ᠲᠤᠩᠭᠠᠯᠠᠭ ᠲᠠᠮᠢᠷ4-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠠ᠋ ᠬᠠᠯᠠᠭ᠂ ᠬᠣᠩᠭᠣᠷ ᠮᠢᠨᠢ》 - ᠳᠥᠷᠪᠡᠳᠦᠭᠡᠷ ᠪᠦᠯᠦᠭ ᠠᠷᠪᠠᠨ ᠵᠢᠷᠭᠤᠭ᠎ᠠ
ᠬᠣᠩᠭᠣᠷ ᠤ᠋ᠨ ᠪᠣᠷᠣ ᠮᠣᠷᠢᠨ ᠤ᠋ ᠨᠢᠷᠤᠭᠤᠨ ᠳᠡᠭᠡᠷ᠎ᠡ ᠭᠠᠷᠤᠭᠰᠠᠨ ᠪᠠᠲᠤ ᠰᠠᠯᠬᠢ ᠲᠠᠢ ᠤᠷᠤᠯᠳᠤᠨ ᠠᠷᠤ ᠬᠠᠩᠭᠠᠢ ᠠᠢᠮᠠᠭ ᠤ᠋ᠨ ᠲᠥᠪ ᠤᠷᠤᠭᠤ ᠨᠢᠰᠪᠡ᠃ ᠡᠰᠡᠷᠭᠦᠦ ᠨᠠᠷ ᠲᠤ᠌ ᠡᠷᠡᠭᠦᠳᠡᠭᠦᠯᠵᠦ ᠰᠢᠷᠠᠭᠳᠤᠭᠰᠠᠨ ᠪᠡᠶ᠎ᠡ ᠨᠢ ᠡᠪᠡᠳᠪᠡᠴᠦ ᠦᠬᠦᠯ ᠦ᠋ᠨ ᠬᠠᠷ᠎ᠠ ᠲᠣᠣᠷ ᠡᠴᠡ ᠭᠠᠷᠤᠭᠰᠠᠨ ᠪᠠᠶᠠᠷ ᠢ᠋ ᠨᠢ ᠪᠠᠷᠠᠵᠤ ᠬᠡᠷᠬᠢᠨ ᠴᠢᠳᠠᠬᠤ ᠠᠵᠢ᠃
ᠪᠣᠷᠣ ᠮᠣᠷᠢ ᠬᠥᠯᠥᠷᠡᠬᠦ ᠲᠣᠰᠤᠮ ᠢ᠋ᠶ᠋ᠠᠨ ᠬᠥᠩᠭᠡᠷᠡᠵᠦ᠂ ᠳᠠᠪᠠᠭᠠᠨ ᠳᠡᠭᠡᠷ᠎ᠡ ᠪᠠᠭᠤᠵᠤ ᠪᠡᠶ᠎ᠡ ᠵᠠᠰᠠᠬᠤ ᠳ᠋ᠤ᠌ ᠲᠣᠯᠣᠭᠠᠢ ᠪᠠᠷ ᠢ᠋ᠶ᠋ᠠᠨ ᠲᠣᠭᠯᠠᠵᠤ ᠭᠠᠵᠠᠷ ᠴᠠᠪᠴᠢᠯᠠᠨ ᠲᠣᠭᠲᠠᠵᠤ ᠶᠠᠳᠠᠨ᠎ᠠ᠃
ᠪᠠᠲᠤ ᠶ᠋ᠢᠨ ᠰᠡᠳᠬᠢᠯ ᠢ᠋ ᠵᠣᠪᠠᠭᠠᠬᠤ ᠶᠠᠭᠤᠮ᠎ᠠ ᠭᠡᠪᠡᠯ ᠬᠣᠩᠭᠣᠷ ᠤ᠋ᠨ ᠲᠤᠬᠠᠢ ᠪᠣᠳᠣᠯ ᠪᠠᠢᠯ᠎ᠠ᠃ ᠪᠤᠷᠤᠭᠤ ᠵᠠᠮ ᠢ᠋ᠶ᠋ᠠᠷ ᠶᠠᠪᠤᠭᠰᠠᠨ ᠰᠠᠢᠬᠠᠨ ᠰᠡᠳᠬᠢᠯᠲᠦ ᠪᠠᠭ᠎ᠠ ᠶ᠋ᠢᠨ ᠨᠠᠢᠵᠠ ᠶ᠋ᠢᠨ ᠢ᠋ᠶ᠋ᠡᠨ ᠲᠤᠬᠠᠢ ᠪᠣᠳᠣᠬᠤ ᠳᠣᠳᠣᠮ ᠲᠡᠭᠦᠨ ᠢ᠋ ᠬᠠᠢᠷᠠᠯᠠᠵᠤ ᠬᠠᠷ᠎ᠠ ᠮᠠᠨᠠᠨ ᠳ᠋ᠤ᠌ ᠣᠷᠣᠭᠰᠠᠨ ᠬᠤᠪᠢ ᠵᠠᠶᠠᠭᠠᠨ ᠳ᠋ᠤᠨᠢ ᠬᠠᠷᠠᠮᠰᠠᠨ ᠭᠠᠰᠢᠭᠤᠳᠠᠨ᠎ᠠ᠃
ᠦᠷ ᠴᠠᠢᠬᠤ ᠶ᠋ᠢᠨ ᠦᠶ᠎ᠡ ᠳ᠋ᠦ᠍ ᠲᠠᠮᠢᠷ ᠤ᠋ᠨ ᠡᠷᠭᠢ ᠳᠡᠭᠡᠷ᠎ᠡ ᠬᠦᠷᠴᠦ ᠮᠣᠷᠢ ᠪᠠᠨ ᠤᠰᠤᠯᠠᠭᠠᠳ ᠮᠣᠷᠳᠠᠬᠤ ᠭᠡᠲᠡᠯ᠎ᠡ ᠡᠮᠦᠨ᠎ᠡ ᠡᠴᠡ ᠢᠷᠡᠭᠰᠡᠨ ᠥᠷᠭᠡᠨ ᠵᠠᠮ ᠢ᠋ᠶ᠋ᠠᠷ ᠬᠡᠳᠦᠨ ᠮᠣᠷᠢ ᠲᠠᠢ ᠬᠥᠮᠦᠨ ᠬᠠᠲᠠᠷᠢᠭᠤᠯᠵᠤ ᠶᠠᠪᠤᠭ᠎ᠠ ᠬᠠᠷᠠᠭᠳᠠᠯ᠎ᠠ᠃ ᠠᠵᠢᠭᠯᠠᠪᠠᠯ ᠠᠷᠠᠳ ᠤ᠋ᠨ ᠴᠡᠷᠢᠭ ᠦ᠋ᠨ ᠬᠥᠮᠦᠰ ᠪᠣᠯᠤᠯᠲᠠᠢ᠃
