ᠲᠤᠩᠭᠠᠯᠠᠭ ᠲᠠᠮᠢᠷ2-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-31

1276

《ᠡᠷ᠎ᠡ ᠬᠥᠮᠦᠨ ᠳᠡ ᠬᠦ》 - ᠬᠣᠶᠠᠳᠤᠭᠠᠷ ᠪᠦᠯᠦᠭ ᠨᠠᠢ᠍ᠮᠠ

  ᠡᠪᠦᠯ ᠦ᠋ᠨ ᠳᠤᠮᠳᠠ ᠰᠠᠷ᠎ᠠ ᠶ᠋ᠢᠨ ᠬᠠᠭᠤᠴᠢ ᠪᠠᠷ ᠲᠡᠮᠦᠷ ᠦ᠋ᠨ ᠬᠢᠨ ᠬᠠᠯᠵᠠᠨ ᠬᠠᠳᠠ ᠭᠡᠳᠡᠭ ᠭᠠᠵᠠᠷ ᠡᠪᠦᠯᠵᠢᠪᠡ᠃ ᠴᠠᠭ ᠰᠠᠢᠬᠠᠨ᠂ ᠴᠠᠰᠤ ᠨᠢᠮᠭᠡᠨ ᠪᠣᠯᠬᠣᠷ ᠮᠠᠯ ᠴᠦ᠍ ᠲᠠᠷᠭᠤᠨ ᠰᠡᠳᠬᠢᠯ ᠴᠦ᠍ ᠲᠡᠨᠢᠭᠡᠷ ᠠᠵᠢ᠃
  ᠥᠩ ᠲᠡᠢ ᠡᠪᠦᠯ᠂ ᠬᠣᠨᠢ ᠬᠣᠲᠠᠯᠠᠭᠰᠠᠨ ᠡᠴᠡ ᠬᠣᠢᠰᠢ ᠮᠠᠯᠴᠢᠨ ᠬᠥᠮᠦᠨ ᠥᠭᠡᠬᠦᠨ ᠳ᠋ᠧᠩ ᠢ᠋ᠶ᠋ᠡᠨ ᠪᠠᠷᠢᠵᠤ ᠬᠣᠭᠣᠯᠠ ᠪᠠᠨ ᠢᠳᠡᠭᠡᠳ ᠶᠠᠷᠢᠵᠤ ᠰᠠᠭᠤᠬᠤ ᠡᠴᠡ ᠰᠠᠢᠬᠠᠨ ᠶᠠᠭᠤ ᠪᠠᠢᠬᠤ ᠪᠢᠯᠡ᠃
  ᠲᠡᠮᠦᠷ ᠳᠤᠯᠮ᠎ᠠ ᠬᠣᠶᠠᠷ ᠬᠣᠨᠢ ᠪᠠᠨ ᠬᠣᠲᠠᠯᠠᠵᠤ᠂ ᠭᠡᠷ ᠲᠡᠭᠡᠨ ᠣᠷᠣᠭᠠᠳ ᠢᠨᠢᠶᠡᠵᠦ ᠪᠡᠶᠡᠰᠦᠨ ᠬᠦᠦ ᠪᠡᠨ ᠬᠠᠭᠤᠷᠠᠢᠯᠠᠪᠠ᠃
  ᠊᠊᠊᠊᠊᠊᠊᠊᠊᠊᠊᠊᠊᠊᠊ ᠠᠯᠢ ᠪᠣᠢ? ᠡᠷ᠎ᠡ ᠬᠥᠮᠦᠨ ᠳᠡ ᠬᠦ ᠁ ᠭᠡᠵᠦ ᠲᠡᠮᠦᠷ ᠰᠤᠨᠢᠶᠠᠵᠤ ᠪᠠᠢᠭ᠎ᠠ ᠬᠦᠦ ᠪᠡᠨ ᠬᠠᠷᠠᠨ ᠢᠨᠢᠶᠡᠪᠡ᠃
  ᠳᠤᠯᠮ᠎ᠠ ᠬᠠᠴᠠᠷ ᠢ᠋ᠶ᠋ᠠᠨ ᠲᠡᠮᠦᠷ ᠲᠦ᠍ ᠨᠠᠭᠠᠵᠤ ᠬᠡᠰᠡᠭ ᠪᠠᠢᠭᠰᠠᠨ ᠢ᠋ᠶ᠋ᠠᠨ ᠬᠦᠦ ᠪᠡᠨ ᠥᠯᠥᠭᠡᠢᠳᠡᠬᠦ ᠭᠡᠬᠦ ᠳ᠋ᠦ᠍ᠨᠢ᠂ 《ᠵᠢᠭᠠᠬᠠᠨ ᠳᠠᠯᠪᠠᠯᠵᠠᠭ》 ᠭᠡᠵᠦ ᠨᠥᠬᠥᠷ ᠨᠢ ᠬᠣᠷᠢᠭᠯᠠᠪᠠ᠃
  ᠊᠊᠊᠊᠊᠊᠊᠊᠊᠊᠊᠊᠊᠊᠊ ᠲᠠᠭᠠᠷᠠᠴᠢᠬᠠᠬᠤ ᠦᠭᠡᠢ ᠪᠠᠢᠬ᠎ᠠ?
  ᠊᠊᠊᠊᠊᠊᠊᠊᠊᠊᠊᠊᠊᠊᠊ ᠬᠠᠨᠠᠰᠠ᠂ ᠳᠤᠯᠠᠭᠠᠨ ᠪᠠᠢᠨ᠎ᠠ᠃ ᠠᠯᠢ ᠪᠣᠢ ᠁ ᠪᠢ ᠬᠦᠦ ᠳ᠋ᠡᠭᠡᠨ ᠬᠣᠩᠭᠣᠷ ᠮᠣᠷᠢ ᠪᠠᠨ ᠥᠭᠭᠦᠨ᠎ᠡ ᠁ ᠮᠡᠳᠡᠵᠦ ᠪᠠᠢᠨ᠎ᠠ ᠰᠢᠦ᠂ ᠢᠨᠢᠶᠡᠵᠦ ᠪᠠᠢᠨ᠎ᠠ᠂ ᠡᠷ᠎ᠡ ᠬᠥᠮᠦᠨ ᠳᠡ ᠬᠦ᠃
  ᠊᠊᠊᠊᠊᠊᠊᠊᠊᠊᠊᠊᠊᠊᠊ ᠥᠯᠥᠭᠡᠢᠳᠡᠶ᠎ᠡ᠃ ᠵᠣᠭᠢᠰᠴᠢᠬᠠᠵᠤ ᠮᠠᠭᠠᠳ᠃
  ᠊᠊᠊᠊᠊᠊᠊᠊᠊᠊᠊᠊᠊᠊᠊ ᠭᠠᠯ ᠥᠷᠳᠡᠵᠦ ᠤᠷᠭᠢᠶ᠎ᠠ᠂ ᠳᠡᠷᠪᠡᠯᠵᠡᠵᠦ ᠯᠠ ᠪᠠᠢᠭ᠂ ᠡᠷ᠎ᠡ ᠬᠥᠮᠦᠨ ᠳᠡ ᠬᠦ ᠭᠡᠳ ᠲᠡᠮᠦᠷ ᠡᠷᠭᠢᠵᠦ ᠭᠠᠯ ᠲᠦᠯᠡᠪᠡ᠃
  ᠬᠡᠦᠬᠡᠳ ᠦ᠋ᠨ ᠢᠷᠠᠭᠯᠠᠨ ᠲᠣᠭᠯᠠᠬᠤ ᠠᠪᠢᠶ᠎ᠠ᠂ ᠬᠦᠦ ᠪᠡᠨ ᠥᠬᠥᠭᠡᠷᠳᠡᠬᠦ ᠳᠤᠯᠮ᠎ᠠ ᠶ᠋ᠢᠨ ᠳᠠᠭᠤ ᠲᠠᠢ ᠬᠣᠯᠢᠯᠳᠤᠨ ᠲᠡᠮᠦᠷ ᠦ᠋ᠨ ᠰᠡᠳᠬᠢᠯ ᠢ᠋ ᠬᠡᠮᠵᠢᠶᠡᠯᠡᠰᠢ ᠦᠭᠡᠢ ᠵᠢᠷᠭᠠᠯ ᠤ᠋ᠨ ᠬᠥᠭ ᠢ᠋ᠶ᠋ᠡᠷ ᠳᠦᠭᠦᠷᠭᠡᠵᠦ ᠪᠠᠢᠯ᠎ᠠ᠃
  ᠬᠣᠲᠠᠴᠢ ᠨᠣᠬᠠᠢ ᠨᠢ ᠬᠤᠴᠠᠵᠤ ᠡᠬᠢᠯᠡᠪᠡ᠃ ᠲᠡᠮᠦᠷ ᠴᠢᠬᠢ ᠲᠠᠯᠪᠢᠨ ᠴᠢᠩᠨᠠᠭᠰᠠᠨ ᠢ᠋ᠶ᠋ᠠᠨ 《ᠬᠣᠶᠠᠷ ᠮᠣᠷᠢ ᠲᠠᠢ ᠬᠥᠮᠦᠨ ᠢᠷᠡᠪᠡ ᠪᠣᠯᠤᠯᠲᠠᠢ》 ᠭᠡᠯ᠎ᠡ᠃ ᠦᠨᠡᠬᠡᠷ ᠴᠦ᠍ ᠤᠳᠠᠯ ᠦᠭᠡᠢ ᠲᠦᠪᠡᠷᠭᠡᠨ ᠲᠣᠳᠣ ᠰᠣᠨᠣᠰᠳᠠᠵᠤ᠂ ᠭᠡᠷ ᠦ᠋ᠨ ᠭᠠᠳᠠᠨ᠎ᠠ ᠢᠷᠡᠭᠡᠳ 《ᠨᠣᠬᠠᠢ ᠬᠣᠷᠢ!》 ᠭᠡᠬᠦ ᠳᠠᠭᠤ ᠭᠠᠷᠤᠯ᠎ᠠ᠃ ᠲᠡᠮᠦᠷ ᠭᠠᠷᠪᠠᠯ᠂ ᠬᠥᠲᠥᠯᠦᠭᠡ ᠮᠣᠷᠢ ᠲᠠᠢ ᠬᠥᠮᠦᠨ ᠵᠣᠭᠰᠣᠵᠤ ᠪᠠᠢᠯ᠎ᠠ᠃ ᠨᠣᠬᠠᠢ ᠪᠠᠨ ᠬᠣᠷᠢᠵᠤ ᠭᠡᠢᠴᠢᠨ ᠢ᠋ ᠤᠷᠢᠵᠤ ᠣᠷᠣᠭᠤᠯᠪᠠ᠃ ᠬᠥᠬᠡ ᠳᠡᠪᠡᠯ ᠲᠡᠢ ᠥᠨᠳᠥᠷ ᠨᠢᠷᠤᠭᠤ ᠲᠠᠢ ᠲᠤᠷᠠᠩᠬᠠᠢ ᠬᠠᠷ᠎ᠠ ᠬᠥᠮᠦᠨ ᠠᠵᠢ᠃ ᠬᠠᠷᠢᠯᠴᠠᠨ ᠮᠡᠨᠳᠦ ᠠᠮᠤᠷ ᠢ᠋ ᠮᠡᠳᠡᠭᠡᠳ ᠢᠷᠡᠭᠰᠡᠨ ᠵᠣᠴᠢᠨ ᠳᠤᠯᠮ᠎ᠠ ᠶ᠋ᠢᠨ ᠳᠡᠪᠢᠰᠦᠭᠰᠡᠨ ᠵᠤᠷᠠᠮ ᠳᠡᠭᠡᠷ᠎ᠡ ᠰᠠᠭᠤᠵᠠᠢ᠃
