ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠭᠤᠷᠪᠠ> Хялгасан дөрөөн дээр – Хасвулаг зохиов <33>
ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠭᠤᠷᠪᠠ>
— ᠲᠢᠩᠬᠢᠮ ᠦ᠋ᠨ ᠳᠠᠷᠤᠭ᠎ᠠ ᠠ᠋᠂ ᠣᠷᠴᠢᠮ ᠤ᠋ᠨ ᠬᠡᠳᠦᠨ ᠡᠳᠦᠷ ᠮᠢᠨᠦ ᠪᠣᠳᠣᠭᠠᠳ ᠣᠯᠬᠤ ᠦᠭᠡᠢ ᠨᠢᠭᠡ ᠠᠰᠠᠭᠤᠳᠠᠯ ᠪᠣᠯ ᠡᠦ ᠹᠧᠩ ᠮᠧᠢ᠂ ᠦᠵᠡᠰᠬᠦᠯᠡᠩ ᠢ᠋ Aᠭᠤᠷᠪᠠᠳᠤᠭᠠᠷ ᠢ᠋ᠶ᠋ᠠᠷ ᠬᠣᠣᠷᠯᠠᠬᠤ ᠪᠠᠷ ᠣᠷᠣᠯᠳᠣᠬᠤ ᠦᠶ᠎ᠡ ᠳ᠋ᠦ᠍ ᠪᠠᠰᠠ ᠨᠢᠭᠡ ᠬᠥᠮᠦᠨ ᠨᠢᠭᠤᠴᠠ ᠪᠠᠷ CC66 ᠳ᠋ᠤᠭᠠᠷ ᠢ᠋ᠶ᠋ᠠᠷ ᠦᠵᠡᠰᠬᠦᠯᠡᠩ ᠢ᠋ ᠬᠣᠣᠷᠯᠠᠬᠤ ᠪᠠᠷ ᠣᠷᠣᠯᠳᠣᠭᠰᠠᠨ ᠭᠡᠵᠢ ᠤᠤ? ᠰᠣᠨᠢᠷᠬᠠᠯᠲᠠᠢ ᠨᠢ ᠡᠨᠡ ᠬᠣᠶᠠᠷ ᠬᠥᠮᠦᠨ ᠬᠤᠪᠢ ᠬᠣᠪᠢᠨ ᠤ᠋ ᠪᠠᠨ ᠬᠣᠣᠷᠲᠤ ᠡᠮ ᠢ᠋ ᠠᠳᠠᠯᠢ ᠴᠠᠭ ᠳᠡᠭᠡᠷ᠎ᠡ᠂ ᠲᠡᠭᠡᠭᠡᠳ ᠪᠠᠰᠠ ᠪᠦᠷ ᠪᠣᠯᠤᠷᠴᠠᠭᠠᠨ ᠤ᠋ ᠭᠠᠷ ᠢ᠋ᠶ᠋ᠠᠷ ᠨᠢᠭᠡᠨ ᠬᠥᠮᠦᠨ ᠳ᠋ᠦ᠍ ᠵᠠᠷᠤᠭᠰᠠᠨ ᠪᠠᠢᠭᠠᠳ ᠬᠣᠭᠣᠷᠣᠨᠳᠣ ᠪᠠᠨ ᠶᠠᠭᠠᠬᠢᠭᠠᠳ ᠮᠡᠳᠡᠳᠡᠭ ᠦᠭᠡᠢ ᠪᠣᠢ? ᠢᠩᠭᠢᠵᠦ ᠰᠠᠢᠬᠠᠨ ᠲᠠᠭᠠᠷᠠᠭᠰᠠᠨ ᠬᠡᠷᠡᠭ ᠪᠠᠰᠠ ᠪᠠᠢᠨ᠎ᠠ ᠭᠡᠵᠢ ᠤᠤ? ᠡᠰᠡᠪᠡᠯ᠁ ᠭᠡᠵᠦ ᠬᠥᠬᠡᠲᠤᠯᠢ ᠦᠭᠡ ᠡᠭᠦᠰᠬᠡᠪᠡ᠃
— ᠶᠠᠭ ᠲᠠᠭᠠᠷᠠᠵᠤ ᠪᠠᠢᠨ᠎ᠠ᠃ ᠪᠢ ᠴᠦ᠍ ᠡᠨᠡ ᠠᠰᠠᠭᠤᠳᠠᠯ ᠢ᠋ ᠪᠣᠳᠣᠭᠠᠳ ᠮᠠᠰᠢ ᠤᠳᠠᠭᠰᠠᠨ ᠶᠤᠮ᠃ ᠦᠨᠡᠬᠡᠷ ᠭᠠᠢᠬᠠᠯᠲᠠᠢ ᠰᠠᠨᠠᠭᠳᠠᠭᠠᠳ ᠪᠠᠢᠭᠰᠠᠨ ᠪᠢᠯᠡ᠃ ᠬᠠᠷᠢᠨ ᠲᠡᠷᠡ ᠤᠳᠠᠭ᠎ᠠ ᠪᠢᠳᠡ ᠬᠣᠶᠠᠭᠤᠯᠠ 《ᠲᠡᠮᠡᠭᠡᠨ ᠪᠦᠭᠦᠳᠦ ᠠᠭᠤᠯᠠᠨ》 ᠳ᠋ᠠᠬᠢ ᠬᠥᠳᠡᠯᠮᠦᠷᠢ ᠪᠡᠷ ᠥᠭᠡᠷᠡᠴᠢᠯᠡᠬᠦ ᠲᠠᠯᠠᠪᠠᠢ ᠠ᠋ᠴᠠ ᠪᠤᠴᠠᠵᠤ ᠢᠷᠡᠭᠰᠡᠨ ᠦ᠌ ᠳᠠᠷᠠᠭ᠎ᠠ ᠴᠢᠨᠦ ᠬᠡᠯᠡᠭᠰᠡᠨ ᠨᠢᠭᠡ ᠦᠭᠡ ᠨᠠᠮ᠎ᠠ ᠶᠢ ᠰᠡᠩᠬᠡᠷᠡᠭᠦᠯᠵᠡᠢ᠃
— ᠮᠢᠨᠦ ᠬᠡᠯᠡᠭᠰᠡᠨ ᠨᠢᠭᠡ ᠦᠭᠡ ᠭᠡᠨ᠎ᠡ? ᠭᠡᠳ ᠬᠥᠬᠡᠲᠤᠯᠢ ᠭᠠᠢᠬᠠᠪᠠ᠃
