ᠲᠤᠩᠭᠠᠯᠠᠭ ᠲᠠᠮᠢᠷ1-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-11

1622

《ᠲᠡᠮᠡᠭᠡ ᠲᠤᠢᠯᠠᠭᠠᠳ ᠲᠩᠷᠢ ᠳ᠋ᠦ᠍ ᠬᠦᠷᠬᠦ ᠦᠭᠡᠢ᠂ ᠢᠮᠠᠭ᠎ᠠ ᠲᠤᠢᠯᠠᠭᠠᠳ ᠶᠠᠩᠭᠢᠶ᠎ᠠ ᠡᠪᠳᠡᠬᠦ ᠦᠭᠡᠢ》 - ᠨᠢᠭᠡᠳᠦᠭᠡᠷ ᠪᠦᠯᠦᠭ ᠠᠷᠪᠠᠨ ᠬᠣᠶᠠᠷ


  ᠯᠤᠤ ᠬᠦᠩ ᠦ᠋ᠨ ᠬᠣᠰᠢᠭᠤ ᠨᠠᠭᠠᠳᠤᠮ ᠡᠬᠢᠯᠡᠭᠡᠳ ᠬᠣᠶᠠᠷ ᠲᠠᠬᠢ ᠡᠳᠦᠷ ᠢ᠋ᠶ᠋ᠡᠨ ᠦᠷᠭᠦᠯᠵᠢᠯᠡᠵᠦ ᠪᠠᠢᠯ᠎ᠠ᠃ ᠭᠣᠣᠯ ᠤ᠋ᠨ ᠤᠯᠠᠭᠠᠨ ᠡᠷᠢᠶᠡᠨ ᠠᠰᠠᠷ ᠲᠤ᠌ ᠨᠣᠶᠠᠨ᠂ ᠲᠤᠰᠠᠯᠠᠭᠴᠢ᠂ ᠲᠡᠳᠡᠨ ᠦ᠌ ᠬᠠᠲᠤᠨ ᠪᠣᠯᠤᠨ ᠣᠢᠷ᠎ᠠ ᠰᠢᠳᠠᠷ ᠬᠥᠮᠦᠰ᠂ ᠪᠠᠷᠠᠭᠤᠨ ᠲᠠᠯ᠎ᠠ ᠶ᠋ᠢᠨ ᠰᠢᠷ᠎ᠠ ᠠᠰᠠᠷ ᠲᠤ᠌ ᠮᠢᠨᠳᠠᠭ᠂ ᠲᠤᠰᠢᠶᠠᠯ ᠲᠠᠢ ᠯᠠᠮᠠ ᠨᠠᠷ᠂ ᠵᠡᠭᠦᠨ ᠲᠠᠯ᠎ᠠ ᠶ᠋ᠢᠨ ᠬᠥᠬᠡ ᠡᠷᠢᠶᠡᠨ ᠠᠰᠠᠷ ᠲᠤ᠌ ᠲᠠᠢᠵᠢ ᠤᠭᠰᠠᠭᠠᠲᠠᠨ ᠮᠣᠷᠢᠯᠠᠨ ᠰᠠᠭᠤᠵᠠᠢ᠃
  ᠬᠥᠮᠦᠨ ᠪᠦᠬᠦᠨ ᠣᠯᠢᠭ ᠲᠠᠢ ᠳᠡᠪᠡᠯ ᠬᠤᠪᠴᠠᠰᠤ ᠪᠠᠨ ᠡᠮᠦᠰᠴᠦ ᠡᠨᠳᠡ ᠲᠡᠨᠳᠡ ᠦᠭᠡᠢ ᠪᠦᠰᠡ ᠡᠴᠡ ᠪᠡᠨ ᠵᠣᠳᠣᠭ ᠱᠣᠳᠠᠭ ᠬᠠᠪᠴᠢᠭᠤᠯᠤᠭᠰᠠᠨ ᠪᠥᠬᠡᠴᠦᠳ᠂ ᠬᠤᠰᠤᠭᠤᠷ ᠰᠣᠢ᠌ᠵᠠ ᠬᠠᠪᠴᠢᠭᠤᠯᠤᠭᠰᠠᠨ ᠤᠶᠠᠭᠠᠴᠢᠳ ᠰᠦᠯᠵᠢᠯᠳᠦᠨ᠎ᠡ᠃ ᠭᠤᠷᠪᠠ ᠶ᠋ᠢᠨ ᠳᠠᠪᠠᠭ᠎ᠠ ᠡᠬᠢᠯᠡᠭᠡᠳ ᠬᠤᠰᠢᠭᠤᠨ ᠤ᠋ ᠨᠡᠷ᠎ᠡ ᠴᠣᠯᠠ ᠲᠠᠢ ᠪᠥᠬᠡᠴᠦᠳ ᠵᠠᠯᠠᠭᠤ ᠬᠡᠦᠬᠡᠳ ᠦ᠋ᠳ ᠢ᠋ ᠠᠮᠠᠯᠠᠨ ᠠᠪᠴᠤ ᠭᠠᠳᠠᠨ᠎ᠠ ᠡᠴᠡ ᠢᠷᠡᠭᠰᠡᠨ ᠪᠥᠬᠡᠴᠦᠳ ᠬᠣᠭᠣᠷᠣᠨᠳᠣ ᠪᠠᠨ ᠤᠷᠤᠯᠳᠤᠵᠤ ᠪᠠᠢᠯ᠎ᠠ᠃
  ᠬᠡᠵᠢᠶᠡᠨ ᠡᠴᠡ ᠪᠥᠬᠡ ᠰᠠᠢᠲᠠᠢ ᠯᠤᠤ ᠬᠦᠩ ᠦ᠋ᠨ ᠬᠣᠰᠢᠭᠤ ᠨᠠᠭᠠᠳᠤᠮ ᠢ᠋ᠶ᠋ᠠᠨ ᠪᠤᠰᠤᠳ ᠬᠤᠰᠢᠭᠤᠨ ᠳ᠋ᠤ᠌ ᠠᠯᠳᠠᠬᠤ ᠦᠭᠡᠢ ᠶ᠋ᠢ ᠪᠠᠷᠤᠭ ᠬᠥᠮᠦᠨ ᠪᠦᠬᠦᠨ ᠬᠢᠴᠢᠶᠡᠨ᠂ ᠭᠠᠳᠠᠨ᠎ᠠ ᠶ᠋ᠢᠨ ᠪᠥᠬᠡ ᠤᠨᠠᠬᠤ ᠳ᠋ᠤ᠌ ᠱᠤᠤᠭᠢᠯᠳᠤᠨ ᠢᠨᠢᠶᠡᠯᠳᠦᠵᠦ᠂ ᠥᠪᠡᠷ ᠦ᠋ᠨ ᠬᠤᠰᠢᠭᠤᠨ ᠤ᠋ ᠪᠥᠬᠡ ᠤᠨᠠᠬᠤ ᠳ᠋ᠤ᠌ ᠭᠠᠰᠠᠯᠤᠯᠳᠤᠨ ᠬᠠᠷᠠᠮᠰᠠᠨ᠎ᠠ᠃
  ᠡᠷᠳᠡᠨᠢ᠂ ᠵᠠᠶ᠎ᠠ ᠶ᠋ᠢᠨ ᠱᠠᠪᠢ ᠶ᠋ᠢᠨ ᠨᠢᠭᠡ ᠯᠠᠮᠠ ᠲᠠᠢ ᠲᠤᠨᠤᠷᠠᠨ ᠦᠯᠡᠳᠡᠵᠦ ᠪᠠᠷᠢᠯᠳᠤᠬᠤ ᠪᠣᠯᠪᠠ᠃
  ᠊᠊᠊᠊᠊᠊᠊᠊᠊᠊᠊᠊᠊᠊᠊ ᠵᠠ ᠬᠦ ᠡᠷᠳᠡᠨᠢ ᠮᠢᠨᠢ᠂ ᠪᠢ ᠵᠠᠬ᠎ᠠ ᠶ᠋ᠢ ᠴᠢᠨᠢ ᠲᠠᠰᠤᠷᠠᠲᠠᠯ᠎ᠠ ᠮᠤᠰᠬᠢᠶ᠎ᠠ᠃ ᠭᠡᠭᠡᠨ ᠦ᠌ ᠬᠢᠨ ᠰᠢᠷᠪᠥᠰᠥ ᠲᠡᠢ ᠰᠢᠦ ᠭᠡᠳ ᠨᠢᠮ᠎ᠠ ᠳᠡᠪᠡᠯ ᠢ᠋ ᠨᠢ ᠠᠪᠴᠤ ᠵᠠᠬ᠎ᠠ ᠶ᠋ᠢ ᠨᠢ ᠮᠤᠰᠬᠢᠪᠡ᠃
  ᠊᠊᠊᠊᠊᠊᠊᠊᠊᠊᠊᠊᠊᠊᠊ ᠨᠢᠳᠤᠨᠤᠨ ᠮᠠᠨ ᠤ᠋ ᠬᠣᠶᠠᠷ ᠵᠠᠭᠠᠨ᠂ ᠨᠢᠭᠡ ᠨᠠᠴᠢᠨ ᠢ᠋ ᠬᠠᠶᠠᠵᠤ ᠪᠠᠯᠠᠭ ᠲᠠᠷᠢᠭᠰᠠᠨ ᠳᠠᠮᠰᠢᠭ᠃ ᠸᠠᠩᠲᠠᠨ ᠠᠷᠰᠯᠠᠨ ᠯᠠ ᠠᠪᠴᠤ ᠪᠠᠢᠮᠠᠨᠵᠢᠨ ᠬᠠᠶᠠᠭᠰᠠᠨ ᠶᠤᠮ᠃ ᠡᠷᠳᠡᠨᠢ ᠮᠢᠨᠢ ᠬᠢᠴᠢᠶᠡᠵᠦ ᠦᠵᠡᠭᠡᠷᠡᠢ ᠭᠡᠵᠦ ᠢᠲᠡᠭᠡᠯᠲᠦ ᠬᠡᠯᠡᠭᠡᠳ ᠦᠯᠦ ᠲᠠᠨᠢᠬᠤ ᠨᠢᠭᠡ ᠬᠥᠮᠦᠨ ᠲᠡᠢ ᠶᠠᠪᠤᠯ᠎ᠠ᠃
  ᠊᠊᠊᠊᠊᠊᠊᠊᠊᠊᠊᠊᠊᠊᠊ ᠥᠨᠳᠥᠷ ᠠᠬ᠎ᠠ ᠠ᠋᠂ ᠨᠠᠳᠠ ᠪᠣᠭᠣᠷᠰᠣᠭ ᠠᠪᠴᠢᠷᠠᠵᠤ ᠥᠭᠭᠦᠭᠡᠷᠡᠢ! ᠭᠡᠵᠦ ᠰᠣᠯᠣᠩᠭ᠎ᠠ ᠴᠢᠬᠢᠨ ᠳ᠋ᠦ᠍ᠨᠢ ᠰᠢᠪᠡᠭᠡᠨᠡᠬᠦ ᠳ᠋ᠦ᠍ ᠡᠷᠳᠡᠨᠢ ᠲᠠᠭᠠᠯᠠᠮᠵᠢᠲᠠᠢ ᠢᠨᠢᠶᠡᠮᠰᠦᠭᠯᠡᠪᠡ᠃
  ᠡᠷᠳᠡᠨᠢ᠂ ᠯᠠᠮᠠ ᠲᠠᠢ ᠬᠣᠶᠠᠷ ᠳᠠᠬᠢᠨ ᠲᠠᠯᠪᠢᠯᠴᠠᠵᠤ ᠤᠳᠠᠭᠠᠨ ᠪᠠᠷᠢᠯᠳᠤᠪᠠ᠃ ᠢᠩᠭᠢᠭᠡᠳ ᠬᠣᠶᠠᠷ ᠪᠡᠶ᠎ᠡ ᠪᠡᠨ ᠬᠢᠨᠠᠯᠴᠠᠨ᠂ ᠦ ᠬᠠᠷᠠᠵᠤ ᠪᠠᠬᠠᠨ ᠬᠥᠰᠢᠯᠳᠦᠪᠡ᠃
  ᠭᠡᠨᠡᠳᠲᠡ ᠯᠠᠮᠠ ᠱᠤᠤᠭᠢᠨ ᠪᠠᠷᠢᠵᠤ ᠠᠪᠬᠤ ᠳ᠋ᠤᠨᠢ ᠡᠷᠳᠡᠨᠢ ᠣᠯᠢᠵᠤ ᠠᠪᠤᠭᠠᠳ ᠲᠣᠩᠭᠣᠷᠪᠠ᠃ ᠯᠠᠮᠠ ᠠᠷᠤ ᠵᠣ ᠪᠠᠷ ᠢ᠋ᠶ᠋ᠠᠨ ᠫᠠᠳᠬᠢᠲᠠᠯ᠎ᠠ ᠤᠨᠠᠪᠠ᠃
  ᠊᠊᠊᠊᠊᠊᠊᠊᠊᠊᠊᠊᠊᠊᠊ ᠠᠶᠤᠯ ᠲᠠᠢ ᠲᠣᠩᠭᠣᠷᠳᠠᠭ ᠬᠥᠮᠦᠨ ᠪᠠᠢᠨ᠎ᠠ ᠰᠢᠦ᠃
  ᠊᠊᠊᠊᠊᠊᠊᠊᠊᠊᠊᠊᠊᠊᠊ ᠠᠯᠢ ᠬᠤᠰᠢᠭᠤᠨ ᠤ᠋ ᠬᠥᠮᠦᠨ ᠪᠣᠢ?