  ᠴᠠᠢ ᠬᠣᠭᠣᠯᠠ ᠪᠣᠯᠵᠤ᠂ ᠠᠯᠤᠰ ᠭᠠᠵᠠᠷ ᠤ᠋ᠨ ᠵᠣᠴᠢᠨ ᠢ᠋ ᠬᠦᠨᠳᠦᠳᠬᠡᠨ ᠳᠠᠢᠯᠠᠪᠠ᠃ ᠲᠡᠷᠡ ᠬᠥᠮᠦᠨ᠂ ᠱᠠᠭᠳᠠᠷ ᠬᠦᠩ ᠦ᠋ᠨ ᠬᠤᠰᠢᠭᠤᠨ ᠡᠴᠡ ᠥᠷᠲᠡᠭᠡᠨ ᠳ᠋ᠦ᠍ ᠬᠥᠭᠡᠭᠡᠭᠳᠡᠵᠦ ᠵᠣᠳᠣ ᠶ᠋ᠢᠨ ᠵᠤᠷᠭᠠᠨ ᠳ᠋ᠤ᠌ ᠣᠴᠢᠭᠠᠳ ᠣᠳᠣ ᠤᠤᠯ ᠨᠤᠲᠤᠭ ᠡᠴᠡ ᠪᠡᠨ ᠠᠴᠤᠭ ᠤ᠋ᠨ ᠥᠷᠢ ᠠᠪᠬᠤ ᠪᠠᠷ ᠶᠠᠪᠤᠭ᠎ᠠ ᠭᠡᠵᠦ ᠶᠠᠷᠢᠵᠠᠢ᠃
  ᠲᠡᠮᠦᠷ ᠭᠠᠷᠴᠤ ᠵᠣᠴᠢᠨ ᠤ᠋ ᠮᠣᠷᠢ ᠶ᠋ᠢ ᠴᠢᠳᠥᠷᠯᠡᠨ ᠲᠠᠯᠪᠢᠪᠠ᠃ ᠦᠨᠡᠨ ᠳ᠋ᠡᠭᠡᠨ ᠡᠨᠡ ᠬᠥᠮᠦᠨ ᠭᠡᠢᠴᠢᠨ ᠪᠢᠰᠢ᠂ ᠬᠣᠷᠣᠰᠤᠭᠰᠠᠨ ᠪᠠᠶᠠᠨ ᠤ᠋ ᠬᠣᠣᠷᠲᠤ ᠰᠠᠨᠠᠭ᠎ᠠ ᠪᠠᠷ ᠲᠡᠮᠦᠷ ᠢ᠋ ᠪᠠᠷᠢᠬᠤ ᠰᠢᠯᠲᠠᠭᠠᠨ ᠢ᠋ ᠲᠠᠷᠢᠬᠤ ᠭᠡᠵᠦ ᠢᠷᠡᠵᠡᠢ᠃ ᠭᠡᠪᠡᠴᠦ ᠡᠭᠦᠨ ᠢ᠋ ᠲᠡᠮᠦᠷ ᠳᠤᠯᠮ᠎ᠠ ᠬᠣᠶᠠᠷ ᠶᠠᠭᠠᠬᠢᠵᠤ ᠮᠡᠳᠡᠬᠦ ᠪᠢᠯᠡ᠃
  ᠡᠷ᠎ᠡ ᠡᠮ᠎ᠡ ᠬᠣᠶᠠᠷ ᠮᠣᠩᠭᠣᠯ ᠬᠥᠮᠦᠨ ᠦ᠌ ᠰᠠᠢᠬᠠᠨ ᠵᠠᠩᠰᠢᠯ ᠢ᠋ᠶ᠋ᠠᠷ ᠢᠷᠡᠭᠰᠡᠨ ᠵᠣᠴᠢᠨ ᠢ᠋ ᠬᠥᠯ ᠠᠯᠲᠠᠨ ᠬᠦᠨᠳᠦᠯᠡᠵᠦ ᠵᠤᠵᠠᠭᠠᠨ ᠳᠡᠪᠢᠰᠬᠡᠷ ᠵᠠᠰᠠᠨ ᠣᠯᠢᠭᠲᠠᠢ ᠳᠡᠪᠡᠯ ᠢ᠋ᠶ᠋ᠡᠷ ᠢ᠋ᠶ᠋ᠡᠨ ᠬᠤᠴᠢᠵᠤ ᠥᠭᠭᠦᠯ᠎ᠡ᠃
  ᠥᠷᠯᠥᠭᠡ ᠪᠣᠰᠤᠭᠠᠳ ᠴᠠᠢ ᠤᠤᠭᠤᠵᠤ ᠪᠠᠢᠬᠤ ᠳ᠋ᠤ᠌ ᠢᠷᠡᠭᠰᠡᠨ ᠵᠣᠴᠢᠨ᠄
  ᠨᠢᠭᠡ ᠮᠣᠷᠢ ᠮᠢᠨᠢ ᠡᠴᠡᠭᠡᠳ ᠶᠠᠪᠤᠬᠤ ᠪᠠᠨ ᠪᠣᠯᠢᠯ᠎ᠠ᠃ ᠲᠠ ᠬᠤᠳᠠᠯᠳᠤᠵᠤ ᠠᠪᠤᠭᠠᠴᠢ ᠭᠡᠵᠦ ᠭᠤᠶᠤᠪᠠ᠃
  ᠊᠊᠊᠊᠊᠊᠊᠊᠊᠊᠊᠊᠊᠊᠊ ᠬᠡᠭᠡᠷ ᠮᠣᠷᠢ ᠨᠢ ᠤᠤ?
  ᠊᠊᠊᠊᠊᠊᠊᠊᠊᠊᠊᠊᠊᠊᠊ ᠲᠡᠢᠮᠦ ᠠ᠋᠂ ᠶᠠᠭ ᠲᠡᠷᠡ ᠴᠢᠨᠢ᠃
  ᠊᠊᠊᠊᠊᠊᠊᠊᠊᠊᠊᠊᠊᠊᠊ ᠬᠣᠯᠠ ᠶ᠋ᠢᠨ ᠤᠨᠤᠭ᠎ᠠ ᠪᠢᠰᠢ ᠪᠠᠢᠨ᠎ᠠ ᠭᠡᠳ ᠲᠡᠮᠦᠷ ᠪᠣᠳᠣᠯᠬᠢᠯᠠᠭᠰᠠᠨ ᠢ᠋ᠶ᠋ᠠᠨ 《ᠪᠣᠳᠣᠪᠠᠯ ᠣᠷᠣᠨ ᠳ᠋ᠤᠨᠢ ᠮᠣᠷᠢ ᠯᠠ ᠬᠡᠷᠡᠭ ᠲᠡᠢ ᠪᠢᠵᠡ ᠳᠡ?》 ᠭᠡᠵᠦ ᠠᠰᠠᠭᠤᠪᠠ᠃
  ᠊᠊᠊᠊᠊᠊᠊᠊᠊᠊᠊᠊᠊᠊᠊ ᠶᠠᠪᠤᠭᠤᠯ ᠤ᠋ᠨ ᠬᠥᠮᠦᠨ ᠳ᠋ᠦ᠍ ᠤᠨᠤᠭ᠎ᠠ ᠯᠠ ᠬᠡᠷᠡᠭ ᠲᠡᠢ᠃ ᠪᠢ ᠮᠥᠩᠭᠥ ᠬᠠᠢᠷᠠᠯᠠᠬᠤ ᠦᠭᠡᠢ ᠨᠡᠮᠡᠵᠦ ᠥᠭᠭᠦᠨ᠎ᠡ᠃
  ᠊᠊᠊᠊᠊᠊᠊᠊᠊᠊᠊᠊᠊᠊᠊ ᠬᠣᠯᠠ ᠶ᠋ᠢᠨ ᠬᠥᠮᠦᠨ ᠢ᠋ ᠶᠠᠭᠠᠬᠢᠨ᠎ᠠ ᠭᠡᠬᠦ ᠪᠣᠢ᠃ ᠨᠢᠭᠡ ᠠᠵᠢᠯ ᠢ᠋ ᠴᠢᠨᠢ ᠪᠦᠲᠦᠭᠡᠴᠢᠬᠡᠬᠦ ᠤᠨᠤᠭ᠎ᠠ ᠥᠭᠭᠦᠶ᠎ᠡ᠃ ᠪᠤᠴᠠᠬᠤ ᠵᠠᠮ ᠳ᠋ᠠᠭᠠᠨ ᠵᠠᠯᠠᠭᠤ ᠮᠣᠷᠢ ᠥᠭᠭᠦᠨ᠎ᠡ ᠪᠢᠵᠡ ᠳᠡ᠃
  ᠊᠊᠊᠊᠊᠊᠊᠊᠊᠊᠊᠊᠊᠊᠊ ᠲᠣᠯᠣᠭᠠᠢ᠂ ᠰᠠᠯᠭᠠᠵᠤ ᠥᠭᠭᠦᠨ᠎ᠡ ᠭᠡᠵᠦ ᠪᠠᠢᠭ᠎ᠠ ᠶᠤᠮ ᠪᠢᠵᠡ ᠳᠡ?
