ᠲᠤᠩᠭᠠᠯᠠᠭ ᠲᠠᠮᠢᠷ3-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-03

1629

《ᠰᠢᠯᠢ ᠶ᠋ᠢᠨ ᠪᠣᠭᠳᠠ》᠂ 《ᠮᠣᠷᠢᠨ ᠤ᠋ ᠰᠠᠢᠨ ᠢ᠋ᠶ᠋ᠠᠷ ᠬᠣᠯᠠ ᠶ᠋ᠢ ᠭᠡᠲᠦᠯᠦᠨ᠎ᠡ᠂ ᠡᠷ᠎ᠡ ᠶ᠋ᠢᠨ ᠰᠠᠢᠨ ᠢ᠋ᠶ᠋ᠠᠷ ᠬᠣᠰᠢᠭᠤ ᠶ᠋ᠢ ᠳᠠᠪᠠᠨ᠎ᠠ》 - ᠭᠤᠷᠪᠠᠳᠤᠭᠠᠷ ᠪᠦᠯᠦᠭ ᠬᠣᠷᠢ

  ᠬᠦᠷᠢᠶ᠎ᠡ ᠤᠷᠤᠭᠤ ᠪᠠᠷᠤᠭ ᠬᠣᠭᠣᠰᠣᠨ ᠶᠠᠪᠤᠭᠤᠯᠤᠭᠰᠠᠨ ᠬᠣᠷᠢ ᠰᠢᠬᠠᠮ᠎ᠠ ᠲᠡᠷᠭᠡ ᠪᠡᠨ ᠵᠢᠷᠢᠮ ᠦ᠋ᠨ ᠴᠠᠭᠠᠨ ᠨᠠᠭᠤᠷ ᠤ᠋ᠨ ᠠᠷᠤ ᠶ᠋ᠢᠨ ᠬᠠᠲᠠᠵᠤ ᠡᠬᠢᠯᠡᠭᠰᠡᠨ ᠴᠠᠬᠢᠯᠳᠠᠭ ᠳᠣᠲᠣᠷ᠎ᠠ ᠦᠳᠡᠯᠡᠭᠡᠳ ᠪᠠᠢᠬᠤ ᠳ᠋ᠤ᠌ ᠨᠤᠲᠤᠭ ᠡᠴᠡ ᠪᠡᠨ ᠲᠤᠰ ᠪᠦᠷᠢ ᠬᠣᠣᠰ ᠮᠣᠷᠢ ᠲᠠᠢ ᠭᠠᠷᠤᠭᠰᠠᠨ ᠢᠲᠡᠭᠡᠯᠲᠦ ᠬᠣᠩᠭᠣᠷ ᠬᠣᠶᠠᠷ ᠭᠦᠢᠴᠡᠵᠦ ᠢᠷᠡᠯ᠎ᠡ᠃
  ᠤᠲᠤᠭ᠎ᠠ ᠪᠣᠯᠤᠭᠰᠠᠨ ᠵᠢᠵᠢᠭᠬᠡᠨ ᠬᠥᠬᠡ ᠮᠠᠢᠬᠠᠨ ᠤ᠋ ᠭᠠᠳᠠᠨ᠎ᠠ ᠬᠥᠯ ᠨᠢᠴᠦᠭᠦᠯᠡᠨ ᠨᠠᠮᠤᠷ ᠤ᠋ᠨ ᠣᠭᠣᠲᠣᠷ ᠰᠢᠷ᠎ᠠ ᠨᠠᠷᠠᠨ ᠳ᠋ᠤ᠌ ᠲᠡᠷᠡᠢᠨ ᠬᠡᠪᠲᠡᠵᠦ ᠪᠠᠢᠭᠰᠠᠨ ᠭᠠᠯᠰᠠᠩ᠂ ᠢᠲᠡᠭᠡᠯᠲᠦ ᠬᠣᠩᠭᠣᠷ ᠬᠣᠶᠠᠷ ᠢ᠋ ᠬᠠᠷᠠᠭᠠᠳ ᠦᠰᠦᠷᠦᠨ ᠪᠣᠰᠴᠤ 《ᠠᠬ᠎ᠠ ᠳᠡᠭᠦᠦ ᠬᠣᠶᠠᠷ ᠢᠷᠡᠯ᠎ᠡ᠃ ᠴᠠᠢ ᠴᠢᠨᠠᠵᠤ᠂ ᠬᠣᠭᠣᠯᠠ ᠬᠢᠭᠡᠷᠡᠢ》 ᠭᠡᠵᠦ ᠮᠠᠢᠬᠠᠨ ᠳ᠋ᠤ᠌ ᠤᠨᠲᠠᠵᠤ ᠪᠠᠢᠭᠰᠠᠨ ᠬᠥᠯᠥᠰᠥᠨ ᠦ᠌ ᠵᠠᠯᠠᠭᠤ ᠶ᠋ᠢ ᠬᠠᠰᠬᠢᠷᠤᠨ ᠰᠡᠷᠢᠭᠡᠭᠡᠳ ᠭᠦᠶᠦᠨ ᠣᠴᠢᠵᠤ ᠢᠲᠡᠭᠡᠯᠲᠦ ᠶ᠋ᠢ ᠪᠠᠭᠤᠭ᠎ᠠ ᠦᠭᠡᠢ ᠪᠠᠢᠬᠤ ᠳ᠋ᠤ᠌ ᠮᠣᠷᠢᠨ ᠤ᠋ ᠬᠢᠨᠢ ᠴᠤᠯᠪᠤᠭᠤᠷ ᠢ᠋ ᠪᠠᠷᠢᠵᠤ ᠠᠪᠤᠯ᠎ᠠ᠃
  ᠊᠊᠊᠊᠊᠊᠊᠊᠊᠊᠊᠊᠊᠊᠊ ᠵᠠ ᠲᠠ ᠬᠣᠶᠠᠷ ᠰᠠᠢᠨ ᠶᠠᠪᠤᠵᠤ ᠪᠠᠢᠨ᠎ᠠ ᠤᠤ?
  ᠊᠊᠊᠊᠊᠊᠊᠊᠊᠊᠊᠊᠊᠊᠊ ᠰᠠᠢᠨ᠃ ᠲᠠ ᠨᠠᠷ ᠰᠠᠢᠨ ᠶᠠᠪᠤᠵᠤ ᠪᠠᠢᠨ᠎ᠠ ᠤᠤ? ᠭᠡᠵᠦ ᠢᠲᠡᠭᠡᠯᠲᠦ ᠠᠮᠠᠨ ᠳ᠋ᠠᠭᠠᠨ ᠣᠭᠵᠣᠮ ᠬᠡᠯᠡᠭᠡᠳ ᠪᠠᠭᠤᠵᠤ ᠰᠢᠭᠤᠳ ᠮᠠᠢᠬᠠᠨ ᠤᠷᠤᠭᠤ ᠶᠠᠪᠤᠯ᠎ᠠ᠃
  ᠭᠠᠯᠰᠠᠩ᠂ ᠬᠣᠩᠭᠣᠷ ᠬᠣᠶᠠᠷ ᠮᠣᠷᠢᠳ ᠤ᠋ᠨ ᠡᠮᠡᠭᠡᠯ ᠢ᠋ ᠠᠪᠴᠤ ᠴᠢᠳᠦᠷᠯᠡᠨ ᠲᠠᠯᠪᠢᠬᠤ ᠳ᠋ᠤ᠌ ᠬᠣᠯᠠ ᠵᠠᠮ ᠳ᠋ᠤ᠌ ᠶᠠᠳᠠᠷᠠᠭᠰᠠᠨ ᠮᠣᠷᠢ ᠰᠢᠭᠤᠳ ᠯᠠ ᠬᠣᠰᠢᠭᠤ ᠪᠠᠨ ᠡᠪᠡᠰᠦᠨ ᠳ᠋ᠦ᠍ ᠰᠢᠭᠠᠪᠠ᠃
  ᠢᠲᠡᠭᠡᠯᠲᠦ ᠶᠠᠭᠠᠬᠢᠭᠠᠳ ᠢᠩᠭᠢᠵᠦ ᠬᠣᠭᠣᠰᠣᠨ ᠲᠡᠷᠭᠡ ᠬᠦᠷᠢᠶ᠎ᠡ ᠤᠷᠤᠭᠤ ᠡᠨᠡ ᠨᠠᠮᠤᠷ ᠡᠷᠲᠡ ᠬᠥᠳᠡᠯᠭᠡᠪᠡ᠃ ᠶᠠᠭᠤ ᠪᠣᠯᠪᠠ? ᠢᠷᠡᠬᠦ ᠡᠪᠦᠯ ᠬᠢᠬᠦ ᠭᠠᠭᠴᠠ ᠬᠦᠦ ᠶ᠋ᠢᠨ ᠢ᠋ᠶ᠋ᠡᠨ ᠬᠤᠷᠢᠮ ᠤ᠋ᠨ ᠶᠠᠭᠤᠮ᠎ᠠ ᠶ᠋ᠢ ᠲᠥᠬᠥᠭᠡᠷᠬᠦ ᠭᠡᠵᠦ ᠶᠠᠪᠤᠭᠤᠯᠵᠠᠢ᠃
  ᠮᠠᠷᠭᠠᠰᠢ ᠥᠷᠯᠥᠭᠡ ᠨᠢ ᠢᠲᠡᠭᠡᠯᠲᠦ ᠬᠦᠦ ᠪᠡᠨ ᠳᠠᠭᠠᠭᠤᠯᠤᠨ ᠮᠣᠷᠳᠠᠬᠤ ᠳ᠋ᠠᠭᠠᠨ 《ᠲᠠᠬᠢᠯᠲᠤ ᠶ᠋ᠢᠨ ᠠᠮᠠᠨ ᠤ᠋ ᠣᠷᠴᠢᠮ ᠪᠢ ᠬᠥᠮᠦᠨ ᠳᠤᠰᠤᠭᠤᠯᠤᠨ᠎ᠠ》 ᠭᠡᠵᠦ ᠭᠠᠯᠰᠠᠩ ᠳ᠋ᠤ᠌ ᠬᠡᠯᠡᠪᠡ᠃
  ᠢᠲᠡᠭᠡᠯᠲᠦ ᠳ᠋ᠦ᠍ ᠦᠯᠡᠮᠵᠢ ᠠᠵᠢᠯ ᠪᠠᠢᠯ᠎ᠠ᠃ ᠭᠠᠭᠴᠠ ᠬᠦᠦ ᠶ᠋ᠢᠨ ᠢ᠋ᠶ᠋ᠡᠨ ᠬᠤᠷᠢᠮ ᠢ᠋ ᠨᠡᠷ᠎ᠡ ᠲᠥᠷᠥ ᠲᠡᠢ ᠬᠢᠶ᠎ᠡ ᠭᠡᠵᠦ ᠢᠲᠡᠭᠡᠯᠲᠦ ᠰᠢᠲᠦᠭᠰᠡᠨ ᠤᠴᠢᠷ ᠠᠪᠬᠤ ᠶᠠᠭᠤᠮ᠎ᠠ᠂ ᠪᠡᠯᠡᠳᠬᠡᠬᠦ ᠵᠦᠢᠯ ᠶᠡᠬᠡ ᠪᠠᠢᠭᠰᠠᠨ ᠪᠣᠯᠬᠣᠷ ᠬᠦᠷᠢᠶ᠎ᠡ ᠤᠷᠤᠭᠤ ᠲᠤᠰᠬᠠᠢ ᠬᠥᠰᠬᠡ ᠬᠥᠳᠡᠯᠭᠡᠵᠡᠢ᠃ ᠪᠠᠰᠠ ᠲᠡᠭᠡᠭᠡᠳ ᠪᠠᠭᠤᠯᠭᠠᠬᠤ ᠪᠡᠷᠢ ᠨᠢ ᠣᠯᠢᠭᠲᠠᠢ ᠭᠡᠵᠦ ᠶᠠᠷᠢᠪᠠᠯ ᠭᠠᠭᠴᠠ ᠬᠠᠭᠤᠴᠢᠨ ᠴᠢᠰᠴᠡᠦ ᠳᠡᠪᠡᠯ᠂ ᠨᠠᠷᠢᠬᠠᠨ ᠮᠥᠩᠭᠥᠨ ᠪᠥᠭᠡᠵᠢ ᠡᠴᠡ ᠥᠭᠡᠷ᠎ᠡ ᠶᠠᠭᠤᠮ᠎ᠠ ᠦᠭᠡᠢ ᠬᠥᠮᠦᠨ ᠪᠣᠯᠬᠣᠷ ᠲᠡᠭᠦᠨ ᠦ᠌ ᠪᠦᠬᠦ ᠶᠠᠭᠤᠮ᠎ᠠ ᠶ᠋ᠢ ᠲᠥᠬᠥᠭᠡᠷᠬᠦ ᠬᠡᠷᠡᠭᠲᠡᠢ ᠪᠠᠢᠯ᠎ᠠ᠃ ᠶᠠᠭᠤᠨ ᠤ᠋ ᠲᠡᠷᠢᠭᠦᠨ ᠳ᠋ᠦ᠍ ᠪᠡᠷᠢ ᠳ᠋ᠡᠭᠡᠨ ᠬᠣᠶᠠᠷ ᠠᠯᠲᠠᠨ ᠪᠥᠭᠡᠵᠢ᠂ ᠡᠭᠡᠮᠦᠭ᠂ ᠲᠣᠯᠣᠭᠠᠢ ᠶ᠋ᠢᠨ ᠬᠡᠷᠡᠭᠯᠡᠯ ᠴᠣᠬᠢᠭᠤᠯᠬᠤ᠂ ᠬᠤᠷᠢᠮ ᠳ᠋ᠠᠭᠠᠨ ᠡᠮᠦᠰᠬᠦ ᠳᠡᠪᠡᠯ ᠦ᠋ᠨ ᠬᠢᠨᠢ ᠥᠩᠭᠡ ᠶ᠋ᠢ ᠠᠪᠬᠤ᠂ ᠮᠥᠩᠭᠥᠨ ᠡᠮᠡᠭᠡᠯ ᠬᠠᠵᠠᠭᠠᠷ᠂ ᠲᠡᠭᠡᠬᠦ ᠳ᠋ᠡᠭᠡᠨ ᠪᠦᠷ ᠪᠣᠷᠵᠢᠭᠢᠨ ᠬᠢᠴᠡ ᠲᠡᠢ ᠶ᠋ᠢ ᠠᠪᠬᠤ ᠭᠡᠵᠦ ᠪᠣᠳᠣᠵᠤ ᠶᠠᠪᠤᠯ᠎ᠠ᠃
  ᠢᠲᠡᠭᠡᠯᠲᠦ ᠶ᠋ᠢᠨ ᠬᠦᠦ ᠰᠠᠢᠬᠠᠨ ᠬᠡᠦᠬᠡᠨ ᠠᠪᠤᠨ᠎ᠠ᠃ ᠲᠡᠷᠡ ᠰᠠᠢᠬᠠᠨ ᠬᠡᠦᠬᠡᠨ ᠢ᠋ ᠶᠣᠰᠣᠲᠠᠢ ᠯᠠ ᠨᠢᠳᠦ ᠶ᠋ᠢ ᠨᠢ ᠪᠦᠯᠲᠡᠷᠡᠲᠡᠯ᠎ᠡ ᠭᠤᠶᠤᠨ᠎ᠠ᠃ ᠢᠲᠡᠭᠡᠯᠲᠦ ᠶ᠋ᠢᠨ ᠬᠦᠦ ᠡᠬᠡᠨᠡᠷ ᠠᠪᠴᠤ ᠬᠤᠷᠢᠮ ᠬᠢᠨ᠎ᠡ᠃ ᠲᠡᠷᠡ ᠬᠤᠷᠢᠮ ᠪᠣᠯ ᠯᠤᠤ ᠬᠦᠩ ᠦ᠋ᠨ ᠭᠡᠷᠯᠡᠯᠲᠡ ᠡᠴᠡ ᠢᠯᠡᠭᠦᠦ ᠪᠠᠢᠬᠤ ᠶᠣᠰᠣᠲᠠᠢ ᠭᠡᠵᠦ ᠪᠣᠳᠣᠵᠤ ᠪᠠᠢᠯ᠎ᠠ᠃ ᠲᠡᠭᠦᠪᠡᠷ ᠴᠦ᠍ ᠪᠠᠷᠠᠬᠤ ᠦᠭᠡᠢ ᠠᠩᠬᠠᠨ ᠳ᠋ᠠᠭᠠᠨ ᠬᠦᠦ ᠳ᠋ᠡᠭᠡᠨ ᠬᠦᠷᠢᠶ᠎ᠡ ᠬᠢᠴᠡ ᠲᠡᠢ ᠭᠡᠷ ᠪᠠᠷᠢᠵᠤ ᠥᠭᠳᠡᠭ ᠶᠦ᠍ᠮ ᠤᠤ ᠭᠡᠵᠦ ᠪᠣᠳᠣᠵᠤ ᠪᠠᠢᠭᠰᠠᠨ᠃ ᠬᠠᠷᠢᠨ ᠰᠡᠭᠦᠯ ᠦ᠋ᠨ ᠦᠶ᠎ᠡ ᠳ᠋ᠦ᠍ ᠡᠨᠡ ᠪᠣᠳᠣᠯ ᠢ᠋ᠶ᠋ᠠᠨ ᠣᠷᠬᠢᠭᠰᠠᠨ᠃ ᠤᠴᠢᠷ ᠨᠢ ᠨᠡᠭᠦᠨ ᠰᠠᠭᠤᠬᠤ ᠳ᠋ᠤ᠌ ᠳᠠᠷᠤᠭᠠᠰᠤ ᠪᠣᠯᠤᠨ᠎ᠠ ᠭᠡᠵᠦ ᠪᠣᠳᠣᠵᠠᠢ᠃ ᠬᠠᠷᠢᠨ ᠬᠡᠳᠦᠨ ᠰᠠᠢᠬᠠᠨ ᠡᠷᠢᠶᠡᠨ ᠠᠪᠳᠠᠷ᠎ᠠ ᠠᠪᠬᠤ ᠬᠡᠷᠡᠭᠲᠡᠢ ᠪᠠᠢᠯ᠎ᠠ᠃ ᠰᠠᠪᠠ ᠰᠠᠭᠤᠯᠠᠭ᠎ᠠ ᠭᠡᠪᠡᠯ ᠥᠪᠡᠷ ᠲᠤᠨᠢ ᠪᠠᠢᠵᠠᠢ᠃
  ᠶᠡᠷᠦ ᠨᠢ ᠲᠡᠭᠡᠭᠡᠳ ᠪᠦᠲᠦᠨ ᠠᠢᠯ ᠲᠥᠬᠥᠭᠡᠷᠬᠦ᠂ ᠲᠡᠷᠡ ᠲᠣᠰᠤᠮ ᠢ᠋ᠶ᠋ᠠᠨ ᠢᠲᠡᠭᠡᠯᠲᠦ ᠭᠠᠭᠴᠠ ᠬᠦᠦ ᠪᠡᠨ ᠠᠢᠯ ᠪᠣᠯᠭᠠᠬᠤ ᠭᠡᠵᠦ ᠲᠥᠬᠥᠭᠡᠷᠬᠦ ᠨᠢ ᠬᠡᠴᠡᠭᠦᠦ ᠠᠵᠢᠯ᠃ ᠡᠭᠦᠨ ᠳ᠋ᠦ᠍ ᠢᠲᠡᠭᠡᠯᠲᠦ ᠲᠤᠯᠠᠳᠠ ᠲᠠᠢᠪᠤᠩ ᠪᠠᠢᠨ᠎ᠠ᠃
  ᠬᠦᠷᠢᠶᠡᠨ ᠳ᠋ᠦ᠍ ᠣᠷᠣᠵᠤ ᠢᠷᠡᠭᠡᠳ ᠲᠡᠷᠡ ᠣᠷᠣᠢ ᠳ᠋ᠠᠭᠠᠨ ᠪᠠᠬᠠᠨ ᠠᠷᠢᠬᠢ ᠤᠤᠭᠤᠵᠤ ᠠᠪᠤᠭᠠᠳ ᠥᠷᠯᠥᠭᠡ ᠡᠷᠲᠡ ᠪᠣᠰᠴᠤ ᠠᠵᠢᠯ ᠬᠥᠭᠡᠭᠡᠴᠡᠯᠳᠦᠪᠡ᠃ ᠪᠣᠳᠣᠭᠰᠠᠨ ᠪᠦᠬᠦᠨ ᠨᠢ ᠦᠯᠢᠭᠡᠷ ᠦ᠋ᠨ ᠶᠠᠭᠤᠮ᠎ᠠ ᠰᠢᠭ᠋ ᠪᠦᠲᠦᠵᠦ ᠤᠳᠠᠯ ᠦᠭᠡᠢ ᠬᠣᠷᠢ ᠭᠠᠷᠤᠢ ᠲᠡᠷᠭᠡ ᠳᠦᠭᠦᠷᠡᠩ ᠠᠴᠢᠶ᠎ᠠ ᠲᠠᠢ ᠪᠣᠯᠵᠠᠢ᠃
  ᠊᠊᠊᠊᠊᠊᠊᠊᠊᠊᠊᠊᠊᠊᠊ ᠵᠠ ᠭᠠᠯᠰᠠᠩ ᠮᠢᠨᠢ ᠬᠢᠴᠢᠶᠡᠵᠦ ᠶᠠᠪᠤᠭᠠᠷᠠᠢ᠃ ᠨᠠᠭᠠᠳᠤᠬᠢ ᠬᠡᠳᠦᠨ ᠲᠡᠷᠭᠡᠨ ᠳ᠋ᠦ᠍ ᠴᠢᠨᠢ ᠬᠡᠳᠦᠨ ᠵᠠᠭᠤᠨ ᠲᠡᠷᠭᠡᠨ ᠦ᠌ ᠠᠴᠢᠶ᠎ᠠ ᠡᠴᠡ ᠦᠨᠡᠲᠡᠢ ᠶᠠᠭᠤᠮ᠎ᠠ ᠪᠣᠢ᠃ᠨᠥᠭᠥᠭᠡᠬᠢ ᠪᠡᠨ ᠲᠠᠪᠤ ᠰᠤᠮᠤᠯᠠᠭᠠᠳ ᠨᠢᠳᠦ ᠬᠠᠮᠭᠢᠯ ᠦᠭᠡᠢ ᠶᠠᠪᠤᠳᠠᠭ ᠶᠤᠮ ᠰᠢᠦ ᠭᠡᠵᠦ ᠠᠴᠢᠶ᠎ᠠ ᠬᠥᠳᠡᠯᠬᠦ ᠶ᠋ᠢᠨ ᠡᠮᠦᠨ᠎ᠡ ᠢᠲᠡᠭᠡᠯᠲᠦ ᠰᠢᠪᠡᠭᠡᠨᠡᠨ ᠬᠡᠯᠡᠵᠡᠢ᠃
  ᠨᠥᠭᠥᠭᠡᠬᠢ ᠪᠡᠨ ᠭᠡᠵᠦ ᠢᠲᠡᠭᠡᠯᠲᠦ ᠨᠤᠲᠤᠭ ᠡᠴᠡ ᠪᠡᠨ ᠭᠠᠷᠬᠤ ᠶ᠋ᠢᠨ ᠡᠮᠦᠨ᠎ᠡ ᠪᠠᠳᠠᠷᠴᠢ ᠡᠴᠡ ᠵᠠᠯᠠᠭᠤ ᠮᠣᠷᠢ ᠪᠠᠷ ᠠᠪᠤᠭᠰᠠᠨ ᠲᠠᠪᠢᠨ ᠰᠤᠮᠤ ᠲᠠᠢ ᠶᠠᠫᠣᠨ ᠯᠢᠶᠠᠠᠵᠤ ᠶ᠋ᠢ ᠬᠡᠯᠡᠵᠦ ᠪᠠᠢᠭ᠎ᠠ ᠶᠤᠮ᠃ ᠲᠠᠪᠤ᠂ ᠵᠢᠷᠭᠤᠭᠠᠨ ᠰᠤᠮᠤ ᠵᠠᠷᠤᠵᠤ ᠪᠠᠢᠮᠠᠨᠵᠢᠨ ᠭᠠᠯᠰᠠᠩ ᠢ᠋ ᠰᠤᠮᠤᠯᠠᠵᠤ ᠫᠤᠤᠳᠠᠵᠤ ᠰᠤᠷᠭᠠᠭᠰᠠᠨ ᠨᠢ ᠡᠨᠡ ᠦᠨᠡᠲᠡᠢ ᠠᠴᠢᠶ᠎ᠠ ᠶ᠋ᠢ ᠮᠠᠨᠠᠵᠤ ᠬᠦᠷᠢᠶᠡᠨ ᠡᠴᠡ ᠲᠠᠮᠢᠷ ᠲᠤ᠌ ᠭᠦᠷᠭᠡᠭᠦᠯᠭᠦ ᠭᠡᠰᠡᠨ ᠪᠡᠯᠡᠳᠬᠡᠯ ᠪᠠᠢᠵᠤ ᠪᠢᠯᠡ᠃
