ᠲᠤᠩᠭᠠᠯᠠᠭ ᠲᠠᠮᠢᠷ1-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠡᠷᠳᠡᠨᠢ ᠵᠠᠰᠠᠭ ᠤ᠋ᠨ ᠤᠨᠠᠭ᠎ᠠ》 - ᠨᠢᠭᠡᠳᠦᠭᠡᠷ ᠪᠦᠯᠦᠭ ᠨᠢ᠋ᠮᠠ
ᠥᠷᠯᠥᠭᠡ ᠶ᠋ᠢᠨ ᠨᠠᠷᠠ ᠳᠡᠭᠡᠷ᠎ᠡ ᠮᠠᠨᠳᠤᠵᠤ᠂ ᠵᠤᠨ ᠤ᠋ ᠴᠠᠭ ᠤ᠋ᠨ ᠭᠣᠶᠣᠯᠠᠯ ᠢ᠋ᠶ᠋ᠠᠨ ᠡᠮᠦᠰᠦᠭᠰᠡᠨ ᠶᠢᠷᠲᠢᠨᠴᠦ ᠶ᠋ᠢ ᠰᠣᠶᠣᠷᠬᠠᠨ᠂ ᠲᠦᠮᠡᠨ ᠵᠦᠢᠯ ᠦ᠋ᠨ ᠬᠤᠷᠴᠠ ᠥᠩᠭᠡ ᠠᠳᠠ ᠲᠡᠨᠳᠡ ᠦᠭᠡᠢ ᠭᠢᠯᠠᠯᠵᠠᠨ ᠪᠠᠢᠭ᠎ᠠ ᠴᠠᠭ ᠲᠤ᠌ ᠭᠤᠤᠯᠢᠩ ᠤ᠋ᠨ ᠲᠠᠯ᠎ᠠ ᠶ᠋ᠢᠨ ᠵᠡᠭᠦᠨ ᠬᠣᠢᠨ᠎ᠠ ᠡᠴᠡ ᠬᠣᠣᠰ ᠮᠣᠷᠢ ᠲᠠᠢ ᠲᠡᠮᠦᠷ 《ᠡᠷᠳᠡᠨᠢ ᠵᠠᠰᠠᠭ ᠤ᠋ᠨ ᠤᠨᠠᠭ᠎ᠠ》 ᠭᠡᠳᠡᠭ ᠨᠤᠲᠤᠭ ᠤ᠋ᠨ ᠳᠠᠭᠤᠤ ᠪᠠᠨ ᠫᠠᠷᠭᠢᠯ ᠪᠦᠳᠦᠭᠦᠨ ᠬᠣᠭᠣᠯᠠᠢ ᠪᠠᠷ ᠬᠦᠴᠦ ᠮᠡᠳᠡᠨ ᠠᠶᠠᠯᠤᠭᠰᠠᠭᠠᠷ ᠬᠠᠲᠠᠷᠢᠭᠤᠯᠤᠨ ᠣᠷᠣᠵᠤ ᠢᠷᠡᠭᠡᠳ ᠮᠣᠷᠢᠨ ᠤ᠋ ᠠᠮᠠ ᠶ᠋ᠢ ᠲᠠᠲᠠᠵᠤ ᠵᠣᠭᠰᠣᠪᠠ᠃ ᠲᠡᠮᠦᠷ ᠪᠠᠶᠠᠷ ᠵᠢᠷᠭᠠᠯ ᠪᠠᠳᠠᠷᠠᠭᠰᠠᠨ ᠬᠤᠷᠴᠠ ᠨᠢᠳᠦ ᠪᠡᠷ ᠡᠷᠭᠢᠨ ᠲᠣᠭᠣᠷᠢᠨ ᠢ᠋ ᠠᠵᠢᠭᠯᠠᠨ ᠬᠠᠷᠠᠬᠤ ᠳ᠋ᠤ᠌ ᠲᠡᠷᠲᠡᠭᠡ ᠡᠮᠦᠨ᠎ᠡ ᠰᠤᠭᠤᠨᠠᠭᠯᠠᠭᠰᠠᠨ ᠬᠥᠬᠡ ᠮᠠᠨᠠᠨ ᠤ᠋ ᠳᠤᠮᠳᠠ ᠲᠠᠷᠯᠠᠨ ᠬᠠᠢᠷᠬᠠᠨ ᠵᠢᠷᠢᠯᠵᠡᠨ ᠬᠠᠷᠠᠭᠳᠠᠪᠠ᠃
ᠲᠡᠮᠦᠷ ᠦ᠋ᠨ ᠨᠢᠳᠦᠨ ᠡᠴᠡ ᠨᠢᠯᠪᠤᠰᠤᠨ ᠤ᠋ ᠳᠣᠭᠣᠯᠠᠩ ᠳᠤᠰᠤᠯ ᠭᠠᠷᠴᠤ ᠬᠠᠮᠠᠷ ᠤ᠋ᠨ ᠬᠢᠨᠢ ᠬᠠᠵᠠᠭᠤ ᠳ᠋ᠤ᠌ ᠰᠢᠷᠬᠡᠭ ᠰᠤᠪᠤᠳ ᠰᠢᠭᠢᠳᠬᠡᠭᠰᠡᠨ ᠶᠦᠮ ᠰᠢᠭ ᠲᠣᠭᠲᠠᠪᠠ᠃
᠊᠊᠊᠊᠊᠊᠊᠊᠊᠊᠊᠊᠊᠊᠊ ᠨᠤᠲᠤᠭ ᠮᠢᠨᠢ᠂ ᠳᠠᠢ᠌ᠰᠢᠷᠢ ᠬᠠᠨ ᠮᠢᠨᠢ ᠭᠡᠵᠦ ᠲᠠᠰᠤᠯᠳᠠᠭᠰᠠᠨ ᠨᠠᠮ ᠳᠠᠭᠤ ᠪᠠᠷ ᠰᠡᠳᠬᠢᠯ ᠳ᠋ᠡᠭᠡᠨ ᠬᠡᠯᠡᠭᠡᠳ ᠮᠣᠷᠢᠨ ᠡᠴᠡ ᠪᠡᠨ ᠪᠠᠭᠤᠵᠤ᠂ ᠨᠢᠯᠬ᠎ᠠ ᠤᠷᠭᠤᠭᠰᠠᠨ ᠳᠠᠭᠠᠨ᠎ᠠ ᠡᠴᠡ ᠲᠠᠰᠤᠯᠤᠨ ᠠᠪᠴᠤ ᠠᠮᠲᠠᠷᠬᠠᠨ ᠢᠳᠡᠬᠦ ᠳ᠋ᠦ᠍ ᠬᠣᠶᠠᠷ ᠵᠠᠪᠠᠵᠢ ᠪᠠᠷ ᠨᠢ ᠨᠣᠭᠣᠭᠠᠨ ᠰᠢᠯᠦᠰᠦ ᠰᠠᠬᠠᠷᠠᠵᠤ ᠪᠠᠢᠪᠠ᠃
ᠲᠡᠮᠦᠷ ᠡᠴᠡ ᠦᠷᠭᠦᠭᠰᠡᠨ ᠬᠡᠰᠡᠭ ᠵᠡᠭᠡᠷ᠎ᠡ ᠳᠡᠭᠡᠷ᠎ᠡ ᠳᠡᠭᠡᠷ᠎ᠡ ᠦᠰᠦᠷᠦᠨ ᠳᠠᠪᠬᠢᠵᠤ ᠵᠢᠭᠤᠲᠠᠭᠰᠠᠨ ᠢ᠋ᠶ᠋ᠠᠨ ᠭᠡᠨᠡᠳᠲᠡ ᠡᠷᠭᠢᠵᠦ ᠠᠯᠤᠰ ᠡᠴᠡ ᠢᠷᠡᠭᠰᠡᠨ ᠡᠨᠡ ᠬᠥᠮᠦᠨ ᠢ᠋ ᠲᠠᠨᠢᠬᠤ ᠭᠡᠰᠡᠨ ᠶᠦᠮ ᠰᠢᠭ ᠪᠠᠬᠠᠨ ᠬᠠᠷᠠᠵᠤ ᠵᠣᠭᠰᠣᠭᠰᠠᠨ ᠢ᠋ᠶ᠋ᠠᠨ ᠨᠠᠯᠠᠢᠨ ᠢᠳᠡᠭᠡᠰᠢᠯᠡᠯᠡ᠃
ᠲᠡᠮᠦᠷ ᠨᠢᠳᠦ ᠪᠡᠨ ᠲᠠᠰᠤ ᠠᠨᠢᠨ ᠠᠭᠠᠵᠢᠮ ᠪᠥᠭᠡᠳ ᠵᠢᠯ ᠭᠠᠷᠤᠢ ᠰᠢᠷᠢᠯᠡᠭᠦᠯᠵᠦ ᠡᠪᠬᠡᠭᠳᠡᠭᠰᠡᠨ ᠪᠡᠶ᠎ᠡ ᠪᠡᠨ ᠨᠢᠭᠡᠮᠦᠰᠦᠨ ᠲᠡᠨᠢᠢᠯᠭᠡᠬᠦ ᠭᠡᠰᠡᠨ ᠶᠦᠮ ᠰᠢᠭ ᠰᠤᠨᠢᠶᠠᠭᠠᠳ ᠲᠦᠷᠦᠭᠦᠯᠡᠭᠡ ᠪᠡᠨ ᠬᠠᠷᠠᠨ ᠬᠡᠪᠲᠡᠵᠦ᠂ ᠰᠤᠭᠤᠨᠠᠭᠯᠠᠭᠰᠠᠨ ᠮᠠᠨᠠᠨ ᠤ᠋ ᠳᠤᠮᠳᠠ ᠨᠡᠭᠦᠭᠡᠯᠳᠡᠵᠦ ᠪᠠᠢᠭ᠎ᠠ ᠳᠠᠢ᠌ᠰᠢᠷᠢ ᠶ᠋ᠢᠨ ᠨᠢᠷᠤᠭᠤ ᠶ᠋ᠢ ᠰᠢᠷᠲᠡᠪᠡ᠃ ᠲᠡᠮᠦᠷ ᠦ᠋ᠨ ᠰᠡᠳᠬᠢᠯ ᠳ᠋ᠦ᠍ ᠠᠬ᠎ᠠ ᠲᠠᠢ ᠪᠠᠨ ᠠᠭᠤᠯᠵᠠᠬᠤ ᠡᠴᠡ ᠥᠭᠡᠷ᠎ᠡ ᠪᠣᠳᠣᠯ ᠪᠠᠢᠭᠰᠠᠨ ᠦᠭᠡᠢ᠃ ᠡᠷᠳᠡᠨᠢ ᠶ᠋ᠢᠨ ᠬᠢ ᠵᠤᠨ ᠤ᠋ ᠴᠠᠭ ᠲᠤ᠌ ᠰᠦᠬᠡ ᠶ᠋ᠢᠨ ᠭᠣᠣᠯ ᠢ᠋ᠶ᠋ᠠᠷ ᠨᠤᠲᠤᠭᠯᠠᠵᠤ ᠪᠠᠢᠳᠠᠭ ᠪᠣᠯᠬᠣᠷ ᠰᠢᠭᠤᠳ ᠣᠴᠢᠬᠤ ᠪᠠᠷ ᠰᠢᠢᠳᠪᠡ᠃
᠊᠊᠊᠊᠊᠊᠊᠊᠊᠊᠊᠊᠊᠊᠊ ᠰᠠᠢᠨ ᠪᠠᠢᠨ᠎ᠠ ᠤᠤ? ᠭᠡᠵᠦ ᠬᠡᠦᠬᠡᠳ ᠦ᠋ᠨ ᠨᠠᠷᠢᠬᠠᠨ ᠬᠣᠭᠣᠯᠠᠢ ᠳᠤᠤᠭᠠᠷᠬᠤ ᠳ᠋ᠤ᠌ ᠲᠡᠮᠦᠷ ᠰᠣᠴᠢᠵᠤ ᠬᠠᠷᠠᠪᠠᠯ ᠬᠡᠳᠦ ᠬᠡᠳᠦᠨ ᠨᠥᠬᠥᠭᠡᠰᠦ ᠲᠡᠢ ᠬᠠᠭᠤᠴᠢᠨ ᠬᠥᠬᠡ ᠱᠡᠩᠲᠤᠩ ᠥᠮᠥᠳᠥ ᠴᠠᠮᠴᠠ ᠲᠠᠢ ᠬᠥᠯ ᠨᠢᠴᠦᠭᠦᠨ ᠠᠷᠪᠠ ᠣᠷᠴᠢᠮ ᠨᠠᠰᠤᠨ ᠤ᠋ ᠪᠣᠷᠣ ᠬᠦᠦ ᠪᠣᠭᠣᠨᠢᠬᠠᠨ ᠰᠢᠯᠪᠢᠭᠦᠷ ᠪᠠᠷᠢᠨ ᠵᠣᠭᠰᠣᠵᠤ ᠪᠠᠢᠯ᠎ᠠ᠃
ᠲᠡᠮᠦᠷ ᠲᠡᠷᠡ ᠬᠦᠦ ᠶ᠋ᠢ ᠢᠨᠢᠶᠡᠮᠰᠦᠭᠯᠡᠨ ᠠᠵᠢᠭᠯᠠᠵᠤ ᠪᠠᠢᠭᠰᠠᠨ ᠢ᠋ᠶ᠋ᠠᠨ᠂
᠊᠊᠊᠊᠊᠊᠊᠊᠊᠊᠊᠊᠊᠊᠊ ᠰᠠᠢᠨ᠂ ᠳᠡᠭᠦᠦ ᠯᠠᠭᠱᠠᠨ ᠲᠤᠩᠭᠠᠯᠠᠭ ᠤᠤ? ᠭᠡᠵᠦ ᠠᠰᠠᠭᠤᠪᠠ᠃
᠊᠊᠊᠊᠊᠊᠊᠊᠊᠊᠊᠊᠊᠊᠊ ᠮᠢᠨᠦ ᠪᠡᠶ᠎ᠡ ᠲᠤᠩᠭᠠᠯᠠᠭ ᠭᠡᠵᠦ ᠬᠦᠦ ᠴᠣᠪᠣᠭᠣ ᠳᠠᠭᠤ ᠪᠠᠷ ᠬᠠᠷᠢᠭᠤᠯᠪᠠ᠃
᠊᠊᠊᠊᠊᠊᠊᠊᠊᠊᠊᠊᠊᠊᠊ ᠳᠡᠭᠦᠦ ᠶ᠋ᠢᠨ ᠠᠯᠳᠠᠷ ᠬᠡᠨ ᠭᠡᠳᠡᠭ ᠪᠢᠯᠡ?
