ᠲᠤᠩᠭᠠᠯᠠᠭ ᠲᠠᠮᠢᠷ1-07-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-07-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-07-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-06

1937

《ᠨᠢᠳᠦ ᠪᠠᠯᠠᠢ᠂ ᠴᠢᠬᠢ ᠳᠦᠯᠡᠢ》 - ᠨᠢᠭᠡᠳᠦᠭᠡᠷ ᠪᠦᠯᠦᠭ ᠳᠣᠯᠣᠭ᠎ᠠ


  ᠦᠷ ᠦ᠋ᠨ ᠭᠡᠭᠡ ᠴᠠᠢᠷᠠᠨ ᠳᠣᠷᠣᠨᠠᠲᠤ ᠠᠭᠤᠯᠠ ᠶ᠋ᠢᠨ ᠣᠷᠣᠢ᠂ ᠳᠡᠯ ᠰᠡᠭᠦᠯ ᠢ᠋ᠶ᠋ᠡᠨ ᠪᠣᠰᠬᠠᠭᠰᠠᠨ ᠠᠵᠢᠷᠭ᠎ᠠ ᠰᠢᠭ᠋ ᠰᠦᠷ ᠲᠡᠢ ᠬᠠᠷᠠᠭᠳᠠᠵᠤ᠂ ᠰᠡᠷᠢᠭᠦᠨ ᠰᠠᠯᠬᠢ ᠪᠠᠷᠠᠭᠤᠨ ᠬᠣᠢᠨ᠎ᠠ ᠡᠴᠡ ᠦᠯᠢᠶᠡᠪᠡ᠃
  ᠢᠲᠡᠭᠡᠯᠲᠦ ᠶ᠋ᠢᠨ ᠠᠳᠤᠭᠤ ᠶ᠋ᠢ ᠮᠠᠨᠠᠭᠰᠠᠨ ᠭᠠᠯᠰᠠᠩ ᠮᠣᠷᠢᠨ ᠡᠴᠡ ᠪᠠᠭᠤᠵᠤ ᠳᠠᠬᠢᠨ ᠨᠢᠭᠡ ᠰᠥᠨᠢ ᠡᠩᠬᠡ ᠠᠮᠤᠭᠤᠯᠠᠩ ᠥᠩᠭᠡᠷᠡᠭᠰᠡᠨ ᠳ᠋ᠦ᠍ ᠪᠠᠶᠠᠷᠯᠠᠨ ᠲᠠᠮᠠᠬᠢ ᠪᠠᠨ ᠬᠡᠳᠦ ᠤᠭᠰᠠᠷᠠᠨ ᠮᠣᠷᠳᠠᠬᠤ ᠭᠡᠲᠡᠯ᠎ᠡ ᠮᠣᠷᠢᠨ ᠲᠦᠪᠡᠷᠭᠡᠨ ᠰᠣᠨᠣᠰᠳᠠᠵᠤ ᠪᠦᠷᠦᠭ ᠬᠠᠷᠠᠩᠭᠤᠢ ᠶ᠋ᠢᠨ ᠳᠤᠮᠳᠠ ᠡᠴᠡ ᠮᠣᠷᠢ ᠲᠠᠢ ᠬᠥᠮᠦᠨ ᠦ᠌ ᠪᠠᠷ᠎ᠠ ᠲᠣᠳᠣᠷᠠᠯ᠎ᠠ᠃
  ᠭᠠᠯᠰᠠᠩ᠂ ᠠᠷᠪᠠᠨ ᠨᠠᠰᠤ ᠡᠴᠡ ᠬᠣᠷᠢᠨ ᠲᠠᠪᠤᠨ ᠨᠠᠰᠤ ᠬᠦᠷᠲᠡᠯ᠎ᠡ ᠢᠲᠡᠭᠡᠯᠲᠦ ᠶ᠋ᠢᠨ ᠳ᠋ᠦ᠍ ᠵᠠᠷᠤᠭᠳᠠᠭᠰᠠᠨ ᠬᠥᠮᠦᠨ᠃ ᠠᠩᠬ᠎ᠠ ᠲᠡᠭᠦᠨ ᠢ᠋ ᠵᠠᠶ᠎ᠠ ᠶ᠋ᠢᠨ ᠬᠦᠷᠢᠶᠡᠨ ᠳᠡᠭᠡᠷ᠎ᠡ ᠭᠣᠶᠣᠯᠭ᠎ᠠ ᠭᠤᠶᠤᠵᠤ ᠶᠠᠪᠤᠬᠤ ᠳ᠋ᠤᠨᠢ ᠣᠯᠵᠤ ᠠᠪᠴᠠᠢ᠃ ᠢᠩᠭᠢᠭᠡᠳ ᠢᠲᠡᠭᠡᠯᠲᠦ ᠶ᠋ᠢᠨ ᠶᠠᠭᠤ ᠬᠡᠯᠡᠭᠰᠡᠨ ᠢ᠋ ᠬᠢᠴᠢᠶᠡᠩᠭᠦᠢᠯᠡᠨ ᠪᠡᠶᠡᠯᠡᠭᠦᠯᠵᠦ᠂ ᠶᠠᠭᠤ ᠥᠭᠭᠦᠭᠰᠡᠨ ᠢ᠋ ᠪᠠᠶᠠᠷᠯᠠᠨ ᠬᠦᠷᠲᠡᠵᠦ ᠬᠣᠷᠸ᠎ᠠ ᠳᠡᠭᠡᠷ᠎ᠡ ᠢᠲᠡᠭᠡᠯᠲᠦ ᠶ᠋ᠢᠨ ᠬᠦᠴᠦ ᠪᠡᠷ ᠠᠮᠢᠳᠤᠷᠠᠵᠤ ᠶᠠᠪᠤᠨ᠎ᠠ ᠭᠡᠵᠦ ᠪᠣᠳᠣᠳᠠᠭ ᠠᠵᠢ᠃
  ᠬᠣᠶᠠᠷ ᠵᠢᠯ ᠦ᠋ᠨ ᠡᠮᠦᠨ᠎ᠡ ᠢᠲᠡᠭᠡᠯᠲᠦ ᠥᠪᠡᠷ ᠢ᠋ᠶ᠋ᠡᠨ ᠬᠥᠭᠡᠭᠡᠴᠡᠯᠳᠦᠵᠦ ᠪᠠᠭ᠎ᠠ ᠰᠠᠭ᠎ᠠ ᠬᠥᠷᠥᠩᠭᠡ ᠵᠠᠷᠤᠵᠤ ᠪᠠᠢᠭᠠᠳ ᠨᠤᠲᠤᠭ ᠤ᠋ᠨ ᠨᠢᠭᠡᠨ ᠶᠠᠳᠠᠭᠤ ᠠᠪᠠᠭᠠᠢ ᠶ᠋ᠢᠨ ᠥᠬᠢᠨ ᠳᠤᠯᠮ᠎ᠠ ᠲᠠᠢ ᠰᠠᠭᠤᠯᠭᠠᠭᠠᠳ ᠲᠣᠪ ᠬᠢᠭᠰᠡᠨ ᠳᠥᠷᠪᠡᠨ ᠬᠠᠨ᠎ᠠ ᠲᠠᠢ ᠭᠡᠷ ᠪᠠᠷᠢᠵᠤ ᠥᠭᠴᠡᠢ᠃ ᠥᠩᠭᠡᠷᠡᠭᠰᠡᠨ ᠨᠠᠮᠤᠷ ᠭᠠᠯᠰᠠᠩ ᠤ᠋ᠨ ᠢᠳᠡᠰᠢᠨ ᠳ᠋ᠦ᠍ ᠬᠥᠯ ᠨᠢ ᠬᠤᠭᠤᠷᠠᠵᠤ ᠬᠠᠲᠠᠭᠰᠠᠨ ᠲᠤᠷᠠᠩᠬᠠᠢ ᠰᠠᠷᠯᠤᠭ ᠥᠭᠬᠦ ᠳ᠋ᠦ᠍ᠨᠢ ᠳᠤᠯᠮ᠎ᠠ 《ᠡᠨᠡ ᠳᠡᠪᠬᠡᠷᠭᠡ ᠢᠲᠡᠭᠡᠯᠲᠦ᠂ ᠬᠣᠶᠠᠭᠤᠯᠠ ᠶ᠋ᠢ ᠮᠢᠨᠢ ᠵᠠᠷᠤᠵᠤ ᠪᠠᠢᠭ᠎ᠠ ᠮᠥᠷᠳᠡᠯ᠎ᠡ ᠪᠡᠨ ᠦᠵᠡᠬᠦ ᠥᠭᠡᠬᠦ ᠦᠭᠡᠢ ᠬᠠᠲᠠᠩᠭᠢᠷ ᠵᠣᠪᠠᠯᠭ᠎ᠠ ᠥᠭᠭᠦᠨ᠎ᠡ ᠭᠡᠨ᠎ᠡ》 ᠭᠡᠰᠡᠨ ᠳ᠋ᠦ᠍ ᠭᠠᠯᠰᠠᠩ ᠠᠭᠤᠷᠯᠠᠵᠤ 《ᠬᠠᠷ᠎ᠠ ᠡᠮ᠎ᠡ ᠴᠢ᠂ ᠪᠤᠶᠠᠨ ᠢ᠋ ᠨᠢ ᠭᠤᠳᠤᠷᠴᠤ ᠪᠠᠢᠭᠠᠳ ᠡᠵᠡᠨ ᠢ᠋ ᠨᠢ ᠮᠠᠭᠤ ᠬᠡᠯᠡᠨ᠎ᠡ ᠭᠡᠨ᠎ᠡ᠃ ᠵᠠᠳᠠᠷᠠᠭᠰᠠᠨ ᠥᠯᠥᠭᠴᠢᠨ》 ᠭᠡᠵᠦ ᠬᠡᠯᠡᠭᠡᠳ ᠡᠷ᠎ᠡ ᠡᠮ᠎ᠡ ᠬᠣᠶᠠᠷ ᠬᠡᠷᠡᠯᠳᠦᠵᠦ᠂ ᠡᠴᠦᠰ ᠲᠦ᠋ᠨᠢ ᠳᠤᠯᠮ᠎ᠠ ᠶ᠋ᠢᠨ ᠨᠢᠳᠦ ᠶ᠋ᠢ ᠵᠣᠯᠳᠣᠰᠤ ᠪᠠᠷ ᠬᠥᠬᠡᠷᠡᠲᠡᠯ᠎ᠡ ᠴᠣᠬᠢᠵᠠᠢ᠃
  ᠭᠠᠯᠰᠠᠩ ᠲᠤᠷᠠᠩᠬᠠᠢ ᠪᠥᠭᠡᠳ ᠨᠠᠮ ᠨᠢᠷᠤᠭᠤ ᠲᠠᠢ ᠪᠣᠯᠪᠠᠴᠤ ᠠᠳᠤᠭᠤᠨ ᠳ᠋ᠤ᠌ ᠡᠷ᠎ᠡ ᠲᠡᠢ᠃ ᠢᠯᠠᠩᠭᠤᠶ᠎ᠠ ᠡᠮᠨᠢᠭ ᠤᠨᠤᠬᠤ ᠳ᠋ᠠᠭᠠᠨ ᠭᠠᠷᠮᠠᠭᠠᠢ᠃ ᠣᠯᠠᠨ ᠲᠠᠪᠤᠨ ᠦᠭᠡ ᠦᠭᠡᠢ᠃ ᠬᠡᠯᠡᠭᠰᠡᠨ ᠪᠦᠬᠦᠨ ᠢ᠋ ᠨᠢ ᠬᠢᠴᠢᠶᠡᠩᠭᠦᠢᠯᠡᠨ ᠬᠢᠳᠡᠭ ᠪᠣᠯᠬᠣᠷ ᠢᠲᠡᠭᠡᠯᠲᠦ ᠥᠪᠡᠷ ᠦ᠋ᠨ ᠦᠨᠡᠨᠴᠢ ᠵᠠᠷᠤᠴᠠ ᠭᠡᠳᠡᠭ ᠪᠣᠯᠪᠠᠴᠤ ᠥᠷᠢ ᠰᠢᠷᠢ ᠨᠡᠬᠡᠬᠦ ᠵᠡᠷᠭᠡ ᠴᠢᠬᠤᠯᠠ ᠠᠵᠢᠯ ᠳ᠋ᠠᠭᠠᠨ ᠢᠲᠡᠭᠡᠵᠦ ᠶᠠᠪᠤᠭᠤᠯᠳᠠᠭ ᠦᠭᠡᠢ ᠪᠠᠢᠪᠠ᠃
  ᠨᠢᠭᠡᠨ ᠤᠳᠠᠭ᠎ᠠ ᠢᠲᠡᠭᠡᠯᠲᠦ ᠶ᠋ᠢ ᠥᠷᠢ ᠨᠡᠬᠡᠬᠦ ᠪᠡᠷ ᠶᠠᠪᠤᠬᠤ ᠭᠡᠵᠦ ᠪᠠᠢᠬᠤ ᠳ᠋ᠤᠨᠢ ᠳᠤᠯᠵᠢᠨ《ᠡᠨᠡ ᠬᠠᠷ᠎ᠠ ᠬᠦᠢᠲᠡᠨ ᠳ᠋ᠦ᠍ ᠥᠪᠡᠷ ᠢ᠋ᠶ᠋ᠡᠨ ᠶᠠᠪᠤᠭᠠᠳ ᠶᠠᠭᠠᠬᠢᠬᠤ ᠨᠢ ᠪᠣᠢ? ᠭᠠᠯᠰᠠᠩ ᠢ᠋ ᠶᠠᠪᠤᠭᠤᠯᠴᠢᠬ᠎ᠠ》 ᠭᠡᠬᠦ ᠳ᠋ᠦ᠍᠄ 《ᠨᠢᠭᠡ ᠪᠣᠯ ᠬᠥᠮᠦᠨ ᠦ᠌ ᠵᠢᠪᠡᠭᠦᠦ ᠬᠦᠷᠭᠡᠴᠢᠬᠡᠬᠦ᠂ ᠡᠰᠡᠬᠦᠯ᠎ᠡ ᠬᠥᠮᠦᠨ ᠳ᠋ᠦ᠍ ᠮᠠᠯᠯᠠᠭᠳᠠᠬᠤ ᠠᠮᠢᠲᠠᠨ ᠢ᠋ ᠶᠠᠪᠤᠭᠤᠯᠤᠭᠠᠳ ᠶᠠᠭᠤ ᠪᠣᠳᠣᠵᠤ ᠰᠠᠭᠤᠬᠤ ᠪᠢᠯᠡ ᠳᠠ᠃ ᠠᠳᠤᠭᠤ ᠪᠠᠨ ᠬᠠᠷᠢᠭᠤᠯᠵᠤ ᠯᠠ ᠪᠠᠢᠪᠠᠯ ᠪᠣᠯᠬᠤ ᠨᠢ ᠲᠡᠷᠡ》 ᠭᠡᠵᠡᠢ᠃
  ᠊᠊᠊᠊᠊᠊᠊᠊᠊᠊᠊᠊᠊᠊᠊ ᠵᠠ ᠬᠦ᠂ ᠠᠳᠤᠭᠤ ᠪᠠᠨ ᠰᠠᠢᠨ ᠮᠠᠨᠠᠪᠠ ᠤᠤ? ᠭᠡᠵᠦ ᠡᠷᠲᠡ ᠤᠶᠠᠬᠤ ᠶᠣᠰᠣᠲᠠᠢ ᠮᠣᠷᠢ ᠪᠠᠷᠢᠬᠤ ᠪᠠᠷ ᠢᠷᠡᠭᠰᠡᠨ ᠡᠷᠳᠡᠨᠢ ᠶ᠋ᠢᠨ ᠠᠰᠠᠭᠤᠬᠤ ᠳ᠋ᠤ᠌ ᠭᠠᠯᠰᠠᠩ ᠨᠠᠷᠢᠬᠠᠨ ᠳᠠᠭᠤ ᠪᠠᠷ ᠬᠥᠭᠵᠢᠯᠲᠡᠢ ᠢᠨᠢᠶᠡᠭᠰᠡᠨ ᠢ᠋ᠶ᠋ᠡᠨ᠄
  ᠊᠊᠊᠊᠊᠊᠊᠊᠊᠊᠊᠊᠊᠊᠊ ᠡᠵᠡᠨ ᠨᠢ ᠪᠤᠶᠠᠨ ᠲᠠᠢ ᠪᠣᠯᠬᠣᠷ ᠠᠳᠤᠭᠤ ᠨᠢ ᠲᠣᠭᠲᠠᠪᠤᠷᠢ ᠲᠠᠢ ᠪᠠᠢᠳᠠᠭ ᠶᠤᠮ ᠭᠡᠪᠡ᠃
  ᠊᠊᠊᠊᠊᠊᠊᠊᠊᠊᠊᠊᠊᠊᠊ ᠡᠷᠳᠡᠨᠢ ᠶ᠋ᠢ ᠠᠩᠬ᠎ᠠ ᠢᠷᠡᠬᠦ ᠳ᠋ᠦ᠍ᠨᠢ ᠭᠠᠯᠰᠠᠩ ᠲᠡᠭᠦᠨ ᠲᠡᠢ ᠠᠲᠠᠭᠠᠷᠬᠠᠵᠤ ᠳᠤᠷ᠎ᠠ ᠦᠭᠡᠢ ᠪᠠᠢᠵᠠᠢ᠃ ᠦᠬᠡᠷ ᠲᠡᠷᠭᠡ ᠬᠥᠯᠵᠦ ᠴᠢᠳᠠᠬᠤ ᠦᠭᠡᠢ ᠶᠤᠮ᠃ ᠮᠣᠷᠢ ᠤᠷᠭᠠᠯᠠᠬᠤ ᠳ᠋ᠠᠭᠠᠨ ᠲᠣᠯᠣᠭᠠᠢ ᠶ᠋ᠢ ᠮᠠᠭᠤ ᠣᠯᠬᠤ ᠶᠤᠮ ᠭᠡᠬᠦ ᠵᠡᠷᠭᠡ ᠪᠡᠷ ᠬᠡᠳᠦᠨ ᠤᠳᠠᠭ᠎ᠠ ᠡᠷᠳᠡᠨᠢ ᠶ᠋ᠢ ᠢᠲᠡᠭᠡᠯᠲᠦ ᠳ᠋ᠦ᠍ ᠮᠠᠭᠤᠯᠠᠵᠤ ᠶᠠᠷᠢᠭᠰᠠᠨ ᠪᠢᠯᠡ᠃
  ᠊᠊᠊᠊᠊᠊᠊᠊᠊᠊᠊᠊᠊᠊᠊ ᠶᠠᠭᠤᠨ ᠳ᠋ᠤ᠌ ᠴᠢᠪᠠᠭᠠᠨᠴᠠ ᠰᠢᠭ᠋ ᠪᠦᠪᠳᠦᠨᠡᠵᠤ ᠪᠠᠢᠳᠠᠭ ᠶᠤᠮ ᠪᠣᠢ? ᠪᠢ ᠥᠪᠡᠷ ᠢ᠋ᠶ᠋ᠡᠨ ᠮᠡᠳᠡᠵᠦ ᠪᠠᠢᠨ᠎ᠠ ᠭᠡᠵᠦ ᠢᠲᠡᠭᠡᠯᠲᠦ ᠠᠭᠠᠰᠢᠯᠠᠭᠰᠠᠨ ᠡᠴᠡ ᠬᠣᠢᠰᠢ ᠡᠷᠳᠡᠨᠢ ᠶ᠋ᠢᠨ ᠲᠤᠬᠠᠢ ᠶᠠᠷᠢᠬᠤ ᠪᠠᠨ ᠪᠣᠯᠢᠵᠠᠢ᠃ ᠲᠡᠭᠦᠪᠡᠷ ᠴᠦ᠍ ᠪᠠᠷᠠᠬᠤ ᠦᠭᠡᠢ᠂ ᠬᠣᠨᠣᠭ ᠥᠩᠭᠡᠷᠡᠬᠦ ᠳᠣᠳᠣᠮ ᠢᠲᠡᠭᠡᠯᠲᠦ ᠡᠷᠳᠡᠨᠢ ᠳ᠋ᠦ᠍ ᠢᠲᠡᠭᠡᠵᠦ᠂ ᠣᠢᠷ᠎ᠠ ᠶ᠋ᠢᠨ ᠪᠠᠭ᠎ᠠ ᠥᠷᠢ ᠨᠡᠬᠡᠬᠦ ᠠᠵᠢᠯ ᠢ᠋ᠶ᠋ᠠᠷ ᠨᠢᠭᠡ ᠤᠳᠠᠭ᠎ᠠ ᠶᠠᠪᠤᠭᠤᠯᠤᠭᠰᠠᠨ ᠢ᠋ ᠬᠠᠷᠠᠭᠠᠳ ᠪᠤᠶᠠᠨ ᠲᠠᠢ᠂ ᠶᠠᠭᠤᠮ᠎ᠠ ᠮᠡᠳᠡᠳᠡᠭ ᠬᠥᠮᠦᠨ ᠢᠩᠭᠢᠵᠦ ᠪᠠᠢᠬᠤ ᠶ᠋ᠢ ᠪᠣᠳᠣᠬᠤ ᠳ᠋ᠤ᠌ ᠡᠨᠡ ᠡᠷᠳᠡᠨᠢ ᠯᠠᠪ ᠰᠦᠷᠡᠬᠡᠢ ᠬᠥᠮᠦᠨ ᠭᠡᠵᠦ ᠲᠡᠭᠦᠨ ᠦ᠌ ᠬᠡᠯᠡᠭᠰᠡᠨ ᠢ᠋ ᠢᠲᠡᠭᠡᠯᠲᠦ ᠶ᠋ᠢᠨ ᠬᠡᠯᠡᠭᠰᠡᠨ ᠡᠴᠡ ᠪᠠᠷᠤᠭ ᠯᠠ ᠥᠭᠡᠷ᠎ᠡ ᠴᠦ᠍ ᠦᠭᠡᠢ ᠦᠨᠡᠯᠡᠵᠦ ᠪᠠᠢᠳᠠᠭ ᠪᠣᠯᠵᠠᠢ᠃
  ᠊᠊᠊᠊᠊᠊᠊᠊᠊᠊᠊᠊᠊᠊᠊ ᠵᠠ ᠪᠢ ᠪᠠᠷᠢᠯᠴᠠᠶ᠎ᠠ ᠭᠡᠵᠦ ᠨᠣᠢᠷ ᠦᠭᠡᠢ ᠬᠣᠨᠣᠭᠰᠠᠨ ᠡᠴᠡ ᠵᠣᠪᠬᠢ ᠨᠢ ᠤᠯᠠᠢᠭᠰᠠᠨ ᠨᠢᠳᠦ ᠪᠡᠨ ᠠᠨᠢᠪᠴᠢᠨ ᠭᠠᠯᠰᠠᠩ ᠤ᠋ᠨ ᠬᠡᠯᠡᠬᠦ ᠳ᠋ᠦ᠍ ᠡᠷᠳᠡᠨᠢ ᠭᠠᠨᠵᠤᠭ᠎ᠠ ᠡᠴᠡ ᠪᠡᠨ ᠬᠠᠵᠠᠭᠠᠷ ᠠᠪᠬᠤ ᠵᠠᠭᠤᠷ᠎ᠠ᠄
  ᠊᠊᠊᠊᠊᠊᠊᠊᠊᠊᠊᠊᠊᠊᠊ ᠴᠢ ᠡᠯᠭᠦᠭᠡᠳ ᠪᠠᠢ᠂ ᠪᠢ ᠬᠠᠵᠠᠭᠠᠷᠯᠠᠵᠤ ᠠᠪᠤᠶ᠎ᠠ ᠭᠡᠵᠦ ᠬᠡᠯᠡᠪᠡ᠃ ᠮᠣᠷᠢᠳ ᠢ᠋ᠶ᠋ᠠᠨ ᠪᠡᠷᠢᠯᠡᠵᠦ ᠬᠣᠯᠪᠣᠭᠠᠳ ᠡᠷᠳᠡᠨᠢ ᠬᠥᠲᠥᠯᠦᠨ ᠭᠡᠷ ᠦ᠋ᠨ ᠵᠦᠭ ᠬᠠᠲᠠᠷᠢᠭᠤᠯᠤᠨ ᠶᠠᠪᠤᠵᠠᠢ᠃ ᠠᠩᠬᠠᠨ ᠤ᠋ ᠦᠶ᠎ᠡ ᠳ᠋ᠦ᠍ ᠭᠠᠯᠰᠠᠩ ᠢᠲᠡᠭᠡᠯᠲᠦ ᠳ᠋ᠦ᠍ ᠠᠷᠴᠠᠭ᠎ᠠ ᠦᠭᠡᠢ ᠵᠠᠩᠨᠠᠭᠤᠯᠤᠨ᠂ ᠮᠡᠳᠡᠭᠳᠡᠬᠦᠢᠴᠡ ᠵᠢᠰᠤᠷᠳᠠᠵᠤ ᠪᠠᠢᠭ᠎ᠠ ᠶ᠋ᠢ ᠬᠠᠷᠠᠭᠠᠳ ᠡᠷᠳᠡᠨᠢ ᠶ᠋ᠢᠨ ᠳᠤᠷ᠎ᠠ ᠦᠭᠡᠢ ᠨᠢ ᠬᠦᠷᠴᠦ ᠪᠠᠢᠯ᠎ᠠ᠃ ᠭᠡᠪᠡᠴᠦ ᠰᠡᠭᠦᠯ ᠳ᠋ᠡᠭᠡᠨ 《ᠪᠢ ᠴᠦ᠍ ᠪᠠᠰᠠ ᠯᠠ ᠡᠨᠡ ᠬᠥᠮᠦᠨ ᠲᠡᠢ ᠶᠠᠭ ᠯᠠ ᠠᠳᠠᠯᠢᠬᠠᠨ᠃ ᠢᠲᠡᠭᠡᠯᠲᠦ ᠶ᠋ᠢᠨ ᠠᠶ᠎ᠠ ᠶ᠋ᠢ ᠬᠠᠷᠠᠵᠤ ᠶᠠᠪᠤᠨ᠎ᠠ ᠰᠢᠦ ᠳᠡ》 ᠭᠡᠵᠦ ᠪᠣᠳᠣᠭᠠᠳ ᠭᠠᠯᠰᠠᠩ ᠢ᠋ ᠦᠷᠦ ᠡᠪᠡᠳᠳᠡᠭ ᠪᠣᠯᠵᠠᠢ᠃
  ᠡᠷᠳᠡᠨᠢ ᠶ᠋ᠢ ᠤᠶᠠᠭᠠᠨ ᠳᠡᠭᠡᠷ᠎ᠡ ᠢᠷᠡᠬᠦ ᠳ᠋ᠦ᠍ ᠠᠯᠢ ᠬᠡᠳᠦᠢᠨ ᠪᠣᠰᠤᠭᠰᠠᠨ ᠢᠲᠡᠭᠡᠯᠲᠦ ᠬᠦᠯᠢᠶᠡᠵᠦ ᠪᠠᠢᠯ᠎ᠠ᠃ ᠡᠷᠳᠡᠨᠢ ᠶ᠋ᠢᠨ ᠳᠥᠩᠭᠡᠵᠢ ᠰᠠᠶᠢ ᠤᠶᠠᠭᠰᠠᠨ ᠥᠨᠳᠥᠷ ᠬᠡᠭᠡᠷ ᠮᠣᠷᠢᠨ ᠤ᠋ ᠬᠣᠨᠳᠣᠯᠠᠢ ᠶ᠋ᠢ ᠨᠢ ᠤᠷᠲᠤ ᠬᠠᠨᠴᠤᠢ ᠪᠠᠷ ᠠᠷᠴᠢᠬᠤ ᠵᠠᠭᠤᠷ᠎ᠠ᠄
  ᠊᠊᠊᠊᠊᠊᠊᠊᠊᠊᠊᠊᠊᠊᠊ ᠬᠡᠭᠡᠷ ᠮᠣᠷᠢ ᠮᠢᠨᠢ ᠡᠨᠡ ᠵᠢᠯ ᠨᠠᠮᠢ᠋ᠢ ᠪᠠᠶᠠᠷᠯᠠᠭᠤᠯᠬᠤ ᠪᠠᠢᠬ᠎ᠠ ᠭᠡᠵᠦ ᠢᠲᠡᠭᠡᠵᠦ ᠪᠠᠢᠨ᠎ᠠ᠃ ᠳᠠᠮᠰᠢᠭ ᠴᠢᠨᠢ ᠨᠢᠭᠡ ᠯᠡ ᠥᠩᠭᠡ ᠲᠡᠢ ᠪᠠᠢᠨ᠎ᠠ ᠭᠡᠬᠦ ᠳ᠋ᠦ᠍ᠨᠢ ᠡᠷᠳᠡᠨᠢ ᠮᠣᠷᠢᠳ ᠢ᠋ᠶ᠋ᠠᠨ ᠤᠶᠠᠵᠤ ᠳᠠᠭᠤᠰᠤᠭᠠᠳ ᠢᠲᠡᠭᠡᠯᠲᠦ ᠶ᠋ᠢᠨ ᠳᠡᠷᠭᠡᠳᠡ ᠢᠷᠡᠵᠦ᠄
  ᠊᠊᠊᠊᠊᠊᠊᠊᠊᠊᠊᠊᠊᠊᠊ ᠡᠨᠳᠡᠬᠢ ᠶ᠋ᠢᠨ ᠲᠦᠮᠡᠨ ᠦ᠌ ᠡᠬᠢ ᠨᠦ᠍ᠭᠦᠳ ᠢ᠋ ᠮᠡᠳᠡᠬᠦ ᠪᠢᠰᠢ ᠳᠡ᠃ ᠬᠠᠷᠢᠨ ᠬᠡᠭᠡᠷ ᠮᠣᠷᠢᠨ ᠤ᠋ ᠤᠶᠠᠭ᠎ᠠ ᠵᠡᠬᠡᠢ ᠲᠠᠭᠠᠷᠠᠵᠤ ᠪᠠᠢᠬᠤ ᠰᠢᠭ᠋ ᠰᠠᠨᠠᠭᠳᠠᠬᠤ ᠶᠤᠮ ᠭᠡᠯ᠎ᠡ᠃