— ᠲᠡᠢᠮᠦ ᠠ᠋᠂ ᠬᠡᠷᠪᠡ ᠪᠣᠯᠤᠷᠴᠠᠭᠠᠨ᠂ ᠡᠦ ᠹᠧᠩ ᠮᠧᠢ ᠬᠣᠶᠠᠭᠤᠯᠠ ᠤᠤᠯ ᠠ᠋ᠴᠠ ᠪᠠᠨ ᠵᠣᠷᠢᠯᠭ᠎ᠠ ᠲᠥᠯᠥᠪᠯᠡᠭᠡ ᠦᠭᠡᠢ ᠪᠣᠯ ᠦᠵᠡᠰᠬᠦᠯᠡᠩ ᠰᠥᠨᠢ ᠠᠯᠠᠭᠳᠠᠮᠠᠭᠴᠨ ᠮᠠᠷᠭᠠᠰᠢ ᠥᠷᠯᠥᠭᠡ ᠨᠢ ᠬᠥᠮᠦᠰ ᠠᠵᠢᠯ ᠳ᠋ᠤ᠌ ᠭᠠᠷᠬᠤ ᠠ᠋ᠴᠠ ᠡᠮᠦᠨ᠎ᠡ ᠡᠦ ᠹᠧᠩ ᠮᠧᠢ ᠶᠠᠭᠤ ᠭᠡᠵᠦ ᠬᠣᠷᠢᠭᠤᠯ ᠤ᠋ᠨ ᠭᠠᠵᠠᠷ ᠲᠤ᠌ ᠲᠡᠢᠮᠦ ᠶᠠᠭᠠᠷᠠᠤ ᠣᠴᠢᠬᠤ ᠪᠣᠢ? ᠭᠡᠵᠦ ᠴᠢ ᠠᠰᠠᠭᠤᠭᠰᠠᠨ ᠰᠢᠲᠠ᠃
— ᠡᠦ ᠹᠧᠩ ᠮᠧᠢ᠂ ᠪᠣᠯᠤᠷᠴᠠᠭᠠᠨ ᠳ᠋ᠤ᠌ ᠡᠮ ᠲᠣᠬᠢᠷᠠᠭᠤᠯᠵᠤ ᠥᠭᠭᠦᠭᠰᠡᠨ ᠨᠢ ᠭᠤᠷᠪᠠᠨ ᠡᠳᠦᠷ ᠦ᠋ᠨ ᠡᠮᠦᠨᠡᠬᠢ ᠬᠡᠷᠡᠭ᠃ ᠡᠮ ᠦ᠋ᠨ ᠬᠠᠢᠷᠴᠠᠭ ᠤ᠋ᠨ ᠭᠣᠣᠯ ᠳ᠋ᠤ᠌ ᠬᠣᠶᠠᠷ ᠯᠣᠩᠬᠣA ᠭᠤᠷᠪᠠᠳᠤᠭᠠᠷ ᠢ᠋ ᠬᠣᠯᠢᠵᠤ ᠲᠣᠬᠢᠷᠠᠭᠤᠯᠤᠭᠰᠠᠨ ᠢ᠋ᠶ᠋ᠠᠷ ᠪᠣᠳᠣᠬᠤ ᠳ᠋ᠤ᠌ ᠠᠯᠢ ᠡᠳᠦᠷ ᠦ᠋ᠨ ᠬᠡᠳᠦᠨ ᠴᠠᠭ ᠲᠤ᠌ ᠦᠬᠦᠬᠦ ᠶ᠋ᠢ ᠲᠡᠷᠡ ᠮᠡᠳᠡᠬᠦ ᠦᠭᠡᠢ᠃ ᠲᠡᠷᠡᠴᠢᠯᠡᠨ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠦ᠋ᠨ ᠲᠠᠯᠠᠪᠠᠢ ᠪᠣᠯᠤᠨ ᠬᠣᠷᠢᠭᠤᠯ ᠤ᠋ᠨ ᠭᠠᠵᠠᠷ ᠪᠦᠷ ᠡᠦ ᠹᠧᠩ ᠮᠧᠢ ᠶᠢᠨ ᠭᠡᠷ ᠡᠴᠡ ᠬᠣᠷᠢᠭᠠᠳ ᠭᠠᠵᠠᠷ ᠵᠠᠢᠲᠠᠢ᠃ ᠶᠠᠭᠠᠬᠢᠭᠠᠳ ᠲᠡᠷᠡ ᠰᠥᠨᠢ ᠳᠦ ᠪᠡᠨ ᠡᠨᠡ ᠬᠡᠷᠡᠭ ᠢ᠋ ᠮᠡᠳᠡᠵᠦ ᠲᠡᠢᠮᠦ ᠡᠷᠲᠡ ᠬᠣᠷᠢᠭᠤᠯ ᠤ᠋ᠨ ᠭᠠᠵᠠᠷ ᠲᠤ᠌ ᠬᠦᠷᠦᠭᠰᠡᠨ ᠪᠣᠢ? ᠶᠠᠮᠠᠷ ᠬᠥᠮᠦᠨ ᠲᠡᠭᠦᠨ ᠳ᠋ᠦ᠍ ᠡᠨᠡ ᠴᠢᠮᠡᠭᠡ ᠶ᠋ᠢ ᠡᠢᠮᠦ ᠬᠤᠷᠳᠤᠨ ᠳᠠᠮᠵᠢᠭᠤᠯᠤᠭᠰᠠᠨ ᠪᠣᠢ? ᠮᠢᠨᠦ ᠪᠣᠳᠣᠬᠤ ᠪᠠᠷ 《ᠠᠳᠤᠭᠤᠰᠤ》 ᠭᠡᠳᠡᠭ ᠬᠥᠮᠦᠨ ᠡᠨᠡ ᠴᠢᠮᠡᠭᠡ ᠶ᠋ᠢ ᠥᠷᠯᠥᠭᠡ ᠡᠷᠲᠡ ᠡᠦ ᠹᠧᠩ ᠮᠧᠢ ᠳ᠋ᠦ᠍ ᠳ᠋ᠢᠶᠠᠩᠬᠤᠸᠠ ᠪᠠᠷ ᠳᠠᠮᠵᠢᠭᠤᠯᠤᠭᠰᠠᠨ ᠪᠠᠢᠬᠤ ᠶᠣᠰᠣᠲᠠᠢ᠃
