ᠲᠤᠩᠭᠠᠯᠠᠭ ᠲᠠᠮᠢᠷ3-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-16

1230

《ᠪᠣᠭᠳᠠ ᠶ᠋ᠢᠨ ᠠᠪᠤᠷᠠᠯ ᠢ᠋ᠶ᠋ᠠᠷ ᠠᠷᠠᠳ ᠤ᠋ᠨ ᠵᠠᠰᠠᠭ ᠲᠣᠭᠲᠠᠵᠤ ᠠᠮᠢᠲᠠᠨ ᠤ᠋ ᠵᠢᠷᠭᠠᠬᠤ ᠴᠠᠭ ᠢᠷᠡᠭᠰᠡᠨ》 - ᠭᠤᠷᠪᠠᠳᠤᠭᠠᠷ ᠪᠦᠯᠦᠭ ᠭᠤᠷᠪᠠ

  ᠣᠶᠤᠲᠠᠨ ᠤ᠋ ᠰᠤᠷᠭᠠᠭᠤᠯᠢ ᠭᠡᠵᠦ ᠡᠭᠦᠳᠡᠨ ᠳᠡᠭᠡᠷ᠎ᠡ ᠪᠡᠨ ᠪᠢᠴᠢᠭᠰᠡᠨ ᠬᠠᠩᠬᠠᠢ ᠬᠠᠰᠢᠶᠠᠨ ᠤ᠋ ᠳᠣᠲᠣᠷ᠎ᠠ ᠪᠠᠷᠢᠭᠰᠠᠨ ᠬᠡᠳᠦᠨ ᠲᠣᠮᠣ ᠭᠡᠷ ᠪᠠᠢᠯ᠎ᠠ᠃ ᠫᠧᠲ᠋ᠷ ᠲᠡᠷᠢᠭᠦᠯᠡᠨ ᠬᠣᠶᠠᠷ ᠵᠠᠯᠠᠭᠤ ᠳᠠᠭᠠᠵᠤ ᠬᠠᠰᠢᠶᠠᠨ ᠳ᠋ᠤ᠌ ᠣᠷᠣᠭᠠᠳ ᠭᠡᠷ ᠦ᠋ᠳ ᠦ᠋ᠨ ᠡᠮᠦᠨᠡᠬᠢ ᠲᠠᠯᠠᠪᠠᠢ ᠳᠡᠭᠡᠷ᠎ᠡ ᠭᠠᠢᠬᠠᠨ ᠵᠣᠭᠰᠣᠵᠤ ᠪᠠᠢᠲᠠᠯ᠎ᠠ ᠨᠢᠭᠡ ᠭᠡᠷ ᠡᠴᠡ ᠬᠥᠮᠦᠨ ᠦ᠌ ᠲᠣᠯᠣᠭᠠᠢ ᠴᠤᠭᠣᠢ᠌ᠭᠰᠠᠨ ᠢ᠋ᠶ᠋ᠠᠨ 《ᠭᠤᠷᠪᠠᠨ ᠨᠣᠮᠣᠬᠠᠨ ᠪᠣᠷᠣ》 ᠭᠡᠵᠦ ᠬᠡᠯᠡᠲᠡᠯ᠎ᠡ ᠭᠡᠷ ᠦ᠋ᠳ ᠡᠴᠡ ᠬᠣᠷᠢ ᠭᠠᠷᠤᠢ ᠢᠳᠡᠷᠴᠦᠳ ᠱᠤᠤᠭᠢᠯᠳᠤᠨ ᠭᠠᠷᠴᠤ ᠢᠷᠡᠯ᠎ᠡ᠃
  ᠢᠳᠡᠷᠴᠦᠳ ᠮᠠᠨᠢ ᠭᠤᠷᠪᠠ ᠶ᠋ᠢ ᠲᠣᠭᠣᠷᠢᠨ ᠰᠣᠨᠢᠷᠬᠠᠵᠤ ᠰᠢᠳᠦ ᠶ᠋ᠢ ᠨᠢ ᠲᠠᠲᠠᠵᠤ ᠦᠵᠡᠬᠦ ᠨᠢ ᠯᠡ ᠬᠣᠯᠠ ᠦᠭᠡᠢ ᠪᠠᠢᠯ᠎ᠠ᠃
  ᠊᠊᠊᠊᠊᠊᠊᠊᠊᠊᠊᠊᠊᠊᠊ ᠰᠠᠢᠨ ᠪᠠᠢᠨ᠎ᠠ ᠤᠤ᠂ ᠵᠠᠯᠠᠭᠤᠴᠤᠳ ᠠ᠋! ᠭᠡᠵᠦ ᠫᠧᠲ᠋ᠷ ᠬᠥᠭᠵᠢᠯᠲᠡᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠶᠠᠮᠠᠷ ᠳᠣᠬᠢ ᠨᠣᠮᠣᠬᠠᠨ ᠪᠣᠷᠣ ᠪᠣᠢ? ᠵᠠᠯᠠᠭᠤᠴᠤᠳ ᠠ᠋ ᠭᠡᠨ᠎ᠡ ᠰᠢᠦ ᠭᠡᠵᠦ ᠳᠠᠪ ᠭᠡᠵᠢᠭᠡ ᠲᠡᠢ᠂ ᠰᠠᠷᠠᠮᠠᠢ ᠨᠡᠬᠡᠢ ᠳᠡᠪᠡᠯ ᠡᠮᠦᠰᠴᠦ᠂ ᠪᠥᠰᠡᠨ ᠳ᠋ᠡᠭᠡᠨ ᠲᠡᠮᠦᠷ ᠬᠡᠲᠡ ᠪᠠᠯ ᠲᠠᠢ ᠪᠣᠭᠣᠨᠢ ᠬᠢᠲᠤᠭ᠎ᠠ ᠵᠡᠭᠦᠭᠰᠡᠨ ᠵᠠᠯᠠᠭᠤ ᠢᠨᠢᠶᠡᠨ ᠬᠡᠯᠡᠬᠦ ᠳ᠋ᠦ᠍ ᠪᠤᠰᠤᠳ ᠨᠢ ᠬᠥᠭᠵᠢᠯ ᠲᠡᠢ ᠱᠤᠤᠭᠢᠯᠳᠤᠪᠠ᠃
  ᠊᠊᠊᠊᠊᠊᠊᠊᠊᠊᠊᠊᠊᠊᠊ ᠵᠠᠯᠠᠭᠤᠴᠤᠳ ᠠ᠋ ᠭᠡᠬᠦ ᠦᠭᠡᠢ ᠡᠪᠦᠭᠡᠳ ᠠ᠋ ᠭᠡᠬᠦ ᠬᠡᠷᠡᠭ ᠤᠤ ᠭᠡᠳ ᠫᠧᠲ᠋ᠷ ᠨᠢᠳᠦ ᠪᠡᠨ ᠢᠷᠮᠡᠨ ᠤᠯᠠᠮ ᠴᠤ᠌ ᠬᠥᠭᠵᠢᠯᠲᠡᠢ ᠢᠨᠢᠶᠡᠪᠡ᠃
  ᠊᠊᠊᠊᠊᠊᠊᠊᠊᠊᠊᠊᠊᠊᠊ ᠪᠦᠷ ᠡᠪᠦᠭᠡᠳ ᠠ᠋! ᠭᠡᠨ᠎ᠡ ᠰᠢᠦ ᠭᠡᠳ ᠪᠦᠭᠦᠳᠡ ᠪᠠᠶᠠᠰᠬᠤᠯᠠᠩᠲᠠᠶ᠎ᠠ ᠢᠨᠢᠶᠡᠵᠡᠭᠡᠪᠡ᠃
  ᠊᠊᠊᠊᠊᠊᠊᠊᠊᠊᠊᠊᠊᠊᠊ ᠵᠠ ᠡᠪᠦᠭᠡᠳ ᠠ᠋! ᠭᠡᠬᠦ ᠳ᠋ᠦ᠍ ᠱᠣᠭᠯᠠᠵᠤ ᠪᠠᠢᠭ᠎ᠠ ᠪᠣᠯ ᠴᠢᠪᠠᠭᠠᠠᠴᠢᠳ ᠠ᠋ ᠭᠡᠳ ᠨᠢᠭᠡ ᠠᠵᠠ ᠪᠠᠨ ᠦᠵᠡᠬᠦ ᠤᠤ?
  ᠫᠧᠲ᠋ᠷ ᠦ᠋ᠨ ᠮᠣᠩᠭᠣᠯ ᠬᠡᠯᠡᠨ ᠳ᠋ᠦ᠍ ᠪᠠᠬᠠᠷᠬᠠᠨ ᠪᠠᠶᠠᠷᠯᠠᠭᠰᠠᠨ ᠵᠠᠯᠠᠭᠤᠴᠤᠳ ᠪᠠᠶᠠᠷ ᠬᠥᠷ ᠪᠣᠯᠤᠨ ᠱᠤᠤᠭᠢᠯᠳᠤᠪᠠ᠃ ᠴᠤᠭᠯᠠᠷᠠᠭᠰᠠᠨ ᠬᠥᠮᠦᠰ ᠪᠣᠯ ᠴᠥᠮ ᠠᠷᠪᠠᠨ ᠳᠣᠯᠣᠭ᠎ᠠ ᠨᠢᠮᠡᠨ ᠨᠠᠰᠤᠲᠠᠢ ᠦᠶ᠎ᠡ ᠳᠠᠩ ᠤ᠋ᠨ ᠢᠳᠡᠷᠴᠦᠳ ᠪᠠᠢᠯ᠎ᠠ᠃
  ᠊᠊᠊᠊᠊᠊᠊᠊᠊᠊᠊᠊᠊᠊᠊ ᠲᠠᠨ ᠤ᠋ ᠪᠠᠭᠰᠢ ᠭᠤᠸᠠᠢ ᠬᠠᠮᠢᠭ᠎ᠠ ᠪᠠᠢᠨ᠎ᠠ᠃ ᠡᠨᠡ ᠬᠣᠶᠠᠷ ᠬᠦᠦ ᠲᠠᠨ ᠤ᠋ ᠰᠤᠷᠭᠠᠭᠤᠯᠢ ᠳ᠋ᠤ᠌ ᠱᠠᠪᠢ ᠣᠷᠣᠵᠤ ᠨᠣᠮ ᠦᠵᠡᠬᠦ ᠭᠡᠵᠦ ᠢᠷᠡᠭᠰᠡᠨ᠃
  ᠊᠊᠊᠊᠊᠊᠊᠊᠊᠊᠊᠊᠊᠊᠊ ᠲᠠᠨ ᠤ᠋ ᠬᠦᠦ ᠤᠤ?
  ᠊᠊᠊᠊᠊᠊᠊᠊᠊᠊᠊᠊᠊᠊᠊ ᠠᠳᠠᠯᠢᠬᠠᠨ ᠪᠠᠢᠨ᠎ᠠ ᠤᠤ?
  ᠊᠊᠊᠊᠊᠊᠊᠊᠊᠊᠊᠊᠊᠊᠊ ᠦᠭᠡᠢ᠃ ᠠᠳᠠᠯᠢ ᠦᠭᠡᠢ ᠪᠠᠢᠨ᠎ᠠ ᠭᠡᠵᠦ ᠤᠷᠠᠩᠬᠠᠢ ᠯᠠᠮᠠ ᠲᠡᠷᠯᠢᠭ ᠲᠡᠢ ᠮᠣᠯᠵᠠᠨ ᠲᠣᠯᠣᠭᠠᠢ ᠲᠠᠢ ᠸᠠᠩᠳᠤᠢ ᠪᠤᠰᠤᠳ ᠡᠴᠡ ᠤᠷᠢᠲᠠᠬᠤ ᠭᠡᠰᠡᠨ ᠶᠤᠮ ᠰᠢᠭ ᠲᠦᠷᠭᠡᠨ ᠬᠠᠷᠢᠭᠤᠯᠪᠠ᠃
  ᠊᠊᠊᠊᠊᠊᠊᠊᠊᠊᠊᠊᠊᠊᠊ ᠵᠢᠷᠭᠠᠯ ᠠ᠋ ᠭᠤᠲᠤᠯ ᠢ᠋ᠶ᠋ᠠᠷ ᠢ᠋ᠶ᠋ᠠᠨ ᠮᠥᠷᠥᠢ ᠲᠠᠯᠪᠢᠭᠠᠳ ᠪᠠᠷᠢᠯᠳᠤᠬᠤ ᠤᠤ? ᠭᠡᠵᠦ ᠬᠥᠬᠡ ᠱᠡᠩᠲᠤᠩ ᠳᠡᠪᠡᠯ ᠲᠡᠢ᠂ ᠪᠣᠭᠣᠨᠢᠬᠠᠨ ᠭᠡᠵᠢᠭᠡ ᠲᠡᠢ᠂ ᠬᠥᠯ ᠨᠢᠴᠦᠭᠦᠨ ᠵᠠᠯᠠᠭᠤ ᠬᠡᠯᠡᠭᠡᠳ ᠵᠢᠷᠭᠠᠯ ᠤ᠋ᠨ ᠮᠥᠷᠦᠨ ᠳᠡᠭᠡᠷ᠎ᠡ ᠡᠴᠡ ᠨᠢ ᠲᠠᠲᠠᠯ᠎ᠠ᠃
  ᠵᠢᠷᠭᠠᠯ ᠲᠡᠭᠦᠨ ᠦ᠌ ᠨᠢᠴᠦᠭᠦᠨ ᠪᠥᠭᠡᠳ ᠰᠠᠭᠠᠷᠢᠲᠤᠭᠰᠠᠨ ᠬᠥᠯ ᠤᠷᠤᠭᠤ ᠲᠣᠭᠣᠮᠵᠢᠷ ᠦᠭᠡᠢ ᠭᠢᠯᠤᠢᠨ ᠬᠠᠷᠠᠭᠰᠠᠨ ᠢ᠋ᠶ᠋ᠠᠨ 《ᠴᠢ ᠶᠠᠭᠤ ᠪᠠᠷ ᠢ᠋ᠶ᠋ᠠᠨ ᠮᠥᠷᠥᠢᠴᠡᠬᠦ ᠶᠤᠮ?》 ᠭᠡᠯ᠎ᠡ᠃
  ᠊᠊᠊᠊᠊᠊᠊᠊᠊᠊᠊᠊᠊᠊᠊ ᠠᠪᠤᠨ᠎ᠠ ᠭᠡᠵᠦ ᠢᠲᠡᠭᠡᠭᠡᠳ ᠦᠵᠡᠯᠴᠡᠶ᠎ᠡ ᠭᠡᠵᠦ ᠪᠠᠢᠨ᠎ᠠ᠃
  ᠊᠊᠊᠊᠊᠊᠊᠊᠊᠊᠊᠊᠊᠊᠊ ᠶᠠᠭᠠᠬᠢᠨ᠎ᠠ ᠭᠡᠨ᠎ᠡ᠃ ᠴᠢᠮ᠎ᠠ ᠳ᠋ᠤ᠌ ᠦᠵᠡᠭᠦᠯᠦᠭᠡᠳ ᠥᠭᠭᠦᠶ᠎ᠡ ᠭᠡᠳ ᠵᠢᠷᠭᠠᠯ ᠦᠷᠦᠯ᠎ᠡ᠃ ᠪᠠᠷᠢᠯᠳᠤᠭᠠᠨ ᠡᠬᠢᠯᠡᠪᠡ᠃ ᠵᠢᠷᠭᠠᠯ ᠬᠦᠴᠦ ᠪᠡᠷ ᠢᠯᠡᠭᠦᠦ ᠠᠪᠠᠴᠤ ᠭᠤᠲᠤᠯ ᠤ᠋ᠨ ᠠᠯᠳᠠᠵᠤ ᠣᠷᠬᠢᠬᠤ ᠡᠴᠡ ᠠᠶᠤᠨ ᠬᠢᠨᠠᠮᠵᠢᠲᠠᠢ ᠨᠣᠴᠣᠯᠳᠤᠨ᠎ᠠ᠃
