ᠲᠤᠩᠭᠠᠯᠠᠭ ᠲᠠᠮᠢᠷ1-18-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠶᠡᠬᠡ ᠢᠳᠡᠬᠦ ᠤᠬᠠᠭᠠᠨ ᠤ᠋ ᠳᠠᠢᠰᠤᠨ》 - ᠨᠢᠭᠡᠳᠦᠭᠡᠷ ᠪᠦᠯᠦᠭ ᠠᠷᠪᠠᠨ ᠨᠢ᠋ᠮᠠ
ᠬᠠᠩᠭᠠᠢ ᠭᠠᠵᠠᠷ ᠤ᠋ᠨ ᠠᠯᠲᠠᠨ ᠰᠢᠷ᠎ᠠ ᠨᠠᠮᠤᠷ ᠰᠠᠢᠬᠠᠨ ᠪᠣᠯ ᠲᠠᠮᠢᠷ ᠤ᠋ᠨ ᠬᠥᠨᠳᠡᠢ ᠶ᠋ᠢᠨ ᠨᠠᠮᠤᠷ ᠪᠦᠷ ᠴᠦ᠍ ᠦᠵᠡᠰᠬᠦᠯᠡᠩ ᠲᠡᠢ ᠪᠠᠢᠳᠠᠭ ᠪᠢᠯᠡ᠃ ᠥᠨᠳᠥᠷ ᠤᠷᠭᠤᠭᠰᠠᠨ ᠡᠪᠡᠰᠦ ᠬᠠᠯᠢᠭᠤᠷᠠᠨ᠂ ᠬᠣᠩᠭᠣᠷ ᠰᠠᠯᠬᠢᠨ ᠳ᠋ᠤ᠌ ᠠᠯᠲᠠᠨ ᠥᠩᠭᠡ ᠪᠡᠷ ᠨᠠᠢᠭᠤᠨ ᠭᠢᠯᠠᠯᠵᠠᠵᠤ᠂ ᠤᠯᠢᠶᠠᠰᠤ ᠪᠤᠷᠭᠠᠰᠤᠨ ᠤ᠋ ᠰᠢᠷᠠᠯᠠᠭᠰᠠᠨ ᠨᠠᠪᠴᠢᠰ ᠰᠡᠷᠵᠢᠭᠢᠨᠡᠨ ᠤᠨᠠᠵᠤ᠂ ᠪᠤᠴᠠᠬᠤ ᠰᠢᠪᠠᠭᠤ ᠲᠠᠮᠢᠷ ᠤ᠋ᠨ ᠭᠣᠣᠯ ᠤ᠋ᠨ ᠤᠰᠤᠨ ᠳ᠋ᠤ᠌ ᠥᠨᠵᠢᠨ ᠦᠳᠡᠯᠡᠵᠦ᠂ ᠲᠠᠷᠭᠤᠨ ᠮᠠᠯ ᠭᠣᠣᠯ ᠡᠴᠡ ᠭᠠᠷᠴᠤ ᠬᠥᠳᠡᠭᠡᠯᠡᠨ ᠪᠡᠯᠴᠢᠵᠦ ᠪᠠᠢᠬᠤ ᠦᠶ᠎ᠡ ᠲᠠᠮᠢᠷ ᠤ᠋ᠨ ᠬᠥᠨᠳᠡᠢ ᠶᠠᠭᠤᠲᠠᠢ ᠰᠠᠢᠬᠠᠨ᠃
ᠠᠢᠯ ᠤ᠋ᠳ ᠵᠤᠨ ᠤ᠋ ᠳᠡᠯᠭᠡᠷ ᠴᠠᠭ ᠲᠤ᠌ ᠬᠤᠷᠢᠶᠠᠭᠰᠠᠨ ᠲᠣᠰᠣ ᠥᠷᠥᠮ᠎ᠡ ᠡᠴᠡ ᠪᠡᠨ ᠬᠠᠢᠯᠤᠭᠤᠯᠤᠨ ᠭᠠᠳᠠᠭᠤᠷ ᠨᠢ ᠭᠠᠷᠬᠤ ᠳ᠋ᠤ᠌ ᠰᠢᠷ᠎ᠠ ᠲᠣᠰᠣᠨ ᠤ᠋ ᠬᠠᠴᠢᠨ ᠬᠤᠷᠴᠠ ᠡᠬᠡᠭᠦᠨ ᠦᠨᠦᠷ᠂ ᠨᠡᠷᠡᠮᠡᠯ ᠠᠷᠢᠬᠢᠨ ᠤ᠋ ᠢᠰᠬᠦᠯᠡᠩ ᠦᠨᠦᠷ ᠲᠡᠢ ᠬᠣᠯᠢᠯᠳᠤᠨ ᠬᠠᠮᠠᠷ ᠴᠣᠷᠭᠢᠨ ᠠᠩᠬᠢᠯᠵᠤ ᠪᠠᠢᠳᠠᠭ᠃ ᠡᠢᠮᠦ ᠨᠢᠭᠡᠨ ᠨᠠᠮᠤᠷ ᠤ᠋ᠨ ᠥᠷᠯᠥᠭᠡ ᠢᠲᠡᠭᠡᠯᠲᠦ ᠶ᠋ᠢᠨ ᠬᠣᠲᠠ ᠶᠡᠬᠡ ᠯᠡ ᠬᠥᠳᠡᠯᠭᠡᠭᠡᠨ ᠲᠡᠢ ᠪᠠᠢᠪᠠ᠃
ᠥᠨᠥᠳᠥᠷ ᠬᠣᠩᠭᠣᠷ ᠪᠠᠲᠤ ᠬᠣᠶᠠᠷ ᠢ᠋ ᠵᠠᠶ᠎ᠠ ᠶ᠋ᠢᠨ ᠬᠦᠷᠢᠶᠡᠨ ᠳᠡᠭᠡᠷ᠎ᠡ ᠯᠠᠮᠠ ᠪᠣᠯᠭᠠᠬᠤ ᠪᠠᠷ ᠬᠦᠷᠭᠡᠬᠦ ᠭᠡᠵᠦ ᠪᠠᠢᠪᠠ᠃ ᠡᠨᠡ ᠬᠣᠶᠠᠷ ᠢ᠋ ᠶᠠᠪᠤᠬᠤ ᠪᠣᠯᠤᠭᠰᠠᠨ ᠳ᠋ᠤ᠌ ᠰᠣᠯᠣᠩᠭ᠎ᠠ ᠰᠦᠷᠦᠩ ᠬᠣᠶᠠᠷ ᠪᠦᠭᠦᠳᠡ ᠡᠴᠡ ᠢᠯᠡᠭᠦᠦ ᠭᠠᠰᠢᠭᠤᠳᠠᠵᠤ᠂ ᠥᠴᠥᠭᠡᠳᠦᠷ ᠣᠷᠣᠢ ᠡᠴᠡ ᠡᠬᠢᠯᠡᠨ ᠬᠣᠭᠣᠯᠠᠢ ᠳᠡᠭᠡᠷ᠎ᠡ ᠨᠢ ᠬᠠᠭᠤᠷᠠᠢ ᠬᠠᠷ᠎ᠠ ᠶᠠᠭᠤᠮ᠎ᠠ ᠵᠠᠩᠭᠢᠷᠠᠨ ᠨᠢᠳᠦᠨ ᠦ᠌ ᠬᠢᠨᠢ ᠨᠢᠯᠪᠤᠰᠤ ᠠᠶᠠᠨᠳᠠᠭᠠᠨ ᠠᠰᠬᠠᠷᠠᠵᠤ ᠪᠠᠢᠪᠠ᠃
ᠳᠤᠯᠵᠢᠨ ᠲᠤᠯᠭᠠᠷ ᠬᠣᠶᠠᠷ ᠬᠡᠳᠦᠨ ᠡᠳᠦᠷ ᠦ᠋ᠨ ᠡᠮᠦᠨ᠎ᠡ ᠡᠴᠡ ᠡᠬᠢᠯᠡᠨ ᠬᠣᠩᠭᠣᠷ᠂ ᠪᠠᠲᠤ ᠬᠣᠶᠠᠷ ᠲᠤ᠌ ᠵᠠᠢ ᠯᠠ ᠭᠠᠷᠪᠠᠯ 《ᠪᠠᠭᠰᠢ ᠯᠠᠮᠠ ᠶ᠋ᠢᠨ ᠢ᠋ᠶ᠋ᠡᠨ ᠦᠭᠡ ᠶ᠋ᠢ ᠰᠠᠢᠨ ᠲᠤᠭᠤᠯᠵᠤ᠂ ᠭᠡᠷ ᠢ᠋ᠶ᠋ᠡᠨ ᠰᠠᠨᠠᠯ ᠦᠭᠡᠢ᠂ ᠶᠡᠬᠡ ᠬᠣᠭᠣᠯᠠ ᠢᠳᠡᠵᠦ᠂ ᠨᠣᠮ ᠢ᠋ᠶ᠋ᠠᠨ ᠬᠢᠴᠢᠶᠡᠩᠭᠦᠢᠯᠡᠨ ᠦᠵᠡᠵᠦ᠂ ᠬᠤᠪᠴᠠᠰᠤ ᠬᠤᠨᠠᠷ ᠢ᠋ᠶ᠋ᠠᠨ ᠤᠷᠠᠬᠤ ᠦᠭᠡᠢ᠂ ᠨᠣᠴᠣᠯᠳᠤᠵᠤ ᠬᠦᠷᠢᠶᠡᠨ ᠦ᠌ ᠵᠣᠳᠣᠭᠠᠴᠢᠨ ᠬᠡᠦᠬᠡᠳ ᠲᠦ᠍ ᠵᠤᠳᠤᠭᠤᠯᠴᠢᠬᠠᠯ ᠦᠭᠡᠢ》 ᠠᠮᠢᠳᠤᠷᠠᠬᠤ ᠲᠤᠬᠠᠢ ᠲᠦᠮᠡᠨ ᠵᠦᠢᠯ ᠦ᠋ᠨ ᠶᠠᠭᠤᠮ᠎ᠠ ᠨᠢᠯᠪᠤᠰᠤ ᠪᠠᠨ ᠠᠰᠬᠠᠷᠠᠭᠤᠯᠤᠨ ᠰᠤᠷᠭᠠᠵᠤ ᠪᠠᠢᠬᠤ ᠳ᠋ᠤ᠌ ᠬᠣᠶᠠᠷ ᠬᠦᠦ ᠨᠢ ᠡᠬᠡᠰ ᠦ᠋ᠨ ᠢ᠋ᠶ᠋ᠡᠨ ᠥᠭᠡᠯᠡᠭᠡ ᠣᠯᠠᠨ ᠦᠭᠡ ᠲᠡᠢ ᠶ᠋ᠢ ᠰᠡᠳᠬᠢᠯ ᠳ᠋ᠡᠭᠡᠨ ᠵᠢᠮᠡᠯᠡᠨ ᠪᠠᠢᠵᠤ ᠪᠢᠯᠡ᠃
