ᠲᠤᠩᠭᠠᠯᠠᠭ ᠲᠠᠮᠢᠷ2-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-29

1316

《ᠡᠪᠲᠦ ᠱᠠᠭᠠᠵᠠᠭᠠᠢ ᠪᠤᠭᠤ ᠪᠠᠷᠢᠨ᠎ᠠ》 - ᠬᠣᠶᠠᠳᠤᠭᠠᠷ ᠪᠦᠯᠦᠭ ᠵᠢᠷᠭᠤᠭ᠎ᠠ


  ᠨᠠᠮᠤᠷ ᠤ᠋ᠨ ᠪᠦᠭᠴᠢᠮ ᠡᠳᠦᠷ ᠪᠣᠭᠳᠠ ᠶ᠋ᠢᠨ ᠬᠦᠷᠢᠶ᠎ᠡ ᠬᠠᠯᠠᠭᠤᠨ ᠲᠠᠮᠤ ᠬᠣᠶᠠᠷ ᠠᠳᠠᠯᠢ ᠭᠡᠳᠡᠭ ᠦᠨᠡᠨ ᠠᠵᠢ᠃ ᠢᠰᠦᠭᠰᠡᠨ ᠪᠣᠬᠢᠷ ᠰᠢᠪᠠᠷ ᠤ᠋ᠨ ᠬᠤᠷᠴᠠ ᠦᠨᠦᠷ ᠬᠠᠮᠠᠷ ᠬᠣᠷᠣᠰᠬᠠᠨ ᠬᠠᠯᠠᠭᠤᠨ ᠠᠭᠠᠷ ᠨᠠᠷᠠ ᠬᠣᠶᠠᠷ ᠬᠡᠯᠡᠯᠴᠡᠵᠦ ᠲᠣᠬᠢᠷᠠᠭᠰᠠᠨ ᠶᠤᠮ ᠰᠢᠭ᠋ ᠵᠢᠩᠨᠡᠵᠦ᠂ ᠬᠤᠪᠴᠠᠰᠤ ᠪᠠᠶᠠᠨ ᠳ᠋ᠤ᠌ ᠨᠠᠭᠠᠯᠳᠤᠨ ᠬᠠᠷ᠎ᠠ ᠢᠯᠠᠭ᠎ᠠ ᠵᠠᠢ ᠵᠠᠪᠰᠠᠷ ᠦᠭᠡᠢ ᠰᠢᠪᠠᠬᠤ ᠨᠢ ᠲᠡᠰᠪᠦᠷᠢᠯᠡᠬᠦ ᠳ᠋ᠦ᠍ ᠪᠡᠷᠬᠡ᠃ ᠬᠠᠶᠠ ᠬᠤᠢ ᠪᠣᠰᠴᠤ ᠬᠥᠯᠥᠷᠡᠭᠰᠡᠨ ᠪᠡᠶ᠎ᠡ ᠳ᠋ᠦ᠍ ᠰᠢᠷᠣᠢ ᠨᠠᠭᠠᠯᠳᠤᠭᠤᠯᠤᠨ᠎ᠠ᠃
  ᠡᠢᠮᠦ ᠨᠢᠭᠡᠨ ᠡᠳᠦᠷ ᠡᠷᠳᠡᠨᠢ᠂ ᠲᠣᠪᠴᠢᠨ ᠤ᠋ ᠬᠠᠰᠢᠶᠠᠨ ᠳ᠋ᠤ᠌ ᠪᠠᠢᠰᠢᠩ ᠤ᠋ᠨ ᠰᠠᠷᠠᠪᠴᠢᠨ ᠳ᠋ᠤ᠌ ᠬᠢᠬᠦ ᠶᠠᠭᠤᠮ᠎ᠠ ᠦᠭᠡᠢ ᠰᠠᠭᠤᠵᠤ ᠪᠠᠢᠯ᠎ᠠ᠃ ᠪᠣᠳᠣᠯ ᠳ᠋ᠤᠨᠢ ᠲᠥᠷᠥᠭᠰᠡᠨ ᠨᠤᠲᠤᠭ ᠰᠦᠬᠡ ᠶ᠋ᠢᠨ ᠭᠣᠣᠯ ᠲᠡᠭᠦᠨ ᠦ᠌ ᠠᠯᠲᠠᠨ ᠰᠢᠷ᠎ᠠ ᠨᠠᠮᠤᠷ ᠡᠷᠭᠢᠯᠳᠦᠵᠦ᠂ ᠰᠡᠳᠬᠢᠯ ᠨᠢ ᠤᠢᠳᠬᠠᠷ ᠢ᠋ᠶ᠋ᠠᠷ ᠳᠦᠭᠦᠷᠦᠨ᠎ᠡ᠃
  ᠪᠠᠢᠰᠢᠩ ᠤ᠋ᠨ ᠳᠣᠪᠵᠢᠶ᠎ᠠ ᠶ᠋ᠢᠨ ᠬᠠᠵᠠᠭᠤ ᠪᠠᠷ ᠤᠷᠭᠤᠭᠰᠠᠨ ᠪᠤᠲᠠ ᠨᠣᠭᠣᠭ᠎ᠠ ᠦᠵᠦᠭᠦᠷ ᠡᠴᠡ ᠪᠡᠨ ᠰᠢᠷᠠᠯᠠᠭᠠᠳ ᠠᠮᠢ ᠲᠡᠮᠡᠴᠡᠨ᠂ ᠠᠮᠢᠰᠬᠤᠭ᠎ᠠ ᠨᠢ ᠳᠠᠪᠬᠤᠴᠠᠵᠤ ᠪᠠᠢᠭ᠎ᠠ ᠮᠡᠲᠦ ᠬᠠᠷᠠᠭᠳᠠᠨ᠎ᠠ᠃ ᠭᠠᠭᠴᠠ ᠬᠥᠮᠦᠨ ᠮᠣᠳᠣ ᠬᠢᠷᠥᠭᠡᠳᠡᠵᠦ ᠪᠠᠢᠭ᠎ᠠ ᠬᠣᠶᠠᠷ ᠠᠶᠠᠯᠭᠤᠲᠤ ᠴᠢᠮᠡᠭᠡ ᠭᠣᠣᠯ ᠲᠠᠰᠤᠷᠠᠬᠤ ᠶ᠋ᠢᠨ ᠢ᠋ᠶ᠋ᠡᠨ ᠡᠮᠦᠨ᠎ᠡ ᠭᠡᠷᠢᠶᠡᠰ ᠢ᠋ᠶ᠋ᠡᠨ ᠥᠭᠴᠦ ᠪᠠᠢᠭ᠎ᠠ ᠬᠥᠮᠦᠨ ᠦ᠌ ᠠᠮᠢᠰᠬᠤᠭ᠎ᠠ ᠰᠢᠭ᠋ ᠰᠣᠨᠣᠰᠤᠭᠳᠠᠨ᠎ᠠ᠃
  ᠠᠷᠭ᠎ᠠ ᠪᠠᠷᠠᠭᠳᠠᠬᠤ ᠳ᠋ᠠᠭᠠᠨ ᠭᠡᠷᠡᠯ ᠦ᠋ᠨ ᠥᠭᠭᠦᠭᠰᠡᠨ ᠰᠠᠮᠪᠣᠤᠳᠠᠢ ᠶᠠᠩᠵᠤᠤᠷ ᠢ᠋ ᠪᠠᠢᠨ ᠪᠠᠢᠨ ᠲᠠᠲᠠᠪᠠᠴᠤ ᠣᠭᠲᠣᠬᠠᠨ ᠴᠤ᠌ ᠲᠤᠰᠠ ᠪᠣᠯᠬᠤ ᠦᠭᠡᠢ ᠠᠵᠢ᠃
