ᠲᠤᠩᠭᠠᠯᠠᠭ ᠲᠠᠮᠢᠷ3-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠰᠢᠨ᠎ᠡ ᠮᠣᠩᠭᠣᠯ ᠤᠯᠤᠰ ᠤ᠋ᠨ ᠡᠷᠦᠬᠡ ᠶ᠋ᠢ ᠪᠢᠳᠡ ᠲᠠᠲᠠᠯ᠎ᠠ᠃ ᠣᠳᠣ ᠤᠯᠤᠰ ᠭᠡᠷ ᠢ᠋ ᠲᠥᠪᠬᠢᠨᠡᠭᠦᠯᠬᠦ ᠴᠠᠭ ᠢᠷᠡᠪᠡ》 - ᠭᠤᠷᠪᠠᠳᠤᠭᠠᠷ ᠪᠦᠯᠦᠭ ᠨᠢᠭᠡ
ᠠᠭᠤᠵᠢᠮ ᠲᠠᠯᠠᠪᠠᠢ ᠪᠠᠢᠪᠠᠴᠤ
ᠤᠰᠤ ᠲᠠᠢ ᠨᠠᠮᠤᠭ ᠢ᠋ ᠨᠢ ᠮᠡᠳᠡᠭᠡᠷᠡᠢ
ᠤᠴᠠᠷᠠᠭᠰᠠᠨ ᠠᠮᠠᠷᠠᠭ ᠪᠠᠢᠪᠠᠴᠤ
ᠤᠬᠠᠭᠠᠨ ᠰᠡᠳᠬᠢᠯ ᠢ᠋ ᠨᠢ ᠲᠠᠨᠢᠭᠠᠷᠠᠢ᠃
(ᠠᠷᠠᠳ ᠤ᠋ᠨ ᠳᠠᠭᠤᠤ)
ᠰᠠᠢᠷ ᠱᠠᠩᠳᠠ ᠶ᠋ᠢᠨ ᠤᠰᠤ ᠶ᠋ᠢ
ᠰᠢᠪᠬᠠᠭᠠᠳ ᠰᠢᠪᠬᠠᠭᠠᠳ ᠪᠠᠷᠠᠬᠤ ᠦᠭᠡᠢ
ᠰᠠᠢᠨ ᠬᠥᠮᠦᠨ ᠦ᠌ ᠦᠷ᠎ᠡ ᠶ᠋ᠢ
ᠳᠠᠷᠤᠭᠠᠳ ᠳᠠᠷᠤᠭᠠᠳ ᠳᠡᠢᠯᠬᠦ ᠦᠭᠡᠢ᠃
(ᠠᠷᠠᠳ ᠤ᠋ᠨ ᠳᠠᠭᠤᠤ)
ᠵᠢᠷᠣᠭ᠎ᠠ ᠪᠠᠬᠠᠨ ᠤᠯᠠᠭᠠᠨ ᠢ᠋
ᠵᠢᠯᠣᠭᠣ ᠶ᠋ᠢ ᠨᠢ ᠳᠥᠮᠥᠭᠡᠳ ᠮᠣᠷᠳᠠᠭᠠᠷᠠᠢ
ᠵᠣᠷᠢᠭᠰᠠᠨ ᠭᠠᠵᠠᠷ ᠬᠣᠯᠠᠬᠠᠨ ᠰᠢᠦ
ᠵᠣᠷᠢᠭ ᠢ᠋ᠶ᠋ᠠᠨ ᠪᠢᠲᠡᠭᠡᠢ ᠮᠣᠬᠣᠭᠠᠷᠠᠢ᠃
(ᠠᠷᠠᠳ ᠤ᠋ᠨ ᠳᠠᠭᠤᠤ)
ᠨᠢᠭᠡ
ᠬᠦᠷᠢᠶᠡᠨ ᠦ᠌ ᠬᠣᠢᠲᠤ ᠲᠠᠯ᠎ᠠ ᠡᠴᠡ ᠣᠷᠣᠵᠤ ᠲᠡᠮᠦᠷᠴᠢᠨ ᠦ᠌ ᠵᠠᠬ᠎ᠠ ᠪᠠᠷ ᠨᠡᠪᠲᠡᠷᠡᠨ ᠭᠠᠷᠤᠭᠰᠠᠨ ᠪᠠᠷᠠᠭᠤᠨ ᠰᠠᠯᠪᠠ ᠶ᠋ᠢᠨ ᠭᠣᠣᠯ ᠪᠠᠢᠭ᠎ᠠ ᠦᠭᠡᠢ ᠪᠣᠯ ᠬᠦᠷᠢᠶᠡᠨ ᠦ᠌ ᠬᠣᠭ ᠢ᠋ ᠲᠤᠤᠯᠠ ᠳ᠋ᠤ᠌ ᠬᠡᠨ ᠬᠦᠷᠭᠡᠵᠦ ᠥᠭᠬᠦ ᠪᠠᠢᠭᠰᠠᠨ ᠪᠣᠯ ᠳᠠ? ᠡᠨᠡ ᠭᠣᠣᠯ ᠦᠶᠡᠷᠯᠡᠭᠡ ᠦᠭᠡᠢ ᠴᠠᠭ ᠲᠠᠭᠠᠨ ᠬᠠᠭᠤᠷᠠᠢ ᠰᠠᠢᠷ ᠪᠠᠢᠪᠠᠴᠤ ᠦᠶᠡᠷᠯᠡᠬᠦ ᠪᠦᠷᠢ ᠳ᠋ᠡᠭᠡᠨ ᠰᠠᠪᠠ ᠡᠴᠡ ᠪᠡᠨ ᠬᠠᠯᠢᠵᠤ ᠬᠠᠮᠠᠷ ᠱᠠᠷᠬᠢᠷᠠᠭᠤᠯᠤᠭᠰᠠᠨ ᠡᠬᠡᠭᠦᠨ ᠦᠨᠦᠷ ᠬᠠᠩᠬᠤᠯᠤᠭᠤᠯᠤᠨ ᠲᠦᠮᠡᠨ ᠵᠦᠢᠯ ᠦ᠋ᠨ ᠨᠣᠪᠰᠢ ᠲᠡᠭᠡᠭᠡᠪᠦᠷᠢᠯᠡᠨ ᠤᠯᠠᠭᠠᠨ ᠢ᠋ᠶ᠋ᠠᠷ ᠡᠷᠭᠢᠯᠳᠦᠨ᠎ᠡ᠃
ᠦᠳᠡᠰᠢ ᠶ᠋ᠢᠨ ᠪᠦᠷᠦᠢ ᠬᠠᠷᠠᠩᠭᠤᠢ ᠬᠦᠷᠢᠶ᠎ᠡ ᠶ᠋ᠢ ᠨᠥᠮᠥᠷᠦᠭᠰᠡᠨ ᠵᠤᠨ ᠤ᠋ ᠨᠢᠭᠡ ᠣᠷᠣᠢ ᠪᠠᠷᠠᠭᠤᠨ ᠰᠠᠯᠪᠠ ᠶ᠋ᠢᠨ ᠭᠣᠣᠯ ᠤ᠋ᠨ ᠬᠠᠭᠤᠷᠠᠢ ᠰᠠᠢᠷ᠂ ᠵᠡᠭᠦᠨ ᠬᠦᠷᠢᠶᠡᠨ ᠡᠴᠡ ᠭᠠᠷᠴᠤ ᠬᠣᠷᠢᠶᠠᠨ ᠤ᠋ ᠵᠠᠬ᠎ᠠ ᠤᠷᠤᠭᠤ ᠣᠷᠣᠭᠰᠠᠨ ᠵᠠᠭᠠᠭ ᠳᠡᠭᠡᠷ᠎ᠡ ᠪᠠᠷᠢᠭᠰᠠᠨ ᠵᠠᠳᠠᠷ ᠤ᠋ᠨ ᠭᠦᠦᠷ ᠭᠡᠭᠴᠢ ᠤᠯᠠᠭᠠᠨ ᠵᠣᠰᠣᠨ ᠪᠣᠳᠣᠭ ᠨᠢ ᠬᠠᠭᠤᠴᠢᠷᠠᠨ ᠴᠠᠢᠪᠤᠷ ᠶᠠᠭᠠᠨ ᠪᠣᠯᠤᠭᠰᠠᠨ ᠮᠣᠳᠣᠨ ᠭᠦᠦᠷ ᠢ᠋ ᠴᠢᠭᠯᠡᠨ ᠨᠢᠭᠡ ᠬᠥᠮᠦᠨ ᠪᠥᠷᠲᠥᠯᠵᠡᠨ ᠭᠦᠶᠦᠨ᠎ᠡ᠃
ᠦᠷᠭᠡᠯᠡᠵᠦ ᠡᠬᠢᠯᠡᠭᠰᠡᠨ ᠬᠦᠷᠢᠶ᠎ᠡ ᠤᠷᠤᠭᠤ ᠴᠡᠩᠭᠡᠯᠲᠦ ᠠᠭᠤᠯᠠ ᠶ᠋ᠢᠨ ᠵᠦᠭ ᠡᠴᠡ ᠰᠡᠷᠢᠭᠦᠨ ᠰᠠᠯᠬᠢ ᠲᠠᠰᠤᠯᠳᠠᠨ ᠦᠯᠢᠶᠡᠵᠦ ᠲᠦᠭ ᠲᠦᠮᠡᠨ ᠨᠣᠬᠠᠢ ᠶ᠋ᠢᠨ ᠥᠩᠭᠡ ᠪᠦᠷᠢ ᠶ᠋ᠢᠨ ᠬᠥᠭ ᠢ᠋ᠶ᠋ᠡᠷ ᠬᠤᠴᠠᠬᠤ ᠲᠠᠰᠤᠷᠠᠯᠲᠠ ᠦᠭᠡᠢ ᠳᠠᠭᠤ ᠴᠢᠬᠢ ᠪᠠᠵᠠᠯᠠᠨ ᠶᠠᠩᠰᠢᠨ᠎ᠠ᠃ ᠬᠡᠷᠪᠡ ᠡᠨᠡ ᠳᠠᠭᠤ ᠪᠠᠢᠬᠤ ᠦᠭᠡᠢ ᠰᠠᠨ ᠪᠣᠯ ᠬᠦᠷᠢᠶ᠎ᠡ ᠰᠥᠨᠢ ᠶ᠋ᠢᠨ ᠴᠠᠭ ᠲᠤ᠌ ᠡᠵᠡᠭᠦᠢ ᠬᠠᠭᠤᠴᠢᠨ ᠪᠠᠯᠭᠠᠰᠤ ᠲᠠᠢ ᠶᠠᠭ ᠠᠳᠠᠯᠢ ᠪᠠᠢᠬᠤ ᠰᠠᠨ᠃ ᠰᠥᠨᠢ ᠴᠠᠭ ᠤ᠋ᠨ ᠨᠣᠬᠠᠢ ᠶ᠋ᠢᠨ ᠳᠠᠭᠤ ᠤᠨᠲᠠᠭᠰᠠᠨ ᠬᠦᠷᠢᠶᠡᠨ ᠦ᠌ ᠠᠮᠢᠳᠤ ᠪᠠᠢᠭ᠎ᠠ ᠶ᠋ᠢᠨ ᠲᠡᠮᠳᠡᠭ᠂ ᠵᠢᠷᠦᠬᠡᠨ ᠦ᠌ ᠬᠢᠨᠢ ᠴᠣᠬᠢᠯᠲᠠ ᠪᠠᠢᠯ᠎ᠠ᠃
ᠨᠥᠭᠥᠭᠡ ᠬᠥᠮᠦᠨ ᠰᠢᠭᠤᠳ ᠶᠠᠪᠤᠭᠰᠠᠭᠠᠷ ᠬᠠᠭᠤᠴᠢᠨ ᠰᠠᠢᠷ ᠤ᠋ᠨ ᠬᠠᠢᠷᠭᠤ ᠴᠢᠯᠠᠭᠤ ᠶ᠋ᠢ ᠱᠠᠵᠢᠭᠢᠨᠠᠭᠤᠯᠤᠨ ᠭᠦᠦᠷ ᠦ᠋ᠨ ᠳᠣᠭᠤᠤᠷ ᠣᠷᠣᠭᠠᠳ ᠬᠡᠳᠦ ᠠᠯᠬᠤᠲᠠᠯ᠎ᠠ ᠴᠠᠭᠠᠷᠢᠭᠯᠠᠨ ᠬᠡᠪᠲᠡᠭᠰᠡᠨ ᠨᠣᠬᠠᠢ ᠳᠡᠭᠡᠷ᠎ᠡ ᠭᠢᠰᠬᠢᠵᠦ ᠳᠠᠪ ᠬᠢᠨ ᠰᠣᠴᠢᠵᠤ ᠭᠡᠳᠡᠷᠭᠦ ᠪᠣᠯᠪᠠ᠃ ᠨᠣᠢᠷ ᠤ᠋ᠨ ᠳᠤᠮᠳᠠ ᠪᠠᠨ ᠭᠡᠨᠡᠳᠲᠡ ᠭᠢᠰᠬᠢᠭᠦᠯᠦᠭᠰᠡᠨ ᠨᠣᠬᠠᠢ ᠴᠤ᠌ ᠠᠶᠤᠬᠤ ᠶ᠋ᠢᠨ ᠶᠡᠬᠡ ᠪᠡᠷ ᠠᠶᠤᠭᠰᠠᠨ ᠪᠣᠯᠤᠯᠲᠠᠢ ᠰᠡᠭᠦᠯ ᠬᠠᠪᠴᠢᠨ ᠭᠠᠰᠠᠯᠵᠤ ᠵᠠᠢᠯᠠᠪᠠ᠃ ᠭᠦᠦᠷ ᠦ᠋ᠨ ᠳᠣᠣᠷ᠎ᠠ ᠬᠠᠷᠠᠩᠭᠤᠢ ᠪᠥᠭᠡᠳ ᠰᠢᠪᠲᠦᠷ ᠳᠠᠭᠠᠭᠠᠭᠰᠠᠨ ᠭᠠᠰᠢᠯᠤᠮᠠᠯ ᠴᠢᠭᠢᠭ ᠦᠨᠦᠷᠲᠦᠨ᠎ᠡ᠃ ᠰᠠᠯᠪᠠ ᠦᠶᠡᠷᠯᠡᠭᠡ ᠦᠭᠡᠢ ᠴᠠᠭ ᠲᠤ᠌ ᠡᠨᠡ ᠭᠦᠦᠷ ᠦ᠋ᠨ ᠳᠣᠣᠷ᠎ᠠ ᠣᠷᠣᠨ ᠭᠡᠷ ᠦᠭᠡᠢ ᠬᠥᠮᠦᠰ ᠵᠣᠯᠪᠢᠩ ᠨᠣᠬᠠᠢ ᠲᠠᠢ ᠬᠤᠳᠬᠤᠯᠳᠤᠨ ᠬᠣᠷᠭᠣᠳᠠᠨ᠎ᠠ᠃ ᠬᠡᠷᠪᠡ ᠳᠣᠭᠰᠢᠨ ᠤᠷᠤᠰᠬᠠᠯ ᠨᠢ ᠱᠤᠤᠭᠢᠨ ᠢᠷᠡᠳᠡᠭ ᠦᠶᠡᠷ ᠦ᠋ᠨ ᠤᠰᠤ ᠠᠷᠴᠢᠵᠤ ᠴᠡᠪᠡᠷᠯᠡᠳᠡᠭ ᠦᠭᠡᠢ ᠪᠣᠯ ᠡᠨᠡ ᠭᠦᠦᠷ ᠦ᠋ᠨ ᠳᠣᠣᠷ᠎ᠠ ᠡᠴᠡ ᠶᠠᠭᠤ ᠡᠰᠡ ᠭᠠᠷᠬᠤ ᠪᠢᠯᠡ᠃
ᠭᠦᠦᠷ ᠦ᠋ᠨ ᠪᠠᠷᠠᠭᠤᠨ ᠦᠵᠦᠭᠦᠷ ᠢ᠋ ᠲᠤᠯᠤᠭᠰᠠᠨ ᠡᠷᠭᠢ ᠶ᠋ᠢᠨ ᠢᠷᠣᠭᠠᠯ ᠡᠴᠡ 《ᠪᠠᠲᠤ ᠤᠤ?》 ᠭᠡᠮᠡᠨ ᠠᠰᠠᠭᠤᠬᠤ ᠨᠣᠢᠷᠮᠤᠭ ᠰᠤᠯᠠᠬᠠᠨ ᠳᠠᠭᠤ ᠭᠠᠷᠤᠯ᠎ᠠ᠃ ᠡᠨᠡ ᠳᠠᠭᠤᠨ ᠤ᠋ ᠡᠵᠡᠨ ᠪᠣᠯ ᠵᠠᠶ᠎ᠠ ᠶ᠋ᠢᠨ ᠬᠦᠷᠢᠶᠡᠨ ᠦ᠌ ᠭᠤᠢᠯᠢᠨᠴᠢᠨ ᠵᠢᠷᠭᠠᠯ ᠪᠠᠢᠯ᠎ᠠ᠃ ᠣᠳᠣ ᠠᠷᠪᠠᠨ ᠨᠢᠮᠡᠨ ᠨᠠᠰᠤ ᠬᠦᠷᠦᠭᠰᠡᠨ ᠵᠢᠷᠭᠠᠯ ᠤ᠋ᠨ ᠭᠠᠭᠴᠠ ᠡᠬᠡ ᠨᠢ ᠬᠣᠶᠠᠷ ᠵᠢᠯ ᠦ᠋ᠨ ᠡᠮᠦᠨ᠎ᠡ ᠨᠠᠰᠤ ᠪᠠᠷᠠᠵᠤ ᠥᠨᠥᠴᠢᠷᠡᠭᠡᠳ ᠵᠢᠩᠴᠢᠨ ᠳᠠᠭᠠᠵᠤ ᠪᠣᠭᠳᠠ ᠶ᠋ᠢᠨ ᠬᠦᠷᠢᠶᠡᠨ ᠳ᠋ᠦ᠍ ᠢᠷᠡᠭᠡᠳ ᠠᠢᠯ ᠳ᠋ᠤ᠌ ᠵᠠᠷᠤᠭᠳᠠᠵᠤ ᠪᠢᠯᠡ᠃ ᠭᠡᠲᠡᠯ᠎ᠡ ᠥᠩᠭᠡᠷᠡᠭᠰᠡᠨ ᠬᠠᠪᠤᠷ ᠬᠣᠶᠠᠷ ᠭᠠᠩᠭᠠᠷ ᠱᠠᠭᠠᠵᠠᠩ ᠠᠶᠠᠭ᠎ᠠ ᠬᠠᠭᠠᠯᠤᠭᠰᠠᠨ ᠡᠴᠡ ᠪᠣᠯᠵᠤ ᠬᠥᠭᠡᠭᠡᠭᠳᠡᠨ ᠵᠠᠳᠠᠷ ᠤ᠋ᠨ ᠭᠦᠦᠷ ᠢ᠋ᠶ᠋ᠡᠷ ᠰᠥᠨᠢ ᠶ᠋ᠢᠨ ᠭᠡᠷ ᠢ᠋ᠶ᠋ᠡᠨ ᠬᠢᠳᠡᠭ ᠪᠣᠯᠵᠠᠢ᠃
ᠰᠠᠷ᠎ᠠ ᠭᠠᠷᠤᠢ ᠶ᠋ᠢᠨ ᠡᠮᠦᠨ᠎ᠡ ᠪᠠᠲᠤ ᠵᠢᠷᠭᠠᠯ ᠬᠣᠶᠠᠷ ᠤᠴᠠᠷᠠᠵᠤ ᠪᠢᠯᠡ᠃ ᠴᠢᠩᠭᠢᠬᠦ ᠳ᠋ᠡᠭᠡᠨ ᠵᠠᠶ᠎ᠠ ᠶ᠋ᠢᠨ ᠬᠦᠷᠢᠶᠡᠨ ᠦ᠌ ᠥᠰᠢᠶ᠎ᠡ ᠬᠣᠨᠵᠢᠩ ᠢ᠋ ᠰᠠᠨᠠᠬᠤ ᠶ᠋ᠢ ᠪᠢᠲᠡᠭᠡᠢ ᠬᠡᠯᠡ᠂ ᠣᠯᠠᠨ ᠵᠢᠯ ᠦ᠋ᠨ ᠲᠤᠷᠰᠢ ᠰᠠᠯᠵᠤ ᠰᠠᠷᠨᠢᠭᠰᠠᠨ ᠠᠬ᠎ᠠ ᠳᠡᠭᠦᠦ ᠭᠡᠨᠡᠳᠲᠡ ᠠᠭᠤᠯᠵᠠᠭᠰᠠᠨ ᠶᠤᠮ ᠰᠢᠭ᠋ ᠪᠠᠶᠠᠷ ᠬᠥᠷ ᠪᠣᠯᠤᠨ ᠪᠠᠷᠤᠭ ᠯᠠ ᠤᠬᠢᠯᠠᠬᠤ ᠰᠢᠭᠠᠵᠠᠢ᠃ ᠠᠩᠭᠢ ᠷᠢᠨᠴᠢᠨ ᠢ᠋ ᠨᠠᠰᠤ ᠪᠠᠷᠠᠭᠰᠠᠨ ᠡᠴᠡ ᠬᠣᠢᠰᠢ ᠪᠠᠲᠤ ᠭᠠᠩᠳᠠᠨ ᠢ᠋ ᠣᠷᠬᠢᠵᠤ ᠬᠦᠷᠢᠶᠡᠨ ᠦ᠌ ᠵᠣᠯᠪᠢᠩ ᠬᠡᠦᠬᠡᠳ ᠲᠡᠢ ᠨᠡᠢᠯᠡᠵᠡᠢ᠃ ᠪᠣᠭᠳᠠ ᠶ᠋ᠢᠨ ᠬᠦᠷᠢᠶᠡᠨ ᠦ᠌ ᠭᠦᠵᠢᠷ ᠠᠮᠢᠳᠤᠷᠠᠯ ᠤ᠋ᠨ ᠬᠦᠴᠦᠲᠡᠢ ᠦᠶᠡᠷ ᠦ᠋ᠨ ᠠᠶᠤᠮᠰᠢᠭᠲᠤ ᠳᠣᠯᠭᠢᠶᠠᠨ ᠳ᠋ᠤ᠌ ᠴᠣᠬᠢᠭᠳᠠᠨ ᠤᠷᠤᠰᠴᠤ ᠶᠠᠪᠤᠬᠤ ᠳ᠋ᠠᠭᠠᠨ ᠭᠠᠷ ᠭᠠᠷ ᠡᠴᠡ ᠪᠡᠨ ᠪᠠᠷᠢᠯᠴᠠᠵᠤ ᠠᠪᠤᠭᠰᠠᠨ ᠳ᠋ᠤ᠌ ᠡᠨᠡ ᠬᠣᠶᠠᠷ ᠪᠡᠶ᠎ᠡ ᠪᠡᠶ᠎ᠡ ᠳ᠋ᠡᠭᠡᠨ ᠲᠦᠰᠢᠭ ᠪᠣᠯᠤᠨ ᠡᠳᠦᠷ ᠨᠢ ᠮᠢᠬ᠎ᠠ ᠬᠦᠷᠭᠡᠬᠦ᠂ ᠠᠢᠯ ᠤ᠋ᠨ ᠬᠠᠰᠢᠶᠠᠨ ᠤ᠋ ᠬᠣᠭ ᠴᠡᠪᠡᠷᠯᠡᠬᠦ ᠵᠡᠷᠭᠡ ᠬᠠᠷ᠎ᠠ ᠪᠣᠷᠣ ᠠᠵᠢᠯ ᠬᠢᠵᠦ ᠰᠥᠨᠢ ᠨᠢ ᠡᠨᠳᠡ ᠬᠣᠨᠣᠨ᠎ᠠ᠃ ᠣᠳᠣ ᠴᠤ᠌ ᠶᠠᠭᠠᠬᠢᠬᠤᠪ᠂ ᠢᠷᠡᠵᠦ ᠪᠠᠢᠭ᠎ᠠ ᠳᠤᠯᠠᠭᠠᠨ ᠴᠠᠭ ᠪᠣᠯᠬᠣᠷ ᠡᠳᠦᠷ ᠰᠥᠨᠢ ᠡᠭᠡᠯᠵᠢᠯᠡᠨ ᠥᠩᠭᠡᠷᠡᠵᠦ ᠯᠡ ᠪᠠᠢᠯ᠎ᠠ᠃ ᠬᠠᠷᠢᠨ ᠡᠪᠦᠯ ᠪᠣᠯᠬᠤ ᠳ᠋ᠤ᠌ ᠤᠷᠠᠩᠬᠠᠢ ᠳᠡᠪᠡᠯ᠂ ᠮᠠᠢᠵᠢᠭᠢ ᠭᠤᠲᠤᠯ ᠲᠠᠢ ᠡᠨᠡ ᠬᠣᠶᠠᠷ ᠬᠥᠮᠦᠨ ᠶᠠᠭᠠᠬᠢᠵᠤ ᠠᠮᠢᠳᠤᠷᠠᠬᠤ ᠪᠣᠯ ᠳᠠ᠃ ᠭᠡᠪᠡᠴᠦ ᠡᠳᠡᠨ ᠳ᠋ᠦ᠍ ᠡᠪᠦᠯ ᠦ᠋ᠨ ᠲᠤᠬᠠᠢ ᠪᠣᠳᠣᠬᠤ ᠴᠢᠳᠠᠯ ᠴᠤ᠌᠂ ᠬᠦᠰᠡᠯ ᠴᠦ᠍ ᠪᠠᠢᠭᠰᠠᠨ ᠦᠭᠡᠢ ᠠᠵᠢ᠃ ᠠᠮᠢᠳᠤᠷᠠᠯ ᠤ᠋ᠨ ᠬᠦᠨᠳᠦ ᠠᠴᠢᠶᠠᠨ ᠳ᠋ᠤ᠌ ᠳᠠᠷᠤᠭᠳᠠᠭᠰᠠᠨ ᠡᠨᠡ ᠬᠣᠶᠠᠷ ᠠᠮᠢᠲᠠᠨ ᠡᠪᠦᠯ ᠲᠡᠢ ᠵᠣᠯᠭᠠᠬᠤ ᠶ᠋ᠢ ᠪᠣᠳᠣᠬᠤ ᠡᠴᠡ ᠢᠷᠡᠬᠦ ᠡᠳᠦᠷ ᠦ᠋ᠨ ᠥᠷᠯᠥᠭᠡ ᠲᠡᠢ ᠶᠠᠭᠠᠬᠢᠵᠤ ᠵᠣᠯᠭᠠᠬᠤ ᠪᠠᠨ ᠪᠣᠳᠣᠬᠤ ᠨᠢ ᠴᠢᠬᠤᠯᠠ ᠪᠠᠢᠯ᠎ᠠ᠃
