ᠲᠤᠩᠭᠠᠯᠠᠭ ᠲᠠᠮᠢᠷ4-07-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠨᠢᠭᠤᠷ ᠲᠤᠨᠢ ᠭᠦᠨ ᠪᠣᠳᠣᠯ᠂ ᠨᠢᠳᠦᠨ ᠳ᠋ᠦ᠍ᠨᠢ ᠭᠤᠨᠢᠭ ᠪᠤᠬᠢᠨᠢᠳᠤᠯ》 - ᠳᠥᠷᠪᠡᠳᠦᠭᠡᠷ ᠪᠦᠯᠦᠭ ᠳᠣᠯᠣᠭ᠎ᠠ
ᠬᠣᠲᠠ ᠶ᠋ᠢᠨ ᠮᠣᠷᠢᠨ ᠵᠠᠬ᠎ᠠ ᠳᠡᠭᠡᠷ᠎ᠡ ᠦᠢᠮᠡᠭᠡᠨ ᠱᠤᠤᠭᠢᠶᠠᠨ ᠦᠯᠡᠮᠵᠢ ᠪᠥᠭᠡᠳ ᠣᠯᠠᠨ ᠵᠠᠭᠤᠨ ᠬᠥᠮᠦᠨ᠂ ᠮᠣᠷᠢ ᠴᠤᠭᠯᠠᠷᠠᠵᠠᠢ᠃ ᠬᠠᠯᠠᠭᠤᠨ ᠡᠳᠦᠷ ᠨᠢᠭᠡᠨ ᠳᠣᠣᠷ᠎ᠠ ᠴᠤᠭᠯᠠᠷᠠᠭᠰᠠᠨ ᠣᠯᠠᠨ ᠮᠠᠯ ᠤ᠋ᠨ ᠡᠬᠡᠭᠦᠨ ᠦᠨᠦᠷ ᠬᠠᠩᠬᠤᠯᠤᠨ ᠬᠥᠮᠦᠰ ᠮᠣᠷᠢᠳ ᠢ᠋ᠶ᠋ᠠᠨ ᠮᠠᠭᠲᠠᠬᠤ᠂ ᠪᠡᠶ᠎ᠡ ᠪᠡᠶ᠎ᠡ ᠳ᠋ᠡᠭᠡᠨ ᠴᠡᠴᠡᠷᠬᠡᠬᠦ᠂ ᠴᠢᠩᠭ᠎ᠠ ᠰᠤᠯᠠ᠂ ᠪᠦᠳᠦᠭᠦᠨ ᠨᠠᠷᠢᠨ ᠳᠠᠭᠤ ᠬᠣᠯᠢᠯᠳᠤᠨ ᠠᠯᠤᠰ ᠡᠴᠡ ᠴᠢᠩᠨᠠᠪᠠᠯ ᠨᠢᠭᠡᠨ ᠳᠦᠯᠡᠢ ᠱᠤᠤᠭᠢᠶᠠᠨ ᠪᠣᠯᠤᠨ ᠰᠣᠨᠣᠰᠤᠭᠳᠠᠨ᠎ᠠ᠃
ᠥᠷᠯᠥᠭᠡᠨ ᠦ᠌ ᠨᠠᠷᠠ ᠨᠡᠯᠢᠶᠡᠳ ᠳᠡᠭᠡᠷ᠎ᠡ ᠭᠠᠷᠬᠤ ᠦᠶ᠎ᠡ ᠳ᠋ᠦ᠍ ᠡᠨᠡ ᠵᠠᠬ᠎ᠠ ᠶ᠋ᠢᠨ ᠵᠡᠭᠦᠨ ᠬᠣᠢᠲᠤ ᠲᠠᠯ᠎ᠠ ᠡᠴᠡ ᠬᠠᠷ᠎ᠠ ᠰᠤᠮᠤᠨ ᠨᠣᠭᠲᠣ ᠪᠥᠰᠡᠨ ᠳ᠋ᠡᠭᠡᠨ ᠬᠠᠪᠴᠢᠭᠤᠯᠤᠭᠰᠠᠨ ᠡᠷᠳᠡᠨᠢ ᠠᠯᠭᠤᠷ ᠬᠦᠷᠴᠦ ᠢᠷᠡᠯ᠎ᠡ᠃ ᠨᠢᠭᠤᠷ ᠲᠤᠨᠢ ᠭᠦᠨ ᠪᠣᠳᠣᠯ᠂ ᠨᠢᠳᠦᠨ ᠳ᠋ᠦ᠍ᠨᠢ ᠭᠤᠨᠢᠭ ᠪᠤᠬᠢᠨᠢᠳᠤᠯ ᠲᠣᠳᠣᠷᠬᠠᠢ᠃
ᠴᠡᠴᠡᠷᠯᠢᠭ ᠮᠠᠨᠳᠤᠯ ᠤ᠋ᠨ ᠠᠢᠮᠠᠭ ᠲᠤ᠌ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠭᠤᠢᠪᠢᠭᠤᠯᠵᠤ ᠵᠢᠰᠠ ᠶ᠋ᠢᠨ ᠬᠥᠷᠥᠩᠭᠡ ᠶ᠋ᠢ ᠬᠣᠷᠢᠶᠠᠨ ᠬᠥᠮᠦᠰ ᠲᠦ᠍ ᠬᠤᠪᠢᠶᠠᠵᠤ ᠥᠭᠭᠦᠭᠰᠡᠨ ᠭᠡᠵᠦ ᠲᠡᠭᠦᠨ ᠢ᠋ ᠠᠢᠮᠠᠭ ᠤ᠋ᠨ ᠨᠠᠮ ᠤ᠋ᠨ ᠬᠣᠷᠢᠶᠠᠨ ᠤ᠋ ᠳᠠᠷᠤᠭ᠎ᠠ ᠶ᠋ᠢᠨ ᠲᠤᠰᠢᠶᠠᠯ ᠡᠴᠡ ᠬᠠᠯᠠᠵᠠᠢ᠃
ᠥᠴᠥᠭᠡᠳᠦᠷ ᠥᠷᠯᠥᠭᠡ ᠨᠢᠭᠡ ᠲᠣᠮᠣ ᠠᠢᠮᠠᠭ ᠤ᠋ᠨ ᠨᠠᠮ ᠤ᠋ᠨ ᠬᠣᠷᠢᠶᠠᠨ ᠤ᠋ ᠳᠠᠷᠤᠭ᠎ᠠ ᠪᠠᠢᠭᠰᠠᠨ ᠪᠣᠯ ᠣᠷᠣᠢ ᠨᠢ ᠨᠠᠮ ᠤ᠋ᠨ ᠡᠮᠦᠨ᠎ᠡ ᠭᠡᠮᠲᠡᠨ᠂ ᠠᠵᠢᠯ ᠦᠭᠡᠢ ᠬᠥᠮᠦᠨ ᠪᠣᠯᠵᠠᠢ᠃
ᠡᠷᠳᠡᠨᠢ ᠵᠥᠪ ᠢ᠋ᠶ᠋ᠡᠨ ᠪᠠᠲᠤᠯᠠᠬᠤ ᠭᠡᠵᠦ ᠣᠷᠣᠯᠳᠣᠭᠰᠠᠨ᠃ ᠳᠡᠮᠵᠢᠭᠰᠡᠨ ᠬᠥᠮᠦᠨ ᠴᠦ᠍ ᠲᠡᠷᠢᠭᠦᠯᠡᠭᠴᠢᠳ ᠦ᠋ᠨ ᠳᠣᠲᠣᠷ᠎ᠠ ᠪᠠᠢᠯ᠎ᠠ᠃ ᠭᠡᠪᠡᠴᠦ ᠨᠠᠷᠢᠨ ᠪᠢᠴᠢᠭ ᠦ᠋ᠨ ᠳᠠᠷᠤᠭ᠎ᠠ ᠳᠠᠮᠪᠠᠳᠣᠷᠵᠢ᠂ ᠵᠠᠳᠠᠮᠪᠠ ᠨᠠᠷ ᠮᠠᠬᠠᠷᠠᠨ ᠵᠢᠳᠬᠦᠵᠦ ᠪᠠᠢᠭᠠᠳ ᠵᠢᠮᠡᠯᠡᠭᠰᠡᠨ ᠬᠠᠲᠠᠭᠤ ᠲᠣᠭᠲᠠᠭᠠᠯ ᠭᠠᠷᠭᠠᠵᠤ ᠠᠵᠢᠯ ᠡᠴᠡ ᠤᠭᠴᠠᠷᠠᠭᠤᠯᠪᠠ᠃
ᠲᠡᠳᠡ ᠰᠤᠳᠤᠷ ᠪᠢᠴᠢᠭ᠂ ᠨᠡᠷᠡᠲᠦ ᠶᠡᠬᠡ ᠬᠥᠮᠦᠰ ᠦ᠋ᠨ ᠨᠣᠮ ᠵᠣᠬᠢᠶᠠᠯ ᠢ᠋ ᠳᠤᠷᠠᠳᠤᠨ ᠡᠰᠢ ᠲᠠᠲᠠᠵᠤ ᠡᠷᠳᠡᠨᠢ ᠶ᠋ᠢᠨ ᠬᠢᠭᠰᠡᠨ ᠠᠵᠢᠯ ᠪᠣᠯ ᠠᠷᠠᠳ ᠲᠦᠮᠡᠨ ᠦ᠌ ᠰᠡᠳᠬᠢᠯ ᠰᠠᠨᠠᠭ᠎ᠠ ᠶ᠋ᠢ ᠲᠣᠬᠣᠨᠢᠭᠤᠯᠬᠤ᠂ ᠤᠯᠤᠰ ᠣᠷᠣᠨ ᠤ᠋ ᠡᠳ᠋ ᠦ᠋ᠨ ᠵᠠᠰᠠᠭ ᠢ᠋ ᠬᠥᠭᠵᠢᠭᠦᠯᠬᠦ ᠳ᠋ᠦ᠍ ᠦᠯᠡᠮᠵᠢ ᠬᠣᠣᠷᠲᠠᠢ ᠶᠤᠮ ᠭᠡᠵᠦ ᠵᠢᠮᠡᠯᠡᠪᠡ᠃ ᠲᠡᠳᠡᠭᠡᠷ ᠰᠤᠳᠤᠷ ᠪᠢᠴᠢᠭ ᠢ᠋ ᠡᠷᠳᠡᠨᠢ ᠮᠡᠳᠡᠬᠦ ᠦᠭᠡᠢ ᠪᠣᠯᠬᠣᠷ ᠡᠰᠡᠷᠭᠦ ᠬᠡᠯᠡᠬᠦ ᠶᠠᠭᠤᠮ᠎ᠠ ᠪᠠᠢᠭᠰᠠᠨ ᠦᠭᠡᠢ᠃ ᠭᠠᠭᠴᠠ ᠬᠠᠷ᠎ᠠ ᠤᠬᠠᠭᠠᠨ᠂ ᠰᠡᠳᠬᠢᠯ ᠵᠢᠷᠦᠬᠡ ᠪᠡᠷ ᠢ᠋ᠶ᠋ᠡᠨ ᠪᠣᠳᠣᠬᠤ ᠳ᠋ᠤ᠌ ᠳᠠᠮᠪᠠᠳᠣᠷᠵᠢ᠂ ᠵᠠᠳᠠᠮᠪᠠ ᠨᠠᠷ ᠤ᠋ᠨ ᠶᠠᠪᠤᠭᠤᠯᠵᠤ ᠪᠠᠢᠭ᠎ᠠ ᠪᠣᠳᠣᠯᠭ᠎ᠠ ᠪᠤᠷᠤᠭᠤ ᠮᠡᠲᠦ ᠪᠠᠢᠵᠠᠢ᠃ ᠶᠠᠭᠤ ᠴᠤ᠌ ᠯᠠ ᠭᠡᠰᠡᠨ ᠡᠷᠳᠡᠨᠢ ᠨᠠᠮ ᠤ᠋ᠨ ᠲᠥᠪ ᠬᠣᠷᠢᠶᠠᠨ ᠡᠴᠡ ᠵᠢᠮᠡᠯᠡᠭᠦᠯᠵᠡᠢ᠃ ᠡᠨᠡ ᠨᠢ ᠨᠠᠮ ᠤ᠋ᠨ ᠭᠡᠰᠢᠭᠦᠨ ᠡᠷᠳᠡᠨᠢ ᠳ᠋ᠦ᠍ ᠭᠤᠨᠢᠭᠲᠠᠢ ᠶᠠᠪᠤᠳᠠᠯ ᠪᠠᠢᠯ᠎ᠠ᠃
《ᠪᠢ ᠪᠤᠷᠤᠭᠤ ᠶᠠᠭᠤᠮ᠎ᠠ ᠬᠢᠭᠡ ᠦᠭᠡᠢ᠃ ᠡᠨᠡ ᠵᠠᠰᠠᠭ ᠪᠣᠯ ᠠᠷᠠᠳ ᠲᠦᠮᠡᠨ ᠦ᠌ ᠲᠥᠯᠥᠭᠡ ᠵᠠᠰᠠᠭ᠃ ᠪᠢ ᠴᠥᠭᠡᠨ ᠵᠢᠰᠠ ᠶ᠋ᠢ ᠬᠣᠬᠢᠷᠠᠭᠤᠯᠵᠤ᠂ ᠥᠯᠥᠰᠴᠦ ᠶᠠᠳᠠᠷᠠᠭᠰᠠᠨ ᠣᠯᠠᠨ ᠳ᠋ᠤ᠌ ᠲᠤᠰᠠ ᠪᠣᠯᠤᠭᠰᠠᠨ᠃ ᠡᠨᠡ ᠴᠢᠨᠢ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠭᠤᠢᠪᠢᠭᠤᠯᠤᠭᠰᠠᠨ ᠬᠡᠷᠡᠭ ᠭᠡᠵᠦ ᠤᠤ? ᠵᠢᠰᠠ᠂ ᠬᠡᠢᠳ ᠬᠥᠷᠥᠩᠭᠡ ᠲᠡᠢ ᠪᠠᠢᠭᠰᠠᠨ ᠴᠠᠭ ᠲᠤ᠌ ᠠᠷᠠᠳ ᠤ᠋ᠨ ᠲᠥᠷᠥ ᠳ᠋ᠦ᠍ ᠮᠠᠭᠤ ᠪᠣᠯᠬᠤ ᠡᠴᠡ ᠲᠤᠰᠠ ᠪᠣᠯᠬᠤ ᠦᠭᠡᠢ》 ᠭᠡᠵᠦ ᠪᠣᠳᠣᠬᠤ ᠳ᠋ᠤ᠌ ᠬᠢᠯᠢᠰ ᠰᠢᠳᠬᠡᠭᠦᠯᠪᠡ ᠭᠡᠵᠦ ᠪᠤᠬᠢᠨᠢᠳᠤᠨ᠎ᠠ᠃
