ᠲᠤᠩᠭᠠᠯᠠᠭ ᠲᠠᠮᠢᠷ4-17ᠲᠡᠭᠦᠰᠬᠡᠯ -ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-17ᠲᠡᠭᠦᠰᠬᠡᠯ -ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-17ᠲᠡᠭᠦᠰᠬᠡᠯ -ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-27

2615

《ᠲᠡᠮᠦᠷ ᠦ᠋ᠨ ᠮᠢᠨᠢ ᠬᠠᠷᠢᠭᠤ》 - ᠳᠥᠷᠪᠡᠳᠦᠭᠡᠷ ᠪᠦᠯᠦᠭ ᠠᠷᠪᠠᠨ ᠳᠣᠯᠣᠭ᠎ᠠ

  ᠵᠤᠨ ᠤ᠋ ᠰᠡᠭᠦᠯ ᠰᠠᠷ᠎ᠠ ᠶ᠋ᠢᠨ ᠨᠢᠭᠡᠨ ᠡᠳᠦᠷ ᠬᠣᠶᠠᠷ ᠳᠡᠷᠡᠭᠡ ᠶ᠋ᠢᠨ ᠪᠡᠯᠴᠢᠭᠡᠷ ᠡᠴᠡ ᠨᠡᠯᠢᠶᠡᠳ ᠳᠣᠭᠤᠤᠷ᠂ ᠳᠠᠷᠬᠠᠨ ᠠᠭᠤᠯᠠ ᠶ᠋ᠢᠨ ᠡᠮᠦᠨ᠎ᠡ ᠡᠴᠡ ᠥᠨᠳᠥᠷ ᠵᠡᠭᠡᠷᠳᠡ ᠮᠣᠷᠢ ᠲᠠᠢ᠂ ᠬᠥᠬᠡ ᠳᠠᠪᠤᠤ ᠳᠡᠪᠡᠯ ᠲᠡᠢ᠂ ᠨᠣᠭᠣᠭᠠᠨ ᠳᠤᠷᠳᠤᠩ ᠠᠯᠴᠢᠭᠤᠷ ᠲᠠᠢ ᠡᠮᠡᠭᠲᠡᠢ ᠬᠥᠮᠦᠨ ᠢᠷᠡᠭᠡᠳ ᠭᠣᠣᠯ ᠤ᠋ᠨ ᠵᠠᠬ᠎ᠠ ᠳ᠋ᠤ᠌ ᠪᠠᠭᠤᠪᠠ᠃
  ᠡᠨᠡ ᠪᠣᠯ ᠳᠤᠯᠮ᠎ᠠ ᠪᠠᠢᠯ᠎ᠠ᠃ ᠣᠯᠠᠨ ᠬᠣᠨᠣᠭ ᠤᠬᠢᠯᠠᠭᠰᠠᠨ ᠡᠴᠡ ᠨᠢᠳᠦ ᠨᠢ ᠬᠠᠪᠤᠩᠨᠠᠨ ᠪᠥᠯᠴᠥᠢᠵᠦ᠂ ᠦᠷᠭᠦᠯᠵᠢ ᠶᠠᠭᠠᠷᠠᠨ ᠲᠤᠶᠠᠭᠠᠷᠠᠵᠤ ᠶᠠᠪᠤᠳᠠᠭ ᠬᠠᠴᠠᠷ ᠨᠢ ᠣᠯᠠᠨ ᠵᠢᠯ ᠴᠢᠭᠢᠭᠲᠡᠢ ᠭᠠᠵᠠᠷ ᠬᠡᠪᠲᠡᠭᠰᠡᠨ ᠬᠥᠰᠡᠷ ᠦ᠋ᠨ ᠪᠤᠯᠤᠤ ᠶ᠋ᠢᠨ ᠶᠠᠰᠤ ᠮᠡᠲᠦ ᠥᠩᠭᠡ ᠲᠡᠢ ᠪᠣᠯᠵᠠᠢ᠃
  ᠲᠦᠷᠦᠭᠦᠦ ᠤᠷᠤᠭᠰᠢ ᠪᠠᠨ ᠬᠠᠷᠠᠵᠤ ᠵᠢᠷᠢᠯᠵᠡᠨ ᠤᠷᠤᠰᠴᠤ ᠪᠠᠢᠭ᠎ᠠ ᠲᠤᠩᠭᠠᠯᠠᠭ ᠤᠰᠤᠨ ᠡᠴᠡ ᠪᠠᠬᠠᠨ ᠵᠠᠯᠭᠢᠯᠠᠭᠰᠠᠨ ᠢ᠋ᠶ᠋ᠠᠨ ᠶᠠᠪᠠᠭᠠᠨ ᠰᠠᠭᠤᠵᠤ ᠨᠢᠭᠤᠷ ᠢ᠋ᠶ᠋ᠠᠨ ᠤᠬᠢᠶᠠᠭᠠᠳ ᠳᠣᠲᠣᠭᠠᠳᠤ ᠬᠣᠷᠮᠣᠢ ᠪᠠᠷ ᠢ᠋ᠶ᠋ᠠᠨ ᠠᠷᠴᠢᠪᠠ᠃ ᠤᠰᠤ ᠰᠢᠷᠳᠡᠨ ᠬᠡᠰᠡᠭ ᠰᠠᠭᠤᠭᠰᠠᠨ ᠢ᠋ᠶ᠋ᠠᠨ ᠤᠷᠲᠤ ᠪᠥᠭᠡᠳ ᠭᠦᠨ ᠰᠠᠨᠠᠭ᠎ᠠ ᠠᠯᠳᠠᠬᠤ ᠳ᠋ᠤ᠌ ᠬᠣᠶᠠᠷ ᠨᠢᠳᠦᠨ ᠡᠴᠡ ᠨᠢ ᠰᠤᠪᠤᠳ ᠤ᠋ᠨ ᠬᠡᠯᠬᠢᠶ᠎ᠡ ᠴᠤᠪᠤᠷᠠᠨ ᠤᠷᠤᠯᠳᠤᠵᠤ ᠪᠠᠢᠭ᠎ᠠ ᠶᠤᠮ ᠰᠢᠭ᠋ ᠬᠠᠴᠠᠷ ᠢ᠋ ᠨᠢ ᠳ᠋ᠡᠭᠡᠨ ᠤᠷᠤᠰᠬᠤ ᠳ᠋ᠤ᠌ ᠬᠠᠨᠴᠤᠢ ᠪᠠᠷ ᠢ᠋ᠶ᠋ᠠᠨ ᠠᠷᠴᠢᠪᠠ᠃
  ᠊᠊᠊᠊᠊᠊᠊᠊᠊᠊᠊᠊᠊᠊᠊ ᠣᠳᠣ ᠨᠢᠭᠡ ᠴᠦ᠍ ᠳᠤᠰᠤᠯ ᠨᠢᠯᠪᠤᠰᠤ ᠭᠠᠷᠭᠠᠬᠤ ᠦᠭᠡᠢ ᠭᠡᠵᠦ ᠲᠣᠳᠣ ᠳᠠᠭᠤ ᠪᠠᠷ ᠬᠡᠯᠡᠭᠰᠡᠨ ᠢ᠋ᠶ᠋ᠡᠨ ᠪᠣᠰᠴᠤ ᠡᠰᠢ ᠲᠡᠰᠢ ᠰᠢᠷᠲᠡᠨ ᠭᠠᠵᠠᠷ ᠣᠷᠣᠨ ᠢ᠋ ᠠᠵᠢᠭᠯᠠᠭᠠᠳ ᠮᠣᠷᠳᠠᠵᠤ ᠰᠢᠭᠤᠳ ᠭᠣᠣᠯ ᠭᠠᠲᠤᠯᠤᠨ ᠪᠠᠷᠠᠭᠤᠨ ᠬᠣᠢᠲᠤ ᠵᠦᠭ ᠢ᠋ ᠪᠠᠷᠢᠨ ᠶᠠᠪᠤᠬᠤ ᠳ᠋ᠤ᠌ ᠬᠠᠷ᠎ᠠ ᠪᠣᠯᠢᠭᠠᠷᠠᠢ ᠪᠣᠭᠴᠣ ᠨᠢ ᠮᠣᠷᠢᠨ ᠤ᠋ ᠠᠶ᠎ᠠ ᠪᠠᠷ ᠣᠷᠣᠭᠰᠢ ᠬᠣᠢᠰᠢ ᠬᠤᠯᠭᠢᠯᠠᠨ ᠬᠠᠶᠠᠯᠠᠨ᠎ᠠ᠃
  ᠲᠡᠮᠦᠷ ᠨᠢ ᠠᠯᠠᠭᠳᠠᠭᠰᠠᠨ ᠲᠤᠬᠠᠢ ᠰᠣᠨᠣᠰᠤᠭᠠᠳ ᠬᠡᠳᠦ ᠳᠠᠬᠢᠨ ᠤᠬᠠᠭᠠᠨ ᠠᠯᠳᠠᠵᠤ ᠤᠨᠠᠬᠤ ᠳ᠋ᠤ᠌ ᠥᠯᠵᠡᠢ ᠲᠡᠷᠢᠭᠦᠲᠡᠢ ᠠᠢᠯ ᠤ᠋ᠨ ᠬᠥᠮᠦᠰ ᠨᠢ ᠰᠡᠷᠡᠭᠡᠵᠡᠢ᠃ ᠲᠡᠮᠦᠷ ᠮᠢᠨᠢ ᠪᠠᠢᠬᠤ ᠦᠭᠡᠢ ᠭᠡᠵᠦ ᠪᠣᠳᠣᠬᠤ ᠳ᠋ᠤ᠌ ᠶᠢᠷᠲᠢᠨᠴᠦ ᠬᠣᠭᠣᠰᠣᠨ᠂ ᠫᠠᠳ ᠬᠠᠷᠠᠩᠭᠤᠢ ᠬᠣᠩᠭᠢᠯ ᠠᠭᠤᠢ ᠰᠢᠭ᠋ ᠪᠣᠯᠵᠠᠢ᠃ ᠡᠨᠡ ᠥᠷᠥᠰᠢᠶᠡᠯ ᠦᠭᠡᠢ ᠬᠣᠷᠸ᠎ᠠ ᠶ᠋ᠢ ᠪᠣᠯᠳᠠᠭ ᠰᠠᠨ ᠪᠣᠯ ᠬᠦᠨᠳᠦ ᠯᠠᠩᠳᠤᠤ ᠪᠠᠷᠢᠵᠤ ᠪᠠᠢᠭᠠᠳ ᠪᠤᠲᠠᠷᠠᠲᠠᠯ᠎ᠠ ᠴᠣᠬᠢᠮᠠᠷ ᠰᠠᠨᠠᠭᠳᠠᠨ᠎ᠠ᠃ ᠲᠡᠮᠦᠷ ᠲᠡᠢ ᠬᠠᠮᠲᠤ ᠳᠤᠯᠮ᠎ᠠ ᠶ᠋ᠢᠨ ᠬᠦᠰᠡᠯ᠂ ᠡᠷᠡᠮᠡᠯᠵᠡᠯ᠂ ᠠᠵᠠ ᠵᠢᠷᠭᠠᠯ᠂ ᠴᠣᠭ ᠵᠢᠪᠬᠤᠭ᠎ᠠ ᠴᠥᠮ ᠦᠭᠡᠢ ᠪᠣᠯᠵᠤ᠂ ᠪᠦᠬᠦᠨ ᠢ᠋ ᠵᠢᠭᠰᠢᠨ ᠵᠠᠨᠤᠬᠤ ᠪᠢᠲᠡᠭᠦᠦ ᠬᠣᠷᠣᠰᠤᠯ ᠰᠡᠳᠬᠢᠯ ᠢ᠋ ᠨᠢ ᠡᠵᠡᠯᠡᠭᠡᠳ ᠬᠣᠷᠸ᠎ᠠ ᠡᠴᠡ ᠵᠠᠢᠯᠠᠨ ᠵᠢᠭᠤᠲᠠᠬᠤ ᠪᠣᠳᠣᠯ ᠢ᠋ ᠨᠢ ᠭᠠᠭᠴᠠᠬᠦ ᠦᠷᠭᠦᠯᠵᠢ ᠨᠢᠳᠦᠨ ᠳ᠋ᠦ᠍ᠨᠢ ᠲᠣᠰᠴᠤ ᠪᠠᠢᠭ᠎ᠠ ᠲᠡᠮᠦᠷ ᠦ᠋ᠨ ᠬᠦᠦ ᠴᠢᠳᠥᠷᠯᠡᠵᠦ ᠪᠠᠢᠯ᠎ᠠ᠃
  ᠲᠡᠮᠦᠷ ᠦ᠋ᠨ ᠳᠦᠷᠰᠦ ᠨᠢᠳᠦᠨ ᠳ᠋ᠦ᠍ᠨᠢ ᠳᠠᠬᠢᠨ ᠳᠠᠬᠢᠨ ᠲᠣᠳᠣᠷᠠᠵᠤ ᠲᠡᠮᠦᠷ ᠲᠡᠢ ᠬᠠᠮᠲᠤ ᠥᠩᠭᠡᠷᠡᠭᠦᠯᠦᠭᠰᠡᠨ ᠵᠣᠯ ᠵᠢᠷᠭᠠᠯ ᠨᠢ ᠪᠠᠢᠨ ᠪᠠᠢᠨ ᠠᠯᠢ ᠰᠠᠢᠨ ᠳᠦᠷᠰᠦ ᠪᠡᠷ ᠢ᠋ᠶ᠋ᠡᠨ ᠬᠠᠷᠠᠭᠳᠠᠨ᠎ᠠ᠃
  ᠮᠠᠨᠠᠷᠠᠭᠰᠠᠨ᠂ ᠲᠦᠮᠡᠨ ᠵᠡᠷᠭᠡᠯᠭᠡ ᠪᠣᠯᠤᠭᠰᠠᠨ ᠡᠯᠳᠡᠪ ᠦ᠋ᠨ ᠪᠣᠳᠣᠯ ᠤ᠋ᠨ ᠲᠡᠷᠲᠡᠭᠡ ᠵᠠᠬ᠎ᠠ ᠳ᠋ᠤ᠌ 《ᠥᠰᠢᠶ᠎ᠡ ᠠᠪᠤᠶ᠎ᠠ》 ᠭᠡᠳᠡᠭ ᠪᠣᠳᠣᠯ ᠤ᠋ᠨ ᠵᠤᠷᠪᠤᠰ ᠭᠡᠷᠡᠯ ᠪᠣᠢ ᠪᠣᠯᠤᠭᠠᠳ ᠴᠠᠭ ᠥᠩᠭᠡᠷᠡᠬᠦ ᠳᠣᠳᠣᠮ ᠲᠣᠳᠣᠷᠠᠭᠰᠠᠭᠠᠷ ᠪᠦᠬᠦ ᠰᠡᠳᠬᠢᠯ ᠢ᠋ ᠨᠢ ᠡᠵᠡᠯᠡᠪᠡ᠃
  ᠲᠡᠭᠡᠭᠡᠳ ᠬᠡᠳᠦ ᠬᠣᠨᠣᠭ ᠡᠯᠦᠢ ᠪᠠᠯᠠᠢ ᠶᠤᠮ ᠰᠢᠭ᠋ ᠪᠠᠢᠭᠰᠠᠨ ᠢ᠋ᠶ᠋ᠠᠨ ᠳᠤᠯᠮ᠎ᠠ ᠨᠢᠭᠡ ᠣᠷᠣᠢ ᠬᠦᠦ ᠪᠡᠨ ᠥᠯᠵᠡᠢ ᠲᠡᠢ ᠬᠠᠮᠲᠤ ᠦᠯᠡᠳᠡᠭᠡᠵᠦ ᠵᠢᠷᠣᠭ᠎ᠠ ᠵᠡᠭᠡᠷᠳᠡ ᠮᠣᠷᠢ ᠪᠠᠨ ᠤᠨᠤᠨ ᠶᠠᠪᠤᠬᠤ ᠳ᠋ᠠᠭᠠᠨ 《ᠪᠢ ᠢᠷᠡᠬᠦ ᠦᠭᠡᠢ ᠪᠣᠯ ᠬᠦᠦ ᠶ᠋ᠢ ᠮᠢᠨᠢ ᠪᠠᠲᠤ ᠳ᠋ᠤ᠌ ᠥᠭᠭᠦᠭᠡᠷᠡᠢ》 ᠭᠡᠵᠡᠢ᠃
  ᠥᠯᠵᠡᠢ ᠬᠠᠮᠢᠭᠠᠰᠢ ᠪᠠᠨ᠂ ᠶᠠᠭᠤᠨ ᠳ᠋ᠤ᠌ ᠶᠠᠪᠤᠭ᠎ᠠ ᠪᠠᠢᠭ᠎ᠠ ᠶ᠋ᠢ ᠨᠢ ᠶᠠᠩᠵᠤ ᠪᠦᠷᠢ ᠪᠡᠷ ᠠᠰᠠᠭᠤᠨ ᠱᠠᠯᠠᠵᠤ ᠬᠣᠷᠢᠭᠯᠠᠬᠤ ᠳ᠋ᠤ᠌ 《ᠨᠠᠳᠠ ᠳ᠋ᠤ᠌ ᠶᠡᠬᠡ ᠬᠡᠷᠡᠭ ᠪᠠᠢᠨ᠎ᠠ᠃ ᠶᠠᠪᠤᠬᠤ ᠦᠭᠡᠢ ᠪᠠᠢᠵᠤ ᠲᠤᠩ ᠪᠣᠯᠬᠤ ᠦᠭᠡᠢ》 ᠭᠡᠬᠦ ᠡᠴᠡ ᠥᠭᠡᠷ᠎ᠡ ᠬᠠᠷᠢᠭᠤ ᠰᠣᠨᠣᠰᠤᠭᠰᠠᠨ ᠦᠭᠡᠢ᠃
