᠶ᠋ᠡᠷ ᠨᠤᠲᠤᠭ ᠤ᠋ᠨ ᠠᠷᠠᠳ ᠤ᠋ᠳ ᠡᠴᠡ ᠠᠭᠲᠠ ᠮᠣᠷᠢ ᠲᠡᠳᠡᠨ ᠴᠡᠷᠢᠭ ᠳᠠᠢᠴᠢᠯᠠᠵᠤ᠂ ᠶᠠᠮᠠᠷ ᠴᠤ᠌ ᠬᠠᠭᠠᠯᠲᠠ ᠶ᠋ᠢ ᠲᠣᠭᠲᠠᠭᠠᠬᠤ ᠦᠭᠡᠢ ᠪᠡᠷ ᠮᠣᠩᠭᠣᠯ ᠨᠤᠲᠤᠭ ᠤ᠋ᠨ ᠤᠮᠠᠷ᠎ᠠ ᠡᠴᠡ ᠨᠡᠪᠲᠡᠷᠡᠨ ᠭᠡᠷᠡᠯᠲᠦᠭᠰᠡᠨ ᠡᠷᠬᠡ ᠴᠢᠯᠥᠭᠡᠨ ᠦ᠌ ᠶᠡᠬᠡ ᠨᠠᠷᠠ ᠶ᠋ᠢ ᠲᠠᠭᠯᠠᠬᠤ ᠲᠡᠮᠡᠴᠡᠯ ᠳ᠋ᠦ᠍ ᠣᠷᠣᠯ᠎ᠠ᠃
ᠢᠩᠭᠢᠭᠡᠳ ᠰᠠᠢᠳ ᠸᠠᠩ᠂ ᠵᠠᠶ᠎ᠠ ᠶ᠋ᠢᠨ ᠱᠠᠪᠢ᠂ ᠯᠤᠤ ᠬᠦᠩ ᠦ᠋ᠨ ᠨᠤᠲᠤᠭ ᠲᠤ᠌ ᠣᠷᠣᠰ ᠮᠣᠩᠭᠣᠯ ᠤ᠋ᠨ ᠬᠠᠮᠲᠤᠷᠠᠭᠰᠠᠨ ᠴᠡᠷᠢᠭ ᠪᠠᠢᠭᠤᠯᠤᠭᠳᠠᠵᠤ ᠮᠣᠩᠭᠣᠯ ᠵᠠᠩᠵᠤᠨ ᠨᠢ ᠰᠠᠢᠳ ᠸᠠᠩ ᠤ᠋ᠨ ᠫᠦᠷᠪᠦ ᠲᠤᠰᠠᠯᠠᠭᠴᠢ᠂ ᠣᠷᠣᠰ ᠵᠠᠩᠵᠤᠨ ᠨᠢ ᠫᠡᠪᠯᠦᠧ ᠪᠣᠯᠵᠠᠢ᠃
ᠡᠨᠡ ᠴᠡᠷᠢᠭ ᠨᠢ ᠶᠠᠭᠤᠨ ᠤ᠋ ᠡᠮᠦᠨ᠎ᠡ ᠬᠢᠲᠠᠳ ᠫᠦᠰᠡ ᠨᠦ᠍ᠭᠦᠳ ᠢ᠋ ᠳᠡᠭᠡᠷᠡᠮᠳᠡᠵᠦ ᠡᠬᠢᠯᠡᠭᠡᠳ ᠳᠠᠷᠠᠭ᠎ᠠ ᠨᠢ ᠮᠣᠩᠭᠣᠯ ᠮᠠᠯᠴᠢᠳ ᠢ᠋ ᠳᠡᠭᠡᠷᠡᠮᠳᠡᠵᠦ ᠣᠴᠢᠭᠰᠠᠨ ᠭᠠᠵᠠᠷ ᠢ᠋ᠶ᠋ᠠᠨ ᠠᠷᠢᠬᠢᠳᠠᠨ ᠵᠠᠪᠬᠠᠢᠷᠠᠵᠤ ᠪᠠᠢᠯ᠎ᠠ᠃
ᠠᠶᠤᠯ ᠠᠶᠤᠯ ᠵᠡᠷᠭᠡᠴᠡᠨ᠂ ᠠᠮᠢᠰᠬᠤᠯᠯᠠᠬᠤ ᠵᠠᠢ ᠬᠣᠮᠰᠠᠳᠠᠭᠰᠠᠨ ᠡᠨᠡ ᠦᠶ᠎ᠡ ᠳ᠋ᠦ᠍ ᠥᠯᠵᠡᠢ ᠶ᠋ᠢᠨ ᠬᠢᠨ ᠭᠥᠨᠵᠢ ᠶ᠋ᠢᠨ ᠠᠭᠤᠯᠠ ᠶ᠋ᠢᠨ ᠠᠷᠤ ᠬᠣᠷᠮᠣᠢ ᠳ᠋ᠤ᠌ ᠨᠤᠲᠤᠭᠯᠠᠵᠤ ᠪᠠᠢᠯ᠎ᠠ᠃
