ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢ ᠶᠢᠰᠦ > Хялгасан дөрөөн дээр – Хасвулаг зохиов <39>
ᠬᠢᠯᠭᠠᠰᠤᠨ ᠳᠥᠷᠥᠭᠡᠨ ᠳᠡᠭᠡᠷ᠎ᠡ - <ᠭᠤᠴᠢ ᠶᠢᠰᠦ>
ᠲᠦᠪᠰᠢᠨ ᠭᠤᠸᠠᠢ᠂ ᠮᠠᠷᠭᠠᠲᠠ ᠶ᠋ᠢᠨ ᠬᠢᠨᠢ ᠦᠳᠡ ᠶ᠋ᠢᠨ ᠬᠣᠢᠨ᠎ᠠ ᠬᠥᠬᠡᠲᠤᠯᠢ ᠶ᠋ᠢᠨ ᠬᠦᠰᠡᠯᠲᠡ ᠪᠡᠷ ᠵᠦᠢᠴᠢᠯᠡᠯ ᠢ᠋ᠶ᠋ᠡᠨ ᠢᠩᠭᠢᠵᠦ ᠦᠷᠭᠦᠯᠵᠢᠯᠡᠭᠦᠯᠵᠡᠢ᠃
— ᠦᠵᠡᠰᠬᠦᠯᠡᠩ ᠡᠮᠴᠢ ᠠᠢᠬᠤᠪᠲᠤᠷ ᠳᠣᠲᠣᠷ᠎ᠠ ᠲᠠᠮᠢᠷ ᠲᠠᠢ ᠬᠥᠮᠦᠨ ᠪᠠᠢᠵᠠᠢ᠃
— ᠲᠡᠷᠡ ᠠᠯᠢᠪᠠ ᠰᠦᠢᠳᠦᠯ ᠢ᠋ᠶ᠋ᠡᠨ ᠲᠥᠯᠥᠭᠦᠯᠬᠦ ᠪᠡᠷ ᠠᠯᠬᠤᠮ ᠳᠠᠷᠠᠭ᠎ᠠ᠂ ᠠᠷᠭ᠎ᠠ ᠮᠠᠶᠢᠭ ᠢ᠋ᠶ᠋ᠠᠨ ᠪᠦᠷ ᠪᠣᠳᠣᠯᠬᠢᠯᠠᠭᠰᠠᠨ ᠤ᠋ ᠳᠠᠷᠠᠭ᠎ᠠ᠂ ᠲᠡᠷᠡ 《ᠨᠣᠶᠠᠨ》 ᠭᠡᠭᠴᠢ ᠬᠥᠮᠦᠨ ᠲᠡᠢ ᠣᠢᠷᠠᠲᠤᠨ ᠡᠬᠢᠨ ᠳᠦ ᠪᠡᠨ ᠦᠭᠡ ᠶᠠᠷᠢᠶᠠᠨ ᠤ᠋ ᠪᠠᠨ ᠳᠤᠮᠳᠠ ᠲᠡᠭᠦᠨ ᠳ᠋ᠦ᠍ ᠨᠢᠭᠡ ᠵᠦᠢᠯ ᠦ᠋ᠨ ᠳᠠᠯᠳᠠ ᠨᠢᠭᠤᠴᠠ ᠤᠴᠢᠷ ᠢ᠋ ᠬᠡᠯᠡᠵᠦ ᠰᠣᠨᠣᠰᠬᠠᠮᠠᠷ ᠦᠭᠡᠨ ᠦᠵᠦᠭᠦᠷ ᠪᠤᠯᠲᠠᠢᠯᠭᠠᠨ ᠨᠠᠭᠠᠳᠴᠤ ᠲᠣᠭᠯᠠᠵᠤ ᠪᠠᠢᠬᠤ ᠰᠢᠭ᠋ ᠢ᠋ᠶ᠋ᠡᠷ ᠬᠡᠯᠡᠭᠡᠳ ᠪᠠᠢᠭᠰᠠᠨ ᠪᠠᠢᠬᠤ᠃
— ᠲᠡᠭᠡᠭᠡᠳ ᠲᠡᠷᠡ 《ᠨᠣᠶᠠᠨ》 ᠴᠤ᠌ ᠭᠠᠢᠬᠠᠰᠢ ᠲᠥᠷᠥᠨ ᠪᠠᠬᠠᠨ ᠡᠷᠡᠭᠡᠯᠵᠡᠵᠦ ᠰᠡᠵᠢᠭᠯᠡᠵᠦ ᠪᠠᠢᠭᠰᠠᠨ ᠴᠤ᠌ ᠪᠠᠢᠵᠤ ᠮᠡᠳᠡᠨ᠎ᠡ᠃ ᠭᠡᠲᠡᠯ᠎ᠡ ᠨᠠᠭᠠᠳᠤ ᠵᠠᠬ᠎ᠠ ᠳᠤ ᠪᠠᠨ ᠲᠡᠭᠦᠨ ᠦ᠌ ᠶᠠᠭᠤ ᠬᠡᠯᠡᠬᠦ ᠶ᠋ᠢ ᠰᠣᠨᠣᠰᠤᠶ᠎ᠠ ᠭᠡᠵᠦ ᠶᠠᠭᠠᠷᠠᠵᠤ ᠪᠠᠢᠭᠰᠠᠨ ᠨᠢ ᠯᠠᠪᠲᠠᠢ᠃ ᠡᠢᠮᠦ ᠪᠢᠰᠢ ᠪᠣᠯ ᠲᠡᠷᠡ ᠰᠥᠨᠢ ᠶ᠋ᠢᠨ ᠭᠦᠨ ᠳ᠋ᠦ᠍ ᠦᠵᠡᠰᠬᠦᠯᠡᠩ ᠦ᠋ᠨ ᠤᠷᠢᠯᠭ᠎ᠠ ᠳ᠋ᠤ᠌ ᠲᠡᠢᠮᠦ ᠢᠯᠭᠤᠮ ᠣᠴᠢᠬᠤ ᠪᠣᠯᠤᠯᠴᠠᠭ᠎ᠠ ᠦᠭᠡᠢ᠃