  ᠲᠡᠮᠦᠷ ᠠᠯᠠᠭᠳᠠᠭᠰᠠᠨ ᠢ᠋ ᠳᠤᠭᠤᠯᠤᠭᠠᠳ ᠥᠯᠵᠡᠢ ᠦᠯᠡᠮᠵᠢ ᠶᠡᠬᠡ ᠭᠠᠰᠢᠭᠤᠳᠠᠵᠤ ᠬᠡᠳᠦᠨ ᠡᠳᠦᠷ ᠤᠰᠤᠨ ᠨᠢᠳᠦ ᠲᠡᠢ ᠶᠠᠪᠤᠭᠰᠠᠨ ᠶᠤᠮ᠃ ᠭᠡᠬᠦ ᠳ᠋ᠡᠭᠡᠨ ᠲᠡᠮᠦᠷ ᠦ᠋ᠨ ᠥᠰᠢᠶ᠎ᠡ ᠠᠪᠬᠤ ᠪᠠᠷ ᠳᠤᠯᠮ᠎ᠠ ᠶᠠᠪᠤᠯ᠎ᠠ ᠭᠡᠳᠡᠭ ᠢ᠋ ᠮᠡᠳᠡᠭᠰᠡᠨ ᠪᠣᠯ ᠬᠣᠷᠢᠭᠯᠠᠬᠤ ᠯᠠ ᠪᠠᠢᠭᠰᠠᠨ᠃ ᠤᠴᠢᠷ ᠨᠢ ᠲᠡᠮᠦᠷ ᠢ᠋ ᠠᠯᠠᠭᠰᠠᠨ ᠳᠠᠢᠰᠤᠨ᠂ ᠳᠤᠯᠮ᠎ᠠ ᠶ᠋ᠢ ᠠᠯᠠᠬᠤ ᠨᠢ ᠨᠢᠳᠦ ᠢᠷᠮᠡᠬᠦ ᠶ᠋ᠢᠨ ᠬᠡᠷᠡᠭ ᠭᠡᠵᠦ ᠥᠯᠵᠡᠢ ᠮᠡᠳᠡᠨ᠎ᠡ᠃
  ᠳᠤᠯᠮ᠎ᠠ ᠠᠩᠬ᠎ᠠ ᠭᠡᠷ ᠡᠴᠡ ᠪᠡᠨ ᠭᠠᠷᠬᠤ ᠳ᠋ᠠᠭᠠᠨ 《ᠲᠡᠮᠦᠷ ᠦ᠋ᠨ ᠢ᠋ᠶ᠋ᠡᠨ ᠥᠰᠢᠶ᠎ᠡ ᠶ᠋ᠢ ᠠᠪᠤᠨ᠎ᠠ》 ᠭᠡᠳᠡᠭ ᠭᠠᠭᠴᠠᠬᠠᠨ᠂ ᠦᠷᠭᠦᠯᠵᠢ ᠰᠢᠳᠡᠨ ᠪᠤᠴᠠᠯᠵᠤ ᠪᠠᠢᠭ᠎ᠠ ᠪᠣᠳᠣᠯ ᠲᠠᠢ ᠪᠠᠢᠭᠰᠠᠨ ᠡᠴᠡ ᠪᠢᠰᠢ ᠬᠡᠨ ᠡᠴᠡ ᠶᠠᠭᠠᠬᠢᠵᠤ ᠥᠰᠢᠶ᠎ᠡ ᠠᠪᠬᠤ ᠨᠢ ᠳᠣᠯᠣᠭᠠᠨ ᠠᠭᠤᠯᠠ ᠶ᠋ᠢᠨ ᠴᠠᠭᠠᠨ᠎ᠠ᠂ ᠳᠠᠯᠠᠨ ᠵᠢᠯᠠᠭ᠎ᠠ ᠶ᠋ᠢᠨ ᠲᠡᠷᠲᠡᠭᠡ ᠪᠠᠢᠵᠠᠢ᠃ ᠭᠡᠪᠡᠴᠦ ᠬᠠᠷᠠᠩᠭᠤᠢ ᠳ᠋ᠤ᠌ ᠬᠥᠮᠦᠨ ᠦ᠌ ᠨᠢᠳᠦ ᠲᠡᠰᠴᠦ ᠶᠠᠭᠤᠮ᠎ᠠ ᠲᠣᠳᠣ ᠪᠣᠯᠳᠠᠭ ᠤ᠋ᠨ ᠠᠳᠠᠯᠢ ᠡᠬᠢᠨ ᠳ᠋ᠡᠭᠡᠨ ᠮᠠᠨᠠᠨ ᠪᠠᠢᠭᠰᠠᠨ ᠪᠣᠳᠣᠯ ᠡᠴᠦᠰ ᠲᠡᠭᠡᠨ ᠢᠯᠡ ᠪᠣᠯᠳᠠᠭ ᠪᠣᠯᠬᠣᠷ ᠰᠡᠭᠦᠯ ᠦ᠋ᠨ ᠬᠡᠳᠦᠨ ᠡᠳᠦᠷ ᠲᠡᠮᠦᠷ ᠲᠡᠢ ᠬᠠᠮᠲᠤ ᠶᠠᠪᠤᠭᠠᠳ ᠰᠢᠷ᠎ᠠ ᠶ᠋ᠢᠨ ᠴᠡᠷᠢᠭ ᠡᠴᠡ ᠤᠷᠭᠤᠵᠤ ᠢᠷᠡᠭᠰᠡᠨ ᠬᠥᠮᠦᠰ ᠲᠡᠢ ᠠᠭᠤᠯᠵᠠᠵᠤ ᠬᠦᠰᠡᠯ ᠵᠢᠷᠭᠠᠯ ᠤ᠋ᠨ ᠰᠢᠷᠭᠢᠰᠢ ᠦᠭᠡᠢ ᠪᠤᠯᠠᠭ ᠪᠣᠯᠤᠭᠰᠠᠨ ᠬᠥᠮᠦᠨ ᠢ᠋ᠶ᠋ᠡᠨ ᠶᠠᠭᠠᠬᠢᠵᠤ ᠠᠯᠠᠭᠳᠠᠭᠰᠠᠨ᠂ ᠬᠡᠨ ᠠᠯᠠᠭᠰᠠᠨ ᠢ᠋ ᠰᠠᠢᠨ ᠮᠡᠳᠡᠵᠦ ᠠᠪᠴᠠᠢ᠃
  ᠭᠡᠲᠡᠯ᠎ᠡ ᠬᠠᠮᠤᠭ ᠤ᠋ᠨ ᠬᠡᠴᠡᠭᠦᠦ ᠨᠢ ᠲᠦᠭᠵᠢᠯ ᠴᠡᠮᠪᠡ ᠬᠣᠶᠠᠷ ᠢ᠋ ᠣᠯᠬᠤ ᠪᠠᠢᠯ᠎ᠠ᠃ ᠤᠴᠢᠷ ᠨᠢ ᠡᠨᠡ ᠦᠶ᠎ᠡ ᠳ᠋ᠦ᠍ ᠡᠰᠡᠷᠭᠦᠦ ᠨᠠᠷ ᠴᠣᠬᠢᠭᠳᠠᠭᠠᠳ ᠡᠨᠳᠡ ᠲᠡᠨᠳᠡ ᠠᠭᠤᠯᠠ ᠬᠠᠳᠠ ᠪᠠᠷ ᠪᠦᠭᠭᠦᠭᠰᠡᠨ ᠴᠥᠭᠡᠨ ᠬᠥᠮᠦᠰ᠂ ᠠᠷᠠᠳ ᠤ᠋ᠨ ᠴᠡᠷᠢᠭ ᠡᠴᠡ ᠵᠢᠭᠤᠲᠠᠨ᠂ ᠠᠷᠠᠳ ᠲᠦᠮᠡᠨ ᠢ᠋ ᠳᠡᠭᠡᠷᠡᠮᠳᠡᠵᠦ ᠪᠠᠢᠯ᠎ᠠ᠃ 《ᠪᠠᠰᠠ ᠲᠡᠭᠡᠭᠡᠳ ᠡᠷᠢᠵᠦ ᠣᠯᠤᠭᠠᠳ ᠶᠠᠭᠠᠬᠢᠬᠤ ᠪᠣᠢ? ᠲᠡᠳᠡ ᠪᠣᠯ ᠲᠥᠷᠥ ᠳ᠋ᠦ᠍ ᠲᠡᠷᠰᠯᠡᠭᠰᠡᠨ ᠵᠡᠪᠰᠡᠭ ᠲᠡᠢ ᠳᠡᠭᠡᠷᠡᠮᠴᠢᠳ᠂ ᠪᠢ ᠪᠣᠯ ᠣᠯᠢᠭᠲᠠᠢ ᠲᠠᠰᠢᠭᠤᠷ ᠪᠠᠢᠬᠤ ᠦᠭᠡᠢ ᠡᠮᠡᠭᠲᠡᠢ ᠬᠥᠮᠦᠨ》 ᠭᠡᠵᠦ ᠳᠤᠯᠮ᠎ᠠ ᠳ᠋ᠤ᠌ ᠪᠣᠳᠣᠭᠳᠠᠨ᠎ᠠ᠃
  ᠭᠡᠪᠡᠴᠦ ᠲᠡᠮᠦᠷ ᠦ᠋ᠨ ᠢ᠋ᠶ᠋ᠡᠨ ᠥᠰᠢᠶ᠎ᠡ ᠶ᠋ᠢ ᠠᠪᠬᠤ ᠦᠭᠡᠢ ᠪᠠᠢᠵᠤ ᠣᠭᠲᠣ ᠪᠣᠯᠬᠤ ᠦᠭᠡᠢ ᠭᠡᠳᠡᠭ ᠪᠣᠳᠣᠯ ᠪᠦᠬᠦᠨ ᠡᠴᠡ ᠬᠦᠴᠦᠨ ᠲᠡᠢ ᠪᠠᠢᠭᠰᠠᠨ ᠪᠣᠯᠬᠣᠷ ᠶᠠᠭᠤ ᠴᠤ᠌ ᠯᠠ ᠭᠡᠰᠡᠨ ᠲᠡᠳᠡᠨ ᠢ᠋ ᠡᠷᠢᠵᠦ ᠣᠯᠬᠤ ᠬᠡᠷᠡᠭᠲᠡᠢ ᠪᠠᠢᠯ᠎ᠠ᠃
  ᠳᠤᠯᠮ᠎ᠠ ᠶᠠᠪᠤᠭᠰᠠᠭᠠᠷ ᠲᠠᠷᠢᠶᠠᠲᠤ ᠶ᠋ᠢᠨ ᠬᠦᠷᠢᠶᠡᠨ ᠦ᠌ ᠪᠠᠢᠷᠢᠨ ᠳᠡᠭᠡᠷ᠎ᠡ ᠢᠷᠡᠯ᠎ᠡ᠃ ᠰᠢᠲᠠᠭᠰᠠᠨ ᠨᠡᠯᠪᠡᠭᠡᠷ ᠬᠠᠷ᠎ᠠ ᠦᠨᠡᠰᠦᠨ ᠦ᠌ ᠳᠤᠮᠳᠠ ᠡᠨᠳᠡ ᠲᠡᠨᠳᠡ ᠡᠪᠳᠡᠷᠬᠡᠢ ᠰᠢᠪᠡᠷ ᠪᠠᠢᠰᠢᠩ ᠤ᠋ᠨ ᠬᠠᠨ᠎ᠠ ᠳᠣᠷᠰᠣᠢᠨ ᠬᠠᠷᠠᠭᠳᠠᠨ᠎ᠠ᠃ ᠮᠣᠷᠢᠨ ᠡᠴᠡ ᠪᠡᠨ ᠪᠠᠭᠤᠭᠠᠳ ᠲᠡᠷᠡ ᠪᠦᠬᠦᠨ ᠢ᠋ ᠰᠢᠷᠲᠡᠵᠦ ᠬᠡᠰᠡᠭ ᠵᠣᠭᠰᠣᠪᠠ᠃ ᠳᠤᠯᠮ᠎ᠠ ᠪᠠᠷᠠᠭᠤᠨ ᠵᠦᠭ ᠬᠠᠷᠠᠵᠤ ᠰᠥᠬᠥᠷᠡᠨ ᠰᠠᠭᠤᠵᠤ 《ᠳᠠᠢ᠌ᠰᠢᠷᠢ ᠬᠠᠨ ᠮᠢᠨᠢ᠃ ᠲᠠᠷᠯᠠᠨ ᠬᠠᠢᠷᠬᠠᠨ ᠮᠢᠨᠢ᠃ ᠴᠡᠮᠪᠡ ᠲᠦᠭᠵᠢᠯ ᠬᠣᠶᠠᠷ ᠲᠠᠢ ᠶᠢᠷᠲᠢᠨᠴᠦ ᠶ᠋ᠢᠨ ᠨᠠᠷᠠ ᠶ᠋ᠢ ᠬᠠᠮᠲᠤ ᠬᠠᠷᠠᠬᠤ ᠦᠭᠡᠢ》 ᠭᠡᠵᠦ ᠲᠠᠩᠭᠠᠷᠢᠭ ᠡᠷᠭᠦᠵᠡᠢ᠃ 《ᠨᠠᠮᠠᠶ᠋ᠢ ᠬᠣᠷᠢᠭᠯᠠᠭᠰᠠᠨ ᠪᠣᠯ ᠮᠢᠨᠦ ᠲᠡᠮᠦᠷ ᠬᠡᠷᠬᠢᠪᠡᠴᠦ ᠶᠠᠪᠤᠬᠤ ᠦᠭᠡᠢ ᠪᠠᠢᠭᠰᠠᠨ ᠳᠠ》 ᠭᠡᠵᠦ ᠪᠣᠳᠣᠬᠤ ᠳ᠋ᠤ᠌ ᠨᠢᠳᠦᠨ ᠳ᠋ᠦ᠍ᠨᠢ ᠨᠢᠯᠪᠤᠰᠤ ᠥᠪᠡᠷ ᠦ᠋ᠨ ᠡᠷᠬᠡ ᠦᠭᠡᠢ ᠲᠤᠨᠤᠷᠠᠬᠤ ᠳ᠋ᠤ᠌ ᠨᠢᠳᠦ ᠪᠡᠨ ᠬᠦᠯᠢᠨ ᠰᠢᠷᠳᠡᠭᠰᠡᠭᠡᠷ ᠳᠤᠰᠤᠭᠠᠯ ᠦᠭᠡᠢ ᠰᠢᠩᠭᠡᠭᠡᠵᠦ ᠣᠷᠬᠢᠪᠠ᠃
  ᠣᠷᠣᠢ ᠶ᠋ᠢᠨ ᠨᠠᠷᠠ ᠵᠢᠷᠭᠠᠬᠤ ᠶ᠋ᠢᠨ ᠦᠶ᠎ᠡ ᠳ᠋ᠦ᠍ ᠲᠡᠨᠳᠡ ᠡᠴᠡ ᠮᠣᠷᠳᠠᠭᠠᠳ ᠤᠳᠠᠯ ᠦᠭᠡᠢ ᠨᠢᠭᠡ ᠠᠢᠯ ᠳ᠋ᠤ᠌ ᠣᠴᠢᠵᠤ ᠬᠣᠨᠣᠪᠠ᠃ ᠡᠰᠡᠷᠭᠦᠦ ᠨᠠᠷ ᠤ᠋ᠨ ᠴᠣᠬᠢᠭᠳᠠᠭᠰᠠᠨ ᠬᠡᠰᠡᠭ ᠪᠦᠭᠭᠦᠵᠦ ᠪᠠᠢᠭ᠎ᠠ ᠭᠠᠵᠠᠷ ᠤ᠋ᠨ ᠪᠦᠳᠡᠭᠢ ᠪᠠᠷᠢᠮᠵᠢᠶ᠎ᠠ ᠰᠣᠨᠣᠰᠴᠤ ᠠᠪᠤᠭᠠᠳ ᠮᠠᠷᠭᠠᠰᠢ ᠨᠢ ᠲᠠᠷᠢᠶᠠᠲᠤ ᠶ᠋ᠢᠨ ᠠᠷᠤ ᠶ᠋ᠢᠨ ᠬᠦᠷᠢᠶ᠎ᠡ ᠶ᠋ᠢ ᠳᠠᠭᠠᠷᠢᠵᠤ᠂ ᠲᠣᠢᠨ ᠠᠮᠠ ᠶ᠋ᠢ ᠤᠷᠤᠭᠤᠳᠠᠨ ᠢᠳᠡᠷ ᠦ᠋ᠨ ᠭᠣᠣᠯ ᠢ᠋ ᠭᠠᠲᠤᠯᠤᠨ ᠨᠡᠯᠢᠶᠡᠳ ᠶᠠᠪᠤᠭᠠᠳ ᠶᠡᠬᠡ ᠵᠠᠮ ᠡᠴᠡ ᠵᠠᠢᠯᠠᠨ ᠠᠭᠤᠯᠠ ᠶ᠋ᠢᠨ ᠣᠷᠣᠢ᠂ ᠴᠠᠷᠠᠮ ᠪᠠᠷᠢᠨ ᠨᠢᠭᠡ ᠡᠳᠦᠷ ᠶᠠᠪᠤᠯ᠎ᠠ᠃
  ᠰᠥᠨᠢ ᠣᠷᠣᠢ ᠪᠣᠯᠵᠤ ᠬᠠᠳᠠᠨ ᠤ᠋ ᠨᠥᠮᠥᠷᠢ ᠳ᠋ᠦ᠍ ᠤᠨᠲᠠᠬᠤ ᠪᠣᠯᠪᠠ᠃ ᠲᠣᠬᠣᠮ ᠢ᠋ᠶ᠋ᠠᠨ ᠳᠡᠪᠢᠰᠴᠦ ᠡᠮᠡᠭᠡᠯ ᠢ᠋ᠶ᠋ᠡᠨ ᠳᠡᠷᠡᠯᠡᠵᠦ ᠬᠡᠪᠲᠡᠭᠰᠡᠨ ᠪᠣᠯᠪᠠᠴᠤ ᠨᠣᠢᠷ ᠨᠢ ᠬᠤᠯᠵᠢᠭᠠᠳ ᠤᠨᠲᠠᠭᠰᠠᠨ ᠦᠭᠡᠢ᠃ ᠰᠥᠨᠢ ᠳᠤᠮᠳᠠ ᠶ᠋ᠢᠨ ᠦᠶ᠎ᠡ ᠳ᠋ᠦ᠍ ᠬᠠᠵᠠᠭᠤ ᠳ᠋ᠤᠨᠢ ᠨᠢᠭᠡ ᠴᠢᠨᠣ᠎ᠠ ᠣᠯᠢᠵᠤ ᠡᠬᠢᠯᠡᠭᠡᠳ ᠤᠳᠠᠯ ᠦᠭᠡᠢ ᠡᠷᠭᠢᠨ ᠲᠣᠭᠣᠷᠢᠨ ᠳ᠋ᠤᠨᠢ ᠨᠠᠷᠢᠨ ᠪᠦᠳᠦᠭᠦᠨ ᠬᠣᠭᠣᠯᠠᠢ ᠪᠠᠷ ᠡᠳᠦᠢ ᠲᠡᠳᠦᠢ ᠴᠢᠨᠣ᠎ᠠ ᠣᠯᠢᠵᠤ ᠭᠠᠷᠤᠯ᠎ᠠ᠃
  ᠊᠊᠊᠊᠊᠊᠊᠊᠊᠊᠊᠊᠊᠊᠊ ᠪᠢ ᠬᠣᠶᠠᠷ ᠬᠥᠯ ᠲᠡᠢ ᠴᠢᠨᠣ᠎ᠠ ᠡᠴᠡ ᠨᠥᠬᠥᠷ ᠦ᠋ᠨ ᠢ᠋ᠶ᠋ᠡᠨ ᠥᠰᠢᠶ᠎ᠡ ᠠᠪᠬᠤ ᠭᠡᠵᠦ ᠶᠠᠪᠤᠭ᠎ᠠ ᠬᠥᠮᠦᠨ᠃ ᠲᠠ ᠨᠠᠷ ᠡᠴᠡ ᠠᠶᠤᠬᠤ ᠦᠭᠡᠢ᠃ ᠲᠡᠮᠦᠷ ᠮᠢᠨᠢ ᠨᠠᠮᠠᠶ᠋ᠢ ᠬᠠᠮᠠᠭᠠᠯᠠᠭᠠᠴᠢ ᠭᠡᠵᠦ ᠬᠠᠰᠬᠢᠷᠤᠨ 《ᠡᠷᠳᠡᠨᠢ ᠵᠠᠰᠠᠭ ᠤ᠋ᠨ ᠤᠨᠠᠭ᠎ᠠ》 ᠶ᠋ᠢ ᠪᠠᠬᠠᠨ ᠳᠠᠭᠤᠯᠠᠪᠠ᠃