  ᠊᠊᠊᠊᠊᠊᠊᠊᠊᠊᠊᠊᠊᠊᠊ ᠪᠢ ᠮᠠᠭᠤ ᠮᠣᠷᠢ ᠥᠭᠬᠦ ᠦᠭᠡᠢ᠃
  ᠊᠊᠊᠊᠊᠊᠊᠊᠊᠊᠊᠊᠊᠊᠊ ᠨᠢᠭᠡᠨ ᠳ᠋ᠦ᠍ᠨᠢ ᠬᠡᠭᠡᠷ ᠮᠣᠷᠢ ᠶ᠋ᠢ ᠠᠪᠤᠨ᠎ᠠ ᠪᠢᠵᠡ ᠳᠡ᠃
  ᠊᠊᠊᠊᠊᠊᠊᠊᠊᠊᠊᠊᠊᠊᠊ ᠲᠡᠭᠡᠬᠦ ᠡᠴᠡ ᠪᠢᠰᠢ ᠳᠡ ᠭᠡᠵᠦ ᠲᠡᠮᠦᠷ ᠦ᠋ᠨ ᠬᠡᠯᠡᠬᠦ ᠳ᠋ᠦ᠍ ᠵᠣᠴᠢᠨ ᠪᠡᠶ᠎ᠡ ᠨᠢ ᠲᠠᠯᠪᠢᠷᠠᠨ ᠢᠨᠢᠶᠡᠮᠰᠦᠭᠯᠡᠪᠡ᠃ ᠡᠨᠡ ᠬᠡᠭᠡᠷ ᠮᠣᠷᠢ ᠶ᠋ᠢ ᠯᠡ ᠲᠡᠮᠦᠷ ᠲᠦ᠍ ᠬᠤᠳᠠᠯᠳᠤᠬᠤ ᠵᠣᠷᠢᠯᠭ᠎ᠠ ᠲᠠᠢ ᠢᠷᠡᠭᠰᠡᠨ ᠶᠤᠮ᠃ ᠢᠩᠭᠢᠭᠡᠳ ᠳᠠᠪᠬᠤᠷ ᠰᠠᠷᠠᠨ ᠲᠠᠮᠠᠭ᠎ᠠ ᠲᠠᠢ ᠬᠡᠭᠡᠷ ᠮᠣᠷᠢ ᠪᠠᠨ ᠲᠡᠮᠦᠷ ᠲᠦ᠍ ᠣᠷᠬᠢᠭᠠᠳ ᠣᠷᠣᠨ ᠳ᠋ᠤᠨᠢ ᠲᠡᠮᠦᠷ ᠡᠴᠡ ᠵᠡᠭᠡᠷᠳᠡ ᠮᠣᠷᠢ ᠶ᠋ᠢ ᠨᠢ ᠠᠪᠴᠤ ᠪᠠᠶᠠᠷᠯᠠᠭᠰᠠᠨ ᠭᠢᠯᠠᠢᠭᠰᠠᠨ ᠢ᠋ᠶ᠋ᠠᠨ ᠳᠠᠬᠢᠨ ᠳᠠᠬᠢᠨ ᠬᠡᠯᠡᠭᠰᠡᠭᠡᠷ ᠢᠷᠡᠭᠰᠡᠨ ᠬᠥᠮᠦᠨ ᠶᠠᠪᠤᠵᠠᠢ᠃
  ᠬᠡᠳᠦᠨ ᠬᠣᠨᠣᠭ ᠤ᠋ᠨ ᠳᠠᠷᠠᠭ᠎ᠠ ᠲᠡᠮᠦᠷ ᠦ᠋ᠨ ᠳ᠋ᠦ᠍ ᠪᠠᠰᠠ ᠨᠢᠭᠡ ᠬᠥᠮᠦᠨ ᠢᠷᠡᠵᠦ ᠠᠪᠤᠭᠰᠠᠨ ᠬᠡᠭᠡᠷ ᠮᠣᠷᠢ ᠶ᠋ᠢ ᠨᠢ 《ᠥᠪᠡᠷ ᠦ᠋ᠨ ᠠᠯᠳᠠᠭᠰᠠᠨ ᠮᠣᠷᠢ᠂ ᠭᠡᠬᠦ ᠳ᠋ᠡᠭᠡᠨ ᠭᠠᠭᠴᠠᠭᠠᠷ ᠢ᠋ ᠨᠢ ᠪᠢᠰᠢ ᠠᠵᠢᠷᠭ᠎ᠠ ᠠᠳᠤᠭᠤ ᠲᠠᠢ ᠠᠯᠳᠠᠭᠰᠠᠨ》 ᠭᠡᠳ᠂ ᠲᠡᠮᠦᠷ ᠠᠵᠢᠷᠭ᠎ᠠ ᠠᠳᠤᠭᠤᠨ ᠤ᠋ ᠬᠡᠷᠡᠭ ᠲᠦ᠍ ᠰᠡᠷᠡᠭᠳᠡᠵᠦ ᠬᠣᠰᠢᠭᠤ ᠲᠠᠮᠠᠭᠠᠨ ᠳ᠋ᠤ᠌ ᠪᠠᠷᠢᠭᠳᠠᠨ ᠪᠠᠩᠵᠠᠳᠠᠭᠤᠯᠪᠠ᠃
  ᠬᠡᠭᠡᠷ ᠮᠣᠷᠢ ᠥᠭᠭᠦᠭᠰᠡᠨ ᠬᠥᠮᠦᠨ ᠦ᠌ ᠨᠡᠷ᠎ᠡ ᠶ᠋ᠢ ᠠᠰᠠᠭᠤᠵᠤ ᠠᠪᠤᠭ᠎ᠠ ᠦᠭᠡᠢ ᠪᠣᠯᠬᠣᠷ ᠪᠠᠭᠤᠯᠭᠠᠬᠤ ᠡᠵᠡᠨ ᠪᠤᠴᠠᠬᠤ ᠵᠠᠮ ᠪᠠᠢᠭᠰᠠᠨ ᠦᠭᠡᠢ᠃ ᠭᠡᠪᠡᠴᠦ ᠲᠡᠮᠦᠷ ᠬᠢᠯᠢᠰ ᠬᠡᠷᠡᠭ ᠢ᠋ ᠶᠠᠭᠠᠬᠢᠵᠤ ᠬᠦᠯᠢᠶᠡᠬᠦ ᠪᠢᠯᠡ᠃ ᠪᠠᠬᠠᠨ ᠡᠷᠡᠭᠦᠳᠡᠵᠦ ᠪᠠᠢᠭᠠᠳ ᠭᠠᠪᠠ ᠭᠢᠨᠵᠢᠯᠡᠵᠦ ᠬᠠᠷ᠎ᠠ ᠭᠡᠷ ᠲᠦ᠍ ᠬᠣᠷᠢᠪᠠ᠃
  ᠳᠤᠯᠮ᠎ᠠ ᠨᠥᠬᠥᠷ ᠲᠡᠢ ᠪᠡᠨ ᠠᠭᠤᠯᠵᠠᠬᠤ ᠭᠡᠵᠦ ᠬᠡᠳᠦ ᠳᠠᠬᠢᠨ ᠣᠴᠢᠭᠠᠳ ᠴᠢᠳᠠᠭᠰᠠᠨ ᠦᠭᠡᠢ᠃ ᠰᠡᠭᠦᠯ ᠳ᠋ᠦ᠍ᠨᠢ ᠠᠯᠲᠠᠨ ᠪᠥᠭᠡᠵᠢ ᠪᠡᠨ ᠬᠠᠬᠤᠤᠯᠢ ᠪᠣᠯᠭᠠᠵᠤ ᠪᠠᠢᠮᠠᠨᠵᠢᠨ ᠨᠢᠭᠡ ᠤᠳᠠᠭ᠎ᠠ ᠠᠭᠤᠯᠵᠠᠵᠤ ᠬᠣᠭᠣᠯᠠ ᠥᠭᠬᠦ ᠪᠣᠯᠵᠠᠢ᠃
  ᠬᠠᠪᠤᠷ ᠤ᠋ᠨ ᠳᠤᠮᠳᠠ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠦᠳᠡ ᠬᠢᠷᠢ ᠳ᠋ᠦ᠍ ᠱᠥᠷᠭᠡᠨ ᠬᠠᠰᠢᠶᠠᠨ ᠤ᠋ ᠬᠠᠭᠠᠯᠭ᠎ᠠ ᠳᠤᠯᠮ᠎ᠠ ᠶ᠋ᠢᠨ ᠡᠮᠦᠨ᠎ᠡ ᠨᠡᠭᠡᠭᠡᠭᠳᠡᠵᠦ ᠬᠤᠶᠠᠭ ᠤ᠋ᠨ ᠬᠠᠮᠲᠤ ᠣᠷᠣᠬᠤ ᠳ᠋ᠤ᠌ ᠲᠡᠰᠴᠦ ᠪᠣᠯᠤᠮᠵᠢ ᠦᠭᠡᠢ ᠦᠨᠦᠷ ᠬᠠᠮᠠᠷ ᠢ᠋ ᠨᠢ ᠴᠣᠷᠭᠢᠵᠤ᠂ ᠦᠰᠦ ᠰᠠᠬᠠᠯ ᠨᠢ ᠤᠷᠭᠤᠭᠰᠠᠨ ᠬᠥᠮᠦᠰ ᠦ᠋ᠨ ᠲᠣᠯᠣᠭᠠᠢ ᠮᠥᠬᠥᠯᠢᠭ ᠦ᠋ᠨ ᠨᠦᠬᠡ ᠪᠡᠷ ᠴᠤᠬᠤᠢᠨ ᠭᠢᠯᠠᠯᠵᠠᠭᠰᠠᠨ ᠬᠤᠷᠴᠠ ᠨᠢᠳᠦ ᠲᠠᠯ᠎ᠠ ᠪᠦᠷᠢ ᠡᠴᠡ ᠨᠢ ᠰᠢᠷᠲᠡᠯ᠎ᠡ᠃