ᠨᠢᠭᠡ ᠡᠳᠦᠷ ᠲᠡᠳᠡᠨ ᠦ᠌ ᠳ᠋ᠦ᠍ ᠬᠣᠶᠠᠷ ᠶᠠᠩᠵᠤ ᠶ᠋ᠢᠨ ᠭᠡᠢᠴᠢᠨ ᠢᠷᠡᠵᠦ ᠡᠨᠡ ᠪᠣᠷᠣ ᠭᠡᠷ ᠦ᠋ᠨ ᠳᠣᠲᠣᠷᠠᠬᠢ ᠠᠮᠢᠳᠤᠷᠠᠯ ᠢ᠋ ᠥᠭᠡᠷᠡᠴᠢᠯᠡᠪᠡ᠃ ᠥᠷᠯᠥᠭᠡ ᠴᠠᠠᠳᠠ ᠦᠨᠢᠶ᠎ᠡ ᠪᠡᠨ ᠭᠡᠯᠢᠵᠦ ᠶᠠᠪᠤᠬᠤ ᠳ᠋ᠤ᠌ ᠵᠡᠭᠡᠷᠳᠡ ᠮᠣᠷᠢ ᠲᠠᠢ᠂ ᠬᠥᠬᠡ ᠳᠠᠯᠢᠩᠪᠤᠤ ᠬᠠᠭᠤᠴᠢᠨ ᠳᠡᠪᠡᠯ ᠲᠡᠢ ᠪᠠᠷᠭᠢᠯ ᠪᠣᠷᠣ ᠬᠥᠮᠦᠨ ᠢᠷᠡᠵᠦ ᠨᠥᠬᠥᠷ ᠢ᠋ ᠨᠢ ᠰᠤᠷᠠᠭᠯᠠᠨ ᠠᠰᠠᠭᠤᠭᠠᠳ ᠭᠡᠷ ᠲᠡᠭᠡᠨ ᠪᠣᠢ ᠭᠡᠬᠦ ᠳ᠋ᠦ᠍ᠨᠢ ᠰᠢᠭᠤᠳ ᠣᠴᠢᠯ᠎ᠠ᠃
᠊᠊᠊᠊᠊᠊᠊᠊᠊᠊᠊᠊᠊᠊᠊ ᠨᠣᠬᠠᠢ ᠬᠣᠷᠢ ᠭᠡᠰᠡᠨ ᠭᠡᠢᠴᠢᠨ ᠦ᠌ ᠳᠠᠭᠤ ᠪᠠᠷ ᠭᠠᠷᠴᠤ ᠢᠷᠡᠭᠰᠡᠨ ᠬᠤᠶᠠᠭ ᠨᠢᠳᠦ ᠨᠢ ᠲᠣᠮᠣ ᠪᠣᠯᠤᠨ ᠢᠨᠢᠶᠡᠮᠰᠦᠭᠯᠡᠭᠰᠡᠨ ᠢ᠋ᠶ᠋ᠡᠨ᠄ 《ᠴᠢ ᠴᠢᠨᠢ ᠭᠠᠵᠠᠷ ᠤ᠋ᠨ ᠬᠠᠮᠢᠭ᠎ᠠ ᠡᠴᠡ ᠭᠠᠷᠤᠭᠠᠳ ᠢᠷᠡᠪᠡ》 ᠭᠡᠳ ᠮᠣᠷᠢ ᠪᠠᠨ ᠭᠡᠷ ᠦ᠋ᠨ ᠪᠦᠰᠡᠯᠡᠭᠦᠷ ᠡᠴᠡ ᠤᠶᠠᠵᠤ ᠪᠠᠢᠭᠰᠠᠨ ᠳᠣᠷᠵᠢ ᠶ᠋ᠢᠨ ᠳᠡᠷᠭᠡᠳᠡ ᠣᠴᠢᠪᠠ᠃
ᠴᠡᠷᠢᠭ ᠲᠡᠢᠨ ᠦ᠌ ᠬᠡᠴᠡᠭᠦᠦ ᠴᠠᠭ ᠲᠤ᠌ ᠲᠠᠨᠢᠯᠴᠠᠨ ᠨᠥᠬᠥᠷᠯᠡᠭᠰᠡᠨ ᠬᠣᠶᠠᠷ ᠨᠠᠢᠵᠢ ᠠᠭᠤᠯᠵᠠᠵᠤ ᠶᠠᠭᠤᠨ ᠤ᠋ ᠡᠮᠦᠨ᠎ᠡ ᠵᠣᠯᠭᠠᠭᠠᠳ᠂ ᠪᠡᠶ᠎ᠡ ᠪᠡᠶᠡᠰ ᠦ᠋ᠨ ᠥᠭᠡᠷᠡᠴᠢᠯᠡᠭᠳᠡᠭᠰᠡᠨ ᠢ᠋ ᠭᠠᠢᠬᠠᠨ ᠶᠠᠷᠢᠪᠠ᠃
ᠭᠡᠷ ᠲᠦ᠍ ᠣᠷᠣᠵᠤ ᠥᠯᠵᠡᠢ᠂ ᠬᠤᠶᠠᠭ ᠬᠣᠶᠠᠷ ᠴᠠᠢ ᠴᠢᠨᠠᠵᠤ ᠪᠠᠢᠲᠠᠯ᠎ᠠ ᠴᠠᠠᠳᠠ ᠢᠷᠡᠵᠦ ᠴᠠᠢ ᠬᠣᠭᠣᠯᠠ᠂ ᠠᠷᠢᠬᠢ ᠪᠠᠷ ᠳᠣᠷᠵᠢ ᠶ᠋ᠢ ᠳᠠᠢᠯᠠᠪᠠ᠃ ᠳᠣᠷᠵᠢ ᠴᠡᠷᠢᠭ ᠡᠴᠡ ᠬᠡᠷᠬᠢᠨ ᠪᠤᠴᠠᠵᠤ ᠢᠷᠡᠭᠰᠡᠨ᠂ ᠬᠤᠵᠢᠷᠪᠤᠯᠤᠩ ᠳ᠋ᠤ᠌ ᠶᠠᠭᠠᠬᠢᠵᠤ ᠠᠮᠢᠳᠤᠷᠠᠵᠤ ᠪᠠᠢᠭᠰᠠᠨ᠂ ᠭᠠᠮᠢᠩ ᠣᠷᠣᠵᠤ ᠢᠷᠡᠭᠰᠡᠨ᠂ ᠪᠣᠭᠳᠠ ᠳᠠ ᠽᠦᠩᠲ᠋ᠦ᠋ᠩ ᠦ᠋ᠨ ᠵᠢᠷᠤᠭ ᠲᠤ᠌ ᠮᠥᠷᠭᠥᠵᠦ᠂ ᠴᠡᠷᠢᠭ ᠵᠡᠪᠰᠡᠭ ᠢ᠋ᠶ᠋ᠡᠨ ᠬᠤᠷᠢᠶᠠᠯᠭᠠᠭᠰᠠᠨ ᠢ᠋ ᠨᠢᠭᠡ ᠳ᠋ᠦ᠍ ᠨᠢᠭᠡ ᠦᠭᠡᠢ ᠶᠠᠷᠢᠭᠠᠳ 《ᠣᠳᠣ ᠨᠢᠭᠡ ᠪᠣᠯ ᠦᠬᠦᠬᠦ᠂ ᠡᠰᠡᠬᠦᠯ᠎ᠡ ᠰᠡᠬᠡᠬᠦ ᠴᠠᠭ ᠪᠣᠯᠵᠠᠢ᠃ ᠦᠬᠦᠬᠦ ᠶ᠋ᠢ ᠬᠦᠰᠡᠬᠦ ᠬᠥᠮᠦᠨ ᠪᠠᠢᠬᠤ ᠦᠭᠡᠢ ᠪᠣᠯᠬᠣᠷ ᠰᠡᠬᠡᠬᠦ ᠶ᠋ᠢ ᠵᠣᠷᠢᠬᠤ᠂ ᠰᠡᠬᠡᠬᠦ ᠶ᠋ᠢᠨ ᠲᠤᠯᠠ ᠦᠵᠡᠯᠴᠡᠬᠦ ᠴᠠᠭ ᠢᠷᠡᠵᠡᠢ᠃ ᠶᠠᠭᠤᠨ ᠤ᠋ ᠡᠮᠦᠨ᠎ᠡ ᠮᠠᠨ ᠤ᠋ ᠣᠷᠣᠨ ᠢ᠋ ᠳᠤᠷ᠎ᠠ ᠮᠡᠳᠡᠨ ᠳᠡᠭᠡᠷᠡᠮᠳᠡᠵᠦ ᠪᠠᠢᠭ᠎ᠠ ᠭᠠᠳᠠᠭᠠᠳᠤ ᠶ᠋ᠢᠨ ᠬᠤᠯᠠᠭᠠᠢᠴᠢ ᠨᠠᠷ ᠢ᠋ ᠬᠥᠭᠡᠭᠡᠵᠦ ᠭᠠᠷᠭᠠᠬᠤ ᠬᠡᠷᠡᠭᠲᠡᠢ ᠪᠣᠯᠤᠭᠠᠳ ᠪᠠᠢᠨ᠎ᠠ》 ᠭᠡᠵᠦ ᠬᠡᠯᠡᠪᠡ᠃
᠊᠊᠊᠊᠊᠊᠊᠊᠊᠊᠊᠊᠊᠊᠊ ᠪᠠᠷᠢᠭᠰᠠᠨ ᠵᠡᠪᠰᠡᠭ ᠢ᠋ᠶ᠋ᠡᠨ ᠬᠤᠷᠢᠶᠠᠯᠭᠠᠵᠤ ᠣᠷᠬᠢᠭᠠᠳ ᠶᠠᠭᠤ ᠪᠠᠷ ᠬᠥᠭᠡᠭᠡᠬᠦ ᠶᠤᠮ ᠪᠣᠢ? ᠭᠡᠵᠦ ᠬᠤᠶᠠᠭ ᠠᠰᠠᠭᠤᠭᠠᠳ ᠳᠣᠷᠵᠢ ᠤᠷᠤᠭᠤ ᠰᠡᠳᠬᠢᠯ ᠬᠠᠩᠭᠠᠬᠤ ᠬᠠᠷᠢᠭᠤ ᠭᠣᠷᠢᠳᠠᠨ ᠰᠢᠷᠳᠡᠪᠡ᠃
᠊᠊᠊᠊᠊᠊᠊᠊᠊᠊᠊᠊᠊᠊᠊ ᠵᠡᠪᠰᠡᠭ ᠣᠯᠳᠠᠬᠤ ᠪᠣᠯᠤᠨ᠎ᠠ᠃ ᠴᠢ ᠭᠣᠢ᠌ᠮᠤᠨ ᠪᠠᠭᠠᠲᠤᠷ ᠢ᠋ ᠲᠠᠨᠢᠨ᠎ᠠ ᠰᠢᠦ ᠳᠡ! ᠭᠡᠳ ᠨᠢᠳᠦ ᠪᠡᠨ ᠴᠠᠪᠴᠢᠯᠠᠨ ᠬᠤᠶᠠᠭ ᠢ᠋ ᠠᠵᠢᠪᠠ᠃
