ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠳᠥᠷᠪᠡ> Хялгасан дөрөөн дээр – Хасвулаг зохиов <34> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠳᠥᠷᠪᠡ> Хялгасан дөрөөн дээр – Хасвулаг зохиов <34>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠳᠥᠷᠪᠡ> Хялгасан дөрөөн дээр – Хасвулаг зохиов <34>

ᠠᠩᠭᠢᠯᠠᠯ:ᠲᠤᠭᠤᠵᠢ ᠷᠣᠮᠠᠨ
2026-03-11

100

ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠳᠥᠷᠪᠡ>


               ᠭᠤᠴᠢᠨ ᠳᠥᠷᠪᠡ 

       ᠦᠳᠡ ᠶ᠋ᠢᠨ ᠬᠣᠢᠨᠠᠬᠢ ᠭᠤᠷᠪᠠᠨ ᠴᠠᠭ ᠤ᠋ᠨ ᠦᠶ᠎ᠡ ᠪᠡᠷ ᠡᠦ ᠹᠧᠩ ᠮᠧᠢ᠂ ᠬᠣᠶᠠᠷ ᠡᠮᠡᠭᠲᠡᠢ ᠴᠠᠭᠳᠠᠭ᠎ᠠ ᠶ᠋ᠢᠨ ᠬᠠᠮᠠᠭᠠᠯᠠᠯᠲᠠ ᠲᠠᠢ ᠪᠠᠷ ᠰᠢᠭᠦᠬᠦ ᠬᠣᠷᠢᠶᠠᠨ ᠳ᠋ᠤ᠌ ᠢᠷᠡᠬᠦ ᠳ᠋ᠦ᠍ ᠲᠦᠪᠰᠢᠨ ᠭᠤᠸᠠᠢ ᠠᠯᠪᠠᠨ ᠰᠢᠷᠡᠭᠡᠨ ᠦ᠌ ᠬᠠᠵᠠᠭᠤ ᠳ᠋ᠤ᠌ ᠡᠯᠢᠭᠡᠳᠡᠭᠡᠳ ᠠᠷᠪᠠ ᠭᠠᠷᠤᠢ ᠨᠠᠰᠤᠨ ᠤ᠋ ᠵᠢᠭᠠᠯ ᠬᠦᠦ ᠲᠡᠢ ᠳᠡᠭᠲᠦ ᠨᠠᠭᠠᠳᠴᠤ ᠪᠠᠢᠯ᠎ᠠ᠃  
       ᠡᠦ ᠹᠧᠩ ᠮᠧᠢ ᠬᠣᠶᠠᠷ ᠴᠠᠭᠳᠠᠭ᠎ᠠ ᠲᠠᠢ ᠣᠷᠣᠵᠤ ᠢᠷᠡᠬᠦ ᠶ᠋ᠢ ᠦᠵᠡᠭᠡᠳ ᠲᠡᠷᠡ ᠳᠡᠷᠭᠡᠳᠡᠬᠢ ᠰᠠᠨᠳᠠᠯᠢ ᠤᠷᠤᠭᠤ ᠪᠠᠨ ᠵᠢᠭᠠᠵᠤ ᠰᠠᠭᠤ ᠭᠡᠰᠡᠨ ᠰᠠᠨᠠᠭ᠎ᠠ ᠪᠠᠨ ᠢᠯᠡᠳᠬᠡᠭᠡᠳ ᠦᠷᠭᠦᠯᠵᠢᠯᠡᠨ ᠨᠠᠭᠠᠳᠬᠤ ᠶ᠋ᠢᠨ ᠳᠠᠭᠠᠤ᠄ 
       — ᠡᠨᠡ ᠬᠦᠦ ᠦᠨᠡᠬᠡᠷ ᠰᠡᠷᠭᠦᠯᠡᠩ᠂ ᠪᠢ ᠬᠣᠶᠠᠷ ᠤᠳᠠᠭ᠎ᠠ ᠨᠠᠭᠠᠳᠤᠭᠠᠳ ᠪᠦᠷ ᠳᠡᠢᠯᠦᠭᠳᠡᠬᠦ ᠨᠢ ᠭᠡᠵᠦ ᠠᠮᠠᠨ ᠳᠤ ᠪᠠᠨ ᠳᠦᠳᠦᠨᠡᠵᠦ ᠪᠠᠢᠯ᠎ᠠ᠃  ᠳᠡᠮᠡᠢ ᠤᠳᠠᠯ ᠦᠭᠡᠢ ᠨᠠᠭᠠᠳᠴᠤ ᠪᠠᠷᠠᠯ᠎ᠠ᠃ ᠲᠦᠪᠰᠢᠨ᠂ ᠲᠡᠷᠡ ᠬᠦᠦ ᠶ᠋ᠢᠨ ᠲᠣᠯᠣᠭᠠᠢ ᠶ᠋ᠢ ᠬᠥᠩᠭᠡᠨ ᠢᠯᠪᠢᠭᠡᠳ᠄ 
       — ᠬᠦᠦ ᠮᠢᠨᠢ ᠰᠤᠷᠭᠠᠭᠤᠯᠢ ᠳᠤ ᠪᠠᠨ ᠬᠤᠷᠳᠤᠨ ᠣᠴᠢ ᠳᠠ᠃ ᠠᠪᠤ ᠴᠢᠨᠢ ᠭᠡᠷ ᠲᠦ ᠪᠡᠨ ᠪᠠᠢᠬᠤ ᠦᠭᠡᠢ ᠶᠦᠮ ᠴᠢᠨᠢ ᠠᠪᠠᠭ᠎ᠠ ᠶ᠋ᠢᠨ ᠳᠤ ᠪᠠᠨ ᠢᠷᠡᠵᠦ ᠪᠤᠳᠠᠭ᠎ᠠ ᠢᠳᠡᠳᠡᠭ ᠶᠦᠮ ᠰᠢᠦ᠃ ᠲᠡᠭᠡᠭᠡᠳ ᠴᠢᠯᠥᠭᠡ ᠲᠡᠢ ᠪᠣᠯ ᠠᠪᠠᠭ᠎ᠠ ᠴᠢᠨᠢ ᠴᠢᠮ᠎ᠠ ᠲᠠᠢ ᠲᠡᠭᠲᠦ ᠨᠠᠭᠠᠳᠤᠶ᠎ᠠ᠂ ᠪᠣᠯᠤᠨ᠎ᠠ ᠤᠤ? ᠭᠡᠯ᠎ᠡ᠃ ᠡᠨᠡ ᠬᠦᠦ ᠦᠨᠡᠬᠡᠷ ᠬᠥᠭᠡᠷᠦᠬᠦᠨ ᠲᠥᠷᠥᠵᠡᠢ᠃ ᠲᠣᠷᠮᠣᠭᠣᠷ ᠬᠠᠷ᠎ᠠ ᠨᠢᠳᠦ ᠲᠡᠢ᠂ ᠨᠠᠷᠢᠬᠠᠨ ᠥᠨᠳᠥᠷ ᠪᠡᠶ᠎ᠡ ᠲᠡᠢ᠂ ᠢᠯᠠᠩᠭᠤᠶ᠎ᠠ ᠰᠣᠷᠮᠤᠤᠰᠤ ᠶ᠋ᠢᠨ ᠬᠢᠨᠢ ᠤᠷᠲᠤ ᠲᠡᠭᠰᠢ ᠶ᠋ᠢ ᠬᠡᠯᠡᠪᠡᠯ ᠴᠦᠢᠳ᠋ᠧᠩ ᠦ᠋ᠨ ᠮᠣᠳᠣ ᠶ᠋ᠢ ᠬᠥᠨᠳᠡᠯᠡᠨ ᠲᠠᠯᠪᠢᠬᠤ ᠳ᠋ᠤ᠌ ᠤᠨᠠᠬᠤ ᠦᠭᠡᠢ ᠭᠡᠰᠡᠨ ᠴᠤ᠌ ᠠᠬᠠᠳᠠᠬᠤ ᠦᠭᠡᠢ ᠶᠦᠮ᠃  
       ᠵᠢᠭᠠᠯ ᠬᠦᠦ ᠪᠣᠰᠴᠤ ᠵᠣᠭᠰᠣᠭᠠᠳ ᠬᠤᠪᠴᠠᠰᠤ ᠪᠠᠨ ᠳᠠᠷᠢ ᠲᠡᠭᠰᠢ ᠵᠠᠰᠠᠭᠰᠠᠨ ᠢ᠋ᠶ᠋ᠠᠨ ᠭᠡᠷ ᠳᠣᠲᠣᠷᠠᠬᠢ ᠬᠥᠮᠦᠨ ᠢ᠋ ᠨᠢᠭᠡ ᠨᠢᠭᠡ ᠪᠡᠷ ᠨᠢ ᠬᠦᠨᠳᠦᠯᠡᠨ ᠳᠠᠭᠤᠳᠠᠭᠠᠳ 《ᠪᠠᠶᠠᠷᠲᠠᠢ!》 ᠭᠡᠵᠦ ᠰᠠᠯᠬᠤ ᠶᠣᠰᠣ ᠬᠢᠭᠡᠳ ᠭᠠᠷᠴᠤ ᠶᠠᠪᠤᠯ᠎ᠠ᠃ ᠡᠨᠡ ᠬᠦᠦ᠂ ᠡᠦ ᠹᠧᠩ ᠮᠧᠢ ᠶ᠋ᠢ ᠬᠦᠨᠳᠦᠯᠡᠨ ᠳᠠᠭᠤᠳᠠᠬᠤ ᠳ᠋ᠤ᠌ ᠲᠡᠭᠦᠨ ᠳ᠋ᠦ᠍ ᠨᠢᠭᠡ ᠯᠡ ᠡᠪ ᠦᠭᠡᠢ ᠰᠠᠨᠠᠭᠳᠠᠭᠰᠠᠨ ᠲᠤᠯᠠ ᠬᠤᠷᠳᠤᠬᠠᠨ ᠳᠣᠷᠣᠭᠰᠢ ᠬᠠᠷᠠᠪᠠ᠃ ᠪᠣᠳᠣᠬᠤ ᠳ᠋ᠤ᠌ ᠡᠨᠡ ᠬᠦᠦ᠂ ᠡᠦ ᠹᠧᠩ ᠮᠧᠢ ᠶ᠋ᠢ ᠶᠠᠯ᠎ᠠ ᠲᠠᠢ ᠭᠡᠵᠦ ᠮᠡᠳᠡᠭᠰᠡᠨ ᠦᠭᠡᠢ ᠪᠠᠢᠬ᠎ᠠ᠃ ᠬᠠᠷᠢᠨ ᠡᠦ ᠹᠧᠩ ᠮᠧᠢ ᠳ᠋ᠦ᠍ ᠡᠢᠮᠦ ᠠᠭᠤᠴᠢᠯᠠᠭᠳᠠᠰᠢ ᠦᠭᠡᠢ ᠶᠠᠯᠠᠲᠠᠨ᠂ ᠤᠰᠬᠠᠯ ᠴᠠᠭᠠᠪᠤᠷ ᠬᠡᠦᠬᠡᠳ ᠦ᠋ᠨ ᠬᠦᠨᠳᠦᠯᠡᠯ ᠢ᠋ ᠣᠯᠬᠤ ᠡᠷᠬᠡ ᠦᠭᠡᠢ ᠮᠡᠲᠦ ᠰᠠᠨᠠᠭᠳᠠᠪᠠ᠃ ᠠᠢ᠂ ᠶᠠᠭᠠᠬᠢᠭᠰᠠᠨ ᠬᠥᠮᠦᠵᠢᠯ ᠲᠡᠢ ᠥᠰᠦᠭᠰᠡᠨ ᠬᠡᠦᠬᠡᠳ ᠶᠦᠮ ᠭᠡᠵᠦ ᠲᠡᠷᠡ ᠪᠣᠳᠣᠪᠠ᠃ 
       ᠲᠦᠪᠰᠢᠨ ᠣᠷᠣᠨ ᠳᠤ ᠪᠠᠨ ᠯᠠᠪᠳᠠᠭᠤᠬᠠᠨ ᠰᠠᠭᠤᠭᠠᠳ ᠲᠡᠷᠡ ᠬᠣᠶᠠᠷ ᠢ᠋ ᠡᠭᠡᠯᠵᠢᠯᠡᠨ ᠬᠠᠷᠬᠠᠰᠠᠠ ᠢᠶᠠᠨ᠄ 
       — ᠡᠦ ᠹᠧᠩ ᠮᠧᠢ᠂ ᠪᠣᠳᠣᠬᠤ ᠳ᠋ᠤ᠌ ᠣᠷᠴᠢᠮ ᠤ᠋ᠨ ᠬᠡᠳᠦᠨ ᠡᠳᠦᠷ ᠨᠣᠢᠷ ᠬᠣᠭᠣᠯᠠ ᠴᠢᠨᠢ ᠪᠠᠭᠠᠰᠤᠭᠰᠠᠨ ᠪᠢᠵᠡ? ᠮᠠᠨ ᠤ᠋ ᠨᠥᠬᠥᠳ ᠡᠯ᠎ᠡ ᠲᠠᠯ᠎ᠠ ᠪᠠᠷ ᠬᠠᠷᠠᠭᠠᠯᠵᠠᠭᠰᠠᠨ ᠢ᠋ᠶ᠋ᠠᠷ ᠶᠠᠮᠠᠷ ᠪᠣᠢ? ᠭᠡᠯ᠎ᠡ᠃ 