ᠬᠣᠩᠭᠣᠷ ᠪᠠᠲᠤ ᠬᠣᠶᠠᠷ ᠤ᠋ᠨ ᠬᠤᠪᠢ ᠳ᠋ᠤ᠌ ᠪᠣᠯ ᠰᠢᠨ᠎ᠡ ᠭᠠᠵᠠᠷ᠂ ᠰᠢᠨ᠎ᠡ ᠠᠮᠢᠳᠤᠷᠠᠯ ᠰᠠᠢᠬᠠᠨ ᠰᠠᠨᠠᠭᠳᠠᠪᠠᠴᠤ ᠳᠠᠰᠤᠭᠰᠠᠨ ᠭᠠᠵᠠᠷ᠂ ᠮᠠᠯ ᠰᠦᠷᠦᠭ᠂ ᠭᠡᠷ ᠣᠷᠣᠨ᠂ ᠳᠣᠲᠣᠨᠣ ᠬᠥᠮᠦᠰ ᠡᠴᠡ ᠪᠡᠨ ᠰᠠᠯᠬᠤ ᠨᠢ ᠬᠡᠴᠡᠭᠦᠦ ᠰᠠᠨᠠᠭᠳᠠᠵᠤ ᠰᠢᠨ᠎ᠡ ᠠᠮᠢᠳᠤᠷᠠᠯ ᠤ᠋ᠨ ᠲᠤᠬᠠᠢ ᠮᠠᠨᠠᠨ ᠪᠤᠳᠠᠩ ᠰᠢᠭ᠋ ᠪᠣᠳᠣᠯ᠂ ᠣᠯᠢᠭ ᠳᠣᠮᠣᠭ ᠪᠣᠯᠤᠭᠰᠠᠨ ᠪᠣᠯᠪᠠᠴᠤ ᠵᠢᠷᠦᠬᠡ ᠰᠡᠳᠬᠢᠯ ᠳ᠋ᠦ᠍ᠨᠢ ᠳᠠᠰᠤᠭᠰᠠᠨ ᠬᠡᠵᠢᠶᠡᠨᠡᠢ ᠳᠣᠲᠣᠨᠣ ᠠᠮᠢᠳᠤᠷᠠᠯ ᠤ᠋ᠨ ᠲᠤᠬᠠᠢ ᠪᠣᠳᠣᠯ ᠲᠠᠢ ᠥᠷᠢᠰᠦᠯᠳᠦᠵᠦ ᠪᠠᠢᠪᠠ᠃
ᠲᠡᠷᠡ ᠬᠣᠶᠠᠷ ᠥᠷᠯᠥᠭᠡ ᠡᠴᠡ ᠡᠬᠢᠯᠡᠨ ᠢᠵᠢᠯᠬᠡᠨ ᠯᠠᠮᠠ ᠵᠠᠬ᠎ᠠ ᠲᠠᠢ᠂ ᠤᠯᠠᠭᠠᠨ ᠬᠦᠷᠡᠩ ᠬᠥᠪᠥᠩ ᠲᠡᠢ ᠳᠡᠪᠡᠯ ᠡᠮᠦᠰᠴᠦ᠂ ᠭᠡᠷ ᠦ᠋ᠳ ᠢ᠋ᠶ᠋ᠡᠷ ᠬᠡᠰᠦᠬᠦ ᠳ᠋ᠦ᠍ ᠰᠣᠯᠣᠩᠭ᠎ᠠ ᠰᠦᠷᠦᠩ ᠬᠣᠶᠠᠷ ᠬᠣᠢᠨ᠎ᠠ ᠡᠴᠡ ᠳ᠋ᠡᠭᠡᠨ ᠠᠲᠠᠭᠠᠷᠬᠠᠬᠤ᠂ ᠬᠠᠢᠷᠠᠯᠠᠬᠤ ᠰᠡᠳᠬᠢᠯ ᠳ᠋ᠡᠭᠡᠨ ᠳᠠᠷᠤᠭᠳᠠᠨ ᠬᠣᠶᠠᠷ ᠬᠦᠦ ᠶ᠋ᠢᠨ ᠳᠡᠪᠡᠯ ᠮᠢᠯᠢᠶᠠᠨ ᠥᠭᠭᠦᠭᠰᠡᠨ ᠶᠠᠭᠤᠮ᠎ᠠ ᠬᠤᠪᠢᠶᠠᠯᠴᠠᠨ ᠢᠳᠡᠵᠦ ᠤᠬᠢᠯᠠᠬᠤ ᠳ᠋ᠠᠭᠠᠨ ᠤᠬᠢᠯᠠᠵᠤ᠂ ᠢᠨᠢᠶᠡᠬᠦ ᠳ᠋ᠡᠭᠡᠨ ᠢᠨᠢᠶᠡᠨ ᠶᠠᠪᠤᠵᠠᠢ᠃
᠊᠊᠊᠊᠊᠊᠊᠊᠊᠊᠊᠊᠊᠊᠊ ᠤᠷᠢᠳᠤ ᠬᠣᠷᠮᠣᠢ ᠡᠴᠡ ᠨᠢ ᠤᠨᠠᠭ᠎ᠠ ᠳᠠᠭ᠎ᠠ᠂ ᠬᠣᠢᠲᠤ ᠬᠣᠷᠮᠣᠢ ᠡᠴᠡ ᠨᠢ ᠬᠣᠨᠢ ᠬᠤᠷᠠᠭ᠎ᠠ ᠭᠡᠵᠦ ᠨᠢᠮ᠎ᠠ ᠳᠡᠪᠡᠯ ᠢ᠋ ᠨᠢ ᠮᠢᠯᠢᠶᠠᠭᠠᠳ᠂
᠊᠊᠊᠊᠊᠊᠊᠊᠊᠊᠊᠊᠊᠊᠊ ᠵᠠ ᠬᠡᠦᠬᠡᠳ ᠦ᠋ᠳ ᠮᠢᠨᠢ ᠬᠡᠭᠦᠷ ᠳᠠᠭᠠᠶ᠎ᠠ ᠭᠡᠪᠡᠯ ᠵᠢᠷᠤᠬᠠᠢᠴᠢ ᠪᠣᠯ᠂ ᠬᠥᠮᠦᠨ ᠠᠯᠠᠶ᠎ᠠ ᠭᠡᠪᠡᠯ ᠳᠣᠮᠴᠢ ᠪᠣᠯ᠂ ᠬᠦᠦᠷᠨᠢᠵᠦ ᠭᠡᠷᠡᠯᠲᠦᠶᠡ ᠭᠡᠪᠡᠯ ᠭᠡᠪᠰᠢ ᠪᠣᠯ᠂ ᠬᠥᠮᠦᠨ ᠰᠢᠭ ᠶᠠᠪᠤᠶ᠎ᠠ ᠭᠡᠪᠡᠯ ᠲᠥᠷᠥ ᠶ᠋ᠢᠨ ᠬᠠᠷ᠎ᠠ ᠬᠥᠮᠦᠨ ᠪᠣᠯ ᠭᠡᠳᠡᠭ ᠶᠤᠮ ᠳᠡ ᠭᠡᠳ ᠬᠥᠭᠵᠢᠯᠲᠡᠢ ᠢᠨᠢᠶᠡᠪᠡ᠃
᠊᠊᠊᠊᠊᠊᠊᠊᠊᠊᠊᠊᠊᠊᠊ ᠨᠢᠭᠦᠯ ᠲᠡᠢ ᠵᠣᠯᠢᠭ ᠮᠢᠨᠢ᠂ ᠬᠤᠸᠠᠷᠠᠭ ᠪᠣᠯᠬᠤ ᠭᠡᠵᠦ ᠪᠠᠢᠬᠤ ᠳ᠋ᠤᠨᠢ ᠢᠩᠭᠢᠵᠦ ᠶᠠᠷᠢᠳᠠᠭ ᠶᠤᠮ ᠤᠤ ᠭᠡᠵᠦ ᠬᠡᠰᠢᠭᠲᠦ ᠠᠪᠠᠭᠠᠢ ᠡᠪᠦᠭᠡᠨ ᠢ᠋ᠶ᠋ᠡᠨ ᠵᠢᠮᠡᠯᠡᠪᠡ᠃
ᠥᠷᠯᠥᠭᠡ ᠡᠷᠳᠡᠨᠢ ᠶ᠋ᠢ ᠢᠲᠡᠭᠡᠯᠲᠦ ᠶ᠋ᠢᠨ ᠳ᠋ᠦ᠍ ᠣᠷᠣᠬᠤ ᠳ᠋ᠤ᠌ ᠫᠡᠪᠯᠦᠧ ᠶ᠋ᠢᠨ ᠳ᠋ᠦ᠍ ᠣᠴᠢᠭᠠᠳ ᠣᠷᠣᠢ ᠢᠷᠡᠭᠰᠡᠨ ᠢᠲᠡᠭᠡᠯᠲᠦ᠂ ᠠᠯᠢ ᠬᠡᠳᠦᠢᠨ ᠪᠣᠰᠤᠭᠠᠳ ᠴᠠᠢ ᠤᠤᠭᠤᠵᠤ ᠪᠠᠢᠯ᠎ᠠ᠃
᠊᠊᠊᠊᠊᠊᠊᠊᠊᠊᠊᠊᠊᠊᠊ ᠨᠥᠭᠦᠭᠡ ᠠᠯᠢᠶ᠎ᠠ ᠫᠧᠲ᠋ᠷ ᠴᠢᠨᠢ ᠰᠤᠷᠠᠭ ᠦᠭᠡᠢ ᠭᠡᠨ᠎ᠡ ᠰᠢᠦ ᠭᠡᠬᠦ ᠳ᠋ᠦ᠍ᠨᠢ ᠡᠷᠳᠡᠨᠢ ᠬᠥᠬᠦᠦᠷ ᠡᠴᠡ ᠠᠢᠷᠠᠭ ᠬᠢᠵᠦ ᠰᠠᠭᠤᠬᠤ ᠵᠠᠭᠤᠷ᠎ᠠ᠄
᠊᠊᠊᠊᠊᠊᠊᠊᠊᠊᠊᠊᠊᠊᠊ ᠬᠠᠮᠢᠭ᠎ᠠ ᠣᠴᠢᠳᠠᠠᠭ ᠶᠤᠮ ᠪᠣᠯ ᠳᠠ ᠭᠡᠵᠦ ᠠᠵᠢᠭ ᠦᠭᠡᠢ ᠬᠡᠯᠡᠪᠡ᠃
᠊᠊᠊᠊᠊᠊᠊᠊᠊᠊᠊᠊᠊᠊᠊ ᠬᠠᠮᠢᠭ᠎ᠠ ᠣᠴᠢᠬᠤ ᠶᠠᠭᠤ ᠪᠠᠢᠬᠤᠪ᠃ ᠤᠷᠭᠤᠭᠰᠠᠨ ᠭᠡᠵᠦ ᠫᠡᠪᠯᠦᠧ ᠬᠡᠯᠡᠵᠦ ᠪᠠᠢᠨ᠎ᠠ᠃ ᠲᠡᠷᠡ ᠴᠢᠨᠢ ᠦᠢᠮᠡᠭᠡᠨ ᠦ᠌ ᠡᠵᠡᠨ᠂ ᠭᠠᠢᠭᠤᠢ ᠳᠠᠮᠰᠢᠭ ᠭᠡᠨ᠎ᠡ᠃ ᠴᠥᠯᠡᠯᠭᠡ ᠶ᠋ᠢᠨ ᠬᠥᠮᠦᠨ ᠭᠡᠨ᠎ᠡ ᠰᠢᠦ ᠳᠡ ᠭᠡᠵᠦ ᠢᠲᠡᠭᠡᠯᠲᠦ ᠬᠡᠨ ᠴᠦ᠍ ᠮᠡᠳᠡᠬᠦ ᠦᠭᠡᠢ ᠰᠣᠨᠢᠨ ᠵᠦᠢᠯ ᠢ᠋ ᠬᠡᠯᠡᠵᠦ ᠪᠠᠢᠭ᠎ᠠ ᠶᠤᠮ ᠰᠢᠭ᠋ ᠲᠣᠯᠣᠭᠠᠢ ᠪᠠᠨ ᠬᠠᠶᠠᠯᠠᠨ ᠱᠣᠭᠰᠢᠷᠠᠨ ᠪᠠᠢᠵᠤ ᠶᠠᠷᠢᠪᠠ᠃