— ᠤᠴᠢᠷ ᠨᠢ ᠡᠦ ᠹᠧᠩ ᠮᠧᠢ᠂ ᠪᠣᠯᠤᠷᠴᠠᠭᠠᠨ ᠭᠣᠶᠠᠭᠤᠯᠠ ᠬᠤᠤᠪᠢᠯᠳᠤᠵᠤ ᠬᠥᠮᠦᠨ ᠠᠯᠠᠭᠰᠠᠨ ᠬᠡᠷᠡᠭ ᠢ᠋ ᠦᠭᠡᠢᠰᠬᠡᠭᠰᠡᠨ ᠦᠶ᠎ᠡ ᠳ᠋ᠦ᠍᠂ ᠪᠠᠰᠠ ᠪᠣᠯᠤᠷᠴᠠᠭᠠᠨ ᠨᠢᠭᠡᠨᠲᠡ ᠪᠠᠷᠢᠪᠴᠢᠯᠠᠭᠳᠠᠨ ᠬᠣᠷᠢᠭᠳᠠᠭᠰᠠᠨ ᠬᠣᠢᠨ᠎ᠠ᠂ ᠡᠦ ᠹᠧᠩ ᠮᠧᠢ ᠳ᠋ᠦ᠍ ᠡᠨᠡ ᠬᠡᠷᠡᠭ ᠢ᠋ ᠮᠡᠳᠡᠭᠳᠡᠬᠦ ᠬᠥᠮᠦᠨ ᠪᠣᠯ ᠵᠥᠪᠬᠡᠨ ᠲᠡᠷᠡ ᠢᠯᠡᠷᠡᠭᠡᠳᠦᠢ ᠪᠣᠯᠪᠠᠴᠤ ᠦᠵᠡᠰᠬᠦᠯᠡᠩ ᠢ᠋ ᠠᠯᠠᠵᠤ ᠪᠣᠯᠬᠤ ᠬᠦᠨᠳᠦ ᠰᠡᠵᠢᠭᠲᠦ ᠡᠲᠡᠭᠡᠳ 《ᠠᠳᠤᠭᠤᠰᠤ》 ᠭᠡᠳᠡᠭ ᠬᠥᠮᠦᠨ ᠪᠠᠢᠬᠤ ᠪᠣᠯᠤᠯᠴᠠᠭ᠎ᠠ ᠲᠠᠢ᠃ ᠲᠡᠷᠡ ᠬᠥᠮᠦᠨ ᠡᠨᠡ ᠬᠡᠷᠡᠭ ᠢ᠋ ᠡᠦ ᠹᠧᠩ ᠮᠧᠢ ᠳ᠋ᠦ᠍ ᠲᠡᠭᠡᠵᠦ ᠬᠤᠷᠳᠤᠨ ᠳᠠᠮᠵᠢᠭᠤᠯᠬᠤ ᠨᠢ ᠶᠠᠮᠠᠷ ᠨᠢᠭᠡᠨ ᠵᠣᠷᠢᠯᠭ᠎ᠠ ᠲᠠᠢ ᠪᠠᠢᠵᠤ ᠮᠡᠳᠡᠨ᠎ᠡ᠃ ᠡᠰᠡᠪᠡᠯ ᠵᠠᠪᠠᠯ ᠳᠠᠮᠵᠢᠭᠤᠯᠬᠤ ᠴᠢᠬᠤᠯᠠ ᠲᠠᠢ ᠬᠣᠯᠪᠣᠭ᠎ᠠ ᠰᠦᠯᠪᠡᠭᠡ ᠲᠡᠢ ᠴᠦ᠍ ᠪᠠᠢᠵᠤ ᠮᠡᠳᠡᠨ᠎ᠡ᠃
— ᠶᠠᠭᠤ ᠴᠦ᠍ ᠪᠣᠯᠤᠭ ᠡᠦ ᠹᠧᠩ ᠮᠧᠢ ᠳ᠋ᠦ᠍ ᠥᠷᠯᠥᠭᠡ ᠡᠷᠲᠡ ᠶᠠᠮᠠᠷ ᠨᠢᠭᠡᠨ ᠬᠥᠮᠦᠨ ᠳ᠋ᠢᠶᠠᠩᠬᠤᠸᠠ ᠪᠠᠷ ᠮᠡᠳᠡᠭᠳᠡᠭᠰᠡᠨ ᠪᠣᠯᠪᠠ ᠤᠤ ᠭᠡᠵᠦ ᠲᠠᠭᠠᠮᠠᠭᠯᠠᠵᠠᠢ᠃ ᠪᠢᠳᠡ ᠰᠠᠭᠤᠭᠠᠯᠢ ᠠᠷᠠᠳ ᠤ᠋ᠨ ᠠᠰᠠᠷ ᠲᠠᠬᠢ ᠳ᠋ᠢᠶᠠᠩᠬᠤᠸᠠ ᠮᠠᠨᠠᠭᠠᠴᠢ ᠡᠪᠦᠭᠡᠨ ᠡᠴᠡ ᠡᠨᠡ ᠪᠠᠢᠳᠠᠯ ᠢ᠋ ᠠᠰᠠᠭᠤᠭᠰᠠᠨ ᠳ᠋ᠤ᠌ ᠡᠨᠡ ᠬᠦ᠌ ᠲᠠᠭᠠᠮᠠᠭᠯᠠᠯ ᠦᠨᠡᠨ ᠪᠣᠯᠤᠭᠰᠠᠨ ᠪᠢᠰᠢ ᠤᠤ?
— ᠲᠡᠷᠡ ᠬᠥᠮᠦᠨ ᠡᠦ ᠹᠧᠩ ᠮᠧᠢ ᠳ᠋ᠦ᠍ ᠳ᠋ᠢᠶᠠᠩᠬᠤᠸᠠ ᠣᠴᠢᠭᠤᠯᠵᠤ ᠨᠢᠭᠤᠴᠠ ᠬᠣᠣᠷᠯᠠᠯ ᠪᠡᠶᠡᠯᠡᠭᠳᠡᠯ᠎ᠡ ᠭᠡᠵᠦ ᠬᠡᠯᠡᠭᠰᠡᠨ ᠭᠡᠵᠢ ᠤᠤ? ᠡᠨᠡ ᠬᠥᠮᠦᠨ ᠶᠠᠭᠠᠬᠢᠭᠠᠳ ᠡᠦ ᠹᠧᠩ ᠮᠧᠢ ᠲᠡᠢ ᠨᠡᠢᠯᠡᠵᠦ ᠦᠵᠡᠰᠬᠦᠯᠡᠩ ᠢ᠋ ᠬᠣᠣᠷᠯᠠᠬᠤ ᠪᠣᠢ? ᠡᠰᠡᠬᠦᠯ᠎ᠡ ᠪᠣᠯᠤᠷᠴᠠᠭᠠᠨ ᠤ᠋ ᠥᠰᠢᠶᠡᠲᠡᠨ ᠭᠡᠵᠢ ᠤᠤ?
— ᠲᠡᠢᠮᠦ ᠪᠢᠰᠢ᠂ ᠳ᠋ᠢᠶᠠᠩᠬᠤᠸᠠ ᠮᠠᠨᠠᠭᠠᠴᠢ ᠡᠪᠦᠭᠡᠨ ᠦ᠌ ᠬᠡᠯᠡᠬᠦ ᠪᠡᠷ ᠡᠦ ᠹᠧᠩ ᠮᠧᠢ ᠲᠡᠷᠡ ᠬᠥᠮᠦᠨ ᠲᠡᠢ ᠶᠠᠷᠯᠴᠠᠬᠤ ᠳᠤᠮᠳᠠ ᠪᠠᠨ᠄《ᠴᠢ ᠨᠠᠮ᠎ᠠ ᠶᠢ ᠭᠦᠵᠢᠷᠯᠡᠵᠦ ᠪᠠᠢᠨ᠎ᠠ》 ᠭᠡᠰᠡᠨ ᠪᠢᠰᠢ ᠤᠤ? ᠡᠭᠦᠨ ᠡᠴᠡ ᠦᠵᠡᠬᠦ ᠳ᠋ᠦ᠍ ᠲᠡᠷᠡ ᠬᠥᠮᠦᠨ ᠶᠠᠮᠠᠷ ᠨᠢᠭᠡᠨ ᠶᠠᠪᠤᠳᠠᠯ ᠢ᠋ᠶ᠋ᠠᠷ ᠡᠦ ᠹᠧᠩ ᠮᠧᠢ ᠶ᠋ᠢ ᠰᠦᠷᠳᠡᠭᠦᠯᠵᠦ ᠭᠦᠵᠢᠷᠯᠡᠭᠰᠡᠨ ᠨᠢ ᠮᠠᠰᠢ ᠢᠯᠡᠬᠡᠨ ᠪᠠᠢᠨ᠎ᠠ᠃ ᠡᠦ ᠹᠧᠩ ᠮᠧᠢ ᠳᠠᠬᠢᠨ ᠳᠠᠬᠢᠨ ᠨᠡᠷ᠎ᠡ ᠶ᠋ᠢ ᠨᠢ ᠠᠰᠠᠭᠤᠵᠤ ᠪᠠᠢᠭᠰᠠᠨ ᠠ᠋ᠴᠠ ᠦᠵᠡᠬᠦ ᠳ᠋ᠦ᠍᠂ ᠡᠦ ᠹᠧᠩ ᠮᠧᠢ ᠲᠡᠭᠦᠨ ᠢ᠋ ᠲᠠᠨᠢᠵᠤ ᠭᠠᠷᠤᠭᠰᠠᠨ ᠦᠭᠡᠢ ᠪᠥᠭᠡᠳ ᠨᠥᠭᠦᠭᠡ ᠡᠲᠡᠭᠡᠳ ᠨᠢ ᠨᠡᠷ᠎ᠡ ᠪᠡᠨ ᠬᠡᠯᠡᠬᠦ ᠦᠭᠡᠢ ᠪᠠᠢᠭᠰᠠᠨ ᠢ᠋ ᠮᠡᠳᠡᠵᠦ ᠪᠣᠯᠤᠨ᠎ᠠ᠃
— ᠡᠦ ᠹᠧᠩ ᠮᠧᠢ ᠶᠠᠷᠢᠯᠴᠠᠵᠤ ᠪᠠᠢᠭᠠᠳ ᠭᠡᠨᠡᠳᠲᠡ 《ᠨᠢᠭᠤᠴᠠ ᠢᠯᠡᠷᠡᠭᠦᠯᠦᠭᠰᠡᠨ ᠬᠥᠮᠦᠨ》 ᠭᠡᠮᠡᠨ ᠪᠠᠷᠬᠢᠷᠠᠯ᠎ᠠ ᠭᠡᠰᠡᠨ ᠪᠢᠰᠢ ᠤᠤ? ᠡᠳᠡᠭᠡᠷ ᠡᠴᠡ ᠵᠣᠢᠴᠢᠯᠠᠪᠠᠯ᠂ ᠡᠦ ᠹᠧᠩ ᠮᠧᠢ ᠳ᠋ᠦ᠍ ᠳ᠋ᠢᠶᠠᠩᠬᠤᠸᠠ ᠢᠷᠡᠭᠦᠯᠦᠨ 《ᠭᠦᠵᠢᠷᠯᠡᠵᠦ》ᠪᠠᠢᠭ᠎ᠠ ᠡᠨᠡ ᠬᠥᠮᠦᠨ ᠪᠣᠯ ᠲᠡᠭᠦᠨ ᠦ᠌ ᠶᠠᠮᠠᠷ ᠨᠢᠭᠡᠨ ᠨᠢᠭᠤᠴᠠ ᠶ᠋ᠢ ᠨᠢ ᠢᠯᠡᠷᠡᠭᠦᠯᠦᠭᠰᠡᠨ ᠬᠥᠮᠦᠨ ᠪᠠᠢᠬᠤ ᠶᠣᠰᠣᠲᠠᠢ᠃ ᠲᠡᠭᠡᠭᠡᠳ ᠡᠨᠡ ᠨᠢᠭᠤᠴᠠ ᠶ᠋ᠢ ᠨᠢ ᠪᠠᠷᠢᠨ ᠰᠦᠷᠳᠡᠭᠦᠯᠦᠨ ᠲᠡᠭᠦᠨ ᠢ᠋ ᠭᠦᠵᠢᠷᠯᠡᠵᠡᠢ᠃
— ᠭᠡᠲᠡᠯ᠎ᠡ ᠶᠠᠭᠠᠬᠢᠭᠠᠳ ᠲᠠᠨᠢᠯᠴᠠᠳᠠᠭ ᠦᠭᠡᠢ ᠪᠣᠢ? ᠴᠣᠬᠣᠮ ᠶᠠᠮᠠᠷ ᠨᠢᠭᠤᠴᠠ ᠶ᠋ᠢ ᠨᠢ ᠢᠯᠡᠷᠡᠭᠦᠯᠦᠭᠰᠡᠨ ᠪᠣᠢ? ᠡᠨᠡ ᠪᠣᠯ ᠪᠠᠰᠠ ᠨᠢᠭᠡ ᠲᠠᠢᠯᠪᠤᠷᠢᠯᠠᠭᠳᠠᠰᠢ ᠦᠭᠡᠢ ᠰᠣᠨᠢᠨ ᠬᠡᠷᠡᠭ ᠰᠢᠦ᠃ ᠣᠯᠠᠨ ᠲᠠᠯ᠎ᠠ ᠠ᠋ᠴᠠ ᠨᠠᠷᠢᠨ ᠪᠣᠳᠣᠯᠬᠢᠯᠠᠵᠤ ᠦᠵᠡᠪᠡᠯ᠂ ᠨᠢᠭᠤᠴᠠ ᠶ᠋ᠢᠨ ᠲᠠᠢᠯᠪᠤᠷᠢ ᠨᠢ ᠠᠮᠢᠳᠤᠷᠠᠯ ᠤ᠋ᠨ ᠰᠤᠷᠲᠠᠯ ᠳ᠋ᠤ᠌ ᠯᠠ ᠪᠠᠢᠬ᠎ᠠ᠃ ᠲᠡᠷᠡ ᠨᠢᠭᠡ ᠬᠥᠮᠦᠨ ᠪᠣᠯᠤᠷᠴᠠᠭᠠᠨ᠂ ᠡᠦ ᠹᠧᠩ ᠮᠧᠢ ᠬᠣᠶᠠᠭᠤᠯᠠ ᠶ᠋ᠢᠨ ᠰᠤᠷᠲᠠᠯ ᠳᠡᠭᠡᠷ᠎ᠡ ᠶᠠᠪᠤᠳᠠᠯ ᠲᠠᠢ ᠭᠡᠵᠦ ᠤᠷᠢᠳᠠᠴᠢ ᠨᠥᠬᠥᠴᠡᠯ ᠭᠠᠷᠭᠠᠭᠠᠳ᠂ ᠳᠠᠷᠠᠭ᠎ᠠ ᠨᠢ ᠰᠠᠶᠢ ᠪᠣᠯᠤᠷᠴᠠᠭᠠᠨ ᠬᠥᠮᠦᠨ ᠠᠯᠠᠭᠰᠠᠨ ᠨᠢ ᠡᠦ ᠹᠧᠩ ᠮᠧᠢ ᠲᠡᠳᠡ ᠬᠣᠶᠠᠭᠤᠯᠠ ᠶ᠋ᠢᠨ ᠬᠤᠤᠪᠢᠯᠳᠤᠯᠭ᠎ᠠ ᠭᠡᠮᠡᠨ ᠭᠦᠵᠢᠷᠯᠡᠵᠡᠢ᠃