᠊᠊᠊᠊᠊᠊᠊᠊᠊᠊᠊᠊᠊᠊᠊ ᠲᠡᠮᠦᠷ ᠭᠡᠳᠡᠭ᠃
᠊᠊᠊᠊᠊᠊᠊᠊᠊᠊᠊᠊᠊᠊᠊ ᠲᠡᠮᠦᠷ ᠠ᠋?
᠊᠊᠊᠊᠊᠊᠊᠊᠊᠊᠊᠊᠊᠊᠊᠊᠊᠊᠊ ᠲᠡᠢᠮᠦ᠂ ᠮᠠᠨ ᠤ᠋ ᠡᠵᠢ ᠨᠠᠮᠢ᠋ᠢ ᠭᠠᠷᠭᠠᠬᠤ ᠭᠡᠳ ᠠᠪᠤ ᠮᠠᠨᠢ ᠡᠬᠡ ᠪᠠᠷᠢᠬᠤ ᠬᠥᠮᠦᠨ ᠳ᠋ᠦ᠍ ᠶᠠᠪᠤᠬᠤ ᠤᠨᠤᠭ᠎ᠠ ᠦᠭᠡᠢ ᠰᠠᠨᠳᠤᠷᠴᠤ ᠪᠠᠢᠬᠤ ᠳ᠋ᠤ᠌ ᠴᠠᠬᠢᠭᠤᠷ ᠲᠡᠮᠦᠷ ᠭᠡᠭᠴᠢ ᠮᠤᠨᠳᠠᠭ ᠡᠷ᠎ᠡ ᠠᠳᠤᠭᠤ ᠬᠥᠭᠡᠭᠡᠵᠦ ᠢᠷᠡᠭᠡᠳ ᠳᠥᠷᠪᠡᠨ ᠰᠠᠢᠨ ᠮᠣᠷᠢ ᠵᠦᠭᠡᠷ ᠥᠭᠴᠦ ᠶᠡᠬᠡ ᠲᠤᠰᠠ ᠪᠣᠯᠤᠭᠰᠠᠨ᠃ ᠲᠡᠭᠡᠭᠡᠳ ᠯᠡ ᠨᠠᠳᠠ ᠳ᠋ᠤ᠌ ᠲᠡᠮᠦᠷ ᠨᠡᠷ᠎ᠡ ᠥᠭᠭᠦᠭᠰᠡᠨ ᠶᠦᠮ ᠰᠢᠦ ᠳᠡ᠃ ᠪᠢ ᠲᠣᠮᠣ ᠪᠣᠯᠤᠭᠠᠳ ᠴᠠᠬᠢᠭᠤᠷ ᠲᠡᠮᠦᠷ ᠪᠣᠯᠤᠨ᠎ᠠ᠃ ᠠᠬ᠎ᠠ ᠠ᠋᠂ ᠲᠠ ᠴᠠᠬᠢᠭᠤᠷ ᠲᠡᠮᠦᠷ ᠭᠤᠸᠠᠢ ᠶ᠋ᠢᠨ ᠲᠤᠬᠠᠢ ᠰᠣᠨᠣᠰᠤᠭᠰᠠᠨ ᠤᠤ?
᠊᠊᠊᠊᠊᠊᠊᠊᠊᠊᠊᠊᠊᠊᠊ ᠰᠣᠨᠣᠰᠴᠤ ᠪᠠᠢᠭᠰᠠᠨ ᠭᠡᠳ ᠲᠡᠮᠦᠷ ᠢᠨᠢᠶᠡᠮᠰᠦᠭᠯᠡᠪᠡ᠃
᠊᠊᠊᠊᠊᠊᠊᠊᠊᠊᠊᠊᠊᠊᠊ ᠪᠠᠰᠠ ᠪᠢ ᠠᠬ᠎ᠠ ᠶ᠋ᠢ ᠨᠢ ᠲᠠᠨᠢᠨ᠎ᠠ᠃ ᠡᠷᠲᠡᠭᠦᠷ ᠪᠣᠭᠳᠠ ᠳ᠋ᠤ᠌ ᠮᠥᠷᠭᠥᠬᠦ ᠭᠡᠳ ᠮᠣᠷᠢᠨ ᠲᠡᠷᠭᠡ ᠲᠡᠢ ᠶᠠᠪᠤᠭᠰᠠᠨ᠃
᠊᠊᠊᠊᠊᠊᠊᠊᠊᠊᠊᠊᠊᠊᠊ ᠶᠠᠭᠤ? ᠡᠷᠳᠡᠨᠢ ᠤᠤ?
᠊᠊᠊᠊᠊᠊᠊᠊᠊᠊᠊᠊᠊᠊᠊ ᠲᠡᠢᠮᠦ᠂ ᠮᠠᠨ ᠤ᠋ ᠳ᠋ᠤ᠌ ᠬᠣᠨᠣᠭᠠᠳ ᠶᠠᠪᠤᠭᠰᠠᠨ᠃ ᠬᠦᠦ ᠨᠢ ᠶᠡᠬᠡ ᠠᠢᠬᠤᠪᠲᠤᠷ ᠳᠣᠩᠬᠣᠷᠳᠠᠭ᠃ ᠭᠡᠬᠦ ᠳ᠋ᠡᠭᠡᠨ ᠪᠢ ᠢᠯᠡᠭᠦᠦ ᠣᠯᠠᠨ ᠬᠠᠶᠠᠭᠰᠠᠨ ᠶᠤᠮ ᠳ᠋ᠠᠭ᠃
᠊᠊᠊᠊᠊᠊᠊᠊᠊᠊᠊᠊᠊᠊᠊ ᠠᠪᠤ ᠶ᠋ᠢᠨ ᠴᠢᠨᠢ ᠨᠡᠷ᠎ᠡ ᠶ᠋ᠢ ᠬᠡᠨ ᠭᠡᠳᠡᠭ ᠪᠣᠢ?
᠊᠊᠊᠊᠊᠊᠊᠊᠊᠊᠊᠊᠊᠊᠊ ᠨᠠᠮᠪᠠᠷ ᠭᠡᠳᠡᠭ᠃ ᠲᠠ ᠲᠠᠨᠢᠬᠤ ᠤᠤ?
᠊᠊᠊᠊᠊᠊᠊᠊᠊᠊᠊᠊᠊᠊᠊ ᠦᠭᠡᠢ ᠶᠦᠮ ᠪᠠᠢᠨ᠎ᠠ᠃ ᠲᠠᠨ ᠤ᠋ ᠬᠢ ᠬᠠᠮᠢᠭ᠎ᠠ ᠪᠣᠢ?
᠊᠊᠊᠊᠊᠊᠊᠊᠊᠊᠊᠊᠊᠊᠊ ᠡᠨᠡ ᠲᠣᠯᠣᠭᠠᠢ ᠶ᠋ᠢᠨ ᠡᠮᠦᠨ᠎ᠡ᠃
《ᠶᠠᠭᠤ ᠴᠤ᠌ ᠭᠡᠰᠡᠨ ᠭᠠᠵᠠᠷ ᠳᠡᠭᠡᠷᠡᠬᠢ ᠭᠠᠭᠴᠠ ᠠᠬ᠎ᠠ ᠲᠠᠢ ᠪᠠᠨ ᠠᠭᠤᠯᠵᠠᠬᠤ ᠨᠢ ᠵᠥᠪ᠃ ᠬᠦᠷᠢᠶ᠎ᠡ ᠣᠷᠣᠭᠰᠠᠨ ᠪᠣᠯ ᠬᠣᠢᠨ᠎ᠠ ᠡᠴᠡ ᠨᠢ ᠶᠠᠪᠤᠳᠠᠭ ᠬᠡᠷᠡᠭ》 ᠭᠡᠵᠦ ᠰᠡᠳᠬᠢᠯ ᠰᠢᠭᠤᠳᠤᠭᠰᠠᠨ ᠪᠣᠯᠪᠠᠴᠤ ᠶᠠᠭᠤᠨ ᠤ᠋ ᠡᠮᠦᠨ᠎ᠡ ᠠᠮᠠᠷᠠᠵᠤ᠂ ᠲᠡᠩᠬᠡᠷᠡᠬᠦ ᠨᠢ ᠴᠢᠬᠤᠯᠠ᠃ ᠢᠩᠭᠢᠬᠦᠯᠡᠷ ᠨᠤᠲᠤᠭ ᠤ᠋ᠨ ᠠᠢᠯ ᠢ᠋ᠶ᠋ᠠᠷ ᠬᠡᠰᠦᠵᠦ ᠲᠠᠷᠠᠭ᠂ ᠴᠠᠭ᠎ᠠ ᠡᠷᠭᠢᠭᠦᠯᠦᠨ ᠬᠡᠳᠦ ᠬᠣᠨᠣᠭᠠᠳ ᠬᠦᠷᠢᠶ᠎ᠡ ᠤᠷᠤᠭᠤ ᠶᠠᠪᠤᠬᠤ ᠪᠠᠷ ᠰᠢᠢᠳᠪᠡ᠃
ᠲᠡᠢᠨ ᠬᠦ᠌ ᠠᠷᠪᠠ ᠭᠠᠷᠤᠢ ᠬᠣᠨᠣᠭ ᠠᠮᠠᠷᠠᠭᠠᠳ ᠬᠣᠣᠰ ᠬᠥᠲᠥᠯᠦᠭᠡ ᠮᠣᠷᠢ ᠲᠠᠢ ᠬᠦᠷᠢᠶᠡᠨ ᠦ᠌ ᠵᠦᠭ ᠬᠥᠳᠡᠯᠪᠡ᠃
ᠰᠠᠢᠳ ᠸᠠᠩ᠂ ᠯᠤᠤ ᠬᠦᠩ ᠦ᠋ᠨ ᠨᠤᠲᠤᠭ ᠢ᠋ ᠳᠠᠭᠠᠷᠢᠵᠤ ᠪᠣᠯᠬᠤ ᠦᠭᠡᠢ ᠪᠣᠯᠬᠣᠷ ᠬᠠᠩᠭᠠᠢ ᠶ᠋ᠢᠨ ᠨᠢᠷᠤᠭᠤᠨ ᠤ᠋ ᠡᠮᠦᠨ᠎ᠡ ᠲᠠᠯ᠎ᠠ ᠪᠠᠷ ᠶᠠᠪᠤᠵᠤ ᠪᠢᠯᠡ᠃ ᠰᠢᠷᠦᠭᠦᠬᠡᠨ ᠳᠣᠪᠲᠣᠯᠵᠤ ᠯᠠᠮᠠ ᠶ᠋ᠢᠨ ᠭᠡᠭᠡᠨ ᠦ᠌ ᠨᠤᠲᠤᠭ ᠢ᠋ ᠥᠩᠭᠡᠷᠡᠪᠡ᠃ ᠮᠣᠷᠢᠳ ᠨᠢ ᠪᠠᠬᠠᠨ ᠰᠤᠯᠠᠳᠠᠵᠤ ᠭᠠᠵᠠᠷ ᠬᠣᠷᠣᠭᠠᠬᠤ ᠨᠢ ᠤᠯᠠᠮ ᠪᠠᠭ᠎ᠠ ᠪᠣᠯᠵᠤ ᠶᠠᠪᠤᠲᠠᠯ᠎ᠠ᠂ ᠭᠠᠳᠠᠨ᠎ᠠ ᠨᠢ ᠡᠳᠦᠢ ᠲᠡᠳᠦᠢ ᠬᠥᠮᠦᠨ ᠪᠤᠵᠢᠭᠢᠨᠠᠭᠰᠠᠨ ᠬᠣᠶᠠᠷ ᠡᠷᠢᠶᠡᠨ ᠮᠠᠢᠬᠠᠨ ᠬᠠᠷᠠᠭᠳᠠᠪᠠ᠃ ᠮᠠᠢᠬᠠᠨ ᠢ᠋ ᠲᠣᠭᠣᠷᠢᠨ ᠴᠢᠳᠥᠷ ᠲᠡᠢ᠂ ᠲᠤᠱᠠ ᠲᠠᠢ ᠮᠣᠷᠢ ᠲᠡᠮᠡᠭᠡ ᠡᠨᠳᠡ ᠲᠡᠨᠳᠡ ᠦᠭᠡᠢ ᠢᠳᠡᠵᠦ ᠪᠠᠢᠪᠠ᠃
ᠣᠴᠢᠬᠤ ᠪᠠᠷ ᠰᠢᠢᠳᠦᠭᠡᠳ ᠣᠯᠠᠨ ᠮᠣᠷᠢ ᠤᠶᠠᠭ᠎ᠠ ᠲᠠᠢ ᠵᠡᠯ᠎ᠡ ᠤᠶᠠᠭᠠᠨ ᠳᠡᠭᠡᠷ᠎ᠡ ᠪᠠᠭᠤᠵᠤ ᠮᠠᠢᠬᠠᠨ ᠢ᠋ ᠴᠢᠭᠯᠡᠨ ᠶᠠᠪᠤᠲᠠᠯ᠎ᠠ ᠲᠡᠷᠲᠡᠭᠡ ᠢᠳᠡᠵᠦ ᠪᠠᠢᠭ᠎ᠠ ᠢᠵᠢᠯᠬᠡᠨ ᠬᠣᠶᠠᠷ ᠬᠠᠷ᠎ᠠ ᠮᠣᠷᠢ ᠨᠢᠳᠦᠨ ᠳ᠋ᠦ᠍ᠨᠢ ᠲᠤᠰᠪᠠ᠃ 《ᠶᠠᠮᠠᠷ ᠰᠠᠢᠬᠠᠨ ᠮᠣᠷᠢ ᠪᠣᠢ》 ᠭᠡᠵᠦ ᠪᠣᠳᠣᠭᠠᠳ ᠪᠠᠭ᠎ᠠ ᠡᠷᠢᠶᠡᠨ ᠮᠠᠢᠬᠠᠨ ᠳ᠋ᠤ᠌ ᠣᠷᠣᠪᠠ᠃ ᠡᠳᠦᠢ ᠲᠡᠳᠦᠢ ᠬᠥᠮᠦᠨ ᠬᠣᠭᠣᠯᠠ ᠢᠳᠡᠵᠦ᠂ ᠠᠢᠷᠠᠭ ᠤᠤᠭᠤᠵᠤ ᠪᠠᠢᠵᠠᠢ᠃ ᠲᠡᠮᠦᠷ᠂ ᠪᠦᠭᠦᠳᠡ ᠶ᠋ᠢᠨ ᠠᠮᠤᠷ ᠢ᠋ ᠡᠷᠢᠵᠦ᠂ ᠪᠠᠭᠠᠨ᠎ᠠ ᠶ᠋ᠢᠨ ᠣᠷᠴᠢᠮ ᠰᠠᠭᠤᠪᠠ᠃
ᠨᠤᠲᠤᠭ ᠤᠰᠤ᠂ ᠨᠡᠷ᠎ᠡ ᠠᠯᠳᠠᠷ ᠢ᠋ᠶ᠋ᠠᠨ ᠠᠰᠠᠭᠤᠯᠴᠠᠭᠰᠠᠨ ᠤ᠋ ᠳᠠᠷᠠᠭ᠎ᠠ ᠲᠡᠮᠦᠷ ᠲᠦ᠍ ᠬᠣᠭᠣᠯᠠ᠂ ᠠᠢᠷᠠᠭ ᠥᠭᠪᠡ᠃ ᠢᠳᠡᠵᠦ ᠤᠤᠭᠤᠬᠤ ᠶᠠᠭᠤᠮ᠎ᠠ ᠨᠠᠭᠤᠷ ᠳᠠᠯᠠᠢ ᠰᠢᠭ᠋ ᠪᠢᠯᠬᠠᠭᠰᠠᠨ ᠡᠨᠡ ᠮᠠᠢᠬᠠᠨ ᠳ᠋ᠤ᠌ ᠰᠠᠭᠤᠵᠤ ᠪᠠᠢᠬᠤ ᠳ᠋ᠠᠭᠠᠨ ᠳᠠᠶᠠᠩ ᠳᠡᠭᠡᠷᠡᠬᠢ ᠶ᠋ᠢᠨ ᠨᠡᠷ᠎ᠡ ᠲᠡᠢ ᠪᠥᠬᠡ ᠰᠠᠩᠵᠠᠢ ᠵᠠᠢᠷᠠᠩ ᠭᠡᠳᠡᠭ ᠶᠠᠪᠤᠵᠤ ᠪᠠᠢᠭ᠎ᠠ ᠶ᠋ᠢ ᠮᠡᠳᠡᠯ᠎ᠡ᠃
᠊᠊᠊᠊᠊᠊᠊᠊᠊᠊᠊᠊᠊᠊᠊ ᠮᠠᠨ ᠤ᠋ ᠵᠠᠢᠷᠠᠩ ᠪᠠᠭᠰᠢ ᠶ᠋ᠢᠨ ᠷᠢᠳᠢ ᠰᠢᠳᠢ ᠬᠢᠵᠠᠭᠠᠷ ᠦᠭᠡᠢ ᠪᠣᠯᠬᠣᠷ ᠠᠮᠢᠲᠠᠨ ᠳ᠋ᠤ᠌ ᠲᠤᠰᠠᠯᠠᠵᠤ ᠶᠠᠪᠤᠨ᠎ᠠ᠃ ᠨᠤᠲᠤᠭ ᠡᠴᠡ ᠪᠢᠳᠡ ᠬᠣᠶᠠᠷ ᠭᠤᠷᠪᠠᠨ ᠮᠣᠷᠢ ᠲᠠᠢ ᠭᠠᠷᠤᠭᠰᠠᠨ ᠶᠤᠮᠰᠠᠨ᠃ ᠣᠳᠣ ᠶᠠᠭᠤᠮ᠎ᠠ ᠪᠠᠨ ᠴᠤ᠌ ᠠᠪᠴᠤ ᠶᠠᠪᠤᠵᠤ ᠴᠢᠳᠠᠬᠤ ᠦᠭᠡᠢ ᠪᠣᠯᠬᠤ ᠨᠢ᠃ ᠵᠠᠢᠷᠠᠩ ᠨᠢ ᠴᠢᠳᠠᠯ ᠲᠠᠢ ᠪᠣᠯᠬᠣᠷ ᠪᠠᠷᠢᠴᠠ ᠨᠢ ᠶᠡᠬᠡ ᠪᠠᠢᠬᠤ ᠶᠤᠮ ᠭᠡᠵᠦ ᠨᠡᠯᠢᠶᠡᠳ ᠰᠣᠭᠲᠣᠭᠤ ᠨᠢᠭᠡ ᠬᠠᠷ᠎ᠠ ᠬᠥᠮᠦᠨ ᠬᠡᠯᠡᠪᠡ᠃
ᠬᠥᠮᠦᠰ ᠡᠨᠡ ᠵᠠᠢᠷᠠᠩ ᠤ᠋ᠨ ᠷᠢᠳᠢ ᠰᠢᠳᠢ ᠶ᠋ᠢ ᠱᠠᠭᠰᠢᠨ ᠪᠠᠢᠵᠤ ᠶᠠᠷᠢᠬᠤ ᠵᠠᠭᠤᠷ᠎ᠠ ᠲᠡᠮᠦᠷ ᠭᠡᠳᠡᠰᠦ ᠭᠠᠷᠤᠨ ᠴᠠᠳᠴᠤ ᠠᠪᠤᠭᠠᠳ ᠬᠣᠷᠮᠣᠢ ᠪᠠᠷ ᠢ᠋ᠶ᠋ᠠᠨ ᠲᠣᠰᠣ ᠪᠠᠨ ᠠᠷᠴᠢᠬᠤ ᠵᠠᠭᠤᠷ᠎ᠠ ᠮᠠᠢᠬᠠᠨ ᠤ᠋ ᠠᠮᠠ ᠪᠠᠷ ᠬᠠᠷᠠᠪᠠᠯ ᠵᠡᠷᠭᠡᠴᠡᠨ ᠢᠳᠡᠵᠦ ᠪᠠᠢᠭ᠎ᠠ ᠬᠣᠶᠠᠷ ᠬᠢᠯᠢᠩ ᠬᠠᠷ᠎ᠠ ᠮᠣᠷᠢ ᠨᠠᠷᠠᠨ ᠳ᠋ᠤ᠌ ᠭᠢᠯᠲᠠᠭᠠᠨᠠᠨ ᠤᠯᠠᠮ ᠴᠤ᠌ ᠰᠠᠢᠬᠠᠨ ᠬᠠᠷᠠᠭᠳᠠᠪᠠ᠃ ᠣᠷᠣᠢ ᠶ᠋ᠢᠨ ᠨᠠᠷᠠ ᠲᠦᠮᠡᠨ ᠠᠯᠲᠠᠨ ᠤᠲᠠᠰᠤ ᠪᠠᠷ ᠢ᠋ᠶ᠋ᠠᠨ ᠴᠡᠯᠮᠡᠭ ᠲᠩᠷᠢ ᠶ᠋ᠢᠨ ᠥᠷᠥᠨ᠎ᠡ ᠬᠠᠶᠠᠭ᠎ᠠ ᠶ᠋ᠢ ᠨᠡᠪᠲᠡᠯᠦᠨ ᠰᠢᠭᠯᠠᠭᠰᠠᠭᠠᠷ ᠵᠢᠷᠭᠠᠵᠤ ᠡᠬᠢᠯᠡᠪᠡ᠃
ᠲᠡᠷᠡ ᠰᠥᠨᠢ ᠲᠡᠮᠦᠷ᠂ ᠬᠣᠶᠠᠷ ᠬᠠᠷ᠎ᠠ ᠮᠣᠷᠢ ᠶ᠋ᠢ ᠬᠤᠯᠠᠭᠠᠢᠯᠠᠵᠤ ᠠᠪᠤᠭᠠᠳ ᠮᠣᠷᠳᠠᠨ ᠶᠠᠪᠤᠵᠤ᠂ ᠦᠳᠡ ᠥᠩᠭᠡᠷᠡᠬᠦ ᠶ᠋ᠢᠨ ᠦᠶ᠎ᠡ ᠳ᠋ᠦ᠍ ᠮᠠᠢᠬᠠᠨ ᠳ᠋ᠤ᠌ ᠡᠷᠭᠢᠵᠦ ᠢᠷᠡᠪᠡᠯ ᠪᠥᠭᠡᠮ ᠦᠢᠮᠡᠭᠡᠨ ᠪᠣᠯᠵᠤ ᠪᠠᠢᠪᠠ᠃
᠊᠊᠊᠊᠊᠊᠊᠊᠊᠊᠊᠊᠊᠊᠊ ᠣᠷᠣᠢ ᠣᠳᠣ ᠲᠦᠭᠡᠬᠦ ᠶ᠋ᠢᠨ ᠦᠶ᠎ᠡ ᠳ᠋ᠦ᠍ ᠬᠣᠶᠠᠷ ᠬᠠᠷ᠎ᠠ ᠮᠣᠷᠢ ᠪᠠᠨ ᠠᠪᠤᠭᠰᠠᠨ ᠬᠤᠯᠠᠭᠠᠢᠴᠢ ᠶ᠋ᠢᠨ ᠵᠢᠷᠦᠬᠡ ᠶ᠋ᠢ ᠰᠤᠭᠤ ᠲᠡᠳᠡᠨ ᠢᠳᠡᠨ᠎ᠡ᠃ ᠠᠪᠤᠭᠰᠠᠨ ᠮᠠᠭᠤ ᠬᠤᠯᠠᠭᠠᠢᠴᠢ ᠮᠣᠷᠢᠳ ᠢ᠋ ᠠᠪᠴᠢᠷᠠᠵᠤ ᠥᠭᠪᠡᠯ ᠵᠠᠢᠷᠠᠩ ᠪᠠᠭᠰᠢ ᠢᠪᠡᠭᠡᠵᠦ ᠨᠣᠬᠠᠢ ᠶ᠋ᠢᠨ ᠠᠮᠢ ᠶ᠋ᠢ ᠨᠢ ᠥᠷᠥᠰᠢᠶᠡᠨ ᠨᠢᠭᠦᠯᠡᠰᠦᠨᠡ᠃ ᠥᠨᠥ ᠣᠷᠣᠢ ᠵᠠᠢᠷᠠᠩ ᠪᠠᠭᠰᠢ ᠬᠤᠯᠠᠭᠠᠢᠴᠢ ᠶ᠋ᠢᠨ ᠵᠢᠷᠦᠬᠡ ᠰᠤᠭᠤᠯᠬᠤ ᠳ᠋ᠤ᠌ ᠢᠷᠡᠵᠡᠭᠡᠭᠡᠷᠡᠢ ᠭᠡᠵᠦ ᠨᠢᠭᠡ ᠬᠥᠮᠦᠨ ᠥᠨᠳᠥᠷ ᠳᠠᠭᠤ ᠪᠠᠷ ᠵᠠᠷᠯᠠᠵᠤ ᠪᠠᠢᠪᠠ᠃
ᠢᠳᠡ ᠴᠢᠳᠠᠯ ᠨᠢ ᠪᠠᠭᠲᠠᠵᠤ ᠶᠠᠳᠠᠭᠰᠠᠨ ᠰᠦᠷᠡᠬᠡᠢ ᠪᠥᠬᠡ ᠨᠠᠷ ᠤ᠋ᠨ ᠲᠤᠬᠠᠢ ᠰᠦᠷᠲᠡᠢ ᠶᠠᠷᠢᠶ᠎ᠠ ᠣᠯᠠᠨ ᠢ᠋ ᠰᠣᠨᠣᠰᠤᠭᠰᠠᠨ ᠲᠡᠮᠦᠷ ᠲᠦ᠍ ᠡᠨᠡ ᠦᠭᠡ ᠪᠠᠶᠠᠷᠲᠠᠢ ᠰᠡᠳᠬᠢᠯ ᠲᠥᠷᠥᠭᠦᠯᠦᠭᠰᠡᠨ ᠦᠭᠡᠢ᠃ 《ᠡᠨᠡ ᠴᠢᠨᠢ ᠵᠢᠷᠦᠬᠡ ᠶ᠋ᠢ ᠮᠢᠨᠢ ᠦᠨᠡᠬᠡᠷ ᠢᠳᠡᠴᠢᠬᠡᠬᠦ ᠶᠦᠮ ᠪᠢᠰᠢ ᠪᠠᠢᠭ᠎ᠠ ᠳᠠ᠃ ᠪᠥᠬᠡ ᠨᠠᠷ ᠰᠦᠷᠡᠬᠡᠢ ᠠᠷᠭ᠎ᠠ ᠴᠠᠷᠭ᠎ᠠ ᠲᠠᠢ ᠭᠡᠵᠦ ᠶᠠᠷᠢᠳᠠᠭ》 ᠭᠡᠵᠦ ᠪᠣᠳᠣᠭᠳᠠᠨ᠎ᠠ᠃ ᠭᠡᠲᠡᠯ᠎ᠡ 《ᠵᠠᠰᠠᠭᠲᠤ ᠬᠠᠨ ᠤ᠋ ᠴᠢᠭᠢᠭᠤᠷ ᠲᠡᠮᠦᠷ ᠪᠥᠬᠡ ᠡᠴᠡ ᠠᠶᠤᠭᠠᠳ ᠠᠪᠤᠭᠰᠠᠨ ᠬᠣᠶᠠᠷ ᠮᠣᠷᠢ ᠪᠠᠨ ᠠᠪᠴᠢᠷᠠᠵᠤ ᠥᠭᠭᠦᠭᠰᠡᠨ ᠭᠡᠨ᠎ᠡ ᠪᠢᠯᠡ》 ᠭᠡᠵᠦ ᠱᠤᠤᠭᠢᠨ ᠶᠠᠷᠢᠬᠤ ᠰᠢᠪᠰᠢᠭᠲᠡᠢ ᠶᠠᠷᠢᠶ᠎ᠠ ᠰᠡᠳᠬᠢᠯ ᠳ᠋ᠦ᠍ᠨᠢ ᠣᠷᠣᠵᠤ ᠢᠷᠡᠯ᠎ᠡ᠃