᠊᠊᠊᠊᠊᠊᠊᠊᠊᠊᠊᠊᠊᠊᠊ ᠶᠠᠭᠤᠨ ᠬᠥᠮᠦᠨ ᠪᠣᠢ? ᠵᠢᠭᠤᠲᠠᠪᠠᠯ ᠫᠤᠤᠳᠠᠨ᠎ᠠ ᠰᠢᠦ ᠭᠡᠵᠦ ᠲᠡᠳᠡᠨ ᠦ᠌ ᠨᠢᠭᠡ ᠨᠢ ᠥᠨᠳᠥᠷ ᠳᠠᠭᠤ ᠪᠠᠷ ᠬᠠᠰᠬᠢᠷᠪᠠ᠃ ᠪᠠᠲᠤ ᠬᠥᠳᠡᠯᠦᠯ ᠦᠭᠡᠢ ᠵᠣᠭᠰᠣᠪᠠ᠃ ᠫᠤᠤ ᠪᠠᠨ ᠪᠡᠯᠡᠬᠡᠨ ᠪᠠᠷᠢᠭᠰᠠᠨ ᠬᠥᠮᠦᠰ ᠳᠡᠷᠭᠡᠳᠡ ᠨᠢ ᠢᠷᠡᠵᠦ ᠤᠴᠢᠷ ᠶᠠᠪᠤᠳᠠᠯ ᠢ᠋ ᠠᠰᠠᠭᠤᠭᠰᠠᠨ ᠳ᠋ᠤ᠌ ᠪᠣᠯᠤᠭᠰᠠᠨ ᠶᠠᠪᠤᠳᠠᠯ ᠢ᠋ᠶ᠋ᠠᠨ ᠶᠠᠷᠢᠯ᠎ᠠ᠃ ᠳᠠᠷᠤᠭ᠎ᠠ ᠨᠢ ᠪᠣᠯᠤᠯᠲᠠᠢ ᠨᠢᠭᠡ ᠬᠥᠮᠦᠨ᠂ ᠬᠣᠶᠠᠷ ᠴᠡᠷᠢᠭ ᠲᠦ᠍ ᠪᠠᠲᠤ ᠶ᠋ᠢ ᠥᠭᠭᠦᠭᠡᠳ 《ᠠᠩᠭᠢ ᠳ᠋ᠤ᠌ ᠬᠦᠷᠭᠡᠵᠦ ᠥᠭ》 ᠭᠡᠯᠡ᠃
ᠪᠠᠲᠤ ᠬᠣᠶᠠᠷ ᠴᠡᠷᠢᠭ ᠦ᠋ᠨ ᠬᠠᠮᠲᠤ ᠶᠠᠪᠤᠵᠤ ᠪᠠᠢᠲᠠᠯ᠎ᠠ ᠲᠦᠳᠡᠯ ᠦᠭᠡᠢ ᠴᠠᠭᠠᠨ ᠳᠠᠪᠠᠭᠠᠨ ᠤ᠋ ᠵᠠᠮ ᠢ᠋ᠶ᠋ᠠᠷ ᠵᠢᠭᠰᠠᠨ ᠢᠷᠡᠵᠦ ᠶᠠᠪᠤᠭᠰᠠᠨ ᠠᠷᠠᠳ ᠤ᠋ᠨ ᠴᠡᠷᠢᠭ ᠦ᠋ᠨ ᠠᠩᠭᠢ ᠲᠠᠢ ᠵᠣᠯᠭᠠᠪᠠ᠃
ᠲᠥᠭᠡᠷᠢᠵᠦ ᠲᠥᠭᠡᠷᠢᠵᠦ ᠲᠥᠷᠥᠯ ᠳ᠋ᠡᠭᠡᠨ ᠭᠡᠭᠴᠢ ᠪᠡᠷ ᠡᠨᠡ ᠠᠩᠭᠢ ᠶ᠋ᠢᠨ ᠳᠠᠷᠤᠭ᠎ᠠ ᠨᠢ ᠬᠤᠶᠠᠭ ᠠᠵᠠᠢ᠃
᠊᠊᠊᠊᠊᠊᠊᠊᠊᠊᠊᠊᠊᠊᠊ ᠪᠠᠲᠤ ᠴᠢ ᠠᠢᠮᠠᠭ ᠣᠷᠣᠵᠤ ᠨᠠᠭᠠᠳᠤᠬᠢ ᠰᠢᠷᠬ᠎ᠠ ᠪᠠᠨ ᠡᠮᠴᠢᠯᠡᠭᠦᠯ ᠭᠡᠵᠦ ᠬᠤᠶᠠᠭ ᠬᠡᠯᠡᠪᠡ᠃
᠊᠊᠊᠊᠊᠊᠊᠊᠊᠊᠊᠊᠊᠊᠊ ᠦᠭᠡᠢ᠃ ᠪᠢ ᠡᠰᠡᠷᠭᠦᠦ ᠨᠠᠷ ᠡᠴᠡ ᠨᠥᠬᠥᠳ ᠦ᠋ᠨ ᠢ᠋ᠶ᠋ᠡᠨ ᠥᠰᠢᠶ᠎ᠡ ᠶ᠋ᠢ ᠠᠪᠤᠨ᠎ᠠ᠃ ᠶᠠᠭᠠᠬᠢᠭᠰᠠᠨ ᠴᠤ᠌ ᠪᠤᠴᠠᠬᠤ ᠦᠭᠡᠢ ᠭᠡᠵᠦ ᠪᠠᠲᠤ ᠰᠢᠢᠳᠮᠡᠭᠡᠢ ᠬᠡᠯᠡᠪᠡ᠃
᠊᠊᠊᠊᠊᠊᠊᠊᠊᠊᠊᠊᠊᠊᠊ ᠡᠮᠴᠢ ᠠ᠋᠂ ᠡᠭᠦᠨ ᠦ᠌ ᠰᠢᠷᠬ᠎ᠠ ᠶ᠋ᠢ ᠪᠣᠭᠣᠵᠤ ᠥᠭ ᠭᠡᠵᠦ ᠬᠤᠶᠠᠭ ᠲᠤᠰᠢᠶᠠᠪᠠ᠃ ᠲᠡᠨᠳᠡ ᠡᠴᠡ ᠪᠠᠲᠤ ᠬᠤᠶᠠᠭ ᠤ᠋ᠨ ᠠᠩᠭᠢ ᠳ᠋ᠤ᠌ ᠭᠠᠵᠠᠷᠴᠢᠯᠠᠨ ᠶᠠᠪᠤᠯ᠎ᠠ᠃ ᠭᠠᠭᠴᠠ ᠴᠤ᠌ ᠡᠭᠦᠯᠡ ᠦᠭᠡᠢ ᠴᠡᠯᠮᠡᠭ ᠬᠥᠬᠡ ᠲᠩᠷᠢ ᠮᠠᠩᠬᠠᠢᠵᠤ᠂ ᠵᠤᠨ ᠴᠠᠭ ᠤ᠋ᠨ ᠭᠣᠶᠣᠯ ᠢ᠋ᠶ᠋ᠠᠨ ᠡᠮᠦᠰᠦᠭᠰᠡᠨ ᠮᠣᠩᠭᠣᠯ ᠭᠠᠵᠠᠷ ᠦᠵᠡᠰᠬᠦᠯᠡᠩ ᠢ᠋ᠶ᠋ᠡᠨ ᠭᠠᠢᠬᠠᠭᠤᠯᠪᠠᠴᠤ ᠡᠵᠡᠨ ᠦᠭᠡᠢ ᠣᠷᠬᠢᠭᠰᠠᠨ ᠭᠡᠷ ᠦ᠋ᠳ᠂ ᠬᠠᠷᠠᠬᠤ ᠬᠥᠮᠦᠨ ᠦᠭᠡᠢ ᠪᠡᠯᠴᠢᠵᠦ ᠶᠠᠪᠤᠭ᠎ᠠ ᠮᠠᠯ ᠡᠨᠡ ᠭᠠᠵᠠᠷ ᠳᠡᠭᠡᠷ᠎ᠡ ᠦᠢᠮᠡᠭᠡᠨ ᠪᠣᠯᠵᠤ ᠪᠠᠢᠭ᠎ᠠ ᠶ᠋ᠢ ᠭᠡᠷᠡᠴᠢᠯᠡᠵᠦ ᠪᠠᠢᠯ᠎ᠠ᠃
