ᠲᠤᠩᠭᠠᠯᠠᠭ ᠲᠠᠮᠢᠷ1-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-24-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-23

1714

《ᠡᠨᠠ ᠮᠠᠭᠤ ᠮᠢᠨᠢ ᠶᠠᠮᠠᠷ ᠭᠡᠮ ᠲᠡᠶ ᠪᠢᠰᠢ ᠳ᠋ᠠ》 - ᠨᠢᠭᠡᠳᠦᠭᠡᠷ ᠪᠦᠯᠦᠭ ᠬᠤᠷᠢᠨ ᠳᠥᠷᠪᠡ


  ᠢᠲᠡᠭᠡᠯᠲᠦ ᠰᠡᠭᠦᠯ ᠦ᠋ᠨ ᠦᠶ᠎ᠡ ᠡᠴᠡ ᠪᠠᠶᠠᠷᠬᠠᠵᠤ᠂ ᠵᠢᠯ ᠳ᠋ᠦ᠍ ᠬᠣᠶᠠᠷ ᠤᠳᠠᠭ᠎ᠠ ᠵᠢᠰᠢᠶ᠎ᠠ ᠤᠩᠰᠢᠭᠤᠯᠤᠨ᠂ ᠶᠡᠬᠡ ᠨᠠᠢᠷ ᠬᠢᠳᠡᠭ ᠪᠣᠯᠵᠠᠢ᠃ ᠥᠨᠥᠳᠥᠷ ᠬᠠᠪᠤᠷ ᠤ᠋ᠨ ᠵᠢᠰᠢᠶ᠎ᠠ ᠨᠢ ᠳᠠᠭᠤᠰᠴᠤ ᠨᠠᠢᠷ ᠨᠢ ᠡᠬᠢᠯᠡᠵᠡᠢ᠃ ᠢᠲᠡᠭᠡᠯᠲᠦ ᠶ᠋ᠢᠨ ᠬᠣᠲᠠ ᠦᠯᠡᠮᠵᠢ ᠬᠥᠯ ᠦᠢᠮᠡᠭᠡᠨ ᠲᠡᠢ ᠠᠵᠢ᠃ ᠶᠡᠬᠡ ᠭᠡᠷ ᠦ᠋ᠨ ᠬᠣᠢᠮᠣᠷ ᠯᠤᠤ ᠲᠠᠢ ᠬᠢᠲᠠᠳ ᠸᠠᠭᠠᠷ ᠲᠤ᠌ ᠬᠢᠭᠰᠡᠨ ᠠᠷᠢᠬᠢᠨ ᠳ᠋ᠤ᠌ ᠮᠥᠩᠭᠥᠨ ᠬᠠᠯᠪᠠᠭ᠎ᠠ ᠲᠥᠷᠥᠨ ᠰᠥᠩᠨᠡᠵᠡᠢ᠃ ᠭᠡᠷ ᠦ᠋ᠨ ᠬᠣᠶᠠᠷ ᠲᠠᠯ᠎ᠠ ᠪᠠᠷ ᠰᠤᠮᠤᠨ ᠰᠢᠷᠡᠭᠡ ᠨᠡᠢᠯᠡᠭᠦᠯᠦᠨ ᠵᠠᠰᠠᠵᠤ᠂ ᠳᠡᠭᠡᠷ᠎ᠡ ᠨᠢ ᠮᠥᠩᠭᠥᠨ ᠬᠡ ᠲᠡᠢ ᠵᠡᠰ ᠴᠠᠷ᠎ᠠ ᠳ᠋ᠤ᠌ ᠤᠯᠠᠭᠠᠨ ᠴᠢᠪᠠᠭ᠎ᠠ᠂ ᠰᠢᠬᠢᠷ᠂ ᠳᠠᠩᠴᠦ᠋ᠷ ᠣᠪᠣᠭᠠᠯᠠᠨ ᠲᠠᠯᠪᠢᠵᠠᠢ᠃ ᠰᠢᠷᠡᠭᠡᠨ ᠦ᠌ ᠠᠷᠤ ᠪᠠᠷ ᠣᠷᠣᠰ ᠤᠯᠠᠭᠠᠨ ᠴᠠᠩᠮᠠᠨ ᠪᠦᠷᠢᠶᠡᠰᠦᠲᠡᠢ ᠵᠤᠷᠠᠮ ᠬᠣᠶᠠᠷ ᠦᠶ᠎ᠡ ᠪᠣᠯᠭᠠᠨ ᠳᠡᠪᠢᠰᠴᠡᠢ᠃
  ᠴᠣ ᠰᠢᠨ᠎ᠡ ᠬᠥᠬᠡ ᠳᠡᠪᠡᠯ ᠲᠡᠢ ᠳᠤᠯᠮ᠎ᠠ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠮᠰᠦᠭᠯᠡᠵᠦ ᠣᠷᠣᠵᠤ ᠢᠷᠡᠭᠰᠡᠨ ᠬᠥᠮᠦᠨ ᠳ᠋ᠦ᠍ 《ᠪᠢ ᠰᠠᠢᠬᠠᠨ ᠬᠡᠦᠬᠡᠨ ᠰᠢᠦ》 ᠭᠡᠰᠡᠨ ᠶᠠᠩᠵᠤ ᠲᠠᠢ ᠨᠢᠳᠦ ᠪᠡᠨ ᠡᠷᠭᠢᠯᠳᠦᠭᠦᠯᠵᠦ ᠳᠠᠷᠠᠭ᠎ᠠ ᠨᠢ ᠰᠥᠩ ᠲᠦᠰᠢᠭᠰᠡᠨ ᠨᠢᠮ᠎ᠠ ᠡᠴᠡ ᠮᠥᠩᠭᠥᠨ ᠠᠶᠠᠭᠠᠨ ᠳ᠋ᠤ᠌ ᠬᠢᠭᠰᠡᠨ ᠠᠷᠢᠬᠢ ᠶ᠋ᠢ ᠠᠪᠴᠤ 《ᠲᠠ ᠲᠣᠭᠲᠠᠭᠠᠵᠤ ᠣᠷᠬᠢᠨ᠎ᠠ ᠤᠤ》 ᠭᠡᠵᠦ ᠬᠡᠯᠡᠭᠡᠳ ᠪᠤᠰᠤᠳ ᠲᠤ᠌ ᠳᠠᠮᠵᠢᠭᠤᠯᠤᠨ ᠨᠢᠳᠦ ᠪᠡᠨ ᠴᠠᠪᠴᠢᠯᠠᠨ ᠲᠣᠭᠯᠠᠭᠤᠯᠵᠤ ᠢᠨᠢᠶᠡᠮᠰᠦᠭᠯᠡᠨ᠎ᠡ᠃ ᠬᠠᠷᠢᠨ ᠳᠤᠯᠵᠢᠨ ᠬᠥᠮᠦᠰ ᠲᠦ᠍ ᠲᠠᠪᠠᠭ ᠲᠠᠯᠪᠢᠨ᠂ ᠬᠡᠦᠬᠡᠳ ᠪᠠᠭᠠᠴᠤᠳ ᠲᠤ᠌ ᠳᠠᠩᠴᠦ᠋ᠷ ᠪᠣᠣᠪᠣ ᠠᠳᠬᠤᠨ ᠲᠦᠭᠡᠭᠡᠵᠦ ᠪᠠᠢᠪᠠ᠃
  ᠣᠷᠣᠭᠰᠠᠨ ᠬᠥᠮᠦᠨ ᠪᠦᠬᠦᠨ ᠢᠲᠡᠭᠡᠯᠲᠦ ᠶ᠋ᠢᠨ ᠨᠦᠮᠵᠦᠭᠲᠡᠢ᠂ ᠪᠠᠶᠠᠨ ᠲᠠᠷᠭᠤᠨ ᠢ᠋ ᠮᠠᠭᠲᠠᠨ ᠱᠠᠭᠰᠢᠵᠤ᠂ ᠠᠮᠠ ᠪᠤᠯᠢᠶᠠᠯᠳᠤᠨ ᠶᠠᠷᠢᠯᠴᠠᠨ᠎ᠠ᠃ ᠭᠡᠬᠦ ᠳ᠋ᠡᠭᠡᠨ ᠢᠩᠭᠢᠵᠦ ᠪᠠᠶᠠᠷᠬᠠᠬᠤ ᠶ᠋ᠢᠨ ᠲᠤᠯᠠ ᠢᠲᠡᠭᠡᠯᠲᠦ ᠬᠦᠷᠢᠶᠡᠨ ᠦ᠌ ᠳᠡᠯᠭᠡᠭᠦᠷ ᠦ᠋ᠳ ᠡᠴᠡ ᠬᠠᠲᠠᠭᠰᠠᠨ ᠳᠠᠩᠴᠦ᠋ᠷ᠂ ᠰᠢᠷᠣᠢ ᠲᠠᠢ ᠰᠢᠬᠢᠷ᠂ ᠯᠦᠦ ᠨᠢ ᠴᠣᠭᠣᠷᠣᠵᠤ ᠳᠣᠲᠣᠷ᠎ᠠ ᠨᠢ ᠣᠭᠣᠲᠣᠨ᠎ᠠ ᠦᠬᠦᠭᠰᠡᠨ ᠠᠷᠢᠬᠢ ᠶ᠋ᠢ ᠬᠢᠮᠳᠠ ᠦᠨ᠎ᠡ ᠪᠡᠷ ᠴᠤᠭᠯᠠᠭᠤᠯᠵᠤ ᠢᠷᠡᠭᠰᠡᠨ ᠢ᠋ ᠬᠡᠨ ᠮᠡᠳᠡᠬᠦ ᠪᠢᠯᠡ᠃
  ᠵᠠᠬ᠎ᠠ ᠨᠢ ᠵᠠᠳᠠᠭᠠᠢ ᠬᠥᠬᠡ ᠣᠳᠣᠨᠴᠤᠤ ᠳᠡᠪᠡᠯ ᠲᠡᠢ ᠢᠲᠡᠭᠡᠯᠲᠦ ᠭᠡᠷ ᠦ᠋ᠨ ᠬᠣᠢᠮᠣᠷ ᠵᠠᠪᠢᠯᠠᠨ ᠰᠠᠭᠤᠵᠤ 《ᠤᠤᠭᠤᠵᠠᠭ᠎ᠠ᠂ ᠢᠳᠡᠵᠡᠭᠡ᠂ ᠪᠢ ᠠᠬ᠎ᠠ ᠳᠡᠭᠦᠦ ᠲᠠ ᠪᠦᠬᠦᠨ ᠲᠡᠢ ᠬᠤᠪᠢᠶᠠᠨ ᠢᠳᠡᠵᠦ ᠰᠤᠷᠤᠭᠰᠠᠨ ᠬᠥᠮᠦᠨ᠃ ᠬᠠᠮᠵᠢᠯᠭ᠎ᠠ ᠨᠠᠷ ᠢ᠋ᠶ᠋ᠠᠨ ᠮᠣᠷᠢ᠂ ᠡᠯᠵᠢᠭᠡ ᠰᠢᠭ ᠵᠢᠳᠬᠦᠭᠦᠯᠬᠦ ᠪᠡᠨ ᠮᠡᠳᠡᠪᠡᠴᠦ᠂ ᠬᠠᠷ᠎ᠠ ᠤᠰᠤ ᠥᠭᠬᠦ ᠪᠡᠨ ᠮᠡᠳᠡᠳᠡᠭ ᠦᠭᠡᠢ ᠫᠦᠷᠪᠦ ᠲᠠᠢᠵᠢ ᠰᠢᠭ᠋ ᠬᠥᠮᠦᠨ ᠪᠢᠰᠢ᠃ ᠤᠤᠭᠤᠵᠠᠭ᠎ᠠ᠂ ᠢᠳᠡᠵᠡᠭᠡ᠃ ᠳᠤᠯᠮ᠎ᠠ᠂ ᠳᠤᠯᠵᠢᠨ ᠲᠠ ᠨᠠᠷ ᠲᠠᠪᠠᠭ ᠢ᠋ᠶ᠋ᠠᠨ ᠰᠡᠯᠪᠢᠭᠡᠴᠢ᠂ ᠨᠢᠮ᠎ᠠ ᠭᠤᠸᠠᠢ ᠳ᠋ᠤ᠌ ᠳᠠᠬᠢᠭᠠᠳ ᠪᠡᠷᠢ》 ᠭᠡᠵᠦ ᠪᠠᠢᠨ ᠪᠠᠢᠨ ᠶᠠᠷᠢᠵᠤ ᠬᠠᠩᠭᠢᠨᠠᠭᠤᠯᠤᠨ ᠢᠨᠢᠶᠡᠵᠦ ᠪᠠᠢᠪᠠ᠃
  ᠣᠷᠣᠢ ᠪᠣᠯᠬᠤ ᠳ᠋ᠤ᠌ ᠢᠲᠡᠭᠡᠯᠲᠦ ᠶ᠋ᠢᠨ ᠨᠢᠮᠡᠨ ᠬᠠᠨ᠎ᠠ ᠲᠠᠢ ᠭᠡᠷ ᠢ᠋ᠶ᠋ᠡᠷ ᠳᠦᠭᠦᠷᠡᠩ ᠬᠥᠮᠦᠨ ᠪᠣᠯᠪᠠ᠃ ᠡᠷᠳᠡᠨᠢ 《ᠡᠷ᠎ᠡ ᠪᠣᠷᠣ ᠬᠠᠷᠴᠠᠭᠠᠢ》᠂ 《ᠲᠦᠮᠡᠨ ᠦ᠌ ᠡᠬᠢ》 ᠶ᠋ᠢ ᠭᠤᠷᠪᠠ ᠭᠤᠷᠪᠠᠨ ᠲᠦᠷᠡᠯᠭᠡ ᠳᠠᠭᠤᠯᠠᠵᠤ ᠭᠡᠷ ᠳᠦᠭᠦᠷᠡᠩ ᠬᠥᠮᠦᠰ ᠪᠦᠳᠦᠭᠦᠨ ᠨᠠᠷᠢᠨ ᠬᠣᠭᠣᠯᠠᠢ ᠪᠠᠷ ᠠᠶ᠎ᠠ ᠨᠡᠢᠯᠡᠭᠦᠯᠦᠨ ᠲᠦᠷᠡᠵᠡᠭᠡᠪᠡ᠃ ᠪᠠᠰᠠ ᠡᠷᠳᠡᠨᠢ ᠶ᠋ᠢᠨ ᠬᠣᠭᠣᠯᠠᠢ ᠶ᠋ᠢᠨ ᠢᠷᠠᠭᠤ ᠰᠠᠢᠬᠠᠨ ᠢ᠋ ᠦᠭᠡ ᠬᠠᠢᠷᠠᠯᠠᠯ ᠦᠭᠡᠢ ᠮᠠᠭᠲᠠᠪᠠ᠃
  ᠊᠊᠊᠊᠊᠊᠊᠊᠊᠊᠊᠊᠊᠊᠊ ᠡᠷᠳᠡᠨᠢ ᠶ᠋ᠢ ᠮᠠᠨ ᠤ᠋ ᠵᠠᠷᠤᠴᠠ ᠭᠡᠳᠡᠭ᠂ ᠲᠡᠢᠮᠦ ᠪᠢᠰᠢ᠃ ᠡᠷᠳᠡᠨᠢ ᠪᠢᠳᠡ ᠬᠣᠶᠠᠷ ᠠᠯᠢ ᠠᠯᠢᠨ ᠳ᠋ᠠᠭᠠᠨ ᠲᠤᠰᠠ ᠪᠣᠯᠵᠤ᠂ ᠬᠠᠮᠲᠤᠷᠠᠨ ᠠᠮᠢᠳᠤᠷᠠᠵᠤ ᠪᠠᠢᠭ᠎ᠠ ᠬᠣᠶᠠᠷ ᠭᠡᠵᠦ ᠢᠲᠡᠭᠡᠯᠲᠦ ᠬᠡᠯᠡᠪᠡ᠃