  ᠊᠊᠊᠊᠊᠊᠊᠊᠊᠊᠊᠊᠊᠊᠊ ᠠᠬ᠎ᠠ ᠰᠡᠳᠬᠢᠯ ᠢ᠋ᠶ᠋ᠡᠨ ᠪᠤᠤ ᠵᠤᠪᠠᠭ᠎ᠠ ᠭᠡᠳ ᠭᠠᠯᠰᠠᠩ ᠮᠠᠷᠰᠠᠢᠨ ᠢᠨᠢᠶᠡᠪᠡ᠃
  ᠊᠊᠊᠊᠊᠊᠊᠊᠊᠊᠊᠊᠊᠊᠊ ᠪᠠᠭ᠎ᠠ ᠨᠣᠢᠷ ᠲᠠᠢ ᠶᠠᠪᠤᠭᠰᠠᠨ ᠡᠴᠡ ᠬᠥᠮᠦᠨ ᠦᠬᠦᠳᠡᠭ ᠦᠭᠡᠢ ᠶᠤᠮ ᠰᠢᠦ᠃
  ᠊᠊᠊᠊᠊᠊᠊᠊᠊᠊᠊᠊᠊᠊᠊ ᠵᠠ᠂ ᠠᠬ᠎ᠠ ᠠ᠋᠃
  ᠊᠊᠊᠊᠊᠊᠊᠊᠊᠊᠊᠊᠊᠊᠊ ᠪᠢᠳᠡ ᠯᠦᠩ ᠣᠷᠴᠢᠮ ᠭᠦᠢᠴᠡᠵᠦ ᠣᠴᠢᠨ᠎ᠠ᠃
  ᠬᠥᠰᠬᠡ ᠶᠠᠪᠤᠭᠰᠠᠨ ᠣᠷᠣᠢ ᠢᠲᠡᠭᠡᠯᠲᠦ ᠠᠢᠯ ᠳ᠋ᠤ᠌ ᠠᠷᠢᠬᠢᠳᠠᠬᠤ ᠪᠣᠯᠵᠤ ᠳᠥᠷᠪᠡᠨ ᠮᠣᠷᠢ ᠪᠠᠨ ᠬᠠᠨ ᠠᠭᠤᠯᠠ ᠶ᠋ᠢᠨ ᠠᠮᠠᠨ ᠳ᠋ᠤ᠌ ᠢᠳᠡᠭᠦᠯᠬᠦ ᠠᠵᠢᠯ ᠬᠣᠩᠭᠣᠷ ᠲᠤ᠌ ᠣᠨᠣᠭᠳᠠᠪᠠ᠃ ᠦᠳᠡᠰᠢ ᠣᠷᠣᠢ ᠳᠥᠷᠪᠡᠨ ᠮᠣᠷᠢ ᠪᠠᠨ ᠠᠪᠴᠤ ᠲᠤᠤᠯᠠ ᠭᠣᠣᠯ ᠢ᠋ ᠭᠠᠲᠤᠯᠤᠨ ᠴᠢᠨᠳᠠᠮᠤᠨᠢ ᠶ᠋ᠢᠨ ᠠᠮᠠᠨ ᠳ᠋ᠤ᠌ ᠣᠴᠢᠵᠤ ᠴᠢᠳᠥᠷᠯᠡᠭᠡᠳ ᠬᠣᠣᠰ ᠬᠣᠣᠰ ᠢ᠋ᠶ᠋ᠠᠷ ᠨᠢ ᠬᠡᠷᠦᠵᠦ ᠲᠠᠯᠪᠢᠭᠠᠳ ᠲᠣᠬᠣᠮ ᠢ᠋ᠶ᠋ᠠᠨ ᠳᠡᠪᠢᠰᠦᠭᠡᠳ ᠡᠮᠡᠭᠡᠯ ᠢ᠋ᠶ᠋ᠡᠨ ᠳᠡᠷᠡᠯᠡᠨ ᠲᠦᠮᠡᠨ ᠣᠳᠣ ᠲᠠᠢ ᠭᠦᠨ ᠬᠥᠬᠡ ᠲᠡᠭᠷᠢ ᠶ᠋ᠢ ᠰᠢᠷᠳᠡᠨ ᠬᠡᠪᠲᠡᠬᠦ ᠳ᠋ᠦ᠍ ᠬᠣᠩᠭᠣᠷ ᠤ᠋ᠨ ᠰᠡᠳᠬᠢᠯ ᠨᠢᠭᠡ ᠯᠡ ᠰᠠᠢᠬᠠᠨ ᠪᠠᠢᠵᠤ ᠪᠢᠯᠡ᠃
  ᠰᠥᠨᠢ ᠳᠤᠮᠳᠠ ᠡᠴᠡ ᠬᠣᠢᠰᠢ ᠬᠦᠢᠲᠡᠨ ᠰᠠᠯᠬᠢ ᠦᠯᠢᠶᠡᠵᠦ ᠡᠬᠢᠯᠡᠭᠰᠡᠨ ᠪᠣᠯᠪᠠᠴᠤ ᠬᠤᠴᠢᠭᠰᠠᠨ ᠬᠣᠶᠠᠷ ᠣᠳᠣᠨᠴᠤᠤ ᠴᠠᠪᠠ ᠶ᠋ᠢ ᠨᠢ ᠨᠡᠪᠲᠡᠯᠵᠦ ᠴᠢᠳᠠᠭᠰᠠᠨ ᠦᠭᠡᠢ᠃ ᠦᠷ ᠮᠠᠩᠬᠠᠢᠨ ᠴᠡᠢᠭᠰᠡᠨ ᠬᠣᠢᠨ᠎ᠠ ᠰᠡᠷᠢᠵᠦ ᠬᠠᠷᠠᠪᠠᠯ ᠵᠡᠭᠦᠬᠡᠨ ᠳ᠋ᠦ᠍ᠨᠢ ᠬᠡᠷᠦᠵᠦ ᠲᠠᠯᠪᠢᠭᠰᠠᠨ ᠬᠣᠶᠠᠷ ᠮᠣᠷᠢᠨ ᠤ᠋ ᠬᠢᠨᠢ ᠴᠠᠭᠠᠨ᠎ᠠ ᠨᠢᠭᠡ ᠬᠥᠮᠦᠨ ᠤᠨᠲᠠᠵᠤ ᠪᠠᠢᠯ᠎ᠠ᠃ ᠲᠡᠷᠡ ᠬᠥᠮᠦᠨ ᠡᠴᠡ ᠬᠣᠷᠢᠭᠠᠳ ᠠᠯᠬᠤᠮ ᠤ᠋ᠨ ᠴᠠᠭᠠᠨ᠎ᠠ ᠴᠢᠳᠥᠷ ᠲᠡᠢ ᠬᠠᠷ᠎ᠠ ᠬᠡᠭᠡᠷ ᠮᠣᠷᠢ ᠢᠳᠡᠵᠦ ᠪᠠᠢᠨ᠎ᠠ᠃
  ᠬᠣᠩᠭᠣᠷ ᠪᠣᠰᠴᠤ ᠰᠤᠨᠢᠶᠠᠭᠠᠳ ᠭᠡᠷᠦᠭᠡᠳᠡᠢ ᠳ᠋ᠡᠭᠡᠨ ᠪᠣᠯᠵᠤ ᠬᠣᠯᠠᠳᠴᠤ ᠴᠢᠳᠠᠭ᠎ᠠ ᠦᠭᠡᠢ ᠮᠣᠷᠢᠳ ᠢ᠋ᠶ᠋ᠠᠨ ᠠᠵᠢᠭᠯᠠᠨ ᠬᠡᠰᠡᠭ ᠵᠣᠭᠰᠣᠭᠰᠠᠨ ᠢ᠋ᠶ᠋ᠠᠨ ᠨᠠᠷᠠ ᠭᠠᠷᠲᠠᠯ᠎ᠠ ᠲᠠᠯᠪᠢᠵᠤ ᠢᠳᠡᠭᠦᠯᠬᠦ ᠪᠡᠷ ᠰᠢᠢᠳᠪᠡ᠃ ᠪᠠᠷᠠᠭᠤᠨ ᠲᠠᠯ᠎ᠠ ᠳ᠋ᠤᠨᠢ ᠢᠳᠡᠵᠦ ᠪᠠᠢᠭᠰᠠᠨ ᠬᠣᠶᠠᠷ ᠮᠣᠷᠢ ᠪᠠᠨ ᠰᠠᠯᠭᠠᠵᠤ ᠲᠠᠯᠪᠢᠭᠠᠳ ᠨᠥᠭᠦᠭᠡ ᠬᠥᠮᠦᠨ ᠦ᠌ ᠨᠠᠭᠠᠳᠤᠬᠢ ᠮᠣᠷᠢᠳ ᠤ᠋ᠨ ᠢ᠋ᠶ᠋ᠠᠨ ᠳᠡᠷᠭᠡᠳᠡ ᠣᠴᠢᠵᠤ ᠰᠠᠯᠭᠠᠪᠠ᠃
  ᠡᠨᠡ ᠦᠶ᠎ᠡ ᠳ᠋ᠦ᠍ ᠨᠥᠭᠦᠭᠡ ᠬᠥᠮᠦᠨ ᠰᠡᠷᠢᠵᠦ ᠥᠨᠳᠡᠢᠨ ᠬᠣᠩᠭᠣᠷ ᠤᠷᠤᠭᠤ ᠬᠠᠷᠠᠯ᠎ᠠ᠃ ᠬᠣᠩᠭᠣᠷ ᠴᠤ᠌ ᠲᠡᠷᠡ ᠬᠥᠮᠦᠨ ᠢ᠋ ᠠᠵᠢᠭᠯᠠᠪᠠ᠃ ᠬᠠᠷᠠᠭᠠᠴᠢ! ᠪᠠᠭ᠎ᠠ ᠶ᠋ᠢᠨ ᠨᠠᠢᠵᠠ ᠪᠠᠲᠤ ᠠᠵᠢ᠃
  ᠊᠊᠊᠊᠊᠊᠊᠊᠊᠊᠊᠊᠊᠊᠊ ᠪᠠᠲᠤ ᠠ᠋ ᠭᠡᠵᠦ ᠪᠠᠢᠳᠠᠭ ᠬᠦᠴᠦ ᠪᠡᠷ ᠢ᠋ᠶ᠋ᠡᠨ ᠬᠠᠰᠬᠢᠷᠤᠭᠠᠳ ᠲᠡᠭᠦᠨ ᠦ᠌ ᠵᠦᠭ ᠭᠦᠶᠦᠪᠡ᠃
  ᠨᠡᠷ᠎ᠡ ᠪᠡᠷ ᠨᠢ ᠳᠠᠭᠤᠳᠠᠭᠠᠳ ᠢᠷᠡᠵᠦ ᠶᠠᠪᠤᠭ᠎ᠠ ᠬᠥᠮᠦᠨ ᠪᠣᠯ ᠥᠭᠡᠷ᠎ᠡ ᠬᠡᠨ ᠴᠦ᠍ ᠪᠢᠰᠢ ᠬᠣᠩᠭᠣᠷ ᠭᠡᠳᠡᠭ ᠢ᠋ ᠪᠠᠲᠤ ᠲᠠᠨᠢᠯ᠎ᠠ᠃
  ᠊᠊᠊᠊᠊᠊᠊᠊᠊᠊᠊᠊᠊᠊᠊ ᠪᠠᠲᠤ ᠮᠢᠨᠢ ᠴᠢ ᠴᠢᠨᠢ ᠬᠠᠮᠢᠭ᠎ᠠ ᠭᠠᠵᠠᠷ ᠡᠴᠡ ᠭᠠᠷᠤᠭᠠᠳ ᠢᠷᠡᠪᠡ᠃ ᠠᠮᠢᠳᠤ ᠮᠡᠨᠳᠦ ᠠᠭᠤᠯᠵᠠᠬᠤ ᠶᠠᠭᠤᠲᠠᠢ ᠰᠠᠢᠬᠠᠨ ᠪᠣᠢ? ᠵᠠ ᠵᠣᠯᠭᠠᠵᠤ ᠤᠷᠭᠢᠶ᠎ᠠ ᠭᠡᠳ ᠭᠠᠷ ᠢ᠋ᠶ᠋ᠠᠨ ᠰᠤᠩᠭᠠᠪᠠ᠃
