ᠲᠤᠩᠭᠠᠯᠠᠭ ᠲᠠᠮᠢᠷ1-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-05

2015

《ᠬᠠᠷ᠎ᠠ ᠬᠡᠷᠢᠶ᠎ᠡ ᠪᠡᠶ᠎ᠡ ᠪᠡᠶ᠎ᠡ ᠶ᠋ᠢᠨ ᠬᠠᠷ᠎ᠠ ᠶ᠋ᠢ ᠭᠠᠢᠬᠠᠪᠠ》 - ᠨᠢᠭᠡᠳᠦᠭᠡᠷ ᠪᠦᠯᠦᠭ ᠵᠢᠷᠭᠤᠭ᠎ᠠ


ᠪᠤᠯᠠᠭᠠᠨ ᠠᠭᠤᠯᠠ ᠶ᠋ᠢᠨ ᠣᠷᠣᠢ ᠪᠠᠷ ᠭᠠᠷᠴᠤ ᠢᠷᠡᠭᠰᠡᠨ ᠪᠥᠭᠡᠮ ᠪᠥᠭᠡᠮ ᠬᠠᠷ᠎ᠠ ᠡᠭᠦᠯᠡ ᠵᠠᠶ᠎ᠠ ᠪᠠᠨᠳᠢᠳᠠ ᠶ᠋ᠢᠨ ᠬᠦᠷᠢᠶᠡᠨ ᠳᠡᠭᠡᠭᠦᠷ ᠰᠡᠭᠦᠳᠡᠷ ᠲᠠᠲᠠᠭᠤᠯᠤᠨ ᠨᠡᠭᠦᠭᠰᠡᠭᠡᠷ ᠦᠳᠡ ᠶ᠋ᠢᠨ ᠬᠢᠷᠢ ᠳ᠋ᠦ᠍ ᠲᠩᠷᠢ ᠪᠦᠷ ᠪᠦᠷᠬᠦᠵᠦ ᠰᠢᠷᠦᠭᠦᠨ ᠪᠣᠷᠣᠭᠠᠨ ᠣᠷᠣᠯ᠎ᠠ᠃
ᠬᠦᠷᠢᠶᠡᠨ ᠦ᠌ ᠭᠤᠳᠤᠮᠵᠢ ᠳ᠋ᠤ᠌ ᠬᠥᠯ ᠲᠠᠰᠤᠷᠠᠨ᠂ ᠭᠠᠳᠠᠨ᠎ᠠ ᠡᠴᠡ ᠨᠢ ᠬᠠᠷᠠᠬᠤ ᠳ᠋ᠤ᠌ ᠪᠣᠷᠣᠭᠠᠨ ᠳ᠋ᠤ᠌ ᠱᠠᠯᠠᠪ ᠴᠣᠬᠢᠭᠤᠯᠤᠭᠰᠠᠨ ᠬᠡᠳᠦᠨ ᠨᠣᠬᠠᠢ ᠡᠴᠡ ᠥᠭᠡᠷ᠎ᠡ ᠠᠮᠢᠳᠤ ᠠᠮᠢᠲᠠᠨ ᠦᠭᠡᠢ ᠮᠡᠲᠦ ᠪᠣᠯᠪᠠᠴᠤ ᠦᠨᠡᠨ ᠳ᠋ᠡᠭᠡᠨ ᠲᠡᠢᠮᠦ ᠪᠢᠰᠢ᠂ ᠠᠮᠢᠳᠤᠷᠠᠯ ᠥᠪᠡᠷ ᠦ᠋ᠨ ᠬᠠᠤᠯᠢ ᠪᠠᠷ ᠤᠷᠤᠰᠴᠤ ᠪᠠᠢᠵᠠᠢ᠃
ᠲᠣᠮᠣ ᠬᠠᠰᠢᠶᠠᠨ ᠤ᠋ ᠬᠣᠢᠲᠤ ᠲᠠᠯ᠎ᠠ ᠳ᠋ᠤ᠌ ᠪᠤᠵᠠᠭᠠᠢ ᠲᠣᠬᠢᠯᠢᠭ ᠪᠠᠷᠢᠭᠰᠠᠨ ᠵᠤᠨ ᠤ᠋ ᠮᠣᠳᠣᠨ ᠪᠠᠢᠰᠢᠩ ᠳ᠋ᠤ᠌ ᠬᠣᠶᠠᠷ ᠯᠠᠮᠠ ᠳᠤᠮᠳᠠ ᠪᠠᠨ ᠲᠣᠮᠣ ᠸᠭᠠᠷ ᠲᠠᠢ ᠱᠤᠤᠭᠢᠭᠰᠠᠨ ᠠᠢᠷᠠᠭ ᠲᠠᠯᠪᠢᠭᠠᠳ ᠬᠢᠲᠠᠳ ᠨᠠᠷᠢᠨ ᠱᠠᠵᠠᠩ ᠳ᠋ᠤ᠌ ᠳᠦᠭᠦᠷᠡᠩ ᠳᠦᠭᠦᠷᠡᠩ ᠬᠢᠵᠦ ᠤᠤᠭᠤᠨ᠎ᠠ᠃
ᠥᠨᠳᠥᠷ ᠭᠤᠸᠯᠢᠭ ᠪᠡᠶ᠎ᠡ ᠲᠡᠢ᠂ ᠲᠤᠩᠭᠠᠯᠠᠭ ᠴᠠᠭᠠᠨ ᠴᠢᠷᠠᠢ ᠲᠠᠢ ᠰᠢᠨ᠎ᠡ ᠬᠦᠷᠡᠩ ᠲᠠᠷᠮᠠᠨ ᠳᠡᠪᠡᠯ ᠳᠡᠭᠡᠷ᠎ᠡ ᠰᠢᠷ᠎ᠠ ᠬᠢᠶᠠᠷᠠᠭ ᠣᠷᠢᠶᠠᠭᠰᠠᠨ ᠳᠡᠭᠵᠢᠨ ᠯᠠᠮᠠ ᠶ᠋ᠢ ᠴᠡᠮᠪᠡ ᠭᠡᠳᠡᠭ ᠪᠥᠭᠡᠳ ᠡᠨᠡ ᠵᠢᠯ ᠬᠣᠷᠢᠨ ᠭᠤᠷᠪᠠᠨ ᠨᠠᠰᠤ ᠬᠦᠷᠴᠡᠢ᠃ ᠨᠥᠭᠦᠭᠡ ᠨᠢ ᠭᠠᠵᠠᠷ ᠱᠠᠭᠠᠢᠭᠰᠠᠨ ᠬᠤᠷᠴᠠ ᠨᠢᠳᠦ ᠲᠡᠢ᠂ ᠲᠤᠷᠠᠩᠬᠠᠢ ᠬᠠᠲᠠᠩᠭᠢᠷ ᠪᠡᠶ᠎ᠡ ᠲᠡᠢ ᠨᠡᠷ᠎ᠡ ᠵᠠᠮᠪᠠᠯ ᠭᠡᠳᠡᠭ᠂ ᠨᠠᠰᠤ ᠪᠠᠷ ᠴᠡᠮᠪᠡ ᠶ᠋ᠢᠨ ᠦᠶ᠎ᠡ ᠠᠵᠢ᠃
ᠡᠨᠡ ᠬᠣᠶᠠᠷ ᠵᠠᠶ᠎ᠠ ᠶ᠋ᠢᠨ ᠬᠦᠷᠢᠶᠡᠨ ᠦ᠌ ᠤᠨᠠᠭᠠᠨ ᠱᠠᠪᠢ ᠪᠢᠰᠢ᠃ ᠴᠡᠮᠪᠡ ᠯᠤᠤ ᠬᠦᠩ ᠦ᠋ᠨ ᠬᠦᠷᠢᠶᠡᠨ ᠳᠡᠭᠡᠷ᠎ᠡ ᠪᠠᠭ᠎ᠠ ᠡᠴᠡ ᠪᠡᠨ ᠰᠠᠭᠤᠵᠤ ᠪᠠᠢᠭᠠᠳ ᠵᠠᠶ᠎ᠠ ᠶ᠋ᠢᠨ ᠬᠦᠷᠢᠶᠡᠨ ᠳ᠋ᠦ᠍ ᠪᠠᠢᠭᠰᠠᠨ ᠨᠠᠭᠠᠴᠤ ᠠᠬ᠎ᠠ ᠯᠠᠮᠠ ᠨᠢ ᠦᠬᠦᠵᠦ ᠲᠡᠭᠦᠨ ᠦ᠌ ᠬᠥᠷᠥᠩᠭᠡ ᠳᠡᠭᠡᠷ᠎ᠡ ᠢᠷᠡᠵᠡᠢ᠃ ᠡᠴᠢᠭᠡ ᠭᠣᠮᠪᠣ ᠲᠠᠢᠵᠢ ᠨᠢ ᠯᠤᠤ ᠬᠦᠩ ᠦ᠋ᠨ ᠬᠣᠰᠢᠭᠤ ᠲᠤᠰᠠᠯᠠᠭᠴᠢ ᠪᠠᠢᠭᠠᠳ ᠳᠡᠭᠡᠳᠦ ᠨᠣᠶᠠᠨ ᠦᠬᠦᠵᠦ᠂ ᠡᠡᠭᠡ ᠨᠣᠶᠠᠨ ᠰᠢᠷᠡᠭᠡᠨ ᠳ᠋ᠦ᠍ ᠰᠠᠭᠤᠬᠤ ᠳ᠋ᠤ᠌ ᠣᠭᠴᠣᠷᠠᠵᠠᠢ᠃ ᠭᠡᠬᠦ ᠳ᠋ᠡᠭᠡᠨ ᠣᠳᠣ ᠴᠤ᠌ ᠭᠡᠰᠡᠨ ᠬᠤᠰᠢᠭᠤᠨ ᠤ᠋ ᠬᠡᠷᠡᠭ ᠲᠦ᠍ ᠨᠥᠯᠥᠭᠡ ᠲᠡᠢ ᠬᠥᠮᠦᠨ ᠦ᠌ ᠨᠢᠭᠡ ᠶᠦᠮ᠃
