ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢ> Хялгасан дөрөөн дээр – Хасвулаг зохиов <40> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢ> Хялгасан дөрөөн дээр – Хасвулаг зохиов <40>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢ> Хялгасан дөрөөн дээр – Хасвулаг зохиов <40>

ᠠᠩᠭᠢᠯᠠᠯ:ᠲᠤᠭᠤᠵᠢ ᠷᠣᠮᠠᠨ
2026-03-25

88

ᠬᠢᠯᠭᠠᠰᠤᠨ ᠳᠥᠷᠥᠭᠡᠨ ᠳᠡᠭᠡᠷ᠎ᠡ - <ᠳᠥᠴᠢ>


               ᠳᠥᠴᠢ 

       ᠲᠦᠪᠰᠢᠨ ᠭᠤᠸᠠᠢ ᠶ᠋ᠢᠨ ᠵᠦᠢᠴᠢᠯᠡᠯ ᠶᠠᠭ ᠢᠳᠡᠨ ᠳᠡᠭᠡᠷ᠎ᠡ ᠪᠡᠨ ᠬᠦᠷᠦᠭᠡᠳ ᠳᠣᠷᠭᠣᠨ ᠵᠣᠭᠰᠣᠭᠰᠠᠨ ᠠ᠋ᠴᠠ ᠬᠥᠬᠡᠲᠤᠯᠢ ᠨᠢᠭᠡ ᠰᠥᠨᠢ ᠡᠷᠭᠢᠵᠦ ᠬᠥᠷᠪᠡᠭᠡᠳ ᠣᠯᠢᠭᠲᠠᠢ ᠤᠨᠲᠠᠵᠤ ᠣᠷᠣᠭᠰᠠᠨ ᠦᠭᠡᠢ᠃  ᠨᠢᠭᠡ ᠯᠡ ᠪᠠᠭ᠎ᠠ ᠵᠡᠭᠦᠷᠮᠡᠭᠯᠡᠭᠡᠳ ᠰᠡᠷᠡᠬᠦ ᠳ᠋ᠦ᠍ ᠦᠦᠷ ᠴᠠᠢᠭᠰᠠᠨ ᠪᠠᠢᠯ᠎ᠠ᠃ ᠲᠡᠷᠡ ᠱᠠᠯᠠᠪᠬᠠᠨ ᠪᠣᠰᠴᠤ ᠬᠢᠬᠦ ᠴᠢᠬᠤᠯᠠ ᠲᠠᠢ ᠵᠦᠢᠯ ᠢ᠋ᠶ᠋ᠡᠨ ᠲᠦᠷᠭᠡᠬᠡᠨ ᠪᠠᠷᠠᠭᠠᠭᠠᠳ ᠠᠵᠢᠯ ᠳ᠋ᠤ᠌ ᠭᠠᠷᠬᠤ ᠠ᠋ᠴᠠ ᠪᠠᠨ ᠡᠮᠦᠨ᠎ᠡ ᠲᠦᠪᠰᠢᠨ ᠢ᠋ ᠦᠷᠭᠦᠯᠵᠢᠯᠡᠨ ᠶᠠᠷᠢᠭᠠᠴᠢ ᠭᠡᠵᠦ ᠵᠠᠭᠤᠷᠠᠯ᠎ᠠ᠃  ᠲᠦᠪᠰᠢᠨ ᠪᠠᠬᠠᠨ ᠡᠷᠡᠭᠡᠯᠵᠡᠭᠡᠳ ᠶᠠᠭ ᠯᠠ ᠠᠯᠢᠶ᠎ᠠ ᠬᠡᠦᠬᠡᠳ ᠦ᠋ᠨ ᠰᠢᠬᠠᠯᠲᠠ ᠳᠠᠭᠠᠭᠠᠳᠠᠭ ᠦᠭᠡᠢ ᠶᠡᠬᠡᠰ ᠰᠢᠭ ᠦᠷᠭᠦᠯᠵᠢᠯᠡᠨ ᠶᠠᠷᠢᠯ᠎ᠠ᠄
       — ᠦᠵᠡᠰᠬᠦᠯᠡᠩ ᠦ᠋ᠨ ᠡᠯᠳᠡᠪ ᠰᠢᠬᠠᠯᠲᠠ ᠳᠣᠣᠷ᠎ᠠ 《ᠨᠣᠶᠠᠨ》 ᠭᠤᠸᠠᠢ ᠶᠠᠭ ᠯᠠ ᠬᠠᠮᠠᠷ ᠢ᠋ᠶ᠋ᠠᠨ ᠳᠥᠷᠥᠯᠡᠭᠦᠯᠦᠭᠰᠡᠨ ᠦᠬᠡᠷ ᠰᠢᠭ ᠬᠠᠮᠢᠭᠠᠰᠢ ᠪᠠᠨ ᠲᠠᠲᠠᠪᠠᠯ ᠲᠡᠷᠡ ᠤᠷᠤᠭᠤ ᠴᠢᠭᠯᠡᠭᠡᠳ ᠪᠠᠢᠬᠤ ᠨᠢ ᠲᠡᠰᠦᠰᠢ ᠦᠭᠡᠢ ᠪᠣᠯᠵᠠᠢ᠃ ᠲᠡᠷᠡᠴᠢᠯᠡᠨ ᠡᠢᠮᠦ ᠠᠷᠭ᠎ᠠ ᠪᠠᠷ ᠨᠢᠭᠤᠴᠠ ᠪᠠᠨ ᠬᠠᠮᠠᠭᠠᠯᠠᠬᠤ ᠭᠡᠳᠡᠭ ᠨᠢ ᠲᠡᠭᠦᠨ ᠳ᠋ᠦ᠍ ᠨᠡᠭᠡᠷᠡᠨ ᠠᠯᠠᠭᠠᠨ ᠬᠣᠩᠬᠣᠷ ᠡᠴᠡ ᠪᠡᠨ ᠮᠢᠬ᠎ᠠ ᠬᠠᠵᠠᠬᠤ ᠰᠢᠭ᠋ ᠬᠦᠴᠢᠷ ᠰᠠᠨᠠᠭᠳᠠᠭᠰᠠᠨ ᠪᠠᠢᠬᠤ᠃ ᠶᠠᠭᠠᠬᠢᠭᠰᠠᠨ ᠴᠤ᠌ ᠨᠢᠭᠡ ᠵᠣᠬᠢᠰᠲᠠᠢ ᠠᠷᠭ᠎ᠠ ᠬᠡᠮᠵᠢᠶ᠎ᠡ ᠠᠪᠬᠤ ᠦᠭᠡᠢ ᠪᠣᠯ ᠠᠯᠢ ᠨᠢᠭᠡ ᠡᠳᠦᠷ ᠢᠷᠣᠭᠠᠷ ᠠ᠋ᠴᠠ ᠪᠠᠨ ᠵᠠᠳᠠᠷᠠᠬᠤ ᠠᠶᠤᠯᠲᠠᠢ ᠭᠡᠵᠦ ᠪᠣᠳᠣᠭᠰᠠᠭᠠᠷ ᠪᠠᠢᠬᠤ ᠳ᠋ᠤ᠌ ᠬᠠᠮᠤᠭ ᠤ᠋ᠨ ᠲᠣᠬᠢᠷᠠᠮᠵᠢᠲᠠᠢ ᠮᠥᠷᠲᠡᠭᠡᠨ ᠪᠠᠲᠤᠯᠠᠭ᠎ᠠ ᠲᠠᠢ ᠠᠷᠭ᠎ᠠ ᠪᠣᠯ ᠳᠠᠷᠤᠢ ᠠᠮᠢ ᠶ᠋ᠢ ᠨᠢ ᠠᠪᠬᠤ ᠶᠠᠪᠤᠳᠠᠯ ᠭᠡᠵᠦ ᠦᠵᠡᠵᠡᠢ᠃ 
       — ᠲᠡᠭᠦᠨ ᠢ᠋ ᠡᠨᠡ ᠬᠣᠣᠷᠲᠤ ᠠᠷᠭ᠎ᠠ ᠪᠠᠨ ᠪᠣᠯᠪᠠᠰᠤᠷᠠᠭᠤᠯᠵᠤ ᠪᠠᠢᠬᠤ ᠦᠶ᠎ᠡ ᠳ᠋ᠦ᠍᠂ ᠦᠵᠡᠰᠬᠦᠯᠡᠩ ᠡᠷ᠎ᠡ ᠡᠮ᠎ᠡ ᠬᠣᠶᠠᠷ ᠤ᠋ᠨ ᠬᠠᠢᠷ᠎ᠠ ᠰᠡᠳᠬᠢᠯᠭᠡ ᠢᠯᠡᠷᠬᠡᠢ ᠡᠪᠳᠡᠷᠡᠵᠦ᠂ ᠭᠡᠷ ᠪᠦᠯᠢ ᠶ᠋ᠢᠨ ᠵᠥᠷᠢᠴᠡᠯ ᠨᠢ ᠬᠤᠷᠴᠠᠳᠴᠤ ᠡᠬᠢᠯᠡᠭᠰᠡᠨ ᠨᠢ ᠡᠨᠡ 《ᠨᠣᠶᠠᠨ》 ᠳ᠋ᠤ᠌ ᠲᠡᠭᠷᠢ ᠡᠴᠡ ᠰᠣᠶᠣᠷᠬᠠᠭᠰᠠᠨ ᠵᠠᠪᠰᠢᠶᠠᠨ ᠮᠡᠲᠦ ᠰᠠᠨᠠᠭᠳᠠᠵᠤ᠂ ᠡᠨᠡ ᠵᠥᠷᠢᠴᠡᠯ ᠢ ᠠᠰᠢᠭᠯᠠᠨ ᠦᠵᠡᠰᠭᠦᠯᠡᠩ ᠢ ᠬᠣᠣᠷᠯᠠᠬᠤ ᠲᠥᠰᠥᠪ ᠲᠥᠯᠥᠪᠯᠡᠭᠡ ᠪᠡᠨ ᠵᠣᠬᠢᠶᠠᠵᠠᠢ᠃ 
       — ᠲᠡᠷᠡ ᠪᠣᠯᠤᠷᠴᠠᠭᠠᠨ᠂ ᠡᠦ ᠹᠧᠩ ᠮᠧᠢ ᠶ᠋ᠢᠨ ᠶᠡᠬᠡ ᠨᠠᠢᠷᠲᠠᠢ ᠪᠠᠢᠭ᠎ᠠ ᠶ᠋ᠢ ᠥᠪᠡᠷ ᠦ᠋ᠨ ᠢ᠋ᠶ᠋ᠡᠨ ᠡᠦ ᠹᠧᠩ ᠮᠧᠢ ᠲᠡᠢ ᠪᠣᠯᠤᠭᠰᠠᠨ ᠲᠡᠦᠬᠡ ᠲᠡᠢ ᠪᠡᠨ ᠬᠣᠯᠪᠣᠭᠳᠠᠭᠤᠯᠤᠨ ᠪᠣᠳᠣᠭᠠᠳ᠂ ᠡᠳᠡᠨ ᠦ᠌ ᠬᠣᠭᠣᠷᠣᠨᠳᠣ ᠯᠠ ᠲᠥᠪ ᠪᠤᠰᠤ ᠬᠠᠷᠢᠴᠠᠭ᠎ᠠ ᠪᠠᠢᠨ᠎ᠠ ᠭᠡᠳᠡᠭ ᠢ᠋ ᠪᠠᠷᠤᠭᠯᠠᠵᠠᠢ᠃ 
       — ᠠᠷᠪᠠᠨ ᠲᠠᠪᠤᠨ ᠵᠢᠯ ᠦ᠋ᠨ ᠡᠮᠦᠨ᠎ᠡ ᠲᠡᠷᠡ ᠡᠦ ᠹᠧᠩ ᠮᠧᠢ ᠳ᠋ᠦ᠍ ᠠᠵᠢᠯ᠂ ᠵᠣᠬᠢᠶᠠᠨ ᠪᠠᠢᠭᠤᠯᠤᠯᠲᠠ ᠶ᠋ᠢᠨ ᠠᠰᠠᠭᠤᠳᠠᠯ ᠢ᠋ ᠰᠢᠢᠳᠪᠦᠷᠢᠯᠡᠵᠦ ᠥᠭᠬᠦ ᠪᠡᠷ ᠰᠢᠯᠲᠠᠭ ᠪᠣᠯᠭᠠᠵᠤ ᠡᠮ᠎ᠡ ᠪᠡᠶ᠎ᠡ ᠶ᠋ᠢ ᠨᠢ ᠬᠠᠨᠲᠠᠯ᠎ᠠ ᠡᠳ᠋ᠯᠡᠵᠡᠢ᠃ ᠡᠨᠡ ᠨᠢ ᠬᠡᠳᠦᠢ ᠪᠡᠷ ᠡᠦ ᠹᠧᠩ ᠮᠧᠢ ᠳ᠋ᠦ᠍ ᠲᠤᠢᠯ ᠤ᠋ᠨ ᠶᠡᠬᠡ ᠭᠠᠢ ᠵᠣᠪᠠᠯᠠᠩ ᠠᠪᠴᠢᠷᠠᠭᠰᠠᠨ ᠴᠤ᠌ ᠲᠡᠷᠡ ᠶᠡᠷᠦ ᠡᠴᠡ ᠡᠨᠡ ᠠᠵᠢᠯᠯᠠᠭ᠎ᠠ  ᠳᠤ ᠪᠠᠨ ᠬᠠᠷᠠᠮᠰᠠᠵᠤ ᠥᠩᠭᠡᠷᠡᠭᠰᠡᠨ ᠦᠭᠡᠢ᠃  