  ᠮᠣᠷᠢᠳ ᠢ᠋ᠶ᠋ᠠᠨ ᠤᠶᠠᠴᠢᠬᠠᠭᠠᠳ ᠢᠲᠡᠭᠡᠯᠲᠦ᠂ ᠡᠷᠳᠡᠨᠢ ᠬᠣᠶᠠᠷ ᠲᠠᠪᠠᠯᠠᠨ ᠰᠠᠭᠤᠵᠤ ᠤᠳᠠᠬᠤ ᠦᠭᠡᠢ ᠪᠣᠯᠬᠤ ᠶᠡᠬᠡ ᠰᠤᠩᠭᠠᠯᠲᠠ ᠶ᠋ᠢᠨ ᠲᠤᠬᠠᠢ ᠶᠠᠷᠢᠯᠴᠠᠵᠤ ᠪᠠᠢᠲᠠᠯ᠎ᠠ ᠨᠢᠮ᠎ᠠ ᠢᠷᠡᠯ᠎ᠡ᠃
  ᠊᠊᠊᠊᠊᠊᠊᠊᠊᠊᠊᠊᠊᠊᠊ ᠤᠶᠠᠭᠰᠠᠨ ᠮᠣᠷᠢᠳ ᠴᠢᠨᠢ ᠬᠤᠷᠳᠤᠨ ᠪᠣᠯᠲᠤᠭᠠᠢ᠂ ᠬᠤᠷᠠᠭᠰᠠᠨ ᠨᠠᠭᠠᠳᠤᠮ ᠳ᠋ᠤ᠌ ᠲᠦᠷᠦᠭᠦᠯᠡᠬᠦ ᠪᠣᠯᠲᠤᠭᠠᠢ᠃
  ᠊᠊᠊᠊᠊᠊᠊᠊᠊᠊᠊᠊᠊᠊᠊ ᠲᠡᠷᠡ ᠢᠷᠦᠭᠡᠯ ᠪᠠᠲᠤ ᠣᠷᠣᠰᠢᠭ᠃ ᠲᠠᠨ ᠤ᠋ ᠰᠠᠨᠠᠭᠠᠨ ᠳ᠋ᠤ᠌ ᠮᠣᠷᠢᠳ ᠤ᠋ᠨ ᠤᠶᠠᠭ᠎ᠠ ᠶᠠᠮᠠᠷ ᠪᠠᠢᠨ᠎ᠠ ᠳᠠ? ᠭᠡᠵᠦ ᠡᠷᠳᠡᠨᠢ ᠶ᠋ᠢᠨ ᠠᠰᠠᠭᠤᠭᠰᠠᠨ ᠳ᠋ᠤ᠌᠄
  ᠊᠊᠊᠊᠊᠊᠊᠊᠊᠊᠊᠊᠊᠊᠊ ᠮᠢᠨᠦ ᠪᠣᠳᠣᠬᠤ ᠳ᠋ᠤ᠌ ᠰᠣᠢᠯᠲᠠ ᠨᠢ ᠲᠠᠭᠠᠷᠠᠵᠤ ᠳᠠᠯᠠᠪᠴᠢ ᠨᠢ ᠤᠷᠭᠤᠬᠤ ᠯᠠ ᠳᠤᠲᠠᠭᠤ ᠪᠠᠢᠬᠤ ᠰᠢᠭ᠋ ᠭᠡᠵᠦ ᠨᠢᠮ᠎ᠠ ᠬᠡᠯᠡᠭᠡᠳ ᠡᠷᠳᠡᠨᠢ ᠶ᠋ᠢᠨ ᠬᠠᠵᠠᠭᠤ ᠳ᠋ᠤ᠌ ᠡᠪᠦᠳᠦᠭᠯᠡᠨ ᠰᠠᠭᠤᠵᠤ ᠲᠠᠮᠠᠬᠢ ᠲᠠᠲᠠᠯ᠎ᠠ᠃
  ᠊᠊᠊᠊᠊᠊᠊᠊᠊᠊᠊᠊᠊᠊᠊ ᠨᠢᠮ᠎ᠠ ᠭᠤᠸᠠᠢ ᠶᠡᠷᠦᠨᠢ ᠮᠣᠷᠢ ᠰᠣᠢᠬᠤ ᠳ᠋ᠤ᠌ ᠶᠠᠳᠠᠬᠤ ᠳ᠋ᠠᠭᠠᠨ ᠬᠣᠰᠢᠭᠤ ᠴᠤ᠌ ᠨᠡᠮᠡᠬᠦ ᠦᠭᠡᠢ ᠶᠤᠮ ᠠ᠋ ᠳᠠ ᠭᠡᠵᠦ ᠢᠲᠡᠭᠡᠯᠲᠦ ᠬᠡᠯᠡᠪᠡ᠃
  ᠊᠊᠊᠊᠊᠊᠊᠊᠊᠊᠊᠊᠊᠊᠊ ᠪᠤᠷᠬᠠᠨ ᠮᠠᠯ ᠮᠠᠯᠯᠠᠬᠤ ᠠᠪᠢᠶᠠᠰ ᠬᠤᠪᠢᠶᠠᠷᠢᠯᠠᠬᠤ ᠳ᠋ᠤ᠌ ᠲᠠ ᠨᠠᠷ ᠰᠢᠭ᠋ ᠤᠪ ᠲᠠᠢ ᠲᠦᠷᠦᠭᠦᠯᠡᠵᠦ ᠣᠴᠢᠭᠠᠳ ᠰᠠᠢᠨ ᠮᠣᠷᠢ ᠰᠣᠢᠬᠤ᠂ ᠣᠷᠣᠯᠳᠣᠬᠤ ᠶᠠᠪᠤᠳᠠᠯ ᠲᠠᠢ ᠮᠣᠷᠢ ᠤᠨᠤᠬᠤ ᠠᠪᠢᠶᠠᠰ ᠢ᠋ ᠨᠢ ᠠᠪᠴᠤ ᠣᠷᠬᠢᠭᠠᠳ᠂ ᠨᠠᠳᠠ ᠰᠢᠭ᠋ ᠨᠢ ᠠᠢᠷᠠᠭ ᠭᠦᠵᠡᠭᠡᠯᠡᠵᠦ᠂ ᠠᠶᠠᠭ᠎ᠠ ᠱᠣᠷᠣᠳᠠᠵᠤ ᠪᠠᠢᠭᠠᠳ ᠬᠣᠵᠢᠮᠳᠠᠵᠤ᠂ ᠠᠳᠤᠭᠤ ᠮᠠᠨᠠᠬᠤ ᠬᠣᠨᠢ ᠬᠠᠷᠢᠭᠤᠯᠬᠤ ᠠᠪᠢᠶᠠᠰ ᠠᠷᠠᠢ ᠭᠡᠵᠦ ᠣᠯᠵᠤ ᠠᠪᠤᠭᠰᠠᠨ ᠪᠣᠯᠬᠣᠷ ᠣᠷᠣᠯᠴᠠᠳᠠᠭ ᠦᠭᠡᠢ ᠶᠤᠮ ᠭᠡᠮᠡᠨ ᠨᠢᠮ᠎ᠠ ᠲᠠᠮᠠᠬᠢ ᠲᠠᠲᠠᠬᠤ ᠵᠠᠭᠤᠷ᠎ᠠ ᠠᠮᠢᠳᠤᠷᠠᠯ ᠳ᠋ᠠᠭᠠᠨ ᠪᠣᠯᠤᠭᠰᠠᠨ ᠶᠠᠭᠤᠮ᠎ᠠ ᠪᠠᠨ ᠳᠤᠷᠠᠰᠴᠤ ᠪᠠᠢᠭ᠎ᠠ ᠮᠡᠲᠦ ᠪᠡᠷ ᠲᠥᠪ ᠪᠥᠭᠡᠳ ᠲᠠᠢᠪᠤᠩ ᠶᠠᠷᠢᠪᠠ᠃
  ᠨᠢᠮ᠎ᠠ ᠠᠷᠪᠠᠭᠠᠳ ᠵᠢᠯ ᠢᠲᠡᠭᠡᠯᠲᠦ ᠶ᠋ᠢᠨ ᠳ᠋ᠦ᠍ ᠵᠠᠷᠤᠭᠳᠠᠵᠤ ᠪᠠᠢᠭ᠎ᠠ ᠬᠥᠮᠦᠨ᠃ ᠡᠬᠡᠨᠡᠷ ᠨᠢ ᠦᠨᠢᠶ᠎ᠡ ᠬᠣᠨᠢ ᠰᠠᠭᠠᠳᠠᠭ᠃ ᠥᠪᠡᠷ ᠢ᠋ᠶ᠋ᠡᠨ ᠳᠤᠯᠮ᠎ᠠ ᠲᠠᠢ ᠲᠤᠯᠵᠤ ᠬᠣᠨᠢ ᠬᠠᠷᠢᠭᠤᠯᠳᠠᠭ᠃
  ᠨᠢᠮ᠎ᠠ ᠲᠣᠮᠣᠭᠠᠲᠠᠢ᠂ ᠴᠠᠭᠠᠨ ᠰᠡᠳᠬᠢᠯ ᠲᠡᠢ᠂ ᠬᠣᠱᠣᠩ ᠰᠡᠴᠡᠨ ᠦᠭᠡ ᠲᠡᠢ ᠬᠥᠮᠦᠨ᠃ ᠢᠲᠡᠭᠡᠯᠲᠦ ᠲᠡᠭᠦᠨ ᠢ᠋ ᠭᠡᠮ ᠦᠭᠡᠢ᠂ ᠲᠡᠨᠡᠭ ᠬᠥᠮᠦᠨ ᠭᠡᠵᠦ ᠪᠣᠳᠣᠵᠤ ᠶᠠᠪᠤᠳᠠᠭ ᠶᠤᠮ᠃
  ᠊᠊᠊᠊᠊᠊᠊᠊᠊᠊᠊᠊᠊᠊᠊ ᠨᠢᠮ᠎ᠠ ᠭᠤᠸᠠᠢ ᠥᠨᠥᠳᠥᠷ ᠶᠠᠭᠠᠬᠢᠭᠰᠠᠨ ᠣᠷᠣᠢ ᠪᠣᠰᠪᠠ?
  ᠊᠊᠊᠊᠊᠊᠊᠊᠊᠊᠊᠊᠊᠊᠊ ᠥᠷᠯᠥᠭᠡ ᠡᠷᠦᠬᠡ ᠲᠠᠲᠠᠬᠤ ᠳ᠋ᠤ᠌ ᠴᠢᠨᠢ ᠠᠨᠢᠭᠰᠠᠨ ᠨᠢᠳᠦ ᠪᠡᠨ ᠨᠡᠭᠡᠭᠡᠭᠡᠳ ᠬᠣᠨᠢᠨ ᠤ᠋ ᠬᠡᠰᠢᠭ ᠪᠢᠰᠢ ᠭᠡᠵᠦ ᠪᠣᠳᠣᠬᠤ ᠲᠠᠢ ᠵᠡᠷᠭᠡ ᠯᠡ ᠳᠠᠬᠢᠭᠠᠳ ᠲᠠᠰᠤ ᠠᠨᠢᠵᠤ ᠣᠷᠬᠢᠭᠰᠠᠨ ᠭᠡᠪᠡ᠃
  ᠲᠡᠷᠡ ᠭᠤᠷᠪᠠ ᠭᠡᠷ ᠲᠦ᠍ ᠣᠷᠣᠵᠤ ᠠᠢᠷᠠᠭ ᠤᠤᠭᠤᠪᠠ᠃ ᠬᠤᠯᠤ ᠲᠠᠢ ᠠᠢᠷᠠᠭ ᠤᠤᠭᠤᠵᠤ ᠪᠠᠢᠭ᠎ᠠ ᠡᠷᠳᠡᠨᠢ ᠶ᠋ᠢᠨ ᠡᠪᠦᠷ ᠳᠡᠭᠡᠷ᠎ᠡ ᠰᠣᠯᠣᠩᠭ᠎ᠠ ᠣᠴᠢᠵᠤ ᠰᠠᠭᠤᠭᠠᠳ ᠮᠣᠳᠣᠨ ᠲᠣᠭᠯᠠᠭᠠᠮ ᠬᠢᠵᠦ ᠥᠭᠬᠦ ᠶ᠋ᠢ ᠭᠤᠶᠤᠪᠠ᠃
  ᠢᠲᠡᠭᠡᠯᠲᠦ ᠶ᠋ᠢᠨ ᠬᠣᠶᠠᠷ ᠬᠡᠦᠬᠡᠳ ᠡᠷᠳᠡᠨᠢ ᠳ᠋ᠦ᠍ ᠲᠡᠰᠴᠦ᠂ ᠲᠡᠭᠦᠨ ᠢ᠋ 《ᠥᠨᠳᠥᠷ ᠠᠬ᠎ᠠ》 ᠭᠡᠵᠦ ᠨᠡᠷᠡᠯᠡᠵᠡᠢ᠃
  ᠊᠊᠊᠊᠊᠊᠊᠊᠊᠊᠊᠊᠊᠊᠊ ᠴᠢ ᠬᠥᠮᠦᠨ ᠢ᠋ ᠠᠢᠷᠠᠭ ᠲᠠᠪᠠᠲᠠᠢ ᠤᠤᠭᠤᠯᠭᠠᠬᠤ ᠦᠭᠡᠢ᠂ ᠶᠠᠭᠤ ᠪᠣᠯᠤᠭᠠᠳ ᠪᠠᠢᠨ᠎ᠠ ᠳᠠ᠃ ᠪᠣᠰ᠂ ᠭᠠᠷᠴᠤ ᠲᠡᠷᠡ ᠡᠬᠡ ᠳ᠋ᠡᠭᠡᠨ ᠲᠤᠭᠤᠯ ᠲᠠᠲᠠᠵᠤ ᠥᠭ ᠭᠡᠵᠦ ᠢᠲᠡᠭᠡᠯᠲᠦ ᠶ᠋ᠢᠨ ᠰᠢᠷᠦᠭᠦᠨ ᠬᠡᠯᠡᠬᠦ ᠳ᠋ᠦ᠍ ᠰᠣᠯᠣᠩᠭ᠎ᠠ ᠤᠷᠮ᠎ᠠ ᠦᠭᠡᠢ ᠪᠣᠰᠬᠤ ᠭᠡᠬᠦ ᠳ᠋ᠦ᠍ᠨᠢ ᠡᠷᠳᠡᠨᠢ ᠢᠨᠢᠶᠡᠮᠰᠦᠭᠯᠡᠨ᠄
  ᠊᠊᠊᠊᠊᠊᠊᠊᠊᠊᠊᠊᠊᠊᠊ ᠶᠠᠭᠠᠬᠢᠬᠤᠪ ᠳᠠ᠂ ᠰᠠᠭᠤᠵᠤ ᠯᠠ ᠪᠠᠢᠭ ᠭᠡᠰᠡᠨ ᠪᠣᠯᠪᠠᠴᠤ᠂ ᠡᠴᠢᠭᠡ ᠶ᠋ᠢᠨ ᠢ᠋ᠶ᠋ᠡᠨ ᠰᠢᠷᠦᠭᠦᠨ ᠬᠠᠷᠠᠴᠠ ᠡᠴᠡ ᠡᠮᠢᠶᠡᠭᠰᠡᠨ ᠰᠣᠯᠣᠩᠭ᠎ᠠ ᠭᠠᠳᠠᠭᠰᠢ ᠭᠦᠶᠦᠨ ᠭᠠᠷᠤᠯ᠎ᠠ᠃
