ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠲᠠᠪᠤ> Хялгасан дөрөөн дээр – Хасвулаг зохиов <25> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠲᠠᠪᠤ> Хялгасан дөрөөн дээр – Хасвулаг зохиов <25>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠲᠠᠪᠤ> Хялгасан дөрөөн дээр – Хасвулаг зохиов <25>

ᠠᠩᠭᠢᠯᠠᠯ:ᠲᠤᠭᠤᠵᠢ ᠷᠣᠮᠠᠨ
2026-02-11

87

ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠲᠠᠪᠤ>


              ᠬᠣᠷᠢᠨ ᠲᠠᠪᠤ 

       ᠦᠦᠷ ᠮᠠᠩᠬᠠᠢᠨ ᠴᠠᠢᠬᠤ ᠶ᠋ᠢᠨ ᠠᠯᠲᠠ ᠪᠠᠷ ᠲᠦᠪᠰᠢᠨ ᠭᠤᠸᠠᠢ ᠶ᠋ᠢᠨ ᠭᠡᠷ ᠲᠡᠬᠢ ᠳ᠋ᠢᠶᠠᠩᠬᠤᠸᠠ ᠶ᠋ᠢᠨ ᠬᠣᠩᠬᠣ ᠳᠠᠷᠴᠢᠭᠢᠨᠠᠨ ᠳᠤᠤᠭᠠᠷᠤᠯ᠎ᠠ᠃  ᠲᠡᠷᠡ ᠥᠨᠳᠡᠢᠨ ᠪᠣᠰᠴᠤ ᠬᠠᠷᠢᠯᠴᠠᠭᠤᠷ ᠢ᠋ ᠠᠪᠴᠤ ᠴᠢᠩᠨᠠᠪᠠᠯ ᠴᠠᠭᠠᠨ᠎ᠠ ᠠ᠋ᠴᠠ ᠨᠢ᠄ 
       — ᠲᠠ ᠲᠦᠪᠰᠢᠨ ᠭᠤᠸᠠᠢ ᠤᠤ? ᠪᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠯᠢᠦ ᠸᠧᠨ ᠰᠢᠶᠠᠩ ᠪᠠᠢᠨ᠎ᠠ᠃ ᠥᠴᠥᠭᠡᠳᠦᠷ ᠰᠥᠨᠢ ᠲᠠ ᠨᠠᠷ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠸᠠᠩ ᠯᠠᠨ ᠬᠤᠸᠠ ᠨᠥᠬᠥᠷ ᠦ᠋ᠨ ᠳ᠋ᠦ᠍ ᠣᠴᠢᠭᠰᠠᠨ ᠤᠤ? ᠠ! ᠣᠴᠢᠭᠰᠠᠨ ᠭᠡᠨ᠎ᠡ᠃ ᠲᠡᠷᠡ ᠥᠴᠥᠭᠡᠳᠦᠷ ᠰᠥᠨᠢ ᠬᠣᠣᠷᠯᠠᠭᠳᠠᠵᠠᠢ᠁ ᠭᠡᠬᠦ ᠨᠢ ᠰᠣᠨᠣᠰᠳᠠᠵᠠᠢ᠃ 
       ᠡᠨᠡ ᠴᠢᠮᠡᠭᠡ ᠲᠦᠪᠰᠢᠨ ᠭᠤᠸᠠᠢ ᠳ᠋ᠤ᠌ ᠳᠠᠩᠴᠤ ᠲᠤᠯᠭᠠᠮ ᠮᠥᠷᠲᠡᠭᠡᠨ ᠰᠠᠨᠠᠭᠠᠨ ᠠ᠋ᠴᠠ ᠭᠠᠳᠠᠭᠤᠷ ᠪᠣᠯᠵᠠᠢ᠃ ᠲᠡᠷᠡ ᠢᠲᠡᠭᠡᠬᠦ ᠲᠡᠢ᠂ ᠦᠭᠡᠢ ᠲᠡᠢ ᠪᠡᠷ᠄  
       — ᠠ᠋᠂ ᠬᠡᠳᠦᠨ ᠴᠠᠭ ᠲᠤ᠌? 
