ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠳᠣᠯᠣᠭ᠎ᠠ> Хялгасан дөрөөн дээр – Хасвулаг зохиов <37>
ᠬᠢᠯᠭᠠᠰᠤᠨ ᠳᠥᠷᠥᠭᠡᠨ ᠳᠡᠭᠡᠷ᠎ᠡ -<ᠭᠤᠴᠢᠨ ᠳᠣᠯᠣᠭ᠎ᠠ>
ᠰᠥᠨᠢ ᠶ᠋ᠢᠨ ᠰᠡᠯᠡᠭᠦᠨ ᠳ᠋ᠦ᠍ ᠲᠦᠪᠰᠢᠨ᠂ ᠬᠥᠬᠡᠲᠤᠯᠢ ᠬᠣᠶᠠᠭᠤᠯᠠ ᠰᠠᠢᠬᠢ ᠲᠠᠢᠯᠬᠤ ᠳ᠋ᠤ᠌ ᠪᠡᠷᠬᠡ ᠵᠦᠢᠴᠢᠯᠡᠬᠦ ᠳ᠋ᠦ᠍ ᠬᠦᠴᠢᠷ ᠦᠯᠢᠭᠡᠷ ᠢ᠋ᠶ᠋ᠡᠨ ᠦᠷᠭᠦᠯᠵᠢᠯᠡᠭᠦᠯᠵᠡᠢ᠃
— ᠲᠡᠷᠡ 《ᠠᠳᠤᠭᠤᠰᠤ》ᠰᠢᠭ᠋ ᠠᠮᠢᠲᠠᠨ ᠪᠣᠯᠤᠷᠴᠠᠭᠠᠨ᠂ ᠡᠦ ᠹᠧᠩ ᠮᠧᠢ ᠳ᠋ᠦ᠍ ᠬᠤᠢᠬᠤᠷ ᠵᠢᠰᠤᠷ ᠠᠷᠭ᠎ᠠ ᠪᠠᠰᠢᠷ ᠠᠪᠤᠭᠰᠠᠨ ᠨᠢ ᠬᠡᠯᠡᠯᠭᠡᠨ ᠦᠭᠡᠢ ᠪᠦᠷ ᠪᠡᠶ᠎ᠡ ᠪᠡᠨ ᠬᠠᠮᠠᠭᠠᠯᠠᠨ ᠶᠠᠯ᠎ᠠ ᠠ᠋ᠴᠠ ᠪᠤᠯᠲᠠᠬᠤ ᠪᠠᠷ ᠣᠷᠣᠯᠳᠣᠭᠰᠠᠨ ᠬᠡᠷᠡᠭ ᠪᠣᠯᠤᠯᠲᠠᠢ᠃ ᠭᠡᠲᠡᠯ᠎ᠡ ᠲᠡᠷᠡ ᠵᠠᠪᠠᠯ ᠦᠵᠡᠰᠬᠦᠯᠡᠩ ᠢ᠋ ᠬᠣᠣᠷᠯᠠᠬᠤ ᠨᠢ ᠶᠠᠮᠠᠷ ᠠᠰᠢᠭ ᠬᠣᠣᠷ ᠤ᠋ᠨ ᠮᠥᠷᠭᠥᠯᠳᠦᠭᠡᠨ ᠡᠴᠡ ᠪᠣᠯᠤᠭᠰᠠᠨ ᠪᠣᠯ? ᠡᠳᠡ ᠠᠩᠬᠠᠨ ᠳᠤ ᠪᠠᠨ ᠴᠣᠬᠣᠮ ᠶᠠᠮᠠᠷ ᠬᠠᠷᠢᠴᠠᠭ᠎ᠠ ᠬᠣᠯᠪᠣᠭ᠎ᠠ ᠲᠠᠢ ᠪᠣᠢ? ᠭᠡᠵᠦ ᠲᠦᠪᠰᠢᠨ ᠭᠤᠸᠠᠢ ᠠᠰᠠᠭᠤᠯᠲᠠ ᠲᠠᠯᠪᠢᠨ ᠦᠭᠡ ᠪᠡᠨ ᠡᠬᠢᠯᠡᠭᠦᠯᠦᠭᠰᠡᠨ ᠢ᠋ᠶ᠋ᠡᠨ᠄
— ᠡᠭᠦᠨ ᠢ᠋ ᠪᠢᠳᠡ ᠬᠡᠳᠦᠨ ᠲᠠᠯ᠎ᠠ ᠠ᠋ᠴᠠ ᠪᠣᠳᠣᠯᠬᠢᠯᠠᠵᠤ ᠪᠣᠯᠤᠨ᠎ᠠ᠃ ᠣᠯᠠᠨ ᠲᠠᠯ᠎ᠠ ᠠ᠋ᠴᠠ ᠳᠤᠰᠬᠠᠭᠰᠠᠨ ᠢ᠋ᠶ᠋ᠠᠷ ᠦᠵᠡᠰᠬᠦᠯᠡᠩ ᠪᠣᠯ ᠠᠵᠢᠯ ᠳᠤ ᠪᠠᠨ ᠢᠳᠡᠪᠬᠢᠲᠡᠢ᠂ ᠣᠯᠠᠨ ᠳᠤ ᠪᠠᠨ ᠬᠦᠷᠢᠶᠡᠯᠡᠯᠲᠡᠢ᠂ ᠢᠯᠠᠩᠭᠤᠶ᠎ᠠ ᠡᠮᠨᠡᠯᠭᠡ ᠶ᠋ᠢᠨ ᠮᠡᠷᠭᠡᠵᠢᠯ ᠣᠯᠠᠨ ᠠ᠋ᠴᠠ ᠴᠣᠯᠭᠣᠷᠠᠭᠰᠠᠨ ᠡᠮᠴᠢ ᠪᠠᠢᠵᠠᠢ᠃ ᠭᠡᠲᠡᠯ᠎ᠡ ᠲᠡᠷᠡ ᠤᠳᠠᠭᠠᠨ ᠵᠢᠯ ᠦ᠋ᠨ ᠲᠤᠷᠰᠢ ᠬᠦᠨᠳᠦ ᠪᠡᠷ ᠬᠡᠷᠡᠭᠯᠡᠭᠳᠡᠬᠦ ᠪᠠᠢᠲᠤᠭᠠᠢ ᠴᠠᠯᠢᠩ ᠬᠥᠯᠥᠰᠥ ᠨᠢ ᠴᠤ᠌ ᠲᠤᠢᠯ ᠤ᠋ᠨ ᠳᠣᠣᠷ᠎ᠠ ᠪᠠᠢᠳᠠᠭ᠃ ᠵᠠᠷᠢᠮ ᠳᠤ ᠪᠠᠨ ᠲᠡᠭᠦᠨ ᠦ᠌ ᠬᠢᠭᠰᠡᠨ ᠬᠡᠷᠡᠭ ᠡᠴᠡ ᠨᠢ ᠬᠣᠯᠠ ᠳᠠᠪᠠᠵᠤ᠂ ᠠᠯᠪᠠᠳᠠᠯᠭ᠎ᠠ ᠰᠢᠢᠳᠬᠡᠯ ᠬᠦᠯᠢᠶᠡᠯᠭᠡᠨ ᠲᠥᠯᠥᠪᠦᠷᠢ ᠬᠢᠯᠭᠡᠵᠦ ᠳᠣᠷᠣᠮᠵᠢᠯᠠᠯ ᠭᠤᠲᠤᠭᠠᠯ ᠦᠵᠡᠭᠦᠯᠳᠡᠭ ᠪᠠᠢᠭᠰᠠᠨ ᠶᠤᠮ ᠪᠢᠰᠢ ᠤᠤ?