  ᠭᠠᠳᠠᠨ᠎ᠠ ᠡᠴᠡ ᠪᠠᠳᠠᠷᠴᠢ ᠴᠡᠮᠪᠡ ᠶ᠋ᠢ ᠳᠠᠭᠠᠭᠤᠯᠤᠨ ᠣᠷᠣᠵᠤ ᠢᠷᠡᠯ᠎ᠡ᠃ ᠳᠤᠯᠮ᠎ᠠ ᠶ᠋ᠢ ᠮᠥᠷᠥᠭᠡᠳᠬᠦ ᠴᠡᠮᠪᠡ ᠶ᠋ᠢᠨ ᠬᠦᠰᠡᠯ ᠨᠠᠭᠠᠳᠤᠮ ᠬᠦᠯᠢᠶᠡᠵᠦ ᠴᠢᠳᠠᠭᠰᠠᠨ ᠦᠭᠡᠢ ᠤᠴᠢᠷ ᠡᠴᠡ ᠪᠠᠳᠠᠷᠴᠢ ᠶ᠋ᠢᠨ ᠳ᠋ᠦ᠍ ᠬᠥᠳᠡᠭᠡᠯᠡᠬᠦ ᠨᠡᠷ᠎ᠡ ᠪᠡᠷ ᠳᠤᠯᠮ᠎ᠠ ᠲᠠᠢ ᠠᠭᠤᠯᠵᠠᠬᠤ ᠭᠡᠵᠦ ᠢᠷᠡᠵᠡᠢ᠃
  ᠠᠶᠠᠭ᠎ᠠ ᠳᠦᠭᠦᠷᠡᠩ ᠠᠷᠢᠬᠢᠨ ᠳ᠋ᠤ᠌ ᠬᠠᠴᠠᠷ ᠨᠢ ᠤᠯᠠᠢᠵᠤ᠂ ᠵᠠᠩ ᠨᠢ ᠰᠡᠷᠭᠦᠵᠦ ᠬᠥᠭᠡᠷᠦᠭᠰᠡᠨ ᠳᠤᠯᠮ᠎ᠠ ᠤᠯᠠᠮ ᠴᠤ᠌ ᠭᠤᠸ᠎ᠠ ᠦᠵᠡᠰᠬᠦᠯᠡᠩ ᠲᠡᠢ ᠪᠣᠯᠵᠠᠢ᠃ ᠴᠡᠮᠪᠡ ᠬᠡᠰᠡᠭ ᠵᠠᠭᠤᠷ᠎ᠠ ᠨᠢᠳᠦ ᠪᠡᠨ ᠰᠠᠯᠭᠠᠵᠤ ᠴᠢᠳᠠᠬᠤ ᠦᠭᠡᠢ ᠪᠠᠢᠭᠰᠠᠨ ᠢ᠋ᠶ᠋ᠠᠨ ᠭᠡᠨᠡᠳᠲᠡ ᠮᠡᠳᠡᠵᠦ ᠴᠢᠷᠠᠢ ᠨᠢ ᠣᠯᠠᠢ᠌ᠰᠭᠢᠪᠠ᠃ ᠭᠡᠪᠡᠴᠦ ᠠᠷᠢᠬᠢ ᠪᠣᠤᠪᠤᠨ ᠳ᠋ᠤ᠌ ᠴᠢᠭᠯᠡᠭᠰᠡᠨ ᠣᠯᠠᠨ ᠤ᠋ ᠨᠢᠳᠦ ᠠᠵᠢᠭᠯᠠᠯ ᠦᠭᠡᠢ ᠥᠩᠭᠡᠷᠡᠪᠡ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ ᠶ᠋ᠢᠨ ᠬᠢ ᠴᠦ᠍ ᠪᠢᠯᠬᠠᠵᠤ ᠴᠠᠯᠭᠢᠵᠤ ᠪᠠᠢᠬᠤ ᠰᠢᠪ ᠳᠡ ᠭᠡᠵᠦ ᠪᠠᠳᠠᠷᠴᠢ ᠪᠠᠷᠭᠢᠯ ᠪᠦᠳᠦᠭᠦᠨ ᠬᠣᠭᠣᠯᠠᠢ ᠪᠠᠷ ᠬᠡᠯᠡᠭᠡᠳ ᠰᠠᠭᠤᠪᠠ᠃ᠪᠠᠨᠳᠠᠭᠰᠠᠨ ᠴᠡᠮᠪᠡ ᠳᠦᠠᠳᠠᠷ ᠲᠠᠨᠲᠠᠷ ᠶᠠᠪᠤᠭᠰᠠᠭᠠᠷ ᠰᠠᠭᠤᠭᠰᠠᠨ ᠴᠢᠨᠢ ᠶᠠᠭ ᠭᠠᠯᠰᠠᠩ ᠤ᠋ᠨ ᠬᠠᠵᠠᠭᠤ ᠳ᠋ᠤ᠌ ᠰᠠᠭᠤᠭᠰᠠᠨ ᠪᠠᠢᠪᠠ᠃ ᠭᠡᠪᠡᠴᠦ ᠡᠷᠳᠡᠨᠢ ᠡᠴᠡ ᠬᠣᠯᠠ ᠰᠠᠭᠤᠭᠰᠠᠨ ᠳ᠋ᠠᠭᠠᠨ ᠪᠠᠶᠠᠷᠯᠠᠵᠤ ᠪᠠᠢᠵᠠᠢ᠃
  ᠰᠦᠷᠡᠬᠡᠢ ᠰᠣᠭᠲᠣᠵᠤ ᠬᠠᠷᠠᠴᠠ ᠨᠢ ᠴᠢᠭᠯᠡᠯ ᠦᠭᠡᠢ ᠪᠣᠯᠤᠭᠰᠠᠨ ᠭᠠᠯᠰᠠᠩ 《ᠢᠲᠡᠭᠡᠯᠲᠦ ᠠᠬ᠎ᠠ ᠰᠢᠭ᠋ ᠮᠢᠨᠢ ᠲᠣᠰᠣ ᠳᠠᠭᠠᠭᠠᠭᠰᠠᠨ ᠪᠠᠶᠠᠨ ᠬᠥᠮᠦᠨ ᠬᠣᠶᠠᠷ ᠲᠠᠮᠢᠷ ᠤ᠋ᠨ ᠰᠠᠪᠠ ᠳ᠋ᠤ᠌ ᠪᠠᠢᠲᠤᠭᠠᠢ ᠬᠠᠯᠬ᠎ᠠ ᠳᠥᠷᠪᠡᠨ ᠠᠢᠮᠠᠭ ᠲᠤ᠌ ᠪᠠᠢᠬᠤ ᠦᠭᠡᠢ》 ᠭᠡᠵᠦ ᠪᠦᠪᠦᠳᠦᠨᠡᠪᠠᠴᠤ ᠲᠡᠭᠦᠨ ᠢ᠋ ᠬᠡᠨ ᠴᠦ᠍ ᠡᠰᠡ ᠠᠩᠬᠠᠷᠤᠨ᠎ᠠ᠃ ᠴᠡᠮᠪᠡ ᠬᠤᠷᠤᠭᠤ ᠭᠠᠷᠭᠠᠵᠤ ᠬᠣᠵᠢᠭᠰᠠᠨ ᠨᠡᠷ᠎ᠡ ᠪᠡᠷ ᠠᠶᠠᠭ᠎ᠠ ᠳᠦᠭᠦᠷᠡᠩ ᠠᠷᠢᠬᠢ ᠴᠢᠳᠬᠤᠵᠤ ᠥᠭᠭᠦᠭᠰᠡᠨ ᠳ᠋ᠦ᠍ ᠭᠠᠯᠰᠠᠩ 《ᠬᠠᠯᠬ᠎ᠠ ᠳᠥᠷᠪᠡᠨ ᠠᠢᠮᠠᠭ ᠲᠤ᠌᠁》 ᠭᠡᠵᠦ ᠰᠣᠯᠢᠶᠠᠷᠠᠭᠰᠠᠭᠠᠷ ᠳᠠᠭᠤ ᠨᠢ ᠲᠠᠰᠤᠷᠠᠬᠤ ᠳ᠋ᠤ᠌ ᠡᠷᠳᠡᠨᠢ ᠪᠣᠰᠴᠤ ᠤᠨᠲᠠᠭᠤᠯᠬᠤ ᠪᠠᠷ ᠡᠷᠭᠦᠨ ᠭᠠᠷᠭᠠᠬᠤ ᠳ᠋ᠤ᠌ ᠳᠤᠯᠮ᠎ᠠ ᠳᠠᠭᠠᠵᠤ ᠭᠠᠷᠤᠯ᠎ᠠ᠃
  ᠊᠊᠊᠊᠊᠊᠊᠊᠊᠊᠊᠊᠊᠊᠊ ᠴᠢ ᠣᠷᠣᠵᠤ ᠪᠠᠢ᠃ ᠪᠢ ᠤᠨᠲᠠᠭᠤᠯᠴᠢᠬᠠᠭᠠᠳ ᠢᠷᠡᠶ᠎ᠡ ᠭᠡᠳ ᠡᠷᠳᠡᠨᠢ ᠶᠠᠪᠤᠵᠠᠢ᠃ ᠳᠤᠯᠮ᠎ᠠ ᠣᠷᠣᠵᠤ ᠢᠷᠡᠭᠡᠳ ᠰᠠᠭᠤᠭᠰᠠᠨ ᠡᠴᠡ ᠬᠣᠢᠰᠢ ᠴᠡᠮᠪᠡ ᠭᠠᠷᠬᠤ ᠳᠣᠬᠢᠶ᠎ᠠ ᠥᠭᠴᠦ ᠡᠬᠢᠯᠡᠪᠡ᠃ ᠭᠡᠲᠡᠯ᠎ᠡ ᠴᠡᠮᠪᠡ ᠶ᠋ᠢ ᠪᠣᠳᠣᠬᠤ ᠪᠠᠢᠷᠢ ᠳᠤᠯᠮ᠎ᠠ ᠶ᠋ᠢᠨ ᠰᠡᠳᠬᠢᠯ ᠳ᠋ᠦ᠍ ᠪᠠᠢᠭᠰᠠᠨ ᠦᠭᠡᠢ᠃ ᠲᠡᠭᠦᠨ ᠦ᠌ ᠰᠡᠳᠬᠢᠯ ᠳ᠋ᠦ᠍ ᠲᠡᠮᠦᠷ ᠡᠷᠭᠢᠯᠳᠦᠵᠦ᠂ ᠵᠤᠨ ᠤ᠋ ᠳᠤᠮᠳᠠ ᠰᠠᠷ᠎ᠠ ᠶ᠋ᠢᠨ ᠠᠷᠪᠠᠨ ᠨᠢᠮᠡᠨ ᠬᠡᠵᠢᠶ᠎ᠡ ᠪᠣᠯᠬᠤ ᠶ᠋ᠢ ᠡᠳᠦᠷ ᠲᠦ᠍ ᠬᠡᠳᠦᠨ ᠤᠳᠠᠭ᠎ᠠ ᠲᠣᠭᠠᠯᠠᠵᠤ ᠪᠠᠢᠳᠠᠭ ᠪᠣᠯᠵᠠᠢ᠃ ᠡᠨᠡ ᠤᠴᠢᠷ ᠡᠴᠡ ᠡᠬᠢᠯᠡᠭᠡᠳ ᠴᠡᠮᠪᠡ ᠶ᠋ᠢᠨ ᠳᠣᠬᠢᠶ᠎ᠠ ᠶ᠋ᠢ ᠮᠡᠳᠡᠭᠡ ᠦᠭᠡᠢ ᠬᠥᠮᠦᠨ ᠰᠢᠭ ᠪᠠᠢᠵᠤ ᠦᠵᠡᠯ᠎ᠡ᠃
  ᠭᠡᠪᠡᠴᠦ ᠰᠡᠭᠦᠯ ᠳ᠋ᠦ᠍ᠨᠢ ᠬᠠᠷᠢᠭᠤ ᠳᠣᠬᠢᠶ᠎ᠠ ᠥᠭᠭᠦᠭᠡᠳ ᠭᠠᠷᠬᠤ ᠳ᠋ᠤᠨᠢ ᠴᠡᠮᠪᠡ ᠬᠣᠢᠨ᠎ᠠ ᠡᠴᠡ ᠭᠠᠷᠤᠯ᠎ᠠ᠃ ᠪᠠᠷᠠᠭ᠎ᠠ ᠲᠡᠷᠭᠡᠨ ᠦ᠌ ᠴᠠᠭᠠᠨ᠎ᠠ ᠲᠡᠷᠡ ᠬᠣᠶᠠᠷ ᠠᠭᠤᠯᠵᠠᠬᠤ ᠳ᠋ᠤ᠌ ᠴᠡᠮᠪᠡ ᠬᠡᠦᠬᠡᠨ ᠢ᠋ ᠰᠢᠭᠤᠳ ᠲᠡᠪᠡᠷᠢᠵᠦ ᠠᠪᠤᠯ᠎ᠠ᠃ ᠭᠡᠲᠡᠯ᠎ᠡ ᠳᠤᠯᠮ᠎ᠠ ᠬᠣᠶᠠᠷ ᠭᠠᠷ ᠢ᠋ᠶ᠋ᠠᠷ ᠢ᠋ᠶ᠋ᠠᠨ ᠬᠠᠪᠰᠤᠷᠤᠨ ᠪᠠᠢᠳᠠᠭ ᠬᠦᠴᠦ ᠪᠡᠷ ᠢ᠋ᠶ᠋ᠡᠨ ᠠᠯᠠᠭᠠᠳᠠᠵᠤ ᠣᠷᠬᠢᠪᠠ᠃
  ᠊᠊᠊᠊᠊᠊᠊᠊᠊᠊᠊᠊᠊᠊᠊ ᠳᠤᠯᠮ᠎ᠠ ᠴᠢ ᠶᠠᠭᠤ ᠪᠣᠯᠪᠠ ᠭᠡᠵᠦ ᠰᠣᠴᠢᠭᠰᠠᠨ ᠯᠠᠮᠠ ᠨᠢᠳᠦ ᠪᠡᠨ ᠨᠡᠭᠡᠭᠡᠨ ᠠᠰᠠᠭᠤᠬᠤ ᠳ᠋ᠤ᠌ ᠳᠤᠯᠮ᠎ᠠ ᠣᠷᠣ ᠰᠤᠷᠠᠭ ᠦᠭᠡᠢ ᠪᠣᠯᠤᠭᠰᠠᠨ ᠪᠠᠢᠵᠠᠢ᠃
  ᠭᠠᠯᠰᠠᠩ ᠢ᠋ ᠤᠨᠲᠠᠭᠤᠯᠤᠨ ᠪᠤᠴᠠᠵᠤ ᠶᠠᠪᠤᠭᠰᠠᠨ ᠡᠷᠳᠡᠨᠢ ᠶ᠋ᠢᠨ ᠬᠠᠵᠠᠭᠤ ᠪᠠᠷ ᠳᠤᠯᠮ᠎ᠠ ᠭᠦᠶᠦᠨ ᠥᠩᠭᠡᠷᠡᠪᠡ᠃ ᠳᠤᠯᠮ᠎ᠠ ᠴᠢ ᠶᠠᠭᠤ ᠪᠣᠯᠪᠠ ᠭᠡᠰᠡᠨ ᠴᠡᠮᠪᠡ ᠶ᠋ᠢᠨ ᠳᠠᠭᠤ ᠴᠤ᠌ ᠣᠢᠷᠠᠬᠠᠨ ᠰᠣᠨᠣᠰᠤᠭᠳᠠᠪᠠ᠃ ᠡᠷᠳᠡᠨᠢ ᠵᠠᠪᠬᠠᠢ ᠬᠡᠦᠬᠡᠨ ᠦ᠌ ᠪᠤᠵᠠᠷ ᠶᠠᠪᠤᠳᠠᠯ ᠳ᠋ᠤ᠌ ᠵᠢᠭᠰᠢᠭᠰᠡᠨ ᠰᠡᠳᠬᠢᠯ ᠳ᠋ᠦ᠍ ᠳᠠᠷᠤᠭᠳᠠᠨ ᠭᠡᠷ ᠤᠷᠤᠭᠤ ᠪᠠᠨ ᠡᠷᠭᠢᠵᠦ ᠶᠠᠪᠤᠯ᠎ᠠ᠃ ᠡᠳᠦᠷ ᠡᠴᠡ ᠬᠣᠢᠰᠢ ᠭᠠᠯᠯᠠᠭ᠎ᠠ ᠦᠭᠡᠢ ᠬᠠᠷᠠᠩᠭᠤᠢ ᠭᠡᠷ ᠡᠴᠡ ᠨᠢ ᠵᠢᠬᠡᠭᠦᠨ ᠴᠢᠭᠢᠭ ᠦ᠋ᠨ ᠦᠨᠦᠷ ᠠᠩᠭᠢᠯᠠᠵᠤ ᠰᠡᠳᠬᠢᠯ ᠢ᠋ ᠨᠢ ᠤᠯᠠᠮ ᠴᠤ᠌ ᠳᠠᠷᠤᠯ᠎ᠠ᠃