ᠴᠡᠷᠢᠭ ᠦ᠋ᠳ ᠦ᠋ᠨ ᠴᠢᠷᠠᠢ ᠳᠦᠭᠰᠥᠢᠨ ᠪᠠᠷᠤᠢᠵᠤ᠂ ᠦᠭᠡ ᠳᠠᠭᠤ᠂ ᠪᠠᠶᠠᠷ ᠪᠠᠶᠠᠰᠬᠤᠯᠠᠩ ᠦᠭᠡᠢ ᠠᠵᠢ᠃ ᠬᠥᠮᠦᠨ ᠪᠦᠬᠦᠨ ᠦ᠌ ᠴᠢᠷᠠᠢ ᠳ᠋ᠤ᠌ ᠪᠠᠭᠲᠠᠵᠤ ᠶᠠᠳᠠᠭᠰᠠᠨ ᠠᠭᠤᠷ ᠬᠢᠯᠢᠩ᠂ ᠦᠵᠦᠭᠦᠷ ᠦᠭᠡᠢ ᠭᠣᠮᠣᠳᠠᠯ ᠬᠣᠯᠢᠯᠳᠤᠨ ᠬᠠᠷᠠᠭᠳᠠᠨ᠎ᠠ᠃
᠊᠊᠊᠊᠊᠊᠊᠊᠊᠊᠊᠊᠊᠊᠊ ᠲᠡᠷᠡ ᠪᠠᠷᠠᠭᠤᠨ ᠨᠢᠷᠤᠭᠤᠨ ᠳᠡᠭᠡᠷ᠎ᠡ ᠭᠠᠷᠤᠭᠠᠳ᠂ ᠴᠢᠨᠠᠳᠤ ᠲᠠᠯ᠎ᠠ ᠳ᠋ᠤᠨᠢ ᠪᠠᠢᠭ᠎ᠠ ᠤᠷᠲᠤ ᠠᠮᠠ ᠶ᠋ᠢ ᠬᠠᠷᠠᠭᠤᠯᠳᠠᠭᠠᠳ ᠢᠷ᠎ᠡ᠃ ᠶᠠᠭ ᠲᠡᠷᠡ ᠬᠠᠳᠠᠨ ᠤ᠋ ᠡᠮᠦᠨ᠎ᠡ ᠲᠠᠯ᠎ᠠ ᠪᠠᠷ ᠰᠢᠦ᠃ ᠵᠤᠨ ᠴᠠᠭ ᠲᠤ᠌ ᠠᠢᠯ ᠤ᠋ᠳ ᠣᠯᠠᠨ ᠪᠠᠢᠳᠠᠭ ᠶᠤᠮᠰᠠᠨ ᠭᠡᠵᠦ ᠬᠤᠶᠠᠭ ᠬᠣᠶᠠᠷ ᠴᠡᠷᠢᠭ ᠲᠦ᠍ ᠲᠤᠰᠢᠶᠠᠭᠠᠳ ᠳᠡᠷᠭᠡᠳᠡ ᠪᠡᠨ ᠶᠠᠪᠤᠭᠰᠠᠨ ᠪᠠᠲᠤ ᠶ᠋ᠢ ᠬᠠᠷᠠᠭᠰᠠᠨ ᠢ᠋ᠶ᠋ᠠᠨ 《ᠴᠢ ᠭᠠᠵᠠᠷ ᠮᠡᠳᠡᠬᠦ ᠬᠥᠮᠦᠨ ᠪᠠᠢᠨ᠎ᠠ ᠬᠠᠮᠲᠤ ᠶᠠᠪᠤᠭᠠᠳ ᠢᠷ᠎ᠡ》 ᠭᠡᠯᠡ᠃
ᠲᠥᠷᠥᠵᠦ ᠥᠰᠦᠭᠰᠡᠨ ᠨᠤᠲᠤᠭ ᠨᠢ ᠦᠢᠮᠡᠭᠡᠨ ᠦ᠌ ᠬᠥᠯ ᠳ᠋ᠦ᠍ ᠳᠠᠭᠠᠷᠢᠭᠳᠠᠵᠤ ᠵᠤᠨ ᠤ᠋ ᠰᠠᠢᠬᠠᠨ ᠴᠠᠭ ᠲᠤ᠌ ᠴᠠᠭᠠᠨ ᠢᠳᠡᠭᠡ᠂ ᠨᠡᠷᠡᠮᠡᠯ ᠠᠷᠢᠬᠢᠨ ᠤ᠋ ᠡᠬᠡᠭᠦᠨ ᠦᠨᠦᠷ ᠬᠠᠩᠬᠤᠯᠵᠤ ᠪᠠᠢᠳᠠᠭ ᠭᠡᠷ ᠦ᠋ᠳ ᠲᠦ᠍ ᠰᠠᠨᠳᠤᠷᠤᠨ ᠵᠠᠢᠯᠠᠭᠰᠠᠨ ᠡᠵᠡᠳ ᠦ᠋ᠨ ᠬᠣᠭᠰᠢᠯ ᠨᠠᠪᠰᠠᠢᠵᠤ ᠪᠠᠢᠭ᠎ᠠ ᠶ᠋ᠢ ᠬᠠᠷᠠᠭᠠᠳ ᠬᠤᠶᠠᠭ ᠤ᠋ᠨ ᠰᠡᠳᠬᠢᠯ ᠭᠦᠨ ᠤᠢᠳᠬᠠᠷ ᠲᠤ᠌ ᠳᠠᠷᠤᠭᠳᠠᠵᠤ ᠶᠠᠪᠤᠯ᠎ᠠ᠃ ᠠᠯᠠᠭᠯᠠᠨ ᠪᠡᠯᠴᠢᠵᠦ ᠪᠠᠢᠳᠠᠭ ᠰᠠᠷᠯᠤᠭ ᠤ᠋ᠳ ᠬᠦᠷᠲᠡᠯ᠎ᠡ ᠠᠯᠠᠭ᠎ᠠ ᠪᠣᠯᠤᠭᠠᠳ ᠬᠠᠶᠠ ᠡᠨᠳᠡ ᠲᠡᠨᠳᠡ ᠨᠢᠭᠡ ᠬᠣᠶᠠᠷ ᠬᠠᠷᠠᠭᠳᠠᠬᠤ ᠳ᠋ᠤᠨᠢ ᠲᠡᠭᠦᠨ ᠢ᠋ ᠤᠳᠠᠲᠠᠯ᠎ᠠ ᠠᠵᠢᠭᠯᠠᠨ ᠬᠠᠷᠠᠨ᠎ᠠ᠃
ᠪᠠᠲᠤ ᠬᠣᠶᠠᠷ ᠴᠡᠷᠢᠭ ᠦ᠋ᠨ ᠬᠠᠮᠲᠤ ᠬᠠᠲᠠᠷᠢᠭᠤᠯᠤᠨ ᠪᠠᠷᠠᠭᠤᠨ ᠬᠥᠲᠥᠯ ᠦ᠋ᠨ ᠵᠦᠭ ᠶᠠᠪᠤᠯ᠎ᠠ᠃ ᠪᠠᠲᠤ ᠳ᠋ᠤ᠌ ᠡᠨᠡ ᠨᠤᠲᠤᠭ ᠲᠠᠢ ᠬᠣᠯᠪᠣᠭᠠᠲᠠᠢ ᠶᠠᠪᠤᠳᠠᠯ ᠠᠮᠢᠳᠤᠷᠠᠯ ᠳ᠋ᠤᠨᠢ ᠣᠯᠠᠨ ᠲᠣᠬᠢᠶᠠᠯᠳᠤᠵᠤ ᠪᠢᠯᠡ᠃ ᠰᠣᠯᠣᠩᠭ᠎ᠠ ᠲᠠᠢ ᠪᠠᠨ ᠬᠠᠮᠲᠤ ᠢᠵᠢᠯᠬᠡᠨ ᠬᠣᠶᠠᠷ ᠬᠠᠷ᠎ᠠ ᠮᠣᠷᠢ ᠤᠨᠤᠭᠠᠳ ᠲᠡᠮᠦᠷ ᠦ᠋ᠨ ᠳ᠋ᠦ᠍ ᠣᠴᠢᠬᠤ ᠭᠡᠵᠦ ᠶᠠᠪᠤᠬᠤ ᠳ᠋ᠠᠭᠠᠨ ᠲᠡᠷᠲᠡᠭᠡ ᠡᠮᠦᠨ᠎ᠡ ᠬᠠᠷᠠᠭᠳᠠᠬᠤ ᠠᠭᠤᠯᠠ ᠶ᠋ᠢᠨ ᠨᠠᠭᠠᠳᠤ ᠲᠠᠯ᠎ᠠ ᠪᠠᠷ ᠭᠠᠷᠤᠭᠰᠠᠨ ᠵᠠᠮ ᠢ᠋ᠶ᠋ᠠᠷ ᠶᠠᠪᠤᠵᠤ ᠪᠠᠢᠭᠰᠠᠨ᠂ ᠰᠤᠷᠭᠠᠭᠤᠯᠢ ᠶ᠋ᠢᠨ ᠠᠵᠢᠯ ᠢ᠋ᠶ᠋ᠠᠷ ᠡᠨᠡ ᠣᠷᠴᠢᠮ ᠤ᠋ᠨ ᠨᠤᠲᠤᠭ ᠢ᠋ᠶ᠋ᠠᠷ ᠬᠡᠳᠦ ᠶᠠᠪᠤᠭᠰᠠᠨ ᠢ᠋ ᠲᠣᠭᠠᠯᠠᠬᠤ ᠳ᠋ᠤ᠌ ᠪᠡᠷᠬᠡ ᠪᠠᠢᠯ᠎ᠠ᠃ ᠡᠨᠡ ᠪᠦᠬᠦᠨ ᠪᠠᠲᠤ ᠶ᠋ᠢᠨ ᠰᠡᠳᠬᠢᠯ ᠳ᠋ᠦ᠍ ᠵᠢᠷᠢᠯᠵᠡᠨ ᠥᠩᠭᠡᠷᠡᠪᠡ᠃
ᠶᠠᠪᠤᠭᠰᠠᠭᠠᠷ ᠨᠢᠷᠤᠭᠤᠨ ᠤ᠋ ᠣᠷᠣᠢ ᠳᠡᠭᠡᠷ᠎ᠡ ᠭᠠᠷᠴᠤ ᠢᠷᠡᠯ᠎ᠡ᠃ ᠦᠨᠡᠬᠡᠷ ᠴᠦ᠍ ᠦᠷᠭᠦᠯᠵᠢᠯᠡᠭᠰᠡᠨ ᠤᠷᠲᠤ ᠠᠮᠠ ᠡᠮᠦᠨ᠎ᠡ ᠨᠢ ᠲᠣᠳᠣᠷᠠᠪᠠ᠃ ᠠᠮᠠᠨ ᠤ᠋ ᠳᠤᠮᠳᠠᠭᠤᠷ ᠮᠤᠷᠤᠢᠯᠵᠠᠨ ᠤᠷᠤᠰᠤᠭᠰᠠᠨ ᠨᠠᠷᠢᠬᠠᠨ ᠭᠣᠣᠯ ᠨᠠᠷᠠᠨ ᠤ᠋ ᠭᠡᠷᠡᠯ ᠳ᠋ᠦ᠍ ᠭᠢᠯᠠᠯᠵᠠᠨ ᠲᠣᠭᠯᠠᠨ᠎ᠠ᠃ ᠭᠣᠣᠯ ᠤ᠋ᠨ ᠬᠣᠶᠠᠷ ᠲᠠᠯ᠎ᠠ ᠪᠠᠷ ᠬᠡᠳᠦ ᠬᠡᠳᠦᠨ ᠬᠣᠲᠠ ᠠᠢᠯ ᠬᠠᠷᠠᠭᠳᠠᠪᠠᠴᠤ ᠭᠠᠳᠠᠨ᠎ᠠ ᠨᠢ ᠠᠮᠢᠳᠤ ᠠᠮᠢᠲᠠᠨ ᠦᠯᠦ ᠦᠵᠡᠭᠳᠡᠨ᠎ᠡ᠂ ᠪᠠᠰᠠ ᠠᠢᠯ ᠤ᠋ᠳ ᠤ᠋ᠨ ᠳᠣᠣᠷᠠᠲᠤ ᠲᠠᠯ᠎ᠠ ᠳ᠋ᠤ᠌ ᠠᠷᠪᠠᠭᠠᠳ ᠰᠠᠷᠯᠤᠭ ᠡᠴᠡ ᠥᠭᠡᠷ᠎ᠡ ᠮᠠᠯ ᠡᠰᠡ ᠬᠠᠷᠠᠭᠳᠠᠪᠠ᠃
ᠭᠤᠷᠪᠠᠭᠤᠯᠠ ᠪᠠᠨ ᠮᠣᠷᠢᠨ ᠡᠴᠡ ᠪᠡᠨ ᠪᠠᠭᠤᠵᠤ ᠪᠦᠬᠦᠨ ᠢ᠋ ᠨᠠᠷᠢᠪᠴᠢᠯᠠᠨ ᠠᠵᠢᠭᠯᠠᠪᠠ᠃ ᠭᠡᠲᠡᠯ᠎ᠡ ᠲᠡᠷᠲᠡᠭᠡ ᠳᠣᠣᠷᠠᠬᠢ ᠠᠢᠯ ᠤ᠋ᠳ ᠤ᠋ᠨ ᠳᠤᠮᠳᠠᠭᠤᠷ ᠭᠠᠭᠴᠠ ᠪᠠᠷᠠᠭᠠᠨ ᠮᠣᠷᠢ ᠲᠠᠢ ᠬᠥᠮᠦᠨ ᠬᠤᠷᠳᠤᠯᠠᠨ ᠢᠷᠡᠵᠦ ᠶᠠᠪᠤᠯ᠎ᠠ᠃
