ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠷᠪᠡ> Хялгасан дөрөөн дээр – Хасвулаг зохиов <4>
— ᠰᠢᠭᠦᠭᠴᠢ ᠳᠠᠷᠤᠭ᠎ᠠ ᠠ᠋! ᠡᠮᠨᠡᠯᠭᠡ ᠶ᠋ᠢᠨ ᠬᠣᠷᠢᠶᠠᠨ ᠤ᠋ ᠡᠪᠡᠳᠴᠢᠲᠡᠨ ᠦ᠌ ᠣᠷᠣ ᠳᠡᠭᠡᠷ᠎ᠡ ᠪᠢ ᠠᠮᠢᠳᠤ ᠪᠠᠢᠬᠤ ᠪᠠᠨ ᠰᠡᠷᠡᠵᠦ ᠮᠡᠳᠡᠭᠡᠳ ᠠᠢᠬᠤᠪᠲᠤᠷ ᠰᠣᠴᠢᠯ᠎ᠠ᠃ ᠠᠭᠱᠠᠨ ᠵᠠᠭᠤᠷ᠎ᠠ᠂ ᠨᠠᠳᠠ ᠭᠠᠢᠬᠠᠬᠤ᠂ ᠠᠶᠤᠬᠤ᠂ ᠬᠠᠷᠠᠮᠰᠠᠬᠤ ᠡᠯᠳᠡᠪ ᠦ᠋ᠨ ᠪᠣᠳᠣᠯ ᠲᠥᠷᠥᠭᠳᠡᠪᠡ᠃ ᠣᠳᠣᠬᠠᠨ ᠰᠠᠶᠢ ᠪᠤᠰᠤᠳ ᠤ᠋ᠨ ᠶᠠᠷᠢᠶᠠᠨ ᠠ᠋ᠴᠠ ᠠᠯᠠᠬᠤ ᠡᠷᠡᠭᠦᠦ ᠬᠡᠷᠡᠭᠵᠢᠭᠦᠯᠬᠦ ᠴᠠᠭᠠᠵᠠ ᠶ᠋ᠢᠨ ᠲᠠᠯᠠᠪᠠᠢ ᠳᠡᠭᠡᠷ᠎ᠡ ᠥᠪᠡᠷ ᠢ᠋ᠶ᠋ᠡᠨ ᠬᠢᠯᠢᠰ ᠬᠠᠰᠬᠢᠷᠤᠭᠠᠳ ᠮᠠᠨᠠᠷᠠᠵᠤ ᠫᠤᠤᠳᠠᠭᠳᠠᠭᠰᠠᠨ ᠦᠭᠡᠢ ᠪᠤᠴᠠᠭᠠᠭᠳᠠᠭᠰᠠᠨ ᠢ᠋ᠶ᠋ᠠᠨ ᠮᠡᠳᠡᠪᠡ᠃ ᠪᠢ ᠭᠡᠭᠴᠢ ᠳᠡ᠂ ᠨᠡᠭᠡᠷᠡᠨ ᠦᠭᠡᠨᠴᠡ ᠳᠣᠷᠣᠢ᠂ ᠠᠶᠤᠮᠠᠲᠠᠭᠠᠢ᠃ ᠶᠠᠭ ᠵᠠᠩᠭᠢᠯᠠᠭ᠎ᠠ ᠶ᠋ᠢᠨ ᠦᠶ᠎ᠡ ᠳ᠋ᠦ᠍ ᠮᠡᠳᠡᠷᠡᠯ ᠰᠠᠷᠠᠯ ᠢ᠋ᠶ᠋ᠠᠨ ᠵᠢᠯᠣᠭᠣᠳᠴᠤ ᠴᠢᠳᠠᠬᠤ ᠦᠭᠡᠢ ᠰᠣᠯᠢᠶᠠᠷᠠᠭᠰᠠᠨ ᠠᠮᠢᠲᠠᠨ᠃ ᠬᠡᠷᠡᠭ ᠢ᠋ᠶ᠋ᠡᠨ ᠬᠢᠵᠦ ᠴᠢᠳᠠᠭᠠᠳ ᠶᠠᠯ᠎ᠠ ᠪᠠᠨ ᠡᠭᠦᠷᠴᠦ ᠴᠢᠳᠠᠬᠤ ᠦᠭᠡᠢ ᠵᠢᠷᠦᠬᠡ ᠪᠡᠨ ᠭᠡᠭᠡᠭᠰᠡᠨ ᠳᠠᠮᠰᠢᠭ᠃ ᠬᠡᠷᠪᠡ ᠪᠢ ᠬᠡᠳᠦᠨ ᠰᠧᠺᠦ᠋ᠨ᠋ᠳ᠋ ᠵᠣᠷᠢᠭ ᠢ᠋ᠶ᠋ᠠᠨ ᠪᠠᠷᠢᠭᠰᠠᠨ ᠪᠣᠯ ᠬᠡᠵᠢᠶᠡᠨ ᠦ᠌ ᠵᠣᠬᠢᠰᠲᠠᠢ ᠰᠢᠢᠳᠬᠡᠯ ᠢ᠋ᠶ᠋ᠡᠨ ᠣᠯᠵᠤ᠂ ᠲᠠ ᠨᠠᠷ ᠲᠤ᠌ ᠢᠩᠭᠢᠵᠦ ᠶᠠᠷᠰᠢᠭ ᠲᠦᠪᠡᠭ ᠪᠣᠯᠬᠤ ᠦᠭᠡᠢ ᠪᠠᠢᠭᠰᠠᠨ ᠶᠤᠮ᠃ ᠠᠢ᠂ ᠶᠠᠭᠤ ᠭᠡᠵᠦ ᠲᠠᠢᠯᠪᠤᠷᠢᠯᠠᠨ᠎ᠠ ᠳᠠ᠃ ᠤᠤᠯ ᠡᠪᠬᠡᠮᠡᠯ ᠳ᠋ᠡᠬᠢ ᠭᠡᠷᠡᠴᠢ ᠪᠠᠷᠢᠮᠲᠠ ᠪᠣᠯᠤᠨ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠠ᠋ᠴᠠ ᠰᠢᠭᠦᠨ ᠲᠠᠰᠤᠯᠤᠯᠲᠠ ᠳᠤ ᠪᠠᠨ ᠲᠣᠭᠲᠠᠭᠠᠭᠰᠠᠨ ᠬᠡᠷᠡᠭ ᠶᠠᠪᠤᠳᠠᠯ ᠪᠣᠯ ᠪᠦᠷ ᠦᠨᠡᠨ ᠮᠠᠭᠠᠳ᠃ ᠨᠠᠳᠠ ᠳᠠᠬᠢᠨ ᠮᠠᠷᠭᠤᠵᠤ ᠬᠤᠪᠢᠷᠠᠭᠤᠯᠬᠤ ᠭᠠᠵᠠᠷ ᠠᠯᠠᠭ᠎ᠠ᠃ ᠥᠨᠥᠳᠥᠷ ᠴᠠᠭᠠᠵᠠ ᠶ᠋ᠢᠨ ᠲᠠᠯᠠᠪᠠᠢ ᠳ᠋ᠤ᠌ ᠪᠢ ᠠᠶᠤᠬᠤ ᠳ᠋ᠠᠭᠠᠨ ᠮᠡᠳᠡᠷᠡᠯ ᠢ᠋ᠶ᠋ᠡᠨ ᠠᠯᠳᠠᠭᠠᠳ ᠥᠪᠡᠷ ᠦ᠋ᠨ ᠡᠷᠬᠡ ᠦᠭᠡᠢ ᠬᠢᠯᠢᠰ ᠭᠡᠮᠡᠨ ᠬᠠᠰᠬᠢᠷᠴᠢᠬᠠᠭᠰᠠᠨ ᠪᠣᠯᠤᠯᠲᠠᠢ᠃ ᠪᠢ ᠭᠡᠵᠦ ᠦᠨᠡᠬᠡᠷ ᠴᠦ᠍ ᠲᠠᠤᠯᠠᠢ ᠶ᠋ᠢᠨ ᠰᠥᠰᠥ ᠲᠡᠢ ᠠᠮᠢᠲᠠᠨ᠂ ᠣᠳᠣ ᠪᠢ ᠡᠭᠦᠨ ᠳᠦ ᠪᠡᠨ ᠰᠦᠷᠡᠬᠡᠢ ᠭᠡᠮᠰᠢᠨ ᠬᠠᠷᠠᠮᠰᠠᠵᠤ ᠪᠠᠢᠨ᠎ᠠ᠃ ᠡᠨᠡ ᠳᠡᠯᠢᠮ ᠳᠦ ᠪᠡᠨ ᠲᠠ ᠨᠠᠷ ᠲᠤ᠌ ᠬᠦᠰᠡᠬᠦ ᠨᠢ ᠨᠠᠳᠠ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠰᠢᠭᠦᠨ ᠲᠠᠰᠤᠯᠤᠯᠲᠠ ᠶ᠋ᠢ ᠦᠳᠲᠡᠷ ᠲᠦᠷᠭᠡᠨ ᠨᠥᠬᠥᠨ ᠬᠡᠷᠡᠭᠵᠢᠭᠦᠯᠬᠦ ᠪᠣᠯᠪᠠ ᠤᠤ?