  ᠊᠊᠊᠊᠊᠊᠊᠊᠊᠊᠊᠊᠊᠊᠊ ᠲᠡᠮᠦᠷ ᠲᠡᠷᠡ ᠪᠠᠢᠨ᠎ᠠ! ᠭᠡᠵᠦ ᠳᠠᠭᠠᠵᠤ ᠶᠠᠪᠤᠭᠰᠠᠨ ᠬᠤᠶᠠᠭ ᠦᠰᠦ ᠭᠡᠵᠢᠭᠡ ᠨᠢ ᠰᠡᠭᠰᠡᠢᠭᠰᠡᠨ ᠨᠢᠭᠡ ᠬᠥᠮᠦᠨ ᠤᠷᠤᠭᠤ ᠵᠢᠭᠠᠪᠠ᠃
  ᠲᠡᠷᠡ ᠬᠥᠮᠦᠨ ᠳᠤᠯᠮ᠎ᠠ ᠶ᠋ᠢ ᠬᠠᠷᠠᠭᠰᠠᠨ ᠢ᠋ᠶ᠋ᠠᠨ ᠢᠨᠢᠶᠡᠮᠰᠦᠭᠯᠡᠬᠦ ᠮᠡᠲᠦ ᠪᠣᠯᠤᠭᠠᠳ ᠭᠢᠨᠵᠢ ᠪᠡᠨ ᠬᠠᠩᠭᠢᠨᠠᠭᠤᠯᠤᠨ ᠳᠥᠭᠥᠵᠦ ᠢᠷᠡᠯ᠎ᠡ᠃ ᠳᠤᠯᠮ᠎ᠠ ᠤᠭᠲᠤᠨ ᠭᠦᠶᠦᠬᠦ ᠭᠡᠰᠡᠨ ᠢ᠋ᠶ᠋ᠡᠨ ᠰᠢᠷᠭᠤᠴᠢᠨ ᠤᠨᠠᠪᠠ᠃ ᠪᠣᠰᠬᠤ ᠭᠡᠳ ᠴᠢᠳᠠᠬᠤ ᠦᠭᠡᠢ ᠪᠣᠯᠬᠣᠷ ᠮᠥᠯᠬᠥᠨ ᠣᠴᠢᠵᠤ ᠲᠡᠮᠦᠷ ᠦ᠋ᠨ ᠭᠢᠨᠵᠢ ᠲᠡᠢ ᠬᠥᠯ ᠢ᠋ ᠲᠡᠪᠡᠷᠢᠵᠦ ᠠᠪᠤᠯ᠎ᠠ᠃
  ᠊᠊᠊᠊᠊᠊᠊᠊᠊᠊᠊᠊᠊᠊᠊ ᠪᠢᠲᠡᠭᠡᠢ ᠤᠬᠢᠯᠠ! ᠮᠢᠨᠦ ᠡᠪᠦᠭᠡᠨ ᠪᠣᠰ! ᠭᠡᠳ ᠲᠡᠮᠦᠷ ᠭᠠᠪᠠ ᠲᠠᠢ ᠭᠠᠷ ᠢ᠋ᠶ᠋ᠠᠷ ᠢ᠋ᠶ᠋ᠠᠨ ᠲᠠᠲᠠᠵᠤ ᠪᠣᠰᠬᠠᠪᠠ᠃
  ᠊᠊᠊᠊᠊᠊᠊᠊᠊᠊᠊᠊᠊᠊᠊ ᠪᠡᠶ᠎ᠡ ᠴᠢᠨᠢ ᠶᠠᠮᠠᠷ ᠪᠠᠢᠨ᠎ᠠ?
  ᠊᠊᠊᠊᠊᠊᠊᠊᠊᠊᠊᠊᠊᠊᠊ ᠰᠠᠢᠨ᠂ ᠰᠠᠢᠨ ᠪᠠᠢᠨ᠎ᠠ᠃ ᠲᠠ ᠬᠣᠶᠠᠷ ᠶᠠᠮᠠᠷ ᠰᠢᠦ ᠪᠠᠢᠨ᠎ᠠ ᠳᠠ? ᠭᠡᠳ ᠬᠠᠨᠴᠤᠢ ᠪᠠᠷ ᠢ᠋ᠶ᠋ᠠᠨ ᠡᠬᠡᠨᠡᠷ ᠦ᠋ᠨ ᠢ᠋ᠶ᠋ᠡᠨ ᠨᠢᠯᠪᠤᠰᠤ ᠶ᠋ᠢ ᠠᠷᠴᠢᠪᠠ᠃
  ᠊᠊᠊᠊᠊᠊᠊᠊᠊᠊᠊᠊᠊᠊᠊ ᠰᠠᠢᠨ᠂ ᠰᠠᠢᠨ ᠭᠡᠳ ᠳᠤᠯᠮ᠎ᠠ ᠡᠬᠡᠷ ᠲᠡᠳᠡᠨ ᠤᠬᠢᠯᠠᠪᠠ᠃
  ᠲᠡᠮᠦᠷ ᠠᠷᠭᠠᠳᠠᠵᠤ ᠬᠦᠦ ᠶ᠋ᠢᠨ ᠢ᠋ᠶ᠋ᠡᠨ ᠲᠤᠬᠠᠢ ᠠᠰᠠᠭᠤᠨ 《ᠡᠷ᠎ᠡ ᠬᠥᠮᠦᠨ ᠳᠡ ᠬᠦ》 ᠭᠡᠵᠦ ᠳᠠᠬᠢᠨ ᠳᠠᠬᠢᠨ ᠬᠡᠯᠡᠨ᠎ᠡ᠃ ᠳᠡᠷᠭᠡᠳᠡ ᠨᠢ ᠦᠷᠭᠦᠯᠵᠢ ᠬᠤᠶᠠᠭ ᠬᠠᠷᠠᠭᠤᠯᠳᠠᠨ ᠵᠣᠭᠰᠣᠬᠤ ᠲᠤᠯᠠ ᠥᠭᠡᠷ᠎ᠡ ᠶᠠᠭᠤ ᠴᠤ᠌ ᠶᠠᠷᠢᠵᠤ ᠪᠣᠯᠤᠭᠰᠠᠨ ᠦᠭᠡᠢ᠃ ᠲᠡᠮᠦᠷ ᠦ᠋ᠨ ᠬᠣᠭᠣᠯᠠᠢ ᠨᠢ ᠵᠠᠩᠭᠢᠷᠠᠨ ᠨᠢᠳᠦ ᠶ᠋ᠢ ᠨᠢ ᠪᠠᠢᠨ ᠪᠠᠢᠨ ᠨᠢᠯᠪᠤᠰᠤ ᠪᠦᠷᠬᠦᠪᠡᠴᠦ ᠰᠡᠳᠬᠢᠯ ᠢ᠋ᠶ᠋ᠡᠨ ᠴᠢᠩᠳᠠᠯᠠᠨ ᠪᠠᠷᠢᠵᠤ ᠪᠠᠢᠯ᠎ᠠ᠃
  ᠳᠤᠯᠮ᠎ᠠ ᠤᠬᠢᠯᠠᠨ ᠪᠠᠢᠵᠤ ᠲᠡᠮᠦᠷ ᠦ᠋ᠨ ᠭᠡᠵᠢᠭᠡ ᠶ᠋ᠢ ᠰᠠᠮᠨᠠᠵᠤ ᠥᠭᠭᠦᠭᠡᠳ ᠠᠪᠴᠢᠷᠠᠭᠰᠠᠨ ᠬᠣᠭᠣᠯᠠ ᠪᠠᠨ ᠨᠢᠯᠪᠤᠰᠤ ᠲᠠᠢ ᠪᠠᠨ ᠬᠣᠯᠢᠨ ᠥᠭᠭᠦᠯ᠎ᠡ᠃ ᠢᠩᠭᠢᠵᠦ ᠱᠥᠷᠭᠡᠨ ᠬᠠᠰᠢᠶᠠᠨ ᠤ᠋ ᠬᠠᠭᠠᠯᠭ᠎ᠠ ᠪᠠᠷ ᠭᠠᠷᠲᠠᠯ᠎ᠠ ᠲᠡᠮᠦᠷ ᠦ᠋ᠨ ᠳᠠᠭᠤ ᠬᠠᠩᠭᠢᠨᠠᠪᠠ᠃ ᠴᠢᠩᠨᠠᠪᠠᠯ ᠴᠡᠭᠡᠯᠬᠡᠨ ᠬᠦᠳᠡᠷ ᠬᠣᠭᠣᠯᠠᠢ ᠪᠠᠷ 《ᠡᠷᠳᠡᠨᠢ ᠵᠠᠰᠠᠭ ᠤ᠋ᠨ ᠤᠨᠠᠭ᠎ᠠ》 ᠶ᠋ᠢ ᠳᠠᠭᠤᠯᠠᠵᠤ ᠪᠠᠢᠯ᠎ᠠ᠃ ᠭᠡᠲᠡᠯ᠎ᠡ ᠦᠭᠡ ᠶ᠋ᠢ ᠨᠢ ᠥᠭᠡᠷᠡᠴᠢᠯᠡᠨ ᠳᠠᠭᠤᠯᠠᠪᠠ᠄
  《ᠡᠷᠳᠡᠨᠢ ᠵᠠᠰᠠᠭ ᠤ᠋ᠨ ᠤᠨᠠᠭ᠎ᠠ ᠤᠤ ᠳᠠ
  ᠡᠷᠡᠮᠡᠭ ᠪᠣᠯᠣᠳ ᠬᠣᠩᠭᠣᠷ ᠤᠤ ᠳᠠ
  ᠡᠯᠡᠰᠦᠨ ᠲᠣᠯᠣᠭᠠᠢ ᠶ᠋ᠢᠨ ᠥᠪᠥᠷ ᠲᠦ᠍ ᠬᠦ
  ᠡᠷᠭᠢᠵᠦ ᠬᠣᠷᠢᠨ ᠳ᠋ᠤ᠌ ᠠᠭᠤᠯᠵᠠᠨ᠎ᠠ ᠬᠦ
  ᠳᠤᠪᠣᠭᠤ ᠵᠠᠰᠠᠭ ᠤ᠋ᠨ ᠤᠨᠠᠭ᠎ᠠ ᠤᠤ ᠳᠠ
  ᠳᠤᠪᠣᠯᠵᠠᠰ ᠭᠡᠳ ᠵᠢᠷᠣᠭ᠎ᠠ ᠳᠠ ᠬᠦ
  ᠲᠣᠳᠣᠷᠠᠬᠤ ᠦᠷ ᠦ᠋ᠨ ᠭᠡᠭᠡ ᠪᠡᠷ ᠬᠦ
  ᠳᠤᠪᠴᠢᠯᠠᠰ ᠭᠡᠳ ᠣᠴᠢᠨ᠎ᠠ ᠳᠠ ᠬᠦ》 ᠭᠡᠳ ᠲᠡᠮᠦᠷ ᠦ᠋ᠨ ᠳᠠᠭᠤ ᠲᠠᠰᠤᠷᠠᠪᠠ᠃