  ᠊᠊᠊᠊᠊᠊᠊᠊᠊᠊᠊᠊᠊᠊᠊ ᠵᠢᠷᠭᠠᠯ ᠠ᠋ ᠢᠷᠡᠭᠰᠡᠨ ᠡᠳᠦᠷ ᠢ᠋ᠶ᠋ᠡᠨ ᠬᠥᠯ ᠨᠢᠴᠦᠭᠦᠷᠡᠵᠦ ᠪᠣᠯᠳᠠᠭ ᠦᠭᠡᠢ ᠶᠤᠮ ᠰᠢᠦ ᠭᠡᠵᠦ ᠫᠧᠲ᠋ᠷ ᠬᠡᠯᠡᠭᠡᠳ ᠭᠤᠶᠠᠨ ᠳᠡᠭᠡᠷ᠎ᠡ ᠨᠢ ᠠᠯᠠᠭᠠᠳᠠᠪᠠ᠃
  ᠊᠊᠊᠊᠊᠊᠊᠊᠊᠊᠊᠊᠊᠊᠊ ᠵᠠ ᠬᠦ ᠪᠥᠬᠡ ᠭᠤᠲᠤᠯ ᠪᠣᠯᠤᠯᠲᠠᠢ᠃ ᠶᠠᠢᠷᠠᠨ ᠬᠠᠶᠠᠭᠠᠳ ᠰᠠᠭᠠᠷᠢᠨ ᠬᠥᠯ ᠳ᠋ᠡᠭᠡᠨ ᠤᠭᠯᠠᠵᠤ ᠣᠷᠬᠢᠳᠠᠭ ᠬᠡᠷᠡᠭ ᠠ᠋ ᠭᠡᠳ ᠰᠠᠷᠠᠮᠠᠢ ᠳᠡᠪᠡᠯᠲᠦ ᠬᠥᠬᠡ ᠳᠡᠪᠡᠯᠲᠦ ᠶ᠋ᠢᠨ ᠪᠥᠭᠰᠡᠨ ᠳᠡᠭᠡᠷ᠎ᠡ ᠬᠠᠷ᠎ᠠ ᠬᠦᠴᠦ ᠪᠡᠷ ᠢ᠋ᠶ᠋ᠡᠨ ᠠᠯᠠᠭᠠᠳᠠᠪᠠ᠃
  ᠬᠦᠴᠦ ᠪᠡᠷ ᠢᠯᠡᠭᠦᠦ ᠪᠡᠨ ᠰᠠᠢᠨ ᠣᠢᠯᠠᠭᠠᠬᠤ ᠶ᠋ᠢᠨ ᠬᠠᠮᠲᠤ ᠬᠠᠵᠠᠬᠤ ᠡᠴᠡ ᠪᠤᠰᠤᠳ ᠮᠡᠬᠡ ᠶ᠋ᠢ ᠴᠢᠳᠠᠮᠠᠭᠠᠢ ᠬᠢᠳᠡᠭ ᠵᠢᠷᠭᠠᠯ ᠪᠤᠰᠬᠠᠮᠠᠭᠴᠠ ᠨᠠᠢᠳᠠᠪᠤᠷᠢ ᠲᠠᠢ ᠤᠨᠠᠭᠠᠬᠤ ᠭᠡᠵᠦ ᠥᠰᠥᠭᠡᠢᠯᠳᠦᠵᠦ ᠣᠷᠬᠢᠪᠠ᠃
  ᠊᠊᠊᠊᠊᠊᠊᠊᠊᠊᠊᠊᠊᠊᠊ ᠵᠠ ᠬᠦ ᠭᠤᠲᠤᠯ ᠥᠭᠭᠦᠨ᠎ᠡ ᠳᠡ᠃
  ᠊᠊᠊᠊᠊᠊᠊᠊᠊᠊᠊᠊᠊᠊᠊ ᠰᠠᠭᠠᠷᠢ ᠲᠠᠢ ᠬᠥᠯ ᠢ᠋ᠶ᠋ᠡᠨ ᠪᠠᠷᠢᠬᠤ ᠦᠭᠡᠢ ᠪᠣᠯ ᠥᠭᠡᠷ᠎ᠡ ᠶᠠᠭᠤᠮ᠎ᠠ ᠠᠯᠠᠭ᠎ᠠ ᠳᠠ ᠭᠡᠳ ᠬᠥᠬᠡ ᠳᠡᠪᠡᠯᠲᠦ ᠠᠵᠢᠭ ᠦᠭᠡᠢ ᠪᠣᠰᠤᠯ᠎ᠠ᠃
  ᠬᠡᠵᠢᠶ᠎ᠡ ᠭᠤᠲᠤᠯ ᠲᠠᠢ ᠪᠠᠢᠭᠰᠠᠨ ᠢ᠋ᠶ᠋ᠠᠨ ᠮᠡᠳᠡᠬᠦ ᠦᠭᠡᠢ ᠡᠨᠡ ᠵᠠᠯᠠᠭᠤ ᠶ᠋ᠢ ᠴᠢᠯᠠᠭᠤᠨᠪᠠᠭᠠᠲᠤᠷ ᠭᠡᠳᠡᠭ ᠪᠥᠭᠡᠳ ᠮᠣᠳᠣᠴᠢᠨ ᠤ᠋ ᠥᠷᠲᠡᠭᠡᠨ ᠡᠴᠡ ᠰᠤᠷᠭᠠᠭᠤᠯᠢ ᠳ᠋ᠤ᠌ ᠣᠷᠣᠬᠤ ᠭᠡᠵᠦ ᠢᠷᠡᠭᠰᠡᠨ ᠡᠴᠡ ᠬᠣᠢᠰᠢ ᠰᠢᠨ᠎ᠡ ᠢᠷᠡᠭᠰᠡᠨ ᠭᠤᠲᠤᠯ ᠲᠠᠢ ᠬᠥᠮᠦᠨ ᠪᠦᠬᠦᠨ ᠳ᠋ᠦ᠍ ᠬᠡᠭᠵᠢᠭᠦᠨ ᠦᠭᠡ ᠬᠡᠯᠡᠵᠦ ᠡᠳᠦᠨ ᠪᠠᠷᠢᠯᠳᠤᠭᠰᠠᠨ ᠪᠣᠯᠪᠠᠴᠤ ᠬᠥᠯ ᠨᠢᠴᠦᠭᠦᠨ ᠬᠡᠪ ᠢ᠋ᠶ᠋ᠡᠷ ᠦᠯᠡᠳᠡᠵᠡᠢ᠃
  ᠊᠊᠊᠊᠊᠊᠊᠊᠊᠊᠊᠊᠊᠊᠊ ᠰᠤᠷᠭᠠᠭᠤᠯᠢ ᠳ᠋ᠤ᠌ ᠢᠷᠡᠭᠰᠡᠨ ᠬᠡᠦᠬᠡᠳ ᠦ᠋ᠳ ᠢ᠋ ᠪᠦᠷᠢᠳᠬᠡᠵᠦ ᠠᠪᠳᠠᠭ ᠬᠥᠮᠦᠨ ᠲᠡᠢ ᠫᠧᠲ᠋ᠷ ᠠᠭᠤᠯᠵᠠᠵᠤ ᠬᠣᠶᠠᠷ ᠵᠠᠯᠠᠭᠤ ᠶ᠋ᠢ ᠵᠠᠬᠢᠵᠤ ᠥᠭᠭᠦᠭᠡᠳ ᠶᠠᠪᠤᠬᠤ ᠳ᠋ᠠᠭᠠᠨ 《ᠪᠢ ᠡᠷᠭᠢᠵᠦ ᠪᠠᠢᠨ᠎ᠠ》 ᠭᠡᠯ᠎ᠡ᠃
  ᠫᠧᠲ᠋ᠷ ᠢ᠋ ᠶᠠᠪᠤᠭᠰᠠᠨ ᠡᠴᠡ ᠬᠣᠢᠰᠢ ᠮᠠᠨᠢ ᠬᠣᠶᠠᠷ ᠤ᠋ᠨ ᠡᠮᠦᠰᠦᠭᠰᠡᠨ ᠨᠣᠮᠣᠬᠠᠨ ᠪᠣᠷᠣ ᠶ᠋ᠢᠨ ᠬᠤᠪᠴᠠᠰᠤ ᠶ᠋ᠢ ᠢᠳᠡᠷᠴᠦᠳ ᠦᠯᠡᠮᠵᠢ ᠰᠣᠨᠢᠷᠬᠠᠨ ᠵᠠᠷᠢᠮ ᠨᠢ ᠳᠣᠬᠢ ᠬᠤᠪᠴᠠᠰᠤ ᠭᠡᠵᠦ ᠬᠤᠳᠠᠯᠳᠤᠬᠤ ᠶ᠋ᠢ ᠭᠤᠶᠤᠵᠤ ᠦᠨ᠎ᠡ ᠥᠭᠭᠦᠨ᠎ᠡ᠃ ᠵᠠᠷᠢᠮ ᠨᠢ ᠣᠷᠣᠰ ᠬᠤᠪᠴᠠᠰᠤ ᠡᠮᠦᠰᠪᠡᠯ ᠰᠦᠨᠡᠰᠦ ᠨᠢ ᠵᠠᠢᠯᠠᠵᠤ ᠪᠤᠷᠤᠭᠤ ᠨᠣᠮ ᠤ᠋ᠨ ᠴᠢᠳᠬᠥᠷ ᠪᠣᠯᠳᠠᠭ ᠶᠤᠮ ᠭᠡᠵᠦ ᠮᠡᠳᠡᠮᠡᠬᠡᠢ ᠶᠠᠷᠢᠨ᠎ᠠ᠃
  ᠮᠠᠨᠢ ᠬᠣᠶᠠᠷ ᠬᠤᠪᠴᠠᠰᠤ ᠪᠠᠷ ᠢ᠋ᠶ᠋ᠠᠨ ᠭᠠᠢᠬᠠᠭᠤᠯᠬᠤ ᠶ᠋ᠢᠨ ᠬᠠᠮᠲᠤ ᠨᠣᠮᠣᠬᠠᠨ ᠪᠣᠷᠣ ᠶ᠋ᠢᠨ ᠲᠤᠬᠠᠢ ᠶᠠᠷᠢᠵᠤ ᠭᠠᠷᠤᠯ᠎ᠠ᠃ ᠢᠯᠠᠩᠭᠤᠶ᠎ᠠ ᠵᠢᠷᠭᠠᠯ ᠵᠢᠯᠣᠭᠣ ᠪᠠᠨ ᠠᠯᠳᠠᠵᠤ ᠠᠮᠠᠨ ᠳ᠋ᠠᠭᠠᠨ ᠣᠷᠣᠭᠰᠠᠨ ᠢ᠋ ᠳᠤᠷ᠎ᠠ ᠮᠡᠳᠡᠨ ᠠᠪᠴᠤ ᠡᠬᠢᠯᠡᠪᠡ᠃ ᠪᠠᠲᠤ ᠳᠠᠷᠤᠬᠤ ᠶ᠋ᠢ ᠣᠷᠣᠯᠳᠣᠪᠠᠴᠤ ᠲᠤᠰᠠ ᠪᠣᠯᠬᠤ ᠦᠭᠡᠢ ᠠᠵᠢ᠃
  ᠵᠢᠷᠭᠠᠯ ᠤ᠋ᠨ ᠶᠠᠷᠢᠶ᠎ᠠ ᠪᠠᠷ ᠪᠣᠯ ᠨᠣᠮᠣᠬᠠᠨ ᠪᠣᠷᠣ ᠶ᠋ᠢᠨ ᠴᠡᠷᠢᠭ ᠤᠰᠤᠨ ᠳ᠋ᠤ᠌ ᠣᠷᠣᠭᠠᠳ ᠵᠢᠭᠠᠰᠤ ᠪᠣᠯᠴᠢᠭᠠᠳᠠᠭ᠂ ᠨᠢᠭᠡ ᠰᠤᠮᠤ ᠪᠠᠷ ᠬᠡᠳᠦᠨ ᠶᠠᠭᠤᠮ᠎ᠠ ᠶ᠋ᠢ ᠴᠦ᠍ ᠵᠡᠷᠭᠡ ᠤᠨᠤᠵᠤ ᠴᠢᠳᠠᠳᠠᠭ ᠠᠵᠢ᠃
  ᠊᠊᠊᠊᠊᠊᠊᠊᠊᠊᠊᠊᠊᠊᠊ ᠤᠰᠤᠨ ᠳ᠋ᠤ᠌ ᠣᠷᠣᠵᠤ ᠵᠢᠭᠠᠰᠤ ᠪᠣᠯᠴᠢᠭᠠᠭᠠᠤᠨ ᠳᠠᠷᠠᠭ᠎ᠠ ᠨᠢ ᠶᠠᠭᠠᠬᠢᠵᠤ ᠬᠥᠮᠦᠨ ᠪᠣᠯᠬᠤ ᠪᠣᠢ? ᠭᠡᠵᠦ ᠮᠤᠯᠵᠠᠨ ᠲᠣᠯᠣᠭᠠᠢᠲᠤ ᠠᠰᠠᠭᠤᠬᠤ ᠳ᠋ᠤ᠌ 《ᠢᠯᠡ ᠭᠠᠷᠤᠭᠰᠠᠨ ᠪᠡᠶ᠎ᠡ ᠨᠢ ᠬᠥᠮᠦᠨ ᠪᠣᠯᠤᠭᠠᠳ ᠪᠠᠢᠳᠠᠭ ᠶᠤᠮ᠃ ᠲᠡᠭᠦᠨ ᠳ᠋ᠡᠭᠡᠨ ᠯᠡ ᠠᠢᠬᠤᠪᠲᠤᠷ ᠪᠠᠢᠬᠤ ᠦᠭᠡᠢ ᠤᠤ》 ᠭᠡᠵᠦ ᠵᠢᠷᠭᠠᠯ ᠠᠵᠢᠭ ᠴᠤ᠌ ᠦᠭᠡᠢ ᠲᠠᠢᠪᠤᠩ ᠬᠠᠷᠢᠭᠤᠯᠪᠠ᠃
  ᠊᠊᠊᠊᠊᠊᠊᠊᠊᠊᠊᠊᠊᠊᠊ ᠳᠡᠩᠳᠡᠵᠦ ᠪᠠᠢᠨ᠎ᠠ ᠰᠢᠦ ᠵᠢᠷᠭᠠᠯ ᠮᠢᠨᠢ ᠭᠡᠵᠦ ᠪᠠᠲᠤ ᠲᠡᠰᠴᠦ ᠶᠠᠳᠠᠭᠠᠳ ᠬᠡᠯᠡᠵᠦ ᠣᠷᠬᠢᠪᠠ᠃
  ᠊᠊᠊᠊᠊᠊᠊᠊᠊᠊᠊᠊᠊᠊᠊ ᠬᠠᠶᠠ ᠭᠣᠣᠯ ᠳ᠋ᠤ᠌ ᠣᠷᠣᠵᠤ ᠮᠣᠷᠢ ᠤᠬᠢᠶᠠᠬᠤ ᠳ᠋ᠤ᠌ ᠴᠢ ᠶᠠᠪᠤᠭ᠎ᠠ ᠦᠭᠡᠢ ᠰᠢᠦ ᠳᠡ ᠭᠡᠵᠦ ᠵᠢᠷᠭᠠᠯ ᠨᠢ ᠤᠴᠠᠭᠠᠷᠯᠠᠩᠭᠤᠢ ᠬᠡᠯᠡᠵᠡᠢ᠃
  ᠊᠊᠊᠊᠊᠊᠊᠊᠊᠊᠊᠊᠊᠊᠊ ᠨᠣᠮᠣᠬᠠᠨ ᠪᠣᠷᠣ ᠶ᠋ᠢᠨ ᠬᠡᠯᠡ ᠶ᠋ᠢ ᠮᠡᠳᠡᠬᠦ ᠤᠤ?