       — ᠡᠦ ᠹᠧᠩ ᠮᠧᠢ ᠭᠡᠭᠴᠢ ᠬᠢᠭᠰᠡᠨ ᠠᠵᠢᠯᠯᠠᠭ᠎ᠠ  ᠳᠤ ᠪᠠᠨ ᠬᠠᠮᠢᠭ᠎ᠠ ᠬᠦᠷᠪᠡᠴᠦ ᠬᠠᠷᠢᠭᠤᠴᠠᠨ᠂ ᠬᠥᠮᠦᠨ ᠦ᠌ ᠠᠴᠢ ᠲᠤᠰᠠ ᠶ᠋ᠢᠨ ᠬᠠᠷᠢᠭᠤ ᠳᠤ ᠠᠯᠢᠪᠠ ᠪᠠᠨ ᠬᠠᠷᠠᠮᠨᠠᠳᠠᠭ ᠦᠭᠡᠢ ᠰᠢᠭᠤᠷᠬᠠᠢ ᠵᠠᠩ ᠲᠠᠢ ᠡᠮᠡᠭᠲᠡᠢ ᠪᠠᠢᠵᠠᠢ᠃ ᠲᠡᠢᠮᠦ ᠡᠴᠡ ᠲᠡᠷᠡ ᠪᠣᠯᠤᠷᠴᠠᠭᠠᠨ ᠤ᠋ ᠰᠠᠢᠨ ᠰᠠᠨᠠᠭᠠᠨ ᠤ᠋ ᠬᠠᠪᠰᠤᠷᠤᠯᠭ᠎ᠠ ᠪᠠ ᠢᠯᠠᠩᠭᠤᠶ᠎ᠠ ᠲᠡᠷᠡ ᠬᠦ᠌ ᠡᠨᠳᠡᠭᠦᠦ ᠡᠮ ᠲᠣᠬᠢᠷᠠᠭᠤᠯᠤᠭᠠᠳ ᠠᠯᠠᠴᠢᠬᠠᠬᠤ ᠰᠢᠬᠠᠭᠰᠠᠨ ᠡᠪᠦᠭᠡᠨ ᠢ᠋ ᠠᠪᠤᠷᠠᠭᠰᠠᠨ ᠤ᠋ ᠬᠠᠷᠢᠭᠤ ᠳ᠋ᠤ᠌ ᠶᠠᠭᠤ ᠪᠠᠨ ᠴᠤ᠌ ᠬᠦᠷᠭᠡᠵᠦ ᠮᠡᠳᠡᠨ᠎ᠡ ᠭᠡᠵᠦ 《ᠨᠣᠶᠠᠨ》ᠭᠤᠸᠠᠢ ᠪᠠᠷᠤᠭᠯᠠᠭᠰᠠᠨ ᠪᠣᠯᠪᠠᠴᠤ ᠤᠯᠠᠮ ᠨᠢᠭᠡ ᠠᠯᠬᠤᠮ ᠪᠠᠲᠤᠯᠠᠬᠤ ᠶ᠋ᠢᠨ ᠲᠥᠯᠥᠭᠡ᠂ ᠡᠦ ᠹᠧᠩ ᠮᠧᠢ ᠶ᠋ᠢᠨ ᠭᠡᠷ ᠲᠦ᠍ ᠬᠤᠯᠠᠭᠠᠢᠯᠠᠨ ᠰᠣᠨᠣᠰᠬᠤ ᠮᠠᠰᠢᠨ ᠢ᠋ ᠰᠡᠮᠡᠬᠡᠷ ᠲᠣᠬᠢᠷᠠᠭᠤᠯᠵᠠᠢ᠃ ᠢᠩᠭᠢᠭᠡᠳ ᠡᠨᠡ ᠬᠣᠶᠠᠭᠤᠯᠠ ᠶ᠋ᠢᠨ ᠢᠨᠴᠠᠭᠯᠠᠬᠤ᠂ ᠶᠣᠣᠯᠠᠬᠤ ᠶ᠋ᠢ ᠬᠦᠷᠲᠡᠯ᠎ᠡ ᠢᠯᠡᠬᠡᠨ ᠬᠤᠯᠠᠭᠠᠢᠯᠠᠨ ᠰᠣᠨᠣᠰᠴᠠᠢ᠃  
       — ᠡᠨᠡ ᠬᠠᠷᠢᠴᠠᠭ᠎ᠠ ᠶ᠋ᠢ ᠢᠩᠭᠢᠵᠦ ᠯᠡᠪᠡᠷᠡᠭᠦᠯᠦᠭᠰᠡᠨ ᠦ᠌ ᠳᠠᠷᠠᠭ᠎ᠠ᠂ ᠪᠣᠯᠤᠷᠴᠠᠭᠠᠨ ᠤ᠋ ᠭᠠᠷ ᠢ᠋ᠶ᠋ᠠᠷ ᠦᠵᠡᠰᠬᠦᠯᠡᠩ ᠢ᠋ ᠬᠣᠣᠷᠯᠠᠬᠤ ᠠᠵᠢᠯᠯᠠᠭ᠎ᠠ ᠪᠠᠨ ᠡᠬᠢᠯᠡᠭᠦᠯᠦᠭᠰᠡᠨ ᠪᠠᠢᠨ᠎ᠠ᠃ ᠬᠠᠮᠤᠭ ᠠᠩᠬᠠᠨ ᠳᠤ ᠪᠠᠨ ᠡᠨᠡ ᠬᠣᠶᠠᠷ ᠲᠤ᠌ ᠡᠮ ᠲᠡᠢ ᠤᠰᠤ ᠪᠠᠷ ᠨᠡᠷ᠎ᠡ ᠦᠭᠡᠢ ᠵᠠᠬᠢᠳᠠᠯ ᠪᠢᠴᠢᠨ ᠬᠣᠵᠢᠮ ᠠᠰᠢᠭᠯᠠᠬᠤ ᠵᠠᠮ ᠢ᠋ᠶ᠋ᠠᠨ ᠵᠠᠰᠠᠵᠠᠢ᠃ ᠳᠠᠬᠢᠭᠠᠳ ᠦᠵᠡᠰᠬᠦᠯᠡᠩ ᠳ᠋ᠦ᠍ ᠪᠣᠯᠤᠷᠴᠠᠭᠠᠨ ᠡᠦ ᠹᠧᠩ ᠮᠧᠢ ᠬᠣᠶᠠᠭᠤᠯᠠ ᠰᠠᠳᠤᠷ ᠰᠠᠮᠠᠭᠤᠨ ᠶᠠᠪᠤᠯᠴᠠᠵᠤ ᠪᠠᠢᠨ᠎ᠠ ᠭᠡᠵᠦ ᠰᠣᠨᠣᠰᠬᠠᠭᠠᠳ᠂ ᠡᠷ᠎ᠡ ᠡᠮ᠎ᠡ ᠬᠣᠶᠠᠭᠤᠯᠠ ᠶ᠋ᠢᠨ ᠵᠥᠷᠢᠴᠡᠯ ᠢ᠋ ᠡᠳᠦᠷ ᠢᠷᠡᠬᠦᠶ᠎ᠡ ᠬᠤᠷᠴᠠᠳᠤᠭᠤᠯᠤᠨ ᠵᠣᠳᠣᠭᠠᠨ ᠨᠦᠳᠦᠭᠡᠨ ᠡᠭᠦᠰᠬᠡᠭᠦᠯᠵᠦ ᠦᠵᠡᠰᠬᠦᠯᠡᠩ ᠦ᠋ᠨ ᠬᠥᠯ ᠢ᠋ ᠬᠤᠭᠤᠯᠤᠭᠤᠯᠵᠠᠢ᠃ 
        — ᠢᠩᠭᠢᠭᠡᠳ 《ᠨᠣᠶᠠᠨ》 ᠭᠤᠸᠠᠢ ᠭᠠᠷ ᠬᠥᠳᠡᠯᠦᠨ ᠵᠣᠷᠢᠯᠭ᠎ᠠ ᠳᠤ ᠪᠠᠨ ᠬᠦᠷᠬᠦ ᠰᠠᠢᠬᠠᠨ ᠵᠠᠪᠰᠢᠶᠠᠨ ᠢ᠋ᠶ᠋ᠠᠨ ᠣᠯᠵᠤ ᠠᠪᠴᠠᠢ᠃  ᠲᠡᠷᠡ ᠡᠨᠡ ᠬᠦ᠌ ᠵᠠᠪᠰᠢᠶᠠᠨ ᠢ᠋ᠶ᠋ᠠᠨ ᠠᠰᠢᠭᠯᠠᠨA ᠭᠤᠷᠪᠠᠳᠤᠭᠠᠷ᠂ B ᠵᠢᠷᠭᠤᠳᠤᠭᠠᠷ ᠢ᠋ᠶ᠋ᠠᠷ ᠬᠣᠣᠷᠯᠠᠬᠤ ᠪᠡᠯᠡᠳᠬᠡᠯ ᠠᠵᠢᠯ ᠢ᠋ᠶ᠋ᠠᠨ ᠭᠠᠷᠳᠠᠨ ᠬᠢᠭᠰᠡᠨ ᠪᠠᠢᠨ᠎ᠠ᠃  ᠲᠡᠷᠡ ᠶᠠᠭᠤᠨ ᠤ᠋ ᠡᠮᠦᠨ᠎ᠡ ᠦᠵᠡᠰᠬᠦᠯᠡᠩ ᠦ᠋ᠨ ᠬᠤᠭᠤᠷᠬᠠᠢ ᠬᠥᠯ ᠢ᠋ ᠡᠮᠨᠡᠬᠦ ᠳ᠋ᠦ᠍ ᠡᠷᠬᠡᠪᠰᠢ ᠶᠠᠰᠤ ᠲᠣᠭᠲᠠᠪᠤᠷᠢᠵᠢᠭᠤᠯᠬᠤB ᠵᠢᠷᠭᠤᠳᠤᠭᠠᠷ ᠢ᠋ ᠵᠠᠷᠤᠬᠤ ᠪᠠ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠠ᠋ᠴᠠ ᠡᠨᠡ ᠡᠮ ᠢ᠋ ᠠᠪᠬᠤ ᠳ᠋ᠤ᠌ ᠯᠠᠪᠲᠠᠢ ᠡᠦ ᠹᠧᠩ ᠮᠧᠢ ᠲᠣᠬᠢᠷᠠᠭᠤᠯᠤᠨ᠎ᠠ ᠭᠡᠳᠡᠭ ᠢ᠋ ᠮᠡᠳᠡᠵᠦ ᠪᠠᠢᠭᠰᠠᠨ᠃ 
       — ᠦᠵᠡᠰᠬᠦᠯᠡᠩ ᠦ᠋ᠨ ᠬᠥᠯ ᠦᠳᠡ ᠳ᠋ᠦ᠍ ᠬᠤᠭᠤᠷᠠᠭᠠᠳ ᠨᠢᠭᠡᠳᠦᠭᠡᠷ ᠡᠮᠨᠡᠯᠭᠡ ᠶ᠋ᠢᠨ ᠬᠣᠷᠢᠶᠠᠨ ᠳ᠋ᠤ᠌ ᠣᠴᠢᠵᠤ ᠴᠣᠬᠣᠢᠳᠠᠭᠤᠯᠤᠭᠰᠠᠨ ᠪᠣᠯᠪᠠᠴᠤ ᠡᠮ ᠠᠪᠤᠭᠠᠳᠤᠢ ᠭᠡᠵᠦ ᠪᠠᠷᠤᠭᠯᠠᠭᠰᠠᠨ ᠶᠤᠮ᠃ ᠲᠡᠭᠡᠭᠡᠳ ᠲᠡᠷᠡ ᠡᠮ ᠠᠪᠬᠤ ᠠ᠋ᠴᠠ ᠡᠮᠦᠨ᠎ᠡ ᠨᠢ ᠡᠷᠬᠡᠪᠰᠢ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠳ᠋ᠤ᠌ ᠣᠴᠢᠵᠤ ᠠᠷᠭ᠎ᠠ ᠬᠡᠮᠵᠢᠶ᠎ᠡ ᠠᠪᠬᠤ ᠴᠢᠬᠤᠯᠠ ᠲᠠᠢ ᠪᠣᠯᠤᠭᠰᠠᠨ ᠲᠤᠯᠠ ᠲᠡᠭᠦᠨ ᠳ᠋ᠦ᠍ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶᠠᠨ ᠠ᠋ᠴᠠ ᠳᠠᠭᠠᠭᠠᠯᠭᠠᠭᠰᠠᠨ ᠡᠯ᠎ᠡ ᠡᠮᠨᠡᠯᠭᠡ ᠶ᠋ᠢᠨ ᠬᠣᠷᠢᠶᠠᠨ ᠤ᠋ ᠡᠮ ᠦ᠋ᠨ ᠬᠠᠮᠢᠶᠠᠷᠤᠯᠲᠠ ᠶ᠋ᠢ ᠪᠠᠢᠴᠠᠭᠠᠬᠤ ᠠᠵᠢᠯ ᠢ ᠲᠣᠰ ᠣᠷᠣᠢ ᠤᠷᠢᠳᠴᠢᠯᠠᠨ ᠡᠬᠢᠯᠡᠭᠦᠯᠬᠦ ᠪᠡᠷ ᠪᠣᠯᠣᠭᠰᠠᠨ ᠪᠠᠢᠨ᠎ᠠ᠃
       — ᠦᠳᠡ ᠶ᠋ᠢᠨ ᠬᠣᠢᠨ᠎ᠠ ᠶ᠋ᠢᠨ ᠬᠣᠶᠠᠷ ᠴᠠᠭ ᠤ᠋ᠨ ᠦᠶ᠎ᠡ ᠳ᠋ᠦ᠍᠂ ᠲᠡᠷᠡ 《ᠨᠣᠶᠠᠨ》 ᠨᠢᠭᠡ ᠪᠦᠯᠦᠭ ᠬᠥᠮᠦᠨ ᠢ᠋ ᠳᠠᠭᠠᠭᠤᠯᠤᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠳ᠋ᠤ᠌ ᠣᠴᠢᠨ᠂ ᠡᠮ ᠦ᠋ᠨ ᠭᠡᠷ ᠢ᠋ ᠨᠢ ᠡᠬᠢᠯᠡᠨ ᠪᠠᠢᠴᠠᠭᠠᠬᠤ ᠳᠤ ᠪᠠᠨ ᠳᠥᠩᠭᠡᠵᠦ ᠠᠵᠢᠯ  ᠳᠤ ᠪᠠᠨ ᠭᠠᠷᠬᠤ ᠪᠠᠷ ᠢᠷᠡᠭᠰᠡᠨ ᠡᠦ ᠹᠧᠩ ᠮᠧᠢ ᠶ᠋ᠢ ᠭᠠᠳᠠᠨ᠎ᠠ ᠭᠠᠷᠭᠠᠵᠤ ᠬᠦᠯᠢᠶᠡᠯᠭᠡᠭᠰᠡᠨ ᠪᠠᠢᠨ᠎ᠠ᠃ ᠡᠮ ᠦ᠋ᠨ ᠡᠮᠬᠢ ᠵᠠᠮᠪᠠᠷᠠᠭ᠎ᠠ ᠶ᠋ᠢ ᠪᠠᠢᠴᠠᠭᠠᠬᠤ ᠳᠤᠮᠳᠠ ᠲᠡᠷᠡ 《ᠨᠣᠶᠠᠨ》 ᠵᠣᠷᠢᠭᠤᠳᠠ ᠨᠢᠭᠡ ᠬᠠᠢᠷᠴᠠᠭ Aᠭᠤᠷᠪᠠᠳᠤᠭᠠᠷ ᠢ᠋ B ᠵᠢᠷᠭᠤᠳᠤᠭᠠᠷ ᠲᠠᠢ ᠬᠣᠯᠢᠵᠤ ᠲᠠᠯᠪᠢᠵᠠᠢ᠃ 