       — ᠶᠡᠬᠡ ᠰᠠᠢᠨ᠃ ᠬᠠᠷᠢᠨ ᠡᠳᠡ ᠨᠠᠷ ᠰᠥᠨᠢᠵᠢᠨ ᠨᠠᠮ᠎ᠠ ᠶᠢ ᠮᠠᠨᠠᠭᠠᠳ ᠤᠨᠲᠠᠬᠤ ᠦᠭᠡᠢ ᠨᠢ ᠠᠷᠭ᠎ᠠ ᠪᠠᠷᠠᠭᠤᠯᠬᠤ ᠶᠤᠮ ᠭᠡᠳ ᠳᠡᠷᠭᠡᠳᠡ ᠨᠢ ᠪᠠᠢᠭ᠎ᠠ ᠬᠣᠶᠠᠷ ᠡᠮᠡᠭᠲᠡᠢ ᠴᠠᠭᠳᠠᠭ᠎ᠠ ᠶ᠋ᠢ ᠬᠢᠯᠠᠪᠬᠢᠨ ᠬᠠᠷᠠᠪᠠ᠃ 
       — ᠲᠡᠷᠡ ᠪᠣᠯ ᠠᠵᠢᠯ ᠤ᠋ᠨ ᠬᠠᠷᠢᠭᠤᠴᠠᠯᠭ᠎ᠠ ᠶᠤᠮ ᠴᠢᠨᠢ ᠠᠷᠭ᠎ᠠ ᠦᠭᠡᠢ ᠰᠢᠦ᠃ ᠲᠡᠷᠡ ᠨᠢ ᠲᠠᠨ ᠳ᠋ᠤ᠌ ᠶᠡᠬᠡ ᠳᠠᠷᠤᠭᠠᠰᠤ ᠲᠠᠢ ᠰᠠᠨᠠᠭᠳᠠᠭᠰᠠᠨ ᠪᠠᠢᠬ᠎ᠠ ᠭᠡᠯ᠎ᠡ᠃ ᠲᠡᠭᠡᠭᠡᠳ ᠲᠦᠪᠰᠢᠨ ᠲᠡᠷᠡ ᠬᠣᠶᠠᠷ ᠡᠮᠡᠭᠲᠡᠢ ᠴᠠᠭᠳᠠᠭ᠎ᠠ ᠶ᠋ᠢᠨ ᠳᠡᠷᠭᠡᠳᠡ ᠣᠴᠢᠭᠠᠳ ᠨᠢᠭᠡ ᠨᠢᠭᠡ ᠪᠡᠷ ᠨᠢ ᠭᠠᠷ ᠢ᠋ ᠨᠢ ᠠᠳᠬᠤᠭᠠᠳ᠄
       — ᠲᠠᠨ ᠤ᠋ ᠬᠣᠶᠠᠭᠤᠯᠠ ᠶ᠋ᠢ ᠵᠦᠳᠡᠷᠡᠭᠡᠯ᠎ᠡ᠃ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠦᠭᠰᠡᠨ ᠳ᠋ᠦ᠍ ᠴᠢᠨᠢ ᠲᠠᠯᠠᠷᠬᠠᠶ᠎ᠠ᠃ ᠪᠢ ᠰᠠᠯᠠᠭᠠᠨ ᠳᠠᠷᠤᠭ᠎ᠠ ᠠ᠋ᠴᠠ ᠴᠢᠨᠢ ᠲᠠᠨ ᠤ᠋ ᠬᠣᠶᠠᠭᠤᠯᠠ ᠳ᠋ᠤ᠌ ᠭᠤᠷᠪᠠᠨ ᠡᠳᠦᠷ ᠦ᠋ᠨ ᠴᠢᠯᠥᠭᠡ ᠠᠪᠤᠭᠰᠠᠨ ᠶᠤᠮ᠃ ᠣᠳᠣ ᠬᠠᠷᠢᠵᠤ ᠰᠠᠢᠨ ᠠᠮᠠᠷᠠᠭᠠᠷᠠᠢ ᠭᠡᠪᠡ᠃ ᠬᠣᠶᠠᠷ ᠡᠮᠡᠭᠲᠡᠢ ᠴᠠᠭᠳᠠᠭ᠎ᠠ ᠶ᠋ᠢ ᠶᠠᠪᠤᠭᠰᠠᠨ ᠤ᠋ ᠳᠠᠷᠠᠭ᠎ᠠ ᠡᠦ ᠹᠧᠩ ᠮᠧᠢ᠄ 
       — ᠶᠠᠯ᠎ᠠ ᠬᠢᠭᠡᠳ ᠬᠥᠮᠦᠨ ᠳ᠋ᠦ᠍ ᠬᠢᠨᠠᠭᠳᠠᠵᠤ ᠰᠠᠭᠤᠬᠤ ᠨᠢ ᠦᠨᠡᠬᠡᠷ ᠪᠡᠷᠬᠡ ᠵᠣᠪᠠᠯᠠᠩ ᠲᠠᠢ ᠬᠡᠷᠡᠭ ᠪᠠᠢᠨ᠎ᠠ ᠳᠠ᠃ ᠠᠢ! ᠭᠡᠵᠦ ᠰᠡᠭᠦᠷᠡᠰᠦ ᠠᠯᠳᠠᠬᠤ ᠳ᠋ᠤ᠌ ᠲᠦᠪᠰᠢᠨ᠄ 
       — ᠴᠢ ᠦᠨᠡᠬᠡᠷ ᠲᠡᠢᠮᠦ ᠰᠦᠷᠡᠬᠡᠢ ᠬᠠᠷᠠᠮᠰᠠᠨ ᠭᠡᠮᠰᠢᠵᠦ ᠪᠠᠢᠨ᠎ᠠ ᠭᠡᠵᠢ ᠤᠤ? ᠭᠡᠪᠡ᠃ 
       — ᠦᠨᠡᠨ᠂ ᠵᠢᠭᠠᠬᠠᠨ ᠴᠤ᠌ ᠬᠤᠳᠠᠯ ᠦᠭᠡᠢ᠃ 
       — ᠮᠢᠨᠦ ᠪᠣᠳᠣᠬᠤ ᠪᠠᠷ ᠴᠢ ᠡᠳᠡᠭᠡᠷ ᠢ᠋ ᠪᠦᠷ ᠰᠠᠨᠠᠭᠠᠨ ᠠ᠋ᠴᠠ ᠭᠠᠳᠠᠨᠠᠬᠢ ᠬᠡᠷᠡᠭ ᠢ᠋ᠶ᠋ᠡᠷ ᠦᠵᠡᠵᠦ ᠦᠭᠡᠢ ᠭᠡᠵᠢ ᠤᠤ?
       — ᠡᠨᠡ᠁ᠡᠨᠡ᠁ 
       — ᠡᠨᠡ ᠶᠠᠭᠤ ᠪᠣᠢ?
       — ᠪᠢ᠂ ᠤᠤᠯ ᠠ᠋ᠴᠠ ᠪᠠᠨ ᠡᠢᠮᠦ ᠦᠷ᠎ᠡ ᠳ᠋ᠦᠩ ᠲᠡᠢ ᠪᠣᠯᠤᠶ᠎ᠠ ᠭᠡᠵᠦ ᠦᠨᠡᠨ ᠰᠠᠨᠠᠭᠠᠨ ᠠ᠋ᠴᠠ ᠪᠠᠨ ᠬᠦᠰᠡᠵᠦ ᠪᠠᠢᠭᠰᠠᠨ ᠶᠤᠮ᠃ ᠦᠢᠯᠡ ᠠᠵᠢᠯᠯᠠᠭ᠎ᠠ ᠳᠡᠭᠡᠷ᠎ᠡ ᠪᠡᠨ ᠴᠤ᠌ ᠢᠩᠭᠢᠵᠦ ᠬᠢᠭᠰᠡᠨ᠃ 
       — ᠴᠢᠨᠦ ᠡᠳᠡᠭᠡᠷ ᠦᠭᠡ ᠪᠣᠳᠠᠲᠠᠢ ᠲᠠᠢ ᠨᠡᠢᠴᠡᠬᠦ ᠦᠭᠡᠢ ᠰᠢᠭ ᠪᠠᠢᠨ᠎ᠠ᠃ ᠴᠢ ᠦᠨᠡᠬᠡᠷ ᠢᠩᠭᠢᠵᠦ ᠪᠣᠳᠣᠵᠤ ᠪᠠᠢᠭᠰᠠᠨ ᠪᠣᠯ ᠶᠠᠭᠠᠬᠢᠨ᠎ᠠ ᠳᠠ᠂ ᠭᠡᠲᠡᠯ᠎ᠡ ᠪᠣᠳᠠᠲᠠᠢ ᠳᠡᠭᠡᠷ᠎ᠡ ᠪᠡᠨ ᠢᠩᠭᠢᠵᠦ ᠬᠢᠯ᠎ᠡ ᠭᠡᠬᠦ ᠨᠢ ᠶᠡᠬᠡ ᠰᠣᠨᠢᠷᠬᠠᠯᠲᠠᠢ ᠪᠠᠢᠨ᠎ᠠ ᠳᠠ᠃ 
       — ᠦᠨᠡᠨ᠃ 
       — ᠬᠥᠮᠦᠨ ᠦ᠌ ᠪᠣᠳᠣᠯ ᠢ᠋ ᠬᠡᠨ ᠦᠭᠡᠢᠰᠬᠡᠵᠦ ᠴᠢᠳᠠᠬᠤ ᠪᠣᠢ? ᠭᠡᠲᠡᠯ᠎ᠡ ᠥᠨᠥᠳᠥᠷ ᠴᠢᠮ᠎ᠠ ᠲᠠᠢ ᠶᠠᠷᠢᠯᠴᠠᠬᠤ ᠶᠠᠭᠤᠮ᠎ᠠ ᠪᠣᠯ ᠨᠢᠭᠡ ᠭᠡᠷ ᠪᠦᠯᠢ ᠶ᠋ᠢᠨ ᠠᠮᠢᠳᠤᠷᠠᠯ ᠤ᠋ᠨ ᠠᠰᠠᠭᠤᠳᠠᠯ᠃ 
       — ᠶᠠᠭᠤ ᠶᠠᠷᠢᠯᠴᠠᠭᠰᠠᠨ ᠴᠤ᠌ ᠬᠠᠮᠢᠶ᠎ᠠ ᠦᠭᠡᠢ᠃ ᠡᠷᠲᠡᠬᠡᠨ ᠵᠣᠬᠢᠬᠤ ᠰᠢᠢᠳᠬᠡᠯ ᠢ᠋ᠶ᠋ᠡᠨ ᠣᠯᠪᠠᠯ ᠪᠣᠯᠬᠤ ᠨᠢ ᠲᠡᠷᠡ᠃ ᠪᠢ ᠡᠳᠡᠭᠡᠷ ᠡᠳᠦᠷ ᠦ᠋ᠳ ᠲᠦ᠍ ᠢᠩᠭᠢᠵᠦ ᠰᠢᠭᠤᠳᠤᠭᠰᠠᠭᠠᠷ ᠢᠷᠡᠵᠡᠢ᠃ 
       — ᠲᠣᠯᠣᠭᠠᠢ ᠪᠠᠨ ᠠᠪᠤᠭᠤᠯᠬᠤ ᠤᠴᠢᠷ ᠲᠤ᠌ ᠢᠩᠭᠢᠵᠦ ᠵᠣᠷᠢᠭ ᠰᠢᠭᠤᠳᠬᠤ ᠭᠡᠭᠴᠢ ᠬᠢᠯᠪᠠᠷ ᠦᠭᠡᠢ᠃ ᠡᠭᠦᠨ ᠡᠴᠡ ᠴᠢᠮ᠎ᠠ ᠶ᠋ᠢ ᠴᠢᠩᠭ᠎ᠠ ᠵᠣᠷᠢᠭᠲᠠᠢ ᠬᠥᠮᠦᠨ ᠭᠡᠵᠦ ᠬᠡᠯᠡᠵᠦ ᠪᠣᠯᠤᠨ᠎ᠠ᠃ ᠨᠢᠭᠡ ᠬᠥᠮᠦᠨ ᠦ᠌ ᠪᠣᠳᠣᠭᠰᠠᠨ ᠢ᠋ᠶ᠋ᠠᠨ ᠬᠡᠯᠡᠵᠦ ᠭᠠᠷᠭᠠᠬᠤ ᠶ᠋ᠢ ᠬᠣᠷᠢᠭᠯᠠᠵᠤ᠂ ᠪᠤᠷᠤᠭᠤᠳᠬᠠᠵᠤ᠂ ᠨᠢᠴᠤᠭᠠᠬᠤ ᠦᠭᠡᠢ ᠪᠡᠷ ᠰᠣᠨᠣᠰᠪᠠᠯ ᠵᠣᠬᠢᠨ᠎ᠠ᠃ ᠬᠡᠷᠡᠭ ᠶᠠᠪᠤᠳᠠᠯ ᠢ᠋ ᠡᠷᠲᠡᠬᠡᠨ ᠢᠯᠭᠠᠷᠠᠭᠤᠯᠵᠤ ᠴᠢᠨᠦ ᠰᠠᠨᠠᠭ᠎ᠠ ᠰᠡᠳᠬᠢᠯ ᠢ᠋ ᠠᠭᠤᠵᠢᠷᠠᠭᠤᠯᠬᠤ ᠶ᠋ᠢᠨ ᠲᠥᠯᠥᠭᠡ᠂ ᠦᠵᠡᠰᠬᠦᠯᠡᠩ ᠦ᠋ᠨ ᠬᠡᠷᠡᠭ ᠢ᠋ ᠳᠠᠬᠢᠨ ᠪᠠᠢᠴᠠᠭᠠᠵᠤ ᠵᠠᠳᠠᠯᠤᠭᠰᠠᠨ ᠪᠠᠢᠳᠠᠯ ᠢ᠋ ᠬᠡᠯᠡᠪᠡᠯ ᠡᠨᠡ ᠬᠡᠷᠡᠭ ᠴᠢᠮ᠎ᠠ ᠲᠠᠢ ᠰᠢᠭᠤᠳ ᠬᠣᠯᠪᠣᠭᠳᠠᠯ ᠦᠭᠡᠢ᠃ ᠥᠭᠡᠷ᠎ᠡ ᠪᠡᠷ ᠬᠡᠯᠡᠪᠡᠯ ᠬᠥᠮᠦᠨ ᠠᠯᠠᠭᠰᠠᠨ ᠬᠡᠷᠡᠭ ᠲᠦ᠍ ᠴᠢᠨᠦ ᠬᠠᠷᠢᠭᠤᠴᠠᠯᠭ᠎ᠠ ᠦᠭᠡᠢ᠃ 
       — ᠠ! ᠭᠡᠳ ᠡᠦ ᠹᠧᠩ ᠮᠧᠢ ᠰᠠᠭᠤᠭᠰᠠᠨ ᠣᠷᠣᠨ ᠠ᠋ᠴᠠ ᠪᠠᠨ ᠣᠭᠯᠣ ᠦᠰᠦᠷᠦᠨ ᠪᠣᠰᠪᠠ᠃ ᠰᠣᠴᠢᠬᠤ ᠭᠠᠢᠬᠠᠬᠤ ᠬᠣᠣᠰᠯᠠᠨᠰᠠᠨ ᠤ᠋ ᠡᠷᠬᠡ ᠪᠡᠷ ᠲᠣᠮᠣ ᠬᠣᠶᠠᠷ ᠨᠢᠳᠦ ᠨᠢ ᠤᠯᠠᠮ ᠪᠦᠯᠲᠡᠢᠨ ᠲᠣᠮᠣ ᠪᠣᠯᠵᠤ ᠲᠣᠭᠲᠠᠭᠰᠠᠨ ᠨᠢ ᠬᠥᠮᠦᠨ ᠠᠶᠤᠮᠠᠷ ᠪᠠᠢᠯ᠎ᠠ᠃ ᠲᠡᠷᠡ ᠨᠡᠯᠢᠶᠡᠳ ᠤᠳᠠᠲᠠᠯ᠎ᠠ ᠢᠩᠭᠢᠵᠦ ᠵᠣᠭᠰᠣᠭᠠᠳ᠄ 
       — ᠲᠠ ᠣᠳᠣᠬᠠᠨ ᠶᠠᠭᠤ ᠭᠡᠯ᠎ᠡ? ᠭᠡᠪᠡ᠃ 
       — ᠡᠦ ᠹᠧᠩ ᠮᠧᠢ ᠨᠥᠬᠥᠷ ᠠ᠋! ᠲᠠ ᠰᠡᠳᠬᠢᠯᠭᠡ ᠪᠡᠨ ᠳᠠᠷᠤ! ᠠᠯᠪᠠᠨ ᠬᠡᠷᠡᠭ ᠢ᠋ ᠶᠠᠷᠢᠯᠴᠠᠬᠤ ᠦᠶ᠎ᠡ ᠳ᠋ᠦ᠍ ᠪᠢ ᠶᠡᠷᠦ ᠡᠴᠡ ᠪᠡᠨ ᠨᠠᠭᠠᠳᠤᠮ ᠲᠣᠭᠯᠠᠭᠠᠮ ᠬᠢᠳᠡᠭ ᠦᠭᠡᠢ᠃ ᠮᠡᠳᠡᠪᠡ ᠤᠤ? ᠡᠨᠡ ᠪᠣᠯ ᠦᠨᠡᠨ ᠦᠭᠡ ᠰᠢᠦ ᠭᠡᠵᠦ ᠲᠦᠪᠰᠢᠨ ᠢ᠋ ᠶᠠᠷᠢᠵᠤ ᠪᠠᠷᠠᠬᠤ ᠲᠠᠢ ᠵᠡᠷᠭᠡ ᠡᠦ ᠹᠧᠩ ᠮᠧᠢ ᠭᠡᠨᠡᠳᠲᠡ ᠴᠢᠷᠠᠢ ᠪᠠᠨ ᠬᠤᠪᠢᠷᠠᠭᠤᠯᠤᠨ ᠪᠠᠷᠤᠭ ᠵᠣᠳᠣᠯᠴᠠᠵᠤ ᠲᠤᠯᠤᠯᠳᠤᠮᠠᠷ ᠠᠭᠠᠰᠢᠯᠠᠨ ᠳᠡᠷᠭᠡᠳᠡ ᠨᠢ ᠢᠷᠡᠭᠡᠳ᠄ 
       — ᠪᠢ ᠣᠳᠣ ᠮᠡᠳᠡᠯ᠎ᠡ᠃ ᠲᠠᠨᠤᠰ᠂ ᠪᠣᠯᠤᠷᠴᠠᠭᠠᠨ ᠤ᠋ ᠤᠤᠯ ᠠᠮᠠᠨ ᠥᠴᠢᠭ᠂ ᠰᠢᠭᠦᠨ ᠲᠠᠰᠤᠯᠤᠯᠲᠠ ᠶ᠋ᠢ ᠬᠡᠪ ᠢ᠋ᠶ᠋ᠡᠷ ᠨᠢ ᠪᠠᠷᠢᠮᠲᠠᠯᠠᠨ ᠨᠠᠳᠠ ᠶᠠᠯ᠎ᠠ ᠦᠭᠡᠢ ᠭᠡᠵᠦ ᠬᠡᠯᠡᠵᠦ ᠪᠠᠢᠭ᠎ᠠ ᠪᠢᠵᠡ᠃ ᠲᠦᠪᠰᠢᠨ ᠭᠤᠸᠠᠢ᠂ ᠢᠩᠭᠢᠵᠦ ᠰᠢᠢᠳᠬᠡᠪᠡᠯ ᠬᠥᠮᠦᠨ ᠢ᠋ ᠬᠢᠯᠢᠰᠳᠡᠭᠦᠯᠦᠨ᠎ᠡ ᠰᠢᠦ᠃ ᠾᠧᠩ᠂ ᠪᠢ ᠠᠩᠬᠠᠨ ᠳᠤ ᠪᠠᠨ ᠮᠠᠰᠢ ᠡᠷᠡᠭᠡᠯᠵᠡᠵᠦ ᠥᠩᠭᠡᠷᠡᠭᠰᠡᠨ ᠶᠦᠮ᠃ ᠭᠠᠭᠴᠠ ᠬᠥᠮᠦᠨ ᠦ᠌ ᠦᠭᠡ ᠬᠡᠳᠦᠢ ᠦᠨᠡᠨ ᠴᠤ᠌ ᠭᠡᠷᠡᠴᠢ ᠪᠣᠯᠭᠠᠬᠤ ᠦᠭᠡᠢ ᠶ᠋ᠢ ᠪᠢ ᠣᠯᠠᠨ ᠤᠳᠠᠭ᠎ᠠ ᠦᠵᠡᠭᠰᠡᠨ᠃ ᠲᠠᠨᠤᠰ᠂ ᠬᠥᠮᠦᠨ ᠦ᠌ ᠭᠡᠷᠡᠴᠢ ᠪᠠᠷᠢᠮᠲᠠ ᠳ᠋ᠤ᠌ ᠭᠠᠳᠠᠭᠠᠳᠤ ᠨᠥᠬᠥᠴᠡᠯ ᠪᠦᠷᠢᠯᠳᠦᠭᠦᠯᠵᠦ ᠥᠭᠬᠦ ᠦᠭᠡᠢ ᠮᠥᠷᠲᠡᠭᠡᠨ ᠬᠥᠮᠦᠨ ᠦ᠌ ᠲᠤᠰᠢᠶᠠᠭᠰᠠᠨ ᠠᠮᠠᠨ ᠥᠴᠢᠭ ᠦ᠋ᠨ ᠦᠨᠡᠨ ᠬᠤᠳᠠᠯ ᠢ᠋ ᠴᠤ᠌ ᠢᠯᠭᠠᠬᠤ ᠦᠭᠡᠢ ᠪᠠᠢᠨ᠎ᠠ᠃ ᠥᠩᠭᠡᠷᠡᠭᠰᠡᠨ ᠳ᠋ᠦ᠍ ᠴᠢ ᠨᠠᠳᠠ ᠭᠠᠳᠠᠭᠠᠳᠤ ᠭᠡᠷᠡᠴᠢ ᠪᠠᠷᠢᠮᠲᠠ ᠪᠦᠷᠢᠳᠦᠭᠦᠯᠬᠦ ᠪᠡᠷ ᠮᠠᠰᠢ ᠢᠲᠡᠭᠡᠯ ᠲᠡᠢ ᠦᠭᠡ ᠶᠠᠷᠢᠵᠤ ᠪᠠᠢᠭᠰᠠᠨ᠃ ᠤᠤᠯ ᠨᠢ ᠬᠠᠷᠢᠨ ᠤᠷᠠᠨ ᠬᠣᠩᠰᠢᠶᠠᠷ ᠢ᠋ᠶ᠋ᠠᠷ ᠢ᠋ᠶ᠋ᠠᠨ ᠨᠠᠮ᠎ᠠ ᠶᠢ ᠮᠡᠬᠡᠯᠡᠵᠦ ᠪᠠᠢᠭᠰᠠᠨ ᠰᠢᠲᠠ᠃ ᠮᠥᠨ ᠯᠡ ᠨᠢᠭᠡ ᠬᠣᠭᠣᠰᠣᠨ ᠲᠣᠯᠣᠭᠠᠢ ᠬᠣᠩᠭᠢᠯᠳᠠᠭ ᠴᠡᠭᠡᠵᠢ ᠯᠡ ᠪᠠᠢᠨ᠎ᠠ᠃ ᠪᠢ ᠶᠠᠭᠠᠬᠢᠭᠠᠳ ᠡᠷᠲᠡ ᠮᠡᠳᠡᠭᠰᠡᠨ ᠦᠭᠡᠢ ᠪᠣᠢ? ᠭᠡᠮᠡᠨ ᠬᠡᠯᠡᠬᠦ ᠳᠣᠳᠣᠮ ᠬᠣᠣᠷ ᠨᠢ ᠪᠤᠴᠠᠯᠵᠤ ᠪᠠᠢᠯ᠎ᠠ᠃ 
       ᠲᠦᠪᠰᠢᠨ ᠣᠷᠣ ᠠ᠋ᠴᠠ ᠪᠠᠨ ᠪᠣᠰᠴᠤ ᠢᠨᠢᠶᠡᠭᠰᠡᠨ ᠴᠢᠷᠠᠢ ᠲᠠᠢ ᠪᠠᠷ ᠡᠦ ᠹᠧᠩ ᠮᠧᠢ ᠢᠢᠨ ᠮᠥᠷᠥ ᠶ᠋ᠢ ᠬᠥᠩᠭᠡᠬᠡᠨ ᠳᠠᠷᠤᠵᠤ ᠰᠠᠭᠤᠯᠭᠠᠭᠠᠳ᠄
       — ᠡᠭᠦᠨ ᠢ᠋ ᠪᠢᠳᠡ ᠦᠷᠭᠦᠯᠵᠢᠯᠡᠨ ᠶᠠᠷᠢᠨᠬᠤ ᠪᠠᠨ ᠪᠠᠢᠴᠢᠬᠠᠶ᠎ᠠ᠃ ᠲᠠᠨ ᠤ᠋ ᠨᠠᠳᠠ ᠥᠭᠭᠦᠭᠰᠡᠨ ᠦᠨᠡᠯᠡᠯᠲᠡ ᠵᠣᠬᠢᠰᠲᠠᠢ ᠰᠢᠭ᠋ ᠪᠠᠢᠨ᠎ᠠ᠃ ᠪᠠᠰᠠ ᠵᠠᠷᠢᠮ ᠨᠢ ᠵᠤᠭᠡᠰ ᠦᠭᠡᠢ ᠰᠢᠭ ᠪᠠᠢᠨ᠎ᠠ᠂ ᠬᠡᠷᠡᠭ ᠦ᠋ᠨ ᠦᠨᠡᠨ ᠬᠤᠳᠠᠯ ᠢ᠋ ᠪᠣᠯ ᠦᠢᠯᠡᠳᠦᠯᠭᠡ ᠭᠡᠷᠡᠴᠢᠯᠡᠬᠦ ᠶᠦᠮ᠃ ᠭᠡᠲᠡᠯ᠎ᠡ ᠪᠢ ᠴᠢᠮ᠎ᠠ ᠳ᠋ᠤ᠌ ᠲᠣᠳᠣᠷᠬᠠᠢᠯᠠᠬᠤ ᠨᠢ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠴᠢᠨᠦ ᠪᠣᠳᠣᠭᠰᠠᠨ ᠠ᠋ᠴᠠ ᠬᠣᠯᠠ ᠪᠤᠳᠤᠯᠢᠶᠠᠨᠲᠠᠢ᠃ ᠬᠣᠵᠢᠮ ᠦᠨᠡᠨ ᠴᠠᠭᠠᠨ ᠢ᠋ᠶ᠋ᠠᠨ ᠣᠯᠬᠤ ᠦᠶ᠎ᠡ ᠳ᠋ᠦ᠍ ᠮᠡᠳᠡᠬᠦ ᠶᠦᠮ᠃ ᠬᠠᠷᠢᠨ ᠥᠨᠥᠳᠥᠷ ᠲᠠᠨ ᠠ᠋ᠴᠠ ᠠᠰᠠᠭᠤᠬᠤ ᠨᠢ ᠭᠡᠳ ᠦᠭᠡ ᠪᠡᠨ ᠵᠣᠭᠬᠢᠵᠠᠢ᠃ 
       ᠤᠤᠯ ᠨᠢ ᠲᠡᠷᠡ ᠡᠦ ᠹᠧᠩ ᠮᠧᠢ ᠳ᠋ᠦ᠍ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠳᠡᠭᠡᠷ᠎ᠡ ᠬᠠᠷᠢᠭᠤᠴᠠᠯᠭ᠎ᠠ ᠦᠭᠡᠢ ᠭᠡᠳᠡᠭ ᠢ᠋ ᠬᠡᠯᠡᠭᠰᠡᠨ ᠦ᠌ ᠳᠠᠷᠠᠭ᠎ᠠ᠂ ᠰᠡᠳᠬᠢᠯ ᠰᠠᠨᠠᠭ᠎ᠠ ᠨᠢ ᠲᠠᠯᠪᠢᠭᠤᠷᠠᠬᠤ ᠶ᠋ᠢ ᠠᠰᠢᠭᠯᠠᠵᠤ᠂ ᠴᠢᠬᠤᠯᠠ ᠭᠡᠵᠦ ᠰᠠᠨᠠᠭᠳᠠᠭᠰᠠᠨ ᠵᠠᠷᠢᠮ ᠠᠰᠠᠭᠤᠳᠠᠯ ᠢ᠋ ᠪᠠᠢᠴᠠᠭᠠᠬᠤ ᠪᠠᠷ ᠪᠣᠳᠣᠯᠬᠢᠯᠠᠭᠰᠠᠨ ᠨᠢ ᠣᠳᠣ ᠬᠣᠭᠣᠰᠣᠷᠠᠵᠠᠢ᠃ ᠭᠡᠪᠡᠴᠦ ᠠᠷᠭᠠᠯᠠᠵᠤ ᠪᠠᠢᠭᠠᠳ ᠠᠰᠠᠭᠤᠬᠤ ᠴᠢᠬᠤᠯᠠ ᠲᠠᠢ ᠪᠠᠢᠯ᠎ᠠ᠃ 
       ᠡᠦ ᠹᠧᠩ ᠮᠧᠢ ᠨᠢᠳᠦ ᠪᠡᠨ ᠪᠦᠯᠲᠡᠢᠯᠭᠡᠨ ᠶᠠᠭᠤ ᠠᠰᠠᠭᠤᠬᠤ ᠶ᠋ᠢ ᠨᠢ ᠬᠦᠯᠢᠶᠡᠭᠰᠡᠭᠡᠷ᠃ 
       — ᠠᠷᠪᠠᠨ ᠲᠠᠪᠤᠨ ᠵᠢᠯ ᠦ᠋ᠨ ᠡᠮᠦᠨ᠎ᠡ ᠴᠢ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠳ᠋ᠤ᠌ ᠬᠥᠩᠭᠡᠵᠢᠵᠦ ᠥᠩᠭᠡᠷᠡᠭᠰᠡᠨ ᠤᠤ?
