ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠬᠣᠶᠠᠷ> Хялгасан дөрөөн дээр – Хасвулаг зохиов <42> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠬᠣᠶᠠᠷ> Хялгасан дөрөөн дээр – Хасвулаг зохиов <42>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠬᠣᠶᠠᠷ> Хялгасан дөрөөн дээр – Хасвулаг зохиов <42>

ᠠᠩᠭᠢᠯᠠᠯ:ᠲᠤᠭᠤᠵᠢ ᠷᠣᠮᠠᠨ
2026-03-30

110

ᠬᠢᠯᠭᠠᠰᠤᠨ ᠳᠥᠷᠥᠭᠡᠨ ᠳᠡᠭᠡᠷ᠎ᠡ - <ᠳᠥᠴᠢᠨ ᠬᠣᠶᠠᠷ>


               ᠳᠥᠴᠢᠨ ᠬᠣᠶᠠᠷ 

       ᠲᠦᠪᠰᠢᠨ᠂ ᠬᠦᠬᠡᠳᠤᠯᠢ ᠬᠣᠶᠠᠭᠤᠯᠠ ᠶ᠋ᠢᠨ ᠰᠠᠭᠤᠭᠰᠠᠨ ᠪᠠᠭ᠎ᠠ ᠲᠡᠷᠭᠡ ᠲᠦᠮᠡᠨᠨᠠᠰᠤᠲᠤ ᠬᠣᠲᠠ ᠶ᠋ᠢᠨ ᠶᠡᠬᠡ ᠪᠠᠭ᠎ᠠ ᠵᠡᠭᠡᠯᠢ ᠪᠡᠷ ᠵᠢᠷᠠᠯᠵᠠᠨ ᠥᠩᠭᠡᠷᠡᠵᠦ᠂ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠬᠣᠷᠢᠭᠤᠯ ᠤ᠋ᠨ ᠭᠠᠵᠠᠷ ᠢᠷᠡᠬᠦ ᠳ᠋ᠦ᠍ ᠶᠠᠭ ᠰᠠᠢᠬᠠᠨ ᠪᠠᠭ᠎ᠠ ᠦᠳᠡ ᠪᠣᠯᠵᠤ ᠪᠠᠢᠯ᠎ᠠ᠃ ᠲᠡᠷᠡ ᠬᠣᠶᠠᠭᠤᠯᠠ ᠲᠡᠷᠭᠡᠨ ᠡᠴᠡ ᠪᠡᠨ ᠪᠠᠭᠤᠬᠤ ᠳ᠋ᠤ᠌ ᠡᠮᠦᠨ᠎ᠡ ᠡᠴᠡ ᠨᠢ ᠯᠢᠦ ᠸᠸᠨ ᠰᠢᠶᠠᠩ ᠵᠡᠷᠭᠡ ᠲᠣᠪᠴᠢᠶᠠᠨ ᠤ᠋ ᠬᠡᠳᠦᠨ ᠤᠳᠤᠷᠢᠳᠤᠯᠭ᠎ᠠ ᠤᠭᠲᠤᠨ ᠭᠠᠷᠴᠤ ᠢᠷᠡᠵᠦ᠂ ᠲᠡᠷᠡ ᠬᠣᠶᠠᠭᠤᠯᠠ ᠶ᠋ᠢ ᠡᠮᠦᠨ᠎ᠡ ᠮᠥᠷ ᠦ᠋ᠨ ᠵᠢᠵᠢᠭ ᠬᠤᠷᠠᠯ ᠤ᠋ᠨ ᠭᠡᠷ ᠲᠦ᠍ ᠣᠷᠣᠭᠤᠯᠪᠠ᠃  
       ᠬᠡᠳᠦᠭᠦᠯᠡ ᠰᠠᠭᠤᠭᠠᠳ ᠴᠠᠢ ᠤᠤᠭᠤᠨ᠂ ᠲᠠᠮᠠᠬᠢ ᠲᠠᠲᠠᠬᠤ ᠳᠤᠮᠳᠠ ᠬᠣᠲᠠ ᠶᠢᠨ ᠬᠣᠲᠠ ᠶ᠋ᠢᠨ ᠪᠠᠢᠴᠠᠭᠠᠬᠤ ᠬᠣᠷᠢᠶᠠᠨ ᠤ᠋ ᠲᠡᠷᠡ ᠵᠠᠯᠠᠭᠤ ᠰᠢᠭᠦᠭᠴᠢ ᠣᠷᠣᠵᠤ ᠢᠷᠡᠵᠡᠢ᠃ ᠡᠳᠡᠭᠡᠷ ᠨᠢ ᠬᠦᠬᠡᠲᠤᠯᠢ ᠳ᠋ᠤ᠌ ᠶᠡᠬᠡ ᠰᠣᠨᠢᠬᠠᠨ ᠰᠠᠨᠠᠭᠳᠠᠪᠠ᠃  
       ᠥᠨᠥᠳᠥᠷ ᠴᠤ᠌ ᠯᠠ‍ᠪ ᠨᠢᠭᠡ ᠣᠨᠴᠠᠭᠠᠢ ᠬᠡᠯᠪᠡᠷᠢ ᠶ᠋ᠢᠨ ᠬᠤᠷᠠᠯ ᠶᠤᠮ ᠤᠤ ᠰᠢᠭᠦᠯᠲᠡ ᠡᠨᠳᠡ ᠶᠠᠪᠤᠭᠳᠠᠬᠤ ᠪᠠᠢᠬ᠎ᠠ ᠳᠠ ᠭᠡᠵᠦ ᠪᠣᠳᠣᠵᠤ ᠪᠠᠢᠳ᠋ᠨᠯ᠎ᠠ ᠯᠢᠦ ᠲᠣᠪᠴᠢᠶᠠᠨ ᠳᠠᠷᠤᠭ᠎ᠠ ᠪᠣᠭᠴᠣ ᠠ᠋ᠴᠠ ᠪᠠᠨ ᠬᠡᠳᠦᠨ ᠵᠦᠢᠯ ᠦ᠋ᠨ ᠬᠢᠨᠠᠨ ᠲᠣᠭᠲᠠᠭᠠᠯ ᠤ᠋ᠨ ᠵᠦᠢᠯ ᠢ᠋ ᠭᠠᠷᠭᠠᠨ ᠲᠦᠪᠰᠢᠨ ᠳ᠋ᠦ᠍ ᠭᠠᠷᠳᠠᠭᠤᠯᠪᠠ᠃  
       ᠲᠡᠷᠡ ᠨᠢᠭᠡ ᠨᠢᠭᠡ ᠪᠡᠷ ᠦᠵᠡᠭᠡᠳ ᠮᠠᠰᠢ ᠰᠠᠨᠠᠭ᠎ᠠ ᠬᠠᠨᠤᠮᠵᠢ ᠲᠠᠢ ᠲᠣᠯᠣᠭᠠᠢ ᠪᠠᠨ ᠳᠣᠬᠢᠵᠤ ᠪᠠᠢᠯ᠎ᠠ᠃ ᠲᠡᠭᠡᠲᠡᠯ᠎ᠡ ᠲᠡᠷᠡ ᠬᠦ᠌ ᠪᠠᠢᠴᠠᠭᠠᠬᠤ ᠬᠣᠷᠢᠶᠠᠨ ᠤ᠋ ᠵᠠᠯᠠᠭᠤ ᠰᠢᠭᠦᠭᠴᠢ ᠨᠢᠭᠡ ᠬᠠᠲᠠᠭᠤ ᠴᠠᠭᠠᠰᠤ ᠠᠪᠴᠢᠷᠠᠨ ᠲᠦᠪᠰᠢᠨ ᠦ᠌ ᠡᠮᠦᠨ᠎ᠡ ᠳᠡᠯᠭᠡᠭᠰᠡᠨ ᠨᠢ 《ᠲᠦᠮᠡᠨᠨᠠᠰᠤᠲᠤ ᠬᠣᠲᠠ ᠶ᠋ᠢᠨ ᠪᠠᠢᠴᠠᠭᠠᠬᠤ ᠬᠣᠷᠢᠶᠠᠨ ᠤ᠋ ᠪᠠᠷᠢᠪᠴᠢᠯᠠᠬᠤ ᠶ᠋ᠢ ᠵᠥᠪᠰᠢᠶᠡᠷᠡᠭᠰᠡᠨ ᠪᠢᠴᠢᠭ》 ᠭᠡᠵᠦ ᠪᠠᠢᠯ᠎ᠠ᠃ 
