ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠲᠠᠪᠤ> Хялгасан дөрөөн дээр – Хасвулаг зохиов <35> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠲᠠᠪᠤ> Хялгасан дөрөөн дээр – Хасвулаг зохиов <35>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠲᠠᠪᠤ> Хялгасан дөрөөн дээр – Хасвулаг зохиов <35>

ᠠᠩᠭᠢᠯᠠᠯ:ᠲᠤᠭᠤᠵᠢ ᠷᠣᠮᠠᠨ
2026-03-13

103

ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠲᠠᠪᠤ>


                ᠭᠤᠴᠢᠨ ᠲᠠᠪᠤ  

       — ᠡᠦ ᠹᠧᠩ ᠮᠧᠢ᠂ ᠥᠴᠥᠭᠡᠳᠦᠷ ᠦᠳᠡᠰᠢ ᠪᠣᠯᠤᠷᠴᠠᠭᠠᠨ ᠡᠬᠡᠨᠡᠷ ᠲᠤ ᠪᠠᠨ ᠬᠣᠣᠷᠲᠤ ᠡᠮ ᠲᠠᠷᠢᠭᠠᠳ ᠠᠯᠠᠵᠠᠢ᠃ ᠣᠳᠣ ᠬᠦᠰᠡᠯ ᠴᠢᠨᠢ ᠪᠡᠶᠡᠯᠡᠭᠳᠡᠵᠦ᠂ ᠲᠠᠪᠠ ᠴᠢᠨᠢ ᠬᠠᠨᠤᠭᠰᠠᠨ ᠪᠢᠵᠡ᠃ ᠵᠥᠪᠬᠡᠨ ᠦᠬᠦᠭᠰᠡᠨ ᠨᠢ ᠴᠢᠨᠦ ᠲᠥᠯᠦᠪᠯᠡᠭᠡᠨ ᠡᠴᠡ ᠪᠠᠬᠠᠨ ᠬᠤᠷᠳᠤᠨ ᠪᠣᠯᠤᠭᠰᠠᠨ ᠪᠢᠵᠡ?
       — ᠠ ᠂ ᠴᠢ ᠶᠠᠭᠤ᠁ ᠶᠠᠭᠤ ᠭᠡᠨ᠎ᠡ?  
       — ᠴᠢ ᠶᠠᠭᠤᠨ ᠳ᠋ᠤ᠌ ᠢᠩᠭᠢᠵᠦ ᠵᠠᠯᠢᠯᠠᠨ᠎ᠠ ᠪᠣᠢ?  ᠭᠤᠷᠪᠠᠨ ᠡᠳᠦᠷ ᠦ᠋ᠨ ᠡᠮᠦᠨ᠎ᠡ ᠴᠢ ᠪᠣᠯᠤᠷᠴᠠᠭᠠᠨ ᠳ᠋ᠤ᠌ ᠨᠢᠭᠡ ᠬᠠᠢᠷᠴᠠᠭ B ᠵᠢᠷᠭᠤᠳᠤᠭᠠᠷ ᠢ᠋ ᠥᠭᠬᠦ ᠳᠦ ᠪᠡᠨ ᠬᠣᠣᠷᠲᠤ ᠴᠢᠨᠠᠷ ᠤ᠋ᠨ Aᠭᠤᠷᠪᠠᠳᠤᠭᠠᠷ ᠢ᠋ ᠨᠡᠢᠯᠡᠭᠦᠯᠵᠦ ᠥᠭᠭᠦᠭᠰᠡᠨ ᠡᠴᠡ ᠦᠵᠡᠰᠬᠦᠯᠡᠩ ᠬᠣᠣᠷᠯᠠᠭᠳᠠᠵᠠᠢ᠃  ᠪᠣᠯᠤᠷᠴᠠᠭᠠᠨ ᠡᠳᠦᠭᠡ ᠪᠣᠯᠲᠠᠯ᠎ᠠ ᠡᠬᠡᠨᠡᠷ ᠦ᠋ᠨ ᠢ᠋ᠶ᠋ᠡᠨ ᠶᠠᠭᠠᠬᠢᠵᠤ ᠦᠬᠦᠭᠰᠡᠨ ᠢ᠋ ᠲᠣᠳᠣᠷᠬᠠᠢ ᠮᠡᠳᠡᠬᠦ ᠦᠭᠡᠢ ᠪᠠᠢᠭᠰᠠᠭᠠᠷ᠃ ᠴᠢ ᠨᠡᠭᠡᠷᠡᠨ ᠬᠥᠮᠦᠨ ᠦ᠌ ᠭᠠᠷ ᠢ᠋ᠶ᠋ᠠᠷ ᠮᠣᠭᠠᠢ ᠪᠠᠷᠢᠭᠤᠯᠤᠭᠠᠳ ᠥᠪᠡᠷ ᠦ᠋ᠨ ᠵᠣᠷᠢᠯᠭ᠎ᠠ ᠳᠤ ᠪᠠᠨ ᠬᠦᠷᠳᠡᠭ ᠵᠠᠭᠤᠢ ᠵᠢᠰᠤᠷ ᠬᠥᠮᠦᠨ ᠪᠠᠢᠨ᠎ᠠ᠃ 
       — ᠴᠢ ᠶᠠᠮᠠᠷ ᠬᠥᠮᠦᠨ ᠪᠣᠢ? ᠶᠠᠭᠤᠨ ᠳ᠋ᠤ᠌ ᠢᠩᠭᠢᠵᠦ ᠥᠴᠦᠬᠡᠨ ᠴᠤ᠌ ᠡᠰᠢ ᠪᠠᠷᠢᠮᠲᠠ ᠦᠭᠡᠢ ᠪᠡᠷ ᠬᠥᠮᠦᠨ ᠢ᠋ ᠭᠦᠵᠢᠷᠯᠡᠨ᠎ᠡ ᠪᠣᠢ? 
       — ᠮᠢᠨᠦ ᠬᠡᠨ ᠪᠣᠯᠬᠤ ᠶ᠋ᠢ ᠤᠷᠢᠳ ᠢ᠋ᠶ᠋ᠠᠷ ᠯᠠᠪᠯᠠᠭᠰᠠᠨ ᠤ᠋ ᠬᠡᠷᠡᠭ ᠦᠭᠡᠢ᠃ ᠴᠢ ᠡᠰᠢ ᠪᠠᠷᠢᠮᠲᠠ ᠦᠭᠡᠢ ᠪᠡᠷ ᠭᠦᠵᠢᠷᠯᠡᠯ᠎ᠡ ᠭᠡᠨ᠎ᠡ ᠤᠤ? ᠨᠡᠭᠡᠷᠡᠨ ᠬᠢᠯᠢᠰ!  