  ᠲᠡᠷᠡ ᠡᠳᠦᠷ ᠲᠤᠯᠭᠠᠷ ᠲᠠᠢ ᠵᠡᠷᠭᠡᠴᠡᠨ ᠦᠨᠢᠶ᠎ᠡ ᠰᠠᠭᠠᠵᠤ ᠪᠠᠢᠭᠰᠠᠨ ᠲᠤᠯᠵᠢᠨ 《ᠲᠠ ᠨᠠᠷ ᠬᠡᠳᠦᠢ ᠪᠣᠯᠲᠠᠯ᠎ᠠ ᠡᠨᠡ ᠥᠮᠥᠭᠡᠷ ᠮᠠᠢᠬᠠᠨ ᠳ᠋ᠤ᠌ ᠪᠠᠢᠬᠤ ᠶᠤᠮ᠃ ᠮᠠᠨ ᠤ᠋ ᠰᠠᠭᠤᠷᠢᠨ ᠳᠡᠭᠡᠷ᠎ᠡ ᠳᠥᠷᠪᠡᠨ ᠬᠠᠨ᠎ᠠ ᠲᠠᠢ ᠣᠪᠣᠭ᠎ᠠ ᠭᠡᠷ ᠪᠣᠢ᠃ ᠲᠡᠭᠦᠨ ᠢ᠋ ᠠᠪᠴᠤ ᠪᠡᠷᠢ》 ᠭᠡᠬᠦ ᠳ᠋ᠦ᠍ᠨᠢ ᠣᠯᠠᠨ ᠳᠠᠪᠬᠤᠷ ᠵᠣᠪᠠᠯᠠᠩ ᠳ᠋ᠤ᠌ ᠨᠡᠷᠪᠡᠭᠳᠡᠭᠰᠡᠨ ᠲᠤᠯᠭᠠᠷ ᠤ᠋ᠨ ᠰᠡᠳᠬᠢᠯ ᠬᠥᠳᠡᠯᠦᠨ ᠪᠠᠶᠠᠷᠯᠠᠵᠤ ᠨᠢᠳᠦᠨ ᠡᠴᠡ ᠨᠢ ᠨᠢᠯᠪᠤᠰᠤ ᠳᠤᠰᠤᠯᠠᠬᠤ ᠳ᠋ᠤ᠌ ᠲᠡᠭᠦᠨ ᠢ᠋ᠶ᠋ᠡᠨ ᠨᠢᠭᠤᠨ ᠦᠨᠢᠶ᠎ᠡ ᠶ᠋ᠢᠨ ᠢ᠋ᠶ᠋ᠡᠨ ᠭᠤᠶ᠎ᠠ ᠳ᠋ᠤ᠌ ᠨᠢᠭᠤᠷ ᠢ᠋ᠶ᠋ᠠᠨ ᠨᠠᠭᠠᠵᠤ᠂ ᠨᠠᠮ ᠪᠥᠭᠡᠳ ᠳᠣᠭᠳᠣᠯᠤᠨ ᠴᠡᠴᠡᠷᠡᠭᠰᠡᠨ ᠳᠠᠭᠤ ᠪᠠᠷ᠄
  ᠊᠊᠊᠊᠊᠊᠊᠊᠊᠊᠊᠊᠊᠊᠊ ᠵᠠ ᠁ ᠭᠡᠳ ᠳᠠᠭᠤ ᠦᠭᠡᠢ ᠪᠣᠯᠵᠠᠢ᠃
  ᠠᠮᠢᠳᠤᠷᠠᠯ ᠳ᠋ᠠᠭᠠᠨ ᠢᠩᠭᠢᠵᠦ ᠪᠠᠶᠠᠷᠯᠠᠵᠤ ᠪᠠᠢᠭ᠎ᠠ ᠦᠭᠡᠢ ᠮᠡᠲᠦ ᠲᠤᠯᠭᠠᠷ ᠲᠤ᠌ ᠪᠣᠳᠣᠭᠳᠠᠪᠠ᠃ ᠤᠷᠠᠩᠬᠠᠢ ᠮᠠᠢᠬᠠᠨ ᠲᠠᠢ ᠬᠥᠮᠦᠨ ᠦ᠌ ᠭᠠᠵᠠᠷ ᠶᠠᠭᠠᠬᠢᠵᠤ ᠠᠮᠢᠳᠤᠷᠠᠨ᠎ᠠ ᠳᠠ ᠭᠡᠵᠦ ᠦᠷᠭᠦᠯᠵᠢ ᠰᠡᠳᠬᠢᠯ ᠨᠢ ᠰᠢᠨᠠᠯᠵᠤ ᠪᠠᠢᠭᠰᠠᠨ ᠬᠥᠮᠦᠨ 《ᠳᠥᠷᠪᠡᠨ ᠬᠠᠨ᠎ᠠ ᠲᠠᠢ ᠣᠪᠣᠭ᠎ᠠ ᠭᠡᠷ ᠲᠡᠢ》 ᠪᠣᠯᠬᠤ ᠳ᠋ᠤ᠌ ᠶᠠᠭᠠᠬᠢᠨ ᠪᠠᠶᠠᠷᠯᠠᠬᠤ ᠦᠭᠡᠢ ᠪᠠᠢᠬᠤ ᠪᠢᠯᠡ᠃
  ᠠᠢᠷᠠᠭ ᠤᠤᠭᠤᠵᠤ ᠪᠠᠢᠬᠤ ᠵᠠᠭᠤᠷ᠎ᠠ 《ᠰᠠᠭᠤᠷᠢᠨ ᠳᠡᠭᠡᠷ᠎ᠡ ᠳᠥᠷᠪᠡᠨ ᠬᠠᠨ᠎ᠠ ᠲᠠᠢ ᠭᠡᠷ ᠪᠣᠢ᠃ ᠡᠷᠳᠡᠨᠢ ᠮᠢᠨᠢ ᠲᠡᠭᠦᠨ ᠢ᠋ ᠠᠪᠴᠤ ᠪᠡᠷᠢ᠃ ᠰᠡᠭᠦᠯ ᠳ᠋ᠦ᠍ᠨᠢ ᠬᠥᠯᠵᠢᠵᠦ ᠪᠠᠢᠭᠠᠳ ᠦᠨ᠎ᠡ ᠥᠷᠲᠡᠭ ᠢ᠋ ᠨᠢ ᠥᠭᠭᠦᠨ᠎ᠡ ᠪᠢᠵᠡ》 ᠭᠡᠵᠦ ᠢᠲᠡᠭᠡᠯᠲᠦ ᠪᠠᠰᠠ ᠬᠡᠯᠡᠵᠡᠢ᠃
  ᠤᠳᠠᠯ ᠦᠭᠡᠢ ᠢᠲᠡᠭᠡᠯᠲᠦ ᠶ᠋ᠢᠨ ᠬᠣᠲᠠ ᠳᠥᠷᠪᠡᠨ ᠭᠡᠷ ᠪᠣᠯᠤᠭᠰᠠᠨ ᠢ᠋ᠶ᠋ᠠᠷ ᠪᠠᠷᠠᠬᠤ ᠦᠭᠡᠢ ᠬᠣᠲᠠ ᠪᠠᠷ ᠢ᠋ᠶ᠋ᠠᠨ ᠭᠡᠷ ᠮᠢᠯᠢᠶᠠᠬᠤ ᠳ᠋ᠤ᠌
  ᠊᠊᠊᠊᠊᠊᠊᠊᠊᠊᠊᠊᠊᠊᠊ ᠤᠷᠲᠤ ᠴᠠᠭᠠᠨ ᠲᠤᠭᠤᠷᠭ᠎ᠠ ᠲᠠᠢ
  ᠤᠷᠠᠨ ᠲᠠᠩᠨᠠᠢ ᠬᠠᠶᠠᠭᠠᠪᠴᠢ ᠲᠠᠢ
  ᠳᠠᠯᠠᠨ ᠴᠠᠭᠠᠨ ᠳᠡᠭᠡᠪᠦᠷ ᠲᠡᠢ
  ᠳᠠᠷᠬᠠᠨ ᠰᠢᠷᠢᠮᠡᠯ ᠡᠭᠦᠳᠡ ᠲᠡᠢ
  ᠡᠨᠡ ᠰᠠᠢᠬᠠᠨ ᠦᠷᠭᠦᠭᠡᠨ ᠳ᠋ᠦ᠍
  ᠡᠭᠦᠷᠢᠳᠡ ᠶ᠋ᠢᠨ ᠵᠢᠷᠭᠠᠯ ᠪᠠᠳᠠᠷᠠᠵᠤ
  ᠰᠠᠢᠨ ᠪᠦᠬᠦᠨ ᠣᠷᠣᠩᠨᠠᠵᠤ
  ᠰᠠᠭᠠᠷ ᠪᠦᠬᠦᠨ ᠵᠠᠢᠯᠠᠵᠤ
  ᠡᠭᠦᠷᠢᠳᠡ ᠮᠥᠩᠬᠡ ᠵᠢᠷᠭᠠᠬᠤ ᠶ᠋ᠢᠨ
  ᠥᠯᠵᠡᠢ ᠲᠡᠢ ᠢᠷᠦᠭᠡᠯ ᠳᠡᠪᠰᠢᠭᠦᠯᠦᠶ᠎ᠡ ᠭᠡᠵᠦ ᠨᠢᠮ᠎ᠠ ᠢᠷᠦᠭᠡᠪᠡ᠃
  ᠤᠷᠠᠩᠬᠠᠢ ᠮᠠᠢᠬᠠᠨ ᠲᠠᠢ ᠪᠠᠢᠬᠤ ᠳ᠋ᠤᠨᠢ ᠲᠣᠪ ᠬᠢᠭᠰᠡᠨ ᠭᠡᠷ ᠢ᠋ᠶ᠋ᠡᠨ ᠥᠭᠭᠦᠭᠰᠡᠨ ᠢᠲᠡᠭᠡᠯᠲᠦ ᠳ᠋ᠦ᠍ ᠪᠠᠶᠠᠷᠯᠠᠭᠰᠠᠨ ᠡᠷ᠎ᠡ ᠡᠮ᠎ᠡ ᠬᠣᠶᠠᠷ ᠶᠠᠭᠠᠬᠢᠪᠠᠯ ᠲᠡᠭᠦᠨ ᠳ᠋ᠦ᠍ ᠰᠠᠢᠨ ᠬᠥᠮᠦᠨ ᠪᠣᠯᠬᠤ ᠪᠣᠯ ᠭᠡᠵᠦ ᠬᠢᠴᠢᠶᠡᠳᠡᠭ ᠪᠣᠯᠪᠠ᠃
  ᠡᠷᠳᠡᠨᠢ ᠮᠣᠷᠢ ᠤᠶᠠᠵᠤ᠂ ᠵᠠᠪ ᠲᠠᠭᠠᠨ ᠮᠠᠯ ᠲᠣᠭᠠᠯᠠᠵᠤ᠂ ᠳᠠᠩᠰᠠ ᠭᠠᠷᠭᠠᠵᠤ ᠪᠠᠢᠪᠠ᠃ ᠲᠤᠯᠭᠠᠷ ᠶᠡᠬᠡ ᠭᠡᠷ ᠦ᠋ᠨ (ᠢᠲᠡᠭᠡᠯᠲᠦ ᠶ᠋ᠢᠨ ᠵᠠᠷᠤᠴᠠ ᠨᠠᠷ᠂ ᠢᠲᠡᠭᠡᠯᠲᠦ ᠶ᠋ᠢᠨ ᠭᠡᠷ ᠢ᠋ ᠶᠡᠬᠡ ᠭᠡᠷ ᠭᠡᠵᠦ ᠨᠡᠷᠡᠯᠡᠳᠡᠭ ᠪᠥᠭᠡᠳ ᠲᠠᠰᠤᠯᠤᠨ ᠠᠪᠴᠤ ᠭᠠᠳᠠᠨ᠎ᠠ ᠪᠠᠨ ᠮᠠᠯᠯᠠᠵᠤ ᠪᠠᠢᠳᠠᠭ ᠮᠠᠯ ᠢ᠋ ᠨᠢ ᠶᠡᠬᠡ ᠭᠡᠷ ᠦ᠋ᠨ ᠮᠠᠯ᠂ ᠪᠤᠰᠤᠳ ᠠᠢᠯ ᠳᠡᠭᠡᠷ᠎ᠡ ᠪᠠᠢᠳᠠᠭ ᠮᠠᠯ ᠢ᠋ ᠨᠢ ᠰᠠᠭᠤᠷᠢ ᠭᠡᠵᠦ ᠨᠡᠷᠡᠯᠡᠳᠡᠭ) ᠠᠷᠰᠠᠷ ᠠᠵᠢᠯ ᠢ᠋ ᠪᠣᠷᠪᠢ ᠪᠣᠬᠢᠰᠬᠢᠬᠦ ᠦᠭᠡᠢ ᠬᠢᠵᠦ᠂ ᠰᠥᠨᠢ ᠣᠷᠣᠢ ᠯᠠ ᠭᠡᠷ ᠲᠡᠭᠡᠨ ᠣᠷᠣᠵᠤ ᠢᠷᠡᠳᠡᠭ ᠪᠠᠢᠪᠠ᠃
  ᠮᠣᠷᠢ ᠰᠤᠩᠭᠠᠬᠤ ᠡᠳᠦᠷ ᠪᠣᠯᠵᠤ᠂ ᠢᠲᠡᠭᠡᠯᠲᠦ ᠡᠷᠳᠡᠨᠢ ᠬᠣᠶᠠᠷ᠂ ᠪᠠᠲᠤ ᠬᠣᠩᠭᠣᠷ ᠰᠦᠷᠦᠩ ᠭᠤᠷᠪᠠ ᠶ᠋ᠢ ᠳᠠᠭᠠᠭᠤᠯᠤᠨ (ᠡᠨᠡ ᠭᠤᠷᠪᠠ ᠮᠣᠷᠢ ᠤᠨᠤᠵᠤ ᠪᠠᠢᠪᠠ) ᠶᠠᠪᠤᠬᠤ ᠭᠡᠬᠦ ᠳ᠋ᠦ᠍ᠨᠢ ᠰᠣᠯᠣᠩᠭ᠎ᠠ ᠳᠠᠭᠠᠵᠤ ᠤᠬᠢᠯᠠᠪᠠ᠃ ᠡᠴᠢᠭᠡ ᠨᠢ ᠠᠭᠤᠷᠯᠠᠨ ᠵᠠᠩᠨᠠᠬᠤ ᠳ᠋ᠤ᠌ ᠡᠷᠳᠡᠨᠢ ᠠᠪᠴᠤ ᠶᠠᠪᠤᠬᠤ ᠶ᠋ᠢ ᠭᠤᠶᠤᠵᠠᠢ᠃