  ᠊᠊᠊᠊᠊᠊᠊᠊᠊᠊᠊᠊᠊᠊᠊ ᠮᠡᠳᠡᠨ᠎ᠡ᠃ ᠥᠷᠯᠥᠭᠡ ᠪᠣᠰᠤᠭᠠᠳ 《ᠳ᠋ᠦᠷᠦᠧ》 ᠭᠡᠨ᠎ᠡ᠃ ᠰᠠᠢᠨ ᠭᠡᠬᠦ ᠳ᠋ᠦ᠍ 《ᠬᠠᠷᠤᠱᠣ᠊》 ᠭᠡᠳ ᠡᠷᠡᠬᠡᠢ ᠬᠤᠷᠤᠭᠤ ᠪᠠᠨ ᠭᠣᠵᠣᠢᠯᠭᠠᠳᠠᠭ᠃ ᠶᠠᠭᠤᠮ᠎ᠠ ᠭᠤᠶᠤᠪᠠᠯ 《ᠮᠤᠵᠨᠣ᠊》 ᠭᠡᠳᠡᠭ᠃ ᠶᠠᠪᠤᠬᠤ ᠳ᠋ᠠᠭᠠᠨ 《ᠠᠷᠱ》᠂ ᠪᠣᠣᠪᠣ ᠶ᠋ᠢ 《ᠭᠯᠸᠪ》᠂ ᠥᠷᠯᠥᠭᠡ ᠪᠣᠰᠬᠤ ᠶ᠋ᠢ 《ᠫᠣᠤᠳᠢᠶᠤᠮ》 ᠭᠡᠳᠡᠭ᠃ ᠵᠠ ᠵᠠ ᠣᠯᠠᠨ ᠦᠭᠡ ᠮᠡᠳᠡᠨ᠎ᠡ᠃ ᠲᠠ ᠨᠠᠷ ᠲᠤ᠌ ᠵᠢᠭᠠᠵᠤ ᠥᠭᠴᠦ ᠪᠣᠯᠤᠨ᠎ᠠ ᠰᠢᠦ ᠭᠡᠵᠦ ᠵᠢᠷᠭᠠᠯ ᠭᠠᠢᠬᠠᠭᠤᠯᠤᠨ ᠶᠠᠷᠢᠭᠠᠳ ᠨᠣᠮᠣᠬᠠᠨ ᠪᠣᠷᠣ ᠶ᠋ᠢᠨ ᠯᠢᠶᠠᠠᠵᠤ ᠪᠠᠷ ᠣᠯᠠᠨ ᠭᠥᠷᠥᠭᠡᠰᠦ ᠫᠤᠤᠳᠠᠵᠤ ᠰᠤᠮᠤ ᠲᠣᠭᠠᠯᠠᠭᠤᠯᠤᠭᠰᠠᠨ ᠲᠤᠬᠠᠢ ᠶᠠᠷᠢᠬᠤ ᠳ᠋ᠤᠨᠢ ᠪᠠᠲᠤ ᠠᠷᠭ᠎ᠠ ᠨᠢ ᠪᠠᠷᠠᠭᠳᠠᠨ ᠭᠠᠷᠤᠯ᠎ᠠ᠃
  ᠵᠢᠷᠭᠠᠯ ᠢ᠋ ᠠᠮᠠ ᠮᠡᠳᠡᠨ ᠶᠠᠷᠢᠵᠤ ᠪᠠᠢᠬᠤ ᠳ᠋ᠤ᠌ ᠰᠠᠷᠠᠮᠠᠢ ᠳᠡᠪᠡᠯᠲᠦ 《ᠠᠯᠢ ᠪᠣᠢ? ᠴᠢᠨᠦ ᠮᠠᠯᠠᠭᠠᠢ ᠶ᠋ᠢ ᠡᠮᠦᠰᠴᠦ ᠦᠵᠡᠶ᠎ᠡ》 ᠭᠡᠳ ᠵᠢᠷᠭᠠᠯ ᠤ᠋ᠨ ᠮᠠᠯᠠᠭᠠᠢ ᠶ᠋ᠢ ᠠᠪᠴᠤ ᠨᠤᠯᠮᠤᠭᠠᠳ ᠡᠮᠦᠰᠪᠡ᠃
  ᠊᠊᠊᠊᠊᠊᠊᠊᠊᠊᠊᠊᠊᠊᠊ ᠬᠥᠮᠦᠨ ᠵᠢᠭᠠᠵᠤ ᠥᠭᠭᠦᠭᠡᠳ ᠪᠠᠢᠬᠤ ᠳ᠋ᠤ᠌ ᠶᠠᠭᠠᠬᠢᠭᠰᠠᠨ ᠨᠥᠬᠥᠷ ᠪᠣᠢ᠃ ᠤᠷᠢᠳᠠ ᠪᠠᠷ 《ᠮᠤᠵᠨᠣ᠊》 ᠭᠡᠳ ᠨᠠᠮᠠᠶ᠋ᠢ 《ᠳᠠ᠂ ᠳᠠ》 ᠭᠡᠬᠦ ᠪᠡᠷ 《ᠰᠫᠠᠰᠢᠪᠣ》 ᠭᠡᠳ ᠠᠪᠳᠠᠭ ᠶᠤᠮ ᠭᠡᠵᠦ ᠬᠡᠯᠡᠭᠡᠳ ᠮᠠᠯᠠᠭᠠᠢ ᠪᠠᠨ ᠰᠢᠭᠦᠷᠦᠨ ᠠᠪᠤᠯ᠎ᠠ᠃
  ᠬᠡᠳᠦᠨ ᠡᠳᠦᠷ ᠦ᠋ᠨ ᠳᠠᠷᠠᠭ᠎ᠠ ᠵᠢᠷᠭᠠᠯ ᠰᠢᠨᠧᠯ ᠪᠠ ᠣᠯᠤᠮᠤᠨ ᠪᠦᠰᠡ ᠪᠡᠨ ᠵᠢᠵᠢᠭᠬᠡᠨ ᠮᠠᠨᠤ ᠰᠣᠷᠣᠭᠤᠯ ᠲᠠᠢ ᠭᠠᠩᠰᠠ ᠪᠠᠷ ᠰᠣᠯᠢᠵᠠᠢ᠃ ᠬᠠᠷᠢᠨ ᠲᠣᠮᠣ ᠤᠯᠠᠭᠠᠨ ᠲᠠᠪᠤᠨ ᠬᠣᠰᠢᠭᠤ ᠲᠠᠢ ᠡᠷᠡᠦ ᠮᠠᠯᠠᠭᠠᠢ ᠳ᠋ᠤᠨᠢ ᠠᠶᠠᠲᠠᠢᠬᠠᠨ ᠬᠢᠴᠡ ᠲᠡᠢ ᠲᠡᠮᠦᠷ ᠰᠣᠶᠣᠭ᠎ᠠ ᠴᠣᠬᠢᠭᠤᠷ ᠲᠠᠢ ᠲᠠᠮᠠᠬᠢᠨ ᠤ᠋ ᠰᠠᠪᠠ ᠥᠭᠴᠦ ᠱᠠᠯᠠᠭᠰᠠᠨ ᠪᠣᠯᠪᠠᠴᠤ ᠬᠤᠳᠠᠯᠳᠤᠭᠰᠠᠨ ᠦᠭᠡᠢ᠃
  ᠬᠡᠳᠦ ᠬᠣᠨᠣᠵᠤ ᠪᠠᠢᠲᠠᠯ᠎ᠠ ᠮᠣᠩᠭᠣᠯ ᠬᠥᠬᠡ ᠳᠡᠪᠡᠯ᠂ ᠮᠠᠯᠠᠭᠠᠢ᠂ ᠣᠷᠣᠰ ᠤ᠋ᠨ ᠱᠣᠪᠣᠭᠣᠷ ᠬᠠᠷ᠎ᠠ ᠭᠤᠲᠤᠯ ᠰᠠᠩ ᠡᠴᠡ ᠲᠠᠯᠪᠢᠵᠤ ᠥᠭᠬᠦ ᠳ᠋ᠦ᠍ ᠣᠷᠣᠰ ᠬᠤᠪᠴᠠᠰᠤ ᠡᠮᠦᠰᠴᠦ ᠪᠤᠷᠤᠭᠤ ᠨᠣᠮ ᠤ᠋ᠨ ᠴᠢᠳᠬᠥᠷ ᠪᠣᠯᠬᠤ ᠦᠭᠡᠢ ᠭᠡᠳᠡᠭ ᠬᠥᠮᠦᠰ ᠬᠦᠷᠲᠡᠯ᠎ᠡ ᠪᠠᠶᠠᠷᠯᠠᠨ ᠠᠪᠴᠤ ᠡᠮᠦᠰᠪᠡ᠃
  ᠨᠢᠭᠡ ᠥᠷᠯᠥᠭᠡ ᠱᠠᠪᠢ ᠨᠠᠷ ᠢ᠋ ᠡᠷᠲᠡ ᠪᠣᠰᠬᠠᠵᠤ ᠰᠢᠨ᠎ᠡ ᠳᠡᠪᠡᠯ ᠬᠤᠪᠴᠠᠰᠤ ᠶ᠋ᠢ ᠨᠢ ᠡᠮᠦᠰᠦᠭᠦᠯᠦᠭᠡᠳ ᠵᠡᠷᠭᠡᠴᠡᠭᠦᠯᠦᠨ ᠵᠢᠭᠰᠠᠭᠠᠵᠤ ᠪᠢᠯᠡ᠃
  ᠊᠊᠊᠊᠊᠊᠊᠊᠊᠊᠊᠊᠊᠊᠊ ᠲᠠ ᠨᠠᠷ ᠣᠳᠣ ᠨᠣᠮ ᠵᠢᠭᠠᠯᠭᠠᠬᠤ ᠪᠠᠭᠰᠢ ᠳ᠋ᠠᠭᠠᠨ ᠱᠠᠪᠢ ᠣᠷᠣᠵᠠᠭ᠎ᠠ ᠭᠡᠵᠦ ᠵᠢᠭᠰᠠᠭᠠᠭᠰᠠᠨ ᠬᠥᠮᠦᠨ ᠬᠡᠯᠡᠵᠡᠢ᠃
  ᠭᠡᠷ ᠦ᠋ᠨ ᠡᠮᠦᠨ᠎ᠡ ᠴᠠᠭᠠᠨ ᠢᠰᠡᠭᠡᠢ ᠵᠠᠰᠠᠵᠤ ᠳᠡᠭᠡᠷ᠎ᠡ ᠨᠢ ᠣᠯᠪᠣᠭ ᠳᠡᠪᠢᠰᠦᠯ᠎ᠡ᠃ ᠲᠣᠮᠣ ᠭᠡᠷ ᠡᠴᠡ ᠰᠢᠷᠪᠢᠭᠡᠷ ᠬᠠᠷ᠎ᠠ ᠰᠠᠬᠠᠯ ᠲᠠᠢ᠂ ᠬᠦᠷᠡᠩ ᠳᠡᠪᠡᠯ ᠳᠡᠭᠡᠷ᠎ᠡ ᠬᠥᠬᠡ ᠬᠠᠨᠲᠠᠭᠠᠵᠠ ᠡᠮᠦᠰᠦᠭᠰᠡᠨ᠂ ᠴᠠᠭᠠᠨ ᠵᠢᠩᠰᠡ ᠲᠡᠢ ᠬᠢᠯᠢᠩ ᠮᠠᠯᠠᠭᠠᠢ ᠳᠣᠬᠣᠳᠠᠭᠤᠯᠤᠨ ᠲᠠᠯᠪᠢᠭᠰᠠᠨ ᠴᠢᠯᠠᠭᠤᠨ ᠵᠠᠩᠭᠢ ᠨᠠᠮᠪᠠᠭᠠᠲᠠᠢ ᠪᠥᠭᠡᠳ ᠶᠡᠬᠡᠮᠰᠦᠭ ᠠᠯᠬᠤᠵᠤ ᠢᠷᠡᠭᠡᠳ ᠣᠯᠪᠣᠭ ᠳᠡᠭᠡᠷ᠎ᠡ ᠵᠠᠪᠢᠯᠠᠨ ᠰᠠᠭᠤᠬᠤ ᠳ᠋ᠤ᠌ ᠵᠠᠯᠠᠭᠤᠴᠤᠳ ᠢ᠋ ᠨᠢᠭᠡ ᠨᠢᠭᠡ ᠪᠡᠷ ᠨᠢ ᠴᠤᠪᠤᠭᠤᠯᠤᠨ ᠮᠥᠷᠭᠥᠭᠦᠯᠪᠡ᠃ ᠳᠠᠷᠠᠭ᠎ᠠ ᠨᠢ ᠰᠤᠷᠤᠭᠴᠢᠳ ᠲᠤ᠌ ᠪᠢᠷ᠂ ᠶᠠᠨᠳᠠᠢ᠂ ᠴᠠᠭᠠᠰᠤ᠂ ᠦᠨᠡᠰᠦᠨ ᠰᠠᠮᠪᠠᠷ᠎ᠠ ᠲᠠᠯᠪᠢᠨ ᠣᠯᠭᠤᠵᠠᠢ᠃ ᠴᠢᠩᠭᠢᠭᠡᠳ ᠬᠠᠮᠤᠭ ᠤ᠋ᠨ ᠲᠣᠮᠣ ᠭᠡᠷ ᠲᠦ᠍ ᠣᠷᠣᠭᠤᠯᠤᠨ ᠰᠠᠭᠤᠯᠭᠠᠪᠠ᠃
  ᠨᠠᠷᠢᠬᠠᠨ ᠪᠣᠯᠪᠠᠴᠤ ᠤᠷᠲᠤ ᠭᠡᠵᠢᠭᠡ ᠪᠡᠨ ᠬᠥᠯᠴᠢᠲᠡᠯ᠎ᠡ ᠰᠠᠮᠨᠠᠵᠤ ᠰᠦᠯᠵᠢᠭᠰᠡᠨ ᠴᠢᠯᠠᠭᠤᠨ ᠵᠠᠩᠭᠢ ᠣᠷᠣᠵᠤ ᠢᠷᠡᠭᠡᠳ ᠰᠠᠬᠠᠯ ᠢ᠋ᠶ᠋ᠠᠨ ᠥᠷᠥᠭᠡᠰᠦᠨ ᠭᠠᠷ ᠢ᠋ᠶ᠋ᠠᠷ ᠢ᠋ᠶ᠋ᠠᠨ ᠢᠮᠡᠷᠦᠭᠰᠡᠨ ᠢ᠋ᠶ᠋ᠡᠨ 《ᠵᠠ ᠱᠠᠪᠢ ᠨᠠᠷ ᠠ᠋᠂ ᠲᠠ ᠨᠠᠷ ᠪᠣᠯ ᠮᠠᠨ ᠤ᠋ ᠮᠣᠩᠭᠣᠯ ᠤ᠋ᠨ ᠠᠷᠠᠳ ᠲᠦᠮᠡᠨ ᠦ᠌ ᠦᠷ᠎ᠡ ᠬᠡᠦᠬᠡᠳ ᠢ᠋ ᠪᠢᠴᠢᠭ ᠡᠷᠳᠡᠮ ᠳ᠋ᠦ᠍ ᠰᠤᠷᠭᠠᠨ ᠪᠣᠯᠪᠠᠰᠤᠷᠠᠭᠤᠯᠬᠤ ᠠᠩᠬᠠᠨ ᠤ᠋ ᠪᠠᠭᠰᠢ ᠨᠠᠷ ᠪᠣᠯᠬᠤ ᠭᠡᠵᠦ ᠪᠠᠢᠭ᠎ᠠ ᠬᠥᠮᠦᠰ ᠮᠥᠨ ᠪᠢᠯᠡ᠃ ᠡᠷᠳᠡᠮ ᠨᠣᠮ ᠳ᠋ᠤ᠌ ᠬᠢᠴᠢᠶᠡᠩᠭᠦᠢᠯᠡᠨ ᠰᠤᠷᠴᠠᠭᠠᠬᠤ ᠨᠢ ᠴᠢᠬᠤᠯᠠ᠃ ᠲᠠ ᠨᠠᠷ ᠲᠤ᠌ ᠮᠣᠩᠭᠣᠯ ᠪᠢᠴᠢᠭ ᠵᠢᠭᠠᠬᠤ ᠵᠠᠪᠰᠢᠶᠠᠨ ᠥᠴᠦᠬᠡᠨ ᠨᠠᠳᠠ ᠳ᠋ᠤ᠌ ᠣᠯᠳᠠᠭᠰᠠᠨ ᠢ᠋ ᠪᠠᠶᠠᠷᠯᠠᠨ ᠬᠡᠯᠡᠬᠦ ᠶᠠᠭᠤᠨ᠃ ᠮᠢᠨᠦ ᠨᠡᠷ᠎ᠡ ᠶ᠋ᠢ ᠴᠢᠯᠠᠭᠤᠨ ᠭᠡᠳᠡᠭ᠃ ᠠᠦ᠋ᠲ᠋ᠣᠨᠣᠮᠢᠲᠤ ᠶ᠋ᠢᠨ ᠦᠶ᠎ᠡ ᠳ᠋ᠦ᠍ ᠴᠡᠷᠢᠭ ᠦ᠋ᠨ ᠶᠠᠮᠤᠨ ᠳ᠋ᠤ᠌ ᠲᠦᠰᠢᠮᠡᠳ ᠦ᠋ᠨ ᠠᠯᠪᠠ ᠬᠠᠭᠠᠵᠤ ᠶᠠᠪᠤᠭᠰᠠᠨ᠃ ᠤᠭ ᠢᠵᠠᠭᠤᠷ ᠠᠷᠠᠳ ᠪᠥᠭᠡᠳ ᠱᠠᠪᠢ ᠨᠠᠷ ᠲᠠ ᠪᠦᠬᠦᠨ ᠪᠠᠭᠰᠢ ᠮᠢᠨᠦ ᠨᠡᠷ᠎ᠡ ᠶ᠋ᠢ ᠴᠡᠭᠡᠷᠯᠡᠬᠦ ᠶ᠋ᠢᠨ ᠤᠴᠢᠷ ᠨᠠᠮᠠᠶ᠋ᠢ ᠪᠠᠭᠰᠢ ᠭᠡᠵᠦ ᠪᠣᠯᠬᠤ ᠠᠵᠢ》 ᠭᠡᠯ᠎ᠡ᠃
  ᠢᠩᠭᠢᠭᠡᠳ ᠠ᠂ ᠠ᠋ ᠵᠢᠭᠠᠵᠤ ᠡᠬᠢᠯᠡᠵᠡᠢ᠃ ᠡᠳᠦᠷ ᠥᠩᠭᠡᠷᠡᠬᠦ ᠳᠣᠳᠣᠮ ᠠᠭᠢᠭᠰᠠᠭᠠᠷ ᠨᠢᠭᠡ ᠮᠡᠳᠡᠬᠦ ᠳ᠋ᠦ᠍ ᠱᠠᠪᠢ ᠨᠠᠷ ᠮᠣᠩᠭᠣᠯ ᠪᠢᠴᠢᠭ ᠢ᠋ ᠦᠭᠡᠴᠢᠯᠡᠨ ᠤᠩᠰᠢᠳᠠᠭ ᠪᠣᠯᠵᠠᠢ᠃ ᠪᠠᠰᠠ ᠲᠣᠭ᠎ᠠ ᠪᠣᠳᠣᠯᠭ᠎ᠠ ᠶ᠋ᠢᠨ ᠤᠬᠠᠭᠠᠨ ᠢ᠋ ᠰᠠᠩ ᠤ᠋ᠨ ᠶᠠᠮᠤᠨ ᠤ᠋ ᠲᠦᠰᠢᠮᠡᠯ ᠠᠭᠰᠠᠨ ᠰᠢᠷᠤᠪ ᠵᠢᠭᠠᠵᠤ ᠡᠬᠢᠯᠡᠪᠡ᠃ ᠬᠣᠶᠠᠷ ᠪᠠᠭᠰᠢ ᠨᠢ ᠵᠠᠩ ᠠᠪᠤᠷᠢ᠂ ᠬᠦᠰᠡᠯ ᠡᠷᠡᠮᠡᠯᠵᠡᠯᠡᠯ᠂ ᠪᠡᠶ᠎ᠡ ᠪᠢᠯᠳᠠᠷ ᠤ᠋ᠨ ᠬᠤᠪᠢ ᠳ᠋ᠤ᠌ ᠱᠠᠯ ᠥᠭᠡᠷ᠎ᠡ ᠬᠥᠮᠦᠨ ᠪᠠᠢᠯ᠎ᠠ᠃
