ᠲᠤᠩᠭᠠᠯᠠᠭ ᠲᠠᠮᠢᠷ2-21-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠪᠢ ᠲᠠᠨ ᠤ᠋ ᠲᠥᠯᠥᠭᠡ ᠬᠢᠶ᠎ᠡ᠂ ᠲᠠ ᠬᠡᠨ ᠦ᠌ ᠲᠥᠯᠥᠭᠡ ᠬᠢᠬᠦ ᠪᠡᠨ ᠥᠪᠡᠷ ᠢ᠋ᠶ᠋ᠡᠨ ᠮᠡᠳᠡ》 - ᠬᠣᠶᠠᠳᠤᠭᠠᠷ ᠪᠦᠯᠦᠭ ᠬᠣᠷᠢᠨ ᠨᠢᠭᠡ
ᠬᠢᠶᠠᠭᠲᠤ ᠤᠷᠤᠭᠤ ᠳᠣᠪᠲᠣᠯᠤᠭᠰᠠᠨ ᠴᠠᠭᠠᠨᠲᠠᠨ ᠤ᠋ ᠭᠣᠣᠯ ᠬᠦᠴᠦ ᠶ᠋ᠢ ᠠᠷᠠᠳ ᠤ᠋ᠨ ᠵᠢᠷᠤᠮᠲᠤ ᠴᠡᠷᠢᠭ᠂ ᠤᠯᠠᠭᠠᠨ ᠠᠷᠮᠢ ᠶ᠋ᠢᠨ ᠠᠩᠭᠢ ᠲᠠᠢ ᠪᠤᠲᠠ ᠴᠣᠬᠢᠭᠰᠠᠨ ᠤ᠋ ᠳᠠᠷᠠᠭ᠎ᠠ ᠰᠦᠬᠡᠪᠠᠭᠠᠲᠤᠷ ᠡᠷᠳᠡᠨᠢ ᠶ᠋ᠢ ᠬᠦᠷᠢᠶ᠎ᠡ ᠶ᠋ᠢᠨ ᠨᠥᠬᠥᠳ ᠲᠡᠢ ᠬᠣᠯᠪᠣᠭ᠎ᠠ ᠪᠠᠷᠢᠭᠤᠯᠬᠤ ᠪᠠᠷ ᠶᠠᠪᠤᠭᠤᠯᠵᠠᠢ᠃
ᠶᠠᠪᠤᠬᠤ ᠶ᠋ᠢᠨ ᠡᠮᠦᠨ᠎ᠡ ᠰᠦᠬᠡᠪᠠᠭᠠᠲᠤᠷ ᠡᠴᠡ ᠴᠢᠯᠥᠭᠡ ᠠᠪᠴᠤ ᠫᠧᠲ᠋ᠷ ᠲᠡᠢ ᠠᠭᠤᠯᠵᠠᠵᠤ᠂ ᠰᠠᠯᠤᠭᠰᠠᠨ ᠡᠴᠡ ᠬᠣᠢᠰᠢ ᠬᠣᠶᠠᠷ ᠪᠡᠶ᠎ᠡ ᠳ᠋ᠡᠭᠡᠨ ᠲᠣᠬᠢᠶᠠᠯᠳᠤᠭᠰᠠᠨ ᠤᠴᠠᠷᠠᠯ ᠢ᠋ ᠬᠠᠷᠢᠯᠴᠠᠨ ᠶᠠᠷᠢᠯᠴᠠᠪᠠ᠃
᠊᠊᠊᠊᠊᠊᠊᠊᠊᠊᠊᠊᠊᠊᠊ ᠡᠪᠦᠭᠡᠨ ᠴᠢᠨᠢ ᠴᠢᠨᠦ ᠥᠭᠭᠦᠭᠰᠡᠨ ᠮᠣᠷᠢ ᠶ᠋ᠢ ᠤᠨᠤᠵᠤ ᠬᠥᠰᠢᠶ᠎ᠡ ᠮᠣᠳᠣ ᠪᠠᠷ ᠳᠠᠮᠵᠢᠨ ᠪᠢᠰᠺ ᠣᠷᠣᠵᠤ ᠬᠤᠳᠠᠯᠳᠤᠭᠠᠳ ᠨᠤᠲᠤᠭ ᠲᠠᠭᠠᠨ ᠡᠰᠡᠨ ᠮᠡᠨᠳᠦ ᠬᠦᠷᠦᠭᠰᠡᠨ᠃ ᠣᠴᠢᠬᠤ ᠳ᠋ᠤ᠌ ᠬᠦᠦ ᠮᠢᠨᠢ ᠶᠠᠭ ᠯᠠ ᠴᠢᠨᠦ ᠬᠡᠯᠡᠳᠡᠭ ᠢ᠋ᠶ᠋ᠡᠷ ᠡᠬᠢᠯᠡᠭᠡᠳ ᠵᠢᠭᠠᠬᠠᠨ ᠪᠢᠰᠢᠭᠦᠷᠬᠡᠵᠦ ᠪᠠᠢᠭᠰᠠᠨ ᠢ᠋ᠶ᠋ᠠᠨ ᠲᠠᠨᠢᠭᠠᠳ ᠪᠦᠷ ᠰᠠᠯᠬᠤ ᠪᠠᠨ ᠪᠣᠯᠢᠭᠰᠠᠨ᠃ ᠭᠡᠲᠡᠯ᠎ᠡ ᠨᠠᠮ ᠨᠠᠮᠠᠶ᠋ᠢ ᠲᠡᠢᠨ ᠦ᠌ ᠲᠠᠯᠠᠪᠤᠷ ᠲᠤ᠌ ᠶᠠᠪᠤᠭᠤᠯᠵᠤ ᠬᠤᠪᠢᠰᠬᠠᠯ ᠤ᠋ᠨ ᠠᠵᠢᠯ ᠬᠢᠯᠭᠡᠭᠰᠡᠨ ᠭᠡᠵᠦ ᠡᠬᠢᠯᠡᠭᠡᠳ᠂ ᠵᠥᠪᠯᠡᠯᠲᠦ ᠤᠯᠤᠰ ᠢ᠋ ᠪᠠᠢᠭᠤᠯᠬᠤ ᠶᠡᠬᠡ ᠲᠡᠮᠡᠴᠡᠯ ᠳ᠋ᠦ᠍ ᠣᠷᠣᠯᠴᠠᠵᠤ ᠶᠠᠪᠤᠭᠰᠠᠨ ᠠᠮᠢᠳᠤᠷᠠᠯ ᠢ᠋ᠶ᠋ᠠᠨ ᠫᠧᠲ᠋ᠷ ᠶᠠᠷᠢᠯ᠎ᠠ᠃
ᠡᠷᠳᠡᠨᠢ ᠪᠣᠳᠣᠯᠬᠢᠯᠠᠨ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ᠄
᠊᠊᠊᠊᠊᠊᠊᠊᠊᠊᠊᠊᠊᠊᠊ ᠲᠠᠨ ᠤ᠋ ᠣᠷᠣᠰ ᠢ᠋ ᠴᠢᠨᠢ ᠥᠯᠥᠰᠬᠦᠯᠡᠩ᠂ ᠪᠥᠭᠡᠰᠦ ᠬᠣᠶᠠᠷ ᠲᠤ᠌ ᠪᠠᠷᠢᠭᠳᠠᠭᠠᠳ ᠲᠣᠭᠲᠠᠵᠤ ᠴᠢᠳᠠᠬᠤ ᠦᠭᠡᠢ ᠪᠣᠯᠤᠭᠰᠠᠨ ᠭᠡᠳ ᠶᠠᠷᠢᠬᠤ ᠶᠤᠮ ᠭᠡᠳ ᠫᠧᠲ᠋ᠷ ᠢ᠋ ᠬᠠᠷᠠᠯ᠎ᠠ᠃
᠊᠊᠊᠊᠊᠊᠊᠊᠊᠊᠊᠊᠊᠊᠊ ᠥᠯᠥᠰᠬᠦᠯᠡᠩ ᠪᠥᠭᠡᠰᠦ ᠬᠣᠶᠠᠷ ᠴᠤ᠌ ᠦᠨᠡᠬᠡᠷ ᠮᠠᠨᠠᠢ ᠳ᠋ᠤ᠌ ᠪᠣᠢ᠃ ᠪᠢᠳᠡ ᠨᠢᠭᠡ ᠦᠶ᠎ᠡ ᠰᠠᠨᠳᠤᠷᠤᠭᠰᠠᠨ ᠰᠢᠦ᠃ ᠵᠡᠪᠰᠡᠭ᠂ ᠬᠣᠭᠣᠯᠠ ᠳᠤᠲᠠᠭᠳᠠᠭᠠᠳ ᠪᠦᠬᠦ ᠶᠠᠭᠤᠮ᠎ᠠ ᠮᠢᠨᠢ ᠡᠪᠳᠡᠷᠡᠵᠦ᠂ ᠬᠡᠮᠬᠡᠷᠡᠭᠡᠳ ᠪᠠᠢᠬᠤ ᠳ᠋ᠤ᠌ ᠳᠡᠯᠡᠬᠡᠢ ᠶ᠋ᠢᠨ ᠠᠷᠪᠠᠨ ᠬᠡᠳᠦᠨ ᠲᠣᠮᠣ ᠭᠦᠷᠦᠨ ᠣᠷᠣᠰ ᠤ᠋ᠨ ᠴᠠᠭᠠᠨᠲᠠᠨ ᠲᠠᠢ ᠨᠡᠢᠯᠡᠭᠡᠳ ᠲᠠᠯ᠎ᠠ ᠪᠦᠷᠢ ᠡᠴᠡ ᠳᠠᠭᠠᠷᠢᠭᠰᠠᠨ᠃ ᠳᠠᠢᠰᠤᠨ ᠬᠦᠴᠦ ᠲᠡᠢ ᠪᠠᠢᠭᠰᠠᠨ ᠪᠣᠯᠪᠠᠴᠤ ᠪᠢᠳᠡ ᠲᠠᠢᠯᠵᠤ ᠭᠠᠷᠤᠭᠠᠳ ᠣᠳᠣ ᠲᠠ ᠨᠠᠷ ᠲᠤ᠌ ᠲᠤᠰᠠᠯᠠᠬᠤ ᠪᠠᠷ ᠢᠷᠡᠭᠡᠳ ᠪᠠᠢᠨ᠎ᠠ᠃ ᠵᠣᠪᠠᠯᠠᠩ ᠦᠵᠡᠭᠰᠡᠨ ᠬᠥᠮᠦᠨ ᠵᠣᠪᠠᠭᠰᠠᠨ ᠬᠥᠮᠦᠨ ᠳ᠋ᠦ᠍ ᠲᠤᠰᠠᠯᠠᠳᠠᠭ᠃ ᠣᠳᠣ ᠴᠤ᠌ ᠭᠡᠰᠡᠨ ᠪᠢᠳᠡᠨ ᠳ᠋ᠦ᠍ ᠬᠦᠨᠳᠦ ᠬᠡᠴᠡᠭᠦᠦ ᠪᠠᠢᠨ᠎ᠠ᠃ ᠭᠡᠪᠡᠴᠦ ᠬᠡᠳᠦᠨ ᠠᠷᠪᠠᠨ ᠵᠢᠯ ᠥᠩᠭᠡᠷᠡᠭᠰᠡᠨ ᠦ᠌ ᠳᠠᠷᠠᠭ᠎ᠠ ᠪᠢᠳᠡ ᠳᠡᠯᠡᠬᠡᠢ ᠶ᠋ᠢᠨ ᠬᠠᠮᠤᠭ ᠤ᠋ᠨ ᠬᠦᠴᠦᠷᠬᠡᠭ᠂ ᠬᠠᠮᠤᠭ ᠤ᠋ᠨ ᠰᠠᠢᠬᠠᠨ ᠤᠯᠤᠰ ᠪᠣᠯᠤᠨ᠎ᠠ ᠭᠡᠵᠦ ᠫᠧᠲ᠋ᠷ ᠢ᠋ ᠶᠠᠷᠢᠬᠤ ᠳ᠋ᠤ᠌ ᠡᠷᠳᠡᠨᠢ ᠤᠷᠢᠳᠤ ᠶ᠋ᠢᠨ ᠠᠳᠠᠯᠢ ᠰᠥᠷᠭᠡᠦᠯᠡᠭᠰᠡᠨ ᠦᠭᠡᠢ᠃
ᠠᠢᠯ ᠳ᠋ᠤ᠌ ᠵᠠᠷᠤᠭᠳᠠᠵᠤ᠂ ᠪᠠᠷᠢᠬᠤ ᠣᠯᠢᠭᠲᠠᠢᠬᠠᠨ ᠮᠣᠳᠣ ᠦᠭᠡᠢ ᠪᠠᠢᠬᠤ ᠳ᠋ᠠᠭᠠᠨ ᠣᠷᠣᠰ ᠤ᠋ᠨ ᠴᠠᠭᠠᠨ ᠬᠠᠭᠠᠨ ᠤ᠋ ᠲᠥᠷᠥ ᠶ᠋ᠢ ᠪᠤᠯᠢᠶᠠᠵᠤ ᠠᠪᠤᠨ᠎ᠠ ᠭᠡᠵᠦ ᠶᠠᠷᠢᠵᠤ ᠪᠠᠢᠭᠠᠳ ᠦᠨᠡᠬᠡᠷ ᠪᠤᠯᠢᠶᠠᠵᠤ ᠠᠪᠤᠭᠰᠠᠨ ᠡᠨᠡ ᠬᠥᠮᠦᠨ ᠦ᠌ ᠦᠭᠡᠨ ᠳ᠋ᠦ᠍ ᠦᠨᠡᠮᠰᠢᠬᠦ ᠦᠭᠡᠢ ᠵᠦᠢᠯ ᠡᠷᠳᠡᠨᠢ ᠳ᠋ᠦ᠍ ᠪᠠᠢᠭᠰᠠᠨ ᠦᠭᠡᠢ᠃
᠊᠊᠊᠊᠊᠊᠊᠊᠊᠊᠊᠊᠊᠊᠊ ᠣᠳᠣ ᠮᠠᠨ ᠤ᠋ ᠤᠯᠤᠰ ᠶᠣᠰᠣᠲᠠᠢ ᠨᠢᠭᠡ ᠤᠯᠤᠰ ᠪᠣᠯᠬᠤ ᠤᠤ? ᠭᠡᠵᠦ ᠡᠷᠳᠡᠨᠢ ᠶ᠋ᠢᠨ ᠠᠰᠠᠭᠤᠬᠤ ᠳ᠋ᠤ᠌ ᠫᠧᠲ᠋ᠷ ᠨᠥᠬᠥᠷ ᠢ᠋ ᠪᠡᠨ ᠴᠢᠩᠭ᠎ᠠ ᠲᠡᠪᠡᠷᠢᠵᠦ ᠬᠠᠴᠠᠷ ᠲᠤᠨᠢ ᠬᠠᠴᠠᠷ ᠢ᠋ᠶ᠋ᠠᠨ ᠨᠠᠭᠠᠭᠰᠠᠨ ᠢ᠋ᠶ᠋ᠠᠨ᠂
᠊᠊᠊᠊᠊᠊᠊᠊᠊᠊᠊᠊᠊᠊᠊ ᠶᠣᠰᠣᠲᠠᠢ ᠲᠤᠰᠠᠭᠠᠷ ᠲᠣᠭᠲᠠᠨᠢᠭᠰᠠᠨ ᠤᠯᠤᠰ ᠪᠣᠯᠤᠨ᠎ᠠ᠃ ᠭᠡᠬᠦ ᠳ᠋ᠡᠭᠡᠨ ᠬᠢᠬᠦ ᠶᠠᠭᠤᠮ᠎ᠠ ᠮᠠᠰᠢ ᠶᠡᠬᠡ ᠪᠠᠢᠨ᠎ᠠ᠂ ᠵᠠᠰᠠᠭ ᠢ᠋ ᠪᠠᠢᠯᠳᠤᠵᠤ ᠠᠪᠬᠤ ᠡᠴᠡ ᠰᠢᠨ᠎ᠡ ᠤᠯᠤᠰ ᠭᠡᠳᠡᠭ ᠢ᠋ ᠪᠠᠢᠭᠤᠯᠤᠨ ᠲᠣᠬᠣᠨᠢᠭᠤᠯᠬᠤ ᠢᠯᠡᠭᠦᠦ ᠲᠦᠪᠡᠭᠲᠡᠢ᠂ ᠨᠠᠷᠢᠨ ᠠᠵᠢᠯ ᠶᠤᠮ ᠰᠢᠦ᠃ ᠬᠡᠷᠪᠡ ᠲᠠ ᠨᠠᠷ ᠢ᠋ ᠬᠦᠰᠡᠪᠡᠯ ᠪᠢᠳᠡ ᠲᠤᠰᠠᠯᠠᠵᠤ ᠪᠣᠯᠤᠨ᠎ᠠ ᠭᠡᠯᠡ᠃
ᠡᠷᠳᠡᠨᠢ ᠫᠧᠲ᠋ᠷ ᠬᠣᠶᠠᠷ ᠦᠷ ᠦ᠋ᠨ ᠭᠡᠭᠡ ᠮᠠᠩᠬᠠᠢᠵᠤ ᠪᠠᠢᠬᠤ ᠳ᠋ᠤ᠌ ᠰᠠᠯᠪᠠ᠃ ᠲᠡᠷᠡ ᠥᠷᠯᠥᠭᠡ ᠡᠷᠳᠡᠨᠢ ᠬᠦᠷᠢᠶ᠎ᠡ ᠶ᠋ᠢᠨ ᠵᠦᠭ ᠬᠣᠣᠰ ᠮᠣᠷᠢ ᠲᠠᠢ ᠭᠠᠷᠴᠠᠢ᠃ ᠵᠠᠮ ᠳ᠋ᠠᠭᠠᠨ ᠣᠨᠴᠠ ᠶᠠᠭᠤᠮ᠎ᠠ ᠲᠣᠬᠢᠶᠠᠯᠳᠤᠯ ᠦᠭᠡᠢ ᠶᠠᠪᠤᠭᠰᠠᠭᠠᠷ ᠬᠦᠷᠢᠶ᠎ᠡ ᠳ᠋ᠦ᠍ ᠢᠷᠡᠵᠦ ᠵᠢᠭᠠᠭᠰᠠᠨ ᠬᠥᠮᠦᠨ ᠳ᠋ᠦ᠍ᠨᠢ ᠰᠦᠬᠡᠪᠠᠭᠠᠲᠤᠷ ᠤ᠋ᠨ ᠪᠢᠴᠢᠭ ᠢ᠋ ᠬᠦᠷᠭᠡᠵᠦ ᠥᠭᠭᠦᠯ᠎ᠡ᠃
ᠬᠦᠷᠢᠶᠡᠨ ᠦ᠌ ᠬᠤᠪᠢᠰᠬᠠᠯᠴᠢᠳ ᠪᠠᠷᠤᠨ ᠳ᠋ᠤ᠌ ᠪᠡᠶ᠎ᠡ ᠪᠡᠨ ᠬᠤᠳᠠᠯᠳᠤᠭᠰᠠᠨ ᠲᠣᠪᠴᠢᠨ ᠪᠠᠢᠰᠠ ᠶ᠋ᠢᠨ ᠲᠤᠬᠠᠢ ᠵᠢᠭᠰᠢᠨ ᠶᠠᠷᠢᠯᠴᠠᠵᠤ ᠲᠡᠭᠦᠨ ᠦ᠌ ᠭᠠᠷ ᠲᠤ᠌ ᠪᠠᠢᠭ᠎ᠠ ᠨᠢᠭᠡᠨ ᠴᠢᠬᠤᠯᠠ ᠪᠢᠴᠢᠭ ᠢ᠋ ᠬᠡᠷᠬᠢᠨ ᠠᠪᠬᠤ ᠲᠤᠬᠠᠢ ᠶᠠᠷᠢᠯᠴᠠᠵᠤ ᠪᠠᠢᠬᠤ ᠶ᠋ᠢ ᠰᠣᠨᠣᠰᠤᠭᠠᠳ 《ᠪᠢ ᠲᠡᠳᠡᠨ ᠦ᠌ ᠵᠠᠷᠤᠴᠠ ᠪᠠᠢᠭᠰᠠᠨ᠃ ᠲᠣᠪᠴᠢᠨ ᠢ᠋ ᠴᠦ᠍ ᠭᠡᠰᠡᠨ᠂ ᠡᠬᠡᠨᠡᠷ ᠢ᠋ ᠨᠢ ᠴᠦ᠍ ᠭᠡᠰᠡᠨ ᠰᠠᠢᠨ ᠲᠠᠨᠢᠨ᠎ᠠ᠃ ᠤᠤᠯ ᠪᠢᠴᠢᠭ ᠢ᠋ ᠰᠠᠯᠭᠠᠵᠤ ᠠᠪᠴᠤ ᠥᠭᠬᠦ ᠶ᠋ᠢ ᠣᠷᠣᠯᠳᠣᠶ᠎ᠠ》 ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠪᠠᠷᠤᠨ ᠡᠴᠡ ᠥᠨᠳᠥᠷ ᠲᠤᠰᠢᠶᠠᠯ ᠬᠦᠷᠲᠡᠭᠡᠳ᠂ ᠮᠠᠨᠠᠢᠬᠢᠨ ᠳ᠋ᠤ᠌ ᠪᠠᠭ᠎ᠠ ᠦᠭᠡᠢ ᠪᠠᠯᠠᠭ ᠲᠠᠷᠢᠭᠰᠠᠨ ᠵᠠᠯᠢ ᠲᠠᠢ ᠬᠥᠭᠰᠢᠨ ᠵᠥᠨᠥᠭ ᠪᠠᠢᠭ᠎ᠠ ᠶᠤᠮ ᠭᠡᠵᠦ ᠨᠢᠭᠡ ᠬᠥᠮᠦᠨ ᠬᠡᠯᠡᠪᠡ᠃