  ᠊᠊᠊᠊᠊᠊᠊᠊᠊᠊᠊᠊᠊᠊᠊ ᠵᠠ ᠶᠠᠭᠠᠬᠢᠬᠤᠪ᠂ ᠥᠨᠳᠥᠷ ᠠᠬ᠎ᠠ ᠴᠢᠨᠢ ᠭᠤᠶᠤᠵᠤ ᠪᠠᠢᠭ᠎ᠠ ᠪᠣᠯᠬᠣᠷ ᠠᠪᠤᠭᠠᠳ ᠶᠠᠪᠤᠶ᠎ᠠ᠃ ᠤᠰᠤᠨ ᠨᠢᠳᠦᠯᠡᠭᠡᠳ ᠳᠠᠮᠰᠢᠭ ᠮᠢᠨᠢ ᠪᠣᠰᠢᠭᠣ ᠠᠷᠴᠢ ᠭᠡᠵᠦ ᠢᠲᠡᠭᠡᠯᠲᠦ ᠬᠡᠯᠡᠵᠡᠢ᠃
  ᠰᠤᠩᠭᠠᠯᠲᠠ ᠳ᠋ᠤ᠌ ᠣᠯᠠᠨ ᠬᠥᠮᠦᠨ ᠴᠤᠭᠯᠠᠷᠠᠵᠠᠢ᠃ ᠡᠷᠳᠡᠨᠢ ᠶ᠋ᠢ ᠮᠣᠷᠢᠨ ᠤ᠋ ᠰᠡᠭᠦᠯ ᠰᠢᠭᠤᠵᠤ ᠪᠠᠢᠬᠤ ᠳ᠋ᠤ᠌ ᠳᠡᠷᠭᠡᠳᠡ ᠨᠢ ᠵᠣᠭᠰᠣᠵᠤ ᠪᠠᠢᠭᠰᠠᠨ ᠢᠲᠡᠭᠡᠯᠲᠦ ᠳᠡᠭᠡᠷ᠎ᠡ ᠪᠠᠳᠠᠷᠴᠢ ᠢᠷᠡᠪᠡ᠃
  ᠊᠊᠊᠊᠊᠊᠊᠊᠊᠊᠊᠊᠊᠊᠊ ᠮᠣᠷᠢ ᠬᠤᠷᠳᠤᠨ ᠭᠡᠵᠦ ᠮᠡᠨᠳᠦᠯᠡᠭᠡᠳ᠂ ᠬᠡᠭᠡᠷ ᠮᠣᠷᠢᠨ ᠤ᠋ ᠬᠢᠨᠢ ᠮᠤᠨᠳᠠᠭ᠎ᠠ ᠶ᠋ᠢ ᠪᠠᠷᠢᠵᠤ ᠦᠵᠡᠭᠰᠡᠨ ᠢ᠋ᠶ᠋ᠡᠨ᠂《ᠲᠠᠨ ᠤ᠋ ᠬᠡᠭᠡᠷ ᠦ᠋ᠨ ᠤᠶᠠᠭ᠎ᠠ ᠵᠡᠬᠡᠢ ᠲᠠᠭᠠᠷᠠᠭᠠᠳ ᠰᠢᠵᠢᠷ ᠰᠢᠭ ᠯᠡ ᠭᠢᠯᠠᠯᠵᠠᠵᠤ ᠪᠠᠢᠨ᠎ᠠ》ᠭᠡᠯ᠎ᠡ᠃
  ᠊᠊᠊᠊᠊᠊᠊᠊᠊᠊᠊᠊᠊᠊᠊ ᠮᠠᠨ ᠤ᠋ ᠡᠷᠳᠡᠨᠢ ᠯᠡ ᠭᠠᠷᠳᠠᠵᠤ ᠤᠶᠠᠭᠰᠠᠨ ᠬᠥᠮᠦᠨ ᠳᠡ ᠭᠡᠵᠦ ᠢᠲᠡᠭᠡᠯᠲᠦ ᠪᠠᠶᠠᠷ ᠲᠠᠢ ᠢᠨᠢᠶᠡᠮᠰᠦᠭᠯᠡᠨ ᠬᠡᠯᠡᠪᠡ᠃
  ᠪᠠᠳᠠᠷᠴᠢ᠂ ᠡᠷᠳᠡᠨᠢ ᠤᠷᠤᠭᠤ ᠶᠡᠬᠡᠮᠰᠦᠭ ᠢ᠋ᠶ᠋ᠡᠷ ᠠᠵᠢᠭᠯᠠᠨ ᠬᠠᠷᠠᠭᠰᠠᠨ ᠢ᠋ᠶ᠋ᠠᠨ ᠲᠣᠭᠣᠮᠵᠢᠷ ᠦᠭᠡᠢ ᠢᠨᠢᠶᠡᠮᠰᠦᠭᠯᠡᠬᠦ ᠮᠡᠲᠦ ᠪᠣᠯᠤᠭᠠᠳ ᠪᠦᠳᠦᠭᠦᠨ ᠳᠠᠭᠤ ᠪᠠᠷ᠄
  ᠊᠊᠊᠊᠊᠊᠊᠊᠊᠊᠊᠊᠊᠊᠊ ᠪᠢᠳᠡ ᠬᠣᠶᠠᠷ ᠲᠠᠨᠢᠯ ᠪᠠᠢᠬ᠎ᠠ? ᠭᠡᠯ᠎ᠡ᠃
  ᠊᠊᠊᠊᠊᠊᠊᠊᠊᠊᠊᠊᠊᠊᠊ ᠲᠡᠢᠮᠦ ᠪᠠᠢᠬᠤ ᠠ᠋᠃ ᠲᠠ ᠲᠡᠭᠡᠭᠡᠳ ᠨᠥᠭᠦᠭᠡ ᠣᠷᠭᠤᠳᠤᠤᠯ ᠢ᠋ᠶ᠋ᠠᠨ ᠪᠠᠷᠢᠭᠰᠠᠨ ᠤᠤ? ᠭᠡᠵᠦ ᠡᠷᠳᠡᠨᠢ ᠶᠡᠷᠦ ᠶ᠋ᠢᠨ ᠨᠢᠭᠡ ᠠᠰᠠᠭᠤᠬᠤ ᠶᠣᠰᠣᠲᠠᠢ ᠵᠦᠢᠯ ᠢ᠋ ᠠᠰᠠᠭᠤᠵᠤ ᠪᠠᠢᠭ᠎ᠠ ᠶᠤᠮ ᠰᠢᠭ᠋ ᠠᠵᠢᠭ ᠦᠭᠡᠢ ᠠᠰᠠᠭᠤᠪᠠ᠃
  ᠊᠊᠊᠊᠊᠊᠊᠊᠊᠊᠊᠊᠊᠊᠊ ᠨᠢᠭᠡ ᠤᠳᠠᠭ᠎ᠠ ᠲᠩᠷᠢ ᠥᠷᠥᠰᠢᠶᠡᠵᠦ ᠮᠠᠭᠤ ᠭᠤᠢᠯᠢᠨᠴᠢᠨ ᠮᠢᠨᠦ ᠭᠠᠷ ᠡᠴᠡ ᠮᠤᠯᠲᠤᠷᠠᠭᠰᠠᠨ᠃ ᠭᠡᠪᠡᠴᠦ ᠠᠭᠤᠯᠵᠠᠬᠤ ᠪᠠᠢᠯᠭᠦᠢ ᠳᠡ᠃ ᠬᠠᠯᠬ᠎ᠠ ᠥᠷᠭᠡᠨ ᠪᠣᠯᠪᠠᠴᠤ ᠪᠠᠳᠠᠷᠴᠢ ᠶ᠋ᠢᠨ ᠭᠠᠷ ᠤᠷᠲᠤ ᠳᠠ ᠭᠡᠳ ᠮᠠᠭ ᠮᠠᠭ ᠢᠨᠢᠶᠡᠪᠡ᠃
  ᠰᠤᠩᠭᠠᠯᠲᠠ ᠳ᠋ᠤ᠌ ᠢᠲᠡᠭᠡᠯᠲᠦ ᠶ᠋ᠢᠨ ᠬᠣᠶᠠᠷ ᠮᠣᠷᠢ ᠲᠦᠷᠦᠭᠦᠯᠡᠵᠦ ᠬᠡᠳᠦᠨ ᠮᠣᠷᠢ ᠨᠢ ᠠᠢᠷᠠᠭ ᠤ᠋ᠨ ᠲᠠᠪᠤ ᠳ᠋ᠤ᠌ ᠣᠷᠣᠵᠤ ᠬᠠᠭᠠᠷᠠᠲᠠᠯ᠎ᠠ ᠪᠠᠶᠠᠷᠯᠠᠨ᠂ ᠢᠮᠠᠭ᠎ᠠ ᠠᠪᠴᠢᠷᠠᠭᠤᠯᠤᠨ ᠪᠣᠭᠣᠳᠠᠭ ᠬᠢᠯ᠎ᠡ᠃ ᠪᠠᠰᠠ ᠪᠥᠬᠡ ᠶ᠋ᠢᠨ ᠪᠠᠷᠢᠯᠳᠤᠭᠠᠨ ᠡᠬᠢᠯᠡᠬᠦ ᠳ᠋ᠦ᠍ ᠡᠷᠳᠡᠨᠢ ᠪᠠᠷᠢᠯᠳᠤᠪᠠ᠃
  ᠡᠷᠳᠡᠨᠢ ᠬᠣᠶᠠᠷ ᠬᠥᠮᠦᠨ ᠢ᠋ ᠬᠠᠶᠠᠭᠠᠳ ᠪᠠᠳᠠᠷᠴᠢ ᠲᠠᠢ ᠪᠠᠷᠢᠯᠳᠤᠬᠤ ᠪᠣᠯᠪᠠ᠃
  ᠊᠊᠊᠊᠊᠊᠊᠊᠊᠊᠊᠊᠊᠊᠊ ᠥᠨᠳᠥᠷ ᠠᠬ᠎ᠠ ᠠ᠋᠂ ᠴᠢᠩᠭ᠎ᠠ ᠬᠠᠶᠠᠭᠠᠷᠠᠢ ᠭᠡᠵᠦ ᠬᠣᠩᠭᠣᠷ ᠴᠢᠬᠢᠨ ᠳ᠋ᠦ᠍ᠨᠢ ᠰᠢᠪᠡᠭᠡᠨᠡᠨ ᠵᠠᠬᠢᠪᠠ᠃
  ᠡᠷᠳᠡᠨᠢ ᠪᠠᠳᠠᠷᠴᠢ ᠶ᠋ᠢ ᠰᠦᠷᠡᠬᠡᠢ ᠪᠠᠷᠢᠯᠳᠤᠳᠠᠭ ᠢ᠋ ᠬᠠᠷᠠᠵᠤ ᠮᠡᠳᠡᠭᠰᠡᠨ ᠪᠣᠯᠬᠣᠷ ᠬᠢᠨᠠᠮᠠᠭᠠᠢ ᠨᠣᠴᠣᠯᠳᠤᠬᠤ ᠭᠡᠵᠦ ᠥᠷᠥᠭᠡᠳ ᠦ ᠬᠠᠷᠠᠨ ᠠᠵᠢᠭᠯᠠᠵᠤ ᠪᠠᠢᠪᠠ᠃
  ᠊᠊᠊᠊᠊᠊᠊᠊᠊᠊᠊᠊᠊᠊᠊ ᠡᠨᠡ ᠴᠠᠭᠠᠴᠢᠨ ᠴᠢᠨᠢ ᠣᠪᠣᠭ᠎ᠠ ᠰᠢᠷᠪᠥᠰᠥᠲᠡᠢ ᠬᠦᠦ ᠪᠣᠯᠤᠯᠲᠠᠢ᠃
  ᠊᠊᠊᠊᠊᠊᠊᠊᠊᠊᠊᠊᠊᠊᠊ ᠭᠡᠪᠡᠴᠦ ᠪᠠᠳᠠᠷᠴᠢ ᠳ᠋ᠤ᠌ ᠶᠠᠭᠤ ᠪᠣᠯᠬᠤ ᠪᠣᠢ ᠳᠠ᠃
  ᠊᠊᠊᠊᠊᠊᠊᠊᠊᠊᠊᠊᠊᠊᠊ ᠠᠶᠠᠲᠠᠢᠬᠠᠨ ᠲᠣᠩᠭᠣᠷᠴᠤ ᠪᠠᠢᠳᠠᠭ ᠰᠢᠦ ᠭᠡᠵᠦ ᠨᠠᠭᠠᠳᠤᠮ ᠡᠬᠢᠯᠡᠬᠦ ᠶ᠋ᠢᠨ ᠡᠮᠦᠨ᠎ᠡ ᠢᠷᠡᠭᠡᠳ ᠪᠠᠢᠭᠰᠠᠨ ᠴᠡᠮᠪᠡ᠂ ᠵᠠᠮᠪᠠᠯ ᠬᠣᠶᠠᠷ ᠤ᠋ᠨ ᠶᠠᠷᠢᠯᠴᠠᠬᠤ ᠨᠢ ᠡᠷᠳᠡᠨᠢ ᠳ᠋ᠦ᠍ ᠰᠣᠨᠣᠰᠳᠠᠪᠠ᠃
  ᠡᠨᠡ ᠶᠠᠷᠢᠶᠠᠨ ᠳ᠋ᠤ᠌ ᠡᠷᠳᠡᠨᠢ ᠶ᠋ᠢᠨ ᠵᠢᠪᠡᠭᠦᠦ ᠬᠦᠷᠴᠦ ᠤᠬᠤᠰᠬᠢᠨ ᠪᠠᠷᠢᠵᠤ ᠠᠪᠲᠠᠯ᠎ᠠ ᠴᠣᠬᠣᠮ ᠡᠭᠦᠨ ᠢ᠋ ᠬᠦᠯᠢᠶᠡᠵᠦ ᠪᠠᠢᠭᠰᠠᠨ ᠪᠠᠳᠠᠷᠴᠢ ᠰᠡᠬᠡᠷᠡᠨ ᠲᠣᠩᠭᠣᠢ ᠬᠢᠵᠦ ᠳᠡᠭᠡᠷ᠎ᠡ ᠡᠷᠭᠦᠭᠡᠳ ᠬᠦᠴᠦᠲᠡᠢ ᠰᠢᠳᠡᠪᠡ᠃ ᠡᠷᠳᠡᠨᠢ ᠶ᠋ᠢᠨ ᠴᠡᠭᠡᠵᠢᠨ ᠡᠴᠡ ᠴᠢᠰᠤ ᠠᠮᠲᠠᠭᠳᠠᠨ᠂ ᠨᠢᠳᠦ ᠨᠢ ᠬᠠᠷᠠᠩᠬᠤᠢᠯᠠᠭᠰᠠᠨ ᠪᠣᠯᠪᠠᠴᠤ ᠰᠢᠳᠦ ᠵᠠᠭᠤᠨ ᠪᠣᠰᠴᠤ ᠬᠦᠴᠦᠯᠡᠨ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠪᠠᠳᠠᠷᠴᠢ ᠶ᠋ᠢᠨ ᠳᠤᠩᠭᠤᠢ ᠳ᠋ᠤ᠌ ᠣᠷᠣᠭᠰᠠᠨ ᠬᠣᠢᠨ᠎ᠠ ᠶᠠᠭᠠᠬᠢᠵᠤ ᠲᠡᠰᠬᠦ ᠪᠣᠢ!