  ᠬᠡᠷᠪᠡ ᠴᠢᠯᠠᠭᠤᠨ ᠵᠠᠩᠭᠢ ᠶᠠᠷᠢᠶ᠎ᠠ ᠪᠦᠬᠦᠨ ᠳ᠋ᠡᠭᠡᠨ ᠪᠣᠭᠳᠠ ᠶ᠋ᠢ ᠮᠠᠭᠲᠠᠨ 《ᠪᠣᠭᠳᠠ ᠶ᠋ᠢᠨ ᠠᠪᠤᠷᠠᠯ ᠢ᠋ᠶ᠋ᠠᠷ ᠠᠷᠠᠳ ᠤ᠋ᠨ ᠵᠠᠰᠠᠭ ᠲᠣᠭᠲᠠᠵᠤ ᠠᠮᠢᠲᠠᠨ ᠤ᠋ ᠵᠢᠷᠭᠠᠬᠤ ᠴᠠᠭ ᠢᠷᠡᠭᠰᠡᠨ》 ᠭᠡᠳᠡᠭ ᠪᠣᠯ ᠰᠢᠷᠤᠪ 《ᠪᠣᠭᠳᠠ ᠪᠣᠯ ᠮᠣᠩᠭᠣᠯ ᠢ᠋ ᠪᠠᠯᠠᠯᠬᠤ ᠰᠢᠬᠠᠭᠰᠠᠨ ᠬᠥᠮᠦᠨ᠃ ᠲᠡᠷᠡ ᠶᠠᠮᠠᠷ ᠴᠤ᠌ ᠪᠤᠵᠠᠷ ᠬᠡᠷᠡᠭ ᠬᠢᠬᠦ ᠡᠴᠡ ᠪᠤᠴᠠᠬᠤ ᠦᠭᠡᠢ ᠠᠮᠢᠲᠠᠨ》 ᠭᠡᠵᠦ ᠬᠡᠯᠡᠬᠦ ᠳ᠋ᠦ᠍ ᠨᠢᠳᠦᠨ ᠳ᠋ᠦ᠍ᠨᠢ ᠬᠡᠮᠵᠢᠶᠡᠯᠡᠰᠢ ᠦᠭᠡᠢ ᠬᠣᠷᠣᠰᠤᠯ ᠲᠣᠳᠣᠷᠠᠳᠠᠭ ᠪᠠᠢᠯ᠎ᠠ᠃
  ᠊᠊᠊᠊᠊᠊᠊᠊᠊᠊᠊᠊᠊᠊᠊ ᠶᠠᠭᠤᠨ ᠳ᠋ᠤ᠌ ᠪᠣᠭᠳᠠ ᠶ᠋ᠢ ᠪᠠᠢᠯᠭᠠᠳᠠᠭ ᠶᠤᠮ ᠪᠣᠢ? ᠭᠡᠵᠦ ᠪᠠᠲᠤ ᠶ᠋ᠢᠨ ᠠᠰᠠᠭᠤᠬᠤ ᠳ᠋ᠤ᠌ ᠰᠢᠷᠤᠪ ᠠᠷᠠᠳ ᠤ᠋ᠨ ᠵᠠᠰᠠᠭ ᠤ᠋ᠨ ᠬᠢᠭᠰᠡᠨ ᠭᠠᠭᠴᠠ ᠪᠤᠷᠤᠭᠤ ᠶᠠᠭᠤᠮ᠎ᠠ ᠯᠠ ᠲᠡᠷᠡ ᠳᠠ ᠭᠡᠵᠦ ᠬᠠᠷᠢᠭᠤᠯᠵᠠᠢ᠃ ᠬᠠᠷᠢᠨ ᠴᠢᠯᠠᠭᠤᠨ ᠪᠣᠯ ᠪᠣᠭᠳᠠ ᠶ᠋ᠢ ᠬᠡᠮᠵᠢᠶᠡᠲᠦ ᠡᠷᠬᠡᠲᠦ ᠬᠠᠭᠠᠨ ᠪᠣᠯᠭᠠᠭᠰᠠᠨ ᠨᠢ ᠠᠷᠠᠳ ᠤ᠋ᠨ ᠵᠠᠰᠠᠭ ᠤ᠋ᠨ ᠬᠢᠭᠰᠡᠨ ᠬᠠᠮᠤᠭ ᠤ᠋ᠨ ᠵᠥᠪ ᠠᠵᠢᠯ᠂ ᠪᠣᠭᠳᠠ ᠦᠭᠡᠢ ᠪᠣᠯ ᠮᠣᠩᠭᠣᠯ ᠤᠯᠤᠰ ᠪᠠᠢᠬᠤ ᠦᠭᠡᠢ ᠭᠡᠬᠦ ᠵᠡᠷᠭᠡ ᠶᠠᠷᠢᠨ᠎ᠠ᠃
  ᠬᠣᠶᠠᠷ ᠪᠠᠭᠰᠢ ᠶ᠋ᠢᠨ ᠦᠵᠡᠯ ᠱᠠᠪᠢ ᠨᠠᠷ ᠲᠤ᠌ ᠬᠠᠯᠳᠠᠪᠤᠷᠢᠯᠠᠵᠤ ᠵᠠᠷᠢᠮ ᠨᠢ ᠪᠣᠭᠳᠠ ᠳ᠋ᠤ᠌ ᠪᠢᠰᠢᠷᠡᠨ᠎ᠡ᠃ ᠵᠠᠷᠢᠮ ᠨᠢ ᠪᠣᠭᠳᠠ ᠶ᠋ᠢ ᠵᠢᠭᠰᠢᠨ ᠦᠵᠡᠨ᠎ᠡ᠃ ᠪᠠᠲᠤ ᠪᠣᠯ ᠪᠣᠭᠳᠠ ᠶ᠋ᠢ ᠪᠦᠬᠦᠨ ᠡᠴᠡ ᠢᠯᠡᠭᠦᠦ ᠵᠢᠭᠰᠢᠨ ᠦᠵᠡᠳᠡᠭ ᠢ᠋ᠶ᠋ᠡᠷ ᠪᠠᠷᠠᠬᠤ ᠦᠭᠡᠢ ᠪᠠᠭᠰᠢ ᠶ᠋ᠢᠨ ᠢ᠋ᠶ᠋ᠡᠨ ᠶᠠᠷᠢᠭᠰᠠᠨ ᠢ᠋ ᠶᠠᠷᠢᠵᠤ ᠥᠭᠳᠡᠭ᠃ ᠭᠡᠪᠡᠴᠦ ᠪᠣᠭᠳᠠ ᠳ᠋ᠤ᠌ ᠪᠢᠰᠢᠷᠡᠳᠡᠭ ᠬᠥᠮᠦᠰ 《ᠴᠢᠨᠦ ᠪᠠᠭᠰᠢ ᠶ᠋ᠢ ᠪᠣᠭᠳᠠ ᠠᠯᠠᠭᠰᠠᠨ ᠭᠡᠳᠡᠭ ᠢ᠋ ᠴᠢ ᠶᠠᠭᠠᠬᠢᠵᠤ ᠮᠡᠳᠡᠵᠦ ᠪᠠᠢᠭ᠎ᠠ ᠶᠤᠮ ᠪᠣᠢ?》 ᠭᠡᠬᠦ ᠳ᠋ᠦ᠍ ᠬᠡᠯᠡᠬᠦ ᠶᠠᠭᠤᠮ᠎ᠠ ᠪᠠᠢᠳᠠᠭ ᠦᠭᠡᠢ ᠪᠠᠢᠯ᠎ᠠ᠃
  ᠡᠪᠦᠯ ᠦ᠋ᠨ ᠨᠢᠭᠡ ᠡᠳᠦᠷ ᠡᠷᠳᠡᠨᠢ ᠫᠧᠲ᠋ᠷ ᠦ᠋ᠨ ᠬᠠᠮᠲᠤ ᠢᠷᠡᠯ᠎ᠡ᠃ ᠬᠠᠭᠤᠴᠢᠨ ᠬᠥᠬᠡ ᠴᠢᠰᠴᠡᠦ ᠳᠡᠪᠡᠯ᠂ ᠴᠠᠭᠠᠨ ᠬᠤᠷᠠᠭᠠᠨ ᠬᠤᠪᠢᠩ ᠮᠠᠯᠠᠭᠠᠢ ᠡᠮᠦᠰᠴᠦ ᠮᠣᠳᠣᠨ ᠬᠤᠢ ᠲᠠᠢ ᠫᠤᠤ᠂ ᠤᠷᠲᠤ ᠬᠠᠷ᠎ᠠ ᠬᠤᠢ ᠲᠠᠢ ᠰᠡᠯᠡᠮ᠎ᠡ ᠵᠡᠭᠦᠭᠰᠡᠨ ᠡᠴᠢᠭᠡ ᠪᠡᠨ ᠬᠠᠷᠠᠭᠠᠳ ᠪᠠᠲᠤ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠭᠠᠢᠬᠠᠨ ᠵᠣᠭᠰᠣᠵᠤ ᠪᠢᠯᠡ᠃ ᠡᠷᠳᠡᠨᠢ ᠬᠦᠦ ᠶ᠋ᠢᠨ ᠢ᠋ᠶ᠋ᠡᠨ ᠬᠣᠶᠠᠷ ᠬᠠᠴᠠᠷ ᠳᠡᠭᠡᠷ᠎ᠡ ᠡᠴᠡ ᠦᠨᠦᠰᠦᠭᠰᠡᠨ ᠢ᠋ᠶ᠋ᠡᠨ ᠨᠢᠳᠦᠨ ᠡᠴᠡ ᠪᠡᠨ ᠭᠠᠷᠤᠭᠰᠠᠨ ᠨᠢᠯᠪᠤᠰᠤ ᠶ᠋ᠢ ᠠᠯᠠᠭ᠎ᠠ ᠪᠠᠷ ᠢ᠋ᠶ᠋ᠠᠨ ᠠᠷᠴᠢᠪᠠ᠃
  ᠡᠷᠳᠡᠨᠢ᠂ ᠪᠠᠲᠤ ᠶ᠋ᠢ ᠪᠣᠳᠣᠬᠤ ᠳ᠋ᠠᠭᠠᠨ ᠤᠷᠢᠳᠤ ᠶ᠋ᠢᠨ ᠪᠠᠭ᠎ᠠ ᠪᠠᠨᠳᠢ ᠪᠠᠷ ᠨᠢ ᠳᠦᠷᠰᠦᠯᠡᠳᠡᠭ ᠪᠠᠢᠭᠰᠠᠨ᠃ ᠭᠡᠲᠡᠯ᠎ᠡ ᠣᠳᠣ ᠲᠡᠭᠦᠨ ᠦ᠌ ᠡᠮᠦᠨ᠎ᠡ ᠲᠣᠮᠣ ᠪᠡᠶ᠎ᠡ ᠲᠡᠢ ᠬᠠᠩᠬᠠᠭᠠᠷ ᠬᠠᠷ᠎ᠠ ᠬᠦᠦ ᠵᠣᠭᠰᠣᠵᠤ ᠪᠠᠢᠭᠰᠠᠨ ᠲᠤᠯᠠ ᠨᠢᠭᠡ ᠪᠣᠳᠣᠬᠤ ᠳ᠋ᠤ᠌ ᠦᠯᠡᠮᠵᠢ ᠶ᠋ᠢᠨ ᠳᠣᠲᠣᠨᠣ ᠶ᠋ᠢᠨ ᠬᠥᠮᠦᠨ ᠰᠢᠭ᠂ ᠨᠢᠭᠡ ᠪᠣᠳᠣᠬᠤ ᠳ᠋ᠤ᠌ ᠠᠯᠢ ᠨᠢᠭᠡᠨ ᠭᠠᠵᠠᠷ ᠬᠠᠯᠲᠤ ᠬᠠᠷᠠᠭᠰᠠᠨ ᠲᠠᠨᠢᠬᠤ᠂ ᠲᠠᠨᠢᠬᠤ ᠦᠭᠡᠢ ᠶ᠋ᠢᠨ ᠬᠣᠭᠣᠷᠣᠨᠳᠣᠬᠢ ᠬᠥᠮᠦᠨ ᠰᠢᠭ ᠪᠠᠢᠯ᠎ᠠ᠃ ᠪᠠᠲᠤ ᠠᠪᠤ ᠶ᠋ᠢ ᠪᠡᠨ ᠬᠠᠷᠠᠭᠠᠳ ᠪᠠᠰᠠ ᠯᠠ ᠬᠣᠶᠠᠷᠳᠠᠮᠠᠯ ᠰᠡᠳᠬᠢᠯ ᠲᠥᠷᠥᠨ᠎ᠡ᠃ ᠡᠮᠦᠨ᠎ᠡ ᠨᠢ ᠵᠣᠭᠰᠣᠵᠤ ᠪᠠᠢᠭ᠎ᠠ ᠬᠥᠮᠦᠨ ᠪᠣᠯ ᠬᠡᠳᠦᠨ ᠵᠢᠯ ᠦ᠋ᠨ ᠡᠮᠦᠨ᠎ᠡ ᠬᠣᠷᠸ᠎ᠠ ᠳᠡᠭᠡᠷ᠎ᠡ ᠬᠠᠮᠤᠭ ᠤ᠋ᠨ ᠳᠣᠲᠣᠨᠣ ᠪᠥᠭᠡᠳ ᠶᠠᠭᠤᠮ᠎ᠠ ᠪᠦᠬᠦᠨ ᠳ᠋ᠦ᠍ ᠳᠠᠭᠤᠷᠢᠶᠠᠯ ᠪᠣᠯᠵᠤ ᠪᠠᠢᠭᠰᠠᠨ ᠠᠪᠤ ᠨᠢ ᠪᠢᠰᠢ ᠮᠡᠲᠦ ᠤᠴᠢᠷ ᠡᠴᠡ ᠪᠢᠰᠢᠭᠦᠷᠬᠡᠬᠦ ᠰᠡᠳᠬᠢᠯ ᠪᠣᠢ ᠪᠣᠯᠤᠨ᠎ᠠ᠃ ᠭᠡᠪᠡᠴᠦ ᠬᠠᠷᠠᠬᠤ ᠳᠣᠳᠣᠮ ᠣᠯᠠᠨ ᠵᠢᠯ ᠦ᠋ᠨ ᠲᠤᠷᠰᠢ ᠵᠡᠭᠦᠳᠦᠯᠡᠨ ᠪᠣᠳᠣᠵᠤ᠂ ᠬᠦᠰᠡᠯ ᠮᠥᠷᠥᠭᠡᠳᠦᠯ ᠢ᠋ ᠡᠵᠡᠯᠡᠭᠰᠡᠨ ᠠᠪᠤ ᠡᠴᠡ ᠨᠢ ᠥᠭᠡᠷ᠎ᠡ ᠬᠡᠨ ᠴᠦ᠍ ᠪᠠᠢᠵᠤ ᠪᠣᠯᠤᠮ᠎ᠠ ᠦᠭᠡᠢ ᠠᠵᠢ᠃
  ᠵᠣᠪᠠᠯᠠᠩ ᠤ᠋ᠨ ᠴᠠᠭ ᠲᠤ᠌ ᠭᠠᠷᠳᠠᠭ ᠨᠢᠯᠪᠤᠰᠤ᠂ ᠪᠠᠶᠠᠷ ᠤ᠋ᠨ ᠴᠠᠭ ᠲᠤ᠌ ᠪᠠᠰᠠ ᠭᠠᠷᠳᠠᠭ ᠪᠣᠯᠬᠣᠷ ᠤᠴᠠᠷᠠᠯ ᠠᠭᠤᠯᠵᠠᠯᠲᠠ ᠶ᠋ᠢᠨ ᠭᠦᠨ ᠪᠠᠶᠠᠷ ᠲᠤ᠌ ᠤᠮᠪᠠᠭᠰᠠᠨ ᠡᠴᠢᠭᠡ ᠬᠦᠦ ᠶ᠋ᠢᠨ ᠠᠯᠢ ᠠᠯᠢᠨ ᠤ᠋ ᠨᠢᠳᠦᠨ ᠳ᠋ᠦ᠍ ᠪᠠᠶᠠᠷ ᠤ᠋ᠨ ᠨᠢᠯᠪᠤᠰᠤ ᠴᠡᠯᠭᠡᠨᠡᠨ᠂ ᠳᠤᠤᠭᠠᠷᠴᠤ ᠴᠤ᠌ ᠴᠢᠳᠠᠬᠤ ᠦᠭᠡᠢ ᠰᠢᠷᠲᠡᠯᠴᠡᠨ ᠬᠡᠰᠡᠭ ᠵᠣᠭᠰᠣᠯ᠎ᠠ᠃
  ᠊᠊᠊᠊᠊᠊᠊᠊᠊᠊᠊᠊᠊᠊᠊ ᠬᠦᠦ ᠴᠢᠨᠢ ᠰᠠᠢᠬᠠᠨ ᠡᠷ᠎ᠡ ᠪᠣᠯᠤᠭᠰᠠᠨ ᠪᠠᠢᠭ᠎ᠠ ᠪᠢᠵᠡ?
  ᠡᠷᠳᠡᠨᠢ ᠶ᠋ᠢᠨ ᠨᠢᠳᠦᠨ ᠳ᠋ᠦ᠍ ᠢᠨᠢᠶᠡᠮᠰᠦᠭᠯᠡᠯ ᠪᠠᠬᠠᠳᠤᠯ ᠪᠠᠶᠠᠷᠯᠠᠯ ᠵᠡᠷᠭᠡᠴᠡᠨ ᠲᠣᠳᠣᠷᠠᠵᠤ᠄
  ᠊᠊᠊᠊᠊᠊᠊᠊᠊᠊᠊᠊᠊᠊᠊ ᠰᠠᠢᠬᠠᠨ ᠡᠷ᠎ᠡ ᠪᠣᠯᠵᠠᠢ! ᠭᠡᠳ ᠪᠠᠲᠤ ᠶ᠋ᠢ ᠤᠳᠠᠲᠠᠯ᠎ᠠ ᠰᠢᠷᠳᠡᠬᠦ ᠵᠠᠭᠤᠷ᠎ᠠ ᠨᠢ ᠪᠠᠶᠠᠷ ᠪᠠᠬᠠᠳᠤᠯ ᠨᠢ ᠠᠯᠭᠤᠷᠬᠠᠨ ᠭᠤᠨᠢᠭ ᠤ᠋ᠨ ᠲᠤᠶᠠᠭ᠎ᠠ ᠪᠣᠯᠤᠨ ᠬᠤᠪᠢᠷᠠᠵᠤ᠂
  ᠊᠊᠊᠊᠊᠊᠊᠊᠊᠊᠊᠊᠊᠊᠊ ᠡᠵᠢ ᠡᠴᠡ ᠴᠢᠨᠢ ᠰᠤᠷᠠᠭ ᠲᠠᠢ ᠤᠤ? ᠭᠡᠵᠦ ᠰᠤᠯᠠ ᠪᠣᠯᠪᠠᠴᠤ ᠶᠡᠷᠦ ᠪᠤᠰᠤ ᠶ᠋ᠢᠨ ᠲᠣᠳᠣ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠣᠭᠲᠣ ᠰᠤᠷᠠᠭ ᠦᠭᠡᠢ᠁ ᠲᠠ ᠶᠠᠭᠤᠮ᠎ᠠ ᠰᠣᠨᠣᠰᠤᠭ᠎ᠠ ᠦᠭᠡᠢ ᠪᠢᠵᠡ?