— ᠢᠩᠭᠢᠭᠡᠳ ᠪᠢᠳᠡ ᠪᠣᠯᠤᠷᠴᠠᠭᠠᠨ ᠠ᠋ᠴᠠ ᠪᠠᠢᠴᠠᠭᠠᠬᠤ ᠳ᠋ᠤ᠌᠂ ᠨᠡᠭᠡᠷᠡᠨ ᠲᠡᠳᠡᠨ ᠦ᠌ ᠠᠮᠢᠳᠤᠷᠠᠯ ᠤ᠋ᠨ ᠰᠤᠷᠲᠠᠯ ᠲᠥᠪ ᠪᠤᠰᠤ ᠶ᠋ᠢ ᠨᠢᠭᠡ ᠬᠥᠮᠦᠨ ᠮᠡᠳᠡᠭᠡᠳ ᠨᠡᠷ᠎ᠡ ᠦᠭᠡᠢ ᠵᠠᠬᠢᠳᠠᠯ ᠢ᠋ᠶ᠋ᠠᠷ ᠰᠡᠷᠡᠮᠵᠢᠯᠡᠭᠦᠯᠦᠭᠰᠡᠨ ᠪᠢᠰᠢ ᠤᠤ? ᠶᠠᠭ ᠡᠨᠡ ᠬᠥᠮᠦᠨ ᠠᠷᠪᠠᠨ ᠨᠠᠢ᠍ᠮᠠᠨ ᠤ᠋ ᠦᠳᠡ ᠶ᠋ᠢᠨ ᠬᠣᠢᠨ᠎ᠠ ᠶ᠋ᠢᠨ ᠲᠠᠪᠤᠨ ᠴᠠᠭ ᠭᠠᠷᠤᠢ ᠳ᠋ᠤ᠌ ᠦᠵᠡᠰᠬᠦᠯᠡᠩ ᠦ᠋ᠨ ᠳ᠋ᠦ᠍ ᠣᠴᠢᠨ ᠬᠢᠮᠰᠠ ᠶ᠋ᠢᠨ ᠦᠵᠦᠭᠦᠷ ᠲᠦ᠍ ᠬᠣᠣᠷ ᠲᠠᠯᠪᠢᠵᠠᠢ᠃
— ᠡᠳᠡᠭᠡᠷ ᠬᠡᠷᠡᠭ ᠦ᠋ᠳ ᠢ᠋ ᠬᠣᠯᠪᠣᠭᠳᠠᠭᠤᠯᠤᠨ ᠪᠣᠳᠣᠪᠠᠯ ᠦᠷ᠎ᠡ ᠳ᠋ᠦᠩ ᠨᠢ ᠡᠢᠮᠦ ᠰᠢᠭ᠂ ᠤᠤᠯ ᠨᠢ ᠡᠨᠡ 《ᠠᠳᠤᠭᠤᠰᠤ》ᠭᠡᠭᠴᠢ ᠠᠮᠢᠲᠠᠨ᠂ ᠪᠣᠯᠤᠷᠴᠠᠭᠠᠨ᠂ ᠡᠦ ᠹᠧᠩ ᠮᠧᠢ ᠶ᠋ᠢᠨ ᠬᠠᠷᠢᠴᠠᠭ᠎ᠠ ᠶ᠋ᠢ ᠵᠣᠷᠢᠯᠭ᠎ᠠ ᠲᠠᠢ ᠪᠠᠷ ᠨᠢᠭᠤᠴᠠ ᠪᠠᠷ ᠪᠠᠷᠢᠵᠤ᠂ ᠳᠠᠷᠠᠭ᠎ᠠ ᠨᠢ ᠵᠠᠬᠢᠳᠠᠯ ᠢ᠋ᠶ᠋ᠠᠷ ᠮᠡᠳᠡᠭᠳᠡᠨ ᠰᠦᠷᠳᠡᠭᠦᠯᠦᠭᠰᠡᠨ ᠨᠢ ᠳᠠᠷᠤᠢ ᠬᠣᠵᠢᠮ ᠦᠵᠡᠰᠬᠦᠯᠡᠩ ᠢ᠋ ᠠᠯᠠᠭᠠᠳ ᠬᠡᠷᠡᠭ ᠢ᠋ᠶ᠋ᠡᠨ ᠲᠡᠳᠡ ᠬᠣᠶᠠᠷ ᠤᠷᠤᠭᠤ ᠲᠦᠯᠬᠢᠬᠦ ᠪᠡᠷ ᠪᠡᠯᠡᠳᠬᠡᠭᠰᠡᠨ ᠤᠷᠢᠳᠴᠢᠯᠠᠯ ᠪᠢᠰᠢ ᠤᠤ?
— ᠦᠭᠡᠢ ᠪᠣᠯ ᠡᠢᠮᠦ ᠰᠠᠢᠨ ᠳᠤᠷ᠎ᠠ ᠶ᠋ᠢᠨ ᠡᠷ᠎ᠡ ᠡᠮ᠎ᠡ ᠶ᠋ᠢᠨ ᠬᠡᠷᠡᠭ ᠢ᠋ ᠲᠡᠷᠡ ᠬᠥᠮᠦᠨ ᠮᠡᠳᠡᠯ᠎ᠡ ᠭᠡᠳ ᠢᠩᠭᠢᠵᠦ ᠭᠠᠷ ᠲᠥᠷᠥᠵᠦ ᠶᠠᠪᠤᠳᠠᠯ ᠪᠣᠯᠭᠠᠬᠤ ᠦᠭᠡᠢ ᠶᠦᠮ᠃ ᠲᠡᠷᠡ ᠶᠠᠮᠠᠷ ᠨᠢᠭᠡᠨ ᠵᠣᠷᠢᠯᠭ᠎ᠠ ᠳᠤ ᠪᠠᠨ ᠬᠦᠷᠬᠦ ᠡᠭᠦᠳᠡᠨ ᠡᠴᠡ ᠢᠩᠭᠢᠵᠦ ᠪᠠᠢᠭ᠎ᠠ ᠨᠢ ᠢᠯᠡᠬᠡᠨ ᠭᠡᠳ ᠲᠦᠪᠰᠢᠨ ᠴᠣᠮᠣ ᠲᠠᠢ ᠴᠠᠢ ᠠ᠋ᠴᠠ ᠪᠠᠨ ᠬᠡᠳᠦ ᠣᠭᠣᠴᠢᠵᠤ ᠠᠪᠤᠭᠠᠳ᠄
