ᠲᠤᠩᠭᠠᠯᠠᠭ ᠲᠠᠮᠢᠷ2-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-04

1204

《ᠮᠠᠨ ᠤ᠋ ᠮᠣᠩᠭᠣᠯ ᠴᠤ᠌ ᠪᠤᠵᠠᠷ ᠳᠣᠷᠣᠮᠵᠢᠯᠠᠭᠳᠠᠵᠤ ᠪᠠᠢᠨ᠎ᠠ ᠳᠠ》 - ᠬᠣᠶᠠᠳᠤᠭᠠᠷ ᠪᠦᠯᠦᠭ ᠠᠷᠪᠠᠨ ᠬᠣᠶᠠᠷ

  ᠡᠪᠦᠯ ᠦ᠋ᠨ ᠨᠢᠭᠡᠨ ᠵᠢᠬᠡᠭᠦᠨ ᠬᠦᠢᠲᠡᠨ ᠥᠷᠯᠥᠭᠡ ᠡᠷᠳᠡᠨᠢ᠂ ᠲᠣᠪᠴᠢᠨ ᠤ᠋ ᠳᠥᠷᠪᠡᠨ ᠮᠣᠷᠢ ᠶ᠋ᠢ ᠳᠤᠮᠳᠠ ᠭᠣᠣᠯ ᠡᠴᠡ ᠤᠰᠤᠯᠠᠵᠤ ᠢᠷᠡᠭᠡᠳ ᠫᠧᠩ ᠳ᠋ᠦ᠍ ᠣᠷᠣᠭᠤᠯᠵᠤ ᠣᠪᠢᠶᠠᠰᠤ ᠲᠠᠯᠪᠢᠨ ᠥᠭᠭᠦᠭᠡᠳ ᠭᠠᠷᠲᠠᠯ᠎ᠠ ᠬᠠᠰᠢᠶᠠᠨ ᠤ᠋ ᠬᠠᠭᠠᠯᠭ᠎ᠠ ᠨᠡᠭᠡᠭᠡᠭᠳᠡᠨ ᠭᠠᠮᠢᠩ ᠤ᠋ᠳ ᠣᠷᠣᠵᠤ ᠢᠷᠡᠭᠡᠳ ᠣᠯᠠᠨ ᠲᠠᠪᠤᠨ ᠦᠭᠡ ᠴᠦ᠍ ᠶᠠᠷᠢᠭᠰᠠᠨ ᠦᠭᠡᠢ ᠰᠢᠭᠤᠳ ᠮᠣᠷᠢᠳ ᠢ᠋ ᠨᠢ ᠬᠣᠯᠪᠣᠨ ᠠᠪᠴᠤ ᠶᠠᠪᠤᠬᠤ ᠭᠡᠬᠦ ᠳ᠋ᠦ᠍ᠨᠢ ᠭᠡᠷᠡᠯ᠂ ᠭᠦᠶᠦᠨ ᠣᠴᠢᠵᠤ ᠭᠠᠮᠢᠩ ᠤ᠋ᠨ ᠳᠠᠷᠤᠭ᠎ᠠ ᠶ᠋ᠢᠨ ᠬᠥᠲᠥᠯᠵᠦ ᠶᠠᠪᠤᠭᠰᠠᠨ ᠵᠢᠷᠣᠭ᠎ᠠ ᠬᠡᠭᠡᠷ ᠮᠣᠷᠢᠨ ᠤ᠋ ᠪᠠᠨ ᠴᠤᠯᠪᠤᠭᠤᠷ ᠡᠴᠡ ᠪᠠᠷᠢᠨ ᠤᠭᠵᠠ ᠲᠠᠲᠠᠵᠤ ᠠᠪᠤᠯ᠎ᠠ᠃
  ᠭᠠᠮᠢᠩ ᠤ᠋ᠨ ᠳᠠᠷᠤᠭ᠎ᠠ ᠭᠡᠷᠡᠯ ᠢ᠋ ᠱᠠᠯᠢᠭ ᠨᠢᠳᠦ ᠪᠡᠷ ᠬᠠᠷᠠᠭᠰᠠᠨ ᠢ᠋ᠶ᠋ᠠᠨ ᠮᠣᠷᠢᠨ ᠡᠴᠡ ᠪᠠᠭᠤᠵᠤ ᠳᠡᠷᠭᠡᠳᠡ ᠨᠢ ᠣᠴᠢᠭᠠᠳ 《ᠶᠠᠮᠠᠷ ᠵᠣᠷᠢᠭᠲᠠᠢ ᠬᠡᠦᠬᠡᠨ ᠪᠣᠢ?》 ᠭᠡᠵᠦ ᠢᠷᠵᠠᠢᠨ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠡᠷᠳᠡᠨᠢ ᠮᠢᠨᠢ ᠶᠠᠭᠠᠬᠢᠳᠠᠭ ᠪᠢᠯᠡ᠃ ᠰᠠᠯᠭᠠᠵᠤ ᠦᠵᠡ᠃ ᠴᠠᠭᠠᠳᠤᠬᠢ ᠴᠢᠨᠢ ᠶᠠᠭᠠᠬᠢᠵᠤ ᠴᠤ᠌ ᠮᠠᠭᠠᠳ ᠰᠢᠦ ᠭᠡᠵᠦ ᠲᠣᠪᠴᠢᠨ ᠬᠣᠭᠣᠯᠠᠢ ᠪᠠᠨ ᠴᠡᠴᠡᠷᠡᠭᠦᠯᠦᠨ ᠡᠷᠳᠡᠨᠢ ᠶ᠋ᠢᠨ ᠠᠷᠤ ᠳ᠋ᠤ᠌ ᠣᠷᠣᠵᠤ ᠲᠦᠯᠬᠢᠨ᠎ᠡ᠃
  ᠊᠊᠊᠊᠊᠊᠊᠊᠊᠊᠊᠊᠊᠊᠊ ᠡᠯᠵᠢᠭᠡ ᠮᠢᠨᠢ ᠴᠢᠮᠠᠲᠤ ᠮᠣᠷᠢ ᠪᠠᠨ ᠥᠭᠬᠦ ᠦᠭᠡᠢ ᠭᠡᠳ ᠭᠡᠷᠡᠯ ᠲᠡᠪᠡᠷᠢᠵᠦ ᠠᠪᠬᠤ ᠭᠡᠰᠡᠨ ᠭᠠᠮᠢᠩ ᠤ᠋ᠨ ᠳᠠᠷᠤᠭ᠎ᠠ ᠶ᠋ᠢ ᠠᠯᠠᠭᠠᠳᠠᠪᠠ᠃
