ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠᠨ ᠵᠢᠷᠭᠤᠭ᠎ᠠ> Хялгасан дөрөөн дээр – Хасвулаг зохиов <16>
ᠬᠢᠯᠭᠠᠰᠤᠨ ᠳᠥᠷᠥᠭᠡᠨ ᠳᠡᠭᠡᠷ᠎ᠡ - <ᠠᠷᠪᠠᠨ ᠵᠢᠷᠭᠤᠭ᠎ᠠ>
ᠲᠦᠪᠰᠢᠨ ᠭᠤᠸᠠᠢ ᠶ᠋ᠢ ᠦᠳᠡ ᠶ᠋ᠢᠨ ᠬᠣᠢᠨ᠎ᠠ ᠠᠯᠪᠠᠨ ᠭᠡᠷ ᠲᠤ ᠪᠠᠨ ᠢᠷᠡᠬᠦ ᠳ᠋ᠦ᠍᠂ ᠬᠥᠬᠡᠲᠣᠯᠢ ᠪᠢᠴᠢᠭᠡᠴᠢ ᠨᠢᠭᠤᠷ ᠳᠦᠭᠦᠷᠡᠩ ᠪᠠᠶᠠᠷ ᠲᠠᠢ ᠴᠢᠷᠠᠢᠯᠠᠨ ᠡᠮᠦᠨ᠎ᠡ ᠡᠴᠡ ᠨᠢ ᠤᠭᠲᠤᠨ ᠭᠠᠷᠴᠤ ᠢᠷᠡᠯ᠎ᠡ᠃ ᠲᠡᠭᠡᠭᠡᠳ ᠲᠡᠷᠡ᠄
— ᠲᠢᠩᠬᠢᠮ ᠦ᠋ᠨ ᠳᠠᠷᠤᠭ᠎ᠠ ᠠ᠋᠂ ᠥᠨᠥᠳᠥᠷ ᠪᠢ ᠰᠢᠤᠳᠠᠨ ᠲᠣᠪᠴᠢᠶᠠᠨ ᠠ᠋ᠴᠠ ᠪᠣᠯᠤᠷᠴᠠᠭᠠᠨ ᠤ᠋ ᠠᠪᠤ ᠨᠢ ᠬᠦᠦ ᠳᠦ ᠪᠡᠨ ᠢᠷᠡᠭᠦᠯᠦᠭᠰᠡᠨ ᠨᠢᠭᠡ ᠬᠤᠪᠢ ᠴᠢᠮᠡᠭᠡ ᠶ᠋ᠢ ᠣᠯᠵᠤ ᠠᠪᠤᠯ᠎ᠠ᠃ ᠡᠨᠡ ᠵᠠᠬᠢᠳᠠᠯ ᠠ᠋ᠴᠠ ᠦᠵᠡᠬᠦ ᠳ᠋ᠦ᠍᠂ ᠪᠣᠯᠤᠷᠴᠠᠭᠠᠨ ᠠᠷᠪᠠᠨ ᠲᠠᠪᠤᠨ ᠤ᠋ ᠡᠳᠦᠷ ᠦ᠋ᠨ ᠦᠳᠡ ᠶ᠋ᠢᠨ ᠬᠣᠢᠨ᠎ᠠ ᠭᠡᠷ ᠲᠤ ᠪᠠᠨ ᠬᠠᠷᠢᠬᠤ ᠶ᠋ᠢᠨ ᠡᠮᠦᠨ᠎ᠡ᠂ ᠣᠨᠣᠪᠴᠢᠲᠠᠢ ᠬᠡᠯᠡᠪᠡᠯ ᠡᠬᠡᠨᠡᠷ ᠢ᠋ᠶ᠋ᠡᠨ ᠠᠯᠠᠬᠤ ᠶ᠋ᠢᠨ ᠡᠮᠦᠨ᠎ᠡ ᠨᠢᠭᠡ ᠴᠠᠭ ᠤ᠋ᠨ ᠳᠣᠲᠣᠷ᠎ᠠ ᠨᠢᠭᠡᠨᠲᠡ ᠠᠪᠤ ᠳᠤ ᠪᠠᠨ ᠭᠡᠷᠢᠶᠡᠰ ᠦᠯᠡᠳᠡᠭᠡᠨ ᠵᠣᠭᠣᠰ ᠭᠤᠢᠪᠢᠭᠤᠯᠤᠭᠰᠠᠨ ᠪᠠᠢᠨ᠎ᠠ᠃ ᠡᠨᠡ ᠨᠢ ᠲᠡᠷᠡ ᠡᠬᠡᠨᠡᠷ ᠢ᠋ᠶ᠋ᠡᠨ ᠠᠯᠠᠬᠤ ᠳᠤ ᠪᠠᠨ ᠨᠠᠷᠢᠨ ᠪᠡᠯᠡᠳᠬᠡᠯ ᠬᠢᠭᠰᠡᠨ ᠢ᠋ ᠬᠠᠷᠠᠭᠤᠯᠵᠤ ᠪᠠᠢᠨ᠎ᠠ᠃ ᠪᠢᠳᠡ ᠶᠡᠬᠡ ᠡᠷᠡᠭᠡᠯᠵᠡᠨ ᠰᠡᠵᠢᠭᠯᠡᠬᠦ ᠭᠠᠵᠠᠷ ᠦᠭᠡᠢ ᠪᠠᠢᠨ᠎ᠠ᠃ ᠮᠠᠢ᠂ ᠡᠨᠡ ᠵᠠᠬᠢᠳᠠᠯ ᠢ᠋ ᠦᠵᠡ ᠭᠡᠪᠡ᠃
ᠲᠦᠪᠰᠢᠨ ᠵᠠᠬᠢᠳᠠᠯ ᠢ᠋ ᠠᠪᠴᠤ ᠦᠵᠡᠪᠡᠯ᠄
ᠬᠠᠢᠷᠠᠲᠤ ᠬᠦᠦ ᠪᠣᠯᠣᠷᠴᠠᠭᠠᠨ ᠳ᠋ᠤ᠌᠄
ᠠᠷᠪᠠᠨ ᠳᠥᠷᠪᠡᠨ ᠦ᠌ ᠡᠳᠦᠷ ᠢᠯᠡᠭᠡᠭᠰᠡᠨ ᠮᠢᠩᠭᠠᠨ ᠲᠥᠭᠥᠷᠢᠭ ᠢ᠋ ᠴᠢᠨᠢ ᠣᠯᠵᠤ ᠠᠪᠤᠭᠠᠳ ᠳᠡᠭᠦᠦ ᠶ᠋ᠢ ᠴᠢᠨᠢ ᠳᠠᠭᠠᠭᠤᠯᠤᠨ ᠮᠠᠨᠳᠤᠬᠤ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠳ᠋ᠤ᠌ ᠬᠦᠷᠴᠦ ᠬᠡᠳᠦᠨ ᠰᠠᠷ᠎ᠠ ᠡᠮᠨᠡᠭᠦᠯᠦᠭᠡᠳ ᠡᠳᠦᠭᠡ ᠢᠯᠠᠷᠢ ᠪᠣᠯᠤᠯ᠎ᠠ᠃ ᠰᠠᠨᠠᠭ᠎ᠠ ᠠᠮᠤᠷ ᠪᠠᠢᠭᠠᠷᠠᠢ᠃ ᠪᠡᠶ᠎ᠡ ᠪᠡᠷ ᠢ᠋ᠶ᠋ᠡᠨ ᠢᠷᠡᠵᠦ ᠴᠢᠳᠠᠭᠰᠠᠨ ᠦᠭᠡᠢ ᠳ᠋ᠦ᠍ ᠴᠢᠨᠢ ᠪᠢ ᠶᠡᠷᠦ ᠭᠣᠮᠣᠳᠠᠬᠤ ᠦᠭᠡᠢ᠃ ᠣᠳᠣ ᠰᠠᠷ᠎ᠠ ᠬᠢᠷᠢᠲᠡᠢ ᠡᠮᠨᠡᠭᠦᠯᠪᠡᠯ ᠪᠢ ᠳᠠᠷᠤᠢ ᠬᠠᠷᠢᠬᠤ ᠪᠣᠯᠤᠨ᠎ᠠ᠃ ᠪᠤᠰᠤᠳ ᠢ᠋ ᠨᠢ ᠬᠠᠷᠢᠭᠰᠠᠨ ᠤ᠋ ᠳᠠᠷᠠᠭ᠎ᠠ ᠬᠡᠯᠡᠯᠴᠡᠶ᠎ᠡ᠃