  ᠊᠊᠊᠊᠊᠊᠊᠊᠊᠊᠊᠊᠊᠊᠊ ᠲᠠ ᠭᠠᠯ ᠢ᠋ᠶ᠋ᠠᠨ ᠥᠭᠭᠦᠭᠡᠴᠢ ᠭᠡᠵᠦ ᠬᠠᠵᠠᠭᠤ ᠳ᠋ᠤᠨᠢ ᠬᠥᠮᠦᠨ ᠳᠤᠤᠭᠠᠷᠬᠤ ᠳ᠋ᠤ᠌ ᠬᠠᠷᠠᠪᠠᠯ ᠨᠠᠮ ᠵᠤᠵᠠᠭᠠᠨ ᠪᠡᠶ᠎ᠡ ᠲᠡᠢ ᠪᠣᠷᠣ ᠡᠷ᠎ᠡ᠂ ᠤᠤᠯ ᠨᠢ ᠴᠠᠭᠠᠨ ᠪᠠᠢᠭᠰᠠᠨ ᠪᠣᠯᠪᠠ ᠤᠤ ᠭᠡᠮᠡᠷ ᠠᠯᠴᠢᠭᠤᠷ ᠢ᠋ᠶ᠋ᠠᠷ ᠤᠷᠤᠰᠤᠨ ᠭᠠᠷᠴᠤ ᠪᠠᠢᠭ᠎ᠠ ᠬᠥᠯᠥᠰᠥ ᠪᠡᠨ ᠠᠷᠴᠢᠵᠤ ᠪᠠᠢᠯ᠎ᠠ᠃ ᠡᠨᠡ ᠪᠣᠯ ᠨᠥᠭᠦᠭᠡ ᠪᠢᠳᠡᠨ ᠦ᠌ ᠲᠠᠨᠢᠯ ᠳᠣᠷᠵᠢ ᠶᠤᠮ᠃
  ᠳᠣᠷᠵᠢ ᠣᠳᠣ ᠬᠤᠵᠢᠷᠪᠤᠯᠤᠩ ᠤ᠋ᠨ ᠴᠡᠷᠢᠭ ᠲᠦ᠍ ᠪᠠᠢᠭ᠎ᠠ ᠪᠥᠭᠡᠳ ᠥᠨᠥ ᠥᠷᠯᠥᠭᠡ ᠴᠢᠯᠥᠭᠡ ᠠᠪᠴᠤ ᠬᠦᠷᠢᠶᠡᠨ ᠳ᠋ᠦ᠍ ᠣᠷᠣᠵᠤ ᠢᠷᠡᠭᠡᠳ ᠬᠡᠳᠦᠨ ᠮᠥᠩᠭᠥ ᠣᠯᠬᠤ ᠭᠡᠵᠦ ᠲᠦᠯᠡᠭᠡ ᠬᠢᠷᠥᠭᠡᠳᠡᠵᠦ ᠪᠠᠢᠭ᠎ᠠ ᠠᠵᠢ᠃
  ᠴᠦᠳᠠᠠᠵᠠ ᠠᠪᠴᠤ ᠪᠠᠢᠰᠢᠩ ᠤ᠋ᠨ ᠳᠣᠪᠵᠢᠶ᠎ᠠ ᠶ᠋ᠢᠨ ᠳᠡᠭᠡᠷ᠎ᠡ ᠰᠠᠭᠤᠵᠤ ᠲᠠᠮᠠᠬᠢ ᠲᠠᠲᠠᠬᠤ ᠵᠠᠭᠤᠷ᠎ᠠ᠄
  ᠊᠊᠊᠊᠊᠊᠊᠊᠊᠊᠊᠊᠊᠊᠊ ᠮᠥᠨ ᠪᠦᠭᠴᠢᠮ ᠪᠠᠢᠨ᠎ᠠ᠃ ᠮᠠᠷᠭᠠᠰᠢ ᠡᠴᠡ ᠣᠷᠣᠬᠤ ᠯᠠ ᠪᠠᠢᠬ᠎ᠠ ᠳᠠ ᠭᠡᠯ᠎ᠡ᠃
  ᠊᠊᠊᠊᠊᠊᠊᠊᠊᠊᠊᠊᠊᠊᠊ ᠣᠷᠣᠬᠤ ᠭᠡᠳ ᠯᠡ ᠪᠠᠢᠬᠤ ᠰᠢᠭ᠋ ᠭᠡᠵᠦ ᠡᠷᠳᠡᠨᠢ ᠪᠥᠷᠲᠥᠢᠬᠦ ᠴᠦ᠍ ᠡᠭᠦᠯᠡ ᠦᠭᠡᠢ ᠲᠩᠷᠢ ᠤᠷᠤᠭᠤ ᠰᠢᠷᠲᠡᠨ ᠪᠠᠢᠵᠤ ᠬᠡᠯᠡᠪᠡ᠃
  ᠊᠊᠊᠊᠊᠊᠊᠊᠊᠊᠊᠊᠊᠊᠊ ᠤᠤᠯ ᠨᠢ ᠲᠠᠨ ᠤ᠋ ᠬᠠᠰᠢᠶ᠎ᠠ ᠴᠤ᠌ ᠴᠡᠯᠡᠭᠡᠷ ᠵᠠᠢᠲᠠᠢ ᠶᠤᠮ ᠪᠠᠢᠨ᠎ᠠ ᠭᠡᠵᠦ ᠰᠢᠨᠡᠬᠡᠨ ᠴᠢᠰᠴᠡᠦ ᠳᠡᠪᠡᠯ ᠰᠤᠭᠤᠯᠳᠤᠷᠭᠠᠯᠠᠨ ᠡᠮᠦᠰᠦᠭᠰᠡᠨ ᠡᠷᠳᠡᠨᠢ ᠶ᠋ᠢ ᠡᠨᠡ ᠬᠠᠰᠢᠶᠠᠨ ᠤ᠋ ᠡᠵᠡᠨ ᠭᠡᠵᠦ ᠪᠣᠳᠣᠭᠰᠠᠨ ᠳᠣᠷᠵᠢ ᠡᠷᠭᠢᠨ ᠲᠣᠭᠣᠷᠢᠨ ᠢ᠋ ᠬᠠᠷᠠᠬᠤ ᠵᠠᠭᠤᠷ᠎ᠠ ᠬᠡᠯᠡᠪᠡ᠃
  ᠊᠊᠊᠊᠊᠊᠊᠊᠊᠊᠊᠊᠊᠊᠊ ᠲᠣᠮᠣ ᠬᠠᠰᠢᠶ᠎ᠠ ᠭᠡᠵᠦ ᠡᠷᠳᠡᠨᠢ ᠬᠠᠷᠢᠭᠤᠯᠬᠤ ᠵᠠᠭᠤᠷ᠎ᠠ ᠶᠠᠩᠵᠤᠤᠷ ᠡᠴᠡ ᠪᠡᠨ ᠨᠢᠭᠡ ᠶ᠋ᠢ ᠠᠪᠴᠤ ᠳᠣᠷᠵᠢ ᠳ᠋ᠤ᠌ ᠥᠭᠪᠡ᠃
  ᠳᠣᠷᠵᠢ ᠶᠠᠩᠵᠤᠤᠷ ᠢ᠋ ᠠᠰᠠᠭᠠᠵᠤ ᠵᠠᠭᠤᠬᠤ ᠵᠠᠭᠤᠷ᠎ᠠ᠄ 《ᠳᠡᠩᠳᠡᠭᠦᠦ ᠨᠢᠯᠤᠭᠤᠨ ᠦᠨᠦᠷᠲᠡᠢ ᠰᠡᠷᠢᠭᠦᠦ ᠲᠠᠲᠠᠭᠰᠠᠨ ᠡᠳ᠋ ᠪᠠᠢᠨ᠎ᠠ᠃ ᠪᠣᠳᠣᠪᠠᠯ ᠦᠨ᠎ᠡ ᠲᠡᠢ ᠲᠠᠮᠠᠬᠢ ᠪᠠᠢᠬ᠎ᠠ ᠳᠠ》 ᠭᠡᠵᠦ ᠶᠠᠷᠢᠯ᠎ᠠ᠃
  ᠊᠊᠊᠊᠊᠊᠊᠊᠊᠊᠊᠊᠊᠊᠊ ᠲᠠ ᠲᠦᠯᠡᠭᠡ ᠬᠢᠷᠥᠭᠡᠳᠡᠵᠦ ᠠᠮᠢᠳᠤᠷᠠᠳᠠᠭ ᠬᠥᠮᠦᠨ ᠤᠤ? ᠭᠡᠵᠦ ᠡᠷᠳᠡᠨᠢ ᠠᠰᠠᠭᠤᠪᠠ᠃