ᠵᠠᠮᠪᠠᠯ ᠪᠣᠯ ᠤᠤᠯ ᠨᠢ ᠳᠠᠯᠠᠢ᠌ᠴᠣᠢ᠌ᠩᠬᠤᠷ ᠸᠠᠩ ᠤ᠋ᠨ ᠬᠤᠰᠢᠭᠤᠨ ᠤ᠋ ᠬᠥᠮᠦᠨ ᠪᠥᠭᠡᠳ ᠲᠠᠷᠢᠶᠠᠲᠤ ᠶ᠋ᠢᠨ ᠬᠦᠷᠢᠶᠡᠨ ᠳᠡᠭᠡᠷ᠎ᠡ ᠠᠷᠪᠠᠨ ᠨᠠᠰᠤᠲᠠᠢ ᠡᠴᠡ ᠪᠡᠨ ᠡᠬᠢᠯᠡᠵᠦ ᠰᠠᠭᠤᠭᠠᠳ ᠠᠷᠪᠠᠨ ᠨᠢᠮᠡᠨ ᠨᠠᠰᠤᠨ ᠳ᠋ᠠᠭᠠᠨ ᠪᠣᠭᠳᠠ ᠶ᠋ᠢᠨ ᠬᠦᠷᠢᠶ᠎ᠡ ᠣᠷᠣᠵᠤ ᠭᠠᠩᠳᠠᠨ ᠳᠡᠭᠡᠷ᠎ᠡ ᠰᠠᠭᠤᠵᠠᠢ᠃ ᠵᠠᠮᠪᠠᠯ ᠰᠠᠩ ᠠᠮᠪᠠᠨ ᠤ᠋ ᠵᠤᠤᠰᠠ ᠤᠷᠤᠭᠤ ᠴᠢᠯᠠᠭᠤ ᠨᠡᠭᠦᠯᠭᠡᠨ ᠳᠠᠭᠠᠷᠢᠭᠰᠠᠨ ᠯᠠᠮᠠ ᠨᠠᠷ ᠤ᠋ᠨ ᠬᠡᠷᠡᠭ᠂ ᠠᠮᠪᠠᠨ ᠢ᠋ ᠬᠦᠷᠢᠶᠡᠨ ᠡᠴᠡ ᠬᠥᠭᠡᠭᠡᠬᠦ ᠳ᠋ᠦ᠍ ᠣᠷᠣᠯᠴᠠᠵᠤ ᠶᠠᠪᠤᠭᠠᠳ ᠬᠣᠶᠠᠷ ᠵᠢᠯ ᠦ᠋ᠨ ᠡᠮᠦᠨ᠎ᠡ ᠵᠠᠶ᠎ᠠ ᠶ᠋ᠢᠨ ᠬᠦᠷᠢᠶᠡᠨ ᠳ᠋ᠦ᠍ ᠢᠷᠡᠵᠡᠢ᠃
ᠵᠠᠶ᠎ᠠ ᠶ᠋ᠢᠨ ᠬᠦᠷᠢᠶᠡᠨ ᠦ᠌ ᠰᠠᠩ ᠤ᠋ᠨ ᠨᠢᠷᠪᠠ᠂ ᠳᠠᠯᠠᠢ᠌ᠴᠣᠢ᠌ᠩᠬᠤᠷ ᠸᠠᠩ ᠤ᠋ᠨ ᠬᠤᠰᠢᠭᠤᠨ ᠳ᠋ᠤ᠌ ᠶᠠᠪᠤᠵᠤ ᠪᠠᠢᠬᠤ ᠳ᠋ᠠᠭᠠᠨ ᠨᠢᠭᠡ ᠵᠠᠯᠠᠭᠤ ᠪᠦᠰᠡᠭᠦᠢ ᠲᠡᠢ ᠬᠣᠯᠪᠣᠭ᠎ᠠ ᠲᠠᠢ ᠪᠣᠯᠵᠤ ᠵᠠᠮᠪᠠᠯ ᠭᠡᠳᠡᠭ ᠬᠥᠮᠦᠨ ᠶᠢᠷᠲᠢᠨᠴᠦ ᠳ᠋ᠦ᠍ ᠲᠥᠷᠥᠵᠡᠢ᠃ ᠦᠯᠡᠮᠵᠢ ᠬᠥᠷᠥᠩᠭᠡ ᠲᠡᠢ ᠨᠢᠷᠪᠠ ᠨᠠᠰᠤ ᠬᠥᠭᠰᠢᠷᠡᠬᠦ ᠳ᠋ᠡᠭᠡᠨ ᠶᠠᠰᠤ ᠮᠢᠬᠠᠨ ᠤ᠋ ᠲᠠᠰᠤᠷᠬᠠᠢ ᠪᠣᠯᠤᠭᠰᠠᠨ ᠵᠠᠮᠪᠠᠯ ᠢ᠋ ᠲᠠᠲᠠᠵᠤ ᠢᠷᠡᠭᠦᠯᠵᠡᠢ᠃
᠊᠊᠊᠊᠊᠊᠊᠊᠊᠊᠊᠊᠊᠊᠊ ᠮᠠᠨ ᠤ᠋ ᠡᠨᠡ ᠣᠯᠠᠨ᠎ᠠ ᠡᠷᠭᠦᠭᠳᠡᠭᠰᠡᠨ ᠲᠥᠷᠥ᠂ ᠣᠯᠠᠨ᠎ᠠ ᠢᠲᠡᠭᠡᠭᠳᠡᠭᠰᠡᠨ ᠰᠡᠭ ᠪᠣᠯᠤᠨ᠎ᠠ ᠰᠢᠦ ᠭᠡᠵᠦ ᠵᠠᠮᠪᠠᠯ ᠠᠢᠷᠠᠭ ᠤᠤᠭᠤᠬᠤ ᠵᠠᠭᠤᠷ᠎ᠠ ᠬᠡᠯᠡᠪᠡ᠃
᠊᠊᠊᠊᠊᠊᠊᠊᠊᠊᠊᠊᠊᠊᠊ ᠲᠡᠢᠮᠦ ᠭᠡᠵᠦ ᠤᠤ? ᠣᠷᠣᠢ ᠳᠡᠭᠡᠷ᠎ᠡ ᠪᠣᠭᠳᠠ ᠭᠡᠭᠡᠨ ᠵᠠᠯᠠᠷᠠᠵᠤ ᠪᠠᠢᠭᠰᠠᠨ ᠴᠠᠭ ᠲᠤ᠌ ᠭᠠᠢᠭᠤᠢ ᠪᠠᠢᠬ᠎ᠠ᠃
᠊᠊᠊᠊᠊᠊᠊᠊᠊᠊᠊᠊᠊᠊᠊ ᠪᠢ ᠮᠠᠲᠠᠯ ᠲᠠᠢ ᠰᠠᠨ ᠪᠣᠯ ᠳᠠ᠃ ᠬᠠᠯᠬ᠎ᠠ ᠶ᠋ᠢᠨ ᠡᠷ᠎ᠡ ᠰᠦᠪᠡ ᠲᠡᠢ ᠪᠦᠬᠦᠨ ᠢ᠋ ᠴᠥᠮ ᠢ᠋ ᠴᠡᠷᠢᠭ ᠲᠦ᠍ ᠳᠠᠢᠴᠢᠯᠠᠵᠤ ᠬᠥᠳᠡᠯᠪᠡᠯ ᠬᠣᠭᠣᠷᠣᠨᠳᠣ ᠪᠠᠨ ᠮᠠᠷᠠᠯᠴᠠᠵᠤ ᠬᠦᠴᠦ ᠨᠢ ᠰᠤᠯᠠᠷᠠᠭᠰᠠᠨ ᠬᠢᠲᠠᠳ ᠢ᠋ ᠰᠠᠨᠳᠤᠷᠤᠭᠤᠯᠵᠤ ᠪᠣᠯᠬᠤ ᠯᠠ ᠪᠠᠢᠭᠰᠠᠨ ᠳᠠ᠃
᠊᠊᠊᠊᠊᠊᠊᠊᠊᠊᠊᠊᠊᠊᠊ ᠴᠢ ᠴᠦ᠍ ᠳᠠᠯᠠᠢ ᠰᠢᠭ᠋ ᠶᠠᠭᠤᠮ᠎ᠠ ᠪᠣᠳᠣᠵᠤ ᠶᠠᠪᠤᠳᠠᠭ ᠭᠠᠢᠬᠠᠯ ᠪᠠᠢᠨ᠎ᠠ᠃
᠊᠊᠊᠊᠊᠊᠊᠊᠊᠊᠊᠊᠊᠊᠊ ᠳᠠᠯᠠᠢ ᠰᠢᠭ᠋ ᠮᠥᠷᠳᠡᠯ᠎ᠡ ᠪᠡᠨ ᠵᠡᠷᠭᠡᠯᠭᠡᠨ ᠰᠢᠭ ᠬᠣᠭᠣᠰᠣᠨ ᠁ ᠵᠠ ᠲᠥᠷᠥ ᠶ᠋ᠢᠨ ᠲᠥᠯᠥᠭᠡ ᠣᠭᠣᠲᠣᠨ᠎ᠠ ᠭᠡᠭᠴᠢ ᠪᠡᠷ ᠲᠡᠷᠡ ᠴᠦ᠍ ᠶᠠᠭᠠᠮᠠᠢ᠃ ᠬᠠᠷᠢᠨ ᠤᠳᠠᠬᠤ ᠦᠭᠡᠢ ᠯᠤᠤ ᠬᠦᠩ ᠦ᠋ᠨ ᠬᠣᠰᠢᠭᠤ ᠨᠠᠭᠠᠳᠤᠮ ᠪᠣᠯᠬᠤ ᠭᠡᠨ᠎ᠡ ᠪᠢᠯᠡ᠂ ᠶᠠᠪᠤᠨ᠎ᠠ ᠰᠢᠦ᠃