ᠠᠪᠤ ᠴᠢᠨᠢ
ᠭᠡᠵᠦ ᠳᠥᠬᠥᠮᠬᠡᠨ ᠬᠡᠳᠦᠨ ᠦᠭᠡ ᠪᠢᠴᠢᠭᠰᠡᠨ ᠪᠠᠢᠯ᠎ᠠ᠃
ᠲᠦᠪᠰᠢᠨ ᠪᠠᠬᠠᠨ ᠭᠠᠢᠬᠠᠰᠬᠢᠨ᠄
— ᠡᠭᠦᠨ ᠡᠴᠡ ᠦᠵᠡᠬᠦ ᠳ᠋ᠦ᠍᠂ ᠪᠣᠯᠤᠷᠴᠠᠭᠠᠨ ᠤ᠋ ᠠᠪᠤ ᠨᠢ ᠣᠳᠣ ᠪᠣᠯᠲᠠᠯ᠎ᠠ ᠬᠦᠦ ᠨᠢ ᠪᠠᠷᠢᠪᠴᠢᠯᠠᠭᠳᠠᠭᠠᠳ ᠠᠯᠠᠭᠳᠠᠬᠤ ᠶᠠᠯ᠎ᠠ ᠲᠠᠢ ᠪᠣᠯᠤᠭᠰᠠᠨ ᠢ᠋ ᠮᠡᠳᠡᠭᠡᠳᠦᠢ ᠰᠢᠲᠠ᠃
— ᠪᠠᠷᠢᠪᠴᠢᠯᠠᠭᠳᠠᠭᠰᠠᠨ ᠪᠣᠯᠤᠨ ᠠᠯᠠᠬᠤ ᠪᠠᠷ ᠲᠣᠭᠲᠠᠭᠰᠠᠨ ᠡᠳᠦᠷ᠂ ᠬᠡᠭᠦᠷ ᠢ᠋ ᠨᠢ ᠠᠪᠬᠤ ᠡᠰᠡᠬᠦ ᠶ᠋ᠢ ᠯᠠᠪᠯᠠᠭᠰᠠᠨ ᠮᠡᠳᠡᠭᠳᠡᠯ ᠢ᠋ ᠪᠦᠷ ᠭᠡᠷ ᠲᠦ᠋ᠨᠢ ᠢᠯᠡᠭᠡᠵᠦ ᠶᠠᠪᠤᠭᠤᠯᠤᠭᠰᠠᠨ᠃ ᠪᠣᠳᠣᠬᠤ ᠳ᠋ᠤ᠌ ᠲᠥᠷᠥᠯ ᠰᠠᠳᠤᠨ ᠨᠢ ᠪᠣᠯᠤᠷᠴᠠᠭᠠᠨ ᠤ᠋ ᠠᠪᠤ ᠶ᠋ᠢᠨ ᠡᠪᠡᠳᠴᠢᠨ ᠳ᠋ᠦ᠍ ᠨᠥᠯᠥᠭᠡ ᠪᠣᠯᠬᠤ ᠠ᠋ᠴᠠ ᠵᠣᠪᠠᠭᠠᠳ ᠬᠡᠯᠡᠭᠰᠡᠨ ᠦᠭᠡᠢ ᠪᠠᠢᠬ᠎ᠠ᠃ ᠡᠨᠡ ᠴᠤ᠌ ᠦᠷᠭᠦᠯᠵᠢ ᠭᠠᠷᠳᠠᠭ ᠯᠠ ᠦᠵᠡᠭᠳᠡᠯ ᠰᠢᠦ᠃
— ᠲᠢᠩᠬᠢᠮ ᠦ᠋ᠨ ᠳᠠᠷᠤᠭ᠎ᠠ ᠠ᠋᠂ ᠪᠣᠯᠤᠷᠴᠠᠭᠠᠨ ᠪᠠᠷᠢᠭᠳᠠᠭᠰᠠᠨ ᠠ᠋ᠴᠠ ᠬᠣᠢᠰᠢ ᠡᠨᠡ ᠬᠦ᠌ ᠵᠣᠭᠣᠰᠤᠨ ᠤ᠋ ᠠᠰᠠᠭᠤᠳᠠᠯ ᠢ᠋ ᠶᠡᠷᠦ ᠪᠤᠯᠲᠠᠢᠯᠭᠠᠭᠰᠠᠨ ᠦᠭᠡᠢ᠃ ᠲᠡᠭᠦᠨ ᠦ᠌ ᠪᠣᠳᠣᠯ ᠳᠣᠲᠣᠷ᠎ᠠ ᠯᠠᠪ ᠴᠢᠳᠬᠥᠷ ᠲᠡᠢ ᠪᠠᠢᠬᠤ᠃ ᠲᠡᠷᠡ ᠡᠨᠡ ᠭᠡᠷᠡᠴᠢ ᠡᠴᠡ ᠪᠡᠨ ᠵᠠᠢᠯᠠᠬᠤ ᠶ᠋ᠢᠨ ᠲᠥᠯᠥᠭᠡ ᠣᠯᠠᠨ ᠤᠳᠠᠭᠠᠨ ᠤ᠋ ᠲᠤᠰᠢᠶᠠᠯᠲᠠ ᠳᠤ ᠪᠠᠨ ᠦᠬᠦᠭᠰᠡᠨ ᠡᠬᠡᠨᠡᠷ ᠲᠤ ᠪᠠᠨ ᠭᠦᠵᠢᠷ ᠨᠥᠮᠥᠷᠭᠡᠨ᠂ ᠡᠬᠡᠨᠡᠷ ᠡᠴᠡ ᠨᠢ ᠢᠷᠡᠯ ᠨᠢ ᠲᠣᠳᠣᠷᠬᠠᠢ ᠦᠭᠡᠢ ᠵᠣᠭᠣᠰ ᠭᠠᠷᠴᠤ ᠢᠷᠡᠭᠰᠡᠨ ᠡᠴᠡ ᠬᠥᠯ ᠢ᠋ ᠨᠢ ᠬᠤᠭᠤᠯᠤᠭᠰᠠᠨ ᠭᠡᠳᠡᠭ᠃ ᠲᠡᠭᠦᠨ ᠦ᠌ ᠢᠩᠭᠢᠵᠦ ᠬᠡᠯᠡᠳᠡᠭ ᠦ᠋ᠨ ᠴᠠᠭᠠᠳᠤᠬᠢ ᠰᠠᠨᠠᠭ᠎ᠠ ᠨᠢ ᠶᠠᠭᠤ ᠪᠣᠯᠬᠤ ᠪᠣᠯ? ᠦᠨᠡᠨ ᠳᠦ ᠪᠡᠨ ᠡᠬᠡᠨᠡᠷ ᠲᠦ᠋ᠨᠢ ᠲᠡᠢᠮᠦ ᠠᠷᠪᠢᠨ ᠵᠣᠭᠣᠰ ᠪᠠᠢᠭᠰᠠᠨ ᠡᠰᠡᠬᠦ ᠶ᠋ᠢ ᠨᠢ ᠴᠤ᠌ ᠪᠠᠢᠴᠠᠭᠠᠭᠰᠠᠨ ᠦᠭᠡᠢ ᠮᠥᠷᠲᠡᠭᠡᠨ ᠡᠨᠡ ᠲᠤᠬᠠᠢ ᠭᠡᠷᠡᠴᠢ ᠪᠠᠷᠢᠮᠲᠠ ᠪᠠᠰᠠ ᠦᠭᠡᠢ᠃ ᠦᠨᠡᠬᠡᠷ ᠠᠷᠪᠢᠨ ᠵᠣᠭᠣᠰ ᠪᠠᠢᠭᠰᠠᠨ ᠢ᠋ᠶ᠋ᠠᠷ ᠪᠣᠳᠣᠬᠤ ᠳ᠋ᠤ᠌ ᠵᠠᠪᠠᠯ ᠦᠵᠡᠰᠬᠦᠯᠡᠩ ᠢᠩᠭᠢᠵᠦ ᠴᠢᠩᠭᠢᠵᠦ ᠣᠯᠤᠯ᠎ᠠ ᠭᠡᠬᠦ ᠶ᠋ᠢᠨ ᠠᠷᠭ᠎ᠠ ᠦᠭᠡᠢ᠃ ᠬᠠᠷᠢᠨ ᠪᠣᠯᠤᠷᠴᠠᠭᠠᠨ ᠶᠠᠮᠠᠷ ᠨᠢᠭᠡᠨ ᠪᠤᠵᠠᠷ ᠢᠷᠡᠯ ᠲᠡᠢ ᠵᠣᠭᠣᠰ ᠠᠪᠴᠢᠷᠠᠭᠠᠳ ᠡᠬᠡᠨᠡᠷ ᠲᠤ ᠪᠠᠨ ᠰᠡᠷᠡᠭᠳᠡᠭᠡᠳ ᠵᠣᠳᠣᠯᠴᠠᠭᠰᠠᠨ ᠴᠤ᠌ ᠪᠠᠢᠵᠤ ᠮᠡᠳᠡᠨ᠎ᠡ᠃ ᠨᠡᠭᠡᠷᠡᠨ ᠨᠢᠳᠦ ᠪᠡᠨ ᠪᠥᠯᠳᠡᠢᠵᠦ ᠪᠠᠢᠭᠠᠳ ᠬᠤᠳᠠᠯ ᠴᠠᠯᠴᠢᠵᠤ ᠪᠠᠢᠬᠤ ᠴᠤ᠌ ᠮᠠᠭᠠᠳ ᠦᠭᠡᠢ᠃ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠵᠤ ᠠᠪᠴᠢᠷᠠᠭᠰᠠᠨ ᠨᠢ ᠢᠯᠡᠭᠦᠴᠡ᠁ ᠭᠡᠪᠡ᠃
ᠤᠤᠯ ᠨᠢ ᠪᠣᠯᠤᠷᠴᠠᠭᠠᠨ ᠤ᠋ ᠬᠡᠷᠡᠭ ᠢ᠋ ᠬᠥᠬᠡᠲᠣᠯᠢ ᠰᠢᠭᠦᠬᠦ ᠬᠣᠷᠢᠶᠠᠨ ᠤ᠋ ᠰᠢᠭᠦᠭᠴᠢ ᠶ᠋ᠢᠨ ᠬᠤᠪᠢ ᠪᠠᠷ ᠭᠠᠷᠳᠠᠨ ᠠᠪᠤᠭᠠᠳ᠂ ᠪᠠᠢᠴᠠᠭᠠᠨ ᠬᠢᠨᠠᠵᠤ ᠢᠯᠡ ᠪᠡᠷ ᠰᠢᠭᠦᠨ᠂ ᠲᠣᠳᠣᠷᠬᠠᠢ ᠬᠡᠷᠡᠭ ᠢ᠋ᠶ᠋ᠡᠷ ᠬᠢᠨᠠᠨ ᠪᠠᠲᠤᠯᠠᠵᠤ ᠬᠠᠷᠢᠭᠤ ᠮᠡᠳᠡᠭᠦᠯᠦᠭᠡᠳ᠂ ᠵᠠᠭᠠᠯᠳᠤᠯᠭ᠎ᠠ ᠪᠠᠨ ᠳᠡᠭᠡᠳᠦ ᠱᠠᠲᠤᠨ ᠳ᠋ᠤ᠌ ᠳᠠᠮᠵᠢᠭᠤᠯᠤᠨ ᠵᠥᠪᠰᠢᠶᠡᠷᠡᠭᠦᠯᠦᠭᠰᠡᠨ ᠶᠦᠮ᠃
ᠡᠢᠮᠦ ᠡᠴᠡ ᠵᠠᠯᠠᠭᠤ ᠰᠢᠭᠦᠭᠴᠢ ᠴᠠᠭᠠᠨ᠎ᠠ ᠠ᠋ᠴᠠ ᠪᠠᠨ ᠪᠣᠯᠤᠷᠴᠠᠭᠠᠨ ᠤ᠋ ᠬᠡᠷᠡᠭ ᠲᠦ᠍ ᠳᠠᠬᠢᠨ ᠣᠨᠴᠠᠭᠠᠢ ᠶᠡᠬᠡ ᠬᠤᠪᠢᠷᠠᠯᠲᠠ ᠭᠠᠷᠬᠤ ᠶ᠋ᠢ ᠢᠲᠡᠭᠡᠬᠦ ᠦᠭᠡᠢ ᠮᠥᠷᠲᠡᠭᠡᠨ ᠭᠠᠷᠬᠤ ᠶ᠋ᠢ ᠴᠤ᠌ ᠬᠦᠰᠡᠬᠦ ᠦᠭᠡᠢ ᠪᠠᠢᠯ᠎ᠠ᠃
ᠣᠷᠴᠢᠮ ᠤ᠋ᠨ ᠡᠳᠦᠷ ᠦ᠋ᠳ ᠦ᠋ᠨ ᠪᠠᠢᠴᠠᠭᠠᠯᠲᠠ ᠳᠤᠮᠳᠠ ᠪᠠᠭ᠎ᠠ ᠰᠠᠭ᠎ᠠ ᠴᠤ᠌ ᠪᠣᠯᠤᠭ ᠤᠤᠯ ᠬᠡᠷᠡᠭ ᠢ᠋ ᠪᠠᠲᠤᠳᠬᠠᠬᠤ ᠬᠠᠮᠢᠶᠠᠲᠠᠢ ᠭᠡᠷᠡᠴᠢ ᠪᠠᠷᠢᠮᠲᠠ ᠢᠯᠡᠷᠡᠬᠦ ᠪᠦᠷᠢ ᠥᠪᠡᠷ ᠦ᠋ᠨ ᠡᠷᠬᠡ ᠦᠭᠡᠢ ᠤᠭ ᠦᠵᠡᠯᠲᠡ ᠪᠡᠨ ᠪᠠᠷᠢᠮᠲᠠᠯᠠᠬᠤ ᠰᠠᠨᠠᠭ᠎ᠠ ᠦᠭᠡ ᠶᠠᠷᠢᠶᠠᠨ ᠳᠤ ᠪᠠᠨ ᠢᠯᠡᠷᠡᠭᠦᠯᠳᠡᠭ ᠪᠠᠢᠯ᠎ᠠ᠃
ᠲᠦᠪᠰᠢᠨ ᠡᠨᠡ ᠬᠦ᠌ ᠦᠵᠡᠯ ᠰᠠᠨᠠᠭᠠᠨ ᠤ᠋ ᠥᠪᠡᠷᠮᠢᠴᠡ ᠪᠠᠢᠳᠠᠯ ᠢ᠋ ᠠᠯᠢ ᠡᠷᠲᠡ ᠦᠵᠡᠵᠦ ᠭᠠᠷᠴᠠᠢ᠃ ᠡᠴᠦᠰ ᠦ᠋ᠨ ᠦᠷ᠎ᠡ ᠳ᠋ᠦᠩ ᠭᠠᠷᠬᠤ ᠠ᠋ᠴᠠ ᠡᠮᠦᠨ᠎ᠡ ᠢᠩᠭᠢᠵᠦ ᠪᠣᠳᠣᠵᠤ ᠰᠡᠳᠬᠢᠬᠦ ᠶ᠋ᠢ ᠪᠤᠷᠤᠭᠤ ᠭᠡᠬᠦ ᠶ᠋ᠢᠨ ᠠᠷᠭ᠎ᠠ ᠦᠭᠡᠢ ᠭᠡᠵᠦ ᠳᠣᠲᠣᠷ᠎ᠠ ᠪᠠᠨ ᠪᠣᠳᠣᠬᠤ ᠳᠤ ᠪᠠᠨ ᠬᠠᠶᠠᠭᠠᠨ ᠳ᠋ᠤᠨᠢ ᠬᠠᠶᠠᠵᠤ ᠳᠤᠷ᠎ᠠ ᠪᠠᠷ ᠨᠢ ᠶᠠᠷᠢᠭᠤᠯᠳᠠᠭ ᠪᠠᠢᠪᠠ᠃