᠊᠊᠊᠊᠊᠊᠊᠊᠊᠊᠊᠊᠊᠊᠊ ᠲᠠᠨᠢᠯ ᠦᠭᠡᠢ ᠶᠠᠭᠠᠬᠢᠬᠤᠪ᠃ ᠵᠣᠯᠪᠣᠭ᠎ᠠ ᠲᠠᠢ ᠡᠷ᠎ᠡ ᠰᠢᠦ ᠭᠡᠵᠦ ᠬᠤᠶᠠᠭ ᠬᠡᠯᠡᠭᠡᠳ ᠲᠠᠮᠠᠬᠢ ᠠᠰᠠᠭᠠᠵᠤ ᠠᠪᠤᠯ᠎ᠠ᠃
ᠳᠣᠷᠵᠢ ᠪᠠᠰᠠ ᠲᠠᠮᠠᠬᠢ ᠠᠰᠠᠭᠠᠵᠤ ᠠᠪᠤᠭᠠᠳ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ ᠡᠮᠦᠨᠡᠬᠢ ᠠᠶᠠᠭ᠎ᠠ ᠲᠠᠢ ᠠᠷᠢᠬᠢ ᠡᠴᠡ ᠲᠣᠮᠣ ᠪᠠᠯᠭᠤᠵᠤ ᠲᠠᠯᠪᠢᠭᠠᠳ᠂ 《ᠭᠣᠢ᠌ᠮᠤᠨ ᠪᠠᠭᠠᠲᠤᠷ᠂ ᠪᠢᠳᠡ ᠨᠠᠷ᠂ ᠠᠷᠠᠳ ᠤ᠋ᠨ ᠨᠠᠮ ᠪᠠᠢᠭᠤᠯᠤᠭᠠᠳ᠂ ᠣᠷᠣᠰ ᠤ᠋ᠨ ᠰᠢᠨ᠎ᠡ ᠵᠠᠰᠠᠭ ᠤ᠋ᠨ ᠭᠠᠵᠠᠷ ᠡᠴᠡ ᠲᠤᠰᠠᠯᠠᠮᠵᠢ ᠣᠯᠵᠤ ᠮᠣᠩᠭᠣᠯ ᠤᠯᠤᠰ ᠢ᠋ᠶ᠋ᠠᠨ ᠴᠢᠯᠥᠭᠡᠯᠡᠬᠦ ᠭᠡᠵᠦ ᠪᠠᠢᠭ᠎ᠠ᠁》 ᠭᠡᠬᠦ ᠳ᠋ᠦ᠍ᠨᠢ ᠦᠭᠡ ᠳᠤᠤᠭᠠᠷᠤᠯ ᠦᠭᠡᠢ ᠰᠣᠨᠣᠰᠴᠤ ᠰᠠᠭᠤᠭᠰᠠᠨ ᠥᠯᠵᠡᠢ᠄
᠊᠊᠊᠊᠊᠊᠊᠊᠊᠊᠊᠊᠊᠊᠊ ᠠᠷᠠᠳ ᠤ᠋ᠨ ᠨᠠᠮ ᠭᠡᠨ᠎ᠡ? ᠭᠡᠵᠦ ᠯᠠᠪᠯᠠᠨ ᠠᠰᠠᠭᠤᠪᠠ᠃
᠊᠊᠊᠊᠊᠊᠊᠊᠊᠊᠊᠊᠊᠊᠊ ᠲᠡᠢᠮᠦ᠂ ᠠᠷᠠᠳ ᠤ᠋ᠨ ᠨᠠᠮ! ᠭᠡᠵᠦ ᠳᠣᠷᠵᠢ ᠳᠠᠪᠲᠠᠪᠠ᠃
᠊᠊᠊᠊᠊᠊᠊᠊᠊᠊᠊᠊᠊᠊᠊ ᠴᠢ ᠴᠢᠨᠢ ᠲᠡᠷᠡ ᠠᠷᠠᠳ ᠤ᠋ᠨ ᠨᠠᠮ ᠤ᠋ᠨ ᠬᠥᠮᠦᠨ ᠤᠤ? ᠭᠡᠵᠦ ᠥᠯᠵᠡᠢ ᠠᠰᠠᠭᠤᠪᠠ᠃
᠊᠊᠊᠊᠊᠊᠊᠊᠊᠊᠊᠊᠊᠊᠊ ᠲᠡᠢᠮᠦ᠃ ᠪᠢ ᠪᠣᠯ ᠠᠷᠠᠳ ᠤ᠋ᠨ ᠨᠠᠮ ᠤ᠋ᠨ ᠬᠥᠮᠦᠨ᠃
᠊᠊᠊᠊᠊᠊᠊᠊᠊᠊᠊᠊᠊᠊᠊ ᠲᠠ ᠨᠠᠷ ᠴᠢᠨᠢ ᠤᠯᠠᠭᠠᠨ ᠣᠷᠣᠰ ᠲᠠᠢ ᠰᠦᠯᠪᠡᠭᠡ ᠲᠡᠢ ᠠᠮᠢᠲᠠᠳ ᠤᠤ?