  ᠲᠡᠮᠲᠡᠷᠢᠨ ᠶᠠᠪᠤᠵᠤ ᠣᠷᠣᠨ ᠳᠡᠭᠡᠷ᠎ᠡ ᠪᠡᠨ ᠰᠠᠭᠤᠭᠠᠳ 《ᠵᠠᠪᠠᠭᠠᠨ ᠶᠤᠮ᠃ ᠡᠢᠮᠦ ᠡᠬᠡᠨᠡᠷ ᠲᠡᠢ ᠪᠣᠯ ᠁》 ᠭᠡᠵᠦ ᠰᠢᠪᠡᠭᠡᠨᠡᠨ ᠲᠣᠯᠣᠭᠠᠢ ᠪᠠᠨ ᠠᠯᠭᠤᠷ ᠰᠡᠭᠰᠦᠷᠦᠨ ᠬᠡᠰᠡᠭ ᠰᠠᠭᠤᠪᠠ᠃ ᠡᠭᠦᠳᠡ ᠨᠡᠭᠡᠭᠡᠭᠳᠡᠵᠦ ᠲᠤᠯᠭᠠᠷ ᠣᠷᠣᠵᠤ ᠢᠷᠡᠭᠡᠳ ᠳ᠋ᠧᠩ ᠠᠰᠠᠭᠠᠵᠤ 《ᠴᠢ ᠰᠣᠭᠲᠣᠭ᠎ᠠ ᠤᠤ? ᠢᠲᠡᠭᠡᠯᠲᠦ ᠭᠤᠸᠠᠢ ᠳᠠᠭᠤᠳᠠᠵᠤ ᠪᠠᠢᠨ᠎ᠠ》 ᠭᠡᠳ ᠭᠠᠷ ᠡᠴᠡ ᠨᠢ ᠪᠠᠷᠢᠲᠠᠯ᠎ᠠ ᠡᠷᠳᠡᠨᠢ ᠶ᠋ᠢᠨ ᠬᠥᠮᠥᠰᠬᠡ ᠬᠤᠷᠴᠠ ᠱᠣᠷᠣ ᠪᠠᠷ ᠬᠠᠳᠬᠤᠭᠤᠯᠤᠭᠰᠠᠨ ᠮᠣᠭᠠᠢ ᠰᠢᠭ᠋ ᠠᠲᠤᠷᠢᠨ ᠡᠬᠡᠨᠡᠷ ᠢ᠋ᠶ᠋ᠡᠨ ᠮᠠᠭᠤᠬᠠᠢ ᠬᠠᠷᠠᠭᠰᠠᠨ ᠢ᠋ᠶ᠋ᠠᠨ 《ᠴᠢᠳᠠᠬᠤ ᠦᠭᠡᠢ》 ᠭᠡᠵᠦ ᠬᠠᠰᠬᠢᠷᠤᠭᠠᠳ ᠲᠦᠯᠬᠢᠵᠦ ᠣᠷᠬᠢᠪᠠ᠃
  ᠲᠤᠯᠭᠠᠷ ᠡᠷᠭᠢᠭᠦᠯᠭᠡ ᠲᠦᠰᠢᠵᠦ ᠠᠪᠤᠭ᠎ᠠ ᠦᠭᠡᠢ ᠪᠣᠯ ᠤᠨᠠᠬᠤ ᠪᠠᠢᠪᠠ᠃ ᠰᠠᠭᠤᠭᠰᠠᠨ ᠴᠠᠭ ᠡᠴᠡ ᠬᠣᠢᠰᠢ ᠲᠦᠯᠬᠢᠬᠦ ᠶ᠋ᠢ ᠪᠢᠲᠡᠭᠡᠢ ᠬᠡᠯᠡ᠂ ᠭᠢᠯᠤᠢᠨ ᠬᠠᠷᠠᠵᠤ ᠪᠠᠢᠭ᠎ᠠ ᠦᠭᠡᠢ ᠨᠥᠬᠥᠷ ᠨᠢ ᠢᠩᠭᠢᠵᠦ ᠠᠭᠠᠰᠢᠯᠠᠵᠤ ᠪᠠᠢᠭ᠎ᠠ ᠶ᠋ᠢ ᠢᠲᠡᠭᠡᠯᠲᠦ ᠲᠡᠢ ᠪᠣᠯᠤᠭᠰᠠᠨ ᠶᠠᠪᠤᠳᠠᠯ ᠢ᠋ ᠮᠡᠳᠡᠭᠰᠡᠨ ᠡᠴᠡ ᠪᠣᠯᠪᠠ ᠭᠡᠵᠦ ᠪᠣᠳᠣᠭᠠᠳ ᠲᠤᠯᠭᠠᠷ ᠤ᠋ᠨ ᠪᠡᠶ᠎ᠡ ᠠᠷᠵᠠᠰᠬᠢᠨ ᠴᠡᠴᠡᠷᠡᠵᠦ ᠶᠠᠮᠠᠷ ᠵᠣᠪᠠᠯᠠᠩ᠂ ᠶᠠᠭᠤ ᠪᠣᠯᠬᠤ ᠶ᠋ᠢ ᠬᠦᠯᠢᠶᠡᠨ ᠨᠢᠳᠦᠨ ᠡᠴᠡ ᠨᠢ ᠪᠥᠭᠡᠮ ᠪᠥᠭᠡᠮ ᠨᠢᠯᠪᠤᠰᠤ ᠳᠤᠰᠤᠯᠠᠵᠤ ᠪᠠᠢᠪᠠ᠃ ᠡᠷᠳᠡᠨᠢ ᠳᠠᠬᠢᠭᠠᠳ ᠯᠠ ᠡᠪ ᠦᠭᠡᠢ ᠬᠠᠷᠠᠭᠰᠠᠨ ᠪᠣᠯ ᠲᠤᠯᠭᠠᠷ ᠪᠦᠬᠦ ᠨᠢᠭᠦᠯ ᠢ᠋ᠶ᠋ᠡᠨ ᠲᠣᠭᠠᠴᠢᠨ ᠥᠷᠥᠰᠢᠶᠡᠯ ᠭᠤᠶᠤᠬᠤ ᠳ᠋ᠤ᠌ ᠪᠡᠯᠡᠬᠡᠨ ᠪᠠᠢᠯ᠎ᠠ᠃
  ᠲᠦᠮᠡᠨ ᠵᠣᠪᠠᠯᠠᠩ ᠢ᠋ ᠬᠠᠮᠲᠤ ᠲᠤᠭᠤᠯᠤᠭᠰᠠᠨ ᠡᠬᠡᠨᠡᠷ ᠦ᠋ᠨ ᠢ᠋ᠶ᠋ᠡᠨ ᠨᠢᠯᠪᠤᠰᠤ ᠶ᠋ᠢ ᠬᠠᠷᠠᠭᠠᠳ 《ᠡᠨᠡ ᠮᠠᠭᠤ ᠮᠢᠨᠢ ᠶᠠᠮᠠᠷ ᠭᠡᠮ ᠲᠡᠢ ᠪᠢᠰᠢ ᠳᠡ》 ᠭᠡᠵᠦ ᠪᠣᠳᠣᠨ ᠪᠣᠰᠴᠤ ᠬᠠᠨᠴᠤᠢ ᠪᠠᠷ ᠢ᠋ᠶ᠋ᠠᠨ ᠠᠷᠴᠢᠪᠠ᠃
  ᠊᠊᠊᠊᠊᠊᠊᠊᠊᠊᠊᠊᠊᠊᠊ ᠡᠪᠦᠭᠡᠨ ᠮᠢᠨᠢ ᠨᠠᠮᠢ᠋ᠢ ᠥᠷᠥᠰᠢᠶᠡ ᠭᠡᠳ ᠡᠷᠳᠡᠨᠢ ᠡᠬᠡᠨᠡᠷ ᠦ᠋ᠨ ᠢ᠋ᠶ᠋ᠡᠨ ᠮᠠᠩᠨᠠᠢ ᠳᠡᠭᠡᠷ᠎ᠡ ᠡᠴᠡ ᠦᠨᠦᠰᠦᠨ ᠠᠷᠭᠠᠳᠠᠪᠠ᠃
  ᠊᠊᠊᠊᠊᠊᠊᠊᠊᠊᠊᠊᠊᠊᠊ ᠵᠦᠭᠡᠷ᠂ ᠡᠷᠳᠡᠨᠢ ᠮᠢᠨᠢ ᠭᠡᠵᠦ ᠪᠦᠬᠦ ᠬᠡᠷᠡᠭ ᠡᠭᠦᠨ ᠢ᠋ᠶ᠋ᠡᠷ ᠳᠠᠭᠤᠰᠤᠭᠰᠠᠨ ᠳ᠋ᠤ᠌ ᠪᠠᠶᠠᠷᠯᠠᠭᠰᠠᠨ ᠲᠤᠯᠭᠠᠷ ᠬᠡᠯᠡᠵᠡᠢ᠃
  ᠲᠡᠭᠡᠭᠡᠳ ᠡᠬᠡᠨᠡᠷ ᠦ᠋ᠨ ᠢ᠋ᠶ᠋ᠡᠨ ᠭᠠᠷ ᠡᠴᠡ ᠬᠥᠲᠥᠯᠵᠦ ᠭᠡᠷ ᠡᠴᠡ ᠭᠠᠷᠤᠭᠠᠳ ᠰᠢᠭᠤᠳ ᠶᠡᠬᠡ ᠭᠡᠷ ᠦ᠋ᠨ ᠵᠦᠭ ᠠᠯᠬᠤᠪᠠ᠃
  ᠊᠊᠊᠊᠊᠊᠊᠊᠊᠊᠊᠊᠊᠊᠊ ᠡᠷᠳᠡᠨᠢ ᠡᠨᠳᠡ ᠰᠠᠭᠤᠭᠠᠳ 《ᠡᠷᠳᠡᠨᠢ ᠵᠠᠰᠠᠭ ᠤ᠋ᠨ ᠤᠨᠠᠭ᠎ᠠ》 ᠪᠠᠨ ᠳᠠᠭᠤᠯᠠᠭᠠᠷᠠᠢ ᠭᠡᠳ ᠢᠲᠡᠭᠡᠯᠲᠦ ᠳᠡᠷᠭᠡᠳᠡ ᠪᠡᠨ ᠵᠠᠢ ᠲᠠᠯᠪᠢᠵᠤ ᠥᠭᠪᠡ᠃
  ᠊᠊᠊᠊᠊᠊᠊᠊᠊᠊᠊᠊᠊᠊᠊ ᠵᠦᠭᠡᠷ ᠭᠡᠵᠦ ᠪᠦᠳᠡᠭᠢᠬᠡᠨ ᠬᠡᠯᠡᠭᠡᠳ ᠡᠷᠳᠡᠨᠢ ᠪᠠᠷᠠᠭᠤᠨ ᠲᠠᠯ᠎ᠠ ᠶ᠋ᠢᠨ ᠠᠷᠤ ᠶ᠋ᠢᠨ ᠡᠩᠨᠡᠭᠡ ᠳ᠋ᠦ᠍ ᠰᠠᠭᠤᠪᠠ᠃ ᠮᠥᠩᠭᠥᠨ ᠠᠶᠠᠭ᠎ᠠ ᠲᠠᠢ ᠠᠷᠢᠬᠢ ᠪᠠᠷᠢᠭᠠᠳ ᠳᠡᠰ ᠳᠡᠰ ᠢᠨᠢᠶᠡᠨ ᠬᠥᠮᠦᠰ ᠢ᠋ ᠰᠢᠬᠠᠵᠤ ᠪᠠᠢᠭ᠎ᠠ ᠳᠤᠯᠮ᠎ᠠ ᠶ᠋ᠢᠨ ᠳᠠᠭᠤ ᠴᠢᠬᠢ ᠤᠷᠤᠭᠤ ᠨᠢ ᠪᠤᠴᠠᠯᠤᠮᠠᠯ ᠤᠰᠤ ᠴᠢᠳᠬᠤᠵᠤ ᠪᠠᠢᠭ᠎ᠠ ᠶᠤᠮ ᠰᠢᠭ᠋ ᠰᠣᠨᠣᠰᠤᠭᠳᠠᠵᠤ ᠪᠠᠢᠪᠠ᠃
  ᠳᠤᠯᠮ᠎ᠠ ᠮᠥᠩᠭᠥᠨ ᠠᠶᠠᠭᠠᠨ ᠳ᠋ᠤ᠌ ᠪᠢᠯᠬᠠᠮ᠎ᠠ ᠠᠷᠢᠬᠢ ᠬᠢᠵᠦ ᠡᠷᠳᠡᠨᠢ ᠳ᠋ᠦ᠍ ᠪᠠᠷᠢᠬᠤ ᠳ᠋ᠤ᠌ ᠡᠷᠳᠡᠨᠢ ᠵᠠᠵᠢᠭᠤᠷ ᠢ᠋ᠶ᠋ᠠᠨ ᠵᠠᠭᠤᠵᠤ ᠬᠦᠢᠲᠡᠨ ᠢᠨᠢᠶᠡᠮᠰᠦᠭᠯᠡᠨ ᠲᠣᠯᠣᠭᠠᠢ ᠪᠠᠨ ᠰᠡᠭᠰᠦᠷᠪᠡ᠃
  ᠊᠊᠊᠊᠊᠊᠊᠊᠊᠊᠊᠊᠊᠊᠊ ᠳᠠᠭᠤᠤ ᠪᠠᠷᠢᠬᠤ ᠳᠤᠭᠤᠷ᠎ᠠ ᠪᠠᠷᠢᠵᠤ ᠪᠠᠢᠨ᠎ᠠ ᠰᠢᠦ ᠳᠡ ᠭᠡᠵᠦ ᠳᠤᠯᠮ᠎ᠠ ᠬᠡᠯᠡᠪᠡ᠃
  ᠊᠊᠊᠊᠊᠊᠊᠊᠊᠊᠊᠊᠊᠊᠊ ᠪᠢ ᠤᠤᠭᠤᠬᠤ ᠦᠭᠡᠢ ᠭᠡᠵᠦ ᠪᠠᠢᠨ᠎ᠠ ᠭᠡᠵᠦ ᠡᠷᠳᠡᠨᠢ ᠣᠭᠵᠣᠮ ᠪᠥᠭᠡᠳ ᠰᠢᠷᠦᠭᠦᠨ ᠳᠠᠭᠤ ᠪᠠᠷ ᠬᠡᠯᠡᠬᠦ ᠳ᠋ᠦ᠍ ᠨᠢᠳᠦ ᠨᠢ ᠬᠦᠢᠲᠡᠨ ᠢ᠋ᠶ᠋ᠡᠷ ᠰᠣᠯᠪᠢ ᠲᠠᠲᠠᠯ᠎ᠠ᠃
  ᠊᠊᠊᠊᠊᠊᠊᠊᠊᠊᠊᠊᠊᠊᠊ ᠳᠠᠭᠤᠯᠠᠬᠤ ᠬᠥᠮᠦᠨ ᠢ᠋ ᠪᠢᠲᠡᠭᠡᠢ ᠰᠢᠬ᠎ᠠ ᠭᠡᠵᠦ ᠢᠲᠡᠭᠡᠯᠲᠦ ᠬᠡᠯᠡᠭᠡᠳ ᠲᠠᠯ᠎ᠠ ᠵᠠᠰᠠᠭᠰᠠᠨ ᠳᠤᠯᠠᠭᠠᠨ ᠨᠢᠳᠦ ᠪᠡᠷ ᠡᠷᠳᠡᠨᠢ ᠶ᠋ᠢ ᠬᠠᠷᠠᠵᠤ ᠮᠦᠰᠢᠶᠡᠨ ᠨᠢᠳᠦ ᠪᠡᠨ ᠢᠷᠮᠡᠯ᠎ᠡ᠃ ᠡᠷᠳᠡᠨᠢ ᠥᠨᠳᠡᠢᠵᠦ ᠰᠠᠭᠤᠭᠠᠳ 《ᠡᠷᠳᠡᠨᠢ ᠵᠠᠰᠠᠭ ᠤ᠋ᠨ ᠤᠨᠠᠭ᠎ᠠ》 ᠪᠠᠨ ᠳᠣᠯᠭᠢᠯᠠᠭᠤᠯᠤᠨ ᠳᠠᠭᠤᠯᠠᠵᠤ ᠡᠬᠢᠯᠡᠪᠡ᠃ ᠨᠢᠳᠦᠨ ᠳ᠋ᠦ᠍ᠨᠢ ᠳᠠᠢ᠌ᠰᠢᠷᠢ ᠶ᠋ᠢᠨ ᠨᠢᠷᠤᠭᠤ᠂ ᠠᠯᠠᠩ ᠤ᠋ᠨ ᠬᠥᠨᠳᠡᠢ ᠵᠡᠷᠭᠡ ᠥᠰᠦᠭᠰᠡᠨ ᠲᠥᠷᠥᠭᠰᠡᠨ ᠨᠤᠲᠤᠭ ᠨᠢ ᠬᠠᠷᠠᠭᠳᠠᠬᠤ ᠰᠢᠭ᠋ ᠪᠣᠯᠤᠭᠠᠳ ᠰᠠᠶᠢᠬᠠᠨ ᠰᠢᠭ᠋ ᠳᠤᠯᠮ᠎ᠠ ᠴᠡᠮᠪᠡ ᠬᠣᠶᠠᠷ ᠢ᠋ ᠵᠢᠭᠰᠢᠨ ᠣᠪᠣᠯᠵᠠᠵᠤ ᠪᠠᠢᠭᠰᠠᠨ ᠰᠡᠳᠬᠢᠯ ᠨᠢ ᠠᠶᠠᠨᠳᠠᠭᠠᠨ ᠵᠥᠭᠡᠯᠡᠷᠡᠵᠦ ᠪᠦᠬᠦ ᠪᠣᠳᠣᠯ ᠢ᠋ ᠨᠢ ᠡᠬᠡ ᠨᠤᠲᠤᠭ ᠤ᠋ᠨ ᠳᠦᠷᠢ᠂ ᠠᠷᠢᠬᠢᠨ ᠤ᠋ ᠠᠭᠠᠭ ᠢ᠋ᠶ᠋ᠠᠷ ᠮᠠᠨᠠᠷᠠᠭᠰᠠᠨ ᠦᠯᠦ ᠦᠵᠡᠭᠳᠡᠬᠦ᠂ ᠦᠯᠦ ᠣᠢ᠌ᠯᠭᠬᠠᠳᠠᠬᠤ ᠪᠣᠯᠪᠠᠴᠤ ᠵᠢᠷᠦᠬᠡ ᠶ᠋ᠢ ᠨᠢ ᠬᠥᠳᠡᠯᠭᠡᠭᠰᠡᠨ ᠪᠠᠶᠠᠷ ᠤ᠋ᠨ ᠵᠡᠷᠭᠡᠯᠡᠭᠡ ᠪᠡᠷ ᠳᠦᠭᠦᠷᠭᠡᠪᠡ᠃