  ᠊᠊᠊᠊᠊᠊᠊᠊᠊᠊᠊᠊᠊᠊᠊ ᠶᠠᠭᠠᠬᠢᠭᠰᠠᠨ ᠲᠣᠭᠰᠢᠨ ᠪᠠᠢᠨ᠎ᠠ᠃ ᠲᠠ ᠰᠢᠭ᠋ ᠰᠠᠢᠬᠠᠨ ᠬᠡᠦᠬᠡᠨ ᠦ᠌ ᠮᠣᠷᠢ ᠶ᠋ᠢ ᠡᠰᠡ ᠠᠪᠪᠠᠯ ᠪᠢ ᠡᠷ᠎ᠡ ᠬᠥᠮᠦᠨ ᠪᠢᠰᠢ ᠪᠣᠯᠤᠨ᠎ᠠ ᠭᠡᠵᠦ ᠭᠠᠮᠢᠩ ᠤ᠋ᠨ ᠳᠠᠷᠤᠭ᠎ᠠ ᠡᠷᠬᠡ ᠬᠠᠪᠠ ᠰᠢᠭ᠋ ᠰᠠᠭᠰᠠᠭᠠᠨᠠᠨ ᠬᠡᠯᠡᠪᠡ᠃
  ᠲᠣᠪᠴᠢᠨ 《ᠡᠷᠳᠡᠨᠢ ᠮᠢᠨᠢ᠂ ᠡᠷᠳᠡᠨᠢ ᠮᠢᠨᠢ》 ᠭᠡᠵᠦ ᠠᠭᠠᠬᠢᠯᠠᠨ᠎ᠠ᠃
  ᠭᠠᠮᠢᠩ ᠤ᠋ᠨ ᠳᠠᠷᠤᠭ᠎ᠠ ᠭᠡᠷᠡᠯ ᠦ᠋ᠨ ᠤᠷᠲᠤ ᠨᠢᠳᠤᠷᠭ᠎ᠠ ᠡᠴᠡ ᠪᠠᠷᠢᠵᠤ ᠠᠪᠤᠯ᠎ᠠ᠃
  ᠡᠷᠳᠡᠨᠢ ᠤᠬᠤᠰᠬᠢᠨ ᠣᠴᠢᠵᠤ ᠭᠠᠮᠢᠩ ᠤ᠋ᠨ ᠳᠠᠷᠤᠭ᠎ᠠ ᠶ᠋ᠢᠨ ᠵᠢᠪᠡᠬᠡᠢ ᠰᠠᠷᠠᠯ ᠴᠠᠮᠴᠠᠨ ᠤ᠋ ᠮᠥᠷᠦᠨ ᠳᠡᠭᠡᠷ᠎ᠡ ᠡᠴᠡ ᠪᠠᠵᠠᠨ ᠠᠪᠴᠤ ᠤᠭᠵᠠ ᠲᠡᠳᠡᠨ ᠭᠡᠷᠡᠯ ᠢ᠋ ᠰᠠᠯᠭᠠᠪᠠ᠃
  ᠳᠠᠷᠤᠭ᠎ᠠ ᠰᠸᠯᠠᠢ᠌ᠳᠠᠢ ᠫᠤᠤ ᠶ᠋ᠢᠨ ᠢ᠋ᠶ᠋ᠡᠨ ᠡᠰᠢᠨ ᠡᠴᠡ ᠰᠢᠭᠦᠷᠡᠨ ᠠᠪᠤᠭᠰᠠᠨ ᠢ᠋ᠶ᠋ᠠᠨ ᠪᠣᠯᠢᠭᠠᠳ ᠡᠷᠳᠡᠨᠢ ᠥᠭᠡᠳᠡ ᠬᠠᠷᠠᠪᠠᠯ ᠲᠡᠷᠡ ᠨᠢ ᠴᠢᠯᠠᠭᠤᠨ ᠬᠥᠮᠦᠨ ᠰᠢᠭ ᠬᠥᠳᠡᠯᠬᠦ ᠴᠦ᠍ ᠦᠭᠡᠢ᠂ ᠳᠤᠤᠭᠠᠷᠬᠤ ᠴᠤ᠌ ᠦᠭᠡᠢ ᠵᠣᠭᠰᠣᠵᠤ ᠪᠠᠢᠯ᠎ᠠ᠃ ᠡᠨᠡ ᠬᠣᠶᠠᠷ ᠬᠡᠷᠦᠭᠰᠡᠨ ᠪᠤᠬ᠎ᠠ ᠰᠢᠭ᠋ ᠰᠢᠷᠳᠡᠯᠴᠡᠨ ᠵᠣᠭᠰᠣᠪᠠ᠃
  ᠊᠊᠊᠊᠊᠊᠊᠊᠊᠊᠊᠊᠊᠊᠊ ᠡᠬᠡᠨᠡᠷ ᠮᠢᠨᠢ᠂ ᠬᠡᠷᠡᠭ ᠦᠭᠡᠢ᠂ ᠡᠨᠡ ᠮᠠᠭᠤ ᠠᠳᠠᠰᠬ᠎ᠠ ᠣᠯᠳᠠᠵᠤ ᠪᠣᠯᠤᠨ᠎ᠠ᠃ ᠥᠭᠴᠦ ᠣᠷᠭᠢ! ᠭᠡᠳ ᠲᠣᠪᠴᠢᠨ ᠠᠮᠢᠰᠬᠤᠭᠠᠳᠠᠪᠠᠴᠤ ᠲᠡᠭᠦᠨ ᠢ᠋ ᠠᠩᠬᠠᠷᠤᠭᠰᠠᠨ ᠬᠥᠮᠦᠨ ᠦᠭᠡᠢ᠃
  ᠭᠠᠮᠢᠩ ᠤ᠋ᠨ ᠳᠠᠷᠤᠭ᠎ᠠ ᠬᠦᠢᠲᠡᠨ ᠢ᠋ᠶ᠋ᠡᠷ ᠢᠨᠢᠶᠡᠮᠰᠦᠭᠯᠡᠭᠰᠡᠨ ᠢ᠋ᠶ᠋ᠡᠨ ᠲᠦᠷᠭᠡᠨ ᠡᠷᠭᠢᠵᠦ ᠮᠣᠷᠢᠨ ᠳ᠋ᠠᠭᠠᠨ ᠮᠣᠷᠳᠠᠭᠠᠳ ᠶᠠᠪᠤᠬᠤ ᠳ᠋ᠤ᠌ ᠴᠡᠷᠢᠭ ᠦ᠋ᠳ ᠨᠢ ᠳᠠᠭᠠᠪᠠ᠃
  ᠊᠊᠊᠊᠊᠊᠊᠊᠊᠊᠊᠊᠊᠊᠊ ᠮᠤᠤᠰᠠᠢᠨ ᠳᠡᠭᠡᠷᠡᠮᠴᠢᠳ ᠴᠢᠨᠢ ᠭᠤᠷᠪᠠᠨ ᠮᠣᠷᠢ ᠶ᠋ᠢ ᠮᠢᠨᠢ ᠥᠭᠭᠦᠭᠰᠡᠨ ᠦᠭᠡᠢ ᠰᠢᠦ᠃ ᠲᠤᠷᠤᠰᠬ᠎ᠠ ᠶ᠋ᠢ ᠨᠢ ᠬᠠᠭᠤᠯᠬᠤ ᠶᠤᠮᠰᠠᠨ ᠭᠡᠵᠦ ᠲᠣᠪᠴᠢᠨ ᠨᠢᠳᠦ ᠪᠡᠨ ᠬᠤᠷᠴᠠᠯᠠᠨ ᠬᠣᠰᠢᠭᠤ ᠪᠠᠨ ᠮᠤᠷᠤᠯᠵᠠᠭᠤᠯᠵᠤ ᠪᠠᠢᠪᠠ᠃