  ᠊᠊᠊᠊᠊᠊᠊᠊᠊᠊᠊᠊᠊᠊᠊ ᠦᠭᠡᠢ ᠬᠦᠦ ᠮᠢᠨᠢ᠃
  ᠊᠊᠊᠊᠊᠊᠊᠊᠊᠊᠊᠊᠊᠊᠊ ᠤᠳᠠᠬᠤ ᠦᠭᠡᠢ ᠲᠠ ᠬᠣᠶᠠᠷ ᠲᠤᠯᠭᠠᠷ ᠲᠠᠢ ᠠᠭᠤᠯᠵᠠᠨ᠎ᠠ ᠭᠡᠵᠦ ᠫᠧᠲ᠋ᠷ ᠦ᠋ᠨ ᠬᠡᠯᠡᠭᠰᠡᠨ ᠦᠭᠡ ᠠᠭᠤᠯᠵᠠᠯᠲᠠ ᠶ᠋ᠢᠨ ᠮᠥᠷᠥᠭᠡᠳᠦᠯ ᠳᠦᠭᠦᠷᠦᠭᠰᠡᠨ ᠪᠥᠭᠡᠳ ᠡᠨᠡ ᠠᠭᠤᠯᠵᠠᠯᠲᠠ ᠪᠠᠷ ᠤᠴᠠᠷᠠᠬᠤ ᠶ᠋ᠢᠨ ᠰᠠᠢᠬᠠᠨ ᠢᠯᠴᠢᠨ ᠳ᠋ᠦ᠍ ᠢᠪᠡᠭᠡᠭᠳᠡᠭᠰᠡᠨ ᠡᠴᠢᠭᠡ ᠬᠦᠦ ᠶ᠋ᠢᠨ ᠰᠡᠳᠬᠢᠯ ᠢ᠋ ᠡᠨᠡ ᠠᠭᠤᠯᠵᠠᠯᠲᠠ ᠶ᠋ᠢᠨ ᠨᠠᠢᠳᠠᠪᠤᠷᠢ ᠶ᠋ᠢᠨ ᠵᠦᠭ ᠡᠷᠭᠢᠭᠦᠯᠵᠦ ᠬᠥᠩᠭᠡᠯᠡᠪᠡ᠃
  ᠵᠣᠪᠠᠯᠠᠩ ᠤ᠋ᠨ ᠦᠶ᠎ᠡ ᠳ᠋ᠦ᠍ ᠰᠢᠨ᠎ᠡ ᠵᠣᠪᠠᠯᠠᠩ ᠡᠴᠡ ᠠᠮᠠᠷᠬᠠᠨ ᠠᠶᠤᠳᠠᠭ ᠤ᠋ᠨ ᠠᠳᠠᠯᠢ ᠤᠴᠠᠷᠠᠯ ᠤ᠋ᠨ ᠦᠶ᠎ᠡ ᠳ᠋ᠦ᠍ ᠰᠢᠨ᠎ᠡ ᠤᠴᠠᠷᠠᠯ ᠳ᠋ᠤ᠌ ᠢᠲᠡᠭᠡᠬᠦ ᠨᠢ ᠬᠢᠯᠪᠠᠷ ᠪᠠᠢᠳᠠᠭ ᠠᠵᠢ᠃
  ᠡᠷᠳᠡᠨᠢ ᠬᠦᠦ ᠳ᠋ᠡᠭᠡᠨ ᠴᠢᠯᠥᠭᠡ ᠠᠪᠴᠤ ᠭᠡᠷ ᠲᠡᠭᠡᠨ ᠠᠪᠴᠤ ᠢᠷᠡᠪᠡ᠃ ᠪᠠᠷᠠᠭᠤᠨ ᠬᠣᠢᠲᠤ ᠨᠤᠲᠤᠭ ᠢ᠋ᠶ᠋ᠠᠷ ᠪᠣᠭᠰᠢᠭᠰᠠᠨ ᠴᠠᠭᠠᠨ ᠨᠠᠮ ᠤ᠋ᠨ ᠴᠡᠷᠢᠭ ᠢ᠋ ᠳᠠᠷᠤᠬᠤ ᠲᠤᠰᠬᠠᠢ ᠠᠩᠭᠢ ᠳ᠋ᠤ᠌ ᠭᠠᠷᠮᠠᠭᠠᠢ ᠪᠠᠢᠯᠳᠤᠭᠰᠠᠨ ᠡᠷᠳᠡᠨᠢ ᠮᠣᠩᠭᠣᠯ ᠤᠯᠤᠰ ᠤ᠋ᠨ ᠠᠷᠠᠳ ᠤ᠋ᠨ ᠴᠡᠷᠢᠭ ᠦ᠋ᠨ ᠮᠣᠷᠢᠨ ᠰᠠᠯᠠᠭᠠᠨ ᠤ᠋ ᠳᠠᠷᠤᠭ᠎ᠠ ᠪᠣᠯᠵᠠᠢ᠃ ᠴᠢᠩᠭᠢᠭᠡᠳ ᠥᠴᠥᠭᠡᠳᠦᠷ ᠬᠦᠷᠢᠶ᠎ᠡ ᠣᠷᠣᠵᠤ ᠢᠷᠡᠭᠡᠳ ᠴᠡᠷᠢᠭ ᠦ᠋ᠨ ᠪᠡᠯᠡᠳᠬᠡᠯ ᠡᠴᠡ ᠬᠥᠮᠦᠨ ᠪᠠᠷᠢᠵᠤ ᠪᠠᠢᠭᠠᠳ ᠨᠡᠭᠦᠭᠰᠡᠨ ᠲᠠᠪᠤᠨ ᠬᠠᠨ᠎ᠠ ᠲᠠᠢ ᠬᠠᠩᠬᠠᠢ ᠭᠡᠷ ᠠᠪᠴᠠᠢ᠃ ᠥᠨᠥ ᠥᠷᠯᠥᠭᠡ ᠫᠧᠲ᠋ᠷ ᠲᠡᠢ ᠠᠭᠤᠯᠵᠠᠵᠤ ᠬᠦᠦ ᠶ᠋ᠢᠨ ᠢ᠋ᠶ᠋ᠡᠨ ᠰᠤᠷᠠᠭ ᠢ᠋ ᠰᠣᠨᠣᠰᠤᠮᠠᠭᠴᠠ ᠬᠠᠮᠲᠤ ᠢᠷᠡᠭᠰᠡᠨ ᠨᠢ ᠡᠨᠡ ᠪᠢᠯᠡ᠃
  ᠡᠷᠳᠡᠨᠢ ᠶ᠋ᠢᠨ ᠭᠡᠷ ᠲᠦ᠍ ᠬᠣᠭᠰᠢᠯ ᠭᠡᠬᠦ ᠶᠠᠭᠤᠮ᠎ᠠ ᠪᠠᠢᠭᠰᠠᠨ ᠦᠭᠡᠢ᠃ ᠡᠵᠡᠨ ᠨᠢ ᠨᠡᠭᠦᠭᠡᠳ ᠣᠯᠠᠨ ᠬᠣᠨᠣᠭᠰᠠᠨ ᠡᠨᠡ ᠭᠡᠷ ᠲᠦ᠍ ᠣᠷᠣᠬᠤ ᠳ᠋ᠤ᠌ ᠶᠣᠰᠣᠲᠠᠢ ᠮᠥᠰᠥᠨ ᠬᠣᠩᠭᠢᠯ ᠯᠠ ᠪᠠᠢᠯ᠎ᠠ᠃ ᠭᠡᠪᠡᠴᠦ ᠣᠯᠠᠨ ᠵᠢᠯ ᠦ᠋ᠨ ᠲᠤᠷᠰᠢ ᠥᠪᠡᠷ ᠦ᠋ᠨ ᠭᠡᠬᠦ ᠭᠡᠷ ᠣᠷᠣᠨ ᠦᠭᠡᠢ ᠲᠡᠨᠦᠭᠦᠴᠢᠯᠡᠵᠦ ᠶᠠᠪᠤᠭᠰᠠᠨ ᠡᠴᠢᠭᠡ ᠬᠦᠦ ᠬᠣᠶᠠᠷ ᠤ᠋ᠨ ᠰᠡᠳᠬᠢᠯ ᠳ᠋ᠦ᠍ ᠡᠨᠡ ᠭᠡᠷ ᠶᠠᠭᠤ ᠶᠠᠭᠤᠨ ᠡᠴᠡ ᠢᠯᠡᠭᠦᠦ ᠳᠣᠲᠣᠨᠣ᠂ ᠪᠦᠯᠢᠶᠡᠨ ᠪᠠᠢᠯ᠎ᠠ᠃
  ᠊᠊᠊᠊᠊᠊᠊᠊᠊᠊᠊᠊᠊᠊᠊ ᠵᠠ ᠬᠣᠶᠠᠭᠤᠯᠠ ᠪᠠᠨ ᠡᠨᠡ ᠭᠡᠷ ᠲᠦ᠍ ᠰᠠᠭᠤᠨ᠎ᠠ ᠳᠠ ᠭᠡᠳ ᠡᠷᠳᠡᠨᠢ ᠮᠠᠯᠠᠭᠠᠢ᠂ ᠰᠡᠯᠡᠮ᠎ᠡ᠂ ᠫᠤᠤ ᠪᠠᠨ ᠠᠪᠴᠤ ᠬᠠᠨ᠎ᠠ ᠶ᠋ᠢᠨ ᠲᠣᠯᠣᠭᠠᠢ ᠳ᠋ᠤ᠌ ᠡᠯᠭᠦᠪᠡ᠃
  ᠪᠠᠲᠤ ᠳᠤᠤᠭᠠᠷᠤᠭᠰᠠᠨ ᠦᠭᠡᠢ᠃ ᠲᠡᠭᠦᠨ ᠳ᠋ᠦ᠍ ᠳᠤᠤᠭᠠᠷᠬᠤ ᠲᠡᠩᠬᠡᠭᠡ ᠪᠠᠢᠭᠰᠠᠨ ᠦᠭᠡᠢ᠃ ᠡᠨᠡ ᠡᠳᠦᠷ ᠦ᠋ᠨ ᠬᠡᠮᠵᠢᠶᠡᠯᠡᠰᠢ ᠦᠭᠡᠢ ᠪᠠᠶᠠᠷ ᠲᠡᠭᠦᠨ ᠦ᠌ ᠰᠡᠳᠬᠢᠯ ᠢ᠋ ᠮᠠᠩᠰᠢᠭᠤᠷᠠᠭᠤᠯᠵᠤ ᠭᠡᠷ ᠦ᠋ᠨ ᠳᠣᠲᠣᠭᠤᠷ ᠪᠥᠭᠲᠥᠭᠡᠨᠡᠨ ᠭᠦᠶᠦᠵᠦ ᠰᠢᠨ᠎ᠡ ᠬᠣᠶᠠᠷ ᠤᠯᠠᠭᠠᠨ ᠪᠠᠭᠠᠨ᠎ᠠ ᠡᠴᠡ ᠡᠬᠢᠯᠡᠨ ᠪᠦᠭᠦᠳᠡ ᠶ᠋ᠢ ᠪᠠᠷᠢᠵᠤ ᠦᠵᠡᠪᠡ᠃
  ᠊᠊᠊᠊᠊᠊᠊᠊᠊᠊᠊᠊᠊᠊᠊ ᠠᠪᠤ ᠠ᠋᠂ ᠡᠨᠡ ᠮᠠᠨᠠᠢᠬᠢ ᠤᠤ?
  ᠊᠊᠊᠊᠊᠊᠊᠊᠊᠊᠊᠊᠊᠊᠊ ᠲᠡᠢᠮᠦ᠃ ᠮᠠᠨᠠᠢᠬᠢ ᠭᠡᠵᠦ ᠡᠷᠳᠡᠨᠢ᠂ 《ᠮᠠᠨᠠᠢᠬᠢ》 ᠭᠡᠰᠡᠨ ᠦᠭᠡ ᠶ᠋ᠢ ᠭᠣᠴᠣᠯᠠᠨ ᠬᠡᠯᠡᠭᠡᠳ ᠢᠨᠢᠶᠡᠮᠰᠦᠭᠯᠡᠪᠡ᠃
  ᠪᠠᠲᠤ ᠶ᠋ᠢᠨ ᠨᠢᠳᠦ ᠭᠢᠯᠠᠯᠵᠠᠨ᠂ ᠲᠣᠭᠲᠠᠵᠤ ᠶᠠᠳᠠᠨ ᠪᠦᠬᠦᠨ ᠢ᠋ ᠬᠠᠷᠠᠵᠤ᠂ ᠤᠷᠲᠤ ᠤᠷᠲᠤ ᠠᠮᠢᠰᠬᠤᠭᠠᠳᠠᠨ ᠪᠠᠢᠬᠤ ᠳ᠋ᠤ᠌ 《ᠵᠢᠷᠭᠠᠯ》 ᠭᠡᠰᠡᠨ ᠦᠭᠡ ᠨᠢᠭᠤᠷ ᠲᠤᠨᠢ ᠲᠣᠳᠣᠷᠠᠵᠤ ᠪᠠᠢᠪᠠ᠃ ᠮᠠᠯᠠᠭᠠᠢ ᠪᠠᠨ ᠠᠪᠴᠤ ᠬᠠᠨ᠎ᠠ ᠶ᠋ᠢᠨ ᠲᠣᠯᠣᠭᠠᠢ ᠳ᠋ᠤ᠌ ᠡᠯᠭᠦᠪᠡ᠃
  ᠡᠴᠢᠭᠡ ᠬᠦᠦ ᠬᠣᠶᠠᠷ ᠤ᠋ᠨ ᠶᠡᠬᠡ ᠪᠠᠶᠠᠷ ᠤ᠋ᠨ ᠭᠡᠷᠡᠴᠢ ᠪᠣᠯᠤᠭᠰᠠᠨ ᠫᠧᠲ᠋ᠷ ᠣᠷᠣᠵᠤ ᠢᠷᠡᠭᠡᠳ ᠯᠡ ᠪᠠᠭᠠᠨ᠎ᠠ ᠲᠦᠰᠢᠵᠦ ᠢᠨᠢᠶᠡᠮᠰᠦᠭᠯᠡᠨ ᠵᠣᠭᠰᠣᠭᠠᠳ ᠲᠣᠮᠣ ᠭᠡᠭᠴᠢ ᠶ᠋ᠢᠨ ᠲᠠᠮᠠᠬᠢ ᠣᠷᠢᠶᠠᠵᠤ ᠲᠠᠲᠠᠯ᠎ᠠ᠃ ᠲᠠᠮᠠᠬᠢᠨ ᠤ᠋ ᠬᠢᠨᠢ ᠤᠲᠤᠭ᠎ᠠ ᠰᠤᠭᠤᠨᠠᠭᠯᠠᠨ ᠲᠣᠭᠣᠨᠣ ᠪᠠᠷ ᠰᠠᠪᠰᠠᠨ ᠭᠠᠷᠬᠤ ᠨᠢ ᠡᠨᠡ ᠭᠡᠷ ᠦ᠋ᠨ ᠳᠣᠲᠣᠷ᠎ᠠ ᠠᠮᠢᠳᠤᠷᠠᠯ ᠡᠬᠢᠯᠡᠭᠰᠡᠨ ᠢ᠋ ᠭᠠᠳᠠᠨᠠᠬᠢ ᠶᠢᠷᠲᠢᠨᠴᠦ ᠳ᠋ᠦ᠍ ᠲᠤᠩᠬᠠᠭᠯᠠᠵᠤ ᠪᠠᠢᠯ᠎ᠠ᠃
  ᠊᠊᠊᠊᠊᠊᠊᠊᠊᠊᠊᠊᠊᠊᠊ ᠢᠩᠭᠢᠭᠡᠳ ᠲᠠ ᠬᠣᠶᠠᠷ ᠠᠢᠯ ᠪᠣᠯᠳᠠᠭ ᠪᠠᠢᠵᠠᠢ᠃
  ᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠥᠪᠡᠷ ᠦ᠋ᠨ ᠭᠡᠬᠦ ᠣᠷᠣᠨ ᠲᠠᠢ ᠪᠣᠯᠤᠯ᠎ᠠ᠃
  ᠊᠊᠊᠊᠊᠊᠊᠊᠊᠊᠊᠊᠊᠊᠊ ᠢᠲᠡᠭᠡᠯᠲᠦ ᠶ᠋ᠢᠨ ᠭᠡᠷ ᠡᠴᠡ ᠭᠣᠶᠣ ᠭᠡᠷ ᠪᠠᠢᠨ᠎ᠠ ᠰᠢᠦ ᠳᠡ᠃
  ᠊᠊᠊᠊᠊᠊᠊᠊᠊᠊᠊᠊᠊᠊᠊ ᠲᠡᠷᠡ ᠴᠢᠨᠢ ᠤᠲᠤᠭ᠎ᠠ ᠲᠠᠢ ᠬᠠᠷ᠎ᠠ ᠰᠢᠦ ᠳᠡ᠃ ᠡᠨᠡ ᠴᠢᠨᠢ ᠰᠢᠨ᠎ᠡ ᠪᠣᠳᠣᠭ ᠲᠠᠢ ᠰᠠᠢᠬᠠᠨ ᠭᠡᠷ ᠭᠡᠳ ᠪᠠᠲᠤ ᠲᠡᠨᠢᠭᠦᠨ ᠢᠨᠢᠶᠡᠪᠡ᠃
  ᠢᠲᠡᠭᠡᠯᠲᠦ ᠶ᠋ᠢᠨ ᠭᠡᠷ ᠦ᠋ᠨ ᠲᠤᠬᠠᠢ ᠶᠠᠷᠢᠶ᠎ᠠ ᠡᠷᠳᠡᠨᠢ ᠶ᠋ᠢᠨ ᠰᠡᠳᠬᠢᠯ ᠳ᠋ᠦ᠍ ᠲᠤᠯᠭᠠᠷ ᠢ᠋ ᠪᠣᠳᠣᠭᠳᠠᠭᠤᠯᠵᠤ ᠴᠢᠷᠠᠢ ᠨᠢ ᠪᠠᠷᠤᠢᠨ ᠰᠠᠨᠠᠭ᠎ᠠ ᠠᠯᠳᠠᠪᠠ᠃ ᠭᠡᠪᠡᠴᠦ ᠪᠠᠶᠠᠷ ᠨᠢ ᠪᠠᠭᠲᠠᠵᠤ ᠶᠠᠳᠠᠭᠰᠠᠨ ᠬᠦᠦ ᠨᠢ ᠮᠡᠳᠡᠭᠡ ᠦᠭᠡᠢ ᠪᠥᠭᠡᠳ ᠬᠠᠷᠢᠨ ᠫᠧᠲ᠋ᠷ 《ᠶᠠᠭᠤᠨ ᠳ᠋ᠤ᠌ ᠢᠲᠡᠭᠡᠯᠲᠦ ᠶ᠋ᠢᠨ ᠭᠡᠷ ᠦ᠋ᠨ ᠲᠤᠬᠠᠢ ᠶᠠᠷᠢᠶ᠎ᠠ ᠭᠠᠷᠭᠠᠪᠠ ᠳᠠ》 ᠭᠡᠵᠦ ᠥᠪᠡᠷ ᠢ᠋ ᠪᠡᠨ ᠵᠢᠮᠡᠯᠡᠵᠦ ᠪᠠᠢᠯ᠎ᠠ᠃
  ᠠᠢᠯ ᠤ᠋ᠨ ᠲᠦᠯᠡᠭᠡ ᠠᠪᠴᠤ ᠭᠠᠯᠯᠠᠨ᠂ ᠳᠠᠩᠬᠤ ᠳ᠋ᠤ᠌ ᠴᠠᠢ ᠴᠢᠨᠠᠪᠠ᠃ ᠪᠠᠲᠤ ᠬᠠᠯᠢᠨ ᠨᠢᠰᠴᠦ ᠪᠠᠢᠭ᠎ᠠ ᠰᠡᠳᠬᠢᠯ ᠦ᠋ᠨ ᠪᠠᠶᠠᠷ ᠢ᠋ᠶ᠋ᠠᠨ ᠪᠠᠷᠢᠵᠤ ᠴᠢᠳᠠᠬᠤ ᠦᠭᠡᠢ᠂ ᠪᠠᠢᠨ ᠪᠠᠢᠨ ᠭᠠᠷᠴᠤ ᠡᠷᠦᠬᠡ ᠪᠡᠨ ᠶᠡᠬᠡ ᠪᠠᠭ᠎ᠠ ᠪᠣᠯᠭᠠᠨ᠎ᠠ᠃