— ᠲᠡᠷᠡ ᠬᠣᠶᠠᠷ ᠠᠭᠤᠯᠵᠠᠮᠠᠭᠴᠠ ᠦᠵᠡᠰᠬᠦᠯᠡᠩ᠄《ᠴᠢ ᠲᠡᠷᠡ ᠨᠢᠭᠤᠴᠠ ᠶ᠋ᠢ ᠰᠣᠨᠣᠰᠬᠤ ᠭᠡᠵᠦ ᠬᠦᠯᠢᠶᠡᠭᠡᠳ ᠤᠳᠠᠯ᠎ᠠ ᠪᠢᠵᠡ? 》 ᠭᠡᠬᠦ ᠦᠭᠡᠨ ᠡᠴᠡ ᠡᠳᠡᠨᠥᠰ ᠦ᠋ᠨ ᠠᠩᠬᠠᠨ ᠤ᠋ ᠶᠠᠷᠢᠯᠴᠠᠭᠰᠠᠨ ᠢ᠋ ᠪᠠᠷᠤᠭᠯᠠᠵᠤ ᠪᠣᠯᠬᠤ ᠶᠤᠮ᠃ ᠲᠡᠷᠡᠴᠢᠯᠡᠨ ᠡᠳᠡ ᠨᠢᠭᠡ ᠨᠢᠭᠤᠴᠠ ᠵᠦᠢᠯ ᠢ᠋ ᠶᠠᠷᠢᠯᠴᠠᠬᠤ ᠭᠡᠳ ᠤᠳᠠᠭᠰᠠᠨ ᠨᠢ ᠢᠯᠡᠬᠡᠨ ᠪᠠᠢᠨ᠎ᠠ᠃ ᠲᠡᠷᠡ 《ᠨᠣᠶᠠᠨ》 ᠭᠡᠭᠴᠢ ᠪᠠᠷᠤᠭ ᠯᠠ ᠰᠥᠨᠢ ᠶ᠋ᠢᠨ ᠠᠷᠪᠠᠨ ᠨᠢᠭᠡᠨ ᠴᠠᠭ ᠤ᠋ᠨ ᠣᠷᠴᠢᠮ ᠢ᠋ᠶ᠋ᠠᠷ ᠦᠵᠡᠰᠬᠦᠯᠡᠩ ᠦ᠋ᠨ ᠠᠵᠢᠯᠯᠠᠵᠤ ᠪᠠᠢᠭᠰᠠᠨX ᠰᠠᠴᠤᠷᠠᠭ ᠤ᠋ᠨ ᠭᠡᠷ ᠦ᠋ᠨ ᠳᠣᠲᠣᠷ᠎ᠠ ᠥᠷᠥᠭᠡᠨ ᠳ᠋ᠦ᠍ ᠣᠴᠢᠬᠤ ᠳ᠋ᠤ᠌᠂ ᠦᠵᠡᠰᠬᠦᠯᠡᠩ ᠠᠷᠢᠬᠢᠨ ᠳ᠋ᠤ᠌ ᠬᠠᠯᠠᠮᠰᠠᠭᠰᠠᠨ ᠰᠢᠭ᠋ ᠪᠠᠢᠳᠠᠯ ᠲᠠᠢ ᠭᠠᠭᠴᠠᠭᠠᠷ ᠢ᠋ᠶ᠋ᠠᠨ ᠪᠠᠢᠭᠰᠠᠨ᠃
— ᠲᠡᠭᠦᠨ ᠦ᠌ ᠡᠨᠡ ᠬᠦ᠌ ᠭᠡᠨᠡᠳᠲᠡ ᠶ᠋ᠢᠨ ᠬᠤᠪᠢᠷᠠᠯᠲᠠ᠂ ᠬᠠᠴᠢᠨ ᠰᠣᠨᠢᠨ ᠠᠭᠤᠯᠵᠠᠯᠲᠠ ᠨᠢ ᠲᠡᠷᠡ 《ᠨᠣᠶᠠᠨ》 ᠭᠡᠭᠴᠢ ᠳ᠋ᠦ᠍ ᠶᠡᠬᠡ ᠯᠡ ᠣᠨᠳᠣᠣ ᠰᠠᠨᠠᠭᠳᠠᠨ᠂ ᠠᠪᠤᠨ ᠳᠣᠣᠷ᠎ᠠ ᠪᠠᠨ ᠭᠡᠯᠮᠡᠭᠳᠡᠨ ᠰᠣᠴᠢᠭᠰᠠᠨ ᠪᠠᠢᠬᠤ ᠶᠣᠰᠣᠲᠠᠢ᠃ ᠲᠡᠷᠡ 《ᠨᠣᠶᠠᠨ》 ᠦᠵᠡᠰᠬᠦᠯᠡᠩ ᠲᠡᠢ ᠤᠳᠠᠭᠠᠨ ᠵᠢᠯ ᠬᠠᠮᠲᠤ ᠠᠵᠢᠯᠯᠠᠭᠰᠠᠨ ᠤ᠋ ᠬᠤᠪᠢ ᠪᠠᠷ ᠲᠡᠭᠦᠨ ᠦ᠌ ᠡᠢᠮᠦᠷᠬᠦᠦ ᠪᠠᠢᠳᠠᠯ ᠢ᠋ ᠯᠠᠪᠲᠠᠢ ᠣᠯᠵᠤ ᠦᠵᠡᠭᠡᠳᠦᠢ ᠶᠦᠮ᠃ ᠨᠡᠩ ᠢᠯᠠᠩᠭᠤᠶ᠎ᠠ ᠦᠵᠡᠰᠬᠦᠯᠡᠩ ᠲᠡᠭᠦᠨ ᠢ᠋ ᠦᠵᠡᠮᠡᠭᠴᠡ ᠬᠠᠯᠠᠭᠤᠨ ᠢᠶᠠᠷ ᠨᠠᠭᠠᠯᠢᠩᠬᠠᠢᠳᠤᠨ ᠠᠷᠢᠬᠢ ᠵᠠᠰᠠᠨ ᠱᠠᠯᠠᠵᠤ᠂ ᠬᠤᠨᠳᠠᠭ᠎ᠠ ᠮᠥᠷᠭᠥᠭᠦᠯᠬᠦ ᠪᠡᠷ ᠤᠷᠤᠯᠳᠤᠭᠰᠠᠨ ᠨᠢ ᠴᠤ᠌ ᠲᠡᠭᠦᠨ ᠳᠦ ᠵᠢᠭᠲᠡᠢ ᠰᠣᠨᠢᠨ ᠰᠠᠨᠠᠭᠳᠠᠭᠰᠠᠨ ᠪᠠᠢᠭ᠎ᠠ᠃