ᠲᠣᠮᠣ ᠡᠷᠢᠶᠡᠨ ᠮᠠᠢᠬᠠᠨ ᠡᠴᠡ ᠰᠠᠩᠵᠠᠢ ᠵᠠᠢᠷᠠᠩ ᠭᠠᠷᠴᠤ ᠢᠷᠡᠯ᠎ᠡ᠃ ᠱᠤᠪᠲᠤᠩ ᠮᠥᠷᠥ ᠲᠡᠢ᠂ ᠲᠤᠷᠠᠩᠬᠠᠢ ᠨᠠᠮ ᠪᠡᠶ᠎ᠡ ᠲᠡᠢ᠂ ᠲᠣᠭᠲᠠᠵᠤ ᠶᠠᠳᠠᠭᠰᠠᠨ ᠬᠤᠷᠴᠠ ᠨᠢᠳᠦ ᠲᠡᠢ᠂ ᠦᠵᠦᠭᠦᠷ ᠲᠤᠨᠢ ᠴᠠᠭᠠᠨ ᠰᠤᠷ ᠰᠦᠯᠵᠢᠭᠰᠡᠨ ᠠᠯᠠᠭ ᠴᠣᠭᠣᠭ ᠪᠤᠭᠤᠷᠤᠯᠲᠤᠵᠤ ᠪᠠᠢᠭ᠎ᠠ ᠭᠡᠵᠢᠭᠡ ᠲᠡᠢ᠂ ᠳᠥᠴᠢ ᠣᠷᠴᠢᠮ ᠨᠠᠰᠤᠨ ᠤ᠋ ᠬᠠᠷ᠎ᠠ ᠬᠥᠮᠦᠨ ᠠᠵᠢ᠃ ᠬᠥᠬᠡ ᠳᠡᠪᠡᠯ ᠳᠡᠭᠡᠷ᠎ᠡ ᠬᠦᠷᠡᠩ ᠪᠦᠰᠡ ᠣᠷᠢᠶᠠᠭᠠᠳ ᠮᠥᠩᠭᠥᠨ ᠬᠡᠲᠡ ᠪᠠᠯ ᠲᠠᠢ ᠬᠢᠲᠤᠭ᠎ᠠ ᠵᠡᠭᠦᠵᠡᠢ᠃
ᠡᠨᠡ ᠬᠥᠮᠦᠨ ᠬᠣᠷᠢᠨ ᠨᠠᠰᠤᠨ ᠳ᠋ᠠᠭᠠᠨ ᠪᠥᠬᠡ ᠪᠣᠯᠵᠤ᠂ ᠠᠩ ᠬᠢᠭᠡᠳ ᠪᠤᠴᠠᠵᠤ ᠶᠠᠪᠤᠬᠤ ᠳ᠋ᠤᠨᠢ ᠮᠣᠳᠣᠨ ᠤ᠋ ᠴᠤᠭᠤᠷᠤᠬᠠᠢ ᠳ᠋ᠤ᠌ ᠢᠳᠡᠵᠦ ᠪᠠᠢᠭᠰᠠᠨ ᠬᠣᠶᠠᠷ ᠦᠬᠡᠷ ᠢ᠋ ᠬᠠᠷᠠᠭᠠᠳ᠂ ᠡᠷᠢᠭᠰᠡᠨ ᠡᠵᠡᠨ ᠨᠢ ᠮᠡᠷᠭᠡᠯᠡᠭᠦᠯᠦᠭᠰᠡᠨ ᠢ᠋ ᠣᠯᠵᠤ ᠥᠭᠭᠦᠭᠰᠡᠨ ᠢ᠋ᠶ᠋ᠡᠷ ᠠᠯᠳᠠᠷᠰᠢᠵᠠᠢ᠃
ᠭᠡᠬᠦ ᠳ᠋ᠡᠭᠡᠨ ᠲᠡᠷᠡ ᠬᠣᠶᠠᠷ ᠦᠬᠡᠷ ᠢ᠋ ᠤᠷᠢᠲᠠᠵᠤ ᠦᠵᠡᠭᠡᠳ᠂ ᠳᠠᠷᠠᠭ᠎ᠠ ᠨᠢ ᠣᠯᠵᠤ ᠥᠭᠭᠦᠭᠰᠡᠨ ᠢ᠋ᠶ᠋ᠡᠨ ᠠᠯᠢ ᠬᠡᠳᠦᠢᠨᠡᠢ ᠮᠠᠷᠲᠠᠭᠰᠠᠨ ᠢ᠋ᠶ᠋ᠠᠷ ᠪᠠᠷᠠᠬᠤ ᠦᠭᠡᠢ ᠬᠠᠷᠢᠨ ᠷᠢᠳᠢ ᠰᠢᠳᠢ ᠪᠡᠷ ᠣᠯᠵᠤ ᠥᠭᠭᠦᠭᠰᠡᠨ ᠰᠢᠭ ᠪᠣᠳᠣᠵᠤ ᠶᠠᠪᠤᠳᠠᠭ ᠠᠵᠢ᠃ ᠣᠳᠣ ᠪᠣᠯ ᠬᠥᠮᠦᠨ ᠢ᠋ ᠫᠤᠤᠳᠠᠬᠤ᠂ ᠰᠡᠯᠡᠮᠡᠳᠡᠬᠦ ᠵᠡᠷᠭᠡ ᠲᠦᠮᠡᠨ ᠵᠦᠢᠯ ᠦ᠋ᠨ ᠷᠢᠳᠢ ᠰᠢᠳᠢ ᠦᠵᠡᠭᠦᠯᠳᠡᠭ ᠪᠣᠯᠵᠠᠢ᠃ ᠢᠩᠭᠢᠭᠡᠳ ᠬᠠᠮᠢᠭ᠎ᠠ ᠵᠠᠯᠢ ᠬᠡᠷᠡᠭᠯᠡᠵᠦ᠂ ᠬᠠᠮᠢᠭ᠎ᠠ ᠷᠢᠳᠢ ᠰᠢᠳᠢ ᠬᠡᠷᠡᠭᠯᠡᠵᠦ ᠪᠠᠢᠭ᠎ᠠ ᠪᠠᠨ ᠥᠪᠡᠷ ᠢ᠋ᠶ᠋ᠡᠨ ᠣᠢᠯᠭᠠᠬᠤ ᠪᠠᠨ ᠪᠣᠯᠢᠭᠰᠠᠨ ᠬᠥᠮᠦᠨ ᠶᠦᠮ᠃
ᠬᠥᠮᠦᠰ ᠲᠡᠭᠦᠨ ᠦ᠌ ᠬᠣᠢᠨ᠎ᠠ ᠡᠴᠡ ᠬᠤᠢᠯᠠᠷᠠᠨ ᠳᠡᠪᠡᠯ ᠦ᠋ᠨ ᠬᠣᠷᠮᠣᠢ᠂ ᠭᠤᠲᠤᠯ ᠤ᠋ᠨ ᠲᠦᠷᠡᠢ᠂ ᠥᠯᠮᠡᠢ ᠵᠡᠷᠭᠡ ᠬᠦᠷᠦᠭᠰᠡᠨ ᠭᠠᠵᠠᠷ ᠪᠦᠬᠦᠨ ᠡᠴᠡ ᠠᠳᠢᠰ ᠠᠪᠴᠤ ᠪᠠᠢᠪᠠ᠃
ᠬᠦᠷᠡᠩ ᠵᠢᠩᠰᠡ ᠲᠡᠢ ᠨᠢᠭᠡ ᠬᠥᠮᠦᠨ ᠵᠠᠢᠷᠠᠩ ᠲᠠᠢ ᠠᠭᠤᠯᠵᠠᠵᠤ ᠶᠠᠭᠤᠮ᠎ᠠ ᠬᠡᠯᠡᠪᠡ᠃
᠊᠊᠊᠊᠊᠊᠊᠊᠊᠊᠊᠊᠊᠊᠊ ᠪᠣᠷᠣ ᠵᠢᠷᠦᠬᠡ ᠶ᠋ᠢ ᠨᠢ ᠪᠤᠯᠭᠢᠯᠠᠭᠤᠯᠵᠤ ᠪᠠᠢᠭᠠᠳ ᠬᠦᠷᠲᠡᠵᠦ ᠣᠷᠬᠢᠨ᠎ᠠ ᠭᠡᠵᠦ ᠵᠠᠢᠷᠠᠩ ᠴᠢᠩᠭ᠎ᠠ ᠳᠠᠭᠤ ᠪᠠᠷ ᠬᠡᠯᠡᠭᠡᠳ ᠶᠡᠬᠡ ᠯᠡ ᠪᠠᠷᠳᠠᠮ ᠢᠨᠢᠶᠡᠪᠡ᠃
《ᠴᠢᠳᠠᠯ ᠲᠠᠢ ᠶᠤᠮ ᠪᠣᠯ ᠴᠢ ᠮᠢᠨᠦ ᠵᠢᠷᠦᠬᠡ ᠶ᠋ᠢ᠂ ᠡᠰᠡᠬᠦᠯ ᠪᠢ ᠴᠢᠨᠦ ᠮᠣᠷᠢ ᠶ᠋ᠢ》 ᠭᠡᠵᠦ ᠲᠡᠮᠦᠷ ᠰᠡᠳᠬᠢᠯ ᠳ᠋ᠡᠭᠡᠨ ᠰᠢᠪᠡᠭᠡᠨᠡᠪᠡ᠃
ᠲᠡᠭᠡᠭᠡᠳ ᠣᠷᠣᠢ ᠪᠣᠯᠵᠤ ᠶᠢᠷᠲᠢᠨᠴᠦ ᠶ᠋ᠢ ᠬᠠᠷ᠎ᠠ ᠪᠦᠷᠢᠶᠡᠰᠦ ᠲᠠᠭᠯᠠᠨ ᠬᠠᠷᠠᠩᠬᠤᠢᠯᠠᠬᠤ ᠦᠶ᠎ᠡ ᠳ᠋ᠦ᠍ ᠵᠠᠢᠷᠠᠩ ᠶᠡᠬᠡ ᠮᠠᠢᠬᠠᠨ ᠳ᠋ᠠᠭᠠᠨ ᠲᠦᠮᠡᠨ ᠠᠭᠤᠯᠠ ᠶ᠋ᠢᠨ ᠰᠠᠪᠳᠠᠭ ᠳᠠᠭᠤᠳᠠᠨ᠂ ᠬᠤᠯᠠᠭᠠᠢᠴᠢ ᠶ᠋ᠢ ᠰᠦᠷ ᠲᠡᠢ ᠬᠠᠷᠢᠶᠠᠯ ᠢ᠋ᠶ᠋ᠠᠷ ᠵᠦᠬᠡᠨ ᠵᠠᠨᠤᠵᠤ ᠳᠦᠪᠴᠢᠷᠭᠡᠵᠤ ᠭᠠᠷᠤᠯ᠎ᠠ᠃