       ᠢᠩᠭᠢᠭᠡᠳ ᠲᠡᠷᠡ ᠡᠰᠡ ᠮᠡᠳᠡᠭᠴᠢ ᠪᠡᠷ ᠣᠪᠯᠠᠨ ᠪᠠᠢᠴᠠᠭᠠᠵᠤ ᠪᠠᠷᠠᠭᠰᠠᠨ ᠪᠠᠢᠳᠠᠯ ᠲᠠᠢ ᠭᠠᠷᠬᠤ ᠳ᠋ᠤ᠌᠂ ᠭᠠᠳᠠᠨ᠎ᠠ ᠬᠦᠯᠢᠶᠡᠵᠦ ᠤᠳᠠᠭᠰᠠᠨ ᠪᠣᠯᠤᠷᠴᠠᠭᠠᠨ ᠡᠮ ᠠᠪᠬᠤ ᠪᠠᠷ ᠳᠣᠲᠣᠭᠰᠢ ᠣᠷᠣᠬᠤ ᠨᠢ ᠢᠯᠡᠬᠡᠨ ᠬᠠᠷᠠᠭᠳᠠᠵᠠᠢ᠃ ᠪᠣᠯᠤᠷᠴᠠᠭᠠᠨ ᠡᠮ ᠢ᠋ᠶ᠋ᠡᠨ ᠠᠪᠤᠭᠠᠳ ᠭᠠᠷᠬᠤ ᠳ᠋ᠤ᠌ ᠲᠡᠷᠡ 《ᠨᠣᠶᠠᠨ》 ᠡᠳᠡᠭᠡᠷ ᠤᠷᠪᠠᠯ ᠡᠭᠦᠰᠬᠦ ᠴᠢᠨᠠᠷ ᠤ᠋ᠨ ᠡᠮ ᠬᠣᠭᠣᠷᠣᠨᠳᠣ ᠪᠠᠨ ᠬᠣᠯᠢᠯᠳᠤᠵᠤ ᠪᠠᠢᠬᠤ ᠶ᠋ᠢ ᠪᠠᠢᠴᠠᠭᠠᠭᠴᠢ ᠨᠠᠷ ᠲᠤ ᠪᠠᠨ ᠦᠵᠡᠭᠦᠯᠦᠭᠡᠳ᠂ ᠲᠡᠳᠡᠨ ᠢ᠋ᠶ᠋ᠡᠷ ᠡᠦ ᠹᠧᠩ ᠮᠧᠢ ᠶ᠋ᠢ ᠡᠮ ᠬᠣᠯᠢᠯᠳᠤᠭᠤᠯᠤᠯ᠎ᠠ ᠭᠡᠵᠦ ᠠᠶᠤᠮᠠᠷ ᠰᠢᠭᠦᠮᠵᠢᠯᠡᠭᠦᠯᠦᠭᠰᠡᠨ ᠪᠠᠢᠬᠤ᠃ 
       — ᠢᠩᠭᠢᠭᠡᠳ ᠦᠵᠡᠰᠬᠦᠯᠡᠩ ᠢ᠋ ᠦᠬᠦᠭᠰᠡᠨ ᠦ᠌ ᠳᠠᠷᠠᠭ᠎ᠠ ᠥᠷᠯᠥᠭᠡ᠂ ᠡᠦ ᠹᠧᠩ ᠮᠧᠢ ᠳ᠋ᠦ᠍ ᠳ᠋ᠢᠶᠠᠩᠬᠤᠸᠠ ᠴᠣᠬᠢᠵᠤ᠂ ᠤᠷᠪᠠᠯ ᠡᠭᠦᠰᠬᠦ ᠡᠮ ᠢ᠋ ᠬᠣᠯᠢᠵᠤ ᠥᠭᠭᠦᠭᠰᠡᠨ ᠡᠴᠡ ᠦᠵᠡᠰᠬᠦᠯᠡᠩ ᠦᠬᠦᠭᠰᠡᠨ ᠭᠡᠵᠦ ᠰᠦᠷᠳᠡᠭᠦᠯᠬᠦ ᠳ᠋ᠦ᠍ ᠡᠦ ᠹᠧᠩ ᠮᠧᠢ ᠡᠰᠡᠷᠭᠦᠴᠡᠨ ᠪᠤᠯᠲᠠᠬᠤ ᠠᠷᠭ᠎ᠠ ᠦᠭᠡᠢ ᠪᠣᠯᠵᠠᠢ᠃ 
       — ᠦᠨᠡᠨ ᠳᠦ ᠪᠡᠨ ᠡᠦ ᠹᠧᠩ ᠮᠧᠢ ᠲᠡᠷᠡ ᠣᠷᠣᠢ ᠪᠦᠷ ᠵᠥᠪ ᠡᠮ ᠲᠣᠬᠢᠷᠠᠭᠤᠯᠵᠤ ᠥᠭᠭᠦᠭᠰᠡᠨ ᠶᠦᠮ᠃ ᠭᠡᠲᠡᠯ᠎ᠡ ᠬᠣᠵᠢᠮ ᠨᠢ ᠤᠷᠪᠠᠯ ᠡᠭᠦᠰᠬᠦ ᠡᠨᠡ ᠬᠣᠶᠠᠷ ᠵᠦᠢᠯ ᠦ᠋ᠨ ᠡᠮ ᠲᠠᠯᠪᠢᠭᠤᠷ ᠳᠡᠭᠡᠷ᠎ᠡ ᠶᠡᠬᠡ ᠬᠡᠮᠵᠢᠶ᠎ᠡ ᠪᠡᠷ ᠬᠣᠯᠢᠯᠳᠤᠵᠤ ᠪᠠᠢᠭᠰᠠᠨ ᠪᠣᠯᠬᠣᠷ ᠲᠡᠷᠡ ᠬᠡᠯᠡᠬᠦ ᠶᠣᠰᠣ ᠦᠭᠡᠢ ᠪᠣᠯᠵᠤ ᠬᠣᠴᠣᠷᠴᠠᠢ᠃ ᠳᠡᠭᠡᠷ᠎ᠡ ᠡᠴᠡ ᠨᠢ ᠪᠣᠯᠤᠷᠴᠠᠭᠠᠨ ᠲᠡᠳᠡ ᠬᠣᠶᠠᠭᠤᠯᠠ ᠶ᠋ᠢᠨ ᠬᠠᠷᠢᠴᠠᠭᠠᠨ ᠠ᠋ᠴᠠ ᠶᠠᠷᠢᠭᠰᠠᠨ ᠴᠤ᠌ ᠪᠦᠬᠦ ᠠᠮᠢᠨ ᠬᠡᠷᠡᠭ ᠦ᠋ᠨ ᠬᠠᠷᠢᠭᠤᠴᠠᠯᠭ᠎ᠠ ᠶ᠋ᠢ ᠡᠭᠦᠷᠬᠦ ᠦᠭᠡᠢ ᠪᠠᠢᠬᠤ ᠶ᠋ᠢᠨ ᠠᠷᠭ᠎ᠠ ᠦᠭᠡᠢ ᠪᠣᠯᠵᠠᠢ᠃ 
       — ᠲᠡᠷᠡ 《ᠨᠣᠶᠠᠨ》 ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠡᠨᠡ ᠬᠦ᠌ ᠶᠠᠯ᠎ᠠ ᠪᠠᠨ ᠦᠢᠯᠡᠳᠬᠦ  ᠳᠦ ᠪᠡᠨ ᠬᠠᠷ᠎ᠠ ᠨᠢᠳᠦᠨ ᠰᠢᠯ᠂ ᠠᠮᠠᠪᠴᠢ ᠵᠡᠭᠦᠨ᠂ ᠦᠭᠡ ᠳᠡᠮᠡᠢ ᠳᠤᠤᠭᠠᠷᠬᠤ ᠦᠭᠡᠢ ᠵᠡᠷᠭᠡ ᠪᠡᠷ ᠪᠡᠶ᠎ᠡ ᠪᠡᠨ ᠵᠠᠰᠠᠭᠰᠠᠨ ᠠ᠋ᠴᠠ ᠡᠦ ᠹᠧᠩ ᠮᠧᠢ ᠲᠠᠨᠢᠳᠠᠭ ᠪᠣᠯᠪᠠᠴᠤ ᠮᠡᠳᠡᠭᠰᠡᠨ ᠦᠭᠡᠢ ᠥᠩᠭᠡᠷᠡᠵᠡᠢ᠃ 