— ᠦᠵᠡᠰᠬᠦᠯᠡᠩ ᠳ᠋ᠦ᠍ ᠴᠠᠯᠢᠩ ᠬᠥᠯᠥᠰᠥ ᠨᠡᠮᠡᠬᠦ ᠲᠣᠬᠢᠶᠠᠯ ᠢᠷᠡᠬᠦ ᠪᠣᠯᠭᠠᠨ ᠲᠡᠭᠦᠨ ᠦ᠌ ᠠᠷᠤ ᠳ᠋ᠤᠨᠢ ᠨᠢᠭᠡ ᠪᠦᠷᠦᠭ ᠪᠠᠷᠤᠭ ᠬᠠᠷ᠎ᠠ ᠰᠡᠭᠦᠳᠡᠷ ᠨᠡᠲᠦᠪᠡᠯᠵᠠᠡ ᠳᠠᠭᠠᠵᠤ᠂ ᠶᠠᠮᠠᠷ ᠨᠢᠭᠡᠨ ᠬᠥᠮᠦᠨ ᠵᠣᠷᠢᠭᠤᠳᠠ ᠳᠠᠷᠤᠵᠤ ᠬᠠᠷᠰᠢᠯᠠᠵᠤ ᠪᠠᠢᠬᠤ ᠰᠢᠭ᠋ ᠰᠠᠨᠠᠭᠳᠠᠳᠠᠭ ᠭᠡᠵᠦ ᠸᠠᠩ ᠯᠠᠨ ᠬᠤᠸᠠ ᠳᠤᠰᠬᠠᠭᠰᠠᠨ ᠪᠢᠰᠢ ᠤᠤ? ᠲᠡᠭᠡᠭᠡᠳ ᠸᠠᠩ ᠯᠠᠨ ᠬᠤᠸᠠ᠂ ᠦᠵᠡᠰᠬᠦᠯᠡᠩ ᠦ᠋ᠨ ᠴᠠᠯᠢᠩ ᠬᠥᠯᠥᠰᠥᠨ ᠦ᠌ ᠲᠥᠯᠥᠭᠡ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶᠠᠨ ᠳ᠋ᠤ᠌ ᠵᠠᠭᠠᠯᠳᠤᠬᠤ ᠭᠡᠰᠡᠨ ᠳ᠋ᠦ᠍᠄ 《ᠮᠢᠨᠦ ᠴᠠᠯᠢᠩ ᠥᠰᠳᠡᠭ ᠦᠭᠡᠢ ᠶ᠋ᠢᠨ ᠰᠢᠯᠲᠠᠭᠠᠨ ᠢ᠋ ᠪᠤᠰᠤᠳ ᠬᠥᠮᠦᠨ ᠮᠡᠳᠡᠬᠦ ᠦᠭᠡᠢ ᠪᠠᠢᠵᠤ ᠮᠡᠳᠡᠨ᠎ᠡ᠃ ᠭᠡᠲᠡᠯ᠎ᠡ ᠴᠢ ᠪᠣᠯ ᠡᠳᠦᠢ ᠲᠡᠳᠦᠢ ᠪᠠᠷᠤᠭᠯᠠᠮᠠᠷ ᠶᠤᠮ ᠳᠠ᠃ ᠠᠢ ᠴᠢ ᠳᠡ᠂ ᠪᠢ ᠴᠢᠮ᠎ᠠ ᠳ᠋ᠤ᠌ ᠶᠠᠭᠤ ᠭᠡᠵᠦ ᠲᠣᠳᠣᠷᠬᠠᠢᠯᠠᠬᠤ ᠪᠢᠯᠡ᠃ ᠳᠡᠭᠡᠳᠦ ᠱᠠᠲᠤᠨ ᠳ᠋ᠤ᠌ ᠵᠠᠭᠠᠯᠳᠤᠬᠤ ᠪᠠᠢᠲᠤᠭᠠᠢ ᠲᠡᠭᠷᠢ ᠶ᠋ᠢᠨ ᠣᠷᠳᠣᠨ ᠳ᠋ᠤ᠌ ᠬᠦᠷᠦᠭᠰᠡᠨ ᠴᠤ᠌ ᠲᠣᠳᠣᠷᠬᠠᠢᠯᠠᠵᠤ ᠴᠢᠳᠠᠬᠤ ᠦᠭᠡᠢ ᠰᠢᠦ》 ᠭᠡᠵᠡᠢ᠃
— ᠦᠵᠡᠰᠬᠦᠯᠡᠩ ᠬᠣᠣᠷᠯᠠᠭᠳᠠᠬᠤ ᠶ᠋ᠢᠨ ᠢ᠋ᠶ᠋ᠡᠨ ᠡᠮᠦᠨᠡᠬᠡᠨ ᠪᠠᠰᠠ ᠸᠠᠩ ᠯᠠᠨ ᠬᠤᠸᠠ ᠳ᠋ᠤ᠌᠄ 《ᠪᠢ ᠡᠳᠦᠭᠡ ᠴᠠᠭᠠᠪᠤᠷᠯᠠᠭᠳᠠᠬᠤ ᠪᠣᠯᠵᠠᠢ᠃ ᠪᠢ ᠬᠡᠴᠢᠨᠡᠭᠡᠨ ᠵᠢᠯ ᠦ᠋ᠨ ᠲᠤᠷᠰᠢᠬᠢ ᠬᠣᠬᠢᠷᠠᠯ ᠰᠦᠢᠳᠦᠯ ᠢ᠋ᠶ᠋ᠡᠨ ᠲᠥᠯᠥᠭᠦᠯᠬᠦ ᠶᠦᠮ᠃ ᠦᠨᠡᠬᠡᠷ᠁ ᠴᠢ ᠬᠠᠷᠠᠵᠤ ᠪᠠᠢ》 ᠭᠡᠰᠡᠨ ᠪᠢᠰᠢ ᠤᠤ? ᠁ᠡᠳᠡᠭᠡᠷ ᠦᠭᠡ ᠡᠴᠡ ᠦᠵᠡᠬᠦ ᠳ᠋ᠦ᠍᠂ ᠦᠵᠡᠰᠬᠦᠯᠡᠩ ᠳ᠋ᠦ᠍ ᠡᠳᠦᠢ ᠴᠢᠨᠡᠭᠡᠨ ᠵᠢᠯ ᠦ᠋ᠨ ᠲᠤᠷᠰᠢᠬᠢ ᠳᠣᠷᠣᠢ ᠪᠠᠭᠤᠷᠠᠢ ᠠᠮᠢᠳᠤᠷᠠᠯ ᠤ᠋ᠨ ᠨᠥᠬᠥᠴᠡᠯ ᠢ᠋ ᠪᠣᠢ ᠪᠣᠯᠭᠠᠭᠰᠠᠨ ᠨᠢᠭᠡ ᠬᠥᠮᠦᠨ ᠪᠤᠶᠤ ᠰᠢᠯᠲᠠᠭᠠᠨ ᠪᠠᠢᠬᠤ ᠨᠢ ᠢᠯᠡᠬᠡᠨ ᠪᠢᠰᠢ ᠤᠤ? ᠁ ᠲᠡᠷᠡᠴᠢᠯᠡᠨ ᠡᠨᠡ ᠬᠦ᠌ ᠠᠰᠠᠭᠤᠳᠠᠯ ᠨᠢᠭᠡᠨᠲᠡ ᠶᠠᠮᠠᠷ ᠨᠢᠭᠡᠨ ᠬᠡᠯᠪᠡᠷᠢ ᠪᠡᠷ ᠰᠢᠢᠳᠪᠦᠷᠢᠯᠡᠭᠳᠡᠮᠡᠷ ᠪᠣᠯᠵᠤ ᠪᠠᠢᠬᠤ ᠪᠢᠰᠢ ᠤᠤ? ᠤᠳᠠᠭᠰᠠᠨ ᠦᠭᠡᠢ ᠦᠵᠡᠰᠬᠦᠯᠡᠩ ᠦᠨᠡᠬᠡᠷ ᠴᠠᠯᠢᠩ ᠤ᠋ᠨ ᠢ᠋ᠶ᠋ᠠᠨ ᠳᠡᠰ ᠢ᠋ ᠬᠣᠶᠠᠷ ᠥᠰᠬᠡᠵᠦ᠂ ᠶᠡᠬᠡ ᠠᠷᠪᠢᠨ ᠪᠡᠯᠡᠨ ᠮᠥᠩᠭᠥ ᠲᠡᠢ ᠪᠣᠯᠵᠤ᠂ ᠠᠭᠤᠳᠠᠮ ᠰᠠᠷᠠᠭᠤᠯ ᠭᠡᠷ ᠣᠷᠣᠨ ᠣᠯᠵᠤ᠂ ᠳᠡᠳ᠋ ᠬᠣᠷᠢᠶᠠᠨ ᠳᠠᠷᠤᠭ᠎ᠠ ᠪᠠᠷ ᠳᠡᠪᠰᠢᠭᠦᠯᠦᠭᠳᠡᠬᠦ ᠪᠣᠯᠤᠭᠰᠠᠨ᠃
— ᠡᠨᠡ ᠬᠦ᠌ ᠭᠡᠨᠡᠳᠲᠡ ᠶ᠋ᠢᠨ ᠶᠠᠪᠤᠳᠠᠯ ᠨᠢ ᠯᠠᠪᠲᠠᠢ ᠶᠠᠮᠠᠷ ᠨᠢᠭᠡᠨ ᠰᠠᠨᠠᠭᠠᠨ ᠠ᠋ᠴᠠ ᠭᠠᠳᠠᠨᠠᠬᠢ ᠵᠠᠪᠰᠢᠶᠠᠨ ᠲᠣᠬᠢᠶᠠᠯ ᠠ᠋ᠴᠠ ᠪᠣᠯᠤᠭᠰᠠᠨ ᠪᠢᠰᠢ᠃ ᠸᠠᠩ ᠯᠠᠨ ᠬᠤᠸᠠ ᠳ᠋ᠤ᠌ ᠬᠡᠯᠡᠵᠦ ᠪᠠᠢᠭᠰᠠᠨ ᠦᠭᠡ ᠲᠡᠢ ᠨᠢ ᠶᠠᠪ ᠴᠠᠪ ᠨᠡᠢᠴᠡᠭᠰᠡᠨ ᠡᠴᠡ ᠦᠵᠡᠬᠦ ᠳ᠋ᠦ᠍᠂ ᠡᠨᠡ ᠶᠠᠪᠤᠳᠠᠯ ᠥᠪᠡᠷ ᠦ᠋ᠨ ᠬᠢᠨᠢ ᠲᠡᠮᠡᠴᠡᠯ ᠪᠤᠶᠤ ᠪᠤᠰᠤᠳ ᠤ᠋ᠨ ᠴᠢᠷᠮᠠᠢᠯᠭ᠎ᠠ ᠶ᠋ᠢᠨ ᠦᠷ᠎ᠡ ᠳ᠋ᠦᠩ ᠪᠣᠯᠬᠤ ᠨᠢ ᠯᠠᠪᠲᠠᠢ᠃ ᠶᠡᠬᠡ ᠰᠣᠨᠢᠷᠬᠠᠯᠲᠠᠢ ᠨᠢ ᠴᠠᠯᠢᠩ ᠨᠡᠮᠡᠵᠦ ᠣᠷᠣᠨ ᠲᠣᠬᠢᠷᠠᠭᠤᠯᠤᠨ ᠲᠤᠰᠢᠶᠠᠯ ᠲᠣᠮᠢᠯᠠᠬᠤ ᠨᠢ ᠪᠦᠷ ᠲᠥᠷᠥ ᠶ᠋ᠢᠨ ᠪᠣᠳᠣᠯᠭ᠎ᠠ ᠶ᠋ᠢᠨ ᠴᠢᠨᠠᠷᠲᠠᠢ ᠮᠥᠷᠲᠡᠭᠡᠨ ᠣᠯᠠᠨ ᠲᠦᠮᠡᠨ ᠳ᠋ᠦ᠍ ᠢᠯᠡ ᠪᠡᠷ ᠨᠡᠢᠳᠡᠯᠡᠨ ᠵᠠᠷᠯᠠᠬᠤ ᠶᠠᠪᠤᠳᠠᠯ ᠶᠤᠮ ᠰᠢᠦ᠃ ᠭᠡᠲᠡᠯ᠎ᠡ ᠦᠵᠡᠰᠬᠦᠯᠡᠩ ᠳ᠋ᠦ᠍ ᠶᠠᠭᠠᠬᠢᠭᠠᠳ ᠪᠦᠷ ᠨᠢᠭᠤᠴᠠ ᠪᠠᠷ ᠬᠡᠷᠡᠭᠵᠢᠭᠦᠯᠳᠡᠭ ᠪᠣᠢ? ᠦᠵᠡᠰᠬᠦᠯᠡᠩ ᠲᠡᠭᠡᠭᠡᠳ ᠪᠠᠰᠠ ᠶᠠᠭᠤᠨ ᠳ᠋ᠤ᠌ ᠭᠠᠳᠠᠭᠰᠢ ᠯᠡᠪᠡᠷᠡᠬᠦ ᠡᠴᠡ ᠠᠶᠤᠨ᠂ ᠬᠠᠮᠤᠭ ᠤ᠋ᠨ ᠰᠠᠢᠨ ᠰᠡᠳᠬᠢᠯ ᠦ᠋ᠨ ᠨᠡᠢᠵᠡ ᠳᠤ ᠪᠠᠨ ᠴᠤ᠌ ᠰᠢᠭᠤᠳ ᠲᠣᠳᠣᠷᠬᠠᠢ ᠬᠡᠯᠡᠵᠦ ᠴᠢᠳᠠᠳᠠᠭ ᠦᠭᠡᠢ ᠶᠦᠮ? ᠁ ᠢᠩᠭᠢᠵᠦ ᠵᠦᠢᠴᠢᠯᠡᠨ ᠪᠣᠳᠣᠪᠠᠯ ᠶᠠᠭᠤᠨ ᠤ᠋ ᠡᠮᠦᠨ᠎ᠡ ᠡᠳᠡᠭᠡᠷ ᠠᠵᠢᠯᠯᠠᠭ᠎ᠠ ᠶ᠋ᠢᠨ ᠠᠷᠤ ᠳ᠋ᠤ᠌ ᠯᠠᠪᠲᠠᠢ ᠨᠢᠭᠡ ᠵᠦᠢᠯ ᠦ᠋ᠨ ᠬᠤᠤᠪᠢᠯᠳᠤᠯᠭ᠎ᠠ ᠪᠤᠶᠤ ᠰᠢᠬᠠᠮᠳᠠᠭᠤᠯᠭ᠎ᠠ ᠶᠢᠨ ᠴᠢᠨᠠᠷᠲᠠᠢ ᠰᠦᠯᠪᠡᠭᠡ ᠬᠣᠯᠪᠣᠭ᠎ᠠ ᠳᠠᠯᠳᠠᠯᠠᠭᠳᠠᠵᠤ ᠪᠠᠢᠬᠤ ᠨᠢ ᠢᠯᠡᠷᠬᠡᠢ ᠪᠠᠢᠨ᠎ᠠ᠃ ᠳᠠᠬᠢᠭᠠᠳ ᠬᠡᠯᠡᠪᠡᠯ ᠣᠳᠣᠬᠠᠨ ᠳ᠋ᠤ᠌ ᠰᠢᠢᠳᠪᠦᠷᠢᠯᠡᠬᠦ ᠳ᠋ᠦ᠍ ᠬᠠᠮᠤᠭ ᠠ᠋ᠴᠠ ᠬᠦᠴᠢᠷᠲᠡᠢ ᠡᠨᠡ ᠬᠡᠳᠦᠨ ᠠᠰᠠᠭᠤᠳᠠᠯ ᠢ᠋ ᠲᠡᠢᠮᠦ ᠲᠦᠷᠭᠡᠨ ᠪᠡᠶᠡᠯᠡᠭᠦᠯᠵᠦ ᠴᠢᠳᠠᠬᠤ ᠬᠥᠮᠦᠨ ᠪᠣᠯ ᠵᠠᠪᠠᠯ ᠡᠷᠬᠡ ᠮᠠᠲᠠᠯ ᠨᠢ ᠥᠨᠳᠥᠷ ᠨᠣᠶᠠᠨ ᠬᠥᠮᠦᠨ ᠪᠠᠢᠬᠤ ᠶᠣᠰᠣᠲᠠᠢ᠃ ᠲᠡᠷᠡᠴᠢᠯᠡᠨ ᠡᠨᠡ ᠬᠥᠮᠦᠨ ᠲᠡᠭᠦᠨ ᠲᠡᠢ ᠨᠢᠭᠡ ᠵᠦᠢᠯ ᠦ᠋ᠨ ᠣᠨᠴᠠ ᠨᠢᠭᠤᠴᠠ ᠬᠤᠤᠪᠢᠯᠳᠤᠯᠭ᠎ᠠ ᠲᠠᠢ ᠪᠤᠶᠤ ᠡᠰᠡᠪᠡᠯ ᠶᠠᠮᠠᠷ ᠨᠢᠭᠡᠨ ᠨᠢᠭᠤᠴᠠ ᠪᠠᠨ ᠪᠠᠷᠢᠭᠳᠠᠭᠠᠳ ᠰᠢᠬᠠᠮᠳᠠᠭᠳᠠᠬᠤ ᠳᠤ ᠪᠠᠨ ᠢᠩᠭᠢᠵᠦ ᠬᠢᠭᠰᠡᠨ ᠪᠠᠢᠵᠤ ᠮᠡᠳᠡᠨ᠎ᠡ᠃ ᠬᠣᠣᠷᠯᠠᠭᠳᠠᠬᠤ ᠠ᠋ᠴᠠ ᠡᠮᠦᠨᠡᠬᠢ ᠦᠵᠡᠰᠬᠦᠯᠡᠩ ᠦ᠋ᠨ ᠪᠠᠢᠳᠠᠯ ᠠ᠋ᠴᠠ ᠦᠵᠡᠬᠦ ᠳ᠋ᠦ᠍ ᠰᠡᠭᠦᠯ ᠦ᠋ᠨ ᠪᠣᠯᠤᠯᠴᠠᠭ᠎ᠠ ᠲᠤᠩ ᠶᠡᠬᠡ ᠪᠠᠢᠨ᠎ᠠ᠃
— ᠦᠵᠡᠰᠬᠦᠯᠡᠩ ᠬᠣᠶᠠᠳᠤᠭᠠᠷ ᠤᠳᠠᠭ᠎ᠠ ᠵᠣᠳᠣᠭᠳᠠᠬᠤ ᠶ᠋ᠢᠨ ᠢ᠋ᠶ᠋ᠡᠨ ᠡᠮᠦᠨ᠎ᠡ ᠡᠷ᠎ᠡ ᠳᠦ ᠪᠡᠨ᠄ 《ᠡᠳᠦᠢ ᠴᠢᠨᠡᠭᠡᠨ ᠡᠳᠦᠷ ᠦ᠋ᠨ ᠲᠤᠷᠰᠢ ᠪᠢ ᠴᠢᠮ᠎ᠠ ᠳ᠋ᠤ᠌ ᠲᠤᠩ ᠶᠡᠬᠡ ᠪᠤᠬᠢᠨᠢᠳᠤᠯ ᠠᠪᠴᠢᠷᠠᠵᠠᠢ᠃ ᠭᠡᠲᠡᠯ᠎ᠡ ᠣᠳᠣᠬᠠᠨ ᠳ᠋ᠤ᠌ ᠪᠢ ᠴᠢᠮ᠎ᠠ ᠳ᠋ᠤ᠌ ᠲᠠᠢᠯᠪᠤᠷᠢᠯᠠᠵᠤ ᠴᠢᠳᠠᠬᠤ ᠦᠭᠡᠢ᠃ ᠶᠠᠭᠠᠬᠢᠵᠤ ᠲᠠᠢᠯᠪᠤᠷᠢᠯᠠᠨ᠎ᠠ ᠳᠠ᠃ ᠲᠠᠢᠯᠪᠤᠷᠢᠯᠠᠬᠤ ᠨᠢ ᠮᠠᠰᠢ ᠠᠶᠤᠯᠲᠠᠢ᠃ ᠬᠡᠷᠪᠡ ᠪᠢᠳᠡᠨ ᠦ᠌ ᠬᠠᠷᠢᠴᠠᠭ᠎ᠠ ᠤᠯᠠᠮ ᠰᠠᠢᠵᠢᠷᠠᠬᠤ ᠦᠶ᠎ᠡ ᠳ᠋ᠦ᠍᠁》 ᠭᠡᠵᠦ ᠬᠡᠯᠡᠭᠰᠡᠨ ᠪᠢᠰᠢ ᠤᠤ? ᠡᠳᠡᠭᠡᠷ ᠦᠭᠡᠨ ᠡᠴᠡ ᠦᠵᠡᠬᠦ ᠳ᠋ᠦ᠍ ᠦᠵᠡᠰᠬᠦᠯᠡᠩ ᠳ᠋ᠦ᠍ ᠡᠮᠡᠭᠲᠡᠢ ᠬᠥᠮᠦᠨ ᠦ᠌ ᠡᠷ᠎ᠡ ᠶ᠋ᠢ ᠪᠡᠨ ᠡᠨᠡᠷᠢᠨ ᠬᠠᠢᠷᠠᠯᠠᠬᠤ ᠰᠡᠳᠬᠢᠯ ᠪᠠᠢᠬᠤ ᠪᠠᠷ ᠪᠠᠷᠠᠬᠤ ᠦᠭᠡᠢ᠂ ᠴᠠᠭᠠᠨ᠎ᠠ ᠨᠢ ᠪᠠᠰᠠ ᠨᠢᠭᠡ ᠵᠦᠢᠯ ᠦ᠋ᠨ ᠬᠡᠯᠡᠵᠦ ᠲᠠᠢᠯᠪᠤᠷᠢᠯᠠᠬᠤ ᠳ᠋ᠤ᠌ ᠪᠡᠷᠬᠡ ᠲᠡᠢ ᠵᠦᠢᠯ ᠣᠷᠣᠰᠢᠵᠤ ᠪᠠᠢᠬᠤ ᠨᠢ ᠢᠯᠡᠷᠬᠡᠢ ᠪᠠᠢᠨ᠎ᠠ ᠭᠡᠳ ᠲᠦᠪᠰᠢᠨ ᠭᠤᠸᠠᠢ ᠬᠥᠬᠡᠲᠤᠯᠢ ᠶ᠋ᠢ ᠨᠢᠭᠡ ᠰᠠᠢᠨ ᠰᠢᠷᠳᠡᠵᠦ ᠠᠪᠤᠭᠠᠳ᠄