᠊᠊᠊᠊᠊᠊᠊᠊᠊᠊᠊᠊᠊᠊᠊ ᠶᠠᠭᠤᠨ ᠪᠢᠴᠢᠭ ᠶᠤᠮ ᠪᠣᠢ? ᠲᠠ ᠨᠠᠷ ᠰᠠᠢᠨ ᠬᠡᠯᠡᠵᠦ ᠠᠯᠢ᠃ ᠪᠢ ᠶᠠᠭᠠᠬᠢᠭᠠᠳ ᠴᠤ᠌ ᠭᠡᠰᠡᠨ ᠠᠪᠴᠢᠷᠠᠶ᠎ᠠ ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠪᠠᠷᠤᠨ ᠢᠯᠠᠭᠳᠠᠪᠠᠯ ᠪᠠᠷᠤᠨ ᠲᠠᠢ ᠨᠡᠢᠯᠡᠵᠦ ᠪᠠᠢᠭᠰᠠᠨ ᠨᠠᠢᠳᠠᠨ ᠸᠠᠩ ᠲᠦᠷᠦᠭᠦᠲᠡᠢ ᠬᠥᠮᠦᠰ ᠵᠢᠭᠤᠲᠠᠬᠤ ᠲᠤᠬᠠᠢ ᠪᠢᠴᠢᠭ ᠪᠠᠢᠭ᠎ᠠ ᠶᠤᠮ᠃ ᠣᠯᠵᠤ ᠢᠷᠡᠪᠡᠯ ᠶᠡᠬᠡ ᠲᠤᠰᠠ ᠲᠠᠢ ᠵᠦᠢᠯ ᠭᠡᠵᠦ ᠬᠦᠷᠡᠩ ᠲᠣᠷᠭᠠᠨ ᠳᠡᠪᠡᠯ ᠲᠡᠢ ᠨᠢᠭᠡ ᠵᠠᠯᠠᠭᠤ ᠬᠡᠯᠡᠪᠡ᠃
ᠦᠳᠡ ᠡᠴᠡ ᠬᠣᠢᠰᠢ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠬᠤ ᠦᠶ᠎ᠡ ᠳ᠋ᠦ᠍ ᠡᠷᠳᠡᠨᠢ ᠲᠣᠪᠴᠢᠨ ᠪᠠᠢᠰᠠ ᠶ᠋ᠢᠨ ᠳ᠋ᠦ᠍ ᠣᠴᠢᠪᠠ᠃ ᠪᠠᠢᠰᠠ ᠭᠡᠷ ᠲᠡᠭᠡᠨ ᠪᠠᠢᠭᠰᠠᠨ ᠦᠭᠡᠢ᠃ ᠬᠠᠷᠢᠨ ᠭᠡᠷᠡᠯ ᠡᠷᠳᠡᠨᠢ ᠶ᠋ᠢ ᠢᠷᠡᠭᠰᠡᠨ ᠳ᠋ᠦ᠍ ᠦᠯᠡᠮᠵᠢ ᠪᠠᠶᠠᠷᠯᠠᠨ᠄
᠊᠊᠊᠊᠊᠊᠊᠊᠊᠊᠊᠊᠊᠊᠊ ᠶᠠᠭᠤ ᠪᠣᠯᠤᠭᠠᠳ ᠣᠷᠣ ᠰᠤᠷᠠᠭ ᠦᠭᠡᠢ ᠠᠯᠠᠭ᠎ᠠ ᠪᠣᠯᠤᠭᠰᠠᠨ ᠪᠣᠢ᠃ ᠲᠠ ᠴᠢᠨᠢ ᠬᠥᠮᠦᠨ ᠢ᠋ ᠦᠷᠦ ᠡᠪᠡᠳᠳᠡᠭ ᠦᠭᠡᠢ ᠬᠥᠮᠦᠨ ᠪᠠᠢᠨ᠎ᠠ ᠭᠡᠵᠦ ᠭᠣᠮᠣᠳᠠᠯ ᠨᠡᠬᠡᠨ ᠤᠭᠲᠤᠯ᠎ᠠ᠃
᠊᠊᠊᠊᠊᠊᠊᠊᠊᠊᠊᠊᠊᠊᠊ ᠡᠨᠡ ᠦᠢᠮᠡᠭᠡᠨ ᠦ᠌ ᠴᠠᠭ ᠲᠤ᠌ ᠨᠠᠳᠠ ᠰᠢᠭ᠋ ᠬᠥᠮᠦᠨ ᠨᠢᠭᠡᠨ ᠭᠠᠵᠠᠷ ᠤᠳᠠᠭᠠᠨ ᠲᠣᠭᠲᠠᠵᠤ ᠪᠣᠯᠬᠤ ᠦᠭᠡᠢ ᠪᠠᠢᠨ᠎ᠠ ᠭᠡᠬᠦ ᠡᠴᠡ ᠥᠭᠡᠷ᠎ᠡ ᠦᠭᠡ ᠡᠷᠳᠡᠨᠢ ᠬᠡᠯᠡᠭᠰᠡᠨ ᠦᠭᠡᠢ᠃ ᠭᠡᠷᠡᠯ ᠴᠦ᠍ ᠰᠣᠨᠢᠷᠬᠠᠭᠰᠠᠨ ᠦᠭᠡᠢ᠃ ᠤᠴᠢᠷ ᠨᠢ ᠲᠡᠭᠦᠨ ᠳ᠋ᠦ᠍ ᠡᠷᠳᠡᠨᠢ ᠯᠡ ᠢᠷᠡᠭᠰᠡᠨ ᠬᠣᠢᠨ᠎ᠠ ᠶᠠᠭᠤ ᠪᠣᠯᠤᠭᠰᠠᠨ ᠨᠢ ᠫᠠᠳ ᠦᠭᠡᠢ ᠪᠠᠢᠯ᠎ᠠ᠃
ᠭᠡᠷᠡᠯ ᠬᠣᠭᠣᠯᠠ ᠤᠮᠳᠠ ᠠᠪᠴᠢᠷᠠᠭᠤᠯᠵᠤ ᠡᠷᠳᠡᠨᠢ ᠶ᠋ᠢ ᠳᠠᠢᠯᠠᠬᠤ ᠵᠠᠭᠤᠷ᠎ᠠ ᠲᠡᠭᠦᠨ ᠢ᠋ ᠠᠵᠢᠭᠯᠠᠨ ᠬᠠᠷᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠲᠠᠨ ᠤ᠋ ᠦᠰᠦ ᠴᠠᠢᠵᠤ ᠡᠬᠢᠯᠡᠭᠰᠡᠨ ᠪᠠᠢᠨ᠎ᠠ ᠭᠡᠳ ᠦᠭᠡ ᠳᠤᠤᠭᠠᠷᠬᠤ ᠶ᠋ᠢᠨ ᠵᠠᠪᠳᠤᠯ ᠥᠭᠭᠦᠯ ᠦᠭᠡᠢ ᠬᠣᠶᠠᠷ ᠭᠤᠷᠪᠠᠨ ᠰᠢᠷᠬᠡᠭ ᠴᠠᠭᠠᠨ ᠦᠰᠦ ᠲᠠᠰᠤᠯᠵᠤ ᠠᠪᠤᠯ᠎ᠠ᠃
᠊᠊᠊᠊᠊᠊᠊᠊᠊᠊᠊᠊᠊᠊᠊ ᠵᠣᠪᠠᠭᠰᠠᠨ ᠪᠤᠳᠤᠯᠢᠭᠰᠠᠨ ᠬᠥᠮᠦᠨ ᠦ᠌ ᠦᠰᠦ ᠴᠠᠢᠳᠠᠭ ᠶᠤᠮ ᠪᠣᠯ ᠮᠢᠨᠦᠬᠢ ᠴᠠᠢᠬᠤ ᠪᠣᠯᠤᠭᠰᠠᠨ ᠭᠡᠵᠦ ᠡᠷᠳᠡᠨᠢ ᠬᠡᠯᠡᠪᠡ᠃
ᠭᠡᠷᠡᠯ᠂ ᠡᠷᠳᠡᠨᠢ ᠶ᠋ᠢ ᠠᠵᠢᠭᠯᠠᠨ ᠬᠡᠰᠡᠭ ᠳᠠᠭᠤ ᠦᠭᠡᠢ ᠰᠠᠭᠤᠪᠠ᠃ ᠥᠷᠭᠡᠨ ᠮᠠᠩᠨᠠᠢ ᠳ᠋ᠤᠨᠢ ᠬᠣᠶᠠᠷ ᠤ᠋ᠨ ᠵᠡᠷᠭᠡ ᠦᠷᠴᠢᠯᠡᠭᠡ ᠪᠣᠢ ᠪᠣᠯᠤᠭᠰᠠᠨ ᠨᠢ ᠡᠷᠳᠡᠨᠢ ᠶ᠋ᠢ ᠤᠯᠠᠮ ᠴᠤ᠌ ᠰᠠᠢᠬᠠᠨ ᠪᠣᠯᠭᠠᠭᠰᠠᠨ ᠮᠡᠲᠦ ᠰᠠᠨᠠᠭᠳᠠᠪᠠ᠃
᠊᠊᠊᠊᠊᠊᠊᠊᠊᠊᠊᠊᠊᠊᠊ ᠲᠣᠪᠴᠢᠨ ᠶᠠᠭᠤ ᠬᠢᠵᠦ ᠪᠠᠢᠨ᠎ᠠ ᠳᠠ?