— ᠡᠨᠡ ᠬᠦ᠌ ᠨᠢᠭᠤᠴᠠ ᠢᠯᠡᠷᠡᠭᠰᠡᠨ ᠦ᠌ ᠳᠠᠷᠠᠭ᠎ᠠ ᠡᠨᠡ 《ᠠᠳᠤᠭᠤᠰᠤ》ᠭᠡᠳᠡᠭ ᠬᠥᠮᠦᠨ ᠠᠯᠢ ᠡᠷᠲᠡ ᠡᠴᠡ ᠦᠵᠡᠰᠬᠦᠯᠡᠩ ᠲᠡᠢ ᠨᠢᠭᠡ ᠵᠦᠢᠯ ᠦ᠋ᠨ ᠡᠪᠯᠡᠷᠡᠰᠢ ᠦᠭᠡᠢ ᠠᠰᠢᠭ ᠬᠣᠣᠷ ᠤ᠋ᠨ ᠮᠥᠷᠭᠥᠯᠳᠦᠭᠡᠨ ᠲᠡᠢ ᠪᠣᠯᠬᠣᠷ ᠨᠢᠭᠡᠨᠲᠡ ᠵᠣᠷᠢᠭ ᠰᠢᠭᠤᠳᠤᠨ ᠬᠠᠷᠠᠳᠠᠵᠤ ᠬᠣᠣᠷᠯᠠᠬᠤ ᠠᠯᠢᠪᠠ ᠪᠡᠯᠡᠳᠬᠡᠯ ᠢ᠋ᠶ᠋ᠡᠨ ᠬᠡᠵᠢᠶᠡᠨ ᠦ᠌ ᠬᠢᠵᠦ ᠵᠠᠪᠳᠤᠭᠰᠠᠨ ᠨᠢ ᠢᠯᠡᠷᠬᠡᠢ ᠪᠠᠢᠭ᠎ᠠ ᠶ᠋ᠢ ᠵᠦᠢᠴᠢᠯᠡᠨ ᠮᠡᠳᠡᠵᠦ ᠪᠣᠯᠬᠤ ᠶᠤᠮ᠃ ᠭᠡᠲᠡᠯ᠎ᠡ ᠬᠣᠣᠷᠯᠠᠬᠤ ᠳᠤ ᠪᠠᠨ ᠬᠥᠮᠦᠨ ᠦ᠌ ᠭᠠᠷ ᠢ᠋ᠶ᠋ᠠᠷ ᠮᠣᠭᠠᠢ ᠪᠠᠷᠢᠭᠤᠯᠬᠤ ᠠᠷᠭ᠎ᠠ ᠠᠪᠴᠤ ᠬᠠᠮᠤᠭ ᠤ᠋ᠨ ᠪᠠᠲᠤᠯᠠᠭ᠎ᠠ ᠲᠠᠢ ᠪᠠᠷ ᠪᠡᠶ᠎ᠡ ᠪᠡᠨ ᠬᠠᠮᠠᠭᠠᠯᠠᠬᠤ ᠤᠬᠠᠭᠠᠨ ᠵᠠᠷᠤᠵᠠᠢ᠃
— ᠢᠩᠭᠢᠭᠡᠳ ᠲᠡᠷᠡ᠂ ᠪᠣᠯᠤᠷᠴᠠᠭᠠᠨ᠂ ᠡᠦ ᠹᠧᠩ ᠮᠧᠢ ᠬᠣᠶᠠᠷ ᠤ᠋ᠨ ᠬᠠᠷᠢᠴᠠᠭ᠎ᠠ ᠶ᠋ᠢ ᠡᠵᠡᠮᠰᠢᠵᠦ ᠠᠪᠤᠭᠠᠳ ᠪᠠᠢᠬᠤ ᠳ᠋ᠤ᠌᠂ ᠦᠵᠡᠰᠬᠦᠯᠡᠩ ᠦ᠋ᠨ ᠬᠥᠯ ᠬᠤᠭᠤᠷᠠᠭᠰᠠᠨ ᠨᠢ ᠣᠯᠳᠠᠰᠢ ᠦᠭᠡᠢ ᠵᠠᠪᠰᠢᠶᠠᠨ ᠪᠣᠯᠵᠤ᠂ ᠬᠣᠶᠠᠷ ᠵᠦᠢᠯ ᠦ᠋ᠨ ᠡᠮ ᠢ᠋ᠶ᠋ᠡᠷ ᠬᠣᠣᠷᠯᠠᠵᠤ ᠠᠯᠠᠬᠤ ᠪᠠᠷ ᠭᠠᠷ ᠬᠥᠳᠡᠯᠦᠭᠰᠡᠨ ᠪᠠᠢᠨ᠎ᠠ᠃
— ᠶᠠᠭᠠᠬᠢᠭᠠᠳ ᠬᠣᠶᠠᠷ ᠲᠥᠷᠥᠯ ᠦ᠋ᠨ ᠬᠣᠣᠷᠲᠤ ᠡᠮ ᠢ᠋ ᠵᠡᠷᠭᠡ ᠪᠡᠷ ᠬᠡᠷᠡᠭᠯᠡᠭᠰᠡᠨ ᠪᠣᠢ? ᠦᠵᠡᠰᠬᠦᠯᠡᠩ ᠢ᠋ ᠵᠠᠪᠠᠯ ᠠᠯᠠᠶ᠎ᠠ ᠭᠡᠪᠡᠯ ᠡᠷᠬᠡᠪᠰᠢ ᠬᠦᠴᠦᠲᠦ ᠬᠣᠣᠷCC66 ᠳ᠋ᠤᠭᠠᠷ ᠢ᠋ ᠵᠠᠷᠤᠬᠤ ᠬᠡᠷᠡᠭᠲᠡᠢ᠃ ᠲᠡᠭᠡᠬᠦ ᠳ᠋ᠦ᠍ ᠪᠣᠯᠤᠷᠴᠠᠭᠠᠨ ᠡᠦ ᠹᠧᠩ ᠮᠧᠢ ᠬᠣᠶᠠᠷ ᠤ᠋ᠨ ᠡᠮᠴᠢ᠂ ᠡᠮ ᠲᠣᠬᠢᠷᠠᠭᠤᠯᠤᠭᠴᠢ ᠶ᠋ᠢᠨ ᠠᠪᠤᠯ ᠥᠭᠭᠦᠯ ᠪᠣᠯᠤᠨ ᠡᠪᠡᠳᠴᠢᠨ ᠦ᠌ ᠣᠨᠴᠠᠯᠢᠭ ᠢ᠋ ᠠᠰᠢᠭᠯᠠᠬᠤ ᠳ᠋ᠤ᠌ ᠵᠠᠪᠠᠯ Aᠭᠤᠷᠪᠠᠳᠤᠭᠠᠷ ᠢ᠋ ᠵᠠᠷᠤᠬᠤ ᠴᠢᠬᠤᠯᠲᠠᠢ ᠪᠣᠯᠵᠠᠢ᠃ ᠲᠡᠷᠡᠴᠢᠯᠡᠨ ᠭᠤᠷᠪᠠᠳᠤᠭᠠᠷ ᠡᠮᠨᠡᠯᠭᠡ ᠶ᠋ᠢᠨ ᠬᠣᠷᠢᠶ᠎ᠠCC66 ᠳ᠋ᠤᠭᠠᠷ ᠢ᠋ ᠬᠡᠷᠡᠭᠯᠡᠬᠦ ᠡᠷᠬᠡ ᠦᠭᠡᠢ᠃ ᠡᠨᠡ ᠨᠢ ᠬᠡᠷᠡᠭ ᠳᠡᠭᠡᠷ᠎ᠡ ᠪᠡᠨ ᠬᠣᠶᠠᠷ ᠵᠦᠢᠯ ᠦ᠋ᠨ ᠬᠣᠣᠷᠲᠤ ᠡᠮ ᠢ᠋ ᠨᠢᠭᠡ ᠬᠥᠮᠦᠨ ᠦ᠌ ᠭᠠᠷ ᠢ᠋ᠶ᠋ᠠᠷ ᠵᠡᠷᠭᠡ ᠪᠡᠷ ᠵᠠᠷᠤᠬᠤ ᠠᠰᠠᠭᠤᠳᠠᠯ ᠲᠤᠯᠭᠠᠷᠠᠵᠠᠢ᠃ ᠦᠵᠡᠬᠦ ᠳ᠋ᠦ᠍ ᠶᠠᠭ ᠯᠠ ᠬᠣᠶᠠᠷ ᠬᠥᠮᠦᠨ ᠬᠣᠷᠰᠢᠨ ᠬᠠᠮᠰᠠᠭᠰᠠᠨ ᠶᠠᠯᠠᠲᠤ ᠠᠵᠢᠯᠯᠠᠭ᠎ᠠ ᠰᠢᠭ᠋ ᠴᠦ᠍ ᠦᠨᠡᠨ ᠳᠦ ᠪᠡᠨ ᠭᠠᠭᠴᠠ 《ᠠᠳᠤᠭᠤᠰᠤ》 ᠶ᠋ᠢᠨ ᠦᠢᠯᠡᠳᠦᠭᠰᠡᠨ ᠬᠡᠷᠡᠭ ᠪᠣᠯᠤᠨ᠎ᠠ᠃