᠊᠊᠊᠊᠊᠊᠊᠊᠊᠊᠊᠊᠊᠊᠊ ᠲᠡᠢᠮᠦ ᠠ᠋᠃ ᠪᠢ ᠪᠠᠢᠨ᠎ᠠ᠃ ᠶᠠᠭᠠᠬᠢᠭᠰᠠᠨ ᠵᠢᠬᠡᠭᠦᠨ ᠰᠥᠨᠢ ᠪᠣᠢ? ᠭᠡᠵᠦ ᠨᠣᠬᠠᠢ ᠭᠢᠰᠬᠢᠭᠰᠡᠨ ᠡᠴᠡ ᠰᠣᠴᠢᠭᠰᠠᠨ ᠪᠠᠲᠤ ᠴᠡᠴᠡᠷᠡᠨ ᠲᠠᠰᠤᠯᠳᠠᠭᠰᠠᠨ ᠳᠠᠭᠤᠨ ᠢ᠋ᠶ᠋ᠠᠷ ᠬᠠᠷᠢᠭᠤᠯᠪᠠ᠃
᠊᠊᠊᠊᠊᠊᠊᠊᠊᠊᠊᠊᠊᠊᠊ ᠪᠠᠢᠷᠢᠨ ᠳ᠋ᠤ᠌ ᠴᠢᠨᠢ ᠨᠥᠭᠥᠭᠡ ᠰᠢᠷ᠎ᠠ ᠵᠢᠩᠭᠡᠷ ᠪᠠᠢᠭ᠎ᠠ ᠰᠢᠦ᠃
᠊᠊᠊᠊᠊᠊᠊᠊᠊᠊᠊᠊᠊᠊᠊ ᠬᠠᠷᠢᠨ ᠭᠢᠰᠬᠢᠵᠦ ᠣᠷᠬᠢᠯ᠎ᠠ᠃
᠊᠊᠊᠊᠊᠊᠊᠊᠊᠊᠊᠊᠊᠊᠊ ᠬᠡᠳᠦ ᠳᠠᠬᠢᠨ ᠬᠥᠭᠡᠭᠡᠭᠡᠳ ᠶᠠᠪᠤᠭ᠎ᠠ ᠦᠭᠡᠢ ᠶᠤᠮ ᠠ᠋ ᠁ ᠥᠨᠥᠳᠥᠷ ᠣᠯᠵᠠ ᠣᠮᠣᠭ ᠲᠠᠢ ᠤᠤ? ᠭᠡᠵᠦ ᠵᠢᠷᠭᠠᠯ ᠠᠰᠠᠭᠤᠬᠤ ᠵᠠᠭᠤᠷ᠎ᠠ ᠱᠤᠤᠬᠢᠲᠤᠨᠠᠨ ᠬᠥᠳᠡᠯᠵᠦ ᠬᠡᠪᠲᠡᠷᠢ ᠪᠡᠨ ᠵᠠᠰᠠᠪᠠ᠃
᠊᠊᠊᠊᠊᠊᠊᠊᠊᠊᠊᠊᠊᠊᠊ ᠠᠮᠪᠠᠨ ᠬᠠᠨ ᠤ᠋ ᠬᠣᠷᠢᠶᠠᠨ ᠳ᠋ᠤ᠌ ᠨᠢᠭᠡ ᠬᠣᠨᠢᠨ ᠤ᠋ ᠮᠢᠬ᠎ᠠ ᠬᠦᠷᠭᠡᠵᠦ ᠭᠤᠷᠪᠠᠨ ᠮᠥᠩᠭᠥ᠂ ᠳᠠᠷᠢᠭᠠᠩᠭ᠎ᠠ ᠶ᠋ᠢᠨ ᠬᠣᠷᠢᠶᠠᠨ ᠳ᠋ᠤ᠌ ᠬᠣᠶᠠᠷ ᠢᠷᠭᠡ ᠶ᠋ᠢᠨ ᠮᠤᠨᠳᠠᠭ ᠮᠢᠬ᠎ᠠ ᠠᠷᠠᠢ ᠭᠡᠵᠦ ᠬᠦᠷᠭᠡᠭᠡᠳ ᠨᠢᠮᠡᠨ ᠮᠥᠩᠭᠥ ᠣᠯᠤᠭᠰᠠᠨ᠃ ᠠᠮᠪᠠᠨ ᠬᠠᠨ ᠤ᠋ ᠬᠣᠷᠢᠶᠠᠨ ᠤ᠋ ᠠᠢᠯ ᠤ᠋ᠨ ᠠᠪᠠᠭᠠᠢ ᠣᠪᠣᠭ᠎ᠠ ᠵᠠᠩ ᠲᠠᠢ ᠶᠤᠮ᠃ ᠨᠢᠭᠡ ᠤᠯᠠ ᠪᠣᠣᠪᠣ ᠥᠭᠭᠦᠭᠰᠡᠨ᠃ ᠪᠠᠰᠠ ᠪᠤᠳᠠᠭ᠎ᠠ ᠲᠠᠢ ᠬᠣᠭᠣᠯᠠ ᠬᠣᠶᠠᠷ ᠠᠶᠠᠭ᠎ᠠ ᠢᠳᠡᠯ᠎ᠡ᠃ ᠤᠯᠠ ᠪᠣᠣᠪᠣ ᠪᠠᠨ ᠬᠣᠶᠠᠭᠤᠯᠠ ᠪᠠᠨ ᠬᠤᠪᠢᠶᠠᠭᠠᠳ ᠭᠥᠪᠳᠡᠵᠦ ᠤᠷᠭᠢᠶ᠎ᠠ ᠭᠡᠳ ᠪᠠᠲᠤ ᠡᠪᠦᠷ ᠡᠴᠡ ᠪᠡᠨ ᠪᠣᠣᠪᠣ ᠪᠠᠨ ᠭᠠᠷᠭᠠᠬᠤ ᠳ᠋ᠤ᠌ ᠢᠳᠡᠬᠦ ᠶᠠᠭᠤᠮᠠᠨ ᠤ᠋ ᠰᠤᠷᠠᠭ ᠰᠣᠨᠣᠰᠤᠭᠰᠠᠨ ᠵᠢᠷᠭᠠᠯ ᠳᠡᠷᠭᠡᠳᠡ ᠨᠢ ᠬᠡᠳᠦᠢᠨ ᠢᠷᠡᠵᠡᠢ᠃
᠊᠊᠊᠊᠊᠊᠊᠊᠊᠊᠊᠊᠊᠊᠊ ᠠᠶᠠᠲᠠᠢᠬᠠᠨ ᠠᠮᠲᠠᠲᠠᠢ ᠶᠠᠭᠤᠮ᠎ᠠ ᠪᠠᠢᠨ᠎ᠠ ᠭᠡᠵᠦ ᠵᠢᠷᠭᠠᠯ ᠬᠠᠲᠠᠭᠰᠠᠨ ᠪᠣᠣᠪᠣ ᠶ᠋ᠢ ᠲᠠᠴᠢᠭᠢᠨᠠᠭᠤᠯᠤᠨ ᠢᠳᠡᠬᠦ ᠵᠠᠭᠤᠷ᠎ᠠ ᠬᠡᠯᠡᠭᠡᠳ ᠬᠡᠪᠲᠡᠷᠢ ᠶ᠋ᠢᠨ ᠢ᠋ᠶ᠋ᠡᠨ ᠵᠦᠭ ᠡᠷᠭᠢᠪᠡ᠃ ᠪᠠᠲᠤ ᠤᠨᠲᠠᠳᠠᠭ ᠪᠠᠢᠷᠢ ᠪᠠᠨ ᠡᠵᠡᠯᠡᠨ ᠲᠠᠪᠠᠲᠠᠢ ᠰᠠᠭᠤᠵᠤ ᠪᠣᠣᠪᠣ ᠪᠠᠨ ᠢᠳᠡᠯ᠎ᠡ᠃ 《ᠳᠡᠯᠢᠭᠴᠢ ᠪᠠᠭᠰᠢ ᠮᠢᠨᠢ᠂ ᠥᠷᠯᠥᠭᠡ ᠪᠦᠬᠦᠨ ᠰᠢᠷ᠎ᠠ ᠲᠣᠰᠣᠨ ᠳ᠋ᠤ᠌ ᠴᠢᠨᠠᠭᠰᠠᠨ ᠵᠡᠰ ᠰᠢᠭ ᠬᠦᠷᠡᠩ ᠵᠥᠭᠡᠯᠡᠬᠡᠨ ᠳᠤᠭᠤᠢ ᠡᠮᠦᠨ᠎ᠡ ᠮᠢᠨᠢ ᠲᠠᠯᠪᠢᠭᠠᠳ ᠯᠠ ᠵᠠ ᠬᠡᠪᠰᠢ ᠮᠢᠨᠢ ᠪᠣᠷᠣ ᠬᠣᠳᠣᠭᠣᠳᠣ ᠪᠠᠨ ᠪᠣᠵᠢ᠌ᠳᠠᠯᠠ ᠴᠣᠬᠢᠭᠠᠳ ᠪᠠᠢᠳᠠᠭ ᠬᠡᠷᠡᠭ ᠠ᠋ ᠭᠡᠳᠡᠭ ᠰᠠᠨ》 ᠭᠡᠳ ᠵᠣᠭᠢᠰᠪᠠ᠃
᠊᠊᠊᠊᠊᠊᠊᠊᠊᠊᠊᠊᠊᠊᠊ ᠴᠢ ᠦᠷᠭᠦᠯᠵᠢ ᠯᠡ ᠪᠠᠭᠰᠢ ᠪᠠᠨ ᠶᠠᠷᠢᠵᠤ ᠪᠠᠢᠬᠤ ᠶᠤᠮ ᠳᠠ᠃ ᠭᠠᠭᠴᠠ ᠠᠶᠠᠭ᠎ᠠ ᠬᠠᠯᠠᠭᠤᠨ ᠴᠠᠢ ᠤᠤᠭᠤᠬᠤ ᠶᠤᠮ ᠰᠠᠨ᠃ ᠡᠵᠢ ᠮᠢᠨᠢ ᠪᠠᠢᠬᠤ ᠳ᠋ᠠᠭᠠᠨ ᠭᠤᠶᠤᠵᠤ ᠢᠷᠡᠭᠰᠡᠨ ᠶᠠᠭᠤᠮᠠᠨ ᠤ᠋ ᠮᠢᠨᠢ ᠠᠯᠢ ᠣᠯᠢᠭᠲᠠᠢ ᠶ᠋ᠢ ᠠᠶᠠᠭᠠᠨ ᠳ᠋ᠤ᠌ ᠮᠢᠨᠢ ᠬᠥᠰᠬᠥᠯᠡᠵᠦ᠂ ᠬᠠᠯᠠᠭᠤᠨ ᠬᠠᠷ᠎ᠠ ᠴᠠᠢ ᠬᠢᠭᠡᠳ ᠯᠡ ᠥᠭᠳᠡᠭ ᠰᠠᠨ ᠭᠡᠳ ᠵᠢᠷᠭᠠᠯ ᠰᠢᠯᠦᠰᠦ ᠪᠡᠨ ᠵᠠᠯᠭᠢᠵᠤ ᠳᠠᠭᠤ ᠦᠭᠡᠢ ᠪᠣᠯᠪᠠ᠃
᠊᠊᠊᠊᠊᠊᠊᠊᠊᠊᠊᠊᠊᠊᠊ ᠠᠪᠤ ᠲᠠᠢ ᠪᠠᠨ ᠠᠭᠤᠯᠵᠠᠬᠤ ᠶᠤᠮᠰᠠᠨ᠃ ᠰᠠᠢᠬᠠᠨ ᠴᠠᠭᠠᠨ ᠮᠣᠷᠢᠲᠠᠢ ᠡᠨᠡ ᠬᠣᠢᠰᠢ ᠪᠠᠨ ᠳᠠᠪᠬᠢᠭᠠᠳ ᠶᠠᠪᠤᠴᠢᠬᠠᠭᠰᠠᠨ ᠶᠤᠮ ᠳᠠ᠃
᠊᠊᠊᠊᠊᠊᠊᠊᠊᠊᠊᠊᠊᠊᠊ ᠴᠢ ᠪᠤᠷᠤᠭᠤ ᠬᠥᠮᠦᠨ ᠢ᠋ ᠬᠠᠷᠠᠭᠰᠠᠨ ᠪᠠᠢᠯᠭᠦᠢ ᠳᠡ᠃
᠊᠊᠊᠊᠊᠊᠊᠊᠊᠊᠊᠊᠊᠊᠊ ᠬᠠᠨᠠᠰᠠ ᠳᠠ᠃ ᠣᠴᠢᠵᠤ᠂ ᠣᠴᠢᠵᠤ ᠠᠪᠤ ᠶ᠋ᠢ ᠪᠡᠨ ᠪᠤᠷᠤᠭᠤ ᠲᠠᠨᠢᠬᠤ ᠭᠡᠵᠦ ᠶᠠᠭᠤ ᠭᠡᠰᠡᠨ ᠦᠭᠡ ᠪᠣᠢ᠃
᠊᠊᠊᠊᠊᠊᠊᠊᠊᠊᠊᠊᠊᠊᠊ ᠨᠠᠳᠠ ᠳ᠋ᠤ᠌ ᠴᠤ᠌ ᠠᠭᠤᠯᠵᠠᠬᠤ᠂ ᠬᠦᠰᠡᠬᠦ ᠬᠥᠮᠦᠨ ᠪᠠᠢᠬᠤ ᠦᠭᠡᠢ ᠪᠣᠯᠬᠣᠷ ᠠᠮᠠᠷ ᠴᠤ᠌ ᠶᠤᠮ ᠤᠤ ᠳᠠ᠃
᠊᠊᠊᠊᠊᠊᠊᠊᠊᠊᠊᠊᠊᠊᠊ ᠲᠡᠢᠮᠦ ᠴᠦ᠍ ᠪᠢᠰᠢ ᠠ᠋᠃ ᠠᠪᠤ᠂ ᠡᠵᠢ ᠬᠣᠶᠠᠷ ᠢ᠋ᠶ᠋ᠠᠨ ᠪᠣᠳᠣᠵᠤ ᠪᠠᠢᠬᠤ ᠳ᠋ᠤ᠌ ᠰᠡᠳᠬᠢᠯ ᠮᠢᠨᠢ ᠨᠢᠭᠡ ᠯᠡ ᠠᠶᠠᠲᠠᠢᠬᠠᠨ ᠪᠠᠢᠳᠠᠭ ᠶᠤᠮ᠃ ᠪᠢ ᠴᠦ᠍ ᠤᠳᠠᠬᠤ ᠦᠭᠡᠢ ᠲᠡᠷᠡ ᠬᠣᠶᠠᠷ ᠲᠠᠢ ᠪᠠᠨ ᠠᠭᠤᠯᠵᠠᠨ᠎ᠠ ᠭᠡᠵᠦ ᠢᠲᠡᠭᠡᠳᠡᠭ ᠰᠢᠦ᠃
᠊᠊᠊᠊᠊᠊᠊᠊᠊᠊᠊᠊᠊᠊᠊ ᠦᠵᠡᠭᠡ ᠦᠭᠡᠢ ᠶᠠᠭᠤᠮ᠎ᠠ ᠶ᠋ᠢ ᠶᠠᠭᠤ ᠴᠤ᠌ ᠭᠡᠵᠦ ᠮᠠᠷᠭᠤᠬᠤ ᠪᠣᠢ᠃ ᠵᠠ ᠤᠨᠲᠠᠶ᠎ᠠ᠃ ᠬᠣᠶᠠᠷ ᠵᠠᠯᠠᠭᠤ ᠪᠠᠢᠷᠢ ᠪᠠᠢᠷᠢᠨ ᠳ᠋ᠠᠭᠠᠨ ᠴᠠᠭᠠᠷᠢᠭᠯᠠᠨ ᠬᠡᠪᠲᠡᠯ᠎ᠡ᠃ ᠭᠡᠪᠡᠴᠦ ᠪᠠᠲᠤ ᠶ᠋ᠢᠨ ᠨᠣᠢᠷ ᠬᠤᠯᠵᠢᠭᠠᠳ ᠤᠨᠲᠠᠵᠤ ᠴᠢᠳᠠᠭᠰᠠᠨ ᠦᠭᠡᠢ᠃ ᠲᠡᠭᠦᠨ ᠳ᠋ᠦ᠍ ᠪᠣᠳᠣᠵᠤ ᠰᠠᠨᠠᠬᠤ ᠶᠠᠭᠤᠮ᠎ᠠ ᠪᠢᠰᠢᠭᠦᠢ ᠪᠠᠢᠯ᠎ᠠ᠃ ᠡᠴᠢᠭᠡ᠂ ᠡᠬᠡ ᠲᠡᠢ ᠪᠡᠨ ᠬᠠᠮᠲᠤ ᠥᠩᠭᠡᠷᠡᠭᠦᠯᠦᠭᠰᠡᠨ ᠠᠮᠢᠳᠤᠷᠠᠯ ᠨᠢ ᠡᠷᠭᠢᠯᠳᠦᠨ ᠬᠤᠪᠢᠷᠠᠵᠤ ᠪᠠᠢᠭᠰᠠᠨ ᠢ᠋ᠶ᠋ᠠᠨ ᠠᠩᠭᠢ ᠷᠢᠨᠴᠢᠨ ᠦ᠌ ᠲᠤᠬᠠᠢ ᠪᠣᠳᠣᠯ ᠪᠣᠯᠤᠨ ᠬᠤᠪᠢᠷᠠᠭᠠᠳ ᠳᠠᠷᠠᠭ᠎ᠠ ᠨᠢ ᠬᠣᠩᠭᠣᠷ ᠲᠤ᠌ ᠰᠢᠯᠵᠢᠪᠡ᠃ ᠡᠭᠦᠪᠡᠷ ᠳᠠᠮᠵᠢᠨ ᠤᠷᠢᠳᠤ ᠡᠮᠦᠨ᠎ᠡ ᠣᠭᠲᠣ ᠪᠣᠳᠣᠭᠳᠠᠵᠤ ᠪᠠᠢᠭ᠎ᠠ ᠦᠭᠡᠢ ᠰᠢᠨ᠎ᠡ ᠪᠣᠳᠣᠯ ᠰᠡᠳᠬᠢᠯ ᠢ᠋ ᠨᠢ ᠡᠵᠡᠮᠳᠡᠪᠡ᠃
ᠢᠲᠡᠭᠡᠯᠲᠦ ᠶ᠋ᠢᠨ ᠥᠬᠢᠨ ᠰᠣᠯᠣᠩᠭ᠎ᠠ ᠶ᠋ᠢᠨ ᠲᠤᠬᠠᠢ ᠪᠣᠳᠣᠯ ᠰᠡᠳᠬᠢᠯ ᠳ᠋ᠦ᠍ᠨᠢ ᠵᠥᠭᠡᠯᠡᠨ ᠤᠶᠠᠩᠭ᠎ᠠ ᠳᠦᠭᠦᠷᠭᠡᠵᠦ ᠵᠢᠬᠡᠭᠦᠨ ᠰᠥᠨᠢ᠂ ᠥᠯᠥᠰᠬᠦᠯᠡᠩ ᠭᠡᠳᠡᠰᠦ ᠶ᠋ᠢ ᠨᠢ ᠮᠠᠷᠲᠠᠩᠨᠠᠭᠤᠯᠤᠨ᠂ ᠶᠢᠷᠲᠢᠨᠴᠦ ᠶ᠋ᠢᠨ ᠬᠠᠮᠤᠭ ᠮᠠᠭᠤ ᠮᠠᠭᠤᠬᠠᠢ ᠪᠦᠬᠦᠨ ᠵᠠᠢᠯᠠᠨ᠂ ᠲᠣᠷᠭᠠᠨ ᠬᠥᠨᠵᠢᠯᠡ ᠲᠡᠢ᠂ ᠵᠥᠭᠡᠯᠡᠨ ᠣᠷᠣᠨ ᠳ᠋ᠤ᠌ ᠰᠠᠢᠬᠠᠨ ᠵᠡᠭᠦᠳᠦ ᠵᠡᠭᠦᠳᠦᠯᠡᠭᠡᠳ ᠢᠨᠢᠶᠡᠮᠰᠦᠭᠯᠡᠨ ᠤᠨᠲᠠᠵᠤ ᠪᠠᠢᠭ᠎ᠠ ᠪᠠᠶᠠᠨ ᠬᠥᠮᠦᠨ ᠦ᠌ ᠡᠷᠬᠡ ᠬᠡᠦᠬᠡᠳ ᠰᠢᠭ ᠪᠠᠢᠵᠤ ᠪᠢᠯᠡ᠃ ᠰᠠᠢᠬᠠᠨ ᠪᠣᠳᠣᠯ ᠳ᠋ᠤ᠌ ᠲᠡᠵᠢᠭᠡᠭᠳᠡᠨ ᠬᠡᠰᠡᠭ ᠪᠠᠢᠭᠰᠠᠨ ᠢ᠋ᠶ᠋ᠠᠨ ᠤᠷᠲᠤ ᠪᠠᠷ ᠰᠠᠨᠠᠭ᠎ᠠ ᠠᠯᠳᠠᠵᠤ 《ᠪᠠᠶᠠᠨ ᠬᠥᠮᠦᠨ ᠦ᠌ ᠬᠠᠩᠭᠠᠯ ᠥᠬᠢᠨ ᠦ᠌ ᠲᠤᠬᠠᠢ ᠨᠠᠳᠠ ᠰᠢᠭ᠋ ᠠᠮᠢᠲᠠᠨ ᠪᠣᠳᠣᠭᠠᠳ ᠴᠤ᠌ ᠶᠠᠭᠠᠬᠢᠬᠤ ᠪᠢᠯᠡ ᠳᠠ》 ᠭᠡᠵᠦ ᠭᠣᠮᠣᠳᠠᠯ ᠲᠠᠢ ᠰᠢᠪᠡᠭᠡᠨᠡᠭᠡᠳ ᠬᠡᠪᠲᠡᠷᠢ ᠪᠡᠨ ᠵᠠᠰᠠᠪᠠ᠃
ᠰᠥᠨᠢ ᠳᠤᠮᠳᠠ ᠡᠴᠡ ᠬᠣᠢᠰᠢ ᠭᠦᠨ ᠨᠣᠢᠷ ᠲᠤ᠌ ᠳᠠᠷᠤᠭᠳᠠᠨ ᠤᠨᠲᠠᠵᠠᠢ᠃ ᠨᠢᠭᠡ ᠰᠡᠷᠢᠪᠡᠯ ᠨᠠᠷᠠ ᠭᠠᠷᠤᠭᠰᠠᠨ ᠪᠥᠭᠡᠳ ᠴᠢᠬᠢ ᠶ᠋ᠢᠨ ᠦᠵᠦᠭᠦᠷ ᠲᠦ᠍ ᠤᠷᠢᠳᠤ ᠡᠮᠦᠨ᠎ᠡ ᠣᠭᠲᠣ ᠰᠣᠨᠣᠰᠳᠠᠭ᠎ᠠ ᠦᠭᠡᠢ ᠣᠯᠠᠨ ᠵᠦᠢᠯ ᠦ᠋ᠨ ᠬᠥᠭ ᠲᠡᠢ ᠬᠥᠭᠵᠢᠮ ᠳᠤᠭᠤᠯᠳᠠᠨ᠎ᠠ᠃ ᠨᠢᠳᠦ ᠪᠡᠨ ᠠᠨᠢᠪᠴᠢᠨ ᠥᠨᠳᠡᠢᠵᠦ ᠬᠠᠷᠠᠪᠠᠯ ᠵᠢᠷᠭᠠᠯ ᠨᠢ ᠥᠷᠯᠥᠭᠡ ᠶ᠋ᠢᠨ ᠳᠤᠯᠠᠭᠠᠨ ᠳ᠋ᠤ᠌ ᠪᠡᠶ᠎ᠡ ᠨᠢ ᠲᠠᠯᠪᠢᠷᠠᠨ ᠳᠦᠩᠭᠢᠨᠡᠲᠡᠯ᠎ᠡ ᠬᠤᠷᠬᠢᠷᠠᠵᠤ ᠪᠠᠢᠯ᠎ᠠ᠃ ᠪᠣᠰᠴᠤ ᠰᠤᠨᠢᠶᠠᠬᠤ ᠭᠡᠰᠡᠨ ᠢ᠋ᠶ᠋ᠡᠨ ᠲᠣᠯᠣᠭᠠᠢ ᠪᠠᠨ ᠭᠦᠦᠷ ᠦ᠋ᠨ ᠭᠦᠡᠳᠡᠯᠢᠪᠴᠢ ᠮᠣᠳᠣᠨ ᠳ᠋ᠤ᠌ ᠴᠣᠬᠢᠵᠤ ᠢᠷᠪᠠᠢᠪᠠ᠃ ᠴᠢᠩᠭᠢᠭᠡᠳ ᠪᠥᠬᠥᠢᠨ ᠣᠴᠢᠵᠤ ᠵᠢᠷᠭᠠᠯ ᠢ᠋ ᠳᠠᠭᠤᠳᠠᠵᠤ ᠰᠡᠷᠢᠭᠡᠭᠡᠳ ᠬᠣᠶᠠᠭᠤᠯᠠ ᠪᠠᠨ ᠲᠠᠷᠪᠠᠭ᠎ᠠ ᠰᠢᠭ᠋ ᠮᠢᠷᠠᠨ ᠭᠠᠷᠴᠤ ᠴᠢᠩᠨᠠᠪᠠᠯ ᠪᠠᠷᠠᠭᠤᠨ ᠬᠣᠢᠨ᠎ᠠ ᠬᠠᠴᠢᠨ ᠵᠢᠭᠲᠡᠢ ᠳᠠᠭᠤ ᠭᠠᠷᠬᠤ ᠠᠵᠢ᠃
᠊᠊᠊᠊᠊᠊᠊᠊᠊᠊᠊᠊᠊᠊᠊ ᠶᠠᠭᠤᠨ ᠤ᠋ ᠳᠠᠭᠤ ᠪᠣᠢ?