— ᠦᠵᠡᠰᠬᠦᠯᠡᠩ ᠢᠩᠭᠢᠵᠦ ᠪᠠᠢᠭᠰᠠᠨ ᠢ᠋ᠶ᠋ᠠᠨ ᠭᠡᠨᠡᠳᠲᠡ ᠴᠢᠷᠠᠢ ᠬᠤᠪᠢᠷᠠᠨ ᠬᠢᠯᠢᠩᠨᠡᠨ ᠪᠣᠰᠴᠤ᠂ ᠲᠡᠷᠡ 《ᠨᠣᠶᠠᠨ》ᠭᠡᠭᠴᠢ ᠶ᠋ᠢ ᠬᠤᠮᠤᠬᠠᠢᠲᠠᠨ᠂ ᠰᠠᠨᠠᠭᠠᠨ ᠳᠤ ᠪᠠᠨ ᠬᠦᠷᠴᠦ ᠴᠢᠳᠠᠭᠰᠠᠨ ᠦᠭᠡᠢ ᠥᠰᠢᠶᠡᠨ ᠳᠦ ᠪᠡᠨ ᠡᠴᠢᠨᠡᠭᠡᠨ ᠵᠢᠯ ᠴᠣᠬᠢᠯᠲᠠ ᠳᠠᠷᠤᠯᠲᠠ ᠦᠵᠡᠭᠦᠯᠦᠭᠰᠡᠨ ᠢ᠋ ᠴᠢᠨᠢ ᠪᠢ ᠮᠡᠳᠡᠵᠦ ᠪᠠᠢᠨ᠎ᠠ᠃ ᠴᠢᠨᠦ ᠲᠡᠷᠡ ᠬᠡᠦᠬᠡᠳ ᠦ᠋ᠨ ᠭᠠᠷᠤᠯ ᠢᠷᠡᠯ ᠢ᠋ ᠡᠨᠡ ᠡᠬᠡ ᠴᠢᠨᠢ ᠨᠢᠭᠡᠨᠲᠡ ᠪᠠᠢᠴᠠᠭᠠᠵᠤ ᠲᠣᠳᠣᠯᠠᠵᠠᠢ᠃ ᠬᠥᠮᠦᠨᠴᠢ ᠴᠢᠨᠠᠷ ᠦᠭᠡᠢ ᠠᠮᠢᠲᠠᠨ ᠴᠢᠮ᠎ᠠ ᠶᠢ᠂ ᠥᠭᠡᠷ᠎ᠡ ᠬᠥᠮᠦᠨ ᠦ᠌ ᠬᠡᠪᠡᠯᠢ ᠶ᠋ᠢ ᠵᠢᠭᠡᠯᠡᠬᠦ ᠶ᠋ᠢ ᠴᠢᠨᠢ ᠪᠢ ᠬᠠᠮᠢᠶᠠᠷᠬᠤ ᠦᠭᠡᠢ᠃ ᠪᠣᠯᠠᠢ ᠪᠤᠵᠠᠷ ᠠ᠋ᠴᠠ ᠵᠢᠭᠰᠢᠬᠦ ᠦᠭᠡᠢ ᠬᠥᠮᠦᠨ ᠶᠠᠭᠠᠬᠢᠭᠰᠠᠨ ᠴᠤ᠌ ᠨᠢᠭᠡ ᠬᠣᠶᠠᠷ ᠪᠠᠢᠬᠤ ᠶᠤᠮ᠃ ᠲᠡᠭᠡᠪᠡᠴᠦ ᠴᠢ ᠶᠠᠭᠤᠨ ᠳ᠋ᠤ᠌ ᠮᠢᠨᠦ ᠬᠡᠦᠬᠡᠳ ᠢ᠋ ᠬᠣᠣᠷᠯᠠᠵᠤ ᠬᠥᠮᠦᠨ ᠦ᠌ ᠨᠢᠳᠦ ᠶ᠋ᠢ ᠬᠠᠯᠬᠠᠯᠠᠨ᠂ ᠥᠪᠡᠷ ᠦ᠋ᠨ ᠦᠷ᠎ᠡ ᠦᠨᠳᠦᠰᠦ ᠪᠡᠨ ᠬᠠᠮᠠᠭᠠᠯᠠᠬᠤ ᠪᠣᠢ? ᠭᠡᠮᠡᠨ ᠡᠷᠡᠭᠡ ᠬᠣᠷᠢᠭ᠎ᠠ ᠦᠭᠡᠢ ᠲᠤᠯᠭᠠᠭᠰᠠᠨ ᠪᠠᠢᠬᠤ᠃
— ᠲᠡᠷᠡ 《ᠨᠣᠶᠠᠨ》 ᠤ᠋ ᠡᠢᠮᠦ ᠲᠡᠦᠬᠡᠨ ᠨᠢᠭᠤᠴᠠ ᠨᠢ ᠢᠯᠡᠷᠡᠭᠰᠡᠨ ᠳ᠋ᠦ᠍᠂ ᠠᠶᠤᠵᠤ ᠰᠠᠨᠳᠤᠷᠬᠤ ᠳᠤ ᠪᠠᠨ ᠴᠡᠴᠡᠷᠡᠨ ᠳᠠᠭᠵᠢᠵᠤ᠂ ᠮᠡᠳᠡᠷᠡᠯ ᠢ᠋ᠶ᠋ᠡᠨ ᠠᠯᠳᠠᠬᠤ ᠰᠢᠬᠠᠭᠰᠠᠨ ᠪᠠᠢᠬᠤ᠃
