ᠲᠤᠩᠭᠠᠯᠠᠭ ᠲᠠᠮᠢᠷ3-27-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠣᠩᠭᠣ ᠨᠢ ᠵᠠᠭᠠᠲᠤᠨᠠᠬᠤ ᠪᠠᠷ ᠬᠠᠭᠠᠨ ᠢ᠋ ᠪᠡᠨ ᠬᠠᠷᠢᠶᠠᠪᠠ》 - ᠭᠤᠷᠪᠠᠳᠤᠭᠠᠷ ᠪᠦᠯᠦᠭ ᠬᠣᠷᠢᠨ ᠳᠣᠯᠣᠭ᠎ᠠ
ᠲᠡᠮᠦᠷ᠂ ᠠᠷᠰᠯᠠᠨ ᠰᠢᠭ᠋ ᠬᠣᠶᠠᠷ ᠠᠵᠢᠷᠭ᠎ᠠ ᠲᠠᠢ ᠪᠣᠯᠬᠣᠷ ᠠᠳᠤᠭᠤ ᠪᠠᠨ ᠬᠠᠰᠢᠳᠠᠭ ᠴᠤ᠌ ᠦᠭᠡᠢ ᠮᠠᠨᠠᠳᠠᠭ ᠴᠤ᠌ ᠦᠭᠡᠢ ᠦᠷᠭᠦᠯᠵᠢ ᠲᠠᠯᠪᠢᠵᠤ ᠬᠣᠨᠣᠳᠠᠭ ᠠᠵᠢ᠃ ᠢᠯᠠᠩᠭᠤᠶ᠎ᠠ ᠳᠡᠯ ᠨᠢ ᠡᠪᠦᠳᠦᠭ ᠲᠡᠭᠡᠨ ᠬᠦᠷᠦᠭᠰᠡᠨ ᠪᠣᠷᠣ ᠠᠵᠢᠷᠭ᠎ᠠ ᠨᠢ ᠠᠳᠤᠭᠤᠨ ᠳ᠋ᠠᠭᠠᠨ ᠴᠢᠨᠣ᠎ᠠ ᠣᠢᠷᠠᠲᠤᠭᠤᠯᠬᠤ ᠶ᠋ᠢ ᠪᠠᠢᠲᠤᠭᠠᠢ᠂ ᠭᠡᠷ ᠦ᠋ᠨ ᠨᠣᠬᠠᠢ ᠶ᠋ᠢ ᠴᠦ᠍ ᠬᠠᠪᠢᠳᠠᠭᠤᠯᠳᠠᠭ ᠦᠭᠡᠢ᠃ ᠥᠩᠭᠡᠷᠡᠭᠰᠡᠨ ᠨᠠᠮᠤᠷ ᠤ᠋ᠨ ᠨᠢᠭᠡᠨ ᠰᠥᠨᠢ ᠡᠨᠡ ᠠᠵᠢᠷᠭ᠎ᠠ ᠬᠣᠶᠠᠷ ᠴᠢᠨᠣ᠎ᠠ ᠴᠠᠪᠴᠢᠵᠤ ᠠᠯᠠᠭᠠᠳ ᠥᠷᠯᠥᠭᠡ ᠲᠡᠮᠦᠷ ᠢ᠋ ᠠᠳᠤᠭᠤ ᠪᠠᠨ ᠬᠤᠷᠢᠶᠠᠬᠤ ᠭᠡᠵᠦ ᠣᠴᠢᠬᠤ ᠳ᠋ᠤᠨᠢ ᠡᠮᠦᠨ᠎ᠡ ᠡᠴᠡ ᠨᠢ ᠳᠣᠪᠲᠣᠯᠤᠨ ᠳᠠᠭᠠᠷᠢᠵᠤ ᠪᠢᠯᠡ᠃
᠊᠊᠊᠊᠊᠊᠊᠊᠊᠊᠊᠊᠊᠊᠊ ᠣᠯᠠᠨ ᠬᠠᠪᠤᠷ ᠨᠢᠭᠡᠨ ᠳ᠋ᠡᠭᠡᠨ ᠭᠡᠵᠦ ᠴᠢᠨᠣ᠎ᠠ ᠡᠯᠪᠡᠭ ᠲᠡᠢ ᠭᠠᠵᠠᠷ ᠬᠠᠰᠢᠵᠤ ᠬᠣᠨᠣᠵᠤ ᠪᠠᠢᠪᠠᠯ ᠳᠡᠭᠡᠷ᠎ᠡ ᠶᠤᠮ ᠪᠢᠰᠢ ᠤᠤ ᠭᠡᠵᠦ ᠥᠯᠵᠡᠢ ᠭᠤᠸᠠᠢ ᠨᠢᠭᠡ ᠤᠳᠠᠭ᠎ᠠ ᠬᠡᠯᠡᠬᠦ ᠳ᠋ᠦ᠍ ᠲᠡᠮᠦᠷ ᠬᠥᠭᠵᠢᠯᠲᠡᠢ ᠢᠨᠢᠶᠡᠵᠦ
᠊᠊᠊᠊᠊᠊᠊᠊᠊᠊᠊᠊᠊᠊᠊ ᠬᠣᠶᠠᠷ ᠠᠵᠢᠷᠭ᠎ᠠ ᠮᠢᠨᠢ ᠳᠥᠷᠪᠡᠨ ᠬᠥᠯᠲᠦ ᠡᠴᠡ ᠮᠠᠨᠠᠵᠤ ᠴᠢᠳᠠᠨ᠎ᠠ᠃ ᠬᠠᠷᠢᠨ ᠬᠣᠶᠠᠷ ᠬᠥᠯᠲᠦ ᠪᠣᠯ ᠴᠠᠬᠢᠭᠤᠷ ᠲᠡᠮᠦᠷ ᠦ᠋ᠨ ᠠᠳᠤᠭᠤ ᠭᠡᠵᠦ ᠮᠡᠳᠡᠪᠡᠯ ᠭᠠᠨᠵᠤᠭᠠᠨ ᠳ᠋ᠠᠬᠢ ᠨᠣᠭᠲᠣ ᠳ᠋ᠠᠭᠠᠨ ᠭᠠᠷ ᠨᠢ ᠬᠦᠷᠬᠦ ᠦᠭᠡᠢ ᠪᠠᠢᠬ᠎ᠠ ᠭᠡᠵᠡᠢ᠃
ᠡᠨᠡ ᠳᠡᠮᠡᠢ ᠦᠭᠡ ᠪᠢᠰᠢ ᠪᠠᠢᠭᠰᠠᠨ᠃ ᠲᠡᠮᠦᠷ ᠦ᠋ᠨ ᠬᠢ ᠭᠡᠵᠦ ᠠᠢᠯ ᠪᠣᠢ ᠪᠣᠯᠤᠭᠰᠠᠨ ᠡᠴᠡ ᠬᠣᠢᠰᠢ ᠨᠢᠭᠡ ᠤᠨᠠᠭ᠎ᠠ ᠴᠤ᠌ ᠪᠣᠣᠬᠠᠢ ᠳ᠋ᠤ᠌ ᠥᠭᠭᠦᠭᠡ ᠦᠭᠡᠢ᠃ ᠨᠢᠭᠡ ᠮᠣᠷᠢ ᠴᠤ᠌ ᠬᠤᠯᠠᠭᠠᠢ ᠳ᠋ᠤ᠌ ᠠᠯᠳᠠᠭ᠎ᠠ ᠦᠭᠡᠢ ᠶᠤᠮ᠃
ᠥᠯᠵᠡᠢ ᠣᠷᠣᠢ ᠪᠦᠬᠦᠨ ᠭᠠᠷᠤᠵᠠ ᠶ᠋ᠢᠨ ᠡᠭᠦᠳᠡ ᠬᠠᠭᠠᠵᠤ ᠪᠠᠢᠭ᠎ᠠ ᠨᠢ ᠭᠡᠵᠦ ᠭᠠᠯ ᠤ᠋ᠨ ᠬᠠᠢᠴᠢ ᠶ᠋ᠢᠨ ᠠᠮᠠ ᠪᠣᠭᠣᠵᠤ ᠬᠠᠲᠠᠪᠴᠢᠨ ᠳ᠋ᠤ᠌ ᠬᠠᠪᠴᠢᠭᠤᠯᠤᠨ᠎ᠠ᠃ ᠲᠡᠭᠡᠭᠡᠳ ᠥᠷᠯᠥᠭᠡ ᠲᠣᠭ᠎ᠠ ᠪᠦᠷᠢᠨ ᠠᠳᠤᠭᠤ ᠢᠷᠡᠬᠦ ᠶ᠋ᠢ ᠦᠵᠡᠭᠡᠳ 《ᠬᠠᠢᠴᠢ ᠶ᠋ᠢᠨ ᠠᠮᠠ ᠪᠣᠭᠣᠭᠰᠠᠨ ᠤ᠋ ᠠᠴᠢ》 ᠭᠡᠵᠦ ᠭᠦᠨ ᠢᠲᠡᠭᠡᠵᠦ ᠵᠠᠯᠪᠠᠷᠢᠨ᠎ᠠ᠃
