ᠲᠤᠩᠭᠠᠯᠠᠭ ᠲᠠᠮᠢᠷ2-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠮᠣᠩᠭᠣᠯ ᠤᠯᠤᠰ ᠲᠤᠰᠠᠭᠠᠷ ᠪᠠᠢᠪᠠᠯ ᠶᠠᠮᠠᠷ ᠵᠠᠰᠠᠭ ᠲᠠᠢ ᠪᠠᠢᠭᠰᠠᠨ ᠴᠤ᠌ ᠨᠠᠳᠠ ᠳ᠋ᠤ᠌ ᠬᠠᠮᠢᠶ᠎ᠠ ᠦᠭᠡᠢ!》 - ᠬᠣᠶᠠᠳᠤᠭᠠᠷ ᠪᠦᠯᠦᠭ ᠠᠷᠪᠠᠨ ᠳᠣᠯᠣᠭ᠎ᠠ
ᠵᠠᠶ᠎ᠠ ᠶ᠋ᠢᠨ ᠬᠦᠷᠢᠶ᠎ᠡ ᠡᠴᠡ ᠴᠡᠷᠢᠭ ᠢ᠋ᠶ᠋ᠡᠨ ᠳᠠᠭᠠᠭᠤᠯᠤᠨ ᠭᠠᠷᠴᠤ ᠶᠠᠪᠤᠭᠰᠠᠭᠠᠷ ᠬᠠᠳᠠᠨ ᠪᠠᠭᠠᠲᠤᠷ ᠸᠠᠩ ᠮᠠᠭᠰᠤᠷᠵᠠᠪ ᠤᠯᠢᠶᠠᠰᠤᠲᠠᠢ ᠳ᠋ᠤ᠌ ᠬᠦᠷᠴᠦ ᠣᠴᠢᠯ᠎ᠠ᠃ ᠲᠡᠭᠦᠨ ᠦ᠌ ᠴᠡᠷᠢᠭ ᠲᠦ᠍᠂ ᠬᠢᠶᠠᠭᠲᠤ ᠤᠷᠤᠭᠤ ᠶᠠᠪᠤᠬᠤ ᠵᠠᠮ ᠳ᠋ᠠᠭᠠᠨ ᠲᠠᠭᠠᠷᠠᠯᠳᠤᠭᠰᠠᠨ ᠬᠤᠶᠠᠭ᠂ ᠲᠠᠪᠢᠲᠤ ᠶ᠋ᠢᠨ ᠳᠠᠷᠤᠭ᠎ᠠ ᠪᠣᠯᠤᠭᠠᠳ ᠶᠠᠪᠤᠵᠤ ᠪᠠᠢᠪᠠ᠃
ᠤᠯᠢᠶᠠᠰᠤᠲᠠᠢ ᠳ᠋ᠤ᠌ ᠪᠠᠷᠤᠨ ᠤ᠋ ᠲᠤᠰᠢᠶᠠᠯ ᠢ᠋ᠶ᠋ᠠᠷ ᠤᠷᠢᠳᠠ ᠣᠴᠢᠭᠰᠠᠨ ᠸᠡᠩᠳᠡᠨᠦᠧ ᠴᠠᠭᠠᠨ ᠤ᠋ ᠳᠠᠷᠤᠭ᠎ᠠ ᠨᠠᠷ ᠤ᠋ᠨ ᠬᠠᠮᠲᠤ ᠮᠣᠩᠭᠣᠯ ᠴᠡᠷᠢᠭ ᠳᠠᠢᠴᠢᠯᠠᠵᠤ ᠵᠥᠪᠯᠡᠯᠲᠦ ᠤᠯᠤᠰ᠂ ᠬᠢᠶᠠᠭᠲᠤ ᠳ᠋ᠤ᠌ ᠪᠣᠢ ᠪᠣᠯᠤᠭᠰᠠᠨ ᠮᠣᠩᠭᠣᠯ ᠤ᠋ᠨ ᠠᠷᠠᠳ ᠤ᠋ᠨ ᠲᠦᠷ ᠵᠠᠰᠠᠭ ᠢ᠋ ᠡᠰᠡᠷᠭᠦᠴᠡᠬᠦ ᠪᠡᠯᠡᠳᠬᠡᠯ ᠬᠢᠵᠦ ᠪᠠᠢᠵᠠᠢ᠃
ᠭᠡᠲᠡᠯ᠎ᠡ ᠲᠠᠲᠠᠭᠰᠠᠨ ᠴᠡᠷᠢᠭ ᠨᠢ ᠤᠷᠭᠤᠵᠤ᠂ ᠬᠦᠨᠡᠰᠦ ᠲᠡᠵᠢᠭᠡᠯ᠂ ᠠᠭᠲᠠ ᠮᠣᠷᠢᠳ ᠲᠠᠰᠤᠯᠳᠠᠵᠤ᠂ ᠠᠵᠢᠯ ᠨᠢ ᠣᠭᠲᠣ ᠪᠦᠲᠦᠬᠦ ᠦᠭᠡᠢ ᠪᠠᠢᠯ᠎ᠠ᠃ ᠪᠤᠬᠢᠨᠢᠳᠤᠵᠤ ᠠᠭᠤᠷᠯᠠᠭᠰᠠᠨ ᠸᠡᠩᠳᠡᠨᠦᠧ ᠤᠯᠢᠶᠠᠰᠤᠲᠠᠢ ᠶ᠋ᠢᠨ ᠰᠠᠢᠳ ᠴᠦᠯᠳᠠᠮ ᠢ᠋ ᠳᠠᠭᠤᠳᠠᠪᠠ᠃
ᠴᠦᠯᠳᠠᠮ ᠪᠣᠯ ᠨᠢᠭᠡᠨ ᠵᠢᠵᠢᠭ ᠬᠤᠰᠢᠭᠤᠨ ᠤ᠋ ᠵᠠᠰᠠᠭ ᠨᠣᠶᠠᠨ ᠪᠥᠭᠡᠳ ᠠᠦ᠋ᠲ᠋ᠣᠨᠣᠮᠢᠲᠤ ᠶ᠋ᠢᠨ ᠦᠶ᠎ᠡ ᠳ᠋ᠦ᠍ ᠮᠣᠩᠭᠣᠯ ᠤ᠋ᠨ ᠡᠮᠦᠨ᠎ᠡ ᠵᠦᠭ ᠡᠴᠡ ᠳᠣᠪᠲᠣᠯᠤᠭᠰᠠᠨ ᠬᠠᠷᠢ ᠶ᠋ᠢᠨ ᠴᠡᠷᠢᠭ ᠢ᠋ ᠴᠣᠬᠢᠬᠤ ᠬᠡᠷᠡᠭ ᠲᠦ᠍ ᠭᠠᠪᠢᠶ᠎ᠠ ᠪᠠᠢᠭᠤᠯᠤᠨ ᠨᠡᠷ᠎ᠡ ᠳ᠋ᠦ᠍ ᠭᠠᠷᠴᠤ ᠤᠯᠢᠶᠠᠰᠤᠲᠠᠢ ᠶ᠋ᠢᠨ ᠰᠠᠢᠳ ᠪᠣᠯᠤᠭᠰᠠᠨ ᠬᠥᠮᠦᠨ ᠶᠤᠮ᠃
ᠡᠨᠡ ᠬᠥᠮᠦᠨ ᠭᠠᠳᠠᠭᠠᠳᠤ ᠶ᠋ᠢᠨ ᠫᠤᠤ ᠵᠡᠪᠰᠡᠭ ᠲᠡᠢ ᠬᠥᠮᠦᠰ ᠮᠣᠩᠭᠣᠯ ᠣᠷᠣᠨ ᠳ᠋ᠤ᠌ ᠶᠠᠮᠠᠷ ᠵᠣᠷᠢᠯᠭ᠎ᠠ ᠲᠠᠢ ᠢᠷᠡᠳᠡᠭ ᠢ᠋ ᠨᠢᠳᠦ ᠪᠡᠷ ᠦᠵᠡᠵᠦ ᠵᠢᠷᠦᠬᠡ ᠪᠡᠷ ᠲᠠᠨᠢᠭᠰᠠᠨ ᠪᠥᠭᠡᠳ ᠮᠣᠩᠭᠣᠯ ᠪᠣᠯ ᠲᠤᠰᠠᠭᠠᠷ ᠤᠯᠤᠰ ᠪᠠᠢᠬᠤ ᠶᠣᠰᠣᠲᠠᠢ᠃ ᠲᠡᠭᠦᠨ ᠦ᠌ ᠬᠡᠷᠡᠭ ᠲᠦ᠍ ᠭᠠᠳᠠᠭᠠᠳᠤ ᠶ᠋ᠢᠨ ᠬᠥᠮᠦᠨ ᠣᠷᠣᠯᠴᠠᠬᠤ ᠶᠣᠰᠣ ᠦᠭᠡᠢ ᠭᠡᠳᠡᠭ ᠦᠵᠡᠯ ᠲᠡᠢ ᠬᠥᠮᠦᠨ ᠪᠠᠢᠭᠰᠠᠨ ᠶᠤᠮ᠃
《ᠮᠣᠩᠭᠣᠯ ᠤᠯᠤᠰ ᠲᠤᠰᠠᠭᠠᠷ ᠪᠠᠢᠪᠠᠯ ᠶᠠᠮᠠᠷ ᠵᠠᠰᠠᠭ ᠲᠠᠢ ᠪᠠᠢᠭᠰᠠᠨ ᠴᠤ᠌ ᠨᠠᠳᠠ ᠳ᠋ᠤ᠌ ᠬᠠᠮᠢᠶ᠎ᠠ ᠦᠭᠡᠢ!》 ᠭᠡᠵᠦ ᠦᠷᠭᠦᠯᠵᠢ ᠬᠡᠯᠡᠳᠡᠭ ᠬᠥᠮᠦᠨ ᠪᠢᠯᠡ᠃
ᠡᠨᠡ ᠴᠦ᠍ ᠤᠴᠢᠷ ᠡᠴᠡ ᠸᠡᠩᠳᠡᠨᠦᠧ ᠶ᠋ᠢᠨ ᠳᠤᠷ᠎ᠠ ᠪᠠᠷ ᠢ᠋ᠶ᠋ᠠᠨ ᠵᠠᠩᠨᠠᠵᠤ ᠪᠠᠢᠭ᠎ᠠ ᠶ᠋ᠢ ᠬᠠᠷᠠᠭᠠᠳ ᠵᠢᠭᠰᠢᠨ᠂ ᠲᠡᠭᠦᠨ ᠦ᠌ ᠠᠵᠢᠯ ᠳ᠋ᠤ᠌ ᠠᠯᠢ ᠪᠣᠯᠬᠤ ᠪᠠᠷ ᠰᠠᠭᠠᠳ ᠬᠢᠵᠦ ᠮᠣᠩᠭᠣᠯ ᠤ᠋ᠨ ᠠᠷᠠᠳ ᠤ᠋ᠨ ᠲᠦᠷ ᠵᠠᠰᠠᠭ ᠤ᠋ᠨ ᠭᠠᠵᠠᠷ ᠡᠯᠴᠢ ᠶᠠᠪᠤᠭᠤᠯᠵᠠᠢ᠃
᠊᠊᠊᠊᠊᠊᠊᠊᠊᠊᠊᠊᠊᠊᠊ ᠪᠢ ᠣᠴᠢᠵᠤ ᠴᠢᠳᠠᠬᠤ ᠦᠭᠡᠢ᠃ ᠳᠤᠷ᠎ᠠ ᠲᠠᠢ ᠪᠣᠯ ᠢᠷᠡᠵᠦ ᠠᠭᠤᠯᠵᠠ ᠭᠡᠵᠦ ᠸᠡᠩᠳᠡᠨᠦᠧ ᠶ᠋ᠢᠨ ᠡᠯᠴᠢ ᠳ᠋ᠦ᠍ ᠬᠠᠷᠢᠭᠤᠯᠵᠠᠢ᠃
ᠡᠯᠴᠢ ᠶ᠋ᠢ ᠶᠠᠪᠣᠠᠰᠠᠠᠨ ᠤ᠋ ᠳᠠᠷᠠᠭ᠎ᠠ 《ᠲᠥᠷᠥᠯᠬᠢ ᠨᠤᠲᠤᠭ ᠡᠴᠡ ᠪᠡᠨ ᠬᠥᠭᠡᠭᠡᠭᠳᠡᠵᠦ ᠢᠷᠡᠭᠡᠳ᠂ ᠲᠥᠷᠥᠭᠰᠡᠨ ᠨᠤᠲᠤᠭ ᠲᠠᠭᠠᠨ ᠪᠠᠢᠭ᠎ᠠ ᠬᠥᠮᠦᠨ ᠢ᠋ ᠳᠠᠭᠤᠳᠠᠨ᠎ᠠ ᠭᠡᠨ᠎ᠡ》 ᠭᠡᠵᠦ ᠣᠢᠷ᠎ᠠ ᠶ᠋ᠢᠨ ᠬᠥᠮᠦᠰ ᠲᠡᠭᠡᠨ ᠠᠭᠤᠷ ᠲᠠᠢ ᠬᠡᠯᠡᠵᠦ ᠪᠠᠢᠯ᠎ᠠ᠃
ᠴᠦᠯᠳᠠᠮ ᠤ᠋ᠨ ᠬᠠᠷᠢᠭᠤ ᠶ᠋ᠢ ᠰᠣᠨᠣᠰᠤᠭᠠᠳ ᠸᠡᠩᠳᠡᠨᠦᠧ ᠬᠠᠭᠠᠷᠠᠲᠠᠯ᠎ᠠ ᠪᠠᠨ ᠠᠭᠤᠷᠯᠠᠵᠤ 《ᠴᠢᠮᠠᠲᠤ ᠪᠢ ᠬᠡᠨ ᠭᠡᠳᠡᠭ ᠢ᠋ᠶ᠋ᠡᠨ ᠦᠵᠡᠭᠦᠯᠦᠶ᠎ᠡ》 ᠭᠡᠵᠦ ᠬᠠᠰᠬᠢᠷᠪᠠ᠃ ᠣᠷᠣᠢ ᠨᠢ ᠴᠠᠭᠠᠨ ᠤ᠋ ᠠᠷᠪᠠ ᠭᠠᠷᠤᠢ ᠳᠠᠷᠤᠭ᠎ᠠ ᠶ᠋ᠢ ᠶᠠᠪᠤᠭᠤᠯᠵᠤ ᠴᠦᠯᠳᠠᠮ ᠢ᠋ ᠪᠠᠷᠢᠵᠤ ᠵᠠᠢᠳᠠᠩ ᠮᠣᠷᠢ ᠤᠨᠤᠭᠤᠯᠤᠨ ᠠᠪᠴᠢᠷᠠᠪᠠ᠃
᠊᠊᠊᠊᠊᠊᠊᠊᠊᠊᠊᠊᠊᠊᠊ ᠨᠣᠬᠠᠢ ᠴᠢ᠂ ᠮᠢᠨᠦ ᠲᠤᠰᠢᠶᠠᠯ ᠶᠣᠰᠣᠭᠠᠷ ᠶᠠᠭᠠᠬᠢᠭᠠᠳ ᠢᠷᠡᠳᠡᠭ ᠦᠭᠡᠢ ᠶᠤᠮ ᠪᠣᠢ? ᠭᠡᠵᠦ ᠸᠡᠩᠳᠡᠨᠦᠧ ᠶ᠋ᠢᠨ ᠬᠠᠰᠬᠢᠷᠤᠨ ᠠᠰᠠᠭᠤᠬᠤ ᠳ᠋ᠤ᠌ ᠴᠦᠯᠳᠠᠮ ᠬᠦᠢᠲᠡᠨ ᠢ᠋ᠶ᠋ᠡᠷ ᠢᠨᠢᠶᠡᠮᠰᠦᠭᠯᠡᠭᠰᠡᠨ ᠢ᠋ᠶ᠋ᠡᠨ᠄
᠊᠊᠊᠊᠊᠊᠊᠊᠊᠊᠊᠊᠊᠊᠊ ᠬᠣᠢᠨ᠎ᠠ ᠡᠴᠡ ᠢᠷᠡᠭᠡᠳ ᠬᠣᠲᠠ ᠳ᠋ᠤ᠌᠂ ᠬᠣᠶᠠᠷ ᠬᠣᠨᠣᠭᠠᠳ ᠠᠪᠳᠠᠷ᠎ᠠ ᠳ᠋ᠤ᠌ ᠭᠡᠵᠦ ᠴᠢᠮᠠᠲᠤ ᠨᠠᠮᠠᠶ᠋ᠢ ᠳᠠᠭᠤᠳᠠᠬᠤ ᠡᠷᠬᠡ ᠪᠠᠢᠬᠤ ᠦᠭᠡᠢ᠃ ᠪᠢ ᠪᠣᠯ ᠪᠣᠭᠳᠠ ᠡᠵᠡᠨ ᠦ᠌ ᠵᠠᠷᠯᠢᠭ ᠢ᠋ᠶ᠋ᠠᠷ ᠲᠣᠮᠢᠯᠠᠭᠳᠠᠭᠰᠠᠨ ᠲᠥᠷᠥ ᠶ᠋ᠢᠨ ᠰᠠᠢᠳ ᠭᠡᠯᠡ᠃
᠊᠊᠊᠊᠊᠊᠊᠊᠊᠊᠊᠊᠊᠊᠊ ᠪᠣᠭᠳᠠ ᠡᠵᠡᠨ ᠭᠡᠵᠦ ᠸᠡᠩᠳᠡᠨᠦᠧ ᠶᠣᠵᠣᠲᠠᠢ ᠬᠡᠯᠡᠭᠡᠳ ᠬᠥᠮᠥᠰᠬᠡ ᠨᠢ ᠵᠠᠩᠭᠢᠷᠠᠭᠰᠠᠨ ᠢ᠋ᠶ᠋ᠠᠨ᠄ 《ᠳᠠᠭᠤᠳᠠᠬᠤ ᠶ᠋ᠢ ᠪᠢᠲᠡᠭᠡᠢ ᠬᠡᠯᠡ᠂ ᠪᠠᠷᠢᠭᠠᠳ ᠢᠷᠡᠭᠰᠡᠨ ᠢ᠋ ᠬᠠᠷᠠᠬᠤ ᠦᠭᠡᠢ ᠤᠤ》 ᠭᠡᠳ ᠶᠡᠬᠡᠮᠰᠦᠭ ᠢᠨᠢᠶᠡᠪᠡ᠃
