ᠲᠤᠩᠭᠠᠯᠠᠭ ᠲᠠᠮᠢᠷ2-07-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠲᠡᠳᠡ ᠪᠣᠯ ᠨᠢᠭᠦᠯ ᠲᠡᠢ᠂ ᠪᠤᠷᠬᠠᠨ ᠱᠠᠰᠢᠨ ᠦᠭᠡᠢ ᠤᠯᠤᠰ》 - ᠬᠣᠶᠠᠳᠤᠭᠠᠷ ᠪᠦᠯᠦᠭ ᠳᠣᠯᠣᠭ᠎ᠠ
ᠤᠰᠤᠨ ᠮᠠᠨᠠᠨ ᠬᠠᠲᠠᠭᠰᠠᠨ ᠡᠪᠦᠯ ᠦ᠋ᠨ ᠬᠦᠢᠲᠡᠨ ᠡᠳᠦᠷ ᠲᠠᠮᠢᠷ ᠤ᠋ᠨ ᠮᠥᠰᠥᠨ ᠳᠡᠭᠡᠭᠦᠷ ᠰᠢᠷᠣᠢ ᠠᠰᠬᠠᠵᠤ ᠣᠭᠲᠣᠯᠤᠭᠰᠠᠨ ᠬᠠᠷᠭᠤᠢ ᠪᠠᠷ ᠴᠠᠩ ᠪᠣᠯᠤᠭᠰᠠᠨ ᠮᠣᠷᠢ ᠲᠠᠢ ᠬᠣᠶᠠᠷ ᠬᠥᠮᠦᠨ ᠳᠠᠪᠬᠢᠵᠤ ᠭᠠᠷᠤᠯ᠎ᠠ᠃ ᠡᠮᠦᠨ᠎ᠡ ᠨᠢ ᠢᠲᠡᠭᠡᠯᠲᠦ᠂ ᠬᠣᠢᠨ᠎ᠠ ᠶᠠᠪᠤᠭ᠎ᠠ ᠨᠢ ᠭᠠᠯᠰᠠᠩ ᠠᠵᠢ᠃
ᠢᠲᠡᠭᠡᠯᠲᠦ ᠥᠨᠥ ᠥᠷᠯᠥᠭᠡ ᠫᠡᠪᠯᠦᠧ ᠶ᠋ᠢ ᠢᠷᠡᠵᠡᠢ ᠭᠡᠵᠦ ᠰᠣᠨᠣᠰᠤᠭᠠᠳ ᠨᠠᠢᠵᠢ ᠨᠥᠬᠥᠷ ᠲᠡᠢ ᠪᠡᠨ ᠠᠭᠤᠯᠵᠠᠬᠤ ᠭᠡᠵᠦ ᠶᠠᠭᠠᠷᠠᠨ ᠶᠠᠪᠤᠭ᠎ᠠ ᠶᠤᠮ᠃
ᠫᠡᠪᠯᠦᠧ ᠮᠠᠨᠢ ᠡᠪᠦᠯ ᠢᠷᠡᠬᠦ ᠶᠣᠰᠣ ᠦᠭᠡᠢ ᠶᠤᠮᠰᠠᠨ᠃ ᠨᠢᠭᠡ ᠯᠡ ᠰᠦᠷᠡᠬᠡᠢ ᠬᠡᠷᠡᠭ ᠭᠠᠷᠴᠤ ᠳᠠ ᠭᠡᠵᠦ ᠳᠣᠲᠣᠷ᠎ᠠ ᠪᠠᠨ ᠪᠣᠳᠣᠵᠤ ᠴᠣᠬᠣᠮ ᠶᠠᠮᠠᠷ ᠬᠡᠷᠡᠭ ᠭᠠᠷᠤᠭᠰᠠᠨ ᠢ᠋ ᠲᠠᠭᠠᠮᠠᠭᠯᠠᠵᠤ ᠶᠠᠳᠠᠨ ᠡᠯᠳᠡᠪ ᠢ᠋ ᠰᠡᠳᠬᠢᠨ ᠶᠠᠪᠤᠨ᠎ᠠ᠃
ᠥᠩᠭᠡᠷᠡᠭᠰᠡᠨ ᠵᠤᠨ ᠫᠡᠪᠯᠦᠧ ᠢᠷᠡᠬᠦ ᠳ᠋ᠡᠭᠡᠨ ᠤᠷᠢᠳᠤ ᠤᠷᠢᠳᠤ ᠡᠴᠡ ᠣᠯᠵᠠ ᠲᠠᠢ ᠢᠷᠡᠵᠦ ᠪᠢᠯᠡ᠃ ᠪᠠᠰᠠ ᠳᠥᠩᠭᠡᠨ ᠦ᠌ ᠣᠷᠴᠢᠮ ᠮᠠᠯ ᠮᠠᠯᠯᠠᠬᠤ ᠭᠠᠵᠠᠷ ᠬᠠᠮᠲᠤᠷᠠᠵᠤ ᠪᠠᠢᠭᠤᠯᠪᠠᠯ ᠤᠯᠠᠮ ᠴᠤ᠌ ᠶᠡᠬᠡ ᠠᠰᠢᠭ ᠣᠯᠬᠤ ᠲᠤᠬᠠᠢ ᠶᠠᠷᠢᠵᠤ ᠪᠠᠢᠭᠰᠠᠨ ᠢ᠋ ᠰᠠᠨᠠᠵᠤ ᠡᠨᠡ ᠬᠡᠷᠡᠭ ᠢ᠋ᠶ᠋ᠡᠨ ᠲᠦᠷᠭᠡᠨ ᠬᠢᠬᠦ ᠶ᠋ᠢ ᠪᠣᠳᠣᠭᠠᠳ ᠢᠷᠡᠭᠰᠡᠨ ᠪᠣᠯᠪᠠ ᠤᠤ ᠭᠡᠵᠦ ᠪᠣᠳᠣᠨ᠎ᠠ᠃ ᠫᠡᠪᠯᠦᠧ ᠵᠤᠨ ᠢᠷᠡᠬᠦ ᠳ᠋ᠡᠭᠡᠨ ᠶᠡᠬᠡ ᠶᠠᠭᠤᠮ᠎ᠠ ᠶᠠᠷᠢᠭᠰᠠᠨ᠃ ᠣᠷᠣᠰ ᠣᠷᠣᠨ ᠳ᠋ᠤ᠌ ᠬᠠᠭᠠᠨᠲᠤ ᠵᠠᠰᠠᠭ ᠤᠨᠠᠵᠤ᠂ ᠰᠢᠨ᠎ᠡ ᠵᠠᠰᠠᠭ ᠲᠣᠭᠲᠠᠭᠰᠠᠨ ᠪᠥᠭᠡᠳ ᠪᠠᠶᠠᠨ ᠴᠢᠳᠠᠯ ᠲᠠᠢ ᠬᠥᠮᠦᠰ ᠣᠯᠵᠠ ᠣᠯᠬᠤ ᠰᠠᠢᠬᠠᠨ ᠴᠠᠭ ᠢᠷᠡᠭᠰᠡᠨ ᠭᠡᠵᠦ ᠶᠠᠷᠢᠭᠰᠠᠨ᠃ ᠪᠠᠰᠠ ᠭᠧᠷᠮᠠᠨ ᠲᠠᠢ ᠬᠢᠵᠦ ᠪᠠᠢᠭ᠎ᠠ ᠲᠡᠢᠨ ᠵᠠᠪᠠᠯ ᠲᠠᠢᠯᠵᠤ ᠳᠠᠭᠤᠰᠬᠠᠬᠤ ᠪᠣᠯᠤᠭᠰᠠᠨ ᠪᠣᠯᠬᠣᠷ ᠦᠬᠡᠷ ᠦ᠋ᠨ ᠦᠨ᠎ᠡ ᠤᠯᠠᠮ ᠬᠠᠲᠠᠵᠤ ᠣᠯᠬᠤ ᠮᠥᠩᠭᠥ ᠦᠯᠡᠮᠵᠢ ᠪᠣᠯᠤᠨ᠎ᠠ ᠭᠡᠵᠦ ᠶᠠᠷᠢᠵᠤ ᠪᠠᠢᠭᠰᠠᠨ ᠨᠢ ᠰᠠᠨᠠᠭᠳᠠᠨ᠎ᠠ᠃
ᠨᠠᠢᠵᠢ ᠮᠢᠨᠢ ᠣᠯᠵᠠ ᠦᠨᠦᠷᠲᠦᠵᠦ ᠣᠷᠬᠢᠭᠠᠳ ᠳᠣᠪᠲᠣᠯᠵᠤ ᠢᠷᠡᠭᠰᠡᠨ ᠪᠠᠢᠬ᠎ᠠ ᠭᠡᠵᠦ ᠪᠣᠳᠣᠬᠤ ᠳ᠋ᠤ᠌ ᠮᠣᠷᠢ ᠨᠢ ᠣᠷᠣᠭᠰᠢ ᠪᠠᠨ ᠠᠬᠢᠵᠤ ᠥᠭᠬᠦ ᠦᠭᠡᠢ ᠪᠠᠢᠭ᠎ᠠ ᠶᠤᠮ ᠰᠢᠭ᠋ ᠰᠠᠨᠠᠭᠳᠠᠨ ᠳᠠᠪᠬᠢᠨ᠎ᠠ᠃
ᠢᠩᠭᠢᠵᠦ ᠶᠠᠪᠤᠭᠰᠠᠭᠠᠷ ᠫᠡᠪᠯᠦᠧ ᠶ᠋ᠢᠨ ᠰᠠᠭᠤᠷᠢᠨ ᠳ᠋ᠤ᠌ ᠣᠢᠷᠠᠲᠤᠵᠤ ᠣᠴᠢᠪᠠᠯ ᠶᠠᠨᠲᠤᠩ ᠢ᠋ᠶ᠋ᠠᠷ ᠬᠥᠬᠡ ᠤᠲᠤᠭ᠎ᠠ ᠪᠤᠷᠭᠢᠯᠤᠨ ᠭᠠᠷᠴᠤ ᠬᠠᠷᠠᠭᠳᠠᠪᠠ᠃
ᠫᠡᠪᠯᠦᠧ ᠶ᠋ᠢᠨ ᠬᠠᠰᠢᠶᠠᠨ ᠳ᠋ᠤ᠌ ᠣᠷᠣᠭᠠᠳ ᠮᠣᠷᠢ ᠪᠠᠨ ᠤᠶᠠᠵᠤ ᠪᠠᠢᠬᠤ ᠳ᠋ᠤ᠌ ᠪᠠᠢᠰᠢᠩ ᠡᠴᠡ ᠫᠡᠪᠯᠦᠧ᠂ ᠡᠬᠡᠨᠡᠷ ᠥᠬᠢᠨ ᠬᠣᠶᠠᠷ ᠤ᠋ᠨ ᠬᠠᠮᠲᠤ ᠭᠠᠷᠴᠤ ᠢᠷᠡᠭᠡᠳ ᠵᠣᠭᠰᠣᠪᠠ᠃
《ᠪᠦᠷ ᠡᠨᠡ ᠬᠣᠶᠠᠷ ᠲᠠᠢ ᠪᠠᠨ ᠢᠷᠡᠭᠰᠡᠨ ᠪᠠᠢᠨ᠎ᠠ ᠰᠢᠦ》 ᠭᠡᠵᠦ ᠪᠣᠳᠣᠭᠠᠳ ᠣᠢᠷᠠᠲᠤᠨ ᠣᠴᠢᠵᠤ᠄
᠊᠊᠊᠊᠊᠊᠊᠊᠊᠊᠊᠊᠊᠊᠊ ᠣᠷᠣᠰ ᠠ᠋᠂ ᠴᠢᠮᠠᠲᠤ ᠨᠠᠮᠢ᠋ᠢ ᠰᠣᠭᠲᠣᠭᠠᠬᠤ ᠠᠷᠢᠬᠢ ᠪᠠᠢᠨ᠎ᠠ ᠤᠤ? ᠭᠡᠳ ᠢᠲᠡᠭᠡᠯᠲᠦ ᠴᠠᠷᠭᠢᠯ ᠨᠠᠷᠢᠬᠠᠨ ᠳᠠᠭᠤ ᠪᠠᠷ ᠢᠨᠢᠶᠡᠬᠦ ᠳ᠋ᠦ᠍ ᠫᠡᠪᠯᠦᠧ ᠳᠤᠷᠠᠮᠵᠢᠬᠠᠨ ᠢᠨᠢᠶᠡᠮᠰᠦᠭᠯᠡᠪᠡ᠃
ᠠᠭᠤᠯᠵᠠᠬᠤ ᠳ᠋ᠠᠭᠠᠨ ᠪᠠᠶᠠᠷ ᠪᠠᠬᠠᠳᠤᠯ ᠬᠡᠷᠡᠯᠳᠦᠵᠦ ᠪᠠᠢᠳᠠᠭ ᠫᠡᠪᠯᠦᠧ ᠶ᠋ᠢᠨ ᠨᠢᠭᠤᠷ ᠲᠤ᠌ ᠶᠠᠮᠠᠷ ᠨᠢᠭᠡᠨ ᠵᠠᠨᠤᠯ ᠬᠣᠷᠣᠰᠤᠯ ᠪᠤᠴᠠᠯᠤᠭᠰᠠᠨ ᠢ᠋ ᠢᠲᠡᠭᠡᠯᠲᠦ ᠠᠵᠢᠪᠠ᠃ ᠲᠡᠭᠦᠨ ᠦ᠌ ᠴᠢᠷᠠᠢ ᠨᠢ ᠪᠠᠷᠵᠠᠢᠨ᠂ ᠬᠥᠮᠥᠰᠬᠡ ᠪᠡᠨ ᠵᠠᠩᠭᠢᠳᠤᠨ ᠪᠠᠢᠰᠢᠩ ᠤ᠋ᠨ ᠢ᠋ᠶ᠋ᠠᠨ ᠡᠭᠦᠳᠡ ᠶ᠋ᠢ ᠲᠦᠰᠢᠨ ᠬᠥᠳᠡᠯᠦᠯ ᠦᠭᠡᠢ ᠵᠣᠭᠰᠣᠨ᠎ᠠ᠃