ᠪᠣᠯᠤᠷᠴᠠᠭᠠᠨ᠂ ᠴᠢᠩᠭ᠎ᠠ ᠲᠥᠪᠯᠡᠭᠦᠨ ᠰᠢᠭᠦᠬᠦ ᠲᠠᠢᠰᠠᠨ ᠤ᠋ ᠡᠮᠦᠨ᠎ᠡ᠂ ᠤᠤᠯ ᠬᠡᠷᠡᠭ ᠶᠠᠪᠤᠳᠠᠯ ᠢ᠋ᠶ᠋ᠠᠨ ᠳᠠᠬᠢᠨ ᠨᠢᠭᠡ ᠤᠳᠠᠭ᠎ᠠ ᠨᠠᠷᠢᠨ ᠲᠣᠳᠣᠷᠬᠠᠢ ᠲᠤᠰᠢᠶᠠᠬᠤ ᠶ᠋ᠢ ᠱᠠᠭᠠᠷᠳᠠᠭᠰᠠᠨ ᠲᠦᠪᠰᠢᠨ ᠦ᠌ ᠬᠠᠷᠢᠭᠤ ᠳ᠋ᠤ᠌ ᠢᠩᠭᠢᠵᠦ ᠯᠡ ᠪᠡᠶ᠎ᠡ ᠪᠡᠨ ᠵᠢᠮᠡᠯᠡᠨ᠂ ᠰᠢᠢᠳᠬᠡᠯ ᠢ᠋ᠶ᠋ᠡᠨ ᠬᠤᠷᠳᠤᠨ ᠣᠯᠬᠤ ᠬᠦᠰᠡᠯ ᠱᠠᠭᠠᠷᠳᠠᠯᠭ᠎ᠠ ᠪᠠᠨ ᠲᠠᠯᠪᠢᠵᠠᠢ᠃
ᠪᠣᠯᠤᠷᠴᠠᠭᠠᠨ ᠥᠩᠭᠡᠷᠡᠦ ᠠᠶᠤᠵᠤ ᠰᠣᠴᠢᠭᠰᠠᠨ ᠠ᠋ᠴᠠ ᠪᠣᠯᠤᠭᠰᠠᠨ ᠶᠤᠮ ᠤᠤ? ᠡᠰᠡᠪᠡᠯ ᠰᠠᠶᠢᠬᠠᠨ ᠰᠡᠷᠭᠦᠭᠡᠳ ᠰᠡᠷᠡᠯᠲᠡ ᠮᠡᠳᠡᠷᠡᠯ ᠨᠢ ᠭᠦᠢᠴᠡᠳ ᠰᠠᠢᠵᠢᠷᠠᠵᠤ ᠴᠢᠳᠠᠭᠠᠳᠤᠢ ᠶᠤᠮ ᠤᠤ? ᠴᠢᠷᠠᠢ ᠶ᠋ᠢᠨ ᠬᠢᠨᠢ ᠪᠤᠯᠴᠢᠩ ᠲᠠᠲᠠᠪᠠᠯᠵᠠᠨ ᠬᠥᠳᠡᠯᠵᠦ᠂ ᠤᠷᠤᠭᠤᠯ ᠨᠢ ᠳᠠᠬᠢᠨ ᠳᠠᠬᠢᠨ ᠴᠡᠴᠡᠷᠬᠢᠯᠡᠵᠦ ᠪᠠᠢᠬᠤ ᠨᠢ ᠢᠯᠡᠬᠡᠨ ᠮᠡᠳᠡᠭᠳᠡᠨ᠎ᠡ᠃
ᠬᠤᠵᠢᠢᠵᠤ ᠴᠠᠢᠷᠠᠭᠰᠠᠨ ᠴᠢᠷᠠᠢ ᠳᠡᠭᠡᠷᠡᠬᠢ ᠬᠣᠶᠠᠷ ᠨᠢᠳᠦᠨ ᠳ᠋ᠦ᠍ᠨᠢ ᠬᠡᠳᠦᠨ ᠴᠠᠭ ᠤ᠋ᠨ ᠡᠮᠦᠨ᠎ᠡ ᠪᠣᠢ ᠪᠣᠯᠤᠭᠰᠠᠨ ᠰᠦᠷᠳᠡᠯ ᠡᠮᠢᠶᠡᠯ ᠦ᠋ᠨ ᠬᠠᠷᠠᠴᠠ ᠬᠡᠪ ᠢ᠋ᠶ᠋ᠡᠷ ᠢ᠋ᠶ᠋ᠡᠨ ᠪᠠᠢᠬᠤ ᠰᠢᠭ᠋ ᠪᠠᠢᠯ᠎ᠠ᠃
ᠲᠦᠪᠰᠢᠨ ᠭᠤᠸᠠᠢ᠂ ᠪᠣᠯᠤᠷᠴᠠᠭᠠᠨ ᠤ᠋ ᠤᠤᠯ ᠠᠮᠠᠨ ᠥᠴᠢᠭ ᠢ᠋ᠶ᠋ᠡᠨ ᠪᠠᠷᠢᠮᠲᠠᠯᠠᠨ ᠥᠴᠦᠬᠡᠨ ᠴᠦ᠍ ᠬᠤᠪᠢᠷᠠᠯᠲᠠ ᠡᠷᠭᠢᠯᠲᠡ ᠦᠭᠡᠢ ᠪᠠᠢᠬᠤ ᠳ᠋ᠤ᠌ ᠠᠭᠤᠷᠯᠠᠭᠰᠠᠨ ᠦᠭᠡᠢ᠃ ᠨᠡᠩ ᠴᠢᠨᠠᠭᠰᠢ ᠵᠠᠩᠨᠠᠨ ᠰᠦᠷᠳᠡᠭᠦᠯᠵᠦ ᠠᠶᠤᠯᠭᠠᠭᠰᠠᠨ ᠦᠭᠡᠢ᠃
ᠬᠥᠮᠦᠰ ᠦ᠋ᠨ ᠬᠡᠯᠡᠬᠦ ᠪᠡᠷ ᠬᠠᠤᠯᠢ ᠶ᠋ᠢᠨ ᠠᠵᠢᠯᠲᠠᠳ ᠤ᠋ᠨ ᠵᠠᠩ ᠠᠭᠠᠰᠢ ᠬᠡᠳᠡᠷ ᠲᠣᠭᠰᠢᠨ ᠪᠠᠢᠳᠠᠭ ᠪᠥᠭᠡᠳ ᠬᠡᠯᠡᠭᠰᠡᠨ ᠢ᠋ᠶ᠋ᠡᠷ ᠨᠢ ᠬᠢᠬᠦ ᠦᠭᠡᠢ ᠪᠣᠯ ᠠᠭᠤᠷᠯᠠᠨ ᠵᠠᠩᠳᠤᠷᠬᠤ ᠨᠢ ᠬᠠᠮᠲᠤ ᠶ᠋ᠢᠨ ᠠᠭᠠᠰᠢ᠂ ᠲᠤᠬᠠᠢᠯᠠᠭᠰᠠᠨ ᠠᠵᠢᠯ ᠤ᠋ᠨ ᠬᠢᠨᠢ ᠬᠡᠪᠰᠢᠭᠰᠡᠨ ᠵᠠᠩᠰᠢᠯ ᠭᠡᠳᠡᠭ᠃
ᠭᠡᠲᠡᠯ᠎ᠡ ᠲᠦᠪᠰᠢᠨ ᠡᠢᠮᠦ ᠦᠭᠡᠢ ᠠᠵᠢ᠃
ᠶᠡᠷᠦ ᠶ᠋ᠢᠨ ᠴᠠᠭ ᠲᠤ᠌ ᠲᠡᠷᠡ ᠥᠪᠡᠷ ᠦ᠋ᠨ ᠠᠵᠢᠯ ᠤ᠋ᠨ ᠲᠠᠯ᠎ᠠ ᠪᠠᠷ ᠬᠢ ᠠᠷᠭ᠎ᠠ ᠮᠠᠢᠭ ᠣᠪᠣᠷ ᠰᠤᠷᠲᠠᠯ ᠢ᠋ᠶ᠋ᠠᠨ ᠮᠠᠰᠢ ᠠᠩᠬᠠᠷᠬᠤ ᠪᠠᠷ ᠪᠠᠷᠠᠬᠤ ᠦᠭᠡᠢ᠂ ᠪᠤᠰᠤᠳ ᠠᠵᠢᠯᠲᠠᠨ ᠤ᠋ ᠪᠣᠯᠪᠠᠰᠤᠨ ᠪᠤᠰᠤ ᠪᠦᠳᠦᠭᠦᠯᠢᠭ ᠠᠵᠢᠯᠯᠠᠭ᠎ᠠ ᠶ᠋ᠢ ᠨᠢ ᠴᠦ᠍ ᠠᠩᠬᠠᠷᠤᠨ ᠬᠡᠯᠡᠵᠦ ᠵᠠᠯᠠᠷᠠᠭᠤᠯᠳᠠᠭ ᠪᠢᠯᠡ᠃
ᠰᠦᠷᠳᠡᠭᠦᠯᠦᠯ ᠡᠴᠡ ᠬᠠᠭᠤᠷᠮᠠᠭ ᠥᠴᠢᠭ ᠭᠠᠷᠴᠤ ᠴᠦ᠍ ᠮᠡᠳᠡᠨ᠎ᠡ ᠭᠡᠵᠦ ᠦᠷᠭᠦᠯᠵᠢ ᠰᠡᠷᠡᠮᠵᠢᠯᠡᠨ ᠠᠵᠢᠯ ᠢ᠋ ᠶᠡᠬᠡ ᠯᠠᠪᠳᠠᠭᠤᠨ ᠪᠣᠯᠭᠣᠮᠵᠢᠲᠠᠢ ᠬᠢᠳᠡᠭ ᠨᠢ ᠲᠡᠭᠦᠨ ᠦ᠌ ᠳᠠᠳᠬᠠᠯ ᠪᠣᠯᠤᠭᠰᠠᠨ ᠪᠠᠢᠨ᠎ᠠ᠃
ᠥᠨᠥᠳᠥᠷ ᠴᠦ᠍ ᠠᠳᠠᠯᠢᠬᠠᠨ᠂ ᠨᠢᠭᠤᠷ ᠲᠤᠨᠢ ᠦᠯᠦ ᠮᠡᠳᠡᠭ ᠢᠨᠢᠶᠡᠮᠰᠦᠭᠯᠡᠯ ᠲᠣᠳᠣᠷᠠᠭᠠᠳ ᠠᠭᠱᠠᠨ ᠵᠠᠭᠤᠷ᠎ᠠ ᠠᠷᠢᠯᠵᠤ᠂ ᠬᠠᠷᠢᠨ ᠲᠠᠷᠢᠬᠢᠨ ᠳ᠋ᠤᠨᠢ ᠨᠢᠭᠡ ᠵᠦᠢᠯ ᠦ᠋ᠨ ᠪᠡᠶ᠎ᠡ ᠪᠡᠨ ᠢᠲᠡᠭᠡᠬᠦ ᠪᠣᠳᠣᠯ ᠬᠢᠷᠳ᠋ᠬᠢᠨ ᠣᠷᠣᠵᠤ ᠢᠷᠡᠪᠡ᠃ ᠲᠡᠷᠡ ᠡᠨᠡ ᠬᠦ᠌ ᠰᠣᠨᠢᠬᠠᠨ ᠪᠣᠳᠣᠯ ᠤ᠋ᠨ ᠢ᠋ᠶ᠋ᠠᠨ ᠡᠰᠢ ᠪᠠᠷᠢᠮᠲᠠ ᠶ᠋ᠢ ᠮᠡᠳᠡᠬᠦ ᠦᠭᠡᠢ᠂ ᠶᠠᠭᠤᠨ ᠠ᠋ᠴᠠ ᠪᠣᠯᠤᠭᠰᠠᠨ ᠢ᠋ ᠥᠪᠡᠷ ᠢ᠋ᠶ᠋ᠡᠨ ᠲᠣᠳᠣᠷᠬᠠᠢ ᠬᠡᠯᠡᠵᠦ ᠭᠠᠷᠬᠤ ᠦᠭᠡᠢ ᠪᠠᠢᠯ᠎ᠠ᠃