᠊᠊᠊᠊᠊᠊᠊᠊᠊᠊᠊᠊᠊᠊᠊ ᠲᠡᠢᠮᠦ᠃
᠊᠊᠊᠊᠊᠊᠊᠊᠊᠊᠊᠊᠊᠊᠊ ᠵᠠ ᠲᠡᠭᠡᠪᠡᠯ ᠬᠦᠦ ᠮᠢᠨᠢ ᠶᠠᠪᠤᠵᠤ ᠦᠵᠡ᠃ ᠬᠦᠦ ᠶ᠋ᠢ ᠮᠢᠨᠢ ᠪᠢᠲᠡᠭᠡᠢ ᠤᠷᠤᠭᠤ ᠲᠡᠳᠡ᠃ ᠪᠢᠳᠡ ᠴᠢᠨᠢ ᠪᠤᠷᠬᠠᠨ ᠲᠠᠢ ᠱᠠᠰᠢᠨ ᠲᠠᠢ ᠮᠣᠩᠭᠣᠯ ᠬᠥᠮᠦᠨ᠃ ᠠᠷᠠᠳ ᠤ᠋ᠨ ᠨᠠᠮ ᠤᠯᠠᠭᠠᠨ ᠣᠷᠣᠰ ᠲᠠᠢ ᠨᠡᠢᠯᠡᠵᠦ ᠰᠦᠨᠡᠰᠦ ᠰᠦᠯᠳᠡ ᠪᠡᠨ ᠠᠯᠳᠠᠬᠤ ᠦᠭᠡᠢ ᠭᠡᠵᠦ ᠥᠯᠵᠡᠢ ᠠᠭᠤᠷᠲᠠᠢ ᠪᠥᠭᠡᠳ ᠰᠢᠢᠳᠮᠡᠭᠡᠢ ᠬᠡᠯᠡᠪᠡ᠃
᠊᠊᠊᠊᠊᠊᠊᠊᠊᠊᠊᠊᠊᠊᠊ ᠠᠪᠤ ᠠ᠋ ᠲᠠ ᠶᠠᠭᠤ ᠪᠣᠯᠵᠤ ᠪᠠᠢᠨ᠎ᠠ᠃ ᠡᠨᠡ ᠴᠢᠨᠢ ᠮᠢᠨᠦ ᠰᠠᠢᠨ ᠨᠥᠬᠥᠷ ᠰᠢᠦ ᠳᠡ ᠭᠡᠵᠦ ᠬᠤᠶᠠᠭ ᠤ᠋ᠨ ᠬᠡᠯᠡᠬᠦ ᠳ᠋ᠦ᠍ᠨᠢ᠂
᠊᠊᠊᠊᠊᠊᠊᠊᠊᠊᠊᠊᠊᠊᠊ ᠶᠠᠭᠤ ᠴᠤ᠌ ᠭᠡᠰᠡᠨ ᠲᠡᠷᠡ᠃ ᠪᠢ ᠲᠡᠷᠡ ᠤᠯᠠᠭᠠᠨ ᠨᠠᠮ ᠤ᠋ᠨ ᠴᠢᠨᠢ ᠲᠤᠬᠠᠢ ᠰᠠᠢᠨ ᠮᠡᠳᠡᠨ᠎ᠡ᠃ ᠬᠦᠦ ᠮᠢᠨᠢ ᠵᠦᠭᠡᠷ ᠶᠠᠪᠤᠵᠤ ᠦᠵᠡ᠃ ᠡᠰᠡᠬᠦᠯ᠎ᠡ ᠠᠬ᠎ᠠ ᠨᠢ ᠬᠣᠰᠢᠭᠤ ᠲᠠᠮᠠᠭᠠᠨ ᠳ᠋ᠤ᠌ ᠣᠴᠢᠵᠤ ᠬᠡᠯᠡᠨ᠎ᠡ᠃ ᠪᠢᠳᠡ ᠲᠠ ᠨᠠᠷ ᠲᠠᠢ ᠠᠳᠠᠯᠢ ᠪᠤᠷᠬᠠᠨ ᠱᠠᠰᠢᠨ ᠢ᠋ᠶ᠋ᠠᠨ ᠬᠠᠷᠢᠶᠠᠵᠤ ᠴᠢᠳᠠᠬᠤ ᠦᠭᠡᠢ ᠭᠡᠳ ᠥᠯᠵᠡᠢ ᠥᠨᠳᠡᠢᠵᠦ ᠰᠠᠭᠤᠪᠠ᠃
ᠳᠣᠷᠵᠢ ᠠᠷᠠᠳ ᠤ᠋ᠨ ᠨᠠᠮ ᠤ᠋ᠨ ᠦᠵᠡᠯ ᠪᠣᠳᠣᠯᠭ᠎ᠠ ᠶ᠋ᠢᠨ ᠲᠤᠬᠠᠢ ᠶᠠᠷᠢᠬᠤ ᠶ᠋ᠢ ᠣᠷᠣᠯᠳᠣᠭᠰᠠᠨ ᠪᠣᠯᠪᠠᠴᠤ ᠥᠯᠵᠡᠢ ᠶᠠᠷᠢᠭᠤᠯᠤᠭᠰᠠᠨ ᠦᠭᠡᠢ᠃