— ᠠᠷᠪᠠ ᠭᠠᠷᠤᠢ ᠵᠢᠯ ᠦ᠋ᠨ ᠲᠤᠷᠰᠢ ᠦᠵᠡᠰᠬᠦᠯᠡᠩ᠂ ᠡᠷ᠎ᠡ ᠪᠡᠨ ᠲᠤᠢᠯ ᠢ᠋ᠶ᠋ᠠᠷ ᠡᠨᠡᠷᠢᠨ ᠬᠠᠢᠷᠠᠯᠠᠳᠠᠭ᠃ ᠡᠷ᠎ᠡ ᠳᠦ ᠪᠡᠨ ᠴᠣᠬᠢᠭᠳᠠᠭᠠᠳ ᠬᠥᠯ ᠢ᠋ᠶ᠋ᠡᠨ ᠬᠤᠭᠤᠯᠤᠭᠤᠯᠤᠭᠰᠠ ᠬᠣᠢᠨ᠎ᠠ ᠪᠠᠰᠠ ᠬᠠᠳᠠᠮ ᠳᠤ ᠪᠠᠨ ᠮᠢᠩᠭᠠᠨ ᠲᠥᠭᠥᠷᠢᠭ ᠭᠤᠪᠢᠭᠤᠯᠤᠭᠰᠠᠨ ᠪᠠᠢᠨ᠎ᠠ᠃ ᠡᠷ᠎ᠡ ᠨᠢ ᠲᠡᠭᠦᠨ ᠢ᠋ ᠳᠠᠬᠢᠨ ᠳᠠᠪᠲᠠᠨ ᠪᠤᠰᠤᠳ ᠲᠠᠢ ᠡᠢᠮᠦ ᠲᠡᠢᠮᠦ ᠰᠤᠷᠲᠠᠯ ᠤ᠋ᠨ ᠠᠰᠠᠭᠤᠳᠠᠯ ᠲᠠᠢ ᠭᠡᠮᠡᠨ ᠰᠡᠵᠢᠭᠯᠡᠨ ᠵᠣᠳᠣᠯᠴᠠᠬᠤ ᠦᠶ᠎ᠡ ᠳ᠋ᠦ᠍᠄《ᠴᠢ ᠨᠠᠳᠠ ᠲᠠᠢ ᠤᠷᠤᠭᠯᠠᠭᠠᠳ ᠡᠴᠢᠨᠡᠭᠡᠨ ᠵᠢᠯ ᠪᠣᠯᠤᠭᠠᠳ ᠮᠢᠨᠦ ᠬᠠᠮᠤᠭ ᠤ᠋ᠨ ᠨᠠᠭᠠᠳᠤ ᠵᠠᠬ᠎ᠠ ᠶ᠋ᠢᠨ ᠶᠠᠪᠤᠳᠠᠯ ᠢ᠋ ᠴᠤ᠌ ᠣᠢᠯᠠᠭᠠᠬᠤ ᠦᠭᠡᠢ ᠨᠢ᠁》ᠭᠡᠰᠡᠨ ᠪᠢᠰᠢ ᠤᠤ? ᠡᠳᠡᠭᠡᠷ ᠡᠴᠡ ᠦᠵᠡᠬᠦ ᠳ᠋ᠦ᠍᠂ ᠲᠡᠷᠡ ᠡᠷ᠎ᠡ ᠳᠦ ᠪᠡᠨ ᠬᠡᠯᠡᠵᠦ ᠲᠠᠢᠯᠪᠤᠷᠢᠯᠠᠬᠤᠶᠠ ᠪᠡᠷᠬᠡ ᠨᠢᠭᠡ ᠵᠦᠢᠯ ᠦ᠋ᠨ ᠶᠠᠪᠤᠳᠠᠯ ᠲᠠᠢ ᠪᠠᠢᠭ᠎ᠠ ᠪᠣᠯᠪᠠᠴᠤ ᠡᠨᠡ ᠨᠢ ᠡᠷ᠎ᠡ ᠡᠮ᠎ᠡ ᠶ᠋ᠢᠨ ᠬᠠᠷᠢᠴᠠᠭᠠᠨ ᠳ᠋ᠤ᠌ ᠬᠣᠯᠪᠣᠭᠳᠠᠵᠤ ᠡᠷ᠎ᠡ ᠳᠦ ᠪᠡᠨ ᠪᠤᠷᠤᠭᠤᠳᠠᠭᠰᠠᠨ ᠶᠠᠪᠤᠳᠠᠯ ᠪᠢᠰᠢ ᠮᠥᠷᠲᠡᠭᠡᠨ ᠭᠡᠷ ᠪᠦᠯᠢ ᠶ᠋ᠢᠨ ᠢ᠋ᠶ᠋ᠡᠨ ᠡᠪᠳᠡᠷᠡᠨ ᠰᠠᠷᠨᠢᠬᠤ ᠠ᠋ᠴᠠ ᠵᠣᠪᠠᠵᠤ᠂ ᠪᠣᠯᠤᠷᠴᠠᠭᠠᠨ ᠲᠠᠢ ᠬᠠᠢᠷ᠎ᠠ ᠰᠡᠳᠬᠢᠯᠭᠡ ᠪᠡᠨ ᠪᠠᠲᠤᠳᠬᠠᠬᠤ ᠪᠠᠷ ᠪᠦᠬᠦ ᠬᠦᠴᠦ ᠪᠡᠷ ᠢ᠋ᠶ᠋ᠡᠨ ᠴᠢᠷᠮᠠᠢᠵᠤ ᠪᠠᠢᠭᠰᠠᠨ ᠢ᠋ ᠨᠢ ᠮᠡᠳᠡᠵᠦ ᠪᠣᠯᠤᠨ᠎ᠠ᠃ ᠦᠨᠡᠨ ᠳᠦ ᠪᠡᠨ ᠬᠡᠨ ᠪᠣᠳᠣᠭᠰᠠᠨ ᠴᠤ᠌ ᠳᠠᠩ ᠭᠠᠭᠴᠠ ᠡᠮᠡᠭᠲᠡᠢ ᠬᠥᠮᠦᠨ ᠦ᠌ ᠰᠠᠳᠤᠷ ᠰᠠᠮᠠᠭᠤᠨ ᠰᠣᠯᠢᠯᠴᠠᠭ᠎ᠠ ᠡᠳᠦᠢ ᠠᠷᠪᠢᠨ ᠠᠰᠢᠭ ᠣᠯᠬᠤ ᠪᠣᠯᠤᠯᠴᠠᠭ᠎ᠠ ᠦᠭᠡᠢ ᠁ᠭᠡᠲᠡᠯ᠎ᠡ ᠬᠥᠬᠡᠲᠤᠯᠢ᠄