  ᠡᠢᠮᠦ ᠦᠶ᠎ᠡ ᠳ᠋ᠦ᠍ ᠠᠶᠤᠬᠤ ᠰᠡᠳᠬᠢᠯ ᠢ᠋ ᠠᠶᠠᠯᠠᠬᠤ ᠰᠢᠭ᠋ ᠬᠡᠴᠡᠭᠦᠦ ᠶᠠᠭᠤᠮ᠎ᠠ ᠪᠠᠢᠬᠤ ᠦᠭᠡᠢ᠃ ᠰᠥᠨᠢ ᠶ᠋ᠢᠨ ᠲᠤᠷᠰᠢ ᠠᠶᠤᠬᠤ ᠶ᠋ᠢᠨ ᠠᠶᠤᠯ ᠲᠠᠢ ᠲᠡᠮᠡᠴᠡᠯᠳᠦᠨ᠂ ᠦᠷ ᠦ᠋ᠨ ᠲᠤᠶᠠᠭ᠎ᠠ ᠲᠠᠢ ᠠᠷᠠᠢ ᠶᠠᠳᠠᠨ ᠵᠣᠯᠭᠠᠪᠠ᠃
  ᠡᠳᠦᠷ᠂ ᠭᠡᠷᠡᠯ ᠭᠡᠳᠡᠭ ᠬᠥᠮᠦᠨ ᠳ᠋ᠦ᠍ ᠶᠠᠮᠠᠷ ᠶᠡᠬᠡ ᠬᠦᠴᠦ᠂ ᠢᠲᠡᠭᠡᠯ ᠥᠭᠳᠡᠭ ᠢ᠋ ᠡᠨᠡ ᠤᠳᠠᠭ᠎ᠠ ᠳᠤᠯᠮ᠎ᠠ ᠰᠠᠢᠨ ᠣᠢᠯᠠᠭᠠᠭᠰᠠᠨ ᠪᠥᠭᠡᠳ ᠦᠷ ᠦ᠋ᠨ ᠴᠠᠭᠠᠨ ᠭᠡᠭᠡ ᠪᠡᠷ ᠮᠣᠷᠳᠠᠵᠤ ᠴᠠᠰᠢ ᠶᠠᠪᠤᠬᠤ ᠳ᠋ᠤ᠌ ᠡᠵᠡᠨ ᠲᠡᠢ ᠪᠡᠨ ᠬᠠᠮᠲᠤ ᠨᠣᠢᠷ ᠦᠭᠡᠢ ᠬᠣᠨᠣᠭᠰᠠᠨ ᠮᠣᠷᠢᠨ ᠤ᠋ ᠬᠢᠨᠢ ᠬᠠᠮᠠᠷ ᠲᠠᠴᠢᠭᠢᠨᠠᠵᠤ᠂ ᠴᠢᠬᠢ ᠪᠡᠨ ᠰᠣᠯᠪᠢᠨ ᠰᠣᠭᠣᠲᠣᠯᠵᠠᠵᠤ ᠬᠤᠯᠭᠠᠨ᠎ᠠ᠃ ᠦᠳᠡ ᠥᠩᠭᠡᠷᠡᠬᠦ ᠶ᠋ᠢᠨ ᠬᠢᠷᠢ ᠳ᠋ᠦ᠍ ᠮᠣᠳᠣᠨ ᠤ᠋ ᠴᠢᠯᠥᠭᠡᠨ ᠳ᠋ᠦ᠍ ᠡᠮᠡᠭᠡᠯ ᠲᠡᠢ ᠬᠡᠭᠡᠷ ᠮᠣᠷᠢ ᠬᠠᠨᠲᠠᠷᠤᠭ᠎ᠠ ᠲᠠᠢ ᠵᠣᠭᠰᠣᠵᠤ ᠪᠠᠢᠬᠤ ᠶ᠋ᠢ ᠬᠠᠷᠠᠭᠠᠳ ᠰᠣᠴᠢᠮᠠᠭ ᠬᠥᠳᠡᠯᠭᠡᠭᠡᠨ ᠢ᠋ᠶ᠋ᠡᠷ ᠮᠣᠷᠢᠨ ᠤ᠋ ᠠᠮᠠ ᠶ᠋ᠢ ᠲᠠᠲᠠᠵᠤ ᠵᠣᠭᠰᠣᠯ᠎ᠠ᠃
  《ᠶᠠᠭᠠᠬᠢᠬᠤ ᠪᠣᠢ? ᠣᠴᠢᠬᠤ ᠤᠤ? ᠪᠤᠴᠠᠬᠤ ᠤᠤ?》 ᠭᠡᠵᠦ ᠡᠷᠡᠭᠡᠯᠵᠡᠨ ᠪᠣᠳᠣᠬᠤ ᠶ᠋ᠢᠨ ᠵᠠᠪᠰᠠᠷ ᠢ᠋ᠶ᠋ᠠᠷ 《ᠬᠥᠮᠦᠨ ᠡᠴᠡ ᠵᠢᠭᠤᠲᠠᠭᠠᠳ ᠪᠠᠢᠪᠠᠯ ᠵᠣᠷᠢᠭᠰᠠᠨ ᠢ᠋ᠶ᠋ᠠᠨ ᠶᠠᠭᠠᠬᠢᠵᠤ ᠬᠢᠬᠦ ᠬᠥᠮᠦᠨ ᠪᠣᠢ?》 ᠭᠡᠵᠦ ᠶᠠᠮᠠᠷ ᠨᠢᠭᠡᠨ ᠳᠠᠭᠤ ᠵᠢᠮᠡᠯᠡᠨ ᠬᠡᠯᠡᠬᠦ ᠰᠢᠭ ᠪᠣᠯᠪᠠ᠃
  ᠳᠤᠯᠮ᠎ᠠ ᠮᠣᠷᠢ ᠪᠠᠨ ᠲᠠᠰᠢᠭᠤᠷᠳᠠᠨ ᠬᠥᠳᠡᠯᠪᠡ᠃ ᠬᠠᠨᠲᠠᠷᠤᠭ᠎ᠠ ᠲᠠᠢ ᠮᠣᠷᠢᠨ ᠤ᠋ ᠳᠡᠷᠭᠡᠳᠡ ᠬᠡᠪᠲᠡᠵᠦ ᠪᠠᠢᠭᠰᠠᠨ ᠬᠥᠮᠦᠨ ᠴᠢᠮᠡᠭᠡ ᠪᠡᠷ ᠰᠣᠴᠢᠨ ᠥᠨᠳᠡᠢᠵᠦ ᠬᠠᠷᠠᠭᠰᠠᠨ ᠢ᠋ᠶ᠋ᠠᠨ ᠪᠣᠰᠴᠤ ᠪᠦᠳᠦᠭᠦᠨ ᠮᠣᠳᠣᠨ ᠤ᠋ ᠴᠠᠭᠠᠨ᠎ᠠ ᠣᠷᠣᠭᠠᠳ ᠰᠸᠯᠠᠢ᠌ᠳᠠᠢ ᠫᠤᠤ ᠪᠠᠨ ᠳᠤᠯᠮ᠎ᠠ ᠥᠭᠡᠳᠡ ᠴᠢᠭᠯᠡᠭᠦᠯᠪᠡ᠃ ᠲᠡᠭᠦᠨ ᠦ᠌ ᠮᠥᠷᠦᠨ ᠳᠡᠭᠡᠷᠡᠬᠢ ᠴᠠᠭᠠᠨ ᠳᠠᠪᠤᠤ ᠪᠠᠷ ᠰᠢᠷ᠎ᠠ ᠴᠡᠷᠢᠭ ᠦ᠋ᠨ ᠬᠥᠮᠦᠨ ᠭᠡᠳᠡᠭ ᠢ᠋ ᠳᠤᠯᠮ᠎ᠠ ᠮᠡᠳᠡᠯ᠎ᠡ᠃ ᠭᠡᠪᠡᠴᠦ ᠵᠣᠭᠰᠣᠭᠰᠠᠨ ᠦᠭᠡᠢ ᠶᠠᠪᠤᠭᠰᠠᠭᠠᠷ ᠣᠢᠷᠠᠲᠤᠨ ᠣᠴᠢᠵᠤ ᠨᠠᠭᠠᠯᠢᠩᠬᠠᠢ ᠪᠥᠭᠡᠳ ᠡᠷᠬᠡ ᠳᠠᠭᠤ ᠪᠠᠷ 《ᠰᠠᠢᠨ ᠪᠠᠢᠨᠠᠤ》 ᠭᠡᠳ ᠢᠨᠢᠶᠡᠮᠰᠦᠭᠯᠡᠪᠡ᠃
  ᠲᠡᠷᠡ ᠨᠢᠭᠤᠭᠳᠠᠵᠤ ᠪᠠᠢᠭᠰᠠᠨ ᠬᠥᠮᠦᠨ ᠶᠠᠮᠠᠷ ᠴᠤ᠌ ᠵᠡᠪᠰᠡᠭ ᠦᠭᠡᠢ ᠭᠤᠸ᠎ᠠ ᠡᠮᠡᠭᠲᠡᠢ ᠶ᠋ᠢ ᠬᠠᠷᠠᠭᠠᠳ ᠮᠣᠳᠣᠨ ᠤ᠋ ᠪᠠᠨ ᠠᠷᠤ ᠡᠴᠡ ᠭᠠᠷᠴᠤ ᠢᠷᠡᠯ᠎ᠡ᠃ ᠡᠨᠡ ᠪᠣᠯ ᠭᠤᠴᠢ ᠭᠠᠷᠤᠢ ᠨᠠᠰᠤᠨ ᠤ᠋ ᠯᠠᠮᠠ ᠬᠥᠮᠦᠨ ᠪᠠᠢᠯ᠎ᠠ᠃ ᠬᠦᠷᠡᠩ ᠳᠡᠪᠡᠯ ᠳᠡᠭᠡᠷ᠎ᠡ ᠬᠠᠭᠤᠴᠢᠨ ᠭᠢᠷᠠᠭ ᠪᠦᠰᠡ ᠪᠦᠰᠡᠯᠡᠵᠦ ᠵᠢᠵᠢᠭᠬᠡᠨ ᠱᠣᠪᠣᠭᠣᠷ ᠳᠠᠷᠤᠨ ᠡᠮᠦᠰᠴᠡᠢ᠃
  ᠡᠮᠦᠨ᠎ᠡ ᠡᠴᠡ ᠨᠢ ᠢᠨᠢᠶᠡᠮᠰᠦᠭᠯᠡᠨ ᠬᠠᠷᠠᠵᠤ ᠪᠠᠢᠭ᠎ᠠ ᠪᠦᠰᠡᠭᠦᠢ ᠶ᠋ᠢ ᠲᠠᠴᠢᠶᠠᠩᠭᠤᠢ ᠶ᠋ᠢᠨ ᠭᠠᠯ ᠨᠢ ᠣᠪᠣᠯᠵᠠᠭᠰᠠᠨ ᠬᠣᠶᠠᠷ ᠣᠨᠢᠭᠠᠷ ᠨᠢᠳᠦ ᠪᠡᠷ ᠰᠢᠷᠳᠡᠨ ᠵᠣᠭᠰᠣᠵᠤ ᠪᠠᠢᠭ᠎ᠠ ᠯᠠᠮᠠ ᠶ᠋ᠢ ᠬᠠᠷᠠᠬᠤ ᠳ᠋ᠤ᠌ ᠬᠣᠭᠣᠯᠠ ᠪᠠᠷᠢᠭᠰᠠᠨ ᠬᠥᠮᠦᠨ ᠦ᠌ ᠭᠠᠷ ᠢ᠋ ᠰᠢᠷᠲᠡᠨ ᠮᠠᠭᠠᠰᠠᠭᠠᠨᠠᠨ ᠳᠠᠯᠢᠯᠵᠠᠵᠤ ᠪᠠᠢᠭ᠎ᠠ ᠡᠷᠬᠡ ᠬᠠᠪᠠ ᠰᠢᠭ᠋ ᠪᠠᠢᠯ᠎ᠠ᠃
  ᠊᠊᠊᠊᠊᠊᠊᠊᠊᠊᠊᠊᠊᠊᠊ ᠡᠨᠡ ᠵᠡᠯᠢᠭᠦᠳ ᠮᠣᠳᠣᠨ ᠳ᠋ᠤ᠌ ᠶᠠᠭᠤ ᠭᠡᠵᠦ ᠶᠠᠪᠤᠳᠠᠭ ᠬᠡᠦᠬᠡᠨ ᠪᠣᠢ? ᠪᠦᠷ ᠰᠣᠴᠢᠭᠠᠴᠢᠬᠠᠯ᠎ᠠ ᠭᠡᠳ ᠮᠠᠷᠰᠠᠢᠨ ᠢᠨᠢᠶᠡᠮᠰᠦᠭᠯᠡᠵᠦ ᠫᠤᠤ ᠪᠠᠨ ᠪᠥᠰᠡᠨ ᠳ᠋ᠡᠭᠡᠨ ᠬᠠᠪᠴᠢᠭᠤᠯᠪᠠ᠃
  ᠊᠊᠊᠊᠊᠊᠊᠊᠊᠊᠊᠊᠊᠊᠊ ᠲᠠᠨ ᠰᠢᠭ᠋ ᠯᠡ ᠲᠡᠨᠦᠵᠦ ᠶᠠᠪᠤᠬᠤ ᠦᠭᠡᠢ ᠤᠤ ᠭᠡᠳ ᠳᠤᠯᠮ᠎ᠠ ᠬᠥᠭᠵᠢᠯᠲᠡᠢ ᠢᠨᠢᠶᠡᠮᠰᠦᠭᠯᠡᠬᠦ ᠳ᠋ᠦ᠍ ᠯᠠᠮᠠ ᠬᠠᠮᠠᠷ ᠤ᠋ᠨ ᠢ᠋ᠶ᠋ᠠᠨ ᠤᠭ ᠢ᠋ ᠠᠲᠤᠷᠢᠭᠤᠯᠤᠨ ᠬᠢ ᠬᠢ ᠭᠡᠮᠡᠨ ᠢᠨᠢᠶᠡᠵᠦ᠄
  ᠊᠊᠊᠊᠊᠊᠊᠊᠊᠊᠊᠊᠊᠊᠊ ᠬᠡᠦᠬᠡᠨ ᠭᠤᠸᠠᠢ ᠮᠢᠨᠢ ᠪᠠᠭᠤ ᠯᠠ ᠳᠠ᠃ ᠠᠯᠢ ᠪᠢ ᠪᠠᠭᠤᠯᠭᠠᠵᠤ ᠥᠭᠬᠦ ᠤᠤ? ᠭᠡᠯ᠎ᠡ᠃
  ᠊᠊᠊᠊᠊᠊᠊᠊᠊᠊᠊᠊᠊᠊᠊ ᠵᠠ ᠶᠠᠷᠰᠢᠭ ᠠᠯᠳᠠᠰ ᠪᠣᠯᠤᠨ᠎ᠠ ᠭᠡᠳ ᠨᠢᠭᠡ ᠨᠢ ᠨᠥᠭᠦᠭᠡ ᠡᠴᠡ ᠪᠡᠨ ᠢᠯᠭᠠᠭᠳᠠᠬᠤ ᠡᠴᠡ ᠠᠶᠤᠭᠰᠠᠨ ᠶᠤᠮ ᠰᠢᠭ᠋ ᠤᠷᠭᠤᠭᠰᠠᠨ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠮᠰᠦᠭᠯᠡᠬᠦ ᠳ᠋ᠦ᠍ ᠯᠠᠮᠠ ᠶ᠋ᠢᠨ ᠴᠢᠷᠠᠢ ᠰᠢᠨᠤᠯ ᠳ᠋ᠠᠭᠠᠨ ᠮᠠᠩᠰᠢᠭᠤᠷᠠᠨ ᠡᠷᠡᠦ ᠨᠢ ᠰᠤᠯᠠᠷᠠᠨ ᠬᠡᠪ ᠨᠢ ᠡᠪᠳᠡᠷᠡᠪᠡ᠃
  ᠳᠤᠯᠮ᠎ᠠ ᠮᠣᠷᠢᠨ ᠡᠴᠡ ᠪᠡᠨ ᠳᠠᠪᠬᠢᠲᠠᠯ᠎ᠠ ᠪᠠᠭᠤᠵᠤ
  ᠊᠊᠊᠊᠊᠊᠊᠊᠊᠊᠊᠊᠊᠊᠊ ᠫᠤᠤ ᠴᠤᠤᠷ᠎ᠠ ᠪᠣᠯᠤᠭᠰᠠᠨ ᠶᠠᠮᠠᠷ ᠴᠤ᠌ ᠰᠦᠷᠲᠡᠢ ᠶᠤᠮ ᠪᠣᠢ ᠳᠠ ᠭᠡᠳ ᠲᠠᠴᠢᠭᠢᠨᠠᠲᠠᠯ᠎ᠠ ᠢᠨᠢᠶᠡᠭᠰᠡᠭᠡᠷ ᠤᠷᠲᠤ ᠤᠷᠭᠤᠭᠰᠠᠨ ᠨᠣᠭᠣᠭᠠᠨ ᠳᠡᠭᠡᠷ᠎ᠡ ᠰᠠᠭᠤᠪᠠ᠃
  ᠯᠠᠮᠠ ᠬᠡᠰᠡᠭ ᠵᠣᠭᠰᠣᠭᠰᠠᠨ ᠢ᠋ᠶ᠋ᠠᠨ ᠬᠡᠦᠬᠡᠨ ᠦ᠌ ᠳᠡᠷᠭᠡᠳᠡ ᠣᠴᠢᠵᠤ ᠮᠣᠷᠢᠨ ᠤ᠋ ᠬᠢᠨᠢ ᠴᠤᠯᠪᠤᠭᠤᠷ ᠢ᠋ ᠠᠪᠴᠤ ᠮᠣᠳᠣᠨ ᠡᠴᠡ ᠤᠶᠠᠭᠠᠳ ᠵᠡᠷᠭᠡᠴᠡᠵᠦ ᠵᠠᠪᠢᠯᠠᠨ ᠰᠠᠭᠤᠭᠠᠳ ᠶᠠᠭᠤ ᠶᠠᠷᠢᠬᠤ᠂ ᠶᠠᠭᠠᠬᠢᠬᠤ ᠪᠠᠨ ᠮᠡᠳᠡᠬᠦ ᠦᠭᠡᠢ ᠨᠣᠭᠣᠭᠠᠨ ᠤ᠋ ᠦᠵᠦᠭᠦᠷ ᠣᠷᠣᠯᠳᠣᠪᠠ᠃
  ᠊᠊᠊᠊᠊᠊᠊᠊᠊᠊᠊᠊᠊᠊᠊ ᠲᠠ ᠴᠢᠨᠢ ᠰᠢᠷ᠎ᠠ ᠴᠡᠷᠢᠭ ᠦ᠋ᠨ ᠬᠥᠮᠦᠨ ᠤᠤ?