  ᠲᠡᠮᠦᠷ ᠮᠣᠷᠢᠨ ᠳᠡᠭᠡᠷ᠎ᠡ ᠳᠠᠪᠬᠢᠵᠤ ᠶᠠᠪᠤᠬᠤ ᠳ᠋ᠠᠭᠠᠨ 《ᠡᠷᠳᠡᠨᠢ ᠵᠠᠰᠠᠭ ᠤ᠋ᠨ ᠤᠨᠠᠭ᠎ᠠ》 ᠶ᠋ᠢ ᠦᠷᠭᠦᠯᠵᠢᠯᠡᠭᠦᠯᠦᠨ ᠳᠠᠭᠤᠯᠠᠳᠠᠭ ᠢ᠋ ᠳᠤᠯᠮ᠎ᠠ ᠰᠠᠢᠨ ᠮᠡᠳᠡᠨ᠎ᠡ᠃ ᠦᠭᠡ ᠠᠶᠠᠯᠭᠤ ᠶ᠋ᠢ ᠨᠢ ᠴᠦ᠍ ᠪᠦᠷᠢᠨ ᠲᠣᠭᠲᠠᠭᠠᠵᠠᠢ᠃
  ᠊᠊᠊᠊᠊᠊᠊᠊᠊᠊᠊᠊᠊᠊᠊ ᠴᠢ ᠡᠨᠡ ᠳᠠᠭᠤᠤ ᠶ᠋ᠢ ᠶᠠᠭᠤᠨ ᠳ᠋ᠤ᠌ ᠦᠷᠭᠦᠯᠵᠢ ᠳᠠᠭᠤᠯᠠᠳᠠᠭ ᠶᠤᠮ ᠪᠣᠢ? ᠭᠡᠵᠦ ᠳᠤᠯᠮ᠎ᠠ ᠶ᠋ᠢᠨ ᠠᠰᠠᠭᠤᠬᠤ ᠳ᠋ᠤ᠌ 《ᠬᠣᠯᠠ ᠶ᠋ᠢᠨ ᠵᠠᠮ ᠳ᠋ᠤ᠌ ᠳᠠᠪᠬᠢᠵᠤ ᠶᠠᠪᠤᠬᠤ ᠳ᠋ᠤ᠌ ᠨᠥᠬᠥᠷ ᠪᠣᠯᠳᠠᠭ ᠶᠤᠮ᠃ ᠨᠤᠲᠤᠭ ᠠ᠋ᠴᠠ ᠪᠠᠨ ᠬᠣᠯᠠ ᠶᠠᠪᠤᠬᠤ ᠳ᠋ᠤ᠌ ᠨᠤᠲᠤᠭ ᠮᠢᠨᠢ ᠪᠣᠯᠳᠠᠭ᠂ ᠶᠠᠳᠠᠷᠠᠬᠤ ᠳ᠋ᠤ᠌ ᠬᠦᠴᠦ᠂ ᠥᠯᠥᠰᠬᠦ ᠳ᠋ᠦ᠍ ᠬᠣᠭᠣᠯᠠ ᠪᠣᠯᠳᠠᠭ ᠰᠠᠢᠬᠠᠨ ᠳᠠᠭᠤᠤ ᠶᠤᠮ ᠰᠢᠦ》 ᠭᠡᠳ ᠢᠨᠢᠶᠡᠳᠡᠭ ᠪᠠᠢᠯ᠎ᠠ᠃
  ᠡᠨᠡ ᠴᠦ᠍ ᠤᠴᠢᠷ ᠡᠴᠡ ᠦᠭᠡ ᠶ᠋ᠢ ᠨᠢ ᠥᠭᠡᠷᠡᠴᠢᠯᠡᠨ ᠳᠠᠭᠤᠯᠠᠭᠰᠠᠨ ᠨᠢ ᠰᠡᠳᠬᠢᠯ ᠳ᠋ᠦ᠍ ᠳᠠᠭᠠᠪᠤᠷᠢ ᠪᠣᠳᠣᠯ ᠲᠥᠷᠥᠭᠦᠯᠪᠡ᠃
  《ᠮᠢᠨᠦ ᠨᠥᠬᠥᠷ ᠬᠣᠭᠣᠰᠣᠨ ᠦᠭᠡ ᠬᠡᠯᠡᠬᠦ ᠦᠭᠡᠢ ᠨᠢᠭᠡ ᠯᠡ ᠤᠴᠢᠷ ᠲᠠᠢ ᠢᠩᠭᠢᠵᠦ ᠳᠠᠭᠤᠯᠠᠯ᠎ᠠ》 ᠭᠡᠵᠦ ᠪᠣᠳᠣᠭᠠᠳ ᠰᠠᠵᠢᠯᠠᠨ ᠶᠠᠪᠤᠲᠠᠯ᠎ᠠ ᠨᠢᠳᠦᠨ ᠳ᠋ᠦ᠍ᠨᠢ ᠠᠯᠭᠤᠷ ᠢ᠋ᠶ᠋ᠠᠷ ᠪᠠᠶᠠᠷ ᠤ᠋ᠨ ᠴᠣᠭ ᠠᠰᠠᠵᠤ ᠣᠨᠳᠣᠷᠤᠭᠰᠠᠭᠠᠷ ᠨᠢᠭᠤᠷ ᠳᠦᠭᠦᠷᠡᠩ ᠢᠨᠢᠶᠡᠮᠰᠦᠭᠯᠡᠭᠡᠳ ᠳᠥᠷᠦᠭᠡᠨ ᠳᠡᠭᠡᠷ᠎ᠡ ᠪᠡᠨ ᠪᠣᠰᠴᠤ ᠬᠠᠲᠠᠷᠢᠭᠤᠯᠤᠨ 《ᠡᠷᠳᠡᠨᠢ ᠵᠠᠰᠠᠭ ᠤ᠋ᠨ ᠤᠨᠠᠭ᠎ᠠ》 ᠶ᠋ᠢ ᠳᠠᠭᠤᠯᠠᠬᠤ ᠳ᠋ᠤ᠌ ᠲᠡᠮᠦᠷ ᠨᠢ ᠳᠡᠷᠭᠡᠳᠡ ᠨᠢ ᠳᠠᠪᠬᠢᠵᠤ ᠶᠠᠪᠤᠭ᠎ᠠ ᠶᠤᠮ ᠰᠢᠭ᠋ ᠪᠣᠳᠣᠭᠳᠠᠵᠤ ᠪᠠᠢᠯ᠎ᠠ᠃ ᠲᠡᠮᠦᠷ ᠪᠠᠷᠢᠭᠳᠠᠵᠤ ᠬᠠᠷ᠎ᠠ ᠭᠡᠷ ᠲᠦ᠍ ᠬᠣᠷᠢᠭᠳᠠᠭᠰᠠᠨ ᠨᠢ ᠳᠤᠯᠮ᠎ᠠ ᠳ᠋ᠤ᠌ ᠦᠵᠡᠭᠰᠡᠨ ᠪᠦᠬᠦ ᠵᠣᠪᠠᠯᠠᠩ ᠡᠴᠡ ᠨᠢ ᠬᠦᠨᠳᠦ ᠵᠣᠪᠠᠯᠠᠩ ᠪᠠᠢᠭᠰᠠᠨ ᠪᠣᠯ ᠬᠠᠢᠷᠠᠲᠤ ᠬᠥᠮᠦᠨ ᠢ᠋ᠶ᠋ᠡᠨ ᠭᠠᠷᠭᠠᠬᠤ ᠳ᠋ᠤ᠌ ᠥᠪᠡᠷ ᠢ᠋ᠶ᠋ᠡᠨ ᠣᠷᠣᠯᠴᠠᠬᠤ ᠪᠣᠯᠤᠭᠰᠠᠨ᠃ ᠲᠡᠮᠦᠷ ᠤᠬᠠᠭᠠᠨ ᠳ᠋ᠤᠨᠢ ᠢᠲᠡᠭᠡᠵᠦ ᠶᠣᠭᠲᠠ ᠳᠠᠭᠤᠯᠠᠭᠰᠠᠨ ᠢ᠋ ᠣᠢᠯᠠᠭᠠᠵᠤ ᠴᠢᠳᠠᠭᠰᠠᠨ ᠳ᠋ᠠᠭᠠᠨ ᠬᠡᠮᠵᠢᠶᠡᠯᠡᠰᠢ ᠦᠭᠡᠢ ᠪᠠᠶᠠᠷᠯᠠᠵᠤ ᠪᠠᠢᠯ᠎ᠠ᠃
  《ᠪᠢ ᠯᠡ ᠣᠢᠯᠭᠠᠭᠰᠠᠨ ᠬᠣᠢᠨ᠎ᠠ ᠮᠢᠨᠦ ᠲᠡᠮᠦᠷ ᠬᠡᠯᠡᠭᠰᠡᠨ ᠭᠠᠵᠠᠷ ᠢ᠋ᠶ᠋ᠠᠨ ᠪᠣᠯᠵᠣᠭᠰᠠᠨ ᠴᠠᠭ ᠲᠠᠭᠠᠨ ᠣᠴᠢᠨ᠎ᠠ》 ᠭᠡᠵᠦ ᠪᠣᠳᠣᠬᠤ ᠳ᠋ᠤ᠌ ᠬᠣᠷᠸ᠎ᠠ ᠳᠡᠭᠡᠷ᠎ᠡ ᠬᠠᠮᠤᠭ ᠡᠴᠡ ᠦᠨ᠎ᠡ ᠲᠡᠢ ᠬᠥᠮᠦᠨ ᠲᠡᠢ ᠪᠡᠨ ᠤᠳᠠᠬᠤ ᠦᠭᠡᠢ ᠤᠴᠠᠷᠠᠬᠤ ᠶᠡᠬᠡ ᠵᠢᠷᠭᠠᠯ ᠤ᠋ᠨ ᠨᠠᠷᠠ ᠰᠡᠳᠬᠢᠯ ᠳ᠋ᠦ᠍ᠨᠢ ᠪᠠᠳᠠᠷᠠᠵᠤ ᠪᠠᠢᠯ᠎ᠠ᠃
