ᠲᠤᠩᠭᠠᠯᠠᠭ ᠲᠠᠮᠢᠷ2-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠲᠦᠮᠡᠨ ᠪᠠᠶᠠᠷ᠂ ᠮᠢᠩᠭᠠᠨ ᠵᠢᠷᠭᠠᠯ ᠤ᠋ᠨ ᠪᠤᠯᠠᠭ ᠢ᠋ᠶ᠋ᠠᠷ ᠳᠦᠭᠦᠷᠴᠦ ᠬᠡᠯᠡᠬᠦ ᠦᠭᠡ᠂ ᠭᠢᠰᠬᠢᠬᠦ ᠭᠠᠵᠠᠷ ᠢ᠋ᠶ᠋ᠠᠨ ᠣᠯᠬᠤ ᠦᠭᠡᠢ ᠪᠠᠢᠪᠠ》 - ᠬᠣᠶᠠᠳᠤᠭᠠᠷ ᠪᠦᠯᠦᠭ ᠲᠠᠪᠤ
ᠲᠠᠯ᠎ᠠ ᠨᠤᠲᠤᠭ ᠤ᠋ᠨ ᠶᠠᠭᠤᠮ᠎ᠠ ᠪᠦᠬᠦᠨ ᠰᠢᠵᠢᠷ ᠦ᠋ᠨ ᠥᠩᠭᠡ ᠪᠡᠷ ᠭᠢᠯᠠᠯᠵᠠᠭᠰᠠᠨ ᠠᠯᠲᠠᠨ ᠨᠠᠮᠤᠷ ᠤ᠋ᠨ ᠨᠢᠭᠡᠨ ᠥᠷᠯᠥᠭᠡ ᠵᠢᠵᠢᠭᠬᠡᠨ ᠲᠣᠯᠣᠭᠠᠢ ᠶ᠋ᠢᠨ ᠡᠩᠭᠡᠷ ᠳᠡᠭᠡᠷ᠎ᠡ ᠭᠠᠭᠴᠠ ᠪᠣᠷᠣ ᠭᠡᠷ ᠪᠠᠢᠭ᠎ᠠ ᠨᠢ ᠲᠠᠷᠭᠤᠨ ᠬᠥᠮᠦᠨ ᠦ᠌ ᠬᠦᠢᠰᠦ ᠰᠢᠭ ᠬᠠᠷᠠᠭᠳᠠᠨ᠎ᠠ᠃ ᠭᠡᠷ ᠦ᠋ᠨ ᠲᠣᠭᠣᠨᠣ ᠪᠠᠷ ᠠᠷᠭᠠᠯ ᠤ᠋ᠨ ᠬᠥᠬᠡ ᠤᠲᠤᠭ᠎ᠠ ᠭᠠᠷᠴᠤ ᠴᠡᠩᠬᠡᠷ ᠲᠩᠷᠢ ᠳ᠋ᠦ᠍ ᠥᠩᠭᠡ ᠨᠡᠢᠯᠡᠨ ᠵᠠᠮᠬᠠᠷᠠᠨ᠎ᠠ᠃
ᠡᠮᠦᠨᠡᠬᠢ ᠬᠥᠨᠳᠡᠢ ᠳ᠋ᠦ᠍ ᠨᠡᠯᠦᠢᠨ ᠢᠳᠡᠵᠦ ᠪᠠᠢᠭ᠎ᠠ ᠬᠣᠨᠢᠨ ᠤ᠋ ᠲᠣᠯᠣᠭᠠᠢ ᠭᠡᠷ ᠦ᠋ᠨ ᠵᠦᠭ ᠴᠢᠭᠯᠡᠵᠡᠢ᠃ ᠬᠣᠨᠢᠴᠢᠨ ᠨᠢ ᠪᠠᠢᠨ ᠪᠠᠢᠨ ᠪᠣᠷᠣ ᠭᠡᠷ ᠤᠷᠤᠭᠤ ᠬᠠᠷᠠᠵᠤ ᠮᠣᠷᠢ ᠪᠠᠨ ᠬᠥᠲᠥᠯᠦᠨ ᠬᠣᠨᠢᠨ ᠤ᠋ ᠡᠷᠭᠢᠭᠰᠡᠨ ᠬᠡᠰᠡᠭ ᠢ᠋ ᠭᠡᠷ ᠦ᠋ᠨ ᠵᠦᠭ ᠠᠯᠭᠤᠷᠬᠠᠨ ᠭᠡᠯᠢᠨᠡ᠃ ᠭᠡᠷ ᠡᠴᠡ ᠬᠠᠭᠤᠴᠢᠨ ᠴᠡᠩᠬᠡᠷ ᠳᠡᠪᠡᠯ ᠲᠡᠢ ᠵᠠᠯᠠᠭᠤ ᠭᠡᠵᠢᠭᠡᠲᠦ ᠭᠠᠷᠤᠭᠠᠳ ᠬᠣᠨᠢ ᠤᠷᠤᠭᠤ ᠠᠵᠢᠭᠯᠠᠨ ᠬᠠᠷᠠᠭᠰᠠᠨ ᠢ᠋ᠶ᠋ᠠᠨ ᠢᠨᠢᠶᠡᠮᠰᠦᠭᠯᠡᠪᠡ᠃
ᠡᠨᠡ ᠬᠡᠦᠬᠡᠨ ᠦ᠌ ᠭᠥᠯᠢᠭᠡᠷ ᠪᠣᠷᠣ ᠨᠢᠭᠤᠷ ᠤ᠋ᠨ ᠰᠢᠷᠬᠡᠭ ᠪᠦᠷᠢ ᠡᠴᠡ ᠪᠠᠶᠠᠷ ᠬᠥᠭᠵᠢᠯ ᠪᠠᠳᠠᠷᠠᠨ᠎ᠠ᠃ ᠭᠡᠵᠢᠭᠡ ᠪᠡᠨ ᠰᠤᠷᠮᠠᠭᠠᠢ ᠬᠥᠳᠡᠯᠭᠡᠭᠡᠨ ᠢ᠋ᠶ᠋ᠡᠷ ᠵᠠᠰᠠᠵᠤ ᠣᠪᠣᠭᠠᠯᠠᠭᠠ ᠲᠠᠢ ᠠᠷᠭᠠᠯ ᠡᠴᠡ ᠬᠣᠷᠮᠣᠢᠯᠠᠨ ᠠᠪᠤᠭᠠᠳ ᠭᠡᠷ ᠲᠦ᠍ ᠣᠷᠣᠬᠤ ᠵᠠᠪᠰᠠᠷ ᠢ᠋ᠶ᠋ᠠᠨ ᠬᠣᠨᠢ ᠤᠷᠤᠭᠤ ᠬᠡᠳᠦ ᠳᠠᠬᠢᠨ ᠬᠠᠷᠠᠵᠤ᠂ ᠬᠠᠷᠠᠬᠤ ᠪᠦᠷᠢ ᠳ᠋ᠡᠭᠡᠨ ᠢᠨᠢᠶᠡᠮᠰᠦᠭᠯᠡᠵᠦ ᠪᠠᠢᠯ᠎ᠠ᠃ ᠴᠣᠭ ᠵᠢᠪᠬᠤᠯᠠᠩ᠂ ᠪᠠᠶᠠᠷ ᠵᠢᠷᠭᠠᠯ ᠠᠷᠪᠠᠨ ᠲᠠᠪᠤᠨ ᠤ᠋ ᠰᠠᠷ᠎ᠠ ᠰᠢᠭ᠋ ᠲᠣᠯᠢᠯᠵᠠᠭᠰᠠᠨ ᠨᠢᠭᠤᠷ ᠲᠤᠨᠢ ᠪᠠᠭᠲᠠᠵᠤ ᠶᠠᠳᠠᠭᠰᠠᠨ ᠡᠨᠡ ᠭᠡᠵᠢᠭᠡᠲᠦ ᠪᠣᠯ ᠳᠤᠯᠮ᠎ᠠ ᠪᠠᠢᠯ᠎ᠠ᠃ ᠵᠣᠪᠠᠭᠰᠠᠨ ᠬᠥᠮᠦᠨ ᠳ᠋ᠦ᠍ ᠠᠭᠤᠷᠯᠠᠬᠤ ᠰᠢᠯᠲᠠᠭᠠᠨ ᠮᠤᠩᠳᠠᠬᠤ ᠦᠭᠡᠢ ᠪᠠᠢᠳᠠᠭ ᠤ᠋ᠨ ᠠᠳᠠᠯᠢ ᠵᠢᠷᠭᠠᠯ ᠲᠠᠢ ᠬᠥᠮᠦᠨ ᠳ᠋ᠦ᠍ ᠢᠨᠢᠶᠡᠬᠦ ᠤᠴᠠᠷᠠᠯ ᠵᠠᠬ᠎ᠠ ᠡᠴᠡ ᠠᠪᠤᠭᠠᠳ ᠪᠡᠯᠡᠬᠡᠨ ᠪᠠᠢᠳᠠᠭ ᠪᠢᠯᠡ᠃