       — ᠠ᠋᠂ ᠥᠨᠥᠳᠥᠷ ᠪᠢ ᠲᠠ ᠨᠠᠷ ᠢ᠋ ᠶᠠᠮᠠᠷ ᠴᠢᠬᠤᠯᠠ ᠶᠠᠭᠤᠮ᠎ᠠ ᠠᠰᠠᠭᠤᠬᠤ ᠪᠣᠯ ᠭᠡᠵᠦ ᠪᠣᠳᠣᠵᠤ ᠪᠠᠢᠭᠰᠠᠨ ᠴᠢᠨᠢ ᠬᠠᠷᠢᠨ ᠡᠭᠦᠨ ᠢ᠋ ᠪᠠᠢᠴᠠᠭᠠᠬᠤ ᠭᠡᠵᠦ ᠪᠠᠢᠵᠤ ᠰᠢᠲᠠ᠃ ᠲᠠᠨᠤᠰ ᠬᠡᠷᠡᠭ ᠢᠯᠭᠠᠷᠠᠭᠤᠯᠬᠤ ᠴᠢᠳᠠᠯ ᠢ᠋ᠶ᠋ᠠᠷ ᠠᠨᠠᠢᠬᠠᠨ ᠴᠤ᠌ ᠬᠥᠮᠦᠨ ᠦ᠌ ᠶᠠᠷ᠎ᠠ ᠶ᠋ᠢ ᠮᠠᠯᠲᠠᠬᠤ ᠳᠤ ᠪᠠᠨ ᠳᠠᠪᠠᠭᠤ ᠶᠤᠮ ᠪᠠᠢᠨ᠎ᠠ᠃ ᠪᠣᠯᠤᠷᠴᠠᠭᠠᠨ ᠢ᠋ ᠪᠠᠷᠢᠭᠳᠠᠭᠰᠠᠨ ᠤ᠋ ᠳᠠᠷᠠᠭ᠎ᠠ ᠪᠢᠳᠡ ᠬᠣᠶᠠᠷ ᠤ᠋ᠨ ᠬᠠᠨᠢᠯᠠᠭᠰᠠᠨ ᠤᠴᠢᠷ ᠢ᠋ ᠳᠠᠬᠢᠨ ᠳᠠᠪᠲᠠᠨ ᠪᠠᠢᠴᠠᠭᠠᠯ᠎ᠠ᠃ ᠪᠢ ᠭᠡᠳᠡᠭ ᠬᠥᠮᠦᠨ ᠡᠭᠡᠯ ᠴᠠᠭᠠᠪᠤᠷ ᠲᠠᠭᠠᠨ ᠪᠣᠯᠵᠤ᠂ ᠥᠪᠡᠷ ᠢ᠋ᠶ᠋ᠡᠨ ᠲᠤᠰᠢᠶᠠᠬᠤ ᠳ᠋ᠤ᠌ ᠲᠠ ᠬᠠᠷᠢᠨ ᠶᠠᠭᠤ ᠪᠠᠷ ᠴᠤ᠌ ᠦᠵᠡᠵᠦ ᠦᠭᠡᠢ ᠮᠡᠲᠦ ᠠᠪᠤᠷᠢᠯᠠᠵᠤ ᠪᠠᠢᠭᠰᠠᠨ ᠨᠢ ᠱᠠᠯ ᠪᠡᠴᠢ ᠪᠠᠢᠵᠢ ᠰᠢᠦ᠃ ᠤᠤᠯ ᠨᠢ ᠬᠠᠷᠢᠨ ᠡᠭᠦᠨ ᠡᠴᠡ ᠢᠯᠡᠭᠦᠦ ᠶᠠᠷ᠎ᠠ ᠶ᠋ᠢ ᠮᠢᠨᠢ ᠮᠠᠯᠲᠠᠴᠢᠬᠠᠭᠠᠳ ᠰᠡᠭᠦᠯ ᠮᠢᠷᠢᠶᠠᠵᠤ ᠪᠠᠢᠭᠰᠠᠨ ᠢ᠋ ᠴᠢᠨᠢ ᠬᠡᠨ ᠮᠡᠳᠡᠯ᠎ᠡ ᠳᠠ ᠭᠡᠵᠦ ᠲᠡᠷᠡ ᠬᠡᠯᠡᠭᠰᠡᠭᠡᠷ ᠪᠠᠢᠭᠠᠳ ᠣᠷᠣᠨ ᠳᠤ ᠪᠠᠨ ᠰᠠᠭᠤᠵᠤ ᠲᠣᠭᠲᠠᠬᠤ ᠦᠭᠡᠢ ᠪᠣᠯᠵᠤ ᠬᠡᠳᠦ ᠤᠳᠠᠭ᠎ᠠ ᠥᠨᠳᠡᠯᠵᠡᠵᠦ ᠠᠪᠤᠭᠠᠳ᠄ 
       — ᠳᠠᠷᠤᠭ᠎ᠠ ᠭᠤᠸᠠᠢ᠂ ᠦᠨᠡᠬᠡᠷ ᠡᠢᠮᠦ ᠬᠡᠷᠡᠭ ᠪᠠᠢᠨ᠎ᠠ᠃ ᠲᠡᠷᠡ ᠮᠥᠷᠲᠡᠭᠡᠨ ᠪᠢ ᠬᠣᠷᠢ ᠴᠤ᠌ ᠬᠦᠷᠦᠭᠡᠳᠦᠢ ᠬᠡᠦᠬᠡᠨ ᠪᠠᠢᠬᠤ ᠳᠤ ᠪᠠᠨ ᠲᠥᠷᠥᠭᠰᠡᠨ ᠶᠦᠮ᠃ ᠠᠷᠪᠠ ᠭᠠᠷᠤᠢ ᠵᠢᠯ ᠳᠠᠷᠤᠭᠰᠠᠨ ᠨᠢᠭᠤᠴᠠ ᠶ᠋ᠢ ᠥᠨᠥᠳᠥᠷ ᠬᠠᠰᠢ ᠯᠠ ᠲᠠ ᠨᠠᠷ ᠢᠯᠡᠷᠡᠭᠦᠯᠴᠢᠬᠡᠯ᠎ᠡ᠃ ᠡᠢᠮᠦ ᠴᠢᠳᠠᠪᠤᠷᠢ ᠪᠠᠨ ᠪᠣᠯᠤᠷᠴᠠᠭᠠᠨ ᠤ᠋ ᠬᠡᠷᠡᠭ ᠳᠡᠭᠡᠷ᠎ᠡ ᠲᠥᠪᠯᠡᠷᠡᠭᠦᠯᠦᠭᠰᠡᠨ ᠪᠣᠯ ᠠᠷᠠᠢ ᠢᠩᠭᠢᠵᠦ ᠰᠤᠨᠵᠢᠷᠠᠬᠤ ᠦᠭᠡᠢ ᠪᠠᠢᠬ᠎ᠠ᠃ ᠲᠠ ᠪᠠᠷᠤᠭ ᠡᠢᠮᠦ ᠶᠠᠷ᠎ᠠ ᠰᠢᠷᠬ᠎ᠠ ᠲᠠᠢ ᠡᠮᠡᠭᠲᠡᠢ ᠦᠨᠡᠨ ᠢ᠋ᠶ᠋ᠡᠨ ᠬᠡᠯᠡᠬᠦ ᠦᠭᠡᠢ ᠭᠡᠵᠦ ᠪᠣᠳᠣᠭ᠎ᠠ ᠪᠢᠵᠡ? ᠾᠧᠩ᠂ ᠮᠢᠨᠦ ᠲᠡᠷᠡ ᠬᠡᠦᠬᠡᠳ ᠦ᠋ᠨ ᠡᠴᠢᠭᠡ ᠨᠢ ᠴᠤ᠌ ᠲᠠᠨ ᠰᠢᠭ᠋ ᠨᠣᠶᠠᠨ ᠬᠥᠮᠦᠨ ᠪᠠᠢᠭ᠎ᠠ ᠰᠢᠦ! ᠭᠡᠯ᠎ᠡ᠃ 
       ᠡᠨᠡ ᠡᠬᠡᠨᠡᠷ ᠣᠷᠭᠢᠯᠤᠭᠰᠠᠨ ᠠᠭᠤᠷ ᠲᠤ ᠪᠠᠨ ᠡᠯᠳᠡᠪ ᠦ᠋ᠨ ᠬᠠᠷ᠎ᠠ ᠬᠣᠣᠷᠲᠠᠢ ᠦᠭᠡ ᠪᠡᠨ ᠦᠷᠭᠦᠯᠵᠢᠯᠡᠨ ᠬᠡᠯᠡᠮᠡᠷ ᠪᠠᠢᠯ᠎ᠠ᠃ 
       ᠲᠦᠪᠰᠢᠨ ᠪᠣᠰᠴᠤ ᠵᠣᠭᠰᠣᠭᠠᠳ᠂ ᠭᠦᠷᠡᠭᠡᠨ ᠰᠤᠳᠠᠰᠤ ᠨᠢ ᠭᠦᠷᠪᠡᠯᠵᠡᠨ ᠬᠢᠯᠢᠩᠨᠡᠵᠦ ᠪᠠᠢᠭ᠎ᠠ ᠡᠦ ᠹᠧᠩ ᠮᠧᠢ ᠳ᠋ᠦ᠍᠄ 
       — ᠵᠠᠷᠢᠮ ᠬᠡᠷᠡᠭ ᠤᠴᠢᠷ ᠮᠠᠰᠢ ᠪᠤᠳᠤᠯᠢᠶᠠᠨᠲᠠᠢ ᠮᠥᠷᠲᠡᠭᠡᠨ ᠬᠥᠮᠦᠨ ᠦ᠌ ᠰᠠᠨᠠᠭᠠᠨ ᠠ᠋ᠴᠠ ᠭᠠᠳᠠᠨ᠎ᠠ ᠪᠠᠢᠳᠠᠭ᠃ ᠬᠡᠷᠪᠡ ᠠᠯᠢᠪᠠ ᠬᠡᠷᠡᠭ ᠢ᠋ ᠪᠦᠷ ᠥᠪᠡᠷ ᠦ᠋ᠨ ᠳᠥᠭᠥᠮ ᠪᠣᠳᠣᠯ ᠢ᠋ᠶ᠋ᠠᠷ ᠢ᠋ᠶ᠋ᠠᠨ ᠣᠢᠯᠠᠭᠠᠵᠤ᠂ ᠴᠢᠨᠠᠭᠰᠢ ᠦᠬᠦᠨ ᠢᠲᠡᠭᠡᠬᠦ ᠳ᠋ᠦ᠍ ᠬᠦᠷᠪᠡᠯ ᠪᠦᠷ ᠲᠠᠢᠯᠪᠤᠷᠢᠯᠠᠬᠤ ᠶ᠋ᠢᠨ ᠠᠷᠭ᠎ᠠ ᠦᠭᠡᠢ ᠪᠣᠯᠬᠤ ᠶᠤᠮ᠃  ᠪᠢᠳᠡ ᠬᠠᠰᠢ ᠯᠠ ᠰᠠᠷᠠᠯ ᠰᠡᠳᠬᠢᠯᠭᠡ ᠪᠡᠨ ᠵᠢᠯᠣᠭᠣᠳᠤᠨ ᠵᠢᠩᠬᠢᠨᠢ ᠶᠠᠭᠤᠮ᠎ᠠ ᠪᠠᠨ ᠶᠠᠷᠢᠯᠴᠠᠶ᠎ᠠ᠃ ᠡᠦ ᠹᠧᠩ ᠮᠧᠢ᠂ ᠲᠡᠭᠡᠬᠦ ᠳ᠋ᠦ᠍ ᠲᠡᠷᠡ ᠵᠢᠯ ᠴᠢᠮ᠎ᠠ ᠲᠠᠢ ᠬᠠᠮᠲᠤ ᠪᠠᠰᠠ ᠨᠢᠭᠡ ᠡᠮᠩᠲᠡᠢ ᠬᠥᠩᠭᠡᠵᠢᠭᠰᠡᠨ ᠪᠢᠵᠡ᠃ ᠲᠠ ᠣᠳᠣ ᠡᠨᠡ ᠡᠮᠡᠭᠲᠡᠢ ᠶ᠋ᠢ ᠲᠠᠨᠢᠨ᠎ᠠ ᠤᠤ? ᠭᠡᠯ᠎ᠡ᠃ 
       — ᠲᠠᠨᠢᠬᠤ ᠦᠭᠡᠢ᠃ ᠬᠡᠨ ᠲᠡᠭᠦᠨ ᠢ᠋ ᠠᠩᠬᠠᠷᠴᠤ ᠡᠳᠦᠭᠡ ᠪᠣᠯᠲᠠᠯ᠎ᠠ ᠴᠡᠭᠡᠵᠢᠯᠡᠨ᠎ᠡ ᠳᠡ᠃ ᠭᠡᠪᠡᠴᠦ ᠲᠡᠢᠮᠦ ᠨᠢᠭᠡ ᠡᠬᠡᠨᠡᠷ ᠴᠣᠭ ᠬᠥᠩᠭᠡᠵᠢᠭᠰᠡᠨ ᠨᠢ ᠦᠨᠡᠨ᠃ ᠲᠡᠭᠡᠭᠡᠳ ᠪᠠᠰᠠ ᠮᠢᠨᠦ ᠬᠡᠦᠬᠡᠳ ᠢ᠋ ᠬᠥᠬᠥᠭᠦᠯᠵᠦ ᠥᠩᠭᠡᠷᠡᠵᠡᠢ᠃ 
       — ᠴᠢᠮ᠎ᠠ ᠲᠠᠢ ᠬᠠᠮᠲᠤ ᠬᠥᠩᠭᠡᠵᠢᠭᠰᠡᠨ ᠲᠡᠷᠡ ᠡᠮᠡᠭᠲᠡᠢ ᠪᠣᠯ ᠳᠠᠷᠤᠢ ᠦᠵᠡᠰᠬᠦᠯᠡᠩ ᠮᠥᠨ᠃ 
       — ᠪᠢ ᠲᠠᠨᠢᠬᠤ ᠦᠭᠡᠢ᠃ ᠦᠵᠡᠰᠬᠦᠯᠡᠩ ᠢ᠋ ᠪᠢ ᠶᠡᠷᠦ ᠦᠵᠡᠭᠰᠡᠨ ᠦᠭᠡᠢ᠃ ᠪᠣᠯᠤᠷᠴᠠᠭᠠᠨ ᠲᠠᠢ ᠶᠠᠪᠤᠯᠴᠠᠭᠰᠠᠨ ᠠ᠋ᠴᠠ ᠬᠣᠢᠰᠢ ᠦᠵᠡᠰᠬᠦᠯᠡᠩ ᠭᠡᠳᠡᠭ ᠨᠡᠷ᠎ᠡ ᠶ᠋ᠢ ᠮᠡᠳᠡᠭᠰᠡᠨ ᠪᠣᠯᠪᠠᠴᠤ ᠲᠡᠭᠦᠨ ᠲᠡᠢ ᠲᠠᠨᠢᠯᠴᠠᠬᠤ ᠶ᠋ᠢ ᠬᠦᠰᠡᠳᠡᠭ ᠦᠭᠡᠢ᠃ 
       — ᠦᠨᠡᠨ ᠳᠦ ᠪᠡᠨ ᠴᠢ ᠲᠡᠭᠦᠨ ᠲᠡᠢ ᠤᠴᠠᠷᠠᠵᠤ ᠥᠩᠭᠡᠷᠡᠰᠡᠨ ᠶᠦᠮ᠃ ᠬᠠᠭᠠᠰ ᠵᠢᠯ ᠦ᠋ᠨ ᠡᠮᠦᠨ᠎ᠡ ᠬᠡᠪᠡᠯᠢ ᠶ᠋ᠢ ᠴᠢᠨᠢ ᠪᠠᠢᠴᠠᠭᠠᠨ᠂ ᠲᠥᠷᠥᠬᠦ ᠴᠢᠳᠠᠪᠤᠷᠢ ᠪᠠᠨ ᠠᠯᠳᠠᠭᠰᠠᠨ ᠭᠡᠵᠦ ᠲᠣᠳᠣᠯᠠᠭᠰᠠᠨ ᠡᠮᠴᠢ ᠪᠣᠯ ᠳᠠᠷᠤᠢ ᠦᠵᠡᠰᠬᠦᠯᠡᠩ ᠮᠥᠨ᠃ 
       — ᠥ᠂ ᠲᠡᠷᠡ ᠴᠢᠨᠢ ᠦᠵᠡᠰᠬᠦᠯᠡᠩ ᠶᠦᠮ ᠤᠤ?