ᠥᠨᠥᠳᠥᠷ ᠴᠤ᠌ ᠲᠦᠪᠰᠢᠨ ᠭᠤᠸᠠᠢ ᠬᠥᠬᠡᠲᠣᠯᠢ ᠶ᠋ᠢᠨ ᠵᠠᠬᠢᠳᠠᠯ ᠠ᠋ᠴᠠ ᠵᠦᠢᠴᠢᠯᠡᠭᠰᠡᠨ ᠲᠠᠢᠯᠪᠤᠷᠢ ᠶ᠋ᠢ ᠰᠣᠨᠣᠰᠤᠭᠰᠠᠨ ᠡᠰᠡᠬᠦ ᠶ᠋ᠢᠨ ᠬᠣᠭᠣᠷᠣᠨᠳᠣ ᠥᠩᠭᠡᠷᠡᠵᠦ᠂ ᠪᠣᠯᠤᠷᠴᠠᠭᠠᠨ ᠤ᠋ ᠠᠪᠤ ᠶ᠋ᠢᠨ ᠬᠢᠨᠢ ᠵᠠᠬᠢᠳᠠᠯ ᠢ᠋ ᠪᠤᠴᠠᠭᠠᠨ ᠭᠠᠷᠳᠠᠭᠤᠯᠤᠭᠠᠳ᠄
— ᠴᠢ ᠡᠳᠡᠭᠡᠷ ᠠᠰᠠᠭᠤᠳᠠᠯ ᠢ᠋ ᠰᠠᠢᠲᠤᠷ ᠪᠠᠢᠴᠠᠭᠠᠭᠰᠠᠨ ᠤᠤ? ᠭᠡᠵᠦ ᠨᠠᠮᠵᠢᠭᠤᠬᠠᠨ ᠠᠰᠠᠭᠤᠪᠠ᠃
ᠬᠥᠬᠡᠲᠣᠯᠢ ᠲᠦᠪᠰᠢᠨ ᠦ᠌ ᠦᠭᠡ ᠶ᠋ᠢ ᠭᠠᠵᠠᠷ ᠰᠢᠷᠤᠢᠳᠠᠭᠤᠯᠤᠯ ᠦᠭᠡᠢ ᠡᠯᠭᠦᠨ ᠠᠪᠴᠤ᠄
— ᠪᠠᠢᠴᠠᠭᠠᠵᠠᠢ᠃ ᠪᠢ ᠥᠨᠥᠳᠥᠷ ᠬᠣᠲᠠ ᠶ᠋ᠢᠨ ᠰᠢᠤᠳᠠᠨ ᠭᠠᠵᠠᠷ ᠣᠴᠢᠵᠤ ᠲᠡᠭᠦᠨ ᠦ᠌ ᠠᠪᠤ ᠳᠤ ᠪᠠᠨ ᠪᠢᠴᠢᠭᠰᠡᠨ ᠲᠦᠷᠭᠡᠨ ᠴᠠᠬᠢᠯᠭᠠᠨ ᠤ᠋ ᠡᠬᠡ ᠨᠣᠣᠷᠠᠭ ᠪᠣᠯᠤᠨ ᠵᠣᠭᠣᠰ ᠭᠤᠢᠪᠢᠭᠤᠯᠤᠭᠰᠠᠨ ᠭᠠᠷᠳᠠᠮ ᠢ᠋ ᠨᠢ ᠣᠯᠵᠤ ᠠᠪᠴᠠᠢ᠃ ᠲᠠ ᠡᠨᠡ ᠲᠡᠮᠳᠡᠭᠯᠡᠯ ᠢ᠋ ᠦᠵᠡᠯ ᠳᠡ ᠭᠡᠳ ᠪᠠᠢᠴᠠᠭᠠᠯᠲᠠ ᠶ᠋ᠢᠨ ᠨᠢᠭᠤᠴᠠ ᠲᠡᠮᠳᠡᠭᠯᠡᠯ ᠭᠡᠬᠦ ᠪᠢᠴᠢᠭᠡᠰᠦ ᠲᠡᠢ ᠬᠥᠬᠡ ᠬᠠᠪᠲᠠᠰᠤ ᠶ᠋ᠢ ᠭᠠᠷᠳᠠᠭᠤᠯᠪᠠ᠃
ᠲᠦᠷᠭᠡᠨ ᠴᠠᠬᠢᠯᠭᠠᠨ ᠳᠤ ᠪᠠᠨ
ᠬᠦᠨᠳᠦᠳᠦ ᠠᠪᠤ ᠲᠠᠨ᠎ᠠ᠄
ᠡᠪᠡᠳᠴᠢᠯᠡᠭᠰᠡᠨ ᠢ᠋ ᠲᠠᠨᠢ ᠰᠣᠨᠣᠰᠤᠭᠠᠳ ᠰᠦᠷᠡᠬᠡᠢ ᠵᠣᠪᠠᠯ᠎ᠠ᠃ ᠭᠡᠲᠡᠯ᠎ᠡ ᠠᠵᠢᠯ ᠶᠠᠭᠠᠷᠠᠤ ᠶ᠋ᠢᠨ ᠬᠠᠷᠠᠭ᠎ᠠ ᠪᠠᠷ ᠣᠴᠢᠵᠤ ᠠᠮᠵᠢᠬᠤ ᠦᠭᠡᠢ ᠪᠣᠯᠤᠯ᠎ᠠ᠃ ᠠᠪᠤ ᠮᠢᠨᠢ ᠪᠢᠲᠡᠭᠡᠢ ᠭᠣᠮᠣᠳᠠᠭᠠᠷᠠᠢ! ᠲᠠ ᠳᠡᠭᠦᠦ ᠶ᠋ᠢ ᠳᠠᠭᠠᠭᠤᠯᠵᠤ ᠲᠦᠷᠭᠡᠨ ᠶᠠᠪᠤᠵᠤ ᠡᠮᠨᠡᠭᠦᠯ᠃ ᠮᠢᠨᠦ ᠪᠣᠳᠣᠬᠤ ᠪᠠᠷ ᠮᠠᠨᠳᠤᠬᠤ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠳ᠋ᠤ᠌ ᠣᠴᠢᠵᠤ ᠦᠵᠡᠭᠦᠯᠪᠡᠯ ᠳᠡᠭᠡᠷ᠎ᠡ ᠪᠠᠢᠬ᠎ᠠ᠃ ᠮᠠᠨ ᠤ᠋ ᠬᠣᠷᠢᠶ᠎ᠠ ᠨᠠᠰᠤᠲᠠᠢᠴᠤᠳ ᠢ᠋ ᠡᠮᠨᠡᠬᠦ ᠨᠥᠬᠥᠴᠡᠯ ᠢ᠋ᠶ᠋ᠡᠷ ᠲᠡᠨᠳᠡᠬᠢ ᠳ᠋ᠦ᠍ ᠬᠦᠷᠬᠦ ᠦᠭᠡᠢ ᠰᠢᠦ᠃ ᠵᠠᠮ ᠳᠤ ᠪᠠᠨ ᠪᠡᠶ᠎ᠡ ᠪᠡᠨ ᠢᠯᠡᠭᠦᠬᠡᠨ ᠬᠢᠴᠢᠶᠡᠭᠡᠷᠡᠢ᠃ ᠬᠠᠷᠢᠭᠤ ᠵᠠᠬᠢᠳᠠᠯ ᠪᠢᠴᠢᠭᠰᠡᠨ ᠦ᠌ ᠬᠡᠷᠡᠭ ᠦᠭᠡᠢ᠃ ᠢᠩᠭᠢᠵᠦ ᠴᠢᠩᠭᠢᠵᠦ ᠪᠠᠢᠭᠠᠳ ᠴᠠᠭ ᠢ᠋ ᠰᠠᠭᠠᠲᠠᠭᠠᠵᠤ ᠡᠪᠡᠳᠴᠢᠨ ᠢ᠋ᠶ᠋ᠡᠨ ᠪᠤᠤ ᠬᠦᠨᠳᠦᠷᠡᠭᠦᠯᠴᠢᠬᠡ ᠳᠡ᠃ ᠡᠷᠲᠡᠬᠡᠨ ᠶᠠᠪᠤᠭᠠᠷᠠᠢ! ᠳᠠᠭᠠᠯᠳᠤᠭᠤᠯᠤᠨ ᠮᠢᠩᠭᠠᠨ ᠲᠥᠭᠥᠷᠢᠭ ᠭᠤᠢᠪᠢᠭᠤᠯᠪᠠ᠃ ᠡᠷᠲᠡᠬᠡᠨ ᠡᠷᠡᠭᠦᠯ ᠪᠣᠯᠬᠤ ᠶ᠋ᠢ ᠲᠠᠨᠢ ᠢᠷᠥᠭᠡᠶ᠎ᠡ!