  ᠊᠊᠊᠊᠊᠊᠊᠊᠊᠊᠊᠊᠊᠊᠊ ᠳᠠᠷᠬᠠᠨ ᠮᠡᠬᠡ ᠨᠢ ᠳᠡ ᠭᠡᠵᠦ ᠬᠥᠮᠦᠰ ᠬᠣᠭᠣᠷᠣᠨᠳᠣ ᠪᠠᠨ ᠶᠠᠷᠢᠯᠴᠠᠵᠤ ᠪᠠᠢᠯ᠎ᠠ᠃
  ᠊᠊᠊᠊᠊᠊᠊᠊᠊᠊᠊᠊᠊᠊᠊ ᠥᠨᠳᠥᠷ ᠠᠬ᠎ᠠ ᠬᠠᠯᠲᠤᠷᠢᠵᠤ ᠣᠷᠬᠢᠯ᠎ᠠ᠂ ᠲᠡᠭᠦᠨ ᠡᠴᠡ ᠳᠡᠢᠯᠬᠦ ᠯᠡ ᠪᠠᠢᠭᠰᠠᠨ ᠭᠡᠵᠦ ᠰᠣᠯᠣᠩᠭ᠎ᠠ ᠨᠠᠷᠢᠬᠠᠨ ᠳᠠᠭᠤ ᠪᠠᠷ ᠭᠣᠮᠣᠳᠠᠯ ᠲᠠᠢ ᠬᠠᠰᠬᠢᠷᠪᠠ᠃
  ᠨᠠᠷᠠ ᠵᠢᠷᠭᠠᠬᠤ ᠶ᠋ᠢᠨ ᠦᠶ᠎ᠡ ᠳ᠋ᠦ᠍ ᠰᠤᠩᠭᠠᠯᠲᠠ ᠲᠠᠷᠠᠵᠤ᠂ ᠢᠲᠡᠭᠡᠯᠲᠦ ᠶ᠋ᠢᠨ ᠬᠢᠨ ᠭᠡᠷ ᠦ᠋ᠨ ᠵᠦᠭ ᠶᠠᠪᠤᠵᠠᠭᠠᠪᠠ᠃ ᠭᠡᠲᠡᠯ᠎ᠡ ᠢᠲᠡᠭᠡᠯᠲᠦ《ᠠᠢᠯ ᠢ᠋ᠶ᠋ᠠᠷ ᠣᠷᠣᠬᠤ ᠴᠢᠬᠤᠯᠠ ᠠᠵᠢᠯ ᠲᠠᠢ》ᠭᠡᠳ ᠰᠠᠯᠵᠤ ᠡᠷᠳᠡᠨᠢ ᠳᠥᠷᠪᠡᠨ ᠬᠡᠦᠬᠡᠳ ᠦ᠋ᠨ ᠬᠠᠮᠲᠤ ᠮᠣᠷᠢᠳ ᠢ᠋ᠶ᠋ᠠᠨ ᠬᠥᠲᠥᠯᠦᠨ ᠶᠠᠪᠤᠵᠠᠢ᠃
  ᠢᠲᠡᠭᠡᠯᠲᠦ ᠶᠠᠪᠤᠭᠰᠠᠭᠠᠷ ᠲᠠᠮᠢᠷ ᠤ᠋ᠨ ᠭᠣᠣᠯ ᠤ᠋ᠨ ᠪᠤᠷᠭᠠᠰᠤᠨ ᠳ᠋ᠤ᠌ ᠣᠷᠣᠪᠠ᠃ ᠴᠢᠭᠢᠭᠲᠡᠢ ᠰᠡᠷᠢᠭᠦᠬᠡᠨ ᠰᠠᠯᠬᠢ ᠦᠯᠢᠶᠡᠨ᠂ ᠥᠨᠳᠥᠷ ᠤᠯᠢᠶᠠᠰᠤᠨ ᠤ᠋ ᠨᠠᠪᠴᠢ ᠦᠯᠦ ᠮᠡᠳᠡᠭ ᠱᠠᠵᠢᠭᠢᠨᠠᠨ ᠪᠠᠢᠪᠠ᠃ ᠲᠠᠮᠢᠷ ᠨᠢᠭᠡᠨ ᠠᠶ᠎ᠠ ᠪᠠᠷ ᠱᠠᠭᠢᠨ ᠤᠷᠤᠰᠴᠤ᠂ ᠲᠡᠭᠦᠨ ᠦ᠌ ᠮᠠᠨᠳᠠᠯ ᠳᠡᠭᠡᠷ᠎ᠡ ᠲᠣᠭᠣᠷᠢᠭ ᠰᠠᠷᠠ ᠬᠤᠯᠪᠢᠯᠵᠠᠨ ᠭᠢᠯᠲᠠᠭᠠᠨᠠᠵᠤ ᠲᠣᠯᠢᠳᠠᠨ ᠪᠠᠢᠪᠠ᠃ ᠢᠲᠡᠭᠡᠯᠲᠦ ᠣᠷᠣᠢ ᠪᠦᠬᠦᠨ ᠲᠣᠮᠣ ᠭᠠᠩ ᠲᠠᠯᠪᠢᠭᠰᠠᠨ ᠲᠡᠷᠭᠡ ᠪᠡᠷ ᠬᠣᠲᠠ ᠶ᠋ᠢᠨ ᠬᠢᠨ ᠨᠢ ᠢᠷᠡᠵᠦ ᠤᠰᠤ ᠠᠪᠳᠠᠭ ᠭᠠᠷᠠᠮ ᠤ᠋ᠨ ᠣᠢᠷᠠᠯᠴᠠᠭ᠎ᠠ ᠣᠴᠢᠭᠠᠳ᠂ ᠮᠣᠷᠢ ᠪᠠᠨ ᠪᠤᠷᠭᠠᠰᠤᠨ ᠡᠴᠡ ᠤᠶᠠᠵᠤ᠂ ᠲᠠᠮᠠᠬᠢ ᠲᠠᠲᠠᠯ᠎ᠠ᠃ ᠤᠳᠠᠯ ᠦᠭᠡᠢ ᠮᠣᠳᠣᠨ ᠭᠣᠣᠯ ᠲᠠᠢ ᠲᠡᠷᠭᠡᠨ ᠦ᠌ ᠬᠢᠬᠤᠲᠤᠨᠠᠬᠤ ᠳᠠᠭᠤ ᠭᠠᠷᠴᠤ᠂ ᠳᠤᠯᠮ᠎ᠠ ᠰᠡᠯᠡᠮᠡᠨ ᠡᠪᠡᠷᠳᠡᠢ ᠪᠦᠳᠦᠭᠦᠨ ᠬᠠᠢᠨᠤᠭ ᠬᠥᠯᠦᠭᠰᠡᠨ ᠲᠡᠷᠭᠡ ᠪᠡᠨ ᠬᠥᠲᠥᠯᠦᠨ ᠢᠷᠡᠬᠦ ᠳ᠋ᠦ᠍ ᠢᠲᠡᠭᠡᠯᠲᠦ ᠪᠤᠷᠭᠠᠰᠤᠨ ᠡᠴᠡ ᠭᠠᠷᠤᠯ᠎ᠠ᠃
  ᠊᠊᠊᠊᠊᠊᠊᠊᠊᠊᠊᠊᠊᠊᠊ ᠴᠢᠮᠢ᠋ᠢ ᠤᠰᠤ ᠪᠠᠨ ᠠᠪᠤᠭᠠᠳ ᠶᠠᠪᠤᠴᠢᠬᠠᠭᠰᠠᠨ ᠶᠤᠮ ᠪᠣᠯᠪᠠ ᠤᠤ ᠭᠡᠵᠦ ᠪᠣᠳᠣᠯ᠎ᠠ ᠰᠢᠦ ᠭᠡᠳ ᠰᠢᠭᠤᠳ ᠣᠴᠢᠵᠤ ᠬᠠᠢᠨᠤᠭ ᠤ᠋ᠨ ᠲᠥᠷᠥ ᠶ᠋ᠢ ᠭᠠᠷ ᠡᠴᠡ ᠨᠢ ᠠᠪᠴᠤ ᠬᠠᠵᠠᠭᠤ ᠶ᠋ᠢᠨ ᠲᠣᠮᠣ ᠤᠯᠢᠶᠠᠰᠤᠨ ᠡᠴᠡ ᠤᠶᠠᠪᠠ᠃
  ᠪᠤᠷᠭᠠᠰᠤᠨ ᠳ᠋ᠤ᠌ ᠤᠶᠠᠭᠰᠠᠨ ᠢᠲᠡᠭᠡᠯᠲᠦ ᠶ᠋ᠢᠨ ᠮᠣᠷᠢᠨ ᠤ᠋ ᠲᠤᠷᠭᠢᠬᠤ ᠳᠠᠭᠤ ᠣᠷᠴᠢᠨ ᠤ᠋ ᠨᠠᠮ ᠭᠦᠮ ᠢ᠋ ᠰᠣᠴᠢᠭᠠᠨ ᠰᠡᠷᠭᠦᠭᠡᠵᠦ ᠪᠠᠢᠯ᠎ᠠ᠃ ᠳᠤᠯᠮ᠎ᠠ ᠬᠥᠳᠡᠯᠦᠯ ᠦᠭᠡᠢ ᠵᠣᠭᠰᠣᠵᠤ ᠪᠠᠢᠬᠤ ᠳ᠋ᠤᠨᠢ ᠢᠲᠡᠭᠡᠯᠲᠦ ᠴᠡᠭᠡᠵᠢ ᠪᠡᠨ ᠬᠥᠳᠡᠯᠭᠡᠨ ᠢᠨᠢᠶᠡᠮᠰᠦᠭᠯᠡᠵᠦ ᠭᠠᠷ ᠡᠴᠡ ᠨᠢ ᠬᠥᠲᠥᠯᠦᠨ ᠪᠤᠷᠭᠠᠰᠤ ᠤᠷᠤᠭᠤ ᠣᠷᠣᠯ᠎ᠠ᠃
  ᠭᠤᠷᠪᠠᠨ ᠵᠢᠯ ᠦ᠋ᠨ ᠡᠮᠦᠨ᠎ᠡ ᠠᠷᠪᠠᠨ ᠵᠢᠷᠭᠤᠭ᠎ᠠ ᠲᠠᠢ ᠥᠬᠢᠨ ᠳᠤᠯᠮ᠎ᠠ ᠶ᠋ᠢ ᠬᠣᠨᠢ ᠬᠠᠷᠢᠭᠤᠯᠵᠤ ᠶᠠᠪᠤᠬᠤ ᠳ᠋ᠤ᠌ ᠢᠲᠡᠭᠡᠯᠲᠦ ᠣᠴᠢᠭᠠᠳ ᠰᠢᠭᠤᠳ ᠪᠠᠷᠢᠵᠤ ᠠᠪᠴᠤ ᠪᠢᠯᠡ᠃ ᠪᠠᠶᠠᠨ ᠬᠥᠷᠥᠩᠭᠡ᠂ ᠠᠷᠭ᠎ᠠ ᠤᠬᠠᠭᠠᠨ ᠨᠢ ᠬᠡᠳᠦᠨ ᠬᠤᠰᠢᠭᠤᠨ ᠳ᠋ᠤ᠌ ᠠᠯᠳᠠᠷᠰᠢᠭᠰᠠᠨ ᠡᠨᠡ ᠬᠥᠮᠦᠨ ᠢ᠋ ᠪᠠᠷᠢᠭᠠᠳ ᠠᠪᠬᠤ ᠳ᠋ᠤ᠌ ᠳᠤᠯᠮ᠎ᠠ ᠡᠰᠡᠷᠭᠦᠴᠡᠵᠦ ᠴᠢᠳᠠᠭ᠎ᠠ ᠦᠭᠡᠢ ᠪᠢᠯᠡ᠃
  ᠲᠡᠭᠦᠨ ᠡᠴᠡ ᠬᠣᠢᠰᠢ ᠳᠤᠯᠮ᠎ᠠ ᠶ᠋ᠢ ᠬᠣᠨᠢ ᠬᠠᠷᠢᠭᠤᠯᠵᠤ ᠶᠠᠪᠤᠬᠤ ᠳ᠋ᠤᠨᠢ ᠢᠲᠡᠭᠡᠯᠲᠦ ᠦᠷᠭᠦᠯᠵᠢ ᠣᠴᠢᠳᠠᠭ ᠪᠣᠯᠤᠭᠰᠠᠨ ᠪᠥᠭᠡᠳ ᠳᠤᠯᠮ᠎ᠠ ᠭᠡᠨᠡᠨ ᠴᠠᠭᠠᠨ ᠰᠡᠳᠬᠢᠯ ᠢ᠋ᠶ᠋ᠡᠷ ᠢᠲᠡᠭᠡᠯᠲᠦ ᠥᠪᠡᠷ ᠲᠡᠢ ᠨᠢ ᠰᠠᠭᠤᠨ᠎ᠠ ᠭᠡᠵᠦ ᠬᠦᠷᠲᠡᠯ᠎ᠡ ᠪᠣᠳᠣᠳᠠᠭ ᠪᠠᠢᠵᠠᠢ᠃ ᠭᠡᠲᠡᠯ᠎ᠡ ᠢᠲᠡᠭᠡᠯᠲᠦ ᠶ᠋ᠢᠨ ᠬᠡᠦᠬᠡᠳ ᠳᠤᠯᠮ᠎ᠠ ᠶ᠋ᠢᠨ ᠬᠡᠪᠡᠯᠢ ᠳ᠋ᠦ᠍ ᠪᠣᠢ ᠪᠣᠯᠵᠠᠢ᠃
  ᠢᠲᠡᠭᠡᠯᠲᠦ ᠶ᠋ᠢ ᠢᠷᠡᠭᠡᠳ ᠶᠠᠪᠤᠬᠤ ᠳ᠋ᠤᠨᠢ ᠬᠡᠦᠬᠡᠳ ᠲᠡᠢ ᠪᠣᠯᠤᠭᠰᠠᠨ ᠢ᠋ᠶ᠋ᠠᠨ ᠢᠴᠢᠬᠦ ᠪᠠᠶᠠᠷᠯᠠᠬᠤ ᠬᠣᠣᠰᠯᠠᠭᠤᠯᠤᠨ ᠪᠠᠢᠵᠤ ᠬᠡᠯᠡᠪᠡ᠃ ᠢᠲᠡᠭᠡᠯᠲᠦ ᠶ᠋ᠢᠨ ᠨᠢᠳᠦ ᠠᠯᠤᠰ ᠲᠤ᠌ ᠶᠠᠪᠤᠭ᠎ᠠ ᠴᠢᠨᠣ᠎ᠠ ᠬᠠᠷᠠᠭᠰᠠᠨ ᠮᠣᠷᠢᠨ ᠤ᠋ ᠨᠢᠳᠦ ᠰᠢᠭ ᠰᠡᠷᠪᠡᠰᠬᠢᠭᠰᠡᠨ ᠢ᠋ᠶ᠋ᠡᠨ 《ᠦᠨᠡᠨ ᠤᠤ?》 ᠭᠡᠵᠦ ᠣᠭᠵᠣᠮ ᠠᠰᠠᠭᠤᠪᠠ᠃