— ᠲᠡᠭᠡᠲᠡᠯ᠎ᠡ ᠦᠵᠡᠰᠬᠦᠯᠡᠩ ᠵᠠᠯᠭᠠᠭᠠᠳ᠄ 《ᠪᠢ ᠠᠷᠠᠢ ᠲᠡᠢᠮᠦ ᠳᠣᠷᠣᠢ ᠨᠣᠮᠣᠢ᠂ ᠲᠡᠨᠡᠭ ᠮᠤᠨᠤᠭ ᠬᠥᠮᠦᠨ ᠪᠢᠰᠢ᠃ ᠬᠡᠷᠪᠡ ᠨᠢᠭᠡ ᠯᠡ ᠵᠠᠭᠠᠯᠳᠤᠪᠠᠯ ᠴᠢ ᠨᠡᠷ᠎ᠡ ᠨᠢᠭᠤᠷ ᠢ᠋ᠶ᠋ᠠᠨ ᠪᠠᠷᠠᠵᠤ ᠡᠷᠬᠡ ᠲᠤᠰᠢᠶᠠᠯ ᠢ᠋ᠶ᠋ᠠᠨ ᠠᠯᠳᠠᠬᠤ ᠪᠠᠷ ᠵᠣᠭᠰᠣᠬᠤ ᠦᠭᠡᠢ ᠪᠠᠢᠬ᠎ᠠ᠃ ᠪᠣᠳᠣᠪᠠᠯ ᠬᠠᠤᠯᠢ ᠳᠡᠭᠡᠷ᠎ᠡ ᠶᠡᠬᠡ ᠪᠠᠭ᠎ᠠ ᠬᠥᠮᠦᠨ ᠦ᠌ ᠠᠮᠢᠨ ᠳ᠋ᠤ᠌ ᠬᠦᠷᠪᠡᠯ ᠪᠦᠷ ᠠᠳᠠᠯᠢᠬᠠᠨ ᠰᠢᠢᠳᠬᠡᠯ ᠲᠡᠢ ᠪᠢᠵᠡ᠃ ᠦᠨᠡᠨ ᠳᠦ ᠪᠡᠨ ᠪᠢ ᠴᠢᠨᠦ ᠬᠣᠣᠷᠯᠠᠯ ᠬᠠᠪᠴᠢᠯ ᠢ᠋ ᠬᠣᠷᠢᠭᠠᠳ ᠵᠢᠯ ᠠᠮᠰᠠᠵᠤ ᠭᠦᠢᠴᠡᠭᠰᠡᠨ ᠳᠡ᠃ ᠨᠢᠭᠡᠨᠲᠡ ᠠᠷᠠᠰᠤ ᠶ᠋ᠢ ᠴᠢᠨᠢ ᠱᠠᠭᠠᠯᠤᠨ ᠰᠢᠷᠪᠥᠰᠥ ᠶ᠋ᠢ ᠴᠢᠨᠢ ᠰᠤᠭᠤᠯᠪᠠᠯ ᠰᠠᠶᠢ ᠰᠠᠨᠠᠭᠠᠨ ᠳᠤ ᠪᠠᠨ ᠬᠦᠷᠦᠮᠡᠷ ᠪᠠᠢᠨ᠎ᠠ᠃ ᠭᠡᠪᠡᠴᠦ ᠴᠢ ᠪᠢᠲᠡᠭᠡᠢ ᠠᠶᠤ! ᠪᠢ ᠠᠷᠠᠢ ᠴᠢᠮ᠎ᠠ ᠰᠢᠭ᠋ ᠲᠡᠢᠮᠦ ᠬᠠᠷ᠎ᠠ ᠰᠠᠨᠠᠭᠠᠲᠠᠨ ᠪᠢᠰᠢ ᠰᠢᠦ! ᠨᠢᠭᠡᠨᠲᠡ ᠥᠩᠭᠡᠷᠡᠭᠰᠡᠨ ᠬᠡᠷᠡᠭ ᠢ᠋ ᠳᠠᠬᠢᠨ ᠰᠡᠬᠦᠵᠦ ᠠᠮᠢ ᠨᠠᠰᠤ᠂ ᠡᠷᠬᠡ ᠲᠤᠰᠢᠶᠠᠯ ᠳ᠋ᠤ᠌ ᠴᠢᠨᠢ ᠬᠠᠯᠳᠠᠬᠤ ᠳᠤᠷ᠎ᠠ ᠦᠭᠡᠢ᠃ ᠲᠡᠷᠡᠴᠢᠯᠡᠨ ᠮᠢᠨᠦ ᠴᠣᠷ ᠤ᠋ᠨ ᠭᠠᠭᠴᠠ ᠰᠡᠳᠬᠢᠯ ᠦ᠋ᠨ ᠨᠠᠢᠵᠠ ᠨᠢᠳᠦᠨ ᠤᠰᠤ ᠪᠠᠨ ᠠᠯᠳᠠᠭᠠᠳ ᠴᠢᠮ᠎ᠠ ᠰᠢᠭ᠋ ᠵᠢᠰᠤᠷ ᠵᠡᠷᠯᠢᠭ ᠠᠮᠢᠲᠠᠨ ᠲᠠᠢ ᠲᠣᠯᠣᠭᠠᠢ ᠬᠣᠯᠪᠣᠭᠰᠠᠨ ᠤ᠋ ᠬᠣᠢᠨ᠎ᠠ᠂ ᠲᠡᠭᠦᠨ ᠦ᠌ ᠪᠡᠨ ᠨᠢᠭᠤᠷ ᠢ᠋ ᠪᠣᠳᠣᠬᠤ ᠶᠤᠮ᠃ ᠭᠡᠪᠡᠴᠦ ᠴᠢ ᠮᠢᠨᠦ ᠶᠠᠯᠢᠮ ᠦᠭᠡᠢᠬᠡᠨ ᠬᠡᠳᠦᠨ ᠱᠠᠭᠠᠷᠳᠠᠯᠭ᠎ᠠ ᠶ᠋ᠢ ᠪᠡᠶᠡᠯᠡᠭᠦᠯᠬᠦ ᠬᠡᠷᠡᠭᠲᠡᠢ᠃ ᠬᠣᠷᠢᠭᠠᠳ ᠵᠢᠯ ᠦ᠋ᠨ ᠲᠤᠷᠰᠢ ᠨᠠᠳᠠ ᠤᠴᠠᠷᠠᠭᠤᠯᠤᠭᠰᠠᠨ ᠥᠷᠢ ᠲᠥᠯᠥᠭᠡᠰᠦ ᠶ᠋ᠢ ᠲᠥᠯᠥᠵᠦ ᠥᠭᠪᠡᠯ ᠵᠣᠬᠢᠬᠤ ᠪᠢᠵᠡ》ᠭᠡᠵᠦ ᠰᠡᠷᠡᠮᠵᠢᠯᠡᠭᠦᠯᠬᠦ ᠬᠣᠩᠬᠣ ᠴᠣᠬᠢᠭᠰᠠᠨ ᠪᠠᠢᠬᠤ᠃