ᠭᠡᠷᠡᠯ ᠲᠣᠪᠴᠢᠨ ᠤ᠋ ᠴᠠᠭᠠᠨᠲᠠᠨ ᠲᠠᠢ ᠨᠡᠢᠯᠡᠵᠦ ᠪᠠᠢᠭ᠎ᠠ ᠶ᠋ᠢ ᠵᠢᠮᠡᠯᠡᠨ ᠶᠠᠷᠢᠭᠠᠳ᠄ 《ᠮᠢᠨᠦ ᠪᠣᠳᠣᠬᠤ ᠳ᠋ᠤ᠌ ᠶᠠᠭ ᠯᠠ ᠭᠠᠮᠢᠩ ᠲᠠᠢ ᠠᠳᠠᠯᠢ ᠳᠡᠭᠡᠷᠡᠮᠴᠢᠳ ᠪᠣᠯᠤᠯᠲᠠᠢ》 ᠭᠡᠵᠦ ᠬᠡᠯᠡᠪᠡ᠃
ᠭᠡᠷᠡᠯ ᠦ᠋ᠨ ᠡᠨᠡ ᠦᠭᠡᠨ ᠡᠴᠡ ᠭᠣᠭᠴᠣᠭᠠᠳᠠᠵᠤ ᠠᠪᠤᠭᠠᠳ ᠡᠷᠳᠡᠨᠢ᠂ ᠴᠠᠭᠠᠨᠲᠠᠨ ᠪᠣᠯ ᠮᠣᠩᠭᠣᠯ ᠢ᠋ ᠳᠡᠭᠡᠷᠡᠮᠳᠡᠬᠦ ᠪᠡᠷ ᠢᠷᠡᠭᠰᠡᠨ ᠵᠠᠨᠳᠠᠯᠴᠢᠳ ᠭᠡᠳᠡᠭ ᠢ᠋ ᠶᠠᠷᠢᠭᠰᠠᠨ ᠢ᠋ᠶ᠋ᠠᠷ ᠪᠠᠷᠠᠬᠤ ᠦᠭᠡᠢ ᠡᠳᠡᠨ ᠢ᠋ ᠬᠥᠭᠡᠭᠡᠬᠦ ᠬᠦᠴᠦ ᠪᠣᠢ ᠪᠣᠯᠵᠤ ᠪᠠᠢᠭ᠎ᠠ᠃ ᠲᠡᠷᠡ ᠬᠦᠴᠦᠨ ᠳ᠋ᠦ᠍ ᠮᠣᠩᠭᠣᠯ ᠬᠥᠮᠦᠨ ᠪᠦᠬᠦᠨ ᠲᠤᠰᠠᠯᠠᠬᠤ ᠬᠡᠷᠡᠭᠲᠡᠢ ᠭᠡᠵᠦ ᠶᠠᠷᠢᠯ᠎ᠠ᠃
ᠬᠡᠦᠬᠡᠨ ᠪᠠᠬᠠᠨ ᠳᠠᠭᠤ ᠦᠭᠡᠢ ᠪᠣᠳᠣᠯ ᠪᠣᠯᠤᠨ ᠰᠠᠭᠤᠭᠰᠠᠨ ᠢ᠋ᠶ᠋ᠠᠨ᠂
᠊᠊᠊᠊᠊᠊᠊᠊᠊᠊᠊᠊᠊᠊᠊ ᠨᠠᠳᠠ ᠰᠢᠭ᠋ ᠨᠢ ᠶᠠᠭᠤ ᠪᠠᠷ ᠲᠤᠰᠠᠯᠠᠬᠤ ᠪᠢᠯᠡ ᠳᠠ ᠭᠡᠯᠡ᠃
᠊᠊᠊᠊᠊᠊᠊᠊᠊᠊᠊᠊᠊᠊᠊ ᠠᠷᠠᠳ ᠤ᠋ᠨ ᠨᠠᠮ ᠪᠠᠢᠭᠤᠯᠤᠭᠳᠠᠭᠠᠳ ᠬᠢᠶᠠᠭᠲᠤ ᠳ᠋ᠤ᠌ ᠪᠠᠢᠭᠰᠠᠨ ᠭᠠᠮᠢᠩ ᠢ᠋ ᠬᠥᠭᠡᠭᠡᠵᠦ᠂ ᠠᠷᠠᠳ ᠤ᠋ᠨ ᠲᠦᠷ ᠵᠠᠰᠠᠭ ᠤ᠋ᠨ ᠭᠠᠵᠠᠷ ᠪᠠᠢᠭᠤᠯᠤᠭᠳᠠᠭᠰᠠᠨ ᠢ᠋ ᠴᠢ ᠰᠣᠨᠣᠰᠤᠭᠰᠠᠨ ᠤᠤ?
᠊᠊᠊᠊᠊᠊᠊᠊᠊᠊᠊᠊᠊᠊᠊ ᠲᠣᠪᠴᠢᠨ ᠤ᠋ ᠶᠠᠷᠢᠵᠤ ᠪᠠᠢᠬᠤ ᠶ᠋ᠢ ᠰᠣᠨᠣᠰᠤᠭᠰᠠᠨ᠃ ᠪᠤᠷᠬᠠᠨ ᠱᠠᠰᠢᠨ ᠦᠭᠡᠢ ᠠᠢᠬᠤᠪᠲᠤᠷ ᠯᠠ ᠤᠯᠤᠰ ᠭᠡᠨ᠎ᠡ ᠪᠢᠯᠡ᠃
᠊᠊᠊᠊᠊᠊᠊᠊᠊᠊᠊᠊᠊᠊᠊ ᠲᠡᠢᠮᠦ ᠪᠢᠰᠢ᠂ ᠭᠡᠷᠡᠯ ᠮᠢᠨᠢ! ᠪᠢ ᠲᠡᠷᠡ ᠨᠠᠮ ᠤ᠋ᠨ ᠬᠥᠮᠦᠨ ᠰᠢᠦ ᠳᠡ᠃ ᠪᠠᠰᠠ ᠲᠠᠷᠵᠠ ᠪᠠᠭᠠᠲᠤᠷ ᠲᠡᠨᠳᠡ ᠪᠣᠢ ᠭᠡᠳ ᠡᠷᠳᠡᠨᠢ ᠭᠡᠷᠡᠯ ᠤᠷᠤᠭᠤ ᠰᠢᠷᠲᠡᠪᠡ᠃
᠊᠊᠊᠊᠊᠊᠊᠊᠊᠊᠊᠊᠊᠊᠊ ᠦᠨᠡᠨ ᠤᠤ?
᠊᠊᠊᠊᠊᠊᠊᠊᠊᠊᠊᠊᠊᠊᠊ ᠪᠢ ᠴᠢᠮ᠎ᠠ ᠳ᠋ᠤ᠌ ᠬᠤᠳᠠᠯ ᠬᠡᠯᠡᠬᠦ ᠦᠭᠡᠢ᠃
᠊᠊᠊᠊᠊᠊᠊᠊᠊᠊᠊᠊᠊᠊᠊ ᠲᠡᠢᠮᠦ ᠳᠡ᠂ ᠲᠠ ᠬᠤᠳᠠᠯ ᠬᠡᠯᠡᠬᠦ ᠦᠭᠡᠢ ᠪᠠᠢᠬ᠎ᠠ ᠭᠡᠳ ᠭᠡᠷᠡᠯ ᠰᠠᠨᠠᠭ᠎ᠠ ᠠᠯᠳᠠᠭᠰᠠᠨ ᠢ᠋ᠶ᠋ᠠᠨ᠄ 《ᠲᠣᠪᠴᠢᠨ ᠳ᠋ᠤ᠌ ᠠᠷᠠᠳ ᠤ᠋ᠨ ᠨᠠᠮ ᠤ᠋ᠨ ᠬᠥᠮᠦᠨ ᠭᠡᠳᠡᠭ ᠢ᠋ᠶ᠋ᠡᠨ ᠮᠡᠳᠡᠭᠳᠡᠪᠡᠯ ᠠᠮᠢ ᠦᠭᠡᠢ ᠭᠡᠰᠡᠨ ᠦᠭᠡ ᠰᠢᠦ ᠳᠡ》 ᠭᠡᠯᠡ᠃
᠊᠊᠊᠊᠊᠊᠊᠊᠊᠊᠊᠊᠊᠊᠊ ᠲᠡᠭᠦᠨ ᠢ᠋ ᠪᠢ ᠰᠠᠢᠨ ᠮᠡᠳᠡᠨ᠎ᠡ᠃ ᠬᠠᠷᠢᠨ ᠴᠢ ᠨᠢᠭᠡ ᠲᠤᠰᠠ ᠪᠣᠯᠬᠤ ᠦᠭᠡᠢ ᠤᠤ?
᠊᠊᠊᠊᠊᠊᠊᠊᠊᠊᠊᠊᠊᠊᠊ ᠶᠠᠭᠤ ᠪᠠᠷ?