ᠨᠠᠮᠤᠷ ᠤ᠋ᠨ ᠨᠢᠭᠡ ᠰᠥᠨᠢ ᠲᠡᠮᠦᠷ ᠦ᠋ᠨ ᠠᠳᠤᠭᠤ ᠶ᠋ᠢ ᠣᠷᠣᠢ ᠪᠡᠯᠴᠢᠭᠡᠷ ᠲᠦ᠍ ᠭᠠᠷᠬᠤ ᠡᠴᠡ ᠨᠢ ᠡᠬᠢᠯᠡᠨ ᠮᠣᠳᠣᠨ ᠳᠣᠲᠣᠷ᠎ᠠ ᠡᠴᠡ ᠠᠵᠢᠵᠤ ᠪᠠᠢᠭᠰᠠᠨ ᠨᠢᠭᠡ ᠬᠥᠮᠦᠨ ᠠᠳᠤᠭᠤᠨ ᠳ᠋ᠤ᠌ ᠤᠯᠠᠮ ᠪᠦᠷ ᠣᠢᠷᠠᠲᠤᠵᠤ ᠪᠠᠢᠯ᠎ᠠ᠃ ᠲᠡᠷᠡ ᠪᠣᠯ ᠲᠦᠭᠵᠢᠯ ᠭᠠᠢᠬᠠᠯ ᠪᠠᠢᠯ᠎ᠠ᠃ ᠰᠥᠨᠢ ᠳᠤᠮᠳᠠ ᠶ᠋ᠢᠨ ᠦᠶ᠎ᠡ ᠳ᠋ᠦ᠍ ᠠᠳᠤᠭᠤᠨ ᠤ᠋ ᠳᠤᠮᠳᠠ ᠤᠷᠲᠤ ᠭᠡᠭᠴᠢ ᠶ᠋ᠢᠨ ᠬᠠᠷ᠎ᠠ ᠮᠣᠳᠣᠨ ᠤᠷᠭ᠎ᠠ ᠪᠠᠷᠢᠭᠰᠠᠭᠠᠷ ᠣᠷᠣᠵᠤ ᠢᠷᠡᠭᠡᠳ ᠴᠢᠮᠡᠭᠡ ᠴᠢᠩᠨᠠᠨ ᠬᠡᠰᠡᠭ ᠵᠣᠭᠰᠣᠪᠠ᠃ ᠵᠢᠷᠦᠬᠡ ᠨᠢ ᠲᠦᠷᠭᠡᠨ ᠲᠦᠷᠭᠡᠨ ᠴᠣᠬᠢᠯᠠᠵᠤ᠂ ᠨᠢᠭᠡ ᠯᠡ ᠡᠪ ᠦᠭᠡᠢ ᠠᠵᠢ᠃
ᠪᠠᠳᠠᠷᠴᠢ ᠲᠠᠢ ᠨᠡᠢᠯᠡᠵᠦ ᠳᠥᠴᠢ ᠰᠢᠬᠠᠮ ᠮᠣᠷᠢᠳ ᠡᠩ ᠦ᠋ᠨ ᠳᠠᠪᠠᠭ᠎ᠠ ᠳᠠᠪᠠᠭᠤᠯᠤᠨ ᠵᠠᠭ ᠤ᠋ᠨ ᠭᠣᠣᠯ ᠤ᠋ᠨ ᠣᠷᠴᠢᠮ ᠵᠠᠮᠪᠠᠯ ᠳ᠋ᠤ᠌ ᠬᠦᠷᠭᠡᠵᠦ ᠥᠭᠴᠡᠢ᠃ ᠣᠳᠣ ᠲᠡᠮᠦᠷ ᠦ᠋ᠨ ᠮᠣᠷᠢᠳ ᠢ᠋ ᠠᠪᠠᠴᠢᠵᠤ ᠥᠭᠪᠡᠯ ᠬᠡᠯᠡᠯᠴᠡᠭᠰᠡᠨ ᠢ᠋ᠶ᠋ᠡᠷ ᠢ᠋ᠶ᠋ᠡᠨ ᠰᠡᠭᠦᠯ ᠮᠥᠩᠭᠥ ᠪᠡᠨ ᠠᠪᠤᠨ᠎ᠠ᠃ ᠭᠡᠪᠡᠴᠦ ᠲᠡᠮᠦᠷ ᠡᠴᠡ ᠠᠶᠤᠬᠤ ᠰᠡᠳᠬᠢᠯ ᠲᠦᠭᠵᠢᠯ ᠳ᠋ᠦ᠍ ᠶᠡᠬᠡ ᠪᠣᠯᠬᠣᠷ 《ᠢᠩᠭᠢᠵᠦ ᠶᠠᠪᠤᠭᠠᠳ ᠲᠡᠮᠦᠷ ᠲᠦ᠍ ᠪᠠᠷᠢᠭᠳᠠᠪᠠᠯ ᠁》 ᠭᠡᠵᠦ ᠪᠣᠳᠣᠬᠤ ᠳ᠋ᠤ᠌ ᠬᠦᠢᠲᠡᠨ ᠬᠥᠯᠥᠰᠥ ᠨᠢ ᠴᠢᠬᠠᠷᠠᠨ᠂ ᠮᠣᠳᠣᠨ ᠤ᠋ ᠪᠦᠳᠦᠭᠦᠨ ᠮᠥᠴᠢᠷ ᠲᠦ᠍ ᠳᠡᠭᠦᠵᠢᠯᠡᠭᠦᠯᠦᠨ ᠲᠦᠯᠡᠭᠡ ᠣᠪᠣᠭᠠᠯᠠᠭᠤᠯᠵᠤ ᠪᠠᠢᠭᠰᠠᠨ ᠨᠢ ᠪᠣᠳᠣᠭᠳᠠᠨ᠎ᠠ᠃
ᠰᠢᠨᠤᠯ ᠬᠥᠮᠦᠨ ᠢ᠋ ᠰᠢᠢᠳᠮᠡᠭᠡᠢ ᠪᠣᠯᠭᠠᠳᠠᠭ᠃ ᠠᠭᠠᠵᠢᠮ ᠳ᠋ᠠᠭᠠᠨ ᠰᠢᠨᠤᠯ ᠨᠢ ᠠᠶᠤᠮᠠᠬᠠᠢ ᠰᠡᠳᠬᠢᠯ ᠢ᠋ ᠬᠠᠢᠯᠤᠭᠤᠯᠤᠨ ᠲᠦᠭᠵᠢᠯ ᠵᠣᠷᠢᠭᠵᠢᠵᠤ ᠡᠬᠢᠨ ᠦ᠌ ᠮᠣᠷᠢ ᠪᠠᠨ ᠤᠷᠭᠠᠯᠠᠵᠤ ᠨᠣᠭᠲᠣᠯᠠᠪᠠ᠃
ᠮᠣᠷᠢᠳ ᠪᠠᠷᠢᠯᠠᠵᠤ ᠬᠣᠯᠪᠣᠬᠤ ᠪᠦᠷᠢ ᠰᠢᠨᠤᠯ ᠨᠢ ᠣᠷᠭᠢᠯᠤᠨ 《ᠴᠠᠬᠢᠭᠤᠷ ᠲᠡᠮᠦᠷ ᠦ᠋ᠨ ᠠᠳᠤᠭᠤᠨ ᠳ᠋ᠤ᠌ ᠣᠷᠣᠬᠤ ᠡᠷ᠎ᠡ᠂ ᠬᠠᠯᠬ᠎ᠠ ᠳᠠᠶᠠᠭᠠᠷ ᠲᠤ᠌ ᠨᠠᠳᠠ ᠡᠴᠡ ᠥᠭᠡᠷ᠎ᠡ ᠪᠣᠢ ᠪᠣᠯᠪᠠ ᠤᠤ?》 ᠭᠡᠵᠦ ᠪᠣᠳᠣᠬᠤ ᠳ᠋ᠤ᠌ ᠪᠠᠶᠠᠷᠯᠠᠬᠤ᠂ ᠪᠠᠬᠠᠳᠤᠬᠤ ᠰᠡᠳᠬᠢᠯ ᠴᠦ᠍ ᠲᠥᠷᠥᠵᠦ ᠪᠠᠢᠯ᠎ᠠ᠃
ᠭᠠᠭᠴᠠᠭᠠᠷ ᠢ᠋ᠶ᠋ᠠᠨ ᠤᠷᠭᠠᠯᠠᠵᠤ᠂ ᠭᠠᠭᠴᠠᠭᠠᠷ ᠢ᠋ᠶ᠋ᠠᠨ ᠨᠣᠭᠲᠣᠯᠠᠬᠤ ᠪᠣᠯ ᠠᠮᠤᠷ ᠦᠭᠡᠢ ᠠᠵᠢᠯ ᠪᠣᠯᠬᠣᠷ ᠨᠡᠯᠢᠶᠡᠳ ᠤᠳᠠᠪᠠ᠃ ᠰᠥᠨᠢ ᠳᠤᠮᠳᠠ ᠨᠡᠯᠢᠶᠡᠳ ᠥᠩᠭᠡᠷᠡᠭᠰᠡᠨ ᠬᠣᠢᠨ᠎ᠠ ᠲᠡᠮᠦᠷ ᠦ᠋ᠨ ᠣᠷᠣᠭ᠎ᠠ ᠬᠡᠭᠡᠷ ᠭᠡᠳᠡᠭ ᠥᠨᠳᠥᠷ ᠪᠣᠷᠣ ᠬᠡᠭᠡᠷ ᠮᠣᠷᠢᠨ ᠡᠴᠡ ᠪᠤᠰᠤᠳ ᠮᠣᠷᠢᠳ ᠢ᠋ ᠨᠣᠭᠲᠣᠯᠠᠵᠤ ᠬᠣᠯᠪᠣᠨ ᠠᠪᠤᠭᠰᠠᠨ ᠢ᠋ᠶ᠋ᠠᠷ ᠪᠠᠷᠠᠬᠤ ᠦᠭᠡᠢ ᠳᠤᠯᠮ᠎ᠠ ᠶ᠋ᠢᠨ ᠨᠠᠢᠷ ᠨᠠᠭᠠᠳᠤᠮ ᠳ᠋ᠤ᠌ ᠤᠨᠤᠳᠠᠭ ᠵᠢᠷᠣᠭ᠎ᠠ ᠵᠡᠭᠡᠷᠳᠡ ᠮᠣᠷᠢ ᠶ᠋ᠢ ᠴᠦ᠍ ᠡᠮᠡᠭᠡᠯᠯᠡᠵᠦ ᠠᠪᠤᠯ᠎ᠠ᠃
《ᠵᠠ ᠢᠩᠭᠢᠭᠡᠳ ᠬᠤᠢᠬᠠᠯᠠᠳᠠᠭ ᠬᠡᠷᠡᠭ ᠠ᠋》 ᠭᠡᠵᠦ ᠰᠡᠳᠬᠢᠯ ᠳ᠋ᠡᠭᠡᠨ ᠬᠡᠯᠡᠭᠡᠳ ᠬᠤᠢᠪᠢ ᠪᠠᠨ ᠲᠠᠢᠯᠤᠨ ᠠᠪᠴᠤ ᠪᠥᠰᠡᠨ ᠳ᠋ᠡᠭᠡᠨ ᠬᠠᠪᠴᠢᠭᠤᠯᠤᠨ ᠤᠷᠭ᠎ᠠ ᠪᠠᠨ ᠬᠠᠶᠠᠵᠤ ᠮᠣᠷᠢᠳ ᠢ᠋ᠶ᠋ᠠᠨ ᠬᠣᠶᠠᠷ ᠦᠶᠡᠯᠡᠨ ᠬᠥᠲᠥᠯᠦᠭᠡᠳ ᠮᠣᠷᠳᠠᠪᠠ᠃ ᠡᠬᠢᠯᠡᠭᠡᠳ ᠪᠠᠷᠠᠭᠤᠨ ᠣᠷᠣᠭᠰᠢ ᠪᠠᠨ ᠬᠡᠰᠡᠭ ᠶᠠᠪᠤᠭᠰᠠᠨ ᠢ᠋ᠶ᠋ᠠᠨ ᠵᠢᠵᠢᠭᠬᠡᠨ ᠭᠣᠣᠯ ᠭᠠᠲᠤᠯᠤᠭᠠᠳ ᠡᠭᠴᠡ ᠣᠷᠣᠭᠰᠢ ᠪᠠᠨ ᠡᠷᠭᠢᠨ ᠲᠠᠮᠢᠷ ᠤ᠋ᠨ ᠤᠷᠢᠳᠤ ᠲᠠᠯ᠎ᠠ ᠶ᠋ᠢᠨ ᠥᠨᠳᠥᠷ ᠬᠠᠷ᠎ᠠ ᠠᠭᠤᠯᠠ ᠶ᠋ᠢᠨ ᠵᠦᠭ ᠳᠣᠪᠲᠣᠯᠪᠠ᠃ ᠥᠷᠯᠥᠭᠡ ᠦᠷ ᠴᠠᠢᠬᠤ ᠶ᠋ᠢᠨ ᠦᠶ᠎ᠡ ᠳ᠋ᠦ᠍ ᠪᠣᠯᠵᠣᠭ᠎ᠠ ᠲᠠᠢ ᠭᠠᠵᠠᠷ ᠢ᠋ᠶ᠋ᠠᠨ ᠣᠴᠢᠬᠤ ᠳ᠋ᠤ᠌ ᠪᠠᠳᠠᠷᠴᠢ ᠬᠦᠯᠢᠶᠡᠵᠦ ᠪᠠᠢᠯ᠎ᠠ᠃
᠊᠊᠊᠊᠊᠊᠊᠊᠊᠊᠊᠊᠊᠊᠊ ᠣᠳᠣ ᠶᠠᠭᠠᠬᠢᠬᠤ ᠪᠣᠢ? ᠭᠡᠵᠦ ᠲᠦᠭᠵᠢᠯ ᠠᠰᠠᠭᠤᠭᠠᠳ ᠬᠥᠯᠥᠰᠥ ᠪᠡᠨ ᠠᠷᠴᠢᠪᠠ᠃
᠊᠊᠊᠊᠊᠊᠊᠊᠊᠊᠊᠊᠊᠊᠊ ᠮᠣᠷᠢᠳ ᠢ᠋ᠶ᠋ᠠᠨ ᠡᠨᠳᠡ ᠤᠶᠠᠵᠤ ᠣᠷᠣᠢ ᠶ᠋ᠢ ᠬᠦᠯᠢᠶᠡᠶ᠎ᠡ᠃ ᠮᠥᠷᠳᠡᠭᠡᠳ ᠢᠷᠡᠪᠡᠯ ᠡᠷᠯᠢᠭ ᠬᠠᠭᠠᠨ ᠤ᠋ ᠳ᠋ᠤ᠌ ᠶᠠᠪᠤᠭᠤᠯᠴᠢᠬᠠᠶᠠ ᠭᠡᠵᠦ ᠪᠠᠳᠠᠷᠴᠢ ᠪᠠᠶᠠᠷᠯᠠᠭᠰᠠᠨ ᠬᠡᠷᠢᠶ᠎ᠡ ᠪᠠᠷᠬᠢᠷᠠᠨ᠎ᠠ ᠭᠡᠵᠦ ᠪᠠᠶᠠᠷ ᠪᠠᠬᠠᠳᠤᠯ ᠲᠠᠢ ᠢᠨᠢᠶᠡᠪᠡ᠃
ᠮᠣᠷᠢᠳ ᠢ᠋ᠶ᠋ᠠᠨ ᠵᠠᠢᠳᠠᠭᠤ ᠭᠠᠵᠠᠷ ᠪᠡᠬᠢᠯᠡᠨ ᠤᠶᠠᠭᠠᠳ ᠲᠡᠮᠦᠷ ᠦ᠋ᠨ ᠢᠷᠡᠬᠦ ᠵᠦᠭ ᠢ᠋ ᠤᠲᠤᠵᠤ ᠯᠢᠶᠠᠠᠵᠤ ᠪᠠᠨ ᠬᠥᠯᠯᠡᠨ ᠤᠲᠤᠪᠠ᠃
ᠲᠡᠮᠦᠷ ᠥᠷᠯᠥᠭᠡ ᠡᠷᠲᠡ ᠪᠣᠰᠴᠤ ᠤᠶᠠᠵᠤ ᠬᠣᠨᠣᠭᠰᠠᠨ ᠬᠢᠵᠠᠯᠠᠩ ᠦᠷᠢᠶ᠎ᠡ ᠪᠡᠨ ᠡᠮᠡᠭᠡᠯᠯᠡᠵᠦ ᠤᠨᠤᠭᠠᠳ ᠠᠳᠤᠭᠤᠨ ᠤ᠋ ᠵᠦᠭ ᠬᠡᠰᠡᠭ ᠬᠠᠲᠠᠷᠢᠭᠤᠯᠤᠭᠰᠠᠨ ᠢ᠋ᠶ᠋ᠠᠨ 《ᠡᠷᠳᠡᠨᠢ ᠵᠠᠰᠠᠭ ᠤ᠋ᠨ ᠤᠨᠠᠭ᠎ᠠ》 ᠪᠠᠨ ᠳᠠᠭᠤᠯᠠᠵᠤ ᠬᠤᠷᠳᠤ ᠬᠤᠪᠢᠶᠠᠨ ᠳᠠᠪᠬᠢᠯ᠎ᠠ᠃
ᠨᠠᠮᠤᠷ ᠤ᠋ᠨ ᠬᠦᠢᠲᠡᠨ ᠰᠠᠯᠬᠢ ᠡᠮᠦᠨ᠎ᠡ ᠡᠴᠡ ᠨᠢ ᠳᠡᠪᠡᠯ ᠨᠡᠪᠲᠡ ᠦᠯᠢᠶᠡᠨ ᠬᠦᠷᠦᠵᠦ ᠨᠢᠭᠲᠠᠷᠠᠭᠰᠠᠨ ᠠᠭᠠᠷ ᠲᠤ᠌ ᠲᠡᠮᠦᠷ ᠦ᠋ᠨ ᠨᠤᠷᠭᠢᠭᠰᠠᠨ ᠪᠦᠳᠦᠭᠦᠨ ᠳᠠᠭᠤ ᠨᠢ ᠨᠠᠷᠢᠰᠴᠤ᠂ ᠳᠤᠭᠤᠢᠯᠳᠤᠨ ᠴᠢᠷᠦᠭᠰᠡᠨ ᠤᠷᠭ᠎ᠠ ᠨᠢ ᠰᠠᠪᠠᠯᠠᠨ ᠨᠠᠮᠤᠯᠵᠠᠵᠤ ᠥᠨᠳᠥᠷ ᠤᠷᠭᠤᠭᠰᠠᠨ ᠡᠪᠡᠰᠦ ᠶ᠋ᠢ ᠨᠠᠯᠠᠭᠤᠯᠤᠨ ᠵᠠᠮ ᠭᠠᠷᠭᠠᠯ᠎ᠠ᠃