       — ᠲᠡᠢᠮᠦ ᠠ᠋᠃ 
       — ᠲᠠ ᠨᠠᠷ ᠦᠨᠡᠬᠡᠷ ᠬᠠᠴᠢᠨ ᠤᠯᠤᠰ ᠪᠠᠢᠨ᠎ᠠ᠃ ᠮᠢᠨᠦ ᠠᠯᠢᠪᠠ ᠢᠬᠢᠷ ᠰᠢᠬᠢᠷ ᠠᠮᠢᠳᠤᠷᠠᠯ ᠤ᠋ᠨ ᠤᠴᠢᠷ ᠢ᠋ ᠬᠦᠷᠲᠡᠯ᠎ᠡ ᠠᠯᠳᠠᠯ ᠦᠭᠡᠢ ᠪᠠᠢᠴᠠᠭᠠᠵᠠᠢ᠃ ᠡᠭᠦᠨ ᠦ᠌ ᠴᠠᠭᠠᠨᠠᠬᠢ ᠰᠠᠨᠠᠭ᠎ᠠ ᠴᠢᠨᠢ ᠴᠣᠬᠣᠮ ᠶᠠᠭᠤ ᠪᠣᠢ?
       — ᠬᠡᠯᠡᠵᠦ ᠪᠠᠢᠬᠤ ᠴᠢᠨᠢ ᠪᠠᠬᠠᠨ ᠠᠬᠠᠳᠠᠵᠤ ᠪᠠᠢᠨ᠎ᠠ᠃ ᠮᠠᠨ ᠤ᠋ ᠬᠡᠷᠡᠭ ᠲᠡᠢ ᠠᠷᠭ᠎ᠠ ᠦᠭᠡᠢ ᠯᠡ ᠰᠢᠭᠤᠳ ᠬᠣᠯᠪᠣᠭᠳᠠᠴᠢᠬᠠᠬᠤ ᠪᠠᠷ ᠯᠠ ᠢᠩᠭᠢᠵᠦ ᠮᠥᠷᠳᠡᠵᠦ ᠪᠠᠢᠴᠠᠭᠠᠬᠤ ᠴᠢᠬᠤᠯᠠ ᠲᠠᠢ ᠪᠣᠯᠤᠭᠠᠳ ᠪᠠᠢᠨ᠎ᠠ ᠰᠢᠦ᠃ ᠵᠥᠪ ᠢ᠋ᠶ᠋ᠡᠷ ᠣᠢᠯᠠᠭᠠᠨ ᠬᠠᠩᠭᠠᠮᠵᠢᠲᠠᠢ ᠬᠠᠷᠢᠭᠤᠯᠲᠠ ᠬᠢᠵᠦ ᠬᠠᠪᠰᠤᠷᠤᠯᠭ᠎ᠠ ᠦᠵᠡᠭᠦᠯᠬᠦ ᠶ᠋ᠢ ᠴᠢᠨᠢ ᠪᠢᠳᠡ ᠬᠦᠰᠡᠵᠦ ᠪᠠᠶᠢᠨ᠎ᠠ᠃ 
       — ᠳᠤᠷ᠎ᠠ ᠪᠠᠷ ᠢ᠋ᠶ᠋ᠠᠨ ᠪᠣᠯ ᠳᠠ᠃ ᠨᠢᠭᠡᠨᠲᠡ ᠦᠬᠦᠬᠦ ᠶᠠᠯ᠎ᠠ ᠬᠦᠯᠢᠶᠡᠭᠰᠡᠨ ᠨᠠᠳᠠ ᠥᠨᠥᠳᠥᠷ ᠲᠠᠨᠠᠷ ᠠ᠋ᠴᠠ ᠤᠲᠠᠰᠤᠨ ᠲᠡᠳᠦᠢ ᠵᠦᠢᠯ ᠢ᠋ ᠴᠤ᠌ ᠨᠢᠭᠤᠵᠤ ᠬᠠᠭᠠᠶ᠎ᠠ ᠭᠡᠵᠦ ᠪᠣᠳᠣᠭ᠎ᠠ ᠦᠭᠡᠢ᠃ 
       ᠬᠥᠮᠦᠨ ᠦ᠌ ᠨᠢᠳᠦᠨ ᠳ᠋ᠦ᠍ ᠰᠠᠢᠬᠠᠨ ᠵᠢᠰᠦᠲᠡᠨ ᠦ᠌ ᠦᠯᠢᠭᠡᠷ ᠶᠠᠩᠵᠤ ᠭᠡᠮᠡᠷ ᠬᠠᠷᠠᠭᠳᠠᠬᠤ ᠡᠨᠡ ᠡᠬᠡᠨᠡᠷ ᠠᠮᠢᠳᠤᠷᠠᠯ ᠤ᠋ᠨ ᠰᠤᠷᠲᠠᠯ ᠳᠤ ᠪᠠᠨ ᠠᠷᠠᠢ ᠣᠳᠣᠬᠠᠨ ᠤ᠋ ᠬᠥᠮᠦᠰ ᠦ᠋ᠨ ᠶᠠᠷᠢᠶᠠᠨ ᠳ᠋ᠤ᠌ ᠬᠡᠯᠡᠯᠴᠡᠳᠡᠭ ᠰᠢᠭ ᠲᠡᠢᠮᠦ ᠵᠠᠢᠳᠠᠩ ᠰᠤᠯᠠ ᠪᠢᠰᠢ ᠪᠠᠢᠵᠠᠢ᠃ ᠭᠡᠪᠡᠴᠦ ᠰᠠᠢᠬᠠᠨ ᠥᠩᠭᠡᠲᠡᠨ ᠳ᠋ᠦ᠍ ᠰᠤᠯᠠ ᠶᠠᠷᠢᠶ᠎ᠠ ᠣᠯᠠᠨ᠂ ᠰᠠᠯᠤᠭᠰᠠᠨ ᠡᠬᠡᠨᠡᠷ ᠲᠦ᠍ ᠰᠠᠭᠠᠷ ᠨᠡᠷ᠎ᠡ ᠠᠷᠪᠢᠨ ᠭᠡᠳᠡᠭ ᠢ᠋ᠶ᠋ᠡᠷ ᠡᠨᠡ ᠬᠣᠶᠠᠷ ᠨᠥᠬᠥᠴᠡᠯ ᠢ᠋ ᠪᠦᠷᠢᠯᠳᠦᠭᠦᠯᠦᠭᠰᠡᠨ ᠡᠦ ᠹᠧᠩ ᠮᠧᠢ ᠢᠯᠡᠭᠦᠦ ᠬᠤᠪᠢ ᠮᠠᠭᠤ ᠨᠡᠷ᠎ᠡ ᠣᠯᠤᠨ᠎ᠠ ᠭᠡᠳᠡᠭ ᠢ᠋ ᠬᠡᠨ ᠴᠤ᠌ ᠪᠠᠷᠤᠭᠯᠠᠮᠠᠷ ᠪᠢᠯᠡ᠃ ᠳᠣᠬᠢ ᠬᠠᠰᠢᠷ ᠲᠣᠯᠣᠭᠠᠢᠲᠠᠨ ᠨᠠᠷ ᠢᠵᠢᠯᠢ ᠪᠤᠰᠤ ᠬᠦᠢᠰᠦᠲᠡᠨ ᠳ᠋ᠦ᠍ ᠬᠠᠪᠢᠳᠠᠭᠰᠠᠨ ᠲᠣᠭ᠎ᠠ ᠪᠠᠨ ᠮᠠᠷᠲᠠᠨ᠂ ᠬᠣᠶᠠᠷ ᠭᠤᠷᠪᠠᠨ ᠦᠶ᠎ᠡ ᠳ᠋ᠦ᠍ ᠬᠦᠷᠴᠢᠬᠡᠭᠡᠳ ᠠᠵᠢᠭ ᠴᠤ᠌ ᠦᠭᠡᠢ ᠰᠡᠩᠭᠢᠨᠡᠭᠦᠯᠵᠦ ᠥᠩᠭᠡᠷᠡᠨ᠎ᠡ᠃ ᠣᠯᠠᠨ ᠤ᠋ ᠨᠢᠳᠦ ᠲᠤᠰᠤᠭᠰᠠᠨ ᠠᠵᠠ ᠦᠭᠡᠢ ᠨᠢᠭᠡ ᠬᠣᠶᠠᠷ ᠨᠢ ᠯᠡ ᠡᠯᠳᠡᠪ ᠡᠰᠡᠨ ᠬᠡᠯᠡᠯᠴᠡᠭᠡᠨ ᠢ᠋ ᠡᠭᠦᠷᠴᠦ ᠦᠯᠦ ᠳᠠᠭᠠᠭᠠᠮᠠᠷ ᠪᠣᠯᠳᠠᠭ ᠪᠠᠢᠯ᠎ᠠ᠃ ᠡᠦ ᠹᠧᠩ ᠮᠧᠢ᠂ ᠪᠣᠯᠤᠷᠴᠠᠭᠠᠨ ᠬᠣᠶᠠᠷ ᠢ᠋ ᠲᠡᠢᠮᠦ ᠬᠠᠷᠢᠴᠠᠭ᠎ᠠ ᠲᠠᠢ ᠭᠡᠳᠡᠭ ᠨᠢ ᠣᠷᠣ ᠲᠠᠢ ᠭᠡᠬᠦ ᠳ᠋ᠦ᠍᠂ ᠲᠡᠭᠦᠨ ᠡᠴᠡ ᠡᠮᠦᠨ᠎ᠡ ᠠᠷᠪᠠᠨ ᠲᠠᠪᠤᠨ ᠵᠢᠯ ᠦ᠋ᠨ ᠡᠮᠦᠨ᠎ᠡ ᠬᠡᠨ ᠳ᠋ᠦ᠍ ᠴᠤ᠌ ᠢᠯᠡᠷᠡᠭᠦᠯᠬᠦ ᠡᠴᠡ ᠪᠡᠷᠬᠡᠰᠢᠶᠡᠭᠰᠡᠨ ᠣᠩᠭᠣᠨ ᠪᠡᠶ᠎ᠡ ᠨᠢ ᠡᠪᠳᠡᠷᠡᠭᠰᠡᠨ ᠨᠢ ᠶᠠᠭᠠᠬᠢᠬᠤ ᠶ᠋ᠢᠨ ᠠᠷᠭ᠎ᠠ ᠦᠭᠡᠢ ᠦᠨᠡᠨ ᠪᠠᠢᠵᠠᠢ᠃  ᠭᠡᠲᠡᠯ᠎ᠡ ᠡᠨᠡ ᠬᠡᠷᠡᠭ ᠢ᠋ᠶ᠋ᠡᠨ ᠲᠡᠷᠡ ᠳᠠᠷᠤᠭᠠᠳ ᠤᠳᠠᠭᠰᠠᠨ᠃  ᠪᠠᠰᠠ ᠨᠠᠰᠤ ᠪᠠᠷ ᠢ᠋ᠶ᠋ᠠᠨ ᠳᠠᠷᠤᠬᠤ ᠪᠠᠷ ᠵᠣᠷᠢᠭ ᠰᠢᠭᠤᠳᠤᠭᠰᠠᠨ ᠴᠤ᠌ ᠥᠨᠥᠳᠥᠷ ᠲᠡᠷᠡ ᠲᠦᠪᠰᠢᠨ ᠦ᠌ ᠡᠮᠦᠨ᠎ᠡ ᠣᠵᠣᠭᠣᠷ ᠤ᠋ᠨ ᠥᠩᠭᠡᠷᠡᠯᠲᠡ ᠪᠡᠨ ᠬᠡᠪ ᠢ᠋ᠶ᠋ᠡᠷ ᠨᠢ ᠳᠤᠰᠬᠠᠬᠤ ᠵᠣᠷᠢᠭ ᠣᠷᠣᠵᠠᠢ᠃ ᠡᠨᠡ ᠨᠢ ᠡᠮᠡᠭᠲᠡᠢ ᠬᠥᠮᠦᠨ ᠦ᠌ ᠵᠣᠷᠢᠭᠤᠳᠠ ᠨᠢ ᠣᠢᠯᠠᠭᠰᠠᠨ ᠠᠭᠤᠷ ᠬᠣᠣᠷ ᠲᠤ ᠪᠠᠨ ᠪᠠᠢᠪᠠ᠃ ᠡᠦ ᠹᠧᠩ ᠮᠧᠢ ᠰᠠᠨᠠᠭᠠᠨ ᠴᠠᠭᠠᠨ᠎ᠠ ᠠ᠋ᠴᠠ ᠪᠠᠨ ᠪᠢᠰᠢ ᠪᠣᠯᠪᠠᠴᠤ ᠬᠠᠤᠯᠢ ᠪᠠᠷ ᠭᠡᠷᠯᠡᠭᠰᠡᠨ ᠡᠷ᠎ᠡ ᠲᠡᠢ ᠪᠡᠨ ᠠᠷᠪᠠᠭᠠᠳ ᠵᠢᠯ ᠠᠮᠢᠳᠤᠷᠠᠬᠤ  ᠳᠤ ᠪᠠᠨ ᠡᠳᠡᠭᠡᠷ ᠢ᠋ ᠪᠠᠰᠠ ᠴᠤ᠌ ᠠᠮᠠ ᠮᠠᠯᠵᠢᠨ ᠳᠠᠷᠤᠵᠤ ᠴᠢᠳᠠᠭᠰᠠᠨ᠃ 
       ᠲᠡᠷᠡ ᠴᠤ᠌ ᠪᠠᠢᠲᠤᠭᠠᠢ ᠬᠡᠦᠬᠡᠨ ᠬᠠᠯᠢᠰᠤ ᠪᠦᠲᠦᠨ ᠭᠡᠵᠦ ᠬᠠᠭᠤᠷᠬᠤ ᠪᠠᠷ ᠵᠣᠷᠢᠭᠰᠠᠨ ᠡᠦ ᠹᠧᠩ ᠮᠧᠢ ᠳᠡᠷ᠎ᠡ ᠨᠢᠭᠡᠳᠬᠡᠬᠦ ᠳᠦ ᠪᠡᠨ ᠵᠣᠷᠢᠭᠤᠳᠠ ᠬᠣᠷᠢᠭ᠎ᠠ ᠴᠡᠭᠡᠷ ᠲᠡᠢ ᠡᠳᠦᠷ ᠢ᠋ᠶ᠋ᠡᠨ ᠲᠠᠭᠠᠷᠠᠭᠤᠯᠤᠨ᠂ ᠬᠡᠦᠬᠡᠨ ᠪᠡᠶ᠎ᠡ ᠶ᠋ᠢ ᠮᠢᠨᠢ ᠢᠩᠭᠢᠵᠦ ᠯᠡ ᠡᠪᠳᠡᠯᠡᠵᠦ ᠣᠷᠬᠢᠯ᠎ᠠ ᠰᠢᠦ ᠭᠡᠵᠦ ᠵᠠᠯᠭᠢᠵᠤ ᠣᠷᠬᠢᠮᠠᠷ ᠪᠠᠢᠭ᠎ᠠ ᠡᠷ᠎ᠡ ᠶ᠋ᠢᠨ ᠢ᠋ᠶ᠋ᠡᠨ ᠴᠢᠬᠢᠨ ᠳ᠋ᠦ᠍ ᠭᠡᠨᠡᠨ ᠴᠠᠭᠠᠪᠤᠷ ᠰᠢᠪᠡᠨᠡᠭᠰᠡᠨ ᠪᠠᠢᠵᠠᠢ᠃ ᠡᠨᠡ ᠪᠠᠰᠢᠷ ᠢ᠋ ᠨᠢ ᠴᠠᠯᠠᠭᠠᠢ ᠪᠦᠳᠦᠭᠦᠯᠢᠭ ᠡᠷ᠎ᠡ ᠨᠢ ᠦᠨᠡᠨ ᠭᠣᠣᠯ ᠠ᠋ᠴᠠ ᠪᠠᠨ ᠦᠵᠦᠭᠦᠷ ᠦᠭᠡᠢ ᠢᠳᠡᠭᠡᠨ᠂ ᠤᠷᠤᠭ ᠰᠠᠯᠲᠠᠯ᠎ᠠ ᠪᠠᠨ ᠴᠤ᠌ ᠥᠴᠦᠬᠡᠨ ᠲᠡᠳᠦᠢ ᠠᠨᠢᠷ ᠰᠡᠵᠢᠭ ᠠᠪᠤᠭᠠᠳᠤᠢ ᠨᠢ ᠯᠠᠪᠲᠠᠢ ᠪᠠᠢᠪᠠ᠃  ᠭᠡᠲᠡᠯ᠎ᠡ ᠬᠠᠭᠤᠷᠮᠠᠭ ᠦᠢᠯᠡ ᠨᠢ ᠡᠦ ᠹᠧᠩ ᠮᠧᠢ ᠶ᠋ᠢ ᠬᠡᠪᠡᠯᠢ ᠶ᠋ᠢᠨ ᠪᠤᠵᠠᠷᠲᠤᠯ ᠢ᠋ᠶ᠋ᠠᠷ ᠡᠮᠨᠡᠯᠭᠡ ᠳ᠋ᠦ᠍ ᠣᠷᠣᠭᠤᠯᠵᠤ᠂ ᠲᠥᠷᠥᠬᠦ ᠴᠢᠳᠠᠪᠤᠷᠢ ᠪᠠᠨ ᠠᠯᠳᠠᠭᠰᠠᠨ ᠨᠠᠰᠤᠨ ᠤ᠋ ᠵᠣᠪᠠᠯᠠᠩ ᠳ᠋ᠤ᠌ ᠤᠨᠠᠭᠠᠵᠠᠢ᠃ ᠡᠢᠮᠦ ᠭᠠᠰᠠᠯᠠᠩ ᠢ᠋ ᠪᠣᠢ ᠪᠣᠯᠭᠠᠭᠰᠠᠨ ᠨᠢ ᠠᠷᠪᠠᠨ ᠲᠠᠪᠤᠨ ᠵᠢᠯ ᠦ᠋ᠨ ᠡᠮᠦᠨᠡᠬᠢ ᠤᠴᠢᠷ ᠪᠠᠢᠵᠠᠢ᠃ 