  ᠊᠊᠊᠊᠊᠊᠊᠊᠊᠊᠊᠊᠊᠊᠊ ᠦᠭᠡᠢ᠂ ᠪᠢ ᠴᠡᠷᠢᠭ ᠦ᠋ᠨ ᠬᠥᠮᠦᠨ᠃ ᠬᠡᠳᠦᠨ ᠮᠥᠩᠭᠥ ᠣᠯᠬᠤ ᠯᠠ ᠭᠡᠵᠦ ᠲᠦᠯᠡᠭᠡ ᠬᠢᠷᠥᠭᠡᠳᠡᠵᠦ ᠶᠠᠪᠤᠨ᠎ᠠ ᠭᠡᠵᠦ ᠳᠣᠷᠵᠢ ᠬᠠᠷᠢᠭᠤᠯᠤᠭᠠᠳ ᠶᠠᠩᠵᠤᠤᠷ ᠢ᠋ᠶ᠋ᠠᠨ ᠰᠣᠷᠣᠵᠤ ᠤᠲᠤᠭ᠎ᠠ ᠶ᠋ᠢ ᠨᠢ ᠠᠯᠭᠤᠷ ᠦᠯᠢᠶᠡᠭᠰᠡᠨ ᠢ᠋ᠶ᠋ᠡᠨ᠂ 《ᠤᠤᠯ ᠨᠢ ᠪᠢ ᠯᠤᠤ ᠬᠦᠩ ᠦ᠋ᠨ ᠬᠥᠮᠦᠨ᠃ ᠲᠠ ᠮᠠᠨ ᠤ᠋ ᠨᠤᠲᠤᠭ ᠢ᠋ᠶ᠋ᠠᠷ ᠶᠠᠪᠤᠵᠤ ᠪᠠᠢᠭᠰᠠᠨ ᠤᠤ?》 ᠭᠡᠪᠡ᠃
  ᠊᠊᠊᠊᠊᠊᠊᠊᠊᠊᠊᠊᠊᠊᠊ ᠡᠷᠳᠡᠨᠢ᠂ ᠳᠣᠷᠵᠢ ᠶ᠋ᠢ ᠠᠵᠢᠭᠯᠠᠨ ᠬᠠᠷᠠᠭᠰᠠᠨ ᠢ᠋ᠶ᠋ᠠᠨ᠂
  ᠊᠊᠊᠊᠊᠊᠊᠊᠊᠊᠊᠊᠊᠊᠊ ᠶᠠᠪᠤᠵᠤ ᠪᠠᠢᠭᠰᠠᠨ᠃ ᠲᠠᠨ ᠤ᠋ ᠠᠯᠳᠠᠷ ᠬᠡᠨ ᠭᠡᠳᠡᠭ ᠪᠣᠯ? ᠭᠡᠵᠦ ᠠᠰᠠᠭᠤᠪᠠ᠃
  ᠊᠊᠊᠊᠊᠊᠊᠊᠊᠊᠊᠊᠊᠊᠊ ᠳᠣᠷᠵᠢ ᠭᠡᠳᠡᠭ᠃ ᠰᠣᠯᠣᠭᠠᠢ ᠳᠣᠷᠵᠢ ᠴᠤ᠌ ᠭᠡᠳᠡᠭ᠃ ᠤᠷᠢᠳᠤ ᠪᠠᠷᠢᠯᠳᠤᠬᠤ ᠳ᠋ᠠᠭᠠᠨ ᠰᠣᠯᠣᠭᠠᠢ ᠲᠣᠩᠭᠣᠷᠳᠠᠭ ᠪᠠᠢᠭᠰᠠᠨ᠃ ᠲᠡᠭᠡᠭᠡᠳ ᠯᠡ ᠰᠣᠯᠣᠭᠠᠢ ᠨᠡᠷ᠎ᠡ ᠲᠡᠢ ᠪᠣᠯᠴᠢᠬᠠᠭᠰᠠᠨ ᠭᠡᠳ ᠨᠢᠳᠦᠨ ᠳ᠋ᠦ᠍ᠨᠢ ᠭᠠᠰᠢᠭᠤᠳᠠᠯ ᠭᠡᠷᠡᠯᠲᠦᠨ᠂ ᠮᠠᠩᠨᠠᠢ ᠶ᠋ᠢᠨ ᠠᠷᠠᠰᠤ ᠨᠢ ᠦᠷᠴᠢᠯᠠᠨ ᠵᠠᠩᠭᠢᠷᠠᠭᠰᠠᠨ ᠢ᠋ᠶ᠋ᠠᠨ᠂ ᠨᠤᠲᠤᠭ ᠲᠤ᠌ ᠬᠥᠭᠰᠢᠨ ᠡᠬᠡ ᠮᠢᠨᠢ ᠦᠯᠡᠳᠡᠭᠰᠡᠨ ᠶᠤᠮᠰᠠᠨ᠃ ᠰᠡᠭᠦᠯ ᠦ᠋ᠨ ᠭᠤᠷᠪᠠᠨ ᠵᠢᠯ ᠣᠭᠲᠣ ᠰᠤᠷᠠᠭ ᠭᠠᠷᠤᠭᠰᠠᠨ ᠦᠭᠡᠢ ᠭᠡᠯ᠎ᠡ᠃
  ᠊᠊᠊᠊᠊᠊᠊᠊᠊᠊᠊᠊᠊᠊᠊ ᠡᠬᠡ ᠶ᠋ᠢᠨ ᠴᠢᠨᠢ ᠨᠡᠷ᠎ᠡ ᠬᠡᠨ ᠭᠡᠳᠡᠭ ᠶᠤᠮ ᠪᠣᠯ ᠭᠡᠵᠦ ᠡᠷᠳᠡᠨᠢ ᠶ᠋ᠢᠨ ᠠᠰᠠᠭᠤᠬᠤ ᠳ᠋ᠤ᠌ ᠳᠣᠷᠵᠢ ᠶ᠋ᠢᠨ ᠨᠢᠳᠦ ᠰᠡᠷᠭᠦᠵᠦ᠄
  ᠊᠊᠊᠊᠊᠊᠊᠊᠊᠊᠊᠊᠊᠊᠊ ᠲᠠ ᠮᠠᠨ ᠤ᠋ ᠨᠤᠲᠤᠭ ᠢ᠋ᠶ᠋ᠠᠷ ᠰᠠᠶᠢ ᠳ᠋ᠠᠭᠠᠨ ᠶᠠᠪᠤᠭᠰᠠᠨ ᠤᠤ? ᠭᠡᠵᠦ ᠠᠰᠠᠭᠤᠪᠠ᠃
  ᠊᠊᠊᠊᠊᠊᠊᠊᠊᠊᠊᠊᠊᠊᠊ ᠥᠩᠭᠡᠷᠡᠭᠰᠡᠨ ᠵᠢᠯ ᠶᠠᠪᠤᠵᠤ ᠪᠠᠢᠭᠰᠠᠨ ᠭᠡᠵᠦ ᠡᠷᠳᠡᠨᠢ ᠬᠠᠷᠢᠭᠤᠯᠤᠭᠠᠳ ᠬᠡᠷᠡᠭ ᠦᠭᠡᠢ ᠬᠡᠯᠡᠪᠡ ᠤᠤ ᠳᠠ ᠭᠡᠵᠦ ᠪᠣᠳᠣᠯ᠎ᠠ᠃ ᠳᠣᠷᠵᠢ ᠪᠠᠶᠠᠷᠯᠠᠨ᠂ ᠣᠢᠷᠠᠲᠤᠵᠤ ᠰᠠᠭᠤᠭᠠᠳ᠄
  ᠊᠊᠊᠊᠊᠊᠊᠊᠊᠊᠊᠊᠊᠊᠊ ᠪᠤᠶᠠᠨ ᠭᠡᠳᠡᠭ᠂ ᠬᠣᠶᠠᠷ ᠲᠠᠮᠢᠷ ᠤ᠋ᠨ ᠪᠡᠯᠴᠢᠭᠡᠷ ᠢ᠋ᠶ᠋ᠡᠷ ᠨᠤᠲᠤᠭᠯᠠᠳᠠᠭ᠃ ᠪᠠᠶᠠᠨ ᠢᠲᠡᠭᠡᠯᠲᠦ ᠶ᠋ᠢᠨ ᠬᠣᠨᠢ ᠶ᠋ᠢ ᠬᠠᠷᠢᠭᠤᠯᠳᠠᠭ ᠴᠢᠪᠠᠭᠠᠨᠴᠠ ᠰᠢᠦ ᠳᠡ ᠭᠡᠳ ᠡᠷᠳᠡᠨᠢ ᠥᠭᠡᠳᠡ ᠰᠢᠷᠳᠡᠬᠦ ᠳ᠋ᠦ᠍ ᠨᠢᠳᠦᠨ ᠳ᠋ᠦ᠍ᠨᠢ ᠰᠠᠢᠬᠠᠨ ᠰᠤᠷᠠᠭ ᠰᠣᠨᠣᠰᠬᠠᠬᠤ ᠶ᠋ᠢ ᠬᠦᠰᠡᠭᠰᠡᠨ ᠪᠠᠶᠠᠷ ᠤ᠋ᠨ ᠭᠣᠷᠢᠳᠠᠯ᠂ ᠣᠯᠢᠭ ᠦᠭᠡᠢ ᠬᠡᠯᠡ ᠰᠣᠨᠣᠰᠬᠤ ᠡᠴᠡ ᠠᠶᠤᠭᠰᠠᠨ ᠪᠣᠯᠭᠣᠮᠵᠢᠯᠠᠯ ᠵᠡᠷᠭᠡᠴᠡᠨ ᠡᠨᠡ ᠬᠥᠮᠦᠨ ᠶᠠᠮᠠᠷ ᠶᠠᠭᠤᠮ᠎ᠠ ᠬᠡᠯᠡᠬᠦ ᠪᠣᠯ᠂ ᠮᠠᠭᠤ ᠡᠵᠢ ᠰᠠᠢᠨ ᠪᠠᠢᠭ᠎ᠠ ᠪᠣᠯᠪᠠ ᠤᠤ ᠭᠡᠰᠡᠨ ᠠᠰᠠᠭᠤᠳᠠᠯ ᠰᠡᠳᠬᠢᠯ ᠳ᠋ᠦ᠍ᠨᠢ ᠣᠷᠣᠵᠤ ᠭᠠᠷᠴᠤ ᠪᠠᠢᠯ᠎ᠠ᠃
  ᠡᠷᠳᠡᠨᠢ ᠶ᠋ᠢᠨ ᠨᠢᠳᠦᠨ ᠳ᠋ᠦ᠍ ᠬᠦᠷᠳᠦ ᠶ᠋ᠢᠨ ᠳᠡᠷᠭᠡᠳᠡ ᠬᠡᠪᠲᠡᠵᠦ ᠪᠠᠢᠭᠰᠠᠨ ᠴᠢᠪᠠᠭᠠᠨᠴᠠ ᠶ᠋ᠢᠨ ᠬᠠᠷᠠᠴᠠ ᠬᠠᠷᠠᠭᠳᠠᠬᠤ ᠰᠢᠭ᠋᠂ ᠬᠠᠷᠢᠶᠠᠯ ᠵᠦᠬᠡᠯ ᠨᠢ ᠰᠣᠨᠣᠰᠤᠭᠳᠠᠬᠤ ᠮᠡᠲᠦ ᠪᠣᠯᠬᠤ ᠳ᠋ᠤ᠌ ᠥᠪᠡᠷ ᠦ᠋ᠨ ᠡᠷᠬᠡ ᠦᠭᠡᠢ ᠠᠨᠢᠪᠴᠢᠪᠠ᠃ ᠪᠠᠰᠠ ᠲᠡᠷᠡ ᠶᠠᠳᠠᠷᠠᠭᠰᠠᠨ ᠴᠢᠪᠠᠭᠠᠨᠴᠠ ᠶ᠋ᠢᠨ ᠦᠬᠦᠬᠦ ᠳ᠋ᠦ᠍ ᠭᠣᠣᠯ ᠭᠡᠮᠲᠡᠨ ᠨᠢ ᠪᠢ ᠰᠢᠦ ᠳᠡ ᠭᠡᠵᠦ ᠪᠣᠳᠣᠭᠳᠠᠭᠠᠳ ᠡᠨᠡ ᠬᠥᠮᠦᠨ ᠡᠴᠡ ᠪᠤᠰᠢᠭᠤᠬᠠᠨ ᠵᠢᠭᠤᠲᠠᠮᠠᠷ ᠰᠠᠨᠠᠭᠳᠠᠪᠠ᠃
  ᠊᠊᠊᠊᠊᠊᠊᠊᠊᠊᠊᠊᠊᠊᠊ ᠲᠠᠨᠢᠬᠤ ᠪᠠᠢᠬ᠎ᠠ ᠠ᠋ ᠭᠡᠳ ᠡᠷᠳᠡᠨᠢ ᠳᠠᠭᠤ ᠦᠭᠡᠢ ᠪᠣᠯᠬᠤ ᠳ᠋ᠤ᠌ ᠳᠣᠷᠵᠢ ᠭᠠᠢᠬᠠᠨ ᠬᠠᠷᠠᠭᠰᠠᠨ ᠢ᠋ᠶ᠋ᠠᠨ ᠭᠡᠳᠡᠷᠭᠦ ᠪᠡᠨ ᠪᠣᠯᠪᠠ᠃
  ᠊᠊᠊᠊᠊᠊᠊᠊᠊᠊᠊᠊᠊᠊᠊ ᠡᠵᠢ ᠮᠢᠨᠢ ᠰᠠᠢᠨ ᠤᠤ? ᠭᠡᠵᠦ ᠳᠣᠷᠵᠢ ᠨᠠᠮ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠪᠢᠳᠡ ᠬᠣᠶᠠᠷ ᠡᠷ᠎ᠡ ᠬᠥᠮᠦᠨ᠃ ᠪᠡᠶ᠎ᠡ ᠪᠡᠶ᠎ᠡ ᠡᠴᠡ ᠨᠢᠭᠤᠭᠠᠳ ᠶᠠᠭᠠᠬᠢᠬᠤᠪ ᠳᠠ᠃ ᠡᠬᠡ ᠴᠢᠨᠢ ᠁ ᠭᠡᠳ ᠡᠷᠳᠡᠨᠢ ᠦᠭᠡ ᠪᠡᠨ ᠲᠠᠰᠤᠯᠵᠤ ᠳᠣᠭᠣᠭᠰᠢ ᠬᠠᠷᠠᠯ᠎ᠠ᠃
  ᠳᠣᠷᠵᠢ ᠶ᠋ᠢᠨ ᠨᠢᠳᠦ ᠨᠢ ᠬᠦᠯᠢᠵᠦ᠂ ᠬᠦᠷᠡᠩ ᠪᠣᠷᠣ ᠬᠠᠴᠠᠷ ᠳᠡᠭᠡᠭᠦᠷ ᠨᠢ ᠨᠢᠯᠪᠤᠰᠤ ᠤᠷᠤᠰᠴᠤ ᠪᠠᠢᠭᠰᠠᠨ ᠢ᠋ᠶ᠋ᠠᠨ᠄ 《ᠬᠡᠵᠢᠶ᠎ᠡ ᠪᠣᠯ?》 ᠭᠡᠵᠦ ᠠᠰᠠᠭᠤᠭᠠᠳ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠴᠢᠨᠠᠳᠤ ᠵᠢᠯ ᠪᠤᠷᠬᠠᠨ ᠪᠣᠯᠤᠭᠰᠠᠨ᠃
  ᠊᠊᠊᠊᠊᠊᠊᠊᠊᠊᠊᠊᠊᠊᠊ ᠬᠣᠶᠠᠷ ᠲᠠᠮᠢᠷ ᠤ᠋ᠨ ᠪᠡᠯᠴᠢᠭᠡᠷ ᠢ᠋ᠶ᠋ᠡᠷ ᠨᠤᠲᠤᠭ ᠲᠠᠢ᠂ ᠪᠤᠶᠠᠨ ᠴᠢᠪᠠᠭᠠᠨᠴᠠ ᠮᠥᠨ ᠪᠢᠵᠡ ᠳᠡ᠃ ᠪᠠᠶᠠᠨ ᠢᠲᠡᠭᠡᠯᠲᠦ ᠶ᠋ᠢᠨ ᠬᠣᠨᠢ ᠬᠠᠷᠢᠭᠤᠯᠳᠠᠭ ᠶᠤᠮ ᠰᠢᠦ ᠳᠡ ᠳᠣᠷᠵᠢ ᠶ᠋ᠢᠨ ᠠᠰᠠᠭᠤᠬᠤ ᠳ᠋ᠤᠨᠢ ᠨᠢᠳᠦᠨ ᠳ᠋ᠦ᠍ᠨᠢ 《ᠲᠡᠭᠡᠪᠡᠯ ᠪᠢᠰᠢ》 ᠭᠡᠳᠡᠭ ᠦᠭᠡ ᠬᠦᠰᠡᠭᠰᠡᠨ ᠭᠦᠨ ᠭᠣᠷᠢᠳᠠᠯᠭ᠎ᠠ ᠬᠠᠷᠠᠭᠳᠠᠪᠠ᠃