ᠢᠲᠡᠭᠡᠯᠲᠦ ᠪᠠᠰᠠ ᠪᠠᠳᠠᠷᠴᠢ ᠬᠤᠷᠳᠤᠨ ᠬᠡᠭᠡᠷ ᠮᠣᠷᠢ ᠶ᠋ᠢ ᠥᠨᠳᠥᠷ ᠦᠨ᠎ᠡ ᠲᠡᠢ ᠠᠪᠤᠭᠰᠠᠨ ᠢ᠋ ᠰᠣᠨᠢᠨ ᠪᠣᠯᠭᠠᠵᠤ ᠶᠠᠷᠢᠭᠠᠳ 《ᠬᠥᠮᠦᠨ ᠮᠥᠨ ᠤᠩᠭᠢᠷᠠᠭᠠᠨ ᠶᠤᠮ ᠳᠠ᠃ ᠲᠣᠮᠣᠬᠠᠨ ᠰᠢᠨᠠᠭ᠎ᠠ ᠪᠠᠷ ᠨᠢᠭᠡ ᠤᠳᠬᠤᠬᠤ ᠳ᠋ᠤ᠌ ᠰᠢᠪᠬᠠᠷᠤᠤ ᠦᠯᠡᠳᠡᠬᠦ ᠦᠭᠡᠢ ᠬᠥᠷᠥᠩᠭᠡ ᠲᠡᠢ ᠪᠠᠢᠵᠤ᠂ ᠲᠡᠢᠮᠦ ᠦᠨ᠎ᠡ ᠲᠡᠢ ᠮᠣᠷᠢ ᠠᠪᠤᠭᠠᠳ ᠶᠠᠭᠠᠬᠢᠨ᠎ᠠ ᠳᠠ》 ᠭᠡᠵᠦ ᠬᠡᠯᠡᠯ᠎ᠡ᠃
᠊᠊᠊᠊᠊᠊᠊᠊᠊᠊᠊᠊᠊᠊᠊ ᠡᠷᠳᠡᠨᠢ ᠮᠢᠨᠢ ᠮᠠᠨ ᠤ᠋ ᠮᠠᠭᠤ ᠬᠣᠩᠭᠣᠷ ᠴᠢᠨᠢ ᠶᠠᠭᠤ ᠴᠤ᠌ ᠮᠡᠳᠡᠬᠦ ᠦᠭᠡᠢ ᠠᠮᠢᠲᠠᠨ᠂ ᠪᠠᠲᠤ ᠳ᠋ᠤ᠌ ᠯᠠ ᠰᠠᠢᠨ ᠵᠠᠬᠢᠵᠤ ᠥᠭᠳᠡᠭ ᠶᠤᠮ ᠰᠢᠦ ᠭᠡᠵᠦ ᠳᠤᠯᠵᠢᠨ ᠭᠠᠳᠠᠨ᠎ᠠ ᠡᠴᠡ ᠲᠦᠯᠡᠭᠡ ᠣᠷᠣᠭᠤᠯᠵᠤ ᠢᠷᠡᠭᠡᠳ ᠭᠠᠯ ᠲᠦᠯᠡᠬᠦ ᠵᠠᠭᠤᠷ᠎ᠠ ᠬᠠᠨᠴᠤᠢ ᠪᠠᠷ ᠢ᠋ᠶ᠋ᠠᠨ ᠨᠢᠯᠪᠤᠰᠤ ᠪᠠᠨ ᠠᠷᠴᠢᠨ ᠬᠡᠯᠡᠪᠡ᠃
᠊᠊᠊᠊᠊᠊᠊᠊᠊᠊᠊᠊᠊᠊᠊ ᠬᠤᠷᠤᠭᠤᠨ ᠤ᠋ ᠴᠢᠨᠡᠭᠡ ᠬᠣᠶᠠᠷ ᠠᠮᠢᠲᠠᠨ ᠢ᠋ ᠬᠡᠨ ᠢ᠋ ᠨᠢ ᠬᠡᠨ ᠳ᠋ᠦ᠍ᠨᠢ ᠵᠠᠬᠢᠬᠤ ᠪᠢᠯᠡ ᠳᠠ᠃ ᠳᠡᠮᠡᠢ ᠶᠠᠷᠢᠬᠤ ᠶᠤᠮ ᠭᠡᠵᠦ ᠢᠲᠡᠭᠡᠯᠲᠦ ᠬᠥᠭᠵᠢᠯᠲᠡᠢ ᠢᠨᠢᠶᠡᠨ ᠬᠡᠯᠡᠪᠡ᠃
᠊᠊᠊᠊᠊᠊᠊᠊᠊᠊᠊᠊᠊᠊᠊ ᠮᠠᠨ ᠤ᠋ ᠲᠤᠯᠭᠠᠷ ᠪᠠᠲᠤ ᠶ᠋ᠢ ᠪᠡᠨ ᠬᠣᠩᠭᠣᠷ ᠲᠤ᠌ ᠵᠠᠬᠢᠵᠤ ᠪᠠᠢᠳᠠᠭ᠃ ᠳᠤᠯᠵᠢᠨ ᠪᠠᠲᠤ ᠳ᠋ᠤ᠌ ᠵᠠᠬᠢᠨ᠎ᠠ ᠭᠡᠵᠦ ᠪᠠᠢᠳᠠᠭ ᠲᠠᠭᠠᠷᠠᠵᠤ ᠳᠠ ᠭᠡᠵᠦ ᠡᠷᠳᠡᠨᠢ ᠬᠡᠯᠡᠭᠡᠳ ᠮᠠᠭ ᠮᠠᠭ ᠢᠨᠢᠶᠡᠪᠡ᠃
᠊᠊᠊᠊᠊᠊᠊᠊᠊᠊᠊᠊᠊᠊᠊ ᠨᠥᠭᠦᠭᠡ ᠪᠦᠰᠡᠭᠦᠢ ᠬᠥᠮᠦᠨ ᠦ᠌ ᠦᠰᠦ ᠨᠢ ᠤᠷᠲᠤ ᠤᠬᠠᠭᠠᠨ ᠨᠢ ᠪᠣᠭᠣᠨᠢ ᠭᠡᠳᠡᠭ ᠴᠢᠨᠢ ᠯᠡ ᠡᠨᠡ ᠪᠠᠢᠬᠤ ᠦᠭᠡᠢ ᠤᠤ ᠳᠠ ᠭᠡᠳ ᠢᠲᠡᠭᠡᠯᠲᠦ ᠨᠢᠳᠦ ᠪᠡᠨ ᠵᠢᠷᠲᠠᠢᠯᠭᠠᠨ ᠬᠠᠳᠠᠨ ᠳᠡᠭᠡᠷ᠎ᠡ ᠡᠴᠡ ᠮᠠᠢᠯᠠᠭᠰᠠᠨ ᠢᠰᠢᠭᠡ ᠯᠦ᠍ᠭᠡ ᠠᠳᠠᠯᠢ ᠢᠨᠢᠶᠡᠪᠡ᠃
ᠤᠳᠠᠯ ᠦᠭᠡᠢ ᠡᠷᠳᠡᠨᠢ ᠬᠣᠶᠠᠷ ᠬᠡᠦᠬᠡᠳ ᠢ᠋ ᠳᠠᠭᠠᠭᠤᠯᠤᠨ ᠵᠠᠶ᠎ᠠ ᠶ᠋ᠢᠨ ᠬᠦᠷᠢᠶ᠎ᠡ ᠤᠷᠤᠭᠤ ᠮᠣᠷᠳᠠᠬᠤ ᠪᠣᠯᠬᠤ ᠳ᠋ᠤ᠌ ᠲᠤᠯᠭᠠᠷ ᠳᠤᠯᠵᠢᠨ ᠬᠣᠶᠠᠷ᠂ ᠪᠠᠲᠤ ᠬᠣᠩᠭᠣᠷ ᠬᠣᠶᠠᠷ ᠢ᠋ ᠲᠡᠪᠡᠷᠢᠨ ᠦᠨᠦᠰᠴᠦ 《ᠲᠣᠮᠣᠭ᠎ᠠ ᠲᠠᠢ ᠶᠠᠪᠤᠭᠠᠷᠠᠢ》᠂ 《ᠪᠡᠶ᠎ᠡ ᠪᠡᠶ᠎ᠡ ᠪᠡᠨ ᠠᠩᠬᠠᠷᠴᠤ ᠶᠠᠪᠤᠭᠠᠷᠠᠢ》᠂ 《ᠮᠠᠭᠤ ᠬᠡᠦᠬᠡᠳ ᠲᠡᠢ ᠪᠢᠲᠡᠭᠡᠢ ᠨᠡᠢᠯᠡᠭᠡᠷᠡᠢ》᠂ 《ᠭᠠᠳᠠᠭᠤᠷ ᠪᠢᠲᠡᠭᠡᠢ ᠶᠠᠪᠤᠭᠠᠷᠠᠢ᠂ ᠬᠦᠷᠢᠶᠡᠨ ᠦ᠌ ᠨᠣᠬᠠᠢ ᠬᠡᠴᠡᠭᠦᠦ ᠰᠢᠦ》 ᠭᠡᠬᠦ ᠵᠡᠷᠭᠡ ᠲᠦᠮᠡᠨ ᠵᠦᠢᠯ ᠦ᠋ᠨ ᠶᠠᠭᠤᠮ᠎ᠠ ᠵᠠᠬᠢᠵᠤ ᠤᠬᠢᠯᠠᠨ ᠪᠠᠢᠪᠠ᠃ ᠰᠣᠯᠣᠩᠭ᠎ᠠ ᠰᠦᠷᠦᠩ ᠬᠣᠶᠠᠷ ᠡᠬᠡᠷ ᠲᠡᠳᠡᠨ ᠶᠠᠩᠭᠢᠨᠠᠲᠠᠯ᠎ᠠ ᠤᠬᠢᠯᠠᠵᠤ ᠪᠠᠢᠪᠠ᠃ ᠰᠣᠯᠣᠩᠭ᠎ᠠ 《ᠠᠬ᠎ᠠ ᠠ᠋ ᠲᠠ ᠪᠢᠲᠡᠭᠡᠢ ᠶᠠᠪᠤ》 ᠭᠡᠵᠦ ᠬᠠᠰᠬᠢᠷᠬᠤ ᠳ᠋ᠤ᠌ ᠡᠵᠢ ᠨᠢ 《ᠨᠢᠭᠦᠯ᠂ ᠲᠡᠭᠡᠵᠦ ᠪᠣᠯᠳᠠᠭ ᠦᠭᠡᠢ ᠶᠤᠮ᠃ ᠮᠢᠨᠦ ᠥᠬᠢᠨ᠂ ᠠᠬ᠎ᠠ ᠨᠢ ᠭᠡᠭᠡᠨ ᠦ᠌ ᠣᠷᠣᠨ ᠳ᠋ᠤ᠌ ᠣᠴᠢᠵᠤ ᠰᠠᠢᠨ ᠯᠠᠮᠠ ᠪᠣᠯᠬᠤ ᠭᠡᠵᠦ ᠪᠠᠢᠨ᠎ᠠ》ᠭᠡᠵᠦ ᠬᠡᠯᠡᠪᠡ᠃
᠊᠊᠊᠊᠊᠊᠊᠊᠊᠊᠊᠊᠊᠊᠊ ᠡᠷᠳᠡᠨᠢ ᠮᠢᠨᠢ᠂ ᠢᠨᠠᠳᠤᠭᠢ ᠬᠣᠩᠭᠣᠷ ᠴᠢᠨᠢ ᠬᠡᠪᠰᠢ ᠪᠠᠭᠰᠢ ᠶ᠋ᠢᠨ ᠬᠠᠰᠢᠶ᠎ᠠ ᠶ᠋ᠢ ᠮᠡᠳᠡᠨ᠎ᠡ᠃ ᠰᠢᠷᠦᠭᠦᠨ ᠰᠢᠭ ᠶᠠᠪᠤᠬᠤ ᠦᠭᠡᠢ ᠪᠣᠯ ᠢᠷᠡᠬᠦ ᠳ᠋ᠡᠭᠡᠨ ᠣᠷᠣᠢᠲᠠᠨᠠ ᠰᠢᠦ ᠭᠡᠵᠦ ᠢᠲᠡᠭᠡᠯᠲᠦ ᠵᠠᠬᠢᠪᠠ᠃