ᠡᠷᠳᠡᠨᠢ ᠶ᠋ᠢᠨ ᠲᠤᠬᠠᠢ ᠭᠠᠷᠤᠭᠰᠠᠨ ᠲᠣᠭᠲᠠᠭᠠᠯ ᠤ᠋ᠨ ᠡᠴᠦᠰ ᠲᠦ᠍ 《ᠨᠥᠬᠥᠷ ᠡᠷᠳᠡᠨᠢ ᠶ᠋ᠢ ᠲᠡᠩᠴᠡᠬᠦ ᠲᠣᠬᠢᠷᠠᠬᠤ ᠠᠵᠢᠯ ᠳ᠋ᠤ᠌ ᠲᠣᠬᠣᠭᠠᠨ ᠲᠣᠮᠢᠯᠠᠬᠤ ᠶ᠋ᠢ ᠨᠠᠷᠢᠨ ᠪᠢᠴᠢᠭ ᠦ᠋ᠨ ᠳᠠᠷᠤᠭ᠎ᠠ ᠨᠥᠬᠥᠷ ᠵᠠᠳᠠᠮᠪᠠ ᠳ᠋ᠤ᠌ ᠳᠠᠭᠠᠭᠠᠯᠭᠠᠰᠤᠭᠠᠢ》 ᠭᠡᠵᠦ ᠳᠤᠷᠠᠳᠴᠠᠢ᠃
《ᠵᠠ ᠶᠠᠭᠠᠬᠢᠬᠤ ᠪᠣᠢ᠃ ᠥᠨᠥᠳᠥᠷ ᠵᠠᠳᠠᠮᠪᠠ ᠴᠢ ᠡᠷᠳᠡᠨᠢ ᠶ᠋ᠢ ᠲᠠᠢᠯᠪᠠ ᠭᠡᠵᠦ ᠪᠠᠶᠠᠷᠯᠠᠵᠤ ᠪᠠᠢᠭ᠎ᠠ᠃ ᠭᠡᠪᠡᠴᠦ ᠴᠢ ᠦᠨᠡᠨ ᠢ᠋ ᠳᠡᠢᠯᠬᠦ ᠦᠭᠡᠢ᠃ ᠤᠳᠠᠯ ᠦᠭᠡᠢ ᠶᠡᠬᠡ ᠬᠤᠷᠠᠯ ᠬᠤᠷᠠᠯᠳᠤᠭᠤᠯᠵᠤ ᠪᠤᠷᠤᠭᠤ ᠵᠥᠪ ᠢ᠋ ᠢᠯᠭᠠᠵᠤ ᠥᠭᠭᠦᠨ᠎ᠡ᠃ ᠪᠢ ᠢᠷᠡᠬᠦ ᠦᠭᠡᠢ ᠴᠦ᠍ ᠭᠡᠰᠡᠨ ᠨᠠᠳᠠ ᠲᠠᠢ ᠠᠳᠠᠯᠢ ᠪᠣᠳᠣᠳᠠᠭ ᠭᠡᠰᠢᠭᠦᠳ ᠨᠠᠮ ᠳ᠋ᠤ᠌ ᠪᠣᠢ᠃ ᠶᠠᠭᠤ ᠴᠤ᠌ ᠯᠠ ᠭᠡᠰᠡᠨ ᠵᠠᠳᠠᠮᠪᠠ ᠶ᠋ᠢᠨ ᠡᠮᠦᠨ᠎ᠡ ᠴᠢᠷᠠᠢ ᠠᠯᠲᠠᠨ ᠵᠣᠭᠰᠣᠬᠤ ᠦᠭᠡᠢ》 ᠭᠡᠵᠦ ᠪᠣᠳᠣᠭᠠᠳ ᠠᠵᠢᠯ ᠭᠤᠶᠤᠵᠤ ᠣᠴᠢᠭᠰᠠᠨ ᠦᠭᠡᠢ᠃ ᠮᠣᠷᠢ ᠬᠤᠳᠠᠯᠳᠤᠵᠤ ᠠᠪᠤᠭᠠᠳ ᠶᠠᠭᠤᠨ ᠤ᠋ ᠡᠮᠦᠨ᠎ᠡ ᠭᠡᠷ ᠲᠡᠭᠡᠨ ᠬᠠᠷᠢᠬᠤ ᠪᠠᠷ ᠰᠢ᠌ᠤᠠᠴᠠᠢ᠃
ᠵᠠᠷᠢᠮ ᠳ᠋ᠠᠭᠠᠨ ᠤᠯᠤᠰ ᠲᠥᠷᠥ ᠶ᠋ᠢᠨ ᠠᠵᠢᠯ ᠢ᠋ ᠣᠷᠬᠢᠵᠤ ᠬᠡᠳᠦᠨ ᠮᠠᠯ ᠣᠯᠵᠤ ᠠᠪᠤᠭᠠᠳ ᠬᠥᠳᠡᠭᠡ ᠭᠠᠷᠴᠤ ᠮᠠᠯᠴᠢᠨ ᠪᠣᠯᠤᠮᠠᠷ ᠰᠠᠨᠠᠭᠳᠠᠨ᠎ᠠ᠃ ᠭᠡᠪᠡᠴᠦ ᠡᠨᠡ ᠪᠣᠳᠣᠯ ᠤ᠋ᠨ ᠬᠠᠵᠠᠭᠤ ᠪᠠᠷ 《ᠪᠢ ᠡᠨᠡ ᠵᠠᠰᠠᠭ ᠢ᠋ ᠪᠠᠢᠭᠤᠯᠬᠤ ᠰᠢᠷᠦᠭᠦᠨ ᠲᠡᠮᠡᠴᠡᠯ ᠦ᠋ᠨ ᠦᠶ᠎ᠡ ᠳ᠋ᠦ᠍ ᠣᠷᠣᠭᠰᠠᠨ ᠬᠥᠮᠦᠨ᠃ ᠡᠭᠦᠨ ᠦ᠌ ᠲᠥᠯᠥᠭᠡ ᠴᠢᠰᠤ ᠪᠠᠨ ᠴᠤ᠌ ᠣᠷᠤᠰᠬᠠᠵᠤ ᠶᠠᠪᠤᠭᠰᠠᠨ᠃ ᠲᠡᠭᠡᠭᠡᠳ ᠵᠠᠮ ᠤ᠋ᠨ ᠬᠠᠭᠠᠰ ᠡᠴᠡ ᠡᠷᠭᠢᠵᠦ ᠪᠣᠯᠬᠤ ᠦᠭᠡᠢ᠃ ᠪᠣᠳᠣᠭᠰᠠᠨ ᠬᠢᠭᠰᠡᠨ ᠢ᠋ᠶ᠋ᠡᠨ ᠵᠥᠪ ᠭᠡᠵᠦ ᠢᠲᠡᠭᠡᠵᠦ ᠪᠠᠢᠭ᠎ᠠ ᠡᠴᠡ ᠬᠣᠢᠰᠢ ᠳᠠᠮᠪᠠᠳᠣᠷᠵᠢ᠂ ᠵᠠᠳᠠᠮᠪᠠ ᠨᠠᠷ ᠤ᠋ᠨ ᠬᠢᠵᠦ ᠪᠠᠢᠭ᠎ᠠ ᠶ᠋ᠢ ᠪᠤᠷᠤᠭᠤ ᠭᠡᠵᠦ ᠪᠣᠳᠣᠭᠰᠠᠨ ᠡᠴᠡ ᠬᠣᠢᠰᠢ ᠦᠬᠦᠯᠳᠦᠨ ᠲᠡᠮᠡᠴᠡᠬᠦ ᠬᠡᠷᠡᠭᠲᠡᠢ》 ᠭᠡᠵᠦ ᠪᠣᠳᠣᠭᠳᠠᠨ᠎ᠠ᠃ ᠠᠷᠠᠳ ᠤ᠋ᠨ ᠵᠠᠰᠠᠭ ᠤ᠋ᠨ ᠲᠥᠯᠥᠭᠡ ᠬᠢᠬᠦ ᠲᠡᠮᠡᠴᠡᠯ ᠳᠠᠭᠤᠰᠤᠭ᠎ᠠ ᠦᠭᠡᠢ᠃ ᠬᠠᠷᠢᠨ ᠤᠯᠠᠮ ᠴᠤ᠌ ᠶᠠᠷᠪᠢᠭ ᠲᠠᠢ ᠪᠣᠯᠵᠤ ᠪᠠᠢᠭ᠎ᠠ ᠮᠡᠲᠦ᠃
ᠵᠡᠯᠡᠯᠡᠨ ᠤᠶᠠᠭᠰᠠᠨ ᠮᠣᠷᠢᠳ ᠤ᠋ᠨ ᠳᠤᠮᠳᠠᠭᠤᠷ ᠣᠷᠣᠵᠤ ᠢᠷᠡᠲᠡᠯ᠎ᠡ ᠨᠢᠭᠡ ᠬᠥᠮᠦᠨ ᠬᠠᠨᠴᠤᠢ ᠳᠡᠭᠡᠷ᠎ᠡ ᠡᠴᠡ ᠨᠢ ᠪᠠᠷᠢᠵᠤ ᠠᠪᠤᠭᠠᠳ 《ᠰᠠᠢᠨ ᠮᠣᠷᠢ ᠠᠪᠤᠶ᠎ᠠ ᠭᠡᠪᠡᠯ ᠡᠨᠳᠡ ᠪᠠᠢᠨ᠎ᠠ᠂ ᠰᠠᠢᠬᠠᠨ ᠮᠣᠷᠢ ᠦᠵᠡᠶ᠎ᠡ ᠭᠡᠪᠡᠯ ᠡᠨᠳᠡ ᠪᠠᠢᠨ᠎ᠠ》 ᠭᠡᠵᠦ ᠫᠠᠷᠭᠢᠯ ᠬᠦᠩᠭᠢᠨᠡᠭᠰᠡᠨ ᠳᠠᠭᠤ ᠪᠠᠷ ᠬᠡᠯᠡᠪᠡ᠃
ᠬᠠᠷᠠᠪᠠᠯ ᠢᠯᠪᠠᠭᠠᠷ ᠬᠢᠯᠢᠩ ᠮᠠᠯᠠᠭᠠᠢ ᠳᠣᠬᠣᠳᠠᠭᠤᠯᠤᠨ ᠲᠠᠯᠪᠢᠵᠤ ᠬᠠᠭᠤᠴᠢᠨ ᠬᠥᠬᠡ ᠳᠠᠯᠢᠩᠪᠤ ᠳᠡᠪᠡᠯ ᠦ᠋ᠨ ᠵᠠᠬ᠎ᠠ ᠶ᠋ᠢ ᠨᠢ ᠵᠠᠳᠠᠭᠠᠢ ᠲᠠᠯᠪᠢᠨ ᠡᠮᠦᠰᠦᠭᠰᠡᠨ ᠭᠤᠴᠢ ᠡᠷᠭᠢᠮ᠎ᠡ ᠨᠠᠰᠤᠨ ᠤ᠋ ᠡᠷ᠎ᠡ ᠪᠠᠢᠯ᠎ᠠ᠃
ᠡᠷᠳᠡᠨᠢ ᠮᠣᠷᠢᠳ ᠢ᠋ ᠠᠵᠢᠭᠯᠠᠨ ᠪᠠᠢᠭᠰᠠᠨ ᠢ᠋ᠶ᠋ᠠᠨ ᠵᠢᠭᠵᠢᠭᠡᠷ ᠬᠣᠯᠠ ᠮᠣᠷᠢ ᠶ᠋ᠢ ᠵᠢᠭᠠᠵᠤ᠂
᠊᠊᠊᠊᠊᠊᠊᠊᠊᠊᠊᠊᠊᠊᠊ ᠶᠠᠮᠠᠷ ᠦᠨ᠎ᠡ ᠲᠡᠢ ᠶᠤᠮ ᠪᠣᠢ? ᠭᠡᠵᠦ ᠣᠭᠵᠣᠮ ᠠᠰᠠᠭᠤᠪᠠ᠃
᠊᠊᠊᠊᠊᠊᠊᠊᠊᠊᠊᠊᠊᠊᠊ ᠦᠨ᠎ᠡ ᠭᠡᠪᠡᠯ ᠰᠤᠯᠠ ᠬᠦ᠂ ᠵᠠᠩ ᠭᠡᠪᠡᠯ ᠬᠣᠨᠢ ᠬᠦ᠃ ᠬᠣᠷᠢᠨ ᠲᠥᠭᠥᠷᠢᠭ ᠲᠣᠭᠠᠯᠠᠭᠠᠳ ᠥᠭᠪᠡᠯ ᠬᠥᠲᠥᠯᠦᠭᠡᠳ ᠶᠠᠪᠤ᠃ ᠬᠣᠨᠵᠢᠶ᠎ᠠ ᠭᠠᠷᠤᠭ᠎ᠠ ᠦᠭᠡᠢ ᠶᠤᠮ ᠰᠢᠦ᠃
᠊᠊᠊᠊᠊᠊᠊᠊᠊᠊᠊᠊᠊᠊᠊ ᠶᠠᠮᠠᠷ ᠷᠢᠳᠢ ᠰᠢᠳᠢ ᠲᠡᠢ ᠮᠣᠷᠢ ᠪᠣᠯᠬᠣᠷ ᠡᠢᠮᠦ ᠲᠩᠷᠢ ᠳ᠋ᠦ᠍ ᠲᠤᠯᠤᠭᠰᠠᠨ ᠦᠨ᠎ᠡ ᠲᠡᠢ ᠪᠠᠢᠳᠠᠭ ᠪᠢᠯᠡ?
