ᠲᠤᠩᠭᠠᠯᠠᠭ ᠲᠠᠮᠢᠷ3-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-13-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-26

1264

《ᠭᠡᠨ ᠪᠦᠭᠦ ᠴᠡᠷᠢᠭ᠌ ᠤᠨ ᠵᠠᠩᠵᠤᠨ ᠪᠣᠯᠠᠠᠤ ᠪᠣᠢ?》 - ᠭᠤᠷᠪᠠᠳᠤᠭᠠᠷ ᠪᠦᠯᠦᠭ ᠠᠷᠪᠠᠨ ᠭᠤᠷᠪᠠ

  1923 ᠣᠨ ᠤ᠋ ᠬᠠᠪᠤᠷ ᠤ᠋ᠨ ᠨᠢᠭᠡ ᠡᠳᠦᠷ ᠲᠡᠭᠷᠢ ᠴᠡᠯᠮᠡᠭ ᠪᠣᠯᠪᠠᠴᠤ ᠬᠠᠶᠠ ᠬᠠᠶᠠ ᠪᠥᠭᠡᠮ ᠴᠠᠭᠠᠨ ᠡᠭᠦᠯᠡ ᠴᠡᠩᠭᠡᠯᠲᠡᠢ ᠠᠭᠤᠯᠠ ᠶ᠋ᠢᠨ ᠳᠡᠭᠡᠭᠦᠷ ᠭᠠᠷᠴᠤ ᠡᠮᠦᠨ᠎ᠡ ᠵᠦᠭ ᠢ᠋ ᠪᠠᠷᠢᠨ ᠬᠦᠷᠢᠶᠡᠨ ᠦ᠌ ᠠᠯᠢ ᠨᠢᠭᠡᠨ ᠬᠡᠰᠡᠭ ᠢ᠋ ᠪᠠᠷᠠᠭᠠᠨᠳᠠᠭᠤᠯᠤᠨ ᠨᠡᠭᠦᠨ᠎ᠡ᠃ ᠬᠠᠪᠤᠷ ᠳᠥᠩᠭᠡᠵᠢ ᠡᠬᠢᠯᠡᠵᠦ ᠪᠣᠢ ᠪᠣᠯᠬᠣᠷ ᠴᠠᠭ ᠪᠠᠰᠠ ᠯᠠ ᠴᠡᠪᠳᠡᠭ ᠬᠦᠢᠲᠡᠨ ᠪᠥᠭᠡᠳ ᠬᠠᠨ ᠠᠭᠤᠯᠠ ᠶ᠋ᠢᠨ ᠣᠷᠣᠢ ᠭᠦᠨ ᠴᠠᠰᠤᠨ ᠬᠤᠶᠠᠭ ᠢ᠋ᠶ᠋ᠠᠨ ᠳᠠᠢᠯᠠᠬᠤ ᠰᠢᠨᠵᠢ ᠦᠭᠡᠢ ᠠᠵᠢ᠃
  ᠬᠦᠷᠢᠶ᠎ᠡ ᠬᠡᠳᠦᠨ ᠲᠦᠮᠡᠨ ᠶᠠᠨᠲᠤᠩ ᠢ᠋ᠶ᠋ᠠᠷ ᠭᠠᠷᠤᠭᠰᠠᠨ ᠤᠲᠤᠭᠠᠨ ᠳ᠋ᠠᠭᠠᠨ ᠮᠠᠩᠰᠢᠭᠤᠷᠠᠨ ᠬᠠᠬᠠᠵᠤ᠂ ᠠᠭᠠᠷ ᠠᠮᠢᠰᠬᠤᠯᠯᠠᠬᠤ ᠳ᠋ᠤ᠌ ᠭᠠᠰᠢᠭᠤᠨ ᠪᠥᠭᠡᠳ ᠵᠠᠷᠢᠮ ᠳ᠋ᠠᠭᠠᠨ ᠪᠦᠷ ᠬᠡᠩᠰᠢᠭᠦᠦ ᠬᠠᠮᠠᠷ ᠤᠷᠤᠭᠤ ᠴᠣᠷᠭᠢᠨ᠎ᠠ᠃
  ᠡᠢᠮᠦ ᠨᠢᠭᠡᠨ ᠡᠳᠦᠷ ᠬᠦᠷᠢᠶ᠎ᠡ ᠥᠷᠲᠡᠭᠡᠨ ᠦ᠌ ᠲᠣᠮᠣ ᠬᠦᠷᠡᠩ ᠬᠠᠭᠠᠯᠭ᠎ᠠ ᠪᠠᠷ ᠰᠢᠨᠡᠬᠡᠨ ᠬᠥᠬᠡ ᠴᠢᠰᠴᠡᠦ ᠳᠡᠪᠡᠯ ᠳᠡᠭᠡᠷ᠎ᠡ ᠴᠠᠢᠪᠤᠷ ᠨᠣᠭᠣᠭᠠᠨ ᠪᠦᠰᠡ ᠣᠷᠢᠶᠠᠵᠤ ᠮᠣᠳᠣᠨ ᠬᠤᠢ ᠲᠠᠢ ᠰᠸᠯᠠᠢ᠌ᠳᠠᠢ ᠫᠤᠤ ᠪᠠᠷᠠᠭᠤᠨ ᠲᠡᠰᠢᠶ᠎ᠡ ᠤᠷᠤᠭᠤ ᠪᠠᠨ ᠤᠨᠵᠢᠭᠤᠯᠤᠭᠰᠠᠨ ᠡᠷᠳᠡᠨᠢ ᠪᠣᠷᠣ ᠬᠡᠭᠡᠷ ᠮᠣᠷᠢᠲᠠᠢ ᠭᠠᠷᠴᠤ ᠢᠷᠡᠬᠦ ᠳ᠋ᠦ᠍ ᠲᠣᠮᠣ ᠪᠤᠯᠢᠭᠠᠷᠢ ᠪᠣᠭᠴᠣ ᠠᠴᠢᠭᠰᠠᠨ ᠬᠥᠲᠥᠯᠦᠭᠡ ᠮᠣᠷᠢᠲᠠᠢ ᠵᠠᠯᠠᠭᠤᠬᠠᠨ ᠤᠯᠠᠭᠠᠴᠢ ᠬᠣᠢᠨ᠎ᠠ ᠡᠴᠡ ᠨᠢ ᠳᠠᠭᠠᠯᠳᠤᠨ ᠬᠥᠳᠡᠯᠪᠡ᠃
  ᠊᠊᠊᠊᠊᠊᠊᠊᠊᠊᠊᠊᠊᠊᠊ ᠬᠠᠪᠤᠷ ᠴᠠᠭ᠂ ᠪᠠᠰᠠ ᠲᠡᠭᠡᠭᠡᠳ ᠬᠣᠲᠠ ᠶ᠋ᠢᠨ ᠥᠷᠲᠡᠭᠡᠨ ᠦ᠌ ᠮᠣᠷᠢ᠃ ᠰᠢᠷᠦᠭᠦᠨ ᠳᠠᠪᠬᠢᠯ ᠦᠭᠡᠢ ᠭᠠᠯᠭᠢᠭᠤᠬᠠᠨ ᠶᠠᠪᠤᠵᠤ ᠰᠢᠷ᠎ᠠ ᠬᠥᠪ ᠲᠡᠢ ᠵᠣᠯᠭᠠᠳᠠᠭ ᠬᠡᠷᠡᠭ ᠠ᠋ ᠭᠡᠵᠦ ᠡᠷᠳᠡᠨᠢ ᠶ᠋ᠢᠨ ᠬᠡᠯᠡᠬᠦ ᠳ᠋ᠦ᠍ ᠤᠯᠠᠭᠠᠴᠢ ᠨᠢ 《ᠶᠠᠭᠤ ᠴᠤ᠌ ᠭᠡᠰᠡᠨ ᠬᠡᠢ ᠬᠤᠢ ᠳ᠋ᠤ᠌ ᠬᠥᠭᠡᠭᠡᠭᠳᠡᠭᠰᠡᠨ ᠶᠤᠮ ᠰᠢᠭ ᠳᠣᠪᠲᠣᠯᠳᠠᠭ ᠡᠯᠴᠢ ᠪᠢᠰᠢ ᠯᠡ ᠪᠣᠯᠤᠯᠲᠠᠢ》 ᠭᠡᠵᠦ ᠪᠣᠳᠣᠭᠠᠳ ᠪᠠᠶᠠᠰᠪᠠᠴᠤ 《ᠡᠯᠢᠭᠡ ᠪᠡᠨ ᠲᠡᠪᠡᠷᠢᠭᠡᠳ ᠭᠠᠵᠠᠷ ᠠᠬᠢᠵᠤ ᠥᠭᠳᠡᠭ ᠦᠭᠡᠢ ᠮᠥᠭᠥ ᠶ᠋ᠢᠨ ᠬᠢᠲᠠᠳ ᠰᠢᠭ᠋ ᠵᠣᠯᠢᠭ ᠪᠢᠰᠢ ᠪᠠᠢᠭ᠎ᠠ ᠳᠠ᠃ ᠲᠡᠭᠡᠪᠡᠯ ᠴᠦ᠍ ᠭᠡᠭᠡ ᠲᠡᠢ ᠪᠤᠴᠠᠵᠤ ᠢᠷᠡᠵᠦ ᠴᠢᠳᠠᠬᠤ ᠦᠭᠡᠢ ᠵᠣᠯᠢᠭ ᠪᠣᠯᠤᠨ᠎ᠠ》 ᠭᠡᠵᠦ ᠲᠦᠪᠡᠭᠰᠢᠶᠡᠵᠦ ᠪᠠᠢᠯ᠎ᠠ᠃
  ᠥᠩᠭᠡᠷᠡᠭᠰᠡᠨ ᠡᠪᠦᠯ ᠴᠠᠭᠠᠨ ᠰᠠᠷ᠎ᠠ ᠶ᠋ᠢᠨ ᠳᠠᠷᠠᠭ᠎ᠠ ᠨᠢᠭᠡ ᠣᠷᠣᠢ ᠪᠠᠲᠤ ᠵᠢᠷᠭᠠᠯ ᠬᠣᠶᠠᠷ ᠨᠠᠷᠢᠨ ᠬᠣᠭᠣᠯᠠ ᠬᠢᠵᠦ ᠡᠷᠳᠡᠨᠢ ᠬᠤᠶᠠᠭ ᠬᠣᠶᠠᠷ ᠨᠢᠭᠡ ᠰᠢᠯ ᠠᠷᠢᠬᠢ ᠬᠤᠪᠢᠶᠠᠨ ᠤᠤᠭᠤᠵᠤ ᠲᠠᠪᠠᠲᠠᠢ ᠶᠠᠷᠢᠯᠴᠠᠵᠤ ᠪᠠᠢᠲᠠᠯ᠎ᠠ ᠴᠡᠷᠢᠭ ᠦ᠋ᠨ ᠶᠠᠮᠤᠨ ᠤ᠋ ᠵᠠᠷᠤᠯᠭ᠎ᠠ ᠢᠷᠡᠵᠦ 《ᠲᠠᠨ ᠢ᠋ ᠮᠠᠷᠭᠠᠰᠢ ᠥᠷᠯᠥᠭᠡ ᠶᠠᠭ ᠶᠢᠰᠦᠨ ᠴᠠᠭ ᠲᠤ᠌ ᠢᠷ᠎ᠡ》 ᠭᠡᠵᠦ ᠪᠦᠬᠦ ᠴᠡᠷᠢᠭ ᠦ᠋ᠨ ᠵᠠᠩᠵᠤᠨ ᠰᠦᠬᠡᠪᠠᠭᠠᠲᠤᠷ ᠲᠤᠰᠢᠶᠠᠯ᠎ᠠ ᠭᠡᠮᠡᠨ ᠡᠷᠳᠡᠨᠢ ᠳ᠋ᠦ᠍ ᠳᠠᠮᠵᠢᠭᠤᠯᠪᠠ᠃
  ᠲᠡᠷᠡ ᠨᠠᠮᠤᠷ ᠬᠤᠶᠠᠭ ᠰᠦᠬᠡᠪᠠᠭᠠᠲᠤᠷ ᠢ᠋ ᠳᠠᠭᠠᠵᠤ ᠵᠥᠪᠯᠡᠯᠲᠦ ᠤᠯᠤᠰ ᠤ᠋ᠨ ᠨᠡᠢᠰᠯᠡᠯ ᠮᠤᠰᠺᠧᠨ ᠣᠷᠣᠵᠤ ᠮᠣᠩᠭᠣᠯ ᠵᠥᠪᠯᠡᠯᠲᠦ ᠤᠯᠤᠰ ᠤ᠋ᠨ ᠬᠣᠭᠣᠷᠣᠨᠳᠣ ᠭᠡᠷ᠎ᠡ ᠪᠠᠢᠭᠤᠯᠬᠤ ᠠᠵᠢᠯ ᠳ᠋ᠤ᠌ ᠣᠷᠣᠯᠴᠠᠵᠤ ᠢᠷᠡᠭᠰᠡᠨ ᠪᠢᠯᠡ᠃ ᠡᠨᠡ ᠤᠴᠢᠷ ᠡᠴᠡ ᠲᠡᠭᠦᠨ ᠦ᠌ ᠶᠠᠷᠢᠶᠠᠨ ᠤ᠋ ᠶᠡᠬᠡᠩᠬᠢ ᠨᠢ ᠶᠡᠬᠡ ᠪᠠᠭᠰᠢ ᠯᠧᠨᠢᠨ ᠢ᠋ ᠬᠠᠷᠠᠭᠰᠠᠨ ᠲᠤᠬᠠᠢ ᠮᠤᠰᠺᠧᠨ ᠳ᠋ᠦ᠍ ᠦᠵᠡᠭᠰᠡᠨ ᠵᠦᠢᠯ᠂ ᠵᠠᠮ ᠤ᠋ᠨ ᠬᠥᠭ ᠪᠠᠢᠳᠠᠭ ᠶᠤᠮ᠃