  ᠬᠣᠶᠠᠷ ᠨᠠᠢᠵᠠ ᠦᠯᠡᠮᠵᠢ ᠳᠣᠲᠣᠨᠣ ᠵᠣᠯᠭᠠᠪᠠ᠃ ᠪᠠᠲᠤ ᠰᠤᠷᠭᠠᠭᠤᠯᠢ ᠶ᠋ᠢᠨ ᠬᠡᠷᠡᠭᠯᠡᠯ ᠠᠪᠬᠤ ᠲᠤᠬᠠᠢ ᠶᠠᠷᠢᠬᠤ ᠭᠡᠵᠦ ᠳᠠᠩ ᠮᠣᠷᠢᠲᠠᠢ ᠬᠣᠲᠠ ᠳ᠋ᠤ᠌ ᠣᠷᠣᠵᠤ ᠢᠷᠡᠭᠡᠳ ᠬᠣᠶᠠᠷ ᠬᠣᠨᠣᠵᠠᠢ᠃ ᠡᠳᠦᠷ ᠨᠢ ᠠᠵᠢᠯ ᠢ᠋ᠶ᠋ᠠᠨ ᠬᠥᠭᠡᠭᠡᠴᠡᠯᠳᠦᠵᠦ᠂ ᠰᠥᠨᠢ ᠨᠢ ᠮᠣᠷᠢ ᠪᠠᠨ ᠢᠳᠡᠭᠦᠯᠳᠡᠭ ᠪᠠᠢᠯ᠎ᠠ᠃ ᠨᠠᠢᠵᠠ ᠨᠠᠷ ᠶᠠᠭᠤᠨ ᠤ᠋ ᠡᠮᠦᠨ᠎ᠡ ᠪᠡᠶ᠎ᠡ ᠪᠡᠶ᠎ᠡ ᠶ᠋ᠢᠨ ᠲᠣᠮᠣ ᠪᠣᠯᠤᠭᠰᠠᠨ ᠢ᠋ᠶ᠋ᠠᠨ ᠬᠠᠷᠢᠯᠴᠠᠨ ᠭᠠᠢᠬᠠᠯᠴᠠᠭᠰᠠᠨ ᠤ᠋ ᠳᠠᠷᠠᠭ᠎ᠠ ᠬᠣᠩᠭᠣᠷ ᠲᠤᠯᠭᠠᠷ ᠤ᠋ᠨ ᠠᠮᠢᠳᠤ ᠪᠠᠢᠭ᠎ᠠ ᠲᠤᠬᠠᠢ ᠡᠷᠳᠡᠨᠢ ᠣᠴᠢᠵᠤ ᠠᠭᠤᠯᠵᠠᠭᠰᠠᠨ ᠲᠤᠬᠠᠢ ᠶᠠᠷᠢᠪᠠ᠃ ᠭᠡᠪᠡᠴᠦ ᠡᠨᠡ ᠪᠦᠬᠦᠨ ᠪᠠᠲᠤ ᠳ᠋ᠤ᠌ ᠰᠣᠨᠢᠨ ᠵᠦᠢᠯ ᠪᠢᠰᠢ ᠪᠣᠯᠵᠠᠢ᠃ ᠲᠠᠮᠢᠷ ᠤ᠋ᠨ ᠭᠣᠣᠯ ᠳ᠋ᠤ᠌ ᠠᠢᠯ ᠪᠣᠯᠤᠭᠰᠠᠨ ᠲᠡᠮᠦᠷ ᠦ᠋ᠨ ᠳ᠋ᠦ᠍ ᠣᠴᠢᠭᠰᠠᠨ ᠲᠤᠬᠠᠢ ᠪᠠᠨ ᠶᠠᠷᠢᠯ᠎ᠠ᠃ ᠭᠡᠪᠡᠴᠦ ᠶᠠᠮᠠᠷ ᠬᠡᠷᠡᠭ ᠢ᠋ᠶ᠋ᠡᠷ ᠣᠴᠢᠭᠰᠠᠨ ᠢ᠋ᠶ᠋ᠠᠨ ᠬᠡᠯᠡᠭᠰᠡᠨ ᠦᠭᠡᠢ᠃
  ᠨᠠᠷᠠ ᠭᠠᠷᠬᠤ ᠶ᠋ᠢᠨ ᠦᠶ᠎ᠡ ᠳ᠋ᠦ᠍ ᠲᠡᠷᠡ ᠬᠣᠶᠠᠷ ᠬᠣᠲᠠ ᠶ᠋ᠢᠨ ᠵᠦᠭ ᠶᠠᠪᠤᠯ᠎ᠠ᠃ ᠵᠠᠮ ᠳ᠋ᠠᠭᠠᠨ ᠬᠣᠩᠭᠣᠷ 《ᠵᠠ ᠡᠪᠦᠭᠡᠨ ᠮᠢᠨᠢ ᠴᠢᠮ᠎ᠠ ᠡᠴᠡ ᠭᠤᠶᠤᠬᠤ ᠨᠢᠭᠡ ᠶᠠᠭᠤᠮ᠎ᠠ ᠪᠠᠢᠨ᠎ᠠ᠃ ᠠᠪᠤ ᠮᠠᠷᠭᠠᠰᠢ ᠭᠠᠷᠤᠨ᠎ᠠ ᠭᠡᠳ ᠪᠠᠢᠳᠠᠭ᠃ ᠴᠢ ᠨᠠᠮᠠᠢ ᠬᠡᠳᠦ ᠬᠣᠨᠣᠭ ᠠᠪᠴᠤ ᠦᠯᠡᠳᠡ᠃ ᠠᠪᠤ ᠴᠢᠮᠠᠶ᠋ᠢ ᠭᠤᠶᠤᠪᠠᠯ ᠦᠭᠡᠢ ᠭᠡᠬᠦ ᠦᠭᠡᠢ᠃ ᠲᠡᠭᠡᠭᠡᠳ ᠬᠣᠶᠠᠭᠤᠯᠠ ᠪᠠᠨ ᠯᠦᠩ ᠳᠡᠭᠡᠷ᠎ᠡ ᠣᠴᠢᠭᠠᠳ ᠰᠠᠯᠤᠶ᠎ᠠ》 ᠭᠡᠯ᠎ᠡ᠃
  ᠪᠠᠲᠤ ᠳ᠋ᠤ᠌ ᠴᠤ᠌ ᠬᠣᠩᠭᠣᠷ ᠲᠠᠢ ᠬᠡᠳᠦ ᠬᠣᠨᠣᠭ ᠬᠣᠲᠠ ᠳ᠋ᠤ᠌ ᠪᠠᠢᠬᠤ ᠳ᠋ᠤ᠌ ᠰᠠᠢᠬᠠᠨ ᠰᠠᠨᠠᠭᠳᠠᠵᠤ ᠢᠲᠡᠭᠡᠯᠲᠦ ᠡᠴᠡ ᠭᠤᠶᠤᠵᠠᠢ᠃ ᠠᠩᠬᠠᠨ ᠳ᠋ᠠᠭᠠᠨ ᠵᠥᠪᠰᠢᠶᠡᠷᠡᠬᠦ ᠦᠭᠡᠢ ᠪᠠᠢᠭᠰᠠᠨ ᠠᠪᠠᠴᠤ ᠬᠣᠶᠠᠷ ᠵᠠᠯᠠᠭᠤ ᠶ᠋ᠢᠨ ᠵᠡᠷᠭᠡ ᠵᠡᠷᠭᠡ ᠭᠤᠶᠤᠯᠲᠠ ᠳ᠋ᠤ᠌ ᠲᠡᠪᠴᠢᠵᠦ ᠴᠢᠳᠠᠭᠰᠠᠨ ᠦᠭᠡᠢ᠃
  ᠊᠊᠊᠊᠊᠊᠊᠊᠊᠊᠊᠊᠊᠊᠊ ᠬᠣᠶᠠᠷ ᠳᠠᠮᠰᠢᠭ ᠮᠢᠨᠢ ᠳᠠᠷᠪᠢᠭᠠᠳ ᠬᠡᠷᠡᠭ ᠲᠦᠪᠡᠭ ᠭᠠᠷᠭᠠᠵᠤ ᠪᠣᠯᠬᠤ ᠦᠭᠡᠢ᠃ ᠬᠣᠶᠠᠷ ᠭᠤᠷᠪᠠ ᠡᠴᠡ ᠢᠯᠡᠭᠦᠦ ᠬᠣᠨᠣᠵᠤ ᠪᠣᠯᠬᠤ ᠦᠭᠡᠢ᠃ ᠪᠠᠲᠤ ᠮᠢᠨᠢ ᠨᠠᠭᠠᠳᠤᠬᠢ ᠴᠢᠨᠢ ᠠᠮᠤᠷ ᠦᠭᠡᠢ ᠬᠥᠮᠦᠨ ᠰᠢᠦ᠃ ᠵᠠ ᠬᠣᠩᠭᠣᠷ ᠴᠢ ᠯᠦᠩ ᠳᠡᠭᠡᠷ᠎ᠡ ᠪᠢᠲᠡᠭᠡᠢ ᠤᠳᠠᠭᠠᠷᠠᠢ ᠭᠡᠯ᠎ᠡ᠃
  ᠊᠊᠊᠊᠊᠊᠊᠊᠊᠊᠊᠊᠊᠊᠊ ᠶᠠᠭᠠᠬᠢᠯ᠎ᠠ ᠭᠡᠵᠦ ᠤᠳᠠᠬᠤ ᠶᠤᠮ ᠤᠤ ᠭᠡᠵᠦ ᠬᠣᠩᠭᠣᠷ ᠦᠯᠡᠮᠵᠢ ᠣᠷᠢᠶᠠᠯᠭᠠᠨ ᠬᠡᠯᠡᠵᠡᠢ᠃ ᠢᠲᠡᠭᠡᠯᠲᠦ ᠬᠦᠦ ᠳ᠋ᠡᠭᠡᠨ ᠬᠣᠣᠰ ᠮᠣᠷᠢ᠂ ᠬᠣᠷᠢᠨ ᠮᠥᠩᠭᠥᠨ ᠶᠠᠩᠴᠢᠶᠠᠨ ᠥᠭᠭᠦᠭᠡᠳ ᠨᠤᠲᠤᠭ ᠤ᠋ᠨ ᠵᠦᠭ ᠮᠣᠷᠳᠠᠬᠤ ᠳ᠋ᠠᠭᠠᠨ 《ᠪᠠᠲᠤ ᠠ᠋ ᠴᠢᠮ᠎ᠠ ᠳ᠋ᠤ᠌ ᠯᠠ ᠨᠠᠢᠳᠠᠵᠤ ᠪᠠᠢᠨ᠎ᠠ ᠰᠢᠦ᠃ ᠲᠦᠷᠭᠡᠨ ᠯᠡ ᠭᠠᠷᠴᠤ ᠦᠵᠡᠭᠡᠷᠡᠢ》 ᠭᠡᠵᠦ ᠪᠢᠯᠡ᠃
  ᠢᠲᠡᠭᠡᠯᠲᠦ ᠶ᠋ᠢ ᠶᠠᠪᠤᠭᠰᠠᠨ ᠤ᠋ ᠣᠷᠣᠢ ᠬᠣᠶᠠᠷ ᠵᠠᠯᠠᠭᠤ ᠮᠣᠷᠢᠳ ᠢ᠋ᠶ᠋ᠠᠨ ᠬᠥᠯᠥᠰᠥᠨ ᠦ᠌ ᠢᠳᠡᠭᠦᠯᠭᠡ ᠳ᠋ᠦ᠍ ᠥᠭᠴᠦ ᠬᠤᠶᠠᠭ ᠤ᠋ᠨ ᠳ᠋ᠤ᠌ ᠣᠴᠢᠵᠤ ᠴᠠᠨᠳᠠ ᠪᠠᠷ ᠬᠣᠭᠣᠯᠠ ᠬᠢᠯᠭᠡᠨ ᠢᠳᠡᠭᠡᠳ ᠣᠷᠣ ᠵᠠᠰᠠᠭᠤᠯᠤᠨ ᠵᠡᠷᠭᠡᠴᠡᠨ ᠬᠡᠪᠲᠡᠵᠦ ᠪᠠᠷᠤᠭ ᠦᠷ ᠴᠠᠢᠲᠠᠯ᠎ᠠ ᠰᠢᠪᠡᠭᠡᠨᠡᠨ ᠶᠠᠷᠢᠯ᠎ᠠ᠃
  ᠊᠊᠊᠊᠊᠊᠊᠊᠊᠊᠊᠊᠊᠊᠊ ᠪᠠᠲᠤ ᠠ᠋ ᠭᠡᠵᠦ ᠬᠣᠩᠭᠣᠷ ᠬᠡᠰᠡᠭ ᠳᠠᠭᠤ ᠦᠭᠡᠢ ᠪᠣᠯᠤᠭᠰᠠᠨ ᠢ᠋ᠶ᠋ᠠᠨ ᠵᠤᠤᠮᠠᠯᠵᠠᠨ ᠢᠨᠢᠶᠡᠮᠰᠦᠭᠯᠡᠭᠡᠳ 《ᠡᠪᠦᠭᠡᠨ ᠴᠢᠨᠢ ᠡᠬᠡᠨᠡᠷ ᠠᠪᠴᠤ ᠬᠤᠷᠢᠮ ᠬᠢᠬᠦ ᠭᠡᠵᠦ ᠪᠠᠢᠭ᠎ᠠ》 ᠭᠡᠯ᠎ᠡ᠃
  ᠊᠊᠊᠊᠊᠊᠊᠊᠊᠊᠊᠊᠊᠊᠊ ᠰᠠᠢᠬᠠᠨ ᠬᠡᠷᠡᠭ᠃ ᠶᠠᠮᠠᠷ ᠡᠬᠡᠨᠡᠷ ᠠᠪᠬᠤ ᠨᠢ ᠪᠣᠢ?