  ᠊᠊᠊᠊᠊᠊᠊᠊᠊᠊᠊᠊᠊᠊᠊ ᠲᠡᠢᠮᠦ ᠰᠠᠨᠠᠭ᠎ᠠ ᠲᠠᠢ᠃ ᠪᠢᠳᠡ ᠴᠦ᠍ ᠳᠠᠷᠤᠭᠳᠠᠭᠠᠳ ᠠᠭᠤᠯᠠ ᠬᠠᠳᠠ ᠪᠠᠷ ᠯᠠ ᠨᠥᠬᠥᠷ ᠬᠢᠵᠦ ᠪᠠᠢᠨ᠎ᠠ᠃
  ᠊᠊᠊᠊᠊᠊᠊᠊᠊᠊᠊᠊᠊᠊᠊ ᠮᠠᠭᠤ ᠳ᠋ᠠᠭᠠᠨ ᠳᠡᠢᠯᠦᠭᠳᠡᠬᠦ ᠦᠭᠡᠢ ᠤᠤ?
  ᠊᠊᠊᠊᠊᠊᠊᠊᠊᠊᠊᠊᠊᠊᠊ ᠲᠡᠢᠮᠦ ᠪᠢᠰᠢ ᠠ᠋᠂ ᠤᠯᠠᠭᠠᠨ ᠤ᠋ ᠭᠤᠨᠠᠨ ᠫᠤᠤ᠂ ᠮᠥᠯᠬᠥᠭᠡ ᠲᠡᠷᠭᠡ᠂ ᠲᠡᠮᠦᠷ ᠰᠢᠪᠠᠭᠤ ᠭᠡᠳᠡᠭ ᠴᠢᠨᠢ ᠠᠳᠠ ᠲᠠᠢ ᠴᠢᠳᠬᠥᠷ ᠡᠳ᠋ ᠭᠡᠵᠦ ᠰᠦᠷᠲᠡᠢ ᠬᠡᠯᠡᠭᠰᠡᠨ ᠢ᠋ᠶ᠋ᠡᠨ ᠭᠠᠷ ᠨᠢ ᠳᠤᠯᠮ᠎ᠠ ᠶ᠋ᠢᠨ ᠨᠤᠭᠤᠯᠤᠨ ᠰᠠᠭᠤᠭᠰᠠᠨ ᠡᠪᠦᠳᠦᠭ ᠲᠦ᠍ ᠬᠦᠷᠦᠮᠡᠭᠴᠡ ᠴᠡᠴᠡᠷᠡᠨ ᠲᠠᠲᠠᠪᠠᠭᠠᠨᠠᠭᠠᠳ ᠲᠡᠭᠦᠨ ᠳ᠋ᠡᠭᠡᠨ ᠪᠠᠨᠳᠠᠵᠤ ᠴᠢᠷᠠᠢ ᠨᠢ ᠴᠢᠨᠦᠷᠡᠪᠡ᠃ ᠳᠤᠯᠮ᠎ᠠ ᠠᠵᠢᠭ ᠦᠭᠡᠢ ᠰᠠᠭᠤᠵᠤ ᠪᠠᠢᠯ᠎ᠠ᠃
  《ᠶᠠᠮᠠᠷ ᠰᠠᠢᠬᠠᠨ ᠠᠮᠢᠲᠠᠨ ᠪᠣᠢ? ᠪᠢ ᠶᠠᠭᠠᠬᠢᠬᠤ ᠪᠢᠯᠡ᠃ ᠰᠢᠭᠤᠳ ᠳᠠᠷᠤᠭᠠᠳ ᠠᠪᠳᠠᠭ ᠬᠡᠷᠡᠭ ᠤᠤ? ᠠᠯᠢ ᠫᠤᠤ ᠲᠤᠯᠭᠠᠵᠤ ᠰᠦᠷᠳᠡᠭᠦᠯᠵᠦ ᠪᠠᠢᠭᠠᠳ》 ᠭᠡᠵᠦ ᠪᠣᠳᠣᠬᠤ ᠳ᠋ᠤ᠌ ᠯᠠᠮᠠ ᠶ᠋ᠢᠨ ᠵᠢᠷᠦᠬᠡ ᠲᠦᠷᠭᠡᠨ ᠲᠦᠷᠭᠡᠨ ᠴᠣᠬᠢᠯᠠᠵᠤ ᠠᠮᠢᠰᠬᠤᠭ᠎ᠠ ᠨᠢ ᠲᠠᠰᠤᠯᠳᠠᠨ ᠭᠠᠷᠤᠨ᠎ᠠ᠃
  ᠳᠤᠯᠮ᠎ᠠ ᠲᠡᠭᠦᠨ ᠦ᠌ ᠪᠣᠳᠣᠯ᠂ ᠰᠡᠳᠬᠢᠯ ᠦ᠋ᠨ ᠣᠢ᠌ᠮᠤᠷᠠᠯ ᠢ᠋ ᠮᠡᠳᠡᠬᠦ ᠳᠣᠳᠣᠮ ᠲᠠᠢᠪᠤᠩ ᠪᠠᠢᠳᠠᠯ ᠳ᠋ᠤ᠌ ᠣᠷᠣᠵᠤ ᠪᠠᠢᠯ᠎ᠠ᠃ ᠬᠡᠦᠬᠡᠨ ᠦ᠌ ᠶᠡᠷᠦ ᠪᠤᠰᠤ ᠶ᠋ᠢᠨ ᠲᠠᠢᠪᠤᠩ ᠪᠠᠢᠳᠠᠯ ᠯᠠᠮᠠ ᠶ᠋ᠢᠨ ᠪᠡᠶ᠎ᠡ ᠶ᠋ᠢ ᠦᠯᠦ ᠮᠡᠳᠡᠭ ᠰᠢᠵᠢᠮ ᠢ᠋ᠶ᠋ᠡᠷ ᠬᠦᠯᠢᠬᠦ ᠠᠵᠢ᠃
  ᠳᠤᠯᠮ᠎ᠠ ᠰᠠᠭᠤᠳᠠᠯ ᠢ᠋ᠶ᠋ᠠᠨ ᠵᠠᠰᠠᠬᠤ ᠭᠡᠵᠦ ᠬᠥᠳᠡᠯᠲᠡᠯ᠎ᠡ ᠯᠠᠮᠠ ᠡᠷᠡᠰ ᠪᠥᠭᠡᠳ ᠡᠪ ᠬᠠᠪᠤ ᠦᠭᠡᠢ ᠰᠣᠴᠢᠮᠠᠭ ᠬᠥᠳᠡᠯᠦᠨ ᠬᠦᠵᠦᠭᠦᠦ ᠪᠡᠷ ᠨᠢ ᠲᠡᠪᠡᠷᠢᠨ ᠠᠪᠤᠯ᠎ᠠ᠃ ᠬᠡᠷᠪᠡ ᠳᠤᠯᠮ᠎ᠠ ᠬᠥᠳᠡᠯᠦᠯ ᠦᠭᠡᠢ ᠰᠠᠭᠤᠭᠠᠳ ᠪᠠᠢᠪᠠᠯ ᠭᠤᠸ᠎ᠠ ᠦᠵᠡᠰᠬᠦᠯᠡᠩ ᠲᠠᠢᠪᠤᠩ ᠪᠠᠢᠳᠠᠯ ᠳ᠋ᠤ᠌ ᠳᠠᠷᠤᠭᠳᠠᠭᠰᠠᠨ ᠯᠠᠮᠠ ᠬᠥᠳᠡᠯᠵᠦ ᠴᠢᠳᠠᠬᠤ ᠦᠭᠡᠢ ᠪᠠᠢᠭᠰᠠᠨ᠃
  ᠊᠊᠊᠊᠊᠊᠊᠊᠊᠊᠊᠊᠊᠊᠊ ᠪᠠᠢᠵᠠ ᠯᠠ ᠳᠠ᠂ ᠶᠠᠮᠠᠷ ᠬᠠᠴᠢᠨ ᠯᠠᠮᠠ ᠪᠣᠢ? ᠭᠡᠳ ᠳᠤᠯᠮ᠎ᠠ ᠬᠣᠶᠠᠷ ᠭᠠᠷ ᠢ᠋ᠶ᠋ᠠᠷ ᠢ᠋ᠶ᠋ᠠᠨ ᠭᠡᠳᠡᠰᠦ ᠤᠷᠤᠭᠤ ᠨᠢ ᠬᠦᠴᠦᠲᠡᠢ ᠲᠦᠯᠬᠢᠪᠡ᠃ ᠯᠠᠮᠠ ᠪᠥᠭᠰᠡ ᠪᠡᠷ ᠢ᠋ᠶ᠋ᠡᠨ ᠯᠠᠭ ᠬᠢᠲᠡᠯ᠎ᠡ ᠰᠠᠭᠤᠭᠰᠠᠨ ᠪᠣᠯᠪᠠᠴᠤ ᠲᠦᠷᠭᠡᠨ ᠪᠣᠰᠴᠤ ᠨᠣᠴᠣᠯᠳᠤᠬᠤ ᠭᠡᠲᠡᠯ᠎ᠡ ᠬᠡᠳᠦᠢᠨᠡᠢ ᠪᠣᠰᠤᠭᠰᠠᠨ ᠳᠤᠯᠮ᠎ᠠ ᠶ᠋ᠢᠨ ᠭᠠᠷ ᠲᠤ᠌ ᠣᠷᠣᠭᠰᠠᠨ ᠰᠸᠯᠠᠢ᠌ᠳᠠᠢ ᠫᠤᠤ ᠶ᠋ᠢᠨ ᠴᠠᠪᠳᠠᠭ ᠠᠮᠠ ᠴᠡᠭᠡᠵᠢ ᠤᠷᠤᠭᠤ ᠨᠢ ᠮᠣᠭᠠᠢ ᠶ᠋ᠢᠨ ᠨᠢᠳᠦ ᠰᠢᠭ ᠰᠢᠷᠲᠡᠵᠦ ᠪᠠᠢᠯ᠎ᠠ᠃
  ᠯᠠᠮᠠ ᠶ᠋ᠢᠨ ᠪᠦᠬᠦ ᠪᠡᠶ᠎ᠡ ᠨᠢ ᠰᠤᠯᠠᠷᠠᠨ ᠰᠠᠯᠭᠠᠨᠠᠵᠤ ᠭᠡᠳᠡᠷᠭᠦ ᠪᠡᠨ ᠤᠬᠤᠷᠢᠬᠤ ᠵᠠᠭᠤᠷ᠎ᠠ᠄
  ᠊᠊᠊᠊᠊᠊᠊᠊᠊᠊᠊᠊᠊᠊᠊ ᠨᠠᠭᠠᠳᠤᠬᠢ ᠴᠢᠨᠢ ᠰᠤᠮᠤ ᠲᠠᠢ ᠰᠢᠦ᠂ ᠠᠯᠳᠠᠪᠠᠯ ᠪᠢ ᠥᠩᠭᠡᠷᠡᠨ᠎ᠡ ᠭᠡᠯ᠎ᠡ᠃
  ᠊᠊᠊᠊᠊᠊᠊᠊᠊᠊᠊᠊᠊᠊᠊ ᠪᠤᠤ ᠬᠥᠳᠡᠯ᠂ ᠫᠤᠤᠳᠠᠵᠤ ᠣᠷᠬᠢᠨ᠎ᠠ ᠰᠢᠦ ᠭᠡᠵᠦ ᠳᠤᠯᠮ᠎ᠠ ᠬᠢᠬᠤᠷᠠᠭᠰᠠᠨ ᠥᠨᠳᠥᠷ ᠳᠠᠭᠤ ᠪᠠᠷ ᠵᠠᠩᠳᠤᠷᠪᠠ᠃ ᠯᠠᠮᠠ ᠶᠠᠭ ᠵᠣᠭᠰᠣᠪᠠ᠃ ᠲᠡᠭᠦᠨ ᠦ᠌ ᠬᠠᠮᠠᠷ ᠤ᠋ᠨ ᠦᠵᠦᠭᠦᠷ᠂ ᠮᠠᠩᠨᠠᠢ ᠶ᠋ᠢᠨ ᠠᠷᠠᠰᠤ ᠨᠢ ᠬᠦᠷᠲᠡᠯ᠎ᠡ ᠴᠡᠴᠡᠷᠡᠵᠦ ᠪᠠᠢᠯ᠎ᠠ᠃ ᠬᠠᠳᠠᠨ ᠪᠠᠭᠠᠲᠤᠷ ᠤ᠋ᠨ ᠴᠡᠷᠢᠭ ᠲᠡᠢ ᠬᠠᠮᠲᠤ ᠶᠠᠪᠤᠵᠤ ᠪᠠᠢᠬᠤ ᠳ᠋ᠠᠭᠠᠨ ᠡᠨᠡ ᠫᠤᠤ ᠶ᠋ᠢ ᠳᠤᠯᠮ᠎ᠠ ᠣᠯᠠᠨᠲᠠ ᠪᠠᠷᠢᠵᠤ ᠦᠵᠡᠭᠰᠡᠨ᠃ ᠭᠡᠪᠡᠴᠦ ᠫᠤᠤᠳᠠᠵᠤ ᠦᠵᠡᠭᠰᠡᠨ ᠦᠭᠡᠢ ᠪᠢᠯᠡ᠃ ᠭᠠᠭᠴᠠᠬᠦ ᠭᠣᠬ᠎ᠠ ᠶ᠋ᠢ ᠨᠢ ᠳᠠᠷᠤᠪᠠᠯ ᠫᠤᠤᠳᠠᠵᠤ ᠪᠣᠯᠳᠠᠭ ᠪᠠᠢᠬᠤ ᠭᠡᠵᠦ ᠪᠣᠳᠣᠵᠤ ᠪᠠᠢᠪᠠ᠃
  《ᠣᠳᠣ ᠲᠠᠢᠪᠤᠩ ᠯᠠ ᠪᠠᠢᠪᠠᠯ ᠬᠠᠮᠤᠭ ᠬᠡᠷᠡᠭ ᠪᠦᠲᠦᠨ᠎ᠡ》 ᠭᠡᠵᠦ ᠪᠣᠳᠣᠭᠠᠳ ᠫᠤᠤ ᠲᠠᠢ ᠭᠠᠷ ᠢ᠋ᠶ᠋ᠠᠨ ᠤᠨᠵᠢᠭᠤᠯᠤᠨ
  ᠊᠊᠊᠊᠊᠊᠊᠊᠊᠊᠊᠊᠊᠊᠊ ᠴᠡᠮᠪᠡ ᠲᠦᠭᠵᠢᠯ ᠬᠣᠶᠠᠷ ᠬᠠᠮᠢᠭ᠎ᠠ ᠪᠠᠢᠨ᠎ᠠ? ᠭᠡᠵᠦ ᠰᠦᠷ ᠦᠵᠡᠭᠦᠯᠦᠨ ᠰᠢᠬᠠᠮᠠᠯ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠵᠠ ᠡᠨᠡᠦᠬᠡᠨ ᠳᠡᠭᠡᠷ᠎ᠡ ᠮᠠᠢᠬᠠᠨ ᠲᠠᠢ ᠪᠠᠢᠭ᠎ᠠ᠃ ᠥᠴᠦᠬᠡᠨ ᠪᠢ ᠪᠣᠯ ᠲᠡᠳᠡᠨ ᠦ᠌ ᠬᠠᠷᠠᠭᠤᠯ᠃
  ᠊᠊᠊᠊᠊᠊᠊᠊᠊᠊᠊᠊᠊᠊᠊ ᠣᠯᠠᠭᠤᠯᠠ ᠪᠠᠨ ᠤᠤ?
  ᠊᠊᠊᠊᠊᠊᠊᠊᠊᠊᠊᠊᠊᠊᠊ ᠭᠤᠷᠪᠠᠭᠤᠯᠠ ᠪᠠᠨ᠃ ᠨᠠᠳᠠ ᠲᠠᠢ ᠪᠣᠯ ᠳᠥᠷᠪᠡ᠃
  ᠊᠊᠊᠊᠊᠊᠊᠊᠊᠊᠊᠊᠊᠊᠊ ᠪᠢ ᠲᠡᠳᠡᠨ ᠢ᠋ ᠪᠠᠷᠢᠬᠤ ᠪᠠᠷ ᠶᠠᠪᠤᠭ᠎ᠠ ᠬᠥᠮᠦᠨ᠃ ᠮᠠᠨ ᠤ᠋ ᠴᠡᠷᠢᠭ ᠡᠨᠡᠦᠬᠡᠨ ᠳ᠋ᠦ᠍ ᠪᠠᠢᠭ᠎ᠠ᠃
  ᠊᠊᠊᠊᠊᠊᠊᠊᠊᠊᠊᠊᠊᠊᠊ ᠮᠥᠯᠬᠥᠭᠡ ᠲᠡᠷᠭᠡ ᠪᠠᠰᠠ ᠪᠠᠢᠨ᠎ᠠ ᠤᠤ?