  ᠰᠡᠭᠦᠯ ᠦ᠋ᠨ ᠲᠦᠷᠡᠯᠭᠡ ᠳᠠᠭᠤᠰᠴᠤ᠂ ᠴᠤᠭᠯᠠᠷᠠᠭᠰᠠᠳ ᠡᠷᠳᠡᠨᠢ ᠶ᠋ᠢᠨ ᠬᠣᠭᠣᠯᠠᠢ ᠶ᠋ᠢ ᠣᠯᠠᠨ ᠰᠠᠢᠬᠠᠨ ᠦᠭᠡ ᠪᠡᠷ ᠮᠠᠭᠲᠠᠨ ᠰᠠᠢᠰᠢᠶᠠᠬᠤ ᠳ᠋ᠤ᠌ ᠡᠷᠳᠡᠨᠢ ᠴᠦ᠍ ᠬᠡᠢ ᠪᠠᠶᠠᠷ ᠤ᠋ᠨ ᠵᠡᠷᠭᠡᠯᠭᠡᠨ ᠡᠴᠡ ᠰᠠᠯᠵᠤ ᠬᠠᠷ᠎ᠠ ᠠᠮᠢᠳᠤᠷᠠᠯ ᠤ᠋ᠨ ᠶᠢᠷᠲᠢᠨᠴᠦ ᠳ᠋ᠦ᠍ ᠪᠠᠭᠤᠵᠤ ᠢᠷᠡᠯ᠎ᠡ᠃
  ᠮᠠᠷᠭᠠᠰᠢ ᠥᠷᠯᠥᠭᠡ ᠨᠢ ᠬᠣᠲᠠ ᠮᠠᠯᠲᠠᠵᠤ ᠪᠠᠢᠭᠰᠠᠨ ᠡᠷᠳᠡᠨᠢ ᠳᠤᠯᠮ᠎ᠠ ᠲᠠᠢ ᠶᠠᠭ ᠤᠴᠠᠷᠠᠪᠠ᠃
  ᠊᠊᠊᠊᠊᠊᠊᠊᠊᠊᠊᠊᠊᠊᠊ ᠳᠤᠯᠮ᠎ᠠ ᠮᠢᠨᠢ ᠴᠢ ᠶᠠᠮᠠᠷ ᠵᠠᠪᠬᠠᠢ ᠶᠤᠮ ᠪᠣᠢ᠃ ᠣᠷᠣᠭᠠᠨ ᠤ᠋ ᠭᠢᠴᠢᠢ ᠪᠢᠰᠢ ᠳᠡ ᠭᠡᠵᠦ ᠡᠷᠳᠡᠨᠢ ᠲᠡᠰᠦᠭᠰᠡᠨ ᠦᠭᠡᠢ ᠬᠡᠯᠡᠵᠦ ᠣᠷᠬᠢᠪᠠ᠃ ᠳᠤᠯᠮ᠎ᠠ ᠭᠠᠢᠬᠠᠨ ᠬᠠᠷᠠᠭᠰᠠᠨ ᠢ᠋ᠶ᠋ᠠᠨ ᠳᠡᠰ ᠳᠡᠰ ᠭᠡᠵᠦ ᠬᠤᠳᠠᠯ ᠢᠨᠢᠶᠡᠭᠡᠳ 《ᠶᠠᠭᠤ ᠪᠣᠯᠪᠠ》 ᠭᠡᠳ ᠴᠠᠰᠢ ᠪᠠᠨ ᠡᠷᠭᠢᠨ ᠠᠵᠢᠯᠯᠠᠪᠠ᠃
  ᠲᠡᠮᠦᠷ ᠲᠡᠢ ᠠᠭᠤᠯᠵᠠᠭᠰᠠᠨ ᠡᠴᠡ ᠬᠣᠢᠰᠢ ᠡᠷᠳᠡᠨᠢ ᠶ᠋ᠢ ᠬᠦᠨᠳᠦᠯᠡᠨ᠂ ᠳᠣᠲᠣᠨᠣ ᠬᠠᠢᠷᠠᠲᠠᠢ ᠪᠣᠯᠵᠠᠢ᠃ ᠵᠠᠷᠢᠮ ᠳ᠋ᠠᠭᠠᠨ 《ᠠᠬ᠎ᠠ ᠠ᠋》 ᠴᠦ᠍ ᠭᠡᠵᠦ ᠳᠠᠭᠤᠳᠠᠮᠠᠷ ᠪᠠᠢᠳᠠᠭ ᠶᠤᠮ᠃ ᠲᠤᠯᠭᠠᠷ ᠢ᠋ ᠠᠰᠢᠭᠯᠠᠵᠤ ᠡᠷᠳᠡᠨᠢ ᠶ᠋ᠢ ᠳᠠᠷᠤᠯᠠᠵᠤ ᠪᠠᠢᠭ᠎ᠠ ᠢᠲᠡᠭᠡᠯᠲᠦ ᠶ᠋ᠢᠨ ᠪᠣᠯᠠᠢ ᠶᠠᠪᠤᠳᠠᠯ ᠳᠤᠯᠮ᠎ᠠ ᠳ᠋ᠤ᠌ ᠥᠭᠡᠷ᠎ᠡ ᠤᠳᠬ᠎ᠠ ᠴᠢᠨᠠᠷ ᠲᠠᠢ ᠪᠣᠯᠵᠤ᠂ ᠤᠷᠢᠳᠤ ᠲᠤᠯᠭᠠᠷ ᠲᠠᠢ ᠠᠲᠠᠭᠠᠷᠬᠠᠵᠤ ᠪᠠᠢᠭᠰᠠᠨ ᠪᠣᠯ ᠣᠳᠣ ᠭᠡᠨᠡᠨ ᠴᠠᠭᠠᠨ ᠰᠡᠳᠬᠢᠯ ᠢ᠋ᠶ᠋ᠡᠷ ᠳᠣᠷᠣᠮᠵᠢᠯᠠᠭᠤᠯᠵᠤ ᠪᠠᠢᠭ᠎ᠠ ᠡᠷᠳᠡᠨᠢ ᠶ᠋ᠢ ᠥᠮᠥᠭᠡᠷᠡᠵᠦ ᠢᠲᠡᠭᠡᠯᠲᠦ ᠪᠡᠷ ᠪᠠᠷᠠᠬᠤ ᠦᠭᠡᠢ ᠲᠤᠯᠭᠠᠷ ᠢ᠋ ᠵᠢᠭᠰᠢᠨ᠎ᠡ᠃ ᠵᠠᠷᠢᠮ ᠳ᠋ᠠᠭᠠᠨ ᠡᠷᠳᠡᠨᠢ ᠳ᠋ᠦ᠍ ᠬᠡᠯᠡᠵᠦ ᠣᠷᠬᠢᠮᠠᠷ ᠴᠤ᠌ ᠪᠣᠳᠣᠭᠳᠠᠨ᠎ᠠ᠃ ᠬᠡᠯᠡᠭᠡ ᠦᠭᠡᠢ ᠤᠴᠢᠷ ᠪᠣᠯ ᠡᠨᠡ ᠪᠤᠵᠠᠷ ᠶᠠᠪᠤᠳᠠᠯ ᠢ᠋ ᠮᠡᠳᠡᠭᠰᠡᠨ ᠡᠷᠳᠡᠨᠢ ᠠᠭᠤᠷ ᠲᠠᠭᠠᠨ ᠲᠩᠷᠢ ᠳ᠋ᠦ᠍ ᠲᠤᠯᠤᠭᠰᠠᠨ ᠬᠡᠷᠡᠭ ᠲᠦᠪᠡᠭ ᠭᠠᠷᠭᠠᠵᠤ᠂ ᠡᠴᠦᠰ ᠲᠡᠭᠡᠨ ᠬᠣᠬᠢᠷᠠᠨ᠎ᠠ ᠭᠡᠵᠦ ᠡᠮᠢᠶᠡᠭᠰᠡᠨ ᠡᠴᠡ ᠪᠣᠯᠵᠠᠢ᠃ ᠡᠷᠳᠡᠨᠢ ᠪᠣᠯ ᠭᠠᠯᠰᠠᠩ ᠪᠢᠰᠢ!
  ᠨᠥᠭᠦᠭᠡ ᠲᠠᠯ᠎ᠠ ᠪᠠᠷ ᠴᠡᠮᠪᠡ ᠶ᠋ᠢ ᠠᠯᠠᠭᠠᠳᠠᠵᠤ ᠣᠷᠬᠢᠭᠰᠠᠨ ᠨᠢ ᠳᠤᠯᠮ᠎ᠠ ᠳ᠋ᠤ᠌ ᠮᠥᠨ ᠴᠦ᠍ ᠶᠡᠬᠡ ᠶᠠᠭᠤᠮ᠎ᠠ ᠪᠠᠢᠯ᠎ᠠ᠃ ᠬᠠᠷᠠᠮᠰᠠᠯᠲᠠᠢ ᠨᠢ ᠬᠠᠷᠠᠭᠰᠠᠨ ᠪᠦᠬᠦᠨ ᠪᠠᠬᠠᠳᠤᠨ ᠪᠠᠶᠠᠷᠯᠠᠮᠠᠷ ᠲᠡᠷᠡ ᠶᠠᠪᠤᠳᠠᠯ ᠢ᠋ ᠡᠷᠳᠡᠨᠢ ᠬᠠᠷᠠᠭ᠎ᠠ ᠦᠭᠡᠢ᠃ ᠬᠠᠷᠢᠨ ᠰᠡᠳᠬᠢᠯ ᠨᠢ ᠬᠥᠭᠡᠷᠦᠭᠰᠡᠨ ᠳᠤᠯᠮ᠎ᠠ ᠳ᠋ᠤ᠌ ᠪᠣᠯ ᠵᠥᠪᠬᠡᠨ ᠡᠷᠳᠡᠨᠢ ᠪᠢᠰᠢ ᠪᠦᠬᠦ ᠬᠣᠷᠸ᠎ᠠ ᠬᠠᠷᠠᠵᠤ ᠮᠡᠳᠡᠨ ᠪᠠᠶᠠᠷᠯᠠᠭᠰᠠᠨ ᠶᠤᠮ ᠰᠢᠭ᠋ ᠪᠣᠳᠣᠭᠳᠠᠵᠤ ᠪᠠᠢᠯ᠎ᠠ᠃ ᠭᠡᠲᠡᠯ᠎ᠡ ᠡᠷᠳᠡᠨᠢ ᠲᠡᠭᠦᠨ ᠢ᠋ ᠶᠠᠮᠠᠷ ᠴᠤ᠌ ᠬᠠᠢᠷ᠎ᠠ᠂ ᠡᠨᠡᠷᠢᠯ ᠦᠭᠡᠢ ᠠᠳᠠᠭ ᠤ᠋ᠨ ᠦᠭᠡ ᠪᠡᠷ ᠳᠣᠷᠣᠮᠵᠢᠯᠠᠪᠠ᠃ ᠲᠡᠮᠦᠷ ᠲᠡᠢ ᠠᠭᠤᠯᠵᠠᠵᠤ ᠥᠭᠡᠷ᠎ᠡ ᠬᠥᠮᠦᠨ ᠪᠣᠯᠤᠭ᠎ᠠ ᠦᠭᠡᠢ ᠪᠣᠯ ᠳᠤᠯᠮ᠎ᠠ ᠡᠨᠡ ᠵᠡᠷᠭᠡ ᠶ᠋ᠢᠨ ᠦᠭᠡᠨ ᠳ᠋ᠦ᠍ ᠭᠣᠮᠣᠳᠠᠬᠤ ᠦᠭᠡᠢ ᠪᠠᠢᠭᠰᠠᠨ᠃ ᠣᠳᠣ ᠪᠣᠯ ᠦᠯᠡᠮᠵᠢ ᠭᠣᠮᠣᠳᠠᠪᠠ᠃ ᠭᠡᠬᠦ ᠳ᠋ᠡᠭᠡᠨ ᠡᠬᠢᠯᠡᠭᠡᠳ ᠵᠠᠢᠯᠠᠵᠤ ᠭᠠᠷᠤᠶ᠎ᠠ ᠭᠡᠵᠦ ᠪᠣᠳᠣᠭᠠᠳ ᠵᠠᠢᠯᠠᠭᠤᠯᠬᠤ ᠭᠡᠵᠦ ᠣᠷᠣᠯᠳᠣᠪᠠ᠃ ᠪᠦᠲᠦᠭᠰᠡᠨ ᠦᠭᠡᠢ᠃
  ᠊᠊᠊᠊᠊᠊᠊᠊᠊᠊᠊᠊᠊᠊᠊ ᠶᠣᠰᠣᠯᠠᠵᠤ ᠠᠪᠤᠭᠰᠠᠨ ᠡᠷ᠎ᠡ ᠨᠥᠬᠥᠷ ᠲᠡᠢ ᠪᠠᠢᠵᠤ ᠲᠡᠷᠡ ᠠᠰᠠᠮᠠᠨ ᠯᠠᠮᠠ ᠲᠠᠢ ᠶᠠᠭᠤ ᠪᠣᠯᠤᠭᠠᠳ ᠪᠠᠢᠳᠠᠭ ᠶᠤᠮ ᠪᠣᠢ? ᠬᠥᠮᠦᠨ ᠳ᠋ᠦ᠍ ᠴᠢᠨᠢ ᠶᠣᠰᠣ ᠳᠢᠭᠯᠢᠮ ᠭᠡᠵᠦ ᠪᠠᠢᠳᠠᠭ ᠶᠤᠮ ᠰᠢᠦ ᠭᠡᠵᠦ ᠡᠷᠳᠡᠨᠢ ᠶ᠋ᠢᠨ ᠬᠡᠯᠡᠬᠦ ᠳ᠋ᠦ᠍ ᠳᠤᠯᠮ᠎ᠠ ᠶ᠋ᠢᠨ ᠨᠢᠳᠦ ᠨᠢ ᠭᠠᠯᠵᠠᠭᠤ ᠦᠬᠡᠷ ᠦ᠋ᠨ ᠨᠢᠳᠦ ᠰᠢᠭ ᠭᠥᠯᠢᠷᠡᠨ ᠵᠠᠩᠭᠢᠷᠠᠵᠤ᠂ ᠪᠠᠷᠢᠵᠤ ᠪᠠᠢᠭᠰᠠᠨ ᠰᠢᠯᠪᠢᠭᠦᠷ ᠢ᠋ᠶ᠋ᠡᠨ ᠭᠠᠵᠠᠷ ᠰᠢᠳᠡᠵᠦ ᠬᠥᠮᠥᠭᠡᠢ ᠪᠡᠨ ᠵᠠᠭᠤᠨ ᠣᠢᠷᠠᠲᠤᠵᠤ ᠢᠷᠡᠭᠰᠡᠨ ᠢ᠋ᠶ᠋ᠡᠨ᠄
  ᠊᠊᠊᠊᠊᠊᠊᠊᠊᠊᠊᠊᠊᠊᠊ ᠥᠪᠡᠷ ᠦ᠋ᠨ ᠢ᠋ᠶ᠋ᠡᠨ ᠡᠬᠡᠨᠡᠷ ᠢ᠋ ᠵᠠᠬᠢᠷᠴᠤ ᠪᠠᠢᠭᠠᠳ᠂ ᠨᠠᠮᠢ᠋ᠢ ᠵᠠᠬᠢᠷᠤᠭᠠᠷᠠᠢ ᠭᠡᠳ ᠰᠢᠭᠤᠳ ᠡᠷᠭᠢᠵᠡᠢ᠃
  ᠊᠊᠊᠊᠊᠊᠊᠊᠊᠊᠊᠊᠊᠊᠊ ᠪᠤᠵᠠᠷ ᠡᠮ᠎ᠡ᠂ ᠬᠥᠮᠦᠨ ᠭᠦᠳᠬᠡᠨ᠎ᠡ ᠭᠡᠨ᠎ᠡ ᠭᠡᠳ ᠦᠰᠦᠷᠦᠨ ᠣᠴᠢᠵᠤ ᠳᠤᠯᠮ᠎ᠠ ᠶ᠋ᠢᠨ ᠮᠥᠷᠦᠨ ᠳᠡᠭᠡᠷ᠎ᠡ ᠡᠴᠡ ᠪᠠᠷᠢᠵᠤ ᠠᠪᠤᠯ᠎ᠠ᠃ ᠳᠤᠯᠮ᠎ᠠ ᠡᠷᠭᠢᠵᠦ ᠡᠷᠳᠡᠨᠢ ᠤᠷᠤᠭᠤ ᠲᠣᠭᠲᠠᠩᠭᠤᠢ ᠪᠥᠭᠡᠳ ᠬᠣᠷᠣᠰᠤᠯ ᠲᠠᠢ ᠨᠢᠳᠦ ᠪᠡᠷ ᠬᠠᠷᠠᠭᠰᠠᠨ ᠢ᠋ᠶ᠋ᠠᠨ ᠵᠢᠷᠦᠬᠡ ᠵᠦᠰᠦᠮ᠎ᠡ ᠬᠦᠢᠲᠡᠨ ᠢᠨᠢᠶᠡᠮᠰᠦᠭᠯᠡᠵᠦ᠄