ᠳᠤᠯᠮ᠎ᠠ ᠠᠮᠢᠳᠤᠷᠠᠯ ᠡᠴᠡ ᠶᠡᠬᠡ ᠶᠠᠭᠤᠮ᠎ᠠ ᠭᠣᠷᠢᠳᠠᠭᠠ ᠦᠭᠡᠢ ᠪᠥᠭᠡᠳ ᠵᠥᠪᠬᠡᠨ ᠬᠥᠮᠦᠨ ᠳ᠋ᠦ᠍ ᠶᠠᠭᠤᠨ ᠤ᠋ ᠡᠮᠦᠨ᠎ᠡ ᠡᠳ᠋ ᠪᠢᠰᠢ ᠬᠥᠮᠦᠨ ᠭᠡᠵᠦ ᠬᠠᠷᠠᠭᠳᠠᠬᠤ᠂ ᠢᠨᠠᠭ ᠬᠠᠢᠷ᠎ᠠ ᠶ᠋ᠢᠨ ᠰᠠᠢᠬᠠᠨ ᠰᠢᠮ᠎ᠡ ᠶ᠋ᠢ ᠬᠦᠷᠲᠡᠬᠦ ᠭᠡᠵᠦ ᠮᠥᠷᠥᠭᠡᠳᠴᠦ ᠶᠠᠪᠤᠯ᠎ᠠ᠃ ᠣᠳᠣ ᠡᠨᠡ ᠬᠦᠰᠡᠯ ᠨᠢ ᠪᠠᠶᠠᠯᠠᠵᠠᠢ᠃
ᠢᠲᠡᠭᠡᠯᠲᠦ ᠶ᠋ᠢᠨ ᠳᠣᠷᠣᠮᠵᠢᠯᠠᠯ᠂ ᠵᠢᠭᠰᠢᠯᠲᠦ ᠭᠠᠯᠰᠠᠩ ᠡᠴᠡ ᠰᠠᠯᠵᠤ ᠲᠡᠮᠦᠷ ᠢ᠋ ᠳᠠᠭᠠᠵᠤ ᠭᠠᠷᠤᠭᠰᠠᠨ ᠡᠴᠡ ᠬᠣᠢᠰᠢ ᠵᠢᠯ ᠭᠠᠷᠤᠢ ᠪᠣᠯᠵᠠᠢ᠃
ᠵᠤᠨ ᠤ᠋ ᠳᠤᠮᠳᠠ ᠰᠠᠷ᠎ᠠ ᠶ᠋ᠢᠨ ᠠᠷᠪᠠᠨ ᠨᠢᠮᠡᠨ ᠦ᠌ ᠰᠠᠷ᠎ᠠ ᠭᠠᠷᠬᠤ ᠶ᠋ᠢᠨ ᠦᠶ᠎ᠡ ᠳ᠋ᠦ᠍ ᠲᠡᠮᠦᠷ ᠪᠣᠯᠵᠣᠭᠰᠠᠨ ᠭᠠᠵᠠᠷ ᠢ᠋ᠶ᠋ᠠᠨ ᠠᠷᠪᠠᠨ ᠬᠡᠳᠦᠨ ᠰᠤᠭᠤ ᠰᠢᠭ᠋ ᠮᠣᠷᠢᠳ ᠲᠠᠭᠤᠭᠰᠠᠭᠠᠷ ᠢᠷᠡᠵᠡᠢ᠃ ᠲᠡᠮᠦᠷ ᠥᠩᠭᠡᠷᠡᠭᠰᠡᠨ ᠵᠢᠯ ᠳᠤᠯᠮ᠎ᠠ ᠶ᠋ᠢ ᠳᠠᠭᠠᠭᠤᠯᠵᠤ ᠶᠠᠪᠤᠭ᠎ᠠ ᠦᠭᠡᠢ ᠰᠢᠯᠲᠠᠭᠠᠨ ᠪᠣᠯ ᠣᠷᠣᠨ ᠭᠡᠷ ᠦᠭᠡᠢ ᠰᠢᠯᠢ ᠪᠡᠷ ᠨᠤᠲᠤᠭ ᠲᠠᠢ ᠬᠥᠮᠦᠨ ᠡᠨᠡ ᠡᠮᠡᠭᠲᠡᠢ ᠶ᠋ᠢ ᠳᠠᠭᠠᠭᠤᠯᠵᠤ ᠶᠠᠪᠤᠭᠠᠳ ᠵᠢᠷᠭᠠᠭᠤᠯᠵᠤ ᠴᠢᠳᠠᠬᠤ ᠦᠭᠡᠢ᠃ ᠲᠡᠨᠦᠭᠦᠯ ᠦ᠋ᠨ ᠵᠣᠪᠠᠯᠠᠩ ᠳ᠋ᠤ᠌ ᠤᠨᠠᠭᠠᠨ᠎ᠠ ᠭᠡᠵᠦ ᠬᠠᠢᠷᠠᠯᠠᠭᠰᠠᠨ ᠡᠴᠡ ᠪᠣᠯᠵᠠᠢ᠃
ᠳᠤᠯᠮ᠎ᠠ ᠶᠠᠭᠤᠨ ᠤ᠋ ᠡᠮᠦᠨ᠎ᠡ ᠡᠷᠳᠡᠨᠢ ᠳ᠋ᠦ᠍ ᠲᠣᠬᠢᠶᠠᠯᠳᠤᠭᠰᠠᠨ ᠵᠣᠪᠠᠯᠠᠩ ᠢ᠋ ᠰᠢᠷᠬᠡᠭᠴᠢᠯᠡᠨ ᠶᠠᠷᠢᠬᠤ ᠳ᠋ᠤ᠌ ᠲᠡᠮᠦᠷ ᠬᠥᠮᠥᠰᠬᠡ ᠪᠡᠨ ᠠᠲᠤᠷᠢᠭᠤᠯᠤᠨ ᠳᠠᠭᠤ ᠦᠭᠡᠢ ᠰᠣᠨᠣᠰᠴᠤ ᠪᠠᠢᠭᠠᠳ 《ᠡᠷᠳᠡᠨᠢ ᠮᠢᠨᠢ ᠪᠠᠷᠤᠭᠲᠠᠢ ᠶᠠᠭᠤᠮᠠᠨ ᠳ᠋ᠤ᠌ ᠬᠥᠩᠭᠡᠨ ᠬᠥᠳᠡᠯᠬᠦ ᠦᠭᠡᠢ ᠬᠥᠮᠦᠨ ᠶᠤᠮᠰᠠᠨ》 ᠭᠡᠯᠡ᠃
ᠲᠡᠮᠦᠷ ᠭᠠᠭᠴᠠ ᠠᠬ᠎ᠠ ᠪᠠᠨ ᠦᠷᠦ ᠡᠪᠡᠳᠴᠦ᠂ ᠲᠡᠭᠦᠨ ᠦ᠌ ᠵᠣᠪᠠᠯᠠᠩ ᠢ᠋ ᠬᠤᠪᠢᠶᠠᠯᠴᠠᠵᠤ ᠴᠢᠳᠠᠬᠤ ᠦᠭᠡᠢ ᠪᠠᠢᠭ᠎ᠠ ᠳ᠋ᠠᠭᠠᠨ ᠭᠣᠮᠣᠳᠠᠵᠤ ᠪᠠᠢᠯ᠎ᠠ᠃ ᠠᠬ᠎ᠠ ᠨᠢ ᠬᠠᠷᠢ ᠨᠤᠲᠤᠭ ᠲᠤ᠌ ᠳᠣᠷᠣᠮᠵᠢᠯᠠᠭᠳᠠᠵᠤ᠂ ᠣᠷᠣ ᠰᠤᠷᠠᠭ ᠦᠭᠡᠢ ᠠᠯᠠᠭ᠎ᠠ ᠪᠣᠯᠤᠭᠰᠠᠨ ᠢ᠋ ᠪᠣᠳᠣᠬᠤ ᠳ᠋ᠤ᠌ ᠲᠡᠭᠦᠨ ᠢ᠋ ᠳᠣᠷᠣᠮᠵᠢᠯᠠᠭᠰᠠᠨ ᠪᠦᠬᠦᠨ ᠢ᠋ ᠦᠨᠡᠰᠦᠨ ᠲᠣᠪᠷᠠᠭ ᠪᠣᠯᠭᠠᠮᠠᠷ ᠪᠣᠳᠣᠭᠳᠠᠨ᠎ᠠ᠃ ᠭᠡᠪᠡᠴᠦ ᠥᠪᠡᠷ ᠲᠡᠢ ᠨᠢ ᠠᠭᠤᠯᠵᠠᠯ ᠦᠭᠡᠢ ᠪᠡᠷ ᠬᠥᠩᠭᠡᠨ ᠬᠥᠳᠡᠯᠵᠦ ᠪᠣᠯᠤᠮ᠎ᠠ ᠦᠭᠡᠢ ᠠᠵᠢ᠃
ᠢᠩᠭᠢᠭᠡᠳ ᠠᠷᠭ᠎ᠠ ᠦᠭᠡᠢ ᠪᠣᠯᠵᠤ ᠯᠤᠤ ᠬᠦᠩ ᠦ᠋ᠨ ᠨᠤᠲᠤᠭ ᠡᠴᠡ ᠳᠤᠯᠮ᠎ᠠ ᠶ᠋ᠢ ᠳᠠᠭᠠᠭᠤᠯᠤᠨ ᠭᠠᠷᠴᠤ ᠰᠢᠭᠤᠳ ᠳᠣᠪᠲᠣᠯᠤᠨ ᠶᠠᠪᠤᠭᠰᠠᠭᠠᠷ ᠬᠡᠳᠦ ᠬᠣᠨᠣᠭ ᠤ᠋ᠨ ᠳᠠᠷᠠᠭ᠎ᠠ ᠪᠠᠭᠠᠲᠤᠷ ᠪᠡᠢᠯᠡ ᠶ᠋ᠢᠨ ᠬᠤᠰᠢᠭᠤᠨ ᠳ᠋ᠤ᠌ ᠲᠡᠮᠦᠷ ᠡᠴᠡ ᠣᠯᠠᠨ ᠤᠳᠠᠭ᠎ᠠ ᠬᠡᠰᠢᠭ ᠬᠦᠷᠲᠡᠭᠰᠡᠨ ᠬᠣᠶᠠᠷ ᠬᠥᠭᠰᠢᠨ ᠦ᠌ ᠭᠠᠳᠠᠨ᠎ᠠ ᠪᠠᠷᠢᠵᠤ ᠣᠷᠬᠢᠭᠰᠠᠨ ᠳᠥᠷᠪᠡᠨ ᠬᠠᠨ᠎ᠠ ᠲᠠᠢ ᠭᠡᠷ ᠲᠡᠭᠡᠨ ᠣᠴᠢᠵᠠᠢ᠃
᠊᠊᠊᠊᠊᠊᠊᠊᠊᠊᠊᠊᠊᠊᠊ ᠴᠢ ᠨᠠᠳᠠ ᠲᠠᠢ ᠰᠠᠭᠤᠬᠤ ᠳᠤᠷ᠎ᠠ ᠦᠭᠡᠢ ᠪᠣᠯ ᠰᠡᠳᠬᠢᠯ ᠢ᠋ᠶ᠋ᠡᠨ ᠪᠢᠲᠡᠭᠡᠢ ᠠᠯᠪᠠᠳᠠᠭᠠᠷᠠᠢ᠃ ᠶᠠᠮᠠᠷ ᠨᠢᠭᠡᠨ ᠰᠡᠪ ᠪᠠᠢᠪᠠᠯ ᠨᠠᠳᠠ ᠡᠴᠡ ᠪᠤᠤ ᠨᠢᠭᠤ᠃ ᠡᠨᠡ ᠭᠡᠷ᠂ ᠡᠨᠡ ᠮᠣᠷᠢᠳ ᠴᠥᠮ ᠴᠢᠨᠦ ᠬᠥᠷᠥᠩᠭᠡ ᠭᠡᠵᠦ ᠲᠡᠮᠦᠷ ᠦ᠋ᠨ ᠬᠡᠯᠡᠬᠦ ᠳ᠋ᠦ᠍ ᠳᠤᠯᠮ᠎ᠠ ᠶ᠋ᠢᠨ ᠨᠢᠳᠦᠨ ᠡᠴᠡ ᠨᠢᠯᠪᠤᠰᠤ ᠠᠰᠬᠠᠵᠤ ᠬᠡᠰᠡᠭ ᠳᠠᠭᠤ ᠦᠭᠡᠢ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠪᠢ ᠴᠢᠮᠠᠲᠤ ᠬᠢᠵᠠᠭᠠᠷ ᠦᠭᠡᠢ ᠬᠠᠢᠷ᠎ᠠ ᠲᠠᠢ ᠪᠠᠨ ᠬᠡᠯᠡᠭᠰᠡᠨ᠃ ᠭᠡᠪᠡᠴᠦ ᠪᠢ ᠦᠨ᠎ᠡ ᠦᠭᠡᠢ ᠬᠥᠮᠦᠨ᠂ ᠰᠢᠪᠬᠠᠷᠤᠤ ᠰᠢᠦ ᠳᠡ ᠁ ᠭᠡᠳ ᠳᠠᠭᠤ ᠨᠢ ᠬᠣᠭᠣᠯᠠᠢ ᠳ᠋ᠠᠭᠠᠨ ᠳᠠᠭᠵᠢᠷᠠᠪᠠ᠃
ᠢᠩᠭᠢᠭᠡᠳ ᠲᠡᠷᠡ ᠬᠣᠶᠠᠷ ᠰᠠᠭᠤᠵᠤ ᠪᠢᠯᠡ᠃ ᠨᠠᠮᠤᠷ ᠨᠢ ᠲᠡᠮᠦᠷ ᠠᠳᠤᠭᠤ ᠬᠥᠭᠡᠭᠡᠬᠦ ᠪᠡᠷ ᠠᠯᠤᠰ ᠭᠠᠵᠠᠷ ᠶᠠᠪᠤᠬᠤ ᠪᠣᠯᠬᠤ ᠳ᠋ᠤᠨᠢ ᠳᠤᠯᠮ᠎ᠠ ᠤᠬᠢᠯᠠᠨ ᠬᠣᠷᠢᠭᠯᠠᠵᠤ ᠵᠣᠭᠰᠣᠭᠠᠪᠠ᠃ ᠶᠡᠷᠦᠨᠢ ᠲᠡᠮᠦᠷ ᠲᠦ᠍ ᠴᠦ᠍ ᠶᠠᠪᠤᠬᠤ ᠣᠷᠭᠢᠯᠤᠭᠰᠠᠨ ᠬᠦᠰᠡᠯ ᠪᠠᠢᠭ᠎ᠠ ᠦᠭᠡᠢ᠃ ᠬᠠᠢᠷᠠᠲᠤ ᠬᠥᠮᠦᠨ ᠲᠡᠢ ᠪᠡᠨ ᠬᠠᠮᠲᠤ ᠠᠮᠢᠳᠤᠷᠠᠬᠤ᠂ ᠬᠥᠮᠦᠨ ᠳ᠋ᠦ᠍ ᠬᠠᠢᠷᠠᠯᠠᠭᠳᠠᠬᠤ ᠶ᠋ᠢᠨ ᠭᠦᠨ ᠵᠢᠷᠭᠠᠯ ᠳ᠋ᠤ᠌ ᠰᠡᠳᠬᠢᠯ ᠨᠢ ᠳᠡᠪᠲᠦᠭᠰᠡᠨ ᠲᠡᠮᠦᠷ ᠡᠳᠦᠷ ᠥᠩᠭᠡᠷᠡᠬᠦ ᠳᠣᠳᠣᠮ ᠲᠡᠨᠦᠭᠦᠯᠴᠢ ᠠᠮᠢᠳᠤᠷᠠᠯ ᠡᠴᠡ ᠬᠣᠯᠠᠳᠴᠤ ᠡᠬᠡᠨᠡᠷ ᠡᠴᠡ ᠨᠢ ᠦᠨ᠎ᠡ ᠲᠡᠢ᠂ ᠳᠣᠲᠣᠨᠣ ᠶᠠᠭᠤᠮ᠎ᠠ ᠰᠡᠳᠬᠢᠯ ᠳ᠋ᠦ᠍ᠨᠢ ᠦᠭᠡᠢ ᠪᠣᠯᠵᠠᠢ᠃ ᠨᠤᠲᠤᠭ ᠤ᠋ᠨ ᠨᠢᠭᠡᠨ ᠪᠠᠶᠠᠨ ᠠᠢᠯ ᠤ᠋ᠨ ᠬᠡᠳᠦᠨ ᠵᠠᠭᠤᠨ ᠬᠣᠨᠢ ᠶ᠋ᠢ ᠠᠪᠴᠤ ᠬᠠᠷᠢᠭᠤᠯᠪᠠ᠃ ᠪᠠᠰᠠ ᠬᠡᠳᠦᠨ ᠮᠣᠷᠢᠳ ᠤ᠋ᠨ ᠢ᠋ᠶ᠋ᠠᠨ ᠬᠣᠶᠠᠷ ᠢ᠋ ᠰᠢᠯᠢᠵᠦ ᠦᠯᠡᠳᠡᠭᠡᠭᠡᠳ ᠪᠤᠰᠤᠳ ᠢ᠋ ᠨᠢ ᠦᠷᠡᠵᠢᠯ ᠦ᠋ᠨ ᠮᠠᠯ ᠢ᠋ᠶ᠋ᠠᠷ ᠰᠣᠯᠢᠪᠠ᠃ ᠢᠯᠠᠩᠭᠤᠶ᠎ᠠ ᠳᠤᠯᠮ᠎ᠠ ᠬᠥᠯ ᠬᠦᠨᠳᠦ ᠪᠣᠯᠤᠭᠰᠠᠨ ᠨᠢ ᠲᠡᠮᠦᠷ ᠢ᠋ ᠰᠢᠨ᠎ᠡ ᠠᠮᠢᠳᠤᠷᠠᠯ ᠳ᠋ᠤᠨᠢ ᠤᠯᠠᠮ ᠪᠦᠷ ᠬᠠᠲᠠᠯ᠎ᠠ᠃
ᠳᠤᠯᠮ᠎ᠠ ᠶ᠋ᠢᠨ ᠬᠤᠪᠢ ᠳ᠋ᠤ᠌ ᠪᠣᠯ ᠡᠨᠡ ᠠᠮᠢᠳᠤᠷᠠᠯ ᠨᠢ ᠬᠣᠷᠸ᠎ᠠ ᠶ᠋ᠢᠨ ᠵᠢᠷᠭᠠᠯ ᠤ᠋ᠨ ᠳᠡᠭᠡᠳᠦ ᠪᠠᠢᠯ᠎ᠠ᠃ ᠡᠨᠡ ᠤᠴᠢᠷ ᠡᠴᠡ ᠡᠳᠦᠷ ᠪᠦᠬᠦᠨ ᠡᠨᠡ ᠵᠢᠷᠭᠠᠯ ᠢ᠋ ᠨᠢ ᠬᠡᠪ ᠢ᠋ᠶ᠋ᠡᠷ ᠪᠠᠢᠯᠭᠠᠵᠤ ᠥᠭᠬᠦ ᠶ᠋ᠢ ᠬᠦᠰᠡᠨ ᠵᠠᠯᠪᠠᠷᠢᠳᠠᠭ ᠪᠠᠢᠵᠠᠢ᠃
ᠢᠩᠭᠢᠭᠡᠳ ᠰᠡᠳᠬᠢᠯ ᠢ᠋ᠶ᠋ᠡᠷ ᠤᠴᠠᠷᠠᠭᠰᠠᠨ ᠡᠨᠡ ᠬᠣᠶᠠᠷ ᠪᠤᠰᠤᠳ ᠬᠥᠮᠦᠨ ᠳ᠋ᠦ᠍ ᠵᠢᠵᠢᠭ ᠪᠣᠯᠪᠠᠴᠤ᠂ ᠥᠪᠡᠷᠰᠡᠳ ᠲᠤᠨᠢ ᠦᠯᠡᠮᠵᠢ ᠵᠢᠷᠭᠠᠯ ᠤ᠋ᠨ ᠲᠥᠯᠥᠭᠡ ᠵᠢᠳᠬᠦᠵᠦ ᠡᠬᠢᠯᠡᠪᠡ᠃
ᠬᠣᠨᠢ ᠪᠠᠨ ᠶᠡᠬᠡᠩᠬᠢ ᠳ᠋ᠡᠭᠡᠨ ᠬᠠᠮᠲᠤ ᠬᠠᠷᠢᠭᠤᠯᠤᠨ᠎ᠠ᠃ ᠠᠯᠢ ᠨᠢᠭᠡ ᠨᠢ ᠡᠵᠡᠭᠦᠢ ᠴᠠᠭ ᠲᠤ᠌ ᠨᠥᠭᠦᠭᠡ ᠨᠢ ᠬᠣᠭᠣᠯᠠ ᠪᠠᠨ ᠬᠢᠭᠡᠳ ᠢᠳᠡᠯ ᠦᠭᠡᠢ ᠬᠦᠯᠢᠶᠡᠨ᠎ᠡ᠃
ᠬᠠᠷᠢᠭᠤᠯᠤᠭᠰᠠᠨ ᠮᠠᠯ ᠨᠢ ᠲᠠᠷᠭᠤᠨ ᠰᠠᠢᠬᠠᠨ ᠣᠷᠣᠵᠤ ᠬᠠᠪᠤᠷ ᠲᠠᠢ ᠵᠠᠯᠭᠠᠪᠠ᠃ ᠭᠡᠲᠡᠯ᠎ᠡ ᠭᠠᠢ ᠪᠣᠯᠵᠤ ᠨᠢᠭᠡ ᠡᠷ᠎ᠡ ᠲᠥᠯᠥᠭᠡ ᠡᠷᠭᠢ ᠤᠷᠤᠭᠤ ᠤᠨᠠᠭᠠᠳ ᠦᠬᠦᠵᠡᠢ᠃
ᠡᠷ᠎ᠡ ᠡᠮ᠎ᠡ ᠬᠣᠶᠠᠷ ᠶᠠᠷᠢᠵᠤ ᠪᠠᠢᠭᠠᠳ ᠥᠪᠡᠷ ᠦ᠋ᠨ ᠨᠢᠭᠡ ᠬᠢᠵᠠᠯᠠᠩ ᠬᠣᠨᠢ ᠶ᠋ᠢ ᠣᠷᠣᠨ ᠳ᠋ᠤᠨᠢ ᠲᠠᠯᠪᠢᠬᠤ ᠪᠣᠯᠪᠠ᠃ ᠬᠠᠪᠤᠷ ᠥᠩᠭᠡᠷᠡᠭᠡᠳ ᠵᠤᠨ ᠤ᠋ ᠳᠡᠯᠭᠡᠷ ᠴᠠᠭ ᠢᠷᠡᠯ᠎ᠡ᠃ ᠳᠤᠯᠮ᠎ᠠ ᠶ᠋ᠢᠨ ᠬᠥᠩᠭᠡᠷᠡᠬᠦ ᠴᠠᠭ ᠴᠤ᠌ ᠣᠢᠷᠠᠲᠤᠨ ᠦᠷ᠎ᠡ ᠪᠡᠨ ᠬᠠᠷᠠᠬᠤ ᠪᠠᠶᠠᠷ ᠤ᠋ᠨ ᠬᠦᠰᠡᠯ ᠲᠡᠮᠦᠷ ᠦ᠋ᠨ ᠰᠡᠳᠬᠢᠯ ᠢ᠋ ᠭᠡᠷᠡᠯᠲᠦᠭᠦᠯᠵᠦ ᠪᠠᠢᠯ᠎ᠠ᠃
ᠨᠢᠭᠡᠨ ᠡᠳᠦᠷ ᠮᠠᠯ ᠤ᠋ᠨ ᠡᠵᠡᠨ ᠪᠠᠶᠠᠨ᠂ ᠮᠠᠯ ᠲᠣᠭᠠᠯᠠᠬᠤ ᠪᠠᠷ ᠬᠣᠶᠠᠷ ᠬᠥᠮᠦᠨ ᠳᠠᠭᠠᠭᠤᠯᠤᠨ ᠢᠷᠡᠯ᠎ᠡ᠃ ᠪᠤᠰᠤᠳ ᠤ᠋ᠨ ᠮᠠᠯ ᠬᠠᠷᠢᠭᠤᠯᠤᠭᠰᠠᠨ ᠬᠥᠮᠦᠨ᠂ ᠡᠵᠡᠨ ᠨᠢ ᠢᠷᠡᠬᠦ ᠳ᠋ᠦ᠍ ᠠᠷᠭ᠎ᠠ ᠦᠭᠡᠢ ᠯᠡ ᠬᠥᠯ ᠠᠯᠳᠠᠳᠠᠭ ᠪᠢᠯᠡ᠃ ᠪᠠᠶᠠᠨ ᠬᠣᠭᠣᠰᠣᠨ ᠢ᠋ᠶ᠋ᠠᠷ ᠳᠦᠭᠦᠷᠡᠩ ᠡᠨᠡ ᠬᠣᠷᠸ᠎ᠠ ᠶ᠋ᠢᠨ ᠵᠢᠮ᠎ᠡ ᠪᠣᠯᠤᠭᠰᠠᠨ ᠡᠨᠡ ᠶᠣᠰᠣ ᠶ᠋ᠢ ᠲᠡᠮᠦᠷ ᠴᠦ᠍ ᠳᠠᠭᠠᠬᠤ ᠦᠭᠡᠢ ᠪᠠᠢᠵᠤ ᠴᠢᠳᠠᠬᠤ ᠦᠭᠡᠢ᠃ ᠬᠣᠨᠢ ᠭᠠᠷᠭᠠᠵᠤ ᠮᠠᠯ ᠤ᠋ᠨ ᠡᠵᠡᠨ ᠢ᠋ ᠳᠠᠢᠯᠠᠪᠠ᠃