  ᠊᠊᠊᠊᠊᠊᠊᠊᠊᠊᠊᠊᠊᠊᠊ ᠬᠡᠳᠦ ᠬᠡᠳᠦ ᠪᠣᠢ ᠭᠡᠳ ᠫᠤᠤ ᠲᠠᠢ ᠭᠠᠷ ᠢ᠋ᠶ᠋ᠠᠨ ᠡᠷᠭᠦᠬᠦ ᠳ᠋ᠦ᠍ ᠯᠠᠮᠠ ᠶ᠋ᠢᠨ ᠴᠢᠷᠠᠢ ᠦᠨᠡᠰᠦ ᠰᠢᠭ ᠬᠥᠬᠡ ᠪᠣᠯᠵᠤ ᠰᠥᠬᠥᠷᠡᠨ ᠰᠠᠭᠤᠭᠠᠳ᠄
  ᠊᠊᠊᠊᠊᠊᠊᠊᠊᠊᠊᠊᠊᠊᠊ ᠤᠯᠠᠭᠠᠨ ᠬᠤᠪᠢᠰᠬᠠᠯᠴᠢ ᠳᠠᠭᠢᠨᠢ ᠭᠤᠸᠠᠢ ᠮᠢᠨᠢ᠂ ᠪᠢ ᠠᠷᠠᠳ ᠤ᠋ᠨ ᠵᠠᠰᠠᠭ ᠲᠤ᠌ ᠪᠤᠷᠤᠭᠤ ᠰᠠᠨᠠᠭᠰᠠᠨ ᠤᠳᠠᠭ᠎ᠠ ᠦᠭᠡᠢ ᠪᠢᠯᠡ᠃ ᠬᠦᠴᠦᠨ ᠳ᠋ᠦ᠍ ᠠᠪᠲᠠᠭᠳᠠᠭᠰᠠᠨ ᠶᠠᠳᠠᠭᠤ ᠬᠤᠸᠠᠷᠠᠭ ᠤ᠋ᠨ ᠠᠮᠢ ᠶ᠋ᠢ ᠥᠷᠥᠰᠢᠶᠡᠨ ᠰᠣᠶᠣᠷᠬᠠᠨ᠎ᠠ ᠤᠤ? ᠭᠡᠵᠦ ᠴᠡᠴᠡᠷᠡᠨ ᠪᠦᠪᠦᠳᠦᠨᠡᠪᠡ᠃
  ᠪᠣᠰᠤᠯᠭ᠎ᠠ ᠶ᠋ᠢᠨ ᠳᠤᠮᠳᠠ ᠦᠶ᠎ᠡ ᠡᠴᠡ ᠣᠷᠣᠯᠴᠠᠭᠰᠠᠨ ᠡᠨᠡ ᠯᠠᠮᠠ ᠭᠣᠣ ᠶ᠋ᠢᠨ ᠲᠤᠯᠤᠯᠳᠤᠭᠠᠨ ᠳ᠋ᠤ᠌ ᠠᠯᠠᠭᠳᠠᠭᠰᠠᠨ ᠵᠠᠩᠵᠤᠨ ᠤ᠋ ᠪᠠᠨ ᠰᠸᠯᠠᠢ᠌ᠳᠠᠢ ᠫᠤᠤ ᠶ᠋ᠢ ᠠᠪᠴᠤ ᠮᠣᠷᠢᠨ ᠤ᠋ ᠰᠠᠢᠨ ᠢ᠋ᠶ᠋ᠠᠷ ᠵᠢᠭᠤᠲᠠᠨ ᠠᠮᠢᠳᠤ ᠭᠠᠷᠴᠠᠢ᠃ ᠲᠡᠭᠡᠭᠡᠳ ᠤᠤᠯ ᠨᠤᠲᠤᠭ ᠲᠠᠭᠠᠨ ᠬᠠᠷᠢᠶ᠎ᠠ ᠭᠡᠵᠦ ᠪᠣᠳᠣᠭᠰᠠᠨ ᠪᠣᠯᠪᠠᠴᠤ ᠪᠠᠷᠢᠭᠳᠠᠬᠤ ᠠ᠋ᠴᠠ ᠪᠠᠨ ᠠᠶᠤᠨ ᠠᠭᠤᠯᠠ ᠬᠠᠳᠠ ᠪᠠᠷ ᠳᠡᠨᠡᠭᠦᠴᠢᠯᠡᠨ ᠶᠠᠪᠤᠭᠠᠳ ᠤᠷᠭᠤᠵᠤ ᠶᠠᠪᠤᠭ᠎ᠠ ᠲᠦᠭᠵᠢᠯ᠂ ᠴᠡᠮᠪᠡ ᠨᠠᠷ ᠲᠠᠢ ᠨᠡᠢᠯᠡᠵᠡᠢ᠃
  ᠊᠊᠊᠊᠊᠊᠊᠊᠊᠊᠊᠊᠊᠊᠊ ᠨᠠᠮᠠᠶ᠋ᠢ ᠳᠠᠭᠠᠭᠤᠯᠵᠤ ᠲᠡᠳᠡᠨ ᠳᠡᠭᠡᠷ᠎ᠡ ᠬᠦᠷᠭᠡ᠃ ᠮᠠᠲᠠᠪᠠᠤ? ᠮᠠᠢ ᠡᠨᠡ ᠮᠠᠭᠤ ᠵᠡᠪᠡ ᠪᠡᠨ ᠠᠪ᠃ ᠪᠠᠰᠠ ᠵᠠᠰᠠᠭ ᠲᠠᠢ ᠲᠡᠮᠡᠴᠡᠬᠦ ᠰᠠᠨᠠᠭ᠎ᠠ ᠲᠠᠢ ᠭᠡᠳ ᠳᠤᠯᠮ᠎ᠠ ᠰᠸᠯᠠᠢ᠌ᠳᠠᠢ ᠫᠤᠤ ᠶ᠋ᠢ ᠯᠠᠮᠠ ᠤᠷᠤᠭᠤ ᠰᠢᠳᠡᠪᠡ᠃ ᠯᠠᠮᠠ ᠨᠢᠭᠡᠨ ᠬᠡᠰᠡᠭ ᠶᠠᠭᠤ ᠴᠤ᠌ ᠣᠢᠯᠠᠭᠠᠭᠰᠠᠨ ᠰᠢᠨᠵᠢ ᠦᠭᠡᠢ ᠲᠡᠨᠡᠭ ᠪᠢᠲᠡᠭᠦᠦ ᠴᠢᠷᠠᠢ ᠭᠠᠷᠭᠠᠨ ᠳᠤᠯᠮ᠎ᠠ ᠶ᠋ᠢ ᠰᠢᠷᠳᠡᠪᠡ᠃ ᠤᠯᠠᠭᠠᠨ ᠤ᠋ ᠬᠢᠨ ᠠᠢᠬᠤᠪᠲᠤᠷ ᠵᠡᠪᠰᠡᠭ ᠲᠡᠢ ᠶ᠋ᠢ ᠯᠠᠮᠠ ᠮᠡᠳᠡᠨ᠎ᠡ᠃ ᠪᠠᠰᠠ ᠲᠡᠭᠡᠭᠡᠳ ᠡᠨᠡ ᠬᠡᠦᠬᠡᠨ ᠦ᠌ ᠪᠠᠢᠵᠤ ᠪᠠᠢᠭ᠎ᠠ ᠶ᠋ᠢ ᠬᠠᠷᠠᠬᠤ ᠳ᠋ᠤ᠌ ᠴᠡᠷᠢᠭ ᠨᠢ ᠶᠡᠬᠡ ᠣᠢᠷᠠᠬᠠᠨ ᠪᠠᠢᠭ᠎ᠠ ᠪᠣᠯᠤᠯᠲᠠᠢ᠃ ᠡᠳᠡᠨ ᠦ᠌ ᠭᠠᠷ ᠠ᠋ᠴᠠ ᠭᠠᠷᠳᠠᠭ ᠴᠤ᠌ ᠥᠩᠭᠡᠷᠡᠯ᠎ᠡ᠃ ᠡᠨᠡ ᠬᠡᠦᠬᠡᠨ ᠦ᠌ ᠬᠡᠯᠡᠭᠰᠡᠨ ᠪᠦᠬᠦᠨ ᠢ᠋ ᠬᠢᠪᠡᠯ ᠠᠮᠢ ᠥᠷᠥᠰᠢᠶᠡᠵᠦ ᠮᠠᠭᠠᠳ ᠪᠣᠯᠪᠠᠤ? ᠠᠯᠢ ᠡᠨᠡ ᠫᠤᠤ ᠶ᠋ᠢ ᠠᠪᠬᠤ ᠭᠡᠬᠦ ᠳᠡᠭᠡᠷ᠎ᠡ ᠫᠤᠤᠳᠠᠵᠤ ᠣᠷᠬᠢᠬᠤ ᠭᠡᠵᠦ ᠪᠠᠢᠨ᠎ᠠ ᠤᠤ? ᠭᠡᠬᠦ ᠵᠡᠷᠭᠡ ᠪᠣᠳᠣᠭᠰᠠᠨ ᠯᠠᠮᠠ ᠪᠠᠢᠷᠢ ᠠ᠋ᠴᠠ ᠪᠠᠨ ᠬᠥᠳᠡᠯᠦᠭᠰᠡᠨ ᠦᠭᠡᠢ᠃
  ᠊᠊᠊᠊᠊᠊᠊᠊᠊᠊᠊᠊᠊᠊᠊ ᠨᠠᠭᠠᠳᠤᠬᠢ ᠫᠤᠤ ᠪᠠᠨ ᠠᠪᠤᠭᠠᠳ ᠨᠠᠮᠠᠶ᠋ᠢ ᠳᠠᠭᠠᠭᠤᠯᠵᠤ ᠶᠠᠪᠤ᠃ ᠲᠡᠭᠡᠬᠦ ᠦᠭᠡᠢ ᠪᠣᠯ ᠭᠡᠳ ᠮᠠᠩᠨᠠᠢ ᠤᠷᠤᠭᠤ ᠪᠠᠨ ᠳᠣᠯᠣᠭᠤᠪᠤᠷ ᠬᠤᠷᠤᠭᠤ ᠪᠠᠷ ᠢ᠋ᠶ᠋ᠠᠨ ᠴᠢᠴᠢᠭᠰᠡᠨ ᠢ᠋ᠶ᠋ᠡᠨ ᠡᠭᠦᠨ ᠳ᠋ᠦ᠍ ᠴᠢᠨᠢ ᠦᠬᠡᠷ ᠫᠤᠤ ᠶ᠋ᠢᠨ ᠰᠤᠮᠤ ᠵᠣᠭᠣᠨ᠎ᠠ ᠰᠢᠦ᠃ ᠵᠠ ᠶᠠᠪᠤᠶ᠎ᠠ᠃ ᠵᠠᠮ ᠳ᠋ᠠᠭᠠᠨ ᠶᠠᠭᠠᠬᠢᠬᠤ ᠶ᠋ᠢ ᠪᠢ ᠬᠡᠯᠡᠵᠦ ᠥᠭᠭᠦᠨ᠎ᠡ᠃
  ᠊᠊᠊᠊᠊᠊᠊᠊᠊᠊᠊᠊᠊᠊᠊ ᠠᠮᠢ ᠯᠠ ᠥᠷᠥᠰᠢᠶᠡ᠃
  ᠊᠊᠊᠊᠊᠊᠊᠊᠊᠊᠊᠊᠊᠊᠊ ᠣᠯᠠᠨ ᠲᠠᠪᠤᠨ ᠦᠭᠡ ᠦᠭᠡᠢ ᠨᠠᠭᠠᠳᠤᠬᠢ ᠪᠠᠨ ᠠᠪᠤᠭᠠᠳ ᠪᠤᠰᠢᠭᠤ ᠮᠣᠷᠳᠠ᠃ ᠴᠢᠮ᠎ᠠ ᠲᠠᠢ ᠵᠠᠪᠠᠭᠠᠷᠠᠬᠤ ᠴᠠᠭ ᠠᠯᠠᠭ᠎ᠠ ᠭᠡᠳ ᠬᠡᠦᠬᠡᠨ ᠲᠠᠢᠪᠤᠩ ᠢ᠋ᠶ᠋ᠠᠷ ᠠᠯᠬᠤᠵᠤ ᠮᠣᠷᠢ ᠪᠠᠨ ᠲᠠᠢᠯᠤᠨ ᠠᠪᠤᠯ᠎ᠠ᠃
  ᠊᠊᠊᠊᠊᠊᠊᠊᠊᠊᠊᠊᠊᠊᠊ ᠲᠠ ᠨᠠᠮᠠᠶ᠋ᠢ ᠫᠤᠤ ᠠᠪᠬᠤ ᠳᠡᠭᠡᠷ᠎ᠡ ᠫᠤᠤᠳᠠᠵᠤ ᠣᠷᠬᠢᠬᠤ ᠦᠭᠡᠢ ᠪᠠᠢᠭ᠎ᠠ ᠶᠤᠮ ᠪᠢᠰᠢ ᠪᠢᠵᠡ᠃
  ᠊᠊᠊᠊᠊᠊᠊᠊᠊᠊᠊᠊᠊᠊᠊ ᠴᠢ ᠪᠤᠰᠢᠭᠤ ᠠᠪᠤᠨ᠎ᠠ ᠤᠤ᠂ᠦᠭᠡᠢ ᠤᠤ?
  ᠯᠠᠮᠠ ᠮᠣᠭᠠᠢ ᠪᠠᠷᠢᠵᠤ ᠪᠠᠢᠭ᠎ᠠ ᠶᠤᠮ ᠰᠢᠭ᠋ ᠴᠡᠴᠡᠷᠡᠨ ᠣᠴᠢᠵᠤ ᠫᠤᠤ ᠪᠠᠨ ᠠᠪᠬᠤ ᠳ᠋ᠠᠭᠠᠨ ᠬᠠᠮᠢᠭ᠎ᠠ ᠠ᠋ᠴᠠ ᠫᠤᠤ ᠳᠤᠤᠭᠠᠷᠴᠤ ᠨᠠᠰᠤᠨ ᠤ᠋ ᠲᠣᠭ᠎ᠠ ᠭᠦᠢᠴᠡᠬᠦ ᠪᠣᠯ ᠭᠡᠵᠦ ᠴᠡᠴᠡᠷᠡᠨ ᠳᠠᠭᠵᠢᠵᠤ ᠪᠠᠢᠯ᠎ᠠ᠃ ᠭᠡᠲᠡᠯ᠎ᠡ ᠬᠡᠦᠬᠡᠨ ᠠᠯᠢ ᠬᠡᠳᠦᠢᠨ ᠮᠣᠷᠳᠠᠭᠠᠳ ᠬᠣᠷᠮᠣᠢ ᠪᠠᠨ ᠶᠠᠮᠠᠷ ᠴᠤ᠌ ᠠᠵᠢᠭ ᠦᠭᠡᠢ ᠵᠠᠰᠠᠪᠠ᠃
  ᠳᠤᠯᠮ᠎ᠠ ᠶ᠋ᠢᠨ ᠦᠨᠡᠨ ᠪᠠᠢᠳᠠᠯ ᠢ᠋ ᠠᠶᠤᠨ ᠰᠠᠨᠳᠤᠷᠤᠭᠰᠠᠨ ᠯᠠᠮᠠ ᠠᠵᠢᠵᠤ ᠬᠡᠷᠬᠢᠨ ᠴᠢᠳᠠᠬᠤ ᠪᠢᠯᠡ᠃ ᠯᠠᠮᠠ ᠫᠤᠤ ᠪᠠᠨ ᠠᠪᠬᠤ ᠦᠶ᠎ᠡ ᠳ᠋ᠦ᠍ ᠳᠤᠯᠮ᠎ᠠ ᠶ᠋ᠢᠨ ᠰᠡᠳᠬᠢᠯ ᠳ᠋ᠦ᠍ ᠶᠠᠭᠤ ᠪᠣᠳᠣᠭᠳᠠᠵᠤ ᠪᠠᠢᠭᠰᠠᠨ ᠢ᠋ ᠪᠢᠴᠢᠬᠦ ᠳ᠋ᠦ᠍ ᠬᠡᠴᠡᠭᠦᠦ᠃ ᠬᠡᠷᠪᠡ ᠫᠤᠤ ᠥᠪᠡᠷ ᠤᠷᠤᠭᠤ ᠨᠢ ᠴᠢᠭᠯᠡᠭᠰᠡᠨ ᠪᠣᠯ ᠮᠣᠷᠢ ᠪᠠᠨ ᠲᠠᠰᠢᠭᠤᠷᠳᠠᠨ ᠡᠭᠴᠡ ᠳᠠᠭᠠᠷᠢᠶ᠎ᠠ ᠭᠡᠵᠦ ᠪᠣᠳᠣᠵᠤ ᠪᠠᠢᠵᠠᠢ᠃ ᠡᠨᠡ ᠴᠦ᠍ ᠤᠴᠢᠷ ᠠ᠋ᠴᠠ ᠫᠤᠤ ᠳ᠋ᠤ᠌ ᠯᠠᠮᠠ ᠶ᠋ᠢᠨ ᠭᠠᠷ ᠬᠦᠷᠬᠦ ᠦᠶ᠎ᠡ ᠳ᠋ᠦ᠍ ᠥᠨᠳᠡᠰᠬᠢᠭᠰᠡᠨ ᠪᠥᠭᠡᠳ ᠰᠡᠭᠦᠯ ᠳ᠋ᠦ᠍ᠨᠢ ᠲᠡᠭᠦᠨ ᠢ᠋ᠶ᠋ᠡᠨ ᠪᠠᠯᠠᠯᠬᠤ ᠭᠡᠵᠦ ᠬᠣᠷᠮᠣᠢ ᠪᠠᠨ ᠵᠠᠰᠠᠪᠠ᠃
  ᠲᠦᠷᠭᠡᠯᠡ ᠭᠡᠵᠦ ᠰᠢᠷᠦᠭᠦᠨ ᠵᠠᠩᠳᠤᠷᠤᠭᠰᠠᠨ ᠳᠤᠯᠮ᠎ᠠ ᠶ᠋ᠢᠨ ᠳᠠᠭᠤ ᠯᠠᠮᠠ ᠶ᠋ᠢ ᠪᠦᠷᠢᠮᠦᠰᠦᠨ ᠢᠯᠠᠵᠤ ᠮᠣᠷᠢᠨ ᠳ᠋ᠤᠨᠢ ᠮᠣᠷᠳᠠᠭᠤᠯᠪᠠ᠃
  ᠊᠊᠊᠊᠊᠊᠊᠊᠊᠊᠊᠊᠊᠊᠊ ᠵᠡᠷᠭᠡᠴᠡᠨ ᠶᠠᠪᠤ ᠭᠡᠵᠦ ᠲᠤᠰᠢᠶᠠᠬᠤ ᠳ᠋ᠤ᠌ ᠯᠠᠮᠠ ᠬᠠᠵᠠᠭᠤ ᠳ᠋ᠤᠨᠢ ᠢᠷᠡᠯ᠎ᠡ᠃ ᠲᠡᠭᠦᠨ ᠦ᠌ ᠪᠡᠶ᠎ᠡ ᠲᠣᠭᠲᠠᠵᠤ ᠶᠠᠳᠠᠨ ᠪᠡᠭᠡᠪᠡᠭᠡᠨᠡᠨ ᠴᠡᠴᠡᠷᠡᠵᠦ ᠵᠠᠪᠠᠵᠢ ᠪᠠᠷ ᠨᠢ ᠰᠢᠯᠦᠰᠦ ᠰᠠᠪᠢᠷᠠᠨ᠎ᠠ᠃