ᠲᠡᠷᠡ ᠭᠤᠷᠪᠠ ᠮᠣᠷᠳᠠᠭᠠᠳ ᠶᠠᠪᠤᠬᠤ ᠳ᠋ᠤ᠌ ᠳᠤᠯᠵᠢᠨ ᠲᠤᠯᠭᠠᠷ ᠬᠣᠶᠠᠷ ᠰᠦ ᠪᠡᠷ ᠲᠠᠬᠢᠯ ᠡᠷᠭᠦᠵᠦ᠂ ᠳᠠᠯᠳᠠ ᠣᠷᠣᠲᠠᠯ᠎ᠠ ᠨᠢ ᠬᠠᠷᠠᠨ ᠪᠠᠢᠨ ᠪᠠᠢᠨ ᠰᠠᠨᠠᠭ᠎ᠠ ᠠᠯᠲᠠᠨ᠂ ᠥᠪᠡᠷ ᠦ᠋ᠨ ᠡᠷᠬᠡ ᠦᠭᠡᠢ ᠠᠰᠬᠠᠷᠠᠨ ᠪᠠᠢᠭ᠎ᠠ ᠨᠢᠯᠪᠤᠰᠤ ᠪᠠᠨ ᠬᠡᠯᠡ ᠪᠡᠷ ᠢ᠋ᠶ᠋ᠡᠨ ᠳᠣᠯᠣᠭᠣᠵᠤ ᠵᠣᠭᠰᠣᠪᠠ᠃
ᠡᠷᠳᠡᠨᠢ ᠬᠣᠶᠠᠷ ᠬᠡᠦᠬᠡᠳ ᠢ᠋ᠶ᠋ᠡᠨ ᠳᠠᠭᠠᠭᠤᠯᠤᠨ ᠰᠢᠷᠦᠭᠦᠨ ᠬᠠᠲᠠᠷᠢᠭᠤᠯᠤᠭᠰᠠᠭᠠᠷ ᠪᠠᠭ᠎ᠠ ᠦᠳᠡ ᠥᠩᠭᠡᠷᠡᠬᠦ ᠶ᠋ᠢᠨ ᠦᠶ᠎ᠡ ᠳ᠋ᠦ᠍ ᠵᠠᠶ᠎ᠠ ᠶ᠋ᠢᠨ ᠬᠦᠷᠢᠶᠡᠨ ᠦ᠌ ᠪᠠᠷᠠᠭᠤᠨ ᠬᠣᠢᠨ᠎ᠠ ᠡᠴᠡ ᠣᠷᠣᠵᠤ ᠢᠷᠡᠯ᠎ᠡ᠃ ᠬᠥᠳᠡᠭᠡ ᠶ᠋ᠢᠨ ᠬᠢᠨ ᠬᠣᠷᠢᠶᠠᠨ ᠤ᠋ ᠬᠢᠨ ᠢ᠋ 《ᠤᠯᠠᠭᠠᠨ ᠮᠣᠳᠣᠨ ᠭᠡᠷ ᠲᠡᠢ᠂ ᠤᠰᠤᠨ ᠪᠤᠳᠠᠭᠠᠨ ᠬᠣᠭᠣᠯᠠ ᠲᠠᠢ》 ᠭᠡᠬᠦ ᠵᠡᠷᠭᠡ ᠪᠡᠷ ᠱᠣᠣᠯᠠᠵᠤ ᠪᠠᠢᠳᠠᠭ ᠪᠣᠯ ᠬᠣᠷᠢᠶᠠᠨ ᠤ᠋ ᠬᠢᠨ ᠬᠥᠳᠡᠭᠡ ᠶ᠋ᠢᠨ ᠬᠢᠨ ᠢ᠋ 《ᠬᠥᠳᠡᠭᠡ ᠶ᠋ᠢᠨ ᠬᠥᠳᠥᠰᠥᠨ ᠳᠡᠪᠡᠯᠲᠦ᠂ ᠬᠥᠬᠡ ᠮᠠᠨᠲᠠᠤ》 ᠭᠡᠬᠦ ᠵᠡᠷᠭᠡ ᠪᠡᠷ ᠱᠣᠣᠯᠠᠳᠠᠭ ᠪᠢᠯᠡ᠃ ᠪᠠᠰᠠ ᠲᠡᠭᠡᠭᠡᠳ ᠡᠪ ᠯᠡ ᠭᠠᠷᠪᠠᠯ ᠦᠭᠡ ᠶ᠋ᠢᠨ ᠬᠤᠷᠴᠠ ᠪᠠᠷ ᠪᠡᠶ᠎ᠡ ᠪᠡᠶ᠎ᠡ ᠪᠡᠨ ᠴᠢᠳᠠᠬᠤ ᠳᠤᠷ᠎ᠠ ᠲᠠᠢ ᠪᠠᠢᠳᠠᠭ᠃ ᠳᠡᠮᠡᠢ ᠰᠠᠭᠤᠬᠤ ᠪᠠᠷ ᠲᠡᠮᠡᠭᠡ ᠬᠠᠷᠢᠭᠤᠯ ᠭᠡᠭᠴᠢ ᠪᠡᠷ ᠬᠦᠷᠢᠶ᠎ᠡ ᠡᠷᠭᠢᠬᠦ ᠪᠡᠷ ᠭᠠᠷᠤᠭᠰᠠᠨ ᠴᠢᠮᠡᠭ᠂ ᠴᠡᠴᠡᠭ ᠬᠣᠶᠠᠷ ᠬᠦᠷᠳᠦ ᠶ᠋ᠢᠨ ᠳᠡᠷᠭᠡᠳᠡ ᠵᠣᠭᠰᠣᠨ ᠬᠡᠨ ᠦ᠌ ᠬᠤᠪᠴᠠᠰᠤ ᠠᠶᠠᠲᠠᠢᠬᠠᠨ᠂ ᠬᠡᠨ ᠦ᠌ ᠳᠡᠪᠡᠯ ᠮᠠᠭᠤᠬᠠᠢ᠂ ᠬᠡᠨ ᠦ᠌ ᠬᠠᠮᠠᠷ ᠥᠨᠳᠥᠷ᠂ ᠬᠡᠨ ᠦ᠌ ᠠᠮᠠ ᠲᠣᠮᠣ ᠵᠡᠷᠭᠡ ᠶ᠋ᠢ ᠰᠢᠭᠦᠮᠵᠢᠯᠡᠨ ᠶᠠᠷᠢᠯᠴᠠᠵᠤ ᠳᠡᠰ ᠳᠡᠰ ᠢᠨᠢᠶᠡᠨ ᠪᠠᠢᠲᠠᠯ᠎ᠠ ᠢᠵᠢᠯᠬᠡᠨ ᠬᠣᠶᠠᠷ ᠬᠡᠭᠡᠷ ᠮᠣᠷᠢ ᠲᠠᠢ ᠬᠡᠦᠬᠡᠳ ᠳᠠᠭᠠᠭᠤᠯᠤᠭᠰᠠᠨ ᠬᠠᠩᠬᠠᠭᠠᠷ ᠥᠷᠭᠡᠨ ᠴᠡᠭᠡᠵᠢ ᠲᠡᠢ᠂ ᠨᠠᠷᠠ ᠰᠠᠯᠬᠢᠨ ᠳ᠋ᠤ᠌ ᠪᠣᠷᠣᠯᠠᠭᠰᠠᠨ ᠬᠦᠷᠡᠯ ᠴᠢᠷᠠᠢ ᠳ᠋ᠤᠨᠢ ᠭᠠᠯ ᠴᠣᠭ ᠪᠠᠳᠠᠷᠠᠭᠰᠠᠨ ᠲᠣᠮᠣ ᠨᠢᠳᠦ᠂ ᠥᠳᠬᠡᠨ ᠬᠠᠷ᠎ᠠ ᠬᠥᠮᠥᠰᠬᠡ ᠨᠢ ᠰᠢᠨᠡᠬᠡᠨ ᠨᠥᠬᠥᠷ ᠲᠡᠢ ᠪᠡᠨ ᠶᠠᠪᠤᠭ᠎ᠠ ᠵᠠᠯᠠᠭᠤ ᠠᠪᠠᠭᠠᠢ ᠶ᠋ᠢᠨ ᠴᠦ᠍ ᠨᠢᠳᠦ ᠶ᠋ᠢ ᠡᠷᠭᠢᠭᠦᠯᠵᠦ ᠬᠠᠷᠠᠭᠤᠯᠬᠤ ᠴᠢᠳᠠᠯ ᠲᠡᠭᠦᠯᠳᠡᠷ ᠬᠠᠷ᠎ᠠ ᠬᠥᠮᠦᠨ ᠥᠨᠳᠥᠷ ᠪᠣᠷᠣ ᠮᠣᠷᠢᠨ ᠳᠡᠭᠡᠷ᠎ᠡ ᠦᠯᠦ ᠮᠡᠳᠡᠭ ᠬᠥᠨᠳᠡᠯᠡᠨ ᠰᠠᠭᠤᠭᠰᠠᠭᠠᠷ ᠢᠷᠡᠵᠦ ᠶᠠᠪᠤᠯ᠎ᠠ᠃ ᠡᠮᠦᠰᠦᠭᠰᠡᠨ ᠬᠠᠭᠤᠴᠢᠪᠲᠤᠷ ᠬᠥᠬᠡ ᠳᠡᠪᠡᠯ᠂ ᠲᠣᠯᠣᠭᠠᠢ ᠪᠠᠨ ᠪᠣᠭᠣᠭᠰᠠᠨ ᠰᠢᠷᠣᠢ ᠬᠥᠯᠥᠰᠥᠨ ᠳ᠋ᠦ᠍ ᠪᠣᠷᠣᠯᠠᠭᠰᠠᠨ ᠴᠠᠭᠠᠨ ᠶᠠᠩᠪᠤᠤ ᠠᠯᠴᠢᠭᠤᠷ᠂ ᠮᠣᠷᠢᠨ ᠤ᠋ ᠶᠠᠪᠤᠳᠠᠯ ᠳ᠋ᠤ᠌ ᠮᠥᠷᠥ ᠤᠷᠤᠭᠤ ᠨᠢ ᠣᠠᠵᠢ᠌ᠭᠰᠠᠨ ᠪᠦᠳᠦᠭᠦᠨ ᠬᠠᠷ᠎ᠠ ᠭᠡᠵᠢᠭᠡ ᠡᠨᠡ ᠪᠦᠬᠦᠨ ᠨᠢ ᠬᠣᠲᠠ ᠶ᠋ᠢᠨ ᠬᠣᠶᠠᠷ ᠬᠡᠦᠬᠡᠨ ᠳ᠋ᠦ᠍ ᠶᠡᠷᠦ ᠪᠤᠰᠤ ᠶ᠋ᠢᠨ ᠵᠣᠬᠢᠴᠠᠭᠰᠠᠨ ᠶᠤᠮ ᠰᠢᠭ᠋ ᠬᠠᠷᠠᠭᠳᠠᠪᠠ᠃ ᠣᠢᠷᠠᠲᠤᠵᠤ ᠢᠷᠡᠬᠦ ᠳ᠋ᠦ᠍ᠨᠢ ᠨᠢᠭᠡ ᠳ᠋ᠦ᠍ ᠴᠢᠳᠠᠬᠤ᠂ ᠬᠣᠶᠠᠷ ᠲᠤ᠌ ᠡᠳᠦᠬᠦ ᠭᠡᠵᠦ ᠪᠣᠳᠣᠭᠰᠠᠨ ᠴᠢᠮᠡᠭ᠄
᠊᠊᠊᠊᠊᠊᠊᠊᠊᠊᠊᠊᠊᠊᠊ ᠬᠠᠷ᠎ᠠ ᠬᠥᠮᠦᠨ ᠭᠤᠸᠠᠢ᠂ ᠴᠢᠨᠠᠳᠤ ᠤᠷᠤᠭᠤ ᠴᠢᠨᠢ ᠬᠣᠶᠠᠷ ᠪᠢᠷᠠᠭᠤ ᠳᠠᠭᠠᠭᠤᠯᠤᠭᠰᠠᠨ ᠨᠢᠭᠡ ᠪᠤᠬ᠎ᠠ ᠦᠵᠡᠭᠳᠡᠬᠦ ᠦᠭᠡᠢ ᠪᠢᠵᠡ ᠭᠡᠬᠦ ᠳ᠋ᠦ᠍ᠨᠢ ᠬᠣᠲᠠ ᠶ᠋ᠢᠨ ᠬᠡᠦᠬᠡᠨ ᠦ᠌ ᠶᠣᠭᠲᠠ ᠦᠭᠡ ᠶ᠋ᠢᠨ ᠳᠠᠯᠳᠠ ᠤᠴᠢᠷ ᠢ᠋ ᠬᠡᠳᠦᠢᠨᠡᠢ ᠣᠢᠯᠭᠠᠭᠰᠠᠨ ᠡᠷᠳᠡᠨᠢ ᠠᠵᠢᠭ ᠦᠭᠡᠢ ᠴᠢᠷᠠᠢ ᠭᠠᠷᠭᠠᠨ᠄