᠊᠊᠊᠊᠊᠊᠊᠊᠊᠊᠊᠊᠊᠊᠊ ᠴᠢᠨᠦ ᠴᠢᠳᠠᠯ ᠲᠠᠢ ᠶ᠋ᠢᠨ ᠬᠢ ᠪᠢᠰᠢ᠂ ᠣᠯᠠᠨ ᠲᠦᠮᠡᠨ ᠳ᠋ᠡᠭᠡᠨ ᠬᠥᠭᠡᠭᠡᠭᠳᠡᠵᠦ ᠣᠷᠣᠬᠤ ᠣᠷᠣᠨ ᠦᠭᠡᠢ ᠪᠣᠯᠤᠭᠰᠠᠨ ᠲᠡᠨᠦᠭᠦᠯ ᠳᠡᠭᠡᠷᠡᠮᠴᠢᠳ ᠢ᠋ᠶ᠋ᠡᠷ ᠲᠣᠯᠣᠭᠠᠢ ᠪᠠᠨ ᠮᠡᠳᠡᠭᠦᠯᠵᠦ ᠪᠠᠢᠭ᠎ᠠ ᠪᠢᠳᠡᠨ ᠦ᠌ ᠠᠷᠴᠠᠭ᠎ᠠ ᠦᠭᠡᠢ ᠶ᠋ᠢᠨ ᠬᠢ ᠭᠡᠵᠦ ᠴᠦᠯᠳᠠᠮ ᠤ᠋ᠨ ᠬᠡᠯᠡᠬᠦ ᠳ᠋ᠦ᠍ ᠰᠢᠨ᠎ᠠ ᠶ᠋ᠢᠨ ᠬᠢᠨᠢ ᠰᠤᠳᠠᠰᠤ ᠭᠦᠷᠪᠡᠯᠵᠡᠨ ᠪᠦᠬᠦ ᠪᠡᠶ᠎ᠡ ᠨᠢ ᠴᠡᠴᠡᠷᠡᠵᠦ ᠪᠠᠢᠪᠠ᠃
᠊᠊᠊᠊᠊᠊᠊᠊᠊᠊᠊᠊᠊᠊᠊ ᠴᠢᠮᠠᠶ᠋ᠢ ᠪᠢ ᠫᠤᠤᠳᠠᠵᠤ ᠠᠯᠠᠬᠤᠪ ᠭᠡᠳ ᠸᠡᠩᠳᠡᠨᠦᠧ ᠮᠥᠷᠥ ᠪᠡᠨ ᠬᠠᠩᠬᠠᠯᠵᠠᠭᠤᠯᠪᠠ᠃
᠊᠊᠊᠊᠊᠊᠊᠊᠊᠊᠊᠊᠊᠊᠊ ᠥᠭᠡᠷ᠎ᠡ ᠴᠢ ᠶᠠᠭᠤ ᠴᠤ᠌ ᠬᠢᠵᠦ ᠴᠢᠳᠠᠬᠤ ᠦᠭᠡᠢ ᠰᠢᠦ ᠳᠡ ᠭᠡᠵᠦ ᠬᠡᠯᠡᠬᠦ ᠳ᠋ᠡᠭᠡᠨ ᠴᠦᠯᠳᠠᠮ ᠬᠦᠢᠲᠡᠨ ᠪᠥᠭᠡᠳ ᠲᠠᠪᠠ ᠲᠠᠢ ᠢᠨᠢᠶᠡᠮᠰᠦᠭᠯᠡᠪᠡ᠃ ᠸᠡᠩᠳᠡᠨᠦᠧ᠂ ᠨᠡᠰᠢ ᠴᠠᠰᠢ ᠬᠣᠯᠬᠢᠵᠤ ᠱᠠᠯᠠ ᠱᠠᠭᠠᠢᠵᠤ ᠪᠣᠳᠣᠯᠬᠢᠯᠠᠨ ᠠᠯᠬᠤᠪᠠ᠃ ᠡᠨᠡ ᠬᠥᠮᠦᠨ ᠢ᠋ ᠬᠦᠴᠦ ᠪᠡᠷ ᠠᠶᠤᠯᠭᠠᠵᠤ ᠴᠢᠳᠠᠬᠤ ᠦᠭᠡᠢ ᠭᠡᠳᠡᠭ ᠢ᠋ ᠣᠢᠯᠭᠠᠪᠠ᠃ ᠫᠤᠤᠳᠠᠵᠤ ᠣᠷᠬᠢᠬᠤ ᠳ᠋ᠤ᠌ ᠲᠤᠩ ᠠᠮᠠᠷᠬᠠᠨ ᠪᠠᠢᠪᠠ᠃ ᠭᠡᠲᠡᠯ᠎ᠡ ᠥᠪᠡᠷ ᠲᠤᠨᠢ ᠡᠨᠡ ᠬᠥᠮᠦᠨ ᠬᠡᠷᠡᠭ ᠲᠡᠢ ᠪᠥᠭᠡᠳ ᠬᠡᠷᠪᠡ ᠮᠣᠩᠭᠣᠯᠴᠤᠳ ᠤ᠋ᠨ ᠳᠤᠮᠳᠠ ᠨᠡᠷ᠎ᠡ ᠲᠡᠢ ᠡᠨᠡ ᠬᠥᠮᠦᠨ ᠢ᠋ ᠠᠯᠠᠵᠤ ᠣᠷᠬᠢᠪᠠᠯ ᠲᠡᠷᠡ ᠲᠡᠢ ᠲᠡᠷᠡ ᠦᠭᠡᠢ ᠪᠠᠯᠠᠷᠠᠨ ᠤᠨᠠᠵᠤ ᠪᠠᠢᠭ᠎ᠠ ᠨᠡᠷ᠎ᠡ ᠬᠦᠨᠳᠦ ᠨᠢ ᠪᠦᠷ ᠳᠠᠮᠫᠤᠷᠠᠨ ᠤᠨᠠᠨ᠎ᠠ ᠭᠡᠵᠦ ᠣᠢᠯᠠᠭᠠᠵᠤ ᠪᠠᠢᠯ᠎ᠠ᠃
᠊᠊᠊᠊᠊᠊᠊᠊᠊᠊᠊᠊᠊᠊᠊ ᠲᠠ ᠴᠢᠨᠢ ᠠᠮᠢᠳᠤ ᠶᠠᠪᠤᠬᠤ ᠡᠴᠡ ᠤᠢᠳᠤᠭᠰᠠᠨ ᠬᠥᠮᠦᠨ ᠤᠤ? ᠨᠠᠳᠠ ᠳ᠋ᠤ᠌ ᠠᠭᠲᠠ ᠮᠣᠷᠢᠳ᠂ ᠡᠷ᠎ᠡ ᠴᠡᠷᠢᠭ᠂ ᠬᠦᠨᠡᠰᠦ ᠰᠠᠭᠠᠳ ᠦᠭᠡᠢ ᠨᠡᠢᠯᠡᠭᠦᠯᠵᠦ ᠥᠭᠪᠡᠯ ᠲᠠᠨ ᠤ᠋ ᠠᠮᠢ ᠶ᠋ᠢ ᠥᠷᠥᠰᠢᠶᠡᠬᠦ ᠪᠡᠷ ᠪᠠᠷᠠᠬᠤ ᠦᠭᠡᠢ ᠪᠠᠷᠤᠨ ᠵᠠᠩᠵᠤᠨ ᠳ᠋ᠤ᠌ ᠠᠢᠯᠠᠳᠬᠠᠵᠤ ᠬᠡᠷᠬᠡᠮ ᠵᠡᠷᠭᠡ ᠨᠡᠮᠡᠨ᠎ᠡ ᠭᠡᠳ ᠬᠤᠳᠠᠯ ᠢᠨᠢᠶᠡᠮᠰᠦᠭᠯᠡᠪᠡ᠃
᠊᠊᠊᠊᠊᠊᠊᠊᠊᠊᠊᠊᠊᠊᠊ ᠲᠠ ᠨᠠᠷ ᠦᠬᠦᠬᠦ ᠶ᠋ᠢ ᠬᠦᠰᠡᠬᠦ ᠦᠭᠡᠢ ᠪᠠᠢᠬᠤ ᠳ᠋ᠤ᠌ ᠲᠥᠷᠥᠭᠰᠡᠨ ᠨᠤᠲᠤᠭ᠂ ᠭᠠᠵᠠᠷ ᠰᠢᠷᠣᠢ ᠳᠡᠭᠡᠷ᠎ᠡ ᠪᠡᠨ ᠪᠠᠢᠭ᠎ᠠ ᠪᠢ ᠬᠦᠰᠡᠬᠦ ᠦᠭᠡᠢ᠃ ᠭᠡᠪᠡᠴᠦ ᠥᠴᠦᠬᠡᠨ ᠪᠡᠶ᠎ᠡ ᠶ᠋ᠢᠨ ᠦᠬᠦᠯ ᠡᠴᠡ ᠠᠶᠤᠭᠠᠳ ᠲᠠ ᠨᠠᠷ ᠲᠠᠢ ᠨᠡᠢᠯᠡᠵᠦ ᠠᠷᠠᠳ ᠲᠦᠮᠡᠨ ᠢ᠋ᠶ᠋ᠡᠨ ᠳᠡᠭᠡᠷᠡᠮᠳᠡᠬᠦ ᠬᠡᠷᠡᠭ ᠲᠦ᠍ ᠣᠷᠣᠵᠤ ᠨᠡᠷ᠎ᠡ ᠠᠯᠳᠠᠷ ᠢ᠋ᠶ᠋ᠠᠨ ᠭᠤᠲᠤᠭᠠᠬᠤ ᠦᠭᠡᠢ᠃
᠊᠊᠊᠊᠊᠊᠊᠊᠊᠊᠊᠊᠊᠊᠊ ᠲᠠ ᠪᠤᠷᠤᠭᠤ ᠶᠠᠷᠢᠵᠤ ᠪᠠᠢᠨ᠎ᠠ᠃ ᠮᠠᠨ ᠤ᠋ ᠵᠠᠩᠵᠤᠨ ᠢ᠋ ᠪᠣᠭᠳᠠ ᠭᠡᠭᠡᠨ᠂ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠰᠡᠨ᠃ ᠪᠢᠳᠡ ᠪᠣᠭᠳᠠ ᠶ᠋ᠢ ᠰᠢᠷᠡᠭᠡᠨ ᠳ᠋ᠦ᠍ᠨᠢ ᠰᠠᠭᠤᠯᠭᠠᠭᠰᠠᠨ᠂ ᠤᠯᠤᠰ ᠢ᠋ ᠴᠢᠨᠢ ᠲᠤᠰᠠᠭᠠᠷ ᠲᠣᠭᠲᠠᠨᠢᠭᠤᠯᠵᠤ ᠥᠭᠭᠦᠭᠰᠡᠨ ᠢ᠋ ᠲᠠ ᠮᠠᠷᠲᠠᠭ᠎ᠠ ᠦᠭᠡᠢ ᠪᠢᠵᠡ? ᠰᠠᠢᠳ ᠤ᠋ᠨ ᠬᠦᠯᠢᠶᠡᠰᠦ ᠶ᠋ᠢ ᠲᠠᠢᠯ ᠭᠡᠬᠦ ᠳ᠋ᠦ᠍ ᠪᠠᠷᠢᠵᠤ ᠢᠷᠡᠯᠴᠡᠭᠰᠡᠨ ᠴᠠᠭᠠᠨ ᠤ᠋ ᠨᠢᠭᠡ ᠳᠠᠷᠤᠭ᠎ᠠ ᠴᠦᠯᠳᠠᠮ ᠤ᠋ᠨ ᠬᠦᠯᠢᠶᠡᠰᠦ ᠶ᠋ᠢ ᠲᠠᠢᠯᠵᠤ ᠥᠭᠪᠡ᠃
ᠴᠦᠯᠳᠠᠮ ᠬᠤᠯᠤᠭᠠᠨ᠎ᠠ ᠬᠠᠷᠠᠭᠰᠠᠨ ᠮᠤᠤᠷ ᠤ᠋ᠨ ᠨᠢᠳᠦ ᠪᠡᠷ ᠸᠡᠩᠳᠡᠨᠦᠧ ᠶ᠋ᠢ ᠨᠡᠪᠲᠡ ᠰᠢᠷᠲᠡᠨ ᠲᠣᠯᠣᠭᠠᠢ ᠪᠠᠨ ᠳᠣᠬᠢᠵᠤ ᠪᠠᠢᠭᠰᠠᠨ ᠢ᠋ᠶ᠋ᠠᠨ ᠴᠠᠪᠳᠠᠭ ᠢ᠋ᠶ᠋ᠠᠷ ᠢᠨᠢᠶᠡᠮᠰᠦᠭᠯᠡᠭᠡᠳ 《ᠬᠡᠦᠬᠡᠳ ᠬᠠᠭᠤᠷᠴᠤ ᠪᠠᠢᠭ᠎ᠠ ᠪᠢᠰᠢ ᠳᠡ ᠲᠠ ᠨᠠᠷ᠃ ᠲᠠ ᠨᠠᠷ ᠪᠣᠯ ᠨᠡᠷ᠎ᠡ ᠨᠢᠭᠤᠷ ᠪᠠᠢᠬᠤ ᠦᠭᠡᠢ ᠯᠤᠢᠪᠠᠷᠴᠢᠳ᠂ ᠳᠡᠭᠡᠷᠡᠮᠴᠢᠳ》 ᠭᠡᠵᠦ ᠬᠠᠰᠬᠢᠷᠪᠠ᠃
᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ ᠤ᠋ ᠠᠯᠪᠠᠲᠤ ᠨᠠᠷ ᠢ᠋ ᠲᠡᠭᠡᠵᠦ ᠪᠣᠯᠬᠤ ᠦᠭᠡᠢ᠃
᠊᠊᠊᠊᠊᠊᠊᠊᠊᠊᠊᠊᠊᠊᠊ ᠲᠡᠷᠡ ᠳᠣᠳᠣᠮ ᠢ᠋ᠶ᠋ᠠᠨ ᠪᠣᠯᠤᠨ᠎ᠠ᠂ ᠲᠡᠷᠡ ᠬᠠᠭᠠᠨ ᠴᠢᠨᠢ ᠰᠢᠷᠡᠭᠡᠨ ᠡᠴᠡ ᠪᠡᠨ ᠰᠢᠷᠢᠳᠡᠭ ᠳᠡᠭᠡᠷ᠎ᠡ ᠪᠠᠭᠤᠵᠤ ᠬᠥᠭᠡᠭᠡᠭᠳᠡᠭᠰᠡᠨ᠂ ᠣᠷᠣᠨ ᠭᠡᠷ ᠰᠠᠨᠠᠬᠤ ᠰᠠᠷᠪᠠᠢᠬᠤ ᠶᠠᠭᠤᠮ᠎ᠠ ᠦᠭᠡᠢ ᠨᠣᠪᠰᠢ ᠨᠤᠭᠤᠳ ᠮᠢᠨᠢ! ᠭᠡᠳ ᠴᠦᠯᠳᠠᠮ ᠠᠮᠢᠰᠬᠤᠭᠠᠳᠠᠨ ᠣᠢᠷᠠᠲᠤᠬᠤ ᠳ᠋ᠤ᠌ ᠸᠡᠩᠳᠡᠨᠦᠧ ᠨᠣᠬᠠᠢ ᠳ᠋ᠤ᠌ ᠪᠦᠰᠡᠯᠡᠭᠳᠡᠭᠰᠡᠨ ᠮᠤᠤᠷ ᠰᠢᠭ᠋ ᠭᠡᠳᠡᠷᠭᠦ ᠪᠡᠨ ᠤᠬᠤᠷᠢᠵᠤ ᠪᠠᠢᠪᠠ᠃
᠊᠊᠊᠊᠊᠊᠊᠊᠊᠊᠊᠊᠊᠊᠊ ᠡᠭᠦᠨ ᠢ᠋ ᠣᠳᠣ ᠫᠤᠤᠳᠠ ᠭᠡᠵᠦ ᠸᠡᠩᠳᠡᠨᠦᠧ ᠬᠠᠰᠬᠢᠷᠪᠠ᠃
ᠲᠡᠷᠡ ᠣᠷᠣᠢ ᠸᠡᠩᠳᠡᠨᠦᠧ ᠶ᠋ᠢᠨ ᠳᠡᠭᠡᠷᠡᠮᠴᠢᠳ ᠴᠦᠯᠳᠠᠮ ᠰᠠᠢᠳ ᠢ᠋ ᠫᠤᠤᠳᠠᠵᠤ ᠠᠯᠠᠪᠠ᠃
ᠬᠡᠳᠦᠨ ᠡᠳᠦᠷ ᠦ᠋ᠨ ᠳᠠᠷᠠᠭ᠎ᠠ ᠬᠠᠳᠠᠨ ᠪᠠᠭᠠᠲᠤᠷ ᠮᠠᠭᠰᠤᠷᠵᠠᠪ ᠴᠡᠷᠢᠭ ᠦ᠋ᠨ ᠬᠠᠮᠲᠤ ᠤᠯᠢᠶᠠᠰᠤᠲᠠᠢ ᠳ᠋ᠤ᠌ ᠬᠦᠷᠦᠯᠴᠡᠨ ᠢᠷᠡᠵᠡᠢ᠃ ᠠᠵᠢᠯ ᠨᠢ ᠤᠯᠠᠮ ᠪᠦᠷ ᠪᠦᠲᠦᠮᠵᠢ ᠦᠭᠡᠢ ᠪᠣᠯᠵᠤ ᠪᠠᠢᠭ᠎ᠠ᠂ ᠪᠠᠰᠠ ᠲᠡᠭᠡᠭᠡᠳ ᠴᠦᠯᠳᠠᠮ ᠢ᠋ ᠠᠯᠠᠭᠰᠠᠨ ᠳ᠋ᠠᠭᠠᠨ ᠪᠠᠠᠳᠠᠭᠰᠠᠨ ᠸᠡᠩᠳᠡᠨᠦᠧ ᠴᠠᠭᠠᠨ ᠤ᠋ ᠳᠠᠷᠤᠭ᠎ᠠ ᠨᠤᠭᠤᠳ ᠢ᠋ᠶ᠋ᠠᠨ ᠳᠠᠭᠠᠭᠤᠯᠤᠨ ᠤᠭᠲᠤᠪᠠ᠃
