ᠲᠤᠩᠭᠠᠯᠠᠭ ᠲᠠᠮᠢᠷ1-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠭᠣᠮᠪᠣ ᠮᠢᠨᠢ᠂ ᠲᠠᠢᠰᠢᠷᠢ ᠮᠢᠨᠢ》 - ᠨᠢᠭᠡᠳᠦᠭᠡᠷ ᠪᠦᠯᠦᠭ ᠨᠢᠭᠡ
ᠬᠣᠶᠠᠷ ᠬᠠᠩᠬᠠᠢ ᠶ᠋ᠢᠨ ᠨᠤᠲᠤᠭ
ᠬᠦᠷᠡᠩᠲᠦᠵᠦ ᠨᠠᠢᠭᠤᠭᠠᠳ ᠪᠠᠢᠨ᠎ᠠ
ᠬᠤᠰᠢᠭᠤᠨ ᠤ᠋ ᠣᠯᠠᠨ ᠲᠠᠮᠢᠷ
ᠰᠠᠨᠠᠭᠳᠠᠬᠤᠶᠠ ᠶᠠᠩᠵᠤ ᠲᠠᠢ᠃
(ᠠᠷᠠᠳ ᠤ᠋ᠨ ᠳᠠᠭᠤᠤ)
ᠲᠤᠩᠭᠠᠯᠠᠭ ᠲᠠᠮᠢᠷ ᠤ᠋ᠨ ᠵᠦᠯᠭᠡᠨ ᠳ᠋ᠦ᠍ᠨᠢ
ᠵᠦᠢᠯ ᠦ᠋ᠨ ᠥᠩᠭᠡ ᠶ᠋ᠢᠨ ᠮᠠᠨᠢ ᠴᠡᠴᠡᠭ
ᠲᠣᠷᠲᠣᠮᠠᠯ ᠬᠤᠷᠴᠠ ᠨᠠᠷᠠᠨ ᠤ᠋ ᠭᠡᠷᠡᠯ ᠢ᠋ᠶ᠋ᠡᠷ
ᠲᠣᠭᠲᠠᠵᠤ ᠶᠠᠳᠠᠨ ᠭᠠᠩᠬᠤᠨ᠎ᠠ᠃
ᠲᠡᠰᠴᠦ ᠲᠠᠨᠢᠭᠰᠠᠨ ᠨᠥᠬᠥᠳ ᠲᠡᠢ ᠪᠡᠨ
ᠲᠠᠩᠳᠠ ᠬᠠᠨᠢᠯᠠᠳᠠᠭ ᠴᠤ᠌ ᠪᠣᠯᠤᠭᠠᠰᠠᠢ
ᠳᠠᠭᠠᠭᠠᠮᠠᠢ ᠠᠮᠠᠷᠠᠭ ᠬᠦᠦ ᠲᠡᠢ ᠪᠡᠨ
ᠲᠠᠩᠳᠠ ᠵᠢᠷᠭᠠᠳᠠᠭ ᠴᠤ᠌ ᠪᠣᠯᠤᠭᠠᠰᠠᠢ᠃
(ᠠᠷᠠᠳ ᠤ᠋ᠨ ᠳᠠᠭᠤᠤ)
ᠡᠷᠪᠡᠭᠡᠷ ᠪᠠᠭᠠᠬᠠᠨ ᠬᠦᠷᠡᠩ ᠢ᠋ ᠪᠡᠨ
ᠡᠴᠡᠨ᠎ᠡ ᠭᠡᠵᠦ ᠰᠠᠨᠠᠭ᠎ᠠ ᠦᠭᠡᠢ
ᠡᠨᠡᠬᠡᠨ ᠬᠣᠶᠠᠷ ᠰᠡᠳᠬᠢᠯ ᠢ᠋
ᠭᠠᠵᠢᠨᠠ ᠴᠤ᠌ ᠭᠡᠵᠦ ᠰᠠᠨᠠᠭᠰᠠᠨ ᠦᠭᠡᠢ᠃
(ᠠᠷᠠᠳ ᠤ᠋ᠨ ᠳᠠᠭᠤᠤ)
ᠠᠴᠢᠲᠤ ᠡᠴᠢᠭᠡ ᠶ᠋ᠢᠨ ᠳᠤᠷᠠᠰᠬᠠᠯ ᠳ᠋ᠤ᠌ ᠵᠣᠷᠢᠭᠤᠯᠪᠠ
ᠨᠢᠭᠡ
ᠣᠯᠠᠨ᠎ᠠ ᠡᠷᠭᠦᠭᠳᠡᠭᠰᠡᠨ ᠦ᠌ ᠳᠥᠲᠥᠭᠡᠷ ᠣᠨ ᠤ᠋ ᠵᠤᠨ ᠤ᠋ ᠡᠬᠢᠨ ᠰᠠᠷ᠎ᠠ ᠶ᠋ᠢᠨ ᠨᠢᠭᠡᠨ ᠡᠳᠦᠷ ᠶᠡᠬᠡ ᠲᠠᠮᠢᠷ ᠤ᠋ᠨ ᠬᠣᠢᠭᠤᠷ ᠭᠠᠷᠤᠭᠰᠠᠨ ᠵᠠᠮ ᠢ᠋ᠶ᠋ᠠᠷ ᠭᠤᠴᠢ ᠣᠷᠴᠢᠮ ᠨᠠᠰᠤᠨ ᠤ᠋ ᠬᠠᠷ᠎ᠠ ᠬᠥᠮᠦᠨ᠂ ᠨᠡᠯᠢᠶᠡᠳ ᠠᠴᠢᠶ᠎ᠠ ᠲᠠᠢ ᠮᠣᠷᠢᠨ ᠲᠡᠷᠭᠡ ᠬᠥᠲᠥᠯᠦᠭᠡᠳ ᠶᠠᠪᠤᠵᠤ ᠪᠠᠢᠪᠠ᠃
ᠨᠠᠷᠠ ᠰᠠᠯᠬᠢᠨ ᠳ᠋ᠤ᠌ ᠭᠠᠩᠳᠠᠵᠤ᠂ ᠭᠬᠢᠷ ᠬᠥᠯᠥᠰᠥᠨ ᠳ᠋ᠦ᠍ ᠨᠡᠪᠲᠡᠷᠡᠵᠦ ᠤᠷᠠᠭᠳᠠᠭᠰᠠᠨ ᠳᠡᠪᠡᠯ ᠢ᠋ᠶ᠋ᠡᠨ ᠶᠢᠰᠦᠨ ᠥᠩᠭᠡ ᠶ᠋ᠢᠨ ᠶᠠᠭᠤᠮ᠎ᠠ ᠪᠠᠷ ᠨᠥᠬᠥᠭᠰᠡᠨ ᠪᠣᠯᠬᠣᠷ ᠶᠠᠮᠠᠷ ᠡᠳ᠋ ᠢ᠋ᠶ᠋ᠡᠷ ᠬᠢᠭᠰᠡᠨ ᠨᠢ ᠮᠡᠳᠡᠭᠳᠡᠬᠦ ᠠᠷᠭ᠎ᠠ ᠦᠭᠡᠢ ᠠᠵᠢ᠃
ᠬᠠᠩᠬᠠᠭᠠᠷ ᠳᠥᠷᠪᠡᠯᠵᠢᠨ ᠮᠥᠷᠦᠨ ᠳ᠋ᠡᠭᠡᠨ ᠤᠲᠤᠭ᠎ᠠ ᠪᠣᠯᠤᠭᠰᠠᠨ ᠴᠠᠬᠢᠭᠤᠷ ᠫᠤᠤ ᠬᠥᠨᠳᠡᠯᠡᠨ ᠡᠭᠦᠷᠴᠦ᠂ ᠳᠠᠭᠠᠬᠢᠷᠠᠭᠰᠠᠨ ᠪᠦᠳᠦᠭᠦᠨ ᠬᠠᠷ᠎ᠠ ᠭᠡᠵᠢᠭᠡ ᠪᠡᠨ ᠳᠠᠷᠠᠢᠭᠰᠠᠨ ᠬᠠᠭᠤᠴᠢᠨ ᠬᠥᠬᠡ ᠶᠠᠩᠪᠤᠤ ᠠᠯᠴᠢᠭᠤᠷ ᠢ᠋ᠶ᠋ᠠᠷ ᠰᠢᠭᠤᠵᠠᠢ᠃ ᠰᠢᠷᠣᠢ ᠳ᠋ᠤ᠌ ᠪᠤᠭᠤᠷᠤᠯ ᠪᠣᠯᠤᠭᠰᠠᠨ ᠥᠳᠬᠡᠨ ᠬᠠᠷ᠎ᠠ ᠬᠥᠮᠦᠰᠬᠡᠨ ᠳᠣᠣᠷᠠᠬᠢ ᠲᠣᠮᠣ ᠭᠡᠭᠴᠢ ᠶ᠋ᠢᠨ ᠳᠦᠷᠯᠡᠭᠡᠷ ᠨᠢᠳᠦ ᠨᠢ ᠤᠳᠠᠭᠠᠨ ᠴᠠᠪᠴᠢᠯᠠᠵᠤ᠂ ᠬᠥᠯᠥᠰᠥ ᠳᠠᠭᠠᠪᠤᠷᠯᠠᠭᠰᠠᠨ ᠬᠦᠷᠡᠩ ᠨᠢᠭᠤᠷ ᠲᠤᠨᠢ ᠤᠷᠲᠤ ᠵᠠᠮ ᠤ᠋ᠨ ᠠᠯᠵᠢᠶᠠᠯ ᠢᠯᠡᠷᠡᠵᠦ᠂ ᠭᠦᠨ ᠪᠣᠳᠣᠯ ᠳ᠋ᠤ᠌ ᠠᠪᠲᠠᠭᠳᠠᠨ ᠭᠦᠷᠯᠡᠢ᠌ᠭᠦ ᠶ᠋ᠢ ᠬᠠᠷᠠᠪᠠᠯ ᠶᠠᠳᠠᠷᠠᠭᠰᠠᠨ ᠪᠤᠶᠤ ᠠᠭᠤᠷᠯᠠᠭᠰᠠᠨ ᠠᠯᠢᠨ ᠪᠣᠯᠬᠤ ᠨᠢ ᠮᠡᠳᠡᠭᠳᠡᠮ᠎ᠡ ᠦᠭᠡᠢ ᠠᠵᠢ᠃ ᠡᠨᠡ ᠬᠥᠮᠦᠨ ᠳᠠᠬᠢᠨ ᠳᠠᠬᠢᠨ ᠡᠷᠭᠢᠵᠦ ᠬᠠᠷᠠᠨ᠂ ᠵᠠᠷᠢᠮ ᠳ᠋ᠠᠭᠠᠨ ᠵᠣᠭᠰᠣᠨ᠂ ᠠᠴᠢᠶ᠎ᠠ ᠪᠠᠨ ᠵᠠᠰᠠᠨ ᠶᠠᠪᠤᠭᠰᠠᠭᠠᠷ ᠣᠷᠣᠢ ᠶ᠋ᠢᠨ ᠨᠠᠷᠠ ᠠᠭᠤᠯᠠ ᠶ᠋ᠢᠨ ᠲᠣᠯᠣᠭᠠᠢ ᠰᠢᠭᠦᠷᠡᠬᠦ ᠦᠶ᠎ᠡ ᠳ᠋ᠦ᠍ ᠵᠠᠮ ᠡᠴᠡ ᠭᠠᠷᠴᠤ ᠭᠣᠣᠯ ᠤ᠋ᠨ ᠡᠷᠭᠢ ᠴᠢᠭᠯᠡᠪᠡ᠃ ᠢᠩᠭᠢᠭᠡᠳ ᠨᠣᠭᠣᠭᠠᠨ ᠵᠦᠯᠭᠡᠨ ᠳᠡᠭᠡᠷ᠎ᠡ ᠣᠴᠢᠭᠠᠳ ᠫᠤᠤ ᠪᠠᠨ ᠡᠪᠲᠡᠢᠬᠡᠨ ᠭᠡᠭᠴᠢ ᠨᠢ ᠠᠪᠴᠤ ᠰᠢᠭᠢᠷᠡᠯᠡᠨ ᠲᠠᠯᠪᠢᠭᠠᠳ᠂ ᠲᠡᠷᠭᠡ ᠪᠡᠨ ᠪᠠᠭᠤᠯᠭᠠᠵᠤ ᠮᠣᠷᠢ ᠪᠠᠨ ᠴᠢᠳᠥᠷᠯᠡᠨ ᠲᠠᠯᠪᠢᠪᠠ᠃ ᠲᠡᠷᠭᠡᠨ ᠦ᠌ ᠪᠡᠨ ᠰᠡᠭᠦᠳᠡᠷ ᠲᠦ᠍ ᠲᠠᠪᠠᠲᠠᠢ ᠵᠠᠪᠢᠯᠠᠨ ᠰᠠᠭᠤᠭᠠᠳ ᠡᠪᠦᠷ ᠡᠴᠡ ᠪᠡᠨ ᠮᠣᠳᠣ ᠲᠣᠯᠣᠭᠠᠢ ᠭᠠᠷᠭᠠᠵᠤ ᠲᠠᠮᠠᠬᠢ ᠪᠠᠨ ᠲᠠᠲᠠᠵᠤ᠂ ᠤᠲᠤᠭ᠎ᠠ ᠶ᠋ᠢ ᠨᠢ ᠠᠯᠭᠤᠷᠬᠠᠨ ᠦᠯᠢᠶᠡᠨ ᠭᠠᠷᠭᠠᠬᠤ ᠵᠠᠭᠤᠷ᠎ᠠ ᠨᠣᠭᠣᠭᠠᠨ ᠤ᠋ ᠦᠵᠦᠭᠦᠷ ᠢᠮᠡᠷᠦᠨ ᠣᠷᠣᠯᠳᠣᠨ᠎ᠠ᠃
