ᠲᠤᠩᠭᠠᠯᠠᠭ ᠲᠠᠮᠢᠷ3-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠮᠣᠷᠢ ᠪᠠᠨ ᠭᠤᠶᠠᠳᠠᠵᠤ ᠪᠠᠢᠭ᠎ᠠ ᠰᠠᠮᠪᠠᠭ᠎ᠠ ᠨᠢ᠂ ᠥᠨᠥᠴᠢᠨ ᠬᠤᠷᠠᠭ᠎ᠠ ᠤᠷᠭᠠᠯᠠᠵᠤ ᠪᠠᠢᠭ᠎ᠠ ᠶᠤᠮ ᠰᠢᠭ᠋》 - ᠭᠤᠷᠪᠠᠳᠤᠭᠠᠷ ᠪᠦᠯᠦᠭ ᠠᠷᠪᠠ
ᠲᠦᠷᠭᠡᠨ ᠤᠷᠤᠰᠬᠠᠯ᠂ ᠰᠢᠯ ᠰᠢᠭ ᠲᠤᠩᠭᠠᠯᠠᠭ ᠤᠰᠤ ᠪᠠᠷ ᠢ᠋ᠶ᠋ᠠᠨ ᠲᠣᠭᠯᠠᠨ ᠭᠠᠢᠬᠠᠭᠤᠯᠵᠤ ᠪᠠᠢᠭ᠎ᠠ ᠲᠠᠮᠢᠷ ᠡᠴᠡ ᠢᠲᠡᠭᠡᠯᠲᠦ ᠶ᠋ᠢᠨ ᠠᠳᠤᠭᠤ ᠤᠰᠤ ᠤᠤᠭᠤᠭᠠᠳ ᠪᠡᠯᠴᠢᠭᠡᠷ ᠲᠡᠭᠡᠨ ᠠᠵᠢᠷᠭ᠎ᠠ ᠠᠵᠢᠷᠭ᠎ᠠ ᠪᠠᠷ ᠴᠤᠪᠤᠷᠠᠨ ᠭᠠᠷᠬᠤ ᠳ᠋ᠤ᠌ ᠲᠡᠭᠦᠨ ᠦ᠌ ᠬᠣᠢᠨ᠎ᠠ ᠡᠴᠡ ᠬᠡᠭᠡᠷ ᠮᠣᠷᠢ ᠤᠨᠤᠭᠠᠳ ᠪᠥᠭᠰᠡᠨ ᠳ᠋ᠦ᠍ᠨᠢ ᠪᠣᠯᠴᠤᠤ ᠲᠠᠢ ᠨᠠᠷᠢᠬᠠᠨ ᠬᠠᠷ᠎ᠠ ᠮᠣᠳᠣᠨ ᠤᠷᠭ᠎ᠠ ᠪᠠᠨ ᠪᠠᠷᠢᠭᠰᠠᠨ ᠬᠣᠩᠭᠣᠷ ᠶᠠᠪᠤᠨ᠎ᠠ᠃
ᠬᠣᠩᠭᠣᠷ ᠤ᠋ᠨ ᠮᠣᠷᠢ ᠬᠠᠵᠠᠭᠠᠷ ᠳᠠᠷᠤᠨ ᠬᠥᠨᠳᠡᠯᠢᠳᠴᠦ ᠤᠷᠭ᠎ᠠ ᠨᠢ ᠰᠠᠪᠠᠯᠠᠨ ᠰᠦᠷ ᠲᠡᠢ ᠪᠥᠭᠡᠳ ᠶᠡᠬᠡᠮᠰᠦᠭ ᠬᠠᠷᠠᠭᠳᠠᠨ᠎ᠠ᠃ ᠢᠩᠭᠢᠵᠦ ᠬᠡᠰᠡᠭ ᠶᠠᠪᠤᠭᠰᠠᠨ ᠢ᠋ᠶ᠋ᠠᠨ ᠪᠠᠭᠤᠵᠤ ᠣᠯᠣᠮ ᠢ᠋ᠶ᠋ᠠᠨ ᠴᠢᠩᠭᠠᠯᠠᠭᠠᠳ ᠤᠷᠭ᠎ᠠ ᠪᠠᠨ ᠭᠠᠵᠠᠷ ᠬᠠᠶᠠᠨ ᠮᠣᠷᠳᠠᠭᠠᠳ ᠠᠳᠤᠭᠤ ᠪᠠᠨ ᠦᠷᠭᠦᠭᠡᠨ ᠳᠠᠪᠬᠢᠭᠰᠠᠨ ᠢ᠋ᠶ᠋ᠠᠨ ᠮᠣᠷᠢᠨ ᠤ᠋ ᠪᠠᠨ ᠬᠠᠵᠠᠭᠤ ᠲᠠᠯ᠎ᠠ ᠤᠷᠤᠭᠤ ᠤᠨᠵᠢᠨ ᠴᠢᠯᠠᠭᠤ ᠰᠢᠭᠦᠷᠡᠬᠦ ᠭᠡᠵᠦ ᠣᠷᠣᠯᠳᠣᠨ᠎ᠠ᠃
ᠬᠣᠶᠠᠷ ᠳᠠᠬᠢᠨ ᠮᠣᠷᠢᠨ ᠡᠴᠡ ᠪᠡᠨ ᠣᠢᠴᠢᠭᠰᠠᠨ ᠪᠣᠯᠪᠠᠴᠤ ᠰᠤᠷᠭᠠᠭᠤᠯᠢ ᠪᠠᠨ ᠵᠣᠭᠰᠣᠭᠰᠠᠨ ᠦᠭᠡᠢ᠃ ᠵᠠᠷᠢᠮ ᠳ᠋ᠠᠭᠠᠨ ᠭᠠᠷ ᠤ᠋ᠨ ᠦᠵᠦᠭᠦᠷ ᠨᠢ ᠭᠠᠵᠠᠷ ᠲᠤ᠌ ᠬᠦᠷᠪᠡᠴᠦ ᠴᠢᠯᠠᠭᠤ ᠠᠪᠴᠤ ᠦᠯᠦ ᠴᠢᠳᠠᠨ᠎ᠠ᠃ ᠰᠡᠭᠦᠯ ᠦ᠋ᠨ ᠬᠡᠳᠦᠨ ᠡᠳᠦᠷ ᠦ᠋ᠨ ᠲᠤᠷᠰᠢ ᠬᠣᠩᠭᠣᠷ ᠮᠣᠷᠢᠨ ᠤ᠋ ᠬᠤᠷᠳᠤ ᠳᠤᠮᠳᠠ ᠴᠢᠯᠠᠭᠤ ᠰᠢᠭᠦᠷᠡᠬᠦ ᠰᠤᠷᠭᠠᠭᠤᠯᠢ ᠬᠢᠭᠰᠡᠨ ᠪᠢᠯᠡ᠃ ᠡᠴᠦᠰ ᠲᠦ᠋ᠨᠢ ᠭᠠᠵᠠᠷ ᠬᠦᠷᠳᠡᠭ ᠪᠣᠯᠤᠭᠰᠠᠨ᠃ ᠭᠡᠪᠡᠴᠦ ᠴᠢᠯᠠᠭᠤ ᠠᠪᠴᠤ ᠪᠠᠰᠠ ᠯᠠ ᠴᠢᠳᠠᠬᠤ ᠦᠭᠡᠢ ᠪᠠᠢᠯ᠎ᠠ᠃
ᠨᠢᠭᠡ ᠤᠳᠠᠭ᠎ᠠ ᠣᠢᠴᠢᠭᠰᠠᠨ ᠤ᠋ ᠳᠠᠷᠠᠭ᠎ᠠ ᠵᠡᠭᠦᠨ ᠬᠥᠯ ᠳᠡᠭᠡᠷ᠎ᠡ ᠪᠡᠨ ᠮᠠᠢᠵᠢᠭᠢᠨᠠᠨ ᠲᠤᠭᠤᠯᠵᠤ ᠮᠣᠷᠢ ᠪᠠᠨ ᠬᠥᠲᠥᠯᠦᠨ ᠬᠡᠰᠡᠭ ᠶᠠᠪᠤᠭᠰᠠᠨ ᠢ᠋ᠶ᠋ᠠᠨ ᠮᠣᠷᠳᠠᠵᠤ 《ᠵᠠᠪᠠᠯ ᠪᠣᠯᠭᠠᠨ᠎ᠠ ᠳᠠ》 ᠭᠡᠵᠦ ᠰᠢᠲᠦ ᠵᠠᠭᠤᠨ ᠰᠢᠪᠡᠭᠡᠨᠡᠭᠡᠳ ᠮᠣᠷᠢᠨ ᠳ᠋ᠠᠭᠠᠨ ᠲᠠᠰᠢᠭᠤᠷ ᠥᠭᠪᠡ᠃
ᠤᠤᠯ ᠡᠴᠡ ᠪᠡᠨ ᠣᠮᠣᠭᠯᠠᠩ ᠮᠣᠷᠢ ᠲᠠᠰᠢᠭᠤᠷ ᠲᠤᠨᠢ ᠤᠯᠠᠮ ᠭᠠᠯᠵᠠᠭᠤᠷᠠᠨ ᠬᠤᠷᠳᠤᠯᠠᠪᠠ᠃ ᠬᠣᠩᠭᠣᠷ ᠪᠤᠷᠤᠭᠤ ᠲᠠᠯ᠎ᠠ ᠤᠷᠤᠭᠤ ᠪᠠᠨ ᠤᠨᠵᠢᠨ ᠪᠥᠭᠡᠷᠡᠩᠬᠡᠢ ᠴᠢᠯᠠᠭᠤ ᠰᠢᠭᠦᠷᠡᠨ ᠠᠪᠲᠠᠯ᠎ᠠ ᠨᠥᠭᠦᠭᠡ ᠲᠠᠯ᠎ᠠ ᠶ᠋ᠢᠨ ᠬᠥᠯ ᠨᠢ ᠡᠮᠡᠭᠡᠯ ᠦ᠋ᠨ ᠳᠡᠭᠡᠭᠦᠷ ᠢ᠋ᠶ᠋ᠡᠨ ᠳᠠᠪᠠᠭᠤᠯᠤᠭᠰᠠᠨ ᠳᠥᠷᠦᠭᠡᠨ ᠡᠴᠡ ᠮᠤᠯᠲᠤᠷᠠᠨ ᠥᠷᠥᠭᠡᠰᠦᠨ ᠬᠥᠯ ᠢ᠋ᠶ᠋ᠡᠷ ᠢ᠋ᠶ᠋ᠡᠨ ᠳᠥᠷᠦᠭᠡᠨ ᠳ᠋ᠡᠭᠡᠨ ᠴᠢᠷᠦᠭᠳᠡᠪᠡ᠃