  ᠊᠊᠊᠊᠊᠊᠊᠊᠊᠊᠊᠊᠊᠊᠊ ᠮᠡᠳᠡᠬᠦ ᠦᠭᠡᠢ᠂ ᠳᠡᠪᠬᠡᠷᠭᠡ ᠢᠲᠡᠭᠡᠯᠲᠦ ᠶ᠋ᠢᠨ ᠰᠢᠨ᠎ᠡ ᠵᠠᠷᠤᠴᠠ ᠭᠡᠵᠦ ᠡᠷᠳᠡᠨᠢ ᠶ᠋ᠢᠨ ᠲᠤᠬᠠᠢ ᠶᠠᠷᠢᠯᠴᠠᠵᠤ ᠪᠠᠢᠯ᠎ᠠ᠃
  ᠡᠷᠳᠡᠨᠢ ᠵᠣᠳᠣᠭ ᠢ᠋ᠶ᠋ᠠᠨ ᠲᠠᠢᠯᠤᠭᠠᠳ᠂ ᠳᠡᠪᠡᠯ ᠢ᠋ᠶ᠋ᠡᠨ ᠡᠮᠦᠰᠴᠦ ᠪᠠᠢᠬᠤ ᠳ᠋ᠤ᠌ ᠨᠡᠯᠢᠶᠡᠳ ᠰᠣᠭᠲᠣᠭᠤ ᠢᠲᠡᠭᠡᠯᠲᠦ ᠢᠷᠡᠯ᠎ᠡ᠃
  ᠊᠊᠊᠊᠊᠊᠊᠊᠊᠊᠊᠊᠊᠊᠊ ᠰᠠᠢᠬᠠᠨ ᠲᠣᠩᠭᠣᠷᠤᠯ᠎ᠠ ᠰᠢᠦ᠃
  ᠊᠊᠊᠊᠊᠊᠊᠊᠊᠊᠊᠊᠊᠊᠊ ᠠᠷᠠᠢ ᠭᠡᠵᠦ ᠯᠡ ᠳᠠᠪᠠᠭᠰᠠᠨ ᠪᠣᠯᠤᠯ᠎ᠠ᠃
  ᠊᠊᠊᠊᠊᠊᠊᠊᠊᠊᠊᠊᠊᠊᠊ ᠰᠢᠷᠪᠥᠰᠥ ᠲᠡᠢ ᠪᠠᠨᠲᠠᠢ ᠪᠠᠢᠭ᠎ᠠ ᠶᠤᠮ᠃ ᠵᠠ ᠡᠷᠳᠡᠨᠢ ᠮᠢᠨᠢ ᠶᠡᠬᠡ ᠨᠠᠰᠤ ᠪᠠᠨ ᠮᠣᠷᠳᠠᠭᠤᠯᠵᠤ ᠣᠷᠭᠢ᠃ ᠥᠨᠥᠳᠥᠷ ᠪᠢᠳᠡ ᠬᠣᠶᠠᠷ ᠨᠢᠭᠡ ᠮᠠᠩᠨᠠᠢ ᠲᠡᠨᠢᠢᠬᠦ ᠪᠠᠢᠬᠤ ᠠ᠋᠃
  ᠥᠴᠥᠭᠡᠳᠦᠷ ᠠᠵᠢᠷᠭ᠎ᠠ ᠳᠠᠪᠬᠢᠬᠤ ᠳ᠋ᠤ᠌ ᠨᠣᠶᠠᠨ ᠰᠦᠷᠦᠩ ᠦ᠋ᠨ ᠠᠵᠢᠷᠭ᠎ᠠ ᠨᠤᠭᠤᠳ ᠵᠠᠮ ᠡᠴᠡ ᠤᠭᠲᠤᠨ ᠨᠡᠢᠯᠡᠵᠦ ᠣᠷᠣᠯᠳᠣᠭᠠᠳ ᠲᠦᠷᠦᠭᠦᠯᠡᠵᠦ᠂ ᠢᠲᠡᠭᠡᠯᠲᠦ ᠶ᠋ᠢᠨ ᠬᠡᠭᠡᠷ ᠠᠵᠢᠷᠭ᠎ᠠ ᠭᠤᠷᠪᠠᠳᠤᠭᠠᠷ ᠲᠤ᠌ ᠢᠷᠡᠵᠡᠢ᠃ ᠬᠠᠷᠢᠨ ᠥᠨᠥᠳᠥᠷ ᠢᠲᠡᠭᠡᠯᠲᠦ ᠬᠡᠭᠡᠷ ᠮᠣᠷᠢ ᠪᠠᠨ ᠲᠦᠷᠦᠭᠦᠯᠡᠵᠦ ᠢᠷᠡᠨ᠎ᠡ ᠭᠡᠵᠦ ᠢᠲᠡᠭᠡᠵᠦ ᠪᠠᠢᠭ᠎ᠠ ᠶᠤᠮ᠃
  ᠊᠊᠊᠊᠊᠊᠊᠊᠊᠊᠊᠊᠊᠊᠊ ᠤᠷᠮ᠎ᠠ ᠦᠭᠡᠢ ᠶᠤᠮ᠃ ᠰᠦᠷᠦᠩ ᠦ᠋ᠨ ᠬᠢ ᠬᠠᠭᠠᠰ ᠵᠠᠮ ᠡᠴᠡ ᠨᠡᠢᠯᠡᠭᠡᠳ ᠲᠦᠷᠦᠭᠦᠯᠡᠵᠦ ᠣᠷᠬᠢᠬᠤ ᠶᠤᠮ ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ ᠵᠢᠪᠡᠭᠦᠬᠡᠨ ᠢᠨᠢᠶᠡᠮᠰᠦᠭᠯᠡᠵᠦ ᠭᠣᠣᠯ ᠠᠰᠠᠷ ᠤᠷᠤᠭᠤ ᠭᠢᠯᠤᠢᠨ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠶᠠᠭᠤ ᠭᠠᠪᠢᠳᠠᠭ ᠶᠤᠮ ᠪᠣᠢ? ᠯᠤᠢᠪᠠᠷᠳᠠᠵᠤ ᠯᠠ ᠪᠠᠢᠭ᠃ ᠮᠢᠨᠦ ᠬᠡᠭᠡᠷ ᠦ᠋ᠨ ᠡᠮᠦᠨ᠎ᠡ ᠭᠢᠰᠬᠢᠬᠦ ᠶ᠋ᠢ ᠨᠢ ᠦᠵᠡᠶ᠎ᠡ ᠭᠡᠯ᠎ᠡ᠃
  ᠊᠊᠊᠊᠊᠊᠊᠊᠊᠊᠊᠊᠊᠊᠊ ᠵᠠᠮ ᠬᠠᠭᠠᠰᠯᠠᠨ᠎ᠠ ᠭᠡᠳᠡᠭ ᠴᠢᠨᠢ ᠶᠠᠳᠠᠬᠤ ᠳ᠋ᠠᠭᠠᠨ ᠮᠣᠷᠢ ᠲᠡᠯᠡᠵᠦ ᠣᠷᠬᠢᠨ᠎ᠠ ᠁
  ᠊᠊᠊᠊᠊᠊᠊᠊᠊᠊᠊᠊᠊᠊᠊ ᠣᠯᠢᠭᠲᠠᠢᠬᠠᠨ ᠴᠣᠭᠴᠢᠨ ᠳᠤᠭᠠᠩ ᠪᠠᠷᠢᠭᠤᠯᠵᠤ ᠴᠢᠳᠠᠬᠤ ᠦᠭᠡᠢ ᠪᠠᠢᠵᠤ ᠯᠤᠢᠪᠠᠷᠳᠠᠬᠤ ᠳ᠋ᠠᠭᠠᠨ ᠤᠷᠭ᠎ᠠ ᠶ᠋ᠢᠨ ᠮᠣᠷᠢ ᠰᠢᠭ᠋ ᠁
  ᠬᠢᠨᠠᠮᠠᠭᠠᠢ ᠪᠥᠭᠡᠳ ᠤᠬᠠᠭᠠᠨ ᠲᠠᠢ ᠢᠲᠡᠭᠡᠯᠲᠦ ᠠᠷᠢᠬᠢᠨ ᠤ᠋ ᠬᠠᠯᠠᠭᠤᠨ ᠳ᠋ᠤ᠌ ᠨᠠᠨᠳᠢᠨ ᠰᠡᠳᠬᠢᠯ ᠦ᠋ᠨ ᠨᠢᠭᠤᠴᠠ ᠪᠣᠳᠣᠯ ᠢ᠋ᠶ᠋ᠠᠨ ᠳᠡᠯᠭᠡᠴᠢᠬᠡᠬᠦ ᠰᠢᠬᠠᠵᠠᠢ᠃ ᠢᠲᠡᠭᠡᠯᠲᠦ᠂ ᠨᠣᠶᠠᠳ ᠲᠠᠢᠵᠢ ᠨᠠᠷ ᠲᠠᠢ ᠠᠲᠠᠭᠠᠷᠬᠠᠵᠤ ᠶᠠᠪᠤᠳᠠᠭ᠃ ᠢᠯᠠᠩᠭᠤᠶ᠎ᠠ ᠲᠠᠢᠵᠢ ᠨᠠᠷ ᠠᠯᠪᠠᠨ ᠳ᠋ᠤ᠌ ᠥᠨᠥᠴᠢᠨ ᠢᠰᠢᠭᠡ ᠴᠦ᠍ ᠥᠭᠬᠦ ᠦᠭᠡᠢ ᠪᠠᠢᠬᠤ ᠳ᠋ᠤ᠌ ᠥᠪᠡᠷ ᠢ᠋ᠶ᠋ᠡᠨ ᠡᠳᠦᠢ ᠲᠡᠳᠦᠢ ᠶᠠᠭᠤᠮ᠎ᠠ ᠥᠭᠴᠦ ᠪᠠᠢᠭ᠎ᠠ ᠶ᠋ᠢ ᠪᠣᠳᠣᠬᠤ ᠪᠦᠷᠢ ᠰᠡᠳᠬᠢᠯ ᠨᠢ ᠬᠣᠷᠣᠰᠤᠨ᠂ ᠠᠲᠠᠭᠠᠷᠬᠠᠯ ᠢ᠋ᠶ᠋ᠠᠷ ᠳᠦᠭᠦᠷᠴᠦ 《ᠬᠣᠰᠢᠭᠤ ᠲᠣᠨᠣᠵᠤ ᠬᠠᠭᠠᠷᠠᠲᠠᠯ᠎ᠠ ᠪᠠᠨ ᠢᠳᠡᠵᠦ᠂ ᠢᠯᠵᠢᠷᠡᠲᠡᠯ᠎ᠡ ᠪᠡᠨ ᠤᠨᠲᠠᠬᠤ ᠡᠴᠡ ᠥᠭᠡᠷ᠎ᠡ ᠶᠠᠭᠤ ᠴᠤ᠌ ᠴᠢᠳᠠᠬᠤ ᠦᠭᠡᠢ ᠳᠠᠮᠰᠢᠭ ᠤ᠋ᠳ᠃ ᠶᠠᠳᠠᠬᠤ ᠳ᠋ᠠᠭᠠᠨ ᠬᠡᠳᠦᠨ ᠬᠠᠮᠵᠢᠯᠭ᠎ᠠ ᠪᠠᠨ ᠴᠤ᠌ ᠵᠠᠷᠤᠵᠤ ᠴᠢᠳᠠᠬᠤ ᠦᠭᠡᠢ ᠠᠷᠴᠠᠭ᠎ᠠ ᠦᠭᠡᠢ ᠮᠥᠷᠲᠡᠯ᠎ᠡ ᠪᠡᠨ ᠬᠣᠣᠷᠲᠠᠢ᠂ ᠮᠤᠩᠬᠠᠭ ᠮᠥᠷᠳᠡᠯ᠎ᠡ ᠪᠡᠨ ᠰᠢᠨᠤᠮᠠᠬᠠᠢ ᠠᠮᠢᠲᠠᠨ》 ᠭᠡᠵᠦ ᠵᠢᠭᠰᠢᠨ ᠪᠤᠬᠢᠨᠢᠳᠤᠵᠤ 《ᠬᠡᠷᠪᠡ ᠪᠢ ᠬᠣᠰᠢᠭᠤ ᠲᠣᠯᠣᠭᠠᠢᠯᠠᠵᠤ ᠪᠠᠢᠭᠰᠠᠨ ᠰᠠᠨ ᠪᠣᠯ ᠡᠳᠡ ᠨᠠᠷ ᠰᠢᠭ᠋ ᠬᠥᠳᠡᠯᠬᠦ ᠪᠦᠷᠢ ᠳ᠋ᠡᠭᠡᠨ ᠬᠢᠲᠠᠳ ᠤ᠋ᠨ ᠫᠦᠰᠡᠨ ᠳ᠋ᠦ᠍ ᠨᠢᠯᠬ᠎ᠠ ᠬᠡᠦᠬᠡᠳ ᠰᠢᠭ ᠮᠡᠬᠡᠯᠡᠭᠦᠯᠦᠨ ᠥᠷᠢ ᠲᠠᠯᠪᠢᠵᠤ ᠠᠯᠪᠠᠨ ᠲᠠᠲᠠᠪᠤᠷᠢ ᠪᠠᠷ ᠮᠠᠨ ᠤ᠋ ᠮᠡᠲᠦ ᠶ᠋ᠢᠨ ᠬᠢᠨ ᠢ᠋ ᠴᠢᠷᠦᠭᠳᠡᠭᠦᠯᠵᠦ ᠪᠠᠢᠬᠤ ᠶ᠋ᠢᠨ ᠣᠷᠣᠨ ᠳ᠋ᠤ᠌ ᠬᠤᠰᠢᠭᠤᠨ ᠤ᠋ ᠲᠣᠭ᠎ᠠ ᠪᠠᠨ ᠠᠯᠳᠠᠭᠰᠠᠨ ᠭᠤᠢᠯᠢᠨᠴᠢᠨ ᠢ᠋ ᠴᠤᠭᠯᠠᠭᠤᠯᠵᠤ ᠠᠪᠴᠢᠷᠠᠭᠠᠳ ᠤᠶᠠᠭ᠎ᠠ ᠶ᠋ᠢ ᠨᠢ ᠤᠷᠲᠤᠬᠠᠨ ᠤᠶᠠᠵᠤ᠂ ᠤᠭᠠᠳᠠᠰᠤ ᠶ᠋ᠢ ᠨᠢ ᠦᠣᠡᠭᠡᠭᠡᠨ ᠰᠢᠭ ᠥᠭᠴᠦ ᠪᠠᠢᠭᠠᠳ ᠴᠡᠩᠮᠡ ᠨᠡᠬᠡᠭᠦᠯᠬᠦ ᠦᠭᠡᠢ ᠤᠤ》 ᠭᠡᠵᠦ ᠬᠦᠷᠲᠡᠯ᠎ᠡ ᠪᠣᠳᠣᠵᠤ ᠪᠠᠢᠭᠰᠠᠨ ᠪᠢᠯᠡ᠃
  ᠭᠡᠪᠡᠴᠦ ᠡᠨᠡ ᠲᠤᠬᠠᠢ ᠪᠠᠨ ᠬᠡᠨ ᠳ᠋ᠦ᠍ ᠴᠦ᠍ ᠬᠡᠯᠡᠭᠡ ᠦᠭᠡᠢ᠃ ᠭᠡᠲᠡᠯ᠎ᠡ ᠥᠨᠥᠳᠥᠷ ᠬᠤᠨᠳᠠᠭ᠎ᠠ ᠠᠷᠢᠬᠢ ᠬᠡᠲᠦᠷᠡᠭᠦᠯᠵᠦ ᠤᠤᠭᠤᠭᠰᠠᠨ ᠡᠴᠡ ᠪᠣᠯᠵᠤ ᠡᠷᠡᠭᠦᠯ ᠳ᠋ᠡᠭᠡᠨ ᠪᠣᠳᠣᠭᠰᠠᠨ ᠢ᠋ ᠰᠣᠭᠲᠣᠭᠤ ᠳ᠋ᠠᠭᠠᠨ ᠭᠡᠭᠴᠢ ᠪᠡᠷ ᠡᠷᠳᠡᠨᠢ ᠳ᠋ᠦ᠍ ᠰᠡᠵᠢᠭᠦᠷ ᠢ᠋ ᠴᠤᠠᠠᠣᠢ᠌ᠯᠭᠠᠵᠠᠢ᠃ ᠭᠡᠪᠡᠴᠦ ᠰᠣᠭᠲᠣᠭᠤ ᠬᠥᠮᠦᠨ ᠰᠣᠬᠣᠷ ᠤᠬᠠᠭᠠᠨ ᠲᠠᠢ ᠪᠠᠢᠳᠠᠭ ᠪᠣᠯᠬᠣᠷ ᠠᠮᠠ ᠠᠯᠳᠠᠭᠰᠠᠨ ᠢ᠋ᠶ᠋ᠠᠨ ᠮᠡᠳᠡᠭᠡᠳ᠂
  ᠊᠊᠊᠊᠊᠊᠊᠊᠊᠊᠊᠊᠊᠊᠊ ᠡᠷᠳᠡᠨᠢ ᠮᠢᠨᠢ ᠠᠷᠢᠬᠢᠨ ᠤ᠋ ᠶᠠᠷᠢᠶ᠎ᠠ ᠬᠡᠷᠡᠭ ᠦᠭᠡᠢ᠃ ᠬᠠᠷᠢᠨ ᠶᠡᠬᠡ ᠨᠠᠰᠤ ᠪᠠᠨ ᠲᠦᠷᠭᠡᠨ ᠮᠣᠷᠳᠠᠭᠤᠯᠴᠢᠬ᠎ᠠ ᠭᠡᠳ ᠦᠯᠡᠮᠵᠢ ᠰᠣᠭᠲᠣᠭᠰᠠᠨ ᠢ᠋ᠶ᠋ᠠᠨ ᠮᠡᠳᠡᠭᠳᠡᠬᠦ ᠭᠡᠰᠡᠨ ᠪᠣᠯᠤᠯᠲᠠᠢ ᠨᠠᠢᠭᠤᠪᠠ᠃
  ᠊᠊᠊᠊᠊᠊᠊᠊᠊᠊᠊᠊᠊᠊᠊ ᠲᠠᠨ ᠤ᠋ ᠬᠡᠯᠡᠳᠡᠭ ᠦᠨᠡᠨ ᠶᠤᠮ ᠰᠢᠦ ᠭᠡᠳ ᠡᠷᠳᠡᠨᠢ ᠴᠢᠨᠠᠭᠰᠢ ᠶᠠᠪᠤᠵᠠᠢ᠃
  ᠡᠷᠳᠡᠨᠢ ᠶ᠋ᠢᠨ ᠬᠣᠢᠨ᠎ᠠ ᠡᠴᠡ ᠨᠢᠳᠦ ᠪᠡᠨ ᠴᠠᠪᠴᠢᠯᠠᠨ ᠬᠠᠷᠠᠵᠤ ᠪᠠᠢᠬᠤ ᠳ᠋ᠠᠭᠠᠨ 《ᠲᠠᠨ ᠤ᠋ ᠬᠡᠯᠡᠳᠡᠭ ᠦᠨᠡᠨ ᠶᠤᠮ ᠰᠢᠦ ᠭᠡᠨ᠎ᠡ ᠤᠤ᠂ ᠪᠠᠰᠠ ᠯᠠ ᠶᠠᠭ ᠦᠭᠡᠢ ᠳᠠᠮᠰᠢᠭ ᠪᠠᠢᠨ᠎ᠠ᠃ ᠶᠡᠷᠦᠨᠢ ᠡᠨᠡ ᠡᠷᠳᠡᠨᠢ ᠠᠮᠠᠷ ᠦᠭᠡᠢ ᠡᠷ᠎ᠡ ᠰᠢᠦ》 ᠭᠡᠵᠦ ᠪᠣᠳᠣᠯ᠎ᠠ᠃ ᠢᠩᠭᠢᠭᠡᠳ ᠠᠯᠭᠤᠷ ᠡᠷᠭᠢᠵᠦ ᠬᠡᠳᠦ ᠠᠯᠬᠤᠲᠠᠯ᠎ᠠ ᠨᠣᠶᠠᠨ ᠰᠦᠷᠦᠩ ᠦ᠋ᠨ ᠮᠣᠷᠢᠳ ᠡᠷᠭᠢᠵᠦ ᠪᠠᠢᠭ᠎ᠠ ᠨᠢ ᠨᠢᠳᠦᠨ ᠳ᠋ᠦ᠍ᠨᠢ ᠲᠤᠰᠬᠤ ᠳ᠋ᠤ᠌ ᠭᠡᠨᠡᠳᠲᠡ ᠡᠷᠭᠢᠵᠦ᠄ 《ᠡᠷᠳᠡᠨᠢ᠂ ᠬᠦᠢ ᠡᠷᠳᠡᠨᠢ ᠮᠢᠨᠢ》 ᠭᠡᠵᠦ ᠬᠠᠰᠬᠢᠷᠤᠭᠠᠳ ᠳᠡᠷᠭᠡᠳᠡ ᠨᠢ ᠱᠣᠭᠰᠢᠨ ᠣᠴᠢᠪᠠ᠃
  ᠊᠊᠊᠊᠊᠊᠊᠊᠊᠊᠊᠊᠊᠊᠊ ᠡᠪᠦᠭᠡᠨ ᠮᠢᠨᠢ᠂ ᠬᠡᠷᠬᠢᠪᠡᠴᠦ ᠲᠦᠷᠦᠭᠦᠯᠡᠵᠦ ᠪᠣᠯᠬᠤ ᠦᠭᠡᠢ᠃ ᠨᠥᠭᠦᠭᠡ ᠨᠣᠶᠠᠨ ᠴᠢᠨᠢ ᠲᠠᠭᠠᠯᠠᠵᠤ ᠣᠷᠬᠢᠨ᠎ᠠ᠃ ᠪᠠᠲᠤ ᠳ᠋ᠤ᠌ ᠤᠨᠤᠭᠤᠯᠤᠭᠠᠳ ᠰᠠᠢᠨ ᠵᠠᠬᠢᠵᠤ ᠥᠭᠭᠦᠭᠡᠷᠡᠢ᠃ ᠴᠢᠨᠠᠳᠤ ᠬᠣᠩᠭᠣᠷ ᠭᠠᠯᠵᠠᠭᠤ ᠪᠣᠯ ᠲᠦᠷᠦᠭᠦᠯᠡᠭᠡᠳ ᠬᠡᠭᠡᠷ ᠮᠣᠷᠢᠨ ᠡᠴᠡ ᠮᠢᠨᠢ ᠰᠠᠯᠭᠠᠵᠤ ᠣᠷᠬᠢᠨ᠎ᠠ ᠭᠡᠵᠦ ᠬᠡᠯᠡᠪᠡ᠃
  ᠡᠷᠳᠡᠨᠢ᠂ ᠢᠲᠡᠭᠡᠯᠲᠦ ᠶ᠋ᠢᠨ ᠬᠡᠯᠡᠭᠰᠡᠨ ᠢ᠋ᠶ᠋ᠡᠷ ᠲᠦᠷᠦᠭᠦᠯᠡᠵᠦ ᠪᠣᠯᠬᠤ ᠦᠭᠡᠢ ᠶ᠋ᠢ ᠪᠠᠲᠤ ᠳ᠋ᠤ᠌ ᠵᠠᠬᠢᠵᠤ ᠥᠭᠭᠦᠭᠡᠳ ᠬᠡᠭᠡᠷ ᠮᠣᠷᠢ ᠠᠮᠠᠨ ᠬᠦᠵᠦᠭᠦᠨ ᠳ᠋ᠦ᠍ᠨᠢ ᠢᠷᠡᠵᠡᠢ᠃ ᠬᠠᠷᠢᠨ ᠲᠦᠷᠦᠭᠦᠯᠡᠵᠦ ᠢᠷᠡᠭᠰᠡᠨ ᠮᠣᠷᠢ ᠶ᠋ᠢ ᠯᠤᠤ ᠬᠦᠩ ᠲᠠᠭᠠᠯᠠᠵᠤ᠂ ᠡᠵᠡᠨ ᠨᠢ ᠤᠷᠲᠤ ᠠᠪᠢᠳ ᠬᠠᠳᠠᠭ ᠲᠠᠢ ᠬᠣᠴᠣᠷᠴᠠᠢ᠃ ᠵᠠᠮ ᠡᠴᠡ ᠨᠢ ᠠᠮᠠᠳᠠᠭᠤᠯᠵᠤ ᠲᠠᠯᠪᠢᠭᠰᠠᠨ ᠨᠣᠶᠠᠨ ᠰᠦᠷᠦᠩ ᠦ᠋ᠨ ᠮᠣᠷᠢᠳ ᠡᠴᠡ ᠠᠢᠷᠠᠭ ᠤ᠋ᠨ ᠲᠠᠪᠤ ᠳ᠋ᠤ᠌ ᠳᠠᠪᠬᠢᠭᠰᠠᠨ ᠮᠣᠷᠢ ᠦᠭᠡᠢ ᠪᠠᠢᠪᠠ᠃ ᠡᠭᠦᠨ ᠢ᠋ ᠬᠠᠷᠠᠭᠠᠳ ᠢᠲᠡᠭᠡᠯᠲᠦ ᠴᠠᠭᠯᠠᠰᠢ ᠦᠭᠡᠢ ᠪᠠᠶᠠᠷᠯᠠᠵᠤ 《ᠠᠮᠢᠲᠠᠨ ᠤ᠋ ᠠᠯᠢ ᠰᠢᠯᠢᠳᠡᠭ ᠮᠣᠷᠢᠳ ᠢ᠋ ᠳᠠᠭᠠᠯᠠᠬᠤ ᠨᠡᠷ᠎ᠡ ᠪᠡᠷ ᠳᠡᠭᠡᠷᠡᠮᠳᠡᠵᠦ ᠠᠪᠤᠭᠠᠳ᠂ ᠳᠤᠷ᠎ᠠ ᠦᠭᠡᠢ ᠳ᠋ᠦ᠍ ᠬᠦᠴᠦ ᠦᠭᠡᠢ ᠭᠡᠭᠴᠢ ᠪᠡᠷ ᠬᠥᠮᠦᠨ ᠠᠯᠪᠠᠳᠠᠵᠤ ᠰᠣᠬᠣᠷ ᠵᠣᠭᠣᠰ ᠤ᠋ᠨ ᠬᠥᠯᠥᠰᠥ ᠦᠭᠡᠢ ᠤᠶᠠᠭᠤᠯᠤᠭᠰᠠᠨ ᠮᠣᠷᠢᠳ ᠬᠣᠮᠣᠯ ᠬᠠᠮᠤᠬᠤ ᠡᠴᠡ ᠥᠭᠡᠷ᠎ᠡ ᠶᠠᠭᠠᠬᠢᠬᠤ ᠪᠢᠯᠡ ᠳᠠ》 ᠭᠡᠵᠦ ᠳᠣᠲᠣᠷ᠎ᠠ ᠪᠠᠨ ᠪᠣᠳᠣᠵᠠᠢ᠃ 
  ᠲᠡᠷᠡ ᠣᠷᠣᠢ ᠢᠲᠡᠭᠡᠯᠲᠦ ᠶ᠋ᠢᠨ ᠬᠠᠮᠲᠤ ᠫᠡᠪᠯᠦᠧ ᠶ᠋ᠢᠨ ᠳ᠋ᠦ᠍ ᠣᠴᠢᠬᠤ ᠵᠠᠮ ᠳ᠋ᠠᠭᠠᠨ ᠡᠷᠳᠡᠨᠢ ᠢᠲᠡᠭᠡᠯᠲᠦ ᠳ᠋ᠦ᠍ ᠣᠷᠣᠨ ᠨᠤᠲᠤᠭ ᠡᠴᠡ ᠪᠡᠨ ᠭᠠᠷᠤᠭᠰᠠᠨ ᠦᠨᠡᠨ ᠤᠴᠢᠷ ᠢ᠋ ᠶᠠᠷᠢᠵᠠᠢ᠃
  ᠊᠊᠊᠊᠊᠊᠊᠊᠊᠊᠊᠊᠊᠊᠊ ᠲᠡᠢᠮᠦ ᠪᠠᠢᠬ᠎ᠠ ᠠ᠋᠃ ᠪᠢ ᠴᠢᠮᠢ᠋ᠢ ᠶᠠᠭ ᠦᠭᠡᠢ ᠡᠷ᠎ᠡ ᠭᠡᠵᠦ ᠪᠣᠳᠣᠭᠠᠳ ᠪᠠᠢᠭᠰᠠᠨ ᠶᠤᠮ᠃ ᠡᠷᠳᠡᠨᠢ ᠮᠢᠨᠢ ᠮᠠᠨ ᠤ᠋ ᠬᠤᠰᠢᠭᠤᠨ ᠤ᠋ ᠪᠤᠵᠠᠷ ᠬᠡᠷᠡᠭ ᠢ᠋ ᠠᠭᠤᠳᠠᠯᠬᠤ ᠶᠤᠮ ᠪᠣᠯ ᠳᠠᠯᠠᠢ ᠯᠠ ᠭᠡᠰᠡᠨ ᠦᠭᠡ ᠁ ᠭᠡᠪᠡᠴᠦ ᠲᠡᠢᠮᠦ ᠵᠣᠷᠢᠭᠲᠠᠢ ᠠᠪᠤ ᠶ᠋ᠢᠨ ᠬᠦᠦ ᠪᠠᠢᠬᠤ ᠦᠭᠡᠢ ᠭᠡᠵᠦ ᠬᠡᠯᠡᠪᠡ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ ᠮᠢᠨᠢ ᠪᠢᠷ᠎ᠠ ᠲᠠᠢ ᠬᠥᠮᠦᠨ ᠢ᠋ ᠬᠠᠶᠠᠬᠤ ᠳ᠋ᠤ᠌ ᠪᠢᠷ᠎ᠠ ᠬᠡᠷᠡᠭ ᠲᠡᠢ᠂ ᠨᠣᠶᠠᠨ ᠪᠣᠯ ᠪᠢᠷ᠎ᠠ ᠲᠠᠢ᠂ ᠪᠠᠰᠠ ᠪᠡᠯᠡ ᠲᠡᠢ ᠪᠣᠯᠬᠣᠷ᠂ ᠲᠡᠳᠡᠨ ᠲᠡᠢ ᠵᠠᠷᠭᠤᠯᠳᠤᠬᠤ ᠭᠡᠪᠡᠯ ᠪᠤᠵᠠᠷ ᠬᠡᠷᠡᠭ ᠢ᠋ ᠨᠢ ᠮᠡᠳᠡᠬᠦ ᠡᠴᠡ ᠭᠠᠳᠠᠨ᠎ᠠ᠂ ᠬᠠᠬᠤᠤᠯᠢ ᠥᠭᠬᠦ ᠪᠡᠯᠡ ᠲᠡᠢ ᠪᠠᠢᠬᠤ ᠬᠡᠷᠡᠭᠲᠡᠢ ᠶᠤᠮ ᠰᠢᠦ᠃ ᠨᠠᠳᠠ ᠰᠢᠭ᠋ ᠤᠨᠤᠬᠤ ᠮᠣᠷᠢ ᠦᠭᠡᠢ᠂ ᠤᠨᠠᠭᠠᠬᠤ ᠢᠮᠠᠭ᠎ᠠ ᠦᠭᠡᠢ ᠬᠥᠮᠦᠨ ᠪᠣᠯ ᠥᠪᠡᠷ ᠢ᠋ᠶ᠋ᠡᠨ ᠯᠡ ᠬᠣᠬᠢᠷᠠᠬᠤ ᠡᠴᠡ ᠥᠭᠡᠷ᠎ᠡ ᠣᠯᠵᠠ ᠣᠯᠬᠤ ᠦᠭᠡᠢ ᠰᠠᠯᠤᠨ᠎ᠠ᠃ ᠬᠠᠷᠢᠨ ᠲᠠᠨ ᠰᠢᠭ᠋ ᠪᠡᠯᠡ ᠬᠥᠷᠥᠩᠭᠡ ᠲᠡᠢ ᠬᠥᠮᠦᠨ ᠪᠣᠯ ᠁ ᠭᠡᠵᠦ ᠡᠷᠳᠡᠨᠢ ᠨᠠᠮ ᠳᠠᠭᠤ ᠪᠠᠷ ᠦᠭᠡ ᠪᠡᠨ ᠠᠭᠠᠵᠢᠮ ᠢ᠋ᠶ᠋ᠠᠷ ᠰᠤᠨᠵᠢᠷᠠᠭᠤᠯᠤᠨ ᠬᠡᠯᠡᠬᠦ ᠳ᠋ᠦ᠍ ᠢᠲᠡᠭᠡᠯᠲᠦ ᠲᠠᠰᠤᠯᠤᠨ 《ᠡᠳᠦᠷ ᠰᠥᠨᠢ ᠦᠭᠡᠢ ᠱᠣᠭᠰᠢᠵᠤ᠂ ᠥᠯᠪᠡᠷᠴᠦ ᠦᠬᠦᠬᠦ ᠡᠴᠡ ᠪᠤᠰᠤᠳ ᠢ᠋ ᠦᠵᠡᠵᠦ ᠪᠠᠢᠮᠠᠨᠵᠢᠨ ᠬᠤᠷᠠᠮᠳᠤᠭᠤᠯᠤᠭᠰᠠᠨ ᠬᠥᠷᠥᠩᠭᠡ ᠶ᠋ᠢ ᠨᠢᠭᠡ ᠶ᠋ᠢ ᠭᠠᠷᠭᠠᠭᠠᠳ ᠠᠷᠪᠠ ᠶ᠋ᠢ ᠣᠯᠬᠤ ᠦᠭᠡᠢ ᠶᠠᠭᠤᠮᠠᠨ ᠳ᠋ᠤ᠌ ᠵᠠᠷᠤᠴᠠᠭᠤᠯᠵᠤ ᠪᠠᠰᠠ ᠯᠠ ᠪᠣᠯᠬᠤ ᠦᠭᠡᠢ ᠪᠠᠢᠨ᠎ᠠ ᠰᠢᠦ》 ᠭᠡᠪᠡ᠃
  ᠢᠲᠡᠭᠡᠯᠲᠦ᠂ ᠨᠣᠶᠠᠨ ᠲᠠᠢᠵᠢ ᠨᠠᠷ ᠲᠠᠢ ᠠᠲᠠᠭᠠᠷᠬᠠᠵᠤ ᠶᠠᠪᠤᠳᠠᠭ ᠪᠣᠯᠪᠠᠴᠤ ᠲᠡᠳᠡᠨ ᠲᠡᠢ ᠢᠯᠡ ᠲᠡᠮᠡᠴᠡᠬᠦ ᠶ᠋ᠢ ᠣᠭᠲᠣ ᠪᠣᠳᠣᠳᠠᠭ ᠦᠭᠡᠢ᠂ ᠲᠡᠮᠡᠴᠡᠯ ᠴᠦ᠍ ᠬᠡᠷᠡᠭ ᠦᠭᠡᠢ ᠮᠡᠲᠦ ᠪᠠᠢᠳᠠᠭ ᠪᠠᠢᠯ᠎ᠠ᠃ ᠲᠡᠳᠡ ᠬᠡᠳᠦᠢ ᠪᠡᠷ ᠡᠷᠬᠡ ᠶᠠᠩᠪᠠ ᠲᠠᠢ ᠪᠣᠯᠪᠠᠴᠤ ᠨᠠᠳᠠ ᠰᠢᠭ᠋ ᠴᠢᠳᠠᠯ ᠲᠠᠢ ᠪᠢᠰᠢ᠃ ᠬᠡᠳᠦᠬᠡᠨ ᠵᠢᠯ ᠦ᠋ᠨ ᠡᠮᠦᠨ᠎ᠡ ᠰᠣᠯᠢᠬᠤ ᠮᠣᠷᠢ ᠪᠠᠷ ᠬᠣᠪᠣᠷᠬᠠᠨ ᠪᠠᠢᠭᠰᠠᠨ ᠢᠲᠡᠭᠡᠯᠲᠦ ᠣᠳᠣ ᠬᠤᠰᠢᠭᠤᠨ ᠤ᠋ ᠲᠡᠷᠢᠭᠦᠨ ᠪᠠᠶᠠᠨ ᠤ᠋ ᠨᠢᠭᠡ ᠪᠣᠯᠵᠠᠢ᠃ ᠲᠡᠭᠦᠨ ᠡᠴᠡ ᠲᠠᠢᠵᠢ ᠨᠠᠷ ᠬᠦᠷᠲᠡᠯ᠎ᠡ ᠮᠥᠩᠭᠥ ᠵᠣᠭᠣᠰ ᠵᠢᠭᠡᠯᠡᠵᠦ᠂ ᠠᠢᠯᠴᠢᠯᠠᠨ ᠣᠴᠢᠬᠤ ᠳ᠋ᠤᠨᠢ ᠬᠥᠯ ᠠᠯᠳᠠᠵᠤ ᠠᠷᠢᠬᠢ ᠠᠢᠷᠠᠭ ᠢ᠋ᠶ᠋ᠠᠨ ᠪᠠᠷᠢᠵᠤ ᠪᠠᠢᠬᠤ ᠶ᠋ᠢ ᠬᠠᠷᠠᠭᠠᠳ ᠥᠪᠡᠷ ᠲᠡᠭᠡᠨ ᠪᠠᠬᠠᠷᠬᠠᠨ᠂ ᠴᠢᠳᠠᠯ ᠳ᠋ᠠᠭᠠᠨ ᠪᠢᠰᠢᠷᠡᠨ ᠢᠲᠡᠭᠡᠬᠦ ᠰᠡᠳᠬᠢᠯ ᠣᠪᠣᠯᠵᠠᠵᠤ ᠶᠠᠪᠤᠳᠠᠭ ᠪᠢᠯᠡ᠃
  ᠡᠨᠡ ᠤᠴᠢᠷ ᠡᠴᠡ ᠰᠡᠭᠦᠯ ᠦ᠋ᠨ ᠦᠶ᠎ᠡ ᠳ᠋ᠦ᠍ ᠠᠲᠠᠭᠠᠷᠬᠠᠯ ᠤ᠋ᠨ ᠬᠠᠵᠠᠭᠤ ᠪᠠᠷ ᠲᠡᠳᠡᠨ ᠦ᠌ ᠠᠷᠴᠠᠭ᠎ᠠ ᠦᠭᠡᠢ ᠶ᠋ᠢ ᠳᠣᠷᠣᠮᠵᠢᠯᠠᠨ ᠱᠣᠣᠯᠠᠬᠤ ᠰᠡᠳᠬᠢᠯ ᠲᠥᠷᠥᠳᠡᠭ ᠪᠥᠭᠡᠳ ᠲᠡᠭᠦᠨ ᠳ᠋ᠡᠭᠡᠨ ᠬᠠᠨᠵᠤ ᠲᠡᠳᠡᠨ ᠦ᠌ ᠳᠡᠭᠡᠷ᠎ᠡ ᠡᠴᠡ ᠰᠢᠷᠪᠢᠨ ᠬᠠᠷᠠᠵᠤ ᠶᠠᠪᠤᠳᠠᠭ ᠪᠣᠯᠵᠠᠢ᠃
  ᠯᠤᠤ ᠬᠦᠩ ᠦ᠋ᠨ ᠬᠦᠷᠢᠶᠡᠨ ᠦ᠌ ᠪᠠᠷᠠᠭᠤᠨ ᠳᠡᠨᠵᠢ ᠳᠡᠭᠡᠷ᠎ᠡ ᠫᠡᠪᠯᠦᠧ ᠶ᠋ᠢᠨ ᠪᠠᠷᠢᠭᠰᠠᠨ ᠰᠠᠷᠠᠭᠤᠯ ᠲᠣᠮᠣ ᠭᠡᠭᠡᠪᠴᠢᠳᠡᠢ ᠬᠡᠳᠦᠨ ᠥᠷᠥᠭᠡ ᠲᠡᠢ ᠵᠠᠭᠠᠮᠠᠯ ᠳ᠋ᠦᠩᠵᠠᠨ ᠪᠠᠢᠰᠢᠩ ᠡᠷᠳᠡᠨᠢ ᠶ᠋ᠢᠨ ᠰᠡᠳᠬᠢᠯ ᠳ᠋ᠦ᠍ ᠶᠡᠬᠡ ᠯᠡ ᠲᠠᠭᠠᠯᠠᠭᠳᠠᠪᠠ᠃