᠊᠊᠊᠊᠊᠊᠊᠊᠊᠊᠊᠊᠊᠊᠊ ᠮᠤᠶᠧ ᠫᠦᠴᠲ᠋ᠢᠶᠸᠨᠢᠶᠧ ᠭᠡᠵᠦ ᠢᠲᠡᠭᠡᠯᠲᠦ ᠬᠥᠭᠵᠢᠯ ᠲᠡᠢ ᠮᠡᠨᠳᠦᠯᠡᠪᠡ᠃ ᠫᠡᠪᠯᠦᠧ ᠬᠠᠷᠢᠭᠤ ᠳᠤᠤᠭᠠᠷᠤᠯ ᠦᠭᠡᠢ ᠰᠢᠭᠤᠳ ᠢᠷᠡᠵᠦ ᠢᠲᠡᠭᠡᠯᠲᠦ ᠶ᠋ᠢ ᠲᠡᠪᠡᠷᠢᠨ ᠠᠪᠤᠭᠠᠳ ᠦᠨᠦᠰᠪᠡ᠃
᠊᠊᠊᠊᠊᠊᠊᠊᠊᠊᠊᠊᠊᠊᠊ ᠢᠲᠡᠭᠡᠯᠲᠦ ᠮᠢᠨᠢ ᠶᠡᠬᠡ ᠣᠷᠣᠰ ᠤᠯᠤᠰ ᠪᠠᠯᠠᠷᠠᠭᠰᠠᠨ ᠭᠡᠬᠦ ᠳ᠋ᠦ᠍ ᠢᠲᠡᠭᠡᠯᠲᠦ ᠪᠦᠭᠦᠳᠡ ᠶ᠋ᠢᠨ ᠨᠢᠭᠤᠷ ᠢ᠋ ᠭᠠᠢᠬᠠᠨ ᠬᠠᠷᠠᠯ᠎ᠠ᠃
᠊᠊᠊᠊᠊᠊᠊᠊᠊᠊᠊᠊᠊᠊᠊ ᠮᠠᠭᠤ ᠠᠮᠠ ᠲᠠᠢ ᠳᠠᠮᠰᠢᠭ ᠪᠣᠢ ᠭᠡᠵᠦ ᠨᠥᠬᠥᠷ ᠦ᠋ᠨ ᠢ᠋ᠶ᠋ᠡᠨ ᠦᠭᠡᠨ ᠦ᠌ ᠪᠦᠷᠢᠨ ᠤᠴᠢᠷ ᠢ᠋ ᠣᠢ᠌ᠯᠭᠠᠯ ᠦᠭᠡᠢ ᠬᠠᠷᠢᠭᠤᠯᠪᠠ᠃
᠊᠊᠊᠊᠊᠊᠊᠊᠊᠊᠊᠊᠊᠊᠊ ᠦᠨᠡᠨ᠃ ᠣᠷᠣᠰ ᠤᠯᠤᠰ ᠰᠦᠢᠷᠡᠭᠰᠡᠨ ᠭᠡᠵᠦ ᠬᠡᠯᠡᠬᠦ ᠳ᠋ᠦ᠍ ᠫᠡᠪᠯᠦᠧ ᠶ᠋ᠢᠨ ᠬᠣᠭᠣᠯᠠᠢ ᠨᠢ ᠴᠡᠴᠡᠷᠡᠵᠦ ᠪᠠᠢᠯ᠎ᠠ᠃
᠊᠊᠊᠊᠊᠊᠊᠊᠊᠊᠊᠊᠊᠊᠊ ᠭᠧᠷᠮᠠᠨ ᠳ᠋ᠤ᠌ ᠳᠡᠢᠯᠦᠭᠳᠡᠭᠰᠡᠨ ᠤᠤ?
᠊᠊᠊᠊᠊᠊᠊᠊᠊᠊᠊᠊᠊᠊᠊ ᠲᠡᠭᠦᠨ ᠡᠴᠡ ᠳᠣᠣᠷ᠎ᠠ ᠶᠠᠭᠤᠮ᠎ᠠ ᠪᠣᠯᠤᠭᠰᠠᠨ᠃ ᠵᠠ ᠣᠷᠣᠵᠤ ᠶᠠᠷᠢᠶ᠎ᠠ ᠭᠡᠯᠡ᠃
ᠪᠠᠢᠰᠢᠩ ᠳ᠋ᠤ᠌ ᠣᠷᠣᠬᠤ ᠳ᠋ᠤ᠌ ᠴᠢᠭᠢᠭ ᠦᠨᠦᠷᠲᠦᠵᠦ᠂ ᠵᠡᠪᠡᠭᠦᠨ ᠬᠦᠢᠲᠡᠨ ᠦᠯᠢᠶᠡᠪᠡ᠃ ᠠᠪᠳᠠᠷ᠎ᠠ ᠰᠠᠪᠠ ᠲᠠᠢ ᠶᠠᠭᠤᠮ᠎ᠠ ᠡᠨᠳᠡ ᠲᠡᠨᠳᠡ ᠦᠭᠡᠢ ᠭᠥᠭᠯᠡᠨ ᠬᠡᠪᠲᠡᠵᠦ ᠪᠠᠢᠪᠠ᠃
᠊᠊᠊᠊᠊᠊᠊᠊᠊᠊᠊᠊᠊᠊᠊ ᠮᠠᠨ ᠤ᠋ ᠣᠷᠣᠰ ᠲᠤ᠌ ᠤᠯᠠᠭᠠᠨ ᠤ᠋ ᠦᠢᠮᠡᠭᠡᠨ ᠪᠣᠯᠵᠤ᠂ ᠶᠠᠳᠠᠭᠤᠴᠤᠳ ᠵᠠᠰᠠᠭ ᠪᠤᠯᠢᠶᠠᠵᠤ ᠠᠪᠤᠭᠠᠳ ᠮᠢᠨᠦ ᠪᠠᠢᠰᠢᠩ ᠬᠠᠰᠢᠶ᠎ᠠ ᠬᠠᠮᠤᠭ ᠶᠠᠭᠤᠮ᠎ᠠ ᠶ᠋ᠢ ᠳᠡᠭᠡᠷᠡᠮᠳᠡᠨ ᠠᠪᠤᠭᠰᠠᠨ᠃ ᠪᠢ ᠦᠨ᠎ᠡ ᠲᠡᠢ ᠴᠠᠨ᠎ᠠ ᠲᠠᠢ ᠵᠢᠵᠢᠭ ᠰᠠᠵᠢᠭ ᠶᠠᠭᠤᠮ᠎ᠠ ᠪᠠᠨ ᠠᠪᠤᠭᠠᠳ ᠡᠨᠡ ᠬᠣᠶᠠᠷ ᠲᠠᠢ ᠪᠠᠨ ᠬᠠᠮᠲᠤ ᠵᠢᠭᠤᠲᠠᠵᠤ ᠢᠷᠡᠯ᠎ᠡ ᠭᠡᠵᠦ ᠫᠡᠪᠯᠦᠧ ᠬᠡᠯᠡᠪᠡ᠃