《ᠳᠥᠷᠦᠭᠡᠨ ᠳ᠋ᠡᠭᠡᠨ ᠴᠢᠷᠦᠭᠦᠯᠵᠦ᠂ ᠳᠥᠷᠪᠡᠨ ᠮᠥᠴᠢ ᠪᠡᠷ ᠢ᠋ᠶ᠋ᠡᠨ ᠲᠠᠰᠤᠴᠢᠭᠤᠯ》 ᠭᠡᠰᠡᠨ ᠬᠠᠷᠢᠶᠠᠯ ᠪᠣᠯ ᠮᠣᠩᠭᠣᠯ ᠬᠥᠮᠦᠨ ᠦ᠌ ᠬᠠᠮᠤᠭ ᠤ᠋ᠨ ᠪᠣᠯᠠᠢ ᠬᠠᠷᠢᠶᠠᠯ ᠪᠢᠯᠡ᠃ ᠮᠣᠷᠢ ᠨᠢ ᠦᠷᠭᠦᠵᠦ ᠤᠯᠠᠮ ᠬᠤᠷᠳᠤᠯᠠᠪᠠ᠃ ᠬᠣᠩᠭᠣᠷ ᠣᠢᠨ᠂ ᠪᠠᠭᠤᠨ ᠭᠠᠵᠠᠷ ᠴᠣᠬᠢᠯᠠᠵᠤ᠂ ᠭᠠᠷ ᠨᠢ ᠰᠡᠷᠪᠡᠯᠵᠡᠨ ᠳᠡᠪᠡᠯ ᠨᠢ ᠰᠡᠪᠰᠡᠯᠵᠡᠵᠦ ᠮᠣᠷᠢ ᠪᠠᠨ ᠤᠯᠠᠮ ᠦᠷᠭᠦᠭᠡᠨ᠎ᠡ᠃
ᠠᠱ᠌ᠢᠭᠦᠢ ᠠᠵᠠ ᠪᠣᠯᠵᠤ ᠭᠤᠲᠤᠯ ᠨᠢ ᠰᠤᠭᠤᠷᠠᠨ᠂ ᠬᠣᠩᠭᠣᠷ ᠦᠬᠦᠭᠰᠡᠨ ᠡᠯᠢᠶ᠎ᠡ ᠰᠢᠭ ᠨᠠᠪᠰᠠᠢᠨ ᠦᠯᠡᠳᠡᠪᠡ᠃
ᠰᠠᠯᠤᠭᠰᠠᠨ ᠭᠤᠲᠤᠯ ᠨᠢ ᠬᠠᠶᠠᠭᠳᠠᠵᠤ᠂ ᠦᠷᠭᠦᠭᠰᠡᠨ ᠮᠣᠷᠢ ᠭᠥᠯᠢᠮ ᠢ᠋ᠶ᠋ᠡᠨ ᠳᠡᠷᠪᠡᠯᠵᠡᠭᠦᠯᠦᠨ ᠠᠳᠤᠭᠤᠨ ᠤ᠋ ᠵᠦᠭ ᠬᠠᠷᠪᠤᠭᠰᠠᠨ ᠰᠤᠮᠤ ᠰᠢᠭ᠋ ᠠᠯᠠᠭ᠎ᠠ ᠪᠣᠯᠪᠠ᠃
ᠨᠢᠭᠡ ᠤᠳᠠᠭ᠎ᠠ ᠪᠣᠰᠬᠤ ᠭᠡᠳ ᠬᠣᠩᠭᠣᠷ ᠢᠷᠠᠭᠯᠠᠨ ᠪᠤᠴᠠᠵᠤ ᠬᠡᠪᠲᠡᠭᠰᠡᠨ ᠪᠣᠯᠪᠠᠴᠤ ᠤᠳᠠᠯ ᠦᠭᠡᠢ ᠨᠢᠳᠦ ᠪᠡᠨ ᠳᠠᠬᠢᠨ ᠠᠨᠢᠨ᠂ ᠬᠥᠮᠥᠭᠡᠢ ᠪᠡᠨ ᠵᠠᠭᠤᠨ ᠪᠣᠰᠤᠭᠠᠳ ᠬᠡᠳᠦᠨ ᠤᠳᠠᠭ᠎ᠠ ᠳᠡᠪᠬᠡᠷᠴᠦ᠂ ᠳᠡᠪᠬᠡᠷᠬᠦ ᠪᠦᠷᠢ ᠳ᠋ᠡᠭᠡᠨ 《ᠶᠤ᠌》 ᠭᠡᠵᠦ ᠳᠠᠭᠤ ᠠᠯᠳᠠᠵᠤ ᠪᠠᠢᠪᠠ᠃ ᠥᠷᠥᠭᠡᠰᠦᠨ ᠭᠠᠷ ᠢ᠋ᠶ᠋ᠠᠷ ᠢ᠋ᠶ᠋ᠠᠨ ᠰᠦᠪᠡᠭᠡ ᠪᠡᠨ ᠪᠠᠷᠢᠨ ᠨᠠᠢᠭᠤᠨ ᠵᠣᠭᠰᠣᠵᠤ ᠪᠠᠢᠭᠰᠠᠨ ᠢ᠋ᠶ᠋ᠠᠨ ᠠᠳᠤᠭᠤᠨ ᠤ᠋ ᠵᠦᠭ ᠠᠯᠬᠤᠪᠠ᠃
ᠰᠦᠪᠡᠭᠡ᠂ ᠰᠤᠭᠤ ᠨᠢ ᠬᠡᠳᠦ ᠬᠡᠳᠦᠨ ᠭᠠᠵᠠᠷ ᠢ᠋ᠶ᠋ᠠᠨ ᠲᠡᠰᠴᠦ ᠪᠣᠯᠤᠮ᠎ᠠ ᠦᠭᠡᠢ ᠡᠪᠡᠳᠪᠡᠴᠦ ᠰᠢᠳᠦ ᠵᠠᠭᠤᠨ ᠶᠠᠪᠤᠭᠰᠠᠭᠠᠷ ᠣᠷᠬᠢᠭᠰᠠᠨ ᠤᠷᠭ᠎ᠠ ᠪᠠᠨ ᠠᠪᠴᠤ ᠬᠡᠰᠡᠭ ᠵᠣᠭᠰᠣᠪᠠ᠃
ᠨᠢᠷᠤᠭᠤ ᠨᠢ ᠬᠡᠳᠦ ᠬᠡᠳᠦᠨ ᠭᠠᠵᠠᠷ ᠢ᠋ᠶ᠋ᠠᠨ ᠰᠢᠯᠪᠤᠷᠠᠭᠰᠠᠨ ᠪᠣᠯᠤᠯᠲᠠᠢ ᠬᠠᠯᠠᠭᠤᠨ ᠰᠢᠲᠠᠵᠤ ᠬᠣᠷᠣᠰᠤᠨ᠎ᠠ᠃ ᠬᠠᠭᠤᠴᠢᠨ ᠬᠦᠷᠡᠩ ᠳᠡᠪᠡᠯ ᠦ᠋ᠨ ᠬᠢᠨᠢ ᠠᠷᠤ ᠰᠢᠮᠡᠲᠦ ᠨᠣᠭᠣᠭᠠᠨ ᠤ᠋ ᠰᠢᠭᠦᠰᠤᠨ ᠳ᠋ᠤ᠌ ᠪᠣᠳᠣᠭᠳᠠᠨ ᠬᠠᠷ᠎ᠠ ᠨᠣᠭᠣᠭᠠᠨ ᠪᠣᠯᠵᠠᠢ᠃ ᠴᠢᠯᠠᠭᠤ ᠰᠢᠭᠦᠷᠴᠤ ᠪᠣᠯᠳᠠᠭ ᠦᠭᠡᠢ ᠶ᠋ᠢᠨ ᠤᠴᠢᠷ ᠢ᠋ ᠪᠣᠳᠣᠵᠤ ᠡᠬᠢᠯᠡᠪᠡ᠃ ᠤᠷᠢᠳᠤ ᠭᠠᠨᠵᠤᠭ᠎ᠠ ᠡᠴᠡ ᠪᠡᠨ ᠥᠷᠥᠭᠡᠰᠦᠨ ᠭᠠᠷ ᠢ᠋ᠶ᠋ᠠᠷ ᠢ᠋ᠶ᠋ᠠᠨ ᠪᠠᠷᠢᠵᠤ ᠨᠠᠯᠠᠪᠠᠯ ᠮᠣᠷᠢᠨ ᠡᠴᠡ ᠪᠡᠨ ᠰᠠᠯᠬᠤ ᠦᠭᠡᠢ ᠮᠡᠲᠦ ᠪᠣᠳᠣᠭᠳᠠᠪᠠ᠃ ᠡᠨᠡ ᠪᠣᠳᠣᠯ ᠣᠷᠣᠵᠤ ᠢᠷᠡᠮᠡᠭᠴᠡ ᠮᠣᠷᠢ ᠪᠠᠨ ᠲᠦᠷᠭᠡᠨ ᠪᠠᠷᠢᠵᠤ ᠠᠪᠤᠭᠠᠳ ᠦᠵᠡᠬᠦ ᠬᠦᠰᠡᠯ ᠣᠷᠭᠢᠯᠪᠠ᠃
ᠤᠷᠭ᠎ᠠ ᠪᠠᠨ ᠴᠢᠷᠦᠨ ᠬᠠᠵᠠᠭᠠᠨᠠᠨ ᠶᠠᠪᠤᠭᠰᠠᠭᠠᠷ ᠡᠮᠡᠭᠡᠯ ᠲᠡᠢ ᠮᠣᠷᠢ ᠪᠠᠨ ᠪᠠᠷᠢᠵᠤ ᠠᠪᠤᠭᠠᠳ ᠪᠤᠷᠤᠭᠤ ᠲᠠᠯ᠎ᠠ ᠶ᠋ᠢᠨ ᠤᠷᠢᠳᠤ ᠭᠠᠨᠵᠤᠭᠠᠨ ᠳ᠋ᠤ᠌ ᠬᠤᠢᠪᠢ ᠪᠠᠨ ᠵᠠᠯᠭᠠᠭᠠᠳ ᠮᠣᠷᠳᠠᠪᠠ᠃