ᠲᠡᠭᠦᠨ ᠦ᠌ ᠪᠦᠬᠦ ᠰᠡᠳᠬᠢᠯᠭᠡ ᠶ᠋ᠢ ᠨᠢᠭᠡ ᠵᠦᠢᠯ ᠦ᠋ᠨ ᠠᠶᠠᠨᠳᠠᠭᠠᠨ ᠪᠣᠢ ᠪᠣᠯᠤᠭᠰᠠᠨ ᠠᠳᠠᠯᠢᠳᠬᠠᠨ ᠲᠥᠰᠥᠪᠯᠡᠬᠦ ᠪᠣᠳᠣᠯ ᠡᠵᠡᠮᠳᠡᠵᠡᠢ᠃ ᠣᠯᠠᠩᠬᠢ ᠠᠯᠠᠭᠳᠠᠬᠤ ᠶᠠᠯᠠᠲᠠᠨ ᠲᠡᠢᠮᠦ ᠲᠦᠮᠡᠨ ᠲᠦᠭᠰᠢᠭᠦᠷᠢᠲᠦ ᠴᠠᠭ ᠮᠥᠴᠡ ᠳ᠋ᠦ᠍ ᠪᠠᠷᠤᠭ ᠪᠦᠷ ᠪᠣᠳᠣᠯ ᠰᠡᠳᠬᠢᠯ ᠨᠢ ᠤᠷᠢᠳᠠᠪᠡᠷ ᠦᠬᠦᠵᠦ ᠮᠢᠨᠴᠦᠭᠦᠷᠡᠭᠡᠳ ᠳᠠᠷᠠᠭ᠎ᠠ ᠨᠢ ᠪᠡᠶ᠎ᠡ ᠶ᠋ᠢᠨ ᠡᠷᠬᠡᠲᠡᠨ ᠨᠢ ᠬᠠᠷᠪᠤᠭᠳᠠᠳᠠᠭ᠃ ᠣᠨᠴᠠᠭᠠᠢ ᠰᠢᠯᠲᠠᠭᠠᠨ ᠲᠣᠬᠢᠶᠠᠯᠳᠤᠭᠠᠳ ᠵᠠᠷᠢᠮ ᠶᠠᠯᠠᠲᠠᠨ ᠴᠠᠭᠠᠵᠠ ᠶ᠋ᠢᠨ ᠲᠠᠯᠠᠪᠠᠢ ᠠ᠋ᠴᠠ ᠠᠮᠢᠳᠤ ᠬᠠᠷᠢᠭᠰᠠᠨ ᠴᠦ᠍ ᠪᠠᠷᠤᠭ ᠪᠦᠷ ᠮᠡᠳᠡᠷᠡᠯ ᠦ᠋ᠨ ᠴᠢᠳᠠᠪᠤᠷᠢ ᠪᠠᠨ ᠠᠯᠳᠠᠭᠠᠳ ᠨᠠᠰᠤᠨ ᠤ᠋ ᠭᠠᠯᠵᠠᠭᠤ ᠰᠣᠯᠢᠶᠠᠲᠤ ᠪᠣᠯᠳᠠᠭ᠃
ᠭᠡᠲᠡᠯ᠎ᠡ ᠡᠨᠡ ᠬᠦ᠌ ᠢᠳᠡᠷ ᠨᠠᠰᠤᠨ ᠤ᠋ ᠡᠮᠴᠢ ᠪᠣᠯᠤᠷᠴᠠᠭᠠᠨ ᠠᠮᠢ ᠨᠠᠰᠤ ᠪᠠᠨ ᠬᠢᠯᠭᠠᠰᠤᠨ ᠳ᠋ᠤ᠌ ᠡᠯᠭᠦᠭᠰᠡᠨ ᠡᠴᠦᠰ ᠦ᠋ᠨ ᠰᠧᠺᠦ᠋ᠨ᠋ᠳ᠋ ᠲᠦ᠍ ᠢᠯᠡ ᠲᠣᠳᠣᠷᠬᠠᠢ᠂ ᠳᠡᠰ ᠳᠠᠷᠠᠭ᠎ᠠ ᠲᠠᠢ ᠬᠢᠯᠢᠰ ᠭᠡᠵᠦ ᠬᠠᠰᠬᠢᠷᠤᠭᠠᠳ ᠣᠳᠣ ᠴᠦ᠍ ᠰᠠᠷᠠᠯ ᠮᠡᠳᠡᠷᠡᠯ᠂ ᠪᠣᠳᠣᠯ ᠰᠠᠨᠠᠯ ᠤ᠋ᠨ ᠵᠦᠭ ᠴᠢᠭ ᠢ᠋ᠶ᠋ᠡᠨ ᠠᠯᠳᠠᠭᠠᠳᠤᠢ ᠪᠠᠢᠬᠤ ᠨᠢ ᠲᠦᠪᠰᠢᠨ ᠦ᠌ ᠪᠡᠶ᠎ᠡ ᠪᠡᠨ ᠢᠲᠡᠭᠡᠬᠦ ᠪᠣᠳᠣᠯ ᠢ᠋ ᠤᠯᠠᠮ ᠯᠠᠪᠰᠢᠷᠠᠭᠤᠯᠤᠭᠰᠠᠨ ᠪᠠᠢᠯ᠎ᠠ᠃ ᠲᠡᠷᠡ ᠨᠡᠯᠢᠶᠡᠳ ᠳᠤᠭᠤᠢ ᠰᠠᠭᠤᠭᠰᠠᠨ ᠢ᠋ᠶ᠋ᠠᠨ ᠴᠢᠷᠠᠢ ᠪᠠᠨ ᠲᠣᠢᠪ ᠪᠣᠯᠭᠠᠵᠤ᠄
— ᠪᠣᠯᠤᠷᠴᠠᠭᠠᠨ᠂ ᠴᠢ ᠴᠠᠭᠠᠵᠠ ᠶ᠋ᠢᠨ ᠭᠠᠵᠠᠷ ᠠ᠋ᠴᠠ ᠨᠢᠭᠡᠨᠲᠡ ᠪᠤᠴᠠᠨ ᠢᠷᠡᠭᠰᠡᠨ ᠲᠤᠯᠠ ᠣᠳᠣ ᠡᠷᠡᠭᠦᠦ ᠶ᠋ᠢᠨ ᠬᠠᠤᠯᠢ ᠶ᠋ᠢᠨ ᠬᠠᠮᠢᠶ᠎ᠠ ᠪᠦᠬᠦᠢ ᠲᠣᠭᠲᠠᠭᠠᠯ ᠵᠤᠷᠪᠤᠰ ᠢ᠋ᠶ᠋ᠠᠷ ᠤᠤᠯ ᠬᠡᠷᠡᠭ ᠢ᠋ ᠴᠢᠨᠢ ᠳᠠᠬᠢᠨ ᠨᠢᠭᠡ ᠤᠳᠠᠭ᠎ᠠ ᠮᠥᠷᠳᠡᠨ ᠪᠠᠢᠴᠠᠭᠠᠬᠤ ᠪᠠᠷ ᠪᠢᠳᠡ ᠵᠣᠷᠢᠭ ᠰᠢᠭᠤᠳᠴᠠᠢ᠃ ᠡᠢᠮᠦ ᠡᠴᠡ ᠴᠢ ᠪᠢᠳᠡᠨ ᠦ᠌ ᠰᠢᠭᠦᠯᠲᠡ ᠳ᠋ᠦ᠍ ᠡᠬᠢᠨ ᠡᠴᠡ ᠨᠢ ᠠᠳᠠᠭ ᠲᠤᠨᠢ ᠲᠤᠯᠲᠠᠯ᠎ᠠ ᠤᠤᠯ ᠬᠡᠷᠡᠭ ᠢ᠋ᠶ᠋ᠡᠨ ᠲᠠᠬᠢᠵᠤ ᠨᠢᠭᠡ ᠤᠳᠠᠭ᠎ᠠ ᠦᠨᠡᠨ ᠰᠠᠨᠠᠭᠠᠨ ᠠ᠋ᠴᠠ ᠪᠠᠨ ᠲᠤᠰᠢᠶᠠᠬᠤ ᠬᠡᠷᠡᠭᠲᠡᠢ ᠭᠡᠪᠡ᠃
ᠪᠣᠯᠤᠷᠴᠠᠭᠠᠨ ᠲᠣᠯᠣᠭᠠᠢ ᠪᠠᠨ ᠲᠣᠬᠢᠰᠬᠢᠭᠠᠳ᠄
— ᠲᠤᠰᠢᠶᠠᠬᠤ ᠳ᠋ᠤ᠌ ᠶᠠᠮᠠᠷ ᠯᠠ ᠪᠡᠷᠬᠡ ᠪᠠᠢᠨ᠎ᠠ ᠳᠠ᠃ ᠭᠡᠲᠡᠯ᠎ᠡ ᠡᠨᠡ ᠨᠢ ᠵᠥᠪᠬᠡᠨ ᠤᠤᠯ ᠲᠤᠰᠢᠶᠠᠯᠲᠠ ᠪᠠᠨ ᠨᠤᠷᠰᠢᠵᠤ ᠲᠠᠨᠠᠷ ᠤ᠋ᠨ ᠴᠠᠭ ᠢ᠋ ᠪᠠᠷᠠᠵᠤ᠂ ᠠᠵᠢᠯ ᠢ᠋ ᠨᠥᠯᠥᠭᠡᠯᠡᠬᠦ ᠮᠥᠷᠲᠡᠭᠡᠨ ᠪᠢ ᠴᠦ᠍ ᠢᠯᠡᠭᠦᠦ ᠬᠡᠳᠦᠨ ᠡᠳᠦᠷ ᠵᠣᠪᠠᠯᠠᠩ ᠠᠮᠰᠠᠬᠤ ᠠ᠋ᠴᠠ ᠥᠭᠡᠷ᠎ᠡ ᠶᠠᠮᠠᠷ ᠴᠦ᠍ ᠤᠳᠬ᠎ᠠ ᠠᠭᠤᠯᠭ᠎ᠠ ᠦᠭᠡᠢ ᠶᠦᠮ ᠭᠡᠴᠢᠬᠡᠭᠡᠳ ᠲᠣᠯᠣᠭᠠᠢ ᠪᠠᠨ ᠤᠨᠵᠢᠭᠤᠯᠤᠯᠠ᠃
ᠰᠢᠭᠦᠯᠲᠡ ᠡᠬᠢᠯᠡᠯ᠎ᠡ᠃
ᠡᠢᠮᠦ ᠰᠢᠭᠦᠯᠲᠡ ᠲᠦᠪᠰᠢᠨ ᠦ᠌ ᠨᠢᠭᠡ ᠨᠠᠰᠤᠨ ᠳ᠋ᠤ᠌ ᠴᠦ᠍ ᠴᠥᠭᠡᠨ ᠲᠣᠬᠢᠶᠠᠯᠳᠤᠵᠤ ᠪᠠᠢᠭ᠎ᠠ ᠶᠤᠮ᠃ ᠭᠡᠲᠡᠯ᠎ᠡ ᠲᠡᠷᠡ ᠶᠡᠷᠦᠳᠡ ᠶ᠋ᠢᠨ ᠬᠢ ᠰᠢᠭ ᠢ᠋ᠶ᠋ᠡᠨ ᠲᠡᠭᠡᠵᠦ ᠣᠬᠣᠷ ᠲᠣᠳᠣ᠂ ᠡᠮᠬᠢ ᠳᠠᠷᠠᠭ᠎ᠠ ᠲᠠᠢ ᠠᠰᠠᠭᠤᠵᠤ ᠰᠢᠭᠦᠭᠰᠡᠨ ᠦᠭᠡᠢ᠃
ᠬᠠᠷᠢᠨ ᠭᠡᠷ ᠪᠦᠯᠢ ᠶ᠋ᠢᠨ ᠬᠢᠨ ᠬᠣᠭᠣᠷᠣᠨᠳᠣ ᠪᠠᠨ ᠵᠣᠭᠣᠭ ᠳᠡᠯᠭᠡᠬᠦ ᠰᠢᠭ ᠲᠡᠭᠦᠨ ᠦ᠌ ᠤᠷᠤᠭ ᠤ᠋ᠨ ᠪᠦᠬᠦ ᠶᠠᠪᠤᠴᠠ ᠥᠩᠭᠡᠷᠡᠯᠲᠡ ᠶ᠋ᠢ ᠨᠠᠷᠢᠨ ᠭᠡᠭᠴᠢ ᠣᠢᠯᠠᠭᠠᠬᠤ ᠳ᠋ᠤ᠌᠂ ᠬᠠᠤᠯᠢ ᠶ᠋ᠢᠨ ᠪᠢᠴᠢᠭᠡᠴᠢ ᠬᠥᠬᠡᠲᠤᠯᠢ ᠲᠣᠯᠣᠭᠠᠢ ᠥᠨᠳᠡᠢᠯ ᠦᠭᠡᠢ ᠪᠡᠷ ᠳᠣᠪᠲᠣᠯᠭᠠᠨ᠎ᠠ᠃
ᠠᠷᠪᠠᠨ ᠳᠣᠯᠣᠭᠠᠨ ᠵᠢᠯ ᠦ᠋ᠨ ᠡᠮᠦᠨ᠎ᠡ ᠠᠵᠢᠯ ᠳ᠋ᠠᠭᠠᠨ ᠡᠷᠳᠡᠮ ᠴᠢᠳᠠᠪᠤᠷᠢ ᠪᠠᠷ ᠢ᠋ᠶ᠋ᠠᠨ ᠠᠩᠬ᠎ᠠ ᠤᠳᠠᠭ᠎ᠠ ᠴᠣᠯᠭᠣᠷᠠᠭᠰᠠᠨ ᠪᠣᠯᠤᠷᠴᠠᠭᠠᠨ ᠮᠥᠨ ᠲᠡᠭᠦᠨ ᠲᠡᠢ ᠠᠵᠢᠯ ᠨᠢᠭᠡᠲᠡᠢ ᠭᠢᠯᠠᠷᠠᠭᠤᠯᠵᠤ ᠶᠠᠪᠤᠭ᠎ᠠ ᠵᠠᠯᠠᠭᠤ ᠬᠡᠦᠬᠡᠨ ᠦᠵᠡᠰᠬᠦᠯᠡᠩ ᠳ᠋ᠦ᠍ ᠰᠡᠳᠬᠢᠯ ᠲᠡᠢ ᠪᠣᠯᠵᠤ᠂ ᠬᠠᠭᠠᠰ ᠵᠢᠯ ᠬᠢᠷᠢᠲᠡᠢ ᠰᠢᠷᠢᠯᠳᠦᠨ ᠣᠷᠢᠶᠠᠯᠳᠤᠭᠰᠠᠨ ᠢᠨᠠᠭ ᠳᠤᠷᠠᠯᠠᠯ ᠤ᠋ᠨ ᠱᠠᠲᠤ ᠶ᠋ᠢ ᠥᠩᠭᠡᠷᠡᠭᠡᠭᠡᠳ ᠤᠷᠤᠭ ᠪᠠᠷᠢᠯᠳᠤᠵᠤ ᠪᠢᠯᠡ᠃