  ᠰᠦᠬᠡᠪᠠᠭᠠᠲᠤᠷ ᠢ᠋ ᠮᠤᠰᠺᠧᠨ ᠳ᠋ᠦ᠍ ᠣᠴᠢᠭᠠᠳ ᠬᠡᠳᠦ ᠬᠣᠨᠣᠭᠰᠠᠨ ᠤ᠋ ᠳᠠᠷᠠᠭ᠎ᠠ ᠵᠣᠴᠢᠳ ᠪᠠᠭᠤᠳᠠᠯ ᠳ᠋ᠤᠨᠢ ᠭᠠᠳᠠᠭᠠᠳᠤ ᠶ᠋ᠢᠨ ᠬᠥᠷᠥᠩᠭᠡᠲᠡᠨ ᠤᠯᠤᠰ ᠤ᠋ᠨ ᠰᠣᠨᠢᠨ ᠰᠤᠷᠪᠤᠯᠵᠢᠯᠠᠭᠴᠢ ᠢᠷᠡᠵᠦ ᠠᠭᠤᠯᠵᠠᠬᠤ ᠳ᠋ᠤ᠌ ᠬᠤᠶᠠᠭ ᠳᠡᠷᠭᠡᠳᠡ ᠨᠢ ᠪᠠᠢᠭᠰᠠᠨ᠃ ᠲᠡᠷᠡ ᠰᠤᠷᠪᠤᠯᠵᠢᠯᠠᠭᠴᠢ ᠶᠡᠬᠡ ᠯᠡ ᠨᠠᠮᠪᠠᠲᠠᠢ ᠪᠠᠷ ᠨᠡᠷ᠎ᠡ ᠤᠰᠤ ᠪᠠᠨ ᠬᠡᠯᠡᠵᠦ ᠲᠠᠨᠢᠯᠴᠠᠭᠠᠳ
  ᠊᠊᠊᠊᠊᠊᠊᠊᠊᠊᠊᠊᠊᠊᠊ ᠨᠣᠶᠠᠨ ᠰᠦᠬᠡᠪᠠᠭᠠᠲᠤᠷ ᠲᠠᠨ ᠳ᠋ᠤ᠌ ᠮᠤᠰᠺᠧᠨ ᠦ᠌ ᠠᠭᠠᠷ ᠵᠣᠬᠢᠵᠤ ᠪᠠᠢᠨ᠎ᠠ ᠤᠤ? ᠭᠡᠵᠦ ᠠᠰᠠᠭᠤᠪᠠ᠃
  ᠊᠊᠊᠊᠊᠊᠊᠊᠊᠊᠊᠊᠊᠊᠊ ᠶᠠᠭ ᠯᠠ ᠮᠠᠨ ᠤ᠋ ᠨᠤᠲᠤᠭ ᠤ᠋ᠨ ᠠᠭᠠᠷ ᠰᠢᠭ᠋ ᠪᠠᠢᠨ᠎ᠠ ᠭᠡᠳ ᠰᠦᠬᠡᠪᠠᠭᠠᠲᠤᠷ ᠨᠢᠳᠦ ᠪᠡᠷ ᠢ᠋ᠶ᠋ᠡᠨ ᠬᠥᠭᠵᠢᠯᠲᠡᠢ ᠢᠨᠢᠶᠡᠮᠰᠦᠭᠯᠡᠪᠡ᠃ ᠰᠤᠷᠪᠤᠯᠵᠢᠯᠠᠭᠴᠢ ᠮᠣᠩᠭᠣᠯ ᠤ᠋ᠨ ᠬᠤᠪᠢᠰᠬᠠᠯ ᠤ᠋ᠨ ᠲᠤᠬᠠᠢ᠂ ᠮᠣᠩᠭᠣᠯ ᠳ᠋ᠤ᠌ ᠲᠣᠭᠲᠠᠭᠰᠠᠨ ᠵᠠᠰᠠᠭ ᠤ᠋ᠨ ᠲᠤᠬᠠᠢ ᠡᠯᠳᠡᠪ ᠢ᠋ ᠠᠰᠠᠭᠤᠵᠤ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠨᠣᠶᠠᠨ ᠰᠦᠬᠡᠪᠠᠭᠠᠲᠤᠷ ᠲᠠ ᠮᠣᠩᠭᠣᠯ ᠤᠯᠤᠰ ᠭᠡᠵᠦ ᠶᠠᠷᠢᠬᠤ ᠶᠤᠮ᠃ ᠭᠡᠲᠡᠯ᠎ᠡ ᠭᠠᠳᠠᠭᠠᠳᠤ ᠮᠣᠩᠭᠣᠯ ᠢ᠋ ᠤᠯᠤᠰ ᠭᠡᠵᠦ ᠳᠡᠯᠡᠬᠡᠢ ᠳ᠋ᠠᠬᠢᠨ ᠤ᠋ ᠭᠦᠷᠦᠨ ᠠᠩᠭ᠌ᠯᠢ᠂ ᠠᠮᠧᠷᠢᠺᠠ᠂ ᠹᠷᠠᠨᠼᠢ᠂ ᠵᠥᠪᠰᠢᠶᠡᠷᠡᠭᠡ ᠦᠭᠡᠢ ᠰᠢᠦ ᠳᠡ ᠭᠡᠳ ᠶᠡᠬᠡ ᠯᠡ ᠶᠣᠵᠣᠲᠠᠢ ᠬᠠᠷᠠᠯ᠎ᠠ᠃
  ᠊᠊᠊᠊᠊᠊᠊᠊᠊᠊᠊᠊᠊᠊᠊ ᠵᠡᠪᠰᠡᠭ ᠪᠠᠷᠢᠵᠤ ᠪᠣᠰᠤᠭᠰᠠᠨ ᠮᠣᠩᠭᠣᠯ ᠤ᠋ᠨ ᠠᠷᠠᠳ ᠲᠦᠮᠡᠨ ᠥᠪᠡᠷᠰᠡᠳ ᠢ᠋ᠶ᠋ᠡᠨ ᠵᠥᠪᠰᠢᠶᠡᠷᠡᠭᠰᠡᠨ᠃ ᠪᠣᠳᠣᠪᠠᠯ ᠠᠩᠭ᠌ᠯᠢ᠂ ᠹᠷᠠᠨᠼᠢ ᠶ᠋ᠢᠨ ᠵᠠᠰᠠᠭ ᠤ᠋ᠨ ᠭᠠᠵᠠᠷ ᠬᠡᠵᠢᠶ᠎ᠡ ᠨᠢᠭᠡᠨ ᠴᠠᠭ ᠲᠤ᠌ ᠬᠢᠭᠰᠡᠨ ᠠᠯᠳᠠᠭ᠎ᠠ ᠪᠠᠨ ᠣᠢᠯᠠᠭᠠᠵᠤ ᠵᠥᠪᠰᠢᠶᠡᠷᠡᠬᠦ ᠪᠠᠢᠬᠤ ᠭᠡᠵᠦ ᠢᠲᠡᠭᠡᠵᠦ ᠪᠠᠢᠨ᠎ᠠ ᠭᠡᠬᠦ ᠳ᠋ᠦ᠍ ᠬᠤᠶᠠᠭ ᠲᠡᠰᠴᠦ ᠴᠢᠳᠠᠭᠰᠠᠨ ᠦᠭᠡᠢ᠃ 《ᠶᠣᠰᠣᠲᠠᠢ ᠳᠠ ᠵᠠᠩᠵᠤᠨ ᠮᠢᠨᠢ》 ᠭᠡᠵᠦ ᠳᠠᠭᠤ ᠠᠯᠳᠠᠪᠠ᠃
  ᠬᠤᠶᠠᠭ ᠢ᠋ ᠢᠩᠭᠢᠵᠦ ᠳᠠᠭᠤ ᠠᠯᠳᠠᠬᠤ ᠳ᠋ᠤᠨᠢ ᠰᠦᠬᠡᠪᠠᠭᠠᠲᠤᠷ ᠬᠠᠷᠠᠵᠤ ᠲᠠᠢᠪᠤᠩ ᠢᠨᠢᠶᠡᠮᠰᠦᠭᠯᠡᠭᠰᠡᠨ ᠪᠥᠭᠡᠳ ᠰᠤᠷᠪᠤᠯᠵᠢᠯᠠᠭᠴᠢ ᠶ᠋ᠢ ᠭᠠᠷᠤᠭᠰᠠᠨ ᠤ᠋ ᠳᠠᠷᠠᠭ᠎ᠠ 《ᠴᠢ ᠴᠢᠨᠢ ᠤᠤᠯᠭᠠᠮᠴᠢ ᠴᠢᠪᠠᠭᠠᠨᠴᠠ ᠰᠢᠭ᠋ ᠶᠠᠭᠠᠬᠢᠭᠰᠠᠨ ᠬᠠᠮᠢᠶ᠎ᠠ ᠦᠭᠡᠢ ᠬᠠᠰᠬᠢᠷᠬᠤ ᠶᠤᠮ ᠪᠣᠢ?》 ᠭᠡᠵᠦ ᠵᠢᠮᠡᠯᠡᠭᠰᠡᠨ ᠶᠤᠮ᠃
  ᠊᠊᠊᠊᠊᠊᠊᠊᠊᠊᠊᠊᠊᠊᠊ ᠲᠠ ᠪᠢᠴᠢᠭ ᠦᠰᠦᠭ ᠮᠡᠳᠡᠬᠦ ᠦᠭᠡᠢ ᠪᠠᠰᠠ ᠣᠯᠢᠭᠲᠠᠢ ᠬᠢᠲᠤᠭ᠎ᠠ ᠴᠤ᠌ ᠬᠢᠵᠦ ᠴᠢᠳᠠᠬᠤ ᠦᠭᠡᠢ ᠮᠠᠯᠴᠢᠳ ᠢ᠋ ᠶᠠᠭᠠᠬᠢᠵᠤ ᠲᠡᠢᠮᠦ ᠲᠣᠮᠣ ᠵᠣᠷᠢᠯᠭ᠎ᠠ ᠳ᠋ᠤ᠌ ᠪᠣᠰᠠᠭᠵᠤ ᠴᠢᠳᠠᠭᠰᠠᠨ ᠶᠤᠮ ᠪᠣᠢ? ᠭᠡᠵᠦ ᠰᠤᠷᠪᠤᠯᠵᠢᠯᠠᠭᠴᠢ ᠠᠰᠠᠭᠤᠪᠠ᠃
  ᠊᠊᠊᠊᠊᠊᠊᠊᠊᠊᠊᠊᠊᠊᠊ ᠪᠢ ᠪᠣᠰᠠᠭᠭ᠎ᠠ ᠦᠭᠡᠢ᠃ ᠲᠣᠨᠣᠭᠳᠠᠵᠤ᠂ ᠳᠠᠷᠤᠯᠠᠭᠳᠠᠵᠤ ᠲᠡᠰᠬᠦ ᠪᠡᠨ ᠪᠣᠯᠢᠭᠰᠠᠨ ᠠᠷᠠᠳ ᠲᠦᠮᠡᠨ ᠥᠪᠡᠷᠰᠡᠳ ᠢ᠋ᠶ᠋ᠡᠨ ᠪᠣᠰᠤᠭᠰᠠᠨ᠃ ᠪᠢ ᠪᠣᠯ ᠲᠡᠭᠦᠨ ᠦ᠌ ᠨᠢᠭᠡ ᠨᠢ᠃
  ᠊᠊᠊᠊᠊᠊᠊᠊᠊᠊᠊᠊᠊᠊᠊ ᠲᠠ ᠪᠠᠢᠭᠤᠯᠤᠭᠰᠠᠨ ᠤᠯᠤᠰ ᠭᠡᠭᠴᠢ ᠪᠡᠨ ᠲᠣᠭᠲᠠᠵᠤ ᠴᠢᠳᠠᠨ᠎ᠠ ᠭᠡᠵᠦ ᠢᠲᠡᠭᠡᠵᠦ ᠪᠠᠢᠨ᠎ᠠ ᠤᠤ?
  ᠊᠊᠊᠊᠊᠊᠊᠊᠊᠊᠊᠊᠊᠊᠊ ᠨᠢᠭᠡᠳᠦᠭᠡᠷ ᠲᠦ᠍ ᠲᠠ ᠪᠤᠷᠤᠭᠤ ᠶᠠᠷᠢᠵᠤ ᠪᠠᠢᠨ᠎ᠠ᠃ ᠤᠯᠤᠰ ᠭᠡᠭᠴᠢ ᠪᠢᠰᠢ᠂ ᠤᠯᠤᠰ ᠶᠤᠮ ᠰᠢᠦ᠃ ᠬᠣᠶᠠᠳᠤᠭᠠᠷ ᠲᠤ᠌ ᠲᠣᠭᠲᠠᠵᠤ ᠴᠢᠳᠠᠬᠤ ᠳ᠋ᠤ᠌ ᠶᠠᠮᠠᠷ ᠴᠤ᠌ ᠡᠷᠡᠭᠡᠯᠵᠡᠭᠡ ᠦᠭᠡᠢ ᠢᠲᠡᠭᠡᠳᠡᠭ᠃
  ᠊᠊᠊᠊᠊᠊᠊᠊᠊᠊᠊᠊᠊᠊᠊ ᠲᠠ ᠶᠠᠮᠠᠷ ᠰᠢᠳᠢ ᠲᠡᠢ ᠬᠥᠮᠦᠨ ᠪᠠᠢᠭᠰᠠᠨ ᠡᠴᠡ ᠲᠡᠭᠡᠵᠦ ᠡᠷᠡᠭᠡᠯᠵᠡᠭᠡ ᠦᠭᠡᠢ ᠢᠲᠡᠭᠡᠳᠡᠭ ᠶᠤᠮ ᠪᠣᠯ?