ᠡᠨᠡ ᠬᠥᠮᠦᠨ ᠢ᠋ ᠡᠷᠳᠡᠨᠢ ᠭᠡᠳᠡᠭ᠃ ᠵᠠᠰᠠᠭᠲᠤ ᠬᠠᠨ ① ᠤ᠋ ᠬᠤᠰᠢᠭᠤᠨ ᠤ᠋ ᠣᠯᠭᠤᠨᠤᠳ ② ᠨᠤᠲᠤᠭ ᠤ᠋ᠨ ᠬᠥᠮᠦᠨ᠃ ᠤᠤᠯ ᠡᠴᠡ ᠡᠴᠢᠭᠡ ᠡᠴᠡ ᠠᠬ᠎ᠠ ᠳᠡᠭᠦᠦ ᠬᠣᠶᠠᠭᠤᠯᠠ ᠪᠥᠭᠡᠳ ᠪᠠᠭ᠎ᠠ ᠳ᠋ᠠᠭᠠᠨ ᠥᠨᠥᠴᠢᠷᠡᠨ ᠠᠢᠯ ᠳᠠᠮᠵᠢᠨ ᠵᠠᠷᠤᠭᠳᠠᠵᠤ ᠪᠣᠷᠣ ᠬᠣᠨᠣᠭ ᠥᠩᠭᠡᠷᠡᠭᠦᠯᠦᠨ ᠶᠠᠪᠤᠵᠠᠢ᠃
ᠳᠡᠭᠦᠦ ᠨᠢ ᠲᠡᠮᠦᠷ ᠭᠡᠭᠴᠢ ᠬᠥᠮᠦᠨ ᠪᠣᠢ᠃ ᠠᠷᠪᠠᠨ ᠵᠢᠷᠭᠤᠭᠠᠨ ᠨᠠᠰᠤᠨ ᠳ᠋ᠠᠭᠠᠨ ᠰᠢᠯᠢ ᠶ᠋ᠢᠨ ᠰᠠᠢᠨ ᠡᠷᠡᠴᠦᠳ ᠲᠡᠢ ᠨᠡᠢᠯᠡᠵᠦ ᠤᠳᠠᠯ ᠦᠭᠡᠢ ᠡᠷᠡᠮᠡᠭ ᠵᠣᠷᠢᠭ᠂ ᠡᠷ᠎ᠡ ᠴᠢᠳᠠᠯ᠂ ᠤᠬᠠᠭᠠᠨ ᠰᠠᠨᠠᠭ᠎ᠠ ᠪᠠᠷ ᠭᠠᠢᠬᠠᠭᠳᠠᠭᠰᠠᠨ 《ᠵᠠᠰᠠᠭᠲᠤ ᠬᠠᠨ ᠤ᠋ ᠴᠠᠬᠢᠭᠤᠷ ᠲᠡᠮᠦᠷ》 ᠭᠡᠵᠦ ᠠᠯᠳᠠᠷᠰᠢᠨ ᠬᠠᠯᠬ᠎ᠠ ᠳᠥᠷᠪᠡᠨ ᠠᠢᠮᠠᠭ᠂ ᠱᠠᠪᠢ ᠲᠠᠪᠤ ᠳ᠋ᠤ᠌ ᠳᠣᠮᠣᠭ ᠮᠡᠲᠦ ᠶᠠᠷᠢᠭᠳᠠᠳᠠᠭ ᠪᠣᠯᠵᠠᠢ᠃
ᠥᠨᠥ ᠡᠴᠡ ᠭᠤᠷᠪᠠᠨ ᠵᠢᠯ ᠦ᠋ᠨ ᠡᠮᠦᠨ᠎ᠡ᠂ ᠲᠡᠮᠦᠷ᠂ ᠠᠬ᠎ᠠ ᠶ᠋ᠢᠨ ᠳ᠋ᠡᠭᠡᠨ ᠭᠦᠨ ᠰᠥᠨᠢ ᠦᠯᠦ ᠲᠠᠨᠢᠬᠤ ᠬᠣᠶᠠᠷ ᠬᠥᠮᠦᠨ ᠦ᠌ ᠬᠠᠮᠲᠤ ᠢᠷᠡᠵᠦ ᠠᠭᠤᠯᠵᠠᠭᠠᠳ ᠦᠷ ᠰᠥᠨᠢ ᠰᠠᠯᠬᠤ ᠶ᠋ᠢᠨ ᠦᠶ᠎ᠡ ᠳ᠋ᠦ᠍ ᠶᠠᠪᠤᠵᠠᠢ᠃ ᠲᠡᠭᠡᠬᠦ ᠳ᠋ᠡᠭᠡᠨ ᠴᠣᠬᠣᠷ ᠶᠤᠸᠠᠮᠪᠤᠤ᠂ ᠣᠷᠣᠰ ᠤ᠋ᠨ ᠴᠠᠭᠠᠨ ᠬᠠᠭᠠᠨ ᠤ᠋ ᠴᠥᠯᠭᠦᠪ ᠭᠤᠴᠢᠭᠠᠳ ᠢ᠋ ᠬᠠᠮᠲᠤ ᠥᠭᠴᠡᠢ᠃
ᠲᠡᠭᠦᠨ ᠡᠴᠡ ᠬᠣᠢᠰᠢ ᠠᠬ᠎ᠠ ᠳᠡᠭᠦᠦ ᠬᠣᠶᠠᠷ ᠨᠢᠭᠤᠷ ᠤᠴᠠᠷᠠᠭ᠎ᠠ ᠦᠭᠡᠢ᠃ ᠵᠥᠪᠬᠡᠨ ᠯᠡ ᠰᠤᠷᠠᠭ ᠢ᠋ᠶ᠋ᠠᠷ ᠠᠮᠢᠳᠤ ᠮᠡᠨᠳᠦ ᠪᠡᠨ ᠮᠡᠳᠡᠯᠴᠡᠵᠦ ᠪᠠᠢᠵᠠᠢ᠃ ᠬᠠᠷᠢᠨ ᠰᠡᠭᠦᠯ ᠦ᠋ᠨ ᠵᠢᠯ ᠭᠠᠷᠤᠢ ᠶ᠋ᠢᠨ ᠳᠣᠲᠣᠷ᠎ᠠ ᠡᠷᠳᠡᠨᠢ᠂ ᠳᠡᠭᠦᠦ ᠶ᠋ᠢᠨ ᠢ᠋ᠶ᠋ᠡᠨ ᠲᠤᠬᠠᠢ ᠶᠠᠮᠠᠷ ᠴᠤ᠌ ᠰᠤᠷᠠᠭ ᠰᠣᠨᠣᠰᠤᠭᠰᠠᠨ ᠦᠭᠡᠢ᠃ ᠡᠷᠳᠡᠨᠢ ᠶ᠋ᠢᠨ ᠥᠪᠡᠷ ᠦ᠋ᠨ ᠬᠢᠨᠢ ᠬᠤᠪᠢ ᠳ᠋ᠤ᠌ ᠭᠡᠪᠡᠯ ᠪᠠᠭ᠎ᠠ ᠳ᠋ᠠᠭᠠᠨ ᠳᠣᠨᠣᠢ ᠲᠠᠢᠵᠢ ᠶ᠋ᠢᠨ ᠬᠣᠨᠢ ᠬᠠᠷᠢᠭᠤᠯᠵᠤ᠂ ᠬᠤᠷᠳᠤᠨ ᠮᠣᠷᠢ ᠶ᠋ᠢ ᠨᠢ ᠤᠨᠤᠵᠤ ᠪᠠᠢᠬᠤ ᠳ᠋ᠠᠭᠠᠨ ᠬᠦᠦ ᠴᠢᠯᠠᠭᠤ ᠶ᠋ᠢᠨ ᠬᠢᠨᠢ ᠪᠢᠴᠢᠭ ᠵᠢᠭᠠᠯᠭᠠᠬᠤ ᠶ᠋ᠢᠨ ᠳᠡᠯᠢᠮ ᠢ᠋ᠶ᠋ᠡᠷ ᠪᠢᠴᠢᠭ ᠰᠤᠷᠴᠤ᠂ ᠤᠤᠯ ᠡᠴᠡ ᠤᠬᠠᠭᠠᠨ ᠰᠡᠷᠭᠦᠯᠡᠩ ᠪᠣᠯᠬᠣᠷ 《ᠣᠶᠤᠨ ᠲᠦᠯᠬᠢᠭᠦᠷ》᠂ 《ᠴᠠᠭᠠᠨ ᠰᠢᠪᠠᠭᠤ》᠂ 《ᠭᠤᠷᠪᠠᠨ ᠤᠯᠤᠰ ᠤ᠋ᠨ ᠪᠢᠴᠢᠭ》᠂ 《ᠠᠯᠲᠠᠨ ᠲᠣᠪᠴᠢ》 ᠡᠴᠡ ᠡᠬᠢᠯᠡᠨ ᠣᠯᠳᠠᠭᠰᠠᠨ ᠶᠠᠭᠤᠮ᠎ᠠ ᠪᠦᠬᠦᠨ ᠢ᠋ ᠤᠩᠰᠢᠨ᠂ ᠭᠤᠶᠤᠭᠰᠠᠨ ᠬᠥᠮᠦᠨ ᠳ᠋ᠦ᠍ ᠡᠷᠭᠦᠳᠡᠯ ᠵᠠᠬᠢᠶ᠎ᠠ ᠪᠢᠴᠢᠵᠦ ᠤᠳᠠᠯ ᠦᠭᠡᠢ 《ᠪᠢᠴᠢᠭᠡᠴᠢ ᠡᠷᠳᠡᠨᠢ》 ᠭᠡᠵᠦ ᠨᠤᠲᠤᠭ ᠲᠠᠭᠠᠨ ᠠᠯᠳᠠᠷᠰᠢᠵᠠᠢ᠃
ᠠᠷᠪᠠᠨ ᠨᠢᠮᠡᠨ ᠨᠠᠰᠤᠨ ᠳ᠋ᠠᠭᠠᠨ ᠨᠤᠲᠤᠭ ᠤ᠋ᠨ ᠲᠤᠯᠭᠠᠷ ᠭᠡᠳᠡᠭ ᠪᠦᠰᠡᠭᠦᠢ ᠲᠡᠢ ᠳᠡᠷᠡ ᠨᠡᠢᠯᠡᠭᠦᠯᠦᠨ ᠭᠡᠷ ᠪᠠᠷᠢᠵᠤ ᠠᠮᠢᠳᠤᠷᠠᠪᠠ᠃ ᠪᠠᠰᠠ ᠠᠷᠪᠠᠭᠠᠳ ᠰᠠᠷᠯᠤᠭ᠂ ᠬᠣᠶᠠᠷ ᠭᠤᠷᠪᠠᠨ ᠤᠨᠤᠬᠤ ᠮᠣᠷᠢ᠂ ᠬᠡᠳᠦᠨ ᠬᠣᠨᠢ ᠲᠠᠢ ᠪᠣᠯᠵᠠᠢ᠃