᠊᠊᠊᠊᠊᠊᠊᠊᠊᠊᠊᠊᠊᠊᠊ ᠳᠡᠨᠵᠢ ᠶ᠋ᠢᠨ ᠴᠢᠯᠠᠭᠤ ᠳᠡᠷᠬᠢᠲᠡᠯᠡ᠂ ᠳᠡᠪᠡᠯ ᠦ᠋ᠨ ᠬᠠᠪᠠᠭᠠᠰᠤ ᠰᠤᠭᠤᠷᠠᠲᠠᠯᠠ᠂ ᠠᠭᠤᠯᠠ ᠶ᠋ᠢᠨ ᠴᠢᠯᠠᠭᠤ ᠳᠣᠷᠭᠢᠲᠠᠯ᠎ᠠ᠂ ᠤᠷᠤᠭᠤᠯ ᠠᠮᠠ ᠴᠡᠴᠡᠷᠡᠲᠡᠯ᠎ᠡ ᠬᠠᠲᠠᠷᠢᠨ᠎ᠠ᠃ ᠬᠦᠰᠡᠭᠰᠡᠨ ᠭᠠᠵᠠᠷ ᠬᠦᠷᠭᠡᠭᠡᠳ ᠥᠭᠭᠦᠨ᠎ᠡ᠃ ᠬᠥᠮᠦᠨ ᠦ᠌ ᠮᠣᠷᠢ ᠶ᠋ᠢ ᠳᠡᠯᠡᠭᠡᠳ ᠬᠠᠶᠠᠨ᠎ᠠ᠃ ᠤᠷᠲᠤ ᠵᠠᠮ ᠳ᠋ᠤ᠌ ᠶᠠᠪᠠᠭᠠᠯᠠᠬᠤ ᠦᠭᠡᠢ᠂ ᠤᠨᠤᠭᠰᠠᠨ ᠬᠥᠮᠦᠨ ᠢ᠋ᠶ᠋ᠡᠨ ᠬᠠᠶᠠᠬᠤ ᠦᠭᠡᠢ᠂ ᠪᠤᠯᠭᠢᠬᠤ ᠭᠡᠳᠡᠭ ᠢ᠋ ᠮᠡᠳᠡᠬᠦ ᠦᠭᠡᠢ᠂ ᠪᠦᠳᠦᠷᠢᠬᠦ ᠭᠡᠳᠡᠭ ᠢ᠋ ᠦᠵᠡᠭᠡ ᠦᠭᠡᠢ ᠮᠣᠷᠢ ᠳᠠ᠃ ᠠᠪᠬᠤ ᠬᠦᠰᠡᠯ ᠦᠨᠡᠬᠡᠷ ᠪᠠᠢᠪᠠᠯ ᠥᠭᠬᠦ ᠦᠨ᠎ᠡ ᠪᠡᠨ ᠬᠡᠯᠡ ᠬᠦ᠃ ᠠᠷᠠᠯᠵᠢᠶ᠎ᠠ ᠮᠠᠢᠮᠠᠢ ᠶ᠋ᠢᠨ ᠶᠣᠰᠣ᠂ ᠲᠣᠭᠠᠯᠠᠬᠤ ᠮᠥᠩᠭᠥ ᠨᠢ ᠪᠠᠢᠪᠠᠯ ᠲᠣᠭᠠᠴᠢᠬᠤ ᠦᠨ᠎ᠡ ᠨᠢ ᠬᠥᠳᠡᠯᠳᠡᠭ ᠶᠤᠮ᠃
ᠡᠷᠳᠡᠨᠢ ᠢᠨᠢᠶᠡᠮᠰᠦᠭᠯᠡᠵᠦ᠄
᠊᠊᠊᠊᠊᠊᠊᠊᠊᠊᠊᠊᠊᠊᠊ ᠦ ᠭᠡᠮ ᠦᠭᠡᠢ ᠮᠣᠷᠢ ᠶᠤᠮ ᠪᠢᠵᠡ ᠳᠡ? ᠭᠡᠳ ᠡᠷ᠎ᠡ ᠶ᠋ᠢ ᠰᠢᠷᠳᠡᠪᠡ᠃
᠊᠊᠊᠊᠊᠊᠊᠊᠊᠊᠊᠊᠊᠊᠊ ᠠᠮᠢᠳᠤ ᠶᠠᠭᠤᠮ᠎ᠠ ᠪᠠᠢᠨ᠎ᠠ ᠦ ᠲᠡᠢ᠂ ᠠᠳᠤᠭᠤ ᠶᠤᠮ ᠪᠠᠢᠨ᠎ᠠ ᠭᠡᠮ ᠲᠡᠢ ᠬᠦ᠃ ᠭᠡᠮ ᠨᠢ ᠭᠡᠪᠡᠯ ᠭᠡᠳᠡᠰᠦ ᠪᠡᠨ ᠲᠠᠲᠠᠬᠤ ᠳᠣᠳᠣᠮ ᠬᠤᠷᠳᠤᠯᠠᠨ᠎ᠠ᠃ ᠦ ᠨᠢ ᠭᠡᠪᠡᠯ ᠤᠷᠤᠭᠤ ᠭᠠᠵᠠᠷ ᠢᠳᠤᠭᠠᠯᠠᠳᠠᠭ᠂ ᠤᠷᠤᠭᠤᠯ ᠠᠮᠠ ᠨᠢ ᠱᠠᠵᠢᠭᠢᠨᠠᠳᠠᠭ ᠮᠣᠷᠢ ᠳᠠ᠃
ᠡᠷᠳᠡᠨᠢ ᠬᠥᠭᠵᠢᠯᠲᠡᠢ ᠢᠨᠢᠶᠡᠪᠡ᠃ ᠮᠣᠷᠢ ᠬᠤᠳᠠᠯᠳᠤᠭᠴᠢ ᠲᠣᠯᠣᠭᠠᠢ ᠪᠠᠨ ᠬᠠᠶᠠᠯᠠᠨ ᠨᠢᠳᠦ ᠪᠡᠨ ᠰᠣᠯᠪᠢᠭᠤᠯᠤᠨ ᠴᠠᠪᠴᠢᠯᠠᠭᠰᠠᠨ ᠢ᠋ᠶ᠋ᠠᠨ᠄
᠊᠊᠊᠊᠊᠊᠊᠊᠊᠊᠊᠊᠊᠊᠊ ᠠᠯᠤᠰ ᠢ᠋ ᠰᠢᠷᠲᠡᠭᠰᠡᠨ ᠨᠢᠳᠦ ᠶ᠋ᠢ ᠨᠢ ᠬᠠᠷ᠎ᠠ ᠯᠠ ᠳᠠ᠃ ᠠᠴᠢᠶ᠎ᠠ ᠲᠠᠢ ᠲᠡᠷᠭᠡ ᠣᠷᠣᠴᠢᠬᠠᠮᠠᠷ ᠰᠠᠯᠲᠠᠭ᠎ᠠ ᠶ᠋ᠢ ᠨᠢ ᠦᠵᠡ ᠯᠡ ᠳᠡ᠃ ᠡᠮᠡᠭᠡᠯᠯᠡᠵᠦ ᠠᠪᠤᠭᠠᠳ ᠤᠨᠤᠵᠤ ᠦᠵᠡ᠃ ᠡᠷ᠎ᠡ ᠬᠥᠮᠦᠨ ᠶᠤᠮ ᠪᠣᠯ ᠰᠡᠳᠬᠢᠯ ᠴᠢᠨᠢ ᠰᠡᠷᠭᠦᠨ᠎ᠡ᠃
᠊᠊᠊᠊᠊᠊᠊᠊᠊᠊᠊᠊᠊᠊᠊ ᠠᠷᠪᠠᠨ ᠲᠥᠭᠥᠷᠢᠭ ᠥᠭᠭᠦᠶ᠎ᠡ᠃
᠊᠊᠊᠊᠊᠊᠊᠊᠊᠊᠊᠊᠊᠊᠊ ᠰᠠᠷᠠᠯ ᠡᠯᠵᠢᠭᠡ ᠬᠤᠳᠠᠯᠳᠤᠬᠤ ᠭᠡᠰᠡᠨ ᠦᠭᠡᠢ᠂ ᠰᠠᠢᠨ ᠬᠦᠯᠦᠭ ᠵᠠᠷᠤᠬᠤ ᠭᠡᠵᠦ ᠪᠠᠢᠨ᠎ᠠ᠂ ᠲᠡᠭᠡᠵᠦ ᠶᠠᠷᠢᠬᠤ ᠦᠭᠡᠢ᠃
ᠡᠨᠡ ᠬᠥᠮᠦᠨ ᠦ᠌ ᠤᠷᠠᠨ ᠰᠡᠴᠡᠨ ᠦᠭᠡ᠂ ᠬᠥᠭᠵᠢᠯᠲᠡᠢ ᠵᠠᠩ ᠳ᠋ᠤ᠌ ᠡᠷᠳᠡᠨᠢ ᠠᠶᠠᠨᠳᠠᠭᠠᠨ ᠲᠠᠲᠠᠭᠳᠠᠨ ᠪᠣᠯᠤᠭᠰᠠᠨ ᠶᠠᠪᠤᠳᠠᠯ ᠢ᠋ ᠲᠦᠷ ᠮᠠᠷᠲᠠᠨ᠂ ᠲᠡᠭᠦᠨ ᠦ᠌ ᠬᠥᠭ ᠠᠶᠠᠯᠭᠤᠨ ᠳ᠋ᠤ᠌ ᠣᠷᠣᠵᠤ᠄
᠊᠊᠊᠊᠊᠊᠊᠊᠊᠊᠊᠊᠊᠊᠊ ᠪᠠᠷᠢᠵᠤ ᠮᠣᠷᠳᠠᠬᠤ ᠳᠡᠯ ᠦᠭᠡᠢ᠂ ᠪᠠᠲᠠᠭᠠᠨ᠎ᠠ ᠦᠷᠭᠦᠭᠡᠬᠦ ᠰᠡᠭᠦᠯ ᠦᠭᠡᠢ᠂ ᠡᠢᠮᠦ ᠶᠠᠭᠤᠮ᠎ᠠ ᠪᠠᠨ ᠢᠩᠭᠢᠵᠦ ᠦᠨᠡᠷᠬᠡᠵᠦ ᠪᠠᠢᠬᠤ ᠳ᠋ᠠᠭᠠᠨ ᠵᠣᠪᠠᠬᠤ ᠦᠭᠡᠢ ᠪᠠᠢᠨ᠎ᠠ ᠤᠤ? ᠭᠡᠵᠦ ᠣᠷᠬᠢᠪᠠ᠃
᠊᠊᠊᠊᠊᠊᠊᠊᠊᠊᠊᠊᠊᠊᠊ ᠳᠡᠭᠡᠷ᠎ᠡ ᠨᠢ ᠤᠨᠤᠬᠤ ᠭᠡᠵᠦ ᠪᠠᠢᠭ᠎ᠠ ᠪᠢᠰᠢ᠂ ᠳᠡᠯ ᠰᠡᠭᠦᠯ ᠢ᠋ ᠨᠢ ᠠᠪᠴᠤ ᠳᠡᠭᠡᠰᠦ ᠲᠠᠮᠤᠬᠤ ᠭᠡᠵᠦ ᠪᠠᠢᠭ᠎ᠠ ᠶᠤᠮ ᠤᠤ? ᠲᠡᠭᠡᠪᠡᠯ ᠪᠥᠭᠡᠮ ᠰᠡᠭᠦᠯ ᠲᠡᠢ ᠬᠥᠭᠰᠢᠨ ᠠᠵᠢᠷᠭ᠎ᠠ᠂ ᠪᠥᠬᠡᠲᠡᠢ ᠳᠡᠯ ᠲᠡᠢ ᠭᠡᠭᠦᠦ ᠠᠪᠪᠠᠯ ᠵᠦᠭᠡᠷ ᠳᠡ᠃ ᠪᠠᠰᠠ ᠲᠡᠭᠡᠭᠡᠳ ᠬᠠᠷ᠎ᠠ ᠰᠠᠨᠠᠭᠠᠲᠤ ᠶ᠋ᠢᠨ ᠦᠭᠡ ᠤᠷᠠᠨ᠂ ᠬᠠᠱᠠᠩ ᠮᠣᠷᠢᠨ ᠤ᠋ ᠰᠡᠭᠦᠯ ᠥᠳᠬᠡᠨ ᠭᠡᠵᠦ ᠦᠭᠡ ᠪᠠᠢᠳᠠᠭ ᠪᠢᠰᠢ ᠤᠤ?