᠊᠊᠊᠊᠊᠊᠊᠊᠊᠊᠊᠊᠊᠊᠊ ᠲᠡᠳᠡ ᠪᠣᠯ ᠨᠢᠭᠦᠯ ᠲᠡᠢ᠂ ᠪᠤᠷᠬᠠᠨ ᠱᠠᠰᠢᠨ ᠦᠭᠡᠢ ᠤᠯᠤᠰ ᠭᠡᠳ ᠡᠬᠡᠨᠡᠷ ᠨᠢ ᠨᠢᠳᠦᠨ ᠡᠴᠡ ᠪᠡᠨ ᠲᠣᠮᠣ ᠲᠣᠮᠣ ᠨᠢᠯᠪᠤᠰᠤ ᠳᠤᠰᠤᠯᠠᠭᠤᠯᠤᠨ ᠤᠬᠢᠯᠠᠪᠠ᠃
᠊᠊᠊᠊᠊᠊᠊᠊᠊᠊᠊᠊᠊᠊᠊ ᠮᠠᠭᠤᠬᠠᠢ ᠶᠠᠭᠤᠮ᠎ᠠ ᠪᠣᠯᠵᠤ ᠳᠠ᠃ ᠵᠣᠯᠢᠭ ᠤ᠋ᠳ ᠢ᠋ ᠵᠠᠳᠠ ᠫᠤᠤᠳᠠᠭᠠᠳ ᠴᠢᠰᠤ ᠶ᠋ᠢ ᠨᠢ ᠬᠣᠯᠢᠵᠤ ᠣᠷᠬᠢᠬᠤ ᠦᠭᠡᠢ ᠭᠡᠵᠦ ᠢᠲᠡᠭᠡᠯᠲᠦ ᠬᠡᠰᠡᠭ ᠳᠠᠭᠤ ᠦᠭᠡᠢ ᠪᠠᠢᠭᠰᠠᠨ ᠤ᠋ ᠪᠠᠨ ᠳᠠᠷᠠᠭ᠎ᠠ ᠬᠡᠯᠡᠵᠡᠢ᠃
᠊᠊᠊᠊᠊᠊᠊᠊᠊᠊᠊᠊᠊᠊᠊ ᠶᠡᠬᠡᠩᠬᠢ ᠴᠡᠷᠢᠭ ᠲᠡᠳᠡᠨ ᠦ᠌ ᠲᠠᠯ᠎ᠠ ᠳ᠋ᠤ᠌ ᠣᠷᠣᠴᠢᠬᠠᠭᠰᠠᠨ ᠭᠡᠵᠦ ᠫᠡᠪᠯᠦᠧ ᠭᠣᠮᠣᠳᠠᠯ ᠲᠠᠢ ᠬᠡᠯᠡᠪᠡ᠃
᠊᠊᠊᠊᠊᠊᠊᠊᠊᠊᠊᠊᠊᠊᠊ ᠭᠠᠯᠰᠠᠩ ᠴᠢ ᠮᠢᠨᠦ ᠮᠣᠷᠢ ᠶ᠋ᠢ ᠬᠥᠲᠥᠯᠵᠦ ᠳᠠᠪᠬᠢᠭᠠᠳ ᠪᠤᠶᠠᠨᠲᠤ ᠶ᠋ᠢᠨ ᠳᠡᠯᠭᠡᠭᠦᠷ ᠡᠴᠡ ᠬᠡᠳᠦᠨ ᠰᠢᠯ ᠠᠷᠢᠬᠢ᠂ ᠬᠠᠰᠢᠶᠠᠨ ᠡᠴᠡ ᠦᠬᠡᠷ ᠦ᠋ᠨ ᠭᠤᠶ᠎ᠠ ᠠᠪᠤᠭᠠᠳ ᠢᠷ᠎ᠡ᠃ ᠪᠠᠰᠠ ᠪᠤᠶᠠᠨᠲᠤ ᠶ᠋ᠢ ᠬᠣᠶᠠᠷ ᠰᠢᠭᠤᠳᠠᠢ ᠨᠣᠭᠣᠭ᠎ᠠ ᠥᠭ ᠭᠡᠵᠦ ᠨᠠᠮᠢ᠋ᠢ ᠬᠡᠯᠡᠭᠰᠡᠨ ᠭᠡᠳ ᠠᠪᠤᠭᠠᠳ ᠢᠷ᠎ᠡ᠃ ᠪᠤᠰᠤᠳ ᠢ᠋ ᠨᠢ ᠮᠠᠷᠭᠠᠰᠢ ᠪᠣᠯᠤᠶ᠎ᠠ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠭᠠᠯᠰᠠᠩ ᠭᠦᠶᠦᠨ ᠭᠠᠷᠤᠯ᠎ᠠ᠃
ᠫᠡᠪᠯᠦᠧ᠂ ᠲᠥᠷᠥ ᠪᠤᠯᠢᠶᠠᠭᠠᠳ ᠵᠣᠭᠰᠣᠭ᠎ᠠ ᠦᠭᠡᠢ᠂ ᠬᠥᠷᠥᠩᠭᠡ ᠶ᠋ᠢ ᠨᠢ ᠬᠤᠷᠢᠶᠠᠭᠰᠠᠨ ᠣᠷᠣᠰ ᠤ᠋ᠨ ᠶᠠᠳᠠᠭᠤᠴᠤᠳ ᠢ᠋ ᠵᠠᠨᠤᠵᠤ᠂ ᠡᠬᠡᠨᠡᠷ ᠨᠢ ᠬᠤᠷᠢᠶᠠᠭᠳᠠᠭᠰᠠᠨ ᠭᠥᠷᠥᠩᠬᠡᠨ ᠳ᠋ᠡᠭᠡᠨ ᠬᠠᠷᠠᠮᠰᠠᠨ ᠤᠬᠢᠯᠠᠵᠤ᠂ ᠢᠲᠡᠭᠡᠯᠲᠦ ᠡᠯᠳᠡᠪ ᠦᠭᠡ ᠪᠡᠷ ᠲᠠᠢᠳᠬᠤᠷᠠᠭᠤᠯᠬᠤ ᠶ᠋ᠢ ᠤᠷᠤᠯᠳᠤᠵᠤ ᠪᠠᠢᠲᠠᠯ᠎ᠠ ᠭᠠᠯᠰᠠᠩ ᠬᠡᠯᠡᠭᠰᠡᠨ ᠵᠦᠢᠯ ᠢ᠋ ᠨᠢ ᠠᠪᠴᠢᠷᠠᠯ᠎ᠠ᠃