ᠢᠩᠭᠢᠭᠡᠳ ᠯᠡ ᠠᠵᠢᠯ ᠦᠢᠯᠡᠰ ᠦ᠋ᠨ ᠲᠠᠯ᠎ᠠ ᠪᠠᠷ ᠦᠭᠡ ᠬᠡᠯᠡ ᠨᠢᠭᠡᠲᠡᠢ ᠪᠣᠯᠵᠤ ᠠᠵᠤ ᠠᠮᠢᠳᠤᠷᠠᠯ ᠤ᠋ᠨ ᠲᠠᠯ᠎ᠠ ᠪᠠᠷ ᠠᠷᠪᠠᠨ ᠬᠤᠪᠢ ᠵᠣᠯ ᠵᠢᠷᠭᠠᠯᠲᠠᠢ ᠬᠠᠯᠠᠭᠤᠨ ᠳᠤᠯᠠᠭᠠᠨ ᠭᠡᠷ ᠪᠦᠯᠢ ᠪᠡᠨ ᠡᠬᠢᠯᠡᠵᠦ ᠪᠠᠢᠭᠤᠯᠵᠠᠢ᠃ ᠡᠢᠮᠦ ᠵᠠᠮ ᠱᠤᠭᠤᠮ ᠢ᠋ᠶ᠋ᠠᠷ ᠠᠢᠯ ᠪᠣᠯᠵᠤ ᠳᠡᠷᠡ ᠨᠢᠭᠡᠳᠬᠡᠭᠡᠳ ᠵᠢᠯ ᠦ᠋ᠨ ᠣᠢ ᠠᠷᠠᠢᠬᠠᠨ ᠪᠣᠯᠤᠭᠠᠳᠤᠢ ᠪᠠᠷ ᠦᠵᠡᠰᠬᠦᠯᠡᠩ ᠵᠢᠷᠮᠦᠰᠦᠨ ᠪᠣᠯᠵᠠᠢ᠃ ᠵᠠᠯᠠᠭᠤ ᠡᠮᠴᠢ ᠪᠣᠯᠤᠷᠴᠠᠭᠠᠨ ᠤ᠋ ᠬᠦᠦ ᠠᠪᠬᠤ ᠭᠡᠰᠡᠨ ᠰᠡᠳᠬᠢᠯ ᠨᠢ ᠢᠯᠡᠭᠦᠦ ᠨᠢᠭᠡ ᠬᠤᠪᠢ ᠬᠠᠢᠷ᠎ᠠ ᠳᠤᠷᠠᠯᠠᠯ ᠢ᠋ ᠣᠷᠭᠢᠯᠤᠭᠤᠯᠤᠨ ᠲᠣᠭᠲᠠᠭᠤᠨ ᠳᠥᠯᠭᠡᠬᠡᠨ ᠦᠵᠡᠰᠬᠦᠯᠡᠩ ᠢ᠋ ᠡᠨᠡᠷᠢᠬᠦ ᠰᠡᠳᠬᠢᠯ ᠴᠠᠭᠠᠨ᠎ᠠ ᠠ᠋ᠴᠠ ᠪᠠᠨ ᠤᠨᠳᠤᠷᠤᠭᠰᠠᠭᠠᠷ ᠪᠠᠢᠯ᠎ᠠ᠃
ᠠᠷᠪᠠᠨ ᠰᠠᠷ᠎ᠠ ᠶ᠋ᠢᠨ ᠨᠢᠭᠤᠷ ᠦᠵᠡᠬᠦ ᠳ᠋ᠦ᠍ ᠪᠣᠯᠤᠷᠴᠠᠭᠠᠨ ᠤ᠋ ᠦᠷ᠎ᠡ ᠡᠬᠡ ᠶ᠋ᠢᠨ ᠬᠡᠪᠡᠯᠢ ᠡᠴᠡ ᠪᠡᠨ ᠴᠢᠷᠠᠯᠠᠨ ᠤᠨᠠᠵᠠᠢ᠃
ᠭᠡᠪᠡᠴᠦ ᠲᠣᠭᠣᠰᠣᠲᠤ ᠬᠣᠷᠸ᠎ᠠ ᠪᠢᠴᠢᠬᠠᠨ ᠠᠮᠢᠲᠠᠨ ᠤ᠋ ᠬᠥᠮᠦᠨ ᠪᠣᠯᠬᠤ ᠬᠤᠪᠢ ᠶ᠋ᠢ ᠨᠢ ᠪᠠᠭᠲᠠᠭᠠᠭᠰᠠᠨ ᠦᠭᠡᠢ ᠪᠣᠯᠬᠣᠷ ᠭᠤᠷᠪᠠᠳᠤᠭᠠᠷ ᠡᠳᠦᠷ ᠲᠡᠭᠡᠨ ᠥᠭᠡᠷ᠎ᠡ ᠲᠥᠷᠥᠯ ᠦ᠋ᠨ ᠡᠭᠦᠳᠡᠨ ᠳ᠋ᠦ᠍ ᠶᠠᠪᠤᠵᠠᠢ᠃
ᠭᠠᠭᠴᠠ ᠦᠯᠡᠳᠡᠭᠰᠡᠨ ᠬᠠᠷᠠᠮᠰᠠᠯᠲᠠᠢ ᠤᠴᠢᠷ ᠭᠡᠪᠡᠯ ᠡᠬᠡ ᠳ᠋ᠦ᠍ᠨᠢ ᠲᠥᠷᠥᠬᠦ ᠲᠡᠯᠡᠬᠦ ᠶ᠋ᠢᠨ ᠵᠣᠪᠠᠯ ᠳᠠᠩᠴᠤ ᠬᠠᠯᠠᠲᠠᠢ ᠲᠤᠰᠤᠭᠰᠠᠨ ᠠ᠋ᠴᠠ ᠰᠠᠪᠠ ᠬᠡᠪᠡᠯᠢ ᠨᠢ ᠡᠪᠳᠡᠷᠡᠵᠦ᠂ ᠡᠮᠡᠭᠲᠡᠢ ᠶ᠋ᠢᠨ ᠡᠪᠡᠳᠴᠢᠨ ᠪᠣᠯᠵᠤ ᠬᠤᠪᠢᠷᠠᠭᠠᠳ ᠲᠠᠬᠢᠵᠤ ᠬᠡᠦᠬᠡᠳ ᠠᠪᠬᠤ ᠴᠢᠳᠠᠪᠤᠷᠢ ᠪᠠᠨ ᠥᠨᠢᠳᠡ ᠠᠯᠳᠠᠭᠰᠠᠨ ᠪᠢᠯᠡ᠃
ᠣᠯᠤᠭᠰᠠᠨ ᠦᠷ᠎ᠡ ᠪᠡᠨ ᠠᠯᠳᠠᠭᠰᠠᠨ ᠮᠥᠷᠲᠡᠭᠡᠨ ᠲᠠᠬᠢᠵᠤ ᠦᠷ᠎ᠡ ᠠᠪᠴᠤ ᠴᠢᠳᠠᠬᠤ ᠦᠭᠡᠢ ᠪᠡᠨ ᠪᠣᠳᠣᠬᠤ ᠪᠣᠯᠭᠠᠨ ᠳ᠋ᠤ᠌ ᠦᠵᠡᠰᠬᠦᠯᠡᠩ ᠵᠣᠪᠠᠵᠤ ᠭᠤᠨᠢᠬᠤ ᠳ᠋ᠠᠭᠠᠨ ᠨᠢᠳᠦ ᠪᠡᠨ ᠬᠠᠪᠤᠳᠲᠠᠯ᠎ᠠ ᠤᠬᠢᠯᠠᠳᠠᠭ ᠪᠠᠢᠯ᠎ᠠ᠃
ᠭᠡᠰᠡᠨ ᠴᠦ᠍ ᠡᠨᠡ ᠶᠠᠪᠤᠳᠠᠯ ᠤ᠋ᠨ ᠤᠷᠰᠢᠭ ᠢ᠋ᠶ᠋ᠠᠷ ᠭᠡᠷ ᠪᠦᠯᠢ ᠶ᠋ᠢᠨ ᠡᠶ᠎ᠡ ᠨᠠᠢᠷ ᠠᠷᠠᠢ ᠴᠦ᠍ ᠡᠪᠳᠡᠷᠡᠭᠡᠳᠦᠢ ᠪᠠᠢᠯ᠎ᠠ᠃
ᠪᠣᠯᠤᠷᠴᠠᠭᠠᠨ ᠬᠡᠳᠦᠢ ᠪᠡᠷ ᠡᠮ᠎ᠡ ᠪᠡᠨ ᠢᠯᠡᠷᠬᠡᠢ ᠠᠮᠢᠯᠠᠵᠤ ᠡᠨᠡᠷᠢᠬᠦ ᠨᠢ ᠤᠤᠯ ᠤ᠋ᠨ ᠬᠢ ᠳ᠋ᠡᠭᠡᠨ ᠬᠦᠷᠬᠦ ᠦᠭᠡᠢ ᠴᠦ᠍ ᠠᠯᠢ ᠣᠯᠠᠨ ᠳᠣᠲᠣᠭᠠᠳᠤ ᠲᠠᠮᠢᠷ ᠲᠠᠢ ᠡᠷ᠎ᠡ ᠤᠯᠤᠰ ᠤ᠋ᠨ ᠠᠳᠠᠯᠢ ᠬᠠᠯᠠᠭᠤᠨ ᠬᠦᠢᠲᠡᠨ ᠨᠢ ᠭᠠᠳᠠᠨ᠎ᠠ ᠪᠠᠨ ᠮᠡᠳᠡᠭᠳᠡᠬᠦ ᠦᠭᠡᠢ ᠪᠠᠢᠯ᠎ᠠ᠃
ᠦᠵᠡᠰᠬᠦᠯᠡᠩ ᠴᠦ᠍ ᠰᠡᠳᠬᠢᠯ ᠦ᠋ᠨ ᠰᠦ ᠪᠡᠷ ᠢ᠋ᠶ᠋ᠡᠨ ᠪᠣᠯᠤᠷᠴᠠᠭᠠᠨ ᠳ᠋ᠤ᠌ ᠬᠠᠨᠳᠤᠵᠤ᠂ ᠨᠥᠬᠥᠷ ᠮᠢᠨᠢ ᠢᠳᠡᠷ ᠪᠣᠯᠬᠤ ᠳᠣᠳᠣᠮ ᠨᠠᠮ᠎ᠠ ᠶᠢ ᠪᠠᠨ ᠡᠶᠡᠷᠭᠦ ᠪᠠᠢᠯ ᠦᠭᠡᠢ ᠭᠡᠵᠦ ᠰᠡᠳᠬᠢᠯ ᠢ᠋ᠶ᠋ᠡᠨ ᠰᠠᠭᠠᠲᠠᠭᠤᠯᠵᠤ ᠰᠠᠭᠤᠵᠠᠢ᠃
ᠡᠳᠦᠷ ᠦ᠋ᠨ ᠤᠳᠠᠭᠠᠨ ᠳ᠋ᠤ᠌ ᠲᠡᠳᠡᠨ ᠦ᠌ ᠬᠠᠷᠢᠴᠠᠭ᠎ᠠ ᠶᠡᠷᠦ ᠯᠡ ᠨᠢᠭᠡ ᠪᠢᠰᠢ ᠪᠣᠯᠬᠤ ᠳ᠋ᠤ᠌ ᠪᠣᠯᠤᠷᠴᠠᠭᠠᠨ ᠤ᠋ ᠰᠡᠳᠬᠢᠯ ᠳ᠋ᠡᠬᠢ ᠤᠭᠰᠠᠭ᠎ᠠ ᠲᠥᠷᠥᠯ ᠦ᠋ᠨ ᠦᠷ᠎ᠡ ᠦᠨᠳᠦᠰᠦ ᠲᠠᠰᠤᠷᠠᠬᠤ ᠳ᠋ᠤ᠌ ᠭᠤᠨᠢᠵᠤ ᠣᠢᠳᠬᠠᠷᠯᠠᠬᠤ ᠰᠡᠳᠬᠢᠯ ᠦ᠋ᠨ ᠲᠡᠭᠡᠭᠡᠷ᠎ᠡ ᠪᠤᠳᠤᠯᠢᠶᠠᠨᠲᠤ ᠪᠣᠳᠣᠯ ᠨᠢ ᠡᠨᠡ ᠬᠣᠶᠠᠷ ᠤ᠋ᠨ ᠠᠮᠢᠳᠤᠷᠠᠯ ᠤ᠋ᠨ ᠰᠠᠢᠨ ᠰᠠᠢᠬᠠᠨ ᠢ᠋ ᠵᠠᠪᠰᠠᠷᠳᠠᠭᠤᠯᠵᠤ ᠪᠠᠢᠬᠤ ᠶ᠋ᠢ ᠬᠠᠮᠤᠭ ᠠᠩᠬ᠎ᠠ ᠡᠮᠡᠭᠲᠡᠢ ᠬᠥᠮᠦᠨ ᠦ᠌ ᠭᠢᠷᠠᠬᠠᠢ ᠨᠢᠳᠦ᠂ ᠬᠡᠴᠡᠭᠦᠦ ᠰᠡᠳᠬᠢᠯ ᠢ᠋ᠶ᠋ᠡᠷ ᠣᠰᠣᠯ ᠦᠭᠡᠢ ᠮᠡᠳᠡᠭᠰᠡᠨ ᠬᠥᠮᠦᠨ ᠪᠣᠯ ᠶᠠᠷᠢᠶᠠᠨ ᠦᠭᠡᠢ ᠦᠵᠡᠰᠬᠦᠯᠡᠩ ᠯᠡ ᠶᠦᠮ᠃