       —《ᠨᠣᠶᠠᠨ》᠂ ᠪᠤᠯᠤᠷᠴᠠᠭᠠᠨ ᠤ᠋ ᠭᠠᠷ ᠢ᠋ᠶ᠋ᠠᠷ ᠦᠵᠡᠰᠬᠦᠯᠡᠩ ᠢ᠋ ᠬᠣᠣᠷᠯᠠᠨ ᠬᠥᠨᠥᠭᠡᠬᠦ ᠲᠥᠯᠥᠪᠯᠡᠭᠡ ᠪᠡᠨ ᠢᠩᠭᠢᠵᠦ ᠤᠷᠢᠳᠴᠢᠯᠠᠨ ᠪᠡᠯᠡᠳᠬᠡᠭᠡᠳ ᠭᠤᠷᠪᠠᠳᠤᠭᠠᠷ ᠡᠳᠦᠷ ᠦ᠋ᠨ ᠬᠢᠨᠢ ᠣᠷᠣᠢ ᠰᠠᠶᠢ ᠵᠢᠩᠬᠢᠨᠢ ᠶᠠᠯᠠᠲᠤ ᠠᠵᠢᠯᠯᠠᠭ᠎ᠠ ᠪᠠᠨ ᠡᠬᠢᠯᠡᠭᠦᠯᠦᠭᠰᠡᠨ ᠪᠠᠢᠨ᠎ᠠ᠃ ᠲᠡᠷᠡ ᠪᠣᠯᠤᠷᠴᠠᠭᠠᠨ ᠢ᠋ ᠠᠵᠢᠯ  ᠳᠤ ᠪᠠᠨ ᠭᠠᠷᠤᠭᠰᠠᠨ ᠢ᠋ ᠵᠠᠪᠳᠤᠨ ᠬᠣᠶᠠᠷ ᠯᠣᠩᠬᠣ Aᠭᠤᠷᠪᠠᠳᠤᠭᠠᠷ ᠬᠢᠭᠡᠳ ᠪᠠᠭ᠎ᠠ ᠬᠡᠮᠵᠢᠶᠡᠨ ᠦ᠌ ᠬᠦᠴᠦᠲᠦ ᠬᠣᠣᠷCC66 ᠳ᠋ᠤᠭᠠᠷ ᠢ᠋ ᠠᠪᠤᠭᠠᠳ ᠦᠵᠡᠰᠬᠦᠯᠡᠩ ᠢ᠋ ᠪᠣᠯᠭᠣᠭᠠᠵᠤ ᠦᠵᠡᠬᠦ ᠪᠡᠷ ᠣᠪᠯᠠᠨ ᠭᠡᠷ ᠲᠦ᠋ᠨᠢ ᠣᠴᠢᠭᠰᠠᠨ ᠪᠠᠢᠨ᠎ᠠ᠃ ᠲᠡᠭᠦᠨ ᠢ᠋ ᠦᠵᠡᠰᠬᠦᠯᠡᠩ ᠦ᠋ᠨ ᠡᠭᠦᠳᠡᠨ ᠳ᠋ᠦ᠍ ᠬᠦᠷᠬᠦ ᠳ᠋ᠦ᠍᠂ ᠸᠠᠩ ᠯᠠᠨ ᠬᠤᠸᠠ ᠦᠵᠡᠰᠬᠦᠯᠡᠩ ᠲᠡᠢ ᠶᠠᠷᠢᠯᠴᠠᠵᠤ ᠪᠠᠢᠬᠤ ᠰᠣᠨᠣᠰᠳᠠᠵᠠᠢ᠃ ᠲᠡᠭᠡᠭᠡᠳ ᠲᠡᠷᠡ ᠡᠭᠦᠳᠡᠨ ᠳᠡᠷᠭᠡᠳᠡᠬᠢ ᠵᠣᠷᠯᠣᠩ ᠳ᠋ᠤ᠌ ᠰᠡᠮᠡᠭᠡᠷᠬᠡᠨ ᠭᠤᠯᠭᠤᠨ ᠣᠷᠣᠵᠤ᠂ ᠸᠠᠩ ᠯᠠᠨ ᠬᠤᠸᠠ ᠶᠢᠨ ᠶᠠᠪᠤᠬᠤ ᠶ᠋ᠢ ᠬᠦᠯᠢᠶᠡᠪᠡ᠃ ᠳᠡᠮᠡᠢ ᠤᠳᠠᠭᠰᠠᠨ ᠦᠭᠡᠢ ᠸᠠᠩ ᠯᠠᠨ ᠬᠤᠸᠠ ᠶ᠋ᠢᠨ ᠶᠠᠪᠤᠬᠤ ᠰᠣᠨᠣᠰᠳᠠᠬᠤ ᠳ᠋ᠤ᠌᠂ ᠲᠡᠷᠡ ᠵᠣᠷᠯᠣᠩ ᠠ᠋ᠴᠠ ᠶᠠᠭᠠᠷᠠᠤ ᠰᠠᠨᠳᠤᠷᠤᠤ ᠭᠠᠷᠴᠤ ᠢᠷᠡᠨ ᠳᠣᠲᠣᠷ᠎ᠠ ᠥᠷᠥᠭᠡᠨ ᠳ᠋ᠦ᠍ ᠣᠷᠣᠵᠤ᠂ ᠦᠵᠡᠰᠬᠦᠯᠡᠩ ᠢ᠋ ᠦᠵᠡᠬᠦ ᠮᠠᠶᠢᠭ ᠭᠠᠷᠭᠠᠨ ᠵᠠᠷᠤᠵᠤ ᠪᠠᠢᠭ᠎ᠠ ᠡᠮ ᠢ᠋ ᠨᠢ ᠦᠵᠡᠬᠦ ᠶ᠋ᠢᠨ ᠳᠠᠭᠠᠤ ᠰᠢᠷᠡᠭᠡᠨ ᠳᠡᠭᠡᠷ᠎ᠡ ᠪᠠᠢᠭ᠎ᠠB ᠵᠢᠷᠭᠤᠳᠤᠭᠠᠷ ᠤ᠋ᠨ ᠭᠣᠣᠯ ᠳ᠋ᠤ᠌ ᠠᠪᠴᠢᠷᠠᠭᠰᠠᠨ Aᠭᠤᠷᠪᠠᠳᠤᠭᠠᠷ ᠢ᠋ᠶ᠋ᠠᠨ ᠨᠡᠢᠯᠡᠭᠦᠯᠦᠨ ᠲᠠᠯᠪᠢᠵᠤ᠂ ᠬᠢᠮᠰᠠ ᠶ᠋ᠢᠨ ᠦᠵᠦᠭᠦᠷ ᠲᠦ᠍ ᠬᠦᠴᠦᠲᠦ ᠬᠣᠣᠷ CC66 ᠳ᠋ᠤᠭᠠᠷ ᠡᠮ ᠢ᠋ ᠲᠦᠷᠬᠢᠵᠦ ᠲᠠᠯᠪᠢᠵᠠᠢ᠃ 