ᠲᠡᠷᠡ ᠰᠥᠨᠢ ᠬᠣᠶᠠᠷ ᠨᠠᠢᠵᠢ ᠠᠷᠢᠬᠢ ᠤᠤᠭᠤᠵᠤ ᠶᠠᠷᠢᠬᠤ ᠳ᠋ᠤ᠌ ᠫᠡᠪᠯᠦᠧ ᠰᠣᠭᠲᠣᠵᠤ ᠫᠠᠳ ᠫᠠᠳ ᠬᠢᠲᠡᠯ᠎ᠡ ᠰᠢᠷᠡᠭᠡ ᠰᠢᠭᠠᠵᠤ ᠥᠪᠡᠷᠰᠡᠳ ᠢ᠋ᠶ᠋ᠡᠨ ᠶᠠᠭᠤ ᠴᠤ᠌ ᠬᠢᠵᠦ ᠴᠢᠳᠠᠬᠤ ᠦᠭᠡᠢ ᠪᠠᠢᠵᠤ ᠬᠥᠮᠦᠨ ᠦ᠌ ᠪᠤᠶᠠᠨ ᠢ᠋ ᠪᠤᠯᠢᠶᠠᠭᠰᠠᠨ ᠵᠡᠷᠯᠢᠭ ᠬᠥᠮᠦᠰ ᠢ᠋ ᠡᠯᠳᠡᠪ ᠦ᠋ᠨ ᠦᠭᠡ ᠪᠡᠷ ᠵᠠᠨᠤᠨ ᠥᠰᠢᠶ᠎ᠡ ᠠᠪᠤᠨ᠎ᠠ ᠭᠡᠵᠦ ᠶᠠᠷᠢᠪᠠ᠃ ᠭᠡᠪᠡᠴᠦ ᠴᠣᠬᠣᠮ ᠬᠡᠷᠬᠢᠨ ᠥᠰᠢᠶ᠎ᠡ ᠠᠪᠬᠤ ᠪᠠᠨ ᠮᠡᠳᠡᠬᠦ ᠦᠭᠡᠢ ᠪᠠᠢᠪᠠ᠃ ᠵᠠᠷᠢᠮ ᠳ᠋ᠠᠭᠠᠨ ᠪᠤᠬᠢᠨᠢᠳᠤᠨ ᠮᠠᠭᠤᠬᠠᠢ ᠬᠠᠰᠬᠢᠷᠴᠤ᠂ ᠣᠷᠣᠰ ᠢ᠋ᠶ᠋ᠠᠷ ᠮᠠᠭᠤᠬᠠᠢ ᠬᠠᠷᠢᠶᠠᠯ ᠢ᠋ ᠤᠷᠤᠰᠬᠠᠵᠤ ᠪᠠᠢᠯ᠎ᠠ᠃
᠊᠊᠊᠊᠊᠊᠊᠊᠊᠊᠊᠊᠊᠊᠊ ᠶᠠᠭᠤᠮᠠᠨ ᠳ᠋ᠤ᠌ ᠤᠴᠢᠷ᠂ ᠳᠣᠪᠣᠨ ᠳ᠋ᠤ᠌ ᠬᠤᠵᠢᠷ ᠪᠣᠢ᠃ ᠴᠢ ᠪᠤᠬᠢᠨᠢᠳᠤᠬᠤ ᠬᠡᠷᠡᠭ ᠠᠯᠠᠭ᠎ᠠ᠃ ᠤᠴᠢᠷ ᠨᠢ ᠣᠯᠳᠠᠨ᠎ᠠ᠃ ᠨᠢᠭᠡᠨᠲᠡ ᠯᠡ ᠴᠢ ᠪᠢᠳᠡ ᠬᠣᠶᠠᠷ ᠬᠤᠷᠰᠢᠶ᠎ᠠ ᠪᠣᠯᠬᠣᠷ ᠮᠢᠨᠦ ᠬᠥᠷᠥᠩᠭᠡ ᠪᠠᠢᠭᠰᠠᠨ ᠴᠠᠭ ᠲᠤ᠌ ᠴᠢ ᠭᠠᠵᠠᠷᠳᠠᠬᠤ ᠦᠭᠡᠢ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠫᠡᠪᠯᠦᠧ ᠶ᠋ᠢᠨ ᠰᠡᠳᠬᠢᠯ ᠬᠥᠳᠡᠯᠵᠦ ᠤᠴᠢᠷ ᠲᠣᠢᠮᠣ ᠦᠭᠡᠢ ᠦᠨᠦᠰᠦᠨ᠎ᠡ᠃
ᠬᠡᠳᠦᠨ ᠡᠳᠦᠷ ᠢᠲᠡᠭᠡᠯᠲᠦ ᠨᠥᠬᠥᠷ ᠦ᠋ᠨ ᠰᠡᠳᠬᠢᠯ ᠢ᠋ ᠵᠠᠰᠠᠬᠤ ᠭᠡᠵᠦ ᠬᠠᠮᠲᠤ ᠬᠦᠷᠢᠶᠡᠨ ᠦ᠌ ᠬᠢᠲᠠᠳ ᠫᠦᠰᠡ ᠪᠡᠷ ᠬᠡᠰᠦᠨ ᠠᠷᠢᠬᠢ ᠤᠤᠭᠤᠵᠤ ᠬᠥᠭᠵᠢᠯᠳᠦᠨ ᠶᠠᠪᠤᠵᠠᠢ᠃
ᠫᠡᠪᠯᠦᠧ ᠴᠦ᠍ ᠭᠡᠨᠡᠳᠲᠡ ᠤᠴᠠᠷᠠᠭᠰᠠᠨ ᠭᠤᠨᠢᠭᠲᠤ ᠶᠠᠪᠤᠳᠠᠯ ᠠ᠋ᠴᠠ ᠰᠠᠨᠳᠤᠷᠴᠤ ᠪᠠᠬᠠᠷᠳᠠᠭᠰᠠᠨ ᠰᠡᠳᠬᠢᠯ ᠡᠴᠡ ᠰᠠᠯᠵᠤ᠂ ᠴᠢᠨᠠᠭᠰᠢᠳᠠ ᠶᠠᠭᠤ ᠬᠢᠬᠦ ᠲᠤᠬᠠᠢ ᠪᠠᠨ ᠪᠣᠳᠣᠬᠤ ᠴᠢᠳᠠᠯ ᠦᠭᠡᠢ ᠪᠣᠯᠵᠠᠢ᠃
ᠨᠢᠭᠡᠨ ᠡᠳᠦᠷ ᠲᠡᠷᠡ ᠬᠣᠶᠠᠷ ᠪᠤᠶᠠᠨᠲᠤ ᠶ᠋ᠢᠨ ᠫᠦᠰᠡᠨ ᠳ᠋ᠦ᠍ ᠣᠴᠢᠵᠤ ᠶᠡᠬᠡᠳᠡ ᠲᠠᠢᠯᠠᠭᠤᠯᠪᠠ᠃