ᠭᠤᠨᠢᠵᠤ ᠵᠣᠪᠠᠭᠠᠳ ᠴᠦ᠍ ᠬᠠᠮᠢᠭ᠎ᠠ ᠬᠦᠷᠦᠨ᠎ᠡ ᠳᠡ᠂ ᠦᠵᠡᠰᠬᠦᠯᠡᠩ ᠡᠷ᠎ᠡ ᠨᠥᠬᠥᠷ ᠦ᠋ᠨ ᠢ᠋ᠶ᠋ᠡᠨ ᠰᠡᠳᠬᠢᠯ ᠦ᠋ᠨ ᠳᠠᠷᠤᠭᠠᠰᠤ ᠶ᠋ᠢ ᠭᠦᠢᠴᠡᠳ ᠣᠢᠯᠠᠭᠠᠭᠰᠠᠨ ᠤ᠋ ᠬᠤᠪᠢ ᠳ᠋ᠤ᠌ ᠨᠢᠭᠡ ᠪᠣᠯ ᠬᠣᠶᠠᠭᠤᠯᠠ ᠪᠠᠨ ᠵᠠᠯᠠᠭᠤ ᠳᠣᠷᠪᠢᠲᠠᠢ ᠳ᠋ᠠᠭᠠᠨ ᠰᠠᠯᠵᠤ ᠵᠠᠮ ᠵᠠᠮ ᠢ᠋ᠶ᠋ᠠᠨ ᠬᠥᠭᠡᠭᠡᠶ᠎ᠡ᠃ ᠦᠭᠡᠢ ᠪᠣᠯ ᠪᠢᠳᠡ ᠬᠥᠮᠦᠨ ᠡᠴᠡ ᠬᠡᠦᠬᠡᠳ ᠦᠷᠡᠴᠢᠯᠡᠨ ᠲᠡᠵᠢᠭᠡᠶ᠎ᠡ᠃ ᠥᠲᠡᠯᠦᠭᠰᠡᠨ ᠦ᠌ ᠬᠣᠢᠨ᠎ᠠ ᠴᠦ᠍ ᠥᠮᠥᠭ ᠲᠦᠰᠢᠭ ᠪᠣᠯᠬᠤ ᠪᠠᠢ ᠯᠠ ᠦᠭᠡᠢ᠃ ᠡᠰᠡᠪᠡᠯ ᠬᠣᠶᠠᠭᠤᠯᠠ ᠪᠠᠨ ᠨᠢᠭᠡᠮᠦᠰᠦᠨ ᠵᠣᠷᠢᠭ ᠰᠢᠭᠤᠳᠤᠶᠠ᠃ ᠨᠠᠰᠤ ᠪᠠᠷ ᠢ᠋ᠶ᠋ᠠᠨ ᠦᠷ᠎ᠡ ᠠᠴᠢᠷ ᠤ᠋ᠨ ᠳᠠᠷᠤᠭᠠᠰᠤ ᠦᠭᠡᠢ ᠰᠠᠢᠬᠠᠨ ᠠᠮᠢᠳᠤᠷᠠᠶ᠎ᠠ᠃ ᠪᠢ ᠴᠢᠮ᠎ᠠ ᠶᠢ ᠪᠠᠨ ᠬᠡᠵᠢᠶᠡᠳᠡ ᠭᠣᠮᠣᠳᠠᠭᠠᠬᠤ ᠦᠭᠡᠢ ᠪᠡᠷ ᠬᠠᠷᠠᠭᠠᠯᠵᠠᠵᠤ ᠶᠠᠪᠤᠶ᠎ᠠ ᠭᠡᠵᠦ ᠣᠰᠣᠯ ᠬᠢᠭᠰᠡᠨ ᠬᠡᠦᠬᠡᠳ ᠰᠢᠭ ᠪᠣᠯᠤᠷᠴᠠᠭᠠᠨ ᠤ᠋ ᠴᠢᠷᠠᠢ ᠵᠥᠭᠡᠯᠡᠨ᠂ ᠠᠭᠠᠯᠢ ᠲᠣᠭᠲᠠᠭᠤᠨ ᠪᠠᠢᠬᠤ ᠳᠡᠯᠢᠮ ᠢ᠋ ᠲᠠᠭᠠᠷᠠᠭᠤᠯᠤᠨ ᠪᠣᠳᠣᠭᠰᠠᠨ ᠰᠠᠨᠠᠭᠰᠠᠨ ᠢ᠋ᠶ᠋ᠠᠨ ᠬᠡᠯᠡᠵᠦ ᠥᠩᠭᠡᠷᠡᠵᠡᠢ᠃
ᠨᠢᠳᠦ ᠪᠡᠷ ᠢ᠋ᠶ᠋ᠡᠨ ᠲᠣᠭᠣᠵᠤ ᠰᠡᠳᠬᠢᠯ ᠢ᠋ᠶ᠋ᠡᠷ ᠢ᠋ᠶ᠋ᠡᠨ ᠳᠤᠷᠠᠯᠠᠨ ᠪᠠᠢᠵᠤ ᠠᠪᠤᠭᠰᠠᠨ ᠡᠬᠡᠨᠡᠷ ᠡᠴᠡ ᠪᠡᠨ ᠰᠠᠯᠬᠤ ᠰᠠᠨᠠᠭ᠎ᠠ ᠪᠣᠯᠤᠷᠴᠠᠭᠠᠨ ᠳ᠋ᠤ᠌ ᠬᠠᠷᠠᠬᠠᠨ ᠪᠠᠢᠭᠰᠠᠨ ᠦᠭᠡᠢ᠃
ᠦᠷ᠎ᠡ ᠬᠡᠦᠬᠡᠳ ᠦ᠋ᠨ ᠳᠠᠷᠤᠭᠳᠠᠯ ᠦᠭᠡᠢ ᠪᠡᠷ ᠰᠤᠯᠠ ᠰᠡᠯᠡᠭᠦᠨ ᠢ᠋ᠶ᠋ᠡᠷ ᠨᠠᠰᠤ ᠪᠠᠨ ᠡᠯᠡᠭᠡᠬᠦ ᠨᠢ ᠡᠷ᠎ᠡ ᠬᠥᠮᠦᠨ ᠦ᠌ ᠮᠥᠷ᠂ ᠡᠩᠬᠡ ᠵᠢᠷᠭᠠᠯ ᠭᠡᠵᠦ ᠲᠡᠷᠡ ᠪᠠᠰᠠ ᠪᠣᠳᠣᠬᠤ ᠦᠭᠡᠢ ᠪᠠᠢᠯ᠎ᠠ᠃ ᠬᠥᠮᠦᠨ ᠦ᠌ ᠬᠡᠦᠬᠡᠳ ᠢ᠋ ᠦᠷᠡᠴᠢᠯᠡᠬᠦ ᠭᠡᠭᠴᠢ ᠬᠠᠩᠬᠠᠭᠠᠷ ᠡᠷᠡᠭᠦᠯ ᠪᠡᠶ᠎ᠡ ᠲᠡᠢ ᠬᠥᠮᠦᠨ ᠦ᠌ ᠬᠢᠬᠦ ᠬᠢᠳᠡᠯ ᠪᠢᠰᠢ ᠭᠡᠵᠦ ᠪᠣᠳᠣᠬᠤ ᠳ᠋ᠤ᠌ ᠨᠢᠭᠡ ᠯᠡ ᠡᠶ᠎ᠡ ᠡᠪ ᠦᠭᠡᠢ ᠰᠠᠨᠠᠭᠳᠠᠭᠠᠳ ᠪᠠᠢᠭᠰᠠᠨ ᠠ᠋ᠴᠠ ᠤᠳᠠᠭ᠎ᠠ ᠪᠦᠷᠢ ᠬᠠᠷᠢᠭᠤ ᠶᠠᠭᠤ ᠴᠦ᠍ ᠳᠤᠤᠭᠠᠷᠤᠯ ᠦᠭᠡᠢ ᠳᠤᠭᠤᠢ ᠯᠠ ᠥᠩᠭᠡᠷᠡᠳᠡᠭ ᠪᠠᠢᠵᠠᠢ᠃
ᠭᠡᠨᠡᠨ ᠴᠠᠭᠠᠨ ᠵᠠᠩ ᠲᠠᠢ ᠦᠵᠡᠰᠬᠦᠯᠡᠩ ᠡᠷ᠎ᠡ ᠶ᠋ᠢᠨ ᠢ᠋ᠶ᠋ᠡᠨ ᠡᠢᠮᠦ ᠬᠥᠢᠲᠡᠮᠰᠦᠭ ᠣᠪᠣᠷ ᠲᠤ᠌ ᠲᠦᠪᠡᠭᠰᠢᠶᠡᠨ ᠳᠠᠬᠢᠭᠠᠳ ᠢᠳᠬᠠᠵᠤ ᠵᠥᠪᠯᠡᠬᠦ ᠵᠢᠷᠦᠬᠡ ᠰᠡᠳᠬᠢᠯ ᠦᠭᠡᠢ ᠪᠣᠯᠵᠠᠢ᠃
ᠢᠩᠭᠢᠵᠦ ᠪᠠᠢᠲᠠᠯ᠎ᠠ ᠨᠢᠭᠡ ᠮᠡᠳᠡᠬᠦ ᠳ᠋ᠦ᠍ ᠨᠠᠰᠤᠨ ᠭᠣᠣᠯ ᠤ᠋ᠨ ᠪᠣᠯᠵᠣᠭᠠᠲᠤ ᠳᠠᠪᠠᠭ᠎ᠠ ᠭᠡᠳᠡᠭ ᠭᠤᠴᠢᠨ ᠲᠠᠪᠤᠨ ᠨᠠᠰᠤᠨ ᠳ᠋ᠤ᠌ ᠣᠰᠣᠯ ᠦᠭᠡᠢ ᠬᠦᠷᠴᠡᠢ᠃ ᠳᠠᠪᠠᠭ᠎ᠠ ᠪᠠᠭᠤᠭᠰᠠᠨ ᠡᠬᠢᠨ ᠦ᠌ ᠵᠢᠯ ᠦ᠋ᠨ ᠨᠠᠮᠤᠷ ᠡᠳᠡᠨ ᠦ᠌ ᠠᠮᠢᠳᠤᠷᠠᠯ ᠨᠢ ᠨᠠᠮᠤᠭᠤᠬᠠᠨ ᠤᠷᠤᠰᠬᠤ ᠭᠣᠣᠯ ᠤ᠋ᠨ ᠤᠰᠤ ᠰᠢᠭ᠋ ᠨᠠᠮ ᠵᠢᠮ ᠲᠣᠭᠲᠠᠭᠤᠬᠠᠨ ᠪᠠᠢᠳᠠᠯ ᠢ᠋ᠶ᠋ᠠᠨ ᠠᠯᠳᠠᠵᠤ᠂ ᠭᠣᠣᠯ ᠦᠶᠡᠷᠯᠡᠵᠦ ᠰᠢᠷᠦᠭᠦᠨ ᠳᠠᠪᠠᠯᠭᠠᠨ ᠣᠢᠯᠣᠨ ᠪᠣᠰᠴᠤ ᠪᠢᠯᠡ᠃