᠊᠊᠊᠊᠊᠊᠊᠊᠊᠊᠊᠊᠊᠊᠊ ᠪᠤᠤ ᠮᠡᠳᠡ ᠭᠡᠳ ᠪᠠᠲᠤ ᠲᠣᠯᠣᠭᠠᠢ ᠪᠠᠨ ᠰᠡᠭᠰᠦᠷᠪᠡ᠃
ᠦᠯᠦ ᠮᠡᠳᠡᠭᠳᠡᠬᠦ ᠳᠠᠭᠤ ᠭᠠᠷᠴᠤ ᠪᠠᠢᠭ᠎ᠠ ᠵᠦᠭ ᠮᠣᠷᠢᠲᠠᠢ ᠶᠠᠪᠠᠭᠠᠨ ᠬᠥᠮᠦᠰ ᠴᠤᠪᠤᠷᠠᠨ ᠶᠠᠪᠤᠭ᠎ᠠ ᠶ᠋ᠢ ᠬᠠᠷᠠᠬᠤ ᠳ᠋ᠤ᠌ ᠲᠡᠨᠳᠡ ᠶᠡᠷᠦ ᠪᠤᠰᠤ ᠶ᠋ᠢᠨ ᠰᠣᠨᠢᠨ ᠶᠠᠪᠤᠳᠠᠯ ᠪᠣᠯᠵᠤ ᠪᠠᠢᠭ᠎ᠠ ᠶᠤᠮ ᠰᠢᠭ᠋ ᠰᠠᠨᠠᠭᠳᠠᠭᠠᠳ ᠮᠠᠨᠢ ᠬᠣᠶᠠᠷ ᠲᠡᠰᠬᠡᠯ ᠦᠭᠡᠢ ᠭᠦᠶᠦᠪᠡ᠃ ᠶᠠᠪᠤᠭᠰᠠᠭᠠᠷ ᠬᠢᠲᠠᠳ ᠤ᠋ᠨ ᠥᠷᠭᠡᠨ ᠴᠢᠯᠥᠭᠡᠨ ᠳ᠋ᠦ᠍ ᠣᠷᠣᠪᠠᠯ ᠡᠮᠦᠨ᠎ᠡ ᠡᠴᠡ ᠨᠢ ᠵᠡᠷᠭᠡᠴᠡᠭᠰᠡᠨ ᠣᠯᠠᠨ ᠮᠣᠷᠢᠲᠠᠢ ᠬᠥᠮᠦᠨ ᠭᠠᠷᠴᠤ ᠢᠷᠡᠯ᠎ᠡ᠃ ᠴᠤᠪᠤᠷᠠᠨ ᠶᠠᠪᠤᠭ᠎ᠠ ᠡᠨᠡ ᠬᠥᠮᠦᠰ ᠢ᠋ ᠬᠦᠷᠢᠶᠡᠨ ᠦ᠌ ᠬᠢᠨ ᠭᠤᠳᠤᠮᠵᠢ ᠶ᠋ᠢᠨ ᠬᠣᠶᠠᠷ ᠲᠠᠯ᠎ᠠ ᠪᠠᠷ ᠡᠩᠨᠡᠨ ᠵᠣᠭᠰᠣᠵᠤ ᠬᠠᠷᠠᠵᠠᠭᠠᠨ᠎ᠠ᠃ ᠮᠣᠷᠢᠲᠠᠢ ᠬᠥᠮᠦᠰ ᠪᠦᠭᠦᠳᠡ ᠫᠤᠤ ᠡᠭᠦᠷᠴᠦ ᠵᠡᠭᠦᠭᠰᠡᠨ ᠢ᠋ ᠪᠣᠳᠣᠪᠠᠯ ᠴᠡᠷᠢᠭ ᠡᠷᠡᠰ ᠠᠵᠢ᠃ ᠥᠩᠭᠡ ᠪᠦᠷᠢ ᠶ᠋ᠢᠨ ᠳᠡᠪᠡᠯ ᠲᠡᠢ᠂ ᠵᠢᠰᠦᠨ ᠪᠦᠷᠢ ᠶ᠋ᠢᠨ ᠮᠣᠷᠢ ᠤᠨᠤᠭᠰᠠᠨ ᠡᠨᠡ ᠬᠥᠮᠦᠰ ᠦ᠋ᠨ ᠡᠮᠦᠨ᠎ᠡ ᠢᠵᠢᠯᠬᠡᠨ ᠪᠣᠷᠣ ᠮᠣᠷᠢ ᠲᠠᠢ ᠬᠣᠶᠠᠷ ᠬᠥᠮᠦᠨ ᠤᠯᠠᠭᠠᠨ᠂ ᠰᠢᠷ᠎ᠠ ᠲᠤᠭ ᠪᠠᠷᠢᠭᠰᠠᠨ ᠨᠢ ᠵᠥᠭᠡᠯᠡᠨ ᠰᠠᠯᠬᠢᠨ ᠳ᠋ᠤ᠌ ᠨᠠᠮᠢᠯᠵᠠᠨ ᠰᠦᠷᠲᠡᠢ ᠪᠥᠭᠡᠳ ᠦᠵᠡᠰᠬᠦᠯᠡᠩ ᠲᠡᠢ ᠠᠵᠢ᠃ ᠡᠨᠡ ᠪᠣᠯ ᠪᠣᠭᠳᠠ ᠶ᠋ᠢᠨ ᠬᠦᠷᠢᠶ᠎ᠡ ᠶ᠋ᠢ ᠡᠵᠡᠯᠡᠵᠦ ᠪᠠᠢᠭ᠎ᠠ ᠠᠷᠠᠳ ᠤ᠋ᠨ ᠵᠢᠷᠤᠮᠲᠤ ᠴᠡᠷᠢᠭ ᠪᠣᠯᠤᠨ᠎ᠠ᠃
ᠭᠤᠳᠤᠮᠵᠢᠯᠠᠨ ᠵᠣᠭᠰᠣᠭᠠᠳ ᠬᠠᠷᠠᠵᠤ ᠪᠠᠢᠭ᠎ᠠ ᠬᠥᠮᠦᠰ ᠴᠡᠷᠢᠭ ᠦ᠋ᠨ ᠳᠣᠲᠣᠷ᠎ᠠ ᠲᠠᠨᠢᠬᠤ ᠬᠥᠮᠦᠰ ᠢ᠋ᠶ᠋ᠡᠨ ᠬᠠᠷᠠᠬᠤ ᠳ᠋ᠠᠭᠠᠨ ᠪᠠᠶᠠᠷᠯᠠᠨ ᠨᠡᠷ᠎ᠡ ᠶ᠋ᠢ ᠨᠢ ᠳᠠᠭᠤᠳᠠᠨ᠎ᠠ᠃ ᠴᠡᠷᠢᠭ ᠦ᠋ᠳ ᠴᠦ᠍ ᠬᠥᠮᠦᠰ ᠦ᠋ᠨ ᠳᠤᠮᠳᠠ ᠲᠠᠨᠢᠬᠤ ᠬᠥᠮᠦᠰ ᠢ᠋ᠶ᠋ᠡᠨ ᠬᠠᠢᠨ ᠣᠯᠪᠠᠯ ᠢᠯᠠᠭᠰᠠᠨ ᠴᠡᠷᠢᠭ ᠦ᠋ᠨ ᠡᠷᠬᠢᠮᠰᠦᠭ ᠪᠠᠶᠠᠷ ᠢ᠋ ᠢᠨᠢᠶᠡᠭᠰᠡᠨ ᠨᠢᠳᠦ ᠪᠡᠷ ᠪᠤᠶᠤ ᠲᠣᠯᠣᠭᠠᠢ ᠳᠣᠬᠢᠨ ᠳᠡᠪᠰᠢᠭᠦᠯᠦᠨ᠎ᠡ᠃
ᠲᠦᠮᠡᠨ ᠵᠣᠪᠠᠯᠠᠩ ᠳ᠋ᠤ᠌ ᠨᠡᠷᠪᠡᠭᠳᠡᠵᠦ᠂ ᠳᠤᠷ᠎ᠠ ᠲᠠᠢ ᠪᠦᠬᠦᠨ ᠳ᠋ᠦ᠍ ᠳᠣᠷᠣᠮᠵᠢᠯᠠᠭᠳᠠᠭᠰᠠᠨ ᠡᠬᠡ ᠣᠷᠣᠨ ᠢ᠋ᠶ᠋ᠠᠨ ᠴᠢᠯᠥᠭᠡᠯᠡᠬᠦ ᠶᠡᠬᠡ ᠬᠡᠷᠡᠭ ᠢ᠋ᠶ᠋ᠡᠨ ᠪᠦᠲᠦᠭᠡᠭᠰᠡᠨ ᠦ᠌ ᠴᠠᠭᠯᠠᠰᠢ ᠦᠭᠡᠢ ᠪᠠᠶᠠᠷ ᠪᠠᠬᠠᠳᠤᠯ ᠡᠨᠡ ᠬᠥᠮᠦᠰ ᠦ᠋ᠨ ᠨᠠᠷᠠ ᠰᠠᠯᠬᠢᠨ ᠳ᠋ᠤ᠌ ᠪᠣᠷᠣᠯᠠᠭᠰᠠᠨ ᠨᠢᠭᠤᠷ ᠤ᠋ᠨ ᠰᠢᠷᠬᠡᠭ ᠪᠦᠬᠦᠨ ᠳ᠋ᠦ᠍ ᠭᠡᠷᠡᠯᠲᠦᠨ ᠦᠨᠡᠬᠡᠷ ᠴᠣᠭ ᠵᠢᠪᠬᠤᠯᠠᠩ ᠲᠡᠭᠦᠯᠳᠡᠷ ᠠᠵᠢ᠃
᠊᠊᠊᠊᠊᠊᠊᠊᠊᠊᠊᠊᠊᠊᠊ ᠲᠠ ᠨᠠᠷ ᠬᠠᠷᠠᠭᠠᠴᠢ! ᠭᠠᠮᠢᠩ ᠳ᠋ᠤ᠌ ᠪᠠᠭᠤᠵᠤ ᠥᠭᠴᠦ ᠪᠠᠢᠬᠤ ᠳ᠋ᠤ᠌ ᠮᠠᠨ ᠤ᠋ ᠴᠡᠷᠢᠭ ᠦ᠋ᠨ ᠬᠤᠷᠳᠤᠨ ᠫᠤᠤ ᠬᠦᠷᠲᠡᠯ᠎ᠡ ᠡᠭᠡᠭᠡ ᠯᠡ ᠵᠢᠪᠡᠷᠡᠭᠰᠡᠨ ᠴᠠᠷᠢᠯ ᠰᠢᠭ᠋ ᠬᠠᠷᠠᠭᠳᠠᠵᠤ ᠪᠠᠢᠭᠰᠠᠨ᠃ ᠭᠡᠲᠡᠯ᠎ᠡ ᠣᠳᠣ ᠡᠳᠡᠨ ᠦ᠌ ᠲᠠᠰᠢᠭᠤᠷ ᠨᠢ ᠬᠦᠷᠲᠡᠯ᠎ᠡ ᠨᠠᠷᠠᠨ ᠳ᠋ᠤ᠌ ᠭᠢᠯᠠᠯᠵᠠᠨ ᠲᠣᠭᠯᠠᠭᠠᠳ ᠰᠦᠷᠲᠡᠢ ᠪᠠᠢᠨ᠎ᠠ ᠬᠥᠭᠡᠷᠦᠬᠦᠢ᠃
᠊᠊᠊᠊᠊᠊᠊᠊᠊᠊᠊᠊᠊᠊᠊ ᠤᠯᠤᠰ ᠰᠡᠷᠭᠦᠵᠦ᠂ ᠦᠨᠳᠦᠰᠦ ᠤᠭᠰᠠᠭ᠎ᠠ ᠥᠨᠳᠡᠢᠨ᠎ᠡ ᠭᠡᠳᠡᠭ ᠡᠨᠡ ᠳᠡ ᠬᠦ ᠭᠡᠯᠴᠡᠬᠦ ᠣᠯᠠᠨ ᠤ᠋ ᠳᠠᠭᠤᠨ ᠳ᠋ᠤ᠌ ᠨᠡᠮᠡᠷᠢᠯᠡᠵᠦ᠄
᠊᠊᠊᠊᠊᠊᠊᠊᠊᠊᠊᠊᠊᠊᠊ ᠪᠣᠭᠳᠠ ᠶ᠋ᠢᠨ ᠮᠢᠨᠢ ᠠᠪᠤᠷᠠᠯ ᠭᠡᠵᠦ ᠲᠡᠳᠡᠨ ᠦ᠌ ᠳᠤᠮᠳᠠ ᠵᠣᠭᠰᠣᠵᠤ ᠪᠠᠢᠭᠰᠠᠨ ᠴᠢᠯᠠᠭᠤᠨ ᠵᠠᠩᠭᠢ ᠬᠡᠯᠡᠭᠡᠳ ᠰᠠᠬᠠᠯ ᠢ᠋ᠶ᠋ᠠᠨ ᠶᠡᠬᠡᠮᠰᠦᠭ ᠢ᠋ᠶ᠋ᠡᠷ ᠰᠢᠪᠳᠤᠷᠪᠠ᠃
ᠲᠡᠭᠦᠨ ᠡᠴᠡ ᠨᠡᠯᠢᠶᠡᠳ ᠵᠠᠢᠲᠠᠢ ᠵᠣᠭᠰᠣᠵᠤ ᠪᠠᠢᠭᠰᠠᠨ ᠠᠦ᠋ᠲ᠋ᠣᠨᠣᠮᠢᠲᠤ ᠶ᠋ᠢᠨ ᠰᠠᠩ ᠤ᠋ᠨ ᠶᠠᠮᠤᠨ ᠤ᠋ ᠲᠦᠰᠢᠮᠡᠯ ᠠᠭᠰᠠᠨ ᠰᠢᠷᠤᠪ᠂ ᠴᠢᠯᠠᠭᠤᠨ ᠤ᠋ ᠦᠭᠡᠨ ᠳ᠋ᠦ᠍ ᠰᠣᠴᠢᠨ ᠡᠷᠭᠢᠵᠦ ᠬᠠᠷᠠᠭᠰᠠᠨ ᠢ᠋ᠶ᠋ᠠᠨ 《ᠵᠠᠪᠬᠠᠢ ᠲᠥᠪᠡᠳ ᠮᠠᠨ ᠤ᠋ ᠮᠣᠩᠭᠣᠯ ᠳ᠋ᠤ᠌ ᠭᠠᠮᠰᠢᠭ ᠵᠣᠪᠠᠯᠠᠩ ᠬᠣᠶᠠᠷ ᠡᠴᠡ ᠥᠭᠡᠷ᠎ᠡ ᠶᠠᠭᠤ ᠯᠠ ᠬᠢᠯᠠᠢᠯᠭᠠᠵᠤ ᠪᠠᠢᠯ᠎ᠠ ᠳᠠ》 ᠭᠡᠵᠦ ᠠᠮᠠᠨ ᠳ᠋ᠠᠭᠠᠨ ᠰᠢᠪᠡᠭᠡᠨᠡᠪᠡ᠃
ᠬᠣᠶᠠᠷ ᠲᠤᠭ ᠤ᠋ᠨ ᠳᠠᠷᠠᠭ᠎ᠠ ᠰᠠᠭᠰᠠᠯᠵᠠᠭᠰᠠᠨ ᠳᠡᠯ ᠲᠡᠢ ᠥᠨᠳᠥᠷ ᠴᠣᠮᠪᠣᠩ ᠪᠡᠶ᠎ᠡ ᠲᠡᠢ ᠥᠷᠭᠡᠨ ᠲᠠᠰᠢᠶ᠎ᠠ ᠲᠠᠢ ᠬᠤᠧᠨ ᠬᠣᠩᠭᠣᠷ ᠮᠣᠷᠢᠲᠠᠢ ᠰᠦᠬᠡᠪᠠᠭᠠᠲᠤᠷ ᠵᠠᠩᠵᠤᠨ ᠨᠢᠭᠡ ᠭᠠᠷ ᠲᠠᠭᠠᠨ ᠵᠢᠯᠣᠭᠣ ᠴᠤᠯᠪᠤᠭᠤᠷ ᠢ᠋ᠶ᠋ᠠᠨ ᠬᠤᠮᠬᠢᠨ ᠠᠳᠬᠤᠵᠤ᠂ ᠨᠥᠭᠥᠭᠡ ᠭᠠᠷ ᠢ᠋ᠶ᠋ᠠᠷ ᠢ᠋ᠶ᠋ᠠᠨ ᠲᠠᠰᠢᠶ᠎ᠠ ᠪᠠᠨ ᠲᠤᠯᠤᠨ ᠭᠦᠨ ᠪᠣᠳᠣᠯ ᠳ᠋ᠤ᠌ ᠳᠠᠷᠤᠭᠳᠠᠨ ᠶᠠᠪᠤᠨ᠎ᠠ᠃
᠊᠊᠊᠊᠊᠊᠊᠊᠊᠊᠊᠊᠊᠊᠊ ᠭᠣᠢ᠌ᠮᠠᠨ ᠪᠠᠭᠠᠲᠤᠷ ᠭᠡᠵᠦ ᠣᠯᠠᠨ ᠤ᠋ ᠳᠤᠮᠳᠠ ᠨᠢᠭᠡ ᠬᠥᠮᠦᠨ ᠳᠠᠭᠤ ᠠᠯᠳᠠᠪᠠ᠃
᠊᠊᠊᠊᠊᠊᠊᠊᠊᠊᠊᠊᠊᠊᠊ ᠶᠠᠭᠤᠨ ᠤ᠋ ᠴᠢᠨᠢ ᠭᠣᠢ᠌ᠮᠠᠨ᠃ ᠠᠷᠠᠳ ᠤ᠋ᠨ ᠵᠢᠷᠤᠮᠲᠤ ᠴᠡᠷᠢᠭ ᠦ᠋ᠨ ᠶᠡᠬᠡ ᠵᠠᠩᠵᠤᠨ ᠰᠦᠬᠡᠪᠠᠭᠠᠲᠤᠷ ᠪᠠᠢᠬᠤ ᠦᠭᠡᠢ ᠤᠤ᠃
᠊᠊᠊᠊᠊᠊᠊᠊᠊᠊᠊᠊᠊᠊᠊ ᠡᠷ᠎ᠡ ᠴᠡᠷᠢᠭ ᠦ᠋ᠨ ᠡᠷᠳᠡᠮ ᠳ᠋ᠦ᠍ ᠨᠡᠪᠲᠡᠷᠬᠡᠢ᠂ ᠬᠠᠳᠠᠨ ᠵᠣᠷᠢᠭᠲᠠᠢ ᠬᠥᠮᠦᠨ ᠭᠡᠨ᠎ᠡ ᠪᠢᠯᠡ᠃
᠊᠊᠊᠊᠊᠊᠊᠊᠊᠊᠊᠊᠊᠊᠊ ᠮᠠᠨ ᠤ᠋ ᠮᠣᠩᠭᠣᠯ ᠤ᠋ᠨ ᠵᠠᠶᠠᠭ᠎ᠠ ᠪᠠᠷ ᠲᠣᠳᠣᠷᠠᠭᠰᠠᠨ ᠬᠥᠮᠦᠨ ᠳᠡ᠃
᠊᠊᠊᠊᠊᠊᠊᠊᠊᠊᠊᠊᠊᠊᠊ ᠴᠠᠭ ᠢ᠋ᠶ᠋ᠠᠨ ᠪᠣᠯᠬᠤ ᠳ᠋ᠤ᠌ ᠲᠥᠷᠥ ᠰᠠᠮᠠᠭᠤᠷᠠᠵᠤ᠂ ᠴᠠᠭ ᠢ᠋ᠶ᠋ᠠᠨ ᠪᠣᠯᠬᠤ ᠳ᠋ᠤ᠌ ᠲᠦᠪᠰᠢᠨ ᠪᠣᠯᠤᠨ᠎ᠠ ᠭᠡᠳᠡᠭ ᠶᠤᠮ ᠳᠡ᠃ ᠣᠳᠣ ᠨᠢᠭᠡ ᠣᠯᠠᠨ ᠤ᠋ ᠵᠣᠪᠠᠯᠠᠩ᠂ ᠴᠠᠭ ᠲᠥᠷᠥ ᠶ᠋ᠢᠨ ᠦᠢᠮᠡᠭᠡᠨ ᠠᠷᠢᠯᠵᠤ ᠲᠣᠨᠢᠯᠬᠤ ᠪᠠᠢᠯᠭᠦᠢ ᠳᠡ ᠭᠡᠵᠦ ᠴᠢᠯᠠᠭᠤᠨ ᠵᠠᠩᠭᠢ ᠪᠦᠳᠦᠭᠦᠨ ᠳᠠᠭᠤ ᠪᠠᠷ ᠬᠡᠯᠡᠭᠡᠳ ᠬᠣᠭᠣᠯᠠᠢ ᠪᠠᠨ ᠨᠠᠮᠪᠠᠲᠠᠢ ᠵᠠᠰᠠᠯ᠎ᠠ᠃
᠊᠊᠊᠊᠊᠊᠊᠊᠊᠊᠊᠊᠊᠊᠊ ᠮᠠᠨ ᠤ᠋ ᠮᠣᠩᠭᠣᠯᠴᠤᠳ ᠲᠡᠪᠴᠢᠵᠦ᠂ ᠲᠡᠪᠴᠢᠵᠦ ᠨᠢᠭᠡ ᠬᠥᠳᠡᠯᠪᠡᠯ ᠶᠠᠭ ᠯᠠ ᠶᠡᠬᠡ ᠮᠥᠷᠡᠨ ᠦ᠌ ᠦᠶᠡᠷ ᠰᠢᠭ ᠲᠣᠬᠢᠶᠠᠯᠳᠤᠭᠰᠠᠨ ᠪᠦᠬᠦᠨ ᠢ᠋ ᠳᠡᠯᠪᠡ ᠲᠡᠳᠡᠨ ᠭᠠᠷᠳᠠᠭ ᠤᠯᠤᠰ ᠭᠡᠳᠡᠭ ᠰᠢᠦ᠃ ᠢᠯᠠᠩᠭᠤᠶ᠎ᠠ ᠴᠢᠰᠤ ᠪᠠᠨ ᠦᠵᠡᠬᠦ ᠳᠡᠭᠡᠷ᠎ᠡ ᠴᠦ᠍ ᠪᠤᠴᠠᠬᠤ ᠭᠡᠳᠡᠭ ᠢ᠋ ᠮᠠᠷᠲᠠᠵᠤ ᠣᠷᠬᠢᠳᠠᠭ ᠭᠡᠨ᠎ᠡ ᠪᠢᠯᠡ᠃
ᠴᠤᠭᠯᠠᠷᠠᠭᠰᠠᠨ ᠣᠯᠠᠨ᠂ ᠠᠷᠠᠳ ᠤ᠋ᠨ ᠵᠢᠷᠤᠮᠲᠤ ᠴᠡᠷᠢᠭ ᠦ᠋ᠨ ᠰᠦᠷ ᠵᠢᠪᠬᠤᠭ᠎ᠠ᠂ ᠤᠨᠤᠭᠰᠠᠨ ᠮᠣᠷᠢ᠂ ᠬᠡᠷᠡᠭᠯᠡᠭᠰᠡᠨ ᠵᠡᠪᠰᠡᠭ ᠦ᠋ᠨ ᠲᠤᠬᠠᠢ ᠮᠠᠭᠲᠠᠨ ᠶᠠᠷᠢᠯᠴᠠᠬᠤ ᠨᠢ ᠬᠣᠯᠠ ᠡᠴᠡ ᠰᠣᠨᠣᠰᠪᠠᠯ ᠶᠡᠬᠡ ᠮᠥᠷᠡᠨ ᠦ᠌ ᠨᠦᠰᠡᠷ ᠱᠤᠤᠭᠢᠶᠠᠨ ᠮᠡᠲᠦ ᠠᠵᠢ᠃
ᠥᠭᠭᠢᠶᠡᠮᠦᠷ ᠵᠤᠨ ᠤ᠋ ᠥᠷᠯᠥᠭᠡᠨ ᠦ᠌ ᠨᠠᠷᠠ ᠪᠦᠬᠦᠨ ᠢ᠋ ᠰᠡᠷᠭᠦᠭᠡᠨ ᠭᠡᠢᠭᠦᠯᠵᠦ᠂ ᠲᠣᠷᠳᠣᠢᠬᠤ ᠴᠤ᠌ ᠡᠭᠦᠯᠡ ᠦᠭᠡᠢ ᠴᠡᠩᠬᠡᠷ ᠢᠪᠡᠭᠡᠭᠰᠡᠨ ᠬᠦᠷᠢᠶ᠎ᠡ ᠳᠡᠯᠪᠢ ᠨᠢ ᠰᠢᠨᠡᠬᠡᠨ ᠳᠡᠯᠭᠡᠭᠰᠡᠨ ᠬᠠᠪᠤᠷ ᠤ᠋ᠨ ᠬᠥᠬᠡ ᠢᠷᠭᠤᠢ ᠰᠢᠭ᠋ ᠪᠥᠭᠡᠳ ᠠᠮᠤᠷᠯᠢᠩᠭᠤᠢ ᠲᠠᠢᠪᠤᠩ ᠠᠵᠢ᠃
ᠰᠦᠬᠡᠪᠠᠭᠠᠲᠤᠷ ᠲᠤ᠌ ᠵᠢᠯ ᠦ᠋ᠨ ᠡᠮᠦᠨ᠎ᠡ ᠭᠠᠮᠢᠩ ᠳ᠋ᠤ᠌ ᠡᠵᠡᠯᠡᠭᠳᠡᠭᠰᠡᠨ ᠬᠦᠷᠢᠶ᠎ᠡ ᠡᠴᠡ ᠤᠷᠭᠤᠨ ᠭᠠᠷᠴᠤ᠂ ᠡᠬᠡ ᠣᠷᠣᠨ᠂ ᠠᠷᠠᠳ ᠣᠯᠠᠨ ᠢ᠋ᠶ᠋ᠠᠨ ᠲᠦᠮᠡᠨ ᠵᠣᠪᠠᠯᠠᠩ ᠮᠢᠩᠭᠠᠨ ᠭᠠᠰᠢᠭᠤᠨ ᠡᠴᠡ ᠠᠪᠤᠷᠠᠬᠤ ᠶᠡᠬᠡ ᠬᠦᠰᠡᠯ ᠡᠷᠡᠮᠡᠯᠵᠡᠯ ᠢ᠋ ᠡᠪᠦᠷᠯᠡᠨ ᠤᠮᠠᠷ᠎ᠠ ᠶ᠋ᠢ ᠵᠣᠷᠢᠵᠤ ᠶᠠᠪᠤᠭᠰᠠᠨ ᠨᠢ ᠪᠣᠳᠣᠭᠳᠠᠨ᠎ᠠ᠃ ᠲᠡᠷᠡ ᠴᠠᠭ ᠤ᠋ᠨ ᠬᠡᠴᠡᠭᠦᠦ᠂ ᠬᠠᠲᠠᠭᠤ ᠶ᠋ᠢ ᠪᠣᠳᠣᠬᠤ ᠳᠣᠳᠣᠮ ᠪᠦᠲᠦᠭᠡᠭᠰᠡᠨ ᠦᠢᠯᠡ ᠬᠡᠷᠡᠭ ᠦ᠋ᠨ ᠬᠢᠨᠢ ᠭᠠᠢᠬᠠᠮᠰᠢᠭ ᠤᠯᠠᠮ ᠲᠣᠳᠣᠷᠠᠬᠤ ᠪᠥᠭᠡᠳ ᠶᠠᠪᠤᠬᠤ ᠳ᠋ᠤᠨᠢ ᠭᠠᠰᠠᠯᠤᠨ ᠰᠢᠨᠠᠯᠵᠤ ᠪᠠᠢᠭᠰᠠᠨ ᠬᠦᠷᠢᠶ᠎ᠡ ᠣᠳᠣ ᠢᠨᠢᠶᠡᠨ ᠪᠡᠶᠡᠰᠴᠦ ᠪᠠᠢᠨ᠎ᠠ᠃ ᠣᠯᠠᠨ ᠤ᠋ ᠱᠤᠤᠭᠢᠶᠠᠨ ᠣᠪᠣᠯᠵᠠᠵᠤ᠂ ᠪᠠᠶᠠᠷ ᠤ᠋ᠨ ᠮᠦᠰᠢᠶᠡᠯ ᠲᠣᠳᠣᠷᠠᠭᠰᠠᠨ ᠬᠦᠷᠢᠶ᠎ᠡ᠂ ᠰᠢᠨᠠᠯᠤᠨ ᠪᠠᠢᠵᠤ ᠭᠠᠷᠭᠠᠭᠰᠠᠨ ᠬᠡᠦᠬᠡᠳ ᠦ᠋ᠨ ᠢ᠋ᠶ᠋ᠡᠨ ᠡᠩᠬᠦᠷᠡᠢ ᠳᠠᠭᠤ ᠶ᠋ᠢ ᠰᠣᠨᠣᠰᠤᠭᠰᠠᠨ ᠵᠠᠯᠠᠭᠤ ᠡᠬᠡ ᠰᠢᠭ ᠪᠠᠢᠯ᠎ᠠ᠃ ᠵᠢᠯ ᠦ᠋ᠨ ᠡᠮᠦᠨ᠎ᠡ ᠬᠠᠷᠠᠩᠭᠤᠢ ᠰᠥᠨᠢ᠂ ᠬᠠᠷᠢ ᠶ᠋ᠢᠨ ᠳᠠᠢᠰᠤᠨ ᠤ᠋ ᠮᠥᠷᠳᠡᠯᠭᠡ ᠡᠴᠡ ᠵᠠᠢᠯᠠᠨ ᠶᠠᠪᠤᠬᠤ ᠳ᠋ᠠᠭᠠᠨ ᠰᠦᠬᠡᠪᠠᠭᠠᠲᠤᠷ ᠢᠨᠢᠶᠡᠵᠦ ᠪᠠᠶᠠᠰᠤᠭᠰᠠᠨ ᠬᠦᠷᠢᠶᠡᠨ ᠳ᠋ᠦ᠍ ᠡᠷᠭᠢᠵᠦ ᠢᠷᠡᠬᠦ ᠳ᠋ᠦ᠍ ᠢᠲᠡᠭᠡᠵᠦ ᠲᠡᠷᠡ ᠡᠳᠦᠷ ᠦ᠋ᠨ ᠬᠡᠮᠵᠢᠶᠡᠯᠡᠰᠢ ᠦᠭᠡᠢ ᠪᠠᠶᠠᠷ ᠤ᠋ᠨ ᠲᠤᠬᠠᠢ ᠪᠣᠳᠣᠵᠤ ᠪᠠᠢᠭᠰᠠᠨ᠃ ᠭᠡᠲᠡᠯ᠎ᠡ ᠣᠳᠣ ᠲᠡᠷᠡ ᠡᠳᠦᠷ ᠢᠷᠡᠭᠡᠳ ᠪᠠᠢᠬᠤ ᠳ᠋ᠤ᠌ ᠬᠦᠰᠡᠯ᠂ ᠡᠷᠡᠮᠡᠯᠵᠡᠯ ᠨᠢ ᠳᠠᠭᠤᠰᠤᠭᠰᠠᠨ ᠦᠭᠡᠢ᠃