ᠡᠷᠳᠡᠨᠢ᠂ ᠪᠤᠰᠤᠳ ᠬᠥᠮᠦᠨ ᠰᠢᠭ ᠵᠣᠪᠠᠬᠤ ᠳ᠋ᠠᠭᠠᠨ ᠵᠣᠪᠠᠵᠤ᠂ ᠥᠯᠥᠰᠬᠦ ᠳ᠋ᠡᠭᠡᠨ ᠥᠯᠥᠰᠴᠦ᠂ᠪᠠᠶᠠᠷᠯᠠᠬᠤ ᠳ᠋ᠠᠭᠠᠨ ᠪᠠᠶᠠᠷᠯᠠᠭᠠᠳ᠂ᠬᠣᠷᠣᠰᠬᠤ ᠳ᠋ᠠᠭᠠᠨ ᠬᠣᠷᠣᠰᠤᠭᠠᠳ ᠠᠮᠢᠳᠤᠷᠠᠵᠤ ᠪᠣᠯᠬᠤ ᠪᠠᠢᠵᠠᠢ᠃ ᠭᠡᠲᠡᠯ᠎ᠡ ᠰᠢᠨ᠎ᠡ ᠪᠡᠷ ᠰᠢᠷᠡᠭᠡ ᠵᠠᠯᠭᠠᠭᠰᠠᠨ ᠵᠠᠰᠠᠭ ᠬᠠᠨ ᠭᠣᠮᠪᠣᠵᠠᠪ ᠤ᠋ᠨ ᠵᠠᠩ ᠠᠪᠤᠷᠢ ᠰᠢᠷᠦᠭᠦᠨ᠂ ᠠᠷᠠᠳ ᠣᠯᠠᠨ ᠢ᠋ ᠵᠣᠪᠠᠭᠠᠬᠤ ᠨᠢ ᠬᠢᠷᠢ ᠬᠡᠮᠵᠢᠶ᠎ᠡ ᠡᠴᠡ ᠬᠡᠲᠦᠷᠡᠬᠦ ᠳ᠋ᠦ᠍ ᠴᠢᠭᠤᠯᠭᠠᠨ ᠳᠠᠷᠤᠭ᠎ᠠ᠂ ᠮᠣᠩᠭᠣᠯ᠂ ᠮᠠᠨᠵᠤ ᠵᠤᠷᠭᠠᠨ ᠢ᠋ ᠳᠠᠮᠵᠢᠨ ᠵᠠᠷᠭᠤᠯᠳᠤᠪᠠ᠃
ᠭᠡᠪᠡᠴᠦ ᠨᠣᠶᠠᠨ ᠲᠠᠢ ᠥᠰᠢᠶ᠎ᠡ ᠲᠡᠢ ᠪᠣᠯ ᠬᠣᠩᠬᠣ ᠦᠭᠡᠢ᠂ ᠨᠣᠬᠠᠢ ᠲᠠᠢ ᠥᠰᠢᠶ᠎ᠡ ᠲᠡᠢ ᠪᠣᠯ ᠬᠣᠷᠮᠣᠢ ᠦᠭᠡᠢ ᠭᠡᠳᠡᠭ ᠳᠡᠮᠡᠢ ᠦᠭᠡ ᠪᠢᠰᠢ ᠪᠣᠯᠬᠣᠷ ᠭᠣᠮᠪᠣᠵᠠᠪ ᠬᠤᠰᠢᠭᠤᠨ ᠤ᠋ ᠬᠥᠷᠥᠩᠭᠡ ᠪᠡᠷ ᠬᠥᠯ ᠢ᠋ᠶ᠋ᠡᠨ ᠬᠦᠷᠬᠦ ᠭᠠᠵᠠᠷ ᠪᠦᠬᠦᠨ ᠳ᠋ᠦ᠍ ᠬᠡᠭᠡᠯᠢ ᠬᠠᠬᠤᠤᠯᠢ ᠴᠢᠳᠬᠤᠵᠤ ᠪᠠᠢᠭᠠᠳ ᠡᠵᠡᠨ ᠨᠣᠶᠠᠨ ᠲᠠᠢ ᠪᠠᠨ ᠬᠠᠷᠭᠤᠯᠳᠤᠭᠰᠠᠨ ᠲᠡᠷᠰᠬᠦᠳ ᠠᠯᠪᠠᠲᠤ ᠶ᠋ᠢ ᠤᠯᠢᠶᠠᠰᠤᠲᠠᠢ ᠶ᠋ᠢᠨ ᠪᠠᠲᠤ ᠭᠦᠨ ᠳ᠋ᠦ᠍ ᠬᠣᠷᠢᠪᠠ᠃ ᠲᠡᠨᠳᠡ ᠦᠰᠦ ᠪᠥᠭᠡᠰᠦᠨ ᠳ᠋ᠡᠭᠡᠨ ᠪᠠᠷᠢᠭᠳᠠᠨ ᠵᠢᠯ ᠭᠠᠷᠤᠢ ᠪᠣᠯᠵᠤ ᠪᠠᠢᠲᠠᠯ᠎ᠠ ᠮᠣᠩᠭᠣᠯ ᠤᠯᠤᠰ ᠮᠠᠨᠵᠤ ᠡᠴᠡ ᠲᠤᠰᠠᠭᠠᠷᠯᠠᠨ ᠪᠣᠭᠳᠠ ᠵᠢᠪᠵᠤᠠᠳᠠᠮᠪᠠ ᠬᠤᠲᠤᠭᠲᠤ ᠲᠥᠷᠥ ᠱᠠᠰᠢᠨ ᠢ᠋ ᠬᠣᠣᠰᠯᠠᠭᠤᠯᠤᠨ ᠪᠠᠷᠢᠭᠴᠢ ᠨᠠᠷᠠᠨᠭᠡᠷᠡᠯᠲᠦ ᠲᠦᠮᠡᠨ ᠨᠠᠰᠤᠲᠤ ᠡᠵᠡᠨ ᠪᠣᠯᠤᠭᠠᠳ ᠥᠷᠥᠰᠢᠶᠡᠯ ᠲᠦᠭᠡᠭᠡᠵᠦ ᠡᠷᠳᠡᠨᠢ ᠭᠢᠨᠳᠠᠨ ᠡᠴᠡ ᠭᠠᠷᠴᠠᠢ᠃
ᠪᠠᠲᠤ ᠭᠦᠨ ᠳ᠋ᠦ᠍ ᠰᠠᠭᠤᠵᠤ ᠪᠠᠢᠬᠤ ᠳ᠋ᠠᠭᠠᠨ ᠳᠡᠭᠦᠦ ᠲᠡᠢ ᠨᠢ ᠬᠠᠮᠲᠤ ᠭᠣᠪᠢ ᠮᠡᠷᠭᠡᠨ ᠸᠠᠩ ③ ᠤ᠋ᠨ ᠨᠣᠶᠠᠨ ᠰᠦᠷᠦᠭ ᠡᠴᠡ ᠲᠠᠰᠤᠯᠤᠨ ᠬᠥᠭᠡᠭᠡᠵᠦ᠂ ᠴᠡᠴᠡᠨ ᠰᠠᠷᠲᠠᠭᠤᠯ ④ ᠤ᠋ᠨ ᠬᠤᠰᠢᠭᠤᠨ ᠳ᠋ᠤ᠌ ᠳᠠᠮᠵᠢᠭᠤᠯᠵᠤ ᠪᠠᠢᠭᠰᠠᠨ ᠨᠢᠭᠡ ᠡᠷ᠎ᠡ ᠲᠡᠢ ᠳᠠᠭᠠᠷᠢᠯᠳᠤᠵᠤ ᠲᠡᠮᠦᠷ ᠦ᠋ᠨ ᠲᠤᠬᠠᠢ ᠡᠳᠦᠢ ᠲᠡᠳᠦᠢ ᠳᠣᠮᠣᠭ ᠰᠢᠭ᠋ ᠶᠠᠷᠢᠶ᠎ᠠ ᠰᠣᠨᠣᠰᠴᠠᠢ᠃
ᠮᠣᠷᠢᠨ ᠤ᠋ ᠰᠠᠢᠨ ᠢ᠋ ᠬᠠᠷᠠᠭᠤᠳᠠ ᠲᠠᠨᠢᠳᠠᠭ᠂ ᠰᠠᠨᠠᠭ᠎ᠠ ᠨᠢ ᠰᠦ ᠰᠢᠭ᠂ ᠴᠢᠳᠠᠯ ᠨᠢ ᠬᠠᠷ᠎ᠠ ᠬᠣᠯᠠ ᠰᠢᠭ᠋ ᠡᠷ᠎ᠡ ᠳᠡ᠃ ᠳᠣᠯᠣᠭᠠᠨ ᠬᠣᠨᠣᠭ ᠤ᠋ᠨ ᠦᠯᠢ ᠶ᠋ᠢ ᠳᠠᠭᠤᠯᠠᠵᠤ ᠪᠠᠢᠭᠠᠳ ᠳᠠᠪᠠᠳᠠᠭ ᠬᠥᠮᠦᠨ᠂ ᠳᠠᠯᠠᠨ ᠥᠷᠲᠡᠭᠡ ᠭᠠᠵᠠᠷ ᠢ᠋ ᠳᠥᠷᠦᠭᠡᠨ ᠳᠡᠭᠡᠷ᠎ᠡ ᠪᠡᠨ ᠳᠣᠭᠣᠯᠳᠠᠭ ᠡᠷ᠎ᠡ ᠭᠡᠬᠦ ᠵᠡᠷᠭᠡ ᠪᠡᠷ ᠲᠡᠮᠦᠷ ᠢ᠋ ᠱᠠᠭᠰᠢᠨ ᠮᠠᠭᠲᠠᠵᠠᠢ ᠃
ᠡᠷᠳᠡᠨᠢ ᠶ᠋ᠢ ᠨᠤᠲᠤᠭ ᠲᠠᠭᠠᠨ ᠣᠴᠢᠬᠤ ᠳ᠋ᠤᠨᠢ ᠬᠣᠷᠣᠰᠤᠭᠰᠠᠨ ᠬᠠᠨ ᠤ᠋ ᠬᠠᠪᠴᠢᠯᠭ᠎ᠠ ᠪᠠᠢᠵᠤ ᠰᠠᠭᠤᠬᠤ ᠶ᠋ᠢᠨ ᠠᠷᠭ᠎ᠠ ᠦᠭᠡᠢ ᠪᠣᠯᠬᠤ ᠳ᠋ᠤ᠌ ᠠᠯᠪᠠᠨ ᠲᠠᠲᠠᠪᠤᠷᠢ ᠠᠯᠢ ᠨᠢᠭᠡ ᠳ᠋ᠦ᠍ ᠥᠴᠦᠬᠡᠨ ᠬᠥᠷᠥᠩᠭᠡ ᠪᠡᠨ ᠬᠠᠮᠤᠵᠤ ᠥᠭᠭᠡᠳ ᠭᠠᠭᠴᠠ ᠮᠣᠷᠢᠨ ᠲᠡᠷᠭᠡᠨ ᠳ᠋ᠦ᠍ ᠶᠠᠭᠤᠮ᠎ᠠ ᠪᠠᠨ ᠠᠴᠢᠵᠤ ᠪᠣᠭᠳᠠ ᠳ᠋ᠤ᠌ ᠮᠥᠷᠭᠥᠬᠦ ᠪᠡᠷ ᠡᠬᠡᠨᠡᠷ ᠬᠡᠦᠬᠡᠳ ᠢ᠋ᠶ᠋ᠡᠨ ᠳᠠᠭᠠᠭᠤᠯᠤᠨ ᠬᠦᠷᠢᠶᠡᠨ ᠦ᠌ ᠵᠦᠭ ᠵᠠᠮ ᠬᠥᠭᠡᠭᠡᠵᠡᠢ᠃
ᠡᠷᠳᠡᠨᠢ᠂ ᠲᠠᠮᠠᠬᠢ ᠪᠠᠨ ᠬᠡᠳᠦ ᠳᠠᠬᠢᠨ ᠰᠢᠨᠤᠭ ᠰᠤᠷᠤᠭᠠᠳ᠂ ᠢᠷᠡᠭᠰᠡᠨ ᠵᠠᠮ ᠤᠷᠤᠭᠤ ᠪᠠᠨ ᠬᠠᠷᠠᠯ᠎ᠠ᠃ ᠲᠡᠷᠲᠡᠭᠡ ᠬᠥᠲᠥᠯ ᠦ᠋ᠨ ᠢᠨᠠᠳᠤ ᠤᠷᠤᠭᠤ ᠣᠷᠣᠭᠰᠠᠨ ᠵᠠᠮ ᠢ᠋ᠶ᠋ᠠᠷ ᠬᠡᠦᠬᠡᠳ ᠡᠬᠡᠨᠡᠷ ᠬᠣᠶᠠᠷ ᠨᠢ ᠬᠡᠯᠲᠦᠷᠢᠨ ᠠᠯᠬᠤᠭᠰᠠᠭᠠᠷ ᠢᠷᠡᠵᠦ ᠶᠠᠪᠤᠭ᠎ᠠ ᠶ᠋ᠢ ᠬᠠᠷᠠᠭᠠᠳ᠂ ᠮᠣᠳᠣ ᠲᠣᠯᠣᠭᠠᠢ ᠪᠠᠨ ᠭᠠᠯ ᠲᠠᠢ ᠨᠢ ᠲᠦᠷᠡᠢᠯᠡᠨ ᠪᠣᠰᠴᠤ ᠠᠴᠢᠶ᠎ᠠ ᠪᠠᠨ ᠪᠠᠭᠤᠯᠭᠠᠭᠠᠳ ᠶᠠᠭ ᠯᠠ ᠳᠡᠪᠡᠯ ᠰᠢᠭ ᠨᠢ ᠲᠦᠮᠡᠨ ᠨᠥᠬᠥᠭᠡᠰᠦ ᠪᠣᠯᠵᠤ ᠤᠲᠤᠭᠠᠨ ᠳ᠋ᠤ᠌ ᠰᠢᠷᠠᠯᠠᠨ ᠲᠠᠷᠠᠢᠭᠰᠠᠨ ᠵᠢᠵᠢᠭ ᠮᠠᠢᠬᠠᠨ ᠢ᠋ᠶ᠋ᠠᠨ ᠪᠣᠰᠬᠠᠭᠠᠳ ᠠᠷᠭᠠᠯ ᠬᠣᠷᠮᠣᠢᠯᠠᠵᠤ ᠲᠡᠭᠦᠨ ᠭᠤᠷᠪᠠᠨ ᠲᠣᠮᠣ ᠴᠢᠯᠠᠭᠤ ᠲᠤᠯᠤᠨ ᠭᠠᠯᠯᠠᠵᠤ ᠴᠠᠢ ᠴᠢᠨᠠᠪᠠ᠃