  ᠊᠊᠊᠊᠊᠊᠊᠊᠊᠊᠊᠊᠊᠊᠊ ᠳᠠᠷᠤᠯᠠᠭᠳᠠᠯ ᠤ᠋ᠨ ᠭᠢᠨᠵᠢᠨ ᠳ᠋ᠦ᠍ ᠶᠠᠰᠤᠨ ᠡᠴᠡ ᠪᠡᠨ ᠵᠢᠭᠰᠢᠭᠰᠡᠨ ᠠᠷᠠᠳ ᠲᠦᠮᠡᠨ ᠪᠠᠢᠨ᠎ᠠ᠃ ᠪᠠᠰᠠ ᠣᠢᠷ᠎ᠠ ᠶ᠋ᠢᠨ ᠡᠳᠦᠷ ᠨᠢᠭᠡ ᠪᠠᠷᠢᠮᠲᠠ ᠪᠢᠴᠢᠭ ᠳᠡᠯᠡᠬᠡᠢ ᠳ᠋ᠠᠬᠢᠨ ᠤ᠋ ᠰᠣᠨᠣᠷ ᠲᠤ᠌ ᠬᠦᠷᠦᠨ᠎ᠡ᠃
  ᠊᠊᠊᠊᠊᠊᠊᠊᠊᠊᠊᠊᠊᠊᠊ ᠵᠥᠪᠯᠡᠯᠲᠦ ᠮᠣᠩᠭᠣᠯ ᠤ᠋ᠨ ᠭᠡᠷ᠎ᠡ ᠤᠤ?
  ᠊᠊᠊᠊᠊᠊᠊᠊᠊᠊᠊᠊᠊᠊᠊ ᠲᠠ ᠶᠠᠭ ᠳᠠᠭᠠᠵᠤ ᠪᠠᠢᠨ᠎ᠠ᠃
  ᠊᠊᠊᠊᠊᠊᠊᠊᠊᠊᠊᠊᠊᠊᠊ ᠲᠠᠨ ᠤ᠋ ᠬᠢ ᠵᠢᠵᠢᠭ᠂ ᠣᠷᠣᠰ ᠪᠣᠯ ᠶᠡᠬᠡ ᠤᠯᠤᠰ ᠰᠢᠦ ᠳᠡ ᠭᠡᠵᠦ ᠰᠤᠷᠪᠤᠯᠵᠢᠯᠠᠭᠴᠢ ᠶ᠋ᠢᠨ ᠬᠡᠯᠡᠬᠦ ᠳ᠋ᠦ᠍ ᠳᠠᠭᠤᠨ ᠳ᠋ᠤᠨᠢ 《ᠤᠳᠠᠬᠤ ᠦᠭᠡᠢ ᠲᠠ ᠨᠠᠷ ᠢ᠋ ᠣᠷᠣᠰ ᠤ᠋ᠳ ᠵᠠᠯᠭᠢᠵᠤ ᠣᠷᠬᠢᠨ᠎ᠠ ᠳᠠ》 ᠭᠡᠰᠡᠨ ᠶᠣᠭᠲᠠ ᠥᠩᠭᠡ ᠪᠠᠢᠨ᠎ᠠ᠃
  ᠊᠊᠊᠊᠊᠊᠊᠊᠊᠊᠊᠊᠊᠊᠊ ᠲᠠ ᠶᠡᠬᠡ ᠪᠠᠭ᠎ᠠ ᠶ᠋ᠢᠨ ᠲᠤᠬᠠᠢ ᠲᠤᠩ ᠪᠠᠯᠠᠷᠬᠠᠢ ᠣᠢᠯᠠᠭᠠᠯᠲᠠ ᠲᠠᠢ ᠬᠥᠮᠦᠨ ᠶᠤᠮ ᠠ᠋᠃ ᠣᠳᠣ ᠴᠢᠨᠢ ᠰᠢᠨ᠎ᠡ ᠦᠶ᠎ᠡ᠂ ᠰᠢᠨ᠎ᠡ ᠲᠡᠦᠬᠡ ᠡᠬᠢᠯᠡᠭᠰᠡᠨ ᠪᠣᠯᠬᠣᠷ ᠵᠠᠷᠢᠮ ᠨᠢᠭᠡᠨ ᠪᠠᠯᠠᠷᠬᠠᠢ ᠣᠢᠯᠠᠭᠠᠯᠲᠠ ᠪᠠᠨ ᠲᠣᠳᠣ ᠪᠣᠯᠭᠠᠪᠠᠯ ᠵᠦᠭᠡᠷ ᠰᠠᠨ ᠳᠠ᠃
  ᠊᠊᠊᠊᠊᠊᠊᠊᠊᠊᠊᠊᠊᠊᠊ ᠬᠠᠷᠠᠵᠤ ᠯᠠ ᠪᠠᠢᠵᠤ ᠪᠣᠯᠤᠶ᠎ᠠ᠃
  ᠊᠊᠊᠊᠊᠊᠊᠊᠊᠊᠊᠊᠊᠊᠊ ᠲᠡᠷᠡ ᠯᠠ ᠶᠣᠰᠣᠲᠠᠢ ᠦᠨᠡᠨ ᠦᠭᠡ᠃
  ᠢᠩᠭᠢᠵᠦ ᠶᠠᠷᠢᠭᠠᠳ ᠰᠤᠷᠪᠤᠯᠵᠢᠯᠠᠭᠴᠢ ᠶᠠᠪᠤᠭᠰᠠᠨ ᠤ᠋ ᠳᠠᠷᠠᠭ᠎ᠠ ᠰᠦᠬᠡᠪᠠᠭᠠᠲᠤᠷ ᠬᠡᠰᠡᠭ ᠳᠠᠭᠤ ᠦᠭᠡᠢ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠬᠠᠷᠠᠭᠤᠯᠵᠤ ᠴᠢᠳᠠᠬᠤ ᠤᠤ? ᠭᠡᠵᠦ ᠬᠤᠶᠠᠭ ᠡᠴᠡ ᠠᠰᠠᠭᠤᠪᠠ᠃
  ᠊᠊᠊᠊᠊᠊᠊᠊᠊᠊᠊᠊᠊᠊᠊ ᠴᠢᠳᠠᠨ᠎ᠠ ᠵᠠᠩᠵᠤᠨ ᠮᠢᠨᠢ ᠭᠡᠵᠦ ᠬᠤᠶᠠᠭ ᠬᠡᠯᠡᠭᠡᠳ ᠴᠡᠷᠢᠭ ᠦ᠋ᠨ ᠬᠥᠮᠦᠨ ᠦ᠌ ᠶᠣᠰᠣ ᠪᠠᠷ ᠳᠠᠪ ᠬᠢᠲᠡᠯ᠎ᠡ ᠶᠣᠰᠣᠯᠠᠪᠠ᠃
  ᠬᠤᠶᠠᠭ ᠡᠨᠡ ᠪᠦᠬᠦᠨ ᠢ᠋ ᠡᠷᠳᠡᠨᠢ ᠳ᠋ᠦ᠍ ᠣᠯᠠᠨ ᠳᠠᠬᠢᠨ ᠶᠠᠷᠢᠭᠰᠠᠨ ᠪᠢᠯᠡ᠃ ᠭᠡᠪᠡᠴᠦ ᠡᠷᠳᠡᠨᠢ ᠳᠠᠬᠢᠨ ᠳᠠᠬᠢᠨ ᠰᠣᠨᠣᠰᠬᠤ ᠳᠤᠷ᠎ᠠ ᠲᠠᠢ᠃ ᠤᠴᠢᠷ ᠨᠢ ᠮᠣᠩᠭᠣᠯᠴᠤᠳ ᠬᠡᠨ ᠶᠤᠮ ᠪᠣᠢ ᠭᠡᠳᠡᠭ ᠢ᠋ ᠳᠡᠯᠡᠬᠡᠢ ᠳ᠋ᠠᠬᠢᠨ ᠳ᠋ᠤ᠌ ᠬᠠᠷᠠᠭᠤᠯᠬᠤ ᠬᠦᠰᠡᠯ ᠪᠣᠯ ᠪᠦᠬᠦᠨ ᠦ᠌ ᠬᠦᠰᠡᠯ᠂ ᠡᠷᠳᠡᠨᠢ ᠶ᠋ᠢᠨ ᠬᠦᠰᠡᠯ ᠪᠠᠢᠵᠤ ᠪᠢᠯᠡ᠃
  ᠡᠷᠳᠡᠨᠢ ᠬᠤᠶᠠᠭ ᠬᠣᠶᠠᠷ ᠰᠥᠨᠢ ᠣᠷᠣᠢ ᠪᠣᠯᠲᠠᠯ᠎ᠠ ᠶᠠᠷᠢᠯᠴᠠᠵᠤ ᠪᠠᠢᠭᠠᠳ ᠤᠨᠲᠠᠵᠠᠢ᠃ ᠮᠠᠷᠭᠠᠰᠢ ᠨᠢ ᠶᠠᠭ ᠶᠢᠰᠦᠨ ᠴᠠᠭ ᠲᠤ᠌ ᠡᠷᠳᠡᠨᠢ ᠰᠦᠬᠡᠪᠠᠭᠠᠲᠤᠷ ᠤ᠋ᠨ ᠲᠠᠰᠤᠯᠭᠠᠨ ᠤ᠋ ᠡᠭᠦᠳᠡᠨ ᠳ᠋ᠦ᠍ ᠣᠴᠢᠲᠠᠯ᠎ᠠ ᠳᠣᠲᠣᠷ᠎ᠠ ᠨᠢ ᠵᠠᠩᠵᠤᠨ ᠤ᠋ ᠳᠠᠭᠤ ᠬᠠᠲᠠᠵᠤ ᠪᠠᠢᠯ᠎ᠠ᠃
  ᠊᠊᠊᠊᠊᠊᠊᠊᠊᠊᠊᠊᠊᠊᠊ ᠯᠤᠢᠪᠠᠷᠴᠢᠨ ᠲᠠᠢ ᠨᠡᠢᠯᠡᠵᠦ ᠴᠡᠷᠢᠭ ᠦ᠋ᠨ ᠬᠣᠭᠣᠯᠠᠨ ᠳ᠋ᠤ᠌ ᠦᠬᠦᠭᠰᠡᠨ ᠦᠬᠡᠷ ᠦ᠋ᠨ ᠮᠢᠬ᠎ᠠ ᠪᠡᠯᠡᠳᠬᠡᠨ᠎ᠡ ᠭᠡᠨ᠎ᠡ ᠠ᠋᠃ ᠮᠠᠷᠭᠠᠰᠢ ᠠᠪᠤᠭᠰᠠᠨ ᠮᠢᠬ᠎ᠠ ᠪᠠᠨ ᠪᠤᠴᠠᠭᠠᠵᠤ ᠥᠭᠭᠦᠭᠡᠳ ᠴᠡᠷᠢᠭ ᠲᠦ᠍ ᠰᠠᠢᠨ ᠮᠢᠬ᠎ᠠ ᠨᠡᠢᠯᠡᠭᠦᠯᠵᠦ ᠥᠭᠬᠦ ᠦᠭᠡᠢ ᠪᠣᠯ ᠨᠥᠭᠥᠭᠡᠳᠦᠷ ᠥᠷᠯᠥᠭᠡ ᠰᠢᠷ᠎ᠠ ᠬᠠᠳᠠᠨ ᠳ᠋ᠤ᠌ ᠣᠴᠢᠨ᠎ᠠ ᠭᠡᠵᠦ ᠮᠡᠳᠡᠭᠡᠷᠡᠢ! ᠭᠠᠷ! ᠭᠡᠵᠦ ᠰᠦᠷ ᠲᠡᠢ ᠬᠠᠰᠬᠢᠷᠪᠠ᠃
  ᠡᠭᠦᠳᠡ ᠪᠡᠷ ᠨᠢᠭᠤᠷ ᠤ᠋ᠨ ᠬᠢᠨᠢ ᠬᠥᠯᠥᠰᠥ ᠠᠰᠬᠠᠷᠠᠭᠰᠠᠨ ᠵᠠᠮᠪᠠᠯ ᠭᠠᠷᠴᠤ ᠢᠷᠡᠭᠡᠳ ᠰᠢᠨᠧᠯ ᠦ᠋ᠨ ᠬᠠᠨᠴᠤᠢ ᠪᠠᠷ ᠮᠠᠩᠨᠠᠢ ᠪᠠᠨ ᠠᠷᠴᠢᠭᠰᠠᠨ ᠢ᠋ᠶ᠋ᠠᠨ ᠤᠬᠤᠰᠬᠢᠨ ᠠᠯᠠᠭ᠎ᠠ ᠪᠣᠯᠪᠠ᠃ ᠡᠷᠳᠡᠨᠢ ᠲᠠᠰᠤᠯᠭᠠᠨ ᠳ᠋ᠤ᠌ ᠣᠷᠣᠬᠤ ᠳ᠋ᠤ᠌ ᠴᠢᠷᠠᠢ ᠨᠢ ᠶᠡᠷᠦ ᠪᠤᠰᠤ ᠶ᠋ᠢᠨ ᠬᠦᠷᠡᠩ ᠬᠠᠷ᠎ᠠ ᠪᠣᠯᠤᠨ ᠪᠠᠷᠤᠢᠵᠤ᠂ ᠪᠠᠷᠠᠭᠠᠨ ᠪᠣᠯᠤᠭᠰᠠᠨ ᠰᠦᠬᠡᠪᠠᠭᠠᠲᠤᠷ ᠬᠣᠶᠠᠷ ᠭᠠᠷ ᠲᠠᠭᠠᠨ ᠤᠷᠠᠭᠳᠠᠭᠰᠠᠨ ᠴᠠᠭᠠᠰᠤᠨ ᠤ᠋ ᠲᠠᠰᠤᠷᠬᠠᠢ ᠴᠢᠩᠭ᠎ᠠ ᠪᠠᠵᠠᠨ ᠵᠣᠭᠰᠣᠵᠤ ᠪᠠᠢᠯ᠎ᠠ᠃ ᠡᠷᠳᠡᠨᠢ ᠡᠮᠦᠨ᠎ᠡ ᠨᠢ ᠶᠣᠰᠣᠯᠠᠨ ᠵᠣᠭᠰᠣᠪᠠ᠃ ᠵᠠᠩᠵᠤᠨ ᠭᠠᠷ ᠳᠠᠬᠢ ᠴᠠᠭᠠᠰᠤ ᠪᠠᠨ ᠬᠠᠷᠠᠭᠰᠠᠨ ᠢ᠋ᠶ᠋ᠠᠨ