᠊᠊᠊᠊᠊᠊᠊᠊᠊᠊᠊᠊᠊᠊᠊ ᠬᠠᠯᠬ᠎ᠠ ᠮᠣᠩᠭᠣᠯ ᠤ᠋ᠨ ᠶᠡᠬᠡ ᠵᠠᠩᠵᠤᠨ ᠲᠠ ᠡᠩᠬᠡ ᠠᠮᠤᠭᠤᠯᠠᠩ ᠮᠣᠷᠢᠯᠠᠵᠤ ᠢᠷᠡᠪᠡ ᠤᠤ? ᠭᠡᠵᠦ ᠸᠡᠩᠳᠡᠨᠦᠧ ᠶᠣᠰᠣᠯᠠᠪᠠ᠃
ᠬᠠᠳᠠᠨ ᠪᠠᠭᠠᠲᠤᠷ ᠪᠦᠷᠢᠨ ᠵᠡᠪᠰᠡᠭ ᠲᠡᠢ ᠵᠣᠭᠰᠣᠵᠤ ᠪᠠᠢᠭ᠎ᠠ ᠳᠠᠷᠤᠭ᠎ᠠ ᠨᠠᠷ ᠢ᠋ ᠲᠣᠭᠣᠷᠢᠭᠤᠯᠤᠨ ᠬᠠᠷᠠᠭᠰᠠᠨ ᠢ᠋ᠶ᠋ᠠᠨ᠄ 《ᠥᠨᠥ ᠣᠷᠣᠢ ᠮᠢᠨᠦ ᠴᠡᠷᠢᠭ ᠦ᠋ᠨ ᠲᠣᠭᠠᠯᠠᠯᠭ᠎ᠠ ᠳᠡᠭᠡᠷ᠎ᠡ ᠨᠣᠶᠠᠳ ᠲᠠ ᠪᠦᠬᠦᠨ ᠮᠣᠷᠢᠯᠠᠵᠤ ᠣᠴᠢᠬᠤ ᠶ᠋ᠢ ᠤᠷᠢᠶ᠎ᠠ》 ᠭᠡᠯᠡ᠃
ᠸᠡᠩᠳᠡᠨᠦᠧ ᠳᠤᠷ᠎ᠠ ᠪᠠᠷ ᠢ᠋ᠶ᠋ᠠᠨ ᠵᠠᠩᠨᠠᠵᠤ᠂ ᠠᠷᠠᠳ ᠣᠯᠠᠨ ᠢ᠋ ᠬᠡᠯᠮᠡᠭᠳᠡᠭᠦᠯᠦᠨ ᠴᠦᠯᠳᠠᠮ ᠰᠠᠢᠳ ᠢ᠋ ᠫᠤᠤᠳᠠᠵᠤ ᠠᠯᠠᠭᠰᠠᠨ ᠢ᠋ ᠬᠠᠳᠠᠨ ᠪᠠᠭᠠᠲᠤᠷ ᠪᠦᠷᠢᠨ ᠮᠡᠳᠡᠵᠦ ᠪᠠᠢᠭᠰᠠᠨ᠃ ᠲᠡᠭᠡᠭᠡᠳ ᠤᠯᠢᠶᠠᠰᠤᠲᠠᠢ ᠳ᠋ᠤ᠌ ᠣᠴᠢᠮᠠᠭᠴᠠ ᠪᠠᠷᠢᠵᠤ ᠠᠪᠤᠨ᠎ᠠ ᠭᠡᠵᠦ ᠪᠣᠳᠣᠭᠰᠠᠨ ᠶᠤᠮ᠃ ᠭᠡᠲᠡᠯ᠎ᠡ ᠲᠡᠳᠡ ᠪᠦᠷᠢᠨ ᠵᠡᠪᠰᠡᠭᠯᠡᠭᠰᠡᠨ ᠢ᠋ ᠬᠠᠷᠠᠭᠠᠳ 《ᠢᠩᠭᠢᠭᠡᠳ ᠪᠠᠷᠢᠬᠤ ᠳ᠋ᠤ᠌ ᠡᠳᠡ ᠡᠰᠡᠷᠭᠦᠴᠡᠵᠦ᠂ ᠬᠡᠳᠦᠨ ᠬᠥᠮᠦᠨ ᠠᠯᠠᠭᠳᠠᠬᠤ ᠪᠣᠯᠤᠨ᠎ᠠ᠃ ᠡᠨᠡ ᠤᠴᠢᠷ ᠡᠴᠡ ᠣᠷᠣᠢ ᠶ᠋ᠢᠨ ᠲᠣᠭᠠᠯᠠᠯᠭ᠎ᠠ ᠳᠡᠭᠡᠷ᠎ᠡ ᠣᠴᠢᠬᠤ ᠳ᠋ᠤᠨᠢ ᠭᠡᠨᠡᠳᠲᠡ ᠳᠠᠭᠠᠷᠢᠨ ᠪᠠᠷᠢᠵᠤ ᠠᠪᠤᠶ᠎ᠠ》 ᠭᠡᠵᠦ ᠪᠣᠳᠣᠵᠠᠢ᠃
ᠣᠷᠣᠢ ᠶ᠋ᠢᠨ ᠲᠣᠭᠠᠯᠠᠯᠭ᠎ᠠ ᠪᠣᠯᠵᠤ᠂ ᠶᠠᠭᠤ ᠬᠢᠬᠦ ᠪᠡᠨ ᠮᠡᠳᠡᠭᠰᠡᠨ ᠮᠣᠩᠭᠣᠯ ᠴᠡᠷᠢᠭ ᠦ᠋ᠳ ᠬᠠᠳᠠᠨ ᠪᠠᠭᠠᠲᠤᠷ ᠤ᠋ᠨ ᠳᠣᠬᠢᠶ᠎ᠠ ᠶ᠋ᠢ ᠬᠦᠯᠢᠶᠡᠨ ᠪᠡᠯᠡᠬᠡᠨ ᠵᠣᠭᠰᠣᠵᠤ ᠪᠠᠢᠪᠠ᠃
ᠴᠠᠭᠠᠨ ᠤ᠋ ᠳᠠᠷᠤᠭ᠎ᠠ ᠨᠠᠷ ᠤ᠋ᠳ ᠴᠤᠪᠤᠷᠠᠯᠳᠤᠨ ᠢᠷᠡᠬᠦ ᠳ᠋ᠦ᠍ ᠸᠡᠩᠳᠡᠨᠦᠧ ᠠᠯᠠᠭ᠎ᠠ ᠪᠠᠢᠯ᠎ᠠ᠃ ᠬᠠᠳᠠᠨ ᠪᠠᠭᠠᠲᠤᠷ ᠬᠤᠶᠠᠭ ᠢ᠋ ᠳᠠᠭᠤᠳᠠᠵᠤ 《ᠦᠮᠡᠬᠡᠢ ᠰᠠᠨᠠᠭ᠎ᠠ ᠲᠠᠢ ᠵᠣᠯᠢᠭ ᠴᠢᠨᠢ ᠢᠷᠡᠬᠦ ᠦᠭᠡᠢ ᠨᠢ ᠪᠣᠯᠤᠯᠲᠠᠢ᠂ ᠬᠣᠶᠠᠷ ᠬᠥᠮᠦᠨ ᠳᠠᠭᠠᠭᠤᠯᠵᠤ ᠶᠠᠪᠤᠭᠠᠳ ᠠᠮᠢᠳᠤ ᠪᠠᠷᠢᠵᠤ ᠢᠷ᠎ᠡ》 ᠭᠡᠵᠦ ᠰᠢᠪᠡᠭᠡᠨᠡᠨ ᠬᠡᠯᠡᠪᠡ᠃
ᠴᠡᠷᠢᠭ ᠦ᠋ᠨ ᠲᠣᠭᠠᠯᠠᠯᠭ᠎ᠠ ᠡᠬᠢᠯᠡᠪᠡ᠃ ᠴᠠᠭᠠᠨ ᠤ᠋ ᠳᠠᠷᠤᠭ᠎ᠠ ᠨᠠᠷ᠂ ᠤᠷᠠᠩᠬᠠᠢ ᠬᠤᠪᠴᠠᠰᠤ ᠲᠠᠢ᠂ ᠣᠯᠳᠠᠭᠰᠠᠨ ᠶᠠᠭᠤᠮ᠎ᠠ ᠪᠠᠷ ᠵᠡᠪᠰᠡᠭᠯᠡᠭᠰᠡᠨ ᠮᠣᠩᠭᠣᠯ ᠴᠡᠷᠢᠭ ᠢ᠋ ᠳᠣᠷᠣᠮᠵᠢᠯᠠᠭᠰᠠᠨ ᠨᠢᠳᠦ ᠪᠡᠷ ᠬᠠᠷᠠᠵᠤ 《ᠡᠢᠮᠦ ᠪᠠᠢᠵᠤ ᠠᠷᠠᠳ ᠤ᠋ᠨ ᠵᠠᠰᠠᠭ ᠪᠠᠢᠭᠤᠯᠬᠤ ᠰᠠᠨᠠᠭ᠎ᠠ ᠲᠠᠢ》 ᠭᠡᠵᠦ ᠳᠣᠲᠣᠷ᠎ᠠ ᠪᠠᠨ ᠪᠣᠳᠣᠵᠤ ᠪᠠᠢᠯ᠎ᠠ᠃ ᠭᠡᠬᠦ ᠳ᠋ᠡᠭᠡᠨ ᠥᠪᠡᠷᠰᠡᠳ ᠢ᠋ᠶ᠋ᠡᠨ ᠡᠡᠩᠭᠯᠢ᠂ ᠠᠮᠧᠷᠢᠺᠠ᠂ ᠶᠠᠫᠣᠨ ᠤ᠋ ᠰᠢᠯᠢᠳᠡᠭ ᠵᠡᠪᠰᠡᠭ ᠬᠡᠷᠡᠭᠯᠡᠵᠦ ᠶᠠᠪᠤᠭᠠᠳ ᠰᠢᠪᠢᠷᠢ ᠶ᠋ᠢᠨ ᠬᠢᠲᠤᠭ᠎ᠠ᠂ ᠰᠢᠪᠦᠭᠡ ᠪᠠᠷᠢᠭᠰᠠᠨ ᠫᠠᠷᠲ᠋ᠢᠽᠠᠨ ᠨᠤᠭᠤᠳ ᠲᠤ᠌ ᠦᠬᠦᠲᠡᠯ᠎ᠡ ᠴᠣᠬᠢᠭᠤᠯᠵᠤ ᠰᠢᠪᠡᠷ ᠱᠠᠭᠠᠵᠠᠩ ᠤ᠋ᠨ ᠬᠠᠭᠠᠷᠬᠠᠢ ᠰᠢᠭ᠋ ᠪᠣᠯᠤᠭᠰᠠᠨ ᠢ᠋ᠶ᠋ᠠᠨ ᠮᠠᠷᠲᠠᠭᠰᠠᠨ ᠠᠵᠢ᠃
ᠮᠠᠭᠰᠤᠷᠵᠠᠪ ᠳᠣᠬᠢᠶ᠎ᠠ ᠥᠭᠭᠦᠮᠡᠭᠴᠡ ᠮᠣᠩᠭᠣᠯ ᠴᠡᠷᠢᠭ ᠵᠡᠷᠭᠡ ᠬᠥᠳᠡᠯᠵᠦ ᠴᠠᠭᠠᠨ ᠤ᠋ ᠳᠠᠷᠤᠭ᠎ᠠ ᠨᠠᠷ ᠢ᠋ ᠪᠠᠷᠢᠪᠴᠢᠯᠠᠪᠠ᠃
ᠡᠨᠡ ᠦᠶ᠎ᠡ ᠳ᠋ᠦ᠍ ᠭᠠᠭᠴᠠ ᠶ᠋ᠢᠨ ᠳᠠᠪᠠᠭ᠎ᠠ ᠥᠭᠡᠳᠡ ᠥᠨᠳᠥᠷ ᠪᠣᠷᠣ ᠮᠣᠷᠢ ᠲᠠᠢ ᠸᠡᠩᠳᠡᠨᠦᠧ ᠰᠸᠯᠠᠢ᠌ᠳᠠᠢ ᠪᠠᠨ ᠪᠡᠯᠡᠬᠡᠨ ᠪᠠᠷᠢᠨ ᠡᠷᠭᠢᠵᠦ ᠬᠠᠷᠠᠭᠰᠠᠭᠠᠷ ᠳᠠᠪᠬᠢᠵᠤ ᠶᠠᠪᠤᠯ᠎ᠠ᠃ ᠲᠡᠭᠦᠨ ᠡᠴᠡ ᠨᠡᠯᠢᠶᠡᠳ ᠬᠣᠢᠨ᠎ᠠ ᠬᠤᠶᠠᠭ ᠬᠣᠶᠠᠷ ᠴᠡᠷᠢᠭ ᠦ᠋ᠨ ᠬᠠᠮᠲᠤ ᠬᠤᠷᠳᠤᠯᠠᠨ ᠳᠠᠪᠬᠢᠨ᠎ᠠ᠃
ᠡᠳᠦᠷ ᠮᠠᠭᠰᠤᠷᠵᠠᠪ ᠤ᠋ᠨ ᠬᠦᠢᠲᠡᠨ ᠬᠠᠷᠠᠴᠠ ᠡᠴᠡ ᠰᠠᠢᠨ ᠶᠠᠭᠤᠮ᠎ᠠ ᠪᠣᠯᠬᠤ ᠦᠭᠡᠢ ᠨᠢ ᠭᠡᠳᠡᠭ ᠢ᠋ ᠸᠡᠩᠳᠡᠨᠦᠧ ᠣᠢᠯᠠᠭᠠᠭᠰᠠᠨ᠃ ᠭᠡᠪᠡᠴᠦ ᠳᠠᠷᠤᠭ᠎ᠠ ᠨᠠᠷ ᠲᠤ᠌ ᠬᠡᠯᠡᠪᠡᠯ ᠪᠠᠢᠯᠳᠤᠭᠠᠨ ᠪᠣᠯᠤᠭᠠᠳ ᠮᠣᠩᠭᠣᠯ ᠴᠡᠷᠢᠭ ᠲᠦ᠍ ᠪᠠᠷᠢᠭᠳᠠᠬᠤ ᠪᠤᠶᠤ ᠠᠯᠠᠭᠳᠠᠨ᠎ᠠ ᠭᠡᠵᠦ ᠪᠣᠳᠣᠭᠠᠳ ᠭᠠᠭᠴᠠᠭᠠᠷ ᠢ᠋ᠶ᠋ᠠᠨ ᠤᠷᠭᠤᠬᠤ ᠪᠠᠷ ᠰᠢ᠌ᠤᠠᠴᠠᠢ᠃ ᠢᠩᠭᠢᠭᠡᠳ ᠨᠥᠬᠥᠳ ᠢ᠋ᠶ᠋ᠡᠨ ᠣᠷᠬᠢᠵᠤ᠂ ᠲᠣᠭᠠᠨ ᠤ᠋ ᠦᠶ᠎ᠡ ᠪᠡᠷ ᠰᠠᠮ ᠤᠷᠭᠤᠭᠰᠠᠨ ᠪᠣᠯᠪᠠᠴᠤ ᠬᠤᠶᠠᠭ ᠲᠤ᠌ ᠮᠡᠳᠡᠭᠳᠡᠵᠦ ᠬᠥᠭᠡᠭᠡᠭᠳᠡᠪᠡ᠃
ᠥᠷᠲᠡᠭᠡᠴᠢᠳ ᠫᠤᠤ ᠲᠤᠯᠭᠠᠵᠤ ᠰᠦᠷ ᠪᠠᠳᠠᠷᠠᠭᠤᠯᠤᠭᠰᠠᠨ ᠸᠡᠩᠳᠡᠨᠦᠧ ᠳ᠋ᠦ᠍ ᠮᠠᠭᠤ ᠮᠣᠷᠢ ᠡᠮᠡᠭᠡᠯᠯᠡᠵᠦ᠂ ᠬᠤᠶᠠᠭ ᠲᠤ᠌ ᠰᠢᠯᠢᠳᠡᠭ ᠮᠣᠷᠢ ᠪᠠᠨ ᠥᠭᠴᠦ ᠪᠠᠢᠭᠰᠠᠨ ᠢ᠋ᠶ᠋ᠠᠷ ᠰᠢᠷᠣᠢᠲᠤ ᠶ᠋ᠢᠨ ᠥᠷᠲᠡᠭᠡᠨ ᠳᠡᠭᠡᠷ᠎ᠡ ᠭᠦᠢᠴᠡᠭᠳᠡᠵᠦ ᠫᠤᠤᠳᠠᠯᠴᠠᠭᠰᠠᠨ ᠪᠣᠯᠪᠠᠴᠤ ᠵᠠᠢᠯᠠᠵᠤ ᠴᠢᠳᠠᠯ ᠦᠭᠡᠢ ᠪᠠᠷᠢᠭᠳᠠᠪᠠ᠃
ᠮᠠᠷᠭᠠᠰᠢ ᠨᠢ ᠬᠠᠨᠲᠠᠷᠤᠭᠠ ᠬᠦᠯᠢᠶᠡᠰᠦᠲᠡᠢ ᠸᠡᠩᠳᠡᠨᠦᠧ ᠬᠠᠳᠠᠨ ᠪᠠᠭᠠᠲᠤᠷ ᠮᠠᠭᠰᠤᠷᠵᠠᠪ ᠤ᠋ᠨ ᠡᠮᠦᠨ᠎ᠡ ᠳᠠᠭᠵᠢᠨ ᠵᠣᠭᠰᠣᠵᠤ ᠪᠠᠢᠪᠠ᠃
᠊᠊᠊᠊᠊᠊᠊᠊᠊᠊᠊᠊᠊᠊᠊ ᠴᠢ ᠪᠠᠷᠤᠨ ᠵᠠᠩᠵᠤᠨ ᠤ᠋ ᠲᠤᠰᠢᠶᠠᠯ ᠢ᠋ ᠵᠥᠷᠢᠴᠡᠵᠦ ᠨᠠᠮᠠᠶ᠋ᠢ ᠪᠠᠷᠢᠵᠤ ᠠᠪᠤᠭᠰᠠᠨ ᠶᠠᠯ᠎ᠠ ᠡᠴᠡ ᠥᠷᠦᠰᠢᠶᠡᠭᠳᠡᠬᠦ ᠦᠭᠡᠢ᠃
᠊᠊᠊᠊᠊᠊᠊᠊᠊᠊᠊᠊᠊᠊᠊ ᠪᠢᠳᠡᠨ ᠳ᠋ᠦ᠍ ᠪᠠᠷᠤᠨ ᠤ᠋ ᠥᠷᠥᠰᠢᠶᠡᠯ ᠬᠡᠷᠡᠭ ᠪᠣᠯᠬᠤ ᠦᠭᠡᠢ᠃ ᠬᠠᠷᠢᠨ ᠴᠢᠮᠠᠶ᠋ᠢ ᠴᠦᠯᠳᠠᠮ ᠤ᠋ᠨ ᠬᠠᠷᠢᠭᠤ ᠳ᠋ᠤ᠌ ᠫᠤᠤᠳᠠᠵᠤ ᠠᠯᠠᠨ᠎ᠠ᠃
᠊᠊᠊᠊᠊᠊᠊᠊᠊᠊᠊᠊᠊᠊᠊ ᠴᠢ ᠦᠨᠡᠨ ᠶᠠᠷᠢᠵᠤ ᠪᠠᠢᠨ᠎ᠠ ᠤᠤ?