ᠵᠢᠯᠠᠪᠴᠢᠨ ᠲᠣᠭᠣᠭ᠎ᠠ ᠲᠠᠢ ᠴᠠᠢ ᠴᠠᠢᠷᠠᠨ ᠪᠤᠴᠠᠯᠬᠤ ᠦᠶ᠎ᠡ ᠳ᠋ᠦ᠍ ᠡᠬᠡᠨᠡᠷ ᠬᠡᠦᠬᠡᠳ ᠨᠢ ᠴᠦ᠍ ᠢᠷᠡᠯ᠎ᠡ᠃ ᠲᠤᠯᠭᠠᠷ ᠵᠠᠮ ᠳ᠋ᠠᠭᠠᠨ ᠲᠡᠭᠦᠭᠰᠡᠨ ᠠᠷᠭᠠᠯ ᠢ᠋ᠶ᠋ᠠᠨ ᠠᠰᠬᠠᠵᠤ ᠬᠣᠷᠮᠣᠢ ᠪᠠᠨ ᠰᠡᠭᠰᠦᠷᠦᠭᠡᠳ ᠬᠥᠯ ᠢ᠋ᠶ᠋ᠡᠨ ᠵᠢᠭᠢᠨ ᠰᠠᠭᠤᠪᠠ᠃ ᠠᠯᠤᠰ ᠤ᠋ᠨ ᠠᠶᠠᠨ᠂ ᠵᠠᠮ ᠤ᠋ᠨ ᠰᠢᠷᠣᠢ᠂ ᠬᠤᠷᠴᠠ ᠨᠠᠷᠠᠨ ᠳ᠋ᠤ᠌ ᠪᠣᠷᠣᠯᠠᠭᠰᠠᠨ ᠡᠨᠡ ᠡᠮᠡᠭᠲᠡᠢ ᠶ᠋ᠢᠨ ᠴᠢᠷᠠᠢ ᠳ᠋ᠤ᠌ ᠠᠯᠵᠢᠶᠠᠯ ᠤ᠋ᠨ ᠲᠡᠮᠳᠡᠭ ᠲᠣᠳᠣᠷᠬᠠᠢ ᠠᠪᠠᠴᠤ ᠡᠬᠡ ᠶ᠋ᠢᠨ ᠢ᠋ᠶ᠋ᠡᠨ ᠳᠠᠭᠤ ᠶ᠋ᠢ ᠰᠣᠨᠣᠰᠤᠭᠰᠠᠨ ᠪᠣᠲᠣᠭᠣ ᠶ᠋ᠢᠨ ᠨᠢᠳᠦ ᠰᠢᠭ ᠲᠣᠷᠮᠣᠯᠵᠠᠭᠰᠠᠨ ᠪᠣᠯᠣᠷ ᠬᠠᠷ᠎ᠠ ᠨᠢᠳᠦᠨ ᠳ᠋ᠦ᠍ᠨᠢ ᠵᠠᠯᠠᠭᠤ ᠶ᠋ᠢᠨ ᠭᠠᠯ᠂ ᠬᠥᠳᠡᠭᠡ ᠲᠠᠯ᠎ᠠ ᠶ᠋ᠢᠨ ᠪᠦᠰᠡᠭᠦᠢ ᠶ᠋ᠢᠨ ᠭᠤᠸ᠎ᠠ ᠵᠢᠪᠬᠤᠯᠠᠩ ᠲᠣᠳᠣᠷᠬᠠᠢ ᠠᠵᠢ᠃
ᠬᠦᠦ ᠮᠠᠨᠢ ᠶᠠᠪᠤᠵᠤ ᠥᠭᠳᠡᠭ ᠦᠭᠡᠢ ᠰᠢᠦ ᠭᠡᠳ ᠢᠨᠢᠶᠡᠮᠰᠦᠭᠯᠡᠬᠦ ᠳ᠋ᠦ᠍ᠨᠢ ᠵᠢᠭᠳᠡᠬᠡᠨ ᠪᠥᠭᠡᠳ ᠲᠤᠩ ᠴᠠᠭᠠᠨ ᠰᠢᠳᠦ ᠢᠷᠠᠯᠵᠠᠪᠠ᠃
ᠴᠢ ᠮᠢᠨᠢ ᠠᠮᠠᠷᠠᠵᠤ ᠦᠵᠡ᠃ ᠪᠢ ᠳᠣᠩᠪᠣ ᠪᠠᠨ ᠵᠠᠢᠯᠤᠭᠠᠳ ᠴᠠᠢ ᠪᠠᠨ ᠠᠭᠤᠳᠠᠯᠵᠤ ᠤᠷᠭᠢᠶ᠎ᠠ ᠭᠡᠳ ᠡᠷᠳᠡᠨᠢ ᠲᠡᠷᠭᠡᠨ ᠳᠡᠭᠡᠷ᠎ᠡ ᠡᠴᠡ ᠭᠠᠤᠯᠢᠨ ᠳᠣᠩᠪᠣ ᠠᠪᠤᠭᠠᠳ ᠵᠢᠷᠭᠠᠵᠤ ᠪᠠᠢᠭ᠎ᠠ ᠨᠠᠷᠠᠨ ᠤ᠋ ᠭᠡᠷᠡᠯ ᠳ᠋ᠦ᠍ ᠭᠢᠯᠲᠠᠭᠠᠨᠠᠨ ᠮᠢᠷᠠᠯᠵᠠᠵᠤ ᠪᠠᠢᠭ᠎ᠠ ᠭᠣᠣᠯ ᠤ᠋ᠨ ᠵᠦᠭ ᠶᠠᠪᠤᠯ᠎ᠠ᠃
ᠳᠣᠲᠣᠷᠠᠬᠢ ᠪᠠᠨ ᠣᠭᠲᠣ ᠨᠢᠭᠤᠬᠤ ᠦᠭᠡᠢ ᠭᠡᠰᠡᠨ ᠮᠡᠲᠦ ᠲᠤᠩᠭᠠᠯᠠᠭ ᠭᠣᠣᠯ ᠤ᠋ᠨ ᠡᠷᠭᠢᠨ ᠳᠡᠭᠡᠷ᠎ᠡ ᠶᠠᠪᠠᠭᠠᠨ ᠰᠠᠭᠤᠭᠠᠳ ᠳᠣᠩᠪᠣ ᠪᠠᠨ ᠵᠠᠢᠯᠠᠬᠤ ᠵᠠᠭᠤᠷ᠎ᠠ 《ᠤᠰᠤ ᠬᠠᠷᠠᠭᠰᠠᠨ ᠬᠥᠮᠦᠨ ᠤᠢᠳᠳᠠᠭ ᠦᠭᠡᠢ》 ᠭᠡᠵᠦ ᠰᠣᠨᠣᠰᠤᠭᠰᠠᠨ ᠨᠢ ᠡᠷᠳᠡᠨᠢ ᠶ᠋ᠢᠨ ᠰᠡᠳᠬᠢᠯ ᠳ᠋ᠦ᠍ ᠣᠷᠣᠵᠤ ᠨᠢᠭᠤᠷ ᠢ᠋ᠶ᠋ᠠᠨ ᠤᠬᠢᠶᠠᠭᠠᠳ ᠳᠣᠲᠣᠭᠠᠳᠤ ᠬᠣᠷᠮᠣᠢ ᠪᠠᠷ ᠢ᠋ᠶ᠋ᠠᠨ ᠠᠷᠴᠢᠪᠠ᠃
ᠪᠣᠰᠴᠤ ᠰᠢᠭᠤᠳ ᠶᠠᠪᠤᠭᠰᠠᠭᠠᠷ ᠭᠠᠯ ᠤ᠋ᠨ ᠳᠡᠷᠭᠡᠳᠡ ᠢᠷᠡᠭᠡᠳ ᠣᠪᠣᠯᠵᠠᠨ ᠪᠤᠴᠠᠯᠵᠤ ᠪᠠᠢᠭ᠎ᠠ ᠴᠠᠢ ᠡᠴᠡ ᠵᠢᠵᠢᠭ ᠲᠡᠮᠦᠷ ᠰᠢᠨᠠᠭ᠎ᠠ ᠪᠠᠷ ᠤᠳᠬᠤᠵᠤ 《ᠲᠠᠢᠰᠢᠷᠢ ᠬᠠᠨ ᠮᠢᠨᠢ》 ᠭᠡᠵᠦ ᠰᠢᠪᠡᠭᠡᠨᠡᠨ ᠪᠠᠷᠠᠭᠤᠨ ᠵᠦᠭ ᠡᠷᠭᠦᠭᠰᠡᠨ ᠢ᠋ᠶ᠋ᠡᠨ ᠳᠠᠬᠢᠨ ᠤᠳᠬᠤᠵᠤ 《ᠬᠠᠩᠬᠠᠢ ᠳᠡᠯᠡᠬᠡᠢ ᠮᠢᠨᠢ》 ᠭᠡᠳ ᠡᠮᠦᠨᠡᠬᠢ ᠲᠦᠩᠬᠦᠭᠡᠷ ᠨᠣᠭᠣᠭᠠᠨ ᠠᠭᠤᠯᠠ ᠥᠭᠡᠳᠡ ᠡᠷᠭᠦᠪᠡ᠃
ᠬᠣᠯᠠ ᠵᠠᠮ ᠳ᠋ᠤ᠌ ᠶᠠᠳᠠᠷᠠᠭᠰᠠᠨ ᠭᠤᠷᠪᠠᠨ ᠬᠥᠮᠦᠨ ᠨᠣᠭᠣᠭᠠᠨ ᠵᠦᠯᠭᠡᠨ ᠳᠡᠭᠡᠷ᠎ᠡ ᠴᠢᠨᠳᠠᠮᠤᠨᠢᠯᠠᠨ ᠰᠠᠭᠤᠭᠠᠳ᠂ ᠦᠨᠦᠷ ᠨᠢ ᠬᠠᠩᠬᠤᠯᠤᠭᠰᠠᠨ ᠵᠠᠮᠪᠠᠭ᠎ᠠ ᠠᠶᠠᠭ᠎ᠠ ᠳᠦᠭᠦᠷᠡᠩ ᠵᠢᠭᠤᠷᠠᠵᠤ᠂ ᠪᠥᠭᠡᠷᠡᠩᠬᠡᠢᠯᠡᠨ ᠪᠠᠵᠠᠵᠤ ᠬᠣᠷᠮᠣᠢ ᠳᠡᠭᠡᠷ᠎ᠡ ᠪᠡᠨ ᠲᠠᠯᠪᠢᠭᠠᠳ ᠠᠶᠠᠭᠠᠨ ᠳ᠋ᠠᠭᠠᠨ ᠬᠠᠷ᠎ᠠ ᠴᠠᠢ ᠳᠦᠭᠦᠷᠭᠡᠵᠦ ᠠᠪᠤᠭᠠᠳ ᠢᠳᠡᠵᠦ ᠤᠤᠭᠤᠵᠤ ᠪᠠᠢᠬᠤ ᠳ᠋ᠠᠭᠠᠨ ᠬᠣᠷᠸ᠎ᠠ ᠶ᠋ᠢᠨ ᠪᠦᠬᠦ ᠵᠣᠪᠠᠯᠠᠩ ᠢ᠋ ᠮᠠᠷᠲᠠᠵᠤ᠂ ᠥᠩᠭᠡᠷᠡᠭᠰᠡᠨ ᠢᠷᠡᠭᠡᠳᠦᠢ ᠶ᠋ᠢᠨ ᠭᠤᠨᠢᠭᠲᠤ ᠶᠠᠪᠤᠳᠠᠯ ᠤ᠋ᠨ ᠲᠤᠬᠠᠢ ᠣᠭᠲᠣᠬᠠᠨ ᠴᠤ᠌ ᠪᠣᠳᠣᠯ ᠦᠭᠡᠢ ᠬᠥᠭᠵᠢᠯᠳᠦᠨ ᠢᠨᠢᠶᠡᠯᠳᠦᠵᠦ᠂ ᠬᠥᠭᠡᠷᠦᠯᠳᠦᠨ ᠶᠠᠷᠢᠯᠴᠠᠪᠠ᠃᠂