  ᠊᠊᠊᠊᠊᠊᠊᠊᠊᠊᠊᠊᠊᠊᠊ ᠨᠠᠮᠠᠶ᠋ᠢ ᠮᠣᠳᠣᠨ ᠳ᠋ᠤ᠌ ᠲᠠᠭᠠᠷᠠᠯᠳᠤᠭᠰᠠᠨ᠃ ᠶᠠᠭᠤ ᠴᠤ᠌ ᠬᠡᠯᠡᠵᠦ ᠥᠭᠬᠦ ᠦᠭᠡᠢ ᠶᠤᠮ᠃ ᠲᠡᠭᠡᠭᠡᠳ ᠠᠪᠴᠢᠷᠠᠯ᠎ᠠ᠃ ᠬᠠᠷᠢᠨ ᠵᠠᠮ ᠳ᠋ᠠᠭᠠᠨ ᠲᠠᠨ ᠤ᠋ ᠰᠢᠷ᠎ᠠ ᠴᠡᠷᠢᠭ ᠲᠦ᠍ ᠪᠠᠢᠭ᠎ᠠ ᠨᠥᠬᠥᠷ ᠢ᠋ᠶ᠋ᠡᠨ ᠡᠷᠢᠵᠦ ᠶᠠᠪᠤᠨ᠎ᠠ ᠭᠡᠰᠡᠨ ᠭᠡᠵᠦ ᠬᠡᠯᠡᠭᠡᠷᠡᠢ᠃ ᠥᠭᠡᠷ᠎ᠡ ᠢᠯᠡᠭᠦᠦ ᠳᠤᠲᠠᠭᠤ ᠶᠠᠭᠤᠮ᠎ᠠ ᠴᠠᠯᠴᠢᠭᠰᠠᠨ ᠪᠠᠢᠪᠠᠯ ᠤᠤ! ᠭᠡᠵᠦ ᠳᠤᠯᠮ᠎ᠠ ᠶ᠋ᠢᠨ ᠬᠡᠯᠡᠬᠦ ᠳ᠋ᠦ᠍ ᠯᠠᠮᠠ ᠭᠢᠯᠦᠯᠵᠡᠨ ᠡᠰᠢ ᠲᠠᠰᠢ ᠬᠠᠷᠠᠬᠤ ᠵᠠᠭᠤᠷ᠎ᠠ 《ᠵᠠ》 ᠭᠡᠵᠦ ᠰᠢᠪᠡᠭᠡᠨᠡᠭᠡᠳ ᠡᠮᠡᠭᠡᠯ ᠳᠡᠭᠡᠷ᠎ᠡ ᠪᠡᠨ ᠨᠡᠮᠦᠰ ᠭᠡᠯ᠎ᠡ᠃
  ᠊᠊᠊᠊᠊᠊᠊᠊᠊᠊᠊᠊᠊᠊᠊ ᠨᠠᠮᠠᠶ᠋ᠢ ᠬᠡᠨ ᠭᠡᠳᠡᠭ ᠢ᠋ ᠬᠡᠯᠡᠭᠰᠡᠨ ᠪᠠᠢᠪᠠᠯ ᠮᠥᠴᠢ ᠮᠥᠴᠢ ᠪᠡᠷ ᠴᠢᠨᠢ ᠬᠢᠷᠭᠠᠵᠤ ᠠᠯᠠᠨ᠎ᠠ ᠰᠢᠦ᠃ ᠬᠠᠷᠢᠨ ᠮᠢᠨᠦ ᠬᠡᠯᠡᠭᠰᠡᠨ ᠪᠦᠬᠦᠨ ᠢ᠋ ᠬᠢᠪᠡᠯ ᠨᠣᠬᠠᠢ ᠠᠮᠢ ᠶ᠋ᠢ ᠴᠢᠨᠢ ᠠᠪᠤᠷᠠᠶ᠎ᠠ᠃
  ᠊᠊᠊᠊᠊᠊᠊᠊᠊᠊᠊᠊᠊᠊᠊ ᠠ᠋ ᠪᠤᠷᠬᠠᠨ ᠮᠢᠨᠢ᠃ ᠶᠠᠭᠤ ᠪᠣᠯᠤᠯ᠎ᠠ ᠭᠡᠵᠦ ᠲᠡᠭᠡᠬᠦ ᠪᠣᠢ᠃
  ᠲᠡᠷᠡ ᠬᠣᠶᠠᠷ ᠵᠡᠷᠭᠡᠴᠡᠨ ᠨᠡᠢᠯᠡᠭᠡᠳ ᠶᠠᠪᠤᠯ᠎ᠠ᠃ ᠳᠤᠯᠮ᠎ᠠ ᠠᠮᠠᠨ ᠳ᠋ᠠᠭᠠᠨ ᠶᠠᠮᠠᠷ ᠨᠢᠭᠡᠨ ᠳᠠᠭᠤᠤ ᠭᠢᠩᠰᠢᠨ ᠠᠶᠠᠯᠤᠨ᠎ᠠ᠃ ᠤᠳᠠᠭᠰᠠᠨ ᠴᠤ᠌ ᠦᠭᠡᠢ ᠮᠣᠳᠣᠨ ᠤ᠋ ᠴᠣᠭᠣᠷᠬᠠᠢ ᠳ᠋ᠤ᠌ ᠪᠠᠢᠭ᠎ᠠ ᠬᠠᠭᠤᠴᠢᠨ ᠬᠥᠬᠡ ᠮᠠᠢᠬᠠᠨ ᠬᠠᠷᠠᠭᠳᠠᠯ᠎ᠠ᠃ ᠮᠠᠢᠬᠠᠨ ᠤ᠋ ᠳᠡᠷᠭᠡᠳᠡ ᠡᠮᠡᠭᠡᠯ ᠲᠡᠢ ᠮᠣᠷᠢᠳ ᠬᠠᠷᠠᠭᠳᠠᠪᠠ᠃ ᠮᠣᠷᠢᠨ ᠤ᠋ ᠴᠢᠮᠡᠭᠡ ᠪᠡᠷ ᠮᠠᠢᠬᠠᠨ ᠠ᠋ᠴᠠ ᠲᠦᠭᠵᠢᠯ᠂ ᠴᠡᠮᠪᠡ ᠭᠠᠷᠴᠤ ᠢᠷᠡᠯ᠎ᠡ᠃ ᠲᠡᠳᠡᠨ ᠦ᠌ ᠭᠠᠷ ᠲᠤ᠌ ᠰᠸᠯᠠᠢ᠌ᠳᠠᠢ ᠫᠤᠤ ᠪᠠᠢᠬᠤ ᠶ᠋ᠢ ᠬᠠᠷᠠᠭᠠᠳ ᠳᠤᠯᠮ᠎ᠠ ᠶ᠋ᠢᠨ ᠳᠣᠲᠣᠷ᠎ᠠ ᠵᠠᠷᠠᠰ ᠬᠢᠯ᠎ᠡ᠃
  ᠯᠠᠮᠠ ᠵᠢᠭᠠᠵᠤ ᠥᠭᠭᠦᠭᠰᠡᠨ ᠦᠭᠡ ᠶ᠋ᠢ ᠲᠣᠳᠢ ᠰᠢᠭ᠋ ᠳᠠᠪᠲᠠᠨ ᠬᠡᠯᠡᠭᠡᠳ ᠮᠣᠷᠢᠨ ᠠ᠋ᠴᠠ ᠪᠠᠨ ᠪᠠᠭᠤᠬᠤ ᠳ᠋ᠤ᠌ ᠳᠤᠯᠮ᠎ᠠ ᠴᠤ᠌ ᠪᠠᠭᠤᠵᠠᠢ᠃
  ᠊᠊᠊᠊᠊᠊᠊᠊᠊᠊᠊᠊᠊᠊᠊ ᠳᠤᠯᠮ᠎ᠠ᠃ ᠴᠢ ᠴᠢᠨᠢ ᠬᠠᠮᠢᠭ᠎ᠠ ᠠ᠋ᠴᠠ ᠭᠠᠷᠤᠭᠠᠳ ᠢᠷᠡᠪᠡ ᠭᠡᠵᠦ ᠴᠡᠮᠪᠡ ᠢᠨᠢᠶᠡᠮᠰᠦᠭᠯᠡᠨ ᠬᠡᠯᠡᠪᠡ᠃
  ᠊᠊᠊᠊᠊᠊᠊᠊᠊᠊᠊᠊᠊᠊᠊ ᠵᠠ ᠳᠤᠯᠮ᠎ᠠ ᠴᠢᠮᠠᠶ᠋ᠢ ᠬᠡᠨ ᠶᠠᠪᠤᠭᠤᠯᠪᠠ? ᠭᠡᠵᠦ ᠲᠦᠭᠵᠢᠯ ᠣᠢᠷᠠᠲᠤᠨ ᠣᠴᠢᠵᠤ ᠰᠡᠵᠢᠭᠲᠡᠢ ᠨᠢᠳᠦ ᠪᠡᠷ ᠰᠢᠷᠳᠡᠨ ᠠᠰᠠᠭᠤᠪᠠ᠃
  ᠊᠊᠊᠊᠊᠊᠊᠊᠊᠊᠊᠊᠊᠊᠊ ᠬᠡᠨ ᠶᠠᠪᠤᠭᠤᠯᠤᠭᠰᠠᠨ ᠪᠠᠢᠮᠠᠷ ᠪᠠᠢᠨ᠎ᠠ? ᠭᠡᠵᠦ ᠳᠤᠯᠮ᠎ᠠ ᠠᠰᠠᠭᠤᠳᠠᠯ ᠢ᠋ ᠠᠰᠠᠭᠤᠳᠠᠯ ᠢ᠋ᠶ᠋ᠠᠷ ᠬᠠᠷᠢᠭᠤᠯᠤᠭᠠᠳ ᠯᠠᠮᠠ ᠶ᠋ᠢᠨ ᠲᠤᠱᠠᠭᠰᠠᠨ ᠮᠣᠷᠢᠨ ᠤ᠋ ᠬᠦᠵᠦᠭᠦᠨ ᠡᠴᠡ ᠮᠣᠷᠢ ᠪᠠᠨ ᠠᠵᠢᠭ ᠦᠭᠡᠢ ᠤᠶᠠᠪᠠ᠃
  ᠊᠊᠊᠊᠊᠊᠊᠊᠊᠊᠊᠊᠊᠊᠊ ᠤᠯᠠᠭᠠᠨ ᠤ᠋ ᠬᠢᠨ ᠶᠠᠪᠤᠭᠤᠯᠤᠭᠰᠠᠨ ᠪᠢᠰᠢ ᠪᠢᠵᠡ ᠳᠡ? ᠬᠠᠲᠠᠭᠤ ᠲᠣᠭᠯᠠᠭᠠᠮ ᠡᠮ᠎ᠡ ᠬᠥᠮᠦᠨ ᠳ᠋ᠦ᠍ ᠣᠭᠲᠣ ᠬᠡᠷᠡᠭ ᠦᠭᠡᠢ ᠭᠡᠳ ᠲᠦᠭᠵᠢᠯ ᠭᠠᠷ ᠲᠠᠭᠠᠨ ᠪᠠᠷᠢᠭᠰᠠᠨ ᠰᠸᠯᠠᠢ᠌ᠳᠠᠢ ᠪᠠᠷ ᠲᠣᠭᠯᠠᠵᠤ᠂ ᠳᠤᠯᠮ᠎ᠠ ᠶ᠋ᠢᠨ ᠪᠠᠢᠳᠠᠯ ᠢ᠋ ᠠᠵᠢᠨ᠎ᠠ᠃
  ᠳᠤᠯᠮ᠎ᠠ ᠲᠠᠴᠢᠭᠢᠨᠠᠲᠠᠯ᠎ᠠ ᠢᠨᠢᠶᠡᠭᠰᠡᠨ ᠢ᠋ᠶ᠋ᠡᠨ
  ᠊᠊᠊᠊᠊᠊᠊᠊᠊᠊᠊᠊᠊᠊᠊ ᠨᠠᠮᠠᠶ᠋ᠢ ᠴᠣ ᠤᠯᠠᠭᠠᠨ ᠤ᠋ ᠬᠢᠨ ᠯᠡ ᠲᠣᠭᠣᠨ᠎ᠠ ᠳᠠ᠃ ᠲᠡᠢᠮᠦ ᠠᠮᠢᠲᠠᠳ ᠲᠤ᠌ ᠳᠡᠢᠯᠦᠭᠳᠡᠭᠡᠳ ᠡᠨᠳᠡ ᠪᠦᠭᠭᠦᠵᠦ ᠪᠠᠢᠳᠠᠭ ᠶᠠᠮᠠᠷ ᠵᠠᠶᠠᠭ᠎ᠠ ᠦᠭᠡᠢ ᠠᠮᠢᠲᠠᠳ ᠪᠣᠢ? ᠲᠠᠨᠠᠷ ᠴᠢᠨᠢ ᠭᠡᠯ᠎ᠡ᠃
  ᠊᠊᠊᠊᠊᠊᠊᠊᠊᠊᠊᠊᠊᠊᠊ ᠲᠡᠭᠡᠭᠡᠳ ᠴᠢ ᠶᠠᠭᠤ ᠭᠡᠵᠦ ᠶᠠᠪᠤᠭ᠎ᠠ ᠶᠤᠮ ᠪᠣᠢ?
  ᠊᠊᠊᠊᠊᠊᠊᠊᠊᠊᠊᠊᠊᠊᠊ ᠮᠢᠨᠦ ᠨᠥᠬᠥᠷ ᠲᠠ ᠨᠠᠷ ᠲᠠᠢ ᠬᠠᠮᠲᠤ ᠶᠠᠪᠤᠭᠰᠠᠨ᠃ ᠨᠥᠬᠥᠷ ᠢ᠋ᠶ᠋ᠡᠨ ᠡᠷᠢᠵᠦ ᠶᠠᠪᠤᠨ᠎ᠠ᠃
  ᠊᠊᠊᠊᠊᠊᠊᠊᠊᠊᠊᠊᠊᠊᠊ ᠨᠥᠬᠥᠷ ᠢ᠋ᠶ᠋ᠡᠨ ᠡᠷᠢᠵᠦ ᠶᠠᠪᠤᠨ᠎ᠠ ᠭᠡᠨ᠎ᠡ᠃ ᠲᠡᠷᠡ ᠴᠢᠨᠢ ᠪᠢᠳᠡᠨ ᠲᠡᠢ ᠬᠠᠮᠲᠤ ᠪᠠᠢᠬᠤ ᠶᠣᠰᠣᠲᠠᠢ ᠶᠤᠮ ᠤᠤ? ᠭᠡᠳ ᠴᠡᠮᠪᠡ ᠶᠣᠵᠣᠲᠠᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠰᠢᠷ᠎ᠠ ᠶ᠋ᠢᠨ ᠴᠡᠷᠢᠭ ᠲᠦ᠍ ᠯᠡ ᠶᠠᠪᠤᠭᠰᠠᠨ ᠶᠤᠮ ᠳᠠ᠃
  ᠊᠊᠊᠊᠊᠊᠊᠊᠊᠊᠊᠊᠊᠊᠊ ᠵᠠ ᠲᠡᠢᠮᠦ ᠪᠣᠯ ᠮᠠᠢᠬᠠᠨ ᠳ᠋ᠤ᠌ ᠣᠷᠣ᠃ ᠲᠠᠪᠠᠲᠠᠢ ᠶᠠᠷᠢ ᠭᠡᠳ ᠲᠦᠭᠵᠢᠯ ᠳᠤᠯᠮ᠎ᠠ ᠲᠠᠢ ᠢᠷᠡᠭᠰᠡᠨ ᠯᠠᠮᠠ ᠳ᠋ᠤ᠌ ᠬᠠᠨᠳᠤᠵᠤ
  ᠊᠊᠊᠊᠊᠊᠊᠊᠊᠊᠊᠊᠊᠊᠊ ᠴᠢ ᠤᠷᠢᠳᠤᠬᠢ ᠥᠨᠳᠥᠷ ᠳᠡᠭᠡᠷ᠎ᠡ ᠭᠠᠷᠴᠤ ᠬᠥᠮᠦᠨ ᠬᠠᠷᠠᠵᠤ ᠪᠠᠢᠭᠠᠳ ᠪᠦᠷᠦᠩᠬᠦᠢ ᠪᠣᠯᠬᠤ ᠪᠠᠷ ᠢᠷ᠎ᠡ ᠭᠡᠯ᠎ᠡ᠃
  ᠳᠤᠯᠮ᠎ᠠ ᠬᠡᠯᠡᠭᠰᠡᠨ ᠢ᠋ᠶ᠋ᠡᠷ ᠨᠢ ᠶᠠᠪᠤᠭᠠᠳ ᠢᠷ᠎ᠡ ᠭᠡᠳᠡᠭ ᠳᠣᠬᠢᠶ᠎ᠠ ᠬᠤᠯᠠᠭᠠᠢ ᠨᠢᠳᠦ ᠪᠡᠷ ᠯᠠᠮᠠ ᠳ᠋ᠤ᠌ ᠥᠭᠭᠦᠭᠡᠳ ᠰᠢᠭᠤᠳ ᠮᠠᠢᠬᠠᠨ ᠤᠷᠤᠭᠤ ᠶᠠᠪᠤᠯ᠎ᠠ᠃ ᠭᠠᠷ ᠢ᠋ᠶ᠋ᠠᠨ ᠦᠯᠦ ᠮᠡᠳᠡᠭ ᠬᠠᠶᠠᠯᠠᠨ ᠬᠣᠶᠠᠷ ᠰᠡᠭᠦᠵᠢᠨ ᠳᠡᠭᠡᠷ᠎ᠡ ᠪᠡᠨ ᠭᠠᠩᠬᠤᠨ ᠶᠠᠪᠤᠭ᠎ᠠ ᠳᠤᠯᠮ᠎ᠠ ᠶ᠋ᠢᠨ ᠬᠣᠢᠨ᠎ᠠ ᠠ᠋ᠴᠠ ᠲᠦᠭᠵᠢᠯ᠂ ᠴᠡᠮᠪᠡ᠂ ᠬᠣᠶᠠᠷ ᠲᠠᠴᠢᠶᠠᠩᠭᠤᠢ ᠶ᠋ᠢᠨ ᠭᠠᠯ ᠳᠦᠷᠡᠯᠵᠡᠭᠰᠡᠨ ᠨᠢᠳᠦ ᠪᠡᠷ ᠰᠢᠷᠳᠡᠪᠡ᠃
  ᠰᠠᠷ᠎ᠠ ᠰᠢᠬᠠᠮ ᠠᠭᠯᠠᠭ ᠠᠭᠤᠯᠠᠨ ᠳ᠋ᠤ᠌ ᠪᠦᠭᠭᠦᠵᠦ᠂ ᠡᠮᠡᠭᠲᠡᠢ ᠬᠥᠮᠦᠨ ᠦ᠌ ᠪᠠᠷ᠎ᠠ ᠬᠠᠷᠠᠭ᠎ᠠ ᠦᠭᠡᠢ ᠡᠨᠡ ᠬᠣᠶᠠᠷ ᠲᠤ᠌ ᠳᠤᠯᠮ᠎ᠠ ᠤᠯᠠᠮ ᠴᠤ᠌ ᠭᠤᠸ᠎ᠠ ᠦᠵᠡᠰᠬᠦᠯᠡᠩᠲᠡᠢ ᠪᠣᠯᠤᠭᠰᠠᠨ ᠶᠤᠮ ᠰᠢᠭ᠋ ᠪᠣᠳᠣᠭᠳᠠᠵᠤ ᠪᠠᠢᠯ᠎ᠠ᠃ 《ᠶᠣᠰᠣᠲᠠᠢ ᠲᠩᠷᠢ ᠶ᠋ᠢᠨ ᠳᠠᠭᠢᠨᠢ ᠯᠠ ᠡᠢᠮᠦ ᠪᠠᠢᠳᠠᠭ ᠪᠠᠢᠬᠤ ᠳᠠ?》 ᠭᠡᠵᠦ ᠴᠡᠮᠪᠡ ᠳᠣᠲᠣᠷ᠎ᠠ ᠪᠠᠨ ᠪᠣᠳᠣᠵᠤ ᠪᠠᠢᠭᠰᠠᠨ ᠪᠣᠯ 《ᠰᠠᠢᠬᠠᠨ ᠬᠡᠦᠬᠡᠨ ᠭᠡᠵᠦ ᠬᠣᠰᠢᠭᠤ ᠳᠠᠮᠵᠢᠨ ᠶᠠᠷᠢᠯᠴᠠᠳᠠᠭ ᠨᠢ ᠠᠷᠭ᠎ᠠ ᠴᠤ᠌ ᠦᠭᠡᠢ ᠶᠤᠮ ᠳᠡ᠃ ᠲᠡᠷᠡ ᠭᠡᠵᠢᠭᠡ ᠨᠢ ᠁ ᠰᠤᠨᠤᠯᠵᠠᠭᠠᠳ᠂ ᠨᠢᠷᠤᠭᠤ ᠨᠢ》 ᠭᠡᠵᠦ ᠲᠦᠭᠵᠢᠯ ᠪᠣᠳᠣᠵᠤ ᠪᠠᠢᠯ᠎ᠠ᠃