ᠡᠨᠡ ᠭᠡᠷ ᠲᠦ᠍ ᠭᠡᠨᠡᠳᠲᠡ ᠪᠠᠢᠭᠰᠠᠭᠠᠷ ᠶᠠᠮᠠᠷ ᠡᠨᠳᠡ ᠴᠢᠳᠬᠥᠷ ᠪᠣᠰᠤᠭᠰᠠᠨ ᠢ᠋ ᠪᠤᠤ ᠮᠡᠳᠡ᠃ ᠢᠳᠡᠷ ᠨᠠᠰᠤᠨ ᠤ᠋ ᠪᠣᠯᠤᠷᠴᠠᠭᠠᠨ ᠪᠠᠢᠨ ᠪᠠᠢᠭᠰᠠᠭᠠᠷ ᠬᠡᠷᠡᠭᠦᠯ ᠢ᠋ᠶ᠋ᠡᠷ ᠠᠮᠢᠰᠬᠤᠵᠤ ᠨᠢᠳᠤᠷᠭᠠᠨ ᠢᠳᠡ ᠪᠡᠷ ᠢ᠋ᠶ᠋ᠡᠨ ᠮᠠᠨᠴᠤᠷᠭᠠᠳᠠᠨ᠂ ᠬᠥᠯ ᠦ᠋ᠨ ᠢ᠋ᠶ᠋ᠡᠨ ᠲᠦᠷᠪᠢ ᠪᠡᠷ ᠢᠰᠬᠦᠯᠬᠦ ᠪᠣᠯᠵᠤ᠂ ᠦᠵᠡᠰᠬᠦᠯᠡᠩ ᠦ᠋ᠨ ᠠᠷᠠᠰᠤ ᠮᠢᠬ᠎ᠠ ᠨᠢ ᠰᠢᠯᠪᠤᠷᠠᠨ᠂ ᠤᠯᠠᠭᠠᠨ ᠴᠢᠰᠤ ᠬᠥᠰᠡᠷ ᠬᠠᠨ᠎ᠠ ᠪᠠᠷ ᠪᠢᠯᠳᠠᠭᠳᠠᠵᠤ᠂ ᠮᠠᠭᠤᠬᠠᠢ ᠵᠢᠬᠡᠭᠦᠨ ᠴᠢᠷᠠᠯᠠᠯᠲᠠ ᠨᠢ ᠠᠢᠯ ᠠᠢᠮᠠᠭ ᠢ᠋ᠶ᠋ᠠᠨ ᠦᠢᠮᠡᠭᠦᠯᠬᠦ ᠪᠣᠯᠵᠠᠢ᠃ ᠦᠭᠡᠢ ᠶᠡᠷᠦ ᠨᠢ ᠬᠡᠷᠡᠭᠦᠯᠴᠢ ᠭᠡᠷ ᠦ᠋ᠨ ᠲᠣᠭᠠᠴᠠᠯ ᠨᠢᠮᠭᠡᠨ᠂ ᠬᠡᠪ ᠲᠡᠢ ᠠᠢᠯ ᠤ᠋ᠨ ᠳᠠᠩᠰᠠ ᠵᠤᠵᠠᠭᠠᠨ ᠭᠡᠭᠴᠢ ᠣᠷᠣ ᠲᠠᠢ ᠯᠠ ᠦᠭᠡ ᠪᠠᠢᠵᠤ ᠳᠠ᠃
ᠠᠷᠪᠠᠨ ᠳᠣᠯᠣᠭᠠᠨ ᠵᠢᠯ ᠦ᠋ᠨ ᠬᠤᠭᠤᠴᠠᠭᠠᠨ ᠳ᠋ᠤ᠌ ᠪᠣᠯᠤᠷᠴᠠᠭᠠᠨ ᠤ᠋ ᠪᠣᠳᠣᠯ ᠳ᠋ᠤ᠌ ᠪᠣᠯᠵᠤ ᠪᠠᠢᠭᠰᠠᠨ ᠬᠠᠷ᠎ᠠ ᠬᠣᠣᠷ ᠤ᠋ᠨ ᠳᠠᠩᠰᠠ ᠳᠠᠩᠴᠤ ᠵᠤᠵᠠᠭᠠᠷᠠᠵᠤ ᠪᠠᠢᠭᠰᠠᠨ ᠪᠣᠯᠪᠠ ᠤᠤ ᠭᠡᠮᠡᠷ ᠲᠡᠳᠡᠨ ᠦ᠌ ᠵᠣᠳᠣᠯᠴᠠᠬᠤ ᠬᠠᠷᠢᠶᠠᠯᠴᠠᠬᠤ ᠶ᠋ᠢᠨ ᠲᠣᠭ᠎ᠠ ᠤᠯᠠᠮ ᠣᠯᠠᠰᠢᠷᠠᠵᠤ ᠪᠠᠢᠯ᠎ᠠ᠃
ᠠᠩᠬ᠎ᠠ ᠤᠳᠠᠭ᠎ᠠ ᠨᠢ ᠠᠢᠯ ᠠᠢᠮᠠᠭ ᠤ᠋ᠨ ᠬᠣᠷᠢᠭᠯᠠᠬᠤ ᠶ᠋ᠢᠨ ᠰᠠᠢᠨ ᠢ᠋ᠶ᠋ᠠᠷ ᠵᠣᠳᠣᠭᠠᠨ ᠨᠦᠳᠦᠭᠡᠨ ᠨᠢ ᠳᠤᠲᠠᠭᠤ ᠰᠠᠯᠤᠯᠴᠠᠵᠤ᠂ ᠬᠣᠶᠠᠳᠤᠭᠠᠷ ᠤᠳᠠᠭ᠎ᠠ ᠨᠢ ᠦᠵᠡᠰᠬᠦᠯᠡᠩ ᠬᠤᠷᠴᠠ ᠬᠢᠲᠤᠭᠠᠨ ᠠ᠋ᠴᠠ ᠨᠢ ᠪᠤᠯᠲᠠᠨ ᠠᠷᠠᠢ ᠯᠠ ᠠᠮᠢ ᠪᠠᠨ ᠠᠪᠴᠤ ᠭᠡᠷ ᠡᠴᠡ ᠪᠡᠨ ᠳᠤᠲᠠᠭᠠᠨ ᠭᠠᠷᠴᠤ ᠢᠷᠡᠵᠡᠢ᠃
ᠭᠤᠷᠪᠠᠳᠤᠭᠠᠷ ᠤᠳᠠᠭᠠᠨ ᠤ᠋ ᠬᠡᠷᠡᠭᠦᠯ ᠦ᠋ᠨ ᠳᠠᠭᠤᠨ ᠳ᠋ᠤ᠌ ᠠᠢᠯ ᠠᠢᠮᠠᠭ ᠤ᠋ᠨ ᠬᠢᠨ ᠨᠢ ᠪᠠᠰᠠ ᠭᠦᠶᠦᠯᠳᠦᠨ ᠬᠦᠷᠬᠦ ᠳ᠋ᠦ᠍ ᠦᠵᠡᠰᠬᠦᠯᠡᠩ ᠬᠡᠵᠢᠶᠡᠨ ᠦ᠌ ᠬᠥᠯ ᠢ᠋ᠶ᠋ᠡᠨ ᠬᠤᠭᠤ ᠢᠰᠬᠦᠯᠦᠭᠳᠡᠨ ᠬᠥᠰᠡᠷ ᠤᠨᠠᠭᠰᠠᠨ ᠪᠠᠢᠯ᠎ᠠ᠃
ᠡᠨᠡ ᠨᠢ ᠵᠥᠪᠬᠡᠨ ᠦᠵᠡᠰᠬᠦᠯᠡᠩ ᠦ᠋ᠨ ᠬᠣᠣᠷᠯᠠᠭᠳᠠᠬᠤ ᠤᠷᠢᠳᠠᠯ ᠨᠥᠬᠥᠴᠡᠯ ᠯᠡ ᠪᠠᠢᠵᠠᠢ᠃ ᠬᠣᠶᠠᠷ ᠡᠳᠦᠷ ᠦ᠋ᠨ ᠬᠢᠨᠢ ᠳᠠᠷᠠᠭ᠎ᠠ ᠪᠣᠯᠤᠷᠴᠠᠭᠠᠨ ᠡᠮᠴᠢ ᠶ᠋ᠢᠨ ᠢ᠋ᠶ᠋ᠡᠨ ᠳᠥᠭᠥᠮ ᠢ᠋ ᠠᠰᠢᠭᠯᠠᠨ᠂ ᠬᠡᠪᠲᠡᠷᠢ ᠳ᠋ᠡᠭᠡᠨ ᠪᠠᠢᠭ᠎ᠠ ᠦᠵᠡᠰᠬᠦᠯᠡᠩ ᠳ᠋ᠦ᠍ ᠬᠣᠣᠷᠲᠤ ᠨᠡᠷᠡᠮᠡᠯ ᠲᠠᠷᠢᠭᠰᠠᠨ ᠠ᠋ᠴᠠ ᠡᠮᠡᠭᠲᠡᠢ ᠶ᠋ᠢᠨ ᠰᠠᠯᠠᠭᠠᠨ ᠳ᠋ᠤ᠌ ᠠᠵᠢᠯᠯᠠᠵᠤ ᠪᠠᠢᠭ᠎ᠠ ᠣᠶᠤᠲᠠᠨ ᠭᠠᠷᠤᠯ ᠲᠠᠢ ᠡᠮᠴᠢ ᠦᠵᠡᠰᠬᠦᠯᠡᠩ ᠬᠣᠷᠸ᠎ᠠ ᠠ᠋ᠴᠠ ᠥᠨᠢᠳᠡ ᠠᠩᠭᠢᠵᠢᠷᠠᠪᠠ᠃
ᠨᠠᠰᠤ ᠭᠤᠴᠢᠨ ᠳᠣᠯᠣᠭᠠᠲᠠᠢ᠃
ᠬᠥᠮᠦᠨ ᠠᠯᠠᠭᠰᠠᠨ ᠶᠠᠯᠠᠲᠠᠨ ᠪᠣᠯᠤᠷᠴᠠᠭᠠᠨ ᠬᠢᠭᠰᠡᠨ ᠬᠡᠷᠡᠭ ᠢ᠋ᠶ᠋ᠡᠨ ᠬᠠᠵᠠᠢᠯ ᠦᠭᠡᠢ ᠬᠠᠷᠢᠭᠤᠴᠠᠳᠠᠭ ᠡᠷ᠎ᠡ ᠪᠣᠯᠤᠯᠲᠠᠢ᠃ ᠲᠦᠪᠰᠢᠨ ᠦ᠌ ᠰᠢᠭᠦᠯᠲᠡ ᠶ᠋ᠢᠨ ᠡᠮᠦᠨ᠎ᠡ ᠭᠡᠷ ᠪᠦᠯᠢ ᠶ᠋ᠢᠨ ᠢ᠋ᠶ᠋ᠡᠨ ᠪᠠᠢᠳᠠᠯ ᠢ᠋ ᠡᠬᠢᠨ ᠡᠴᠡ ᠨᠢ ᠠᠪᠤᠭᠠᠳ ᠡᠴᠦᠰ ᠲᠦ᠋ᠨᠢ ᠲᠤᠯᠲᠠᠯ᠎ᠠ ᠥᠴᠦᠬᠡᠨ ᠴᠦ᠍ ᠨᠢᠭᠤᠯ ᠦᠭᠡᠢ ᠲᠤᠰᠢᠶᠠᠵᠠᠢ᠃
ᠰᠣᠨᠣᠰᠤᠭᠠᠳ ᠪᠠᠢᠬᠤ ᠳ᠋ᠤ᠌ ᠪᠣᠯᠤᠷᠴᠠᠭᠠᠨ ᠬᠣᠣᠷᠯᠠᠭᠰᠠᠨ ᠡᠬᠡᠨᠡᠷ ᠢ᠋ᠶ᠋ᠡᠨ ᠮᠠᠭᠤᠯᠠᠵᠤ ᠭᠦᠳᠬᠡᠬᠦ᠂ ᠥᠪᠡᠷ ᠦ᠋ᠨ ᠶᠠᠯ᠎ᠠ ᠪᠠᠨ ᠥᠮᠥᠭᠯᠡᠵᠦ ᠵᠥᠪᠲᠥᠭᠡᠬᠦ ᠦᠭᠡ ᠨᠢᠭᠡ ᠴᠦ᠍ ᠬᠡᠯᠡᠬᠦ ᠦᠭᠡᠢ ᠪᠠᠢᠯ᠎ᠠ᠃
ᠭᠡᠲᠡᠯ᠎ᠡ ᠬᠢᠯᠢᠰ ᠬᠠᠰᠬᠢᠷᠤᠭᠰᠠᠨ ᠣᠨᠢᠰᠣᠭ᠎ᠠ ᠶ᠋ᠢ ᠶᠠᠭᠠᠬᠢᠭᠰᠠᠨ ᠴᠦ᠍ ᠳᠠᠢᠯᠤᠭᠤᠯᠤᠶᠠ ᠭᠡᠰᠡᠨ ᠪᠣᠳᠣᠯ ᠢ᠋ᠶ᠋ᠠᠷ ᠲᠦᠪᠰᠢᠨ ᠲᠡᠭᠦᠨ ᠳ᠋ᠦ᠍ ᠬᠠᠨᠳᠤᠬᠤ ᠠᠷᠭ᠎ᠠ ᠮᠠᠶᠢᠭ ᠢ᠋ᠶ᠋ᠠᠨ ᠥᠭᠡᠷᠡᠴᠢᠯᠡᠨ ᠠᠰᠠᠭᠤᠵᠤ ᠡᠬᠢᠯᠡᠯ᠎ᠡ᠃