ᠮᠣᠷᠢᠳ ᠢ᠋ᠶ᠋ᠠᠨ ᠨᠢᠭᠤᠭᠠᠳ ᠫᠤᠤ ᠪᠠᠨ ᠪᠡᠯᠡᠳᠬᠡᠨ ᠲᠡᠭᠦᠨ ᠢ᠋ ᠬᠠᠷᠠᠭᠤᠯᠳᠠᠨ ᠬᠦᠯᠢᠶᠡᠪᠡ᠃ ᠪᠠᠷᠠᠭᠠᠨ ᠮᠣᠷᠢᠲᠤ ᠵᠣᠭᠰᠣᠯᠲᠠ ᠦᠭᠡᠢ ᠳᠠᠪᠬᠢᠭᠰᠠᠭᠠᠷ ᠡᠭᠴᠡ ᠡᠮᠦᠨ᠎ᠡ ᠡᠴᠡ ᠨᠢ ᠢᠷᠡᠯ᠎ᠡ᠃ ᠡᠨᠡ ᠪᠣᠯ ᠡᠰᠡᠷᠭᠦᠦ ᠨᠠᠷ ᠤ᠋ᠨ ᠳᠤᠮᠳᠠ ᠡᠴᠡ ᠲᠦᠭᠵᠢᠯ ᠦ᠋ᠨ ᠰᠠᠯᠬᠢᠨ ᠬᠡᠭᠡᠷ ᠢ᠋ᠶ᠋ᠡᠷ ᠵᠢᠭᠤᠲᠠᠨ ᠭᠠᠷᠤᠭᠰᠠᠨ ᠬᠣᠩᠭᠣᠷ ᠪᠠᠢᠯ᠎ᠠ᠃ ᠬᠣᠩᠭᠣᠷ ᠲᠡᠨᠳᠡ ᠡᠴᠡ ᠭᠠᠷᠤᠭᠠᠳ ᠶᠠᠭᠤᠨ ᠤ᠋ ᠡᠮᠦᠨ᠎ᠡ ᠡᠬᠡᠨᠡᠷ᠂ ᠬᠡᠦᠬᠡᠳ ᠬᠣᠶᠠᠷ ᠲᠠᠢ ᠪᠠᠨ ᠠᠭᠤᠯᠵᠠᠬᠤ ᠭᠡᠵᠦ ᠭᠡᠷ ᠲᠡᠭᠡᠨ ᠣᠴᠢᠪᠠᠯ ᠡᠵᠡᠳ ᠨᠢ ᠣᠷᠣ ᠰᠤᠷᠠᠭ ᠦᠭᠡᠢ ᠳᠥᠷᠪᠡᠨ ᠠᠯᠠᠭ᠎ᠠ ᠪᠣᠯᠵᠤ ᠬᠣᠭᠣᠰᠣᠨ ᠭᠡᠷ ᠦᠯᠡᠳᠡᠵᠡᠢ᠃
ᠡᠰᠡᠷᠭᠦᠦ ᠪᠣᠰᠤᠯᠭ᠎ᠠ ᠶ᠋ᠢᠨ ᠰᠤᠷᠠᠭ ᠢ᠋ᠶ᠋ᠠᠷ ᠠᠢᠯ ᠤ᠋ᠳ ᠳᠦᠷᠪᠡᠬᠦ ᠳ᠋ᠦ᠍ ᠰᠦᠷᠦᠩ ᠬᠦᠦ ᠲᠡᠢ ᠪᠡᠨ ᠬᠠᠮᠲᠤ ᠬᠠᠳᠠᠮ ᠡᠴᠢᠭᠡ ᠶ᠋ᠢᠨ ᠳ᠋ᠡᠭᠡᠨ ᠣᠴᠢᠵᠠᠢ᠃
ᠢᠲᠡᠭᠡᠯᠲᠦ ᠳᠤᠯᠵᠢᠨ ᠬᠣᠶᠠᠷ ᠠᠴᠢ ᠬᠦᠦ ᠪᠡᠨ ᠦᠵᠡᠨ ᠬᠢᠵᠠᠭᠠᠷ ᠦᠭᠡᠢ ᠪᠠᠶᠠᠷᠯᠠᠭᠰᠠᠨ ᠪᠥᠭᠡᠳ ᠰᠦᠷᠦᠩ ᠢ᠋ ᠡᠰᠡᠷᠭᠦᠦ ᠬᠥᠳᠡᠯᠭᠡᠭᠡᠨ ᠦ᠌ ᠲᠤᠬᠠᠢ ᠶᠠᠷᠢᠬᠤ ᠳ᠋ᠤ᠌ 《ᠠᠷᠠᠳ ᠤ᠋ᠨ ᠵᠠᠰᠠᠭ ᠤ᠋ᠨ ᠬᠡᠳᠦᠨ ᠱᠠᠯᠳᠠᠩ ᠪᠠᠨᠳᠢ ᠶᠠᠭᠠᠬᠢᠵᠤ ᠲᠡᠯᠴᠢᠯᠡᠪᠡᠴᠦ ᠳᠡᠢᠯᠬᠦ ᠦᠭᠡᠢ᠃ ᠠᠮᠢᠨ ᠡᠴᠡ ᠪᠡᠨ ᠤᠢᠳᠤᠭᠰᠠᠨ ᠮᠥᠨ ᠴᠦ᠍ ᠲᠡᠨᠡᠭ ᠠᠮᠢᠲᠠᠳ ᠶᠤᠮ ᠳᠠ᠃ ᠭᠣᠣᠯ ᠭᠠᠷᠴᠤ᠂ ᠶᠡᠬᠡ ᠵᠠᠮ ᠪᠠᠷᠠᠳᠠᠨ ᠪᠠᠭᠤᠪᠠᠯ ᠶᠠᠮᠠᠷ ᠴᠤ᠌ ᠠᠶᠤᠯ ᠦᠭᠡᠢ᠃ ᠬᠠᠷᠢᠨ ᠬᠦᠦ ᠮᠢᠨᠢ ᠶᠠᠭᠠᠬᠢᠵᠤ ᠶᠠᠪᠤᠳᠠᠭ ᠪᠣᠯ? ᠲᠡᠭᠦᠨ ᠳ᠋ᠦ᠍ ᠯᠡ ᠵᠣᠪᠠᠬᠤ ᠶᠤᠮ》 ᠭᠡᠳ ᠰᠠᠨᠠᠭ᠎ᠠ ᠠᠯᠲᠠᠨ ᠶᠡᠬᠡ ᠯᠡ ᠶᠠᠭᠤᠮ᠎ᠠ ᠪᠣᠳᠣᠭᠰᠠᠨ ᠪᠢᠯᠡ᠃
ᠮᠠᠷᠭᠠᠰᠢ ᠨᠢ ᠡᠷᠲᠡ ᠠᠴᠢᠶᠠᠯᠠᠵᠤ ᠲᠠᠮᠢᠷ ᠢ᠋ ᠣᠭᠳᠤᠯᠠᠨ ᠡᠮᠦᠨ᠎ᠡ ᠨᠤᠲᠤᠭ ᠤ᠋ᠨ ᠠᠶᠤᠯ ᠦᠭᠡᠢ ᠭᠠᠵᠠᠷ ᠤᠷᠤᠭᠤ ᠨᠡᠭᠦᠵᠡᠢ᠃
ᠬᠣᠩᠭᠣᠷ ᠡᠵᠡᠭᠦᠢ ᠭᠡᠷ ᠲᠡᠭᠡᠨ ᠣᠷᠣᠭᠠᠳ ᠲᠠᠮᠠᠬᠢ ᠲᠡᠳᠡᠨ ᠬᠡᠰᠡᠭ ᠰᠠᠭᠤᠵᠤ ᠪᠠᠢᠬᠤ ᠵᠠᠭᠤᠷ᠎ᠠ ᠬᠦᠦ ᠶ᠋ᠢᠨ ᠬᠢᠨᠢ ᠬᠣᠶᠠᠷ ᠪᠣᠢᠲᠣᠭ ᠨᠢᠳᠦᠨ ᠳ᠋ᠦ᠍ᠨᠢ ᠬᠠᠷᠠᠭᠳᠠᠬᠤ ᠳ᠋ᠤ᠌ ᠨᠡᠢᠯᠡᠭᠦᠯᠦᠨ ᠴᠢᠩᠭ᠎ᠠ ᠪᠠᠵᠠᠵᠤ ᠡᠯᠢᠭᠡᠨ ᠳ᠋ᠡᠭᠡᠨ ᠲᠡᠪᠡᠷᠢᠭᠰᠡᠨ ᠢ᠋ᠶ᠋ᠡᠨ ᠬᠥᠮᠥᠰᠬᠡ ᠪᠡᠨ ᠵᠠᠩᠭᠢᠳᠤᠨ ᠪᠣᠳᠣᠯᠬᠢᠯᠠᠪᠠ᠃
《ᠬᠠᠮᠢᠭ᠎ᠠ ᠣᠴᠢᠬᠤ ᠪᠣᠢ? ᠡᠬᠡᠨᠡᠷ ᠬᠡᠦᠬᠡᠳ᠂ ᠡᠴᠢᠭᠡ ᠡᠬᠡ ᠮᠢᠨᠢ ᠶᠠᠭᠠᠬᠢᠵᠤ ᠪᠠᠢᠳᠠᠭ ᠪᠣᠯ? ᠪᠠᠲᠤ ᠮᠢᠨᠢ ᠠᠮᠢᠳᠤ ᠶᠠᠪᠤᠳᠠᠭ ᠪᠣᠯᠪᠠᠤ?》 ᠭᠡᠬᠦ ᠵᠡᠷᠭᠡ ᠡᠳᠦᠢ ᠲᠡᠳᠦᠢ ᠠᠰᠠᠭᠤᠳᠠᠯ ᠰᠡᠳᠬᠢᠯ ᠳ᠋ᠦ᠍ᠨᠢ ᠣᠷᠣᠪᠠᠴᠤ ᠥᠭᠬᠦ ᠬᠠᠷᠢᠭᠤ ᠪᠠᠢᠭᠰᠠᠨ ᠦᠭᠡᠢ᠃ ᠤᠴᠢᠷ ᠨᠢ ᠰᠡᠭᠦᠯ ᠦ᠋ᠨ ᠬᠡᠳᠦᠨ ᠡᠳᠦᠷ ᠦ᠋ᠨ ᠳᠣᠲᠣᠷ᠎ᠠ ᠡᠨᠡ ᠬᠥᠮᠦᠨ ᠦ᠌ ᠰᠡᠳᠬᠢᠯ ᠳ᠋ᠦ᠍ ᠪᠣᠢ ᠪᠣᠯᠤᠭᠰᠠᠨ ᠬᠦᠨᠳᠦ ᠰᠢᠷᠬ᠎ᠠ ᠪᠤᠭᠯᠠᠨ ᠶᠠᠭᠤᠮ᠎ᠠ ᠭᠦᠨ ᠪᠣᠳᠣᠬᠤ ᠴᠢᠳᠠᠪᠤᠷᠢ ᠦᠭᠡᠢ ᠪᠣᠯᠭᠠᠵᠠᠢ᠃
ᠪᠣᠢᠲᠣᠭ ᠢ᠋ᠶ᠋ᠠᠨ ᠡᠪᠦᠷᠲᠦᠯᠡᠭᠡᠳ ᠭᠠᠷᠤᠯ᠎ᠠ᠃ ᠳᠠᠬᠢᠭᠠᠳ ᠯᠠ 《ᠬᠠᠮᠢᠭ᠎ᠠ ᠣᠴᠢᠬᠤ ᠪᠣᠢ》 ᠭᠡᠳᠡᠭ ᠠᠰᠠᠭᠤᠳᠠᠯ ᠭᠠᠷᠴᠤ ᠢᠷᠡᠯ᠎ᠡ᠃ ᠦᠨᠡᠨ ᠳ᠋ᠡᠭᠡᠨ ᠣᠴᠢᠬᠤ ᠭᠠᠵᠠᠷ ᠪᠠᠢᠭᠰᠠᠨ ᠦᠭᠡᠢ᠃ ᠪᠠᠢᠯᠳᠤᠵᠤ ᠪᠠᠢᠭ᠎ᠠ ᠬᠣᠶᠠᠷ ᠲᠠᠯ᠎ᠠ ᠶ᠋ᠢᠨ ᠠᠯᠢᠨ ᠳ᠋ᠤ᠌ ᠴᠤ᠌ ᠣᠴᠢᠬᠤ ᠨᠢᠭᠤᠷ ᠦᠭᠡᠢ ᠪᠣᠯᠵᠠᠢ᠃ ᠬᠦᠰᠡᠵᠦ ᠣᠴᠢᠭᠰᠠᠨ ᠬᠦᠦ ᠡᠬᠡᠨᠡᠷ ᠨᠢ ᠬᠠᠮᠢᠭ᠎ᠠ ᠪᠦᠭᠭᠦᠵᠦ ᠪᠠᠢᠭ᠎ᠠ ᠶ᠋ᠢ ᠮᠡᠳᠡᠬᠦ ᠦᠭᠡᠢ ᠤᠴᠢᠷ ᠡᠴᠡ ᠬᠠᠮᠢᠭᠠᠰᠢ ᠪᠠᠨ ᠶᠠᠪᠤᠬᠤ ᠪᠢᠯᠡ᠃
《ᠶᠠᠭᠤ ᠴᠤ᠌ ᠭᠡᠰᠡᠨ ᠠᠪᠤ ᠲᠠᠢ ᠠᠭᠤᠯᠵᠠᠶ᠎ᠠ》 ᠭᠡᠵᠦ ᠪᠣᠳᠣᠭᠳᠠᠬᠤ ᠳ᠋ᠤ᠌ ᠮᠣᠷᠢ ᠪᠠᠨ ᠲᠠᠢᠯᠵᠤ ᠠᠪᠤᠭᠠᠳ ᠮᠣᠷᠳᠠᠪᠠ᠃ ᠢᠩᠭᠢᠵᠦ ᠳᠠᠪᠬᠢᠵᠤ ᠶᠠᠪᠤᠬᠤ ᠳ᠋ᠠᠭᠠᠨ ᠪᠠᠲᠤ ᠪᠠ ᠲᠡᠭᠦᠨ ᠦ᠌ ᠨᠥᠬᠥᠳ ᠲᠡᠢ ᠲᠤᠯᠭᠠᠷᠠᠵᠠᠢ᠃ ᠨᠢᠭᠡ ᠴᠡᠷᠢᠭ ᠪᠣᠰᠤᠭᠠᠳ 《ᠶᠠᠭᠤᠨ ᠤ᠋ ᠬᠥᠮᠦᠨ ᠪᠣᠢ? ᠵᠣᠭᠰᠣ᠂ ᠫᠤᠤᠳᠠᠨ᠎ᠠ ᠰᠢᠦ》 ᠭᠡᠵᠦ ᠥᠨᠳᠥᠷ ᠳᠠᠭᠤ ᠪᠠᠷ ᠬᠠᠰᠬᠢᠷᠬᠤ ᠳ᠋ᠤ᠌ ᠬᠣᠩᠭᠣᠷ ᠮᠣᠷᠢᠨ ᠤ᠋ ᠪᠠᠨ ᠠᠮᠠ ᠶ᠋ᠢ ᠲᠠᠲᠠᠵᠤ ᠭᠱᠠᠨ ᠵᠠᠭᠤᠷ᠎ᠠ ᠵᠣᠭᠰᠣᠭᠰᠠᠨ ᠢ᠋ᠶ᠋ᠠᠨ ᠭᠡᠨᠡᠳᠲᠡ ᠡᠷᠭᠢᠵᠦ ᠬᠤᠷᠳᠤᠯᠠᠪᠠ᠃