  《ᠭᠡᠷ᠎ᠡ ᠭᠡᠨ᠎ᠡ᠃ ᠤᠯᠤᠰ ᠤ᠋ᠨ ᠬᠥᠷᠥᠩᠭᠡ ᠶ᠋ᠢ ᠲᠡᠭᠡᠵᠦ ᠢᠳᠡᠬᠦ ᠤᠤ? ᠪᠣᠳᠣᠯ ᠴᠢᠨᠢ ᠪᠣᠭᠣᠨᠢ ᠪᠠᠢᠨ᠎ᠠ》 ᠭᠡᠳ ᠰᠢᠲᠠᠵᠤ ᠣᠷᠬᠢᠭᠠᠳ ᠨᠢᠳᠦ ᠪᠡᠨ ᠲᠠᠰᠤ ᠠᠨᠢᠨ ᠳᠠᠯᠤ ᠪᠠᠨ ᠬᠠᠪᠴᠢᠵᠤ ᠰᠢᠯᠭᠡᠭᠡᠭᠰᠡᠨ ᠢ᠋ᠶ᠋ᠡᠨ ᠭᠠᠷ ᠢ᠋ᠶ᠋ᠠᠨ ᠰᠤᠩᠭᠠᠪᠠ᠃ ᠡᠷᠳᠡᠨᠢ ᠲᠡᠷᠡ ᠭᠠᠷ ᠢ᠋ ᠪᠠᠷᠢᠪᠠᠯ ᠬᠠᠯᠠᠭᠤᠨ ᠴᠠᠢ ᠲᠠᠢ ᠳᠠᠩᠬᠤᠨ ᠳ᠋ᠤ᠌ ᠬᠦᠷᠦᠭᠰᠡᠨ ᠮᠡᠲᠦ ᠠᠵᠢ᠃ 《ᠪᠢ ᠭᠠᠳᠠᠨ᠎ᠠ ᠡᠴᠡ ᠣᠷᠣᠵᠤ ᠢᠷᠡᠭᠰᠡᠨ ᠪᠣᠯᠬᠣᠷ ᠵᠠᠩᠵᠤᠨ ᠤ᠋ ᠭᠠᠷ ᠡᠢᠮᠦ ᠬᠠᠯᠠᠭᠤᠨ ᠪᠠᠢᠭ᠎ᠠ ᠶᠤᠮ ᠪᠣᠯᠪᠠ ᠤᠤ》 ᠭᠡᠵᠦ ᠪᠣᠳᠣᠪᠠ᠃
  ᠊᠊᠊᠊᠊᠊᠊᠊᠊᠊᠊᠊᠊᠊᠊ ᠵᠠ ᠰᠠᠭᠤ ᠭᠡᠳ ᠰᠦᠬᠡᠪᠠᠭᠠᠲᠤᠷ ᠴᠠᠭᠠᠰᠤᠨ ᠲᠠᠮᠠᠬᠢ ᠭᠠᠷᠭᠠᠵᠤ ᠵᠠᠭᠤᠭᠠᠳ ᠴᠦᠳᠠᠠᠵᠠ ᠵᠢᠷᠤᠨ ᠠᠰᠠᠭᠠᠵᠤ ᠰᠤᠷᠤᠭᠰᠠᠨ ᠢ᠋ᠶ᠋ᠠᠨ᠄
  ᠊᠊᠊᠊᠊᠊᠊᠊᠊᠊᠊᠊᠊᠊᠊ ᠶᠠᠮᠠᠷ ᠬᠠᠴᠢᠨ ᠠᠮᠲᠠᠲᠠᠢ ᠶᠤᠮ ᠪᠣᠢ? ᠨᠢᠭᠡ ᠯᠡ ᠡᠪ ᠦᠭᠡᠢ ᠶᠠᠭᠤᠮᠠᠨ ᠤ᠋ ᠦᠨᠦᠷ ᠰᠢᠩᠭᠡᠭᠰᠡᠨ ᠪᠣᠯᠤᠯᠲᠠᠢ᠃ ᠵᠦᠭᠡᠷ ᠯᠡ ᠪᠠᠢᠳᠠᠭ ᠰᠠᠨ᠃ ᠨᠣᠷᠴᠢᠬᠠᠭᠰᠠᠨ ᠶᠤᠮ ᠪᠣᠯᠪᠠ ᠤᠤ? ᠴᠢᠮ᠎ᠠ ᠳ᠋ᠤ᠌ ᠲᠠᠮᠠᠬᠢ ᠪᠠᠢᠨ᠎ᠠ ᠤᠤ? ᠭᠡᠯ᠎ᠡ᠃
  ᠊᠊᠊᠊᠊᠊᠊᠊᠊᠊᠊᠊᠊᠊᠊ ᠭᠠᠩᠰᠠ ᠲᠠᠮᠠᠬᠢ ᠯᠠ ᠪᠠᠢᠨ᠎ᠠ᠃
  ᠊᠊᠊᠊᠊᠊᠊᠊᠊᠊᠊᠊᠊᠊᠊ ᠰᠠᠪᠠ ᠲᠠᠢ ᠲᠠᠮᠠᠬᠢ ᠪᠠᠨ ᠥᠭᠭᠦᠭᠡᠴᠢ ᠭᠡᠳ ᠡᠷᠭᠢᠵᠦ ᠰᠢᠷᠡᠭᠡᠨ ᠳᠡᠭᠡᠷ᠎ᠡ ᠡᠴᠡ ᠪᠡᠨ ᠲᠣᠮᠣ ᠳᠥᠷᠪᠡᠯᠵᠢᠨ ᠳᠠᠢᠯᠢᠶᠠᠨ ᠴᠠᠭᠠᠰᠤ ᠠᠪᠴᠤ ᠬᠡᠰᠡᠭ ᠢ᠋ ᠲᠠᠰᠤᠯᠤᠨ᠂ ᠡᠷᠳᠡᠨᠢ ᠶ᠋ᠢᠨ ᠰᠠᠪᠠ ᠲᠠᠢ ᠲᠠᠮᠠᠬᠢ ᠡᠴᠡ ᠴᠢᠮᠬᠢᠨ ᠰᠤᠷᠮᠠᠭᠠᠢ ᠴᠤᠪᠤᠷᠠᠭᠤᠯᠤᠨ᠂ ᠬᠡᠯᠡᠨ ᠦ᠌ ᠪᠡᠨ ᠦᠵᠦᠭᠦᠷ ᠢ᠋ᠶ᠋ᠡᠷ ᠰᠢᠯᠦᠰᠦᠨ ᠳ᠋ᠦ᠍ ᠣᠷᠢᠶᠠᠬᠤ ᠵᠠᠭᠤᠷ᠎ᠠ᠂ 《ᠠᠦ᠋ᠲ᠋ᠣᠨᠣᠮᠢᠲᠤ ᠶ᠋ᠢᠨ ᠴᠡᠷᠢᠭ ᠲᠦ᠍ ᠪᠠᠢᠬᠤ ᠳ᠋ᠠᠭᠠᠨ ᠣᠷᠣᠰ ᠰᠤᠷᠭᠠᠭᠴᠢ ᠨᠠᠷ ᠡᠴᠡ ᠰᠤᠷᠤᠭᠰᠠᠨ ᠶᠤᠮ》 ᠭᠡᠳ ᠵᠠᠭᠤᠵᠤ ᠠᠰᠠᠭᠠᠨ ᠨᠢᠭᠡ ᠰᠤᠷᠤᠭᠰᠠᠨ ᠢ᠋ᠶ᠋ᠠᠨ 《ᠦᠭᠡᠢ ᠡᠨᠡ ᠴᠢᠨᠢ ᠶᠠᠭᠤ ᠪᠣᠯᠵᠤ ᠣᠷᠬᠢᠪᠠ ᠠ᠋᠃ ᠲᠠᠮᠠᠬᠢ ᠡᠴᠡ ᠭᠠᠷᠬᠤ ᠨᠢ ᠶᠤᠮ ᠪᠣᠯᠪᠠ ᠤᠤ᠂ ᠪᠠᠰᠠ ᠯᠠ ᠡᠪ ᠦᠭᠡᠢ ᠠᠮᠲᠠᠲᠠᠢ ᠪᠠᠢᠨ᠎ᠠ᠃ ᠠᠯᠢ ᠶᠠᠭᠤᠮ᠎ᠠ ᠬᠣᠯᠢᠭᠰᠠᠨ ᠶᠤᠮ ᠤᠤ?》 ᠭᠡᠳ ᠲᠠᠮᠰᠢᠶᠠᠯᠠᠪᠠ᠃
  ᠡᠷᠳᠡᠨᠢ ᠵᠠᠩᠵᠤᠨ ᠤ᠋ ᠭᠠᠷ ᠬᠠᠯᠠᠭᠤᠨ ᠪᠠᠢᠭᠰᠠᠨ ᠤ᠋ ᠤᠴᠢᠷ ᠢ᠋ ᠮᠡᠳᠡᠵᠦ
  ᠊᠊᠊᠊᠊᠊᠊᠊᠊᠊᠊᠊᠊᠊᠊ ᠲᠠ ᠯᠠᠪ ᠬᠠᠯᠠᠭᠤᠷᠠᠵᠤ ᠪᠠᠢᠭ᠎ᠠ ᠪᠠᠢᠬ᠎ᠠ ᠭᠡᠪᠡᠯ᠂
  ᠊᠊᠊᠊᠊᠊᠊᠊᠊᠊᠊᠊᠊᠊᠊ ᠶᠠᠭᠠᠬᠢᠵᠤ ᠪᠠᠢᠨ᠎ᠠ?
  ᠊᠊᠊᠊᠊᠊᠊᠊᠊᠊᠊᠊᠊᠊᠊ ᠲᠠᠮᠠᠬᠢ ᠡᠪ ᠦᠭᠡᠢ ᠠᠮᠲᠠᠭᠳᠠᠳᠠᠭ ᠶᠤᠮ᠃
  ᠊᠊᠊᠊᠊᠊᠊᠊᠊᠊᠊᠊᠊᠊᠊ ᠦᠭᠡᠢ ᠪᠠᠢᠯ ᠦᠭᠡᠢ ᠳᠡ᠃ ᠪᠢ ᠬᠠᠯᠠᠭᠤᠷᠠᠬᠤ ᠶ᠋ᠢ ᠪᠢᠲᠡᠭᠡᠢ ᠬᠡᠯᠡ᠂ ᠬᠠᠮᠠᠷ ᠤ᠋ᠨ ᠬᠠᠨᠢᠶᠠᠳᠤ ᠬᠦᠷᠳᠡᠭ ᠦᠭᠡᠢ ᠶᠤᠮᠰᠠᠨ ᠭᠡᠳ ᠲᠠᠮᠠᠬᠢ ᠪᠠᠨ ᠦᠨᠡᠰᠦᠨ ᠦ᠌ ᠰᠠᠪᠠᠨ ᠳ᠋ᠤ᠌ ᠨᠤᠬᠤᠵᠤ ᠤᠨᠲᠠᠷᠠᠭᠠᠭᠰᠠᠨ ᠢ᠋ᠶ᠋ᠠᠨ᠄
  ᠊᠊᠊᠊᠊᠊᠊᠊᠊᠊᠊᠊᠊᠊᠊ ᠴᠢᠮᠠᠶ᠋ᠢ ᠡᠰᠢ ᠳᠠᠰᠢ ᠨᠢ ᠬᠥᠳᠡᠯᠭᠡᠬᠦ ᠦᠭᠡᠢ ᠰᠠᠨ ᠭᠡᠵᠦ ᠪᠣᠳᠣᠭᠰᠠᠨ᠃ ᠭᠡᠲᠡᠯ᠎ᠡ ᠪᠢᠳᠡᠨ ᠳ᠋ᠦ᠍ ᠪᠢᠴᠢᠭ ᠦᠰᠦᠭ ᠲᠡᠢ ᠬᠥᠮᠦᠨ ᠬᠣᠪᠣᠷ ᠪᠠᠢᠨ᠎ᠠ᠃ ᠴᠢᠬᠤᠯᠠ ᠠᠵᠢᠯ ᠳ᠋ᠤ᠌ ᠲᠣᠮᠢᠯᠠᠬᠤ ᠡᠴᠡ ᠥᠭᠡᠷ᠎ᠡ ᠠᠷᠭ᠎ᠠ ᠦᠭᠡᠢ ᠳᠡ᠃
  ᠊᠊᠊᠊᠊᠊᠊᠊᠊᠊᠊᠊᠊᠊᠊ ᠥᠴᠦᠬᠡᠨ ᠪᠡᠶ᠎ᠡ ᠶ᠋ᠢ ᠠᠷᠠᠳ ᠤ᠋ᠨ ᠨᠠᠮ ᠤ᠋ᠨ ᠦᠢᠯᠡ ᠬᠡᠷᠡᠭ ᠲᠦ᠍ ᠵᠣᠷᠢᠭᠤᠯᠤᠨ᠎ᠠ ᠭᠡᠵᠦ ᠲᠠᠩᠭᠠᠷᠢᠭ ᠡᠷᠭᠦᠭᠰᠡᠨ ᠬᠣᠢᠨ᠎ᠠ᠂ ᠲᠠ ᠪᠦᠬᠦᠨ ᠦ᠌ ᠬᠡᠯᠡᠭᠰᠡᠨ ᠢ᠋ ᠬᠢᠬᠦ ᠳ᠋ᠦ᠍ ᠪᠡᠯᠡᠬᠡᠨ ᠪᠠᠢᠨ᠎ᠠ᠃
  ᠊᠊᠊᠊᠊᠊᠊᠊᠊᠊᠊᠊᠊᠊᠊ ᠴᠢᠮᠠᠶ᠋ᠢ ᠪᠠᠷᠠᠭᠤᠨ ᠬᠡᠳᠦᠨ ᠬᠤᠰᠢᠭᠤᠳ ᠲᠤ᠌ ᠠᠷᠠᠳ ᠤ᠋ᠨ ᠵᠠᠰᠠᠭ ᠤ᠋ᠨ ᠲᠥᠯᠥᠭᠡᠯᠡᠭᠴᠢ ᠪᠡᠷ ᠶᠠᠪᠤᠭᠤᠯᠬᠤ ᠪᠣᠳᠣᠯ ᠲᠠᠢ ᠪᠠᠢᠨ᠎ᠠ᠃
  ᠊᠊᠊᠊᠊᠊᠊᠊᠊᠊᠊᠊᠊᠊᠊ ᠶᠠᠮᠠᠷ ᠬᠤᠰᠢᠭᠤᠳ ᠲᠤ᠌?