ᠠᠪᠤ ᠠ᠋᠂ ᠪᠣᠭᠳᠠ ᠶ᠋ᠢᠨ ᠬᠦᠷᠢᠶ᠎ᠡ ᠬᠡᠵᠢᠶ᠎ᠡ ᠣᠷᠣᠬᠤ ᠪᠣᠢ? ᠭᠡᠵᠦ ᠪᠠᠲᠤ ᠶ᠋ᠢᠨ ᠠᠰᠠᠭᠤᠬᠤ ᠳ᠋ᠤ᠌ ᠡᠷᠳᠡᠨᠢ ᠵᠠᠵᠢᠯᠵᠤ ᠪᠠᠢᠭᠰᠠᠨ ᠭᠤᠯᠢᠷ ᠢ᠋ᠶ᠋ᠠᠨ ᠵᠠᠯᠭᠢᠵᠤ᠂ ᠬᠣᠢᠨ᠎ᠠ ᠡᠴᠡ ᠨᠢ ᠴᠠᠢ ᠪᠠᠨ ᠪᠠᠯᠭᠤᠭᠰᠠᠨ ᠢ᠋ᠶ᠋ᠠᠨ᠄
ᠤᠳᠠᠬᠤ ᠦᠭᠡᠢ᠂ ᠬᠠᠷᠢᠨ ᠴᠢ ᠥᠨᠥᠳᠥᠷ ᠦ᠋ᠨ ᠬᠢ ᠰᠢᠭ ᠢ᠋ᠶ᠋ᠡᠨ ᠬᠠᠱᠠᠩᠨᠠᠭᠠᠳ ᠪᠠᠢᠪᠠᠯ ᠬᠦᠷᠢᠶ᠎ᠡ ᠤᠯᠠᠮ ᠬᠣᠯᠠᠳᠠᠨ᠎ᠠ ᠰᠢᠦ ᠭᠡᠯᠡ᠃
ᠪᠢ ᠶᠠᠪᠤᠶ᠎ᠠ ᠭᠡᠳ ᠯᠡ ᠪᠠᠢᠬᠤ ᠳ᠋ᠤ᠌ ᠡᠨᠡ ᠬᠥᠯ ᠴᠢᠨᠢ ᠶᠠᠳᠠᠷᠠᠭᠠᠳ ᠪᠣᠯᠬᠤ ᠦᠭᠡᠢ ᠶᠤᠮ ᠭᠡᠵᠦ ᠪᠠᠲᠤ ᠭᠣᠮᠣᠳᠠᠯ ᠲᠠᠢ ᠬᠡᠯᠡᠬᠦ ᠳ᠋ᠦ᠍ ᠡᠴᠢᠭᠡ ᠡᠬᠡ ᠬᠣᠶᠠᠷ ᠨᠢ ᠬᠦᠦ ᠪᠡᠨ ᠥᠬᠥᠭᠡᠷᠳᠡᠨ ᠢᠨᠢᠶᠡᠪᠡ᠃
ᠪᠠᠷᠠᠭᠤᠨ ᠭᠠᠷ ᠲᠤ᠌ ᠥᠩᠭᠡᠷᠡᠳᠡᠭ ᠲᠣᠮᠣ ᠴᠢᠯᠠᠭᠤ᠂ ᠨᠥᠭᠦᠭᠡ ᠲᠠᠢᠬᠠᠷ ᠴᠢᠯᠠᠭᠤ ᠭᠡᠳᠡᠭ ᠮᠥᠨ ᠤᠤ? ᠭᠡᠵᠦ ᠲᠤᠯᠭᠠᠷ ᠠᠰᠠᠭᠤᠪᠠ᠃
ᠮᠥᠨ᠂ ᠠᠪᠤᠷᠭᠤ ᠡᠳ᠋ ᠰᠢᠦ᠃
ᠢᠭ ᠦ᠋ᠨ ᠳᠠᠪᠠᠭᠠᠨ ᠤ᠋ ᠴᠠᠭᠠᠨ᠎ᠠ ᠪᠠᠢᠳᠠᠭ ᠮᠣᠭᠠᠢ ᠶ᠋ᠢᠨ ᠵᠠᠮ ᠭᠡᠭᠴᠢ ᠬᠠᠷᠠᠭᠳᠠᠭᠰᠠᠨ ᠡᠴᠡ ᠡᠬᠢᠯᠡᠨ ᠳᠠᠢ᠌ᠬᠠᠷ ᠴᠢᠯᠠᠭᠤᠨ ᠤ᠋ ᠲᠤᠬᠠᠢ ᠳᠣᠮᠣᠭ ⑤ ᠢ᠋ ᠡᠬᠡᠨᠡᠷ᠂ ᠬᠡᠦᠬᠡᠳ ᠲᠡᠭᠡᠨ ᠡᠷᠳᠡᠨᠢ ᠶᠠᠷᠢᠵᠤ ᠦᠭᠭᠰᠡᠨ ᠪᠢᠯᠡ᠃
ᠭᠠᠢᠬᠠᠮᠰᠢᠭᠲᠤ ᠭᠡᠭᠡᠨ ᠦ᠌ ᠷᠢᠳᠢ ᠰᠢᠳᠢ ᠳ᠋ᠦ᠍ ᠪᠢᠰᠢᠷᠡᠭᠰᠡᠨ ᠲᠡᠷᠡ ᠮᠤᠨᠳᠠᠭ ᠴᠢᠯᠠᠭᠤᠨ ᠤ᠋ ᠬᠣᠢᠭᠤᠷ ᠭᠠᠷᠬᠤ ᠳ᠋ᠠᠭᠠᠨ ᠭᠤᠷᠪᠠᠨ ᠬᠠᠯᠠᠭᠤᠨ ᠠᠮᠢ ᠪᠠᠨ ᠳᠠᠭᠠᠳᠬᠠᠨ᠂ ᠠᠷᠪᠠᠨ ᠬᠡᠳᠦᠨ ᠤᠳᠠᠭ᠎ᠠ ᠰᠤᠨᠵᠤ ᠮᠥᠷᠭᠥᠵᠡᠢ᠃
ᠡᠵᠢ ᠠ᠋᠂ ᠲᠠ ᠬᠡᠨ ᠳ᠋ᠦ᠍ ᠮᠥᠷᠭᠥᠵᠦ ᠪᠠᠢᠭ᠎ᠠ ᠶᠤᠮ ᠪᠣᠢ? ᠭᠡᠵᠦ ᠳᠡᠷᠭᠡᠳᠡ ᠨᠢ ᠵᠣᠭᠰᠣᠵᠤ ᠪᠠᠢᠭᠰᠠᠨ ᠪᠠᠲᠤ ᠠᠰᠠᠭᠤᠪᠠ᠃
ᠵᠠᠶ᠎ᠠ ᠭᠡᠭᠡᠨ ᠳ᠋ᠦ᠍ ᠮᠥᠷᠭᠥᠵᠦ ᠪᠠᠢᠨ᠎ᠠ ᠬᠦᠦ ᠮᠢᠨᠢ ᠭᠡᠵᠦ ᠡᠬᠡ ᠨᠢ ᠰᠢᠪᠡᠭᠡᠨᠡᠨ ᠬᠠᠷᠢᠭᠤᠯᠪᠠ᠃
ᠶᠠᠭᠤ ᠭᠡᠵᠦ ᠮᠥᠷᠭᠥᠵᠦ ᠪᠠᠢᠭ᠎ᠠ ᠶᠤᠮ ᠪᠣᠢ?
ᠪᠢᠳᠡ ᠭᠤᠷᠪᠠ ᠳ᠋ᠤ᠌ ᠪᠤᠶᠠᠨ ᠵᠠᠶᠠᠭ᠎ᠠ ᠬᠠᠢᠷᠠᠯᠠᠭᠠᠴᠢ ᠭᠡᠵᠦ ᠮᠥᠷᠭᠥᠵᠦ ᠪᠠᠢᠨ᠎ᠠ ᠡᠵᠢ ᠨᠢ᠃
ᠨᠠᠳᠠ ᠮᠥᠰᠥᠨ ᠰᠢᠬᠢᠷ ᠭᠤᠶᠤᠭᠠᠷᠠᠢ ᠡᠵᠢ ᠠ᠋᠃
ᠮᠢᠨᠦ ᠬᠦᠦ ᠥᠪᠡᠷ ᠢ᠋ᠶ᠋ᠡᠨ ᠮᠥᠷᠭᠥ᠃
ᠪᠠᠲᠤ ᠰᠥᠬᠥᠷᠡᠨ ᠰᠠᠭᠤᠵᠤ ᠬᠡᠳᠦ ᠳᠠᠬᠢᠨ ᠮᠥᠷᠭᠥᠬᠦ ᠳ᠋ᠡᠭᠡᠨ ᠠᠮᠠᠨ ᠳ᠋ᠠᠭᠠᠨ 《ᠭᠡᠭᠡᠨ ᠮᠢᠨᠢ ᠨᠠᠳᠠ ᠮᠥᠰᠥᠨ ᠰᠢᠬᠢᠷ ᠬᠠᠢᠷᠠᠯᠠᠭᠠᠴᠢ》 ᠭᠡᠵᠦ ᠲᠣᠷᠴᠢᠭᠢᠨᠠᠭᠤᠯᠤᠯᠠ᠃
ᠥᠩᠭᠡᠷᠡᠭᠰᠡᠨ ᠵᠢᠯ ᠳᠣᠨᠣᠢ ᠲᠠᠢᠵᠢ ᠶ᠋ᠢᠨ ᠬᠤᠷᠳᠤᠨ ᠬᠡᠭᠡᠷ ᠢ᠋ ᠨᠠᠭᠠᠳᠤᠮ ᠳ᠋ᠤ᠌ ᠤᠨᠤᠵᠤ ᠲᠦᠷᠦᠭᠦᠯᠡᠭᠡᠳ ᠢᠷᠡᠬᠦ ᠳ᠋ᠦ᠍ᠨᠢ ᠲᠠᠢᠵᠢ ᠶ᠋ᠢᠨ ᠠᠪᠠᠭᠠᠢ ᠵᠢᠵᠢᠭᠬᠡᠨ ᠮᠥᠰᠥᠨ ᠰᠢᠬᠢᠷ ᠥᠭᠴᠡᠢ᠃ ᠲᠡᠭᠦᠨ ᠡᠴᠡ ᠬᠣᠢᠰᠢ ᠶᠢᠷᠲᠢᠨᠴᠦ ᠶ᠋ᠢᠨ ᠬᠠᠮᠤᠭ ᠤ᠋ᠨ ᠰᠠᠢᠬᠠᠨ ᠶᠠᠭᠤᠮ᠎ᠠ ᠪᠣᠯ ᠮᠥᠰᠥᠨ ᠰᠢᠬᠢᠷ ᠭᠡᠵᠦ ᠪᠠᠲᠤ ᠪᠣᠳᠣᠳᠠᠭ ᠪᠣᠯᠤᠭᠰᠠᠨ ᠠᠵᠢ᠃
ᠢᠩᠭᠢᠵᠦ ᠡᠬᠡ ᠬᠦᠦ ᠬᠣᠶᠠᠷ ᠲᠠᠯ᠎ᠠ ᠶ᠋ᠢᠨ ᠳᠤᠮᠳᠠ ᠪᠠᠢᠭᠠᠯᠢ ᠶ᠋ᠢᠨ ᠭᠠᠢᠬᠠᠮᠰᠢᠭᠲᠤ ᠬᠦᠴᠦ ᠪᠡᠷ ᠰᠦᠨᠳᠡᠷᠯᠡᠨ ᠪᠣᠰᠤᠭᠰᠠᠨ ᠳᠠᠢ᠌ᠬᠠᠷ ᠴᠢᠯᠠᠭᠤ ᠶ᠋ᠢ ᠪᠢᠰᠢᠷᠡᠨ ᠥᠩᠭᠡᠷᠡᠭᠰᠡᠨ ᠶᠤᠮ᠃