  ᠊᠊᠊᠊᠊᠊᠊᠊᠊᠊᠊᠊᠊᠊᠊ ᠰᠠᠢᠬᠠᠨ ᠪᠠᠢᠰᠢᠩ ᠪᠠᠢᠨ᠎ᠠ ᠰᠢᠦ ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ ᠲᠡᠷᠡ ᠪᠠᠢᠰᠢᠩ ᠢ᠋ ᠠᠩᠬ᠎ᠠ ᠤᠳᠠᠭ᠎ᠠ ᠦᠵᠡᠵᠦ ᠪᠠᠢᠭ᠎ᠠ ᠶᠤᠮ ᠰᠢᠭ᠋ ᠠᠵᠢᠭᠯᠠᠵᠤ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠡᠢᠮᠦ ᠶᠠᠭᠤᠮ᠎ᠠ ᠯᠠ ᠪᠠᠷᠢᠭᠠᠳ ᠰᠠᠭᠤᠵᠠᠭᠠᠵᠤ ᠴᠢᠳᠠᠬᠤ ᠦᠭᠡᠢ ᠪᠠᠢᠭ᠎ᠠ ᠶᠤᠮ ᠳᠠ᠃ ᠮᠥᠨ ᠴᠦ᠍ ᠪᠣᠯᠤᠭ᠎ᠠ ᠦᠭᠡᠢ ᠪᠠᠢᠨ᠎ᠠ ᠳᠠ ᠭᠡᠵᠦ ᠲᠣᠯᠣᠭᠠᠢ ᠰᠡᠭᠰᠦᠷᠦᠨ ᠬᠡᠯᠡᠪᠡ᠃
  ᠬᠠᠰᠢᠶᠠᠨ ᠳ᠋ᠤ᠌ ᠣᠷᠣᠬᠤ ᠳ᠋ᠤ᠌ ᠲᠦᠯᠡᠭᠡ ᠬᠠᠭᠠᠯᠵᠤ ᠪᠠᠢᠭᠰᠠᠨ ᠠᠯᠢᠶ᠎ᠠ ᠫᠧᠲ᠋ᠷ ᠤᠭᠲᠤᠵᠤ ᠢᠷᠡᠭᠡᠳ ᠡᠷᠳᠡᠨᠢ ᠶ᠋ᠢᠨ ᠭᠠᠷ ᠢ᠋ ᠴᠢᠩᠭ᠎ᠠ ᠠᠳᠬᠤᠵᠤ᠄
  ᠊᠊᠊᠊᠊᠊᠊᠊᠊᠊᠊᠊᠊᠊᠊ ᠪᠠᠷᠢᠯᠳᠤᠵᠤ ᠪᠠᠢᠬᠤ ᠶ᠋ᠢ ᠴᠢᠨᠢ ᠬᠠᠷᠠᠭᠰᠠᠨ᠃ ᠴᠢ ᠯᠠᠪ ᠲᠦᠷᠦᠭᠦᠯᠡᠬᠦ ᠪᠠᠢᠬᠤ ᠠ᠋ ᠭᠡᠵᠦ ᠬᠥᠭᠵᠢᠯᠲᠡᠢ ᠢᠨᠢᠶᠡᠮᠰᠦᠭᠯᠡᠨ ᠬᠡᠯᠡᠭᠡᠳ ᠡᠷᠳᠡᠨᠢ ᠶ᠋ᠢ ᠠᠵᠢᠭᠯᠠᠨ ᠬᠠᠷᠠᠯ᠎ᠠ᠃
  ᠊᠊᠊᠊᠊᠊᠊᠊᠊᠊᠊᠊᠊᠊᠊ ᠰᠠᠢᠬᠠᠨ ᠪᠡᠯᠡᠭ ᠲᠡᠢ ᠦᠭᠡ ᠪᠠᠢᠨ᠎ᠠ ᠬᠦ᠃ ᠪᠠᠷᠢᠯᠳᠤᠵᠤ ᠪᠠᠢᠭ᠎ᠠ ᠪᠣᠯᠬᠣᠷ ᠲᠦᠷᠦᠭᠦᠯᠡᠬᠦ ᠬᠦᠰᠡᠯ ᠦᠭᠡᠢ ᠶᠠᠭᠠᠬᠢᠵᠤ ᠪᠠᠢᠬᠤ ᠪᠣᠢ ᠳᠠ ᠭᠡᠳ ᠡᠷᠳᠡᠨᠢ ᠲᠠᠴᠢᠭᠢᠨᠠᠲᠠᠯ᠎ᠠ ᠢᠨᠢᠶᠡᠪᠡ᠃
  ᠢᠩᠭᠢᠭᠡᠳ ᠪᠠᠢᠰᠢᠩ ᠳ᠋ᠤ᠌ ᠣᠷᠣᠵᠤ ᠵᠣᠴᠢᠯᠠᠭᠤᠯᠪᠠ᠃ ᠭᠡᠲᠡᠯ᠎ᠡ ᠮᠣᠷᠢᠲᠤ ᠶ᠋ᠢᠨ ᠬᠡᠰᠢᠭ ᠶᠠᠪᠠᠭᠠᠨ ᠳ᠋ᠤ᠌ ᠭᠡᠭᠴᠢ ᠪᠡᠷ ᠨᠠᠢᠵᠢ ᠶ᠋ᠢᠨ ᠳ᠋ᠡᠭᠡᠨ ᠢᠷᠡᠭᠰᠡᠨ ᠢᠲᠡᠭᠡᠯᠲᠦ ᠶ᠋ᠢ ᠪᠠᠷᠠᠭᠠᠳᠠᠨ ᠪᠠᠳᠠᠷᠴᠢ ᠵᠠᠮᠪᠠᠯ ᠬᠣᠶᠠᠷ ᠢᠷᠡᠪᠡ᠃ ᠬᠠᠷᠢᠨ ᠴᠡᠮᠪᠡ ᠳᠤᠯᠮ᠎ᠠ ᠲᠠᠢ ᠵᠢᠷᠭᠠᠬᠤ ᠭᠡᠵᠦ ᠢᠲᠡᠭᠡᠯᠲᠦ ᠶ᠋ᠢᠨ ᠡᠷᠢᠶᠡᠨ ᠮᠠᠢᠬᠠᠨ ᠤᠷᠤᠭᠤ ᠶᠠᠪᠤᠵᠠᠢ᠃
  ᠠᠯᠢᠶ᠎ᠠ ᠫᠧᠲ᠋ᠷ ᠴᠦ᠍ ᠪᠠᠶᠠᠨ ᠬᠤᠭᠤᠷ ᠢ᠋ᠶ᠋ᠠᠨ ᠠᠯᠳᠠᠯᠠᠨ ᠲᠠᠲᠠᠵᠤ᠂ ᠥᠷᠭᠡᠨ ᠪᠠᠩᠵᠠᠨ ᠱᠠᠯᠠ ᠶ᠋ᠢ ᠨᠠᠬᠢᠯᠵᠠᠭᠤᠯᠤᠨ ᠪᠥᠵᠢᠭᠯᠡᠪᠡ᠃ ᠡᠷᠳᠡᠨᠢ ᠴᠦ᠍《ᠡᠷ᠎ᠡ ᠪᠣᠷᠣ ᠬᠠᠷᠴᠠᠭᠠᠢ》 ᠪᠠᠨ ᠰᠢᠷᠤᠩᠬᠠᠢ᠌ᠯᠠᠨ ᠳᠠᠭᠤᠯᠠᠵᠠᠢ᠃
  ᠊᠊᠊᠊᠊᠊᠊᠊᠊᠊᠊᠊᠊᠊᠊ ᠮᠠᠷᠭᠠᠰᠢ ᠴᠢᠨᠢ ᠡᠷᠳᠡᠨᠢ ᠶ᠋ᠢ ᠠᠮᠠᠯᠠᠵᠤ ᠠᠪᠤᠭᠠᠳ ᠬᠦᠷᠲᠡᠵᠦ ᠣᠷᠬᠢᠨ᠎ᠠ ᠳᠠ ᠭᠡᠵᠦ ᠤᠤᠯ ᠡᠴᠡ ᠶᠡᠬᠡ ᠣᠮᠣᠭ ᠨᠢ ᠣᠷᠣᠰ ᠠᠷᠢᠬᠢᠨ ᠳ᠋ᠤ᠌ ᠤᠯᠠᠮ ᠪᠠᠳᠠᠷᠠᠭᠰᠠᠨ ᠪᠠᠳᠠᠷᠴᠢ ᠶ᠋ᠢᠨ ᠬᠡᠯᠡᠬᠦ ᠳ᠋ᠦ᠍ ᠡᠷᠳᠡᠨᠢ ᠶ᠋ᠢᠨ ᠴᠢᠷᠠᠢ ᠤᠯᠠᠰᠬᠢᠵᠦ ᠬᠣᠷᠣ ᠨᠢ ᠳᠠᠷᠢ ᠳ᠋ᠤ᠌ ᠭᠠᠯ ᠣᠷᠣᠭᠤᠯᠤᠭᠰᠠᠨ ᠮᠡᠲᠦ ᠰᠢᠲᠠᠭᠰᠠᠨ ᠠᠪᠠᠴᠤ ᠡᠨᠡ ᠪᠠᠢᠳᠠᠯ ᠢ᠋ ᠨᠢᠭᠤᠬᠤ ᠭᠡᠵᠦ ᠬᠤᠳᠠᠯ ᠢᠨᠢᠶᠡᠮᠰᠦᠭᠯᠡᠵᠦ᠄
  ᠊᠊᠊᠊᠊᠊᠊᠊᠊᠊᠊᠊᠊᠊᠊ ᠪᠠᠷᠢᠯᠳᠤᠭᠠᠳ ᠯᠠ ᠬᠠᠶᠠᠨ᠎ᠠ ᠳᠠ᠃ ᠶᠠᠮᠠᠷ ᠰᠢᠷᠣᠢ ᠳᠡᠭᠡᠷ᠎ᠡ ᠣᠢᠴᠢᠬᠤ ᠡᠴᠡ ᠱᠣᠷᠣᠨ ᠳᠡᠭᠡᠷ᠎ᠡ ᠣᠢᠴᠢᠬᠤ ᠪᠢᠰᠢ ᠭᠡᠪᠡ᠃
  ᠊᠊᠊᠊᠊᠊᠊᠊᠊᠊᠊᠊᠊᠊᠊ ᠪᠠᠷᠳᠠᠮ ᠠᠮᠠᠲᠤ ᠶ᠋ᠢᠨ ᠭᠤᠶ᠎ᠠ ᠱᠠᠯᠳᠠᠩ ᠭᠡᠵᠦ ᠮᠣᠩᠭᠣᠯ ᠬᠥᠮᠦᠨ ᠬᠡᠯᠡᠳᠡᠭ ᠰᠢᠦ ᠭᠡᠵᠦ ᠠᠯᠢᠶ᠎ᠠ ᠫᠧᠲ᠋ᠷ ᠬᠡᠯᠡᠬᠦ ᠳ᠋ᠦ᠍ ᠶᠠᠮᠠᠷ ᠤᠳᠬ᠎ᠠ ᠲᠠᠢ ᠶᠠᠭᠤᠮ᠎ᠠ ᠶᠠᠷᠢᠵᠤ ᠪᠠᠢᠭ᠎ᠠ ᠶ᠋ᠢ ᠣᠢᠯᠠᠭᠠᠵᠤ ᠴᠢᠳᠠᠭ᠎ᠠ ᠦᠭᠡᠢ ᠡᠵᠡᠭᠲᠡᠢ᠂ ᠪᠠᠳᠠᠷᠴᠢ ᠬᠣᠶᠠᠷ ᠡᠴᠡ ᠪᠤᠰᠤᠳ ᠨᠢ ᠢᠨᠢᠶᠡᠪᠡ᠃
  ᠊᠊᠊᠊᠊᠊᠊᠊᠊᠊᠊᠊᠊᠊᠊ ᠮᠠᠭᠤ ᠣᠷᠣᠰ ᠴᠢ᠂ ᠰᠠᠴᠢ ᠪᠠᠢᠪᠠᠯ ᠦᠵᠡᠬᠦ ᠦᠭᠡᠢ ᠤᠤ ᠭᠡᠵᠦ ᠬᠡᠯᠡᠭᠡᠳ ᠪᠠᠳᠠᠷᠴᠢ ᠪᠣᠰᠴᠤ ᠪᠠᠷᠳᠠᠮ ᠢ᠋ᠶ᠋ᠠᠷ ᠬᠠᠩᠬᠠᠯᠵᠠᠪᠠ᠃
  ᠢᠩᠭᠢᠭᠡᠳ ᠫᠧᠲ᠋ᠷ ᠪᠠᠳᠠᠷᠴᠢ ᠬᠣᠶᠠᠷ ᠪᠠᠷᠢᠯᠳᠤᠬᠤ ᠪᠣᠯᠵᠠᠢ᠃ ᠳᠡᠭᠡᠷ᠎ᠡ ᠮᠠᠨᠳᠤᠭᠰᠠᠨ ᠰᠠᠷᠠᠨ᠂ ᠳᠣᠲᠣᠷ᠎ᠠ ᠡᠴᠡ ᠣᠯᠠᠨ ᠯᠠ ᠭᠡᠷᠡᠯᠲᠦᠭᠦᠯᠦᠭᠰᠡᠨ ᠭᠡᠭᠡᠪᠴᠢ ᠬᠣᠶᠠᠷ ᠤ᠋ᠨ ᠭᠡᠷᠡᠯ ᠳ᠋ᠦ᠍ ᠡᠨᠡ ᠬᠣᠶᠠᠷ ᠥᠷᠥᠵᠦ ᠬᠡᠰᠡᠭ ᠵᠣᠭᠰᠣᠭᠰᠠᠨ ᠢ᠋ᠶ᠋ᠠᠨ ᠣᠷᠣᠰ ᠪᠠᠳᠠᠷᠴᠢ ᠶ᠋ᠢᠨ ᠮᠥᠷᠦᠨ ᠳᠡᠭᠡᠷ᠎ᠡ ᠡᠴᠡ ᠪᠠᠷᠢᠵᠤ ᠠᠪᠤᠭᠠᠳ ᠤᠴᠢᠷ ᠳᠦᠷᠰᠦ ᠦᠭᠡᠢ ᠡᠷᠭᠢᠭᠦᠯᠪᠡ᠃ ᠲᠡᠭᠡᠭᠡᠳ ᠲᠠᠯᠪᠢᠬᠤ ᠭᠡᠲᠡᠯ᠎ᠡ ᠪᠠᠳᠠᠷᠴᠢ ᠨᠡᠮᠡᠰᠬᠢᠮᠡᠭᠴᠡ ᠲᠣᠩᠭᠣᠷᠴᠤ ᠣᠷᠬᠢᠭᠰᠠᠨ ᠴᠢᠨᠢ ᠪᠠᠷᠢᠴᠠ ᠦᠭᠡᠢ ᠪᠠᠢᠭᠰᠠᠨ ᠫᠧᠲ᠋ᠷ ᠬᠠᠷᠤᠭᠤᠯᠳᠠᠨ ᠤᠨᠠᠪᠠ᠃
  ᠊᠊᠊᠊᠊᠊᠊᠊᠊᠊᠊᠊᠊᠊᠊ ᠵᠠ ᠱᠠᠯᠳᠠᠩ ᠪᠠᠢᠨ᠎ᠠ ᠤᠤ? ᠭᠡᠳ ᠪᠠᠳᠠᠷᠴᠢ ᠪᠦᠳᠦᠭᠦᠨ ᠳᠠᠭᠤ ᠪᠠᠷ ᠲᠠᠪᠠᠯᠠᠨ ᠢᠨᠢᠶᠡᠪᠡ᠃ ᠲᠡᠷᠡ ᠰᠥᠨᠢ ᠡᠷᠳᠡᠨᠢ ᠪᠠᠷᠤᠭ ᠯᠠ ᠤᠨᠲᠠᠵᠤ ᠴᠢᠳᠠᠭᠰᠠᠨ ᠦᠭᠡᠢ᠃ ᠪᠠᠳᠠᠷᠴᠢ ᠶ᠋ᠢ ᠬᠠᠶᠠᠬᠤ ᠠᠷᠭ᠎ᠠ ᠰᠦᠪᠡᠭᠴᠢᠯᠡᠨ᠂ ᠬᠢᠳᠡᠭ ᠮᠡᠬᠡ ᠪᠦᠬᠦᠨ ᠢ᠋ᠶ᠋ᠡᠨ ᠪᠣᠳᠣᠪᠠ᠃
  ᠥᠷᠯᠥᠭᠡ ᠨᠠᠭᠠᠳᠤᠮ ᠤᠷᠤᠭᠤ ᠵᠡᠷᠭᠡᠴᠡᠨ ᠶᠠᠪᠤᠵᠤ ᠪᠠᠢᠬᠤ ᠳ᠋ᠠᠭᠠᠨ ᠢᠲᠡᠭᠡᠯᠲᠦ ᠳᠠᠭᠤ ᠦᠭᠡᠢ ᠪᠣᠳᠣᠯ ᠪᠣᠳᠣᠨ ᠶᠠᠪᠤᠭ᠎ᠠ ᠡᠷᠳᠡᠨᠢ ᠳ᠋ᠦ᠍ 《ᠪᠠᠳᠠᠷᠴᠢ ᠥᠨᠥᠳᠥᠷ ᠴᠢᠮᠢ᠋ᠢ ᠠᠪᠤᠨ᠎ᠠ ᠳᠠ᠃ ᠡᠷᠳᠡᠨᠢ ᠮᠢᠨᠢ ᠡᠷ᠎ᠡ ᠬᠥᠮᠦᠨ ᠪᠠᠢᠨ᠎ᠠ ᠳᠠ᠃ ᠬᠢᠴᠢᠶᠡᠵᠦ ᠯᠡ ᠦᠵᠡ》ᠭᠡᠵᠦ ᠬᠡᠯᠡᠪᠡ᠃
  ᠡᠷᠳᠡᠨᠢ ᠬᠣᠰᠢᠭᠤ ᠪᠠᠨ ᠮᠤᠷᠤᠯᠵᠠᠭᠤᠯᠤᠨ ᠢᠨᠢᠶᠡᠮᠰᠦᠭᠯᠡᠬᠦ ᠡᠴᠡ ᠥᠭᠡᠷ᠎ᠡ ᠬᠠᠷᠢᠭᠤ ᠥᠭᠭᠦᠭᠰᠡᠨ ᠦᠭᠡᠢ᠃ ᠦᠨᠡᠬᠡᠷ ᠴᠦ᠍ ᠲᠠᠪᠤ ᠶ᠋ᠢᠨ ᠳᠠᠪᠠᠭᠠᠨ ᠳ᠋ᠤ᠌ ᠪᠠᠳᠠᠷᠴᠢ ᠡᠷᠳᠡᠨᠢ ᠶ᠋ᠢ ᠠᠮᠠᠯᠠᠨ ᠠᠪᠴᠠᠢ᠃ ᠡᠷᠳᠡᠨᠢ ᠦᠷᠦᠭᠡᠳ ᠵᠣᠭᠰᠣᠵᠤ ᠪᠠᠢᠬᠤ ᠳ᠋ᠠᠭᠠᠨ 《ᠳᠠᠢ᠌ᠰᠢᠷᠢ ᠬᠠᠨ ᠮᠢᠨᠢ》 ᠭᠡᠵᠦ ᠳᠣᠲᠣᠷ᠎ᠠ ᠪᠠᠨ ᠬᠡᠳᠦ ᠳᠠᠬᠢᠨ ᠬᠡᠯᠡᠪᠡ᠃ ᠡᠷᠳᠡᠨᠢ ᠪᠠᠷᠢᠴᠠ ᠪᠠᠨ ᠭᠦᠢᠴᠡᠭᠡᠵᠦ ᠠᠪᠤᠭᠠᠳ ᠲᠣᠩᠭᠣᠷᠤᠶ᠎ᠠ ᠭᠡᠵᠦ ᠰᠢ᠌ᠤᠠᠴᠠᠢ᠃ ᠬᠠᠷᠢᠨ ᠪᠠᠳᠠᠷᠴᠢ᠂ ᠡᠷᠳᠡᠨᠢ ᠶ᠋ᠢᠨ ᠬᠥᠳᠡᠯᠦᠭᠰᠡᠨ ᠰᠢᠷ᠎ᠠ ᠶ᠋ᠢ ᠤᠯᠠᠮ ᠪᠤᠴᠠᠯᠭᠠᠵᠤ ᠪᠠᠢᠭᠠᠳ ᠬᠢᠭᠰᠡᠨ ᠮᠡᠬᠡᠨ ᠳ᠋ᠦ᠍ᠨᠢ ᠬᠠᠷᠢᠭᠤ ᠬᠢᠶ᠎ᠡ ᠭᠡᠵᠦ ᠪᠣᠳᠣᠵᠤ ᠪᠠᠢᠪᠠ᠃