  ᠊᠊᠊᠊᠊᠊᠊᠊᠊᠊᠊᠊᠊᠊᠊ ᠵᠠᠶ᠎ᠠ ᠶ᠋ᠢᠨ ᠱᠠᠪᠢ᠂ ᠯᠤᠤ ᠬᠦᠩ᠂ ᠰᠠᠢᠳ ᠸᠠᠩ᠃
  ᠊᠊᠊᠊᠊᠊᠊᠊᠊᠊᠊᠊᠊᠊᠊ ᠵᠠᠩᠵᠤᠨ ᠮᠢᠨᠢ᠃
  ᠊᠊᠊᠊᠊᠊᠊᠊᠊᠊᠊᠊᠊᠊᠊ ᠪᠢᠳᠡ ᠪᠣᠳᠣᠭᠰᠠᠨ᠃ ᠶᠠᠷᠢᠭᠰᠠᠨ᠃ ᠲᠡᠨᠳᠡ ᠣᠴᠢᠬᠤ ᠳ᠋ᠤ᠌ ᠰᠡᠳᠬᠢᠯ ᠳ᠋ᠦ᠍ ᠴᠢᠨᠢ ᠬᠡᠴᠡᠭᠦᠦ᠃ ᠭᠡᠪᠡᠴᠦ ᠵᠢᠭᠤᠲᠠᠬᠤ ᠬᠡᠷᠡᠭ ᠦᠭᠡᠢ᠃ ᠬᠥᠮᠦᠨ ᠬᠠᠷ᠎ᠠ ᠲᠠᠢ ᠶᠠᠷᠢᠵᠤ ᠤᠴᠢᠷ ᠶᠠᠪᠤᠳᠠᠯ ᠢ᠋ ᠨᠢ ᠮᠡᠳᠡᠪᠡᠯ ᠰᠡᠳᠬᠢᠯ ᠴᠢᠨᠢ ᠬᠥᠩᠭᠡᠷᠡᠬᠦ ᠪᠠᠢᠬ᠎ᠠ᠃ ᠡᠴᠢᠭᠡ ᠮᠢᠨᠢ ᠨᠠᠰᠤ ᠪᠠᠷᠠᠭᠰᠠᠨ ᠲᠤᠬᠠᠢ ᠳᠠᠬᠢᠨ ᠰᠣᠨᠣᠰᠬᠤ ᠳ᠋ᠤ᠌ ᠨᠠᠳᠠ ᠲᠤᠩ ᠬᠦᠨᠳᠦ ᠪᠠᠢᠳᠠᠭ᠃ ᠭᠡᠪᠡᠴᠦ ᠰᠣᠨᠣᠰᠤᠭᠰᠠᠨ ᠤ᠋ ᠳᠠᠷᠠᠭ᠎ᠠ ᠬᠥᠩᠭᠡᠷᠡᠬᠦ ᠰᠢᠭ ᠪᠣᠯᠳᠠᠭ᠃ ᠵᠠ ᠪᠠᠰᠠ ᠲᠡᠭᠡᠭᠡᠳ ᠴᠢ ᠪᠣᠯ ᠲᠡᠷᠡ ᠨᠤᠲᠤᠭ ᠲᠤ᠌ ᠪᠠᠢᠭᠰᠠᠨ ᠰᠢᠦ ᠳᠡ᠃
  ᠊᠊᠊᠊᠊᠊᠊᠊᠊᠊᠊᠊᠊᠊᠊ ᠵᠠ ᠶᠠᠪᠤᠶ᠎ᠠ ᠭᠡᠳ ᠡᠷᠳᠡᠨᠢ ᠲᠣᠯᠣᠭᠠᠢ ᠪᠠᠨ ᠳᠣᠬᠢᠯ᠎ᠠ᠃
  ᠰᠦᠬᠡᠪᠠᠭᠠᠲᠤᠷ ᠲᠠᠰᠤᠯᠭᠠᠨ ᠳᠤᠮᠳᠠᠭᠤᠷ ᠬᠣᠯᠬᠢᠨ ᠬᠡᠰᠡᠭ ᠶᠠᠪᠤᠭᠰᠠᠨ ᠢ᠋ᠶ᠋ᠠᠨ ᠡᠷᠳᠡᠨᠢ ᠶ᠋ᠢᠨ ᠳᠡᠷᠭᠡᠳᠡ ᠢᠷᠡᠵᠦ᠄
  ᠊᠊᠊᠊᠊᠊᠊᠊᠊᠊᠊᠊᠊᠊᠊ ᠰᠢᠨ᠎ᠡ ᠵᠠᠰᠠᠭ ᠢ᠋ ᠪᠠᠢᠭᠤᠯᠤᠨ᠎ᠠ ᠭᠡᠳᠡᠭ ᠪᠣᠯ ᠳᠠᠢᠳᠤᠬᠤ ᠡᠴᠡ ᠬᠠᠪᠢ ᠦᠭᠡᠢ ᠬᠡᠴᠡᠭᠦᠦ ᠶᠤᠮ ᠪᠠᠢᠨ᠎ᠠ᠃ ᠳᠠᠢᠳᠤᠬᠤ ᠳ᠋ᠤ᠌ ᠳᠠᠢᠰᠤᠨ ᠭᠠᠳᠠᠨ᠎ᠠ ᠢᠯᠡ ᠪᠠᠢᠳᠠᠭ᠃ ᠬᠠᠷᠢᠨ ᠰᠢᠨ᠎ᠡ ᠤᠯᠤᠰ ᠲᠥᠷᠥ ᠶ᠋ᠢ ᠪᠠᠢᠭᠤᠯᠬᠤ ᠳ᠋ᠤ᠌ ᠨᠢᠭᠡ ᠦᠯᠡᠮᠵᠢ ᠬᠦᠴᠦᠲᠡᠢ ᠳᠠᠢᠰᠤᠨ ᠪᠢᠳᠡᠨ ᠦ᠌ ᠡᠪᠦᠷ ᠲᠦ᠍ ᠮᠢᠨᠢ ᠪᠠᠢᠨ᠎ᠠ᠃ ᠲᠡᠷᠡ ᠪᠣᠯ ᠮᠡᠳᠡᠬᠦ ᠦᠭᠡᠢ᠂ ᠪᠦᠳᠦᠭᠦᠯᠢᠭ ᠭᠡᠳᠡᠭ ᠠᠢᠬᠤᠪᠲᠤᠷ ᠵᠦᠢᠯ᠃ ᠴᠢᠮ᠎ᠠ ᠳ᠋ᠤ᠌ ᠵᠠᠰᠠᠭ ᠪᠦᠷᠢᠨ ᠡᠷᠬᠡ ᠥᠭᠭᠦᠨ᠎ᠡ᠂ ᠡᠭᠦᠨ ᠢ᠋ ᠪᠤᠷᠤᠭᠤ ᠠᠰᠢᠭᠯᠠᠵᠤ ᠣᠭᠲᠣ ᠪᠣᠯᠬᠤ ᠦᠭᠡᠢ᠃
  ᠊᠊᠊᠊᠊᠊᠊᠊᠊᠊᠊᠊᠊᠊᠊ ᠮᠡᠳᠡᠯ᠎ᠡ ᠵᠠᠩᠵᠤᠨ ᠮᠢᠨᠢ᠃
  ᠊᠊᠊᠊᠊᠊᠊᠊᠊᠊᠊᠊᠊᠊᠊ ᠵᠢᠭᠠᠪᠤᠷᠢ ᠪᠠᠨ ᠲᠥᠪ ᠬᠣᠷᠢᠶᠠᠨ ᠡᠴᠡ ᠠᠪᠤᠭᠠᠷᠠᠢ᠃ ᠦᠨᠡᠮᠯᠡᠬᠦ ᠪᠡᠨ ᠵᠠᠰᠠᠭ ᠤ᠋ᠨ ᠭᠠᠵᠠᠷ ᠡᠴᠡ ᠰᠢᠳᠬᠡᠭᠦᠯᠵᠦ ᠠᠪ᠃
  ᠊᠊᠊᠊᠊᠊᠊᠊᠊᠊᠊᠊᠊᠊᠊ ᠵᠠ ᠭᠡᠳ ᠡᠷᠳᠡᠨᠢ ᠳᠠᠬᠢᠨ ᠲᠣᠯᠣᠭᠠᠢ ᠪᠠᠨ ᠳᠣᠬᠢᠯ᠎ᠠ᠃ 《ᠢᠯᠠᠭᠰᠠᠨ ᠵᠠᠰᠠᠭ ᠤ᠋ᠨ ᠪᠦᠷᠢᠨ ᠡᠷᠬᠡᠲᠦ ᠲᠥᠯᠥᠭᠡᠯᠡᠭᠴᠢ ᠪᠡᠷ ᠲᠠᠮᠢᠷ ᠤ᠋ᠨ ᠬᠥᠨᠳᠡᠢ ᠳ᠋ᠦ᠍ ᠣᠴᠢᠬᠤ ᠳ᠋ᠤ᠌ ᠤᠴᠠᠷᠠᠬᠤ ᠬᠥᠮᠦᠨ᠂ ᠪᠣᠳᠣᠬᠤ ᠳᠠᠩᠰᠠ ᠪᠣᠢ》 ᠭᠡᠳᠡᠭ ᠪᠣᠳᠣᠯ ᠰᠡᠳᠬᠢᠯ ᠳ᠋ᠦ᠍ᠨᠢ ᠣᠷᠣᠵᠤ ᠢᠷᠡᠬᠦ ᠳ᠋ᠦ᠍ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠲᠡᠨᠳᠡ ᠰᠢᠨ᠎ᠡ ᠵᠠᠰᠠᠭ ᠤ᠋ᠨ ᠲᠥᠯᠥᠭᠡᠯᠡᠭᠴᠢ ᠪᠡᠷ ᠣᠴᠢᠨ᠎ᠠ ᠭᠡᠳᠡᠭ ᠴᠢᠨᠢ ᠨᠢᠭᠡ ᠶᠣᠰᠣᠨ ᠳ᠋ᠠᠭᠠᠨ ᠲᠡᠷᠡ ᠬᠤᠰᠢᠭᠤᠨ ᠤ᠋ ᠨᠣᠶᠠᠨ ᠪᠣᠯᠵᠤ ᠪᠠᠢᠭ᠎ᠠ ᠬᠡᠷᠡᠭ ᠰᠢᠦ ᠳᠡ ᠭᠡᠳ ᠰᠦᠬᠡᠪᠠᠭᠠᠲᠤᠷ ᠢᠨᠢᠶᠡᠮᠰᠦᠭᠯᠡᠭᠰᠡᠨ ᠢ᠋ᠶ᠋ᠡᠨ ᠴᠢᠷᠠᠢ ᠲᠥᠪ ᠪᠣᠯᠤᠨ ᠬᠥᠮᠥᠰᠬᠡ ᠨᠢ ᠦᠯᠦ ᠮᠡᠳᠡᠭ ᠵᠠᠩᠭᠢᠷᠠᠵᠤ᠂ 《ᠶᠡᠬᠡ ᠬᠡᠷᠡᠭ ᠬᠥᠮᠦᠨ ᠢ᠋ ᠡᠪᠳᠡᠳᠡᠭ ᠤᠳᠠᠭ᠎ᠠ ᠪᠠᠢᠳᠠᠭ ᠶᠤᠮ ᠰᠢᠦ᠃ ᠡᠨᠡ ᠤᠴᠢᠷ ᠡᠴᠡ ᠶᠠᠭᠤᠮ᠎ᠠ ᠪᠦᠬᠦᠨ ᠳ᠋ᠦ᠍ ᠲᠥᠷᠥ ᠶ᠋ᠢᠨ ᠠᠭᠤᠵᠢᠮ ᠬᠠᠷᠠᠭ᠎ᠠ᠂ ᠥᠷᠭᠡᠨ ᠰᠡᠳᠬᠢᠯ ᠡᠴᠡ ᠤᠬᠠᠭᠠᠨ ᠲᠠᠢ ᠬᠠᠨᠳᠤᠵᠤ ᠪᠠᠢᠪᠠᠯ ᠵᠣᠬᠢᠨ᠎ᠠ》 ᠭᠡᠬᠦ ᠳ᠋ᠦ᠍ ᠡᠷᠳᠡᠨᠢ ᠰᠣᠴᠢᠬᠤ ᠰᠢᠭ᠋ ᠪᠣᠯᠪᠠ᠃
  ᠊᠊᠊᠊᠊᠊᠊᠊᠊᠊᠊᠊᠊᠊᠊ ᠵᠠᠰᠠᠭ ᠨᠣᠶᠠᠳ᠂ ᠬᠤᠲᠤᠭᠲᠤ ᠬᠤᠪᠢᠯᠭᠠᠳ᠂ ᠪᠠᠶᠠᠴᠤᠳ ᠢ᠋ ᠶᠠᠭᠠᠬᠢᠬᠤ ᠪᠣᠢ?