ᠠᠳᠤᠭᠤᠨ ᠳᠡᠭᠡᠷ᠎ᠡ ᠪᠡᠨ ᠣᠴᠢᠮᠠᠭᠴᠠ ᠶᠠᠭᠤ ᠪᠣᠯᠤᠭᠰᠠᠨ ᠢ᠋ ᠮᠡᠳᠡᠭᠡᠳ 《ᠬᠣᠩᠭᠣ ᠨᠢ ᠵᠠᠭᠠᠲᠤᠨᠠᠬᠤ ᠪᠠᠷ ᠬᠠᠭᠠᠨ ᠢ᠋ ᠪᠡᠨ ᠬᠠᠷᠢᠶᠠᠪᠠ ᠭᠡᠭᠴᠢ ᠪᠣᠯᠵᠤ ᠪᠠᠢᠨ᠎ᠠ ᠤᠤ᠃ ᠮᠢᠨᠦ ᠭᠠᠷ ᠡᠴᠡ ᠭᠠᠷᠤᠭᠠᠷᠠᠢ》 ᠭᠡᠳ ᠬᠦᠢᠲᠡᠨ ᠢᠨᠢᠶᠡᠮᠰᠦᠭᠯᠡᠪᠡ᠃
ᠦᠯᠡᠳᠡᠭᠰᠡᠨ ᠠᠳᠤᠭᠤ ᠶ᠋ᠢ ᠬᠤᠷᠢᠶᠠᠵᠤ ᠣᠷᠣᠭ᠎ᠠ ᠬᠡᠭᠡᠷ ᠢ᠋ᠶ᠋ᠡᠨ ᠪᠠᠷᠢᠵᠤ ᠤᠨᠤᠭᠠᠳ ᠬᠤᠯᠠᠭᠠᠢᠴᠢ ᠶ᠋ᠢᠨ ᠮᠥᠷ ᠢ᠋ ᠮᠥᠰᠬᠢᠨ ᠶᠠᠪᠤᠵᠤ ᠨᠥᠭᠦᠭᠡ ᠵᠢᠵᠢᠭᠬᠡᠨ ᠭᠣᠣᠯ ᠢ᠋ ᠭᠠᠲᠤᠯᠪᠠ᠃ ᠭᠡᠲᠡᠯ᠎ᠡ ᠮᠥᠷ ᠡᠭᠴᠡ ᠡᠮᠦᠨ᠎ᠡ ᠶ᠋ᠢ ᠴᠢᠭᠯᠡᠨ ᠶᠠᠪᠤᠵᠠᠢ᠃ ᠲᠡᠮᠦᠷ ᠮᠣᠷᠢᠨ ᠤ᠋ ᠠᠮᠠ ᠶ᠋ᠢ ᠲᠡᠳᠡᠨ ᠵᠣᠭᠰᠣᠵᠤ ᠥᠷᠭᠡᠨ ᠮᠠᠩᠨᠠᠢ ᠳ᠋ᠤᠨᠢ ᠪᠠᠢᠨ ᠪᠠᠢᠨ ᠭᠦᠨ ᠪᠣᠳᠣᠯ ᠲᠣᠳᠣᠷᠠᠨ᠎ᠠ᠃
᠊᠊᠊᠊᠊᠊᠊᠊᠊᠊᠊᠊᠊᠊᠊ ᠡᠨᠡ ᠭᠦᠨ ᠬᠥᠪᠴᠢ ᠳ᠋ᠦ᠍ ᠴᠣᠷᠣᠢᠯᠠᠭᠠᠳ ᠬᠠᠮᠢᠭ᠎ᠠ ᠣᠴᠢᠬᠤ ᠨᠢ ᠪᠣᠢ? ᠠᠬ᠎ᠠ ᠶ᠋ᠢ ᠪᠡᠨ ᠨᠢᠳᠦ ᠶ᠋ᠢ ᠨᠢ ᠪᠣᠭᠣᠭᠰᠠᠨ ᠭᠥᠯᠥᠭᠡ ᠰᠢᠭ ᠲᠥᠭᠡᠷᠢᠭᠦᠯᠬᠦ ᠨᠢ ᠤᠤ? ᠠᠭᠤᠯᠠ ᠦᠵᠡᠬᠦ ᠨᠢᠳᠦ ᠦᠭᠡᠢ᠂ ᠠᠭᠤᠰᠬᠢ ᠳᠠᠭᠠᠭᠠᠬᠤ ᠰᠢᠲᠦ ᠦᠭᠡᠢ ᠪᠣᠯᠳᠠᠭ ᠶᠤᠮ ᠭᠡᠬᠦ ᠳ᠋ᠦ᠍ ᠠᠬ᠎ᠠ ᠨᠢ ᠡᠢᠮᠦ ᠶᠠᠭᠤᠮᠠᠨ ᠳ᠋ᠤ᠌ ᠬᠠᠭᠤᠷᠲᠠᠬᠤ ᠦᠭᠡᠢ ᠭᠡᠳ ᠡᠭᠴᠡ ᠪᠠᠷᠠᠭᠤᠨ ᠲᠡᠰᠢ ᠪᠡᠨ ᠡᠷᠭᠢᠵᠦ ᠦᠭᠡ ᠳᠠᠭᠤ ᠦᠭᠡᠢ ᠳᠠᠪᠬᠢᠯ᠎ᠠ᠃
ᠠᠷᠪᠠᠨ ᠮᠣᠷᠢ ᠬᠣᠯᠪᠣᠨ ᠬᠥᠲᠥᠯᠦᠭᠰᠡᠨ ᠬᠥᠮᠦᠨ ᠬᠥᠪᠴᠢ ᠤᠷᠤᠭᠤ ᠶᠠᠪᠤᠬᠤ ᠶᠣᠰᠣ ᠦᠭᠡᠢ᠃ ᠡᠨᠡ ᠮᠣᠷᠢ ᠪᠣᠯ ᠵᠥᠪᠬᠡᠨ ᠴᠢᠯᠠᠭᠤ ᠬᠥᠭᠡᠭᠡᠯᠭᠡᠬᠦ ᠭᠡᠰᠡᠨ ᠲᠡᠨᠡᠭ ᠪᠣᠳᠣᠯ ᠭᠡᠳᠡᠭ ᠢ᠋ ᠲᠡᠮᠦᠷ ᠡᠰᠡ ᠮᠡᠳᠡᠪᠡᠯ ᠬᠡᠨ ᠮᠡᠳᠡᠬᠦ ᠪᠢᠯᠡ᠃ ᠢᠩᠭᠢᠭᠡᠳ ᠮᠥᠷ ᠢ᠋ ᠣᠷᠬᠢᠵᠤ ᠡᠩ ᠦ᠋ᠨ ᠳᠠᠪᠠᠭ᠎ᠠ ᠴᠢᠭᠯᠡᠨ ᠬᠤᠷᠳᠤᠯᠠᠵᠠᠢ᠃
ᠪᠠᠳᠠᠷᠴᠢ ᠲᠦᠭᠵᠢᠯ ᠬᠣᠶᠠᠷ ᠦᠳᠡᠰᠢ ᠪᠣᠯᠵᠤ ᠬᠠᠷᠠᠩᠭᠤᠢ ᠡᠬᠢᠯᠡᠲᠡᠯ᠎ᠡ ᠵᠠᠮ ᠬᠠᠷᠠᠭᠤᠯᠳᠠᠭᠠᠳ ᠲᠡᠮᠦᠷ ᠢᠷᠡᠭᠰᠡᠨ ᠦᠭᠡᠢ ᠳ᠋ᠦ᠍ ᠪᠠᠳᠠᠷᠴᠢ ᠦᠯᠡᠳᠡᠵᠦ᠂ ᠲᠦᠭᠵᠢᠯ ᠴᠠᠰᠢ ᠶᠠᠪᠤᠬᠤ ᠪᠣᠯᠵᠠᠢ᠃ ᠪᠠᠳᠠᠷᠴᠢ ᠮᠠᠷᠭᠠᠰᠢ ᠶ᠋ᠢᠨ ᠦᠳᠡ ᠬᠦᠷᠲᠡᠯ᠎ᠡ ᠬᠦᠯᠢᠶᠡᠭᠡᠳ ᠢᠷᠡᠬᠦ ᠦᠭᠡᠢ ᠪᠣᠯ ᠲᠦᠭᠵᠢᠯ ᠦ᠋ᠨ ᠬᠣᠢᠨ᠎ᠠ ᠡᠴᠡ ᠶᠠᠪᠤᠬᠤ ᠪᠠᠷ ᠰᠢ᠌ᠤᠠᠴᠤ ᠲᠣᠬᠣᠮ ᠢ᠋ᠶ᠋ᠠᠨ ᠳᠡᠪᠢᠰᠦᠨ ᠤᠨᠲᠠᠯ᠎ᠠ᠃
《ᠲᠡᠮᠦᠷ ᠮᠥᠷ ᠠᠯᠳᠠᠬᠤ ᠦᠭᠡᠢ ᠬᠥᠭᠡᠭᠡᠵᠦ ᠵᠠᠪᠠᠯ ᠢᠷᠡᠨ᠎ᠡ ᠭᠡᠵᠦ ᠬᠡᠨ ᠬᠡᠯᠡᠭᠰᠡᠨ ᠶᠤᠮ ᠪᠣᠢ? ᠡᠳᠦᠢ ᠳ᠋ᠦ᠍ ᠲᠦᠭᠵᠢᠯ ᠦ᠋ᠨ ᠮᠥᠷ ᠢ᠋ ᠠᠯᠳᠠᠵᠤ ᠣᠷᠬᠢᠭᠠᠳ ᠮᠤᠩᠭᠠᠨᠢᠵᠤ ᠪᠤᠴᠠᠭᠰᠠᠨ ᠪᠠᠢᠵᠤ ᠪᠣᠯᠤᠨ᠎ᠠ᠃ ᠲᠡᠭᠡᠭᠰᠡᠨ ᠪᠣᠯ ᠴᠢ ᠢᠩᠭᠢᠵᠦ ᠡᠳᠦᠷ ᠲᠤᠷᠰᠢ ᠬᠦᠢᠲᠡᠨ ᠭᠠᠵᠠᠷ ᠲᠡᠪᠡᠷᠢᠨ ᠬᠡᠪᠲᠡᠬᠦ ᠶᠠᠭᠤᠨ ᠪᠢᠯᠡ》 ᠭᠡᠵᠦ ᠪᠣᠳᠣᠵᠤ ᠪᠠᠢᠯ᠎ᠠ᠃