  ᠊᠊᠊᠊᠊᠊᠊᠊᠊᠊᠊᠊᠊᠊᠊ ᠴᠢᠨᠣ᠎ᠠ ᠥᠲᠡᠯᠪᠡᠴᠦ ᠬᠤᠷᠠᠭᠠᠨ ᠳ᠋ᠠᠭᠠᠨ᠂ ᠴᠣᠷᠵᠢ ᠥᠲᠡᠯᠪᠡᠴᠦ ᠪᠠᠯᠢᠩ ᠳ᠋ᠠᠭᠠᠨ ᠭᠡᠵᠦ ᠪᠠᠳᠠᠷᠴᠢ᠂ ᠡᠷᠳᠡᠨᠢ ᠳ᠋ᠦ᠍ ᠰᠣᠨᠣᠰᠤᠭᠳᠠᠬᠤ ᠪᠠᠷ ᠬᠡᠯᠡᠭᠡᠳ ᠰᠢᠷᠣᠢ ᠠᠪᠴᠤ ᠠᠯᠠᠭ᠎ᠠ ᠪᠠᠨ ᠥᠷᠥᠭᠡᠳ ᠬᠠᠩᠬᠠᠯᠵᠠᠨ ᠦᠷᠦᠬᠦ ᠦᠶ᠎ᠡ ᠳ᠋ᠦ᠍ᠨᠢ ᠡᠷᠳᠡᠨᠢ ᠳᠠᠭᠠᠷᠢᠨ ᠣᠷᠣᠵᠤ ᠵᠣᠳᠣᠭ ᠤ᠋ᠨ ᠠᠷᠤ ᠳᠠᠯᠠᠪᠴᠢᠨ ᠳ᠋ᠤ᠌ ᠭᠠᠷ ᠨᠢ ᠬᠦᠷᠬᠦ ᠶ᠋ᠢᠨ ᠬᠠᠮᠲᠤ ᠡᠷᠭᠢᠵᠦ ᠲᠣᠩᠭᠣᠷᠲᠠᠯ᠎ᠠ ᠪᠠᠷᠢᠴᠠ ᠪᠠᠨ ᠲᠠᠯᠪᠢᠵᠤ᠂ ᠪᠡᠶ᠎ᠡ ᠪᠡᠨ ᠰᠤᠯᠠ ᠣᠷᠬᠢᠭᠰᠠᠨ ᠪᠠᠳᠠᠷᠴᠢ ᠠᠷᠤ ᠳ᠋ᠤ᠌ ᠨᠢ ᠦᠯᠡᠳᠡᠵᠦ ᠡᠷᠳᠡᠨᠢ ᠶ᠋ᠢᠨ ᠪᠦᠰᠡᠯᠡᠬᠦ ᠪᠡᠷ ᠲᠡᠪᠡᠷᠢᠵᠦ ᠳᠡᠭᠡᠷ᠎ᠡ ᠡᠷᠭᠦᠭᠡᠳ ᠤᠷᠢᠳᠤᠬᠢ ᠡᠴᠡ ᠴᠢᠩᠭ᠎ᠠ ᠬᠠᠶᠠᠵᠠᠢ᠃
  ᠰᠦᠷᠡᠬᠡᠢ ᠪᠠᠷᠢᠯᠳᠤᠳᠠᠭ ᠴᠠᠭᠠᠴᠢᠨ ᠪᠥᠬᠡ ᠶ᠋ᠢ ᠵᠣᠷᠢᠭᠲᠠᠢ ᠠᠪᠴᠤ ᠬᠠᠶᠠᠭᠰᠠᠨ ᠪᠠᠳᠠᠷᠴᠢ ᠳ᠋ᠤ᠌ ᠯᠤᠤ ᠬᠦᠩ ᠦ᠋ᠨ ᠬᠢᠨ ᠶᠡᠬᠡ ᠯᠡ ᠲᠠᠯᠠᠷᠬᠠᠪᠠ᠃ ᠬᠠᠷᠢᠨ ᠢᠲᠡᠭᠡᠯᠲᠦ᠂ ᠲᠡᠭᠦᠨ ᠦ᠌ ᠬᠣᠶᠠᠷ ᠬᠡᠦᠬᠡᠳ᠂ ᠪᠠᠰᠠ ᠡᠨᠡ ᠬᠣᠶᠠᠷ ᠤ᠋ᠨ ᠪᠠᠷᠢᠯᠳᠤᠬᠤ ᠶ᠋ᠢ ᠬᠠᠷᠠᠬᠤ ᠭᠡᠵᠦ ᠵᠣᠷᠢᠭᠤᠳᠠ ᠢᠷᠡᠭᠰᠡᠨ ᠫᠧᠲ᠋ᠷ᠂ ᠡᠷᠳᠡᠨᠢ ᠶ᠋ᠢᠨ ᠣᠢᠴᠢᠬᠤ ᠳ᠋ᠤ᠌ ᠨᠢᠳᠦ ᠪᠡᠨ ᠠᠨᠢᠨ ᠳᠠᠯᠳᠢᠷᠠᠵᠠᠢ᠃
  ᠡᠷᠳᠡᠨᠢ ᠵᠣᠳᠣᠭ ᠤ᠋ᠨ ᠢ᠋ᠶ᠋ᠠᠨ ᠬᠥᠪᠴᠢ ᠶ᠋ᠢ ᠲᠠᠢᠯᠤᠭᠠᠳ ᠤᠷᠮ᠎ᠠ ᠦᠭᠡᠢ ᠪᠤᠴᠠᠵᠤ ᠶᠠᠪᠤᠬᠤ ᠳ᠋ᠤᠨᠢ ᠴᠡᠮᠪᠡ ᠲᠣᠰᠴᠤ ᠣᠴᠢᠭᠠᠳ ᠶᠣᠵᠣᠲᠠᠢ ᠲᠠᠪᠠᠯᠠᠭᠰᠠᠨ ᠬᠠᠷᠠᠴᠠ ᠪᠠᠷ ᠬᠦᠯᠢᠨ ᠰᠢᠷᠳᠡᠵᠦ ᠪᠠᠢᠭᠠᠳ᠄
  ᠊᠊᠊᠊᠊᠊᠊᠊᠊᠊᠊᠊᠊᠊᠊ ᠬᠦᠵᠦᠭᠦᠦ ᠲᠣᠯᠣᠭᠠᠢ ᠴᠢᠨᠢ ᠦᠷᠭᠦᠯᠵᠢ ᠦᠯᠡᠳᠡᠭᠰᠡᠨ ᠳ᠋ᠡᠭᠡᠨ ᠪᠠᠶᠠᠷᠯᠠᠵᠤ ᠪᠠᠢᠨ᠎ᠠ ᠤᠤ ᠭᠡᠬᠦ ᠳ᠋ᠦ᠍ᠨᠢ᠄
  ᠊᠊᠊᠊᠊᠊᠊᠊᠊᠊᠊᠊᠊᠊᠊ ᠶᠠᠭᠤ ᠴᠤ᠌ ᠪᠣᠯᠤᠭᠰᠠᠨ ᠴᠢᠮ᠎ᠠ ᠳ᠋ᠠᠭᠠᠨ ᠯᠠ ᠵᠥᠪ ᠳᠡ ᠭᠡᠳ ᠥᠩᠭᠡᠷᠡᠪᠡ᠃
  ᠲᠡᠷᠡ ᠣᠷᠣᠢ ᠡᠷᠳᠡᠨᠢ ᠫᠧᠲ᠋ᠷ ᠬᠣᠶᠠᠷ ᠢᠲᠡᠭᠡᠯᠲᠦ ᠶ᠋ᠢᠨ ᠲᠣᠭᠣᠭᠠᠨ ᠤ᠋ ᠮᠠᠢᠬᠠᠨ ᠳ᠋ᠤ᠌ ᠨᠡᠷᠡᠮᠡᠯ ᠠᠷᠢᠬᠢ ᠬᠤᠪᠢᠶᠠᠨ ᠤᠤᠭᠤᠵᠤ ᠨᠡᠯᠢᠶᠡᠳ ᠶᠠᠭᠤᠮ᠎ᠠ ᠶᠠᠷᠢᠯ᠎ᠠ᠃
  ᠊᠊᠊᠊᠊᠊᠊᠊᠊᠊᠊᠊᠊᠊᠊ ᠨᠠᠮᠢ᠋ᠢ ᠡᠨᠳᠡ ᠢᠷᠡᠬᠦ ᠳ᠋ᠦ᠍ ᠮᠠᠨᠠᠢᠬᠢᠨ ᠮᠣᠩᠭᠣᠯᠴᠤᠳ ᠤ᠋ᠨ ᠠᠮᠢᠳᠤᠷᠠᠯ ᠨᠢ ᠴᠦ᠍᠂ ᠤᠬᠠᠭᠠᠨ ᠰᠠᠨᠠᠭ᠎ᠠ ᠨᠢ ᠴᠦ᠍ ᠠᠭᠤᠯᠠ ᠶ᠋ᠢᠨ ᠵᠡᠷᠯᠢᠭ ᠪᠠᠭᠠᠪᠠᠭᠠᠢ ᠰᠢᠭ᠋ ᠭᠡᠰᠡᠨ᠃ ᠭᠡᠲᠡᠯ᠎ᠡ ᠲᠠ ᠨᠠᠷ ᠲᠠᠢ ᠲᠠᠨᠢᠯᠴᠠᠭᠠᠳ ᠢᠷᠡᠬᠦ ᠳ᠋ᠦ᠍ ᠶᠠᠭ ᠯᠠ ᠪᠢᠳᠡᠨ ᠰᠢᠭ᠋ ᠵᠣᠪᠠᠬᠤ ᠴᠠᠭ ᠲᠠᠭᠠᠨ ᠵᠣᠪᠠᠵᠤ ᠪᠠᠶᠠᠷᠯᠠᠬᠤ ᠴᠠᠭ ᠲᠠᠭᠠᠨ ᠪᠠᠶᠠᠷᠯᠠᠭᠰᠠᠨ ᠤᠯᠤᠰ ᠪᠠᠢᠬᠤ ᠶᠤᠮ᠃ ᠪᠢ ᠴᠦ᠍ ᠮᠣᠩᠭᠣᠯ ᠳ᠋ᠤ᠌ ᠢᠷᠡᠭᠡᠳ ᠭᠤᠷᠪᠠᠨ ᠵᠢᠯ ᠪᠣᠯᠬᠤ ᠳ᠋ᠤ᠌ ᠶᠡᠬᠡ ᠶᠠᠭᠤᠮ᠎ᠠ ᠮᠡᠳᠡᠯ᠎ᠡ ᠭᠡᠬᠦ ᠳ᠋ᠦ᠍᠂
  ᠊᠊᠊᠊᠊᠊᠊᠊᠊᠊᠊᠊᠊᠊᠊ ᠮᠠᠨ ᠤ᠋ ᠤᠯᠤᠰ ᠰᠠᠢᠬᠠᠨ ᠤᠯᠤᠰ ᠰᠢᠦ᠃ ᠮᠣᠩᠭᠣᠯ ᠬᠥᠮᠦᠨ ᠴᠠᠭᠠᠨ ᠰᠠᠨᠠᠭ᠎ᠠ ᠲᠠᠢ ᠨᠥᠬᠥᠷᠰᠡᠭ ᠭᠡᠪᠡᠯ᠂
  ᠊᠊᠊᠊᠊᠊᠊᠊᠊᠊᠊᠊᠊᠊᠊ ᠮᠣᠩᠭᠣᠯ ᠬᠥᠮᠦᠨ ᠴᠦ᠍ ᠣᠯᠠᠨ ᠶᠠᠩᠵᠤ᠃ ᠰᠠᠢᠨ ᠴᠦ᠍ ᠪᠣᠢ᠂ ᠮᠠᠭᠤ ᠴᠤ᠌ ᠪᠣᠢ ᠭᠡᠳ ᠫᠧᠲ᠋ᠷ ᠵᠠᠯᠢᠲᠠᠢ ᠨᠢᠳᠦ ᠪᠡᠷ ᠡᠷᠳᠡᠨᠢ ᠶ᠋ᠢ ᠬᠠᠷᠠᠵᠤ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠣᠯᠠᠨ ᠬᠥᠮᠦᠨ ᠰᠠᠢᠨ ᠲᠠᠢ ᠮᠠᠭᠤ ᠲᠠᠢ ᠭᠡᠳᠡᠭ ᠪᠣᠯᠬᠣᠷ ᠠᠷᠭ᠎ᠠ ᠦᠭᠡᠢ ᠯᠡ ᠲᠡᠢᠮᠦ ᠳᠡ ᠭᠡᠵᠦ ᠡᠷᠳᠡᠨᠢ ᠬᠡᠯᠡᠪᠡ᠃
  ᠊᠊᠊᠊᠊᠊᠊᠊᠊᠊᠊᠊᠊᠊᠊ ᠡᠷᠳᠡᠨᠢ ᠴᠢ ᠪᠢᠳᠡ ᠬᠣᠶᠠᠷ ᠰᠠᠢᠬᠠᠨ ᠲᠠᠨᠢᠯᠴᠠᠯ᠎ᠠ᠃
  ᠊᠊᠊᠊᠊᠊᠊᠊᠊᠊᠊᠊᠊᠊᠊ ᠲᠡᠭᠡᠯ᠎ᠡ ᠰᠢᠦ᠃
  ᠊᠊᠊᠊᠊᠊᠊᠊᠊᠊᠊᠊᠊᠊᠊ ᠴᠢ ᠲᠠᠪᠤᠨ ᠣᠨ ᠳ᠋ᠤ᠌ ᠣᠷᠣᠰ ᠣᠷᠣᠨ ᠳ᠋ᠤ᠌ ᠪᠣᠯᠤᠭᠰᠠᠨ ᠶᠠᠪᠤᠳᠠᠯ ᠢ᠋ ᠮᠡᠳᠡᠬᠦ ᠤᠤ?
  ᠊᠊᠊᠊᠊᠊᠊᠊᠊᠊᠊᠊᠊᠊᠊ ᠮᠣᠷᠢᠨ ᠵᠢᠯ ᠤᠤ?
  ᠊᠊᠊᠊᠊᠊᠊᠊᠊᠊᠊᠊᠊᠊᠊ ᠶᠠᠭ ᠲᠡᠢᠮᠦ᠃
  ᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ ᠤ᠋ ᠰᠢᠷᠡᠭᠡ ᠶ᠋ᠢ ᠪᠤᠯᠢᠶᠠᠵᠤ ᠠᠪᠬᠤ ᠭᠡᠵᠦ ᠦᠢᠮᠡᠭᠡᠨ ᠭᠠᠷᠭᠠᠭᠠᠳ ᠨᠠᠯᠠᠮ ᠳᠠᠷᠤᠭᠳᠠᠭᠰᠠᠨ ᠶᠤᠮ ᠭᠡᠳᠡᠭ ᠲᠡᠷᠡ ᠤᠤ?
  ᠊᠊᠊᠊᠊᠊᠊᠊᠊᠊᠊᠊᠊᠊᠊ ᠪᠢ ᠲᠡᠷᠡ ᠬᠡᠷᠡᠭ ᠲᠦ᠍ ᠣᠷᠣᠯᠴᠠᠭᠠᠳ ᠴᠥᠯᠡᠭᠳᠡᠭᠰᠡᠨ ᠬᠥᠮᠦᠨ ᠰᠢᠦ ᠳᠡ᠃
  ᠡᠷᠳᠡᠨᠢ ᠭᠠᠢᠬᠠᠨ ᠫᠧᠲ᠋ᠷ ᠢ᠋ ᠬᠡᠰᠡᠭ ᠬᠠᠷᠠᠯ᠎ᠠ᠃ ᠫᠧᠲ᠋ᠷ ᠢᠨᠢᠶᠡᠮᠰᠦᠭᠯᠡᠵᠦ ᠪᠠᠢᠭᠰᠠᠨ ᠢ᠋ᠶ᠋ᠠᠨ 《ᠲᠡᠢᠮᠦ ᠰᠢᠦ᠂ ᠡᠷᠳᠡᠨᠢ ᠮᠢᠨᠢ》 ᠭᠡᠯ᠎ᠡ᠃
  ᠊᠊᠊᠊᠊᠊᠊᠊᠊᠊᠊᠊᠊᠊᠊ ᠴᠢ ᠪᠢᠳᠡ ᠬᠣᠶᠠᠷ ᠰᠢᠭ᠋ ᠮᠣᠳᠣ ᠪᠠᠨ ᠪᠠᠷᠢᠭᠰᠠᠨ ᠭᠤᠢᠯᠢᠨᠴᠢᠨ ᠬᠠᠭᠠᠳ ᠨᠣᠶᠠᠳ ᠲᠠᠢ ᠥᠷᠢᠰᠦᠯᠳᠦᠭᠡᠳ ᠰᠠᠢᠨ ᠢ᠋ᠶ᠋ᠠᠨ ᠦᠵᠡᠬᠦ ᠦᠭᠡᠢ᠃ ᠮᠤᠤᠷ ᠪᠠᠷᠰ ᠤ᠋ᠨ ᠵᠠᠩ ᠭᠠᠷᠭᠠᠪᠠᠯ ᠦᠬᠦᠬᠦ ᠶ᠋ᠢᠨ ᠴᠤᠡᠲᠤᠩ ᠭᠡᠰᠡᠨ ᠦᠭᠡ ᠭᠡᠬᠦ ᠳ᠋ᠦ᠍ᠨᠢ ᠡᠷᠳᠡᠨᠢ ᠶ᠋ᠢᠨ ᠴᠢᠷᠠᠢ ᠳ᠋ᠤ᠌ ᠭᠤᠨᠢᠭ ᠬᠣᠷᠣᠰᠤᠯ ᠬᠣᠣᠰᠯᠠᠨ ᠥᠳᠬᠡᠨ ᠬᠠᠷ᠎ᠠ ᠬᠥᠮᠥᠰᠬᠡ ᠨᠢ ᠵᠠᠨᠤᠯ ᠢ᠋ᠶ᠋ᠠᠷ ᠡᠷᠴᠢᠯᠡᠪᠡ᠃
  ᠊᠊᠊᠊᠊᠊᠊᠊᠊᠊᠊᠊᠊᠊᠊ ᠰᠠᠢᠨ ᠢ᠋ ᠦᠵᠡᠵᠦ ᠪᠣᠯᠤᠨ᠎ᠠ ᠰᠢᠦ!
  ᠊᠊᠊᠊᠊᠊᠊᠊᠊᠊᠊᠊᠊᠊᠊ ᠪᠢᠳᠡ ᠬᠣᠶᠠᠷ ᠰᠢᠭ᠋ ᠯᠡ ᠬᠥᠮᠦᠨ ᠦ᠌ ᠨᠤᠲᠤᠭ᠂ ᠬᠦᠩ ᠦ᠋ᠨ ᠭᠠᠵᠠᠷ ᠴᠠᠭᠠᠴᠢᠯᠠᠵᠤ ᠶᠠᠪᠤᠬᠤ ᠶ᠋ᠢ ᠰᠠᠢᠬᠠᠨ ᠭᠡᠬᠦ ᠤᠤ?