ᠬᠣᠯᠪᠣᠭ᠎ᠠ ᠪᠠᠨ ᠱᠠᠵᠢᠭᠢᠨᠠᠭᠤᠯᠤᠭᠰᠠᠨ ᠲᠠᠯ᠎ᠠ ᠬᠡᠩᠭᠡᠷᠭᠡ ᠨᠢ ᠡᠬᠢᠯᠡᠭᠡᠳ ᠵᠢᠭᠳᠡ ᠳᠤᠤᠭᠠᠷᠴᠤ ᠪᠠᠢᠭᠰᠠᠨ ᠢ᠋ᠶ᠋ᠠᠨ ᠰᠡᠭᠦᠯ ᠳ᠋ᠡᠭᠡᠨ ᠦᠷᠭᠦᠯᠵᠢᠯᠡᠭᠰᠡᠨ ᠬᠣᠶᠠᠷ ᠴᠣᠬᠢᠯᠲᠠ ᠪᠠᠷ ᠲᠦᠵᠢᠭᠢᠨᠡᠵᠦ ᠡᠬᠢᠯᠡᠪᠡ᠃ ᠪᠥᠬᠡ ᠬᠡᠩᠭᠡᠷᠭᠡ ᠪᠡᠨ ᠬᠠᠶᠠᠵᠤ ᠪᠣᠰᠤᠭᠠᠳ ᠮᠠᠢᠬᠠᠨ ᠤ᠋ ᠣᠷᠣᠢ ᠤᠷᠤᠭᠤ ᠦᠰᠦᠷᠪᠡ᠃ ᠲᠡᠭᠡᠭᠡᠳ ᠪᠤᠴᠠᠵᠤ ᠰᠠᠭᠤᠳᠠᠯ ᠳ᠋ᠠᠭᠠᠨ ᠰᠠᠭᠤᠬᠤ ᠳ᠋ᠠᠭᠠᠨ ᠶᠠᠮᠠᠷ ᠨᠢᠭᠡᠨ ᠶᠠᠭᠤᠮ᠎ᠠ ᠭᠠᠷ ᠲᠠᠭᠠᠨ ᠪᠠᠷᠢᠨ ᠱᠠᠷ ᠱᠠᠷ ᠬᠢᠲᠡᠯ᠎ᠡ ᠢᠳᠡᠯ᠎ᠡ᠃
ᠲᠣᠮᠣ ᠭᠡᠭᠴᠢ ᠶ᠋ᠢᠨ ᠲᠣᠰᠣᠨ ᠳ᠋ᠧᠩ ᠦ᠋ᠨ ᠭᠡᠷᠡᠯ ᠳ᠋ᠦ᠍ ᠬᠠᠷᠠᠪᠠᠯ ᠵᠠᠢᠷᠠᠩ ᠤ᠋ᠨ ᠵᠠᠪᠠᠵᠢ ᠪᠠᠷ ᠴᠢᠰᠤ ᠴᠤᠪᠤᠵᠤ᠂ ᠴᠢᠰᠤ ᠪᠣᠯᠤᠭᠰᠠᠨ ᠬᠣᠶᠠᠷ ᠭᠠᠷ ᠨᠢ ᠴᠡᠴᠡᠷᠡᠵᠦ ᠪᠠᠢᠯ᠎ᠠ᠃
᠊᠊᠊᠊᠊᠊᠊᠊᠊᠊᠊᠊᠊᠊᠊ ᠬᠤᠯᠠᠭᠠᠢᠴᠢ ᠴᠢᠨᠠᠭᠰᠢ ᠪᠠᠨ ᠬᠠᠷᠠᠯ᠎ᠠ᠂ ᠪᠤᠷᠬᠠᠨ ᠮᠢᠨᠢ᠃
᠊᠊᠊᠊᠊᠊᠊᠊᠊᠊᠊᠊᠊᠊᠊ ᠠᠭᠤᠰᠬᠢ ᠵᠢᠷᠦᠬᠡ ᠬᠣᠶᠠᠷ ᠢ᠋ ᠨᠢ ᠵᠣᠭᠣᠭᠯᠠᠵᠤ ᠣᠷᠬᠢᠯ᠎ᠠ ᠰᠢᠦ᠃
᠊᠊᠊᠊᠊᠊᠊᠊᠊᠊᠊᠊᠊᠊᠊ ᠡᠢᠮᠦ ᠴᠢᠳᠠᠯ ᠲᠠᠢ ᠬᠥᠮᠦᠨ ᠪᠠᠢᠬᠤ ᠭᠡᠵᠦ ᠳᠡ᠃
᠊᠊᠊᠊᠊᠊᠊᠊᠊᠊᠊᠊᠊᠊᠊ ᠮᠠᠭᠤ ᠬᠤᠯᠠᠭᠠᠢᠴᠢ ᠶ᠋ᠢᠨ ᠬᠣᠬᠢ ᠨᠢ ᠳᠡ᠃
᠊᠊᠊᠊᠊᠊᠊᠊᠊᠊᠊᠊᠊᠊᠊ ᠬᠡᠯᠡᠭᠡᠳ ᠶᠠᠭᠠᠬᠢᠬᠤᠪ᠂ ᠦᠬᠦᠯ ᠨᠢ ᠢᠷᠡᠵᠦ ᠳᠠ ᠭᠡᠬᠦ ᠵᠡᠷᠭᠡ ᠬᠥᠮᠦᠰ ᠦ᠋ᠨ ᠰᠢᠪᠡᠨᠡᠯᠳᠦᠨ ᠶᠠᠷᠢᠬᠤ ᠳᠠᠭᠤ ᠮᠠᠢᠬᠠᠨ ᠳ᠋ᠤ᠌ ᠰᠣᠨᠣᠰᠳᠠᠪᠠ᠃ ᠲᠡᠮᠦᠷ ᠦ᠋ᠨ ᠴᠡᠭᠡᠵᠢ ᠨᠢ ᠬᠥᠩᠭᠡᠨ ᠪᠣᠯᠴᠢᠬᠠᠭᠰᠠᠨ ᠴᠤ᠌ ᠶᠤᠮ ᠰᠢᠭ᠋᠂ ᠬᠠᠳᠬᠤᠨ ᠡᠪᠡᠳᠴᠦ ᠪᠠᠢᠭ᠎ᠠ ᠴᠤ᠌ ᠶᠤᠮ ᠰᠢᠭ᠋ ᠰᠠᠨᠠᠭᠳᠠᠪᠠ᠃ ᠲᠡᠮᠦᠷ ᠠᠮᠢᠰᠬᠤᠭ᠎ᠠ ᠳᠠᠪᠴᠢᠳᠠᠨ᠂ ᠳᠣᠲᠣᠷ᠎ᠠ ᠨᠢ ᠡᠪ ᠦᠭᠡᠢ ᠪᠣᠯᠬᠤ ᠳ᠋ᠤ᠌ ᠮᠠᠢᠬᠠᠨ ᠡᠴᠡ ᠭᠠᠷᠪᠠᠯ ᠳᠣᠷᠣᠨᠠᠲᠤ ᠠᠭᠤᠯᠠ ᠶ᠋ᠢᠨ ᠣᠷᠣᠢ ᠡᠴᠡ ᠲᠣᠮᠣ ᠭᠡᠭᠴᠢ ᠶ᠋ᠢᠨ ᠰᠠᠷ᠎ᠠ ᠰᠠᠯᠵᠤ ᠶᠠᠳᠠᠨ ᠮᠠᠨᠳᠤᠵᠤ ᠪᠠᠢᠪᠠ᠃ ᠰᠥᠨᠢ ᠶ᠋ᠢᠨ ᠵᠢᠬᠡᠭᠦᠨ ᠬᠦᠢᠲᠡᠨ ᠰᠠᠯᠬᠢ ᠬᠠᠴᠠᠷ ᠤᠷᠤᠭᠤ ᠨᠢ ᠦᠯᠢᠶᠡᠵᠦ ᠪᠡᠶ᠎ᠡ ᠨᠢ ᠵᠢᠷᠢᠰ ᠵᠢᠷᠢᠰ ᠬᠢᠯ᠎ᠡ᠃
《ᠦᠬᠦᠭᠰᠡᠨ ᠬᠥᠮᠦᠨ ᠳ᠋ᠦ᠍ ᠰᠡᠭᠦᠳᠡᠷ ᠪᠠᠢᠳᠠᠭ ᠦᠭᠡᠢ ᠶᠦᠮ ᠭᠡᠨ᠎ᠡ ᠪᠢᠯᠡ》 ᠭᠡᠵᠦ ᠪᠣᠳᠣᠭᠠᠳ ᠰᠡᠭᠦᠳᠡᠷ ᠢ᠋ᠶ᠋ᠡᠨ ᠬᠠᠷᠠᠪᠠᠯ ᠬᠡᠪ ᠢ᠋ᠶ᠋ᠡᠷ ᠢ᠋ᠶ᠋ᠡᠨ ᠪᠠᠢᠪᠠ᠃ ᠰᠢᠭᠤᠳ ᠤᠶᠠᠭᠠᠨ ᠳᠡᠭᠡᠷ᠎ᠡ ᠣᠴᠢᠪᠠ᠃ ᠴᠢᠳᠬᠥᠷ ᠪᠣᠯᠤᠭᠰᠠᠨ ᠶᠤᠮ ᠪᠣᠯ ᠮᠣᠷᠢ ᠦᠷᠭᠦᠬᠦ ᠪᠠᠢᠬ᠎ᠠ ᠭᠡᠵᠦ ᠪᠣᠳᠣᠭᠠᠳ ᠮᠣᠷᠢᠨ ᠳ᠋ᠠᠭᠠᠨ ᠬᠢᠨᠠᠮᠠᠭᠠᠢ ᠣᠢᠷᠠᠲᠤᠪᠠᠯ ᠮᠣᠷᠢ ᠨᠢ ᠣᠭᠲᠣ ᠬᠥᠳᠡᠯᠦᠭᠰᠡᠨ ᠦᠭᠡᠢ᠃ ᠮᠣᠷᠳᠠᠭᠠᠳ ᠶᠠᠪᠤᠬᠤ ᠳ᠋ᠠᠭᠠᠨ ᠳᠠᠬᠢᠨ ᠳᠠᠬᠢᠨ ᠰᠡᠭᠦᠳᠡᠷ ᠢ᠋ᠶ᠋ᠡᠨ ᠬᠠᠷᠠᠵᠤ ᠪᠠᠢᠪᠠ᠃ ᠬᠦᠢᠲᠡᠨ ᠬᠥᠯᠥᠰᠥ ᠨᠢ ᠴᠢᠬᠠᠷᠠᠨ᠂ ᠳᠠᠬᠢᠨ ᠳᠠᠬᠢᠨ ᠬᠡᠩᠬᠦᠳᠡᠭ ᠢ᠋ᠶ᠋ᠡᠨ ᠪᠡᠷᠢᠯᠡᠨ ᠶᠠᠪᠤᠭᠰᠠᠭᠠᠷ ᠮᠠᠢᠬᠠᠨ ᠡᠴᠡ ᠨᠡᠯᠢᠶᠡᠳ ᠬᠣᠯᠠᠳᠤᠭᠠᠳ 《ᠦᠬᠦᠭᠰᠡᠨ ᠬᠥᠮᠦᠨ ᠳ᠋ᠦ᠍ ᠮᠥᠷ ᠪᠠᠢᠳᠠᠭ ᠦᠭᠡᠢ ᠶᠦᠮ ᠭᠡᠳᠡᠭ》 ᠭᠡᠵᠦ ᠪᠣᠳᠣᠭᠠᠳ ᠪᠠᠭᠤᠵᠤ ᠰᠢᠪᠠᠷ ᠳᠡᠭᠡᠷ᠎ᠡ ᠭᠢᠰᠬᠢᠪᠡᠯ ᠪᠠᠰᠠ ᠯᠠ ᠪᠠᠢᠯ᠎ᠠ᠃ ᠭᠤᠲᠤᠯ ᠢ᠋ᠶ᠋ᠠᠨ ᠲᠠᠢᠯᠵᠤ ᠪᠠᠢᠭᠠᠳ ᠬᠦᠷᠲᠡᠯ᠎ᠡ ᠦᠵᠡᠭᠰᠡᠨ ᠪᠣᠯᠪᠠᠴᠤ ᠮᠥᠷ ᠲᠡᠢ ᠪᠠᠢᠯ᠎ᠠ᠃
ᠮᠠᠩᠨᠠᠢ ᠶ᠋ᠢᠨ ᠢ᠋ᠶ᠋ᠡᠨ ᠬᠥᠯᠥᠰᠥ ᠶ᠋ᠢ ᠬᠠᠨᠴᠤᠢ ᠪᠠᠷ ᠠᠷᠴᠢᠨ ᠮᠣᠷᠳᠠᠭᠠᠳ ᠴᠢᠨᠠᠭᠰᠢ ᠶᠠᠪᠤᠭᠰᠠᠭᠠᠷ ᠬᠣᠶᠠᠷ ᠮᠣᠷᠢ ᠪᠠᠨ ᠤᠶᠠᠭᠰᠠᠨ ᠭᠠᠵᠠᠷ ᠢᠷᠡᠪᠡᠯ ᠪᠠᠲᠤ ᠪᠡᠬᠢ ᠤᠶᠠᠭ᠎ᠠ ᠲᠠᠢ ᠬᠡᠪ ᠢ᠋ᠶ᠋ᠡᠷ ᠢ᠋ᠶ᠋ᠡᠨ ᠬᠠᠮᠠᠷ ᠢ᠋ᠶ᠋ᠠᠨ ᠲᠠᠴᠢᠭᠢᠨᠠᠭᠤᠯᠤᠨ ᠵᠣᠭᠰᠣᠵᠤ ᠪᠠᠢᠪᠠ᠃