ᠰᠥᠨᠢ ᠶ᠋ᠢᠨ ᠲᠡᠭᠷᠢ ᠳ᠋ᠦ᠍ ᠣᠳᠣ ᠭᠢᠯᠠᠯᠵᠠᠨ᠂ ᠰᠠᠯᠬᠢᠨ ᠳ᠋ᠤ᠌ ᠱᠤᠤᠭᠢᠬᠤ ᠮᠣᠳᠣᠨ ᠤ᠋ ᠴᠢᠮᠡᠭᠡ ᠲᠡᠢᠮᠦ ᠭᠡᠬᠦ ᠶ᠋ᠢᠨ ᠠᠷᠭ᠎ᠠ ᠦᠭᠡᠢ ᠵᠢᠰᠦᠨ ᠵᠦᠢᠯ ᠦ᠋ᠨ ᠡᠡᠶᠡᠭᠦᠢ ᠠᠪᠢᠶ᠎ᠠ ᠡᠭᠦᠰᠬᠡᠨ᠎ᠡ᠃ ᠮᠣᠳᠣᠨ ᠡᠴᠡ ᠠᠷᠭᠠᠮᠵᠢᠭᠰᠠᠨ ᠮᠣᠷᠢ ᠨᠢ ᠪᠠᠢᠨ ᠪᠠᠢᠨ ᠬᠠᠮᠠᠷ ᠢ᠋ᠶ᠋ᠠᠨ ᠲᠠᠴᠢᠭᠢᠨᠠᠭᠤᠯᠤᠨᠠ᠃ ᠠᠭᠯᠠᠭ ᠬᠥᠪᠴᠢ ᠳ᠋ᠦ᠍ ᠭᠠᠭᠴᠠᠭᠠᠷ ᠬᠡᠪᠲᠡᠵᠦ ᠪᠠᠢᠭ᠎ᠠ ᠬᠡᠨ ᠪᠣᠯᠪᠠᠴᠤ ᠰᠡᠳᠬᠢᠯ ᠨᠢ ᠲᠡᠨᠢᠭᠡᠷ ᠰᠠᠢᠬᠠᠨ ᠪᠠᠢᠵᠤ ᠶᠠᠭᠠᠬᠢᠵᠤ ᠴᠢᠳᠠᠬᠤ ᠪᠢᠯᠡ᠃ ᠬᠡᠰᠡᠭ ᠬᠥᠷᠪᠡᠯᠳᠦᠨ ᠴᠢᠮᠡᠭᠡ ᠪᠦᠬᠦᠨ ᠢ᠋ ᠠᠩᠬᠠᠷᠤᠨ ᠴᠢᠩᠨᠠᠵᠤ ᠪᠠᠢᠭᠰᠠᠨ ᠢ᠋ᠶ᠋ᠠᠨ ᠡᠳᠦᠷᠵᠢᠨ ᠭᠥᠯᠢᠷᠡᠨ ᠬᠡᠪᠲᠡᠭᠰᠡᠨ ᠳ᠋ᠡᠭᠡᠨ ᠬᠥᠰᠢᠵᠦ ᠶᠠᠳᠠᠷᠠᠭᠰᠠᠨ ᠪᠡᠶ᠎ᠡ ᠨᠢ ᠭᠦᠨ ᠨᠣᠢᠷ ᠲᠤ᠌ ᠴᠣᠬᠢᠭᠳᠠᠨ ᠨᠠᠮ ᠤᠨᠲᠠᠪᠠ᠃
ᠥᠷᠯᠥᠭᠡ ᠦᠷ ᠮᠠᠩᠬᠠᠢᠨ ᠴᠠᠢᠬᠤ ᠦᠶ᠎ᠡ ᠳ᠋ᠦ᠍ ᠰᠡᠷᠢᠵᠦ ᠬᠠᠷᠠᠪᠠᠯ ᠮᠣᠷᠢ ᠨᠢ ᠠᠯᠠᠭ᠎ᠠ ᠪᠣᠯᠵᠠᠢ᠃ ᠪᠣᠰᠴᠤ ᠠᠷᠭᠠᠮᠵᠢᠭᠰᠠᠨ ᠭᠠᠵᠠᠷ ᠲᠤ᠌ ᠣᠴᠢᠪᠠᠯ ᠲᠠᠰᠤᠯᠤᠨ ᠶᠠᠪᠤᠵᠠᠢ᠃ ᠡᠷᠢᠵᠦ ᠬᠠᠢᠪᠠᠯ ᠣᠢᠷ᠎ᠠ ᠰᠠᠭᠠᠬᠠᠯᠲᠠ ᠶ᠋ᠢᠨ ᠴᠢᠨᠡᠭᠡ ᠭᠠᠵᠠᠷ ᠬᠣᠶᠠᠷ ᠴᠢᠨᠣ᠎ᠠ ᠤᠨᠠᠭᠠᠵᠤ ᠠᠪᠤᠭᠠᠳ ᠢᠳᠡᠵᠦ ᠪᠠᠢᠯ᠎ᠠ᠃ ᠰᠡᠮᠬᠡᠨ ᠪᠤᠴᠠᠵᠤ ᠬᠡᠪᠲᠡᠭᠰᠡᠨ ᠭᠠᠵᠠᠷ ᠡᠴᠡ ᠪᠡᠨ ᠫᠤᠤ ᠪᠠᠨ ᠠᠪᠴᠤ ᠣᠢᠷᠠᠲᠤᠨ ᠣᠴᠢᠭᠠᠳ ᠬᠠᠷ᠎ᠠ ᠪᠤᠭᠤᠷᠤᠯ ᠵᠣ ᠲᠠᠢ ᠪᠢᠷᠠᠭᠤ ᠰᠢᠭ᠋ ᠠᠵᠢᠷᠭᠠᠨ ᠴᠢᠨᠣ᠎ᠠ ᠶ᠋ᠢᠨ ᠳᠠᠯᠤ ᠬᠠᠪᠰᠤᠷᠤᠭᠠᠳ ᠫᠤᠤᠳᠠᠭᠰᠠᠨ ᠴᠢᠨᠢ ᠠᠯᠳᠠᠵᠤ ᠣᠷᠬᠢᠪᠠ᠃ ᠬᠥᠪᠴᠢ ᠳ᠋ᠦ᠍ ᠳᠤᠤᠭᠠᠷᠤᠭᠰᠠᠨ ᠫᠤᠤ ᠶ᠋ᠢᠨ ᠳᠠᠭᠤᠨ ᠤ᠋ ᠴᠤᠤᠷᠢᠶ᠎ᠠ ᠲᠠᠰᠤᠷᠠᠭ᠎ᠠ ᠦᠭᠡᠢ ᠪᠠᠢᠬᠤ ᠳ᠋ᠤ᠌ ᠴᠠᠳᠴᠤ ᠠᠪᠤᠭᠰᠠᠨ ᠬᠣᠶᠠᠷ ᠪᠣᠣᠬᠠᠢ ᠣᠷᠣ ᠰᠤᠷᠠᠭ ᠦᠭᠡᠢ ᠪᠣᠯᠵᠠᠢ᠃
᠊᠊᠊᠊᠊᠊᠊᠊᠊᠊᠊᠊᠊᠊᠊ ᠬᠠᠷ᠎ᠠ ᠵᠢᠪᠡ᠃ ᠭᠠᠮᠢᠩ ᠤ᠋ᠨ ᠮᠠᠭᠤ ᠴᠠᠷᠢᠯ ᠭᠡᠵᠦ ᠴᠢᠩᠭ᠎ᠠ ᠬᠠᠷᠢᠶᠠᠭᠠᠳ ᠰᠢᠲᠠᠵᠤ ᠣᠷᠬᠢᠪᠠ᠃
᠊᠊᠊᠊᠊᠊᠊᠊᠊᠊᠊᠊᠊᠊᠊ ᠬᠠᠷ᠎ᠠ ᠵᠢᠪᠡ᠃ ᠭᠠᠮᠢᠩ ᠤ᠋ᠨ ᠮᠠᠭᠤ ᠴᠠᠷᠢᠯ ᠭᠡᠵᠦ ᠬᠥᠨᠳᠡᠢ ᠳᠦᠭᠦᠷᠡᠩ ᠬᠠᠳᠠᠨ ᠴᠤᠤᠷᠢᠶ᠎ᠠ ᠰᠣᠨᠣᠰᠤᠭᠳᠠᠪᠠ᠃
᠊᠊᠊᠊᠊᠊᠊᠊᠊᠊᠊᠊᠊᠊᠊ ᠡᠢᠮᠦ ᠪᠠᠷᠮᠠ ᠰᠢᠭ᠋ ᠶᠠᠭᠤᠮ᠎ᠠ ᠪᠣᠯᠳᠠᠭ ᠠ᠋᠃ ᠬᠠᠢᠷᠠᠨ ᠮᠣᠷᠢ ᠭᠡᠵᠦ ᠨᠠᠮ ᠳᠠᠭᠤ ᠪᠠᠷ ᠬᠡᠯᠡᠭᠡᠳ ᠱᠣᠭᠰᠢᠷᠠᠨ ᠭᠠᠰᠠᠯᠪᠠ᠃