ᠬᠡᠷᠪᠡ ᠭᠦᠵᠢᠷᠯᠡᠭᠰᠡᠨ ᠪᠣᠯ ᠲᠠ ᠥᠴᠥᠭᠡᠳᠦᠷ ᠰᠥᠨᠢ ᠳᠦ ᠪᠡᠨ ᠪᠣᠯᠤᠷᠴᠠᠭᠠᠨ ᠲᠠᠢ ᠬᠠᠮᠲᠤ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠰᠡᠷᠢᠭᠦᠨ ᠭᠡᠷ ᠲᠦ᠍ ᠰᠠᠭᠠᠲᠠᠭᠰᠠᠨ ᠪᠠᠢᠬᠤ᠃ ᠪᠢᠳᠡ ᠥᠴᠥᠭᠡᠳᠦᠷ ᠰᠥᠨᠢ ᠴᠢᠨᠦ ᠡᠮ ᠦ᠋ᠨ ᠭᠡᠷ ᠢ᠋ ᠪᠠᠢᠴᠠᠭᠠᠬᠤ ᠳ᠋ᠤ᠌ ᠪᠠᠰᠠ ᠬᠡᠳᠦᠨ ᠬᠠᠢᠷᠴᠠᠭ ᠡᠮ ᠳᠣᠲᠣᠷ᠎ᠠ ᠬᠣᠣᠷᠲᠤA ᠭᠤᠷᠪᠠᠳᠤᠭᠠᠷ ᠢ᠋ ᠬᠣᠯᠢᠯᠳᠤᠭᠤᠯᠵᠤ ᠲᠠᠯᠪᠢᠭᠰᠠᠨ ᠪᠠᠢᠨ᠎ᠠ᠃ ᠪᠢ ᠴᠢᠮ᠎ᠠ ᠶ᠋ᠢ ᠪᠣᠳᠣᠵᠤ ᠡᠳᠡᠭᠡᠷ ᠬᠡᠷᠡᠭ ᠢ᠋ ᠴᠢᠨᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠮᠡᠳᠡᠭᠦᠯᠦᠭᠰᠡᠨ ᠦᠭᠡᠢ ᠰᠢᠦ᠃ ᠬᠡᠷᠪᠡ ᠮᠡᠳᠡᠭᠦᠯᠪᠡᠯ ᠴᠢ ᠳᠠᠷᠤᠢ ᠁ 
       — ᠬᠣᠯᠢᠯᠳᠤᠭᠤᠯᠵᠤ ᠲᠠᠯᠪᠢᠭᠰᠠᠨ ᠴᠤ᠌ ᠡᠨᠳᠡᠭᠦᠦ ᠪᠡᠷ ᠁  
       — ᠥ᠂ ᠡᠨᠳᠡᠭᠦᠦ ᠪᠠᠢᠵᠤ ᠮᠡᠳᠡᠨ᠎ᠡ᠃ ᠭᠡᠲᠡᠯ᠎ᠡ ᠴᠢ ᠪᠣᠯᠤᠷᠴᠠᠭᠠᠨ ᠳ᠋ᠤ᠌ ᠡᠮ ᠡᠨᠳᠡᠭᠦᠦ ᠥᠭᠭᠦᠭᠰᠡᠨ ᠨᠢ ᠦᠨᠡᠨ ᠰᠢᠲᠠ᠃ ᠴᠢ ᠰᠠᠨᠠᠭᠠᠴᠢᠯᠠᠭ᠎ᠠ ᠦᠭᠡᠢ ᠭᠡᠰᠡᠨ ᠴᠤ᠌ ᠪᠣᠳᠠᠲᠠᠢ ᠳᠡᠭᠡᠷ᠎ᠡ ᠪᠡᠨ ᠬᠥᠮᠦᠨ ᠬᠣᠣᠷᠯᠠᠵᠢ ᠰᠢᠦ᠃ ᠲᠡᠢᠮᠦ ᠪᠢᠰᠢ ᠤᠤ? ᠴᠢᠨᠦ ᠡᠳᠡᠭᠡᠷ ᠦᠭᠡ ᠶ᠋ᠢ ᠴᠢᠨᠢ ᠪᠢ ᠢᠲᠡᠭᠡᠵᠦ ᠪᠣᠯᠤᠨ᠎ᠠ᠃ ᠭᠡᠲᠡᠯ᠎ᠡ ᠴᠢ ᠪᠣᠳᠣᠵᠤ ᠦᠵᠡ᠃ ᠪᠣᠯᠤᠷᠴᠠᠭᠠᠨ ᠲᠠ ᠬᠣᠶᠠᠭᠤᠯᠠ ᠤᠳᠠᠭᠠᠨ ᠵᠢᠯ ᠱᠠᠯᠢᠭ ᠰᠠᠮᠠᠭᠤᠨ ᠶᠠᠪᠤᠯᠴᠠᠯ᠎ᠠ᠃ ᠰᠠᠷ᠎ᠠ ᠭᠠᠷᠤᠢ ᠶ᠋ᠢᠨ ᠡᠮᠦᠨ᠎ᠡ ᠴᠢ ᠡᠷ᠎ᠡ ᠡᠴᠡ ᠪᠡᠨ ᠰᠠᠯᠤᠯ᠎ᠠ᠃ ᠡᠭᠦᠨ ᠦ᠌ ᠤᠯᠠᠮ ᠠ᠋ᠴᠠ ᠪᠣᠯᠤᠷᠴᠠᠭᠠᠨ ᠡᠷ᠎ᠡ ᠡᠮ᠎ᠡ ᠬᠣᠶᠠᠭᠤᠯᠠ ᠶ᠋ᠢᠨ ᠬᠠᠷᠢᠴᠠᠭ᠎ᠠ ᠶᠠᠪᠤᠬᠤ ᠳᠣᠳᠣᠮ ᠡᠪᠳᠡᠷᠡᠵᠦ᠂ ᠪᠣᠯᠤᠷᠴᠠᠭᠠᠨ ᠡᠬᠡᠨᠡᠷ ᠢ᠋ᠶ᠋ᠡᠨ ᠠᠯᠠᠮᠠᠷ ᠪᠤᠯᠠᠮᠠᠷ ᠠᠭᠠᠰᠢᠯᠠᠬᠤ ᠪᠣᠯᠪᠠ᠃ ᠡᠨᠡ ᠨᠢ ᠪᠦᠷ ᠴᠢᠨᠦ ᠤᠷᠰᠢᠭ ᠠ᠋ᠴᠠ ᠪᠣᠯᠤᠭᠰᠠᠨ ᠪᠢᠰᠢ ᠭᠡᠵᠢ ᠤᠤ? ᠡᠳᠦᠭᠡ ᠲᠡᠷᠡ ᠶᠠᠭ ᠰᠠᠢᠬᠠᠨ ᠲᠠ ᠬᠣᠶᠠᠭᠤᠯᠠ ᠶ᠋ᠢᠨ ᠭᠠᠷ ᠳᠣᠣᠷ᠎ᠠ ᠦᠬᠦᠴᠢᠬᠡᠯ᠎ᠡ᠃ ᠡᠮ ᠡᠨᠳᠡᠭᠦᠦ ᠦᠭᠭᠦᠯ᠎ᠡ ᠭᠡᠬᠦ ᠶ᠋ᠢ ᠴᠢᠨᠢ ᠬᠡᠨ ᠢᠲᠡᠭᠡᠬᠦ ᠪᠣᠢ? ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠪᠠᠢᠲᠤᠭᠠᠢ ᠲᠠᠪᠤᠨ ᠨᠠᠰᠤᠲᠠᠢ ᠬᠡᠦᠬᠡᠳ ᠴᠤ᠌ ᠴᠢᠮ᠎ᠠ ᠶ᠋ᠢ ᠰᠡᠵᠢᠭᠯᠡᠬᠦ ᠪᠠᠢᠬ᠎ᠠ᠃ 
       — ᠭᠡᠲᠡᠯ᠎ᠡ᠂ ᠶᠠᠭᠠᠬᠢᠭᠰᠠᠨ ᠴᠤ᠌ ᠦᠨᠡᠨ ᠴᠠᠭᠠᠨ ᠢ᠋ ᠪᠠᠷᠢᠮᠲᠠᠯᠠᠨ ᠶᠣᠰᠣ ᠶᠠᠷᠢᠨ᠎ᠠ ᠪᠣᠢ᠃ ᠪᠢ ᠪᠦᠷᠢᠨ ᠴᠠᠭᠠᠪᠤᠷᠯᠠᠪᠠᠯ ᠲᠡᠳᠡ᠁ 
       — ᠡᠨᠡ ᠴᠢᠨᠢ ᠶᠡᠬᠡ ᠰᠠᠢᠨ ᠬᠡᠷᠡᠭ᠃
       ᠎᠎ᠨᠥᠭᠦᠭᠡ ᠬᠥᠮᠦᠨ ᠶᠠᠷᠢᠵᠤ ᠯᠠ ᠪᠠᠢᠨ᠎ᠠ᠁