  ᠬᠡᠳᠦᠨ ᠡᠳᠦᠷ ᠦ᠋ᠨ ᠳᠠᠷᠠᠭ᠎ᠠ ᠮᠣᠩᠭᠣᠯ ᠤ᠋ᠨ ᠠᠦ᠋ᠲ᠋ᠣᠨᠣᠮᠢᠲᠤ ᠲᠥᠷᠥ ᠶ᠋ᠢ ᠪᠠᠭᠤᠯᠭᠠᠬᠤ ᠪᠤᠵᠠᠷ ᠶᠣᠰᠣᠯᠠᠯ ᠪᠣᠯᠵᠤ᠂ ᠸᠴᠢᠷ ᠳ᠋ᠠᠷ᠎ᠠ ᠶ᠋ᠢᠨ ᠬᠤᠪᠢᠯᠭᠠᠨ ᠪᠣᠭᠳᠠ ᠵᠢᠪᠵᠤᠠᠳᠠᠮᠪᠠ᠂ ᠬᠤᠲᠤᠭᠲᠤ ᠳᠠ ᠽᠦᠩᠲ᠋ᠤᠩ ᠶᠤᠸᠠᠨ ᠱᠢ ᠺᠠᠢ ᠶ᠋ᠢᠨ ᠵᠢᠷᠤᠭ ᠲᠤ᠌ ᠮᠥᠷᠭᠥᠨ ᠪᠠᠳᠮᠠᠳᠣᠷᠵᠢ ᠱᠠᠩᠵᠠᠪ ᠮᠣᠩᠭᠣᠯ ᠢ᠋ ᠪᠠᠭᠤᠯᠭᠠᠵᠤ ᠥᠭᠭᠦᠭᠰᠡᠨ ᠦ᠌ ᠱᠠᠩ ᠳ᠋ᠤ᠌ ᠬᠠᠭᠠᠷᠠᠲᠠᠯ᠎ᠠ ᠪᠠᠨ ᠪᠠᠶᠠᠵᠢᠪᠠ᠃
  ᠮᠣᠩᠭᠣᠯ ᠨᠤᠲᠤᠭ ᠢ᠋ ᠪᠣᠭᠣᠯᠴᠢᠯᠠᠯ᠂ ᠳᠣᠷᠣᠮᠵᠢᠯᠠᠯ ᠤ᠋ᠨ ᠬᠠᠷ᠎ᠠ ᠮᠠᠨᠠᠨ ᠪᠦᠷᠬᠦᠵᠦ ᠮᠠᠷᠭᠠᠰᠢ ᠶ᠋ᠢᠨ ᠴᠢᠰᠤᠲᠤ ᠶᠠᠷᠭᠠᠯᠠᠯ ᠪᠦᠬᠦᠨ ᠦ᠌ ᠵᠢᠷᠦᠬᠡ ᠶ᠋ᠢ ᠪᠠᠵᠠᠭᠰᠠᠨ ᠲᠡᠷᠡ ᠨᠢᠭᠡᠨ ᠡᠳᠦᠷ ᠡᠷᠳᠡᠨᠢ ᠭᠤᠳᠤᠮᠵᠢᠨ ᠳ᠋ᠤ᠌ ᠳᠣᠷᠵᠢ ᠲᠠᠢ ᠲᠠᠭᠠᠷᠠᠯᠳᠤᠪᠠ᠃
  ᠊᠊᠊᠊᠊᠊᠊᠊᠊᠊᠊᠊᠊᠊᠊ ᠡᠷᠳᠡᠨᠢ ᠮᠢᠨᠢ ᠡᠭᠦᠨ ᠡᠴᠡ ᠢᠯᠡᠭᠦᠦ ᠭᠤᠲᠤᠮᠰᠢᠭᠲᠤ ᠬᠡᠷᠡᠭ ᠪᠠᠢᠬᠤ ᠦᠭᠡᠢ ᠰᠢᠦ ᠳᠡ᠃ ᠡᠵᠡᠨ ᠬᠠᠭᠠᠨ ᠮᠢᠨᠢ ᠬᠢᠲᠠᠳ ᠤ᠋ᠨ ᠵᠢᠷᠤᠭ ᠲᠤ᠌ ᠮᠥᠷᠭᠥᠨ᠎ᠡ ᠭᠡᠰᠡᠨ ᠴᠢᠨᠢ ᠶᠠᠭᠤ ᠭᠡᠰᠡᠨ ᠦᠭᠡ ᠪᠣᠢ᠃ ᠪᠢᠳᠡ ᠲᠤᠯᠤᠯᠳᠤᠭᠰᠠᠨ ᠪᠣᠯ ᠲᠡᠢᠮᠦ ᠴᠦ᠍ ᠠᠮᠠᠷᠬᠠᠨ ᠳᠡᠢᠯᠳᠡᠬᠦ ᠦᠭᠡᠢ ᠶᠤᠮ᠃ ᠲᠠᠷᠵᠠ ᠪᠠᠭᠠᠲᠤᠷ ᠪᠠᠭᠤᠵᠤ ᠥᠭᠬᠦ ᠦᠭᠡᠢ᠂ ᠦᠵᠡᠯᠴᠡᠨ᠎ᠡ! ᠭᠡᠵᠦ ᠳᠡᠭᠡᠳᠦᠰ ᠲᠦ᠍ ᠠᠢᠯᠠᠳᠬᠠᠬᠤ ᠳ᠋ᠤ᠌ ᠳᠡᠭᠡᠳᠦᠰ ᠲᠡᠭᠡᠵᠦ ᠪᠣᠯᠬᠤ ᠦᠭᠡᠢ ᠭᠡᠵᠦ ᠵᠠᠷᠯᠢᠭ ᠪᠠᠭᠤᠯᠭᠠᠭᠰᠠᠨ ᠭᠡᠨ᠎ᠡ᠃ ᠣᠳᠣ ᠲᠡᠭᠡᠭᠡᠳ ᠮᠠᠷᠭᠠᠰᠢ ᠥᠷᠯᠥᠭᠡ ᠪᠢᠳᠡ ᠴᠡᠷᠢᠭ ᠵᠡᠪᠰᠡᠭ ᠢ᠋ᠶ᠋ᠡᠨ ᠬᠤᠷᠢᠶᠠᠯᠭᠠᠨ᠎ᠠ ᠭᠡᠵᠦ ᠳᠣᠷᠵᠢ ᠲᠦᠮᠡᠨᠲᠡᠶ᠎ᠡ ᠭᠠᠰᠢᠭᠤᠳᠠᠨ ᠭᠠᠰᠠᠯᠤᠨ ᠶᠠᠷᠢᠯ᠎ᠠ᠃
  ᠊᠊᠊᠊᠊᠊᠊᠊᠊᠊᠊᠊᠊᠊᠊ ᠪᠢᠳᠡ ᠴᠢᠨᠢ ᠢᠩᠭᠢᠭᠡᠳ ᠳᠠᠬᠢᠨ ᠪᠣᠭᠣᠯ ᠪᠣᠯᠬᠤ ᠬᠡᠷᠡᠭ ᠤᠤ? ᠭᠡᠵᠦ ᠡᠷᠳᠡᠨᠢ ᠠᠰᠠᠭᠤᠪᠠ᠃
  ᠊᠊᠊᠊᠊᠊᠊᠊᠊᠊᠊᠊᠊᠊᠊ ᠪᠣᠭᠣᠯ ᠤ᠋ᠨ ᠪᠣᠭᠣᠯ ᠪᠣᠯᠬᠤ ᠨᠢ ᠲᠡᠷᠡ᠃ ᠭᠡᠪᠡᠴᠦ ᠮᠣᠩᠭᠣᠯ ᠤ᠋ᠨ ᠵᠠᠶᠠᠭ᠎ᠠ ᠶᠡᠬᠡ ᠯᠡ ᠳᠡ᠃ ᠭᠠᠰᠠᠯᠬᠤ ᠴᠠᠭ ᠪᠠᠢᠬᠤ ᠳ᠋ᠤ᠌ ᠪᠠᠶᠠᠷᠯᠠᠬᠤ ᠡᠳᠦᠷ ᠪᠠᠰᠠ ᠪᠠᠢᠬᠤ ᠶᠣᠰᠣᠲᠠᠢ ᠭᠡᠵᠦ ᠳᠣᠷᠵᠢ ᠬᠡᠯᠡᠭᠰᠡᠨ ᠪᠣᠯᠪᠠᠴᠤ ᠶᠠᠭᠤ ᠪᠣᠯᠤᠭᠠᠳ ᠬᠡᠵᠢᠶ᠎ᠡ ᠪᠠᠶᠠᠷᠯᠠᠬᠤ ᠪᠠᠨ ᠥᠪᠡᠷ ᠢ᠋ᠶ᠋ᠡᠨ ᠮᠡᠳᠡᠬᠦ ᠦᠭᠡᠢ ᠪᠠᠢᠵᠠᠢ᠃