ᠬᠠᠨ ᠥᠨᠳᠥᠷ ᠦ᠋ᠨ ᠬᠦᠷᠢᠶᠡᠨ ᠳᠡᠭᠡᠷ᠎ᠡ ᠪᠠᠢᠳᠠᠭ ᠯᠠᠮᠠ ᠪᠠᠭᠰᠢ ᠡᠴᠡ ᠪᠡᠨ ᠬᠡᠳᠦᠬᠡᠨ ᠡᠳᠦᠷ ᠦ᠋ᠨ ᠡᠮᠦᠨ᠎ᠡ ᠠᠷᠠᠳ ᠤ᠋ᠨ ᠨᠠᠮ ᠤ᠋ᠨ ᠲᠤᠬᠠᠢ ᠰᠣᠨᠣᠰᠤᠭᠰᠠᠨ ᠥᠯᠵᠡᠢ ᠶ᠋ᠢᠨ ᠰᠡᠳᠬᠢᠯ ᠳ᠋ᠦ᠍ ᠠᠷᠠᠳ ᠤ᠋ᠨ ᠨᠠᠮ ᠢ᠋ ᠵᠢᠭᠰᠢᠨ ᠵᠠᠨᠤᠬᠤ ᠪᠣᠳᠣᠯ ᠣᠷᠭᠢᠯᠤᠨ ᠳᠣᠷᠵᠢ ᠶ᠋ᠢᠨ ᠦᠭᠡ ᠪᠦᠬᠦᠨ ᠦ᠌ ᠬᠠᠷᠢᠭᠤ ᠳ᠋ᠤ᠌ 《ᠴᠢ ᠶᠠᠪᠤ᠃ ᠲᠦᠷᠭᠡᠨ ᠵᠠᠢᠯᠠ》 ᠭᠡᠳᠡᠭ ᠭᠠᠭᠴᠠᠬᠠᠨ ᠬᠠᠷᠢᠭᠤ ᠥᠭᠴᠦ ᠪᠠᠢᠪᠠ᠃
ᠬᠤᠶᠠᠭ ᠪᠣᠯ ᠠᠷᠠᠳ ᠤ᠋ᠨ ᠨᠠᠮ ᠤ᠋ᠨ ᠲᠤᠬᠠᠢ ᠠᠴᠠ ᠪᠣᠳᠣᠯ ᠲᠠᠢ ᠪᠠᠢᠯ᠎ᠠ᠃ ᠮᠣᠩᠭᠣᠯ ᠢ᠋ ᠴᠢᠯᠥᠭᠡᠯᠡᠬᠦ ᠭᠡᠳᠡᠭ ᠨᠢ ᠵᠥᠪ ᠮᠡᠲᠦ ᠪᠣᠯᠪᠠᠴᠤ ᠪᠠᠰᠠ ᠯᠠ ᠭᠠᠳᠠᠭᠠᠳᠤ ᠶ᠋ᠢᠨ ᠬᠥᠮᠦᠰ ᠲᠡᠢ ᠨᠢᠭᠡᠳᠴᠦ ᠪᠠᠢᠭ᠎ᠠ ᠪᠣᠯᠬᠣᠷ ᠡᠷᠡᠭᠡᠯᠵᠡᠭᠡ ᠲᠡᠢ ᠠᠵᠢ᠃ ᠳᠣᠷᠵᠢ ᠶ᠋ᠢᠨ ᠶᠠᠷᠢᠶᠠᠨ ᠡᠴᠡ ᠦᠵᠡᠬᠦ ᠳ᠋ᠦ᠍ ᠴᠡᠷᠢᠭ ᠲᠦ᠍ ᠲᠠᠨᠢᠯᠴᠠᠭᠰᠠᠨ ᠨᠥᠬᠥᠳ ᠨᠢ ᠪᠠᠷᠤᠭ ᠯᠠ ᠲᠡᠷᠡ ᠨᠠᠮ ᠲᠠᠢ ᠨᠡᠢᠯᠡᠭᠰᠡᠨ ᠢ᠋ ᠪᠣᠳᠣᠬᠤ ᠳ᠋ᠤ᠌ ᠪᠠᠰᠠ ᠯᠠ ᠤᠴᠢᠷ ᠲᠠᠢ ᠮᠡᠲᠦ᠂ ᠭᠡᠲᠡᠯ᠎ᠡ ᠳᠣᠷᠵᠢ ᠲᠠᠢ ᠤᠳᠠᠭᠠᠨ ᠶᠠᠷᠢᠵᠤ ᠤᠴᠢᠷ ᠢ᠋ ᠣᠢᠯᠠᠭᠠᠶ᠎ᠠ ᠭᠡᠬᠦ ᠳ᠋ᠦ᠍ ᠥᠯᠵᠡᠢ ᠲᠡᠭᠦᠨ ᠢ᠋ ᠬᠥᠭᠡᠭᠡᠭᠡᠳ ᠪᠣᠯᠤᠮᠵᠢ ᠥᠭᠭᠦᠭᠰᠡᠨ ᠦᠭᠡᠢ᠃
᠊᠊᠊᠊᠊᠊᠊᠊᠊᠊᠊᠊᠊᠊᠊ ᠦᠨᠡᠨ ᠶᠠᠪᠤᠳᠠᠯ ᠬᠡᠵᠢᠶ᠎ᠡ ᠨᠢᠭᠡᠨ ᠴᠠᠭ ᠲᠤ᠌ ᠳᠠᠪᠠᠵᠤ ᠭᠠᠷᠳᠠᠭ᠃ ᠪᠢᠳᠡᠨ ᠦ᠌ ᠬᠡᠷᠡᠭ ᠦᠨᠡᠨ ᠵᠥᠪ ᠪᠣᠯᠬᠣᠷ ᠳᠠᠪᠠᠵᠤ ᠭᠠᠷᠤᠨ᠎ᠠ᠃ ᠡᠪᠦᠭᠡᠨ ᠴᠢ ᠲᠡᠷᠡ ᠦᠶ᠎ᠡ ᠳ᠋ᠦ᠍ ᠪᠤᠭᠤᠷᠤᠯ ᠲᠣᠯᠣᠭᠠᠢ ᠪᠠᠨ ᠰᠢᠭᠠᠨ᠎ᠠ ᠳᠠ ᠭᠡᠳ ᠳᠣᠷᠵᠢ ᠦᠳᠡ ᠶ᠋ᠢᠨ ᠬᠢᠷᠢ ᠳ᠋ᠦ᠍ ᠶᠠᠪᠤᠵᠠᠢ᠃