᠊᠊᠊᠊᠊᠊᠊᠊᠊᠊᠊᠊᠊᠊᠊ ᠶᠠᠪᠤᠨ᠎ᠠ᠃ ᠪᠢ ᠤᠨᠤᠭ᠎ᠠ ᠭᠡᠵᠦ ᠬᠡᠯᠡ ᠥᠭᠭᠦᠭᠰᠡᠨ᠃
ᠵᠠᠮᠪᠠᠯ ᠨᠡᠭᠡᠭᠡᠯᠲᠡ ᠲᠡᠢ ᠭᠡᠭᠡᠪᠴᠢ ᠤᠷᠤᠭᠤ ᠠᠵᠢᠭᠯᠠᠨ ᠨᠢᠳᠦ ᠪᠡᠨ ᠴᠠᠪᠴᠢᠯᠠᠨ ᠰᠠᠭᠤᠪᠠ᠃ 《ᠬᠡᠷᠪᠡ ᠪᠢ ᠪᠣᠭᠳᠠ ᠶ᠋ᠢᠨ ᠣᠷᠣᠨ ᠳ᠋ᠤ᠌ ᠪᠠᠢᠭᠰᠠᠨ ᠪᠣᠯ ᠱᠠᠮᠪᠠᠯ ᠤ᠋ᠨ ᠲᠡᠢᠨ ᠪᠣᠯᠪᠠ ᠭᠡᠵᠦ ᠯᠦᠨᠳᠦᠩ ᠪᠠᠭᠤᠯᠭᠠᠭᠠᠳ ᠮᠣᠩᠭᠣᠯ ᠤ᠋ᠨ ᠡᠷ᠎ᠡ ᠬᠥᠮᠦᠨ᠂ ᠮᠣᠷᠢ ᠪᠦᠬᠦᠨ ᠢ᠋ ᠳᠠᠢᠴᠢᠯᠠᠵᠤ ᠠᠪᠤᠷᠭᠤ ᠲᠣᠮᠣ ᠮᠣᠩᠭᠣᠯ ᠤᠯᠤᠰ ᠢ᠋ ᠪᠠᠢᠭᠤᠯᠬᠤ ᠪᠠᠢᠭᠰᠠᠨ ᠰᠠᠨ》 ᠭᠡᠵᠦ ᠪᠣᠳᠣᠵᠤ ᠪᠠᠢᠬᠤ ᠳ᠋ᠤ᠌ ᠶᠡᠬᠡ ᠴᠡᠷᠢᠭ ᠵᠠᠬᠢᠷᠤᠨ ᠡᠷᠳᠡᠨᠢᠰ ᠦ᠋ᠨ ᠳᠡᠭᠡᠳᠦ ᠶ᠋ᠢ ᠡᠳ᠋ᠯᠡᠵᠦ᠂ ᠠᠷᠢᠬᠢᠨ ᠤ᠋ ᠳᠡᠭᠡᠳᠦ ᠶ᠋ᠢ ᠤᠤᠭᠤᠵᠤ᠂ ᠡᠬᠡᠨᠡᠷ ᠦ᠋ᠨ ᠰᠠᠢᠬᠠᠨ ᠲᠠᠢ ᠵᠢᠷᠭᠠᠵᠤ ᠪᠠᠢᠭ᠎ᠠ ᠪᠦᠳᠡᠭᠢ ᠮᠠᠨᠠᠨ ᠲᠣᠯᠣᠭᠠᠢ ᠳ᠋ᠤᠨᠢ ᠣᠷᠣᠨ ᠭᠠᠷᠤᠨ ᠪᠠᠢᠯ᠎ᠠ᠃
᠊᠊᠊᠊᠊᠊᠊᠊᠊᠊᠊᠊᠊᠊᠊ ᠵᠠ ᠶᠠᠪᠤᠶ᠎ᠠ ᠭᠡᠳ ᠵᠠᠮᠪᠠᠯ ᠤ᠋ᠨ ᠪᠣᠰᠬᠤ ᠳ᠋ᠤ᠌ ᠴᠡᠮᠪᠡ ᠵᠣᠪᠠᠮᠠᠲᠠᠭᠠᠢ ᠢᠨᠢᠶᠡᠮᠰᠦᠭᠯᠡᠭᠰᠡᠨ ᠢ᠋ᠶ᠋ᠡᠨ 《ᠡᠪᠦᠭᠡᠨ ᠴᠢᠨᠢ ᠢᠴᠢᠭᠡᠳ ᠪᠠᠢᠨ᠎ᠠ᠃ ᠪᠦᠷᠦᠩᠬᠦᠢ ᠪᠣᠯᠭᠠᠵᠤ ᠪᠠᠢᠭᠠᠳ ᠶᠠᠪᠤᠶ᠎ᠠ᠃ ᠯᠠᠮᠠ ᠨᠠᠷ ᠮᠡᠳᠡᠪᠡᠯ ᠪᠠᠯᠠᠷᠠᠯ᠎ᠠ ᠰᠢᠦ》 ᠭᠡᠬᠦ ᠳ᠋ᠦ᠍ᠨᠢ ᠵᠠᠮᠪᠠᠯ ᠬᠥᠭᠵᠢᠭᠦᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠬᠠᠷ᠎ᠠ ᠬᠡᠷᠢᠶ᠎ᠡ ᠪᠡᠶ᠎ᠡ ᠪᠡᠶ᠎ᠡ ᠶ᠋ᠢᠨ ᠬᠠᠷ᠎ᠠ ᠶ᠋ᠢ ᠭᠠᠢᠬᠠᠪᠠ ᠭᠡᠭᠴᠢ ᠪᠡᠷ ᠬᠡᠨ ᠨᠢ ᠬᠡᠨ ᠢ᠋ ᠪᠡᠨ ᠱᠣᠣᠯᠠᠬᠤ ᠪᠢᠯᠡ ᠳᠠ᠂ ᠶᠠᠪᠤᠶ᠎ᠠ ᠭᠡᠯ᠎ᠡ᠃
ᠢᠩᠭᠢᠭᠡᠳ ᠵᠠᠮᠪᠠᠯ ᠲᠦᠷᠦᠭᠦᠯᠡᠨ ᠭᠠᠷᠴᠤ ᠪᠠᠢᠰᠢᠩ ᠬᠠᠰᠢᠶ᠎ᠠ ᠪᠠᠨ ᠲᠣᠮᠣ ᠬᠠᠷ᠎ᠠ ᠴᠣᠣᠵᠢ ᠶ᠋ᠢᠨ ᠮᠠᠲᠠᠯ ᠳ᠋ᠤ᠌ ᠦᠯᠡᠳᠡᠭᠡᠭᠡᠳ ᠬᠦᠷᠢᠶᠡᠨ ᠦ᠌ ᠡᠮᠦᠨ᠎ᠡ ᠪᠣᠷᠣᠴᠤᠤᠯ ᠤ᠋ᠨ ᠬᠣᠷᠢᠶ᠎ᠠ ᠤᠷᠤᠭᠤ ᠶᠠᠪᠤᠵᠠᠢ᠃ ᠲᠣᠮᠣ ᠬᠦᠷᠢᠶᠡᠨ ᠦ᠌ ᠳᠡᠷᠭᠡᠳᠡ ᠬᠤᠷᠢᠶᠠᠴᠢᠳ ᠭᠡᠵᠦ ᠪᠠᠢᠳᠠᠭ ᠤ᠋ᠨ ᠶᠡᠬᠡᠩᠬᠢ ᠨᠢ ᠡᠮᠡᠭᠲᠡᠢᠴᠦᠳ ᠪᠠᠢᠵᠤ ᠪᠢᠯᠡ᠃ ᠰᠢᠷ᠎ᠠ ᠶ᠋ᠢᠨ ᠱᠠᠰᠢᠨ ᠮᠣᠩᠭᠣᠯ ᠳ᠋ᠤ᠌ ᠳᠡᠯᠭᠡᠷᠡᠭᠡᠳ ᠪᠦᠬᠦ ᠡᠷ᠎ᠡ ᠬᠥᠮᠦᠨ ᠦ᠌ ᠳᠥᠴᠢ ᠰᠢᠬᠠᠮ ᠬᠤᠪᠢ ᠨᠢ ᠯᠠᠮᠠ ᠪᠣᠯᠵᠤ ᠬᠦᠷᠢᠶᠡᠨ ᠳ᠋ᠦ᠍ ᠰᠠᠭᠤᠭᠰᠠᠨ ᠡᠴᠡ ᠡᠷ᠎ᠡ ᠨᠥᠬᠥᠷ ᠦᠭᠡᠢ ᠡᠮᠡᠭᠲᠡᠢᠴᠦᠳ ᠣᠯᠠᠨ ᠪᠣᠯᠵᠤ ᠬᠦᠷᠢᠶ᠎ᠡ ᠬᠡᠢᠳ ᠦ᠋ᠨ ᠣᠢᠷᠠᠯᠴᠠᠭ᠎ᠠ ᠠᠮᠢᠳᠤᠷᠠᠨ ᠯᠠᠮᠠ ᠨᠠᠷ ᠤ᠋ᠨ ᠪᠤᠶᠤ ᠬᠤᠳᠠᠯᠳᠤᠭᠠᠨ ᠤ᠋ ᠬᠢᠲᠠᠳ ᠤ᠋ᠨ ᠵᠤᠭ᠎ᠠ ᠪᠣᠯᠵᠤ ᠪᠠᠢᠵᠠᠢ᠃