  ᠮᠠᠷᠭᠠᠰᠢ ᠨᠢ ᠪᠣᠭᠳᠠ ᠶ᠋ᠢᠨ ᠴᠡᠷᠢᠭ ᠭᠠᠮᠢᠩ ᠳ᠋ᠤ᠌ ᠵᠡᠪᠰᠡᠭ ᠢ᠋ᠶ᠋ᠡᠨ ᠬᠤᠷᠢᠶᠠᠯᠭᠠᠪᠠ᠃ ᠰᠠᠶᠢᠬᠠᠨ ᠭᠠᠷ ᠲᠠᠭᠠᠨ ᠪᠠᠷᠢᠭᠠᠳ ᠢᠯᠠᠵᠤ ᠪᠠᠢᠭᠰᠠᠨ ᠵᠡᠪᠰᠡᠭ ᠢ᠋ᠶ᠋ᠡᠨ ᠬᠤᠷᠢᠶᠠᠯᠭᠠᠵᠤ ᠪᠠᠢᠭ᠎ᠠ ᠡᠮᠦᠰᠦᠭᠰᠡᠨ ᠳᠡᠪᠡᠯ ᠨᠢ ᠨᠣᠣᠷᠠᠩᠬᠠᠢ ᠪᠣᠯᠪᠠᠴᠤ ᠬᠦᠳᠡᠷ ᠡᠷᠡᠰ ᠢ᠋ ᠬᠠᠷᠠᠭᠠᠳ ᠡᠷᠳᠡᠨᠢ ᠶ᠋ᠢᠨ ᠰᠡᠳᠬᠢᠯ ᠳ᠋ᠦ᠍ ᠬᠠᠷᠢ ᠶ᠋ᠢᠨ ᠳᠠᠢᠰᠤᠨ ᠢ᠋ ᠵᠠᠨᠤᠨ ᠬᠣᠷᠣᠰᠬᠤ ᠪᠣᠳᠣᠯ ᠥᠪᠡᠷ ᠦ᠋ᠨ ᠡᠷᠬᠡ ᠦᠭᠡᠢ ᠳᠦᠷᠡᠯᠵᠡᠪᠡ᠃
  ᠳᠣᠷᠣᠮᠵᠢᠯᠠᠯ ᠢ᠋ᠶ᠋ᠠᠷ ᠵᠢᠷᠦᠬᠡ ᠶ᠋ᠢ ᠨᠢ ᠠᠳᠬᠤᠬᠤ ᠭᠡᠰᠡᠨ ᠭᠠᠮᠢᠩ ᠤ᠋ᠨ ᠪᠣᠳᠣᠯ ᠮᠣᠩᠭᠣᠯ ᠬᠥᠮᠦᠨ ᠪᠦᠬᠦᠨ ᠦ᠌ ᠰᠡᠳᠬᠢᠯ ᠢ᠋ ᠵᠢᠭᠰᠢᠯ ᠬᠣᠷᠣᠰᠤᠯ ᠤ᠋ᠨ ᠭᠠᠯ ᠢ᠋ᠶ᠋ᠠᠷ ᠳᠦᠭᠦᠷᠭᠡᠪᠡ᠃ ᠲᠡᠨᠳᠡ ᠡᠴᠡ ᠡᠷᠳᠡᠨᠢ ᠬᠠᠷᠠᠩᠭᠤᠢ ᠪᠣᠳᠣᠯ ᠳ᠋ᠤ᠌ ᠳᠠᠷᠤᠭᠳᠠᠨ ᠬᠡᠯᠲᠦᠷᠢᠵᠦ ᠶᠠᠪᠤᠲᠠᠯ᠎ᠠ ᠬᠣᠶᠠᠷ ᠭᠠᠮᠢᠩ ᠨᠢᠭᠡᠨ ᠡᠮᠡᠭᠲᠡᠢ ᠶ᠋ᠢ ᠬᠠᠰᠬᠢᠷᠤᠭᠤᠯᠤᠨ ᠴᠢᠷᠴᠦ ᠶᠠᠪᠤᠭ᠎ᠠ ᠬᠠᠷᠠᠭᠳᠠᠪᠠ᠃
  ᠊᠊᠊᠊᠊᠊᠊᠊᠊᠊᠊᠊᠊᠊᠊ ᠮᠣᠩᠭᠣᠯ ᠠᠬ᠎ᠠ ᠳᠡᠭᠦᠦ ᠮᠢᠨᠢ᠂ ᠡᠨᠡ ᠪᠤᠷᠤᠭᠤ ᠨᠣᠮᠲᠠᠨ ᠡᠴᠡ ᠠᠪᠤᠷᠠᠭᠠᠴᠢ᠃ ᠪᠢ ᠨᠥᠬᠥᠷ ᠲᠡᠢ ᠬᠥᠮᠦᠨ ᠰᠢᠦ ᠭᠡᠵᠦ ᠲᠡᠷᠡ ᠡᠮᠡᠭᠲᠡᠢ ᠬᠠᠰᠬᠢᠷᠪᠠᠴᠤ ᠬᠣᠶᠠᠷ ᠴᠡᠷᠢᠭ ᠲᠡᠭᠦᠨ ᠢ᠋ ᠲᠠᠯᠪᠢᠭᠰᠠᠨ ᠦᠭᠡᠢ᠃ ᠣᠷᠴᠢᠨ ᠲᠣᠭᠣᠷᠢᠨ ᠤ᠋ ᠬᠥᠮᠦᠰ ᠴᠦ᠍ ᠲᠤᠰᠠᠯᠠᠭᠰᠠᠨ ᠦᠭᠡᠢ᠃
  ᠡᠷᠳᠡᠨᠢ ᠶ᠋ᠢᠨ ᠠᠭᠤᠷ ᠨᠢ ᠭᠡᠨᠡᠳᠲᠡ ᠪᠤᠴᠠᠯᠵᠤ ᠱᠤᠤᠭᠢᠨ ᠣᠴᠢᠭᠠᠳ᠂ ᠬᠦᠨᠳᠦ ᠭᠠᠷ ᠢ᠋ᠶ᠋ᠠᠷ ᠢ᠋ᠶ᠋ᠠᠨ ᠨᠢᠭᠡ ᠨᠢᠭᠡ ᠴᠣᠬᠢᠭᠰᠠᠨ ᠴᠢᠨᠢ ᠬᠣᠶᠠᠷ ᠴᠡᠷᠢᠭ ᠲᠣᠩᠭᠣᠷᠴᠣᠭᠯᠠᠨ ᠤᠨᠠᠵᠤ ᠬᠡᠦᠬᠡᠨ ᠠᠯᠠᠭ᠎ᠠ ᠪᠣᠯᠪᠠ᠃
  ᠡᠨᠡ ᠦᠶ᠎ᠡ ᠳ᠋ᠦ᠍ ᠵᠡᠪᠰᠡᠭ ᠢ᠋ᠶ᠋ᠡᠨ ᠬᠤᠷᠢᠶᠠᠯᠭᠠᠭᠰᠠᠨ ᠰᠢᠪᠰᠢᠭᠲᠦ ᠶᠠᠪᠤᠳᠠᠯ ᠢ᠋ ᠦᠵᠡᠭᠡᠳ ᠬᠣᠷᠣᠰᠤᠨ ᠪᠤᠴᠠᠯᠵᠤ ᠶᠠᠪᠤᠭᠰᠠᠨ ᠴᠠᠸᠠᠩ ᠲᠡᠷᠢᠭᠦᠨ᠂ ᠭᠣᠮᠪᠣ ᠪᠡᠢᠰᠡ ᠬᠣᠶᠠᠷ ᠨᠢᠭᠡ ᠮᠣᠩᠭᠣᠯ ᠬᠥᠮᠦᠨ ᠬᠣᠶᠠᠷ ᠭᠠᠮᠢᠩ ᠢ᠋ ᠤᠨᠠᠲᠠᠯ᠎ᠠ ᠴᠣᠬᠢᠬᠤ ᠶ᠋ᠢ ᠪᠠᠬᠠᠳᠤᠨ ᠬᠠᠷᠠᠯ᠎ᠠ᠃
