ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠪᠥᠬᠥ ᠨᠣᠮ> Хялгасан дөрөөн дээр – Хасвулаг зохиов <бүх ном>
ᠵᠣᠬᠢᠶᠠᠯᠴᠢ ᠶᠢᠨ ᠳᠥᠭᠥᠮ ᠲᠠᠨᠢᠯᠴᠠᠭᠤᠯᠭ᠎ᠠ

1970 ᠣᠨ ᠳ᠋ᠤ᠌ ᠤᠤᠯ ᠤ᠋ᠨ ᠶᠡᠬᠡ ᠵᠣᠣ ᠠᠢᠮᠠᠭ ᠤ᠋ᠨ ᠬᠣᠶᠠᠳᠤᠭᠠᠷ ᠳᠤᠮᠳᠠᠳᠤ ᠰᠤᠷᠭᠠᠭᠤᠯᠢ ᠶ᠋ᠢᠨ ᠪᠠᠭᠰᠢ ᠶ᠋ᠢᠨ ᠠᠩᠭᠢ ᠶ᠋ᠢ ᠲᠡᠭᠦᠰᠬᠡᠵᠦ᠂ ᠤᠷᠢᠳ ᠬᠣᠵᠢᠳ ᠰᠤᠷᠭᠠᠭᠤᠯᠢ ᠶ᠋ᠢᠨ ᠪᠠᠭᠰᠢ᠂ ᠴᠡᠷᠢᠭ ᠠᠩᠭᠢ ᠶ᠋ᠢᠨ ᠪᠠᠢᠯᠳᠤᠭᠴᠢ᠂ ᠰᠢᠭᠦᠬᠦ ᠬᠣᠷᠢᠶᠠᠨ ᠤ᠋ ᠪᠢᠴᠢᠭᠡᠴᠢ᠂ ᠰᠢᠭᠦᠭᠴᠢ᠂ ᠲᠢᠩᠬᠢᠮ ᠦ᠋ᠨ ᠳᠠᠷᠤᠭ᠎ᠠ᠂ ᠬᠣᠷᠢᠶᠠᠨ ᠳᠠᠷᠤᠭ᠎ᠠ ᠪᠠᠷ ᠠᠵᠢᠯᠯᠠᠵᠤ ᠥᠩᠭᠡᠷᠡᠪᠡ᠃
ᠲᠡᠭᠦᠨ ᠦ᠌ ᠭᠣᠣᠯ ᠪᠣᠯᠬᠤ ᠵᠣᠬᠢᠶᠠᠯ ᠪᠦᠲᠦᠭᠡᠯ ᠭᠡᠪᠡᠯ《ᠬᠥᠬᠡᠮᠳᠦᠭ ᠬᠤᠷᠠᠬᠤ》᠂《ᠲᠠᠪᠤᠨ ᠲᠣᠯᠣᠭᠠᠢ ᠶ᠋ᠢᠨ ᠬᠡᠰᠢᠭ》᠂《ᠲᠠᠯ᠎ᠠ ᠶᠠᠯ᠎ᠠ ᠠ᠋ᠴᠠ ᠬᠦᠨᠳᠦ》᠂《ᠮᠥᠩᠭᠥᠨ ᠬᠢᠷᠠᠭᠤ》᠂《ᠬᠢᠯᠭᠠᠰᠤᠨ ᠳᠥᠷᠦᠭᠡᠨ ᠳᠡᠭᠡᠷ᠎ᠡ》᠂《 ᠮᠣᠷᠢᠲᠤ ᠶ᠋ᠢᠨ ᠬᠡᠰᠢᠭ ᠶᠠᠪᠠᠭᠠᠨ ᠳ᠋ᠤ᠌》᠂《 ᠭᠠᠯ ᠤ᠋ᠨ ᠬᠡᠰᠢᠭ ᠭᠠᠯᠪᠠ ᠳ᠋ᠤ᠌》᠂《 ᠲᠥᠷᠥ ᠶ᠋ᠢᠨ ᠬᠡᠰᠢᠭ ᠲᠦᠮᠡᠨ ᠳ᠋ᠦ᠍》᠂《ᠰᠣᠯᠣᠩᠭᠠᠨ ᠡᠷᠢᠶᠡᠨ ᠪᠠᠩᠵᠠᠯ》᠂《ᠵᠡᠮᠳᠡᠭ ᠬᠣᠲᠠ ᠶ᠋ᠢᠨ ᠬᠢᠨ》 ᠵᠡᠷᠭᠡ ᠶ᠋ᠢ ᠳᠤᠷᠠᠳᠴᠤ ᠪᠣᠯᠤᠨ᠎ᠠ᠃ ᠡᠭᠦᠨ ᠳ᠋ᠦ᠍1996 ᠣᠨ ᠤ᠋10 ᠰᠠᠷ᠎ᠠ ᠳ᠋ᠤ᠌《ᠬᠣᠷᠢᠭᠤᠯ ᠳᠣᠲᠣᠷᠠᠬᠢ ᠬᠣᠷᠢᠭ᠎ᠠ ᠦᠭᠡᠢ ᠬᠠᠢᠷ᠎ᠠ》 ᠭᠡᠬᠦ ᠲᠣᠭᠣᠵᠢ ᠪᠠᠷ ᠢ᠋ᠶ᠋ᠠᠨ ᠥᠪᠥᠷ ᠮᠣᠩᠭᠣᠯ ᠤ᠋ᠨ ᠲᠠᠪᠤᠳᠤᠭᠠᠷ ᠬᠤᠭᠤᠴᠠᠭᠠᠨ ᠤ᠋《ᠰᠣᠯᠣᠩᠭ᠎ᠠ ᠱᠠᠩᠨᠠᠯ》 ᠲᠣᠰᠴᠤ᠂ ᠷᠣᠮᠠᠨ《ᠬᠥᠬᠡᠮᠳᠦᠭ ᠬᠤᠷᠠᠬᠤ》 ᠪᠠᠷ ᠢ᠋ᠶ᠋ᠠᠨ1999 ᠣᠨ ᠤ᠋10 ᠰᠠᠷ᠎ᠠ ᠳ᠋ᠤ᠌ ᠥᠪᠥᠷ ᠮᠣᠩᠭᠣᠯ ᠤ᠋ᠨ ᠵᠢᠷᠭᠤᠳᠤᠭᠠᠷ ᠬᠤᠭᠤᠴᠠᠭᠠᠨ ᠤ᠋《ᠰᠣᠯᠣᠩᠭ᠎ᠠ ᠱᠠᠩᠨᠠᠯ》ᠲᠣᠰᠴᠤ᠂ ᠷᠣᠮᠠᠨ《ᠮᠥᠩᠭᠥᠨ ᠬᠢᠷᠠᠭᠤ》ᠨᠢ1999 ᠣᠨ ᠤ᠋11 ᠰᠠᠷ᠎ᠠ ᠳ᠋ᠤ᠌ ᠥᠪᠥᠷ ᠮᠣᠩᠭᠣᠯ ᠤ᠋ᠨ 《ᠲᠠᠪᠤᠨ ᠨᠢᠭᠡ ᠶ᠋ᠢᠨ ᠢᠨᠵᠧᠨᠧᠷᠢᠩ》 ᠦ᠋ᠨ ᠱᠠᠩᠨᠠᠯ ᠬᠦᠷᠲᠡᠪᠡ᠃
ᠣᠯᠠᠨ ᠵᠢᠯ ᠦ᠋ᠨ ᠲᠤᠷᠰᠢ ᠮᠣᠬᠣᠭ᠎ᠠ ᠦᠭᠡᠢ ᠰᠢᠷᠭᠠᠭᠤ ᠠᠵᠢᠯᠯᠠᠭᠰᠠᠨ ᠤ᠋ ᠬᠠᠷᠢᠭᠤ ᠳ᠋ᠤ᠌ ᠲᠡᠷᠡ ᠪᠡᠷ ᠤᠷᠢᠳ ᠬᠣᠵᠢᠳ ᠶᠡᠬᠡ ᠵᠣᠣ ᠠᠢᠮᠠᠭ ᠤ᠋ᠨ ᠰᠢᠯᠢᠳᠡᠭ ᠴᠠᠭᠳᠠᠭ᠎ᠠ ᠪᠠᠷ ᠴᠣᠯᠠᠯᠠᠭᠳᠠᠵᠤ᠂1995 ᠣᠨ ᠳ᠋ᠤ᠌ ᠤᠯᠤᠰ ᠤ᠋ᠨ ᠨᠢᠭᠡᠳᠦᠭᠡᠷ ᠳᠡᠰ ᠦ᠋ᠨ ᠭᠠᠪᠢᠶ᠎ᠠ ᠲᠡᠮᠳᠡᠭᠯᠡᠭᠦᠯᠵᠦ᠂ 2018 ᠣᠨ ᠳ᠋ᠤ᠌ ᠰᠢᠭᠦᠭᠴᠢ ᠶ᠋ᠢᠨ ᠤᠯᠤᠰ ᠤ᠋ᠨ ᠳᠡᠰ ᠦ᠋ᠨ ᠲᠡᠩᠨᠡᠭᠦᠷ ᠢᠷᠠᠭᠤ ᠠᠯᠳᠠᠷ ᠤ᠋ᠨ ᠭᠠᠪᠢᠶᠠᠨ ᠲᠡᠮᠳᠡᠭ ᠢ᠋ᠶ᠋ᠡᠷ ᠱᠠᠩᠨᠠᠭᠳᠠᠪᠠ᠃












