ᠬᠡᠳᠦ ᠬᠡᠳᠦᠨ ᠤᠳᠠᠭ᠎ᠠ ᠰᠢᠯᠭᠠᠵᠤ ᠦᠵᠡᠭᠰᠡᠨ ᠦ᠌ ᠳᠠᠷᠠᠭ᠎ᠠ ᠵᠣᠷᠢᠭ ᠲᠠᠢ ᠭᠡᠭᠴᠢ ᠨᠢ ᠵᠠᠩᠭᠢᠳᠤᠭᠰᠠᠨ ᠭᠠᠷ ᠤ᠋ᠨ ᠴᠢᠨᠡᠭᠡ ᠴᠢᠯᠠᠭᠤ ᠠᠳᠬᠤᠵᠤ ᠠᠪᠤᠭᠠᠳ ᠬᠤᠢᠪᠢ ᠪᠠᠨ ᠳ᠋ᠠᠭᠠᠨ ᠡᠮᠡᠭᠡᠯ ᠳᠡᠭᠡᠷ᠎ᠡ ᠪᠡᠨ ᠭᠠᠷᠤᠭᠠᠳ ᠭᠠᠷ ᠳᠣᠲᠣᠷᠠᠬᠢ ᠴᠢᠯᠠᠭᠤ ᠪᠠᠨ ᠢᠯᠠᠯᠲᠠ ᠶ᠋ᠢᠨ ᠪᠠᠶᠠᠷ ᠭᠢᠯᠠᠯᠵᠠᠭᠰᠠᠨ ᠨᠢᠳᠦ ᠪᠡᠷ ᠬᠠᠷᠠᠵᠤ ᠢᠨᠢᠶᠡᠮᠰᠦᠭᠯᠡᠪᠡ᠃
ᠬᠣᠩᠭᠣᠷ ᠢᠨᠢᠶᠡᠵᠦ᠂ ᠬᠣᠩᠭᠣᠷ ᠪᠠᠶᠠᠷᠯᠠᠵᠤ᠂ ᠪᠦᠬᠦ ᠪᠣᠯᠤᠭᠰᠠᠨ ᠶᠠᠪᠤᠳᠠᠯ᠂ ᠬᠥᠬᠡᠷᠡᠵᠦ ᠰᠢᠯᠪᠤᠷᠠᠭᠰᠠᠨ ᠪᠡᠶ᠎ᠡ ᠶ᠋ᠢᠨ ᠡᠪᠡᠳᠴᠢᠨ ᠢ᠋ᠶ᠋ᠡᠨ ᠮᠠᠷᠲᠠᠵᠤ ᠰᠡᠳᠬᠢᠯ ᠨᠢ ᠬᠥᠭᠡᠷᠦᠨ ᠣᠷᠭᠢᠯᠪᠠ᠃ ᠦᠳᠡ ᠥᠩᠭᠡᠷᠡᠬᠦ ᠳ᠋ᠦ᠍ ᠬᠠᠷᠠᠵᠤ ᠴᠣᠬᠢᠭᠰᠠᠨ ᠴᠢᠯᠠᠭᠤ ᠪᠠᠨ ᠠᠯᠳᠠᠯ ᠦᠭᠡᠢ ᠰᠢᠭᠦᠷᠳᠡᠭ ᠪᠣᠯᠤᠭᠰᠠᠨ ᠢ᠋ᠶ᠋ᠠᠷ ᠪᠠᠷᠠᠬᠤ ᠦᠭᠡᠢ ᠬᠣᠶᠠᠷ ᠲᠠᠯ᠎ᠠ ᠶ᠋ᠢᠨ ᠠᠯᠢᠨ ᠡᠴᠡ ᠴᠦ᠍ ᠠᠪᠴᠤ ᠴᠢᠳᠠᠳᠠᠭ ᠪᠣᠯᠵᠠᠢ᠃ ᠤᠷᠭ᠎ᠠ ᠪᠠᠨ ᠠᠪᠴᠤ ᠭᠡᠷ ᠦ᠋ᠨ ᠵᠦᠭ ᠶᠠᠪᠤᠬᠤ ᠳ᠋ᠤ᠌ ᠠᠶᠠᠨ ᠳ᠋ᠠᠭᠠᠨ ᠳᠠᠭᠤᠤ ᠳᠠᠭᠤᠯᠠᠵᠤ᠂ ᠬᠤᠷᠳᠤᠯᠠᠵᠤ ᠪᠠᠢᠭ᠎ᠠ ᠮᠣᠷᠢ ᠨᠢ ᠤᠳᠠᠭᠠᠨ ᠶᠤᠮ ᠰᠢᠭ᠋ ᠲᠠᠮᠢᠷ ᠤ᠋ᠨ ᠬᠥᠨᠳᠡᠢ ᠢᠪᠴᠤᠤ ᠮᠡᠲᠦ ᠰᠠᠨᠠᠭᠳᠠᠵᠤ ᠪᠠᠢᠯ᠎ᠠ᠃
ᠳᠠᠭᠤᠤ ᠬᠠᠩᠭᠢᠨᠠᠭᠤᠯᠤᠨ ᠠᠶᠠᠯᠵᠤ᠂ ᠬᠤᠷᠳᠤᠯᠠᠨ ᠶᠠᠪᠤᠲᠠᠯ᠎ᠠ ᠲᠤᠭᠤᠯ ᠪᠤᠴᠠᠭᠠᠭᠠᠳ ᠬᠠᠷᠢᠵᠤ ᠶᠠᠪᠤᠭᠰᠠᠨ ᠰᠦᠷᠦᠩ ᠲᠡᠢ ᠲᠠᠭᠠᠷᠠᠯᠳᠤᠪᠠ᠃
᠊᠊᠊᠊᠊᠊᠊᠊᠊᠊᠊᠊᠊᠊᠊ ᠴᠢ ᠬᠠᠮᠢᠭ᠎ᠠ ᠣᠴᠢᠭᠠᠳ ᠢᠷᠡᠪᠡ? ᠭᠡᠵᠦ ᠰᠦᠷᠦᠩ ᠪᠦᠯᠢᠶᠡᠨ ᠢ᠋ᠶ᠋ᠡᠷ ᠢᠨᠢᠶᠡᠮᠰᠦᠭᠯᠡᠨ ᠠᠰᠠᠭᠤᠪᠠ᠃
᠊᠊᠊᠊᠊᠊᠊᠊᠊᠊᠊᠊᠊᠊᠊ ᠠᠳᠤᠭᠤ ᠪᠠᠨ ᠤᠰᠤᠯᠠᠭᠠᠳ᠂ ᠪᠠᠰᠠ ᠳᠡᠭᠡᠳᠦ ᠬᠣᠲᠠ ᠪᠠᠷ ᠠᠢᠯ ᠬᠡᠰᠦᠵᠦ ᠶᠠᠪᠤᠭᠠᠳ ᠢᠷᠡᠯ᠎ᠡ ᠭᠡᠵᠦ ᠬᠣᠩᠭᠣᠷ ᠬᠠᠷᠢᠭᠤᠯᠪᠠ᠃ ᠰᠤᠷᠤᠭᠰᠠᠨ ᠰᠤᠷᠭᠠᠭᠤᠯᠢ ᠪᠠᠨ ᠰᠦᠷᠦᠩ ᠳ᠋ᠦ᠍ ᠦᠵᠡᠭᠦᠯᠵᠦ ᠡᠷᠡᠮᠡᠭ ᠴᠢᠳᠠᠯ ᠲᠠᠢ ᠡᠷ᠎ᠡ ᠪᠣᠯᠤᠭᠰᠠᠨ ᠢ᠋ᠶ᠋ᠠᠨ ᠲᠡᠭᠦᠨ ᠳ᠋ᠦ᠍ ᠭᠠᠢᠬᠠᠭᠤᠯᠬᠤ ᠡᠴᠡ ᠢᠯᠡᠭᠦᠦ ᠰᠠᠢᠬᠠᠨ ᠶᠠᠭᠤᠮ᠎ᠠ ᠦᠭᠡᠢ ᠪᠣᠯᠤᠭᠰᠠᠨ ᠬᠣᠩᠭᠣᠷ᠄ 《ᠰᠦᠷᠦᠩ ᠴᠢ ᠨᠠᠮᠠᠢ ᠬᠠᠷᠠᠭᠠᠴᠢ》 ᠭᠡᠳ ᠤᠬᠤᠰᠬᠢᠨ ᠠᠳᠤᠭᠤᠨ ᠤ᠋ ᠪᠥᠭᠡᠮ ᠬᠣᠮᠣᠯ ᠡᠴᠡ ᠰᠢᠭᠦᠷᠴᠤ ᠠᠪᠤᠭᠠᠳ ᠰᠢᠳᠡᠭᠰᠡᠨ ᠴᠢᠨᠢ ᠭᠠᠢ ᠪᠣᠯᠵᠤ ᠰᠦᠷᠦᠩ ᠦ᠋ᠨ ᠨᠢᠭᠤᠷ ᠳᠡᠭᠡᠷ᠎ᠡ ᠪᠤᠲᠠᠷᠠᠪᠠ᠃
ᠪᠣᠯᠴᠢᠮ ᠦᠭᠡᠢ ᠬᠢᠭᠰᠡᠨ ᠬᠡᠷᠡᠭ ᠲᠡᠭᠡᠨ ᠭᠡᠮᠰᠢᠭᠰᠡᠨ ᠬᠣᠩᠭᠣᠷ ᠲᠣᠯᠣᠭᠠᠢ ᠶ᠋ᠢᠨ ᠢ᠋ᠶ᠋ᠡᠨ ᠠᠯᠴᠢᠭᠤᠷ ᠢ᠋ᠶ᠋ᠠᠷ ᠨᠢᠭᠤᠷ ᠢ᠋ᠶ᠋ᠠᠨ ᠴᠡᠪᠡᠷᠯᠡᠵᠦ ᠪᠠᠢᠭᠰᠠᠨ ᠰᠦᠷᠦᠩ ᠳ᠋ᠦ᠍ ᠶᠠᠭᠤ ᠴᠤ᠌ ᠬᠡᠯᠡᠬᠦ ᠪᠡᠨ ᠮᠡᠳᠡᠬᠦ ᠦᠭᠡᠢ ᠲᠦᠮᠡᠨ ᠭᠡᠮᠰᠢᠯ ᠪᠠᠳᠠᠷᠠᠵᠤ ᠪᠠᠷᠵᠠᠢᠭᠰᠠᠨ ᠴᠢᠷᠠᠢ ᠭᠠᠷᠭᠠᠭᠰᠠᠭᠠᠷ ᠣᠢᠷᠠᠲᠤᠨ ᠣᠴᠢᠯ᠎ᠠ᠃
᠊᠊᠊᠊᠊᠊᠊᠊᠊᠊᠊᠊᠊᠊᠊ ᠡᠪᠡᠳᠴᠢᠲᠡᠢ ᠵᠣᠯᠢᠭ᠃ ᠮᠣᠷᠢᠨ ᠡᠴᠡ ᠪᠡᠨ ᠤᠨᠠᠭᠠᠳ ᠦᠬᠦᠪᠡᠯ ᠶᠠᠭᠠᠬᠢᠬᠤ ᠶᠤᠮ ᠪᠣᠢ ᠭᠡᠵᠦ ᠰᠦᠷᠦᠩ ᠥᠨᠳᠥᠷ ᠶᠠᠭᠤᠮᠠᠨ ᠳᠡᠭᠡᠷ᠎ᠡ ᠡᠴᠡ ᠤᠨᠠᠭᠠᠳ ᠶᠠᠮᠠᠷ ᠴᠤ᠌ ᠭᠡᠮᠲᠦᠯ ᠦᠭᠡᠢ ᠪᠣᠰᠴᠤ ᠢᠷᠡᠭᠰᠡᠨ ᠭᠠᠭᠴᠠ ᠬᠡᠦᠬᠡᠳ ᠲᠡᠭᠡᠨ ᠵᠠᠩᠨᠠᠵᠤ ᠪᠠᠢᠭ᠎ᠠ ᠡᠬᠡ ᠶ᠋ᠢᠨ ᠳᠠᠭᠤ ᠪᠠᠷ ᠵᠢᠮᠡᠯᠡᠪᠡ᠃