  ᠴᠠᠢ ᠪᠣᠯᠵᠤ ᠬᠠᠰᠢᠶᠠᠨ ᠤ᠋ ᠠᠢᠯ ᠡᠴᠡ ᠠᠶᠠᠭ᠎ᠠ ᠠᠪᠴᠢᠷᠠᠨ ᠡᠷᠳᠡᠨᠢ ᠪᠣᠭᠴᠣᠨ ᠡᠴᠡ ᠪᠡᠨ ᠴᠢᠨᠠᠭᠰᠠᠨ ᠬᠥᠯᠳᠡᠭᠦᠦ ᠮᠢᠬ᠎ᠠ ᠭᠠᠷᠭᠠᠵᠤ ᠠᠶᠠᠭᠠᠨ ᠳ᠋ᠠᠭᠠᠨ ᠬᠥᠰᠬᠥᠯᠡᠨ ᠢᠳᠡᠯ᠎ᠡ᠂ ᠪᠠᠲᠤ ᠵᠤᠤᠬ᠎ᠠ ᠶ᠋ᠢᠨ ᠬᠠᠵᠠᠭᠤ ᠳ᠋ᠤ᠌ ᠲᠠᠪᠠᠲᠠᠢ ᠵᠠᠪᠢᠯᠠᠨ ᠰᠠᠭᠤᠭᠠᠳ ᠠᠶᠠᠭᠠᠨ ᠳᠣᠲᠣᠷ᠎ᠠ ᠡᠴᠡ ᠪᠡᠨ ᠬᠤᠷᠤᠭᠤ ᠪᠠᠷ ᠢ᠋ᠶ᠋ᠠᠨ ᠮᠢᠬ᠎ᠠ ᠡᠲᠡᠭᠦᠷᠳᠡᠨ ᠢᠳᠡᠵᠦ ᠪᠠᠢᠬᠤ ᠳ᠋ᠤ᠌ ᠬᠣᠷᠸ᠎ᠠ ᠡᠴᠡ ᠬᠦᠰᠡᠬᠦ ᠥᠭᠡᠷ᠎ᠡ ᠶᠠᠭᠤᠮ᠎ᠠ ᠪᠠᠢᠭᠰᠠᠨ ᠦᠭᠡᠢ᠃
  ᠊᠊᠊᠊᠊᠊᠊᠊᠊᠊᠊᠊᠊᠊᠊ ᠶᠠᠭᠤᠨ ᠤ᠋ ᠡᠮᠦᠨ᠎ᠡ ᠲᠤᠯᠭᠠᠷ ᠢ᠋ᠶ᠋ᠠᠨ ᠣᠯᠵᠤ ᠢᠷᠡᠶ᠎ᠡ᠃
  ᠊᠊᠊᠊᠊᠊᠊᠊᠊᠊᠊᠊᠊᠊᠊ ᠵᠥᠪ ᠳᠡ ᠬᠦ᠃ ᠴᠢ ᠴᠦ᠍ ᠬᠥᠭᠡᠷᠦᠬᠦᠢ ᠶ᠋ᠢ ᠭᠣᠮᠣᠳᠠᠭᠠᠭᠰᠠᠨ ᠳᠠ᠃
  ᠊᠊᠊᠊᠊᠊᠊᠊᠊᠊᠊᠊᠊᠊᠊ ᠢᠲᠡᠭᠡᠯᠲᠦ ᠡᠴᠡ ᠪᠣᠯᠤᠭᠰᠠᠨ ᠬᠡᠷᠡᠭ᠃
  ᠊᠊᠊᠊᠊᠊᠊᠊᠊᠊᠊᠊᠊᠊᠊ ᠪᠢᠰᠢ᠃ ᠲᠠ ᠬᠣᠶᠠᠷ ᠡᠴᠡ ᠪᠣᠯᠤᠭᠰᠠᠨ ᠬᠡᠷᠡᠭ᠃
  ᠊᠊᠊᠊᠊᠊᠊᠊᠊᠊᠊᠊᠊᠊᠊ ᠡᠷᠳᠡᠨᠢ ᠳᠤᠤᠭᠠᠷᠤᠭᠰᠠᠨ ᠦᠭᠡᠢ᠃ ᠫᠧᠲ᠋ᠷ ᠦ᠋ᠨ ᠬᠡᠯᠡᠭᠰᠡᠨ ᠦᠭᠡ ᠬᠠᠲᠠᠭᠤ ᠪᠣᠯᠪᠠᠴᠤ ᠦᠨᠡᠨ ᠦᠭᠡ ᠭᠡᠳᠡᠭ ᠢ᠋ ᠡᠨᠡ ᠬᠣᠭᠣᠷᠣᠨᠳᠣ ᠬᠠᠭᠠᠴᠠᠯ ᠮᠥᠷᠥᠭᠡᠳᠦᠯ ᠳ᠋ᠦ᠍ ᠳᠡᠪᠲᠦᠭᠰᠡᠨ ᠰᠡᠳᠬᠢᠯ ᠳ᠋ᠡᠭᠡᠨ ᠰᠠᠢᠨ ᠣᠢᠯᠠᠭᠠᠵᠤ ᠠᠪᠴᠠᠢ᠃
  ᠡᠷᠳᠡᠨᠢ ᠥᠷᠯᠥᠭᠡ ᠨᠢ ᠲᠦᠷᠭᠡᠨ ᠶᠠᠪᠤᠵᠤ ᠲᠤᠯᠭᠠᠷ ᠲᠠᠢ ᠠᠭᠤᠯᠵᠠᠬᠤ ᠪᠠᠷ ᠬᠠᠲᠠᠭᠤ ᠰᠢᠢᠳᠦᠭᠡᠳ ᠶᠠᠭᠤᠨ ᠤ᠋ ᠡᠮᠦᠨ᠎ᠡ ᠬᠣᠷᠢᠶᠠᠨ ᠤ᠋ ᠳᠠᠷᠤᠭ᠎ᠠ ᠲᠠᠷᠵᠠ ᠪᠠᠭᠠᠲᠤᠷ ᠲᠠᠢ ᠠᠭᠤᠯᠵᠠᠬᠤ ᠪᠠᠷ ᠶᠠᠪᠤᠬᠤ ᠳ᠋ᠤ᠌ ᠪᠠᠲᠤ ᠳ᠋ᠤ᠌ ᠭᠡᠷ ᠦ᠋ᠨ ᠬᠡᠷᠡᠭᠯᠡᠯ ᠠᠪᠬᠤ ᠬᠡᠳᠦᠨ ᠮᠥᠩᠭᠥᠨ ᠶᠠᠩᠴᠢᠶᠠᠨ ᠥᠭᠴᠡᠢ᠃
  ᠡᠷᠳᠡᠨᠢ ᠶ᠋ᠢ ᠣᠴᠢᠬᠤ ᠳ᠋ᠤ᠌ ᠮᠣᠷᠢ ᠪᠠᠨ ᠬᠥᠲᠥᠯᠦᠭᠡᠳ ᠬᠠᠰᠢᠶᠠᠨ ᠤ᠋ ᠬᠠᠭᠠᠯᠭ᠎ᠠ ᠪᠠᠷ ᠭᠠᠷᠴᠤ ᠪᠠᠢᠭᠰᠠᠨ ᠲᠠᠷᠵᠠ ᠪᠠᠭᠠᠲᠤᠷ 《ᠠᠱ᠌ᠢᠭᠦᠢ ᠴᠢ ᠬᠦᠷᠦᠭᠡᠳ ᠢᠷᠡᠪᠡ ᠤᠤ? ᠪᠢᠳᠡ ᠬᠣᠶᠠᠷ ᠢ᠋ ᠵᠠᠩᠵᠤᠨ ᠳᠠᠭᠤᠳᠠᠵᠤ ᠪᠠᠢᠨ᠎ᠠ᠃ ᠪᠣᠰᠢᠭᠣ ᠶᠠᠪᠤᠶ᠎ᠠ》 ᠭᠡᠯ᠎ᠡ᠃
  ᠵᠠᠮ ᠳ᠋ᠠᠭᠠᠨ ᠡᠷᠳᠡᠨᠢ ᠲᠤᠯᠭᠠᠷ ᠲᠠᠢ ᠪᠠᠨ ᠠᠭᠤᠯᠵᠠᠬᠤ ᠰᠢ᠌ᠤᠠᠪᠣᠷᠢ ᠪᠠᠨ ᠬᠡᠯᠡᠭᠡᠳ ᠲᠠᠷᠵᠠ ᠪᠠᠭᠠᠲᠤᠷ ᠡᠴᠡ ᠴᠢᠯᠥᠭᠡ ᠠᠪᠬᠤ ᠳ᠋ᠤᠨᠢ ᠲᠤᠰᠠᠯᠠᠬᠤ ᠶ᠋ᠢ ᠭᠤᠶᠤᠪᠠ᠃
  ᠊᠊᠊᠊᠊᠊᠊᠊᠊᠊᠊᠊᠊᠊᠊ ᠶᠠᠭᠤ ᠴᠤ᠌ ᠭᠡᠰᠡᠨ ᠵᠠᠩᠵᠤᠨ ᠶᠠᠭᠤ ᠭᠡᠬᠦ ᠨᠢ ᠪᠣᠢ᠃ ᠰᠣᠨᠣᠰᠤᠶ᠎ᠠ᠃ ᠴᠢᠬᠤᠯᠠ ᠬᠡᠷᠡᠭ ᠭᠠᠷᠴᠤ ᠶᠠᠪᠤ ᠭᠡᠪᠡᠯ ᠪᠢᠳᠡ ᠠᠷᠠᠳ ᠤ᠋ᠨ ᠲᠥᠷᠥ ᠤᠯᠤᠰ ᠤ᠋ᠨ ᠲᠥᠯᠥᠭᠡ ᠠᠮᠢ ᠪᠡᠶ᠎ᠡ ᠪᠡᠨ ᠬᠠᠢᠷ᠎ᠠ ᠦᠭᠡᠢ ᠵᠢᠳᠬᠦᠬᠦ ᠲᠠᠩᠭᠠᠷᠢᠭ ᠲᠠᠢ ᠤᠯᠤᠰ ᠭᠡᠵᠦ ᠪᠠᠭᠠᠲᠤᠷ ᠬᠡᠯᠡᠵᠡᠢ᠃
  ᠲᠡᠳᠡ ᠰᠢᠭᠤᠳ ᠶᠠᠪᠤᠵᠤ ᠵᠠᠩᠵᠤᠨ ᠤ᠋ ᠠᠯᠪᠠᠨ ᠪᠠᠢᠷᠢᠨ ᠳ᠋ᠤ᠌ ᠣᠴᠢᠪᠠ᠃ ᠫᠤᠤ ᠲᠠᠢ ᠴᠡᠷᠢᠭ ᠵᠣᠭᠰᠣᠭᠰᠠᠨ ᠡᠭᠦᠳᠡ ᠶ᠋ᠢ ᠲᠠᠲᠠᠵᠤ ᠵᠢᠵᠢᠭᠬᠡᠨ ᠲᠠᠰᠤᠯᠭᠠᠨ ᠳ᠋ᠤ᠌ ᠣᠷᠣᠬᠤ ᠳ᠋ᠤ᠌ ᠪᠢᠲᠡᠭᠦᠦ ᠵᠠᠬ᠎ᠠ ᠲᠠᠢ ᠨᠣᠭᠣᠭᠠᠨ ᠴᠠᠮᠴᠠ᠂ ᠥᠷᠭᠡᠨ ᠥᠪᠥᠷ ᠲᠡᠢ ᠥᠮᠥᠳᠥ ᠡᠮᠦᠰᠴᠦ ᠭᠢᠯᠲᠠᠭᠠᠨᠠᠭᠰᠠᠨ ᠬᠠᠷ᠎ᠠ ᠰᠠᠪᠢᠬᠢᠨ ᠭᠤᠲᠤᠯ ᠭᠢᠯᠠᠯᠵᠠᠭᠤᠯᠤᠭᠰᠠᠨ ᠰᠦᠬᠡᠪᠠᠭᠠᠲᠤᠷ ᠢᠨᠢᠶᠡᠨ ᠤᠭᠲᠤᠯ᠎ᠠ᠃ ᠲᠠᠷᠵᠠ᠂ ᠡᠷᠳᠡᠨᠢ ᠬᠣᠶᠠᠷ ᠴᠡᠷᠢᠭ ᠡᠷ᠎ᠡ ᠶ᠋ᠢᠨ ᠬᠥᠯ ᠬᠠᠪᠰᠤᠷᠤᠨ ᠨᠣᠮᠣᠬᠠᠨ ᠵᠣᠭᠰᠣᠵᠤ ᠶᠣᠰᠣᠯᠠᠪᠠ᠃
  ᠊᠊᠊᠊᠊᠊᠊᠊᠊᠊᠊᠊᠊᠊᠊ ᠲᠣᠪᠴᠢᠨ ᠪᠠᠢᠰᠠ ᠴᠠᠭᠠᠨᠲᠠᠨ ᠲᠠᠢ ᠨᠡᠢᠯᠡᠨ᠂ ᠰᠡᠴᠡᠨ ᠬᠠᠨ ᠤ᠋ ᠠᠢᠮᠠᠭ ᠲᠤ᠌ ᠴᠡᠷᠢᠭ ᠠᠭᠲᠠ ᠲᠠᠲᠠᠵᠤ᠂ ᠪᠢᠳᠡᠨ ᠲᠡᠢ ᠪᠠᠢᠯᠳᠤᠬᠤ ᠪᠠᠷ ᠪᠡᠯᠡᠳᠬᠡᠵᠦ ᠪᠠᠢᠨ᠎ᠠ᠃ ᠴᠠᠭ ᠠᠯᠳᠠᠪᠠᠯ ᠭᠦᠢᠴᠡᠵᠦ ᠳᠠᠷᠤᠬᠤ ᠳ᠋ᠤ᠌ ᠪᠡᠷᠬᠡ ᠪᠣᠯᠤᠨ᠎ᠠ᠃ ᠲᠡᠳᠡᠨ ᠢ᠋ ᠳᠠᠷᠤᠭᠤᠯᠬᠤ ᠪᠠᠷ ᠲᠠ ᠬᠣᠶᠠᠷ ᠢ᠋ ᠶᠠᠪᠤᠭᠤᠯᠤᠨ᠎ᠠ᠃ ᠠᠷᠪᠠᠨ ᠴᠡᠷᠢᠭ᠂ ᠭᠤᠷᠪᠠᠨ ᠵᠠᠭᠤᠨ ᠸᠢᠨᠲ᠋ᠣᠸ᠂ ᠰᠤᠮᠤ ᠶ᠋ᠢᠨ ᠬᠠᠮᠲᠤ ᠠᠪᠤᠭᠠᠳ ᠥᠨᠥᠳᠥᠷ ᠭᠠᠷ᠃ ᠴᠡᠷᠢᠭ ᠡᠷ᠎ᠡ ᠶ᠋ᠢ ᠵᠠᠮ ᠡᠴᠡ ᠪᠡᠨ ᠣᠯᠵᠤ ᠡᠯᠰᠡᠭᠦᠯ᠃ ᠲᠠ ᠨᠠᠷ ᠤ᠋ᠨ ᠬᠠᠮᠲᠤ ᠤᠯᠠᠭᠠᠨ ᠴᠡᠷᠢᠭ ᠦ᠋ᠨ ᠠᠩᠭᠢ ᠶᠠᠪᠤᠨ᠎ᠠ᠃ ᠦᠳᠡ ᠡᠴᠡ ᠬᠣᠢᠰᠢ ᠡᠨᠳᠡ ᠢᠷᠡᠵᠦ ᠲᠡᠳᠡᠨ ᠦ᠌ ᠳᠠᠷᠤᠭ᠎ᠠ ᠨᠠᠷ ᠲᠠᠢ ᠠᠭᠤᠯᠵᠠᠨ᠎ᠠ᠃ ᠮᠡᠳᠡᠪᠡ ᠤᠤ? ᠭᠡᠵᠦ ᠰᠦᠬᠡᠪᠠᠭᠠᠲᠤᠷ ᠬᠡᠯᠡᠪᠡ᠃
  ᠊᠊᠊᠊᠊᠊᠊᠊᠊᠊᠊᠊᠊᠊᠊ ᠮᠡᠳᠡᠯ᠎ᠡ ᠭᠡᠵᠦ ᠪᠠᠷᠤᠭ ᠵᠡᠷᠭᠡ ᠬᠡᠯᠡᠭᠡᠳ ᠶᠣᠰᠣᠯᠠᠪᠠ᠃ ᠭᠡᠪᠡᠴᠦ 《ᠮᠡᠳᠡᠯ᠎ᠡ》 ᠭᠡᠳᠡᠭ ᠦᠭᠡ ᠲᠠᠷᠵᠠ ᠪᠠᠭᠠᠲᠤᠷ ᠡᠴᠡ ᠣᠭᠠᠮᠰᠠᠷ ᠲᠠᠢ ᠭᠠᠷᠤᠭᠰᠠᠨ ᠪᠣᠯ ᠡᠷᠳᠡᠨᠢ ᠡᠴᠡ ᠲᠠᠷᠵᠠ ᠳ᠋ᠤ᠌ ᠲᠠᠲᠠᠭᠳᠠᠨ ᠠᠶᠠᠨᠳᠠᠭᠠᠨ ᠭᠠᠷᠴᠠᠢ᠃
  ᠰᠦᠬᠡᠪᠠᠭᠠᠲᠤᠷ ᠶᠠᠨᠵᠤᠤᠷ ᠭᠠᠷᠭᠠᠵᠤ ᠲᠠᠲᠠᠭᠠᠳ ᠡᠷᠳᠡᠨᠢ ᠶ᠋ᠢᠨ ᠳᠡᠷᠭᠡᠳᠡ ᠣᠴᠢᠪᠠ᠃
  《ᠣᠳᠣ ᠯᠠ ᠬᠡᠯᠡᠵᠦ ᠴᠢᠯᠥᠭᠡ ᠠᠪᠬᠤ ᠦᠭᠡᠢ ᠪᠣᠯ ᠲᠤᠯᠭᠠᠷ ᠲᠠᠢ ᠪᠠᠨ ᠠᠭᠤᠯᠵᠠᠳᠠᠭ ᠬᠥᠭ ᠥᠩᠭᠡᠷᠡᠯ᠎ᠡ!》 ᠭᠡᠵᠦ ᠪᠣᠳᠣᠭᠠᠳ ᠡᠷᠳᠡᠨᠢ ᠳᠠᠬᠢᠨ ᠦᠭᠡ ᠪᠡᠨ ᠡᠬᠢᠯᠡᠬᠦ ᠭᠡᠲᠡᠯ᠎ᠡ᠄
  ᠊᠊᠊᠊᠊᠊᠊᠊᠊᠊᠊᠊᠊᠊᠊ ᠡᠬᠡᠨᠡᠷ ᠡᠴᠡ ᠴᠢᠨᠢ ᠰᠤᠷᠠᠭ ᠲᠠᠢ ᠤᠤ? ᠭᠡᠵᠦ ᠰᠦᠬᠡᠪᠠᠭᠠᠲᠤᠷ ᠭᠡᠨᠡᠳᠲᠡ ᠠᠰᠠᠭᠤᠪᠠ᠃
  ᠊᠊᠊᠊᠊᠊᠊᠊᠊᠊᠊᠊᠊᠊᠊ ᠦᠭᠡᠢ᠁ ᠶᠠᠪᠤᠵᠤ ᠠᠭᠤᠯᠵᠠᠬᠤ ᠯᠠ ᠰᠠᠨᠠᠭ᠎ᠠ ᠲᠠᠢ ᠪᠠᠢᠳᠠᠭ᠃
  ᠊᠊᠊᠊᠊᠊᠊᠊᠊᠊᠊᠊᠊᠊᠊ ᠡᠷᠳᠡᠨᠢ ᠮᠢᠨᠢ ᠣᠳᠣᠬᠠᠨ ᠳ᠋ᠠᠭᠠᠨ ᠲᠤᠩ ᠪᠣᠯᠤᠮᠵᠢ ᠠᠯᠠᠭ᠎ᠠ᠃ ᠡᠨᠡ ᠠᠵᠢᠯ ᠤ᠋ᠨ ᠳᠠᠷᠠᠭ᠎ᠠ ᠴᠢᠮᠠᠶ᠋ᠢ ᠶᠠᠪᠤᠭᠤᠯᠬᠤ ᠶ᠋ᠢ ᠬᠢᠴᠢᠶᠡᠶ᠎ᠡ᠃
  ᠊᠊᠊᠊᠊᠊᠊᠊᠊᠊᠊᠊᠊᠊᠊ ᠠᠮᠢᠳᠤ ᠮᠡᠨᠳᠦ ᠪᠠᠢᠳᠠᠭ ᠪᠣᠯᠪᠠ ᠤᠤ? ᠭᠡᠵᠦ ᠰᠠᠨᠠᠭ᠎ᠠ ᠵᠣᠪᠠᠬᠤ ᠶᠤᠮ ᠳᠠ᠃
  ᠊᠊᠊᠊᠊᠊᠊᠊᠊᠊᠊᠊᠊᠊᠊ ᠠᠮᠢᠳᠤ ᠭᠡᠵᠦ ᠢᠲᠡᠭᠡᠨ᠎ᠡ ᠰᠢᠦ! ᠢᠲᠡᠭᠡᠯ ᠰᠢᠭ ᠰᠠᠢᠬᠠᠨ ᠶᠠᠭᠤᠮ᠎ᠠ ᠬᠠᠮᠢᠭ᠎ᠠ ᠪᠠᠢᠬᠤ ᠪᠣᠢ᠃ ᠢᠲᠡᠭᠡᠯ ᠲᠡᠢ ᠴᠠᠭ ᠲᠤ᠌ ᠬᠥᠮᠦᠨ ᠤᠬᠠᠭᠠᠨ ᠲᠠᠢ ᠴᠤ᠌᠂ ᠬᠦᠴᠦ ᠲᠡᠢ ᠴᠦ᠍ ᠪᠠᠢᠳᠠᠭ᠃ ᠢᠲᠡᠭᠡᠯ ᠢ᠋ᠶ᠋ᠡᠨ ᠠᠯᠳᠠᠭᠰᠠᠨ ᠬᠥᠮᠦᠨ ᠬᠡᠢ ᠨᠢ ᠭᠠᠷᠤᠭᠰᠠᠨ ᠨᠣᠢᠲᠠᠨ ᠭᠦᠵᠡᠭᠡ ᠰᠢᠭ ᠪᠣᠯᠳᠠᠭ ᠁ ᠬᠦᠦ ᠲᠡᠢ ᠪᠡᠨ ᠠᠭᠤᠯᠵᠠᠭᠰᠠᠨ ᠪᠢᠵᠡ?