ᠥᠨᠥᠳᠥᠷ ᠵᠠᠮᠪᠠᠯ᠂ ᠴᠡᠮᠪᠡ ᠶᠠᠭ ᠡᠨᠡ ᠮᠡᠲᠦ ᠪᠡᠷ ᠵᠠᠶ᠎ᠠ ᠶ᠋ᠢᠨ ᠬᠦᠷᠢᠶᠡᠨ ᠦ᠌ ᠳᠡᠷᠭᠡᠳᠡ ᠪᠣᠢ ᠪᠣᠯᠤᠭᠰᠠᠨ ᠬᠣᠷᠢᠶᠠᠨ ᠳ᠋ᠤ᠌ ᠰᠠᠭᠤᠳᠠᠭ ᠴᠢᠮᠡᠭ᠂ ᠴᠡᠴᠡᠭ ᠭᠡᠳᠡᠭ ᠬᠣᠶᠠᠷ ᠬᠡᠦᠬᠡᠨ ᠦ᠌ ᠳ᠋ᠦ᠍ ᠣᠴᠢᠵᠤ ᠨᠠᠢᠷᠯᠠᠨ ᠰᠠᠮᠠᠭᠤᠷᠠᠬᠤ ᠪᠠᠷ ᠶᠠᠪᠤᠭ᠎ᠠ ᠠᠵᠢ᠃
ᠡᠨᠡ ᠵᠠᠮ ᠢ᠋ᠶ᠋ᠠᠷ ᠠᠩᠬ᠎ᠠ ᠤᠳᠠᠭ᠎ᠠ ᠶᠠᠪᠤᠵᠤ ᠪᠠᠢᠭ᠎ᠠ ᠴᠡᠮᠪᠡ ᠶ᠋ᠢᠨ ᠰᠡᠳᠬᠢᠯ ᠳ᠋ᠦ᠍ ᠢᠴᠢᠬᠦ ᠬᠦᠰᠡᠬᠦ ᠬᠣᠣᠰᠯᠠᠨ᠂ ᠡᠷᠭᠢᠨ ᠲᠣᠭᠣᠷᠢᠨ ᠢ᠋ ᠠᠵᠢᠭᠯᠠᠨ᠂ ᠦᠷᠭᠦᠭᠰᠡᠨ ᠵᠡᠭᠡᠷ᠎ᠡ ᠰᠢᠭ ᠰᠡᠷᠪᠡᠯᠵᠡᠨ ᠨᠢᠭᠤᠷ ᠢ᠋ᠶ᠋ᠠᠨ ᠪᠤᠷᠤᠭᠤᠯᠠᠨ ᠶᠠᠪᠤᠵᠠᠢ᠃ ᠬᠠᠷᠢᠨ ᠵᠠᠮᠪᠠᠯ ᠪᠣᠯ ᠡᠭᠡᠯ ᠠᠮᠢᠳᠤᠷᠠᠯ ᠤ᠋ᠨ ᠠᠮᠲᠠ ᠶ᠋ᠢ ᠠᠯᠢ ᠡᠷᠲᠡ ᠮᠡᠳᠡᠭᠰᠡᠨ ᠪᠥᠭᠡᠳ ᠡᠨᠡ ᠵᠠᠮ ᠳ᠋ᠤ᠌ ᠭᠤᠲᠤᠯ ᠤ᠋ᠨ ᠢ᠋ᠶ᠋ᠠᠨ ᠤᠯᠠ ᠶ᠋ᠢ ᠡᠯᠡᠭᠡᠭᠰᠡᠨ ᠬᠥᠮᠦᠨ ᠪᠣᠯᠬᠣᠷ ᠢᠴᠢᠬᠦ ᠵᠣᠪᠠᠬᠤ ᠶ᠋ᠢ ᠮᠡᠳᠡᠬᠦ ᠦᠭᠡᠢ ᠪᠠᠢᠵᠠᠢ᠃
ᠬᠦᠷᠡᠩ ᠬᠠᠭᠠᠯᠭ᠎ᠠ ᠲᠠᠢ ᠬᠠᠰᠢᠶᠠᠨ ᠤ᠋ ᠡᠭᠦᠳᠡᠨ ᠳ᠋ᠦ᠍ ᠢᠷᠡᠭᠡᠳ ᠵᠠᠮᠪᠠᠯ ᠣᠨᠢᠰᠣᠨ ᠤ᠋ ᠤᠷᠲᠤ ᠰᠤᠷ ᠢ᠋ ᠲᠠᠲᠠᠬᠤ ᠵᠠᠭᠤᠷ᠎ᠠ ᠴᠡᠮᠪᠡ ᠶ᠋ᠢ ᠬᠠᠷᠠᠪᠠᠯ ᠴᠠᠭᠠᠨ ᠴᠢᠷᠠᠢ ᠨᠢ ᠤᠯᠠᠭᠠᠨ ᠪᠣᠯᠤᠭᠠᠳ ᠪᠦᠬᠦ ᠪᠡᠶ᠎ᠡ ᠨᠢ ᠲᠣᠭᠲᠠᠨ ᠶᠠᠳᠠᠨ ᠴᠡᠴᠡᠷᠡᠵᠦ ᠪᠠᠢᠯ᠎ᠠ᠃
᠊᠊᠊᠊᠊᠊᠊᠊᠊᠊᠊᠊᠊᠊᠊ ᠳᠠᠯᠠᠢ ᠪᠠᠢᠪᠠᠯ ᠴᠤ᠌ ᠨᠠᠮᠢ᠋ᠢ ᠬᠠᠷᠠᠮᠠᠭᠴᠠ ᠵᠣᠪᠬᠢ ᠨᠢ ᠪᠠᠭᠤᠭᠠᠳ ᠲᠦᠷᠭᠡᠨ ᠵᠠᠢᠯᠠᠨ᠎ᠠ᠃ ᠮᠢᠳᠤᠭ ᠤ᠋ᠨ ᠳ᠋ᠤ᠌ ᠲᠠᠭᠠᠷᠠᠯᠳᠤᠵᠤ ᠲᠠᠪᠤᠨ ᠰᠠᠯᠠᠭ᠎ᠠ ᠪᠣᠣᠪᠣ ᠬᠦᠷᠲᠡᠭᠰᠡᠨ ᠡᠴᠡ ᠬᠣᠢᠰᠢ ᠰᠡᠭᠦᠯ ᠢ᠋ᠶ᠋ᠡᠨ ᠬᠠᠪᠴᠢᠳᠠᠭ ᠪᠣᠯᠤᠭᠰᠠᠨ᠃ ᠬᠠᠷᠢᠨ ᠪᠤᠶᠠᠨᠲᠤ ᠪᠠᠢᠪᠠᠯ ᠴᠣᠷ ᠴᠣᠷ ᠭᠡᠳ ᠪᠠᠢᠵᠤ ᠮᠠᠭᠠᠳ ᠦᠭᠡᠢ ᠡᠯᠵᠢᠭᠡ ᠰᠢᠦ᠃ ᠰᠢᠭᠤᠳ ᠯᠠ ᠪᠠᠷᠢᠵᠤ ᠠᠪᠤᠭᠠᠳ ᠳᠡᠯᠡᠰᠴᠦ ᠣᠷᠬᠢᠨ᠎ᠠ ᠰᠢᠦ᠃ᠦᠭᠡᠢ ᠴᠢ ᠠᠶᠤᠭᠠᠳ ᠪᠠᠢᠨ᠎ᠠ ᠤᠤ ᠳᠠ? ᠭᠡᠵᠦ ᠵᠠᠮᠪᠠᠯ ᠠᠰᠠᠭᠤᠪᠠ᠃
᠊᠊᠊᠊᠊᠊᠊᠊᠊᠊᠊᠊᠊᠊᠊ ᠠᠶᠤᠬᠤ ᠴᠤ᠌ ᠶᠠᠭᠤ ᠪᠠᠢᠬᠤᠪ ᠳᠠ ᠁
᠊᠊᠊᠊᠊᠊᠊᠊᠊᠊᠊᠊᠊᠊᠊ ᠲᠠ ᠲᠦᠷᠦᠭᠦᠯᠡᠭᠡᠳ ᠣᠷᠣ ᠭᠡᠳ ᠬᠠᠭᠠᠯᠭ᠎ᠠ ᠨᠡᠭᠡᠭᠡᠬᠦ ᠳ᠋ᠦ᠍ ᠴᠡᠮᠪᠡ ᠢᠨᠢᠶᠡᠮᠰᠦᠭᠯᠡᠬᠦ ᠮᠡᠲᠦ ᠪᠣᠯᠵᠤ᠂ ᠰᠢᠯᠢ ᠪᠡᠨ ᠮᠠᠭᠠᠵᠢᠭᠰᠠᠨ ᠢ᠋ᠶ᠋ᠠᠨ ᠤᠷᠲᠤ ᠰᠠᠨᠠᠭ᠎ᠠ ᠠᠯᠳᠠᠭᠠᠳ ᠳᠣᠲᠣᠭᠰᠢ ᠪᠠᠨ ᠣᠷᠣᠯ᠎ᠠ᠃
ᠬᠠᠰᠢᠶᠠᠨ ᠤ᠋ ᠪᠠᠷᠠᠭᠤᠨ ᠲᠠᠯ᠎ᠠ ᠳ᠋ᠤ᠌ ᠰᠢᠪᠬᠠᠷᠠᠭᠰᠠᠨ ᠵᠡᠭᠡᠷᠳᠡ ᠮᠣᠷᠢ ᠤᠶᠠᠭ᠎ᠠ ᠲᠠᠢ ᠪᠠᠢᠪᠠ᠃ ᠲᠣᠯᠣᠭᠠᠢ ᠪᠠᠷ ᠢ᠋ᠶ᠋ᠠᠨ ᠲᠣᠭᠯᠠᠵᠤ ᠪᠠᠢᠭ᠎ᠠ ᠲᠡᠷᠡ ᠮᠣᠷᠢᠨ ᠤ᠋ ᠡᠮᠡᠭᠡᠯ ᠰᠢᠭᠤᠯᠲᠠ ᠲᠠᠢ ᠪᠠᠢᠭ᠎ᠠ ᠶ᠋ᠢ ᠬᠠᠷᠠᠬᠤ ᠳ᠋ᠤ᠌ ᠡᠵᠡᠨ ᠨᠢ ᠪᠣᠷᠣᠭᠠᠨ ᠡᠴᠡ ᠡᠮᠦᠨ᠎ᠡ ᠪᠤᠶᠤ ᠪᠣᠷᠣᠭᠠᠨ ᠤ᠋ ᠦᠶ᠎ᠡ ᠪᠡᠷ ᠢᠷᠡᠵᠡᠢ᠃