— ᠡᠨᠡ ᠬᠥᠮᠦᠨ ᠶᠠᠭᠠᠬᠢᠭᠠᠳ ᠡᠳᠡᠨ ᠦ᠌ ᠬᠠᠷᠢᠴᠠᠭ᠎ᠠ ᠶ᠋ᠢ ᠡᠢᠮᠦ ᠲᠣᠳᠣᠷᠬᠠᠢ ᠮᠡᠳᠡᠬᠦ ᠪᠡᠷ ᠪᠠᠷᠠᠬᠤ ᠦᠭᠡᠢ ᠪᠠᠰᠠ ᠡᠮᠨᠡᠯᠭᠡ ᠶ᠋ᠢᠨ ᠲᠠᠯ᠎ᠠ ᠶ᠋ᠢᠨ ᠮᠡᠳᠡᠯᠭᠡ ᠲᠡᠢ ᠪᠣᠢ? ᠭᠡᠵᠦ ᠬᠥᠬᠡᠲᠤᠯᠢ ᠰᠣᠨᠢᠷᠬᠠᠨ ᠠᠰᠠᠭᠤᠪᠠ᠃
— ᠡᠨᠡ ᠬᠥᠮᠦᠨ ᠨᠠᠭᠠᠳᠤ ᠵᠠᠬ᠎ᠠ ᠳᠤ ᠪᠠᠨ ᠡᠮᠨᠡᠯᠭᠡ ᠶ᠋ᠢᠨ ᠪᠠᠢᠭᠤᠯᠭ᠎ᠠ ᠳ᠋ᠤ᠌ ᠠᠵᠢᠯᠯᠠᠵᠤ ᠪᠠᠢᠬᠤ ᠮᠥᠷᠲᠡᠭᠡᠨ ᠡᠮ ᠡᠮᠨᠡᠯᠭᠡ ᠶ᠋ᠢ ᠨᠡᠯᠢᠶᠡᠳ ᠰᠤᠳᠤᠯᠵᠠᠢ᠃ ᠲᠡᠭᠡᠭᠡᠳ ᠪᠠᠰᠠ ᠶᠠᠭᠠᠬᠢᠭᠠᠳ ᠪᠣᠯᠤᠷᠴᠠᠭᠠᠨ ᠲᠠᠢ ᠲᠠᠨᠢᠯᠴᠠᠵᠤ ᠣᠢᠯᠠᠭᠠᠯᠴᠠᠳᠠᠭ ᠪᠣᠢ ᠭᠡᠪᠡᠯ ᠡᠨᠡ ᠬᠥᠮᠦᠨ ᠬᠤᠯᠠᠭᠠᠢᠯᠠᠨ ᠰᠣᠨᠣᠰᠬᠤ ᠮᠠᠰᠢᠨ ᠢ᠋ ᠡᠦ ᠹᠧᠩ ᠮᠧᠢ ᠶᠢᠨ ᠭᠡᠷ ᠲᠦ᠍ ᠲᠣᠬᠢᠷᠠᠭᠤᠯᠵᠤ ᠪᠠᠢᠭᠠᠳ ᠡᠨᠡ ᠬᠣᠶᠠᠷ ᠤ᠋ᠨ ᠨᠠᠷᠢᠨ ᠬᠠᠷᠢᠴᠠᠭ᠎ᠠ ᠶ᠋ᠢ ᠣᠯᠵᠤ ᠮᠡᠳᠡᠭᠰᠡᠨ ᠪᠠᠢᠨ᠎ᠠ᠃ ᠪᠢᠳᠡ ᠨᠢᠭᠡᠨᠲᠡ ᠡᠨᠡ ᠬᠦ᠌ ᠮᠠᠰᠢᠨ ᠢ᠋ ᠨᠡᠩᠵᠢᠨ ᠭᠠᠷᠭᠠᠵᠠᠢ᠃
— ᠲᠡᠷᠡ ᠤᠳᠠᠭ᠎ᠠ ᠪᠢᠳᠡ ᠬᠣᠶᠠᠭᠤᠯᠠ ᠸᠠᠩ ᠯᠠᠨ ᠬᠤᠸᠠ ᠶ᠋ᠢᠨ ᠭᠡᠷ ᠲᠦ᠍ ᠣᠴᠢᠵᠤ ᠪᠠᠢᠴᠠᠭᠠᠯᠲᠠ ᠬᠢᠭᠡᠳ ᠪᠠᠷᠠᠬᠤ ᠳ᠋ᠤ᠌ ᠪᠢ ᠡᠮᠨᠡᠯᠭᠡ ᠶ᠋ᠢᠨ ᠰᠤᠳᠤᠯᠭᠠᠲᠠᠨ ᠬᠠᠨ ᠠᠪᠤᠭᠠᠢ ᠶ᠋ᠢᠨ ᠳ᠋ᠦ᠍ ᠮᠠᠷᠭᠠᠰᠢ ᠣᠴᠢᠨ᠎ᠠ ᠭᠡᠵᠦ ᠬᠡᠯᠡᠭᠰᠡᠨ ᠪᠢᠰᠢ ᠤᠤ᠃ ᠡᠨᠡ 《ᠠᠳᠤᠭᠤᠰᠤ》 ᠬᠤᠯᠠᠭᠠᠢᠯᠠᠨ ᠰᠣᠨᠣᠰᠬᠤ ᠮᠠᠰᠢᠨ ᠢ᠋ᠶ᠋ᠠᠷ ᠲᠡᠷᠡ ᠦᠭᠡ ᠶ᠋ᠢ ᠣᠯᠵᠤ ᠰᠣᠨᠣᠰᠴᠠᠢ᠃ ᠦᠭᠡᠢ ᠪᠣᠯ ᠪᠢ ᠴᠢᠮ᠎ᠠ ᠠ᠋ᠴᠠ ᠥᠭᠡᠷ᠎ᠡ ᠬᠡᠨ ᠳ᠋ᠦ᠍ ᠴᠦ᠍ ᠬᠡᠯᠡᠭᠡ ᠦᠭᠡᠢ ᠪᠠᠢᠲᠠᠯ᠎ᠠ ᠲᠡᠷᠡ ᠶᠠᠭᠠᠬᠢᠭᠠᠳ ᠮᠢᠨᠦ ᠣᠴᠢᠬᠤ ᠭᠠᠵᠠᠷ ᠢ᠋ ᠲᠣᠳᠣᠷᠬᠠᠢ ᠮᠡᠳᠡᠵᠦ᠂ ᠨᠠᠷᠠᠰᠤᠨ ᠣᠢ ᠳ᠋ᠤ᠌ ᠨᠠᠮ᠎ᠠ ᠶᠢ ᠠᠮᠠᠳᠠᠨ ᠬᠣᠣᠷᠯᠠᠬᠤ ᠪᠠᠷ ᠣᠷᠣᠯᠳᠣᠬᠤ ᠪᠣᠢ?