᠊᠊᠊᠊᠊᠊᠊᠊᠊᠊᠊᠊᠊᠊᠊ ᠴᠣᠬᠣᠮ ᠳᠠ ᠭᠡᠳ ᠡᠷᠳᠡᠨᠢ ᠲᠣᠮᠣ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠭᠰᠡᠨ ᠢ᠋ᠶ᠋ᠡᠨ ᠣᠪᠵᠢᠨ ᠨᠢᠳᠦ ᠪᠡᠷ ᠮᠣᠷᠢ ᠬᠤᠳᠠᠯᠳᠤᠭᠴᠢ ᠶ᠋ᠢ ᠬᠠᠷᠠᠵᠤ᠂
᠊᠊᠊᠊᠊᠊᠊᠊᠊᠊᠊᠊᠊᠊᠊ ᠲᠠᠨ ᠤ᠋ ᠦᠭᠡ ᠤᠷᠠᠨ ᠶᠤᠮ᠂ ᠰᠠᠨᠠᠭ᠎ᠠ ᠴᠢᠨᠢ ᠶᠠᠮᠠᠷ ᠪᠣᠯ? ᠭᠡᠯᠡ᠃
ᠮᠣᠷᠢ ᠬᠤᠳᠠᠯᠳᠤᠭᠴᠢ ᠭᠡᠨᠡᠨ ᠴᠠᠭᠠᠨ ᠰᠡᠳᠬᠢᠯ ᠢ᠋ᠶ᠋ᠡᠷ ᠫᠠᠷᠵᠢᠭᠢᠨᠠᠭᠤᠯᠤᠨ ᠢᠨᠢᠶᠡᠵᠦ ᠡᠷᠳᠡᠨᠢ ᠶ᠋ᠢᠨ ᠳᠠᠯᠤ ᠶ᠋ᠢ ᠵᠥᠭᠡᠯᠡᠨ ᠠᠯᠠᠭᠠᠳᠠᠬᠤ ᠵᠠᠭᠤᠷ᠎ᠠ 《ᠲᠡᠭᠡᠬᠦ ᠳ᠋ᠡᠭᠡᠨ ᠪᠢ ᠵᠠᠯᠢᠯᠠᠵᠤ ᠢᠳᠡᠳᠡᠭ ᠫᠠᠨᠽᠠᠴᠢᠨ ᠪᠢᠰᠢ᠂ ᠵᠠᠯᠭᠢᠵᠤ ᠢᠳᠡᠳᠡᠭ ᠮᠠᠩᠭᠤᠰ ᠪᠢᠰᠢ᠃ ᠬᠡᠳᠦᠨ ᠮᠣᠷᠢ ᠬᠤᠳᠠᠯᠳᠤᠬᠤ ᠭᠡᠵᠦ ᠬᠡᠷᠦᠯᠦᠨ ᠦ᠌ ᠬᠥᠪᠡᠭᠡ ᠡᠴᠡ ᠢᠷᠡᠭᠰᠡᠨ ᠬᠥᠮᠦᠨ᠃ ᠠᠷᠪᠠᠨ ᠨᠠᠢ᠍ᠮᠠ ᠪᠠᠷ ᠪᠣᠯ ᠨᠣᠭᠲᠣᠯᠠᠵᠤ ᠠᠪ᠃ ᠠᠪᠤᠭᠰᠠᠨ ᠬᠣᠢᠨ᠎ᠠ ᠪᠠᠨ ᠭᠣᠮᠣᠳᠠᠬᠤ ᠦᠭᠡᠢ ᠨᠢ ᠯᠠᠪ》 ᠭᠡᠳ ᠴᠡᠭᠡᠵᠢ ᠪᠡᠨ ᠵᠠᠢᠮᠤᠷᠠᠭᠤᠯᠤᠨ ᠬᠠᠩᠬᠠᠯᠵᠠᠪᠠ᠃
᠊᠊᠊᠊᠊᠊᠊᠊᠊᠊᠊᠊᠊᠊᠊ ᠦᠨ᠎ᠡ ᠪᠡᠨ ᠪᠢ ᠬᠡᠯᠡᠭᠰᠡᠨ᠃ ᠥᠭᠬᠦ ᠦᠭᠡᠢ ᠭᠡᠪᠡᠯ ᠨᠡᠮᠡᠬᠦ ᠦᠭᠡᠢ ᠭᠡᠳ ᠡᠷᠳᠡᠨᠢ ᠴᠠᠰᠢ ᠪᠠᠨ ᠶᠠᠪᠤᠯ᠎ᠠ᠃
ᠮᠣᠷᠢ ᠬᠤᠳᠠᠯᠳᠤᠭᠴᠢ ᠡᠷ᠎ᠡ ᠳᠡᠭᠡᠷ᠎ᠡ ᠵᠢᠷᠠ ᠭᠠᠷᠤᠢ ᠨᠠᠰᠤᠨ ᠤ᠋ ᠬᠠᠩᠬᠠᠭᠠᠷ ᠮᠥᠷᠥ ᠲᠡᠢ ᠶᠠᠩᠭᠢᠷ ᠡᠪᠦᠭᠡᠨ ᠢᠷᠡᠪᠡ᠃
᠊᠊᠊᠊᠊᠊᠊᠊᠊᠊᠊᠊᠊᠊᠊ ᠬᠦᠦ ᠮᠢᠨᠢ ᠮᠣᠷᠢᠳ ᠢ᠋ᠶ᠋ᠠᠨ ᠵᠠᠷᠤᠵᠤ ᠴᠢᠳᠠᠪᠠ ᠤᠤ?
ᠥᠷᠯᠥᠭᠡᠭᠦᠷ ᠥᠨᠳᠥᠷ ᠪᠣᠷᠣ ᠶ᠋ᠢ ᠠᠷᠪᠠᠨ ᠵᠢᠷᠭᠤᠭ᠎ᠠ ᠪᠠᠷ ᠠᠮᠠ ᠳᠦᠢᠭᠡᠳ ᠥᠭᠴᠢᠬᠡᠭᠰᠡᠨ᠃ ᠰᠠᠶᠢ ᠬᠣᠯᠠ ᠮᠣᠷᠢᠨ ᠳ᠋ᠤ᠌ ᠮᠢᠨᠢ ᠬᠣᠷᠣ ᠮᠠᠭᠠᠵᠢᠭᠰᠠᠨ ᠬᠣᠮᠰᠠ ᠦᠨ᠎ᠡ ᠥᠭᠴᠦ ᠣᠷᠬᠢᠭᠠᠳ ᠶᠠᠪᠤᠯ᠎ᠠ᠃
᠊᠊᠊᠊᠊᠊᠊᠊᠊᠊᠊᠊᠊᠊᠊ ᠬᠡᠳᠦ ᠭᠡᠵᠦ ᠪᠠᠢᠨ᠎ᠠ?
᠊᠊᠊᠊᠊᠊᠊᠊᠊᠊᠊᠊᠊᠊᠊ ᠠᠷᠠᠢ ᠶᠠᠳᠠᠨ ᠪᠠᠢᠵᠤ ᠠᠮᠠ ᠨᠢ ᠠᠩᠭᠠᠢᠭᠠᠳ ᠠᠷᠪᠠᠨ ᠲᠥᠭᠥᠷᠢᠭ ᠯᠡ ᠭᠡᠵᠦ ᠬᠠᠲᠠᠭᠤᠷᠠᠵᠤ ᠪᠠᠢᠨ᠎ᠠ᠃
᠊᠊᠊᠊᠊᠊᠊᠊᠊᠊᠊᠊᠊᠊᠊ ᠮᠣᠷᠢ ᠲᠠᠨᠢᠳᠠᠭ ᠦᠭᠡᠢ ᠬᠥᠮᠦᠨ ᠪᠠᠢᠵᠤ ᠯᠠ ᠳᠠ ᠬᠦᠦ ᠮᠢᠨᠢ᠃ ᠡᠷᠳᠡᠨᠢ ᠮᠣᠷᠢᠳ ᠤ᠋ᠨ ᠳᠤᠮᠳᠠᠭᠤᠷ ᠴᠠᠭ ᠭᠠᠷᠤᠢ ᠶᠠᠪᠤᠵᠤ ᠦᠵᠡᠬᠦ ᠳ᠋ᠦ᠍ ᠠᠩᠬᠠᠨ ᠤ᠋ ᠬᠠᠷᠠᠭᠰᠠᠨ ᠬᠣᠯᠠ ᠡᠴᠡ ᠢᠯᠡᠭᠦᠦ ᠰᠡᠳᠬᠢᠯ ᠲᠠᠲᠠᠭᠰᠠᠨ ᠮᠣᠷᠢ ᠬᠠᠷᠠᠭᠳᠠᠭᠰᠠᠨ ᠦᠭᠡᠢ ᠳ᠋ᠦ᠍ ᠪᠤᠴᠠᠵᠤ ᠢᠷᠡᠯ᠎ᠡ᠃
᠊᠊᠊᠊᠊᠊᠊᠊᠊᠊᠊᠊᠊᠊᠊ ᠨᠥᠭᠦᠭᠡ ᠬᠥᠮᠦᠨ ᠴᠢᠨᠢ ᠡᠷᠭᠢᠭᠡᠳ ᠢᠷᠡᠯ᠎ᠡ᠂ ᠠᠪᠤ ᠠ᠋ ᠁
ᠡᠪᠦᠭᠡᠨ ᠬᠠᠷᠠᠭᠰᠠᠨ ᠢ᠋ᠶ᠋ᠠᠨ ᠨᠢᠳᠦᠨ ᠳ᠋ᠦ᠍ ᠪᠠᠶᠠᠰᠬᠤᠯᠠᠩ ᠲᠣᠳᠣᠷᠠᠨ ᠤᠭᠲᠤᠵᠤ ᠬᠡᠳᠦ ᠠᠯᠬᠤᠭᠰᠠᠨ ᠢ᠋ᠶ᠋ᠠᠨ ᠬᠠᠨᠴᠤᠢ ᠪᠠᠨ ᠵᠠᠰᠠᠵᠤ ᠬᠣᠶᠠᠷ ᠭᠠᠷ ᠢ᠋ᠶ᠋ᠠᠨ ᠰᠤᠩᠭᠠᠨ 《ᠡᠷᠳᠡᠨᠢ ᠺᠣᠮᠢᠰᠰᠠᠷ ᠤ᠋ᠨ ᠠᠮᠤᠭᠤᠯᠠᠩ ᠢ᠋ ᠠᠢᠯᠠᠳᠬᠠᠶ᠎ᠠ᠃ ᠵᠣᠯᠭᠠᠵᠤ ᠣᠷᠬᠢᠬᠤ ᠤᠤ》 ᠭᠡᠯᠡ᠃
ᠡᠷᠳᠡᠨᠢ ᠲᠡᠷᠡ ᠬᠥᠮᠦᠨ ᠢ᠋ ᠲᠠᠨᠢᠭᠰᠠᠨ ᠦᠭᠡᠢ᠃ ᠭᠡᠪᠡᠴᠦ ᠰᠦᠷᠡᠬᠡᠢ ᠲᠠᠨᠢᠮᠠᠬᠠᠢᠷᠠᠵᠤ ᠪᠠᠢᠭ᠎ᠠ ᠡᠨᠡ ᠬᠥᠮᠦᠨ ᠳ᠋ᠦ᠍ ᠲᠠᠯ᠎ᠠ ᠥᠭᠭᠦᠨ 《ᠲᠠᠨ ᠤ᠋ ᠠᠮᠤᠭᠤᠯᠠᠩ ᠢ᠋ ᠡᠷᠢᠶ᠎ᠡ》 ᠭᠡᠵᠦ ᠬᠠᠷᠢᠭᠤ ᠮᠡᠨᠳᠦᠯᠡᠵᠦ ᠵᠣᠯᠭᠠᠪᠠ᠃
ᠡᠨᠡ ᠡᠪᠦᠭᠡᠨ ᠢ᠋ ᠦᠵᠡᠭᠰᠡᠨ ᠭᠠᠵᠠᠷ ᠢ᠋ᠶ᠋ᠠᠨ ᠡᠷᠳᠡᠨᠢ ᠪᠣᠳᠣᠭᠠᠳ ᠣᠯᠤᠭᠰᠠᠨ ᠦᠭᠡᠢ᠃ ᠲᠠᠮᠠᠬᠢ ᠪᠠᠨ ᠰᠣᠯᠢᠯᠴᠠᠨ᠂ ᠬᠡᠷᠬᠢᠨ ᠵᠤᠰᠠᠵᠤ ᠪᠠᠢᠭ᠎ᠠ ᠪᠠᠨ ᠠᠰᠠᠭᠤᠯᠴᠠᠵᠤ ᠶᠡᠬᠡ ᠯᠡ ᠶᠤᠰᠤᠷᠬᠠᠪᠠ᠃ ᠡᠷᠳᠡᠨᠢ ᠶ᠋ᠢ ᠡᠪᠦᠭᠡᠨ ᠬᠡᠰᠡᠭ ᠬᠠᠷᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠲᠠ ᠨᠠᠮᠠᠶ᠋ᠢ ᠨᠢᠭᠡ ᠯᠡ ᠲᠠᠨᠢᠬᠤ ᠦᠭᠡᠢ ᠪᠠᠢᠬᠤ ᠰᠢᠭ᠋? ᠭᠡᠯᠡ᠃
