ᠲᠤᠩᠭᠠᠯᠠᠭ ᠲᠠᠮᠢᠷ3-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-15

1087

《ᠪᠦᠷᠬᠦᠭᠰᠡᠨ ᠲᠡᠭᠷᠢ ᠡᠴᠡ ᠠᠶᠤᠩᠭ᠎ᠠ ᠪᠠᠭᠤᠬᠤ ᠪᠣᠯ ᠤᠤ ᠠᠯᠢ ᠨᠠᠮᠢᠷᠠᠭ᠎ᠠ ᠵᠥᠭᠡᠯᠡᠨ ᠪᠦᠯᠢᠶᠡᠨ ᠬᠤᠷ᠎ᠠ ᠪᠠᠭᠤᠬᠤ ᠪᠣᠯ ᠤᠤ》 - ᠭᠤᠷᠪᠠᠳᠤᠭᠠᠷ ᠪᠦᠯᠦᠭ ᠬᠣᠶᠠᠷ

  ᠣᠷᠣᠰ ᠤ᠋ᠨ ᠤᠯᠠᠭᠠᠨ ᠨᠠᠮ ᠲᠠᠢ ᠨᠡᠢᠯᠡᠵᠦ ᠲᠤᠰᠠᠯᠠᠮᠵᠢ ᠠᠪᠤᠭᠰᠠᠨ ᠠᠷᠠᠳ ᠤ᠋ᠨ ᠨᠠᠮ ᠤ᠋ᠨ ᠴᠡᠷᠢᠭ ᠭᠠᠵᠠᠷ ᠪᠦᠬᠦᠨ ᠴᠠᠭᠠᠨ ᠤ᠋ ᠴᠡᠷᠢᠭ ᠢ᠋ ᠲᠠᠢᠯᠵᠤ ᠪᠣᠭᠳᠠ ᠶ᠋ᠢᠨ ᠬᠦᠷᠢᠶ᠎ᠡ ᠶ᠋ᠢ ᠡᠵᠡᠯᠡᠭᠡᠳ ᠪᠣᠭᠳᠠ ᠶ᠋ᠢᠨ ᠡᠷᠬᠡ ᠶᠠᠩᠪᠠ ᠶ᠋ᠢ ᠬᠢᠵᠠᠭᠠᠷᠯᠠᠵᠠᠢ ᠭᠡᠳᠡᠭ ᠮᠡᠳᠡᠭᠡ ᠮᠣᠩᠭᠣᠯ ᠣᠷᠣᠨ ᠳᠠᠶᠠᠭᠠᠷ ᠲᠡᠮᠦᠷ ᠲᠦ᠍ ᠬᠦᠷᠦᠭᠰᠡᠨ ᠴᠠᠬᠢᠯᠭᠠᠨ ᠴᠡᠨᠡᠭ ᠰᠢᠭ ᠲᠠᠷᠬᠠᠵᠤ ᠪᠢᠯᠡ᠃ ᠡᠨᠡ ᠮᠡᠳᠡᠭᠡ ᠲᠠᠮᠢᠷ ᠤ᠋ᠨ ᠭᠣᠣᠯ ᠤ᠋ᠨ ᠤᠷᠤᠰᠬᠠᠯ ᠢ᠋ ᠰᠥᠷᠴᠦ ᠶᠠᠪᠤᠭᠰᠠᠭᠠᠷ ᠢᠲᠡᠭᠡᠯᠲᠦ ᠶ᠋ᠢᠨ ᠬᠣᠲᠠ ᠳ᠋ᠤ᠌ ᠬᠦᠷᠦᠯ᠎ᠡ᠃
  ᠤᠯᠠᠭᠠᠨ ᠤ᠋ ᠬᠢᠨ ᠳᠡᠢᠯᠦᠭᠰᠡᠨ ᠭᠡᠨ᠎ᠡ ᠭᠡᠰᠡᠨ ᠦᠭᠡ ᠢᠲᠡᠭᠡᠯᠲᠦ ᠶ᠋ᠢ ᠠᠩᠬᠠᠨ ᠳ᠋ᠠᠭᠠᠨ ᠦᠯᠡᠮᠵᠢᠬᠡᠨ ᠰᠠᠨᠳᠤᠷᠤᠭᠤᠯᠪᠠ᠃ ᠤᠴᠢᠷ ᠨᠢ ᠤᠯᠠᠭᠠᠨ ᠪᠣᠯ ᠶᠠᠭᠤᠮ᠎ᠠ ᠲᠠᠢ ᠬᠥᠮᠦᠨ ᠢ᠋ ᠦᠵᠡᠵᠦ ᠴᠢᠳᠠᠳᠠᠭ ᠦᠭᠡᠢ ᠤᠯᠤᠰ ᠭᠡᠵᠦ ᠬᠡᠯᠡᠭᠰᠡᠨ ᠫᠡᠪᠯᠦᠧ ᠶ᠋ᠢᠨ ᠦᠭᠡ ᠰᠠᠨᠠᠭᠳᠠᠪᠠ᠃ ᠴᠢᠩᠭᠢᠭᠡᠳ ᠠᠯᠲᠠ᠂ ᠮᠥᠩᠭᠥ ᠮᠡᠲᠦ ᠶ᠋ᠢᠨ ᠦᠨ᠎ᠡ ᠲᠡᠢ ᠶᠠᠭᠤᠮ᠎ᠠ ᠪᠠᠨ ᠬᠠᠳᠠᠨ ᠤ᠋ ᠬᠣᠩᠭᠢᠯ ᠳ᠋ᠤ᠌ ᠨᠢᠭᠤᠵᠤ ᠬᠠᠷᠢᠨ ᠮᠠᠯ ᠢ᠋ᠶ᠋ᠠᠨ ᠶᠠᠭᠠᠬᠢᠬᠤ ᠴᠤ᠌ ᠠᠷᠭ᠎ᠠ ᠦᠭᠡᠢ ᠪᠠᠢᠪᠠ᠃
  ᠭᠡᠲᠡᠯ᠎ᠡ ᠨᠢᠭᠡ ᠡᠳᠦᠷ ᠠᠷᠠᠳ ᠤ᠋ᠨ ᠲᠦᠷ ᠵᠠᠰᠠᠭ ᠤ᠋ᠨ ᠭᠠᠵᠠᠷ ᠡᠴᠡ ᠭᠠᠷᠭᠠᠭᠰᠠᠨ ᠲᠤᠩᠬᠠᠭ ᠪᠢᠴᠢᠭ ᠣᠯᠵᠤ ᠠᠪᠤᠭᠠᠳ ᠥᠷᠲᠡᠭᠡ ᠰᠢᠭᠠᠮ ᠭᠠᠵᠠᠷ ᠳᠠᠪᠬᠢᠵᠤ ᠪᠢᠴᠢᠭ ᠲᠡᠢ ᠬᠥᠮᠦᠨ ᠢ᠋ᠶ᠋ᠡᠷ ᠤᠩᠰᠢᠭᠤᠯᠪᠠ᠃ ᠤᠤᠯ ᠪᠢᠴᠢᠭ ᠲᠦ᠍ ᠢᠲᠡᠭᠡᠯᠲᠦ ᠳ᠋ᠦ᠍ ᠬᠠᠷᠰᠢᠯᠠᠬᠤ ᠵᠦᠢᠯ ᠦᠭᠡᠢ ᠮᠡᠲᠦ ᠠᠵᠢ᠃ ᠭᠠᠳᠠᠭᠠᠳᠤ ᠶ᠋ᠢᠨ ᠵᠡᠪᠰᠡᠭ ᠲᠡᠢ ᠬᠥᠮᠦᠰ ᠢ᠋ ᠮᠣᠩᠭᠣᠯ ᠣᠷᠣᠨ ᠡᠴᠡ ᠬᠥᠭᠡᠭᠡᠵᠦ ᠭᠠᠷᠭᠠᠬᠤ ᠲᠤᠬᠠᠢ ᠳᠤᠷᠠᠳᠤᠭᠰᠠᠨ ᠨᠢ ᠲᠡᠭᠦᠨ ᠦ᠌ ᠪᠣᠳᠣᠯ ᠲᠠᠢ ᠶᠠᠪ ᠴᠠᠪ ᠲᠣᠬᠢᠷᠠᠵᠤ ᠪᠠᠢᠭᠰᠠᠨ ᠡᠴᠡ ᠭᠠᠳᠠᠨ᠎ᠠ ᠢᠲᠡᠭᠡᠯᠲᠦ ᠪᠣᠯ ᠠᠷᠠᠳ ᠤᠭᠰᠠᠭ᠎ᠠ ᠲᠠᠢ ᠬᠥᠮᠦᠨ ᠪᠢᠯᠡ᠃
  ᠭᠠᠭᠴᠠᠬᠦ ᠵᠣᠪᠠᠬᠤ ᠨᠢ᠄ ᠮᠠᠨ ᠤ᠋ ᠮᠣᠩᠭᠣᠯ ᠤ᠋ᠨ ᠳᠤᠮᠳᠠ ᠣᠯᠵᠠ ᠠᠰᠢᠭ ᠪᠠ ᠵᠡᠷᠭᠡ ᠬᠡᠷᠬᠡᠮ ᠳ᠋ᠦ᠍ ᠰᠢᠨᠤᠯᠲᠠᠢ ᠬᠣᠪᠳᠣᠭ ᠨᠣᠶᠠᠳ ᠪᠠ ᠮᠠᠭᠤ ᠵᠠᠯᠢᠬᠠᠢ ᠠᠷᠠᠳ ᠬᠠ ᠶᠠ ᠦᠭᠡᠢ ᠠᠭᠠᠳ ᠥᠪᠡᠷ ᠦ᠋ᠨ ᠠᠮᠢᠨ ᠤ᠋ ᠪᠠᠭᠠᠬᠠᠨ ᠠᠰᠢᠭ ᠲᠤᠰᠠ ᠶ᠋ᠢ ᠡᠷᠬᠢᠮ ᠪᠣᠯᠭᠠᠵᠤ᠂ ᠰᠠᠨᠠᠭ᠎ᠠ ᠤᠷᠪᠠᠨ ᠮᠠᠨ ᠤ᠋ ᠮᠣᠩᠭᠣᠯ ᠤ᠋ᠨ ᠭᠠᠵᠠᠷ᠂ ᠤᠰᠤ᠂ ᠤᠯᠤᠰ ᠲᠥᠷᠥ᠂ ᠠᠷᠠᠳ ᠶᠠᠭᠤ ᠪᠠᠨ ᠰᠢᠭᠤᠳ ᠬᠤᠳᠠᠯᠳᠤᠬᠤ ᠡᠴᠡ ᠦᠯᠦ ᠪᠤᠴᠠᠨ᠎ᠠ᠃ ᠡᠯ᠎ᠡ ᠤᠴᠢᠷ ᠢ᠋ ᠪᠦᠭᠦᠳᠡᠭᠡᠷ ᠮᠡᠳᠡᠵᠦ ᠪᠠᠢᠭᠲᠤᠨ ᠭᠡᠰᠡᠨ ᠲᠤᠩᠬᠠᠭ ᠤ᠋ᠨ ᠦᠭᠡ ᠡᠬᠢᠨ ᠤᠳᠠᠭ᠎ᠠ ᠰᠣᠨᠣᠰᠬᠤ ᠳ᠋ᠤ᠌ ᠨᠢᠭᠡ ᠯᠡ ᠠᠶ᠎ᠠ ᠦᠭᠡᠢ ᠪᠠᠢᠭᠰᠠᠨ ᠠᠪᠠᠴᠤ ᠤᠩᠰᠢᠵᠤ ᠥᠭᠭᠦᠭᠰᠡᠨ ᠬᠥᠮᠦᠨ ᠲᠡᠢ ᠶᠠᠷᠢᠵᠤ᠂ ᠰᠢᠭᠦᠨ ᠪᠣᠳᠣᠬᠤ ᠳ᠋ᠤ᠌ ᠥᠪᠡᠷ ᠲᠦ᠋ᠨᠢ ᠫᠠᠳ ᠦᠭᠡᠢ ᠮᠡᠲᠦ ᠠᠵᠢ᠃