ᠰᠡᠭᠦᠯ ᠦ᠋ᠨ ᠬᠡᠳᠦᠨ ᠰᠠᠷ᠎ᠠ ᠶ᠋ᠢᠨ ᠳᠣᠲᠣᠷ᠎ᠠ ᠤᠯᠤᠰ ᠣᠷᠣᠨ ᠳ᠋ᠤ᠌ ᠦᠯᠡᠮᠵᠢ ᠬᠦᠴᠦᠲᠡᠢ ᠰᠢᠭᠤᠷᠭ᠎ᠠ ᠪᠣᠯᠵᠤ ᠪᠦᠬᠦᠨ ᠢ᠋ ᠨᠤᠬᠤᠴᠢᠨ ᠳᠠᠷᠤᠵᠤ ᠪᠠᠢᠭᠰᠠᠨ ᠬᠠᠷ᠎ᠠ ᠡᠭᠦᠯᠡ ᠰᠠᠷᠨᠢᠨ᠂ ᠲᠡᠭᠷᠢ ᠴᠡᠯᠮᠡᠪᠡ᠃ ᠡᠨᠡᠬᠡᠨ ᠠᠬᠠᠷ ᠬᠤᠭᠤᠴᠠᠭᠠᠨ ᠳ᠋ᠤ᠌ ᠰᠦᠬᠡᠪᠠᠭᠠᠲᠤᠷ ᠤ᠋ᠨ ᠠᠮᠢᠳᠤᠷᠠᠯ ᠳ᠋ᠤ᠌ ᠶᠡᠬᠡ ᠶᠠᠭᠤᠮ᠎ᠠ ᠪᠣᠯᠵᠤ ᠥᠩᠭᠡᠷᠡᠵᠡᠢ᠃ ᠫᠠᠷᠲ᠋ᠢᠽᠠᠨ ᠴᠡᠷᠢᠭ ᠢ᠋ ᠴᠤᠭᠯᠠᠭᠤᠯᠵᠤ᠂ ᠰᠢᠷᠦᠭᠦᠨ ᠲᠡᠮᠡᠴᠡᠯ ᠳ᠋ᠦ᠍ ᠪᠡᠯᠡᠳᠬᠡᠵᠦ ᠪᠠᠢᠬᠤ ᠳ᠋ᠠᠭᠠᠨ ᠦᠰᠦ ᠪᠡᠨ ᠬᠤᠰᠤᠭᠤᠯᠵᠤ ᠪᠢᠯᠡ᠃ ᠨᠡᠯᠢᠶᠡᠳ ᠤᠷᠭᠤᠭᠰᠠᠨ ᠦᠰᠦ ᠶ᠋ᠢ ᠨᠢ ᠬᠤᠷᠴᠠ ᠲᠣᠩᠭᠣᠷᠭᠠ ᠪᠠᠷ ᠰᠢᠷ ᠰᠢᠷ ᠬᠤᠰᠤᠵᠤ ᠪᠠᠢᠭᠰᠠᠨ ᠬᠥᠭᠰᠢᠨ ᠬᠠᠷ᠎ᠠ ᠬᠥᠮᠦᠨ 《ᠭᠠᠭᠴᠠ ᠴᠤ᠌ ᠴᠠᠭᠠᠨ ᠦᠰᠦ ᠪᠠᠢᠬᠤ ᠦᠭᠡᠢ᠂ ᠶᠣᠰᠣᠲᠠᠢ ᠯᠠ ᠨᠢᠭᠡ ᠵᠠᠯᠠᠭᠤ ᠬᠥᠮᠦᠨ ᠦ᠌ ᠦᠰᠦ ᠪᠠᠢᠨ᠎ᠠ ᠳᠠ》 ᠭᠡᠵᠦ ᠪᠠᠢᠭᠰᠠᠨ᠃ ᠬᠢᠶᠠᠭᠲᠤ ᠶ᠋ᠢ ᠡᠵᠡᠯᠡᠭᠰᠡᠨ ᠦ᠌ ᠳᠠᠷᠠᠭᠠᠬᠢ ᠡᠳᠦᠷ ᠦᠰᠦ ᠪᠡᠨ ᠪᠠᠰᠠ ᠬᠤᠰᠤᠭᠤᠯᠬᠤ ᠳ᠋ᠤ᠌ 《ᠵᠠᠩᠵᠤᠨ ᠤ᠋ ᠲᠡᠷᠢᠭᠦᠨ ᠳ᠋ᠦ᠍ ᠬᠡᠳᠦᠨ ᠴᠠᠭᠠᠨ ᠦᠰᠦ ᠲᠡᠢ ᠶᠤᠮ ᠠ᠋》 ᠭᠡᠬᠦ ᠶ᠋ᠢ ᠰᠣᠨᠣᠰᠤᠭᠰᠠᠨ᠃
ᠬᠢᠶᠠᠭᠲᠤ ᠳ᠋ᠤ᠌ ᠡᠭᠦᠷᠯᠡᠭᠰᠡᠨ ᠭᠠᠮᠢᠩ ᠢ᠋ ᠲᠦᠳᠡ ᠶ᠋ᠢᠨ ᠵᠠᠮ ᠢ᠋ᠶ᠋ᠠᠷ ᠲᠣᠨᠢᠯᠭᠠᠭᠠᠳ ᠤᠲᠠᠰᠤᠨ ᠤ᠋ ᠬᠣᠷᠢᠶᠠᠨ ᠤ᠋ ᠵᠢᠵᠢᠭᠬᠡᠨ ᠰᠢᠪᠡᠷ ᠪᠠᠢᠰᠢᠩ ᠳ᠋ᠤ᠌ ᠣᠷᠣᠵᠤ 《ᠳᠡᠯᠡᠬᠡᠢ ᠳ᠋ᠠᠬᠢᠨ ᠳ᠋ᠤ᠌ ᠲᠤᠩᠬᠠᠭᠯᠠᠨ ᠵᠠᠷᠯᠠᠬᠤ ᠨᠢ᠄ ᠮᠣᠩᠭᠣᠯ ᠣᠷᠣᠨ ᠲᠤᠰᠠᠭᠠᠷ ᠤᠯᠤᠰ ᠪᠣᠯᠪᠠ᠃ ᠤᠯᠤᠰ ᠭᠦᠷᠦᠨ ᠪᠦᠬᠦᠨ ᠲᠡᠢ ᠨᠠᠢᠷᠰᠠᠭ ᠬᠣᠯᠪᠣᠭ᠎ᠠ ᠲᠣᠭᠲᠠᠭᠠᠬᠤ ᠶ᠋ᠢ ᠰᠢᠨ᠎ᠡ ᠮᠣᠩᠭᠣᠯ ᠬᠦᠰᠡᠨ᠎ᠡ》 ᠭᠡᠵᠦ ᠠᠮᠢᠰᠬᠤᠭᠠᠳᠠᠨ ᠪᠠᠢᠵᠤ ᠵᠠᠷᠯᠠᠭᠠᠳ ᠭᠠᠷᠴᠤ ᠢᠷᠡᠬᠦ ᠳ᠋ᠦ᠍ ᠬᠤᠧᠨ ᠬᠣᠩᠭᠣᠷ ᠮᠣᠷᠢ ᠶ᠋ᠢ ᠨᠢ ᠪᠠᠷᠢᠭᠠᠳ ᠬᠦᠯᠢᠶᠡᠵᠦ ᠪᠠᠢᠭᠰᠠᠨ ᠫᠠᠷᠲ᠋ᠢᠽᠠᠨ 《ᠵᠠᠩᠵᠤᠨ ᠠ᠋᠂ ᠲᠠᠨ ᠤ᠋ ᠨᠢᠳᠦᠨ ᠳ᠋ᠦ᠍ ᠶᠠᠭᠤᠮ᠎ᠠ ᠣᠷᠣᠴᠢᠬᠠᠭᠰᠠᠨ ᠤᠤ?》 ᠭᠡᠵᠦ ᠠᠰᠠᠭᠤᠬᠤ ᠳ᠋ᠤ᠌᠂
᠊᠊᠊᠊᠊᠊᠊᠊᠊᠊᠊᠊᠊᠊᠊ ᠲᠡᠢᠮᠦ᠃ ᠪᠠᠶᠠᠷ ᠤ᠋ᠨ ᠣᠳᠣᠨ ᠬᠠᠷᠪᠤᠭᠰᠠᠨ ᠭᠡᠳ ᠲᠣᠮᠣ ᠰᠢᠳᠦ ᠪᠡᠨ ᠢᠷᠠᠯᠵᠠᠭᠤᠯᠤᠨ ᠢᠨᠢᠶᠡᠭᠰᠡᠨ ᠢ᠋ᠶ᠋ᠡᠨ ᠰᠢᠭᠤᠳ ᠮᠣᠷᠳᠠᠵᠤ᠂ ᠪᠠᠷᠠᠭᠤᠨ ᠬᠥᠪᠡᠭᠡ ᠥᠭᠡᠳᠡ ᠮᠣᠷᠢᠨ ᠤ᠋ ᠪᠠᠨ ᠬᠤᠷᠳᠤ ᠪᠠᠷ ᠭᠠᠷᠴᠤ ᠲᠤᠵᠢ ᠶ᠋ᠢᠨ ᠨᠠᠷᠠᠰᠤᠨ ᠤ᠋ ᠵᠦᠭ ᠤᠳᠠᠲᠠᠯ᠎ᠠ ᠰᠢᠷᠳᠡᠨ ᠵᠣᠭᠰᠣᠵᠤ ᠪᠢᠯᠡ᠃ ᠪᠡᠶ᠎ᠡ ᠬᠠᠮᠠᠭᠠᠯᠠᠭᠴᠢ ᠫᠠᠷᠲ᠋ᠢᠽᠠᠨ ᠳᠡᠷᠭᠡᠳᠡ ᠨᠢ ᠣᠴᠢᠬᠤ ᠳ᠋ᠤ᠌ 《ᠰᠢᠨ᠎ᠡ ᠮᠣᠩᠭᠣᠯ ᠤᠯᠤᠰ ᠤ᠋ᠨ ᠡᠷᠦᠬᠡ ᠶ᠋ᠢ ᠪᠢᠳᠡ ᠲᠠᠲᠠᠯ᠎ᠠ᠃ ᠣᠳᠣ ᠤᠯᠤᠰ ᠭᠡᠷ ᠢ᠋ ᠲᠥᠪᠬᠢᠨᠡᠭᠦᠯᠬᠦ ᠴᠠᠭ ᠢᠷᠡᠪᠡ》 ᠭᠡᠵᠦ ᠬᠡᠯᠡᠪᠡ᠃
ᠬᠡᠳᠦᠨ ᠵᠠᠭᠤᠨ ᠵᠢᠯ ᠦ᠋ᠨ ᠲᠤᠷᠰᠢ ᠮᠣᠩᠭᠣᠯ ᠣᠷᠣᠨ ᠪᠤᠰᠤᠳ ᠤ᠋ᠨ ᠪᠣᠭᠣᠯ ᠪᠣᠯᠵᠤ ᠦᠨᠳᠦᠰᠦ ᠤᠭᠰᠠᠭ᠎ᠠ ᠰᠥᠨᠥᠬᠦ ᠳ᠋ᠦ᠍ ᠬᠦᠷᠴᠦ ᠪᠠᠢᠯ᠎ᠠ᠃ ᠰᠢᠪᠰᠢᠭᠲᠦ ᠳᠣᠷᠣᠮᠵᠢᠯᠠᠯ ᠡᠴᠡ ᠤᠯᠤᠰ ᠦᠨᠳᠦᠰᠦᠲᠡᠨ ᠢ᠋ᠶ᠋ᠡᠨ ᠴᠢᠯᠥᠭᠡᠯᠡᠬᠦ ᠭᠡᠵᠦ ᠪᠣᠰᠤᠭᠰᠠᠨ ᠣᠯᠠᠨ ᠵᠣᠷᠢᠭᠲᠤ ᠡᠷ᠎ᠡ ᠠᠯᠲᠠᠨ ᠠᠮᠢ ᠪᠠᠨ ᠠᠯᠳᠠᠭᠰᠠᠨ ᠲᠡᠦᠬᠡ ᠲᠡᠢ᠃ ᠭᠡᠲᠡᠯ᠎ᠡ ᠲᠡᠷᠡ ᠪᠠᠭᠠᠲᠤᠷ ᠡᠷᠡᠴᠦᠳ ᠦ᠋ᠨ ᠠᠷᠢᠭᠤᠨ ᠬᠦᠰᠡᠯ᠂ ᠮᠥᠷᠥᠭᠡᠳᠦᠯ ᠪᠡᠶᠡᠯᠡᠭᠳᠡᠭᠡ ᠭᠡᠵᠦ ᠪᠣᠳᠣᠬᠤ ᠳ᠋ᠤ᠌ ᠰᠦᠬᠡᠪᠠᠭᠠᠲᠤᠷ ᠤ᠋ᠨ ᠰᠡᠳᠬᠢᠯ ᠪᠠᠶᠠᠷ ᠪᠠᠬᠠᠳᠤᠯ ᠤ᠋ᠨ ᠭᠠᠯ ᠢ᠋ᠶ᠋ᠠᠷ ᠪᠤᠴᠠᠯᠤᠨ ᠪᠠᠢᠯ᠎ᠠ᠃
ᠭᠠᠮᠢᠩ ᠢ᠋ ᠢᠯᠠᠵᠤ ᠬᠢᠶᠠᠭᠲᠤ ᠡᠴᠡ ᠦᠯᠳᠡᠨ ᠬᠥᠭᠡᠭᠡᠭᠡᠳ ᠰᠸᠯᠠᠢ᠌ᠳᠠᠢ ᠶ᠋ᠢᠨ ᠢ᠋ᠶ᠋ᠡᠨ ᠠᠮᠠ ᠶ᠋ᠢ ᠦᠯᠢᠶᠡᠨ ᠬᠤᠢ ᠳ᠋ᠤᠨᠢ ᠬᠢᠵᠦ ᠪᠠᠢᠬᠤ ᠳ᠋ᠤ᠌ ᠲᠦᠮᠡᠨ ᠬᠦᠰᠡᠯᠡᠩ ᠪᠡᠶᠡᠯᠡᠭᠳᠡᠭᠰᠡᠨ ᠶᠤᠮ ᠰᠢᠭ ᠪᠣᠳᠣᠭᠳᠠᠵᠤ ᠪᠠᠢᠵᠤ ᠪᠢᠯᠡ᠃ ᠰᠦᠬᠡᠪᠠᠭᠠᠲᠤᠷ ᠮᠣᠩᠭᠣᠯ ᠣᠷᠣᠨ ᠤ᠋ ᠲᠥᠯᠥᠭᠡ᠂ ᠲᠡᠭᠦᠨ ᠦ᠌ ᠳᠠᠢᠰᠤᠨ ᠲᠠᠢ ᠲᠤᠯᠤᠯᠳᠤᠬᠤ ᠭᠡᠵᠦ ᠴᠠᠪᠴᠢᠵᠤ᠂ ᠫᠤᠤᠳᠠᠵᠤ ᠰᠤᠷᠤᠭᠰᠠᠨ᠃ ᠬᠡᠢ ᠫᠤᠤᠳᠠᠬᠤ ᠦᠭᠡᠢ᠂ ᠬᠣᠭᠣᠰᠣᠨ ᠴᠠᠪᠴᠢᠬᠤ ᠦᠭᠡᠢ ᠶ᠋ᠢᠨ ᠡᠷᠳᠡᠮ ᠢ᠋ ᠰᠤᠷᠤᠭᠰᠠᠨ ᠨᠢ ᠲᠠᠯᠠᠭᠠᠷ ᠥᠩᠭᠡᠷᠡᠭᠰᠡᠨ ᠦᠭᠡᠢ᠃ ᠭᠡᠲᠡᠯ᠎ᠡ ᠰᠢᠨ᠎ᠡ ᠤᠯᠤᠰ ᠭᠡᠷ ᠢ᠋ ᠪᠠᠢᠭᠤᠯᠬᠤ ᠳ᠋ᠤ᠌ ᠴᠠᠪᠴᠢᠵᠤ᠂ ᠫᠤᠤᠳᠠᠬᠤ ᠡᠴᠡ ᠥᠭᠡᠷ᠎ᠡ ᠣᠯᠠᠨ ᠵᠦᠢᠯ ᠦ᠋ᠨ ᠡᠷᠳᠡᠮ ᠬᠡᠷᠡᠭ ᠲᠡᠢ ᠠᠵᠢ᠃ ᠮᠣᠩᠭᠣᠯ ᠭᠡᠷ ᠲᠦ᠍ ᠭᠡᠷᠡᠯ ᠣᠷᠣᠭᠤᠯᠬᠤ ᠦᠭᠡᠢ ᠶ᠋ᠢᠨ ᠲᠤᠯᠠ ᠡᠷᠦᠬᠡ ᠶ᠋ᠢᠨ ᠬᠢᠨᠢ ᠣᠭᠣᠰᠣᠷ ᠡᠴᠡ ᠵᠢᠭᠤᠷᠠᠵᠤ ᠪᠠᠢᠭᠰᠠᠨ ᠳᠠᠢᠰᠤᠨ ᠤ᠋ ᠭᠠᠷ ᠢ᠋ ᠴᠠᠪᠴᠢᠭᠰᠠᠨ᠃ ᠣᠳᠣ ᠡᠷᠦᠬᠡ ᠶ᠋ᠢ ᠨᠢ ᠲᠠᠲᠠᠵᠤ ᠭᠡᠷᠡᠯ ᠣᠷᠣᠭᠤᠯᠤᠭᠰᠠᠨ ᠲᠡᠷᠡ ᠭᠡᠷ ᠦ᠋ᠨ ᠢ᠋ᠶ᠋ᠡᠨ ᠶᠠᠭᠤᠮ᠎ᠠ ᠶ᠋ᠢ ᠲᠥᠪᠬᠢᠨᠡᠭᠦᠯᠬᠦ ᠶᠣᠰᠣᠲᠠᠢ ᠪᠣᠯᠪᠠ᠃ ᠳᠣᠲᠣᠷᠠᠬᠢ ᠶᠠᠭᠤᠮ᠎ᠠ ᠨᠢ ᠵᠠᠭᠤᠨ ᠵᠠᠳᠠᠭᠠᠢ᠂ ᠵᠢᠷᠠᠨ hᠬᠠᠭᠠᠷᠬᠠᠢ ᠭᠡᠷ ᠢ᠋ᠶ᠋ᠡᠨ ᠲᠣᠬᠢᠵᠢᠭᠤᠯᠬᠤ ᠭᠡᠰᠡᠨ ᠮᠣᠩᠭᠣᠯ ᠬᠥᠮᠦᠨ ᠲᠤᠰᠠᠭᠠᠷ ᠣᠷᠣᠨ ᠪᠣᠯᠤᠭᠰᠠᠨ ᠢ᠋ᠶ᠋ᠠᠨ ᠶᠢᠷᠲᠢᠨᠴᠦ ᠳ᠋ᠠᠬᠢᠨ ᠳ᠋ᠤ᠌ ᠴᠢᠩᠭ᠎ᠠ ᠳᠠᠭᠤ ᠪᠠᠷ ᠪᠠᠬᠠᠷᠤᠯᠲᠠᠢ ᠵᠠᠷᠯᠠᠵᠠᠢ᠃ ᠭᠡᠲᠡᠯ᠎ᠡ ᠵᠥᠪᠯᠡᠯᠲᠦ ᠣᠷᠣᠰ ᠤᠯᠤᠰ ᠡᠴᠡ ᠥᠭᠡᠷ᠎ᠡ ᠣᠷᠣᠨ ᠲᠣᠭᠣᠮᠰᠠᠷᠯᠠᠨ ᠬᠠᠷᠢᠭᠤ ᠥᠭᠭᠦᠭᠰᠡᠨ ᠦᠭᠡᠢ᠃ ᠡᠨᠡ ᠪᠣᠯ ᠰᠢᠨ᠎ᠡ ᠭᠡᠷ ᠢ᠋ᠶ᠋ᠡᠨ ᠬᠣᠶᠠᠷ ᠭᠠᠷ ᠢ᠋ᠶ᠋ᠠᠷ ᠢ᠋ᠶ᠋ᠠᠨ ᠲᠥᠪᠬᠢᠨᠡᠭᠦᠯᠬᠦ ᠠᠵᠢᠯ ᠳ᠋ᠤᠨᠢ ᠵᠦᠢᠯ ᠪᠦᠷᠢ ᠶ᠋ᠢᠨ ᠰᠠᠭᠠᠳ ᠤᠴᠠᠷᠠᠭᠤᠯᠤᠨ᠎ᠠ ᠭᠡᠰᠡᠨ ᠦᠭᠡ᠃ ᠡᠨᠡ ᠤᠴᠢᠷ ᠡᠴᠡ ᠰᠡᠯᠡᠮ᠎ᠡ ᠪᠡᠨ ᠬᠤᠢ ᠳ᠋ᠤᠨᠢ ᠬᠢᠯᠭᠦᠢ᠂ ᠫᠤᠤ ᠪᠠᠨ ᠰᠤᠮᠤᠯᠠᠵᠤ ᠨᠢᠭᠡ ᠭᠠᠷ ᠲᠠᠭᠠᠨ ᠪᠠᠷᠢᠭᠠᠳ᠂ ᠨᠥᠭᠥᠭᠡ ᠭᠠᠷ ᠢ᠋ᠶ᠋ᠠᠷ ᠢ᠋ᠶ᠋ᠠᠨ ᠠᠵᠢᠯ ᠢ᠋ᠶ᠋ᠠᠨ ᠬᠢᠬᠦ ᠬᠡᠷᠡᠭᠲᠡᠢ ᠠᠵᠢ᠃
ᠰᠦᠬᠡᠪᠠᠭᠠᠲᠤᠷ ᠪᠣᠯ ᠡᠩ ᠦ᠋ᠨ ᠨᠢᠭᠡ ᠴᠡᠷᠢᠭ ᠦ᠋ᠨ ᠡᠷ᠎ᠡ ᠪᠠᠢᠵᠤ ᠪᠢᠯᠡ᠃ ᠭᠡᠲᠡᠯ᠎ᠡ ᠣᠳᠣ ᠰᠢᠨ᠎ᠡ ᠲᠣᠭᠲᠠᠵᠤ ᠪᠠᠢᠭ᠎ᠠ ᠤᠯᠤᠰ ᠤ᠋ᠨ ᠪᠦᠬᠦ ᠴᠡᠷᠢᠭ ᠦ᠋ᠨ ᠵᠠᠩᠵᠤᠨ᠂ ᠰᠢᠨ᠎ᠡ ᠮᠣᠩᠭᠣᠯ ᠤᠯᠤᠰ ᠢ᠋ ᠪᠠᠢᠭᠤᠯᠬᠤ ᠶᠡᠬᠡ ᠬᠡᠷᠡᠭ ᠢ᠋ ᠤᠳᠤᠷᠢᠳᠬᠤ ᠦᠯᠡᠮᠵᠢ ᠡᠭᠦᠷᠭᠡ ᠣᠨᠣᠭᠳᠠᠵᠠᠢ᠃ ᠤᠷᠢᠳᠤ ᠪᠣᠳᠣᠵᠤ ᠪᠠᠢᠭ᠎ᠠ ᠦᠭᠡᠢ ᠶᠠᠭᠤᠮ᠎ᠠ ᠶ᠋ᠢ ᠪᠣᠳᠣᠵᠤ ᠣᠯᠬᠤ᠂ ᠰᠢᠢᠳᠴᠦ ᠪᠠᠢᠭ᠎ᠠ ᠦᠭᠡᠢ ᠶᠠᠭᠤᠮ᠎ᠠ ᠶ᠋ᠢ ᠰᠢᠢᠳᠬᠦ᠂ ᠶᠠᠭᠤᠮ᠎ᠠ ᠪᠦᠬᠦᠨ ᠢ᠋ ᠲᠥᠷᠥ ᠤᠯᠤᠰ ᠤ᠋ᠨ ᠡᠮᠦᠨ᠎ᠡ ᠡᠴᠡ ᠬᠠᠷᠠᠬᠤ ᠶᠣᠰᠣᠲᠠᠢ ᠪᠣᠯᠵᠠᠢ᠃
ᠪᠠᠰᠠ ᠨᠢᠭᠡ ᠨᠠᠷᠢᠨ ᠵᠦᠢᠯ ᠪᠣᠯ ᠪᠣᠭᠳᠠ ᠶ᠋ᠢᠨ ᠲᠤᠬᠠᠢ ᠠᠰᠠᠭᠤᠳᠠᠯ ᠪᠠᠢᠯ᠎ᠠ᠃ ᠪᠣᠭᠳᠠ ᠭᠠᠮᠢᠩ᠂ ᠪᠠᠷᠤᠨ ᠲᠠᠢ ᠨᠡᠢᠯᠡᠵᠦ ᠮᠣᠩᠭᠣᠯ ᠣᠷᠣᠨ ᠳ᠋ᠤ᠌ ᠲᠦᠮᠡᠨ ᠵᠣᠪᠠᠯᠠᠩ ᠤᠴᠠᠷᠠᠭᠤᠯᠤᠭᠰᠠᠨ᠃ ᠪᠣᠭᠳᠠ ᠡᠴᠡ ᠪᠣᠯᠵᠤ ᠡᠳ᠋ᠯᠡᠭᠰᠡᠨ ᠵᠣᠪᠠᠯᠠᠩ ᠢ᠋ ᠲᠣᠭᠠᠯᠠᠪᠠᠴᠤ ᠪᠠᠷᠠᠰᠢ ᠦᠭᠡᠢ᠃ ᠡᠭᠦᠨ ᠢ᠋ ᠨᠢ ᠪᠣᠳᠣᠬᠤ ᠳ᠋ᠤ᠌ ᠪᠣᠭᠳᠠ ᠶ᠋ᠢ ᠤᠰᠠᠳᠬᠠᠬᠤ ᠬᠡᠷᠡᠭᠲᠡᠢ᠃ ᠭᠡᠲᠡᠯ᠎ᠡ ᠡᠨᠡ ᠤᠷᠪᠠᠭᠴᠢ ᠶ᠋ᠢ ᠰᠢᠭᠤᠳ ᠤᠰᠠᠳᠬᠠᠵᠤ ᠪᠣᠯᠬᠤ ᠦᠭᠡᠢ ᠪᠠᠢᠯ᠎ᠠ᠃ ᠥᠴᠥᠭᠡᠳᠦᠷ ᠬᠦᠢ ᠶ᠋ᠢᠨ ᠪᠤᠷᠭᠠᠯᠲᠠᠢ ᠳ᠋ᠤ᠌ ᠪᠣᠭᠳᠠ ᠶ᠋ᠢᠨ ᠡᠯᠴᠢ ᠤᠭᠲᠤᠨ ᠣᠴᠢᠵᠤ ᠠᠭᠤᠯᠵᠠᠨ ᠤᠷᠲᠤ ᠬᠠᠳᠠᠭ ᠪᠠᠷᠢᠭᠰᠠᠨ᠂ ᠲᠡᠷᠡ ᠪᠣᠯ ᠠᠷᠭ᠎ᠠ ᠦᠭᠡᠢ ᠳᠠᠷᠤᠭᠳᠠᠵᠤ ᠠᠷᠭ᠎ᠠ ᠪᠠᠨ ᠪᠠᠷᠠᠭᠰᠠᠨ ᠬᠥᠮᠦᠨ ᠦ᠌ ᠡᠯᠴᠢ᠃ ᠢᠯᠠᠭᠴᠢ ᠶ᠋ᠢ ᠵᠢᠰᠤᠷᠳᠠᠭᠰᠠᠨ ᠪᠢᠯᠳᠠᠤᠴᠢ ᠬᠦᠨᠳᠦᠳᠬᠡᠯ ᠢ᠋ ᠰᠦᠬᠡᠪᠠᠭᠠᠲᠤᠷ ᠨᠡᠪᠲᠡ ᠮᠡᠳᠡᠭᠰᠡᠨ᠃ ᠴᠠᠭ ᠤ᠋ᠨ ᠪᠠᠢᠳᠠᠯ ᠣᠯᠠᠨ ᠤ᠋ ᠰᠡᠳᠬᠢᠯ ᠢ᠋ ᠬᠠᠷᠠᠵᠤ ᠲᠡᠷᠡ ᠡᠯᠴᠢ ᠶ᠋ᠢ ᠬᠦᠨᠳᠦᠳᠬᠡᠨ ᠬᠦᠯᠢᠶᠡᠵᠦ ᠠᠪᠤᠭᠰᠠᠨ᠃ ᠤᠴᠢᠷ ᠨᠢ ᠪᠣᠭᠳᠠ ᠶ᠋ᠢ ᠬᠥᠩᠭᠡᠨ ᠳ᠋ᠦ᠍ ᠦᠵᠡᠵᠦ ᠪᠣᠯᠬᠤ ᠦᠭᠡᠢ ᠪᠠᠢᠯ᠎ᠠ᠃ ᠣᠯᠠᠨ ᠲᠦᠮᠡᠨ ᠪᠣᠭᠳᠠ ᠳ᠋ᠤ᠌ ᠪᠢᠰᠢᠷᠡᠬᠦ ᠰᠣᠬᠣᠷ ᠢᠲᠡᠭᠡᠯ ᠭᠦᠨ ᠪᠠᠢᠭᠰᠠᠨ ᠴᠠᠭ ᠲᠤ᠌ ᠲᠡᠭᠦᠨ ᠲᠡᠢ ᠬᠠᠯᠵᠠᠨ ᠲᠤᠯᠵᠤ ᠪᠠᠰᠠ ᠯᠠ ᠪᠣᠯᠬᠤ ᠦᠭᠡᠢ᠃
ᠪᠣᠭᠳᠠ ᠶ᠋ᠢᠨ ᠡᠯᠴᠢ ᠶ᠋ᠢ ᠣᠴᠢᠭᠠᠳ ᠪᠠᠢᠬᠤ ᠳ᠋ᠤ᠌ ᠨᠤᠲᠤᠭ ᠤ᠋ᠨ ᠠᠷᠠᠳ ᠤ᠋ᠳ ᠪᠥᠭᠡᠮ ᠪᠥᠭᠡᠮ ᠢ᠋ᠶ᠋ᠡᠷ ᠮᠥᠷᠭᠥᠵᠦ ᠡᠳᠦᠢ ᠲᠡᠳᠦᠢ ᠡᠷᠭᠦᠯ ᠪᠠᠷᠢᠴᠠ ᠥᠭᠭᠦᠭᠰᠡᠨ᠃ ᠠᠷᠠᠳ ᠤ᠋ᠨ ᠵᠢᠷᠤᠮᠲᠤ ᠴᠡᠷᠢᠭ ᠢ᠋ ᠪᠣᠭᠳᠠ ᠶ᠋ᠢᠨ ᠲᠥᠯᠥᠭᠡᠯᠡᠭᠴᠢ ᠤᠭᠲᠤᠵᠤ ᠰᠦᠬᠡᠪᠠᠭᠠᠲᠤᠷ ᠵᠠᠩᠵᠤᠨ ᠳ᠋ᠤ᠌ ᠪᠣᠭᠳᠠ ᠤᠷᠲᠤ ᠰᠢᠷ᠎ᠠ ᠬᠠᠳᠠᠭ ᠪᠠᠷᠢᠭᠰᠠᠨ ᠭᠡᠨ᠎ᠡ ᠭᠡᠳᠡᠭ ᠡᠨᠡᠬᠡᠨ ᠬᠣᠭᠣᠷᠣᠨᠳᠣ ᠳᠡᠯᠭᠡᠷᠡᠭᠰᠡᠨ ᠶᠠᠷᠢᠶ᠎ᠠ ᠨᠢ ᠠᠷᠠᠳ ᠤ᠋ᠨ ᠵᠠᠰᠠᠭ ᠢ᠋ ᠳᠡᠮᠵᠢᠬᠦ ᠬᠦᠴᠦ ᠶ᠋ᠢ ᠤᠯᠠᠮ ᠵᠤᠵᠠᠭᠠᠨ ᠪᠣᠯᠭᠠᠵᠤ ᠪᠠᠢᠭ᠎ᠠ ᠨᠢ ᠢᠯᠡᠳᠲᠡ ᠪᠠᠢᠯ᠎ᠠ᠃
ᠪᠣᠭᠳᠠ ᠡᠴᠡ ᠢᠷᠡᠭᠦᠯᠦᠭᠰᠡᠨ ᠪᠢᠴᠢᠭ ᠢ᠋ ᠴᠡᠷᠢᠭ ᠦ᠋ᠳ ᠲᠡᠭᠡᠨ ᠤᠩᠰᠢᠵᠤ ᠥᠭᠬᠦ ᠳ᠋ᠦ᠍ ᠨᠢᠳᠦ ᠪᠡᠨ ᠠᠨᠢᠨ ᠵᠠᠯᠪᠠᠷᠢᠨ ᠰᠣᠨᠣᠰᠴᠤ ᠳᠠᠭᠤᠰᠬᠤ ᠳ᠋ᠤᠨᠢ 《ᠪᠣᠭᠳᠠ ᠵᠢᠪᠵᠤᠠᠳᠠᠮᠪᠠ ᠶ᠋ᠢᠨ ᠮᠡᠯᠮᠡᠢ ᠪᠠᠲᠤ ᠣᠷᠣᠰᠢᠬᠤ ᠪᠣᠯᠲᠤᠭᠠᠢ》 ᠭᠡᠵᠦ ᠣᠯᠠᠨ ᠬᠥᠮᠦᠨ ᠬᠠᠰᠬᠢᠷᠴᠠᠢ᠃