— ᠦᠵᠡᠰᠬᠦᠯᠡᠩ ᠡᠳᠡᠭᠡᠷ ᠢ᠋ ᠪᠣᠯᠤᠷᠴᠠᠭᠠᠨ ᠳ᠋ᠤ᠌ ᠬᠡᠯᠡᠵᠦ ᠠᠮᠵᠢᠭᠰᠠᠨ ᠥᠬᠡᠢ᠂ ᠰᠡᠭᠦᠯᠡᠷ ᠨᠢ ᠨᠢᠭᠡ ᠨᠢᠭᠡ ᠪᠡᠨ ᠡᠨᠳᠡᠭᠦᠦ ᠣᠢᠯᠭᠠᠨ ᠥᠰᠢᠯᠴᠡᠵᠦ᠂ ᠬᠡᠯᠡᠬᠦ ᠲᠤᠭᠡᠶᠡᠯ ᠴᠤ᠌ ᠲᠠᠭᠠᠷᠠᠭᠰᠠᠨ ᠦᠭᠡᠢ ᠪᠠᠢᠵᠤ ᠮᠡᠳᠡᠨ᠎ᠡ᠃
— ᠲᠡᠭᠡᠪᠡᠯ ᠦᠵᠡᠰᠬᠦᠯᠡᠩ ᠲᠡᠷᠡ 《ᠨᠣᠶᠠᠨ》 ᠳ᠋ᠤ᠌ ᠶᠠᠮᠠᠷ ᠶᠠᠮᠠᠷ ᠱᠠᠭᠠᠷᠳᠠᠯᠭ᠎ᠠ ᠳᠤᠷᠠᠳᠤᠭᠰᠠᠨ ᠪᠣᠢ? ᠭᠡᠵᠦ ᠬᠥᠬᠡᠲᠤᠯᠢ ᠤᠬᠤᠴᠢᠯᠠᠨ ᠠᠰᠠᠭᠤᠭᠰᠠᠨ ᠳ᠋ᠤ᠌ ᠲᠦᠪᠰᠢᠨ ᠭᠤᠸᠠᠢ᠄
— ᠦᠵᠡᠰᠬᠦᠯᠡᠩ ᠡᠨᠡ 《ᠨᠣᠶᠠᠨ》 ᠳ᠋ᠤ᠌ ᠲᠡᠷᠡ ᠦᠶ᠎ᠡ ᠳ᠋ᠦ᠍ ᠶᠠᠮᠠᠷ ᠶᠠᠮᠠᠷ ᠵᠦᠢᠯ ᠢ᠋ ᠪᠡᠶᠡᠯᠡᠭᠦᠯᠬᠦ ᠲᠤᠬᠠᠢ ᠲᠣᠳᠣᠷᠬᠠᠢ ᠳᠤᠷᠠᠳᠤᠭᠰᠠᠨ ᠦᠭᠡᠢ ᠪᠣᠯᠤᠯᠲᠠᠢ᠃
— ᠬᠡᠳᠦ ᠬᠣᠨᠣᠭ ᠤ᠋ᠨ ᠬᠢᠨᠢ ᠳᠠᠷᠠᠭ᠎ᠠ᠂ ᠲᠡᠷᠡ ᠠᠮᠠ ᠨᠡᠭᠡᠭᠡᠵᠦ ᠨᠠᠳᠠ ᠨᠢᠭᠡ ᠯᠡ ᠳᠡᠭᠡᠷ᠎ᠡ ᠬᠣᠶᠠᠷ ᠳᠡᠰ ᠴᠠᠯᠢᠩ ᠨᠡᠮᠡᠵᠦ ᠥᠭ ᠭᠡᠵᠦ ᠰᠢᠬᠠᠮᠳᠠᠭᠤᠯᠤᠭᠰᠠᠨ ᠪᠠᠢᠬ᠎ᠠ᠃
— ᠢᠩᠭᠢᠭᠡᠳ ᠲᠡᠷᠡ 《ᠨᠣᠶᠠᠨ》ᠠᠷᠭ᠎ᠠ ᠦᠭᠡᠢ ᠯᠡ ᠡᠨᠳᠡ ᠲᠡᠨᠳᠡ ᠭᠦᠶᠦᠨ ᠤᠬᠠᠭᠠᠨ ᠪᠦᠬᠦᠨ ᠢ᠋ᠶ᠋ᠡᠨ ᠰᠦᠪᠡᠭᠴᠢᠯᠡᠨ ᠪᠠᠢᠵᠤ ᠰᠢᠢᠳᠪᠦᠷᠢᠯᠡᠵᠦ ᠥᠭᠭᠦᠭᠰᠡᠨ ᠪᠠᠢᠬᠤ᠃ ᠡᠨᠡ ᠶᠠᠪᠤᠳᠠᠯ ᠥᠩᠭᠡᠷᠡᠭᠡᠳ ᠳᠡᠮᠡᠢ ᠬᠡᠳᠦ ᠬᠣᠨᠣᠭᠰᠠᠨ ᠦᠭᠡᠢ ᠪᠡᠷ᠂ ᠲᠡᠷᠡ ᠳᠠᠬᠢᠭᠠᠳ ᠣᠷᠣᠨ ᠰᠠᠭᠤᠴᠠ ᠶ᠋ᠢᠨ ᠠᠰᠠᠭᠤᠳᠠᠯ ᠢ᠋ ᠰᠢᠢᠳᠪᠦᠷᠢᠯᠡᠵᠦ ᠥᠭ ᠭᠡᠵᠦ ᠰᠢᠬᠠᠮᠳᠠᠭᠤᠯᠤᠭᠰᠠᠨ ᠪᠠᠢᠬᠤ᠃ ᠢᠩᠭᠢᠭᠡᠳ ᠲᠡᠷᠡ 《ᠨᠣᠶᠠᠨ》 ᠬᠡᠳᠦ ᠤᠳᠠᠭ᠎ᠠ ᠪᠠᠭ᠎ᠠ ᠰᠢᠭ᠋ ᠭᠡᠷ ᠣᠯᠵᠤ ᠥᠭᠭᠦᠭᠰᠡᠨ ᠳ᠋ᠦ᠍ ᠲᠡᠷᠡ ᠪᠦᠷ ᠠᠪᠤᠭᠰᠠᠨ ᠦᠭᠡᠢ᠃ ᠬᠠᠮᠤᠭ ᠰᠡᠭᠦᠯ ᠳ᠋ᠦ᠍ᠨᠢ ᠪᠦᠬᠦ ᠬᠣᠷᠢᠶᠠᠨ ᠳ᠋ᠤ᠌ ᠬᠣᠶᠠᠷᠬᠠᠨ ᠬᠤᠪᠢᠶᠠᠵᠤ ᠢᠷᠡᠭᠰᠡᠨ ᠳᠠᠷᠤᠭ᠎ᠠ ᠨᠠᠷ ᠤ᠋ᠨ ᠰᠠᠭᠤᠬᠤ ᠭᠡᠷ ᠡᠴᠡ ᠨᠢᠭᠡ ᠶ᠋ᠢ ᠨᠢ ᠥᠭᠬᠦ ᠳ᠋ᠦ᠍ ᠲᠡᠷᠡ ᠰᠠᠶᠢ ᠠᠪᠤᠭᠰᠠᠨ ᠪᠠᠢᠨ᠎ᠠ᠃ ᠭᠡᠲᠡᠯ᠎ᠡ ᠲᠡᠭᠦᠨ ᠦ᠌ ᠨᠥᠬᠥᠴᠡᠯ ᠠᠷᠠᠢ ᠬᠦᠷᠬᠦ ᠦᠭᠡᠢ ᠪᠣᠯᠬᠣᠷ ᠣᠯᠠᠨ ᠤ᠋ ᠰᠠᠨᠠᠯ ᠲᠤᠰᠬᠠᠯ ᠭᠠᠷᠬᠤ ᠠ᠋ᠴᠠ ᠠᠶᠤᠬᠤ ᠳᠤ ᠪᠠᠨ ᠲᠡᠷᠡ 《ᠨᠣᠶᠠᠨ》ᠠᠷᠭ᠎ᠠ ᠪᠤᠰᠤ ᠦᠵᠡᠰᠬᠦᠯᠡᠩ ᠢ᠋ ᠳᠡᠳ᠋ ᠬᠣᠷᠢᠶᠠᠨ ᠳᠠᠷᠤᠭ᠎ᠠ ᠪᠣᠯᠭᠠᠬᠤ ᠪᠠᠷ ᠣᠷᠣᠯᠳᠣᠭᠰᠠᠨ᠃ ᠮᠥᠨ ᠴᠤ᠌ ᠢᠩᠭᠢᠵᠦ ᠲᠤᠰᠢᠶᠠᠯ ᠲᠣᠮᠢᠯᠠᠬᠤ ᠪᠠᠷ ᠨᠢᠭᠤᠷ ᠣᠯᠵᠤ ᠰᠡᠳᠬᠢᠯ ᠢ᠋ ᠨᠢ ᠡᠳᠦᠢ ᠲᠡᠳᠦᠢ ᠴᠤ᠌ ᠪᠣᠯᠤᠭ ᠣᠯᠬᠤ ᠭᠡᠰᠡᠨ ᠪᠠᠢᠬᠤ᠃
— ᠭᠡᠰᠡᠨ ᠴᠤ᠌ ᠡᠳᠡᠭᠡᠷ ᠢ᠋ ᠨᠢ ᠦᠵᠡᠰᠬᠦᠯᠡᠩ ᠨᠢᠯᠪᠤᠵᠤ ᠭᠦᠢᠴᠡᠬᠦ ᠦᠭᠡᠢ ᠨᠢᠭᠤᠷ᠂ ᠨᠣᠬᠠᠢ ᠳᠣᠯᠢᠶᠠᠬᠤ ᠦᠭᠡᠢ ᠨᠠᠢᠷ ᠲᠠᠯ᠎ᠠ ᠪᠠᠷ ᠦᠵᠡᠨ᠂ ᠵᠥᠭᠡᠯᠡᠨ ᠨᠢᠳᠦ ᠪᠡᠷ ᠴᠤ᠌ ᠬᠠᠷᠠᠭᠰᠠᠨ ᠦᠭᠡᠢ ᠪᠠᠢᠬᠤ ᠬᠢᠴᠢᠬᠡᠭᠡᠳ ᠲᠦᠪᠰᠢᠨ ᠭᠤᠸᠠᠢ ᠠᠶᠠᠭ᠎ᠠ ᠲᠠᠢ ᠴᠠᠢ ᠠ᠋ᠴᠠ ᠪᠠᠨ ᠨᠢᠭᠡ ᠣᠭᠣᠴᠢᠵᠤ ᠠᠮᠠ ᠪᠠᠨ ᠳᠡᠪᠲᠦᠭᠡᠵᠦ ᠠᠪᠤᠭᠠᠳ᠄
— ᠡᠢᠮᠦ ᠠᠯᠪᠠᠳᠠᠯᠭ᠎ᠠ ᠰᠢᠬᠠᠮᠳᠠᠭᠤᠯᠭ᠎ᠠ ᠳ᠋ᠤ᠌ ᠰᠦᠷᠳᠡᠭᠳᠡᠭᠰᠡᠨ 《ᠨᠣᠶᠠᠨ》 ᠭᠤᠸᠠᠢ ᠪᠣᠢ ᠪᠦᠬᠦᠢ ᠴᠢᠳᠠᠯ ᠢ᠋ᠶ᠋ᠠᠨ ᠰᠢᠪᠬᠠᠨ ᠲᠡᠭᠦᠨ ᠳ᠋ᠦ᠍ ᠵᠠᠭᠤᠢ ᠯᠠ ᠠᠰᠢᠭ ᠣᠯᠭᠣᠭᠰᠠᠭᠠᠷ ᠪᠠᠢᠭᠰᠠᠨ᠃
— ᠪᠠᠷᠤᠭ ᠯᠠ ᠨᠢᠭᠡ ᠰᠠᠷ᠎ᠠ ᠶ᠋ᠢᠨ ᠬᠢᠨᠢ ᠳᠠᠷᠠᠭ᠎ᠠ ᠦᠵᠡᠰᠬᠦᠯᠡᠩ ᠳᠠᠬᠢᠨ ᠲᠡᠭᠦᠨ ᠲᠡᠢ ᠬᠠᠷᠢᠯᠴᠠᠵᠤX ᠰᠠᠴᠤᠷᠠᠭ ᠤ᠋ᠨ ᠮᠠᠰᠢᠨ ᠤ᠋ ᠡᠷᠭᠢ ᠱᠤᠷᠠᠭ ᠠᠪᠬᠤ ᠪᠣᠯᠤᠭᠰᠠᠨ ᠠ᠋ᠴᠠ ᠭᠤᠷᠪᠠᠨ ᠮᠢᠩᠭᠠᠨ ᠲᠥᠭᠥᠷᠢᠭ ᠣᠯᠵᠤ ᠥᠭ ᠭᠡᠰᠡᠨ ᠪᠠᠢᠨ᠎ᠠ᠃