— ᠢᠩᠭᠢᠭᠡᠳ ᠪᠢᠳᠡ ᠲᠡᠷᠡ ᠰᠥᠨᠢ ᠡᠦ ᠹᠧᠩ ᠮᠧᠢ ᠶ᠋ᠢᠨ ᠭᠡᠷ ᠢ᠋ ᠨᠡᠩᠵᠢᠬᠦ ᠳ᠋ᠦ᠍ ᠦᠨᠡᠬᠡᠷ ᠨᠢᠭᠡ ᠬᠤᠯᠠᠭᠠᠢᠯᠠᠨ ᠰᠣᠨᠣᠰᠬᠤ ᠮᠠᠰᠢᠨ ᠭᠠᠷᠴᠤ ᠢᠷᠡᠭᠰᠡᠨ ᠪᠢᠰᠢ ᠤᠤ? ᠭᠡᠳ ᠨᠢᠭᠡ ᠲᠠᠮᠠᠬᠢ ᠨᠣᠴᠣᠭᠠᠵᠤ ᠠᠪᠤᠭᠠᠳ᠄
— ᠦᠨᠡᠨ ᠳᠦ ᠪᠡᠨ ᠲᠡᠷᠡ ᠠᠮᠢᠲᠠᠨ ᠲᠤᠢᠯ ᠤ᠋ᠨ ᠵᠠᠯᠢᠬᠠᠢ ᠬᠤᠯᠵᠢᠨ᠃ ᠸᠠᠩ ᠯᠠᠨ ᠬᠤᠸᠠ ᠶ᠋ᠢ ᠬᠣᠣᠷᠯᠠᠮᠠᠭᠴᠠ ᠥᠪᠡᠷ ᠢ᠋ᠶ᠋ᠡᠨ ᠰᠡᠷᠡᠭᠳᠡᠬᠦ ᠪᠡᠨ ᠣᠰᠣᠯ ᠦᠭᠡᠢ ᠮᠡᠳᠡᠭᠰᠡᠨ᠃ ᠲᠡᠷᠡ ᠦᠳᠡᠰᠢ ᠨᠠᠮ᠎ᠠ ᠶᠢ ᠬᠣᠲᠠ ᠶ᠋ᠢᠨ ᠡᠮ ᠡᠮᠨᠡᠯᠭᠡ ᠶ᠋ᠢᠨ ᠬᠣᠷᠢᠶᠠᠨ ᠤ᠋ 《ᠬᠠᠲᠤᠨ ᠭᠣᠣᠯ》 ᠲᠡᠮᠳᠡᠭᠲᠦ ᠲᠡᠷᠭᠡ ᠪᠡᠷ ᠮᠢᠨᠦ ᠲᠡᠷᠭᠡ ᠶ᠋ᠢ ᠲᠣᠰᠴᠤ ᠳᠠᠭᠠᠷᠢᠭᠰᠠᠨ ᠪᠠᠢᠨ᠎ᠠ᠃ ᠲᠡᠭᠦᠨ ᠦ᠌ ᠵᠣᠷᠢᠯᠭ᠎ᠠ ᠨᠢ ᠨᠠᠮ᠎ᠠ ᠶᠢ ᠬᠣᠣᠷᠯᠠᠵᠤ ᠠᠮᠵᠢᠬᠤ ᠦᠭᠡᠢ ᠪᠣᠯ ᠬᠠᠷᠠᠯᠲᠠ ᠪᠠᠨ ᠡᠦ ᠹᠧᠩ ᠮᠧᠢ ᠤᠷᠤᠭᠤ ᠰᠢᠯᠵᠢᠭᠦᠯᠬᠦ ᠪᠡᠷ ᠣᠷᠣᠯᠳᠣᠭᠰᠠᠨ ᠶᠤᠮ᠃
— ᠭᠡᠲᠡᠯ᠎ᠡ ᠪᠢ ᠲᠡᠷᠭᠡᠨ ᠡᠴᠡ ᠦᠰᠦᠷᠴᠦ ᠠᠶᠤᠯ ᠠ᠋ᠴᠠ ᠮᠤᠯᠲᠤᠷᠠᠭᠠᠳ ᠬᠡᠳᠦᠬᠡᠨ ᠮᠢᠨᠦ᠋ᠲ ᠦ᠋ᠨ ᠳᠠᠷᠠᠭ᠎ᠠ᠂ ᠡᠦ ᠹᠧᠩ ᠮᠧᠢ ᠳ᠋ᠦ᠍ ᠳ᠋ᠢᠶᠠᠩᠬᠤᠸᠠ ᠶᠠᠪᠤᠭᠤᠯᠤᠭᠰᠠᠨ ᠳ᠋ᠤ᠌ ᠲᠡᠷᠡ ᠡᠮᠨᠡᠯᠭᠡ ᠳᠦ ᠪᠡᠨ ᠵᠢᠵᠢᠭᠦᠷᠯᠡᠵᠦ ᠪᠠᠢᠵᠠᠢ᠃ ᠪᠢ ᠪᠠᠰᠠ ᠴᠢᠮ᠎ᠠ ᠳ᠋ᠤ᠌᠂ ᠬᠣᠲᠠ ᠶ᠋ᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳ᠋ᠤ᠌ ᠳ᠋ᠢᠶᠠᠩᠬᠤᠸᠠ ᠥᠭᠴᠦ ᠪᠠᠢᠳᠠᠯ ᠪᠠᠴᠢᠮ ᠪᠣᠯᠤᠭᠰᠠᠨ ᠢ᠋ ᠮᠡᠳᠡᠭᠳᠡᠭᠡᠳ ᠴᠢᠬᠤᠯᠠ ᠭᠠᠵᠠᠷ ᠲᠤ᠌ ᠣᠨᠴᠠ ᠲᠣᠮᠢᠯᠠᠯᠲᠠ ᠲᠣᠬᠢᠷᠠᠭᠤᠯᠤᠯᠲᠠ ᠬᠢᠯᠭᠡᠭᠰᠡᠨ ᠶᠦᠮ᠃
— ᠲᠡᠭᠡᠭᠡᠳ ᠰᠠᠶᠢ ᠪᠢᠳᠡ ᠴᠠᠭ ᠢ᠋ ᠵᠠᠪᠳᠤᠨ ᠡᠮᠨᠡᠯᠭᠡ ᠶ᠋ᠢᠨ ᠬᠣᠷᠢᠶᠠᠨ ᠳ᠋ᠤ᠌ ᠢᠷᠡᠵᠦ ᠡᠦ ᠹᠧᠩ ᠮᠧᠢ ᠶ᠋ᠢᠨ ᠠᠮᠢ ᠨᠠᠰᠤᠨ ᠤ᠋ ᠠᠶᠤᠯ ᠢ᠋ ᠰᠡᠷᠭᠡᠢᠯᠡᠨ ᠲᠤᠰᠬᠠᠢᠯᠠᠨ ᠳᠠᠭᠠᠭᠤᠯᠤᠨ ᠭᠠᠷᠴᠤ ᠬᠠᠮᠠᠭᠠᠯᠠᠵᠠᠢ᠃
— ᠡᠦ ᠹᠧᠩ ᠮᠧᠢ ᠴᠦ᠍ ᠴᠠᠭᠠᠨ᠎ᠠ ᠪᠠᠨ ᠴᠢᠳᠬᠥᠷ ᠲᠡᠢ ᠪᠠᠢᠬᠤ ᠪᠣᠢ᠃ ᠦᠭᠡᠢ ᠪᠣᠯ ᠲᠡᠷᠡ ᠶᠠᠭᠤᠨ ᠳ᠋ᠤ᠌ ᠡᠢᠮᠦ ᠪᠤᠳᠤᠯᠢᠶᠠᠨᠲᠠᠢ ᠶᠠᠪᠤᠳᠠᠯ ᠢ᠋ ᠦᠬᠦᠨ ᠨᠢᠭᠤᠵᠤ᠂ ᠵᠠᠪᠠᠯ ᠥᠪᠡᠷ ᠢ᠋ᠶ᠋ᠡᠨ ᠶᠠᠯ᠎ᠠ ᠡᠭᠦᠷᠦᠨ ᠬᠥᠮᠦᠨ ᠦ᠌ ᠲᠥᠯᠥᠭᠡ ᠠᠮᠢ ᠪᠠᠨ ᠦᠷᠡᠬᠦ ᠪᠣᠢ?
— ᠶᠠᠭ ᠲᠠᠭᠠᠷᠠᠵᠤ ᠪᠠᠢᠨ᠎ᠠ᠃ ᠮᠠᠷᠭᠠᠰᠢ ᠡᠦ ᠹᠧᠩ ᠮᠧᠢ ᠶ᠋ᠢ ᠰᠢᠭᠦᠬᠦ ᠦᠶ᠎ᠡ ᠳ᠋ᠦ᠍ ᠴᠢ ᠡᠭᠦᠨ ᠢ᠋ ᠲᠣᠳᠣᠷᠬᠠᠢ ᠣᠢᠯᠠᠭᠠᠴᠢᠬᠠᠬᠤ ᠶᠤᠮ ᠭᠡᠯᠡ᠃
ᠤᠩᠰᠢᠭᠰᠠᠨ ᠨᠢ᠄ ᠴᠡᠴᠡᠭᠮ᠎ᠠ