  ᠊᠊᠊᠊᠊᠊᠊᠊᠊᠊᠊᠊᠊᠊᠊ ᠡᠬᠡᠨᠡᠷ ᠢ᠋ᠶ᠋ᠡᠨ ᠢᠲᠡᠭᠡᠯᠲᠦ ᠲᠡᠢ ᠵᠠᠪᠬᠠᠢᠷᠠᠭᠠᠳ ᠪᠠᠢᠬᠤ ᠳ᠋ᠤ᠌ ᠨᠢᠳᠦ ᠪᠠᠯᠠᠢ᠂ ᠴᠢᠬᠢ ᠳᠦᠯᠡᠢ ᠪᠣᠯᠤᠭᠠᠳ ᠰᠠᠭᠤᠵᠤ ᠪᠠᠢᠳᠠᠭ ᠮᠥᠷᠳᠡᠯ᠎ᠡ ᠪᠡᠨ ᠮᠢᠨᠦ ᠶᠠᠪᠤᠳᠠᠯ ᠳ᠋ᠤ᠌ ᠣᠷᠣᠯᠴᠠᠨ᠎ᠠ ᠭᠡᠨ᠎ᠡ᠃ ᠠᠶᠠᠳᠠᠪᠠᠯ ᠳᠡᠭᠡᠷ᠎ᠡ ᠪᠠᠢᠬ᠎ᠠ ᠭᠡᠳ ᠮᠥᠷᠥ ᠪᠡᠨ ᠤᠭᠵᠠ ᠲᠡᠳᠡᠨ ᠴᠢᠨᠠᠭᠰᠢ ᠶᠠᠪᠤᠯ᠎ᠠ᠃
  ᠡᠷᠳᠡᠨᠢ ᠳᠤᠲᠠᠭᠤ ᠪᠢᠷ᠎ᠠ ᠲᠠᠢ ᠬᠥᠮᠦᠨ ᠳ᠋ᠦ᠍ ᠣᠢᠴᠢᠭᠠᠳ ᠪᠠᠭᠤᠯᠲᠠ ᠪᠠᠨ ᠥᠭᠬᠦ ᠭᠡᠳ ᠵᠣᠭᠰᠣᠵᠤ ᠪᠠᠢᠭ᠎ᠠ ᠪᠥᠬᠡ ᠰᠢᠭ ᠬᠣᠴᠣᠷᠪᠠ᠃ ᠬᠦᠷᠵᠡ ᠪᠡᠨ ᠭᠠᠵᠠᠷ ᠲᠠᠯᠪᠢᠭᠠᠳ ᠭᠡᠷ ᠤᠷᠤᠭᠤ ᠪᠠᠨ ᠠᠵᠢᠭᠯᠠᠨ ᠬᠠᠷᠠᠭᠰᠠᠨ ᠢ᠋ᠶ᠋ᠠᠨ ᠬᠥᠯ ᠳ᠋ᠦ᠍ ᠳᠥᠩᠭᠡᠵᠢ ᠣᠷᠣᠵᠤ ᠪᠠᠢᠭ᠎ᠠ ᠬᠡᠦᠬᠡᠳ ᠰᠢᠭ ᠡᠨᠳᠡ ᠲᠡᠨᠳᠡ ᠭᠢᠰᠬᠢᠨ ᠶᠠᠪᠤᠯ᠎ᠠ᠃ ᠡᠷᠳᠡᠨᠢ ᠳ᠋ᠦ᠍ ᠪᠦᠬᠦ ᠠᠮᠢᠳᠤᠷᠠᠯ ᠨᠢ ᠬᠥᠮᠦᠨ ᠪᠦᠬᠦᠨ ᠳ᠋ᠦ᠍ ᠬᠠᠭᠤᠷᠲᠠᠵᠤ ᠳᠣᠷᠣᠮᠵᠢᠯᠠᠭᠳᠠᠭᠰᠠᠨ ᠬᠠᠷᠠᠩᠭᠤᠢ ᠨᠦᠬᠡ ᠮᠡᠲᠦ ᠰᠠᠨᠠᠭᠳᠠᠵᠤ ᠲᠡᠭᠦᠨ ᠢ᠋ ᠢᠩᠭᠢᠵᠦ ᠳᠣᠷᠣᠮᠵᠢᠯᠠᠭᠳᠠᠬᠤ ᠳ᠋ᠤ᠌ ᠬᠠᠢᠷᠠᠲᠤ ᠡᠬᠡᠨᠡᠷ ᠨᠢ᠂ ᠢᠲᠡᠭᠡᠵᠦ ᠶᠠᠪᠤᠭᠰᠠᠨ ᠭᠠᠭᠴᠠ ᠬᠥᠮᠦᠨ ᠨᠢ ᠭᠡᠮ ᠲᠡᠢ ᠪᠠᠢᠭᠰᠠᠨ ᠨᠢ ᠬᠠᠮᠤᠭ ᠡᠴᠡ ᠭᠣᠮᠣᠳᠠᠯ ᠲᠠᠢ᠂ ᠵᠢᠭᠰᠢᠯᠲᠡᠢ ᠪᠠᠢᠯ᠎ᠠ᠃
  ᠭᠡᠪᠡᠴᠦ ᠮᠢᠨᠦ ᠲᠤᠯᠭᠠᠷ ᠲᠡᠢᠮᠦ ᠶᠠᠭᠤᠮ᠎ᠠ ᠬᠢᠬᠦ ᠦᠭᠡᠢ ᠭᠡᠰᠡᠨ ᠭᠣᠷᠢᠳᠠᠯᠭ᠎ᠠ ᠰᠡᠳᠬᠢᠯ ᠳ᠋ᠦ᠍ᠨᠢ ᠡᠷᠭᠢᠯᠳᠦᠵᠦ ᠭᠡᠷ ᠲᠡᠭᠡᠨ ᠣᠷᠣᠵᠤ ᠢᠷᠡᠬᠦ ᠳ᠋ᠦ᠍ᠨᠢ ᠶᠡᠬᠡ ᠭᠡᠷ ᠡᠴᠡ ᠭᠡᠷ ᠤᠷᠤᠭᠤ ᠪᠠᠨ ᠢᠷᠡᠬᠦ ᠵᠠᠮ ᠳ᠋ᠠᠭᠠᠨ ᠡᠷᠳᠡᠨᠢ᠂ ᠳᠤᠯᠮ᠎ᠠ ᠬᠣᠶᠠᠷ ᠤ᠋ᠨ ᠶᠠᠷᠢᠶ᠎ᠠ ᠰᠣᠨᠣᠰᠤᠭᠰᠠᠨ ᠲᠤᠯᠭᠠᠷ ᠪᠤᠲᠠᠨ ᠳ᠋ᠤ᠌ ᠰᠢᠬᠠᠭᠤᠯᠤᠭᠰᠠᠨ ᠲᠠᠤᠯᠠᠢ ᠰᠢᠭ᠋ ᠪᠦᠯᠲᠡᠯᠵᠡᠵᠦ ᠪᠠᠢᠪᠠ᠃ ᠡᠷᠳᠡᠨᠢ ᠪᠦᠬᠦ ᠨᠢᠭᠤᠷ ᠤ᠋ᠨ ᠢ᠋ᠶ᠋ᠠᠨ ᠠᠷᠠᠰᠤ ᠶ᠋ᠢ ᠬᠢᠩᠭᠠᠨ ᠬᠠᠮᠠᠷ ᠳᠡᠭᠡᠷ᠎ᠡ ᠪᠡᠨ ᠵᠠᠩᠭᠢᠳᠴᠤ ᠪᠠᠢᠭᠠᠳ ᠬᠠᠷᠠᠬᠤ ᠳ᠋ᠤ᠌ ᠲᠤᠯᠭᠠᠷ ᠭᠥᠯᠢᠯᠵᠡᠨ ᠳᠣᠭᠣᠭᠰᠢ ᠬᠠᠷᠠᠯ᠎ᠠ᠃
  ᠊᠊᠊᠊᠊᠊᠊᠊᠊᠊᠊᠊᠊᠊᠊ ᠦᠨᠡᠨ ᠤᠤ ᠭᠡᠵᠦ ᠡᠷᠳᠡᠨᠢ ᠬᠠᠰᠬᠢᠷᠤᠨ ᠠᠰᠠᠭᠤᠪᠠ᠃
  《ᠬᠤᠳᠠᠯ》 ᠭᠡᠵᠦ ᠡᠬᠡᠨᠡᠷ ᠨᠢ ᠬᠡᠯᠡᠭᠰᠡᠨ ᠪᠣᠯ ᠡᠷᠳᠡᠨᠢ ᠡᠨᠡ ᠬᠣᠷᠸ᠎ᠠ ᠳᠡᠭᠡᠷ᠎ᠡ ᠬᠠᠮᠤᠭ ᠤ᠋ᠨ ᠵᠢᠷᠭᠠᠯ ᠲᠠᠢ ᠬᠥᠮᠦᠨ ᠪᠣᠯᠤᠨ ᠬᠤᠪᠢᠷᠠᠬᠤ ᠪᠠᠢᠵᠤ ᠪᠢᠯᠡ᠃
  ᠊᠊᠊᠊᠊᠊᠊᠊᠊᠊᠊᠊᠊᠊᠊ ᠦᠨᠡᠨ ᠭᠡᠳ ᠲᠤᠯᠭᠠᠷ ᠤ᠋ᠨ ᠨᠢᠳᠦᠨ ᠳ᠋ᠦ᠍ ᠨᠢᠯᠪᠤᠰᠤ ᠪᠦᠷᠬᠦᠪᠡ᠃ ᠡᠷᠳᠡᠨᠢ ᠶ᠋ᠢᠨ ᠨᠢᠳᠦᠨ ᠳ᠋ᠦ᠍ ᠬᠣᠷᠣᠰᠤᠯ᠂ ᠵᠢᠭᠰᠢᠯ ᠣᠪᠣᠯᠵᠠᠭᠰᠠᠨ ᠢ᠋ᠶ᠋ᠠᠨ 《ᠪᠤᠵᠠᠷ ᠶᠠᠩᠬᠠᠨ》 ᠭᠡᠳ ᠠᠯᠠᠭᠠᠳᠠᠪᠠ᠃
  ᠲᠤᠯᠭᠠᠷ ᠲᠤᠯᠭ᠎ᠠ ᠲᠡᠳᠡᠨ ᠥᠩᠬᠥᠷᠢᠵᠦ ᠤᠨᠠᠪᠠ᠃ ᠡᠷᠳᠡᠨᠢ ᠭᠱᠠᠨ ᠵᠠᠭᠤᠷ᠎ᠠ ᠡᠷᠭᠢᠨ ᠭᠠᠷᠴᠤ ᠰᠢᠭᠤᠳ ᠮᠣᠷᠳᠠᠭᠠᠳ ᠬᠣᠰᠢᠭᠤ ᠬᠦᠷᠢᠶᠡᠨ ᠦ᠌ ᠵᠦᠭ ᠣᠮ ᠬᠣᠮ ᠦᠭᠡᠢ ᠳᠠᠪᠬᠢᠯ᠎ᠠ᠃
  《ᠡᠷᠳᠡᠨᠢ᠂ ᠵᠣᠭᠰᠣᠭᠠᠴᠢ》 ᠭᠡᠵᠦ ᠲᠤᠯᠭᠠᠷ ᠤ᠋ᠨ ᠬᠠᠰᠬᠢᠷᠤᠭᠰᠠᠨ ᠳᠠᠭᠤ ᠶ᠋ᠢ ᠰᠣᠨᠣᠰᠤᠭᠰᠠᠨ᠃ ᠰᠣᠨᠣᠰᠤᠭᠰᠠᠨ ᠴᠤ᠌ ᠵᠣᠭᠰᠣᠬᠤ ᠦᠭᠡᠢ ᠪᠠᠢᠵᠤ ᠪᠢᠯᠡ᠃
  ᠳᠤᠯᠮ᠎ᠠ ᠡᠨᠡ ᠪᠦᠬᠦᠨ ᠢ᠋ ᠭᠡᠷ ᠦ᠋ᠨ ᠢ᠋ᠶ᠋ᠡᠨ ᠬᠠᠶᠠᠭ᠎ᠠ ᠡᠴᠡ ᠬᠠᠷᠠᠵᠤ ᠪᠠᠢᠯ᠎ᠠ᠃ ᠲᠡᠷᠡ ᠬᠢᠭᠰᠡᠨ ᠬᠡᠷᠡᠭ ᠲᠡᠭᠡᠨ ᠭᠡᠮᠰᠢᠬᠦ ᠰᠡᠳᠬᠢᠯ ᠦ᠋ᠨ ᠬᠠᠵᠠᠭᠤ ᠪᠠᠷ ᠠᠮᠢᠳᠤᠷᠠᠯ ᠳ᠋ᠤ᠌ ᠭᠣᠮᠣᠳᠠᠭᠰᠠᠨ ᠭᠠᠰᠢᠭᠤᠨ ᠬᠣᠷᠣᠰᠤᠯ ᠤ᠋ᠨ ᠪᠠᠶᠠᠷ ᠪᠠᠬᠠᠳᠤᠯ ᠰᠡᠳᠬᠢᠯ ᠳ᠋ᠦ᠍ᠨᠢ ᠲᠥᠷᠥᠵᠦ ᠪᠠᠢᠪᠠ᠃ ᠡᠷᠳᠡᠨᠢ ᠠᠳᠤᠭᠤ ᠳᠠᠭᠠᠷᠢᠵᠤ ᠪᠠᠢᠳᠠᠭ ᠭᠠᠭᠴᠠ ᠬᠡᠭᠡᠷ ᠮᠣᠷᠢ ᠪᠠᠨ ᠤᠨᠤᠭᠠᠳ ᠬᠣᠷᠸ᠎ᠠ ᠡᠴᠡ ᠵᠢᠭᠤᠲᠠᠬᠤ᠂ ᠲᠡᠭᠡᠬᠦ ᠳ᠋ᠡᠭᠡᠨ ᠬᠠᠮᠢᠭ᠎ᠠ ᠣᠴᠢᠬᠤ ᠪᠠᠨ ᠮᠡᠳᠡᠬᠦ ᠦᠭᠡᠢ ᠶᠠᠪᠤᠵᠤ ᠪᠠᠢᠲᠠᠯ᠎ᠠ ᠲᠡᠷᠡ ᠥᠷᠯᠥᠭᠡ ᠭᠠᠯᠰᠠᠩ ᠲᠠᠢ ᠬᠠᠮᠲᠤ ᠬᠦᠷᠢᠶᠡᠨ ᠳᠡᠭᠡᠷ᠎ᠡ ᠣᠴᠢᠭᠠᠳ ᠢᠷᠡᠵᠦ ᠶᠠᠪᠤᠭᠰᠠᠨ ᠢᠲᠡᠭᠡᠯᠲᠦ ᠲᠡᠢ ᠶᠠᠭ ᠮᠥᠷᠭᠥᠯᠳᠦᠪᠡ᠃
  ᠊᠊᠊᠊᠊᠊᠊᠊᠊᠊᠊᠊᠊᠊᠊ ᠡᠷᠳᠡᠨᠢ ᠬᠠᠮᠢᠭ᠎ᠠ ᠣᠴᠢᠵᠤ ᠶᠠᠪᠤᠭ᠎ᠠ ᠪᠢᠯᠡ ᠭᠡᠳ ᠢᠲᠡᠭᠡᠯᠲᠦ ᠢᠨᠢᠶᠡᠮᠰᠦᠭᠯᠡᠪᠡ᠃ ᠡᠷᠳᠡᠨᠢ ᠮᠣᠷᠢᠨ ᠡᠴᠡ ᠪᠡᠨ ᠦᠰᠦᠷᠦᠨ ᠪᠠᠭᠤᠵᠤ 《ᠲᠠ ᠨᠠᠷ ᠪᠠᠷᠤᠭᠲᠠᠢ ᠳᠠᠷᠤᠯᠠᠭᠠᠷᠠᠢ》 ᠭᠡᠳ ᠢᠲᠡᠭᠡᠯᠲᠦ ᠶ᠋ᠢ ᠮᠣᠷᠢᠨ ᠳᠡᠭᠡᠷ᠎ᠡ ᠡᠴᠡ ᠭᠣᠳ ᠲᠠᠲᠠᠵᠤ ᠤᠨᠠᠭᠠᠭᠠᠳ ᠶᠠᠷᠭᠠᠢ ᠲᠠᠰᠢᠭᠤᠷ ᠢ᠋ᠶ᠋ᠠᠷ ᠪᠠᠯᠪᠠᠵᠤ ᠡᠬᠢᠯᠡᠪᠡ᠃
  ᠭᠠᠯᠰᠠᠩ ᠱᠤᠤᠭᠢᠨ ᠬᠦᠷᠴᠦ ᠢᠲᠡᠭᠡᠯᠲᠦ ᠶ᠋ᠢ ᠥᠮᠥᠭᠯᠡᠭᠰᠡᠨ ᠪᠣᠯᠪᠠᠴᠤ ᠡᠷᠳᠡᠨᠢ ᠶ᠋ᠢᠨ ᠨᠢᠭᠡ ᠶᠣᠪᠣᠷᠤᠯᠲᠠ ᠳ᠋ᠤ᠌ ᠠᠯᠲᠠ ᠭᠠᠵᠠᠷ ᠲᠣᠩᠭᠣᠷᠴᠣᠭᠯᠠᠨ ᠤᠨᠠᠵᠤ ᠵᠠᠨᠴᠢᠯᠲᠠ ᠳᠠᠭᠤᠰᠤᠭᠠᠳ ᠡᠷᠳᠡᠨᠢ ᠮᠣᠷᠳᠠᠵᠤ ᠠᠯᠠᠭ᠎ᠠ ᠪᠣᠯᠤᠭᠰᠠᠨ ᠬᠣᠢᠨ᠎ᠠ ᠪᠣᠰᠴᠠᠢ᠃