       ᠬᠥᠬᠡᠲᠤᠯᠢ ᠶ᠋ᠢᠨ ᠲᠠᠷᠢᠬᠢᠨ ᠳ᠋ᠤ᠌ ᠶᠠᠮᠠᠷ ᠨᠢᠭᠡᠨ ᠪᠣᠳᠣᠯ ᠬᠠᠷᠪᠤᠨ ᠣᠷᠣᠵᠤ ᠢᠷᠡᠭᠡᠳ ᠳᠣᠣᠷ᠎ᠠ ᠨᠢ ᠴᠣᠬᠣᠮ ᠬᠡᠨ ᠦ᠌ ᠨᠡᠷ᠎ᠡ ᠶ᠋ᠢ ᠪᠢᠴᠢᠵᠦ ᠪᠠᠢᠨ᠎ᠠ ᠭᠡᠳ ᠦᠵᠡᠬᠦ ᠭᠡᠲᠡᠯ᠎ᠡ ᠲᠡᠷᠡ ᠵᠠᠯᠠᠭᠤ ᠰᠢᠭᠦᠭᠴᠢ ᠲᠦᠪᠰᠢᠨ ᠲᠡᠢ ᠬᠡᠳᠦᠨ ᠶᠠᠭᠤᠮ᠎ᠠ ᠬᠡᠯᠡᠯᠴᠡᠵᠦ ᠪᠠᠷᠠᠭᠠᠳ ᠬᠦᠰᠦᠨᠦᠭ ᠢ᠋ᠶ᠋ᠡᠨ ᠪᠠᠷᠢᠭᠠᠳ ᠶᠠᠪᠤᠴᠢᠬᠠᠯ᠎ᠠ᠃ 
       ᠬᠡᠳᠦᠨ ᠮᠢᠨᠦ᠋ᠲ ᠦ᠋ᠨ ᠳᠠᠷᠠᠭ᠎ᠠ ᠲᠦᠪᠰᠢᠨ ᠨᠢᠭᠡ ᠭᠣᠳᠣᠯᠢ ᠲᠠᠮᠠᠬᠢ ᠨᠣᠴᠣᠭᠠᠨ ᠲᠠᠲᠠᠬᠤ ᠶ᠋ᠢᠨ ᠳᠠᠭᠠᠤ ᠯᠢᠦ ᠸᠧᠨ ᠰᠢᠶᠠᠩ ᠳ᠋ᠤ᠌ ᠰᠡᠮᠬᠡᠨ ᠨᠢᠳᠦᠨ ᠳᠣᠬᠢᠶ᠎ᠠ ᠥᠭᠬᠦ ᠰᠢᠭ ᠯᠡ ᠪᠣᠯᠪᠠ᠃  
       ᠤᠳᠠᠭᠰᠠᠨ ᠦᠭᠡᠢ ᠭᠠᠳᠠᠨ᠎ᠠ ᠠ᠋ᠴᠠ ᠬᠣᠶᠠᠷ ᠭᠤᠷᠪᠠᠨ ᠴᠠᠭᠳᠠᠭ᠎ᠠ ᠨᠢᠭᠡ ᠥᠨᠳᠥᠷ ᠲᠠᠷᠭᠤᠨ᠂ ᠡᠪᠦᠭᠡᠵᠢᠶᠡᠷ ᠪᠣᠯᠪᠠᠴᠤ ᠨᠢᠳᠦ ᠨᠢ ᠰᠦᠷᠡᠬᠡᠢ ᠬᠤᠷᠴᠠᠯᠢᠭ᠂ ᠮᠢᠬᠠᠯᠢᠭ ᠴᠠᠭᠠᠨ ᠴᠢᠷᠠᠢ ᠲᠠᠢ ᠬᠥᠮᠦᠨ ᠢ᠋ ᠲᠠᠭᠤᠵᠤ ᠢᠷᠡᠪᠡ᠃ ᠡᠨᠡ ᠬᠥᠮᠦᠨ ᠪᠣᠯ ᠲᠦᠮᠡᠨᠨᠠᠰᠤᠲᠤ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ ᠭᠤᠸᠠᠨ ᠢᠦᠢ ᠱᠠᠨ ᠠᠪᠤᠭᠠᠢ ᠪᠠᠢᠯ᠎ᠠ᠃ ᠡᠨᠡ ᠬᠥᠮᠦᠨ᠂ ᠸᠠᠩ ᠯᠠᠨ ᠬᠤᠸᠠ ᠶᠢᠨ ᠦᠬᠦᠭᠰᠡᠨ ᠦ᠌ ᠮᠠᠷᠭᠠᠰᠢ ᠦᠳᠡ ᠳᠡᠭᠡᠷ᠎ᠡ ᠨᠢ ᠳᠠᠷᠤᠢ ᠨᠢᠭᠤᠴᠠ ᠪᠠᠷ ᠲᠦᠷ ᠬᠣᠷᠢᠭᠳᠠᠭᠰᠠᠨ ᠪᠠᠢᠵᠠᠢ᠃ ᠲᠡᠷᠡ ᠬᠤᠷᠠᠯ ᠤ᠋ᠨ ᠭᠡᠷ ᠦ᠋ᠨ ᠳᠤᠮᠳᠠ ᠵᠣᠭᠰᠣᠬᠤ ᠳ᠋ᠤ᠌ ᠯᠢᠦ ᠸᠧᠨ ᠰᠢᠶᠠᠩ ᠣᠷᠣᠨ ᠠ᠋ᠴᠠ ᠪᠠᠨ ᠪᠣᠰᠤᠭᠠᠳ᠄ 
       — ᠣᠳᠣ ᠨᠢᠭᠡ ᠬᠤᠪᠢ ᠪᠠᠷᠢᠪᠴᠢᠯᠠᠬᠤ ᠲᠣᠭᠲᠠᠭᠠᠯ ᠨᠡᠢᠲᠡᠯᠡᠶ᠎ᠡ ᠭᠡᠳ ᠦᠭᠡ ᠪᠡᠨ ᠪᠠᠬᠠᠨ ᠵᠠᠪᠰᠠᠷᠯᠠᠪᠠ᠃ ᠲᠡᠭᠡᠭᠡᠳ ᠲᠡᠷᠡ᠄ 
       — ᠡᠳᠦᠭᠡ ᠲᠦᠮᠡᠨᠨᠠᠰᠤᠲᠤ ᠬᠣᠲᠠ ᠶ᠋ᠢᠨ ᠪᠠᠢᠴᠠᠭᠠᠬᠤ ᠬᠣᠷᠢᠶᠠᠨ ᠤ᠋ ᠵᠥᠪᠰᠢᠶᠡᠷᠡᠯ ᠢ᠋ᠶ᠋ᠡᠷ ᠬᠥᠮᠦᠨ ᠠᠯᠠᠭᠰᠠᠨ ᠰᠡᠵᠢᠭᠲᠡᠨ ᠭᠤᠸᠠᠨ ᠢᠦᠢ ᠱᠠᠨ ᠢ᠋ ᠬᠠᠤᠯᠢ ᠶᠣᠰᠣᠭᠠᠷ ᠪᠠᠷᠢᠪᠴᠢᠯᠠᠨ᠎ᠠ ᠭᠡᠪᠡ᠃  
       ᠭᠤᠸᠠᠨ ᠢᠦᠢ ᠱᠠᠨ ᠴᠡᠴᠡᠷᠬᠢᠯᠡᠭᠰᠡᠭᠡᠷ ᠶᠠᠮᠠᠷ ᠨᠢᠭᠡᠨ ᠶᠠᠭᠤᠮ᠎ᠠ ᠬᠡᠯᠡᠬᠦ ᠭᠡᠲᠡᠯ᠎ᠡ ᠠᠷᠤ ᠠ᠋ᠴᠠ ᠨᠢ ᠬᠣᠶᠠᠷ ᠴᠠᠭᠳᠠᠭ᠎ᠠ ᠢᠷᠡᠵᠦ ᠭᠠᠷ ᠲᠤᠨᠢ ᠭᠠᠪᠠ ᠣᠷᠣᠭᠤᠯᠬᠤ ᠶ᠋ᠢᠨ ᠬᠠᠮᠲᠤ ᠡᠮᠦᠨ᠎ᠡ ᠨᠢ ᠪᠠᠷᠢᠪᠴᠢᠯᠠᠬᠤ ᠲᠡᠮᠳᠡᠭ ᠦᠵᠡᠭᠦᠯᠦᠨ ᠭᠠᠷ ᠤ᠋ᠨ ᠦᠰᠦᠭ ᠵᠢᠷᠤ ᠭᠡᠵᠦ ᠠᠯᠪᠠᠳᠠᠪᠠ᠃  ᠭᠤᠸᠠᠨ ᠢᠦᠢ ᠱᠠᠨ ᠳᠣᠣᠷ᠎ᠠ ᠨᠢ ᠶᠡᠬᠡ ᠯᠡ ᠲᠥᠪ ᠴᠢᠷᠠᠢᠯᠠᠭᠠᠳ᠄ 
       — ᠪᠢ ᠬᠥᠮᠦᠨ ᠠᠯᠠᠭᠰᠠᠨ ᠦᠭᠡᠢ ᠭᠡᠲᠡᠯ᠎ᠡ ᠲᠦᠪᠰᠢᠨ ᠤᠭᠲᠤᠨ ᠠᠪᠴᠤ᠄ 
       — ᠴᠢ ᠦᠵᠡᠰᠬᠦᠯᠡᠩ ᠢ᠋ ᠠᠯᠠᠭᠰᠠᠨ ᠢ᠋ᠶ᠋ᠠᠷ ᠪᠠᠷᠠᠬᠤ ᠦᠭᠡᠢ ᠸᠠᠩ ᠯᠠᠨ ᠬᠤᠸᠠ ᠶ᠋ᠢ ᠴᠤ᠌ ᠬᠣᠣᠷᠯᠠᠭᠰᠠᠨ ᠭᠡᠵᠦ ᠰᠢᠭᠤᠳ ᠲᠤᠯᠭᠠᠪᠠ᠃ 
       — ᠶᠠᠮᠠᠷ ᠭᠡᠷᠡᠴᠢ ᠪᠠᠢᠨ᠎ᠠ?