᠊᠊᠊᠊᠊᠊᠊᠊᠊᠊᠊᠊᠊᠊᠊ ᠥᠩᠭᠡᠷᠡᠭᠴᠢ ᠬᠠᠪᠤᠷ ᠨᠢᠭᠡ ᠬᠤᠨᠳᠠᠨ ᠡᠷ᠎ᠡ ᠲᠥᠯᠥᠭᠡ ᠡᠷᠭᠢ ᠤᠷᠤᠭᠤ ᠨᠢᠰᠴᠦ ᠦᠬᠦᠭᠰᠡᠨ᠃ ᠪᠢ ᠣᠷᠣᠨ ᠳ᠋ᠤᠨᠢ ᠡᠨᠡ ᠬᠣᠨᠢ ᠶ᠋ᠢ ᠲᠠᠯᠪᠢᠴᠢᠬᠠᠶᠠ᠃ ᠳᠥᠷᠪᠡᠨ ᠰᠢᠳᠦ ᠲᠡᠢ ᠶᠤᠮ ᠰᠢᠦ ᠭᠡᠵᠦ ᠲᠡᠮᠦᠷ ᠬᠣᠨᠢ ᠲᠣᠭᠠᠯᠠᠵᠤ ᠪᠠᠢᠭᠰᠠᠨ ᠪᠠᠶᠠᠨ ᠳ᠋ᠤ᠌ ᠬᠡᠯᠡᠪᠡ᠃
ᠪᠠᠶᠠᠨ ᠤ᠋ ᠨᠢᠳᠦ ᠰᠣᠯᠪᠢ ᠲᠠᠲᠠᠵᠤ ᠬᠥᠮᠥᠰᠬᠡ ᠨᠢ ᠡᠷᠴᠢᠯᠡᠨ ᠵᠠᠩᠭᠢᠷᠠᠭᠰᠠᠨ ᠢ᠋ᠶ᠋ᠠᠨ 《ᠲᠠ ᠨᠠᠷ ᠯᠠ ᠲᠡᠭᠡᠵᠦ ᠪᠠᠢᠭ᠎ᠠ ᠪᠠᠢᠬ᠎ᠠ ᠳᠠ᠃ ᠨᠠᠰᠤ ᠭᠦᠢᠴᠡᠭᠰᠡᠨ ᠢᠷᠭᠡ ᠶ᠋ᠢ ᠮᠢᠨᠢ ᠴᠢᠰᠤᠯᠠᠵᠤ ᠣᠷᠬᠢᠭᠠᠳ᠂ ᠲᠡᠭᠦᠨ ᠢ᠋ ᠪᠡᠨ ᠪᠤᠯᠠᠬᠤ ᠰᠠᠨᠠᠭ᠎ᠠ ᠪᠠᠢᠨ᠎ᠠ ᠤᠤ? ᠪᠢ ᠮᠠᠯ ᠢ᠋ᠶ᠋ᠠᠨ ᠭᠤᠶᠤᠵᠤ ᠬᠠᠷᠢᠭᠤᠯᠤᠭᠤᠯᠳᠠᠭ ᠦᠭᠡᠢ᠃ ᠮᠢᠨᠦ ᠮᠠᠯ ᠢ᠋ ᠬᠥᠮᠦᠨ ᠭᠤᠶᠤᠵᠤ ᠬᠠᠷᠢᠭᠤᠯᠳᠠᠭ ᠶᠤᠮ ᠰᠢᠦ》 ᠭᠡᠳ ᠯᠡ ᠪᠠᠭᠤᠵᠤ ᠭᠠᠷᠤᠯ᠎ᠠ᠃
ᠲᠡᠮᠦᠷ᠂ ᠦᠨᠡᠨ ᠶᠠᠪᠤᠳᠠᠯ ᠢ᠋ ᠡᠪ ᠢ᠋ᠶ᠋ᠡᠷ ᠲᠠᠢᠯᠪᠤᠷᠢᠯᠠᠬᠤ ᠭᠡᠵᠦ ᠶᠠᠩᠵᠤ ᠪᠦᠷᠢ ᠪᠡᠷ ᠦᠵᠡᠬᠦ ᠳ᠋ᠦ᠍ ᠪᠠᠶᠠᠨ ᠤᠯᠠᠮ ᠪᠦᠷ ᠰᠢᠷᠦᠭᠦᠰᠴᠦ ᠭᠤᠢᠯᠢᠨᠴᠢᠨ ᠦᠢᠯᠢᠨᠴᠢᠨ ᠳ᠋ᠦ᠍ᠨᠢ ᠬᠦᠷᠦᠯ᠎ᠡ᠃
ᠶᠠᠮᠠᠷ ᠨᠢᠭᠡᠨ ᠶᠠᠷᠰᠢᠭ ᠲᠦᠪᠡᠭ ᠪᠣᠯᠬᠤ ᠡᠴᠡ ᠠᠶᠤᠭᠰᠠᠨ ᠳᠤᠯᠮ᠎ᠠ ᠰᠠᠨᠳᠤᠷᠤᠨ 《ᠲᠡᠭᠡᠪᠡᠯ ᠡᠭᠦᠨ ᠢ᠋ ᠥᠭᠭᠦᠶ᠎ᠡ》 ᠭᠡᠵᠦ ᠭᠠᠭᠴᠠ ᠪᠠᠢᠳᠠᠭ ᠡᠷ᠎ᠡ ᠬᠣᠨᠢ ᠪᠠᠨ ᠵᠢᠭᠠᠭᠰᠠᠨ ᠴᠢᠨᠢ᠂ ᠵᠠᠷᠤᠴᠠ ᠨᠠᠷ ᠤ᠋ᠨ ᠢ᠋ᠶ᠋ᠠᠨ ᠠᠯᠢ ᠳᠥᠮᠥᠭ ᠶᠠᠭᠤᠮ᠎ᠠ ᠶ᠋ᠢ ᠡᠯᠳᠡᠪ ᠠᠷᠭ᠎ᠠ ᠪᠠᠷ ᠯᠤᠢᠪᠠᠷᠳᠠᠵᠤ ᠰᠤᠷᠤᠭᠰᠠᠨ ᠪᠠᠶᠠᠨ ᠤ᠋ ᠣᠮᠣᠭ ᠤᠯᠠᠮ ᠳᠣᠭᠰᠢᠷᠠᠵᠤ 《ᠲᠠ ᠨᠠᠷ ᠡᠴᠡ ᠭᠤᠶᠤᠵᠤ ᠪᠠᠢᠭ᠎ᠠ ᠪᠢᠰᠢ᠃ ᠣᠨᠣᠭᠳᠠᠭᠰᠠᠨ ᠪᠤᠶᠠᠨ ᠢ᠋ᠶ᠋ᠠᠨ ᠪᠠᠴᠢ ᠲᠠᠢ ᠭᠤᠢᠯᠢᠨᠴᠢᠨ ᠨᠠᠷ ᠲᠤ᠌ ᠢᠳᠡᠭᠦᠯᠬᠦ ᠦᠭᠡᠢ ᠭᠡᠵᠦ ᠪᠠᠢᠨ᠎ᠠ᠃ ᠥᠭᠭᠦᠶ᠎ᠡ ᠭᠡᠨ᠎ᠡ ᠰᠢᠦ᠃ ᠶᠡᠬᠡ ᠭᠢᠯᠠᠢᠯᠭᠠᠬᠤ ᠨᠢ》 ᠭᠡᠳ ᠳᠤᠯᠮ᠎ᠠ ᠶ᠋ᠢ ᠲᠦᠯᠬᠢᠵᠦ ᠣᠷᠬᠢᠭᠰᠠᠨ ᠴᠢᠨᠢ ᠠᠷᠤ ᠳ᠋ᠠᠭᠠᠨ ᠪᠠᠢᠭᠰᠠᠨ ᠬᠥᠭᠡᠨ᠎ᠡ ᠳ᠋ᠦ᠍ ᠲᠡᠭᠡᠭᠯᠡᠨ ᠲᠠᠰᠤ ᠭᠡᠳᠡᠷᠭᠦ ᠪᠡᠨ ᠤᠨᠠᠪᠠ᠃