  ᠊᠊᠊᠊᠊᠊᠊᠊᠊᠊᠊᠊᠊᠊᠊ ᠲᠡᠢᠮᠦ ᠭᠡᠵᠦ ᠴᠢᠷᠠᠢ ᠨᠢ ᠦᠯᠦ ᠮᠡᠳᠡᠭ ᠤᠯᠠᠢᠭᠰᠠᠨ ᠳᠤᠯᠮ᠎ᠠ ᠭᠠᠵᠠᠷ ᠱᠠᠭᠠᠢᠨ ᠨᠠᠮ ᠳᠠᠭᠤ ᠪᠠᠷ ᠬᠠᠷᠢᠭᠤᠯᠪᠠ᠃
  ᠢᠲᠡᠭᠡᠯᠲᠦ ᠶ᠋ᠢᠨ ᠴᠢᠷᠠᠢ ᠪᠠᠷᠵᠠᠢᠨ ᠪᠣᠳᠣᠯ ᠪᠣᠯᠤᠨ ᠵᠣᠭᠰᠣᠭᠰᠠᠨ ᠢ᠋ᠶ᠋ᠠᠨ ᠦᠭᠡ ᠳᠤᠤᠭᠠᠷᠤᠯ ᠦᠭᠡᠢ ᠮᠣᠷᠳᠠᠨ ᠶᠠᠪᠤᠵᠠᠢ᠃ ᠮᠠᠷᠭᠠᠰᠢ ᠣᠷᠣᠢ ᠨᠢ ᠬᠣᠨᠢ ᠬᠠᠷᠢᠭᠤᠯᠤᠭᠠᠳ ᠢᠷᠡᠬᠦ ᠳ᠋ᠦ᠍ᠨᠢ ᠡᠵᠢ ᠨᠢ ᠤᠬᠢᠯᠠᠨ ᠬᠠᠢᠯᠠᠨ ᠪᠠᠢᠵᠤ ᠦᠨᠦᠰᠦᠭᠡᠳ 《ᠥᠨᠥᠳᠥᠷ ᠨᠢᠮ᠎ᠠ ᠢᠷᠡᠵᠦ ᠮᠢᠨᠦ ᠥᠬᠢᠨ ᠢ᠋ ᠭᠠᠯᠰᠠᠩ ᠳ᠋ᠤ᠌ ᠭᠤᠶᠤᠵᠤ ᠪᠠᠢᠨ᠎ᠠ᠃ ᠡᠵᠢ ᠨᠢ ᠥᠭᠭᠦᠨ᠎ᠡ ᠭᠡᠰᠡᠨ᠃ ᠨᠢᠭᠡᠨᠲᠡ ᠯᠡ ᠡᠮ᠎ᠡ ᠬᠥᠮᠦᠨ ᠲᠥᠷᠥᠭᠰᠡᠨ ᠬᠣᠢᠨ᠎ᠠ ᠬᠠᠳᠠᠮ ᠳ᠋ᠤ᠌ ᠭᠠᠷᠬᠤ ᠨᠢ ᠶᠣᠰᠣ》 ᠭᠡᠯ᠎ᠡ᠃
  ᠳᠤᠯᠮ᠎ᠠ ᠳᠤᠷ᠎ᠠ ᠬᠠᠢᠷ᠎ᠠ ᠦᠭᠡᠢ ᠬᠥᠮᠦᠨ ᠳ᠋ᠦ᠍ ᠪᠢᠲᠡᠭᠡᠢ ᠥᠭᠭᠦᠭᠡᠴᠢ ᠭᠡᠵᠦ ᠡᠯᠳᠡᠪ ᠢ᠋ᠶ᠋ᠡᠷ ᠭᠣᠶᠣᠪᠠᠴᠤ ᠲᠤᠰᠠ ᠪᠣᠯᠤᠭᠰᠠᠨ ᠦᠭᠡᠢ᠃ ᠠᠷᠭ᠎ᠠ ᠨᠢ ᠪᠠᠷᠠᠭᠳᠠᠵᠤ ᠦᠬᠦᠮᠡᠷ ᠪᠣᠳᠣᠭᠳᠠᠭᠰᠠᠨ ᠪᠣᠯᠪᠠᠴᠤ ᠴᠣᠬᠣᠮ ᠦᠬᠦᠶ᠎ᠡ ᠭᠡᠬᠦ ᠳᠡᠭᠡᠷ᠎ᠡ ᠠᠷᠭ᠎ᠠ ᠴᠤ᠌ ᠣᠯᠳᠠᠬᠤ ᠦᠭᠡᠢ᠂ ᠵᠣᠷᠢᠭ ᠴᠤ᠌ ᠬᠦᠷᠬᠦ ᠦᠭᠡᠢ ᠳᠡᠮᠡᠢ ᠯᠡ ᠤᠰᠤᠨ ᠨᠢᠳᠦᠯᠡᠨ ᠶᠠᠪᠤᠳᠠᠭ ᠪᠣᠯᠵᠠᠢ᠃
  ᠢᠲᠡᠭᠡᠯᠲᠦ ᠲᠡᠢ ᠠᠭᠤᠯᠵᠠᠵᠤ ᠤᠤᠯ ᠶᠠᠪᠤᠳᠠᠯ ᠢ᠋ᠶ᠋ᠠᠨ ᠬᠡᠯᠡᠬᠦ ᠳ᠋ᠦ᠍ᠨᠢ 《ᠣᠳᠣ ᠳ᠋ᠠᠭᠠᠨ ᠨᠠᠳᠠ ᠳ᠋ᠤ᠌ ᠶᠣᠰᠣᠯᠠᠵᠤ ᠠᠪᠤᠭᠰᠠᠨ ᠡᠬᠡᠨᠡᠷ ᠪᠠᠢᠭ᠎ᠠ ᠪᠣᠯᠬᠣᠷ ᠴᠢ ᠶᠠᠭᠤ ᠴᠤ᠌ ᠭᠡᠰᠡᠨ ᠭᠠᠯᠰᠠᠩ ᠲᠠᠢ ᠰᠠᠭᠤ᠃ ᠡᠮ᠎ᠡ ᠬᠥᠮᠦᠨ ᠭᠡᠷ ᠲᠡᠭᠡᠨ ᠬᠡᠦᠬᠡᠳ ᠭᠠᠷᠭᠠᠬᠤ ᠰᠢᠭ᠋ ᠰᠢᠪᠰᠢᠭᠲᠡᠢ ᠶᠠᠭᠤᠮ᠎ᠠ ᠪᠠᠢᠬᠤ ᠦᠭᠡᠢ》ᠭᠡᠵᠦ ᠵᠥᠪᠯᠡᠵᠡᠢ᠃
  ᠡᠨᠡ ᠦᠭᠡ ᠶ᠋ᠢ ᠰᠣᠨᠣᠰᠤᠭᠠᠳ ᠢᠲᠡᠭᠡᠯᠲᠦ ᠳ᠋ᠦ᠍ ᠬᠢᠵᠠᠭᠠᠷ ᠦᠭᠡᠢ ᠭᠣᠮᠣᠳᠠᠨ ᠲᠡᠭᠦᠨ ᠢ᠋ ᠡᠯᠳᠡᠪ ᠢ᠋ᠶ᠋ᠡᠷ ᠬᠠᠷᠢᠶᠠᠨ ᠵᠦᠬᠡᠵᠡᠢ᠃ ᠭᠡᠪᠡᠴᠦ ᠪᠣᠯᠵᠣᠭᠠᠲᠤ ᠡᠳᠦᠷ ᠪᠣᠯᠵᠤ᠂ ᠪᠡᠷᠢ ᠮᠣᠷᠳᠠᠭᠤᠯᠬᠤ ᠬᠥᠮᠦᠰ ᠢᠷᠡᠭᠡᠳ ᠳᠤᠯᠮ᠎ᠠ ᠶ᠋ᠢ ᠲᠥᠷᠥᠭᠰᠡᠨ ᠭᠡᠷ ᠡᠴᠡ ᠨᠢ ᠰᠠᠯᠭᠠᠨ ᠠᠪᠴᠤ ᠶᠠᠪᠤᠯ᠎ᠠ᠃ ᠲᠡᠳᠦᠢ ᠯᠡ ᠶᠡᠬᠡ ᠶᠣᠰᠣ ᠪᠣᠯᠤᠭᠰᠠᠨ ᠦᠭᠡᠢ᠃ ᠬᠤᠷᠢᠮ ᠨᠠᠢᠷ ᠢ᠋ ᠣᠷᠣ ᠨᠡᠷ᠎ᠡ ᠪᠣᠯᠭᠠᠨ ᠶᠣᠰᠣᠯᠠᠭᠠᠳ ᠭᠠᠯᠰᠠᠩ ᠤ᠋ᠨ ᠡᠬᠡᠨᠡᠷ ᠪᠣᠯᠵᠠᠢ᠃
  ᠭᠡᠲᠡᠯ᠎ᠡ ᠳᠤᠯᠮ᠎ᠠ ᠶ᠋ᠢ ᠢᠲᠡᠭᠡᠯᠲᠦ ᠣᠷᠬᠢᠭᠰᠠᠨ ᠦᠭᠡᠢ᠂ ᠦᠨᠡᠨ ᠬᠡᠷᠡᠭ ᠳᠡᠭᠡᠷ᠎ᠡ ᠪᠡᠨ ᠳᠤᠯᠮ᠎ᠠ ᠢᠲᠡᠭᠡᠯᠲᠦ ᠶ᠋ᠢᠨ ᠬᠣᠶᠠᠳᠤᠭᠠᠷ ᠡᠬᠡᠨᠡᠷ ᠪᠣᠯᠵᠤ᠂ ᠠᠳᠤᠭᠤ ᠮᠠᠨᠠᠬᠤ᠂ ᠠᠵᠢᠯ ᠳ᠋ᠤ᠌ ᠶᠠᠪᠤᠬᠤ ᠵᠡᠷᠭᠡ ᠪᠡᠷ ᠭᠡᠷ ᠲᠡᠭᠡᠨ ᠬᠣᠪᠣᠷᠬᠠᠨ ᠪᠠᠢᠳᠠᠭ ᠭᠠᠯᠰᠠᠩ ᠳᠤᠯᠮ᠎ᠠ ᠶ᠋ᠢᠨ ᠬᠣᠶᠠᠳᠤᠭᠠᠷ ᠨᠥᠬᠥᠷ ᠪᠣᠯᠵᠠᠢ᠃
  ᠡᠨᠡ ᠦᠶ᠎ᠡ ᠳ᠋ᠦ᠍ ᠳᠤᠯᠮ᠎ᠠ ᠥᠪᠡᠷ ᠦ᠋ᠨ ᠵᠢᠷᠭᠠᠯ ᠳ᠋ᠤᠨᠢ ᠰᠠᠭᠠᠳ ᠪᠣᠯᠤᠭᠴᠢ ᠪᠤᠯᠤ ᠬᠠᠷ᠎ᠠ ᠴᠢᠯᠠᠭᠤ ᠪᠣᠯ ᠳᠤᠯᠵᠢᠨ ᠭᠡᠵᠦ ᠪᠣᠳᠣᠭᠠᠳ ᠲᠡᠭᠦᠨ ᠢ᠋ ᠵᠢᠭᠰᠢᠨ ᠵᠠᠨᠤᠵᠤ ᠶᠠᠭᠠᠬᠢᠪᠠᠯ ᠲᠡᠭᠦᠨ ᠳ᠋ᠦ᠍ ᠬᠣᠣᠷ ᠬᠦᠷᠭᠡᠬᠦ ᠪᠣᠢ? ᠭᠡᠵᠦ ᠶᠠᠪᠤᠳᠠᠭ ᠪᠣᠯᠤᠯ᠎ᠠ᠃ ᠡᠨᠡ ᠴᠦ᠍ ᠤᠴᠢᠷ ᠡᠴᠡ ᠢᠲᠡᠭᠡᠯᠲᠦ ᠬᠣᠶᠠᠷ ᠴᠢᠨ ᠦ᠌ ᠠᠯᠲᠠᠨ ᠪᠥᠭᠡᠵᠢ᠂ ᠴᠢᠨ ᠦ᠌ ᠭᠠᠷᠠᠬᠠᠨ ᠡᠭᠡᠮᠦᠭ ᠪᠡᠯᠡᠭᠯᠡᠵᠦ ᠥᠭᠬᠦ ᠳ᠋ᠦ᠍ᠨᠢ ᠬᠠᠮᠤᠭ ᠤ᠋ᠨ ᠲᠦᠷᠦᠭᠦᠨ ᠳ᠋ᠦ᠍ ᠳᠤᠯᠵᠢᠨ ᠳ᠋ᠤ᠌ ᠦᠵᠡᠭᠦᠯᠦᠨ ᠭᠠᠢᠬᠠᠭᠤᠯᠵᠤ ᠢᠲᠡᠭᠡᠯᠲᠦ ᠲᠡᠢ ᠬᠡᠷᠡᠯᠳᠦᠭᠦᠯᠦᠭᠡᠳ 《ᠲᠥᠷᠬᠥᠮ ᠳ᠋ᠦ᠍ ᠴᠢᠨᠢ ᠬᠦᠷᠭᠡᠵᠦ ᠥᠭᠭᠦᠨ᠎ᠡ》 ᠭᠡᠰᠡᠨ ᠢᠲᠡᠭᠡᠯᠲᠦ ᠶ᠋ᠢᠨ ᠰᠢᠷᠦᠭᠦᠨ ᠦᠭᠡᠨ ᠳ᠋ᠦ᠍ ᠠᠴᠢᠶ᠎ᠠ ᠨᠢ ᠬᠦᠨᠳᠦᠳᠡᠭᠰᠡᠨ ᠲᠡᠮᠡᠭᠡ ᠰᠢᠭ ᠰᠢᠷᠭᠤᠴᠢᠨ ᠪᠠᠭᠤᠵᠤ ᠥᠭᠴᠦ ᠪᠠᠢᠭ᠎ᠠ ᠳᠤᠯᠵᠢᠨ ᠢ᠋ ᠱᠣᠣᠯᠠᠨ ᠬᠣᠷᠣᠰᠤᠯ ᠤ᠋ᠨ ᠪᠠᠶᠠᠷ ᠪᠠᠬᠠᠳᠤᠯ ᠢ᠋ᠶ᠋ᠠᠷ ᠰᠡᠳᠬᠢᠯ ᠨᠢ ᠳᠦᠭᠦᠷᠴᠦ ᠪᠠᠢᠯ᠎ᠠ᠃