  ᠊᠊᠊᠊᠊᠊᠊᠊᠊᠊᠊᠊᠊᠊᠊ ᠠᠭᠤᠯᠵᠠᠭᠰᠠᠨ᠃
  ᠰᠦᠬᠡᠪᠠᠭᠠᠲᠤᠷ ᠤ᠋ᠨ ᠨᠢᠳᠦ ᠨᠢ ᠰᠡᠢᠮᠡᠢᠵᠦ ᠢᠨᠢᠶᠡᠮᠰᠦᠭᠯᠡᠭᠰᠡᠨ ᠢ᠋ᠶ᠋ᠡᠨ ᠳᠡᠯᠢᠭᠴᠢ ᠠᠪᠤ ᠶ᠋ᠢᠨ ᠢ᠋ᠶ᠋ᠡᠨ ᠲᠠᠨᠢᠯ ᠬᠥᠭᠰᠢᠨ ᠦ᠌ ᠳ᠋ᠦ᠍ ᠣᠴᠢᠭᠠᠳ ᠪᠠᠢᠬᠤ ᠳ᠋ᠤᠨᠢ ᠵᠢᠷᠭᠠᠯ ᠤ᠋ᠨ ᠶᠠᠷᠢᠭᠰᠠᠨ ᠢ᠋ ᠳᠤᠷᠠᠳᠤᠭᠠᠳ᠄
  ᠊᠊᠊᠊᠊᠊᠊᠊᠊᠊᠊᠊᠊᠊᠊ ᠬᠦᠦ ᠲᠡᠢ ᠴᠢᠨᠢ ᠪᠢ ᠲᠡᠭᠡᠵᠦ ᠲᠠᠭᠠᠷᠠᠯᠳᠤᠭᠰᠠᠨ᠃ ᠴᠣᠪᠣᠭᠣ ᠡᠷ᠎ᠡ ᠪᠠᠢᠨ᠎ᠠ ᠪᠢᠯᠡ ᠭᠡᠯ᠎ᠡ᠃
  ᠊᠊᠊᠊᠊᠊᠊᠊᠊᠊᠊᠊᠊᠊᠊ ᠣᠳᠣ ᠬᠣᠶᠠᠭᠤᠯᠠ ᠪᠠᠨ ᠯᠠ ᠨᠣᠮ ᠦᠵᠡᠵᠦ ᠪᠠᠢᠭ᠎ᠠ ᠶᠤᠮ ᠪᠠᠢᠬᠤ ᠠ᠋᠃
  ᠊᠊᠊᠊᠊᠊᠊᠊᠊᠊᠊᠊᠊᠊᠊ ᠲᠡᠢᠮᠦ᠃ ᠡᠷᠳᠡᠮᠲᠡᠢ ᠬᠥᠮᠦᠨ ᠮᠥᠨ ᠴᠦ᠍ ᠶᠡᠬᠡ ᠬᠡᠷᠡᠭ ᠲᠡᠢ ᠪᠠᠢᠨ᠎ᠠ ᠳᠠ᠃
  ᠊᠊᠊᠊᠊᠊᠊᠊᠊᠊᠊᠊᠊᠊᠊ ᠵᠠ ᠲᠠ ᠨᠠᠷ ᠠᠷᠠᠳ ᠲᠦᠮᠡᠨ ᠳ᠋ᠦ᠍ ᠵᠠᠰᠠᠭ ᠲᠥᠷᠥ ᠶ᠋ᠢᠨ ᠪᠣᠳᠣᠯᠭ᠎ᠠ ᠶ᠋ᠢ ᠨᠠᠷᠢᠨ ᠲᠠᠢᠯᠪᠤᠷᠢᠯᠠᠵᠤ ᠡᠯᠪᠡᠷᠢᠯ ᠵᠢᠷᠤᠮ ᠲᠠᠢ ᠶᠠᠪᠤᠭᠠᠷᠠᠢ᠃
  ᠊᠊᠊᠊᠊᠊᠊᠊᠊᠊᠊᠊᠊᠊᠊ ᠮᠡᠳᠡᠯ᠎ᠡ ᠭᠡᠵᠦ ᠳᠠᠬᠢᠨ ᠵᠡᠷᠭᠡ ᠳᠤᠤᠭᠠᠷᠪᠠ᠃
  ᠊᠊᠊᠊᠊᠊᠊᠊᠊᠊᠊᠊᠊᠊᠊ ᠣᠳᠣ ᠳᠠᠷᠤᠭ᠎ᠠ᠂ ᠺᠣᠮᠢᠰᠰᠠᠷ ᠬᠣᠶᠠᠷ ᠤ᠋ᠨ ᠳᠠᠭᠤ ᠶᠠᠭ ᠨᠡᠢᠯᠡᠵᠦ ᠪᠠᠢᠨ᠎ᠠ ᠭᠡᠵᠦ ᠰᠦᠬᠡᠪᠠᠭᠠᠲᠤᠷ ᠶᠠᠪᠤᠵᠤ ᠰᠢᠷᠡᠭᠡᠨ ᠳᠡᠭᠡᠷ᠎ᠡ ᠡᠴᠡ ᠲᠠᠮᠠᠭ᠎ᠠ ᠲᠠᠢ ᠪᠢᠴᠢᠭ ᠠᠪᠴᠤ ᠡᠷᠳᠡᠨᠢ ᠳ᠋ᠦ᠍ ᠥᠭᠭᠦᠯ᠎ᠡ᠃
  ᠲᠡᠷᠡ ᠪᠢᠴᠢᠭ ᠪᠣᠯ ᠰᠡᠴᠡᠨ ᠬᠠᠨ ᠠᠢᠮᠠᠭ ᠲᠤ᠌ ᠶᠠᠪᠤᠬᠤ ᠴᠡᠷᠢᠭ ᠦ᠋ᠨ ᠳᠠᠷᠤᠭ᠎ᠠ ᠪᠠᠷ ᠲᠠᠷᠵᠠ ᠪᠠᠭᠠᠲᠤᠷ᠂ ᠺᠣᠮᠢᠰᠰᠠᠷ ᠢ᠋ᠶ᠋ᠠᠷ ᠡᠷᠳᠡᠨᠢ ᠶ᠋ᠢ ᠲᠣᠮᠢᠯᠠᠭᠰᠠᠨ ᠦᠨᠡᠮᠯᠡᠬᠦ ᠪᠠᠢᠯ᠎ᠠ᠃
  ᠲᠡᠷᠡ ᠬᠣᠶᠠᠷ ᠢ᠋ ᠭᠤᠳᠤᠮᠵᠢᠨ ᠳ᠋ᠤ᠌ ᠭᠠᠷᠬᠤ ᠳ᠋ᠤ᠌ ᠪᠤᠲᠠᠷᠠᠭᠰᠠᠨ ᠴᠠᠰᠤ ᠣᠷᠣᠵᠤ ᠪᠠᠢᠪᠠ᠃ ᠮᠣᠷᠢᠳ ᠢ᠋ᠶ᠋ᠠᠨ ᠤᠶᠠᠭᠠᠨ ᠡᠴᠡ ᠲᠠᠢᠯᠵᠤ ᠤᠨᠤᠭᠠᠳ ᠬᠠᠮᠲᠤ ᠬᠡᠰᠡᠭ ᠶᠠᠪᠤᠭᠰᠠᠨ ᠢ᠋ᠶ᠋ᠠᠨ ᠲᠠᠷᠵᠠ ᠪᠠᠭᠠᠲᠤᠷ ᠴᠡᠷᠢᠭ ᠵᠡᠪᠰᠡᠭ ᠢ᠋ᠶ᠋ᠡᠨ ᠠᠪᠴᠤ ᠶᠠᠪᠤᠬᠤ ᠳ᠋ᠤ᠌ ᠪᠡᠯᠡᠳᠬᠡᠬᠦ᠂ ᠡᠷᠳᠡᠨᠢ ᠬᠦᠦ ᠲᠡᠢ ᠪᠡᠨ ᠠᠭᠤᠯᠵᠠᠵᠤ ᠭᠡᠷ ᠪᠠᠷᠠᠭ᠎ᠠ ᠪᠠᠨ ᠲᠤᠰᠢᠶᠠᠵᠤ ᠥᠭᠬᠦ ᠪᠡᠷ ᠰᠠᠯᠤᠨ ᠣᠳᠤᠯ᠎ᠠ᠃ ᠮᠥᠨ ᠦᠳᠡ ᠡᠴᠡ ᠬᠣᠢᠰᠢ ᠴᠡᠷᠢᠭ ᠦ᠋ᠨ ᠶᠠᠮᠤᠨ ᠤ᠋ ᠡᠭᠦᠳᠡᠨ ᠳ᠋ᠦ᠍ ᠠᠭᠤᠯᠵᠠᠵᠤ ᠬᠠᠮᠲᠤ ᠶᠠᠪᠤᠬᠤ ᠤᠯᠠᠭᠠᠨ ᠴᠡᠷᠢᠭ ᠦ᠋ᠨ ᠳᠠᠷᠤᠭ᠎ᠠ ᠨᠠᠷ ᠲᠠᠢ ᠤᠴᠠᠷᠠᠬᠤ ᠪᠠᠷ ᠲᠣᠭᠲᠠᠪᠠ᠃
  ᠡᠷᠳᠡᠨᠢ ᠪᠠᠭ᠎ᠠ ᠦᠳᠡ ᠶ᠋ᠢᠨ ᠬᠢᠷᠢ ᠳ᠋ᠦ᠍ ᠭᠡᠷ ᠲᠡᠭᠡᠨ ᠢᠷᠡᠬᠦ ᠳ᠋ᠦ᠍ ᠬᠦᠦ ᠨᠢ ᠰᠢᠨᠡᠬᠡᠨ ᠰᠢᠷᠡᠮᠦᠨ ᠲᠣᠭᠣᠭᠠᠨ ᠳ᠋ᠤ᠌ ᠭᠤᠯᠢᠷ ᠲᠠᠢ ᠬᠣᠭᠣᠯᠠ ᠬᠢᠵᠦ ᠪᠠᠢᠯ᠎ᠠ᠃ ᠪᠠᠲᠤ ᠵᠢᠷᠭᠠᠯ ᠪᠣᠯᠤᠨ ᠪᠤᠰᠤᠳ ᠨᠥᠬᠥᠳ ᠲᠡᠢ ᠪᠡᠨ ᠬᠠᠮᠲᠤ ᠢᠷᠡᠵᠦ ᠭᠡᠷ ᠢ᠋ᠶ᠋ᠡᠨ ᠰᠦᠷᠡᠬᠡᠢ ᠶᠠᠩᠵᠤᠯᠠᠵᠠᠢ᠃
  ᠊᠊᠊᠊᠊᠊᠊᠊᠊᠊᠊᠊᠊᠊᠊ ᠵᠠ ᠠᠪᠤ ᠠ᠋᠂ ᠬᠡᠵᠢᠶ᠎ᠡ ᠶᠠᠪᠤᠬᠤ ᠪᠣᠯᠪᠠ? ᠭᠡᠳᠡᠭ ᠦᠭᠡ ᠪᠡᠷ ᠪᠠᠲᠤ ᠡᠴᠢᠭᠡ ᠪᠡᠨ ᠤᠭᠲᠤᠪᠠ᠃
  ᠊᠊᠊᠊᠊᠊᠊᠊᠊᠊᠊᠊᠊᠊᠊ ᠵᠤᠨ ᠳᠠᠰᠢ ᠪᠠᠨ ᠯᠠ ᠶᠠᠪᠤᠨ᠎ᠠ ᠳᠠ᠃
  ᠊᠊᠊᠊᠊᠊᠊᠊᠊᠊᠊᠊᠊᠊᠊ ᠶᠠᠭᠠᠬᠢᠭᠠᠳ? ᠪᠢ ᠡᠵᠢ ᠳ᠋ᠦ᠍ ᠡᠢᠮᠦ ᠶᠠᠭᠤᠮ᠎ᠠ ᠠᠪᠤᠭᠰᠠᠨ ᠭᠡᠳ ᠡᠪᠦᠷ ᠡᠴᠡ ᠪᠡᠨ ᠥᠩᠭᠡᠷᠡᠭᠰᠡᠨ ᠮᠣᠣᠲᠤᠤ ᠴᠠᠭᠠᠰᠤᠨ ᠳ᠋ᠤ᠌ ᠪᠣᠭᠣᠳᠠᠯ ᠲᠠᠢ ᠶᠠᠭᠤᠮ᠎ᠠ ᠭᠠᠷᠭᠠᠵᠤ ᠵᠠᠳᠠᠯᠪᠠ᠃ ᠲᠡᠷᠡ ᠨᠢ ᠬᠠᠢᠷᠴᠠᠭ ᠤ᠋ᠨ ᠴᠢᠪᠠᠭᠠᠨᠴᠠ ᠡᠴᠡ ᠠᠪᠤᠭᠰᠠᠨ ᠪᠢᠲᠡᠭᠦᠦ ᠫᠣᠢ᠌ᠯᠰᠤᠨ ᠪᠥᠭᠡᠵᠢ ᠪᠠᠢᠯ᠎ᠠ᠃
  ᠡᠷᠳᠡᠨᠢ ᠪᠥᠭᠡᠵᠢ ᠶ᠋ᠢ ᠠᠪᠴᠤ ᠠᠯᠠᠭᠠᠨ ᠳᠡᠭᠡᠷ᠎ᠡ ᠪᠡᠨ ᠤᠳᠠᠲᠠᠯ᠎ᠠ ᠠᠵᠢᠭᠯᠠᠭᠰᠠᠨ ᠢ᠋ᠶ᠋ᠠᠨ ᠰᠠᠨᠠᠭ᠎ᠠ ᠠᠯᠳᠠᠭᠠᠳ᠄
  ᠊᠊᠊᠊᠊᠊᠊᠊᠊᠊᠊᠊᠊᠊᠊ ᠴᠢᠬᠤᠯᠠ ᠠᠵᠢᠯ ᠭᠠᠷᠤᠭᠰᠠᠨ ᠭᠡᠯ᠎ᠡ᠃
  ᠊᠊᠊᠊᠊᠊᠊᠊᠊᠊᠊᠊᠊᠊᠊ ᠡᠵᠢ ᠲᠡᠢ ᠠᠭᠤᠯᠵᠠᠬᠤ ᠡᠴᠡ ᠤᠤ?