ᠬᠦᠦ ᠴᠢᠨᠢ ᠪᠣᠯᠤᠷᠴᠠᠭᠠᠨ
ᠭᠡᠰᠡᠨ ᠪᠠᠢᠯ᠎ᠠ᠃ ᠳᠣᠣᠷ᠎ᠠ ᠨᠢ ᠰᠢᠤᠳᠠᠨ ᠲᠣᠪᠴᠢᠶᠠᠨ ᠤ᠋ ᠲᠦᠷᠭᠡᠨ ᠴᠠᠬᠢᠯᠭᠠᠨ ᠭᠠᠷᠳᠠᠭᠰᠠᠨ ᠴᠠᠭ ᠢ᠋ ᠣᠷᠣᠢ ᠶ᠋ᠢᠨ ᠲᠠᠪᠤᠨ ᠴᠠᠭ ᠬᠣᠷᠢᠨ ᠳᠣᠯᠣᠭᠠᠨ ᠮᠢᠨᠦ᠋ᠲ ᠭᠡᠵᠦ ᠪᠢᠴᠢᠵᠦ ᠪᠠᠢᠯ᠎ᠠ᠃
ᠡᠨᠡ ᠨᠢ ᠨᠡᠭᠡᠷᠡᠨ ᠬᠥᠬᠡᠲᠣᠯᠢ ᠶ᠋ᠢᠨ ᠬᠡᠯᠡᠭᠰᠡᠨ ᠰᠢᠭ ᠢ᠋ᠶ᠋ᠡᠷ ᠦᠵᠡᠰᠬᠦᠯᠡᠩ ᠬᠣᠣᠷᠯᠠᠭᠳᠠᠬᠤ ᠠ᠋ᠴᠠ ᠨᠢᠭᠡ ᠴᠠᠭ ᠭᠠᠷᠤᠢ ᠶ᠋ᠢᠨ ᠡᠮᠦᠨᠡᠬᠢ ᠶᠠᠪᠤᠳᠠᠯ ᠪᠠᠢᠪᠠ᠃ ᠵᠣᠭᠣᠰ ᠭᠤᠢᠪᠢᠭᠤᠯᠤᠭᠰᠠᠨ ᠭᠠᠷᠳᠠᠮ ᠳᠡᠭᠡᠷ᠎ᠡ ᠴᠤ᠌ ᠪᠣᠯᠤᠷᠴᠠᠭᠠᠨ ᠤ᠋ ᠨᠡᠷ᠎ᠡ ᠶ᠋ᠢ ᠳᠤᠷᠠᠢᠲᠠᠯ᠎ᠠ ᠪᠢᠴᠢᠵᠦ ᠪᠠᠢᠪᠠ᠃
ᠲᠦᠪᠰᠢᠨ ᠲᠡᠮᠳᠡᠭᠯᠡᠯ ᠢ᠋ ᠦᠵᠡᠵᠦ ᠪᠠᠢᠬᠤ ᠳ᠋ᠤ᠌ ᠬᠥᠬᠡᠲᠣᠯᠢ᠄
— ᠪᠢ ᠪᠣᠯᠤᠷᠴᠠᠭᠠᠨ ᠤ᠋ ᠬᠡᠷᠡᠭ ᠦ᠋ᠨ ᠡᠪᠬᠡᠮᠡᠯ ᠢ᠋ ᠳᠠᠬᠢᠨ ᠡᠷᠭᠢᠭᠦᠯᠵᠦ ᠦᠵᠡᠬᠦᠯ᠎ᠡ ᠲᠡᠷᠡ ᠲᠤᠰ ᠡᠳᠦᠷ ᠦ᠋ᠨ ᠲᠠᠪᠤᠨ ᠴᠠᠭ ᠤ᠋ᠨ ᠦᠶ᠎ᠡ ᠪᠡᠷ ᠠᠵᠢᠯ ᠠ᠋ᠴᠠ ᠪᠠᠨ ᠪᠠᠭᠤᠵᠠᠢ᠃ ᠪᠢ ᠡᠮᠨᠡᠯᠭᠡ ᠶ᠋ᠢᠨ ᠬᠣᠷᠢᠶᠠᠨ ᠠ᠋ᠴᠠ ᠭᠠᠷᠤᠭᠠᠳ ᠰᠢᠤᠳᠠᠨ ᠲᠣᠪᠴᠢᠶᠠᠨ ᠳ᠋ᠤ᠌ ᠬᠦᠷᠴᠦ ᠴᠠᠬᠢᠯᠭᠠᠨ ᠭᠤᠢᠪᠢᠭᠤᠯᠬᠤ ᠬᠠᠭᠤᠳᠠᠰᠤ ᠳᠡᠭᠡᠷ᠎ᠡ ᠲᠡᠢᠮᠦ ᠨᠢᠭᠡ ᠳᠥᠭᠥᠮ ᠵᠠᠬᠢᠳᠠᠯ ᠪᠢᠴᠢᠭᠡᠳ ᠲᠤᠰᠢᠶᠠᠬᠤ ᠳ᠋ᠤ᠌ ᠴᠣᠬᠣᠮ ᠬᠡᠳᠦᠢ ᠴᠠᠭ ᠣᠷᠣᠬᠤ ᠶ᠋ᠢ ᠲᠤᠰᠬᠠᠢᠯᠠᠨ ᠲᠤᠷᠰᠢᠵᠤ ᠦᠵᠡᠬᠦ ᠳ᠋ᠦ᠍ ᠬᠣᠷᠢ ᠭᠠᠷᠤᠢ ᠮᠢᠨᠦ᠋ᠲ ᠪᠣᠯᠤᠭᠰᠠᠨ᠃ ᠢᠩᠭᠢᠬᠦᠯ᠎ᠡ ᠡᠳᠡᠭᠡᠷ ᠨᠢ ᠴᠠᠭ ᠤ᠋ᠨ ᠲᠠᠯ᠎ᠠ ᠪᠠᠷ ᠵᠦᠷᠢᠶᠡᠨ ᠦᠭᠡᠢ᠃ ᠡᠮᠨᠡᠯᠭᠡ ᠶ᠋ᠢᠨ ᠬᠣᠷᠢᠶᠠᠨ ᠤ᠋ ᠬᠥᠮᠦᠰ ᠦ᠋ᠨ ᠬᠡᠯᠡᠯᠴᠡᠬᠦ ᠪᠡᠷ ᠬᠡᠷᠡᠭ ᠭᠠᠷᠬᠤ ᠶ᠋ᠢᠨ ᠡᠮᠦᠨ᠎ᠡ ᠬᠣᠶᠠᠷ ᠡᠳᠦᠷ ᠪᠣᠯᠤᠷᠴᠠᠭᠠᠨ ᠤ᠋ ᠰᠡᠳᠬᠢᠯ ᠮᠠᠰᠢ ᠶᠡᠬᠡ ᠳᠠᠷᠤᠭᠠᠰᠤ ᠲᠠᠢ ᠪᠠᠢᠭᠰᠠᠨ ᠭᠡᠨ᠎ᠡ᠃ ᠲᠡᠷᠡ ᠵᠠᠬᠢᠳᠠᠯ ᠳᠤ ᠪᠠᠨ ᠠᠪᠤ ᠪᠠᠨ ᠲᠦᠮᠡᠨᠨᠠᠰᠤᠲᠤ ᠬᠣᠲᠠ ᠳ᠋ᠤ᠌ ᠢᠷᠡᠬᠦ ᠶ᠋ᠢ ᠢᠳᠬᠠᠨ ᠬᠣᠷᠢᠭᠯᠠᠵᠤ᠂ ᠮᠠᠨᠳᠤᠬᠤ ᠬᠣᠲᠠ ᠳ᠋ᠤ᠌ ᠶᠠᠪᠤᠭᠤᠯᠬᠤ ᠪᠠᠷ ᠠᠷᠭᠠᠯᠠᠭᠰᠠᠨ ᠨᠢ ᠬᠣᠵᠢᠮ ᠨᠢ ᠪᠣᠯᠬᠤ ᠦᠢᠯᠡ ᠬᠡᠷᠡᠭ ᠨᠠᠰᠤᠲᠠᠨ ᠤ᠋ ᠰᠡᠳᠬᠢᠯᠭᠡ ᠶ᠋ᠢ ᠥᠩᠭᠡᠷᠡᠦ ᠵᠣᠪᠠᠭᠠᠬᠤ ᠠ᠋ᠴᠠ ᠪᠣᠯᠭᠣᠮᠵᠢᠯᠠᠭᠰᠠᠨ ᠪᠠᠢᠵᠤ ᠮᠡᠳᠡᠨ᠎ᠡ᠃ ᠦᠨᠡᠨ ᠢ᠋ ᠬᠡᠯᠡᠪᠡᠯ ᠲᠦᠮᠡᠨᠨᠠᠰᠤᠲᠤ ᠬᠣᠲᠠ ᠶ᠋ᠢᠨ ᠡᠮᠨᠡᠯᠭᠡ ᠶ᠋ᠢᠨ ᠨᠥᠬᠥᠴᠡᠯ ᠮᠠᠨᠳᠤᠬᠤ ᠬᠣᠲᠠ ᠶ᠋ᠢᠨ ᠬᠢ ᠡᠴᠡ ᠬᠣᠯᠠ ᠳᠡᠭᠡᠷ᠎ᠡ ᠶᠦᠮ᠃ ᠨᠠᠭᠠᠳᠤ ᠵᠠᠬ᠎ᠠ ᠳᠤ ᠪᠠᠨ ᠵᠠᠮ ᠨᠢ ᠮᠠᠨᠳᠤᠬᠤ ᠬᠣᠲᠠ ᠬᠦᠷᠬᠦ ᠡᠴᠡ ᠣᠢᠷ᠎ᠠ ᠰᠢᠳᠡ᠃ ᠲᠢᠩᠬᠢᠮ ᠦ᠋ᠨ ᠳᠠᠷᠤᠭ᠎ᠠ ᠠ᠋᠂ ᠲᠠ ᠡᠨᠡ ᠴᠠᠬᠢᠯᠭᠠᠨ ᠮᠡᠳᠡᠭᠡᠨ ᠦ᠌ ᠡᠬᠡ ᠨᠣᠣᠷᠠᠭ ᠤ᠋ᠨ ᠭᠠᠷ ᠤ᠋ᠨ ᠲᠢᠭ ᠢ᠋ ᠦᠵᠡᠭᠡᠴᠢ᠂ ᠬᠡᠳᠦᠢ ᠶᠠᠭᠠᠷᠠᠤ ᠰᠠᠨᠳᠤᠷᠤᠤ ᠪᠢᠴᠢᠭᠰᠡᠨ ᠪᠣᠢ᠃ ᠲᠡᠰᠢᠶ᠎ᠡ ᠦᠰᠦᠭ ᠪᠣᠯᠤᠨ ᠭᠦᠶᠦᠯᠭᠡᠨ ᠲᠠᠲᠠᠯᠠᠭᠰᠠᠨ ᠠ᠋ᠴᠠ ᠨᠢ ᠦᠵᠡᠪᠡᠯ᠂ ᠶᠠᠭᠤᠨ ᠳ᠋ᠤ᠌ ᠢᠩᠭᠢᠵᠦ ᠶᠠᠭᠠᠷᠠᠭᠰᠠᠨ ᠢ᠋ ᠨᠢ ᠪᠣᠳᠣᠯᠬᠢᠯᠠᠭᠤᠰᠢᠲᠠᠢ ᠰᠢᠦ! ᠭᠡᠵᠦ ᠶᠠᠷᠢᠵᠤ ᠪᠠᠷᠠᠬᠤ ᠳ᠋ᠤ᠌ ᠲᠦᠪᠰᠢᠨ᠄
— ᠪᠣᠯᠤᠷᠴᠠᠭᠠᠨ ᠤ᠋ ᠭᠡᠷ ᠡᠴᠡ ᠰᠢᠤᠳᠠᠨ ᠲᠣᠪᠴᠢᠶ᠎ᠠ ᠬᠦᠷᠬᠦ ᠪᠣᠯᠤᠨ ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠠ᠋ᠴᠠ ᠰᠢᠤᠳᠠᠨ ᠲᠣᠪᠴᠢᠶ᠎ᠠ ᠬᠦᠷᠬᠦ ᠵᠠᠢ ᠠᠯᠢ ᠨᠢ ᠬᠣᠯᠠ ᠪᠣᠢ? ᠭᠡᠵᠦ ᠭᠡᠨᠡᠳᠲᠡ ᠠᠰᠠᠭᠤᠪᠠ᠃
— ᠪᠠᠷᠤᠭ ᠠᠳᠠᠯᠢᠪᠲᠤᠷ᠃
— ᠴᠢ ᠡᠨᠡ ᠲᠦᠷᠭᠡᠨ ᠴᠠᠬᠢᠯᠭᠠᠨ ᠤ᠋ ᠡᠬᠡ ᠨᠣᠣᠷᠠᠭ ᠢ᠋ ᠪᠣᠯᠤᠷᠴᠠᠭᠠᠨ ᠤ᠋ ᠭᠠᠷ ᠤ᠋ᠨ ᠲᠢᠭ ᠲᠡᠢ ᠬᠠᠷᠢᠴᠠᠭᠤᠯᠤᠨ ᠪᠠᠢᠴᠠᠭᠠᠭᠰᠠᠨ ᠤᠤ?