  ᠷᠸᠽᠦᠺᠢᠨ ᠲᠡᠢ ᠠᠭᠤᠯᠵᠠᠭᠰᠠᠨ ᠨᠢᠭᠡᠨ ᠶᠠᠪᠤᠳᠠᠯ ᠪᠣᠢ᠃ ᠭᠡᠪᠡᠴᠦ ᠨᠢᠭᠡᠳᠦᠭᠡᠷ ᠲᠦ᠍ ᠢᠲᠡᠭᠡᠯᠲᠦ ᠲᠡᠷᠡ ᠴᠠᠭᠠᠨᠲᠠᠨ ᠨᠠᠷ ᠲᠤ᠌ ᠥᠨᠥᠴᠢᠨ ᠢᠰᠢᠭᠡ ᠴᠦ᠍ ᠥᠭᠭᠦᠭᠡ ᠦᠭᠡᠢ᠂ ᠬᠣᠶᠠᠳᠤᠭᠠᠷ ᠲᠤ᠌ ᠲᠡᠷᠡ ᠶᠠᠪᠤᠳᠠᠯ ᠢ᠋ ᠮᠡᠳᠡᠬᠦ ᠬᠥᠮᠦᠨ ᠦᠭᠡᠢ᠃ ᠭᠤᠷᠪᠠᠳᠤᠭᠠᠷ ᠲᠤ᠌ ᠲᠡᠭᠦᠨ ᠡᠴᠡ ᠪᠣᠯᠵᠤ ᠠᠷᠠᠳ ᠤ᠋ᠨ ᠵᠠᠰᠠᠭ ᠲᠤ᠌ ᠬᠣᠣᠷ ᠬᠦᠷᠭᠡᠭᠰᠡᠨ ᠦᠭᠡᠢ ᠭᠡᠵᠦ ᠪᠣᠳᠣᠭᠳᠠᠨ᠎ᠠ᠃
  ᠲᠤᠩᠬᠠᠭ ᠪᠢᠴᠢᠭ ᠲᠦ᠍ ᠪᠠᠶᠠᠨ ᠠᠷᠠᠳ ᠤ᠋ᠨ ᠬᠢ ᠶ᠋ᠢ ᠪᠢᠲᠡᠭᠡᠢ ᠬᠡᠯᠡ᠂ ᠬᠠᠭᠠᠳ ᠨᠣᠶᠠᠳ ᠤ᠋ᠨ ᠬᠥᠷᠥᠩᠭᠡ ᠶ᠋ᠢ ᠬᠤᠷᠢᠶᠠᠨ᠎ᠠ᠂ ᠪᠤᠯᠢᠶᠠᠨ᠎ᠠ ᠭᠡᠰᠡᠨ ᠰᠠᠨᠠᠭ᠎ᠠ ᠪᠠᠢᠬᠤ ᠦᠭᠡᠢ ᠪᠥᠭᠡᠳ ᠪᠦᠷ ᠴᠦ᠍ 《ᠭᠠᠳᠠᠭᠠᠳᠤ ᠶ᠋ᠢᠨ ᠬᠡᠪ ᠦ᠋ᠨ ᠨᠣᠮᠣᠬᠠᠨ ᠢᠷᠭᠡᠨ ᠦ᠌ ᠠᠮᠢ ᠬᠥᠷᠥᠩᠭᠡ ᠶ᠋ᠢ ᠪᠠᠲᠤᠯᠠᠨ ᠬᠠᠮᠠᠭᠠᠯᠠᠰᠤᠭᠠᠢ》 ᠭᠡᠵᠡᠢ᠃
  ᠬᠡᠷᠪᠡ ᠭᠠᠳᠠᠭᠠᠳᠤ ᠢᠷᠭᠡᠨ ᠦ᠌ ᠬᠥᠷᠥᠩᠭᠡ ᠶ᠋ᠢ ᠬᠠᠮᠠᠭᠠᠯᠠᠬᠤ ᠶᠤᠮ ᠪᠣᠯ ᠥᠪᠡᠷ ᠦ᠋ᠨ ᠮᠣᠩᠭᠣᠯ ᠤ᠋ᠨ ᠲᠡᠷᠡ ᠲᠣᠰᠤᠮ ᠢ᠋ᠶ᠋ᠠᠨ ᠠᠷᠠᠳ ᠤᠭᠰᠠᠭ᠎ᠠ ᠲᠠᠢ ᠬᠥᠮᠦᠨ ᠦ᠌ ᠬᠥᠷᠥᠩᠭᠡ ᠶ᠋ᠢ ᠳᠡᠭᠡᠷᠡᠮᠳᠡᠬᠦ ᠶᠣᠰᠣ ᠦᠭᠡᠢ᠃ ᠢᠲᠡᠭᠡᠯᠲᠦ ᠲᠡᠷᠡ ᠡᠳᠦᠷ ᠳᠠᠬᠢᠨ ᠶᠠᠪᠤᠵᠤ ᠪᠠᠰᠠ ᠨᠢᠭᠡ ᠬᠥᠮᠦᠨ ᠢ᠋ᠶ᠋ᠡᠷ ᠤᠩᠰᠢᠭᠤᠯᠵᠤ ᠨᠡᠯᠢᠶᠡᠳ ᠶᠠᠷᠢᠯᠴᠠᠬᠤ ᠳ᠋ᠤ᠌ ᠤᠷᠢᠳᠤ ᠶ᠋ᠢᠨ ᠬᠢ ᠡᠴᠡ ᠥᠭᠡᠷ᠎ᠡ ᠪᠣᠳᠣᠯ ᠲᠥᠷᠥᠭᠰᠡᠨ ᠦᠭᠡᠢ᠃ ᠭᠠᠭᠴᠠᠬᠦ ᠡᠨᠡ ᠲᠤᠩᠬᠠᠭ ᠢ᠋ ᠰᠣᠨᠣᠰᠤᠭᠠᠳ ᠰᠢᠲᠦᠭᠰᠡᠨ ᠵᠦᠢᠯ ᠭᠡᠪᠡᠯ ᠫᠡᠪᠯᠦᠧ ᠶ᠋ᠢᠨ ᠡᠬᠡᠨᠡᠷ᠂ ᠬᠡᠦᠬᠡᠳ ᠡᠴᠡ ᠬᠣᠯᠠ ᠶᠠᠪᠤᠪᠠᠯ ᠳᠡᠭᠡᠷ᠎ᠡ ᠠᠵᠢ᠃ ᠭᠡᠲᠡᠯ᠎ᠡ ᠫᠡᠪᠯᠦᠧ ᠶ᠋ᠢ ᠶᠠᠪᠤᠬᠤ ᠳ᠋ᠤ᠌ ᠡᠬᠡᠨᠡᠷ ᠬᠡᠦᠬᠡᠳ ᠢ᠋ ᠨᠢ ᠬᠠᠷᠠᠵᠤ ᠪᠠᠢᠶ᠎ᠠ ᠭᠡᠵᠦ ᠠᠮᠠ ᠥᠭᠭᠦᠭᠰᠡᠨ ᠨᠢ ᠪᠣᠳᠣᠭᠳᠠᠪᠠ᠃ ᠲᠡᠳᠡ ᠨᠠᠷ ᠢ᠋ ᠬᠠᠷᠠᠬᠤ ᠦᠭᠡᠢ ᠪᠠᠢᠭᠠᠳ ᠬᠡᠵᠢᠶ᠎ᠡ ᠨᠢᠭᠡᠨ ᠴᠠᠭ ᠲᠤ᠌ ᠫᠡᠪᠯᠦᠧ ᠲᠡᠢ ᠠᠭᠤᠯᠵᠠᠪᠠᠯ ᠬᠤᠩᠰᠢ ᠦᠭᠡᠢ ᠶᠠᠭᠤᠮ᠎ᠠ ᠪᠣᠯᠤᠨ᠎ᠠ ᠭᠡᠵᠦ ᠪᠣᠳᠣᠭᠳᠠᠪᠠ᠃ ᠰᠡᠭᠦᠯ ᠦ᠋ᠨ ᠦᠶ᠎ᠡ ᠳ᠋ᠦ᠍ ᠵᠠᠶ᠎ᠠ ᠭᠡᠭᠡᠨ ᠫᠡᠪᠯᠦᠧ ᠶ᠋ᠢᠨ ᠥᠬᠢᠨ ᠡᠴᠡ ᠰᠠᠯᠬᠤ ᠪᠠᠨ ᠪᠣᠯᠢᠭᠰᠠᠨ ᠢ᠋ ᠢᠲᠡᠭᠡᠯᠲᠦ ᠮᠡᠳᠡᠨ᠎ᠡ᠃ ᠴᠢᠩᠭᠢᠭᠡᠳ ᠴᠦ᠍ ᠡᠬᠡ ᠬᠡᠦᠬᠡᠨ ᠬᠣᠶᠠᠷ ᠵᠠᠶ᠎ᠠ ᠶ᠋ᠢᠨ ᠪᠠᠶᠤᠤ ᠳᠡᠭᠡᠷ᠎ᠡ ᠨᠡᠭᠦᠵᠦ ᠪᠠᠭᠤᠭᠰᠠᠨ ᠪᠢᠯᠡ᠃ ᠵᠠᠶ᠎ᠠ ᠭᠡᠭᠡᠨ ᠠᠯᠢ ᠪᠠᠢᠳᠠᠭ ᠢ᠋ᠶ᠋ᠠᠨ ᠥᠭᠴᠦ᠂ ᠡᠬᠡ ᠬᠡᠦᠬᠡᠨ ᠬᠣᠶᠠᠷ ᠢ᠋ ᠲᠡᠵᠢᠭᠡᠵᠦ ᠪᠠᠢᠭ᠎ᠠ ᠪᠣᠯᠬᠣᠷ ᠢᠲᠡᠭᠡᠯᠲᠦ ᠶ᠋ᠢᠨ ᠲᠤᠰᠠᠯᠠᠮᠵᠢ ᠲᠡᠳᠡᠨ ᠳ᠋ᠦ᠍ ᠬᠡᠷᠡᠭ ᠦᠭᠡᠢ ᠪᠠᠢᠯ᠎ᠠ᠃ ᠭᠡᠪᠡᠴᠦ ᠬᠣᠵᠢᠮ ᠫᠡᠪᠯᠦᠧ ᠲᠡᠢ ᠠᠭᠤᠯᠵᠠᠬᠤ ᠶᠤᠮ ᠪᠣᠯ ᠬᠡᠯᠡᠬᠦ ᠦᠭᠡ ᠲᠡᠢ ᠪᠠᠢᠬᠤ᠂ ᠪᠠᠰᠠ ᠴᠠᠭ ᠤ᠋ᠨ ᠪᠠᠢᠳᠠᠯ᠂ ᠲᠥᠷᠥ ᠶ᠋ᠢᠨ ᠪᠣᠳᠣᠯᠭ᠎ᠠ ᠲᠣᠳᠣᠷᠬᠠᠢ ᠪᠣᠯᠲᠠᠯ᠎ᠠ ᠠᠭᠤᠯᠵᠠᠬᠤ ᠦᠭᠡᠢ ᠬᠣᠯᠠᠭᠤᠷ ᠶᠠᠪᠤᠬᠤ ᠶ᠋ᠢᠨ ᠲᠤᠯᠠ ᠣᠳᠣ ᠨᠢᠭᠡ ᠠᠭᠤᠯᠵᠠᠵᠤ ᠡᠷᠭᠢᠭᠰᠡᠨ ᠪᠣᠯᠬᠤ ᠨᠢ ᠵᠥᠪ ᠭᠡᠵᠦ ᠰᠢᠢᠳᠦᠭᠡᠳ ᠪᠠᠶᠤᠤ ᠤᠷᠤᠭᠤ ᠶᠠᠪᠤᠵᠠᠢ᠃
  ᠲᠡᠷᠡ ᠦᠳᠡᠰᠢ ᠫᠡᠪᠯᠦᠧ ᠶ᠋ᠢᠨ ᠬᠢᠨ ᠦ᠌ ᠰᠢᠨ᠎ᠡ ᠪᠠᠢᠷᠢᠨ ᠳ᠋ᠤ᠌ ᠣᠴᠢᠬᠤ ᠳ᠋ᠤ᠌ ᠥᠬᠢᠨ ᠨᠢ ᠵᠠᠶ᠎ᠠ ᠭᠡᠭᠡᠨ ᠦ᠌ ᠦᠷᠭᠦᠭᠡᠨ ᠳ᠋ᠦ᠍ ᠣᠴᠢᠭᠠᠳ ᠡᠵᠡᠭᠦᠢ᠂ ᠬᠠᠷᠢᠨ ᠡᠬᠡᠨᠡᠷ ᠨᠢ ᠭᠠᠭᠴᠠᠭᠠᠷ ᠪᠠᠢᠪᠠ᠃ ᠢᠲᠡᠭᠡᠯᠲᠦ ᠶ᠋ᠢ ᠬᠠᠷᠠᠮᠠᠭᠴᠠ ᠤᠬᠢᠯᠠᠨ ᠬᠠᠢᠯᠠᠨ᠂ ᠨᠥᠬᠥᠷ ᠡᠴᠡ ᠨᠢ ᠶᠠᠮᠠᠷ ᠴᠤ᠌ ᠰᠤᠷᠠᠭ ᠦᠭᠡᠢ ᠪᠠᠢᠭ᠎ᠠ ᠶ᠋ᠢ ᠶᠠᠷᠢᠯ᠎ᠠ᠃
  ᠊᠊᠊᠊᠊᠊᠊᠊᠊᠊᠊᠊᠊᠊᠊ ᠴᠢᠨᠠᠳᠤᠬᠢ ᠴᠢᠨᠢ ᠲᠠᠵᠢ ᠦᠭᠡᠢ᠂ ᠣᠭᠣᠲᠣᠨ᠎ᠠ ᠶ᠋ᠢᠨ ᠨᠦᠬᠡᠨ ᠳ᠋ᠦ᠍ ᠴᠦ᠍ ᠣᠷᠣᠵᠤ ᠤᠨᠲᠠᠵᠤ ᠴᠢᠳᠠᠬᠤ ᠳᠠᠮᠰᠢᠭ ᠭᠡᠵᠦ ᠬᠡᠯᠡᠭᠰᠡᠨ ᠦᠭᠡ ᠪᠡᠨ ᠢᠲᠡᠭᠡᠯᠲᠦ ᠡᠬᠡᠨᠡᠷ ᠲᠦ᠍ ᠠᠷᠠᠢ ᠭᠡᠵᠦ ᠣᠢᠯᠠᠭᠠᠭᠤᠯᠪᠠ᠃
  ᠡᠬᠡᠨᠡᠷ ᠲᠡᠢ ᠬᠠᠮᠲᠤ ᠨᠡᠯᠢᠶᠡᠳ ᠠᠷᠢᠬᠢ ᠤᠤᠭᠤᠵᠤ ᠰᠦᠷᠡᠬᠡᠢ ᠰᠣᠭᠲᠣᠭᠰᠠᠨ ᠳ᠋ᠤ᠌ ᠡᠬᠡᠨᠡᠷ ᠦ᠋ᠨ ᠰᠡᠳᠬᠢᠯ ᠲᠠᠢᠳᠬᠤᠷᠠᠭᠰᠠᠨ ᠢ᠋ᠶ᠋ᠠᠷ ᠪᠠᠷᠠᠬᠤ ᠦᠭᠡᠢ ᠬᠥᠭᠵᠢᠨ ᠳᠠᠭᠤᠤ ᠳᠠᠭᠤᠯᠠᠵᠤ᠂ ᠢᠲᠡᠭᠡᠯᠲᠦ ᠶ᠋ᠢ ᠬᠣᠰᠢᠭᠤ ᠳᠡᠭᠡᠷ᠎ᠡ ᠡᠴᠡ ᠨᠢ ᠱᠣᠪ ᠬᠢᠲᠡᠯ᠎ᠡ ᠦᠨᠦᠰᠪᠡ᠃ ᠢᠲᠡᠭᠡᠯᠲᠦ ᠭᠠᠢᠬᠠᠭᠰᠠᠨ ᠨᠢᠳᠦ ᠪᠡᠷ ᠡᠬᠡᠨᠡᠷ ᠢ᠋ ᠬᠠᠷᠠᠨ ᠮᠠᠭᠠᠰᠠᠢᠨ ᠢᠨᠢᠶᠡᠪᠡ᠃ ᠡᠬᠡᠨᠡᠷ ᠶᠠᠭᠤ ᠴᠤ᠌ ᠪᠣᠯᠤᠭ᠎ᠠ ᠦᠭᠡᠢ ᠶᠤᠮ ᠰᠢᠭ ᠲᠠᠢᠪᠤᠩ ᠬᠥᠳᠡᠯᠭᠡᠭᠡᠨ ᠢ᠋ᠶ᠋ᠡᠷ ᠬᠣᠶᠠᠷ ᠬᠤᠨᠳᠠᠭ᠎ᠠ ᠪᠠᠨ ᠠᠷᠢᠬᠢ ᠪᠠᠷ ᠳᠦᠭᠦᠷᠭᠡᠪᠡ᠃
  ᠊᠊᠊᠊᠊᠊᠊᠊᠊᠊᠊᠊᠊᠊᠊ ᠶᠡᠬᠡ ᠣᠷᠣᠰ ᠭᠦᠷᠦᠨ ᠤᠨᠠᠵᠤ᠂ ᠬᠠᠭᠠᠨ ᠡᠴᠢᠭᠡ ᠨᠢ ᠫᠤᠤᠳᠠᠭᠳᠠᠭᠰᠠᠨ᠃ ᠶᠠᠭᠤ ᠶ᠋ᠢ ᠬᠠᠢᠷᠠᠯᠠᠬᠤ ᠪᠣᠢ᠃ ᠶᠠᠭᠤ ᠶ᠋ᠢ ᠴᠦ᠍ ᠬᠠᠢᠷᠠᠯᠠᠬᠤ ᠦᠭᠡᠢ ᠭᠡᠵᠦ ᠣᠷᠣᠰ ᠮᠣᠩᠭᠣᠯ ᠦᠭᠡ ᠬᠣᠯᠢᠨ ᠬᠡᠯᠡᠭᠰᠡᠨ ᠢ᠋ ᠢᠲᠡᠭᠡᠯᠲᠦ ᠣᠢᠯᠠᠭᠠᠭᠰᠠᠨ ᠦᠭᠡᠢ᠃ ᠣᠢᠯᠠᠭᠠᠬᠤ ᠶ᠋ᠢ ᠴᠦ᠍ ᠡᠷᠡᠮᠡᠯᠵᠡᠭᠰᠡᠨ ᠦᠭᠡᠢ᠃ ᠤᠴᠢᠷ ᠨᠢ ᠢᠲᠡᠭᠡᠯᠲᠦ ᠶ᠋ᠢᠨ ᠰᠠᠨᠠᠭᠠᠨ ᠳ᠋ᠤ᠌ ᠥᠭᠡᠷ᠎ᠡ ᠨᠢᠭᠡᠨ ᠪᠣᠳᠣᠯ ᠡᠭᠦᠰᠦᠭᠡᠳ ᠮᠥᠴᠡ ᠥᠩᠭᠡᠷᠡᠭᠡᠬᠦ ᠳᠣᠳᠣᠮ ᠠᠷᠪᠢᠵᠢᠵᠤ ᠪᠠᠢᠯ᠎ᠠ᠃ ᠲᠡᠷᠡ ᠪᠣᠯ ᠲᠠᠴᠢᠶᠠᠩᠭᠤᠢ ᠶ᠋ᠢᠨ ᠬᠦᠴᠦᠲᠡᠢ ᠭᠠᠯ ᠶᠤᠮ᠃
  ᠊᠊᠊᠊᠊᠊᠊᠊᠊᠊᠊᠊᠊᠊᠊ ᠦᠵᠡᠶ᠎ᠡ᠃ ᠶᠠᠮᠠᠷ ᠪᠠᠢᠳᠠᠭ ᠳᠠᠮᠰᠢᠭ ᠪᠣᠯ ᠭᠡᠵᠦ ᠪᠣᠳᠣᠭᠰᠠᠨ ᠢᠲᠡᠭᠡᠯᠲᠦ ᠡᠬᠡᠨᠡᠷ ᠡᠴᠡ ᠨᠢᠳᠦ ᠰᠠᠯᠭᠠᠬᠤ ᠦᠭᠡᠢ ᠰᠢᠷᠳᠡᠪᠡ᠃