— ᠲᠡᠭᠡᠪᠡᠯ ᠦᠵᠡᠰᠬᠦᠯᠡᠩ ᠴᠣᠬᠣᠮ ᠶᠠᠮᠠᠷ ᠠᠷᠭ᠎ᠠ ᠪᠠᠷ ᠡᠳᠦᠢ ᠴᠢᠨᠡᠭᠡᠨ ᠠᠰᠢᠭ ᠣᠯᠵᠤ ᠵᠣᠷᠢᠯᠭ᠎ᠠ ᠳᠤ ᠪᠠᠨ ᠬᠦᠷᠴᠦ ᠴᠢᠳᠠᠭᠰᠠᠨ ᠪᠣᠯ? ᠭᠡᠵᠦ ᠠᠰᠠᠭᠤᠪᠠ᠃
— ᠡᠨᠡ ᠪᠣᠯ ᠪᠢᠳᠡᠨ ᠦ᠌ ᠡᠷᠬᠡᠪᠰᠢ ᠨᠠᠷᠢᠨ ᠪᠣᠳᠣᠯᠬᠢᠯᠠᠬᠤ ᠵᠠᠩᠭᠢᠯᠠᠭ᠎ᠠ ᠶ᠋ᠢᠨ ᠠᠰᠠᠭᠤᠳᠠᠯ ᠪᠣᠯᠤᠨ᠎ᠠ᠃ ᠪᠣᠯᠤᠷᠴᠠᠭᠠᠨ ᠰᠡᠭᠦᠯ ᠦ᠋ᠨ ᠤᠳᠠᠭᠠᠨ ᠤ᠋ ᠲᠤᠰᠢᠶᠠᠯᠲᠠ ᠳᠤ ᠪᠠᠨ᠂ ᠨᠢᠭᠡ ᠰᠥᠨᠢ ᠦᠵᠡᠰᠬᠦᠯᠡᠩ ᠦ᠋ᠨ ᠬᠣᠢᠨ᠎ᠠ ᠠ᠋ᠴᠠ ᠭᠡᠲᠡᠵᠦ ᠬᠦᠷᠬᠦ ᠳ᠋ᠦ᠍ ᠦᠵᠡᠰᠬᠦᠯᠡᠩ ᠠᠷᠢᠬᠢ ᠤᠤᠭᠤᠵᠤ ᠵᠢᠭᠠᠬᠠᠨ ᠰᠠᠭᠤᠭᠰᠠᠨ ᠢ᠋ᠶ᠋ᠠᠨ ᠨᠢᠭᠡ ᠬᠥᠮᠦᠨ ᠳ᠋ᠦ᠍ ᠳ᠋ᠢᠶᠠᠩᠬᠤᠸᠠ ᠶᠠᠪᠤᠭᠤᠯᠤᠭᠰᠠᠨ ᠳ᠋ᠤ᠌ ᠤᠳᠠᠯ ᠦᠭᠡᠢ ᠨᠢᠭᠡ 《ᠨᠣᠶᠠᠨ》 ᠬᠡᠮᠡᠭᠳᠡᠭᠰᠡᠨ ᠬᠥᠮᠦᠨ ᠢᠷᠡᠭᠰᠡᠨ ᠭᠡᠵᠦ ᠬᠡᠯᠡᠭᠰᠡᠨ ᠪᠢᠰᠢ ᠤᠤ? ᠲᠡᠭᠡᠭᠡᠳ ᠦᠵᠡᠰᠬᠦᠯᠡᠩ ᠲᠡᠭᠦᠨ ᠲᠡᠢ ᠠᠷᠢᠬᠢ ᠤᠤᠭᠤᠬᠤ ᠳᠤᠮᠳᠠ ᠪᠠᠨ᠄《ᠬᠥᠮᠦᠨ ᠦ᠌ ᠬᠡᠦᠬᠡᠳ ᠢ᠋ ᠰᠥᠨᠥᠭᠡᠭᠡᠳ ᠥᠪᠡᠷ ᠢ᠋ᠶ᠋ᠡᠨ ᠬᠡᠦᠬᠡᠳ ᠲᠡᠢ ᠪᠣᠯᠴᠢᠬᠠᠭᠰᠠᠨ᠁ ᠮᠢᠨᠦ ᠱᠠᠭᠠᠷᠳᠠᠯᠭ᠎ᠠ ᠶ᠋ᠢ ᠪᠡᠶᠡᠯᠡᠭᠦᠯᠬᠦ ᠦᠭᠡᠢ ᠪᠣᠯ ᠨᠡᠷ᠎ᠡ ᠠᠯᠳᠠᠷ ᠢ᠋ᠶ᠋ᠠᠨ ᠪᠠᠷᠠᠬᠤ ᠲᠡᠳᠦᠢᠬᠡᠨ ᠢ᠋ᠶ᠋ᠡᠷ ᠵᠣᠭᠰᠣᠬᠤ ᠦᠭᠡᠢ ᠪᠠᠢᠬ᠎ᠠ ᠁》 ᠭᠡᠰᠡᠨ᠃ ᠴᠢ ᠦᠵᠡ! ᠡᠳᠡᠭᠡᠷ ᠦᠭᠡᠰ ᠯᠠᠪᠲᠠᠢ ᠨᠢᠭᠡ ᠡᠮᠡᠭᠲᠡᠢ ᠬᠥᠮᠦᠨ ᠪᠤᠰᠤᠳ ᠡᠷᠡᠭᠲᠡᠢ ᠲᠡᠢ ᠢᠨᠠᠭ ᠬᠠᠢᠷ᠎ᠠ ᠡᠭᠦᠰᠬᠦ ᠦᠶ᠎ᠡ ᠳ᠋ᠦ᠍ ᠬᠡᠯᠡᠬᠦ ᠦᠭᠡ ᠶᠠᠷᠢᠶ᠎ᠠ ᠪᠢᠰᠢ᠂ ᠨᠡᠩ ᠴᠤ᠌ ᠡᠷ᠎ᠡ ᠪᠥᠰᠡᠲᠡᠨ ᠢ᠋ ᠭᠣᠬᠠᠳᠠᠵᠤ ᠲᠠᠲᠠᠬᠤ ᠠᠷᠭ᠎ᠠ ᠮᠡᠬᠡ ᠴᠤ᠌ ᠪᠢᠰᠢ ᠠ᠋᠃ ᠬᠠᠷᠢᠨ ᠰᠦᠷᠳᠡᠭᠦᠯᠵᠦ ᠠᠯᠪᠠᠳᠠᠭᠰᠠᠨ ᠦᠭᠡ ᠪᠣᠯᠬᠤ ᠨᠢ ᠢᠯᠡᠬᠡᠨ ᠪᠠᠢᠨ᠎ᠠ᠃ ᠡᠭᠦᠨ ᠡᠴᠡ ᠪᠢᠳᠡ ᠦᠵᠡᠰᠬᠦᠯᠡᠩ ᠬᠣᠣᠷᠯᠠᠭᠳᠠᠬᠤ ᠠ᠋ᠴᠠ ᠪᠠᠨ ᠡᠮᠦᠨ᠎ᠡ ᠯᠠᠪᠲᠠᠢ ᠨᠢᠭᠡ 《ᠨᠣᠶᠠᠨ》 ᠬᠥᠮᠦᠨ ᠦ᠌ ᠠᠮᠢᠨ ᠭᠠᠵᠠᠷ ᠲᠤᠨᠢ ᠬᠣᠯᠪᠣᠭᠳᠠᠭᠰᠠᠨ ᠨᠢᠭᠤᠴᠠ ᠵᠦᠢᠯ ᠢ᠋ ᠠᠳᠬᠤᠵᠤ ᠠᠪᠤᠭᠠᠳ ᠡᠭᠦᠨ ᠢ᠋ᠶ᠋ᠡᠨ ᠠᠰᠢᠭᠯᠠᠨ ᠲᠡᠭᠦᠨ ᠢ᠋ ᠠᠶᠤᠯᠭᠠᠨ ᠰᠦᠷᠳᠡᠭᠦᠯᠵᠦ ᠶᠠᠮᠠᠷ ᠨᠢᠭᠡᠨ ᠵᠣᠷᠢᠯᠭ᠎ᠠ ᠳᠤ ᠪᠠᠨ ᠬᠦᠷᠬᠦ ᠪᠡᠷ ᠤᠷᠤᠯᠳᠤᠵᠤ ᠪᠠᠢᠭᠰᠠᠨ ᠢ᠋ ᠮᠡᠳᠡᠵᠦ ᠪᠣᠯᠤᠨ᠎ᠠ᠃ ᠲᠡᠷᠡ ᠡᠴᠦᠰ ᠲᠡᠭᠡᠨ ᠥᠪᠡᠷ ᠦ᠋ᠨ ᠵᠣᠷᠢᠯᠭ᠎ᠠ ᠳᠤ ᠪᠠᠨ ᠬᠦᠷᠴᠦ ᠴᠢᠳᠠᠭᠰᠠᠨ ᠢ᠋ᠶ᠋ᠠᠷ ᠦᠯᠦ ᠪᠠᠷᠠᠨ ᠮᠥᠨ ᠢᠩᠭᠢᠭᠡᠳ ᠲᠡᠷᠡ 《ᠨᠣᠶᠠᠨ》ᠤ᠋ ᠭᠠᠷ ᠲᠤ᠌ ᠁ ᠭᠡᠲᠡᠯ᠎ᠡ 《ᠲᠤᠭ᠂ ᠲᠣᠭ》ᠭᠡᠵᠦ ᠡᠭᠦᠳᠡ ᠲᠣᠭᠰᠢᠬᠤ ᠳᠠᠭᠤᠨ ᠭᠠᠷᠤᠭᠰᠠᠨ ᠳ᠋ᠤ᠌ ᠲᠦᠪᠰᠢᠨ ᠪᠣᠰᠴᠤ ᠵᠣᠭᠰᠣᠭᠠᠳ᠄
— ᠪᠢᠳᠡᠨ ᠦ᠌ ᠲᠥᠰᠥᠪᠯᠡᠯ ᠲᠠᠭᠠᠮᠠᠭᠯᠠᠯ ᠪᠠᠰᠠ ᠯᠠ ᠰᠠᠢᠬᠠᠨ ᠠᠮᠢᠨ ᠭᠠᠵᠠᠷ ᠳᠡᠭᠡᠷ᠎ᠡ ᠪᠡᠨ ᠲᠠᠰᠤᠷᠠᠴᠢᠬᠠᠯ᠎ᠠ᠃ ᠬᠠᠷᠠᠮᠰᠠᠯᠲᠠᠢ ᠭᠡᠳ ᠡᠭᠦᠳᠡ ᠨᠡᠭᠡᠭᠡᠬᠦ ᠪᠡᠷ ᠠᠯᠬᠤᠯᠠᠪᠠ᠃
ᠤᠩᠰᠢᠭᠰᠠᠨ ᠨᠢ᠄ ᠴᠡᠴᠡᠭᠮ᠎ᠡ