ᠠᠮᠠ ᠨᠢ ᠴᠠᠩᠭᠠᠵᠤ᠂ ᠬᠣᠭᠣᠯᠠᠢ ᠨᠢ ᠬᠠᠲᠠᠭᠰᠠᠨ ᠢ᠋ ᠰᠠᠶᠢ ᠮᠡᠳᠡᠵᠦ ᠣᠢᠷᠠᠯᠴᠠᠭ᠎ᠠ ᠪᠠᠢᠭ᠎ᠠ ᠭᠣᠷᠣᠬ᠎ᠠ ᠡᠴᠡ ᠲᠡᠷᠢᠭᠦᠨ ᠣᠷᠣᠭᠰᠢ ᠬᠠᠷᠠᠨ ᠬᠡᠪᠲᠡᠵᠦ ᠪᠠᠢᠭᠠᠳ ᠪᠠᠬᠠᠨ ᠵᠠᠯᠭᠢᠯᠠᠪᠠ᠃ ᠲᠡᠭᠡᠭᠡᠳ ᠨᠢᠭᠡ ᠬᠠᠷ᠎ᠠ ᠶ᠋ᠢ ᠨᠢ ᠡᠮᠡᠭᠡᠯᠯᠡᠵᠦ ᠤᠨᠤᠭᠠᠳ ᠭᠤᠷᠪᠠᠨ ᠮᠣᠷᠢ ᠪᠠᠨ ᠬᠣᠯᠪᠣᠨ ᠬᠥᠲᠥᠯᠦᠭᠡᠳ ᠳᠣᠷᠣᠨ᠎ᠠ ᠵᠦᠭ ᠢ᠋ ᠪᠠᠷᠢᠨ ᠬᠠᠲᠠᠷᠢᠭᠤᠯᠵᠤ ᠶᠠᠪᠤᠬᠤ ᠳ᠋ᠠᠭᠠᠨ ᠪᠠᠢᠨ ᠪᠠᠢᠨ ᠲᠠᠴᠢᠭᠢᠨᠠᠲᠠᠯ᠎ᠠ ᠢᠨᠢᠶᠡᠨ ᠢᠨᠢᠶᠡᠨ ᠨᠣᠢᠷ ᠲᠤ᠌ ᠳᠠᠷᠤᠭᠳᠠᠭᠰᠠᠨ ᠬᠠᠷᠠᠩᠭᠤᠢ ᠶᠢᠷᠲᠢᠨᠴᠦ ᠶ᠋ᠢ ᠰᠡᠷᠢᠭᠡᠵᠦ ᠪᠠᠢᠪᠠ᠃
ᠰᠥᠨᠢ ᠶ᠋ᠢᠨ ᠲᠤᠷᠰᠢ ᠴᠠᠰᠤ ᠪᠤᠲᠠᠷᠠᠨ ᠣᠷᠣᠪᠠ᠃ ᠥᠷᠯᠥᠭᠡ ᠨᠢ ᠨᠡᠯᠢᠶᠡᠳ ᠭᠦᠪᠴᠢᠷᠭᠡᠭ᠌ ᠠᠭᠤᠯᠠᠨ ᠳ᠋ᠤ᠌ ᠢᠷᠡᠭᠡᠳ ᠪᠠᠭᠤᠵᠤ ᠮᠣᠷᠢ ᠪᠠᠨ ᠴᠢᠳᠥᠷᠯᠡᠨ ᠬᠡᠷᠦᠵᠦ ᠲᠠᠯᠪᠢᠭᠠᠳ ᠬᠠᠭᠤᠷᠠᠢ ᠬᠦᠨᠡᠰᠦ ᠤᠰᠤ ᠲᠠᠢ ᠬᠣᠯᠢᠨ ᠢᠳᠡᠵᠦ᠂ ᠲᠦᠷ ᠳᠤᠭᠬᠢᠬᠤ ᠪᠠᠷ ᠬᠡᠪᠲᠡᠯ᠎ᠡ᠃ ᠨᠣᠢᠷ ᠤ᠋ᠨ ᠳᠣᠲᠣᠷ᠎ᠠ ᠨᠢ ᠳᠥᠷᠥᠭᠡ ᠬᠠᠩᠭᠢᠨᠠᠬᠤ ᠰᠣᠨᠣᠰᠳᠠᠬᠤ ᠳ᠋ᠤᠨᠢ ᠪᠣᠰᠴᠤ ᠬᠠᠷᠠᠪᠠᠯ ᠮᠣᠳᠣᠨ ᠤ᠋ ᠵᠠᠪᠰᠠᠷ ᠢ᠋ᠶ᠋ᠠᠷ ᠬᠡᠭᠡᠷ ᠮᠣᠷᠢ ᠲᠠᠢ ᠬᠥᠮᠦᠨ ᠢᠷᠡᠵᠦ ᠶᠠᠪᠤᠯ᠎ᠠ᠃ ᠲᠡᠷᠡ ᠬᠥᠮᠦᠨ ᠰᠢᠭᠤᠳ ᠢᠷᠡᠭᠡᠳ ᠮᠣᠷᠢᠨ ᠡᠴᠡ ᠪᠠᠭᠤᠵᠤ ᠶᠡᠬᠡᠮᠰᠦᠭ ᠪᠦᠳᠦᠭᠦᠨ ᠳᠠᠭᠤ ᠪᠠᠷ ᠮᠡᠨᠳᠦᠯᠡᠭᠡᠳ ᠮᠣᠳᠣᠨ ᠡᠴᠡ ᠮᠣᠷᠢ ᠪᠠᠨ ᠤᠶᠠᠪᠠ᠃
ᠵᠠᠬ᠎ᠠ ᠨᠢ ᠵᠠᠳᠠᠭᠠᠢ ᠬᠦᠷᠡᠩ ᠲᠣᠷᠭᠠᠨ ᠳᠡᠪᠡᠯ ᠲᠡᠢ᠃ ᠨᠣᠭᠣᠭᠠᠨ ᠳᠤᠷᠳᠤᠩ ᠪᠦᠰᠡ ᠲᠡᠢ᠂ ᠲᠣᠭᠲᠠᠵᠤ ᠶᠠᠳᠠᠭᠰᠠᠨ ᠬᠤᠷᠴᠠ ᠨᠢᠳᠦ ᠲᠡᠢ᠂ ᠬᠣᠷᠢ ᠭᠠᠷᠤᠢ ᠨᠠᠰᠤᠨ ᠤ᠋ ᠡᠨᠡ ᠬᠠᠷ᠎ᠠ ᠬᠦᠦ ᠪᠣᠯ ᠨᠥᠭᠦᠭᠡ ᠵᠠᠶ᠎ᠠ ᠶ᠋ᠢᠨ ᠬᠦᠷᠢᠶᠡᠨ ᠳᠡᠭᠡᠷ᠎ᠡ ᠵᠠᠮᠪᠠᠯ ᠴᠡᠮᠪᠡ ᠬᠣᠶᠠᠷ ᠢ᠋ ᠪᠠᠯᠠᠯᠤᠭᠰᠠᠨ ᠲᠦᠭᠵᠢᠯ ᠪᠠᠢᠯ᠎ᠠ᠃
ᠲᠦᠭᠵᠢᠯ ᠣᠯᠵᠠ ᠬᠠᠢᠵᠤ ᠶᠠᠪᠤᠭᠠᠳ ᠡᠨᠡ ᠬᠥᠪᠴᠢ ᠳ᠋ᠦ᠍ ᠰᠢᠨ᠎ᠡ ᠣᠷᠣᠭᠰᠠᠨ ᠴᠠᠰᠤᠨ ᠳᠡᠭᠡᠷ᠎ᠡ ᠳᠥᠷᠪᠡᠨ ᠮᠣᠷᠢᠨ ᠤ᠋ ᠮᠥᠷ ᠲᠡᠢ ᠲᠣᠬᠢᠶᠠᠯᠳᠤᠵᠤ᠂ ᠶᠠᠭᠤ ᠴᠤ᠌ ᠭᠡᠰᠡᠨ ᠡᠩ ᠦ᠋ᠨ ᠬᠥᠮᠦᠨ ᠦ᠌ ᠮᠥᠷ ᠪᠢᠰᠢ ᠭᠡᠵᠦ ᠮᠡᠳᠡᠭᠡᠳ ᠮᠥᠰᠬᠢᠨ ᠢᠷᠡᠵᠡᠢ᠃ ᠬᠤᠯᠠᠭᠠᠢᠴᠢ ᠬᠥᠮᠦᠨ ᠦ᠌ ᠰᠡᠷᠡᠮᠵᠢ ᠶᠡᠬᠡ ᠪᠣᠯᠪᠠᠴᠤ ᠰᠡᠳᠬᠢᠯ ᠭᠡᠨᠡᠨ ᠪᠠᠢᠳᠠᠭ ᠢ᠋ ᠰᠠᠢᠨ ᠮᠡᠳᠡᠳᠡᠭ ᠲᠦᠭᠵᠢᠯ ᠡᠨᠡ ᠬᠤᠯᠠᠭᠠᠢᠴᠢ ᠶ᠋ᠢᠨ ᠮᠣᠷᠢᠳ ᠢ᠋ ᠰᠦᠷᠳᠡᠭᠦᠯᠵᠦ ᠪᠠᠢᠭᠠᠳ ᠰᠠᠯᠭᠠᠵᠤ ᠤᠷᠭᠢᠶ᠎ᠠ ᠭᠡᠵᠦ ᠪᠣᠳᠣᠵᠠᠢ᠃ ᠬᠡᠷᠦᠭᠡ ᠲᠡᠢ ᠢᠳᠡᠵᠦ ᠪᠠᠢᠭ᠎ᠠ ᠬᠣᠶᠠᠷ ᠬᠠᠷ᠎ᠠ ᠮᠣᠷᠢ ᠶ᠋ᠢ ᠬᠠᠷᠠᠭᠠᠳ ᠰᠢᠨᠤᠯ ᠨᠢ ᠣᠷᠭᠢᠯᠵᠤ ᠤᠭ ᠪᠣᠳᠣᠯ ᠢ᠋ ᠨᠢ ᠤᠯᠠᠮ ᠴᠤ᠌ ᠯᠠᠪᠰᠢᠷᠠᠭᠤᠯᠪᠠ᠃
᠊᠊᠊᠊᠊᠊᠊᠊᠊᠊᠊᠊᠊᠊᠊ ᠵᠠ ᠬᠦ᠂ ᠬᠣᠶᠠᠷ ᠬᠠᠷ᠎ᠠ ᠮᠣᠷᠢ ᠪᠠᠨ ᠥᠭᠬᠦ ᠦᠭᠡᠢ ᠪᠣᠯ ᠴᠢᠮᠢ᠋ᠢ ᠪᠠᠷᠢᠵᠤ ᠶᠠᠪᠤᠨ᠎ᠠ ᠳᠠ᠃ ᠪᠢ ᠠᠷᠪᠠᠨ ᠲᠠᠪᠤᠨ ᠤ᠋ ᠴᠠᠭᠳᠠᠭ᠎ᠠ ᠪᠠᠢᠨ᠎ᠠ ᠭᠡᠵᠦ ᠨᠢᠳᠦ ᠪᠡᠨ ᠰᠣᠯᠪᠢᠯᠵᠠᠭᠤᠯᠤᠨ ᠰᠦᠷ ᠲᠡᠢ ᠬᠡᠯᠡᠭᠡᠳ ᠬᠡᠷᠪᠡ ᠪᠣᠰᠴᠤ ᠳᠠᠭᠠᠷᠢᠪᠠᠯ ᠶᠣᠪᠣᠷᠬᠤ ᠪᠠᠷ ᠲᠠᠰᠢᠭᠤᠷ ᠢ᠋ᠶ᠋ᠠᠨ ᠪᠡᠯᠡᠳᠬᠡᠪᠡ᠃
ᠲᠡᠮᠦᠷ ᠬᠥᠳᠡᠯᠦᠯ ᠦᠭᠡᠢ ᠬᠡᠪᠲᠡᠵᠦ ᠪᠠᠢᠭᠰᠠᠨ ᠢ᠋ᠶ᠋ᠠᠨ ᠬᠦᠢᠲᠡᠨ ᠢᠨᠢᠶᠡᠮᠰᠦᠭᠯᠡᠵᠦ᠄
᠊᠊᠊᠊᠊᠊᠊᠊᠊᠊᠊᠊᠊᠊᠊ ᠬᠡᠨ ᠨᠢ ᠬᠡᠨ ᠢ᠋ ᠪᠡᠨ ᠪᠠᠷᠢᠬᠤ ᠶᠤᠮ ᠪᠣᠢ? ᠭᠡᠵᠦ ᠠᠰᠠᠭᠤᠪᠠ᠃
ᠡᠭᠦᠨ ᠲᠡᠢ ᠣᠯᠠᠨ ᠶᠠᠭᠤᠮ᠎ᠠ ᠶᠠᠷᠢᠭᠠᠳ ᠬᠡᠷᠡᠭ ᠦᠭᠡᠢ᠃ ᠡᠳᠦᠵᠦ ᠣᠴᠢᠭᠠᠳ ᠣᠯᠠᠨ ᠡᠷ᠎ᠡ ᠶ᠋ᠢ ᠤᠨᠠᠭᠠᠭᠰᠠᠨ ᠨᠡᠷ᠎ᠡ ᠲᠡᠢ ᠶᠣᠪᠣᠷᠤᠯᠲᠠ ᠪᠠᠷ ᠢ᠋ᠶ᠋ᠠᠨ ᠤᠨᠠᠭᠠᠵᠤ ᠤᠷᠭᠢᠶ᠎ᠠ ᠭᠡᠵᠦ ᠪᠣᠳᠣᠭᠠᠳ ᠲᠦᠭᠵᠢᠯ ᠤᠬᠤᠰᠬᠢᠨ ᠳᠠᠭᠠᠷᠢᠪᠠ᠃