       — ᠣᠳᠣᠬᠠᠨ ᠳ᠋ᠤ᠌ ᠪᠠᠢᠴᠠᠭᠠᠭᠠᠳᠤᠢ᠃ ᠬᠡᠳᠦᠨ ᠮᠢᠨᠦ᠋ᠲ ᠦ᠋ᠨ ᠡᠮᠦᠨ᠎ᠡ ᠰᠠᠶᠢ ᠲᠡᠭᠦᠨ ᠦ᠌ ᠬᠣᠣᠷᠯᠠᠭᠳᠠᠭᠰᠠᠨ ᠬᠡᠷᠡᠭ ᠢ᠋ ᠣᠯᠵᠤ ᠰᠣᠨᠣᠰᠤᠯ᠎ᠠ᠃ ᠣᠳᠣ ᠶᠠᠭ ᠰᠠᠢᠬᠠᠨ ᠮᠥᠷᠳᠡᠨ ᠪᠠᠢᠴᠠᠭᠠᠬᠤ ᠳᠤᠭᠤᠢᠯᠠᠩ ᠢ᠋ ᠵᠣᠬᠢᠶᠠᠨ ᠪᠠᠢᠭᠤᠯᠵᠤ ᠪᠠᠢᠨ᠎ᠠ᠃ ᠪᠠᠢᠳᠠᠯ ᠠ᠋ᠴᠠ ᠦᠵᠡᠬᠦ ᠳ᠋ᠦ᠍ ᠡᠨᠡ ᠬᠡᠷᠡᠭ ᠪᠣᠯᠤᠷᠴᠠᠭᠠᠨ ᠤ᠋ ᠬᠡᠷᠡᠭ ᠢ᠋ ᠳᠠᠬᠢᠨ ᠪᠠᠢᠴᠠᠭᠠᠵᠤ ᠪᠠᠢᠬᠤ ᠲᠠᠢ ᠬᠣᠯᠪᠣᠭᠳᠠᠯ ᠲᠠᠢ ᠪᠠᠢᠵᠤ ᠮᠡᠳᠡᠨ᠎ᠡ᠃ ᠡᠢᠮᠦ ᠡᠴᠡ ᠪᠢᠳᠡᠨ ᠲᠡᠢ ᠬᠠᠮᠲᠤ ᠣᠴᠢᠵᠤ ᠬᠡᠷᠡᠭ ᠦ᠋ᠨ ᠲᠠᠯᠠᠪᠠᠢ ᠶ᠋ᠢ ᠪᠠᠢᠴᠠᠭᠠᠬᠤ ᠶ᠋ᠢ ᠬᠦᠰᠡᠵᠦ ᠪᠠᠢᠨ᠎ᠠ᠃  
       — ᠪᠣᠯᠤᠨ᠎ᠠ᠂ ᠪᠢ ᠣᠳᠣ ᠪᠠᠷ ᠢ᠋ᠶ᠋ᠠᠨ ᠬᠡᠷᠡᠭ ᠦ᠋ᠨ ᠲᠠᠯᠠᠪᠠᠢ ᠳ᠋ᠤ᠌ ᠰᠢᠭᠤᠳ ᠣᠴᠢᠶ᠎ᠠ᠃ 
       — ᠪᠠᠰᠠ ᠨᠢᠭᠡ ᠶᠠᠷᠢᠯᠴᠠᠬᠤ ᠵᠦᠢᠯ ᠪᠣᠯ ᠸᠠᠩ ᠯᠠᠨ ᠬᠤᠸᠠ ᠶ᠋ᠢᠨ ᠬᠣᠣᠷᠯᠠᠭᠳᠠᠭᠰᠠᠨ ᠶᠠᠪᠤᠳᠠᠯ ᠲᠤᠢᠯ ᠤ᠋ᠨ ᠣᠨᠴᠠᠭᠠᠢ᠂ ᠪᠠᠰᠠ ᠵᠢᠭᠠᠬᠠᠨ ᠬᠠᠷᠢᠴᠠᠭ᠎ᠠ ᠬᠣᠯᠪᠣᠭᠠᠨ ᠤ᠋ ᠦ ᠰᠦᠪᠡᠭᠴᠢ ᠪᠠᠢᠬᠤ ᠤᠴᠢᠷ ᠠ᠋ᠴᠠ ᠦᠬᠦᠳᠡᠯ ᠢ᠋ ᠨᠢ ᠡᠷᠬᠡᠪᠰᠢ ᠲᠤᠶᠠᠴᠢᠵᠤ ᠵᠠᠳᠠᠯᠬᠤ ᠴᠢᠬᠤᠯᠠ ᠲᠠᠢ ᠪᠠᠢᠨ᠎ᠠ᠃ ᠡᠭᠦᠨ ᠢ᠋ ᠴᠣᠬᠣᠮ ᠬᠡᠨ ᠢ᠋ᠶ᠋ᠡᠷ ᠬᠠᠷᠢᠭᠤᠴᠠᠭᠤᠯᠪᠠᠯ ᠵᠣᠬᠢᠰᠲᠠᠢ ᠪᠣᠯ? 
       — ᠬᠠᠰᠢ ᠯᠠ ᠲᠠ ᠨᠠᠷ ᠲᠠᠢ ᠤᠤᠯ ᠠ᠋ᠴᠠ ᠪᠠᠨ ᠬᠠᠷᠢᠴᠠᠭ᠎ᠠ ᠲᠠᠢ ᠨᠢᠭᠡᠳᠦᠭᠡᠷ ᠡᠮᠨᠡᠯᠭᠡ ᠶ᠋ᠢᠨ ᠬᠣᠷᠢᠶ᠎ᠠ ᠪᠠᠷ᠃ ᠪᠣᠳᠠᠲᠠᠢ ᠬᠥᠮᠦᠨ ᠢ᠋ ᠨᠢ ᠲᠤᠰ ᠬᠣᠷᠢᠶ᠎ᠠ ᠪᠠᠷ ᠲᠣᠭᠲᠠᠭᠠᠯᠭᠠᠪᠠᠯ ᠶᠠᠮᠠᠷ?
       — ᠪᠣᠯᠤᠨ᠎ᠠ᠃ ᠪᠢ ᠴᠦ᠍ ᠮᠥᠨ ᠢᠩᠭᠢᠵᠦ ᠪᠣᠳᠣᠵᠤ ᠪᠠᠢᠨ᠎ᠠ᠃  