— ᠲᠠᠨᠤᠰ ᠠᠷᠪᠠ ᠭᠠᠷᠤᠢ ᠵᠢᠯ ᠠᠮᠢᠳᠤᠷᠠᠭᠠᠳ ᠶᠡᠷᠦ ᠬᠡᠷᠡᠭᠦᠯ ᠵᠣᠳᠣᠭᠠᠨ ᠬᠢᠭ᠍ᠰᠠᠨ ᠦᠭᠡᠢ ᠮᠥᠷᠲᠡᠭᠡᠨ ᠦᠵᠡᠰᠬᠦᠯᠡᠩ ᠪᠠᠰᠠ ᠴᠢᠮ᠎ᠠ ᠶᠢ ᠨᠠᠰᠤ ᠪᠠᠷ ᠢ᠋ᠶ᠋ᠠᠨ ᠭᠣᠮᠣᠳᠠᠭᠠᠬᠤ ᠦᠭᠡᠢ ᠭᠡᠰᠡᠨ ᠪᠢᠰᠢ ᠤᠤ? ᠮᠢᠨᠦ ᠲᠤᠷᠰᠢᠯᠭ᠎ᠠ ᠪᠠᠷ ᠪᠣᠯ ᠡᠢᠮᠦ ᠥᠷᠢ ᠲᠡᠢ ᠰᠡᠳᠬᠢᠯ ᠡᠪᠦᠷᠯᠡᠭᠰᠡᠨ ᠡᠮᠡᠭᠲᠡᠢᠴᠦᠳ ᠶᠡᠷᠦ ᠨᠢ ᠡᠷᠡᠭᠲᠡᠢ ᠳ᠋ᠡᠭᠡᠨ ᠣᠨᠴᠠᠭᠠᠢ ᠯᠠ ᠬᠠᠯᠠᠭᠤᠮᠰᠤᠭ ᠪᠠᠢᠵᠤ ᠬᠤᠪᠢ ᠶ᠋ᠢᠨ ᠭᠠᠳᠠᠨ᠎ᠠ ᠪᠠᠰᠠ ᠬᠠᠷᠠᠭᠠᠯᠵᠠᠯ ᠪᠠᠢᠳᠠᠭ ᠰᠢᠦ ᠳᠡ᠃ ᠢᠩᠭᠢᠬᠦ ᠳ᠋ᠦ᠍ ᠲᠠᠨᠠᠷ ᠤ᠋ᠨ ᠵᠣᠳᠣᠯᠴᠠᠬᠤ ᠬᠡᠷᠡᠯᠳᠦᠬᠦ ᠨᠢ ᠨᠡᠭᠡᠷᠡᠨ ᠣᠢᠯᠠᠭᠠᠭᠳᠠᠰᠢ ᠦᠭᠡᠢ ᠰᠢᠭ ᠰᠠᠨᠠᠭᠳᠠᠬᠤ ᠶᠤᠮ᠃
— ᠦᠵᠡᠰᠬᠦᠯᠡᠩ ᠨᠠᠳᠠ ᠶᠡᠬᠡ ᠰᠠᠢᠨ ᠪᠠᠢᠭᠰᠠᠨ ᠨᠢ ᠦᠨᠡᠨ᠃ ᠰᠡᠭᠦᠯ ᠦ᠋ᠨ ᠦᠶ᠎ᠡ ᠶ᠋ᠢᠨ ᠬᠡᠷᠡᠭᠦᠯ ᠵᠣᠳᠣᠭᠠᠨ ᠴᠦ᠍ ᠪᠦᠷ ᠶᠠᠯᠢᠮ ᠦᠭᠡᠢᠬᠡᠨ ᠬᠡᠷᠡᠭ ᠦ᠋ᠳ ᠳᠡᠭᠡᠷ᠎ᠡ ᠡᠭᠦᠰᠦᠭᠰᠡᠨ ᠶᠦᠮ᠃ ᠠᠩᠬ᠎ᠠ ᠤᠳᠠᠭ᠎ᠠ ᠨᠢ ᠲᠡᠷᠡ ᠨᠢᠭᠡ ᠰᠥᠨᠢ ᠶᠡᠬᠡ ᠣᠷᠣᠢ ᠬᠠᠷᠢᠵᠤ ᠢᠷᠡᠭᠰᠡᠨ ᠡᠴᠡ ᠵᠣᠳᠣᠯᠴᠠᠵᠠᠢ᠃ ᠳᠠᠷᠠᠭ᠎ᠠ ᠤᠳᠠᠭ᠎ᠠ ᠨᠢ ᠁ ᠳᠠᠷᠠᠭ᠎ᠠ ᠤᠳᠠᠭ᠎ᠠ ᠲᠡᠷᠡ ᠶᠠᠮᠠᠷ ᠴᠦ᠍ ᠨᠥᠬᠥᠴᠡᠯ ᠰᠢᠯᠲᠠᠭᠠᠨ ᠦᠭᠡᠢ ᠪᠡᠷ ᠴᠠᠯᠢᠩ ᠢ᠋ᠶ᠋ᠠᠨ ᠬᠣᠶᠠᠷ ᠲᠠᠰ ᠥᠰᠬᠡᠵᠦ ᠠᠪᠤᠭᠰᠠᠨ ᠮᠥᠷᠲᠡᠭᠡᠨ ᠪᠠᠰᠠ ᠶᠡᠬᠡ ᠠᠷᠪᠢᠨ ᠪᠡᠯᠡᠨ ᠵᠣᠭᠣᠰ ᠭᠡᠷ ᠲᠦ᠍ ᠠᠪᠴᠢᠷᠠᠭᠠᠳ ᠪᠠᠢᠬᠤ ᠳ᠋ᠤᠨᠢ ᠪᠢ ᠰᠡᠵᠢᠭᠯᠡᠭᠡᠳ ᠵᠣᠳᠣᠯᠴᠠᠵᠠᠢ᠃ ᠰᠡᠭᠦᠯ ᠦ᠋ᠨ ᠤᠳᠠᠭ᠎ᠠ ᠨᠢ᠁ ᠲᠡᠷᠡ ᠨᠠᠮ᠎ᠠ ᠶᠢ ᠭᠦᠳᠬᠡᠨ ᠭᠦᠵᠢᠷᠯᠡᠵᠦ ᠬᠡᠯᠡᠭᠰᠡᠨ ᠳ᠋ᠦ᠍ ᠪᠢ ᠠᠭᠤᠷᠯᠠᠬᠤ ᠳᠤ ᠪᠠᠨ ᠵᠣᠳᠣᠭᠠᠳ ᠬᠥᠯ ᠢ᠋ ᠨᠢ ᠢᠰᠬᠦᠯᠵᠦ ᠬᠤᠭᠤᠯᠤᠭᠰᠠᠨ᠃
— ᠴᠢ ᠡᠬᠡᠨᠡᠷ ᠲᠡᠢ ᠪᠡᠨ ᠵᠣᠳᠣᠯᠴᠠᠬᠤ ᠪᠣᠯᠭᠠᠨ ᠠᠯᠠᠵᠤ ᠪᠤᠯᠠᠬᠤ ᠪᠠᠷ ᠣᠷᠣᠯᠳᠣᠳᠠᠭ ᠤᠤ?
— ᠦᠭᠡᠢ᠃ ᠭᠡᠲᠡᠯ᠎ᠡ ᠠᠭᠤᠷ ᠤ᠋ᠨ ᠮᠤᠩᠬᠠᠭ ᠲᠠᠭᠠᠨ ᠪᠣᠣᠳᠤᠤ ᠳᠠᠯᠠᠢᠨ ᠠᠶᠤᠯᠭᠠᠨ ᠰᠦᠷᠳᠡᠭᠦᠯᠵᠦ ᠥᠩᠭᠡᠷᠡᠭᠰᠡᠨ᠃
— ᠰᠡᠭᠦᠯᠡᠷ ᠨᠢ ᠶᠠᠭᠠᠬᠢᠭᠠᠳ ᠠᠯᠠᠬᠤ ᠰᠠᠨᠠᠭ᠎ᠠ ᠡᠭᠦᠰᠦᠭᠰᠡᠨ ᠪᠣᠢ?
— ᠪᠢ ᠤᠤᠯ ᠠ᠋ᠴᠠ ᠪᠠᠨ ᠲᠡᠭᠦᠨ ᠦ᠌ ᠬᠡᠦᠬᠡᠳ ᠲᠥᠷᠥᠬᠦ ᠦᠭᠡᠢ ᠪᠣᠯᠤᠭᠰᠠᠨ ᠳ᠋ᠤᠨᠢ ᠳᠤᠷ᠎ᠠ ᠦᠭᠡᠢᠴᠡᠭᠰᠡᠭᠡᠷ ᠢᠷᠡᠭᠰᠡᠨ ᠶᠦᠮ᠃ ᠳᠡᠭᠡᠷ᠎ᠡ ᠡᠴᠡ ᠨᠢ ᠲᠡᠭᠦᠨ ᠦ᠌ ᠦᠢᠯᠡ ᠶᠠᠪᠤᠳᠠᠯ᠂ ᠣᠷᠣᠯᠭ᠎ᠠ ᠵᠠᠷᠤᠯᠭ᠎ᠠ ᠨᠢ ᠮᠠᠰᠢ ᠰᠡᠵᠢᠭᠯᠡᠯᠲᠡᠢ ᠪᠣᠯᠬᠤ ᠳᠣᠳᠣᠮ ᠤᠯᠠᠮ ᠬᠣᠷᠣᠰᠤᠨ ᠠᠯᠠᠴᠢᠬᠠᠶ᠎ᠠ ᠭᠡᠵᠦ ᠪᠣᠳᠣᠵᠠᠢ᠃ ᠲᠡᠭᠡᠭᠡᠳ ᠲᠡᠭᠦᠨ ᠢ᠋ ᠰᠢᠷᠬᠠᠳᠤᠭᠰᠠᠨ ᠤ᠋ ᠭᠤᠷᠪᠠᠳᠤᠭᠠᠷ ᠡᠳᠦᠷ ᠨᠢ ᠪᠢ ᠬᠣᠣᠷᠲᠤ ᠡᠮ ᠲᠠᠷᠢᠭᠠᠳ ᠠᠯᠠᠴᠢᠬᠠᠭᠰᠠᠨ᠃
— ᠬᠠᠢᠷ᠎ᠠ ᠳᠤᠷᠠᠯᠠᠯ ᠦᠭᠡᠢ ᠪᠣᠯ ᠰᠠᠯᠵᠤ ᠪᠣᠯᠤᠨ᠎ᠠ ᠪᠢᠵᠡ᠃ ᠡᠬᠡᠨᠡᠷ ᠴᠢᠨᠢ ᠴᠦ᠍ ᠥᠩᠭᠡᠷᠡᠭᠰᠡᠨ ᠳ᠋ᠦ᠍ ᠰᠠᠯᠬᠤ ᠲᠤᠬᠠᠢ ᠪᠠᠨ ᠴᠢᠮ᠎ᠠ ᠳ᠋ᠤ᠌ ᠳᠤᠷᠠᠳᠤᠭᠰᠠᠨ ᠪᠢᠰᠢ ᠤᠤ?
— ᠳᠤᠷᠠᠳᠴᠠᠢ᠃ ᠭᠡᠲᠡᠯ᠎ᠡ ᠦᠨᠡᠬᠡᠷ ᠰᠠᠯᠬᠤ ᠭᠡᠬᠦᠯᠡᠷ ᠲᠡᠷᠡ ᠰᠠᠯᠬᠤ ᠦᠭᠡᠢ ᠪᠠᠢᠭᠰᠠᠨ᠃ ᠠᠮᠠᠨ ᠳᠤ ᠪᠠᠨ ᠬᠡᠯᠡᠬᠦ ᠡᠴᠡ ᠪᠢᠰᠢ ᠠᠵᠢᠯᠯᠠᠭ᠎ᠠ ᠳᠤ ᠪᠠᠨ ᠬᠢᠬᠦ ᠦᠭᠡᠢ ᠶᠦᠮ ᠴᠢᠨᠢ᠃
— ᠭᠡᠰᠡᠨ ᠴᠦ᠍ ᠠᠯᠠᠵᠤ ᠪᠤᠯᠠᠬᠤ ᠥᠰᠢᠶ᠎ᠡ ᠦᠭᠡᠢ ᠪᠢᠵᠡ? ᠡᠭᠦᠨ ᠡᠴᠡ ᠥᠭᠡᠷ᠎ᠡ ᠲᠠ ᠬᠣᠶᠠᠭᠤᠯᠠ ᠶ᠋ᠢᠨ ᠳᠤᠮᠳᠠ ᠶᠠᠮᠠᠷ ᠨᠢᠭᠡᠨ ᠠᠰᠢᠭ ᠬᠣᠣᠷ ᠤ᠋ᠨ ᠬᠠᠷᠢᠴᠠᠭ᠎ᠠ ᠬᠣᠯᠪᠣᠭ᠎ᠠ ᠪᠠᠢᠨ᠎ᠠ ᠤᠤ?
— ᠪᠠᠢᠬᠤ ᠦᠭᠡᠢ᠃
— ᠴᠢ ᠲᠡᠷᠡ ᠬᠣᠣᠷᠲᠤ ᠡᠮ ᠢ᠋ ᠬᠠᠮᠢᠭ᠎ᠠ ᠠ᠋ᠴᠠ ᠠᠪᠤᠭᠰᠠᠨ ᠪᠣᠢ?