       — ᠭᠡᠷᠡᠴᠢ ᠪᠠᠷᠢᠮᠲᠠ ᠶ᠋ᠢ ᠴᠢᠨᠢ ᠲᠤᠯᠭᠠᠬᠤ ᠴᠠᠭ ᠪᠠᠢᠬᠤ ᠶᠤᠮ᠃ 
       — ᠬᠥᠮᠦᠨ ᠢ᠋ ᠬᠢᠯᠢᠰᠳᠡᠭᠦᠯᠵᠦ ᠪᠠᠢᠨ᠎ᠠ!
       — ᠴᠢ ᠵᠢᠭᠠᠬᠠᠨ ᠴᠤ᠌ ᠬᠢᠯᠢᠰᠳᠡᠵᠦ ᠦᠭᠡᠢ ᠶᠦᠮ᠃ ᠭᠤᠸᠠᠨ ᠢᠦᠢ ᠱᠠᠨ ᠢ᠋ ᠣᠳᠣ ᠪᠠᠷ ᠢ᠋ᠶ᠋ᠠᠨ ᠬᠣᠷᠢᠭᠤᠯ ᠤ᠋ᠨ ᠭᠠᠵᠠᠷ ᠲᠤ᠌ ᠬᠦᠷᠭᠡ! ᠭᠡᠵᠦ ᠲᠦᠪᠰᠢᠨ ᠭᠤᠸᠠᠢ ᠳᠡᠷᠭᠡᠳᠡᠬᠢ ᠬᠣᠶᠠᠷ ᠴᠠᠭᠳᠠᠭ᠎ᠠ ᠳᠤ ᠪᠠᠨ ᠬᠡᠯᠡᠪᠡ᠃ 
       ᠬᠥᠬᠡᠲᠤᠯᠢ ᠶᠠᠭ ᠯᠠ ᠬᠠᠷ᠎ᠠ ᠳᠠᠷᠤᠭᠠᠳ ᠰᠡᠷᠡᠭᠰᠡᠨ ᠮᠡᠲᠦ ᠰᠥᠨᠢ ᠬᠠᠭᠠᠰ ᠥᠩᠭᠡᠷᠡᠲᠡᠯ᠎ᠡ ᠤᠨᠲᠠᠵᠤ ᠣᠷᠣᠭᠰᠠᠨ ᠦᠭᠡᠢ᠃ ᠲᠦᠮᠡᠨᠨᠠᠰᠤᠲᠤ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ᠂ ᠡᠮᠨᠡᠯᠭᠡ ᠶ᠋ᠢᠨ ᠠᠯᠳᠠᠷᠲᠤ ᠮᠡᠷᠭᠡᠵᠢᠯᠲᠡᠨ ᠭᠤᠸᠠᠨ ᠢᠦᠢ ᠱᠠᠨ ᠢ᠋ ᠭᠱᠠᠨ ᠵᠠᠭᠤᠷ᠎ᠠ ᠶ᠋ᠢᠨ ᠬᠣᠭᠣᠷᠣᠨᠳᠣ ᠡᠷᠡᠭᠦᠦ ᠶ᠋ᠢᠨ ᠬᠡᠷᠡᠭᠲᠡᠨ ᠪᠣᠯᠴᠢᠬᠠᠨ᠎ᠠ ᠭᠡᠵᠦ ᠲᠡᠭᠦᠨ ᠦ᠌ ᠵᠡᠭᠦᠳᠦᠨ ᠳ᠋ᠦ᠍ ᠴᠤ᠌ ᠪᠠᠢᠭᠰᠠᠨ ᠦᠭᠡᠢ ᠠᠵᠢ᠃ ᠥᠴᠥᠭᠡᠳᠦᠷ ᠲᠦᠪᠰᠢᠨ ᠲᠡᠢ ᠶᠠᠷᠢᠯᠴᠠᠭᠰᠠᠨ ᠦᠭᠡ ᠨᠦ᠍ᠭᠦᠳ ᠲᠡᠭᠦᠨ ᠦ᠌ ᠲᠠᠷᠢᠬᠢᠨ ᠳ᠋ᠤ᠌ ᠲᠣᠪ ᠲᠣᠳᠣᠬᠠᠨ ᠪᠠᠢᠭᠰᠠᠭᠠᠷ᠃ ᠥᠨᠥᠳᠥᠷ ᠭᠡᠨᠡᠳᠲᠡ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠠ᠋ᠴᠠ ᠪᠠᠷᠢᠪᠴᠢᠯᠠᠬᠤ ᠮᠡᠳᠡᠭᠳᠡᠯ ᠨᠡᠢᠳᠡᠯᠡᠨ᠂ ᠭᠤᠸᠠᠨ ᠢᠦᠢ ᠱᠠᠨ ᠢ᠋ ᠪᠠᠷᠢᠪᠴᠢᠯᠠᠬᠤ ᠳ᠋ᠤ᠌ ᠲᠡᠷᠡ ᠤᠳᠠᠲᠠᠯ᠎ᠠ ᠢᠲᠡᠭᠡᠭᠰᠡᠨ ᠦᠭᠡᠢ ᠮᠥᠷᠲᠡᠭᠡᠨ ᠮᠠᠰᠢ ᠤᠳᠠᠭᠠᠨ ᠮᠡᠯᠡᠷᠡᠨ ᠵᠣᠭᠰᠣᠵᠠᠢ᠃ 
       ᠠᠭᠰᠤᠮᠨᠠᠨ ᠠᠭᠠᠰᠢᠯᠠᠵᠤ ᠭᠡᠷᠡᠴᠢ ᠨᠡᠬᠡᠨ ᠪᠡᠶ᠎ᠡ ᠪᠡᠨ ᠴᠠᠭᠠᠳᠬᠠᠬᠤ ᠭᠡᠵᠦ ᠪᠠᠢᠭᠰᠠᠨ ᠭᠤᠸᠠᠨ ᠢᠦᠢ ᠱᠠᠨ ᠢ᠋ ᠴᠠᠭᠳᠠᠭ᠎ᠠ ᠨᠠᠷ ᠥᠴᠦᠬᠡᠨ ᠴᠤ᠌ ᠨᠠᠢᠷ ᠬᠠᠶᠠᠯ ᠦᠭᠡᠢ ᠬᠦᠴᠦᠯᠡᠨ ᠲᠦᠯᠬᠢᠵᠦ ᠭᠠᠳᠠᠭᠰᠢ ᠭᠠᠷᠭᠠᠬᠤ ᠳ᠋ᠤ᠌᠂ ᠭᠡᠨᠡᠳᠲᠡ ᠲᠡᠭᠦᠨ ᠦ᠌ ᠮᠥᠷᠦᠨ ᠳᠡᠭᠡᠷ᠎ᠡ ᠨᠢᠭᠡ ᠬᠦᠴᠦᠲᠦ ᠠᠯᠠᠭ᠎ᠠ ᠫᠠᠰᠬᠢᠨ ᠪᠠᠭᠤᠬᠤᠯᠠᠷ ᠡᠷᠭᠢᠨ ᠬᠠᠷᠠᠪᠠᠯ᠂ ᠬᠠᠷᠢᠨ ᠲᠦᠪᠰᠢᠨ ᠭᠤᠸᠠᠢ ᠢᠨᠢᠶᠡᠮᠰᠦᠭᠯᠡᠨ ᠵᠣᠭᠰᠣᠵᠤ ᠪᠠᠢᠯ᠎ᠠ᠃ 
       ᠲᠡᠷᠡ ᠲᠠᠮᠠᠬᠢᠨ ᠤᠲᠤᠭ᠎ᠠ ᠪᠠᠨ ᠬᠠᠮᠠᠷ ᠢ᠋ᠶ᠋ᠠᠷ ᠢ᠋ᠶ᠋ᠠᠨ ᠪᠤᠷᠭᠢᠭᠤᠯᠬᠤ ᠶ᠋ᠢᠨ ᠳᠠᠭᠠᠤ᠄  
       — ᠰᠠᠨᠠᠭᠠᠨ ᠠ᠋ᠴᠠ ᠴᠢᠨᠢ ᠭᠠᠳᠠᠨ᠎ᠠ ᠰᠠᠨᠠᠭᠳᠠᠵᠤ ᠪᠠᠢᠨ᠎ᠠ ᠤᠤ? ᠦᠨᠡᠨ ᠳᠦ ᠪᠡᠨ ᠨᠠᠭᠠᠲᠠᠢ ᠴᠠᠭᠠᠲᠠᠢ ᠶ᠋ᠢ ᠨᠢ ᠪᠠᠬᠠᠨ ᠬᠠᠷᠢᠴᠠᠭᠤᠯᠪᠠᠯ ᠪᠦᠷ ᠤᠢᠯᠠᠭᠠᠴᠢᠬᠠᠬᠤ ᠶᠤᠮ ᠭᠡᠯ᠎ᠡ᠃ 
       — ᠭᠤᠸᠠᠨ ᠳᠠᠷᠤᠭ᠎ᠠ ᠶ᠋ᠢ ᠪᠠᠷᠢᠪᠴᠢᠯᠠᠨ ᠰᠢᠢᠳᠬᠡᠬᠦ ᠭᠡᠷᠡᠴᠢ ᠪᠠᠷᠢᠮᠲᠠ ᠦᠨᠡᠬᠡᠷ ᠪᠦᠷᠢᠨ ᠭᠦᠢᠴᠡᠳ ᠪᠠᠢᠬᠤ ᠶᠤᠮ ᠤᠤ?