᠊᠊᠊᠊᠊᠊᠊᠊᠊᠊᠊᠊᠊᠊᠊ ᠪᠢ ᠴᠢᠮᠠᠶ᠋ᠢ ᠤᠨᠤᠨ᠎ᠠ ᠭᠡᠵᠦ ᠣᠭᠲᠣ ᠪᠣᠳᠣᠭᠰᠠᠨ ᠦᠭᠡᠢ ᠭᠡᠮᠡᠨ ᠬᠣᠩᠭᠣᠷ ᠭᠡᠮᠰᠢᠯ ᠲᠡᠢ ᠪᠡᠷ ᠬᠡᠯᠡᠭᠡᠳ ᠰᠦᠷᠦᠩ ᠦ᠋ᠨ ᠬᠠᠴᠠᠷ ᠳᠡᠭᠡᠷ᠎ᠡ ᠦᠯᠡᠳᠡᠭᠰᠡᠨ ᠬᠣᠮᠣᠯ ᠤ᠋ᠨ ᠥᠷᠳᠡᠰᠦ ᠶ᠋ᠢ ᠠᠪᠬᠤ ᠭᠡᠵᠦ ᠠᠯᠠᠭ᠎ᠠ ᠪᠠᠷ ᠢ᠋ᠶ᠋ᠠᠨ ᠢᠯᠢᠭᠰᠡᠨ ᠢ᠋ᠶ᠋ᠡᠨ ᠭᠠᠷ ᠨᠢ ᠬᠠᠴᠠᠷ ᠳᠡᠭᠡᠷ᠎ᠡ ᠨᠢ ᠨᠠᠭᠠᠯᠳᠤᠭᠰᠠᠨ ᠮᠡᠲᠦ ᠬᠥᠳᠡᠯᠵᠦ ᠴᠢᠳᠠᠬᠤ ᠦᠭᠡᠢ ᠪᠣᠯᠪᠠ᠃
ᠰᠦᠷᠦᠩ ᠦ᠋ᠨ ᠴᠢᠷᠠᠢ ᠳ᠋ᠤ᠌ ᠤᠯᠠᠭᠠᠨ ᠲᠤᠶᠠᠭ᠎ᠠ ᠰᠠᠴᠤᠷᠠᠨ ᠬᠥᠳᠡᠯᠦᠯ ᠦᠭᠡᠢ ᠵᠣᠭᠰᠣᠬᠤ ᠪᠥᠭᠡᠳ ᠬᠣᠩᠭᠣᠷ ᠤ᠋ᠨ ᠨᠥᠭᠦᠭᠡ ᠭᠠᠷ ᠨᠢ ᠰᠦᠷᠦᠩ ᠦ᠋ᠨ ᠭᠠᠷ ᠢ᠋ ᠠᠳᠬᠤᠵᠤ ᠠᠪᠤᠯ᠎ᠠ᠃
᠊᠊᠊᠊᠊᠊᠊᠊᠊᠊᠊᠊᠊᠊᠊ ᠴᠢ ᠢᠩᠭᠢᠵᠦ ᠪᠠᠢᠵᠤ ᠮᠣᠷᠢᠨ ᠡᠴᠡ ᠪᠡᠨ ᠣᠢᠴᠢᠨ᠎ᠠ ᠳᠠ ᠭᠡᠵᠦ ᠰᠦᠷᠦᠩ ᠦ᠋ᠨ ᠬᠡᠯᠡᠬᠦ ᠳ᠋ᠦ᠍ ᠵᠢᠮᠡᠯᠡᠬᠦ᠂ ᠰᠠᠢᠰᠢᠶᠠᠬᠤ ᠶᠠᠮᠠᠷ ᠴᠤ᠌ ᠰᠢᠨᠵᠢ ᠪᠠᠢᠭ᠎ᠠ ᠦᠭᠡᠢ ᠪᠥᠭᠡᠳ ᠡᠨᠡ ᠪᠣᠯ ᠬᠡᠯᠡᠬᠦ ᠶᠠᠭᠤᠮ᠎ᠠ ᠪᠠᠨ ᠣᠯᠵᠤ ᠶᠠᠳᠠᠭᠰᠠᠨ ᠬᠥᠮᠦᠨ ᠡᠴᠡ ᠠᠷᠠᠢ ᠶᠠᠳᠠᠨ ᠭᠠᠷᠤᠭᠰᠠᠨ ᠦᠭᠡ ᠪᠠᠢᠪᠠ᠃
ᠨᠢᠭᠡ ᠬᠡᠰᠡᠭ ᠰᠢᠷᠲᠡᠯᠴᠡᠨ ᠪᠠᠢᠭᠰᠠᠨ ᠳᠥᠷᠪᠡᠨ ᠨᠢᠳᠦ ᠠᠶᠠᠨᠳᠠᠭᠠᠨ ᠪᠤᠷᠤᠭᠤᠯᠠᠵᠤ ᠬᠣᠩᠭᠣᠷ ᠴᠤ᠌ ᠠᠭᠠᠵᠢᠮ ᠢ᠋ᠶ᠋ᠠᠷ ᠨᠢᠭᠡ ᠭᠠᠷ ᠢ᠋ᠶ᠋ᠠᠨ ᠲᠠᠲᠠᠵᠤ ᠨᠥᠭᠦᠭᠡ ᠭᠠᠷ ᠢ᠋ᠶ᠋ᠠᠨ ᠰᠤᠯᠠᠷᠠᠭᠤᠯᠪᠠ᠃ ᠶᠡᠬᠡ ᠬᠠᠢᠷ᠎ᠠ ᠪᠠᠷ ᠰᠢᠷᠳᠡᠯᠴᠡᠭᠰᠡᠨ ᠳᠥᠷᠪᠡᠨ ᠨᠢᠳᠦ ᠪᠤᠰᠤᠳ ᠬᠥᠮᠦᠨ ᠳ᠋ᠦ᠍ ᠡᠪ ᠬᠠᠪᠤ ᠦᠭᠡᠢ ᠪᠣᠯᠳᠠᠭ ᠪᠣᠯᠪᠠᠴᠤ ᠪᠡᠶ᠎ᠡ ᠪᠡᠶ᠎ᠡ ᠳ᠋ᠡᠭᠡᠨ ᠤᠯᠠᠮ ᠭᠤᠸ᠎ᠠ ᠪᠣᠯᠳᠠᠭ ᠪᠣᠯᠬᠣᠷ ᠡᠨᠡ ᠳᠥᠷᠪᠡᠨ ᠨᠢᠳᠦ ᠴᠦ᠍ ᠪᠡᠶ᠎ᠡ ᠪᠡᠶ᠎ᠡ ᠡᠴᠡ ᠪᠡᠨ ᠰᠢᠨ᠎ᠡ ᠰᠠᠢᠬᠠᠨ ᠵᠦᠢᠯ ᠣᠯᠵᠤ ᠠᠪᠤᠭᠠᠳ ᠪᠤᠴᠠᠪᠠ᠃
᠊᠊᠊᠊᠊᠊᠊᠊᠊᠊᠊᠊᠊᠊᠊ ᠪᠠᠰᠠ ᠡᠨᠳᠡ ᠴᠢᠨᠢ ᠭᠡᠳ ᠰᠦᠷᠦᠩ ᠦ᠋ᠨ ᠮᠠᠩᠨᠠᠢ ᠳᠡᠭᠡᠷ᠎ᠡ ᠪᠠᠢᠭ᠎ᠠ ᠬᠣᠮᠣᠯ ᠤ᠋ᠨ ᠥᠷᠳᠡᠰᠦ ᠶ᠋ᠢ ᠵᠥᠪᠬᠡᠨ ᠬᠤᠷᠤᠭᠤ ᠶ᠋ᠢᠨ ᠦᠵᠦᠭᠦᠷ ᠢ᠋ᠶ᠋ᠡᠷ᠂ ᠨᠢᠮᠪᠠᠢ ᠬᠥᠮᠦᠨ ᠳᠡᠪᠡᠯ ᠳᠡᠭᠡᠷᠡᠬᠢ ᠦᠰᠦ ᠪᠡᠨ ᠠᠪᠴᠤ ᠪᠠᠢᠭ᠎ᠠ ᠮᠡᠲᠦ ᠴᠡᠮᠴᠡᠭᠡᠷᠬᠡᠨ ᠠᠪᠴᠤ ᠨᠢᠰᠠᠯᠪᠠ᠃
᠊᠊᠊᠊᠊᠊᠊᠊᠊᠊᠊᠊᠊᠊᠊ ᠮᠣᠷᠢᠨ ᠳᠡᠭᠡᠷ᠎ᠡ ᠡᠴᠡ ᠪᠡᠨ ᠶᠠᠭᠤᠮ᠎ᠠ ᠰᠢᠭᠦᠷᠴᠤ ᠪᠠᠢᠭ᠎ᠠ ᠶ᠋ᠢ ᠠᠪᠤ ᠳ᠋ᠤ᠌ ᠴᠢᠨᠢ ᠬᠡᠯᠡᠨ᠎ᠡ ᠰᠢᠦ ᠭᠡᠵᠦ ᠰᠦᠷᠦᠩ ᠵᠢᠮᠡᠯᠡᠩᠭᠦᠢ ᠬᠡᠯᠡᠭᠰᠡᠨ ᠢ᠋ᠶ᠋ᠡᠨ ᠲᠡᠰᠴᠦ ᠴᠢᠳᠠᠯ ᠦᠭᠡᠢ ᠵᠤᠤᠮᠠᠯᠵᠠᠨ ᠢᠨᠢᠶᠡᠪᠡ᠃
ᠬᠣᠩᠭᠣᠷ ᠴᠤ᠌ ᠬᠥᠭᠵᠢᠯᠲᠡᠢ ᠢᠨᠢᠶᠡᠪᠡ᠃ ᠰᠦᠷᠦᠩ᠂ ᠬᠣᠩᠭᠣᠷ ᠤ᠋ᠨ ᠮᠥᠷᠦᠨ ᠳᠡᠭᠡᠷ᠎ᠡ ᠡᠴᠡ ᠠᠶᠠᠷᠬᠠᠨ ᠲᠠᠲᠠᠵᠤ ᠳᠠᠯᠤ ᠶ᠋ᠢ ᠨᠢ ᠬᠠᠷᠠᠭᠰᠠᠨ ᠢ᠋ᠶ᠋ᠠᠨ 《ᠴᠢᠷᠦᠭᠳᠡᠭᠡ ᠤᠤ》 ᠭᠡᠵᠦ ᠣᠭᠵᠣᠮ ᠠᠰᠠᠭᠤᠪᠠ᠃