  ᠭᠡᠷ ᠲᠡᠭᠡᠨ ᠣᠢᠷᠠᠲᠤᠵᠤ ᠢᠷᠡᠬᠦ ᠳ᠋ᠦ᠍ ᠰᠠᠭᠠᠬᠠᠯᠲᠠ ᠠᠢᠯ ᠤ᠋ᠨ ᠠᠪᠠᠭᠠᠢ ᠲᠠᠢ ᠣᠷᠬᠢᠭᠰᠠᠨ ᠬᠦᠦ ᠨᠢ ᠤᠬᠢᠯᠠᠵᠤ ᠪᠠᠢᠯ᠎ᠠ᠃ ᠬᠦᠦ ᠪᠡᠨ ᠠᠪᠴᠤ ᠦᠨᠦᠰᠦᠭᠡᠳ 《ᠡᠷ᠎ᠡ ᠬᠥᠮᠦᠨ ᠳᠡ ᠬᠦ》 ᠭᠡᠳ ᠬᠥᠬᠥᠭᠦᠯᠪᠡ᠃
  ᠊᠊᠊᠊᠊᠊᠊᠊᠊᠊᠊᠊᠊᠊᠊ ᠳᠤᠯᠮ᠎ᠠ! ᠬᠦᠦ ᠴᠢᠨᠢ ᠪᠦᠯᠢᠶᠡᠷᠡᠭᠡᠳ ᠪᠠᠢᠬᠤ ᠰᠢᠭ᠋᠃ ᠠᠵᠢᠵᠤ ᠪᠠᠢᠭᠠᠷᠠᠢ᠃ ᠠᠪᠠᠭᠠᠢ ᠴᠢᠨᠢ ᠲᠥᠰᠦᠭᠡᠷᠡᠵᠦ ᠣᠷᠬᠢᠵᠤ ᠳᠠ ᠭᠡᠬᠦ ᠳ᠋ᠦ᠍ᠨᠢ ᠬᠦᠦ ᠶ᠋ᠢᠨ ᠢ᠋ᠶ᠋ᠡᠨ ᠮᠠᠩᠨᠠᠢ ᠶ᠋ᠢ ᠦᠨᠦᠰᠦᠨ ᠬᠠᠴᠠᠷ ᠢ᠋ᠶ᠋ᠠᠨ ᠨᠠᠭᠠᠵᠤ ᠦᠵᠡᠪᠡᠯ ᠦᠨᠡᠬᠡᠷ ᠬᠠᠯᠠᠭᠤᠨ ᠲᠠᠢ ᠠᠵᠢ᠃
  ᠠᠪᠠᠭᠠᠢ ᠰᠠᠨᠳᠤᠷᠤᠨ ᠬᠠᠷᠢᠵᠤ ᠴᠠᠭᠠᠨ ᠳᠠᠩ ᠠᠪᠴᠢᠷᠠᠵᠤ ᠥᠭᠭᠦᠭᠰᠡᠨ ᠪᠣᠯᠪᠠᠴᠤ ᠬᠡᠦᠬᠡᠳ ᠦ᠋ᠨ ᠬᠠᠯᠠᠭᠤᠨ ᠨᠢ ᠪᠠᠭᠤᠷᠠᠭᠰᠠᠨ ᠦᠭᠡᠢ᠂ ᠡᠮᠴᠢ ᠵᠠᠯᠠᠵᠤ ᠬᠣᠨᠢ ᠪᠠᠨ᠂ ᠯᠠᠮᠠ ᠵᠠᠯᠠᠵᠤ ᠬᠣᠶᠠᠷ ᠦᠨᠢᠶ᠎ᠡ ᠨᠢᠭᠡ ᠱᠠᠷ ᠢ᠋ᠶ᠋ᠠᠨ ᠪᠠᠷᠢᠨ ᠭᠦᠷᠢᠮ ᠤᠩᠰᠢᠭᠤᠯᠤᠭᠰᠠᠨ ᠪᠣᠯᠪᠠᠴᠤ ᠲᠤᠰᠠ ᠪᠣᠯᠤᠭᠰᠠᠨ ᠦᠭᠡᠢ᠃
  ᠭᠤᠷᠪᠠᠳᠠᠬᠢ ᠬᠣᠨᠣᠭ ᠤ᠋ᠨ ᠰᠥᠨᠢ ᠳᠤᠮᠳᠠ ᠶ᠋ᠢᠨ ᠬᠢᠷᠢ ᠳ᠋ᠦ᠍ ᠪᠦᠷ ᠬᠦᠨᠳᠦᠷᠡᠵᠦ᠂ ᠠᠪᠠᠭᠠᠢ ᠡᠰᠡᠷᠭᠡᠨ᠎ᠡ ᠭᠡᠳᠡᠭ ᠢ᠋ ᠮᠡᠳᠡᠵᠦ ᠴᠢᠩᠭᠢᠰ ᠦ᠋ᠨ ᠬᠠᠷ᠎ᠠ ᠲᠣᠮ ᠡᠴᠡ ᠡᠬᠢᠯᠡᠨ ᠵᠡᠭᠡᠷᠭᠡᠨ᠎ᠡ ᠶ᠋ᠢᠨ ᠰᠢᠭᠦᠰᠦ ᠥᠭᠬᠦ ᠬᠦᠷᠲᠡᠯ᠎ᠡ ᠪᠦᠭᠦᠳᠡ ᠶ᠋ᠢ ᠬᠢᠭᠰᠡᠨ ᠪᠣᠯᠪᠠᠴᠤ ᠶᠠᠭᠠᠬᠢᠵᠤ ᠴᠤ᠌ ᠴᠢᠳᠠᠯ ᠦᠭᠡᠢ ᠦᠷ ᠰᠥᠨᠢ ᠬᠠᠶᠠᠭᠠᠷᠠᠬᠤ ᠶ᠋ᠢᠨ ᠠᠯᠲᠠ ᠳ᠋ᠤ᠌ ᠦᠷᠡᠭᠳᠡᠪᠡ᠃
  ᠊᠊᠊᠊᠊᠊᠊᠊᠊᠊᠊᠊᠊᠊᠊ ᠠ᠋ ᠪᠤᠷᠬᠠᠨ ᠮᠢᠨᠢ᠂ ᠶᠠᠮᠠᠷ ᠥᠷᠥᠰᠢᠶᠡᠯ ᠦᠭᠡᠢ ᠶᠤᠮ ᠪᠣᠢ? ᠡᠴᠢᠭᠡ ᠳ᠋ᠦ᠍ ᠴᠢᠨᠢ ᠪᠢ ᠶᠠᠭᠤ ᠭᠡᠵᠦ ᠬᠡᠯᠡᠳᠡᠭ ᠪᠢᠯᠡ᠃ ᠮᠢᠨᠦ ᠬᠦᠦ ᠬᠠᠷᠠᠭᠠᠴᠢ᠂ ᠡᠴᠢᠭᠡ ᠳ᠋ᠡᠭᠡᠨ ᠢᠷᠡᠭᠡᠴᠢ᠂ ᠵᠠᠶᠠᠭ᠎ᠠ ᠦᠭᠡᠢ ᠡᠮ᠎ᠡ ᠶ᠋ᠢ ᠥᠷᠥᠰᠢᠶᠡᠭᠡᠴᠢ ᠭᠡᠵᠦ ᠲᠠᠰᠤ ᠲᠡᠪᠡᠷᠢᠨ ᠬᠡᠴᠢᠨᠡᠨ ᠬᠠᠰᠬᠢᠷᠪᠠᠴᠤ ᠲᠤᠰᠠ ᠪᠣᠯᠤᠭᠰᠠᠨ ᠦᠭᠡᠢ᠂ ᠬᠦᠦ ᠶ᠋ᠢᠨ ᠪᠡᠶ᠎ᠡ ᠤᠯᠠᠮ ᠤᠯᠠᠮ ᠭᠦᠷᠦᠭᠰᠡᠭᠡᠷ ᠬᠥᠰᠢᠪᠡ᠃
  ᠠᠪᠠᠭᠠᠢ ᠤᠬᠢᠯᠠᠨ 《ᠬᠦᠦ ᠮᠢᠨᠢ ᠰᠡᠳᠬᠢᠯ ᠢ᠋ᠶ᠋ᠡᠨ ᠪᠡᠷᠢ᠃ ᠣᠳᠣ ᠶᠠᠭᠠᠬᠢᠶ᠎ᠠ ᠭᠡᠬᠦ ᠪᠣᠢ》 ᠭᠡᠵᠦ ᠪᠠᠢᠯ᠎ᠠ᠃ ᠦᠷ᠎ᠡ ᠡᠴᠡ ᠰᠠᠯᠬᠤ ᠶ᠋ᠢᠨ ᠭᠠᠰᠢᠭᠤᠳᠠᠯ ᠢ᠋ ᠣᠯᠠᠨ ᠤᠳᠠᠭ᠎ᠠ ᠦᠵᠡᠭᠰᠡᠨ ᠡᠨᠡ ᠬᠥᠭᠰᠢᠨ ᠡᠬᠡ ᠥᠭᠡᠷ᠎ᠡ ᠶᠠᠭᠤ ᠴᠤ᠌ ᠬᠡᠯᠡᠬᠦ ᠪᠢᠯᠡ ᠳᠠ᠃
  ᠮᠠᠷᠭᠠᠰᠢ ᠨᠢ ᠡᠪᠦᠭᠡᠨ ᠡᠮᠡᠭᠡᠨ ᠬᠣᠶᠠᠷ ᠲᠠᠢ ᠬᠠᠮᠵᠢᠵᠤ ᠬᠦᠦ ᠪᠡᠨ ᠣᠷᠣᠰᠢᠭᠤᠯᠤᠨ ᠭᠡᠷ ᠲᠡᠭᠡᠨ ᠪᠤᠴᠠᠵᠤ ᠢᠷᠡᠭᠡᠳ ᠤᠬᠠᠭᠠᠨ ᠠᠯᠳᠠᠵᠤ ᠦᠳᠡᠰᠢ ᠪᠣᠯᠤᠭᠰᠠᠨ ᠬᠣᠢᠨ᠎ᠠ ᠰᠡᠬᠡᠪᠡ᠃
  ᠬᠥᠮᠦᠨ ᠵᠢᠷᠭᠠᠯ ᠤ᠋ᠨ ᠲᠥᠯᠥᠭᠡ ᠲᠡᠮᠡᠴᠡᠵᠦ ᠴᠢᠳᠠᠳᠠᠭ ᠤ᠋ᠨ ᠢ᠋ᠶ᠋ᠠᠨ ᠬᠢᠷᠢ ᠪᠡᠷ ᠵᠣᠪᠠᠯᠠᠩ ᠢ᠋ ᠳᠠᠭᠠᠭᠠᠵᠤ ᠴᠢᠳᠠᠳᠠᠭ ᠪᠣᠯᠬᠣᠷ ᠳᠤᠯᠮ᠎ᠠ ᠶ᠋ᠢᠨ ᠥᠴᠦᠬᠡᠨ ᠪᠡᠶ᠎ᠡ ᠡᠨᠡ ᠬᠦᠨᠳᠦ ᠵᠣᠪᠠᠯᠠᠩ ᠳ᠋ᠤ᠌ ᠨᠢᠴᠠ ᠳᠠᠷᠤᠭᠤᠯᠴᠢᠬᠠᠭᠰᠠᠨ ᠦᠭᠡᠢ ᠤᠬᠢᠯᠠᠭᠰᠠᠭᠠᠷ ᠰᠡᠭᠦᠯ ᠳ᠋ᠦ᠍ᠨᠢ ᠨᠢᠯᠪᠤᠰᠤ ᠨᠢ ᠴᠦ᠍ ᠭᠠᠷᠬᠤ ᠪᠠᠨ ᠪᠣᠯᠢᠪᠠ᠃