— ᠦᠭᠡᠢ᠂ ᠮᠢᠨᠦ ᠪᠣᠳᠣᠬᠤ ᠪᠠᠷ ᠥᠭᠡᠷ᠎ᠡ ᠬᠥᠮᠦᠨ ᠪᠣᠯᠤᠷᠴᠠᠭᠠᠨ ᠤ᠋ ᠨᠡᠷ᠎ᠡ ᠪᠡᠷ ᠠᠪᠤ ᠳ᠋ᠤᠨᠢ ᠮᠢᠩᠭᠠᠨ ᠲᠥᠭᠥᠷᠢᠭ ᠥᠭᠬᠦ ᠪᠣᠯᠤᠯᠴᠠᠭ᠎ᠠ ᠠᠷᠠᠢ ᠦᠭᠡᠢ ᠪᠠᠢᠬ᠎ᠠ᠃
— ᠦᠵᠡᠰᠬᠦᠯᠡᠩ ᠥᠭᠴᠦ ᠪᠣᠯᠤᠨ᠎ᠠ ᠰᠢᠲᠠ᠃
— ᠲᠡᠷᠡ ᠬᠣᠶᠠᠭᠤᠯᠠ ᠲᠡᠭᠡᠵᠦ ᠵᠣᠳᠣᠯᠴᠠᠵᠤ ᠴᠤᠤᠭᠢᠭᠠᠳ ᠶᠠᠪᠤᠳᠠᠯ ᠪᠣᠯᠵᠤ ᠪᠠᠢᠬᠤ ᠳ᠋ᠤ᠌ ᠦᠵᠡᠰᠬᠦᠯᠡᠩ ᠶᠠᠭᠤᠨ ᠳ᠋ᠤ᠌ ᠢᠩᠭᠢᠵᠦ ᠬᠢᠬᠦ ᠪᠣᠢ? ᠪᠠᠰᠠ ᠬᠥᠯ ᠨᠢ ᠬᠤᠭᠤᠷᠠᠭᠠᠳ ᠬᠡᠪᠲᠡᠷᠢ ᠳᠦ ᠪᠡᠨ ᠪᠠᠢᠭᠰᠠᠨ ᠶᠤᠮ ᠴᠢᠨᠢ᠂ ᠢᠩᠭᠢᠵᠦ ᠬᠢᠬᠦ ᠪᠣᠯᠤᠯᠴᠠᠭ᠎ᠠ ᠦᠭᠡᠢ᠃
— ᠴᠢ ᠣᠴᠢᠵᠤ ᠪᠠᠢᠴᠠᠭᠠᠭᠠᠷᠠᠢ᠃ ᠡᠨᠡ ᠬᠦ᠌ ᠨᠣᠣᠷᠠᠭ ᠳᠠᠬᠢ ᠭᠠᠷ ᠤ᠋ᠨ ᠲᠢᠭ ᠪᠣᠯᠤᠷᠴᠠᠭᠠᠨ ᠤ᠋ ᠬᠢ ᠪᠢᠰᠢ ᠪᠠᠢᠬᠤ ᠶᠣᠰᠣᠲᠠᠢ᠃
— ᠪᠢ ᠢᠲᠡᠭᠡᠬᠦ ᠦᠭᠡᠢ᠃ ᠭᠡᠪᠡᠴᠦ ᠣᠳᠣ ᠪᠠᠷ ᠢ᠋ᠶ᠋ᠠᠨ ᠣᠴᠢᠵᠤ ᠪᠠᠢᠴᠠᠭᠠᠶᠠ᠃
— ᠬᠡᠷᠡᠭ ᠦᠭᠡᠢ᠃ ᠬᠣᠵᠢᠮ ᠲᠣᠬᠢᠶᠠᠯ ᠲᠠᠭᠠᠷᠠᠭᠤᠯᠤᠨ ᠪᠠᠢᠴᠠᠭᠠᠵᠤ ᠦᠵᠡ᠃ ᠴᠢ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠳᠠᠩᠰᠠ ᠡᠪᠬᠡᠮᠡᠯ ᠢ᠋ ᠪᠠᠢᠴᠠᠭᠠᠪᠠ ᠤᠤ?