ᠮᠣᠷᠢᠨ ᠤ᠋ ᠰᠠᠩ ᠤ᠋ᠨ ᠳᠡᠭᠡᠷ᠎ᠡ ᠣᠴᠢᠬᠤ ᠳ᠋ᠤ᠌ ᠲᠡᠭᠦᠨ ᠦ᠌ ᠬᠥᠳᠡᠯᠭᠡᠭᠡᠨ ᠦᠭᠡᠢ ᠪᠣᠯᠤᠭᠰᠠᠨ ᠥᠷᠥᠭᠡᠰᠦᠨ ᠲᠤᠩᠭᠠᠯᠠᠭ ᠬᠥᠬᠡ ᠨᠢᠳᠦ 《ᠴᠢᠮ᠎ᠠ ᠡᠴᠡ ᠯᠡ ᠪᠣᠯᠤᠯ᠎ᠠ》 ᠭᠡᠬᠦ ᠮᠡᠲᠦ ᠠᠵᠢ᠃ ᠬᠥᠷᠥᠰᠥ ᠨᠢ ᠡᠷᠭᠢᠯᠳᠦᠭᠰᠡᠨ ᠣᠢᠷ᠎ᠠ ᠬᠠᠪᠢ ᠶ᠋ᠢᠨ ᠭᠠᠵᠠᠷ ᠨᠢ ᠡᠨᠳᠡ ᠴᠢᠳᠥᠷ ᠲᠡᠢ ᠨᠢᠭᠡ ᠮᠣᠷᠢ ᠬᠣᠶᠠᠷ ᠴᠢᠨᠣ᠎ᠠ ᠲᠠᠢ ᠦᠬᠦᠲᠡᠯ᠎ᠡ ᠪᠡᠨ ᠲᠡᠮᠡᠴᠡᠯᠳᠦᠭᠰᠡᠨ ᠦ᠌ ᠭᠡᠷᠡᠴᠢ ᠪᠣᠯᠵᠠᠢ᠃
ᠮᠣᠷᠢᠨ ᠤ᠋ ᠬᠥᠰᠢᠭᠰᠡᠨ ᠬᠥᠯ ᠡᠴᠡ ᠴᠢᠳᠥᠷ ᠢ᠋ᠶ᠋ᠡᠨ ᠰᠠᠯᠭᠠᠵᠤ ᠪᠥᠰᠡᠨ ᠳ᠋ᠡᠭᠡᠨ ᠬᠠᠪᠴᠢᠭᠤᠯᠤᠭᠠᠳ ᠡᠷᠭᠢᠵᠦ ᠫᠤᠤ ᠪᠠᠨ ᠠᠪᠤᠭᠠᠳ ᠤᠨᠲᠠᠭᠰᠠᠨ ᠭᠠᠵᠠᠷ ᠤᠷᠤᠭᠤ ᠪᠠᠨ ᠶᠠᠪᠤᠪᠠ᠃ ᠡᠨᠳᠡ ᠡᠴᠡ ᠣᠢᠷ᠎ᠠ ᠶ᠋ᠢᠨ ᠠᠢᠯ ᠬᠠᠭᠠᠰ ᠥᠷᠲᠡᠭᠡ ᠭᠠᠷᠤᠢ᠃ ᠲᠡᠷᠡ ᠬᠦᠷᠲᠡᠯ᠎ᠡ ᠡᠮᠡᠭᠡᠯ ᠢ᠋ᠶ᠋ᠡᠨ ᠡᠭᠦᠷᠦᠨ ᠶᠠᠪᠤᠬᠤ ᠪᠣᠯᠵᠠᠢ᠃ ᠦᠳᠡ ᠶ᠋ᠢᠨ ᠬᠢᠷᠢ ᠳ᠋ᠦ᠍ ᠡᠮᠡᠭᠡᠯ ᠢ᠋ᠶ᠋ᠡᠨ ᠡᠭᠦᠷᠦᠨ ᠪᠠᠷᠠᠭᠤᠨ ᠡᠮᠦᠨ᠎ᠡ ᠵᠦᠭ ᠢ᠋ ᠴᠢᠭᠯᠡᠨ ᠶᠠᠪᠤᠵᠠᠢ᠃
ᠪᠠᠳᠠᠷᠴᠢ ᠶ᠋ᠢ ᠢᠩᠭᠢᠵᠦ ᠮᠤᠩᠭᠠᠨᠢᠵᠤ ᠪᠠᠢᠬᠤ ᠳ᠋ᠤ᠌ ᠲᠦᠭᠵᠢᠯ ᠶᠠᠪᠤᠭᠰᠠᠭᠠᠷ ᠵᠠᠮᠢᠶᠠᠨ ᠸᠠᠩ ᠤ᠋ᠨ ᠨᠤᠲᠤᠭ ᠲᠤ᠌ ᠣᠷᠣᠵᠤ᠂ ᠵᠠᠮᠪᠠᠯ ᠲᠠᠢ ᠪᠣᠯᠵᠣᠭᠰᠠᠨ ᠭᠠᠵᠠᠷ ᠢ᠋ᠶ᠋ᠠᠨ ᠴᠢᠭᠯᠡᠨ ᠶᠠᠪᠤᠯ᠎ᠠ᠃ ᠵᠠᠮ ᠳ᠋ᠤ᠌ ᠬᠥᠮᠦᠨ ᠲᠠᠭᠠᠷᠠᠯᠳᠤᠵᠤ ᠰᠡᠳᠬᠢᠯ ᠵᠣᠪᠠᠭᠠᠭᠰᠠᠨ ᠦᠭᠡᠢ᠃ ᠵᠢᠵᠢᠭᠬᠡᠨ ᠳᠠᠪᠠᠭ᠎ᠠ ᠳᠠᠪᠠᠵᠤ ᠤᠷᠲᠤ ᠠᠮᠠᠨ ᠤ᠋ ᠡᠬᠢ ᠤᠷᠤᠭᠤ ᠣᠷᠣᠭᠠᠳ ᠬᠡᠰᠡᠭ ᠶᠠᠪᠤᠲᠠᠯ᠎ᠠ ᠵᠠᠮ ᠤ᠋ᠨ ᠬᠠᠵᠠᠭᠤ ᠶ᠋ᠢᠨ ᠬᠡᠰᠡᠭ ᠮᠣᠳᠣᠨ ᠡᠴᠡ ᠥᠨᠳᠥᠷ ᠤᠯᠠᠭᠠᠨ ᠬᠡᠭᠡᠷ ᠮᠣᠷᠢ ᠲᠠᠢ᠂ ᠬᠥᠬᠡ ᠳᠡᠪᠡᠯ ᠲᠡᠢ ᠬᠠᠩᠬᠠᠷ ᠡᠷ᠎ᠡ ᠳᠠᠪᠬᠢᠨ ᠭᠠᠷᠴᠤ
᠊᠊᠊᠊᠊᠊᠊᠊᠊᠊᠊᠊᠊᠊᠊ ᠮᠠᠭᠤ ᠬᠤᠯᠠᠭᠠᠢᠴᠢ ᠡᠪᠦᠭᠡ ᠠᠪᠤ ᠶ᠋ᠢᠨ ᠢ᠋ᠶ᠋ᠡᠨ ᠭᠠᠷ ᠲᠤ᠌ ᠣᠷᠣᠭ᠎ᠠ ᠪᠢᠵᠡ ᠭᠡᠵᠦ ᠶᠠᠪᠤᠳᠠᠯ ᠳᠤᠮᠳᠠ ᠪᠠᠨ ᠬᠠᠰᠬᠢᠷᠪᠠ᠃
᠊᠊᠊᠊᠊᠊᠊᠊᠊᠊᠊᠊᠊᠊᠊ ᠲᠡᠮᠦᠷ᠃ ᠵᠠᠶᠠᠭ᠎ᠠ ᠨᠢ ᠣᠷᠭᠢ ᠭᠡᠵᠦ ᠲᠦᠭᠵᠢᠯ ᠬᠠᠰᠬᠢᠷᠤᠭᠠᠳ ᠬᠥᠲᠥᠯᠵᠦ ᠶᠠᠪᠤᠭ᠎ᠠ ᠮᠣᠷᠢ ᠪᠠᠨ ᠣᠷᠬᠢᠨ ᠵᠢᠭᠤᠲᠠᠪᠠ᠃
ᠲᠡᠮᠦᠷ ᠮᠣᠷᠢᠳ ᠢ᠋ ᠨᠢ ᠲᠦᠭᠵᠢᠯ ᠠᠪᠤᠭᠰᠠᠨ ᠭᠡᠵᠦ ᠣᠭᠲᠣ ᠵᠡᠭᠦᠳᠦᠯᠡᠭᠡ ᠦᠭᠡᠢ ᠪᠢᠯᠡ᠃ ᠮᠣᠷᠢᠳ ᠢ᠋ ᠨᠢ ᠲᠦᠭᠵᠢᠯ ᠬᠥᠲᠥᠯᠦᠨ ᠶᠠᠪᠤᠬᠤ ᠶ᠋ᠢ ᠬᠠᠷᠠᠭᠠᠳ ᠠᠭᠤᠷ ᠨᠢ ᠬᠦᠷᠴᠦ ᠪᠠᠷᠢᠵᠤ ᠠᠪᠤᠭᠠᠳ ᠳᠣᠣᠷ᠎ᠠ ᠨᠢ ᠲᠣᠨᠢᠯᠭᠠᠵᠤ ᠤᠷᠭᠢᠶ᠎ᠠ ᠭᠡᠵᠦ ᠪᠣᠳᠣᠪᠠ᠃