  ᠢᠩᠭᠢᠵᠦ ᠪᠠᠢᠲᠠᠯ᠎ᠠ ᠬᠣᠷᠢᠨ ᠤ᠋ ᠡᠳᠦᠷ ᠮᠠᠷᠭᠠᠰᠢ ᠪᠣᠯᠤᠭᠠᠳ ᠢᠷᠡᠬᠦ ᠳ᠋ᠦ᠍ ᠦᠳᠡᠰᠢ ᠣᠷᠣᠢ ᠨᠢ ᠬᠣᠩᠭᠣᠷ ᠮᠣᠷᠢ ᠪᠠᠨ ᠪᠠᠷᠢᠵᠤ ᠲᠡᠮᠦᠷ ᠦ᠋ᠨ ᠡᠮᠡᠭᠡᠯ ᠢ᠋ᠶ᠋ᠡᠷ ᠡᠮᠡᠭᠡᠯᠯᠡᠭᠡᠳ ᠬᠣᠭᠣᠯᠠ ᠠᠪᠴᠤ ᠰᠥᠨᠢ ᠳᠤᠮᠳᠠ ᠶ᠋ᠢᠨ ᠦᠶ᠎ᠡ ᠳ᠋ᠦ᠍ ᠬᠣᠣᠰ ᠮᠣᠷᠢ ᠲᠠᠢ ᠳᠠᠪᠬᠢᠵᠤ ᠡᠯᠡᠰᠦᠨ ᠲᠣᠯᠣᠭᠠᠢ ᠶ᠋ᠢᠨ ᠦᠶᠡᠨ ᠳ᠋ᠦ᠍ ᠣᠴᠢᠵᠤ ᠦᠷ ᠦ᠋ᠨ ᠭᠡᠭᠡ ᠬᠦᠯᠢᠶᠡᠨ ᠵᠣᠭᠰᠣᠪᠠ᠃
  ᠵᠢᠷᠦᠬᠡ ᠨᠢ ᠴᠣᠬᠢᠯᠠᠨ ᠪᠠᠢᠨ ᠪᠠᠢᠨ ᠨᠢᠯᠪᠤᠰᠤ ᠠᠰᠬᠠᠷᠠᠨ᠎ᠠ᠃ ᠰᠡᠷᠢᠭᠦᠬᠡᠨ ᠰᠠᠯᠬᠢ ᠪᠠᠷᠠᠭᠤᠨ ᠬᠣᠢᠨ᠎ᠠ ᠡᠴᠡ ᠦᠯᠢᠶᠡᠨ᠂ ᠠᠭᠤᠯᠵᠠᠬᠤ ᠪᠠᠶᠠᠷ ᠤ᠋ᠨ ᠬᠠᠵᠠᠭᠤ ᠪᠠᠷ ᠶᠠᠭᠤ ᠭᠡᠵᠦ ᠬᠡᠯᠡᠬᠦ ᠪᠡᠨ ᠮᠡᠳᠡᠬᠦ ᠦᠭᠡᠢ ᠰᠡᠳᠬᠢᠯ ᠵᠣᠪᠠᠨ ᠪᠠᠢᠲᠠᠯ᠎ᠠ ᠳᠣᠷᠣᠨ᠎ᠠ ᠵᠦᠭ ᠡᠴᠡ ᠦᠷ ᠦ᠋ᠨ ᠭᠡᠭᠡ ᠲᠣᠳᠣᠷᠠᠵᠤ ᠡᠬᠢᠯᠡᠪᠡ᠃
  ᠭᠡᠨᠡᠳᠲᠡ ᠬᠠᠵᠠᠭᠤ ᠳ᠋ᠤᠨᠢ ᠲᠡᠮᠦᠷ ᠦ᠋ᠨ ᠵᠢᠩᠭᠢᠨᠡᠬᠦ ᠳᠠᠭᠤ ᠭᠠᠷᠴᠤ᠂ ᠬᠠᠷᠠᠪᠠᠯ ᠲᠤᠱᠠ ᠲᠠᠢ ᠲᠡᠮᠦᠷ ᠲᠡᠭᠡᠭᠰᠡᠭᠡᠷ ᠬᠦᠷᠴᠦ ᠢᠷᠡᠯ᠎ᠡ᠃ ᠬᠠᠢᠷ᠎ᠠ ᠶ᠋ᠢᠨ ᠬᠠᠯᠠᠭᠤᠨ ᠰᠡᠳᠬᠢᠯ ᠢ᠋ᠶ᠋ᠡᠷ ᠬᠣᠯᠪᠣᠭᠳᠠᠭᠰᠠᠨ ᠡᠨᠡ ᠬᠣᠶᠠᠷ ᠬᠥᠮᠦᠨ ᠶᠠᠭᠠᠬᠢᠵᠤ ᠠᠭᠤᠯᠵᠠᠭᠰᠠᠨ ᠢ᠋ ᠪᠢᠴᠢᠬᠦ ᠳ᠋ᠦ᠍ ᠦᠭᠡ ᠦᠰᠦᠭ ᠬᠣᠶᠠᠷ ᠬᠦᠴᠦ ᠬᠦᠷᠬᠦ ᠦᠭᠡᠢ ᠮᠡᠲᠦ᠃
  ᠊᠊᠊᠊᠊᠊᠊᠊᠊᠊᠊᠊᠊᠊᠊ ᠵᠠ ᠪᠤᠰᠢᠭᠤᠬᠠᠨ ᠬᠠᠷᠢᠭᠠᠳ ᠬᠦᠦ ᠪᠡᠨ ᠠᠪᠤᠭᠠᠳ ᠡᠨᠳᠡ ᠡᠴᠡ ᠵᠠᠢᠯᠠᠶ᠎ᠠ ᠭᠡᠵᠦ ᠲᠡᠮᠦᠷ ᠦ᠋ᠨ ᠬᠡᠯᠡᠬᠦ ᠳ᠋ᠦ᠍ ᠳᠤᠯᠮ᠎ᠠ ᠬᠠᠷᠢᠭᠤ ᠳᠤᠤᠭᠠᠷᠤᠯ ᠦᠭᠡᠢ ᠬᠡᠰᠡᠭ ᠲᠦᠭᠳᠡᠷᠡᠭᠰᠡᠨ ᠢ᠋ᠶ᠋ᠡᠨ᠄
  ᠊᠊᠊᠊᠊᠊᠊᠊᠊᠊᠊᠊᠊᠊᠊ ᠵᠦᠭᠡᠷ᠂ ᠴᠢ ᠮᠢᠨᠢ ᠪᠤᠰᠢᠭᠤᠬᠠᠨ ᠶᠠᠪᠤ᠃ ᠬᠦᠦ ᠪᠢᠳᠡ ᠬᠣᠶᠠᠷ ᠦᠯᠡᠳᠡᠶ᠎ᠡ᠃ ᠳᠠᠪᠠᠭ᠎ᠠ ᠳᠠᠪᠠᠵᠤ ᠶᠠᠪᠤᠬᠤ ᠳ᠋ᠤ᠌ ᠮᠠᠨ ᠤ᠋ ᠳ᠋ᠤ᠌ ᠬᠡᠳᠦᠨ ᠮᠣᠷᠢ ᠲᠠᠢ ᠬᠥᠮᠦᠨ ᠢᠷᠡᠬᠦ ᠰᠢᠭ ᠪᠣᠯᠤᠭᠰᠠᠨ᠃ ᠬᠠᠷᠢᠬᠤ ᠶ᠋ᠢ ᠴᠢᠨᠢ ᠤᠲᠤᠵᠤ ᠪᠠᠢᠬᠤ ᠮᠠᠭᠠᠳ ᠭᠡᠯ᠎ᠡ᠃
  ᠊᠊᠊᠊᠊᠊᠊᠊᠊᠊᠊᠊᠊᠊᠊ ᠶᠠᠳᠠᠬᠤ ᠳ᠋ᠠᠭᠠᠨ ᠬᠦᠦ ᠪᠡᠨ ᠦᠨᠦᠰᠦᠭᠡᠳ ᠮᠣᠷᠳᠠᠬᠤ ᠰᠠᠨ᠁ᠦᠭᠡᠢ ᠪᠢ ᠠᠭᠤᠯᠠᠨ ᠳ᠋ᠤ᠌ ᠪᠦᠭᠭᠦᠵᠦ ᠪᠠᠢᠶ᠎ᠠ᠃ ᠴᠢ ᠬᠦᠦ ᠪᠡᠨ ᠠᠪᠤᠭᠠᠳ ᠢᠷ᠎ᠡ᠃
  ᠊᠊᠊᠊᠊᠊᠊᠊᠊᠊᠊᠊᠊᠊᠊ ᠪᠣᠯᠬᠤ ᠦᠭᠡᠢ᠃ ᠮᠢᠨᠦ ᠡᠪᠦᠭᠡᠨ ᠶᠠᠪᠤ᠃ ᠪᠢᠳᠡ ᠬᠣᠶᠠᠷ ᠠᠯᠵᠠᠬᠤ ᠦᠭᠡᠢ᠃ ᠮᠠᠢ! ᠭᠡᠳ ᠲᠣᠮᠣ ᠬᠠᠤᠷᠠᠢ ᠥᠭᠭᠦᠯ᠎ᠡ᠃
  ᠊᠊᠊᠊᠊᠊᠊᠊᠊᠊᠊᠊᠊᠊᠊ ᠴᠢ ᠮᠢᠨᠢ ᠬᠡᠯᠡᠵᠦ ᠪᠠᠢᠭ᠎ᠠ ᠬᠣᠢᠨ᠎ᠠ ᠶᠠᠪᠤᠳᠠᠭ ᠨᠢ ᠵᠥᠪ ᠪᠠᠢᠬ᠎ᠠ ᠳᠠ᠃ 《ᠡᠷ᠎ᠡ ᠬᠥᠮᠦᠨ ᠳᠡ ᠬᠦ》᠂ ᠦᠭᠡ ᠬᠡᠯᠡᠵᠦ ᠪᠠᠢᠨ᠎ᠠ ᠤᠤ?