       ᠲᠦᠪᠰᠢᠨ᠂ ᠬᠥᠬᠡᠲᠤᠯᠢ ᠲᠠᠢ ᠬᠠᠮᠲᠤ ᠸᠠᠩ ᠯᠠᠨ ᠬᠤᠸᠠ ᠶᠢᠨ ᠬᠣᠣᠷᠯᠠᠭᠳᠠᠭᠰᠠᠨ ᠬᠡᠷᠡᠭ ᠦ᠋ᠨ ᠲᠠᠯᠠᠪᠠᠢ ᠳ᠋ᠤ᠌ ᠬᠦᠷᠴᠦ᠂ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠬᠢᠨ ᠲᠡᠢ ᠨᠡᠢᠯᠡᠨ ᠪᠠᠢᠴᠠᠭᠠᠪᠠ᠃ ᠸᠠᠩ ᠯᠠᠨ ᠬᠤᠸᠠ ᠶ᠋ᠢᠨ ᠦᠬᠦᠳᠡᠯ ᠳ᠋ᠦ᠍ ᠭᠠᠳᠠᠨ᠎ᠠ ᠠ᠋ᠴᠠ ᠨᠢ ᠢᠯᠡ ᠦᠵᠡᠭᠳᠡᠬᠦ ᠰᠢᠷᠬ᠎ᠠ ᠰᠣᠷᠪᠢ ᠦᠭᠡᠢ᠃ ᠣᠷᠣ ᠳᠡᠭᠡᠷ᠎ᠡ ᠪᠡᠨ ᠤᠨᠲᠠᠭ᠎ᠠ ᠬᠡᠪ ᠢ᠋ᠶ᠋ᠡᠷ ᠢ᠋ᠶ᠋ᠡᠨ ᠦᠬᠦᠭᠰᠡᠨ ᠰᠢᠵᠢ ᠲᠡᠢ ᠪᠠᠢᠯ᠎ᠠ᠃ ᠣᠷᠣ ᠳᠡᠪᠢᠰᠬᠡᠷ ᠨᠢ ᠮᠠᠰᠢ ᠳᠠᠷᠢ ᠲᠡᠭᠰᠢ᠃ ᠴᠢᠷᠠᠢ ᠨᠢᠭᠤᠷ ᠨᠢ ᠴᠦ᠍ ᠠᠮᠤᠷ ᠲᠠᠢᠪᠤᠩ ᠤᠨᠲᠠᠵᠤ ᠪᠠᠢᠬᠤ ᠲᠥᠷᠬᠦ ᠪᠠᠢᠳᠠᠯ ᠲᠠᠢ᠂ ᠥᠷᠭᠡᠨ ᠠᠭᠤᠵᠢᠮ ᠤᠨᠲᠠᠬᠤ ᠣᠷᠣ ᠶ᠋ᠢᠨ ᠢ᠋ᠶ᠋ᠡᠨ ᠨᠠᠭᠠᠳᠤ ᠢᠷᠮᠡᠭ ᠲᠦ᠍ ᠪᠠᠢᠵᠤ᠂ ᠰᠢᠯᠦᠰᠦ ᠪᠡᠨ ᠡᠬᠢ ᠲᠣᠮᠣᠭ᠎ᠠ ᠦᠭᠡᠢ ᠴᠤᠪᠤᠭᠤᠯᠤᠭᠠᠳ ᠳᠡᠷ᠎ᠡ ᠪᠡᠨ ᠱᠠᠯ ᠨᠣᠷᠭᠠᠭᠰᠠᠨ ᠪᠣᠯᠪᠠᠴᠤ ᠥᠴᠦᠬᠡᠨ ᠴᠦ᠍ ᠬᠥᠳᠡᠯᠦᠭᠰᠡᠨ ᠦᠭᠡᠢ ᠡᠴᠡ ᠦᠵᠡᠬᠦ ᠳ᠋ᠦ᠍ ᠠᠮᠢ ᠲᠠᠯᠪᠢᠬᠤ ᠳᠤ ᠪᠠᠨ ᠳᠡᠮᠡᠢ ᠶᠡᠬᠡ ᠲᠡᠯᠴᠢᠯᠡᠵᠦ ᠲᠡᠮᠡᠴᠡᠯᠳᠦᠭᠰᠡᠨ ᠪᠠᠢᠳᠠᠯ ᠦᠭᠡᠢ᠃  ᠪᠣᠳᠣᠬᠤ ᠳ᠋ᠤ᠌ ᠬᠦᠴᠦᠲᠦ ᠬᠣᠣᠷ ᠢ᠋ᠶ᠋ᠠᠷ ᠠᠮᠢᠰᠬᠤᠬᠤ ᠶ᠋ᠢᠨ ᠬᠣᠭᠣᠷᠣᠨᠳᠣ ᠲᠥᠪᠬᠢᠨᠡᠭᠦᠯᠦᠭᠰᠡᠨ ᠪᠢᠰᠢ ᠪᠣᠯ ᠭᠡᠨᠡᠳᠲᠡ ᠬᠣᠣᠷᠯᠠᠭᠳᠠᠭᠰᠠᠨ ᠪᠠᠢᠳᠠᠯ ᠲᠠᠢ᠃  
       ᠲᠦᠪᠰᠢᠨ ᠨᠡᠯᠢᠶᠡᠳ ᠠᠵᠢᠭᠯᠠᠭᠠᠳ ᠦᠷᠭᠦᠯᠵᠢᠯᠡᠨ ᠨᠠᠷᠢᠯᠢᠭ ᠦᠵᠡᠬᠦ ᠳᠤᠷ᠎ᠠ ᠦᠭᠡᠢ ᠪᠣᠯᠪᠠ᠃  
       ᠲᠡᠷᠡ ᠴᠣᠬᠣᠮ ᠶᠠᠭᠤ ᠪᠣᠳᠣᠭᠰᠠᠨ ᠢ᠋ ᠪᠤᠤ ᠮᠡᠳᠡ᠃  ᠯᠢᠦ ᠸᠧᠨ ᠰᠢᠶᠠᠩ ᠲᠠᠢ ᠪᠠᠬᠠᠨ ᠶᠠᠷᠢᠯᠴᠠᠭᠠᠳ ᠬᠣᠶᠠᠭᠤᠯᠠ ᠲᠣᠯᠣᠭᠠᠢ ᠳᠣᠬᠢᠯᠴᠠᠭᠠᠳ ᠰᠠᠯᠪᠠ᠃ ᠡᠭᠦᠳᠡᠨ ᠳᠡᠷᠭᠡᠳᠡ ᠲᠠᠪᠢ ᠣᠷᠴᠢᠮ ᠨᠠᠰᠤᠨ ᠤ᠋ ᠨᠢᠭᠡ ᠥᠨᠳᠥᠷ ᠬᠥᠮᠦᠨ ᠭᠠᠰᠠᠯᠤᠨ ᠤᠬᠢᠯᠠᠬᠤ ᠪᠥᠭᠡᠳ ᠨᠢᠯᠪᠤᠰᠤ ᠨᠢ ᠪᠤᠯᠠᠭ ᠤ᠋ᠨ ᠤᠰᠤ ᠰᠢᠭ᠋ ᠬᠠᠴᠠᠷ ᠢ᠋ ᠨᠢ ᠳᠠᠭᠠᠨ ᠤᠷᠤᠰᠬᠤ ᠨᠢ ᠲᠡᠭᠦᠨ ᠦ᠌ ᠤᠢᠳᠬᠠᠷ ᠭᠤᠨᠢᠭ ᠨᠢᠭᠡᠨᠲᠡ ᠣᠷᠭᠢᠯ ᠳᠤ ᠪᠠᠨ ᠲᠤᠯᠵᠤ ᠪᠠᠢᠬᠤ ᠶ᠋ᠢ ᠲᠠᠭᠠᠷᠠᠯᠳᠤᠭᠰᠠᠨ ᠪᠦᠬᠦᠨ ᠳ᠋ᠦ᠍ ᠦᠵᠡᠭᠦᠯᠵᠦ ᠪᠠᠢᠯ᠎ᠠ᠃  