᠊᠊᠊᠊᠊᠊᠊᠊᠊᠊᠊᠊᠊᠊᠊ ᠨᠠᠳᠠ ᠲᠣᠭᠯᠠᠬᠤ ᠵᠠᠪ ᠠᠯᠠᠭ᠎ᠠ᠃
᠊᠊᠊᠊᠊᠊᠊᠊᠊᠊᠊᠊᠊᠊᠊ ᠴᠢ ᠪᠢᠳᠡ ᠬᠣᠶᠠᠷ ᠮᠣᠩᠭᠣᠯ ᠬᠥᠮᠦᠨ ᠰᠢᠦ ᠳᠡ᠃
᠊᠊᠊᠊᠊᠊᠊᠊᠊᠊᠊᠊᠊᠊᠊ ᠮᠣᠩᠭᠣᠯ ᠬᠥᠮᠦᠨ ᠭᠡᠵᠦ ᠶᠠᠷᠢᠬᠤ ᠶ᠋ᠢᠨ ᠲᠤᠯᠠ ᠮᠣᠩᠭᠣᠯ ᠤ᠋ᠨ ᠲᠥᠯᠥᠭᠡ ᠴᠣᠬᠢᠯᠠᠬᠤ ᠵᠢᠷᠦᠬᠡ ᠲᠡᠢ ᠪᠠᠢᠬᠤ ᠬᠡᠷᠡᠭᠲᠡᠢ᠃ ᠴᠢᠮᠠᠲᠤ ᠲᠡᠢᠮᠦ ᠵᠢᠷᠦᠬᠡ ᠠᠯᠠᠭ᠎ᠠ ᠭᠡᠳ ᠬᠠᠳᠠᠨ ᠪᠠᠭᠠᠲᠤᠷ ᠰᠢᠭᠤᠳ ᠭᠠᠷᠤᠯ᠎ᠠ᠃ ᠲᠡᠷᠡ ᠣᠷᠣᠢ ᠸᠡᠩᠳᠡᠨᠦᠧ ᠶ᠋ᠢ ᠠᠪᠠᠴᠢᠵᠤ ᠫᠤᠤᠳᠠᠬᠤ ᠳ᠋ᠤ᠌ ᠲᠡᠷᠡ ᠨᠢ ᠤᠬᠢᠯᠠᠵᠤ᠂ ᠬᠠᠰᠬᠢᠷᠴᠤ᠂ ᠮᠥᠯᠬᠥᠨ ᠰᠥᠭᠥᠳᠴᠦ ᠠᠮᠢ ᠭᠤᠶᠤᠭᠰᠠᠨ ᠪᠥᠭᠡᠳ ᠶᠠᠭ ᠫᠤᠤᠳᠠᠬᠤ ᠦᠶ᠎ᠡ ᠳ᠋ᠦ᠍ ᠤᠬᠠᠭᠠᠨ ᠠᠯᠳᠠᠵᠠᠢ᠃
ᠬᠠᠳᠠᠨ ᠪᠠᠭᠠᠲᠤᠷ ᠤ᠋ᠨ ᠴᠡᠷᠢᠭ ᠤᠯᠢᠶᠠᠰᠤᠲᠠᠢ ᠠ᠋ᠴᠠ ᠬᠥᠳᠡᠯᠵᠦ ᠳᠥᠷᠪᠡᠳ ᠳᠠᠯᠠᠢ ᠬᠠᠨ ᠤ᠋ ᠥᠭᠡᠳᠡ ᠠᠶᠠᠯᠠᠪᠠ᠃ ᠲᠡᠨᠳᠡ ᠪᠣᠭᠰᠢᠵᠤ ᠪᠠᠢᠭᠰᠠᠨ ᠴᠠᠭᠠᠨᠲᠠᠨ ᠠᠷᠠᠳ ᠣᠯᠠᠨ ᠳ᠋ᠤ᠌ ᠪᠠᠭ᠎ᠠ ᠦᠭᠡᠢ ᠪᠠᠯᠠᠭ ᠲᠠᠷᠢᠵᠤ ᠭᠡᠭᠡᠨ ᠴᠠᠭᠠᠨ ᠡᠳᠦᠷ ᠠᠯᠠᠯᠭ᠎ᠠ ᠳᠡᠭᠡᠷᠡᠮᠳᠡᠯᠭᠡ ᠬᠢᠵᠦ ᠪᠠᠢᠵᠠᠢ᠃
ᠨᠣᠭᠣᠭᠠᠷᠠᠭᠰᠠᠨ ᠤᠷᠭᠤᠮᠠᠯ᠂ ᠥᠩᠭᠡ ᠶ᠋ᠢᠨ ᠴᠡᠴᠡᠭ ᠢ᠋ᠶ᠋ᠡᠷ ᠴᠢᠮᠡᠭᠯᠡᠭᠳᠡᠭᠰᠡᠨ ᠬᠣᠷᠸ᠎ᠠ᠂ ᠬᠥᠬᠥᠭᠡ ᠶ᠋ᠢᠨ ᠳᠠᠭᠤ ᠶᠠᠭᠤᠲᠠᠢ ᠰᠠᠢᠬᠠᠨ ᠪᠣᠢ? ᠮᠠᠨᠳᠤᠬᠤ ᠨᠠᠷᠠᠨ ᠳ᠋ᠤ᠌ ᠲᠦᠮᠡᠨ ᠵᠦᠢᠯ ᠦ᠋ᠨ ᠥᠩᠭᠡ ᠪᠠᠳᠠᠷᠠᠭᠰᠠᠨ ᠤᠷᠲᠤ ᠠᠮᠠ ᠶ᠋ᠢ ᠤᠷᠤᠭᠤᠳᠠᠨ ᠬᠤᠶᠠᠭ ᠤ᠋ᠨ ᠵᠠᠬᠢᠷᠤᠭᠰᠠᠨ ᠬᠠᠳᠠᠨ ᠪᠠᠭᠠᠲᠤᠷ ᠤ᠋ᠨ ᠬᠣᠰᠢᠭᠤᠴᠢ ᠲᠠᠪᠢᠨ ᠴᠡᠷᠢᠭ ᠴᠤᠪᠤᠷᠠᠨ ᠶᠠᠪᠤᠯ᠎ᠠ᠃
ᠬᠤᠶᠠᠭ ᠤᠷᠲᠤ ᠪᠡᠶ᠎ᠡ ᠲᠡᠢ᠂ ᠥᠨᠳᠥᠷ ᠴᠡᠭᠡᠵᠢ ᠲᠡᠢ᠂ ᠰᠠᠢᠬᠠᠨ ᠪᠣᠷᠣ ᠮᠣᠷᠢ ᠤᠨᠤᠭᠠᠳ ᠴᠡᠷᠢᠭ ᠦ᠋ᠨ ᠡᠮᠦᠨ᠎ᠡ ᠶᠠᠪᠤᠨ᠎ᠠ᠃ ᠬᠠᠵᠠᠭᠤ ᠶ᠋ᠢᠨ ᠠᠭᠤᠯᠠᠨ ᠡᠴᠡ ᠬᠣᠷᠢ ᠰᠢᠭᠠᠮ ᠠᠳᠤᠭᠤ ᠬᠥᠭᠡᠭᠡᠭᠰᠡᠨ ᠬᠥᠮᠦᠨ ᠭᠠᠷᠴᠤ ᠢᠷᠡᠭᠡᠳ ᠴᠡᠷᠢᠭ ᠢ᠋ ᠬᠠᠷᠠᠮᠠᠭᠴᠠ ᠵᠣᠭᠰᠣᠪᠠ᠃
ᠬᠤᠶᠠᠭ ᠳᠤᠷᠠᠨ ᠠᠪᠴᠤ ᠲᠡᠷᠡ ᠵᠦᠭ ᠬᠠᠷᠠᠭᠰᠠᠨ ᠢ᠋ᠶ᠋ᠠᠨ 《ᠲᠡᠮᠦᠷ ᠭᠤᠸᠠᠢ》 ᠭᠡᠳ ᠲᠡᠷᠡ ᠵᠦᠭ ᠳᠠᠪᠬᠢᠭᠰᠠᠨ ᠢ᠋ᠶ᠋ᠠᠨ ᠶᠠᠪᠤᠬᠤ ᠳᠤᠮᠳᠠ ᠪᠠᠨ 《ᠲᠡᠮᠦᠷ ᠭᠤᠸᠠᠢ᠂ ᠪᠢ ᠬᠤᠶᠠᠭ ᠪᠠᠢᠨ᠎ᠠ》 ᠭᠡᠵᠦ ᠳᠠᠬᠢᠨ ᠳᠠᠬᠢᠨ ᠬᠠᠰᠬᠢᠷᠴᠤ ᠶᠠᠪᠤᠭᠰᠠᠭᠠᠷ ᠣᠢᠷᠠᠲᠤᠨ ᠣᠴᠢᠵᠤ 《ᠲᠡᠮᠦᠷ ᠭᠤᠸᠠᠢ》 ᠭᠡᠳ ᠦᠰᠦᠷᠦᠨ ᠪᠠᠭᠤᠪᠠ᠃
ᠦᠨᠡᠬᠡᠷ ᠴᠦ᠍ ᠲᠡᠮᠦᠷ ᠪᠠᠢᠯ᠎ᠠ᠃ ᠲᠡᠭᠦᠨ ᠳ᠋ᠦ᠍ ᠥᠭᠡᠷᠡᠴᠢᠯᠡᠭᠳᠡᠭᠰᠡᠨ ᠶᠠᠭᠤᠮ᠎ᠠ ᠭᠡᠪᠡᠯ ᠨᠢᠭᠤᠷ ᠨᠢ ᠣᠪᠣᠩ ᠳᠤᠪᠣᠩ ᠴᠣᠬᠣᠷ ᠪᠣᠯᠤᠭᠠᠳ ᠰᠦᠷᠡᠬᠡᠢ ᠲᠤᠷᠠᠭᠰᠠᠨ ᠡᠴᠡ ᠬᠠᠮᠠᠷ ᠨᠢ ᠥᠨᠳᠥᠷ ᠪᠣᠯᠵᠠᠢ᠃
ᠪᠠᠳᠠᠷᠴᠢ ᠲᠠᠢ ᠨᠡᠢᠯᠡᠵᠦ ᠭᠠᠮᠢᠩ ᠢ᠋ ᠴᠣᠬᠢᠭᠠᠳ ᠬᠡᠳᠦᠨ ᠡᠳᠦᠷ ᠦ᠋ᠨ ᠲᠤᠷᠰᠢ ᠵᠠᠯᠠᠭᠤ ᠭᠠᠮᠢᠩ ᠤ᠋ᠨ ᠤᠷᠲᠤ ᠨᠢᠭᠤᠷ ᠬᠠᠷᠠᠭᠳᠠᠵᠤ ᠰᠡᠳᠬᠢᠯ ᠨᠢ ᠵᠣᠪᠠᠵᠤ ᠶᠠᠪᠤᠭᠰᠠᠨ ᠪᠢᠯᠡ᠃ ᠲᠡᠭᠡᠭᠡᠳ ᠰᠡᠴᠡᠨ ᠰᠠᠷᠲᠠᠭᠤᠯ ᠤ᠋ᠨ ᠬᠤᠰᠢᠭᠤᠨ ᠳ᠋ᠤ᠌ ᠤᠷᠢᠳᠤ ᠬᠠᠮᠲᠤ ᠠᠳᠤᠭᠤ ᠬᠥᠭᠡᠭᠡᠵᠦ ᠶᠠᠪᠤᠭᠰᠠᠨ ᠲᠠᠨᠢᠯ ᠤ᠋ᠨ ᠬᠢᠨ ᠳ᠋ᠡᠭᠡᠨ ᠣᠴᠢᠵᠤ ᠬᠡᠳᠦ ᠬᠣᠨᠣᠭᠠᠳ ᠪᠤᠴᠠᠵᠤ ᠡᠬᠡᠨᠡᠷ ᠬᠡᠦᠬᠡᠳ ᠢ᠋ᠶ᠋ᠡᠨ ᠠᠪᠬᠤ ᠪᠣᠳᠣᠯ ᠲᠠᠢ ᠶᠠᠪᠤᠵᠠᠢ᠃ ᠭᠡᠲᠡᠯ᠎ᠡ ᠪᠦᠬᠦ ᠪᠡᠶ᠎ᠡ ᠨᠢ ᠶᠠᠩᠭᠢᠨᠠᠨ᠂ ᠵᠠᠷᠢᠮ ᠳ᠋ᠠᠭᠠᠨ ᠲᠣᠭᠲᠠᠵᠤ ᠶᠠᠳᠠᠨ ᠴᠡᠴᠡᠷᠡᠵᠦ ᠦᠶ᠎ᠡ ᠦᠶ᠎ᠡ ᠨᠢᠳᠦ ᠨᠢ ᠬᠠᠷᠠᠩᠭᠤᠢᠯᠠᠨ ᠮᠠᠨᠠᠷᠠᠵᠤ᠂ ᠤᠷᠤᠭᠤᠯ ᠨᠢ ᠣᠮᠣᠭᠣᠯᠲᠤᠨ ᠬᠠᠲᠠᠵᠤ ᠶᠠᠪᠤᠬᠤ ᠶ᠋ᠢᠨ ᠠᠷᠭ᠎ᠠ ᠦᠭᠡᠢ ᠪᠣᠯᠵᠠᠢ᠃ ᠦᠨᠡᠨ ᠢ᠋ ᠬᠡᠯᠡᠬᠦ ᠳ᠋ᠦ᠍ ᠲᠡᠮᠦᠷ ᠲᠤᠯᠠᠳᠠ ᠯᠠ ᠶᠠᠪᠤᠵᠤ ᠪᠠᠢᠯ᠎ᠠ᠃ ᠲᠡᠭᠦᠨ ᠳ᠋ᠦ᠍ ᠴᠠᠭᠠᠨ ᠪᠤᠷᠬᠠᠨ ᠲᠤᠰᠴᠠᠢ᠃
ᠶᠠᠮᠠᠷ ᠨᠢᠭᠡᠨ ᠳᠠᠪᠠᠭᠠᠨ ᠳᠡᠭᠡᠷ᠎ᠡ ᠭᠠᠷᠴᠤ ᠮᠣᠷᠢᠨ ᠡᠴᠡ ᠪᠠᠭᠤᠭᠠᠳ ᠣᠪᠣᠭ᠎ᠠ ᠥᠭᠡᠳᠡ ᠴᠢᠯᠠᠭᠤ ᠰᠢᠳᠡᠭᠡᠳ ᠮᠣᠷᠳᠠᠬᠤ ᠭᠡᠰᠡᠨ ᠢ᠋ᠶ᠋ᠡᠨ ᠡᠮᠡᠭᠡᠯ ᠦ᠋ᠨ ᠪᠦᠭᠦᠷᠭᠡ ᠪᠡᠨ ᠲᠦᠰᠢᠭᠡᠳ ᠨᠢᠳᠦ ᠪᠡᠨ ᠠᠨᠢᠨ ᠬᠡᠰᠡᠭ ᠵᠣᠭᠰᠣᠪᠠ᠃ ᠡᠪᠦᠳᠦᠭ ᠨᠢ ᠴᠡᠴᠡᠷᠡᠨ᠂ ᠪᠡᠶ᠎ᠡ ᠨᠢ ᠰᠠᠯᠭᠠᠨᠠᠨ ᠠᠮᠢᠰᠬᠤᠭ᠎ᠠ ᠨᠢ ᠳᠠᠪᠬᠤᠴᠠᠨ᠎ᠠ᠃ ᠬᠦᠴᠦᠯᠡᠨ ᠮᠣᠷᠳᠠᠭᠠᠳ ᠴᠢᠨᠠᠭᠰᠢ ᠶᠠᠪᠤᠬᠤ ᠳ᠋ᠤ᠌ ᠪᠠᠢᠨ ᠪᠠᠢᠨ ᠭᠠᠵᠠᠷ ᠲᠩᠷᠢ ᠬᠥᠷᠪᠡᠯᠳᠦᠬᠦ ᠰᠢᠭ ᠪᠣᠯᠬᠤ ᠳ᠋ᠤᠨᠢ ᠪᠦᠭᠦᠷᠭᠡ ᠡᠴᠡ ᠪᠡᠨ ᠴᠢᠩᠭ᠎ᠠ ᠲᠡᠪᠡᠷᠢᠨ ᠶᠠᠪᠤᠵᠤ ᠪᠠᠢᠯ᠎ᠠ᠃ ᠲᠠᠷᠪᠠᠭᠠᠴᠢᠨ ᠤ᠋ ᠮᠠᠢᠬᠠᠨ ᠳ᠋ᠤ᠌ ᠤᠬᠠᠭᠠᠨ ᠲᠠᠢ᠂ ᠤᠬᠠᠭᠠᠨ ᠦᠭᠡᠢ ᠣᠷᠣᠭᠠᠳ ᠤᠨᠲᠠᠭᠰᠠᠨ ᠴᠢᠨᠢ ᠰᠥᠨᠢ ᠳᠡᠮᠡᠢᠷᠡᠵᠦ ᠤᠬᠠᠭᠠᠨ ᠠᠯᠳᠠᠵᠠᠢ᠃
ᠲᠠᠷᠪᠠᠭᠠᠴᠢᠨ ᠡᠷ᠎ᠡ ᠡᠮ᠎ᠡ ᠬᠣᠶᠠᠷ ᠬᠠᠰᠢᠷ ᠤᠯᠤᠰ ᠪᠠᠢᠭᠰᠠᠨ ᠤ᠋ ᠠᠴᠢ ᠪᠠᠷ ᠢᠷᠡᠭᠰᠡᠨ ᠲᠠᠨᠢᠬᠤ ᠦᠭᠡᠢ ᠬᠥᠮᠦᠨ ᠳ᠋ᠦ᠍ ᠶᠠᠮᠠᠷ ᠡᠪᠡᠳᠴᠢᠨ ᠲᠤᠰᠤᠭᠰᠠᠨ ᠢ᠋ ᠮᠡᠳᠡᠭᠡᠳ ᠨᠢᠭᠡᠨᠲᠡ ᠥᠪᠡᠷᠰᠡᠳ ᠢ᠋ᠶ᠋ᠡᠨ ᠪᠣᠯᠤᠭᠰᠠᠨ ᠪᠣᠯᠬᠣᠷ ᠲᠤᠰᠠᠯᠠᠨ ᠡᠷᠭᠦᠪᠡ᠃
ᠲᠡᠮᠦᠷ ᠳᠡᠮᠡᠢᠷᠡᠬᠦ ᠳ᠋ᠡᠭᠡᠨ ᠲᠣᠭᠰᠢᠨ ᠪᠢᠰᠢ ᠪᠥᠭᠡᠳ ᠭᠠᠭᠴᠠᠬᠦ ᠳᠤᠯᠮ᠎ᠠ ᠶ᠋ᠢᠨ ᠨᠡᠷ᠎ᠡ ᠶ᠋ᠢ ᠳᠤᠷᠠᠳᠴᠤ 《ᠡᠷ᠎ᠡ ᠬᠥᠮᠦᠨ ᠳᠡ ᠬᠦ》 ᠭᠡᠵᠦ ᠳᠠᠪᠲᠠᠨ ᠬᠡᠯᠡᠳᠡᠭ ᠪᠥᠭᠡᠳ ᠡᠨᠡ ᠦᠭᠡ ᠪᠡᠨ ᠬᠡᠯᠡᠵᠦ ᠪᠠᠢᠬᠤ ᠳ᠋ᠠᠭᠠᠨ ᠬᠠᠯᠠᠭᠤᠨ ᠳ᠋ᠠᠭᠠᠨ ᠪᠠᠷᠵᠠᠢᠭᠰᠠᠨ ᠨᠢᠭᠤᠷ ᠨᠢ ᠦᠯᠡᠮᠵᠢ ᠪᠠᠶᠠᠷ ᠢ᠋ᠶ᠋ᠠᠷ ᠳᠦᠭᠦᠷᠳᠡᠭ ᠠᠵᠢ᠃
ᠰᠠᠷ᠎ᠠ ᠭᠠᠷᠤᠢ ᠬᠡᠪᠲᠡᠭᠡᠳ ᠤᠬᠠᠭᠠᠨ ᠣᠷᠣᠭᠰᠠᠨ ᠪᠣᠯᠪᠠᠴᠤ ᠡᠳᠡᠭᠡᠷᠡᠭᠰᠡᠨ ᠦᠭᠡᠢ᠃ ᠦᠭᠳᠡᠷᠡᠵᠦ ᠬᠦᠨᠳᠦᠷᠡᠭᠰᠡᠨ ᠡᠪᠡᠳᠴᠢᠨ ᠨᠢ ᠬᠡᠪᠲᠡᠷᠢ ᠳ᠋ᠦ᠍ ᠶᠠᠭ ᠬᠠᠲᠠᠵᠤ ᠬᠥᠮᠦᠨ ᠦ᠌ ᠭᠠᠷ ᠲᠤ᠌ ᠣᠷᠣᠨ ᠬᠡᠳᠦᠨ ᠰᠠᠷ᠎ᠠ ᠪᠣᠯᠵᠠᠢ᠃
ᠰᠠᠢᠬᠠᠨ ᠰᠡᠳᠬᠢᠯᠲᠦ ᠲᠠᠷᠪᠠᠭᠠᠴᠢᠨ ᠡᠷ᠎ᠡ ᠡᠮ᠎ᠡ ᠬᠣᠶᠠᠷ ᠲᠡᠮᠦᠷ ᠢ᠋ ᠣᠷᠬᠢᠵᠤ ᠡᠨᠳᠡ ᠦᠵᠡᠯ ᠦᠭᠡᠢ ᠡᠷᠭᠦᠵᠡᠢ᠃ ᠨᠠᠮᠤᠷ ᠤ᠋ᠨ ᠰᠡᠭᠦᠯᠡᠷ ᠲᠠᠷᠪᠠᠭᠠᠨ ᠡᠴᠡ ᠪᠠᠭᠤᠵᠤ ᠪᠣᠷᠣ ᠭᠡᠷ ᠲᠡᠭᠡᠨ ᠬᠠᠷᠢᠬᠤ ᠳ᠋ᠠᠭᠠᠨ ᠭᠡᠷ ᠦ᠋ᠨ ᠢ᠋ᠶ᠋ᠡᠨ ᠨᠢᠭᠡ ᠲᠠᠯ᠎ᠠ ᠳ᠋ᠤ᠌ ᠵᠤᠵᠠᠭᠠᠨ ᠪᠠᠮᠪᠠᠭᠠᠷ ᠣᠷᠣ ᠵᠠᠰᠠᠵᠤ ᠥᠭᠪᠡ᠃
ᠴᠠᠭᠠᠨ ᠰᠠᠷ᠎ᠠ ᠡᠴᠡ ᠬᠣᠢᠰᠢ ᠪᠡᠶ᠎ᠡ ᠨᠢ ᠰᠠᠢᠵᠢᠷᠠᠵᠤ ᠰᠠᠢᠵᠢᠷᠠᠬᠤ ᠳᠣᠳᠣᠮ ᠡᠬᠡᠨᠡᠷ ᠬᠡᠦᠬᠡᠳ ᠢ᠋ᠶ᠋ᠡᠨ ᠪᠣᠳᠣᠬᠤ ᠨᠢ ᠶᠡᠬᠡ ᠪᠣᠯᠵᠤ᠂ ᠠᠷᠴᠠᠭ᠎ᠠ ᠦᠭᠡᠢ ᠳ᠋ᠡᠭᠡᠨ ᠪᠤᠬᠢᠨᠢᠳᠤᠨ᠎ᠠ᠃
ᠬᠠᠪᠤᠷ ᠨᠢ ᠣᠴᠢᠬᠤ ᠭᠡᠵᠦ ᠶᠠᠪᠤᠭᠰᠠᠨ ᠨᠥᠬᠥᠷ ᠲᠡᠭᠡᠨ ᠬᠡᠯᠡ ᠬᠦᠷᠭᠡᠭᠦᠯᠵᠦ ᠠᠭᠤᠯᠵᠠᠭᠰᠠᠨ ᠪᠥᠭᠡᠳ ᠨᠥᠬᠥᠷ ᠨᠢ ᠲᠡᠮᠦᠷ ᠢ᠋ ᠠᠪᠴᠤ ᠶᠠᠪᠤᠬᠤ ᠳ᠋ᠠᠭᠠᠨ ᠭᠡᠷ ᠦ᠋ᠨ ᠡᠵᠡᠨ ᠳ᠋ᠦ᠍ ᠲᠠᠪᠢᠨ ᠯᠠᠩ ᠤ᠋ᠨ ᠶᠤᠸᠠᠮᠪᠤᠤ ᠬᠠᠳᠠᠭ ᠤ᠋ᠨ ᠬᠠᠮᠲᠤ ᠪᠠᠷᠢᠵᠠᠢ᠃
ᠨᠥᠬᠥᠷ ᠦ᠋ᠨ ᠬᠢᠨ ᠳ᠋ᠡᠭᠡᠨ ᠣᠴᠢᠭᠠᠳ ᠲᠡᠮᠦᠷ ᠦ᠋ᠨ ᠪᠡᠶ᠎ᠡ ᠤᠯᠠᠮ ᠰᠠᠢᠵᠢᠷᠠᠵᠤ ᠡᠬᠡᠨᠡᠷ ᠬᠡᠦᠬᠡᠳ ᠬᠣᠶᠠᠷ ᠲᠠᠢ ᠪᠠᠨ ᠠᠭᠤᠯᠵᠠᠬᠤ ᠪᠠᠷ ᠶᠠᠪᠤᠬᠤ ᠲᠤᠬᠠᠢ ᠪᠣᠳᠣᠵᠤ ᠡᠬᠢᠯᠡᠪᠡ᠃ ᠭᠡᠲᠡᠯ᠎ᠡ ᠨᠢᠭᠡ ᠡᠳᠦᠷ ᠨᠥᠬᠥᠷ ᠨᠢ ᠳᠥᠷᠪᠡᠳ ᠳᠠᠯᠠᠢ ᠬᠠᠨ ᠤ᠋ ᠤᠷᠤᠭᠤ ᠠᠳᠤᠭᠤ ᠬᠥᠭᠡᠭᠡᠬᠦ ᠪᠡᠷ ᠶᠠᠪᠤᠶ᠎ᠠ ᠭᠡᠯᠡ᠃ ᠲᠡᠮᠦᠷ ᠦ᠋ᠨ ᠥᠷᠭᠡᠨ ᠮᠠᠩᠨᠠᠢ ᠦᠷᠴᠢᠯᠳᠤᠨ ᠨᠢᠳᠦ ᠨᠢ ᠰᠣᠯᠪᠢᠨ ᠪᠣᠳᠣᠯᠬᠢᠯᠠᠭᠰᠠᠨ ᠢ᠋ᠶ᠋ᠠᠨ᠄ 《ᠲᠡᠷᠡ ᠵᠦᠭ ᠪᠣᠯ ᠶᠠᠪᠤᠬᠤ ᠦᠭᠡᠢ᠂ ᠨᠠᠳᠠ ᠠᠪᠬᠤ ᠥᠰᠢᠶ᠎ᠡ᠂ ᠨᠡᠬᠡᠬᠦ ᠠᠪᠤᠯᠭ᠎ᠠ ᠪᠣᠢ᠃ ᠪᠠᠭᠠᠲᠤᠷ ᠪᠡᠢᠯᠡ ᠶ᠋ᠢᠨ ᠪᠠᠶᠠᠨ ᠤ᠋ ᠠᠳᠤᠭᠤᠨ ᠤ᠋ ᠠᠯᠢ ᠣᠯᠢᠭᠲᠠᠢ ᠪᠦᠬᠦᠨ ᠢ᠋ ᠬᠥᠭᠡᠭᠡᠵᠦ᠂ ᠰᠡᠲᠡᠷ ᠲᠡᠢ ᠬᠣᠨᠢ ᠪᠠᠷ ᠨᠢ ᠪᠣᠭᠣᠳᠠᠭ ᠬᠢᠵᠦ ᠢᠳᠡᠭᠡ ᠦᠭᠡᠢ ᠴᠠᠭ ᠲᠤ᠌ ᠰᠡᠳᠬᠢᠯ ᠮᠢᠨᠢ ᠠᠮᠤᠷᠬᠤ ᠦᠭᠡᠢ᠂ ᠴᠠᠬᠢᠭᠤᠷ ᠲᠡᠮᠦᠷ ᠥᠭᠡᠬᠦᠨ ᠴᠠᠭᠠᠨ ᠴᠢᠯᠠᠭᠤ ᠪᠢᠰᠢ ᠭᠡᠳᠡᠭ ᠢ᠋ ᠮᠡᠳᠡᠵᠦ ᠠᠪᠤᠭ》 ᠭᠡᠯᠡ᠃
ᠬᠣᠶᠠᠷ ᠨᠠᠢᠵᠢ ᠬᠣᠣᠰ ᠮᠣᠷᠢ ᠬᠡᠷᠡᠭᠯᠡᠨ ᠬᠡᠳᠦᠨ ᠬᠣᠨᠣᠭ ᠳᠣᠪᠲᠣᠯᠤᠭᠠᠳ ᠪᠠᠭᠠᠲᠤᠷ ᠪᠡᠢᠯᠡ ᠶ᠋ᠢᠨ ᠨᠤᠲᠤᠭ ᠲᠤ᠌ ᠣᠷᠣᠵᠤ ᠨᠢᠭᠡᠨ ᠬᠠᠳᠠ ᠲᠠᠢ ᠠᠭᠤᠯᠠᠨ ᠳ᠋ᠤ᠌ ᠠᠮᠠᠷᠠᠬᠤ ᠪᠠᠷ ᠪᠦᠭᠭᠦᠪᠡ᠃
ᠲᠡᠮᠦᠷ ᠠᠳᠤᠭᠤ ᠬᠥᠭᠡᠭᠡᠬᠦ ᠶ᠋ᠢᠨ ᠢ᠋ᠶ᠋ᠡᠨ ᠡᠮᠦᠨ᠎ᠡ ᠴᠠᠳᠠᠷ ᠤ᠋ᠨ ᠪᠦᠷᠢᠶ᠎ᠡ ᠰᠢᠭ ᠬᠠᠩᠭᠢᠨᠠᠭᠤᠯᠤᠨ ᠬᠤᠷᠬᠢᠷᠠᠵᠤ ᠤᠨᠲᠠᠨ ᠠᠮᠠᠷᠠᠳᠠᠭ ᠪᠢᠯᠡ᠃ ᠭᠡᠲᠡᠯ᠎ᠡ ᠡᠨᠡ ᠤᠳᠠᠭ᠎ᠠ ᠤᠨᠲᠠᠵᠤ ᠴᠢᠳᠠᠬᠤ ᠦᠭᠡᠢ ᠪᠠᠢᠨ ᠪᠠᠢᠨ ᠲᠠᠮᠠᠬᠢ ᠲᠠᠲᠠᠵᠤ ᠲᠡᠷᠲᠡᠭᠡ ᠬᠠᠷᠠᠭᠳᠠᠬᠤ ᠠᠮᠠᠨ ᠳ᠋ᠤ᠌ ᠪᠠᠢᠭ᠎ᠠ ᠠᠢᠯ ᠤ᠋ᠳ ᠢ᠋ ᠰᠢᠷᠳᠡᠨ᠎ᠡ᠃ ᠲᠡᠷᠡ ᠠᠢᠯ ᠤ᠋ᠳ ᠤ᠋ᠨ ᠨᠢᠭᠡᠨ ᠳ᠋ᠦ᠍ ᠬᠠᠢᠷᠠᠲᠤ ᠳᠤᠯᠮ᠎ᠠ ᠨᠢ ᠬᠦᠦ ᠲᠡᠢ ᠪᠡᠨ ᠬᠠᠮᠲᠤ ᠪᠠᠢᠭ᠎ᠠ ᠰᠢᠦ ᠳᠡ ᠭᠡᠵᠦ ᠪᠣᠳᠣᠬᠤ ᠳ᠋ᠤ᠌ ᠥᠨᠥᠳᠥᠷ ᠦ᠋ᠨ ᠨᠠᠷᠠ ᠠᠷᠭᠠᠮᠵᠢ ᠲᠠᠢ ᠮᠡᠲᠦ ᠪᠣᠳᠣᠭᠳᠠᠨ᠎ᠠ᠃
᠊᠊᠊᠊᠊᠊᠊᠊᠊᠊᠊᠊᠊᠊᠊ ᠥᠨᠥ ᠰᠥᠨᠢ ᠡᠬᠡᠨᠡᠷ ᠬᠡᠦᠬᠡᠳ ᠢ᠋ᠶ᠋ᠡᠨ ᠠᠪᠤᠨ᠎ᠠ᠃ ᠮᠠᠷᠭᠠᠰᠢ ᠲᠡᠷᠡ ᠠᠭᠤᠯᠠᠨ ᠳ᠋ᠤ᠌ ᠠᠮᠠᠷᠠᠭᠠᠳ ᠣᠷᠣᠢ ᠨᠢ ᠪᠠᠶᠠᠨ ᠤ᠋ ᠰᠡᠲᠡᠷ ᠲᠡᠢ ᠬᠣᠨᠢ ᠪᠠᠷ ᠪᠣᠭᠣᠳᠠᠭ ᠬᠢᠵᠦ ᠢᠳᠡᠨ᠎ᠡ᠃ ᠨᠥᠭᠥᠭᠡᠳᠦᠷ ᠣᠷᠣᠢ ᠠᠳᠤᠭᠤ ᠬᠥᠭᠡᠭᠡᠨ᠎ᠡ᠃ ᠮᠢᠨᠦ ᠬᠦᠦ ᠠᠪᠤ ᠳ᠋ᠠᠭᠠᠨ ᠳᠡᠭᠦᠷᠦᠭᠦᠯᠦᠭᠡᠳ ᠲᠡᠷᠡ ᠠᠳᠤᠭᠤ ᠶ᠋ᠢ ᠬᠥᠭᠡᠭᠡᠵᠦ᠂ ᠡᠴᠢᠭᠡ ᠬᠦᠦ ᠬᠣᠶᠠᠷ ᠢ᠋ ᠰᠠᠯᠭᠠᠵᠤ ᠵᠣᠪᠠᠭᠠᠪᠠᠯ ᠢᠩᠭᠢᠳᠡᠭ ᠶᠤᠮ ᠭᠡᠳᠡᠭ ᠢ᠋ ᠪᠠᠶᠠᠨ ᠳ᠋ᠤ᠌ ᠬᠡᠯᠡᠵᠦ ᠥᠭᠭᠦᠨ᠎ᠡ ᠭᠡᠳ ᠲᠡᠮᠦᠷ ᠪᠣᠰᠴᠤ ᠬᠠᠳᠠᠨ ᠳᠡᠭᠡᠷ᠎ᠡ ᠵᠣᠭᠰᠣᠨ ᠠᠮᠠᠨ ᠳ᠋ᠤ᠌ ᠪᠠᠢᠭ᠎ᠠ ᠠᠢᠯ ᠤ᠋ᠳ ᠢ᠋ ᠰᠢᠷᠲᠡᠪᠡ᠃ ᠤᠳᠠᠯ ᠦᠭᠡᠢ ᠪᠣᠯᠬᠤ ᠠᠭᠤᠯᠵᠠᠯᠲᠠ ᠶ᠋ᠢᠨ ᠶᠡᠬᠡ ᠪᠠᠶᠠᠷ ᠰᠡᠳᠬᠢᠯ ᠢ᠋ ᠨᠢ ᠬᠥᠭᠡᠷᠭᠡᠨ ᠡᠬᠡᠨᠡᠷ ᠬᠡᠦᠬᠡᠳ ᠬᠣᠶᠠᠷ ᠨᠢ ᠪᠠᠢᠨ ᠪᠠᠢᠨ ᠬᠠᠷᠠᠭᠳᠠᠬᠤ ᠰᠢᠭ᠋ ᠪᠣᠯᠵᠤ ᠨᠢᠭᠤᠷ ᠤ᠋ᠨ ᠬᠢᠨᠢ ᠰᠢᠷᠬᠡᠭ ᠪᠦᠬᠦᠨ ᠡᠴᠡ ᠪᠠᠶᠠᠷ ᠭᠡᠷᠡᠯᠲᠦᠨ᠎ᠡ᠃
᠊᠊᠊᠊᠊᠊᠊᠊᠊᠊᠊᠊᠊᠊᠊ ᠲᠡᠷᠡ ᠬᠣᠶᠠᠷ ᠮᠢᠨᠢ ᠨᠠᠮᠠᠶ᠋ᠢ ᠡᠳᠦᠷ ᠰᠥᠨᠢ ᠦᠭᠡᠢ ᠬᠦᠯᠢᠶᠡᠵᠦ ᠪᠠᠢᠭ᠎ᠠ᠃ ᠭᠡᠬᠦ ᠳ᠋ᠡᠭᠡᠨ ᠥᠨᠥᠳᠥᠷ ᠢᠷᠡᠨ᠎ᠡ ᠭᠡᠵᠦ ᠣᠭᠲᠣ ᠵᠡᠭᠦᠳᠦᠯᠡᠭᠡ ᠦᠭᠡᠢ ᠰᠢᠦ ᠳᠡ᠃ ᠬᠥᠭᠡᠷᠦᠬᠦᠢ ᠮᠢᠨᠢ ᠭᠡᠵᠦ ᠢᠨᠢᠶᠡᠮᠰᠦᠭᠯᠡᠪᠡ᠃
ᠤᠨᠲᠠᠭᠰᠠᠨ ᠨᠥᠬᠥᠷ ᠨᠢ ᠬᠠᠷᠢᠭᠤ ᠳᠤᠤᠭᠠᠷᠤᠭᠰᠠᠨ ᠦᠭᠡᠢ᠃ ᠭᠡᠪᠡᠴᠦ ᠰᠡᠳᠬᠢᠯ ᠨᠢ ᠬᠥᠭᠡᠷᠦᠭᠰᠡᠨ ᠲᠡᠮᠦᠷ ᠡᠬᠡᠨᠡᠷ ᠬᠡᠦᠬᠡᠳ ᠬᠣᠶᠠᠷ ᠨᠢ ᠡᠳᠦᠢ ᠳ᠋ᠦ᠍ ᠶᠠᠭᠤ ᠬᠢᠵᠦ᠂ ᠶᠠᠭᠠᠬᠢᠵᠤ ᠪᠠᠢᠭ᠎ᠠ ᠲᠤᠬᠠᠢ ᠵᠣᠬᠢᠶᠠᠨ ᠶᠠᠷᠢᠵᠤ ᠪᠠᠢᠪᠠ᠃
ᠲᠡᠮᠦᠷ ᠦ᠋ᠨ ᠰᠡᠳᠬᠢᠯ ᠪᠠᠶᠠᠷ ᠢ᠋ᠶ᠋ᠠᠷ ᠳᠦᠭᠦᠷᠡᠩ ᠪᠠᠢᠯ᠎ᠠ᠃ ᠭᠡᠪᠡᠴᠦ ᠲᠡᠭᠦᠨ ᠦ᠌ ᠡᠨᠡ ᠪᠠᠶᠠᠷ ᠨᠢ ᠬᠣᠭᠣᠰᠣᠨ ᠮᠠᠨᠠᠨ ᠪᠠᠢᠵᠤ ᠪᠢᠯᠡ᠃ ᠤᠴᠢᠷ ᠨᠢ᠂ ᠥᠩᠭᠡᠷᠡᠭᠰᠡᠨ ᠡᠪᠦᠯ ᠳᠤᠯᠮ᠎ᠠ ᠬᠣᠣᠰ ᠮᠣᠷᠢ ᠲᠠᠢ ᠠᠯᠠᠭ᠎ᠠ ᠪᠣᠯᠤᠭᠰᠠᠨ ᠶᠤᠮ᠃