᠊᠊᠊᠊᠊᠊᠊᠊᠊᠊᠊᠊᠊᠊᠊ ᠲᠣᠪᠴᠢᠨ ᠳ᠋ᠤ᠌ ᠨᠢᠭᠡ ᠴᠢᠬᠤᠯᠠ ᠪᠢᠴᠢᠭ ᠪᠠᠢᠳᠠᠭ ᠶᠤᠮ᠃ ᠲᠡᠭᠦᠨ ᠢ᠋ ᠪᠢᠳᠡᠨ ᠳ᠋ᠦ᠍ ᠣᠯᠵᠤ ᠥᠭᠪᠡᠯ ᠦᠯᠡᠮᠵᠢ ᠲᠤᠰᠠ ᠪᠣᠯᠬᠤ ᠪᠠᠢᠨ᠎ᠠ᠃
᠊᠊᠊᠊᠊᠊᠊᠊᠊᠊᠊᠊᠊᠊᠊ ᠪᠢ ᠶᠠᠮᠠᠷ ᠪᠢᠴᠢᠭ ᠮᠡᠳᠡᠬᠦ ᠪᠢᠰᠢ᠂ ᠣᠯᠠᠨ ᠯᠠ ᠪᠢᠴᠢᠭ ᠪᠠᠢᠳᠠᠭ ᠶᠤᠮ᠃
᠊᠊᠊᠊᠊᠊᠊᠊᠊᠊᠊᠊᠊᠊᠊ ᠬᠣᠶᠠᠭᠤᠯᠠ ᠬᠠᠮᠲᠤ ᠦᠵᠡᠶ᠎ᠡ᠃
ᠭᠡᠷᠡᠯ ᠬᠠᠷᠢᠭᠤ ᠳᠤᠤᠭᠠᠷᠤᠯ ᠦᠭᠡᠢ ᠨᠡᠯᠢᠶᠡᠳ ᠰᠠᠭᠤᠭᠰᠠᠨ ᠢ᠋ᠶ᠋ᠠᠨ ᠪᠣᠰᠴᠤ 《ᠲᠠᠨ ᠤ᠋ ᠲᠥᠯᠥᠭᠡ ᠪᠢ ᠶᠠᠭᠤ ᠬᠢᠬᠦ ᠡᠴᠡ ᠴᠦ᠍ ᠪᠤᠴᠠᠬᠤ ᠦᠭᠡᠢ》 ᠭᠡᠯᠡ᠃
᠊᠊᠊᠊᠊᠊᠊᠊᠊᠊᠊᠊᠊᠊᠊ ᠭᠡᠷᠡᠯ ᠮᠢᠨᠢ ᠵᠥᠪᠬᠡᠨ ᠮᠢᠨᠦ ᠲᠥᠯᠥᠭᠡ ᠪᠢᠰᠢ᠂ ᠵᠣᠪᠠᠭᠰᠠᠨ ᠮᠣᠩᠭᠣᠯ ᠣᠷᠣᠨ ᠤ᠋ ᠲᠥᠯᠥᠭᠡ ᠶᠤᠮ ᠰᠢᠦ᠃
᠊᠊᠊᠊᠊᠊᠊᠊᠊᠊᠊᠊᠊᠊᠊ ᠪᠢ ᠯᠡ ᠲᠠᠨ ᠤ᠋ ᠲᠥᠯᠥᠭᠡ ᠭᠡᠵᠦ ᠬᠢᠶ᠎ᠡ᠃ ᠬᠠᠷᠢᠨ ᠲᠠ ᠬᠡᠨ ᠦ᠌ ᠲᠥᠯᠥᠭᠡ ᠭᠡᠵᠦ ᠬᠢᠬᠦ ᠪᠡᠨ ᠥᠪᠡᠷ ᠢ᠋ᠶ᠋ᠡᠨ ᠮᠡᠳᠡ ᠭᠡᠳ ᠡᠷᠳᠡᠨᠢ ᠲᠡᠢ ᠬᠠᠮᠲᠤ ᠲᠣᠪᠴᠢᠨ ᠤ᠋ ᠪᠢᠴᠢᠭ ᠰᠡᠯᠲᠡ ᠶ᠋ᠢ ᠨᠡᠩᠵᠢᠵᠦ ᠦᠵᠡᠭᠰᠡᠨ ᠪᠣᠯᠪᠠᠴᠤ ᠬᠡᠷᠡᠭ ᠲᠡᠢ ᠶᠠᠭᠤᠮ᠎ᠠ ᠪᠠᠨ ᠣᠯᠤᠭᠰᠠᠨ ᠦᠭᠡᠢ᠃
᠊᠊᠊᠊᠊᠊᠊᠊᠊᠊᠊᠊᠊᠊᠊ ᠥᠪᠡᠷ ᠢ᠋ᠶ᠋ᠡᠨ ᠨᠢᠭᠡ ᠬᠠᠪᠲᠠᠰᠤ ᠲᠠᠢ ᠪᠢᠴᠢᠭ ᠡᠴᠡ ᠣᠭᠲᠣ ᠰᠠᠯᠳᠠᠭ ᠦᠭᠡᠢ᠂ ᠲᠡᠭᠦᠨ ᠳ᠋ᠦ᠍ ᠯᠡ ᠪᠠᠢᠭ᠎ᠠ ᠪᠠᠢᠬ᠎ᠠ ᠳᠠ᠃
ᠣᠷᠣᠢ ᠪᠣᠯᠵᠤ ᠬᠣᠭᠣᠯᠠ ᠢᠳᠡᠵᠦ ᠪᠠᠢᠲᠠᠯ᠎ᠠ ᠲᠣᠪᠴᠢᠨ ᠣᠷᠣᠵᠤ ᠢᠷᠡᠭᠡᠳ ᠡᠷᠳᠡᠨᠢ ᠶ᠋ᠢ ᠬᠠᠷᠠᠮᠠᠭᠴᠠ ᠴᠢᠷᠠᠢ ᠨᠢ ᠪᠠᠷᠤᠢᠰᠬᠢᠭᠡᠳ᠄ 《ᠡᠨ ᠡᠷᠳᠡᠨᠢ ᠬᠠᠮᠢᠭ᠎ᠠ ᠡᠴᠡ ᠭᠠᠷᠤᠭᠠᠳ ᠢᠷᠡᠳᠡᠭ ᠪᠢᠯᠡ?》 ᠭᠡᠵᠦ ᠠᠰᠠᠭᠤᠪᠠ᠃
ᠡᠷᠳᠡᠨᠢ᠄ 《ᠭᠠᠮᠢᠩ ᠳ᠋ᠤ᠌ ᠪᠠᠷᠢᠭᠳᠠᠵᠤ ᠬᠠᠲᠠᠭᠤ ᠠᠵᠢᠯ ᠬᠢᠭᠰᠡᠭᠡᠷ ᠪᠠᠷᠤᠨ ᠤ᠋ ᠴᠡᠷᠢᠭ ᠦ᠋ᠨ ᠠᠴᠢ ᠪᠠᠷ ᠰᠤᠯᠠᠯᠠᠭᠳᠠᠵᠤ ᠢᠷᠡᠭᠰᠡᠨ》 ᠭᠡᠵᠦ ᠶᠠᠷᠢᠪᠠ᠃
ᠲᠣᠪᠴᠢᠨ ᠡᠷᠳᠡᠨᠢ ᠶ᠋ᠢᠨ ᠡᠨᠡ ᠦᠭᠡᠨ ᠳ᠋ᠦ᠍ ᠦᠨᠡᠮᠰᠢᠭᠰᠡᠨ ᠦᠭᠡᠢ ᠬᠠᠷᠢᠨ ᠲᠡᠭᠦᠨ ᠢ᠋ ᠰᠡᠵᠢᠭᠯᠡᠵᠦ ᠪᠠᠢᠯ᠎ᠠ᠃ ᠭᠡᠬᠦ ᠳ᠋ᠡᠭᠡᠨ ᠠᠶᠤᠭᠠᠳ ᠶᠠᠭᠠᠬᠢᠬᠤ ᠠᠷᠭ᠎ᠠ ᠪᠠᠨ ᠣᠯᠬᠤ ᠦᠭᠡᠢ ᠳᠡᠮᠡᠢ ᠯᠡ ᠡᠯᠳᠡᠪ ᠢ᠋ ᠠᠰᠠᠭᠤᠨ ᠪᠠᠢᠴᠠᠭᠠᠵᠤ ᠪᠠᠢᠪᠠ᠃ 《ᠬᠡᠷᠪᠡ ᠡᠨᠡ ᠡᠷᠳᠡᠨᠢ ᠤᠯᠠᠭᠠᠨ ᠤ᠋ ᠲᠠᠩᠨᠠᠭᠤᠯ ᠪᠣᠯ ᠨᠠᠮᠠᠶ᠋ᠢ ᠬᠥᠳᠡᠯᠪᠡᠯ ᠪᠠᠷᠢᠵᠤ ᠠᠪᠤᠭᠠᠳ ᠶᠠᠭᠠᠬᠢᠵᠤ ᠴᠤ᠌ ᠮᠠᠭᠠᠳ᠃ ᠡᠭᠦᠨ ᠦ᠌ ᠴᠢᠳᠠᠯ ᠬᠠᠢᠨᠤᠭ ᠤ᠋ᠨ ᠱᠠᠷ ᠰᠢᠭ᠋᠃ ᠶᠠᠭᠤ ᠴᠤ᠌ ᠭᠡᠰᠡᠨ ᠢᠩᠭᠢᠭᠡᠳ ᠯᠡ ᠰᠠᠭᠤᠵᠤ ᠪᠠᠢᠶ᠎ᠠ᠃ ᠨᠢᠭᠡ ᠤᠴᠢᠷ ᠨᠢ ᠣᠯᠳᠠᠬᠤ ᠪᠠᠢᠬ᠎ᠠ》 ᠭᠡᠵᠦ ᠳᠣᠲᠣᠷ᠎ᠠ ᠪᠠᠨ ᠪᠣᠳᠣᠯ᠎ᠠ᠃
ᠣᠷᠣᠨ ᠤ᠋ ᠲᠣᠯᠣᠭᠠᠢ ᠶ᠋ᠢᠨ ᠵᠢᠵᠢᠭ ᠰᠢᠷᠡᠭᠡᠨ ᠳᠡᠭᠡᠷ᠎ᠡ ᠲᠠᠯᠪᠢᠭᠰᠠᠨ ᠬᠠᠪᠲᠠᠰᠤ ᠲᠠᠢ ᠪᠢᠴᠢᠭ ᠡᠷᠳᠡᠨᠢ ᠶ᠋ᠢᠨ ᠨᠢᠳᠦᠨ ᠳ᠋ᠦ᠍ ᠪᠠᠢᠨ ᠪᠠᠢᠨ ᠲᠤᠰᠪᠠᠴᠤ ᠡᠷᠳᠡᠨᠢ ᠰᠡᠵᠢᠭ ᠠᠪᠬᠠᠭᠤᠯᠬᠤ ᠦᠭᠡᠢ ᠶ᠋ᠢ ᠬᠢᠴᠢᠶᠡᠨ ᠪᠠᠢᠯ᠎ᠠ᠃ ᠲᠣᠪᠴᠢᠨ ᠢ᠋ ᠬᠦᠯᠢᠵᠦ ᠣᠷᠬᠢᠭᠠᠳ ᠬᠠᠪᠲᠠᠰᠤ ᠶ᠋ᠢ ᠦᠵᠡᠵᠦ ᠪᠣᠯᠬᠤ ᠮᠡᠲᠦ᠃ ᠭᠡᠲᠡᠯ᠎ᠡ ᠤᠤᠯ ᠪᠢᠴᠢᠭ ᠪᠠᠢᠬᠤ ᠦᠭᠡᠢ ᠪᠣᠯ ᠶᠠᠮᠠᠷ ᠴᠤ᠌ ᠠᠰᠢᠭ ᠦᠭᠡᠢ ᠪᠡᠷ ᠪᠠᠷᠠᠬᠤ ᠦᠭᠡᠢ ᠬᠣᠣᠷ ᠪᠣᠯᠤᠨ᠎ᠠ ᠭᠡᠵᠦ ᠡᠷᠳᠡᠨᠢ ᠲᠦᠮᠡᠨ ᠵᠦᠢᠯ ᠦ᠋ᠨ ᠶᠠᠭᠤᠮ᠎ᠠ ᠪᠣᠳᠣᠵᠤ ᠪᠠᠢᠪᠠ᠃