  ᠊᠊᠊᠊᠊᠊᠊᠊᠊᠊᠊᠊᠊᠊᠊ ᠡᠷᠡᠮᠡᠬᠡᠢ ᠴᠢᠳᠠᠯ᠂ ᠡᠷ᠎ᠡ ᠵᠣᠷᠢᠭ ᠴᠤ᠌ ᠪᠢᠳᠡᠨ ᠳ᠋ᠦ᠍ ᠪᠠᠢᠭ᠎ᠠ ᠯᠠ ᠶᠤᠮ ᠳᠠ᠃ ᠭᠠᠭᠴᠠᠬᠦ ᠬᠥᠲᠥᠯᠦᠭᠡᠳ ᠶᠠᠪᠤᠬᠤ ᠬᠥᠮᠦᠨ ᠯᠡ ᠳᠤᠲᠠᠭᠳᠠᠵᠤ ᠪᠠᠢᠨ᠎ᠠ ᠭᠡᠵᠦ ᠭᠣᠮᠪᠣ ᠪᠡᠢᠰᠡ ᠶ᠋ᠢ ᠬᠡᠯᠡᠬᠦ ᠳ᠋ᠦ᠍᠄
  ᠊᠊᠊᠊᠊᠊᠊᠊᠊᠊᠊᠊᠊᠊᠊ ᠪᠢ ᠶᠡᠷᠦᠨᠢ ᠰᠸᠮᠢᠶᠦᠨᠦᠧ ᠡᠴᠡ ᠲᠤᠰᠠᠯᠠᠮᠵᠢ ᠭᠤᠶᠤᠶ᠎ᠠ ᠭᠡᠵᠦ ᠪᠣᠳᠣᠵᠤ ᠪᠠᠢᠨ᠎ᠠ᠃ ᠡᠯᠴᠢ ᠯᠡ ᠶᠠᠪᠤᠭᠤᠯᠤᠶ᠎ᠠ᠃ ᠲᠠ ᠵᠥᠪᠰᠢᠶᠡᠷᠡᠬᠦ ᠤᠤ? ᠭᠡᠵᠦ ᠴᠠᠸᠠᠩ ᠲᠡᠷᠢᠭᠦᠨ ᠬᠡᠯᠡᠪᠡ᠃
  ᠊᠊᠊᠊᠊᠊᠊᠊᠊᠊᠊᠊᠊᠊᠊ ᠮᠡᠷᠭᠡᠨ ᠰᠠᠨᠠᠭ᠎ᠠ ᠪᠠᠢᠨ᠎ᠠ ᠭᠡᠳ ᠦᠭᠡ ᠪᠡᠨ ᠲᠠᠰᠤᠯᠪᠠ᠃
  ᠡᠷᠳᠡᠨᠢ ᠤᠷᠤᠭᠤ ᠬᠠᠰᠢᠶᠠᠨ ᠡᠴᠡ ᠭᠠᠷᠴᠤ ᠢᠷᠡᠭᠰᠡᠨ ᠵᠢᠷᠭᠤᠭᠠᠨ ᠭᠠᠮᠢᠩ ᠳᠠᠭᠠᠷᠢᠪᠠ᠃ ᠡᠷᠳᠡᠨᠢ ᠪᠠᠷᠠᠭᠤᠨ ᠵᠡᠭᠦᠨ ᠦᠭᠡᠢ ᠦᠰᠦᠷᠴᠦ ᠵᠣᠳᠣᠯᠳᠤᠭᠰᠠᠨ ᠪᠣᠯᠪᠠᠴᠤ ᠰᠢᠷᠭᠤᠯᠵᠢ ᠰᠢᠭ᠋ ᠣᠪᠣᠭᠠᠷᠠᠭᠰᠠᠨ ᠭᠠᠮᠢᠩ ᠳ᠋ᠤ᠌ ᠪᠠᠷᠢᠭᠳᠠᠨ ᠬᠦᠯᠢᠭᠳᠡᠪᠡ᠃
  ᠊᠊᠊᠊᠊᠊᠊᠊᠊᠊᠊᠊᠊᠊᠊ ᠡᠢᠮᠦ ᠬᠥᠮᠦᠨ ᠢ᠋ ᠶᠠᠪᠤᠭᠤᠯᠪᠠᠯ ᠵᠦᠭᠡᠷ ᠤᠤ ᠭᠡᠵᠦ ᠭᠣᠮᠪᠣ ᠪᠠᠢᠰᠠ ᠬᠡᠯᠡᠬᠦ ᠳ᠋ᠦ᠍ ᠴᠠᠸᠠᠩ ᠲᠡᠷᠢᠭᠦᠨ ᠶᠠᠮᠠᠷ ᠨᠢᠭᠡᠨ ᠮᠡᠷᠭᠡᠨ ᠠᠷᠭ᠎ᠠ ᠣᠯᠤᠭᠰᠠᠨ ᠪᠣᠯᠤᠯᠲᠠᠢ ᠮᠣᠷᠢᠨ ᠤ᠋ ᠠᠮᠠ ᠶ᠋ᠢ ᠡᠷᠭᠢᠭᠦᠯᠵᠦ᠂ ᠬᠦᠯᠢᠶᠡᠰᠦᠲᠡᠢ ᠡᠷᠳᠡᠨᠢ ᠶ᠋ᠢ ᠲᠣᠭᠣᠷᠢᠨ ᠪᠠᠢᠭ᠎ᠠ ᠴᠡᠷᠢᠭ ᠦ᠋ᠳ ᠲᠡᠭᠡᠨ ᠶᠠᠭᠤᠮ᠎ᠠ ᠬᠡᠯᠡᠵᠦ ᠪᠠᠢᠭᠰᠠᠨ ᠳᠠᠷᠤᠭ᠎ᠠ ᠶ᠋ᠢᠨ ᠳᠡᠷᠭᠡᠳᠡ ᠣᠴᠢᠵᠤ᠂ ᠲᠦᠷᠡᠢᠪᠴᠢ ᠶ᠋ᠢᠨ ᠢ᠋ᠶ᠋ᠡᠨ ᠪᠤᠯᠤᠩ ᠢ᠋ ᠨᠢᠳᠤᠷᠭᠠᠨ ᠳᠣᠲᠣᠷ᠎ᠠ ᠡᠴᠡ ᠪᠡᠨ ᠴᠤᠭᠣᠢ᠌ᠯᠭᠠᠨ ᠦᠵᠡᠭᠦᠯᠵᠦ᠄
  ᠊᠊᠊᠊᠊᠊᠊᠊᠊᠊᠊᠊᠊᠊᠊ ᠡᠷᠬᠢᠮ ᠨᠣᠶᠠᠨ᠂ ᠨᠠᠳᠠ ᠳ᠋ᠤ᠌ ᠡᠨᠡ ᠮᠠᠭᠤ ᠪᠣᠭᠣᠯ ᠢ᠋ ᠥᠭᠭᠦᠭᠡᠴᠢ ᠭᠡᠵᠦ ᠬᠦᠯᠢᠶᠡᠰᠦᠲᠡᠢ ᠬᠡᠪᠲᠡᠵᠦ ᠪᠠᠢᠭ᠎ᠠ ᠡᠷᠳᠡᠨᠢ ᠤᠷᠤᠭᠤ ᠵᠢᠭᠠᠪᠠ᠃