ᠬᠠᠷᠠᠩᠭᠤᠢ ᠪᠣᠯᠵᠤ ᠣᠳᠣ ᠵᠢᠭᠳᠡᠷᠡᠨ ᠲᠦᠭᠡᠬᠦ ᠳ᠋ᠦ᠍ ᠮᠣᠷᠳᠠᠵᠤ ᠰᠢᠭᠤᠳ ᠵᠠᠬ᠎ᠠ ᠶ᠋ᠢᠨ ᠠᠢᠯ ᠤ᠋ᠨ ᠣᠢᠷ᠎ᠠ ᠣᠴᠢᠵᠤ ᠨᠣᠬᠠᠢ ᠶ᠋ᠢᠨ ᠳᠠᠭᠤ ᠶ᠋ᠢ ᠨᠢ ᠴᠢᠩᠨᠠᠪᠠ᠃
᠊᠊᠊᠊᠊᠊᠊᠊᠊᠊᠊᠊᠊᠊᠊ ᠡᠨᠳᠡ ᠠᠯᠠᠭ᠎ᠠ ᠪᠣᠯᠤᠯᠲᠠᠢ ᠭᠡᠵᠦ ᠲᠡᠮᠦᠷ ᠰᠢᠪᠡᠭᠡᠨᠡᠨ ᠬᠡᠯᠡᠭᠡᠳ ᠮᠣᠷᠢᠨ ᠤ᠋ ᠠᠮᠠ ᠶ᠋ᠢ ᠡᠷᠭᠢᠭᠦᠯᠪᠡ᠃ ᠬᠡᠳᠦᠢ ᠬᠠᠷᠠᠩᠭᠤᠢ ᠰᠥᠨᠢ ᠪᠣᠯᠪᠠᠴᠤ ᠲᠡᠮᠦᠷ ᠵᠣᠷᠢᠭᠰᠠᠨ ᠠᠢᠯ ᠳ᠋ᠠᠭᠠᠨ ᠰᠢᠭᠤᠳ ᠣᠷᠣᠵᠤ ᠴᠢᠳᠠᠳᠠᠭ᠃ ᠪᠡᠯᠴᠢᠭᠡᠷ ᠲᠦ᠍ ᠪᠠᠢᠭ᠎ᠠ ᠮᠠᠯ᠂ ᠨᠣᠬᠠᠢ ᠶ᠋ᠢᠨ ᠳᠠᠭᠤ᠂ ᠭᠡᠷ ᠡᠴᠡ ᠭᠠᠷᠤᠭᠰᠠᠨ ᠬᠥᠮᠦᠨ ᠦ᠌ ᠲᠥᠷᠬᠦ ᠨᠠᠮᠪᠠ᠂ ᠴᠢᠩᠭᠡᠯᠢᠭ ᠪᠠᠷᠠᠭ᠎ᠠ᠂ ᠭᠡᠷ ᠵᠡᠷᠭᠡ ᠡᠳᠦᠢ ᠲᠡᠳᠦᠢ ᠲᠡᠮᠳᠡᠭ ᠢ᠋ᠶ᠋ᠡᠷ ᠣᠯᠵᠤ ᠴᠢᠳᠠᠳᠠᠭ᠃ ᠭᠡᠲᠡᠯ᠎ᠡ ᠡᠨᠡ ᠰᠥᠨᠢ ᠭᠡᠷ ᠨᠢ ᠣᠯᠳᠠᠭᠰᠠᠨ ᠦᠭᠡᠢ᠃ ᠬᠠᠷᠢᠨ ᠠᠢᠯ ᠶᠠᠪᠤᠳᠠᠭ ᠡᠪᠦᠭᠡᠨ ᠦ᠌ ᠭᠡᠷ ᠢ᠋ ᠨᠣᠬᠠᠢ ᠶ᠋ᠢᠨ ᠳᠠᠭᠤ ᠪᠠᠷ ᠨᠢ ᠲᠠᠨᠢᠵᠤ ᠣᠴᠢᠭᠠᠳ ᠭᠡᠷ ᠢ᠋ᠶ᠋ᠡᠨ ᠰᠤᠷᠠᠭᠯᠠᠭᠰᠠᠨ ᠴᠢᠨᠢ ᠡᠬᠡᠨᠡᠷ ᠨᠢ ᠥᠩᠭᠡᠷᠡᠭᠰᠡᠨ ᠡᠪᠦᠯ ᠪᠠᠷᠢᠮᠵᠢᠶᠠᠯᠠᠬᠤ ᠵᠦᠭ ᠦᠭᠡᠢ ᠠᠯᠠᠭ᠎ᠠ ᠪᠣᠯᠤᠭᠰᠠᠨ ᠪᠠᠢᠯ᠎ᠠ᠃
ᠲᠡᠮᠦᠷ ᠦ᠋ᠨ ᠰᠡᠳᠬᠢᠯ ᠬᠣᠭᠣᠰᠣᠨ ᠪᠣᠯᠬᠤ ᠰᠢᠭ᠋ ᠪᠣᠯᠵᠤ᠂ ᠰᠠᠨᠠᠭ᠎ᠠ ᠠᠯᠲᠠᠨ ᠬᠡᠳᠦᠨ ᠤᠳᠠᠭ᠎ᠠ ᠲᠠᠮᠠᠬᠢ ᠤᠭᠰᠠᠷᠠᠨ ᠲᠠᠲᠠᠭᠰᠠᠨ ᠢ᠋ᠶ᠋ᠠᠨ 《ᠬᠦᠦ ᠲᠡᠢ ᠪᠡᠨ ᠬᠠᠮᠲᠤ ᠶᠠᠪᠤᠭᠰᠠᠨ ᠤᠤ?》 ᠭᠡᠵᠦ ᠨᠠᠮ ᠳᠠᠭᠤ ᠪᠠᠷ ᠠᠰᠠᠭᠤᠪᠠ᠃
ᠬᠠᠰᠢᠷ ᠡᠪᠦᠭᠡᠨ ᠡᠮᠡᠭᠡᠨ ᠬᠣᠶᠠᠷ ᠲᠡᠮᠦᠷ ᠦ᠋ᠨ ᠰᠡᠳᠬᠢᠯ ᠢ᠋ ᠳᠠᠪᠬᠤᠷ ᠵᠣᠪᠠᠯᠠᠩ ᠳ᠋ᠤ᠌ ᠤᠨᠠᠭᠠᠬᠤ ᠦᠭᠡᠢ ᠶ᠋ᠢ ᠬᠢᠴᠢᠶᠡᠨ 《ᠲᠡᠢᠮᠦ》 ᠭᠡᠵᠦ ᠰᠤᠯᠠᠬᠠᠨ ᠬᠠᠷᠢᠭᠤᠯᠪᠠ᠃ ᠬᠡᠷᠪᠡ ᠲᠡᠮᠦᠷ ᠡᠪᠦᠭᠡᠨ ᠡᠮᠡᠭᠡᠨ ᠦ᠌ ᠨᠢᠳᠦ ᠤᠷᠤᠭᠤ ᠬᠠᠷᠠᠭᠰᠠᠨ ᠪᠣᠯ ᠪᠦᠬᠦ ᠶᠠᠪᠤᠳᠠᠯ ᠢᠯᠡᠷᠡᠬᠦ ᠪᠠᠢᠭᠰᠠᠨ ᠪᠢᠯᠡ᠃
ᠲᠡᠮᠦᠷ ᠨᠥᠬᠥᠷ ᠢ᠋ᠶ᠋ᠡᠨ ᠳᠠᠭᠠᠭᠤᠯᠤᠨ ᠶᠠᠪᠤᠬᠤ ᠳ᠋ᠠᠭᠠᠨ ᠶᠠᠭᠤ ᠴᠤ᠌ ᠳᠤᠤᠭᠠᠷᠤᠭᠰᠠᠨ ᠦᠭᠡᠢ᠂ ᠭᠠᠰᠢᠭᠤᠳᠠᠭᠰᠠᠨ ᠰᠡᠳᠬᠢᠯ ᠢ᠋ ᠵᠠᠰᠠᠬᠤ ᠦᠭᠡ ᠣᠯᠳᠠᠬᠤ ᠦᠭᠡᠢ ᠪᠣᠯᠬᠣᠷ ᠳᠡᠮᠡᠢ ᠶᠠᠭᠤᠮ᠎ᠠ ᠶᠠᠷᠢᠬᠤ ᠶ᠋ᠢᠨ ᠣᠷᠣᠨ ᠳ᠋ᠤ᠌ ᠳᠠᠭᠤ ᠦᠭᠡᠢ ᠶᠠᠪᠤᠪᠠᠯ ᠳᠡᠭᠡᠷ᠎ᠡ ᠭᠡᠵᠦ ᠪᠣᠳᠣᠳᠠᠭ ᠬᠥᠮᠦᠰ ᠪᠠᠢᠳᠠᠭ ᠪᠥᠭᠡᠳ ᠲᠡᠳᠡᠨ ᠦ᠌ ᠨᠢᠭᠡ ᠪᠣᠯ ᠲᠡᠮᠦᠷ ᠦ᠋ᠨ ᠨᠥᠬᠥᠷ ᠪᠠᠢᠯ᠎ᠠ᠃
᠊᠊᠊᠊᠊᠊᠊᠊᠊᠊᠊᠊᠊᠊᠊ ᠬᠦᠦ ᠡᠬᠡᠨᠡᠷ ᠬᠣᠶᠠᠷ ᠮᠢᠨᠢ ᠬᠠᠮᠢᠭ᠎ᠠ ᠶᠠᠪᠤᠭ᠎ᠠ ᠪᠣᠯ ᠳᠠ? ᠭᠡᠵᠦ ᠲᠡᠮᠦᠷ ᠦ᠋ᠨ ᠠᠰᠠᠭᠤᠬᠤ ᠳ᠋ᠤ᠌ ᠨᠥᠬᠥᠷ ᠨᠢ ᠥᠪᠡᠷ ᠢ᠋ᠶ᠋ᠡᠨ ᠶᠠᠪᠣᠯᠴᠢᠬᠠᠭᠰᠠᠨ ᠶᠤᠮ ᠰᠢᠭ᠋ ᠬᠤᠯᠴᠢᠭᠠᠨᠠᠨ ᠵᠠᠢᠮᠤᠷᠠᠭᠰᠠᠨ ᠢ᠋ᠶ᠋ᠠᠨ 《ᠬᠠᠮᠢᠭ᠎ᠠ ᠶᠠᠪᠤᠳᠠᠭ ᠪᠣᠯ ᠳᠠ?》 ᠭᠡᠵᠦ ᠠᠰᠠᠭᠤᠯᠲᠠ ᠶ᠋ᠢ ᠠᠰᠠᠭᠤᠯᠲᠠ ᠪᠠᠷ ᠬᠠᠷᠢᠭᠤᠯᠪᠠ᠃
ᠬᠠᠯᠬ᠎ᠠ ᠨᠤᠲᠤᠭ ᠢ᠋ ᠨᠡᠩᠵᠢᠵᠦ ᠪᠠᠢᠭᠠᠳ ᠣᠯᠤᠨ᠎ᠠ ᠳᠠ᠃ ᠪᠠᠭᠠᠲᠤᠷ ᠪᠡᠢᠯᠡ ᠶ᠋ᠢᠨ ᠬᠣᠰᠢᠭᠤ ᠬᠡᠨ ᠲᠡᠢ ᠤᠴᠠᠷᠠᠭ᠎ᠠ ᠲᠠᠢ ᠪᠣᠯᠤᠭᠰᠠᠨ ᠢ᠋ᠶ᠋ᠠᠨ ᠮᠡᠳᠡᠨ᠎ᠡ ᠭᠠᠢᠭᠤᠢ᠃ ᠲᠡᠮᠦᠷ ᠦ᠋ᠨ ᠵᠢᠷᠦᠬᠡ ᠶ᠋ᠢ ᠮᠠᠭᠠᠵᠢᠭᠰᠠᠨ ᠬᠥᠮᠦᠨ ᠦ᠌ ᠬᠢᠮᠤᠰᠤ ᠨᠢ ᠬᠤᠭᠤᠷᠠᠨ᠎ᠠ ᠭᠡᠵᠦ ᠰᠢᠳᠦ ᠪᠡᠨ ᠬᠠᠪᠢᠷᠤᠨ ᠰᠢᠪᠡᠭᠡᠨᠡᠨ ᠬᠡᠯᠡᠬᠦ ᠳ᠋ᠦ᠍ ᠨᠥᠬᠥᠷ ᠨᠢ ᠳᠣᠷᠣᠢ ᠪᠥᠭᠡᠳ ᠨᠠᠮᠤᠭᠤᠬᠠᠨ ᠳᠠᠭᠤ ᠪᠠᠷ 《ᠲᠡᠢᠮᠦ》 ᠭᠡᠵᠦ ᠬᠡᠯᠡᠪᠡ᠃
ᠦᠷ ᠴᠠᠢᠬᠤ ᠶ᠋ᠢᠨ ᠦᠶ᠎ᠡ ᠳ᠋ᠦ᠍ ᠨᠥᠭᠦᠭᠡ ᠬᠠᠳᠠ ᠲᠠᠢ ᠠᠭᠤᠯᠠᠨ ᠳ᠋ᠠᠭᠠᠨ ᠣᠴᠢᠵᠤ ᠪᠠᠭᠤᠪᠠ᠃ ᠲᠡᠮᠦᠷ ᠶᠠᠭᠤ ᠴᠤ᠌ ᠳᠤᠤᠭᠠᠷᠤᠯ ᠦᠭᠡᠢ ᠳᠡᠭᠡᠭᠰᠢ ᠬᠠᠷᠠᠨ ᠬᠡᠪᠲᠡᠵᠦ᠂ ᠰᠡᠳᠬᠢᠯ ᠨᠢ ᠲᠦᠮᠡᠨ ᠵᠦᠢᠯ ᠦ᠋ᠨ ᠪᠣᠳᠣᠯ ᠳ᠋ᠤ᠌ ᠳᠠᠷᠤᠭᠳᠠᠨ 《ᠳᠤᠯᠮ᠎ᠠ ᠬᠦᠦ ᠬᠣᠶᠠᠷ ᠢ᠋ᠶ᠋ᠠᠨ ᠬᠠᠮᠢᠭ᠎ᠠ ᠪᠠᠢᠭ᠎ᠠ ᠪᠣᠯ?》 ᠭᠡᠰᠡᠨ ᠠᠰᠠᠭᠤᠯᠲᠠ ᠳ᠋ᠤ᠌ ᠬᠠᠷᠢᠭᠤ ᠡᠷᠢᠵᠦ ᠪᠠᠢᠯ᠎ᠠ᠃ ᠣᠷᠣᠢ ᠨᠢ ᠮᠣᠷᠳᠠᠵᠤ ᠰᠢᠭᠤᠳ ᠶᠠᠪᠤᠭᠰᠠᠭᠠᠷ ᠪᠠᠶᠠᠨ ᠤ᠋ ᠭᠡᠷ ᠲᠦ᠍ ᠣᠴᠢᠵᠤ ᠪᠠᠭᠤᠪᠠ᠃
ᠬᠣᠶᠠᠷ ᠪᠠᠭ᠎ᠠ ᠬᠦᠦ ᠲᠡᠢ ᠪᠡᠨ ᠬᠣᠭᠣᠯᠠ ᠢᠳᠡᠵᠦ ᠪᠠᠢᠭᠰᠠᠨ ᠪᠠᠶᠠᠨ ᠲᠡᠮᠦᠷ ᠢ᠋ ᠬᠠᠷᠠᠮᠠᠭᠴᠠ 《ᠭᠡᠮᠲᠦ ᠬᠥᠮᠦᠨ ᠬᠡᠯᠪᠡᠯᠵᠡᠨ᠎ᠡ᠂ ᠳᠠᠭᠠᠷᠢᠲᠤ ᠮᠣᠷᠢ ᠳᠠᠯᠪᠠᠯᠵᠠᠨᠠ》 ᠭᠡᠭᠴᠢ ᠪᠡᠷ 《ᠲᠡᠮᠦᠷ ᠰᠠᠢᠨ ᠶᠠᠪᠤᠵᠤ ᠪᠠᠢᠨ᠎ᠠ ᠤᠤ? ᠵᠠ ᠳᠡᠭᠡᠭᠰᠢ ᠰᠠᠭᠤ᠂ ᠬᠣᠭᠣᠯᠠ ᠢᠳᠡ》 ᠭᠡᠵᠦ ᠶᠠᠭᠤ ᠪᠣᠯᠬᠤ ᠡᠴᠡ ᠴᠡᠴᠡᠷᠡᠨ ᠠᠶᠤᠭᠰᠠᠨ ᠵᠢᠷᠦᠬᠡ ᠪᠡᠨ ᠭᠠᠳᠠᠨᠠᠬᠢ ᠰᠠᠢᠬᠠᠨ ᠵᠠᠩ ᠢ᠋ᠶ᠋ᠠᠷ ᠳᠠᠯᠳᠠᠯᠠᠬᠤ ᠶ᠋ᠢ ᠬᠢᠴᠢᠶᠡᠪᠡ᠃
᠊᠊᠊᠊᠊᠊᠊᠊᠊᠊᠊᠊᠊᠊᠊ ᠴᠢᠮᠠᠶ᠋ᠢ ᠬᠠᠷᠠᠩᠭᠤᠢ ᠮᠣᠳᠣᠨ ᠳᠣᠲᠣᠷ᠎ᠠ ᠬᠦᠯᠢᠵᠦ ᠬᠠᠶᠠᠭᠠᠳ ᠬᠡᠭᠡᠷ᠎ᠡ ᠶ᠋ᠢᠨ ᠨᠣᠬᠠᠢ ᠶ᠋ᠢᠨ ᠢᠳᠡᠰᠢ ᠪᠣᠯᠭᠠᠨ᠎ᠠ ᠳᠠ᠃ ᠬᠠᠮᠲᠤ ᠶᠠᠪᠤᠶ᠎ᠠ᠃ ᠶᠠᠪᠤᠬᠤ ᠦᠭᠡᠢ ᠭᠡᠪᠡᠯ ᠬᠦᠴᠦ ᠪᠡᠷ ᠠᠪᠴᠤ ᠶᠠᠪᠤᠨ᠎ᠠ ᠭᠡᠵᠦ ᠲᠡᠮᠦᠷ ᠲᠠᠢᠪᠤᠩ ᠪᠥᠭᠡᠳ ᠬᠣᠷᠣᠰᠤᠯ ᠲᠠᠢ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠲᠡᠮᠦᠷ ᠮᠢᠨᠢ ᠪᠢ ᠡᠬᠡᠨᠡᠷ ᠬᠡᠦᠬᠡᠳ ᠲᠡᠢ ᠬᠥᠮᠦᠨ᠃ ᠨᠠᠮᠠᠶ᠋ᠢ ᠥᠷᠥᠰᠢᠶᠡ᠃ ᠨᠠᠮᠠᠶ᠋ᠢ ᠨᠢᠭᠦᠯᠡᠰᠦᠨ ᠥᠷᠥᠰᠢᠶᠡ ᠭᠡᠮᠡᠨ ᠭᠤᠶᠤᠵᠤ ᠪᠠᠶᠠᠨ ᠤ᠋ ᠨᠢᠳᠦᠨ ᠡᠴᠡ ᠪᠥᠭᠡᠮ ᠬᠠᠷ᠎ᠠ ᠨᠢᠯᠪᠤᠰᠤ ᠠᠰᠬᠠᠷᠠᠨ ᠠᠮᠠ ᠨᠢ ᠢᠷᠪᠠᠯᠵᠠᠨ ᠲᠠᠲᠠᠭᠠᠨᠠᠵᠤ ᠪᠠᠢᠪᠠ᠃