  ᠬᠥᠬᠡ ᠪᠤᠯᠤᠤ ᠪᠣᠯᠲᠠᠯ᠎ᠠ ᠨᠦᠳᠦᠭᠦᠯᠦᠭᠰᠡᠨ ᠢᠲᠡᠭᠡᠯᠲᠦ 《ᠮᠠᠭᠤ ᠴᠠᠭᠠᠴᠢ ᠴᠢᠮᠢ᠋ᠢ ᠬᠣᠩᠭᠣᠨ ᠤ᠋ ᠮᠢᠬ᠎ᠠ ᠶ᠋ᠢ ᠴᠢᠨᠢ ᠪᠣᠷᠪᠢ ᠳᠡᠭᠡᠷ᠎ᠡ ᠡᠴᠡ ᠴᠢᠨᠢ ᠪᠠᠭᠤᠯᠭᠠᠨ᠎ᠠ ᠳᠠ》 ᠭᠡᠵᠦ ᠰᠢᠲᠦ ᠪᠡᠨ ᠬᠠᠪᠢᠷᠤᠨ ᠶᠠᠪᠤᠬᠤ ᠳ᠋ᠤ᠌ 《ᠲᠡᠨᠡᠭ ᠵᠣᠯᠢᠭ ᠤ᠋ᠨ ᠴᠢᠰᠤ᠂ ᠨᠥᠵᠢ ᠶ᠋ᠢ ᠨᠢ ᠬᠤᠳᠬᠤᠬᠤ ᠬᠡᠷᠡᠭᠲᠡᠢ》 ᠭᠡᠵᠦ ᠭᠠᠯᠰᠠᠩ ᠳᠠᠭᠤ ᠨᠡᠢᠯᠡᠭᠦᠯᠵᠦ ᠶᠠᠪᠤᠯ᠎ᠠ᠃
  ᠵᠠᠳᠠᠷᠠᠭᠰᠠᠨ ᠡᠷᠳᠡᠨᠢ ᠡᠴᠡ ᠶᠠᠭᠠᠬᠢᠵᠤ ᠥᠰᠢᠶ᠎ᠡ ᠠᠪᠬᠤ ᠲᠤᠬᠠᠢ ᠠᠷᠭ᠎ᠠ ᠰᠦᠪᠡᠭᠴᠢᠯᠡᠨ ᠪᠣᠳᠣᠨ ᠪᠣᠳᠣᠭᠰᠠᠭᠠᠷ ᠯᠤᠤ ᠬᠦᠩ ᠦ᠋ᠨ ᠬᠣᠰᠢᠭᠤ ᠵᠠᠬᠢᠷᠤᠭᠴᠢ ᠳ᠋ᠤ᠌ ᠬᠠᠬᠤᠤᠯᠢ ᠥᠭᠴᠦ᠂ ᠬᠠᠯᠬ᠎ᠠ ᠳᠥᠷᠪᠡᠨ ᠠᠢᠮᠠᠭ᠂ ᠱᠠᠪᠢ ᠲᠠᠪᠤ ᠳ᠋ᠤ᠌ ᠭᠡᠭᠡᠨ ᠴᠠᠭᠠᠨ ᠡᠳᠦᠷ ᠭᠡᠷᠡᠯ ᠲᠡᠢ ᠰᠢᠷ᠎ᠠ ᠨᠠᠷᠠᠨ ᠳ᠋ᠤ᠌ ᠬᠥᠮᠦᠨ ᠳᠡᠭᠡᠷᠡᠮᠳᠡᠬᠦ ᠭᠡᠵᠦ ᠣᠷᠣᠯᠳᠣᠭᠰᠠᠨ ᠡᠷᠳᠡᠨᠢ ᠶ᠋ᠢ ᠪᠠᠷᠢᠵᠤ ᠯᠤᠤ ᠬᠦᠩ ᠦ᠋ᠨ ᠬᠣᠰᠢᠭᠤ ᠲᠠᠮᠠᠭᠠᠨ ᠳ᠋ᠤ᠌ ᠬᠦᠷᠭᠡᠭᠦᠯᠬᠦ ᠵᠠᠷ ᠭᠠᠷᠭᠠᠵᠤ᠂ ᠪᠠᠷᠢᠭᠳᠠᠵᠤ ᠢᠷᠡᠭᠰᠡᠨ ᠴᠠᠭ ᠲᠤᠨᠢ ᠭᠠᠯᠰᠠᠩ ᠢ᠋ᠶ᠋ᠠᠷ ᠭᠡᠷᠡᠴᠢ ᠪᠣᠯᠭᠠᠨ ᠡᠳᠦᠷ ᠦ᠋ᠨ ᠳᠡᠭᠡᠷᠡᠮ ᠦ᠋ᠨ ᠬᠡᠷᠡᠭ ᠲᠦ᠍ ᠤᠨᠠᠭᠠᠵᠤ᠂ ᠪᠠᠳᠠᠷᠴᠢ ᠶ᠋ᠢᠨ ᠭᠠᠷ ᠲᠤ᠌ ᠥᠭᠭᠦᠭᠡᠳ ᠠᠮᠢᠳᠤ ᠪᠠᠷ ᠨᠢ ᠬᠠᠲᠠᠭᠠᠬᠤ ᠪᠠᠷ ᠰᠢ᠌ᠤᠠᠴᠠᠢ᠃
  ᠳᠠᠷᠠᠭ᠎ᠠ ᠡᠳᠦᠷ ᠦ᠋ᠨ ᠥᠷᠯᠥᠭᠡ ᠲᠠᠪᠢᠨ ᠯᠠᠩ ᠤ᠋ᠨ ᠣᠷᠣᠰ ᠭᠤᠯᠳᠤᠮᠠᠢ ᠠᠪᠴᠤ ᠬᠣᠰᠢᠭᠤ ᠲᠠᠮᠠᠭᠠᠨ ᠳᠡᠭᠡᠷ᠎ᠡ ᠣᠴᠢᠭᠠᠳ ᠵᠠᠬᠢᠷᠤᠭᠴᠢ ᠳ᠋ᠤ᠌ ᠬᠠᠬᠤᠤᠯᠢ ᠥᠭᠴᠦ ᠭᠡᠭᠡᠨ ᠴᠠᠭᠠᠨ ᠡᠳᠦᠷ ᠳᠡᠭᠡᠷᠡᠮ ᠬᠢᠬᠦ ᠭᠡᠰᠡᠨ ᠵᠠᠰᠠᠭᠲᠤ ᠬᠠᠨ ᠤ᠋ ᠡᠷᠳᠡᠨᠢ ᠶ᠋ᠢ ᠲᠣᠬᠢᠶᠠᠯᠳᠤᠭᠰᠠᠨ ᠭᠠᠵᠠᠷ ᠨᠢ ᠪᠠᠷᠢᠪᠴᠢᠯᠠᠨ ᠠᠪᠴᠤ ᠯᠤᠤ ᠬᠦᠩ ᠦ᠋ᠨ ᠬᠣᠰᠢᠭᠤ ᠲᠠᠮᠠᠭᠠᠨ ᠳ᠋ᠤ᠌ ᠦᠯᠳᠡᠨ ᠬᠦᠷᠭᠡᠭᠦᠯᠬᠦ ᠲᠤᠬᠠᠢ ᠤᠯᠠᠭᠠᠨ ᠱᠤᠭᠤᠮ ᠲᠠᠢ ᠪᠢᠴᠢᠭ ᠰᠢᠳᠬᠡᠭᠦᠯᠦᠨ᠂ ᠥᠷᠲᠡᠭᠡ ᠪᠡᠷ ᠳᠠᠮᠵᠢᠭᠤᠯᠤᠨ ᠲᠠᠷᠬᠠᠭᠠᠪᠠ᠃
  ᠲᠡᠨᠳᠡ ᠡᠴᠡ ᠡᠷᠳᠡᠨᠢ ᠡᠷᠭᠢᠵᠦ ᠪᠠᠬᠠᠨ ᠳᠠᠪᠬᠢᠭᠰᠠᠨ ᠪᠣᠯᠪᠠᠴᠤ ᠠᠩᠬᠠᠨ ᠳ᠋ᠠᠭᠠᠨ ᠬᠠᠮᠢᠭᠠᠰᠢ ᠪᠠᠨ᠂ ᠶᠠᠭᠤ ᠬᠢᠬᠦ ᠭᠡᠵᠦ ᠶᠠᠪᠤᠭ᠎ᠠ ᠪᠠᠨ ᠮᠡᠳᠡᠬᠦ ᠦᠭᠡᠢ ᠪᠠᠢᠯ᠎ᠠ᠃ ᠮᠣᠷᠢᠨ ᠤ᠋ ᠪᠠᠨ ᠠᠮᠠ ᠶ᠋ᠢ ᠲᠠᠲᠠᠵᠤ ᠬᠡᠯᠲᠦᠷᠢᠪᠡ᠃ ᠳᠣᠷᠣᠭᠣ ᠬᠠᠯᠠᠵᠤ᠂ ᠬᠥᠯᠥᠷᠡᠭᠰᠡᠨ ᠮᠣᠷᠢᠨ ᠤ᠋ ᠬᠠᠮᠠᠷ ᠨᠢ ᠣᠩᠭᠣᠯᠵᠠᠨ ᠠᠮᠢᠰᠬᠤᠭᠠᠯᠠᠨ᠎ᠠ᠃ 《ᠣᠳᠣ ᠬᠠᠮᠢᠭ᠎ᠠ ᠣᠴᠢᠬᠤ ᠪᠣᠢ?》 ᠭᠡᠳᠡᠭ ᠠᠰᠠᠭᠤᠯᠲᠠ ᠰᠡᠳᠬᠢᠯ ᠳ᠋ᠦ᠍ᠨᠢ ᠪᠠᠢᠨ ᠪᠠᠢᠨ ᠲᠥᠷᠥᠵᠦ᠂ ᠶᠠᠭᠤ ᠴᠤ᠌ ᠭᠡᠰᠡᠨ ᠵᠠᠶ᠎ᠠ ᠶ᠋ᠢᠨ ᠬᠦᠷᠢᠶ᠎ᠡ ᠣᠷᠣᠵᠤ ᠬᠦᠦ ᠲᠡᠢ ᠪᠡᠨ ᠠᠭᠤᠯᠵᠠᠭᠠᠳ ᠪᠣᠭᠳᠠ ᠶ᠋ᠢᠨ ᠬᠦᠷᠢᠶ᠎ᠡ ᠤᠷᠤᠭᠤ ᠠᠮᠢᠳᠤᠷᠠᠯ ᠬᠥᠭᠡᠭᠡᠬᠦ ᠪᠡᠷ ᠰᠢ᠌ᠤᠠᠴᠠᠢ᠃
  ᠡᠨᠡ ᠶᠢᠷᠲᠢᠨᠴᠦ ᠳ᠋ᠦ᠍ ᠦᠨᠡᠨᠴᠢ ᠶᠠᠭᠤᠮ᠎ᠠ ᠭᠡᠵᠦ ᠣᠭᠲᠣ ᠦᠭᠡᠢ ᠠᠵᠢ᠃ ᠡᠷᠳᠡᠨᠢ ᠶ᠋ᠢᠨ ᠬᠢᠭᠰᠡᠨ ᠭᠡᠮ ᠭᠡᠪᠡᠯ ᠦᠨᠡᠨᠴᠢ ᠪᠡᠷ ᠠᠮᠢᠳᠤᠷᠠᠵᠤ ᠪᠣᠯᠤᠨ᠎ᠠ᠂ ᠦᠨᠡᠨ ᠶᠣᠰᠣ ᠪᠠᠢᠨ᠎ᠠ ᠭᠡᠵᠦ ᠨᠢᠯᠬ᠎ᠠ ᠬᠡᠦᠬᠡᠳ ᠰᠢᠭ ᠭᠡᠨᠡᠨ ᠪᠣᠳᠣᠵᠤ ᠶᠠᠪᠤᠭᠰᠠᠨ ᠰᠡᠳᠬᠢᠯ ᠠᠵᠢ᠃
  ᠥᠪᠡᠷ ᠦ᠋ᠨ ᠭᠡᠨᠡᠨ ᠰᠡᠳᠬᠢᠯ ᠡᠴᠡ ᠪᠣᠯᠵᠤ ᠠᠯᠬᠤᠮ ᠪᠦᠬᠦᠨ ᠳ᠋ᠡᠭᠡᠨ ᠬᠥᠮᠦᠨ ᠦ᠌ ᠤᠬᠠᠭᠠᠨ ᠳ᠋ᠤ᠌ ᠪᠠᠭᠲᠠᠨ ᠮᠠᠯᠯᠠᠭᠳᠠᠵᠤ ᠶᠠᠪᠤᠭᠰᠠᠨ ᠢ᠋ᠶ᠋ᠠᠨ ᠪᠣᠳᠣᠬᠤ ᠳ᠋ᠤ᠌ ᠲᠠᠮᠢᠷ ᠤ᠋ᠨ ᠭᠣᠣᠯ ᠳ᠋ᠤ᠌ ᠤᠨᠠᠵᠤ᠂ ᠲᠠᠢᠬᠠᠷ ᠴᠢᠯᠠᠭᠤ ᠶ᠋ᠢ ᠮᠥᠷᠭᠥᠨ ᠦᠬᠦᠬᠦ ᠳ᠋ᠦ᠍ ᠭᠣᠮᠣᠳᠠᠬᠤ ᠭᠠᠵᠠᠷ ᠦᠭᠡᠢ ᠮᠡᠲᠦ᠃ ᠭᠡᠪᠡᠴᠦ ᠳᠣᠷᠣᠮᠵᠢᠯᠠᠭᠰᠠᠨ ᠬᠣᠷᠸ᠎ᠠ ᠡᠴᠡ ᠬᠠᠷᠢᠭᠤ ᠳ᠋ᠤᠨᠢ ᠳᠣᠷᠣᠮᠵᠢᠯᠠᠵᠤ ᠪᠠᠢᠮᠠᠨᠵᠢᠨ ᠥᠰᠢᠶ᠎ᠡ ᠪᠡᠨ ᠠᠪᠬᠤ ᠬᠡᠷᠡᠭᠲᠡᠢ ᠮᠡᠲᠦ ᠪᠣᠳᠣᠭᠳᠠᠨ᠎ᠠ᠃
  ᠣᠷᠴᠢᠯᠠᠩ ᠢ᠋ ᠵᠠᠨᠤᠭᠰᠠᠨ ᠰᠡᠳᠬᠢᠯ ᠴᠡᠭᠡᠵᠢᠨ ᠳ᠋ᠦ᠍ᠨᠢ ᠣᠪᠣᠯᠵᠠᠵᠤ ᠶᠠᠪᠤᠬᠤ ᠳ᠋ᠤ᠌ ᠲᠠᠮᠢᠷ ᠤ᠋ᠨ ᠬᠥᠨᠳᠡᠢ ᠴᠦ᠍ ᠢᠪᠴᠤᠤ ᠶᠤᠮ ᠰᠢᠭ᠋ ᠰᠠᠨᠠᠭᠳᠠᠨ ᠠᠭᠤᠯᠠ ᠤᠰᠤ ᠪᠦᠭᠦᠳᠡ ᠡᠷᠳᠡᠨᠢ ᠶ᠋ᠢ ᠱᠣᠣᠯᠠᠨ ᠪᠠᠢᠬᠤ ᠰᠢᠭ᠋ ᠰᠠᠨᠠᠭᠳᠠᠵᠤ ᠪᠠᠢᠯ᠎ᠠ᠃
  ᠡᠷᠳᠡᠨᠢ ᠶᠠᠪᠤᠭᠰᠠᠭᠠᠷ ᠣᠷᠣᠢ ᠨᠠᠷᠠ ᠵᠢᠷᠭᠠᠬᠤ ᠶ᠋ᠢᠨ ᠦᠶ᠎ᠡ ᠳ᠋ᠦ᠍ ᠵᠠᠶ᠎ᠠ ᠶ᠋ᠢᠨ ᠬᠦᠷᠢᠶ᠎ᠡ ᠤᠷᠤᠭᠤ ᠣᠷᠣᠵᠤ ᠢᠷᠡᠯ᠎ᠡ᠃ ᠯᠠᠮᠠ ᠨᠣᠮ ᠤᠩᠰᠢᠬᠤ ᠪᠠᠷ ᠠᠢᠯ ᠳ᠋ᠤ᠌ ᠵᠠᠯᠠᠭᠳᠠᠭᠠᠳ ᠬᠣᠶᠠᠷ ᠬᠦᠦ ᠬᠠᠰᠢᠶᠠᠨ ᠳᠣᠲᠣᠷ᠎ᠠ ᠳᠤᠷ᠎ᠠ ᠮᠡᠳᠡᠨ ᠲᠣᠭᠯᠠᠵᠤ ᠪᠠᠢᠬᠤ ᠳ᠋ᠤ᠌ ᠬᠠᠭᠠᠯᠭᠠᠨ ᠤ᠋ ᠬᠣᠩᠬᠣ ᠰᠦᠷ ᠲᠡᠢ ᠳᠤᠤᠭᠠᠷᠴᠤ ᠮᠣᠷᠢ ᠪᠠᠨ ᠬᠥᠲᠥᠯᠦᠭᠰᠡᠨ ᠡᠷᠳᠡᠨᠢ ᠣᠷᠣᠵᠤ ᠢᠷᠡᠯ᠎ᠡ᠃
  ᠪᠠᠶᠠᠷ ᠤ᠋ᠨ ᠨᠠᠷᠠ ᠨᠢ ᠭᠠᠷᠤᠭᠰᠠᠨ ᠬᠣᠶᠠᠷ ᠬᠡᠦᠬᠡᠳ ᠳᠠᠭᠤ ᠠᠯᠲᠠᠨ ᠤᠭᠲᠤᠵᠤ ᠣᠴᠢᠬᠤ ᠳ᠋ᠤ᠌ ᠡᠷᠳᠡᠨᠢ ᠮᠠᠩᠨᠠᠢ ᠳᠡᠭᠡᠷ᠎ᠡ ᠡᠴᠡ ᠨᠢ ᠦᠨᠦᠰᠪᠡ᠃
  ᠊᠊᠊᠊᠊᠊᠊᠊᠊᠊᠊᠊᠊᠊᠊ ᠲᠠ ᠪᠢᠳᠡᠨ ᠢ᠋ ᠡᠷᠭᠢᠵᠦ ᠢᠷᠡᠪᠡ ᠤᠤ?