ᠵᠢᠷᠣᠭ᠎ᠠ ᠵᠡᠭᠡᠷᠳᠡ᠂ ᠣᠷᠣᠭ᠎ᠠ ᠬᠡᠭᠡᠷ ᠦ᠋ᠨ ᠰᠤᠨᠤᠯᠲᠠ ᠡᠴᠡ ᠵᠠᠢᠯᠠᠵᠤ ᠴᠢᠳᠠᠭᠰᠠᠨ ᠦᠭᠡᠢ᠃ ᠤᠳᠠᠯ ᠦᠭᠡᠢ ᠲᠡᠮᠦᠷ ᠦ᠋ᠨ ᠮᠣᠷᠢᠨ ᠤ᠋ ᠲᠤᠭᠤᠷᠠᠢ ᠠᠷᠤ ᠰᠢᠯᠢᠨ ᠳ᠋ᠦ᠍ᠨᠢ ᠲᠠᠴᠢᠭᠢᠨᠠᠬᠤ ᠳ᠋ᠤ᠌ ᠲᠦᠭᠵᠢᠯ ᠡᠷᠭᠢᠵᠦ ᠬᠠᠷᠠᠯ᠎ᠠ᠃
ᠲᠡᠮᠦᠷ ᠦ᠋ᠨ ᠠᠮᠠ ᠨᠢ ᠠᠩᠭᠠᠢᠨ᠂ ᠪᠦᠳᠦᠭᠦᠨ ᠲᠠᠰᠢᠭᠤᠷ ᠳᠠᠯᠠᠢᠨ ᠪᠥᠬᠥᠢᠵᠡᠢ᠃ ᠨᠢᠳᠦ ᠨᠢ ᠰᠦᠷᠳᠡᠶ᠎ᠡ ᠭᠢᠯᠠᠯᠵᠠᠨ᠎ᠠ᠃ ᠵᠢᠭᠤᠲᠠᠭᠠᠳ ᠭᠠᠷᠴᠤ ᠴᠢᠳᠠᠬᠤ ᠦᠭᠡᠢ ᠶ᠋ᠢ ᠣᠢᠯᠠᠭᠠᠭᠰᠠᠨ ᠲᠦᠭᠵᠢᠯ ᠮᠣᠷᠢᠨ ᠡᠴᠡ ᠦᠰᠦᠷᠦᠨ ᠫᠢᠳ ᠬᠢᠲᠡᠯ᠎ᠡ ᠤᠨᠠᠪᠠ᠃ ᠲᠡᠮᠦᠷ ᠬᠦᠴᠦᠨ ᠳ᠋ᠡᠭᠡᠨ ᠬᠠᠵᠠᠭᠤ ᠪᠠᠷ ᠨᠢ ᠥᠩᠭᠡᠷᠡᠨ ᠮᠣᠷᠢ ᠪᠠᠨ ᠲᠣᠭᠲᠠᠭᠠᠭᠠᠳ ᠡᠷᠭᠢᠵᠦ ᠢᠷᠡᠬᠦ ᠳ᠋ᠦ᠍ ᠡᠪᠦᠳᠦᠭ ᠳᠡᠭᠡᠷ᠎ᠡ ᠪᠡᠨ ᠰᠥᠬᠥᠷᠡᠭᠰᠡᠨ ᠲᠦᠭᠵᠢᠯ 《ᠲᠡᠮᠦᠷ ᠭᠤᠸᠠᠢ ᠮᠢᠨᠢ ᠤᠲᠠᠰᠤᠨ ᠤ᠋ ᠴᠢᠨᠡᠭᠡ ᠤᠯᠠᠭᠠᠨ ᠠᠮᠢ ᠶ᠋ᠢ ᠥᠷᠥᠰᠢᠶᠡᠭᠡᠴᠢ᠃ ᠶᠠᠭᠠᠬᠢᠳᠠᠭ ᠪᠢᠯᠡ᠃ ᠥᠴᠦᠬᠡᠨ ᠪᠢ ᠪᠣᠯᠢᠶ᠎ᠠ》 ᠭᠡᠵᠦ ᠬᠢᠬᠤᠷᠠᠭᠰᠠᠨ ᠳᠠᠭᠤ ᠪᠠᠷ ᠬᠠᠰᠬᠢᠷᠤᠨ᠎ᠠ᠃
ᠰᠢᠷ᠎ᠠ ᠲᠣᠰᠣᠨ ᠤ᠋ ᠰᠢᠲᠠᠵᠤ ᠪᠠᠢᠭ᠎ᠠ ᠭᠦᠵᠡᠭᠡ ᠰᠢᠭ ᠦᠷᠴᠢᠭᠰᠡᠨ ᠲᠦᠭᠵᠢᠯ ᠦ᠋ᠨ ᠬᠡᠪ ᠨᠢ ᠡᠪᠳᠡᠷᠡᠭᠰᠡᠨ ᠨᠢᠭᠤᠷ ᠬᠠᠪᠲᠠᠭᠠᠢ ᠤᠯᠠᠭᠠᠨ ᠬᠡᠯᠡ ᠭᠠᠷᠭᠠᠨ ᠬᠠᠰᠬᠢᠷᠴᠤ ᠪᠠᠢᠭ᠎ᠠ ᠲᠠᠷᠪᠠᠭ᠎ᠠ ᠶ᠋ᠢᠨ ᠨᠦᠬᠡ ᠰᠢᠭ ᠲᠣᠮᠣ ᠠᠮᠠ ᠶ᠋ᠢ ᠬᠠᠷᠠᠭᠠᠳ ᠲᠡᠮᠦᠷ ᠦ᠋ᠨ ᠰᠢᠲᠠᠭᠰᠠᠨ ᠠᠭᠤᠷ ᠨᠢ ᠭᠠᠷᠴᠤ 《ᠡᠢᠮᠦ ᠴᠦ᠍ ᠡᠷ᠎ᠡ ᠪᠠᠢᠬᠤ ᠭᠡᠵᠦ ᠳᠡ》 ᠭᠡᠵᠦ ᠪᠣᠳᠣᠨ ᠢᠨᠢᠶᠡᠳᠦ ᠨᠢ ᠬᠦᠷᠬᠦ ᠰᠢᠭ ᠪᠣᠯᠪᠠ᠃
ᠲᠡᠮᠦᠷ ᠮᠣᠷᠢᠨ ᠡᠴᠡ ᠪᠠᠭᠤᠵᠤ ᠲᠠᠰᠢᠭᠤᠷ ᠢ᠋ᠶ᠋ᠠᠨ ᠪᠠᠷᠢᠨ ᠲᠦᠭᠵᠢᠯ ᠤᠷᠤᠭᠤ ᠶᠠᠪᠤᠯ᠎ᠠ᠃
᠊᠊᠊᠊᠊᠊᠊᠊᠊᠊᠊᠊᠊᠊᠊ ᠠᠬ᠎ᠠ ᠮᠢᠨᠢ ᠪᠢ ᠡᠬᠡᠨᠡᠷ ᠲᠡᠢ᠂ ᠨᠢᠯᠬ᠎ᠠ ᠬᠡᠦᠬᠡᠳ ᠲᠡᠢ ᠶᠤᠮᠰᠠᠨ ᠁ ᠪᠢ ᠴᠢᠨᠢ ᠶᠠᠭᠠᠬᠢᠳᠠᠭ ᠪᠢᠯᠡ᠃ ᠪᠢ ᠦᠬᠦᠬᠦ ᠦᠭᠡᠢ ᠭᠡᠵᠦ ᠵᠠᠯᠪᠠᠷᠢᠨ᠎ᠠ᠃
ᠲᠦᠭᠵᠢᠯ ᠦ᠋ᠨ ᠡᠨᠡ ᠦᠭᠡᠨ ᠳ᠋ᠦ᠍ ᠵᠥᠪᠬᠡᠨ ᠠᠮᠢ ᠭᠤᠶᠤᠵᠤ ᠪᠠᠢᠭ᠎ᠠ ᠨᠢ ᠦᠨᠡᠨ ᠪᠥᠭᠡᠳ ᠡᠬᠡᠨᠡᠷ ᠬᠡᠦᠬᠡᠳ ᠦ᠋ᠨ ᠲᠤᠬᠠᠢ ᠪᠣᠯ ᠣᠷᠣ ᠦᠭᠡᠢ ᠬᠤᠳᠠᠯ ᠪᠠᠢᠯ᠎ᠠ᠃
᠊᠊᠊᠊᠊᠊᠊᠊᠊᠊᠊᠊᠊᠊᠊ ᠵᠠᠮ ᠤ᠋ᠨ ᠬᠦᠵᠦᠭᠦᠦ ᠤᠷᠲᠤ᠂ ᠵᠠᠭᠠᠨ ᠤ᠋ ᠬᠦᠵᠦᠭᠦᠦ ᠪᠣᠭᠣᠨᠢ ᠭᠡᠳᠡᠭ ᠡᠨᠡ ᠳᠡ᠃ ᠲᠡᠷᠡ ᠵᠢᠯ ᠨᠠᠮᠠᠢ ᠠᠯᠠᠵᠤ ᠣᠷᠬᠢᠯ᠎ᠠ ᠭᠡᠵᠦ ᠭᠣᠷᠢᠳᠠᠭᠰᠠᠨ ᠪᠢᠵᠡ᠃ ᠣᠳᠣ ᠬᠣᠶᠠᠭᠤᠯᠠ ᠳᠠᠩᠰᠠ ᠪᠣᠳᠣᠨ᠎ᠠ ᠳᠠ᠃ ᠴᠢ ᠪᠠᠰᠠ ᠠᠮᠢ ᠭᠤᠶᠤᠨ᠎ᠠ ᠭᠡᠨ᠎ᠡ ᠭᠡᠳ ᠲᠦᠭᠵᠢᠯ ᠦ᠋ᠨ ᠮᠥᠷᠦᠨ ᠳᠡᠭᠡᠷ᠎ᠡ ᠡᠴᠡ ᠨᠢ ᠪᠠᠵᠠᠵᠤ ᠠᠪᠤᠯ᠎ᠠ᠃