ᠬᠠᠰᠬᠢᠷᠤᠭᠰᠠᠨ ᠴᠡᠷᠢᠭ ᠫᠤᠤᠳᠠᠪᠠ᠃ ᠬᠣᠩᠭᠣᠷ ᠮᠣᠷᠢᠨ ᠤ᠋ ᠪᠠᠨ ᠵᠥᠪ ᠲᠠᠯ᠎ᠠ ᠤᠷᠤᠭᠤ ᠠᠯᠭᠤᠷᠬᠠᠨ ᠨᠠᠯᠠᠵᠤ ᠤᠨᠵᠢᠪᠠ᠃
ᠣᠨᠣᠴᠢᠬᠠᠵᠠᠢ ᠰᠢᠦ ᠭᠡᠵᠦ ᠨᠢᠭᠡ ᠴᠡᠷᠢᠭ ᠬᠡᠯᠡᠲᠡᠯ᠎ᠡ 《ᠦᠭᠡᠢ᠃ ᠪᠢ ᠠᠮᠢᠳᠤ ᠪᠠᠢᠨ᠎ᠠ》 ᠭᠡᠰᠡᠨ ᠶᠤᠮ ᠰᠢᠭ ᠳᠠᠬᠢᠨ ᠡᠮᠡᠭᠡᠯ ᠳᠡᠭᠡᠷ᠎ᠡ ᠪᠡᠨ ᠭᠠᠷᠤᠯ᠎ᠠ᠃
ᠬᠡᠷᠪᠡ ᠪᠣᠷᠣ ᠮᠣᠷᠢ ᠨᠢ ᠪᠠᠢᠭᠰᠠᠨ ᠪᠣᠯ ᠦᠬᠦᠭᠰᠡᠨ ᠪᠣᠯᠵᠤ ᠬᠠᠵᠠᠭᠤ ᠳ᠋ᠤᠨᠢ ᠴᠢᠷᠦᠭᠳᠡᠨ ᠶᠠᠪᠤᠭᠰᠠᠭᠠᠷ ᠰᠤᠮᠤ ᠬᠦᠷᠬᠦ ᠦᠭᠡᠢ ᠭᠠᠵᠠᠷ ᠵᠠᠢᠯᠠᠨ ᠭᠠᠷᠴᠤ ᠪᠣᠯᠬᠤ ᠯᠠ ᠪᠠᠢᠭᠰᠠᠨ᠃ ᠭᠡᠲᠡᠯ᠎ᠡ ᠲᠦᠭᠵᠢᠯ ᠦ᠋ᠨ ᠮᠣᠷᠢ ᠲᠡᠢᠮᠦ ᠰᠤᠷᠭᠠᠭᠤᠯᠢ ᠦᠭᠡᠢ ᠪᠣᠯᠬᠣᠷ ᠡᠮᠡᠭᠡᠯ ᠳᠡᠭᠡᠷ᠎ᠡ ᠪᠡᠨ ᠲᠦᠷᠭᠡᠨ ᠭᠠᠷᠤᠭᠰᠠᠨ ᠪᠢᠯᠡ᠃ ᠶᠠᠭ ᠡᠨᠡ ᠦᠶ᠎ᠡ ᠳ᠋ᠦ᠍ ᠪᠠᠲᠤ ᠭᠣᠬ᠎ᠠ ᠪᠠᠨ ᠮᠤᠯᠲᠤᠯᠪᠠ᠃
ᠠᠭᠤᠰᠬᠢ ᠪᠡᠷ ᠢ᠋ᠶ᠋ᠡᠨ ᠨᠡᠪᠲᠡ ᠫᠤᠤᠳᠠᠭᠤᠯᠤᠭᠰᠠᠨ ᠬᠣᠩᠭᠣᠷ ᠪᠥᠬᠥᠯᠵᠡᠨ ᠨᠠᠢᠭᠤᠭᠰᠠᠨ ᠢ᠋ᠶ᠋ᠠᠨ ᠲᠦᠷᠭᠡᠨ ᠶᠠᠪᠤᠭᠰᠠᠨ ᠬᠤᠷᠳᠤᠨ ᠮᠣᠷᠢᠨ ᠤ᠋ ᠡᠷᠴᠢᠨ ᠳ᠋ᠦ᠍ ᠰᠢᠳᠡᠭᠳᠡᠨ ᠲᠡᠷᠲᠡᠭᠡ ᠬᠣᠯᠠ ᠬᠠᠷᠤᠭᠤᠯᠳᠠᠨ ᠤᠨᠠᠭᠠᠳ ᠬᠥᠳᠡᠯᠦᠭᠰᠡᠨ ᠦᠭᠡᠢ᠃
ᠪᠠᠲᠤ ᠨᠥᠬᠥᠳ ᠦ᠋ᠨ ᠬᠠᠮᠲᠤ ᠬᠥᠳᠡᠯᠦᠯ ᠦᠭᠡᠢ ᠬᠡᠪᠲᠡᠵᠦ ᠪᠠᠢᠭ᠎ᠠ ᠬᠥᠮᠦᠨ ᠢ᠋ ᠠᠵᠢᠭᠯᠠᠨ ᠬᠡᠰᠡᠭ ᠪᠣᠯᠤᠭᠠᠳ ᠨᠢᠭᠡ ᠴᠡᠷᠢᠭ ᠦ᠋ᠨ ᠬᠠᠮᠲᠤ ᠮᠣᠷᠳᠠᠵᠤ ᠣᠴᠢᠯ᠎ᠠ᠃ ᠤᠷᠲᠤ ᠤᠷᠭᠤᠭᠰᠠᠨ ᠰᠠᠬᠤᠯᠠᠭ ᠨᠣᠭᠣᠭᠠᠨ ᠳᠡᠭᠡᠷ᠎ᠡ ᠲᠦᠷᠦᠭᠦᠦ ᠣᠷᠣᠭᠰᠢ ᠪᠠᠨ ᠬᠠᠷᠠᠨ ᠤᠨᠠᠭᠰᠠᠨ ᠬᠣᠩᠭᠣᠷ ᠤ᠋ᠨ ᠴᠢᠰᠤ ᠣᠢᠷ᠎ᠠ ᠣᠷᠴᠢᠮ ᠢ᠋ᠶ᠋ᠠᠨ ᠬᠦᠷᠡᠩ ᠤᠯᠠᠭᠠᠨ ᠥᠩᠭᠡ ᠪᠡᠷ ᠪᠣᠳᠣᠵᠠᠢ᠃ ᠡᠭᠦᠳᠡᠨ ᠬᠣᠢᠮᠣᠷ ᠤ᠋ᠨ ᠵᠠᠢᠲᠠᠢ ᠭᠠᠵᠠᠷ ᠬᠡᠦᠬᠡᠳ ᠦ᠋ᠨ ᠬᠣᠶᠠᠷ ᠪᠣᠢᠲᠣᠭ ᠬᠡᠪᠲᠡᠨ᠎ᠡ᠃