       — ᠢᠩᠭᠢᠵᠦ ᠬᠢᠬᠦ ᠶ᠋ᠢ ᠴᠢᠨᠢ ᠪᠢ ᠡᠰᠡᠷᠭᠦᠴᠡᠬᠦ ᠦᠭᠡᠢ᠃  ᠭᠡᠲᠡᠯ᠎ᠡ ᠮᠢᠨᠦ ᠪᠣᠳᠣᠬᠤ ᠪᠠᠷ ᠦᠨᠡᠨ ᠴᠠᠭᠠᠨ ᠭᠡᠳᠡᠭ ᠶᠠᠭᠤᠮ᠎ᠠ ᠡᠨᠡ ᠶᠢᠷᠲᠢᠨᠴᠦ ᠳ᠋ᠦ᠍ ᠯᠠᠪᠲᠠᠢ ᠪᠠᠢᠬᠤ ᠪᠠᠢᠯ ᠦᠭᠡᠢ᠃  ᠭᠡᠪᠡᠴᠦ ᠵᠠᠷᠢᠮ ᠳᠤ ᠪᠠᠨ ᠡᠨᠡ ᠨᠢ ᠬᠥᠮᠦᠰ ᠦ᠋ᠨ ᠬᠡᠢ ᠪᠣᠳᠣᠯ ᠲᠡᠳᠦᠢ ᠯᠡ ᠪᠠᠢᠵᠤ᠂ ᠬᠦᠰᠡᠯ ᠡᠷᠡᠮᠡᠯᠵᠡᠯ ᠦ᠋ᠨ ᠬᠦᠷᠢᠶ᠎ᠡ ᠬᠡᠪᠴᠢᠶᠡᠨ ᠳ᠋ᠦ᠍ ᠬᠠᠷᠢᠶᠠᠯᠠᠭᠳᠠᠨ᠎ᠠ᠃ ᠬᠥᠮᠦᠰ ᠲᠡᠭᠦᠨ ᠢ᠋ ᠨᠠᠰᠤ ᠪᠠᠷ ᠢ᠋ᠶ᠋ᠠᠨ ᠲᠡᠮᠡᠴᠡᠭᠡᠳ ᠣᠯᠵᠤ ᠴᠢᠳᠠᠬᠤ ᠦᠭᠡᠢ ᠴᠤ᠌ ᠪᠠᠢᠳᠠᠭ᠃ ᠪᠠᠢᠳᠠᠯ ᠠ᠋ᠴᠠ ᠨᠢ ᠦᠵᠡᠬᠦ ᠳ᠋ᠦ᠍ ᠴᠢ ᠣᠳᠣᠬᠠᠨ ᠳ᠋ᠤ᠌ ᠦᠨᠡᠨ ᠴᠠᠭᠠᠨ ᠢ᠋ᠶ᠋ᠠᠨ ᠣᠯᠵᠤ ᠴᠢᠳᠠᠬᠤ ᠦᠭᠡᠢ ᠴᠤ᠌ ᠪᠠᠢᠵᠤ ᠮᠡᠳᠡᠨ᠎ᠡ᠃ ᠬᠡᠯᠡᠪᠡᠯ ᠬᠠᠤᠯᠢ ᠴᠠᠭᠠᠵᠠ ᠶ᠋ᠢᠨ ᠪᠠᠢᠭᠤᠯᠭ᠎ᠠ ᠭᠡᠭᠴᠢ ᠲᠤᠰᠬᠠᠢ ᠶᠣᠰᠣ ᠶᠠᠷᠢᠳᠠᠭ ᠭᠠᠵᠠᠷ᠃ ᠭᠡᠪᠡᠴᠦ ᠲᠡᠳᠡ ᠶᠣᠰᠣ ᠶᠠᠷᠢᠬᠤ ᠳᠤ ᠪᠠᠨ ᠭᠡᠷᠡᠴᠢ ᠪᠠᠷᠢᠮᠲᠠ ᠵᠢ ᠬᠠᠮᠤᠭ ᠠ᠋ᠴᠠ ᠢᠯᠡᠭᠦᠦ ᠴᠢᠬᠤᠯᠠᠴᠢᠯᠠᠳᠠᠭ ᠭᠡᠨ᠎ᠡ᠃  ᠦᠨᠡᠨ ᠪᠣᠳᠠᠲᠠᠢ ᠭᠡᠷᠡᠴᠢ ᠪᠠᠷᠢᠮᠲᠠ ᠣᠯᠤᠭᠰᠠᠨ ᠦᠶ᠎ᠡ ᠳ᠋ᠦ᠍᠂ ᠠᠮᠠᠨ ᠥᠴᠢᠭ ᠦ᠋ᠨ ᠦᠨᠡᠨ ᠬᠤᠳᠠᠯ ᠢ᠋ ᠳᠡᠮᠡᠢ ᠬᠠᠮᠢᠶᠠᠷᠳᠠᠭ ᠦᠭᠡᠢ ᠭᠡᠨ᠎ᠡ᠃ ᠮᠢᠨᠦ ᠪᠣᠳᠣᠬᠤ ᠪᠠᠷ ᠴᠢᠮ᠎ᠠ ᠲᠠᠢ ᠤᠷᠤᠭᠯᠠᠶ᠎ᠠ ᠭᠡᠵᠦ ᠪᠣᠳᠣᠭ᠎ᠠ ᠬᠥᠮᠦᠨ ᠳᠦ ᠪᠡᠨ ᠴᠢ ᠬᠣᠣᠷᠲᠤ ᠡᠮ ᠥᠭᠴᠦ᠂ ᠲᠡᠷᠡ ᠴᠢᠨᠢ ᠴᠢᠨᠠᠭᠰᠢ ᠪᠠᠨ ᠬᠡᠪᠲᠡᠷᠢ ᠳᠦ ᠪᠡᠨ ᠪᠠᠢᠭ᠎ᠠ ᠡᠬᠡᠨᠡᠷ ᠲᠤ ᠪᠠᠨ ᠡᠨᠡ ᠬᠦ᠌ ᠡᠮ ᠢ᠋ ᠲᠠᠷᠢᠵᠤ ᠬᠣᠣᠷᠯᠠᠯ᠎ᠠ ᠭᠡᠬᠦ ᠳ᠋ᠦ᠍ ᠠᠯᠢ ᠲᠠᠯ᠎ᠠ ᠠ᠋ᠴᠠ ᠪᠣᠳᠣᠭᠰᠠᠨ ᠴᠤ᠌ ᠪᠦᠷᠢᠨ ᠲᠡᠭᠦᠯᠳᠡᠷ ᠭᠡᠷᠡᠴᠢ ᠪᠠᠷᠢᠮᠲᠠ ᠪᠣᠯᠵᠤ ᠴᠢᠳᠠᠮᠠᠷ ᠪᠠᠢᠨ᠎ᠠ᠃  ᠦᠭᠡᠢ ᠪᠣᠯ ᠴᠢᠮ᠎ᠠ ᠳ᠋ᠤ᠌ ᠬᠣᠶᠠᠭᠤᠯᠠ ᠬᠤᠤᠪᠢᠯᠳᠤᠨ ᠬᠥᠮᠦᠨ ᠠᠯᠠᠭᠰᠠᠨ ᠬᠡᠷᠡᠭ ᠲᠤᠯᠭᠠᠬᠤ ᠪᠣᠯᠤᠨ᠎ᠠ᠃ ᠬᠤᠤᠪᠢᠯᠳᠤᠵᠤ ᠬᠥᠮᠦᠨ ᠠ᠋ᠯᠠᠭᠰᠠᠳ ᠢ᠋ ᠬᠦᠨᠳᠦ ᠪᠡᠷ ᠰᠢᠢᠳᠬᠡᠨ᠎ᠡ᠃ ᠬᠡᠷᠪᠡ ᠴᠢ ᠵᠥᠪᠰᠢᠶᠡᠷᠡᠬᠦ ᠦᠭᠡᠢ ᠪᠣᠯ ᠮᠤᠵᠢᠭᠤᠳᠠᠭᠤᠯᠵᠤ ᠪᠠᠢᠨ᠎ᠠ ᠭᠡᠵᠦ ᠶᠠᠯ᠎ᠠ ᠶ᠋ᠢ ᠴᠢᠨᠢ ᠬᠦᠨᠳᠦᠷᠡᠭᠦᠯᠦᠨ᠎ᠡ᠃ ᠬᠠᠮᠤᠭ ᠰᠡᠭᠦᠯ ᠳ᠋ᠦ᠍ᠨᠢ ᠬᠦᠨᠳᠦ ᠶ᠋ᠢᠨ ᠬᠦᠨᠳᠦ ᠪᠡᠷ ᠰᠢᠢᠳᠬᠡᠭᠳᠡᠨ ᠠᠯᠠᠬᠤ ᠶᠠᠯ᠎ᠠ ᠳ᠋ᠤ᠌ ᠥᠭᠲᠡᠨ᠎ᠡ᠃  
       — ᠮᠢᠨᠦ ᠡᠳᠡᠭᠡᠷ ᠦᠭᠡ ᠶ᠋ᠢ ᠴᠢ ᠢᠲᠡᠭᠡᠬᠦ ᠦᠭᠡᠢ ᠴᠤ᠌ ᠪᠢ ᠪᠣᠯ ᠪᠣᠳᠣᠯ ᠢ᠋ᠶ᠋ᠠᠨ ᠵᠥᠪ ᠭᠡᠵᠦ ᠦᠵᠡᠬᠦ ᠶᠦᠮ᠃ ᠡᠭᠦᠨ ᠢ᠋ ᠬᠡᠯᠡᠵᠦ ᠪᠠᠢᠬᠤ ᠶ᠋ᠢᠨ ᠤᠴᠢᠷ ᠨᠢ᠂ ᠴᠢᠨᠦ ᠴᠠᠭᠠᠪᠤᠷᠯᠠᠨ ᠶᠠᠷᠢᠵᠤ ᠦᠨᠡᠨ ᠢ᠋ᠶ᠋ᠡᠨ ᠣᠯᠬᠤ ᠶ᠋ᠢ ᠴᠢᠨᠢ ᠬᠣᠷᠢᠭᠯᠠᠵᠤ ᠪᠠᠢᠬᠤ ᠪᠢᠰᠢ᠂ ᠭᠠᠭᠴᠠ ᠬᠦ᠌ ᠶᠣᠰᠣᠨ ᠴᠠᠭᠠᠨ ᠴᠢᠷᠠᠢ ᠢᠯᠡᠷᠡᠬᠦ ᠡᠴᠡ ᠡᠮᠦᠨ᠎ᠡ ᠶᠠᠰᠤᠨ ᠴᠠᠭᠠᠨ ᠨᠢ ᠭᠠᠷᠴᠢᠬᠠᠬᠤ ᠠ᠋ᠴᠠ ᠵᠣᠪᠠᠵᠤ ᠪᠠᠢᠨ᠎ᠠ᠁᠃  
       ᠡᠤ ᠫᠧᠩ ᠮᠧᠢ ᠨᠠᠷᠢᠨ ᠰᠣᠨᠣᠰᠴᠤ᠂ ᠳᠠᠰᠴᠤ ᠳᠡᠢᠯᠦᠭᠡ ᠦᠭᠡᠢ᠄ 
       — ᠶᠠᠭᠠᠬᠢᠯ᠎ᠠ ᠴᠤ᠌ ᠭᠡᠰᠡᠨ ᠲᠡᠳᠡ ᠦᠨᠡᠨ ᠢ᠋ᠶ᠋ᠡᠷ ᠪᠠᠢᠴᠠᠭᠠᠵᠤ᠂ ᠨᠠᠷᠢᠨ ᠲᠣᠳᠣᠷᠬᠠᠢᠯᠠᠬᠤ ᠦᠭᠡᠢ ᠭᠡᠵᠢ ᠤᠤ? 