ᠲᠡᠮᠦᠷ ᠦ᠋ᠨ ᠨᠢᠳᠦ ᠭᠠᠯᠵᠠᠭᠤ ᠦᠬᠡᠷ ᠦ᠋ᠨ ᠨᠢᠳᠦ ᠰᠢᠭ ᠲᠣᠪ ᠲᠣᠭᠣᠷᠢᠭ ᠪᠣᠯᠤᠭᠰᠠᠨ ᠢ᠋ᠶ᠋ᠠᠨ ᠴᠢᠷᠠᠢ ᠨᠢ ᠴᠢᠨᠦᠷᠡᠨ ᠥᠷᠭᠡᠨ ᠰᠢᠨ᠎ᠡ ᠨᠢ ᠵᠠᠩᠭᠢᠷᠠᠨ ᠪᠠᠶᠠᠨ ᠢ᠋ ᠣᠭᠵᠣᠮ ᠲᠦᠯᠬᠢᠨ᠂ ᠦᠰᠦᠷᠦᠨ ᠡᠬᠡᠨᠡᠷ ᠢ᠋ᠶ᠋ᠡᠨ ᠲᠡᠪᠡᠷᠢᠵᠦ ᠠᠪᠤᠯ᠎ᠠ᠃
ᠴᠠᠬᠢᠭᠤᠷ ᠲᠡᠮᠦᠷ ᠦ᠋ᠨ ᠠᠭᠤᠷᠯᠠᠭᠰᠠᠨ ᠭᠠᠷ ᠲᠤ᠌ ᠲᠦᠯᠬᠢᠭᠳᠡᠭᠰᠡᠨ ᠢ᠋ᠶ᠋ᠡᠨ ᠶᠠᠩᠭᠢᠨᠠᠵᠤ ᠪᠠᠢᠭ᠎ᠠ ᠶᠠᠰᠤ ᠪᠠᠷ ᠢ᠋ᠶ᠋ᠠᠨ ᠣᠢᠯᠠᠭᠠᠭᠰᠠᠨ ᠪᠠᠶᠠᠨ ᠤᠭᠤᠬᠢᠯᠠᠨ ᠪᠣᠰᠴᠤ ᠵᠠᠯᠢ ᠲᠠᠢ ᠨᠢᠳᠦ ᠪᠡᠷ ᠢᠨᠢᠶᠡᠮᠰᠦᠭᠯᠡᠨ 《ᠬᠠᠯᠬ᠎ᠠ ᠳᠠᠶᠠᠭᠠᠷ ᠨᠡᠷ᠎ᠡ ᠭᠠᠷᠤᠭᠰᠠᠨ ᠡᠷ᠎ᠡ ᠶ᠋ᠢᠨ ᠠᠭᠤᠷᠯᠠᠬᠤ ᠶ᠋ᠢ ᠬᠠᠷᠠᠬᠤ ᠭᠡᠰᠡᠨ ᠶᠤᠮ᠃ ᠨᠠᠳᠠ ᠰᠢᠭ᠋ ᠲᠤᠨᠢ ᠠᠬᠠᠳᠠᠬᠤ ᠲᠣᠭᠯᠠᠭᠠᠮ ᠪᠣᠯᠤᠯ᠎ᠠ》 ᠭᠡᠯᠡ᠃
᠊᠊᠊᠊᠊᠊᠊᠊᠊᠊᠊᠊᠊᠊᠊ ᠲᠣᠭᠣᠭ᠎ᠠ ᠰᠢᠭ᠋ ᠭᠡᠳᠡᠰᠦ ᠲᠡᠢ ᠡᠬᠡᠨᠡᠷ ᠢ᠋ᠶ᠋ᠡᠷ ᠮᠢᠨᠢ ᠲᠣᠭᠯᠠᠭᠠᠳ ᠶᠠᠭᠠᠬᠢᠬᠤ ᠨᠢ ᠪᠣᠢ? ᠭᠡᠳ ᠲᠡᠮᠦᠷ ᠳᠤᠯᠮ᠎ᠠ ᠶ᠋ᠢ ᠭᠠᠷ ᠳᠡᠭᠡᠷ᠎ᠡ ᠪᠡᠨ ᠨᠠᠨᠳᠢᠩᠨᠠᠨ ᠡᠷᠭᠦᠭᠰᠡᠭᠡᠷ ᠭᠡᠷ ᠲᠡᠭᠡᠨ ᠣᠷᠣᠵᠠᠢ᠃
ᠪᠠᠶᠠᠨ᠂ ᠲᠡᠮᠦᠷ ᠦ᠋ᠨ ᠡᠷ᠎ᠡ ᠴᠢᠳᠠᠯ᠂ ᠵᠣᠷᠢᠭ ᠢ᠋ ᠦᠭᠡ ᠬᠠᠢᠷᠠᠯᠠᠯ ᠦᠭᠡᠢ ᠮᠠᠭᠲᠠᠨ ᠲᠠᠯ᠎ᠠ ᠵᠠᠰᠠᠵᠤ ᠪᠠᠢᠭᠠᠳ ᠶᠠᠪᠤᠵᠠᠢ᠃ ᠭᠡᠪᠡᠴᠦ ᠲᠡᠭᠦᠨ ᠦ᠌ ᠳᠣᠲᠣᠷ᠎ᠠ ᠠᠶᠤᠮᠰᠢᠭ ᠦᠭᠡᠢ ᠵᠠᠷᠤᠴᠠ ᠡᠴᠡ ᠥᠰᠢᠶ᠎ᠡ ᠪᠡᠨ ᠠᠪᠬᠤ ᠬᠣᠣᠷᠲᠤ ᠪᠣᠳᠣᠯ ᠣᠪᠣᠯᠵᠠᠨ ᠡᠯᠳᠡᠪ ᠠᠷᠭ᠎ᠠ ᠰᠦᠪᠡᠭᠴᠢᠯᠡᠨ ᠪᠠᠢᠵᠠᠢ᠃
᠊᠊᠊᠊᠊᠊᠊᠊᠊᠊᠊᠊᠊᠊᠊ ᠡᠨᠡ ᠬᠥᠮᠦᠨ ᠵᠦᠭᠡᠷ ᠣᠷᠬᠢᠬᠤ ᠦᠭᠡᠢ ᠰᠢᠦ᠃ ᠨᠢᠳᠦᠨ ᠦ᠌ ᠬᠢᠨᠢ ᠭᠦᠨ ᠳ᠋ᠦ᠍ ᠬᠣᠷᠣᠰᠤᠯ ᠪᠤᠴᠠᠯᠵᠤ ᠬᠠᠷᠠᠭᠳᠠᠭᠰᠠᠨ᠃ ᠪᠤᠰᠢᠭᠤᠬᠠᠨ ᠡᠨᠳᠡ ᠡᠴᠡ ᠵᠠᠢᠯᠠᠶ᠎ᠠ ᠭᠡᠵᠦ ᠳᠤᠯᠮ᠎ᠠ ᠤᠬᠢᠯᠠᠨ ᠬᠡᠯᠡᠬᠦ ᠳ᠋ᠦ᠍ ᠲᠡᠮᠦᠷ ᠭᠡᠨᠡᠨ ᠴᠠᠭᠠᠨ ᠰᠡᠳᠬᠢᠯ ᠢ᠋ᠶ᠋ᠡᠷ ᠲᠣᠮᠣ ᠰᠢᠲᠦ ᠪᠡᠨ ᠢᠷᠠᠯᠵᠠᠭᠤᠯᠤᠨ ᠢᠨᠢᠶᠡᠮᠰᠦᠭᠯᠡᠵᠦ᠄
᠊᠊᠊᠊᠊᠊᠊᠊᠊᠊᠊᠊᠊᠊᠊ ᠡᠪᠦᠭᠡᠨ ᠮᠢᠨᠢ᠂ ᠡᠷ᠎ᠡ ᠤᠯᠤᠰ ᠤ᠋ᠨ ᠲᠣᠭᠯᠠᠭᠠᠮ᠃ ᠪᠢ ᠬᠠᠷᠢᠨ ᠲᠣᠭᠯᠠᠭᠰᠠᠨ ᠢ᠋ ᠨᠢ ᠮᠠᠲᠠᠯ ᠦᠭᠡᠢ ᠨᠠᠮ ᠴᠣᠬᠢᠴᠢᠬᠠᠬᠤ ᠰᠢᠬᠠᠭᠰᠠᠨ ᠰᠢᠦ᠃ ᠪᠠᠰᠠ ᠲᠡᠭᠡᠭᠡᠳ ᠮᠢᠨᠦ ᠡᠪᠦᠭᠡᠨ ᠬᠡᠵᠢᠶ᠎ᠡ ᠬᠡᠵᠢᠶ᠎ᠡ ᠦᠭᠡᠢ ᠬᠥᠩᠭᠡᠷᠡᠬᠦ ᠭᠡᠵᠦ ᠪᠠᠢᠬᠤ ᠳ᠋ᠤ᠌ ᠬᠠᠮᠢᠭᠠᠰᠢ ᠶᠠᠪᠤᠬᠤ ᠶᠤᠮ ᠪᠣᠢ ᠭᠡᠵᠦ ᠬᠠᠷᠢᠭᠤᠯᠳᠠᠭ ᠪᠠᠢᠯ᠎ᠠ᠃