  ᠳᠤᠯᠮ᠎ᠠ ᠮᠠᠢᠬᠠᠨ ᠳ᠋ᠤ᠌ ᠣᠷᠣᠭᠠᠳ ᠡᠰᠢ ᠲᠡᠰᠢ ᠬᠠᠷᠠᠪᠠᠯ ᠬᠠᠮᠪᠤ ᠯᠠᠮᠠ ᠪᠠᠢᠭᠰᠠᠨ ᠦᠭᠡᠢ᠃ ᠤᠴᠢᠷ ᠨᠢ ᠵᠢᠭᠤᠲᠠᠵᠤ ᠪᠦᠭᠦᠳᠡ ᠶᠠᠪᠤᠬᠤ ᠳ᠋ᠤ᠌ ᠪᠥᠭᠡᠮ ᠳᠠᠷᠤᠭᠠᠰᠤ ᠪᠣᠯᠤᠭᠰᠠᠨ ᠬᠥᠭᠰᠢᠨ ᠯᠠᠮᠠ ᠶ᠋ᠢ ᠲᠦᠭᠵᠢᠯ ᠡᠳᠦᠷ ᠣᠢᠷᠠᠬᠠᠨ ᠮᠣᠳᠣᠨ ᠳ᠋ᠤ᠌ ᠳᠠᠭᠠᠭᠤᠯᠵᠤ ᠠᠪᠠᠴᠢᠭᠠᠳ ᠴᠣᠬᠢᠵᠤ ᠣᠷᠬᠢᠭᠰᠠᠨ ᠶᠤᠮ᠃
  ᠲᠦᠭᠵᠢᠯ ᠬᠠᠮᠪᠤ ᠶ᠋ᠢ ᠬᠥᠪᠳᠥ ᠪᠡᠷ ᠪᠤᠯᠠᠵᠤ ᠣᠷᠬᠢᠭᠠᠳ ᠢᠷᠡᠬᠦ ᠳ᠋ᠦ᠍ 《ᠪᠠᠭᠰᠢ ᠶᠠᠪᠤᠭᠠᠳ ᠦᠭᠪᠡᠦ?》 ᠭᠡᠵᠦ ᠴᠡᠮᠪᠡ ᠠᠰᠠᠭᠤᠵᠠᠢ᠃
  ᠊᠊᠊᠊᠊᠊᠊᠊᠊᠊᠊᠊᠊᠊᠊ ᠢᠩᠭᠢᠵᠦ ᠠᠭᠤᠯᠠᠨ ᠳ᠋ᠤ᠌ ᠪᠠᠭᠠᠪᠠᠭᠠᠢ ᠰᠢᠭ᠋ ᠪᠠᠢᠵᠤ ᠴᠢᠳᠠᠬᠤ ᠦᠭᠡᠢ ᠭᠡᠨ᠎ᠡ ᠭᠡᠳ ᠲᠦᠭᠵᠢᠯ ᠠᠵᠢᠭ ᠦᠭᠡᠢ ᠬᠡᠪᠲᠡᠵᠦ ᠪᠠᠢᠯ᠎ᠠ᠃ ᠲᠦᠭᠵᠢᠯ ᠶᠡᠬᠡ ᠶᠠᠭᠤᠮ᠎ᠠ ᠪᠣᠳᠣᠵᠤ ᠪᠠᠢᠭ᠎ᠠ ᠬᠥᠮᠦᠨ᠃ ᠴᠡᠮᠪᠡ ᠶ᠋ᠢ ᠪᠠᠷᠢᠵᠤ ᠥᠭᠪᠡᠯ ᠠᠷᠠᠳ ᠤ᠋ᠨ ᠵᠠᠰᠠᠭ ᠠᠮᠢ ᠥᠷᠥᠰᠢᠶᠡᠬᠦ ᠪᠣᠯᠪᠠᠤ? ᠭᠡᠵᠦ ᠪᠣᠳᠣᠨ᠎ᠠ᠃ ᠭᠡᠪᠡᠴᠦ ᠬᠢᠭᠰᠡᠨ ᠶᠠᠯ᠎ᠠ ᠨᠢ ᠨᠢᠭᠡ ᠴᠡᠮᠪᠡ ᠪᠠᠢᠲᠤᠭᠠᠢ᠂ ᠬᠡᠳᠦᠨ ᠴᠡᠮᠪᠡ ᠪᠡᠷ ᠲᠥᠯᠥᠭᠳᠡᠬᠦ ᠦᠭᠡᠢ ᠤᠴᠢᠷ ᠡᠴᠡ ᠲᠡᠭᠡᠵᠦ ᠴᠢᠳᠠᠬᠤ ᠦᠭᠡᠢ ᠪᠠᠢᠯ᠎ᠠ᠃ ᠴᠡᠮᠪᠡ ᠴᠦ᠍ ᠪᠠᠷᠢᠭᠳᠠᠪᠠᠯ ᠠᠮᠢᠳᠤ ᠭᠠᠷᠬᠤ ᠦᠭᠡᠢ ᠭᠡᠳᠡᠭ ᠢ᠋ᠶ᠋ᠡᠨ ᠰᠠᠢᠨ ᠮᠡᠳᠡᠨ᠎ᠡ᠃ ᠤᠯᠠᠭᠠᠨ ᠤ᠋ ᠮᠥᠷᠳᠡᠯᠭᠡ ᠡᠴᠡ ᠵᠢᠭᠤᠲᠠᠬᠤ ᠳ᠋ᠤ᠌ ᠭᠠᠭᠴᠠᠭᠠᠷ ᠢ᠋ᠶ᠋ᠠᠨ ᠪᠣᠯ ᠳᠡᠭᠡᠷ᠎ᠡ ᠮᠡᠲᠦ ᠪᠣᠳᠣᠭᠳᠠᠪᠠᠴᠤ ᠢᠩᠭᠢᠵᠦ ᠶᠠᠪᠤᠬᠤ ᠳ᠋ᠤ᠌ ᠬᠣᠶᠠᠭᠤᠯᠠ ᠪᠠᠨ ᠪᠣᠯ ᠪᠡᠶ᠎ᠡ ᠪᠡᠶ᠎ᠡ ᠳ᠋ᠡᠭᠡᠨ ᠲᠦᠰᠢᠭ ᠲᠡᠢ ᠶᠤᠮ ᠰᠢᠭ ᠰᠠᠨᠠᠭᠳᠠᠨ᠎ᠠ᠃ ᠭᠠᠭᠴᠠᠭᠠᠷ ᠢ᠋ᠶ᠋ᠠᠨ ᠪᠣᠯ ᠳᠡᠭᠡᠷ᠎ᠡ ᠭᠡᠵᠦ ᠪᠣᠳᠣᠭᠰᠠᠨ ᠦᠶ᠎ᠡ ᠳ᠋ᠡᠭᠡᠨ ᠲᠦᠭᠵᠢᠯ ᠦ᠋ᠨ ᠬᠣᠭᠣᠯᠠᠢ ᠶ᠋ᠢ ᠬᠢᠷᠭᠠᠵᠤ ᠣᠷᠬᠢᠮᠠᠷ ᠪᠠᠢᠳᠠᠭ ᠪᠢᠯᠡ᠃ ᠳᠤᠯᠮ᠎ᠠ ᠶ᠋ᠢ ᠬᠠᠷᠠᠭᠰᠠᠨ ᠡᠴᠡ ᠬᠣᠢᠰᠢ 《ᠲᠦᠭᠵᠢᠯ ᠢ᠋ ᠠᠯᠠᠵᠤ ᠣᠷᠬᠢᠭᠠᠳ᠂ ᠡᠨᠡ ᠬᠡᠦᠬᠡᠨ ᠢ᠋ ᠠᠪᠴᠤ ᠬᠢᠯᠢ ᠳᠠᠪᠠᠶ᠎ᠠ》 ᠭᠡᠳᠡᠭ ᠪᠣᠳᠣᠯ ᠣᠷᠣᠵᠤ ᠢᠷᠡᠯ᠎ᠡ᠃
  ᠊᠊᠊᠊᠊᠊᠊᠊᠊᠊᠊᠊᠊᠊᠊ ᠵᠠ ᠲᠠ ᠨᠠᠷ ᠨᠥᠬᠥᠷ ᠮᠢᠨᠢ ᠬᠠᠮᠢᠭ᠎ᠠ ᠪᠠᠢᠭ᠎ᠠ ᠶ᠋ᠢ ᠬᠡᠯᠡᠭᠡᠳ ᠠᠯᠢ? ᠭᠡᠵᠦ ᠮᠠᠢᠬᠠᠨ ᠳ᠋ᠤ᠌ ᠣᠷᠣᠵᠤ ᠢᠷᠡᠭᠰᠡᠨ ᠲᠦᠭᠵᠢᠯ᠂ ᠴᠡᠮᠪᠡ ᠬᠣᠶᠠᠷ ᠡᠴᠡ ᠳᠤᠯᠮ᠎ᠠ ᠰᠢᠢᠳᠮᠡᠭᠡᠢ ᠱᠠᠭᠠᠷᠳᠠᠪᠠ᠃
  ᠲᠦᠭᠵᠢᠯ ᠴᠦ᠍ ᠭᠡᠰᠡᠨ᠂ ᠴᠡᠮᠪᠡ ᠴᠦ᠍ ᠭᠡᠰᠡᠨ ᠲᠡᠮᠦᠷ ᠢ᠋ ᠠᠯᠠᠭᠰᠠᠨ ᠭᠡᠵᠦ ᠰᠢᠭᠤᠳ ᠬᠡᠯᠡᠵᠦ ᠴᠢᠳᠠᠭᠰᠠᠨ ᠦᠭᠡᠢ᠃
  ᠊᠊᠊᠊᠊᠊᠊᠊᠊᠊᠊᠊᠊᠊᠊ ᠠᠭᠤᠯᠵᠠᠵᠤ ᠪᠣᠯᠬᠤ ᠪᠠᠢᠯᠭᠦᠢ ᠳᠡ᠃ ᠥᠨᠥᠳᠥᠷ ᠨᠢᠭᠡᠨᠲᠡ ᠣᠷᠣᠢ ᠪᠣᠯᠤᠭᠰᠠᠨ ᠪᠣᠯᠬᠣᠷ ᠪᠢᠳᠡᠨ ᠲᠡᠢ ᠬᠣᠨᠣᠭᠠᠳ ᠶᠠᠪᠤ ᠯᠠ ᠳᠠ ᠭᠡᠵᠦ ᠴᠡᠮᠪᠡ ᠬᠡᠯᠡᠪᠡ᠃
  ᠊᠊᠊᠊᠊᠊᠊᠊᠊᠊᠊᠊᠊᠊᠊ ᠠᠭᠤᠯᠠᠨ ᠳ᠋ᠤ᠌ ᠪᠦᠭᠭᠦᠵᠦ ᠰᠤᠷᠤᠭᠰᠠᠨ ᠬᠥᠮᠦᠨ ᠪᠣᠯᠬᠣᠷ ᠲᠠ ᠬᠣᠶᠠᠷ ᠰᠢᠭ᠋ ᠡᠢᠮᠦ ᠠᠮᠠᠷᠬᠠᠨ ᠴᠤ᠌ ᠣᠯᠳᠠᠬᠤ ᠦᠭᠡᠢ ᠯᠡ ᠳᠡ ᠭᠡᠵᠦ ᠳᠤᠯᠮ᠎ᠠ ᠰᠠᠨᠠᠭ᠎ᠠ ᠠᠯᠲᠠᠨ ᠦᠯᠡᠮᠵᠢ ᠭᠣᠮᠣᠳᠠᠯ ᠲᠠᠢ ᠬᠡᠯᠡᠪᠡ᠃
  ᠦᠳᠡᠰᠢ ᠶ᠋ᠢᠨ ᠪᠦᠷᠦᠩᠬᠦᠢ ᠪᠣᠯᠬᠤ ᠳ᠋ᠤ᠌ ᠬᠠᠷᠠᠭᠤᠯ ᠳ᠋ᠤ᠌ ᠭᠠᠷᠤᠭᠰᠠᠨ ᠯᠠᠮᠠ ᠡᠷᠭᠢᠵᠦ ᠢᠷᠡᠯ᠎ᠡ᠃ ᠲᠦᠭᠵᠢᠯ᠂ ᠴᠡᠮᠪᠡ ᠬᠣᠶᠠᠷ ᠤ᠋ᠨ ᠵᠠᠢ ᠶ᠋ᠢ ᠬᠠᠷᠠᠵᠤ ᠪᠠᠢᠭᠠᠳ ᠳᠤᠯᠮ᠎ᠠ 《ᠮᠢᠨᠦ ᠳᠣᠬᠢᠶ᠎ᠠ ᠪᠠᠷ ᠯᠠ ᠬᠥᠳᠡᠯᠦᠨ᠎ᠡ ᠰᠢᠦ》 ᠭᠡᠵᠦ ᠯᠠᠮᠠ ᠳ᠋ᠤ᠌ ᠬᠡᠯᠡᠵᠡᠢ᠃
  ᠳᠥᠷᠪᠡᠭᠦᠯᠡ ᠪᠡᠨ ᠮᠠᠢᠬᠠᠨ ᠳ᠋ᠤ᠌ ᠬᠡᠪᠲᠡᠭᠰᠡᠨ ᠪᠣᠯᠪᠠᠴᠤ ᠬᠡᠨ ᠴᠦ᠍ ᠤᠨᠲᠠᠭᠰᠠᠨ ᠦᠭᠡᠢ᠃ ᠪᠡᠶ᠎ᠡ ᠪᠡᠶ᠎ᠡ ᠡᠴᠡ ᠳᠤᠯᠮ᠎ᠠ ᠶ᠋ᠢ ᠬᠠᠷᠠᠮᠯᠠᠨ ᠲᠦᠭᠵᠢᠯ᠂ ᠴᠡᠮᠪᠡ ᠬᠣᠶᠠᠷ ᠨᠢᠭᠡ ᠨᠢ ᠨᠥᠭᠦᠭᠡ ᠪᠡᠨ ᠬᠥᠳᠡᠯᠬᠦ ᠪᠦᠷᠢ ᠳᠡᠷ᠎ᠡ ᠳᠣᠣᠷᠠᠬᠢ ᠫᠤᠤ ᠪᠠᠨ ᠠᠳᠬᠤᠨ ᠠᠪᠴᠤ ᠪᠠᠢᠯ᠎ᠠ᠃
  ᠳᠤᠯᠮ᠎ᠠ ᠤᠨᠲᠠᠵᠤ ᠪᠠᠢᠭ᠎ᠠ ᠳᠦᠷᠢ ᠦᠵᠡᠭᠦᠯᠦᠨ ᠵᠢᠭᠳᠡ ᠠᠮᠢᠰᠬᠤᠭᠠᠯᠠᠨ ᠬᠠᠶᠠ ᠬᠠᠶᠠ ᠬᠤᠷᠬᠢᠷᠠᠪᠠᠴᠤ ᠨᠢᠳᠦᠨ ᠦ᠌ ᠪᠤᠯᠤᠩ ᠢ᠋ᠶ᠋ᠠᠷ ᠬᠣᠶᠠᠷ ᠲᠠᠰᠢ ᠪᠠᠨ ᠭᠢᠯᠦᠯᠵᠡᠨ ᠪᠠᠢᠵᠠᠢ᠃
  ᠦᠷ ᠴᠠᠢᠬᠤ ᠳ᠋ᠤ᠌ ᠳᠤᠯᠮ᠎ᠠ ᠪᠣᠰᠴᠤ᠂ 《ᠡᠮᠡᠭᠲᠡᠢ ᠬᠥᠮᠦᠨ ᠪᠠᠢᠨ᠎ᠠ᠃ ᠲᠠ ᠨᠠᠷ ᠲᠤ᠌ ᠴᠠᠢ ᠴᠢᠨᠠᠵᠤ ᠥᠭᠭᠦᠶ᠎ᠡ》 ᠭᠡᠳ ᠭᠠᠷᠤᠯ᠎ᠠ᠃ ᠨᠣᠢᠷ ᠦᠭᠡᠢ ᠬᠣᠨᠣᠭᠰᠠᠨ ᠲᠦᠭᠵᠢᠯ᠂ ᠴᠡᠮᠪᠡ ᠬᠣᠶᠠᠷ ᠥᠪᠡᠷ ᠦ᠋ᠨ ᠡᠷᠬᠡ ᠦᠭᠡᠢ ᠤᠨᠲᠠᠪᠠ᠃ ᠬᠠᠷᠢᠨ ᠬᠠᠷᠠᠭᠤᠯ ᠬᠠᠷᠠᠵᠤ ᠪᠠᠢᠭ᠎ᠠ ᠨᠡᠷ᠎ᠡ ᠪᠡᠷ ᠡᠳᠦᠷ ᠨᠢ ᠨᠣᠢᠷ ᠢ᠋ᠶ᠋ᠠᠨ ᠠᠪᠤᠭᠰᠠᠨ ᠯᠠᠮᠠ ᠳᠤᠯᠮ᠎ᠠ ᠶ᠋ᠢᠨ ᠳᠣᠬᠢᠶ᠎ᠠ ᠶ᠋ᠢ ᠠᠵᠢᠨ ᠬᠡᠪᠲᠡᠪᠡ᠃
  ᠭᠠᠷᠴᠤ ᠣᠷᠣᠬᠤ ᠶ᠋ᠢᠨ ᠬᠣᠭᠣᠷᠣᠨᠳᠣ ᠳᠤᠯᠮ᠎ᠠ ᠮᠠᠢᠬᠠᠨ ᠤ᠋ ᠡᠮᠦᠨᠡᠬᠢ ᠣᠮ ᠢ᠋ ᠣᠭᠲᠣᠯᠵᠤ ᠠᠮᠵᠢᠪᠠ᠃ ᠴᠠᠢ ᠪᠤᠴᠠᠯᠬᠤ ᠳ᠋ᠤ᠌ ᠳᠤᠯᠮ᠎ᠠ ᠵᠢᠯᠠᠪᠴᠢᠨ ᠲᠣᠭᠣᠭ᠎ᠠ ᠲᠠᠢ ᠬᠠᠯᠠᠭᠤᠨ ᠴᠠᠢ ᠪᠠᠷᠢᠭᠠᠳ ᠮᠠᠢᠬᠠᠨ ᠤ᠋ ᠪᠠᠭᠠᠨ᠎ᠠ ᠶ᠋ᠢᠨ ᠬᠣᠭᠣᠷᠣᠨᠳᠣ ᠵᠣᠭᠰᠣᠭᠰᠠᠨ ᠢ᠋ᠶ᠋ᠠᠨ ᠯᠠᠮᠠ ᠳ᠋ᠤ᠌ ᠲᠦᠷᠭᠡᠨ ᠭᠠᠷᠬᠤ ᠳᠣᠬᠢᠶ᠎ᠠ ᠥᠭᠭᠦᠭᠡᠳ ᠲᠡᠭᠦᠨ ᠢ᠋ ᠭᠠᠷᠤᠮᠠᠭᠴᠠ 《ᠴᠡᠷᠢᠭ ᠢᠷᠡᠯ᠎ᠡ》 ᠭᠡᠵᠦ ᠴᠢᠩᠭ᠎ᠠ ᠬᠠᠰᠬᠢᠷᠪᠠ᠃