       — ᠪᠠᠢᠴᠠᠭᠠᠬᠤ ᠨᠢ ᠴᠤ᠌ ᠪᠠᠢᠴᠠᠭᠠᠬᠤ ᠪᠠᠢᠯ ᠦᠭᠡᠢ᠃ ᠲᠤᠰᠬᠠᠢ ᠲᠡᠢᠮᠦ ᠶᠡᠬᠡ ᠪᠠᠢᠴᠠᠭᠠᠬᠤ ᠬᠣᠷᠢᠢ᠎ᠠ ᠪᠠᠢᠬᠤ ᠶᠤᠮ ᠴᠢᠨᠢ᠃ ᠬᠠᠷᠠᠮᠰᠠᠯᠲᠠᠢ ᠨᠢ ᠴᠢᠨᠦ ᠬᠡᠷᠡᠭ ᠢ᠋ ᠪᠠᠢᠴᠠᠭᠠᠯ᠎ᠠ ᠯᠠ ᠭᠡᠪᠡᠯ ᠬᠤᠤᠪᠢᠯᠳᠤᠵᠤ ᠬᠥᠮᠦᠨ ᠠᠯᠠᠭᠰᠠᠨ ᠶᠠᠯ᠎ᠠ ᠳ᠋ᠤ᠌ ᠥᠷᠲᠥᠬᠦ ᠡᠴᠡ ᠵᠠᠢᠯᠠᠬᠤ ᠦᠭᠡᠢ ᠰᠢᠦ᠃  ᠴᠢ ᠰᠠᠢᠲᠤᠷ ᠪᠣᠳᠣᠯᠬᠢᠯᠠᠵᠤ ᠦᠵᠡ᠃ Aᠭᠤᠷᠪᠠᠳᠤᠭᠠᠷ ᠪᠣᠯ ᠦᠨᠡᠨ ᠳᠦ ᠪᠡᠨ ᠬᠣᠣᠷ ᠢ᠋ᠶ᠋ᠠᠷ ᠪᠠᠭ᠎ᠠ ᠠᠮᠤᠷᠵᠢᠭᠤᠯᠬᠤ ᠦᠢᠯᠡᠳᠦᠯ ᠲᠡᠢ ᠨᠢᠭᠡ ᠵᠦᠢᠯ ᠦ᠋ᠨ ᠡᠮ ᠶᠦᠮ᠃  ᠭᠡᠲᠡᠯ᠎ᠡ B ᠵᠢᠷᠭᠤᠳᠤᠭᠠᠷ ᠲᠠᠢ ᠨᠡᠢᠯᠡᠪᠡᠯ ᠰᠢᠷᠦᠭᠦᠨ ᠤᠷᠪᠠᠯ ᠡᠭᠦᠰᠴᠦ ᠬᠣᠣᠷᠲᠤ ᠴᠢᠨᠠᠷ ᠨᠢ ᠬᠡᠳᠦ ᠳᠠᠬᠢᠨ ᠢ᠋ᠶ᠋ᠠᠷ ᠨᠡᠮᠡᠭᠳᠡᠨ᠎ᠡ᠃ ᠣᠳᠣᠬᠠᠨ ᠳ᠋ᠤ᠌ Aᠭᠤᠷᠪᠠᠳᠤᠭᠠᠷ᠂ B ᠵᠢᠷᠭᠤᠳᠤᠭᠠᠷ ᠠ᠋ᠴᠠ ᠥᠭᠡᠷ᠎ᠡ ᠡᠮ ᠲᠡᠢ ᠨᠡᠢᠯᠡᠪᠡᠯ ᠤᠷᠪᠠᠯ ᠡᠭᠦᠰᠴᠦ ᠬᠣᠣᠷ ᠪᠣᠯᠤᠨ᠎ᠠ ᠭᠡᠳᠡᠭ ᠢ᠋ ᠬᠥᠮᠦᠰ ᠴᠤ᠌ ᠰᠠᠢᠨ ᠮᠡᠳᠡᠬᠦ ᠦᠭᠡᠢ ᠪᠠᠢᠭᠰᠠᠭᠠᠷ᠃ ᠭᠠᠭᠴᠠ ᠤᠷᠪᠠᠯ ᠡᠭᠦᠰᠳᠡᠭ ᠡᠨᠡ ᠡᠮ ᠲᠡᠢ ᠨᠢ ᠴᠢ ᠡᠨᠳᠡᠭᠦᠦ ᠪᠡᠷ ᠬᠣᠯᠢᠬᠤ ᠭᠡᠭᠴᠢ ᠳᠡ᠃  
       — ᠲᠡᠭᠡᠭᠡᠳ ᠪᠠᠰᠠ ᠰᠢᠨᠤᠯ ᠢ᠋ ᠴᠢᠨᠢ ᠬᠠᠩᠭᠠᠳᠠᠭ ᠪᠣᠯᠤᠷᠴᠠᠭᠠᠨ ᠳ᠋ᠤ᠌ ᠥᠭᠳᠡᠭ ᠨᠢ ᠬᠡᠳᠦᠢ ᠰᠡᠵᠢᠭᠯᠡᠮᠡᠷ ᠪᠣᠢ?  ᠳᠠᠬᠢᠭᠠᠳ ᠬᠡᠯᠡᠪᠡᠯ Bᠵᠢᠷᠭᠤᠳᠤᠭᠠᠷ ᠤ᠋ᠨ ᠦᠢᠯᠡᠳᠦᠯ ᠢ᠋ ᠲᠠ ᠴᠠᠭᠠᠨ᠎ᠠ ᠨᠢ ᠭᠠᠷᠲᠠᠯ᠎ᠠ ᠮᠡᠳᠡᠵᠦ ᠪᠠᠢᠯ ᠦᠭᠡᠢ᠃ ᠲᠡᠷᠡ ᠨᠢ ᠡᠪᠡᠳᠴᠢᠨ ᠪᠣᠯᠭᠠᠨ ᠳ᠋ᠤ᠌ ᠲᠣᠬᠢᠷᠠᠨ ᠦᠷᠭᠦᠯᠵᠢ ᠬᠡᠷᠡᠭᠯᠡᠳᠡᠭ ᠡᠮ ᠪᠢᠰᠢ ᠰᠢᠦ ᠳᠡ᠃ ᠵᠥᠪᠬᠡᠨ ᠶᠠᠰᠤ ᠬᠣᠭᠣᠷᠬᠠᠤ ᠳ᠋ᠤ᠌ ᠣᠨᠴᠠ ᠦᠢᠯᠡᠳᠦᠯ ᠲᠡᠢ ᠡᠮ ᠮᠥᠨ᠃ ᠡᠮᠨᠡᠯᠭᠡ ᠶ᠋ᠢᠨ ᠬᠣᠷᠢᠶᠠᠨ ᠳ᠋ᠤ᠌ ᠭᠠᠭᠴᠠ ᠡᠢᠮᠦ ᠡᠪᠡᠳᠴᠢᠲᠡᠨ ᠳ᠋ᠦ᠍ ᠰᠠᠶᠢ ᠬᠡᠷᠡᠭᠯᠡᠨ᠎ᠡ᠃  
       — ᠬᠠᠷᠢᠨ ᠶᠠᠭ ᠦᠵᠡᠰᠬᠦᠯᠡᠩ ᠦ᠋ᠨ ᠶᠠᠰᠤ ᠬᠤᠭᠤᠷᠠᠭᠰᠠᠨ ᠢ᠋ ᠲᠣᠬᠢᠶᠠᠯᠳᠤᠭᠤᠯᠤᠨ ᠡᠨᠡ ᠡᠮ ᠲᠡᠢ ᠨᠡᠢᠯᠡᠪᠡᠯ ᠤᠷᠪᠠᠯ ᠡᠭᠦᠰᠳᠡᠭ ᠬᠣᠣᠷᠲᠤ ᠡᠮ ᠲᠡᠢ ᠬᠣᠯᠢᠴᠢᠬᠠᠬᠤ ᠭᠡᠭᠴᠢ ᠶᠠᠭᠠᠬᠢᠭᠰᠠᠨ ᠵᠢᠭᠲᠡᠢ ᠠᠪᠴᠠᠯᠳᠤᠭᠰᠡᠨ ᠶᠠᠪᠤᠳᠠᠯ ᠪᠣᠢ?  ᠡᠭᠦᠨ ᠢ᠋ ᠴᠢ ᠶᠠᠭᠠᠬᠢᠵᠤ ᠲᠠᠢᠯᠪᠤᠷᠢᠯᠠᠨ᠎ᠠ ᠪᠣᠢ? ᠨᠡᠭᠡᠷᠡᠨ ᠦᠵᠡᠰᠬᠦᠯᠡᠩ ᠦ᠋ᠨ ᠦᠬᠦᠬᠦ ᠮᠥᠴᠡ ᠨᠢ ᠲᠤᠯᠵᠤ ᠨᠠᠰᠤᠨ ᠲᠣᠭ᠎ᠠ ᠨᠢ ᠳᠠᠭᠤᠰᠤᠭᠰᠠᠨ ᠭᠡᠵᠢ ᠤᠤ?  ᠬᠠᠷᠠᠮᠰᠠᠯᠲᠠᠢ ᠨᠢ ᠬᠠᠤᠯᠢ ᠶ᠋ᠢᠨ ᠠᠵᠢᠯᠲᠠᠨ ᠶᠡᠷᠦ ᠡᠴᠡ ᠪᠡᠨ ᠪᠠᠢᠴᠠᠭᠠᠵᠤ ᠲᠣᠳᠣᠷᠬᠠᠢᠯᠠᠭᠰᠠᠨ ᠢ᠋ᠶ᠋ᠠᠨ ᠯᠠ ᠢᠲᠡᠭᠡᠬᠦ ᠶᠦᠮ ᠰᠢᠦ!   