᠊᠊᠊᠊᠊᠊᠊᠊᠊᠊᠊᠊᠊᠊᠊ ᠲᠡᠢᠮᠦ ᠶᠠᠭᠤᠮ᠎ᠠ ᠲᠠᠭᠠᠷᠠᠯᠳᠤᠭᠰᠠᠨ ᠦᠭᠡᠢ᠃ ᠬᠠᠷᠢᠨ ᠯᠠᠮᠠ ᠨᠠᠷ ᠤ᠋ᠨ ᠶᠠᠭᠤᠮ᠎ᠠ ᠪᠣᠯᠤᠯᠲᠠᠢ᠂ ᠨᠢᠷᠤᠭᠤ ᠳᠢᠷᠤᠭᠤ ᠦᠭᠡᠢ᠂ ᠲᠡᠮᠦᠷ ᠲᠤᠱᠠ ᠲᠠᠢ ᠬᠣᠶᠠᠷ ᠭᠡᠭᠦᠦ ᠯᠡ ᠢᠳᠡᠵᠦ ᠪᠠᠢᠨ᠎ᠠ ᠪᠢᠯᠡ ᠭᠡᠵᠦ ᠬᠡᠯᠡᠭᠡᠳ ᠳᠡᠷᠭᠡᠳᠡᠭᠦᠷ ᠨᠢ ᠥᠩᠭᠡᠷᠡᠯ᠎ᠡ᠃
ᠡᠷᠳᠡᠨᠢ ᠶ᠋ᠢᠨ ᠡᠨᠡ ᠦᠭᠡᠨ ᠳ᠋ᠦ᠍ ᠴᠡᠴᠡᠭ ᠦ᠋ᠨ ᠴᠢᠷᠠᠢ ᠬᠤᠪᠠᠬᠠᠢ ᠴᠠᠢᠪᠤᠷ ᠪᠣᠯᠵᠤ ᠨᠢᠳᠦᠨ ᠳ᠋ᠦ᠍ᠨᠢ ᠨᠢᠯᠪᠤᠰᠤ ᠪᠦᠷᠬᠦᠪᠡ᠃ ᠴᠢᠮᠡᠭ ᠬᠦᠷᠢᠶᠡᠨ ᠦ᠌ ᠭᠤᠳᠤᠮᠵᠢ ᠤᠷᠤᠭᠤ ᠣᠷᠣᠵᠤ ᠪᠠᠢᠭ᠎ᠠ ᠭᠤᠷᠪᠠᠨ ᠬᠥᠮᠦᠨ ᠦ᠌ ᠬᠣᠢᠨ᠎ᠠ ᠡᠴᠡ ᠠᠵᠢᠭᠯᠠᠨ ᠬᠠᠷᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠰᠠᠢᠬᠠᠨ ᠡᠷ᠎ᠡ ᠠ᠋ ᠭᠡᠵᠦ ᠬᠡᠯᠡᠭᠡᠳ ᠲᠦᠷᠭᠡᠨ ᠡᠷᠭᠢᠵᠦ ᠬᠦᠷᠳᠦ ᠤᠷᠤᠭᠤ ᠡᠷᠭᠢᠭᠦᠯᠬᠦ ᠳ᠋ᠦ᠍ ᠲᠣᠰᠣ ᠦᠭᠡᠢ ᠭᠣᠣᠯ ᠨᠢ ᠬᠢᠬᠤᠲᠤᠨᠠᠨ ᠭᠠᠰᠠᠯᠪᠠ᠃
ᠴᠡᠴᠡᠭ ᠨᠢᠭᠤᠷ ᠢ᠋ᠶ᠋ᠠᠨ ᠭᠠᠷ ᠤ᠋ᠨ ᠠᠯᠠᠭ᠎ᠠ ᠪᠠᠷ ᠳᠠᠷᠤᠵᠤ᠂ ᠬᠦᠷᠳᠦᠨ ᠦ᠌ ᠡᠭᠦᠳᠡᠨ ᠦ᠌ ᠶᠠᠰᠤ ᠮᠣᠳᠣ ᠶ᠋ᠢ ᠳᠥᠰᠢᠨ ᠬᠥᠳᠡᠯᠦᠯ ᠦᠭᠡᠢ ᠵᠣᠭᠰᠣᠵᠤ ᠪᠠᠢᠪᠠ᠃
ᠮᠠᠨᠠᠢ ᠭᠤᠷᠪᠠ ᠬᠦᠷᠢᠶᠡᠨ ᠦ᠌ ᠭᠤᠳᠤᠮᠵᠢ ᠪᠠᠷ ᠬᠡᠯᠲᠦᠷᠢᠨ ᠶᠠᠪᠤᠭᠰᠠᠭᠠᠷ ᠵᠠᠪᠰᠠᠷ ᠪᠦᠷᠢ ᠶ᠋ᠢ ᠨᠢ ᠰᠢᠪᠠᠷᠯᠠᠵᠤ ᠭᠠᠳᠠᠨ᠎ᠠ ᠡᠴᠡ ᠶᠠᠭᠤ ᠴᠤ᠌ ᠬᠠᠷᠠᠭᠳᠠᠬᠤ ᠦᠭᠡᠢ ᠪᠣᠯᠤᠭᠰᠠᠨ ᠥᠨᠳᠥᠷ ᠬᠠᠰᠢᠶᠠᠨ ᠤ᠋ ᠡᠭᠦᠳᠡᠨ ᠳ᠋ᠦ᠍ ᠵᠣᠭᠰᠣᠵᠤ ᠮᠣᠷᠢᠨ ᠡᠴᠡ ᠪᠡᠨ ᠪᠠᠭᠤᠭᠠᠳ ᠲᠣᠮᠣ ᠬᠦᠷᠡᠩ ᠬᠠᠭᠠᠯᠭᠠᠨ ᠤ᠋ ᠪᠠᠭ᠎ᠠ ᠬᠠᠭᠠᠯᠭ᠎ᠠ ᠶ᠋ᠢᠨ ᠣᠨᠢᠰᠣᠨ ᠤ᠋ ᠰᠤᠷ ᠢ᠋ ᠲᠠᠲᠠᠵᠤ ᠲᠦᠯᠬᠢᠬᠦ ᠳ᠋ᠦ᠍ ᠲᠡᠮᠦᠷ ᠬᠣᠩᠬᠣ ᠳᠠᠩ᠂ ᠲᠦᠩ ᠬᠢᠵᠦ ᠶᠡᠬᠡᠮᠰᠦᠭ ᠢ᠋ᠶ᠋ᠡᠷ ᠵᠢᠩᠭᠢᠨᠡᠨ ᠳᠤᠤᠭᠠᠷᠪᠠ᠃ ᠢᠩᠭᠢᠭᠡᠳ ᠮᠣᠷᠢᠳ ᠢ᠋ᠶ᠋ᠠᠨ ᠬᠥᠲᠥᠯᠦᠨ ᠣᠷᠣᠵᠤ ᠤᠶᠠᠭᠠᠳ ᠬᠠᠰᠢᠶᠠᠨ ᠤ᠋ ᠬᠣᠢᠲᠤ ᠲᠠᠯ᠎ᠠ ᠶ᠋ᠢᠨ ᠲᠠᠯ᠎ᠠ ᠰᠠᠷᠠᠪᠴᠢᠨ ᠳ᠋ᠤ᠌ ᠥᠨᠳᠥᠷ ᠱᠠᠯᠠᠨ ᠳᠡᠭᠡᠷ᠎ᠡ ᠪᠠᠷᠢᠭᠰᠠᠨ ᠭᠡᠷ ᠲᠦ᠍ ᠣᠷᠣᠵᠠᠢ᠃
ᠦᠰᠦ ᠲᠡᠢ ᠳᠡᠪᠡᠯ ᠢ᠋ᠶ᠋ᠡᠷ ᠪᠥᠭᠰᠡ ᠪᠡᠨ ᠣᠷᠢᠶᠠᠵᠤ᠂ ᠡᠮᠦᠨ᠎ᠡ ᠪᠡᠨ ᠰᠢᠷ᠎ᠠ ᠲᠣᠷᠭᠠᠨ ᠪᠠᠷᠢᠨᠲᠠᠭ ᠲᠠᠢ ᠨᠣᠮ ᠳᠡᠯᠭᠡᠨ ᠲᠠᠯᠪᠢᠭᠰᠠᠨ ᠳᠥᠴᠢ ᠭᠠᠷᠤᠢ ᠨᠠᠰᠤᠨ ᠤ᠋ ᠲᠠᠷᠭᠤᠨ ᠰᠢᠷ᠎ᠠ ᠯᠠᠮᠠ ᠭᠡᠷ ᠦ᠋ᠨ ᠪᠠᠷᠠᠭᠤᠨ ᠲᠠᠯ᠎ᠠ ᠶ᠋ᠢᠨ ᠣᠷᠣᠨ ᠤ᠋ ᠡᠮᠦᠨ᠎ᠡ ᠰᠠᠭᠤᠵᠤ ᠪᠠᠢᠪᠠ᠃ ᠠᠷᠴᠠ᠂ ᠬᠦᠵᠢ᠂ ᠣᠯᠠᠨ ᠵᠢᠯ ᠦ᠋ᠨ ᠳᠠᠷᠤᠭᠳᠠᠮᠠᠯ ᠡᠳ᠋ ᠦ᠋ᠨ ᠴᠢᠭᠢᠭᠯᠢᠭ ᠦᠨᠦᠷ ᠬᠣᠯᠢᠯᠳᠤᠨ ᠬᠡᠭᠡᠷ᠎ᠡ ᠶ᠋ᠢᠨ ᠰᠠᠯᠬᠢᠨ ᠳ᠋ᠤ᠌ ᠳᠠᠰᠤᠭᠰᠠᠨ ᠭᠤᠷᠪᠠ ᠶ᠋ᠢᠨ ᠬᠠᠮᠠᠷ ᠤᠷᠤᠭᠤ ᠠᠶ᠎ᠠ ᠦᠭᠡᠢ ᠦᠨᠦᠷ ᠬᠠᠩᠬᠤᠯᠪᠠ᠃ ᠬᠣᠢᠮᠣᠷ ᠪᠠᠢᠭ᠎ᠠ ᠬᠣᠶᠠᠷ ᠠᠪᠳᠠᠷ᠎ᠠ ᠳᠡᠭᠡᠷᠡᠬᠢ ᠪᠤᠷᠬᠠᠨ ᠤ᠋ ᠭᠦᠩᠭᠠᠷᠠᠪᠠ ᠶ᠋ᠢᠨ ᠰᠢᠯ ᠨᠢ ᠣᠨᠢ᠌ᠯᠭᠠᠵᠤ ᠲᠠᠲᠠᠭᠰᠠᠨ ᠡᠷᠦᠬᠡ ᠪᠡᠷ ᠣᠷᠣᠵᠤ ᠢᠷᠡᠭᠰᠡᠨ ᠨᠠᠷᠠᠨ ᠳ᠋ᠤ᠌ ᠬᠦᠢᠲᠡᠨ ᠥᠩᠭᠡ ᠪᠡᠷ ᠭᠢᠯᠠᠯᠵᠠᠵᠤ ᠪᠠᠢᠪᠠ᠃ ᠡᠨᠡ ᠪᠦᠬᠦᠢ ᠪᠠᠢᠳᠠᠯ ᠨᠢ ᠬᠣᠶᠠᠷ ᠬᠡᠦᠬᠡᠳ ᠦ᠋ᠨ ᠰᠡᠳᠬᠢᠯ ᠢ᠋ ᠳᠠᠷᠤᠵᠤ᠂ ᠰᠢᠨ᠎ᠡ ᠭᠠᠵᠠᠷ ᠣᠴᠢᠬᠤ ᠰᠡᠳᠬᠢᠯ ᠦ᠋ᠨ ᠬᠥᠭᠡᠷᠦᠯᠲᠡ ᠶ᠋ᠢ ᠨᠢ ᠦᠯᠢᠶᠡᠵᠦ ᠡᠬᠢᠯᠡᠪᠡ᠃