— ᠨᠠᠳᠠ ᠤᠤᠯ ᠠ᠋ᠴᠠ ᠪᠠᠨ ᠪᠠᠢᠭᠰᠠᠨ᠃ ᠴᠣᠬᠣᠮ ᠠᠯᠢ ᠵᠢᠯ ᠡᠮ ᠦ᠋ᠨ ᠭᠡᠷ ᠡᠴᠡ ᠠᠪᠤᠭᠰᠠᠨ ᠢ᠋ᠶ᠋ᠠᠨ ᠮᠠᠷᠲᠠᠴᠢᠬᠠᠵᠠᠢ᠃
— ᠴᠢ ᠣᠳᠣ ᠲᠡᠷᠡ ᠡᠳᠦᠷ ᠬᠣᠣᠷᠲᠤ ᠡᠮ ᠵᠠᠷᠤᠭᠰᠠᠨ ᠪᠠᠢᠳᠠᠯ ᠢ᠋ᠶ᠋ᠠᠨ ᠲᠣᠳᠣᠷᠬᠠᠢ ᠲᠤᠰᠢᠶ᠎ᠠ!
— ᠲᠡᠷᠡ ᠡᠳᠦᠷ ᠦ᠋ᠨ ᠣᠷᠣᠢ ᠦᠵᠡᠰᠬᠦᠯᠡᠩ ᠳ᠋ᠦ᠍ ᠵᠡᠭᠦᠦ ᠴᠣᠬᠢᠬᠤ ᠴᠠᠭ ᠪᠣᠯᠬᠤ ᠳ᠋ᠤ᠌ ᠪᠢ ᠤᠷᠢᠳᠠᠪᠡᠷ ᠵᠡᠭᠦᠦ ᠡᠨᠡ ᠲᠡᠷᠡ ᠪᠡᠨ ᠴᠡᠪᠡᠷᠯᠡᠬᠦ ᠪᠠᠢᠳᠠᠯ ᠭᠠᠷᠭᠠᠵᠤ ᠪᠠᠢᠭᠠᠳ ᠬᠣᠣᠷᠲᠤ ᠡᠮ ᠢ᠋ᠶ᠋ᠡᠨ ᠰᠠᠪᠠᠯᠠᠵᠤ ᠠᠪᠤᠭᠰᠠᠨ᠃ ᠲᠡᠭᠡᠭᠡᠳ ᠯᠡ ᠬᠡᠷᠡᠭᠯᠡᠬᠦ ᠡᠮ ᠲᠡᠢ ᠨᠢ ᠬᠣᠯᠢᠨ ᠦᠵᠡᠰᠬᠦᠯᠡᠩ ᠳ᠋ᠦ᠍ ᠲᠠᠷᠢᠭᠰᠠᠨ ᠶᠤᠮ᠃
— ᠦᠵᠡᠰᠬᠦᠯᠡᠩ ᠡᠮ ᠲᠠᠷᠢᠭᠰᠠᠨ ᠤ᠋ ᠳᠠᠷᠠᠭ᠎ᠠ ᠬᠡᠳᠦᠢ ᠤᠳᠠᠭᠠᠳ ᠦᠬᠦᠭᠰᠡᠨ ᠪᠣᠢ?
— ᠪᠠᠷᠤᠭᠯᠠᠪᠠᠯ ᠬᠣᠷᠢᠭᠠᠳ ᠮᠢᠨᠦ᠋ᠲ᠂ ᠬᠡᠲᠦᠷᠡᠬᠦ ᠳ᠋ᠡᠭᠡᠨ ᠬᠠᠭᠠᠰ ᠴᠠᠭ ᠁
— ᠴᠢᠮ᠎ᠠ ᠳ᠋ᠤ᠌ ᠦᠵᠡᠰᠬᠦᠯᠡᠩ ᠢ᠋ ᠳᠣᠣᠷ᠎ᠠ ᠨᠢ ᠦᠬᠦᠨ᠎ᠡ ᠭᠡᠰᠡᠨ ᠪᠠᠲᠤᠯᠠᠭ᠎ᠠ ᠪᠠᠢᠪᠠ ᠤᠤ?
— ᠴᠠᠭ ᠢ᠋ ᠨᠢ ᠣᠨᠣᠪᠴᠢᠲᠠᠢ ᠪᠠᠲᠤᠯᠠᠵᠤ ᠴᠢᠳᠠᠬᠤ ᠦᠭᠡᠢ ᠴᠦ᠍ ᠳᠡᠮᠡᠢ ᠤᠳᠠᠵᠤ ᠴᠢᠳᠠᠬᠤ ᠦᠭᠡᠢ ᠭᠡᠳᠡᠭ ᠲᠦ᠍ ᠪᠠᠲᠤᠯᠠᠭ᠎ᠠ ᠪᠠᠢᠭᠰᠠᠨ᠃
— ᠶᠠᠭᠠᠬᠢᠭᠠᠳ?
— ᠬᠣᠣᠷᠲᠤ ᠴᠢᠨᠠᠷ ᠤ᠋ᠨ ᠠᠮᠤᠷᠵᠢᠭᠤᠯᠬᠤ ᠡᠮ A ᠭᠤᠷᠪᠠᠳᠤᠭᠠᠷ ᠪᠣᠯᠤᠨ ᠦᠵᠡᠰᠬᠦᠯᠡᠩ ᠳ᠋ᠦ᠍ ᠤᠤᠯ ᠠ᠋ᠴᠠ ᠪᠠᠨ ᠬᠡᠷᠡᠭᠯᠡᠵᠦ ᠪᠠᠢᠭᠰᠠᠨ ᠶᠠᠰᠤ ᠲᠣᠭᠲᠠᠪᠤᠷᠢᠵᠢᠭᠤᠯᠬᠤ B ᠵᠢᠷᠭᠤᠳᠤᠭᠠᠷ ᠬᠣᠶᠠᠷ ᠨᠡᠢᠯᠡᠪᠡᠯ ᠴᠢᠩᠭ᠎ᠠ ᠤᠷᠪᠠᠯ ᠡᠭᠦᠰᠴᠦ ᠬᠥᠮᠦᠨ ᠦ᠌ ᠠᠮᠢᠨ ᠳ᠋ᠤ᠌ ᠬᠦᠷᠬᠦ ᠶᠦᠮ᠃
— ᠡᠮ ᠦ᠋ᠨ ᠬᠡᠮᠵᠢᠶ᠎ᠡ ᠴᠢᠨᠢ ᠬᠡᠳᠦᠢ ᠪᠣᠢ?
— A ᠭᠤᠷᠪᠠᠳᠤᠭᠠᠷ ᠳᠥᠷᠪᠡᠨ ᠮᠢᠯᠢᠯᠢᠲ᠋ᠷ᠂ B ᠵᠢᠷᠭᠤᠳᠤᠭᠠᠷ ᠴᠦ᠍ ᠳᠥᠷᠪᠡᠨ ᠮᠢᠯᠢᠯᠢᠲ᠋ᠷ᠃ ᠨᠠᠢᠳᠠ ᠨᠠᠢ᠍ᠮᠠᠨ ᠮᠢᠯᠢᠯᠢᠲ᠋ᠷ᠃ ᠡᠨᠡ ᠨᠢ ᠬᠥᠮᠦᠨ ᠳ᠋ᠦ᠍ ᠡᠩ ᠦ᠋ᠨ ᠬᠡᠷᠡᠭᠯᠡᠬᠦ ᠬᠡᠮᠵᠢᠶᠡᠨ ᠡᠴᠡ ᠨᠢᠭᠡ ᠳᠠᠬᠢᠨ ᠳᠠᠪᠠᠭᠰᠠᠨ ᠶᠤᠮ᠃
— ᠴᠢ ᠡᠬᠡᠨᠡᠷ ᠢ᠋ᠶ᠋ᠡᠨ ᠬᠣᠣᠷᠯᠠᠭᠰᠠᠨ ᠤ᠋ ᠳᠠᠷᠠᠭ᠎ᠠ ᠦᠬᠦᠳᠡᠯ ᠢ᠋ ᠨᠢ ᠶᠠᠭᠠᠬᠢᠵᠤ ᠰᠢᠳᠪᠦᠷᠢᠯᠡᠬᠦ ᠲᠤᠬᠠᠢ ᠪᠣᠳᠣᠯᠬᠢᠯᠠᠭᠰᠠᠨ ᠤᠤ?
— ᠦᠭᠡᠢ᠃
— ᠲᠡᠭᠡᠪᠡᠯ ᠴᠢ ᠵᠣᠷᠢᠯᠭ᠎ᠠ ᠲᠠᠢ ᠪᠠᠷ ᠡᠬᠡᠨᠡᠷ ᠲᠡᠭᠡᠨ ᠬᠣᠣᠷᠲᠤ ᠡᠮ ᠲᠠᠷᠢᠭᠠᠳ ᠶᠠᠭ ᠦᠬᠦᠮᠡᠷ ᠪᠣᠯᠬᠤ ᠳ᠋ᠤ᠌ ᠶᠠᠭᠤᠨ ᠳ᠋ᠤ᠌ ᠪᠠᠰᠠ ᠲᠡᠭᠡᠵᠦ ᠶᠡᠬᠡ ᠰᠣᠴᠢᠮᠠᠭᠳᠠᠨ ᠪᠠᠷᠬᠢᠷᠠᠵᠤ ᠠᠢᠯ ᠠᠢᠮᠠᠭ ᠢ᠋ᠶ᠋ᠠᠨ ᠳᠠᠭᠤᠳᠠᠭᠰᠠᠨ ᠪᠣᠢ?
— ᠪᠢ᠁ ᠪᠢ᠁
— ᠶᠠᠭᠠᠬᠢᠭᠠᠳ?
— ᠪᠢ᠁ ᠪᠢ ᠶᠡᠷᠦ ᠡᠴᠡ ᠪᠡᠨ᠁ ᠶᠡᠬᠡ ᠠᠶᠤᠮᠠᠲᠠᠭᠠᠢ ᠂ ᠲᠡᠭᠦᠨ ᠢ᠋ ᠠᠮᠢ ᠲᠡᠮᠡᠴᠡᠨ ᠰᠠᠨᠳᠤᠷᠬᠤ ᠳ᠋ᠤᠨᠢ ᠪᠢ ᠠᠶᠤᠵᠤ ᠪᠠᠯᠢᠳᠠᠬᠤ ᠳᠤ ᠪᠠᠨ ᠥᠪᠡᠷ ᠦ᠋ᠨ ᠡᠷᠬᠡ ᠦᠭᠡᠢ ᠬᠠᠰᠬᠢᠷᠴᠢᠬᠠᠭᠰᠠᠨ᠃ ᠥᠨᠥᠳᠥᠷ ᠴᠦ᠍ ᠠᠳᠠᠯᠢ ᠠᠶᠤᠵᠤ᠂ ᠮᠡᠳᠡᠷᠡᠯ ᠢ᠋ᠶ᠋ᠡᠨ ᠵᠢᠯᠤᠭᠤᠳᠤᠵᠤ ᠲᠡᠢᠯᠬᠦ ᠦᠭᠡᠢ ᠭᠡᠯᠢᠰ ᠬᠠᠰᠭᠡᠷᠴᠢᠬᠠᠬᠰᠠᠨ᠃
— ᠳᠡᠭᠡᠷ᠎ᠡ ᠬᠡᠯᠡᠭᠰᠡᠨ ᠴᠢᠨᠢ ᠪᠦᠷ ᠦᠨᠡᠨ ᠤᠤ?
— ᠪᠦᠷ ᠦᠨᠡᠨ᠃ ᠥᠴᠦᠬᠡᠨ ᠴᠦ᠍ ᠬᠤᠳᠠᠯ ᠦᠭᠡᠢ ᠃ ᠪᠢ ᠤᠤᠯ ᠠ᠋ᠴᠠ ᠪᠠᠨ ᠦᠨᠡᠨᠴᠢ ᠰᠢᠳᠤᠷᠭᠤ ᠪᠠᠷ ᠴᠠᠭᠠᠪᠤᠷᠯᠠᠭᠰᠠᠭᠠᠷ ᠢᠷᠡᠭᠰᠡᠨ ᠪᠢᠯᠡ ᠁
ᠰᠢᠭᠦᠯᠲᠡ ᠢᠩᠭᠢᠭᠡᠳ ᠲᠡᠭᠦᠰᠦᠯ᠎ᠡ᠃ ᠬᠣᠶᠠᠷ ᠴᠠᠭᠳᠠᠭ᠎ᠠ ᠪᠣᠯᠤᠷᠴᠠᠭᠠᠨ ᠢ᠋ ᠤᠤᠯ ᠤ᠋ᠨ ᠠᠳᠠᠯᠢ ᠭᠠᠪᠠᠯᠠᠵᠤ ᠠᠪᠤᠭᠠᠳ ᠬᠣᠷᠢᠭᠤᠯ ᠤ᠋ᠨ ᠭᠠᠵᠠᠷ ᠤᠷᠤᠭᠤ ᠲᠠᠭᠤᠵᠤ ᠶᠠᠪᠤᠯ᠎ᠠ᠃