᠊᠊᠊᠊᠊᠊᠊᠊᠊᠊᠊᠊᠊᠊᠊ ᠨᠠᠳᠠ ᠳ᠋ᠤ᠌ ᠴᠤ᠌ ᠪᠠᠢᠭᠰᠠᠨ᠃ ᠬᠠᠷᠢᠨ ᠴᠢ ᠲᠡᠷᠡ ᠪᠦᠬᠦᠨ ᠢ᠋ ᠮᠢᠨᠢ ᠶᠠᠭᠤᠮᠠᠨ ᠴᠢᠨᠡᠭᠡᠨ ᠪᠣᠳᠣᠭ᠎ᠠ ᠦᠭᠡᠢ᠃ ᠥᠪᠡᠷ ᠲᠡᠭᠡᠨ ᠪᠠᠢᠬᠤ ᠦᠭᠡᠢ ᠨᠢᠩᠵᠢᠨ ᠰᠡᠳᠬᠢᠯ ᠢ᠋ ᠪᠤᠰᠤᠳ ᠡᠴᠡ ᠭᠣᠷᠢᠳᠠᠭᠰᠠᠨ ᠤ᠋ ᠬᠡᠷᠡᠭ ᠦᠭᠡᠢ᠃ ᠦᠷᠦ ᠶ᠋ᠢ ᠨᠢ ᠴᠣᠭᠣᠯᠵᠤ ᠪᠠᠢᠬᠤ ᠳ᠋ᠤ᠌ ᠭᠡᠨᠡᠨ ᠨᠢᠳᠦ ᠪᠡᠨ ᠪᠦᠯᠲᠡᠯᠵᠡᠭᠦᠯᠦᠨ ᠬᠠᠷᠠᠵᠤ ᠪᠠᠢᠳᠠᠭ ᠬᠣᠨᠢ ᠪᠢᠰᠢ᠃ ᠪᠤᠰᠢᠭᠤᠬᠠᠨ ᠶᠠᠪᠤᠶ᠎ᠠ᠃
ᠬᠥᠷᠥᠩᠭᠡ ᠲᠡᠢ ᠬᠥᠮᠦᠨ ᠶᠠᠭᠤ ᠴᠤ᠌ ᠬᠢᠵᠦ ᠪᠣᠯᠤᠨ᠎ᠠ ᠭᠡᠵᠦ ᠪᠠᠲᠤ ᠢᠲᠡᠭᠡᠵᠦ ᠶᠠᠪᠤᠭᠰᠠᠨ ᠪᠠᠶᠠᠨ ᠰᠡᠭᠦᠯ ᠦ᠋ᠨ ᠢ᠋ᠶ᠋ᠡᠨ ᠠᠷᠭ᠎ᠠ ᠶ᠋ᠢ ᠬᠡᠷᠡᠭᠯᠡᠪᠡ᠃
᠊᠊᠊᠊᠊᠊᠊᠊᠊᠊᠊᠊᠊᠊᠊ ᠠᠭᠲᠠ ᠮᠣᠷᠢ᠂ ᠠᠮᠪᠠᠨ ᠱᠠᠷ᠂ ᠠᠯᠲᠠ ᠬᠠᠳᠠᠭ ᠪᠠᠷᠢᠶ᠎ᠠ᠃ ᠠᠮᠢ ᠥᠷᠥᠰᠢᠶᠡ ᠭᠡᠵᠦ ᠮᠠᠩᠨᠠᠢ ᠳᠡᠭᠡᠷ᠎ᠡ ᠪᠡᠨ ᠬᠦᠢᠲᠡᠨ ᠬᠥᠯᠥᠰᠥ ᠪᠤᠷᠵᠢᠢᠯᠭᠠᠨ ᠵᠢᠪᠡᠬᠡᠢ ᠳᠠᠭᠤ ᠪᠠᠷ ᠠᠯᠠᠭ᠎ᠠ ᠪᠠᠨ ᠬᠠᠪᠰᠤᠷᠤᠨ ᠬᠡᠯᠡᠪᠡ᠃
᠊᠊᠊᠊᠊᠊᠊᠊᠊᠊᠊᠊᠊᠊᠊ ᠣᠯᠠᠨ ᠲᠠᠪᠤᠨ ᠦᠭᠡ ᠬᠡᠷᠡᠭ ᠦᠭᠡᠢ᠃ ᠶᠠᠪᠤᠶ᠎ᠠ ᠭᠡᠳ ᠲᠡᠮᠦᠷ ᠪᠠᠶᠠᠨ ᠳ᠋ᠤ᠌ ᠣᠢᠷᠠᠲᠤᠪᠠ᠃
᠊᠊᠊᠊᠊᠊᠊᠊᠊᠊᠊᠊᠊᠊᠊ ᠪᠢ ᠶᠠᠪᠤᠬᠤ ᠦᠭᠡᠢ ᠭᠡᠵᠦ ᠪᠠᠢᠳᠠᠭ ᠴᠢᠳᠠᠯ ᠢ᠋ᠶ᠋ᠠᠷ ᠢ᠋ᠶ᠋ᠠᠨ ᠬᠠᠰᠬᠢᠷᠤᠭᠠᠳ ᠡᠭᠦᠳᠡ ᠤᠷᠤᠭᠤ ᠭᠦᠶᠦᠬᠦ ᠭᠡᠲᠡᠯ᠎ᠡ ᠲᠡᠮᠦᠷ ᠬᠠᠭᠤᠴᠢᠨ ᠲᠣᠷᠭᠠᠨ ᠳᠡᠪᠡᠯ ᠦ᠋ᠨ ᠬᠢᠨᠢ ᠳᠠᠯᠤ ᠳᠡᠭᠡᠷ᠎ᠡ ᠡᠴᠡ ᠪᠠᠵᠠᠵᠤ ᠠᠪᠤᠯ᠎ᠠ᠃
ᠪᠠᠶᠠᠨ ᠤ᠋ ᠮᠠᠭᠤᠬᠠᠢ ᠳᠠᠭᠤ ᠪᠠᠷ ᠢᠯᠡᠭᠦᠦ ᠭᠡᠷ ᠡᠴᠡ ᠭᠦᠶᠦᠨ ᠢᠷᠡᠭᠰᠡᠨ ᠬᠣᠶᠠᠷ ᠵᠠᠷᠤᠴᠠ ᠨᠢ ᠡᠵᠡᠨ ᠢ᠋ᠶ᠋ᠡᠨ ᠬᠠᠮᠠᠭᠠᠯᠠᠬᠤ ᠭᠡᠰᠡᠨ ᠪᠣᠯᠪᠠᠴᠤ ᠬᠦᠷᠴᠦ ᠴᠢᠳᠠᠭᠰᠠᠨ ᠦᠭᠡᠢ᠂ ᠲᠡᠮᠦᠷ ᠦ᠋ᠨ ᠨᠥᠬᠥᠷ ᠲᠦ᠍ ᠴᠣᠬᠢᠭᠤᠯᠤᠨ ᠲᠣᠮᠣ ᠭᠡᠷ ᠦ᠋ᠨ ᠬᠠᠲᠠᠪᠴᠢᠨ ᠳ᠋ᠤ᠌ ᠨᠠᠮ ᠤᠨᠠᠪᠠ᠃
ᠲᠡᠮᠦᠷ᠂ ᠪᠠᠶᠠᠨ ᠢ᠋ ᠳᠠᠷᠤᠵᠤ ᠠᠪᠤᠭᠠᠳ ᠡᠪᠬᠡᠷᠡᠲᠡᠯᠡ ᠨᠢ ᠬᠦᠯᠢᠪᠡ᠃ ᠭᠡᠲᠡᠯ᠎ᠡ ᠬᠣᠶᠠᠷ ᠬᠡᠦᠬᠡᠳ ᠨᠢ 《ᠠᠪᠤ ᠠ᠋! ᠮᠢᠨᠦ ᠠᠪᠤ ᠠ᠋᠃ ᠠᠪᠤ ᠶ᠋ᠢ ᠮᠢᠨᠢ ᠪᠣᠯᠢᠭᠠᠴᠢ》 ᠭᠡᠵᠦ ᠶᠠᠰᠤ ᠶᠠᠩᠭᠢᠨᠠᠭᠤᠯᠤᠨ ᠴᠢᠷᠠᠯᠠᠵᠤ᠂ ᠬᠦᠯᠢᠶᠡᠰᠦᠲᠡᠢ ᠡᠴᠢᠭᠡ ᠶ᠋ᠢᠨ ᠢ᠋ᠶ᠋ᠡᠨ ᠳᠡᠭᠡᠷ᠎ᠡ ᠡᠴᠡ ᠬᠡᠪᠲᠡᠪᠡ᠃
ᠰᠡᠳᠬᠢᠯ ᠵᠦᠰᠦᠭᠰᠡᠨ ᠬᠡᠦᠬᠡᠳ ᠦ᠋ᠨ ᠳᠠᠭᠤ᠂ ᠥᠰᠢᠶ᠎ᠡ ᠬᠣᠷᠣᠰᠤᠯ ᠢ᠋ᠶ᠋ᠠᠷ ᠳᠦᠭᠦᠷᠦᠭᠰᠡᠨ ᠲᠡᠮᠦᠷ ᠦ᠋ᠨ ᠵᠢᠷᠦᠬᠡ ᠶ᠋ᠢ ᠵᠥᠭᠡᠯᠡᠷᠡᠭᠦᠯᠪᠡ᠃ ᠲᠡᠮᠦᠷ ᠶᠠᠭᠠᠬᠢᠬᠤ ᠪᠠᠨ ᠮᠡᠳᠡᠬᠦ ᠦᠭᠡᠢ ᠲᠦᠷ ᠵᠣᠭᠰᠣᠪᠠ᠃ ᠵᠣᠭᠰᠣᠯᠲᠠ ᠦᠭᠡᠢ ᠴᠢᠷᠠᠯᠠᠨ ᠪᠠᠢᠭ᠎ᠠ ᠬᠡᠦᠬᠡᠳ ᠦ᠋ᠨ ᠳᠠᠭᠤ ᠲᠡᠮᠦᠷ ᠢ᠋ ᠪᠦᠷᠢᠮᠦᠰᠦᠨ ᠢᠯᠠᠪᠠ᠃
᠊᠊᠊᠊᠊᠊᠊᠊᠊᠊᠊᠊᠊᠊᠊ ᠠᠮᠢ ᠶ᠋ᠢ ᠴᠢᠨᠢ ᠬᠡᠦᠬᠡᠳ ᠲᠦ᠍ ᠦᠯᠡᠳᠡᠭᠡᠶ᠎ᠡ᠃ ᠠᠯᠳᠠᠭᠰᠠᠨ ᠮᠣᠷᠢᠳ ᠢ᠋ᠶ᠋ᠠᠨ ᠪᠢᠲᠡᠭᠡᠢ ᠡᠷᠢᠭᠡᠷᠡᠢ ᠭᠡᠳ ᠭᠠᠷᠤᠯ᠎ᠠ᠃
ᠮᠣᠷᠳᠠᠬᠤ ᠳ᠋ᠠᠭᠠᠨ ᠰᠡᠲᠡᠷ ᠲᠡᠢ ᠰᠢᠷ᠎ᠠ ᠬᠠᠯᠵᠠᠨ ᠬᠣᠨᠢ ᠶ᠋ᠢ ᠨᠢ ᠠᠯᠠᠵᠤ ᠠᠪᠤᠭᠠᠳ ᠶᠠᠪᠤᠭᠰᠠᠨ ᠪᠠ ᠲᠡᠷᠡ ᠰᠥᠨᠢ ᠭᠤᠴᠢ ᠭᠠᠷᠤᠢ ᠮᠣᠷᠢᠳ ᠢ᠋ ᠨᠢ ᠬᠥᠭᠡᠭᠡᠵᠡᠢ᠃
ᠪᠠᠶᠠᠨ ᠠᠷᠪᠠ ᠭᠠᠷᠤᠢ ᠬᠥᠮᠦᠨ ᠢ᠋ᠶ᠋ᠡᠷ ᠨᠡᠬᠡᠭᠦᠯᠦᠭᠡᠳ ᠭᠦᠢᠴᠡᠵᠦ ᠴᠢᠳᠠᠭ᠎ᠠ ᠦᠭᠡᠢ ᠤᠴᠢᠷ ᠵᠠᠰᠠᠭᠲᠤ ᠬᠠᠨ ᠤ᠋ ᠬᠤᠰᠢᠭᠤᠨ ᠳ᠋ᠤ᠌ ᠵᠠᠷᠭᠤᠯᠳᠤᠭᠰᠠᠨ ᠪᠣᠯᠪᠠᠴᠤ ᠨᠢᠭᠡᠨᠲᠡ ᠲᠡᠮᠦᠷ ᠢ᠋ ᠪᠠᠷᠢᠵᠤ ᠴᠢᠳᠠᠭ᠎ᠠ ᠦᠭᠡᠢ ᠪᠣᠯᠬᠣᠷ ᠥᠨᠥᠴᠢᠨ ᠢᠰᠢᠭᠡ ᠴᠦ᠍ ᠣᠯᠵᠤ ᠠᠪᠤᠭᠰᠠᠨ ᠦᠭᠡᠢ᠃
ᠢᠷᠡᠬᠦ ᠨᠠᠮᠤᠷ ᠨᠢ ᠪᠠᠭᠠᠲᠤᠷ ᠪᠡᠢᠯᠡ ᠶ᠋ᠢᠨ ᠰᠦᠷᠦᠭ ᠡᠴᠡ ᠲᠠᠪᠢ ᠭᠠᠷᠤᠢ ᠰᠢᠯᠢᠳᠡᠭ ᠠᠳᠤᠭᠤ ᠬᠥᠭᠡᠭᠡᠵᠡᠢ᠃ ᠢᠩᠭᠢᠵᠦ ᠶᠠᠪᠤᠬᠤ ᠳ᠋ᠠᠭᠠᠨ ᠡᠬᠡᠨᠡᠷ ᠬᠡᠦᠬᠡᠳ ᠢ᠋ᠶ᠋ᠡᠨ ᠲᠣᠬᠢᠶᠠᠯᠳᠤᠭᠰᠠᠨ ᠪᠦᠬᠦᠨ ᠡᠴᠡ ᠰᠤᠷᠠᠭᠯᠠᠭᠰᠠᠨ ᠪᠣᠯᠪᠠᠴᠤ ᠣᠯᠬᠤ ᠶ᠋ᠢ ᠪᠠᠢᠲᠤᠭᠠᠢ᠂ ᠮᠥᠷ ᠴᠦ᠍ ᠭᠠᠷᠭᠠᠵᠤ ᠴᠢᠳᠠᠭᠰᠠᠨ ᠦᠭᠡᠢ᠃
ᠬᠠᠪᠤᠷ ᠨᠢ ᠪᠠᠭᠠᠲᠤᠷ ᠪᠡᠢᠯᠡ ᠶ᠋ᠢᠨ ᠬᠣᠰᠢᠭᠤ ᠵᠠᠬᠢᠷᠤᠭᠴᠢ ᠶ᠋ᠢᠨ ᠮᠠᠨᠠᠭᠠᠨ ᠤ᠋ ᠬᠥᠮᠦᠨ ᠢ᠋ ᠨᠢ ᠬᠦᠯᠢᠵᠦ ᠣᠷᠬᠢᠭᠠᠳ ᠬᠣᠷᠢᠨ ᠨᠢᠭᠡᠨ ᠰᠢᠯᠢᠳᠡᠭ ᠮᠣᠷᠢᠳ ᠢ᠋ ᠨᠢ ᠬᠥᠭᠡᠭᠡᠭᠡᠳ ᠰᠤᠷᠠᠭ ᠦᠭᠡᠢ ᠪᠣᠯᠵᠠᠢ᠃
ᠪᠠᠭᠠᠲᠤᠷ ᠪᠡᠢᠯᠡ ᠶ᠋ᠢᠨ ᠬᠣᠰᠢᠭᠤ ᠨᠡᠷᠡᠲᠡᠢ ᠯᠠᠮᠠ ᠨᠠᠷ ᠢ᠋ᠶ᠋ᠠᠨ ᠴᠤᠭᠯᠠᠭᠤᠯᠵᠤ ᠲᠡᠮᠦᠷ ᠲᠦ᠍ ᠬᠣᠶᠠᠷ ᠳᠠᠬᠢᠨ ᠬᠠᠷᠢᠶᠠᠯ ᠬᠢᠵᠦ ᠰᠤᠷ ᠵᠠᠯᠠᠨ᠂ ᠵᠢᠩᠰᠡᠷᠭᠡ ᠴᠢᠳᠬᠤᠭᠤᠯᠤᠭᠰᠠᠨ ᠪᠣᠯᠪᠠᠴᠤ ᠲᠤᠰᠠ ᠪᠣᠯᠤᠭᠰᠠᠨ ᠦᠭᠡᠢ᠃ ᠲᠡᠢᠨ ᠦ᠌ ᠬᠠᠵᠠᠭᠤ ᠪᠠᠷ ᠳᠠᠵᠢᠨ ᠭᠡᠭᠴᠢ ᠪᠡᠷ ᠨᠢᠭᠡ ᠵᠠᠯᠢᠲᠠᠢ ᠡᠷ᠎ᠡ ᠲᠡᠮᠦᠷ ᠢ᠋ ᠴᠢᠳᠠᠪᠠᠯ ᠪᠠᠷᠢᠵᠤ ᠥᠭᠭᠦᠨ᠎ᠡ᠃ ᠡᠰᠡ ᠴᠢᠳᠠᠪᠠᠯ ᠠᠯᠠᠵᠤ ᠥᠭᠭᠦᠨ᠎ᠡ ᠭᠡᠵᠦ ᠬᠣᠰᠢᠭᠤ ᠰᠠᠩ ᠡᠴᠡ ᠨᠡᠯᠢᠶᠡᠳ ᠶᠠᠭᠤᠮ᠎ᠠ ᠠᠪᠤᠭᠠᠳ ᠣᠷᠣ ᠰᠤᠷᠠᠭ ᠦᠭᠡᠢ ᠠᠯᠠᠭ᠎ᠠ ᠪᠣᠯᠵᠠᠢ᠃
ᠵᠡᠷᠭᠡᠯᠡᠳᠡᠭᠡ ᠬᠤᠰᠢᠭᠤᠳ ᠲᠠᠭᠠᠨ ᠪᠢᠴᠢᠭ ᠶᠠᠪᠤᠭᠤᠯᠵᠤ ᠭᠠᠢᠬᠠᠯ ᠲᠡᠮᠦᠷ ᠢ᠋ ᠪᠠᠷᠢᠯᠴᠠᠵᠤ ᠥᠭᠬᠦ ᠶ᠋ᠢ ᠭᠤᠶᠤᠭᠰᠠᠨ ᠳ᠋ᠤ᠌ ᠴᠠᠭ ᠲᠥᠷᠥ ᠶ᠋ᠢᠨ ᠰᠠᠮᠠᠭᠤᠨ ᠳ᠋ᠤ᠌ ᠨᠡᠷᠪᠡᠭᠳᠡᠭᠰᠡᠨ ᠬᠤᠰᠢᠭᠤᠳ ᠶᠠᠮᠠᠷ ᠴᠤ᠌ ᠳᠡᠮᠵᠢᠯᠭᠡ ᠥᠭᠭᠦᠭᠰᠡᠨ ᠦᠭᠡᠢ᠃
ᠢᠩᠭᠢᠭᠡᠳ ᠲᠡᠮᠦᠷ᠂ ᠪᠠᠶᠠᠨ ᠤ᠋ ᠠᠳᠤᠭᠤᠨ ᠡᠴᠡ ᠬᠣᠶᠠᠷᠳᠠᠬᠢ ᠤᠳᠠᠭ᠎ᠠ ᠪᠠᠨ ᠬᠡᠰᠡᠭ ᠮᠣᠷᠢ ᠬᠥᠭᠡᠭᠡᠭᠡᠳ ᠶᠠᠪᠤᠵᠤ ᠪᠠᠢᠬᠤ ᠳ᠋ᠠᠭᠠᠨ ᠬᠠᠳᠠᠨ ᠪᠠᠭᠠᠲᠤᠷ ᠸᠠᠩ ᠤ᠋ᠨ ᠬᠣᠰᠢᠭᠤᠴᠢ ᠴᠡᠷᠢᠭ ᠬᠤᠶᠠᠭ ᠤ᠋ᠨ ᠲᠠᠪᠢᠲᠤ ᠲᠠᠢ ᠲᠠᠭᠠᠷᠠᠯᠳᠤᠵᠠᠢ᠃