       ᠳᠥᠩᠭᠡᠵᠦ ᠠᠵᠢᠯ ᠳ᠋ᠤ᠌ ᠣᠷᠣᠭᠰᠠᠨ ᠡᠦ ᠹᠧᠩ ᠮᠧᠢ ᠬᠡᠦᠬᠡᠨ ᠨᠢᠭᠡ ᠤᠳᠠᠭ᠎ᠠ ᠡᠮᠨᠡᠯᠭᠡ ᠶ᠋ᠢᠨ ᠰᠢᠰᠲ᠋ᠧᠮ ᠦ᠋ᠨ ᠠᠵᠢᠯ ᠤ᠋ᠨ ᠳᠤᠭᠤᠢᠯᠠᠩ ᠳ᠋ᠤ᠌ ᠲᠠᠲᠠᠭᠳᠠᠨ ᠵᠢᠯ ᠦ᠋ᠨ ᠬᠤᠭᠤᠴᠠᠭ᠎ᠠ ᠲᠠᠢ ᠪᠠᠷ ᠦᠨᠳᠦᠰᠦᠨ ᠱᠠᠲᠤᠨ ᠳ᠋ᠤ᠌ ᠪᠠᠭᠤᠵᠠᠢ᠃ ᠡᠦ ᠹᠧᠩ ᠮᠧᠢ ᠠᠵᠢᠯ ᠤ᠋ᠨ ᠳᠤᠭᠤᠢᠯᠠᠩ ᠤ᠋ᠨ ᠢ᠋ᠶ᠋ᠠᠨ ᠳᠠᠷᠤᠭ᠎ᠠ ᠲᠠᠢ ᠭᠠᠢᠭᠤᠢ ᠳᠣᠲᠣᠨᠣ ᠬᠠᠷᠢᠴᠠᠭ᠎ᠠ ᠲᠠᠢ ᠪᠣᠯᠵᠤ᠂ ᠴᠢᠨᠠᠭᠰᠢᠯᠠᠨ ᠤᠷᠬᠠᠨ ᠳᠤ ᠪᠠᠨ ᠲᠠᠲᠠᠵᠤ ᠣᠷᠣᠭᠤᠯᠤᠭᠰᠠᠨ ᠨᠢ ᠦᠨᠡᠨ ᠳᠦ ᠪᠡᠨ ᠤᠳᠠᠯ ᠦᠭᠡᠢ ᠵᠢᠩᠬᠢᠨᠢᠴᠢᠯᠡᠬᠦ ᠭᠡᠵᠦ ᠪᠠᠢᠭ᠎ᠠ ᠠᠵᠢᠯ᠂ ᠨᠠᠮ ᠤ᠋ᠨ ᠠᠰᠠᠭᠤᠳᠠᠯ ᠢ᠋ᠶ᠋ᠠᠨ ᠪᠠᠲᠤᠳᠬᠠᠬᠤ ᠶ᠋ᠢᠨ ᠡᠭᠦᠳᠡᠨ ᠡᠴᠡ ᠪᠠᠢᠵᠠᠢ᠃ ᠢᠩᠭᠢᠬᠦ ᠨᠢ ᠬᠡᠦᠬᠡᠨ ᠪᠡᠶ᠎ᠡ ᠳ᠋ᠦ᠍ᠨᠢ ᠬᠡᠦᠬᠡᠳ ᠲᠡᠢ ᠪᠣᠯᠭᠠᠨ᠎ᠠ ᠭᠡᠵᠦ ᠲᠡᠷᠡ ᠶᠡᠷᠦ ᠪᠣᠳᠣᠵᠤ ᠣᠯᠤᠭᠰᠠᠨ ᠦᠭᠡᠢ ᠪᠠᠢᠵᠠᠢ᠃  ᠮᠠᠭᠤᠬᠠᠢ ᠬᠡᠷᠡᠭ ᠲᠤ ᠪᠠᠨ ᠢᠴᠢᠩᠭᠦᠷᠡᠬᠦ  ᠳᠦ ᠪᠡᠨ ᠰᠢᠳᠦᠨ ᠵᠠᠪᠰᠠᠷ ᠢ᠋ᠶ᠋ᠠᠷ ᠢ᠋ᠶ᠋ᠠᠨ ᠴᠤ᠌ ᠬᠡᠢ ᠭᠠᠷᠭᠠᠯ ᠦᠭᠡᠢ ᠳᠠᠷᠤᠭᠰᠠᠨ ᠪᠣᠯᠪᠠᠴᠤ ᠬᠡᠪᠡᠯᠢ ᠳ᠋ᠦ᠍ᠨᠢ ᠲᠠᠷᠢᠭᠰᠠᠨ ᠤᠷᠰᠢᠭ ᠲᠠᠢ ᠶᠠᠭᠤᠮ᠎ᠠ ᠨᠢ ᠡᠳᠦᠷ ᠡᠴᠡ ᠡᠳᠦᠷ ᠳᠣᠪᠣᠢᠬᠤ ᠳ᠋ᠤ᠌ ᠲᠡᠰᠴᠦ ᠶᠠᠳᠠᠬᠤ  ᠳᠤ ᠪᠠᠨ ᠨᠢᠭᠤᠴᠠ ᠡᠵᠡᠨ ᠳ᠋ᠦ᠍ᠨᠢ ᠨᠢᠭᠤᠷ ᠢ᠋ᠶ᠋ᠠᠨ ᠤᠯᠠᠢᠯᠭᠠᠵᠤ ᠪᠠᠢᠭᠠᠳ ᠬᠡᠯᠡᠪᠡ᠃ ᠡᠨᠡ ᠬᠥᠮᠦᠨ ᠡᠰᠡ ᠮᠡᠳᠡᠭᠴᠢ ᠪᠡᠷ ᠣᠪᠯᠠᠨ ᠣᠪᠣᠭ᠎ᠠ ᠯᠠ ᠨᠢᠷᠤᠭᠤ ᠲᠦᠰᠢᠭ ᠲᠡᠢ ᠳᠤ ᠪᠡᠨ ᠡᠷᠳᠦᠨ ᠳᠣᠣᠷ᠎ᠠ ᠨᠢ ᠴᠢᠯᠥᠭᠡ ᠥᠭᠭᠦᠭᠰᠡᠨ ᠦᠭᠡᠢ᠃ ᠲᠠᠪᠤᠨ ᠰᠠᠷ᠎ᠠ ᠳᠡᠭᠡᠷ᠎ᠡ ᠨᠢ ᠬᠣᠲᠠ ᠶ᠋ᠢᠨ ᠡᠮᠨᠡᠯᠭᠡ ᠳ᠋ᠦ᠍ ᠪᠠᠢᠴᠠᠭᠠᠯᠭᠠᠬᠤ ᠳ᠋ᠤ᠌ ᠬᠡᠦᠬᠡᠳ ᠨᠢ ᠨᠢᠭᠡᠨᠲᠡ ᠠᠮᠢᠯᠠᠵᠤ ᠪᠤᠵᠠᠭᠠᠢᠷᠠᠭᠰᠠᠨ ᠤ᠋ ᠰᠢᠯᠲᠠᠭᠠᠨ ᠢ᠋ᠶ᠋ᠠᠷ ᠬᠢᠯᠪᠠᠷ ᠳᠥᠭᠥᠮ ᠪᠠᠭᠤᠯᠭᠠᠬᠤ ᠶ᠋ᠢᠨ ᠠᠷᠭ᠎ᠠ ᠦᠭᠡᠢ ᠪᠣᠯᠪᠠ᠃ ᠲᠡᠷᠡ ᠮᠤᠬᠤᠷᠳᠠᠬᠤ ᠳᠤ ᠪᠠᠨ ᠤᠷᠲᠤ ᠬᠤᠭᠤᠴᠠᠭ᠎ᠠ ᠪᠠᠷ ᠴᠢᠯᠥᠭᠡ ᠠᠪᠴᠤ ᠴᠢᠨᠡᠭᠡ ᠪᠡᠷ ᠢ᠋ᠶ᠋ᠡᠨ ᠨᠢᠭᠤᠨ ᠳᠠᠯᠳᠠᠯᠠᠵᠤ ᠰᠠᠷ᠎ᠠ ᠡᠳᠦᠷ ᠲᠦ᠋ᠨᠢ ᠬᠦᠷᠭᠡᠪᠡ᠃ 
       ᠲᠡᠭᠡᠭᠡᠳ ᠡᠦ ᠹᠧᠩ ᠮᠧᠢ ᠲᠠᠨᠢᠵᠤ ᠮᠡᠳᠡᠬᠦ ᠬᠥᠮᠦᠨ ᠦᠭᠡᠢ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠳ᠋ᠤ᠌ ᠣᠴᠢᠵᠤ ᠨᠡᠷ᠎ᠡ ᠣᠪᠣᠭ ᠢ᠋ᠶ᠋ᠠᠨ ᠰᠣᠯᠢᠵᠤ ᠪᠠᠢᠵᠤ ᠳᠥᠩᠭᠡᠵᠦ ᠯᠡ ᠬᠥᠩᠭᠡᠵᠢᠭᠰᠡᠨ ᠪᠠᠢᠨ᠎ᠠ᠃  ᠡᠦ ᠹᠧᠩ ᠮᠧᠢ ᠡᠨᠡ ᠬᠡᠦᠬᠡᠳ ᠢ᠋ ᠲᠦᠷᠦᠮᠡᠭᠴᠡ ᠬᠥᠮᠦᠨ ᠳ᠋ᠦ᠍ ᠥᠭᠬᠦ ᠪᠤᠶᠤ ᠬᠥᠳᠡᠭᠡ ᠬᠠᠶᠠᠬᠤ ᠬᠠᠲᠠᠭᠤ ᠵᠣᠷᠢᠭ ᠢ᠋ ᠡᠪᠦᠷᠯᠡᠵᠦ ᠪᠠᠢᠭᠰᠠᠨ᠃ ᠭᠡᠲᠡᠯ᠎ᠡ ᠭᠤᠷᠪᠠ ᠬᠣᠨᠣᠭ ᠳᠡᠭᠡᠷ᠎ᠡ ᠨᠢ ᠬᠡᠦᠬᠡᠳ ᠨᠢ ᠬᠢᠵᠢᠭ ᠢ᠋ᠶ᠋ᠡᠷ ᠥᠩᠭᠡᠷᠡᠬᠦ ᠳ᠋ᠦ᠍ ᠲᠡᠷᠡ ᠳᠣᠲᠣᠷ᠎ᠠ ᠪᠠᠨ ᠪᠤᠷᠬᠠᠨ ᠲᠡᠭᠷᠢ ᠥᠷᠥᠰᠢᠶᠡᠯ  ᠳᠦ ᠪᠡᠨ ᠪᠠᠭᠲᠠᠭᠠᠨ ᠨᠢᠭᠤᠷ ᠢ᠋ ᠮᠢᠨᠢ ᠬᠠᠮᠠᠭᠠᠯᠠᠯ᠎ᠠ ᠭᠡᠵᠦ ᠵᠠᠯᠪᠠᠷᠢᠵᠠᠢ᠃  ᠳᠥᠩᠭᠡᠵᠦ ᠯᠡ ᠠᠵᠢᠯ ᠳ᠋ᠤ᠌ ᠣᠷᠣᠭ᠎ᠠ ᠬᠥᠳᠡᠭᠡ ᠶ᠋ᠢᠨ ᠪᠣᠷᠣ ᠬᠡᠦᠬᠡᠨ ᠡᠦ ᠹᠧᠩ ᠮᠧᠢ ᠶ᠋ᠢ ᠡᠨᠡ ᠬᠣᠲᠠ ᠳ᠋ᠤ᠌ ᠲᠠᠨᠢᠬᠤ ᠬᠥᠮᠦᠨ ᠡᠳᠦᠷ ᠦ᠋ᠨ ᠣᠳᠣ ᠰᠢᠭ᠋ ᠯᠡ ᠪᠠᠢᠭᠰᠠᠨ᠃ ᠡᠮᠨᠡᠯᠭᠡ ᠶ᠋ᠢᠨ ᠬᠣᠷᠢᠶᠠᠨ ᠤ᠋ ᠡᠮᠴᠢ ᠰᠤᠪᠢᠯᠠᠭᠴᠢ ᠨᠠᠷ ᠯᠠ ᠡᠷ᠎ᠡ ᠨᠥᠬᠥᠷ ᠴᠢᠨᠢ ᠶᠠᠭᠠᠬᠢᠭᠠᠳ ᠢᠷᠡᠳᠡᠭ ᠦᠭᠡᠢ ᠪᠣᠢ? ᠬᠠᠮᠢᠭ᠎ᠠ ᠠᠵᠢᠯᠯᠠᠵᠤ ᠪᠠᠢᠬᠤ ᠶᠤᠮ? ᠠᠵᠢᠯᠯᠠᠵᠤ ᠪᠠᠢᠬᠤ ᠭᠠᠵᠠᠷ ᠨᠢ ᠬᠣᠯᠠ ᠤᠤ? ᠭᠡᠳ ᠪᠠᠢᠨ ᠳᠠᠬᠢᠨ ᠠᠰᠠᠭᠤᠬᠤ ᠠ᠋ᠴᠠ ᠴᠠᠭᠠᠰᠢ ᠶᠠᠮᠠᠷ ᠴᠤ᠌ ᠶᠠᠷᠰᠢᠭ ᠭᠠᠷᠤᠭᠰᠠᠨ ᠦᠭᠡᠢ᠃ 