       ᠡᠨᠡ ᠬᠥᠮᠦᠨ ᠸᠠᠩ ᠯᠠᠨ ᠬᠤᠸᠠ ᠶ᠋ᠢᠨ ᠡᠷ᠎ᠡ ᠨᠥᠬᠥᠷ ᠨᠢ ᠪᠠᠢᠵᠠᠢ᠃ ᠰᠣᠴᠢᠮᠠᠭ ᠳᠠᠭᠠᠷᠢᠭᠰᠠᠨ ᠡᠨᠡ ᠭᠠᠮᠰᠢᠭ ᠲᠡᠭᠦᠨ ᠢ᠋ ᠢᠩᠭᠢᠵᠦ ᠤᠬᠠᠭᠠᠨ ᠢ᠋ ᠨᠢ ᠠᠯᠳᠠᠭᠤᠯᠲᠠᠯ᠎ᠠ ᠵᠣᠪᠠᠭᠠᠵᠤ ᠰᠢᠨᠠᠯᠭᠠᠵᠤ ᠪᠠᠢᠭᠰᠠᠨ ᠠᠵᠢ᠃ 
       ᠡᠮᠨᠡᠯᠭᠡ ᠶ᠋ᠢᠨ ᠰᠤᠳᠤᠯᠭᠠᠲᠠᠨ ᠬᠠᠨ ᠠᠪᠤᠭᠠᠢ ᠥᠴᠥᠭᠡᠳᠦᠷ ᠲᠦᠪᠰᠢᠨ ᠭᠤᠸᠠᠢ ᠳ᠋ᠤ᠌ ᠳ᠋ᠢᠶᠠᠩᠬᠤᠸᠠ ᠢᠷᠡᠭᠦᠯᠵᠦ ᠳᠠᠭᠤᠳᠠᠭᠰᠠᠨ ᠪᠣᠯᠪᠠᠴᠤ ᠳᠣᠣᠷ᠎ᠠ ᠨᠢ ᠣᠴᠢᠵᠤ ᠵᠠᠪᠳᠤᠭᠰᠠᠨ ᠦᠭᠡᠢ᠃  ᠡᠨᠡ ᠦᠳᠡᠰᠢ ᠲᠤᠰᠬᠠᠢᠯᠠᠨ ᠬᠦᠷᠬᠦ ᠳ᠋ᠦ᠍ ᠶᠠᠭ ᠰᠠᠢᠬᠠᠨ ᠶᠡᠬᠡ ᠡᠭᠦᠳᠡᠨ ᠦ᠌ ᠬᠢᠨᠢ ᠳᠡᠷᠭᠡᠳᠡ ᠬᠠᠨ ᠠᠪᠤᠭᠠᠢ ᠲᠠᠢ ᠬᠠᠯᠵᠠ ᠲᠠᠭᠠᠷᠠᠭᠰᠠᠨ ᠳ᠋ᠤ᠌᠂ ᠲᠡᠷᠡ ᠲᠦᠪᠰᠢᠨ ᠭᠤᠸᠠᠢ ᠶ᠋ᠢ ᠲᠤᠷᠰᠢᠯᠲᠠ ᠶ᠋ᠢᠨ ᠭᠡᠷ ᠲᠡᠬᠢ ᠠᠮᠠᠷᠠᠯᠲᠠ ᠶ᠋ᠢᠨ ᠥᠷᠥᠭᠡᠨ ᠳ᠋ᠡᠭᠡᠨ ᠰᠢᠭᠤᠳ ᠳᠠᠭᠠᠭᠤᠯᠤᠨ ᠠᠪᠠᠴᠢᠭᠠᠳ ᠶᠠᠷᠢᠯᠴᠠᠯ᠎ᠠ᠃ ᠬᠣᠶᠠᠭᠤᠯᠠ ᠪᠠᠬᠠᠨ ᠨᠠᠷᠭᠢᠯᠳᠤᠨ ᠬᠥᠭᠡᠷᠦᠯᠳᠦᠭᠰᠡᠨ ᠢ᠋ᠶ᠋ᠡᠨ ᠲᠦᠪᠰᠢᠨ ᠠᠮᠠ ᠨᠡᠭᠡᠭᠡᠨ᠄ 
       — ᠵᠠ᠂ ᠦᠵᠡᠰᠬᠦᠯᠡᠩ ᠦ᠋ᠨ ᠬᠡᠭᠦᠷ ᠢ᠋ ᠲᠤᠶᠠᠴᠢᠭᠠᠳ ᠶᠠᠮᠠᠷ ᠦᠷ᠎ᠡ ᠳ᠋ᠦᠩ ᠭᠠᠷᠪᠠ? ᠭᠡᠲᠡᠯ᠎ᠡ 
       — ᠶᠠᠮᠠᠷ ᠴᠦ᠍ ᠬᠡᠷᠡᠭ ᠴᠢᠨᠦ ᠭᠢᠷᠠᠬᠠᠢ ᠨᠢᠳᠦᠨ ᠡᠴᠡ ᠮᠤᠯᠲᠤᠷᠠᠵᠤ ᠴᠢᠳᠠᠬᠤ ᠦᠭᠡᠢ ᠯᠡ ᠶᠦᠮ ᠪᠠᠢᠨ᠎ᠠ᠂ ᠰᠢᠷ᠎ᠠ ᠵᠣᠯᠢᠭ ᠭᠡᠨ᠎ᠡ᠃ 
       — ᠪᠣᠯᠵᠠᠢ᠂ ᠪᠣᠯᠵᠠᠢ᠃ ᠲᠤᠶᠠᠴᠢᠯ ᠤ᠋ᠨ ᠦᠷ᠎ᠡ ᠳ᠋ᠦᠩ ᠢ᠋ᠶ᠋ᠡᠨ ᠬᠤᠷᠳᠤᠨ ᠁ 
       — ᠵᠠ ᠥᠭᠭᠦᠶ᠎ᠡ᠃ ᠪᠢ ᠴᠦ᠍ ᠡᠨᠡ ᠰᠥᠨᠢ ᠰᠤᠳᠤᠯᠤᠭᠴᠢ ᠨᠠᠷ ᠲᠤ᠌ ᠶᠠᠷᠢᠶ᠎ᠠ ᠬᠢᠬᠦ ᠡᠭᠦᠷᠭᠡ ᠲᠡᠢ᠃ ᠪᠢ ᠨᠢᠭᠡᠨᠲᠡ ᠵᠠᠳᠠᠯᠵᠤ ᠲᠤᠶᠠᠴᠢᠵᠤ ᠪᠠᠷᠠᠭᠰᠠᠨ ᠲᠤᠯᠠ ᠴᠢ ᠣᠳᠣ ᠨᠠᠷᠢᠨ ᠪᠠᠢᠴᠠᠭᠠᠵᠤ ᠰᠤᠳᠤᠯᠵᠤ ᠦᠵᠡ ᠳᠡ᠃ ᠭᠠᠤᠯᠢᠨ ᠰᠢᠷ᠎ᠠ ᠮᠢᠨᠢ᠃ ᠬᠡᠵᠢᠶ᠎ᠡ ᠨᠢᠭᠡ ᠡᠳᠦᠷ ᠶᠠᠮᠠᠷ ᠨᠢᠭᠡᠨ ᠭᠬᠢᠷ ᠪᠤᠷᠲᠠᠭ ᠦᠭᠡᠢ ᠠᠮᠢᠲᠠᠨ ᠢ᠋ ᠬᠢᠯᠢᠰᠳᠡᠭᠦᠯᠵᠦ ᠮᠡᠳᠡᠨ᠎ᠡ ᠳᠠ ᠭᠡᠳ ᠨᠢᠭᠤᠴᠠ ᠪᠠᠲᠤᠯᠠᠭᠠᠲᠤ ᠠᠪᠳᠠᠷ᠎ᠠ ᠶ᠋ᠢᠨ ᠢ᠋ᠶ᠋ᠡᠨ ᠬᠡᠳᠦᠨ ᠳᠠᠪᠬᠤᠷ ᠣᠨᠢᠰᠣ ᠶ᠋ᠢ ᠨᠠᠭᠠᠰᠢ ᠴᠠᠭᠠᠰᠢ ᠬᠡᠳᠦ ᠳᠠᠬᠢᠨ ᠡᠷᠭᠢᠯᠳᠦᠭᠦᠯᠦᠨ ᠪᠠᠢᠵᠤ ᠨᠡᠭᠡᠭᠡᠭᠡᠳ ᠬᠣᠶᠠᠷ ᠬᠠᠭᠤᠳᠠᠰᠤ ᠴᠠᠭᠠᠰᠤ ᠭᠠᠷᠭᠠᠨ᠄ 
       — ᠡᠨᠡ ᠪᠣᠯ ᠬᠡᠭᠦᠷ ᠢ᠋ ᠵᠠᠳᠠᠯᠵᠤ ᠲᠤᠶᠠᠴᠢᠭᠰᠠᠨ ᠦᠷ᠎ᠡ ᠳ᠋ᠦᠩ ᠦ᠋ᠨ ᠮᠡᠳᠡᠭᠦᠯᠦᠯᠲᠡ᠂ ᠣᠳᠣ ᠪᠣᠯᠲᠠᠯ᠎ᠠ ᠨᠠᠳᠠ ᠠ᠋ᠴᠠ ᠥᠭᠡᠷ᠎ᠡ ᠬᠥᠮᠦᠨ ᠦᠵᠡᠭᠡ ᠦᠭᠡᠢ᠃ ᠮᠡᠳᠡᠭᠦᠯᠦᠯᠲᠡ ᠶ᠋ᠢᠨ ᠦᠰᠦᠭ ᠢ᠋ ᠨᠢ ᠴᠦ᠍ ᠪᠢ ᠥᠪᠡᠷ ᠢ᠋ᠶ᠋ᠡᠨ ᠴᠣᠬᠢᠵᠤ ᠡᠬᠡ ᠨᠣᠣᠷᠠᠭ ᠢ᠋ᠶ᠋ᠠᠨ ᠦᠯᠡᠳᠡᠭᠡᠵᠦ ᠠᠪᠤᠭᠰᠠᠨ ᠶᠤᠮ᠃ ᠴᠢᠮ᠎ᠠ ᠳ᠋ᠤ᠌ ᠨᠢᠭᠡ ᠯᠡ ᠬᠤᠪᠢ ᠬᠠᠭᠤᠯᠪᠤᠷᠢ ᠶ᠋ᠢ ᠳᠠᠷᠤᠮᠠᠯᠯᠠᠵᠤ ᠥᠭᠭᠦᠭᠰᠡᠨ ᠨᠢ ᠡᠨᠡ᠃ ᠣᠳᠣ ᠡᠨᠳᠡ ᠵᠥᠪᠬᠡᠨ ᠲᠡᠷᠡ ᠪᠠᠢᠴᠠᠭᠠᠵᠤ ᠨᠤᠲᠠᠯᠠᠬᠤ ᠳ᠋ᠤ᠌ ᠵᠠᠷᠤᠭᠰᠠᠨ ᠠᠷᠠᠰᠤ ᠮᠢᠬ᠎ᠠ ᠶ᠋ᠢ ᠨᠢ ᠨᠢᠭᠤᠴᠠ ᠪᠠᠲᠤᠯᠠᠭᠠᠲᠤ ᠠᠪᠳᠠᠷ᠎ᠠ ᠳ᠋ᠤ᠌ ᠦᠯᠡᠳᠡᠭᠡᠵᠦ ᠪᠣᠢ᠃ ᠬᠣᠵᠢᠮ ᠴᠢᠬᠤᠯᠠ ᠲᠠᠢ ᠪᠣᠯ ᠲᠠᠬᠢᠵᠤ ᠪᠠᠢᠴᠠᠭᠠᠵᠤ ᠪᠣᠯᠤᠨ᠎ᠠ᠃ ᠣᠳᠣ ᠪᠢ ᠶᠠᠪᠤᠶ᠎ᠠ᠃ ᠴᠢ ᠴᠢᠯᠥᠭᠡ ᠲᠡᠢ ᠪᠣᠯ ᠭᠡᠷ ᠲᠦ᠍ ᠣᠴᠢ ᠳᠠ᠃ ᠪᠡᠷᠭᠡᠨ ᠦ᠌ ᠴᠢᠨᠢ ᠰᠢᠨ᠎ᠡ ᠶ᠋ᠢᠨ ᠨᠢᠭᠡᠨ ᠨᠢ ᠬᠥᠳᠡᠯᠪᠡᠯ ᠪᠣᠭᠣᠷᠰᠣᠭ ᠬᠠᠩᠨᠠᠨ ᠢᠳᠡᠭᠦᠯᠵᠦ ᠮᠡᠳᠡᠨ᠎ᠡ᠃ ᠳᠠᠬᠢᠭᠠᠳ ᠡᠢᠮᠦ ᠶᠠᠷᠰᠢᠭ ᠲᠦᠪᠡᠭ ᠢ᠋ᠶ᠋ᠡᠨ ᠶᠡᠷᠦ ᠪᠢᠲᠡᠭᠡᠢ ᠨᠠᠭᠠᠰᠢ ᠬᠠᠨᠳᠤᠭᠤᠯᠤᠭᠠᠳ ᠪᠠᠢ ᠭᠡᠯ᠎ᠡ᠃ ᠬᠠᠨ ᠠᠪᠤᠭᠠᠢ ᠲᠦᠪᠰᠢᠨ ᠲᠡᠢ ᠢᠩᠭᠢᠵᠦ ᠶᠠᠷᠢᠯᠴᠠᠵᠤ ᠱᠣᠭᠯᠠᠭᠰᠠᠭᠠᠷ ᠰᠠᠯᠬᠤ ᠳ᠋ᠤ᠌ ᠨᠢᠭᠡᠨᠲᠡ ᠰᠢᠷ᠎ᠠ ᠪᠦᠷᠦᠢ ᠪᠣᠯᠤᠭᠰᠠᠨ ᠪᠠᠢᠯ᠎ᠠ᠃  