  ᠊᠊᠊᠊᠊᠊᠊᠊᠊᠊᠊᠊᠊᠊᠊ ᠴᠢ ᠪᠠᠰᠠ ᠴᠥᠯᠡᠭᠳᠡᠭᠰᠡᠨ ᠬᠥᠮᠦᠨ ᠭᠡᠵᠦ ᠤᠤ? ᠭᠡᠳ ᠫᠧᠲ᠋ᠷ ᠡᠷᠳᠡᠨᠢ ᠶ᠋ᠢ ᠬᠠᠷᠠᠯ᠎ᠠ᠃
  ᠡᠷᠳᠡᠨᠢ ᠵᠠᠰᠠᠭᠲᠤ ᠬᠠᠨ ᠲᠠᠢ ᠵᠠᠷᠭᠤᠯᠳᠤᠭᠠᠳ ᠣᠷᠣᠨ ᠨᠤᠲᠤᠭ ᠡᠴᠡ ᠪᠡᠨ ᠬᠥᠭᠡᠭᠡᠭᠳᠡᠬᠦ ᠰᠢᠬᠠᠵᠤ ᠭᠠᠷᠤᠭᠰᠠᠨ ᠢ᠋ ᠢᠲᠡᠭᠡᠯᠲᠦ ᠡᠴᠡ ᠥᠭᠡᠷ᠎ᠡ ᠬᠥᠮᠦᠨ ᠳ᠋ᠦ᠍ ᠶᠠᠷᠢᠭ᠎ᠠ ᠦᠭᠡᠢ ᠪᠢᠯᠡ᠃ ᠶᠠᠷᠢᠭᠠᠳ ᠤᠷᠰᠢᠭ ᠪᠣᠯᠬᠤ ᠡᠴᠡ ᠣᠯᠵᠠ ᠪᠣᠯᠬᠤ ᠦᠭᠡᠢ ᠭᠡᠵᠦ ᠪᠣᠳᠣᠵᠤ ᠪᠠᠢᠭᠰᠠᠨ᠃ ᠭᠡᠲᠡᠯ᠎ᠡ ᠡᠨᠡ ᠣᠷᠣᠰ ᠲᠤ᠌ ᠶᠠᠷᠢᠮᠠᠷ ᠪᠣᠳᠣᠭᠳᠠᠪᠠ᠃
  ᠊᠊᠊᠊᠊᠊᠊᠊᠊᠊᠊᠊᠊᠊᠊ ᠪᠠᠷᠤᠭ ᠲᠡᠢᠮᠦ᠃ ᠪᠢ ᠵᠠᠰᠠᠭᠲᠤ ᠬᠠᠨ ᠲᠠᠢ ᠵᠠᠷᠭᠤᠯᠳᠤᠭᠠᠳ ᠣᠷᠣᠨ ᠨᠤᠲᠤᠭ ᠡᠴᠡ ᠪᠡᠨ ᠬᠥᠭᠡᠭᠡᠭᠳᠡᠵᠦ ᠭᠠᠷᠤᠭᠰᠠᠨ ᠬᠥᠮᠦᠨ ᠭᠡᠵᠦ ᠬᠡᠯᠡᠭᠡᠳ ᠥᠪᠡᠷ ᠦ᠋ᠨ ᠠᠮᠢᠳᠤᠷᠠᠯ ᠢ᠋ ᠶᠠᠷᠢᠵᠤ᠂ ᠢᠩᠭᠢᠭᠡᠳ ᠨᠣᠬᠠᠢ ᠲᠠᠢ ᠥᠰᠢᠶ᠎ᠡ ᠲᠡᠢ ᠬᠥᠮᠦᠨ ᠬᠣᠷᠮᠣᠢ ᠦᠭᠡᠢ᠂ ᠨᠣᠶᠠᠨ ᠲᠠᠢ ᠥᠰᠢᠶ᠎ᠡ ᠲᠡᠢ ᠬᠥᠮᠦᠨ ᠬᠣᠩᠭᠣ ᠦᠭᠡᠢ ᠭᠡᠳᠡᠭ ᠪᠣᠯᠤᠭᠰᠠᠨ ᠬᠡᠷᠡᠭ ᠳᠡ ᠭᠡᠳ ᠭᠣᠮᠣᠳᠠᠯ ᠲᠠᠢ ᠢᠨᠢᠶᠡᠮᠰᠦᠭᠯᠡᠨ ᠶᠠᠷᠢᠶ᠎ᠠ ᠪᠠᠨ ᠳᠠᠭᠤᠰᠬᠠᠵᠠᠢ᠃
  ᠡᠷᠢᠵᠦ ᠶᠠᠪᠤᠭᠰᠠᠨ ᠬᠥᠮᠦᠨ ᠲᠡᠢ ᠪᠡᠨ ᠠᠭᠤᠯᠵᠠᠭᠰᠠᠨ ᠬᠥᠮᠦᠨ ᠦ᠌ ᠰᠡᠳᠬᠢᠯ ᠪᠠᠶᠠᠷ᠂ ᠰᠠᠨᠳᠤᠷᠤᠯ ᠢ᠋ᠶ᠋ᠠᠷ ᠳᠦᠭᠦᠷᠳᠡᠭ ᠪᠢᠯᠡ᠃ ᠡᠷᠢᠯ ᠨᠢ ᠬᠡᠴᠢᠨᠡᠨ ᠤᠳᠠᠭᠠᠨ᠂ ᠬᠡᠴᠡᠭᠦᠦ ᠪᠠᠢᠭᠰᠠᠨ ᠪᠣᠯ ᠡᠨᠡ ᠰᠡᠳᠬᠢᠯ ᠨᠢ ᠲᠡᠳᠦᠢᠴᠢᠨᠡᠭᠡᠨ ᠶᠡᠬᠡ ᠪᠠᠢᠳᠠᠭ᠃ ᠡᠷᠳᠡᠨᠢ ᠶ᠋ᠢᠨ ᠶᠠᠷᠢᠶ᠎ᠠ ᠶ᠋ᠢ ᠰᠣᠨᠣᠰᠤᠭᠠᠳ ᠫᠧᠲ᠋ᠷ ᠣᠯᠠᠨ ᠵᠢᠯ ᠦ᠋ᠨ ᠲᠤᠷᠰᠢ ᠡᠷᠢᠵᠦ ᠶᠠᠪᠤᠭᠰᠠᠨ ᠬᠥᠮᠦᠨ ᠲᠡᠢ ᠪᠡᠨ ᠠᠭᠤᠯᠵᠠᠭᠰᠠᠨ ᠶᠤᠮ ᠰᠢᠭ᠋ ᠪᠣᠯᠪᠠ᠃ ᠲᠡᠭᠦᠨ ᠦ᠌ ᠲᠣᠮᠣᠷᠠᠨ ᠭᠠᠢᠬᠠᠭᠰᠠᠨ ᠬᠣᠨᠢᠨ ᠪᠣᠷᠣ ᠨᠢᠳᠦᠨ ᠳ᠋ᠦ᠍ᠨᠢ ᠶᠡᠬᠡ ᠪᠠᠶᠠᠷ ᠤ᠋ᠨ ᠣᠴᠢ ᠭᠢᠯᠠᠯᠵᠠᠨ ᠮᠣᠩᠭᠣᠯᠴᠤᠳ ᠢ᠋ ᠥᠮᠥᠭᠯᠡᠨ ᠫᠡᠪᠯᠦᠧ ᠲᠡᠢ ᠮᠠᠷᠭᠤᠵᠤ ᠪᠠᠢᠬᠤ ᠳ᠋ᠠᠭᠠᠨ ᠶᠠᠷᠢᠵᠤ ᠪᠠᠢᠭᠰᠠᠨ ᠪᠠᠭᠠᠲᠤᠷ ᠥᠪᠡᠷ ᠲᠡᠢ ᠨᠢ ᠤᠴᠠᠷᠠᠭᠰᠠᠨ ᠰᠢᠭ᠋ ᠪᠣᠳᠣᠭᠳᠠᠵᠠᠢ᠃ ᠭᠡᠬᠦ ᠳ᠋ᠡᠭᠡᠨ ᠡᠷᠳᠡᠨᠢ ᠪᠣᠯ ᠨᠠᠮ ᠤᠨᠲᠠᠭᠰᠠᠨ ᠪᠠᠭᠠᠲᠤᠷ ᠪᠢᠰᠢ᠂ ᠬᠠᠷᠢᠨ ᠭᠡᠨᠡᠳᠲᠡ ᠰᠡᠷᠢᠭᠡᠳ ᠪᠤᠷᠤᠭᠤ ᠲᠠᠰᠢ ᠪᠠᠨ ᠤᠬᠤᠰᠬᠢᠭᠡᠳ ᠬᠠᠳᠠ ᠮᠥᠷᠭᠥᠭᠡᠳ ᠭᠠᠢᠬᠠᠨ ᠵᠣᠭᠰᠣᠭᠰᠠᠨ ᠪᠠᠭᠠᠲᠤᠷ ᠭᠡᠵᠦ ᠪᠣᠳᠣᠭᠳᠠᠪᠠ᠃
  ᠡᠷᠳᠡᠨᠢ ᠶ᠋ᠢᠨ ᠲᠡᠮᠡᠴᠡᠯ ᠪᠤᠷᠤᠭᠤ ᠪᠠᠢᠭᠰᠠᠨ ᠢ᠋ ᠫᠧᠲ᠋ᠷ ᠪᠦᠷᠢᠨ ᠣᠢᠯᠠᠭᠠᠵᠤ ᠪᠠᠢᠭᠰᠠᠨ ᠪᠣᠯᠪᠠᠴᠤ ᠲᠡᠭᠦᠨ ᠢ᠋ ᠨᠢ ᠵᠢᠮᠡᠯᠡᠭᠰᠡᠨ ᠦᠭᠡᠢ᠃
  ᠊᠊᠊᠊᠊᠊᠊᠊᠊᠊᠊᠊᠊᠊᠊ ᠪᠢᠳᠡ ᠬᠠᠭᠠᠨᠲᠤ ᠵᠠᠰᠠᠭ ᠢ᠋ ᠪᠦᠷᠢᠮᠦᠰᠦᠨ ᠤᠰᠠᠳᠬᠠᠨ᠎ᠠ᠂ ᠲᠡᠭᠡᠬᠦ ᠦᠭᠡᠢ ᠪᠣᠯ ᠲᠡᠭᠦᠨ ᠦ᠌ ᠪᠠᠯᠠᠭ ᠢ᠋ ᠠᠷᠢᠯᠭᠠᠵᠤ ᠴᠢᠳᠠᠬᠤ ᠦᠭᠡᠢ᠃ ᠦᠨᠳᠦᠰᠦ ᠪᠡᠷ ᠲᠠᠰᠤᠯᠤᠨ᠎ᠠ᠃ ᠡᠭᠦᠨ ᠢ᠋ ᠨᠢᠭᠡ ᠬᠣᠶᠠᠷ ᠬᠥᠮᠦᠨ ᠬᠢᠵᠦ ᠴᠢᠳᠠᠬᠤ ᠦᠭᠡᠢ᠂ ᠲᠦᠮᠡ ᠪᠣᠮᠠᠨ ᠬᠥᠮᠦᠨ ᠦ᠌ ᠬᠦᠴᠦ ᠶ᠋ᠢ ᠨᠢᠭᠡᠳᠬᠡᠨ ᠵᠠᠩᠭᠢᠳᠴᠤ ᠪᠠᠢᠮᠠᠨᠵᠢᠨ ᠬᠢᠨ᠎ᠡ ᠁ ᠭᠡᠲᠡᠯ᠎ᠡ ᠳᠤᠯᠮ᠎ᠠ ᠳᠠᠭᠤᠤ ᠠᠶᠠᠯᠤᠨ ᠣᠷᠣᠵᠤ ᠢᠷᠡᠭᠡᠳ ᠡᠨᠡ ᠬᠣᠶᠠᠷ ᠤ᠋ᠨ ᠶᠠᠷᠢᠶ᠎ᠠ ᠶ᠋ᠢ ᠲᠠᠰᠤᠯᠪᠠ᠃
  ᠊᠊᠊᠊᠊᠊᠊᠊᠊᠊᠊᠊᠊᠊᠊ ᠶᠠᠮᠠᠷ ᠤᠳᠠᠭᠠᠨ ᠶᠠᠷᠢᠳᠠᠭ ᠤᠯᠤᠰ ᠪᠣᠢ ᠳᠠ ᠭᠡᠵᠦ᠂ ᠪᠠᠢᠳᠠᠭ ᠭᠣᠶᠣᠯ ᠢ᠋ᠶ᠋ᠠᠨ ᠡᠮᠦᠰᠦᠭᠡᠳ᠂ ᠭᠡᠵᠢᠭᠡ ᠪᠡᠨ ᠭᠢᠯᠠᠯᠵᠠᠲᠠᠯ᠎ᠠ ᠰᠠᠮᠨᠠᠭᠰᠠᠨ ᠳᠤᠯᠮ᠎ᠠ ᠶᠡᠷᠦ ᠪᠤᠰᠤ ᠶ᠋ᠢᠨ ᠬᠥᠭᠵᠢᠯᠲᠡᠢ ᠬᠡᠯᠡᠭᠡᠳ ᠵᠢᠵᠢᠭᠬᠡᠨ ᠨᠣᠭᠣᠭᠠᠨ ᠮᠣᠳᠣᠨ ᠬᠠᠢᠷᠴᠠᠭ ᠡᠴᠡ ᠲᠣᠯᠢ ᠠᠪᠴᠤ ᠨᠢᠭᠤᠷ ᠤ᠋ᠨ ᠢ᠋ᠶ᠋ᠠᠨ ᠲᠠᠯ᠎ᠠ ᠪᠦᠷᠢ ᠡᠴᠡ ᠲᠣᠯᠢᠳᠠᠨ ᠡᠪᠦᠷᠲᠦᠯᠡᠭᠡᠳ ᠭᠠᠷᠬᠤ ᠳ᠋ᠤᠨᠢ ᠡᠷᠳᠡᠨᠢ᠄
  ᠊᠊᠊᠊᠊᠊᠊᠊᠊᠊᠊᠊᠊᠊᠊ ᠳᠤᠯᠮ᠎ᠠ ᠬᠠᠮᠢᠭ᠎ᠠ ᠣᠴᠢᠬᠤ ᠪᠣᠢ? ᠭᠡᠯ᠎ᠡ᠃
  ᠊᠊᠊᠊᠊᠊᠊᠊᠊᠊᠊᠊᠊᠊᠊ ᠬᠣᠯᠠᠳᠬᠤ ᠦᠭᠡᠢ ᠭᠡᠵᠦ ᠡᠷᠭᠢᠵᠦ ᠴᠦ᠍ ᠬᠠᠷᠠᠯ ᠦᠭᠡᠢ ᠬᠠᠷᠢᠭᠤᠯᠤᠨ ᠨᠠᠮ ᠬᠣᠭᠣᠯᠠᠢ ᠪᠠᠷ ᠳᠠᠭᠤᠤ ᠠᠶᠠᠯᠤᠨ ᠠᠯᠠᠭ᠎ᠠ ᠪᠣᠯᠪᠠ᠃
  ᠡᠷᠳᠡᠨᠢ᠂ ᠫᠧᠲ᠋ᠷ ᠦ᠋ᠨ ᠶᠠᠷᠢᠶ᠎ᠠ ᠶ᠋ᠢ ᠰᠣᠨᠣᠰᠤᠭᠠᠳ ᠪᠠᠢᠮᠠᠷ ᠪᠠᠢᠯ᠎ᠠ᠃ ᠥᠨᠳᠥᠷ ᠶᠡᠬᠡ ᠬᠦᠴᠦᠲᠡᠢ ᠣᠷᠣᠰ ᠤᠯᠤᠰ ᠤ᠋ᠨ ᠴᠠᠭᠠᠨ ᠬᠠᠭᠠᠨ ᠢ᠋ ᠤᠰᠠᠳᠬᠠᠨ᠎ᠠ ᠭᠡᠬᠦ ᠨᠢ ᠳᠡᠮᠡᠢ ᠦᠭᠡ ᠮᠡᠲᠦ ᠰᠠᠨᠠᠭᠳᠠᠪᠠ᠃ ᠴᠢᠭᠤᠯᠭᠠᠨ ᠳᠠᠷᠤᠭ᠎ᠠ ᠪᠣᠭᠳᠠ ᠡᠵᠡᠨ ᠳᠡᠭᠡᠷ᠎ᠡ ᠨᠢ ᠪᠠᠢᠳᠠᠭ ᠵᠠᠰᠠᠭᠲᠤ ᠬᠠᠨ ᠲᠡᠢᠮᠦ ᠬᠦᠴᠦᠲᠡᠢ ᠪᠠᠢᠬᠤ ᠳ᠋ᠤ᠌ ᠳᠡᠭᠡᠷ᠎ᠡ ᠪᠡᠨ ᠡᠵᠡᠨ ᠦᠭᠡᠢ ᠪᠠᠭᠠᠲᠤᠷ ᠴᠠᠭᠠᠨ ᠬᠠᠭᠠᠨ ᠤ᠋ ᠬᠦᠴᠦ ᠬᠡᠮᠵᠢᠶ᠎ᠡ ᠦᠭᠡᠢ ᠪᠠᠢᠬᠤ ᠶᠣᠰᠣᠲᠠᠢ᠃ ᠭᠡᠲᠡᠯ᠎ᠡ ᠡᠨᠡ ᠣᠷᠣᠰ ᠤ᠋ᠨ ᠶᠠᠷᠢᠶᠠᠨ ᠳ᠋ᠤ᠌ ᠶᠠᠮᠠᠷ ᠨᠢᠭᠡᠨ ᠶᠡᠬᠡ ᠢᠲᠡᠭᠡᠯ ᠪᠠᠢᠬᠤ ᠰᠢᠭ᠋ ᠰᠠᠨᠠᠭᠳᠠᠪᠠ᠃
  ᠊᠊᠊᠊᠊᠊᠊᠊᠊᠊᠊᠊᠊᠊᠊ ᠵᠠ ᠲᠡᠭᠡᠭᠡᠳ ᠴᠢ ᠶᠠᠭᠠᠬᠢᠵᠤ ᠪᠠᠭᠠᠲᠤᠷ ᠴᠠᠭᠠᠨ ᠬᠠᠭᠠᠨ ᠢ᠋ ᠳᠡᠢᠯᠬᠦ ᠬᠥᠮᠦᠨ ᠪᠣᠢ ᠳᠠ?
  ᠊᠊᠊᠊᠊᠊᠊᠊᠊᠊᠊᠊᠊᠊᠊ ᠪᠢ ᠭᠠᠭᠴᠠᠭᠠᠷ ᠢ᠋ᠶ᠋ᠠᠨ ᠳᠡᠢᠯᠬᠦ ᠦᠭᠡᠢ᠂ ᠬᠠᠷᠢᠨ ᠪᠢᠳᠡ ᠪᠦᠭᠦᠳᠡᠭᠡᠷ ᠢ᠋ᠶ᠋ᠡᠨ ᠨᠢᠭᠡᠳᠪᠡᠯ ᠳᠡᠢᠯᠦᠨ᠎ᠡ᠃
  ᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ ᠭᠡᠳᠡᠭ ᠴᠢᠨᠢ ᠬᠡᠳᠦᠨ ᠪᠣᠮᠠᠨ ᠴᠡᠷᠢᠭ ᠲᠡᠢ᠂ ᠠᠰᠤᠷᠤ ᠶᠡᠬᠡ ᠬᠥᠷᠥᠩᠭᠡ ᠲᠡᠢ ᠬᠥᠮᠦᠨ ᠰᠢᠦ ᠳᠡ᠃ ᠭᠡᠲᠡᠯ᠎ᠡ ᠲᠠ ᠨᠠᠷ ᠲᠤ᠌ ᠶᠠᠭᠤ ᠪᠠᠢᠭ᠎ᠠ ᠶᠤᠮ ᠪᠣᠢ?