  ᠭᠡᠲᠡᠯ᠎ᠡ ᠶᠠᠭᠤ ᠶᠠᠷᠢᠵᠤ᠂ ᠶᠠᠭᠠᠬᠢᠬᠤ ᠪᠠᠨ ᠮᠡᠳᠡᠬᠦ ᠦᠭᠡᠢ ᠤᠴᠢᠷ ᠡᠴᠡ ᠬᠠᠭᠠᠯᠭ᠎ᠠ ᠶ᠋ᠢ ᠨᠡᠭᠡᠭᠡᠬᠦ ᠠᠷᠭ᠎ᠠ ᠣᠯᠳᠠᠬᠤ ᠦᠭᠡᠢ ᠠᠵᠢ᠃ ᠤᠷᠢᠳᠤ ᠨᠢ ᠡᠨᠡ ᠡᠬᠡᠨᠡᠷ ᠢ᠋ ᠬᠠᠷᠠᠬᠤ ᠳ᠋ᠤ᠌ ᠢᠲᠡᠭᠡᠯᠲᠦ ᠳ᠋ᠦ᠍ ᠨᠢᠭᠡ ᠯᠡ ᠡᠪ ᠬᠠᠪᠤ ᠦᠭᠡᠢ ᠶᠤᠮ ᠰᠢᠭ ᠰᠠᠨᠠᠭᠳᠠᠳᠠᠭ ᠪᠠᠢᠭᠰᠠᠨ᠃ ᠭᠡᠲᠡᠯ᠎ᠡ ᠣᠳᠣ ᠬᠠᠷᠠᠬᠤ ᠳᠣᠳᠣᠮ ᠵᠣᠬᠢᠴᠠᠭᠰᠠᠨ᠂ ᠠᠶᠠᠲᠠᠢᠬᠠᠨ ᠶᠠᠭᠤᠮ᠎ᠠ ᠪᠣᠯᠤᠨ ᠬᠠᠷᠠᠭᠳᠠᠵᠤ ᠪᠠᠢᠪᠠ᠃ ᠲᠡᠭᠦᠨ ᠦ᠌ ᠪᠣᠷᠣ ᠨᠢᠳᠦ᠂ ᠬᠦᠷᠡᠩ ᠦᠰᠦ᠂ ᠬᠢᠩᠭᠠᠨ ᠬᠠᠮᠠᠷ ᠨᠢ ᠪᠠᠰᠠ ᠯᠠ ᠰᠣᠨᠢᠨ ᠬᠠᠷᠠᠭᠳᠠᠨ᠎ᠠ᠃ ᠢᠯᠠᠩᠭᠤᠶ᠎ᠠ ᠬᠣᠯᠠ ᠭᠠᠵᠠᠷ ᠳᠠᠪᠬᠢᠵᠤ ᠢᠷᠡᠭᠰᠡᠨ ᠰᠠᠢᠨ ᠮᠣᠷᠢᠨ ᠤ᠋ ᠬᠥᠬᠡ ᠮᠢᠬ᠎ᠠ ᠰᠢᠭ᠋ ᠲᠦᠩᠬᠦᠯᠵᠡᠨ ᠪᠣᠢ ᠴᠡᠭᠡᠵᠢ ᠨᠢ ᠰᠡᠳᠬᠢᠯ ᠢ᠋ ᠬᠥᠳᠡᠯᠭᠡᠨ᠎ᠡ᠃
  ᠨᠢᠭᠡᠨᠲᠡ ᠲᠠᠴᠢᠶᠠᠩᠭᠤᠢ ᠶ᠋ᠢᠨ ᠭᠠᠯ ᠠᠰᠠᠭᠰᠠᠨ ᠡᠴᠡ ᠬᠣᠢᠰᠢ ᠢᠲᠡᠭᠡᠯᠲᠦ ᠳ᠋ᠦ᠍ ᠶᠠᠮᠠᠷ ᠴᠤ᠌ ᠶᠠᠭᠤᠮ᠎ᠠ ᠰᠠᠭᠠᠳ ᠬᠠᠭᠠᠯᠲᠠ ᠪᠣᠯᠵᠤ ᠴᠢᠳᠠᠬᠤ ᠦᠭᠡᠢ᠃ ᠢᠲᠡᠭᠡᠯᠲᠦ᠂ ᠢᠲᠡᠭᠡᠯᠲᠦ ᠪᠡᠨ ᠠᠯᠳᠠᠭ᠎ᠠ ᠦᠭᠡᠢ ᠴᠠᠭ ᠲᠤ᠌ ᠬᠦᠰᠡᠯ ᠢ᠋ᠶ᠋ᠡᠨ ᠪᠡᠶᠡᠯᠡᠭᠦᠯᠵᠦ ᠵᠠᠪᠠᠯ ᠴᠢᠳᠠᠨ᠎ᠠ᠃
  《ᠥᠪᠡᠷ ᠲᠡᠢ ᠨᠢ ᠠᠳᠠᠯᠢᠬᠠᠨ ᠦᠨᠦᠰᠦᠭᠡᠳ ᠠᠪᠤᠶ᠎ᠠ᠃ ᠳᠠᠮᠰᠢᠭ ᠴᠢᠨᠢ》 ᠭᠡᠵᠦ ᠪᠣᠳᠣᠬᠤ ᠳ᠋ᠤ᠌ ᠪᠦᠬᠦ ᠪᠡᠶ᠎ᠡ ᠨᠢ ᠵᠠᠭᠠᠲᠤᠨᠠᠬᠤ ᠰᠢᠭ᠋ ᠪᠣᠯᠪᠠ᠃
  ᠭᠤᠢᠪᠢᠨ ᠪᠣᠰᠴᠤ ᠡᠬᠡᠨᠡᠷ ᠦ᠋ᠨ ᠳᠡᠷᠭᠡᠳᠡ ᠣᠴᠢᠭᠠᠳ ᠲᠦᠷ ᠵᠣᠭᠰᠣᠭᠰᠠᠨ ᠢ᠋ᠶ᠋ᠠᠨ ᠬᠦᠵᠦᠭᠦᠳᠡᠨ ᠠᠪᠴᠤ ᠦᠨᠦᠰᠦᠭᠡᠳ ᠬᠠᠷᠠᠪᠠᠯ ᠢᠴᠢᠬᠦ ᠠᠶᠤᠬᠤ ᠪᠠᠨ ᠮᠠᠷᠲᠠᠭᠰᠠᠨ ᠬᠣᠶᠠᠷ ᠪᠣᠷᠣ ᠨᠢᠳᠦ ᠬᠠᠷᠠᠴᠠ ᠲᠠᠢ ᠨᠢ ᠲᠤᠯᠭᠠᠷᠠᠪᠠ᠃ ᠢᠲᠡᠭᠡᠯᠲᠦ ᠡᠬᠡᠨᠡᠷ ᠢ᠋ ᠰᠢᠭᠤᠳ ᠡᠷᠭᠦᠲᠡᠯ᠎ᠡ 《ᠪᠢ ᠥᠪᠡᠷ ᠢ᠋ᠶ᠋ᠡᠨ》 ᠭᠡᠳ ᠢᠲᠡᠭᠡᠯᠲᠦ ᠶ᠋ᠢ ᠵᠠᠢᠯᠠᠭᠤᠯᠤᠭᠰᠠᠨ ᠢ᠋ᠶ᠋ᠠᠨ ᠣᠷᠣ ᠤᠷᠤᠭᠤ ᠶᠠᠪᠤᠯ᠎ᠠ᠃ ᠢᠲᠡᠭᠡᠯᠲᠦ ᠰᠢᠷᠡᠭᠡᠨ ᠳᠡᠭᠡᠷ᠎ᠡ ᠪᠠᠢᠭᠰᠠᠨ ᠯᠠ ᠶ᠋ᠢ ᠦᠯᠢᠶᠡᠭᠡᠳ ᠡᠬᠡᠨᠡᠷ ᠦ᠋ᠨ ᠬᠣᠢᠨ᠎ᠠ ᠡᠴᠡ ᠬᠥᠬᠡ ᠢᠨᠢᠶᠡᠳᠦ ᠨᠢ ᠭᠦᠷᠦᠨ ᠠᠯᠬᠤᠪᠠ᠃ ᠮᠠᠷᠭᠠᠰᠢ ᠨᠢ ᠢᠲᠡᠭᠡᠯᠲᠦ ᠥᠷᠯᠥᠭᠡ ᠡᠷᠲᠡ ᠪᠣᠰᠴᠤ ᠶᠠᠪᠤᠭᠰᠠᠨ ᠪᠢᠯᠡ᠃
  ᠭᠡᠷ ᠦ᠋ᠨ ᠵᠦᠭ ᠬᠠᠲᠠᠷᠢᠭᠤᠯᠤᠨ ᠶᠠᠪᠤᠬᠤ ᠳ᠋ᠤᠨᠢ ᠨᠠᠮᠤᠷ ᠤ᠋ᠨ ᠥᠷᠯᠥᠭᠡᠨ ᠦ᠌ ᠰᠡᠷᠢᠭᠦᠨ ᠰᠠᠯᠬᠢ ᠡᠮᠦᠨ᠎ᠡ ᠡᠴᠡ ᠨᠢ ᠦᠯᠢᠶᠡᠨ᠂ ᠠᠷᠢᠬᠢᠨ ᠡᠴᠡ ᠲᠣᠯᠣᠭᠠᠢ ᠨᠢ ᠦᠯᠦ ᠮᠡᠳᠡᠭ ᠳᠦᠢᠷᠡᠨ ᠪᠠᠳᠠᠢᠷᠠᠵᠤ ᠥᠩᠭᠡᠷᠡᠭᠰᠡᠨ ᠶᠠᠪᠤᠳᠠᠯ ᠪᠣᠳᠣᠭᠳᠠᠨ ᠨᠢᠭᠤᠷ ᠲᠤᠨᠢ ᠪᠠᠷᠳᠠᠮ ᠮᠥᠰᠢᠶᠡᠯᠲᠡ ᠪᠠᠢᠨ ᠪᠠᠢᠨ ᠲᠣᠳᠣᠷᠠᠨ᠎ᠠ᠃
  ᠵᠠᠮ ᠳ᠋ᠠᠭᠠᠨ ᠨᠡᠷᠡᠭᠰᠡᠨ ᠠᠢᠯ ᠳᠡᠮᠵᠢᠵᠦ ᠶᠠᠪᠤᠭᠰᠠᠭᠠᠷ ᠦᠳᠡᠰᠢ ᠶ᠋ᠢᠨ ᠪᠦᠷᠦᠩᠬᠦᠢ ᠳ᠋ᠦ᠍ ᠨᠡᠯᠢᠶᠡᠳ ᠰᠣᠭᠲᠣᠭᠤ ᠬᠠᠷᠢᠬᠤ ᠳ᠋ᠤ᠌᠂