       — ᠬᠡᠯᠡᠯᠭᠡᠨ ᠦᠭᠡᠢ ᠪᠠᠢᠨ᠎ᠠ᠃ 
       — ᠲᠢᠩᠬᠢᠮ ᠦ᠋ᠨ ᠳᠠᠷᠤᠭ᠎ᠠ ᠠ᠋ ᠂ ᠲᠠ ᠴᠣᠬᠣᠮ ᠬᠡᠵᠢᠶ᠎ᠡ ᠡᠴᠡ ᠡᠬᠢᠯᠡᠵᠦ ᠭᠤᠸᠠᠨ ᠢᠦᠢ ᠱᠠᠨ ᠢ᠋ ᠰᠡᠵᠢᠭᠯᠡᠵᠦ᠂ ᠭᠡᠷᠡᠴᠢ ᠪᠠᠷᠢᠮᠲᠠ ᠶ᠋ᠢ ᠨᠢ ᠣᠯᠤᠭᠰᠠᠨ ᠪᠣᠢ?
       — ᠬᠠᠮᠤᠭ ᠤ᠋ᠨ ᠡᠮᠦᠨ᠎ᠡ ᠨᠢ ᠦᠵᠡᠰᠬᠦᠯᠡᠩ ᠦ᠋ᠨ ᠬᠡᠭᠦᠷ ᠢ᠋ ᠳᠠᠬᠢᠨ ᠲᠤᠶᠠᠴᠢᠵᠤ ᠪᠠᠢᠴᠠᠭᠠᠭᠰᠠᠨ ᠤ᠋ ᠳᠠᠷᠠᠭ᠎ᠠ᠂ ᠦᠵᠡᠰᠬᠦᠯᠡᠩ ᠦ᠋ᠨ ᠪᠡᠶ᠎ᠡ ᠳᠡᠭᠡᠷ᠎ᠡ ᠡᠴᠡ ᠬᠦᠴᠦᠲᠦ ᠬᠣᠣᠷCC66 ᠳ᠋ᠤᠭᠠᠷ ᠢᠯᠡᠷᠡᠬᠦ ᠦᠶ᠎ᠡ ᠳ᠋ᠦ᠍᠂ ᠪᠢ ᠳᠠᠷᠤᠢ ᠠᠩᠬᠠᠨ ᠤ᠋ ᠮᠡᠷᠭᠡᠵᠢᠯ ᠦ᠋ᠨ ᠬᠢᠨᠠᠨ ᠲᠣᠭᠲᠠᠭᠠᠯ ᠬᠢᠭᠰᠡᠨ ᠡᠮᠴᠢ ᠨᠠᠷ ᠢ᠋ ᠰᠡᠵᠢᠭᠯᠡᠵᠦ ᠥᠩᠭᠡᠷᠡᠵᠡᠢ᠃ ᠦᠵᠡᠰᠬᠦᠯᠡᠩ ᠦ᠋ᠨ ᠦᠬᠦᠳᠡᠯ᠂ ᠴᠢᠰᠤᠨ ᠳ᠋ᠤ᠌ ᠭᠣᠣᠯ ᠬᠢᠨᠠᠨ ᠲᠣᠭᠲᠠᠭᠠᠯ ᠬᠢᠭᠰᠡᠨ ᠬᠥᠮᠦᠨ ᠪᠣᠯ ᠭᠤᠸᠠᠨ ᠢᠦᠢ ᠱᠠᠨ ᠶᠤᠮ᠃ ᠤᠴᠢᠷ ᠨᠢ ᠲᠡᠷᠡ ᠪᠣᠯ ᠮᠡᠷᠭᠡᠵᠢᠯ ᠢ᠋ᠶ᠋ᠡᠷ ᠶᠡᠬᠡ ᠥᠨᠳᠥᠷ ᠡᠮᠴᠢ ᠪᠥᠭᠡᠳ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠠ᠋ᠴᠠ ᠤᠷᠢᠭᠰᠠᠨ ᠬᠢᠨᠠᠨ ᠲᠣᠭᠲᠠᠭᠠᠭᠴᠢ ᠶᠤᠮ ᠃  
       — ᠲᠡᠭᠡᠬᠦᠯ᠎ᠡ ᠦᠵᠡᠰᠬᠦᠯᠡᠩ Aᠭᠤᠷᠪᠠᠳᠤᠭᠠᠷ ᠲᠤ᠌ ᠬᠣᠣᠷᠳᠠᠭᠰᠠᠨ ᠴᠤ᠌ ᠲᠡᠷᠡ᠂ CC66 ᠳ᠋ᠤᠭᠠᠷ ᠲᠤ᠌ ᠬᠣᠣᠷᠳᠠᠭᠰᠠᠨ ᠴᠤ᠌ ᠲᠡᠷᠡ ᠪᠦᠷ ᠴᠢᠰᠤᠨ ᠬᠣᠣᠷᠳᠠᠯ ᠶᠤᠮ᠃ ᠵᠠᠪᠠᠯ ᠴᠢᠰᠤᠨ ᠠ᠋ᠴᠠ ᠨᠢ ᠡᠳᠡᠭᠡᠷ ᠬᠣᠣᠷ ᠤ᠋ᠨ ᠪᠦᠷᠢᠯᠳᠦᠬᠦᠨ ᠢᠯᠡᠷᠡᠬᠦ ᠶᠣᠰᠣᠲᠠᠢ᠃ ᠭᠡᠲᠡᠯ᠎ᠡ ᠭᠤᠸᠠᠨ ᠢᠦᠢ ᠱᠠᠨ ᠵᠥᠪᠬᠡᠨAᠭᠤᠷᠪᠠᠳᠤᠭᠠᠷ ᠲᠤ᠌ ᠬᠣᠤᠷᠳᠠᠭᠳᠠᠵᠠᠢ ᠭᠡᠵᠦ ᠲᠣᠳᠣᠯᠠᠭᠰᠠᠨ ᠠ᠋ᠴᠠ ᠪᠢᠰᠢCC66 ᠳ᠋ᠤᠭᠠᠷ ᠢ᠋ ᠪᠣᠯ ᠠᠮᠠᠯᠠᠭᠰᠠᠨ ᠴᠤ᠌ ᠦᠭᠡᠢ ᠪᠠᠢᠨ᠎ᠠ᠃ 
       — ᠦᠵᠡᠰᠬᠦᠯᠡᠩ ᠢᠪ ᠢᠯᠡᠷᠬᠡᠢCC66 ᠳ᠋ᠤᠭᠠᠷ ᠲᠤ᠌ ᠬᠣᠣᠷᠳᠠᠭᠳᠠᠨ᠂ ᠢᠯᠠᠩᠭᠤᠶ᠎ᠠ ᠲᠡᠢᠮᠦ ᠬᠤᠷᠳᠤᠨ᠂ ᠲᠡᠭᠡᠵᠦ ᠭᠠᠯᠵᠠᠭᠤᠷᠠᠨ ᠰᠠᠨᠳᠤᠷᠴᠤ ᠦᠬᠦᠭᠰᠡᠨ ᠨᠢ ᠯᠠᠪᠲᠠᠢA ᠭᠤᠷᠪᠠᠳᠤᠭᠠᠷ ᠤ᠋ᠨ ᠬᠣᠣᠷᠳᠠᠯ ᠪᠢᠰᠢ ᠭᠡᠳᠡᠭ ᠢ᠋ ᠡᠩ ᠦ᠋ᠨ ᠡᠮᠴᠢ ᠨᠠᠷ ᠴᠤ᠌ ᠦᠵᠡᠵᠦ ᠭᠠᠷᠬᠤ ᠪᠠᠢᠲᠠᠯ᠎ᠠ ᠭᠤᠸᠠᠨ ᠢᠦᠢ ᠱᠠᠨ ᠵᠠᠪᠠᠯ Aᠭᠤᠷᠪᠠᠳᠤᠭᠠᠷ ᠲᠤ᠌ ᠬᠣᠤᠷᠳᠠᠭᠳᠠᠯ᠎ᠠ ᠭᠡᠬᠦ ᠨᠢ ᠵᠣᠷᠢᠯᠭ᠎ᠠ ᠲᠠᠢ ᠬᠠᠭᠤᠷᠮᠠᠭ ᠬᠢᠨᠠᠨ ᠲᠣᠭᠲᠠᠭᠠᠯ ᠬᠢᠭᠰᠡᠨ ᠨᠢ ᠢᠯᠡᠬᠡᠨ ᠪᠢᠰᠢ ᠤᠤ?