ᠭᠡᠷᠡᠯ ᠠᠢᠷᠠᠭ ᠠᠪᠴᠢᠷᠠᠭᠤᠯᠬᠤ ᠪᠠᠷ ᠭᠠᠷᠬᠤ ᠳ᠋ᠤ᠌ ᠲᠣᠪᠴᠢᠨ ᠡᠷᠳᠡᠨᠢ ᠶ᠋ᠢ ᠬᠤᠯᠠᠭᠠᠢ ᠨᠢᠳᠦ ᠪᠡᠷ ᠠᠵᠢᠭᠯᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠡᠷᠳᠡᠨᠢ ᠮᠢᠨᠢ ᠴᠢ ᠪᠢᠳᠡ ᠬᠣᠶᠠᠷ ᠭᠡᠮ ᠦᠭᠡᠢ ᠶᠠᠪᠤᠭᠰᠠᠨ ᠰᠢᠦ ᠳᠡ ᠭᠡᠯᠡ᠃
᠊᠊᠊᠊᠊᠊᠊᠊᠊᠊᠊᠊᠊᠊᠊ ᠲᠠ ᠨᠠᠮᠠᠶ᠋ᠢ ᠬᠠᠷᠠᠳᠠᠭᠠᠳ ᠪᠠᠢᠨ᠎ᠠ ᠤᠤ ᠳᠠ ᠭᠡᠵᠦ ᠡᠷᠳᠡᠨᠢ ᠲᠠᠢᠪᠤᠩ ᠬᠡᠯᠡᠪᠡ᠃
᠊᠊᠊᠊᠊᠊᠊᠊᠊᠊᠊᠊᠊᠊᠊ ᠤᠯᠠᠭᠠᠨ ᠤ᠋ ᠬᠢᠨ ᠭᠡᠳᠡᠭ ᠴᠢᠨᠢ ᠨᠠᠮᠤᠷ ᠤ᠋ᠨ ᠵᠠᠩᠭᠤᠤ ᠭᠡᠰᠡᠨ ᠦᠭᠡ ᠭᠡᠳ ᠪᠠᠷᠤᠨ ᠤ᠋ ᠬᠢᠨ ᠦ᠌ ᠬᠦᠴᠦ ᠴᠢᠳᠠᠯ᠂ ᠮᠡᠷᠭᠡᠨ ᠤᠬᠠᠭᠠᠨ᠂ ᠠᠴᠢ ᠲᠤᠰᠠ ᠶ᠋ᠢ ᠮᠠᠭᠲᠠᠪᠠ᠃
ᠭᠡᠷᠡᠯ ᠠᠢᠷᠠᠭ ᠠᠪᠴᠢᠷᠠᠭᠤᠯᠪᠠ᠃
《ᠶᠠᠭᠤ ᠴᠤ᠌ ᠯᠠ ᠭᠡᠰᠡᠨ ᠨᠣᠶᠠᠨ ᠰᠠᠫᠣᠢ᠌ᠯᠯᠤ᠋ ᠳ᠋ᠤ᠌ ᠬᠡᠯᠡᠵᠦ ᠡᠭᠦᠨ ᠢ᠋ ᠪᠠᠢᠴᠠᠭᠠᠯᠭᠠᠬᠤ ᠨᠢ ᠵᠥᠪ᠃ ᠭᠡᠪᠡᠴᠦ ᠪᠢ ᠶᠠᠭᠠᠬᠢᠵᠤ ᠮᠡᠳᠡᠭᠡ ᠥᠭᠬᠦ ᠪᠣᠢ᠃ ᠠᠷᠭᠠᠯᠠᠵᠤ ᠪᠠᠢᠭᠠᠳ ᠨᠢᠭᠡ ᠭᠠᠷᠬᠤ ᠤᠤ》 ᠭᠡᠬᠦ ᠵᠡᠷᠭᠡ ᠪᠡᠷ ᠪᠣᠳᠣᠪᠠᠴᠤ ᠴᠣᠬᠣᠮ ᠬᠡᠷᠬᠢᠨ ᠭᠠᠷᠬᠤ ᠠᠷᠭ᠎ᠠ ᠲᠣᠪᠴᠢᠨ ᠳ᠋ᠤ᠌ ᠣᠯᠳᠠᠭᠰᠠᠨ ᠦᠭᠡᠢ᠃
᠊᠊᠊᠊᠊᠊᠊᠊᠊᠊᠊᠊᠊᠊᠊ ᠪᠢ ᠭᠠᠠᠵᠠ ᠬᠠᠯᠠᠭᠠᠯᠭᠠᠭᠰᠠᠨ᠃ ᠣᠳᠣ ᠪᠣᠯᠵᠤ ᠪᠠᠢᠭ᠎ᠠ ᠪᠠᠢᠬ᠎ᠠ᠃ ᠴᠢ ᠬᠡᠯᠡᠭᠡᠳ ᠠᠪᠴᠢᠷᠠᠭᠤᠯ ᠭᠡᠵᠦ ᠭᠡᠷᠡᠯ ᠦ᠋ᠨ ᠬᠡᠯᠡᠬᠦ ᠳ᠋ᠦ᠍ ᠲᠣᠪᠴᠢᠨ ᠦᠭᠡ ᠳᠤᠤᠭᠠᠷᠤᠯ ᠦᠭᠡᠢ ᠪᠣᠰᠪᠠ᠃
ᠲᠣᠪᠴᠢᠨ ᠶᠠᠭᠤᠨ ᠤ᠋ ᠡᠮᠦᠨ᠎ᠡ ᠨᠢᠭᠡ ᠵᠠᠷᠤᠴᠠ ᠳ᠋ᠠᠭᠠᠨ ᠪᠢᠴᠢᠭ ᠬᠢᠵᠦ ᠥᠭᠭᠦᠭᠡᠳ ᠰᠠᠫᠣᠢ᠌ᠯᠯᠤ᠋ ᠤᠷᠤᠭᠤ ᠶᠠᠪᠤᠭᠤᠯᠪᠠ᠃ ᠭᠡᠪᠡᠴᠦ ᠡᠨᠡ ᠬᠣᠭᠣᠷᠣᠨᠳᠣ ᠬᠡᠷᠡᠭ ᠲᠡᠢ ᠪᠢᠴᠢᠭ ᠡᠷᠳᠡᠨᠢ ᠶ᠋ᠢᠨ ᠡᠪᠦᠷ ᠲᠦ᠍ ᠣᠷᠣᠭᠰᠠᠨ ᠢ᠋ᠶ᠋ᠠᠷ ᠪᠠᠷᠠᠬᠤ ᠦᠭᠡᠢ ᠬᠠᠰᠢᠶᠠᠨ ᠤ᠋ ᠬᠠᠭᠠᠯᠭ᠎ᠠ ᠳᠤᠤᠭᠠᠷᠤᠨ ᠬᠡᠨ ᠨᠢᠭᠡᠨ ᠬᠥᠮᠦᠨ ᠭᠠᠷᠬᠤ ᠴᠢᠮᠡᠭᠡ ᠶ᠋ᠢ ᠡᠷᠳᠡᠨᠢ ᠰᠣᠨᠣᠰᠪᠠ᠃
᠊᠊᠊᠊᠊᠊᠊᠊᠊᠊᠊᠊᠊᠊᠊ ᠲᠣᠪᠴᠢᠨ ᠬᠥᠮᠦᠨ ᠶᠠᠪᠤᠭᠤᠯᠪᠠ ᠪᠣᠯᠤᠯᠲᠠᠢ ᠭᠡᠵᠦ ᠡᠷᠳᠡᠨᠢ ᠶ᠋ᠢᠨ ᠬᠡᠯᠡᠬᠦ ᠳ᠋ᠦ᠍ ᠭᠡᠷᠡᠯ ᠳᠤᠤᠭᠠᠷᠤᠯ ᠦᠭᠡᠢ ᠭᠦᠶᠦᠨ ᠭᠠᠷᠤᠭᠰᠠᠨ ᠢ᠋ᠶ᠋ᠠᠨ ᠤᠳᠠᠯ ᠦᠭᠡᠢ ᠪᠤᠴᠠᠵᠤ ᠢᠷᠡᠭᠡᠳ᠂
᠊᠊᠊᠊᠊᠊᠊᠊᠊᠊᠊᠊᠊᠊᠊ ᠲᠡᠢᠮᠦ ᠪᠣᠯᠤᠯᠲᠠᠢ᠃ ᠮᠣᠷᠢ ᠨᠢ ᠪᠠᠢᠬᠤ ᠦᠭᠡᠢ ᠭᠡᠯᠡ᠃
᠊᠊᠊᠊᠊᠊᠊᠊᠊᠊᠊᠊᠊᠊᠊ ᠣᠳᠣ ᠪᠢ ᠶᠠᠪᠤᠬᠤ ᠦᠭᠡᠢ ᠪᠣᠯ ᠪᠣᠯᠬᠤ ᠦᠭᠡᠢ ᠭᠡᠳ ᠡᠷᠳᠡᠨᠢ ᠬᠥᠳᠡᠯᠬᠦ ᠭᠡᠲᠡᠯ᠎ᠡ ᠭᠡᠷᠡᠯ ᠣᠢᠷᠠᠲᠤᠨ ᠢᠷᠡᠵᠦ ᠨᠢᠳᠦᠨ ᠡᠴᠡ ᠨᠢ ᠨᠢᠯᠪᠤᠰᠤ ᠤᠨᠳᠤᠷᠤᠨ ᠭᠠᠷᠴᠤ᠄
᠊᠊᠊᠊᠊᠊᠊᠊᠊᠊᠊᠊᠊᠊᠊ ᠨᠠᠮᠠᠶ᠋ᠢ ᠨᠢᠭᠡ ᠴᠦ᠍ ᠪᠣᠯᠤᠭᠰᠠᠨ ᠦᠨᠦᠰᠦᠭᠡᠴᠢ ᠭᠡᠯᠡ᠃
᠊᠊᠊᠊᠊᠊᠊᠊᠊᠊᠊᠊᠊᠊᠊ ᠴᠢᠨᠦ ᠲᠤᠰᠠ ᠶ᠋ᠢ ᠮᠠᠷᠲᠠᠬᠤ ᠦᠭᠡᠢ ᠭᠡᠳ ᠡᠷᠳᠡᠨᠢ ᠭᠡᠷᠡᠯ ᠢ᠋ ᠴᠢᠩᠭ᠎ᠠ ᠲᠡᠪᠡᠷᠢᠨ ᠠᠪᠴᠤ ᠤᠷᠤᠭᠤᠯ ᠳᠡᠭᠡᠷ᠎ᠡ ᠨᠢ ᠦᠨᠦᠰᠦᠭᠡᠳ᠄
᠊᠊᠊᠊᠊᠊᠊᠊᠊᠊᠊᠊᠊᠊᠊ ᠪᠢ ᠠᠮᠢᠳᠤ ᠮᠡᠨᠳᠦ ᠢᠷᠡᠪᠡᠯ ᠠᠭᠤᠯᠵᠠᠨ᠎ᠠ ᠭᠡᠳ ᠭᠠᠷᠤᠯ᠎ᠠ᠃
᠊᠊᠊᠊᠊᠊᠊᠊᠊᠊᠊᠊᠊᠊᠊ ᠪᠢ ᠲᠠᠨ ᠢ᠋ ᠬᠦᠯᠢᠶᠡᠶ᠎ᠡ ᠭᠡᠳ ᠭᠡᠷᠡᠯ ᠬᠣᠴᠣᠷᠪᠠ᠃
ᠭᠡᠷᠡᠯ ᠦ᠋ᠨ ᠴᠢᠷᠠᠢ ᠪᠠᠶᠠᠷ ᠵᠢᠷᠭᠠᠯ ᠢ᠋ᠶ᠋ᠠᠨ ᠪᠠᠭᠲᠠᠭᠠᠵᠤ ᠶᠠᠳᠠᠨ᠂ ᠬᠠᠴᠠᠷ ᠨᠢ ᠤᠯᠠᠢᠷᠠᠨ ᠰᠡᠳᠬᠢᠯ ᠨᠢ ᠳᠣᠭᠳᠣᠯᠤᠨ ᠪᠠᠢᠯ᠎ᠠ᠃ ᠭᠡᠪᠡᠴᠦ ᠲᠡᠭᠦᠨ ᠦ᠌ ᠡᠨᠡ ᠵᠢᠷᠭᠠᠯ ᠤᠳᠠᠭᠰᠠᠨ ᠦᠭᠡᠢ᠃
ᠲᠣᠪᠴᠢᠨ ᠢ᠋ ᠭᠡᠷ ᠲᠡᠭᠡᠨ ᠣᠷᠣᠬᠤ ᠳ᠋ᠤ᠌ ᠡᠷᠳᠡᠨᠢ ᠬᠠᠰᠢᠶ᠎ᠠ ᠳᠠᠪᠠᠨ ᠦᠭᠡᠢ ᠪᠣᠯᠪᠠ᠃
᠊᠊᠊᠊᠊᠊᠊᠊᠊᠊᠊᠊᠊᠊᠊ ᠡᠷᠳᠡᠨᠢ ᠬᠠᠮᠢᠭ᠎ᠠ ᠣᠴᠢᠪᠠ?