       — ᠢᠩᠭᠢᠭᠡᠳ ᠲᠡᠷᠡ ᠶᠠᠭᠠᠷᠠᠤ ᠮᠡᠩᠳᠡᠭᠦᠦ ᠭᠠᠷᠴᠤ ᠢᠷᠡᠬᠦ ᠳ᠋ᠡᠭᠡᠨ ᠳᠣᠲᠣᠷ᠎ᠠ ᠪᠠᠨ ᠦᠵᠡᠰᠬᠦᠯᠡᠩ ᠰᠥᠨᠢ ᠬᠠᠭᠠᠰ ᠲᠤ᠌ ᠯᠠ‍ᠪ ᠦᠬᠦᠨ᠎ᠡ ᠭᠡᠵᠦ ᠪᠣᠳᠣᠭᠰᠠᠨ ᠨᠢ ᠪᠤᠷᠤᠭᠤ ᠪᠣᠯᠵᠠᠢ᠃ ᠬᠠᠷᠢᠨ ᠦᠳᠡᠰᠢ ᠡᠮ ᠵᠠᠷᠤᠮᠠᠭᠴᠠ ᠦᠬᠦᠭᠰᠡᠨ ᠲᠤᠯᠠ ᠡᠨᠡ ᠨᠢ ᠲᠡᠭᠦᠨ ᠳ᠋ᠦ᠍ ᠶᠡᠬᠡ ᠶᠠᠷᠰᠢᠭ ᠲᠠᠲᠠᠭᠰᠠᠨ ᠪᠠᠢᠨ᠎ᠠ᠃ ᠡᠬᠡᠨᠡᠷ ᠨᠢ ᠶᠠᠮᠠᠷ ᠡᠮ ᠳ᠋ᠦ᠍ ᠬᠣᠣᠷᠳᠠᠭᠳᠠᠭᠰᠠᠨ ᠢ᠋ ᠪᠣᠯᠤᠷᠴᠠᠭᠠᠨ ᠮᠡᠳᠡᠬᠦ ᠦᠭᠡᠢ ᠪᠣᠯᠬᠣᠷ ᠥᠪᠡᠷ ᠦ᠋ᠨ ᠶᠠᠯ᠎ᠠ ᠪᠠᠨ ᠵᠥᠪᠰᠢᠶᠡᠷᠡᠬᠦ ᠦᠭᠡᠢ ᠶᠦᠮ᠃  ᠢᠩᠭᠢᠪᠡᠯ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠠ᠋ᠴᠠ ᠨᠠᠷᠢᠨ ᠪᠠᠢᠴᠠᠭᠠᠭᠰᠠᠭᠠᠷ ᠬᠠᠮᠤᠭ ᠨᠢᠭᠤᠴᠠ ᠢᠯᠡᠷᠡᠬᠦ ᠪᠣᠯᠤᠨ᠎ᠠ᠃ ᠬᠡᠷᠡᠭ ᠢ᠋ ᠤᠯᠠᠮ ᠲᠦᠯᠬᠢᠨ ᠪᠠᠢᠴᠠᠭᠠᠯᠲᠠ ᠶ᠋ᠢ ᠪᠠᠭᠠᠰᠬᠠᠶ᠎ᠠ ᠭᠡᠪᠡᠯ ᠡᠷᠬᠡᠪᠰᠢ ᠪᠣᠯᠤᠷᠴᠠᠭᠠᠨ ᠢ᠋ᠶ᠋ᠠᠷ ᠶᠠᠯ᠎ᠠ ᠬᠦᠯᠢᠶᠡᠯᠭᠡᠬᠦ ᠬᠡᠷᠡᠭᠲᠡᠢ᠃ ᠡᠨᠠ ᠠᠷᠭ᠎ᠠ ᠶ᠋ᠢ ᠬᠡᠷᠡᠭᠯᠡᠬᠦ ᠳ᠋ᠦ᠍ ᠡᠦ ᠹᠧᠩ ᠮᠧᠢ ᠪᠡᠷ ᠵᠦᠴᠦᠭᠡ ᠲᠣᠭᠯᠠᠭᠤᠯᠬᠤ ᠶᠠᠪᠤᠳᠠᠯ ᠣᠷᠣᠰᠢᠨ᠎ᠠ᠃ ᠦᠨᠡᠨ  ᠳᠦ ᠪᠡᠨ ᠲᠡᠷᠡ 《ᠨᠣᠶᠠᠨ》 ᠡᠢᠮᠦ ᠵᠦᠴᠦᠭᠡ ᠪᠡᠨ ᠠᠯᠢ ᠡᠷᠲᠡ ᠡᠴᠡ ᠤᠷᠢᠳᠴᠢᠯᠠᠨ ᠪᠣᠳᠣᠵᠤ ᠵᠠᠪᠳᠤᠭᠰᠠᠨ ᠶᠤᠮ᠃
       — ᠭᠡᠪᠡᠴᠦ ᠦᠵᠡᠰᠬᠦᠯᠡᠩ ᠰᠦᠷᠡᠬᠡᠢ ᠬᠤᠷᠳᠤᠨ ᠦᠬᠦᠭᠰᠡᠨ ᠡᠴᠡ ᠡᠦ ᠹᠧᠩ ᠮᠧᠢ ᠳ᠋ᠦ᠍ ᠡᠨᠡ ᠬᠦ᠌ ᠪᠠᠢᠳᠠᠯ ᠢ᠋ ᠳᠣᠣᠷ᠎ᠠ ᠨᠢ ᠳᠠᠮᠵᠢᠭᠤᠯᠬᠤ ᠶ᠋ᠢᠨ ᠲᠥᠯᠥᠭᠡ ᠮᠠᠷᠭᠠᠲᠠ ᠶ᠋ᠢᠨ ᠬᠢᠨᠢ ᠥᠷᠯᠥᠭᠡ ᠡᠷᠲᠡ ᠡᠦ ᠹᠧᠩ ᠮᠧᠢ ᠳ᠋ᠦ᠍ ᠳ᠋ᠢᠶᠠᠩᠬᠤᠸᠠ ᠶᠠᠪᠤᠭᠤᠯᠤᠨ ᠬᠣᠷᠢᠭᠤᠯ ᠤ᠋ᠨ ᠭᠠᠵᠠᠷ ᠣᠴᠢᠨ ᠪᠦᠬᠦ ᠬᠠᠷᠢᠭᠤᠴᠠᠯᠭ᠎ᠠ ᠶ᠋ᠢ ᠪᠣᠯᠤᠷᠴᠠᠭᠠᠨ ᠳ᠋ᠤ᠌ ᠳᠠᠭᠠᠭᠠᠯᠭᠠᠬᠤ ᠬᠡᠷᠡᠭᠲᠡᠢ ᠭᠡᠵᠦ ᠰᠦᠷᠳᠡᠭᠦᠯᠵᠡᠢ ᠭᠡᠳ ᠲᠦᠪᠰᠢᠨ ᠦᠭᠡ ᠪᠡᠨ ᠲᠠᠰᠤᠯᠤᠨ ᠨᠢᠭᠡ ᠲᠠᠮᠠᠬᠢ ᠨᠣᠴᠣᠭᠠᠵᠤ ᠠᠪᠤᠭᠠᠳ᠄ 
      — ᠦᠵᠡᠰᠬᠦᠯᠡᠩ ᠢ᠋ ᠦᠬᠦᠭᠰᠡᠨ ᠰᠥᠨᠢ᠂ ᠬᠣᠲᠠ ᠶ᠋ᠢᠨ ᠳᠣᠲᠣᠭᠠᠳᠤ ᠵᠢ ᠬᠠᠮᠠᠭᠠᠯᠠᠬᠤ ᠲᠣᠪᠴᠢᠶᠠᠨ ᠠ᠋ᠴᠠ ᠬᠡᠷᠡᠭ ᠦ᠋ᠨ ᠲᠠᠯᠠᠪᠠᠢ ᠶ᠋ᠢ ᠪᠠᠢᠴᠠᠭᠠᠬᠤ ᠦᠢᠮᠡᠭᠡᠨ ᠳᠤᠮᠳᠠ ᠡᠨᠡ 《ᠨᠣᠶᠠᠨ》 ᠬᠤᠳᠬᠤᠯᠳᠤᠨ ᠣᠷᠣᠵᠤ᠂ ᠬᠢᠮᠰᠠ ᠵᠡᠷᠭᠡ ᠶᠠᠯ᠎ᠠ ᠶ᠋ᠢᠨ ᠭᠡᠷᠡᠴᠢ ᠪᠡᠨ ᠤᠰᠠᠳᠬᠠᠭᠰᠠᠨ ᠪᠠᠢᠨ᠎ᠠ᠃ 