ᠪᠠᠲᠤ ᠮᠣᠷᠢᠨ ᠡᠴᠡ ᠪᠠᠭᠤᠵᠤ᠂ ᠬᠡᠪᠲᠡᠵᠦ ᠪᠠᠢᠭ᠎ᠠ ᠬᠥᠮᠦᠨ ᠢ᠋ ᠡᠷᠭᠢᠭᠦᠯᠦᠭᠰᠡᠨ ᠳ᠋ᠦ᠍ 《ᠠ᠋ ᠬᠠᠯᠠᠭ᠂ ᠬᠣᠩᠭᠣᠷ ᠮᠢᠨᠢ》 ᠭᠡᠳ ᠲᠡᠪᠡᠷᠢᠨ ᠠᠪᠤᠯ᠎ᠠ᠃
᠊᠊᠊᠊᠊᠊᠊᠊᠊᠊᠊᠊᠊᠊᠊ ᠬᠣᠩᠭᠣᠷ ᠮᠢᠨᠢ᠂ ᠪᠢ ᠪᠠᠲᠤ ᠪᠠᠢᠨ᠎ᠠ ᠭᠡᠵᠦ ᠬᠠᠰᠬᠢᠷᠪᠠᠴᠤ ᠬᠠᠷᠢᠭᠤ ᠳᠠᠭᠤ ᠭᠠᠷᠤᠭᠰᠠᠨ ᠦᠭᠡᠢ᠃ ᠭᠡᠲᠡᠯ᠎ᠡ ᠬᠣᠩᠭᠣᠷ ᠤ᠋ᠨ ᠭᠠᠯ ᠨᠢ ᠪᠠᠭᠤᠷᠠᠵᠤ᠂ ᠠᠮᠢᠳᠤᠷᠠᠯ ᠤ᠋ᠨ ᠰᠡᠭᠦᠯ ᠦ᠋ᠨ ᠲᠡᠮᠳᠡᠭ ᠨᠢ ᠣᠷᠬᠢᠵᠤ ᠪᠠᠢᠭ᠎ᠠ ᠨᠢᠳᠦ ᠬᠠᠭᠠᠰ ᠨᠡᠭᠡᠭᠡᠭᠳᠡᠵᠦ ᠤᠳᠠᠲᠠᠯ᠎ᠠ ᠪᠠᠲᠤ ᠶ᠋ᠢ ᠰᠢᠷᠳᠡᠭᠰᠡᠨ ᠢ᠋ᠶ᠋ᠡᠨ ᠰᠤᠯᠠᠬᠠᠨ ᠢᠨᠢᠶᠡᠮᠰᠦᠭᠯᠡᠯ ᠤᠷᠤᠭᠤᠯ ᠳ᠋ᠤᠨᠢ ᠲᠣᠳᠣᠷᠠᠬᠤ ᠮᠡᠲᠦ ᠪᠣᠯᠤᠭᠠᠳ ᠠᠮᠢᠰᠬᠤᠭ᠎ᠠ ᠪᠠᠨ ᠬᠤᠷᠢᠶᠠᠪᠠ᠃
ᠪᠠᠲᠤ ᠨᠥᠬᠥᠷ ᠢ᠋ᠶ᠋ᠡᠨ ᠡᠯᠢᠭᠡᠨ ᠳ᠋ᠡᠭᠡᠨ ᠲᠡᠪᠡᠷᠢᠨ᠂ ᠨᠢᠳᠦᠨ ᠡᠴᠡ ᠨᠢ ᠭᠠᠰᠢᠭᠤᠨ ᠨᠢᠯᠪᠤᠰᠤ ᠤᠨᠳᠤᠷᠤᠨ ᠭᠠᠷᠤᠯ᠎ᠠ᠃ ᠬᠣᠩᠭᠣᠷ ᠤ᠋ᠨ ᠴᠢᠰᠤ ᠪᠣᠯᠤᠭᠰᠠᠨ ᠨᠢᠭᠤᠷ ᠲᠤ᠌ ᠵᠡᠭᠦᠳᠦᠯᠡᠵᠦ ᠪᠠᠢᠭ᠎ᠠ ᠬᠡᠦᠬᠡᠳ ᠦ᠋ᠨ ᠢᠨᠢᠶᠡᠮᠰᠦᠭᠯᠡᠯ ᠲᠣᠳᠣᠷᠠᠨ ᠬᠥᠬᠡᠷᠡᠭᠰᠡᠨ ᠤᠷᠤᠭᠤᠯ ᠨᠢ ᠦᠯᠦ ᠮᠡᠳᠡᠭ ᠠᠩᠭᠠᠢᠵᠠᠢ᠃
ᠪᠦᠭᠴᠢᠮ ᠬᠠᠯᠠᠭᠤᠨ ᠡᠳᠦᠷ ᠦ᠋ᠨ ᠨᠠᠷᠠ ᠪᠦᠬᠦᠨ ᠢ᠋ ᠬᠠᠢᠷ᠎ᠠ ᠨᠠᠢᠷ ᠦᠭᠡᠢ ᠲᠥᠭᠡᠨᠡᠵᠦ ᠬᠣᠩᠭᠣᠷ ᠤ᠋ᠨ ᠬᠠᠴᠠᠷ ᠲᠤ᠌ ᠨᠠᠭᠠᠭᠰᠠᠨ ᠪᠠᠲᠤ ᠶ᠋ᠢᠨ ᠬᠠᠴᠠᠷ ᠥᠳᠬᠡᠷᠡᠭᠰᠡᠨ ᠴᠢᠰᠤᠨ ᠳ᠋ᠤ᠌ ᠨᠠᠭᠠᠯᠳᠤᠨ᠎ᠠ᠃
ᠬᠣᠩᠭᠣᠷ ᠤ᠋ᠨ ᠪᠣᠷᠣ ᠮᠣᠷᠢ᠂ ᠪᠠᠲᠤ ᠶ᠋ᠢᠨ ᠮᠥᠷᠦᠨ ᠳᠡᠭᠡᠭᠦᠷ ᠲᠣᠯᠣᠭᠠᠢ ᠪᠠᠨ ᠤᠨᠵᠢᠭᠤᠯᠤᠨ ᠠᠮᠢ ᠨᠢ ᠭᠠᠷᠤᠭᠰᠠᠨ ᠡᠵᠡᠨ ᠢ᠋ᠶ᠋ᠡᠨ ᠤᠳᠠᠲᠠᠯ᠎ᠠ ᠦᠨᠦᠷᠲᠦᠭᠰᠡᠨ ᠢ᠋ᠶ᠋ᠡᠨ ᠢᠵᠢᠯ ᠳᠠᠰᠤᠯ ᠪᠣᠯᠤᠭᠰᠠᠨ ᠡᠵᠡᠨ ᠦ᠌ ᠪᠡᠨ ᠴᠣᠭᠴᠠᠰ ᠢ᠋ ᠪᠤᠯᠠᠬᠤ ᠭᠠᠵᠠᠷ ᠮᠠᠯᠲᠠᠬᠤ ᠭᠡᠵᠦ ᠪᠠᠢᠭ᠎ᠠ ᠶᠤᠮ ᠰᠢᠭ᠋ ᠴᠠᠪᠴᠢᠯᠠᠪᠠ᠃