       ᠢᠩᠭᠢᠭᠡᠳ ᠦᠨᠡᠬᠡᠷ ᠲᠡᠭᠦᠨ ᠦ᠌ ᠪᠣᠳᠣᠭᠰᠠᠨ ᠶᠣᠰᠣᠭᠠᠷ ᠥᠨᠥᠳᠥᠷ ᠬᠦᠷᠲᠡᠯ᠎ᠡ ᠳᠠᠷᠤᠵᠤ ᠲᠠᠢᠯᠵᠠᠢ᠃ 
       ᠠᠷᠪᠠᠨ ᠲᠠᠪᠤᠨ ᠵᠢᠯ ᠦ᠋ᠨ ᠳᠠᠷᠠᠭ᠎ᠠ᠂ ᠡᠨᠡ ᠬᠥᠩᠬᠥᠷ ᠰᠢᠷ᠎ᠠ ᠴᠢᠷᠠᠢᠲᠠᠢ ᠲᠢᠩᠬᠢᠮ ᠦ᠋ᠨ ᠳᠠᠷᠤᠭ᠎ᠠ ᠢᠩᠭᠢᠵᠦ ᠰᠠᠪᠠ ᠲᠠᠢ ᠳᠡᠭᠡᠵᠢ ᠲᠡᠢ ᠨᠢ ᠲᠤᠯᠭᠠᠴᠢᠬᠠᠨ᠎ᠠ ᠭᠡᠵᠦ ᠲᠡᠭᠦᠨ ᠦ᠌ ᠠᠷᠪᠠᠨ ᠵᠡᠭᠦᠳᠦᠨ ᠳ᠋ᠦ᠍ ᠴᠤ᠌ ᠪᠠᠢᠭᠰᠠᠨ ᠦᠭᠡᠢ ᠪᠢᠯᠡ᠃  ᠲᠡᠭᠡᠭᠡᠳ ᠲᠡᠷᠡ ᠠᠯᠠᠭᠳᠠᠬᠤ ᠶᠠᠯ᠎ᠠ ᠲᠠᠢ ᠨᠠᠳᠠ ᠶᠠᠮᠠᠷ ᠯᠠ ᠨᠢᠭᠤᠮᠠᠷ ᠵᠦᠢᠯ ᠪᠠᠢᠬᠤ ᠪᠣᠢ᠂ ᠠᠰᠠᠭᠤᠭᠰᠠᠨ ᠢ᠋ᠶ᠋ᠠᠷ ᠨᠢ ᠬᠠᠷᠢᠭᠤᠯᠵᠤ ᠠᠮᠠᠷᠠᠶ᠎ᠠ ᠭᠡᠵᠦ ᠢᠩᠭᠢᠵᠦ ᠶᠠᠷᠢᠵᠤ ᠥᠭᠴᠡᠢ᠃ 
       ᠲᠦᠪᠰᠢᠨ ᠭᠤᠸᠠᠢ ᠡᠨᠳᠡ ᠬᠦᠷᠲᠡᠯ᠎ᠡ ᠰᠣᠨᠣᠰᠤᠭᠠᠳ ᠶᠡᠬᠡ ᠬᠠᠩᠭᠠᠮᠵᠢᠲᠠᠢ ᠪᠣᠯᠤᠭᠰᠠᠨ ᠪᠣᠯᠤᠯᠲᠠᠢ᠂ ᠲᠣᠯᠣᠭᠠᠢ ᠪᠠᠨ ᠳᠣᠬᠢᠯᠵᠠᠨ ᠢᠨᠢᠶᠡᠮᠰᠦᠭᠯᠡᠵᠦ᠄
       — ᠡᠦ ᠹᠧᠩ ᠮᠧᠢ᠂ ᠴᠢ ᠶᠡᠬᠡ ᠲᠣᠳᠣᠷᠬᠠᠢ ᠶᠠᠷᠢᠯ᠎ᠠ᠂ ᠦᠨᠡᠨ ᠳᠦ ᠪᠡᠨ ᠴᠢᠨᠦ ᠥᠩᠭᠡᠷᠡᠭᠰᠡᠨ ᠦ᠌ ᠰᠢᠷᠬ᠎ᠠ ᠰᠣᠷᠪᠢ ᠶ᠋ᠢ ᠴᠢᠨᠢ ᠢᠩᠭᠢᠵᠦ ᠬᠥᠨᠳᠡᠬᠦ ᠨᠢ ᠵᠣᠬᠢᠰ ᠦᠭᠡᠢ ᠮᠥᠷᠲᠡᠭᠡᠨ ᠨᠠᠳᠠ ᠴᠤ᠌ ᠡᠪ ᠦᠭᠡᠢ ᠰᠠᠨᠠᠭᠳᠠᠬᠤ ᠶᠤᠮ᠃  ᠭᠡᠪᠡᠴᠦ ᠡᠳᠡᠭᠡᠷ ᠬᠡᠷᠡᠭ᠂ ᠦᠵᠡᠰᠬᠦᠯᠡᠩ ᠦ᠋ᠨ ᠬᠣᠣᠷᠯᠠᠭᠳᠠᠭᠰᠠᠨ ᠲᠠᠢ ᠰᠢᠭᠤᠳ ᠬᠣᠯᠪᠣᠭᠳᠠᠭᠰᠠᠨ ᠠ᠋ᠴᠠ ᠠᠰᠠᠭᠤᠬᠤ ᠦᠭᠡᠢ ᠪᠠᠢᠬᠤ ᠶ᠋ᠢᠨ ᠠᠷᠭ᠎ᠠ ᠦᠭᠡᠢ ᠪᠣᠯᠤᠭᠰᠠᠨ ᠶᠤᠮ᠃ ᠲᠠᠨ ᠳ᠋ᠤ᠌ ᠶᠡᠬᠡ ᠣᠰᠣᠯ ᠪᠣᠯᠤᠯ᠎ᠠ᠃  ᠴᠢᠨᠦ ᠲᠡᠷᠡ ᠬᠡᠦᠬᠡᠳ ᠴᠢᠨᠢ ᠣᠳᠣ ᠪᠣᠯᠲᠠᠯ᠎ᠠ ᠠᠮᠢᠳᠤ ᠪᠠᠢᠨ᠎ᠠ ᠭᠡᠳᠡᠭ ᠢ᠋ ᠥᠨᠥᠳᠥᠷ ᠴᠢᠮ᠎ᠠ ᠳ᠋ᠤ᠌ ᠬᠡᠯᠡᠵᠦ ᠥᠭᠭᠦᠶ᠎ᠡ᠃ 
       ᠎— ᠪᠠᠢᠬᠤ ᠦᠭᠡᠢ᠂ ᠡᠨᠡ ᠬᠤᠳᠠᠯ! ᠡᠨᠡ᠁ ᠭᠡᠵᠦ ᠡᠦ ᠹᠧᠩ ᠮᠧᠢ ᠶ᠋ᠢᠨ ᠨᠢᠳᠦ ᠨᠢ ᠬᠣᠶᠠᠳᠠᠬᠢ ᠤᠳᠠᠭ᠎ᠠ ᠲᠣᠮᠣᠷᠠᠨ ᠲᠣᠭᠲᠠᠭᠠᠳ᠂ ᠰᠣᠯᠢᠶᠠᠲᠠᠢ ᠬᠥᠮᠦᠨ ᠰᠢᠭ ᠬᠡᠯᠡᠬᠦ ᠳ᠋ᠦ᠍ ᠤᠷᠤᠭᠤᠯ ᠨᠢ ᠴᠤ᠌ ᠵᠢᠭᠲᠡᠢ ᠮᠠᠭᠤᠬᠠᠢ ᠲᠠᠲᠠᠪᠠᠯᠵᠠᠨ ᠴᠡᠴᠡᠷᠭᠡᠨᠡᠵᠦ ᠪᠠᠢᠯ᠎ᠠ᠃ 
       — ᠶᠠᠭᠠᠬᠢᠬᠤ ᠶ᠋ᠢᠨ ᠠᠷᠭ᠎ᠠ ᠦᠭᠡᠢ ᠦᠨᠡᠨ᠃ ᠣᠳᠣᠬᠠᠨ ᠨᠠᠳᠠ ᠲᠠᠢ ᠲᠡᠭᠲᠦ ᠨᠠᠭᠠᠳᠴᠤ ᠪᠠᠢᠭᠰᠠᠨ ᠲᠡᠷᠡ ᠬᠡᠦᠬᠡᠳ ᠪᠣᠯ ᠳᠠᠷᠤᠢ ᠴᠢᠨᠦ ᠬᠦᠦ ᠮᠥᠨ᠃ ᠲᠡᠭᠦᠨ ᠦ᠌ ᠨᠢᠭᠤᠷ ᠴᠢᠷᠠᠢ ᠨᠢ ᠴᠢᠮ᠎ᠠ ᠲᠠᠢ ᠶᠡᠬᠡ ᠲᠥᠰᠦᠭᠡ ᠲᠡᠢ ᠰᠢᠦ! ᠮᠠᠨᠤᠰ ᠴᠢᠨᠦ ᠴᠢᠰᠤ ᠶ᠋ᠢ ᠪᠠᠢᠴᠠᠭᠠᠵᠤ ᠲᠣᠳᠣᠯᠵᠤ ᠦᠵᠡᠭᠰᠡᠨ ᠠ᠋᠃
       — ᠪᠢ ᠥᠨᠥᠳᠥᠷ ᠠᠷᠠᠢ ᠵᠡᠭᠦᠳᠦᠯᠡᠵᠦ ᠪᠠᠢᠭ᠎ᠠ ᠪᠢᠰᠢ ᠪᠢᠵᠡ? ᠭᠡᠳ ᠡᠦ ᠹᠧᠩ ᠮᠧᠢ ᠶ᠋ᠢᠨ ᠴᠢᠬᠢ ᠨᠢ ᠱᠤᠤᠭᠢᠨ ᠬᠦᠩᠭᠢᠨᠡᠵᠦ᠂ ᠨᠢᠳᠦ ᠨᠢ ᠡᠷᠢᠶᠡᠯᠵᠡᠨ ᠠᠯᠢᠪᠠ ᠰᠠᠷᠠᠯ ᠮᠡᠳᠡᠷᠡᠯ ᠨᠢ ᠮᠢᠨᠴᠦᠭᠦᠷᠡᠭᠰᠡᠨ ᠰᠢᠭ ᠰᠠᠨᠠᠭᠳᠠᠵᠠᠢ᠃  ᠲᠡᠷᠡ ᠵᠤᠵᠠᠭᠠᠨ ᠭᠤᠶ᠎ᠠ ᠪᠠᠨ ᠰᠡᠮᠡᠭᠡᠷᠬᠡᠨ ᠴᠢᠮᠬᠢᠵᠦ ᠦᠵᠡᠭᠡᠳ ᠴᠢᠨᠦᠷᠡᠨ ᠡᠪᠡᠳᠴᠦ ᠪᠠᠢᠬᠤᠯᠠᠷ ᠵᠡᠭᠦᠳᠦᠯᠡᠵᠦ ᠪᠠᠢᠬᠤ ᠪᠢᠰᠢ ᠭᠡᠳᠡᠭ ᠢ᠋ᠶ᠋ᠡᠨ ᠮᠡᠳᠡᠪᠡ᠃ 
       ᠲᠦᠪᠰᠢᠨ ᠲᠡᠭᠦᠨ ᠦ᠌ ᠳᠡᠷᠭᠡᠳᠡ ᠣᠢᠷᠠᠲᠤᠨ ᠵᠣᠭᠰᠣᠭᠠᠳ᠄ 
       — ᠰᠢᠭᠦᠬᠦ ᠬᠣᠷᠢᠶᠠᠨ ᠳ᠋ᠤ᠌ ᠲᠠ ᠯᠠ‍ᠪ ᠡᠢᠮᠦ ᠰᠠᠢᠬᠠᠨ ᠵᠡᠭᠦᠳᠦ ᠵᠡᠭᠦᠳᠦᠯᠡᠬᠦ ᠦᠭᠡᠢ ᠶᠦᠮ ᠰᠢᠦ᠃ 
       — ᠡᠳᠡᠭᠡᠷ ᠁ 
       — ᠡᠦ ᠹᠧᠩ ᠮᠧᠢ ᠠ᠋᠂ ᠲᠤᠬᠠᠢ ᠶ᠋ᠢᠨ ᠦᠶ᠎ᠡ ᠳ᠋ᠦ᠍ ᠬᠡᠦᠬᠡᠳ ᠴᠢᠨᠢ ᠦᠬᠦᠭᠰᠡᠨ ᠭᠡᠳᠡᠭ ᠨᠢ ᠪᠦᠷ ᠬᠤᠳᠠᠯ ᠦᠭᠡ᠃ ᠦᠨᠡᠨ ᠳᠦ ᠪᠡᠨ ᠡᠮᠨᠡᠯᠭᠡ ᠶ᠋ᠢᠨ ᠬᠣᠷᠢᠶᠠᠨ ᠳ᠋ᠤ᠌ ᠬᠡᠦᠬᠡᠳ ᠦ᠋ᠨ ᠬᠢᠵᠢᠭ ᠳᠡᠯᠭᠡᠷᠡᠭᠰᠡᠨ ᠶᠠᠪᠤᠳᠠᠯ ᠣᠭᠲᠣ ᠦᠭᠡᠢ᠃ ᠲᠡᠷᠡ ᠪᠣᠯ ᠬᠡᠦᠬᠡᠳ ᠢ᠋ ᠴᠢᠨᠢ ᠠᠪᠬᠤ ᠭᠡᠰᠡᠨ ᠬᠥᠮᠦᠨ ᠦ᠌ ᠠᠷᠭ᠎ᠠ ᠮᠡᠬᠡ ᠶᠦᠮ᠃ 
       — ᠬᠥᠮᠦᠨ ᠁ ᠶᠠᠭᠤᠨ ᠤ᠋ ᠨᠠᠮ᠎ᠠ ᠶᠢ ᠁ 
       — ᠦᠷᠭᠦᠯᠵᠢᠯᠡᠨ ᠶᠠᠷᠢᠭᠰᠠᠨ ᠤ᠋ ᠬᠡᠷᠡᠭ ᠦᠭᠡᠢ᠃ ᠬᠣᠵᠢᠮ ᠴᠢᠮ᠎ᠠ ᠳ᠋ᠤ᠌ ᠲᠣᠳᠣᠷᠬᠠᠢ ᠲᠠᠢᠯᠪᠤᠷᠢᠯᠠᠬᠤ ᠶᠤᠮ᠃ 
       ᠡᠦ ᠹᠧᠩ ᠮᠧᠢ ᠳᠣᠲᠣᠷ᠎ᠠ ᠪᠠᠨ ᠵᠡᠭᠦᠳᠦ ᠪᠣᠯᠤᠭᠰᠠᠨ ᠴᠤ᠌ ᠣᠳᠣ ᠰᠡᠷᠡᠬᠦ ᠣᠢᠷᠠᠲᠤᠭᠰᠠᠨ ᠪᠠᠢᠬ᠎ᠠ ᠭᠡᠵᠦ ᠪᠣᠳᠣᠨ ᠵᠤᠵᠠᠭᠠᠨ ᠭᠤᠶ᠎ᠠ ᠪᠠᠨ ᠪᠠᠰᠠ ᠨᠢᠭᠡ ᠤᠳᠠᠭ᠎ᠠ ᠰᠡᠮᠡᠬᠡᠷ ᠴᠢᠮᠬᠢᠵᠦ ᠦᠵᠡᠯ᠎ᠡ᠃ ᠡᠪᠡᠳᠴᠦ ᠪᠠᠢᠨ᠎ᠠ᠃ ᠵᠡᠭᠦᠳᠦ ᠪᠢᠰᠢ ᠠ᠋! 