  ᠳᠠᠷᠤᠭ᠎ᠠ ᠢᠨᠢᠶᠡᠮᠰᠦᠭᠯᠡᠨ᠂ ᠴᠠᠸᠠᠩ ᠲᠡᠷᠢᠭᠦᠨ ᠦ᠌ ᠳᠡᠷᠭᠡᠳᠡ ᠢᠷᠡᠭᠡᠳ 《ᠬᠡᠳᠦ ᠪᠣᠢ》 ᠭᠡᠵᠦ ᠰᠢᠪᠡᠨᠡᠪᠡ᠃
  ᠊᠊᠊᠊᠊᠊᠊᠊᠊᠊᠊᠊᠊᠊᠊ ᠬᠣᠷᠢᠨ ᠲᠠᠪᠤᠨ ᠶᠠᠩᠴᠢᠶᠠᠨ᠃
  ᠊᠊᠊᠊᠊᠊᠊᠊᠊᠊᠊᠊᠊᠊᠊ ᠬᠣᠷᠢᠨ ᠲᠠᠪᠤ᠃
  ᠊᠊᠊᠊᠊᠊᠊᠊᠊᠊᠊᠊᠊᠊᠊ ᠵᠠ ᠶᠠᠭᠠᠬᠢᠬᠤᠪ᠂ ᠬᠣᠷᠢᠨ ᠲᠠᠪᠤ᠃
  ᠳᠠᠷᠤᠭ᠎ᠠ᠂ ᠴᠠᠸᠠᠩ ᠲᠡᠷᠢᠭᠦᠨ ᠦ᠌ ᠥᠭᠭᠦᠭᠰᠡᠨ ᠬᠣᠷᠢᠨ ᠲᠠᠪᠤᠨ ᠮᠥᠩᠭᠥᠨ ᠶᠠᠩᠴᠢᠶᠠᠨ ᠢ᠋ ᠠᠪᠴᠤ ᠡᠷᠭᠢᠮᠡᠭᠴᠡ ᠡᠷᠳᠡᠨᠢ ᠶ᠋ᠢᠨ ᠬᠦᠯᠢᠶᠡᠰᠦ ᠶ᠋ᠢ ᠲᠠᠢᠯᠤᠭᠤᠯᠤᠭᠠᠳ ᠵᠣᠭᠰᠣᠭᠰᠠᠨ ᠦᠭᠡᠢ ᠡᠷᠳᠡᠨᠢ ᠳ᠋ᠦ᠍ ᠠᠩᠬᠠᠨ ᠤ᠋ ᠴᠣᠬᠢᠭᠤᠯᠤᠭᠰᠠᠨ ᠬᠣᠶᠠᠷ ᠴᠡᠷᠢᠭ ᠢ᠋ ᠬᠡᠳᠦ ᠬᠡᠳᠦ ᠠᠯᠠᠭᠠᠳᠠᠪᠠ᠃
  ᠡᠷᠳᠡᠨᠢ ᠶ᠋ᠢ ᠠᠪᠠᠴᠢᠭᠠᠳ ᠭᠤᠷᠪᠠ ᠬᠣᠨᠣᠭ ᠰᠸᠯᠠᠢ᠌ᠳᠠᠢ ᠫᠤᠤ ᠪᠠᠷ ᠫᠤᠤᠳᠠᠬᠤ ᠰᠤᠷᠭᠠᠭᠤᠯᠢ ᠬᠢᠯᠭᠡᠵᠦ ᠪᠠᠢᠭᠠᠳ ᠨᠢᠭᠡ ᠣᠷᠣᠢ ᠴᠠᠸᠠᠩ ᠲᠡᠷᠢᠭᠦᠨ ᠠᠭᠤᠯᠵᠠᠪᠠ᠃
  ᠊᠊᠊᠊᠊᠊᠊᠊᠊᠊᠊᠊᠊᠊᠊ ᠴᠢ ᠴᠦ᠍ ᠭᠠᠮᠢᠩ ᠤ᠋ᠳ ᠲᠠᠢ ᠰᠠᠢᠨ ᠵᠣᠳᠣᠯᠳᠤᠭᠰᠠᠨ ᠰᠢᠦ᠃ ᠪᠢ ᠬᠠᠷᠠᠭᠠᠳ ᠶᠡᠬᠡ ᠯᠡ ᠪᠠᠶᠠᠷᠯᠠᠭᠰᠠᠨ᠃
  ᠊᠊᠊᠊᠊᠊᠊᠊᠊᠊᠊᠊᠊᠊᠊ ᠡᠮᠡᠭᠲᠡᠢ ᠬᠥᠮᠦᠨ ᠢ᠋ ᠲᠦᠮᠡᠨ ᠦ᠌ ᠨᠢᠳᠦᠨ ᠳᠡᠭᠡᠷ᠎ᠡ ᠳᠣᠷᠣᠮᠵᠢᠯᠠᠵᠤ ᠪᠠᠢᠬᠤ ᠶ᠋ᠢ ᠬᠠᠷᠠᠭᠠᠳ ᠲᠡᠪᠴᠢᠵᠦ ᠴᠢᠳᠠᠭ᠎ᠠ ᠦᠭᠡᠢ ᠶᠤᠮ᠃
  ᠊᠊᠊᠊᠊᠊᠊᠊᠊᠊᠊᠊᠊᠊᠊ ᠮᠠᠨ ᠤ᠋ ᠮᠣᠩᠭᠣᠯ ᠴᠤ᠌ ᠪᠤᠵᠠᠷ ᠳᠣᠷᠣᠮᠵᠢᠯᠠᠭᠳᠠᠵᠤ ᠪᠠᠢᠨ᠎ᠠ ᠳᠠ ᠭᠡᠳ ᠴᠠᠸᠠᠩ ᠲᠡᠷᠢᠭᠦᠨ ᠭᠦᠨ ᠰᠠᠨᠠᠭ᠎ᠠ ᠠᠯᠳᠠᠵᠤ ᠡᠷᠳᠡᠨᠢ ᠤᠷᠤᠭᠤ ᠬᠠᠷᠠᠯ᠎ᠠ᠃
  ᠊᠊᠊᠊᠊᠊᠊᠊᠊᠊᠊᠊᠊᠊᠊ ᠵᠡᠪᠰᠡᠭ ᠢ᠋ᠶ᠋ᠡᠨ ᠬᠤᠷᠢᠶᠠᠯᠭᠠᠬᠤ ᠦᠭᠡᠢ ᠦᠵᠡᠯᠴᠡᠬᠦ ᠯᠡ ᠶᠣᠰᠣᠲᠠᠢ ᠪᠠᠢᠭᠰᠠᠨ ᠶᠤᠮ ᠳᠠ ᠭᠡᠵᠦ ᠡᠷᠳᠡᠨᠢ ᠬᠡᠯᠡᠪᠡ᠃
  ᠴᠠᠸᠠᠩ ᠲᠡᠷᠢᠭᠦᠨ ᠴᠣᠬᠣᠮ ᠡᠨᠡ ᠦᠭᠡ ᠶ᠋ᠢ ᠬᠦᠰᠡᠵᠦ ᠪᠠᠢᠵᠠᠢ᠃ ᠡᠷᠳᠡᠨᠢ ᠶ᠋ᠢ ᠵᠠᠯᠢ ᠲᠠᠢ ᠨᠢᠳᠦ ᠪᠡᠷ ᠠᠵᠢᠭᠯᠠᠨ ᠬᠠᠷᠠᠭᠰᠠᠨ ᠢ᠋ᠶ᠋ᠠᠨ ᠤᠷᠲᠤ ᠰᠠᠨᠠᠭ᠎ᠠ ᠠᠯᠳᠠᠭᠠᠳ᠄