— ᠲᠡᠭᠡᠭᠡᠳ 《ᠨᠣᠶᠠᠨ》 ᠭᠤᠸᠠᠢ ᠡᠭᠦᠨ ᠢ᠋ ᠨᠢ ᠣᠯᠤᠭᠠᠳ ᠥᠭᠭᠦᠭᠰᠡᠨ ᠴᠢᠨᠢ ᠠᠷᠠᠢ ᠬᠡᠳᠦᠨ ᠡᠳᠦᠷ ᠪᠣᠯᠤᠭ᠎ᠠ ᠦᠭᠡᠢ ᠪᠡᠷ᠂ ᠪᠢ ᠲᠡᠷᠡ ᠵᠣᠭᠣᠰ ᠢ᠋ ᠴᠢᠨᠢ ᠬᠣᠷᠢᠭᠠᠳ ᠵᠢᠯ ᠦ᠋ᠨ ᠲᠤᠷᠰᠢᠬᠢ ᠠᠵᠤ ᠠᠬᠤᠢ ᠶ᠋ᠢᠨ ᠰᠦᠢᠳᠦᠯ ᠳ᠋ᠡᠭᠡᠨ ᠨᠥᠬᠥᠪᠥᠷᠢ ᠪᠣᠯᠭᠠᠭᠠᠳ ᠵᠠᠷᠤᠴᠢᠬᠠᠭᠰᠠᠨ᠃ ᠴᠢ ᠲᠡᠷᠡ ᠵᠢᠭᠡᠯᠡᠪᠦᠷᠢ ᠪᠡᠨ ᠥᠪᠡᠷ ᠢ᠋ᠶ᠋ᠡᠨ ᠪᠥᠭᠯᠡ ᠭᠡᠵᠦ ᠵᠠᠷᠯᠢᠭᠳᠠᠮᠠᠷ ᠬᠡᠯᠡᠭᠡᠳ ᠶᠠᠪᠤᠵᠤ ᠣᠷᠬᠢᠬᠤ ᠳ᠋ᠤ᠌᠂ ᠲᠡᠷᠡ 《ᠨᠣᠶᠠᠨ》 ᠬᠡᠳᠦᠢ ᠪᠡᠷ ᠠᠭᠤᠰᠬᠢ ᠪᠡᠨ ᠳᠡᠯᠪᠡᠷᠡᠲᠡᠯ᠎ᠡ ᠠᠭᠤᠷᠯᠠᠭᠰᠠᠨ ᠴᠤ᠌ ᠠᠷᠭ᠎ᠠ ᠦᠭᠡᠢ ᠯᠡ ᠳᠤᠭᠤᠢ ᠬᠣᠴᠣᠷᠤᠨ ᠵᠢᠭᠡᠯᠡᠪᠦᠷᠢ ᠪᠡᠨ ᠲᠥᠯᠥᠬᠦ ᠬᠡᠷᠡᠭ ᠪᠣᠯᠵᠠᠢ᠃
— ᠦᠵᠡᠰᠬᠦᠯᠡᠩ ᠥᠪᠡᠷ ᠦ᠋ᠨ ᠰᠡᠳᠦᠭᠰᠡᠨ ᠠᠷᠭ᠎ᠠ ᠤᠬᠠᠭᠠᠨ ᠳᠤ ᠪᠠᠨ ᠵᠢᠭᠲᠡᠢ ᠬᠠᠨᠤᠮᠵᠢᠲᠠᠢ ᠪᠠᠢᠵᠠᠢ᠃ ᠢᠩᠭᠢᠵᠦ ᠠᠰᠢᠭ ᠣᠯᠬᠤ ᠪᠦᠷᠢ ᠪᠠᠬ᠎ᠠ ᠨᠢ ᠬᠠᠨᠤᠨ ᠬᠣᠷᠣᠰᠤᠯ ᠨᠢ ᠲᠠᠢᠯᠤᠭᠳᠠᠳᠠᠭ ᠪᠠᠢᠯ᠎ᠠ᠃
— ᠰᠢᠬᠠᠮᠳᠠᠭᠳᠠᠭᠰᠠᠨ 《ᠨᠣᠶᠠᠨ》 ᠭᠤᠸᠠᠢ᠂ ᠦᠵᠡᠰᠬᠦᠯᠡᠩ ᠢ᠋ ᠠᠮᠠ ᠠᠩᠭᠠᠢᠬᠤ ᠪᠣᠯᠭᠠᠨ ᠳ᠋ᠤ᠌ ᠠᠷᠭ᠎ᠠ ᠪᠤᠰᠤ ᠲᠣᠯᠣᠭᠠᠢ ᠳᠣᠬᠢᠨ ᠪᠦᠬᠦᠨ ᠢ᠋ ᠨᠢ ᠵᠥᠪᠰᠢᠶᠡᠷᠡᠭᠰᠡᠭᠡᠷ ᠪᠠᠢᠪᠠ᠃
— ᠡᠳᠡᠭᠡᠷ ᠪᠣᠯ ᠳᠠᠷᠤᠢ ᠦᠵᠡᠰᠬᠦᠯᠡᠩ ᠬᠣᠣᠷᠯᠠᠭᠳᠠᠬᠤ ᠠ᠋ᠴᠠ ᠪᠠᠨ ᠡᠮᠦᠨ᠎ᠡ ᠸᠠᠩ ᠯᠠᠨ ᠬᠤᠸᠠ ᠳ᠋ᠤ᠌ ᠄《ᠪᠢ ᠣᠳᠣ ᠨᠢᠭᠡᠨᠲᠡ ᠵᠣᠭᠣᠰ ᠣᠯᠬᠤ ᠠᠷᠭ᠎ᠠ ᠲᠠᠢ ᠪᠣᠯᠤᠭᠰᠠᠨ᠃ ᠲᠡᠳᠡ ᠨᠠᠳᠠ ᠥᠪᠡᠷ ᠢ᠋ᠶ᠋ᠡᠨ ᠬᠦᠷᠭᠡᠵᠦ ᠢᠷᠡᠬᠦ ᠶᠦᠮ》 ᠭᠡᠳᠡᠭ ᠦᠭᠡ ᠨᠢ ᠮᠥᠨ᠃