ᠬᠤᠶᠠᠭ ᠲᠡᠮᠦᠷ ᠬᠣᠶᠠᠷ ᠳᠣᠲᠣᠨᠣ ᠨᠥᠬᠥᠳ ᠦ᠋ᠨ ᠶᠣᠰᠣᠭᠠᠷ ᠠᠭᠤᠯᠵᠠᠵᠤ ᠶᠠᠭᠤᠨ ᠤ᠋ ᠡᠮᠦᠨ᠎ᠡ ᠵᠣᠯᠭᠠᠵᠤ ᠳᠠᠮᠠᠭᠢᠯᠠᠯᠴᠠᠪᠠ᠃ ᠲᠡᠭᠡᠭᠡᠳ ᠬᠤᠶᠠᠭ ᠴᠡᠷᠢᠭ ᠦ᠋ᠳ ᠢ᠋ᠶ᠋ᠡᠨ ᠪᠠᠭᠤᠯᠭᠠᠵᠤ ᠠᠮᠠᠷᠠᠭᠤᠯᠬᠤ ᠵᠠᠭᠤᠷ᠎ᠠ ᠲᠡᠮᠦᠷ ᠲᠡᠢ ᠲᠠᠪᠠᠲᠠᠢ ᠶᠠᠷᠢᠯᠴᠠᠵᠠᠢ᠃ ᠲᠡᠮᠦᠷ ᠢ᠋ ᠥᠪᠡᠷ ᠦ᠋ᠨ ᠬᠢᠨᠢ ᠠᠮᠢᠳᠤᠷᠠᠯ ᠳ᠋ᠤ᠌ ᠲᠣᠬᠢᠶᠠᠯᠳᠤᠭᠰᠠᠨ ᠶᠠᠭᠤᠮ᠎ᠠ ᠪᠠᠨ ᠶᠠᠷᠢᠭᠠᠳ ᠳᠠᠭᠤᠰᠬᠤ ᠳ᠋ᠤ᠌ ᠬᠤᠶᠠᠭ ᠲᠠᠮᠠᠬᠢ ᠲᠠᠲᠠᠵᠤ ᠪᠠᠬᠠᠨ ᠳᠠᠭᠤ ᠦᠭᠡᠢ ᠪᠣᠳᠣᠯ ᠪᠣᠯᠤᠨ ᠰᠠᠭᠤᠭᠰᠠᠨ ᠢ᠋ᠶ᠋ᠠᠨ 《ᠲᠠ ᠴᠢᠳᠠᠯ ᠲᠠᠢ᠂ ᠰᠠᠢᠬᠠᠨ ᠰᠠᠨᠠᠭ᠎ᠠ ᠲᠠᠢ ᠬᠥᠮᠦᠨ᠃ ᠭᠡᠪᠡᠴᠦ ᠲᠥᠷᠥ ᠳᠣᠩᠰᠣᠯᠵᠤ᠂ ᠲᠦᠮᠡᠨ ᠦᠢᠮᠡᠵᠦ ᠪᠠᠢᠭ᠎ᠠ ᠬᠠᠲᠠᠭᠤ ᠴᠠᠭ ᠲᠤ᠌ ᠣᠯᠠᠨ ᠤ᠋ ᠲᠥᠯᠥᠭᠡ ᠲᠡᠮᠡᠴᠡᠯ ᠡᠴᠡ ᠠᠶᠤᠮᠠᠬᠠᠢ ᠲᠠᠤᠯᠠᠢ ᠰᠢᠭ᠋ ᠵᠢᠭᠤᠲᠠᠵᠤ ᠵᠥᠪᠬᠡᠨ ᠬᠠᠷ᠎ᠠ ᠠᠮᠢ ᠪᠠᠨ ᠪᠣᠳᠣᠵᠤ ᠶᠠᠪᠤᠬᠤ ᠲᠠᠭᠠᠷᠠᠬᠤ ᠤᠤ ᠳᠠ》 ᠭᠡᠵᠦ ᠰᠢᠭᠤᠳ ᠵᠢᠮᠡᠯᠡᠪᠡ᠃
ᠲᠡᠮᠦᠷ ᠦ᠋ᠨ ᠨᠢᠳᠦ ᠰᠡᠷᠪᠡᠰᠬᠢᠨ ᠬᠤᠶᠠᠭ ᠢ᠋ ᠠᠵᠢᠭᠯᠠᠨ ᠬᠠᠷᠠᠯ᠎ᠠ᠃ ᠨᠥᠬᠥᠳ ᠲᠡᠭᠡᠨ ᠬᠡᠵᠢᠶ᠎ᠡ ᠨᠢᠭᠡᠨ ᠴᠠᠭ ᠲᠤ᠌ ᠵᠢᠮᠡᠯᠡᠭᠳᠡᠵᠦ ᠦᠵᠡᠭᠡ ᠦᠭᠡᠢ ᠡᠮᠨᠢᠭ ᠰᠡᠳᠬᠢᠯ ᠨᠢ ᠬᠥᠨᠳᠡᠭᠳᠡᠭᠰᠡᠨ ᠪᠣᠯᠪᠠᠴᠤ ᠠᠭᠤᠷᠯᠠᠭᠰᠠᠨ ᠦᠭᠡᠢ᠃
᠊᠊᠊᠊᠊᠊᠊᠊᠊᠊᠊᠊᠊᠊᠊ ᠨᠠᠳᠠ ᠳ᠋ᠤ᠌ ᠥᠭᠡᠷ᠎ᠡ ᠵᠠᠮ ᠪᠠᠢᠭ᠎ᠠ ᠦᠭᠡᠢ᠃ ᠪᠢ ᠡᠩ ᠦ᠋ᠨ ᠨᠣᠮᠣᠬᠠᠨ ᠠᠮᠢᠳᠤᠷᠠᠶ᠎ᠠ ᠭᠡᠵᠦ ᠪᠣᠳᠣᠭᠰᠠᠨ᠂ ᠪᠦᠲᠦᠭᠡ ᠦᠭᠡᠢ ᠭᠡᠵᠦ ᠥᠪᠡᠷ ᠢ᠋ ᠪᠡᠨ ᠥᠮᠥᠭᠯᠡᠪᠡ᠃
ᠬᠤᠶᠠᠭ ᠮᠠᠷᠲᠠᠰᠢ ᠦᠭᠡᠢ ᠲᠤᠰᠠ ᠣᠯᠠᠨ ᠤᠳᠠᠭ᠎ᠠ ᠬᠦᠷᠭᠡᠭᠰᠡᠨ ᠡᠨᠡ ᠡᠷ᠎ᠡ ᠶ᠋ᠢ ᠬᠦᠨᠳᠦᠳᠬᠡᠵᠦ ᠪᠠᠢᠭᠰᠠᠨ ᠪᠣᠯᠪᠠᠴᠤ ᠰᠡᠳᠬᠢᠯ ᠳ᠋ᠡᠭᠡᠨ ᠪᠣᠳᠣᠭᠰᠠᠨ ᠦᠨᠡᠨ ᠢ᠋ ᠬᠡᠯᠡᠬᠦ ᠡᠴᠡ ᠪᠤᠴᠠᠭᠰᠠᠨ ᠦᠭᠡᠢ᠃
᠊᠊᠊᠊᠊᠊᠊᠊᠊᠊᠊᠊᠊᠊᠊ ᠡᠨᠡ ᠴᠠᠭ ᠲᠤ᠌ ᠡᠩ ᠦ᠋ᠨ ᠨᠣᠮᠣᠬᠠᠨ ᠠᠮᠢᠳᠤᠷᠠᠵᠤ ᠪᠣᠯᠬᠤ ᠦᠭᠡᠢ᠃ ᠵᠣᠪᠠᠭᠰᠠᠨ ᠣᠷᠣᠨ᠂ ᠳᠣᠷᠣᠮᠵᠢᠯᠠᠭᠳᠠᠭᠰᠠᠨ ᠣᠯᠠᠨ ᠳ᠋ᠤ᠌ ᠲᠤᠰᠠ ᠪᠣᠯᠬᠤ ᠴᠠᠭ ᠢᠷᠡᠭᠡᠳ ᠪᠠᠢᠨ᠎ᠠ ᠭᠡᠳ ᠨᠣᠶᠠᠳ ᠪᠠᠶᠠᠳ ᠤ᠋ᠨ ᠳᠠᠷᠤᠯᠠᠯ ᠳ᠋ᠤ᠌ ᠵᠣᠪᠠᠵᠤ ᠶᠠᠳᠠᠷᠠᠭᠰᠠᠨ ᠮᠣᠩᠭᠣᠯ ᠣᠷᠣᠨ ᠢ᠋ ᠭᠠᠳᠠᠭᠠᠳᠤ ᠶ᠋ᠢᠨ ᠳᠡᠭᠡᠷᠡᠮᠴᠢᠳ ᠲᠠᠯ᠎ᠠ ᠪᠦᠷᠢ ᠡᠴᠡ ᠨᠢ ᠬᠡᠮᠡᠯᠢᠨ ᠮᠡᠷᠡᠵᠦ ᠪᠠᠢᠭ᠎ᠠ ᠭᠠᠰᠢᠭᠤᠨ ᠶᠠᠪᠤᠳᠠᠯ ᠢ᠋ ᠶᠠᠷᠢᠭᠠᠳ ᠬᠠᠳᠠᠨ ᠪᠠᠭᠠᠲᠤᠷ ᠢ᠋ᠶ᠋ᠠᠷ ᠤᠳᠤᠷᠢᠳᠤᠭᠤᠯᠤᠨ ᠶᠠᠪᠤᠭ᠎ᠠ ᠥᠪᠡᠷᠰᠡᠳ ᠦ᠋ᠨ ᠲᠡᠮᠡᠴᠡᠯ᠂ ᠵᠣᠷᠢᠯᠭ᠎ᠠ ᠶ᠋ᠢ ᠬᠡᠯᠡᠪᠡ᠃
ᠲᠡᠮᠦᠷ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ᠄
᠊᠊᠊᠊᠊᠊᠊᠊᠊᠊᠊᠊᠊᠊᠊ ᠪᠢ ᠶᠠᠳᠠᠷᠠᠭᠰᠠᠨ ᠬᠥᠮᠦᠨ ᠳ᠋ᠦ᠍ ᠲᠤᠰᠠ ᠪᠣᠯᠵᠤ ᠪᠠᠢᠭᠰᠠᠨ ᠭᠡᠵᠦ ᠨᠠᠮ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠣᠳᠣ ᠦᠶ᠎ᠡ ᠳ᠋ᠦ᠍ ᠲᠠᠨ ᠤ᠋ ᠲᠡᠷᠡ ᠲᠤᠰᠠ ᠪᠣᠯ ᠬᠣᠣᠷ᠃ ᠲᠠ ᠥᠨᠥᠳᠥᠷ ᠦ᠋ᠨ ᠠᠶᠠᠭ᠎ᠠ ᠬᠣᠭᠣᠯᠠ ᠶ᠋ᠢ ᠵᠠᠯᠭᠠᠭᠤᠯᠵᠤ ᠥᠭᠭᠦᠭᠡᠳ ᠮᠠᠷᠭᠠᠰᠢ ᠶ᠋ᠢᠨ ᠬᠢᠨᠢ ᠵᠢᠷᠭᠠᠯ ᠤ᠋ᠨ ᠬᠦᠰᠡᠯ ᠡᠷᠡᠮᠡᠯᠵᠡᠯ ᠢ᠋ ᠮᠣᠬᠣᠭᠣᠵᠤ ᠪᠠᠢᠨ᠎ᠠ᠃ ᠬᠠᠷ᠎ᠠ ᠲᠠᠮᠠᠬᠢ ᠲᠠᠲᠠᠬᠤ ᠳ᠋ᠤ᠌ ᠨᠢᠭᠡᠨ ᠦᠶ᠎ᠡ ᠪᠦᠬᠦ ᠵᠣᠪᠠᠯᠠᠩ ᠢ᠋ ᠮᠠᠷᠲᠠᠵᠤ᠂ ᠬᠣᠭᠣᠰᠣᠨ ᠵᠢᠷᠭᠠᠯ ᠤ᠋ᠨ ᠬᠡᠢ ᠮᠠᠨᠠᠨ ᠳ᠋ᠤ᠌ ᠤᠮᠪᠠᠳᠠᠭ ᠪᠣᠯᠪᠠᠴᠤ ᠦᠨᠡᠨ ᠳ᠋ᠡᠭᠡᠨ ᠴᠣᠭᠴᠠ ᠪᠡᠶ᠎ᠡ ᠨᠢ ᠢᠯᠵᠠᠷᠠᠵᠤ ᠪᠠᠢᠳᠠᠭ ᠭᠡᠵᠦ ᠬᠤᠶᠠᠭ ᠬᠡᠯᠡᠪᠡ᠃
ᠲᠡᠮᠦᠷ ᠭᠠᠰᠢᠭᠤᠨ ᠪᠥᠭᠡᠳ ᠭᠣᠮᠣᠳᠠᠯ ᠲᠠᠢ ᠢᠨᠢᠶᠡᠮᠰᠦᠭᠯᠡᠪᠡ᠃ ᠬᠤᠶᠠᠭ ᠤ᠋ᠨ ᠦᠭᠡ ᠬᠠᠲᠠᠭᠤ ᠪᠣᠯᠪᠠᠴᠤ ᠲᠡᠭᠦᠨ ᠳ᠋ᠦ᠍ ᠦᠨᠡᠨ ᠶᠠᠭᠤᠮ᠎ᠠ ᠶᠡᠬᠡ ᠪᠠᠢᠬᠤ ᠰᠢᠭ᠋ ᠰᠠᠨᠠᠭᠳᠠᠪᠠ᠃ ᠢᠯᠠᠩᠭᠤᠶ᠎ᠠ ᠡᠷᠡᠰ ᠰᠢᠯᠤᠭᠤᠨ ᠬᠡᠯᠡᠵᠦ ᠪᠠᠢᠭ᠎ᠠ ᠬᠤᠶᠠᠭ ᠤ᠋ᠨ ᠰᠡᠳᠬᠢᠯ ᠶᠡᠬᠡᠳᠡ ᠲᠠᠭᠠᠯᠠᠭᠳᠠᠪᠠ᠃
ᠥᠷᠯᠥᠭᠡ ᠶ᠋ᠢᠨ ᠨᠠᠷᠠ ᠬᠡᠨ ᠢ᠋ ᠴᠦ᠍ ᠭᠣᠯᠣᠵᠤ ᠰᠢᠯᠢᠯ ᠦᠭᠡᠢ ᠪᠦᠬᠦᠨ ᠢ᠋ ᠡᠭᠡᠭᠡᠨ ᠵᠢᠩᠨᠡᠵᠦ ᠬᠠᠵᠠᠭᠤ ᠶ᠋ᠢᠨ ᠠᠭᠤᠯᠠᠨ ᠳ᠋ᠤ᠌ ᠥᠪᠥᠭᠡᠯᠵᠢ ᠪᠦᠪᠦᠳᠦᠨᠡᠨ ᠳᠤᠤᠭᠠᠷᠴᠤ ᠪᠠᠢᠯ᠎ᠠ᠃
ᠲᠡᠮᠦᠷ ᠪᠣᠳᠣᠯ ᠪᠣᠯᠤᠨ ᠰᠠᠭᠤᠭᠰᠠᠨ ᠢ᠋ᠶ᠋ᠠᠨ᠄
᠊᠊᠊᠊᠊᠊᠊᠊᠊᠊᠊᠊᠊᠊᠊ ᠡᠨᠡ ᠮᠣᠷᠢᠳ ᠢ᠋ ᠴᠡᠷᠢᠭ ᠦ᠋ᠳ ᠲᠡᠭᠡᠨ ᠤᠨᠤᠭ᠎ᠠ ᠪᠣᠯᠭᠠᠵᠤ ᠠᠪ ᠭᠡᠵᠦ ᠭᠡᠨᠡᠳᠲᠡ ᠬᠡᠯᠡᠪᠡ᠃
᠊᠊᠊᠊᠊᠊᠊᠊᠊᠊᠊᠊᠊᠊᠊ ᠲᠡᠭᠦᠪᠡᠷ ᠴᠦ᠍ ᠪᠠᠷᠠᠬᠤ ᠦᠭᠡᠢ ᠲᠠ ᠥᠪᠡᠷ ᠢ᠋ᠶ᠋ᠡᠨ ᠴᠡᠷᠢᠭ ᠲᠦ᠍ ᠣᠷᠣᠭᠠᠳ ᠪᠢᠳᠡᠨ ᠲᠡᠢ ᠶᠠᠪᠤ ᠭᠡᠵᠦ ᠬᠤᠶᠠᠭ ᠬᠡᠦᠬᠡᠳ ᠲᠡᠭᠡᠨ ᠬᠡᠯᠡᠵᠦ ᠪᠠᠢᠭ᠎ᠠ ᠡᠴᠢᠭᠡ ᠶ᠋ᠢᠨ ᠳᠠᠭᠤ ᠪᠠᠷ ᠬᠡᠯᠡᠪᠡ᠃ ᠳᠠᠪᠠᠭᠠᠨ ᠤ᠋ ᠢᠨᠠᠳᠤ ᠤᠷᠤᠭᠤ ᠬᠠᠳᠠᠨ ᠪᠠᠭᠠᠲᠤᠷ ᠤ᠋ᠨ ᠭᠣᠣᠯ ᠴᠡᠷᠢᠭ ᠴᠤᠪᠤᠷᠠᠨ ᠣᠷᠣᠵᠤ ᠢᠷᠡᠯ᠎ᠡ᠃ ᠨᠠᠮᠢᠯᠵᠠᠨ ᠶᠠᠪᠤᠭ᠎ᠠ ᠲᠤᠭ ᠬᠢᠭᠢᠷᠢ ᠨᠢ ᠰᠠᠯᠬᠢᠨ ᠳ᠋ᠤ᠌ ᠲᠣᠭᠯᠠᠵᠤ᠂ ᠥᠷᠯᠥᠭᠡ ᠶ᠋ᠢᠨ ᠨᠠᠷᠠᠨ ᠤ᠋ ᠭᠡᠷᠡᠯ ᠳ᠋ᠦ᠍ ᠵᠠᠷ ᠵᠡᠪᠰᠡᠭ ᠨᠢ ᠭᠢᠯᠠᠯᠵᠠᠨ ᠰᠦᠷᠲᠡᠢ ᠪᠥᠭᠡᠳ ᠵᠢᠪᠬᠤᠯᠠᠩ ᠲᠠᠢ ᠠᠵᠢ᠃
ᠲᠡᠮᠦᠷ ᠲᠡᠷᠡ ᠵᠦᠭ ᠠᠵᠢᠭᠯᠠᠨ ᠬᠠᠷᠠᠵᠤ ᠪᠠᠢᠭᠰᠠᠨ ᠢ᠋ᠶ᠋ᠠᠨ 《ᠪᠠᠭᠠᠲᠤᠷ ᠸᠠᠩ ᠲᠠᠢ ᠠᠭᠤᠯᠵᠠᠵᠤ ᠪᠣᠯᠬᠤ ᠪᠣᠯᠪᠠ ᠤᠤ?》 ᠭᠡᠵᠦ ᠠᠰᠠᠭᠤᠪᠠ᠃