᠊᠊᠊᠊᠊᠊᠊᠊᠊᠊᠊᠊᠊᠊᠊ ᠯᠠᠮᠪᠣᠭᠠᠢ ᠶ᠋ᠢᠨ ᠠᠮᠤᠭᠤᠯᠠᠩ ᠢ᠋ ᠠᠢᠯᠠᠳᠬᠠᠶ᠎ᠠ ᠭᠡᠵᠦ ᠡᠷᠳᠡᠨᠢ ᠶ᠋ᠢᠨ ᠬᠡᠯᠡᠬᠦ ᠳ᠋ᠦ᠍᠂ ᠡᠷᠭᠢᠭᠦᠯᠬᠦ ᠭᠡᠰᠡᠨ ᠨᠣᠮ ᠤ᠋ᠨ ᠬᠠᠭᠤᠳᠠᠰᠤ ᠪᠠᠨ ᠪᠠᠷᠢᠭᠰᠠᠨ ᠬᠡᠪ ᠢ᠋ᠶ᠋ᠡᠷ ᠣᠷᠣᠵᠤ ᠢᠷᠡᠭᠴᠢᠳ ᠢ᠋ ᠠᠵᠢᠭᠯᠠᠨ ᠬᠠᠷᠠᠭᠰᠠᠨ ᠢ᠋ᠶ᠋ᠠᠨ᠄
᠊᠊᠊᠊᠊᠊᠊᠊᠊᠊᠊᠊᠊᠊᠊ ᠰᠠᠢᠨ᠂ ᠰᠠᠢᠨ ᠪᠠᠢᠨ᠎ᠠ ᠤᠤ? ᠭᠡᠳ ᠨᠢᠳᠦ ᠪᠡᠨ ᠵᠢᠷᠲᠠᠢᠯᠭᠠᠨ ᠯᠠᠪᠯᠠᠵᠤ ᠬᠠᠷᠠᠭᠠᠳ 《ᠠ᠋᠂ ᠢᠲᠡᠭᠡᠯᠲᠦ ᠶ᠋ᠢᠨ ᠬᠡᠯᠡᠳᠡᠭ ᠬᠣᠶᠠᠷ ᠬᠡᠦᠬᠡᠳ ᠢᠷᠡᠪᠡ ᠤᠤ᠃ ᠵᠠ ᠲᠠᠰᠢ ᠪᠠᠨ ᠰᠠᠭᠤᠵᠠᠭ᠎ᠠ》 ᠭᠡᠵᠦ ᠭᠡᠷ ᠦ᠋ᠨ ᠵᠡᠭᠦᠨ ᠲᠠᠯ᠎ᠠ ᠤᠷᠤᠭᠤ ᠵᠢᠭᠠᠪᠠ᠃
ᠯᠠᠮᠠ ᠪᠣᠰᠴᠤ᠂ ᠣᠷᠣᠨ ᠤ᠋ ᠬᠥᠯ ᠳ᠋ᠦ᠍ ᠵᠤᠤᠵᠠᠢ ᠬᠣᠯᠪᠣᠨ ᠲᠠᠯᠪᠢᠭᠰᠠᠨ ᠭᠤᠲᠤᠯ ᠢ᠋ᠶ᠋ᠠᠨ ᠡᠮᠦᠰᠬᠦ ᠵᠠᠭᠤᠷ᠎ᠠ 《ᠵᠢᠭᠠᠯ ᠬᠦᠦ ᠴᠢ ᠭᠠᠷᠤᠭᠠᠳ ᠭᠡᠷ ᠦ᠋ᠨ ᠪᠠᠷᠠᠭᠤᠨ ᠲᠠᠯ᠎ᠠ ᠳ᠋ᠤ᠌ ᠬᠤᠷᠢᠶᠠᠯᠲᠠ ᠲᠠᠢ ᠲᠦᠯᠡᠭᠡ ᠡᠴᠡ ᠲᠠᠪᠤ ᠶ᠋ᠢ ᠠᠪᠤᠭᠠᠳ ᠢᠷ᠎ᠡ᠂ ᠪᠢᠲᠡᠭᠡᠢ ᠨᠤᠷᠠᠭᠠᠴᠢᠬᠠᠭᠠᠷᠠᠢ᠃ ᠳᠠᠷᠠᠭ᠎ᠠ ᠨᠢ ᠲᠡᠷᠡ ᠱᠦᠭᠦᠢ ᠡᠴᠡ ᠲᠣᠭᠣᠭ᠎ᠠ ᠠᠪᠴᠤ ᠵᠤᠤᠬᠠᠨ ᠳᠡᠭᠡᠷ᠎ᠡ ᠲᠠᠯᠪᠢᠵᠤ ᠣᠷᠭᠢ᠃ ᠢᠩᠭᠢᠬᠦ ᠳ᠋ᠦ᠍ ᠨᠡᠷ᠎ᠡ ᠬᠡᠨ ᠪᠢᠯᠡ?》 ᠭᠡᠬᠦ ᠳ᠋ᠦ᠍ᠨᠢ ᠡᠷᠳᠡᠨᠢ ᠬᠦᠦ ᠶ᠋ᠢᠨ ᠢ᠋ᠶ᠋ᠡᠨ ᠨᠡᠷ᠎ᠡ ᠶ᠋ᠢ ᠬᠡᠯᠡᠪᠡ᠃
ᠪᠠᠲᠤ ᠭᠠᠷᠴᠤ ᠲᠦᠯᠡᠭᠡ ᠣᠷᠣᠭᠤᠯᠵᠤ ᠢᠷᠡᠭᠡᠳ ᠵᠢᠵᠢᠭᠬᠡᠨ ᠵᠢᠯᠡᠪᠴᠢᠨ ᠲᠣᠭᠣᠭ᠎ᠠ ᠶ᠋ᠢ ᠱᠦᠭᠦᠢ ᠡᠴᠡ ᠠᠪᠬᠤ ᠭᠡᠲᠡᠯ᠎ᠡ 《ᠮᠥᠨ ᠲᠦᠭᠦᠬᠡᠢ ᠪᠠᠢᠨ᠎ᠠ ᠳᠠ᠂ ᠤᠷᠢᠳᠠᠪᠡᠷ ᠵᠤᠤᠬᠠᠨ ᠤ᠋ ᠲᠠᠭ ᠢ᠋ ᠠᠪᠴᠤ ᠲᠦᠯᠡᠭᠡ ᠪᠡᠨ ᠬᠢᠳᠡᠭ ᠶᠤᠮ᠃ ᠲᠡᠷᠡ ᠲᠣᠭᠣᠭᠠᠨ ᠤ᠋ ᠴᠢᠨᠢ ᠬᠠᠵᠠᠭᠤ ᠳ᠋ᠤ᠌ ᠪᠠᠷᠢᠭᠤᠯ ᠪᠠᠢᠭ᠎ᠠ》 ᠭᠡᠵᠦ ᠯᠠᠮᠠ ᠵᠠᠩᠳᠤᠷᠤᠩᠭᠤᠢ ᠪᠥᠭᠡᠳ ᠤᠴᠠᠭᠠᠷᠯᠠᠩᠭᠤᠢ ᠬᠡᠯᠡᠪᠡ᠃
ᠪᠠᠲᠤ ᠲᠦᠯᠡᠭᠡ ᠪᠡᠨ ᠥᠷᠥᠵᠦ ᠡᠬᠢᠯᠡᠲᠡᠯ᠎ᠡ ᠯᠠᠮᠠ ᠤᠴᠠᠭᠠᠷᠯᠠᠨ ᠪᠣᠰᠴᠤ ᠢᠷᠡᠭᠡᠳ ᠲᠦᠯᠬᠢᠵᠦ ᠵᠠᠢᠯᠠᠭᠤᠯᠤᠨ ᠥᠪᠡᠷ ᠢ᠋ᠶ᠋ᠡᠨ ᠲᠠᠪᠤᠨ ᠨᠠᠷᠢᠨ ᠮᠣᠳᠣ ᠥᠷᠥᠵᠦ ᠭᠠᠯ ᠲᠦᠯᠡᠪᠡ᠃ ᠡᠨᠡ ᠪᠦᠬᠦᠨ ᠢ᠋ ᠬᠠᠷᠠᠭᠠᠳ 《ᠡᠨᠡ ᠭᠡᠷ ᠦ᠋ᠨ ᠬᠠᠮᠤᠭ ᠠᠵᠢᠯ ᠮᠠᠭᠤ ᠬᠦᠦ ᠳ᠋ᠦ᠍ ᠮᠢᠨᠢ ᠣᠨᠣᠭᠳᠠᠬᠤ ᠪᠣᠯᠤᠯᠲᠠᠢ᠃ ᠵᠠ ᠶᠠᠭᠠᠬᠢᠬᠤᠪ᠃ ᠡᠷ᠎ᠡ ᠬᠥᠮᠦᠨ ᠶᠠᠭᠤᠮ᠎ᠠ ᠰᠤᠷᠴᠤ ᠯᠠ ᠪᠠᠢᠭ》 ᠭᠡᠵᠦ ᠡᠷᠳᠡᠨᠢ ᠪᠣᠳᠣᠪᠠ᠃ ᠤᠳᠠᠭᠰᠠᠨ ᠴᠤ᠌ ᠦᠭᠡᠢ ᠴᠠᠢ ᠪᠣᠯᠤᠨ᠂ ᠵᠢᠵᠢᠭ ᠭᠠᠤᠯᠢᠨ ᠳᠠᠩᠬᠤ ᠳ᠋ᠤ᠌ ᠶᠡᠭᠦᠯᠡᠪᠡ᠃ ᠣᠷᠣᠨ ᠤ᠋ ᠲᠣᠯᠣᠭᠠᠢ ᠶ᠋ᠢᠨ ᠣᠯᠠᠨ ᠨᠢᠳᠦ ᠲᠡᠢ ᠡᠷᠢᠶᠡᠨ ᠱᠦᠭᠦᠢ ᠡᠴᠡ ᠭᠤᠷᠪᠠᠨ ᠮᠣᠳᠣᠨ ᠠᠶᠠᠭ᠎ᠠ᠂ ᠣᠷᠣᠨ ᠤ᠋ ᠬᠥᠨᠳᠡᠢ ᠡᠴᠡ ᠵᠡᠰ ᠰᠠᠪᠠ ᠲᠠᠢ ᠳᠤᠭᠤᠢ ᠪᠣᠣᠪᠣ ᠭᠠᠷᠭᠠᠵᠤ ᠡᠷᠳᠡᠨᠢ ᠶ᠋ᠢᠨ ᠡᠮᠦᠨ᠎ᠡ ᠲᠠᠯᠪᠢᠪᠠ᠃
᠊᠊᠊᠊᠊᠊᠊᠊᠊᠊᠊᠊᠊᠊᠊ ᠵᠠ ᠴᠠᠢ ᠤᠤᠭᠤᠵᠤ᠂ ᠢᠳᠡᠭᠡ ᠢᠳᠡ ᠭᠡᠵᠦ ᠬᠡᠯᠡᠭᠡᠳ ᠭᠤᠲᠤᠯ ᠢ᠋ᠶ᠋ᠠᠨ ᠲᠠᠢᠯᠤᠨ ᠪᠤᠴᠠᠵᠤ ᠣᠷᠣᠨ ᠳᠡᠭᠡᠷ᠎ᠡ ᠪᠡᠨ ᠵᠠᠪᠢᠯᠠᠨ ᠰᠠᠭᠤᠪᠠ᠃