— ᠪᠠᠢᠴᠠᠭᠠᠵᠠᠢ᠃ ᠡᠨᠡ ᠬᠣᠷᠢᠶᠠᠨ ᠤ᠋ ᠡᠮᠨᠡᠯᠭᠡ ᠶ᠋ᠢᠨ ᠰᠦᠢᠳᠬᠡᠯ ᠡᠨᠡ ᠲᠡᠷᠡ ᠭᠡᠳ ᠵᠣᠭᠣᠰ ᠮᠥᠩᠭᠥᠨ ᠦ᠌ ᠭᠦᠢᠯᠭᠡᠭᠡ ᠡᠳᠦᠷ ᠲᠦ᠍ ᠬᠡᠳᠦᠨ ᠲᠦᠮᠡᠨ ᠲᠥᠭᠥᠷᠢᠭ ᠢ᠋ᠶ᠋ᠡᠷ ᠲᠣᠭᠲᠠᠬᠤ ᠦᠭᠡᠢ ᠪᠣᠯᠬᠣᠷ ᠪᠠᠢᠴᠠᠭᠠᠬᠤ ᠳ᠋ᠤ᠌ ᠮᠠᠰᠢ ᠬᠦᠴᠢᠷᠲᠡᠢ᠃ ᠦᠵᠡᠰᠬᠦᠯᠡᠩ ᠢ᠋ ᠬᠣᠣᠷᠯᠠᠭᠳᠠᠬᠤ ᠠ᠋ᠴᠠ ᠡᠮᠦᠨ᠎ᠡ ᠬᠡᠳᠦᠨ ᠰᠠᠷ᠎ᠠ ᠳ᠋ᠤ᠌ ᠬᠤᠪᠢ ᠬᠥᠮᠦᠨ ᠲᠡᠢᠮᠦ ᠶᠡᠬᠡ ᠵᠣᠭᠣᠰ ᠵᠢᠭᠡᠯᠡᠭᠰᠡᠨ ᠪᠠᠷᠢᠮᠲᠠ ᠦᠭᠡᠢ᠃ ᠭᠠᠭᠴᠠ ᠰᠡᠵᠢᠭᠯᠡᠭᠦᠰᠢᠲᠡᠢ ᠵᠦᠢᠯ ᠪᠣᠯ ᠠᠷᠪᠠᠨ ᠰᠠᠷ᠎ᠠ ᠶ᠋ᠢᠨ ᠬᠣᠷᠢᠳ ᠢ᠋ᠶ᠋ᠠᠷ ᠬᠣᠷᠢᠶᠠᠨ ᠳᠠᠷᠤᠭ᠎ᠠ ᠶ᠋ᠢᠨ ᠨᠡᠷ᠎ᠡ ᠪᠡᠷ ᠪᠡᠯᠡᠨ ᠮᠥᠩᠭᠥ ᠭᠤᠷᠪᠠᠨ ᠮᠢᠩᠭᠠᠨ ᠲᠥᠭᠥᠷᠢᠭ ᠭᠠᠷᠭᠠᠭᠰᠠᠨ ᠪᠣᠯᠪᠠᠴᠤ ᠭᠤᠷᠪᠠᠳᠤᠭᠠᠷ ᠡᠳᠦᠷ ᠲᠤᠨᠢ ᠲᠣᠭ᠎ᠠ ᠶᠣᠰᠣᠭᠠᠷ ᠪᠤᠴᠠᠭᠠᠭᠰᠠᠨ ᠪᠠᠢᠨ᠎ᠠ᠃ ᠭᠡᠲᠡᠯ᠎ᠡ ᠵᠢᠭᠡᠯᠡᠪᠦᠷᠢ ᠶ᠋ᠢᠨ ᠪᠠᠷᠢᠮᠲᠠ ᠪᠠᠨ ᠵᠣᠭᠣᠰ ᠢ᠋ᠶ᠋ᠠᠨ ᠪᠤᠴᠠᠭᠠᠬᠤ ᠳᠤ ᠪᠠᠨ ᠤᠰᠠᠳᠬᠠᠴᠢᠬᠠᠭᠰᠠᠨ ᠠ᠋ᠴᠠ ᠠᠯᠪᠠᠨ ᠳᠠᠩᠰᠠᠨ ᠳ᠋ᠤ᠌ ᠦᠯᠡᠳᠡᠭᠰᠡᠨ ᠶᠠᠭᠤᠮ᠎ᠠ ᠦᠭᠡᠢ᠃
— ᠠᠯᠢ ᠬᠣᠷᠢᠶᠠᠨ ᠳᠠᠷᠤᠭ᠎ᠠ ᠵᠢᠭᠡᠯᠡᠭᠰᠡᠨ ᠪᠣᠢ? ᠪᠡᠶ᠎ᠡ ᠪᠡᠷ ᠢ᠋ᠶ᠋ᠡᠨ ᠵᠢᠭᠡᠯᠡᠭᠰᠡᠨ ᠤᠤ?
— ᠲᠣᠳᠣᠷᠬᠠᠢ ᠦᠭᠡᠢ᠂ ᠵᠢᠭᠡᠯᠡᠪᠦᠷᠢ ᠶ᠋ᠢᠨ ᠪᠠᠷᠢᠮᠲᠠ ᠪᠠᠨ ᠨᠢᠭᠡᠨᠲᠡ ᠤᠰᠠᠳᠬᠠᠭᠰᠠᠨ ᠲᠤᠯᠠ ᠳᠠᠩᠰᠠᠨ ᠤ᠋ ᠲᠣᠳᠣᠷᠬᠠᠢᠯᠠᠯᠲᠠ ᠳᠡᠭᠡᠷ᠎ᠡ ᠵᠥᠪᠰᠢᠶᠡᠷᠡᠭᠰᠡᠨ ᠬᠥᠮᠦᠨ ᠬᠣᠷᠢᠶᠠᠨ ᠳᠠᠷᠤᠭ᠎ᠠ ᠭᠡᠵᠦ ᠪᠠᠢᠬᠤ ᠠ᠋ᠴᠠ ᠪᠢᠰᠢ᠂ ᠨᠡᠷ᠎ᠡ ᠨᠢ ᠦᠭᠡᠢ᠃
— ᠶᠠᠮᠠᠷ ᠤᠴᠢᠷ ᠰᠢᠯᠲᠠᠭᠠᠨ ᠠ᠋ᠴᠠ ᠵᠢᠭᠡᠯᠡᠭᠰᠡᠨ ᠪᠣᠢ?
— ᠲᠣᠳᠣᠷᠬᠠᠢ ᠦᠭᠡᠢ᠂ ᠨᠢᠭᠲᠠᠯᠠᠨ ᠪᠣᠳᠣᠭᠴᠢ ᠨᠠᠷ ᠤ᠋ᠨ ᠡᠷᠭᠢᠴᠡᠭᠦᠯᠦᠭᠰᠡᠨ ᠢ᠋ᠶ᠋ᠡᠷ ᠲᠡᠷᠡ ᠦᠶ᠎ᠡ ᠳ᠋ᠦ᠍ X ᠰᠠᠴᠤᠷᠠᠭ ᠤ᠋ᠨ ᠮᠠᠰᠢᠨ ᠢ᠋ ᠵᠠᠰᠠᠬᠤ ᠭᠡᠵᠦ ᠵᠢᠭᠡᠯᠡᠭᠡᠳ᠂ ᠰᠡᠭᠦᠯᠡᠷ ᠨᠢ ᠮᠠᠲ᠋ᠧᠷᠢᠶᠠᠯ ᠤ᠋ᠨ ᠴᠢᠨᠠᠷ ᠮᠠᠭᠤ ᠪᠣᠯᠬᠣᠷ ᠠᠪᠬᠤ ᠦᠭᠡᠢ ᠪᠣᠯᠵᠤ ᠵᠣᠭᠣᠰ ᠢ᠋ ᠨᠢ ᠲᠣᠭ᠎ᠠ ᠶᠣᠰᠣᠭᠠᠷ ᠪᠤᠴᠠᠭᠠᠭᠰᠠᠨ ᠤᠳᠠᠭ᠎ᠠ ᠪᠣᠢ ᠭᠡᠨ᠎ᠡ᠃ ᠵᠣᠭᠣᠰᠤᠨ ᠤ᠋ ᠲᠣᠭ᠎ᠠ ᠨᠢ ᠴᠤ᠌ ᠬᠣᠶᠠᠷ ᠭᠤᠷᠪᠠᠨ ᠮᠢᠩᠭᠠᠨ ᠲᠥᠭᠥᠷᠢᠭ ᠪᠠᠢᠭᠰᠠᠨ᠃ ᠪᠠᠷᠤᠭ ᠲᠡᠷᠡ ᠵᠢᠭᠡᠯᠡᠪᠦᠷᠢ ᠶ᠋ᠢᠨ ᠳᠠᠩᠰᠠ ᠪᠠᠷᠢᠮᠲᠠ ᠪᠠᠢᠬ᠎ᠠ ᠭᠡᠵᠦ ᠲᠠᠭᠠᠮᠠᠭᠯᠠᠵᠤ ᠪᠠᠢᠯ᠎ᠠ᠃
— ᠵᠣᠭᠣᠰ ᠵᠢᠭᠡᠯᠡᠭᠰᠡᠨ ᠬᠥᠮᠦᠨ ᠦ᠌ ᠨᠡᠷ᠎ᠡ ᠪᠣᠯᠤᠨ ᠰᠢᠯᠲᠠᠭᠠᠨ ᠨᠢ ᠪᠠᠩᠬᠢ ᠶ᠋ᠢᠨ ᠳᠠᠩᠰᠠᠨ ᠳ᠋ᠤ᠌ ᠪᠠᠢᠬᠤ ᠶᠣᠰᠣᠲᠠᠢ᠃
— ᠪᠠᠩᠬᠢ ᠳ᠋ᠤ᠌ ᠭᠠᠷ ᠭᠦᠢᠴᠡᠳᠬᠡᠯ ᠬᠢᠭᠰᠡᠨ ᠦᠭᠡᠢ᠃ ᠵᠢᠭᠡᠯᠡᠬᠦ ᠪᠠᠷᠢᠮᠲᠠ ᠶ᠋ᠢ ᠨᠢ ᠡᠳ᠋ ᠦ᠋ᠨ ᠶᠠᠪᠤᠳᠠᠯ ᠤ᠋ᠨ ᠰᠠᠯᠠᠭᠠᠨ ᠳ᠋ᠤ᠌ ᠬᠢᠵᠦ᠂ ᠪᠡᠯᠡᠨ ᠮᠥᠩᠭᠥ ᠶ᠋ᠢ ᠨᠢ ᠲᠤᠰ ᠡᠮᠨᠡᠯᠭᠡ ᠶ᠋ᠢᠨ ᠬᠣᠷᠢᠶᠠᠨ ᠤ᠋ ᠳ᠋ᠤᠭᠠᠷᠯᠠᠬᠤ ᠭᠡᠷ᠂ ᠡᠮ ᠦ᠋ᠨ ᠰᠦᠢᠳᠬᠡᠯ ᠬᠤᠷᠢᠶᠠᠬᠤ ᠭᠡᠷ ᠡᠴᠡ ᠰᠢᠭᠤᠳ ᠠᠪᠴᠠᠢ᠃ ᠪᠤᠴᠠᠭᠠᠬᠤ ᠦᠶ᠎ᠡ ᠳ᠋ᠦ᠍ ᠪᠠᠷᠢᠮᠲᠠ ᠨᠡᠷ᠎ᠡ ᠨᠢ ᠪᠦᠷ ᠤᠰᠠᠳᠴᠤ᠂ ᠵᠢᠭᠡᠯᠡᠭᠰᠡᠨ ᠰᠢᠯᠲᠠᠭᠠᠨ ᠨᠢ ᠴᠤ᠌ ᠣᠯᠳᠠᠬᠤ ᠦᠭᠡᠢ ᠪᠣᠯᠵᠠᠢ᠃
— ᠶᠠᠭᠠᠬᠢᠭᠠᠳ ᠬᠣᠷᠢᠶᠠᠨ ᠳᠠᠷᠤᠭ᠎ᠠ ᠨᠠᠷ ᠪᠡᠶ᠎ᠡ ᠪᠡᠷ ᠢ᠋ᠶ᠋ᠡᠨ ᠵᠣᠭᠣᠰ ᠵᠢᠭᠡᠯᠡᠵᠦ ᠮᠠᠲ᠋ᠧᠷᠢᠶᠠᠯ ᠬᠠᠷᠢᠯᠴᠠᠬᠤ ᠪᠣᠯᠴᠢᠬᠠᠪᠠ?