  ᠊᠊᠊᠊᠊᠊᠊᠊᠊᠊᠊᠊᠊᠊᠊ ᠡᠨᠡ ᠦᠢᠮᠡᠭᠡᠨ ᠦ᠌ ᠴᠠᠭ ᠲᠤ᠌ ᠶᠠᠭᠤᠨ ᠳ᠋ᠤ᠌ ᠢᠩᠭᠢᠵᠦ ᠰᠣᠭᠲᠣᠳᠠᠭ ᠶᠤᠮ ᠪᠣᠢ? ᠭᠡᠵᠦ ᠳᠤᠯᠵᠢᠨ ᠵᠢᠮᠡᠯᠡᠪᠡ᠃
  ᠊᠊᠊᠊᠊᠊᠊᠊᠊᠊᠊᠊᠊᠊᠊ ᠴᠢᠮ᠎ᠠ ᠳ᠋ᠤ᠌ ᠫᠠᠳ ᠦᠭᠡᠢ ᠬᠡᠷᠡᠭ ᠁ ᠭᠡᠳ ᠢᠲᠡᠭᠡᠯᠲᠦ ᠭᠠᠳᠠᠨ᠎ᠠ ᠡᠴᠡ ᠣᠷᠣᠵᠤ ᠢᠷᠡᠭᠰᠡᠨ ᠬᠣᠩᠭᠣᠷ ᠢ᠋ ᠬᠠᠷᠠᠵᠤ᠄
  ᠊᠊᠊᠊᠊᠊᠊᠊᠊᠊᠊᠊᠊᠊᠊ ᠮᠢᠨᠦ ᠮᠣᠷᠢ ᠶ᠋ᠢ ᠲᠠᠯᠪᠢᠵᠤ ᠣᠷᠬᠢᠭᠠᠷᠠᠢ ᠭᠡᠯ᠎ᠡ᠃
  ᠊᠊᠊᠊᠊᠊᠊᠊᠊᠊᠊᠊᠊᠊᠊ ᠮᠣᠷᠢ ᠶ᠋ᠢ ᠴᠢᠨᠢ ᠲᠠᠯᠪᠢᠴᠢᠬᠠᠭᠰᠠᠨ᠃ ᠠᠪᠤ ᠠ᠋᠂ ᠤᠨᠲᠠᠵᠤ ᠠᠮᠠᠷᠠ ᠭᠡᠳ ᠬᠣᠩᠭᠣᠷ ᠰᠢᠭᠤᠳ ᠣᠴᠢᠵᠤ ᠬᠤᠪᠴᠠᠰᠤ ᠶ᠋ᠢ ᠨᠢ ᠲᠠᠢᠴᠢᠬᠤ ᠳ᠋ᠤ᠌ ᠢᠲᠡᠭᠡᠯᠲᠦ ᠡᠰᠡᠷᠭᠦᠴᠡᠭᠰᠡᠨ ᠦᠭᠡᠢ᠃ ᠬᠣᠩᠭᠣᠷ ᠬᠡᠳᠦᠢᠪᠡᠷ ᠠᠷᠪᠠᠨ ᠳᠣᠯᠣᠭᠠᠨ ᠨᠠᠰᠤᠲᠠᠢ ᠪᠣᠯᠪᠠᠴᠤ ᠪᠡᠶ᠎ᠡ ᠪᠢᠯᠳᠠᠷ ᠲᠡᠭᠰᠢ ᠡᠴᠢᠭᠡ ᠰᠢᠭ ᠢ᠋ᠶ᠋ᠡᠨ ᠬᠤᠷᠴᠠ ᠨᠢᠳᠦ ᠲᠡᠢ᠂ ᠭᠣᠨᠵᠣᠭᠣᠢ ᠪᠥᠭᠡᠳ ᠬᠥᠷᠥᠰᠥ ᠲᠡᠢ ᠬᠦᠷᠡᠯ ᠬᠦᠷᠡᠩ ᠴᠢᠷᠠᠢ ᠲᠠᠢ ᠬᠡᠨ ᠴᠦ᠍ ᠬᠠᠷᠠᠭᠰᠠᠨ ᠴᠣᠭ ᠲᠠᠢ ᠡᠷ᠎ᠡ ᠪᠣᠯᠵᠠᠢ᠃ ᠬᠠᠷᠢᠨ ᠰᠣᠯᠣᠩᠭ᠎ᠠ ᠡᠮᠡᠭᠲᠡᠢ ᠬᠥᠮᠦᠨ ᠳ᠋ᠦ᠍ ᠮᠢᠬᠠᠯᠢᠭ᠋᠂ ᠪᠠᠳᠠᠷᠠᠭᠤᠨ ᠪᠡᠶ᠎ᠡ ᠲᠡᠢ᠂ ᠥᠷᠭᠡᠨ ᠬᠠᠮᠠᠷ᠂ ᠵᠤᠵᠠᠭᠠᠨ ᠬᠦᠵᠦᠭᠦᠦ ᠲᠡᠢ ᠬᠥᠮᠦᠨ ᠪᠣᠯᠵᠠᠢ᠃ ᠭᠡᠪᠡᠴᠦ ᠰᠣᠯᠣᠩᠭ᠎ᠠ ᠳ᠋ᠤ᠌ ᠢᠲᠡᠭᠡᠯᠲᠦ ᠶ᠋ᠢᠨ ᠭᠡᠷ ᠪᠦᠯᠢ ᠬᠢᠨ ᠳ᠋ᠦ᠍ ᠴᠦ᠍ ᠪᠠᠢᠬᠤ ᠦᠭᠡᠢ ᠵᠥᠭᠡᠯᠡᠨ ᠨᠢᠳᠦ᠂ ᠳᠥᠯᠭᠡᠬᠡᠨ ᠬᠠᠷᠠᠴᠠ ᠪᠠᠢᠪᠠ᠃
  ᠰᠣᠯᠣᠩᠭ᠎ᠠ ᠶ᠋ᠢᠨ ᠨᠢᠳᠦ᠂ ᠢᠲᠡᠭᠡᠯᠲᠦ ᠳ᠋ᠦ᠍ ᠮᠠᠭᠳᠠᠭᠤᠯᠴᠢᠭᠠᠭᠠᠤᠨ ᠪᠠᠢᠭ᠎ᠠ ᠡᠬᠡ ᠶ᠋ᠢᠨ ᠢ᠋ᠶ᠋ᠡᠨ ᠨᠢᠳᠦ ᠶ᠋ᠢ ᠥᠪᠴᠢᠴᠢᠬᠡᠭᠰᠡᠨ ᠶᠤᠮ ᠭᠡᠵᠦ ᠨᠢᠮ᠎ᠠ ᠶ᠋ᠢᠨ ᠬᠡᠯᠡᠳᠡᠭ ᠦᠭᠡ ᠶᠣᠰᠣᠲᠠᠢ ᠯᠠ ᠨᠢᠭᠡ ᠤᠨᠤᠭᠰᠠᠨ ᠦᠭᠡ ᠶᠤᠮ᠃
  ᠬᠠᠷᠢᠨ ᠬᠣᠩᠭᠣᠷ ᠤ᠋ᠨ ᠲᠣᠭᠲᠠᠵᠤ ᠶᠠᠳᠠᠭᠰᠠᠨ ᠬᠣᠶᠠᠷ ᠬᠤᠷᠴᠠ ᠨᠢᠳᠦ ᠶ᠋ᠢ ᠪᠣᠯ ᠢᠲᠡᠭᠡᠯᠲᠦ ᠴᠦ᠍ ᠡᠭᠴᠡᠯᠡᠨ ᠬᠠᠷᠠᠬᠤ ᠡᠴᠡ ᠵᠠᠢᠯᠠᠰᠬᠢᠳᠠᠭ ᠶᠤᠮ᠃ ᠬᠡᠳᠦᠢᠪᠡᠷ ᠢᠲᠡᠭᠡᠯᠲᠦ ᠬᠣᠩᠭᠣᠷ ᠢ᠋ ᠵᠠᠩᠨᠠᠬᠤ ᠳᠤᠷ᠎ᠠ ᠲᠠᠢ ᠪᠣᠯᠪᠠᠴᠤ ᠲᠡᠭᠦᠨ ᠦ᠌ ᠡᠷᠡᠰ ᠬᠡᠯᠡᠭᠰᠡᠨ ᠦᠭᠡ ᠡᠴᠡ ᠨᠢ ᠵᠥᠷᠢᠳᠡᠭ ᠦᠭᠡᠢ᠃ ᠢᠲᠡᠭᠡᠯᠲᠦ ᠭᠣᠯᠣᠮᠲᠠ ᠰᠠᠬᠢᠬᠤ ᠭᠠᠭᠴᠠ ᠬᠦᠦ ᠳ᠋ᠡᠭᠡᠨ ᠬᠢᠵᠠᠭᠠᠷ ᠦᠭᠡᠢ ᠬᠠᠢᠷᠠᠲᠠᠢ ᠪᠥᠭᠡᠳ ᠡᠨᠡ ᠬᠥᠷᠥᠩᠭᠡ ᠶ᠋ᠢ ᠲᠡᠭᠦᠨ ᠦ᠌ ᠲᠥᠯᠥᠭᠡ ᠴᠤᠭᠯᠠᠭᠤᠯᠤᠭᠰᠠᠨ᠃ ᠡᠵᠡᠨ ᠨᠢ ᠵᠥᠪᠬᠡᠨ ᠬᠣᠩᠭᠣᠷ ᠭᠡᠳᠡᠭ ᠢ᠋ ᠬᠦᠦ ᠳ᠋ᠡᠭᠡᠨ ᠣᠢᠯᠠᠭᠤᠯᠵᠤ᠂ ᠬᠥᠷᠥᠩᠭᠡ ᠳ᠋ᠡᠭᠡᠨ ᠪᠡᠶᠡᠰᠦᠨ ᠪᠠᠬᠠᠷᠬᠠᠬᠤ ᠰᠡᠳᠬᠢᠯ ᠢ᠋ ᠵᠢᠷᠦᠬᠡᠨ ᠳ᠋ᠦ᠍ᠨᠢ ᠬᠠᠲᠠᠵᠤ ᠥᠭᠬᠦ ᠶ᠋ᠢ ᠬᠢᠴᠢᠶᠡᠳᠡᠭ ᠪᠢᠯᠡ᠃