  ᠊᠊᠊᠊᠊᠊᠊᠊᠊᠊᠊᠊᠊᠊᠊ ᠪᠢᠳᠡᠨ ᠳ᠋ᠦ᠍ ᠶᠠᠭᠤᠮ᠎ᠠ ᠪᠦᠬᠦᠨ ᠪᠣᠢ᠃ ᠲᠡᠷᠡ ᠣᠯᠠᠨ ᠪᠣᠮᠠᠨ ᠴᠡᠷᠢᠭ ᠴᠢᠨᠢ ᠪᠢᠳᠡᠨ ᠦ᠌ ᠥᠷᠥᠭᠡᠰᠦᠨ ᠳᠤᠭᠤᠢ᠃ ᠪᠠᠰᠠ ᠲᠡᠷᠡ ᠶᠡᠬᠡ ᠬᠥᠷᠥᠩᠭᠡ ᠶ᠋ᠢ ᠴᠢᠨᠢ ᠪᠠᠭᠠᠲᠤᠷ ᠴᠠᠭᠠᠨ ᠬᠠᠭᠠᠨ ᠬᠢᠭᠡ ᠦᠭᠡᠢ᠂ ᠪᠢᠳᠡ ᠬᠢᠵᠦ ᠲᠡᠷᠡ ᠳᠡᠭᠡᠷᠡᠮᠳᠡᠭᠰᠡᠨ ᠶᠤᠮ᠃ ᠢᠩᠭᠢᠬᠦᠯᠡᠷ ᠬᠡᠷᠡᠭ ᠳᠡᠭᠡᠷ᠎ᠡ ᠪᠡᠨ ᠪᠢᠳᠡᠨ ᠦ᠌ ᠬᠦᠴᠦ ᠢᠯᠡᠭᠦᠦ ᠭᠡᠬᠦ ᠳ᠋ᠦ᠍ᠨᠢ ᠡᠷᠳᠡᠨᠢ ᠲᠣᠭᠣᠮᠵᠢᠷ ᠦᠭᠡᠢ ᠢᠨᠢᠶᠡᠮᠰᠦᠭᠯᠡᠵᠦ᠂
  ᠊᠊᠊᠊᠊᠊᠊᠊᠊᠊᠊᠊᠊᠊᠊ ᠲᠡᠷᠡ ᠴᠢᠨᠦ ᠥᠷᠥᠭᠡᠰᠦᠨ ᠳᠤᠭᠤᠢ ᠴᠢᠨᠢ ᠴᠢᠮᠢ᠋ᠢ ᠪᠠᠷᠢᠵᠤ ᠠᠪᠤᠭᠠᠳ ᠠᠩᠬᠠᠷ ᠤ᠋ᠨ ᠬᠣᠲᠠ ᠤᠷᠤᠭᠤ ᠴᠦᠯᠡᠭᠰᠡᠨ ᠪᠢᠵᠡ ᠳᠡ ᠭᠡᠰᠡᠨ ᠳ᠋ᠦ᠍ ᠫᠧᠲ᠋ᠷ ᠪᠣᠰᠴᠤ ᠡᠷᠳᠡᠨᠢ ᠶ᠋ᠢᠨ ᠡᠮᠦᠨ᠎ᠡ ᠨᠢ ᠣᠴᠢᠵᠤ ᠶᠠᠪᠠᠭᠠᠨ ᠰᠠᠭᠤᠭᠠᠳ ᠲᠣᠯᠣᠭᠠᠢ ᠪᠠᠨ ᠤᠷᠤᠭᠰᠢ ᠰᠤᠩᠭᠠᠨ᠄
  ᠊᠊᠊᠊᠊᠊᠊᠊᠊᠊᠊᠊᠊᠊᠊ ᠲᠡᠢᠮᠦ ᠠ᠋᠂ ᠪᠠᠷᠢᠭᠰᠠᠨ᠃ ᠭᠡᠪᠡᠴᠦ ᠮᠠᠷᠭᠠᠰᠢ ᠨᠠᠳᠠ ᠲᠠᠢ ᠨᠡᠢᠯᠡᠭᠡᠳ ᠴᠠᠭᠠᠨ ᠬᠠᠭᠠᠨ ᠢ᠋ ᠪᠠᠷᠢᠵᠤ ᠠᠪᠤᠨ᠎ᠠ ᠭᠡᠬᠦ ᠳ᠋ᠦ᠍᠂ ᠡᠷᠳᠡᠨᠢ ᠶ᠋ᠢᠨ ᠨᠢᠳᠦᠨ ᠳ᠋ᠦ᠍ᠨᠢ ᠴᠠᠭᠠᠨ ᠰᠡᠳᠬᠢᠯ ᠦ᠋ᠨ ᠬᠣᠱᠣᠩᠨᠠᠯ ᠲᠣᠳᠣᠷᠠᠵᠤ ᠫᠧᠲ᠋ᠷ ᠢ᠋ ᠰᠢᠷᠲᠡᠵᠦ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠲᠡᠮᠡᠭᠡ ᠲᠣᠢᠯᠠᠭᠠᠳ ᠲᠩᠷᠢ ᠳ᠋ᠦ᠍ ᠬᠦᠷᠬᠦ ᠦᠭᠡᠢ᠃ ᠢᠮᠠᠭ᠎ᠠ ᠲᠤᠢᠯᠠᠭᠠᠳ ᠶᠠᠩᠭᠢᠶ᠎ᠠ ᠡᠪᠳᠡᠬᠦ ᠦᠭᠡᠢ ᠭᠡᠳᠡᠭ ᠦᠭᠡ ᠶ᠋ᠢ ᠴᠢ ᠰᠣᠨᠣᠰᠤᠭᠰᠠᠨ ᠤᠤ? ᠭᠡᠪᠡ᠃
  ᠊᠊᠊᠊᠊᠊᠊᠊᠊᠊᠊᠊᠊᠊᠊ ᠴᠢ ᠬᠢᠲᠠᠳ ᠲᠤ᠌ ᠮᠠᠨᠵᠤ ᠶ᠋ᠢᠨ ᠲᠥᠷᠥ ᠤᠨᠠᠭᠰᠠᠨ ᠢ᠋ ᠰᠣᠨᠣᠰᠤᠭᠰᠠᠨ ᠪᠢᠵᠡ ᠳᠡ?
  ᠊᠊᠊᠊᠊᠊᠊᠊᠊᠊᠊᠊᠊᠊᠊ ᠰᠣᠨᠣᠰᠤᠭᠰᠠᠨ᠃
  ᠊᠊᠊᠊᠊᠊᠊᠊᠊᠊᠊᠊᠊᠊᠊ ᠮᠠᠨᠵᠤ ᠶ᠋ᠢᠨ ᠬᠠᠭᠠᠨ ᠣᠯᠠᠨ ᠪᠣᠮᠠᠨ ᠴᠡᠷᠢᠭ ᠲᠡᠢ ᠴᠦ᠍ ᠪᠠᠢᠭᠰᠠᠨ᠃ ᠠᠷᠪᠢᠨ ᠶᠡᠬᠡ ᠬᠥᠷᠥᠩᠭᠡ ᠲᠡᠢ ᠴᠦ᠍ ᠪᠠᠢᠭᠰᠠᠨ ᠰᠢᠦ ᠳᠡ᠃ ᠲᠡᠢᠮᠦ ᠤᠤ?
  ᠡᠷᠳᠡᠨᠢ ᠬᠡᠰᠡᠭ ᠳᠠᠭᠤ ᠦᠭᠡᠢ ᠪᠣᠳᠣᠯ ᠪᠣᠳᠣᠨ ᠰᠠᠭᠤᠪᠠ᠃ ᠫᠧᠲ᠋ᠷ ᠮᠡᠬᠡᠷ ᠭᠠᠩᠰᠠᠨ ᠳ᠋ᠠᠭᠠᠨ ᠲᠠᠮᠠᠬᠢ ᠨᠡᠷᠡᠵᠦ ᠠᠪᠤᠭᠠᠳ ᠲᠠᠲᠠᠬᠤ ᠵᠠᠭᠤᠷ᠎ᠠ ᠡᠷᠳᠡᠨᠢ ᠶ᠋ᠢ ᠠᠵᠢᠭᠯᠠᠪᠠ᠃ ᠡᠷᠳᠡᠨᠢ ᠵᠠᠭᠤᠵᠤ ᠪᠠᠢᠭᠰᠠᠨ ᠭᠠᠩᠰᠠ ᠶ᠋ᠢ ᠨᠢ ᠠᠮᠠᠨ ᠡᠴᠡ ᠨᠢ ᠠᠪᠴᠤ ᠬᠡᠳᠦ ᠰᠤᠷᠤᠭᠠᠳ᠂ ᠪᠤᠴᠠᠭᠠᠵᠤ ᠠᠮᠠᠨ ᠳ᠋ᠤᠨᠢ ᠬᠢᠭᠡᠳ ᠴᠢᠨᠠᠭᠰᠢ ᠲᠠᠲᠠᠭᠰᠠᠨ ᠤᠲᠤᠭ᠎ᠠ ᠪᠠᠨ ᠠᠯᠭᠤᠷ ᠦᠯᠢᠶᠡᠬᠦ ᠵᠠᠭᠤᠷ᠎ᠠ᠄
  ᠊᠊᠊᠊᠊᠊᠊᠊᠊᠊᠊᠊᠊᠊᠊ ᠵᠠ ᠲᠡᠭᠡᠭᠡᠳ ᠲᠠ ᠨᠠᠷ ᠪᠠᠭᠠᠲᠤᠷ ᠴᠠᠭᠠᠨ ᠬᠠᠭᠠᠨ ᠢ᠋ ᠳᠡᠢᠯᠴᠢᠬᠡᠭᠡᠳ ᠳᠠᠷᠠᠭ᠎ᠠ ᠨᠢ ᠶᠠᠭᠠᠬᠢᠬᠤ ᠤᠯᠤᠰ ᠪᠣᠢ? ᠭᠡᠵᠦ ᠠᠰᠠᠭᠤᠪᠠ᠃
  ᠫᠧᠲ᠋ᠷ ᠪᠣᠰᠴᠤ ᠪᠠᠢᠷᠢᠨ ᠳ᠋ᠠᠭᠠᠨ ᠰᠠᠭᠤᠭᠠᠳ ᠬᠤᠯᠤ ᠠᠢᠷᠠᠭ ᠬᠢᠵᠦ᠂ ᠰᠢᠮᠡᠨ ᠤᠤᠭᠤᠵᠤ᠂ ᠭᠠᠷ ᠤ᠋ᠨ ᠢ᠋ᠶ᠋ᠠᠨ ᠠᠯᠠᠭ᠎ᠠ ᠪᠠᠷ ᠰᠢᠷ᠎ᠠ ᠰᠠᠬᠠᠯ ᠢ᠋ᠶ᠋ᠠᠨ ᠠᠷᠴᠢᠭᠰᠠᠨ ᠢ᠋ᠶ᠋ᠠᠨ᠄ 《ᠲᠡᠷᠡ ᠪᠣᠯ ᠥᠭᠡᠷ᠎ᠡ ᠵᠦᠢᠯ》 ᠭᠡᠳ ᠡᠬᠢᠯᠡᠬᠦ ᠭᠡᠲᠡᠯ᠎ᠡ ᠨᠥᠭᠦᠭᠡ ᠮᠠᠢᠬᠠᠨ ᠡᠴᠡ 《ᠫᠧᠲ᠋ᠢᠶᠠ》 ᠭᠡᠵᠦ ᠳᠠᠭᠤᠳᠠᠬᠤ ᠫᠡᠪᠯᠦᠧ ᠶ᠋ᠢᠨ ᠠᠷᠭᠢᠯ ᠳᠠᠭᠤ ᠲᠣᠳᠣ ᠰᠣᠨᠣᠰᠳᠠᠪᠠ᠃
  ᠫᠧᠲ᠋ᠷ ᠤᠬᠤᠰᠬᠢᠨ ᠪᠣᠰᠤᠭᠠᠳ 《ᠬᠣᠶᠠᠭᠤᠯᠠ ᠪᠠᠨ ᠳᠠᠷᠠᠭ᠎ᠠ ᠲᠠᠪᠠᠲᠠᠢ ᠶᠠᠷᠢᠯᠴᠠᠨ᠎ᠠ》 ᠭᠡᠳ ᠭᠠᠷᠤᠯ᠎ᠠ᠃ ᠡᠷᠳᠡᠨᠢ ᠨᠢᠳᠦ ᠪᠡᠨ ᠴᠠᠪᠴᠢᠯᠠᠨ ᠬᠡᠰᠡᠭ ᠰᠠᠭᠤᠭᠰᠠᠨ ᠢ᠋ᠶ᠋ᠠᠨ 《ᠫᠡᠪᠯᠦᠧ ᠶ᠋ᠢ ᠳᠠᠭᠤᠳᠠᠬᠤ ᠳ᠋ᠤ᠌ ᠰᠠᠨᠳᠤᠷᠤᠨ᠂ ᠣᠭᠯᠣ ᠦᠰᠦᠷᠴᠦ ᠪᠠᠢᠵᠤ ᠪᠠᠭᠠᠲᠤᠷ ᠴᠠᠭᠠᠨ ᠬᠠᠭᠠᠨ ᠢ᠋ ᠰᠢᠷᠡᠭᠡᠨ ᠡᠴᠡ ᠨᠢ ᠬᠠᠯᠢᠭᠤᠯᠤᠨ᠎ᠠ ᠭᠡᠨ᠎ᠡ ᠰᠢᠦ᠃ ᠠᠪᠤ ᠶ᠋ᠢᠨ ᠬᠦᠦ ᠶ᠋ᠢᠨ ᠰᠠᠨᠠᠭ᠎ᠠ ᠠᠷᠪᠢᠨ ᠭᠡᠵᠦ᠂ ᠶᠠᠭᠠᠬᠢᠬᠤ ᠪᠣᠢ ᠳᠠ ᠬᠥᠭᠡᠷᠦᠬᠦᠢ》 ᠭᠡᠳ ᠭᠠᠭᠴᠠᠭᠠᠷ ᠢᠨᠢᠶᠡᠮᠰᠦᠭᠯᠡᠪᠡ᠃ ᠨᠠᠭᠠᠳᠤᠮ ᠤ᠋ᠨ ᠳᠠᠷᠠᠭ᠎ᠠ ᠡᠷᠳᠡᠨᠢ ᠰᠠᠭᠤᠷᠢ ᠲᠣᠭᠠᠯᠠᠵᠤ ᠡᠬᠢᠯᠡᠪᠡ᠃ ᠨᠢᠭᠡ ᠡᠳᠦᠷ ᠳᠣᠷᠵᠢ ᠶ᠋ᠢᠨ ᠡᠬᠡ ᠪᠤᠶᠠᠨ ᠴᠢᠪᠠᠭᠠᠨᠴᠠ ᠶ᠋ᠢᠨ ᠳ᠋ᠦ᠍ ᠢᠷᠡᠯ᠎ᠡ᠃
  ᠪᠤᠶᠠᠨ ᠴᠢᠪᠠᠭᠠᠨᠴᠠ ᠳ᠋ᠤ᠌ ᠭᠠᠭᠴᠠ ᠬᠦᠦ ᠡᠴᠡ ᠥᠭᠡᠷ᠎ᠡ ᠲᠤᠯᠬᠤ ᠮᠣᠳᠣ ᠲᠣᠭᠠᠯᠠᠬᠤ ᠢᠮᠠᠭ᠎ᠠ ᠦᠭᠡᠢ ᠪᠢᠯᠡ᠃ ᠬᠦᠦ ᠨᠢ ᠪᠠᠢᠬᠤ ᠳ᠋ᠠᠭᠠᠨ ᠠᠢᠯ ᠤ᠋ᠨ ᠠᠵᠢᠯ ᠬᠢᠵᠦ ᠠᠮᠢ ᠵᠢᠭᠤᠵᠤ ᠪᠠᠢᠵᠠᠢ᠃ ᠭᠡᠲᠡᠯ᠎ᠡ ᠴᠡᠷᠢᠭ ᠲᠦ᠍ ᠶᠠᠪᠤᠭᠰᠠᠨ ᠤᠴᠢᠷ ᠠᠮᠢᠳᠤᠷᠠᠬᠤ ᠶ᠋ᠢᠨ ᠡᠷᠬᠡ ᠪᠡᠷ ᠢᠲᠡᠭᠡᠯᠲᠦ ᠡᠴᠡ ᠬᠣᠶᠠᠷ ᠵᠠᠭᠤᠨ ᠬᠣᠨᠢ ᠠᠪᠴᠤ ᠡᠳᠦᠷ ᠰᠥᠨᠢ ᠦᠭᠡᠢ ᠮᠠᠢᠵᠢᠭᠢᠨᠠᠨ ᠳᠠᠭᠠᠵᠤ ᠬᠥᠯᠥᠰᠥᠨ ᠳ᠋ᠦ᠍ ᠠᠪᠤᠭᠰᠠᠨ ᠶᠠᠭᠤᠮ᠎ᠠ ᠪᠠᠷ ᠴᠠᠳᠳᠠᠭ ᠦᠭᠡᠢ ᠪᠣᠯᠪᠠᠴᠤ ᠬᠣᠭᠣᠰᠣᠨ ᠬᠣᠨᠣᠬᠤ ᠦᠭᠡᠢ ᠠᠮᠢᠳᠤᠷᠠᠵᠤ ᠪᠠᠢᠪᠠ᠃
  ᠥᠩᠭᠡᠷᠡᠭᠰᠡᠨ ᠬᠠᠪᠤᠷ ᠰᠤᠷᠠᠭ ᠦᠭᠡᠢ ᠪᠣᠯᠤᠭᠰᠠᠨ ᠬᠦᠦ ᠶ᠋ᠢᠨ ᠢ᠋ᠶ᠋ᠡᠨ ᠲᠤᠬᠠᠢ ᠯᠠᠮᠠ ᠡᠴᠡ ᠠᠰᠠᠭᠤᠭᠰᠠᠨ ᠴᠢᠨᠢ ᠡᠳᠦᠢ ᠲᠡᠳᠦᠢ ᠭᠦᠷᠢᠮ ᠪᠠᠭᠤᠯᠭᠠᠭᠰᠠᠨ ᠤᠴᠢᠷ ᠲᠡᠭᠦᠨ ᠢ᠋ ᠤᠩᠰᠢᠭᠤᠯᠬᠤ ᠭᠡᠵᠦ ᠢᠲᠡᠭᠡᠯᠲᠦ ᠶ᠋ᠢᠨ ᠬᠣᠨᠢᠨ ᠡᠴᠡ ᠨᠢᠭᠡ ᠡᠮ᠎ᠡ ᠬᠣᠨᠢ ᠪᠠᠷᠢᠴᠠᠨ ᠳ᠋ᠤ᠌ ᠥᠭᠴᠡᠢ᠃