ᠶᠠᠭᠤ ᠪᠣᠯᠤᠭᠰᠠᠨ ᠢ᠋ ᠲᠦᠭᠵᠢᠯ ᠮᠡᠳᠡᠭᠰᠡᠨ ᠦᠭᠡᠢ᠂ ᠨᠢᠭᠡ ᠯᠡ ᠮᠡᠳᠡᠬᠦ ᠳ᠋ᠦ᠍ ᠨᠠᠷᠢᠬᠠᠨ ᠰᠤᠷ ᠢ᠋ᠶ᠋ᠠᠷ ᠳᠠᠩᠭᠢᠨᠠᠲᠠᠯ᠎ᠠ ᠬᠤᠨᠢᠴᠢᠯᠠᠨ ᠬᠦᠯᠢᠭᠳᠡᠭᠡᠳ ᠬᠡᠪᠲᠡᠵᠦ ᠪᠠᠢᠪᠠ᠃
᠊᠊᠊᠊᠊᠊᠊᠊᠊᠊᠊᠊᠊᠊᠊ ᠣᠳᠣ ᠠᠬ᠎ᠠ ᠨᠢ ᠴᠢᠮ᠎ᠠ ᠳ᠋ᠤ᠌᠂ ᠮᠢᠨᠦ ᠬᠣᠶᠠᠷ ᠮᠣᠷᠢ ᠶ᠋ᠢ ᠠᠪᠬᠤ ᠠᠷᠭ᠎ᠠ ᠵᠢᠭᠠᠵᠤ ᠥᠭᠭᠦᠨ᠎ᠡ ᠳᠡ ᠭᠡᠳ ᠲᠡᠮᠦᠷ ᠴᠢᠨᠠᠭᠰᠢ ᠶᠠᠪᠤᠵᠤ ᠬᠠᠭᠤᠷᠠᠢ ᠭᠡᠰᠢᠭᠦᠦ ᠴᠤᠭᠯᠠᠭᠤᠯᠪᠠ᠃
ᠬᠦᠴᠦᠲᠡᠢ ᠬᠥᠮᠦᠨ ᠠᠭᠤᠷ ᠲᠠᠭᠠᠨ ᠨᠠᠷᠢᠬᠠᠨ ᠰᠤᠷ ᠢ᠋ᠶ᠋ᠠᠷ ᠶᠠᠩᠭᠢᠨᠠᠲᠠᠯ᠎ᠠ ᠬᠦᠯᠢᠭᠰᠡᠨ ᠳᠥᠷᠪᠡᠨ ᠮᠥᠴᠢ ᠪᠠᠳᠠᠢᠷᠠᠨ᠂ ᠰᠤᠷ ᠮᠢᠬᠠᠨ ᠳ᠋ᠤᠨᠢ ᠤᠯᠠᠮ ᠪᠦᠷ ᠰᠢᠭᠢᠳᠴᠦ ᠪᠠᠢᠬᠤ ᠳ᠋ᠤ᠌ ᠬᠣᠷᠣ ᠰᠢᠷ᠎ᠠ ᠪᠤᠴᠠᠯᠤᠭᠰᠠᠨ ᠲᠦᠭᠵᠢᠯ ᠬᠥᠮᠥᠭᠡᠢ ᠪᠡᠨ ᠵᠠᠭᠤᠨ ᠦᠭᠡ ᠳᠠᠭᠤ ᠦᠭᠡᠢ ᠬᠡᠪᠲᠡᠵᠦ ᠪᠠᠢᠯ᠎ᠠ᠃
ᠲᠦᠭᠵᠢᠯ ᠳ᠋ᠦ᠍ ᠬᠠᠯᠲᠤ ᠶᠤᠪᠣᠷᠤᠭᠤᠯᠵᠤ ᠵᠠᠢᠯᠠᠵᠤ ᠠᠮᠵᠢᠭᠰᠠᠨ ᠰᠦᠪᠡᠭᠡ ᠨᠢ ᠠᠮᠢᠰᠬᠤᠯᠯᠠᠬᠤ ᠳ᠋ᠤ᠌ ᠶᠠᠩᠭᠢᠨᠠᠨ ᠡᠪᠡᠳᠬᠦ ᠳ᠋ᠦ᠍ 《ᠮᠠᠭᠤ ᠴᠤ᠌ ᠡᠷ᠎ᠡ ᠪᠢᠰᠢ ᠪᠠᠢᠨ᠎ᠠ》 ᠭᠡᠵᠦ ᠲᠡᠮᠦᠷ ᠪᠣᠳᠣᠪᠠ᠃
ᠲᠦᠭᠵᠢᠯ ᠢ᠋ ᠬᠦᠯᠢᠶᠡᠰᠦ ᠪᠡᠷ ᠨᠢ ᠳᠤᠬᠣᠢ᠌ᠯᠠᠳᠠᠨ ᠡᠷᠭᠦᠵᠦ ᠲᠣᠮᠣ ᠬᠠᠷ᠎ᠠ ᠮᠣᠳᠣᠨ ᠤ᠋ ᠪᠦᠳᠦᠭᠦᠨ ᠮᠥᠴᠢᠷ ᠡᠴᠡ ᠳᠡᠭᠦᠵᠢᠯᠡᠭᠡᠳ ᠳᠣᠣᠷ᠎ᠠ ᠨᠢ ᠣᠪᠣᠭᠠᠯᠠᠭᠰᠠᠨ ᠭᠡᠰᠢᠭᠦᠦ ᠶ᠋ᠢᠨ ᠳᠡᠷᠭᠡᠳᠡ ᠰᠠᠭᠤᠵᠤ ᠬᠡᠲᠡ ᠴᠠᠬᠢᠵᠤ ᠡᠬᠢᠯᠡᠪᠡ᠃
᠊᠊᠊᠊᠊᠊᠊᠊᠊᠊᠊᠊᠊᠊᠊ ᠴᠢ ᠶᠠᠭᠠᠬᠢᠬᠤ ᠭᠡᠵᠦ ᠪᠠᠢᠨ᠎ᠠ?
᠊᠊᠊᠊᠊᠊᠊᠊᠊᠊᠊᠊᠊᠊᠊ ᠴᠢᠮᠢ᠋ᠢ ᠳᠤᠯᠠᠭᠠᠴᠠᠭᠤᠯᠬᠤ ᠭᠡᠵᠦ ᠪᠠᠢᠨ᠎ᠠ᠃
᠊᠊᠊᠊᠊᠊᠊᠊᠊᠊᠊᠊᠊᠊᠊ ᠠᠯᠳᠠᠷ ᠨᠡᠷ᠎ᠡ ᠶ᠋ᠢ ᠴᠢᠨᠢ ᠰᠣᠨᠣᠰᠤᠶ᠎ᠠ᠃
᠊᠊᠊᠊᠊᠊᠊᠊᠊᠊᠊᠊᠊᠊᠊ ᠵᠠᠰᠠᠭᠲᠤ ᠬᠠᠨ ᠤ᠋ ᠴᠠᠬᠢᠭᠤᠷ ᠲᠡᠮᠦᠷ ᠭᠡᠵᠦ ᠰᠣᠨᠣᠰᠤᠭᠰᠠᠨ ᠤᠤ?
᠊᠊᠊᠊᠊᠊᠊᠊᠊᠊᠊᠊᠊᠊᠊ ᠰᠣᠨᠣᠰᠤᠭᠰᠠᠨ᠃
᠊᠊᠊᠊᠊᠊᠊᠊᠊᠊᠊᠊᠊᠊᠊ ᠲᠡᠭᠡᠪᠡᠯ ᠲᠡᠷᠡ ᠴᠢᠨᠢ ᠪᠢ ᠪᠠᠢᠨ᠎ᠠ ᠭᠡᠳ ᠬᠡᠲᠡ ᠪᠡᠨ ᠴᠢᠩᠭ᠎ᠠ ᠴᠠᠬᠢᠭᠰᠠᠨ ᠳ᠋ᠤ᠌ ᠤᠯᠠ ᠨᠢ ᠠᠪᠤᠯᠴᠠᠪᠠ᠃ ᠨᠣᠴᠣᠭᠰᠠᠨ ᠤᠯᠠ ᠪᠠᠨ ᠥᠮᠥᠬᠢ ᠮᠣᠳᠣᠨ ᠳᠡᠭᠡᠷ᠎ᠡ ᠲᠠᠯᠪᠢᠭᠠᠳ᠂ ᠨᠢᠳᠤᠷᠭ᠎ᠠ ᠪᠠᠷ ᠢ᠋ᠶ᠋ᠠᠨ ᠬᠡᠳᠦ ᠳᠡᠪᠢᠭᠰᠡᠨ ᠳ᠋ᠦ᠍ ᠤᠲᠤᠭ᠎ᠠ ᠪᠠᠭᠰᠢᠷᠠᠨ ᠰᠤᠭᠤᠨᠠᠭᠯᠠᠵᠤ ᠪᠠᠢᠭᠰᠠᠨ ᠢ᠋ᠶ᠋ᠠᠨ ᠭᠠᠯ ᠨᠣᠴᠣᠯᠠ᠃ ᠡᠨᠡ ᠣᠯᠠᠨᠲᠠ ᠲᠤᠭᠤᠯᠤᠭᠰᠠᠨ ᠨᠡᠷ᠎ᠡ ᠶ᠋ᠢ ᠰᠣᠨᠣᠰᠤᠭᠠᠳ ᠲᠦᠭᠵᠢᠯ ᠡᠰᠡᠷᠭᠦᠴᠡᠵᠦ ᠴᠢᠳᠠᠯ ᠦᠭᠡᠢ᠂ ᠠᠷᠴᠠᠭ᠎ᠠ ᠦᠭᠡᠢ ᠬᠦᠯᠢᠭᠳᠡᠭᠰᠡᠨ ᠳ᠋ᠡᠭᠡᠨ ᠣᠪᠣᠯᠵᠠᠵᠤ ᠪᠠᠢᠭᠰᠠᠨ ᠬᠣᠷᠣᠰᠤᠯ ᠨᠢ ᠰᠠᠯᠬᠢᠨ ᠳ᠋ᠤ᠌ ᠵᠠᠮᠬᠠᠷᠠᠬᠤ ᠤᠲᠤᠭ᠎ᠠ ᠠᠳᠠᠯᠢ ᠠᠯᠠᠭ᠎ᠠ ᠪᠣᠯᠤᠭᠠᠳ ᠠᠮᠢᠳᠤ ᠪᠠᠢᠭ᠎ᠠ ᠳ᠋ᠠᠭᠠᠨ ᠪᠠᠶᠠᠷᠯᠠᠪᠠ᠃
᠊᠊᠊᠊᠊᠊᠊᠊᠊᠊᠊᠊᠊᠊᠊ ᠲᠠᠨ ᠢ᠋ ᠮᠡᠳᠡᠭᠰᠡᠨ ᠦᠭᠡᠢ᠃ ᠡᠨᠡ ᠬᠦᠯᠢᠶᠡᠰᠦ ᠪᠡᠨ ᠲᠠᠢᠯᠤᠭᠠᠳ ᠥᠭᠭᠦᠭᠡᠴᠢ ᠭᠡᠵᠦ ᠭᠡᠮᠰᠢᠯ ᠲᠡᠢ ᠪᠥᠭᠡᠳ ᠠᠷᠭᠠᠳᠠᠵᠤ ᠪᠤᠷᠤᠭᠤ ᠪᠠᠨ ᠬᠦᠯᠢᠶᠡᠭᠰᠡᠨ ᠳᠣᠷᠣᠢ ᠳᠠᠭᠤᠤ ᠪᠠᠷ ᠭᠤᠶᠤᠪᠠ᠃ ᠲᠦᠭᠵᠢᠯ ᠦ᠋ᠨ ᠨᠢᠭᠤᠷ ᠡᠴᠡ ᠬᠥᠯᠥᠰᠥ ᠳᠤᠰᠤᠯᠠᠨ᠂ ᠤᠷᠤᠭᠤᠯ ᠢ᠋ᠶ᠋ᠠᠨ ᠬᠡᠯᠡ ᠪᠡᠷ ᠢ᠋ᠶ᠋ᠡᠨ ᠳᠣᠯᠣᠭᠣᠪᠠ᠃
᠊᠊᠊᠊᠊᠊᠊᠊᠊᠊᠊᠊᠊᠊᠊ ᠮᠢᠨᠦ ᠮᠣᠷᠢ ᠶ᠋ᠢ ᠠᠪᠬᠤ ᠠᠷᠭ᠎ᠠ ᠣᠯᠪᠠ ᠤᠤ? ᠭᠡᠵᠦ ᠲᠡᠮᠦᠷ ᠪᠦᠳᠦᠭᠦᠨ ᠳᠠᠭᠤ ᠪᠠᠷ ᠣᠢ ᠳᠣᠷᠭᠢᠭᠤᠯᠤᠨ ᠢᠨᠢᠶᠡᠪᠡ᠃ ᠲᠡᠭᠡᠭᠡᠳ ᠵᠠᠬ᠎ᠠ ᠡᠴᠡ ᠪᠡᠨ ᠲᠠᠴᠢᠭᠢᠨᠠᠨ ᠠᠰᠠᠵᠤ ᠪᠠᠢᠭ᠎ᠠ ᠭᠠᠯ ᠢ᠋ ᠳᠡᠪᠰᠡᠯᠡᠨ ᠤᠨᠲᠠᠷᠠᠭᠠᠪᠠ᠃
᠊᠊᠊᠊᠊᠊᠊᠊᠊᠊᠊᠊᠊᠊᠊ ᠲᠠ ᠨᠠᠮᠢ᠋ᠢ ᠥᠷᠥᠰᠢᠶᠡ᠃