ᠠᠪᠤ ᠠ᠋᠂ ᠲᠠ ᠲᠡᠷᠡ ᠴᠢᠯᠠᠭᠤ ᠶ᠋ᠢ ᠣᠷᠬᠢᠮᠵᠢ ᠪᠠᠷ ᠢ᠋ᠶ᠋ᠠᠨ ᠣᠭᠣᠰᠣᠷᠯᠠᠵᠤ ᠡᠭᠦᠷᠦᠭᠡᠳ ᠶᠠᠪᠤᠵᠤ ᠴᠢᠳᠠᠬᠤ ᠤᠤ? ᠭᠡᠵᠦ ᠪᠠᠲᠤ ᠶ᠋ᠢᠨ ᠠᠰᠠᠭᠤᠬᠤ ᠳ᠋ᠤ᠌ ᠡᠴᠢᠭᠡ ᠨᠢ ᠥᠬᠥᠭᠡᠷᠳᠡᠨ ᠢᠨᠢᠶᠡᠮᠰᠦᠭᠯᠡᠭᠰᠡᠨ ᠢ᠋ᠶ᠋ᠡᠨ ᠲᠣᠯᠣᠭᠠᠢ ᠶ᠋ᠢ ᠨᠢ ᠢᠯᠢᠵᠦ᠄
ᠠᠪᠤ ᠨᠢ ᠲᠥᠷᠥ ᠶ᠋ᠢᠨ ᠬᠠᠷ᠎ᠠ ᠬᠥᠮᠦᠨ ᠪᠣᠯᠬᠣᠷ ᠣᠷᠬᠢᠮᠵᠢ ᠪᠠᠢᠬᠤ ᠦᠭᠡᠢ᠃ ᠪᠠᠰᠠ ᠲᠡᠭᠡᠭᠡᠳ ᠵᠠᠶ᠎ᠠ ᠪᠠᠨᠳᠢᠳᠠ ᠰᠢᠭ᠋ ᠲᠡᠢᠮᠦ ᠷᠢᠳᠢ ᠰᠢᠳᠢ ᠴᠦ᠍ ᠪᠠᠢᠬᠤ ᠦᠭᠡᠢ ᠭᠡᠯᠡ᠃
ᠪᠠᠲᠤ ᠪᠣᠳᠣᠯᠬᠢᠯᠠᠨ ᠪᠠᠬᠠᠨ ᠰᠠᠭᠤᠭᠰᠠᠨ ᠢ᠋ᠶ᠋ᠠᠨ 《ᠠᠪᠤ ᠠ᠋᠂ ᠷᠢᠳᠢ ᠰᠢᠳᠢ ᠭᠡᠵᠦ ᠶᠠᠭᠤ ᠪᠠᠢᠳᠠᠭ ᠶᠤᠮ ᠪᠣᠢ?》 ᠭᠡᠵᠦ ᠠᠰᠠᠭᠤᠭᠠᠳ ᠡᠴᠢᠭᠡ ᠶ᠋ᠢᠨ ᠢ᠋ᠶ᠋ᠡᠨ ᠨᠢᠭᠤᠷ ᠤᠷᠤᠭᠤ ᠨᠢᠳᠦ ᠪᠡᠨ ᠴᠠᠪᠴᠢᠯᠠᠨ ᠬᠠᠷᠠᠯ᠎ᠠ᠃
ᠷᠢᠳᠢ ᠰᠢᠳᠢ ᠭᠡᠵᠦ ᠤᠤ? ᠦᠯᠡᠮᠵᠢ ᠴᠢᠳᠠᠯ ᠲᠠᠢ ᠶᠠᠭᠤᠮ᠎ᠠ ᠪᠠᠢᠳᠠᠭ᠃ ᠷᠢᠳᠢ ᠰᠢᠳᠢ ᠲᠡᠢ ᠬᠥᠮᠦᠨ ᠪᠣᠯ --- ᠢᠩᠭᠢᠬᠦ ᠵᠠᠭᠤᠷ᠎ᠠ ᠯᠠ ᠪᠢᠳᠡ ᠭᠤᠷᠪᠠ ᠶ᠋ᠢ ᠪᠣᠭᠳᠠ ᠶ᠋ᠢᠨ ᠬᠦᠷᠢᠶ᠎ᠡ ᠬᠦᠷᠭᠡᠵᠦ ᠣᠷᠬᠢᠨ᠎ᠠ ᠭᠡᠵᠦ ᠡᠷᠳᠡᠨᠢ ᠬᠡᠯᠡᠪᠡ᠃
ᠲᠠ ᠷᠢᠳᠢ ᠰᠢᠳᠢ ᠲᠡᠢ ᠪᠣᠯᠬᠤ ᠦᠭᠡᠢ ᠶᠠᠭᠠᠬᠢᠭᠰᠠᠨ ᠶᠤᠮ ᠪᠣᠢ? ᠷᠢᠳᠢ ᠰᠢᠳᠢ ᠲᠡᠢ ᠰᠠᠨ ᠪᠣᠯ ᠶᠠᠳᠠᠷᠠᠬᠤ ᠦᠭᠡᠢ ᠨᠢᠳᠦ ᠪᠡᠨ ᠢᠩᠭᠢᠭᠡᠳ ᠯᠡ ᠭᠡᠳ ᠪᠠᠲᠤ ᠨᠢᠳᠦ ᠪᠡᠨ ᠲᠠᠰᠤ ᠠᠨᠢᠵᠤ ᠦᠨᠡᠬᠡᠷ ᠨᠢᠰᠴᠦ ᠶᠠᠪᠤᠭ᠎ᠠ ᠶᠤᠮ ᠰᠢᠭ᠋ ᠭᠠᠷ ᠢ᠋ᠶ᠋ᠠᠨ ᠰᠠᠷᠪᠠᠯᠵᠠᠭᠤᠯᠤᠨ ᠬᠡᠰᠡᠭ ᠪᠠᠢᠭᠰᠠᠨ ᠢ᠋ᠶ᠋ᠠᠨ 《ᠬᠥᠯ ᠶᠠᠳᠠᠷᠠᠬᠤ ᠦᠭᠡᠢ ᠬᠦᠷᠢᠶ᠎ᠡ ᠣᠷᠣᠴᠢᠬᠠᠨ᠎ᠠ ᠰᠢᠦ ᠳᠡ᠂ ᠲᠡᠢᠮᠦ ᠠ᠋ ᠡᠵᠢ ᠠ᠋》 ᠭᠡᠳ ᠭᠣᠮᠣᠳᠠᠯ ᠲᠠᠢ ᠢᠨᠢᠶᠡᠮᠰᠦᠭᠯᠡᠪᠡ᠃
ᠠᠪᠤ ᠳ᠋ᠤᠨᠢ ᠵᠠᠪ ᠪᠣᠯᠤᠭ᠎ᠠ ᠦᠭᠡᠢ ᠶᠤᠮ ᠭᠡᠳ ᠡᠷᠳᠡᠨᠢ ᠬᠦᠦ ᠶ᠋ᠢᠨ ᠢ᠋ᠶ᠋ᠡᠨ ᠨᠠᠷᠠ᠂ ᠲᠣᠭᠣᠰᠣ ᠦᠨᠦᠷᠲᠦᠭᠰᠡᠨ ᠲᠣᠯᠣᠭᠠᠢ ᠶ᠋ᠢ ᠦᠨᠦᠰᠪᠡ᠃
ᠪᠠᠲᠤ᠂ ᠪᠠᠢᠨ ᠪᠠᠢᠨ 《ᠶᠠᠭᠠᠬᠢᠭᠠᠳ?》 ᠭᠡᠵᠦ ᠠᠰᠠᠭᠤᠭᠠᠳ ᠡᠴᠢᠭᠡ ᠡᠬᠡ ᠨᠢ ᠬᠦᠦ ᠶ᠋ᠢᠨ ᠢ᠋ᠶ᠋ᠡᠨ ᠭᠡᠨᠡᠨ ᠴᠠᠭᠠᠨ ᠶᠠᠷᠢᠶᠠᠨ ᠳ᠋ᠤ᠌ ᠪᠡᠶᠡᠰᠦᠨ ᠢᠨᠢᠶᠡᠵᠦ᠂ ᠤᠲᠤᠭ᠎ᠠ ᠪᠣᠯᠤᠭᠰᠠᠨ ᠣᠷᠠᠩᠬᠠᠢ ᠮᠠᠢᠬᠠᠨ ᠤ᠋ ᠳᠡᠷᠭᠡᠳᠡ ᠡᠴᠡ ᠪᠠᠶᠠᠷ ᠴᠡᠩᠭᠡᠯ ᠦ᠋ᠨ ᠬᠥᠭᠵᠢᠯ ᠲᠡᠢ ᠳᠠᠭᠤᠨ ᠴᠤᠤᠷᠢᠶᠠᠲᠤᠨ᠂ ᠱᠤᠤᠭᠢᠨ ᠤᠷᠤᠰᠴᠤ ᠪᠠᠢᠭ᠎ᠠ ᠲᠠᠮᠢᠷ ᠤ᠋ᠨ ᠭᠣᠣᠯ ᠤ᠋ᠨ ᠴᠢᠮᠡᠭᠡᠨ ᠳ᠋ᠦ᠍ ᠥᠴᠦᠬᠡᠨ ᠴᠦ᠍ ᠭᠡᠰᠡᠨ ᠬᠠᠨᠳᠢᠪ ᠪᠣᠯᠵᠤ ᠪᠠᠢᠪᠠ᠃ ᠬᠥᠮᠦᠨ᠂ ᠵᠢᠷᠭᠠᠯ ᠤ᠋ᠨ ᠲᠥᠯᠥᠭᠡ ᠲᠥᠷᠥᠳᠡᠭ ᠪᠣᠯᠬᠣᠷ ᠶᠠᠮᠠᠷ ᠴᠤ᠌ ᠬᠡᠴᠡᠭᠦᠦ ᠪᠡᠷᠬᠡ ᠠᠮᠢᠳᠤᠷᠠᠯ᠂ ᠭᠠᠰᠢᠭᠤᠨ ᠵᠣᠪᠠᠯᠠᠩ᠂ ᠪᠠᠶᠠᠰᠬᠤ ᠰᠡᠳᠬᠢᠯ᠂ ᠵᠢᠷᠭᠠᠯ ᠤ᠋ᠨ ᠡᠷᠡᠮᠡᠯᠵᠡᠯᠡᠯ ᠢ᠋ ᠨᠢ ᠰᠢᠷᠭᠢᠭᠡᠨ ᠬᠠᠲᠠᠭᠠᠵᠤ ᠴᠢᠳᠠᠬᠤ ᠦᠭᠡᠢ᠃ ᠡᠨᠡ ᠴᠦ᠍ ᠤᠴᠢᠷ ᠡᠴᠡ ᠬᠠᠲᠠᠭᠤ ᠠᠮᠢᠳᠤᠷᠠᠯ᠂ ᠨᠦᠰᠡᠷ ᠵᠠᠮ ᠡᠨᠡ ᠭᠤᠷᠪᠠ ᠶ᠋ᠢᠨ ᠪᠡᠶᠡᠰᠦᠨ ᠴᠡᠩᠭᠡᠬᠦ ᠰᠡᠳᠬᠢᠯ᠂ ᠬᠣᠮᠰᠠ ᠬᠦᠨᠡᠰᠦ ᠪᠡᠨ ᠢᠳᠡᠭᠡᠳ ᠵᠠᠯᠠᠭᠤ ᠶ᠋ᠢᠨ ᠴᠣᠭ᠂ ᠬᠠᠢᠷ᠎ᠠ ᠶ᠋ᠢᠨ ᠭᠠᠯ ᠢ᠋ᠶ᠋ᠠᠷ ᠶᠠᠳᠠᠷᠠᠯ ᠢ᠋ᠶ᠋ᠠᠨ ᠮᠠᠷᠲᠠᠵᠤ ᠠᠮᠠᠷᠠᠵᠤ ᠪᠠᠢᠬᠤ ᠳ᠋ᠤᠨᠢ ᠣᠷᠭᠢᠯᠤᠨ ᠭᠠᠷᠬᠤ ᠪᠢᠴᠢᠬᠠᠨ ᠵᠢᠷᠭᠠᠯ ᠢ᠋ ᠰᠢᠮᠡᠨ ᠰᠢᠩᠭᠡᠭᠡᠵᠦ ᠴᠢᠳᠠᠭᠰᠠᠨ ᠦᠭᠡᠢ᠃ ᠢᠷᠡᠬᠦ ᠡᠳᠦᠷ ᠶᠠᠮᠠᠷ ᠵᠣᠪᠠᠯᠠᠩ ᠠᠪᠴᠢᠷᠠᠵᠤ ᠥᠭᠬᠦ ᠶ᠋ᠢ ᠮᠡᠳᠡᠬᠦ ᠦᠭᠡᠢ ᠳᠦᠩᠭᠡᠷ ᠳᠦᠩᠭᠡᠷ ᠶᠠᠷᠢᠯᠴᠠᠨ ᠬᠥᠭᠵᠢᠵᠦ ᠪᠠᠢᠲᠠᠯ᠎ᠠ ᠦᠳᠡᠰᠢ ᠶ᠋ᠢᠨ ᠪᠦᠷᠦᠩᠬᠦᠢ ᠳᠠᠭᠤᠰᠴᠤ ᠦᠨᠡᠭᠡᠨ ᠬᠠᠷᠠᠩᠬᠤᠢ ᠡᠬᠢᠯᠡᠭᠡᠳ ᠲᠡᠭᠷᠢ ᠳ᠋ᠦ᠍ ᠲᠦᠭ ᠲᠦᠮᠡᠨ ᠣᠳᠣ ᠭᠢᠯᠠᠯᠵᠠᠨ᠂ ᠲᠠᠮᠢᠷ ᠤ᠋ᠨ ᠬᠥᠨᠳᠡᠢ ᠳᠠᠭᠠᠵᠤ ᠢᠷᠠᠭᠤᠬᠠᠨ ᠦᠨᠦᠷ ᠠᠩᠬᠢᠯᠤᠭᠰᠠᠨ ᠰᠡᠷᠢᠭᠦᠨ ᠰᠠᠯᠬᠢ ᠰᠡᠪᠡᠯᠵᠡᠨ᠎ᠡ᠃