  ᠡᠷᠳᠡᠨᠢ ᠮᠠᠯ ᠲᠣᠭᠠᠯᠠᠵᠤ ᠦᠵᠡᠭᠡᠳ ᠲᠡᠷᠡ ᠬᠣᠨᠢ ᠶ᠋ᠢ ᠦᠭᠡᠢᠯᠡᠵᠦ ᠠᠰᠠᠭᠤᠬᠤ ᠳ᠋ᠤ᠌ ᠴᠢᠪᠠᠭᠠᠨᠴᠠ ᠪᠤᠯᠲᠠᠵᠤ ᠦᠵᠡᠭᠡᠳ ᠪᠣᠯᠬᠤ ᠦᠭᠡᠢ ᠪᠣᠯᠬᠣᠷ ᠨᠢ ᠢᠳᠡᠴᠢᠬᠡᠭᠰᠡᠨ ᠭᠡᠵᠦ ᠬᠡᠯᠡᠵᠡᠢ᠃ ᠮᠠᠯ ᠲᠣᠭᠠᠯᠠᠯᠲᠠ ᠳᠠᠭᠤᠰᠬᠠᠭᠠᠳ ᠥᠩᠭᠡ ᠵᠢᠰᠦ᠂ ᠨᠠᠰᠤ ᠢᠮ ᠲᠠᠮᠠᠭ᠎ᠠ ᠶ᠋ᠢ ᠨᠠᠷᠢᠨ ᠢᠯᠭᠠᠭᠰᠠᠨ ᠳᠠᠩᠰᠠ ᠬᠢᠵᠦ ᠢᠲᠡᠭᠡᠯᠲᠦ ᠳ᠋ᠦ᠍ ᠥᠭᠬᠦ ᠳ᠋ᠡᠭᠡᠨ ᠪᠤᠶᠠᠨ ᠴᠢᠪᠠᠭᠠᠨᠴᠠ ᠨᠢᠭᠡ ᠡᠮ᠎ᠡ ᠬᠣᠨᠢ ᠢᠳᠡᠴᠢᠬᠡᠭᠡᠳ ᠠᠩᠬᠠᠨ ᠳ᠋ᠠᠭᠠᠨ ᠪᠤᠯᠲᠠᠵᠤ ᠦᠵᠡᠭᠡᠳ ᠳᠠᠷᠠᠭ᠎ᠠ ᠨᠢ ᠦᠨᠡᠨ ᠢ᠋ᠶ᠋ᠡᠨ ᠬᠡᠯᠡᠭᠰᠡᠨ ᠢ᠋ ᠰᠣᠨᠢᠨ ᠪᠣᠯᠭᠠᠵᠤ ᠶᠠᠷᠢᠭᠠᠳ 《ᠨᠠᠮᠤᠷ ᠬᠥᠯᠥᠰᠥᠨ ᠡᠴᠡ ᠪᠡᠨ ᠨᠥᠬᠥᠵᠦ ᠲᠠᠯᠪᠢᠨ᠎ᠠ ᠭᠡᠰᠡᠨ》 ᠭᠡᠳ ᠦᠭᠡ ᠪᠡᠨ ᠳᠠᠭᠤᠰᠬᠠᠪᠠ᠃
  ᠊᠊᠊᠊᠊᠊᠊᠊᠊᠊᠊᠊᠊᠊᠊ ᠲᠣᠰᠣ ᠶ᠋ᠢ ᠤᠰᠤ ᠪᠠᠷ᠂ ᠲᠣᠯᠢ ᠶ᠋ᠢ ᠰᠢᠯ ᠢ᠋ᠶ᠋ᠡᠷ ᠭᠡᠭᠴᠢ ᠪᠣᠯᠵᠤ ᠪᠠᠢᠭ᠎ᠠ ᠨᠢ ᠲᠡᠷᠡ ᠭᠡᠵᠦ ᠢᠲᠡᠭᠡᠯᠲᠦ ᠲᠠᠢᠪᠤᠩ ᠬᠡᠯᠡᠭᠡᠳ ᠳᠠᠩᠰᠠ ᠶ᠋ᠢ ᠠᠪᠴᠤ ᠲᠣᠮᠣ ᠰᠢᠷ᠎ᠠ ᠸᠠᠳᠠᠩ ᠳ᠋ᠤ᠌ ᠪᠣᠭᠣᠵᠤ ᠠᠪᠳᠠᠷ᠎ᠠ ᠳ᠋ᠠᠭᠠᠨ ᠬᠢᠵᠡᠢ᠃
  ᠡᠷᠳᠡᠨᠢ ᠶ᠋ᠢ ᠲᠡᠷᠡ ᠣᠷᠣᠢ ᠢᠲᠡᠭᠡᠯᠲᠦ ᠰᠠᠢᠬᠠᠨ ᠦᠭᠡ ᠣᠯᠵᠤ ᠶᠠᠳᠠᠨ ᠮᠠᠭᠲᠠᠵᠤ ᠣᠷᠣᠰ ᠭᠠᠵᠠᠷ ᠤ᠋ᠨ ᠰᠠᠢᠨ ᠠᠷᠢᠬᠢ ᠪᠠᠷ ᠳᠠᠢᠯᠠᠵᠠᠢ᠃
  ᠮᠠᠷᠭᠠᠰᠢ ᠨᠢ ᠭᠠᠯᠰᠠᠩ ᠢ᠋ ᠶᠠᠪᠤᠭᠤᠯᠵᠤ ᠪᠤᠶᠠᠨ ᠴᠢᠪᠠᠭᠠᠨᠴᠠ ᠡᠴᠡ ᠬᠣᠨᠢ ᠪᠠᠨ ᠠᠪᠴᠤ ᠥᠭᠡᠷ᠎ᠡ ᠠᠢᠯ ᠳ᠋ᠤ᠌ ᠥᠭᠭᠦᠭᠰᠡᠨ᠃ ᠬᠡᠳᠦᠨ ᠬᠣᠨᠢ ᠬᠠᠷᠢᠭᠤᠯᠵᠤ ᠬᠥᠯᠥᠰᠥ ᠪᠡᠷ ᠨᠢ ᠠᠮᠢ ᠵᠢᠭᠤᠵᠤ ᠪᠠᠢᠭᠰᠠᠨ ᠴᠢᠪᠠᠭᠠᠨᠴᠠ ᠤᠭ ᠮᠠᠯ ᠢ᠋ ᠦᠯᠡᠳᠡᠭᠡᠵᠦ ᠥᠭᠬᠦ ᠶ᠋ᠢ ᠤᠬᠢᠯᠠᠨ ᠮᠥᠯᠬᠥᠨ ᠭᠤᠶᠤᠭᠰᠠᠨ ᠪᠣᠯᠪᠠᠴᠤ ᠲᠤᠰᠠ ᠪᠣᠯᠤᠭᠰᠠᠨ ᠦᠭᠡᠢ᠃ ᠶᠠᠳᠠᠷᠠᠭᠰᠠᠨ ᠴᠢᠪᠠᠭᠠᠨᠴᠠ ᠶ᠋ᠢ ᠶᠠᠮᠠᠷ ᠵᠣᠪᠠᠯᠠᠩ ᠳ᠋ᠤ᠌ ᠤᠨᠠᠭᠠᠭᠰᠠᠨ ᠢ᠋ᠶ᠋ᠠᠨ ᠡᠷᠳᠡᠨᠢ ᠮᠡᠳᠡᠭᠡ ᠦᠭᠡᠢ ᠪᠢᠯᠡ᠃ ᠭᠡᠲᠡᠯ᠎ᠡ ᠨᠢᠭᠡ ᠡᠳᠦᠷ ᠬᠣᠰᠢᠭᠤ ᠬᠦᠷᠢᠶᠡᠨ ᠦ᠌ ᠭᠤᠳᠤᠮᠵᠢ ᠪᠠᠷ ᠶᠠᠪᠤᠵᠤ ᠪᠠᠢᠲᠠᠯ᠎ᠠ ᠬᠠᠷ᠎ᠠ ᠰᠠᠪᠠ ᠡᠭᠦᠷᠦᠭᠡᠳ ᠠᠢᠯ ᠤ᠋ᠨ ᠡᠭᠦᠳᠡᠨ ᠳᠡᠭᠡᠷ᠎ᠡ ᠶᠠᠭᠤᠮ᠎ᠠ ᠭᠤᠶᠤᠵᠤ ᠪᠠᠢᠭᠰᠠᠨ ᠪᠤᠶᠠᠨ ᠴᠢᠪᠠᠭᠠᠨᠴᠠ ᠲᠠᠢ ᠲᠣᠬᠢᠶᠠᠯᠳᠤᠪᠠ᠃ ᠴᠢᠪᠠᠭᠠᠨᠴᠠ ᠡᠷᠳᠡᠨᠢ ᠶ᠋ᠢ ᠲᠠᠨᠢᠮᠠᠭᠴᠠ᠂ ᠲᠠᠶᠠᠭ ᠢ᠋ᠶ᠋ᠠᠷ ᠢ᠋ᠶ᠋ᠠᠨ ᠵᠠᠨᠤᠵᠤ 《ᠮᠠᠭᠤ ᠴᠠᠭᠠᠴᠢ ᠴᠢ ᠶᠠᠳᠠᠷᠠᠭᠰᠠᠨ ᠴᠢᠪᠠᠭᠠᠨᠴᠠ ᠶ᠋ᠢᠨ ᠮᠠᠭᠤ ᠶ᠋ᠢ ᠦᠵᠡᠵᠦ ᠬᠠᠨᠪᠠ ᠤᠤ᠃ ᠴᠢᠮᠢ᠋ᠢ ᠨᠠᠳᠠ ᠰᠢᠭ᠋ ᠯᠡ ᠡᠬᠡ ᠲᠥᠷᠥᠭᠦᠯᠦᠭᠰᠡᠨ ᠪᠠᠢᠬ᠎ᠠ ᠳᠠ᠃ ᠵᠠ ᠶᠠᠭᠠᠬᠢᠬᠤᠪ᠂ ᠢᠲᠡᠭᠡᠯᠲᠦ ᠶ᠋ᠢᠨ ᠤᠭᠠᠳᠠᠰᠤ ᠶ᠋ᠢ ᠢᠳᠡᠭᠡᠳ ᠦᠷᠭᠦᠯᠵᠢ ᠴᠠᠳᠬᠤᠯᠠᠩ ᠶᠠᠪᠤᠬᠤ ᠶ᠋ᠢ ᠴᠢᠨᠢ ᠪᠢ ᠡᠰᠡ ᠪᠣᠯᠪᠠᠴᠤ ᠮᠢᠨᠦ ᠬᠦᠦ ᠬᠠᠷᠠᠬᠤ ᠪᠠᠢᠬ᠎ᠠ》ᠭᠡᠵᠦ ᠬᠠᠷᠢᠶᠠᠪᠠ᠃
  ᠡᠷᠳᠡᠨᠢ 《ᠠᠪᠠᠭᠠᠢ ᠮᠢᠨᠢ ᠠᠪᠠᠭᠠᠢ ᠮᠢᠨᠢ》 ᠭᠡᠬᠦ ᠡᠴᠡ ᠥᠭᠡᠷ᠎ᠡ ᠶᠠᠭᠤ ᠴᠤ᠌ ᠬᠡᠯᠡᠵᠦ ᠴᠢᠳᠠᠬᠤ ᠦᠭᠡᠢ ᠠᠩᠭᠠᠯᠵᠠᠵᠤ ᠪᠠᠢᠬᠤ ᠳ᠋ᠤ᠌ ᠴᠢᠪᠠᠭᠠᠨᠴᠠ ᠬᠡᠯᠡᠬᠦ ᠦᠭᠡ ᠪᠡᠨ ᠬᠡᠯᠡᠵᠦ ᠠᠪᠤᠭᠠᠳ ᠮᠠᠢᠵᠢᠭᠢᠨᠠᠨ ᠶᠠᠪᠤᠵᠠᠢ᠃
  ᠡᠷᠳᠡᠨᠢ ᠰᠠᠨᠠᠮᠰᠠᠷ ᠦᠭᠡᠢ ᠶᠠᠭᠤ ᠬᠢᠭᠰᠡᠨ ᠢ᠋ᠶ᠋ᠡᠨ ᠣᠢᠯᠠᠭᠠᠵᠤ ᠴᠢᠪᠠᠭᠠᠨᠴᠠ ᠶ᠋ᠢ ᠦᠨᠡᠨ ᠰᠡᠳᠬᠢᠯ ᠡᠴᠡ ᠦᠷᠦ ᠡᠪᠡᠳᠦᠭᠰᠡᠨ ᠤᠴᠢᠷ ᠢᠲᠡᠭᠡᠯᠲᠦ ᠡᠴᠡ ᠪᠤᠶᠠᠨ ᠴᠢᠪᠠᠭᠠᠨᠴᠠ ᠳ᠋ᠤ᠌ ᠮᠠᠯ ᠢ᠋ᠶ᠋ᠠᠨ ᠡᠷᠭᠢᠭᠦᠯᠵᠦ ᠥᠭᠬᠦ ᠶ᠋ᠢ ᠭᠤᠶᠤᠭᠰᠠᠨ ᠳ᠋ᠤ᠌᠂
  ᠊᠊᠊᠊᠊᠊᠊᠊᠊᠊᠊᠊᠊᠊᠊ ᠡᠷᠳᠡᠨᠢ ᠮᠢᠨᠢ᠂ ᠬᠡᠷᠡᠭ ᠦᠭᠡᠢ ᠨᠢᠩᠵᠢᠨ ᠰᠡᠳᠬᠢᠯ ᠢ᠋ᠶ᠋ᠡᠨ ᠣᠷᠭᠢ᠃ ᠴᠢ ᠪᠣᠳᠣᠭᠠᠴᠢ ᠳᠠ᠂ ᠪᠤᠶᠠᠨ ᠴᠢᠪᠠᠭᠠᠨᠴᠠ ᠳ᠋ᠤ᠌ ᠪᠢ ᠭᠡᠮ ᠬᠢᠭᠡ ᠦᠭᠡᠢ᠂ ᠬᠠᠷᠢᠨ ᠥᠪᠡᠷ ᠢ᠋ᠶ᠋ᠡᠨ ᠥᠪᠡᠷ ᠦ᠋ᠨ ᠢ᠋ᠶ᠋ᠡᠨ ᠲᠣᠯᠣᠭᠠᠢ ᠤᠷᠤᠭᠤ ᠤᠰᠤ ᠬᠢᠭᠰᠡᠨ ᠬᠥᠮᠦᠨ᠃ ᠲᠡᠭᠦᠨ ᠳ᠋ᠦ᠍ ᠳᠠᠭᠢᠵᠤ ᠮᠠᠯ ᠥᠭᠴᠦ ᠪᠢ ᠯᠡ ᠴᠢᠳᠠᠬᠤ ᠦᠭᠡᠢ ᠭᠡᠵᠦ ᠬᠠᠲᠠᠭᠤ ᠬᠡᠯᠡᠵᠡᠢ᠃
  ᠨᠠᠮᠤᠷ ᠡᠷᠳᠡᠨᠢ᠂ ᠫᠧᠲ᠋ᠷ ᠲᠡᠢ ᠬᠠᠮᠲᠤ ᠢᠲᠡᠭᠡᠯᠲᠦ ᠫᠡᠪᠯᠦᠧ ᠶ᠋ᠢᠨ ᠬᠤᠳᠠᠯᠳᠤᠵᠤ ᠠᠪᠤᠭᠰᠠᠨ ᠦᠬᠡᠷ ᠢ᠋ ᠴᠤᠭᠯᠠᠭᠤᠯᠵᠤ ᠰᠦᠷᠦᠭᠯᠡᠨ ᠳᠠᠭᠤᠯᠭᠠᠬᠤ ᠠᠵᠢᠯ ᠳ᠋ᠤ᠌ ᠶᠠᠪᠤᠬᠤ ᠭᠡᠵᠦ ᠪᠡᠯᠡᠳᠬᠡᠵᠦ ᠪᠠᠢᠲᠠᠯ᠎ᠠ ᠭᠡᠷ ᠲᠦ᠋ᠨᠢ ᠥᠯᠵᠡᠢ ᠢᠷᠡᠵᠦ ᠠᠭᠤᠯᠵᠠᠭᠠᠳ ᠭᠠᠵᠠᠷ ᠳᠡᠭᠡᠷᠡᠬᠢ ᠭᠠᠭᠴᠠ ᠳᠡᠭᠦᠦ ᠪᠡᠨ ᠠᠮᠢᠳᠤ ᠮᠡᠨᠳᠦ ᠶᠠᠪᠤᠭ᠎ᠠ ᠶ᠋ᠢ ᠰᠣᠨᠣᠰᠴᠤ ᠲᠡᠰᠬᠡᠯ ᠦᠭᠡᠢ ᠪᠠᠶᠠᠷᠯᠠᠪᠠ᠃
 ᠊᠊᠊᠊᠊᠊᠊᠊᠊᠊᠊᠊᠊ ᠲᠠ ᠲᠡᠮᠦᠷ ᠲᠡᠢ ᠠᠭᠤᠯᠵᠠᠪᠠᠯ ᠨᠠᠮᠢ᠋ᠢ ᠠᠮᠢᠳᠤ ᠮᠡᠨᠳᠦ ᠶᠠᠪᠤᠨ᠎ᠠ ᠭᠡᠵᠦ ᠬᠡᠯᠡᠭᠡᠷᠡᠢ᠃ ᠪᠠᠰᠠ ᠨᠠᠳᠠ ᠲᠠᠢ ᠠᠭᠤᠯᠵᠠᠬᠤ ᠭᠡᠵᠦ ᠡᠨᠳᠡ ᠢᠷᠡᠭᠰᠡᠨ ᠦ᠌ ᠬᠡᠷᠡᠭ ᠦᠭᠡᠢ᠃ ᠯᠤᠤ ᠬᠦᠩ ᠦ᠋ᠨ ᠨᠣᠬᠠᠢ ᠨᠢ ᠬᠦᠷᠲᠡᠯ᠎ᠡ ᠲᠡᠮᠦᠷ ᠢ᠋ ᠵᠠᠨᠤᠵᠤ ᠬᠤᠴᠠᠳᠠᠭ ᠪᠣᠯᠤᠯᠲᠠᠢ ᠭᠡᠵᠦ ᠡᠷᠳᠡᠨᠢ ᠶ᠋ᠢᠨ ᠬᠡᠯᠡᠬᠦ ᠳ᠋ᠦ᠍ ᠥᠯᠵᠡᠢ᠄
  ᠊᠊᠊᠊᠊᠊᠊᠊᠊᠊᠊᠊᠊᠊᠊ ᠪᠢ ᠮᠡᠳᠡᠭᠡᠳ᠂ ᠴᠢᠮ᠎ᠠ ᠳ᠋ᠤ᠌ ᠪᠠᠯᠠᠭ ᠪᠣᠯᠬᠤ ᠦᠭᠡᠢ ᠶ᠋ᠢ ᠬᠢᠴᠢᠶᠡᠵᠦ ᠴᠢᠨᠦ ᠰᠤᠷᠠᠭ ᠢ᠋ ᠪᠢᠲᠡᠭᠦᠦ ᠭᠠᠷᠭᠠᠬᠤ ᠭᠡᠭᠰᠡᠭᠡᠷ ᠣᠯᠠᠨ ᠬᠣᠨᠣᠭ ᠲᠡᠨᠦᠵᠦ ᠣᠷᠬᠢᠯ᠎ᠠ ᠭᠡᠳ ᠢᠨᠢᠶᠡᠮᠰᠦᠭᠯᠡᠪᠡ᠃