       ᠲᠦᠪᠰᠢᠨ ᠱᠠᠩᠬᠠᠢ ᠲᠡᠮᠳᠡᠭᠲᠦ ᠪᠠᠭ᠎ᠠ ᠲᠡᠷᠭᠡᠨ ᠳᠦ ᠪᠡᠨ ᠭᠠᠷᠤᠭᠠᠳ᠂ ᠰᠢᠭᠦᠬᠦ ᠬᠣᠷᠢᠶ᠎ᠠ ᠵᠦᠭ ᠢ᠋ᠶ᠋ᠡᠨ ᠶᠠᠭᠠᠷᠠᠤᠬᠠᠨ ᠴᠢᠭᠯᠡᠬᠦ ᠳ᠋ᠦ᠍ ᠲᠡᠷᠭᠡᠨ ᠳ᠋ᠧᠩ ᠢ᠋ᠶ᠋ᠡᠨ ᠬᠤᠷᠴᠠᠯᠠᠨ ᠭᠡᠷᠡᠯᠲᠦᠭᠦᠯᠬᠦ ᠦᠭᠡᠢ ᠪᠣᠯ ᠵᠠᠮ ᠣᠯᠢᠭ ᠲᠠᠢ ᠦᠵᠡᠭᠳᠡᠬᠦ ᠦᠭᠡᠢ ᠪᠠᠢᠪᠠ᠃  ᠡᠮᠨᠡᠯᠭᠡ ᠶᠢᠨ ᠰᠤᠳᠤᠯᠬᠤ ᠭᠠᠵᠠᠷ ᠬᠣᠲᠠ ᠶ᠋ᠢᠨ ᠡᠮᠦᠨ᠎ᠡ ᠲᠡᠭᠦᠷᠭᠡ ᠳ᠋ᠡᠬᠢ ᠠᠭᠤᠯᠠᠨ ᠡᠩᠭᠡᠷ ᠲᠦ᠍ ᠪᠠᠢᠭ᠎ᠠ ᠪᠣᠯᠪᠠᠴᠤ ᠬᠡᠳᠦᠨ ᠮᠢᠨᠦ᠋ᠲ ᠪᠣᠯᠤᠭᠰᠠᠨ ᠦᠭᠡᠢ ᠪᠡᠷ ᠲᠡᠷᠡ ᠬᠦ᠌ ᠬᠣᠲᠠ ᠵᠠᠭᠠᠭᠯᠠᠭᠰᠠᠨ ᠨᠠᠷᠠᠰᠤᠨ ᠰᠢᠭᠤᠢ ᠳ᠋ᠤ᠌ ᠣᠷᠣᠵᠤ ᠢᠷᠡᠯ᠎ᠡ᠃  ᠬᠣᠶᠠᠷ ᠬᠠᠵᠠᠭᠤ ᠪᠠᠷ ᠨᠢ ᠬᠠᠷᠠᠯᠠᠨ ᠵᠢᠭᠳᠡᠷᠡᠭᠰᠡᠨ ᠨᠠᠷᠠᠰᠤᠨ ᠰᠢᠭᠤᠢ ᠬᠠᠷᠠᠭ᠎ᠠ ᠪᠠᠯᠠᠯᠤᠨ᠂ ᠡᠮᠦᠨ᠎ᠡ ᠨᠢ ᠰᠤᠨᠤᠭᠰᠠᠨ ᠬᠠᠷ᠎ᠠ ᠲᠣᠰᠣᠨ ᠵᠠᠮ ᠳ᠋ᠧᠩ ᠦ᠋ᠨ ᠭᠡᠷᠡᠯ ᠡᠴᠡ ᠴᠠᠭᠠᠰᠢ ᠦᠵᠡᠭᠳᠡᠬᠦ ᠦᠭᠡᠢ ᠪᠠᠢᠯ᠎ᠠ᠃ ᠲᠡᠷᠡ ᠲᠡᠷᠭᠡᠨ ᠦ᠌ ᠪᠡᠨ ᠬᠤᠷᠳᠤᠴᠠ ᠶ᠋ᠢ ᠰᠤᠯᠠᠷᠠᠭᠤᠯᠤᠯ ᠦᠭᠡᠢ ᠳᠠᠪᠬᠢᠭᠰᠠᠭᠠᠷ ᠰᠢᠭᠤᠢ ᠳᠤᠮᠳᠠ ᠬᠦᠷᠬᠦ ᠳ᠋ᠦ᠍᠂ ᠡᠮᠦᠨᠡᠬᠢ ᠲᠣᠬᠣᠢᠷᠠᠭᠰᠠᠨ ᠵᠠ‍ᠮ ᠢ᠋ᠶ᠋ᠠᠷ ᠭᠡᠨᠡᠳᠲᠡ ᠨᠢᠭᠡ ᠬᠠᠲᠤᠨ ᠭᠣᠣᠯ ᠲᠡᠮᠳᠡᠭᠲᠦ ᠠᠴᠢᠶᠠᠨ ᠤ᠋ ᠲᠣᠮᠣ ᠮᠠᠰᠢᠨ ᠶᠠᠭ ᠡᠮᠦᠨ᠎ᠡ ᠡᠴᠡ ᠨᠢ ᠶᠡᠬᠡ ᠳ᠋ᠧᠩ ᠦ᠋ᠨ ᠭᠡᠷᠡᠯ ᠢ᠋ᠶ᠋ᠡᠨ ᠳᠤᠸᠠᠯᠠᠭᠤᠯᠤᠨ ᠭᠡᠷᠡᠯᠲᠦᠭᠦᠯᠦᠭᠰᠡᠭᠡᠷ ᠬᠠᠷ᠎ᠠ ᠬᠤᠷᠳᠤ ᠪᠠᠷ ᠢ᠋ᠶ᠋ᠠᠨ ᠳᠠᠪᠬᠢᠨ ᠢᠷᠡᠪᠡ᠃  
       ᠲᠡᠷᠡ ᠡᠨᠡ ᠬᠦ᠌ ᠪᠠᠴᠢᠮ ᠲᠤᠯᠭᠠᠮ ᠪᠣᠢ ᠪᠣᠯᠤᠭᠰᠠᠨ ᠠᠶᠤᠯᠲᠤ ᠤᠴᠠᠷᠠᠯ ᠳ᠋ᠤ᠌ ᠰᠠᠨᠳᠤᠷᠤᠨ ᠲᠡᠷᠭᠡᠨ ᠬᠤᠷᠳᠤᠴᠠ ᠪᠠᠨ ᠰᠤᠯᠠᠷᠠᠭᠤᠯᠤᠨ ᠬᠠᠵᠠᠭᠤ ᠪᠠᠷ ᠨᠢ ᠵᠠᠢᠯᠠᠬᠤ ᠭᠡᠰᠡᠨ ᠪᠣᠯᠪᠠᠴᠤ ᠲᠡᠷᠡ ᠲᠡᠷᠭᠡ ᠨᠢᠭᠡᠨᠲᠡ ᠨᠢᠳᠦᠨ ᠡᠮᠦᠨ᠎ᠡ ᠲᠤᠯᠵᠤ ᠢᠷᠡᠪᠡ᠃ ᠠᠮᠢ ᠪᠠᠨ ᠠᠯᠳᠠᠬᠤ ᠡᠨᠡ ᠬᠦ᠌ ᠲᠦᠭᠰᠢᠭᠦᠷᠢ ᠳ᠋ᠦ᠍ ᠲᠤᠯᠭᠠᠷᠠᠬᠤ ᠳᠤ ᠪᠠᠨ ᠲᠦᠪᠰᠢᠨ ᠭᠤᠸᠠᠢ ᠳ᠋ᠤ᠌ ᠲᠡᠷᠭᠡᠨ ᠦ᠌ ᠪᠡᠨ ᠡᠭᠦᠳᠡ ᠶ᠋ᠢ ᠨᠡᠭᠡᠭᠡᠨ ᠭᠠᠳᠠᠭᠰᠢ ᠦᠰᠦᠷᠬᠦ ᠭᠠᠭᠴᠠᠬᠠᠨ ᠪᠣᠳᠣᠯ ᠵᠢᠷᠤᠰᠬᠢᠨ ᠣᠷᠣᠵᠤ ᠢᠷᠡᠯ᠎ᠡ᠃  ᠲᠡᠷᠡ ᠠᠷᠠᠢ ᠯᠠ ᠲᠡᠷᠭᠡᠨ ᠡᠴᠡ ᠪᠡᠨ ᠦᠰᠦᠷᠴᠦ ᠵᠠᠪᠳᠤᠬᠤ ᠳ᠋ᠤ᠌ ᠶᠡᠬᠡ ᠪᠠᠭ᠎ᠠ ᠬᠣᠶᠠᠷ ᠲᠡᠷᠭᠡ ᠬᠠᠷᠳ᠋ᠬᠢᠲᠠᠯ᠎ᠠ ᠮᠥᠷᠭᠥᠯᠳᠦᠵᠦ ᠪᠠᠭ᠎ᠠ ᠲᠡᠷᠭᠡ᠂ ᠶᠡᠬᠡ ᠲᠡᠷᠭᠡᠨ ᠦ᠌ ᠬᠦᠴᠦᠨ ᠳ᠋ᠦ᠍ ᠳᠡᠢᠯᠦᠭᠳᠡᠨ ᠵᠠᠮ ᠤ᠋ᠨ ᠬᠠᠵᠠᠭᠤ ᠲᠡᠢᠰᠢ ᠰᠠᠪᠬᠠᠳᠠᠨ ᠬᠥᠷᠪᠡᠪᠡ᠃ ᠲᠦᠪᠰᠢᠨ ᠭᠤᠸᠠᠢ ᠬᠡᠳᠦ ᠥᠩᠬᠦᠷᠢᠳᠦᠭᠡᠳ ᠥᠨᠳᠡᠢᠨ ᠬᠠᠷᠠᠬᠤᠯ᠎ᠠ ᠶᠡᠬᠡ ᠲᠡᠷᠭᠡ ᠳᠡᠮᠡᠢ ᠴᠦ᠍ ᠡᠪᠳᠡᠷᠡᠭᠰᠡᠨ ᠦᠭᠡᠢ ᠪᠣᠯᠤᠯᠲᠠᠢ᠂ ᠭᠱᠡᠨ ᠵᠠᠭᠤᠷ᠎ᠠ ᠬᠠᠪᠢᠷᠭ᠎ᠠ ᠪᠠᠷ ᠨᠢ ᠬᠠᠯᠢᠨ ᠥᠩᠭᠡᠷᠡᠵᠦ᠂ ᠬᠠᠮᠤᠭ ᠥᠨᠳᠥᠷ ᠬᠤᠷᠳᠤᠴᠠ ᠪᠠᠷ ᠢ᠋ᠶ᠋ᠠᠨ ᠳᠠᠪᠬᠢᠭᠰᠠᠭᠠᠷ ᠬᠣᠯᠠᠳᠴᠤ ᠣᠳᠪᠠ᠃  ᠬᠣᠶᠠᠷ ᠲᠡᠷᠭᠡ ᠮᠥᠷᠭᠥᠯᠳᠦᠬᠦ ᠦᠶ᠎ᠡ ᠳ᠋ᠦ᠍ ᠶᠡᠬᠡ ᠲᠡᠷᠭᠡ ᠭᠡᠨᠡᠳᠲᠡ ᠳ᠋ᠧᠩ ᠢ᠋ᠶ᠋ᠡᠨ ᠤᠨᠲᠠᠷᠠᠭᠠᠭᠰᠠᠨ ᠳ᠋ᠤ᠌ ᠪᠠᠭ᠎ᠠ ᠲᠡᠷᠭᠡᠨ ᠦ᠌ ᠳ᠋ᠧᠩ ᠦ᠋ᠨ ᠭᠡᠷᠡᠯ ᠶᠡᠬᠡ ᠲᠡᠷᠭᠡᠨ ᠳᠡᠭᠡᠷ᠎ᠡ ᠠᠰᠯᠠᠨ ᠲᠤᠰᠬᠤ ᠳ᠋ᠤ᠌ ᠤᠯᠠᠭᠠᠨ ᠬᠤᠨᠳᠠᠨ ᠠᠯᠴᠢᠭᠤᠷ ᠬᠦᠵᠦᠭᠦᠦ ᠪᠡᠷ ᠢ᠋ᠶ᠋ᠡᠨ ᠣᠷᠢᠶᠠᠵᠤ᠂ ᠤᠷᠲᠤ ᠭᠡᠵᠢᠭᠡ ᠪᠡᠨ ᠠᠯᠳᠠᠷᠠᠭᠠᠨ ᠲᠠᠯᠪᠢᠭᠰᠠᠨ ᠨᠢᠭᠡ ᠡᠮᠡᠭᠲᠡᠢ ᠵᠢᠯᠣᠭᠣᠳᠴᠤ ᠪᠠᠶᠢᠬᠤ ᠶ᠋ᠢ ᠲᠦᠪᠰᠢᠨ ᠲᠡᠷᠡ ᠬᠣᠷᠣᠮ ᠳ᠋ᠤ᠌ ᠬᠠᠯᠲᠤ ᠣᠯᠵᠤ ᠬᠠᠷᠠᠵᠠᠢ᠃ 
       ᠲᠦᠪᠰᠢᠨ ᠵᠠᠮ ᠤ᠋ᠨ ᠬᠠᠵᠠᠭᠤ ᠠ᠋ᠴᠠ ᠲᠡᠯᠴᠢᠯᠡᠨ ᠪᠣᠰᠬᠤ ᠳ᠋ᠤ᠌᠂ ᠡᠨᠳᠡ ᠲᠡᠨᠳᠡ ᠨᠢ ᠳᠡᠮᠡᠢ ᠡᠪᠡᠳᠬᠦ ᠦᠭᠡᠢ ᠪᠠᠢᠭᠰᠠᠨ ᠪᠣᠯᠬᠣᠷ ᠶᠡᠬᠡ ᠭᠡᠮ ᠰᠢᠷᠬ᠎ᠠ ᠣᠯᠤᠭᠰᠠᠨ ᠦᠭᠡᠢ ᠪᠡᠨ ᠮᠡᠳᠡᠯ᠎ᠡ᠃  ᠴᠠᠭᠳᠠᠭᠠᠨ ᠰᠤᠷᠭᠠᠭᠤᠯᠢ ᠳ᠋ᠤ᠌ ᠪᠠᠢᠬᠤ ᠳᠤ ᠪᠠᠨ ᠨᠢᠰᠬᠡᠭᠡ ᠲᠡᠷᠭᠡᠨ ᠡᠴᠡ ᠦᠰᠦᠷᠬᠦ ᠶ᠋ᠢ ᠮᠠᠰᠢ ᠪᠣᠯᠪᠠᠰᠤᠷᠠᠩᠭᠤᠢ ᠰᠤᠷᠴᠤ ᠮᠡᠷᠭᠡᠵᠢᠭᠰᠡᠨ ᠮᠠᠨᠢ ᠥᠨᠥᠳᠥᠷ ᠬᠡᠷᠡᠭ ᠲᠦ᠍ ᠬᠦᠷᠴᠡᠢ ᠭᠡᠳᠡᠭ ᠢ᠋ᠶ᠋ᠡᠨ ᠲᠡᠷᠡ ᠪᠠᠲᠤ ᠢᠲᠡᠭᠡᠵᠦ ᠪᠠᠢᠯ᠎ᠠ᠃  