  ᠰᠦᠬᠡᠪᠠᠭᠠᠲᠤᠷ᠂ ᠡᠷᠳᠡᠨᠢ ᠶ᠋ᠢ ᠰᠢᠷᠲᠡᠨ ᠨᠢᠳᠦ ᠨᠢ ᠤᠳᠠᠭᠠᠨ ᠢ᠋ᠶ᠋ᠠᠷ ᠴᠠᠪᠴᠢᠯᠠᠨ ᠪᠠᠢᠬᠤ ᠳ᠋ᠤ᠌ ᠨᠢᠭᠤᠷ ᠲᠤᠨᠢ ᠭᠦᠨ ᠪᠣᠳᠣᠯ ᠲᠣᠳᠣᠷᠠᠨ᠎ᠠ᠃
  ᠊᠊᠊᠊᠊᠊᠊᠊᠊᠊᠊᠊᠊᠊᠊ ᠮᠡᠳᠡᠬᠦ ᠦᠭᠡᠢ᠂ ᠣᠳᠣ ᠳ᠋ᠠᠭᠠᠨ ᠪᠢᠳᠡᠨ ᠳ᠋ᠦ᠍ ᠲᠦᠷ ᠴᠦ᠍ ᠭᠡᠰᠡᠨ ᠬᠠᠨᠢ ᠬᠡᠷᠡᠭᠲᠡᠢ᠃ ᠪᠢᠳᠡ ᠪᠣᠭᠳᠠ ᠳ᠋ᠤ᠌ ᠬᠠᠢᠷ᠎ᠠ ᠲᠠᠢ ᠳ᠋ᠠᠭᠠᠨ ᠲᠡᠭᠦᠨ ᠢ᠋ ᠬᠡᠮᠵᠢᠶᠡᠲᠦ ᠡᠷᠬᠡᠲᠦ ᠬᠠᠭᠠᠨ ᠪᠣᠯᠭᠠᠭᠰᠠᠨ ᠪᠢᠰᠢ᠃ ᠲᠡᠭᠦᠨ ᠦ᠌ ᠨᠡᠷ᠎ᠡ ᠶ᠋ᠢ ᠠᠰᠢᠭᠯᠠᠬᠤ᠂ ᠮᠣᠩᠭᠣᠯ ᠤ᠋ᠨ ᠪᠡᠶ᠎ᠡ ᠳ᠋ᠦ᠍ ᠬᠡᠳᠦᠨ ᠵᠠᠭᠤᠨ ᠵᠢᠯ ᠦ᠋ᠨ ᠲᠤᠷᠰᠢ ᠰᠢᠭᠢᠳᠴᠦ ᠤᠬᠠᠭᠠᠨ ᠪᠣᠳᠣᠯ ᠳ᠋ᠤ᠌ ᠰᠢᠩᠭᠡᠭᠰᠡᠨ ᠰᠢᠷ᠎ᠠ ᠶ᠋ᠢᠨ ᠱᠠᠰᠢᠨ ᠢ᠋ ᠠᠰᠢᠭᠯᠠᠬᠤ ᠭᠡᠰᠡᠨ ᠬᠡᠷᠡᠭ᠃ ᠭᠡᠬᠦ ᠳ᠋ᠡᠭᠡᠨ ᠵᠣᠷᠢᠯᠭ᠎ᠠ ᠪᠠᠨ ᠭᠦᠢᠴᠡᠳᠬᠡᠬᠦ ᠶ᠋ᠢᠨ ᠲᠤᠯᠠ ᠰᠢᠦ᠃ ᠬᠠᠷᠢᠨ ᠬᠠᠨᠢ ᠲᠠᠢ ᠪᠣᠯᠬᠤ ᠭᠡᠵᠦ ᠵᠣᠷᠢᠭᠰᠠᠨ ᠬᠡᠷᠡᠭ ᠡᠴᠡ ᠪᠡᠨ ᠤᠬᠤᠷᠢᠬᠤ ᠦᠭᠡᠢ᠃ ᠣᠴᠢᠭᠠᠳ ᠬᠠᠷᠠᠬᠤ ᠳ᠋ᠤ᠌ ᠴᠢᠨᠢ ᠢᠯᠡ ᠪᠣᠯᠤᠨ᠎ᠠ ᠪᠢᠵᠡ ᠳᠡ᠃ ᠪᠢᠳᠡᠨ ᠦ᠌ ᠳᠠᠢᠰᠤᠨ ᠤᠬᠠᠭᠠᠨ ᠲᠠᠢ ᠴᠤ᠌᠂ ᠵᠠᠯᠢ ᠲᠠᠢ ᠴᠤ᠌ ᠪᠢᠳᠡ ᠲᠡᠳᠡᠨ ᠡᠴᠡ ᠤᠬᠠᠭᠠᠨ ᠲᠠᠢ᠂ ᠲᠡᠳᠡᠨ ᠡᠴᠡ ᠵᠠᠯᠢ ᠲᠠᠢ ᠪᠠᠢᠵᠤ ᠢᠯᠠᠨ᠎ᠠ ᠭᠡᠳ ᠳᠤᠬᠤ ᠪᠠᠨ ᠠᠳᠬᠤᠨ ᠪᠠᠷᠢᠭᠰᠠᠨ ᠢ᠋ᠶ᠋ᠠᠨ᠂ 《ᠡᠨᠳᠡ ᠨᠢᠭᠡ ᠶᠠᠭᠤᠮ᠎ᠠ ᠬᠠᠳᠬᠤᠭᠠᠳ ᠪᠠᠢᠬᠤ ᠴᠢᠨᠢ ᠲᠣᠯᠣᠭᠠᠢ ᠡᠪᠡᠳᠴᠦ ᠪᠠᠢᠭ᠎ᠠ ᠬᠡᠷᠡᠭ ᠤᠤ?》 ᠭᠡᠯ᠎ᠡ᠃
  ᠰᠦᠬᠡᠪᠠᠭᠠᠲᠤᠷ ᠤ᠋ᠨ ᠥᠷᠭᠡᠨ ᠳᠤᠬᠤ ᠶ᠋ᠢ ᠡᠷᠳᠡᠨᠢ ᠪᠠᠷᠢᠵᠤ ᠦᠵᠡᠭᠰᠡᠨ ᠢ᠋ᠶ᠋ᠡᠨ᠄
  ᠊᠊᠊᠊᠊᠊᠊᠊᠊᠊᠊᠊᠊᠊᠊ ᠲᠠ ᠬᠠᠯᠠᠭᠤᠷᠠᠵᠤ ᠪᠠᠢᠨ᠎ᠠ᠃ ᠬᠠᠷᠢᠵᠤ ᠬᠡᠪᠲᠡᠪᠡᠯ ᠳᠡᠭᠡᠷ᠎ᠡ ᠪᠠᠢᠬᠤ ᠠ᠋᠃ ᠶᠡᠷᠦ ᠨᠢ ᠴᠢᠷᠠᠢ ᠴᠢᠨᠢ ᠰᠦᠷᠡᠬᠡᠢ ᠪᠠᠷᠤᠢᠵᠤ ᠰᠢᠦ ᠭᠡᠯ᠎ᠡ᠃
  ᠊᠊᠊᠊᠊᠊᠊᠊᠊᠊᠊᠊᠊᠊᠊ ᠪᠡᠶ᠎ᠡ ᠨᠢᠭᠡ ᠯᠡ ᠡᠪ ᠦᠭᠡᠢ᠃ ᠢᠩᠭᠢᠭᠡᠳ ᠵᠠᠰᠠᠭ ᠤ᠋ᠨ ᠭᠠᠵᠠᠷ ᠤ᠋ᠨ ᠬᠤᠷᠠᠯ ᠲᠠᠢ᠃ ᠳᠠᠷᠠᠭ᠎ᠠ ᠨᠢ ᠬᠠᠷᠢᠵᠤ ᠬᠡᠪᠲᠡᠳᠡᠭ ᠬᠡᠷᠡᠭ ᠠ᠋᠃ ᠤᠤᠯ ᠨᠢ ᠴᠦ᠍ ᠡᠳᠦᠷ ᠥᠩᠭᠡᠷᠡᠬᠦ ᠳᠣᠳᠣᠮ ᠯᠠ ᠵᠠᠰᠠᠭ ᠲᠥᠷᠥ ᠮᠢᠨᠢ ᠪᠠᠲᠤᠵᠢᠵᠤ ᠪᠠᠢᠨ᠎ᠠ ᠰᠠᠨᠵᠢ ᠳᠠ᠃ ᠳᠥᠴᠢ ᠲᠠᠪᠢᠨ ᠵᠢᠯ ᠪᠣᠯᠤᠭᠰᠠᠨ ᠬᠣᠢᠨ᠎ᠠ ᠮᠠᠨ ᠤ᠋ ᠣᠷᠣᠨ ᠢ᠋ ᠬᠠᠷᠠᠪᠠᠯ ᠴᠢ ᠁ ᠬᠠᠷᠠᠪᠠᠯ ᠴᠤ᠌ ᠭᠡᠵᠦ ᠳᠡ᠃ ᠪᠢᠳᠡ ᠥᠪᠡᠷᠰᠡᠳ ᠢ᠋ᠶ᠋ᠡᠨ ᠬᠠᠷᠠᠨ᠎ᠠ᠃ ᠦᠭᠡ ᠣᠯᠠᠳᠠᠵᠤ ᠦᠬᠡᠷ ᠬᠣᠯᠠᠳᠴᠤ ᠪᠠᠢᠨ᠎ᠠ᠃ ᠪᠢ ᠴᠦ᠍ ᠬᠤᠷᠠᠯ ᠳ᠋ᠠᠭᠠᠨ ᠶᠠᠪᠤᠶ᠎ᠠ᠃
  ᠡᠷᠳᠡᠨᠢ ᠲᠡᠨᠳᠡ ᠡᠴᠡ ᠭᠠᠷᠴᠤ ᠬᠦᠷᠢᠶᠡᠨ ᠦ᠌ ᠴᠠᠰᠤ ᠲᠠᠢ ᠭᠤᠳᠤᠮᠵᠢ ᠪᠠᠷ ᠶᠠᠪᠤᠵᠤ ᠪᠠᠢᠬᠤ ᠳ᠋ᠤ᠌ ᠰᠡᠳᠬᠢᠯ ᠨᠢ ᠪᠠᠶᠠᠷᠲᠠᠢ ᠴᠤ᠌ ᠶᠤᠮ ᠰᠢᠭ᠋᠂ ᠭᠤᠨᠢᠭᠲᠠᠢ ᠴᠤ᠌ ᠶᠤᠮ ᠰᠢᠭ᠋ ᠪᠠᠢᠯ᠎ᠠ᠃ ᠪᠠᠶᠠᠷᠲᠠᠢ ᠶᠤᠮ ᠰᠢᠭ᠋ ᠦ᠋ᠨ ᠤᠴᠢᠷ ᠪᠣᠯ ᠠᠷᠠᠳ ᠤ᠋ᠨ ᠵᠠᠰᠠᠭ ᠥᠪᠡᠷ ᠲᠤᠨᠢ ᠢᠲᠡᠭᠡᠵᠦ᠂ ᠥᠨᠳᠥᠷ ᠡᠭᠦᠷᠭᠡ ᠥᠭᠭᠦᠭᠰᠡᠨ ᠬᠡᠷᠡᠭ ᠪᠠᠢᠯ᠎ᠠ᠃ ᠭᠣᠮᠣᠳᠠᠯ ᠲᠠᠢ ᠶᠤᠮ ᠰᠢᠭ᠋ ᠦ᠋ᠨ ᠤᠴᠢᠷ ᠪᠣᠯ ᠠᠯᠲᠠ ᠪᠡᠶ᠎ᠡ ᠳ᠋ᠦ᠍ᠨᠢ ᠡᠨᠡ ᠶᠡᠬᠡ ᠢᠲᠡᠭᠡᠯ ᠢ᠋ ᠪᠦᠲᠦᠭᠡᠬᠦ ᠡᠷᠳᠡᠮ᠂ ᠤᠬᠠᠭᠠᠨ ᠦᠭᠡᠢ ᠮᠡᠲᠦ ᠠᠵᠢ᠃
  ᠡᠮᠦᠨ᠎ᠡ ᠡᠴᠡ ᠨᠢ ᠦᠯᠦ ᠮᠡᠳᠡᠭ ᠰᠠᠯᠬᠢᠯᠠᠨ᠂ ᠥᠴᠥᠭᠡᠳᠦᠷᠬᠡᠨ ᠠᠭᠲᠠ ᠡᠴᠡ ᠠᠪᠤᠭᠰᠠᠨ ᠮᠣᠷᠢ ᠨᠢ ᠲᠣᠯᠣᠭᠠᠢ ᠪᠠᠨ ᠬᠠᠶᠠᠯᠠᠨ ᠭᠦᠶᠦᠨ ᠬᠠᠷ᠎ᠠ ᠠᠯᠬᠤᠯᠠᠨ᠎ᠠ᠃ ᠡᠷᠳᠡᠨᠢ ᠶ᠋ᠢᠨ ᠲᠣᠯᠣᠭᠠᠢ ᠳ᠋ᠤ᠌ ᠰᠦᠬᠡᠪᠠᠭᠠᠲᠤᠷ ᠤ᠋ᠨ ᠬᠡᠯᠡᠭᠰᠡᠨ ᠦᠭᠡ ᠡᠷᠭᠢᠯᠳᠦᠨ᠂ ᠲᠡᠷᠡ ᠪᠦᠬᠦᠨ ᠢ᠋ ᠪᠣᠳᠣᠬᠤ ᠳᠣᠳᠣᠮ ᠡᠮᠦᠨᠡᠬᠢ ᠵᠠᠮ ᠤ᠋ᠨ ᠦᠯᠡᠮᠵᠢ ᠪᠠᠷᠲᠠᠭ᠎ᠠ ᠲᠣᠳᠣᠷᠠᠨ᠎ᠠ᠃ ᠬᠠᠷᠢᠨ ᠲᠡᠷᠡ ᠪᠠᠷᠲᠠᠭ᠎ᠠ ᠶ᠋ᠢ ᠬᠡᠷᠬᠢᠨ ᠳᠠᠪᠠᠵᠤ ᠭᠠᠷᠬᠤ ᠨᠢ ᠣᠳᠣᠬᠠᠨ ᠳ᠋ᠠᠭᠠᠨ ᠲᠣᠳᠣᠷᠬᠠᠢ ᠦᠭᠡᠢ ᠪᠠᠢᠯ᠎ᠠ᠃