᠊᠊᠊᠊᠊᠊᠊᠊᠊᠊᠊᠊᠊᠊᠊ ᠨᠢᠭᠡ ᠯᠡ ᠰᠠᠨᠠᠭᠠᠨ ᠳ᠋ᠤ᠌ ᠣᠷᠣᠬᠤ ᠦᠭᠡᠢ ᠪᠠᠢᠨ᠎ᠠ ᠭᠡᠵᠦ ᠡᠷᠳᠡᠨᠢ ᠦᠨᠡᠨ ᠢ᠋ᠶ᠋ᠡᠨ ᠬᠡᠯᠡᠪᠡ᠃
᠊᠊᠊᠊᠊᠊᠊᠊᠊᠊᠊᠊᠊᠊᠊ ᠲᠣᠪᠴᠢᠨ ᠪᠡᠢᠰᠡ ᠶ᠋ᠢᠨ ᠳᠡᠭᠡᠷᠡᠮᠴᠢᠳ ᠲᠦ᠍ ᠪᠠᠷᠢᠭᠳᠠᠭᠠᠳ ᠠᠯᠠᠭᠳᠠᠬᠤ ᠭᠡᠵᠦ ᠪᠠᠢᠬᠤ ᠳ᠋ᠤ᠌ ᠮᠢᠨᠢ ᠲᠠ ᠰᠠᠯᠭᠠᠵᠤ ᠥᠭᠭᠦᠭᠰᠡᠨ ᠰᠢᠦ ᠳᠡ᠃ ᠪᠠᠰᠠ ᠬᠡᠳᠦᠨ ᠮᠣᠷᠢᠳ ᠢ᠋ ᠮᠢᠨᠢ ᠳᠡᠭᠡᠷᠡᠮᠳᠡᠭᠰᠡᠨ ᠢ᠋ ᠲᠠ ᠯᠠ ᠡᠷᠭᠢᠭᠦᠯᠵᠦ ᠬᠠᠢᠷᠠᠯᠠᠭᠰᠠᠨ᠃ ᠲᠠ ᠬᠣᠯᠠ ᠮᠣᠷᠢ ᠶ᠋ᠢ ᠮᠢᠨᠢ ᠠᠪᠬᠤ ᠭᠡᠰᠡᠨ ᠤᠤ? ᠦᠨ᠎ᠡ ᠮᠥᠩᠭᠥ ᠭᠡᠬᠦ ᠦᠭᠡᠢ ᠪᠠᠷᠢᠴᠢᠬᠠᠶ᠎ᠠ ᠭᠡᠳ ᠬᠣᠯᠠ ᠮᠣᠷᠢ ᠶ᠋ᠢ ᠲᠠᠢᠯᠤᠨ ᠨᠣᠭᠲᠣᠨ ᠤ᠋ ᠴᠤᠯᠪᠤᠭᠤᠷ ᠢ᠋ ᠡᠷᠳᠡᠨᠢ ᠳ᠋ᠦ᠍ ᠥᠭᠪᠡ᠃
᠊᠊᠊᠊᠊᠊᠊᠊᠊᠊᠊᠊᠊᠊᠊ ᠵᠦᠭᠡᠷ᠂ ᠪᠢ ᠦᠨ᠎ᠡ ᠪᠡᠷ ᠨᠢ ᠠᠪᠤᠨ᠎ᠠ ᠭᠡᠳ ᠡᠷᠳᠡᠨᠢ ᠡᠪᠦᠷ ᠡᠴᠡ ᠪᠡᠨ ᠲᠦᠷᠡᠢᠪᠴᠢ ᠪᠡᠨ ᠭᠠᠷᠭᠠᠪᠠ᠃
᠊᠊᠊᠊᠊᠊᠊᠊᠊᠊᠊᠊᠊᠊᠊ ᠠᠪᠬᠤ ᠦᠭᠡᠢ᠂ ᠪᠢ ᠲᠠᠨ ᠤ᠋ ᠠᠴᠢ ᠪᠠᠷ ᠥᠨᠥᠳᠥᠷ ᠬᠣᠷᠸ᠎ᠠ ᠳᠡᠭᠡᠷ᠎ᠡ ᠲᠣᠭᠣᠰᠣ ᠬᠥᠳᠡᠯᠭᠡᠵᠦ ᠶᠠᠪᠤᠨ᠎ᠠ᠃
᠊᠊᠊᠊᠊᠊᠊᠊᠊᠊᠊᠊᠊᠊᠊ ᠮᠢᠨᠦ ᠠᠴᠢ ᠪᠢᠰᠢ᠂ ᠠᠷᠠᠳ ᠤ᠋ᠨ ᠵᠠᠰᠠᠭ ᠤ᠋ᠨ ᠠᠴᠢ ᠰᠢᠦ ᠳᠡ ᠭᠡᠳ ᠡᠷᠳᠡᠨᠢ ᠢᠨᠢᠶᠡᠮᠰᠦᠭᠯᠡᠭᠰᠡᠨ ᠢ᠋ᠶ᠋ᠡᠨ ᠮᠥᠩᠭᠥ ᠪᠡᠨ ᠭᠠᠷᠭᠠᠵᠤ ᠲᠣᠭᠠᠯᠠᠪᠠ᠃
ᠡᠪᠦᠭᠡᠨ ᠬᠣᠯᠠ ᠮᠣᠷᠢ ᠪᠠᠨ ᠪᠡᠯᠡᠭᠯᠡᠨ ᠥᠭᠬᠦ ᠭᠡᠳ ᠠᠪᠬᠤ ᠦᠭᠡᠢ ᠭᠡᠵᠦ ᠬᠡᠰᠡᠭ ᠮᠠᠷᠭᠤᠯᠳᠤᠪᠠ᠃ ᠠᠷᠭ᠎ᠠ ᠨᠢ ᠪᠠᠷᠠᠭᠳᠠᠭᠰᠠᠨ ᠡᠪᠦᠭᠡᠨ 《ᠲᠠ ᠶᠠᠳᠠᠬᠤ ᠳ᠋ᠠᠭᠠᠨ ᠬᠢᠮᠳᠠ ᠠᠪ ᠯᠠ ᠳᠠ》 ᠭᠡᠵᠦ ᠭᠤᠶᠤᠪᠠ᠃ ᠢᠩᠭᠢᠭᠡᠳ ᠬᠣᠶᠠᠷ ᠲᠠᠯ᠎ᠠ ᠨᠠᠢᠷ ᠲᠠᠯᠪᠢᠵᠤ ᠠᠷᠪᠠᠨ ᠳᠥᠷᠪᠡᠨ ᠲᠥᠭᠥᠷᠢᠭ ᠢ᠋ᠶ᠋ᠡᠷ ᠬᠣᠯᠠ ᠮᠣᠷᠢ ᠶ᠋ᠢ ᠡᠷᠳᠡᠨᠢ ᠠᠪᠴᠠᠢ᠃
᠊᠊᠊᠊᠊᠊᠊᠊᠊᠊᠊᠊᠊᠊᠊ ᠲᠠ ᠣᠳᠣ ᠶᠠᠮᠠᠷ ᠠᠯᠪᠠ ᠬᠠᠭᠠᠵᠤ ᠪᠠᠢᠨ᠎ᠠ? ᠴᠡᠷᠢᠭ ᠲᠡᠭᠡᠨ ᠤᠤ?
᠊᠊᠊᠊᠊᠊᠊᠊᠊᠊᠊᠊᠊᠊᠊ ᠣᠳᠣ ᠬᠢᠭᠰᠡᠨ ᠠᠵᠢᠯ ᠦᠭᠡᠢ᠂ ᠨᠤᠲᠤᠭ ᠶᠠᠪᠤᠬᠤ ᠰᠠᠨᠠᠭᠠᠲᠠᠢ᠃ ᠮᠣᠷᠢ ᠠᠪᠴᠤ ᠪᠠᠢᠭ᠎ᠠ ᠨᠢ ᠡᠨᠡ᠃
᠊᠊᠊᠊᠊᠊᠊᠊᠊᠊᠊᠊᠊᠊᠊ ᠡᠷᠳᠡᠨᠢ ᠭᠤᠸᠠᠢ ᠲᠠ ᠮᠢᠨᠦ ᠡᠨᠡ ᠬᠦᠷᠡᠩ ᠮᠣᠷᠢ ᠶ᠋ᠢ ᠠᠪ ᠯᠠ ᠳᠠ᠃ ᠪᠢ ᠵᠦᠭᠡᠷ ᠪᠠᠷᠢᠶ᠎ᠠ᠃
᠊᠊᠊᠊᠊᠊᠊᠊᠊᠊᠊᠊᠊᠊᠊ ᠵᠦᠭᠡᠷ᠂ ᠵᠦᠭᠡᠷ ᠭᠡᠪᠡᠯ
᠊᠊᠊᠊᠊᠊᠊᠊᠊᠊᠊᠊᠊᠊᠊ ᠬᠣᠯᠠ ᠶᠠᠪᠤᠬᠤ ᠬᠥᠮᠦᠨ ᠳ᠋ᠦ᠍ ᠬᠣᠣᠰ ᠮᠣᠷᠢ ᠳᠡᠭᠡᠷ᠎ᠡ ᠭᠡᠳ ᠬᠦᠷᠡᠩ ᠮᠣᠷᠢ ᠪᠠᠨ ᠬᠥᠲᠥᠯᠦᠨ ᠢᠷᠡᠵᠦ ᠴᠤᠯᠪᠤᠭᠤᠷ ᠢ᠋ ᠨᠢ ᠥᠭᠪᠡ᠃
᠊᠊᠊᠊᠊᠊᠊᠊᠊᠊᠊᠊᠊᠊᠊ ᠵᠦᠭᠡᠷ᠂ ᠪᠢ ᠲᠠᠨ ᠳ᠋ᠤ᠌ ᠲᠤᠩ ᠶᠡᠬᠡ ᠪᠠᠶᠠᠷᠯᠠᠵᠤ ᠪᠠᠢᠨ᠎ᠠ᠃ ᠮᠠᠨ ᠤ᠋ ᠨᠤᠲᠤᠭ ᠡᠨᠡᠦᠬᠡᠨ ᠪᠠᠷᠠᠭᠤᠨ ᠲᠤᠤᠯᠠ ᠳ᠋ᠤ᠌ ᠭᠡᠵᠦ ᠡᠷᠳᠡᠨᠢ ᠠᠷᠭᠠᠯᠠᠨ ᠮᠣᠷᠢ ᠶ᠋ᠢ ᠠᠪᠤᠭᠰᠠᠨ ᠦᠭᠡᠢ᠃
᠊᠊᠊᠊᠊᠊᠊᠊᠊᠊᠊᠊᠊᠊᠊ ᠵᠠᠮ ᠲᠠᠭᠠᠷᠠᠯᠳᠤᠪᠠᠯ ᠮᠠᠨ ᠤ᠋ ᠳ᠋ᠤ᠌ ᠵᠣᠴᠢᠯᠠᠨ ᠣᠴᠢᠳᠠᠭ ᠶᠤᠮ ᠰᠢᠦ᠃
᠊᠊᠊᠊᠊᠊᠊᠊᠊᠊᠊᠊᠊᠊᠊ ᠵᠠ ᠣᠴᠢᠨ᠎ᠠ᠃
᠊᠊᠊᠊᠊᠊᠊᠊᠊᠊᠊᠊᠊᠊᠊ ᠮᠢᠨᠦ ᠨᠡᠷ᠎ᠡ ᠶ᠋ᠢ ᠲᠠᠮᠪᠠ᠂ ᠬᠦᠦ ᠶ᠋ᠢᠨ ᠨᠡᠷ᠎ᠡ ᠶ᠋ᠢ ᠭᠣᠮᠪᠣ᠂ ᠢᠷᠦᠭᠡᠯᠴᠢ ᠭᠣᠮᠪᠣ ᠭᠡᠪᠡᠯ ᠬᠠᠭᠤᠴᠢᠨ ᠪᠠᠢᠰᠠ ᠶ᠋ᠢᠨ ᠬᠣᠰᠢᠭᠤ᠂ ᠣᠳᠣ ᠪᠠᠶᠠᠨ ᠠᠭᠤᠯᠠ ᠶ᠋ᠢᠨ ᠬᠤᠰᠢᠭᠤᠨ ᠳ᠋ᠤ᠌ ᠮᠡᠳᠡᠬᠦ ᠦᠭᠡᠢ ᠬᠥᠮᠦᠨ ᠪᠠᠢᠬᠤ ᠦᠭᠡᠢ᠃ ᠵᠠᠪᠠᠯ ᠣᠴᠢᠳᠠᠭ ᠶᠤᠮ ᠰᠢᠦ᠃
᠊᠊᠊᠊᠊᠊᠊᠊᠊᠊᠊᠊᠊᠊᠊ ᠵᠠ᠂ ᠵᠠᠮ ᠲᠠᠭᠠᠷᠠᠪᠠᠯ ᠵᠠᠪᠠᠯ ᠣᠴᠢᠨ᠎ᠠ᠃