᠊᠊᠊᠊᠊᠊᠊᠊᠊᠊᠊᠊᠊᠊᠊ ᠮᠣᠷᠢ ᠪᠠᠢᠨ᠎ᠠ ᠭᠡᠵᠦ ᠴᠡᠮᠪᠡ ᠰᠢᠪᠡᠨᠡᠪᠡ᠃
ᠵᠠᠮᠪᠠᠯ ᠶᠠᠪᠤᠳᠠᠯ ᠳᠤᠮᠳᠠ ᠪᠠᠨ ᠮᠣᠷᠢ ᠶ᠋ᠢ ᠠᠵᠢᠭᠯᠠᠨ ᠬᠠᠷᠠᠭᠰᠠᠨ ᠢ᠋ᠶ᠋ᠠᠨ 《ᠬᠠᠮᠢᠶ᠎ᠠ ᠦᠭᠡᠢ》 ᠭᠡᠳ ᠬᠢᠲᠠᠳ ᠮᠠᠶᠢᠭ ᠤ᠋ᠨ ᠪᠠᠩᠵᠠᠨ ᠪᠠᠢᠰᠢᠩ ᠤᠷᠤᠭᠤ ᠶᠠᠪᠤᠵᠤ ᠣᠷᠣᠬᠤ ᠳ᠋ᠤ᠌ ᠢᠨᠢᠶᠡᠵᠦ ᠪᠠᠢᠭᠰᠠᠨ ᠬᠥᠮᠦᠰ ᠨᠠᠮ ᠭᠦᠮ ᠪᠣᠯᠪᠠ᠃
ᠡᠵᠡᠳ ᠡᠴᠡ ᠭᠠᠳᠠᠨ᠎ᠠ ᠦᠯᠦ ᠲᠠᠨᠢᠬᠤ ᠨᠢᠭᠡ ᠬᠥᠮᠦᠨ ᠪᠠᠢᠯ᠎ᠠ᠃ ᠵᠠᠬ᠎ᠠ ᠨᠢ ᠵᠠᠳᠠᠭᠠᠢ᠂ ᠬᠦᠷᠡᠩ ᠲᠣᠷᠭᠠᠨ ᠳᠡᠪᠡᠯ ᠲᠡᠢ᠂ ᠲᠦᠷᠡᠢ ᠳ᠋ᠦ᠍ᠨᠢ ᠳᠥᠷᠦᠭᠡᠨ ᠦ᠌ ᠰᠤᠷ ᠤ᠋ᠨ ᠬᠡᠪ ᠭᠠᠷᠤᠭᠰᠠᠨ ᠯᠤᠤᠴᠢᠠᠳᠠᠢ᠂ ᠪᠣᠷᠣ ᠴᠢᠷᠠᠢ ᠲᠠᠢ᠂ ᠲᠣᠭᠲᠠᠵᠤ ᠶᠠᠳᠠᠭᠰᠠᠨ ᠬᠤᠷᠴᠠ ᠨᠢᠳᠦ ᠪᠦᠬᠦᠢ ᠴᠣᠭ ᠲᠠᠢ ᠡᠷ᠎ᠡ ᠬᠠᠨᠵᠤᠨ ᠳᠡᠭᠡᠷ᠎ᠡ ᠵᠡᠭᠦᠨ ᠡᠪᠦᠳᠦᠭ ᠢ᠋ᠶ᠋ᠡᠨ ᠨᠤᠭᠤᠯᠤᠨ ᠰᠠᠭᠤᠭᠠᠳ ᠡᠮᠦᠨ᠎ᠡ ᠪᠡᠨ ᠲᠠᠯᠪᠢᠭᠰᠠᠨ ᠲᠠᠷᠭᠤᠨ ᠮᠢᠬ᠎ᠠ ᠡᠴᠡ ᠲᠣᠮᠣ ᠲᠣᠮᠣ ᠣᠭᠲᠣᠯᠤᠨ ᠢᠳᠡᠵᠦ ᠪᠠᠢᠪᠠ᠃
ᠬᠣᠶᠠᠷ ᠬᠡᠦᠬᠡᠨ ᠦ᠌ ᠨᠢᠭᠡ ᠨᠢ ᠣᠷᠣᠨ ᠳᠡᠭᠡᠷ᠎ᠡ ᠰᠠᠨᠳᠠᠢᠯᠠᠨ᠂ ᠨᠥᠭᠦᠭᠡ ᠨᠢ ᠦᠯᠦ ᠲᠠᠨᠢᠭᠴᠢ ᠬᠥᠮᠦᠨ ᠦ᠌ ᠬᠠᠵᠠᠭᠤ ᠳ᠋ᠤ᠌ ᠰᠠᠭᠤᠵᠠᠢ᠃ ᠰᠠᠶᠢᠬᠠᠨ ᠢᠨᠢᠶᠡᠵᠦ ᠪᠡᠶᠡᠰᠴᠦ ᠪᠠᠢᠭᠰᠠᠨ ᠲᠡᠮᠳᠡᠭ ᠨᠢᠭᠤᠷ ᠡᠴᠡ ᠨᠢ ᠰᠠᠯᠤᠭ᠎ᠠ ᠦᠭᠡᠢ ᠤᠴᠢᠷ ᠤᠷᠤᠭᠤᠯ ᠨᠢ ᠵᠤᠤᠮᠠᠯᠵᠠᠨ ᠪᠠᠢᠪᠠ᠃
᠊᠊᠊᠊᠊᠊᠊᠊᠊᠊᠊᠊᠊᠊᠊ ᠪᠦᠭᠦᠳᠡ ᠮᠡᠨᠳᠦ ᠠᠮᠤᠭᠤᠯᠠᠩ ᠤᠤ? ᠭᠡᠵᠦ ᠵᠠᠮᠪᠠᠯ ᠮᠡᠨᠳᠦᠯᠡᠪᠡ᠃ ᠵᠠᠮᠪᠠᠯ ᠢ᠋ ᠬᠠᠷᠠᠭᠰᠠᠨ ᠬᠣᠶᠠᠷ ᠬᠡᠦᠬᠡᠨ ᠦ᠌ ᠴᠢᠷᠠᠢ ᠬᠤᠪᠢᠷᠠᠵᠤ ᠲᠥᠪ ᠪᠣᠯᠤᠭᠠᠳ ᠪᠡᠶ᠎ᠡ ᠪᠡᠶ᠎ᠡ ᠪᠡᠨ ᠬᠠᠷᠠᠯᠴᠠᠪᠠ᠃
᠊᠊᠊᠊᠊᠊᠊᠊᠊᠊᠊᠊᠊᠊᠊ ᠮᠡᠨᠳᠦ ᠠ᠋᠂ ᠭᠡᠯᠦᠩ ᠭᠤᠸᠠᠢ ᠨᠠᠷ ᠰᠠᠢᠨ ᠤᠤ? ᠭᠡᠵᠦ ᠨᠥᠭᠦᠭᠡ ᠬᠥᠮᠦᠨ ᠮᠢᠬ᠎ᠠ ᠵᠠᠵᠢᠯᠬᠤ ᠵᠠᠭᠤᠷ᠎ᠠ ᠶᠣᠵᠣᠲᠠᠢ ᠬᠡᠯᠡᠭᠡᠳ ᠯᠠᠮᠠ ᠨᠠᠷ ᠤ᠋ᠨ ᠲᠣᠯᠣᠭᠠᠢ ᠡᠴᠡ ᠨᠢ ᠤᠯᠠ ᠶ᠋ᠢ ᠨᠢ ᠬᠦᠷᠲᠡᠯ᠎ᠡ ᠬᠠᠷᠠᠵᠤ ᠠᠮᠵᠢᠪᠠ᠃
ᠪᠠᠷᠠᠭᠤᠨ ᠬᠠᠨᠵᠤᠨ ᠳᠡᠭᠡᠷᠡᠬᠢ ᠴᠠᠩᠮᠠᠨ ᠭᠣᠳᠣᠰ ᠳᠡᠭᠡᠷ᠎ᠡ ᠵᠠᠮᠪᠠᠯ ᠢ᠋ ᠣᠴᠢᠭᠠᠳ ᠰᠠᠭᠤᠬᠤ ᠳ᠋ᠤ᠌ ᠴᠡᠮᠪᠡ ᠳᠣᠣᠷᠠᠲᠤ ᠲᠠᠯ᠎ᠠ ᠳ᠋ᠤᠨᠢ ᠰᠠᠭᠤᠵᠠᠢ᠃
ᠨᠥᠭᠦᠭᠡ ᠬᠥᠮᠦᠨ ᠤᠢᠰᠤᠨ ᠡᠰᠢ ᠲᠡᠢ ᠬᠢᠲᠤᠭ᠎ᠠ ᠪᠠᠨ ᠠᠷᠴᠢᠵᠤ᠂ ᠮᠥᠩᠭᠥᠨ ᠲᠣᠨᠣᠭᠲᠠᠢ ᠬᠤᠢ ᠳ᠋ᠤ᠌ ᠬᠢᠭᠡᠳ᠂ ᠲᠦᠷᠡᠢ ᠡᠴᠡ ᠪᠡᠨ ᠪᠦᠳᠦᠭᠦᠨ ᠴᠠᠭᠠᠨ ᠰᠣᠷᠣᠭᠤᠯ ᠲᠠᠢ ᠭᠠᠩᠰᠠ᠂ ᠪᠥᠰᠡᠨ ᠡᠴᠡ ᠪᠡᠨ ᠮᠥᠩᠭᠥᠨ ᠰᠣᠶᠣᠭ᠎ᠠ ᠴᠣᠬᠢᠯᠠᠭᠤᠷ ᠲᠠᠢ ᠰᠠᠪᠠ ᠠᠪᠴᠤ ᠲᠠᠮᠠᠬᠢ ᠲᠠᠲᠠᠯ᠎ᠠ᠃