  ᠊᠊᠊᠊᠊᠊᠊᠊᠊᠊᠊᠊᠊᠊᠊ ᠬᠡᠯᠡᠵᠦ ᠪᠠᠢᠨ᠎ᠠ᠃ ᠲᠦᠷᠭᠡᠯᠡ ᠮᠢᠨᠦ ᠡᠪᠦᠭᠡᠨ᠃
  ᠊᠊᠊᠊᠊᠊᠊᠊᠊᠊᠊᠊᠊᠊᠊ ᠠᠪᠤ ᠠ᠋ ᠭᠡᠵᠦ ᠪᠠᠢᠨ᠎ᠠ ᠤᠤ?
  ᠊᠊᠊᠊᠊᠊᠊᠊᠊᠊᠊᠊᠊᠊᠊ ᠠᠪᠤ ᠠ᠋ ᠭᠡᠵᠦ ᠪᠠᠢᠨ᠎ᠠ᠁ ᠲᠦᠷᠭᠡᠯᠡ ᠮᠢᠨᠦ ᠡᠪᠦᠭᠡᠨ!
  ᠤᠳᠠᠭᠰᠠᠨ ᠴᠤ᠌ ᠦᠭᠡᠢ ᠲᠡᠮᠦᠷ ᠭᠢᠨᠵᠢ ᠶ᠋ᠢ ᠮᠤᠯᠲᠤᠯᠵᠤ 《ᠳᠠᠬᠢᠭᠠᠳ ᠭᠡᠮ ᠦᠭᠡᠢ ᠬᠥᠮᠦᠨ ᠢ᠋ ᠵᠣᠪᠠᠭᠠᠬᠤ ᠦᠭᠡᠢ ᠶ᠋ᠢᠨ ᠲᠤᠯᠠᠳᠠ ᠡᠯᠡᠰᠦᠨ ᠳ᠋ᠦ᠍ ᠪᠤᠯᠠᠵᠤ ᠤᠷᠭᠢᠶ᠎ᠠ》 ᠭᠡᠳ ᠪᠤᠯᠠᠪᠠ᠃
  ᠊᠊᠊᠊᠊᠊᠊᠊᠊᠊᠊᠊᠊᠊᠊ ᠬᠦᠦ ᠶ᠋ᠢᠨ ᠮᠢᠨᠢ ᠬᠣᠶᠠᠷ ᠬᠠᠴᠠᠷ ᠳᠡᠭᠡᠷ᠎ᠡ ᠭᠤᠷᠪᠠ ᠭᠤᠷᠪᠠ ᠦᠨᠦᠰᠦᠭᠡᠷᠡᠢ᠃ ᠠᠪᠤ ᠨᠢ ᠤᠳᠠᠬᠤ ᠦᠭᠡᠢ ᠡᠷᠭᠢᠵᠦ ᠢᠷᠡᠭᠡᠳ ᠠᠪᠤᠨ᠎ᠠ ᠭᠡᠵᠦ ᠬᠡᠯᠡᠭᠡᠷᠡᠢ ᠁ 《ᠡᠷ᠎ᠡ ᠬᠥᠮᠦᠨ ᠳᠡ ᠬᠦ》 ᠭᠡᠳ ᠳᠤᠯᠮ᠎ᠠ ᠶ᠋ᠢᠨ ᠠᠪᠴᠢᠷᠠᠭᠰᠠᠨ ᠬᠣᠭᠣᠯᠠ ᠶ᠋ᠢ ᠢᠳᠡᠬᠦ ᠵᠠᠭᠤᠷ᠎ᠠ᠂ 《ᠨᠣᠮᠣᠬᠠᠨ ᠠᠮᠢᠳᠤᠷᠠᠶ᠎ᠠ ᠭᠡᠬᠦ ᠳ᠋ᠦ᠍ ᠪᠣᠯᠳᠠᠭ ᠦᠭᠡᠢ ᠬᠣᠷᠸ᠎ᠠ ᠶᠤᠮ ᠪᠣᠯ ᠴᠢᠳᠠᠯ ᠢ᠋ᠶ᠋ᠠᠷ ᠢ᠋ᠶ᠋ᠠᠨ ᠦᠵᠡᠨ᠎ᠡ ᠳᠡ》 ᠭᠡᠯ᠎ᠡ᠃
  ᠢᠩᠭᠢᠭᠡᠳ ᠲᠡᠮᠦᠷ ᠦ᠋ᠨ ᠮᠣᠷᠳᠠᠬᠤ ᠳ᠋ᠤ᠌ ᠳᠤᠯᠮ᠎ᠠ 《ᠲᠦᠷᠭᠡᠯᠡ ᠮᠢᠨᠦ ᠡᠪᠦᠭᠡᠨ》 ᠭᠡᠵᠦ ᠲᠡᠪᠡᠳᠡᠵᠦ ᠪᠠᠢᠯ᠎ᠠ᠃ ᠨᠥᠬᠥᠷ ᠢ᠋ᠶ᠋ᠡᠨ ᠳᠠᠯᠳᠠ ᠣᠷᠣᠭᠰᠠᠨ ᠤ᠋ ᠬᠣᠢᠨ᠎ᠠ ᠡᠯᠡᠰᠦ ᠲᠡᠪᠡᠷᠢᠵᠦ ᠤᠨᠠᠭᠠᠳ ᠴᠢᠷᠠᠯᠠᠨ ᠤᠬᠢᠯᠠᠪᠠ᠃
  ᠢᠩᠭᠢᠭᠡᠳ ᠦᠳᠡ ᠶ᠋ᠢᠨ ᠬᠢᠷᠢ ᠳ᠋ᠦ᠍ ᠭᠡᠷ ᠲᠡᠭᠡᠨ ᠢᠷᠡᠬᠦ ᠳ᠋ᠦ᠍ᠨᠢ ᠦᠨᠡᠬᠡᠷ ᠴᠦ᠍ ᠬᠡᠳᠦᠨ ᠮᠣᠷᠢ ᠲᠠᠢ ᠬᠥᠮᠦᠨ ᠤᠷᠭᠤᠭᠰᠠᠨ ᠲᠡᠮᠦᠷ ᠢ᠋ ᠮᠥᠷᠳᠡᠵᠦ ᠢᠷᠡᠭᠡᠳ ᠪᠠᠢᠯ᠎ᠠ᠃
  ᠳᠤᠯᠮ᠎ᠠ ᠶ᠋ᠢ ᠬᠣᠰᠢᠭᠤ ᠲᠠᠮᠠᠭᠠᠨ ᠳᠡᠭᠡᠷ᠎ᠡ ᠳᠠᠭᠤᠳᠠᠵᠤ ᠬᠣᠷᠢ ᠱᠠᠬᠠᠢᠳᠠᠨ ᠪᠠᠢᠴᠠᠭᠠᠭᠰᠠᠨ ᠪᠣᠯᠪᠠᠴᠤ 《ᠮᠡᠳᠡᠬᠦ ᠦᠭᠡᠢ ᠠ᠋᠃ ᠲᠠ ᠨᠠᠷ ᠯᠠ ᠮᠢᠨᠦ ᠨᠥᠬᠥᠷ ᠢ᠋ ᠮᠡᠳᠡᠨ᠎ᠡ》 ᠭᠡᠬᠦ ᠡᠴᠡ ᠥᠭᠡᠷ᠎ᠡ ᠬᠠᠷᠢᠭᠤ ᠰᠣᠨᠣᠰᠤᠯ ᠦᠭᠡᠢ ᠪᠤᠴᠠᠭᠠᠵᠠᠢ᠃