ᠮᠠᠷᠭᠠᠰᠢ ᠨᠢ ᠡᠷᠳᠡᠨᠢ ᠭᠡᠷ ᠦ᠋ᠨ ᠵᠦᠭ ᠶᠠᠪᠤᠯ᠎ᠠ᠃ ᠬᠣᠯᠠ ᠮᠣᠷᠢ ᠦᠨᠡᠬᠡᠷ ᠬᠣᠯᠠ ᠶ᠋ᠢᠨ ᠵᠠᠮ ᠳ᠋ᠤ᠌ ᠠᠶᠠᠯᠠᠵᠤ ᠪᠠᠢᠮᠠᠷ ᠤᠨᠤᠭ᠎ᠠ ᠪᠠᠢᠭᠰᠠᠨ ᠪᠥᠭᠡᠳ ᠲᠠᠮᠪᠠ ᠲᠠᠢ ᠠᠭᠤᠯᠵᠠᠭᠰᠠᠨ ᠨᠢ ᠡᠷᠳᠡᠨᠢ ᠶ᠋ᠢᠨ ᠰᠡᠳᠬᠢᠯ ᠦ᠋ᠨ ᠭᠤᠨᠢᠭ ᠢ᠋ ᠪᠠᠭ᠎ᠠ ᠪᠣᠯᠪᠠᠴᠤ ᠬᠥᠩᠭᠡᠯᠡᠵᠦ ᠪᠢᠯᠡ᠃
ᠡᠷᠳᠡᠨᠢ ᠶᠠᠭᠠᠷᠠᠯ ᠦᠭᠡᠢ ᠶᠠᠪᠤᠭᠰᠠᠭᠠᠷ ᠵᠢᠷᠭᠤᠭᠠᠳᠠᠬᠢ ᠬᠣᠨᠣᠭ ᠤ᠋ᠨ ᠢ᠋ᠶ᠋ᠠᠨ ᠰᠥᠨᠢ ᠳᠤᠮᠳᠠ ᠳ᠋ᠤ᠌ ᠭᠡᠷ ᠲᠡᠭᠡᠨ ᠣᠴᠢᠪᠠ᠃ ᠡᠷᠳᠡᠨᠢ ᠶ᠋ᠢ ᠬᠠᠷᠢᠬᠤ ᠡᠴᠡ ᠡᠮᠦᠨ᠎ᠡ ᠲᠡᠭᠦᠨ ᠦ᠌ ᠬᠡᠷᠡᠭ ᠶᠠᠪᠤᠳᠠᠯ᠂ ᠮᠠᠭᠤ ᠶᠠᠭᠤᠮ᠎ᠠ ᠮᠣᠳᠣᠨ ᠤᠯᠠᠭ᠎ᠠ ᠲᠠᠢ ᠭᠡᠭᠴᠢ ᠪᠡᠷ ᠴᠡᠴᠡᠷᠯᠢᠭ ᠮᠠᠨᠳᠤᠯ ᠤ᠋ᠨ ᠠᠢᠮᠠᠭ ᠳᠠᠶᠠᠭᠠᠷ ᠲᠠᠷᠠᠵᠠᠢ᠃ ᠨᠢᠭᠡ ᠡᠳᠦᠷ ᠨᠢᠮ᠎ᠠ ᠡᠪᠦᠭᠡᠨ ᠠᠷᠢᠬᠢ᠂ ᠰᠦ ᠴᠠᠭᠠᠨ ᠢᠳᠡᠭᠡ ᠪᠠᠰᠠ ᠨᠢᠭᠡ ᠬᠣᠨᠢᠨ ᠤ᠋ ᠮᠢᠬ᠎ᠠ ᠭᠠᠨᠵᠤᠭᠠᠯᠠᠨ ᠢᠷᠡᠵᠦ ᠶᠡᠬᠡ ᠯᠡ ᠲᠠᠯᠠᠷᠬᠠᠨ ᠠᠭᠤᠯᠵᠠᠵᠤ ᠶᠠᠷᠢᠯᠴᠠᠪᠠ᠃
᠊᠊᠊᠊᠊᠊᠊᠊᠊᠊᠊᠊᠊᠊᠊ ᠴᠢᠮᠠᠶ᠋ᠢ ᠳᠠᠷᠤᠭ᠎ᠠ ᠡᠴᠡ ᠴᠢᠨᠢ ᠬᠠᠯᠠᠭᠰᠠᠨ ᠭᠡᠵᠦ ᠬᠥᠮᠦᠨ ᠶᠠᠷᠢᠯᠴᠠᠬᠤ ᠶᠤᠮ ᠦᠨᠡᠨ ᠤᠤ? ᠭᠡᠵᠦ ᠬᠣᠭᠣᠯᠠ ᠢᠳᠡᠵᠦ ᠪᠠᠢᠭ᠎ᠠ ᠡᠷᠳᠡᠨᠢ ᠡᠴᠡ ᠭᠡᠨᠡᠳᠲᠡ ᠠᠰᠠᠭᠤᠪᠠ᠂
ᠡᠷᠳᠡᠨᠢ ᠡᠪᠦᠭᠡᠨ ᠢ᠋ ᠤᠳᠠᠭᠠᠨ ᠰᠢᠷᠳᠡᠨ ᠬᠠᠷᠠᠵᠤ ᠭᠣᠮᠣᠳᠠᠯ ᠲᠠᠢ ᠪᠠᠷ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ᠄
᠊᠊᠊᠊᠊᠊᠊᠊᠊᠊᠊᠊᠊᠊᠊ ᠲᠡᠢᠮᠦ ᠠ᠋᠂ ᠬᠠᠯᠠᠭᠳᠠᠭᠰᠠᠨ᠂ ᠪᠤᠷᠤᠭᠤ ᠬᠡᠷᠡᠭ ᠬᠢᠭᠰᠡᠨ ᠡᠴᠡ ᠬᠠᠯᠠᠭᠳᠠᠭᠰᠠᠨ ᠭᠡᠯᠡ᠃
᠊᠊᠊᠊᠊᠊᠊᠊᠊᠊᠊᠊᠊᠊᠊ ᠶᠠᠭᠠᠬᠢᠬᠤ ᠪᠣᠢ᠂ ᠡᠷ᠎ᠡ ᠬᠥᠮᠦᠨ ᠲᠤᠭ ᠴᠤ᠌ ᠪᠠᠷᠢᠳᠠᠭ᠂ ᠲᠤᠭᠤᠯ ᠴᠤ᠌ ᠬᠠᠷᠢᠭᠤᠯᠳᠠᠭ ᠶᠤᠮ ᠭᠡᠳᠡᠭ ᠰᠢᠦ ᠳᠡ᠃ ᠨᠢᠭᠡ ᠬᠠᠨᠢ ᠲᠠᠢ ᠪᠣᠯᠵᠤ ᠬᠡᠳᠦᠨ ᠮᠠᠯ ᠠᠪᠤᠭᠠᠳ ᠠᠢᠯ ᠪᠣᠯᠪᠠᠯ ᠵᠦᠭᠡᠷ ᠶᠤᠮ ᠪᠢᠰᠢ ᠤᠤ? ᠭᠡᠯᠡ᠃ ᠨᠢᠮ᠎ᠠ ᠡᠨᠡ ᠦᠭᠡ ᠶ᠋ᠢ ᠵᠥᠪᠬᠡᠨ ᠯᠡ ᠡᠷᠳᠡᠨᠢ ᠶ᠋ᠢᠨ ᠰᠡᠳᠬᠢᠯ ᠢ᠋ ᠳᠡᠮᠵᠢᠬᠦ ᠪᠣᠳᠣᠯ ᠡᠴᠡ ᠬᠡᠯᠡᠵᠡᠢ᠃
᠊᠊᠊᠊᠊᠊᠊᠊᠊᠊᠊᠊᠊᠊᠊ ᠲᠡᠭᠡᠵᠦ ᠴᠦ᠍ ᠪᠣᠯᠬᠤ ᠯᠠ ᠶᠤᠮ᠃ ᠭᠡᠬᠦ ᠳ᠋ᠡᠭᠡᠨ ᠵᠠᠮ ᠤ᠋ᠨ ᠬᠠᠭᠠᠰ ᠡᠴᠡ ᠪᠤᠴᠠᠵᠤ ᠯᠠ ᠪᠣᠯᠬᠤ ᠦᠭᠡᠢ᠃ ᠪᠢ ᠬᠣᠬᠢᠷᠠᠬᠤ ᠴᠤ᠌ ᠪᠠᠰᠠ ᠪᠠᠭ᠎ᠠ ᠬᠡᠷᠡᠭ᠂ ᠬᠠᠷᠢᠨ ᠪᠠᠢᠭᠤᠯᠤᠭᠰᠠᠨ ᠵᠠᠰᠠᠭ ᠲᠥᠷᠥ ᠪᠠᠨ ᠯᠠ ᠬᠣᠬᠢᠷᠠᠬᠤ ᠳ᠋ᠤ᠌ ᠬᠦᠷᠭᠡᠵᠦ ᠪᠣᠯᠬᠤ ᠦᠭᠡᠢ᠃ ᠲᠡᠢᠮᠦ ᠤᠤ? ᠭᠡᠵᠦ ᠡᠷᠳᠡᠨᠢ ᠬᠡᠯᠡᠪᠡ᠃
ᠡᠷᠳᠡᠨᠢ ᠬᠡᠳᠦ ᠬᠣᠨᠣᠭ ᠭᠡᠷ ᠡᠴᠡ ᠭᠠᠷᠤᠭᠰᠠᠨ ᠦᠭᠡᠢ᠃ ᠤᠴᠢᠷ ᠨᠢ ᠬᠡᠳᠦᠢ ᠪᠡᠷ ᠪᠤᠷᠤᠭᠤ ᠦᠭᠡᠢ ᠭᠡᠵᠦ ᠢᠳᠡᠭᠡᠨ ᠪᠣᠳᠣᠪᠠᠴᠤ ᠰᠢᠳᠬᠡᠭᠳᠡᠨ᠎ᠡ᠂ ᠲᠡᠷᠡ ᠳᠣᠳᠣᠮ ᠢ᠋ᠶ᠋ᠠᠨ ᠨᠠᠮ ᠤ᠋ᠨ ᠲᠥᠪ ᠬᠣᠷᠢᠶ᠎ᠠ ᠡᠴᠡ ᠰᠢᠳᠬᠡᠯ ᠠᠪᠤᠨ᠎ᠠ ᠭᠡᠳᠡᠭ ᠪᠣᠯ ᠬᠡᠴᠡᠭᠦᠦ ᠠᠵᠢ᠃ ᠰᠡᠳᠬᠢᠯ ᠨᠢ ᠨᠢᠭᠡ ᠯᠡ ᠡᠪ ᠦᠭᠡᠢ᠃
ᠨᠢᠭᠡ ᠥᠷᠯᠥᠭᠡ ᠭᠠᠷᠴᠤ ᠵᠡᠭᠡᠯᠢ ᠳᠡᠭᠡᠷ᠎ᠡ ᠶᠠᠪᠤᠵᠤ ᠪᠠᠢᠲᠠᠯ᠎ᠠ ᠵᠠᠶ᠎ᠠ ᠶ᠋ᠢᠨ ᠬᠦᠷᠢᠶᠡᠨ ᠦ᠌ ᠬᠠᠮᠪᠤ ᠯᠠᠮᠠ ᠲᠠᠭᠠᠷᠠᠯᠳᠤᠭᠠᠳ ᠶᠡᠬᠡ ᠯᠡ ᠶᠣᠵᠣᠲᠠᠢ ᠢᠨᠢᠶᠡᠮᠰᠦᠭᠯᠡᠭᠰᠡᠨ ᠢ᠋ᠶ᠋ᠡᠨ ᠮᠡᠨᠳᠦᠯᠡᠭᠡᠳ 《ᠠᠷᠠᠳ ᠤ᠋ᠨ ᠵᠠᠰᠠᠭ ᠤ᠋ᠨ ᠲᠥᠯᠥᠭᠡᠨ ᠦ᠌ ᠲᠦᠰᠢᠮᠡᠯ ᠭᠡᠳ ᠮᠠᠨ ᠤ᠋ ᠨᠤᠲᠤᠭ ᠲᠤ᠌ ᠢᠷᠡᠵᠦ ᠪᠠᠢᠬᠤ ᠳ᠋ᠠᠭᠠᠨ ᠭᠢᠯᠠᠯᠵᠠᠭᠰᠠᠨ ᠬᠠᠷ᠎ᠠ ᠬᠦᠦ ᠪᠠᠢᠵᠤ ᠪᠢᠯᠡ᠃ ᠣᠳᠣ ᠴᠤ᠌ ᠥᠲᠡᠯᠬᠦ ᠰᠢᠨᠵᠢ ᠣᠷᠣᠵᠠᠢ ᠳᠠ᠃ ᠮᠠᠨ ᠤ᠋ ᠳ᠋ᠤ᠌ ᠰᠠᠢᠬᠠᠨ ᠠᠢᠷᠠᠭ ᠢᠷᠡᠭᠰᠡᠨ᠂ ᠣᠴᠢᠵᠤ ᠵᠣᠭᠣᠭᠯᠠᠪᠠᠯ ᠪᠢ ᠬᠡᠮᠵᠢᠶᠡᠯᠡᠰᠢ ᠦᠭᠡᠢ ᠪᠠᠶᠠᠷᠯᠠᠵᠤ ᠪᠠᠢᠨ᠎ᠠ》 ᠭᠡᠵᠦ ᠬᠡᠯᠡᠪᠡ᠃