᠊᠊᠊᠊᠊᠊᠊᠊᠊᠊᠊᠊᠊᠊᠊ ᠲᠠ ᠬᠣᠶᠠᠷ ᠨᠠᠮᠢ᠋ᠢ ᠲᠣᠭᠣᠳᠠᠭ ᠦᠭᠡᠢ ᠰᠢᠦ᠃ ᠬᠡᠷᠪᠡ ᠪᠢᠳᠡ ᠭᠤᠷᠪᠠ ᠨᠡᠢᠯᠡᠵᠦ ᠮᠠᠢᠮᠠᠢ ᠬᠢᠪᠡᠯ ᠶᠢᠷᠲᠢᠨᠴᠦ ᠶ᠋ᠢᠨ ᠪᠦᠬᠦ ᠮᠥᠩᠭᠥ ᠶ᠋ᠢ ᠡᠪᠦᠷᠲᠦᠯᠡᠵᠦ ᠴᠢᠳᠠᠨ᠎ᠠ ᠭᠡᠵᠦ ᠪᠤᠶᠠᠨᠲᠤ ᠰᠢᠷ᠎ᠠ ᠰᠢᠳᠦ ᠪᠡᠨ ᠠᠷᠵᠠᠢᠯᠭᠠᠨ ᠬᠡᠯᠡᠬᠦ ᠳ᠋ᠦ᠍ ᠢᠲᠡᠭᠡᠯᠲᠦ ᠲᠣᠭᠣᠮᠵᠢᠷ ᠦᠭᠡᠢ ᠪᠥᠭᠡᠳ ᠶᠡᠬᠡᠮᠰᠦᠭ ᠢ᠋ᠶ᠋ᠡᠷ᠄
᠊᠊᠊᠊᠊᠊᠊᠊᠊᠊᠊᠊᠊᠊᠊ ᠴᠢᠮ᠎ᠠ ᠰᠢᠭ᠋ ᠬᠣᠷᠭᠣᠯ ᠢ᠋ᠶ᠋ᠠᠨ ᠲᠣᠭᠠᠯᠠᠭᠰᠠᠨ ᠮᠠᠢᠮᠠᠢᠴᠢᠨ ᠪᠢᠳᠡᠨ ᠦ᠌ ᠠᠶ᠎ᠠ ᠶ᠋ᠢ ᠳᠠᠭᠠᠭᠠᠬᠤ ᠦᠭᠡᠢ ᠰᠢᠦ ᠳᠡ᠃ ᠣᠯᠠᠨ ᠶᠠᠭᠤᠮ᠎ᠠ ᠱᠤᠯᠤᠭᠠᠨᠠᠭᠠᠳ ᠪᠠᠢᠬᠤ ᠬᠡᠷᠡᠭ ᠠᠯᠠᠭ᠎ᠠ᠃ ᠠᠷᠢᠬᠢ ᠠᠪᠤᠭᠠᠳ ᠢᠷ᠎ᠡ᠃ ᠮᠢᠨᠦ ᠵᠢᠩᠴᠢᠳ ᠴᠢᠨᠦ ᠪᠠᠷᠠᠭ᠎ᠠ ᠶ᠋ᠢ ᠬᠦᠷᠢᠶᠡᠨ ᠡᠴᠡ ᠠᠪᠴᠢᠷᠠᠵᠤ ᠥᠭᠭᠦᠨ᠎ᠡ ᠭᠡᠪᠡ᠃
᠊᠊᠊᠊᠊᠊᠊᠊᠊᠊᠊᠊᠊᠊᠊ ᠣᠳᠣ ᠣᠷᠣᠰ ᠭᠠᠵᠠᠷ ᠦᠢᠮᠡᠭᠡᠨ ᠪᠣᠯᠤᠭᠰᠠᠨ᠃ ᠦᠬᠡᠷ ᠬᠤᠳᠠᠯᠳᠤᠵᠤ ᠪᠣᠯᠬᠤ ᠥᠬᠡᠢ᠃ ᠬᠠᠷᠢᠨ ᠳᠣᠲᠣᠷ᠎ᠠ ᠭᠠᠵᠠᠷ ᠪᠣᠯ ᠴᠠᠭ ᠲᠠᠢᠪᠤᠩ ᠶᠡᠬᠡ ᠮᠠᠢᠮᠠᠢ ᠬᠢᠵᠦ ᠪᠣᠯᠤᠨ᠎ᠠ᠃ ᠭᠠᠭᠴᠠᠬᠦ ᠨᠠᠳᠠ ᠳ᠋ᠤ᠌ ᠲᠡᠢᠮᠦ ᠪᠡᠯᠡ ᠪᠠᠢᠬᠤ ᠦᠭᠡᠢ ᠭᠡᠵᠦ ᠪᠤᠶᠠᠨᠲᠤ ᠬᠣᠶᠠᠷ ᠨᠠᠢᠵᠢ ᠳ᠋ᠤ᠌ ᠬᠠᠯᠠᠭᠤᠨ ᠭᠠᠨᠵᠠ ᠠᠶᠠᠭᠠᠯᠠᠬᠤ ᠵᠠᠭᠤᠷ᠎ᠠ ᠬᠡᠯᠡᠪᠡ᠃
ᠪᠤᠶᠠᠨᠲᠤ ᠪᠣᠯ ᠬᠡᠳᠦᠨ ᠵᠢᠯ ᠦ᠋ᠨ ᠡᠮᠦᠨ᠎ᠡ ᠠᠷᠤ ᠭᠠᠵᠠᠷ ᠢᠷᠡᠵᠦ ᠳᠡᠯᠭᠡᠭᠦᠷ ᠲᠡᠢ ᠪᠣᠯᠤᠭᠠᠳ ᠣᠳᠣ ᠬᠢᠷᠢ ᠳ᠋ᠡᠭᠡᠨ ᠶᠡᠬᠡ ᠬᠥᠯᠵᠢᠵᠦ ᠴᠢᠳᠠᠭ᠎ᠠ ᠦᠭᠡᠢ ᠤᠴᠢᠷ ᠡᠴᠡ ᠠᠷᠠᠰᠤ ᠰᠢᠷᠢ ᠶ᠋ᠢᠨ ᠮᠠᠢᠮᠠᠢ ᠬᠢᠬᠦ ᠡᠴᠡ ᠬᠡᠲᠦᠷᠡᠵᠦ ᠴᠢᠳᠠᠭ᠎ᠠ ᠦᠭᠡᠢ ᠬᠥᠮᠦᠨ ᠶᠤᠮ᠃ ᠲᠡᠭᠡᠭᠡᠳ ᠫᠡᠪᠯᠦᠧ ᠶ᠋ᠢᠨ ᠲᠣᠮᠣ ᠮᠠᠢᠮᠠᠢ ᠬᠢᠵᠦ ᠪᠠᠢᠬᠤ ᠶ᠋ᠢ ᠬᠠᠷᠠᠭᠠᠳ ᠠᠲᠠᠭᠠᠷᠬᠠᠨ ᠪᠠᠢᠳᠠᠭ ᠪᠥᠭᠡᠳ ᠲᠡᠷᠡ ᠴᠦ᠍ ᠪᠠᠢᠲᠤᠭᠠᠢ ᠭᠤᠯᠳᠤᠮᠠᠢ ᠴᠠᠪᠴᠢᠵᠤ ᠬᠠᠶᠠᠭᠰᠠᠨ ᠭᠠᠵᠠᠷ ᠨᠢ ᠰᠥᠨᠢ ᠣᠴᠢᠭᠠᠳ᠂ ᠯᠠ ᠪᠠᠷᠢᠨ ᠮᠥᠩᠭᠥ ᠶ᠋ᠢᠨ ᠬᠡᠯᠲᠡᠷᠬᠡᠢ ᠲᠡᠭᠦᠵᠦ ᠪᠠᠢᠭᠰᠠᠨ ᠴᠤ᠌ ᠤᠳᠠᠭ᠎ᠠ ᠲᠠᠢ ᠪᠢᠯᠡ᠃