— ᠡᠨᠡ ᠪᠠᠢᠭᠤᠯᠭ᠎ᠠ ᠶ᠋ᠢᠨ ᠡᠳ᠋ ᠦ᠋ᠨ ᠵᠠᠰᠠᠭ ᠤ᠋ᠨ ᠲᠣᠭᠲᠠᠭᠠᠯ ᠳ᠋ᠤ᠌ ᠲᠠᠪᠤᠨ ᠵᠠᠭᠤᠨ ᠲᠥᠭᠥᠷᠢᠭ ᠡᠴᠡ ᠳᠡᠭᠡᠭᠰᠢ ᠭᠠᠷᠪᠠᠯ ᠡᠷᠬᠡᠪᠰᠢ ᠬᠣᠷᠢᠶᠠᠨ ᠳᠠᠷᠤᠭ᠎ᠠ ᠨᠠᠷ ᠵᠥᠪᠰᠢᠶᠡᠷᠡᠵᠦ ᠭᠠᠷ ᠤ᠋ᠨ ᠦᠰᠦᠭ ᠵᠢᠷᠤᠳᠠᠭ ᠭᠡᠨ᠎ᠡ᠃ ᠭᠡᠲᠡᠯ᠎ᠡ ᠵᠠᠷᠢᠮ ᠳᠤ ᠪᠠᠨ ᠬᠣᠷᠢᠶᠠᠨ ᠳᠠᠷᠤᠭ᠎ᠠ ᠶ᠋ᠢᠨ ᠨᠡᠷ᠎ᠡ ᠶ᠋ᠢ ᠪᠤᠰᠤᠳ ᠬᠥᠮᠦᠨ ᠣᠷᠣᠯᠠᠵᠤ ᠵᠢᠷᠤᠬᠤ ᠶᠠᠪᠤᠳᠠᠯ ᠴᠤ᠌ ᠭᠠᠷᠳᠠᠭ ᠭᠡᠨ᠎ᠡ᠃ ᠶᠠᠭᠠᠷᠠᠯᠲᠠᠢ ᠦᠶ᠎ᠡ ᠳ᠋ᠦ᠍ ᠪᠣᠯ ᠤᠷᠢᠳ ᠢ᠋ᠶ᠋ᠠᠷ ᠵᠣᠭᠣᠰ ᠢ᠋ ᠨᠢ ᠵᠢᠭᠡᠯᠡᠵᠦ ᠠᠪᠤᠭᠠᠳ ᠭᠠᠷ ᠭᠦᠢᠴᠡᠳᠬᠡᠯ ᠢ᠋ ᠨᠢ ᠬᠣᠵᠢᠮ ᠨᠥᠬᠥᠬᠦ ᠶᠠᠪᠤᠳᠠᠯ ᠴᠤ᠌ ᠭᠠᠷᠳᠠᠭ ᠭᠡᠨ᠎ᠡ᠃ ᠡᠨᠡ ᠤᠳᠠᠭ᠎ᠠ ᠴᠤ᠌ ᠢᠩᠭᠢᠵᠦ ᠵᠢᠭᠡᠯᠡᠭᠡᠳ ᠳᠣᠣᠷ᠎ᠠ ᠨᠢ ᠪᠤᠴᠠᠭᠠᠭᠰᠠᠨ ᠲᠤᠯᠠ ᠬᠡᠨ ᠴᠤ᠌ ᠠᠩᠬᠠᠷᠤᠭᠰᠠᠨ ᠦᠭᠡᠢ ᠡᠴᠡ ᠳᠠᠩᠰᠠᠨ ᠤ᠋ ᠡᠰᠢ ᠪᠠᠷᠢᠮᠲᠠ ᠲᠣᠳᠣᠷᠬᠠᠢ ᠦᠭᠡᠢ ᠪᠣᠯᠤᠭᠰᠠᠨ ᠪᠣᠯᠤᠯᠲᠠᠢ᠃
ᠦᠵᠡᠰᠬᠦᠯᠡᠩ ᠬᠣᠣᠷᠯᠠᠭᠳᠠᠬᠤ ᠶ᠋ᠢᠨ ᠢ᠋ᠶ᠋ᠡᠨ ᠡᠮᠦᠨᠡᠬᠡᠨ ᠵᠣᠭᠣᠰ ᠵᠤᠭ᠎ᠠ ᠭᠡᠭᠴᠢ ᠶ᠋ᠢ ᠤᠰᠤ ᠴᠠᠰᠤ ᠰᠢᠭ᠋ ᠵᠠᠷᠤᠵᠤ᠂ ᠵᠢᠭᠡᠯᠡᠪᠦᠷᠢ ᠡᠨᠡ ᠲᠡᠷᠡ ᠪᠡᠨ ᠲᠥᠯᠥᠵᠦ ᠪᠠᠢᠭᠰᠠᠨ ᠨᠢ ᠶᠠᠭ ᠦᠨᠡᠨ ᠪᠠᠢᠵᠠᠢ᠃
ᠲᠡᠷᠡ ᠶᠠᠭᠠᠬᠢᠭᠠᠳ ᠭᠡᠨᠡᠳᠲᠡᠬᠡᠨ ᠡᠢᠮᠦ ᠶᠡᠬᠡ ᠵᠣᠭᠣᠰ ᠲᠠᠢ ᠪᠣᠯᠤᠭᠰᠠᠨ ᠢ᠋ ᠰᠡᠵᠢᠭᠯᠡᠵᠦ ᠲᠤᠰᠬᠠᠢᠯᠠᠨ ᠪᠠᠢᠴᠠᠭᠠᠭᠠᠳ ᠦᠷ᠎ᠡ ᠳ᠋ᠦᠩ ᠨᠢ ᠡᠢᠮᠦ ᠪᠣᠯᠤᠭᠰᠠᠨ ᠳ᠋ᠤ᠌ ᠲᠦᠪᠰᠢᠨ ᠶᠡᠬᠡ ᠬᠠᠩᠭᠠᠮᠵᠢ ᠦᠭᠡᠢ ᠪᠣᠯᠪᠠ᠃
ᠡᠳ᠋ ᠦ᠋ᠨ ᠬᠡᠷᠡᠭ᠂ ᠡᠮ᠎ᠡ ᠶ᠋ᠢᠨ ᠬᠡᠷᠡᠭ᠂ ᠡᠷᠡᠭᠦᠦ ᠵᠠᠷᠭᠤ ᠠᠮᠢ ᠨᠠᠰᠤ ᠲᠠᠢ ᠬᠣᠯᠪᠣᠭᠳᠠᠬᠤ ᠦᠶ᠎ᠡ ᠳ᠋ᠦ᠍ ᠰᠦᠷᠡᠬᠡᠢ ᠠᠩᠬᠠᠷᠳᠠᠭ ᠢ᠋ ᠪᠠᠢᠴᠠᠭᠠᠨ ᠮᠥᠷᠳᠡᠭᠴᠢᠳ ᠦ᠋ᠨ ᠨᠠᠢᠳᠠ ᠶ᠋ᠢᠨ ᠣᠨᠴᠠᠯᠢᠭ ᠭᠡᠵᠦ ᠪᠣᠯᠤᠮᠠᠷ ᠪᠢᠯᠡ᠃
ᠤᠩᠰᠢᠭᠰᠠᠨ ᠨᠢ ᠄ ᠴᠡᠴᠡᠭᠮ᠎ᠡ