ᠣᠷᠣᠢ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠴᠤ ᠪᠠᠢᠬᠤ ᠳ᠋ᠤ᠌ ᠫᠤᠤ ᠵᠡᠪᠰᠡᠭ ᠲᠡᠢ ᠬᠣᠶᠠᠷ ᠬᠥᠮᠦᠨ ᠢᠷᠡᠵᠦ ᠬᠤᠶᠠᠭ ᠢ᠋ ᠲᠠᠪᠤᠳᠤᠭᠠᠷ ᠪᠣᠭᠳᠠ ᠬᠤᠪᠢᠯᠭᠠᠨ ᠪᠠᠷᠤᠨ ᠵᠠᠩᠵᠤᠨ ᠤ᠋ ᠴᠡᠷᠢᠭ ᠲᠦ᠍ ᠳᠠᠢᠴᠢᠯᠠᠬᠤ ᠲᠤᠬᠠᠢ ᠤᠯᠠᠭᠠᠨ ᠱᠤᠭᠤᠮ ᠲᠠᠢ ᠪᠢᠴᠢᠭ ᠥᠭᠴᠡᠢ᠃
᠊᠊᠊᠊᠊᠊᠊᠊᠊᠊᠊᠊᠊᠊᠊ ᠵᠠ ᠮᠡᠳᠡᠯ᠎ᠡ᠃ ᠪᠢ ᠴᠡᠷᠢᠭ ᠲᠦ᠍ ᠶᠠᠪᠤᠵᠤ ᠰᠤᠷᠤᠭᠰᠠᠨ ᠬᠥᠮᠦᠨ᠃ ᠮᠠᠷᠭᠠᠰᠢ ᠥᠷᠯᠥᠭᠡ ᠮᠣᠷᠳᠠᠭᠠᠳ ᠬᠣᠰᠢᠭᠤ ᠲᠠᠮᠠᠭᠠᠨ ᠳᠡᠭᠡᠷ᠎ᠡ ᠣᠴᠢᠶ᠎ᠠ ᠭᠡᠵᠦ ᠬᠤᠶᠠᠭ ᠲᠠᠢᠪᠤᠩ ᠪᠥᠭᠡᠳ ᠢᠲᠡᠭᠡᠯ ᠲᠡᠢ ᠬᠡᠯᠡᠬᠦ ᠳ᠋ᠦ᠍ᠨᠢ ᠬᠥᠮᠦᠨ ᠪᠦᠬᠦᠨ ᠢ᠋ ᠬᠦᠴᠦ ᠪᠡᠷ ᠡᠬᠡᠨᠡᠷ ᠬᠡᠦᠬᠡᠳ ᠦ᠋ᠳ ᠢ᠋ ᠨᠢ ᠪᠠᠷᠬᠢᠷᠠᠭᠤᠯᠵᠤ᠂ ᠴᠠᠷᠬᠢᠷᠠᠭᠤᠯᠤᠨ ᠦᠳᠡᠭᠦᠯᠵᠦ ᠨᠢᠰᠦ ᠨᠢᠯᠪᠤᠰᠤ ᠪᠠᠷ ᠨᠢ ᠤᠬᠢᠶᠠᠯᠭᠠᠨ ᠳᠠᠢᠴᠢᠯᠠᠵᠤ ᠠᠪᠤᠭᠰᠠᠨ ᠴᠡᠷᠢᠭ ᠦ᠋ᠳ ᠵᠥᠪᠰᠢᠶᠡᠷᠡᠨ ᠶᠠᠪᠤᠵᠠᠢ᠃
᠊᠊᠊᠊᠊᠊᠊᠊᠊᠊᠊᠊᠊᠊᠊ ᠬᠦᠦ ᠮᠢᠨᠢ ᠪᠠᠰᠠ ᠯᠠ ᠰᠠᠯᠳᠠᠭ ᠪᠣᠯᠵᠠᠢ᠃ ᠭᠡᠪᠡᠴᠦ ᠪᠠᠷᠤᠨ ᠵᠠᠩᠵᠤᠨ ᠭᠡᠳᠡᠭ ᠴᠢᠨᠢ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠨ᠎ᠡ ᠪᠢᠯᠡ᠃ ᠮᠢᠨᠦ ᠬᠦᠦ ᠶ᠋ᠢ ᠪᠤᠷᠬᠠᠨ ᠥᠷᠥᠰᠢᠶᠡᠭ ᠭᠡᠳ ᠥᠯᠵᠡᠢ ᠤᠬᠢᠯᠠᠪᠠ᠃
᠊᠊᠊᠊᠊᠊᠊᠊᠊᠊᠊᠊᠊᠊᠊ ᠵᠦᠭᠡᠷ ᠠᠪᠤ ᠮᠢᠨᠢ᠃ ᠪᠢ ᠡᠷᠭᠢᠭᠡᠳ ᠯᠡ ᠢᠷᠡᠳᠡᠭ ᠰᠢᠦ ᠳᠡ᠃