ᠭᠡᠪᠡᠴᠦ ᠵᠢᠯ ᠥᠩᠭᠡᠷᠡᠬᠦ ᠳᠣᠳᠣᠮ ᠬᠥᠯᠵᠢᠵᠦ᠂ ᠣᠯᠬᠤ ᠨᠢ ᠶᠡᠬᠡ ᠪᠣᠯᠵᠤ ᠪᠠᠢᠭ᠎ᠠ ᠠᠵᠢ᠃
᠊᠊᠊᠊᠊᠊᠊᠊᠊᠊᠊᠊᠊᠊᠊ ᠴᠢ ᠲᠡᠭᠡᠭᠡᠳ ᠪᠢᠳᠡ ᠬᠣᠶᠠᠷ ᠲᠠᠢ ᠨᠡᠢᠯᠡᠪᠡᠯ ᠶᠠᠭᠤᠨ ᠤ᠋ ᠮᠠᠢᠮᠠᠢ ᠬᠢᠬᠦ ᠬᠥᠮᠦᠨ ᠪᠣᠢ? ᠭᠡᠵᠦ ᠫᠡᠪᠯᠦᠧ ᠠᠰᠠᠭᠤᠪᠠ᠃
᠊᠊᠊᠊᠊᠊᠊᠊᠊᠊᠊᠊᠊᠊᠊ ᠶᠠᠭᠤ ᠴᠤ᠌ ᠬᠢᠵᠦ ᠪᠣᠯᠤᠨ᠎ᠠ᠃ ᠮᠠᠨ ᠤ᠋ ᠭᠠᠵᠠᠷ ᠬᠣᠨᠢ᠂ ᠭᠡᠭᠦᠦ ᠶᠡᠬᠡ ᠦᠨ᠎ᠡ ᠲᠡᠢ ᠰᠢᠦ ᠭᠡᠳ ᠪᠤᠶᠠᠨᠲᠤ ᠨᠢᠳᠦ ᠪᠡᠨ ᠵᠢᠷᠲᠠᠢᠯᠭᠠᠨ ᠲᠣᠯᠣᠭᠠᠢ ᠪᠠᠨ ᠭᠢᠯᠵᠢᠢᠯᠭᠡᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠪᠢᠳᠡ ᠬᠣᠶᠠᠷ ᠡᠴᠡ ᠵᠢᠭᠠᠯ ᠶᠠᠭᠤᠮ᠎ᠠ ᠢᠳᠡᠶ᠎ᠡ ᠭᠡᠵᠦ ᠪᠣᠳᠣᠵᠤ ᠪᠠᠢᠨ᠎ᠠ ᠤᠤ? ᠭᠡᠮᠡᠨ ᠢᠲᠡᠭᠡᠯᠲᠦ ᠬᠥᠭᠵᠢᠯᠲᠡᠢ ᠢᠨᠢᠶᠡᠪᠡ᠃
᠊᠊᠊᠊᠊᠊᠊᠊᠊᠊᠊᠊᠊᠊᠊ ᠲᠡᠢᠮᠦ ᠶᠣᠰᠣ ᠬᠠᠮᠢᠭ᠎ᠠ ᠪᠠᠢᠨ᠎ᠠ᠃
᠊᠊᠊᠊᠊᠊᠊᠊᠊᠊᠊᠊᠊᠊᠊ ᠪᠡᠯᠡ ᠶ᠋ᠢ ᠴᠢᠨᠢ ᠬᠠᠷᠠᠵᠤ ᠪᠠᠢᠵᠤ ᠪᠣᠯᠤᠨ᠎ᠠ᠃ ᠪᠠᠰᠠ ᠲᠡᠭᠡᠭᠡᠳ ᠨᠠᠳᠠ ᠳ᠋ᠤ᠌ ᠬᠢᠬᠦ ᠴᠢᠬᠤᠯᠠ ᠶᠠᠭᠤᠮ᠎ᠠ ᠪᠠᠢᠨ᠎ᠠ ᠭᠡᠵᠦ ᠫᠡᠪᠯᠦᠧ ᠬᠡᠯᠡᠵᠡᠢ᠃
ᠰᠠᠷ᠎ᠠ ᠭᠠᠷᠤᠢ ᠪᠣᠯᠤᠭᠰᠠᠨ ᠤ᠋ ᠳᠠᠷᠠᠭ᠎ᠠ ᠨᠢᠭᠡ ᠡᠳᠦᠷ ᠫᠡᠪᠯᠦᠧ ᠢᠲᠡᠭᠡᠯᠲᠦ ᠶ᠋ᠢᠨ ᠳ᠋ᠦ᠍ ᠢᠷᠡᠵᠦ ᠶᠠᠷᠢᠯᠴᠠᠪᠠ᠃
᠊᠊᠊᠊᠊᠊᠊᠊᠊᠊᠊᠊᠊᠊᠊ ᠡᠪᠦᠭᠡᠨ ᠴᠢᠨᠢ ᠨᠤᠲᠤᠭ ᠪᠤᠴᠠᠶ᠎ᠠ᠃ ᠬᠠᠷᠢᠨ ᠴᠢ ᠡᠬᠡᠨᠡᠷ ᠥᠬᠢᠨ ᠬᠣᠶᠠᠷ ᠢ᠋ ᠮᠢᠨᠢ ᠬᠠᠷᠠᠵᠤ ᠪᠠᠢᠭᠠᠷᠠᠢ ᠭᠡᠵᠦ ᠬᠡᠯᠡᠪᠡ᠃
᠊᠊᠊᠊᠊᠊᠊᠊᠊᠊᠊᠊᠊᠊᠊ ᠣᠳᠣ ᠴᠢ ᠶᠠᠪᠤᠭᠠᠳ ᠶᠠᠭᠠᠬᠢᠬᠤ ᠨᠢ ᠪᠣᠢ?