ᠡᠷᠳᠡᠨᠢ ᠬᠠᠮᠪᠤ ᠶ᠋ᠢᠨ ᠨᠢᠳᠦ ᠶ᠋ᠢ ᠡᠭᠴᠡ ᠰᠢᠷᠳᠡᠪᠡ᠃ ᠴᠡᠭᠡᠷ ᠬᠦᠷᠢᠶ᠎ᠡ ᠲᠠᠲᠠᠵᠤ ᠴᠢᠭᠢᠯᠭᠡᠨᠡᠭᠰᠡᠨ ᠪᠣᠯᠪᠠᠴᠤ ᠠᠮᠢᠳᠤᠷᠠᠯ ᠤ᠋ᠨ ᠮᠠᠭᠤ ᠰᠠᠨᠠᠭ᠎ᠠ᠂ ᠵᠠᠯᠢ ᠤᠬᠠᠭᠠᠨ ᠪᠦᠷᠢᠳᠦᠭᠰᠡᠨ ᠬᠣᠶᠠᠷ ᠪᠣᠷᠣ ᠨᠢᠳᠦ ᠡᠮᠦᠨ᠎ᠡ ᠡᠴᠡ ᠨᠢ ᠬᠠᠷᠠᠬᠤ ᠠᠵᠢ᠃ ᠲᠡᠷᠡ ᠬᠣᠶᠠᠷ ᠨᠢᠳᠦ ᠨᠢᠭᠤᠴᠠ ᠢᠨᠢᠶᠡᠨ ᠪᠠᠬᠠᠳᠤᠯᠲᠠᠢ ᠳᠠᠪᠠᠯᠠᠵᠤ ᠪᠠᠢᠯ᠎ᠠ᠃
《ᠪᠠᠳᠢᠷᠴᠢᠨ ᠪᠠᠶᠠᠷᠯᠠᠬᠤ ᠪᠣᠯᠤᠭ᠎ᠠ ᠦᠭᠡᠢ》 ᠭᠡᠳ ᠨᠢᠭᠤᠷ ᠤᠷᠤᠭᠤ ᠨᠢ ᠨᠤᠯᠮᠤᠵᠤ ᠣᠷᠬᠢᠮᠠᠷ ᠰᠠᠨᠠᠭᠳᠠᠭᠰᠠᠨ ᠠᠪᠠᠴᠤ ᠡᠷᠳᠡᠨᠢ ᠪᠡᠶ᠎ᠡ ᠪᠡᠨ ᠪᠠᠷᠢᠨ ᠲᠡᠪᠴᠢᠵᠦ ᠢᠷᠠᠯᠵᠠᠲᠠᠯᠠ ᠢᠨᠢᠶᠡᠮᠰᠦᠭᠯᠡᠵᠦ 《ᠥᠲᠡᠯᠦᠭᠰᠡᠨ ᠶᠠᠭᠤᠮ᠎ᠠ ᠶ᠋ᠢ ᠠᠯᠢ ᠲᠣᠭᠠᠴᠢᠵᠤ ᠪᠠᠷᠠᠬᠤ ᠪᠣᠢ᠃ ᠬᠠᠷᠢᠨ ᠬᠠᠮᠪᠤ ᠭᠤᠸᠠᠢ ᠳ᠋ᠤ᠌ ᠠᠢᠷᠠᠭ ᠵᠣᠬᠢᠵᠤ ᠯᠠ ᠪᠠᠢᠨ᠎ᠠ ᠤᠤ? ᠠᠢᠬᠤᠪᠲᠤᠷ ᠪᠡᠶ᠎ᠡ ᠲᠠᠢ ᠶᠤᠮ ᠳᠠ》 ᠭᠡᠯᠡ᠃
ᠬᠠᠮᠪᠤ ᠠᠢᠷᠠᠭ ᠤᠤᠭᠤᠬᠤ ᠪᠠᠷ ᠨᠡᠷ᠎ᠡ ᠳ᠋ᠦ᠍ ᠭᠠᠷᠤᠭᠰᠠᠨ ᠬᠥᠮᠦᠨ ᠪᠢᠯᠡ᠃ ᠲᠡᠭᠦᠨ ᠢ᠋ ᠬᠠᠭᠠᠰ ᠡᠳᠦᠷ ᠦ᠋ᠨ ᠬᠤᠭᠤᠴᠠᠭᠠᠨ ᠳ᠋ᠤ᠌ ᠬᠣᠨᠢᠨ ᠲᠣᠭᠣᠭ᠎ᠠ ᠰᠢᠭ᠋ ᠬᠤᠯᠤ ᠲᠠᠢ ᠬᠠᠷ᠎ᠠ ᠨᠢᠳᠦᠨ ᠬᠣᠶᠠᠷ ᠢ᠋ ᠤᠤᠭᠤᠳᠠᠭ ᠭᠡᠵᠦ ᠶᠠᠷᠢᠳᠠᠭ ᠶᠤᠮ᠃ ᠭᠡᠪᠡᠴᠦ ᠡᠷᠳᠡᠨᠢ ᠡᠨᠡ ᠤᠳᠠᠭ᠎ᠠ ᠲᠡᠷᠡ ᠲᠤᠬᠠᠢ ᠶᠠᠷᠢᠭᠰᠠᠨ ᠦᠭᠡᠢ᠃ ᠬᠠᠷᠢᠨ ᠲᠡᠷᠡ ᠶᠠᠷᠢᠶ᠎ᠠ ᠶ᠋ᠢ ᠠᠰᠢᠭᠯᠠᠨ ᠪᠢᠲᠡᠭᠦᠦ ᠶᠣᠵᠣᠯᠠᠵᠠᠢ᠃ ᠬᠠᠰᠢᠷ ᠬᠠᠮᠪᠤ ᠴᠤ᠌ ᠡᠷᠳᠡᠨᠢ ᠶ᠋ᠢᠨ ᠡᠨᠡ ᠦᠭᠡ ᠶ᠋ᠢᠨ ᠤᠳᠬ᠎ᠠ ᠶ᠋ᠢ ᠠᠢᠷᠠᠭ ᠤ᠋ᠨ ᠲᠤᠬᠠᠢ ᠪᠢᠰᠢ ᠭᠡᠳᠡᠭ ᠢ᠋ ᠣᠢᠯᠠᠭᠠᠪᠠ᠃
᠊᠊᠊᠊᠊᠊᠊᠊᠊᠊᠊᠊᠊᠊᠊ ᠤᠤᠭᠤᠵᠤ ᠰᠤᠷᠤᠭᠰᠠᠨ ᠶᠤᠮ ᠪᠣᠯᠬᠣᠷ ᠣᠳᠣᠬᠠᠨ ᠳ᠋ᠠᠭᠠᠨ ᠵᠣᠬᠢᠵᠤ ᠯᠠ ᠪᠠᠢᠨ᠎ᠠ ᠭᠡᠳ ᠬᠣᠭᠣᠯᠠᠢ ᠳ᠋ᠠᠭᠠᠨ ᠭᠦᠳ ᠭᠦᠳ ᠳᠤᠤᠭᠠᠷᠤᠨ ᠢᠨᠢᠶᠡᠪᠡ᠃
᠊᠊᠊᠊᠊᠊᠊᠊᠊᠊᠊᠊᠊᠊᠊ ᠨᠢᠭᠡ ᠵᠣᠬᠢᠬᠤ ᠪᠠᠨ ᠪᠣᠯᠢᠬᠤ ᠪᠠᠷ ᠬᠡᠴᠡᠭᠦᠦ ᠶᠤᠮ ᠭᠡᠳᠡᠭ ᠰᠢᠦ!
᠊᠊᠊᠊᠊᠊᠊᠊᠊᠊᠊᠊᠊᠊᠊ ᠦᠵᠡᠭᠡ ᠦᠭᠡᠢ ᠪᠣᠯᠬᠣᠷ ᠶᠠᠭᠤ ᠴᠤ᠌ ᠭᠡᠬᠦ ᠪᠢᠯᠡ ᠳᠠ᠃ ᠲᠠ ᠬᠡᠵᠢᠶ᠎ᠡ ᠮᠢᠨᠦ ᠥᠮᠥᠭᠡᠷ ᠭᠡᠷ ᠲᠦ᠍ ᠮᠣᠷᠢᠯᠠᠨ ᠣᠴᠢᠬᠤ ᠪᠣᠯ? ᠲᠠᠪᠠᠲᠠᠢ ᠰᠠᠭᠤᠵᠤ ᠠᠭᠤᠯᠵᠠᠨ ᠬᠥᠭᠡᠷᠦᠯᠳᠦᠬᠦ ᠶᠤᠮ ᠰᠠᠨ ᠁
᠊᠊᠊᠊᠊᠊᠊᠊᠊᠊᠊᠊᠊᠊᠊ ᠣᠳᠣᠬᠠᠨ ᠳ᠋ᠠᠭᠠᠨ ᠵᠠᠪ ᠮᠠᠭᠤᠲᠠᠢ ᠪᠠᠢᠨ᠎ᠠ᠃ ᠭᠠᠢᠭᠤᠢ᠂ ᠴᠠᠭ ᠢᠷᠡᠬᠦ ᠪᠠᠢᠯᠭᠦᠢ ᠳᠡ᠃
᠊᠊᠊᠊᠊᠊᠊᠊᠊᠊᠊᠊᠊᠊᠊ ᠶᠣᠰᠣᠲᠠᠢ ᠳᠠ ᠭᠡᠳ ᠬᠠᠮᠪᠤ ᠪᠥᠬᠥᠯᠵᠡᠨ ᠲᠣᠩᠭᠣᠯᠵᠠᠨ ᠨᠠᠢᠷ ᠲᠠᠯ᠎ᠠ ᠥᠭᠴᠦ ᠰᠠᠯᠤᠭᠠᠳ ᠬᠣᠶᠠᠷ ᠯᠠᠮᠠ ᠪᠠᠨ ᠳᠠᠭᠠᠭᠤᠯᠤᠨ ᠤᠯᠠᠭᠠᠨ ᠣᠷᠬᠢᠮᠵᠢ ᠪᠠᠨ ᠨᠠᠮᠢᠷᠠᠭᠤᠯᠤᠨ᠂ ᠬᠢᠯᠢᠩ ᠨᠢᠳᠤᠷᠭ᠎ᠠ ᠲᠠᠢ ᠤᠷᠲᠤ ᠬᠠᠨᠴᠤᠢ ᠪᠠᠨ ᠠᠯᠭᠤᠷ ᠪᠥᠭᠡᠳ ᠶᠡᠬᠡᠮᠰᠦᠭ ᠢ᠋ᠶ᠋ᠡᠷ ᠬᠠᠶᠠᠯᠠᠨ ᠶᠠᠪᠤᠵᠠᠢ᠃ ᠲᠦᠷ ᠴᠦ᠍ ᠭᠡᠰᠡᠨ ᠡᠨᠡ ᠭᠠᠢᠬᠠᠯ ᠤ᠋ᠨ ᠣᠮᠣᠭ ᠳᠠᠷᠤᠭᠳᠠᠨ᠎ᠠ ᠭᠡᠳᠡᠭ ᠪᠢᠳᠡᠨ ᠳ᠋ᠦ᠍ ᠯᠡ ᠰᠠᠢᠨ᠃ ᠠᠷᠠᠳ ᠤ᠋ᠨ ᠵᠠᠰᠠᠭ ᠲᠠᠭᠠᠨ ᠭᠣᠮᠣᠳᠠᠭᠰᠠᠨ ᠪᠣᠯ ᠪᠦᠷ ᠴᠦ᠍ ᠰᠠᠢᠨ᠃ ᠰᠤᠳᠠᠰᠤ ᠶ᠋ᠢ ᠨᠢ ᠪᠠᠷᠢᠵᠤ᠂ ᠪᠣᠳᠣᠯ ᠢ᠋ ᠨᠢ ᠮᠡᠳᠡᠬᠦ ᠰᠠᠨ᠃ ᠡᠢᠮᠦ ᠬᠥᠮᠦᠨ ᠨᠢᠭᠡ ᠡᠷᠭᠢᠪᠡᠯ ᠡᠷᠭᠢᠬᠦ ᠰᠢᠭ ᠡᠷᠭᠢᠨ᠎ᠡ᠃ ᠲᠡᠷᠡ ᠦᠶ᠎ᠡ ᠳ᠋ᠦ᠍ᠨᠢ ᠣᠯᠤᠭᠠᠳ ᠠᠪᠪᠠᠯ ᠵᠠᠭᠤᠨ ᠪᠠᠳᠠᠷᠴᠢ ᠪᠠᠷ ᠰᠣᠯᠢᠬᠤ ᠦᠭᠡᠢ ᠣᠯᠵᠠ᠃ ᠰᠠᠢᠨ ᠤ᠋ ᠪᠤᠶᠠᠨ ᠢ᠋ᠶ᠋ᠠᠷ ᠶᠠᠭᠤ ᠮᠠᠭᠠᠳ ᠭᠡᠵᠦ ᠬᠠᠮᠪᠤ ᠡᠷᠳᠡᠨᠢ ᠶ᠋ᠢᠨ ᠲᠤᠬᠠᠢ ᠪᠣᠳᠣᠵᠤ ᠶᠠᠪᠤᠭᠰᠠᠨ ᠪᠣᠯ᠂ ᠬᠥᠭᠰᠢᠨ ᠴᠢᠨᠣ᠎ᠠ ᠮᠢᠨᠢ ᠪᠠᠶᠠᠷᠯᠠᠬᠤ ᠪᠣᠯᠤᠭ᠎ᠠ ᠦᠭᠡᠢ᠂ ᠠᠷᠠᠳ ᠤ᠋ᠨ ᠵᠠᠰᠠᠭ ᠰᠠᠢᠨ ᠪᠠᠢᠭᠰᠠᠨ ᠴᠠᠭ ᠲᠤ᠌ ᠴᠢ ᠬᠣᠯᠠ ᠲᠡᠯᠴᠢᠯᠡᠵᠦ ᠴᠢᠳᠠᠬᠤ ᠦᠭᠡᠢ᠃ ᠨᠢᠭᠡ ᠯᠡ ᠡᠳᠦᠷ ᠬᠠᠮᠠᠷ ᠲᠤ᠌ ᠴᠢᠨᠢ ᠲᠥᠷᠥ ᠣᠷᠣᠴᠢᠬᠠᠭᠰᠠᠨ ᠪᠠᠢᠬᠤ ᠪᠣᠢ ᠭᠡᠵᠦ ᠡᠷᠳᠡᠨᠢ ᠬᠠᠮᠪᠤ ᠶ᠋ᠢᠨ ᠲᠤᠬᠠᠢ ᠪᠣᠳᠣᠵᠤ ᠶᠠᠪᠤᠯ᠎ᠠ᠃