  ᠊᠊᠊᠊᠊᠊᠊᠊᠊᠊᠊᠊᠊᠊᠊ ᠦᠭᠡᠢ᠂ ᠠᠪᠤ ᠨᠢ ᠥᠭᠡᠷ᠎ᠡ ᠠᠵᠢᠯ ᠲᠠᠢ ᠶᠠᠪᠤᠭ᠎ᠠ᠃
  ᠊᠊᠊᠊᠊᠊᠊᠊᠊᠊᠊᠊᠊᠊᠊ ᠥᠨᠳᠥᠷ ᠠᠬ᠎ᠠ ᠲᠠ ᠥᠨᠥᠳᠥᠷ ᠬᠣᠨᠣᠭᠠᠳ ᠶᠠᠪᠤ ᠯᠠ ᠳᠠ᠃
  ᠊᠊᠊᠊᠊᠊᠊᠊᠊᠊᠊᠊᠊᠊᠊ ᠮᠣᠷᠢᠨ ᠤ᠋ ᠲᠡᠵᠢᠭᠡᠯ ᠪᠠᠢᠬᠤ ᠦᠭᠡᠢ ᠪᠣᠯᠬᠣᠷ ᠬᠣᠨᠣᠵᠤ ᠪᠣᠯᠬᠤ ᠦᠭᠡᠢ᠃
  ᠊᠊᠊᠊᠊᠊᠊᠊᠊᠊᠊᠊᠊᠊᠊ ᠪᠢᠳᠡ ᠬᠣᠶᠠᠷ ᠰᠠᠢᠨ ᠡᠭᠡᠴᠢ ᠲᠡᠢ ᠲᠠᠨᠢᠯᠴᠠᠭᠰᠠᠨ᠃ ᠲᠡᠳᠡᠨ ᠦ᠌ ᠳ᠋ᠦ᠍ ᠶᠡᠬᠡ ᠡᠪᠡᠰᠦ ᠪᠣᠢ ᠭᠡᠵᠦ ᠪᠠᠲᠤ ᠪᠠᠶᠠᠷᠲᠠᠢ ᠬᠡᠯᠡᠪᠡ᠃
  ᠢᠩᠭᠢᠭᠡᠳ ᠲᠡᠷᠡ ᠭᠤᠷᠪᠠ ᠭᠡᠷ ᠲᠦ᠍ ᠣᠷᠣᠵᠤ ᠬᠡᠦᠬᠡᠳ ᠦ᠋ᠳ ᠪᠠᠭᠰᠢ ᠶ᠋ᠢᠨ ᠢ᠋ᠶ᠋ᠡᠨ ᠭᠤᠷᠪᠠᠨ ᠡᠳᠦᠷ ᠬᠡᠮᠵᠢᠵᠦ ᠥᠭᠭᠦᠭᠰᠡᠨ ᠴᠠᠢ ᠬᠣᠭᠣᠯᠠ ᠶ᠋ᠢ ᠴᠢᠨᠠᠵᠤ ᠡᠷᠳᠡᠨᠢ ᠶ᠋ᠢ ᠳᠠᠢᠯᠠᠪᠠ᠃
  ᠡᠨᠡ ᠬᠣᠭᠣᠷᠣᠨᠳᠣ ᠡᠷᠳᠡᠨᠢ᠂ ᠢᠲᠡᠭᠡᠯᠲᠦ ᠲᠡᠢ ᠡᠪᠳᠡᠷᠡᠵᠦ᠂ ᠲᠤᠯᠭᠠᠷ ᠡᠴᠡ ᠰᠠᠯᠤᠭᠰᠠᠨ᠂ ᠪᠣᠭᠳᠠ ᠶ᠋ᠢᠨ ᠬᠦᠷᠢᠶ᠎ᠡ ᠣᠷᠣᠬᠤ ᠭᠡᠵᠦ ᠶᠠᠪᠤᠭ᠎ᠠ ᠪᠠᠨ ᠶᠠᠷᠢᠭᠰᠠᠨ ᠳ᠋ᠤ᠌ ᠬᠣᠶᠠᠷ ᠬᠡᠦᠬᠡᠳ ᠤᠬᠢᠯᠠᠪᠠ᠃ ᠡᠷᠳᠡᠨᠢ ᠲᠠᠮᠠᠬᠢ ᠤᠭᠰᠠᠷᠠᠨ ᠲᠠᠲᠠᠵᠤ ᠰᠠᠭᠤᠭᠰᠠᠨ ᠢ᠋ᠶ᠋ᠠᠨ ᠭᠦᠨ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠲᠠ ᠬᠣᠶᠠᠷ ᠪᠢᠲᠡᠭᠡᠢ ᠤᠬᠢᠯᠠ᠃ ᠡᠷ᠎ᠡ ᠬᠥᠮᠦᠨ ᠢ᠋ ᠨᠢᠯᠪᠤᠰᠤ ᠰᠢᠭ᠋ ᠭᠤᠲᠤᠭᠠᠳᠠᠭ ᠶᠠᠭᠤᠮ᠎ᠠ ᠪᠠᠢᠳᠠᠭ ᠦᠭᠡᠢ᠃
  ᠊᠊᠊᠊᠊᠊᠊᠊᠊᠊᠊᠊᠊᠊᠊ ᠪᠢᠳᠡ ᠴᠦ᠍ ᠤᠬᠢᠯᠠᠭ᠎ᠠ ᠦᠭᠡᠢ ᠯᠡ ᠪᠠᠢᠨ᠎ᠠ ᠁ ᠭᠡᠳ ᠬᠣᠩᠭᠣᠷ ᠨᠢᠯᠪᠤᠰᠤ ᠪᠠᠨ ᠬᠠᠨᠴᠤᠢ ᠪᠠᠷ ᠢ᠋ᠶ᠋ᠠᠨ ᠱᠤᠳᠤᠷᠤᠨ ᠠᠷᠴᠢᠭᠰᠠᠨ ᠢ᠋ᠶ᠋ᠠᠨ ᠨᠢᠳᠦ ᠨᠢ ᠰᠡᠷᠭᠦᠵᠦ ᠪᠠᠶᠠᠷ ᠭᠢᠯᠠᠯᠵᠠᠨ 《ᠥᠨᠳᠥᠷ ᠠᠬ᠎ᠠ ᠠ᠋᠂ ᠪᠢᠳᠡ ᠠᠪᠤ ᠲᠠ ᠬᠣᠶᠠᠷ ᠢ᠋ ᠡᠪᠯᠡᠭᠦᠯᠵᠦ ᠥᠭᠭᠦᠶ᠎ᠡ》 ᠭᠡᠯ᠎ᠡ᠃
  ᠊᠊᠊᠊᠊᠊᠊᠊᠊᠊᠊᠊᠊᠊᠊ ᠬᠡᠷᠡᠭ ᠦᠭᠡᠢ᠂ ᠠᠬ᠎ᠠ ᠨᠢ ᠪᠦᠷ ᠰᠢᠲᠦᠭᠰᠡᠨ᠃
  ᠊᠊᠊᠊᠊᠊᠊᠊᠊᠊᠊᠊᠊᠊᠊ ᠡᠵᠢ ᠮᠢᠨᠢ ᠭᠠᠭᠴᠠᠭᠠᠷ ᠢ᠋ᠶ᠋ᠠᠨ ᠬᠥᠭᠡᠷᠦᠬᠦᠢ ᠪᠠᠢᠨ᠎ᠠ ᠳᠠ᠃ ᠲᠠᠨ ᠢ᠋ ᠰᠠᠨᠠᠨ᠎ᠠ ᠳᠠ᠂ ᠭᠤᠷᠪᠠᠭᠤᠯᠠ ᠪᠠᠨ ᠣᠴᠢᠵᠤ ᠶᠠᠷᠢᠶ᠎ᠠ᠃
  ᠊᠊᠊᠊᠊᠊᠊᠊᠊᠊᠊᠊᠊᠊᠊ ᠬᠡᠷᠡᠭ ᠦᠭᠡᠢ᠂ ᠡᠵᠢ ᠴᠢᠨᠢ ᠨᠠᠮᠢ᠋ᠢ ᠭᠣᠮᠣᠳᠠᠭᠠᠭᠰᠠᠨ᠃ ᠬᠠᠷᠢᠨ ᠠᠪᠤ ᠨᠢ ᠬᠦᠷᠢᠶ᠎ᠡ ᠣᠷᠣᠵᠤ ᠰᠠᠭᠤᠷᠢᠰᠢᠭᠠᠳ ᠡᠷᠭᠢᠵᠦ ᠢᠷᠡᠵᠦ ᠬᠦᠦ ᠪᠡᠨ ᠠᠪᠤᠨ᠎ᠠ᠁ ᠭᠡᠬᠦ ᠳ᠋ᠦ᠍ ᠡᠷᠳᠡᠨᠢ ᠶ᠋ᠢᠨ ᠬᠣᠭᠣᠯᠠᠢ ᠨᠢ ᠵᠠᠩᠭᠢᠷᠠᠪᠠ᠃
  ᠬᠣᠶᠠᠷ ᠬᠡᠦᠬᠡᠳ ᠡᠷᠳᠡᠨᠢ ᠶ᠋ᠢ ᠭᠡᠷ ᠲᠦ᠋ᠨᠢ ᠪᠤᠴᠠᠭᠠᠬᠤ ᠭᠡᠵᠦ ᠪᠠᠢᠳᠠᠭ ᠦᠭᠡ ᠪᠡᠨ ᠵᠠᠷᠤᠴᠠᠭᠤᠯᠤᠭᠰᠠᠨ ᠪᠣᠯᠪᠠᠴᠤ ᠴᠢᠳᠠᠭᠰᠠᠨ ᠦᠭᠡᠢ᠃ ᠬᠠᠷᠢᠨ ᠥᠨᠥ ᠰᠥᠨᠢ ᠡᠨᠳᠡ ᠬᠣᠨᠣᠬᠤ ᠪᠣᠯᠵᠠᠢ᠃ ᠡᠮᠦᠨᠡᠬᠢ ᠵᠠᠮ ᠤ᠋ᠨ ᠮᠠᠨᠠᠨ ᠪᠣᠯᠤᠭᠰᠠᠨ ᠶᠠᠪᠤᠳᠠᠯ ᠤ᠋ᠨ ᠭᠤᠨᠢᠭ ᠲᠤ᠌ ᠳᠠᠷᠤᠭᠳᠠᠭᠰᠠᠨ ᠡᠷᠳᠡᠨᠢ ᠳ᠋ᠦ᠍ ᠶᠠᠭᠠᠷᠠᠬᠤ ᠬᠡᠷᠡᠭ ᠪᠠᠢᠭᠰᠠᠨ ᠦᠭᠡᠢ᠃
  ᠬᠡᠨ ᠢᠷᠡᠪᠡ? ᠭᠡᠵᠦ ᠶᠠᠭᠤᠮ᠎ᠠ ᠣᠶᠣᠵᠤ ᠰᠠᠭᠤᠭᠰᠠᠨ ᠴᠢᠮᠡᠭ ᠬᠣᠩᠬᠣᠨ ᠤ᠋ ᠳᠠᠭᠤ ᠰᠣᠨᠣᠰᠤᠭᠠᠳ ᠠᠰᠠᠭᠤᠬᠤ ᠳ᠋ᠤ᠌ ᠲᠦᠯᠡᠭᠡ ᠣᠷᠣᠭᠤᠯᠵᠤ ᠶᠠᠪᠤᠭᠰᠠᠨ ᠴᠡᠴᠡᠭ᠄
  ᠊᠊᠊᠊᠊᠊᠊᠊᠊᠊᠊᠊᠊᠊᠊ ᠬᠣᠶᠠᠷ ᠬᠡᠦᠬᠡᠳ ᠁ ᠭᠡᠳ ᠳᠠᠭᠤ ᠨᠢ ᠭᠡᠨᠡᠳᠲᠡ ᠲᠠᠰᠤᠷᠠᠪᠠ᠃
  ᠡᠷᠳᠡᠨᠢ ᠮᠣᠷᠢ ᠪᠠᠨ ᠤᠶᠠᠭᠠᠳ ᠭᠡᠷ ᠤᠷᠤᠭᠤ ᠶᠠᠪᠤᠬᠤ ᠳ᠋ᠤ᠌ ᠴᠡᠴᠡᠭ ᠬᠣᠷᠮᠣᠢ ᠲᠠᠢ ᠲᠦᠯᠡᠭᠡ ᠪᠡᠨ ᠪᠠᠷᠢᠭᠰᠠᠨ ᠬᠡᠪ ᠢ᠋ᠶ᠋ᠡᠷ ᠭᠡᠷ ᠦ᠋ᠨ ᠢ᠋ᠶ᠋ᠡᠨ ᠡᠭᠦᠳᠡᠨ ᠳ᠋ᠦ᠍ ᠵᠣᠭᠰᠣᠵᠤ ᠪᠠᠢᠪᠠ᠃
  ᠊᠊᠊᠊᠊᠊᠊᠊᠊᠊᠊᠊᠊᠊᠊ ᠴᠢᠮᠡᠭ ᠡᠭᠡᠴᠢ ᠠ᠋᠂ ᠮᠢᠨᠦ ᠠᠪᠤ᠂ ᠮᠣᠷᠢᠨ ᠳ᠋ᠤᠨᠢ ᠡᠪᠡᠰᠦ ᠪᠠᠢᠬᠤ ᠦᠭᠡᠢ᠃ ᠲᠡᠭᠡᠭᠡᠳ ᠲᠠᠨ ᠡᠴᠡ ᠭᠤᠶᠤᠬᠤ ᠭᠡᠵᠦ ᠢᠷᠡᠯ᠎ᠡ ᠭᠡᠳ ᠪᠠᠲᠤ ᠳᠡᠷᠭᠡᠳᠡ ᠨᠢ ᠣᠴᠢᠪᠠ᠃
  ᠴᠡᠴᠡᠭ ᠨᠢᠭᠤᠴᠠ ᠪᠠᠶᠠᠷ ᠲᠤᠶᠠᠭᠠᠷᠠᠭᠰᠠᠨ ᠨᠢᠳᠦ ᠪᠡᠨ ᠰᠣᠯᠪᠢᠯᠵᠠᠭᠤᠯᠤᠨ ᠢᠨᠢᠶᠡᠮᠰᠦᠭᠯᠡᠵᠦ᠂ ᠪᠠᠲᠤ ᠶ᠋ᠢᠨ ᠲᠣᠯᠣᠭᠠᠢ ᠶ᠋ᠢ ᠡᠩᠬᠦᠷᠡᠢᠯᠡᠨ ᠢᠯᠢᠭᠰᠡᠨ ᠢ᠋ᠶ᠋ᠡᠨ 《ᠣᠷᠣᠵᠠᠭ᠎ᠠ》 ᠭᠡᠳ ᠡᠭᠦᠳᠡ ᠪᠡᠨ ᠨᠡᠭᠡᠭᠡᠪᠡ᠃
  ᠬᠣᠶᠠᠷ ᠬᠡᠦᠬᠡᠨ ᠴᠠᠢ ᠲᠠᠪᠠᠭ ᠪᠠᠷᠢᠪᠠ᠃ ᠰᠠᠭᠤᠷᠢᠨ ᠭᠠᠵᠠᠷ ᠤ᠋ᠨ ᠳᠤᠯᠠᠭᠠᠯᠠᠭᠰᠠᠨ ᠭᠡᠷ ᠲᠦ᠍ ᠱᠠᠭᠠᠵᠠᠩ ᠳᠦᠭᠦᠷᠡᠩ ᠲᠣᠰᠣ ᠬᠥᠪᠦᠭᠰᠡᠨ ᠠᠭᠠᠭ ᠲᠠᠢ ᠴᠠᠢ ᠤᠤᠭᠤᠵᠤ᠂ ᠡᠷᠢᠶᠡᠨ ᠠᠪᠳᠠᠷ᠎ᠠ᠂ ᠪᠤᠷᠬᠠᠨ ᠤ᠋ ᠭᠦᠩᠭᠠᠷᠠᠪᠠ ᠶ᠋ᠢᠨ ᠤᠷᠠᠨ ᠬᠢᠴᠡ ᠲᠡᠢ ᠬᠡ ᠬᠠᠷᠠᠵᠤ ᠰᠠᠭᠤᠬᠤ ᠳ᠋ᠠᠭᠠᠨ ᠡᠷᠳᠡᠨᠢ ᠲᠦᠷ ᠪᠣᠯᠪᠠᠴᠤ ᠬᠣᠷᠸ᠎ᠠ ᠶ᠋ᠢᠨ ᠵᠣᠪᠠᠯᠠᠩ᠂ ᠵᠢᠭᠰᠢᠭᠦᠷᠢᠲᠦ ᠶᠠᠪᠤᠳᠠᠯ ᠢ᠋ ᠮᠠᠷᠲᠠᠵᠤ ᠪᠠᠢᠵᠠᠢ᠃