       — ᠣᠳᠣ ᠵᠠᠯᠭᠠᠭᠠᠳ ᠦᠵᠡᠰᠬᠦᠯᠡᠩ ᠢ᠋ ᠬᠣᠣᠷᠯᠠᠭᠳᠠᠭᠰᠠᠨ ᠤ᠋ ᠳᠠᠷᠠᠭ᠎ᠠ ᠥᠷᠯᠥᠭᠡ ᠴᠢᠮ᠎ᠠ ᠳ᠋ᠤ᠌ ᠳ᠋ᠢᠶᠠᠩᠬᠤᠸᠠ ᠢᠷᠡᠭᠦᠯᠦᠭᠰᠡᠨ ᠲᠡᠷᠡ ᠬᠥᠮᠦᠨ ᠲᠡᠢ ᠶᠠᠷᠢᠯᠴᠠᠭᠰᠠᠨ ᠬᠢᠭᠡᠳ ᠬᠣᠷᠢᠭᠤᠯ ᠤ᠋ᠨ ᠭᠠᠵᠠᠷ ᠲᠤ᠌ ᠣᠴᠢᠭᠰᠠᠨ ᠥᠩᠭᠡᠷᠡᠯᠲᠡ ᠪᠡᠨ ᠶᠠᠷᠢᠪᠠᠯ ᠶᠠᠮᠠᠷ ᠪᠣᠢ? ᠮᠢᠨᠦ ᠪᠣᠳᠣᠬᠤ ᠪᠠᠷ ᠥᠨᠥᠳᠥᠷ ᠲᠠ ᠯᠠ‍ᠪ ᠶᠠᠷᠢᠬᠤ ᠶᠤᠮ ᠭᠡᠵᠦ ᠲᠦᠪᠰᠢᠨ ᠵᠠᠯᠭᠠᠨ ᠶᠠᠷᠢᠯ᠎ᠠ᠃ 
       ᠡᠦ ᠹᠧᠩ ᠮᠧᠢ ᠳ᠋ᠦ᠍ ᠠᠪᠴᠤ ᠬᠡᠯᠡᠪᠡᠯ ᠡᠨᠡ ᠪᠣᠯ ᠪᠠᠰᠠ ᠨᠢᠭᠡ ᠨᠢᠭᠤᠴᠠ ᠪᠠᠢᠭᠰᠠᠨ᠃ ᠭᠡᠲᠡᠯ᠎ᠡ ᠥᠨᠥᠳᠥᠷ ᠲᠡᠷᠡ ᠨᠢᠭᠤᠵᠤ ᠳᠠᠷᠤᠬᠤ ᠰᠠᠨᠠᠭ᠎ᠠ ᠦᠭᠡᠢ ᠪᠠᠢᠭᠰᠠᠨ ᠪᠣᠯᠬᠣᠷ ᠲᠦᠪᠰᠢᠨ ᠦ᠌ ᠠᠰᠠᠭᠤᠯᠲᠠ ᠶ᠋ᠢ ᠤᠭᠲᠤᠨ᠄ 
       — ᠪᠣᠯᠤᠨ᠎ᠠ᠃ ᠪᠦᠬᠦᠨ ᠢ᠋ ᠬᠡᠯᠡᠶ᠎ᠡ᠃ ᠥᠩᠭᠡᠷᠡᠭᠰᠡᠨ ᠳ᠋ᠦ᠍ ᠪᠢ ᠦᠨᠡᠬᠡᠷ ᠬᠤᠳᠠᠯ ᠬᠠᠭᠤᠷᠮᠠᠭ ᠭᠡᠷᠡᠴᠢ ᠪᠠᠷᠢᠮᠲᠠ ᠵᠣᠬᠢᠶᠠᠭᠰᠠᠨ ᠶᠤᠮ᠃ᠲᠤᠬᠠᠢ ᠶ᠋ᠢᠨ ᠦᠶ᠎ᠡ ᠳ᠋ᠦ᠍ ᠨᠠᠳᠠ ᠶᠠᠭ ᠲᠡᠭᠡᠵᠦ ᠬᠢᠬᠦ ᠡᠴᠡ ᠥᠭᠡᠷ᠎ᠡ ᠠᠷᠭ᠎ᠠ ᠪᠠᠢᠭᠰᠠᠨ ᠦᠭᠡᠢ᠃ ᠲᠡᠷᠡ ᠥᠷᠯᠥᠭᠡ ᠶ᠋ᠢᠨ ᠦᠨᠡᠨ ᠥᠩᠭᠡᠷᠡᠯᠲᠡ ᠪᠣᠯ ᠡᠢᠮᠦ ᠶᠦᠮ᠃ 
       — ᠦᠨᠡᠨ ᠳᠦ ᠪᠡᠨ ᠪᠢ ᠦᠵᠡᠰᠬᠦᠯᠡᠩ ᠢ᠋ ᠲᠡᠷᠡ ᠰᠥᠨᠢ ᠬᠣᠣᠷᠯᠠᠭᠳᠠᠭᠰᠠᠨ ᠢ᠋ ᠶᠠᠭᠠᠬᠢᠭᠰᠠᠨ ᠴᠤ᠌ ᠳᠠᠷᠤᠢ ᠳ᠋ᠤᠨᠢ ᠣᠯᠵᠤ ᠮᠡᠳᠡᠬᠦ ᠦᠭᠡᠢ ᠶᠦᠮ᠃ ᠲᠡᠷᠡ ᠥᠷᠯᠥᠭᠡ ᠦᠦᠷ ᠮᠠᠩᠬᠠᠢᠨ ᠴᠠᠢᠬᠤ ᠦᠶ᠎ᠡ ᠳ᠋ᠦ᠍ ᠪᠢ ᠳᠥᠩᠭᠡᠵᠦ ᠪᠣᠰᠤᠭᠠᠳ ᠨᠢᠭᠤᠷ ᠭᠠᠷ ᠢ᠋ᠶ᠋ᠠᠨ ᠤᠬᠢᠶᠠᠵᠤ ᠪᠠᠢᠲᠠᠯ᠎ᠠ ᠠᠰᠠᠷ ᠳᠣᠣᠷᠠᠬᠢ ᠳ᠋ᠢᠶᠠᠩᠬᠤᠸᠠ ᠮᠠᠨᠠᠭᠠᠴᠢ ᠡᠪᠦᠭᠡᠨ ᠢᠷᠡᠵᠦ᠂ ᠨᠠᠮ᠎ᠠ ᠶᠢ ᠬᠤᠷᠳᠤᠨ ᠣᠴᠢᠵᠤ ᠳ᠋ᠢᠶᠠᠩᠬᠤᠸᠠ ᠲᠣᠰᠤᠭᠲᠤᠨ ᠭᠡᠵᠦ ᠶᠠᠭᠠᠷᠠᠭᠤᠯᠤᠨ ᠲᠠᠭᠤᠲᠠᠯ᠎ᠠ᠃ ᠪᠢ ᠪᠠᠬᠠᠨ ᠭᠠᠢᠬᠠᠵᠤ ᠡᠭ ᠵᠣᠭ ᠭᠡᠰᠡᠨ ᠢ᠋ᠶ᠋ᠡᠨ ᠡᠪᠦᠭᠡᠨ ᠢ᠋ ᠳᠠᠭᠠᠵᠤ ᠳᠣᠣᠷ᠎ᠠ ᠪᠠᠭᠤᠪᠠ᠃ ᠡᠢᠮᠦ ᠬᠠᠷ᠎ᠠ ᠥᠷᠯᠥᠭᠡᠭᠦᠷ ᠴᠣᠬᠣᠮ ᠬᠡᠨ ᠨᠠᠳᠠ ᠳ᠋ᠢᠶᠠᠩᠬᠤᠸᠠ ᠢᠷᠡᠭᠦᠯᠦᠭᠰᠡᠨ ᠪᠣᠯ? ᠰᠠᠢᠨ ᠴᠢᠮᠡᠭᠡ ᠪᠠᠢᠬᠤ ᠪᠣᠯᠪᠠ ᠤᠤ? ᠡᠰᠡᠬᠦᠯ᠎ᠡ ᠮᠠᠭᠤ ᠴᠢᠮᠡᠭᠡ ᠪᠠᠢᠬᠤ ᠪᠣᠯᠪᠠ ᠤᠤ? ᠭᠡᠵᠦ ᠡᠯᠳᠡᠪ ᠢ᠋ ᠪᠣᠳᠣᠭᠰᠠᠭᠠᠷ ᠳ᠋ᠢᠶᠠᠩᠬᠤᠸᠠ ᠶ᠋ᠢᠨ ᠬᠠᠷᠢᠯᠴᠠᠭᠤᠷ ᠢ᠋ ᠠᠪᠴᠤ ᠴᠢᠬᠢᠨ ᠳᠦ ᠪᠡᠨ ᠶᠠ‍ᠪ ᠴᠠ‍ᠪ ᠲᠤᠯᠭᠠᠵᠤ ᠰᠣᠨᠣᠰᠬᠤ ᠳ᠋ᠤ᠌᠂ ᠴᠠᠭᠠᠨ᠎ᠠ ᠠ᠋ᠴᠠ ᠨᠢ ᠨᠢᠭᠡ ᠡᠷᠡᠭᠲᠡᠢ ᠶ᠋ᠢᠨ ᠳᠠᠭᠤ ᠪᠦᠦᠷ ᠲᠦᠦᠷ ᠰᠣᠨᠣᠰᠲᠠᠯ᠎ᠠ᠃ ᠪᠢ ᠬᠡᠳᠦ ᠤᠳᠠᠭ᠎ᠠ ᠨᠡᠷ᠎ᠡ ᠶ᠋ᠢ ᠨᠢ ᠠᠰᠠᠭᠤᠭᠰᠠᠨ ᠳ᠋ᠤ᠌ ᠲᠡᠷᠡ ᠬᠠᠷᠢᠭᠤᠯᠤᠭᠰᠠᠨ ᠦᠭᠡᠢ᠃ ᠳᠡᠮᠡᠢ ᠤᠳᠠᠭᠰᠠᠨ ᠦᠭᠡᠢ ᠲᠡᠷᠡ ᠠᠮᠢᠲᠠᠨ ᠨᠡᠯᠢᠶᠡᠳ ᠳᠡᠭᠡᠷ᠎ᠡ ᠳᠠᠭᠤᠨ ᠢ᠋ᠶ᠋ᠠᠷ ᠁ ᠭᠡᠵᠦ ᠬᠡᠯᠡᠲᠡᠯ᠎ᠡ ᠬᠣᠶᠠᠷ ᠴᠠᠭᠳᠠᠭ᠎ᠠ ᠣᠷᠣᠵᠤ ᠢᠷᠡᠨ ᠲᠦᠪᠰᠢᠨ ᠳ᠋ᠦ᠍ ᠨᠢᠭᠡ ᠶᠠᠭᠤᠮ᠎ᠠ ᠬᠡᠯᠡᠮᠡᠷ ᠪᠣᠯᠪᠠᠯ ᠲᠦᠪᠰᠢᠨ᠂ ᠡᠦ ᠹᠧᠩ ᠮᠧᠢ ᠶ᠋ᠢᠨ ᠵᠦᠭ ᠭᠠᠷ ᠳᠣᠬᠢᠨ ᠪᠢᠲᠡᠭᠡᠢ ᠶᠠᠷᠢ ᠭᠡᠰᠡᠨ ᠳᠣᠬᠢᠶ᠎ᠠ ᠦᠭᠭᠦᠯ᠎ᠡ᠃ 

            ᠤᠩᠰᠢᠭᠰᠠᠨ ᠨᠢ᠄  ᠴᠡᠴᠡᠭᠮ᠎ᠠ