ᠡᠷᠳᠡᠨᠢ ᠶ᠋ᠢ ᠭᠡᠷ ᠲᠡᠭᠡᠨ ᠣᠢᠷᠠᠲᠤᠵᠤ ᠢᠷᠡᠬᠦ ᠳ᠋ᠦ᠍ ᠬᠡᠳᠦᠨ ᠬᠥᠮᠦᠨ ᠨᠠᠮ ᠤ᠋ᠨ ᠬᠣᠷᠢᠶᠠᠨ ᠤ᠋ ᠳᠠᠷᠤᠭ᠎ᠠ ᠪᠠᠢᠬᠤ ᠳ᠋ᠤᠨᠢ ᠪᠠᠷᠢᠵᠤ ᠥᠭᠭᠦᠭᠰᠡᠨ ᠲᠣᠮᠣ ᠭᠡᠷ ᠢ᠋ ᠪᠠᠭᠤᠯᠭᠠᠨ ᠲᠡᠷᠭᠡᠨ ᠳ᠋ᠦ᠍ ᠠᠴᠢᠵᠤ ᠪᠠᠢᠯ᠎ᠠ᠃ ᠡᠷᠳᠡᠨᠢ ᠶ᠋ᠢᠨ ᠴᠢᠷᠠᠢ ᠪᠠᠷᠵᠠᠢᠨ᠂ ᠮᠠᠩᠨᠠᠢ ᠳ᠋ᠤᠨᠢ ᠦᠷᠴᠢᠯᠡᠭᠡ ᠲᠣᠳᠣᠷᠠᠪᠠ᠃ ᠣᠢᠷᠠᠲᠤᠵᠤ ᠣᠴᠢᠪᠠᠯ ᠨᠠᠮ ᠤ᠋ᠨ ᠬᠣᠷᠢᠶᠠᠨ ᠤ᠋ ᠠᠵᠤ ᠠᠬᠤᠢ ᠶ᠋ᠢᠨ ᠳᠠᠷᠤᠭ᠎ᠠ ᠮᠡᠨᠳᠦᠯᠡᠭᠡᠳ ᠭᠡᠮᠰᠢᠯᠲᠡᠢ ᠪᠡᠷ ᠡᠷᠳᠡᠨᠢ ᠶ᠋ᠢ ᠬᠠᠷᠠᠯ᠎ᠠ᠃ 《ᠪᠢ ᠲᠤᠰᠢᠶᠠᠯ ᠪᠡᠶᠡᠯᠡᠭᠦᠯᠵᠦ ᠪᠠᠢᠨ᠎ᠠ》 ᠭᠡᠵᠦ ᠲᠡᠭᠦᠨ ᠦ᠌ ᠨᠢᠳᠦ ᠬᠡᠯᠡᠵᠦ ᠪᠠᠢᠯ᠎ᠠ᠃
᠊᠊᠊᠊᠊᠊᠊᠊᠊᠊᠊᠊᠊᠊᠊ ᠴᠡᠷᠢᠭ ᠲᠦ᠍ ᠶᠠᠪᠤᠭᠰᠠᠨ ᠬᠦᠦ ᠶ᠋ᠢᠨ ᠮᠢᠨᠢ ᠭᠡᠷ ᠳᠤᠶᠤᠳ ᠭᠤᠸᠠᠢ ᠶ᠋ᠢᠨ ᠬᠠᠰᠢᠶᠠᠨ ᠳ᠋ᠤ᠌ ᠳᠠᠷᠤᠭᠠᠰᠤᠲᠠᠢ ᠪᠠᠢᠭ᠎ᠠ ᠰᠢᠦ ᠳᠡ᠃ ᠪᠠᠭ᠎ᠠ ᠭᠡᠬᠦ ᠦᠭᠡᠢ ᠪᠣᠯ ᠪᠢ ᠲᠠᠨ ᠳ᠋ᠤ᠌ ᠪᠠᠷᠢᠵᠤ ᠥᠭᠭᠦᠶ᠎ᠡ ᠭᠡᠵᠦ ᠨᠠᠮ ᠤ᠋ᠨ ᠬᠣᠷᠢᠶᠠᠨ ᠤ᠋ ᠭᠠᠯᠴᠢ ᠡᠪᠦᠭᠡᠨ ᠬᠡᠯᠡᠪᠡ᠃
᠊᠊᠊᠊᠊᠊᠊᠊᠊᠊᠊᠊᠊᠊᠊ ᠵᠠ ᠪᠢ ᠪᠠᠷᠢᠨ᠎ᠠ ᠭᠡᠵᠦ ᠡᠷᠳᠡᠨᠢ ᠡᠨᠡ ᠲᠤᠬᠠᠢ ᠠᠯᠢ ᠡᠷᠲᠡ ᠪᠣᠳᠣᠴᠢᠬᠠᠭᠰᠠᠨ ᠶᠤᠮ ᠰᠢᠭ᠋ ᠬᠠᠷᠢᠭᠤᠯᠪᠠ᠃
᠊᠊᠊᠊᠊᠊᠊᠊᠊᠊᠊᠊᠊᠊᠊ ᠡᠭᠦᠨ ᠢ᠋ ᠪᠠᠭᠤᠯᠭᠠᠴᠢᠬᠠᠭᠠᠳ ᠡᠨᠡ ᠬᠠᠢᠨᠤᠭ ᠲᠡᠷᠭᠡ ᠨᠦ᠍ᠭᠦᠳ ᠢ᠋ᠶ᠋ᠡᠷ ᠪᠢᠳᠡ ᠠᠴᠢᠵᠤ ᠠᠪᠴᠢᠷᠠᠭᠠᠳ ᠪᠠᠷᠢᠯᠴᠠᠵᠤ ᠥᠭᠭᠦᠶ᠎ᠡ ᠭᠡᠵᠦ ᠠᠵᠤ ᠠᠬᠤᠢ ᠶ᠋ᠢᠨ ᠳᠠᠷᠤᠭ᠎ᠠ ᠬᠡᠯᠡᠪᠡ᠃ ᠲᠡᠷᠡ ᠡᠳᠦᠷ ᠲᠦ᠍ ᠡᠷᠳᠡᠨᠢ ᠤᠤᠯ ᠭᠡᠷ ᠢ᠋ ᠠᠪᠴᠢᠷᠠᠨ ᠪᠠᠷᠢᠵᠤ ᠰᠢᠨ᠎ᠡ ᠠᠢᠯ ᠪᠣᠯᠤᠨ ᠲᠥᠪᠬᠢᠨᠡᠪᠡ᠃ ᠮᠠᠷᠭᠠᠰᠢ ᠨᠢ ᠠᠢᠮᠠᠭ ᠤ᠋ᠨ ᠨᠠᠮ ᠤ᠋ᠨ ᠬᠣᠷᠢᠶᠠᠨ ᠳ᠋ᠤ᠌ ᠣᠴᠢᠵᠤ ᠠᠵᠢᠯ ᠭᠤᠶᠤᠭᠰᠠᠨ ᠳ᠋ᠤ᠌ ᠠᠢᠮᠠᠭ ᠤ᠋ᠨ ᠡᠳ᠋ ᠬᠡᠷᠡᠭᠯᠡᠭᠴᠢᠳ ᠦ᠋ᠨ ᠬᠣᠷᠰᠢᠶᠠᠨ ᠤ᠋ ᠣᠷᠣᠯᠠᠭᠴᠢ ᠰᠤᠷᠭᠠᠭᠴᠢ ᠪᠠᠷ ᠲᠣᠮᠢᠯᠠᠵᠠᠢ᠃
ᠠᠵᠢᠯ ᠬᠢᠵᠦ ᠰᠢᠨ᠎ᠡ ᠪᠠᠢᠳᠠᠯ ᠳ᠋ᠠᠭᠠᠨ ᠳᠠᠰᠤᠨ᠂ ᠬᠥᠮᠦᠨ ᠲᠡᠢ ᠶᠠᠷᠢᠬᠤ ᠳ᠋ᠤ᠌ ᠢᠵᠢᠯ ᠪᠣᠳᠣᠯ ᠲᠠᠢ ᠬᠥᠮᠦᠰ ᠣᠯᠠᠨ ᠠᠵᠠᠢ᠃ ᠬᠥᠮᠦᠰ ᠲᠡᠢ ᠰᠡᠳᠬᠢᠯ ᠪᠣᠳᠣᠯ ᠢ᠋ᠶ᠋ᠠᠨ ᠰᠣᠯᠢᠯᠴᠠᠬᠤ ᠳᠣᠳᠣᠮ ᠪᠤᠬᠢᠨᠢᠳᠤᠯ ᠤ᠋ᠨ ᠪᠥᠭᠯᠡᠭᠡ ᠰᠤᠯᠠᠷᠠᠵᠤ ᠰᠡᠳᠬᠢᠯ ᠨᠢ ᠴᠢᠯᠥᠭᠡᠲᠡᠢ ᠪᠣᠯᠤᠨ᠎ᠠ᠃
ᠡᠨᠡ ᠦᠶ᠎ᠡ ᠪᠣᠯ ᠲᠥᠪ ᠬᠣᠷᠢᠶᠠᠨ ᠤ᠋ ᠳᠠᠷᠤᠭ᠎ᠠ ᠠᠭᠰᠠᠨ ᠳᠠᠮᠪᠠᠳᠣᠷᠵᠢ᠂ ᠵᠠᠳᠠᠮᠪᠠ ᠨᠠᠷ ᠬᠤᠪᠢᠰᠬᠠᠯ ᠢ᠋ᠶ᠋ᠠᠷ ᠤᠯᠤᠰ ᠲᠥᠷᠥ ᠶ᠋ᠢᠨ ᠡᠷᠬᠡ ᠪᠡᠨ ᠬᠠᠰᠤᠭᠳᠠᠭᠰᠠᠨ ᠰᠢᠷ᠎ᠠ ᠬᠠᠷ᠎ᠠ ᠹᠧᠣᠳᠠᠯ ᠲᠠᠢ ᠲᠡᠮᠡᠴᠡᠬᠦ ᠨᠠᠮ ᠤ᠋ᠨ ᠱᠤᠭᠤᠮ ᠢ᠋ ᠮᠣᠬᠣᠭᠠᠵᠤ᠂ ᠨᠠᠮ ᠤ᠋ᠨ ᠬᠤᠪᠢᠰᠬᠠᠯᠲᠤ ᠪᠣᠳᠣᠯᠭ᠎ᠠ ᠶ᠋ᠢ ᠪᠤᠷᠤᠭᠤ ᠵᠦᠭ ᠬᠥᠲᠥᠯᠬᠦ ᠭᠡᠵᠦ ᠢᠯᠡ ᠳᠠᠯᠳᠠ ᠡᠯᠳᠡᠪ ᠠᠷᠭ᠎ᠠ ᠪᠠᠷ ᠤᠷᠤᠯᠳᠤᠵᠤ ᠪᠠᠢᠬᠤ ᠳ᠋ᠤ᠌ ᠲᠡᠭᠦᠨ ᠢ᠋ ᠡᠰᠡᠷᠭᠦᠴᠡᠭᠰᠡᠨ ᠨᠠᠮ ᠤ᠋ᠨ ᠣᠯᠠᠨ ᠭᠡᠰᠢᠭᠦᠳ ᠦ᠋ᠨ ᠲᠡᠮᠡᠴᠡᠯ ᠬᠤᠷᠠᠯᠳᠤᠨ ᠪᠦᠷᠢᠯᠳᠦᠵᠦ ᠪᠠᠢᠭᠰᠠᠨ ᠦᠶ᠎ᠡ ᠲᠤᠯᠠ ᠡᠷᠳᠡᠨᠢ ᠡᠨᠡ ᠲᠡᠮᠡᠴᠡᠯ ᠦ᠋ᠨ ᠦᠶᠡᠷ ᠲᠦ᠍ ᠣᠷᠣᠵᠤ ᠪᠢᠯᠡ᠃