       — ᠳᠠᠬᠢᠭᠠᠳ ᠬᠡᠯᠡᠪᠡᠯ ᠬᠡᠷᠡᠭ ᠦ᠋ᠨ ᠲᠠᠯᠠᠪᠠᠢ ᠠ᠋ᠴᠠ ᠦᠵᠡᠰᠬᠦᠯᠡᠩ ᠳ᠋ᠦ᠍ ᠵᠡᠭᠦᠦ ᠴᠣᠬᠢᠬᠤ ᠦᠶ᠎ᠡ ᠳ᠋ᠦ᠍ ᠬᠡᠷᠡᠭᠯᠡᠭᠰᠡᠨ ᠠᠷᠢᠭᠤᠳᠬᠠᠯ ᠤ᠋ᠨ ᠰᠫᠢᠷᠲ ᠲᠡᠢ ᠬᠥᠪᠥᠩ ᠪᠣᠯᠤᠨ ᠬᠢᠮᠰᠠ ᠭᠡᠨᠡᠳᠲᠡ ᠦᠭᠡᠢ ᠪᠣᠯᠤᠭᠰᠠᠨ ᠪᠠᠢᠨ᠎ᠠ᠃ ᠪᠢᠳᠡ ᠬᠡᠷᠡᠭ ᠦ᠋ᠨ ᠲᠠᠯᠠᠪᠠᠢ ᠳ᠋ᠤ᠌ ᠢᠷᠡᠭᠰᠡᠨ ᠬᠥᠮᠦᠰ ᠢ᠋ ᠨᠢᠭᠡ ᠨᠢᠭᠡ ᠪᠡᠷ ᠪᠠᠢᠴᠠᠭᠠᠭᠰᠠᠨ ᠤ᠋ ᠦᠷ᠎ᠡ ᠳ᠋ᠦᠩ ᠳ᠋ᠦ᠍ ᠭᠠᠭᠴᠠᠬᠠᠨ ᠰᠡᠵᠢᠭᠯᠡᠯᠲᠡᠢ ᠬᠥᠮᠦᠨ ᠪᠣᠯ ᠭᠤᠸᠠᠨ ᠢᠦᠢ ᠱᠠᠨ ᠪᠠᠢᠭᠰᠠᠨ ᠶᠤᠮ᠃ ᠤᠴᠢᠷ ᠨᠢ᠂ ᠲᠡᠭᠦᠨ ᠦ᠌ ᠲᠡᠷᠡ ᠬᠦ᠌ ᠬᠠᠭᠤᠷᠮᠠᠭ ᠬᠢᠨᠠᠨ ᠲᠣᠭᠲᠠᠭᠠᠯ ᠪᠣᠯᠤᠨ ᠬᠣᠣᠷ ᠵᠠᠷᠤᠭᠰᠠᠨ ᠭᠡᠷᠡᠴᠢ ᠨᠢ ᠭᠡᠨᠡᠳᠲᠡ ᠤᠰᠠᠳᠬᠤ ᠬᠣᠶᠠᠷ ᠮᠠᠰᠢ ᠠᠪᠴᠠᠯᠳᠤᠭᠰᠠᠨ ᠪᠣᠯᠬᠣᠷ ᠬᠡᠨ ᠴᠤ᠌ ᠰᠡᠵᠢᠭᠯᠡᠮᠡᠷ ᠪᠢᠰᠢ ᠤᠤ? ᠡᠨᠡ ᠪᠣᠯ ᠮᠢᠨᠦ ᠡᠬᠢᠯᠡᠵᠦ ᠰᠡᠵᠢᠭᠯᠡᠯ ᠣᠯᠵᠤ ᠠᠪᠤᠭᠰᠠᠨ ᠠᠩᠬᠠᠨ ᠤ᠋ ᠭᠡᠷᠡᠴᠢ ᠪᠣᠯᠤᠨ᠎ᠠ ᠭᠡᠵᠦ ᠬᠡᠯᠡᠭᠰᠡᠨ ᠢ᠋ᠶ᠋ᠡᠨ ᠲᠦᠪᠰᠢᠨ ᠭᠤᠸᠠᠢ ᠦᠭᠡ ᠪᠡᠨ ᠲᠦᠷ ᠵᠠᠪᠰᠠᠷᠯᠠᠵᠤ ᠠᠪᠤᠭᠠᠳ᠄ 
       — ᠦᠵᠡᠰᠬᠦᠯᠡᠩ ᠦ᠋ᠨ ᠤᠳᠠᠭᠠᠨ ᠵᠢᠯ ᠬᠣᠣᠷᠯᠠᠯ ᠠᠮᠰᠠᠵᠤ ᠪᠠᠢᠭᠰᠠᠨ ᠠ᠋ᠴᠠ ᠪᠠᠨ ᠭᠡᠨᠡᠳᠲᠡᠬᠡᠨ ᠪᠤᠰᠤᠳ ᠠ᠋ᠴᠠ ᠣᠨᠴᠠᠭᠠᠢ ᠬᠠᠷᠠᠭᠠᠯᠵᠠᠯ ᠬᠦᠷᠲᠡᠭᠡᠮᠵᠢ ᠣᠯᠬᠤ ᠦᠶ᠎ᠡ ᠳ᠋ᠦ᠍᠂ ᠲᠡᠭᠦᠨ ᠳ᠋ᠦ᠍ ᠡᠢᠮᠦ ᠬᠤᠪᠢ ᠤᠴᠠᠷᠠᠯ ᠣᠯᠭᠣᠵᠤ ᠴᠢᠳᠠᠬᠤ ᠬᠥᠮᠦᠨ ᠪᠣᠯ ᠨᠢᠭᠡ ᠳ᠋ᠦ᠍ ᠡᠷᠬᠡᠪᠰᠢ ᠲᠤᠰ ᠪᠠᠢᠭᠤᠯᠭ᠎ᠠ ᠶ᠋ᠢᠨ ᠬᠥᠮᠦᠨ; ᠬᠣᠶᠠᠷ ᠲᠤ᠌ ᠡᠷᠬᠡᠪᠰᠢ ᠭᠣᠣᠯ ᠤᠳᠤᠷᠢᠳᠤᠯᠭ᠎ᠠ;  ᠭᠤᠷᠪᠠ ᠳ᠋ᠤ᠌ ᠡᠷᠬᠡᠪᠰᠢ ᠲᠤᠰ ᠪᠠᠢᠭᠤᠯᠭ᠎ᠠ ᠳ᠋ᠤ᠌ ᠬᠣᠷᠢᠭᠠᠳ ᠵᠢᠯ ᠰᠠᠭᠤᠭᠰᠠᠨ ᠬᠠᠷᠢᠭᠤᠴᠠᠯᠭᠠᠲᠠᠨ ᠪᠠᠢᠬᠤ ᠶᠣᠰᠣᠲᠠᠢ ᠭᠡᠵᠦ ᠪᠣᠳᠣᠵᠤ ᠣᠯᠤᠭᠰᠠᠨ᠃ ᠡᠳᠡᠭᠡᠷ ᠨᠥᠬᠥᠴᠡᠯ ᠢ᠋ ᠪᠦᠷᠢᠯᠳᠦᠭᠦᠯᠬᠦ ᠬᠥᠮᠦᠨ ᠪᠣᠯ ᠭᠠᠭᠴᠠ ᠬᠦ᠌ ᠭᠤᠸᠠᠨ ᠢᠦᠢ ᠱᠠᠨ ᠪᠣᠯᠤᠨ᠎ᠠ᠃ ᠡᠨᠡ ᠪᠣᠯ ᠬᠣᠶᠠᠳᠤᠭᠠᠷ ᠰᠡᠵᠢᠭᠯᠡᠯ ᠪᠣᠯᠤᠨ᠎ᠠ᠃ 