ᠡᠷᠳᠡᠨᠢ ᠮᠣᠷᠢ ᠪᠠᠨ ᠠᠪᠴᠢᠷᠠᠵᠤ᠂ ᠤᠷᠲᠤ ᠳᠡᠭᠡᠰᠦ ᠪᠡᠷ ᠠᠷᠭᠠᠮᠵᠢᠭᠠᠳ᠂ ᠨᠤᠲᠤᠭ ᠤ᠋ᠨ ᠵᠦᠭ ᠬᠠᠷᠠᠵᠤ ᠵᠣᠭᠰᠣᠭᠰᠠᠨ ᠢ᠋ᠶ᠋ᠠᠨ᠄ 《ᠲᠠᠢᠰᠢᠷᠢ ᠬᠠᠨ ᠮᠢᠨᠢ᠂ ᠲᠠᠷᠯᠠᠨ ᠬᠠᠢᠷᠬᠠᠨ ᠮᠢᠨᠢ᠂ ᠠᠲᠠᠭ᠎ᠠ ᠲᠠᠪᠤᠨ ᠲᠡᠭᠷᠢ ᠮᠢᠨᠢ᠂ ᠠᠴᠢᠲᠤ ᠭᠣᠮᠪᠣ ⑥ ᠮᠢᠨᠢ》 ᠭᠡᠵᠦ ᠠᠯᠠᠭ᠎ᠠ ᠪᠠᠨ ᠡᠯᠢᠭᠡᠨ ᠳ᠋ᠡᠭᠡᠨ ᠬᠠᠪᠰᠤᠷᠤᠨ ᠰᠢᠪᠡᠭᠡᠨᠡᠨ ᠵᠠᠯᠪᠠᠷᠢᠭᠠᠳ ᠮᠠᠢᠬᠠᠨ ᠳ᠋ᠠᠭᠠᠨ ᠣᠷᠣᠵᠤ ᠤᠳᠠᠯ ᠦᠭᠡᠢ ᠭᠤᠷᠪᠠᠨ ᠴᠠᠭᠠᠴᠢᠨ ᠭᠦᠨ ᠨᠣᠢᠷ ᠲᠠᠭᠠᠨ ᠴᠣᠬᠢᠭᠳᠠᠨ ᠤᠨᠲᠠᠵᠠᠢ᠃
ᠦᠷ ᠰᠥᠨᠢ ᠶ᠋ᠢᠨ ᠵᠠᠪᠰᠠᠷ ᠢ᠋ᠶ᠋ᠠᠷ ᠡᠷᠳᠡᠨᠢ ᠪᠣᠰᠴᠤ᠂ ᠳᠡᠪᠡᠯ ᠢ᠋ᠶ᠋ᠡᠨ ᠨᠥᠮᠥᠭᠡᠨ ᠨᠥᠮᠥᠷᠴᠦ ᠭᠠᠷᠤᠭᠠᠳ ᠬᠠᠷᠠᠪᠠᠯ ᠠᠷᠭᠠᠮᠵᠢᠶ᠎ᠠ ᠲᠠᠢ ᠮᠣᠷᠢ ᠨᠢ ᠠᠯᠠᠭ᠎ᠠ ᠪᠣᠯᠤᠭᠰᠠᠨ ᠪᠠᠢᠬᠤ ᠳ᠋ᠤ᠌ ᠭᠦᠶᠦᠨ ᠣᠴᠢᠪᠠᠯ ᠴᠢᠳᠥᠷ ᠨᠢ ᠠᠷᠭᠠᠮᠵᠢᠶ᠎ᠠ ᠲᠠᠢ ᠪᠠᠨ ᠪᠠᠢᠪᠠ᠃ ᠡᠷᠳᠡᠨᠢ ᠴᠢᠨᠠᠭᠰᠢ ᠬᠠᠷᠠᠬᠤ ᠭᠡᠲᠡᠯ᠎ᠡ ᠡᠮᠦᠨᠡᠬᠢ ᠬᠠᠷ᠎ᠠ ᠠᠭᠤᠯᠠ ᠲᠣᠮᠣᠷᠠᠭᠰᠠᠭᠠᠷ ᠣᠢᠷᠠᠲᠤᠭᠠᠳ ᠢᠷᠡᠬᠦ ᠰᠢᠭ ᠪᠣᠯᠬᠤ ᠳ᠋ᠤ᠌ ᠭᠡᠳᠡᠷᠭᠦ ᠪᠡᠨ ᠬᠣᠶᠠᠷ ᠠᠯᠬᠤᠪᠠ᠃
ᠬᠡᠰᠡᠭ ᠭᠥᠯᠢᠷᠡᠨ ᠵᠣᠭᠰᠣᠭᠰᠠᠨ ᠢ᠋ᠶ᠋ᠠᠨ ᠬᠦᠨᠳᠦ ᠰᠢᠷᠠᠭᠳᠤᠭᠰᠠᠨ ᠬᠥᠮᠦᠨ ᠡᠴᠦᠰ ᠦ᠋ᠨ ᠬᠦᠴᠦ ᠪᠡᠨ ᠰᠢᠪᠬᠠᠨ ᠠᠯᠬᠤᠵᠤ ᠪᠠᠢᠭ᠎ᠠ ᠶᠤᠮ ᠰᠢᠭ᠋ ᠬᠡᠳᠦ ᠠᠯᠬᠤᠵᠤ ᠬᠠᠷ᠎ᠠ ᠴᠢᠭᠢᠭ ᠲᠦ᠍ ᠨᠡᠪᠲᠡ ᠨᠣᠷᠤᠭᠰᠠᠨ ᠭᠤᠷᠮᠤᠰᠤᠨ ᠴᠢᠳᠥᠷ ᠢ᠋ ᠠᠳᠬᠤᠵᠤ᠂ ᠲᠡᠷᠲᠡᠭᠡ ᠪᠠᠷᠠᠭᠤᠨ᠎ᠠ ᠪᠠᠷᠠᠭᠠᠨᠲᠤᠨ ᠬᠠᠷᠠᠭᠳᠠᠬᠤ ᠠᠭᠤᠯᠠᠰ ᠤ᠋ᠨ ᠳᠡᠭᠡᠭᠦᠷ ᠰᠢᠷᠳᠡᠨ 《ᠲᠠᠢᠰᠢᠷᠢ ᠬᠠᠨ ᠮᠢᠨᠢ᠂ ᠠᠲᠠᠭ᠎ᠠ ᠲᠠᠪᠤᠨ ᠲᠡᠭᠷᠢ ᠮᠢᠨᠢ᠂ ᠭᠣᠮᠪᠣ ᠮᠢᠨᠢ ᠬᠠᠷᠠᠬᠤ ᠦᠭᠡᠢ ᠶᠠᠭᠠᠬᠢᠭ᠎ᠠ ᠪᠣᠢ ᠳᠠ》 ᠭᠡᠵᠦ ᠰᠢᠪᠡᠭᠡᠨᠡᠪᠡ᠃
ᠡᠷᠳᠡᠨᠢ ᠶ᠋ᠢ ᠪᠣᠰᠤᠭᠠᠳ ᠭᠠᠷᠬᠤ ᠳ᠋ᠤ᠌ ᠰᠡᠷᠢᠭᠰᠡᠨ ᠲᠤᠯᠭᠠᠷ ᠣᠷᠣᠵᠤ ᠢᠷᠡᠬᠦ ᠳ᠋ᠦ᠍ᠨᠢ ᠥᠨᠳᠡᠢᠵᠦ᠄
ᠲᠡᠭᠷᠢ ᠰᠠᠢᠬᠠᠨ ᠪᠠᠢᠨᠠᠤ? ᠭᠡᠵᠦ ᠠᠰᠠᠭᠤᠪᠠ᠃
ᠡᠷᠳᠡᠨᠢ ᠮᠠᠢᠬᠠᠨ ᠤ᠋ ᠡᠭᠦᠳᠡᠨ ᠳ᠋ᠦ᠍ ᠳᠠᠭᠤ ᠦᠭᠡᠢ ᠵᠣᠭᠰᠣᠵᠤ ᠪᠠᠢᠭᠰᠠᠨ ᠢ᠋ᠶ᠋ᠠᠨ ᠠᠷᠭᠠᠮᠵᠢ ᠴᠢᠳᠥᠷ ᠢ᠋ᠶ᠋ᠡᠨ ᠮᠠᠢᠬᠠᠨ ᠤ᠋ ᠬᠠᠶᠠᠭ᠎ᠠ ᠤᠷᠤᠭᠤ ᠰᠢᠲᠠᠵᠤ 《ᠬᠤᠯᠠᠭᠠᠢ ᠠᠪᠤᠭᠠᠳ ᠶᠠᠪᠤᠴᠢᠬᠠᠵᠠᠢ》 ᠭᠡᠵᠦ ᠬᠡᠯᠡᠪᠡ᠃
ᠶᠠᠭᠤ᠂ ᠮᠣᠷᠢ ᠶ᠋ᠢ ᠮᠢᠨᠢ ᠤᠤ? ᠭᠡᠵᠦ ᠬᠠᠰᠬᠢᠷᠤᠭᠠᠳ ᠲᠤᠯᠭᠠᠷ ᠪᠣᠰᠤᠨ ᠬᠠᠷᠠᠢᠪᠠ᠃
ᠲᠡᠢᠮᠦ ᠭᠡᠳ ᠡᠷᠳᠡᠨᠢ ᠳᠡᠪᠢᠰᠴᠦ ᠤᠨᠲᠠᠭᠰᠠᠨ ᠥᠩᠭᠡ ᠦᠭᠡᠢ ᠰᠢᠷᠢᠳᠡᠭ ᠳᠡᠭᠡᠷ᠎ᠡ ᠪᠡᠨ ᠰᠠᠭᠤᠪᠠ᠃
ᠣᠳᠣ ᠶᠠᠭᠠᠬᠢᠳᠠᠭ ᠪᠢᠯᠡ᠃ ᠬᠥᠮᠦᠨ ᠦ᠌ ᠭᠠᠵᠠᠷ᠂ ᠬᠦᠩ ᠦ᠋ᠨ ᠨᠤᠲᠤᠭ ᠲᠤ᠌ ᠭᠠᠬᠠᠢ ᠶᠠᠪᠠᠭᠠᠨ ᠬᠠᠮᠢᠭ᠎ᠠ ᠣᠴᠢᠬᠤ ᠪᠢᠯᠡ ᠭᠡᠵᠦ ᠲᠤᠯᠭᠠᠷ ᠤᠬᠢᠯᠠᠬᠤ ᠳ᠋ᠤ᠌ ᠨᠢᠯᠪᠤᠰᠤ ᠬᠠᠴᠠᠷ ᠢ᠋ ᠳᠠᠭᠠᠨ ᠤᠷᠤᠰᠪᠠ᠃
ᠡᠨᠡ ᠮᠠᠢᠬᠠᠨ ᠳ᠋ᠤ᠌ ᠣᠷᠣᠭᠰᠠᠨ ᠵᠣᠪᠠᠯᠠᠩ ᠨᠠᠳᠠ ᠫᠠᠳ ᠦᠭᠡᠢ ᠭᠡᠰᠡᠨ ᠶᠤᠮ ᠰᠢᠭ ᠲᠠᠮᠢᠷ ᠤ᠋ᠨ ᠭᠣᠣᠯ ᠵᠢᠭᠳᠡᠬᠡᠨ ᠱᠤᠤᠭᠢᠨ ᠤᠷᠤᠰᠴᠤ᠂ ᠳᠣᠷᠣᠨ᠎ᠠ ᠵᠦᠭ ᠡᠴᠡ ᠤᠯᠠᠮ ᠲᠣᠳᠣᠷᠠᠵᠤ ᠪᠠᠢᠭ᠎ᠠ ᠦᠷ ᠦ᠋ᠨ ᠭᠡᠭᠡ ᠨᠣᠢᠷᠰᠤᠭᠰᠠᠨ ᠶᠢᠷᠲᠢᠨᠴᠦ ᠳ᠋ᠦ᠍ ᠰᠢᠨ᠎ᠡ ᠡᠳᠦᠷ ᠮᠡᠨᠳᠦᠯᠡᠭᠰᠡᠨ ᠢ᠋ ᠪᠠᠶᠠᠷᠲᠠᠢ ᠲᠤᠩᠬᠠᠭᠯᠠᠵᠤ ᠪᠠᠢᠪᠠ᠃