  ᠊᠊᠊᠊᠊᠊᠊᠊᠊᠊᠊᠊᠊᠊᠊ ᠲᠠ ᠨᠠᠷ ᠡᠪᠡᠰᠦ ᠴᠢᠷᠴᠦ ᠪᠠᠭᠰᠢ ᠶ᠋ᠢᠨ ᠬᠠᠰᠢᠶᠠᠨ ᠳ᠋ᠤ᠌ ᠬᠣᠭ ᠲᠠᠷᠢᠭᠠᠳ ᠶᠠᠭᠠᠬᠢᠬᠤ ᠪᠣᠢ᠃ ᠬᠦᠷᠢᠶᠡᠨ ᠦ᠌ ᠯᠠᠮᠠ ᠨᠠᠷ ᠨᠠᠷᠢᠨ᠂ ᠴᠡᠪᠡᠷᠴᠢ᠃ ᠠᠪᠤ ᠨᠢ ᠮᠠᠨ ᠤ᠋ ᠳ᠋ᠤ᠌ ᠮᠣᠷᠢ ᠪᠠᠨ ᠲᠡᠵᠢᠭᠡᠵᠦ ᠬᠣᠨᠣᠭᠠᠳ ᠮᠠᠷᠭᠠᠰᠢ ᠶᠠᠪᠤᠨ᠎ᠠ ᠪᠢᠵᠡ᠃ ᠲᠠ ᠬᠣᠶᠠᠷ ᠴᠤ᠌ ᠮᠠᠨ ᠤ᠋ ᠳ᠋ᠤ᠌ ᠬᠣᠨᠣ ᠯᠠ ᠳᠠ ᠭᠡᠵᠦ ᠴᠢᠮᠡᠭ ᠬᠡᠯᠡᠪᠡ᠃
  ᠊᠊᠊᠊᠊᠊᠊᠊᠊᠊᠊᠊᠊᠊᠊ ᠪᠢᠳᠡ ᠬᠣᠶᠠᠷ ᠴᠤ᠌ ᠪᠣᠯᠬᠤ ᠦᠭᠡᠢ᠃ ᠬᠠᠰᠢᠶ᠎ᠠ ᠡᠵᠡᠭᠦᠢ ᠬᠠᠶᠠᠪᠠᠯ ᠪᠠᠭᠰᠢ ᠶ᠋ᠢᠨ ᠨᠢᠭᠤᠷ ᠢ᠋ ᠶᠠᠭᠠᠬᠢᠵᠤ ᠬᠠᠷᠠᠨ᠎ᠠ ᠭᠡᠵᠦ ᠪᠠᠲᠤ ᠬᠡᠯᠡᠪᠡ᠃
  ᠊᠊᠊᠊᠊᠊᠊᠊᠊᠊᠊᠊᠊᠊᠊ ᠲᠤᠷᠤᠰᠬ᠎ᠠ ᠬᠠᠭᠤᠯᠤᠨ᠎ᠠ ᠰᠢᠦ ᠭᠡᠵᠦ ᠬᠣᠩᠭᠣᠷ ᠨᠡᠮᠡᠯ᠎ᠡ᠃ ᠭᠠᠳᠠᠨ᠎ᠠ ᠡᠴᠡ ᠬᠠᠷ᠎ᠠ ᠬᠤᠷᠠᠭ᠎ᠠ ᠪᠠᠷ ᠡᠮᠵᠢᠭᠰᠡᠨ ᠥᠩᠭᠡ ᠨᠡᠬᠡᠢ ᠳᠡᠪᠡᠯ ᠳᠡᠭᠡᠷ᠎ᠡ ᠰᠢᠷ᠎ᠠ ᠪᠠᠵᠠᠭᠠᠷ ᠳᠤᠷᠳᠤᠩ ᠪᠦᠰᠡ ᠣᠷᠢᠶᠠᠭᠰᠠᠨ ᠲᠦᠭᠵᠢᠯ ᠣᠷᠣᠵᠤ ᠢᠷᠡᠯ᠎ᠡ᠃
  ᠬᠡᠦᠬᠡᠳ ᠥᠷᠯᠥᠭᠡ ᠢᠷᠡᠬᠦ ᠪᠡᠷ ᠶᠠᠪᠤᠬᠤ ᠳ᠋ᠤ᠌ ᠴᠢᠮᠡᠭ ᠪᠣᠭᠣᠷᠰᠣᠭ ᠶᠣᠣᠲᠠᠩ ᠠᠳᠬᠤᠵᠤ ᠥᠭᠭᠦᠯ᠎ᠡ᠃
  ᠲᠦᠭᠵᠢᠯ ᠡᠷᠳᠡᠨᠢ ᠬᠣᠶᠠᠷ ᠬᠡᠦᠬᠡᠨ ᠨᠦ᠍ᠭᠦᠳ ᠲᠡᠢ ᠠᠮᠲᠠᠲᠠᠢ ᠬᠣᠭᠣᠯᠠ ᠢᠳᠡᠵᠦ ᠬᠠᠯᠠᠭᠠᠭᠰᠠᠨ ᠭᠠᠨᠵᠠ ᠤᠤᠭᠤᠪᠠ᠃ ᠬᠢᠲᠠᠳ ᠰᠠᠪᠤᠩ ᠤ᠋ᠨ ᠨᠢᠯᠤᠭᠤᠨ ᠦᠨᠦᠷ᠂ ᠬᠠᠯᠠᠭᠤᠨ ᠭᠠᠠᠵᠠ ᠶ᠋ᠢᠨ ᠠᠭᠠᠭ ᠪᠡᠶ᠎ᠡ ᠳ᠋ᠦ᠍ᠨᠢ ᠨᠡᠪᠲᠡᠷᠡᠵᠦ ᠠᠮᠢᠳᠤᠷᠠᠯ ᠤ᠋ᠨ ᠭᠤᠨᠢᠭ ᠬᠣᠷᠣᠰᠤᠯ ᠨᠢ ᠮᠠᠨᠠᠷᠠᠨ ᠰᠠᠷᠨᠢᠬᠤ ᠳ᠋ᠤ᠌ ᠡᠷᠳᠡᠨᠢ ᠳᠠᠭᠤᠤ ᠠᠶᠠᠯᠤᠨ ᠰᠡᠷᠭᠦᠪᠡ᠃
  ᠴᠡᠴᠡᠭ ᠮᠥᠷᠦᠨ ᠳᠡᠭᠡᠷ᠎ᠡ ᠨᠢ ᠬᠠᠴᠠᠷ ᠢ᠋ᠶ᠋ᠠᠨ ᠨᠠᠭᠠᠵᠤ᠂ ᠬᠠᠭᠠᠰ ᠬᠣᠭᠣᠯᠠᠢ ᠪᠠᠷ ᠡᠷᠳᠡᠨᠢ ᠶ᠋ᠢ ᠳᠠᠭᠠᠨ ᠭᠢᠩᠰᠢᠵᠦ ᠪᠠᠢᠭᠰᠠᠨ ᠢ᠋ᠶ᠋ᠠᠨ ᠡᠪᠦᠳᠦᠭ ᠳᠡᠭᠡᠷ᠎ᠡ ᠨᠢ ᠭᠠᠷ ᠢ᠋ᠶ᠋ᠠᠨ ᠲᠠᠯᠪᠢᠬᠤ ᠳ᠋ᠤ᠌ ᠡᠷᠳᠡᠨᠢ ᠶ᠋ᠢᠨ ᠬᠦᠳᠡᠷ ᠭᠠᠷ ᠠᠳᠬᠤᠵᠤ ᠠᠪᠤᠯ᠎ᠠ᠃
  ᠪᠦᠬᠦ ᠠᠮᠢᠳᠤᠷᠠᠯ ᠳ᠋ᠠᠭᠠᠨ ᠬᠥᠮᠦᠨ ᠦ᠌ ᠵᠤᠭ᠎ᠠ ᠪᠣᠯᠵᠤ ᠪᠠᠢᠭᠰᠠᠨ ᠴᠡᠴᠡᠭ ᠠᠩᠬ᠎ᠠ ᠤᠳᠠᠭ᠎ᠠ ᠥᠪᠡᠷ ᠢ᠋ᠶ᠋ᠡᠨ ᠲᠠᠭᠠᠯᠠᠵᠤ᠂ ᠰᠣᠭᠲᠣᠵᠤ ᠬᠠᠯᠠᠮᠰᠠᠭᠰᠠᠨ ᠨᠢᠳᠦᠨ ᠳ᠋ᠦ᠍ᠨᠢ ᠬᠠᠩᠭᠠᠯᠤᠭᠤᠨ ᠰᠡᠳᠬᠢᠯ ᠦ᠋ᠨ ᠭᠠᠯ ᠤᠯᠠᠯᠵᠠᠨ᠂ ᠤᠷᠤᠭᠤᠯ ᠳ᠋ᠤᠨᠢ ᠪᠠᠶᠠᠷ ᠤ᠋ᠨ ᠢᠨᠢᠶᠡᠮᠰᠦᠭᠯᠡᠯ ᠪᠥᠵᠢᠭᠯᠡᠵᠦ ᠪᠠᠢᠪᠠ᠃
  ᠡᠷᠳᠡᠨᠢ ᠲᠡᠨᠳᠡ ᠬᠣᠶᠠᠷ ᠬᠣᠨᠣᠪᠠ᠃ ᠭᠤᠷᠪᠠᠳᠠᠬᠢ ᠡᠳᠦᠷ᠂ ᠬᠦᠷᠢᠶ᠎ᠡ ᠡᠷᠭᠢᠵᠦ ᠰᠠᠯᠬᠢᠨ ᠳ᠋ᠤ᠌ ᠭᠠᠷᠬᠤ ᠪᠠᠷ ᠶᠠᠪᠤᠭᠰᠠᠨ ᠴᠢᠮᠡᠭ ᠰᠠᠨᠳᠤᠷᠤᠨ ᠢᠷᠡᠵᠦ ᠯᠤᠤ ᠬᠦᠩ ᠦ᠋ᠨ ᠪᠠᠶᠠᠨ ᠢᠲᠡᠭᠡᠯᠲᠦ ᠶ᠋ᠢ ᠡᠳᠦᠷ ᠢ᠋ᠶ᠋ᠡᠷ ᠳᠡᠭᠡᠷᠡᠮᠳᠡᠭᠡᠳ ᠤᠷᠭᠤᠭᠰᠠᠨ ᠡᠷᠳᠡᠨᠢ ᠶ᠋ᠢ ᠬᠠᠮᠢᠭ᠎ᠠ ᠶᠠᠪᠤᠭ᠎ᠠ ᠭᠠᠵᠠᠷ ᠨᠢ ᠪᠠᠷᠢᠵᠤ ᠬᠦᠷᠭᠡᠭᠦᠯᠬᠦ ᠵᠠᠷ ᠲᠠᠷᠬᠠᠭᠰᠠᠨ ᠲᠤᠬᠠᠢ ᠰᠣᠨᠣᠰᠤᠭᠰᠠᠨ ᠢ᠋ᠶ᠋ᠠᠨ ᠬᠡᠯᠡᠪᠡ᠃
  ᠡᠷᠳᠡᠨᠢ ᠡᠨᠡ ᠦᠭᠡ ᠶ᠋ᠢ ᠰᠣᠨᠣᠰᠤᠭᠠᠳ ᠢᠲᠡᠭᠡᠯᠲᠦ ᠲᠡᠢ ᠨᠢᠭᠡ ᠶ᠋ᠢ ᠪᠡᠨ ᠦᠵᠡᠮᠡᠷ ᠰᠠᠨᠠᠭᠳᠠᠭᠰᠠᠨ ᠪᠣᠯᠪᠠᠴᠤ ᠵᠥᠪ ᠬᠡᠷᠡᠭ ᠦ᠋ᠨ ᠲᠥᠯᠥᠭᠡ ᠵᠢᠳᠬᠦᠵᠦ ᠪᠠᠢᠭᠠᠳ ᠭᠣᠮᠪᠣᠵᠠᠪ ᠡᠴᠡ ᠬᠦᠷᠲᠡᠭᠰᠡᠨ ᠵᠣᠪᠠᠯᠠᠩ ᠨᠢ ᠪᠣᠳᠣᠭᠳᠠᠵᠤ᠂ ᠶᠠᠭᠤ ᠴᠤ᠌ ᠭᠡᠰᠡᠨ ᠬᠦᠷᠢᠶ᠎ᠡ ᠣᠷᠣᠬᠤ ᠪᠠᠷ ᠪᠣᠯᠪᠠ᠃
  ᠮᠣᠷᠳᠠᠬᠤ ᠳ᠋ᠤᠨᠢ ᠴᠡᠴᠡᠭ ᠭᠠᠷᠭᠠᠵᠤ ᠥᠭᠭᠦᠭᠡᠳ ᠭᠠᠷ ᠡᠴᠡ ᠪᠡᠨ ᠬᠡᠨ ᠪᠡᠯᠡᠭᠯᠡᠵᠦ ᠥᠭᠭᠦᠭᠰᠡᠨ ᠢ᠋ ᠨᠢ ᠠᠯᠢ ᠡᠷᠲᠡ ᠮᠠᠷᠲᠠᠭᠰᠠᠨ ᠴᠢᠨ ᠦ᠌ ᠠᠯᠲᠠᠨ ᠪᠥᠭᠡᠵᠢ ᠪᠡᠨ ᠮᠤᠯᠲᠤᠯᠤᠨ ᠥᠭᠴᠦ 《ᠰᠠᠢᠨ ᠶᠠᠪᠤᠭᠠᠷᠠᠢ》 ᠭᠡᠬᠦ ᠳ᠋ᠦ᠍ᠨᠢ ᠨᠢᠯᠪᠤᠰᠤ ᠮᠡᠯᠲᠡᠯᠵᠡᠨ ᠲᠤᠨᠤᠷᠠᠵᠤ ᠪᠠᠢᠪᠠ᠃
  ᠡᠷᠳᠡᠨᠢ ᠪᠥᠭᠡᠵᠢ ᠶ᠋ᠢ ᠠᠪᠤᠭᠰᠠᠨ ᠦᠭᠡᠢ ᠪᠣᠯᠪᠠᠴᠤ ᠬᠡᠦᠬᠡᠨ ᠢ᠋ ᠰᠢᠷᠳᠡᠨ ᠪᠠᠢᠭᠰᠠᠨ ᠢ᠋ᠶ᠋ᠠᠨ 《ᠴᠢ ᠰᠠᠢᠨ ᠰᠠᠭᠤᠵᠤ ᠪᠠᠢᠭᠠᠷᠠᠢ》 ᠭᠡᠵᠦ ᠬᠡᠯᠡᠪᠡ᠃
  ᠵᠡᠭᠦᠨ ᠵᠦᠭ ᠢ᠋ ᠴᠢᠭᠯᠡᠨ ᠶᠠᠪᠤᠬᠤ ᠳ᠋ᠤᠨᠢ ᠲᠤᠯᠭᠠᠷ ᠰᠡᠳᠬᠢᠯ ᠳ᠋ᠦ᠍ᠨᠢ ᠪᠠᠢᠨ ᠪᠠᠢᠨ ᠪᠣᠳᠣᠭᠳᠠᠵᠤ ᠬᠥᠮᠦᠨ ᠦ᠌ ᠨᠤᠲᠤᠭ ᠲᠤ᠌ ᠭᠠᠭᠴᠠᠭᠠᠷ ᠢ᠋ ᠨᠢ ᠣᠷᠬᠢᠭᠰᠠᠨ ᠳ᠋ᠠᠭᠠᠨ ᠬᠠᠢᠷᠠᠯᠠᠬᠤ ᠰᠡᠳᠬᠢᠯ ᠲᠦᠷᠦᠪᠡᠴᠦ ᠢᠲᠡᠭᠡᠯᠲᠦ ᠲᠡᠢ ᠨᠡᠢᠯᠡᠵᠦ ᠳᠣᠷᠣᠮᠵᠢᠯᠠᠭᠰᠠᠨ ᠢ᠋ ᠨᠢ ᠪᠣᠳᠣᠭᠠᠳ ᠬᠡᠵᠢᠶ᠎ᠡ ᠴᠦ᠍ ᠦᠷᠦ ᠡᠪᠡᠳᠴᠦ ᠪᠣᠯᠬᠤ ᠦᠭᠡᠢ ᠪᠠᠢᠯ᠎ᠠ᠃
  《ᠢᠲᠡᠭᠡᠯᠲᠦ ᠴᠢᠮ᠎ᠠ ᠳ᠋ᠤ᠌ ᠰᠠᠢᠨ ᠥᠭᠯᠢᠭᠡᠴᠢ ᠳ᠋ᠡᠭᠡᠨ ᠪᠢᠰᠢ᠂ ᠴᠢᠮ᠎ᠠ ᠡᠴᠡ ᠴᠢᠰᠤ᠂ ᠬᠥᠯᠥᠰᠥ᠂ ᠰᠡᠳᠬᠢᠯ ᠢ᠋ ᠴᠢᠨᠢ ᠬᠢᠮᠳᠠᠬᠠᠨ ᠦᠨ᠎ᠡ ᠪᠡᠷ ᠠᠪᠴᠤ ᠪᠠᠢᠭ᠎ᠠ ᠪᠣᠯᠬᠣᠷ ᠣᠳᠣᠬᠠᠨ ᠳ᠋ᠠᠭᠠᠨ ᠰᠠᠢᠨ ᠪᠠᠢᠨ᠎ᠠ》 ᠭᠡᠵᠦ ᠠᠯᠢᠶ᠎ᠠ ᠫᠧᠲ᠋ᠷ ᠦ᠋ᠨ ᠬᠡᠯᠡᠵᠦ ᠪᠠᠢᠭ᠎ᠠ ᠳᠠᠭᠤ ᠴᠢᠬᠢᠨ ᠳ᠋ᠦ᠍ᠨᠢ ᠳᠠᠬᠢᠨ ᠳᠠᠬᠢᠨ ᠰᠣᠨᠣᠰᠤᠭᠳᠠᠨ ᠳᠦᠩᠭᠢᠨᠡᠵᠦ ᠪᠠᠢᠯ᠎ᠠ᠃