ᠭᠡᠪᠡᠴᠦ ᠲᠡᠮᠦᠷ ᠦ᠋ᠨ ᠠᠩᠬᠠᠨ ᠤ᠋ ᠠᠭᠤᠷ ᠠᠯᠠᠭ᠎ᠠ ᠪᠣᠯᠤᠭᠠᠳ 《ᠡᠨᠡ ᠨᠣᠪᠰᠢ ᠶ᠋ᠢ ᠠᠯᠠᠵᠤ ᠭᠠᠷ ᠢ᠋ᠶ᠋ᠠᠨ ᠪᠤᠵᠠᠷᠯᠠᠭᠠᠳ ᠴᠤ᠌ ᠶᠠᠭᠠᠬᠢᠬᠤᠪ᠃ ᠬᠠᠷᠢᠨ ᠪᠠᠬᠠᠨ ᠲᠠᠰᠢᠭᠤᠷᠳᠠᠭᠠᠳ ᠭᠣᠣᠯ ᠲᠠᠢ ᠨᠢ ᠤᠷᠭᠢᠶ᠎ᠠ》 ᠭᠡᠵᠦ ᠪᠣᠳᠣᠭᠠᠳ ᠲᠠᠰᠢᠭᠤᠷ ᠢ᠋ᠶ᠋ᠠᠨ ᠳᠠᠯᠠᠢᠪᠠ᠃
ᠢᠷᠡᠵᠦ ᠪᠠᠢᠭ᠎ᠠ ᠦᠬᠦᠯ ᠡᠴᠡ ᠰᠦᠨᠡᠰᠦ ᠨᠢ ᠵᠠᠢᠯᠠᠭᠰᠠᠨ ᠲᠦᠭᠵᠢᠯ ᠦ᠋ᠨ ᠨᠢᠳᠦᠨ ᠡᠴᠡ ᠤᠰᠤ ᠠᠰᠬᠠᠷᠠᠨ᠂ ᠭᠠᠷ ᠨᠢ ᠬᠡᠢ ᠰᠡᠷᠪᠡᠯᠵᠡᠵᠦ 《ᠡᠨ᠂ ᠡᠨ ᠁》 ᠭᠡᠵᠦ ᠠᠭᠤᠯᠠ ᠬᠠᠳᠠ ᠶᠠᠩᠭᠢᠨᠠᠭᠤᠯᠤᠭᠰᠠᠨ ᠳᠠᠭᠤ ᠪᠠᠷ ᠬᠠᠲᠠᠭᠠᠨ ᠬᠠᠰᠬᠢᠷᠪᠠ᠃
ᠲᠠᠰᠢᠭᠤᠷ ᠲᠦᠭᠵᠢᠯ ᠦ᠋ᠨ ᠨᠢᠷᠤᠭᠤᠨ ᠳᠡᠭᠡᠷ᠎ᠡ ᠫᠢᠩ ᠬᠢᠵᠦ ᠪᠢᠲᠡᠭᠦᠦ ᠳᠤᠤᠭᠠᠷᠤᠨ ᠪᠠᠭᠤᠪᠠ᠃ ᠳᠠᠬᠢᠨ ᠴᠣᠬᠢᠬᠤ ᠭᠡᠲᠡᠯ᠎ᠡ ᠲᠦᠭᠵᠢᠯ ᠦ᠋ᠨ ᠨᠢᠳᠦ ᠨᠢ ᠴᠠᠭᠠᠨ ᠢ᠋ᠶ᠋ᠠᠷ ᠡᠷᠭᠢᠯᠳᠦᠨ ᠪᠡᠶ᠎ᠡ ᠨᠢ ᠳᠤᠨᠳᠠᠭᠤᠷ ᠤᠰᠤ ᠲᠠᠢ ᠭᠦᠵᠡᠭᠡ ᠰᠢᠭ ᠱᠠᠯᠴᠢ᠌ᠨ ᠰᠤᠯᠠ ᠪᠣᠯᠵᠤ᠂ ᠳᠠᠭᠤ ᠨᠢ ᠲᠠᠰᠤᠷᠠᠪᠠ᠃
᠊᠊᠊᠊᠊᠊᠊᠊᠊᠊᠊᠊᠊᠊᠊ ᠪᠠᠭᠠᠰᠢ ᠲᠠᠢ ᠵᠣᠯᠢᠭ ᠭᠡᠳ ᠤᠭᠵᠠᠷᠠᠨ ᠬᠠᠷᠠᠪᠠᠯ ᠵᠠᠪᠠᠵᠢ ᠪᠠᠷ ᠨᠢ ᠴᠢᠰᠤ ᠤᠷᠤᠰᠤᠨ ᠭᠠᠷᠴᠤ ᠢᠷᠡᠯ᠎ᠡ᠃
ᠮᠠᠭᠤᠵᠢᠷᠠᠨ ᠤᠨᠠᠵᠠᠢ᠃ ᠭᠡᠪᠡᠴᠦ ᠴᠢᠩᠨᠠᠵᠤ ᠦᠵᠡᠪᠡᠯ ᠵᠢᠷᠦᠬᠡ ᠨᠢ ᠴᠣᠬᠢᠯᠠᠵᠤ ᠪᠠᠢᠪᠠ᠃ ᠬᠡᠳᠦ ᠰᠠᠢᠨ ᠴᠣᠬᠢᠵᠤ ᠠᠪᠤᠶ᠎ᠠ ᠭᠡᠰᠡᠨ ᠲᠡᠮᠦᠷ ᠦ᠋ᠨ ᠤᠷᠮ᠎ᠠ ᠨᠢ ᠬᠤᠭᠤᠷᠠᠬᠤ ᠰᠢᠭ᠋ ᠪᠣᠯᠤᠭᠠᠳ 《ᠡᠪᠡᠰᠦ ᠢᠳᠡᠵᠦ᠂ ᠤᠰᠤ ᠤᠤᠭᠤᠵᠤ ᠶᠠᠪᠤᠭᠰᠠᠨ ᠵᠣᠯᠢᠭ ᠤᠤ ᠳᠠ》 ᠭᠡᠳ ᠨᠣᠭᠣᠭᠠᠨ ᠳᠡᠭᠡᠷ᠎ᠡ ᠡᠪᠲᠡᠢᠬᠡᠨ ᠭᠡᠪᠳᠡᠭᠦᠯᠪᠡ᠃
ᠬᠡᠰᠡᠭ ᠪᠠᠢᠲᠠᠯ᠎ᠠ ᠲᠦᠭᠵᠢᠯ ᠦ᠋ᠨ ᠠᠮᠢᠰᠬᠤᠯᠯᠠᠬᠤ ᠨᠢ ᠮᠡᠳᠡᠭᠳᠡᠵᠦ ᠡᠬᠢᠯᠡᠪᠡ᠃ 《ᠠᠷᠠᠢ ᠴᠤ᠌ ᠦᠭᠦᠴᠢᠬᠦ ᠦᠭᠡᠢ ᠨᠢ ᠪᠣᠯᠤᠯᠲᠠᠢ》 ᠭᠡᠳ ᠲᠡᠮᠦᠷ ᠪᠣᠰᠴᠤ ᠬᠠᠶᠠᠭᠰᠠᠨ ᠲᠠᠰᠢᠭᠤᠷ ᠢ᠋ᠶ᠋ᠠᠨ ᠠᠪᠤᠯ᠎ᠠ᠃
ᠬᠡᠳᠦᠢ ᠪᠣᠯᠤᠭᠰᠠᠨ ᠢ᠋ ᠲᠦᠭᠵᠢᠯ ᠮᠡᠳᠡᠭᠰᠡᠨ ᠦᠭᠡᠢ᠃ ᠤᠬᠠᠭᠠᠨ ᠣᠷᠣᠵᠤ ᠤᠭᠤᠴᠠ ᠨᠢ ᠬᠦᠨᠳᠦ ᠶᠠᠭᠤᠮᠠᠨ ᠳ᠋ᠤ᠌ ᠳᠠᠷᠤᠭᠤᠯᠤᠭᠰᠠᠨ ᠮᠡᠲᠦ ᠡᠪᠡᠳᠬᠦ ᠪᠥᠭᠡᠳ ᠬᠠᠵᠠᠭᠤ ᠶ᠋ᠢᠨ ᠮᠣᠳᠣᠨ ᠡᠴᠡ ᠡᠮᠡᠭᠡᠯ ᠲᠡᠢ ᠮᠣᠷᠢ ᠤᠶᠠᠭ᠎ᠠ ᠲᠠᠢ ᠬᠠᠷᠠᠭᠳᠠᠯ᠎ᠠ᠃
ᠪᠦᠬᠦ ᠶᠠᠭᠤᠮ᠎ᠠ ᠨᠠᠮ ᠭᠦᠮ᠃ ᠲᠡᠮᠦᠷ ᠮᠣᠷᠢᠳ ᠤ᠋ᠨ ᠬᠠᠮᠲᠤ ᠣᠷᠣ ᠰᠤᠷᠠᠭ ᠦᠭᠡᠢ ᠠᠯᠠᠭ᠎ᠠ ᠪᠣᠯᠵᠠᠢ᠃ ᠲᠡᠭᠷᠢ ᠳ᠋ᠦ᠍ ᠰᠡᠮᠡᠵᠡᠨ ᠡᠭᠦᠯᠡ ᠮᠠᠨᠠᠷᠠᠨ᠂ ᠲᠡᠭᠦᠨ ᠦ᠌ ᠳᠣᠭᠤᠤᠷ ᠬᠡᠰᠡᠭ ᠲᠤᠷᠯᠢᠶᠠᠬ᠎ᠠ ᠪᠠᠷᠠᠭᠠᠳᠠᠨ ᠡᠮᠦᠨ᠎ᠡ ᠵᠦᠭ ᠨᠢᠰᠦᠨ᠎ᠡ᠃