  ᠊᠊᠊᠊᠊᠊᠊᠊᠊᠊᠊᠊᠊᠊᠊ ᠲᠡᠢᠮᠦ ᠠ᠋᠂ ᠪᠤᠷᠬᠠᠨ ᠪᠣᠯᠤᠭᠰᠠᠨ ᠭᠡᠵᠦ ᠡᠷᠳᠡᠨᠢ ᠨᠠᠮᠤᠭᠤᠬᠠᠨ ᠪᠥᠭᠡᠳ ᠲᠣᠳᠣ ᠬᠡᠯᠡᠵᠡᠢ᠃
  ᠳᠣᠷᠵᠢ ᠶ᠋ᠢᠨ ᠨᠢᠳᠦ ᠮᠠᠨᠠᠷᠠᠨ ᠭᠥᠯᠢᠷᠡᠵᠦ ᠨᠢᠯᠪᠤᠰᠤ ᠶ᠋ᠢᠨ ᠳᠤᠰᠤᠯ ᠪᠤᠯᠤᠩ ᠳ᠋ᠤᠨᠢ ᠲᠤᠨᠤᠷᠠᠵᠤ ᠪᠠᠢᠭᠰᠠᠨ ᠢ᠋ᠶ᠋ᠠᠨ ᠬᠠᠴᠠᠷ ᠤᠷᠤᠭᠤ ᠨᠢ ᠲᠤᠭᠤᠯᠵᠢᠨ ᠳᠤᠰᠤᠯᠠᠪᠠ᠃ ᠭᠠᠭᠴᠠ ᠡᠬᠡ ᠶ᠋ᠢᠨ ᠢ᠋ᠶ᠋ᠡᠨ ᠲᠣᠯᠣᠭᠠᠢ ᠶ᠋ᠢ ᠲᠦᠰᠢᠵᠦ ᠴᠢᠳᠠᠯ ᠦᠭᠡᠢ᠂ ᠲᠡᠭᠦᠨ ᠦ᠌ ᠦᠭᠡ ᠶ᠋ᠢ ᠰᠣᠨᠣᠰᠤᠯ ᠦᠭᠡᠢ ᠰᠠᠯᠤᠭᠰᠠᠨ ᠳ᠋ᠠᠭᠠᠨ ᠭᠣᠮᠣᠳᠠᠵᠤ᠂ ᠬᠣᠭᠣᠯᠠᠢ ᠳ᠋ᠤᠨᠢ ᠪᠥᠭᠡᠮ ᠬᠠᠷ᠎ᠠ ᠶᠠᠭᠤᠮ᠎ᠠ ᠲᠠᠭᠯᠠᠷᠠᠨ ᠰᠡᠳᠬᠢᠯ ᠨᠢ ᠶᠠᠭᠤ ᠴᠤ᠌ ᠪᠣᠳᠣᠯ ᠦᠭᠡᠢ ᠬᠠᠷ᠎ᠠ ᠭᠠᠰᠠᠯᠠᠩ ᠢ᠋ᠶ᠋ᠠᠷ ᠳᠦᠭᠦᠷᠴᠦ ᠪᠠᠢᠪᠠ᠃
  ᠊᠊᠊᠊᠊᠊᠊᠊᠊᠊᠊᠊᠊᠊᠊ ᠲᠠᠨ ᠤ᠋ ᠠᠯᠳᠠᠷ ᠢ᠋ ᠬᠡᠨ ᠭᠡᠳᠡᠭ ᠪᠣᠯ ᠭᠡᠵᠦ ᠳᠣᠷᠵᠢ ᠭᠦᠨ ᠰᠠᠨᠠᠭ᠎ᠠ ᠠᠯᠳᠠᠭᠰᠠᠨ ᠤ᠋ ᠳᠠᠷᠠᠭ᠎ᠠ ᠠᠰᠠᠭᠤᠪᠠ᠃
  ᠊᠊᠊᠊᠊᠊᠊᠊᠊᠊᠊᠊᠊᠊᠊ ᠮᠢᠨᠦ ᠨᠡᠷ᠎ᠡ ᠁ ᠳᠣᠨᠣᠢ ᠭᠡᠳᠡᠭ ᠭᠡᠵᠦ ᠡᠷᠳᠡᠨᠢ ᠲᠦᠭᠳᠡᠷᠡᠨ ᠬᠡᠯᠡᠪᠡ᠃
  ᠳᠣᠷᠵᠢ ᠪᠣᠰᠴᠤ ᠲᠦᠷ ᠵᠣᠭᠰᠣᠭᠰᠠᠨ ᠢ᠋ᠶ᠋ᠠᠨ᠂
  ᠊᠊᠊᠊᠊᠊᠊᠊᠊᠊᠊᠊᠊᠊᠊ ᠳᠣᠨᠣᠢ ᠭᠤᠸᠠᠢ᠂ ᠪᠢ ᠣᠷᠣᠢ ᠢᠷᠡᠭᠡᠳ ᠲᠦᠯᠡᠭᠡ ᠶ᠋ᠢ ᠴᠢᠨᠢ ᠬᠢᠷᠥᠭᠡᠳᠡᠵᠦ ᠤᠷᠭᠢᠶ᠎ᠠ᠃ ᠵᠠᠪᠠᠯ ᠢᠷᠡᠨ᠎ᠡ ᠭᠡᠵᠦ ᠠᠪᠠᠭᠠᠢ ᠳ᠋ᠠᠭᠠᠨ ᠬᠡᠯᠡᠭᠡᠷᠡᠢ ᠭᠡᠳ ᠬᠠᠰᠢᠶᠠᠨ ᠤ᠋ ᠬᠠᠭᠠᠯᠭ᠎ᠠ ᠤᠷᠤᠭᠤ ᠶᠠᠪᠤᠵᠠᠢ᠃
  ᠡᠭᠦᠨ ᠡᠴᠡ ᠬᠣᠢᠰᠢ ᠡᠷᠳᠡᠨᠢ ᠳᠣᠷᠵᠢ ᠲᠠᠢ ᠲᠠᠨᠢᠯᠴᠠᠪᠠ᠃ ᠭᠡᠪᠡᠴᠦ ᠲᠡᠭᠦᠨ ᠳ᠋ᠦ᠍ ᠦᠨᠡᠨ ᠨᠡᠷ᠎ᠡ ᠪᠡᠨ ᠬᠡᠯᠡᠭᠰᠡᠨ ᠦᠭᠡᠢ᠃ ᠨᠢᠭᠡᠨ ᠡᠳᠦᠷ ᠵᠠᠬ᠎ᠠ ᠳᠡᠭᠡᠷ᠎ᠡ ᠶᠠᠪᠤᠵᠤ ᠪᠠᠢᠭᠠᠳ ᠳᠣᠷᠵᠢ ᠲᠠᠢ ᠲᠠᠭᠠᠷᠠᠯᠳᠤᠪᠠ᠃
  ᠊᠊᠊᠊᠊᠊᠊᠊᠊᠊᠊᠊᠊᠊᠊ ᠪᠢ ᠨᠢᠭᠡ ᠬᠥᠭᠰᠢᠨ ᠦ᠌ ᠭᠠᠭᠴᠠ ᠥᠬᠢᠨ ᠲᠡᠢ ᠬᠣᠯᠪᠣᠭ᠎ᠠ ᠲᠠᠢ ᠪᠣᠯᠤᠭᠰᠠᠨ᠃ ᠡᠨᠡᠦᠬᠡᠨ ᠳ᠋ᠦ᠍ ᠪᠣᠢ᠃ ᠳᠣᠨᠣᠢ ᠭᠤᠸᠠᠢ ᠬᠠᠮᠲᠤ ᠣᠴᠢᠶ᠎ᠠ ᠭᠡᠵᠦ ᠳᠣᠷᠵᠢ ᠶ᠋ᠢᠨ ᠬᠡᠯᠡᠬᠦ ᠳ᠋ᠦ᠍ ᠡᠷᠳᠡᠨᠢ ᠳᠤᠷ᠎ᠠ ᠲᠠᠢ ᠳᠠᠭᠠᠵᠤ ᠶᠠᠪᠤᠯ᠎ᠠ᠃