  ᠊᠊᠊᠊᠊᠊᠊᠊᠊᠊᠊᠊᠊᠊᠊ ᠨᠢᠮ᠎ᠠ ᠭᠤᠸᠠᠢ ᠶ᠋ᠢᠨ ᠰᠦᠷᠦᠩ ᠲᠡᠢ ᠰᠢᠦ ᠳᠡ᠃
  ᠊᠊᠊᠊᠊᠊᠊᠊᠊᠊᠊᠊᠊᠊᠊ ᠲᠡᠢᠮᠦ ᠤᠤ᠃ ᠳᠣᠬᠢ ᠬᠡᠷᠡᠭ ᠪᠠᠢᠨ᠎ᠠ ᠳᠠ᠃ ᠨᠢᠮ᠎ᠠ ᠭᠤᠸᠠᠢ ᠴᠤ᠌ ᠨᠠᠮᠠᠢ ᠪᠠᠯᠠᠯᠬᠤ ᠰᠢᠬᠠᠭᠰᠠᠨ ᠰᠢᠦ ᠭᠡᠳ ᠪᠠᠲᠤ ᠢᠨᠢᠶᠡᠪᠡ᠃
  ᠪᠠᠲᠤ ᠶ᠋ᠢᠨ ᠰᠡᠳᠬᠢᠯ ᠨᠢᠭᠡ ᠯᠡ ᠬᠠᠴᠢᠨ ᠪᠣᠯᠪᠠ᠃ ᠰᠦᠷᠦᠩ ᠦ᠋ᠨ ᠨᠡᠷ᠎ᠡ ᠶ᠋ᠢ ᠰᠣᠨᠣᠰᠤᠮᠠᠭᠴᠠ ᠰᠣᠯᠣᠩᠭ᠎ᠠ ᠶ᠋ᠢᠨ ᠲᠤᠬᠠᠢ ᠪᠣᠳᠣᠭᠳᠠᠭᠠᠳ ᠠᠬ᠎ᠠ ᠡᠴᠡ ᠨᠢ ᠲᠡᠭᠦᠨ ᠦ᠌ ᠲᠤᠬᠠᠢ ᠣᠯᠠᠨ ᠶᠠᠭᠤᠮ᠎ᠠ ᠠᠰᠠᠭᠤᠮᠠᠷ ᠰᠠᠨᠠᠭᠳᠠᠪᠠᠴᠤ ᠢᠴᠢᠬᠦ ᠮᠡᠲᠦ ᠪᠣᠯᠤᠭᠠᠳ ᠪᠠᠢᠯ᠎ᠠ᠃
  ᠊᠊᠊᠊᠊᠊᠊᠊᠊᠊᠊᠊᠊᠊᠊ ᠡᠪᠦᠭᠡᠨ ᠴᠢᠨᠢ ᠴᠢᠮ᠎ᠠ ᠡᠴᠡ ᠭᠤᠶᠤᠬᠤ ᠶᠠᠭᠤᠮ᠎ᠠ ᠪᠠᠢᠨ᠎ᠠ ᠭᠡᠵᠦ ᠬᠣᠩᠭᠣᠷ ᠬᠡᠯᠡᠭᠡᠳ ᠪᠠᠲᠤ ᠶ᠋ᠢᠨ ᠭᠠᠷ ᠳᠡᠭᠡᠷ᠎ᠡ ᠡᠴᠡ ᠪᠠᠷᠢᠵᠤ ᠠᠪᠤᠯ᠎ᠠ᠃
  ᠰᠣᠯᠣᠩᠭ᠎ᠠ ᠶ᠋ᠢᠨ ᠲᠤᠬᠠᠢ ᠪᠣᠳᠣᠯ ᠳ᠋ᠤ᠌ ᠳᠠᠷᠤᠭᠳᠠᠭᠰᠠᠨ ᠪᠠᠲᠤ ᠬᠠᠷᠢᠭᠤ ᠳᠤᠤᠭᠠᠷᠴᠤ ᠴᠢᠳᠠᠭᠰᠠᠨ ᠦᠭᠡᠢ᠃
  ᠊᠊᠊᠊᠊᠊᠊᠊᠊᠊᠊᠊᠊᠊᠊ ᠪᠢ ᠴᠥᠭᠡᠬᠡᠨ ᠬᠣᠨᠣᠭ ᠡᠨᠡᠦᠬᠡᠨ ᠵᠡᠭᠦᠨ ᠳᠠᠰᠢ ᠪᠠᠨ ᠶᠠᠪᠤᠬᠤ ᠨᠢᠭᠡ ᠴᠢᠬᠤᠯᠠ ᠬᠡᠷᠡᠭ ᠪᠠᠢᠨ᠎ᠠ᠃
  ᠊᠊᠊᠊᠊᠊᠊᠊᠊᠊᠊᠊᠊᠊᠊ ᠶᠠᠭᠠᠬᠢᠵᠤ ᠪᠣᠯᠳᠠᠭ ᠶᠤᠮ ᠪᠣᠢ? ᠠᠪᠤ ᠴᠢᠨᠢ ᠲᠦᠷᠭᠡᠨ ᠭᠠᠷ ᠭᠡᠰᠡᠨ ᠰᠢᠦ ᠳᠡ᠃
  ᠊᠊᠊᠊᠊᠊᠊᠊᠊᠊᠊᠊᠊᠊᠊ ᠵᠦᠭᠡᠷ ᠡᠪᠦᠭᠡᠨ ᠮᠢᠨᠢ᠃ ᠪᠢ ᠭᠠᠯᠰᠠᠩ ᠠᠬ᠎ᠠ ᠶ᠋ᠢ ᠨᠤᠲᠤᠭ ᠲᠤ᠌ ᠬᠦᠷᠬᠦ ᠡᠴᠡ ᠨᠢ ᠡᠮᠦᠨ᠎ᠡ ᠭᠦᠢᠴᠡᠭᠡᠳ ᠣᠴᠢᠵᠤ ᠴᠢᠳᠠᠨ᠎ᠠ᠃
  ᠊᠊᠊᠊᠊᠊᠊᠊᠊᠊᠊᠊᠊᠊᠊ ᠴᠢ ᠶᠠᠮᠠᠷ ᠬᠡᠷᠡᠭ ᠲᠡᠢ ᠶᠤᠮ ᠪᠣᠢ?
  ᠊᠊᠊᠊᠊᠊᠊᠊᠊᠊᠊᠊᠊᠊᠊ ᠥᠴᠦᠬᠡᠨ ᠬᠡᠷᠡᠭ᠃ ᠴᠢᠮ᠎ᠠ ᠳ᠋ᠤ᠌ ᠰᠡᠭᠦᠯ ᠳ᠋ᠦ᠍ ᠬᠡᠯᠡᠨ᠎ᠡ᠃
  ᠊᠊᠊᠊᠊᠊᠊᠊᠊᠊᠊᠊᠊᠊᠊ ᠰᠣᠯᠣᠩᠭ᠎ᠠ ᠶ᠋ᠢᠨ ᠪᠡᠶ᠎ᠡ ᠰᠠᠢᠨ ᠤᠤ? ᠭᠡᠵᠦ ᠪᠠᠲᠤ ᠲᠡᠰᠴᠦ ᠴᠢᠳᠠᠭᠰᠠᠨ ᠦᠭᠡᠢ ᠠᠰᠠᠭᠤᠭᠠᠳ ᠨᠢᠭᠤᠷ ᠨᠢ ᠬᠠᠯᠠᠭᠤ ᠰᠢᠲᠠᠨ ᠪᠠᠳᠠᠢᠷᠠᠨ᠎ᠠ᠃
  ᠊᠊᠊᠊᠊᠊᠊᠊᠊᠊᠊᠊᠊᠊᠊ ᠲᠡᠷᠡ ᠶᠠᠭᠤᠨ ᠳ᠋ᠤ᠌ ᠠᠯᠵᠠᠬᠤ ᠪᠣᠢ᠃ ᠠᠪᠤ ᠳ᠋ᠤ᠌ ᠵᠠᠩᠨᠠᠭᠤᠯᠤᠭᠠᠳ ᠯᠠ ᠡᠵᠢ ᠳ᠋ᠦ᠍ ᠮᠠᠭᠲᠠᠭᠤᠯᠤᠭᠠᠳ ᠯᠠ ᠶᠠᠪᠤᠵᠤ ᠪᠠᠢᠳᠠᠭ᠃ ᠵᠠ ᠡᠪᠦᠭᠡᠨ ᠴᠢᠨᠢ ᠮᠠᠷᠭᠠᠰᠢ ᠮᠣᠷᠳᠠᠶ᠎ᠠ᠃
  ᠊᠊᠊᠊᠊᠊᠊᠊᠊᠊᠊᠊᠊᠊᠊ ᠲᠦᠷᠭᠡᠨ ᠢᠷᠡᠨ᠎ᠡ ᠰᠢᠦ᠃ ᠰᠦᠷᠦᠩ᠂ ᠰᠣᠯᠣᠩᠭ᠎ᠠ ᠬᠣᠶᠠᠷ ᠴᠤ᠌ ᠲᠣᠮᠣ ᠪᠣᠯᠴᠢᠬᠠᠭᠰᠠᠨ ᠪᠢᠵᠡ ᠳᠡ᠃
  ᠊᠊᠊᠊᠊᠊᠊᠊᠊᠊᠊᠊᠊᠊᠊ ᠲᠣᠮᠣ ᠪᠣᠯᠤᠭᠰᠠᠨ᠃ ᠰᠣᠯᠣᠩᠭ᠎ᠠ ᠠᠪᠤ ᠶ᠋ᠢᠨ ᠬᠠᠵᠠᠭᠤ ᠪᠠᠷ ᠨᠠᠮᠠᠢ ᠵᠠᠩᠨᠠᠬᠤ ᠭᠡᠳᠡᠭ ᠶᠤᠮ᠃ ᠢᠮᠠᠭ᠎ᠠ ᠳᠦᠢᠯᠡᠪᠡᠴᠦ ᠶᠠᠩᠭᠢᠶ᠎ᠠ ᠡᠪᠳᠡᠬᠦ ᠦᠭᠡᠢ ᠭᠡᠳᠡᠭ ᠯᠡ ᠪᠣᠯᠵᠤ ᠪᠠᠢᠭ᠎ᠠ ᠨᠢ ᠲᠡᠷᠡ᠃
  ᠊᠊᠊᠊᠊᠊᠊᠊᠊᠊᠊᠊᠊᠊᠊ ᠠ᠋ ᠲᠡᠢᠮᠦ ᠤᠤ᠃ ᠰᠣᠯᠣᠩᠭ᠎ᠠ ᠴᠤ᠌ ᠠᠢᠬᠤᠪᠲᠤᠷ ᠠᠮᠢᠲᠠᠨ ᠰᠢᠦ᠃ ᠨᠢᠮ᠎ᠠ ᠭᠤᠸᠠᠢ ᠶ᠋ᠢᠨ ᠥᠭᠭᠦᠭᠰᠡᠨ ᠪᠠᠯᠢᠩ ᠤ᠋ᠨ ᠭᠤᠯᠢᠷ ᠪᠤᠯᠢᠶᠠᠯᠳᠤᠵᠤ ᠪᠢᠳᠡ ᠬᠣᠶᠠᠷ ᠰᠠᠢᠨ ᠨᠣᠴᠣᠯᠳᠤᠳᠠᠭ ᠪᠠᠢᠵᠤ ᠪᠢᠯᠡ ᠭᠡᠳ ᠪᠠᠲᠤ ᠪᠠᠶᠠᠷᠲᠠᠢ ᠢᠨᠢᠶᠡᠮᠰᠦᠭᠯᠡᠪᠡ᠃