᠊᠊᠊᠊᠊᠊᠊᠊᠊᠊᠊᠊᠊᠊᠊ ᠤᠤᠯ ᠨᠢ ᠪᠣᠭᠳᠠ ᠮᠠᠨᠢ ᠳᠠᠭᠠᠭᠠᠵᠤ ᠪᠠᠢᠭ᠎ᠠ ᠴᠡᠷᠢᠭ ᠶᠤᠮ ᠭᠡᠳᠡᠭ ᠰᠢᠦ ᠬᠥᠭᠡᠷᠦᠬᠦᠢ᠃ ᠬᠦᠦ ᠶ᠋ᠢ ᠮᠢᠨᠢ ᠲᠥᠷᠥ ᠶ᠋ᠢᠨ ᠰᠦᠯᠳᠡ ᠥᠷᠥᠰᠢᠶᠡᠵᠦ᠂ ᠲᠦᠮᠡᠨ ᠦ᠌ ᠵᠠᠶᠠᠭ᠎ᠠ ᠲᠦᠰᠢᠭ᠃ ᠪᠠᠷᠠᠭᠤᠨ ᠬᠠᠴᠠᠷ ᠢ᠋ ᠴᠢᠨᠢ ᠦᠨᠦᠰᠦᠶ᠎ᠡ᠃ ᠢᠷᠡᠬᠦ ᠳ᠋ᠦ᠍ ᠴᠢᠨᠢ ᠠᠪᠤ ᠨᠢ ᠵᠡᠭᠦᠨ ᠬᠠᠴᠠᠷ ᠢ᠋ ᠴᠢᠨᠢ ᠦᠨᠦᠰᠦᠨ᠎ᠡ ᠭᠡᠳ ᠬᠦᠦ ᠶ᠋ᠢᠨ ᠢ᠋ᠶ᠋ᠡᠨ ᠪᠠᠷᠠᠭᠤᠨ ᠬᠠᠴᠠᠷ ᠢ᠋ ᠦᠨᠦᠷᠯᠡᠨ ᠦᠨᠦᠰᠦᠯ᠎ᠡ᠃
ᠪᠠᠢᠨ ᠪᠠᠢᠨ ᠬᠠᠨᠴᠤᠢ ᠪᠠᠷ ᠢ᠋ᠶ᠋ᠠᠨ ᠠᠷᠴᠢᠪᠠᠴᠤ ᠥᠯᠵᠡᠢ ᠶ᠋ᠢᠨ ᠨᠢᠯᠪᠤᠰᠤ ᠤᠨᠳᠤᠷᠤᠨ ᠤᠷᠤᠰᠤᠭᠰᠠᠭᠠᠷ ᠪᠠᠢᠯ᠎ᠠ᠃ ᠴᠠᠠᠳᠠ ᠡᠬᠡᠷ ᠲᠡᠳᠡᠨ ᠬᠡᠦᠬᠡᠳ ᠰᠢᠭ ᠤᠬᠢᠯᠠᠨ᠎ᠠ᠃ ᠭᠠᠷᠤᠭᠰᠠᠨ ᠨᠢᠯᠪᠤᠰᠤ ᠪᠠᠨ ᠰᠢᠮᠡᠵᠦ ᠪᠠᠢᠪᠠ᠃
ᠬᠤᠶᠠᠭ᠂ ᠬᠠᠷ᠎ᠠ ᠮᠣᠷᠢ ᠪᠠᠨ ᠤᠨᠤᠵᠤ ᠶᠠᠪᠤᠬᠤ ᠳ᠋ᠠᠭᠠᠨ ᠴᠠᠠᠳᠠ ᠳ᠋ᠤ᠌ 《ᠫᠦᠷᠪᠦ ᠲᠠᠢᠵᠢ ᠶ᠋ᠢᠨ ᠳᠡᠭᠡᠷᠡᠮᠴᠢᠳ ᠲᠡᠢ ᠨᠡᠢᠯᠡᠬᠦ ᠦᠭᠡᠢ᠃ ᠬᠠᠷᠢᠨ ᠠᠷᠠᠳ ᠤ᠋ᠨ ᠨᠠᠮ ᠲᠠᠢ ᠨᠡᠢᠯᠡᠨ᠎ᠡ᠃ ᠠᠪᠤ ᠳ᠋ᠤ᠌ ᠮᠠᠷᠭᠠᠰᠢ ᠬᠡᠯᠡᠭᠡᠷᠡᠢ》 ᠭᠡᠵᠡᠢ᠃
ᠨᠠᠷᠠ ᠶᠢᠷᠲᠢᠨᠴᠦ ᠶ᠋ᠢᠨ ᠲᠦᠮᠡᠨ ᠵᠣᠪᠠᠯᠠᠩ ᠢ᠋ ᠬᠠᠷᠠᠬᠤ ᠦᠭᠡᠢ ᠭᠡᠰᠡᠨ ᠶᠤᠮ ᠰᠢᠭ ᠬᠡᠰᠡᠭ ᠡᠭᠦᠯᠡᠨ ᠦ᠌ ᠴᠠᠭᠠᠭᠤᠷ ᠣᠷᠣᠵᠤ ᠨᠢᠭᠤᠷ ᠢ᠋ᠶ᠋ᠠᠨ ᠪᠠᠷᠤᠢᠯᠭᠠᠪᠠ᠃
ᠡᠷᠭᠢᠨ ᠡᠷᠭᠢᠨ ᠬᠠᠷᠠᠭᠰᠠᠭᠠᠷ ᠬᠠᠲᠠᠷᠢᠭᠤᠯᠤᠨ ᠬᠣᠯᠠᠳᠴᠤ ᠪᠠᠢᠭ᠎ᠠ ᠬᠤᠶᠠᠭ ᠤ᠋ᠨ ᠬᠣᠢᠨ᠎ᠠ ᠡᠴᠡ ᠬᠠᠷᠠᠵᠤ ᠪᠠᠢᠭᠰᠠᠨ ᠴᠠᠠᠳᠠ ᠶ᠋ᠢᠨ ᠨᠢᠳᠦᠨ ᠳ᠋ᠦ᠍ ᠭᠢᠯᠠᠯᠵᠠᠭᠰᠠᠨ ᠬᠠᠷ᠎ᠠ ᠰᠣᠯᠣᠩᠭ᠎ᠠ ᠲᠡᠳᠡᠨ ᠲᠦᠷᠭᠡᠨ ᠭᠤᠯᠭᠤᠵᠤ ᠪᠠᠢᠭ᠎ᠠ ᠮᠣᠭᠠᠢ ᠰᠢᠭ᠋ ᠵᠢᠷᠪᠢᠯᠵᠡᠭᠰᠡᠭᠡᠷ ᠦᠷᠭᠦᠯᠵᠢᠯᠡᠭᠰᠡᠨ ᠪᠢᠲᠡᠭᠦᠦ ᠬᠠᠷ᠎ᠠ ᠲᠤᠶᠠᠭ᠎ᠠ ᠪᠣᠯᠪᠠ᠃