  ᠵᠠᠮ ᠳ᠋ᠠᠭᠠᠨ ᠳᠣᠷᠵᠢ ᠴᠡᠷᠢᠭ ᠦ᠋ᠨ ᠠᠮᠢᠳᠤᠷᠠᠯ ᠤ᠋ᠨ ᠵᠣᠪᠠᠯᠠᠩ᠂ ᠬᠣᠲᠠ ᠭᠠᠵᠠᠷ ᠤ᠋ᠨ ᠰᠢᠷᠦᠭᠦᠨ ᠠᠮᠢᠳᠤᠷᠠᠯ᠂ ᠠᠮᠢᠲᠠᠨ ᠤ᠋ ᠲᠦᠯᠡᠭᠡ ᠬᠢᠷᠥᠭᠡᠳᠡᠵᠦ ᠴᠢᠪᠠᠭᠠᠨᠴᠠ ᠥᠬᠢᠨ ᠬᠣᠶᠠᠷ ᠤ᠋ᠨ ᠠᠮᠢᠳᠤᠷᠠᠯ ᠳ᠋ᠤ᠌ ᠲᠤᠰᠠ ᠪᠣᠯᠳᠠᠭ ᠲᠤᠬᠠᠢ ᠶᠠᠷᠢᠳᠠᠭ ᠪᠠᠢᠯ᠎ᠠ᠃
  ᠊᠊᠊᠊᠊᠊᠊᠊᠊᠊᠊᠊᠊᠊᠊ ᠢᠩᠭᠢᠵᠦ ᠲᠦᠯᠡᠭᠡ ᠬᠢᠷᠥᠭᠡᠳᠡᠭᠡᠳ ᠬᠡᠳᠦ ᠭᠤᠷᠪᠠᠨ ᠮᠥᠩᠭᠥ ᠣᠯᠬᠤ ᠵᠠᠪ ᠣᠯᠳᠠᠭᠠᠳ ᠪᠠᠢᠳᠠᠭ ᠵᠦᠭᠡᠷ ᠶᠤᠮ ᠳᠡ ᠭᠡᠵᠦ ᠡᠷᠳᠡᠨᠢ ᠬᠡᠯᠡᠪᠡ᠃
  ᠊᠊᠊᠊᠊᠊᠊᠊᠊᠊᠊᠊᠊᠊᠊ ᠲᠡᠢᠮᠦ ᠴᠦ᠍ ᠪᠢᠰᠢ᠃ ᠮᠠᠨ ᠤ᠋ ᠳᠠᠷᠤᠭ᠎ᠠ ᠭᠣᠢ᠌ᠮᠤᠨ ᠪᠠᠭᠠᠲᠤᠷ ᠭᠡᠵᠦ ᠶᠠᠳᠠᠭᠤ ᠬᠥᠮᠦᠨ ᠦ᠌ ᠵᠣᠪᠠᠯᠠᠩ ᠢ᠋ ᠮᠡᠳᠡᠳᠡᠭ ᠬᠥᠮᠦᠨ ᠪᠣᠢ᠃ ᠪᠠᠰᠠ ᠲᠡᠭᠡᠭᠡᠳ ᠪᠢ ᠴᠠᠪᠴᠢᠬᠤ᠂ ᠫᠤᠤᠳᠠᠬᠤ᠂ ᠢᠯᠠᠩᠭᠤᠶ᠎ᠠ ᠮᠣᠷᠢᠨ ᠰᠤᠷᠭᠠᠭᠤᠯᠢ ᠳ᠋ᠤ᠌ ᠣᠪᠣᠭ᠎ᠠ ᠪᠣᠯᠬᠣᠷ ᠴᠢᠯᠥᠭᠡ ᠥᠭᠳᠡᠭ ᠶᠤᠮ ᠭᠡᠵᠦ ᠳᠣᠷᠵᠢ ᠬᠡᠯᠡᠭᠡᠳ ᠢᠨᠢᠶᠡᠮᠰᠦᠭᠯᠡᠪᠡ᠃
  ᠳᠣᠷᠵᠢ ᠶ᠋ᠢᠨ ᠬᠠᠳᠠᠮ ᠤ᠋ᠨ ᠭᠡᠷ ᠲᠦ᠍ ᠣᠴᠢᠬᠤ ᠳ᠋ᠤ᠌ ᠢᠵᠢᠯᠬᠡᠨ ᠬᠥᠬᠡ ᠳᠠᠪᠤᠤ ᠳᠡᠪᠡᠯ ᠲᠡᠢ ᠬᠣᠶᠠᠷ ᠡᠷ᠎ᠡ ᠰᠠᠭᠤᠵᠤ ᠪᠠᠢᠯ᠎ᠠ᠃ ᠲᠡᠷᠡ ᠬᠣᠶᠠᠷ ᠳᠣᠷᠵᠢ ᠶ᠋ᠢ ᠬᠠᠷᠠᠮᠠᠭᠴᠠ ᠪᠣᠰᠴᠤ ᠨᠢᠭᠡ ᠨᠢ᠄
  ᠊᠊᠊᠊᠊᠊᠊᠊᠊᠊᠊᠊᠊᠊᠊ ᠴᠢᠮᠢ᠋ᠢ ᠪᠤᠰᠢᠭᠤᠬᠠᠨ ᠣᠯᠤᠭᠠᠳ ᠢᠷ᠎ᠡ ᠭᠡᠰᠡᠨ᠃ ᠵᠠ ᠶᠠᠪᠤᠶ᠎ᠠ ᠭᠡᠯ᠎ᠡ᠃
  ᠊᠊᠊᠊᠊᠊᠊᠊᠊᠊᠊᠊᠊᠊᠊ ᠶᠠᠭᠤ ᠪᠣᠯᠤᠭ᠎ᠠ ᠪᠣᠢ?
  ᠊᠊᠊᠊᠊᠊᠊᠊᠊᠊᠊᠊᠊᠊᠊ ᠴᠡᠷᠢᠭ ᠦ᠋ᠨ ᠶᠠᠮᠤᠨ ᠤ᠋ ᠡᠮᠦᠨ᠎ᠡ ᠵᠢᠭᠰᠠᠵᠤ ᠣᠴᠢᠭᠠᠳ ᠬᠣᠭᠣᠯᠠ ᠨᠡᠬᠡᠶ᠎ᠡ ᠭᠡᠵᠦ ᠰᠢᠲᠦᠭᠰᠡᠨ᠃ ᠪᠢᠳᠡ ᠲᠥᠷᠥ ᠶ᠋ᠢᠨ ᠴᠡᠷᠢᠭ ᠪᠣᠯᠬᠤ ᠡᠴᠡ ᠭᠤᠢᠯᠢᠨᠴᠢᠨ ᠪᠢᠰᠢ ᠭᠡᠵᠦ ᠲᠡᠷᠡ ᠬᠥᠮᠦᠨ ᠬᠥᠮᠥᠰᠬᠡ ᠪᠡᠨ ᠵᠠᠩᠭᠢᠳᠤᠨ ᠤᠷᠤᠭᠤᠯ ᠢ᠋ᠶ᠋ᠠᠨ ᠱᠠᠵᠠᠯᠵᠠᠭᠤᠯᠤᠨ ᠬᠡᠯᠡᠪᠡ᠃
  ᠲᠡᠭᠡᠭᠡᠳ ᠲᠡᠷᠡ ᠬᠣᠶᠠᠷ ᠢ᠋ ᠶᠠᠪᠤᠬᠤ ᠳ᠋ᠤ᠌ ᠡᠷᠳᠡᠨᠢ ᠰᠣᠨᠢᠷᠬᠠᠨ ᠶᠠᠭᠤ ᠪᠣᠯᠬᠤ ᠶ᠋ᠢ ᠦᠵᠡᠬᠦ ᠭᠡᠵᠦ ᠳᠠᠭᠠᠵᠤ ᠶᠠᠪᠤᠯ᠎ᠠ᠃
  ᠴᠡᠷᠢᠭ ᠦ᠋ᠳ ᠢ᠋ ᠵᠢᠭᠰᠠᠨ ᠢᠷᠡᠬᠦ ᠳ᠋ᠦ᠍ ᠶᠠᠮᠤᠨ ᠠ᠋ᠴᠠ ᠲᠦᠰᠢᠮᠡᠯ ᠤᠭᠲᠤᠨ ᠭᠠᠷᠴᠤ ᠢᠷᠡᠪᠡ᠃
  ᠊᠊᠊᠊᠊᠊᠊᠊᠊᠊᠊᠊᠊᠊᠊ ᠲᠠ ᠣᠯᠠᠨ ᠴᠡᠷᠢᠭ ᠦ᠋ᠳ ᠶᠠᠭᠤ ᠭᠡᠵᠦ ᠶᠠᠪᠤᠨ᠎ᠠ ᠭᠡᠵᠦ ᠨᠢᠭᠡ ᠲᠦᠰᠢᠮᠡᠯ ᠶᠠᠭᠤ ᠪᠣᠯᠵᠤ ᠪᠠᠢᠭ᠎ᠠ ᠶ᠋ᠢ ᠣᠭᠲᠣ ᠮᠡᠳᠡᠭᠡ ᠦᠭᠡᠢ ᠳᠦᠷᠢ ᠦᠵᠡᠭᠦᠯᠦᠨ ᠠᠰᠠᠭᠤᠪᠠ᠃
  ᠊᠊᠊᠊᠊᠊᠊᠊᠊᠊᠊᠊᠊᠊᠊ ᠪᠢᠳᠡ ᠲᠥᠷᠥ ᠶ᠋ᠢᠨ ᠴᠡᠷᠢᠭ ᠪᠣᠯᠬᠤ ᠡᠴᠡ ᠪᠢᠰᠢ᠂ ᠭᠤᠢᠯᠢᠨᠴᠢᠨ ᠪᠢᠰᠢ᠃ ᠭᠡᠲᠡᠯ᠎ᠡ ᠪᠢᠳᠡᠨ ᠳ᠋ᠦ᠍ ᠥᠳᠥ ᠲᠡᠢ ᠵᠣᠪᠠᠯᠭ᠎ᠠ ᠪᠠᠷ ᠬᠢᠭᠰᠡᠨ ᠬᠣᠭᠣᠯᠠ ᠬᠡᠳᠦ ᠳᠠᠬᠢᠨ ᠥᠭᠭᠦᠯ᠎ᠡ᠃ ᠢᠩᠭᠢᠵᠦ ᠪᠠᠢᠵᠤ ᠴᠢᠳᠠᠬᠤ ᠦᠭᠡᠢ ᠭᠡᠵᠦ ᠣᠯᠠᠨ ᠴᠡᠷᠢᠭ ᠦ᠋ᠳ ᠵᠡᠷᠭᠡ ᠵᠡᠷᠭᠡ ᠬᠠᠰᠬᠢᠷᠪᠠ᠃
  ᠡᠷᠳᠡᠨᠢ᠂ ᠲᠡᠷᠡ ᠲᠦᠰᠢᠮᠡᠯ ᠦ᠋ᠳ ᠡᠨᠡ ᠵᠠᠳᠠᠷᠠᠭᠰᠠᠨ ᠴᠡᠷᠢᠭ ᠦ᠋ᠳ ᠢ᠋ ᠵᠠᠳᠠ ᠵᠠᠩᠨᠠᠵᠤ ᠡᠯᠳᠡᠨ ᠬᠥᠭᠡᠭᠡᠬᠦ ᠪᠠᠢᠬ᠎ᠠ ᠭᠡᠵᠦ ᠪᠣᠳᠣᠵᠤ ᠪᠠᠢᠯ᠎ᠠ᠃ ᠭᠡᠲᠡᠯ᠎ᠡ ᠴᠠᠭᠠᠨ ᠵᠢᠩᠰᠡ ᠲᠡᠢ ᠮᠠᠯᠠᠭᠠᠢ ᠲᠠᠢ ᠬᠥᠮᠦᠨ ᠴᠡᠷᠢᠭ ᠦ᠋ᠳ ᠥᠭᠡᠳᠡ ᠡᠯᠢᠭᠡᠰᠡᠭ ᠢᠨᠢᠶᠡᠮᠰᠦᠭᠯᠡᠨ 《ᠣᠯᠠᠨ ᠴᠡᠷᠢᠭ ᠦ᠋ᠳ ᠮᠠᠨᠢ ᠲᠣᠭᠲᠠᠵᠤ ᠠᠢᠯᠠᠳ᠃ ᠪᠢᠳᠡ ᠲᠠ ᠪᠦᠬᠦᠨ ᠦ᠌ ᠬᠣᠭᠣᠯᠠ ᠶ᠋ᠢ ᠰᠠᠢᠵᠢᠷᠠᠭᠤᠯᠤᠨ᠂ ᠥᠳᠥ ᠲᠡᠢ ᠬᠣᠭᠣᠯᠠ ᠥᠭᠭᠦᠭᠰᠡᠨ ᠭᠡᠮᠲᠡᠨ ᠢ᠋ ᠴᠡᠭᠡᠷᠯᠡᠭᠦᠯᠦᠨ᠎ᠡ》 ᠭᠡᠵᠦ ᠰᠠᠨᠳᠤᠷᠤᠨ ᠬᠡᠯᠡᠵᠡᠢ᠃
  ᠲᠣᠭᠣᠰ ᠤ᠋ᠨ ᠥᠲᠥᠨ ᠤᠲᠤᠭ᠎ᠠ ᠲᠠᠢ᠂ ᠮᠠᠩᠨᠤᠭ ᠳᠡᠪᠡᠯ ᠡᠮᠦᠰᠦᠭᠰᠡᠨ᠂ ᠰᠢᠷᠪᠢᠬᠡᠷ ᠬᠠᠷ᠎ᠠ ᠰᠠᠬᠠᠯ  ᠲᠠᠢ ᠨᠢᠭᠡ ᠨᠣᠶᠠᠨ ᠶᠠᠮᠤᠨ ᠡᠴᠡ ᠭᠠᠷᠴᠤ ᠢᠷᠡᠭᠡᠳ ᠴᠡᠷᠢᠭ ᠦ᠋ᠳ ᠢ᠋ ᠲᠣᠭᠣᠮᠵᠢᠷ ᠦᠭᠡᠢ ᠰᠢᠷᠪᠢᠨ ᠬᠠᠷᠠᠵᠤ ᠲᠠᠮᠰᠢᠶᠠᠯᠠᠪᠠ᠃
  ᠊᠊᠊᠊᠊᠊᠊᠊᠊᠊᠊᠊᠊᠊᠊ ᠥᠯᠥᠰᠬᠦ ᠭᠡᠳᠡᠭ ᠦᠨᠡᠭᠡ ᠭᠦᠢᠴᠡᠬᠦ ᠪᠣᠯᠤᠯ᠎ᠠ᠃ ᠬᠣᠭᠣᠯᠠ ᠥᠭ ᠭᠡᠵᠦ ᠬᠡᠯᠡᠭᠡᠳ ᠨᠢᠭᠡ ᠴᠡᠷᠢᠭ ᠣᠯᠠᠨ ᠤ᠋ ᠳᠤᠮᠳᠠ ᠡᠴᠡ ᠤᠷᠤᠭᠰᠢᠯᠠᠨ ᠭᠠᠷᠤᠯ᠎ᠠ᠃
  ᠊᠊᠊᠊᠊᠊᠊᠊᠊᠊᠊᠊᠊᠊᠊ ᠳᠠᠭᠤ ᠪᠠᠨ ᠠᠶᠠᠳᠠ᠃ ᠴᠢ ᠶᠠᠮᠠᠷ ᠠᠶᠤᠮᠰᠢᠭ ᠦᠭᠡᠢ ᠴᠡᠷᠢᠭ ᠪᠣᠢ ᠭᠡᠵᠦ ᠨᠣᠶᠠᠨ ᠰᠦᠷ ᠪᠠᠳᠠᠷᠠᠭᠤᠯᠤᠨ ᠬᠡᠯᠡᠪᠡ᠃
  ᠊᠊᠊᠊᠊᠊᠊᠊᠊᠊᠊᠊᠊᠊᠊ ᠬᠣᠭᠣᠯᠠ᠃ ᠬᠣᠭᠣᠯᠠ᠃ ᠪᠢᠳᠡᠨ ᠦ᠌ ᠬᠣᠭᠣᠯᠠᠨ ᠳ᠋ᠤ᠌ ᠬᠠᠯᠬ᠎ᠠ ᠳᠥᠷᠪᠡᠨ ᠠᠢᠮᠠᠭ ᠡᠴᠡ ᠲᠠᠲᠠᠵᠤ ᠠᠪᠴᠢᠷᠠᠭᠰᠠᠨ ᠶᠡᠬᠡ ᠶᠠᠭᠤᠮ᠎ᠠ ᠶ᠋ᠢ ᠥᠭᠬᠦ ᠦᠭᠡᠢ ᠢᠳᠡᠵᠦ ᠪᠠᠢᠭ᠎ᠠ ᠬᠥᠮᠦᠨ ᠢ᠋ ᠴᠡᠭᠡᠷᠯᠡᠭᠦᠯᠵᠦ ᠥᠭᠬᠦ ᠶ᠋ᠢ ᠪᠢᠳᠡ ᠱᠠᠭᠠᠷᠳᠠᠵᠤ ᠪᠠᠢᠨ᠎ᠠ ᠭᠡᠳ ᠯᠡ ᠴᠡᠷᠢᠭ ᠦ᠋ᠳ ᠠᠮᠠ ᠠᠮᠠᠨ ᠳ᠋ᠠᠭᠠᠨ ᠬᠠᠰᠬᠢᠷᠴᠤ ᠭᠠᠷᠤᠯ᠎ᠠ᠃