᠊᠊᠊᠊᠊᠊᠊᠊᠊᠊᠊᠊᠊᠊᠊ ᠥᠰᠢᠶ᠎ᠡ ᠪᠡᠨ ᠠᠪᠤᠨ᠎ᠠ᠃ ᠲᠡᠳᠡ ᠪᠢᠳᠡᠨ ᠢ᠋ ᠭᠡᠨᠡᠳᠡᠭᠦᠯᠵᠦ ᠳᠡᠢᠯᠦᠭᠡᠳ ᠬᠥᠷᠥᠩᠭᠡ ᠶ᠋ᠢ ᠮᠢᠨᠢ ᠬᠤᠷᠢᠶᠠᠭᠰᠠᠨ ᠪᠣᠯ ᠣᠳᠣ ᠪᠢᠳᠡ ᠲᠡᠳᠡᠨ ᠢ᠋ ᠳᠡᠢᠯᠦᠭᠡᠳ ᠡᠬᠡᠨᠡᠷ ᠬᠡᠦᠬᠡᠳ ᠲᠡᠢ ᠨᠢ ᠳᠡᠭᠦᠵᠢᠯᠡᠵᠦ ᠠᠯᠠᠨ᠎ᠠ᠃
᠊᠊᠊᠊᠊᠊᠊᠊᠊᠊᠊᠊᠊᠊᠊ ᠳᠡᠢᠯᠪᠡᠯ ᠴᠦ᠍ ᠳᠡᠭᠦᠵᠢᠯᠡᠵᠦ ᠠᠯᠠᠬᠤ ᠪᠠᠷ ᠪᠠᠷᠠᠬᠤ ᠤᠤ ᠳᠠ᠃
᠊᠊᠊᠊᠊᠊᠊᠊᠊᠊᠊᠊᠊᠊᠊ ᠵᠠᠪᠠᠯ ᠳᠡᠢᠯᠦᠨ᠎ᠡ᠃ ᠶᠠᠭᠠᠬᠢᠵᠤ ᠠᠯᠠᠪᠠᠯ ᠵᠦᠭᠡᠷ ᠪᠣᠢ?
᠊᠊᠊᠊᠊᠊᠊᠊᠊᠊᠊᠊᠊᠊᠊ ᠵᠣᠭᠣᠰᠤᠨ ᠤ᠋ ᠨᠦᠬᠡ ᠪᠡᠷ ᠣᠭᠲᠣᠯᠵᠤ ᠠᠯᠠᠪᠠᠯ ᠵᠣᠬᠢᠨ᠎ᠠ᠃ ᠵᠠᠷ ᠵᠡᠪᠰᠡᠭ ᠬᠡᠷᠡᠭ ᠲᠡᠢ ᠰᠢᠦ ᠳᠡ᠃ ᠶᠠᠭᠠᠬᠢᠵᠤ ᠣᠯᠤᠨ᠎ᠠ ᠳᠠ᠃
᠊᠊᠊᠊᠊᠊᠊᠊᠊᠊᠊᠊᠊᠊᠊ ᠣᠯᠳᠠᠨ᠎ᠠ᠃ ᠪᠢ ᠭᠠᠭᠴᠠᠭᠠᠷ ᠪᠢᠰᠢ᠃
ᠬᠡᠳᠦᠨ ᠡᠳᠦᠷ ᠦ᠋ᠨ ᠳᠠᠷᠠᠭ᠎ᠠ ᠫᠡᠪᠯᠦᠧ ᠶᠠᠪᠤᠬᠤ ᠪᠠᠷ ᠮᠣᠷᠳᠠᠬᠤ ᠳ᠋ᠤ᠌᠂
᠊᠊᠊᠊᠊᠊᠊᠊᠊᠊᠊᠊᠊᠊᠊ ᠡᠪᠦᠭᠡᠨ ᠮᠢᠨᠢ᠂ ᠡᠬᠡᠨᠡᠷ ᠬᠡᠦᠬᠡᠳ ᠲᠡᠭᠡᠨ ᠪᠤᠤ ᠵᠣᠪᠠᠭᠠᠷᠠᠢ ᠭᠡᠵᠦ ᠢᠲᠡᠭᠡᠯᠲᠦ ᠬᠡᠯᠡᠵᠡᠢ᠃ ᠪᠠᠰᠠ ᠬᠡᠳᠦᠨ ᠵᠢᠯ ᠦ᠋ᠨ ᠡᠮᠦᠨ᠎ᠡ ᠭᠤᠷᠪᠠᠨ ᠮᠣᠷᠢ ᠪᠠᠷ ᠬᠤᠳᠠᠯᠳᠤᠵᠤ ᠠᠪᠤᠭᠰᠠᠨ ᠮᠥᠩᠭᠥᠨ ᠲᠣᠨᠣᠭ ᠲᠠᠢ᠂ ᠶᠠᠫᠣᠨ ᠰᠸᠯᠠᠢ᠌ᠳᠠᠢ ᠫᠤᠤ ᠪᠠᠨ ᠪᠡᠯᠡᠭᠯᠡᠨ ᠥᠭᠭᠦᠯ᠎ᠡ᠃
ᠨᠥᠬᠥᠷ ᠢ᠋ᠶ᠋ᠡᠨ ᠶᠠᠪᠤᠬᠤ ᠳ᠋ᠤ᠌ ᠡᠬᠡᠨᠡᠷ ᠨᠢ ᠬᠠᠰᠬᠢᠷᠤᠨ ᠤᠬᠢᠯᠠᠵᠤ᠂ ᠤᠬᠠᠭᠠᠨ ᠠᠯᠳᠠᠭᠰᠠᠨ ᠪᠠ ᠬᠠᠷᠢᠨ ᠥᠬᠢᠨ ᠨᠢ ᠬᠡᠳᠦᠨ ᠨᠢᠯᠪᠤᠰᠤ ᠳᠤᠰᠤᠭᠠᠭᠰᠠᠨ ᠪᠣᠯᠪᠠᠴᠤ ᠨᠢᠭᠡ ᠯᠡ ᠶᠡᠬᠡ ᠭᠠᠰᠢᠭᠤᠳᠠᠭᠰᠠᠨ ᠦᠭᠡᠢ᠃