ᠳᠤᠯᠮ᠎ᠠ ᠡᠪᠡᠳᠴᠦ᠂ ᠲᠡᠮᠦᠷ ᠦ᠋ᠨ ᠪᠣᠷᠣ ᠭᠡᠷ ᠲᠦ᠍ ᠰᠢᠨ᠎ᠡ ᠬᠥᠮᠦᠨ ᠮᠡᠨᠳᠦᠯᠡᠭᠰᠡᠨ ᠢ᠋ᠶ᠋ᠡᠨ ᠬᠠᠰᠬᠢᠷᠤᠨ ᠵᠠᠷᠯᠠᠪᠠ᠃ ᠬᠦᠦ ᠲᠡᠢ ᠪᠣᠯᠤᠭᠰᠠᠨ ᠲᠡᠮᠦᠷ ᠲᠦᠮᠡᠨ ᠪᠠᠶᠠᠷ᠂ ᠮᠢᠩᠭᠠᠨ ᠵᠢᠷᠭᠠᠯ ᠤ᠋ᠨ ᠪᠤᠯᠠᠭ ᠢ᠋ᠶ᠋ᠠᠷ ᠳᠦᠭᠦᠷᠴᠦ ᠬᠡᠯᠡᠬᠦ ᠦᠭᠡ᠂ ᠭᠢᠰᠬᠢᠬᠦ ᠭᠠᠵᠠᠷ ᠢ᠋ᠶ᠋ᠠᠨ ᠣᠯᠬᠤ ᠦᠭᠡᠢ ᠪᠠᠢᠪᠠ᠃
ᠨᠡᠬᠡᠢ ᠥᠯᠥᠭᠡᠢ ᠲᠡᠢ ᠬᠡᠪᠲᠡᠵᠦ ᠪᠠᠢᠭ᠎ᠠ ᠬᠦᠦ ᠪᠡᠨ ᠢᠨᠢᠶᠡᠮᠰᠦᠭᠯᠡᠨ ᠬᠠᠷᠠᠵᠤ ᠪᠠᠢᠭᠰᠠᠨ ᠢ᠋ᠶ᠋ᠠᠨ 《ᠡᠨᠡ ᠯᠠᠪ ᠨᠠᠳᠠ ᠰᠢᠭ᠋ ᠯᠡ ᠮᠠᠩᠭᠠᠷ ᠶᠠᠭᠤᠮ᠎ᠠ ᠪᠣᠯᠤᠨ᠎ᠠ ᠰᠢᠦ》 ᠭᠡᠳ ᠫᠠᠷᠴᠢᠭᠢᠨᠠᠭᠤᠯᠤᠨ ᠢᠨᠢᠶᠡᠳᠡᠭ ᠪᠠᠢᠯ᠎ᠠ᠃
ᠣᠷᠣᠵᠤ ᠭᠠᠷᠤᠭᠰᠠᠨ ᠬᠥᠮᠦᠨ ᠬᠦᠦ ᠶ᠋ᠢ ᠨᠢ ᠬᠠᠷᠠᠭᠠᠳ 《ᠡᠴᠢᠭᠡ ᠲᠡᠢ ᠪᠡᠨ ᠶᠠᠮᠠᠷ ᠠᠳᠠᠯᠢᠬᠠᠨ ᠶᠤᠮ ᠪᠣᠢ》 ᠭᠡᠬᠦ ᠳ᠋ᠦ᠍ᠨᠢ ᠤᠴᠢᠷ ᠲᠣᠢᠮᠣ ᠦᠭᠡᠢ ᠪᠠᠶᠠᠷᠯᠠᠨ᠎ᠠ᠃
ᠡᠳᠦᠷ ᠬᠣᠨᠢ ᠬᠠᠷᠢᠭᠤᠯᠵᠤ ᠶᠠᠪᠤᠭᠰᠠᠨ ᠢ᠋ᠶ᠋ᠠᠨ ᠣᠭᠣᠳᠣᠩ ᠤ᠋ᠨ ᠦᠬᠡᠷ ᠰᠢᠭ ᠭᠡᠨᠡᠳᠲᠡ ᠳᠠᠪᠬᠢᠵᠤ ᠭᠡᠷ ᠲᠡᠭᠡᠨ ᠣᠴᠢᠭᠠᠳ ᠨᠠᠮᠤᠭᠤᠬᠠᠨ ᠤᠨᠲᠠᠵᠤ ᠪᠠᠢᠭ᠎ᠠ ᠬᠦᠦ ᠪᠡᠨ ᠬᠠᠷᠠᠵᠤ ᠢᠨᠢᠶᠡᠮᠰᠦᠭᠯᠡᠭᠡᠳ ᠪᠤᠴᠠᠬᠤ ᠳ᠋ᠠᠭᠠᠨ 《ᠡᠷᠳᠡᠨᠢ ᠵᠠᠰᠠᠭ ᠤ᠋ᠨ ᠤᠨᠠᠭ᠎ᠠ》 ᠪᠠᠨ ᠴᠢᠳᠠᠯ ᠢ᠋ᠶ᠋ᠠᠷ ᠢ᠋ᠶ᠋ᠠᠨ ᠬᠠᠰᠬᠢᠷᠤᠨ ᠶᠠᠪᠤᠳᠠᠭ ᠪᠠᠢᠯ᠎ᠠ᠃ ᠲᠡᠮᠦᠷ ᠵᠢᠷᠭᠠᠵᠤ᠂ ᠲᠡᠮᠦᠷ ᠢᠨᠢᠶᠡᠵᠦ᠂ ᠲᠡᠮᠦᠷ ᠳᠠᠭᠤᠯᠠᠵᠤ ᠪᠠᠢᠬᠤ ᠳ᠋ᠤ᠌ ᠲᠡᠭᠦᠨ ᠦ᠌ ᠡᠨᠡ ᠵᠢᠷᠭᠠᠯ ᠢ᠋ ᠳᠣᠭᠤᠤᠷ ᠬᠣᠷᠣᠰᠤᠭᠰᠠᠨ ᠪᠠᠶᠠᠨ ᠵᠣᠭᠰᠣᠭ᠎ᠠ ᠵᠢᠯᠣᠭᠣ ᠦᠭᠡᠢ ᠳᠠᠷᠢ ᠪᠤᠯᠠᠵᠤ᠂ ᠨᠢᠭᠡ ᠡᠳᠦᠷ ᠲᠡᠭᠦᠨ ᠢ᠋ ᠠᠷᠪᠠᠨ ᠵᠦᠭ ᠲᠦ᠋ᠨᠢ ᠪᠤᠳᠠᠷᠠᠭᠠᠨ ᠡᠪᠳᠡᠬᠦ ᠳ᠋ᠦ᠍ ᠪᠡᠯᠡᠳᠬᠡᠵᠦ ᠪᠠᠢᠵᠠᠢ᠃
ᠲᠡᠮᠦᠷ ᠲᠦ᠍ ᠲᠦᠯᠬᠢᠭᠦᠯᠦᠭᠰᠡᠨ ᠦ᠌ ᠪᠡᠨ ᠳᠠᠷᠠᠭᠠᠬᠠᠨ ᠨᠠᠢᠵᠢ ᠵᠠᠬᠢᠷᠤᠭᠴᠢ ᠶ᠋ᠢᠨ ᠳ᠋ᠡᠭᠡᠨ ᠠᠢᠯᠴᠢᠯᠠᠨ ᠣᠴᠢᠵᠤ ᠴᠠᠳᠢᠭ ᠤ᠋ᠨ ᠵᠠᠷᠤᠴᠠ ᠡᠴᠡ ᠬᠠᠷᠢᠭᠤ ᠪᠠᠨ ᠠᠪᠬᠤ ᠲᠤᠬᠠᠢ ᠵᠥᠪᠯᠡᠨ ᠶᠠᠷᠢᠯᠴᠠᠵᠠᠢ᠃