— ᠭᠡᠲᠡᠯ᠎ᠡ ᠰᠠᠢᠨ ᠬᠡᠷᠡᠭ ᠲᠦ᠍ ᠰᠠᠭᠠᠳ ᠲᠠᠢ ᠭᠡᠭᠴᠢ ᠪᠡᠷ 《ᠨᠣᠶᠠᠨ》 ᠭᠤᠸᠠᠢ ᠬᠡᠳᠦ ᠤᠳᠠᠭ᠎ᠠ ᠰᠢᠬᠠᠮᠳᠠᠭᠳᠠᠨ ᠠᠷᠭ᠎ᠠ ᠪᠠᠷᠠᠬᠤ ᠳᠤ ᠪᠠᠨ ᠲᠠᠷᠢᠬᠢ ᠪᠠᠨ ᠰᠢᠪᠬᠠᠨ ᠤᠬᠠᠭᠠᠨ ᠰᠡᠢᠯᠵᠡᠢ᠃ ᠬᠡᠵᠢᠶᠡᠳᠡ ᠬᠥᠮᠦᠨ ᠳ᠋ᠦ᠍ ᠢᠩᠭᠢᠵᠦ ᠪᠣᠭᠣᠯᠴᠢᠯᠠᠭᠳᠠᠭᠠᠳ ᠪᠠᠢᠵᠤ ᠶᠠᠭᠠᠬᠢᠵᠤ ᠪᠣᠯᠬᠤ ᠪᠣᠢ? ᠲᠡᠷᠡᠴᠢᠯᠡᠨ ᠨᠢᠭᠡ ᠬᠥᠮᠦᠨ ᠳ᠋ᠦ᠍ ᠢᠩᠭᠢᠵᠦ ᠣᠨᠴᠠ ᠬᠠᠷᠠᠭᠠᠯᠵᠠᠯ ᠦᠵᠡᠭᠦᠯᠦᠭᠡᠳ ᠪᠠᠢᠬᠤ ᠨᠢ ᠲᠡᠭᠦᠨ ᠦ᠌ ᠪᠠᠢᠷᠢ ᠰᠠᠭᠤᠷᠢ ᠳ᠋ᠤ᠌ ᠴᠤ᠌ ᠠᠶᠤᠯ ᠵᠣᠪᠠᠯᠠᠩ ᠠᠪᠴᠢᠷᠠᠵᠤ ᠮᠡᠳᠡᠨ᠎ᠡ᠃ ᠴᠣᠬᠣᠮ ᠶᠠᠭᠠᠬᠢᠪᠠᠯ ᠰᠠᠢᠨ ᠪᠣᠢ? ᠲᠡᠷᠡ ᠨᠢᠭᠡ ᠬᠤᠭᠤᠴᠠᠭ᠎ᠠ ᠨᠠᠷᠢᠨ ᠨᠢᠭᠲᠠ ᠪᠣᠳᠣᠯᠬᠢᠯᠠᠭᠠᠳ ᠡᠴᠦᠰ ᠲᠤ ᠪᠠᠨ ᠠᠶᠤᠯ ᠰᠦᠷᠳᠡᠯ ᠡᠴᠡ ᠡᠭᠦᠷᠢᠳᠡ ᠮᠤᠯᠲᠤᠷᠠᠬᠤ ᠶ᠋ᠢᠨ ᠲᠥᠯᠥᠭᠡ ᠦᠵᠡᠰᠬᠦᠯᠡᠩ ᠢ᠋ ᠬᠣᠣᠷᠯᠠᠬᠤ ᠨᠢᠭᠤᠴᠠ ᠲᠥᠯᠥᠪᠯᠡᠭᠡ ᠵᠣᠬᠢᠶᠠᠭᠠᠳ ᠪᠡᠶᠡᠯᠡᠭᠦᠯᠦᠭᠰᠡᠨ ᠪᠠᠢᠨ᠎ᠠ ᠭᠡᠵᠦ ᠬᠡᠯᠡᠬᠦ ᠳ᠋ᠦ᠍ ᠬᠥᠬᠡᠲᠤᠯᠢ ᠲᠡᠰᠴᠦ ᠶᠠᠳᠠᠭᠰᠠᠨ ᠪᠠᠢᠳᠠᠯ ᠲᠠᠢ᠄
— ᠡᠨᠡ《ᠨᠣᠶᠠᠨ》 ᠭᠡᠭᠴᠢ ᠨᠢ ᠴᠣᠬᠣᠮ ᠬᠡᠨ ᠪᠣᠯᠴᠢᠬᠠᠪᠠ? ᠭᠡᠵᠦ ᠠᠰᠠᠭᠤᠯ᠎ᠠ᠃
— ᠦᠨᠡᠨ ᠳᠦ ᠪᠡᠨ 《ᠠᠳᠤᠭᠤᠰᠤ》᠂ 《ᠨᠣᠶᠠᠨ》᠂ 《ᠰᠦ ᠴᠠᠭᠠᠨ ᠰᠡᠳᠬᠢᠯᠲᠡᠨ》ᠪᠣᠯ ᠪᠦᠷ ᠸᠠᠩ ᠯᠠᠨ ᠬᠤᠸᠠ ᠶ᠋ᠢᠨ ᠡᠷᠡᠭᠲᠡᠢ ᠪᠣᠯᠤᠨ᠎ᠠ᠃
— ᠲᠡᠷᠡ᠁ᠭᠡᠵᠦ ᠬᠥᠬᠡᠲᠤᠯᠢ ᠶ᠋ᠢ ᠠᠮᠠ ᠨᠡᠭᠡᠭᠡᠲᠡᠯ᠎ᠡ ᠲᠦᠪᠰᠢᠨ ᠭᠠᠷ ᠳᠣᠬᠢᠨ ᠶᠠᠷᠢᠬᠤ ᠶ᠋ᠢ ᠨᠢ ᠵᠣᠭᠰᠣᠭᠠᠳ᠄
— ᠥᠨᠥᠳᠥᠷ ᠣᠷᠣᠢ ᠪᠣᠯᠴᠢᠬᠠᠯ᠎ᠠ᠂ ᠪᠢᠳᠡ ᠠᠮᠠᠷᠠᠶ᠎ᠠ᠂ ᠡᠭᠦᠨ ᠦ᠌ ᠵᠠᠯᠭᠠᠮᠵᠢ ᠪᠣᠯᠤᠭᠰᠠ ᠶᠠᠪᠤᠳᠠᠯ ᠤ᠋ᠳ ᠢ᠋ ᠮᠠᠷᠭᠠᠰᠢ ᠶᠠᠷᠢᠶ᠎ᠠ ᠭᠡᠯᠡ᠃
ᠤᠩᠰᠢᠭᠰᠠᠨ ᠨᠢ᠄ ᠴᠡᠴᠡᠭᠮ᠎ᠡ