ᠪᠣᠭᠳᠠ ᠪᠣᠯ ᠦᠯᠡᠮᠵᠢ ᠬᠦᠴᠦᠲᠡᠢ ᠳᠠᠢᠰᠤᠨ ᠶᠤᠮ᠃ ᠡᠭᠦᠨ ᠢ᠋ ᠭᠠᠮᠢᠩ᠂ ᠪᠠᠷᠤᠨ ᠰᠢᠭ᠋ ᠵᠠᠷ ᠵᠡᠪᠰᠡᠭ ᠦ᠋ᠨ ᠬᠦᠴᠦ ᠪᠡᠷ ᠳᠠᠭᠠᠷᠢᠨ ᠤᠰᠠᠳᠬᠠᠵᠤ ᠪᠣᠯᠬᠤ ᠦᠭᠡᠢ᠃ ᠭᠠᠮᠢᠩ᠂ ᠪᠠᠷᠤᠨ ᠪᠣᠯ ᠮᠣᠩᠭᠣᠯ ᠤ᠋ᠨ ᠪᠡᠶ᠎ᠡ ᠳ᠋ᠦ᠍ ᠰᠢᠭᠢᠳᠦᠭᠰᠡᠨ ᠬᠤᠪᠠᠯᠵᠠ ᠪᠠᠢᠭᠰᠠᠨ ᠪᠣᠯᠬᠣᠷ ᠲᠡᠳᠡᠭᠡᠷ ᠢ᠋ ᠴᠢᠮᠬᠢᠨ ᠠᠪᠴᠤ ᠬᠠᠭ᠎ᠠ ᠳᠡᠪᠰᠡᠬᠦ ᠶᠣᠰᠣᠲᠠᠢ᠃ ᠬᠠᠷᠢᠨ ᠪᠣᠭᠳᠠ ᠰᠢᠷ᠎ᠠ ᠶ᠋ᠢᠨ ᠱᠠᠰᠢᠨ ᠪᠣᠯ ᠪᠣᠭᠯᠠᠭᠰᠠᠨ ᠬᠠᠲᠠᠭᠢ ᠪᠠᠢᠯ᠎ᠠ᠃ ᠡᠭᠦᠨ ᠢ᠋ ᠰᠢᠭᠤᠳ ᠠᠪᠴᠤ ᠬᠠᠶᠠᠬᠤ ᠭᠡᠪᠡᠯ ᠰᠡᠲᠡᠷᠡᠵᠦ ᠬᠠᠪᠤᠳᠬᠤ ᠠᠶᠤᠯ ᠲᠠᠢ ᠪᠣᠯᠬᠣᠷ ᠠᠩᠬᠠᠷᠤᠯ ᠲᠠᠢ ᠰᠢᠭᠠᠵᠤ᠂ ᠭᠡᠷ ᠢ᠋ ᠨᠢ ᠤᠭ ᠦᠨᠳᠦᠰᠦ ᠲᠡᠢ ᠨᠢ ᠴᠡᠪᠡᠷᠯᠡᠬᠦ ᠬᠡᠷᠡᠭᠲᠡᠢ ᠶᠤᠮ᠃
ᠡᠨᠡ ᠪᠦᠬᠦ ᠪᠣᠳᠣᠯ ᠰᠦᠬᠡᠪᠠᠭᠠᠲᠤᠷ ᠤ᠋ᠨ ᠰᠡᠳᠬᠢᠯ ᠢ᠋ ᠡᠵᠡᠯᠡᠵᠦ ᠡᠮᠦᠨ᠎ᠡ ᠨᠢ ᠲᠦᠮᠡᠨ ᠵᠦᠢᠯ ᠦ᠋ᠨ 《ᠶᠠᠭᠠᠬᠢᠬᠤ ᠪᠣᠢ》 ᠭᠡᠳᠡᠭ ᠠᠰᠠᠭᠤᠳᠠᠯ ᠲᠠᠯᠪᠢᠨ᠎ᠠ᠃
ᠪᠠᠲᠤ ᠵᠢᠷᠭᠠᠯ ᠬᠣᠶᠠᠷ ᠴᠡᠷᠢᠭ ᠦ᠋ᠨ ᠴᠤᠪᠤᠭ᠎ᠠ ᠶ᠋ᠢ ᠨᠢᠳᠦ ᠰᠠᠯᠭᠠᠯ ᠦᠭᠡᠢ ᠰᠢᠷᠲᠡᠨ 《ᠲᠡᠭᠦᠨ ᠢ᠋ ᠬᠠᠷᠠᠭᠠᠴᠢ!》᠂ 《ᠡᠭᠦᠨ ᠢ᠋ ᠬᠠᠷᠠᠭᠠᠴᠢ》 ᠭᠡᠵᠦ ᠪᠡᠶ᠎ᠡ ᠪᠡᠶ᠎ᠡ ᠪᠡᠨ ᠤᠭᠵᠠᠷᠠᠨᠠ᠃
᠊᠊᠊᠊᠊᠊᠊᠊᠊᠊᠊᠊᠊᠊᠊ ᠡᠨᠡ ᠬᠣᠩᠭᠣᠷ ᠮᠣᠷᠢ ᠯᠠᠪ ᠬᠤᠷᠳᠤᠨ ᠮᠣᠷᠢ ᠳᠠ᠃
᠊᠊᠊᠊᠊᠊᠊᠊᠊᠊᠊᠊᠊᠊᠊ ᠶᠠᠭᠠᠬᠢᠭᠠᠳ? ᠭᠡᠵᠦ ᠵᠢᠷᠭᠠᠯ ᠨᠢᠭᠡ ᠯᠡ ᠶᠡᠬᠡ ᠰᠣᠨᠢᠷᠬᠠᠯ ᠦᠭᠡᠢ ᠠᠰᠠᠭᠤᠪᠠ᠃
᠊᠊᠊᠊᠊᠊᠊᠊᠊᠊᠊᠊᠊᠊᠊ ᠲᠡᠷᠡ ᠲᠠᠰᠢᠶ᠎ᠠ᠂ ᠪᠣᠷᠪᠢ ᠶ᠋ᠢ᠁
ᠵᠢᠷᠭᠠᠯ ᠳ᠋ᠤ᠌ ᠮᠣᠷᠢ ᠰᠣᠨᠢᠷᠬᠠᠬᠤ ᠳᠤᠷ᠎ᠠ ᠬᠦᠰᠡᠯ ᠪᠠᠢᠭᠰᠠᠨ ᠦᠭᠡᠢ᠃ ᠳᠤᠷ᠎ᠠ ᠦᠭᠡᠢ ᠶ᠋ᠢᠨ ᠤᠴᠢᠷ ᠪᠣᠯ ᠴᠡᠷᠢᠭ ᠦ᠋ᠳ ᠦ᠋ᠨ ᠡᠭᠦᠷᠦᠭᠰᠡᠨ ᠫᠤᠤ᠂ ᠵᠡᠭᠦᠭᠰᠡᠨ ᠰᠡᠯᠡᠮ᠎ᠡ᠂ ᠡᠮᠦᠰᠦᠭᠰᠡᠨ ᠬᠤᠪᠴᠠᠰᠤ ᠬᠤᠨᠠᠷ ᠵᠡᠷᠭᠡ ᠨᠢ ᠶᠠᠮᠠᠷ ᠴᠤ᠌ ᠮᠣᠷᠢᠨ ᠡᠴᠡ ᠢᠯᠡᠭᠦᠦ ᠰᠣᠨᠢᠨ ᠪᠠᠢᠯ᠎ᠠ᠃ ᠬᠦᠰᠡᠯ ᠦᠭᠡᠢ ᠶ᠋ᠢᠨ ᠤᠴᠢᠷ ᠪᠣᠯ ᠪᠦᠬᠦ ᠨᠠᠰᠤᠨ ᠳ᠋ᠠᠭᠠᠨ ᠮᠣᠷᠢ ᠪᠠᠷᠤᠭ ᠤᠨᠤᠵᠤ ᠦᠵᠡᠭᠡ ᠦᠭᠡᠢ ᠪᠣᠯᠬᠣᠷ ᠶᠠᠭᠤ ᠶ᠋ᠢ ᠨᠢ ᠬᠠᠷᠠᠵᠤ ᠭᠠᠢᠬᠠᠵᠤ ᠪᠢᠯᠡ᠃
ᠮᠣᠩᠭᠣᠯ ᠴᠡᠷᠢᠭ ᠦ᠋ᠨ ᠴᠤᠪᠤᠭ᠎ᠠ ᠳᠠᠭᠤᠰᠴᠤ ᠣᠷᠣᠰ ᠴᠡᠷᠢᠭ ᠦ᠋ᠨ ᠴᠤᠪᠤᠭ᠎ᠠ ᠡᠬᠢᠯᠡᠪᠡ᠃ ᠭᠠᠮᠢᠩ᠂ ᠪᠠᠷᠤᠨ ᠤ᠋ ᠵᠠᠨᠳᠠᠯᠴᠢᠨ ᠨᠠᠷ ᠤ᠋ᠨ ᠬᠥᠯ ᠳ᠋ᠦ᠍ ᠳᠣᠷᠣᠮᠵᠢᠯᠠᠭᠳᠠᠨ ᠭᠠᠰᠠᠯᠵᠤ᠂ ᠦᠨᠳᠦᠰᠦ ᠤᠭᠰᠠᠭ᠎ᠠ ᠰᠦᠢᠷᠡᠬᠦ ᠳ᠋ᠦ᠍ ᠬᠦᠷᠦᠭᠰᠡᠨ ᠮᠣᠩᠭᠣᠯ ᠣᠷᠣᠨ ᠦᠬᠦᠬᠦ ᠰᠡᠬᠡᠬᠦ ᠪᠡᠨ ᠦᠵᠡᠬᠦ ᠰᠢᠷᠦᠭᠦᠨ ᠲᠡᠮᠡᠴᠡᠯ ᠳ᠋ᠦ᠍ ᠪᠣᠰᠬᠤ ᠳ᠋ᠤ᠌ ᠵᠥᠪᠯᠡᠯᠲᠦ ᠣᠷᠣᠨ᠂ ᠲᠡᠭᠦᠨ ᠦ᠌ ᠤᠯᠠᠭᠠᠨ ᠠᠷᠮᠢ ᠠᠬ᠎ᠠ ᠳᠡᠭᠦᠦ ᠶ᠋ᠢᠨ ᠲᠤᠰᠠᠯᠠᠮᠵᠢ ᠦᠵᠡᠭᠦᠯᠪᠡ᠃ ᠡᠳᠡᠨ ᠦ᠌ ᠲᠤᠰᠠᠯᠠᠮᠵᠢ ᠪᠠᠢᠭ᠎ᠠ ᠦᠭᠡᠢ ᠪᠣᠯ ᠬᠦᠴᠦ ᠳᠠᠪᠠᠭᠤ᠂ ᠵᠡᠪᠰᠡᠭ ᠶᠡᠬᠡᠲᠡᠢ ᠤᠯᠠᠢᠷᠠᠭᠰᠠᠨ ᠳᠡᠭᠡᠷᠡᠮᠴᠢᠳ ᠲᠡᠢ ᠲᠡᠮᠡᠴᠡᠬᠦ ᠨᠢ ᠦᠯᠡᠮᠵᠢ ᠬᠦᠴᠢᠷ ᠬᠡᠷᠡᠭ ᠪᠠᠢᠯ᠎ᠠ᠃ ᠡᠨᠡ ᠴᠦ᠍ ᠤᠴᠢᠷ ᠡᠴᠡ ᠮᠣᠩᠭᠣᠯ ᠤ᠋ᠨ ᠠᠷᠠᠳ ᠤ᠋ᠨ ᠲᠦᠷ ᠵᠠᠰᠠᠭ ᠤ᠋ᠨ ᠭᠠᠵᠠᠷ ᠤ᠋ᠨ ᠬᠦᠰᠡᠯᠲᠡ ᠪᠡᠷ ᠵᠥᠪᠯᠡᠯᠲᠦ ᠶ᠋ᠢᠨ ᠤᠯᠠᠭᠠᠨ ᠠᠷᠮᠢ ᠬᠦᠷᠢᠶ᠎ᠡ ᠶ᠋ᠢ ᠡᠵᠡᠯᠡᠬᠦ ᠳ᠋ᠦ᠍ ᠬᠠᠮᠲᠤ ᠣᠷᠣᠯᠴᠠᠪᠠ᠃
ᠣᠷᠣᠰ ᠴᠡᠷᠢᠭ ᠦ᠋ᠨ ᠲᠡᠷᠢᠭᠦᠨ ᠳ᠋ᠦ᠍ᠨᠢ ᠶᠠᠪᠤᠭ᠎ᠠ ᠳᠥᠷᠪᠡᠨ ᠲᠣᠮᠣ ᠬᠦᠷᠡᠩ ᠮᠣᠷᠢ ᠲᠠᠢ ᠬᠥᠮᠦᠨ ᠦ᠌ ᠦᠯᠢᠶᠡᠵᠦ ᠪᠠᠢᠭ᠎ᠠ ᠰᠢᠷ᠎ᠠ ᠪᠦᠷᠢᠶ᠎ᠡ ᠥᠷᠯᠥᠭᠡᠨ ᠦ᠌ ᠨᠠᠷᠠᠨ ᠳ᠋ᠤ᠌ ᠭᠢᠯᠠᠯᠵᠠᠨ᠂ ᠲᠡᠭᠦᠨ ᠡᠴᠡ ᠰᠠᠴᠤᠷᠠᠭᠰᠠᠨ ᠬᠤᠷᠴᠠ ᠭᠡᠷᠡᠯ ᠵᠢᠷᠪᠢᠯᠵᠡᠨ ᠲᠣᠭᠯᠠᠨ᠎ᠠ᠃ ᠣᠷᠣᠰ ᠴᠡᠷᠢᠭ ᠢ᠋ ᠬᠠᠷᠠᠮᠠᠭᠴᠠ ᠪᠠᠲᠤ ᠶ᠋ᠢᠨ ᠨᠢᠭᠤᠷ ᠲᠤ᠌ ᠪᠥᠭᠡᠮᠨᠡᠷᠡᠵᠦ ᠪᠠᠢᠭᠰᠠᠨ ᠰᠣᠨᠢᠷᠬᠠᠯ ᠵᠠᠳᠠᠷᠠᠨ ᠰᠠᠷᠨᠢᠵᠤ ᠠᠶᠤᠬᠤ ᠡᠮᠢᠶᠡᠬᠦ ᠲᠤᠶᠠᠭ᠎ᠠ ᠵᠠᠩᠭᠢᠷᠠᠨ᠂ ᠬᠥᠮᠦᠨ ᠳᠡᠭᠦᠵᠢᠯᠡᠵᠦ ᠫᠤᠤᠳᠠᠳᠠᠭ ᠴᠠᠭᠠᠨ ᠴᠡᠷᠢᠭ ᠨᠢᠳᠦᠨ ᠳ᠋ᠦ᠍ᠨᠢ ᠬᠠᠷᠠᠭᠳᠠᠨ 《ᠴᠠᠭᠠᠨ ᠤ᠋ ᠴᠡᠷᠢᠭ ᠪᠠᠢᠨ᠎ᠠ᠃ ᠣᠮ ᠬᠣᠮ ᠦᠭᠡᠢ ᠳᠡᠭᠦᠵᠢᠯᠡᠳᠡᠭ ᠶᠤᠮ ᠰᠢᠦ》 ᠭᠡᠵᠦ ᠰᠢᠪᠡᠭᠡᠨᠡᠨ ᠮᠡᠳᠡᠮᠡᠬᠡᠢ ᠬᠡᠯᠡᠭᠡᠳ ᠵᠢᠷᠭᠠᠯ ᠢ᠋ ᠤᠭᠵᠠᠷᠠᠨ 《ᠲᠦᠷᠭᠡᠨ ᠵᠢᠭᠤᠲᠠᠶ᠎ᠠ!》 ᠭᠡᠯᠡ᠃
ᠭᠡᠲᠡᠯ᠎ᠡ ᠣᠯᠠᠨ ᠶᠠᠩᠵᠤ ᠶ᠋ᠢᠨ ᠰᠣᠨᠢᠨ ᠬᠠᠴᠢᠨ ᠪᠦᠷᠢᠶ᠎ᠡ᠂ ᠪᠠᠰᠠ ᠲᠣᠮᠣ ᠭᠡᠭᠴᠢ ᠶ᠋ᠢᠨ ᠲᠡᠮᠦᠷ ᠬᠡᠩᠭᠡᠷᠭᠡ ᠴᠣᠬᠢᠵᠤ ᠵᠦᠢᠯ ᠪᠦᠷᠢ ᠶ᠋ᠢᠨ ᠠᠶᠠᠯᠭᠤ ᠡᠭᠦᠰᠬᠡᠨ ᠶᠠᠪᠤᠭ᠎ᠠ ᠬᠠᠴᠢᠨ ᠳᠦᠷᠰᠦ ᠲᠡᠢ ᠬᠥᠮᠦᠨ ᠢ᠋ ᠬᠠᠷᠠᠭᠰᠠᠨ ᠵᠢᠷᠭᠠᠯ ᠦᠭᠡ ᠰᠣᠨᠣᠰᠬᠤ ᠤᠬᠠᠭᠠᠨ ᠦᠭᠡᠢ ᠪᠠᠢᠯ᠎ᠠ᠃
᠊᠊᠊᠊᠊᠊᠊᠊᠊᠊᠊᠊᠊᠊᠊ ᠬᠥᠶᠢ᠂ ᠵᠠᠢᠯᠠᠶ᠎ᠠ ᠭᠡᠳ ᠪᠠᠲᠤ ᠳᠠᠬᠢᠨ ᠤᠭᠵᠠᠷᠠᠬᠤ ᠳ᠋ᠤ᠌ ᠵᠢᠷᠭᠠᠯ ᠡᠷᠭᠢᠵᠦ᠄
᠊᠊᠊᠊᠊᠊᠊᠊᠊᠊᠊᠊᠊᠊᠊ ᠡᠪᠦᠭᠡᠨ ᠲᠡᠷᠡ ᠬᠣᠶᠠᠷ ᠲᠣᠮᠣ ᠪᠦᠷᠢᠶ᠎ᠡ ᠶ᠋ᠢ ᠬᠠᠷᠠᠭᠠᠴᠢ᠃ ᠬᠥᠮᠦᠨ ᠦ᠌ ᠪᠡᠶ᠎ᠡ ᠶ᠋ᠢ ᠡᠭᠡᠭᠡ ᠯᠡ ᠮᠣᠭᠠᠢ ᠰᠢᠭ᠋ ᠣᠷᠢᠶᠠᠭᠰᠠᠨ ᠶᠤᠮ ᠭᠡᠯᠡ᠃
᠊᠊᠊᠊᠊᠊᠊᠊᠊᠊᠊᠊᠊᠊᠊ ᠶᠠᠭᠤᠨ ᠤ᠋ ᠴᠢᠨᠢ ᠪᠦᠷᠢᠶ᠎ᠡ᠃ ᠴᠢᠨᠠᠳᠤᠭᠤᠯ ᠴᠢᠨᠢ ᠪᠠᠷᠢᠵᠤ ᠠᠪᠤᠭᠠᠳ ᠳᠡᠭᠦᠵᠢ ᠁ ᠭᠡᠰᠡᠨ ᠢ᠋ᠶ᠋ᠡᠨ ᠪᠠᠲᠤ ᠳᠠᠭᠤ ᠪᠠᠨ ᠲᠠᠰᠤᠯᠵᠤ ᠨᠢᠳᠦ ᠨᠢ ᠬᠦᠷᠡᠩ ᠮᠣᠷᠢ ᠲᠠᠢ ᠬᠥᠮᠦᠨ ᠳᠡᠭᠡᠷ᠎ᠡ ᠲᠣᠰᠣᠨ ᠭᠥᠯᠢᠷᠡᠵᠦ ᠠᠮᠠ ᠨᠢ ᠥᠪᠡᠷ ᠦ᠋ᠨ ᠡᠷᠬᠡ ᠦᠭᠡᠢ᠄ 《ᠠᠯᠢᠶ᠎ᠠ ᠫᠧᠲ᠋ᠷ ᠭᠤᠸᠠᠢ!》 ᠭᠡᠵᠦ ᠴᠢᠩᠭ᠎ᠠ ᠪᠥᠭᠡᠳ ᠣᠭᠵᠣᠮ ᠬᠠᠰᠬᠢᠷᠪᠠ᠃
ᠬᠦᠷᠡᠩ ᠮᠣᠷᠢ ᠲᠠᠢ ᠫᠧᠲ᠋ᠷ ᠣᠯᠠᠨ ᠢ᠋ ᠲᠣᠭᠣᠷᠢᠭᠤᠯᠤᠨ ᠬᠠᠷᠠᠭᠰᠠᠨ ᠢ᠋ᠶ᠋ᠠᠨ ᠪᠠᠲᠤ ᠶ᠋ᠢ ᠣᠯᠵᠤ ᠬᠠᠷᠠᠬᠤ ᠶ᠋ᠢᠨ ᠦᠶ᠎ᠡ ᠳ᠋ᠦ᠍ ᠪᠠᠲᠤ ᠳᠠᠬᠢᠨ 《ᠠᠯᠢᠶ᠎ᠠ ᠫᠧᠲ᠋ᠷ ᠭᠤᠸᠠᠢ》 ᠭᠡᠵᠦ ᠬᠠᠰᠬᠢᠷᠪᠠ᠃
ᠫᠧᠲ᠋ᠷ ᠮᠣᠷᠢᠨ ᠤ᠋ ᠠᠮᠠ ᠶ᠋ᠢ ᠵᠠᠯᠠᠨ ᠵᠢᠭᠰᠠᠭᠠᠯ ᠡᠴᠡ ᠭᠠᠷᠴᠤ ᠪᠠᠲᠤ ᠶ᠋ᠢᠨ ᠵᠦᠭ ᠠᠮᠠ ᠪᠠᠨ ᠠᠩᠭᠠᠢᠨ ᠢᠨᠢᠶᠡᠮᠰᠦᠭᠯᠡᠨ ᠢᠷᠡᠯ᠎ᠡ᠃ ᠥᠪᠡᠷ ᠢ᠋ ᠨᠢ ᠴᠢᠭᠯᠡᠨ ᠢᠷᠡᠵᠦ ᠪᠠᠢᠭ᠎ᠠ ᠣᠷᠣᠰ ᠡᠴᠡ ᠵᠢᠪᠡᠭᠦᠴᠡᠭᠰᠡᠨ ᠵᠢᠷᠭᠠᠯ ᠭᠡᠳᠡᠷᠭᠦ ᠪᠡᠨ ᠤᠬᠤᠷᠢᠪᠠ᠃ ᠪᠠᠷᠤᠨ ᠤ᠋ ᠠᠶᠤᠮᠰᠢᠭᠲᠤ ᠴᠡᠷᠢᠭ ᠦ᠋ᠨ ᠬᠥᠯ ᠳ᠋ᠦ᠍ ᠳᠠᠭᠠᠷᠢᠭᠳᠠᠵᠤ ᠬᠠᠰᠢᠷᠠᠭᠰᠠᠨ ᠬᠥᠮᠦᠰ ᠴᠦ᠍ ᠭᠤᠳᠤᠮᠵᠢ ᠭᠠᠷᠭᠠᠨ ᠢᠷᠠᠭᠳᠠᠪᠠ᠃ ᠢᠩᠭᠢᠭᠡᠳ ᠭᠠᠭᠴᠠ ᠪᠠᠲᠤ ᠣᠯᠠᠨ ᠡᠴᠡ ᠲᠠᠰᠤᠷᠠᠨ ᠦᠯᠡᠳᠡᠵᠡᠢ᠃
ᠫᠧᠲ᠋ᠷ ᠮᠣᠷᠢᠨ ᠡᠴᠡ ᠦᠰᠦᠷᠦᠨ ᠪᠠᠭᠤᠵᠤ ᠪᠠᠲᠤ ᠶ᠋ᠢᠨ ᠭᠠᠷ ᠡᠴᠡ ᠪᠠᠷᠢᠨ᠄
᠊᠊᠊᠊᠊᠊᠊᠊᠊᠊᠊᠊᠊᠊᠊ ᠴᠢ ᠪᠠᠲᠤ ᠪᠠᠢᠨ᠎ᠠ᠃ ᠪᠢ ᠲᠠᠨᠢᠵᠤ ᠪᠠᠢᠨ᠎ᠠ ᠭᠡᠳ ᠲᠡᠪᠡᠷᠢᠨ ᠦᠨᠦᠰᠪᠡ᠃
᠊᠊᠊᠊᠊᠊᠊᠊᠊᠊᠊᠊᠊᠊᠊ ᠲᠡᠢᠮᠦ᠃ ᠪᠢ ᠪᠠᠲᠤ ᠮᠥᠨ ᠪᠠᠢᠨ᠎ᠠ᠃
ᠠᠮᠢᠳᠤᠷᠠᠯ ᠤ᠋ᠨ ᠬᠠᠲᠠᠭᠤ ᠠᠴᠢᠶᠠᠨ ᠳ᠋ᠤ᠌ ᠨᠢᠷᠤᠭᠤ ᠪᠠᠨ ᠨᠤᠬᠤᠯᠠᠭᠤᠯᠤᠭᠰᠠᠨ ᠪᠠᠲᠤ ᠪᠠᠭ᠎ᠠ ᠶ᠋ᠢᠨ ᠲᠠᠨᠢᠬᠤ ᠬᠥᠮᠦᠨ ᠲᠡᠢ ᠲᠠᠭᠠᠷᠠᠯᠳᠤᠭᠰᠠᠨ ᠳ᠋ᠠᠭᠠᠨ ᠡᠴᠢᠭᠡ ᠡᠬᠡ ᠲᠡᠢ ᠪᠡᠨ ᠠᠭᠤᠯᠵᠠᠭᠰᠠᠨ ᠶᠤᠮ ᠰᠢᠭ᠋ ᠪᠠᠶᠠᠷᠯᠠᠵᠤ ᠨᠢᠭᠤᠷ ᠲᠤᠨᠢ ᠢᠨᠢᠶᠡᠬᠦ ᠤᠬᠢᠯᠠᠬᠤ ᠬᠣᠣᠰᠯᠠᠪᠠ᠃
᠊᠊᠊᠊᠊᠊᠊᠊᠊᠊᠊᠊᠊᠊᠊ ᠡᠵᠢ ᠨᠢ ᠬᠠᠮᠢᠭ᠎ᠠ ᠪᠠᠢᠨ᠎ᠠ ᠪᠣᠢ? ᠭᠡᠳ ᠫᠧᠲ᠋ᠷ ᠣᠯᠠᠨ ᠤ᠋ ᠵᠦᠭ ᠲᠤᠯᠭᠠᠷ ᠢ᠋ ᠣᠯᠬᠤ ᠭᠡᠵᠦ ᠨᠢᠳᠦ ᠪᠡᠨ ᠡᠷᠭᠢᠭᠦᠯᠦᠨ ᠬᠠᠷᠠᠯ᠎ᠠ᠃
ᠫᠧᠲ᠋ᠷ ᠪᠠᠲᠤ ᠬᠣᠶᠠᠷ ᠤ᠋ᠨ ᠳᠣᠲᠣᠨᠣ ᠠᠭᠤᠯᠵᠠᠯᠲᠠ ᠶ᠋ᠢ ᠬᠠᠷᠠᠭᠰᠠᠨ ᠬᠥᠮᠦᠰ ᠰᠣᠨᠢᠷᠬᠠᠨ ᠣᠢᠷᠠᠲᠤᠯ᠎ᠠ᠃
᠊᠊᠊᠊᠊᠊᠊᠊᠊᠊᠊᠊᠊᠊᠊ ᠵᠠᠢᠯᠠᠭᠤᠯ ᠬᠦᠦ ᠨᠢ ᠪᠣᠯᠤᠯᠲᠠᠢ ᠭᠡᠵᠦ ᠣᠯᠠᠨ ᠤ᠋ ᠳᠤᠮᠳᠠ ᠠ᠋ᠴᠠ ᠨᠢᠭᠡ ᠠᠪᠠᠭᠠᠢ ᠰᠥᠭᠡᠩᠭᠢᠷᠡᠭᠰᠡᠨ ᠦᠷᠦ ᠡᠪᠠᠳᠦᠯ ᠲᠡᠢ ᠳᠠᠭᠤ ᠪᠠᠷ ᠬᠡᠯᠡᠬᠦ ᠳ᠋ᠦ᠍᠄
᠊᠊᠊᠊᠊᠊᠊᠊᠊᠊᠊᠊᠊᠊᠊ ᠠᠳᠠᠯᠢ ᠦᠭᠡᠢ ᠶᠤᠮ ᠪᠠᠢᠨ᠎ᠠ᠃ ᠮᠣᠩᠭᠣᠯ ᠬᠡᠦᠬᠡᠳ ᠪᠠᠢᠨ᠎ᠠ ᠰᠢᠦ ᠳᠡ ᠭᠡᠵᠦ ᠳᠡᠷᠭᠡᠳᠡ ᠨᠢ ᠪᠠᠢᠭᠰᠠᠨ ᠬᠢᠵᠢᠶᠡᠯ ᠬᠠᠷ᠎ᠠ ᠬᠥᠮᠦᠨ ᠦᠭᠡ ᠰᠥᠷᠪᠡ᠃
᠊᠊᠊᠊᠊᠊᠊᠊᠊᠊᠊᠊᠊᠊᠊ ᠡᠵᠢ ᠨᠢ ᠬᠠᠮᠢᠭ᠎ᠠ ᠪᠠᠢᠨ᠎ᠠ ᠭᠡᠨ᠎ᠡ ᠰᠢᠦ᠃ ᠶᠠᠮᠠᠷ ᠮᠣᠩᠭᠣᠯᠵᠢᠭᠤ ᠣᠷᠣᠰ ᠪᠣᠢ? ᠭᠡᠵᠦ ᠠᠪᠠᠭᠠᠢ ᠬᠡᠯᠡᠪᠡ᠃
᠊᠊᠊᠊᠊᠊᠊᠊᠊᠊᠊᠊᠊᠊᠊ ᠡᠵᠢ ᠶ᠋ᠢ ᠮᠡᠳᠡᠬᠦ ᠦᠭᠡᠢ᠃ ᠬᠦᠷᠢᠶᠡᠨ ᠳ᠋ᠦ᠍ ᠠᠪᠤ ᠶ᠋ᠢ ᠪᠡᠨ ᠡᠷᠢᠵᠦ ᠭᠠᠭᠴᠠᠭᠠᠷ ᠢᠷᠡᠭᠰᠡᠨ᠃
᠊᠊᠊᠊᠊᠊᠊᠊᠊᠊᠊᠊᠊᠊᠊ ᠬᠡᠯᠡᠭᠡ ᠦᠭᠡᠢ ᠤᠤ᠃ ᠬᠦᠦ ᠨᠢ ᠪᠠᠢᠨ᠎ᠠ᠃ ᠡᠷᠯᠢᠵᠡ ᠬᠡᠦᠬᠡᠳ ᠠᠯᠢ ᠶ᠋ᠢ ᠲᠡᠷᠡ ᠭᠡᠬᠦ ᠪᠣᠢ᠃ ᠬᠥᠭᠡᠷᠦᠬᠦᠢ! ᠭᠡᠳ ᠠᠪᠠᠭᠠᠢ ᠪᠦᠷ ᠣᠢᠷᠠᠲᠤᠵᠤ ᠣᠴᠢᠯ᠎ᠠ᠃
ᠫᠧᠲ᠋ᠷ ᠪᠠᠲᠤ ᠶ᠋ᠢ ᠠᠵᠢᠭᠯᠠᠨ ᠬᠠᠷᠠᠭᠰᠠᠨ ᠢ᠋ᠶ᠋ᠠᠨ ᠨᠢᠳᠦᠨ ᠳ᠋ᠦ᠍ᠨᠢ ᠭᠦᠨ ᠪᠣᠳᠣᠯ ᠵᠤᠷᠪᠤᠰ ᠭᠤᠨᠢᠭ ᠤ᠋ᠨ ᠠᠯᠢ ᠨᠢᠭᠡᠨ ᠨᠢ ᠲᠣᠳᠣᠷᠠᠨ ᠰᠢᠨᠧᠯ ᠦ᠋ᠨ ᠢ᠋ᠶ᠋ᠡᠨ ᠬᠠᠯᠠᠭᠠᠰᠤ ᠡᠴᠡ ᠬᠠᠲᠠᠭᠰᠠᠨ ᠵᠢᠵᠢᠭᠬᠡᠨ ᠲᠠᠯᠬ᠎ᠠ ᠭᠠᠷᠭᠠᠵᠤ ᠥᠭᠪᠡ᠃
᠊᠊᠊᠊᠊᠊᠊᠊᠊᠊᠊᠊᠊᠊᠊ ᠡᠭᠦᠨ ᠢ᠋ ᠢᠳᠡ!