  ᠭᠡᠲᠡᠯ᠎ᠡ ᠬᠣᠩᠭᠣᠷ ᠬᠥᠷᠥᠩᠭᠡ ᠮᠠᠯ ᠭᠡᠬᠦ ᠶ᠋ᠢᠨ ᠣᠷᠣᠨ ᠳ᠋ᠤ᠌ ᠡᠮᠨᠢᠭ ᠠᠳᠤᠭᠤ ᠲᠠᠢ ᠨᠣᠴᠣᠯᠳᠤᠬᠤ᠂ ᠮᠣᠷᠢ ᠤᠷᠭᠠᠯᠠᠬᠤ᠂ ᠰᠠᠢᠨ ᠮᠣᠷᠢ ᠤᠨᠤᠬᠤ ᠶ᠋ᠢ ᠡᠷᠬᠢᠮ ᠪᠣᠯᠭᠠᠳᠠᠭ ᠪᠥᠭᠡᠳ ᠱᠠᠭ᠎ᠠ ᠰᠤᠷ ᠤ᠋ᠨ ᠠᠯᠢᠨ ᠳ᠋ᠤ᠌ ᠴᠤ᠌ ᠬᠥᠮᠦᠨ ᠦ᠌ ᠬᠣᠢᠨ᠎ᠠ ᠣᠷᠣᠬᠤ ᠦᠭᠡᠢ ᠪᠣᠯᠵᠠᠢ᠃ ᠪᠠᠰᠠ ᠵᠣᠳᠣᠭᠠᠨ ᠴᠤᠤᠭᠢᠶᠠᠨ ᠳ᠋ᠤ᠌ ᠴᠤ᠌ ᠣᠷᠣᠯᠴᠠᠬᠤ ᠡᠴᠡ ᠪᠤᠴᠠᠳᠠᠭ ᠦᠭᠡᠢ ᠠᠵᠢ᠃ ᠡᠴᠢᠭᠡ ᠨᠢ ᠡᠨᠡ ᠪᠦᠬᠦᠨ ᠳ᠋ᠦ᠍ ᠰᠡᠳᠬᠢᠯ ᠵᠣᠪᠠᠬᠤ ᠪᠣᠯᠪᠠᠴᠤ ᠵᠠᠯᠠᠭᠤ ᠶ᠋ᠢᠨ ᠡᠪᠡᠳᠴᠢᠨ ᠤᠳᠠᠬᠤ ᠦᠭᠡᠢ ᠠᠷᠢᠯᠵᠤ ᠬᠥᠷᠥᠩᠭᠡ ᠬᠣᠭᠰᠢᠯ ᠤ᠋ᠨ ᠲᠥᠯᠥᠭᠡ ᠰᠡᠳᠬᠢᠯ ᠤᠨᠳᠤᠷᠤᠨ᠎ᠠ ᠭᠡᠵᠦ ᠢᠲᠡᠭᠡᠵᠦ ᠶᠠᠪᠤᠳᠠᠭ ᠪᠠᠢᠯ᠎ᠠ᠃
  ᠰᠣᠯᠣᠩᠭ᠎ᠠ ᠶ᠋ᠢ 《ᠠᠵᠢᠯ ᠦᠭᠡᠢ ᠳᠠᠮᠰᠢᠭ ᠣᠷᠣᠭᠰᠢ ᠦᠭᠡᠢ ᠠᠮᠢᠲᠠᠨ》 ᠭᠡᠵᠦ ᠦᠷᠭᠦᠯᠵᠢ ᠨᠢᠳᠦ ᠦᠵᠡᠭᠦᠯᠳᠡᠭ ᠢᠲᠡᠭᠡᠯᠲᠦ᠂ ᠵᠠᠷᠢᠮ ᠳ᠋ᠠᠭᠠᠨ ᠤᠨᠤᠬᠤ ᠮᠣᠷᠢ ᠪᠠᠨ ᠬᠦᠷᠲᠡᠯ᠎ᠡ ᠬᠣᠩᠭᠣᠷ ᠢ᠋ᠶ᠋ᠠᠷ ᠵᠢᠭᠠᠯᠭᠠᠳᠠᠭ ᠶᠤᠮ᠃
  ᠭᠠᠯᠰᠠᠩ ᠤᠷᠢᠳᠤ ᠶ᠋ᠢᠨ ᠬᠡᠪ ᠢ᠋ᠶ᠋ᠡᠷ ᠢᠲᠡᠭᠡᠯᠲᠦ ᠳ᠋ᠦ᠍ ᠦᠨᠡᠨᠴᠢ ᠪᠡᠷ ᠵᠠᠷᠤᠭᠳᠠᠨ ᠠᠳᠤᠭᠤ ᠶ᠋ᠢ ᠨᠢ ᠬᠠᠷᠢᠭᠤᠯᠤᠭᠰᠠᠭᠠᠷ ᠪᠥᠭᠡᠳ ᠥᠩᠭᠡᠷᠡᠭᠰᠡᠨ ᠵᠢᠯ ᠮᠥᠨ ᠯᠡ ᠢᠲᠡᠭᠡᠯᠲᠦ ᠶ᠋ᠢᠨ ᠬᠦᠴᠦ ᠪᠡᠷ ᠬᠠᠨᠳᠠ ᠭᠡᠳᠡᠭ ᠨᠢᠭᠡ ᠬᠡᠦᠬᠡᠨ ᠲᠡᠢ ᠰᠠᠭᠤᠵᠠᠢ᠃ ᠲᠡᠭᠦᠨ ᠢ᠋ ᠢᠲᠡᠭᠡᠯᠲᠦ ᠮᠥᠨ ᠯᠡ ᠭᠣᠣᠴᠢᠯᠠᠳᠠᠭ ᠪᠣᠯᠪᠠᠴᠤ ᠬᠠᠨᠳᠠ ᠳ᠋ᠤ᠌ ᠳᠤᠯᠮ᠎ᠠ ᠲᠠᠢ ᠵᠢᠱ᠌ᠢᠬᠦ ᠶᠠᠭᠤᠮ᠎ᠠ ᠣᠭᠲᠣ ᠪᠠᠢᠭᠰᠠᠨ ᠦᠭᠡᠢ᠃ ᠵᠠᠩ ᠢ᠋ᠶ᠋ᠠᠷ ᠨᠣᠮᠣᠬᠠᠨ᠂ ᠴᠢᠷᠠᠢ ᠵᠢᠰᠦ ᠪᠡᠷ ᠴᠦ᠍ ᠭᠠᠪᠢᠬᠤ ᠦᠭᠡᠢ ᠡᠭᠡᠯ ᠪᠣᠷᠣ ᠬᠡᠦᠬᠡᠨ ᠪᠠᠢᠵᠠᠢ᠃
  《ᠵᠠᠯᠠᠭᠤ ᠪᠣᠯᠬᠤ ᠡᠴᠡ ᠪᠢᠰᠢ ᠳᠤᠯᠵᠢᠨ ᠡᠴᠡ ᠢᠯᠡᠭᠦᠴᠢᠯᠡᠭᠡᠳ ᠪᠠᠢᠬᠤ ᠶᠠᠭᠤᠮ᠎ᠠ ᠠᠯᠠᠭ᠎ᠠ ᠳᠠ》 ᠭᠡᠵᠦ ᠢᠲᠡᠭᠡᠯᠲᠦ ᠠᠳᠤᠭᠤ ᠮᠠᠨᠠᠬᠤ ᠪᠠᠷ ᠶᠠᠪᠤᠭᠰᠠᠨ ᠭᠠᠯᠰᠠᠩ ᠤ᠋ᠨ ᠭᠡᠷ ᠤᠷᠤᠭᠤ ᠶᠠᠪᠤᠵᠤ ᠪᠠᠢᠬᠤ ᠳ᠋ᠠᠭᠠᠨ ᠪᠣᠳᠣᠳᠠᠭ ᠪᠠᠢᠯ᠎ᠠ᠃
  ᠨᠢᠮ᠎ᠠ ᠡᠪᠦᠭᠡᠨ᠂ ᠡᠬᠡᠨᠡᠷ ᠥᠬᠢᠨ ᠦ᠌ ᠬᠠᠮᠲᠤ ᠢᠲᠡᠭᠡᠯᠲᠦ ᠶ᠋ᠢᠨ ᠬᠠᠶᠠᠭ᠎ᠠ ᠳᠥᠰᠢᠨ ᠬᠣᠨᠢ ᠶ᠋ᠢ ᠨᠢ ᠬᠠᠷᠢᠭᠤᠯᠤᠭᠰᠠᠭᠠᠷ ᠪᠥᠭᠡᠳ ᠥᠬᠢᠨ ᠰᠦᠷᠦᠩ ᠨᠢ ᠦᠵᠡᠮᠵᠢ ᠲᠡᠭᠦᠯᠳᠡᠷ ᠪᠦᠰᠡᠭᠦᠢ ᠪᠣᠯᠵᠠᠢ᠃ ᠢᠲᠡᠭᠡᠯᠲᠦ ᠵᠠᠶ᠎ᠠ ᠶ᠋ᠢᠨ ᠬᠦᠷᠢᠶᠡᠨ ᠦ᠌ ᠴᠠᠮ ᠳ᠋ᠤ᠌ ᠶᠠᠪᠤᠬᠤ ᠭᠡᠳ ᠤᠶᠠᠭ᠎ᠠ ᠤᠷᠤᠭᠤ ᠵᠡᠷᠭᠡᠴᠡᠨ ᠶᠠᠪᠤᠵᠤ ᠪᠠᠢᠭ᠎ᠠ ᠰᠦᠷᠦᠩ᠂ ᠰᠣᠯᠣᠩᠭ᠎ᠠ ᠬᠣᠶᠠᠷ ᠢ᠋ ᠬᠠᠷᠠᠭᠠᠳ 《ᠮᠠᠨ ᠤ᠋ ᠰᠣᠯᠣᠩᠭ᠎ᠠ ᠭᠡᠵᠦ ᠲᠠᠷᠭᠤᠨ ᠬᠠᠨᠳᠠᠭᠠᠢ ᠰᠢᠭ᠋ ᠬᠠᠯᠪᠠᠯᠵᠠᠭᠠᠳ ᠁ ᠡᠬᠡ ᠰᠢᠭ ᠢ᠋ᠶ᠋ᠡᠨ ᠨᠢᠭᠡ ᠭᠠᠯᠪᠢᠷ ᠮᠠᠭᠤᠲᠠᠢ ᠶᠠᠭᠤᠮ᠎ᠠ ᠪᠣᠯᠬᠤ ᠨᠢ ᠁ ᠰᠦᠷᠦᠩ ᠴᠣ ᠰᠣᠢᠴᠢᠬᠠᠭᠰᠠᠨ ᠰᠤᠭᠤ ᠰᠢᠭ᠋ ᠪᠡᠶ᠎ᠡ ᠪᠢᠯᠳᠠᠷ᠂ ᠴᠢᠷᠠᠢ ᠵᠢᠰᠦ ᠲᠡᠭᠰᠢᠬᠡᠨ ᠠᠮᠢᠲᠠᠨ ᠪᠣᠯᠬᠤ ᠨᠢ ᠳᠡ᠃ ᠯᠢᠩᠠᠠᠸ᠎ᠠ ᠴᠡᠴᠡᠭ ᠰᠢᠪᠡᠷ ᠡᠴᠡ ᠭᠠᠷᠳᠠᠭ ᠭᠡᠭᠴᠢ ᠪᠡᠷ ᠨᠢᠮ᠎ᠠ ᠭᠡᠰᠢᠭᠳᠤ ᠬᠣᠶᠠᠷ ᠡᠴᠡ ᠡᠢᠮᠦ ᠡᠷᠳᠡᠨᠢ ᠲᠥᠷᠥᠳᠡᠭ ᠪᠠᠢᠵᠠᠢ》 ᠭᠡᠵᠦ ᠪᠣᠳᠣᠵᠤ ᠪᠠᠢᠵᠠᠢ᠃