       ᠬᠠᠷᠠᠵᠤ ᠪᠠᠢᠲᠠᠯ᠎ᠠ ᠶᠡᠬᠡ ᠲᠡᠷᠭᠡ ᠶᠠᠮᠠᠷ ᠴᠦ᠍ ᠬᠡᠷᠡᠭ ᠭᠠᠷᠭᠠᠭᠰᠠᠨ ᠦᠭᠡᠢ ᠰᠢᠭ ᠶᠠᠪᠤᠵᠤ ᠥᠭᠬᠦ ᠳ᠋ᠦ᠍᠂ ᠲᠦᠪᠰᠢᠨ ᠬᠡᠷᠡᠭ ᠦ᠋ᠨ ᠲᠠᠯᠠᠪᠠᠢ ᠳ᠋ᠠᠬᠢ ᠳᠡᠭᠡᠭᠰᠢ ᠬᠠᠨᠳᠤᠨ ᠳᠥᠷᠪᠡᠨ ᠬᠥᠯᠯᠡᠭᠰᠡᠨ ᠠᠮᠢ ᠰᠢᠭ᠋ ᠬᠠᠢᠷᠠᠲᠠᠢ ᠱᠠᠩᠬᠠᠢ ᠲᠡᠮᠳᠡᠭᠲᠦ ᠪᠢᠴᠢᠬᠠᠨ ᠲᠡᠷᠭᠡᠨ ᠦ᠌ ᠪᠡᠨ ᠡᠪᠳᠡᠷᠬᠡᠢ ᠪᠣᠯᠤᠨ ᠪᠤᠰᠤᠳ ᠶᠠᠮᠠᠷ ᠨᠢᠭᠡᠨ ᠣᠷᠣᠮ ᠦᠯᠡᠳᠡᠭᠳᠡᠯ ᠢ᠋ ᠬᠠᠮᠢᠶᠠᠷᠤᠯ ᠦᠭᠡᠢ ᠪᠡᠷ ᠭᠠᠷ ᠫᠤᠤ ᠪᠠᠨ ᠰᠤᠭᠤᠯᠤᠨ ᠠᠪᠴᠤ ᠬᠡᠪᠲᠡᠰᠢᠨ ᠳ᠋ᠦ᠍ᠨᠢ ᠱᠠᠯᠠᠪᠬᠠᠨ ᠰᠤᠮᠤ ᠳᠠᠷᠤᠵᠤ ᠣᠷᠣᠭᠤᠯᠪᠠ᠃  
       ᠲᠡᠭᠡᠭᠡᠳ ᠲᠡᠷᠡ ᠣᠷᠴᠢᠨ ᠲᠣᠭᠣᠷᠢᠨ ᠢ᠋ᠶ᠋ᠠᠨ ᠬᠤᠷᠴᠠ ᠰᠡᠷᠭᠡᠭ ᠢ᠋ᠶ᠋ᠡᠷ ᠠᠵᠢᠭᠯᠠᠵᠤ ᠠᠪᠤᠭᠠᠳ ᠵᠠᠮ ᠪᠤᠯᠲᠠᠨ ᠮᠤᠷᠤᠢᠵᠤ ᠮᠤᠰᠬᠢᠭᠰᠠᠭᠠᠷ ᠬᠤᠷᠳᠤᠯᠠᠨ ᠭᠦᠶᠦᠯ᠎ᠡ᠃ ᠬᠡᠳᠦᠨ ᠮᠢᠨᠦ᠋ᠲ ᠦ᠋ᠨ ᠳᠠᠷᠠᠭ᠎ᠠ ᠲᠦᠪᠰᠢᠨ ᠨᠢᠭᠡ ᠪᠢᠴᠢᠬᠠᠨ ᠪᠠᠭᠤᠳᠠᠯ ᠤ᠋ᠨ ᠲᠡᠮᠳᠡᠭᠯᠡᠬᠦ ᠭᠡᠷ ᠲᠦ᠍ ᠰᠣᠴᠢᠮᠠᠭ ᠣᠷᠣᠵᠤ ᠣᠴᠢᠪᠠ᠃  ᠲᠡᠭᠦᠨ ᠦ᠌ ᠨᠢᠭᠤᠷ ᠭᠠᠷ ᠨᠢ ᠰᠢᠯᠪᠤᠷᠠᠨ ᠮᠠᠩᠨᠠᠢ ᠠ᠋ᠴᠠ ᠨᠢ ᠭᠠᠷᠤᠭᠰᠠᠨ ᠥᠳᠬᠡᠨ ᠬᠠᠷ᠎ᠠ ᠴᠢᠰᠤ ᠨᠢ ᠡᠨᠳᠡ ᠲᠡᠨᠳᠡ ᠦᠭᠡᠢ ᠪᠢᠯᠳᠠᠭᠳᠠᠨ ᠰᠦᠷᠡᠬᠡᠢ ᠠᠶᠤᠮᠠᠷ ᠬᠡᠷᠡᠭ ᠬᠢᠭᠰᠡᠨ ᠰᠢᠨᠵᠢ ᠲᠥᠷᠬᠦ ᠲᠡᠢ ᠪᠠᠶᠢᠭᠰᠠᠨ ᠲᠤᠯᠠ ᠲᠡᠮᠳᠡᠭᠯᠡᠬᠦ ᠭᠡᠷ ᠦ᠋ᠨ ᠬᠥᠮᠦᠰ ᠴᠦ᠍ ᠪᠦᠷ ᠠᠶᠤᠵᠤ ᠰᠣᠴᠢᠬᠤ ᠬᠣᠣᠰᠯᠠᠭᠠᠳ ᠨᠢᠳᠦ ᠪᠦᠯᠲᠡᠢᠨ ᠳᠤᠭᠤᠢ ᠰᠠᠭᠤᠵᠠᠭᠠᠵᠤ ᠪᠠᠶᠢᠯ᠎ᠠ᠃  
       ᠲᠡᠷᠡ ᠡᠳᠡᠭᠡᠷ ᠢ᠋ ᠣᠢᠰᠢᠶᠠᠭᠰᠠᠨ ᠴᠦ᠍ ᠦᠭᠡᠢ ᠪᠡᠷ ᠰᠢᠭᠤᠳ ᠳ᠋ᠢᠶᠠᠩᠬᠤᠸᠠ ᠬᠠᠷᠢᠯᠴᠠᠭᠤᠷ ᠤ᠋ᠨ ᠬᠢᠨᠢ ᠳᠡᠷᠭᠡᠳᠡ ᠣᠴᠢᠭᠠᠳ ᠨᠣᠮᠧᠷ ᠦ᠋ᠨ ᠳ᠋ᠤᠭᠠᠷ ᠢ᠋ ᠡᠷᠭᠢᠯᠳᠦᠭᠦᠯᠪᠡ᠃ 

             ᠤᠩᠰᠢᠭᠰᠠᠨ ᠨᠢ᠄ ᠴᠡᠴᠡᠭᠮ᠎ᠠ