᠊᠊᠊᠊᠊᠊᠊᠊᠊᠊᠊᠊᠊᠊᠊ ᠵᠦᠭᠡᠷ ᠫᠧᠲ᠋ᠷ ᠭᠤᠸᠠᠢ᠃
᠊᠊᠊᠊᠊᠊᠊᠊᠊᠊᠊᠊᠊᠊᠊ ᠵᠦᠭᠡᠷ ᠪᠢᠰᠢ᠃ ᠨᠢᠳᠦ ᠴᠢᠨᠢ ᠬᠣᠭᠣᠯᠠ ᠢᠳᠡᠶ᠎ᠡ ᠭᠡᠳ ᠪᠠᠢᠨ᠎ᠠ ᠭᠡᠳ ᠴᠢᠩᠭ᠎ᠠ ᠳᠠᠭᠤ ᠪᠠᠷ ᠵᠣᠷᠢᠭᠤᠳᠠ ᠢᠨᠢᠶᠡᠪᠡ᠃
ᠪᠠᠲᠤ ᠶ᠋ᠢᠨ ᠥᠯᠥᠰᠬᠦᠯᠡᠩ ᠭᠡᠳᠡᠰᠦ ᠶ᠋ᠢ ᠬᠤᠷᠵᠢᠭᠢᠨᠠᠬᠤ ᠠᠪᠢᠶ᠎ᠠ ᠪᠠᠷ ᠨᠢ ᠫᠧᠲ᠋ᠷ ᠠᠮᠠᠷᠬᠠᠨ ᠮᠡᠳᠡᠵᠡᠢ᠃ ᠴᠢᠩᠭᠢᠭᠡᠳ ᠥᠷᠯᠥᠭᠡ ᠢᠳᠡᠭᠡᠳ ᠦᠯᠡᠳᠡᠬᠦ ᠳ᠋ᠦ᠍ᠨᠢ ᠡᠪᠦᠷ ᠲᠡᠭᠡᠨ ᠬᠢᠭᠰᠡᠨ ᠵᠢᠵᠢᠭᠬᠡᠨ ᠲᠠᠯᠬ᠎ᠠ ᠪᠠᠨ ᠥᠭᠪᠡ᠃
ᠪᠠᠲᠤ ᠲᠠᠯᠬ᠎ᠠ ᠡᠴᠡ ᠨᠢᠭᠡ ᠬᠠᠵᠠᠵᠤ ᠵᠠᠵᠢᠯᠤᠭᠰᠠᠨ ᠢ᠋ᠶ᠋ᠠᠨ ᠡᠷᠭᠢᠨ ᠬᠠᠷᠠᠵᠤ ᠡᠨᠡ ᠬᠣᠭᠣᠷᠣᠨᠳᠣ ᠵᠠᠢᠯᠠᠨ ᠬᠣᠯᠠᠳᠴᠤ ᠠᠮᠵᠢᠭᠰᠠᠨ ᠵᠢᠷᠭᠠᠯ ᠢ᠋ᠶ᠋ᠠᠨ ᠳᠠᠭᠤᠳᠠᠵᠤ᠂ ᠦᠯᠡᠳᠡᠭᠰᠡᠨ ᠬᠡᠰᠡᠭ ᠢ᠋ᠶ᠋ᠡᠨ ᠥᠭᠪᠡ᠃
ᠣᠷᠣᠰ ᠴᠡᠷᠢᠭ ᠶᠠᠭᠤᠮ᠎ᠠ ᠥᠭᠬᠦ ᠶ᠋ᠢ ᠬᠡᠳᠦᠢᠨ ᠬᠠᠷᠠᠭᠰᠠᠨ ᠬᠡᠦᠬᠡᠳ ᠦ᠋ᠳ ᠣᠢᠷᠠᠲᠤᠨ ᠣᠴᠢᠬᠤ ᠳ᠋ᠤ᠌ ᠫᠧᠲ᠋ᠷ ᠡᠪᠦᠷ ᠡᠴᠡ ᠪᠡᠨ ᠲᠣᠮᠣ ᠳᠣᠩᠪᠤᠨ ᠶᠣᠣᠲᠠᠩ ᠭᠠᠷᠭᠠᠵᠤ ᠰᠡᠯᠡᠮ᠎ᠡ ᠪᠡᠨ ᠰᠤᠭᠤᠯᠪᠠ᠃
᠊᠊᠊᠊᠊᠊᠊᠊᠊᠊᠊᠊᠊᠊᠊ ᠲᠠ ᠮᠢᠨᠢ ᠴᠠᠪᠴᠢᠬᠤ ᠨᠢ ᠭᠡᠵᠦ ᠨᠢᠭᠡ ᠬᠥᠮᠦᠨ ᠰᠠᠨᠳᠤᠷᠤᠨ ᠬᠡᠯᠡᠭᠡᠳ ᠵᠠᠢᠯᠠᠬᠤ ᠳ᠋ᠤ᠌ ᠣᠢᠷᠠᠲᠤᠵᠤ ᠪᠠᠢᠭᠰᠠᠨ ᠬᠥᠮᠦᠰ ᠭᠱᠠᠨ ᠵᠠᠭᠤᠷ᠎ᠠ ᠢᠷᠠᠭᠳᠠᠪᠠ᠃
ᠫᠧᠲ᠋ᠷ ᠬᠥᠭᠵᠢᠯ ᠲᠡᠢ ᠢᠨᠢᠶᠡᠮᠰᠦᠭᠯᠡᠨ ᠣᠯᠠᠨ ᠢ᠋ ᠲᠣᠭᠣᠷᠢᠭᠤᠯᠤᠨ ᠬᠠᠷᠠᠭᠰᠠᠨ ᠢ᠋ᠶ᠋ᠠᠨ ᠰᠡᠯᠡᠮ᠎ᠡ ᠶ᠋ᠢᠨ ᠢ᠋ᠶ᠋ᠡᠨ ᠮᠥᠷᠥ ᠪᠡᠷ ᠳᠣᠩᠪᠤᠨ ᠶᠣᠣᠲᠠᠩ ᠢ᠋ ᠬᠠᠭᠠᠯᠵᠤ ᠰᠡᠯᠡᠮ᠎ᠡ ᠪᠡᠨ ᠬᠤᠢᠯᠠᠪᠠ᠃ ᠬᠠᠮᠤᠭ ᠤ᠋ᠨ ᠲᠣᠮᠣ ᠶ᠋ᠢ ᠪᠠᠲᠤ ᠳ᠋ᠤ᠌ ᠥᠭᠭᠦᠭᠡᠳ ᠨᠢᠭᠡ ᠬᠡᠰᠡᠭ ᠢ᠋ ᠬᠣᠯᠠᠳᠴᠤ ᠠᠮᠵᠢᠭᠰᠠᠨ ᠵᠢᠷᠭᠠᠯ ᠤᠷᠤᠭᠤ ᠪᠠᠷᠢᠵᠤ 《ᠮᠠᠢ》 ᠭᠡᠬᠦ ᠳ᠋ᠦ᠍ ᠤᠭ ᠶᠠᠪᠤᠳᠠᠯ ᠤ᠋ᠨ ᠦᠨᠡᠨ ᠤᠴᠢᠷ ᠢ᠋ ᠣᠢᠯᠠᠭᠠᠭᠰᠠᠨ ᠣᠯᠠᠨ ᠳᠠᠬᠢᠨ ᠳᠥᠭᠥᠵᠦ ᠢᠷᠡᠯ᠎ᠡ᠃ ᠦᠯᠡᠳᠡᠭᠰᠡᠨ ᠬᠡᠳᠦᠨ ᠬᠡᠰᠡᠭ ᠢ᠋ ᠪᠤᠰᠤᠳ ᠬᠡᠦᠬᠡᠳ ᠲᠦ᠍ ᠲᠦᠭᠡᠭᠡᠵᠦ ᠥᠭᠭᠦᠭᠡᠳ 《ᠳᠠᠭᠤᠰᠤᠯ᠎ᠠ》 ᠭᠡᠰᠡᠨ ᠢ᠋ᠶ᠋ᠡᠨ ᠮᠡᠳᠡᠭᠳᠡᠨ ᠠᠯᠠᠭ᠎ᠠ ᠪᠠᠨ ᠦᠷᠡᠨ ᠴᠡᠪᠡᠷᠯᠡᠵᠦ ᠬᠢᠩᠭᠠᠨ ᠬᠠᠮᠠᠷ ᠢ᠋ᠶ᠋ᠠᠨ ᠤᠭ ᠲᠤᠨᠢ ᠦᠷᠴᠢᠯᠭᠡᠨ ᠮᠠᠷᠰᠠᠢᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠤᠯᠠᠭᠠᠨ ᠣᠷᠣᠰ ᠰᠠᠢᠨ ᠤᠯᠤᠰ ᠭᠡᠳᠡᠭ ᠦᠨᠡᠨ ᠪᠣᠯᠤᠯᠲᠠᠢ ᠭᠡᠵᠦ ᠨᠢᠭᠡ ᠬᠥᠮᠦᠨ ᠬᠡᠯᠡᠪᠡ᠃
ᠡᠨᠡ ᠦᠭᠡ ᠶ᠋ᠢ ᠰᠣᠨᠣᠰᠤᠭᠰᠠᠨ ᠫᠧᠲ᠋ᠷ ᠣᠯᠠᠨ ᠤ᠋ ᠵᠦᠭ ᠪᠠᠶᠠᠰᠬᠤᠯᠠᠩ ᠲᠠᠢ ᠬᠠᠷᠠᠵᠤ᠄
᠊᠊᠊᠊᠊᠊᠊᠊᠊᠊᠊᠊᠊᠊᠊ ᠤᠯᠠᠭᠠᠨ ᠣᠷᠣᠰ ᠲᠠᠨ ᠤ᠋ ᠮᠣᠩᠭᠣᠯ ᠤ᠋ᠨ ᠨᠥᠬᠥᠷ᠂ ᠰᠠᠢᠨ ᠤᠯᠤᠰ ᠰᠢᠦ! ᠭᠡᠯᠡ᠃
᠊᠊᠊᠊᠊᠊᠊᠊᠊᠊᠊᠊᠊᠊᠊ ᠠ᠋ ᠮᠡᠳᠡᠬᠦ ᠦᠭᠡᠢ᠃ ᠭᠠᠮᠢᠩ ᠴᠤ᠌ ᠪᠠᠷᠤᠨ ᠭᠠᠢᠬᠠᠯ ᠴᠤ᠌ ᠠᠩᠬ᠎ᠠ ᠣᠷᠣᠵᠤ ᠢᠷᠡᠬᠦ ᠳ᠋ᠡᠭᠡᠨ ᠨᠥᠬᠥᠷ ᠯᠡ ᠭᠡᠵᠦ ᠪᠠᠢᠭᠰᠠᠨ᠂ ᠬᠠᠷᠠᠵᠤ ᠯᠠ ᠪᠠᠢᠵᠤ ᠪᠣᠯᠤᠶ᠎ᠠ ᠭᠡᠵᠦ ᠨᠢᠭᠡ ᠬᠥᠮᠦᠨ ᠰᠢᠪᠡᠭᠡᠨᠡᠨ ᠬᠠᠵᠠᠭᠤ ᠶ᠋ᠢᠨ ᠬᠥᠮᠦᠨ ᠳ᠋ᠡᠭᠡᠨ ᠬᠡᠯᠡᠪᠡ᠃
ᠬᠡᠳᠦᠨ ᠮᠢᠨᠦ᠋ᠲ ᠦ᠋ᠨ ᠳᠠᠷᠠᠭ᠎ᠠ ᠫᠧᠲ᠋ᠷ ᠮᠣᠷᠢ ᠪᠠᠨ ᠬᠥᠲᠥᠯᠦᠨ ᠪᠠᠲᠤ ᠵᠢᠷᠭᠠᠯ ᠬᠣᠶᠠᠷ ᠢ᠋ ᠳᠠᠭᠠᠭᠤᠯᠤᠨ ᠴᠡᠷᠢᠭ ᠦ᠋ᠨ ᠬᠣᠢᠨ᠎ᠠ ᠠ᠋ᠴᠠ ᠶᠠᠪᠤᠬᠤ ᠳ᠋ᠤ᠌ ᠬᠥᠮᠦᠰ ᠰᠠᠨᠠᠭᠰᠠᠨ ᠪᠣᠳᠣᠭᠰᠠᠨ ᠢ᠋ᠶ᠋ᠠᠨ ᠶᠠᠷᠢᠯᠴᠠᠪᠠ᠃
᠊᠊᠊᠊᠊᠊᠊᠊᠊᠊᠊᠊᠊᠊᠊᠊ ᠤᠯᠠᠭᠠᠨ ᠣᠷᠣᠰ ᠴᠢᠨᠢ ᠢᠳᠡᠬᠦ ᠶᠠᠭᠤᠮ᠎ᠠ ᠦᠭᠡᠢ ᠭᠤᠢᠯᠢᠨᠴᠢᠨ ᠤᠯᠤᠰ ᠪᠠᠢᠨ᠎ᠠ ᠪᠢᠯᠡ᠃ ᠡᠨᠡ ᠬᠣᠶᠠᠷ ᠵᠢᠭᠠᠯ ᠢ᠋ ᠳᠠᠭᠠᠭᠤᠯᠵᠤ ᠠᠪᠠᠴᠢᠭᠠᠳ ᠵᠣᠭᠣᠭᠯᠠᠴᠢᠬᠠᠬᠤ ᠭᠡᠵᠦ ᠪᠠᠢᠭ᠎ᠠ ᠪᠠᠢᠬᠤ ᠭᠡᠵᠦ ᠬᠦᠷᠡᠩ ᠲᠣᠷᠭᠠᠨ ᠳᠡᠪᠡᠯ ᠲᠡᠢ᠂ ᠮᠢᠨᠵᠢ ᠶ᠋ᠢᠨ ᠨᠢᠳᠤᠷᠭ᠎ᠠ ᠲᠠᠢ ᠨᠠᠮᠬᠠᠨ ᠲᠠᠷᠭᠤᠨ ᠰᠢᠷ᠎ᠠ ᠬᠥᠮᠦᠨ ᠬᠡᠯᠡᠪᠡ᠃
᠊᠊᠊᠊᠊᠊᠊᠊᠊᠊᠊᠊᠊᠊᠊᠊᠊᠊ ᠵᠣᠭᠣᠭᠯᠠᠬᠤ ᠭᠡᠪᠡᠯ ᠴᠢᠮ᠎ᠠ ᠰᠢᠭ ᠠᠷᠠᠢ ᠴᠢᠮᠥᠭᠡ ᠲᠡᠢ ᠶ᠋ᠢ ᠨᠢ ᠠᠪᠠᠴᠢᠳᠠᠭ ᠪᠠᠢᠭ᠎ᠠ ᠳᠠ ᠭᠡᠵᠦ ᠬᠥᠳᠡᠭᠡ ᠶ᠋ᠢᠨ ᠪᠣᠯᠤᠯᠲᠠᠢ ᠨᠡᠬᠡᠢ ᠳᠡᠪᠡᠯ ᠲᠡᠢ ᠬᠠᠷ᠎ᠠ ᠬᠥᠮᠦᠨ ᠬᠡᠯᠡᠬᠦ ᠳ᠋ᠦ᠍ ᠣᠯᠠᠨ ᠱᠤᠤᠭᠢᠯᠳᠤᠨ ᠢᠨᠢᠶᠡᠯᠳᠦᠪᠡ᠃
᠊᠊᠊᠊᠊᠊᠊᠊᠊᠊᠊᠊᠊᠊᠊᠊᠊᠊᠊ ᠶᠠᠭᠤ ᠴᠣ ᠯᠠ ᠭᠡᠰᠡᠨ ᠮᠣᠳᠣ ᠪᠠᠨ ᠪᠠᠷᠢᠭᠰᠠᠨ ᠤᠯᠤᠰ ᠭᠡᠨ᠎ᠡ ᠪᠢᠯᠡ ᠭᠡᠵᠦ ᠲᠠᠷᠭᠤᠨ ᠰᠢᠷ᠎ᠠ ᠮᠥᠴᠡᠭᠡ ᠪᠡᠨ ᠦᠭᠭᠦᠯ ᠦᠭᠡᠢ ᠬᠡᠯᠡᠪᠡ᠃
᠊᠊᠊᠊᠊᠊᠊᠊᠊᠊᠊᠊᠊᠊᠊᠊᠊᠊᠊᠊ ᠴᠢ ᠬᠥᠷᠥᠩᠭᠡ ᠶ᠋ᠢ ᠨᠢ ᠲᠣᠭᠠᠯᠠᠵᠤ ᠦᠵᠡᠭᠰᠡᠨ ᠬᠡᠷᠡᠭ ᠤᠤ?
᠊᠊᠊᠊᠊᠊᠊᠊᠊᠊᠊᠊᠊᠊᠊᠊᠊᠊᠊᠊᠊ ᠲᠤᠰᠠ ᠪᠣᠯᠬᠤ ᠳ᠋ᠠᠭᠠᠨ ᠶᠠᠳᠠᠭᠤ ᠨᠢ ᠳᠡᠭᠡᠷ᠎ᠡ ᠭᠡᠳᠡᠭ ᠳᠡ᠃
᠊᠊᠊᠊᠊᠊᠊᠊᠊᠊᠊᠊᠊᠊᠊᠊᠊᠊᠊᠊ ᠮᠡᠳᠡᠮᠡᠬᠡᠢ ᠡᠷ᠎ᠡ ᠪᠠᠢᠬᠤ ᠨᠢ ᠭᠡᠬᠦ ᠵᠡᠷᠭᠡ ᠣᠯᠠᠨ ᠬᠥᠮᠦᠨ ᠲᠠᠷᠭᠤᠨ ᠰᠢᠷ᠎ᠠ ᠶ᠋ᠢ ᠮᠣᠬᠣᠭᠠᠪᠠ᠃
᠊᠊᠊᠊᠊᠊᠊᠊᠊᠊᠊᠊᠊᠊᠊᠊᠊᠊᠊ ᠲᠠ ᠨᠠᠷ ᠢᠩᠭᠢᠵᠦ ᠪᠠᠢᠵᠤ ᠡᠨᠡ ᠣᠷᠣᠰ ᠤ᠋ᠳ ᠲᠤ᠌ ᠪᠣᠭᠣᠷᠰᠣᠭ ᠤ᠋ᠨ ᠢ᠋ᠶ᠋ᠠᠨ ᠰᠠᠪᠠ ᠶ᠋ᠢ ᠬᠠᠭᠠᠯᠤᠭᠤᠯᠤᠨᠠ ᠪᠠᠢᠬᠤ ᠳᠠ ᠭᠡᠵᠦ ᠲᠠᠷᠭᠤᠨ ᠰᠢᠷ᠎ᠠ ᠬᠡᠭᠵᠢᠭᠦᠨ ᠬᠡᠯᠡᠪᠡ᠃
᠊᠊᠊᠊᠊᠊᠊᠊᠊᠊᠊᠊᠊᠊᠊᠊᠊᠊᠊᠊᠊ ᠶᠠᠭᠤ ᠴᠤ᠌ ᠯᠠ ᠭᠡᠰᠡᠨ ᠴᠢᠨᠦ ᠪᠦᠳᠦᠭᠦᠨ ᠭᠡᠳᠡᠰᠦᠨ ᠡᠴᠡ ᠭᠠᠷᠬᠤ ᠬᠡᠢ ᠡᠴᠡ ᠰᠡᠵᠢᠭᠯᠡᠭᠡᠳ ᠬᠠᠭᠠᠯᠬᠤ ᠦᠭᠡᠢ᠃ ᠪᠢᠲᠡᠭᠡᠢ ᠠᠶᠤ! ᠭᠡᠵᠦ ᠨᠥᠭᠥᠭᠡ ᠨᠡᠬᠡᠢ ᠳᠡᠪᠡᠯᠲᠦ ᠬᠡᠯᠡᠬᠦ ᠳ᠋ᠦ᠍ ᠬᠥᠮᠦᠰ ᠱᠤᠤᠭᠢᠯᠳᠤᠨ ᠢᠨᠢᠶᠡᠵᠦ ᠲᠠᠷᠭᠤᠨ ᠰᠢᠷ᠎ᠠ ᠶ᠋ᠢᠨ ᠴᠢᠷᠠᠢ ᠨᠢ ᠤᠯᠠᠢᠨ ᠴᠢᠨᠠᠭᠰᠢ ᠲᠦᠷᠭᠡᠨ ᠠᠯᠬᠤᠪᠠ᠃
ᠵᠠᠮ ᠳ᠋ᠠᠭᠠᠨ ᠪᠠᠲᠤ᠂ ᠡᠴᠢᠭᠡ ᠶ᠋ᠢᠨ ᠢ᠋ᠶ᠋ᠡᠨ ᠲᠤᠬᠠᠢ ᠫᠧᠲ᠋ᠷ ᠡᠴᠡ ᠰᠠᠢᠨ ᠰᠣᠨᠣᠰᠴᠤ ᠠᠪᠤᠯ᠎ᠠ᠃ ᠡᠷᠳᠡᠨᠢ ᠪᠠᠷᠠᠭᠤᠨ ᠬᠣᠢᠲᠤ ᠵᠦᠭ ᠲᠦ᠍ ᠪᠠᠢᠭ᠎ᠠ ᠴᠠᠭᠠᠨ ᠤ᠋ ᠦᠯᠡᠳᠡᠭᠳᠡᠯ ᠲᠡᠢ ᠪᠠᠢᠯᠳᠤᠬᠤ ᠲᠤᠰᠬᠠᠢ ᠠᠩᠭᠢ ᠶ᠋ᠢᠨ ᠴᠡᠷᠢᠭ ᠲᠡᠢ ᠶᠠᠪᠤᠭᠰᠠᠨ ᠠᠵᠢ᠃
᠊᠊᠊᠊᠊᠊᠊᠊᠊᠊᠊᠊᠊᠊᠊᠊᠊᠊᠊᠊᠊᠊᠊ ᠡᠴᠢᠭᠡ ᠲᠡᠢ ᠴᠢᠨᠢ ᠪᠢ ᠵᠠᠪᠠᠯ ᠠᠭᠤᠯᠵᠠᠭᠤᠯᠵᠤ ᠦᠭᠭᠦᠨ᠎ᠡ᠃ ᠣᠳᠣ ᠴᠢ ᠨᠠᠳᠠ ᠲᠠᠢ ᠪᠠᠢ ᠭᠡᠵᠦ ᠫᠧᠲ᠋ᠷ ᠦ᠋ᠨ ᠬᠡᠯᠡᠭᠰᠡᠨ ᠢ᠋ ᠪᠠᠲᠤ ᠵᠢᠷᠭᠠᠯ ᠬᠣᠶᠠᠷ ᠵᠥᠪᠰᠢᠶᠡᠷᠡᠵᠡᠢ᠃
ᠫᠧᠲ᠋ᠷ ᠦ᠋ᠨ ᠠᠩᠭᠢ ᠬᠣᠲᠠ ᠳᠤᠮᠳᠠᠭᠤᠷ ᠨᠡᠪᠲᠡᠯᠦᠨ ᠤᠯᠢᠶᠠᠰᠤᠲᠠᠢ ᠶ᠋ᠢᠨ ᠠᠮᠠᠨ ᠳ᠋ᠤ᠌ ᠮᠠᠢᠬᠠᠨ ᠪᠠᠷᠢᠵᠤ ᠬᠤᠸᠠᠷᠬᠠᠨᠠᠨ ᠪᠠᠭᠤᠭᠰᠠᠨ ᠪᠥᠭᠡᠳ ᠮᠠᠨᠠᠢ ᠬᠣᠶᠠᠷ ᠫᠧᠲ᠋ᠷ ᠦ᠋ᠨ ᠬᠠᠮᠲᠤ ᠨᠢᠭᠡ ᠮᠠᠢᠬᠠᠨ ᠳ᠋ᠤ᠌ ᠣᠷᠣᠵᠠᠢ᠃ ᠬᠡᠳᠦᠢ ᠪᠡᠷ ᠬᠡᠯᠡ ᠮᠡᠳᠡᠬᠦ ᠦᠭᠡᠢ ᠠᠪᠠᠴᠤ ᠤᠳᠠᠯ ᠦᠭᠡᠢ ᠴᠡᠷᠢᠭ ᠦ᠋ᠳ ᠲᠡᠢ ᠲᠠᠨᠢᠯᠴᠠᠨ᠂ ᠲᠡᠳᠡᠨ ᠦ᠌ ᠫᠤᠤ ᠶ᠋ᠢ ᠴᠡᠪᠡᠷᠯᠡᠬᠦ᠂ ᠮᠣᠷᠢᠳ ᠢ᠋ ᠨᠢ ᠠᠷᠴᠢᠬᠤ ᠤᠰᠤᠯᠠᠬᠤ ᠳ᠋ᠤ᠌ ᠲᠤᠰᠠᠯᠠᠳᠠᠭ ᠪᠣᠯᠵᠠᠢ᠃ ᠬᠡᠳᠦ ᠬᠣᠨᠣᠬᠤ ᠳ᠋ᠤ᠌ ᠵᠠᠷᠢᠮ ᠨᠢᠭᠡᠨ ᠣᠷᠣᠰ ᠦᠭᠡ ᠶ᠋ᠢ ᠴᠣ ᠮᠡᠳᠡᠳᠡᠭ ᠪᠣᠯᠪᠠ᠃ ᠲᠡᠷᠡ ᠬᠣᠶᠠᠷ ᠤᠯᠠᠭᠠᠨ ᠴᠡᠷᠢᠭ ᠦ᠋ᠨ ᠬᠤᠸᠠᠷᠠᠨ ᠳ᠋ᠤ᠌ ᠬᠥᠭᠵᠢᠯ ᠲᠡᠢ ᠠᠮᠢᠳᠤᠷᠠᠵᠤ ᠲᠣᠮᠣ ᠰᠢᠨᠧᠯ᠂ ᠰᠠᠷᠠᠪᠴᠢᠲᠠᠢ ᠮᠠᠯᠠᠭᠠᠢ᠂ ᠱᠣᠪᠣᠭᠣᠷ ᠬᠠᠷ᠎ᠠ ᠭᠤᠲᠤᠯ ᠲᠠᠢ ᠪᠣᠯᠵᠤ ᠪᠢᠯᠡ᠃ ᠵᠠᠷᠢᠮ ᠳ᠋ᠠᠭᠠᠨ ᠤᠯᠢᠶᠠᠰᠤᠲᠠᠢ ᠶ᠋ᠢᠨ ᠭᠣᠣᠯ ᠤ᠋ᠨ ᠠᠢᠯ ᠤ᠋ᠳ ᠢ᠋ᠶ᠋ᠠᠷ ᠬᠡᠰᠦᠵᠦ ᠴᠠᠭᠠᠨ ᠢᠳᠡᠭᠡ ᠡᠷᠭᠢᠭᠦᠯᠬᠦ ᠳ᠋ᠦ᠍ ᠣᠢᠷ᠎ᠠ ᠣᠷᠴᠢᠮ ᠤ᠋ᠨ ᠠᠢᠯ ᠤ᠋ᠳ ᠠᠨᠳᠠᠬᠤ ᠦᠭᠡᠢ ᠪᠣᠯᠤᠭᠰᠠᠨ ᠢ᠋ᠶ᠋ᠠᠷ ᠪᠠᠷᠠᠬᠤ ᠦᠭᠡᠢ《ᠨᠣᠮᠣᠬᠠᠨ ᠪᠣᠷᠣ ᠶ᠋ᠢᠨ ᠲᠡᠵᠢᠭᠡᠮᠡᠯ ᠬᠡᠦᠬᠡᠳ ᠦ᠋ᠳ》ᠭᠡᠵᠦ ᠨᠡᠷᠡᠯᠡᠵᠡᠢ᠃
ᠢᠩᠭᠢᠵᠦ ᠠᠢᠯ ᠬᠡᠰᠦᠬᠦ ᠳ᠋ᠡᠭᠡᠨ ᠵᠢᠷᠭᠠᠯ ᠨᠢ ᠦᠯᠡᠮᠵᠢ ᠬᠤᠳᠠᠯ ᠶᠠᠷᠢᠬᠤ ᠪᠥᠭᠡᠳ ᠪᠠᠲᠤ ᠬᠣᠷᠢᠭᠯᠠᠪᠠᠴᠤ ᠲᠤᠰᠠ ᠦᠯᠦ ᠪᠣᠯᠤᠨ᠎ᠠ᠃ ᠵᠠᠷᠢᠮ ᠳ᠋ᠠᠭᠠᠨ ᠡᠭᠦᠨ ᠡᠴᠡ ᠪᠣᠯᠵᠤ ᠭᠡᠷᠡᠯᠲᠦᠨ ᠳᠠᠬᠢᠨ ᠬᠠᠮᠲᠤ ᠶᠠᠪᠤᠬᠤ ᠦᠭᠡᠢ ᠪᠣᠯᠪᠠᠴᠤ ᠮᠠᠷᠭᠠᠰᠢ ᠨᠢ ᠪᠦᠭᠦᠳᠡ ᠶ᠋ᠢ ᠮᠠᠷᠲᠠᠨ᠎ᠠ᠃