᠊᠊᠊᠊᠊᠊᠊᠊᠊᠊᠊᠊᠊᠊᠊ ᠴᠢ ᠭᠦᠪᠢᠭᠡᠳ ᠠᠯᠢ ᠯᠠ ᠳᠠ᠃
ᠰᠦᠷᠦᠩ ᠬᠡᠳᠦᠢᠪᠡᠷ ᠬᠡᠴᠢᠨᠡᠨ ᠠᠷᠴᠢᠪᠠᠴᠤ ᠨᠣᠭᠣᠭᠠᠨ ᠤ᠋ ᠰᠢᠭᠦᠰᠦ ᠶᠠᠭᠠᠬᠢᠵᠤ ᠠᠷᠢᠯᠬᠤ ᠪᠢᠯᠡ᠃
᠊᠊᠊᠊᠊᠊᠊᠊᠊᠊᠊᠊᠊᠊᠊ ᠬᠡᠦᠬᠡᠳ ᠰᠢᠭ᠃ ᠠᠪᠤ ᠴᠢᠨᠢ ᠮᠡᠳᠡᠨ᠎ᠡ ᠳᠠ᠃ ᠶᠠᠭᠠᠬᠢᠨ᠎ᠠ᠃
᠊᠊᠊᠊᠊᠊᠊᠊᠊᠊᠊᠊᠊᠊᠊ ᠴᠢᠯᠠᠭᠤ ᠰᠢᠭᠦᠷᠭᠦ ᠴᠢᠨᠢ ᠬᠠᠯᠬ᠎ᠠ ᠶ᠋ᠢᠨ ᠰᠠᠢᠨ ᠡᠷ᠎ᠡ ᠶ᠋ᠢᠨ ᠠᠵᠢᠯ ᠰᠢᠦ᠃ ᠪᠢ ᠴᠢᠮᠠᠶ᠋ᠢ ᠳᠡᠭᠦᠷᠦᠭᠡᠳ ᠶᠠᠪᠤᠶ᠎ᠠ᠃
᠊᠊᠊᠊᠊᠊᠊᠊᠊᠊᠊᠊᠊᠊᠊ ᠶᠠᠷᠰᠢᠭ᠂ ᠴᠢ ᠥᠪᠡᠷ ᠢ᠋ᠶ᠋ᠡᠨ ᠶᠠᠪᠤ᠃
ᠬᠣᠩᠭᠣᠷ ᠮᠣᠷᠳᠠᠵᠤ ᠡᠷᠭᠢᠨ ᠬᠠᠷᠠᠭᠰᠠᠭᠠᠷ᠂ ᠬᠠᠷᠠᠬᠤ ᠪᠦᠷᠢ ᠳ᠋ᠡᠭᠡᠨ ᠳᠦᠭᠦᠷᠡᠩ ᠬᠠᠢᠷ᠎ᠠ ᠶ᠋ᠢᠨ ᠢᠨᠢᠶᠡᠮᠰᠦᠭᠯᠡᠯ ᠪᠡᠯᠡᠭᠯᠡᠵᠦ᠂ ᠬᠠᠷᠢᠭᠤ ᠳ᠋ᠤᠨᠢ ᠪᠠᠰᠠ ᠲᠡᠭᠦᠨ ᠢ᠋ ᠠᠪᠴᠤ ᠶᠠᠪᠤᠬᠤ ᠳ᠋ᠤ᠌ ᠶᠢᠷᠲᠢᠨᠴᠦ᠂ ᠠᠮᠢᠳᠤᠷᠠᠯ ᠶᠠᠭᠤᠲᠠᠢ ᠰᠠᠢᠬᠠᠨ ᠪᠠᠢᠯ᠎ᠠ᠃
ᠬᠣᠩᠭᠣᠷ ᠡᠳᠦᠷ ᠥᠩᠭᠡᠷᠡᠬᠦ ᠳᠣᠳᠣᠮ ᠮᠣᠷᠢᠨ ᠰᠤᠷᠭᠠᠭᠤᠯᠢ ᠳ᠋ᠤ᠌ ᠴᠢᠳᠠᠮᠠᠭᠠᠢ ᠪᠣᠯᠵᠤ ᠳᠠᠪᠬᠢᠯᠲᠠ ᠳᠤᠮᠳᠠ ᠪᠠᠨ ᠴᠢᠯᠠᠭᠤ ᠰᠢᠭᠦᠷᠦᠭᠡᠳ ᠭᠡᠳᠡᠷᠭᠦ ᠨᠢ ᠬᠦᠴᠦᠲᠡᠢ ᠰᠢᠲᠠᠵᠤ ᠴᠢᠳᠠᠳᠠᠭ ᠪᠣᠯᠤᠭᠰᠠᠨ ᠢ᠋ᠶ᠋ᠠᠷ ᠪᠠᠷᠠᠬᠤ ᠦᠭᠡᠢ᠂ ᠳᠥᠷᠦᠭᠡᠨ ᠳ᠋ᠡᠭᠡᠨ ᠴᠢᠷᠦᠭᠳᠡᠨ ᠶᠠᠪᠤᠭ᠎ᠠ ᠳᠦᠷᠰᠦ ᠦᠵᠡᠭᠦᠯᠦᠨ ᠳᠠᠪᠬᠢᠵᠤ ᠴᠢᠳᠠᠳᠠᠭ ᠪᠣᠯᠵᠠᠢ᠃
ᠨᠢᠭᠡ ᠤᠳᠠᠭ᠎ᠠ ᠰᠦᠷᠦᠩ ᠳ᠋ᠦ᠍ ᠰᠤᠷᠭᠠᠭᠤᠯᠢ ᠪᠠᠨ ᠦᠵᠡᠭᠦᠯᠬᠦ ᠳ᠋ᠦ᠍ ᠲᠡᠭᠦᠨ ᠦ᠌ ᠰᠡᠳᠬᠢᠯ ᠳ᠋ᠦ᠍ ᠳᠣᠭᠳᠣᠯᠤᠯ᠂ ᠪᠠᠬᠠᠷᠬᠠᠯ ᠬᠣᠶᠠᠷ ᠬᠣᠣᠰᠯᠠᠨ ᠪᠠᠢᠵᠤ ᠪᠢᠯᠡ᠃ ᠬᠥᠮᠦᠨ ᠢ᠋ ᠬᠠᠢᠷᠠᠯᠠᠵᠤ᠂ ᠲᠡᠭᠦᠨ ᠦ᠌ ᠲᠥᠯᠥᠭᠡ ᠳᠣᠭᠳᠣᠯᠤᠯ᠂ ᠲᠡᠭᠦᠨ ᠦ᠌ ᠬᠢᠵᠦ ᠪᠠᠢᠭ᠎ᠠ ᠶᠠᠭᠤᠮᠠᠨ ᠳ᠋ᠤ᠌ ᠪᠠᠬᠠᠷᠬᠠᠵᠤ ᠪᠠᠢᠬᠤ ᠨᠢ ᠬᠥᠮᠦᠨ ᠪᠣᠯᠤᠭᠰᠠᠨ ᠤ᠋ ᠶᠣᠰᠣᠲᠠᠢ ᠠᠵᠠ᠂ ᠵᠢᠷᠭᠠᠯ ᠭᠡᠳᠡᠭ ᠢ᠋ ᠰᠦᠷᠦᠩ ᠢ᠋ ᠬᠠᠷᠠᠭᠰᠠᠨ ᠬᠥᠮᠦᠨ ᠣᠢᠯᠠᠭᠠᠵᠤ ᠪᠠᠢᠭᠰᠠᠨ ᠤ᠋ ᠠᠳᠠᠯᠢ ᠬᠠᠢᠷᠠᠲᠠᠢ ᠬᠥᠮᠦᠨ ᠳ᠋ᠡᠭᠡᠨ ᠴᠢᠳᠠᠯ ᠡᠷᠳᠡᠮ ᠢ᠋ᠶ᠋ᠡᠨ ᠦᠵᠡᠭᠦᠯᠵᠦ ᠪᠠᠢᠭ᠎ᠠ ᠬᠥᠮᠦᠨ ᠶᠠᠮᠠᠷ ᠬᠦᠴᠦ ᠰᠠᠮᠪᠠᠭᠠᠲᠠᠢ ᠪᠣᠯᠳᠠᠭ ᠢ᠋ ᠬᠣᠩᠭᠣᠷ ᠢ᠋ ᠬᠠᠷᠠᠭᠰᠠᠨ ᠬᠥᠮᠦᠨ ᠣᠢᠯᠠᠭᠠᠵᠤ ᠴᠢᠳᠠᠬᠤ ᠪᠠᠢᠯ᠎ᠠ᠃ ᠬᠣᠩᠭᠣᠷ ᠤ᠋ᠨ ᠰᠡᠳᠬᠢᠯ ᠪᠠᠶᠠᠷ ᠢ᠋ᠶ᠋ᠠᠷ ᠳᠦᠭᠦᠷᠡᠩ᠂ ᠪᠡᠶ᠎ᠡ ᠳ᠋ᠦ᠍ᠨᠢ ᠤᠷᠠᠨ ᠴᠢᠳᠠᠯ᠂ ᠬᠦᠴᠦ ᠵᠣᠷᠢᠭ ᠪᠠᠳᠠᠷᠠᠨ ᠤᠷᠢᠳᠤ ᠨᠢ ᠣᠯᠢᠭᠲᠠᠢ ᠪᠣᠯᠳᠠᠭ ᠦᠭᠡᠢ ᠶᠠᠭᠤᠮ᠎ᠠ ᠨᠢ ᠬᠦᠷᠲᠡᠯ᠎ᠡ ᠲᠠᠮᠢᠷ ᠤ᠋ᠨ ᠤᠷᠤᠰᠬᠠᠯ ᠰᠢᠭ᠋ ᠠᠮᠠᠷᠬᠠᠨ ᠪᠦᠲᠦᠵᠦ ᠪᠠᠢᠯ᠎ᠠ᠃
ᠨᠠᠮᠤᠷ ᠤ᠋ᠨ ᠠᠳᠠᠭ ᠰᠠᠷ᠎ᠠ ᠶ᠋ᠢᠨ ᠨᠢᠭᠡ ᠡᠳᠦᠷ ᠢᠲᠡᠭᠡᠯᠲᠦ ᠶ᠋ᠢᠨ ᠬᠢ ᠥᠷᠲᠡᠭᠡᠨ ᠦ᠌ ᠡᠭᠡᠯᠵᠢ ᠶ᠋ᠢᠨ ᠮᠣᠷᠢᠳ ᠶᠠᠪᠤᠭᠤᠯᠬᠤ ᠪᠣᠯᠵᠤ ᠠᠯᠢ ᠣᠷᠣᠭ᠎ᠠ ᠲᠠᠷᠭᠤᠨ ᠮᠣᠷᠢᠳ ᠢ᠋ ᠪᠠᠷᠢᠯᠠᠬᠤ ᠳ᠋ᠤ᠌ ᠲᠠᠮᠢᠷ ᠤ᠋ᠨ ᠭᠣᠣᠯ ᠤ᠋ᠨ ᠰᠢᠯᠢᠳᠡᠭ ᠤᠷᠭᠠᠴᠢᠳ ᠴᠤᠭᠯᠠᠷᠠᠪᠠ᠃