       — ᠲᠡᠢᠮᠦ ᠪᠣᠯ ᠲᠠᠨᠤᠰ ᠤ᠋ᠨ ᠰᠠᠨᠠᠭ᠎ᠠ ᠣᠳᠣ ᠨᠠᠮ᠎ᠠ ᠶᠢ ᠣᠴᠢᠵᠤ ᠶᠠᠯ᠎ᠠ ᠪᠠᠨ ᠲᠤᠰᠢᠶᠠᠬᠤ ᠶ᠋ᠢ ᠬᠦᠯᠢᠶᠡᠵᠦ᠁  ᠡᠤ ᠫᠧᠩ ᠮᠧᠢ ᠠᠶᠤᠵᠤ ᠰᠠᠨᠳᠤᠷᠬᠤ ᠳᠤ ᠪᠠᠨ ᠢᠡᠭᠭᠡᠵᠤ ᠯᠠ ᠠᠰᠠᠭᠤᠪᠠ᠃ 
       — ᠲᠠᠨᠤᠰ ᠤ᠋ᠨ ᠰᠠᠨᠠᠭ᠎ᠠ ᠭᠡᠨ᠎ᠡ᠁ ᠶᠠᠭᠤ ᠭᠡᠰᠡᠨ ᠦᠭᠡ ᠪᠣᠢ? ᠪᠢ ᠣᠯᠠᠨ ᠬᠥᠮᠦᠨ ᠦ᠌ ᠲᠥᠯᠥᠭᠡᠯᠡᠭᠴᠢ ᠪᠢᠰᠢ᠂ ᠨᠡᠩ ᠴᠤ᠌ ᠬᠠᠤᠯᠢ ᠶ᠋ᠢᠨ ᠠᠵᠢᠯᠲᠠᠨ ᠤ᠋ ᠬᠤᠪᠢ ᠪᠠᠷ ᠲᠠᠨ ᠳ᠋ᠤ᠌ ᠬᠠᠤᠯᠢ ᠶ᠋ᠢᠨ ᠮᠥᠨ ᠴᠢᠨᠠᠷ ᠢ᠋ ᠲᠠᠨᠢᠭᠤᠯᠤᠨ ᠴᠠᠭᠠᠪᠤᠷᠯᠠᠨ ᠲᠤᠰᠢᠶᠠᠬᠤ ᠶ᠋ᠢ ᠰᠢᠬᠠᠮᠳᠠᠭᠤᠯᠵᠤ ᠪᠠᠢᠬᠤ ᠴᠤ᠌ ᠪᠢᠰᠢ᠂ ᠵᠥᠪᠬᠡᠨ ᠨᠢᠭᠡ ᠪᠠᠢᠳᠠᠯ ᠢ᠋ ᠣᠢᠯᠠᠭᠠᠭᠴᠢ ᠠ᠋ᠴᠠ ᠴᠢᠮ᠎ᠠ ᠳ᠋ᠤ᠌ ᠤᠷᠢᠳᠴᠢᠯᠠᠨ ᠰᠠᠨᠠᠭᠤᠯᠵᠤ ᠪᠠᠢᠬᠤ ᠲᠡᠳᠦᠢ᠃ ᠲᠠ ᠬᠡᠷᠪᠡ ᠮᠢᠨᠦ ᠳᠡᠭᠡᠷᠡᠬᠢ ᠲᠠᠢᠯᠪᠤᠷᠢ ᠶ᠋ᠢ ᠢᠲᠡᠭᠡᠪᠡᠯ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠵᠠᠪᠠᠯ ᠣᠴᠢᠬᠤ ᠬᠡᠷᠡᠭᠲᠡᠢ᠃ ᠭᠡᠪᠡᠴᠦ ᠶᠠᠯ᠎ᠠ ᠴᠠᠭᠠᠪᠤᠷᠯᠠᠬᠤ ᠪᠠᠷ ᠣᠴᠢᠬᠤ ᠪᠢᠰᠢ ᠬᠠᠷᠢᠨ ᠤᠴᠢᠷ ᠦᠭᠡᠢ ᠶᠠᠯ᠎ᠠ ᠡᠭᠦᠷᠬᠦ ᠡᠴᠡ ᠪᠡᠨ ᠬᠡᠯᠲᠦᠷᠢᠬᠦ ᠪᠡᠷ ᠣᠴᠢᠬᠤ ᠬᠡᠷᠡᠭᠲᠡᠢ᠃ 
       — ᠪᠢ ᠦᠨᠡᠬᠡᠷ ᠣᠢᠯᠠᠭᠠᠬᠤ ᠦᠭᠡᠢ ᠪᠠᠢᠨ᠎ᠠ᠃ 
       — ᠲᠡᠭᠡᠪᠡᠯ ᠮᠢᠨᠦ ᠦᠷᠭᠦᠯᠵᠢᠯᠡᠨ ᠶᠠᠷᠢᠬᠤ ᠶ᠋ᠢ ᠰᠣᠨᠣᠰ᠁᠃ 
       — ᠣᠳᠣᠬᠠᠨ ᠳ᠋ᠤ᠌ ᠪᠣᠯᠤᠷᠴᠠᠭᠠᠨ ᠡᠬᠡᠨᠡᠷ ᠲᠡᠭᠡᠨ ᠴᠣᠬᠣᠮ ᠶᠠᠮᠠᠷ ᠡᠮ ᠲᠠᠷᠢᠵᠤ ᠠᠯᠠᠭᠰᠠᠨ ᠢ᠋ᠶ᠋ᠠᠨ ᠴᠤ᠌ ᠮᠡᠳᠡᠬᠦ ᠦᠭᠡᠢ ᠪᠠᠢᠬᠤ ᠲᠤᠯᠠ ᠵᠥᠪᠰᠢᠶᠡᠷᠡᠵᠦ ᠲᠤᠰᠢᠶᠠᠬᠤ ᠴᠤ᠌ ᠠᠷᠭ᠎ᠠ ᠦᠭᠡᠢ ᠪᠠᠢᠨ᠎ᠠ᠃ ᠲᠠ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠬᠤᠷᠳᠤᠨ ᠣᠴᠢᠵᠤ᠂ ᠲᠡᠭᠦᠨ ᠳ᠋ᠦ᠍ ᠥᠭᠭᠦᠭᠰᠡᠨ ᠡᠮ ᠳᠦ ᠪᠡᠨ ᠶᠠᠭᠤ ᠬᠣᠯᠢᠭᠰᠠᠨ ᠭᠡᠳᠡᠭ ᠢ᠋ᠶ᠋ᠡᠨ ᠡᠷᠲᠡᠬᠡᠨ ᠲᠣᠳᠣᠷᠬᠠᠢᠯᠠᠪᠠᠯ ᠳᠡᠭᠡᠷ᠎ᠡ ᠪᠣᠢ᠃ ᠦᠭᠡᠢ ᠪᠣᠯ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠪᠣᠯᠤᠷᠴᠠᠭᠠᠨ ᠠ᠋ᠴᠠ ᠡᠮ ᠦ᠋ᠨ ᠢᠷᠡᠯᠲᠡ ᠶ᠋ᠢ ᠦᠷᠭᠦᠯᠵᠢᠯᠡᠨ ᠪᠠᠢᠴᠠᠭᠠᠪᠠᠯ᠂ ᠡᠮ ᠦ᠋ᠨ ᠭᠡᠷ ᠴᠢᠨᠢ ᠬᠣᠯᠪᠣᠭᠳᠠᠵᠤ᠂ ᠭᠡᠷᠡᠴᠢ ᠪᠠᠷᠢᠮᠲᠠ ᠴᠢᠨᠢ ᠭᠠᠷᠴᠤ ᠢᠷᠡᠬᠦ ᠪᠣᠯᠤᠨ᠎ᠠ᠃ ᠡᠭᠦᠨ ᠦ᠌ ᠳ᠋ᠦᠩ ᠳ᠋ᠦ᠍ ᠲᠠ ᠬᠣᠶᠠᠭᠤᠯᠠ ᠶ᠋ᠢᠨ ᠤᠲᠠᠰᠤᠨ ᠠᠮᠢ ᠬᠠᠤᠯᠢ ᠶ᠋ᠢᠨ ᠮᠡᠰᠡ ᠳ᠋ᠦ᠍ ᠲᠠᠰᠤᠷᠠᠬᠤ ᠶᠤᠮ ᠰᠢᠦ!  ᠬᠡᠷᠪᠡ ᠲᠠ ᠠᠮᠢ ᠪᠠᠨ ᠪᠣᠳᠣᠪᠠᠯ ᠳᠠᠷᠤᠢᠬᠠᠨ ᠬᠣᠷᠢᠭᠤᠯ ᠤ᠋ᠨ ᠭᠠᠵᠠᠷ ᠲᠤ᠌ ᠣᠴᠢᠵᠤ᠂ ᠪᠣᠯᠤᠷᠴᠠᠭᠠᠨ ᠳ᠋ᠤ᠌ ᠡᠮ ᠡᠨᠳᠡᠭᠦᠦ ᠰᠠᠪᠠᠯᠠᠭᠰᠠᠨ ᠢ᠋ᠶ᠋ᠠᠨ ᠦᠨᠡᠨ ᠪᠣᠯᠭᠠᠨ ᠬᠡᠯᠡᠪᠡᠯ ᠳᠡᠭᠡᠷ᠎ᠡ ᠰᠢᠭ ᠰᠠᠨᠠᠭᠳᠠᠨ᠎ᠠ᠃ 
       — ᠡᠨᠳᠡᠭᠦᠦ ᠰᠠᠪᠠᠯᠠᠭᠰᠠᠨ ᠢ᠋ᠶ᠋ᠠᠨ ᠦᠨᠡᠨ ᠪᠣᠯᠭᠠᠵᠤ ᠬᠡᠯᠡᠨ᠎ᠡ ᠭᠡᠨ᠎ᠡ? 
       — ᠲᠡᠢᠮᠦ ᠠ᠋᠂ ᠡᠨᠳᠡᠭᠦᠦ ᠭᠡᠪᠡᠯ ᠬᠡᠨ ᠴᠤ᠌ ᠢᠲᠡᠭᠡᠬᠦ ᠦᠭᠡᠢ᠃ ᠭᠡᠳᠡᠷᠭᠦ ᠳᠦ ᠪᠡᠨ ᠶᠠᠯ᠎ᠠ ᠳ᠋ᠤ᠌ ᠤᠨᠠᠨ᠎ᠠ᠃  ᠡᠭᠦᠨ ᠦ᠌ ᠡᠰᠡᠷᠭᠦ ᠪᠡᠷ᠂ ᠪᠢ ᠴᠢᠮ᠎ᠠ ᠲᠠᠢ ᠤᠷᠤᠭᠯᠠᠬᠤ ᠶ᠋ᠢᠨ ᠲᠥᠯᠥᠭᠡ ᠵᠣᠷᠢᠭᠤᠳᠠ ᠬᠣᠣᠷᠲᠤ ᠡᠮ ᠰᠠᠪᠠᠯᠠᠭᠰᠠᠨ᠃ ᠠᠩᠬᠠᠨ ᠳᠤ ᠪᠠᠨ ᠪᠢ ᠦᠵᠡᠰᠬᠦᠯᠡᠩ ᠢ᠋ ᠨᠢᠭᠡ ᠬᠣᠶᠠᠷ ᠡᠳᠦᠷ ᠮᠠᠨᠠᠷᠠᠵᠤ ᠪᠠᠢᠭᠠᠳ ᠴᠠᠭᠠᠰᠢ ᠵᠠᠯᠠᠷᠠᠬᠤ ᠭᠡᠵᠦ ᠪᠣᠳᠣᠭᠰᠠᠨ ᠶᠤᠮ᠃ ᠰᠠᠨᠠᠭᠠᠨ ᠠ᠋ᠴᠠ ᠭᠠᠳᠠᠭᠤᠷ ᠡᠢᠮᠦ ᠬᠤᠷᠳᠤᠨ ᠬᠣᠣᠷᠳᠠᠭᠳᠠᠵᠤ ᠦᠬᠦᠭᠡᠳ ᠴᠢᠮ᠎ᠠ ᠶᠢ ᠬᠡᠷᠡᠭ ᠲᠦ᠍ ᠴᠢᠷᠦᠭᠳᠡᠭᠦᠯᠦᠨ᠎ᠡ ᠭᠡᠵᠦ ᠶᠠᠭ ᠮᠡᠳᠡᠭᠰᠡᠨ ᠦᠭᠡᠢ᠃ ᠪᠢ ᠣᠳᠣ ᠪᠠᠷ ᠢ᠋ᠶ᠋ᠠᠨ ᠣᠴᠢᠵᠤ ᠶᠠᠯ᠎ᠠ ᠪᠠᠨ ᠴᠠᠭᠠᠪᠤᠷᠯᠠᠨ ᠴᠢᠮ᠎ᠠ ᠶᠢ ᠠᠪᠤᠷᠠᠶ᠎ᠠ ᠭᠡᠵᠦ ᠪᠣᠯᠤᠷᠴᠠᠭᠠᠨ ᠳ᠋ᠤ᠌ ᠬᠡᠯᠡᠭᠡᠷᠡᠢ᠃ ᠪᠣᠯᠤᠷᠴᠠᠭᠠᠨ ᠯᠠᠪᠲᠠᠢ ᠴᠢᠨᠦ ᠲᠥᠯᠥᠭᠡ ᠨᠢᠭᠡᠨᠲᠡ ᠪᠣᠢ ᠪᠣᠯᠤᠭᠰᠠᠨ ᠪᠣᠳᠠᠲᠤ ᠬᠡᠷᠡᠭ ᠦ᠋ᠨ ᠡᠮᠦᠨ᠎ᠡ ᠭᠠᠭᠴᠠ ᠪᠡᠶ᠎ᠡ ᠪᠡᠷ ᠢ᠋ᠶ᠋ᠡᠨ ᠪᠦᠬᠦ ᠬᠠᠷᠢᠭᠤᠴᠠᠯᠭ᠎ᠠ ᠶ᠋ᠢ ᠡᠭᠦᠷᠭᠡᠯᠡᠬᠦ ᠶᠦᠮ᠃ ᠶᠠᠮᠠᠷ ᠲᠡᠨᠡᠭ ᠲᠡᠭᠡᠨ ᠨᠢᠭᠡ ᠦᠬᠦᠳᠡᠯ ᠦ᠋ᠨ ᠲᠥᠯᠥᠭᠡ ᠬᠣᠶᠠᠷ ᠬᠥᠮᠦᠨ ᠢ᠋ ᠬᠣᠷᠣᠭᠠᠬᠤ ᠪᠣᠢ? ᠡᠨᠡ ᠪᠣᠯ ᠮᠢᠨᠦ ᠪᠣᠳᠣᠯ᠃ 
       — ᠢᠩᠭᠢᠵᠦ ᠬᠢᠬᠦ ᠨᠢ ᠬᠥᠮᠦᠨᠴᠢ ᠴᠢᠨᠠᠷ ᠠ᠋ᠴᠠ ᠲᠡᠷᠰᠯᠡᠭᠰᠡᠨ ᠬᠠᠮᠤᠭ ᠵᠢᠭᠰᠢᠭᠦᠷᠢᠲᠡᠢ ᠶᠠᠪᠤᠳᠠᠯ ᠪᠢᠰᠢ ᠤᠤ? 