ᠡᠪᠦᠯ ᠳ᠋ᠦ᠍ᠨᠢ ᠮᠠᠢᠮᠠᠢ ᠬᠣᠲᠠᠨ ᠳ᠋ᠤ᠌ ᠡᠪᠦᠯᠵᠢᠵᠦ ᠵᠤᠨ ᠳ᠋ᠤᠨᠢ ᠤᠯᠢᠶᠠᠰᠤᠲᠠᠢ ᠶ᠋ᠢᠨ ᠭᠣᠣᠯ ᠳ᠋ᠤ᠌ ᠬᠡᠳᠦᠨ ᠬᠣᠨᠢ ᠢᠮᠠᠭ᠎ᠠ ᠲᠠᠢ ᠵᠤᠰᠠᠳᠠᠭ ᠬᠣᠶᠠᠷ ᠬᠥᠭᠰᠢᠨ ᠦ᠌ ᠳ᠋ᠦ᠍ ᠨᠢᠭᠡ ᠤᠳᠠᠭ᠎ᠠ ᠲᠠᠷᠠᠭ ᠢᠳᠡᠬᠦ ᠪᠡᠷ ᠣᠴᠢᠬᠤ ᠳ᠋ᠤ᠌ ᠭᠠᠳᠠᠨ᠎ᠠ ᠨᠢ ᠡᠮᠡᠭᠡᠯ ᠲᠡᠢ ᠰᠠᠢᠬᠠᠨ ᠬᠡᠭᠡᠷ ᠮᠣᠷᠢ ᠰᠣᠢᠯᠲᠠ ᠲᠠᠢ ᠪᠠᠢᠯ᠎ᠠ᠃ ᠣᠷᠣᠪᠠᠯ ᠪᠠᠷᠠᠭᠤᠨ ᠣᠷᠣᠨ ᠳᠡᠭᠡᠷ᠎ᠡ ᠨᠢ ᠴᠠᠭᠠᠨ ᠴᠠᠮᠴᠠ ᠲᠠᠢ᠂ ᠨᠢᠭᠡ ᠡᠷ᠎ᠡ ᠴᠢᠨᠠᠭᠰᠢ ᠬᠠᠷᠠᠨ ᠬᠡᠪᠲᠡᠨ᠎ᠡ᠃ ᠭᠡᠷ ᠦ᠋ᠨ ᠡᠵᠡᠨ ᠡᠪᠦᠭᠡᠨ ᠭᠠᠳᠠᠨ᠎ᠠ ᠬᠣᠨᠢᠨ ᠤ᠋ ᠬᠠᠰᠢᠶ᠎ᠠ ᠵᠠᠰᠠᠬᠤ ᠪᠥᠭᠡᠳ ᠠᠪᠠᠭᠠᠢ ᠨᠢ ᠭᠡᠷ ᠦ᠋ᠨ ᠵᠡᠭᠦᠨ ᠬᠣᠢᠮᠣᠷ ᠶᠠᠭᠤᠮ᠎ᠠ ᠣᠶᠣᠵᠤ ᠪᠠᠢᠯ᠎ᠠ᠃
ᠠᠪᠠᠭᠠᠢ ᠪᠣᠰᠴᠤ ᠠᠭᠠᠷᠤ ᠬᠤᠪᠢᠩ ᠲᠠᠢ ᠲᠠᠷᠠᠭ ᠲᠠᠯᠪᠢᠵᠤ ᠦᠭᠭᠦ ᠳ᠋ᠦ᠍ ᠵᠢᠷᠭᠠᠯ ᠨᠢᠭᠡ ᠲᠣᠮᠣ ᠠᠶᠠᠭ᠎ᠠ ᠶ᠋ᠢ ᠭᠥᠪᠳᠡᠵᠦ ᠣᠷᠬᠢᠭᠠᠳ ᠬᠣᠶᠠᠷᠳᠠᠬᠢ ᠪᠠᠨ ᠡᠮᠦᠨ᠎ᠡ ᠪᠡᠨ ᠲᠠᠯᠪᠢᠵᠤ ᠪᠠᠷᠦᠨ ᠦ᠌ ᠴᠡᠷᠢᠭ ᠲᠡᠢ ᠪᠠᠢᠯᠳᠤᠵᠤ ᠶᠠᠪᠤᠭᠰᠠᠨ᠂ ᠪᠠᠷᠦᠨ ᠢ᠋ ᠬᠦᠷᠲᠡᠯ᠎ᠡ ᠫᠤᠤᠳᠠᠵᠤ ᠰᠢᠷᠬᠠᠲᠤᠭᠤᠯᠤᠭᠰᠠᠨ᠂ ᠨᠢᠰᠴᠦ ᠶᠠᠪᠤᠭ᠎ᠠ ᠰᠢᠪᠠᠭᠤ ᠶ᠋ᠢ ᠣᠷᠣᠰ ᠯᠢᠶᠠᠨᠵᠤ ᠪᠠᠷ ᠨᠢᠭᠡ ᠯᠡ ᠫᠤᠤᠳᠠᠳᠠᠭ ᠭᠡᠳ ᠯᠡ ᠣᠮ ᠬᠣᠮ ᠦᠭᠡᠢ ᠲᠤᠢᠯᠵᠤ ᠭᠠᠷᠬᠤ ᠳ᠋ᠤᠨᠢ ᠪᠠᠲᠤ ᠬᠡᠴᠢᠨᠡᠨ ᠨᠢᠳᠤᠷᠪᠠᠴᠤ ᠲᠤᠰᠠ ᠪᠣᠯᠤᠭᠰᠠᠨ ᠦᠭᠡᠢ᠃
ᠠᠪᠠᠭᠠᠢ ᠶᠠᠭᠤᠮ᠎ᠠ ᠪᠠᠨ ᠣᠶᠣᠬᠤ ᠵᠠᠭᠤᠷ᠎ᠠ《ᠬᠥᠭᠡᠷᠦᠬᠦᠢ ᠮᠢᠨᠢ》᠂《ᠴᠣᠭ ᠲᠠᠢ ᠯᠠ ᠬᠦᠦ ᠪᠠᠢᠨ᠎ᠠ ᠳᠠ》᠂《ᠵᠠᠢᠯᠠᠭᠤᠯ᠂ ᠶᠣᠰᠣᠲᠠᠢ ᠳᠠ》ᠭᠡᠨ᠎ᠡ᠃ ᠡᠭᠦᠨ ᠳ᠋ᠦ᠍ᠨᠢ ᠵᠣᠷᠢᠭᠵᠢᠭᠰᠠᠨ ᠵᠢᠷᠭᠠᠯ ᠥᠨᠳᠡᠢᠵᠦ ᠰᠠᠭᠤᠭᠠᠳ ᠨᠢᠳᠦ ᠪᠡᠨ ᠭᠢᠯᠠᠯᠵᠠᠭᠤᠯᠤᠨ ᠶᠠᠷᠢᠨ᠎ᠠ᠃
᠊᠊᠊᠊᠊᠊᠊᠊᠊᠊᠊᠊᠊᠊᠊᠊᠊᠊᠊᠊᠊᠊᠊᠊ ᠡᠨᠡ ᠮᠠᠨ ᠤ᠋ ᠨᠥᠬᠥᠷ ᠪᠣᠯ ᠰᠡᠯᠡᠮ᠎ᠡ ᠶ᠋ᠢᠨ ᠡᠷᠳᠡᠮ ᠳ᠋ᠦ᠍ ᠬᠣᠣᠰ ᠦᠭᠡᠢ ᠬᠥᠮᠦᠨ᠃ ᠶᠣᠰᠣᠲᠠᠢ ᠰᠡᠯᠡᠮ᠎ᠡ ᠭᠢᠯᠠᠰ᠂ ᠲᠣᠯᠣᠭᠠᠢ ᠪᠥᠨᠲᠥᠰ ᠭᠡᠵᠦ ᠴᠠᠪᠴᠢᠨ᠎ᠠ ᠳᠠ᠃ ᠨᠢᠭᠡ ᠴᠠᠪᠴᠢᠬᠤ ᠳ᠋ᠠᠭᠠᠨ ᠭᠤᠷᠪᠠᠨ ᠲᠣᠯᠣᠭᠠᠢ ᠪᠥᠨᠲᠥᠢᠲᠡᠯᠡ ᠨᠢ ᠠᠪᠤᠭᠠᠳ ᠲᠡᠷᠡ ᠲᠡᠨᠳᠡ ᠥᠩᠬᠥᠷᠢᠭᠦᠯᠵᠦ ᠣᠷᠬᠢᠳᠠᠭ ᠡᠷ᠎ᠡ ᠳᠡ᠃ ᠰᠡᠯᠡᠮ᠎ᠡ ᠡᠷᠭᠢᠭᠦᠯᠵᠦ ᠪᠠᠢᠬᠤ ᠳ᠋ᠤ᠌ ᠪᠡᠶ᠎ᠡ ᠨᠢ ᠨᠢᠭᠡ ᠪᠥᠭᠡᠷᠡᠩᠬᠡᠢ ᠬᠥᠬᠡ ᠶᠠᠭᠤᠮ᠎ᠠ ᠯᠠ ᠬᠠᠷᠠᠭᠳᠠᠳᠠᠭ᠃ ᠮᠥᠨ ᠴᠦ᠍ ᠮᠤᠨᠳᠠᠭ ᠭᠡᠬᠦ ᠳ᠋ᠦ᠍ᠨᠢ ᠪᠠᠲᠤ ᠶ᠋ᠢᠨ ᠨᠢᠭᠤᠷ ᠴᠢᠪᠠᠭ᠎ᠠ ᠰᠢᠭ᠋ ᠪᠣᠯᠵᠤ᠄
᠊᠊᠊᠊᠊᠊᠊᠊᠊᠊᠊᠊᠊᠊᠊᠊᠊᠊᠊᠊᠊ ᠵᠢᠷᠭᠠᠯ ᠮᠢᠨᠢ ᠲᠠᠷᠠᠭ ᠢ᠋ᠶ᠋ᠠᠨ ᠲᠦᠷᠭᠡᠨ ᠢᠳᠡᠭᠡᠳ ᠶᠠᠪᠤᠶ᠎ᠠ ᠭᠡᠵᠡᠢ᠃
᠊᠊᠊᠊᠊᠊᠊᠊᠊᠊᠊᠊᠊᠊᠊᠊᠊᠊᠊᠊᠊᠊ ᠮᠤᠨᠳᠠᠭ ᠴᠠᠪᠴᠢᠳᠠᠭ ᠡᠷ᠎ᠡ ᠪᠠᠢᠨ᠎ᠠ ᠳᠠ ᠭᠡᠳ ᠣᠷᠣᠨ ᠳᠡᠭᠡᠷ᠎ᠡ ᠬᠡᠪᠲᠡᠵᠦ ᠪᠠᠢᠭᠰᠠᠨ ᠬᠥᠮᠦᠨ ᠲᠠᠴᠢᠭᠢᠨᠠᠲᠠᠯ᠎ᠠ ᠢᠨᠢᠶᠡᠭᠡᠳ ᠡᠷᠭᠢᠪᠡ᠃
ᠬᠠᠷᠠᠭᠠᠴᠢ᠂ ᠠᠷᠠᠳ ᠤ᠋ᠨ ᠵᠢᠷᠤᠮᠲᠤ ᠴᠡᠷᠢᠭ ᠬᠣᠲᠠ ᠳ᠋ᠤ᠌ ᠣᠷᠣᠵᠤ ᠢᠷᠡᠬᠦ ᠳ᠋ᠦ᠍ ᠬᠤᠸᠠ ᠬᠣᠩᠭᠣᠷ ᠮᠣᠷᠢ ᠲᠠᠢ ᠶᠠᠪᠤᠭᠰᠠᠨ᠂ ᠭᠤᠢᠮᠠᠨ ᠪᠠᠭᠠᠲᠤᠷ ᠭᠡᠵᠦ ᠣᠯᠠᠨ ᠤ᠋ ᠨᠡᠷᠡᠯᠡᠵᠦ ᠪᠠᠢᠭᠰᠠᠨ ᠡᠷ᠎ᠡ ᠪᠠᠢᠯ᠎ᠠ᠃
᠊᠊᠊᠊᠊᠊᠊᠊᠊᠊᠊᠊᠊᠊᠊᠊᠊᠊᠊᠊᠊᠊᠊ ᠶᠠᠭᠠᠬᠢᠵᠤ ᠡᠷᠭᠢᠭᠦᠯᠦᠨ ᠴᠠᠪᠴᠢᠨ᠎ᠠ ᠭᠡᠨ᠎ᠡ ᠭᠡᠳ ᠰᠦᠬᠡᠪᠠᠭᠠᠲᠤᠷ ᠬᠥᠭᠵᠢᠯ ᠲᠡᠢ ᠢᠨᠢᠶᠡᠮᠰᠦᠭᠯᠡᠪᠡ᠃
ᠰᠦᠬᠡᠪᠠᠭᠠᠲᠤᠷ ᠡᠴᠢᠭᠡ ᠨᠢ ᠠᠮᠢᠳᠤ ᠪᠠᠢᠬᠤ ᠳ᠋ᠠᠭᠠᠨ ᠦᠶ᠎ᠡ ᠵᠠᠢ ᠦᠭᠡᠢ ᠦᠶᠡᠷᠬᠡᠵᠦ ᠪᠠᠢᠭᠰᠠᠨ ᠡᠪᠦᠭᠡᠨ ᠦ᠌ ᠳ᠋ᠦ᠍ ᠠᠮᠠᠷᠠᠯᠲᠠ ᠶ᠋ᠢᠨ ᠡᠳᠦᠷ ᠢ᠋ᠶ᠋ᠡᠨ ᠢᠷᠡᠭᠡᠳ ᠠᠮᠠᠷᠠᠵᠤ ᠪᠠᠢᠭᠰᠠᠨ ᠨᠢ ᠲᠡᠷᠡ ᠪᠢᠯᠡ᠃
ᠵᠢᠷᠭᠠᠯ ᠲᠣᠯᠣᠭᠠᠢ ᠪᠠᠨ ᠮᠠᠭᠠᠵᠢᠨ ᠳᠠᠭᠤ ᠦᠭᠡᠢ ᠪᠣᠯᠪᠠ᠃ ᠪᠠᠲᠤ ᠢᠳᠡᠵᠦ ᠪᠠᠢᠭᠰᠠᠨ ᠠᠶᠠᠭ᠎ᠠ ᠲᠠᠢ ᠲᠠᠷᠠᠭ ᠢ᠋ᠶ᠋ᠠᠨ ᠪᠠᠷᠢᠨ ᠭᠥᠯᠢᠷᠡᠪᠡ᠃
ᠣᠷᠣᠰ ᠴᠡᠷᠢᠭ ᠦ᠋ᠨ ᠬᠤᠭᠤᠷᠬᠠᠢ ᠰᠠᠷᠠᠪᠴᠢ ᠲᠠᠢ ᠡᠷᠡᠦ ᠮᠠᠯᠠᠭᠠᠢ ᠦᠯᠦ ᠮᠡᠳᠡᠭ ᠬᠠᠵᠠᠭᠤᠳᠠᠭᠤᠯᠤᠨ ᠲᠠᠯᠪᠢᠭᠰᠠᠨ ᠪᠥᠭᠡᠳ ᠡᠯᠪᠡᠭᠳᠡᠵᠦ ᠨᠠᠯᠪᠠᠢᠭᠰᠠᠨ ᠰᠠᠷᠠᠯ ᠰᠢᠨᠧᠯ ᠲᠡᠢ᠂ ᠬᠡᠨ ᠴᠦ ᠬᠠᠷᠠᠭᠰᠠᠨ ᠲᠣᠮᠣᠳᠠᠭᠰᠠᠨ ᠪᠡᠬᠢᠶᠡᠯ ᠭᠤᠲᠤᠯ ᠭᠢᠯᠠᠯᠵᠠᠲᠠᠯ᠎ᠠ ᠠᠷᠴᠢᠵᠤ ᠡᠮᠦᠰᠦᠭᠰᠡᠨ ᠬᠣᠶᠠᠷ ᠵᠠᠯᠠᠭᠤ ᠰᠦᠬᠡᠪᠠᠭᠠᠲᠤᠷ ᠤ᠋ᠨ ᠠᠩᠬᠠᠷᠤᠯ ᠢ᠋ ᠲᠠᠲᠠᠯ᠎ᠠ᠃ ᠶᠡᠷᠦ ᠨᠢ ᠬᠡᠨ ᠦ᠌ ᠴᠦ᠍ ᠠᠩᠬᠠᠷᠤᠯ ᠢ᠋ ᠲᠠᠲᠠᠬᠤ ᠪᠠᠷ ᠳᠦᠷᠰᠦ ᠲᠡᠢ ᠪᠠᠢᠯ᠎ᠠ᠃ ᠵᠢᠷᠪᠢᠰ ᠬᠠᠷᠠᠭᠰᠠᠨ ᠬᠥᠮᠦᠨ ᠪᠣᠯ ᠬᠣᠲᠠ ᠶ᠋ᠢᠨ ᠬᠠᠵᠠᠭᠤ ᠳ᠋ᠤ᠌ ᠪᠤᠰᠬᠠᠳᠠᠭ ᠮᠠᠨᠤᠤᠬᠠᠢ ᠭᠡᠵᠦ ᠠᠨᠳᠠᠭᠤᠷᠠᠮᠠᠷ ᠬᠣᠶᠠᠷ ᠵᠠᠯᠠᠭᠤ ᠶ᠋ᠢ ᠠᠵᠢᠭᠯᠠᠨ ᠵᠤᠭᠠᠲᠠᠢ ᠢᠨᠢᠶᠡᠮᠰᠦᠭᠯᠡᠵᠦ ᠪᠠᠢᠭᠰᠠᠨ ᠢ᠋ᠶ᠋ᠠᠨ 《ᠴᠢᠩᠭᠢᠭᠡᠳ ᠲᠠ ᠬᠣᠶᠠᠷ ᠴᠢᠨᠢ ᠠᠯᠢ ᠭᠠᠵᠠᠷ ᠤ᠋ᠨ ᠴᠠᠪᠴᠢᠭᠴᠢᠳ ᠪᠢᠯᠡ》ᠭᠡᠵᠦ ᠠᠰᠠᠭᠤᠪᠠ᠃ ᠮᠠᠨᠠᠢ ᠬᠣᠶᠠᠷ ᠬᠠᠷᠢᠭᠤ ᠳᠤᠤᠭᠠᠷᠤᠭᠰᠠᠨ ᠦᠭᠡᠢ ᠳ᠋ᠦ᠍ ᠰᠦᠬᠡᠪᠠᠭᠠᠲᠤᠷ ᠲᠠᠪᠠᠲᠠᠢ ᠭᠡᠭᠴᠢ ᠨᠢ ᠰᠤᠨᠢᠶᠠᠭᠰᠠᠨ ᠢ᠋ᠶ᠋ᠠᠨ《ᠵᠠᠯᠠᠭᠤ᠂ ᠪᠠᠷᠦᠨ ᠢ᠋ ᠫᠤᠤᠳᠠᠵᠤ ᠰᠢᠷᠬᠠᠲᠤᠭᠤᠯᠤᠭᠰᠠᠨ ᠢ᠋ᠶ᠋ᠠᠨ ᠶᠠᠷᠢᠭᠠᠴᠢ ᠳᠠ》ᠭᠡᠯᠡ᠃
ᠪᠠᠲᠤ ᠠᠶᠠᠭ᠎ᠠ ᠲᠠᠢ ᠲᠠᠷᠠᠭ ᠢ᠋ᠶ᠋ᠠᠨ ᠲᠠᠯᠪᠢᠵᠤ《ᠶᠠᠪᠤᠶ᠎ᠠ》ᠭᠡᠵᠦ ᠨᠢᠳᠤᠷᠤᠨ ᠰᠢᠪᠡᠭᠡᠨᠡᠪᠡ᠃
᠊᠊᠊᠊᠊᠊᠊᠊᠊᠊᠊᠊᠊᠊᠊᠊᠊᠊᠊᠊᠊ ᠶᠠᠪᠤᠬᠤ ᠪᠣᠯᠤᠭ᠎ᠠ ᠦᠭᠡᠢ᠃ ᠪᠠᠢᠯᠳᠤᠵᠤ ᠴᠠᠪᠴᠢᠵᠤ ᠶᠠᠪᠤᠭᠰᠠᠨ ᠢ᠋ᠶ᠋ᠠᠨ ᠶᠠᠷᠢᠬᠤ ᠳᠤᠷ᠎ᠠ ᠦᠭᠡᠢ ᠪᠣᠯ ᠬᠠᠮᠢᠭ᠎ᠠ ᠪᠠᠢᠳᠠᠭ ᠲᠤᠬᠠᠢ ᠪᠠᠨ ᠶᠠᠭᠤ ᠬᠢᠳᠡᠭ ᠢ᠋ᠶ᠋ᠡᠨ ᠶᠠᠷᠢ ᠯᠠ ᠳᠠ ᠭᠡᠵᠦ ᠰᠦᠬᠡᠪᠠᠠᠭᠠᠲᠤᠷ ᠬᠡᠯᠡᠪᠡ᠃
᠊᠊᠊᠊᠊᠊᠊᠊᠊᠊᠊᠊᠊᠊᠊᠊᠊᠊᠊᠊᠊ ᠬᠣᠢᠲᠤ ᠨᠣᠮᠣᠬᠠᠨ ᠪᠣᠷᠣ ᠶ᠋ᠢᠨ ① ᠲᠡᠵᠢᠭᠡᠮᠡᠯ ᠬᠡᠦᠬᠡᠳ ᠦ᠋ᠳ᠃ ᠡᠨᠡ ᠬᠦᠦ ᠭᠡᠵᠦ ᠠᠪᠠᠭᠠᠢ ᠵᠢᠷᠭᠠᠯ ᠢ᠋ ᠵᠢᠭᠠᠭᠠᠳ᠄
᠊᠊᠊᠊᠊᠊᠊᠊᠊᠊᠊᠊᠊᠊᠊᠊᠊᠊᠊᠊᠊ ᠬᠥᠮᠦᠨ ᠦ᠌ ᠵᠠᠭᠤᠵᠤ ᠪᠠᠢᠭᠰᠠᠨ ᠭᠠᠩᠰᠠ ᠶ᠋ᠢ ᠦᠬᠡᠷ ᠫᠤᠤ ᠪᠠᠷ ᠲᠠᠰᠤ ᠫᠤᠤᠳᠠᠳᠠᠭ ᠶᠤᠮ ᠭᠡᠳᠡᠭ ᠰᠢᠦ᠂ ᠥᠪᠡᠷ ᠢ᠋ᠶ᠋ᠡᠨ ᠡᠷᠳᠡᠭᠦᠦᠳᠡ ᠶᠠᠷᠢᠭᠰᠠᠨ ᠶᠤᠮ ᠭᠡᠵᠦ ᠬᠡᠯᠡᠪᠡ᠃
ᠰᠦᠬᠡᠪᠠᠭᠠᠲᠤᠷ ᠨᠢᠳᠦ ᠪᠡᠨ ᠠᠨᠢᠪᠴᠢᠨ ᠬᠡᠰᠡᠭ ᠵᠠᠭᠤᠷ᠎ᠠ ᠭᠦᠳ ᠭᠦᠳ ᠢᠨᠢᠶᠡᠯ᠎ᠡ᠃
᠊᠊᠊᠊᠊᠊᠊᠊᠊᠊᠊᠊᠊᠊᠊᠊᠊᠊᠊᠊᠊᠊᠊ ᠲᠠ ᠬᠣᠶᠠᠷ ᠴᠢᠨᠢ ᠶᠠᠭᠠᠬᠢᠭᠠᠳ ᠣᠷᠣᠰ ᠴᠡᠷᠢᠭ ᠦ᠋ᠨ ᠬᠡᠦᠬᠡᠳ ᠪᠠᠢᠳᠠᠭ ᠪᠢᠯᠡ?
ᠪᠠᠲᠤ ᠭᠠᠵᠠᠷ ᠱᠠᠭᠠᠢᠨ ᠪᠠᠢᠵᠤ ᠤᠴᠢᠷ ᠶᠠᠪᠤᠳᠠᠯ ᠢ᠋ᠶ᠋ᠠᠨ ᠪᠦᠪᠦᠳᠦᠨᠡᠨ ᠶᠠᠷᠢᠯ᠎ᠠ᠃
᠊᠊᠊᠊᠊᠊᠊᠊᠊᠊᠊᠊᠊᠊᠊᠊᠊᠊᠊᠊᠊ ᠠ ᠫᠧᠲ᠋ᠷ ᠺᠣᠮᠢᠰᠰᠠᠷ ᠡᠷᠳᠡᠨᠢ ᠶ᠋ᠢᠨ ᠬᠦᠦ ᠶ᠋ᠢ ᠣᠯᠤᠭᠰᠠᠨ ᠭᠡᠵᠦ ᠶᠠᠷᠢᠭᠰᠠᠨ ᠴᠢ ᠶᠤᠮ ᠪᠣᠢ᠃ ᠠᠪᠤ ᠳ᠋ᠤ᠌ ᠴᠢᠨᠢ ᠴᠢᠨᠦ ᠴᠠᠪᠴᠢᠳᠠᠭ ᠲᠤᠬᠠᠢ᠂ ᠰᠡᠯᠡᠮ᠎ᠡ ᠡᠷᠭᠢᠭᠦᠯᠳᠡᠭ ᠡᠷᠳᠡᠮ ᠢ᠋ ᠶᠠᠷᠢᠨ᠎ᠠ ᠳᠠ ᠭᠡᠳ ᠲᠣᠮᠣ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠪᠡ᠃
ᠪᠠᠲᠤ ᠳ᠋ᠤ᠌ ᠣᠷᠣᠬᠤ ᠭᠠᠵᠠᠷ ᠣᠯᠳᠠᠬᠤ ᠦᠭᠡᠢ ᠪᠠᠢᠯ᠎ᠠ᠃ ᠰᠡᠳᠬᠢᠯ ᠳ᠋ᠡᠭᠡᠨ ᠵᠢᠷᠭᠠᠯ ᠢ᠋ ᠵᠠᠨᠤᠵᠤ 《ᠭᠠᠢᠭᠤᠢ ᠳᠠ ᠡᠨᠳᠡ ᠡᠴᠡ ᠨᠢᠭᠡ ᠭᠠᠷᠤᠭᠰᠠᠨ ᠴᠠᠭ ᠲᠤ᠌》ᠭᠡᠵᠦ ᠪᠤᠬᠢᠨᠢᠳᠤᠨ᠎ᠠ᠃
ᠵᠢᠷᠭᠠᠯ ᠴᠣ ᠠᠪᠠᠭᠠᠢ ᠶ᠋ᠢ ᠡᠯᠡᠭ ᠪᠠᠷᠢᠵᠤ ᠶᠠᠷᠢᠭᠰᠠᠨ ᠴᠢᠨᠢ ᠪᠣᠯᠳᠠᠭ ᠦᠭᠡᠢ ᠬᠥᠮᠦᠨ ᠳ᠋ᠦ᠍ᠨᠢ ᠮᠡᠳᠡᠭᠳᠡᠵᠦ ᠢᠯᠡᠷᠡᠬᠦ ᠶ᠋ᠢᠨ ᠮᠠᠭᠤ ᠪᠠᠷ ᠢᠯᠡᠷᠡᠭᠰᠡᠨ ᠳ᠋ᠡᠭᠡᠨ ᠭᠡᠮᠰᠢᠨ ᠰᠢᠯᠢ ᠪᠡᠨ ᠮᠠᠭᠠᠵᠢᠨ᠂ ᠨᠢᠰᠦ ᠪᠡᠨ ᠱᠣᠷᠴᠢᠭᠢᠨᠠᠲᠠᠯᠠ ᠲᠠᠲᠠᠨ᠎ᠠ᠃
᠊᠊᠊᠊᠊᠊᠊᠊᠊᠊᠊᠊᠊᠊᠊᠊᠊᠊᠊᠊᠊᠊᠊ ᠵᠠ ᠲᠡᠷᠡ ᠫᠤᠤᠳᠠᠬᠤ ᠴᠠᠪᠴᠢᠬᠤ ᠴᠤ᠌ ᠶᠠᠭᠠᠮᠠᠢ᠃ ᠬᠠᠷᠢᠨ ᠠᠪᠤ ᠴᠢᠨᠢ ᠰᠠᠢᠨ ᠶᠠᠪᠤᠭ᠎ᠠ ᠳᠠ᠃ ᠶᠣᠰᠣᠲᠠᠢ ᠯᠠ ᠴᠠᠭᠠᠨ ᠲᠠᠢ ᠴᠠᠪᠴᠢᠯᠳᠤᠵᠤ ᠪᠠᠢᠭ᠎ᠠ ᠭᠡᠳ ᠰᠦᠬᠡᠪᠠᠭᠠᠲᠤᠷ ᠬᠣᠶᠠᠷ ᠬᠡᠦᠬᠡᠳ ᠢ᠋ ᠥᠬᠥᠭᠡᠷᠳᠡᠭᠰᠡᠨ ᠬᠣᠱᠣᠩ ᠨᠢᠳᠦ ᠪᠡᠷ ᠬᠠᠷᠠᠯ᠎ᠠ᠃
᠊᠊᠊᠊᠊᠊᠊᠊᠊᠊᠊᠊᠊᠊᠊᠊᠊᠊᠊᠊᠊᠊᠊ ᠠᠪᠤ ᠮᠢᠨᠢ ᠣᠳᠣ ᠬᠠᠮᠢᠭ᠎ᠠ ᠪᠠᠢᠭ᠎ᠠ ᠪᠣᠯ?
᠊᠊᠊᠊᠊᠊᠊᠊᠊᠊᠊᠊᠊᠊᠊᠊᠊᠊᠊᠊᠊ ᠬᠠᠨᠳᠠ ᠴᠢᠨ ᠸᠠᠩ ᠤ᠋ᠨ ᠬᠦᠷᠢᠶᠡᠨ ᠳᠡᠭᠡᠷ᠎ᠡ ᠰᠠ ᠶᠢᠬᠠᠨ ᠣᠴᠢᠭᠰᠠᠨ᠃ ᠴᠢ ᠠᠪᠤ ᠪᠠᠨ ᠰᠠᠨᠠᠵᠤ ᠪᠠᠢᠨ᠎ᠠ ᠤᠤ?
᠊᠊᠊᠊᠊᠊᠊᠊᠊᠊᠊᠊᠊᠊᠊᠊᠊᠊᠊᠊᠊ ᠠᠪᠤ ᠪᠠᠨ ᠶᠡᠬᠡ ᠰᠠᠨᠠᠵᠤ ᠪᠠᠢᠨ᠎ᠠ ᠭᠡᠵᠦ ᠪᠠᠲᠤ ᠨᠠᠮ ᠳᠠᠭᠤ ᠪᠠᠷ ᠨᠡᠷᠡᠯᠬᠡᠯ ᠦᠭᠡᠢ ᠦᠨᠡᠨ ᠢ᠋ᠶ᠋ᠡᠨ ᠬᠡᠯᠡᠪᠡ᠃
᠊᠊᠊᠊᠊᠊᠊᠊᠊᠊᠊᠊᠊᠊᠊᠊᠊᠊᠊᠊᠊ ᠠᠪᠤ ᠶᠡᠬᠡ ᠰᠠᠨᠠᠭᠳᠠᠳᠠᠭ ᠶᠤᠮ ᠰᠢᠦ ᠭᠡᠳ ᠰᠦᠬᠡᠪᠠᠭᠠᠲᠤᠷ ᠭᠦᠨ ᠰᠠᠨᠠᠭ᠎ᠠ ᠠᠯᠳᠠᠪᠠ᠃ ᠠᠷᠠᠳ ᠲᠦᠮᠡᠨ ᠡᠬᠡ ᠣᠷᠣᠨ ᠢ᠋ᠶ᠋ᠠᠨ ᠴᠢᠯᠥᠭᠡᠯᠡᠬᠦ ᠶᠡᠬᠡ ᠬᠡᠷᠡᠭ ᠢ᠋ ᠡᠭᠦᠰᠬᠡᠨ ᠰᠡᠳᠦᠵᠦ ᠵᠥᠪᠯᠡᠯᠲᠦ ᠤᠯᠤᠰ ᠢ᠋ ᠵᠣᠷᠢᠨ ᠶᠠᠪᠤᠬᠤ ᠳ᠋ᠤᠨᠢ ᠰᠦᠬᠡᠪᠠᠭᠠᠲᠤᠷ ᠤ᠋ᠨ ᠡᠴᠢᠭᠡ ᠬᠦᠨᠳᠦ ᠡᠪᠡᠳᠴᠢᠨ ᠲᠡᠢ ᠦᠯᠡᠳᠡᠵᠦ ᠪᠢᠯᠡ᠃ ᠵᠣᠷᠢᠭᠰᠠᠨ ᠬᠡᠷᠡᠭ ᠢ᠋ᠶ᠋ᠡᠨ ᠪᠦᠲᠦᠭᠡᠭᠡᠳ ᠢᠷᠡᠬᠦ ᠳ᠋ᠦ᠍ᠨᠢ ᠠᠮᠢᠳᠤ ᠬᠦᠯᠢᠶᠡᠵᠦ ᠪᠠᠢᠨ᠎ᠠ ᠭᠡᠵᠦ ᠡᠴᠢᠭᠡ ᠬᠦᠦ ᠬᠣᠶᠠᠷ ᠢᠲᠡᠭᠡᠵᠦ ᠲᠡᠷᠡ ᠢᠲᠡᠭᠡᠯ ᠪᠠ ᠶᠡᠬᠡ ᠬᠡᠷᠡᠭ ᠦ᠋ᠨ ᠲᠥᠯᠥᠭᠡ ᠲᠡᠮᠡᠴᠡᠯ ᠦ᠋ᠨ ᠵᠣᠷᠢᠭ ᠶᠢᠠᠷ ᠬᠠᠭᠠᠴᠠᠯ ᠤ᠋ᠨ ᠭᠠᠰᠢᠭᠤᠨ ᠢ᠋ ᠡᠳ᠋ᠯᠡᠵᠦ ᠶᠠᠪᠤᠭᠰᠠᠨ᠃ ᠭᠡᠲᠡᠯ᠎ᠡ ᠬᠠᠢᠷᠠᠲᠤ ᠠᠪᠤ ᠨᠢ ᠬᠦᠯᠢᠶᠡᠵᠦ ᠴᠢᠳᠠᠭᠰᠠᠨ ᠦᠭᠡᠢ᠂ ᠬᠠᠯᠢᠵᠤ ᠣᠳᠴᠠᠢ᠃ ᠪᠠᠲᠤ ᠠᠪᠤ ᠶ᠋ᠢᠨ ᠢ᠋ᠶ᠋ᠡᠨ ᠲᠤᠬᠠᠢ ᠶᠠᠷᠢᠬᠤ ᠲᠤᠰᠤᠮ ᠰᠦᠬᠡᠪᠠᠭᠠᠲᠤᠷ ᠤ᠋ᠨ ᠰᠡᠳᠬᠢᠯ ᠳ᠋ᠦ᠍ ᠠᠪᠤ ᠨᠢ ᠣᠷᠣᠵᠤ ᠲᠣᠳᠣᠷᠠᠨ᠎ᠠ᠃
᠊᠊᠊᠊᠊᠊᠊᠊᠊᠊᠊᠊᠊᠊᠊᠊᠊᠊᠊᠊᠊᠊᠊ ᠠᠪᠤ ᠲᠠᠢ ᠪᠠᠢᠬᠤ ᠰᠠᠢᠬᠠᠨ ᠶᠤᠮ ᠰᠢᠦ ᠭᠡᠳ ᠰᠦᠬᠡᠪᠠᠭᠠᠲᠤᠷ ᠦᠭᠡ ᠪᠡᠨ ᠲᠠᠰᠤᠯᠤᠭᠠᠳ ᠬᠦᠷᠡᠩ ᠳᠠᠩᠬᠤ ᠠᠪᠴᠤ ᠴᠠᠢ ᠠᠶᠠᠭᠠᠯᠠᠨ ᠤᠤᠭᠤᠪᠠ᠃
ᠠᠪᠤ ᠶ᠋ᠢᠨ ᠢ᠋ᠶ᠋ᠡᠨ ᠲᠤᠬᠠᠢ ᠡᠨᠡ ᠬᠣᠶᠠᠷ ᠵᠠᠯᠠᠭᠤ ᠳ᠋ᠤ᠌ ᠶᠠᠷᠢᠮᠠᠷ ᠰᠠᠨᠠᠭᠳᠠᠭᠠᠳ ᠡᠬᠢᠯᠡᠭᠰᠡᠨ ᠪᠣᠯᠪᠠᠴᠤ ᠦᠭᠡ ᠪᠡᠨ ᠲᠠᠰᠤᠯᠵᠠᠢ᠃ ᠤᠴᠢᠷ ᠨᠢ ᠠᠪᠤ ᠲᠠᠢ ᠪᠠᠨ ᠠᠭᠤᠯᠵᠠᠬᠤ ᠶ᠋ᠢ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠭᠠᠭᠰᠠᠨ ᠪᠠᠲᠤ ᠶ᠋ᠢᠨ ᠰᠡᠳᠬᠢᠯ᠂ ᠠᠭᠤᠯᠵᠠᠬᠤ ᠢᠲᠡᠭᠡᠯ ᠢ᠋ ᠡᠪᠳᠡᠬᠦ ᠡᠴᠡ ᠠᠶᠤᠵᠤ ᠪᠢᠯᠡ᠃
ᠨᠠᠰᠤ ᠪᠠᠷᠠᠭᠰᠠᠨ ᠠᠪᠤ ᠶ᠋ᠢᠨ ᠬᠢᠨᠢ ᠳᠦᠷᠢ ᠰᠦᠬᠡᠪᠠᠭᠠᠲᠤᠷ ᠤ᠋ᠨ ᠪᠣᠳᠣᠯ ᠠ᠋ᠴᠠ ᠰᠠᠯᠳᠠᠭ ᠦᠭᠡᠢ ᠪᠥᠭᠡᠳ ᠠᠪᠤ ᠨᠢ ᠦᠯᠡᠮᠵᠢ ᠪᠣᠳᠣᠭᠳᠠᠭᠰᠠᠨ ᠦᠶ᠎ᠡ ᠳ᠋ᠦ᠍ ᠲᠡᠭᠦᠨ ᠦ᠌ ᠦᠶᠡᠷᠬᠡᠳᠡᠭ ᠪᠠᠢᠭᠰᠠᠨ ᠡᠨᠡ ᠡᠪᠦᠭᠡᠨ ᠦ᠌ ᠳ᠋ᠦ᠍ ᠢᠷᠡᠵᠦ ᠰᠡᠳᠬᠢᠯ ᠢ᠋ᠶ᠋ᠡᠨ ᠵᠣᠭᠣᠭᠣᠳᠠᠭ ᠶᠤᠮ᠃
᠊᠊᠊᠊᠊᠊᠊᠊᠊᠊᠊᠊᠊᠊᠊᠊᠊᠊᠊᠊᠊ ᠡᠷᠳᠡᠨᠢ ᠤᠳᠠᠬᠤ ᠦᠭᠡᠢ ᠳᠠᠢᠰᠤᠨ ᠢ᠋ᠶ᠋ᠠᠨ ᠳᠠᠷᠤᠵᠤ᠂ ᠳᠠᠷᠬᠠᠨ ᠴᠣᠯᠠ ᠪᠠᠨ ᠮᠠᠨᠳᠤᠭᠤᠯᠤᠭᠠᠳ ᠢᠷᠡᠨ᠎ᠡ ᠳᠠ᠃
᠊᠊᠊᠊᠊᠊᠊᠊᠊᠊᠊᠊᠊᠊᠊᠊᠊᠊᠊᠊᠊᠊ ᠪᠠᠰᠠ ᠡᠵᠢ ᠮᠢᠨᠢ ᠶᠠᠭᠠᠬᠢᠵᠤ ᠶᠠᠪᠤᠳᠠᠭ ᠶᠤᠮ ᠪᠣᠯ ᠳᠠ ᠭᠡᠳ ᠪᠠᠲᠤ ᠰᠠᠨᠠᠭ᠎ᠠ ᠠᠯᠳᠠᠪᠠ᠃
᠊᠊᠊᠊᠊᠊᠊᠊᠊᠊᠊᠊᠊᠊᠊᠊᠊᠊᠊᠊᠊᠊ ᠵᠦᠭᠡᠷ ᠳᠡᠭᠦᠦ ᠮᠢᠨᠢ᠃ ᠴᠢ ᠡᠵᠢ ᠲᠡᠢ ᠪᠡᠨ ᠴᠦ᠍ ᠠᠭᠤᠯᠵᠠᠨ᠎ᠠ᠃
ᠪᠠᠲᠤ ᠨᠢᠳᠦ ᠪᠡᠨ ᠠᠯᠭᠤᠷ ᠡᠷᠭᠦᠵᠦ ᠰᠦᠬᠡᠪᠠᠭᠠᠲᠤᠷ ᠥᠭᠡᠳᠡ ᠬᠠᠷᠠᠬᠤ ᠳ᠋ᠤ᠌ ᠲᠡᠷᠡ ᠳᠣᠲᠣᠭᠠᠳᠤ ᠰᠡᠳᠬᠢᠯ ᠦ᠋ᠨ ᠠᠭᠤᠳᠠᠮ ᠪᠥᠭᠡᠳ ᠢᠲᠡᠭᠡᠯ ᠲᠡᠢ ᠮᠦᠰᠢᠶᠡᠯ ᠪᠡᠯᠡᠭᠯᠡᠪᠡ᠃ ᠰᠦᠬᠡᠪᠠᠭᠠᠲᠤᠷ ᠤ᠋ᠨ ᠪᠦᠯᠢᠶᠡᠨ ᠮᠦᠰᠢᠶᠡᠯ ᠳᠥᠯᠭᠡᠬᠡᠨ ᠬᠠᠷᠠᠴᠠ ᠪᠠᠲᠤ ᠳ᠋ᠤ᠌ ᠪᠠᠶᠠᠷ᠂ ᠤᠴᠠᠷᠠᠯ ᠤ᠋ᠨ ᠲᠤᠶᠠᠭ᠎ᠠ ᠪᠣᠯᠤᠨ ᠳᠡᠮᠵᠢᠵᠦ ᠰᠡᠳᠬᠢᠯ ᠳ᠋ᠦ᠍ᠨᠢ ᠢᠲᠡᠭᠡᠯ ᠨᠠᠢᠳᠠᠪᠤᠷᠢ ᠶ᠋ᠢᠨ ᠭᠡᠷᠡᠯ ᠰᠠᠴᠤᠷᠠᠪᠠ᠃ ᠲᠣᠭᠣᠭᠠᠨ ᠳᠡᠭᠡᠷ᠎ᠡ ᠬᠥᠭᠡᠷᠦᠭᠦᠯᠵᠦ ᠪᠠᠢᠭᠰᠠᠨ ᠰᠦ ᠳᠥᠪᠥᠢᠬᠦ ᠳ᠋ᠦ᠍ ᠠᠪᠠᠭᠠᠢ ᠤᠬᠤᠰᠬᠢᠨ ᠪᠣᠰᠤᠯ᠎ᠠ᠃
᠊᠊᠊᠊᠊᠊᠊᠊᠊᠊᠊᠊᠊᠊᠊᠊᠊᠊᠊᠊᠊᠊ ᠪᠢ ᠭᠠᠷᠭᠠᠵᠤ ᠤᠷᠭᠢᠶ᠎ᠠ ᠭᠡᠳ ᠰᠦᠬᠡᠪᠠᠭᠠᠲᠤᠷ ᠪᠠᠷᠢᠭᠤᠯ ᠠᠪᠴᠤ ᠵᠢᠵᠢᠭᠬᠡᠨ ᠵᠢᠯᠠᠪᠴᠢ ᠲᠠᠢ ᠰᠦ ᠶ᠋ᠢ ᠡᠷᠭᠢᠨᠡᠭ ᠳᠡᠭᠡᠷ᠎ᠡ ᠲᠠᠯᠪᠢᠭᠠᠳ ᠬᠤᠪᠢᠩ ᠲᠠᠢ ᠲᠠᠷᠠᠭ ᠢ᠋ ᠠᠪᠴᠤ ᠬᠣᠢᠮᠣᠷ ᠰᠠᠭᠤᠭᠠᠳ ᠨᠢᠭᠡ ᠠᠶᠠᠭ᠎ᠠ ᠶ᠋ᠢ ᠬᠢᠵᠦ ᠢᠳᠡᠬᠦ ᠵᠠᠭᠤᠷ᠎ᠠ 《ᠵᠠᠯᠠᠭᠤᠴᠤᠳ ᠢᠳᠡᠬᠦ ᠦᠭᠡᠢ ᠤᠤ? ᠫᠤᠤᠳᠠᠬᠤ᠂ ᠴᠠᠪᠴᠢᠬᠤ ᠳ᠋ᠤ᠌ ᠡᠯᠢᠭᠡᠨ ᠲᠠᠷᠠᠭ ᠵᠦᠭᠡᠷ ᠭᠡᠳᠡᠭ》 ᠭᠡᠯᠡ᠃
᠊᠊᠊᠊᠊᠊᠊᠊᠊᠊᠊᠊᠊᠊᠊᠊᠊᠊᠊᠊᠊ ᠪᠢᠳᠡ ᠬᠣᠶᠠᠷ ᠢᠳᠡᠭᠰᠡᠨ ᠭᠡᠵᠦ ᠪᠠᠲᠤ ᠨᠠᠮ ᠳᠠᠭᠤ ᠪᠠᠷ ᠬᠡᠯᠡᠪᠡ᠃
ᠰᠦᠬᠡᠪᠠᠭᠠᠲᠤᠷ ᠲᠠᠷᠠᠭ ᠢ᠋ᠶ᠋ᠠᠨ ᠢᠳᠡᠵᠦ ᠳᠠᠭᠤᠰᠤᠭᠠᠳ ᠪᠣᠰᠴᠤ ᠣᠷᠣᠨ ᠤ᠋ ᠡᠮᠦᠨ᠎ᠡ ᠪᠠᠢᠭᠰᠠᠨ ᠬᠦᠷᠡᠩ ᠲᠣᠷᠭᠠᠨ ᠳᠡᠪᠡᠯ ᠢ᠋ ᠡᠮᠦᠰᠦᠨ ᠥᠷᠭᠡᠨ ᠰᠢᠷ᠎ᠠ ᠪᠦᠰᠡ ᠳᠡᠭᠵᠢᠨ ᠣᠷᠢᠶᠠᠪᠠ᠃
᠊᠊᠊᠊᠊᠊᠊᠊᠊᠊᠊᠊᠊᠊᠊᠊᠊᠊᠊᠊ ᠠᠬ᠎ᠠ ᠪᠢᠳᠡ ᠬᠣᠶᠠᠷ ᠢ᠋ ᠴᠡᠷᠢᠭ ᠲᠡᠭᠡᠨ ᠠᠪᠬᠤ ᠦᠭᠡᠢ ᠤᠤ? ᠭᠡᠵᠦ ᠵᠢᠷᠭᠠᠯ ᠬᠡᠯᠡᠪᠡ᠃
᠊᠊᠊᠊᠊᠊᠊᠊᠊᠊᠊᠊᠊᠊᠊᠊᠊᠊᠊᠊ ᠴᠡᠷᠢᠭ ᠲᠦ᠍ ᠣᠷᠣᠭᠠᠳ ᠴᠠᠪᠴᠢᠵᠤ ᠭᠠᠷᠬᠤ ᠨᠢ ᠤᠤ? ᠭᠡᠳ ᠬᠥᠭᠵᠢᠯ ᠲᠡᠢ ᠢᠨᠢᠶᠡᠭᠰᠡᠨ ᠢ᠋ᠶ᠋ᠡᠨ ᠴᠢᠷᠠᠢ ᠨᠢ ᠭᠡᠨᠡᠳᠲᠡ ᠬᠤᠪᠢᠷᠠᠵᠤ ᠲᠥᠪ ᠪᠣᠯᠤᠭᠠᠳ ᠬᠡᠰᠡᠭ ᠳᠠᠭᠤ ᠦᠭᠡᠢ ᠪᠣᠯᠤᠭᠰᠠᠨ ᠢ᠋ᠶ᠋ᠠᠨ᠄
᠊᠊᠊᠊᠊᠊᠊᠊᠊᠊᠊᠊᠊᠊᠊᠊᠊᠊᠊᠊ ᠳᠡᠭᠦᠦ ᠨᠠᠷ ᠮᠢᠨᠢ ᠣᠳᠣ ᠮᠠᠨ ᠤ᠋ ᠳ᠋ᠤ᠌ ᠴᠠᠪᠴᠢᠬᠤ ᠫᠤᠤᠳᠠᠬᠤ ᠠ᠋ᠴᠠ ᠢᠯᠡᠭᠦᠦ ᠬᠡᠷᠡᠭ ᠲᠡᠢ ᠶᠠᠭᠤᠮ᠎ᠠ ᠪᠠᠢᠨ᠎ᠠ᠃ ᠲᠡᠷᠡ ᠪᠣᠯ ᠡᠷᠳᠡᠮ᠃ ᠲᠠ ᠬᠣᠶᠠᠷ ᠡᠷᠳᠡᠮ ᠲᠡᠢ ᠬᠥᠮᠦᠨ ᠪᠣᠯ᠂ ᠤᠳᠠᠬᠤ ᠦᠭᠡᠢ ᠠᠷᠠᠳ ᠤ᠋ᠨ ᠬᠡᠦᠬᠡᠳ ᠲᠦ᠍ ᠨᠣᠮ ᠡᠷᠳᠡᠮ ᠵᠢᠭᠠᠬᠤ ᠣᠶᠤᠲᠠᠨ ᠪᠠᠭᠰᠢ ᠨᠠᠷ ᠢ᠋ ᠰᠤᠷᠭᠠᠬᠤ ᠲᠠᠩᠬᠢᠮ ᠪᠠᠢᠭᠤᠯᠬᠤ ᠭᠡᠵᠦ ᠪᠠᠢᠭ᠎ᠠ᠃ ᠲᠠ ᠬᠣᠶᠠᠷ ᠲᠡᠨᠳᠡ ᠣᠷᠣᠭᠠᠷᠠᠢ᠃ ᠫᠧᠲ᠋ᠷ ᠺᠣᠮᠢᠰᠰᠠᠷ ᠴᠤ᠌ ᠨᠠᠳᠠ ᠳ᠋ᠤ᠌ ᠶᠠᠷᠢᠭᠰᠠᠨ ᠶᠤᠮ ᠳ᠋ᠠᠭ ᠭᠡᠯᠡ᠃
᠊᠊᠊᠊᠊᠊᠊᠊᠊᠊᠊᠊᠊᠊᠊᠊᠊᠊᠊᠊ ᠬᠦᠦ ᠮᠢᠨᠢ ᠶᠠᠪᠤᠬᠤ ᠨᠢ ᠤᠤ? ᠭᠡᠵᠦ ᠰᠦᠬᠡᠪᠠᠭᠠᠲᠤᠷ ᠲᠤ᠌ ᠬᠠᠨᠳᠤᠵᠤ ᠭᠠᠳᠠᠨ᠎ᠠ ᠠ᠋ᠴᠠ ᠣᠷᠣᠵᠤ ᠢᠷᠡᠭᠰᠡᠨ ᠡᠪᠦᠭᠡᠨ ᠠᠰᠠᠭᠤᠪᠠ᠃
᠊᠊᠊᠊᠊᠊᠊᠊᠊᠊᠊᠊᠊᠊᠊᠊᠊᠊᠊᠊ ᠲᠡᠢᠮᠦ᠃ ᠢᠷᠡᠬᠦ ᠰᠠᠢᠨ ᠡᠳᠦᠷ ᠴᠢᠳᠠᠪᠠᠯ ᠢᠷᠡᠨ᠎ᠡ᠃
ᠬᠣᠶᠠᠷ ᠵᠠᠯᠠᠭᠤ ᠭᠡᠷ ᠡᠴᠡ ᠭᠠᠷᠤᠭᠠᠳ ᠶᠠᠪᠤᠵᠤ ᠪᠠᠢᠬᠤ ᠳ᠋ᠠᠭᠠᠨ 《ᠴᠢ ᠮᠥᠨ ᠰᠦᠨᠡᠰᠦ ᠦᠭᠡᠢ ᠵᠠᠯᠠᠳᠠᠭ ᠡᠷ᠎ᠡ ᠶᠦ᠍ᠮ ᠳᠡ》ᠭᠡᠵᠦ ᠪᠠᠲᠤ ᠵᠢᠷᠭᠠᠯ ᠢ᠋ ᠵᠢᠮᠡᠯᠡᠪᠡ᠃
᠊᠊᠊᠊᠊᠊᠊᠊᠊᠊᠊᠊᠊᠊᠊᠊᠊᠊᠊᠊ ᠰᠦᠬᠡᠪᠠᠭᠠᠲᠤᠷ ᠵᠠᠩᠵᠤᠨ ᠪᠠᠢᠨ᠎ᠠ ᠭᠡᠵᠦ ᠬᠡᠨ ᠪᠣᠳᠣᠬᠤ ᠪᠣᠢ ᠳᠠ᠃ ᠠᠪᠠᠭᠠᠢ ᠶ᠋ᠢ ᠡᠯᠡᠭ ᠪᠠᠷᠢᠭᠠᠳ ᠯᠠ ᠶᠠᠷᠢᠵᠤ ᠣᠷᠬᠢᠭᠰᠠᠨ ᠬᠡᠷᠡᠭ᠃
᠊᠊᠊᠊᠊᠊᠊᠊᠊᠊᠊᠊᠊᠊᠊᠊᠊᠊᠊ ᠭᠤᠷᠪᠠᠨ ᠬᠥᠮᠦᠨ ᠦ᠌ ᠲᠣᠯᠣᠭᠠᠢ ᠰᠢᠦ!ᠠᠮᠠᠨ ᠳ᠋ᠤ᠌ ᠴᠢᠨᠢ ᠶᠠᠭᠠᠬᠢᠵᠤ ᠪᠠᠭᠲᠠᠪᠠ ᠠ᠋᠃
᠊᠊᠊᠊᠊᠊᠊᠊᠊᠊᠊᠊᠊᠊᠊᠊᠊᠊᠊ ᠪᠢ ᠲᠠᠪᠤ ᠭᠡᠬᠦ ᠭᠡᠳ ᠠᠷᠠᠢ ᠬᠡᠲᠦᠷᠡᠴᠢᠬᠡᠬᠦ ᠪᠠᠢᠬ᠎ᠠ ᠭᠡᠵᠦ ᠭᠤᠷᠪᠠ ᠳᠡᠭᠡᠷ᠎ᠡ ᠵᠣᠭᠰᠣᠭᠰᠠᠨ ᠶᠤᠮ ᠰᠢᠦ᠃
᠊᠊᠊᠊᠊᠊᠊᠊᠊᠊᠊᠊᠊᠊᠊᠊᠊᠊᠊ ᠬᠡᠲᠦᠷᠡᠬᠦ ᠴᠣ ᠫᠤᠤᠳᠠᠬᠤ ᠳ᠋ᠤ᠌ ᠯᠠ ᠡᠬᠢᠯᠡᠭᠰᠡᠨ ᠯᠡ ᠳᠡ᠃ ᠶᠠᠭᠤᠨ ᠳ᠋ᠤ᠌ ᠭᠡᠵᠦ ᠢᠩᠭᠢᠵᠦ ᠬᠠᠵᠠᠭᠠᠷ ᠦᠭᠡᠢ ᠶᠤᠮ ᠰᠢᠭ ᠬᠠᠳᠤᠤᠷᠠᠵᠤ ᠪᠠᠢᠳᠠᠭ ᠶᠤᠮ ᠪᠣᠢ?
᠊᠊᠊᠊᠊᠊᠊᠊᠊᠊᠊᠊᠊᠊᠊᠊᠊᠊᠊᠊ ᠭᠣᠶᠣ ᠬᠤᠳᠠᠯ ᠬᠡᠯᠡᠬᠦ ᠪᠣᠯ ᠠᠮᠢᠳᠤᠷᠠᠯ ᠢ᠋ ᠴᠢᠮᠡᠭᠯᠡᠳᠡᠭ ᠶᠤᠮ ᠭᠡᠳ ᠵᠢᠷᠭᠠᠯ ᠴᠠᠢᠯᠭᠠᠨ ᠴᠠᠭᠠᠨ ᠰᠡᠳᠬᠢᠯ ᠢ᠋ᠶ᠋ᠡᠷ ᠬᠥᠭᠵᠢᠯᠲᠡᠢ ᠢᠨᠢᠶᠡᠪᠡ᠃
ᠮᠠᠢᠬᠠᠨ ᠳ᠋ᠠᠭᠠᠨ ᠣᠴᠢᠭᠠᠳ ᠫᠧᠲ᠋ᠷ ᠲᠦ᠍ ᠪᠣᠯᠤᠭᠰᠠᠨ ᠶᠠᠪᠤᠳᠠᠯ ᠢ᠋ᠶ᠋ᠠᠨ ᠶᠠᠷᠢᠭᠰᠠᠨ ᠳ᠋ᠤ᠌ ᠡᠯᠢᠭᠡ ᠪᠡᠨ ᠬᠥᠰᠢᠲᠡᠯ᠎ᠡ ᠢᠨᠢᠶᠡᠵᠦ ᠪᠢᠯᠡ᠃
᠊᠊᠊᠊᠊᠊᠊᠊᠊᠊᠊᠊᠊᠊᠊᠊᠊᠊᠊᠊᠊ ᠪᠢ ᠰᠦᠬᠡᠪᠠᠭᠠᠲᠤᠷ ᠭᠤᠸᠠᠢ ᠳ᠋ᠤ᠌ ᠲᠠ ᠬᠣᠶᠠᠷ ᠤ᠋ᠨ ᠲᠤᠬᠠᠢ ᠶᠠᠷᠢᠭᠰᠠᠨ᠃ ᠲᠠ ᠬᠣᠶᠠᠷ ᠲᠡᠷᠡ ᠰᠤᠷᠭᠠᠭᠤᠯᠢ ᠳ᠋ᠤ᠌ ᠣᠷᠣ᠃ ᠰᠢᠨ᠎ᠡ ᠤᠯᠤᠰ ᠢ᠋ ᠪᠠᠢᠭᠤᠯᠬᠤ ᠳ᠋ᠤ᠌ ᠡᠷᠳᠡᠮ ᠲᠡᠢ ᠬᠥᠮᠦᠨ ᠣᠯᠠᠨ ᠬᠡᠷᠡᠭ ᠲᠡᠢ ᠭᠡᠵᠦ ᠫᠧᠲ᠋ᠷ ᠬᠡᠯᠡᠵᠡᠢ᠃
ᠬᠡᠳᠦ ᠬᠣᠨᠣᠭ ᠤ᠋ᠨ ᠳᠠᠷᠠᠭ᠎ᠠ ᠬᠣᠶᠠᠷ ᠵᠠᠯᠠᠭᠤ ᠰᠤᠷᠭᠠᠭᠤᠯᠢ ᠳ᠋ᠤ᠌ ᠣᠷᠣᠬᠤ ᠪᠣᠯᠵᠤ ᠴᠡᠷᠢᠭ ᠦ᠋ᠳ ᠰᠢᠨ᠎ᠡ ᠰᠢᠨᠧᠯ᠂ ᠥᠮᠥᠳᠥ ᠴᠠᠮᠴᠠ᠂ ᠭᠤᠲᠤᠯ ᠥᠭᠴᠦ ᠬᠤᠪᠴᠠᠰᠤᠯᠠᠪᠠ᠃
《ᠡᠢᠮᠦ ᠳᠣᠬᠢ ᠬᠤᠪᠴᠠᠰᠤ ᠲᠠᠢ ᠬᠥᠮᠦᠨ ᠴᠦ ᠲᠡᠨᠳᠡ ᠪᠠᠢᠬᠤ ᠦᠭᠡᠢ᠂ ᠭᠠᠢᠬᠠᠭᠤᠯᠵᠤ ᠭᠠᠷᠤᠨ᠎ᠠ ᠳᠠ》 ᠭᠡᠵᠦ ᠵᠢᠷᠭᠠᠯ ᠬᠤᠪᠴᠠᠰᠤ ᠡᠮᠦᠰᠴᠦ ᠪᠠᠢᠬᠤ ᠳ᠋ᠠᠭᠠᠨ ᠪᠣᠳᠣᠨ ᠬᠥᠬᠡ ᠢᠨᠢᠶᠡᠳᠦ ᠨᠢ ᠬᠦᠷᠴᠦ ᠪᠠᠢᠯ᠎ᠠ᠃
ᠴᠡᠷᠢᠭ ᠦ᠋ᠨ ᠬᠦᠨᠡᠰᠦ ᠠᠪᠬᠤ ᠮᠣᠷᠢᠨ ᠲᠡᠷᠭᠡᠨ ᠳᠡᠭᠡᠷ᠎ᠡ ᠰᠠᠭᠤᠵᠤ ᠮᠣᠷᠢᠲᠠᠢ ᠫᠧᠲ᠋ᠷ ᠢ᠋ ᠳᠠᠭᠠᠭᠤᠯᠤᠨ ᠶᠠᠪᠤᠬᠤ ᠦᠶ᠎ᠡ ᠳ᠋ᠦ᠍ ᠢᠵᠢᠯᠢ ᠳᠠᠰᠤᠯ ᠪᠣᠯᠤᠭᠰᠠᠨ ᠴᠡᠷᠢᠭ ᠦ᠋ᠳ ᠭᠠᠷᠭᠠᠵᠤ ᠥᠭᠬᠦ ᠳ᠋ᠦ᠍ ᠪᠠᠲᠤ ᠶ᠋ᠢᠨ ᠰᠡᠳᠬᠢᠯ ᠬᠠᠭᠠᠴᠠᠯ ᠤ᠋ᠨ ᠭᠤᠨᠢᠭ ᠲᠤ᠌ ᠳᠠᠷᠤᠭᠳᠠᠨ ᠨᠢᠭᠡ ᠯᠡ ᠡᠪ ᠦᠭᠡᠢ ᠪᠠᠢᠯ᠎ᠠ᠃
ᠬᠠᠯᠠᠭᠤᠨ ᠨᠠᠷᠠ ᠳᠡᠭᠡᠷ᠎ᠡ ᠡᠴᠡ ᠲᠥᠭᠡᠨᠡᠵᠦ᠂ ᠪᠡᠶ᠎ᠡ ᠨᠢ ᠨᠣᠵᠣᠭᠣᠷᠠᠨ ᠳᠤᠭᠤᠢ ᠪᠠᠷ ᠪᠣᠰᠤᠭᠰᠠᠨ ᠨᠠᠷᠢᠨ ᠲᠣᠭᠣᠰᠣ ᠬᠠᠮᠠᠷ ᠬᠣᠷᠣᠰᠬᠠᠨ᠎ᠠ᠃
ᠲᠠᠢᠯᠪᠤᠷᠢ
① ᠡᠬᠡ ᠣᠷᠣᠨ ᠡᠷᠬᠡ ᠴᠢᠯᠥᠭᠡ ᠶ᠋ᠢᠨ ᠲᠥᠯᠥᠭᠡ ᠲᠡᠮᠡᠴᠡᠭᠰᠡᠨ ᠮᠣᠩᠭᠣᠯ ᠤ᠋ᠨ ᠠᠷᠠᠳ ᠲᠦᠮᠡᠨ ᠦ᠌ ᠰᠢᠷᠦᠭᠦᠨ ᠲᠡᠮᠡᠴᠡᠯ ᠳ᠋ᠦ᠍ ᠠᠬ᠎ᠠ ᠳᠡᠭᠦᠦ ᠶ᠋ᠢᠨ ᠲᠤᠰᠠᠯᠠᠮᠵᠢ ᠦᠵᠡᠭᠦᠯᠦᠭᠰᠡᠨ ᠵᠥᠪᠯᠡᠯᠲᠦ ᠶ᠋ᠢᠨ ᠤᠯᠠᠭᠠᠨ ᠴᠡᠷᠢᠭ ᠢ᠋ ᠮᠣᠩᠭᠣᠯᠴᠤᠳ ᠨᠣᠮᠣᠬᠠᠨ ᠪᠣᠷᠣ ᠭᠡᠵᠦ ᠥᠬᠥᠭᠡᠷᠳᠡᠨ ᠨᠡᠷᠡᠯᠡᠵᠡᠢ᠃