᠊᠊᠊᠊᠊᠊᠊᠊᠊᠊᠊᠊᠊᠊᠊ ᠮᠡᠳᠡᠬᠦ ᠦᠭᠡᠢ᠂ ᠭᠠᠷᠤᠭᠠᠳ ᠯᠠ ᠶᠠᠪᠤᠭᠰᠠᠨ᠃
ᠲᠣᠪᠴᠢᠨ ᠡᠰᠢ ᠳᠠᠰᠢ ᠠᠵᠢᠭᠯᠠᠨ ᠬᠠᠷᠠᠭᠰᠠᠨ ᠢ᠋ᠶ᠋ᠠᠨ ᠬᠠᠪᠲᠠᠰᠤ ᠤᠷᠤᠭᠤ ᠪᠠᠨ ᠭᠦᠶᠦᠨ ᠣᠴᠢᠵᠤ ᠦᠵᠡᠭᠡᠳ᠄
᠊᠊᠊᠊᠊᠊᠊᠊᠊᠊᠊᠊᠊᠊᠊ ᠤᠤᠬᠠᠢ ᠴᠢ ᠲᠥᠷᠥ ᠶ᠋ᠢᠨ ᠳᠠᠢᠰᠤᠨ ᠲᠠᠢ ᠨᠢᠭᠡᠳᠴᠦ ᠮᠢᠨᠦ ᠴᠢᠬᠤᠯᠠ ᠶᠠᠭᠤᠮ᠎ᠠ ᠶ᠋ᠢ ᠬᠤᠯᠠᠭᠠᠢᠯᠠᠨ᠎ᠠ ᠪᠣᠢ ᠭᠡᠳ ᠭᠡᠷᠡᠯ ᠳ᠋ᠦ᠍ ᠣᠢᠷᠠᠲᠤᠨ ᠣᠴᠢᠵᠤ᠄
᠊᠊᠊᠊᠊᠊᠊᠊᠊᠊᠊᠊᠊᠊᠊ ᠪᠢᠴᠢᠭ ᠶᠠᠭᠠᠬᠢᠭᠰᠠᠨ ᠪᠣᠢ?
᠊᠊᠊᠊᠊᠊᠊᠊᠊᠊᠊᠊᠊᠊᠊ ᠮᠡᠳᠡᠬᠦ ᠦᠭᠡᠢ᠃ ᠴᠢᠨᠦ ᠪᠢᠴᠢᠭ ᠢ᠋ ᠪᠢ ᠬᠠᠳᠠᠭᠠᠯᠠᠵᠤ ᠪᠠᠢᠭᠰᠠᠨ ᠪᠢᠰᠢ᠃
᠊᠊᠊᠊᠊᠊᠊᠊᠊᠊᠊᠊᠊᠊᠊ ᠲᠡᠢᠮᠦ ᠪᠣᠢ! ᠬᠠᠷ᠎ᠠ ᠶᠠᠩᠬᠠᠨ ᠭᠡᠳ ᠲᠣᠪᠴᠢᠨ ᠬᠠᠰᠬᠢᠷᠪᠠ᠃
᠊᠊᠊᠊᠊᠊᠊᠊᠊᠊᠊᠊᠊᠊᠊ ᠴᠢᠨᠦ ᠬᠠᠵᠠᠭᠤ ᠳ᠋ᠤ᠌ ᠬᠡᠯᠡᠳᠡᠭ ᠴᠢᠨᠢ ᠪᠠᠢᠬᠤ ᠡᠴᠡ ᠥᠭᠡᠷ᠎ᠡ ᠬᠡᠨ ᠪᠠᠢᠬᠤ ᠪᠣᠢ᠃ ᠶᠠᠩᠬᠠᠨ ᠳ᠋ᠤ᠌ ᠳᠠᠷᠤᠯᠠᠭᠤᠯᠵᠤ ᠰᠠᠭᠤᠭᠰᠠᠨ ᠬᠣᠬᠢ ᠴᠢᠨᠢ ᠭᠡᠳ ᠭᠡᠷᠡᠯ ᠬᠣᠷᠣᠰᠤᠯᠲᠠᠢ ᠪᠥᠭᠡᠳ ᠵᠢᠭᠰᠢᠯᠲᠡᠢ ᠪᠡᠷ ᠴᠢᠩᠭ᠎ᠠ ᠢᠨᠢᠶᠡᠪᠡ᠃
᠊᠊᠊᠊᠊᠊᠊᠊᠊᠊᠊᠊᠊᠊᠊ ᠥᠯᠥᠭᠴᠢᠨ ᠴᠢᠮᠠᠶ᠋ᠢ ᠰᠠᠫᠣᠢ᠌ᠯᠯᠤ᠋ ᠶ᠋ᠢᠨ ᠭᠠᠷ ᠲᠤ᠌ ᠥᠭᠴᠦ ᠠᠷᠠᠰᠤ ᠮᠢᠬ᠎ᠠ ᠪᠠᠷ ᠴᠢᠨᠢ ᠬᠡᠯᠡᠭᠦᠯᠦᠨ᠎ᠡ ᠳᠡ᠃
᠊᠊᠊᠊᠊᠊᠊᠊᠊᠊᠊᠊᠊᠊᠊ ᠲᠡᠭᠦᠨ ᠡᠴᠡ ᠴᠢᠨᠢ ᠡᠮᠦᠨ᠎ᠡ ᠭᠡᠳ᠂ ᠭᠡᠷᠡᠯ ᠲᠠᠪᠠᠭ ᠲᠠᠢ ᠮᠢᠬᠠᠨ ᠳᠡᠭᠡᠷ᠎ᠡ ᠪᠠᠢᠭᠰᠠᠨ ᠤᠢᠰᠤᠨ ᠡᠰᠢᠲᠡᠢ ᠬᠢᠲᠤᠭ᠎ᠠ ᠶ᠋ᠢ ᠠᠪᠴᠤ ᠲᠣᠪᠴᠢᠨ ᠤᠷᠤᠭᠤ ᠬᠠᠪᠬᠠᠨ ᠳ᠋ᠤ᠌ ᠣᠷᠣᠭᠰᠠᠨ ᠴᠢᠨᠣ᠎ᠠ ᠠᠯᠠᠬᠤ ᠪᠠᠷ ᠢᠷᠡᠭᠰᠡᠨ ᠬᠥᠮᠦᠨ ᠢ᠋ ᠬᠠᠷᠠᠵᠤ ᠪᠠᠢᠭ᠎ᠠ ᠨᠢᠳᠦ ᠪᠡᠷ ᠰᠢᠷᠲᠡᠨ ᠣᠢᠷᠠᠲᠤᠪᠠ᠃
᠊᠊᠊᠊᠊᠊᠊᠊᠊᠊᠊᠊᠊᠊᠊ ᠦᠭᠡᠢ᠂ ᠭᠡᠷᠡᠯ ᠠ᠋᠃ ᠴᠢ ᠭᠠᠯᠵᠠᠭᠤᠷᠠᠪᠠ ᠤᠤ? ᠭᠡᠳ ᠲᠣᠪᠴᠢᠨ ᠭᠡᠳᠡᠷᠭᠦ ᠤᠬᠤᠷᠢᠵᠤ ᠪᠠᠢᠭᠰᠠᠨ ᠢ᠋ᠶ᠋ᠠᠨ ᠭᠡᠨᠡᠳᠲᠡ ᠰᠢᠷᠡᠭᠡ ᠠᠪᠴᠤ ᠬᠢᠲᠤᠭ᠎ᠠ ᠲᠠᠢ ᠭᠠᠷ ᠤᠷᠤᠭᠤ ᠨᠢ ᠴᠣᠬᠢᠯ᠎ᠠ᠃
ᠭᠡᠷᠡᠯ ᠬᠢᠲᠤᠭ᠎ᠠ ᠪᠠᠨ ᠠᠯᠳᠠᠭᠠᠳ ᠳᠠᠬᠢᠨ ᠠᠪᠬᠤ ᠭᠡᠲᠡᠯ᠎ᠡ ᠲᠣᠪᠴᠢᠨ ᠪᠠᠷᠢᠵᠤ ᠠᠪᠤᠯ᠎ᠠ᠃ ᠬᠠᠰᠢᠷ ᠲᠣᠪᠴᠢᠨ ᠬᠦᠨᠳᠦ ᠪᠡᠶ᠎ᠡ ᠪᠡᠷ ᠢ᠋ᠶ᠋ᠡᠨ ᠭᠡᠷᠡᠯ ᠢ᠋ ᠳᠠᠷᠤᠵᠤ ᠠᠪᠤᠭᠰᠠᠨ ᠪᠣᠯᠪᠠᠴᠤ ᠬᠥᠳᠡᠯᠭᠡᠬᠦ ᠦᠭᠡᠢ ᠪᠣᠯᠭᠠᠵᠤ ᠴᠢᠳᠠᠭ᠎ᠠ ᠦᠭᠡᠢ ᠤᠴᠢᠷ ᠬᠡᠰᠡᠭ ᠨᠣᠴᠣᠯᠳᠤᠪᠠ᠃ ᠡᠭᠦᠳᠡ ᠨᠡᠭᠡᠭᠡᠭᠳᠡᠵᠦ ᠪᠠᠷᠤᠨ ᠤ᠋ ᠳᠥᠷᠪᠡᠨ ᠴᠡᠷᠢᠭ ᠣᠷᠣᠵᠤ ᠢᠷᠡᠯ᠎ᠡ᠃