ᠡᠷᠳᠡᠨᠢ ᠴᠠᠢ ᠶ᠋ᠢ ᠭᠤᠷᠪᠠᠨ ᠠᠶᠠᠭᠠᠨ ᠳ᠋ᠠᠭᠠᠨ ᠬᠢᠬᠦ ᠳ᠋ᠦ᠍ ᠶᠠᠭ ᠨᠢᠭᠡ ᠨᠢᠭᠡ ᠳᠦᠭᠦᠷᠡᠩ ᠪᠣᠯᠤᠭᠠᠳ ᠰᠢᠪᠬᠠᠷᠠᠪᠠ᠃
ᠡᠷᠳᠡᠨᠢ᠂ ᠯᠠᠮᠠ ᠨᠠᠷ ᠤ᠋ᠨ ᠡᠨᠡ ᠮᠡᠲᠦ ᠬᠠᠷᠠᠮᠴᠢ ᠠᠮᠢᠳᠤᠷᠠᠯ ᠳ᠋ᠤ᠌ ᠬᠡᠵᠢᠶᠡᠨᠡᠢ ᠡᠴᠡ ᠳᠤᠷ᠎ᠠ ᠦᠭᠡᠢ ᠪᠢᠯᠡ᠃
ᠦᠨᠡᠨ ᠳ᠋ᠡᠭᠡᠨ ᠴᠦ᠍ ᠬᠡᠪᠰᠢ ᠯᠠᠮᠠ᠂ ᠡᠷᠳᠡᠨᠢ ᠬᠣᠶᠠᠷ ᠤ᠋ᠨ ᠠᠮᠢᠳᠤᠷᠠᠯ ᠳ᠋ᠤ᠌ ᠲᠥᠰᠦᠭᠡᠲᠡᠢ ᠶᠠᠭᠤᠮ᠎ᠠ ᠪᠠᠢᠭᠰᠠᠨ ᠦᠭᠡᠢ᠃ ᠠᠷᠪᠠᠨ ᠬᠣᠶᠠᠷ ᠲᠠᠢ ᠪᠠᠢᠬᠤ ᠳ᠋ᠠᠭᠠᠨ ᠵᠠᠶ᠎ᠠ ᠶ᠋ᠢᠨ ᠬᠦᠷᠢᠶᠡᠨ ᠳᠡᠭᠡᠷ᠎ᠡ ᠢᠷᠡᠵᠦ ᠰᠠᠭᠤᠭᠰᠠᠨ ᠡᠨᠡ ᠯᠠᠮᠠ ᠣᠳᠣ ᠳᠥᠴᠢ ᠬᠦᠷᠴᠡᠢ᠃ ᠭᠠᠪᠵᠤ ᠶ᠋ᠢᠨ ᠳᠠᠮᠵᠠ ᠵᠠᠶ᠎ᠠ ᠶ᠋ᠢᠨ ᠬᠦᠷᠢᠶᠡᠨ ᠳᠡᠭᠡᠷ᠎ᠡ ᠪᠠᠷᠢᠵᠤ᠂ ᠬᠦᠷᠢᠶᠡᠨ ᠦ᠌ ᠭᠠᠩᠳᠠᠨ ᠳᠡᠭᠴᠢᠩᠯᠢᠩ ᠬᠡᠢᠳ ᠦ᠋ᠨ ᠪᠠᠷᠠᠭᠤᠨ ᠳᠠᠴᠠᠩ ᠳ᠋ᠤ᠌ ᠪᠣᠢᠫᠣᠷ ᠡᠷᠭᠢᠭᠦᠯᠦᠨ ᠭᠠᠪᠵᠤ ᠮᠢᠨᠳᠠᠭ ᠠᠪᠴᠠᠢ᠃
ᠯᠠᠮᠠ ᠨᠠᠷ ᠤ᠋ᠨ ᠠᠮᠢᠳᠤᠷᠠᠯ ᠤ᠋ᠨ ᠨᠠᠷᠢᠨ ᠠᠷᠭ᠎ᠠ ᠳ᠋ᠤ᠌ ᠨᠡᠪᠲᠡᠷᠡᠭᠰᠡᠨ ᠡᠨᠡ ᠬᠥᠮᠦᠨ ᠭᠦᠷᠢᠮ ᠲᠣᠷᠣᠮ ᠤᠩᠰᠢᠬᠤ᠂ ᠮᠡᠷᠭᠡᠯᠡᠬᠦ᠂ ᠰᠡᠭᠡᠷ ᠦ᠋ᠨ ᠢᠠᠠᠴᠠᠭᠠ ᠨᠣᠮᠯᠠᠬᠤ ᠪᠦᠬᠦᠨ ᠢ᠋ ᠬᠢᠵᠦ ᠣᠯᠵᠠ ᠣᠮᠣᠭ ᠶᠡᠬᠡᠲᠡᠢ ᠪᠠᠢᠳᠠᠭ ᠪᠣᠯᠪᠠᠴᠤ ᠶᠠᠭᠤᠮ᠎ᠠ ᠨᠢ ᠶᠡᠬᠡ ᠪᠣᠯᠬᠤ ᠳᠣᠳᠣᠮ ᠬᠠᠷᠠᠮᠯᠠᠬᠤ ᠨᠢ ᠶᠡᠬᠡ ᠪᠣᠯᠵᠤ ᠬᠣᠷᠸ᠎ᠠ ᠳᠡᠭᠡᠷ᠎ᠡ ᠦᠯᠡᠳᠡᠭᠰᠡᠨ ᠭᠠᠭᠴᠠ ᠠᠬ᠎ᠠ ᠪᠠᠨ ᠠᠢᠯᠴᠢᠯᠠᠨ ᠢᠷᠡᠬᠦ ᠳ᠋ᠦ᠍ ᠬᠣᠶᠠᠷ ᠬᠤᠤᠱᠤᠤᠷ ᠬᠠᠭᠠᠷᠢᠵᠤ ᠥᠭᠭᠦᠭᠡᠳ ᠲᠡᠭᠦᠨ ᠳ᠋ᠡᠭᠡᠨ ᠬᠡᠳᠦ ᠬᠣᠨᠣᠭ ᠭᠠᠰᠠᠯᠳᠠᠭ ᠪᠠᠢᠵᠠᠢ᠃
《ᠶᠡᠬᠡ ᠢᠳᠡᠬᠦ ᠤᠬᠠᠭᠠᠨ ᠤ᠋ ᠳᠠᠢᠰᠤᠨ》 ᠭᠡᠵᠦ ᠱᠠᠪᠢ ᠨᠠᠷ ᠲᠠᠭᠠᠨ ᠦᠷᠭᠦᠯᠵᠢ ᠰᠤᠷᠭᠠᠳᠠᠭ ᠪᠣᠯᠪᠠᠴᠤ ᠥᠪᠡᠷ ᠢ᠋ᠶ᠋ᠡᠨ ᠴᠠᠳᠬᠤ ᠦᠭᠡᠢ ᠬᠣᠨᠣᠵᠤ ᠦᠵᠡᠭᠡ ᠦᠭᠡᠢ᠃ ᠪᠣᠭᠳᠠ ᠯᠠᠮᠠ ᠶ᠋ᠢᠨ ᠢᠠᠠᠴᠠᠭᠠ ᠶ᠋ᠢ ᠰᠠᠢᠨ ᠮᠡᠳᠡᠳᠡᠭ ᠬᠥᠮᠦᠨ ᠦ᠌ ᠨᠢᠭᠡ ᠭᠡᠭᠳᠡᠳᠡᠭ ᠯᠠᠮᠠ ᠨᠠᠷ ᠤ᠋ᠨ ᠠᠷᠢᠭᠤᠨ ᠠᠮᠢᠳᠤᠷᠠᠯ ᠢ᠋ ᠪᠤᠰᠤᠳ ᠲᠤ᠌ ᠰᠤᠷᠭᠠᠬᠤ᠂ ᠪᠤᠷᠬᠠᠨ ᠤ᠋ ᠭᠡᠭᠡᠨ ᠦ᠌ ᠰᠤᠷᠭᠠᠯ ᠢ᠋ᠶ᠋ᠠᠷ ᠣᠯᠠᠨ ᠢ᠋ ᠲᠡᠵᠢᠭᠡᠬᠦ ᠳ᠋ᠦ᠍ ᠪᠡᠶ᠎ᠡ ᠰᠡᠳᠬᠢᠯ ᠢ᠋ᠶ᠋ᠡᠨ ᠵᠣᠷᠢᠭᠤᠯᠤᠭᠰᠠᠨ ᠪᠣᠯᠪᠠᠴᠤ ᠥᠪᠡᠷ ᠦ᠋ᠨ ᠬᠤᠪᠢ ᠳ᠋ᠤ᠌ ᠲᠡᠳᠦᠢ ᠯᠡ ᠰᠠᠬᠢᠳᠠᠭ ᠦᠭᠡᠢ᠂ ᠦᠳᠡᠰᠢ ᠣᠷᠣᠢ ᠬᠣᠷᠢᠶ᠎ᠠ ᠤᠷᠤᠭᠤ ᠭᠦᠶᠦᠳᠡᠭ᠂ ᠠᠪᠬᠤ ᠭᠠᠷ ᠨᠢ ᠲᠣᠮᠣ᠂ ᠥᠭᠬᠦ ᠭᠠᠷ ᠨᠢ ᠨᠠᠷᠢᠬᠠᠨ᠂ ᠴᠢᠳᠠᠯ ᠲᠠᠢ ᠱᠠᠪᠢ ᠨᠠᠷ ᠲᠠᠭᠠᠨ ᠨᠣᠮᠴᠢ᠂ ᠴᠢᠳᠠᠯ ᠦᠭᠡᠢ ᠱᠠᠪᠢ ᠨᠠᠷ ᠲᠠᠭᠠᠨ ᠰᠢᠷᠦᠭᠦᠨ᠂ ᠥᠪᠡᠷ ᠢ᠋ ᠪᠡᠨ ᠪᠦᠬᠦᠨ ᠡᠴᠡ ᠤᠬᠠᠭᠠᠨ ᠲᠠᠢ ᠭᠡᠵᠦ ᠪᠣᠳᠣᠳᠠᠭ ᠬᠥᠮᠦᠨ ᠪᠢᠯᠡ᠃
ᠬᠣᠷᠸ᠎ᠠ ᠳᠡᠭᠡᠷ᠎ᠡ ᠭᠠᠭᠴᠠ ᠬᠥᠮᠦᠨ ᠳ᠋ᠦ᠍ ᠶᠠᠭᠤ ᠪᠠᠨ ᠴᠤ᠌ ᠬᠠᠷᠠᠮᠯᠠᠳᠠᠭ ᠦᠭᠡᠢ᠂ ᠲᠡᠷᠡ ᠨᠢ ᠪᠣᠯ ᠨᠥᠭᠦᠭᠡ ᠴᠡᠮᠪᠡ ᠶᠤᠮ᠃ ᠪᠤᠰᠤᠳ ᠡᠴᠡ ᠣᠯᠤᠭᠰᠠᠨ ᠶᠠᠭᠤᠮ᠎ᠠ ᠪᠠᠨ ᠪᠠᠨᠲᠠᠢ ᠴᠡᠮᠪᠡ ᠳ᠋ᠡᠭᠡᠨ ᠥᠭᠴᠦ ᠪᠠᠢᠬᠤ ᠳ᠋ᠠᠭᠠᠨ ᠲᠠᠮᠢᠷ ᠤ᠋ᠨ ᠭᠣᠣᠯ ᠤ᠋ᠨ ᠤᠰᠤᠨ ᠡᠴᠡ ᠬᠠᠯᠪᠠᠭᠠᠳᠠᠨ ᠥᠭᠴᠦ ᠪᠠᠢᠭ᠎ᠠ ᠶᠤᠮ ᠰᠢᠭ᠋ ᠥᠷᠭᠡᠨ ᠳᠡᠯᠭᠡᠷ ᠰᠡᠳᠬᠢᠯ ᠲᠡᠢ ᠪᠠᠢᠳᠠᠭ᠃ 《ᠴᠢᠮ᠎ᠠ ᠳ᠋ᠤ᠌ ᠶᠠᠭᠤ ᠬᠡᠷᠡᠭ ᠲᠡᠢ ᠪᠣᠢ?》 ᠭᠡᠳᠡᠭ ᠦᠭᠡ ᠶ᠋ᠢ ᠴᠡᠮᠪᠡ ᠡᠴᠡ ᠥᠭᠡᠷ᠎ᠡ ᠬᠡᠨ ᠳ᠋ᠦ᠍ ᠴᠦ᠍ ᠬᠡᠯᠡᠵᠦ ᠪᠠᠢᠭ᠎ᠠ ᠦᠭᠡᠢ᠃