       — ᠳᠠᠬᠢᠪᠠᠯCC66 ᠳ᠋ᠤᠭᠠᠷ ᠮᠡᠲᠦ ᠶ᠋ᠢᠨ ᠣᠨᠴᠠ ᠬᠣᠣᠷᠲᠤ ᠡᠮ ᠢ᠋ ᠳᠤᠷ᠎ᠠ ᠪᠠᠷ ᠢ᠋ᠶ᠋ᠠᠨ ᠬᠡᠷᠡᠭᠯᠡᠬᠦ ᠡᠷᠬᠡ ᠲᠡᠢ ᠪᠠ ᠬᠤᠯᠠᠭᠠᠢᠯᠠᠨ ᠰᠣᠨᠣᠰᠬᠤ ᠮᠠᠰᠢᠨ ᠵᠡᠷᠭᠡ ᠶ᠋ᠢ ᠵᠠᠷᠤᠬᠤ ᠮᠡᠷᠭᠡᠵᠢᠯ ᠮᠡᠳᠡᠯᠭᠡ ᠲᠡᠢ ᠬᠥᠮᠦᠨ ᠪᠣᠯ ᠪᠠᠰᠠ ᠭᠤᠸᠠᠨ ᠢᠦᠢ ᠱᠠᠨ ᠪᠣᠯᠤᠨ᠎ᠠ᠃ ᠤᠴᠢᠷ ᠨᠢ ᠲᠡᠷᠡ ᠪᠣᠯ ᠶᠡᠬᠡ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ ᠪᠣᠯᠬᠣᠷ ᠬᠣᠷᠢᠶᠠᠨ ᠳ᠋ᠤ᠌ ᠪᠠᠢᠳᠠᠭ ᠡᠮ ᠢ᠋ ᠳᠤᠷ᠎ᠠ ᠪᠠᠷ ᠢ᠋ᠶ᠋ᠠᠨ ᠵᠠᠷᠤᠵᠤ ᠪᠣᠯᠤᠨ᠎ᠠ᠃ ᠲᠡᠷᠡ ᠥᠩᠭᠡᠷᠡᠭᠰᠡᠨ ᠳ᠋ᠦ᠍ ᠤᠯᠤᠰ ᠤ᠋ᠨ ᠠᠮᠤᠷ ᠢ᠋ ᠬᠠᠮᠠᠭᠠᠯᠠᠬᠤ ᠲᠣᠪᠴᠢᠶᠠᠨ ᠳ᠋ᠤ᠌ ᠮᠡᠷᠭᠡᠵᠢᠯ ᠦ᠋ᠨ ᠠᠵᠢᠯ ᠬᠢᠵᠦ ᠪᠠᠢᠭᠰᠠᠨ ᠲᠤᠯᠠ ᠠᠯᠢᠪᠠ ᠬᠤᠯᠠᠭᠠᠢᠯᠠᠨ ᠰᠣᠨᠣᠰᠬᠤ ᠮᠠᠰᠢᠨ ᠢ᠋ ᠣᠯᠵᠤ ᠠᠪᠬᠤ ᠪᠠ ᠵᠣᠬᠢᠰᠲᠠᠢ ᠵᠠᠷᠤᠵᠤ ᠬᠡᠷᠡᠭᠯᠡᠵᠦ ᠴᠢᠳᠠᠬᠤ ᠨᠢ ᠮᠡᠳᠡᠭᠡᠵᠢ ᠶ᠋ᠢᠨ ᠬᠡᠷᠡᠭ᠃ ᠡᠨᠡ ᠪᠣᠯ ᠭᠤᠷᠪᠠᠳᠤᠭᠠᠷ ᠰᠡᠵᠢᠭᠯᠡᠯ ᠪᠣᠯᠨ᠎ᠠ᠃ 
       — ᠸᠠᠩ ᠯᠠᠨ ᠬᠤᠸᠠ ᠶᠢᠨ ᠬᠣᠣᠷᠯᠠᠭᠳᠠᠭᠰᠠᠨ ᠬᠡᠷᠡᠭ ᠦ᠋ᠨ ᠲᠠᠯᠠᠪᠠᠢ ᠠ᠋ᠴᠠ ᠦᠵᠡᠬᠦ ᠳ᠋ᠦ᠍᠂ ᠬᠣᠣᠷᠯᠠᠭᠴᠢ ᠲᠡᠭᠦᠨ ᠲᠡᠢ ᠤᠨᠲᠠᠵᠤ ᠪᠠᠢᠭᠠᠳ ᠬᠣᠣᠷᠯᠠᠭᠰᠠᠨ ᠨᠢ ᠢᠯᠡᠬᠡᠨ ᠪᠠᠢᠨ᠎ᠠ᠃ ᠤᠴᠢᠷ ᠨᠢ ᠵᠢᠵᠢᠭ ᠰᠢᠭ ᠬᠣᠶᠠᠷ ᠬᠥᠮᠦᠨ ᠦ᠌ ᠣᠷᠣᠨ ᠳᠡᠭᠡᠷ᠎ᠡ ᠭᠠᠭᠴᠠ ᠬᠥᠮᠦᠨ ᠤᠨᠲᠠᠬᠤ ᠳ᠋ᠤ᠌᠂ ᠡᠩ ᠦ᠋ᠨ ᠪᠠᠢᠳᠠᠯ ᠳᠣᠣᠷ᠎ᠠ ᠪᠦᠷ ᠭᠣᠣᠯ ᠳ᠋ᠤᠨᠢ ᠤᠨᠲᠠᠳᠠᠭ᠃  ᠭᠡᠲᠡᠯ᠎ᠡ ᠸᠠᠩ ᠯᠠᠨ ᠬᠤᠸᠠ ᠶ᠋ᠢᠨ ᠳᠡᠷ᠎ᠡ ᠪᠣᠯᠤᠨ ᠳᠡᠪᠢᠰᠬᠡᠷ ᠨᠢ ᠬᠠᠮᠤᠭ ᠤ᠋ᠨ ᠨᠠᠭᠠᠳᠤ ᠢᠷᠮᠡᠭ ᠢ᠋ᠶ᠋ᠡᠷ ᠨᠢ ᠪᠠᠢᠵᠤ᠂ ᠴᠠᠭᠠᠳᠤ ᠲᠠᠯ᠎ᠠ ᠪᠠᠷ ᠨᠢ ᠪᠠᠰᠠ ᠨᠢᠭᠡ ᠬᠥᠮᠦᠨ ᠦ᠌ ᠤᠨᠲᠠᠬᠤ ᠵᠠᠢᠲᠠᠢ ᠪᠠᠢᠭᠰᠠᠨ ᠨᠢ ᠲᠡᠭᠦᠨ ᠲᠡᠢ ᠬᠥᠮᠦᠨ ᠤᠨᠲᠠᠭᠰᠠᠨ ᠢ᠋ ᠭᠡᠷᠡᠴᠢᠯᠡᠵᠦ ᠪᠠᠢᠨ᠎ᠠ᠃ ᠸᠠᠩ ᠯᠠᠨ ᠬᠤᠸᠠ ᠶᠢ ᠬᠣᠣᠷᠯᠠᠭᠳᠠᠬᠤ ᠶ᠋ᠢᠨ ᠣᠷᠣᠢ ᠪᠢᠳᠡ ᠬᠣᠶᠠᠷ ᠢ᠋ ᠣᠴᠢᠬᠤ ᠳ᠋ᠤ᠌᠂ ᠸᠠᠩ ᠯᠠᠨ ᠬᠤᠸᠠ ᠶᠢᠨ ᠬᠥᠨᠵᠢᠯᠡ ᠳᠡᠪᠢᠰᠬᠡᠷ ᠨᠢ ᠣᠷᠣ ᠶ᠋ᠢᠨ ᠢ᠋ᠶ᠋ᠡᠨ ᠪᠠᠷᠠᠭᠤᠨ ᠲᠠᠯ᠎ᠠ ᠪᠠᠷ ᠬᠤᠷᠢᠶᠠᠭᠠᠰᠤᠲᠠᠢ ᠪᠠᠢᠭᠰᠠᠨ ᠪᠥᠭᠡᠳ ᠬᠠᠮᠤᠭ ᠳᠡᠭᠡᠷ᠎ᠡ ᠨᠢ ᠲᠡᠭᠦᠨ ᠦ᠌ ᠬᠣᠣᠷᠯᠠᠭᠳᠠᠬᠤ ᠦᠶ᠎ᠡ ᠳᠦ ᠪᠡᠨ ᠬᠤᠴᠢᠵᠤ ᠪᠠᠢᠭᠰᠠᠨ ᠨᠣᠭᠣᠭᠠᠨ ᠬᠥᠨᠵᠢᠯᠡ ᠪᠠᠢᠭᠰᠠᠨ ᠪᠢᠰᠢ ᠤᠤ? ᠭᠡᠲᠡᠯ᠎ᠡ ᠸᠠᠩ ᠯᠠᠨ ᠬᠤᠸᠠ ᠶ᠋ᠢ ᠦᠬᠦᠭᠰᠡᠨ ᠦ᠌ ᠳᠠᠷᠠᠭ᠎ᠠ ᠲᠡᠷᠡ ᠬᠥᠨᠵᠢᠯᠡ ᠳᠡᠪᠢᠰᠬᠡᠷ ᠢ᠋ ᠤᠤᠯ ᠣᠷᠣᠨ ᠠ᠋ᠴᠠ ᠨᠢ ᠲᠣᠬᠣᠢ ᠬᠢᠷᠢᠲᠡᠢ ᠳᠣᠲᠣᠭᠰᠢ ᠰᠢᠯᠵᠢᠭᠦᠯᠦᠨ ᠬᠤᠷᠢᠶᠠᠭᠰᠠᠨ ᠪᠠᠢᠨ᠎ᠠ᠃ ᠡᠩ ᠦ᠋ᠨ ᠪᠠᠢᠳᠠᠯ ᠳᠣᠣᠷ᠎ᠠ ᠭᠠᠭᠴᠠ ᠬᠥᠮᠦᠨ ᠤᠨᠲᠠᠬᠤ ᠳᠤ ᠪᠠᠨ ᠬᠤᠷᠢᠶᠠᠭᠰᠠᠨ ᠬᠥᠨᠵᠢᠯᠡ ᠳᠡᠪᠢᠰᠬᠡᠷ ᠦ᠋ᠨ ᠢ᠋ᠶ᠋ᠡᠨ ᠳᠡᠭᠡᠷ᠎ᠡ ᠲᠠᠯ᠎ᠠ ᠠ᠋ᠴᠠ ᠨᠢ ᠠᠪᠬᠤ ᠠ᠋ᠴᠠ ᠪᠢᠰᠢ᠂ ᠳᠣᠣᠷᠠᠬᠢ ᠶᠢ ᠨᠢ ᠬᠥᠳᠡᠯᠭᠡᠬᠦ ᠦᠭᠡᠢ ᠶᠦᠮ᠃ ᠨᠡᠩ ᠰᠢᠯᠵᠢᠭᠦᠯᠦᠨ ᠬᠤᠷᠢᠶᠠᠬᠤ ᠬᠡᠷᠡᠭ ᠦᠭᠡᠢ ᠶᠦᠮ᠃ ᠲᠡᠷᠡᠴᠢᠯᠡᠨ ᠢᠷᠮᠡᠭ ᠢ᠋ᠶ᠋ᠡᠷ ᠨᠢ ᠤᠨᠲᠠᠬᠤ ᠬᠥᠮᠦᠨ ᠳ᠋ᠦ᠍ ᠴᠠᠭᠠᠳᠤ ᠲᠠᠯ᠎ᠠ ᠳ᠋ᠠᠬᠢ ᠬᠥᠨᠵᠢᠯᠡ ᠳᠡᠪᠢᠰᠬᠡᠷ ᠶᠠᠮᠠᠷ ᠴᠤ᠌ ᠨᠥᠯᠥᠭᠡ ᠪᠣᠯᠬᠤ ᠦᠭᠡᠢ ᠶᠦᠮ ᠴᠢᠨᠢ ᠶᠠᠭᠤᠨ ᠳ᠋ᠤ᠌ ᠵᠠᠪᠠᠯ ᠰᠢᠯᠵᠢᠭᠦᠯᠬᠦ ᠪᠣᠢ? ᠡᠭᠦᠨ ᠡᠴᠡ ᠥᠭᠡᠷ᠎ᠡ ᠬᠥᠮᠦᠨ ᠤᠨᠲᠠᠵᠤ ᠪᠠᠢᠭᠠᠳ ᠲᠡᠭᠡᠵᠦ ᠬᠤᠷᠢᠶᠠᠭᠰᠠᠨ ᠭᠡᠵᠦ ᠵᠢᠱᠢᠵᠦ ᠪᠣᠯᠤᠨ᠎ᠠ᠃ ᠸᠠᠩ ᠯᠠᠨ ᠬᠤᠸᠠ ᠶᠢᠨ ᠦᠬᠦᠭᠰᠡᠨ ᠪᠠᠢᠳᠠᠯ ᠠ᠋ᠴᠠ ᠦᠵᠡᠬᠦ ᠳ᠋ᠦ᠍᠂ ᠲᠠᠢᠪᠤᠩ ᠤᠨᠲᠠᠵᠤ ᠪᠠᠢᠭᠠᠳ ᠬᠦᠴᠦᠲᠦ ᠴᠢᠨᠠᠷ ᠤ᠋ᠨ ᠡᠮ ᠳ᠋ᠦ᠍ ᠬᠤᠤᠷᠳᠠᠭᠳᠠᠨ ᠮᠠᠰᠢ ᠲᠦᠷᠭᠡᠨ ᠦᠬᠦᠭᠰᠡᠨ ᠨᠢ ᠢᠯᠡᠬᠡᠨ ᠪᠠᠢᠨ᠎ᠠ᠃ ᠡᠳᠡᠭᠡᠷ ᠡᠴᠡ ᠦᠵᠡᠬᠦ ᠳ᠋ᠦ᠍ ᠸᠠᠩ ᠯᠠᠨ ᠬᠤᠸᠠ ᠲᠡᠷᠡ ᠬᠥᠮᠦᠨ ᠲᠡᠢ ᠰᠠᠨᠠᠭ᠎ᠠ ᠠᠮᠤᠷ ᠤᠨᠲᠠᠵᠤ ᠪᠠᠢᠭᠠᠳ ᠠᠯᠠᠭᠳᠠᠭᠰᠠᠨ ᠢ᠋ ᠮᠡᠳᠡᠵᠦ ᠪᠣᠯᠤᠨ᠎ᠠ᠃ ᠡᠨᠡ ᠪᠣᠯ ᠮᠢᠨᠦ ᠳᠥᠷᠪᠡᠳᠦᠭᠡᠷ ᠰᠡᠵᠢᠭᠯᠡᠯ ᠪᠣᠯᠤᠨ᠎ᠠ᠃ 
       — ᠪᠢ ᠬᠣᠲᠠ ᠶᠢᠨ ᠲᠡᠭᠦᠷᠭᠡ ᠳ᠋ᠡᠬᠢ ᠨᠠᠷᠠᠰᠤᠨ ᠣᠢ ᠳ᠋ᠤ᠌ ᠲᠡᠷᠭᠡᠨ ᠠᠶᠤᠯ ᠠ᠋ᠴᠠ ᠮᠤᠯᠲᠤᠷᠠᠭᠠᠳ ᠲᠡᠷᠡ ᠳᠣᠣᠷ᠎ᠠ ᠪᠠᠨ ᠡᠦ ᠹᠧᠩ ᠮᠧᠢ ᠳ᠋ᠦ᠍ ᠳ᠋ᠢᠶᠠᠩᠬᠤᠸᠠ ᠶᠠᠪᠤᠭᠤᠯᠬᠤ ᠳ᠋ᠤ᠌ ᠲᠡᠷᠡ ᠠᠯᠪᠠᠨ ᠭᠡᠷ ᠲᠤ ᠪᠠᠨ ᠪᠠᠢᠪᠠ᠃ ᠲᠡᠭᠦᠨ ᠢ᠋ ᠲᠡᠷᠭᠡ ᠵᠢᠯᠣᠭᠣᠳᠴᠤ ᠴᠢᠳᠠᠨ᠎ᠠ ᠭᠡᠳᠡᠭ ᠢ᠋ ᠨᠠᠷᠢᠨ ᠣᠢᠯᠠᠭᠠᠬᠤ ᠬᠥᠮᠦᠨ ᠪᠣᠯ ᠪᠠᠰᠠ ᠭᠤᠸᠠᠨ ᠢᠦᠢ ᠱᠠᠨ ᠪᠣᠯᠤᠨ᠎ᠠ᠃ ᠲᠡᠷᠡ ᠨᠠᠷᠠᠰᠤᠨ ᠣᠢ ᠳ᠋ᠤ᠌ ᠡᠮᠡᠭᠲᠡᠢ ᠮᠠᠶᠢᠭ ᠢ᠋ᠶ᠋ᠠᠷ ᠬᠤᠪᠴᠠᠯᠠᠭᠠᠳ ᠲᠡᠷᠭᠡ ᠪᠡᠷ ᠢ᠋ᠶ᠋ᠡᠨ ᠮᠢᠨᠦ ᠲᠡᠷᠭᠡ ᠶᠢ ᠳᠠᠭᠠᠷᠢᠬᠤ ᠳ᠋ᠤ᠌ ᠪᠢ ᠨᠡᠯᠢᠶᠡᠳ ᠭᠠᠢᠬᠠᠵᠤ ᠥᠩᠭᠡᠷᠡᠭᠰᠡᠨ ᠶᠦᠮ᠃ ᠰᠡᠭᠦᠯ ᠳ᠋ᠦ᠍ᠨᠢ ᠪᠠᠢᠴᠠᠭᠠᠭᠠᠳ᠂ ᠠᠷᠪᠠᠨ ᠵᠢᠷᠭᠤᠭᠠᠨ ᠵᠢᠯ ᠦ᠋ᠨ ᠡᠮᠦᠨ᠎ᠡ ᠡᠦ ᠹᠧᠩ ᠮᠧᠢ᠂ ᠭᠤᠸᠠᠨ ᠢᠦᠢ ᠱᠠᠨ ᠲᠠᠢ ᠬᠠᠮᠲᠤ ᠬᠥᠳᠡᠭᠡ ᠪᠠᠭᠤᠵᠤ ᠪᠠᠢᠬᠤ ᠳᠤ ᠪᠠᠨ ᠲᠡᠭᠦᠨ ᠡᠴᠡ ᠲᠡᠷᠭᠡ ᠵᠢᠯᠣᠭᠣᠳᠬᠤ ᠶᠢ ᠰᠤᠷᠤᠭᠰᠠᠨ ᠢ᠋ ᠲᠣᠳᠣᠷᠬᠠᠢᠯᠠᠪᠠ᠃  ᠡᠨᠡ ᠪᠠᠢᠳᠠᠯ ᠢ᠋ ᠲᠡᠭᠦᠨ ᠡᠴᠡ ᠥᠭᠡᠷ᠎ᠡ ᠨᠠᠷᠢᠨ ᠮᠡᠳᠡᠬᠦ ᠬᠥᠮᠦᠨ ᠦᠭᠡᠢ᠃ 
       — ᠳᠡᠭᠡᠷᠡᠬᠢ ᠵᠦᠢᠴᠢᠯᠡᠯ ᠮᠠᠭᠠᠳᠯᠠᠯ ᠬᠣᠵᠢᠮ ᠤ᠋ᠨ ᠪᠠᠢᠴᠠᠭᠠᠯᠲᠠ ᠪᠠᠷ ᠲᠣᠳᠣᠷᠬᠠᠢ ᠭᠡᠷᠡᠴᠢᠯᠡᠭᠳᠡᠪᠡ᠃ ᠢᠩᠭᠢᠭᠡᠳ ᠮᠢᠨᠦ ᠠᠩᠬᠠᠷᠤᠯ ᠭᠤᠸᠠᠨ ᠢᠦᠢ ᠱᠠᠨ ᠳᠡᠭᠡᠷ᠎ᠡ ᠲᠥᠪᠯᠡᠷᠡᠨ᠂ ᠲᠡᠭᠦᠨ ᠢ᠋ ᠲᠤᠰᠬᠠᠢᠯᠠᠨ ᠮᠥᠷᠳᠡᠨ ᠪᠠᠢᠴᠠᠭᠠᠭᠰᠠᠨ ᠶᠤᠮ ᠭᠡᠯ᠎ᠡ᠃ 
       ᠭᠤᠷᠪᠠᠨ ᠡᠳᠦᠷ ᠦ᠋ᠨ ᠬᠢᠨᠢ ᠳᠠᠷᠠᠭ᠎ᠠ᠂ ᠬᠦᠬᠡᠲᠤᠯᠢ ᠬᠣᠷᠢᠭᠤᠯ ᠤ᠋ᠨ ᠭᠠᠵᠠᠷ ᠲᠤ᠌ ᠣᠴᠢᠵᠤ ᠭᠤᠸᠠᠨ ᠢᠦᠢ ᠱᠠᠨ ᠢ᠋ ᠰᠢᠭᠦᠯ᠎ᠡ᠃ ᠲᠡᠭᠦᠨ ᠦ᠌ ᠲᠤᠰᠢᠶᠠᠯᠲᠠ ᠨᠢ ᠲᠦᠪᠰᠢᠨ ᠦ᠌ ᠵᠦᠢᠴᠢᠯᠡᠯ ᠲᠡᠢ ᠳᠡᠮᠡᠢ ᠵᠦᠷᠢᠶᠡᠨ ᠦᠭᠡᠢ ᠪᠠᠢᠪᠠ᠃ ᠵᠥᠪᠬᠡᠨ ᠦᠵᠡᠰᠬᠦᠯᠡᠩ ᠦ᠋ᠨ ᠬᠡᠭᠦᠷ ᠢ᠋ ᠠᠭᠤᠳᠠᠯᠵᠤ ᠳᠠᠬᠢᠨ ᠪᠠᠢᠴᠠᠭᠠᠬᠤ ᠪᠠᠷ ᠪᠠᠢᠭ᠎ᠠ ᠶ᠋ᠢ ᠭᠤᠸᠠᠨ ᠢᠦᠢ ᠱᠠᠨ ᠮᠡᠳᠡᠭᠡᠳ ᠬᠡᠭᠦᠷ ᠢ᠋ ᠨᠢ ᠬᠤᠯᠠᠭᠠᠢᠯᠠᠨ ᠠᠪᠬᠤ ᠪᠠᠷ ᠣᠴᠢᠭᠰᠠᠨ ᠳ᠋ᠤ᠌᠂ ᠬᠠᠨ ᠠᠪᠤᠭᠠᠢ ᠨᠠᠷ ᠨᠢᠭᠡᠨᠲᠡ ᠮᠠᠯᠲᠠᠵᠤ ᠠᠪᠤᠭᠠᠳ ᠶᠠᠪᠤᠴᠢᠬᠠᠵᠠᠢ ᠭᠡᠰᠡᠨ ᠲᠤᠰᠢᠶᠠᠯᠲᠠ ᠨᠢ ᠲᠦᠪᠰᠢᠨ ᠦ᠌ ᠵᠦᠢᠴᠢᠯᠡᠯ ᠳ᠋ᠦ᠍ ᠪᠠᠢᠭᠰᠠᠨ ᠦᠭᠡᠢ ᠰᠢᠨ᠎ᠡ ᠵᠦᠢᠯ ᠪᠠᠢᠯ᠎ᠠ᠃ ᠡᠨᠡ ᠬᠡᠷᠡᠭ ᠦ᠋ᠨ ᠲᠤᠬᠠᠢ ᠲᠦᠪᠰᠢᠨ ᠦ᠌ ᠵᠦᠢᠴᠢᠯᠡᠯ ᠨᠢ ᠬᠥᠬᠡᠲᠤᠯᠢ ᠶ᠋ᠢ ᠰᠡᠳᠬᠢᠯ ᠦ᠋ᠨ ᠤᠭ ᠠ᠋ᠴᠠ ᠨᠢ ᠪᠢᠰᠢᠷᠡᠭᠦᠯᠵᠡᠢ᠃ 

           ᠤᠩᠰᠢᠭᠰᠠᠨ ᠨᠢ᠄ ᠴᠡᠴᠡᠭᠮ᠎ᠡ