᠊᠊᠊᠊᠊᠊᠊᠊᠊᠊᠊᠊᠊᠊᠊ ᠡᠨᠡ ᠥᠯᠥᠭᠴᠢᠨ ᠡᠮ᠎ᠡ ᠶ᠋ᠢ ᠪᠡᠷᠢ᠃ ᠤᠯᠠᠭᠠᠨ ᠤ᠋ ᠣᠷᠭᠤᠳᠤᠤᠯ ᠲᠠᠢ ᠨᠡᠢᠯᠡᠵᠦ ᠨᠠᠮᠠᠶ᠋ᠢ ᠠᠯᠠᠬᠤ ᠭᠡᠯᠡ᠃ ᠠᠪᠠᠴᠢᠵᠤ ᠪᠠᠢᠭᠠᠳ ᠮᠢᠬ᠎ᠠ ᠶ᠋ᠢ ᠨᠢ ᠤᠷᠠᠬᠤ ᠳ᠋ᠤ᠌ ᠤᠯᠠᠭᠠᠨ ᠤ᠋ ᠲᠠᠩᠨᠠᠭᠤᠯ ᠤ᠋ᠨ ᠬᠠᠮᠢᠭ᠎ᠠ ᠪᠠᠢᠬᠤ ᠶ᠋ᠢ ᠬᠡᠯᠡᠬᠦ ᠦᠭᠡᠢ ᠶᠠᠭᠠᠬᠢᠬᠤᠪ ᠭᠡᠵᠦ ᠲᠣᠪᠴᠢᠨ ᠠᠮᠢᠰᠬᠤᠭᠠᠳᠠᠨ ᠪᠠᠢᠵᠤ ᠬᠡᠯᠡᠪᠡ᠃
ᠭᠡᠷᠡᠯ ᠢ᠋ ᠬᠣᠶᠠᠷ ᠴᠡᠷᠢᠭ ᠴᠢᠷᠦᠭᠡᠳ ᠭᠠᠷᠭᠠᠬᠤ ᠳ᠋ᠤ᠌ ᠲᠣᠪᠴᠢᠨ 《ᠮᠠᠭᠤ ᠰᠢᠪᠡᠭᠴᠢᠨ ᠭᠢᠴᠢᠢ ᠬᠣᠭᠣᠯᠠ ᠶ᠋ᠢ ᠮᠢᠨᠢ ᠢᠳᠡᠵᠦ ᠢᠳᠡᠴᠢᠭᠡᠳ ᠠᠯᠠᠬᠤ ᠨᠢ ᠪᠠᠢᠨ᠎ᠠ ᠰᠢᠦ᠃ ᠶᠣᠬᠣ!》 ᠭᠡᠵᠦ ᠮᠠᠩᠨᠠᠢ ᠶ᠋ᠢᠨ ᠢ᠋ᠶ᠋ᠡᠨ ᠬᠥᠯᠥᠰᠥ ᠶ᠋ᠢ ᠠᠷᠴᠢᠨ ᠠᠮᠢᠰᠬᠤᠭᠠᠳᠠᠵᠤ ᠪᠠᠢᠯ᠎ᠠ᠃
ᠭᠤᠷᠪᠠᠨ ᠡᠳᠦᠷ ᠦ᠋ᠨ ᠳᠠᠷᠠᠭ᠎ᠠ ᠲᠡᠮᠦᠯᠡᠨ ᠡᠷᠡᠭᠦᠳᠡᠪᠡᠴᠦ ᠶᠠᠭᠤ ᠴᠤ᠌ ᠬᠡᠯᠡᠬᠦ ᠦᠭᠡᠢ ᠪᠠᠢᠭᠰᠠᠨ ᠭᠡᠷᠡᠯ ᠢ᠋ ᠴᠠᠭᠠᠨᠲᠠᠨ 《ᠤᠯᠠᠭᠠᠨ ᠤ᠋ ᠲᠠᠩᠨᠠᠭᠤᠯ》 ᠭᠡᠰᠡᠨ ᠫᠠᠢᠵᠠ ᠴᠡᠭᠡᠵᠢᠨ ᠳᠡᠭᠡᠷ᠎ᠡ ᠨᠢ ᠵᠡᠭᠦᠭᠡᠳ ᠶᠡᠬᠡ ᠴᠢᠯᠥᠭᠡᠨ ᠳ᠋ᠦ᠍ ᠳᠡᠭᠦᠵᠢᠯᠡᠨ ᠠᠯᠠᠵᠠᠢ᠃
ᠰᠥᠨᠢ ᠨᠢ ᠡᠷᠳᠡᠨᠢ ᠬᠦᠷᠢᠶᠡᠨ ᠦ᠌ ᠬᠤᠪᠢᠰᠠᠬᠠᠯᠴᠢᠳ ᠲᠠᠢ ᠬᠠᠮᠲᠤ ᠪᠠᠷ ᠭᠡᠷᠡᠯ ᠦ᠋ᠨ ᠬᠡᠭᠦᠷ ᠢ᠋ ᠠᠪᠴᠤ ᠮᠠᠷᠭᠠᠰᠢ ᠥᠷᠯᠥᠭᠡ ᠨᠢ ᠳᠠᠯᠠᠨ ᠳᠠᠪᠬᠤᠷ ᠤ᠋ᠨ ᠨᠢᠭᠡᠨ ᠵᠢᠯᠠᠭᠠᠨ ᠳ᠋ᠤ᠌ ᠣᠷᠣᠰᠢᠭᠤᠯᠪᠠ᠃
ᠭᠡᠷᠡᠯ ᠢ᠋ ᠭᠠᠷ ᠳᠡᠭᠡᠷ᠎ᠡ ᠪᠡᠨ ᠡᠷᠭᠦᠭᠡᠳ ᠶᠠᠪᠤᠵᠤ ᠪᠠᠢᠬᠤ ᠳ᠋ᠤ᠌ ᠲᠡᠭᠦᠨ ᠦ᠌ ᠬᠠᠷᠠᠵᠤ ᠦᠬᠦᠭᠰᠡᠨ ᠤᠷᠲᠤ ᠰᠣᠷᠮᠤᠤᠰᠤᠲᠠᠢ ᠨᠢᠳᠦ ᠨᠢ 《ᠪᠢ ᠯᠡ ᠲᠠᠨ ᠤ᠋ ᠲᠥᠯᠥᠭᠡ ᠭᠡᠵᠦ ᠬᠢᠶ᠎ᠡ》 ᠭᠡᠳ ᠬᠠᠷᠠᠵᠤ ᠪᠠᠢᠬᠤ ᠰᠢᠭ᠋ ᠰᠠᠨᠠᠭᠳᠠᠵᠤ᠂ ᠬᠥᠬᠡᠷᠡᠭᠰᠡᠨ ᠤᠷᠤᠭᠤᠯ ᠨᠢ ᠬᠥᠳᠡᠯᠬᠦ ᠮᠡᠲᠦ ᠪᠣᠯᠵᠤ ᠪᠠᠢᠯ᠎ᠠ᠃
ᠭᠡᠷᠡᠯ ᠢ᠋ ᠣᠷᠣᠰᠢᠭᠤᠯᠤᠭᠠᠳ ᠪᠣᠰᠬᠤ ᠭᠡᠰᠡᠨ ᠢ᠋ᠶ᠋ᠡᠨ ᠡᠷᠳᠡᠨᠢ ᠶ᠋ᠢᠨ ᠨᠢᠳᠦ ᠬᠠᠷᠠᠩᠭᠤᠢᠯᠠᠨ᠂ ᠪᠦᠬᠦ ᠪᠡᠶ᠎ᠡ ᠶ᠋ᠢᠨ ᠴᠢᠳᠠᠯ ᠨᠢ ᠠᠯᠳᠠᠷᠠᠭᠠᠳ ᠳᠠᠢᠪᠢᠬᠤ ᠳ᠋ᠤ᠌ ᠨᠥᠬᠥᠳ ᠨᠢ ᠲᠦᠰᠢᠵᠦ ᠠᠪᠤᠯ᠎ᠠ᠃
ᠥᠪᠡᠷ ᠦ᠋ᠨ ᠬᠢᠨᠢ ᠲᠥᠯᠥᠭᠡ ᠶᠠᠮᠠᠷ ᠴᠤ᠌ ᠪᠠᠭᠠᠲᠤᠷᠯᠢᠭ ᠦᠢᠯᠡ ᠪᠦᠲᠦᠭᠡᠬᠦ ᠡᠴᠡ ᠪᠤᠴᠠᠬᠤ ᠦᠭᠡᠢ ᠪᠠᠢᠭᠰᠠᠨ ᠡᠨᠡ ᠠᠪᠤᠷᠭᠤ ᠬᠥᠮᠦᠨ ᠦ᠌ ᠨᠠᠨᠳᠢᠨ ᠬᠠᠢᠷ᠎ᠠ ᠶ᠋ᠢ ᠪᠦᠷᠢᠨ ᠣᠢᠯᠠᠭᠠᠭ᠎ᠠ ᠦᠭᠡᠢ ᠪᠠᠢᠭᠰᠠᠨ ᠢ᠋ᠶ᠋ᠠᠨ ᠰᠠᠨᠠᠬᠤ ᠳᠣᠳᠣᠮ ᠭᠠᠰᠢᠭᠤᠳᠠᠯ ᠨᠢ ᠶᠡᠬᠡ ᠪᠣᠯᠵᠤ ᠡᠮᠦᠨᠡᠬᠢ ᠵᠠᠮ ᠢ᠋ᠶ᠋ᠠᠨ ᠬᠠᠷᠠᠬᠤ ᠦᠭᠡᠢ ᠮᠠᠩᠳᠠᠴᠢᠨ ᠶᠠᠪᠤᠯ᠎ᠠ᠃
ᠲᠡᠳᠡᠨ ᠦ᠌ ᠳᠡᠭᠡᠭᠦᠷ ᠬᠠᠷ᠎ᠠ ᠬᠡᠷᠢᠶ᠎ᠡ ᠭᠤᠸᠠᠭᠯᠠᠨ ᠬᠥᠭᠡᠭᠡᠴᠡᠯᠳᠦᠵᠦ ᠥᠩᠭᠡᠷᠡᠬᠦ ᠳ᠋ᠦ᠍ ᠡᠷᠳᠡᠨᠢ ᠨᠢᠳᠦ ᠪᠡᠨ ᠳᠠᠬᠢᠨ ᠠᠨᠢᠵᠤ ᠬᠠᠵᠠᠭᠤ ᠶ᠋ᠢᠨ ᠨᠥᠬᠥᠷ ᠡᠴᠡ ᠳᠥᠰᠢᠨ ᠠᠪᠬᠤ ᠳ᠋ᠤ᠌ ᠪᠦᠬᠦ ᠪᠡᠶ᠎ᠡ ᠨᠢ ᠴᠡᠴᠡᠷᠡᠵᠦ ᠪᠠᠢᠪᠠ᠃