  ᠲᠡᠷᠡ ᠰᠥᠨᠢ ᠪᠠᠲᠤ ᠶ᠋ᠢᠨ ᠨᠢᠳᠦᠨ ᠳ᠋ᠦ᠍ ᠰᠣᠯᠣᠩᠭ᠎ᠠ ᠬᠠᠷᠠᠭᠳᠠᠭᠠᠳ ᠤᠳᠠᠲᠠᠯ᠎ᠠ ᠤᠨᠲᠠᠵᠤ ᠴᠢᠳᠠᠭᠰᠠᠨ ᠦᠭᠡᠢ᠃ ᠮᠠᠷᠭᠠᠰᠢ ᠨᠢ ᠬᠣᠩᠭᠣᠷ ᠢ᠋ ᠮᠣᠷᠳᠠᠭᠤᠯᠵᠤ ᠥᠭᠪᠡ᠃
  ᠊᠊᠊᠊᠊᠊᠊᠊᠊᠊᠊᠊᠊᠊᠊ ᠴᠢ ᠲᠦᠷᠭᠡᠨ ᠢᠷᠡᠨ᠎ᠡ ᠰᠢᠦ᠃
  ᠊᠊᠊᠊᠊᠊᠊᠊᠊᠊᠊᠊᠊᠊᠊ ᠲᠡᠭᠦᠨ ᠳ᠋ᠦ᠍ ᠰᠠᠨᠠᠭ᠎ᠠ ᠵᠣᠪᠠᠬᠤ ᠬᠡᠷᠡᠭ ᠦᠭᠡᠢ ᠭᠡᠳ ᠳᠣᠷᠣᠨ᠎ᠠ ᠵᠦᠭ ᠬᠠᠲᠠᠷᠢᠭᠤᠯᠤᠨ ᠶᠠᠪᠤᠯ᠎ᠠ᠃
  ᠬᠡᠷᠪᠡ ᠬᠣᠩᠭᠣᠷ ᠤ᠋ᠨ ᠶᠠᠪᠤᠵᠤ ᠪᠠᠢᠭ᠎ᠠ ᠵᠣᠷᠢᠯᠭ᠎ᠠ ᠶ᠋ᠢ ᠪᠠᠲᠤ ᠮᠡᠳᠡᠭᠰᠡᠨ ᠪᠣᠯ ᠲᠡᠭᠦᠨ ᠢ᠋ ᠶᠠᠪᠤᠭᠤᠯᠬᠤ ᠦᠭᠡᠢ ᠪᠠᠢᠭᠰᠠᠨ᠃ ᠬᠣᠩᠭᠣᠷ ᠪᠣᠯ ᠲᠡᠮᠦᠷ ᠦ᠋ᠨ ᠶᠠᠷᠢᠶᠠᠨ ᠡᠴᠡ ᠰᠣᠨᠣᠰᠤᠭᠰᠠᠨ ᠰᠢᠯᠢ ᠶ᠋ᠢᠨ ᠪᠣᠭᠳᠠ ᠭᠡᠳᠡᠭ ᠠᠭᠤᠯᠠᠨ ᠳ᠋ᠤ᠌ ᠣᠴᠢᠵᠤ ᠰᠢᠯᠢ ᠶ᠋ᠢᠨ ᠰᠠᠢᠨ ᠡᠷ᠎ᠡ ᠪᠣᠯᠬᠤ ᠲᠠᠩᠭᠠᠷᠢᠭ ᠡᠷᠭᠦᠬᠦ ᠪᠡᠷ ᠶᠠᠪᠤᠵᠤ ᠪᠠᠢᠭ᠎ᠠ ᠨᠢ ᠡᠨᠡ ᠪᠢᠯᠡ᠃ ᠰᠢᠯᠢ ᠶ᠋ᠢᠨ ᠪᠣᠭᠳᠠ ᠶ᠋ᠢᠨ ᠣᠷᠣᠢ ᠳᠡᠭᠡᠷ᠎ᠡ ᠭᠠᠷᠴᠤ ᠲᠠᠩᠭᠠᠷᠢᠭ ᠡᠷᠭᠦᠭᠡᠳ ᠦᠷ ᠦ᠋ᠨ ᠭᠡᠭᠡ ᠶ᠋ᠢ ᠮᠣᠷᠢᠨ ᠳᠡᠭᠡᠷ᠎ᠡ ᠡᠴᠡ ᠪᠡᠨ ᠬᠠᠷᠠᠭᠰᠠᠨ ᠬᠥᠮᠦᠨ ᠰᠠᠢᠨ ᠡᠷ᠎ᠡ ᠪᠣᠯᠳᠠᠭ ᠭᠡᠵᠦ ᠰᠣᠨᠣᠰᠤᠭᠰᠠᠨ ᠡᠴᠡ ᠬᠣᠢᠰᠢ ᠲᠡᠷᠡ ᠭᠠᠢᠬᠠᠮᠰᠢᠭᠲᠤ ᠠᠭᠤᠯᠠ ᠶ᠋ᠢᠨ ᠣᠷᠣᠢ ᠳᠡᠭᠡᠷ᠎ᠡ ᠭᠠᠷᠴᠤ ᠦᠵᠡᠬᠦ ᠰᠠᠨ ᠭᠡᠳᠡᠭ ᠪᠣᠳᠣᠯ ᠬᠣᠩᠭᠣᠷ ᠤ᠋ᠨ ᠰᠡᠳᠬᠢᠯ ᠳ᠋ᠦ᠍ ᠪᠣᠢ ᠪᠣᠯᠤᠭᠠᠳ ᠡᠴᠦᠰ ᠲᠦ᠍ ᠬᠦᠰᠡᠯ᠂ ᠰᠠᠨᠠᠭ᠎ᠠ ᠶ᠋ᠢ ᠨᠢ ᠪᠦᠷᠢᠮᠦᠰᠦᠨ ᠡᠵᠡᠯᠡᠨ ᠵᠣᠪᠠᠭᠠᠳᠠᠭ ᠪᠣᠯᠤᠭᠰᠠᠨ ᠶᠤᠮ᠃
  ᠪᠠᠶᠠᠨ ᠢᠲᠡᠭᠡᠯᠲᠦ ᠶ᠋ᠢᠨ ᠠᠳᠤᠭᠤᠨ ᠤ᠋ ᠰᠢᠯᠢᠳᠡᠭ ᠬᠣᠶᠠᠷ ᠮᠣᠷᠢ ᠬᠣᠩᠭᠣᠷ ᠤ᠋ᠨ ᠳᠣᠪᠲᠣᠯᠭᠠᠨ ᠳ᠋ᠤ᠌ ᠨᠠᠢᠳᠠᠪᠤᠷᠢᠲᠠᠢ ᠤᠨᠤᠭ᠎ᠠ ᠪᠣᠯᠵᠤ ᠶᠠᠪᠤᠯ᠎ᠠ᠃ ᠬᠣᠩᠭᠣᠷ ᠬᠠᠶᠠ ᠭᠠᠭᠴᠠ ᠨᠢᠭᠡ ᠬᠥᠮᠦᠨ ᠲᠡᠢ ᠠᠭᠤᠯᠵᠠᠵᠤ 《ᠶᠦᠠᠴᠢᠷ ᠯᠠᠮᠠᠬᠠᠢ ᠳ᠋ᠤ᠌ ᠮᠥᠷᠭᠥᠬᠦ ᠭᠡᠵᠦ ᠶᠠᠪᠤᠭ᠎ᠠ ᠬᠥᠮᠦᠨ》 ᠭᠡᠵᠦ ᠡᠯᠳᠡᠪ ᠢ᠋ ᠵᠣᠬᠢᠶᠠᠨ ᠶᠠᠷᠢᠬᠤ ᠵᠠᠭᠤᠷ᠎ᠠ ᠭᠠᠵᠠᠷ ᠤ᠋ᠨ ᠴᠢᠭ ᠢ᠋ ᠠᠰᠠᠭᠤᠵᠤ ᠶᠠᠪᠤᠯ᠎ᠠ᠃
  ᠊᠊᠊᠊᠊᠊᠊᠊᠊᠊᠊᠊᠊᠊᠊ ᠦᠶᠡᠷ ᠲᠡᠢ ᠲᠤᠤᠯᠠ ᠶ᠋ᠢᠨ ᠤᠰᠤᠨ ᠳ᠋ᠤ᠌ ᠮᠣᠷᠢᠨ ᠡᠴᠡ ᠪᠡᠨ ᠰᠠᠯᠤᠭᠠᠳ ᠦᠬᠦᠬᠦ ᠭᠡᠵᠦ ᠪᠠᠢᠬᠤ ᠳ᠋ᠠᠭᠠᠨ ᠠᠮᠢᠳᠤ ᠭᠠᠷᠪᠠᠯ ᠶᠦᠠᠴᠢᠷ ᠯᠠᠮᠠᠬᠠᠢ ᠳ᠋ᠤ᠌ ᠮᠥᠷᠭᠥᠵᠦ ᠱᠠᠪᠢ ᠣᠷᠣᠨ᠎ᠠ ᠭᠡᠵᠦ ᠲᠠᠩᠭᠠᠷᠢᠭ ᠪᠠᠷᠢᠭᠰᠠᠨ ᠴᠢᠨᠢ ᠨᠢᠭᠡ ᠮᠡᠳᠡᠬᠦ ᠳ᠋ᠦ᠍ ᠤᠰᠤᠨ ᠤ᠋ ᠡᠷᠭᠢ ᠳᠡᠭᠡᠷ᠎ᠡ ᠭᠠᠷᠤᠭᠠᠳ ᠪᠠᠢᠭᠰᠠᠨ ᠭᠡᠵᠦ ᠵᠣᠬᠢᠶᠠᠨ ᠶᠠᠷᠢᠬᠤ ᠳ᠋ᠤ᠌ ᠲᠣᠬᠢᠶᠠᠯᠳᠤᠭᠰᠠᠨ ᠠᠢᠯ ᠤ᠋ᠨ ᠠᠪᠠᠭᠠᠢᠴᠤᠳ ᠰᠠᠢᠬᠠᠨ ᠴᠠᠢ ᠴᠢᠨᠠᠵᠤ᠂ ᠨᠦᠮᠵᠦᠭᠲᠡᠢ ᠬᠣᠭᠣᠯᠠ ᠬᠢᠵᠦ ᠥᠭᠳᠡᠭ ᠪᠠᠢᠯ᠎ᠠ᠃
  ᠠᠯᠳᠠᠷᠲᠤ ᠰᠢᠯᠢ ᠶ᠋ᠢᠨ ᠪᠣᠭᠳᠠ ᠣᠢᠷᠠᠳᠠᠬᠤ ᠳᠣᠳᠣᠮ ᠬᠣᠩᠭᠣᠷ ᠡᠳᠦᠷ ᠶᠠᠪᠤᠬᠤ ᠪᠠᠨ ᠵᠣᠭᠰᠣᠵᠤ ᠰᠥᠨᠢ ᠶᠠᠪᠤᠳᠠᠭ ᠪᠣᠯᠪᠠ᠃ ᠨᠢᠭᠡ ᠡᠳᠦᠷ ᠬᠣᠨᠢ ᠬᠠᠷᠢᠭᠤᠯᠵᠤ ᠪᠠᠢᠭᠰᠠᠨ ᠬᠡᠦᠬᠡᠳ ᠡᠴᠡ ᠶᠠᠷᠢᠶᠠᠨ ᠤ᠋ ᠵᠠᠪᠰᠠᠷ ᠰᠢᠯᠢ ᠶ᠋ᠢᠨ ᠪᠣᠭᠳᠠ ᠶ᠋ᠢ ᠠᠰᠠᠭᠤᠭᠰᠠᠨ ᠳ᠋ᠤ᠌ 《ᠲᠡᠷᠲᠡᠭᠡ ᠬᠠᠷᠠᠭᠳᠠᠵᠤ ᠪᠠᠢᠭ᠎ᠠ ᠥᠨᠳᠥᠷ ᠠᠭᠤᠯᠠ ᠶ᠋ᠢ ᠬᠡᠯᠡᠳᠡᠭ ᠶᠤᠮ ᠭᠡᠨ᠎ᠡ ᠪᠢᠯᠡ》 ᠭᠡᠵᠦ ᠵᠢᠭᠠᠵᠤ ᠥᠭᠭᠦᠯ᠎ᠡ᠃