       — ᠾᠧᠩ᠂ ᠴᠢ ᠬᠡᠴᠢᠨᠡᠭᠡᠨ ᠵᠢᠯ ᠦ᠋ᠨ ᠲᠤᠷᠰᠢ ᠨᠢᠭᠡ ᠡᠬᠡᠨᠡᠷ ᠲᠡᠢ ᠬᠥᠮᠦᠨ ᠲᠡᠢ ᠲᠣᠯᠣᠭᠠᠢ ᠬᠥᠯ ᠨᠡᠢᠯᠡᠭᠦᠯᠵᠦ ᠪᠠᠢᠭᠰᠠᠨ ᠢ᠋ᠶ᠋ᠠᠷ ᠪᠠᠷᠠᠬᠤ ᠦᠭᠡᠢ᠂ ᠤᠷᠤᠭᠯᠠᠬᠤ ᠵᠣᠷᠢᠯᠭ᠎ᠠ ᠳᠤ ᠪᠠᠨ ᠬᠦᠷᠬᠦ ᠶ᠋ᠢᠨ ᠲᠥᠯᠥᠭᠡ ᠨᠢᠭᠤᠴᠠ ᠪᠠᠷ ᠬᠤᠤᠪᠢᠯᠳᠤᠵᠤ ᠪᠠᠢᠭᠰᠠᠨ ᠴᠢᠨᠢ ᠬᠥᠮᠦᠨᠴᠢ ᠴᠢᠨᠠᠷ ᠢ᠋ᠶ᠋ᠠᠨ ᠪᠠᠷᠢᠮᠲᠠᠯᠠᠭᠰᠠᠨ ᠶᠠᠪᠤᠳᠠᠯ ᠭᠡᠵᠢ ᠤᠤ? ᠴᠢᠨᠦ ᠤᠷᠰᠢᠭ ᠵᠠᠠᠷ ᠦᠵᠡᠰᠬᠦᠯᠡᠩ ᠣᠯᠠᠨ ᠤᠳᠠᠭ᠎ᠠ ᠵᠣᠳᠣᠭᠳᠠᠨ ᠵᠠᠨᠴᠢᠭᠳᠠᠵᠤ᠂ ᠡᠴᠦᠰ ᠰᠡᠭᠦᠯ ᠳᠦ ᠪᠡᠨ ᠬᠥᠯ ᠢ᠋ᠶ᠋ᠡᠨ ᠬᠤᠭᠤᠯᠤᠭᠤᠯᠤᠭᠰᠠᠨ ᠨᠢ ᠴᠢᠨᠦ ᠬᠥᠮᠦᠨᠴᠢ ᠴᠢᠨᠠᠷ ᠤ᠋ᠨ ᠴᠢᠨᠢ ᠢᠯᠡᠷᠡᠯ ᠭᠡᠵᠢ ᠤᠤ? ᠥᠨᠥᠳᠥᠷ ᠦᠵᠡᠰᠬᠦᠯᠡᠩ ᠶᠠᠮᠠᠷ ᠴᠤ᠌ ᠪᠣᠯᠤᠭ᠂ ᠴᠢᠨᠦ ᠭᠠᠷ ᠲᠤ᠌ ᠠᠯᠠᠭᠳᠠᠵᠤ᠂ ᠪᠤᠯᠤᠷᠴᠠᠭᠠᠨ ᠦᠬᠦᠬᠦ ᠡᠴᠡ ᠥᠭᠡᠷ᠎ᠡ ᠵᠠᠮ ᠦᠭᠡᠢ ᠪᠣᠯᠤᠭᠰᠠᠨ ᠦᠶ᠎ᠡ ᠳᠤᠭᠤᠢ ᠪᠠᠢᠬᠤ ᠨᠢ ᠴᠡᠪᠡᠷ ᠭᠡᠵᠦ ᠪᠣᠳᠣᠭᠳᠠᠪᠠ ᠤᠤ? ᠴᠢ ᠪᠤᠷᠤᠭᠤᠳᠴᠠᠢ᠃ ᠬᠠᠷᠢᠨ ᠢᠩᠭᠢᠵᠦ ᠬᠡᠯᠡᠪᠡᠯ ᠪᠣᠯᠤᠷᠴᠠᠭᠠᠨ ᠰᠠᠶᠢ ᠡᠬᠡᠨᠡᠷ ᠨᠢ ᠶᠠᠭᠠᠬᠢᠵᠤ ᠦᠬᠦᠭᠰᠡᠨ ᠰᠢᠯᠲᠠᠭᠠᠨ ᠢ᠋ ᠮᠡᠳᠡᠵᠦ᠂ ᠬᠠᠷᠢᠭᠤᠴᠠᠯᠭ᠎ᠠ ᠶ᠋ᠢ ᠪᠡᠶ᠎ᠡ ᠳᠦ ᠪᠡᠨ ᠡᠭᠦᠷᠬᠦ ᠵᠣᠷᠢᠭ ᠲᠠᠢ ᠪᠣᠯᠵᠤ᠂ ᠨᠢᠭᠡᠨ ᠴᠠᠭ ᠤ᠋ᠨ ᠠᠭᠤᠷ ᠤ᠋ᠨ ᠮᠤᠩᠬᠠᠭ ᠠ᠋ᠴᠠ ᠡᠬᠡᠨᠡᠷ ᠢ᠋ᠶ᠋ᠡᠨ ᠠᠯᠠᠯ᠎ᠠ ᠭᠡᠵᠦ ᠴᠠᠭᠠᠪᠤᠷᠯᠠᠪᠠᠯ ᠴᠢ ᠠᠪᠤᠷᠠᠭᠳᠠᠬᠤ ᠪᠣᠯᠤᠯᠴᠠᠭ᠎ᠠ ᠲᠠᠢ ᠪᠠᠢᠨ᠎ᠠ᠃ 
       — ᠁ 
       — ᠶᠠᠭᠤᠨ ᠳ᠋ᠤ᠌ ᠦᠭᠡ ᠳᠤᠤᠭᠠᠷᠬᠤ ᠦᠭᠡᠢ ᠪᠣᠢ? ᠪᠢᠲᠡᠭᠡᠢ ᠢᠩᠭᠢᠵᠦ ᠴᠢᠩᠭᠢᠵᠦ ᠲᠠᠲᠠᠭᠠᠯᠵᠠ᠃  ᠥᠨᠥᠳᠥᠷ ᠦ᠋ᠨ ᠨᠠᠢ᠍ᠮᠠᠨ ᠴᠠᠭ ᠠ᠋ᠴᠠ ᠡᠮᠦᠨ᠎ᠡ ᠴᠢ ᠪᠣᠯᠤᠷᠴᠠᠭᠠᠨ ᠢ᠋ ᠳᠠᠬᠢᠨ ᠰᠢᠭᠦᠬᠦ ᠡᠴᠡ ᠤᠷᠢᠳ ᠵᠠᠪᠳᠤᠨ ᠠᠭᠤᠯᠵᠠᠵᠤ ᠬᠡᠯᠡᠪᠡᠯ ᠵᠣᠬᠢᠨ᠎ᠠ᠃ ᠬᠣᠷᠢᠭᠤᠯ ᠤ᠋ᠨ ᠭᠠᠵᠠᠷ ᠤᠨ ᠲᠣᠭᠣᠭᠠᠴᠢ ᠯᠢᠦ ᠡᠪᠦᠭᠡᠨ ᠯᠠ‍ᠪ ᠴᠢᠮ᠎ᠠ ᠶᠢ ᠲᠡᠭᠦᠨ ᠲᠡᠢ ᠠᠭᠤᠯᠵᠠᠭᠤᠯᠬᠤ ᠶᠤᠮ᠃ 