       — ᠲᠡᠢᠮᠦ ᠡᠴᠡ ᠪᠢᠳᠡ ᠣᠳᠣ ᠬᠦᠷᠲᠡᠯ᠎ᠡ ᠲᠡᠷᠡ ᠬᠦ᠌ ᠬᠢᠮᠰᠠ ᠶ᠋ᠢ ᠣᠯᠵᠤ ᠳᠡᠢᠯᠦᠭᠰᠡᠨ ᠦᠭᠡᠢ ᠮᠥᠷᠲᠡᠭᠡᠨ ᠲᠤᠬᠠᠢ ᠶ᠋ᠢᠨ ᠦᠶ᠎ᠡ ᠶ᠋ᠢᠨ ᠬᠡᠷᠡᠭ ᠦ᠋ᠨ ᠲᠠᠯᠠᠪᠠᠢ ᠶ᠋ᠢᠨ ᠰᠡᠭᠦᠳᠡᠷ ᠲᠦ᠍ ᠴᠤ᠌ ᠣᠷᠣᠭᠰᠠᠨ ᠦᠭᠡᠢ ᠶᠦᠮ᠃ 
       — ᠪᠢᠳᠡᠨ ᠦ᠌ ᠪᠠᠢᠴᠠᠭᠠᠯᠲᠠ ᠤᠯᠠᠮ ᠠ᠋ᠴᠠ ᠤᠯᠠᠮ ᠭᠦᠨᠵᠡᠭᠡᠢᠷᠡᠨ 《ᠨᠣᠶᠠᠨ》 ᠤ᠋ ᠶᠠᠯᠠᠲᠤ ᠠᠵᠢᠯᠯᠠᠭ᠎ᠠ ᠨᠢ ᠯᠠᠪᠠᠷᠠᠮᠠᠷ ᠭᠠᠵᠠᠷ ᠣᠯᠠᠨ ᠭᠠᠷᠤᠭᠰᠠᠨ ᠠ᠋ᠴᠠ ᠪᠣᠯᠵᠤ᠂ ᠬᠥᠮᠦᠨ ᠠᠯᠠᠵᠤ ᠭᠡᠷᠡᠴᠢ ᠪᠠᠯᠠᠯᠬᠤ ᠠᠵᠢᠯᠯᠠᠭ᠎ᠠ ᠬᠢᠵᠦ ᠡᠬᠢᠯᠡᠪᠡ᠃  ᠡᠭᠦᠨ ᠳ᠋ᠦ᠍ ᠬᠡᠯᠡᠯᠭᠡᠨ ᠥᠬᠡᠢ ᠸᠠᠩ ᠯᠠᠨ ᠬᠤᠸᠠ ᠬᠠᠮᠤᠭ ᠤ᠋ᠨ ᠲᠦᠷᠦᠭᠦᠨ ᠳ᠋ᠦ᠍ ᠥᠷᠲᠥᠭᠰᠡᠨ᠃  ᠳᠠᠷᠠᠭ᠎ᠠ ᠪᠠᠷ ᠨᠢ ᠨᠠᠷᠠᠰᠤᠨ ᠣᠢ ᠳ᠋ᠤ᠌ ᠨᠠᠮ᠎ᠠ ᠶᠢ ᠲᠡᠷᠭᠡ ᠪᠡᠷ ᠳᠠᠭᠠᠷᠢᠵᠤ ᠬᠣᠣᠷᠯᠠᠬᠤ ᠪᠠᠷ ᠣᠷᠣᠯᠳᠣᠪᠠ᠃ ᠲᠤᠬᠠᠢ ᠶ᠋ᠢᠨ ᠦᠶ᠎ᠡ ᠳ᠋ᠦ᠍ ᠨᠠᠮ᠎ᠠ ᠶᠢ ᠬᠣᠣᠷᠯᠠᠵᠤ ᠠᠮᠵᠢᠪᠠᠯ ᠶᠠᠯ᠎ᠠ ᠠ᠋ᠴᠠ ᠪᠠᠨ ᠬᠢᠯᠪᠠᠷᠬᠠᠨ ᠮᠤᠯᠲᠤᠷᠠᠴᠢᠬᠠᠨ᠎ᠠ᠃ ᠶᠠᠭ ᠳᠡᠢᠯᠬᠦ ᠦᠭᠡᠢ ᠪᠣᠯᠪᠠᠯ ᠬᠠᠷᠠᠯᠲᠠ ᠪᠠᠨ ᠡᠦ ᠹᠧᠩ ᠮᠧᠢ ᠳ᠋ᠦ᠍ ᠰᠢᠯᠵᠢᠭᠦᠯᠦᠨ᠎ᠡ ᠭᠡᠵᠦ ᠪᠣᠳᠣᠵᠤ ᠪᠠᠢᠭᠰᠠᠨ ᠪᠠᠢᠬᠤ᠃ 
       — ᠭᠡᠲᠡᠯ᠎ᠡ ᠲᠡᠷᠡ ᠡᠴᠦᠰ ᠲᠤ ᠪᠠᠨ ᠮᠠᠨ ᠤ᠋ ᠬᠠᠤᠯᠢ ᠶ᠋ᠢᠨ ᠲᠣᠣᠷ ᠠ᠋ᠴᠠ ᠮᠤᠯᠲᠤᠷᠠᠵᠤ ᠴᠢᠳᠠᠬᠤ ᠦᠭᠡᠢ ᠶᠦᠮ ᠰᠢᠦ᠃ ᠦᠵᠡᠰᠬᠦᠯᠡᠩ᠂ ᠸᠠᠩ ᠯᠠᠨ ᠬᠤᠸᠠ ᠬᠣᠶᠠᠷ ᠯᠠ ᠦᠷᠡᠭᠳᠡᠯ ᠦ᠋ᠨ᠁ ᠭᠡᠲᠡᠯ᠎ᠡ ᠬᠥᠬᠡᠲᠤᠯᠢ᠄ 
       — ᠲᠡᠷᠡ ᠶᠠᠭᠤᠨ ᠳ᠋ᠤ᠌ ᠸᠠᠩ ᠯᠠᠨ ᠬᠤᠸᠠ ᠶ᠋ᠢ ᠬᠣᠣᠷᠯᠠᠭᠰᠠᠨ ᠪᠣᠢ? ᠭᠡᠵᠦ ᠦᠭᠡ ᠶ᠋ᠢ ᠨᠢ ᠲᠠᠰᠤᠯᠤᠨ ᠠᠰᠠᠭᠤᠯ᠎ᠠ᠃ 
       — ᠡᠭᠦᠨ ᠢ᠋ ᠶᠠᠷᠢᠪᠠᠯ ᠦᠭᠡ ᠪᠠᠰᠠ ᠤᠷᠲᠤ ᠪᠣᠢ᠃ ᠣᠳᠣ ᠠᠵᠢᠯ ᠳ᠋ᠤ᠌ ᠭᠠᠷᠬᠤ ᠴᠠᠭ ᠪᠣᠯᠴᠢᠬᠠᠯ᠎ᠠ᠃ ᠰᠡᠭᠦᠯᠡᠷ ᠶᠠᠷᠢᠶ᠎ᠠ ᠭᠡᠳ ᠰᠠᠨᠠᠭ᠎ᠠ ᠳᠤᠮᠳᠠᠭᠤᠷ ᠰᠠᠭᠤᠭ᠎ᠠ ᠬᠥᠬᠡᠲᠤᠯᠢ ᠤᠷᠤᠭᠤ ᠨᠢᠭᠡ ᠰᠠᠢᠨ ᠭᠦᠯᠦᠢᠨ ᠬᠠᠷᠠᠵᠤ ᠠᠪᠤᠭᠠᠳ ᠣᠷᠣᠨ ᠠ᠋ᠴᠠ ᠪᠠᠨ ᠪᠣᠰᠤᠯ᠎ᠠ᠃ 

                ᠤᠩᠰᠢᠭᠰᠠᠨ ᠨᠢ᠄ ᠴᠡᠴᠡᠭᠮ᠎ᠠ