  ᠡᠷᠳᠡᠨᠢ ᠦᠨᠡᠮᠯᠡᠬᠦ ᠵᠢᠭᠠᠪᠤᠷᠢ ᠪᠠᠨ ᠠᠪᠤᠭᠠᠳ ᠠᠯᠤᠰ ᠤ᠋ᠨ ᠵᠠᠮ ᠳ᠋ᠤ᠌ ᠮᠣᠷᠳᠠᠬᠤ ᠭᠡᠵᠦ ᠪᠠᠢᠲᠠᠯ᠎ᠠ ᠮᠣᠩᠭᠣᠯ ᠤ᠋ᠨ ᠠᠷᠠᠳ ᠲᠦᠮᠡᠨ ᠢ᠋ ᠭᠦᠨ ᠭᠠᠰᠢᠭᠤᠳᠠᠯ ᠪᠦᠷᠬᠦᠵᠦ ᠠᠪᠤᠯ᠎ᠠ᠃ ᠲᠡᠷᠡ ᠪᠣᠯ ᠮᠣᠩᠭᠣᠯ ᠣᠷᠣᠨ ᠢ᠋ ᠬᠦᠯᠢᠨ ᠳᠣᠷᠣᠮᠵᠢᠯᠠᠵᠤ ᠪᠠᠢᠭᠰᠠᠨ ᠪᠣᠭᠣᠯ ᠤ᠋ᠨ ᠭᠢᠨᠵᠢ ᠶ᠋ᠢ ᠲᠠᠰᠤ ᠴᠣᠬᠢᠵᠤ᠂ ᠡᠷᠬᠡ ᠴᠢᠯᠥᠭᠡᠨ ᠦ᠌ ᠰᠠᠷᠠᠭᠤᠯ ᠪᠠᠮᠪᠠᠷ ᠢ᠋ ᠠᠰᠠᠭᠠᠵᠤ ᠶᠡᠬᠡ ᠲᠡᠮᠡᠴᠡᠯ ᠢ᠋ ᠲᠣᠯᠣᠭᠠᠢᠯᠠᠭᠰᠠᠨ ᠠᠶᠤᠮᠰᠢᠭ ᠦᠭᠡᠢ ᠴᠢᠩ ᠵᠣᠷᠢᠭᠲᠤ ᠰᠦᠬᠡᠪᠠᠭᠠᠲᠤᠷ ᠨᠠᠰᠤ ᠪᠠᠷᠠᠭᠰᠠᠨ ᠡᠴᠡ ᠪᠣᠯᠵᠠᠢ᠃
  ᠡᠷᠳᠡᠨᠢ᠂ ᠬᠤᠶᠠᠭ ᠬᠣᠶᠠᠷ ᠵᠠᠩᠵᠤᠨ ᠰᠦᠬᠡᠪᠠᠭᠠᠲᠤᠷ ᠢ᠋ ᠣᠷᠣᠰᠢᠭᠤᠯᠬᠤ ᠶᠣᠰᠣᠯᠠᠯ ᠳ᠋ᠤ᠌ ᠣᠷᠣᠯᠴᠠᠵᠤ ᠠᠷᠢᠭᠤᠨ ᠰᠢᠳᠤᠷᠭᠤ ᠮᠣᠩᠭᠣᠯ ᠬᠥᠮᠦᠨ ᠪᠦᠬᠦᠨ ᠦ᠌ ᠵᠢᠷᠦᠬᠡ ᠶ᠋ᠢ ᠰᠢᠮᠰᠢᠷᠡᠭᠦᠯᠦᠭᠰᠡᠨ ᠡᠨᠡ ᠭᠦᠨ ᠡᠮᠭᠡᠨᠢᠯ ᠢ᠋ ᠨᠡᠢᠲᠡ ᠣᠯᠠᠨ ᠲᠠᠢ ᠪᠠᠨ ᠬᠠᠮᠲᠤ ᠡᠳ᠋ᠯᠡᠵᠡᠢ᠃ ᠡᠭᠦᠨ ᠡᠴᠡ ᠴᠦ᠍ ᠪᠣᠯᠵᠤ ᠡᠷᠳᠡᠨᠢ ᠶ᠋ᠢᠨ ᠶᠠᠪᠤᠬᠤ ᠬᠣᠢᠰᠢᠯᠠᠵᠠᠢ᠃
  《ᠬᠡᠨ ᠪᠦᠬᠦ ᠴᠡᠷᠢᠭ ᠦ᠋ᠨ ᠵᠠᠩᠵᠤᠨ ᠪᠣᠯᠬᠤ ᠪᠣᠢ?》 ᠭᠡᠳᠡᠭ ᠠᠰᠠᠭᠤᠳᠠᠯ ᠣᠯᠠᠨ ᠤ᠋ ᠰᠣᠨᠢᠷᠬᠠᠯ ᠢ᠋ ᠲᠠᠲᠠᠵᠤ ᠪᠠᠢᠯ᠎ᠠ᠃ ᠤᠴᠢᠷ ᠨᠢ ᠡᠨᠡ ᠠᠰᠠᠭᠤᠳᠠᠯ ᠮᠣᠩᠭᠣᠯ ᠣᠷᠣᠨ ᠤ᠋ ᠴᠢᠨᠠᠭᠰᠢᠳᠠ ᠶ᠋ᠢᠨ ᠬᠥᠭᠵᠢᠯ ᠳ᠋ᠦ᠍ ᠠᠯᠢ ᠨᠢᠭᠡᠨ ᠬᠡᠮᠵᠢᠶ᠎ᠡ ᠪᠡᠷ ᠨᠥᠯᠥᠭᠡᠯᠡᠬᠦ ᠵᠦᠢᠯ ᠪᠠᠢᠯ᠎ᠠ᠃
  ᠨᠢᠭᠡᠳᠦᠭᠡᠷ ᠲᠦ᠍ ᠤᠯᠤᠰ ᠲᠥᠷᠥ ᠳᠥᠩᠭᠡᠵᠢ ᠪᠦᠷᠢᠯᠳᠦᠵᠦ ᠪᠠᠢᠭ᠎ᠠ ᠦᠶ᠎ᠡ᠃ ᠬᠣᠶᠠᠳᠤᠭᠠᠷ ᠲᠤ᠌ ᠰᠢᠷᠦᠭᠦᠨ ᠲᠡᠮᠡᠴᠡᠯ ᠪᠣᠯᠵᠤ ᠪᠠᠢᠬᠤ ᠳ᠋ᠤ᠌ ᠴᠡᠷᠢᠭ ᠢ᠋ ᠶᠠᠮᠠᠷ ᠬᠦᠰᠡᠯ᠂ ᠮᠥᠷᠥᠭᠡᠳᠦᠯ ᠲᠡᠢ ᠬᠥᠮᠦᠨ ᠤᠳᠤᠷᠢᠳᠬᠤ ᠨᠢ ᠦᠯᠡᠮᠵᠢ ᠤᠴᠢᠷ ᠲᠠᠢ ᠠᠰᠠᠭᠤᠳᠠᠯ ᠶᠤᠮ᠃
  ᠊᠊᠊᠊᠊᠊᠊᠊᠊᠊᠊᠊᠊᠊᠊ ᠮᠠᠭᠰᠤᠷᠵᠠᠪ ᠵᠠᠩᠵᠤᠨ ᠢ᠋ ᠲᠣᠮᠢᠯᠠᠬᠤ ᠬᠡᠷᠡᠭᠲᠡᠢ᠃ ᠡᠨᠡ ᠬᠥᠮᠦᠨ ᠬᠡᠵᠢᠶ᠎ᠡ ᠴᠦ᠍ ᠮᠣᠩᠭᠣᠯ ᠤᠯᠤᠰ ᠡᠴᠡ ᠤᠷᠪᠠᠬᠤ ᠦᠭᠡᠢ ᠭᠡᠵᠦ ᠬᠤᠶᠠᠭ ᠬᠡᠯᠡᠨ᠎ᠡ᠃
  ᠊᠊᠊᠊᠊᠊᠊᠊᠊᠊᠊᠊᠊᠊᠊  ᠳᠠᠨᠵᠠᠨ ᠯᠠ ᠪᠣᠯᠵᠤ ᠮᠠᠭᠠᠳ᠃ ᠣᠳᠣ ᠳ᠋ᠠᠭᠠᠨ ᠲᠤᠩ ᠶᠡᠬᠡ ᠳᠡᠮᠵᠢᠯᠭᠡ ᠲᠡᠢ ᠪᠠᠢᠨ᠎ᠠ ᠭᠡᠵᠦ ᠡᠷᠳᠡᠨᠢ ᠳᠠᠭᠠᠪᠤᠷᠢ ᠪᠠᠨ ᠶᠠᠷᠢᠨ᠎ᠠ᠃
  ᠊᠊᠊᠊᠊᠊᠊᠊᠊᠊᠊᠊᠊᠊᠊  ᠳᠠᠨᠵᠠᠨ ᠬᠢᠲᠠᠳ ᠤ᠋ᠨ ᠬᠤᠳᠠᠯᠳᠤᠭᠠᠴᠢᠨ ᠲᠠᠢ ᠨᠢᠭᠲᠠ ᠬᠣᠯᠪᠣᠭ᠎ᠠ ᠲᠠᠢ᠃ ᠵᠠᠷᠢᠮ ᠫᠦᠰᠡ ᠲᠡᠢ ᠬᠤᠪᠢ ᠨᠡᠢᠯᠡᠭᠦᠯᠦᠭᠰᠡᠨ ᠴᠦ᠍ ᠪᠠᠢᠬ᠎ᠠ᠃ ᠬᠡᠷᠪᠡ ᠵᠠᠩᠵᠤᠨ ᠪᠣᠯᠪᠠᠯ ᠪᠠᠯᠠᠭ ᠲᠠᠷᠢᠵᠤ ᠴᠢᠳᠠᠬᠤ ᠯᠠ ᠠᠮᠢᠲᠠᠨ᠃
  ᠊᠊᠊᠊᠊᠊᠊᠊᠊᠊᠊᠊᠊᠊᠊ ᠣᠳᠣ ᠴᠤ᠌ ᠮᠣᠩᠭᠣᠯᠴᠤᠳ ᠬᠢᠲᠠᠳ ᠤ᠋ᠨ ᠭᠠᠷ ᠲᠤ᠌ ᠳᠠᠬᠢᠨ ᠣᠷᠣᠬᠤ ᠶ᠋ᠢ ᠬᠦᠰᠡᠬᠦ ᠦᠭᠡᠢ ᠪᠡᠨ ᠳᠠᠩᠴᠢ ᠰᠠᠢᠨ ᠮᠡᠳᠡᠨ᠎ᠡ᠃
  ᠊᠊᠊᠊᠊᠊᠊᠊᠊᠊᠊᠊᠊᠊᠊ ᠵᠠᠯᠢ ᠲᠠᠢ ᠰᠢᠦ ᠳᠡ᠃ ᠪᠠᠰᠠ ᠬᠦᠴᠦ ᠪᠡᠷ ᠡᠵᠡᠯᠡᠬᠦ ᠭᠡᠵᠦ ᠤᠷᠤᠯᠳᠤᠵᠤ ᠴᠤ᠌ ᠮᠠᠭᠠᠳ ᠦᠭᠡᠢ ᠶᠤᠮ ᠰᠢᠦ᠃
  ᠊᠊᠊᠊᠊᠊᠊᠊᠊᠊᠊᠊᠊᠊᠊ ᠣᠳᠣ ᠴᠤ᠌ ᠵᠥᠪᠯᠡᠯᠲᠦ ᠤᠯᠤᠰ ᠪᠢᠳᠡᠨ ᠢ᠋ ᠣᠷᠬᠢᠬᠤ ᠦᠭᠡᠢ᠃
  ᠊᠊᠊᠊᠊᠊᠊᠊᠊᠊᠊᠊᠊᠊᠊ ᠲᠡᠷᠡ ᠴᠦ᠍ ᠲᠡᠢᠮᠦ᠃ ᠭᠡᠪᠡᠴᠦ ᠳᠣᠲᠣᠭᠠᠳᠤ ᠶ᠋ᠢᠨ ᠶᠠᠮᠠᠷ ᠨᠢᠭᠡᠨ ᠬᠦᠴᠦ ᠬᠢᠲᠠᠳ ᠢ᠋ ᠳᠡᠮᠵᠢᠪᠡᠯ ᠬᠡᠴᠡᠭᠦᠦ ᠪᠣᠯᠤᠨ᠎ᠠ ᠰᠢᠦ ᠳᠡ᠃
  ᠊᠊᠊᠊᠊᠊᠊᠊᠊᠊᠊᠊᠊᠊᠊ ᠬᠤᠶᠠᠭ ᠮᠢᠨᠢ᠂ ᠬᠢᠲᠠᠳ ᠢ᠋ ᠳᠡᠮᠵᠢᠵᠦ ᠪᠠᠢᠭ᠎ᠠ ᠬᠦᠴᠦ ᠣᠳᠣ ᠴᠤ᠌ ᠪᠠᠢᠭ᠎ᠠ ᠰᠢᠦ ᠳᠡ᠃ ᠭᠠᠭᠴᠠᠬᠦ ᠠᠷᠠᠳ ᠲᠦᠮᠡᠨ ᠡᠴᠡ ᠠᠶᠤᠭᠠᠳ ᠢᠯᠡ ᠭᠠᠷᠴᠤ ᠴᠢᠳᠠᠬᠤ ᠦᠭᠡᠢ ᠪᠠᠢᠨ᠎ᠠ᠃