ᠡᠨᠡ ᠪᠦᠬᠦᠨ ᠢ᠋ ᠨᠢ ᠬᠠᠷᠠᠭᠠᠳ 《ᠣᠪᠣᠭ᠎ᠠ ᠯᠠ ᠪᠡᠯᠡ ᠲᠡᠢ ᠬᠥᠮᠦᠨ ᠪᠣᠯᠤᠯᠲᠠᠢ》 ᠭᠡᠵᠦ ᠵᠠᠮᠪᠠᠯ ᠳᠣᠲᠣᠷ᠎ᠠ ᠪᠠᠨ ᠪᠣᠳᠣᠪᠠ᠃ ᠲᠠᠰᠤᠯᠭᠠᠨ ᠳ᠋ᠤ᠌ ᠬᠡᠰᠡᠭ ᠵᠠᠭᠤᠷ᠎ᠠ ᠣᠭᠲᠣ ᠴᠢᠮᠡᠭᠡ ᠠᠨᠢᠷ ᠦᠭᠡᠢ ᠪᠠᠢᠪᠠ᠃ ᠦᠯᠦ ᠲᠠᠨᠢᠭᠴᠢ ᠶ᠋ᠢ ᠲᠦᠭᠵᠢᠯ ᠭᠡᠳᠡᠭ᠃ ᠳᠠᠯᠠᠢ᠌ᠴᠣᠢ᠌ᠩᠬᠤᠷ ᠸᠠᠩ ᠤ᠋ᠨ ᠬᠤᠰᠢᠭᠤᠨ ᠤ᠋ ᠬᠥᠮᠦᠨ᠃ ᠬᠢᠳᠡᠭ ᠠᠵᠢᠯ ᠭᠡᠪᠡᠯ ᠬᠤᠯᠠᠭᠠᠢᠴᠢ᠂ ᠭᠡᠬᠦ ᠳ᠋ᠡᠭᠡᠨ ᠲᠡᠮᠦᠷ ᠰᠢᠭ ᠠᠢᠮᠠᠭ ᠳᠠᠪᠠᠵᠤ ᠰᠦᠷᠦᠭ ᠢ᠋ᠶ᠋ᠡᠷ ᠠᠳᠤᠭᠤ ᠬᠥᠭᠡᠭᠡᠳᠡᠭ ᠦᠭᠡᠢ᠃ ᠬᠠᠪᠢ ᠣᠢᠷ᠎ᠠ ᠡᠴᠡ ᠪᠡᠨ ᠬᠣᠨᠢ ᠬᠤᠷᠠᠭ᠎ᠠ᠂ ᠪᠢᠷᠠᠭᠤ ᠰᠢᠳᠦᠯᠡᠩ ᠡᠴᠡ ᠡᠬᠢᠯᠡᠭᠡᠳ ᠬᠠᠪᠢᠳᠠᠭᠰᠠᠨ ᠪᠦᠬᠦᠨ ᠢ᠋ ᠠᠪᠴᠤ ᠬᠠᠮᠠᠷ ᠳᠠᠪᠠᠭᠤᠯᠤᠨ ᠪᠣᠷᠣᠯᠠᠭᠤᠯᠵᠤ ᠶᠠᠪᠤᠳᠠᠭ ᠠᠵᠢ᠃ ᠵᠢᠵᠢᠭ ᠬᠤᠯᠠᠭᠠᠢ ᠶ᠋ᠢᠨ ᠬᠡᠷᠡᠭ ᠲᠦ᠍ ᠬᠡᠳᠦᠨ ᠤᠳᠠᠭ᠎ᠠ ᠪᠠᠷᠢᠭᠳᠠᠭᠰᠠᠨ ᠪᠣᠯᠪᠠᠴᠤ ᠬᠡᠭᠡᠯᠢ ᠬᠠᠬᠤᠤᠯᠢ ᠶ᠋ᠢᠨ ᠬᠦᠴᠦ ᠪᠡᠷ ᠰᠤᠯᠠᠯᠠᠭᠳᠠᠵᠠᠢ᠃ ᠡᠨᠡ ᠤᠳᠠᠭ᠎ᠠ ᠪᠠᠰᠠ ᠣᠯᠵᠠ ᠬᠠᠢᠵᠤ ᠯᠠᠮᠠ ᠶ᠋ᠢᠨ ᠭᠡᠭᠡᠨ ᠦ᠌ ᠱᠠᠪᠢ ᠪᠤᠶᠤ ᠣᠢᠷ᠎ᠠ ᠵᠡᠷᠭᠡᠯᠡᠳᠡᠭᠡ ᠬᠣᠰᠢᠭᠤ ᠡᠴᠡ ᠠᠮᠪᠠᠨ ᠱᠠᠷ ᠬᠡᠳᠦ ᠶ᠋ᠢ ᠠᠪᠴᠤ ᠲᠠᠷᠢᠶᠠᠲᠤ ᠶ᠋ᠢᠨ ᠣᠷᠣᠰ ᠤ᠋ᠳ ᠲᠤ᠌ ᠬᠤᠳᠠᠯᠳᠤᠬᠤ ᠪᠣᠳᠣᠯ ᠲᠠᠢ ᠶᠠᠪᠤᠭ᠎ᠠ ᠠᠵᠢ᠃
ᠬᠡᠷᠡᠭᠦᠯ ᠵᠣᠳᠣᠭᠠᠨ ᠪᠣᠯᠬᠤ ᠳ᠋ᠤ᠌ ᠡᠨᠡ ᠬᠣᠶᠠᠷ ᠠᠰᠠᠮᠠᠨ ᠯᠠᠮᠠ ᠶ᠋ᠢ ᠳᠡᠢᠯᠦᠨ᠎ᠡ ᠭᠡᠵᠦ ᠪᠠᠲᠤ ᠢᠲᠡᠭᠡᠭᠰᠡᠨ ᠲᠦᠭᠵᠢᠯ᠂ ᠪᠠᠭᠤᠯᠭᠠᠭᠰᠠᠨ ᠨᠢᠳᠤᠷᠭ᠎ᠠ ᠪᠠᠷ ᠢ᠋ᠶ᠋ᠠᠨ ᠰᠣᠷᠣᠭᠤᠯ ᠢ᠋ᠶ᠋ᠠᠨ ᠠᠷᠴᠢᠬᠤ ᠵᠠᠭᠤᠷ᠎ᠠ 《ᠭᠡᠯᠦᠬᠠᠢ(гэлхай)ᠨᠠᠷ ᠰᠠᠩ ᠲᠠᠯᠪᠢᠵᠤ ᠥᠭᠬᠦ ᠭᠡᠵᠦ ᠮᠣᠷᠢᠯᠠᠨ ᠢᠷᠡᠪᠡ ᠤᠤ? 》 ᠭᠡᠳ ᠬᠠᠵᠠᠭᠤ ᠳ᠋ᠠᠭᠠᠨ ᠰᠠᠭᠤᠵᠤ ᠪᠠᠢᠭ᠎ᠠ ᠴᠢᠮᠡᠭ ᠤᠷᠤᠭᠤ ᠨᠢᠳᠦ ᠢᠷᠮᠡᠭᠰᠡᠨ ᠢ᠋ᠶ᠋ᠡᠨ ᠡᠪᠦᠷ ᠡᠴᠡ ᠪᠡᠨ ᠪᠦᠳᠦᠭᠦᠨ ᠲᠦᠷᠡᠢᠪᠴᠢ ᠭᠠᠷᠭᠠᠵᠤ ᠨᠦᠬᠡ ᠲᠡᠢ ᠤᠯᠠᠭᠠᠨ ᠵᠣᠭᠣᠰ ᠬᠣᠶᠠᠷ ᠢ᠋ ᠭᠠᠷᠭᠠᠵᠤ 《ᠪᠠᠷᠢᠴᠠ ᠶ᠋ᠢ ᠨᠢ ᠤᠷᠢᠲᠠᠭᠠᠳ ᠪᠠᠷᠢᠴᠢᠬᠠᠶ᠎ᠠ》 ᠭᠡᠯ᠎ᠡ᠃
ᠳᠣᠷᠣᠮᠵᠢᠯᠠᠵᠤ ᠪᠠᠢᠭ᠎ᠠ ᠶ᠋ᠢ ᠨᠢ ᠮᠡᠳᠡᠭᠰᠡᠨ ᠵᠠᠮᠪᠠᠯ ᠤ᠋ᠨ ᠠᠭᠤᠷ ᠪᠠᠭᠲᠠᠵᠤ ᠶᠠᠳᠠᠬᠤ ᠳ᠋ᠠᠭᠠᠨ ᠨᠢᠳᠦ ᠨᠢ ᠭᠢᠯᠠᠯᠵᠠᠨ᠂ ᠰᠢᠨᠡ ᠶ᠋ᠢᠨ ᠪᠤᠯᠴᠢᠩ ᠨᠢ ᠳᠠᠳᠠᠭᠠᠨᠠᠨ ᠴᠡᠴᠡᠷᠡᠪᠡ᠃ ᠵᠠᠮᠪᠠᠯ ᠵᠣᠳᠣᠭᠠᠨ ᠳ᠋ᠤ᠌ ᠶᠠᠭ ᠦᠭᠡᠢ ᠪᠣᠯᠬᠣᠷ ᠣᠯᠠᠨ ᠦᠭᠡ ᠲᠡᠢ ᠰᠠᠭᠰᠠᠭᠤ ᠬᠠᠷ᠎ᠠ ᠬᠦᠦ ᠶ᠋ᠢᠨ ᠨᠠᠮᠠᠯᠳᠠᠭ ᠢ᠋ ᠨᠢ ᠴᠢᠬᠢᠵᠦ ᠠᠭᠠᠭ ᠢ᠋ ᠨᠢ ᠳᠠᠷᠤᠵᠤ ᠥᠭᠶ᠎ᠡ ᠭᠡᠵᠦ ᠰᠢᠢᠳᠪᠡ᠃