  ᠊᠊᠊᠊᠊᠊᠊᠊᠊᠊᠊᠊᠊᠊᠊ ᠲᠡᠢᠮᠦ ᠯᠡ ᠪᠠᠢᠭᠰᠠᠨ᠃ ᠭᠡᠪᠡᠴᠦ ᠣᠳᠣ ᠨᠢᠭᠡᠨᠲᠡ ᠬᠣᠵᠢᠮᠳᠠᠵᠠᠢ᠃ ᠥᠭᠡᠷ᠎ᠡ ᠵᠠᠮ ᠬᠠᠢᠬᠤ ᠬᠡᠷᠡᠭᠲᠡᠢ ᠪᠠᠢᠨ᠎ᠠ ᠁ ᠭᠡᠳ ᠡᠷᠳᠡᠨᠢ ᠤᠷᠤᠭᠤ ᠰᠢᠷᠳᠡᠪᠡ᠃
  ᠊᠊᠊᠊᠊᠊᠊᠊᠊᠊᠊᠊᠊᠊᠊ ᠥᠭᠡᠷ᠎ᠡ ᠵᠠᠮ ᠪᠠᠢᠪᠠᠯ ᠬᠡᠯᠡᠭᠡᠳ ᠠᠯᠢ᠃ ᠪᠢ ᠮᠣᠷᠢ ᠨᠣᠬᠠᠢ ᠮᠡᠲᠦ ᠵᠢᠳᠬᠦᠬᠦ ᠳ᠋ᠦ᠍ ᠪᠡᠯᠡᠬᠡᠨ ᠪᠠᠢᠨ᠎ᠠ ᠭᠡᠵᠦ ᠡᠷᠳᠡᠨᠢ ᠰᠢᠭᠤᠳ ᠬᠠᠷᠢᠭᠤᠯᠪᠠ᠃
  ᠴᠠᠸᠠᠩ ᠲᠡᠷᠢᠭᠦᠨ ᠶᠡᠬᠡ ᠯᠡ ᠪᠠᠬᠠᠳᠤᠯᠲᠠᠢ ᠢᠨᠢᠶᠡᠵᠦ ᠪᠣᠰᠤᠭᠠᠳ᠂ ᠲᠣᠮᠣ ᠭᠡᠷ ᠦ᠋ᠨ ᠳᠣᠲᠣᠭᠤᠷ ᠡᠰᠢ ᠲᠡᠰᠢ ᠬᠡᠰᠡᠭ ᠠᠯᠬᠤᠭᠰᠠᠨ ᠢ᠋ᠶ᠋ᠠᠨ᠄
  ᠊᠊᠊᠊᠊᠊᠊᠊᠊᠊᠊᠊᠊᠊᠊ ᠡᠷ᠎ᠡ ᠬᠥᠮᠦᠨ ᠦ᠌ ᠶᠠᠷᠢᠶ᠎ᠠ ᠰᠢᠭᠤᠳ ᠪᠣᠯ ᠰᠠᠢᠬᠠᠨ᠃ ᠢᠯᠠᠩᠭᠤᠶ᠎ᠠ ᠤᠯᠤᠰ ᠣᠷᠣᠨ ᠮᠠᠨᠢ ᠡᠢᠮᠦ ᠵᠣᠪᠠᠯᠠᠩ ᠳ᠋ᠤ᠌ ᠣᠷᠣᠭᠠᠳ ᠪᠠᠢᠬᠤ ᠳ᠋ᠤ᠌ ᠭᠠᠩ ᠵᠣᠷᠢᠭ ᠬᠡᠷᠡᠭ ᠲᠡᠢ᠃ ᠵᠠ ᠡᠢᠮᠦ ᠪᠠᠢᠨ᠎ᠠ᠃ ᠴᠢᠲ᠋ᠠ ᠬᠣᠲᠠ ᠳ᠋ᠤ᠌ ᠠᠲ᠋ᠠᠮᠠᠨ ᠰᠸᠮᠢᠶᠦᠨᠦᠧ ᠭᠡᠵᠦ ᠣᠷᠣᠰ ᠤ᠋ᠨ ᠨᠡᠷᠡᠲᠡᠢ ᠨᠣᠶᠠᠨ ᠶᠡᠬᠡ ᠴᠡᠷᠢᠭ ᠬᠥᠳᠡᠯᠭᠡᠵᠦ ᠪᠢᠳᠡᠨ ᠳ᠋ᠦ᠍ ᠲᠤᠰᠠᠯᠠᠬᠤ ᠭᠡᠵᠦ ᠪᠠᠢᠨ᠎ᠠ᠃ ᠲᠡᠭᠦᠨ ᠦ᠌ ᠶᠠᠪᠤᠭᠤᠯᠤᠭᠰᠠᠨ ᠬᠥᠮᠦᠨ ᠣᠳᠣ ᠬᠥᠪᠴᠢ ᠶ᠋ᠢᠨ ᠵᠢᠨᠦᠩ ᠸᠠᠩ ᠤ᠋ᠨ ᠨᠤᠲᠤᠭ ᠲᠤ᠌ ᠪᠢᠳᠡᠨ ᠦ᠌ ᠲᠥᠯᠥᠭᠡᠯᠡᠭᠴᠢ ᠶ᠋ᠢ ᠬᠦᠯᠢᠶᠡᠵᠦ ᠪᠠᠢᠨ᠎ᠠ᠃ ᠲᠡᠭᠦᠨ ᠳ᠋ᠦ᠍ ᠴᠢᠮᠢ᠋ᠢ ᠶᠠᠪᠤᠭᠤᠯᠤᠶ᠎ᠠ ᠭᠡᠵᠦ ᠪᠣᠳᠣᠵᠤ ᠪᠠᠢᠨ᠎ᠠ᠃ ᠵᠠᠮ ᠳ᠋ᠤ᠌ ᠰᠠᠭᠠᠳ ᠠᠶᠤᠯ ᠶᠡᠬᠡ᠃ ᠭᠠᠮᠢᠩ ᠤ᠋ᠳ ᠬᠦᠷᠢᠶ᠎ᠡ ᠶ᠋ᠢ ᠪᠦᠰᠡᠯᠡᠭᠡᠳ ᠰᠢᠪᠠᠭᠤ ᠴᠤ᠌ ᠣᠷᠣᠵᠤ ᠭᠠᠷᠭᠠᠬᠤ ᠦᠭᠡᠢ ᠪᠠᠢᠴᠠᠭᠠᠨ ᠰᠢᠯᠭᠠᠵᠤ ᠪᠠᠢᠭ᠎ᠠ᠃ ᠭᠡᠲᠡᠯ᠎ᠡ ᠲᠠ ᠪᠣᠯ ᠪᠢᠳᠡᠨ ᠦ᠌ ᠪᠢᠴᠢᠭ ᠢ᠋ ᠠᠪᠴᠤ ᠶᠠᠪᠤᠬᠤ ᠪᠣᠯᠤᠨ᠎ᠠ ᠭᠡᠵᠦ ᠬᠡᠯᠡᠪᠡ᠃
  ᠊᠊᠊᠊᠊᠊᠊᠊᠊᠊᠊᠊᠊᠊᠊ ᠲᠡᠷᠡ ᠨᠣᠶᠠᠨ ᠮᠣᠩᠭᠣᠯ ᠢ᠋ ᠭᠠᠮᠢᠩ ᠤ᠋ᠨ ᠳᠣᠷᠣᠮᠵᠢᠯᠠᠯ ᠡᠴᠡ ᠰᠠᠯᠭᠠᠵᠤ ᠥᠭᠬᠦ ᠶᠦ᠍ᠮ ᠤᠤ?
  ᠊᠊᠊᠊᠊᠊᠊᠊᠊᠊᠊᠊᠊᠊᠊ ᠶᠠᠷᠢᠶ᠎ᠠ ᠶᠠᠭᠤ ᠪᠠᠢᠬᠤᠪ ᠳᠠ!
  ᠊᠊᠊᠊᠊᠊᠊᠊᠊᠊᠊᠊᠊᠊᠊ ᠵᠠ ᠲᠡᠭᠡᠪᠡᠯ ᠬᠡᠵᠢᠶ᠎ᠡ ᠭᠠᠷᠬᠤ ᠪᠣᠢ?