ᠤᠷᠢᠳᠤ ᠡᠮᠦᠨ᠎ᠡ ᠭᠠᠯᠰᠠᠩ ᠡᠢᠮᠦᠷᠬᠦ ᠠᠵᠢᠯ ᠤ᠋ᠨ ᠦᠶ᠎ᠡ ᠳ᠋ᠦ᠍ ᠪᠦᠬᠦᠨ ᠦ᠌ ᠮᠠᠭᠲᠠᠭᠠᠯ ᠢ᠋ ᠬᠦᠷᠲᠡᠵᠦ᠂ ᠶᠠᠷᠢᠶᠠᠨ ᠤ᠋ ᠭᠣᠣᠯ ᠪᠣᠯᠤᠨ ᠭᠠᠢᠬᠠᠭᠤᠯᠳᠠᠭ ᠪᠠᠢᠵᠤ ᠪᠢᠯᠡ᠃ ᠡᠨᠡ ᠤᠳᠠᠭ᠎ᠠ ᠴᠤ᠌ ᠭᠠᠯᠰᠠᠩ ᠤ᠋ᠨ ᠤᠷᠠᠨ ᠬᠠᠶᠠᠯᠲᠠ᠂ ᠡᠪᠲᠡᠢ ᠪᠥᠭᠡᠳ ᠬᠡᠢ ᠶ᠋ᠢ ᠨᠢ ᠳᠠᠭᠠᠷᠢᠭᠤᠯᠤᠨ ᠶᠠᠮᠠᠷ ᠴᠤ᠌ ᠮᠣᠷᠢ ᠶ᠋ᠢ ᠡᠷᠭᠢᠭᠦᠯᠳᠡᠭ ᠲᠠᠲᠠᠯᠲᠠ ᠶ᠋ᠢ ᠴᠤᠭᠯᠠᠷᠠᠭᠰᠠᠤᠨ ᠦᠭᠡ ᠪᠡᠨ ᠣᠯᠵᠤ ᠶᠠᠳᠠᠨ ᠮᠠᠭᠲᠠᠵᠤ ᠪᠠᠢᠯ᠎ᠠ᠃
ᠣᠷᠣᠭ᠎ᠠ ᠬᠡᠭᠡᠷ ᠭᠡᠵᠦ ᠠᠯᠳᠠᠷᠰᠢᠭᠰᠠᠨ ᠫᠠᠭᠳᠠᠭᠠᠷ ᠵᠤᠵᠠᠭᠠᠨ ᠪᠡᠶ᠎ᠡ ᠲᠡᠢ ᠪᠣᠷᠣ ᠬᠡᠭᠡᠷ ᠮᠣᠷᠢ ᠶ᠋ᠢ ᠪᠠᠷᠢᠬᠤ ᠪᠣᠯᠵᠤ ᠬᠣᠶᠠᠷ ᠴᠤ᠌ ᠬᠥᠮᠦᠨ ᠮᠣᠳᠣᠨ ᠰᠡᠲᠡᠷ ᠵᠡᠭᠦᠵᠦ ᠠᠯᠳᠠᠪᠠ᠃
᠊᠊᠊᠊᠊᠊᠊᠊᠊᠊᠊᠊᠊᠊᠊ ᠭᠠᠯᠰᠠᠩ ᠠᠬ᠎ᠠ ᠪᠢᠳᠡ ᠬᠣᠶᠠᠷ ᠲᠤ᠌ ᠰᠢᠷᠭᠤᠭᠤᠯᠤᠭᠠᠳ ᠠᠯᠢ ᠭᠡᠵᠦ ᠬᠣᠩᠭᠣᠷ ᠬᠡᠯᠡᠪᠡ᠃ ᠢᠲᠡᠭᠡᠯᠲᠦ᠂ ᠬᠦᠦ ᠨᠢ ᠠᠳᠤᠭᠤᠨ ᠳ᠋ᠤ᠌ ᠡᠷ᠎ᠡ ᠴᠢᠳᠠᠯ ᠲᠠᠢ᠂ ᠣᠪᠣᠭ᠎ᠠ ᠤᠷᠭᠠᠴᠢ ᠪᠣᠯᠵᠤ ᠪᠠᠢᠭ᠎ᠠ ᠶ᠋ᠢ ᠮᠡᠳᠡᠬᠦ ᠪᠣᠯᠪᠠᠴᠤ ᠣᠷᠣᠭ᠎ᠠ ᠬᠡᠭᠡᠷ ᠢ᠋ ᠰᠢᠷᠭᠤᠭᠤᠯᠵᠤ ᠤᠷᠭᠠᠯᠠᠬᠤ ᠡᠳᠦᠢ ᠭᠡᠵᠦ ᠪᠣᠳᠣᠭᠠᠳ 《ᠣᠩᠭᠢᠷᠠᠭᠰᠠᠨ ᠳᠠᠮᠰᠢᠭ ᠮᠢᠨᠢ ᠭᠤᠲᠤ ᠲᠠᠲᠠᠭᠤᠯᠵᠤ ᠦᠬᠦᠬᠦ ᠨᠢ ᠤᠤ》 ᠭᠡᠯᠡ᠃
᠊᠊᠊᠊᠊᠊᠊᠊᠊᠊᠊᠊᠊᠊᠊ ᠠᠬ᠎ᠠ ᠠ᠋᠂ ᠲᠠ ᠬᠣᠩᠭᠣᠷ ᠢ᠋ ᠮᠡᠳᠡᠬᠦ ᠦᠭᠡᠢ ᠪᠠᠢᠨ᠎ᠠ᠃ ᠠᠢᠬᠤᠪᠲᠤᠷ ᠪᠣᠯᠤᠭᠰᠠᠨ ᠰᠢᠦ ᠭᠡᠳ ᠭᠠᠯᠰᠠᠩ ᠬᠣᠩᠭᠣᠷ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠪᠢ ᠡᠮᠨᠢᠭ ᠬᠦᠷᠡᠩ ᠠᠵᠢᠷᠭ᠎ᠠ ᠶ᠋ᠢ ᠲᠣᠭᠲᠠᠭᠠᠳᠠᠭ ᠶᠤᠮ ᠭᠡᠵᠦ ᠬᠣᠩᠭᠣᠷ ᠨᠠᠮ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠵᠠᠳᠠᠷᠠᠭᠰᠠᠨ ᠳᠠᠮᠰᠢᠭ᠂ ᠪᠡᠯᠴᠢᠭᠡᠷ ᠲᠦ᠍ ᠠᠵᠢᠷᠭ᠎ᠠ ᠤᠷᠭᠠᠯᠠᠳᠠᠭ ᠪᠠᠢᠬᠤ ᠨᠢ ᠠ᠋ ᠭᠡᠵᠦ ᠢᠲᠡᠭᠡᠯᠲᠦ ᠳᠣᠲᠣᠷ᠎ᠠ ᠪᠠᠨ ᠢᠨᠢᠶᠡᠨ ᠬᠡᠯᠡᠬᠦ ᠳ᠋ᠦ᠍ ᠲᠡᠭᠦᠨ ᠦ᠌ ᠦᠭᠡᠨ ᠳ᠋ᠦ᠍ ᠵᠢᠮᠡᠯᠡᠬᠦ ᠥᠩᠭᠡ ᠣᠭᠲᠣ ᠪᠠᠢᠭᠰᠠᠨ ᠦᠭᠡᠢ᠃
ᠬᠦᠦ ᠨᠢ ᠣᠷᠣᠭ᠎ᠠ ᠬᠡᠭᠡᠷ ᠢ᠋ ᠤᠷᠭᠠᠯᠠᠭᠠᠳ ᠲᠣᠭᠲᠠᠭᠠᠪᠠᠯ ᠢᠲᠡᠭᠡᠯᠲᠦ ᠳ᠋ᠦ᠍ ᠲᠡᠭᠦᠨ ᠰᠢᠭ ᠪᠠᠶᠠᠷ ᠬᠠᠮᠢᠭ᠎ᠠ ᠪᠠᠢᠬᠤ ᠪᠢᠯᠡ᠃
᠊᠊᠊᠊᠊᠊᠊᠊᠊᠊᠊᠊᠊᠊᠊ ᠲᠠ ᠬᠣᠶᠠᠷ ᠲᠡᠨᠳᠡ ᠵᠣᠭᠰᠣᠵᠤ ᠪᠠᠢ᠃ ᠪᠢᠳᠡ ᠰᠢᠬᠠᠵᠤ ᠥᠭᠭᠦᠶ᠎ᠡ ᠭᠡᠳ ᠢᠲᠡᠭᠡᠯᠲᠦ ᠮᠣᠷᠳᠠᠭᠠᠳ ᠡᠷᠭᠢᠭᠰᠡᠨ ᠢ᠋ᠶ᠋ᠡᠨ ᠵᠣᠭᠰᠣᠵᠤ ᠭᠠᠯᠰᠠᠩ ᠢ᠋ ᠳᠠᠭᠤᠳᠠᠭᠠᠳ 《ᠡᠬᠢᠯᠡᠭᠡᠳ ᠴᠢᠨᠠᠳᠤᠬᠢ ᠳ᠋ᠠᠭᠠᠨ ᠥᠭᠭᠦᠭᠡᠷᠡᠢ》 ᠭᠡᠵᠦ ᠰᠢᠪᠡᠭᠡᠨᠡᠨ ᠬᠡᠯᠡᠪᠡ᠃ ᠬᠡᠭᠡᠷ ᠮᠣᠷᠢ ᠬᠣᠩᠭᠣᠷ ᠭᠠᠯᠰᠠᠩ ᠬᠣᠶᠠᠷ ᠤ᠋ᠨ ᠳᠤᠮᠳᠠᠭᠤᠷ ᠬᠠᠷᠪᠤᠭᠰᠠᠨ ᠰᠤᠮᠤ ᠰᠢᠭ᠋ ᠴᠢᠪᠠᠭᠳᠠᠨ ᠳᠠᠭᠠᠷᠢᠵᠤ ᠥᠩᠭᠡᠷᠡᠬᠦ ᠳ᠋ᠦ᠍ ᠬᠣᠩᠭᠣᠷ ᠮᠣᠷᠢᠨ ᠤ᠋ ᠪᠠᠨ ᠳᠠᠯᠤ ᠲᠠᠢ ᠬᠠᠴᠠᠷ ᠢ᠋ᠶ᠋ᠠᠨ ᠨᠡᠢᠯᠡᠭᠦᠯᠦᠨ ᠰᠤᠨᠵᠤ ᠤᠷᠭ᠎ᠠ ᠪᠠᠨ ᠬᠠᠶᠠᠨ ᠡᠷᠭᠢᠭᠦᠯᠦᠭᠰᠡᠨ ᠳ᠋ᠦ᠍ ᠨᠠᠷᠢᠬᠠᠨ ᠬᠤᠢᠪᠢ ᠮᠣᠷᠢᠨ ᠤ᠋ ᠴᠢᠬᠢᠯᠵᠢᠭᠦᠷ ᠢ᠋ᠶ᠋ᠡᠷ ᠴᠠᠪᠴᠢᠷᠠᠨ ᠣᠷᠣᠯ᠎ᠠ᠃ ᠬᠠᠷᠠᠭᠰᠠᠨ ᠪᠦᠬᠦᠨ ᠬᠣᠩᠭᠣᠷ ᠤ᠋ᠨ ᠤᠷᠠᠨ ᠬᠠᠶᠠᠯᠲᠠ ᠶ᠋ᠢ ᠮᠠᠭᠲᠠᠬᠤ ᠳ᠋ᠤ᠌ ᠢᠲᠡᠭᠡᠯᠲᠦ 《ᠳᠠᠮᠰᠢᠭ ᠮᠢᠨᠢ ᠭᠤᠶᠠᠳᠠᠭᠠᠳ ᠲᠡᠳᠡ ᠲᠡᠳᠡ》 ᠭᠡᠵᠦ ᠡᠮᠡᠭᠡᠯ ᠳᠡᠭᠡᠷ᠎ᠡ ᠪᠡᠨ ᠲᠣᠭᠲᠠᠨ ᠶᠠᠳᠠᠨ ᠬᠠᠰᠬᠢᠷᠤᠨ᠎ᠠ᠃
ᠬᠣᠩᠭᠣᠷ᠂ ᠬᠡᠭᠡᠷ ᠮᠣᠷᠢ ᠶ᠋ᠢ ᠲᠣᠭᠲᠠᠭᠠᠰᠠᠢ ᠭᠡᠵᠦ ᠢᠲᠡᠭᠡᠯᠲᠦ ᠡᠴᠡ ᠥᠭᠡᠷ᠎ᠡ ᠪᠠᠰᠠ ᠨᠢᠭᠡ ᠬᠥᠮᠦᠨ ᠰᠡᠳᠬᠢᠯ ᠵᠢᠷᠦᠬᠡ ᠪᠡᠨ ᠰᠢᠨᠠᠯᠤᠭᠤᠯᠤᠨ ᠪᠣᠳᠣᠵᠤ ᠪᠠᠢᠯ᠎ᠠ᠃ ᠡᠨᠡ ᠪᠣᠯ ᠬᠡᠳᠦᠨ ᠡᠳᠦᠷ ᠦ᠋ᠨ ᠡᠮᠦᠨ᠎ᠡ ᠬᠣᠩᠭᠣᠷ ᠤᠨᠤᠵᠤ ᠠᠮᠠ ᠶ᠋ᠢ ᠨᠢ ᠮᠡᠳᠡᠭᠦᠯᠵᠦ ᠥᠭᠭᠦᠭᠰᠡᠨ ᠪᠣᠷᠣ ᠳᠠᠭ᠎ᠠ ᠶ᠋ᠢ ᠤᠨᠤᠭᠠᠳ ᠦᠨᠢᠶ᠎ᠡ ᠭᠡᠯᠢᠵᠦ ᠶᠠᠪᠤᠭᠰᠠᠨ ᠰᠦᠷᠦᠩ ᠶᠤᠮ᠃ ᠬᠠᠷᠢᠨ 《ᠠᠷᠭ᠎ᠠ ᠦᠭᠡᠢ ᠯᠡ ᠤᠷᠭᠠᠴᠢ ᠬᠥᠮᠦᠨ ᠶᠤᠮ ᠳᠡ》᠂ 《ᠠᠳᠤᠭᠤᠨ ᠤ᠋ ᠳᠡᠷᠭᠡᠳᠡ ᠨᠢᠭᠤᠷ ᠪᠠᠷᠳᠠᠮ ᠵᠣᠭᠰᠣᠬᠤ ᠡᠷ᠎ᠡ ᠳᠡ》 ᠭᠡᠬᠦ ᠵᠡᠷᠭᠡ ᠣᠯᠠᠨ ᠰᠠᠢᠬᠠᠨ ᠦᠭᠡ ᠶ᠋ᠢ ᠠᠮᠠ ᠲᠠᠢ ᠪᠦᠬᠦᠨ ᠡᠴᠡ ᠰᠣᠨᠣᠰᠴᠤ ᠰᠤᠷᠤᠭᠰᠠᠨ ᠭᠠᠯᠰᠠᠩ ᠳ᠋ᠤ᠌ ᠠᠲᠠᠭᠠᠷᠬᠠᠬᠤ ᠰᠡᠳᠬᠢᠯ ᠠᠶᠠᠨᠳᠠᠭᠠᠨ ᠣᠪᠣᠯᠵᠠᠪᠠ᠃ ᠤᠴᠢᠷ ᠨᠢ ᠮᠣᠷᠢ ᠤᠷᠭᠠᠯᠠᠬᠤ ᠪᠦᠷᠢ ᠳ᠋ᠦ᠍ ᠭᠠᠯᠰᠠᠩ ᠢ᠋ ᠮᠢᠯᠢᠶᠠᠵᠤ ᠪᠠᠢᠳᠠᠭ ᠦᠭᠡ ᠣᠳᠣ ᠬᠣᠩᠭᠣᠷ ᠢ᠋ ᠮᠢᠯᠢᠶᠠᠵᠤ ᠪᠠᠢᠯ᠎ᠠ᠃
᠊᠊᠊᠊᠊᠊᠊᠊᠊᠊᠊᠊᠊᠊᠊ ᠤᠷᠭᠠᠴᠢ ᠬᠦᠦ ᠶᠤᠮ ᠳᠡ᠃
᠊᠊᠊᠊᠊᠊᠊᠊᠊᠊᠊᠊᠊᠊᠊ ᠠᠳᠤᠭᠤ ᠲᠠᠢ ᠬᠥᠮᠦᠨ ᠦ᠌ ᠬᠦᠦ ᠰᠢᠭ ᠪᠠᠢᠨ᠎ᠠ᠃
᠊᠊᠊᠊᠊᠊᠊᠊᠊᠊᠊᠊᠊᠊᠊ ᠬᠤᠢᠪᠢ ᠨᠢ ᠨᠣᠭᠲᠣᠯᠠᠭᠠᠳ ᠠᠪᠴᠤ ᠪᠠᠢᠭ᠎ᠠ ᠶᠤᠮ ᠰᠢᠭ᠋᠃
᠊᠊᠊᠊᠊᠊᠊᠊᠊᠊᠊᠊᠊᠊᠊ ᠮᠣᠷᠢ ᠪᠠᠨ ᠭᠤᠶᠠᠳᠠᠵᠤ ᠪᠠᠢᠭ᠎ᠠ ᠰᠠᠮᠪᠠᠭ᠎ᠠ ᠨᠢ᠂ ᠥᠨᠥᠴᠢᠨ ᠬᠤᠷᠠᠭ᠎ᠠ ᠤᠷᠭᠠᠯᠠᠵᠤ ᠪᠠᠢᠭ᠎ᠠ ᠶᠤᠮ ᠰᠢᠭ᠋ ᠭᠡᠬᠦ ᠵᠡᠷᠭᠡ ᠬᠥᠮᠦᠰ ᠦ᠋ᠨ ᠱᠠᠭᠰᠢᠨ ᠶᠠᠷᠢᠯᠴᠠᠬᠤ ᠶ᠋ᠢ ᠰᠣᠨᠣᠰᠴᠤ ᠪᠠᠢᠭ᠎ᠠ ᠭᠠᠯᠰᠠᠩ ᠳᠣᠲᠣᠷ᠎ᠠ ᠨᠢ ᠬᠠᠷᠠᠯᠠᠬᠤ ᠳ᠋ᠠᠭᠠᠨ 《ᠲᠠᠲᠠᠯᠲᠠ ᠨᠢ ᠬᠦᠴᠦ ᠦᠭᠡᠢ ᠪᠠᠢᠨ᠎ᠠ》 ᠭᠡᠰᠡᠨ ᠢ᠋ ᠠᠩᠬᠠᠷᠤᠭᠰᠠᠨ ᠬᠥᠮᠦᠨ ᠦᠭᠡᠢ ᠪᠥᠭᠡᠳ ᠭᠠᠢ ᠪᠣᠯᠵᠤ ᠰᠣᠨᠣᠰᠤᠭᠰᠠᠨ ᠭᠠᠭᠴᠠ ᠡᠪᠦᠭᠡᠨ 《ᠨᠠᠰᠤ ᠨᠢ ᠪᠠᠭ᠎ᠠ ᠴᠢᠰᠤ ᠨᠢ ᠰᠢᠩᠭᠡᠨ ᠪᠠᠢᠨ᠎ᠠ ᠳᠠ᠃ ᠡᠷ᠎ᠡ ᠪᠡᠶ᠎ᠡ ᠭᠦᠢᠴᠡᠭᠡᠳ ᠢᠷᠡᠬᠦ ᠳᠡᠭᠡᠷ᠎ᠡ ᠡᠨᠡ ᠬᠦᠦ ᠶ᠋ᠢᠨ ᠭᠠᠷ ᠡᠴᠡ ᠠᠷᠰᠯᠠᠨ ᠴᠤ᠌ ᠮᠤᠯᠲᠤᠷᠠᠬᠤ ᠦᠭᠡᠢ》 ᠭᠡᠳ ᠲᠣᠯᠣᠭᠠᠢ ᠪᠠᠨ ᠠᠯᠭᠤᠷᠬᠠᠨ ᠭᠠᠩᠬᠤᠭᠤᠯᠵᠤ ᠪᠠᠢᠯ᠎ᠠ᠃
ᠤᠷᠭ᠎ᠠ ᠪᠠᠨ ᠬᠠᠭᠠᠰ ᠠᠯᠲᠠ ᠠᠬᠢᠭᠤᠯᠵᠤ ᠠᠪᠤᠭᠰᠠᠨ ᠬᠣᠩᠭᠣᠷ ᠡᠮᠡᠭᠡᠯ ᠦ᠋ᠨ ᠢ᠋ᠶ᠋ᠡᠨ ᠠᠷᠤ ᠪᠠᠷ ᠰᠠᠭᠤᠭᠠᠳ ᠲᠠᠲᠠᠬᠤ ᠳ᠋ᠤ᠌ ᠬᠡᠭᠡᠷ ᠮᠣᠷᠢᠨ ᠤ᠋ ᠲᠣᠯᠣᠭᠠᠢ ᠥᠪᠡᠷ ᠦ᠋ᠨ ᠡᠷᠬᠡ ᠦᠭᠡᠢ ᠡᠷᠭᠢᠯ᠎ᠡ᠃