ᠴᠡᠮᠪᠡ ᠠᠭᠤᠷᠯᠠᠭᠰᠠᠨ ᠴᠤ᠌ ᠦᠭᠡᠢ᠂ ᠪᠠᠶᠠᠷᠯᠠᠭᠰᠠᠨ ᠴᠤ᠌ ᠦᠭᠡᠢ᠃ ᠠᠮᠢᠰᠬᠤᠭ᠎ᠠ ᠨᠢ ᠳᠠᠪᠬᠤᠴᠠᠨ ᠲᠠᠰᠤᠯᠭᠠᠨ ᠳ᠋ᠤ᠌ ᠪᠠᠢᠭ᠎ᠠ ᠶᠠᠭᠤᠮ᠎ᠠ ᠪᠦᠬᠦᠨ ᠡᠴᠡ ᠬᠠᠷᠠᠭ᠎ᠠ ᠪᠤᠷᠤᠭᠤᠯᠠᠵᠤ᠂ ᠶᠠᠮᠠᠷ ᠨᠢᠭᠡ ᠶᠠᠭᠤᠮ᠎ᠠ ᠪᠣᠯᠪᠠᠯ ᠡᠷᠭᠢᠵᠦ ᠬᠠᠷᠠᠯ ᠦᠭᠡᠢ ᠪᠤᠯᠠᠭᠠᠨ ᠠᠭᠤᠯᠠ ᠶ᠋ᠢ ᠳᠠᠪᠠᠵᠤ ᠵᠢᠭᠤᠲᠠᠬᠤ ᠳ᠋ᠤ᠌ ᠪᠡᠯᠡᠬᠡᠨ ᠪᠠᠢᠵᠠᠢ᠃
ᠬᠡᠷᠪᠡ ᠠᠯᠢ ᠨᠢᠭᠡ ᠨᠢ ᠬᠥᠳᠡᠯᠬᠦ ᠦᠭᠡᠢ ᠪᠣᠯ ᠵᠠᠮᠪᠠᠯ ᠲᠦᠭᠵᠢᠯ ᠬᠣᠶᠠᠷ ᠬᠡᠳᠦᠢ ᠪᠣᠯᠲᠠᠯ᠎ᠠ ᠢᠩᠭᠢᠭᠡᠳ ᠯᠡ ᠬᠡᠷᠦᠭᠰᠡᠨ ᠪᠤᠬ᠎ᠠ ᠰᠢᠭ᠋ ᠭᠢᠯᠠᠯᠵᠠᠨ ᠰᠠᠭᠤᠬᠤ ᠶ᠋ᠢ ᠬᠡᠨ ᠮᠡᠳᠡᠬᠦ ᠪᠣᠢ᠃ ᠭᠡᠲᠡᠯ᠎ᠡ ᠬᠡᠨ ᠤᠷᠢᠲᠠᠭᠰᠠᠨ ᠨᠢ ᠬᠣᠵᠢᠨ᠎ᠠ ᠭᠡᠵᠦ ᠪᠣᠳᠣᠭᠰᠠᠨ ᠡᠨᠡ ᠬᠣᠶᠠᠷ ᠶᠠᠭᠠᠬᠢᠵᠤ ᠲᠡᠰᠬᠦ ᠪᠢᠯᠡ᠃ 《ᠴᠣᠷ ᠴᠣᠷ ᠭᠡᠳ ᠪᠠᠢᠪᠠᠯ ᠬᠢᠩᠭᠠᠨ ᠬᠠᠮᠠᠷ ᠢ᠋ ᠴᠢᠨᠢ ᠴᠢᠨᠠᠭᠰᠢ ᠨᠢ ᠬᠢᠵᠦ ᠣᠷᠬᠢᠨ᠎ᠠ ᠰᠢᠦ》 ᠭᠡᠳ ᠵᠠᠮᠪᠠᠯ ᠥᠨᠳᠡᠯᠵᠡᠨ᠂ ᠪᠣᠰᠬᠤ ᠳ᠋ᠤ᠌ ᠪᠡᠯᠡᠳᠬᠡᠪᠡ᠃
ᠭᠡᠲᠡᠯ᠎ᠡ ᠲᠦᠭᠵᠢᠯ ᠠᠵᠢᠭ ᠦᠭᠡᠢ ᠳᠦᠷᠢ ᠦᠵᠡᠭᠦᠯᠦᠨ 《ᠭᠡᠯᠦᠬᠠᠢ ᠨᠠᠷ ᠮᠢᠨᠦ ᠥᠴᠦᠬᠡᠨ ᠪᠠᠷᠢᠴᠠ ᠶ᠋ᠢ ᠥᠭᠯᠢᠭᠡ ᠶ᠋ᠢᠨ ᠡᠵᠡᠨ ᠦ᠌ ᠦᠨᠡᠨ ᠰᠠᠨᠠᠭ᠎ᠠ᠂ ᠳ᠋ᠧᠪᠠᠵᠠᠨ ᠳ᠋ᠤ᠌ ᠲᠥᠷᠥᠬᠦ ᠭᠡᠰᠡᠨ ᠬᠦᠰᠡᠯ ᠭᠡᠮᠡᠨ ᠪᠣᠯᠭᠣᠭᠠᠨ᠎ᠠ ᠤᠤ》 ᠭᠡᠳ ᠭᠠᠷ ᠢ᠋ᠶ᠋ᠠᠨ ᠰᠤᠩᠭᠠᠬᠤ ᠳ᠋ᠤ᠌ ᠴᠡᠮᠪᠡ ᠥᠪᠡᠷ ᠢ᠋ᠶ᠋ᠡᠨ ᠮᠠᠲᠠᠯ ᠦᠭᠡᠢ ᠭᠠᠷ ᠢ᠋ᠶ᠋ᠠᠨ ᠲᠤᠰᠪᠠ᠃ ᠵᠠᠮᠪᠠᠯ ᠭᠠᠷ ᠢ᠋ ᠨᠢ ᠴᠣᠬᠢᠭᠠᠳ ᠠᠪᠤᠯ᠎ᠠ᠃
᠊᠊᠊᠊᠊᠊᠊᠊᠊᠊᠊᠊᠊᠊᠊ ᠨᠢᠰᠤᠬᠠᠢ ᠬᠠᠷ᠎ᠠ ᠬᠦᠦ ᠴᠢ ᠠᠶᠠᠳᠠ᠃ ᠨᠤᠲᠤᠭ ᠤ᠋ᠨ ᠴᠢᠨᠢ ᠴᠣᠭᠴᠢᠨ ᠳᠤᠭᠠᠩ ᠢ᠋ ᠮᠥᠷᠭᠥᠲᠡᠯ᠎ᠡ ᠠᠯᠠᠭᠠᠳᠠᠵᠤ ᠣᠷᠬᠢᠨ᠎ᠠ ᠰᠢᠦ ᠮᠡᠳᠡᠪᠡ ᠤᠤ ᠭᠡᠬᠦ ᠳ᠋ᠦ᠍ ᠲᠦᠭᠵᠢᠯ ᠬᠣᠭᠣᠯᠠᠢ ᠳ᠋ᠠᠭᠠᠨ ᠭᠦᠳ ᠭᠦᠳ ᠬᠢᠲᠡᠯ᠎ᠡ ᠬᠦᠢᠲᠡᠨ ᠢᠨᠢᠶᠡᠪᠡ᠃
᠊᠊᠊᠊᠊᠊᠊᠊᠊᠊᠊᠊᠊᠊᠊ ᠰᠠᠩ ᠲᠠᠯᠪᠢᠳᠠᠭ ᠭᠡᠯᠦᠬᠠᠢ ᠭᠡᠰᠡᠨ ᠴᠢᠨᠢ ᠬᠡᠢᠰᠲᠡᠯ᠎ᠡ ᠠᠯᠠᠭᠠᠳᠠᠳᠠᠭ ᠭᠠᠢᠬᠠᠯ ᠤ᠋ᠳ ᠪᠠᠢᠬᠤ ᠨᠢ ᠤᠤ ᠭᠡᠳ ᠤᠯᠠᠮ ᠴᠤ᠌ ᠬᠥᠭᠵᠢᠯ ᠲᠡᠢ ᠢᠨᠢᠶᠡᠭᠰᠡᠨ ᠢ᠋ᠶ᠋ᠡᠨ ᠭᠡᠨᠡᠳᠲᠡ ᠴᠢᠷᠠᠢ ᠨᠢ ᠬᠤᠪᠢᠷᠠᠵᠤ 《ᠱᠠᠯᠳᠠᠩ ᠪᠠᠨᠳᠢ ᠨᠠᠷ ᠮᠢᠨᠢ ᠭᠠᠪᠵᠤ ᠶ᠋ᠢᠨ ᠳᠤᠭᠤᠢ ᠶ᠋ᠢᠨ ᠢ᠋ᠶ᠋ᠡᠨ ᠰᠠᠪᠠ ᠲᠠᠢ ᠶᠠᠪᠤᠶ᠎ᠠ ᠭᠡᠵᠦ ᠪᠠᠢᠭ᠎ᠠ ᠪᠣᠯ ᠣᠯᠠᠨ ᠲᠠᠪᠤᠨ ᠦᠭᠡ ᠦᠭᠡᠢ ᠲᠣᠨᠢᠯᠪᠠᠯ ᠳᠡᠭᠡᠷ᠎ᠡ》 ᠭᠡᠵᠦ ᠰᠦᠷᠲᠡᠢ ᠰᠢᠷᠦᠭᠦᠨ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠰᠦᠷᠡᠬᠡᠢ ᠡᠳ᠋ ᠪᠠᠢᠬᠤ ᠨᠢ ᠠ᠋ ᠁ ᠭᠡᠳ ᠵᠠᠮᠪᠠᠯ ᠨᠢᠳᠤᠷᠭ᠎ᠠ ᠪᠠᠨ ᠳᠣᠲᠣᠭᠰᠢ ᠴᠢᠬᠢᠭᠡᠳ ᠪᠣᠰᠪᠠ᠃