  ᠊᠊᠊᠊᠊᠊᠊᠊᠊᠊᠊᠊᠊᠊᠊ ᠠᠷᠠᠳ ᠤ᠋ᠨ ᠵᠠᠰᠠᠭ ᠤ᠋ᠨ ᠳᠠᠢᠰᠤᠨ ᠨᠤᠭᠤᠳ ᠢ᠋ ᠳᠠᠷᠤᠬᠤ ᠪᠠᠷ ᠶᠠᠪᠤᠨ᠎ᠠ᠃ ᠪᠢᠳᠡ ᠲᠡᠳᠡᠨ ᠢ᠋ ᠳᠠᠷᠤᠬᠤ ᠦᠭᠡᠢ ᠪᠣᠯ ᠲᠡᠳᠡ ᠪᠢᠳᠡ ᠶ᠋ᠢ ᠳᠠᠷᠤᠨ᠎ᠠ ᠰᠢᠦ ᠳᠡ᠃ ᠡᠴᠢᠭᠡ ᠶ᠋ᠢᠨ ᠢ᠋ᠶ᠋ᠡᠨ ᠶᠠᠷᠢᠭᠰᠠᠨ ᠡᠴᠡ ᠰᠡᠳᠬᠢᠯ ᠳ᠋ᠦ᠍ᠨᠢ ᠵᠥᠪᠬᠡᠨ 《ᠶᠠᠪᠤᠨ᠎ᠠ》 ᠭᠡᠳᠡᠭ ᠬᠠᠷᠪᠤᠵᠤ ᠣᠷᠣᠭᠰᠠᠨ ᠠᠶ᠎ᠠ ᠦᠭᠡᠢ ᠦᠭᠡ ᠶ᠋ᠢ ᠪᠠᠲᠤ ᠦᠯᠡᠳᠡᠭᠡᠵᠦ ᠠᠪᠤᠯ᠎ᠠ᠃ ᠰᠠᠯᠵᠤ ᠬᠠᠭᠠᠴᠠᠬᠤ ᠶ᠋ᠢᠨ ᠵᠣᠪᠠᠯᠠᠩ ᠢ᠋ ᠬᠡᠮᠵᠢᠶ᠎ᠡ ᠡᠴᠡ ᠬᠡᠲᠦᠷᠡᠭᠦᠯᠦᠨ ᠦᠵᠡᠭᠰᠡᠨ ᠲᠡᠭᠦᠨ ᠳ᠋ᠦ᠍ ᠡᠭᠦᠨ ᠡᠴᠡ ᠬᠦᠨᠳᠦ ᠦᠭᠡ ᠪᠠᠢᠭᠰᠠᠨ ᠦᠭᠡᠢ᠃
  ᠊᠊᠊᠊᠊᠊᠊᠊᠊᠊᠊᠊᠊᠊᠊ ᠣᠳᠣ ᠲᠠᠨ ᠡᠴᠡ ᠰᠠᠯᠬᠤ ᠦᠭᠡᠢ᠃ ᠶᠠᠪᠤᠳᠠᠭ ᠶᠤᠮ ᠭᠡᠬᠦ ᠳ᠋ᠦ᠍ ᠬᠠᠮᠲᠤ ᠶᠠᠪᠤᠨ᠎ᠠ ᠭᠡᠵᠦ ᠰᠢᠢᠳᠮᠡᠭᠡᠢ ᠳᠠᠭᠤ ᠪᠠᠷ ᠬᠡᠯᠡᠪᠡ᠃
  ᠭᠡᠷ ᠦ᠋ᠨ ᠳᠣᠲᠣᠷ᠎ᠠ ᠨᠢᠭᠡᠨ ᠬᠡᠰᠡᠭ ᠠᠨᠢᠷ ᠴᠢᠮᠡᠭᠡ ᠦᠭᠡᠢ ᠪᠠᠢᠭᠰᠠᠨ ᠪᠥᠭᠡᠳ ᠡᠷᠳᠡᠨᠢ ᠶ᠋ᠢᠨ ᠬᠤᠪᠢ ᠳ᠋ᠤ᠌ ᠬᠦᠦ ᠪᠡᠨ ᠵᠢᠮᠡᠯᠡᠬᠦ᠂ ᠲᠡᠭᠦᠨ ᠳ᠋ᠦ᠍ 《ᠪᠢ ᠶᠠᠪᠤᠨ᠎ᠠ᠃ ᠴᠢ ᠦᠯᠡᠳᠡ》 ᠭᠡᠵᠦ ᠰᠢᠭᠤᠳ ᠬᠡᠯᠡᠵᠦ ᠴᠢᠳᠠᠬᠤ ᠦᠭᠡᠢ ᠪᠠᠢᠯ᠎ᠠ᠃ ᠠᠷᠭ᠎ᠠ ᠨᠢ ᠪᠠᠷᠠᠭᠳᠠᠭᠰᠠᠨ ᠡᠷᠳᠡᠨᠢ ᠲᠣᠭᠣᠷᠢᠨ ᠵᠣᠭᠰᠣᠭᠰᠠᠨ ᠵᠠᠯᠠᠭᠤᠴᠤᠳ ᠢ᠋ ᠬᠠᠷᠠᠯ᠎ᠠ᠃ 《ᠲᠠ ᠨᠠᠷ ᠪᠠᠲᠤ ᠳ᠋ᠠᠭᠠᠨ ᠬᠡᠯᠡᠵᠦ ᠥᠭᠭᠦᠭᠡᠴᠢ᠂ ᠪᠢ ᠶᠠᠪᠣᠯ ᠦᠭᠡᠢ ᠪᠣᠯᠬᠤ ᠦᠭᠡᠢ》 ᠭᠡᠰᠡᠨ ᠭᠤᠶᠤᠯᠲᠠ ᠡᠷᠳᠡᠨᠢ ᠶ᠋ᠢᠨ ᠨᠢᠭᠤᠷ ᠲᠤ᠌ ᠪᠢᠴᠢᠭᠡᠰᠦᠲᠡᠢ ᠪᠠᠢᠯ᠎ᠠ᠃
  ᠊᠊᠊᠊᠊᠊᠊᠊᠊᠊᠊᠊᠊᠊᠊ ᠡᠪᠦᠭᠡᠨ ᠮᠢᠨᠢ ᠠᠪᠤ ᠴᠢᠨᠢ ᠬᠦᠷᠦᠭᠡᠳ ᠯᠡ ᠢᠷᠡᠨ᠎ᠡ ᠰᠢᠦ ᠳᠡ ᠭᠡᠵᠦ ᠵᠢᠷᠭᠠᠯ ᠡᠬᠢᠯᠡᠨ ᠳᠤᠤᠭᠠᠷᠪᠠ᠃
  ᠊᠊᠊᠊᠊᠊᠊᠊᠊᠊᠊᠊᠊᠊᠊ ᠪᠢ ᠯᠡ ᠠᠪᠤ ᠡᠴᠡ ᠣᠳᠣ ᠰᠠᠯᠬᠤ ᠦᠭᠡᠢ᠃
  ᠊᠊᠊᠊᠊᠊᠊᠊᠊᠊᠊᠊᠊᠊᠊ ᠢᠱ᠌ᠢ᠂ ᠬᠦᠦ ᠮᠢᠨᠢ᠃ ᠠᠪᠤ ᠨᠢ ᠲᠡᠢᠨ ᠳ᠋ᠦ᠍ ᠶᠠᠪᠤᠬᠤ ᠭᠡᠵᠦ ᠪᠠᠢᠨ᠎ᠠ ᠰᠢᠦ ᠳᠡ᠃
  ᠊᠊᠊᠊᠊᠊᠊᠊᠊᠊᠊᠊᠊᠊᠊ ᠲᠡᠷᠡ ᠳᠣᠳᠣᠮ ᠢ᠋ᠶ᠋ᠠᠨ ᠰᠠᠯᠬᠤ ᠦᠭᠡᠢ᠃
  ᠊᠊᠊᠊᠊᠊᠊᠊᠊᠊᠊᠊᠊᠊᠊ ᠠᠪᠤ ᠴᠢᠨᠢ ᠤᠯᠤᠰ ᠣᠷᠣᠨ ᠤ᠋ ᠴᠢᠬᠤᠯᠠ ᠬᠡᠷᠡᠭ ᠲᠦ᠍ ᠶᠠᠪᠤᠬᠤ ᠭᠡᠵᠦ ᠪᠠᠢᠨ᠎ᠠ᠃ ᠴᠢᠩᠭᠢᠬᠦ ᠳ᠋ᠦ᠍ ᠴᠢ ᠨᠢᠯᠬ᠎ᠠ ᠬᠡᠦᠬᠡᠳ ᠰᠢᠭ ᠳᠠᠭᠠᠭᠠᠳ ᠪᠣᠯᠬᠤ ᠦᠭᠡᠢ ᠭᠡᠵᠦ ᠨᠢᠭᠡ ᠵᠠᠯᠠᠭᠤ ᠬᠡᠯᠡᠯ᠎ᠡ᠃
  ᠊᠊᠊᠊᠊᠊᠊᠊᠊᠊᠊᠊᠊᠊᠊ ᠰᠦᠬᠡᠪᠠᠭᠠᠲᠤᠷ ᠵᠠᠩᠵᠤᠨ ᠨᠠᠮᠠᠶ᠋ᠢ ᠡᠬᠢᠨ ᠳ᠋ᠦ᠍ ᠶᠠᠪᠤᠭᠤᠯᠵᠤ ᠪᠠᠢᠭ᠎ᠠ ᠶᠤᠮ ᠭᠡᠳ ᠡᠷᠳᠡᠨᠢ ᠬᠦᠦ ᠪᠡᠨ ᠬᠠᠷᠠᠯ᠎ᠠ᠃
  ᠡᠭᠦᠳᠡ ᠨᠡᠭᠡᠭᠡᠭᠳᠡᠵᠦ ᠫᠧᠲ᠋ᠷ ᠣᠷᠣᠵᠤ ᠢᠷᠡᠭᠡᠳ᠄
  ᠊᠊᠊᠊᠊᠊᠊᠊᠊᠊᠊᠊᠊᠊᠊ ᠴᠠᠭᠠᠨᠲᠠᠨ ᠲᠠᠢ ᠪᠠᠢᠯᠳᠤᠬᠤ ᠪᠠᠷ ᠵᠡᠭᠦᠨ ᠠᠢᠮᠠᠭ ᠲᠤ᠌ ᠶᠠᠪᠤᠬᠤ ᠤᠯᠠᠭᠠᠨ ᠴᠡᠷᠢᠭ ᠦ᠋ᠨ ᠺᠣᠮᠢᠰᠰᠠᠷ ᠢ᠋ᠶ᠋ᠠᠷ ᠶᠠᠪᠤᠬᠤ ᠪᠣᠯᠤᠯ᠎ᠠ᠃ ᠪᠢᠳᠡᠨ ᠲᠡᠢ ᠲᠠᠷᠵᠠ ᠪᠠᠭᠠᠲᠤᠷ ᠲᠠ ᠬᠣᠶᠠᠷ ᠶᠠᠪᠤᠬᠤ ᠶᠤᠮ ᠭᠡᠨ᠎ᠡ᠃ ᠵᠠ ᠬᠠᠮᠲᠤ ᠶᠠᠪᠤᠳᠠᠭ ᠪᠣᠯᠵᠤ ᠳᠠ ᠭᠡᠯ 
  ᠊᠊᠊᠊᠊᠊᠊᠊᠊᠊᠊᠊᠊᠊᠊ ᠫᠧᠲ᠋ᠷ ᠠᠬ᠎ᠠ ᠨᠢ ᠴᠦ᠍ ᠪᠠᠰᠠ ᠶᠠᠪᠤᠬᠤ ᠨᠢ ᠪᠠᠢᠨ᠎ᠠ ᠰᠢᠦ ᠳᠡ᠃
  ᠪᠠᠲᠤ ᠳᠤᠤᠭᠠᠷᠤᠭᠰᠠᠨ ᠦᠭᠡᠢ᠂ ᠪᠣᠳᠣᠯ ᠪᠣᠯᠤᠨ ᠬᠡᠰᠡᠭ ᠵᠣᠭᠰᠣᠭᠰᠠᠨ ᠢ᠋ᠶ᠋ᠠᠨ᠄
  ᠊᠊᠊᠊᠊᠊᠊᠊᠊᠊᠊᠊᠊᠊᠊ ᠲᠡᠭᠡᠭᠡᠳ ᠬᠡᠵᠢᠶ᠎ᠡ ᠶᠠᠪᠤᠬᠤ ᠶᠤᠮ ᠪᠣᠢ? ᠭᠡᠵᠦ ᠰᠤᠯᠠᠬᠠᠨ ᠠᠰᠠᠭᠤᠪᠠ᠃
  ᠊᠊᠊᠊᠊᠊᠊᠊᠊᠊᠊᠊᠊᠊᠊ ᠥᠨᠥᠳᠥᠷ ᠭᠠᠷᠤᠨ᠎ᠠ᠃ ᠮᠢᠨᠦ ᠬᠦᠦ ᠭᠡᠷ ᠲᠡᠭᠡᠨ ᠪᠠᠢᠬᠤ ᠤᠤ? ᠠᠯᠢ ᠰᠤᠷᠭᠠᠭᠤᠯᠢ ᠳᠡᠭᠡᠷ᠎ᠡ ᠪᠡᠨ᠁ ᠭᠡᠲᠡᠯ᠎ᠡ
  ᠊᠊᠊᠊᠊᠊᠊᠊᠊᠊᠊᠊᠊᠊᠊ ᠰᠤᠷᠭᠠᠭᠤᠯᠢ ᠳᠡᠭᠡᠷ᠎ᠡ ᠪᠡᠨ ᠪᠠᠢᠪᠠᠯ ᠳᠡᠭᠡᠷ᠎ᠡ ᠭᠡᠵᠦ ᠫᠧᠲ᠋ᠷ ᠵᠥᠪᠯᠡᠪᠡ᠃ ᠲᠡᠷᠡ ᠣᠷᠣᠢ ᠡᠴᠢᠭᠡ ᠶ᠋ᠢ ᠪᠡᠨ ᠴᠡᠷᠢᠭ ᠦ᠋ᠨ ᠶᠠᠮᠤᠨ ᠤ᠋ ᠡᠭᠦᠳᠡᠨ ᠡᠴᠡ ᠬᠥᠳᠡᠯᠬᠦ ᠳ᠋ᠦ᠍ ᠪᠠᠲᠤ ᠣᠴᠢᠵᠤ ᠦᠳᠡᠵᠦ ᠥᠭᠭᠦᠭᠰᠡᠨ ᠪᠥᠭᠡᠳ ᠰᠦᠬᠡᠪᠠᠭᠠᠲᠤᠷ ᠵᠠᠩᠵᠤᠨ ᠪᠠᠢᠭᠰᠠᠨ ᠪᠣᠯᠬᠣᠷ ᠤᠬᠢᠯᠠᠵᠤ ᠴᠢᠳᠠᠭᠰᠠᠨ ᠦᠭᠡᠢ᠃
  ᠡᠷᠳᠡᠨᠢ ᠤᠯᠠᠭᠠᠨ ᠴᠡᠷᠢᠭ ᠦ᠋ᠨ ᠠᠩᠭᠢ ᠲᠠᠢ ᠣᠣ ᠪᠤᠯᠤᠩ ᠳ᠋ᠤ᠌ ᠨᠡᠢᠯᠡᠬᠦ ᠶᠣᠰᠣᠲᠠᠢ ᠪᠠᠢᠪᠠ᠃ ᠣᠳᠣᠨ ᠲᠦᠭᠡᠵᠦ ᠦᠳᠡᠰᠢ ᠶ᠋ᠢᠨ ᠬᠦᠢᠲᠡᠨ ᠰᠠᠯᠬᠢ ᠬᠤᠪᠴᠠᠰᠤ ᠨᠡᠪᠲᠡ ᠦᠯᠢᠶᠡᠭᠰᠡᠨ ᠲᠡᠷᠡ ᠨᠢᠭᠡᠨ ᠰᠥᠨᠢ ᠵᠡᠪᠰᠡᠭ ᠠᠴᠢᠭᠰᠠᠨ ᠮᠣᠷᠢᠨ ᠲᠡᠷᠭᠡᠨ ᠦ᠌ ᠡᠮᠦᠨ᠎ᠡ ᠲᠠᠷᠵᠠ ᠪᠠᠭᠠᠲᠤᠷ ᠤ᠋ᠨ ᠬᠠᠮᠲᠤ ᠵᠡᠭᠦᠨ ᠵᠦᠭ ᠢ᠋ ᠴᠢᠭᠯᠡᠨ ᠶᠠᠪᠤᠵᠤ ᠪᠠᠢᠬᠤ ᠳ᠋ᠤ᠌ ᠵᠢᠯ ᠭᠠᠷᠤᠢ ᠶ᠋ᠢᠨ ᠡᠮᠦᠨ᠎ᠡ ᠭᠦᠨ ᠰᠥᠨᠢ ᠭᠠᠮᠢᠩ ᠲᠠᠢ ᠫᠤᠤᠳᠠᠯᠴᠠᠨ ᠳᠠᠪᠬᠢᠵᠤ ᠪᠠᠢᠭᠰᠠᠨ ᠨᠢ ᠲᠣᠳᠣᠬᠠᠨ ᠰᠠᠨᠠᠭᠳᠠᠨ᠎ᠠ᠃