  ᠳᠤᠯᠵᠢᠨ ᠳ᠋ᠤ᠌ ᠳᠤᠯᠮ᠎ᠠ ᠰᠢᠭ᠋ ᠵᠢᠭᠰᠢᠯ ᠵᠠᠨᠤᠯ ᠲᠠᠢ ᠳᠠᠢᠰᠤᠨ ᠠᠩᠬᠠᠨ ᠳ᠋ᠠᠭᠠᠨ ᠪᠠᠢᠳᠠᠭ ᠦᠭᠡᠢ ᠪᠠᠢᠵᠠᠢ᠃ ᠭᠡᠪᠡᠴᠦ ᠰᠡᠭᠦᠯ ᠳ᠋ᠡᠭᠡᠨ ᠲᠡᠰᠴᠦ 《ᠶᠠᠭᠤ ᠴᠤ᠌ ᠯᠠ ᠭᠡᠰᠡᠨ ᠪᠢ ᠡᠬᠡᠨᠡᠷ ᠨᠢ᠃ ᠳᠤᠯᠮ᠎ᠠ ᠪᠣᠯ ᠲᠠᠯᠬᠢᠵᠤ ᠲᠠᠯᠬᠢᠵᠤ ᠬᠠᠶᠠᠳᠠᠭ ᠬᠣᠨᠢᠨ ᠤ᠋ ᠮᠣᠷᠢ》 ᠭᠡᠵᠦ ᠰᠡᠳᠬᠢᠯ ᠢ᠋ᠶ᠋ᠡᠨ ᠬᠠᠭᠤᠷᠴᠤ ᠶᠠᠪᠤᠳᠠᠭ ᠪᠣᠯᠪᠠ᠃
  ᠳᠤᠯᠮ᠎ᠠ ᠡᠴᠡ ᠬᠡᠦᠬᠡᠳ ᠭᠠᠷᠤᠭᠠᠳ ᠠᠷᠪᠠᠭᠠᠳ ᠬᠣᠨᠣᠯ ᠦᠭᠡᠢ ᠣᠰᠣᠯᠳᠠᠪᠠ᠃ ᠡᠬᠡ ᠪᠣᠯᠤᠭᠰᠠᠨ ᠳᠤᠯᠮ᠎ᠠ ᠡᠴᠡ ᠥᠭᠡᠷ᠎ᠡ ᠭᠠᠰᠢᠭᠤᠳᠠᠭᠰᠠᠨ ᠬᠥᠮᠦᠨ ᠦᠭᠡᠢ ᠪᠥᠭᠡᠳ ᠳᠤᠯᠵᠢᠨ ᠬᠢᠵᠠᠭᠠᠷ ᠦᠭᠡᠢ ᠪᠠᠶᠠᠷᠯᠠᠵᠤ᠂ ᠢᠲᠡᠭᠡᠯᠲᠦ ᠶᠢᠷᠲᠢᠨᠴᠦ ᠶ᠋ᠢᠨ ᠵᠢᠷ ᠦ᠋ᠨ ᠨᠢᠭᠡ ᠶᠠᠪᠤᠳᠠᠯ ᠪᠣᠯᠵᠤ ᠪᠠᠢᠭ᠎ᠠ ᠶᠤᠮ ᠰᠢᠭ᠋ ᠥᠩᠭᠡᠷᠡᠭᠦᠯᠪᠡ᠃ ᠳᠤᠯᠮ᠎ᠠ ᠡᠭᠦᠨ ᠡᠴᠡ ᠡᠬᠢᠯᠡᠨ ᠴᠠᠭ ᠥᠩᠭᠡᠷᠡᠬᠦ ᠳᠣᠳᠣᠮ ᠬᠣᠨᠢᠨ ᠤ᠋ ᠮᠣᠷᠢ ᠪᠣᠯᠵᠤ ᠶᠠᠪᠤᠭ᠎ᠠ ᠪᠠᠨ ᠣᠢᠯᠠᠭᠠᠭᠰᠠᠨ ᠪᠥᠭᠡᠳ ᠴᠢᠳᠠᠯ ᠲᠠᠢ ᠨᠢ ᠴᠢᠳᠠᠯ ᠦᠭᠡᠢ ᠪᠡᠨ ᠵᠢᠷᠭᠠᠯ ᠳ᠋ᠠᠭᠠᠨ ᠬᠡᠷᠡᠭᠯᠡᠵᠦ ᠪᠠᠢᠳᠠᠭ ᠡᠨᠡᠷᠢᠯ ᠦᠭᠡᠢ ᠬᠣᠷᠸ᠎ᠠ ᠶ᠋ᠢᠨ ᠶᠣᠰᠣ ᠶ᠋ᠢ ᠲᠠᠨᠢᠮᠠᠭᠴᠠ ᠵᠠᠯᠠᠭᠤ ᠨᠠᠰᠤ᠂ ᠦᠵᠡᠰᠬᠦᠯᠡᠩᠲᠦ ᠴᠢᠷᠠᠢ ᠪᠠᠷ ᠢ᠋ᠶ᠋ᠠᠨ ᠰᠡᠳᠬᠢᠯ ᠳ᠋ᠡᠭᠡᠨ ᠲᠣᠬᠢᠷᠠᠭᠰᠠᠨ ᠪᠦᠬᠦᠨ ᠢ᠋ ᠲᠠᠲᠠᠵᠤ ᠬᠦᠰᠡᠯ ᠢ᠋ᠶ᠋ᠡᠨ ᠬᠠᠩᠭᠠᠬᠤ ᠵᠠᠮ ᠳ᠋ᠤ᠌ ᠣᠷᠣᠵᠠᠢ᠃
  ᠳᠤᠯᠮ᠎ᠠ ᠶ᠋ᠢᠨ ᠵᠠᠪᠬᠠᠢᠷᠠᠯ ᠢ᠋ ᠮᠡᠳᠡᠪᠡᠯ ᠢᠲᠡᠭᠡᠯᠲᠦ ᠤᠴᠢᠷ ᠲᠣᠢᠮᠣ ᠦᠭᠡᠢ ᠬᠠᠷᠠᠳᠠᠵᠤ᠂ ᠵᠠᠷᠢᠮ ᠳ᠋ᠠᠭᠠᠨ ᠵᠣᠳᠣᠨ᠎ᠠ᠃ 《ᠪᠢ ᠴᠢᠨᠦ ᠶᠣᠰᠣᠯᠠᠵᠤ ᠠᠪᠤᠭᠰᠠᠨ ᠡᠮ᠎ᠡ ᠴᠢᠨᠢ ᠪᠢᠰᠢ》 ᠭᠡᠵᠦ ᠳᠤᠯᠮ᠎ᠠ ᠬᠡᠷᠡᠯᠳᠦᠳᠡᠭ᠃ ᠢᠲᠡᠭᠡᠯᠲᠦ ᠬᠠᠷᠠᠳᠠᠵᠤ ᠠᠭᠤᠷᠯᠠᠵᠤ ᠪᠠᠢᠬᠤ ᠳ᠋ᠤᠨᠢ ᠳᠤᠯᠮ᠎ᠠ ᠨᠢᠭᠡ ᠲᠠᠯ᠎ᠠ ᠪᠠᠷ ᠲᠡᠭᠦᠨ ᠢ᠋ ᠴᠢᠳᠠᠵᠤ ᠪᠠᠢᠨ᠎ᠠ ᠭᠡᠵᠦ ᠪᠠᠶᠠᠷᠯᠠᠳᠠᠭ ᠪᠣᠯᠪᠠᠴᠤ ᠪᠠᠰᠠ ᠠᠶᠤᠵᠤ ᠡᠨᠡ ᠬᠥᠮᠦᠨ ᠦ᠌ ᠭᠠᠷ ᠡᠴᠡ ᠨᠢ ᠰᠠᠢᠨ ᠢ᠋ᠶ᠋ᠠᠷ ᠭᠠᠷᠴᠤ ᠴᠢᠳᠠᠬᠤ ᠦᠭᠡᠢ ᠭᠡᠵᠦ ᠪᠣᠳᠣᠳᠠᠭ ᠪᠠᠢᠯ᠎ᠠ᠃
  ᠊᠊᠊᠊᠊᠊᠊᠊᠊᠊᠊᠊᠊᠊᠊ ᠮᠠᠭᠤ ᠶᠠᠩᠬᠠᠨ ᠴᠢᠮᠢ᠋ᠢ ᠳᠠᠯᠠ ᠳᠠᠷᠤᠭᠰᠠᠨ ᠯᠠᠮᠠ ᠶ᠋ᠢᠨ ᠲᠣᠭᠣᠭᠠᠨ ᠤ᠋ ᠬᠥᠮᠦᠨ ᠪᠣᠯᠭᠠᠵᠤ ᠣᠷᠬᠢᠨ᠎ᠠ ᠰᠢᠦ ᠭᠡᠵᠦ ᠢᠲᠡᠭᠡᠯᠲᠦ ᠵᠠᠨᠤᠯᠬᠢᠯᠠᠨ ᠵᠠᠩᠨᠠᠬᠤ ᠳ᠋ᠤ᠌᠂ ᠳᠡᠮᠡᠢ ᠦᠭᠡ ᠪᠢᠰᠢ ᠭᠡᠵᠦ ᠰᠡᠳᠬᠢᠯ ᠳ᠋ᠡᠭᠡᠨ ᠦᠷᠭᠦᠯᠵᠢ ᠠᠶᠤᠨ ᠶᠠᠪᠤᠨ᠎ᠠ᠃
  ᠭᠠᠯᠰᠠᠩ ᠪᠣᠯ ᠢᠲᠡᠭᠡᠯᠲᠦ᠂ ᠳᠤᠯᠮ᠎ᠠ ᠶ᠋ᠢᠨ ᠶᠠᠪᠤᠳᠠᠯ ᠢ᠋ ᠰᠠᠢᠨ ᠮᠡᠳᠡᠪᠡᠴᠦ ᠨᠢᠳᠦ ᠪᠠᠯᠠᠢ᠂ ᠴᠢᠬᠢ ᠳᠦᠯᠡᠢ ᠮᠡᠲᠦ ᠶᠠᠪᠤᠳᠠᠭ ᠪᠠᠢᠵᠠᠢ᠃
  ᠢᠲᠡᠭᠡᠯᠲᠦ ᠪᠣᠰᠴᠤ ᠡᠰᠢ ᠲᠠᠰᠢ ᠬᠠᠷᠠᠭᠰᠠᠨ ᠢ᠋ᠶ᠋ᠠᠨ ᠳᠤᠯᠮ᠎ᠠ ᠶ᠋ᠢ ᠭᠠᠷ ᠡᠴᠡ ᠨᠢ ᠲᠠᠲᠠᠵᠤ ᠪᠤᠰᠬᠠᠪᠠ᠃
  ᠊᠊᠊᠊᠊᠊᠊᠊᠊᠊᠊᠊᠊᠊᠊ ᠵᠠ ᠲᠦᠷᠭᠡᠨ ᠶᠠᠪᠤ᠃ ᠨᠥᠬᠥᠷ ᠴᠢᠨᠢ ᠬᠦᠯᠢᠶᠡᠵᠦ ᠪᠠᠢᠭ᠎ᠠ ᠰᠢᠦ᠃ ᠢᠨᠠᠳᠤᠭᠢ ᠦᠰᠦ ᠪᠡᠨ ᠵᠠᠰᠠ ᠭᠡᠵᠦ ᠵᠠᠬᠢᠷᠤᠩᠭᠤᠢ ᠰᠢᠪᠡᠭᠡᠨᠡᠪᠡ᠃
  ᠊᠊᠊᠊᠊᠊᠊᠊᠊᠊᠊᠊᠊᠊᠊ ᠴᠠᠳᠤᠭᠰᠠᠨ ᠢ᠋ᠶ᠋ᠠᠷ ᠢ᠋ᠶ᠋ᠠᠨ ᠥᠪᠡᠷ ᠢ᠋ᠶ᠋ᠡᠨ ᠯᠡ ᠬᠠᠷᠢ᠃ ᠨᠠᠳᠠ ᠶᠠᠭᠠᠷᠠᠬᠤ ᠨᠥᠬᠥᠷ ᠪᠠᠢᠬᠤ ᠦᠭᠡᠢ᠃
  ᠊᠊᠊᠊᠊᠊᠊᠊᠊᠊᠊᠊᠊᠊᠊ ᠮᠠᠭᠤ ᠴᠤ᠌ ᠭᠡᠰᠡᠨ ᠲᠥᠷᠥ ᠶ᠋ᠢᠨ ᠶᠣᠰᠣᠭᠠᠷ ᠬᠠᠷ᠎ᠠ ᠦᠰᠦ ᠶ᠋ᠢ ᠴᠢᠨᠢ ᠬᠠᠭᠠᠯᠵᠤ ᠠᠪᠤᠭᠰᠠᠨ ᠡᠷ᠎ᠡ ᠴᠢᠨᠢ ᠰᠢᠦ ᠭᠡᠵᠦ ᠢᠲᠡᠭᠡᠯᠲᠦ ᠬᠣᠭᠣᠯᠠᠢ ᠳ᠋ᠠᠭᠠᠨ ᠬᠤᠳᠠᠯ ᠢᠨᠢᠶᠡᠭᠡᠳ ᠪᠤᠷᠭᠠᠰᠤᠨ ᠳ᠋ᠤ᠌ ᠤᠶᠠᠭᠰᠠᠨ ᠮᠣᠷᠢ ᠤᠷᠤᠭᠤ ᠪᠠᠨ ᠴᠠᠳᠬᠤᠯᠠᠩ ᠲᠡᠮᠡᠭᠡ ᠰᠢᠭ ᠠᠭᠠᠵᠢᠮ ᠪᠥᠭᠡᠳ ᠨᠠᠮᠪᠠᠲᠠᠢ ᠠᠯᠬᠤᠯᠠᠪᠠ᠃
  ᠰᠠᠶᠢᠬᠠᠨ ᠮᠡᠯᠲᠡᠯᠵᠡᠵᠦ ᠪᠠᠢᠭᠰᠠᠨ ᠮᠥᠩᠭᠥᠨ ᠰᠠᠷᠠ ᠶᠢᠷᠲᠢᠨᠴᠦ ᠶ᠋ᠢᠨ ᠶᠠᠪᠤᠳᠠᠯ ᠢ᠋ ᠬᠠᠷᠠᠬᠤ ᠦᠭᠡᠢ ᠭᠡᠰᠡᠨ ᠶᠤᠮ ᠰᠢᠭ ᠲᠣᠮᠣ ᠬᠠᠷ᠎ᠠ ᠡᠭᠦᠯᠡ ᠶ᠋ᠢᠨ ᠴᠠᠭᠠᠭᠤᠷ ᠨᠢᠭᠤᠭᠳᠠᠭᠠᠳ ᠪᠦᠬᠦ ᠶᠠᠭᠤᠮ᠎ᠠ ᠪᠦᠷᠦᠭ ᠬᠠᠷᠠᠩᠭᠤᠢ ᠳ᠋ᠤ᠌ ᠬᠤᠴᠢᠭᠳᠠᠨ ᠵᠥᠪᠬᠡᠨ ᠲᠠᠮᠢᠷ ᠤ᠋ᠨ ᠭᠣᠣᠯ ᠤ᠋ᠨ ᠮᠠᠨᠳᠠᠯ ᠬᠦᠢᠲᠡᠨ ᠥᠩᠭᠡ ᠪᠡᠷ ᠭᠢᠯᠠᠯᠵᠠᠵᠤ ᠪᠠᠢᠯ᠎ᠠ᠃