᠊᠊᠊᠊᠊᠊᠊᠊᠊᠊᠊᠊᠊᠊᠊ ᠲᠡᠮᠦᠷ ᠢ᠋ ᠪᠠᠷᠢᠬᠤ ᠳ᠋ᠤ᠌ ᠰᠢᠯᠲᠠᠭ ᠬᠡᠷᠡᠭ ᠲᠡᠢ᠃ ᠭᠡᠲᠡᠯ᠎ᠡ ᠪᠢᠳᠡᠨ ᠳ᠋ᠦ᠍ ᠪᠠᠢᠬᠤ ᠦᠭᠡᠢ᠃ ᠪᠤᠰᠤᠳ ᠬᠣᠰᠢᠭᠤ ᠪᠠᠷ ᠬᠡᠷᠡᠭ ᠢ᠋ ᠨᠢ ᠰᠡᠬᠦᠭᠦᠯᠦᠶᠡ ᠭᠡᠬᠦ ᠳ᠋ᠦ᠍ ᠣᠷᠭᠤᠳᠤᠤᠯ ᠢ᠋ ᠵᠢᠯ ᠳᠠᠷᠤᠭᠰᠠᠨ ᠬᠡᠷᠡᠭ ᠪᠣᠰᠴᠤ ᠢᠷᠡᠨ᠎ᠡ᠃ ᠪᠠᠰᠠ ᠲᠡᠭᠡᠭᠡᠳ ᠲᠡᠮᠦᠷ ᠪᠣᠯᠪᠠᠯ ᠵᠢᠷ ᠦ᠋ᠨ ᠨᠢᠭᠡ ᠡᠷ᠎ᠡ ᠪᠢᠰᠢ᠃ ᠦ᠋ ᠰᠡᠪ ᠠᠨᠳᠤᠬᠤ ᠦᠭᠡᠢ ᠴᠢᠳᠬᠥᠷ ᠭᠡᠵᠦ ᠵᠠᠬᠢᠷᠤᠭᠴᠢ ᠶ᠋ᠢᠨ ᠬᠡᠯᠡᠬᠦ ᠳ᠋ᠦ᠍ 《ᠪᠦᠭᠭᠦᠵᠦ ᠪᠠᠢᠭ᠎ᠠ ᠣᠷᠭᠤᠳᠤᠤᠯ ᠭᠡᠳ ᠯᠡ ᠪᠠᠷᠢᠵᠤ ᠠᠪᠤᠭᠠᠳ ᠬᠣᠩᠭᠣ ᠶ᠋ᠢᠨ ᠬᠢᠨᠢ ᠮᠢᠬ᠎ᠠ ᠶ᠋ᠢ ᠪᠣᠷᠪᠢ ᠳᠡᠭᠡᠷ᠎ᠡ ᠨᠢ ᠪᠠᠭᠤᠯᠭᠠᠵᠤ ᠣᠷᠬᠢᠬᠤ ᠦᠭᠡᠢ ᠤᠤ》 ᠭᠡᠵᠦ ᠪᠠᠶᠠᠨ ᠬᠡᠯᠡᠵᠡᠢ᠃
᠊᠊᠊᠊᠊᠊᠊᠊᠊᠊᠊᠊᠊᠊᠊ ᠪᠠᠰᠠ ᠯᠠ ᠲᠡᠭᠡᠵᠦ ᠮᠤᠢᠬᠤᠷᠳᠠᠵᠤ ᠪᠣᠯᠬᠤ ᠦᠭᠡᠢ᠃ ᠶᠠᠮᠠᠷᠴᠤ ᠪᠣᠯᠪᠠ ᠨᠢᠭᠡ ᠰᠢᠯᠲᠠᠭ ᠭᠠᠷᠭᠠᠬᠤ ᠬᠡᠷᠡᠭᠲᠡᠢ ᠭᠡᠵᠦ ᠵᠠᠬᠢᠷᠤᠭᠴᠢ ᠪᠤᠭᠤᠷᠤᠯ ᠭᠡᠵᠢᠭᠡ ᠪᠡᠨ ᠮᠠᠭᠠᠵᠢᠨ ᠬᠡᠯᠡᠵᠡᠢ᠃
ᠲᠡᠷᠡ ᠬᠣᠶᠠᠷ ᠬᠡᠰᠡᠭ ᠳᠠᠭᠤ ᠦᠭᠡᠢ ᠰᠠᠭᠤᠪᠠ᠃ ᠲᠣᠮᠣ ᠭᠡᠷ ᠦ᠋ᠨ ᠳᠣᠲᠣᠷ᠎ᠠ ᠠᠢᠷᠠᠭ ᠠᠷᠢᠬᠢᠨ ᠤ᠋ ᠢᠰᠬᠦᠯᠡᠩ ᠦᠨᠦᠷ ᠬᠠᠩᠬᠤᠯᠵᠤ ᠨᠣᠭᠣᠭᠠᠨ ᠢᠯᠠᠭᠠᠨ ᠤ᠋ ᠳᠦᠩᠭᠢᠨᠡᠨ ᠳᠤᠤᠭᠠᠷᠬᠤ ᠨᠢᠭᠡ ᠬᠥᠭ ᠲᠡᠢ ᠳᠠᠭᠤ ᠲᠡᠮᠦᠷ ᠢ᠋ ᠡᠷᠡᠭᠦᠳᠡᠬᠦ ᠠᠷᠭ᠎ᠠ ᠣᠯᠬᠤ ᠳ᠋ᠤᠨᠢ ᠰᠠᠭᠠᠳ ᠬᠢᠬᠦ ᠭᠡᠰᠡᠨ ᠶᠤᠮ ᠰᠢᠭ ᠱᠤᠤᠭᠢᠨ᠎ᠠ᠃
᠊᠊᠊᠊᠊᠊᠊᠊᠊᠊᠊᠊᠊᠊᠊ ᠪᠢ ᠨᠢᠭᠡ ᠮᠣᠷᠢ ᠶ᠋ᠢ ᠮᠢᠨᠦᠬᠢ ᠭᠡᠳ ᠵᠠᠷᠭᠤᠯᠳᠤᠪᠠᠯ ᠶᠠᠭᠠᠬᠢᠬᠤ ᠪᠣᠢ?
᠊᠊᠊᠊᠊᠊᠊᠊᠊᠊᠊᠊᠊᠊᠊ ᠴᠢᠨᠠᠳᠤᠬᠢ ᠴᠢᠨᠢ ᠬᠡᠴᠢᠨᠡᠨ ᠤᠷᠠᠪᠠᠴᠤ ᠬᠦᠯᠢᠶᠡᠬᠦ ᠦᠭᠡᠢ᠃ ᠲᠡᠭᠡᠬᠦᠯᠡᠷ ᠴᠢᠮᠢ᠋ᠢ ᠤᠷᠠᠬᠤ ᠪᠣᠯᠤᠨ᠎ᠠ ᠰᠢᠦ ᠳᠡ᠃
᠊᠊᠊᠊᠊᠊᠊᠊᠊᠊᠊᠊᠊᠊᠊ ᠲᠡᠭᠡᠪᠡᠯ ᠴᠦ᠍ ᠳᠠᠪᠠᠳᠠᠭ ᠦᠭᠡᠢ ᠬᠡᠷᠡᠭ ᠠ᠋᠃
ᠵᠠᠬᠢᠷᠤᠭᠴᠢ ᠨᠢᠳᠦ ᠪᠡᠨ ᠴᠠᠪᠴᠢᠯᠠᠨ ᠬᠠᠶᠠ ᠬᠠᠯᠠᠭᠤᠨ ᠠᠷᠢᠬᠢ ᠰᠢᠮᠡᠨ ᠬᠡᠰᠡᠭ ᠰᠠᠭᠤᠪᠠ᠃ ᠪᠠᠶᠠᠨ᠂ ᠵᠠᠬᠢᠷᠤᠭᠴᠢ ᠶ᠋ᠢᠨ ᠠᠮᠠ ᠤᠷᠤᠭᠤ ᠶᠠᠰᠤ ᠭᠣᠷᠢᠳᠠᠭᠰᠠᠨ ᠨᠣᠬᠠᠢ ᠰᠢᠭ᠋ ᠳᠠᠯᠵᠢᠭᠢᠨᠠᠨ ᠰᠢᠷᠲᠡᠵᠦ ᠪᠠᠢᠯ᠎ᠠ᠃
᠊᠊᠊᠊᠊᠊᠊᠊᠊᠊᠊᠊᠊᠊᠊ ᠨᠠᠳᠠ ᠳ᠋ᠤ᠌ ᠨᠢᠭᠡ ᠠᠷᠭ᠎ᠠ ᠪᠠᠢᠨ᠎ᠠ᠃ ᠭᠡᠪᠡᠴᠦ ᠳᠠᠷᠤᠢ ᠳ᠋ᠠᠭᠠᠨ ᠬᠢᠵᠦ ᠪᠣᠯᠬᠤ ᠦᠭᠡᠢ ᠭᠡᠵᠦ ᠵᠠᠬᠢᠷᠤᠭᠴᠢ ᠦᠭᠡ ᠪᠦᠬᠦᠨ ᠢ᠋ᠶ᠋ᠡᠨ ᠲᠠᠰᠤᠯᠤᠨ ᠮᠠᠰᠢ ᠠᠭᠠᠵᠢᠮ ᠪᠥᠭᠡᠳ ᠢᠲᠡᠭᠡᠯ ᠲᠡᠢ ᠬᠡᠯᠡᠬᠦ ᠳ᠋ᠦ᠍ ᠪᠠᠶᠠᠨ ᠤ᠋ ᠨᠢᠭᠤᠷ ᠲᠤ᠌ ᠪᠠᠶᠠᠷ ᠤ᠋ᠨ ᠲᠤᠶᠠᠭ᠎ᠠ ᠲᠣᠳᠣᠷᠠᠵᠠᠢ᠃