  ᠊᠊᠊᠊᠊᠊᠊᠊᠊᠊᠊᠊᠊᠊᠊ ᠥᠨᠥ ᠣᠷᠣᠢ ᠭᠠᠷᠴᠤ ᠪᠣᠯᠤᠨ᠎ᠠ᠃
  ᠲᠩᠷᠢ ᠪᠦᠷᠬᠦᠵᠦ ᠪᠠᠢᠭᠰᠠᠨ ᠢ᠋ᠶ᠋ᠠᠨ ᠭᠡᠨᠡᠳᠲᠡ ᠴᠡᠯᠮᠡᠵᠦ ᠲᠣᠮᠣ ᠭᠡᠭᠴᠢ ᠶ᠋ᠢᠨ ᠲᠣᠭᠣᠷᠢᠭ ᠰᠠᠷᠠ ᠶᠢᠷᠲᠢᠨᠴᠦ ᠶ᠋ᠢ ᠭᠡᠢᠭᠦᠯᠪᠡ᠃ ᠡᠷᠳᠡᠨᠢ ᠬᠣᠣᠰ ᠮᠣᠷᠢ ᠲᠠᠢ ᠶᠠᠪᠤᠭᠰᠠᠭᠠᠷ ᠮᠠᠢᠮᠠᠢ ᠬᠣᠲᠠᠨ ᠤ᠋ ᠡᠮᠦᠨ᠎ᠡ ᠬᠦᠷᠲᠡᠯ᠎ᠡ ᠭᠠᠮᠢᠩ ᠲᠠᠢ ᠲᠤᠯᠭᠠᠷᠠᠪᠠ᠃
  ᠊᠊᠊᠊᠊᠊᠊᠊᠊᠊᠊᠊᠊᠊᠊ ᠪᠢ ᠭᠡᠮ ᠦᠭᠡᠢ ᠬᠥᠮᠦᠨ ᠪᠠᠢᠨ᠎ᠠ ᠭᠡᠳ ᠮᠣᠷᠢ ᠪᠠᠨ ᠲᠡᠳᠡᠨ ᠵᠣᠭᠰᠣᠲᠠᠯ᠎ᠠ ᠡᠮᠦᠨ᠎ᠡ ᠡᠴᠡ ᠨᠢ ᠳᠥᠷᠪᠡᠨ ᠮᠣᠷᠢ ᠲᠠᠢ ᠭᠠᠮᠢᠩ ᠭᠠᠷᠴᠤ ᠢᠷᠡᠯ᠎ᠡ᠃
  ᠡᠷᠳᠡᠨᠢ ᠪᠥᠭᠡᠮ ᠳ᠋ᠦ᠍ᠨᠢ ᠪᠠᠷᠢᠨ ᠫᠤᠤᠳᠠᠭᠠᠳ ᠮᠣᠷᠢᠨ ᠳ᠋ᠠᠭᠠᠨ ᠲᠠᠰᠢᠭᠤᠷ ᠥᠭᠴᠦ ᠵᠡᠭᠦᠨ ᠵᠦᠭ ᠢ᠋ ᠴᠢᠭᠯᠡᠨ ᠬᠤᠷᠳᠤᠯᠠᠪᠠ᠃ ᠭᠡᠨᠡᠳᠲᠡ ᠳᠤᠤᠭᠠᠷᠴᠤ ᠨᠢᠭᠡ ᠮᠣᠷᠢ ᠶ᠋ᠢ ᠨᠢ ᠠᠯᠠᠭᠰᠠᠨ ᠫᠤᠤ ᠶ᠋ᠢᠨ ᠳᠠᠭᠤᠨ ᠳ᠋ᠤ᠌ ᠰᠠᠨᠳᠤᠷᠤᠭᠰᠠᠨ ᠭᠠᠮᠢᠩ ᠤ᠋ᠳ ᠤᠬᠠᠭᠠᠨ ᠣᠷᠣᠵᠤ ᠠᠮᠵᠢᠭ᠎ᠠ ᠦᠭᠡᠢ ᠪᠠᠢᠬᠤ ᠳ᠋ᠤ᠌ ᠡᠷᠳᠡᠨᠢ ᠲᠡᠳᠡ ᠨᠠᠷ ᠡᠴᠡ ᠨᠡᠯᠢᠶᠡᠳ ᠬᠣᠯᠠᠳᠴᠤ᠂ ᠮᠣᠷᠢᠨ ᠤ᠋ ᠳᠡᠯ ᠤᠷᠤᠭᠤ ᠪᠥᠬᠥᠢᠨ ᠬᠠᠶᠠ ᠬᠠᠶᠠ ᠡᠷᠭᠢᠵᠦ ᠬᠠᠷᠠᠨ ᠳᠠᠪᠬᠢᠵᠤ ᠶᠠᠪᠤᠯ᠎ᠠ᠃ ᠭᠡᠲᠡᠯ᠎ᠡ ᠣᠯᠠᠨ ᠫᠤᠤ ᠲᠠᠴᠢᠭᠢᠨᠠᠨ ᠰᠤᠮᠤ ᠲᠠᠯ᠎ᠠ ᠪᠦᠷᠢ ᠪᠡᠷ ᠨᠢ ᠱᠤᠤᠭᠢᠨ ᠢᠰᠬᠡᠷᠴᠦ ᠡᠬᠢᠯᠡᠪᠡ᠃ ᠨᠢᠭᠡ ᠮᠡᠳᠡᠬᠦ ᠳ᠋ᠦ᠍ ᠡᠷᠳᠡᠨᠢ ᠤᠯᠢᠶᠠᠰᠤᠲᠠᠢ ᠶ᠋ᠢᠨ ᠭᠣᠣᠯ ᠢ᠋ ᠭᠠᠷᠴᠤ ᠲᠤᠤᠯᠠ ᠶ᠋ᠢᠨ ᠬᠣᠢᠲᠤ ᠲᠠᠯ᠎ᠠ ᠶ᠋ᠢ ᠪᠠᠷᠢᠨ ᠳᠠᠪᠬᠢᠵᠤ ᠶᠠᠪᠤᠯ᠎ᠠ᠃ ᠫᠤᠤ ᠶ᠋ᠢᠨ ᠳᠠᠭᠤ ᠬᠣᠯᠠᠳᠤᠭᠰᠠᠭᠠᠷ᠂ ᠰᠠᠯᠬᠢᠲᠤ ᠬᠣᠰᠢᠭᠤ ᠬᠦᠷᠬᠦ ᠳ᠋ᠦ᠍ ᠪᠦᠷ ᠴᠢᠮᠡᠭᠡ ᠲᠠᠰᠤᠷᠠᠪᠠ᠃ ᠡᠷᠳᠡᠨᠢ ᠬᠤᠷᠳᠤ ᠪᠠᠨ ᠲᠠᠲᠠᠵᠤ ᠣᠷᠣᠭᠰᠢ ᠡᠷᠭᠢᠨ ᠲᠤᠤᠯᠠ ᠶ᠋ᠢ ᠭᠠᠲᠤᠯᠵᠤ ᠭᠠᠷᠤᠭᠠᠳ ᠭᠣᠣᠯ ᠤ᠋ᠨ ᠰᠢᠭᠤᠢ ᠳᠠᠭᠠᠵᠤ ᠬᠠᠲᠠᠷᠢᠭᠤᠯᠤᠨ ᠶᠠᠪᠤᠵᠠᠢ᠃
  ᠰᠠᠯᠬᠢᠨ ᠳ᠋ᠤ᠌ ᠱᠤᠤᠭᠢᠬᠤ ᠪᠤᠷᠭᠠᠰᠤᠨ ᠤ᠋ ᠳᠠᠭᠤ᠂ ᠮᠣᠷᠢᠨ ᠤ᠋ ᠠᠮᠢᠰᠬᠤᠭᠠᠳᠠᠬᠤ ᠡᠴᠡ ᠥᠭᠡᠷ᠎ᠡ ᠴᠢᠮᠡᠭᠡ ᠰᠣᠨᠣᠰᠤᠯ ᠦᠭᠡᠢ ᠶᠠᠪᠤᠭᠰᠠᠭᠠᠷ ᠭᠣᠷᠣᠬ᠎ᠠ ᠶ᠋ᠢᠨ ᠠᠮᠠ ᠥᠩᠭᠡᠷᠡᠵᠦ ᠦᠷ ᠦ᠋ᠨ ᠭᠡᠭᠡ ᠲᠡᠢ ᠵᠣᠯᠭᠠᠪᠠ᠃
  ᠳᠣᠷᠣᠨᠠᠲᠤ ᠠᠭᠤᠯᠠᠰ ᠤ᠋ᠨ ᠣᠷᠣᠢ ᠳᠡᠭᠡᠭᠦᠷ ᠮᠠᠩᠬᠠᠢᠨ ᠴᠠᠢᠵᠤ ᠪᠠᠢᠭ᠎ᠠ ᠰᠢᠨ᠎ᠡ ᠡᠳᠦᠷ ᠡᠷᠳᠡᠨᠢ ᠶ᠋ᠢᠨ ᠠᠮᠢᠳᠤᠷᠠᠯ ᠳ᠋ᠤ᠌ ᠶᠠᠭᠤ ᠠᠪᠴᠢᠷᠠᠵᠤ ᠥᠭᠬᠦ ᠶ᠋ᠢ ᠳᠠᠭᠠᠬᠤ ᠳ᠋ᠤ᠌ ᠬᠡᠴᠡᠭᠦᠦ ᠪᠣᠯᠪᠠᠴᠤ ᠲᠣᠮᠣ ᠠᠶᠤᠯ ᠡᠴᠡ ᠡᠨᠡ ᠤᠳᠠᠭ᠎ᠠ ᠮᠡᠨᠳᠦ ᠭᠠᠷᠤᠭᠰᠠᠨ ᠶᠡᠬᠡ ᠵᠠᠪᠰᠢᠶᠠᠨ ᠰᠡᠳᠬᠢᠯ ᠳ᠋ᠦ᠍ᠨᠢ ᠶᠠᠮᠠᠷ ᠨᠢᠭᠡᠨ ᠪᠠᠶᠠᠷ ᠢ᠋ ᠠᠪᠴᠢᠷᠠᠵᠤ ᠪᠠᠢᠯ᠎ᠠ᠃