ᠲᠦᠭᠵᠢᠯ ᠢ᠋ ᠮᠥᠴᠢᠷ ᠡᠴᠡ ᠠᠪᠴᠤ᠂ ᠭᠠᠵᠠᠷ ᠲᠠᠯᠪᠢᠭᠠᠳ ᠬᠦᠯᠢᠶᠡᠰᠦ ᠶ᠋ᠢ ᠨᠢ ᠲᠠᠢᠯᠪᠠ᠃
᠊᠊᠊᠊᠊᠊᠊᠊᠊᠊᠊᠊᠊᠊᠊ ᠪᠢ ᠴᠦ᠍ ᠪᠠᠰᠠ ᠯᠠ ᠲᠠᠨ ᠰᠢᠭ᠋ ᠣᠯᠵᠠ ᠬᠠᠢᠭᠰᠠᠨ ᠬᠥᠮᠦᠨ᠃ ᠲᠠ ᠪᠣᠯᠭᠠᠪᠠᠯ ᠪᠢ ᠲᠠᠨ ᠤ᠋ ᠨᠣᠮᠣᠬᠠᠨ ᠮᠣᠷᠢᠨ ᠤ᠋ ᠨᠣᠭᠲᠣ᠂ ᠲᠣᠭᠰᠢᠨ ᠮᠣᠷᠢᠨ ᠤ᠋ ᠴᠢᠳᠥᠷ ᠴᠢᠨᠢ ᠪᠣᠯᠤᠶ᠎ᠠ ᠭᠡᠵᠦ ᠲᠦᠭᠵᠢᠯ ᠰᠢᠨ᠎ᠠ ᠪᠠᠨ ᠭᠠᠵᠠᠷ ᠨᠠᠭᠠᠵᠤ ᠪᠠᠢᠭᠠᠳ ᠬᠡᠯᠡᠪᠡ᠃
ᠲᠡᠮᠦᠷ ᠣᠯᠵᠠ ᠶ᠋ᠢᠨ ᠲᠥᠯᠥᠭᠡ ᠬᠡᠵᠢᠶ᠎ᠡ ᠴᠦ᠍ ᠶᠠᠪᠤᠭ᠎ᠠ ᠦᠭᠡᠢ᠃ ᠪᠠᠶᠠᠳ ᠨᠣᠶᠠᠳ ᠤ᠋ᠨ ᠠᠳᠤᠭᠤ ᠶ᠋ᠢ ᠰᠦᠷᠦᠭ ᠰᠦᠷᠦᠭ ᠢ᠋ᠶ᠋ᠡᠷ ᠨᠢ ᠲᠠᠰᠤᠯᠤᠨ ᠬᠥᠭᠡᠭᠡᠬᠦ ᠳ᠋ᠡᠭᠡᠨ ᠲᠡᠳᠡᠨ ᠦ᠌ ᠬᠡᠮᠵᠢᠶ᠎ᠡ ᠦᠭᠡᠢ ᠡᠷᠬᠡ ᠶᠠᠩᠪᠠ ᠶ᠋ᠢ ᠳᠣᠷᠣᠮᠵᠢᠯᠠᠵᠤ᠂ ᠡᠷ᠎ᠡ ᠴᠢᠳᠠᠯ ᠢ᠋ᠶ᠋ᠠᠨ ᠭᠠᠢᠬᠠᠭᠤᠯᠵᠤ ᠶᠠᠪᠤᠨ᠎ᠠ᠂ ᠲᠡᠳᠡᠨ ᠲᠡᠢ ᠥᠷᠢᠰᠦᠯᠳᠦᠵᠦ ᠪᠠᠢᠨ᠎ᠠ ᠭᠡᠵᠦ ᠪᠣᠳᠣᠳᠠᠭ ᠪᠠᠢᠭᠰᠠᠨ᠃ ᠡᠨᠡ ᠴᠦ᠍ ᠤᠴᠢᠷ ᠡᠴᠡ ᠬᠥᠭᠡᠭᠡᠭᠰᠡᠨ ᠠᠳᠤᠭᠤ ᠡᠴᠡ ᠪᠡᠨ ᠶᠠᠳᠠᠭᠤ ᠵᠦᠳᠡᠭᠦᠦ ᠬᠥᠮᠦᠰ ᠲᠦ᠍ ᠦᠨ᠎ᠡ ᠥᠷᠲᠡᠭ ᠦᠭᠡᠢ ᠥᠭᠳᠡᠭ ᠶᠦᠮ᠃ ᠭᠡᠲᠡᠯ᠎ᠡ 《ᠪᠢ ᠴᠦ᠍ ᠪᠠᠰᠠ ᠯᠠ ᠲᠠᠨ ᠰᠢᠭ᠋ ᠣᠯᠵᠠ ᠬᠠᠢᠭᠰᠠᠨ ᠬᠥᠮᠦᠨ》 ᠭᠡᠵᠦ ᠬᠡᠯᠡᠪᠡ᠃
《ᠪᠢ ᠣᠯᠵᠠ ᠬᠠᠢᠭᠠ ᠦᠭᠡᠢ》 ᠭᠡᠵᠦ ᠲᠡᠮᠦᠷ ᠪᠠᠰᠠ ᠯᠠ ᠬᠡᠯᠡᠵᠦ ᠴᠢᠳᠠᠬᠤ ᠦᠭᠡᠢ ᠪᠠᠢᠪᠠ᠃ ᠬᠤᠯᠠᠭᠠᠢᠴᠢ ᠪᠢᠰᠢ ᠭᠡᠵᠦ ᠪᠦᠷ ᠴᠦ᠍ ᠴᠢᠳᠠᠬᠤ ᠦᠭᠡᠢ ᠪᠠᠢᠪᠠ᠃
᠊᠊᠊᠊᠊᠊᠊᠊᠊᠊᠊᠊᠊᠊᠊ ᠡᠨ ᠲᠡᠢᠮᠦ ᠤᠤ? ᠁ ᠨᠠᠳᠠ ᠮᠣᠷᠢᠨ ᠤ᠋ ᠨᠣᠭᠲᠣ ᠴᠢᠳᠥᠷ ᠬᠡᠷᠡᠭ ᠦᠭᠡᠢ ᠭᠡᠵᠦ ᠬᠡᠰᠡᠭ ᠳᠤᠭᠤᠢ ᠪᠠᠢᠭᠰᠠᠨ ᠤ᠋ ᠳᠠᠷᠠᠭ᠎ᠠ ᠨᠠᠮᠤᠭᠤᠬᠠᠨ ᠬᠡᠯᠡᠭᠡᠳ ᠡᠷᠭᠢᠵᠦ ᠰᠢᠭᠤᠳ ᠮᠣᠷᠢᠳ ᠢ᠋ᠶ᠋ᠠᠨ ᠪᠠᠷᠢᠯᠠᠨ᠂ ᠮᠣᠷᠳᠠᠭᠠᠳ ᠶᠠᠪᠤᠬᠤ ᠳ᠋ᠤᠨᠢ ᠲᠦᠭᠵᠢᠯ ᠮᠣᠷᠳᠠᠵᠤ ᠬᠣᠢᠨ᠎ᠠ ᠡᠴᠡ ᠨᠢ ᠡᠴᠢᠭᠡ ᠳ᠋ᠡᠭᠡᠨ ᠵᠠᠩᠨᠠᠭᠤᠯᠤᠭᠰᠠᠨ ᠬᠡᠦᠬᠡᠳ ᠰᠢᠭ ᠳᠠᠭᠠᠵᠤ ᠶᠠᠪᠤᠯ᠎ᠠ᠃ ᠬᠡᠰᠡᠭ ᠶᠠᠪᠤᠭᠰᠠᠨ ᠤ᠋ ᠳᠠᠷᠠᠭ᠎ᠠ ᠲᠡᠮᠦᠷ ᠳᠠᠭᠤᠯᠠᠵᠤ᠂ ᠬᠣᠶᠠᠭᠤᠯᠠ ᠵᠡᠷᠭᠡᠴᠡᠨ ᠳᠣᠷᠣᠨ᠎ᠠ ᠵᠦᠭ ᠬᠠᠲᠠᠷᠢᠭᠤᠯᠪᠠ᠃
ᠲᠡᠮᠦᠷ ᠨᠠᠮ ᠪᠥᠭᠡᠳ ᠳᠣᠷᠭᠢᠭᠰᠠᠨ ᠪᠦᠳᠦᠭᠦᠨ ᠬᠣᠭᠣᠯᠠᠢ ᠪᠠᠷ᠄
《ᠡᠷᠳᠡᠨᠢ ᠵᠠᠰᠠᠭ ᠤ᠋ᠨ ᠤᠨᠠᠭ᠎ᠠ ᠤᠤ ᠳᠠ
ᠡᠷᠪᠡᠯᠵᠡᠵᠦ ᠬᠡᠢᠰᠦᠮᠡ ᠵᠢᠷᠣᠭ᠎ᠠ ᠳᠠ ᠬᠦ
ᠡᠯᠡᠰᠦᠨ ᠮᠠᠩᠬᠠᠨ ᠨᠤᠲᠤᠭ ᠲᠠᠢ ᠳᠠ ᠬᠦ
ᠡᠮᠡᠭᠡᠨ ᠪᠤᠭᠤᠷᠤᠯ ᠡᠵᠢ ᠲᠡᠢ ᠳᠡ ᠬᠦ᠃
ᠳᠣᠪᠣ ᠵᠠᠰᠠᠭ ᠤ᠋ᠨ ᠤᠨᠠᠭ᠎ᠠ ᠤᠤ ᠳᠠ
ᠲᠣᠪᠣᠯᠵᠠᠵᠤ ᠬᠡᠢᠰᠦᠮᠡ ᠵᠢᠷᠣᠭ᠎ᠠ ᠳᠠ ᠬᠦ
ᠲᠤᠨᠵᠢ ᠬᠣᠶᠠᠷ ᠰᠡᠳᠬᠢᠯ ᠢ᠋ ᠬᠦ
ᠰᠠᠯᠤᠨ᠎ᠠ ᠭᠡᠵᠦ ᠯᠡ ᠰᠠᠨᠠᠭᠰᠠᠨ ᠦᠭᠡᠢ ᠳᠡ》 ᠭᠡᠵᠦ ᠰᠢᠷᠤᠩᠬᠠᠢᠯᠠᠨ ᠳᠠᠭᠤᠯᠠᠵᠤ ᠶᠠᠪᠤᠬᠤ ᠳ᠋ᠤ᠌ ᠵᠠᠳᠠᠭᠠᠢ ᠡᠩᠭᠡᠷ ᠢ᠋ᠶ᠋ᠡᠷ ᠦᠯᠢᠶᠡᠭᠰᠡᠨ ᠰᠠᠯᠬᠢ ᠳᠡᠪᠡᠯ ᠢ᠋ ᠨᠢ ᠬᠥᠭᠡᠷᠭᠡᠵᠦ ᠨᠢᠰᠬᠦ ᠭᠡᠵᠦ ᠳᠡᠭᠳᠡᠵᠦ ᠪᠠᠢᠭ᠎ᠠ ᠪᠦᠷᠭᠦᠳ ᠰᠢᠭ ᠬᠠᠷᠠᠭᠳᠠᠵᠤ ᠪᠠᠢᠯ᠎ᠠ᠃ ᠬᠠᠷᠢᠨ ᠲᠦᠭᠵᠢᠯ 《ᠲᠡᠮᠦᠷ ᠢ᠋ ᠪᠠᠷᠢᠭᠠᠳ ᠯᠤᠤ ᠬᠦᠩ ᠦ᠋ᠨ ᠲᠠᠮᠠᠭᠠᠨ ᠳ᠋ᠤ᠌ ᠠᠪᠠᠴᠢᠵᠤ ᠥᠭᠪᠡᠯ ᠢᠯᠡᠭᠦᠦ ᠶᠠᠭᠤᠮ᠎ᠠ ᠣᠯᠬᠤ ᠪᠣᠯᠪᠠ ᠤᠤ? ᠠᠯᠢ ᠡᠰᠡᠪᠡᠯ ᠳᠠᠭᠠᠵᠤ ᠶᠠᠪᠤᠭᠠᠳ ᠪᠠᠷᠢᠭᠳᠠᠵᠤ᠂ ᠮᠡᠳᠡᠭᠳᠡᠬᠦ ᠦᠭᠡᠢ ᠠᠯᠤᠰ ᠡᠴᠡ ᠰᠦᠷᠦᠭ ᠰᠦᠷᠦᠭ ᠢ᠋ᠶ᠋ᠡᠷ ᠠᠳᠤᠭᠤ ᠬᠥᠭᠡᠭᠡᠪᠡᠯ ᠢᠯᠡᠭᠦᠦ ᠣᠯᠵᠠ ᠣᠯᠬᠤ ᠪᠣᠯᠪᠠ ᠤᠤ?》 ᠭᠡᠵᠦ ᠠᠴᠠ ᠪᠣᠳᠣᠯ ᠳ᠋ᠤ᠌ ᠳᠠᠷᠤᠭᠳᠠᠨ ᠠᠯᠢᠨ ᠢ᠋ ᠴᠦ᠍ ᠰᠣᠩᠭᠣᠨ ᠠᠪᠴᠤ ᠴᠢᠳᠠᠬᠤ ᠦᠭᠡᠢ ᠶᠠᠪᠤᠵᠠᠢ᠃