ᠡᠷᠳᠡᠨᠢ ᠬᠣᠶᠠᠷ ᠰᠠᠢᠷ ᠬᠠᠳᠠᠭ ᠭᠠᠷᠭᠠᠵᠤ ᠬᠡᠦᠬᠡᠳ ᠦ᠋ᠳ ᠢ᠋ ᠯᠠᠮᠠ ᠳ᠋ᠤ᠌ ᠮᠥᠷᠭᠥᠭᠦᠯᠦᠨ ᠱᠠᠪᠢ ᠣᠷᠣᠭᠤᠯᠪᠠ᠃
᠊᠊᠊᠊᠊᠊᠊᠊᠊᠊᠊᠊᠊᠊᠊ ᠬᠣᠭᠣᠯᠠ ᠶ᠋ᠢ ᠨᠢ ᠵᠤᠯᠠ ᠰᠠᠷ᠎ᠠ ᠠᠪᠴᠢᠷᠠᠵᠤ ᠥᠭ ᠭᠡᠵᠦ ᠢᠲᠡᠭᠡᠯᠲᠦ ᠳ᠋ᠦ᠍ ᠬᠡᠯᠡᠭᠡᠷᠡᠢ᠃ ᠣᠷᠣᠢ ᠪᠣᠯᠤᠯ᠎ᠠ ᠭᠡᠵᠦ ᠯᠠᠮᠠ ᠶ᠋ᠢᠨ ᠬᠡᠯᠡᠬᠦ ᠳ᠋ᠦ᠍ ᠶᠠᠪᠤ ᠭᠡᠰᠡᠨ ᠦᠭᠡ ᠭᠡᠵᠦ ᠣᠢᠯᠠᠭᠠᠭᠰᠠᠨ ᠡᠷᠳᠡᠨᠢ ᠪᠣᠰᠪᠠ᠃
ᠬᠡᠦᠬᠡᠳ ᠦ᠋ᠳ ᠳᠠᠭᠠᠵᠤ ᠭᠠᠷᠬᠤ ᠭᠡᠰᠡᠨ ᠴᠢᠨᠢ ᠪᠠᠭᠰᠢ ᠯᠠᠮᠠ ᠬᠣᠷᠢᠭᠯᠠᠪᠠ᠃ ᠲᠡᠷᠡ ᠴᠦ᠍ ᠪᠠᠢᠲᠤᠭᠠᠢ ᠡᠷᠳᠡᠨᠢ ᠬᠣᠶᠠᠷ ᠬᠡᠦᠬᠡᠳ ᠢ᠋ ᠦᠨᠦᠰᠬᠦ ᠭᠡᠰᠡᠨ ᠳ᠋ᠦ᠍ 《ᠬᠡᠷᠡᠭ ᠦᠭᠡᠢ》 ᠭᠡᠵᠦ ᠬᠣᠷᠢᠭᠯᠠᠭᠠᠳ ᠡᠷᠳᠡᠨᠢ ᠳ᠋ᠦ᠍ ᠱᠠᠯᠠᠪᠬᠠᠨ ᠭᠠᠷᠬᠤ ᠳᠣᠬᠢᠶ᠎ᠠ ᠦᠭᠯ᠎ᠡ᠃
ᠰᠢᠨ᠎ᠡ ᠠᠮᠢᠳᠤᠷᠠᠯ ᠤ᠋ᠨ ᠰᠤᠷᠠᠭ ᠢ᠋ᠶ᠋ᠠᠷ ᠰᠡᠳᠬᠢᠯ ᠨᠢ ᠬᠥᠭᠡᠷᠦᠭᠡᠳ ᠲᠡᠷᠡ ᠰᠥᠨᠢ ᠠᠮᠢᠳᠤᠷᠠᠯ ᠳ᠋ᠤ᠌ ᠶᠠᠭᠤ ᠪᠣᠯᠬᠤ᠂ ᠶᠠᠭᠠᠬᠢᠬᠤ ᠶ᠋ᠢ ᠪᠣᠳᠣᠭ᠎ᠠ ᠦᠭᠡᠢ ᠬᠡᠦᠬᠡᠳ ᠦ᠋ᠳ ᠲᠦ᠍ ᠯᠠᠮᠠ ᠶ᠋ᠢᠨ ᠡᠨᠡ ᠪᠠᠢᠳᠠᠯ ᠲᠠᠭᠠᠯᠠᠭᠳᠠᠭ᠎ᠠ ᠦᠭᠡᠢ ᠨᠢ ᠮᠡᠳᠡᠭᠡᠵᠢ ᠪᠢᠯᠡ᠃ ᠲᠡᠷᠡ ᠬᠣᠶᠠᠷ ᠬᠦᠦ ᠶ᠋ᠢᠨ ᠭᠣᠣᠯ ᠬᠠᠷᠠᠯᠠᠨ᠂ ᠬᠣᠭᠣᠯᠠᠢ ᠨᠢ ᠵᠠᠩᠭᠢᠷᠠᠵᠤ᠂ ᠡᠨᠡ ᠪᠦᠭᠴᠢᠮ ᠬᠠᠷᠠᠩᠭᠤᠢ ᠭᠡᠷ ᠲᠣᠯᠣᠭᠠᠢ ᠳᠡᠭᠡᠷ᠎ᠡ ᠡᠴᠡ ᠳᠠᠷᠤᠵᠤ ᠬᠠᠪᠢᠷᠭ᠎ᠠ ᠡᠴᠡ ᠨᠢ ᠬᠠᠪᠴᠢᠨ ᠠᠮᠢᠰᠬᠤᠭ᠎ᠠ ᠳᠠᠪᠬᠤᠴᠠᠨ ᠨᠢᠯᠪᠤᠰᠤ ᠨᠢ ᠠᠶᠠᠨᠳᠠᠭᠠᠨ ᠤᠷᠤᠰᠪᠠ᠃ ᠢᠯᠠᠩᠭᠤᠶ᠎ᠠ ᠲᠣᠮᠣ ᠲᠡᠮᠦᠷ ᠬᠣᠩᠬᠣ ᠬᠣᠶᠠᠳᠠᠬᠢ ᠤᠳᠠᠭ᠎ᠠ ᠪᠠᠨ ᠳ᠋ᠦᠩ ᠳ᠋ᠦᠩ ᠭᠡᠵᠦ ᠳᠤᠤᠭᠠᠷᠬᠤ ᠳ᠋ᠤ᠌ ᠭᠡᠷ ᠦ᠋ᠨ ᠳᠣᠲᠣᠷ᠎ᠠ ᠫᠠᠳ ᠬᠠᠷᠠᠩᠭᠤᠢ ᠪᠣᠯᠵᠤ᠂ ᠬᠥᠮᠦᠰ ᠦ᠋ᠨ ᠠᠮᠢᠰᠬᠤᠯᠯᠠᠬᠤ ᠳᠠᠭᠤ ᠲᠩᠷᠢ ᠶ᠋ᠢᠨ ᠳᠠᠭᠤ ᠰᠢᠭ᠋ ᠰᠣᠨᠣᠰᠳᠠᠵᠤ ᠪᠠᠢᠯ᠎ᠠ᠃
ᠯᠠᠮᠠ ᠤᠷᠢᠳᠤᠬᠢ ᠬᠡᠪ ᠢ᠋ᠶ᠋ᠡᠷ ᠬᠥᠳᠡᠯᠦᠯ ᠦᠭᠡᠢ ᠰᠠᠭᠤᠨ ᠨᠣᠮ ᠤᠩᠰᠢᠨ᠎ᠠ᠃ ᠬᠡᠦᠬᠡᠳ ᠦ᠋ᠳ ᠭᠡᠷ ᠦ᠋ᠨ ᠵᠡᠭᠦᠨ ᠲᠠᠯ᠎ᠠ ᠳ᠋ᠤ᠌ ᠵᠣᠭᠰᠣᠨ᠂ ᠨᠢᠰᠦ ᠪᠡᠨ ᠲᠠᠲᠠᠵᠤ ᠨᠢᠯᠪᠤᠰᠤ ᠪᠠᠨ ᠬᠠᠨᠴᠤᠢ ᠪᠠᠷ ᠠᠷᠴᠢᠨ᠎ᠠ᠃
᠊᠊᠊᠊᠊᠊᠊᠊᠊᠊᠊᠊᠊᠊᠊ ᠲᠠ ᠬᠣᠶᠠᠷ ᠭᠠᠷᠴᠤ᠂ ᠬᠠᠰᠢᠶᠠᠨ ᠳ᠋ᠤ᠌ ᠮᠣᠷᠢᠨ ᠤ᠋ ᠨᠣᠢᠲᠠᠨ ᠬᠣᠮᠣᠯ ᠪᠠᠢᠪᠠᠯ ᠬᠠᠮᠤᠵᠤ ᠠᠪᠤᠭᠠᠳ ᠪᠠᠷᠠᠭᠤᠨ ᠥᠨᠴᠥᠭ ᠲᠦ᠍ ᠪᠠᠢᠭ᠎ᠠ ᠠᠷᠭᠠᠯ ᠳᠡᠭᠡᠷ᠎ᠡ ᠳᠡᠯᠭᠡᠵᠦ ᠬᠠᠲᠠᠭ᠎ᠠ ᠭᠡᠵᠦ ᠯᠠᠮᠠ ᠶ᠋ᠢᠨ ᠬᠡᠯᠡᠬᠦ ᠳ᠋ᠦ᠍ ᠬᠣᠶᠠᠷ ᠬᠡᠦᠬᠡᠳ ᠱᠠᠯᠠᠪᠬᠠᠨ ᠭᠦᠶᠦᠨ ᠭᠠᠷᠤᠯ᠎ᠠ᠃ ᠬᠠᠮᠢᠭ᠎ᠠ ᠡᠴᠡ ᠯᠡ ᠬᠠᠷᠠᠪᠠᠯ ᠥᠨᠳᠥᠷ ᠬᠠᠰᠢᠶ᠎ᠠ ᠶᠠᠭᠤᠮ᠎ᠠ ᠪᠦᠬᠦᠨ ᠢ᠋ ᠲᠠᠭᠯᠠᠵᠤ ᠳᠡᠭᠡᠷ᠎ᠡ ᠡᠴᠡ ᠪᠠᠷᠠᠭᠠᠨ ᠬᠥᠬᠡ ᠲᠩᠷᠢ ᠬᠠᠪᠬᠠᠯᠠᠨ ᠭᠦᠨ ᠬᠤᠳᠳᠤᠭ ᠤ᠋ᠨ ᠢᠷᠣᠭᠠᠷ ᠲᠤ᠌ ᠪᠠᠢᠭ᠎ᠠ ᠮᠡᠲᠦ ᠰᠡᠳᠬᠢᠯ ᠲᠥᠷᠥᠭᠦᠯᠦᠨ᠎ᠡ᠃ ᠬᠡᠦᠬᠡᠳ ᠦ᠋ᠨ ᠨᠢᠭᠤᠷ ᠲᠤ᠌ ᠴᠣᠭ ᠵᠢᠪᠬᠤᠯᠠᠩ ᠦᠭᠡᠢ ᠪᠣᠯᠵᠤ ᠮᠡᠯᠡᠷᠡᠨ ᠬᠦᠯᠢᠨ ᠵᠣᠭᠰᠣᠵᠠᠭᠠᠨ᠎ᠠ᠃