  ᠲᠦᠭᠵᠢᠯ᠂ ᠴᠡᠮᠪᠡ ᠬᠣᠶᠠᠷ ᠤᠬᠤᠰᠬᠢᠨ ᠪᠣᠰᠬᠤ ᠳ᠋ᠤ᠌ ᠨᠢᠭᠤᠷ ᠤᠷᠤᠭᠤ ᠨᠢ ᠬᠠᠯᠠᠭᠤᠨ ᠴᠠᠢ ᠰᠠᠴᠤᠭᠠᠳ ᠡᠷᠭᠢᠬᠦ ᠳ᠋ᠡᠭᠡᠨ ᠮᠠᠢᠬᠠᠨ ᠤ᠋ ᠡᠮᠦᠨᠡᠬᠢ ᠪᠠᠭᠠᠨ᠎ᠠ ᠶ᠋ᠢ ᠠᠪᠤᠭᠠᠳ ᠭᠠᠷᠤᠯ᠎ᠠ᠃ ᠲᠦᠯᠡᠭᠳᠡᠭᠡᠳ ᠪᠠᠰᠠ ᠮᠠᠢᠬᠠᠨ ᠳ᠋ᠤ᠌ ᠳᠠᠷᠤᠭᠳᠠᠭᠰᠠᠨ ᠬᠣᠶᠠᠷ ᠶᠠᠭᠤ ᠪᠣᠯᠵᠤ ᠪᠠᠢᠭ᠎ᠠ ᠶ᠋ᠢ ᠣᠭᠠᠭᠠᠷᠠᠵᠤ ᠴᠢᠳᠠᠭᠠᠳᠤᠢ ᠰᠠᠨᠳᠤᠷᠤᠨ ᠣᠪᠣᠯᠵᠠᠵᠤ ᠪᠠᠢᠬᠤ ᠳ᠋ᠤ᠌ ᠳᠤᠯᠮ᠎ᠠ ᠣᠪᠣᠢᠭᠰᠠᠨ ᠭᠠᠵᠠᠷ ᠨᠢ ᠪᠦᠳᠦᠭᠦᠨ ᠪᠠᠭᠠᠨ᠎ᠠ ᠪᠠᠷ ᠵᠠᠨᠴᠢᠵᠤ ᠭᠠᠷᠤᠯ᠎ᠠ᠃
  ᠴᠠᠭᠠᠨ ᠬᠠᠷ᠎ᠠ ᠨᠢ ᠢᠯᠭᠠᠷᠠᠨ ᠪᠠᠢᠳᠠᠭ ᠳᠤᠯᠮ᠎ᠠ ᠶ᠋ᠢᠨ ᠨᠢᠳᠦᠨ ᠳ᠋ᠦ᠍ ᠤᠯᠠᠭᠠᠨ ᠴᠢᠰᠤ ᠬᠤᠷᠠᠯᠳᠤᠨ ᠡᠷᠭᠢᠯᠳᠦᠵᠦ ᠦᠰᠦ ᠨᠢ ᠪᠣᠰᠤᠨ ᠰᠡᠭᠰᠡᠢᠵᠦ ᠴᠣᠬᠢᠬᠤ ᠪᠦᠷᠢ ᠳ᠋ᠡᠭᠡᠨ 《ᠲᠡᠮᠦᠷ ᠦ᠋ᠨ ᠮᠢᠨᠢ ᠬᠠᠷᠢᠭᠤ》 ᠭᠡᠵᠦ ᠰᠡᠳᠬᠢᠯ ᠳ᠋ᠡᠭᠡᠨ ᠦᠭᠡᠯᠡᠵᠦ ᠪᠠᠢᠯ᠎ᠠ᠃
  ᠳᠣᠲᠣᠷ᠎ᠠ ᠡᠴᠡ ᠬᠣᠶᠠᠷ ᠤᠳᠠᠭ᠎ᠠ ᠫᠤᠤ ᠳᠤᠤᠭᠠᠷᠤᠭᠰᠠᠨ ᠪᠣᠯᠪᠠᠴᠤ ᠮᠠᠢᠬᠠᠨ ᠢ᠋ ᠴᠣᠭᠣᠯᠬᠤ ᠡᠴᠡ ᠥᠭᠡᠷ᠎ᠡ ᠶᠠᠮᠠᠷᠴᠤ ᠭᠡᠮ ᠬᠢᠭᠰᠡᠨ ᠦᠭᠡᠢ᠃ ᠲᠣᠯᠣᠭᠠᠢ ᠤᠷᠤᠭᠤ ᠪᠠᠨ ᠬᠦᠨᠳᠦ ᠪᠠᠭᠠᠨ᠎ᠠ ᠪᠠᠷ ᠬᠡᠳᠦ ᠬᠡᠳᠦ ᠴᠣᠬᠢᠭᠤᠯᠤᠭᠰᠠᠨ ᠤ᠋ ᠳᠠᠷᠠᠭ᠎ᠠ ᠲᠦᠭᠵᠢᠯ᠂ ᠴᠡᠮᠪᠡ ᠬᠣᠶᠠᠷ ᠤᠬᠠᠭᠠᠨ ᠦᠭᠡᠢ ᠭᠤᠯᠳᠤᠢᠨ ᠤᠨᠠᠵᠠᠢ᠃
  ᠡᠨᠡ ᠪᠦᠬᠦᠨ ᠡᠴᠡ ᠠᠶᠤᠵᠤ ᠶᠣᠰᠣᠲᠠᠢ ᠯᠠ ᠰᠦᠨᠡᠰᠦ ᠵᠠᠢᠯᠠᠭᠰᠠᠨ ᠯᠠᠮᠠ ᠠᠯᠢ ᠴᠤ᠌ ᠤᠴᠢᠷ ᠢ᠋ᠶ᠋ᠠᠨ ᠣᠯᠬᠤ ᠦᠭᠡᠢ ᠬᠡᠢ ᠪᠦᠯᠲᠡᠭᠡᠨᠡᠨ ᠵᠣᠭᠰᠣᠨ᠎ᠠ᠃
  ᠳᠤᠯᠮ᠎ᠠ ᠪᠠᠭᠠᠨ᠎ᠠ ᠪᠠᠨ ᠬᠠᠶᠠᠵᠤ ᠮᠠᠢᠬᠠᠨ ᠤᠷᠤᠭᠤ ᠬᠠᠷᠠᠪᠠᠯ ᠬᠥᠳᠡᠯᠬᠦ ᠶᠠᠭᠤᠮ᠎ᠠ ᠦᠭᠡᠢ ᠪᠣᠯᠵᠠᠢ᠃
  ᠴᠢ ᠡᠨᠡ ᠬᠣᠶᠠᠷ ᠢ᠋ ᠮᠣᠷᠢᠨ ᠳ᠋ᠤ᠌ ᠲᠡᠩᠨᠡᠵᠦ ᠬᠣᠢᠲᠤ ᠰᠤᠮᠤᠨ ᠳᠡᠭᠡᠷ᠎ᠡ ᠪᠠᠢᠭ᠎ᠠ ᠴᠡᠷᠢᠭ ᠲᠦ᠍ ᠥᠭ᠂ ᠠᠪᠠᠴᠢᠵᠤ ᠥᠭᠭᠦᠭᠡ ᠦᠭᠡᠢ ᠪᠠᠢᠪᠠᠯ ᠤᠤ? ᠴᠢᠮᠠᠶ᠋ᠢ ᠣᠭᠣᠲᠣᠨ᠎ᠠ ᠶ᠋ᠢᠨ ᠨᠦᠬᠡᠨ ᠳ᠋ᠦ᠍ ᠣᠷᠣᠭᠰᠠᠨ ᠴᠤ᠌ ᠣᠯᠤᠨ᠎ᠠ ᠭᠡᠵᠦ ᠮᠡᠳᠡᠭᠡᠷᠡᠢ ᠭᠡᠳ ᠳᠤᠯᠮ᠎ᠠ ᠰᠢᠭᠤᠳ ᠠᠷᠭᠠᠮᠵᠢᠶᠠᠲᠠᠢ ᠪᠠᠢᠭᠰᠠᠨ ᠮᠣᠷᠢ ᠪᠠᠨ ᠠᠪᠴᠤ ᠤᠨᠤᠭᠠᠳ ᠶᠠᠪᠤᠯ᠎ᠠ᠃
  ᠬᠡᠰᠡᠭ ᠶᠠᠪᠤᠭᠰᠠᠨ ᠤ᠋ ᠳᠠᠷᠠᠭ᠎ᠠ ᠪᠠᠭᠤᠵᠤ ᠮᠣᠷᠢᠨ ᠤ᠋ ᠪᠠᠨ ᠬᠦᠵᠦᠭᠦᠨ ᠡᠴᠡ ᠲᠡᠪᠡᠷᠢᠨ ᠡᠬᠡᠷ ᠲᠡᠳᠡᠨ ᠮᠡᠭᠰᠢᠨ ᠤᠬᠢᠯᠠᠪᠠ᠃

ᠲᠡᠭᠦᠰᠬᠡᠯ

  ᠮᠢᠩᠭ᠎ᠠ ᠶᠢᠰᠦᠨ ᠵᠠᠭᠤᠨ ᠭᠤᠴᠢᠨ ᠬᠣᠶᠠᠷ ᠣᠨ ᠤ᠋ ᠨᠠᠮᠤᠷ᠂ ᠠᠷᠠᠳ ᠤ᠋ᠨ ᠲᠥᠷᠥ ᠵᠠᠰᠠᠭ ᠢ᠋ ᠡᠰᠡᠷᠭᠦᠴᠡᠨ ᠪᠣᠰᠤᠭᠰᠠᠨ ᠪᠣᠰᠤᠯᠭ᠎ᠠ ᠳᠠᠷᠤᠭᠳᠠᠵᠤ᠂ ᠨᠠᠮ ᠡᠴᠡ ᠰᠢᠨ᠎ᠡ ᠡᠷᠭᠢᠯᠲᠡ ᠶ᠋ᠢᠨ ᠪᠣᠳᠣᠯᠭ᠎ᠠ ᠶ᠋ᠢ ᠶᠠᠪᠤᠭᠤᠯᠪᠠ᠃
  ᠤᠯᠤᠰ ᠲᠥᠷᠥ ᠪᠡᠬᠢᠵᠢᠨ ᠲᠤᠩᠭᠠᠯᠠᠭ ᠲᠠᠮᠢᠷ ᠤ᠋ᠨ ᠬᠥᠨᠳᠡᠢ ᠳ᠋ᠦ᠍ ᠡᠩᠬᠡ ᠠᠮᠢᠳᠤᠷᠠᠯ ᠬᠦᠰᠡᠯ ᠮᠥᠷᠥᠭᠡᠳᠦᠯ᠂ ᠬᠠᠢᠷ᠎ᠠ ᠳᠤᠷᠠᠯᠠᠯ ᠤᠯᠠᠮ ᠴᠤ᠌ ᠭᠤᠸ᠎ᠠ ᠦᠵᠡᠰᠬᠦᠯᠡᠩᠲᠡᠢ᠂ ᠲᠠᠢᠪᠤᠩ ᠰᠠᠢᠬᠠᠨ ᠢ᠋ᠶ᠋ᠠᠷ ᠴᠡᠴᠡᠭᠯᠡᠪᠡ᠃
  ᠪᠣᠰᠤᠯᠭ᠎ᠠ ᠳᠠᠷᠤᠭᠳᠠᠭᠰᠠᠨ ᠤ᠋ ᠳᠠᠷᠠᠭ᠎ᠠ ᠡᠷᠳᠡᠨᠢ ᠶ᠋ᠢ ᠬᠣᠲᠠ ᠳ᠋ᠤ᠌ ᠠᠵᠢᠯ ᠬᠢᠯᠭᠡᠬᠦ ᠪᠡᠷ ᠨᠠᠮ ᠤ᠋ᠨ ᠲᠥᠪ ᠬᠣᠷᠢᠶ᠎ᠠ ᠳᠠᠭᠤᠳᠠᠵᠠᠢ᠃ ᠬᠠᠷᠢᠨ ᠪᠠᠲᠤ ᠠᠷᠤ ᠬᠠᠩᠭᠠᠢ ᠠᠢᠮᠠᠭ ᠤ᠋ᠨ ᠲᠥᠪ ᠦ᠋ᠨ ᠰᠤᠷᠭᠠᠭᠤᠯᠢ ᠶ᠋ᠢᠨ ᠵᠠᠬᠢᠷᠤᠯ ᠢ᠋ᠶ᠋ᠠᠷ ᠲᠣᠮᠢᠯᠠᠭᠳᠠᠪᠠ᠃
  ᠲᠩᠷᠢ ᠥᠴᠦᠬᠡᠨ ᠴᠦ᠍ ᠡᠭᠦᠯᠡ ᠦᠭᠡᠢ᠂ ᠨᠡᠯᠦᠭᠡᠷ ᠰᠠᠢᠬᠠᠨ ᠡᠳᠦᠷ ᠪᠤᠯᠠᠭᠠᠨ ᠠᠭᠤᠯᠠᠨ ᠳ᠋ᠤ᠌ ᠪᠠᠢᠳᠠᠭ ᠤᠴᠠᠷᠠᠯᠳᠤ ᠮᠤᠨᠤᠰᠤᠨ ᠳᠡᠭᠡᠷ᠎ᠡ ᠬᠣᠶᠠᠷ ᠬᠡᠦᠬᠡᠳ ᠨᠢᠭᠡ ᠡᠷ᠎ᠡ ᠬᠥᠮᠦᠨ ᠭᠤᠷᠪᠠᠨ ᠡᠮᠡᠭᠲᠡᠢ ᠨᠡᠢᠲᠡ ᠵᠢᠷᠭᠤᠭᠠᠨ ᠬᠥᠮᠦᠨ ᠣᠴᠢᠪᠠ᠃ ᠡᠨᠡ ᠬᠥᠮᠦᠰ ᠢ᠋ ᠤᠩᠰᠢᠭᠴᠢ ᠲᠠ ᠲᠠᠨᠢᠨ᠎ᠠ᠃ ᠡᠨᠡ ᠪᠣᠯ ᠪᠠᠲᠤ᠂ ᠰᠣᠯᠣᠩᠭ᠎ᠠ᠂ ᠳᠤᠯᠮ᠎ᠠ᠂ ᠰᠦᠷᠦᠩ ᠨᠠᠷ ᠪᠠᠢᠭᠰᠠᠨ ᠠᠭᠠᠳ ᠲᠡᠳᠡᠨ ᠦ᠌ ᠬᠠᠮᠲᠤ ᠲᠡᠮᠦᠷ ᠬᠣᠩᠭᠣᠷ ᠨᠠᠷ ᠤ᠋ᠨ ᠬᠣᠶᠠᠷ ᠬᠦᠦ ᠪᠠᠢᠪᠠ᠃ ᠰᠣᠯᠣᠩᠭ᠎ᠠ ᠳᠣᠯᠣᠭᠠᠨ ᠰᠠᠷ᠎ᠠ ᠪᠣᠯᠤᠭᠰᠠᠨ ᠬᠡᠦᠬᠡᠳ ᠭᠡᠳᠡᠰᠦᠨ ᠳ᠋ᠡᠭᠡᠨ ᠲᠡᠭᠡᠭᠡᠵᠡᠢ᠃ ᠬᠣᠩᠭᠣᠷ ᠤ᠋ᠨ ᠮᠤᠨᠤᠰᠤᠨ ᠤ᠋ ᠮᠥᠴᠢᠷ ᠦ᠋ᠳ ᠠᠷᠪᠢᠨ ᠤᠷᠭᠤᠭᠰᠠᠨ ᠮᠣᠢᠯ ᠢ᠋ᠶ᠋ᠠᠨ ᠳᠠᠭᠠᠭᠠᠵᠤ ᠶᠠᠳᠠᠨ ᠳᠣᠭᠣᠭᠰᠢ ᠭᠤᠯᠵᠢᠢᠵᠠᠢ᠃ ᠲᠦᠷᠦᠭᠦᠯᠡᠵᠦ ᠣᠴᠢᠭᠰᠠᠨ ᠪᠠᠲᠤ ᠲᠡᠷᠡ ᠮᠣᠳᠣᠨ ᠡᠴᠡ ᠨᠢᠭᠡ ᠮᠣᠢᠯ ᠴᠢᠮᠬᠢᠵᠦ ᠠᠪᠬᠤ ᠳ᠋ᠤ᠌ ᠪᠢᠴᠠᠷᠠᠵᠤ ᠨᠥᠵᠢᠷᠡᠭᠰᠡᠨ ᠴᠢᠰᠤ ᠰᠢᠭ᠋ ᠬᠦᠷᠡᠩ ᠬᠠᠷ᠎ᠠ ᠱᠦᠭᠦᠰᠦ ᠬᠤᠷᠤᠭᠤ ᠶ᠋ᠢ ᠨᠢ ᠳᠠᠭᠠᠵᠤ ᠤᠷᠤᠰᠤᠨ ᠢᠷᠡᠯ᠎ᠡ᠃ ᠠᠮᠠᠨ ᠳ᠋ᠠᠭᠠᠨ ᠬᠢᠬᠦ ᠭᠡᠰᠡᠨ ᠢ᠋ᠶ᠋ᠡᠨ ᠪᠣᠯᠢᠪᠠ᠃ ᠬᠣᠩᠭᠣᠷ ᠤ᠋ᠨ ᠬᠦᠦ ᠭᠦᠶᠦᠵᠦ ᠢᠷᠡᠭᠡᠳ 《ᠪᠠᠲᠤ ᠠᠬ᠎ᠠ ᠠ᠋ ᠨᠠᠳᠠ ᠳ᠋ᠤ᠌ ᠮᠣᠢᠯ ᠠᠪᠴᠤ ᠥᠭᠭᠦᠭᠡᠷᠡᠢ》 ᠭᠡᠯ᠎ᠡ᠃
  ᠊᠊᠊᠊᠊᠊᠊᠊᠊᠊᠊᠊᠊᠊᠊ ᠪᠣᠯᠤᠭᠠᠳᠤᠢ ᠪᠠᠢᠨ᠎ᠠ᠂ ᠳᠡᠭᠦᠦ ᠮᠢᠨᠢ᠃ ᠡᠨᠡ ᠮᠣᠳᠣ ᠶ᠋ᠢ ᠬᠠᠢᠷᠠᠯᠠᠵᠤ ᠬᠠᠮᠠᠭᠠᠯᠠᠵᠤ ᠶᠠᠪᠤᠭᠠᠷᠠᠢ᠃ ᠡᠨᠡ ᠪᠣᠯ ᠦᠯᠡᠮᠵᠢ ᠰᠠᠢᠬᠠᠨ ᠰᠡᠳᠬᠢᠯ ᠲᠡᠢ ᠲᠥᠭᠡᠷᠢᠵᠦ ᠪᠤᠳᠤᠯᠢᠭᠰᠠᠨ ᠬᠥᠮᠦᠨ ᠦ᠌ ᠮᠣᠳᠣ ᠶᠤᠮ ᠰᠢᠦ ᠭᠡᠳ ᠪᠠᠲᠤ ᠶ᠋ᠢᠨ ᠨᠢᠳᠦᠨ ᠳ᠋ᠦ᠍ ᠲᠤᠩᠭᠠᠯᠠᠭ ᠪᠦᠯᠢᠶᠡᠨ ᠨᠢᠯᠪᠤᠰᠤ ᠲᠤᠨᠤᠷᠠᠪᠠ᠃
    ᠲᠡᠭᠦᠰᠪᠡ
      1967 ᠣᠨ ᠤ᠋ 4 ᠳ᠋ᠦ᠍ᠭᠡᠷ ᠰᠠᠷ᠎ᠠ ᠶ᠋ᠢᠨ 6