  ᠬᠡᠵᠢᠶ᠎ᠡ ᠡᠬᠢᠯᠡᠭᠰᠡᠨ ᠢ᠋ ᠬᠡᠨ ᠴᠦ᠍ ᠮᠡᠳᠡᠬᠦ ᠦᠭᠡᠢ ᠬᠠᠢᠷ᠎ᠠ ᠶ᠋ᠢᠨ ᠰᠡᠳᠬᠢᠯ ᠬᠣᠩᠭᠣᠷ᠂ ᠰᠦᠷᠦᠩ ᠬᠣᠶᠠᠷ ᠤ᠋ᠨ ᠳᠤᠮᠳᠠ ᠪᠣᠢ ᠪᠣᠯᠤᠭᠰᠠᠨ ᠪᠥᠭᠡᠳ ᠡᠨᠡ ᠰᠡᠳᠬᠢᠯ ᠨᠢ ᠥᠰᠬᠦ ᠳᠣᠳᠣᠮ ᠬᠣᠶᠠᠷ ᠵᠠᠯᠠᠭᠤ ᠪᠡᠶ᠎ᠡ ᠪᠡᠶ᠎ᠡ ᠡᠴᠡ ᠪᠢᠰᠢᠭᠦᠷᠬᠡᠬᠦ ᠪᠣᠯᠤᠭᠰᠠᠨ ᠢ᠋ᠶ᠋ᠠᠷ ᠪᠠᠷᠠᠬᠤ ᠦᠭᠡᠢ ᠲᠡᠭᠦᠨ ᠢ᠋ᠶ᠋ᠡᠨ ᠪᠤᠰᠤᠳ ᠡᠴᠡ ᠨᠢᠭᠤᠬᠤ ᠶ᠋ᠢ ᠬᠢᠴᠢᠶᠡᠳᠡᠭ ᠪᠣᠯᠵᠠᠢ᠃ ᠭᠡᠪᠡᠴᠦ ᠮᠢᠭᠤᠢ ᠬᠢᠮᠤᠰᠤ ᠪᠠᠨ ᠬᠡᠴᠢᠨᠡᠨ ᠨᠢᠭᠤᠪᠠᠴᠤ ᠠᠭᠤᠷᠯᠠᠬᠤ ᠳ᠋ᠠᠭᠠᠨ ᠭᠠᠷᠭᠠᠳᠠᠭ ᠤ᠋ᠨ ᠠᠳᠠᠯᠢ ᠡᠨᠡ ᠬᠣᠶᠠᠷ ᠤ᠋ᠨ ᠰᠡᠳᠬᠢᠯ ᠬᠠᠷᠠᠬᠤ ᠨᠢᠳᠦ᠂ ᠪᠠᠶᠠᠰᠬᠠᠬᠤ ᠵᠠᠩ ᠪᠦᠬᠦᠨ ᠳ᠋ᠦ᠍ᠨᠢ ᠴᠤᠬᠤᠯᠵᠠᠵᠤ ᠪᠠᠢᠯ᠎ᠠ᠃ ᠲᠡᠷᠡ ᠴᠦ᠍ ᠪᠠᠢᠲᠤᠭᠠᠢ ᠬᠠᠮᠲᠤ ᠪᠠᠢᠬᠤ ᠳ᠋ᠠᠭᠠᠨ ᠵᠠᠩ ᠨᠢ ᠬᠦᠷᠲᠡᠯ᠎ᠡ ᠥᠭᠡᠷ᠎ᠡ ᠪᠣᠯᠤᠨ᠎ᠠ᠃ ᠰᠦᠷᠦᠩ ᠦ᠋ᠨ ᠳᠡᠷᠭᠡᠳᠡ ᠬᠣᠩᠭᠣᠷ ᠤ᠋ᠨ ᠡᠷᠡᠰ ᠭᠦᠵᠢᠭᠦᠨ ᠵᠠᠩ ᠵᠥᠭᠡᠯᠡᠨ᠂ ᠤᠩᠭᠢᠷᠠᠭᠠᠨ ᠴᠠᠭᠠᠨ ᠪᠣᠯᠳᠠᠭ ᠪᠥᠭᠡᠳ ᠬᠣᠩᠭᠣᠷ ᠤ᠋ᠨ ᠳᠡᠷᠭᠡᠳᠡ ᠰᠦᠷᠦᠩ ᠦ᠋ᠨ ᠵᠠᠩ ᠰᠢᠷᠦᠭᠦᠨ᠂ ᠳᠡᠭᠡᠷᠡᠩᠭᠦᠢ ᠪᠣᠯᠳᠠᠭ ᠪᠠᠢᠯ᠎ᠠ᠃ ᠵᠢᠰᠢᠶ᠎ᠠ ᠨᠢ᠄ ᠬᠣᠩᠭᠣᠷ ᠱᠠᠭ᠎ᠠ ᠠᠪᠬᠤ᠂ ᠪᠥᠬᠡ ᠴᠡᠭᠡ ᠨᠢᠰᠠᠯᠬᠤ ᠳ᠋ᠠᠭᠠᠨ ᠪᠣᠯᠢᠬᠠᠢ᠌ᠴᠢᠬᠤ ᠭᠡᠳᠡᠭ ᠨᠢ ᠬᠡᠴᠡᠭᠦᠦ᠃ ᠭᠡᠲᠡᠯ᠎ᠡ ᠰᠡᠭᠦᠯ ᠦ᠋ᠨ ᠦᠶ᠎ᠡ ᠳ᠋ᠦ᠍ ᠰᠦᠷᠦᠩ ᠦ᠋ᠨ ᠳᠡᠷᠭᠡᠳᠡ ᠪᠣᠯ ᠬᠠᠢᠯᠤᠭᠰᠠᠨ ᠲᠤᠭᠤᠯᠭ᠎ᠠ ᠰᠢᠭ᠋ ᠪᠣᠯᠳᠠᠭ ᠪᠥᠭᠡᠳ ᠪᠤᠯᠢᠬᠠᠢ ᠦᠭᠡᠢ ᠰᠠᠢᠬᠠᠨ ᠲᠣᠭᠯᠠᠬᠤ ᠶ᠋ᠢ ᠬᠢᠴᠢᠶᠡᠳᠡᠭ ᠪᠣᠯᠵᠠᠢ᠃ ᠡᠭᠦᠨ ᠢ᠋ ᠨᠢ ᠠᠰᠢᠭᠯᠠᠵᠤ ᠰᠣᠯᠣᠩᠭ᠎ᠠ ᠦᠷᠭᠦᠯᠵᠢ ᠰᠦᠷᠦᠩ ᠲᠡᠢ ᠨᠢᠭᠡ ᠲᠠᠯ᠎ᠠ ᠪᠣᠯᠵᠤ ᠬᠡᠷᠡᠯᠳᠦᠬᠦ ᠥᠬᠡᠢ ᠠᠮᠤᠷ ᠲᠣᠭᠯᠠᠳᠠᠭ ᠪᠣᠯᠪᠠ᠃
  ᠰᠦᠷᠦᠩ᠂ ᠬᠣᠩᠭᠣᠷ ᠬᠣᠶᠠᠷ ᠤ᠋ᠨ ᠰᠡᠳᠬᠢᠯ ᠢ᠋ ᠨᠢᠮ᠎ᠠ ᠭᠡᠰᠢᠭᠳᠤ ᠨᠠᠷ ᠰᠠᠢᠨ ᠮᠡᠳᠡᠵᠦ ᠪᠠᠢᠭᠰᠠᠨ ᠠᠪᠠᠴᠤ᠂ ᠢᠲᠡᠭᠡᠯᠲᠦ ᠬᠣᠭᠣᠰᠣᠨ ᠬᠥᠮᠦᠨ ᠦ᠌ ᠥᠬᠢᠨ ᠲᠡᠢ ᠭᠠᠭᠴᠠ ᠬᠦᠦ ᠪᠡᠨ ᠯᠠᠪ ᠰᠠᠭᠤᠯᠭᠠᠬᠤ ᠦᠭᠡᠢ ᠭᠡᠵᠦ ᠵᠣᠪᠠᠨ᠎ᠠ᠃
  《ᠰᠦᠷᠦᠩ ᠬᠦᠦ ᠳ᠋ᠦ᠍ ᠮᠢᠨᠢ ᠬᠠᠨᠢ ᠪᠢᠰᠢ᠃ ᠶᠠᠳᠠᠬᠤ ᠳ᠋ᠠᠭᠠᠨ ᠰᠦᠢ ᠳ᠋ᠡᠭᠡᠨ ᠭᠠᠭᠴᠠ ᠠᠵᠢᠷᠭ᠎ᠠ ᠠᠳᠤᠭᠤ ᠠᠪᠴᠢᠷᠠᠬᠤ ᠶᠠᠭᠤᠮ᠎ᠠ ᠲᠠᠢ ᠰᠠᠭᠤᠳᠠᠭ ᠪᠠᠢᠭ᠎ᠠ ᠳᠠ》 ᠭᠡᠵᠦ ᠳᠤᠯᠵᠢᠨ ᠤ᠋ ᠬᠡᠯᠡᠭᠰᠡᠨ ᠢ᠋ ᠳᠠᠮ ᠰᠣᠨᠣᠰᠤᠭᠠᠳ ᠨᠢᠮ᠎ᠠ᠂ ᠭᠡᠰᠢᠭᠳᠤ ᠭᠠᠭᠴᠠ ᠥᠬᠢᠨ ᠦ᠌ ᠪᠡᠨ ᠬᠤᠪᠢ ᠵᠠᠶᠠᠭ᠎ᠠ ᠶ᠋ᠢᠨ ᠲᠤᠬᠠᠢ ᠰᠡᠳᠬᠢᠯ ᠨᠢ ᠤᠯᠠᠮ ᠶᠡᠬᠡ ᠵᠣᠪᠠᠳᠠᠭ ᠪᠣᠯᠵᠠᠢ᠃