᠊᠊᠊᠊᠊᠊᠊᠊᠊᠊᠊᠊᠊᠊᠊ ᠳᠠᠮᠰᠢᠭ ᠴᠢᠨᠢ ᠲᠣᠭᠲᠠᠭᠠᠵᠤ ᠣᠷᠬᠢᠯ᠎ᠠ ᠰᠢᠦ ᠭᠡᠵᠦ ᠢᠲᠡᠭᠡᠯᠲᠦ ᠪᠠᠷᠤᠭ ᠬᠡᠯᠡᠵᠦ ᠳᠠᠭᠤᠰᠤᠭ᠎ᠠ ᠦᠭᠡᠢ ᠪᠠᠢᠲᠠᠯ᠎ᠠ ᠤᠷᠭ᠎ᠠ ᠴᠢᠷᠦᠭᠰᠡᠨ ᠬᠡᠭᠡᠷ ᠮᠣᠷᠢ ᠪᠠᠷᠠᠭᠤᠨ ᠠᠭᠤᠯᠠ ᠶ᠋ᠢ ᠴᠢᠭᠯᠡᠨ ᠬᠠᠩᠭᠢᠨᠠᠪᠠ᠃
ᠬᠡᠭᠡᠷ ᠮᠣᠷᠢ ᠬᠣᠩᠭᠣᠷ ᠬᠦᠦ ᠶ᠋ᠢᠨ ᠭᠠᠷ ᠲᠤ᠌ ᠣᠷᠣᠯ᠎ᠠ ᠭᠡᠳᠡᠭ ᠲᠦ᠍ ᠡᠷᠡᠭᠡᠯᠵᠡᠭᠡ ᠦᠭᠡᠢ ᠪᠣᠯᠤᠭᠰᠠᠨ ᠬᠥᠮᠦᠰ ᠶᠠᠭᠤ ᠪᠣᠯᠤᠭᠰᠠᠨ ᠤ᠋ ᠤᠴᠢᠷ ᠢ᠋ ᠣᠯᠵᠤ ᠶᠠᠳᠠᠵᠤ ᠪᠠᠢᠬᠤ ᠳ᠋ᠤ᠌ ᠬᠣᠩᠭᠣᠷ ᠤᠷᠢᠳᠤ ᠵᠦᠭ ᠮᠣᠷᠢᠨ ᠳ᠋ᠠᠭᠠᠨ ᠲᠠᠰᠢᠭᠤᠷ ᠥᠭᠴᠦ ᠰᠠᠯᠬᠢ ᠮᠡᠲᠦ ᠬᠤᠷᠳᠤᠯᠠᠪᠠ᠃ ᠬᠥᠮᠦᠰ ᠦ᠋ᠨ ᠠᠩᠬᠠᠷᠤᠯ ᠲᠡᠷᠡ ᠵᠦᠭ ᠰᠢᠯᠵᠢᠵᠦ ᠭᠡᠳᠡᠰᠦᠨ ᠳ᠋ᠡᠭᠡᠨ ᠡᠮᠡᠭᠡᠯ ᠢ᠋ᠶ᠋ᠡᠨ ᠴᠢᠷᠦᠭᠰᠡᠨ ᠪᠣᠷᠣ ᠳᠠᠭ᠎ᠠ ᠳᠠᠪᠭᠢᠷᠴᠤ ᠪᠠᠢᠭ᠎ᠠ ᠶ᠋ᠢ ᠰᠠᠶᠢ ᠣᠯᠵᠤ ᠬᠠᠷᠠᠵᠠᠭᠠᠪᠠ᠃
ᠡᠨᠡ ᠬᠡᠨ ᠦ᠌ ᠳᠠᠭ᠎ᠠ ᠪᠣᠢ᠃ ᠬᠣᠩᠭᠣᠷ ᠤ᠋ᠨ ᠮᠣᠷᠢ ᠤᠷᠭᠠᠯᠠᠵᠤ ᠪᠠᠢᠭ᠎ᠠ ᠶ᠋ᠢ ᠪᠠᠬᠠᠳᠤᠨ ᠬᠠᠷᠠᠵᠤ ᠪᠠᠢᠭᠰᠠᠨ ᠰᠦᠷᠦᠩ ᠰᠠᠯᠬᠢᠨ ᠳ᠋ᠤ᠌ ᠬᠡᠢᠰᠴᠦ ᠢᠷᠡᠭᠰᠡᠨ ᠨᠠᠪᠲᠠᠰᠤ ᠡᠴᠡ ᠦᠷᠭᠦᠵᠦ ᠪᠤᠯᠲᠠᠭᠰᠠᠨ ᠳᠠᠭ᠎ᠠ ᠡᠴᠡ ᠪᠡᠨ ᠤᠨᠠᠭᠠᠳ᠂ ᠡᠮᠡᠭᠡᠯ ᠨᠢ ᠬᠣᠯᠪᠣᠷᠢᠨ ᠠᠯᠳᠠᠵᠠᠢ᠃ ᠡᠭᠦᠨ ᠢ᠋ ᠣᠷᠣᠭ᠎ᠠ ᠬᠡᠭᠡᠷ ᠢ᠋ ᠲᠣᠭᠲᠠᠭᠠᠭᠰᠠᠨ ᠪᠠᠬᠠᠷᠬᠠᠯᠲᠤ ᠨᠢᠳᠦ ᠪᠡᠨ ᠬᠠᠮᠤᠭ ᠡᠴᠡ ᠲᠡᠷᠢᠭᠦᠨ ᠳ᠋ᠦ᠍ ᠰᠦᠷᠦᠩ ᠳ᠋ᠦ᠍ ᠪᠡᠯᠡᠭᠯᠡᠬᠦ ᠭᠡᠵᠦ ᠬᠠᠷᠠᠭᠰᠠᠨ ᠬᠣᠩᠭᠣᠷ ᠬᠠᠷᠠᠭᠠᠳ ᠤᠷᠭ᠎ᠠ ᠪᠠᠨ ᠬᠡᠭᠡᠷ ᠮᠣᠷᠢᠨ ᠤ᠋ ᠬᠦᠵᠦᠭᠦᠨ ᠳ᠋ᠦ᠍ ᠰᠡᠲᠡᠷ ᠪᠣᠯᠭᠠᠨ ᠦᠯᠡᠳᠡᠭᠡᠵᠡᠢ᠃
ᠤᠯᠤᠰ ᠭᠦᠢᠴᠡᠳ ᠣᠭᠠᠭᠠᠷᠠᠵᠤ ᠴᠢᠳᠠᠭ᠎ᠠ ᠦᠭᠡᠢ ᠪᠠᠢᠬᠤ ᠳ᠋ᠤ᠌ ᠬᠣᠩᠭᠣᠷ ᠠᠯᠳᠠᠭᠳᠠᠭᠰᠠᠨ ᠳᠠᠭ᠎ᠠ ᠶ᠋ᠢ ᠭᠦᠢᠴᠡᠵᠦ ᠣᠴᠢᠭᠠᠳ ᠮᠣᠷᠢᠨ ᠤ᠋ ᠪᠠᠨ ᠬᠠᠵᠠᠭᠤ ᠤᠷᠤᠭᠤ ᠨᠠᠯᠠᠨ ᠤᠨᠵᠢᠵᠤ᠂ ᠡᠮᠡᠭᠡᠯ ᠢ᠋ ᠨᠢ ᠰᠠᠯᠭᠠᠭᠰᠠᠨ ᠢ᠋ᠶ᠋ᠠᠷ ᠪᠠᠷᠠᠬᠤ ᠦᠭᠡᠢ ᠴᠤᠯᠪᠤᠭᠤᠷ ᠡᠴᠡ ᠨᠢ ᠪᠠᠷᠢᠵᠤ ᠠᠪᠤᠭᠰᠠᠨ ᠠᠵᠢ᠃
ᠬᠦᠦ ᠪᠡᠨ ᠢᠯᠡ ᠮᠠᠭᠲᠠᠬᠤ ᠶ᠋ᠢ ᠴᠡᠭᠡᠷᠯᠡᠭᠰᠡᠨ ᠮᠡᠲᠦ ᠶᠠᠪᠤᠳᠠᠭ ᠢᠲᠡᠭᠡᠯᠲᠦ ᠡᠨᠡ ᠪᠦᠬᠦᠨ ᠢ᠋ ᠬᠠᠷᠠᠭᠠᠳ 《ᠮᠢᠨᠦ ᠬᠦᠦ ᠴᠦ᠍ ᠡᠷ᠎ᠡ ᠪᠣᠯᠵᠤ ᠳᠠ》 ᠭᠡᠵᠦ ᠴᠢᠩᠭ᠎ᠠ ᠬᠡᠯᠡᠪᠡ᠃ ᠡᠨᠳᠡ ᠪᠠᠢᠭᠰᠠᠨ ᠬᠥᠮᠦᠨ ᠢ᠋ ᠪᠢᠲᠡᠭᠡᠢ ᠬᠡᠯᠡ᠂ ᠠᠯᠲᠠᠨ ᠨᠠᠮᠤᠷ ᠢ᠋ᠶ᠋ᠠᠷ ᠭᠤᠶᠤᠭᠰᠠᠨ ᠳᠤᠸᠠᠯᠠᠮ᠎ᠠ ᠬᠣᠷᠸ᠎ᠠ᠂ ᠭᠠᠭᠴᠠ ᠴᠤ᠌ ᠡᠭᠦᠯᠡ ᠦᠭᠡᠢ ᠴᠡᠩᠬᠡᠷ ᠲᠡᠭᠷᠢ᠂ ᠭᠢᠯᠠᠯᠵᠠᠨ ᠵᠢᠷᠢᠯᠵᠡᠬᠦ ᠬᠣᠯᠠ ᠶ᠋ᠢᠨ ᠠᠶᠠᠨ ᠢ᠋ᠶ᠋ᠠᠨ ᠬᠢᠵᠦ ᠪᠠᠢᠭ᠎ᠠ ᠲᠤᠩᠭᠠᠯᠠᠭ ᠲᠠᠮᠢᠷ ᠴᠥᠮ ᠬᠣᠩᠭᠣᠷ ᠲᠤ᠌ ᠪᠠᠬᠠᠷᠬᠠᠵᠤ ᠲᠡᠭᠦᠨ ᠢ᠋ ᠮᠠᠭᠲᠠᠵᠤ ᠪᠣᠢ ᠮᠡᠲᠦ ᠡᠷᠬᠢᠮᠰᠦᠭ ᠪᠥᠭᠡᠳ ᠭᠤᠸ᠎ᠠ ᠪᠠᠢᠯ᠎ᠠ᠃