ᠬᠡᠷᠡᠭᠦᠯ᠂ ᠵᠣᠳᠣᠭᠠᠨ ᠪᠣᠯᠬᠤ ᠳ᠋ᠤ᠌ ᠵᠠᠮᠪᠠᠯ ᠬᠡᠭᠵᠢᠭᠦᠨ ᠬᠠᠷ᠎ᠠ ᠬᠦᠦ ᠶ᠋ᠢᠨ ᠵᠠᠭᠠᠲᠤᠨᠠᠭᠰᠠᠨ ᠬᠠᠮᠠᠷ ᠤᠷᠤᠭᠤ ᠨᠢᠳᠤᠷᠭ᠎ᠠ ᠪᠠᠨ ᠴᠢᠭᠯᠡᠭᠦᠯᠦᠨ ᠳᠠᠭᠠᠷᠢᠪᠠ᠃ ᠭᠡᠲᠡᠯ᠎ᠡ ᠲᠦᠭᠵᠢᠯ ᠵᠠᠢᠯᠠᠵᠤ ᠭᠠᠩᠰᠠ ᠶ᠋ᠢᠨ ᠢ᠋ᠶ᠋ᠡᠨ ᠲᠣᠯᠣᠭᠠᠢ ᠪᠠᠷ ᠤᠯᠠᠭᠠᠨ ᠰᠤᠭᠤ ᠤᠷᠤᠭᠤ ᠨᠢ ᠬᠦᠴᠦᠲᠡᠢ ᠶᠣᠪᠣᠷᠤᠭᠰᠠᠨ ᠳ᠋ᠤ᠌ ᠯᠠᠮᠠ ᠭᠡᠳᠡᠷᠭᠦ ᠪᠡᠨ ᠠᠯᠳᠠᠯᠠᠨ ᠤᠨᠠᠵᠠᠢ᠃
ᠴᠡᠮᠪᠡ ᠠᠯᠢ ᠬᠡᠳᠦᠢᠨᠡᠢ ᠭᠦᠶᠦᠨ ᠭᠠᠷᠴᠤ ᠬᠠᠰᠢᠶ᠎ᠠ ᠳᠠᠪᠠᠨ ᠣᠮ ᠬᠣᠮ ᠦᠭᠡᠢ ᠠᠯᠠᠭ᠎ᠠ ᠪᠣᠯᠪᠠ᠃ ᠬᠣᠶᠠᠷ ᠬᠡᠦᠬᠡᠨ 《ᠲᠠ ᠮᠢᠨᠢ ᠪᠤᠯᠢᠭᠠᠴᠢ》 ᠭᠡᠬᠦ ᠡᠴᠡ ᠥᠭᠡᠷ᠎ᠡ ᠭᠠᠪᠢᠲᠠᠢ ᠦᠭᠡ ᠬᠡᠯᠡᠵᠦ ᠠᠮᠵᠢᠭ᠎ᠠ ᠦᠭᠡᠢ ᠪᠠᠢᠬᠤ ᠳ᠋ᠤ᠌ ᠲᠦᠭᠵᠢᠯ ᠵᠠᠮᠪᠠᠯ ᠢ᠋ ᠬᠠᠰᠢᠶᠠᠨ ᠤ᠋ ᠬᠠᠭᠠᠯᠭ᠎ᠠ ᠪᠠᠷ ᠭᠠᠷᠭᠠᠬᠤ ᠵᠠᠭᠤᠷ᠎ᠠ 《ᠠᠬ᠎ᠠ ᠶ᠋ᠢᠨ ᠴᠢᠨᠢ ᠶᠣᠪᠣᠷᠤᠯᠲᠠ ᠶ᠋ᠢ ᠬᠠᠯᠬ᠎ᠠ ᠶ᠋ᠢᠨ ᠣᠪᠣᠭ᠎ᠠ ᠡᠷ᠎ᠡ ᠲᠡᠰᠴᠦ ᠪᠠᠢᠭ᠎ᠠ ᠦᠭᠡᠢ ᠶᠦᠮ》 ᠭᠡᠳ ᠬᠠᠭᠠᠯᠭ᠎ᠠ ᠬᠠᠭᠠᠵᠤ ᠶᠠᠭᠰᠢᠲᠠᠯ᠎ᠠ ᠲᠦᠭᠵᠢᠪᠡ᠃
ᠶᠠᠭᠤ ᠪᠣᠯᠵᠤ ᠥᠩᠭᠡᠷᠡᠭᠰᠡᠨ ᠢ᠋ ᠬᠣᠶᠠᠷ ᠬᠡᠦᠬᠡᠨ ᠣᠢᠯᠠᠭᠠᠵᠤ ᠶᠠᠳᠠᠨ ᠪᠠᠢᠬᠤ ᠳ᠋ᠤ᠌ ᠲᠦᠭᠵᠢᠯ ᠪᠠᠷᠳᠠᠮ ᠢᠨᠢᠶᠡᠭᠰᠡᠭᠡᠷ ᠣᠷᠣᠵᠤ ᠢᠷᠡᠯ᠎ᠡ᠃
ᠲᠦᠭᠵᠢᠯ ᠦ᠋ᠨ ᠶᠣᠪᠣᠷᠤᠯᠲᠠ ᠬᠡᠴᠡᠭᠦᠦ᠃ ᠵᠢᠵᠢᠭ ᠲᠠᠰᠢᠭᠤᠷ ᠪᠤᠶᠤ ᠭᠠᠩᠰᠠ ᠶ᠋ᠢᠨ ᠲᠣᠯᠣᠭᠠᠢ ᠪᠠᠷ ᠬᠥᠮᠦᠨ ᠦ᠌ ᠤᠯᠠᠭᠠᠨ ᠰᠤᠭᠤ ᠤᠷᠤᠭᠤ ᠶᠣᠪᠣᠷᠴᠤ ᠤᠨᠠᠭᠠᠳᠠᠭ ᠰᠤᠷᠭᠠᠭᠤᠯᠢ ᠶ᠋ᠢ ᠣᠯᠠᠨ ᠵᠢᠯ ᠦ᠋ᠨ ᠡᠮᠦᠨ᠎ᠡ ᠵᠠᠯᠠᠭᠤ ᠮᠣᠷᠢ ᠪᠠᠨ ᠥᠭᠴᠦ ᠪᠠᠢᠮᠠᠨᠵᠢᠨ ᠰᠤᠷᠴᠤ ᠪᠢᠯᠡ᠃ ᠲᠠᠷᠢᠶᠠᠲᠤ ᠶ᠋ᠢᠨ ᠬᠦᠷᠢᠶᠡᠨ ᠦ᠌ ᠳᠥᠷᠪᠡᠨ ᠯᠠᠮᠠ ᠳ᠋ᠤ᠌ ᠪᠣᠭᠣᠷᠯᠠᠭᠤᠯᠤᠭᠠᠳ ᠪᠠᠢᠬᠤ ᠳ᠋ᠠᠭᠠᠨ ᠭᠤᠷᠪᠠ ᠶ᠋ᠢ ᠨᠢ ᠨᠢᠭᠡ ᠨᠢᠭᠡ ᠶᠣᠪᠣᠷᠤᠯᠲᠠ ᠪᠠᠷ ᠤᠨᠠᠭᠠᠵᠤ ᠪᠠᠢᠭᠰᠠᠨ ᠤᠳᠠᠭ᠎ᠠ ᠪᠣᠢ᠃
ᠶᠡᠷᠦᠨᠢ ᠯᠡ ᠲᠠᠰᠢᠭᠤᠷ ᠪᠤᠶᠤ ᠭᠠᠩᠰᠠ ᠲᠠᠢ ᠴᠠᠭ ᠲᠤ᠌ ᠬᠡᠨ ᠴᠦ᠍ ᠢᠷᠡᠭᠰᠡᠨ ᠳᠠᠷᠤᠯᠠᠭᠤᠯᠬᠤ ᠦᠭᠡᠢ ᠭᠡᠵᠦ ᠪᠠᠷᠳᠠᠮ ᠪᠥᠭᠡᠳ ᠢᠲᠡᠭᠡᠯ ᠲᠡᠢ ᠪᠣᠳᠣᠵᠤ ᠶᠠᠪᠤᠳᠠᠭ ᠪᠠᠢᠵᠠᠢ᠃
ᠴᠢᠮᠡᠭ ᠬᠡᠦᠬᠡᠨ ᠲᠡᠢ ᠬᠦᠰᠡᠯ ᠬᠠᠩᠭᠠᠨ ᠨᠠᠷᠭᠢᠵᠤ ᠬᠣᠨᠣᠭᠰᠠᠨ ᠲᠦᠭᠵᠢᠯ ᠥᠷᠯᠥᠭᠡ ᠡᠷᠲᠡ ᠤᠷᠲᠤ ᠲᠠᠮᠢᠷ ᠤ᠋ᠨ ᠭᠣᠣᠯ ᠢ᠋ ᠥᠭᠰᠥᠨ ᠬᠠᠲᠠᠷᠢᠭᠤᠯᠵᠤ ᠶᠠᠪᠤᠯ᠎ᠠ᠃