       — ᠴᠢ ᠁ ᠴᠢ ᠶᠠᠮᠠᠷ ᠬᠥᠮᠦᠨ᠁ 
       — ᠦ᠂ ᠪᠢ ᠪᠣᠯ ᠲᠦᠮᠡᠨᠨᠠᠰᠤᠲᠤ ᠬᠣᠲᠠ ᠶ᠋ᠢᠨ ᠨᠡᠷᠡᠲᠦ ᠲᠠᠩᠨᠠᠭᠴᠢ ᠶᠤᠮ᠃  ᠥᠨᠥᠳᠥᠷ ᠦ᠋ᠨ ᠬᠤᠪᠢ ᠳ᠋ᠤ᠌ ᠪᠣᠯ ᠪᠣᠯᠤᠷᠴᠠᠭᠠᠨ ᠤ᠋ ᠬᠡᠷᠡᠭ ᠢ᠋ ᠬᠠᠮᠤᠭ ᠤ᠋ᠨ ᠤᠷᠢᠳ ᠢ᠋ᠶ᠋ᠠᠷ ᠢᠯᠭᠠᠷᠠᠭᠤᠯᠤᠭᠰᠠᠨ ᠲᠤᠷᠰᠢᠭᠤᠯᠴᠢᠨ᠃ ᠥᠩᠭᠡᠷᠡᠭᠰᠡᠨ ᠦ᠌ ᠬᠤᠪᠢ ᠳ᠋ᠤ᠌ ᠪᠢ ᠪᠣᠯ ᠪᠣᠯᠤᠷᠴᠠᠭᠠᠨ ᠲᠠᠨ ᠤ᠋ ᠬᠣᠶᠠᠭᠤᠯᠠ ᠳ᠋ᠤ᠌ ᠵᠠᠬᠢᠳᠠᠯ ᠪᠢᠴᠢᠨ ᠨᠢᠭᠤᠴᠠ ᠬᠠᠷᠢᠴᠠᠭ᠎ᠠ ᠶ᠋ᠢ ᠴᠢᠨᠢ ᠳᠤᠷᠠᠳᠴᠤ᠂ ᠠᠯᠳᠠᠭ᠎ᠠ ᠪᠠᠨ ᠵᠠᠯᠠᠷᠠᠭᠤᠯᠬᠤ ᠶ᠋ᠢ ᠴᠢᠨᠢ ᠬᠦᠰᠡᠵᠦ ᠪᠠᠢᠭᠰᠠᠨ ᠲᠡᠷᠡ ᠰᠦ ᠴᠠᠭᠠᠨ ᠰᠡᠳᠬᠢᠯᠲᠡᠨ᠃ ᠣᠳᠣ ᠶ᠋ᠢᠨ ᠬᠣᠪᠢᠨ ᠳ᠋ᠤ᠌ ᠪᠢ ᠪᠣᠯ ᠲᠠᠨ ᠤ᠋ ᠬᠣᠶᠠᠷ ᠤ᠋ᠨ ᠬᠢᠯᠢᠰᠳᠡᠵᠦ᠂ ᠨᠢᠭᠡ ᠠᠮᠢᠨ ᠤ᠋ ᠲᠥᠯᠥᠭᠡ ᠬᠣᠶᠠᠭᠤᠯᠠ ᠪᠠᠨ ᠥᠷᠲᠥᠵᠦ ᠬᠢᠯᠢᠰᠳᠡᠬᠦ ᠡᠴᠡ ᠵᠠᠭᠤᠢ ᠰᠠᠨᠠᠭᠠᠰᠢᠷᠠᠨ ᠬᠠᠷᠠᠮᠰᠠᠵᠤ᠂ ᠶᠠᠭᠠᠷᠠᠤ ᠮᠡᠩᠳᠡᠭᠦᠦ ᠰᠠᠨᠠᠭᠤᠯᠵᠤ ᠪᠠᠢᠭ᠎ᠠ ᠲᠡᠳᠦᠢ᠃ 
       — ᠵᠠ᠂ ᠡᠭᠦᠨ ᠢ᠋ ᠶᠠᠷᠢᠬᠤ ᠪᠠᠨ ᠪᠠᠢᠶ᠎ᠠ᠃ ᠰᠠᠢᠨ ᠰᠠᠨᠠᠭ᠎ᠠ ᠶ᠋ᠢ ᠮᠢᠨᠢ ᠮᠡᠳᠡᠵᠦ᠂ ᠠᠮᠢᠳᠤᠷᠠᠶ᠎ᠠ ᠭᠡᠵᠦ ᠪᠣᠳᠣᠪᠠᠯ ᠨᠠᠢ᠍ᠮᠠᠨ ᠴᠠᠭ ᠠ᠋ᠴᠠ ᠡᠮᠦᠨ᠎ᠡ ᠬᠣᠷᠢᠭᠤᠯ ᠤ᠋ᠨ ᠭᠠᠵᠠᠷ ᠲᠤ᠌ ᠣᠴᠢ᠃  ᠳᠠᠷᠠᠭ᠎ᠠ ᠨᠢ ᠡᠮ ᠦ᠋ᠨ ᠭᠡᠷ ᠲᠤ ᠪᠠᠨ ᠣᠷᠣᠵᠤ ᠴᠢᠨᠦ ᠥᠪᠡᠷ ᠦ᠋ᠨ ᠬᠠᠮᠢᠶᠠᠷᠤᠯᠲᠠ ᠳ᠋ᠤ᠌ ᠪᠠᠢᠬᠤ ᠬᠡᠳᠦᠨ ᠬᠠᠢᠷᠴᠠᠭ Aᠭᠤᠷᠪᠠᠳᠤᠭᠠᠷ ᠬᠣᠯᠢᠯᠳᠤᠭᠰᠠᠨ ᠡᠮ ᠢ᠋ ᠠᠷᠭᠠᠯᠠ᠃ ᠦᠭᠡᠢ ᠪᠣᠯ ᠬᠥᠮᠦᠰ ᠴᠢᠮ᠎ᠠ ᠶᠢ ᠬᠥᠮᠦᠨ ᠬᠣᠣᠷᠯᠠᠬᠤ ᠪᠠᠷ ᠠᠪᠤᠭᠰᠠᠨ ᠠᠷᠭ᠎ᠠ ᠪᠠᠰᠢᠷ ᠭᠡᠵᠦ ᠦᠵᠡᠨ᠎ᠡ ᠰᠢᠦ ᠭᠡᠳ ᠲᠡᠷᠡ ᠬᠥᠮᠦᠨ ᠳ᠋ᠢᠶᠠᠩᠬᠤᠸᠠ ᠶ᠋ᠢᠨ ᠬᠠᠷᠢᠯᠴᠠᠭᠤᠷ ᠢ᠋ᠶ᠋ᠠᠨ ᠳᠠᠷᠤᠴᠢᠬᠠᠭᠰᠠᠨ ᠭᠡᠵᠦ ᠡᠦ ᠹᠧᠩ ᠮᠧᠢ ᠲᠡᠷᠡ ᠥᠷᠯᠥᠭᠡᠨ ᠦ᠌ ᠳ᠋ᠢᠶᠠᠩᠬᠤᠸᠠ ᠳᠡᠭᠡᠷ᠎ᠡ ᠶᠠᠷᠢᠯᠴᠠᠭᠰᠠᠨ ᠪᠦᠬᠦ ᠠᠭᠤᠯᠭ᠎ᠠ ᠶ᠋ᠢ ᠶᠠᠷᠢᠵᠤ ᠭᠠᠷᠭᠠᠯ᠎ᠠ᠃ 

            ᠤᠩᠰᠢᠭᠰᠠᠨ ᠨᠢ᠄  ᠴᠡᠴᠡᠭᠮ᠎ᠠ