  ᠳᠣᠷᠵᠢ ᠣᠯᠠᠨ ᠤ᠋ ᠳᠤᠮᠳᠠ ᠡᠴᠡ ᠳᠠᠪᠬᠢᠨ ᠭᠠᠷᠴᠤ᠂ 《ᠬᠣᠭᠣᠯᠠ ᠥᠭᠬᠦ ᠦᠭᠡᠢ ᠶᠤᠮ ᠪᠣᠯ ᠪᠢᠳᠡᠨ ᠶᠠᠮᠤᠨ ᠳ᠋ᠤ᠌ ᠳᠠᠭᠠᠷᠢᠨ ᠣᠷᠣᠨ᠎ᠠ᠃ ᠨᠥᠬᠥᠳ ᠮᠢᠨᠢ ᠣᠷᠤᠵᠠᠭᠠᠠᠶ᠎ᠠ》 ᠭᠡᠯ᠎ᠡ᠃
  ᠨᠣᠶᠠᠨ ᠤ᠋ ᠴᠢᠷᠠᠢ ᠭᠱᠠᠨ ᠵᠠᠭᠤᠷ᠎ᠠ ᠬᠤᠪᠢᠷᠠᠵᠤ᠂ ᠶᠡᠬᠡᠮᠰᠦᠭ ᠣᠮᠣᠭ ᠨᠢ ᠰᠠᠯᠬᠢᠨ ᠳ᠋ᠤ᠌ ᠦᠯᠢᠶᠡᠭᠳᠡᠭᠰᠡᠨ ᠮᠡᠲᠦ ᠠᠯᠠᠭ᠎ᠠ ᠪᠣᠯᠵᠤ 《ᠣᠯᠠᠨ ᠴᠡᠷᠢᠭ ᠲᠠ ᠪᠦᠬᠦᠨ ᠦ᠌ ᠬᠣᠭᠣᠯᠠ ᠶ᠋ᠢ ᠰᠠᠢᠵᠢᠷᠠᠭᠤᠯᠵᠤ ᠥᠭᠬᠦ ᠶ᠋ᠢ ᠪᠢᠳᠡ ᠠᠮᠠᠯᠠᠶ᠎ᠠ᠃ ᠲᠠ ᠪᠦᠬᠦᠨ ᠲᠠᠢᠪᠤᠰᠢᠷᠠᠵᠤ ᠬᠤᠸᠠᠷᠠᠨ ᠳ᠋ᠠᠭᠠᠨ ᠪᠤᠴᠠᠭᠲᠤᠨ》 ᠭᠡᠵᠦ ᠬᠡᠯᠡᠬᠦ ᠳ᠋ᠦ᠍ ᠮᠠᠩᠨᠠᠢ ᠳᠡᠭᠡᠷ᠎ᠡ ᠨᠢ ᠬᠥᠯᠥᠰᠥ ᠪᠣᠷᠵᠢ᠌ᠵᠤ ᠪᠠᠢᠯ᠎ᠠ᠃
  ᠴᠡᠷᠢᠭ ᠦ᠋ᠳ ᠢ᠋ ᠲᠠᠢᠪᠤᠰᠢᠷᠠᠨ ᠬᠤᠸᠠᠷᠠᠨ ᠳ᠋ᠠᠭᠠᠨ ᠡᠷᠭᠢᠵᠦ ᠪᠤᠴᠠᠬᠤ ᠶ᠋ᠢ ᠨᠢᠭᠡ ᠯᠠᠮᠠ ᠵᠠᠯᠪᠠᠷᠢᠨ ᠪᠠᠢᠵᠤ ᠭᠤᠶᠤᠪᠠ᠃
  ᠢᠩᠭᠢᠭᠡᠳ ᠴᠡᠷᠢᠭ ᠦ᠋ᠳ ᠢ᠋ ᠲᠠᠷᠬᠠᠭᠠᠬᠤ ᠳ᠋ᠤ᠌ ᠡᠷᠳᠡᠨᠢ ᠳᠣᠷᠵᠢ ᠬᠣᠶᠠᠷ ᠪᠤᠴᠠᠪᠠ᠃
  ᠊᠊᠊᠊᠊᠊᠊᠊᠊᠊᠊᠊᠊᠊᠊ ᠲᠠ ᠨᠠᠷ ᠢ᠋ ᠵᠦᠭᠡᠷ ᠥᠩᠭᠡᠷᠡᠭᠡᠬᠦ ᠪᠣᠯᠪᠠ ᠤᠤ? ᠭᠡᠵᠦ ᠡᠷᠳᠡᠨᠢ ᠶ᠋ᠢᠨ ᠠᠰᠠᠭᠤᠬᠤ ᠳ᠋ᠤ᠌ ᠳᠣᠷᠵᠢ ᠲᠣᠭᠣᠮᠵᠢᠷ ᠦᠭᠡᠢ ᠢᠨᠢᠶᠡᠮᠰᠦᠭᠯᠡᠭᠰᠡᠨ ᠢ᠋ᠶ᠋ᠡᠨ᠄
  ᠊᠊᠊᠊᠊᠊᠊᠊᠊᠊᠊᠊᠊᠊᠊ ᠨᠢᠭᠡ ᠬᠣᠶᠠᠷ ᠢ᠋ᠶ᠋ᠠᠷ ᠢ᠋ᠶ᠋ᠠᠨ ᠢᠷᠡᠭᠰᠡᠨ ᠪᠣᠯ ᠪᠠᠷᠢᠵᠤ ᠠᠪᠤᠭᠠᠳ ᠪᠠᠩᠵᠠᠳᠠᠬᠤ ᠪᠠᠢᠭᠰᠠᠨ᠃ ᠭᠡᠪᠡᠴᠦ ᠡᠪᠲᠦ ᠱᠠᠭᠠᠵᠠᠭᠠᠢ ᠪᠤᠭᠤ ᠪᠠᠷᠢᠨ᠎ᠠ ᠭᠡᠳᠡᠭ ᠰᠢᠦ ᠳᠡ ᠭᠡᠯ᠎ᠡ᠃
  ᠬᠡᠳᠦᠨ ᠡᠳᠦᠷ ᠦ᠋ᠨ ᠳᠠᠷᠠᠭ᠎ᠠ ᠴᠡᠷᠢᠭ ᠦ᠋ᠨ ᠬᠣᠭᠣᠯᠠ ᠶ᠋ᠢ ᠠᠷᠭ᠎ᠠ ᠦᠭᠡᠢ ᠰᠠᠢᠵᠢᠷᠠᠭᠤᠯᠵᠤ᠂ ᠴᠡᠷᠢᠭ ᠦ᠋ᠳ ᠬᠦᠴᠦ ᠨᠡᠢᠯᠡᠨ ᠬᠥᠳᠡᠯᠦᠭᠰᠡᠨ ᠡᠴᠡ ᠬᠦᠰᠡᠭᠰᠡᠨ ᠵᠦᠢᠯ ᠢ᠋ᠶ᠋ᠡᠨ ᠭᠦᠢᠴᠡᠳᠬᠡᠵᠦ ᠠᠪᠤᠭᠰᠠᠨ ᠲᠤᠬᠠᠢ ᠰᠣᠨᠣᠰᠤᠭᠠᠳ 《ᠣᠯᠠᠨ ᠬᠥᠮᠦᠨ ᠨᠢᠭᠡᠳᠦᠭᠰᠡᠨ ᠴᠠᠭ ᠲᠤ᠌ ᠶᠠᠭᠤ ᠶ᠋ᠢ ᠴᠦ᠍ ᠲᠠᠢᠯᠵᠤ᠂ ᠶᠠᠭᠤ ᠶ᠋ᠢ ᠴᠦ᠍ ᠣᠯᠵᠤ ᠴᠢᠳᠠᠳᠠᠭ ᠶᠤᠮ》 ᠭᠡᠵᠦ ᠪᠠᠢᠭᠰᠠᠨ ᠠᠯᠢᠶ᠎ᠠ ᠫᠧᠲ᠋ᠷ ᠦ᠋ᠨ ᠦᠭᠡ ᠰᠠᠨᠠᠭᠳᠠᠵᠤ ᠪᠠᠢᠪᠠ᠃