  ᠡᠨᠡ ᠬᠣᠶᠠᠷ ᠵᠠᠢ ᠯᠠ ᠭᠠᠷᠪᠠᠯ ᠲᠥᠷᠥ ᠶ᠋ᠢᠨ ᠪᠣᠳᠣᠯᠭ᠎ᠠ᠂ ᠲᠦᠮᠡᠨ ᠦ᠌ ᠬᠤᠪᠢ ᠵᠠᠶᠠᠭᠠᠨ ᠤ᠋ ᠲᠤᠬᠠᠢ ᠶᠠᠷᠢᠵᠤ ᠪᠠᠢᠯ᠎ᠠ᠃ ᠢᠩᠭᠢᠵᠦ ᠶᠠᠷᠢᠵᠤ ᠪᠠᠢᠬᠤ ᠳ᠋ᠤ᠌ ᠪᠠᠲᠤ ᠢᠳᠡᠪᠬᠢᠲᠡᠢ ᠣᠷᠣᠯᠴᠠᠨ᠎ᠠ᠃ ᠪᠣᠭᠳᠠ᠂ ᠰᠢᠷ᠎ᠠ ᠶ᠋ᠢᠨ ᠱᠠᠰᠢᠨ ᠢ᠋ ᠤᠰᠠᠳᠬᠠᠵᠤ᠂ ᠲᠡᠭᠦᠨ ᠡᠴᠡ ᠰᠠᠯᠤᠭ᠎ᠠ ᠦᠭᠡᠢ ᠴᠠᠭ ᠲᠤ᠌ ᠮᠣᠩᠭᠣᠯ ᠣᠷᠣᠨ ᠬᠥᠭᠵᠢᠬᠦ ᠦᠭᠡᠢ ᠭᠡᠳᠡᠭ ᠪᠣᠯ ᠪᠠᠲᠤ ᠶ᠋ᠢᠨ ᠬᠠᠲᠠᠭᠤ ᠦᠵᠡᠯ ᠪᠠᠢᠯ᠎ᠠ᠃
  ᠴᠢᠩᠭᠢᠬᠦ ᠳ᠋ᠡᠭᠡᠨ ᠬᠦᠴᠦ ᠬᠡᠷᠡᠭᠯᠡᠨ ᠰᠢᠭᠤᠳ ᠤᠰᠠᠳᠬᠠᠬᠤ ᠰᠠᠨᠠᠯ ᠳᠡᠪᠰᠢᠭᠦᠯᠦᠨ᠎ᠡ᠃ ᠬᠠᠶᠠ ᠡᠨᠳᠡ ᠢᠷᠡᠳᠡᠭ ᠳᠣᠷᠵᠢ ᠪᠣᠯ ᠪᠠᠲᠤ ᠶ᠋ᠢᠨ ᠦᠵᠡᠯ ᠢ᠋ ᠪᠦᠷᠢᠨ ᠳᠡᠮᠵᠢᠳᠡᠭ ᠢ᠋ᠶ᠋ᠡᠷ ᠪᠠᠷᠠᠬᠤ ᠦᠭᠡᠢ᠂ ᠬᠢᠲᠠᠳ ᠤ᠋ᠳ ᠪᠠᠢᠭᠰᠠᠨ ᠴᠠᠭ ᠲᠤ᠌ ᠮᠣᠩᠭᠣᠯ ᠲᠠᠢᠪᠤᠩ ᠤᠨᠲᠠᠵᠤ ᠪᠣᠯᠬᠤ ᠦᠭᠡᠢ ᠭᠡᠵᠦ ᠶᠠᠷᠢᠨ᠎ᠠ᠃
  ᠠᠮᠢᠳᠤᠷᠠᠯ ᠤ᠋ᠨ ᠬᠤᠪᠢ ᠳ᠋ᠤ᠌ ᠪᠣᠯ ᠬᠤᠶᠠᠭ ᠵᠤᠨ ᠪᠤᠶᠤ ᠨᠠᠮᠤᠷ ᠨᠤᠲᠤᠭ ᠲᠠᠭᠠᠨ ᠣᠴᠢᠵᠤ ᠡᠴᠢᠭᠡ᠂ ᠡᠬᠡᠨᠡᠷ᠂ ᠬᠡᠦᠬᠡᠳ ᠢ᠋ᠶ᠋ᠡᠨ ᠬᠣᠲᠠ ᠳ᠋ᠤ᠌ ᠠᠪᠴᠢᠷᠠᠵᠤ ᠠᠮᠢᠳᠤᠷᠠᠬᠤ ᠲᠤᠬᠠᠢ ᠰᠢ᠌ᠤᠠᠴᠠᠢ᠃ ᠪᠠᠲᠤ ᠢᠷᠡᠬᠦ ᠵᠢᠯ ᠰᠤᠷᠭᠠᠭᠤᠯᠢ ᠪᠠᠨ ᠲᠡᠭᠦᠰᠬᠡᠵᠦ ᠪᠠᠭᠰᠢ ᠪᠣᠯᠤᠨ ᠲᠠᠭᠠᠷᠠᠯᠳᠤᠭᠰᠠᠨ ᠪᠦᠬᠦᠨ ᠢ᠋ ᠪᠢᠴᠢᠭ ᠦᠰᠦᠭ ᠲᠡᠢ ᠬᠥᠮᠦᠨ ᠪᠣᠯᠭᠠᠬᠤ ᠡᠷᠡᠮᠡᠭᠦᠨ ᠬᠦᠰᠡᠯ ᠢ᠋ᠶ᠋ᠡᠷ ᠳᠦᠭᠦᠷᠡᠩ ᠪᠠᠢᠯ᠎ᠠ᠃
  ᠢᠩᠭᠢᠭᠡᠳ ᠡᠷᠳᠡᠨᠢ ᠪᠠᠷᠠᠭᠤᠨ ᠵᠦᠭ ᠢ᠋ ᠴᠢᠭᠯᠡᠨ ᠶᠠᠪᠤᠵᠤ ᠪᠢᠯᠡ᠃ ᠠᠷᠠᠳ ᠤ᠋ᠨ ᠵᠠᠰᠠᠭ ᠤ᠋ᠨ ᠪᠦᠷᠢᠨ ᠡᠷᠬᠡᠲᠦ ᠲᠥᠯᠥᠭᠡᠯᠡᠭᠴᠢ ᠭᠡᠰᠡᠨ ᠤᠯᠠᠭᠠᠨ ᠱᠤᠭᠤᠮ ᠲᠠᠢ ᠦᠯᠡᠮᠵᠢ ᠬᠦᠴᠦ᠂ ᠡᠷᠬᠡ ᠪᠦᠬᠦᠯᠢ ᠪᠢᠴᠢᠭ ᠡᠪᠦᠷᠲᠦᠯᠡᠨ ᠲᠡᠰᠢᠶ᠎ᠡ ᠲᠤᠯᠤᠨ ᠶᠠᠪᠤᠵᠤ ᠪᠠᠢᠬᠤ ᠳ᠋ᠤ᠌ ᠰᠡᠳᠬᠢᠯ ᠨᠢ ᠪᠠᠶᠠᠷᠲᠠᠢ᠂ ᠬᠥᠭᠵᠢᠭᠦᠨ ᠪᠠᠢᠭᠰᠠᠨ ᠨᠢ ᠳᠠᠮᠵᠢᠭ ᠦᠭᠡᠢ ᠪᠢᠯᠡ᠃
  ᠠᠮᠪᠠᠨ ᠬᠠᠨ ᠤ᠋ ᠬᠣᠷᠢᠶ᠎ᠠ ᠭᠡᠵᠦ ᠨᠡᠷᠡᠲᠡᠢ ᠪᠥᠭᠡᠳ ᠬᠦᠷᠢᠶᠡᠨ ᠦ᠌ ᠪᠠᠷᠠᠭᠤᠨ ᠲᠠᠯ᠎ᠠ ᠳ᠋ᠤ᠌ ᠲᠠᠰᠤᠷᠬᠠᠢ ᠪᠠᠢᠭᠤᠯᠤᠭᠳᠠᠭᠰᠠᠨ ᠬᠡᠰᠡᠭ ᠬᠠᠰᠢᠶᠠᠨ ᠤ᠋ ᠬᠣᠢᠭᠤᠷ ᠭᠠᠷᠬᠤ ᠳ᠋ᠤ᠌ ᠳᠠᠯᠠᠨ ᠳᠠᠪᠬᠤᠷ ᠤ᠋ᠨ ᠨᠤᠭᠤᠴᠠᠭ᠎ᠠ ᠬᠠᠷᠠᠭᠳᠠᠵᠤ᠂ ᠠᠷᠢᠭᠤᠨ ᠰᠡᠳᠬᠢᠯᠲᠦ ᠭᠡᠷᠡᠯ ᠬᠡᠦᠬᠡᠨ ᠦ᠌ ᠲᠤᠩᠭᠠᠯᠠᠭ ᠳᠦᠷᠢ ᠨᠢᠳᠦᠨ ᠳ᠋ᠦ᠍ᠨᠢ ᠲᠣᠳᠣᠷᠠᠬᠤ ᠰᠢᠭ᠋ ᠪᠣᠯᠪᠠ᠃
  ᠡᠷᠳᠡᠨᠢ ᠮᠣᠷᠢᠨ ᠡᠴᠡ ᠪᠡᠨ ᠪᠠᠭᠤᠨ ᠭᠡᠷᠡᠯ ᠢ᠋ ᠣᠷᠣᠰᠢᠭᠤᠯᠤᠭᠰᠠᠨ ᠵᠢᠯᠠᠭ᠎ᠠ ᠤᠷᠤᠭᠤ ᠰᠢᠷᠲᠡᠨ ᠵᠣᠭᠰᠣᠬᠤ ᠳ᠋ᠤ᠌ ᠨᠢᠳᠦᠨ ᠡᠴᠡ ᠨᠢ ᠬᠡᠳᠦᠨ ᠳᠤᠰᠤᠯ ᠨᠢᠯᠪᠤᠰᠤ ᠥᠪᠡᠷ ᠦ᠋ᠨ ᠡᠷᠬᠡ ᠦᠭᠡᠢ ᠤᠷᠤᠰᠪᠠ᠃
  《ᠭᠡᠷᠡᠯ ᠮᠢᠨᠢ᠂ ᠴᠢᠮᠠᠶ᠋ᠢ ᠬᠡᠵᠢᠶ᠎ᠡ ᠴᠦ᠍ ᠮᠠᠷᠲᠠᠬᠤ ᠦᠭᠡᠢ᠃ ᠨᠠᠮᠠᠢ ᠪᠤᠤ ᠵᠢᠮᠡᠯᠡᠭᠡᠷᠡᠢ》 ᠭᠡᠵᠦ ᠰᠡᠳᠬᠢᠯ ᠦ᠋ᠨ ᠭᠦᠨ ᠳ᠋ᠡᠭᠡᠨ ᠬᠡᠯᠡᠬᠦ ᠳ᠋ᠦ᠍ 《ᠪᠢ ᠲᠠᠨ ᠤ᠋ ᠲᠥᠯᠥᠭᠡ ᠬᠢᠶ᠎ᠡ᠂ ᠲᠠ ᠬᠡᠨ ᠦ᠌ ᠲᠥᠯᠥᠭᠡ ᠬᠢᠬᠦ ᠪᠡᠨ ᠥᠪᠡᠷ ᠢ᠋ᠶ᠋ᠡᠨ ᠮᠡᠳᠡ》 ᠭᠡᠰᠡᠨ ᠭᠡᠷᠡᠯ ᠦ᠋ᠨ ᠦᠭᠡ ᠰᠣᠨᠣᠰᠳᠠᠬᠤ ᠰᠢᠭ᠋ ᠪᠣᠯᠵᠤ ᠪᠢᠯᠡ᠃ ᠭᠠᠳᠠᠨ᠎ᠠ ᠪᠠᠨ ᠦᠷᠭᠦᠯᠵᠢ ᠢᠨᠢᠶᠡᠳᠦ ᠪᠠᠶᠠᠰᠬᠤᠯᠠᠩ ᠲᠠᠢ ᠪᠣᠯᠪᠠᠴᠤ ᠭᠦᠨ ᠳ᠋ᠦ᠍ᠨᠢ ᠭᠤᠨᠢᠭ ᠡᠭᠦᠷᠯᠡᠵᠦ ᠪᠠᠢᠳᠠᠭ ᠭᠡᠷᠡᠯ ᠦ᠋ᠨ ᠲᠣᠷᠮᠣᠭᠣᠷ ᠬᠠᠷ᠎ᠠ ᠨᠢᠳᠦ ᠰᠡᠳᠬᠢᠯ ᠢ᠋ ᠨᠢ ᠡᠵᠡᠯᠡᠨ᠎ᠡ᠃
  ᠊᠊᠊᠊᠊᠊᠊᠊᠊᠊᠊᠊᠊᠊᠊ ᠮᠣᠷᠢᠨ ᠡᠴᠡ ᠪᠠᠭᠤᠭ᠎ᠠ ᠦᠭᠡᠢ ᠵᠣᠭᠰᠣᠵᠤ ᠪᠠᠢᠭᠰᠠᠨ ᠵᠠᠯᠠᠭᠤᠬᠠᠨ ᠤᠯᠠᠭᠠᠴᠢ ᠡᠷᠳᠡᠨᠢ ᠶ᠋ᠢᠨ ᠨᠢᠯᠪᠤᠰᠤ ᠶ᠋ᠢ ᠬᠠᠷᠠᠭᠠᠳ ᠤᠴᠢᠷ ᠢ᠋ ᠦᠯᠦ ᠣᠯᠤᠨ ᠭᠠᠢᠬᠠᠨ ᠵᠣᠭᠰᠣᠨ᠎ᠠ᠃