  ᠲᠡᠷᠡ ᠪᠣᠯ ᠲᠠᠯ᠎ᠠ ᠳ᠋ᠤ᠌ ᠤᠷᠭᠤᠭᠰᠠᠨ ᠵᠢᠵᠢᠭ ᠲᠣᠯᠣᠭᠠᠢ ᠪᠠᠢᠪᠠ᠃ ᠬᠣᠩᠭᠣᠷ ᠬᠡᠳᠦᠢᠪᠡᠷ ᠰᠢᠯᠢ ᠶ᠋ᠢᠨ ᠪᠣᠭᠳᠠ ᠶ᠋ᠢ ᠵᠢᠵᠢᠭᠬᠡᠨ ᠲᠣᠯᠣᠭᠠᠢ ᠭᠡᠵᠦ ᠰᠣᠨᠣᠰᠤᠭᠰᠠᠨ ᠪᠣᠯᠪᠠᠴᠤ ᠲᠠᠮᠢᠷ ᠤ᠋ᠨ ᠥᠨᠳᠥᠷ ᠠᠭᠤᠯᠠᠨ ᠳ᠋ᠤ᠌ ᠥᠰᠦᠭᠰᠡᠨ ᠲᠡᠭᠦᠨ ᠳ᠋ᠦ᠍ ᠭᠣᠯᠣᠬᠤ ᠰᠡᠳᠬᠢᠯ ᠲᠥᠷᠥᠭᠦᠯᠪᠡ᠃ ᠪᠠᠰᠠ ᠲᠡᠭᠡᠭᠡᠳ 《ᠰᠢᠯᠢ ᠶ᠋ᠢᠨ ᠪᠣᠭᠳᠠ》 ᠭᠡᠳᠡᠭ ᠥᠨᠳᠥᠷ ᠨᠡᠷ᠎ᠡ ᠬᠣᠩᠭᠣᠷ ᠲᠤ᠌ ᠲᠣᠳᠣᠷᠬᠠᠢ ᠰᠡᠳᠬᠢᠭᠳᠡᠯ ᠢ᠋ ᠪᠣᠢ ᠪᠣᠯᠭᠠᠭᠰᠠᠨ ᠪᠠᠢᠯ᠎ᠠ᠃
  ᠊᠊᠊᠊᠊᠊᠊᠊᠊᠊᠊᠊᠊᠊᠊ ᠴᠢ ᠬᠤᠳᠠᠯ ᠬᠡᠯᠡᠵᠦ ᠪᠠᠢᠨ᠎ᠠ᠃
  ᠊᠊᠊᠊᠊᠊᠊᠊᠊᠊᠊᠊᠊᠊᠊ ᠦᠭᠡᠢ᠃ ᠲᠡᠭᠦᠨ ᠳᠡᠭᠡᠷ᠎ᠡ ᠡᠷ᠎ᠡ ᠬᠥᠮᠦᠨ ᠭᠠᠷᠪᠠᠯ ᠰᠢᠯᠢ ᠶ᠋ᠢᠨ ᠰᠠᠢᠨ ᠡᠷ᠎ᠡ ᠪᠣᠯᠳᠠᠭ ᠶᠤᠮ ᠭᠡᠨ᠎ᠡ ᠪᠢᠯᠡ᠃ ᠪᠢ ᠲᠣᠮᠣ ᠪᠣᠯᠤᠭᠠᠳ ᠭᠠᠷᠤᠨ᠎ᠠ ᠭᠡᠵᠦ ᠪᠣᠳᠣᠵᠤ ᠪᠠᠢᠭ᠎ᠠ᠃ ᠲᠠᠭ ᠲᠤᠨᠢ ᠲᠠᠪᠤᠨ ᠵᠠᠭᠤᠨ ᠠᠳᠤᠭᠤ ᠣᠷᠣᠭᠤᠯᠴᠢᠬᠠᠬᠤ ᠳ᠋ᠤ᠌ ᠬᠠᠷᠠᠭᠳᠠᠳᠠᠭ ᠦᠭᠡᠢ ᠶᠤᠮ ᠭᠡᠳᠡᠭ ᠭᠡᠵᠦ ᠬᠣᠨᠢᠴᠢᠨ ᠬᠦᠦ ᠶ᠋ᠢᠨ ᠶᠠᠷᠢᠭᠰᠠᠨ ᠬᠣᠩᠭᠣᠷ ᠤ᠋ᠨ ᠰᠣᠨᠣᠰᠤᠭᠰᠠᠨ ᠲᠠᠢ ᠶᠠᠪ ᠴᠠᠪ ᠲᠣᠬᠢᠷᠠᠵᠠᠢ᠃
  ᠢᠩᠭᠢᠭᠡᠳ ᠶᠠᠭᠤ ᠴᠤ᠌ ᠭᠡᠰᠡᠨ ᠬᠦᠦ ᠶ᠋ᠢᠨ ᠵᠢᠭᠠᠭᠰᠠᠨ ᠲᠡᠷᠡ ᠠᠭᠤᠯᠠᠨ ᠳ᠋ᠤ᠌ ᠣᠴᠢᠬᠤ ᠪᠠᠷ ᠰᠢ᠌ᠤᠠᠴᠤ᠂ ᠣᠢᠷ᠎ᠠ ᠶ᠋ᠢᠨ ᠬᠤᠳᠳᠤᠭ ᠵᠢᠭᠠᠯᠭᠠᠵᠤ ᠠᠪᠤᠭᠠᠳ ᠰᠥᠨᠢ ᠣᠴᠢᠵᠤ ᠮᠣᠷᠢᠳ ᠢ᠋ᠶ᠋ᠠᠨ ᠤᠰᠤᠯᠠᠨ᠂ ᠠᠪᠴᠤ ᠭᠠᠷᠤᠭᠰᠠᠨ ᠲᠤᠯᠤᠮ ᠳ᠋ᠠᠭᠠᠨ ᠤᠰᠤ ᠬᠢᠵᠦ ᠠᠪᠤᠭᠠᠳ ᠡᠳᠦᠷ ᠦ᠋ᠨ ᠲᠤᠷᠰᠢ ᠠᠯᠤᠰ ᠲᠡᠷᠲᠡᠭᠡ ᠳ᠋ᠦ᠍ ᠵᠡᠷᠭᠡᠯᠡᠨ ᠬᠥᠬᠡᠷᠡᠵᠦ ᠬᠠᠷᠠᠭᠳᠠᠭᠰᠠᠨ ᠠᠭᠤᠯᠠ ᠶ᠋ᠢᠨ ᠵᠦᠭ ᠬᠤᠷᠳᠤ ᠬᠤᠪᠢᠶᠠᠨ ᠳᠠᠪᠬᠢᠯ᠎ᠠ᠃ ᠰᠥᠨᠢ ᠲᠤᠷᠰᠢ ᠳᠠᠪᠬᠢᠭᠠᠳ ᠮᠠᠷᠭᠠᠰᠢ ᠨᠢ ᠬᠥᠮᠦᠨ ᠠᠮᠢᠲᠠᠨ ᠦᠭᠡᠢ ᠥᠷᠭᠡᠨ ᠲᠠᠯ᠎ᠠ ᠶ᠋ᠢ ᠨᠡᠪᠲᠡᠯᠦᠨ ᠶᠠᠪᠤᠭᠰᠠᠭᠠᠷ ᠦᠳᠡᠰᠢ ᠶ᠋ᠢᠨ ᠪᠦᠷᠦᠢ ᠳ᠋ᠦ᠍ ᠬᠦᠰᠡᠵᠦ ᠮᠥᠷᠥᠭᠡᠳᠦᠭᠰᠡᠨ ᠰᠢᠯᠢ ᠶ᠋ᠢᠨ ᠪᠣᠭᠳᠠ ᠶ᠋ᠢᠨ ᠲᠠᠭ ᠤ᠋ᠨ ᠬᠣᠩᠬᠣᠷ ᠲᠤ᠌ ᠣᠷᠣᠵᠠᠢ᠃
  ᠮᠣᠷᠢᠨ ᠡᠴᠡ ᠪᠠᠭᠤᠵᠤ ᠴᠢᠳᠦᠷᠯᠡᠨ ᠲᠠᠯᠪᠢᠭᠠᠳ ᠠᠯᠤᠰ ᠬᠣᠢᠲᠤ ᠵᠦᠭ ᠢ᠋ ᠰᠢᠷᠳᠡᠨ ᠡᠪᠦᠳᠦᠭ ᠨᠤᠭᠤᠯᠤᠨ ᠰᠥᠬᠥᠷᠡᠨ ᠰᠠᠭᠤᠭᠠᠳ 《ᠡᠷ᠎ᠡ ᠶ᠋ᠢᠨ ᠬᠡᠢ ᠮᠣᠷᠢ ᠰᠡᠷᠭᠦᠭᠰᠡᠨ ᠰᠢᠯᠢ ᠶ᠋ᠢᠨ ᠪᠣᠭᠳᠠ ᠲᠤᠭᠤᠯᠵᠤ ᠪᠠᠢ᠃ ᠢᠳᠡ ᠴᠢᠳᠠᠯ ᠢ᠋ᠶ᠋ᠠᠨ ᠭᠠᠢᠬᠠᠭᠤᠯᠤᠭᠰᠠᠨ ᠬᠠᠯᠬ᠎ᠠ ᠶ᠋ᠢᠨ ᠰᠠᠢᠨ ᠡᠷᠡᠰ ᠰᠣᠨᠣᠰᠴᠤ ᠪᠠᠢ᠃ ᠲᠣᠣᠷᠠᠢ ᠪᠠᠨᠳᠢ᠂ ᠲᠣᠭᠣᠰ ᠴᠦᠯᠲᠦᠮ᠂ ᠭᠠᠩᠭᠠᠩ ᠲᠡᠭᠦᠰ᠂ ᠬᠠᠷᠴᠠᠭ᠎ᠠ ᠪᠣᠷᠣ᠂ ᠬᠦᠷᠡᠯ ᠳᠠᠮᠫᠢᠯ᠂ ᠬᠦᠷᠮᠡᠨ ᠰᠢᠷ᠎ᠠ᠂ ᠴᠠᠬᠢᠭᠤᠷ ᠲᠡᠮᠦᠷ᠂ ᠴᠠᠷᠴᠠᠭ᠎ᠠ ᠭᠣᠮᠪᠣ᠂ ᠬᠠᠭᠠᠷᠬᠠᠢ ᠴᠠᠨᠳᠠ᠂ ᠬᠠᠷᠠᠯᠢᠭ ᠳᠣᠷᠵᠢ ᠬᠣᠯᠠ ᠶ᠋ᠢᠨ ᠲᠡᠷᠲᠡᠭᠡ ᠭᠠᠵᠠᠷ ᠡᠴᠡ ᠬᠣᠩᠭᠣᠷ ᠤ᠋ᠨ ᠦᠭᠡ ᠶ᠋ᠢ ᠰᠣᠨᠣᠰᠴᠤ ᠪᠠᠢ᠃ ᠬᠠᠶᠠᠭ᠎ᠠ ᠪᠠᠨ ᠬᠠᠳᠤᠷᠬᠤ ᠦᠭᠡᠢ᠂ ᠬᠠᠷᠠᠭᠰᠠᠨ ᠢ᠋ᠶ᠋ᠠᠨ ᠠᠪᠬᠤ ᠦᠭᠡᠢ᠂ ᠮᠣᠷᠢᠨ ᠤ᠋ ᠰᠠᠢᠨ ᠢ᠋ᠶ᠋ᠠᠷ ᠬᠣᠯᠠ ᠶ᠋ᠢ ᠭᠡᠲᠦᠯᠦᠨ᠎ᠡ᠃ ᠡᠷ᠎ᠡ ᠶ᠋ᠢᠨ ᠰᠠᠢᠨ ᠢ᠋ᠶ᠋ᠠᠷ ᠬᠣᠰᠢᠭᠤ ᠶ᠋ᠢ ᠳᠠᠪᠠᠨ᠎ᠠ᠃ ᠰᠡᠢᠷᠡᠭ ᠢᠩᠭᠡ ᠠᠪᠬᠤ ᠦᠭᠡᠢ ᠬᠢᠶ᠎ᠡ᠃ ᠰᠠᠢᠨ ᠨᠥᠬᠥᠷ ᠡᠴᠡ ᠤᠷᠪᠠᠬᠤ ᠦᠭᠡᠢ ᠬᠢᠶ᠎ᠡ》 ᠭᠡᠵᠦ ᠥᠨᠳᠥᠷ ᠳᠠᠭᠤ ᠪᠠᠷ ᠲᠠᠩᠭᠠᠷᠢᠭ ᠡᠷᠭᠦᠭᠡᠳ ᠪᠣᠰᠴᠤ ᠪᠣᠭᠴᠣ ᠡᠴᠡ ᠪᠡᠨ ᠴᠢᠨᠠᠭᠰᠠᠨ ᠮᠢᠬ᠎ᠠ ᠭᠠᠷᠭᠠᠵᠤ ᠬᠡᠰᠡᠭ ᠢ᠋ ᠲᠠᠰᠤᠯᠤᠨ ᠳᠥᠷᠪᠡᠨ ᠵᠦᠭ ᠲᠦ᠍ ᠡᠷᠭᠦᠵᠦ᠂ ᠲᠤᠯᠤᠮ ᠲᠠᠢ ᠤᠰᠤᠨ ᠡᠴᠡ ᠪᠠᠬᠠᠨ ᠵᠠᠯᠭᠢᠯᠠᠨ ᠲᠣᠬᠣᠮ ᠢ᠋ᠶ᠋ᠠᠨ ᠳᠡᠪᠢᠰᠦᠨ᠂ ᠡᠮᠡᠭᠡᠯ ᠢ᠋ᠶ᠋ᠡᠨ ᠳᠡᠷᠡᠯᠡᠨ ᠬᠡᠪᠲᠡᠯ᠎ᠡ᠃ ᠭᠡᠪᠡᠴᠦ ᠨᠣᠢᠷ ᠨᠢ ᠬᠤᠯᠵᠢᠭᠠᠳ ᠤᠳᠠᠲᠠᠯ᠎ᠠ ᠤᠨᠲᠠᠵᠤ ᠴᠢᠳᠠᠭᠰᠠᠨ ᠦᠭᠡᠢ᠃
  ᠲᠦᠮᠡᠨ ᠣᠳᠣ ᠳᠡᠭᠡᠷ᠎ᠡ ᠨᠢ ᠮᠢᠷᠠᠯᠵᠠᠨ᠂ ᠰᠢᠷᠠᠯᠠᠨ ᠬᠠᠲᠠᠵᠤ ᠡᠬᠢᠯᠡᠭᠰᠡᠨ ᠨᠣᠭᠣᠭ᠎ᠠ ᠶ᠋ᠢ ᠬᠣᠪᠳᠣᠭᠯᠠᠨ ᠵᠤᠯᠭᠠᠭᠠᠵᠤ ᠪᠠᠢᠭ᠎ᠠ ᠮᠣᠷᠢᠳ ᠤ᠋ᠨ ᠰᠢᠳᠦᠨ ᠦ᠌ ᠴᠢᠮᠡᠭᠡ ᠰᠢᠷ ᠰᠢᠷ ᠰᠣᠨᠣᠰᠤᠭᠳᠠᠨ᠎ᠠ᠃ ᠡᠯᠳᠡᠪ ᠦ᠋ᠨ ᠥᠷᠨᠢᠭᠦᠨ ᠪᠣᠳᠣᠯ ᠰᠡᠳᠬᠢᠯ ᠢ᠋ ᠨᠢ ᠡᠵᠡᠯᠡᠵᠦ᠂ ᠬᠥᠭᠵᠢᠭᠦᠨ ᠪᠥᠭᠡᠳ ᠪᠠᠶᠠᠷᠲᠠᠢ ᠪᠠᠢᠯ᠎ᠠ᠃
  ᠰᠡᠷᠢᠭᠦᠬᠡᠨ ᠰᠠᠯᠬᠢ ᠦᠶ᠎ᠡ ᠦᠶ᠎ᠡ ᠦᠯᠢᠶᠡᠬᠦ ᠪᠣᠯᠪᠠᠴᠤ ᠳᠤᠯᠠᠭᠠᠨ ᠪᠥᠭᠡᠳ ᠶᠡᠷᠦ ᠪᠤᠰᠤ ᠶ᠋ᠢᠨ ᠲᠠᠢᠪᠤᠩ᠂ ᠠᠶᠠᠲᠠᠢ ᠠᠵᠢ᠃ ᠦᠷ ᠴᠠᠢᠬᠤ ᠶ᠋ᠢᠨ ᠡᠮᠦᠨ᠎ᠡ ᠪᠣᠰᠴᠤ ᠮᠣᠷᠢᠳ ᠢ᠋ᠶ᠋ᠠᠨ ᠪᠠᠷᠢᠵᠤ ᠮᠣᠷᠳᠠᠭᠠᠳ ᠳᠣᠷᠣᠨ᠎ᠠ ᠵᠦᠭ ᠡᠴᠡ ᠴᠠᠭᠠᠨ ᠭᠡᠷᠡᠯ ᠮᠠᠩᠬᠠᠢᠨ ᠴᠠᠢᠬᠤ ᠶ᠋ᠢ ᠬᠠᠷᠠᠵᠤ ᠵᠣᠭᠰᠣᠪᠠ᠃
  ᠲᠡᠭᠡᠭᠡᠳ ᠰᠢᠭᠤᠳ ᠮᠣᠷᠢᠨ ᠤ᠋ ᠠᠮᠠ ᠶ᠋ᠢ ᠵᠡᠭᠦᠨ ᠬᠣᠢᠰᠢ ᠨᠢ ᠡᠷᠭᠢᠭᠦᠯᠵᠦ ᠦᠳᠡᠰᠢ ᠶ᠋ᠢᠨ ᠪᠦᠷᠦᠢ ᠳ᠋ᠦ᠍ ᠨᠢᠭᠡ ᠬᠤᠳᠳᠤᠭ ᠳᠡᠭᠡᠷ᠎ᠡ ᠡᠴᠡ ᠮᠣᠷᠢᠳ ᠢ᠋ᠶ᠋ᠠᠨ ᠤᠰᠤᠯᠠᠵᠤ ᠠᠪᠤᠭᠠᠳ ᠴᠠᠰᠢ ᠳᠣᠪᠲᠣᠯᠤᠭᠰᠠᠭᠠᠷ ᠨᠠᠷᠠᠨ ᠭᠠᠷᠬᠤ ᠶ᠋ᠢᠨ ᠦᠶ᠎ᠡ ᠳ᠋ᠦ᠍ ᠨᠢᠭᠡ ᠲᠣᠯᠣᠭᠠᠢ ᠶ᠋ᠢᠨ ᠣᠷᠣᠢ ᠳᠡᠭᠡᠷ᠎ᠡ ᠭᠠᠷᠪᠠᠯ ᠵᠡᠭᠦᠨ ᠲᠠᠯ᠎ᠠ ᠶ᠋ᠢᠨ ᠬᠥᠨᠳᠡᠢ ᠳ᠋ᠦ᠍ᠨᠢ ᠬᠡᠳᠦᠨ ᠵᠠᠭᠤᠨ ᠠᠳᠤᠭᠤ ᠪᠡᠯᠴᠢᠭᠡᠷᠯᠡᠨ ᠢᠳᠡᠵᠦ ᠪᠠᠢᠯ᠎ᠠ᠃ ᠲᠡᠭᠦᠨ ᠢ᠋ ᠠᠵᠢᠭᠯᠠᠨ ᠡᠳᠦᠷ ᠨᠢ ᠨᠢᠭᠤᠭᠳᠠᠵᠤ ᠥᠩᠭᠡᠷᠡᠭᠦᠯᠦᠭᠡᠳ ᠦᠳᠡᠰᠢ ᠮᠣᠷᠳᠠᠵᠤ ᠠᠳᠤᠭᠤᠨ ᠡᠴᠡ ᠬᠡᠳᠦᠨ ᠰᠠᠢᠬᠠᠨ ᠮᠣᠷᠢᠳ ᠢᠯᠭᠠᠨ ᠬᠥᠭᠡᠭᠡᠵᠦ ᠪᠢᠯᠡ᠃ ᠮᠠᠷᠭᠠᠰᠢ ᠶ᠋ᠢᠨ ᠬᠢᠨᠢ ᠦᠳᠡ ᠥᠩᠭᠡᠷᠡᠬᠦ ᠦᠶ᠎ᠡ ᠳ᠋ᠦ᠍ ᠰᠢᠯᠢ ᠶ᠋ᠢᠨ ᠪᠣᠭᠳᠠ ᠶ᠋ᠢᠨ ᠣᠷᠣᠢ ᠳ᠋ᠤ᠌ ᠢᠷᠡᠵᠦ ᠨᠢᠭᠡ ᠵᠡᠭᠡᠷᠳᠡ ᠮᠣᠷᠢ ᠪᠠᠷᠢᠵᠤ ᠤᠨᠤᠭᠠᠳ ᠵᠣᠭᠰᠣᠯ ᠦᠭᠡᠢ ᠳᠣᠪᠲᠣᠯᠪᠠ᠃
  ᠭᠤᠷᠪᠠᠨ ᠰᠥᠨᠢ ᠶᠠᠪᠤᠭᠰᠠᠨ ᠤ᠋ ᠳᠠᠷᠠᠭ᠎ᠠ ᠠᠯᠭᠤᠷ ᠠᠶᠠᠨ ᠳ᠋ᠤ᠌ ᠣᠷᠣᠵᠤ ᠵᠢᠷᠭᠤᠭ᠎ᠠ ᠳ᠋ᠠᠬᠢ ᠬᠣᠨᠣᠭ ᠤ᠋ᠨ ᠦᠳᠡ ᠬᠡᠯᠪᠡᠢᠬᠦ ᠦᠶ᠎ᠡ ᠳ᠋ᠦ᠍ ᠬᠦᠷᠢᠶᠡᠨ ᠦ᠌ ᠵᠡᠭᠦᠨ ᠦᠵᠦᠭᠦᠷ ᠬᠥᠯ ᠦ᠋ᠨ ᠮᠣᠳᠣᠴᠢᠨ ᠳ᠋ᠤ᠌ ᠣᠷᠣᠵᠤ ᠢᠷᠡᠭᠡᠳ ᠢᠷᠡᠬᠦ ᠣᠴᠢᠬᠤ ᠶ᠋ᠢᠨ ᠬᠡᠳᠦᠨ ᠬᠣᠨᠣᠭ ᠵᠠᠷᠤᠭᠰᠠᠨ ᠢ᠋ᠶ᠋ᠠᠨ ᠪᠣᠳᠣᠪᠠᠯ ᠶᠠᠭ ᠠᠷᠪᠠᠨ ᠨᠢᠭᠡ ᠪᠣᠯᠵᠠᠢ᠃ ᠠᠩᠬ᠎ᠠ ᠬᠥᠭᠡᠭᠡᠭᠰᠡᠨ ᠠᠷᠪᠠ ᠭᠠᠷᠤᠢ ᠮᠣᠷᠢᠳ ᠡᠴᠡ ᠬᠣᠶᠠᠷ ᠨᠢ ᠡᠴᠡᠵᠦ ᠵᠠᠮ ᠳ᠋ᠤ᠌ ᠬᠠᠶᠠᠭᠳᠠᠵᠠᠢ᠃
  ᠬᠣᠩᠭᠣᠷ ᠤ᠋ᠨ ᠰᠡᠳᠬᠢᠯ ᠪᠠᠶᠠᠷ ᠪᠠᠬᠠᠳᠤᠯ ᠤ᠋ᠨ ᠬᠦᠴᠦᠲᠡᠢ ᠠᠶᠠᠯᠭᠤ ᠪᠠᠷ ᠳᠠᠭᠤᠯᠠᠨ ᠣᠯᠠᠨ ᠬᠣᠨᠣᠭ ᠤ᠋ᠨ ᠳᠣᠪᠲᠣᠯᠭᠠᠨ ᠳ᠋ᠤ᠌ ᠪᠡᠶ᠎ᠡ ᠶᠠᠳᠠᠷᠠᠪᠠᠴᠤ ᠰᠡᠳᠬᠢᠯ ᠪᠣᠳᠣᠯ ᠨᠢ ᠲᠡᠭᠦᠨ ᠢ᠋ ᠣᠭᠲᠣ ᠳᠠᠭᠠᠬᠤ ᠦᠭᠡᠢ ᠪᠠᠢᠯ᠎ᠠ᠃