ᠤᠬᠢᠯᠠᠭᠠᠳ ᠶᠠᠭᠤ ᠬᠢᠬᠦ ᠪᠣᠢ᠃ ᠬᠡᠷᠡᠭ ᠦᠭᠡᠢ᠁ ᠵᠠ ᠳᠠ ᠭᠡᠳ ᠲᠤᠯᠭᠠᠷ ᠤᠷᠤᠭᠤ ᠬᠠᠷᠠᠵᠤ ᠢᠨᠢᠶᠡᠮᠰᠦᠭᠯᠡᠬᠦ ᠭᠡᠳ ᠴᠢᠳᠠᠭᠰᠠᠨ ᠦᠭᠡᠢ᠃ ᠠᠮᠠ ᠨᠢ ᠮᠤᠷᠤᠯᠵᠠᠨ ᠥᠳᠬᠡᠨ ᠬᠠᠷ᠎ᠠ ᠬᠥᠮᠥᠰᠬᠡ ᠨᠢ ᠲᠠᠲᠠᠯᠳᠤᠭᠰᠠᠨ ᠢ᠋ᠶ᠋ᠠᠨ ᠮᠣᠳᠣ ᠲᠣᠯᠣᠭᠠᠢ ᠪᠠᠨ ᠠᠪᠴᠤ ᠲᠠᠮᠠᠬᠢ ᠨᠡᠷᠡᠭᠡᠳ ᠬᠡᠳᠦ ᠳᠠᠬᠢᠨ ᠤᠭᠰᠠᠷᠠᠵᠤ ᠲᠠᠲᠠᠯ᠎ᠠ᠃
《ᠣᠳᠣ ᠶᠠᠭᠠᠬᠢᠵᠤ ᠪᠣᠢ?》 ᠭᠡᠳᠡᠭ ᠮᠤᠬᠤᠷ ᠰᠣᠬᠣᠷ ᠠᠰᠠᠭᠤᠳᠠᠯ ᠡᠷᠳᠡᠨᠢ ᠶ᠋ᠢᠨ ᠰᠡᠳᠬᠢᠯ ᠳ᠋ᠦ᠍ ᠣᠷᠣᠵᠤ ᠬᠣᠭᠣᠯᠠᠢ ᠳ᠋ᠤᠨᠢ ᠲᠡᠭᠡᠭᠯᠡᠨ᠂ ᠨᠢᠳᠦ ᠨᠢ ᠪᠠᠢᠨ ᠪᠠᠢᠨ ᠬᠠᠷᠠᠩᠬᠤᠢᠯᠠᠵᠤ ᠪᠠᠢᠪᠠ᠃ ᠢᠩᠭᠢᠭᠡᠳ ᠤᠬᠢᠯᠠᠵᠤ ᠪᠠᠢᠭ᠎ᠠ ᠲᠤᠯᠭᠠᠷ ᠤᠷᠤᠭᠤ ᠨᠢᠳᠦᠨ ᠦ᠌ ᠪᠤᠯᠤᠩ ᠢ᠋ᠶ᠋ᠠᠷ ᠬᠠᠷᠠᠭᠰᠠᠨ ᠢ᠋ᠶ᠋ᠠᠨ ᠪᠦᠰᠡ ᠪᠡᠨ ᠪᠦᠰᠡᠯᠡᠭᠡᠳ᠂ ᠳᠠᠬᠢᠨ ᠡᠨᠳᠡ ᠡᠴᠡ ᠪᠣᠰᠬᠤ ᠦᠭᠡᠢ ᠭᠡᠰᠡᠨ ᠪᠣᠯᠤᠯᠲᠠᠢ ᠲᠠᠪᠠᠲᠠᠢ ᠵᠠᠪᠢᠯᠠᠵᠤ ᠰᠠᠭᠤᠪᠠ᠃
ᠵᠠ ᠬᠦ ᠶᠠᠪᠠᠭᠠᠷᠠᠭᠰᠠᠨ ᠪᠣᠯᠬᠤ ᠡᠴᠡ ᠦᠬᠦᠭᠰᠡᠨ ᠪᠢᠰᠢ᠃ ᠴᠠᠢ ᠴᠢᠨᠠᠵᠤ ᠤᠤᠭᠤᠵᠠᠭᠠᠶ᠎ᠠ᠃ ᠠᠮᠢᠳᠤ ᠬᠥᠮᠦᠨ ᠠᠷᠭ᠎ᠠ ᠲᠠᠢ᠂ ᠠᠷᠭᠠᠯ ᠤ᠋ᠨ ᠭᠠᠯ ᠴᠣᠭ ᠲᠠᠢ ᠳᠠ ᠭᠡᠵᠦ ᠵᠠᠭᠤᠭᠰᠠᠨ ᠰᠢᠲᠦᠨ ᠦ᠌ ᠪᠡᠨ ᠵᠠᠪᠰᠠᠷ ᠢ᠋ᠶ᠋ᠠᠷ ᠰᠢᠪᠡᠭᠡᠨᠡᠨ ᠬᠡᠯᠡᠪᠡ᠃
ᠡᠷᠳᠡᠨᠢ ᠶ᠋ᠢᠨ ᠰᠢᠨ᠎ᠡ ᠵᠠᠩᠭᠢᠷᠠᠨ ᠳᠠᠯᠪᠢᠷᠠᠵᠤ᠂ ᠨᠢᠳᠦ ᠨᠢ ᠡᠮᠦᠨᠡᠬᠢ ᠭᠠᠵᠠᠷ ᠡᠴᠡ ᠰᠠᠯᠤᠯ ᠦᠭᠡᠢ ᠰᠢᠷᠲᠡᠨ᠂ ᠦᠶ᠎ᠡ ᠦᠶ᠎ᠡ ᠬᠠᠮᠠᠷ ᠠᠮᠠ ᠪᠠᠷ ᠨᠢ ᠴᠡᠩᠬᠡᠷ ᠤᠲᠤᠭ᠎ᠠ ᠪᠤᠷᠭᠢᠯᠤᠨ ᠪᠠᠢᠬᠤ ᠳ᠋ᠤ᠌ ᠲᠤᠯᠭᠠᠷ ᠬᠡᠳᠦ ᠳᠠᠬᠢᠨ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠵᠤ ᠭᠠᠳᠠᠭᠰᠢ ᠭᠠᠷᠤᠯ᠎ᠠ᠃
ᠳᠣᠷᠣᠨᠠᠲᠤ ᠠᠭᠤᠯᠠ ᠶ᠋ᠢᠨ ᠣᠷᠣᠢ ᠡᠴᠡ ᠰᠠᠴᠤᠷᠠᠵᠤ ᠪᠠᠢᠭ᠎ᠠ ᠨᠠᠷᠠᠨ ᠤ᠋ ᠭᠡᠷᠡᠯ ᠳ᠋ᠦ᠍ ᠢᠪᠡᠭᠡᠭᠳᠡᠭᠰᠡᠨ ᠲᠠᠮᠢᠷ ᠤ᠋ᠨ ᠬᠥᠨᠳᠡᠢ ᠶ᠋ᠢᠨ ᠪᠥᠭᠡᠮ ᠪᠥᠭᠡᠮ ᠭᠢᠯᠠᠯᠵᠠᠭᠰᠠᠨ ᠬᠠᠷ᠎ᠠ ᠲᠣᠯᠪᠣ ᠨᠠᠮᠤᠷ ᠤ᠋ᠨ ᠬᠠᠮᠬᠤᠤᠯ ᠰᠢᠭ᠋ ᠥᠩᠬᠥᠷᠢᠨ ᠲᠣᠭᠯᠠᠵᠤ ᠪᠠᠢᠪᠠ᠃
ᠭᠠᠯ ᠲᠦᠯᠡᠵᠦ ᠪᠠᠢᠬᠤ ᠳ᠋ᠠᠭᠠᠨ ᠲᠤᠯᠭᠠᠷ 《ᠭᠣᠮᠪᠣ ᠮᠢᠨᠢ᠂ ᠲᠠᠢᠰᠢᠷᠢ ᠮᠢᠨᠢ》 ᠭᠡᠵᠦ ᠳᠠᠬᠢᠨ ᠳᠠᠬᠢᠨ ᠰᠢᠪᠡᠭᠡᠨᠡᠪᠡᠴᠦ᠂ 《ᠭᠣᠮᠪᠣ ᠲᠠᠢᠰᠢᠷᠢ》 ᠬᠣᠶᠠᠷ ᠡᠴᠡ ᠴᠣᠬᠣᠮ ᠶᠠᠭᠤ ᠶ᠋ᠢ ᠭᠤᠶᠤᠵᠤ ᠪᠠᠢᠭ᠎ᠠ ᠪᠠᠨ ᠥᠪᠡᠷ ᠢ᠋ᠶ᠋ᠡᠨ ᠮᠡᠳᠡᠬᠦ ᠦᠭᠡᠢ ᠪᠠᠢᠵᠠᠢ᠃
ᠤᠩᠰᠢᠵᠤ ᠰᠣᠨᠣᠰᠬᠤ ᠴᠠᠬᠢᠮ
ᠲᠠᠢᠯᠪᠤᠷᠢ᠄
① ᠣᠳᠣ ᠶ᠋ᠢᠨ ᠭᠣᠪᠢ ᠠᠯᠲᠠᠢ ᠠᠢᠮᠠᠭ ᠤ᠋ᠨ ᠵᠡᠭᠦᠨ ᠡᠮᠦᠨᠡᠲᠦ ᠰᠤᠮᠤᠳ᠃
② ᠭᠣᠪᠢ ᠠᠯᠲᠠᠢ ᠠᠢᠮᠠᠭ ᠤ᠋ᠨ ᠲᠦᠮᠡᠨ᠂ ᠲᠠᠢᠰᠢᠷᠢ ᠰᠤᠮᠤ᠃
③ ᠣᠳᠣ ᠶ᠋ᠢᠨ ᠳᠣᠷᠣᠨᠠᠭᠣᠪᠢ᠂ ᠳᠤᠮᠳᠠᠭᠣᠪᠢ᠂ ᠡᠮᠦᠨᠡᠭᠣᠪᠢ ᠶ᠋ᠢᠨ ᠵᠠᠪᠰᠠᠷ ᠨᠤᠲᠤᠭ᠃
④ ᠣᠳᠣ ᠶ᠋ᠢᠨ ᠵᠠᠪᠬᠠᠨ ᠠᠢᠮᠠᠭ ᠤ᠋ᠨ ᠬᠠᠢᠷᠬᠠᠨ᠂ ᠳᠦᠳᠤᠪᠳᠤ᠂ ᠴᠡᠴᠡᠨ ᠠᠭᠤᠯᠠ ᠰᠤᠮᠤ᠃
⑤ ᠠᠪᠤᠷᠭᠤ ᠮᠣᠭᠠᠢ ᠶ᠋ᠢᠨ ᠲᠣᠯᠣᠭᠠᠢ ᠭᠠᠷᠴᠤ ᠢᠷᠡᠬᠦ ᠳ᠋ᠦ᠍ ᠵᠠᠶ᠎ᠠ ᠪᠠᠨᠳᠢᠳᠠ ᠣᠷᠬᠢᠮᠵᠢ ᠪᠠᠷ ᠢ᠋ᠶ᠋ᠠᠨ ᠲᠠᠢᠬᠠᠷ ᠴᠢᠯᠠᠭᠤ ᠶ᠋ᠢ ᠣᠭᠣᠰᠣᠷᠯᠠᠨ ᠡᠭᠦᠷᠴᠦ ᠢᠷᠡᠭᠡᠳ ᠳᠠᠷᠤᠭᠰᠠᠨ ᠭᠡᠵᠦ ᠶᠠᠷᠢᠳᠠᠭ ᠶᠤᠮ᠃
⑥ ᠭᠣᠮᠪᠣ ᠪᠣᠯ ᠵᠠᠰᠠᠭᠲᠤ ᠬᠠᠨ ᠤ᠋ ᠬᠤᠰᠢᠭᠤᠨ ᠤ᠋ ᠭᠣᠣᠯ ᠰᠠᠬᠢᠭᠤᠰᠤ᠃