  ᠊᠊᠊᠊᠊᠊᠊᠊᠊᠊᠊᠊᠊᠊᠊ ᠬᠣᠩᠭᠣᠷ ᠲᠠᠢ ᠰᠠᠭᠤᠵᠤ ᠪᠠᠶᠠᠨ ᠬᠥᠮᠦᠨ ᠦ᠌ ᠵᠠᠷᠤᠴᠠ ᠪᠣᠯᠤᠭᠰᠠᠨ ᠡᠴᠡ ᠰᠡᠳᠬᠢᠯ ᠨᠡᠢᠯᠡᠭᠰᠡᠨ ᠶᠠᠭᠤᠮ᠎ᠠ ᠲᠠᠢ ᠰᠠᠭᠤᠭᠠᠳ ᠪᠣᠷᠣ ᠭᠡᠷ ᠲᠡᠭᠡᠨ ᠪᠣᠭᠳᠠ᠂ ᠬᠠᠷ᠎ᠠ ᠭᠡᠷ ᠲᠡᠭᠡᠨ ᠬᠠᠭᠠᠨ ᠪᠣᠯᠵᠤ ᠶᠠᠪᠤᠪᠠᠯ ᠳᠡᠭᠡᠷ᠎ᠡ ᠭᠡᠵᠦ ᠨᠢᠮ᠎ᠠ ᠬᠡᠯᠡᠨ᠎ᠡ᠃ ᠭᠡᠪᠡᠴᠦ ᠡᠨᠡ ᠦᠭᠡ ᠶ᠋ᠢ ᠨᠢᠮ᠎ᠠ ᠥᠬᠢᠨ ᠢ᠋ᠶ᠋ᠡᠨ ᠬᠣᠩᠭᠣᠷ ᠲᠠᠢ ᠰᠠᠭᠤᠯᠭᠠᠬᠤ ᠳᠤᠷ᠎ᠠ ᠦᠭᠡᠢ ᠳ᠋ᠡᠭᠡᠨ ᠬᠡᠯᠡᠭᠰᠡᠨ ᠪᠢᠰᠢ ᠬᠠᠷᠢᠨ ᠥᠬᠢᠨ ᠳ᠋ᠦ᠍ᠨᠢ ᠲᠡᠢᠮᠦ ᠵᠠᠶᠠᠭ᠎ᠠ ᠪᠠᠢᠬᠤ ᠦᠭᠡᠢ ᠪᠠᠢᠬᠤ ᠭᠡᠰᠡᠨ ᠪᠤᠬᠢᠨᠢᠳᠤᠯ ᠡᠴᠡ ᠬᠡᠯᠡᠵᠡᠢ᠃ ᠭᠠᠭᠴᠠ ᠥᠬᠢᠨ ᠦ᠌ ᠬᠢᠨᠢ ᠵᠠᠶᠠᠭ᠎ᠠ ᠢᠷᠡᠵᠦ ᠪᠠᠶᠠᠨ ᠢᠲᠡᠭᠡᠯᠲᠦ ᠶ᠋ᠢᠨ ᠭᠣᠯᠣᠮᠲᠠ ᠶ᠋ᠢᠨ ᠡᠵᠡᠨ ᠬᠠᠭᠠᠨ ᠬᠦᠦ ᠲᠡᠢ ᠨᠢ ᠰᠠᠭᠤᠵᠤ ᠵᠢᠷᠭᠠᠯ ᠡᠳ᠋ᠯᠡᠬᠦ ᠳ᠋ᠦ᠍ ᠨᠢᠮ᠎ᠠ ᠶ᠋ᠢᠨ ᠰᠡᠳᠬᠢᠯ ᠪᠠᠶᠠᠷᠯᠠᠬᠤ ᠦᠭᠡᠢ ᠪᠠᠢᠵᠤ ᠬᠡᠷᠬᠢᠨ ᠪᠣᠯᠬᠤ ᠪᠢᠯᠡ᠃
  ᠊᠊᠊᠊᠊᠊᠊᠊᠊᠊᠊᠊᠊᠊᠊ ᠡᠨᠡ ᠬᠣᠶᠠᠷ ᠪᠠᠭ᠎ᠠ ᠡᠴᠡ ᠪᠡᠨ ᠳᠠᠰᠤᠭᠰᠠᠨ ᠶᠤᠮ᠃ ᠮᠢᠨᠦ ᠥᠬᠢᠨ ᠦ᠌ ᠮᠠᠩᠨᠠᠢ᠂ ᠴᠢᠬᠢᠨ ᠦ᠌ ᠭᠡᠳᠡᠰᠦ ᠪᠤᠶᠠᠨ ᠲᠠᠢ ᠬᠥᠮᠦᠨ ᠰᠢᠦ ᠭᠡᠵᠦ ᠭᠡᠰᠢᠭᠳᠤ ᠬᠡᠯᠡᠨ᠎ᠡ᠃
  ᠭᠡᠰᠢᠭᠳᠤ ᠭᠠᠭᠴᠠ ᠥᠬᠢᠨ ᠢ᠋ᠶ᠋ᠡᠨ ᠢᠲᠡᠭᠡᠯᠲᠦ ᠶ᠋ᠢᠨ ᠪᠡᠷᠢ ᠪᠣᠯᠭᠠᠵᠤ ᠮᠠᠷᠭᠠᠰᠢ ᠶ᠋ᠢᠨ ᠬᠣᠭᠣᠯᠠ ᠭᠡᠵᠦ ᠵᠣᠪᠠᠬᠤ ᠦᠭᠡᠢ᠂ ᠶᠠᠭᠤ ᠥᠭᠬᠦ ᠪᠣᠯ ᠭᠡᠵᠦ ᠬᠥᠮᠦᠨ ᠦ᠌ ᠴᠢᠷᠠᠢ ᠬᠠᠷᠠᠬᠤ ᠦᠭᠡᠢ ᠶᠠᠪᠤᠭᠤᠯᠬᠤ ᠶ᠋ᠢ ᠰᠡᠳᠬᠢᠯ ᠦ᠋ᠨ ᠤᠭ ᠡᠴᠡ ᠬᠦᠰᠡᠵᠦ ᠨᠢᠭᠤᠴᠠ ᠪᠠᠷ ᠪᠤᠷᠬᠠᠨ ᠰᠠᠬᠢᠭᠤᠯᠰᠤᠨ ᠳ᠋ᠤ᠌ ᠵᠠᠯᠪᠠᠷᠢᠳᠠᠭ ᠪᠠᠢᠯ᠎ᠠ᠃
  ᠬᠥᠮᠦᠨ ᠬᠠᠷᠠᠬᠤ ᠳ᠋ᠤ᠌ ᠢᠲᠡᠭᠡᠯᠲᠦ ᠬᠣᠶᠠᠷ ᠵᠠᠯᠠᠭᠤ ᠶ᠋ᠢᠨ ᠶᠠᠪᠤᠳᠠᠯ ᠢ᠋ ᠣᠭᠲᠣ ᠮᠡᠳᠡᠬᠦ ᠦᠭᠡᠢ᠂ ᠲᠡᠭᠦᠨ ᠢ᠋ ᠰᠣᠨᠢᠷᠬᠠᠳᠠᠭ ᠦᠭᠡᠢ ᠶᠤᠮ ᠰᠢᠭ ᠪᠠᠢᠯ᠎ᠠ᠃ ᠭᠡᠪᠡᠴᠦ ᠢᠲᠡᠭᠡᠯᠲᠦ ᠡᠢᠮᠦ ᠶᠠᠭᠤᠮ᠎ᠠ ᠶ᠋ᠢ ᠮᠡᠳᠡᠬᠦ ᠦᠭᠡᠢ ᠥᠩᠭᠡᠷᠡᠪᠡᠯ ᠨᠥᠭᠦᠭᠡ ᠨᠠᠷᠠ ᠪᠠᠷᠠᠭᠤᠨ ᠬᠣᠢᠨ᠎ᠠ ᠡᠴᠡ ᠨᠠᠪᠲᠠᠰᠤ ᠨᠥᠮᠥᠷᠦᠭᠡᠳ ᠭᠠᠷᠤᠨ᠎ᠠ ᠭᠡᠳᠡᠭ ᠪᠣᠯᠬᠤ ᠪᠢᠵᠡ ᠠ᠋᠃
  ᠊᠊᠊᠊᠊᠊᠊᠊᠊᠊᠊᠊᠊᠊᠊ ᠬᠣᠩᠭᠣᠷ ᠴᠢᠨᠢ ᠪᠤᠷᠤᠭᠤ ᠵᠦᠭ ᠤᠷᠤᠭᠤ ᠯᠠ ᠬᠠᠲᠠᠷᠢᠭᠠᠳ ᠪᠠᠢᠬᠤ ᠰᠢᠭ᠋᠃ ᠠᠷᠠᠢ ᠬᠣᠭᠣᠯᠠ ᠲᠠᠢ ᠶᠠᠭᠤᠮ᠎ᠠ ᠣᠯᠵᠤ ᠥᠭᠪᠡᠯ ᠳᠡᠭᠡᠷ᠎ᠡ ᠪᠠᠢᠬᠤ ᠰᠢᠦ ᠭᠡᠵᠦ ᠨᠢᠭᠡ ᠤᠳᠠᠭ᠎ᠠ ᠳᠤᠯᠵᠢᠨ ᠤ᠋ ᠬᠡᠯᠡᠬᠦ ᠳ᠋ᠦ᠍ ᠢᠲᠡᠭᠡᠯᠲᠦ ᠣᠭᠲᠣ ᠬᠠᠷᠢᠭᠤ ᠳᠤᠤᠭᠠᠷᠤᠭᠰᠠᠨ ᠦᠭᠡᠢ᠃
  ᠢᠲᠡᠭᠡᠯᠲᠦ ᠶᠠᠭᠤ ᠭᠡᠵᠦ ᠳᠤᠤᠭᠠᠷᠬᠤ ᠪᠣᠯ ᠭᠡᠳᠡᠭ ᠢ᠋ ᠬᠣᠶᠠᠷ ᠵᠠᠯᠠᠭᠤ ᠶ᠋ᠢᠨ ᠶᠠᠪᠤᠳᠠᠯ ᠢ᠋ ᠮᠡᠳᠡᠭᠰᠡᠨ ᠪᠦᠬᠦᠨ᠂ ᠪᠦᠷᠬᠦᠭᠰᠡᠨ ᠲᠡᠭᠷᠢ ᠡᠴᠡ ᠠᠶᠤᠩᠭ᠎ᠠ ᠪᠠᠭᠤᠬᠤ ᠪᠣᠯ ᠤᠤ ᠠᠯᠢ ᠨᠠᠮᠢᠷᠠᠭ᠎ᠠ ᠵᠥᠭᠡᠯᠡᠨ ᠪᠦᠯᠢᠶᠡᠨ ᠬᠤᠷ᠎ᠠ ᠪᠠᠭᠤᠬᠤ ᠪᠣᠯ ᠤᠤ ᠭᠡᠵᠦ ᠬᠦᠯᠢᠶᠡᠵᠦ ᠪᠠᠢᠭ᠎ᠠ ᠮᠡᠲᠦ ᠳᠠᠰᠤᠨ ᠶᠠᠳᠠᠨ ᠬᠦᠯᠢᠶᠡᠵᠦ ᠪᠠᠢᠯ᠎ᠠ᠃
  ᠭᠡᠪᠡᠴᠦ ᠢᠲᠡᠭᠡᠯᠲᠦ ᠶ᠋ᠢᠨ ᠵᠦᠭ ᠡᠴᠡ ᠠᠶᠤᠩᠭ᠎ᠠ ᠴᠤ᠌ ᠦᠭᠡᠢ᠂ ᠬᠤᠷ᠎ᠠ ᠴᠤ᠌ ᠦᠭᠡᠢ ᠠᠵᠢ᠃